ᠪᠠᠲᠤ ᠬᠠᠭᠠᠨ 1-12ᠴᠠᠭᠠᠨ ᠮᠣᠷᠢ Bat khaanБат хаан ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-12ᠴᠠᠭᠠᠨ ᠮᠣᠷᠢ Bat khaanБат хаан

ᠪᠠᠲᠤ ᠬᠠᠭᠠᠨ 1-12ᠴᠠᠭᠠᠨ ᠮᠣᠷᠢ Bat khaanБат хаан

ᠠᠩᠭᠢᠯᠠᠯ:ᠲᠤᠭᠤᠵᠢ ᠷᠣᠮᠠᠨ
2025-09-06

247

ᠠᠷᠪᠠᠨ ᠬᠣᠶᠠᠷ ᠴᠠᠭᠠᠨ ᠮᠣᠷᠢ

                 ᠁ ᠬᠥᠩᠭᠡᠨ ᠲᠡᠮᠡᠦᠯᠬᠦ ᠮᠣᠷᠢ ᠨᠢ
                 ᠬᠥᠮᠦᠨ ᠦ᠌ ᠪᠣᠳᠣᠯ ᠠ᠋ᠴᠠ ᠳᠡᠯᠢᠮ ᠬᠤᠷᠳᠤᠨ᠂
                 ᠬᠤᠢ ᠰᠠᠯᠬᠢᠨ ᠠ᠋ᠴᠠ ᠠᠯᠲᠠ ᠬᠤᠷᠳᠤᠨ᠃

                                  (ᠵᠠᠩᠭᠠᠷ)

      ᠨᠣᠭᠣᠭᠠᠨ ᠲᠠᠯ᠎ᠠ ᠳ᠋ᠤ᠌ ᠬᠡᠳᠦᠨ ᠮᠢᠩᠭᠠᠨ ᠠᠭᠲᠠ ᠰᠤᠯᠠ ᠪᠡᠯᠴᠢᠭᠡᠷᠯᠡᠨ᠂ ᠡᠮᠬᠢ ᠦᠭᠡᠢ ᠬᠤᠳᠬᠤᠯᠳᠤᠨ ᠦᠵᠡᠭᠳᠡᠯ᠎ᠡ᠃ ᠭᠡᠲᠡᠯ᠎ᠡ ᠲᠡᠭᠰᠢ ᠲᠠᠯᠠᠪᠠᠢ ᠪᠠᠷ ᠠᠯᠭᠤᠷ ᠬᠥᠳᠡᠯᠬᠦ ᠠᠳᠤᠭᠤ ᠶ᠋ᠢ ᠰᠦᠷᠦᠭ ᠰᠦᠷᠦᠭ ᠢ᠋ᠶ᠋ᠡᠷ ᠬᠤᠪᠢᠶᠠᠷᠢᠯᠠᠵᠤ᠂ ᠬᠣᠭᠣᠷᠣᠨᠳᠣ ᠨᠢ ᠨᠡᠢᠯᠡᠭᠦᠯᠬᠦ ᠦᠭᠡᠢ ᠶ᠋ᠢᠨ ᠲᠤᠯᠠ ᠠᠳᠤᠭᠤᠴᠢᠨ ᠨᠤᠭᠤᠳ ᠰᠡᠷᠭᠦᠯᠡᠩ ᠢ᠋ᠶ᠋ᠡᠷ ᠬᠠᠷᠠᠭᠠᠯᠵᠠᠨ ᠪᠠᠢᠯ᠎ᠠ᠃ ᠰᠦᠷᠦᠭ ᠪᠦᠷᠢ ᠳ᠋ᠦ᠍ ᠬᠥᠭᠰᠢᠨ ᠭᠡᠭᠦᠦ ᠠᠷᠪᠠᠨ ᠲᠠᠪᠤ᠂ ᠬᠣᠷᠢᠭᠠᠳ ᠬᠦᠷᠡᠩ ᠪᠤᠶᠤ ᠵᠡᠭᠡᠷᠳᠡ ᠡᠰᠡᠬᠦᠯ᠎ᠡ ᠬᠠᠯᠢᠭᠤᠨ᠂ ᠡᠰᠡᠬᠦᠯ᠎ᠡ ᠬᠡᠭᠡᠷ ᠵᠡᠷᠭᠡ ᠶ᠋ᠢᠨ ᠨᠢᠭᠡᠨ ᠵᠢᠰᠦᠮ ᠦ᠋ᠨ ᠵᠠᠯᠠᠭᠤ ᠮᠣᠷᠢᠳ ᠪᠣᠢ᠃ ᠮᠠᠭᠤ ᠠᠭᠠᠰᠢᠲᠠᠢ ᠬᠥᠭᠰᠢᠨ ᠠᠵᠢᠷᠭ᠎ᠠ ᠰᠦᠷᠦᠭ ᠢ᠋ᠶ᠋ᠡᠨ ᠬᠠᠮᠠᠭᠠᠯᠠᠨ ᠬᠣᠯᠠᠳᠠᠯ ᠦᠭᠡᠢ ᠶᠠᠪᠤᠳᠠᠭ ᠠᠵᠢ᠃
      ᠪᠥᠭᠲᠥᠷᠭᠡᠲᠡᠢ ᠲᠤᠷᠠᠩᠬᠠᠢ ᠮᠣᠷᠢ ᠤᠨᠤᠭᠰᠠᠨ ᠠᠳᠤᠭᠤᠴᠢᠨ᠂ ᠰᠦᠷᠦᠭ  ᠦ᠋ᠳ ᠦ᠋ᠨ ᠬᠣᠭᠣᠷᠣᠨᠳᠣᠭᠤᠷ ᠭᠤᠤᠭᠯᠠᠨ ᠳᠠᠪᠬᠢᠵᠤ᠂ ᠵᠢᠭᠤᠷᠠᠯᠳᠤᠨ ᠨᠣᠴᠣᠯᠳᠤᠬᠤ ᠠᠵᠢᠷᠭ᠎ᠠ ᠨᠤᠭᠤᠳ( ᠢ᠋) ᠤᠷᠭ᠎ᠠ ᠪᠠᠷ ᠰᠢᠯᠪᠢᠭᠦᠷᠳᠡᠨ ᠬᠢᠯᠪᠠᠷᠬᠠᠨ ᠰᠠᠯᠭᠠᠵᠤ ᠪᠠᠢᠯ᠎ᠠ᠃
      ᠠᠳᠤᠭᠤᠴᠢᠳ ᠤ᠋ᠨ ᠳᠣᠲᠣᠷ᠎ᠠ ᠨᠠᠽᠠᠷ— ᠺᠢᠶᠠᠷᠢᠽᠧᠺ ᠦ᠋ᠨ ᠲᠠᠪᠤᠨ ᠬᠦᠦ ᠪᠣᠢ᠃ ᠤᠤᠭᠠᠨ ᠳ᠋ᠧᠮᠢᠷ ᠭᠤᠴᠢᠨ ᠨᠠᠰᠤᠲᠠᠢ᠂ ᠣᠳᠬᠣᠨ ᠮᠥᠰᠥ᠋ᠺ ᠠᠷᠪᠠᠨ ᠳᠣᠯᠣᠭ᠎ᠠ ᠲᠠᠢ᠂ ᠲᠡᠳᠡ ᠠᠬ᠎ᠠ ᠳᠡᠭᠦᠦ ᠨᠠᠷ ᠰᠢᠢᠳᠮᠡᠭᠡᠢ ᠤᠷᠭᠠᠴᠢᠨ᠂ ᠴᠢᠨᠣ᠎ᠠ ᠶ᠋ᠢᠨ ᠠᠪᠠ ᠳ᠋ᠤ᠌ ᠭᠠᠭᠴᠠᠬᠠᠨ ᠲᠠᠰᠢᠭᠤᠷ ᠲᠠᠢ ᠪᠠᠷ ᠳᠠᠭᠠᠷᠢᠳᠠᠭ ᠠᠶᠤᠮᠰᠢᠭ ᠦᠭᠡᠢ ᠠᠩᠴᠢᠨ ᠭᠡᠵᠦ ᠠᠯᠳᠠᠷᠰᠢᠪᠠ᠃ ᠡᠪᠦᠯ ᠵᠤᠨ᠂ ᠡᠳᠦᠷ ᠰᠥᠨᠢ᠂ ᠴᠠᠰᠤ ᠪᠣᠷᠣᠭᠠᠨ ᠳ᠋ᠤ᠌  ᠪᠠᠶᠠᠨᠳ᠋ᠸᠷ ᠬᠠᠭᠠᠨ ᠤ᠋ ᠠᠳᠤᠭᠤ ᠶ᠋ᠢ ᠲᠣᠭᠣᠷᠢᠨ ᠶᠠᠪᠤᠵᠤ ᠬᠤᠯᠠᠭᠠᠢ ᠠᠷᠢᠶᠠᠲᠠᠨ ᠠ᠋ᠴᠠ ᠮᠠᠨᠠᠨ ᠬᠠᠮᠠᠭᠠᠯᠠᠳᠠᠭ ᠪᠠᠢᠵᠠᠢ᠃ ᠪᠠᠶᠠᠨᠳ᠋ᠸᠷ ᠦᠨᠡᠨᠴᠢ ᠮᠠᠨᠠᠭᠠᠴᠢ ᠳ᠋ᠠᠭᠠᠨ ᠬᠥᠯᠥᠰᠥ ᠱᠠᠩ ᠲᠡᠳᠦᠢ ᠯᠡ ᠥᠭᠬᠦ ᠦᠭᠡᠢ᠂ ᠭᠠᠭᠴᠠᠬᠠᠨ ᠬᠠᠭᠠᠨ ᠬᠥᠮᠦᠨ ᠦ᠌ ᠶᠣᠰᠣᠭᠠᠷ ᠬᠡᠰᠢᠭ ᠬᠦᠷᠲᠡᠭᠡᠨ᠎ᠡ ᠭᠡᠵᠦ ᠠᠮᠠᠯᠠᠳᠠᠭ ᠪᠠᠢᠵᠠᠢ᠃ ᠭᠡᠲᠡᠯ᠎ᠡ ᠠᠳᠤᠭᠤᠴᠢᠨ ᠨᠠᠷ ᠨᠢ ᠪᠡᠶ᠎ᠡ ᠳ᠋ᠡᠭᠡᠨ ᠭᠠᠵᠠᠷ ᠮᠡᠲᠦ ᠭᠠᠩᠳᠠᠭᠰᠠᠨ ᠥᠭᠢᠷ᠎ᠡ ᠨᠣᠣᠷᠠᠩᠬᠠᠢ ᠬᠤᠪᠴᠠᠰᠤ ᠲᠠᠢ᠂ ᠬᠥᠯ ᠳ᠋ᠡᠭᠡᠨ ᠵᠤᠷᠠᠮ᠎ᠠ ᠶ᠋ᠢᠨ ᠡᠯᠳᠡᠭᠡ ᠦᠭᠡᠢ ᠠᠷᠠᠰᠤ ᠪᠠᠷ ᠥᠪᠡᠷᠰᠡᠳ ᠢ᠋ᠶ᠋ᠡᠨ ᠣᠶᠣᠭᠰᠠᠨ ᠪᠣᠢᠲᠣᠭ ᠲᠠᠢ᠂ ᠮᠠᠯᠠᠭᠠᠢ ᠶ᠋ᠢᠨ ᠣᠷᠣᠨ ᠳ᠋ᠤ᠌ ᠥᠪᠡᠷᠰᠡᠳ ᠦ᠋ᠨ ᠬᠢᠨᠢ ᠲᠠᠬᠢᠷᠠᠭᠰᠠᠨ ᠦᠰᠦ ᠨᠢ ᠪᠠᠢᠬᠤ ᠠᠵᠢ᠃ ᠲᠡᠳᠡ ᠨᠠᠷᠠᠨ ᠳ᠋ᠤ᠌ ᠲᠦᠯᠡᠭᠳᠡᠨ ᠬᠠᠷᠠᠯᠠᠵᠤ᠂ ᠠᠳᠤᠭᠤ ᠰᠠᠬᠢᠭᠰᠠᠭᠠᠷ ᠲᠣᠮᠣ ᠨᠣᠬᠠᠳ ᠮᠡᠲᠦ ᠬᠡᠭᠡᠷ᠎ᠡ ᠲᠠᠯ᠎ᠠ ᠳ᠋ᠤ᠌ ᠲᠡᠰᠴᠦ ᠡᠯᠡᠰᠦ ᠮᠠᠩᠬ᠎ᠠ᠂ ᠳᠠᠷᠠᠰᠤᠲᠠᠢ ᠲᠠᠯᠠᠪᠠᠢ᠂ ᠡᠭᠦᠯᠡᠨ ᠦ᠌ ᠣᠷᠴᠢᠮ ᠨᠡᠭᠦᠬᠦ ᠰᠠᠯᠬᠢᠨ ᠤ᠋ ᠨᠢᠭᠡᠨ ᠬᠡᠰᠡᠭ ᠮᠡᠲᠦ ᠪᠣᠯᠵᠠᠢ᠃
       ᠠᠷᠠᠫᠱᠠ ᠲᠠᠢᠪᠤᠩ ᠪᠡᠯᠴᠢᠭᠡᠷᠯᠡᠬᠦ ᠡᠨᠡ ᠠᠳᠤᠭᠤᠨ ᠤ᠋ ᠳᠣᠲᠣᠷ᠎ᠠ ᠠᠺᠴᠢᠶᠠᠨ ᠭᠡᠵᠦ ᠥᠪᠡᠷ ᠦ᠋ᠨ ᠦᠵᠡᠰᠭᠦᠯᠡᠩᠲᠡᠢ ᠴᠠᠭᠠᠨ ᠠᠵᠢᠷᠭ᠎ᠠ ᠪᠠᠨ ᠲᠠᠨᠢᠪᠠ᠃ ᠲᠡᠷᠡ ᠨᠢ ᠰᠦᠷᠦᠭ ᠦ᠋ᠳ ᠦ᠋ᠨ ᠳᠤᠮᠳᠠᠭᠤᠷ ᠨᠣᠮᠣᠬᠠᠷᠠᠭ᠎ᠠ ᠦᠭᠡᠢ ᠠᠷᠢᠶᠠᠲᠠᠨ ᠰᠢᠭ᠋ ᠲᠠᠩᠬᠠᠢ ᠲᠣᠩᠭᠣᠴᠢᠨ ᠪᠤᠰᠤᠳ ᠠᠵᠢᠷᠭ᠎ᠠ ᠲᠠᠢ ᠵᠣᠷᠢᠮᠠᠭ ᠢ᠋ᠶ᠋ᠠᠷ ᠬᠡᠮᠡᠯᠢᠯᠴᠡᠨ ᠪᠠᠢᠬᠤ ᠠᠵᠢ᠃ ᠠᠺᠴᠢᠶᠠᠨ ᠰᠦᠷᠡᠬᠡᠢ ᠴᠢᠷᠠᠯᠠᠨ ᠨᠢᠭᠡᠨ ᠵᠡᠭᠡᠷᠳᠡ ᠠᠵᠢᠷᠭᠠᠨ ᠤ᠋ ᠬᠦᠵᠦᠭᠦᠨ ᠡᠴᠡ ᠬᠠᠵᠠᠵᠤ ᠭᠠᠵᠠᠷ ᠰᠢᠳᠡᠮᠡᠭᠴᠡ ᠬᠠᠩᠭᠢᠨᠠᠨ ᠢᠨᠴᠠᠭᠠᠵᠤ ᠴᠠᠰᠢ ᠪᠠᠨ ᠲᠠᠯ᠎ᠠ ᠤᠷᠤᠭᠤ ᠳᠠᠪᠬᠢᠨ ᠳᠡᠭᠳᠡᠬᠦ ᠳ᠋ᠦ᠍ ᠰᠠᠯᠬᠢ ᠳᠡᠯ ᠢ᠋ ᠨᠢ ᠬᠡᠢᠰᠬᠡᠪᠡ᠃ ᠠᠷᠠᠫᠱᠠ ᠢᠰᠬᠡᠷᠪᠡ᠂ ᠠᠺᠴᠢᠶᠠᠨ ᠵᠣᠭ ᠲᠣᠰᠴᠤ ᠴᠢᠬᠢ ᠪᠡᠨ ᠰᠣᠷᠲᠣᠯᠵᠠᠭᠤᠯᠪᠠ᠃
      ᠬᠠᠷᠢᠭᠤ ᠢᠨᠴᠠᠭᠠᠬᠤ ᠨᠢ ᠰᠣᠨᠣᠰᠳᠠᠵᠤ ᠠᠺᠴᠢᠶᠠᠨ ᠬᠦᠵᠦᠭᠦᠦ ᠪᠡᠨ ᠪᠥᠬᠥᠢᠨ ᠨᠠᠷᠢᠨ ᠬᠥᠯ ᠢ᠋ᠶ᠋ᠡᠷ ᠢ᠋ᠶ᠋ᠡᠨ ᠬᠥᠩᠭᠡᠨ ᠭᠢᠰᠬᠢᠯᠡᠵᠦ ᠡᠵᠡᠨ ᠦ᠌ ᠡᠮᠦᠨ᠎ᠡ ᠡᠴᠡ ᠴᠣᠭᠭᠢᠭᠰᠠᠭᠠᠷ ᠠᠢᠰᠤᠢ᠃ ᠭᠡᠲᠡᠯ᠎ᠡ ᠬᠡᠳᠦᠢᠨ ᠳᠠᠭᠠᠭᠰᠠᠨ ᠬᠣᠶᠠᠷ ᠠᠳᠤᠭᠤᠴᠢ ᠬᠥᠨᠳᠡᠯᠢᠳᠦᠨ ᠳᠠᠪᠬᠢᠵᠤ ᠪᠤᠭᠤᠢᠯᠢ ᠶ᠋ᠢ ᠵᠠᠳᠠᠯᠬᠤ ᠳ᠋ᠤ᠌ ᠠᠷᠠᠫᠱᠠ ᠮᠣᠷᠢᠨ ᠤ᠋ ᠵᠦᠭ ᠬᠠᠮᠤᠭ ᠴᠢᠳᠠᠯ ᠢ᠋ᠶ᠋ᠠᠷ ᠢ᠋ᠶ᠋ᠠᠨ ᠭᠦᠶᠦᠪᠡᠴᠦ ᠬᠣᠵᠢᠮᠳᠠᠵᠤ᠂ ᠬᠦᠯᠦᠭ ᠦ᠋ᠨ ᠬᠦᠵᠦᠭᠦᠨ ᠳ᠋ᠦ᠍ ᠬᠣᠶᠠᠷ ᠪᠤᠭᠤᠢᠯᠢ ᠳᠠᠪᠬᠤᠷᠯᠠᠨ ᠣᠷᠣᠬᠤ ᠳ᠋ᠤ᠌ ᠠᠺᠴᠢᠶᠠᠨ ᠰᠤᠯᠠᠷᠠᠬᠤ ᠶ᠋ᠢ ᠴᠢᠷᠮᠠᠢᠨ ᠬᠠᠵᠠᠭᠤ ᠳᠠᠰᠢ ᠵᠢᠳᠬᠦᠵᠦ ᠵᠣᠭᠰᠣᠪᠠ᠃ ᠠᠷᠠᠫᠱᠠ᠄
      — ᠪᠤᠯᠢᠭᠲᠤᠨ! ᠡᠨᠡ ᠮᠢᠨᠦ ᠮᠣᠷᠢ᠂ ᠮᠢᠨᠦ ᠡᠮᠡᠭᠡᠯ ᠲᠠᠢ ᠪᠠᠢᠨ᠎ᠠ ᠭᠡᠵᠦ ᠬᠠᠰᠬᠢᠷᠬᠤ ᠳ᠋ᠤ᠌ ᠠᠳᠤᠭᠤᠴᠢᠳ᠄
      — ᠬᠡᠭᠡᠷ᠎ᠡ ᠶ᠋ᠢᠨ ᠲᠡᠨᠦᠭᠦᠯ᠂ ᠮᠣᠷᠢᠨ ᠤ᠋ ᠬᠤᠯᠠᠭᠠᠢᠴᠢ ᠮᠡᠨᠳᠦ ᠳᠡᠭᠡᠷ᠎ᠡ ᠪᠡᠨ ᠡᠨᠳᠡ ᠡᠴᠡ ᠵᠠᠢᠯᠠ ᠭᠡᠵᠦ ᠬᠠᠰᠬᠢᠷᠬᠤ ᠳ᠋ᠤ᠌᠂ ᠨᠢᠭᠡ ᠨᠢ ᠮᠣᠷᠢᠨ ᠠ᠋ᠴᠠ ᠪᠠᠨ ᠦᠰᠦᠷᠦᠨ ᠪᠠᠭᠤᠵᠤ ᠠᠺᠴᠢᠶᠠᠨ ᠤ᠋ ᠴᠤᠯᠪᠤᠭᠤᠷ ᠠ᠋ᠴᠠ ᠵᠢᠭᠤᠷᠠᠨ 
   — ᠡᠨᠡ ᠪᠣᠯ ᠪᠠᠶᠠᠨᠳ᠋ᠸᠷ ᠬᠠᠭᠠᠨ ᠤ᠋ ᠭᠠᠵᠢᠭ ᠠᠯᠳᠠᠭᠤᠯ ᠮᠣᠷᠢ᠂ ᠬᠠᠭᠠᠨ ᠤ᠋ ᠣᠯᠵᠠ ᠪᠣᠯᠤᠨ᠎ᠠ ᠭᠡᠬᠦ ᠳ᠋ᠦ᠍ ᠠᠷᠠᠫᠱᠠ ᠰᠡᠯᠡᠮ᠎ᠡ ᠰᠤᠭᠤᠯᠤᠨ ᠮᠠᠰᠢ ᠠᠶᠤᠮᠰᠢᠭᠲᠠᠢ ᠬᠠᠰᠬᠢᠷᠤᠭᠰᠠᠨ ᠳ᠋ᠤ᠌ ᠠᠳᠤᠭᠤᠴᠢᠨ ᠭᠡᠳᠡᠷᠭᠦ ᠤᠬᠤᠷᠢᠪᠠ᠃
      — ᠪᠠᠶᠠᠨᠳ᠋ᠸᠷ ᠤ᠋ᠨ ᠥᠴᠦᠬᠡᠨ ᠪᠣᠭᠣᠯᠴᠤᠳ ᠰᠣᠨᠣᠰ᠂ ᠲᠠ ᠨᠠᠷ ᠬᠠᠭᠠᠨ ᠤ᠋ ᠠᠳᠤᠭᠤᠴᠢᠨ ᠠᠲᠠᠯ᠎ᠠ ᠪᠤᠰᠤᠳ ᠤ᠋ᠨ ᠮᠣᠷᠢ ᠶ᠋ᠢ ᠬᠤᠯᠠᠭᠠᠢᠯᠠᠵᠤ ᠪᠠᠢᠨ᠎ᠠ ᠤᠤ? ᠲᠠᠨᠠᠷ ᠡᠨᠡ ᠰᠠᠢᠨ ᠢᠵᠠᠭᠤᠷᠲᠤ ᠮᠣᠷᠢᠨ ᠤ᠋ ᠮᠥᠩᠭᠥᠯᠢᠭ ᠠᠷᠠᠰᠤᠨ ᠳᠡᠭᠡᠷ᠎ᠡ ᠪᠤᠵᠠᠷ ᠲᠠᠮᠠᠭ᠎ᠠ ᠪᠠᠨ ᠳᠠᠷᠤᠬᠤ ᠰᠠᠨᠠᠭ᠎ᠠ ᠲᠠᠢ ᠪᠠᠢᠨ᠎ᠠ ᠤᠤ? ᠭᠡᠬᠦ ᠳ᠋ᠦ᠍ ᠨᠢᠭᠡᠨ ᠠᠳᠤᠭᠤᠴᠢ᠄
      — ᠪᠠᠶᠠᠨᠳ᠋ᠸᠷ ᠬᠠᠭᠠᠨ ᠥᠪᠡᠷ ᠢ᠋ᠶ᠋ᠡᠨ ᠴᠢᠨᠦ ᠮᠠᠩᠨᠠᠢ ᠳᠡᠭᠡᠷ᠎ᠡ ᠲᠠᠮᠠᠭ᠎ᠠ ᠳᠠᠷᠤᠵᠤ ᠴᠢ ᠣᠪᠣᠭ᠎ᠠ ᠰᠢᠷᠣᠢ ᠶ᠋ᠢᠨ ᠳᠡᠭᠡᠷ᠎ᠡ ᠰᠡᠭ ᠪᠣᠯᠤᠨ ᠬᠡᠪᠲᠡᠨ᠎ᠡ ᠭᠡᠳ ᠴᠡᠷᠢᠭ ᠦ᠋ᠨ ᠡᠷ᠎ᠡ ᠠᠭᠤᠷᠰᠠᠵᠤ ᠢᠯᠳᠦ ᠳᠠᠯᠠᠢᠨ ᠤᠬᠤᠰᠭᠢᠬᠤ ᠳ᠋ᠤ᠌ ᠰᠠᠶᠢ ᠶ᠋ᠢᠨ ᠦᠭᠡ ᠬᠡᠯᠡᠭᠴᠢ ᠬᠠᠵᠠᠭᠤ ᠲᠡᠰᠢ ᠦᠰᠦᠷᠴᠦ ᠠᠷᠠᠢᠬᠢᠨ ᠵᠠᠢᠯᠠᠪᠠ᠃ ᠭᠡᠲᠡᠯ᠎ᠡ ᠣᠪᠣᠬᠠᠢ ᠠ᠋ᠴᠠ ᠰᠠᠨᠠᠮᠰᠠᠷ ᠦᠭᠡᠢ ᠭᠦᠶᠦᠨ ᠭᠠᠷᠴᠤ ᠢᠷᠡᠭᠰᠡᠨ ᠨᠢᠭᠡᠨ ᠤᠷᠠᠩᠬᠠᠢ ᠴᠤᠪᠠ ᠲᠠᠢ ᠳᠡᠪᠬᠡᠬᠡᠷ ᠪᠣᠷᠣ ᠮᠣᠩᠭᠣᠯ ᠬᠥᠮᠦᠨ ᠠᠷᠠᠫᠱᠠ ᠶ᠋ᠢᠨ ᠵᠠᠮ ᠢ᠋ ᠪᠣᠭᠣᠵᠤ᠄
      — ᠪᠸᠺ ᠵᠢᠬᠢᠲ ᠬᠦᠯᠢᠶᠡᠭᠲᠦᠨ! ᠪᠦᠳᠦᠭᠦᠯᠢᠭ ᠡᠲᠡᠭᠡᠳ ᠢ᠋ ᠠᠷᠢᠭᠤᠨ ᠢᠯᠳᠦ ᠪᠡᠷ ᠲᠠᠰᠤ ᠴᠠᠪᠴᠢᠬᠤ ᠳ᠋ᠤ᠌ ᠬᠡᠵᠢᠶ᠎ᠡ ᠴᠦ᠍ ᠠᠮᠵᠢᠨ᠎ᠠ᠃ ᠤᠷᠢᠳᠠᠪᠡᠷ ᠮᠢᠨᠦ ᠥᠭᠦᠯᠡᠬᠦ ᠶ᠋ᠢ ᠰᠣᠨᠣᠰ! ᠴᠢᠨᠦ ᠮᠣᠷᠢ ᠨᠠᠳᠠ ᠠ᠋ᠴᠠ ᠦᠭᠡᠢ ᠪᠣᠯᠬᠤ ᠦᠭᠡᠢ ᠭᠡᠳ ᠭᠠᠷ ᠢ᠋ᠶ᠋ᠠᠷ ᠲᠣᠬᠢᠬᠤ ᠳ᠋ᠤ᠌᠂ ᠠᠳᠤᠭᠤᠴᠢᠨ ᠴᠠᠭᠠᠨ ᠠᠵᠢᠷᠭᠠᠨ ᠤ᠋ ᠬᠦᠵᠦᠭᠦᠨ ᠳ᠋ᠡᠬᠢ ᠤᠷᠠᠬ᠎ᠠ ᠶ᠋ᠢ ᠲᠠᠯᠪᠢᠪᠠ᠃ ᠦᠭᠡ ᠶᠠᠷᠢᠭᠴᠢ᠂ ᠨᠠᠰᠤ ᠵᠠᠯᠠᠭᠤ᠂ ᠳᠡᠭᠡᠳᠦ ᠤᠷᠤᠭᠤᠯ ᠳᠡᠭᠡᠷ᠎ᠡ ᠨᠢ ᠪᠢᠴᠢᠬᠠᠨ ᠰᠠᠬᠠᠯ ᠬᠠᠷᠠᠯᠠᠨ ᠪᠠᠢᠨ᠎ᠠ᠃ ᠨᠡᠢᠯᠡᠭᠰᠡᠨ ᠬᠥᠮᠥᠰᠬᠡ ᠶ᠋ᠢᠨ ᠳᠣᠣᠷ᠎ᠠ ᠠ᠋ᠴᠠ ᠰᠢᠯ ᠮᠡᠲᠦ ᠭᠢᠯᠲᠠᠭᠠᠨᠠᠬᠤ ᠵᠢᠷᠲᠠᠭᠠᠷ ᠨᠢᠳᠦᠨ ᠳ᠋ᠦ᠍ᠨᠢ ᠦᠯᠦ ᠰᠠᠨᠳᠤᠷᠬᠤ ᠨᠢᠭᠤᠴᠠ ᠳᠠᠯᠳᠠ ᠪᠣᠳᠣᠯᠭ᠎ᠠ ᠪᠠᠢᠬᠤ ᠮᠡᠲᠦ ᠦᠵᠡᠭᠳᠡᠯ᠎ᠡ᠃ ᠵᠠᠩ ᠠᠭᠠᠰᠢ ᠨᠢ ᠲᠦᠪᠰᠢᠨ ᠪᠥᠭᠡᠳ ᠭᠤᠢᠯᠢᠨᠴᠢ ᠶ᠋ᠢᠨ ᠭᠠᠩᠳᠠᠮᠠᠯ ᠨᠥᠮᠥᠷᠭᠡ ᠡᠮᠦᠰᠦᠭᠰᠡᠨ ᠨᠢ ᠵᠢᠭᠲᠡᠢ ᠪᠠᠢᠯ᠎ᠠ᠃ ᠠᠷᠠᠫᠱᠠ ᠦᠯᠦ ᠲᠠᠨᠢᠬᠤ ᠬᠥᠮᠦᠨ ᠦ᠌ ᠡᠵᠡᠷᠬᠡᠭ ᠬᠠᠷᠠᠴᠠ ᠳ᠋ᠤ᠌ ᠥᠪᠡᠷ ᠦ᠋ᠨ ᠡᠷᠬᠡ ᠦᠭᠡᠢ ᠳᠠᠷᠤᠭᠳᠠᠵᠤ ᠵᠣᠭᠰᠣᠨ᠂ ᠬᠠᠳ᠋ᠵᠢ ᠷᠠᠾᠢ᠍ᠮ ᠤ᠋ᠨ ᠬᠡᠯᠡᠭᠰᠡᠨ(ᠢᠯᠡᠭᠦᠴᠡ ᠦᠰᠦᠭ) ᠄《ᠮᠣᠷᠢ ᠴᠢᠨᠢ ᠡᠷᠭᠢᠵᠦ ᠢᠷᠡᠨ᠎ᠡ᠂ ᠲᠡᠭᠦᠨ ᠦ᠌ ᠣᠷᠣᠨ ᠳ᠋ᠤ᠌ ᠮᠢᠩᠭᠠᠨ ᠠᠳᠤᠭᠤ ᠥᠭᠴᠦ ᠴᠢᠳᠠᠬᠤ ᠶᠡᠷᠦ ᠶ᠋ᠢᠨ ᠪᠤᠰᠤ ᠬᠥᠮᠦᠨ ᠤᠨᠤᠭᠰᠠᠨ》 ᠭᠡᠵᠦ ᠬᠡᠯᠡᠭᠰᠡᠨ ᠦᠭᠡ ᠬᠡᠪ ᠭᠡᠨᠡᠳᠲᠡ ᠰᠠᠨᠠᠭᠠᠨ ᠳ᠋ᠤ᠌(ᠨᠢ)  ᠣᠷᠣᠯ᠎ᠠ᠃ 
   — ᠴᠢᠨᠦ ᠠᠵᠢᠷᠭᠠᠨ ᠳ᠋ᠤ᠌ ᠬᠡᠨ ᠴᠦ᠍ ᠭᠠᠷ ᠬᠦᠷᠬᠦ ᠡᠷᠬᠡ ᠦᠭᠡᠢ᠂ ᠮᠢᠨᠦ ᠬᠣᠢᠨ᠎ᠠ ᠠ᠋ᠴᠠ ᠳᠠᠢᠰᠤᠨ ᠨᠡᠬᠡᠮᠵᠢᠯᠡᠬᠦ ᠳ᠋ᠦ᠍ ᠪᠢ ᠲᠡᠭᠦᠨ ᠢ᠋ ᠣᠨᠣᠪᠠ᠃ ᠪᠢ ᠬᠤᠳᠠᠯᠳᠤᠨ ᠠᠪᠤᠨ᠎ᠠ᠂ ᠬᠡᠴᠢᠨᠡᠨ ᠠᠯᠲᠠᠨ ᠳ᠋ᠢᠨᠠᠷ(ᠵᠣᠭᠣᠰ )  ᠢ᠋ᠶ᠋ᠠᠷ ᠴᠢ ᠥᠭᠬᠦ ᠪᠣᠢ? ᠭᠡᠵᠦ ᠵᠠᠯᠠᠭᠤ ᠮᠣᠩᠭᠣᠯ ᠬᠥᠮᠦᠨ ᠬᠡᠯᠡᠬᠦ ᠳ᠋ᠦ᠍ ᠠᠷᠠᠫᠱᠠ᠄
    — ᠠᠺᠴᠢᠶᠠᠨ ᠢ᠋ᠶ᠋ᠠᠨ ᠬᠤᠳᠠᠯᠳᠤᠬᠤ ᠭᠡᠵᠢ ᠤᠤ?  ᠮᠣᠷᠢ ᠪᠠᠨ(ᠪᠣᠯ ) ᠵᠣᠷᠢᠭᠲᠤ ᠵᠢᠭᠢᠲ ᠲᠦ᠍ ᠳᠡᠭᠡᠳᠦ ᠬᠠᠨᠢ᠂ ᠬᠠᠨᠢ ᠪᠠᠨ ᠬᠤᠳᠠᠯᠳᠤᠬᠤ ᠶᠣᠰᠣ ᠪᠠᠢᠬᠤ ᠭᠡᠵᠢ ᠤᠤ? ᠭᠡᠬᠦ ᠳ᠋ᠦ᠍ ᠦᠯᠦ ᠲᠠᠨᠢᠬᠤ ᠬᠥᠮᠦᠨ ᠬᠠᠷᠢᠭᠤᠯᠤᠨ᠄
     — ᠴᠢ ᠵᠥᠪ ᠦᠭᠡ ᠬᠡᠯᠡᠵᠦ ᠪᠠᠢᠨ᠎ᠠ᠂ ᠡᠨᠡ ᠰᠠᠢᠨ ᠢᠵᠠᠭᠤᠷᠲᠤ ᠮᠣᠷᠢ ᠰᠤᠯᠲᠠᠨ ᠬᠠᠭᠠᠨ ᠡᠰᠡᠬᠦᠯ᠎ᠡ ᠶᠡᠬᠡ ᠬᠠᠭᠠᠨ ᠳ᠋ᠤ᠌ ᠤᠨᠤᠭᠤᠯᠬᠤ ᠶ᠋ᠢᠨ ᠲᠤᠯᠠ ᠲᠥᠷᠥᠵᠡᠢ᠃ ᠬᠠᠷᠢᠨ ᠵᠣᠷᠢᠭᠲᠠᠢ ᠪᠣᠯᠪᠠᠴᠤ ᠡᠩ ᠦ᠋ᠨ ᠨᠢᠭᠡᠨ ᠵᠢᠭᠢᠲ ᠴᠢᠮᠠᠲᠤ ᠡᠢᠮᠦ ᠮᠣᠷᠢ ᠶᠠᠮᠠᠷ ᠬᠡᠷᠡᠭ ᠲᠡᠢ ᠪᠣᠢ? ᠴᠢᠮᠠᠲᠤ ᠠᠷᠪᠠᠨ ᠰᠠᠢᠨ ᠮᠣᠷᠢ᠂ ᠲᠣᠷᠭᠠᠨ ᠬᠤᠪᠴᠠᠰᠤ ᠬᠤᠳᠠᠯᠳᠤᠨ ᠠᠪᠴᠤ ᠪᠣᠯᠬᠤᠢᠴᠠ ᠦᠨ᠎ᠡ ᠪᠡᠷ ᠠᠪᠰᠤᠭᠠᠢ ᠂ ᠮᠣᠷᠢᠨ ᠤ᠋ ᠦᠨ᠎ᠡ ᠳ᠋ᠦ᠍ ᠴᠢ ᠶᠠᠭᠤ ᠠᠪᠬᠤ ᠪᠠᠨ ᠬᠡᠯᠡᠭᠲᠦᠨ! ᠭᠡᠬᠦ ᠳ᠋ᠦ᠍ ᠠᠷᠠᠫᠱᠠ᠄
      — ᠨᠠᠳᠠᠳᠤ ᠶᠠᠭᠤ ᠴᠤ᠌ ᠬᠡᠷᠡᠭ ᠦᠭᠡᠢ᠂ ᠪᠢ ᠡᠭᠦᠨ ᠢ᠋ ᠠᠷᠠᠢ ᠭᠡᠵᠦ ᠰᠠᠶᠢ ᠣᠯᠤᠯ᠎ᠠ᠃ ᠨᠠᠳᠠᠳᠤ ᠲᠥᠷᠥᠭᠰᠡᠨ ᠨᠤᠲᠤᠭ ᠭᠡᠷ ᠣᠷᠣᠨ᠂ ᠪᠤᠭᠤᠷᠤᠯ ᠠᠪᠤ ᠪᠤᠶᠤ ᠵᠣᠷᠢᠭᠲᠤ ᠠᠬ᠎ᠠ ᠳᠡᠭᠦᠦ ᠨᠠᠷ ᠪᠠᠢᠬᠤ ᠦᠭᠡᠢ᠂ ᠮᠢᠨᠦ ᠪᠦᠬᠦ ᠬᠥᠷᠥᠩᠭᠡ ᠰᠡᠯᠡᠮ᠎ᠡ ᠮᠣᠷᠢ ᠬᠣᠶᠠᠷ ᠶᠤᠮ᠃ ᠴᠢ ᠡᠭᠦᠨ ᠢ᠋ ᠶᠠᠭᠤᠨ ᠳ᠋ᠤ᠌ ᠰᠠᠯᠭᠠᠬᠤ ᠭᠡᠨ᠎ᠡ? ᠨᠠᠮᠠᠶ᠋ᠢ ᠲᠤᠯᠤᠯᠳᠤᠭᠠᠨ ᠤ᠋ ᠭᠠᠯ ᠠᠶᠤᠯ ᠤ᠋ᠨ ᠠᠮᠠᠰᠠᠷ ᠠ᠋ᠴᠠ ᠬᠡᠨ ᠭᠠᠷᠭᠠᠬᠤ ᠪᠣᠢ? ᠪᠢ  ᠡᠭᠦᠨ ᠢ᠋ ᠥᠭᠬᠦ ᠦᠭᠡᠢ᠃
   — ᠡᠨᠡ ᠴᠠᠭᠠᠨ ᠮᠣᠷᠢ ᠨᠠᠳᠠᠳᠤ ᠬᠡᠷᠡᠭ ᠲᠡᠢ᠃ ᠣᠷᠣᠨ ᠳ᠋ᠤᠨᠢ ᠪᠢ ᠴᠢᠮᠠᠲᠤ ᠡᠨᠡ ᠰᠦᠷᠦᠭ ᠠᠳᠤᠭᠤᠨ ᠠ᠋ᠴᠠ ᠳᠡᠭᠡᠳᠦ ᠮᠣᠷᠢ ᠶ᠋ᠢ ᠥᠭᠰᠦᠭᠡᠢ᠂ ᠪᠣᠯᠬᠤ ᠤᠤ?
      ᠠᠷᠠᠫᠱᠠ᠂ ᠨᠢᠳᠦ ᠨᠢ ᠡᠷᠭᠢᠯᠳᠦᠨ᠂ ᠠᠭᠤᠷ ᠨᠢ ᠪᠤᠴᠠᠯᠪᠠ᠃ ᠠᠭᠤᠷ ᠬᠦᠷᠪᠡᠴᠦ ᠬᠠᠳ᠋ᠵᠢ ᠷᠠᠾᠢᠮ ᠤ᠋ᠨ ᠦᠭᠡ ᠳᠠᠬᠢᠨ ᠰᠠᠨᠠᠭᠳᠠᠵᠠᠢ᠃ ᠲᠡᠳᠦᠢ ᠭᠱᠠᠨ ᠵᠠᠭᠤᠷ᠎ᠠ ᠪᠣᠳᠣᠭᠠᠳ ᠪᠤᠷᠵᠢᠭᠢᠷ ᠬᠠᠷ᠎ᠠ ᠦᠰᠦ ᠪᠡᠨ ᠰᠡᠭᠰᠦᠷᠦᠨ᠄
      — ᠬᠡᠷᠪᠡ ᠮᠢᠨᠦ ᠮᠣᠷᠢ᠂ ᠴᠢᠮᠠᠲᠤ ᠬᠣᠷᠭᠣᠢ ᠭᠥᠯᠢᠮ ᠲᠣᠬᠣᠵᠤ ᠵᠠᠬ᠎ᠠ ᠵᠡᠭᠡᠯᠢ ᠪᠡᠷ ᠠᠮᠢᠲᠠᠨ ᠳ᠋ᠤ᠌ ᠭᠠᠢᠬᠠᠭᠤᠯᠬᠤ ᠶ᠋ᠢᠨ ᠲᠤᠯᠠᠳᠠ ᠪᠤᠰᠤ᠂ ᠲᠡᠢᠨ ᠲᠤᠯᠤᠯᠳᠤᠭᠠᠨ ᠳ᠋ᠤ᠌ ᠶᠠᠪᠤᠬᠤ ᠳ᠋ᠤ᠌ ᠬᠡᠷᠡᠭ ᠲᠡᠢ ᠶᠤᠮ ᠪᠣᠯ ᠪᠢ ᠴᠢᠮᠠᠲᠤ ᠪᠡᠯᠡᠭ ᠪᠣᠯᠭᠠᠰᠤᠭᠠᠢ᠃ ᠴᠢ ᠲᠡᠭᠦᠨ ᠢ᠋ ᠤᠨᠤᠵᠤ ᠠᠯᠤᠰ ᠰᠦᠮᠡᠯᠵᠡᠬᠦ ᠣᠳᠣᠨ ᠳ᠋ᠤ᠌ ᠬᠦᠷᠦᠨ᠎ᠡ᠃ ᠡᠨᠡ ᠴᠢᠨᠢ ᠢᠯᠠᠭᠴᠢ ᠶ᠋ᠢᠨ ᠮᠣᠷᠢ ᠪᠣᠯᠵᠤ ᠴᠢᠮᠠᠲᠤ ᠲᠤᠰᠠᠯᠠᠨ᠎ᠠ ᠭᠡᠪᠡ᠃ ᠤᠷᠠᠩᠬᠠᠢ ᠨᠥᠮᠥᠷᠭᠡ ᠲᠡᠢ ᠦᠯᠦ ᠲᠠᠨᠢᠬᠤ ᠬᠥᠮᠦᠨ ᠰᠣᠴᠢᠵᠤ ᠨᠢᠳᠦ ᠨᠢ ᠬᠣᠷᠣᠮᠬᠠᠨ ᠵᠠᠭᠤᠷ᠎ᠠ ᠠᠷᠠᠫᠱᠠ ᠳᠡᠭᠡᠷ᠎ᠡ ᠲᠣᠰᠴᠤ ᠰᠢᠯᠭᠠᠨ ᠬᠠᠷᠠᠭᠠᠳ ᠠᠳᠤᠭᠤᠴᠢᠨ ᠤ᠋ ᠵᠦᠭ ᠬᠠᠨᠳᠤᠵᠤ ᠲᠣᠭᠯᠠᠭᠠᠮ ᠤ᠋ᠨ ᠪᠠᠢᠳᠠᠯ ᠢ᠋ᠶ᠋ᠠᠷ᠄
      — ᠴᠢᠳᠠᠯ ᠲᠠᠢ ᠰᠠᠢᠨ ᠡᠷᠡᠴᠦᠳ ᠠ᠋! ᠮᠢᠨᠦ ᠰᠢᠯᠢᠵᠦ ᠠᠪᠬᠤ ᠮᠣᠷᠢ ᠶ᠋ᠢ ᠲᠠᠨᠠᠷ ᠨᠠᠳᠠᠳᠤ ᠬᠤᠳᠠᠯᠳᠤᠵᠤ ᠴᠢᠳᠠᠬᠤ ᠤᠤ? ᠭᠡᠬᠦ ᠳ᠋ᠦ᠍ ᠠᠳᠤᠭᠤᠴᠢᠨ ᠪᠡᠶ᠎ᠡ ᠪᠡᠶ᠎ᠡ ᠪᠡᠨ ᠬᠠᠷᠠᠨ ᠬᠣᠭᠣᠷᠣᠨᠳᠣ ᠪᠠᠨ ᠰᠢᠪᠡᠨᠡᠯᠳᠦᠵᠦ ᠭᠠᠩᠳᠠᠭᠰᠠᠨ ᠠ᠋ᠴᠠ ᠴᠣᠬᠣ ᠬᠣᠷᠣᠬᠠᠢ ᠮᠡᠲᠦ ᠬᠠᠷᠠᠯᠠᠭᠰᠠᠨ ᠬᠠᠮᠤᠭ ᠤ᠋ᠨ ᠵᠠᠯᠠᠭᠤ ᠨᠢ᠄
      — ᠪᠢᠳᠡᠨ ᠦ᠌ ᠬᠢ ᠪᠢᠰᠢ᠂  ᠪᠠᠶᠠᠨᠳ᠋ᠸᠷ ᠬᠠᠭᠠᠨ ᠤ᠋ ᠠᠳᠤᠭᠤ᠂ ᠬᠠᠷᠢᠨ ᠬᠠᠭᠠᠨ ᠠᠯᠳᠠᠯ ᠳ᠋ᠤ᠌ ᠳᠤᠷᠠᠲᠠᠢ ᠲᠤᠯᠠ ᠬᠡᠷᠪᠡ ᠴᠢ ᠰᠢᠭ᠌ᠨᠠᠺ ᠤ᠋ᠨ ᠵᠠᠬ᠎ᠠ ᠵᠡᠭᠡᠯᠢ ᠶ᠋ᠢᠨ ᠬᠤᠳᠠᠯᠳᠤᠭᠠᠴᠢᠨ ᠤ᠋ ᠲᠥᠯᠥᠬᠦ ᠡᠴᠡ ᠪᠠᠭ᠎ᠠ ᠦᠭᠡᠢ ᠦᠨ᠎ᠡ ᠥᠭᠪᠡᠯ ᠴᠢᠨᠦ ᠬᠡᠷᠡᠭ ᠲᠡᠢ ᠮᠣᠷᠢ ᠶ᠋ᠢ ᠬᠤᠳᠠᠯᠳᠤᠵᠤ ᠪᠣᠯᠤᠨ᠎ᠠ᠃ ᠴᠢ ᠪᠢᠳᠡᠨ ᠳ᠋ᠦ᠍ ᠬᠣᠷᠢᠨ ᠲᠠᠪᠤᠨ ᠠᠯᠲᠠᠨ ᠳ᠋ᠢᠨᠡᠷ ᠥᠭᠬᠦ ᠤᠤ? ᠲᠡᠭᠡᠪᠡᠯ ᠴᠢᠨᠦ ᠵᠢᠭᠠᠭᠰᠠᠨ ᠠᠵᠢᠷᠭ᠎ᠠ ᠶ᠋ᠢ ᠪᠠᠷᠢᠰᠤᠭᠠᠢ᠃ ᠬᠠᠷᠢᠨ ᠪᠢᠳᠡᠨ ᠦ᠌ ᠰᠠᠢᠨ ᠰᠡᠳᠬᠢᠯ ᠦ᠋ᠨ ᠲᠤᠯᠠᠳᠠ ᠪᠠᠰᠠ ᠨᠡᠮᠡᠵᠦ ᠥᠭᠪᠡᠯ ᠴᠢᠨᠦ ᠨᠢᠳᠦᠨ ᠦ᠌ ᠡᠮᠦᠨ᠎ᠡ ᠲᠡᠷᠡ ᠮᠣᠷᠢ ᠶ᠋ᠢ ᠰᠤᠷᠭᠠᠰᠤᠭᠠᠢ ᠭᠡᠬᠦ ᠳ᠋ᠦ᠍᠂ ᠲᠡᠷᠡ ᠵᠢᠭᠲᠡᠢ ᠮᠣᠩᠭᠣᠯ ᠬᠥᠮᠦᠨ᠂
      — ᠪᠢ ᠫᠠᠨᠽᠠᠴᠢᠨ ᠪᠢᠰᠢ ᠦᠨ᠎ᠡ ᠪᠤᠯᠢᠶᠠᠯᠳᠤᠬᠤ ᠦᠭᠡᠢ᠂ ᠬᠠᠷᠢᠨ ᠠᠪᠬᠤ ᠳᠤᠷᠠᠲᠠᠢ ᠪᠠᠨ ᠠᠪᠤᠨ᠎ᠠ᠃ ᠲᠠᠨᠠᠷ ᠲᠸ᠋ ᠭᠤᠶᠤᠭᠰᠠᠨᠴᠢᠯᠠᠨ ᠥᠭᠬᠦ ᠶ᠋ᠢᠨ ᠳᠡᠭᠡᠷ᠎ᠡ ᠲᠤᠰ ᠪᠦᠷᠢ ᠳ᠋ᠦ᠍ ᠨᠢᠵᠡᠭᠡᠳ ᠳ᠋ᠢᠨᠠᠷ(ᠵᠣᠭᠣᠰ) ᠨᠡᠮᠡᠰᠦᠭᠡᠢ ᠭᠡᠲᠡᠯ᠎ᠡ᠂ ᠠᠳᠤᠭᠤᠴᠢᠨ 
  — ᠮᠢᠩᠭ᠎ᠠ ᠨᠠᠰᠤᠯᠠᠲᠤᠭᠠᠢ ᠲᠦᠷᠭᠡᠨ ᠵᠢᠭᠠᠭᠲᠤᠨ! ᠭᠡᠵᠡᠭᠡᠪᠡ᠃

         ᠦᠰᠦᠭ ᠠᠮᠢᠯᠠᠭᠤᠯᠤᠭᠴᠢ᠄ ᠡᠷᠳᠡᠨᠢᠭᠣᠸ᠎ᠠ᠂ ᠪᠠᠯ᠂ ᠠᠯᠲᠠᠨᠴᠢᠮᠡᠭ᠂ ᠵᠢᠩᠯᠢᠬᠤᠸᠠᠷ
         ᠬᠢᠨᠠᠭᠴᠢ᠄ ᠠᠯᠲᠠᠨᠴᠢᠮᠡᠭ᠂ ᠠᠷᠢᠭᠤᠨ