ᠪᠠᠲᠤ ᠬᠠᠭᠠᠨ 1-11ᠮᠣᠷᠢᠨ ᠤ᠋ ᠮᠥᠷ ᠢ᠋ᠶ᠋ᠡᠷBat khaanБат хаан
ᠠᠷᠠᠫᠱᠨ ᠬᠠᠳ᠋ᠵᠢ ᠷᠠᠾᠢᠮ ᠢ᠋ ᠣᠯᠠᠨ ᠬᠥᠲᠥᠯ ᠬᠥᠪᠡᠭᠡ ᠪᠡᠷ ᠰᠦᠯᠵᠢᠭᠰᠡᠨ ᠳᠥᠩᠭᠡᠵᠢ ᠮᠡᠳᠡᠭᠳᠡᠬᠦᠢᠴᠡ ᠴᠤᠪᠤᠴᠠ ᠪᠠᠷ ᠣᠯᠠᠨ ᠤᠳᠠᠭ᠎ᠠ ᠶᠠᠪᠤᠭᠰᠠᠨ ᠬᠥᠮᠦᠨ ᠮᠡᠲᠦ ᠪᠠᠲᠤᠲᠠᠢ ᠪᠠᠷ ᠴᠦᠯ ᠲᠠᠯ᠎ᠠ ᠳ᠋ᠤ᠌ ᠳᠠᠭᠠᠭᠤᠯᠤᠨ ᠶᠠᠪᠤᠵᠠᠢ᠃ ᠠᠷᠠᠫᠱᠨ ᠵᠠᠷᠢᠮ ᠳ᠋ᠠᠭᠠᠨ ᠵᠣᠭᠰᠣᠵᠤ ᠮᠥᠷ ᠢ᠋ ᠠᠵᠢᠭᠯᠠᠨ ᠪᠣᠯᠳᠣᠭ ᠥᠭᠡᠳᠡ ᠭᠠᠷᠴᠤ ᠲᠠᠯ᠎ᠠ ᠤᠷᠤᠭᠤ ᠬᠠᠷᠠᠬᠤ ᠳ᠋ᠤ᠌ ᠶᠠᠳᠠᠷᠠᠭᠰᠠᠨ ᠬᠠᠳ᠋ᠵᠢ ᠷᠠᠾᠢᠮ ᠡᠯᠡᠰᠦᠨ ᠳᠡᠭᠡᠷ᠎ᠡ ᠬᠡᠪᠲᠡᠨ ᠰᠠᠨᠠᠭ᠎ᠠ ᠠᠯᠲᠠᠨ ᠪᠠᠢᠪᠠ᠃ ᠲᠡᠭᠡᠭᠡᠳ ᠰᠡᠭᠦᠯ ᠳ᠋ᠦ᠍ᠨᠢ ᠬᠠᠳ᠋ᠵᠢ ᠷᠠᠾᠢ᠍ᠮ᠂
— ᠴᠢ ᠨᠠᠮᠠᠶ᠋ᠢ ᠬᠠᠮᠢᠭᠠᠰᠢ ᠠᠪᠠᠴᠢᠨ᠎ᠠ? ᠴᠢᠨᠠᠭᠰᠢ ᠪᠠᠨ ᠤᠳᠠᠭᠠᠨ ᠶᠠᠪᠤᠬᠤ ᠤᠤ? ᠭᠡᠬᠦ ᠳ᠋ᠦ᠍
— ᠪᠢ ᠮᠣᠷᠢᠨ ᠤ᠋ ᠮᠥᠷ ᠢ᠋ᠶ᠋ᠡᠷ ᠶᠠᠪᠤᠨ᠎ᠠ᠃ ᠪᠢᠳᠡ ᠬᠣᠷᠭᠣᠳᠠᠵᠤ ᠪᠣᠯᠬᠤ ᠭᠠᠵᠠᠷ ᠢ᠋ ᠪᠢ ᠮᠡᠳᠡᠨ᠎ᠡ᠂ ᠬᠤᠷᠳᠤᠨ ᠶᠠᠪᠤᠰᠤᠭᠠᠢ ᠭᠡᠵᠡᠢ᠃
ᠴᠤᠪᠤᠴᠠ ᠨᠢ ᠬᠠᠢᠷ ᠴᠢᠯᠠᠭᠤ ᠪᠠᠷ ᠪᠦᠷᠬᠦᠭᠳᠡᠭᠰᠡᠨ ᠥᠨᠳᠥᠷᠯᠢᠭ ᠥᠭᠡᠳᠡ ᠴᠢᠭᠯᠡᠬᠦ ᠳ᠋ᠦ᠍᠂ ᠠᠷᠠᠫᠱᠠ ᠬᠠᠵᠠᠭᠤ ᠲᠡᠰᠢ ᠡᠷᠭᠢᠨ ᠵᠢᠯᠠᠭ᠎ᠠ ᠳ᠋ᠤ᠌ ᠣᠷᠣᠵᠤ ᠬᠠᠲᠠᠭᠰᠠᠨ ᠭᠣᠷᠣᠬ᠎ᠠ ᠶ᠋ᠢ ᠳᠠᠭᠠᠨ ᠤᠳᠠᠲᠠᠯ᠎ᠠ ᠶᠠᠪᠤᠭᠰᠠᠨ ᠢ᠋ᠶ᠋ᠠᠨ ᠬᠥᠲᠥᠯ ᠥᠭᠡᠳᠡ ᠵᠢᠭᠠᠵᠤ᠄
— ᠲᠡᠷᠡ ᠥᠭᠡᠳᠡ ᠥᠭᠰᠥᠵᠦ ᠬᠠᠳᠠᠨ ᠤ᠋ ᠴᠠᠭᠠᠨ᠎ᠠ ᠨᠢᠭᠤᠭᠳᠠᠶᠠ! ᠲᠡᠨᠳᠡ ᠡᠴᠡ ᠲᠠᠯ᠎ᠠ ᠤᠷᠤᠭᠤ ᠬᠠᠷᠠᠵᠤ ᠪᠣᠯᠤᠨ᠎ᠠ ᠭᠡᠪᠡ᠃
ᠵᠢᠯᠠᠭ᠎ᠠ ᠶ᠋ᠢᠨ ᠭᠠᠩᠭ᠎ᠠ ᠶ᠋ᠢ ᠳᠠᠭᠠᠵᠤ ᠶᠠᠪᠤᠭᠰᠠᠭᠠᠷ ᠬᠠᠳᠠ ᠲᠠᠢ ᠣᠷᠣᠢ ᠳ᠋ᠤᠨᠢ ᠬᠦᠷᠴᠦ ᠯᠣᠰᠢᠭᠤ ᠶ᠋ᠢᠨ ᠪᠤᠲᠠᠨ ᠤ᠋ ᠠᠷᠤ ᠳ᠋ᠤ᠌ ᠬᠡᠪᠲᠡᠬᠦ ᠳ᠋ᠦ᠍ ᠲᠡᠨᠳᠡ ᠡᠴᠡ ᠡᠷᠭᠢᠨ ᠲᠣᠭᠣᠷᠢᠨ ᠠᠭᠤᠳᠠᠮ ᠲᠠᠯ᠎ᠠ ᠠᠯᠤᠰ ᠦᠵᠡᠭᠳᠡᠨ᠎ᠡ᠃ ᠠᠷᠠᠫᠱᠠ ᠰᠢᠪᠡᠨᠡᠨ᠄
— ᠵᠠᠮ ᠤᠷᠤᠭᠤ ᠬᠠᠷᠠᠭᠲᠤᠨ! ᠯᠠᠪ ᠲᠡᠳᠡ ᠨᠠᠷ ᠪᠢᠵᠡ ᠠ᠋ ? ᠶᠠᠭᠤᠮ᠎ᠠ ᠢᠷᠡᠵᠦ ᠶᠠᠪᠤᠨ᠎ᠠ ᠭᠡᠪᠡ᠃
ᠲᠠᠯ᠎ᠠ ᠳᠡᠭᠡᠷ᠎ᠡ ᠤᠷᠲᠤ ᠳᠡᠪᠡᠯ ᠲᠡᠢ᠂ ᠵᠢᠵᠢᠭᠬᠡᠨ ᠴᠢᠭᠢᠷᠠᠭ ᠮᠣᠷᠢ ᠤᠨᠤᠭᠰᠠᠨ ᠳᠥᠷᠪᠡᠨ ᠮᠣᠩᠭᠣᠯ ᠬᠥᠮᠦᠨ ᠶᠠᠪᠤᠵᠤ ᠲᠦᠷᠦᠭᠦᠨ ᠦ᠌ ᠬᠥᠮᠦᠨ ᠡᠮᠡᠭᠡᠯ ᠳᠡᠭᠡᠷ᠎ᠡ ᠡᠴᠡ ᠪᠥᠬᠥᠢᠨ ᠭᠠᠵᠠᠷ ᠤᠷᠤᠭᠤ ᠬᠠᠷᠠᠵᠤ ᠵᠣᠭᠰᠣᠪᠠ᠃ ᠲᠡᠷᠡ ᠬᠥᠮᠦᠨ ᠬᠠᠶᠠ ᠮᠣᠷᠢ ᠪᠠᠨ ᠭᠤᠶᠠᠳᠠᠬᠤ ᠪᠥᠭᠡᠳ ᠮᠣᠩᠭᠣᠯᠴᠤᠳ ᠬᠠᠷ᠎ᠠ ᠬᠤᠷᠳᠤ ᠪᠠᠷ ᠢ᠋ᠶ᠋ᠠᠨ ᠣᠳᠤᠯ᠎ᠠ᠃ ᠲᠡᠭᠡᠭᠡᠳ ᠲᠡᠳᠡ ᠤᠳᠠᠯ ᠦᠭᠡᠢ ᠬᠥᠲᠥᠯ ᠦ᠋ᠨ ᠴᠠᠭᠠᠨ᠎ᠠ ᠳᠠᠯᠳᠠ ᠣᠷᠣᠵᠠᠢ᠃
— ᠲᠡᠳᠡ ᠮᠢᠨᠦ ᠠᠺᠴᠢᠶᠠᠨ ᠨᠡᠷᠡᠲᠦ ᠴᠠᠭᠠᠨ ᠮᠣᠷᠢᠨ ᠤ᠋ ᠮᠥᠷ ᠢ᠋ᠶ᠋ᠡᠷ ᠶᠠᠪᠤᠵᠤ ᠪᠠᠢᠨ᠎ᠠ᠃ ᠲᠡᠳᠡ ᠲᠡᠭᠦᠨ ᠢ᠋ ᠭᠦᠢᠴᠡᠬᠦ ᠰᠠᠨᠠᠭ᠎ᠠ ᠲᠠᠢ ᠠᠵᠢ᠃ ᠪᠢ ᠲᠡᠭᠡᠵᠦ ᠬᠦᠯᠢᠶᠡᠭᠰᠡᠨ ᠶᠤᠮ᠃ ᠲᠡᠳᠡ ᠪᠤᠴᠠᠵᠤ ᠢᠷᠡᠵᠦ ᠪᠣᠯᠵᠣᠰᠢ ᠦᠭᠡᠢ᠂ ᠪᠢᠳᠡ ᠮᠥᠷ ᠦᠯᠦ ᠭᠠᠷᠬᠤ ᠡᠨᠡᠬᠦ ᠱᠣᠪᠬᠣ ᠴᠢᠯᠠᠭᠤᠨ ᠳᠡᠭᠡᠭᠦᠷ ᠴᠠᠰᠢ ᠬᠣᠯᠠᠳᠠᠪᠠᠯ ᠵᠣᠬᠢᠨ᠎ᠠ ᠭᠡᠪᠡ᠃ ᠶᠠᠪᠤᠳᠠᠯ ᠤ᠋ᠨ ᠬᠥᠮᠦᠰ ᠵᠢᠯᠠᠭ᠎ᠠ ᠶ᠋ᠢ ᠭᠠᠲᠤᠯᠤᠨ ᠲᠡᠭᠰᠢ ᠭᠠᠵᠠᠷ ᠥᠭᠡᠳᠡ ᠥᠭᠰᠥᠬᠦ ᠳ᠋ᠦ᠍ ᠴᠤᠪᠤᠴᠠ ᠶ᠋ᠢ ᠨᠢᠭᠡᠨ ᠥᠷᠭᠡᠨ ᠵᠠᠮ ᠣᠭᠲᠣᠯᠵᠠᠢ᠃ ᠮᠠᠯᠴᠢᠨ ᠢᠰᠬᠡᠷᠦᠨ ᠬᠣᠨᠢ ᠢᠮᠠᠭᠠᠨ ᠤ᠋ ᠰᠦᠷᠦᠭ ᠲᠠᠭᠤᠵᠤ ᠪᠠᠢᠯ᠎ᠠ᠃ ᠠᠷᠠᠫᠱᠠ᠄《ᠪᠢᠳᠡᠨ ᠦ᠌ ᠮᠥᠷ ᠡᠨᠳᠡ ᠠᠯᠠᠭ᠎ᠠ ᠪᠣᠯᠤᠨ᠎ᠠ᠃ ᠡᠨᠳᠡ ᠡᠴᠡ ᠶᠠᠮᠠᠷ ᠨᠢᠭᠡᠨ ᠠᠢᠯ ᠳ᠋ᠤ᠌ ᠬᠦᠷᠴᠦ ᠠᠮᠢᠰᠬᠤᠶ᠎ᠠ》ᠭᠡᠪᠡ᠃ ᠨᠠᠷᠢᠨ ᠵᠠᠮ ᠬᠥᠲᠥᠯ ᠥᠭᠡᠳᠡ ᠬᠠᠨᠳᠤᠵᠤ ᠲᠡᠭᠦᠨ ᠦ᠌ ᠬᠢᠷ᠎ᠠ ᠳᠡᠭᠡᠷ᠎ᠡ ᠡᠴᠡ ᠰᠡᠷᠭᠡᠭ ᠨᠣᠭᠣᠭᠠᠨ ᠬᠥᠨᠳᠡᠢ ᠠᠯᠤᠰ ᠬᠣᠯᠠ ᠦᠵᠡᠭᠳᠡᠨ ᠲᠡᠨᠳᠡ ᠠᠳᠤᠭᠤᠨ ᠰᠦᠷᠦᠭ ᠪᠡᠯᠴᠢᠭᠡᠷ ᠲᠦ᠍ ᠠᠯᠭᠤᠷ ᠢ᠋ᠶ᠋ᠠᠷ ᠲᠠᠷᠬᠠᠵᠤ ᠰᠢᠨ᠎ᠡ ᠨᠣᠭᠣᠭ᠎ᠠ ᠶ᠋ᠢ ᠲᠠᠢᠪᠤᠩ ᠢᠳᠡᠵᠦ ᠪᠠᠢᠵᠠᠢ᠃ ᠮᠣᠷᠢ ᠤᠨᠤᠭᠰᠠᠨ ᠠᠳᠤᠭᠤᠴᠢᠨ᠂ ᠤᠷᠲᠤ ᠤᠷᠭ᠎ᠠ ᠪᠠᠷᠢᠵᠤ ᠭᠡᠭᠦᠦ ᠤᠨᠠᠭ᠎ᠠ ᠶ᠋ᠢ ᠮᠠᠨᠠᠳᠠᠭ ᠪᠢᠯᠡ᠃
ᠰᠢᠩᠭᠡᠬᠦ ᠨᠠᠷᠠᠨ ᠤ᠋ ᠵᠢᠰᠢᠭᠦᠦ ᠰᠠᠴᠤᠷᠠᠭ ᠲᠤᠰᠤᠭᠰᠠᠨ ᠪᠥᠭᠡᠳ ᠭᠣᠶᠣ ᠴᠠᠳᠬᠤᠯᠠᠩ ᠮᠣᠷᠢᠳ ᠲᠠᠢᠪᠤᠩ ᠵᠣᠷᠴᠢᠬᠤ ᠲᠡᠭᠰᠢ ᠲᠠᠯᠠᠪᠠᠢ ᠂ ᠬᠥᠨᠳᠡᠢ ᠡᠯᠡᠰᠦᠨ ᠮᠠᠩᠬ᠎ᠠ ᠂ ᠪᠤᠭᠤᠷᠤᠯ ᠠᠭᠢ ᠶ᠋ᠢᠨ ᠬᠠᠲᠠᠭᠰᠠᠨ ᠡᠰᠢ ᠲᠡᠢ ᠬᠥᠲᠥᠯ ᠦ᠋ᠨ ᠳᠡᠭᠡᠷ᠎ᠡ ᠦᠨᠡᠬᠡᠷ ᠰᠡᠳᠬᠢᠯ ᠪᠡᠶᠡᠰᠦᠨ᠂ ᠬᠠᠷᠠᠵᠤ ᠪᠠᠷᠠᠰᠢ ᠦᠭᠡᠢ ᠰᠠᠨᠠᠭᠳᠠᠨ᠎ᠠ᠃ ᠬᠣᠯᠠ ᠪᠤᠰᠤ ᠥᠴᠦᠬᠡᠨ ᠨᠠᠭᠤᠷ ᠭᠢᠯᠠᠰᠬᠢᠨ ᠳᠡᠭᠡᠭᠦᠷ ᠨᠢ ᠵᠡᠷᠯᠢᠭ ᠨᠤᠭᠤᠰᠤ ᠨᠢᠰᠴᠦ ᠪᠠᠢᠨ᠎ᠠ᠃ ᠰᠢᠩᠭᠡᠨ ᠤᠷᠭᠤᠭᠰᠠᠨ ᠵᠡᠭᠡᠰᠦᠨ ᠦ᠌ ᠴᠠᠭᠠᠨ᠎ᠠ ᠠ᠋ᠴᠠ ᠡᠮᠡᠭᠡᠯ ᠲᠡᠢ ᠭᠠᠩᠭᠠᠨ (ᠭᠠᠩᠭᠠᠩ )ᠴᠠᠭᠠᠨ ᠮᠣᠷᠢ ᠭᠡᠨᠡᠳᠲᠡ ᠤᠬᠤᠰᠬᠢᠨ ᠭᠠᠷᠴᠤ ᠬᠠᠩᠭᠢᠨᠠᠲᠠᠯ᠎ᠠ ᠢᠨᠴᠠᠭᠠᠨ ᠵᠡᠭᠡᠷᠡᠳᠡᠭᠴᠢ ᠭᠡᠭᠦᠦ ᠶ᠋ᠢᠨ ᠰᠦᠷᠦᠭ ᠦ᠋ᠳ ᠦ᠋ᠨ ᠳᠤᠮᠳᠠᠭᠤᠷ ᠳᠠᠪᠬᠢᠪᠠ᠃
— ᠡᠷᠬᠢᠮ ᠪᠠᠭᠰᠢ ᠮᠢᠨᠢ ᠦᠵᠡᠭᠲᠦᠨ! ᠮᠢᠨᠦ ᠠᠺᠴᠢᠶᠠᠨ ᠲᠡᠨᠳᠡ ᠶᠠᠪᠤᠨ᠎ᠠ᠂ ᠬᠤᠯᠠᠭᠠᠢ ᠳ᠋ᠤ᠌ ᠠᠯᠳᠠᠭᠰᠠᠨ ᠬᠠᠨᠢ ᠮᠢᠨᠢ! ᠭᠡᠳ ᠠᠷᠠᠫᠱᠠ ᠪᠣᠭᠴᠣ ᠴᠤᠪᠠ ᠬᠣᠶᠠᠷ ᠢ᠋ᠶ᠋ᠠᠨ ᠡᠯᠡᠰᠦᠨ ᠳᠡᠭᠡᠷ᠎ᠡ ᠬᠠᠶᠠᠭᠠᠳ ᠬᠥᠲᠥᠯ ᠤᠷᠤᠭᠤ ᠭᠦᠶᠦᠪᠡ᠃
— ᠨᠠᠮᠠᠶ᠋ᠢ ᠡᠨᠳᠡ ᠪᠡᠨ ᠬᠦᠯᠢᠶᠡᠭᠲᠦᠨ! ᠪᠢ ᠲᠡᠭᠦᠨ ᠢ᠋ ᠪᠠᠷᠢᠰᠤᠭᠠᠢ ᠭᠡᠵᠦ ᠬᠠᠰᠬᠢᠷᠤᠯ᠎ᠠ᠃
ᠹᠠᠺᠢᠾ ᠭᠠᠵᠠᠷ ᠲᠤ᠌ ᠰᠠᠭᠤᠵᠤ ᠠᠵᠢᠭᠯᠠᠨ ᠪᠠᠢᠵᠠᠢ᠃
ᠴᠠᠭᠠᠨ ᠠᠵᠢᠷᠭᠠᠨ ᠤ᠋ ᠬᠣᠢᠨ᠎ᠠ ᠠ᠋ᠴᠠ ᠠᠳᠤᠭᠤᠴᠢᠨ ᠳᠠᠪᠬᠢᠯᠳᠤᠪᠠ᠃ ᠠᠷᠠᠫᠱᠠ ᠨᠣᠭᠣᠭᠠᠨ ᠲᠠᠯ᠎ᠠ ᠳ᠋ᠤ᠌ ᠭᠦᠶᠦᠨ ᠵᠡᠭᠡᠰᠦᠨ ᠳᠣᠲᠣᠷ᠎ᠠ ᠳᠠᠯᠳᠠ ᠣᠷᠣᠭᠠᠳ ᠭᠣᠷᠣᠬ᠎ᠠ ᠶ᠋ᠢ ᠭᠠᠲᠤᠯᠤᠨ ᠬᠣᠶᠠᠷ ᠠᠳᠤᠭᠤᠴᠢᠨ ᠨᠡᠬᠡᠨ ᠬᠥᠭᠡᠭᠡᠵᠦ ᠪᠠᠢᠭ᠎ᠠ ᠴᠠᠭᠠᠨ ᠠᠵᠢᠷᠭᠠᠨ ᠤ᠋ ᠳᠠᠪᠬᠢᠬᠤ ᠥᠨᠳᠥᠷ ᠨᠣᠭᠣᠭᠠᠨ ᠤ᠋ ᠳᠤᠮᠳᠠ ᠰᠢᠷᠭᠤᠵᠠᠢ᠃ ᠠᠷᠤ ᠲᠠᠯ᠎ᠠ ᠳ᠋ᠤ᠌ ᠬᠥᠮᠦᠨ ᠦ᠌ ᠠᠶᠠᠷᠬᠠᠨ ᠳᠠᠭᠤ ᠰᠣᠨᠣᠰᠳᠠᠬᠤ ᠳ᠋ᠤ᠌ ᠬᠠᠳ᠋ᠵᠢ ᠷᠠᠾᠢ᠍ᠮ ᠡᠷᠭᠢᠨ ᠬᠠᠷᠠᠪᠠᠯ ᠭᠤᠷᠪᠠᠨ ᠮᠣᠩᠭᠣᠯ ᠬᠥᠮᠦᠨ ᠮᠠᠢᠭ ᠬᠥᠯ ᠢ᠋ᠶ᠋ᠡᠷ ᠮᠠᠢᠵᠢᠭᠢᠨ(ᠮᠠᠢᠵᠢᠭᠢᠨᠠᠨ ) ᠨᠠᠰᠢ ᠬᠠᠷᠠᠢᠨ ᠨᠢᠭᠡ ᠨᠢ ᠡᠪᠬᠡᠭᠡᠰᠦᠲᠡᠢ ᠣᠯᠣᠰᠣ ᠵᠠᠳᠠᠯᠵᠤ ᠹᠠᠺᠢᠾ ᠲᠤ᠌ ᠰᠠᠮᠪᠠᠭ᠎ᠠ ᠣᠯᠬᠤ ᠶ᠋ᠢᠨ ᠵᠠᠭᠤᠷ᠎ᠠ ᠭᠦᠶᠦᠨ ᠳᠠᠭᠠᠷᠢᠮᠠᠭᠴᠠ ᠣᠯᠣᠰᠣ ᠪᠠᠷ ᠬᠦᠯᠢᠨ ᠳᠤᠭᠲᠤᠷᠤᠭᠠᠳ ᠪᠣᠰᠬᠠᠪᠠ᠃
ᠨᠢᠭᠡ ᠨᠢ᠄
— ᠤᠯᠠᠭᠠᠨ ᠲᠣᠪᠴᠢ ᠲᠠᠢ ᠬᠥᠬᠡ ᠳᠡᠪᠡᠯ ᠲᠡᠢ ᠪᠠᠢᠨ᠎ᠠ᠃ ᠯᠠᠪ ᠥᠨᠥᠬᠢ ᠴᠢᠨᠢ ᠪᠠᠢᠬ᠎ᠠ ᠭᠡᠬᠦ ᠳ᠋ᠦ᠍᠂
— ᠦᠭᠡᠢ ᠲᠡᠷᠡ ᠪᠢᠰᠢ᠂ ᠲᠡᠷᠡ ᠴᠢᠨᠢ ᠵᠠᠯᠠᠭᠤ ᠬᠥᠮᠦᠨ᠂ ᠨᠠᠭᠠᠳᠤᠬᠢ ᠴᠢᠨᠢ ᠴᠣᠯ ᠰᠠᠬᠠᠯ ᠰᠠᠮᠪᠠᠢ ᠲᠠᠢ ᠶᠤᠮ ᠪᠠᠢᠨ᠎ᠠ ᠭᠡᠪᠡ᠃
— ᠨᠠᠳᠠᠳᠤ ᠶᠠᠮᠠᠷ ᠬᠠᠮᠢᠶ᠎ᠠ ᠪᠠᠢᠬᠤ ᠪᠣᠢ? ᠤᠯᠠᠭᠠᠨ ᠲᠣᠪᠴᠢ ᠲᠠᠢ ᠬᠥᠬᠡ ᠳᠡᠪᠡᠯ ᠡᠮᠦᠰᠦᠭᠰᠡᠨ ᠬᠥᠮᠦᠨ ᠲᠣᠬᠢᠶᠠᠯᠳᠤᠪᠠᠯ ᠲᠡᠭᠦᠨ ᠢ᠋ ᠳᠠᠷᠤᠢ ᠠᠯᠠ ᠭᠡᠵᠦ ᠬᠠᠭᠠᠨ ᠬᠡᠯᠡᠭᠰᠡᠨ ᠶᠤᠮ᠃
— ᠬᠠᠭᠠᠨ ᠳ᠋ᠤ᠌ ᠠᠪᠠᠴᠢᠵᠤ ᠥᠭᠭᠦᠶ᠎ᠡ᠂ ᠥᠪᠡᠷ ᠢ᠋ᠶ᠋ᠡᠨ ᠰᠢᠢᠳᠪᠦᠷᠢᠯᠡᠲᠦᠭᠡᠢ ᠭᠡᠬᠦ ᠳ᠋ᠦ᠍ ᠬᠠᠳ᠋ᠵᠢ ᠷᠡᠾᠢᠮ᠄
— ᠨᠠᠳᠠ ᠪᠠᠷ ᠶᠠᠭᠠᠬᠢᠬᠤ ᠭᠡᠰᠡᠨ ᠪᠣᠢ? ᠪᠢ ᠶᠠᠳᠠᠭᠤ ᠳ᠋ᠸᠷᠸᠢᠱ᠂ ᠨᠣᠮ ᠰᠤᠳᠤᠷ ᠪᠢᠴᠢᠨ᠎ᠡ ᠭᠡᠵᠦ ᠬᠠᠰᠬᠢᠷᠬᠤ ᠳ᠋ᠤ᠌᠄
— ᠥᠭᠡᠷ᠎ᠡ ᠬᠥᠮᠦᠨ ᠳ᠋ᠦ᠍ ᠬᠤᠳᠠᠯ ᠬᠡᠯᠡᠭᠲᠦᠨ! ᠴᠢ ᠪᠠᠳᠮᠠᠷᠠᠭ᠎ᠠ ᠲᠣᠪᠴᠢ ᠶ᠋ᠢ ᠬᠠᠮᠢᠭ᠎ᠠ ᠠ᠋ᠴᠠ ᠣᠯᠪᠠ ?ᠨᠢᠭᠡ ᠡᠢᠮᠦ ᠲᠣᠪᠴᠢ ᠪᠠᠷ ᠳᠡᠭᠡᠳᠦ ᠵᠡᠷᠭᠡ ᠶ᠋ᠢᠨ ᠭᠡᠭᠦᠦ ᠶ᠋ᠢᠨ ᠰᠦᠷᠦᠭ ᠬᠤᠳᠠᠯᠳᠤᠨ ᠠᠪᠤᠨ᠎ᠠ ᠭᠡᠪᠡ᠃
— ᠳᠡᠪᠡᠯ᠂ ᠲᠣᠪᠴᠢ ᠴᠥᠮ ᠢ᠋ ᠠᠪᠤᠭᠲᠤᠨ! ᠮᠢᠨᠦ ᠶᠠᠭᠤᠮ᠎ᠠ ᠪᠢᠰᠢ ᠭᠡᠬᠦ ᠳ᠋ᠦ᠍ ᠳᠥᠷᠪᠡᠳᠦᠭᠡᠷ ᠬᠥᠮᠦᠨ ᠣᠢᠷᠠᠲᠤᠨ ᠢᠷᠡᠵᠦ᠄
— ᠲᠠᠨᠠᠷ ᠶᠠᠭᠤᠨ ᠳ᠋ᠤ᠌ ᠤᠳᠠᠭᠠᠰᠢᠷᠠᠵᠤ ᠪᠠᠢᠨ᠎ᠠ᠂ ᠬᠠᠭᠠᠨ ᠤ᠋ ᠠᠳᠤᠭᠤᠴᠢᠨ ᠨᠠᠷ ᠨᠡᠰᠢ ᠳᠠᠪᠬᠢᠯᠳᠤᠵᠤ ᠪᠠᠢᠨ᠎ᠠ᠂ ᠲᠦᠷᠭᠡᠯᠡᠭᠲᠦᠨ! ᠲᠣᠯᠣᠭᠠᠢ ᠳᠡᠭᠡᠷ᠎ᠡ ᠨᠢ ᠠᠯᠴᠢᠭᠤᠷ ᠳᠡᠯᠪᠢ᠂ ᠥᠰᠥᠭᠡᠢ ᠶ᠋ᠢ ᠨᠢ ᠰᠢᠯᠢ ᠤᠷᠤᠭᠤ ᠨᠢ ᠨᠤᠭᠤᠯᠤᠭᠲᠤᠨ! ᠭᠡᠪᠡ᠃
ᠬᠠᠳ᠋ᠵᠢ ᠷᠠᠾᠢᠮ ᠥᠭᠡᠷ᠎ᠡ ᠶᠠᠭᠤ ᠶᠠᠷᠢᠭᠰᠠᠨ ᠢ᠋ ᠡᠰᠡ ᠰᠣᠨᠣᠰᠤᠯ᠎ᠠ᠂ ᠬᠦᠴᠦᠲᠡᠢ ᠭᠠᠷ ᠢ᠋ᠶ᠋ᠠᠷ ᠰᠢᠭᠦᠷᠡᠨ ᠠᠪᠴᠤ ᠡᠷᠢᠶᠡᠨ ᠠᠯᠴᠢᠭᠤᠷ ᠢ᠋ᠶ᠋ᠠᠷ ᠨᠢᠭᠤᠷ ᠢ᠋ ᠪᠦᠲᠡᠭᠡᠬᠦ ᠳ᠋ᠦ᠍ ᠬᠤᠷᠴᠠ ᠨᠠᠷᠠ᠂ ᠨᠢᠳᠦᠨ ᠦ᠌ ᠬᠢᠨᠢ ᠡᠮᠦᠨ᠎ᠡ ᠣᠯᠠᠨ ᠮᠢᠩᠭᠠᠨ ᠣᠴᠢ ᠪᠣᠯᠤᠨ ᠪᠤᠲᠠᠷᠠᠬᠤ ᠰᠢᠭ᠋ ᠪᠣᠯᠪᠠ᠃ ᠬᠥᠮᠦᠨ ᠦ᠌ ᠳᠠᠭᠤ ᠱᠤᠤᠭᠢᠶᠠᠨ᠂ ᠨᠣᠬᠠᠢ ᠬᠤᠴᠠᠬᠤ᠂ ᠪᠦᠬᠦ ᠪᠡᠶ᠎ᠡ ᠨᠢ ᠰᠢᠨᠠᠯᠤᠭ᠎ᠠ ᠲᠠᠢ ᠡᠪᠡᠳᠬᠦ ᠡᠴᠡ ᠹᠠᠺᠢᠾ ᠤᠬᠠᠭᠠᠨ ᠠᠯᠳᠠᠯ᠎ᠠ᠃
ᠦᠰᠦᠭ ᠠᠮᠢᠯᠠᠭᠤᠯᠤᠭᠴᠢ᠄ ᠵᠢᠩᠯᠢᠬᠤᠸᠠᠷ᠂ ᠪᠠᠯ᠂ ᠠᠯᠲᠠᠨᠴᠢᠮᠡᠭ
ᠬᠢᠨᠠᠭᠴᠢ᠄ ᠠᠷᠢᠭᠤᠨ᠂ ᠠᠯᠲᠠᠨᠴᠢᠮᠡᠭ᠂ ᠪᠠᠯ
