ᠪᠠᠲᠤ ᠬᠠᠭᠠᠨ 1-09ᠵᠣᠷᠢᠭᠲᠤ ᠨᠠᠽᠠᠷ— ᠺᠢᠶᠠᠷᠢᠽᠸᠺ Бат хаан ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-09ᠵᠣᠷᠢᠭᠲᠤ ᠨᠠᠽᠠᠷ— ᠺᠢᠶᠠᠷᠢᠽᠸᠺ Бат хаан

ᠪᠠᠲᠤ ᠬᠠᠭᠠᠨ 1-09ᠵᠣᠷᠢᠭᠲᠤ ᠨᠠᠽᠠᠷ— ᠺᠢᠶᠠᠷᠢᠽᠸᠺ Бат хаан

ᠠᠩᠭᠢᠯᠠᠯ:ᠲᠤᠭᠤᠵᠢ ᠷᠣᠮᠠᠨ
2025-08-26

407

     ᠡᠪᠦᠭᠡᠨ ᠨᠠᠽᠠᠷ ᠺᠢᠶᠠᠷᠢᠽᠸᠺ ᠰᠢᠬ᠌ᠨᠠᠺ ᠬᠣᠲᠠ ᠶ᠋ᠢᠨ ᠵᠡᠭᠡᠯᠢ ᠡᠴᠡ ᠰᠡᠳᠬᠢᠯ ᠶᠡᠬᠡ ᠯᠡ ᠵᠣᠪᠠᠨᠢᠨ ᠭᠡᠷ ᠲᠡᠭᠡᠨ ᠬᠠᠷᠢᠵᠤ ᠢᠷᠡᠵᠡᠢ᠃
      — ᠡᠨᠡ ᠦᠭᠡ ᠶ᠋ᠢ ᠰᠣᠨᠣᠰᠬᠤ ᠳ᠋ᠤ᠌ ᠪᠡᠶ᠎ᠡ ᠠᠷᠵᠢᠰᠬᠢᠨ᠎ᠠ ᠭᠡᠵᠦ ᠠᠮᠠᠨ ᠳ᠋ᠠᠭᠠᠨ ᠥᠭᠦᠯᠡᠨ ᠪᠠᠶᠠᠨᠳ᠋ᠸᠷ ᠬᠠᠭᠠᠨ ᠳ᠋ᠠᠭᠠᠨ ᠣᠴᠢᠵᠤ ᠦᠨᠡᠨ ᠬᠤᠳᠠᠯ ᠢ᠋ ᠰᠢᠯᠭᠠᠷᠠᠭᠤᠯᠰᠤᠭᠠᠢ ᠭᠡᠳ ᠶᠠᠭᠠᠷᠠᠨ ᠬᠤᠪᠴᠠᠰᠤᠯᠠᠵᠤ ᠪᠠᠰᠠ ᠬᠡᠯᠡᠭᠰᠡᠨ ᠨᠢ᠄
      — ᠺᠢᠽ— ᠲᠦᠬ᠌ᠮᠠᠰ ᠲᠤ᠌ ᠦᠵᠡᠭᠳᠡᠯ ᠦᠭᠡᠢ ᠵᠠᠪᠳᠤᠬᠤ ᠬᠡᠷᠡᠭᠲᠡᠢ᠃ ᠪᠠᠰᠠ ᠯᠠ ᠠᠵᠢᠯ ᠬᠢᠬᠦ ᠦᠭᠡᠢ ᠳᠡᠮᠡᠢ ᠲᠡᠨᠦᠭᠦᠴᠢᠯᠡᠪᠡ ᠭᠡᠵᠦ ᠭᠤᠩᠰᠢᠭᠢᠨᠠᠬᠤ ᠪᠢᠵᠡ᠁ ᠡᠬᠡᠨᠡᠷ ᠬᠥᠮᠦᠨ ᠲᠠᠩᠳᠠ ᠭᠤᠩᠰᠢᠭᠢᠨᠠᠳᠠᠭ᠂ ᠲᠡᠭᠦᠨ  ᠢ᠋ ᠵᠣᠳᠣᠶ᠎ᠠ᠂ ᠭᠡᠷ ᠦ᠋ᠨ ᠡᠵᠡᠨ ᠰᠢᠦ ᠳᠡ ᠭᠡᠳ ᠬᠠᠭᠤᠴᠢᠨ ᠲᠡᠷᠯᠢᠭ ᠠᠪᠴᠤ ᠡᠮᠦᠰᠪᠡ᠃ ᠭᠡᠲᠡᠯ᠎ᠡ ᠲᠡᠷᠡ ᠨᠢ ᠡᠯᠡᠭᠳᠡᠵᠦ ᠰᠡᠮᠡᠷᠡᠭᠰᠡᠨ ᠲᠤᠯᠠ ᠳᠡᠭᠡᠷ᠎ᠡ ᠡᠴᠡ ᠨᠢ ᠤᠷᠲᠤ ᠢᠮᠠᠭᠠᠨ ᠳᠡᠪᠡᠯ ᠡᠮᠦᠰᠦᠭᠡᠳ ᠡᠯᠳᠡᠭᠰᠡᠨ ᠰᠤᠷ ᠪᠦᠰᠡ ᠪᠦᠰᠡᠯᠡᠵᠦ ᠬᠡᠦᠳᠡᠢ ᠳᠣᠲᠣᠷ᠎ᠠ ᠠ᠋ᠴᠠ ᠱᠣᠪᠬᠣ ᠲᠣᠪᠬᠤ ᠲᠠᠢ ᠥᠷᠴᠢᠯᠡᠭᠳᠡᠭᠰᠡᠨ ᠰᠢᠷ᠎ᠠ ᠭᠤᠲᠤᠯ ᠭᠠᠷᠭᠠᠪᠠ᠃ ᠡᠭᠦᠨ  ᠢ᠋ ᠨᠠᠽᠠᠷ ᠤ᠋ᠨ ᠡᠴᠢᠭᠡ ᠲᠡᠢᠨ ᠳ᠋ᠦ᠍ ᠮᠣᠷᠳᠠᠬᠤ ᠳ᠋ᠠᠭᠠᠨ ᠡᠮᠦᠰᠳᠡᠭ ᠪᠢᠯᠡ᠃ ᠴᠢᠬᠢ ᠲᠡᠢ ᠬᠤᠷᠠᠭᠠᠨ ᠮᠠᠯᠠᠭᠠᠢ ᠡᠮᠦᠰᠴᠦ  ᠲᠠᠰᠢᠭᠤᠷ  ᠢ᠋ ᠪᠥᠰᠡᠨ ᠳ᠋ᠡᠭᠡᠨ ᠬᠠᠪᠴᠢᠭᠤᠯᠤᠭᠠᠳ ᠪᠡᠶ᠎ᠡ ᠪᠡᠨ ᠬᠠᠷᠠᠪᠠ᠃
      ᠣᠳᠣ ᠪᠢ ᠳᠣᠭᠰᠢᠨ ᠬᠠᠭᠠᠨ ᠪᠠᠶᠠᠨᠳ᠋ᠸᠷ ᠤ᠋ᠨ ᠡᠮᠦᠨ᠎ᠡ ᠵᠣᠭᠰᠣᠬᠤ ᠪᠣᠯᠤᠨ᠎ᠠ! ᠡᠢᠮᠦ ᠴᠢᠬᠤᠯᠠ ᠬᠡᠷᠡᠭ  ᠢ᠋ ᠬᠣᠢᠰᠢ ᠲᠠᠯᠪᠢᠵᠤ ᠬᠡᠷᠬᠢᠪᠡᠴᠦ ᠦᠯᠦ ᠪᠣᠯᠬᠤ ᠠᠵᠢ ᠭᠡᠪᠡ᠃ ᠨᠠᠽᠠᠷ ( ᠤ᠋ᠨ) ᠣᠳᠬᠣᠨ ᠬᠦᠦ ᠲᠣᠷᠭᠠᠩ ᠪᠤᠰᠤᠳ ᠬᠥᠪᠡᠭᠦᠳ ᠦ᠋ᠨ ᠬᠠᠮᠲᠤ ᠠᠢᠯ ᠤ᠋ᠨ ᠤᠨᠠᠭ᠎ᠠ ᠬᠠᠷᠢᠭᠤᠯᠵᠤ ᠪᠠᠢᠭᠠᠳ ᠬᠡᠭᠡᠷ᠎ᠡ ᠡᠴᠡ ᠭᠦᠶᠦᠨ ᠢᠷᠡᠮᠡᠭᠴᠡ ᠭᠠᠢᠬᠠᠵᠤ ᠠᠮᠠ ᠪᠠᠨ ᠠᠩᠭᠠᠢᠵᠤ᠄《ᠠᠪᠤ ᠶᠠᠭᠤᠨ ᠳ᠋ᠤ᠌ ᠡᠢᠮᠦ ᠬᠠᠯᠠᠭᠤᠨ ᠳ᠋ᠤ᠌ ᠢᠮᠠᠭᠠᠨ ᠳᠡᠪᠡᠯ ᠡᠮᠦᠰᠴᠦ ᠪᠠᠢᠭ᠎ᠠ ᠶᠤᠮ ᠪᠣᠢ? ᠶᠠᠭᠤ ᠪᠣᠯᠪᠠ?》 ᠭᠡᠪᠡ᠃
      ᠲᠡᠷᠡ《ᠨᠠᠳᠠ ᠲᠠᠢ ᠬᠠᠮᠲᠤ ᠶᠠᠪᠤᠭᠲᠤᠨ》 ᠭᠡᠵᠦ ᠭᠤᠶᠤᠬᠤ ᠳ᠋ᠤ᠌ ᠪᠡᠯᠡᠬᠡᠨ ᠪᠠᠢᠭᠰᠠᠨ ᠪᠣᠯᠪᠠᠴᠤ ᠲᠠᠯᠠᠭᠠᠷ ᠪᠣᠯᠬᠤ ᠠ᠋ᠴᠠ ᠡᠮᠢᠶᠡᠨ ᠡᠭᠦᠳᠡᠨ ᠦ᠌ ᠳᠡᠷᠭᠡᠳᠡ ᠨᠠᠭᠠᠯᠳᠤᠨ ᠵᠣᠭᠰᠣᠬᠤ ᠢᠨᠵᠠᠭ᠎ᠠ ᠮᠡᠲᠦ ᠭᠢᠯᠲᠠᠭᠠᠨᠠᠬᠤ ᠨᠢᠳᠦ ᠪᠡᠷ ᠢ᠋ᠶ᠋ᠡᠨ ᠡᠴᠢᠭᠡ ᠶ᠋ᠢᠨ ᠬᠥᠳᠡᠯᠬᠦ ᠪᠦᠷᠢ ᠶ᠋ᠢ ᠠᠵᠢᠭᠯᠠᠨ᠎ᠠ᠃ ᠲᠡᠭᠦᠨ ᠦ᠌ ᠳᠡᠷᠭᠡᠳᠡ ᠮᠣᠩᠭᠣᠯᠴᠤᠳ ᠲᠦᠷᠢᠵᠦ ᠣᠷᠣᠬᠤ ᠴᠠᠭ ᠲᠸ᠋ ᠨᠠᠽᠠᠷ ᠣᠯᠵᠤ ᠠᠪᠤᠭᠠᠳ ᠲᠥᠷᠥᠭᠰᠡᠨ ᠥᠬᠢᠨ ᠲᠡᠢ ᠥᠭᠡᠷ᠎ᠡ ᠴᠥ᠍ ᠦᠭᠡᠢ ᠥᠰᠬᠡᠵᠦ ᠬᠥᠮᠦᠵᠢᠭᠦᠯᠦᠨ (ᠬᠥᠮᠦᠵᠢᠭᠦᠯᠦᠭᠰᠡᠨ) ᠥᠨᠥᠴᠢᠨ ᠬᠡᠦᠬᠡᠨ ᠶᠦᠯᠳ᠋ᠦᠢ᠍ᠽ ᠂ᠳᠤᠷᠭᠠᠩ ᠤ᠋ᠨ ᠬᠠᠵᠠᠭᠤ ᠳ᠋ᠤ᠌ ᠶᠠᠪᠠᠭᠠᠨ ᠰᠠᠭᠤᠵᠤ ᠲᠡᠭᠦᠨ ᠢ᠋ ᠲᠣᠬᠣᠢ ᠪᠠᠷ ᠢ᠋ᠶ᠋ᠠᠨ ᠲᠦᠯᠬᠢᠨ ᠨᠠᠽᠠᠷ ᠤ᠋ᠨ ᠵᠦᠭ ᠨᠢᠳᠦ ᠪᠡᠨ ᠢᠷᠮᠡᠵᠦ ᠪᠠᠢᠯ᠎ᠠ᠃ ᠭᠡᠭᠦᠦ ᠪᠠᠷᠢᠵᠤ ᠠᠪᠴᠢᠷᠠᠭᠲᠤᠨ ᠭᠡᠵᠦ ᠡᠴᠢᠭᠡ ᠨᠢ ᠴᠢᠩᠳᠠ ᠲᠤᠰᠢᠶᠠᠬᠤ ᠳ᠋ᠤ᠌᠂ ᠲᠤᠷᠭᠠᠩ《ᠪᠢ ᠲᠠᠭᠠᠪᠤᠷᠢᠯᠠᠪᠠ》 ᠭᠡᠵᠦ ᠳᠣᠲᠣᠷ᠎ᠠ ᠪᠠᠨ ᠪᠡᠶᠡᠰᠦᠨ ᠰᠡᠳᠬᠢᠵᠦ ᠬᠥᠭᠰᠢᠨ ᠭᠡᠭᠦᠦ ᠪᠡᠯᠴᠢᠭᠰᠡᠨ ᠵᠢᠯᠠᠭ᠎ᠠ ᠤᠷᠤᠭᠤ ᠬᠠᠷᠠᠢᠯᠭᠠᠨ ᠭᠦᠶᠦᠵᠦ᠂ ᠶᠠᠰᠤᠨ ᠨᠢᠷᠤᠭᠤᠨ ᠳᠡᠭᠡᠷ᠎ᠡ ᠨᠢ ᠵᠠᠢᠳᠠᠩᠨᠠᠭᠰᠠᠭᠠᠷ ᠡᠷᠭᠢᠵᠦ ᠢᠷᠡᠯ᠎ᠡ᠃ ᠨᠠᠽᠠᠷ᠂ ᠭᠡᠭᠦᠦ ᠶ᠋ᠢ ᠢᠰᠡᠭᠡᠢ ᠶ᠋ᠢᠨ ᠥᠭᠡᠳᠡᠰᠦ ᠪᠡᠷ ᠠᠷᠴᠢᠵᠤ ᠲᠤᠷᠠᠩᠬᠠᠢ ᠨᠢᠷᠤᠭᠤᠨ ᠳᠡᠭᠡᠷ᠎ᠡ ᠨᠢ ᠬᠠᠭᠤᠴᠢᠨ ᠭᠥᠯᠢᠮ ᠲᠡᠢ ᠣᠯᠣᠰᠣ ᠪᠠᠷ ᠬᠦᠯᠢᠭᠰᠡᠨ ᠶᠠᠩᠭᠢᠶ᠎ᠠ ᠲᠣᠬᠣᠵᠤ᠂ ᠳᠠᠪᠬᠤᠷᠯᠠᠨ ᠨᠤᠭᠤᠯᠤᠭᠰᠠᠨ ᠢᠰᠡᠭᠡᠢ ᠪᠡᠷ ᠪᠦᠷᠬᠦᠭᠡᠪᠡ᠃ ᠴᠠᠳᠬᠤᠯᠠᠩ ᠭᠡᠳᠡᠰᠦ ᠶ᠋ᠢ ᠨᠢ ᠵᠢᠷᠢᠮ ᠢ᠋ᠶ᠋ᠡᠷ ᠴᠢᠩᠭ᠎ᠠ ᠲᠠᠲᠠᠬᠤ ᠳ᠋ᠤ᠌ ᠭᠡᠭᠦᠦ ᠬᠣᠢᠲᠤ ᠬᠥᠯ ᠢ᠋ᠶ᠋ᠡᠨ ᠡᠷᠭᠦᠨ ᠡᠵᠡᠨ ᠢ᠋ᠶ᠋ᠡᠨ ᠬᠠᠵᠠᠬᠤ ᠭᠡᠵᠦ ᠭᠢᠯᠦᠯᠵᠡᠨ ᠪᠠᠢᠪᠠ᠃
      ᠨᠠᠽᠠᠷ ᠤ᠋ᠨ ᠭᠡᠷᠭᠡᠢ ᠺᠢᠽ — ᠲᠦᠭᠮᠡᠰ ᠲᠤᠷᠠᠵᠤ ᠬᠠᠴᠠᠷ ᠨᠢ ᠬᠣᠩᠬᠣᠢᠭᠠᠳ ᠣᠷᠣᠰ ᠲᠣᠭᠣᠭᠠᠨ ᠤ᠋ ᠳᠡᠷᠭᠡᠳᠡ ᠡᠷᠭᠢᠯᠳᠦᠨ᠂ ᠡᠷ᠎ᠡ ᠶ᠋ᠢᠨ ᠵᠦᠭ ᠬᠠᠶᠠ ᠬᠠᠷᠠᠵᠤ ᠬᠠᠮᠢᠭᠠᠰᠢ ᠣᠴᠢᠬᠤ ᠶ᠋ᠢ ᠬᠠᠷᠠᠬᠠᠨ ᠵᠢᠷᠦᠬᠡᠯᠡᠵᠦ ᠠᠰᠠᠭᠤᠬᠤ ᠦᠭᠡᠢ ᠪᠠᠢᠪᠠ᠃《ᠡᠪᠦᠭᠡᠨ ᠭᠠᠢᠬᠠᠯᠲᠠᠢ ᠶᠠᠭᠤᠮ᠎ᠠ ᠪᠣᠳᠣᠵᠠᠢ》ᠭᠡᠵᠦ ᠰᠡᠳᠬᠢᠪᠡᠴᠦ ᠬᠣᠷᠢᠭᠯᠠᠬᠤ ᠠ᠋ᠴᠠ ᠡᠮᠢᠶᠡᠵᠦ ᠬᠡᠳᠦᠨ ᠠᠳᠬᠤ ᠭᠤᠯᠢᠷ ᠢ᠋ ᠲᠦᠷᠭᠡᠨ ᠢ᠋ᠶ᠋ᠡᠷ ᠵᠢᠭᠤᠷᠠᠵᠤ ᠪᠣᠭᠣᠷᠰᠣᠭ ᠵᠢᠩᠨᠡᠪᠡ᠃
      ᠡᠪᠦᠭᠡᠨ ᠭᠡᠷ ᠡᠴᠡ ᠭᠠᠷᠬᠤ ᠳ᠋ᠤ᠌ ᠶᠦᠯᠳ᠋ᠦᠢ᠍ᠽ ᠳᠤᠷᠭᠠᠩ ᠠ᠋ᠴᠠ ( ᠳ᠋ᠤ᠌) ᠰᠢᠪᠡᠨᠡᠨ᠂
      — ᠠᠪᠤ ᠮᠢᠨᠢ ᠬᠠᠮᠢᠭᠠᠰᠢ ᠣᠳᠤᠨ᠎ᠠ? ᠭᠡᠬᠦ ᠳ᠋ᠦ᠍ ᠬᠦᠦ᠄
      — ᠬᠠᠮᠢᠭᠠᠰᠢ ᠪᠡᠨ ᠪᠠᠢᠬᠤᠪ᠂ ᠲᠡᠢᠨ ᠳ᠋ᠦ᠍ ᠮᠣᠷᠳᠠᠨ᠎ᠠ ᠭᠡᠵᠦ ᠪᠠᠲᠤᠲᠠᠢ ᠬᠠᠷᠢᠭᠤᠯᠬᠤ ᠳ᠋ᠤ᠌ ᠡᠬᠡ ᠨᠢ ᠰᠣᠴᠢᠨ᠂
      — ᠴᠢ ᠶᠠᠭᠤ ᠭᠡᠨ᠎ᠡ? ᠶᠠᠮᠠᠷ ᠲᠡᠢᠨ ᠳ᠋ᠦ᠍?
      — ᠮᠠᠨ ᠤ᠋ ᠬᠢᠨ ᠦ᠌ ᠬᠥᠪᠡᠭᠦᠳ ᠤᠳᠠᠯ ᠦᠭᠡᠢ ᠲᠡᠢᠨ ᠪᠣᠯᠤᠨ᠎ᠠ ᠭᠡᠵᠦ ᠶᠠᠷᠢᠯᠴᠠᠨ᠎ᠠ᠂ ᠠᠪᠤ ᠶ᠋ᠢᠨ ᠶᠠᠭᠤ ᠭᠡᠬᠦ ᠶ᠋ᠢ ᠰᠠᠢᠲᠤᠷ ᠬᠠᠷᠠᠵᠠᠭ᠎ᠠ! ᠭᠡᠪᠡ᠃
      ᠨᠠᠽᠠᠷ ᠭᠡᠷ ᠲᠦ᠍ ᠪᠤᠴᠠᠵᠤ ᠣᠷᠣᠭᠠᠳ ᠬᠠᠨ᠎ᠠ ᠳ᠋ᠠᠬᠢ ᠰᠤᠷ ᠤ᠋ᠨ ᠣᠭᠣᠰᠣᠷ ᠲᠠᠢ᠂ ᠬᠠᠭᠤᠴᠢᠨ ᠪᠤᠯᠢᠭᠠᠷᠢ ᠶ᠋ᠢᠨ ᠬᠤᠢ ᠲᠠᠢ ᠲᠠᠬᠢᠷ ᠰᠡᠯᠡᠮ᠎ᠡ ᠠᠪᠴᠤ ᠳᠡᠪᠡᠯ ᠦ᠋ᠨ ᠭᠠᠳᠠᠭᠤᠷ ᠰᠦᠷᠲᠡᠢ ᠪᠡᠷ ᠵᠡᠭᠦᠨ᠂ ᠰᠤᠷ ᠤ᠋ᠨ ᠦᠵᠦᠭᠦᠷ ᠢ᠋ ᠵᠠᠩᠭᠢᠯᠠᠬᠤ ᠳ᠋ᠤ᠌ ᠭᠡᠷᠭᠡᠢ ᠬᠡᠦᠬᠡᠳ ᠠᠮᠠ ᠪᠠᠨ ᠠᠩᠭᠠᠢᠨ ᠬᠥᠳᠡᠯᠭᠡᠭᠡᠨ ᠪᠦᠷᠢ ᠶ᠋ᠢ ᠨᠢ ᠠᠵᠢᠭᠯᠠᠵᠠᠢ᠃ ᠨᠠᠽᠠᠷ— ᠺᠢᠶᠡᠷᠢᠽᠧᠺ ᠵᠣᠷᠢᠭᠲᠠᠢ ᠣᠮᠣᠭᠲᠠᠢ ᠪᠠᠢᠳᠠᠯ ᠦᠵᠡᠭᠦᠯᠬᠦ ᠶ᠋ᠢ ᠪᠣᠳᠣᠨ᠂ ᠬᠠᠲᠠᠭᠤ ᠭᠤᠲᠤᠯ ᠢ᠋ᠶ᠋ᠠᠷ ᠢ᠋ᠶ᠋ᠠᠨ ᠳᠠᠪ ᠲᠣᠪ ᠭᠢᠰᠬᠢᠯᠡᠵᠦ ᠭᠡᠷ ᠡᠴᠡ ᠭᠠᠷᠤᠭᠠᠳ ᠵᠢᠯᠣᠭᠣ ᠶ᠋ᠢ ᠭᠡᠭᠦᠦ ᠶ᠋ᠢᠨ ᠬᠦᠵᠦᠭᠦᠨ ᠳᠡᠭᠡᠭᠦᠷ ᠳᠠᠪᠠᠭᠤᠯᠵᠤ ᠮᠣᠷᠳᠠᠭᠠᠳ ᠭᠡᠷ ᠦ᠋ᠨ ᠡᠭᠦᠳᠡᠨ ᠦ᠌ ᠵᠦᠭ ᠭᠢᠯᠦᠢᠵᠦ ᠬᠠᠷᠠᠪᠠ᠃ ᠭᠡᠷᠭᠡᠢ ᠨᠢ ᠠᠭᠤᠷ ᠰᠠᠪᠰᠠᠭᠰᠠᠨ ᠬᠠᠯᠠᠭᠤᠨ ᠪᠣᠭᠣᠷᠰᠣᠭ ᠢ᠋ ᠶᠠᠭᠠᠨ ᠳᠠᠪᠤᠤ ᠳ᠋ᠤ᠌ ᠪᠣᠭᠣᠭᠰᠠᠨ ᠢ᠋ ᠶᠦᠯᠳᠥ᠋ᠽ ᠪᠠᠷᠢᠨ ᠭᠦᠶᠦᠵᠦ ᠢᠷᠡᠵᠦ ᠨᠠᠽᠠᠷ᠎ᠲᠤ ᠥᠭᠬᠦ ᠳ᠋ᠡᠭᠡᠨ ᠨᠠᠷᠠᠨ ᠤ᠋ ᠬᠤᠷᠴᠠ ᠭᠡᠷᠡᠯ ᠢ᠋ ᠰᠠᠷᠠᠪᠴᠢᠯᠠᠨ ᠬᠠᠯᠬᠠᠯᠠᠵᠤ ᠲᠡᠭᠦᠨ ᠦ᠌ ᠦᠷᠴᠢᠭᠢᠷ ᠠᠲᠤᠷᠢᠶ᠎ᠠ ᠲᠠᠢ ᠨᠢᠭᠤᠷ ᠤᠷᠤᠭᠤ ᠬᠠᠷᠠᠵᠤ ᠶᠠᠭᠤ ᠬᠡᠯᠡᠬᠦ ᠶ᠋ᠢ ᠨᠢ ᠬᠦᠯᠢᠶᠡᠪᠡ᠃
      ᠨᠠᠽᠠᠷ ᠭᠡᠷ ᠦ᠋ᠨ ᠬᠥᠮᠦᠰ ᠢ᠋ ᠶᠠᠮᠠᠷ ᠪᠣᠳᠣᠯ ᠵᠣᠪᠠᠨᠢᠭᠤᠯᠵᠤ ᠪᠠᠢᠭ᠎ᠠ ᠶ᠋ᠢ ᠮᠡᠳᠡᠪᠡᠴᠦ ᠴᠢᠬᠤᠯᠠ ᠬᠡᠷᠡᠭ ᠢ᠋ ᠰᠢᠢᠳᠪᠦᠷᠢᠯᠡᠬᠦ ᠳ᠋ᠡᠭᠡᠨ ᠡᠬᠡᠨᠡᠷ ᠬᠡᠦᠬᠡᠳ ᠲᠦ᠍ ᠪᠣᠳᠣᠯᠭ᠎ᠠ ᠪᠠᠨ ᠢᠯᠡᠷᠡᠭᠦᠯᠵᠦ ᠪᠣᠯᠬᠤ ᠤᠤ ? ᠭᠡᠵᠦ ᠰᠡᠳᠬᠢᠵᠡᠢ᠃ ᠶᠠᠭᠠᠨ ᠪᠣᠭᠣᠳᠠᠯᠲᠠᠢ ᠶᠠᠭᠤᠮ᠎ᠠ ᠶ᠋ᠢ ᠪᠠᠶᠠᠷᠲᠠᠢ ᠪᠠᠷ ᠡᠪᠦᠷᠯᠡᠭᠡᠳ ᠶᠡᠬᠡᠮᠰᠦᠭ ᠢ᠋ᠶ᠋ᠡᠷ᠂
   — ᠪᠢ ᠪᠠᠶᠠᠨᠳᠧᠷ ᠬᠠᠭᠠᠨ ᠤ᠋ ᠳ᠋ᠤ᠌ ᠣᠴᠢᠨ᠎ᠠ ᠭᠡᠪᠡ᠃ ᠭᠡᠭᠦᠦ ᠶ᠋ᠢᠨ ᠶᠠᠰᠤᠷᠬᠠᠭ ᠬᠠᠪᠢᠷᠭ᠎ᠠ ᠤᠷᠤᠭᠤ ᠭᠤᠲᠤᠯ ᠤ᠋ᠨ ᠥᠰᠥᠭᠡᠢ ᠪᠡᠷ ᠳᠠᠪᠢᠷᠠᠬᠤ ᠳ᠋ᠤ᠌ ᠭᠡᠭᠦᠦ ᠨᠢ ᠲᠠᠯ᠎ᠠ ᠤᠷᠤᠭᠤ ᠣᠳᠤᠭᠰᠠᠨ ᠴᠤᠪᠤᠴᠠ ᠪᠠᠷ ᠠᠯᠭᠤᠷᠬᠠᠨ ᠬᠡᠯᠲᠦᠷᠢᠪᠡ᠃ ᠲᠤᠷᠭᠠᠩ ᠂ᠡᠬᠡ ᠶ᠋ᠢᠨ ᠳᠡᠷᠭᠡᠳᠡ ᠭᠦᠶᠦᠵᠦ ᠢᠷᠡᠭᠡᠳ ᠡᠴᠢᠭᠡ ᠰᠣᠨᠣᠰᠤᠭᠤᠵᠠᠢ ᠭᠡᠵᠦ ᠰᠢᠪᠡᠨᠡᠵᠦ᠂
   — ᠪᠢ ᠠᠪᠤ ᠶ᠋ᠢᠨ ᠬᠣᠢᠨ᠎ᠠ ᠠ᠋ᠴᠠ ᠪᠠᠶᠠᠨᠳᠧᠷ ᠬᠠᠭᠠᠨ ᠤ᠋ ᠳ᠋ᠤ᠌ ᠣᠴᠢᠰᠤᠭᠠᠢ᠃ ᠬᠣᠯᠠ ᠭᠡᠵᠢ ᠤᠤ? ᠪᠢ ᠭᠦᠶᠦᠨ ᠲᠦᠷᠦᠭᠦᠯᠡᠵᠦ ᠬᠦᠷᠦᠭᠡᠳ ᠪᠤᠰᠢᠭᠤᠬᠠᠨ ᠪᠤᠴᠠᠵᠤ ᠢᠷᠡᠶ᠎ᠡ ᠭᠡᠬᠦ ᠳ᠋ᠦ᠍᠂
      ᠠᠪᠤ ᠪᠠᠨ ᠰᠠᠢᠨ ᠬᠠᠷᠠᠭᠠᠷᠠᠢ ᠭᠡᠵᠦ ᠡᠬᠡ ᠨᠢ ᠬᠡᠯᠡᠭᠡᠳ ᠡᠷᠭᠢᠵᠦ ᠭᠡᠷ ᠲᠦ᠍ ᠣᠷᠣᠪᠠ᠃ ᠤᠨᠲᠠᠷᠠᠭᠰᠠᠨ ᠭᠠᠯ ᠤᠷᠤᠭᠤ ᠪᠥᠭᠡᠮ ᠬᠠᠭᠤᠷᠠᠢ ᠬᠠᠷᠭᠠᠨ᠎ᠠ ᠬᠢᠵᠦ ᠦᠯᠢᠶᠡᠪᠡ᠃
   —ᠪᠠᠰᠠ ᠶᠠᠭᠤ ᠭᠡᠵᠦ ᠪᠣᠳᠣᠭ᠎ᠠ ᠪᠣᠯ! ᠬᠥᠭᠰᠢᠨ ᠲᠡᠭᠦᠨ ᠳ᠋ᠦ᠍ ᠲᠡᠢᠨ ᠳ᠋ᠦ᠍ ᠮᠣᠷᠳᠠᠬᠤ ᠶᠠᠮᠠᠷ ᠬᠡᠷᠡᠭ ᠪᠠᠢᠨ᠎ᠠ?ᠲᠦᠷᠦᠭᠦᠴᠢ ᠶ᠋ᠢᠨ ᠭᠣᠣ ᠳ᠋ᠤ᠌ ᠤᠨᠠᠭᠠᠳ ᠭᠠᠷᠴᠤ ᠴᠢᠳᠠᠬᠤ ᠦᠭᠡᠢ᠂ ᠲᠡᠭᠡᠬᠦ ᠳ᠋ᠦ᠍ ᠪᠡᠯᠪᠡᠰᠦᠨ ᠨᠠᠮᠠᠶ᠋ᠢ ᠬᠡᠨ ᠡᠨᠡᠷᠢᠬᠦ ᠠᠵᠢ᠃ ᠲᠣᠷᠭᠠᠩ ᠶᠠᠭᠤᠨ ᠳ᠋ᠤ᠌ ᠤᠳᠠᠵᠤ ᠪᠠᠢᠨ᠎ᠠ? ᠡᠴᠢᠭᠡ ᠶ᠋ᠢᠨ ᠬᠣᠢᠨ᠎ᠠ ᠠ᠋ᠴᠠ ᠨᠡᠬᠡᠵᠦ ᠮᠡᠳᠡᠭᠳᠡᠯ ᠦᠭᠡᠢ ᠪᠡᠷ ᠬᠣᠯᠠ ᠠ᠋ᠴᠠ ᠠᠵᠢᠭᠯᠠ᠂ ᠡᠰᠡ ᠲᠡᠭᠡᠪᠡᠯ ᠠᠭᠤᠷᠯᠠᠵᠤ ᠵᠣᠳᠣᠬᠤ ᠮᠠᠭᠠᠳ ᠦᠭᠡᠢ ᠭᠡᠪᠡ᠃
       ᠲᠣᠷᠭᠠᠩ ᠥᠮᠤᠳᠥᠨ ᠦ᠌ ᠳᠠᠯᠠᠢ ᠪᠠᠨ ᠴᠢᠩᠭᠠᠯᠠᠭᠠᠳ ᠡᠴᠢᠭᠡ ᠶ᠋ᠢᠨ ᠮᠣᠷᠳᠠᠭᠰᠠᠨ ᠵᠦᠭ ᠲᠦ᠍ ᠭᠦᠶᠦᠪᠡ᠃

        ᠦᠰᠦᠭ ᠠᠮᠢᠯᠠᠭᠤᠯᠤᠭᠴᠢ᠄ ᠠᠷᠢᠭᠤᠨ᠂ ᠪᠠᠶᠠᠨᠴᠡᠴᠡᠭ᠂ ᠳ ᠂ ᠤᠶᠤᠨᠪᠢᠯᠢᠭ᠌
        ᠬᠢᠨᠠᠭᠴᠢ᠄ ᠪᠠᠶᠠᠨᠴᠡᠴᠡᠭ᠂ ᠠᠷᠢᠭᠤᠨ᠂ ᠠᠯᠲᠠᠨᠴᠢᠮᠡᠭ᠂ ᠪᠠᠯ