ᠪᠠᠲᠤ ᠬᠠᠭᠠᠨ 1-10ᠬᠠᠭᠠᠨ ᠤ᠋ ᠬᠠᠢᠷ᠎ᠠBat khaan Бат хаан ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-10ᠬᠠᠭᠠᠨ ᠤ᠋ ᠬᠠᠢᠷ᠎ᠠBat khaan Бат хаан

ᠪᠠᠲᠤ ᠬᠠᠭᠠᠨ 1-10ᠬᠠᠭᠠᠨ ᠤ᠋ ᠬᠠᠢᠷ᠎ᠠBat khaan Бат хаан

ᠠᠩᠭᠢᠯᠠᠯ:ᠲᠤᠭᠤᠵᠢ ᠷᠣᠮᠠᠨ
2025-09-04

320

ᠠᠷᠪᠠ ᠬᠠᠭᠠᠨ ᠤ᠋ ᠬᠠᠢᠷ᠎ᠠ

      ᠮᠣᠩᠭᠣᠯᠴᠤᠳ (ᠤ᠋ᠨ) ᠥᠷᠥᠨ᠎ᠡ ᠵᠦᠭ ᠠᠶᠠᠯᠠᠨ ᠳᠠᠢᠳᠤᠬᠤ ᠰᠤᠷᠠᠭ ᠺᠢᠫᠴᠠᠺ ᠤ᠋ᠨ ᠲᠠᠯ᠎ᠠ ᠪᠠᠷ ᠵᠤᠨ ᠤ᠋ ᠨᠠᠮ ᠭᠦᠮ ᠡᠳᠦᠷ ᠭᠡᠨᠡᠳᠲᠡ ᠲᠡᠭᠰᠢ ᠲᠠᠯᠠᠪᠠᠢ ᠳᠡᠭᠡᠭᠦᠷ ᠱᠤᠤᠭᠢᠨ᠂ ᠡᠯᠡᠰᠦᠨ ᠬᠤᠢ ᠶ᠋ᠢ ᠡᠷᠭᠢᠯᠳᠦᠭᠦᠯᠵᠦ ᠪᠤᠲᠠ ᠬᠠᠷᠭᠠᠨ᠎ᠠ ᠶ᠋ᠢ ᠣᠭᠯᠣ ᠲᠡᠳᠡᠨ ᠲᠣᠯᠬᠢ ᠮᠠᠭᠤᠲᠠᠢ ᠭᠡᠷ ᠢ᠋ ᠬᠥᠮᠥᠷᠢᠭᠦᠯᠬᠦ ᠬᠠᠷ᠎ᠠ ᠰᠢᠭᠤᠷᠭ᠎ᠠ ᠠᠳᠠᠯᠢ ᠳᠡᠭᠳᠡᠪᠡ᠃ ᠵᠠᠷᠤᠯᠭ᠎ᠠ ᠨᠠᠷ ᠵᠦᠭ ᠵᠦᠭ ᠲᠦ᠍ ᠳᠠᠪᠬᠢᠯᠳᠤᠨ ᠡᠨᠡ ᠮᠡᠳᠡᠭᠡ ᠶ᠋ᠢ ᠨᠢᠭᠡ ᠨᠤᠲᠤᠭ ᠠ᠋ᠴᠠ ᠨᠥᠭᠦᠭᠡ ᠳ᠋ᠦ᠍ ᠳᠠᠮᠵᠢᠭᠤᠯᠵᠤ᠂ ᠨᠡᠭᠦᠳᠡᠯᠴᠢᠨ ᠦ᠌ ᠡᠩᠬᠡ ᠲᠠᠢᠪᠤᠩ ᠠᠵᠤ ᠠᠮᠢᠳᠤᠷᠠᠯ ᠳ᠋ᠤ᠌ ᠰᠦᠷᠡᠬᠡᠢ ᠪᠠᠢᠳᠠᠯ ᠤᠴᠠᠷᠠᠬᠤ ᠶ᠋ᠢ ᠮᠡᠳᠡᠭᠳᠡᠪᠡ᠃ ᠶᠡᠬᠡ ᠺᠢᠫᠴᠠᠺ ᠦᠨᠳᠦᠰᠦᠲᠡᠨ ᠦ᠌ ᠠᠷᠪᠠᠨ ᠬᠣᠶᠠᠷ ᠠᠢᠮᠠᠭ ᠴᠥᠮ ᠢ᠋ ᠠᠶᠠᠯᠠᠨ ᠳᠠᠢᠳᠤᠬᠤ ᠳ᠋ᠤ᠌ ᠲᠠᠲᠠᠵᠠᠢ᠃
      ᠨᠠᠽᠠᠷ— ᠺᠢᠶᠠᠷᠢᠽᠸᠺ ᠤᠯᠢᠶᠠᠰᠤᠨ ᠰᠢᠭᠤᠢ ᠶ᠋ᠢ ᠥᠩᠭᠡᠷᠡᠬᠦ ᠳ᠋ᠦ᠍ ᠦᠶᠡᠷᠯᠡᠨ ᠪᠤᠯᠠᠩᠭᠢᠷᠲᠤᠭᠰᠠᠨ ᠰᠸᠢ᠍ᠢᠬᠤᠩ ᠭᠣᠣᠯ ᠴᠠᠢᠷᠠᠨ ᠬᠠᠷᠠᠭᠳᠠᠪᠠ᠃ ᠡᠮᠦᠨ᠎ᠡ ᠨᠢ ᠠᠭᠤᠳᠠᠮ ᠨᠠᠮ ᠭᠠᠵᠠᠷ ᠦᠷᠭᠦᠯᠵᠢᠯᠡᠨ ᠵᠦᠭ ᠪᠦᠷᠢ ᠳ᠋ᠦ᠍ ᠮᠣᠷᠢ ᠲᠠᠢ ᠬᠥᠮᠦᠰ ᠶᠠᠭᠠᠷᠠᠯᠲᠠᠢ ᠳᠠᠪᠬᠢᠨ ᠨᠡᠭᠦᠳᠡᠯᠴᠢᠨ ᠦ᠌ ᠬᠡᠷᠡᠭᠯᠡᠬᠦ ᠭᠡᠷ ᠦ᠋ᠨ ᠬᠠᠨ᠎ᠠ᠂ ᠣᠨᠢ ᠂ ᠢᠰᠡᠭᠡᠢ ᠬᠡᠦᠳᠡᠢ᠂ ᠲᠣᠭᠣᠭ᠎ᠠ ᠵᠡᠷᠭᠡ ᠪᠠᠰᠠ ᠪᠤᠰᠤᠳ ᠬᠡᠷᠡᠭᠯᠡᠯ ᠢ᠋ ᠠᠴᠢᠭᠰᠠᠨ ᠲᠡᠮᠡᠭᠡᠨ ᠴᠤᠪᠤᠭ᠎ᠠ ᠶᠠᠭᠠᠷᠠᠯ ᠦᠭᠡᠢ ᠠᠯᠬᠤᠯᠠᠵᠤ ᠳᠡᠷᠭᠡᠳᠡ ᠨᠢ ᠡᠬᠡᠨᠡᠷ ᠦ᠋ᠳ ᠬᠡᠦᠬᠡᠳ ᠢ᠋ᠶ᠋ᠡᠨ ᠳᠠᠭᠠᠭᠤᠯᠤᠨ ᠶᠠᠪᠤᠵᠠᠢ᠃ ᠪᠠᠷᠤᠭ ᠨᠢᠴᠦᠭᠦᠨ ᠪᠣᠭᠣᠯᠴᠤᠳ ᠰᠦᠷᠦᠭ ᠬᠣᠨᠢ ᠦᠬᠡᠷ ᠢ᠋ ᠲᠠᠭᠤᠵᠤ᠂ ᠴᠢᠮᠡᠭᠡ ᠠᠨᠢᠷ ᠦᠭᠡᠢ ᠠᠭᠴᠢ ᠠᠭᠤᠳᠠᠮ ᠶᠡᠬᠡ ᠲᠠᠯᠠᠪᠠᠢ ᠳᠡᠭᠡᠷ᠎ᠡ ᠶᠡᠷᠦ ᠪᠤᠰᠤ ᠶ᠋ᠢᠨ ᠲᠦᠭᠰᠢᠭᠦᠷᠢᠲᠡᠢ ᠪᠠᠢᠳᠠᠯ ᠦᠵᠡᠭᠳᠡᠵᠡᠢ᠃ ᠨᠠᠽᠠᠷ— ᠺᠢᠶᠠᠷᠢᠽᠧᠺ᠂ ᠪᠠᠶᠠᠨᠳ᠋ᠸᠷ ᠬᠠᠭᠠᠨ ᠤ᠋ ᠠᠷᠪᠠᠨ ᠨᠢᠭᠡᠳᠦᠭᠡᠷ ᠬᠠᠲᠤᠨ ᠤ᠋ ᠬᠣᠲᠠ ᠳ᠋ᠤ᠌ ᠬᠦᠷᠬᠦ ᠳ᠋ᠦ᠍ ᠡᠨᠳᠡ ᠴᠥᠮ ᠬᠠᠭᠤᠴᠢᠨ ᠬᠡᠪ ᠢ᠋ᠶ᠋ᠡᠷ ᠪᠠᠢᠭᠰᠠᠨ ᠲᠤᠯᠠ ᠬᠥᠳᠡᠭᠡ ᠶ᠋ᠢᠨ ᠡᠪᠦᠭᠡᠨ ᠭᠠᠢᠬᠠᠪᠠ᠃ ᠨᠡᠢᠲᠡ ᠳᠠᠶᠠᠭᠠᠷ ᠦᠢᠮᠡᠨ ᠰᠠᠨᠳᠤᠷᠴᠤ ᠪᠠᠢᠲᠠᠯ᠎ᠠ ᠪᠠᠶᠠᠨᠳ᠋ᠸᠷ ᠬᠠᠭᠠᠨ ᠶᠡᠷᠦᠳᠡ ᠶ᠋ᠢᠨ ᠬᠡᠨᠡᠭ ᠦᠭᠡᠢ ᠬᠡᠪ ᠢ᠋ᠶ᠋ᠡᠷ ᠪᠠᠢᠵᠠᠢ᠃ ᠲᠡᠳᠡ ᠱᠣᠩᠬᠣᠷ ᠤ᠋ᠨ ᠠᠪᠠ ᠳ᠋ᠤ᠌ ᠪᠡᠯᠡᠳᠬᠡᠨ ᠪᠠᠢᠵᠠᠢ᠃ ᠡᠮᠡᠭᠡᠯ ᠲᠡᠢ ᠭᠣᠶᠣ ᠮᠣᠷᠢᠳ ᠲᠡᠮᠡᠦᠯᠦᠨ ᠲᠤᠭᠤᠷᠠᠢ ᠪᠠᠷ ᠡᠯᠡᠰᠦ ᠴᠠᠪᠴᠢᠯᠠᠨ ᠪᠠᠢᠯ᠎ᠠ᠃ ᠪᠠᠷᠠᠭᠤᠨ ᠭᠠᠷ ᠤ᠋ᠨ ᠪᠡᠭᠡᠯᠡᠢ ᠳᠡᠭᠡᠷ᠎ᠡ ᠪᠡᠨ ᠱᠣᠩᠬᠣᠷ ᠰᠠᠭᠤᠯᠭᠠᠭᠰᠠᠨ ᠠᠷᠪᠠᠨ ᠵᠠᠯᠠᠭᠤᠰ ᠠᠰᠠᠷ ᠤ᠋ᠨ ᠳᠡᠷᠭᠡᠳᠡ ᠡᠵᠡᠨ ᠦ᠌ ᠭᠠᠷᠬᠤ ᠶ᠋ᠢ ᠬᠦᠯᠢᠶᠡᠵᠡᠢ᠃
      ᠨᠠᠷᠢᠨ ᠬᠣᠩᠰᠢᠶᠠᠷ ᠲᠠᠢ ᠨᠣᠬᠠᠳ ᠠᠭᠤᠷᠲᠠᠢ ᠪᠠᠷ ᠣᠯᠠᠨᠲᠠ ᠭᠠᠰᠠᠯᠤᠨ ᠪᠠᠢᠪᠠ᠃ ᠨᠠᠽᠠᠷ ᠲᠤᠷᠠᠩᠬᠠᠢ ᠭᠡᠭᠦᠦ ᠡᠴᠡ ᠪᠡᠨ ᠪᠠᠭᠤᠵᠤ ᠬᠠᠭᠠᠨ ᠤ᠋ ᠥᠷᠭᠥᠭᠡ ᠪᠠᠢᠭ᠎ᠠ ᠳᠣᠪᠣᠴᠠᠭ ᠥᠭᠡᠳᠡ ᠠᠯᠭᠤᠷ ᠢ᠋ᠶ᠋ᠠᠷ ᠥᠭᠰᠥᠪᠡ᠃  ᠪᠠᠶᠠᠨᠳ᠋ᠸᠷ ᠬᠠᠭᠠᠨ ᠭᠡᠷ ᠡᠴᠡ ᠭᠠᠷᠴᠤ ᠢᠷᠡᠯ᠎ᠡ᠃ ᠡᠯᠪᠡᠭ ᠳᠠᠢᠯᠠᠯᠭ᠎ᠠ ᠠ᠋ᠴᠠ ᠪᠣᠯᠵᠤ ᠨᠢᠭᠤᠷ ᠨᠢ ᠲᠣᠰᠣ ᠳᠠᠭᠠᠪᠤᠷᠢᠯᠠᠵᠠᠢ᠃ ᠠᠪᠠ ᠶ᠋ᠢᠨ ᠭᠣᠶᠣᠮᠰᠣᠭ ᠬᠤᠪᠴᠠᠰᠤ— ᠰᠢᠷ᠎ᠠ ᠲᠣᠷᠭᠠᠨ ᠲᠡᠷᠯᠢᠭ᠂ ᠥᠷᠭᠡᠨ ᠢᠯᠭᠢᠨ ᠥᠮᠥᠳᠥ᠂ ᠨᠤᠭᠤᠷᠠᠭᠰᠠᠨ ᠬᠣᠩᠰᠢᠶᠠᠷ ᠲᠠᠢ ᠭᠤᠲᠤᠯ ᠡᠮᠦᠰᠴᠡᠢ᠃ ᠴᠠᠭᠠᠨ ᠮᠠᠯᠠᠭᠠᠢ ᠶ᠋ᠢᠨ ᠰᠠᠷᠠᠪᠴᠢ ᠶ᠋ᠢ ᠳᠡᠭᠡᠭᠰᠢ ᠰᠡᠬᠦᠵᠦ ᠠᠷᠤ ᠰᠢᠯᠢ ᠤᠷᠤᠭᠤ ᠪᠠᠨ ᠪᠠᠭᠤᠯᠭᠠᠨ ᠲᠣᠷᠭᠠᠨ ᠬᠡᠪᠯᠡᠭᠡ ᠰᠤᠳᠠᠯ ᠲᠠᠢ ᠨᠣᠭᠣᠭᠠᠨ ᠠᠯᠴᠢᠭᠤᠷ ᠢ᠋ᠶ᠋ᠠᠷ ᠴᠢᠩᠭ᠎ᠠ ᠣᠷᠢᠶᠠᠭᠰᠠᠨ ᠪᠥᠭᠡᠳ ᠲᠡᠭᠦᠨ ᠡᠴᠡ ᠪᠡᠨ( ᠨᠢ) ᠵᠠᠭᠠᠨ ᠤ᠋ ᠶᠠᠰᠤᠨ ᠡᠰᠢ ᠲᠡᠢ᠂ ᠡᠨᠡᠳᠬᠡᠭ ᠺᠢᠨᠵᠢᠶᠠᠯ ᠬᠢᠲᠤᠭ᠎ᠠ ᠦᠵᠡᠭᠳᠡᠪᠡ᠃ ᠬᠥᠳᠡᠭᠡ ᠲᠠᠯ᠎ᠠ ᠶ᠋ᠢᠨ ᠡᠵᠡᠨ ᠡᠪᠦᠭᠡᠨ ᠨᠠᠽᠠᠷ ᠢ᠋ ᠲᠠᠨᠢᠵᠤ ᠪᠥᠬᠥᠢᠨ ᠲᠣᠩᠭᠣᠢᠬᠤ ᠨᠢᠷᠤᠭᠤ᠂ ᠤᠷᠲᠤ ᠬᠣᠷᠮᠣᠢ ᠲᠠᠢ ᠢᠮᠠᠭᠠᠨ ᠳᠡᠪᠡᠯ᠂ ᠬᠠᠭᠤᠴᠢᠨ ᠲᠠᠬᠢᠷ ᠰᠡᠯᠡᠮ᠎ᠡ ᠶ᠋ᠢ ᠰᠢᠷᠪᠢᠬᠢᠨ ᠰᠢᠷᠪᠢᠨ ᠬᠠᠷᠠᠪᠠ᠃《ᠡᠪᠦᠭᠡᠨ ᠯᠠᠪ ᠨᠢᠭᠡ ᠶᠠᠭᠤᠮ᠎ᠠ ᠭᠤᠶᠤᠬᠤ ᠪᠠᠷ ᠢᠷᠡᠭᠰᠡᠨ ᠪᠢᠵᠡ ?ᠬᠠᠭᠠᠨ ᠤ᠋ ᠪᠠᠶᠠᠨ ᠥᠭᠯᠢᠭᠡᠴᠢ ᠨᠡᠷ᠎ᠡ ᠶ᠋ᠢ ᠥᠷᠭᠡᠨ ᠲᠠᠯ᠎ᠠ ᠶ᠋ᠢᠨ ᠡᠷᠦᠬᠡ ᠪᠦᠷᠢ ᠳ᠋ᠦ᠍ ᠱᠠᠭᠰᠢᠨ ᠱᠤᠤᠭᠢᠭᠤᠯᠬᠤ ᠶ᠋ᠢᠨ ᠲᠤᠯᠠ ᠵᠠᠷᠢᠮ ᠳ᠋ᠠᠭᠠᠨ ᠬᠥᠳᠡᠭᠡᠬᠢ ᠨᠡᠭᠦᠳᠡᠯᠴᠢᠨ ᠢ᠋ ᠨᠢᠭᠦᠯᠡᠰᠦᠨ ᠦᠵᠡᠬᠦ ᠨᠢ ᠲᠤᠰᠠᠲᠠᠢ᠂ ᠢᠯᠠᠩᠭᠤᠶ᠎ᠠ ᠬᠠᠭᠠᠳ ᠠᠯᠤᠰ ᠤ᠋ᠨ ᠠᠶᠠᠨ ᠲᠡᠢᠨ ᠳ᠋ᠦ᠍ ᠮᠣᠷᠳᠠᠬᠤ ᠪᠠᠷ ᠴᠡᠷᠢᠭ ᠲᠠᠲᠠᠵᠤ ᠪᠠᠢᠭ᠎ᠠ ᠡᠨᠡ ᠦᠶ᠎ᠡ ᠳ᠋ᠦ᠍ ᠴᠢᠬᠤᠯᠠ᠁》 ᠶ᠋ᠢ ᠪᠠᠶᠠᠨᠳᠧᠷ ᠬᠠᠭᠠᠨ ᠰᠡᠳᠬᠢᠵᠡᠢ᠃
      ᠨᠠᠽᠠᠷ— ᠺᠢᠶᠠᠷᠢᠽᠧᠺ᠄《ᠪᠠᠶᠠᠨᠳᠧᠷ ᠬᠠᠭᠠᠨ ᠲᠠ ᠠᠯᠳᠠᠷᠰᠢᠵᠤ᠂ ᠠᠳᠤᠭᠤ ᠰᠦᠷᠦᠭ ᠨᠢ ᠲᠣᠭ᠎ᠠ ᠦᠭᠡᠢ ᠣᠯᠠᠨ ᠪᠣᠯᠵᠤ᠂ ᠥᠯᠵᠡᠢ ᠬᠡᠰᠢᠭᠲᠦ ᠰᠦᠷᠦᠭ ᠢ᠋ ᠨᠢ ᠠᠯᠠᠯᠾ ᠰᠠᠬᠢᠬᠤ ᠪᠣᠯᠲᠤᠭᠠᠢ》ᠭᠡᠵᠦ ᠭᠢᠩᠰᠢᠨ ᠬᠡᠯᠡᠵᠦ ᠲᠤᠷᠠᠩᠬᠠᠢ ᠮᠥᠷᠥ ᠪᠡᠨ ᠢᠯᠭᠢᠨ ᠳᠡᠪᠡᠯ ᠢ᠋ ᠨᠡᠪᠲᠡ ᠶᠠᠷᠪᠤᠢᠲᠠᠯ᠎ᠠ ᠲᠣᠩᠭᠣᠢᠨ ᠮᠥᠷᠭᠥᠪᠡ᠃ ᠬᠠᠭᠠᠨ ᠵᠣᠭᠰᠣᠵᠤ ᠭᠠᠷ ᠢ᠋ᠶ᠋ᠠᠨ ᠰᠤᠳᠠᠯ ᠲᠠᠢ ᠪᠥᠰᠡᠨ ᠵᠠᠪᠰᠠᠷ ᠢ᠋ᠶ᠋ᠠᠨ ᠬᠠᠪᠴᠢᠭᠤᠯᠤᠭᠠᠳ᠂
      — ᠡᠪᠦᠭᠡᠨ ᠨᠠᠽᠠᠷ—  ᠺᠢᠶᠠᠷᠢᠽᠧᠺ ᠠᠮᠤᠷ ᠪᠠᠢᠨ᠎ᠠ ᠤᠤ? ᠵᠢᠪᠡᠷᠡᠭᠰᠡᠨ ᠰᠡᠯᠡᠮ᠎ᠡ ᠵᠡᠭᠦᠵᠦ ᠬᠠᠮᠢᠭᠠᠰᠢ ᠪᠠᠨ ᠣᠳᠤᠨ᠎ᠠ? ᠭᠡᠬᠦ ᠳ᠋ᠦ᠍᠂
      — ᠺᠢᠫᠴᠡᠺ ᠦ᠋ᠨ ᠲᠠᠯ᠎ᠠ ᠪᠠᠷ ᠰᠦᠷᠡᠬᠡᠢ ᠰᠤᠷᠠᠭ ᠮᠡᠳᠡᠭᠡ ᠰᠣᠨᠣᠰᠳᠠᠨ ᠪᠠᠢᠨ᠎ᠠ ᠭᠡᠪᠡ᠃
      — ᠴᠢ ᠶᠠᠭᠤ ᠳᠤᠭᠤᠯᠪᠠ?
      — ᠡᠵᠡᠨ ᠬᠠᠭᠠᠨ ᠮᠢᠨᠢ ᠪᠢ ᠬᠡᠯᠡᠰᠦᠭᠡᠢ! ᠰᠢᠭᠨᠡᠺ ᠦ᠋ᠨ ᠵᠡᠭᠡᠯᠢ ᠳᠡᠭᠡᠷ᠎ᠡ ᠴᠠᠢ ᠶ᠋ᠢᠨ ᠭᠠᠵᠠᠷ ᠵᠠᠢᠳᠠᠭᠤ ᠰᠠᠭᠤᠵᠤ ᠡᠷᠬᠢᠮ ᠬᠥᠮᠦᠰ ᠦ᠋ᠨ ᠶᠠᠷᠢᠯᠴᠠᠬᠤ ᠶ᠋ᠢ ᠰᠣᠨᠣᠰᠤᠯ᠎ᠠ᠃ ᠦᠨᠡᠲᠦ ᠲᠣᠷᠭᠠᠨ ᠳᠡᠪᠡᠯ ᠲᠡᠢ ᠬᠤᠳᠠᠯᠳᠤᠭᠠᠴᠢᠨ ᠡᠩ ᠦ᠋ᠨ ᠪᠢᠳᠡᠨ ᠦ᠌ ᠮᠡᠳᠡᠬᠦ ᠦᠭᠡᠢ ᠂ ᠲᠠᠭᠠᠪᠤᠷᠢᠯᠠᠰᠢ ᠦᠭᠡᠢ ᠮᠠᠰᠢ ᠣᠯᠠᠨ ᠶᠠᠭᠤᠮ᠎ᠠ ᠮᠡᠳᠡᠬᠦ ᠶᠤᠮ᠃ ᠲᠡᠷᠡ᠂ ᠮᠣᠩᠭᠣᠯ ᠤ᠋ᠨ ᠬᠠᠭᠠᠨ ᠳ᠋ᠤ ᠭᠤᠯᠢᠷ ᠬᠦᠷᠭᠡᠵᠦ ᠲᠡᠳᠡᠨ ᠲᠡᠢ ᠣᠯᠠᠨᠲᠠ ᠶᠠᠷᠢᠯᠴᠠᠳᠠᠭ ᠭᠡᠨ᠎ᠡ᠃ ᠰᠢᠭᠨᠡᠺ ᠲᠦ᠍ ᠶᠢᠷᠲᠢᠨᠴᠦ ᠶ᠋ᠢᠨ ᠶᠡᠬᠡ ᠡᠵᠡᠨ ᠴᠢᠩᠭᠢᠰ ᠬᠠᠭᠠᠨ ᠤ᠋ ᠠᠴᠢ ᠨᠠᠷ ᠬᠠᠮᠤᠭ ᠤ᠋ᠨ ᠴᠤᠬᠠᠭ ᠳᠡᠭᠡᠳᠦᠰ ᠮᠣᠷᠢᠯᠠᠨ ᠢᠷᠡᠭᠰᠡᠨ ᠢ᠋ ᠰᠣᠨᠣᠰᠤᠯ᠎ᠠ᠁ ᠭᠡᠳ ᠨᠠᠽᠠᠷ ᠡᠨᠡ ᠰᠣᠨᠢᠨ ᠮᠡᠳᠡᠭᠡ ᠲᠡᠭᠦᠨ ᠳ᠋ᠦ᠍ ᠶᠠᠮᠠᠷ ᠬᠢᠷᠢ ᠰᠡᠳᠬᠢᠭᠳᠡᠯ ᠲᠥᠷᠥᠭᠦᠯᠵᠦ ᠪᠠᠢᠭ᠎ᠠ ᠶ᠋ᠢ ᠮᠡᠳᠡᠬᠦ ᠰᠠᠨ ᠭᠡᠵᠦ ᠪᠠᠢᠴᠠᠭᠠᠬᠤ ᠳ᠋ᠤ᠌ ᠬᠠᠭᠠᠨ ᠪᠦᠭᠦᠳᠡ ᠶ᠋ᠢ ᠴᠢᠳᠠᠬᠤ᠂ ᠪᠦᠭᠦᠳᠡ ᠶ᠋ᠢ ᠮᠡᠳᠡᠬᠦ ᠬᠥᠮᠦᠨ ᠦ᠌ ᠪᠢᠲᠡᠭᠦᠯᠢᠭ ᠪᠠᠢᠳᠠᠯ ᠲᠠᠢ ᠪᠠᠷ ᠲᠡᠨᠢᠭᠦᠨ ᠵᠣᠭᠰᠣᠵᠠᠢ᠃ ᠳᠠᠭᠠᠯᠳᠤᠨ(ᠳᠠᠭᠠᠯᠲᠠᠨ)  ᠵᠢᠭᠢᠲ ᠨᠠᠷ ᠴᠢᠬᠢ ᠲᠠᠯᠪᠢᠨ ᠠᠯᠬᠤᠮ ᠣᠷᠣᠭᠰᠢ ᠳᠥᠭᠥᠪᠡ᠃
      — ᠡᠨᠡ ᠦᠨᠡᠨ ᠮᠡᠲᠦ ᠪᠠᠢᠨ᠎ᠠ᠃ ᠴᠠᠢ ᠶ᠋ᠢᠨ ᠭᠠᠵᠠᠷ ᠥᠭᠡᠷ᠎ᠡ ᠪᠠᠰᠠ ᠶᠠᠭᠤ ᠶᠠᠷᠢᠯᠴᠠᠪᠠ ? ᠭᠡᠵᠦ ᠪᠠᠶᠠᠨᠳᠧᠷ ᠬᠠᠭᠠᠨ ᠠᠰᠠᠭᠤᠪᠠ᠃
      — ᠮᠥᠨᠥᠬᠡᠨ ᠬᠤᠳᠠᠯᠳᠤᠭᠠᠴᠢᠨ ᠬᠡᠯᠡᠬᠦ ᠨᠢ ᠬᠠᠭᠠᠨ ᠤ᠋ ᠠᠴᠢ ᠨᠠᠷ ᠤ᠋ᠨ ᠬᠣᠢᠨ᠎ᠠ ᠠ᠋ᠴᠠ ᠮᠠᠨ ᠤ᠋ ᠲᠠᠯ᠎ᠠ ᠶ᠋ᠢᠨ ᠠᠷᠪᠠᠨ ᠬᠣᠨᠣᠭ ᠤ᠋ᠨ ᠭᠠᠵᠠᠷ ᠢ᠋ ᠡᠵᠡᠯᠡᠬᠦᠢᠴᠡ ᠲᠡᠢᠮᠦ ᠦᠯᠡᠮᠵᠢ ᠶᠡᠬᠡ ᠮᠣᠩᠭᠣᠯ ᠲᠠᠲ᠋ᠠᠷ ᠤ᠋ᠨ ᠴᠡᠷᠢᠭ ᠬᠤᠷᠳᠤᠯᠠᠨ ᠶᠠᠪᠤᠵᠤ ᠪᠣᠢ ᠭᠡᠨ᠎ᠡ᠃
      — ᠮᠣᠩᠭᠣᠯ ᠤ᠋ᠨ ᠬᠠᠭᠠᠨ ᠤ᠋ ᠠᠴᠢ ᠨᠠᠷ ᠤ᠋ᠨ ᠢᠷᠡᠬᠦ ᠶ᠋ᠢ ᠴᠦ᠍ ᠪᠢ ᠰᠣᠨᠣᠰᠤᠯ᠎ᠠ᠂ ᠬᠠᠷᠢᠨ ᠶᠠᠮᠠᠷ ᠬᠡᠷᠡᠭ ᠢ᠋ᠶ᠋ᠡᠷ ᠶᠠᠪᠤᠭ᠎ᠠ ᠶᠤᠮ ᠤᠤ? ᠮᠠᠨ ᠤ᠋ ᠭᠠᠵᠠᠷ ᠨᠤᠲᠤᠭ ᠢ᠋ ᠡᠵᠡᠯᠡᠭᠰᠡᠨ ᠮᠥᠨ ᠵᠠᠬᠢᠷᠤᠭᠳᠠᠭᠰᠠᠨ ᠠᠷᠠᠳ ᠤ᠋ᠳ ᠴᠤ᠌ ᠬᠥᠳᠡᠯᠵᠦ ᠴᠢᠳᠠᠬᠤ ᠦᠭᠡᠢ᠂ ᠲᠡᠭᠡᠭᠡᠳ ᠲᠡᠳᠡᠨ ᠳ᠋ᠦ᠍ ᠶᠠᠭᠤ ᠬᠡᠷᠡᠭ ᠲᠡᠢ ᠪᠢᠯᠡ ? ᠨᠠᠽᠠᠷ — ᠺᠢᠶᠡᠷᠢᠽᠸᠺ ᠴᠢ ᠡᠨᠡ ᠲᠤᠬᠠᠢ ᠶᠠᠭᠤᠮ᠎ᠠ ᠲᠣᠭᠣᠯᠤᠭ᠎ᠠ ᠦᠭᠡᠢ ᠤᠤ?
       — ᠲᠣᠭᠰᠢᠨ ᠬᠠᠭᠠᠨ ᠴᠢᠩᠭᠢᠰ ᠶᠢᠷᠲᠢᠨᠴᠦ ᠶ᠋ᠢᠨ ᠬᠠᠭᠠᠰ ᠢ᠋ ᠳᠠᠭᠠᠭᠤᠯᠤᠭᠰᠠᠨ᠂ ᠲᠡᠭᠦᠨ ᠦ᠌ ᠠᠴᠢ ᠨᠠᠷ ᠦᠯᠡᠬᠦ ᠬᠠᠭᠠᠰ ᠢ᠋ ᠡᠵᠡᠯᠡᠬᠦ ᠰᠠᠨᠠᠯ ᠲᠠᠢ ᠭᠡᠵᠦ ᠬᠡᠯᠡᠯᠴᠡᠵᠦ ᠪᠠᠢᠨ᠎ᠠ ᠭᠡᠬᠦ ᠳ᠋ᠦ᠍ ᠪᠠᠶᠠᠨᠳ᠋ᠸᠷ ᠲᠣᠯᠣᠭᠠᠢ ᠪᠠᠨ ᠰᠠᠵᠢᠨ᠂
       — ᠡᠨᠡ ᠬᠡᠷᠡᠭ ᠬᠢᠯᠪᠠᠷᠬᠠᠨ ᠭᠡᠵᠢ ᠤᠤ ? ᠶᠢᠷᠲᠢᠨᠴᠦ ᠳᠡᠭᠡᠷ᠎ᠡ ᠣᠯᠠᠨ ᠠᠢᠮᠠᠭ ᠣᠪᠣᠭ ᠣᠷᠣᠰᠢᠳᠠᠭ᠃ ᠴᠢᠩᠭᠢᠰ ᠬᠠᠭᠠᠨ ᠬᠡᠳᠦᠢᠨᠡᠢ ᠦᠭᠡᠢ ᠪᠣᠯᠤᠭᠰᠠᠨ᠂ ᠬᠡᠨ ᠲᠡᠭᠦᠨ ᠢ᠋ ᠣᠷᠣᠯᠠᠨ᠎ᠠ ? ᠬᠡᠨ ᠴᠢᠩᠭᠢᠰ ᠬᠠᠭᠠᠨ ᠲᠠᠢ ᠠᠳᠠᠯᠢ ᠤᠬᠠᠭᠠᠨ ᠲᠠᠢ ᠪᠣᠢ? ᠬᠡᠨ ᠴᠡᠷᠢᠭ ᠢ᠋ ᠤᠳᠤᠷᠢᠳᠬᠤ ᠪᠣᠢ? ᠬᠥᠶᠢ᠂ ᠵᠢᠬᠢᠲ ᠨᠠᠷ ᠠ᠋᠂ ᠮᠣᠷᠢ ᠶ᠋ᠢ ᠮᠢᠨᠢ ᠠᠪᠴᠢᠷᠠᠭᠲᠤᠨ! ᠭᠡᠬᠦ ᠳ᠋ᠦ᠍ ᠨᠠᠽᠠᠷ ᠬᠡᠯᠡᠭᠰᠡᠨ ᠨᠢ᠄
       — ᠳᠤᠷᠠᠰᠬᠠᠯᠲᠤ ᠬᠠᠭᠠᠨ ᠮᠢᠨᠢ ᠰᠣᠨᠣᠰ! ᠡᠪᠦᠭᠡᠨ ᠠᠳᠤᠭᠤᠴᠢ ᠪᠠᠨ ᠦᠵᠡᠭᠲᠦᠨ! ᠲᠠ ᠬᠥᠳᠡᠭᠡ ᠶ᠋ᠢᠨ ᠰᠤᠯᠲᠠᠨ ᠨᠠᠷ ᠤ᠋ᠨ ᠨᠡᠩ ᠬᠦᠴᠦᠷᠬᠡᠭ ᠨᠢ ᠮᠥᠨ᠂ ᠬᠠᠭᠠᠨ ᠮᠢᠨᠦ ᠠᠶᠠᠯᠠᠨ ᠳᠠᠢᠳᠤᠬᠤ ᠳ᠋ᠤ᠌ ᠨᠠᠮᠠᠶ᠋ᠢ ᠪᠤᠤ ᠮᠠᠷᠲᠠᠬᠤ  ᠶ᠋ᠢ ᠭᠤᠶᠤᠶ᠎ᠠ᠃ ᠪᠢ ᠳᠥᠴᠢᠨ ᠵᠢᠯ ᠡᠳᠦᠷ ᠰᠥᠨᠢ ᠦᠭᠡᠢ ᠴᠠᠰᠤ ᠰᠢᠭᠤᠷᠭ᠎ᠠ ᠶ᠋ᠢ ᠢᠯᠭᠠᠯ ᠦᠭᠡᠢ ᠬᠥᠭᠰᠢᠷᠡᠲᠡᠯ᠎ᠡ ᠪᠡᠨ ᠲᠠᠨ ᠳ᠋ᠤ᠌ ᠦᠨᠡᠨᠴᠢ ᠪᠡᠷ ᠵᠢᠳᠬᠦᠯ᠎ᠡ᠃ ᠣᠳᠣ ᠮᠢᠨᠦ ᠣᠷᠣᠨ ᠳ᠋ᠤ᠌ ᠲᠠᠪᠤᠨ ᠬᠡᠦᠬᠡᠳ ᠮᠢᠨᠢ ᠪᠠᠢᠨ᠎ᠠ᠃ ᠲᠠᠪᠤᠭᠤᠯᠠ ᠪᠠᠨ ᠡᠷ᠎ᠡ ᠶ᠋ᠢᠨ ᠰᠠᠢᠨ ᠡᠷᠡᠰ᠂ ᠲᠡᠳᠡ ᠴᠢᠨᠦ ᠠᠳᠤᠭᠤ ᠶ᠋ᠢ ᠠᠷᠠᠴᠢᠯᠠᠨ ᠮᠠᠯᠯᠠᠨ᠎ᠠ᠃ ᠶᠡᠬᠡ ᠺᠢᠫᠴᠠᠺ ᠣᠪᠣᠭᠲᠠᠨ ᠤ᠋ ᠠᠷᠪᠠᠨ ᠬᠣᠶᠠᠷ ᠠᠢᠮᠠᠭ ᠤ᠋ᠨ ᠲᠡᠢᠨ ᠦ᠌ ᠬᠠᠭᠤᠷᠠᠢ ᠭᠠᠵᠠᠷ ᠪᠦᠷ ᠰᠣᠨᠣᠰᠳᠠᠬᠤ ᠡᠨᠡ ᠬᠡᠴᠡᠭᠦᠦ ᠡᠳᠦᠷ ᠬᠦᠷᠲᠡᠯ᠎ᠡ ᠮᠠᠯᠯᠠᠭᠰᠠᠭᠠᠷ ᠢᠷᠡᠭᠰᠡᠨ᠃
      —《ᠣᠢᠪᠠᠰ ᠲᠣᠺᠲ᠋ᠠᠪᠢᠶᠸᠴᠤᠳ᠂ ᠳ᠋ᠶᠤᠢ᠍ᠢ᠍ᠲ᠂ ᠪᠠᠲ᠋ᠢᠷᠢ ᠳ᠋ᠤᠷᠤᠲ᠋ᠠᠶᠸᠸᠴᠤᠳ ᠳ᠋ᠠᠤᠺᠠᠷᠠ ᠵᠸᠢᠰᠠᠢᠴᠤᠴᠤᠳ ᠴᠥᠮ ᠢ᠋ ᠵᠠᠮ ᠳ᠋ᠤ᠌ ᠬᠦᠮᠦᠷᠢᠭᠦᠯᠦᠭᠴᠢᠳ— ᠬᠤᠷᠴᠠ ᠵᠡᠪᠰᠡᠭ ᠢ᠋ᠶ᠋ᠡᠨ ᠪᠠᠷᠢᠨ ᠮᠣᠷᠳᠠᠵᠤ᠂ ᠠᠶᠠᠨ ᠲᠡᠢᠨ ᠳ᠋ᠦ᠍ ᠶᠠᠪᠤᠭᠲᠤᠨ! — ᠭᠡᠬᠦ ᠳ᠋ᠦ᠍  ᠪᠠᠶᠠᠨᠳ᠋ᠸᠷ ᠬᠠᠭᠠᠨ ᠤᠯᠠᠮ ᠶᠡᠬᠡᠮᠰᠦᠭ ᠵᠣᠭᠰᠣᠨ᠂ ᠲᠠᠬᠢᠷ ᠰᠡᠯᠡᠮ᠎ᠡ ᠪᠡᠨ ᠰᠤᠭᠤ ᠲᠡᠳᠡᠨ ᠲᠣᠯᠣᠭᠠᠢ ᠳᠡᠭᠡᠭᠦᠷ ᠢ᠋ᠶ᠋ᠡᠨ ᠡᠷᠭᠢᠭᠦᠯᠵᠦ ᠤᠤᠬᠠᠢ ᠬᠠᠰᠬᠢᠷᠤᠭᠰᠠᠨ ᠡᠪᠦᠭᠡᠨ ᠨᠠᠽᠠᠷ ᠢ᠋ ᠬᠠᠷᠠᠬᠤ ᠳ᠋ᠠᠭᠠᠨ ᠵᠥᠪᠬᠡᠨ ᠵᠡᠭᠦᠨ ᠨᠢᠳᠦ ᠶ᠋ᠢ ᠠᠨᠢᠰᠬᠢᠨ ᠴᠣᠭ ᠲᠠᠢ ᠪᠠᠷ ᠭᠢᠯᠠᠯᠵᠠᠵᠠᠢ᠃
      ᠨᠠᠽᠠᠷ ᠴᠢ ᠢᠳᠡᠷᠬᠡᠭ ᠪᠠᠢᠯᠳᠤᠭᠴᠢ᠂ ᠴᠢᠨᠦ ᠵᠢᠳᠬᠦᠯ ᠢ᠋ ᠮᠠᠷᠲᠠᠭ᠎ᠠ ᠦᠭᠡᠢ᠂ ᠣᠳᠣ ᠴᠢ ᠶᠠᠭᠤ ᠬᠦᠰᠡᠨ᠎ᠡ?
      — ᠮᠢᠨᠦ ᠲᠠᠪᠤᠨ ᠬᠦᠦ ᠲᠠᠨ ᠤ᠋ ᠳᠠᠭᠤᠷᠢᠰᠬᠠᠯᠲᠤ ᠰᠦᠯᠳᠡ ᠲᠤᠭ ᠤ᠋ᠨ ᠳᠣᠣᠷ᠎ᠠ ᠮᠣᠷᠳᠠᠬᠤ ᠳ᠋ᠤ᠌ ᠪᠡᠯᠡᠬᠡᠨ᠂ ᠭᠠᠭᠴᠠᠬᠠᠨ ᠶᠠᠭᠤ ᠪᠠᠷ ᠶᠠᠪᠤᠨ᠎ᠠ? ᠲᠡᠢᠨ ᠳ᠋ᠦ᠍ ᠲᠡᠳᠡ ᠣᠯᠠᠨ ᠮᠣᠷᠢ ᠥᠰᠬᠡᠨ ᠥᠭᠭᠦᠯ᠎ᠡ᠃ ᠬᠠᠷᠢᠨ ᠥᠪᠡᠷᠰᠡᠳ ᠢ᠋ᠶ᠋ᠡᠨ ᠨᠢᠭᠡ ᠴᠦ᠍ ᠮᠣᠷᠢ ᠦᠭᠡᠢ᠂ ᠲᠠᠨ ᠤ᠋ ᠪᠠᠶᠠᠨᠳ᠋ᠸᠷ (ᠥᠭᠯᠢᠭᠡᠴᠢ) ᠬᠠᠭᠠᠨ ᠭᠡᠵᠦ ᠡᠩ ᠦ᠋ᠨ ᠨᠡᠷᠡᠯᠡᠭᠳᠡᠭᠰᠡᠨ ᠪᠢᠰᠢ᠂ ᠮᠢᠨᠦ ᠬᠥᠪᠡᠭᠦᠳ ᠲᠦ᠍ ᠲᠤᠰ ᠲᠤᠰ ᠨᠢᠵᠡᠭᠡᠳ ᠡᠮᠡᠭᠡᠯ ᠲᠡᠢ ᠮᠣᠷᠢ ᠥᠭᠭᠦᠭᠲᠦᠨ! ᠲᠡᠳᠡ ᠲᠠᠨ ᠤ᠋ ᠢᠲᠡᠭᠡᠯᠲᠦ ᠬᠠᠮᠠᠭᠠᠯᠠᠭᠴᠢᠳ ᠤ᠋ᠨ ᠬᠠᠮᠲᠤ ᠲᠡᠢᠨ ᠳ᠋ᠦ᠍ ᠶᠠᠪᠤᠨ᠎ᠠ᠃ ᠲᠠᠨ ᠤ᠋ ᠦᠨᠡᠨᠴᠢ ᠬᠠᠷᠪᠤᠭᠴᠢ ᠪᠣᠯᠤᠨ ᠬᠠᠮᠢᠭᠠᠰᠢ ᠵᠠᠷᠤᠪᠠᠰᠤ ᠲᠡᠰᠢ ᠪᠡᠨ ᠳᠠᠪᠬᠢᠨ ᠣᠳᠴᠤ ᠶᠠᠭᠤ ᠲᠤᠰᠢᠶᠠᠪᠠᠯ ᠲᠡᠷᠡ ᠶᠣᠰᠣᠭᠠᠷ ᠭᠦᠢᠴᠡᠳᠬᠡᠨ᠎ᠡ ᠭᠡᠬᠦ ᠳ᠋ᠦ᠍ ᠪᠡᠶᠡᠨᠳᠧᠷ ᠬᠠᠭᠠᠨ ᠭᠤᠷᠪᠠᠨ ᠬᠤᠷᠤᠭᠤ ᠪᠠᠷ ᠢ᠋ᠶ᠋ᠠᠨ ᠰᠠᠬᠠᠯ ᠤ᠋ᠨ ᠢ᠋ᠶ᠋ᠠᠨ ᠦᠵᠦᠭᠦᠷ ᠲᠦ᠍ ᠬᠦᠷᠭᠡᠵᠦ᠄
      — ᠦᠨᠡᠨᠴᠢ ᠠᠳᠤᠭᠤᠴᠢ ᠨᠡᠽᠡᠷ ᠺᠢᠶᠡᠷᠢᠽᠧᠺ ᠮᠢᠨᠢ ᠠ᠋! ᠪᠢ ᠴᠢᠨᠦ ᠬᠥᠪᠡᠭᠦᠳ ᠲᠦ᠍ ᠮᠣᠷᠢᠳ ᠥᠭᠭᠦᠶ᠎ᠡ᠂ ᠬᠠᠷᠢᠨ ᠡᠮᠡᠭᠡᠯ ᠬᠠᠵᠠᠭᠠᠷ ᠢ᠋ ᠲᠡᠳᠡ ᠥᠪᠡᠷᠰᠡᠳ ᠢ᠋ᠶ᠋ᠡᠨ ᠣᠯᠲᠤᠭᠠᠢ! ᠪᠢ ᠥᠭᠡᠷ᠎ᠡ ᠶᠠᠭᠤ ᠴᠣ ᠥᠭᠬᠦ ᠦᠭᠡᠢ᠃ ᠬᠡᠷᠪᠡ ᠪᠢ ᠳ᠋ᠵᠢᠭᠢᠲ ᠨᠠᠷ ᠲᠠᠭᠠᠨ ᠠᠳᠤᠭᠤ ᠪᠠᠨ ᠲᠠᠷᠬᠠᠭᠠᠨ ᠥᠭᠪᠡᠯ ᠥᠪᠡᠷ ᠢ᠋ᠶ᠋ᠡᠨ ᠤᠷᠠᠩᠬᠠᠢ ᠬᠤᠪᠴᠠᠰᠤ ᠲᠠᠢ ᠭᠤᠢᠯᠢᠨᠴᠢ ᠪᠣᠯᠤᠨ ᠬᠥᠳᠡᠭᠡᠭᠦᠷ ᠲᠡᠨᠦᠬᠦ ᠳ᠋ᠦ᠍ ᠬᠦᠷᠦᠨ᠎ᠡ᠃ ᠴᠢᠨᠦ ᠬᠥᠪᠡᠭᠦᠨ ᠲᠡᠢᠨ ᠡᠴᠡ ᠪᠤᠴᠠᠵᠤ ᠢᠷᠡᠮᠡᠭᠴᠡ ᠠᠪᠤᠭᠰᠠᠨ ᠮᠣᠷᠢᠨ ᠤ᠋ ᠪᠠᠨ ᠣᠷᠣᠨ ᠳ᠋ᠤ᠌ ᠲᠤᠰ ᠲᠤᠰ ᠨᠢᠵᠡᠭᠡᠳ ᠬᠡᠪᠢᠰ ᠢ᠋ᠶ᠋ᠡᠷ ᠪᠦᠲᠡᠭᠡᠭᠰᠡᠨ ᠵᠠᠯᠠᠭᠤ ᠮᠣᠷᠢ ᠨᠠᠳᠠᠳᠤ ᠲᠤᠰᠢᠶᠠᠬᠤ ᠶ᠋ᠢᠨ ᠳᠡᠭᠡᠷ᠎ᠡ ᠴᠢᠨᠦ ᠬᠥᠪᠡᠭᠦᠨ ᠢ᠋ ᠭᠠᠪᠢᠶ᠎ᠠ ᠪᠠᠢᠭᠤᠯᠲᠠᠯ᠎ᠠ ᠲᠡᠳᠡᠨ ᠦ᠌ ᠭᠡᠷᠭᠡᠢ ᠲᠤᠰ ᠪᠦᠷᠢ ᠳ᠋ᠦ᠍ ᠨᠢᠵᠡᠭᠡᠳ ᠬᠢᠯᠢᠩ ᠬᠡᠪᠢᠰ ᠨᠠᠳᠠᠳᠤ ᠨᠡᠬᠡᠵᠦ ᠥᠭᠰᠦᠭᠡᠢ! ᠭᠡᠬᠦ ᠳ᠋ᠦ᠍ ᠨᠡᠽᠡᠷ᠄
      — ᠳᠡᠭᠡᠳᠦ ᠡᠵᠡᠨ ᠮᠢᠨᠢ ᠥᠷᠥᠰᠢᠶᠡᠭᠲᠦᠨ! ᠨᠠᠳᠠᠳᠤ ᠬᠡᠪᠢᠰ ᠨᠡᠬᠡᠬᠦ ᠨᠣᠣᠰᠣ ᠪᠠᠢᠬᠤ ᠦᠭᠡᠢ ᠭᠡᠪᠡ᠃
      — ᠨᠣᠣᠰᠣ ᠶ᠋ᠢ ᠴᠢ ᠮᠠᠨ ᠤ᠋ ᠳᠠᠭᠠᠭᠠᠮᠠᠯ ᠠ᠋ᠴᠠ ᠠᠪᠤᠭᠠᠷᠠᠢ! ᠣᠳᠣ ᠴᠢ ᠵᠥᠪᠰᠢᠶᠡᠷᠡᠪᠡᠯ ᠴᠢᠨᠦ ᠬᠥᠪᠡᠭᠦᠳ ᠨᠢᠵᠡᠭᠡᠳ ᠮᠣᠷᠢ ᠶ᠋ᠢ ᠠᠪᠴᠤ ᠪᠣᠯᠤᠨ᠎ᠠ᠃ ᠪᠢ ᠲᠠᠪᠤᠭᠤᠯᠠ ᠶ᠋ᠢ ᠥᠪᠡᠷ ᠦ᠋ᠨ ᠰᠢᠭᠰᠢᠮᠡᠯ ᠮᠢᠩᠭᠠᠨ ᠳ᠋ᠵᠢᠭᠢᠲ ᠦ᠋ᠨ ᠲᠣᠭᠠᠨ ᠳ᠋ᠤ᠌ ᠣᠷᠣᠭᠤᠯᠰᠤᠭᠠᠢ ᠭᠡᠬᠦ ᠳ᠋ᠦ᠍ ᠨᠠᠽᠠᠷ᠂
      — ᠭᠡᠭᠡᠨ ᠬᠠᠭᠠᠨ ᠮᠢᠨᠢ᠂ ᠬᠠᠢᠷ᠎ᠠ ᠥᠭᠯᠢᠭᠡ ᠶ᠋ᠢᠨ ᠴᠢᠨᠢ ᠲᠥᠯᠥᠭᠡ ᠠᠯᠠᠯᠾ ᠢᠪᠡᠭᠡᠲᠦᠭᠡᠢ ᠭᠡᠵᠦ ᠢᠷᠦᠭᠡᠵᠦ ᠮᠣᠷᠢ ᠤᠨᠤᠭᠰᠠᠨ ᠪᠡᠶᠡᠨᠳᠧᠷ ᠦ᠋ᠨ ᠭᠡᠳᠡᠰᠦᠨ ᠳ᠋ᠦ᠍ ᠭᠠᠷ ᠢ᠋ᠶ᠋ᠠᠨ ᠬᠦᠷᠭᠡᠵᠦ ᠳᠣᠷᠣᠭᠰᠢ ᠪᠥᠬᠥᠢᠨ ᠮᠥᠷᠭᠥᠪᠡ᠃ ᠨᠠᠽᠠᠷ ᠰᠡᠭᠦᠷᠡᠰᠦ ᠠᠯᠲᠠᠨ ᠥᠨᠳᠡᠢᠵᠦ ᠬᠠᠭᠤᠴᠢᠨ ᠰᠡᠯᠡᠮ᠎ᠡ ᠪᠡᠨ ᠬᠤᠢ ᠳ᠋ᠤ᠌ ᠳᠦᠷᠦᠭᠡᠳ᠂ ᠰᠢᠳᠠᠷᠴᠤᠳ ᠢ᠋ᠶ᠋ᠠᠨ ᠳᠠᠭᠠᠭᠤᠯᠤᠨ ᠣᠳᠬᠤ ᠬᠠᠭᠠᠨ ᠤ᠋ ᠬᠣᠢᠨ᠎ᠠ ᠠ᠋ᠴᠠ ᠲᠣᠯᠣᠭᠠᠢ ᠪᠠᠨ ᠰᠠᠵᠢᠨ᠂ ᠬᠥᠮᠥᠰᠬᠡ ᠪᠡᠨ ᠵᠠᠩᠭᠢᠳᠴᠤ ᠬᠠᠷᠠᠪᠠ᠃ ᠨᠠᠽᠠᠷ ᠳᠤᠷᠭᠠᠩ ᠢ᠋ ᠦᠵᠡᠲᠡᠯ᠎ᠡ ᠠᠵᠢᠭᠯᠠᠪᠠ᠃ ᠲᠡᠷᠡ ᠬᠡᠦᠬᠡᠳ ᠡᠪᠦᠳᠦᠭ ᠢ᠋ᠶ᠋ᠡᠨ ᠲᠡᠪᠡᠷᠢᠨ ᠰᠥᠬᠥᠷᠡᠨ ᠰᠠᠭᠤᠭᠠᠳ ᠬᠠᠷ᠎ᠠ ᠨᠢᠳᠦ ᠨᠢ ᠡᠪᠦᠭᠡᠨ ᠦ᠌ ᠴᠢᠷᠠᠢ ᠶ᠋ᠢᠨ ᠪᠠᠢᠳᠠᠯ ᠢ᠋ ᠰᠣᠷᠭᠣᠭ ᠢ᠋ᠶ᠋ᠠᠷ ᠠᠵᠢᠨ᠂ ᠵᠣᠪᠠᠨᠢᠯ ᠪᠣᠢ ᠶ᠋ᠢ ᠮᠡᠳᠡᠮᠡᠭᠴᠡ ᠦᠰᠦᠷᠦᠨ ᠭᠦᠶᠦᠵᠦ ᠢᠷᠡᠯ᠎ᠡ᠃
      — ᠠᠪᠤ ᠲᠠ ᠶᠠᠭᠤᠨ ᠤ᠋ ᠲᠥᠯᠥᠭᠡ ᠵᠣᠪᠠᠨᠢᠨ᠎ᠠ ᠪᠣᠢ? ᠪᠢ ᠴᠥᠮ ᠪᠦᠷᠢᠨ ᠰᠣᠨᠣᠰᠤᠯ᠎ᠠ᠃ ᠣᠳᠣ ᠪᠢᠳᠡᠨᠡᠷ ᠬᠥᠭᠰᠢᠨ ᠭᠡᠭᠦᠦ ᠡᠴᠡ ᠭᠠᠳᠠᠨ᠎ᠠ ᠲᠠᠪᠤᠨ ᠰᠠᠢᠨ ᠮᠣᠷᠢ ᠲᠠᠢ ᠪᠣᠯᠤᠯ᠎ᠠ᠃ ᠬᠠᠷᠠᠮᠴᠢ ᠬᠠᠭᠠᠨ ᠳ᠋ᠤ᠌ ᠪᠤᠴᠠᠭᠠᠵᠤ ᠥᠭᠬᠦ ᠳ᠋ᠦ᠍ ᠲᠦᠪᠡᠭᠲᠡᠢ ᠭᠡᠵᠦ ᠰᠠᠨᠠᠭ᠎ᠠ ᠤᠤ? ᠶᠠᠭᠤ ᠪᠠᠢᠬᠤᠪ᠂ ᠠᠬ᠎ᠠ ᠳᠡᠭᠦᠦ ᠨᠠᠷ ᠲᠡᠢᠨ ᠳ᠋ᠦ᠍ ᠮᠣᠷᠳᠠᠨ ᠥᠪᠡᠷ ᠦ᠋ᠨ ᠰᠦᠷᠦᠭ ᠠᠳᠤᠭᠤ ᠶ᠋ᠢ ᠬᠥᠭᠡᠭᠡᠵᠦ ᠢᠷᠡᠬᠦ ᠪᠠᠢᠯᠭᠦᠢ ᠭᠡᠬᠦ ᠳ᠋ᠦ᠍ ᠨᠠᠽᠠᠷ᠂ ᠲᠡᠷᠡ ᠮᠣᠷᠢᠳ ᠠ᠋ᠴᠠ ᠭᠠᠪᠢᠶᠠᠲᠤ ᠪᠠᠭᠠᠲᠤᠷ ᠪᠤᠶᠤ ᠲᠡᠳᠡᠨ ᠦ᠌ ᠵᠥᠪᠬᠡᠨ ᠴᠢᠰᠤᠲᠤ ᠢᠯᠳᠦ ᠶ᠋ᠢ ᠪᠤᠴᠠᠭᠠᠵᠤ ᠠᠪᠴᠢᠷᠠᠬᠤ ᠶ᠋ᠢ ᠠᠯᠠᠯᠾ ᠠ᠋ᠴᠠ ᠥᠭᠡᠷ᠎ᠡ ᠬᠡᠨ ᠮᠡᠳᠡᠬᠦ ᠪᠢᠯᠡ ᠭᠡᠪᠡ᠃ ᠬᠥᠪᠡᠭᠦᠨ᠂
      — ᠠᠪᠤ ᠠ᠋᠂ ᠮᠣᠷᠢᠳ ᠢ᠋ ᠠᠪᠬᠤ ᠪᠠᠷ ᠳᠠᠷᠤᠢ ᠶᠠᠪᠤᠭᠲᠤᠨ! ᠬᠠᠭᠠᠨ ᠪᠤᠴᠠᠵᠤ ᠪᠣᠯᠵᠣᠰᠢ ᠦᠭᠡᠢ᠂ ᠲᠦᠷᠭᠡᠯᠡ! ᠪᠢ ᠲᠠᠨ ᠤ᠋ ᠬᠣᠢᠨ᠎ᠠ ᠠ᠋ᠴᠠ ᠭᠦᠶᠦᠰᠦᠭᠡᠢ᠂ ᠪᠣᠯᠬᠤ ᠤᠤ? ᠭᠡᠵᠦ ᠳᠣᠷᠭᠠᠩ᠂ ᠡᠴᠢᠭᠡ ᠶ᠋ᠢ ᠲᠦᠰᠢᠨ ᠮᠣᠷᠳᠠᠭᠤᠯᠵᠤ ᠪᠠᠶᠠᠨᠳ᠋ᠸᠷ ᠬᠠᠭᠠᠨ ᠤ᠋ ᠠᠷᠳᠠᠭ ᠲᠣᠭᠰᠢᠨ ᠮᠢᠩᠭᠠᠨ ᠠᠳᠤᠭᠤᠨ ᠤ᠋ ᠪᠡᠯᠴᠢᠭᠰᠡᠨ ᠵᠦᠭ ᠲᠦ᠍ ᠬᠣᠶᠠᠭᠤᠯᠠ ᠪᠠᠨ ᠵᠥᠷᠢᠭ ᠵᠠᠮ ᠢ᠋ᠶ᠋ᠠᠷ ᠶᠠᠪᠤᠵᠤ ᠣᠳᠤᠯ᠎ᠠ᠃

             ᠦᠰᠦᠭ ᠠᠮᠢᠯᠠᠭᠤᠯᠤᠭᠴᠢ᠄ ᠵᠢᠩᠯᠢᠬᠤᠸᠠᠷ᠂ ᠪᠠᠯ᠂ ᠡᠷᠳᠡᠨᠢᠭᠣᠸ᠎ᠠ ᠂ ᠪᠠᠶᠠᠨᠰᠡᠷᠡᠩ
             ᠬᠢᠨᠠᠭᠴᠢ᠄ ᠠᠷᠢᠭᠤᠨ᠂ ᠠᠯᠲᠠᠨᠴᠢᠮᠡᠭ᠂ ᠪᠠᠯ