ᠪᠠᠲᠤ ᠬᠠᠭᠠᠨ 1-08ᠬᠥᠶᠦᠭ ᠬᠠᠭᠠᠨ ᠤ᠋ ᠪᠠᠩᠵᠠ Бат хаан
ᠨᠠᠢ᠍ᠮᠠ ᠬᠥᠶᠦᠭ ᠬᠠᠭᠠᠨ ᠤ᠋ ᠪᠠᠩᠵᠠ
ᠴᠢᠩᠭᠢᠰ ᠬᠠᠭᠠᠨ ᠤ᠋ ᠠᠴᠢ ᠪᠥᠭᠡᠳ ᠶᠡᠬᠡ ᠡᠵᠡᠨ ᠬᠠᠭᠠᠨ ᠥᠭᠡᠳᠡᠢ ᠶ᠋ᠢᠨ ᠬᠦᠦ ᠬᠣᠩ ᠲᠠᠢᠵᠢ ᠭᠦᠶᠦᠭ ᠬᠠᠭᠠᠨ ᠰᠢᠭᠨᠡᠺ ᠬᠣᠲᠠ ᠶ᠋ᠢᠨ ᠵᠠᠬᠢᠷᠤᠯ ᠤ᠋ᠨ ᠣᠷᠳᠣᠨ ᠠ᠋ᠴᠠ ᠭᠡᠨᠡᠳᠲᠡ ᠭᠠᠷᠴᠤ ᠬᠣᠲᠠ ᠠ᠋ᠴᠠ ᠬᠣᠯᠠ ᠬᠡᠭᠡᠷ᠎ᠡ ᠲᠠᠯ᠎ᠠ ᠶ᠋ᠢᠨ ᠳᠣᠪᠣᠴᠠᠭ ᠳᠡᠭᠡᠷ᠎ᠡ ᠬᠠᠷ᠎ᠠ ᠬᠦᠷᠡᠩ ᠠᠰᠠᠷ ᠢ᠋ᠶ᠋ᠠᠨ ᠪᠠᠷᠢᠭᠤᠯᠵᠠᠢ᠃ ᠠᠰᠠᠷ ᠳᠣᠲᠣᠷ᠎ᠠ ᠠ᠋ᠴᠠ ᠴᠡᠷᠢᠭ ᠲᠠᠰᠤᠷᠠᠯᠲᠠ ᠦᠭᠡᠢ ᠴᠤᠪᠤᠷᠠᠨ ᠲᠤᠰ ᠲᠤᠰ ᠬᠦᠷᠢᠶ᠎ᠡ ᠪᠠᠢᠭᠤᠯᠬᠤ ᠪᠠᠢᠳᠠᠯ ᠨᠢ ᠬᠥᠨᠳᠡᠢ ᠡᠴᠡ ᠢᠯᠡ ᠦᠵᠡᠭᠳᠡᠨ᠎ᠡ᠃ ᠳᠣᠷᠣᠨ᠎ᠠ ᠳ᠋ᠠᠬᠢᠨ ᠤ᠋ ᠲᠡᠦᠬᠡᠨ ᠳ᠋ᠦ᠍ ᠥᠭᠦᠯᠡᠭᠰᠡᠨ ᠨᠢ᠄ 《ᠡᠨᠡ ᠥᠷᠥᠨ᠎ᠡ ᠵᠦᠭ ᠦ᠋ᠨ ᠠᠶᠠᠨ ᠲᠡᠢᠨ ᠳ᠋ᠦ᠍ ᠵᠢᠩᠬᠢᠨᠢ ᠮᠣᠩᠭᠣᠯ(ᠲᠣᠷᠭᠠᠨ ᠴᠡᠷᠢᠭ) ᠳᠥᠷᠪᠡᠨ ᠮᠢᠩᠭ᠎ᠠ ᠣᠷᠴᠢᠮ᠂ ᠲᠠᠲ᠋ᠠᠷ ᠭᠤᠷᠪᠠᠨ ᠲᠦᠮᠡᠭᠡᠳ ᠣᠷᠴᠢᠮ ᠶᠠᠪᠤᠭᠰᠠᠨ ᠨᠢ ᠴᠡᠷᠢᠭ ᠦ᠋ᠨ ᠭᠣᠣᠯ ᠨᠢ ᠪᠣᠯᠬᠤ ᠮᠣᠩᠭᠣᠯ ᠲᠠᠲ᠋ᠠᠷ ᠬᠣᠶᠠᠷ ᠪᠥᠭᠡᠳ ᠴᠠᠰᠢ ᠶᠠᠪᠤᠬᠤ ᠳᠣᠳᠣᠮ ᠨᠡᠮᠡᠭᠳᠡᠨ ᠪᠠᠢᠭᠰᠠᠨ ᠪᠤᠰᠤᠳ ᠣᠪᠣᠭᠲᠠᠨ ᠤ᠋ ᠬᠣᠶᠠᠷ— ᠭᠤᠷᠪᠠᠨ ᠵᠠᠭᠤᠨ ᠮᠢᠩᠭᠠᠨ ᠮᠣᠷᠢᠲᠤ ᠴᠡᠷᠢᠭ ᠨᠡᠢᠯᠡᠵᠡᠢ᠃ ᠢᠯᠠᠩᠭᠤᠶ᠎ᠠ ᠺᠢᠫᠴᠡᠺ ᠦ᠋ᠳ ᠣᠯᠠᠨ ᠪᠠᠢᠯ᠎ᠠ᠃ ᠡᠨᠡ ᠨᠢ ᠣᠳᠣ ᠴᠠᠭ ᠤ᠋ᠨ ᠺᠠᠽᠠᠭ᠂ ᠺᠢᠷᠬᠢᠰ ᠵᠡᠷᠭᠡ ᠪᠤᠰᠤᠳ ᠲᠦᠷᠺ ᠦ᠋ᠨ ᠣᠪᠣᠭ ᠤ᠋ᠨ ᠨᠡᠭᠦᠳᠡᠯᠴᠢᠨ ᠠᠢᠮᠠᠭ ᠤ᠋ᠨ ᠡᠪᠦᠭᠡᠳ ᠳᠡᠭᠡᠳᠦᠰ ᠢ᠋ ᠨᠡᠷᠡᠯᠡᠵᠦ ᠪᠠᠢᠭᠰᠠᠨ ᠪᠣᠯᠤᠯᠲᠠᠢ》(ᠭᠡᠵᠡᠢ)᠃
ᠭᠦᠶᠦᠭ ᠬᠠᠭᠠᠨ ᠤ᠋ ᠠᠰᠠᠷ ᠢ᠋ ᠲᠣᠭᠣᠷᠢᠨ ᠳᠥᠷᠪᠡᠨ ᠵᠠᠭᠤᠨ ᠭᠡᠷ ᠨᠢᠭᠲᠠ ᠪᠦᠰᠡᠯᠡᠨ ᠬᠦᠷᠢᠶᠡᠯᠡᠵᠡᠢ᠃ ᠲᠡᠳᠡᠨ ᠦ᠌ ᠳᠣᠲᠣᠷ᠎ᠠ ᠬᠡᠭᠡᠷ᠎ᠡ ᠶ᠋ᠢᠨ ᠹᠧᠣᠳᠠᠯ ᠢᠵᠠᠭᠤᠷᠲᠠᠨ ᠤ᠋ ᠭᠠᠷᠤᠯ ᠲᠠᠢ ᠲᠣᠷᠭᠤᠳ ᠰᠢᠭᠰᠢᠮᠡᠯ ᠴᠡᠷᠢᠭ ᠣᠷᠣᠯᠴᠠᠵᠠᠢ᠃ ᠬᠠᠭᠠᠨ ᠤ᠋ ᠮᠣᠷᠢᠳ ᠡᠨᠡ ᠭᠡᠷ ᠦ᠋ᠨ ᠬᠦᠷᠢᠶᠡᠨ ᠳᠣᠲᠣᠷ᠎ᠠ ᠪᠠᠢᠯ᠎ᠠ᠂ ᠲᠡᠳᠡᠨ ᠢ᠋ ᠬᠢᠴᠢᠶᠡᠩᠭᠦᠢ ᠭᠠᠮᠨᠠᠨ ᠠᠷᠠᠴᠢᠯᠠᠵᠤ ᠰᠡᠭᠦᠯ ᠴᠢᠬᠢ ᠬᠣᠶᠠᠷ ᠠ᠋ᠴᠠ ᠪᠤᠰᠤᠳ ᠢ᠋ ᠨᠢ ᠦᠵᠡᠭᠳᠡᠬᠦ ᠦᠭᠡᠢ ᠪᠣᠯᠲᠠᠯ᠎ᠠ ᠨᠡᠮᠨᠡᠨ ᠬᠤᠴᠢᠳᠠᠭ ᠪᠠᠢᠵᠠᠢ᠃ ᠭᠦᠶᠦᠭ ᠬᠠᠭᠠᠨ ᠠᠩ ᠠᠪᠠᠯᠠᠬᠤ ᠳ᠋ᠠᠭᠠᠨ ᠮᠣᠷᠢᠨ ᠤ᠋ ᠬᠤᠷᠳᠤ ᠭᠠᠪᠰᠢᠭᠠᠢ ᠴᠢᠳᠠᠯ ᠬᠣᠶᠠᠷ ᠢ᠋ ᠣᠨᠴᠣᠭᠣᠢ ᠡᠷᠬᠢᠮᠯᠡᠨ᠎ᠡ᠃ ᠭᠦᠶᠦᠭ᠂ ᠡᠪᠦᠭᠡ ᠡᠴᠢᠭᠡ ᠴᠢᠩᠭᠢᠰ ᠬᠠᠭᠠᠨ ᠤ᠋ ᠲᠣᠭᠲᠠᠭᠠᠭᠰᠠᠨ ᠲᠦᠭᠡᠮᠡᠯ ᠵᠢᠷᠤᠮ ᠢ᠋ ᠨᠢᠭᠡᠳ ᠨᠢᠭᠡᠨ ᠦᠭᠡᠢ ᠳᠠᠭᠤᠷᠢᠶᠠᠬᠤ ᠶ᠋ᠢ ᠡᠷᠡᠮᠡᠯᠵᠡᠨ ᠠᠰᠠᠷ ᠤ᠋ᠨ ᠢ᠋ᠶ᠋ᠠᠨ ᠳᠡᠷᠭᠡᠳᠡ ᠥᠨᠳᠥᠷ ᠡᠰᠢᠲᠡᠢ ᠲᠠᠪᠤᠨ ᠥᠨᠴᠥᠭᠲᠦ ᠬᠠᠷ᠎ᠠ ᠲᠤᠭ ᠬᠠᠳᠬᠤᠭᠰᠠᠨ ᠤ᠋ ᠳᠡᠭᠡᠷ᠎ᠡ ᠮᠣᠩᠭᠣᠯ ᠤ᠋ᠨ ᠠᠶᠠᠨ ᠲᠡᠢᠨ ᠦ᠌ ᠲᠣᠭᠰᠢᠨ ᠡᠵᠡᠨ ᠲᠡᠢᠨ ᠦ᠌ ᠰᠦᠯᠳᠡ ᠳᠡᠭᠡᠷ᠎ᠡ ᠠᠳᠤᠭᠤᠰᠤ ᠲᠡᠷᠢᠭᠦᠲᠡᠢ ᠪᠥᠭᠡᠳ ᠮᠣᠷᠢ ᠤᠨᠤᠭᠰᠠᠨ ᠰᠠᠬᠢᠭᠤᠰᠤ ᠶ᠋ᠢ ᠠᠯᠲᠠᠨ ᠱᠠ ᠪᠠᠷ ᠤᠶᠠᠵᠠᠢ᠃ ᠪᠥᠬᠡ ᠨᠦ᠍ᠭᠦᠳ ᠦ᠋ᠨ ᠥᠭᠦᠯᠡᠳᠡᠭ ᠨᠢ ᠰᠦᠯᠳᠡ ᠲᠩᠷᠢ᠂ ᠴᠢᠩᠭᠢᠰ ᠬᠠᠭᠠᠨ ᠤ᠋ ᠲᠡᠢᠨ ᠳ᠋ᠦ᠍ ᠮᠣᠷᠳᠠᠬᠤ ᠳ᠋ᠤ᠌ ᠬᠠᠭᠠᠴᠠᠯ ᠦᠭᠡᠢ ᠰᠠᠬᠢᠵᠤ ᠶᠢᠷᠲᠢᠨᠴᠦ ᠶ᠋ᠢ ᠳᠣᠩᠰᠣᠯᠤᠭᠤᠯᠬᠤ ᠢᠯᠠᠯᠲᠠ ᠳ᠋ᠤ᠌ ᠬᠦᠷᠭᠡᠳᠡᠭ᠃ ᠡᠭᠦᠨ ᠦ᠌ ᠤᠴᠢᠷ ᠬᠠᠷ᠎ᠠ ᠨᠢᠳᠦ ᠲᠡᠢ ᠲᠤᠩ ᠴᠠᠭᠠᠨ ᠡᠮᠨᠢᠭ ᠠᠵᠢᠷᠭ᠎ᠠ᠂ ᠴᠢᠩᠭᠢᠰ ᠬᠠᠭᠠᠨ ᠢ᠋ ᠦᠷᠭᠦᠯᠵᠢ ᠳᠠᠭᠠᠵᠤ ᠶᠠᠪᠤᠪᠠ ᠭᠡᠨ᠎ᠡ᠃ ᠴᠢᠩᠭᠢᠰ ᠬᠠᠭᠠᠨ ᠤ᠋ ᠠᠴᠢ ᠭᠦᠶᠦᠭ ᠬᠠᠭᠠᠨ ᠪᠠᠰᠠ ᠲᠡᠷᠡᠴᠢᠯᠡᠨ ᠠᠰᠠᠷ ᠤ᠋ᠨ ᠳᠡᠷᠭᠡᠳᠡ ᠡᠮᠨᠢᠭ ᠴᠠᠭᠠᠨ ᠠᠵᠢᠷᠭ᠎ᠠ ᠶ᠋ᠢ ᠪᠠᠢᠯᠭᠠᠵᠤ ᠲᠡᠭᠦᠨ ᠢ᠋ ᠨᠢ ᠬᠣᠶᠠᠷ ᠪᠥᠬᠡ ᠢᠮᠠᠭᠲᠠ ᠠᠷᠠᠴᠢᠯᠠᠨ ᠮᠠᠯᠯᠠᠨ᠎ᠠ᠃ ᠬᠠᠷ᠎ᠠ ᠬᠦᠷᠡᠩ ᠠᠰᠠᠷ ᠤ᠋ᠨ ᠡᠮᠦᠨ᠎ᠡ ᠬᠣᠶᠠᠷ ᠮᠥᠩᠬᠡ ᠲᠦᠳᠡᠭ ᠨᠣᠴᠣᠵᠤ ᠬᠤᠩᠬ᠎ᠠ ᠵᠡᠭᠦᠭᠰᠡᠨ ᠪᠥᠬᠡ ᠨᠠᠷ ᠪᠥᠰᠡᠨ ᠳ᠋ᠡᠭᠡᠨ ᠢᠰᠡᠭᠡᠢ ᠬᠡᠦᠬᠡᠯᠳᠡᠢ ᠬᠠᠪᠴᠢᠭᠤᠯᠵᠤ ᠭᠠᠯ ᠢ᠋ ᠲᠣᠭᠣᠷᠢᠨ ᠳᠡᠪᠬᠡᠴᠡᠨ ᠴᠣᠪᠬᠣᠴᠢᠨ ᠬᠡᠩᠭᠡᠷᠭᠡ ᠳᠡᠯᠡᠳᠴᠦ ᠪᠠᠢᠵᠠᠢ᠃
ᠳᠥᠷᠪᠡᠨ ᠮᠣᠩᠭᠣᠯ ᠬᠥᠮᠦᠨ ᠲᠠᠪᠴᠠᠩ ᠥᠭᠡᠳᠡ ᠠᠯᠭᠤᠷ ᠥᠭᠰᠥᠨ ᠮᠠᠢᠭ ᠬᠥᠯ ᠢ᠋ᠶ᠋ᠡᠨ ᠠᠯᠴᠠᠭᠨᠠᠭᠤᠯᠤᠨ ᠠᠷᠤ ᠳ᠋ᠠᠭᠠᠨ ᠨᠤᠮᠤ ᠠᠭᠰᠠᠭᠠᠳ ᠪᠥᠬᠥᠢᠨ ᠶᠠᠪᠤᠪᠠ᠃ ᠲᠦᠳᠡᠭ ᠦ᠋ᠨ ᠳᠡᠷᠭᠡᠳᠡ ᠣᠴᠢᠮᠠᠭᠴᠠ ᠪᠥᠬᠡ ᠨᠠᠷ ᠲᠸ᠋ ᠲᠣᠯᠣᠭᠠᠢ ᠪᠠᠨ ᠲᠣᠩᠭᠣᠢᠵᠤ ᠮᠥᠷᠭᠥᠬᠦ ᠳ᠋ᠦ᠍ᠨᠢ ᠬᠠᠷ᠎ᠠ ᠰᠠᠨᠠᠭ᠎ᠠ ᠬᠣᠣᠷᠲᠤ ᠪᠣᠳᠣᠯᠭ᠎ᠠ ᠶ᠋ᠢ ᠨᠢ ᠤᠲᠤᠭᠠᠨ ᠤ᠋ ᠬᠠᠮᠲᠤ ᠵᠠᠢᠯᠠᠭᠤᠯᠬᠤ ᠶ᠋ᠢᠨ ᠲᠤᠯᠠᠳᠠ ᠲᠡᠳᠡ ᠵᠠᠯᠪᠠᠷᠢᠯ ᠢ᠋ ᠴᠢᠩᠭ᠎ᠠ ᠤᠩᠰᠢᠨ ᠰᠠᠩ ᠤ᠋ᠨ ᠤᠲᠤᠭ᠎ᠠ ᠪᠠᠷ ᠠᠷᠢᠭᠤᠯᠠᠪᠠ᠃ ᠠᠰᠠᠷ ᠤ᠋ᠨ ᠡᠭᠦᠳᠡᠨ ᠳ᠋ᠦ᠍ ᠬᠣᠶᠠᠷ ᠲᠣᠷᠭᠤᠳ ᠵᠢᠳᠠ ᠶ᠋ᠢ ᠵᠥᠷᠢᠯᠳᠦᠭᠦᠯᠦᠨ ᠰᠠᠭᠤᠭᠠᠳ ᠣᠷᠤᠭᠴᠢᠳ ᠬᠥᠰᠢᠭᠡ ᠶ᠋ᠢ ᠰᠤᠮᠤ ᠪᠠᠷ ᠰᠡᠮᠬᠡᠨ ᠰᠡᠬᠦᠬᠦ᠂ ᠪᠣᠱᠣᠭᠠᠨ ᠳ᠋ᠤ᠌ ᠬᠥᠯ ᠢ᠋ᠶ᠋ᠡᠨ ᠬᠦᠷᠭᠡᠬᠦ ᠦᠭᠡᠢ ᠪᠠᠢᠬᠤ ᠶ᠋ᠢ ᠬᠠᠷᠠᠭᠠᠯᠵᠠᠨ᠎ᠠ᠃ ᠡᠰᠡ ᠲᠡᠭᠡᠪᠡᠯ ᠲᠩᠷᠢ ᠬᠢᠯᠢᠩᠯᠡᠵᠦ ᠡᠭᠦᠯᠡ ᠶ᠋ᠢᠨ ᠴᠢᠨᠠᠳᠤᠬᠢ ᠲᠣᠭᠰᠢᠨ ᠰᠠᠬᠢᠭᠤᠰᠤ ᠴᠠᠬᠢᠯᠭᠠᠨ ᠴᠠᠬᠢᠯᠤᠭᠤᠯᠤᠨ ᠠᠰᠠᠷ ᠤ᠋ᠨ ᠡᠵᠡᠨ ᠳ᠋ᠦ᠍ ᠠᠶᠤᠩᠭ᠎ᠠ ᠪᠠᠭᠤᠯᠭᠠᠵᠤ ᠪᠣᠯᠵᠣᠰᠢ ᠦᠭᠡᠢ᠃ ᠵᠥᠷᠢᠯᠳᠦᠭᠦᠯᠦᠭᠰᠡᠨ ᠵᠢᠳᠠᠨ ᠤ᠋ ᠳᠡᠭᠡᠭᠦᠷ ᠴᠡᠷᠢᠭ ᠳᠡᠰ ᠳᠠᠷᠠᠭ᠎ᠠ ᠪᠠᠷ ᠠᠯᠬᠤᠯᠠᠵᠤ ᠡᠪᠦᠳᠦᠭ ᠰᠥᠬᠥᠷᠡᠨ ᠳᠡᠯᠭᠡᠭᠰᠡᠨ ᠴᠠᠭᠠᠨ ᠢᠰᠡᠭᠡᠢ ᠳ᠋ᠦ᠍ ᠡᠷᠡᠦ ᠪᠡᠨ ᠬᠦᠷᠭᠡᠭᠡᠳ᠂
— ᠡᠷᠬᠢᠮ ᠳᠡᠭᠡᠳᠦᠰ ᠦ᠋ᠨ ᠠᠯᠳᠠᠷ ᠳᠠᠭᠤᠷᠢᠰᠴᠤ ᠢᠯᠠᠵᠤ ᠲᠠᠢᠯᠤᠨ ᠤᠷᠲᠤ ᠨᠠᠰᠤᠲᠠᠢ ᠪᠣᠯᠲᠤᠭᠠᠢ! ᠭᠡᠵᠦ ᠠᠢᠯᠠᠳᠬᠠᠬᠤ ᠳ᠋ᠤ᠌ ᠬᠠᠷᠢᠭᠤ ᠳ᠋ᠤᠨᠢ᠄
— ᠨᠠᠰᠢ ᠪᠠᠨ ᠣᠢᠷᠠᠳᠤᠭᠲᠤᠨ ᠭᠡᠵᠦ ᠰᠣᠨᠣᠰᠤᠭᠳᠠᠯ᠎ᠠ᠃ ᠴᠡᠷᠢᠭ ᠦ᠋ᠨ ᠡᠷᠡᠰ ᠡᠪᠦᠳᠦᠭ ᠢ᠋ᠶ᠋ᠡᠷ ᠢ᠋ᠶ᠋ᠡᠨ ᠣᠷᠣᠭᠰᠢ ᠮᠦᠯᠬᠦᠰᠬᠢᠨ ᠪᠣᠰᠴᠠᠭᠠᠯᠠ᠃ ᠠᠯᠲᠠ ᠶᠠᠰᠤ ᠬᠣᠶᠠᠷ ᠢ᠋ᠶ᠋ᠠᠷ ᠤᠭᠠᠯᠵᠠ ᠭᠠᠷᠭᠠᠭᠰᠠᠨ ᠨᠠᠮᠬᠠᠨ ᠥᠷᠭᠡᠨ ᠰᠢᠷᠡᠭᠡᠨ ᠳᠡᠭᠡᠷ᠎ᠡ ᠲᠣᠮᠣ ᠭᠡᠳᠡᠰᠦ ᠲᠡᠢ ᠴᠡᠯᠴᠡᠭᠡᠷ ᠵᠠᠯᠠᠭᠤ ᠡᠷ᠎ᠡ ᠵᠠᠪᠢᠯᠠᠨ ᠰᠠᠭᠤᠵᠠᠢ᠃ ᠤᠯᠠᠪᠤᠷ ᠰᠢᠷ᠎ᠠ ᠮᠠᠯᠠᠭᠠᠢ ᠶ᠋ᠢᠨ ᠳᠡᠭᠡᠷ᠎ᠡ ᠨᠢ ᠠᠷᠢᠭᠤᠨ ᠴᠠᠬᠤᠯᠠᠢ ᠶ᠋ᠢᠨ ᠬᠡᠰᠡᠭ ᠰᠠᠭᠰᠠᠭᠠᠷ ᠴᠠᠭᠠᠨ ᠥᠳᠥ ᠪᠣᠢ᠃ ᠡᠨᠡ ᠪᠣᠯ ᠴᠢᠩᠭᠢᠰ ᠬᠠᠭᠠᠨ ᠤ᠋ ᠤᠭᠰᠠᠭ᠎ᠠ ᠶ᠋ᠢᠨ ᠠᠴᠢ ᠶ᠋ᠢᠨ ᠲᠡᠮᠳᠡᠭ᠃ ᠬᠠᠨᠴᠤᠢ ᠦᠭᠡᠢ᠂ ᠠᠯᠲᠠᠨ ᠯᠤᠤ ᠲᠠᠢ ᠬᠦᠷᠡᠩ ᠲᠣᠷᠭᠠᠨ ᠳᠡᠪᠡᠯ᠂ ᠥᠨᠳᠥᠷ ᠲᠠᠬᠢᠷ ᠲᠣᠪᠬᠤ ᠲᠠᠢ ᠤᠯᠠᠭᠠᠨ ᠰᠠᠷᠢᠰᠤᠨ ᠱᠠᠬᠠᠢ ᠡᠮᠦᠰᠴᠡᠢ᠃ ᠰᠢᠷᠡᠭᠡᠨ ᠦ᠌ ᠳᠡᠭᠡᠷ᠎ᠡ ᠪᠠᠷᠠᠭᠤᠨ ᠬᠠᠵᠠᠭᠤ ᠳ᠋ᠤᠨᠢ ᠡᠵᠡᠨ ᠦ᠌ ᠲᠡᠮᠳᠡᠭ ᠠᠯᠲᠠᠨ ᠲᠣᠨᠣᠭ ᠲᠠᠢ ᠲᠡᠮᠦᠷ ᠰᠢᠲᠠᠮ᠂ ᠵᠡᠭᠦᠨ ᠡᠲᠡᠭᠡᠳ ᠲᠤᠨᠢ ᠵᠠᠭᠠᠨ ᠤ᠋ ᠰᠣᠶᠣᠭᠠᠨ ᠤᠷᠲᠤ ᠪᠠᠩᠵᠠ ᠪᠠᠢᠵᠠᠢ᠃ ᠬᠥᠶᠦᠭ ᠬᠠᠭᠠᠨ ᠣᠨᠢᠭᠠᠷ ᠨᠢᠳᠦ ᠪᠡᠷ ᠢ᠋ᠶ᠋ᠡᠨ ᠳᠥᠷᠪᠡᠨ ᠮᠣᠩᠭᠣᠯ ᠤ᠋ᠨ ᠨᠢᠭᠤᠷ ᠢ᠋ ᠠᠵᠢᠭᠯᠠᠵᠤ᠄
— ᠲᠠᠨᠠᠷ ᠪᠠᠰᠠ ᠯᠠ ᠭᠠᠯᠠᠭᠤ ᠠᠳᠠᠯᠢ ᠬᠣᠭᠣᠰᠣᠨ ᠰᠠᠪᠠᠷ ᠲᠠᠢ ᠢᠷᠡᠪᠡ ᠤᠤ? ᠪᠦᠰᠡ ᠨᠢ ᠬᠠᠮᠢᠭ᠎ᠠ ᠪᠣᠢ? ᠮᠠᠯᠠᠭᠠᠢ ᠨᠢ ᠠᠯᠢ ᠪᠣᠢ? ᠪᠠᠳᠮᠠᠷᠠᠭ᠎ᠠ ᠲᠣᠪᠴᠢ ᠨᠢ ᠬᠠᠮᠢᠭ᠎ᠠ ᠪᠠᠢᠨ᠎ᠠ? ᠶᠠᠰᠤᠨ ᠪᠠᠩᠵᠠ ᠶ᠋ᠢ ᠪᠠᠷᠢᠵᠤ ᠲᠡᠳᠡ ᠨᠠᠷ ᠤ᠋ᠨ ᠬᠠᠴᠠᠷ ᠤᠷᠤᠭᠤ ᠵᠠᠨᠴᠢᠪᠠ᠃ ᠲᠡᠳᠡᠨ ᠦ᠌ ᠴᠢᠷᠠᠢ ᠨᠢ ᠬᠥᠷᠯᠢᠢ᠍ᠭᠡᠳ ᠬᠥᠳᠡᠯᠦᠯ ᠦᠭᠡᠢ ᠪᠠᠲᠤ ᠵᠣᠭᠰᠣᠵᠠᠭᠠᠨ ᠴᠣᠬᠢᠬᠤ ᠪᠦᠷᠢ ᠲᠣᠯᠣᠭᠠᠢ ᠨᠢ ᠥᠷᠭᠡᠨ ᠮᠥᠷᠥ ᠤᠷᠤᠭᠤ ᠪᠠᠨ ᠯᠠᠪ ᠰᠢᠭᠢᠳᠦᠨ ᠣᠷᠣᠬᠤ ᠮᠡᠲᠦ ᠦᠵᠡᠭᠳᠡᠯ᠎ᠡ᠃ ᠳᠡᠯᠡᠬᠡᠢ ᠶ᠋ᠢᠨ ᠡᠵᠡᠨ ᠪᠢᠳᠡᠨ ᠢ᠋ ᠥᠷᠥᠰᠢᠶᠡᠨ᠎ᠡ ᠭᠡᠵᠦ ᠨᠢᠭᠡᠨ ᠵᠡᠷᠭᠡ ᠥᠭᠦᠯᠡᠵᠦ ᠳᠠᠬᠢᠨ ᠢᠰᠡᠭᠡᠢ ᠳᠡᠭᠡᠷ᠎ᠡ ᠨᠢᠭᠤᠷ ᠢ᠋ᠶ᠋ᠠᠷ ᠢ᠋ᠶ᠋ᠠᠨ ᠮᠥᠷᠭᠥᠪᠡ᠃
ᠮᠥᠩᠬᠡ — ᠰᠠᠯ(ᠤᠬᠠᠭᠠᠨᠲᠤ) ᠴᠢ ᠡᠬᠢᠯᠡᠭᠡᠳ ᠬᠡᠯᠡᠭᠲᠦᠨ! ᠴᠢ ᠬᠠᠮᠤᠭ ᠤ᠋ᠨ ᠰᠡᠴᠡᠨ ᠨᠢ ᠪᠢᠯᠡ ᠭᠡᠬᠦ ᠳ᠋ᠦ᠍ ᠲᠡᠷᠡ ᠨᠢ᠄
— ᠡᠵᠡᠨ ᠮᠢᠨᠢ ᠪᠢ ᠵᠢᠭᠤᠲᠠᠰᠤᠭᠠᠢ᠂ ᠠᠯᠤᠰ ᠤ᠋ᠨ ᠣᠳᠣᠨ ᠤ᠋ ᠵᠦᠭ ᠭᠠᠷ ᠢ᠋ᠶ᠋ᠠᠨ ᠰᠠᠷᠪᠠᠢᠭᠰᠠᠨ ᠪᠠᠲᠤ ᠬᠠᠭᠠᠨ ᠰᠥᠪᠡᠭᠡᠳᠡᠢ ᠪᠠᠭᠠᠲᠤᠷ ᠠ᠋ᠴᠠ ᠰᠠᠯᠵᠤ ᠲᠠᠪᠤᠨ ᠲᠠᠩᠨᠠᠭᠤᠯ ᠤ᠋ᠨ ᠬᠠᠮᠲᠤ ᠰᠢᠭ᠌ᠨᠠᠺ ᠤᠷᠤᠭᠤ ᠳᠠᠪᠰᠢᠨ ᠣᠳᠤᠭᠰᠠᠨ ᠢ᠋ ᠰᠣᠨᠣᠰᠤᠯ᠎ᠠ ᠭᠡᠪᠡ᠃
— ᠰᠥᠪᠡᠭᠡᠳᠡᠢ ᠪᠠᠭᠠᠲᠤᠷ ᠲᠠᠢ ᠭᠡᠷᠡᠯᠲᠦᠭᠡ ᠤᠤ?
— ᠡᠭᠦᠨ ᠢ᠋ ᠪᠢ ᠦᠯᠦ ᠰᠣᠨᠣᠰᠤᠯ᠎ᠠ ᠭᠡᠪᠡ᠃
— ᠴᠣᠬᠣᠮ ᠬᠦ᠌ ᠮᠡᠳᠡᠪᠡᠯ ᠵᠣᠬᠢᠬᠤ ᠵᠦᠢᠯ ᠪᠠᠢᠯ᠎ᠠ᠃ ᠲᠠ ᠨᠠᠷ ᠶᠠᠭᠠᠬᠢᠭᠠᠳ ᠡᠰᠡ ᠪᠠᠷᠢᠵᠤ ᠢᠷᠡᠪᠡ?
— ᠲᠡᠷᠡ ᠰᠢᠭᠤᠳ ᠠᠬ᠎ᠠ ᠲᠠᠩᠭᠤᠳ ᠬᠠᠭᠠᠨ ᠤ᠋ ᠣᠷᠳᠣᠨ ᠳ᠋ᠤ᠌ ᠳᠠᠪᠬᠢᠨ ᠢᠷᠡᠭᠡᠳ ᠬᠣᠶᠠᠭᠤᠯᠠ ᠪᠠᠨ ᠶᠡᠬᠡᠳᠡ ᠮᠠᠷᠭᠤᠨ ᠮᠠᠭᠤᠬᠠᠢ ᠬᠠᠰᠬᠢᠷᠤᠯᠳᠤᠪᠠ᠃ ᠲᠠᠩᠭᠤᠳ ᠬᠠᠭᠠᠨ ᠰᠢᠳᠠᠷ ᠴᠡᠷᠢᠭ ᠢ᠋ ᠳᠠᠭᠤᠳᠠᠨ《ᠡᠭᠦᠨ ᠢ᠋ ᠠᠯᠠᠭᠲᠤᠨ》ᠭᠡᠬᠦ ᠳ᠋ᠦ᠍ ᠪᠠᠲᠤ ᠬᠠᠭᠠᠨ ᠠᠬ᠎ᠠ ᠶ᠋ᠢ ᠪᠡᠨ ᠵᠠᠨᠤᠵᠤ ᠮᠣᠷᠢᠨ ᠳ᠋ᠠᠭᠠᠨ ᠦᠰᠦᠷᠦᠨ ᠮᠣᠷᠳᠠᠭᠠᠳ ᠳᠠᠪᠬᠢᠨ ᠵᠢᠭᠤᠲᠠᠪᠠ ᠭᠡᠪᠡ᠃
— ᠲᠠᠨᠠᠷ ᠨᠡᠬᠡᠪᠡ ᠤᠤ? ᠲᠡᠷᠡ ᠬᠠᠮᠢᠭ᠎ᠠ ᠪᠣᠢ? ᠭᠡᠬᠦ ᠳ᠋ᠦ᠍ ᠮᠣᠩᠭᠣᠯᠴᠤᠳ ᠳᠠᠬᠢᠨ ᠢᠰᠡᠭᠡᠢ ᠳᠡᠭᠡᠷ᠎ᠡ ᠤᠨᠠᠵᠠᠭᠠᠪᠠ᠃
ᠭᠦᠶᠦᠭ ᠬᠠᠭᠠᠨ ᠪᠠᠷᠬᠢᠷᠠᠨ ᠲᠠᠨᠠᠷ ᠴᠡᠷᠢᠭ ᠪᠢᠰᠢ᠂ ᠦᠬᠦᠭᠰᠡᠨ ᠡᠴᠢᠭᠡ ᠶ᠋ᠢᠨ ᠢ᠋ᠶ᠋ᠡᠨ ᠮᠢᠬ᠎ᠠ ᠶ᠋ᠢ ᠢᠳᠡᠭᠰᠡᠨ ᠤᠰᠤᠨ ᠲᠡᠨᠡᠭ ᠦ᠋ᠳ᠂ ᠮᠤᠤᠰᠠᠢᠨ ᠳᠣᠭᠣᠯᠠᠩ ᠢᠮᠠᠭ᠎ᠠ ᠨᠤᠭᠤᠳ ᠭᠡᠳ ᠢᠲᠡᠭᠡᠯ ᠦᠭᠡᠢ ᠭᠢᠯᠦᠢᠵᠦ ᠵᠦᠬᠡᠨ ᠰᠢᠪᠡᠨᠡᠵᠦ᠄
— ᠬᠣᠲᠠ ᠶ᠋ᠢ ᠲᠣᠭᠣᠷᠢᠨ ᠳᠠᠪᠬᠢᠵᠤ ᠮᠢᠨᠦ ᠬᠣᠷᠣᠰᠤᠯᠳᠤ ᠳᠠᠢᠰᠤᠨ ᠢ᠋ ᠡᠷᠢᠭᠲᠦᠨ᠃ ᠵᠢᠷᠭᠤᠭᠠᠬᠠᠨ ᠪᠠᠳᠮᠠᠷᠠᠭ᠎ᠠ ᠲᠣᠪᠴᠢ ᠲᠠᠢ᠂ ᠬᠥᠬᠡ ᠳᠡᠪᠡᠯ ᠲᠡᠢ ᠶᠠᠪᠤᠭ᠎ᠠ ᠲᠡᠭᠦᠨ ᠦ᠌ ᠪᠠᠭᠠᠯᠵᠤᠤᠷ ᠢ᠋ ᠰᠢᠬᠠᠨ ᠠᠯᠠᠪᠠᠯ ᠲᠠᠨᠠᠷ ᠵᠠᠭᠤᠲᠤ ᠶ᠋ᠢᠨ ᠳᠠᠷᠤᠭ᠎ᠠ ᠪᠣᠯᠤᠨ᠎ᠠ᠂ ᠮᠢᠩᠭᠠᠨ ᠤ᠋ ᠳᠠᠷᠤᠭ᠎ᠠ ᠴᠤ᠌ ᠪᠣᠯᠤᠨ᠎ᠠ᠃ ᠬᠠᠷᠢᠨ ᠭᠠᠷ ᠬᠣᠭᠣᠰᠣᠨ ᠡᠷᠭᠢᠵᠦ ᠢᠷᠠᠪᠠᠰᠤ ᠬᠡᠷᠪᠡ ᠲᠡᠷᠡ ᠪᠠᠷᠳᠠᠮ ᠠᠮᠢᠲᠠᠨ ᠵᠢᠯᠣᠭᠣᠳᠤᠭᠴᠢ ᠳ᠋ᠵᠢᠬᠠᠩᠭᠢᠷ ᠪᠣᠯᠪᠠᠯ ᠲᠠᠨᠠᠷ ᠦᠬᠦᠯ ᠡᠴᠡ ᠵᠠᠢᠯᠠᠬᠤ ᠦᠭᠡᠢ᠃ ᠴᠠᠭᠠᠵᠠᠯᠠᠭᠴᠢᠳ ᠲᠠᠨᠠᠷ ᠤ᠋ᠨ ᠴᠢᠬᠢ ᠶ᠋ᠢ ᠣᠭᠲᠣᠯᠤᠨ᠂ ᠤᠭᠤᠴᠠ ᠶ᠋ᠢ ᠬᠤᠭᠤᠯᠤᠨ᠎ᠠ᠂ ᠮᠡᠳᠡᠪᠡ ᠤᠤ ᠪᠤᠰᠢᠭᠤᠬᠠᠨ! ᠭᠡᠬᠦ ᠳ᠋ᠦ᠍ ᠮᠣᠩᠭᠣᠯ ᠴᠡᠷᠢᠭ ᠦ᠋ᠳ ᠭᠡᠳᠡᠷᠭᠦ ᠤᠬᠤᠷᠢᠨ ᠮᠥᠯᠬᠥᠵᠦ ᠮᠥᠩᠭᠥᠨ ᠱᠠ ᠪᠠᠷ ᠦᠷᠦᠪᠳᠡᠰᠦ ᠬᠠᠳᠬᠤᠭᠰᠠᠨ ᠬᠠᠷ᠎ᠠ ᠡᠭᠦᠳᠡᠨ ᠦ᠌ ᠭᠠᠳᠠᠨ᠎ᠠ ᠭᠠᠷᠤᠯ᠎ᠠ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠢᠮᠡᠭ᠂ ᠵᠢᠩᠯᠢᠬᠤᠸᠠᠷ
ᠬᠢᠨᠠᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ
