ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠳᠣᠯᠣᠭ᠎ᠠ〕 Цаг төрийн үймээн – Д ᠂ Намдаг - Амьдралын зам ᠂ нэгдүгээр бүлэг - 17 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠳᠣᠯᠣᠭ᠎ᠠ〕 Цаг төрийн үймээн – Д ᠂ Намдаг - Амьдралын зам ᠂ нэгдүгээр бүлэг - 17

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠳᠣᠯᠣᠭ᠎ᠠ〕 Цаг төрийн үймээн – Д ᠂ Намдаг - Амьдралын зам ᠂ нэгдүгээр бүлэг - 17

ᠠᠩᠭᠢᠯᠠᠯ:ᠲᠤᠭᠤᠵᠢ ᠷᠣᠮᠠᠨ
2025-08-22

151

ᠠᠶᠤᠮᠰᠢᠭ᠍ᠲᠦ ᠳᠠᠢᠨ


       ᠶᠡᠬᠡ ᠴᠡᠷᠢᠭ ᠪᠠᠭᠤᠳᠠᠯᠯᠠᠭᠰᠠᠨ ᠭᠠᠵᠠᠷ ᠤ᠋ᠨ ᠤᠷᠢᠳᠤᠬᠢ ᠬᠥᠲᠥᠯ ᠦ᠋ᠨ ᠡᠮᠦᠨ᠎ᠡ ᠬᠦᠷᠦᠯᠴᠡᠨ ᠢᠷᠡᠬᠦ ᠳ᠋ᠦ᠍᠂ ᠥᠨᠥᠬᠢ ᠯᠦᠩ᠂ ᠲᠦᠩ ᠭᠡᠰᠡᠨ ᠬᠦᠴᠦᠷᠬᠡᠭ ᠳᠠᠭᠤᠨ ᠣᠢᠷᠠᠬᠠᠨ ᠪᠥᠭᠡᠳ ᠣᠯᠠᠨ ᠣᠯᠠᠨ ᠢ᠋ᠶ᠋ᠠᠷ ᠰᠣᠨᠣᠰᠳᠠᠨ᠎ᠠ᠃ ᠭᠠᠮᠢᠩ ᠤ᠋ᠳ ᠲᠡᠭᠦᠨ ᠢ᠋ ᠪᠠᠢᠨ ᠪᠠᠢᠨ ᠴᠢᠬᠢ ᠲᠠᠯᠪᠢᠨ ᠰᠣᠨᠣᠰᠴᠤ《ᠬᠠᠢ ᠶᠠ》 ᠭᠡᠮᠡᠨ ᠠᠶᠤᠨ ᠡᠮᠢᠶᠡᠭᠰᠡᠨ ᠴᠢᠷᠠᠢ ᠭᠠᠷᠭᠠᠬᠤ ᠳ᠋ᠤ᠌᠂ ᠵᠢᠩᠴᠢᠳ ᠦᠬᠡᠷ ᠫᠤᠤ ᠶ᠋ᠢᠨ ᠳᠠᠭᠤ ᠪᠣᠯᠬᠤ ᠶ᠋ᠢ ᠨᠢ ᠲᠠᠭᠠᠪᠤᠷᠢᠯᠠᠨ ᠮᠡᠳᠡᠯ᠎ᠡ᠃ ᠭᠡᠪᠡᠴᠦ ᠲᠡᠳᠡ《ᠦᠬᠡᠷ ᠫᠤᠤ ᠶ᠋ᠢ ᠢᠩᠭᠢᠵᠦ ᠦᠷᠭᠦᠯᠵᠢᠯᠡᠭᠦᠯᠦᠨ ᠫᠤᠤᠳᠠᠬᠤ ᠭᠡᠵᠢ ᠤᠤ? ᠠᠷᠠᠢ ᠴᠦ᠍ ᠦᠭᠡᠢ ᠪᠠᠢᠯᠭᠦᠢ ᠳᠡ᠃ ᠬᠡᠷᠪᠡ ᠢᠩᠭᠢᠵᠦ ᠫᠤᠤᠳᠠᠪᠠᠯ ᠳᠠᠷᠢ ᠲᠤᠭᠤᠯᠭ᠎ᠠ ᠬᠣᠶᠠᠷ ᠶᠠᠭᠠᠬᠢᠵᠤ ᠲᠡᠰᠬᠦ ᠪᠢᠯᠡ》 ᠭᠡᠵᠦ ᠬᠣᠭᠣᠷᠣᠨᠳᠣ ᠪᠠᠨ ᠬᠡᠯᠡᠯᠴᠡᠪᠡ᠃
       ᠬᠥᠪᠡᠭᠡᠨ ᠳᠡᠭᠡᠷ᠎ᠡ ᠭᠠᠷᠴᠤ ᠢᠷᠡᠬᠦ ᠳ᠋ᠦ᠍ ᠶᠣᠰᠣᠲᠠᠢ ᠪᠥᠭᠡᠮ ᠪᠤᠵᠢᠭᠢᠨᠠᠭᠠᠨ᠂ ᠨᠠᠭᠠᠰᠢ ᠴᠠᠭᠠᠰᠢ ᠶᠠᠭᠠᠷᠠᠨ᠂ ᠲᠣᠭᠣᠷᠢᠨ ᠭᠦᠶᠦᠬᠦ ᠦᠭᠡᠢ ᠠᠮᠢᠲᠠᠨ ᠨᠢᠭᠡ ᠴᠦ᠍ ᠠᠯᠠᠭ᠎ᠠ᠃ ᠮᠠᠢᠬᠠᠨ ᠨᠤᠭᠤᠳ ᠤ᠋ᠨ ᠵᠠᠷᠢᠮ ᠳ᠋ᠤᠨᠢ ᠭᠠᠯ ᠠᠪᠤᠯᠴᠠᠨ ᠤᠨᠠᠵᠤ ᠪᠠᠢᠭ᠎ᠠ ᠦᠵᠡᠭᠳᠡᠨ᠎ᠡ᠃ ᠲᠡᠷᠲᠡᠭᠡ ᠵᠡᠭᠦᠨ ᠳᠣᠣᠷ᠎ᠠ ᠪᠠᠢᠭ᠎ᠠ ᠲᠠᠷᠢᠶᠠᠴᠢᠨ ᠠᠢᠯ ᠤ᠋ᠳ ᠤ᠋ᠨ ᠣᠷᠣᠨ ᠪᠠᠢᠰᠢᠩ ᠤ᠋ᠳ ᠪᠠᠭᠠᠭᠢᠭᠰᠠᠨ ᠬᠠᠷ᠎ᠠ ᠤᠲᠤᠭᠠᠨ ᠤ᠋ ᠳᠣᠣᠷ᠎ᠠ ᠰᠢᠲᠠᠵᠤ ᠪᠠᠢᠨ᠎ᠠ᠃ ᠭᠠᠵᠠᠷ ᠤ᠋ᠨ ᠨᠠᠮ ᠳ᠋ᠤ᠌ ᠪᠠᠭᠤᠭᠠᠳ ᠪᠠᠬᠠᠨ ᠭᠠᠮᠢᠩ ᠤ᠋ᠳ ᠤ᠋ᠨ ᠵᠣᠭᠰᠣᠭᠰᠠᠨ ᠤ᠋ ᠬᠠᠵᠠᠭᠤ ᠪᠠᠷ ᠥᠩᠭᠡᠷᠡᠬᠦ ᠭᠡᠲᠡᠯ᠎ᠡ ᠲᠡᠷᠡ ᠪᠠᠰᠠ ᠵᠦᠭᠡᠷ ᠵᠣᠭᠰᠣᠵᠤ ᠪᠠᠢᠭ᠎ᠠ ᠪᠢᠰᠢ ᠠᠵᠢ᠃ ᠬᠣᠷᠢᠭᠠᠳ ᠰᠢᠬᠠᠮ ᠤ᠋ᠨ ᠢ᠋ᠶ᠋ᠠᠨ ᠭᠠᠷ ᠢ᠋ ᠠᠷᠤ ᠳ᠋ᠤᠨᠢ ᠬᠦᠯᠢᠨ᠂ ᠲᠣᠮᠣ ᠨᠦᠬᠡᠨ ᠦ᠌ ᠠᠮᠠᠰᠠᠷ ᠳᠡᠭᠡᠷ᠎ᠡ ᠰᠥᠭᠦᠳᠦᠭᠦᠯᠦᠨ ᠰᠠᠭᠤᠯᠭᠠᠵᠠᠢ᠃ ᠲᠡᠭᠡᠭᠡᠳ ᠣᠯᠠᠨ ᠠ᠋ᠴᠠ ᠣᠨᠴᠠᠭᠠᠢ ᠵᠣᠭᠰᠣᠭᠰᠠᠨ ᠨᠣᠶᠠᠨ ᠤ᠋ ᠨᠢᠭᠡ ᠦᠭᠡ ᠬᠠᠰᠬᠢᠷᠤᠨ ᠥᠩᠭᠡ ᠭᠢᠯᠠᠯᠵᠠᠭᠰᠠᠨ ᠨᠠᠷᠢᠬᠠᠨ ᠴᠠᠭᠠᠨ ᠰᠡᠯᠡᠮ᠎ᠡ ᠪᠡᠨ ᠳᠡᠭᠡᠭᠰᠢ ᠡᠷᠭᠦᠨ ᠪᠠᠭᠤᠯᠭᠠᠬᠤ ᠳ᠋ᠤ᠌ ᠬᠡᠳᠦᠨ ᠠᠷᠪᠠᠨ ᠫᠤᠤ ᠨᠢᠷ ᠬᠢᠵᠦ ᠬᠦᠯᠢᠶᠡᠲᠡᠢ ᠪᠦᠬᠦᠨ ᠢ᠋ᠶ᠋ᠡᠷ ᠢ᠋ᠶ᠋ᠡᠨ ᠤᠷᠢᠳᠤᠬᠢ ᠨᠦᠬᠡ ᠤᠷᠤᠭᠤ ᠪᠠᠨ ᠣᠩᠬᠣᠯᠢᠳᠤᠨ ᠤᠨᠠᠪᠠ᠃ ᠵᠢᠩᠴᠢᠳ ᠡᠢᠮᠦ ᠠᠶᠤᠮᠰᠢᠭᠲᠠᠢ ᠶᠠᠭᠤᠮ᠎ᠠ ᠶ᠋ᠢ ᠦᠵᠡᠬᠦ ᠪᠠᠢᠲᠤᠭᠠᠢ ᠵᠡᠭᠦᠳᠦᠯᠡᠭᠡ ᠴᠦ᠍ ᠦᠭᠡᠢ ᠳ᠋ᠡᠭᠡᠨ ᠨᠢᠳᠦ ᠬᠠᠯᠲᠤᠷᠢᠨ ᠥᠪᠡᠷ ᠦ᠋ᠨ ᠡᠷᠬᠡ ᠦᠭᠡᠢ ᠥᠭᠡᠷ᠎ᠡ ᠲᠡᠢᠰᠢ ᠬᠠᠷᠠᠯ᠎ᠠ᠃ ᠭᠡᠯ᠎ᠡ ᠴᠦ᠍ ᠨᠢᠭᠡᠨᠲᠡ ᠨᠢᠳᠦᠨ ᠳ᠋ᠦ᠍ ᠲᠣᠰᠣᠨ ᠵᠢᠷᠦᠬᠡ ᠳᠣᠩᠰᠣᠯᠤᠭᠤᠯᠤᠭᠰᠠᠨ ᠲᠡᠷᠡ ᠵᠦᠢᠯ ᠬᠠᠮᠠᠷ ᠤ᠋ᠨ ᠦᠵᠦᠭᠦᠷ ᠲᠦ᠍ ᠨᠠᠭᠠᠯᠳᠤᠭᠰᠠᠨ ᠰᠢᠭ᠋ ᠴᠢᠰᠤ᠂ ᠳᠠᠷᠢ ᠬᠣᠶᠠᠷ ᠤ᠋ᠨ ᠦᠨᠦᠷ ᠬᠠᠩᠬᠤᠯᠤᠨ᠎ᠠ᠃ ᠭᠡᠲᠡᠯ᠎ᠡ ᠪᠠᠰᠠ ᠤᠷᠢᠲᠤ ᠨᠢ ᠬᠡᠰᠡᠭ ᠭᠠᠮᠢᠩ ᠭᠠᠵᠠᠷ ᠤᠬᠤᠵᠤ ᠪᠠᠢᠯ᠎ᠠ᠃ ᠣᠪᠣᠭᠠᠯᠠᠭᠰᠠᠨ ᠠᠴᠢᠶ᠎ᠠ ᠲᠠᠢ ᠭᠤᠷᠪᠠᠨ ᠯᠠᠭᠤᠰᠠ ᠲᠡᠷᠭᠡ ᠢᠷᠡᠭᠰᠡᠨ ᠢ᠋ ᠨᠥᠭᠥᠭᠡᠳᠦᠭᠦᠯᠡ ᠤᠭᠲᠤᠨ ᠠᠪᠴᠤ ᠪᠦᠲᠡᠭᠡᠯᠭᠡ ᠶ᠋ᠢ ᠨᠢ ᠬᠠᠭᠤᠯᠤᠨ ᠬᠠᠶᠠᠬᠤ ᠶ᠋ᠢ ᠨᠢ ᠠᠵᠢᠬᠤ ᠳ᠋ᠤ᠌ ᠬᠥᠯ ᠲᠣᠯᠣᠭᠠᠢ ᠶ᠋ᠢ ᠨᠢ ᠵᠥᠷᠢᠭᠦᠯᠦᠨ ᠠᠴᠢᠭᠰᠠᠨ ᠬᠥᠮᠦᠰ ᠦ᠋ᠨ ᠬᠡᠭᠦᠷ ᠪᠠᠢᠯ᠎ᠠ᠃ ᠲᠡᠳᠡᠨ ᠦ᠌ ᠭᠣᠣᠯ ᠲᠥᠯᠥᠪ ᠨᠢ ᠴᠡᠭᠡᠵᠢ ᠪᠡᠨ ᠪᠤᠶᠤ ᠲᠣᠯᠣᠭᠠᠢ ᠪᠠᠨ ᠫᠤᠤᠳᠠᠭᠤᠯᠤᠭᠰᠠᠨ ᠪᠠᠢᠬᠤ ᠪᠥᠭᠡᠳ ᠬᠣᠶᠠᠷ ᠬᠥᠮᠦᠨ ᠡᠷᠭᠦᠨ ᠠᠪᠴᠤ ᠨᠦᠬᠡᠨ ᠳ᠋ᠦ᠍ ᠰᠢᠲᠦᠬᠦ ᠵᠠᠭᠤᠷ᠎ᠠ ᠴᠢᠰᠤ ᠰᠡᠪᠡᠷᠡᠨ ᠭᠠᠵᠠᠷ ᠲᠤᠰᠤᠨ᠎ᠠ᠂ ᠵᠠᠷᠢᠮ ᠤ᠋ᠨ ᠬᠢᠨᠢ ᠭᠠᠷ ᠬᠥᠯ᠂ ᠬᠤᠪᠴᠠᠰᠤ ᠲᠠᠢ ᠪᠠᠨ ᠲᠠᠰᠤᠷᠠᠭᠠᠳ᠂ ᠶᠠᠮᠠᠷ ᠨᠢᠭᠡᠨ ᠰᠤᠳᠠᠰᠤ ᠰᠢᠷᠪᠦᠰᠦᠨ ᠳ᠋ᠡᠭᠡᠨ ᠵᠡᠭᠦᠭᠳᠡᠨ ᠰᠠᠨᠵᠢᠭᠢᠨᠠᠵᠤ ᠦᠵᠡᠭᠳᠡᠨ᠎ᠡ᠃ ᠡᠨᠡ ᠪᠠᠢᠲᠤᠭᠠᠢ ᠣᠷᠣ ᠲᠠᠰᠤ ᠲᠣᠯᠣᠭᠠᠢ ᠦᠭᠡᠢ ᠮᠤᠬᠤᠷ ᠴᠡᠭᠡᠵᠢᠨ ᠪᠡᠶ᠎ᠡ ᠬᠦᠷᠲᠡᠯ᠎ᠡ ᠪᠠᠢᠭ᠎ᠠ ᠠᠵᠢ᠃ ᠠᠴᠢᠶ᠎ᠠ ᠪᠠᠭᠤᠯᠭᠠᠬᠤ ᠭᠠᠵᠠᠷ ᠤ᠋ᠨ ᠡᠮᠦᠨ᠎ᠡ ᠢᠷᠡᠬᠦ ᠳ᠋ᠦ᠍ ᠤᠷᠢᠳ ᠡᠮᠦᠨ᠎ᠡ ᠠᠭᠤᠯᠠ ᠣᠪᠣᠭ᠎ᠠ ᠪᠣᠯᠲᠠᠯ᠎ᠠ ᠨᠢ ᠬᠤᠷᠢᠶᠠᠭᠠᠳ ᠪᠠᠢᠭᠰᠠᠨ ᠰᠤᠮᠤ ᠬᠡᠷᠡᠭᠯᠡᠯ ᠠᠯᠠᠭ᠎ᠠ ᠪᠠᠢᠯ᠎ᠠ᠃ ᠲᠡᠭᠦᠨ ᠢ᠋ ᠨᠢ ᠣᠳᠣ ᠡᠳᠡᠨ ᠢ᠋ ᠲᠣᠭᠣᠷᠢᠨ ᠫᠢᠵᠢᠭᠢᠨᠡᠵᠦ ᠪᠠᠢᠭ᠎ᠠ ᠠᠶᠤᠮᠰᠢᠭᠲᠤ ᠲᠤᠯᠤᠯᠳᠤᠭᠠᠨ ᠬᠣᠭᠣᠰᠣᠯᠠᠭᠰᠠᠨ ᠨᠢ ᠢᠯᠡᠷᠬᠡᠢ ᠪᠥᠭᠡᠳ ᠣᠳᠣ ᠠᠴᠢᠶ᠎ᠠ ᠶ᠋ᠢ ᠳᠥᠩᠭᠡᠵᠦ ᠪᠠᠭᠤᠯᠭᠠᠮᠠᠭᠴᠠ ᠲᠡᠷᠡ ᠤᠷᠢᠲᠤ ᠠ᠋ᠴᠠ ᠬᠡᠳᠦᠨ ᠠᠷᠪᠠᠨ ᠯᠠᠭᠤᠰᠠ ᠲᠡᠷᠭᠡ ᠬᠦᠨᠳᠦ ᠳᠤᠭᠤᠢ ᠪᠠᠷ ᠢ᠋ᠶ᠋ᠠᠨ ᠭᠠᠵᠠᠷ ᠤ᠋ᠨ ᠬᠥᠷᠥᠰᠥ ᠤᠩᠬᠢᠯᠠᠨ ᠳᠠᠪᠬᠢᠨ ᠢᠷᠡᠵᠦ ᠪᠤᠯᠢᠶᠠᠯᠳᠤᠨ ᠠᠴᠢᠨ᠎ᠠ᠃ ᠬᠣᠢᠨ᠎ᠠ ᠠ᠋ᠴᠠ ᠨᠢ ᠬᠡᠳᠦᠨ ᠮᠣᠷᠢ ᠲᠠᠢ ᠬᠥᠮᠦᠰ ᠳᠠᠪᠬᠢᠯᠳᠤᠨ ᠢᠷᠡᠯ᠎ᠡ᠃ ᠳᠤᠮᠳᠠ ᠨᠢ ᠶᠠᠪᠤᠭ᠎ᠠ ᠨᠢ ᠪᠠᠰᠠ ᠯᠠ ᠨᠢᠭᠡ ᠨᠣᠶᠠᠨ᠂ ᠨᠢᠳᠦᠨ ᠳ᠋ᠡᠭᠡᠨ ᠬᠦᠷᠢᠶ᠎ᠡ ᠦᠭᠡᠢ ᠴᠠᠭᠠᠨ ᠰᠢᠯ ᠲᠡᠢ᠂ ᠮᠠᠯᠠᠭᠠᠢ ᠨᠢ ᠠᠯᠲᠠᠨ ᠱᠠ ᠡᠮᠵᠢᠶᠡᠷᠢ ᠲᠡᠢ᠂ ᠭᠠᠷ ᠲᠠᠭᠠᠨ ᠲᠤᠩ ᠴᠠᠭᠠᠨ ᠪᠡᠭᠡᠯᠡᠢ ᠵᠡᠭᠦᠭᠰᠡᠨ ᠠᠬᠢᠮᠠᠭ ᠨᠠᠰᠤᠲᠠᠨ᠃ ᠡᠨᠡ ᠪᠣᠯ ᠳᠠᠩᠵᠢᠶᠠᠳ ᠴᠠᠭᠠᠨᠳᠠᠯᠠᠢ ᠶ᠋ᠢᠨ ᠪᠢᠯᠳᠠᠤᠴᠢᠯᠠᠭᠰᠠᠨ ᠵᠣᠣ ᠴᠢ ᠮᠢᠨ ᠭᠡᠭᠴᠢ ᠪᠠᠢᠵᠠᠢ᠃ ᠠᠷᠤ ᠥᠪᠥᠷ ᠲᠡᠭᠡᠨ ᠬᠣᠶᠠᠷ ᠬᠣᠶᠠᠷ ᠬᠢᠶ᠎ᠡ ᠪᠡᠷ ᠬᠠᠮᠠᠭᠠᠯᠠᠭᠤᠯᠤᠭᠰᠠᠨ ᠢ᠋ ᠨᠢ ᠬᠡᠯᠡᠬᠦ ᠤᠤ᠂ ᠪᠠᠷ᠎ᠠ ᠶ᠋ᠢᠨ ᠭᠠᠵᠠᠷ ᠠ᠋ᠴᠠ ᠬᠠᠷᠠᠭᠰᠠᠨ ᠪᠦᠬᠦᠨ ᠢ᠋ᠶ᠋ᠡᠷ ᠢ᠋ᠶ᠋ᠡᠨ ᠪᠡᠶ᠎ᠡ ᠪᠡᠨ ᠪᠠᠷᠢᠨ ᠨᠣᠮᠣᠬᠠᠨ ᠵᠣᠭᠰᠣᠨ᠎ᠠ᠃ ᠵᠣᠣ ᠴᠢ ᠮᠢᠨ ᠨᠣᠶᠠᠨ ᠤ᠋ ᠮᠣᠷᠢᠨ ᠤ᠋ ᠪᠠᠨ ᠠᠮᠠ ᠶ᠋ᠢ ᠲᠡᠳᠡᠨ ᠵᠣᠭᠰᠣᠮᠠᠭᠴᠠ ᠳᠥᠷᠪᠡᠨ ᠳᠠᠭᠠᠭᠤᠯᠢ ᠨᠢ ᠨᠢᠭᠡᠨ ᠵᠡᠷᠭᠡ ᠮᠣᠷᠢᠨ ᠠ᠋ᠴᠠ ᠪᠠᠨ ᠪᠠᠭᠤᠨ ᠬᠠᠷᠠᠢᠭᠠᠳ ᠠᠷᠤ ᠶ᠋ᠢᠨ ᠬᠢᠨᠢ ᠬᠣᠶᠠᠷ ᠭᠦᠶᠦᠨ ᠢᠷᠡᠵᠦ ᠰᠤᠭᠤᠳᠠᠨ ᠪᠠᠭᠤᠯᠭᠠᠨ᠎ᠠ᠃ ᠮᠣᠷᠢ ᠪᠠᠨ ᠬᠠᠶᠠᠭᠠᠳ ᠠᠯᠲᠠᠨ ᠪᠠᠷᠢᠭᠤᠯᠲᠤ ᠭᠢᠯᠤᠩ ᠴᠠᠭᠠᠨ ᠰᠡᠯᠡᠮ᠎ᠡ ᠪᠡᠨ ᠭᠠᠵᠠᠷ ᠢ᠋ᠶ᠋ᠠᠷ ᠴᠢᠷᠦᠭᠦᠯᠦᠨ ᠣᠷᠣᠭᠰᠢ ᠶᠠᠪᠤᠬᠤ ᠳ᠋ᠤ᠌ ᠨᠥᠭᠦᠭᠡ ᠬᠣᠶᠠᠷ ᠨᠢ ᠰᠡᠭᠦᠳᠡᠷ ᠮᠡᠲᠦ ᠳᠠᠭᠠᠬᠤ ᠪᠥᠭᠡᠳ ᠬᠡᠳᠦᠨ ᠦᠭᠡ ᠬᠡᠯᠡᠬᠦ ᠳ᠋ᠦ᠍ᠨᠢ ᠰᠸᠯᠸᠳᠢᠲᠦ ᠨᠣᠶᠠᠨ ᠣᠭᠯᠣ ᠦᠰᠦᠷᠦᠨ ᠡᠮᠦᠨ᠎ᠡ ᠨᠢ ᠣᠴᠢᠭᠠᠳ᠂ ᠰᠢᠨᠠ ᠳ᠋ᠠᠭᠠᠨ ᠨᠠᠮᠠᠨᠴᠢᠯᠠᠨ ᠱᠣᠩ ᠤ᠋ᠨ ᠮᠣᠳᠣ ᠰᠢᠭ᠋ ᠭᠣᠵᠣᠢᠨ ᠵᠣᠭᠰᠣᠯ᠎ᠠ᠃ ᠬᠠᠷᠢᠭᠤ ᠳ᠋ᠤᠨᠢ ᠵᠣᠣ ᠴᠢ ᠮᠢᠨ ᠨᠣᠶᠠᠨ ᠨᠠᠮᠠᠨᠴᠢᠯᠠᠭᠰᠠᠨ ᠴᠦ᠍ ᠦᠭᠡᠢ ᠪᠦᠬᠦ ᠲᠡᠩᠬᠡ ᠪᠡᠷ ᠢ᠋ᠶ᠋ᠡᠨ ᠬᠠᠰᠬᠢᠷᠤᠨ ᠵᠠᠨᠤᠵᠤ ᠪᠠᠢᠨ ᠪᠠᠢᠨ ᠳᠠᠪᠰᠢᠯᠠᠪᠠ᠃ ᠰᠸᠯᠸᠳᠢᠲᠦ ᠨᠣᠶᠠᠨ ᠪᠣᠯ ᠥᠪᠡᠷ ᠢ᠋ᠶ᠋ᠡᠨ ᠴᠠᠭ ᠢᠮᠠᠭᠲᠠ ᠪᠤᠰᠤᠳ ᠢ᠋ ᠠᠭᠠᠰᠢᠯᠠᠨ ᠠᠶᠤᠯᠭᠠᠨ ᠰᠦᠷᠳᠡᠭᠦᠯᠵᠦ ᠶᠠᠪᠤᠳᠠᠭ ᠬᠡᠴᠡᠭᠦᠦ ᠡᠷ᠎ᠡ ᠠᠲᠠᠯ᠎ᠠ ᠪᠠᠨ ᠲᠡᠭᠦᠨ ᠦ᠌ ᠡᠮᠦᠨ᠎ᠡ ᠭᠠᠭᠴᠠ ᠴᠦ᠍ ᠦᠭᠡ ᠦᠭᠡᠢ᠂ ᠵᠥᠪᠬᠡᠨ ᠰᠦᠷ ᠪᠠᠷ᠎ᠠ ᠪᠠᠨ ᠠᠯᠲᠠᠨ ᠰᠤᠯᠪᠠᠢᠨ ᠵᠣᠭᠰᠣᠨ᠎ᠠ᠃ ᠳ᠋ᠠᠨᠽᠠᠨ ᠲᠡᠷᠡ ᠪᠠᠢᠳᠠᠯ ᠢ᠋ ᠨᠠᠷᠢᠪᠴᠢᠯᠠᠨ ᠠᠵᠢᠭᠯᠠᠵᠤ ᠪᠠᠢᠭᠰᠠᠨ ᠢ᠋ᠶ᠋ᠠᠨ᠄ 
       — ᠦᠭᠡᠢ ᠲᠠ ᠮᠢᠨᠢ ᠲᠡᠭᠦᠨ ᠢ᠋ ᠬᠠᠷᠠᠭᠠᠴᠢ! ᠡᠨᠡ ᠴᠦ᠍ ᠯᠠᠪ ᠪᠦᠭᠦᠳᠡ ᠶ᠋ᠢᠨ ᠨᠣᠶᠠᠨ ᠪᠠᠢᠬ᠎ᠠ ᠠ᠋ ᠭᠡᠵᠦ ᠨᠥᠬᠥᠳ ᠲᠡᠭᠡᠨ ᠰᠢᠪᠡᠨᠡᠪᠡ᠃ ᠳᠣᠷᠵᠢ ᠶᠡᠬᠡ ᠨᠣᠶᠠᠨ ᠠ᠋ᠴᠠ ᠠᠶᠤᠨ ᠰᠦᠷᠳᠡᠭᠰᠡᠨ ᠵᠦᠢᠯ ᠦᠭᠡᠢ᠂ ᠭᠠᠭᠴᠠ ᠬᠦ᠌ ᠰᠸᠯᠸᠳᠢ ᠲᠡᠢ ᠨᠣᠶᠠᠨ ᠢ᠋ ᠳᠠᠪᠠᠯᠠᠨ᠂ ᠬᠠ ᠬᠠ ᠢᠨᠢᠶᠡᠨ᠂ 
       — ᠵᠠ ᠬᠠᠷᠢᠨ ᠪᠣᠯᠵᠤ ᠪᠠᠢᠨ᠎ᠠ ᠳᠠ ᠭᠡᠪᠡ᠃ ᠬᠦᠷᠡᠯ ᠨᠢᠳᠦ ᠪᠡᠨ ᠲᠣᠮᠣ ᠪᠣᠯᠭᠠᠨ ᠰᠣᠴᠢᠵᠤ᠂ ᠳᠣᠷᠵᠢ ᠶ᠋ᠢ ᠲᠣᠬᠣᠢ ᠪᠠᠷ ᠢ᠋ᠶ᠋ᠠᠨ ᠶᠣᠪᠣᠷᠵᠤ᠄ 
      — ᠠ᠋᠂ ᠴᠢ ᠢᠨᠠᠳᠤ ᠠᠮᠠ ᠪᠠᠨ! ᠡᠢᠮᠦ ᠶᠡᠬᠡ ᠨᠣᠶᠠᠨ ᠤ᠋ ᠳᠡᠷᠭᠡᠳᠡ ᠢᠩᠭᠢᠵᠦ ᠢᠨᠢᠶᠡᠵᠦ ᠶᠠᠭᠠᠬᠢᠵᠤ ᠪᠣᠯᠬᠤ ᠪᠣᠢ? ᠭᠡᠵᠦ ᠠᠶᠤᠭᠰᠠᠨ ᠨᠢᠳᠦ ᠪᠡᠷ ᠢ᠋ᠶ᠋ᠡᠨ ᠨᠣᠶᠠᠨ ᠢ᠋ ᠰᠢᠷᠳᠡᠪᠡ᠃
       — ᠵᠠ ᠶᠠᠭᠤᠨ ᠤ᠋ ᠬᠠᠮᠢᠶ᠎ᠠ! ᠡᠨᠡ ᠨᠣᠶᠠᠨ ᠬᠡᠴᠢᠨᠡᠨ ᠶᠡᠬᠡ ᠪᠣᠯᠪᠠᠴᠤ ᠶᠠᠮᠠᠷ ᠪᠢᠳᠡᠨ ᠦ᠌ ᠨᠣᠶᠠᠨ ᠪᠢᠰᠢ ᠭᠡᠵᠦ ᠳᠣᠷᠵᠢ ᠶ᠋ᠢᠨ ᠤᠴᠠᠭᠠᠷᠯᠠᠨ ᠬᠡᠯᠡᠬᠦ ᠳ᠋ᠦ᠍᠂ ᠬᠦᠷᠡᠯ ᠰᠠᠨᠳᠤᠷᠤᠨ ᠴᠢᠬᠢᠨ ᠳ᠋ᠦ᠍ᠨᠢ ᠣᠢᠷᠠᠲᠤᠵᠤ᠄ 
       — ᠦᠭᠡᠢ ᠴᠢ ᠶᠠᠮᠠᠷ ᠪᠣᠯᠪᠠᠴᠤ ᠡᠨᠡ ᠣᠯᠠᠨ ᠤ᠋ ᠠᠶᠤᠨ ᠰᠦᠷᠳᠡᠵᠦ ᠪᠠᠢᠭ᠎ᠠ ᠶ᠋ᠢ ᠬᠠᠷᠠ ᠭᠡᠯ᠎ᠡ᠃ ᠦᠨᠡᠬᠡᠷ ᠣᠷᠴᠢᠨ ᠲᠣᠭᠣᠷᠢᠨ ᠤ᠋ ᠣᠯᠠᠨ ᠢ᠋ ᠠᠵᠢᠬᠤ ᠳ᠋ᠤ᠌ ᠠᠶᠤᠨ ᠰᠦᠷᠳᠡᠭᠡ ᠦᠭᠡᠢ ᠶᠠᠭᠤᠮ᠎ᠠ ᠨᠢᠭᠡ ᠴᠦ᠍ ᠠᠯᠠᠭ᠎ᠠ ᠭᠠᠭᠴᠠ ᠬᠦ᠌ ᠵᠣᠷᠢᠭ ᠲᠡᠭᠦᠯᠳᠡᠷ ᠪᠠᠢᠬᠤ ᠠ᠋ᠴᠠ ᠦᠷᠭᠦᠯᠵᠢᠯᠡᠨ ᠨᠦᠵᠢᠭᠢᠨᠡᠵᠦ ᠪᠠᠢᠭ᠎ᠠ ᠦᠬᠡᠷ ᠫᠤᠤ ᠬᠠᠷᠢᠨ ᠴᠦ᠍《ᠣᠳᠣ ᠪᠢ ᠴᠢᠮ᠎ᠠ ᠲᠠᠢ ᠶᠠᠷᠢᠶ᠎ᠠ ᠲᠠᠢ ᠳᠠ》 ᠭᠡᠵᠦ ᠬᠡᠳᠡᠷᠯᠡᠬᠦ ᠮᠡᠲᠦ ᠤᠯᠠᠮ ᠢ᠋ᠶ᠋ᠠᠷ ᠴᠢᠩᠭᠠᠷᠠᠨ ᠳᠤᠤᠭᠠᠷᠴᠤ ᠪᠠᠢᠭᠰᠠᠨ ᠪᠥᠭᠡᠳ ᠭᠡᠨᠡᠳᠲᠡ ᠠᠭᠠᠷ ᠳᠣᠩᠰᠣᠯᠤᠨ ᠭᠢᠩᠰᠢᠨ ᠣᠯᠢᠬᠤ ᠴᠢᠮᠡᠭᠡ ᠭᠠᠷᠤᠭᠰᠠᠨ ᠢ᠋ᠶ᠋ᠠᠨ ᠫᠢᠩ ᠪᠠᠭᠤᠨ ᠴᠢᠬᠢ ᠳᠦᠯᠡᠢᠷᠡᠪᠡ᠃ ᠢᠩᠭᠢᠬᠦ ᠳ᠋ᠦ᠍ ᠠᠶᠤᠨ ᠰᠣᠴᠢᠬᠤ ᠦᠭᠡᠢ ᠠᠮᠢᠲᠠᠨ ᠶᠣᠰᠣᠲᠠᠢ ᠦᠭᠡᠢ ᠪᠢᠯᠡ᠃ ᠡᠪᠬᠡᠷᠡᠨ ᠬᠡᠪᠲᠡᠵᠦ ᠪᠠᠢᠭᠰᠠᠨ ᠲᠡᠮᠡᠭᠡ ᠬᠦᠷᠲᠡᠯ᠎ᠡ᠂ ᠭᠠᠪ ᠭᠠᠪ ᠭᠤᠪ ᠳᠤᠤᠭᠠᠷᠤᠨ ᠪᠣᠰᠤᠨ ᠬᠠᠷᠠᠢᠯ᠎ᠠ᠃ ᠭᠤᠷᠪᠠᠨ ᠵᠡᠷᠭᠡ ᠣᠨᠢ ᠬᠣᠯᠪᠣᠨ ᠫᠤᠤᠳᠠᠭᠰᠠᠨ ᠦᠬᠡᠷ ᠫᠤᠤ ᠶ᠋ᠢᠨ ᠰᠤᠮᠤ ᠣᠢᠷᠠᠬᠠᠨ ᠰᠠᠭᠠᠬᠠᠯᠲᠠ ᠶ᠋ᠢᠨ ᠭᠠᠵᠠᠷ ᠪᠠᠢᠭᠰᠠᠨ ᠬᠡᠰᠡᠭ ᠬᠥᠮᠦᠰ ᠳᠡᠭᠡᠷ᠎ᠡ ᠪᠠᠭᠤᠭᠰᠠᠨ ᠠᠵᠢ᠃ ᠤᠭ ᠭᠠᠵᠠᠷ ᠤ᠋ᠨ ᠰᠢᠷᠣᠢ ᠣᠷᠭᠢᠯᠤᠭᠰᠠᠨ ᠬᠠᠷ᠎ᠠ ᠤᠲᠤᠭ᠎ᠠ ᠲᠠᠢ ᠬᠣᠯᠢᠯᠳᠤᠨ ᠳᠡᠭᠡᠭᠰᠢ ᠰᠢᠢᠳᠦᠭᠳᠡᠬᠦ ᠳ᠋ᠦ᠍ ᠳᠣᠣᠷ᠎ᠠ ᠨᠢ ᠤᠨᠠᠭᠰᠠᠨ᠂ ᠮᠥᠯᠬᠥᠭᠰᠡᠨ᠂ ᠵᠢᠭᠤᠲᠠᠭᠰᠠᠨ᠂ ᠵᠢᠭᠤᠲᠠᠭᠠᠳ ᠣᠩᠬᠣᠯᠢᠳᠤᠨ ᠤᠨᠠᠵᠤ ᠪᠠᠢᠭ᠎ᠠ ᠬᠥᠮᠦᠰ ᠡᠳᠦᠢ ᠲᠡᠳᠦᠢ ᠪᠡᠷ ᠦᠵᠡᠭᠳᠡᠯ᠎ᠡ᠃ ᠶᠡᠷᠦ ᠡᠨᠡ ᠬᠡᠷᠡᠭ ᠶᠡᠬᠡ ᠨᠣᠶᠠᠨ ᠤ᠋ ᠦᠢᠯᠡ ᠠᠵᠢᠯᠯᠠᠭ᠎ᠠ ᠲᠠᠢ ᠬᠡᠴᠢᠨᠡᠨ ᠬᠣᠯᠪᠣᠭᠳᠠᠯ ᠲᠠᠢ ᠪᠣᠯᠬᠤ ᠶ᠋ᠢ ᠬᠡᠨ ᠮᠡᠳᠡᠯ᠎ᠡ᠃ ᠮᠣᠷᠢᠨ ᠳ᠋ᠠᠭᠠᠨ ᠤᠬᠤᠰᠬᠢᠨ ᠭᠠᠷᠤᠭᠠᠳ ᠠᠷᠤ ᠥᠪᠥᠷ ᠦ᠋ᠨ ᠢ᠋ᠶ᠋ᠡᠨ ᠳᠠᠭᠠᠭᠤᠯᠢ ᠨᠤᠭᠤᠳ ᠢ᠋ ᠬᠣᠢᠨ᠎ᠠ ᠪᠠᠨ ᠬᠠᠶᠠᠨ ᠳᠠᠪᠬᠢᠪᠠ᠃ ᠤᠷᠢᠲᠤ ᠲᠠᠯ᠎ᠠ ᠳ᠋ᠤᠨᠢ ᠬᠣᠶᠠᠳᠠᠬᠢ ᠤᠳᠠᠭ᠎ᠠ ᠶ᠋ᠢᠨ ᠰᠤᠮᠤ ᠪᠠᠭᠤᠨ ᠳᠡᠯᠪᠡᠷᠡᠬᠦ ᠳ᠋ᠦ᠍ ᠨᠣᠶᠠᠨ ᠠᠵᠢᠭ ᠦᠭᠡᠢ ᠳᠠᠭᠠᠷᠢᠨ ᠭᠠᠷᠪᠠ᠃ ᠳᠣᠷᠵᠢ ᠲᠡᠭᠦᠨ ᠢ᠋ ᠨᠢᠳᠦ ᠰᠠᠯᠭᠠᠯ ᠦᠭᠡᠢ ᠰᠢᠷᠲᠡᠵᠦ ᠪᠠᠢᠭᠰᠠᠨ ᠢ᠋ᠶ᠋ᠠᠨ᠄
       — ᠠ ᠳᠠ ᠡᠨᠡ ᠴᠦ᠍ ᠶᠣᠰᠣᠲᠠᠢ ᠨᠢᠭᠡ ᠨᠣᠶᠠᠨ ᠪᠠᠢᠨ᠎ᠠ ᠳᠠ ᠭᠡᠵᠦ ᠪᠠᠬᠠᠳᠤᠨ ᠢᠨᠢᠶᠡᠪᠡ᠃ 
       — ᠲᠡᠢᠮᠦ ᠠ᠋᠂ ᠨᠣᠶᠠᠨ ᠪᠣᠯᠬᠤ ᠶ᠋ᠢ ᠪᠣᠯᠪᠠ᠂ ᠡᠢᠮᠦ ᠨᠣᠶᠠᠨ ᠪᠣᠯᠪᠠᠯ ᠵᠦᠭᠡᠷ ᠪᠠᠢᠨ᠎ᠠ ᠰᠢᠦ ᠭᠡᠵᠦ ᠳ᠋ᠠᠨᠽᠠᠨ ᠮᠥᠨ ᠢᠨᠢᠶᠡᠯ᠎ᠡ᠃
       ᠨᠣᠶᠠᠨ ᠤ᠋ ᠬᠣᠢᠨ᠎ᠠ ᠠ᠋ᠴᠠ ᠯᠠᠭᠤᠰᠠᠨ ᠲᠡᠷᠭᠡ ᠨᠦ᠍ᠭᠦᠳ ᠬᠠᠭᠠᠰ ᠬᠤᠭᠤᠰ ᠠᠴᠢᠶ᠎ᠠ ᠲᠠᠢ ᠤᠬᠠᠭᠠᠨ ᠵᠢᠯᠣᠭᠣ ᠦᠭᠡᠢ ᠳᠠᠪᠬᠢᠯᠳᠤᠪᠠ᠃ ᠭᠡᠲᠡᠯ᠎ᠡ ᠰᠸᠯᠸᠳᠢᠲᠦ ᠨᠣᠶᠠᠨ ᠰᠠᠶᠢᠬᠠᠨ ᠤ᠋ ᠶᠡᠬᠡ ᠨᠣᠶᠠᠨ ᠳ᠋ᠤ᠌ ᠲᠠᠷᠢᠬᠢ ᠪᠠᠨ ᠡᠷᠭᠢᠲᠡᠯ᠎ᠡ ᠵᠠᠩᠨᠠᠭᠤᠯᠤᠭᠰᠠᠨ ᠳ᠋ᠠᠭᠠᠨ ᠬᠣᠷᠣᠰᠬᠤ ᠮᠡᠲᠦ《ᠺᠤᠸᠠᠢ᠂ ᠺᠤᠸᠠᠢ ᠭᠡᠳᠡᠭ ᠢ᠋ᠶ᠋ᠡᠨ ᠬᠠᠷ᠎ᠠ ᠲᠡᠩᠬᠡᠭᠡ ᠪᠡᠷ ᠢ᠋ᠶ᠋ᠡᠨ ᠬᠠᠰᠬᠢᠷᠤᠨ᠂ ᠲᠠᠰᠢᠭᠤᠷ ᠭᠢᠯᠠᠯᠵᠠᠭᠤᠯᠵᠤ ᠳᠠᠭᠠᠯᠳᠤᠨ ᠶᠠᠪᠤᠳᠠᠭ ᠬᠥᠮᠦᠰ ᠢ᠋ᠶ᠋ᠡᠨ ᠲᠡᠮᠡᠭᠡ ᠤᠷᠤᠭᠤ ᠭᠦᠶᠦᠯᠭᠡᠪᠡ᠃ ᠵᠢᠩᠴᠢᠳ ᠲᠡᠢ ᠳᠣᠬᠢᠶ᠎ᠠ ᠪᠠᠷ ᠶᠠᠷᠢᠯᠴᠠᠳᠠᠭ ᠢ᠋ᠶ᠋ᠠᠨ ᠮᠠᠷᠲᠠᠨ ᠰᠢᠭᠤᠳ ᠬᠢᠲᠠᠳ ᠢ᠋ᠶ᠋ᠠᠷ  ᠵᠠᠩᠳᠦᠴᠢᠨ᠎ᠠ᠃ ᠡᠢᠨ ᠬᠦ᠌ ᠶᠡᠬᠡ ᠪᠠᠭ᠎ᠠ ᠨᠣᠶᠠᠨ ᠤ᠋ ᠤᠬᠠᠭᠠᠨ ᠵᠢᠯᠣᠭᠣ ᠦᠭᠡᠢ ᠰᠠᠨᠳᠤᠷᠤᠭᠰᠠᠨ ᠨᠢ ᠰᠤᠮᠤ ᠬᠡᠷᠡᠭᠯᠡᠯ ᠲᠠᠲᠠᠭᠳᠠᠭᠰᠠᠨ ᠠ᠋ᠴᠠ ᠪᠣᠯᠵᠤ ᠪᠠᠢᠭ᠎ᠠ ᠨᠢ ᠲᠣᠳᠣᠷᠬᠠᠢ ᠪᠠᠢᠭᠰᠠᠨ ᠪᠢᠯᠡ᠃ ᠵᠢᠩᠴᠢᠳ ᠲᠤᠰ ᠪᠦᠷᠢ ᠶ᠋ᠢᠨ ᠢ᠋ᠶ᠋ᠡᠨ ᠤᠨᠤᠭ᠎ᠠ ᠲᠡᠮᠡᠭᠡ ᠶ᠋ᠢ ᠶᠠᠭᠠᠷᠠᠨ ᠬᠡᠪᠲᠡᠭᠦᠯᠵᠦ ᠲᠡᠭᠡᠭᠡᠰᠢ ᠪᠡᠨ ᠪᠠᠭᠤᠯᠭᠠᠵᠤ ᠬᠠᠶᠠᠭᠠᠳ ᠶᠠᠭᠠᠷᠠᠨ ᠪᠣᠰᠬᠠᠵᠤ᠂ ᠪᠦᠬᠦ ᠲᠡᠮᠡᠭᠡ ᠪᠡᠨ ᠬᠠᠢᠷ᠎ᠠ ᠨᠠᠢᠷ ᠦᠭᠡᠢ ᠰᠢᠪᠬᠠᠳᠠᠨ ᠭᠦᠶᠦᠯᠭᠡᠪᠡ᠃ ᠤᠷᠢᠳᠤᠬᠢ ᠬᠥᠪᠡᠭᠡ ᠶ᠋ᠢ ᠬᠦᠷᠬᠦ ᠵᠠᠭᠤᠷ᠎ᠠ ᠥᠨᠥᠬᠢ ᠠᠶᠤᠮᠰᠢᠭᠲᠤ ᠢᠷᠭᠠᠯ ᠤ᠋ᠨ ᠰᠤᠮᠤ ᠨᠤᠭᠤᠳ ᠡᠨᠳᠡ ᠲᠡᠨᠳᠡ ᠦᠭᠡᠢ ᠪᠠᠭᠤᠨ᠂ ᠭᠠᠵᠠᠷ ᠤ᠋ᠨ ᠬᠥᠷᠥᠰᠥ ᠶ᠋ᠢ ᠳᠣᠩᠰᠣᠯᠭᠠᠨ ᠳᠠᠷᠭᠢᠯᠤᠭᠤᠯᠤᠭᠰᠠᠭᠠᠷ ᠪᠠᠢᠪᠠ᠃ ᠬᠥᠪᠡᠭᠡᠨ ᠳᠡᠭᠡᠷ᠎ᠡ ᠭᠠᠷᠤᠨ ᠡᠴᠦᠰ ᠦ᠋ᠨ ᠤᠳᠠᠭ᠎ᠠ ᠡᠷᠭᠢᠨ ᠬᠠᠷᠠᠬᠤ ᠳ᠋ᠤ᠌ ᠠᠴᠢᠶ᠎ᠠ ᠪᠠᠭᠤᠯᠭᠠᠵᠤ ᠪᠠᠢᠭᠰᠠᠨ ᠭᠠᠵᠠᠷ ᠤ᠋ᠨ ᠰᠢᠷᠣᠢ ᠰᠢᠳᠡᠭᠳᠡᠨ ᠮᠠᠨᠠᠷᠠᠵᠤ ᠪᠣᠢ ᠦᠵᠡᠭᠳᠡᠨ᠎ᠡ᠃ ᠡᠢᠮᠦ ᠳ᠋ᠦ᠍ ᠬᠥᠮᠦᠨ ᠪᠦᠷᠢ ᠲᠡᠨᠳᠡ ᠡᠴᠡ ᠶᠠᠭᠠᠷᠠᠨ ᠬᠥᠳᠡᠯᠦᠭᠰᠡᠨ ᠳ᠋ᠡᠭᠡᠨ ᠪᠠᠶᠠᠷᠯᠠᠪᠠ᠃ ᠬᠥᠪᠡᠭᠡᠨ ᠦ᠌ ᠴᠢᠨᠠᠳᠤ ᠤᠷᠤᠭᠤ ᠣᠷᠣᠬᠤ ᠳ᠋ᠤ᠌ ᠰᠡᠳᠬᠢᠯ ᠬᠡᠳᠦᠢᠨ ᠲᠠᠢᠪᠤᠰᠢᠷᠠᠭᠰᠠᠨ ᠪᠣᠯᠪᠠᠴᠤ ᠥᠨᠥᠬᠢ ᠵᠢᠷᠦᠬᠡ ᠨᠢ ᠮᠥᠨ ᠠᠮᠠ ᠪᠠᠷ ᠭᠠᠷᠬᠤ ᠭᠡᠵᠦ ᠪᠠᠢᠨ᠎ᠠ ᠶᠤᠮ ᠰᠢᠭ᠋ ᠣᠪᠣᠯᠵᠠᠭᠰᠠᠭᠠᠷ ᠪᠠᠢᠯ᠎ᠠ᠃ 
       ᠭᠡᠲᠡᠯ᠎ᠡ ᠰᠸᠯᠸᠳᠢᠲᠦ ᠨᠣᠶᠠᠨ ᠶᠠᠭᠠᠷᠠᠭᠰᠠᠭᠠᠷ ᠠᠵᠢ᠃
     《ᠺᠤᠸᠠᠢ᠂ ᠺᠤᠸᠠᠢ》 ᠬᠠᠰᠬᠢᠷᠬᠤ ᠨᠢ ᠦᠷᠭᠦᠯᠵᠢᠯᠡᠭᠰᠡᠭᠡᠷ ᠪᠠᠢᠯ᠎ᠠ᠃



          ᠦᠰᠦᠭ ᠠᠮᠢᠯᠠᠭᠤᠯᠤᠭᠰᠠᠨ ᠨᠢ᠄  ᠲᠡᠭᠷᠢ ᠡᠵᠢ