ᠪᠠᠲᠤ ᠬᠠᠭᠠᠨ 1-07ᠢᠮᠡᠮ ᠨᠠᠷ ᠭᠠᠢᠬᠠᠰᠢ ᠲᠠᠰᠤᠷᠠᠪᠠ Бат хаан
ᠳᠣᠯᠣᠭ᠎ᠠ ᠢᠮᠡᠮ ᠨᠠᠷ ᠭᠠᠢᠬᠠᠰᠢ ᠲᠠᠰᠤᠷᠠᠪᠠ
ᠮᠣᠵᠢ ᠶ᠋ᠢᠨ ᠵᠠᠬᠢᠷᠤᠯ ᠲᠠᠩᠭᠤᠳ ᠬᠠᠭᠠᠨ ᠤ᠋ ᠪᠠᠢᠰᠢᠩ ᠤ᠋ᠨ ᠥᠨᠳᠥᠷ ᠬᠠᠭᠠᠯᠭᠠᠨ ᠳ᠋ᠤ᠌᠂ ᠰᠤᠳᠠᠯᠲᠠᠢ ᠤᠯᠠᠭᠠᠨ ᠲᠣᠷᠭᠠᠨ ᠳᠡᠪᠡᠯ ᠲᠡᠢ ᠬᠣᠶᠠᠷ ᠶᠡᠬᠡᠮᠰᠦᠭ ᠡᠪᠦᠭᠡᠨ ᠬᠦᠷᠴᠦ ᠢᠷᠡᠵᠡᠢ᠃ ᠨᠢᠭᠡ ᠨᠢ ᠭᠠᠷ ᠲᠠᠭᠠᠨ ᠴᠠᠭᠠᠨ ᠰᠡᠯᠡᠮ᠎ᠡ᠂ ᠨᠥᠭᠦᠭᠡ ᠨᠢ ᠲᠣᠮᠣ ᠴᠠᠭᠠᠨ ᠲᠡᠷᠢᠭᠦᠯᠡᠭᠴᠢ ᠴᠡᠴᠡᠭ ᠪᠠᠷᠢᠵᠠᠢ᠃
ᠲᠡᠳᠡ ᠡᠨᠡ ᠪᠡᠯᠡᠭ ᠢ᠋᠂ ᠡᠷᠳᠡᠨᠢᠲᠦ ᠤᠮᠳᠠ ᠶ᠋ᠢ ᠠᠮᠠᠰᠠᠷ ᠲᠤᠨᠢ ᠬᠦᠷᠲᠡᠯ᠎ᠡ ᠳᠦᠭᠦᠷᠦᠭᠰᠡᠨ ᠰᠢᠯ ᠬᠤᠨᠳᠠᠭ᠎ᠠ ᠶ᠋ᠢ ᠪᠠᠷᠢᠭᠰᠠᠨ ᠮᠡᠲᠦ ᠰᠦᠷᠲᠡᠢ ᠠᠪᠴᠤ ᠶᠠᠪᠤᠨ᠎ᠠ᠃ ᠡᠪᠦᠭᠡᠳ ᠦ᠋ᠨ ᠬᠣᠢᠨ᠎ᠠ ᠠ᠋ᠴᠠ ᠭᠡᠶᠦᠷᠡᠨ ᠵᠣᠪᠠᠨᠢᠭᠰᠠᠨ ᠴᠢᠷᠠᠢ ᠲᠠᠢ ᠥᠯᠥᠨ ᠲᠤᠷᠠᠩᠬᠠᠢ ᠬᠣᠷᠢᠨ ᠱᠠᠪᠢ ᠬᠦᠨᠳᠦᠳᠬᠡᠨ ᠳᠠᠭᠠᠵᠠᠢ᠃
ᠬᠣᠶᠠᠷ ᠡᠪᠦᠭᠡᠨ ᠦ᠌ ᠴᠠᠰᠤᠨ ᠴᠠᠭᠠᠨ ᠳᠠᠷᠪᠠᠩ ᠮᠠᠯᠠᠭᠠᠢ᠂ ᠤᠷᠲᠤ ᠵᠠᠰᠠᠮᠠᠯ ᠰᠠᠬᠠᠯ᠂ ᠰᠢᠮᠳᠠᠮᠠᠲᠠᠭᠠᠢ ᠶᠡᠬᠡᠮᠰᠦᠭ ᠴᠢᠷᠠᠢ ᠨᠢ ᠲᠡᠷᠡ ᠬᠣᠶᠠᠷ ᠪᠣᠯ ᠶᠡᠷᠦ ᠶ᠋ᠢᠨ ᠬᠢᠯᠢᠨᠴᠡᠲᠦ ᠬᠥᠮᠦᠨ ᠪᠠ ᠡᠭᠦᠯᠡ ᠶ᠋ᠢᠨ ᠴᠢᠨᠠᠳᠤᠬᠢ ᠪᠣᠯᠣᠷ ᠣᠭᠲᠠᠷᠭᠤᠢ ᠳ᠋ᠤ᠌ ᠵᠠᠯᠠᠷᠠᠳᠠᠭ ᠬᠠᠮᠤᠭ ᠤ᠋ᠨ ᠬᠦᠴᠦᠲᠦ ᠠᠯᠠᠯᠾ ᠬᠣᠶᠠᠷ ᠤ᠋ᠨ ᠬᠣᠭᠣᠷᠣᠨᠳᠣ ᠦᠢᠯᠡᠴᠢᠯᠡᠭᠴᠢ ᠠᠷᠢᠭᠤᠨ ᠢᠮᠡᠮ ᠪᠤᠶᠤ ᠢᠱᠠᠨ ᠨᠠᠷ ᠤ᠋ᠨ ᠪᠦᠯᠦᠭ ᠲᠦ᠍ ᠪᠠᠭᠲᠠᠬᠤ ᠬᠥᠮᠦᠰ ᠪᠣᠯᠬᠤ ᠶ᠋ᠢ ᠦᠵᠡᠭᠦᠯᠵᠦ ᠪᠠᠢᠯ᠎ᠠ᠃
ᠯᠠᠮᠠ ᠨᠠᠷ ᠶᠡᠷᠦᠩᠬᠡᠢ ᠸᠸᠺᠢᠯ ᠢ᠋ ᠳᠠᠭᠤᠳᠠᠬᠤ ᠭᠡᠵᠦ ᠢᠷᠡᠭᠡᠳ ᠲᠡᠭᠦᠨ ᠦ᠌ ᠰᠠᠨᠳᠤᠷᠤᠭᠰᠠᠨ ᠰᠠᠮᠭᠠᠷᠳᠠᠭᠰᠠᠨ ᠪᠠᠢᠳᠠᠯ ᠲᠠᠢ ᠬᠦᠷᠴᠦ ᠢᠷᠡᠲᠡᠯ᠎ᠡ ᠨᠢ ᠶᠡᠬᠡ ᠯᠡ ᠤᠳᠠᠭᠠᠨ ᠬᠦᠯᠢᠶᠡᠵᠡᠢ᠃ ᠲᠡᠭᠦᠨ ᠦ᠌ ᠪᠣᠭᠣᠯᠲᠠ ᠨᠢ ᠠᠷᠤ ᠰᠢᠯᠢ ᠤᠷᠤᠭᠤ ᠪᠠᠨ ᠭᠤᠯᠭᠤᠵᠤ ᠭᠠᠷ ᠢ᠋ᠶ᠋ᠠᠷ ᠢ᠋ᠶ᠋ᠠᠨ ᠮᠠᠩᠨᠠᠢ ᠶ᠋ᠢᠨ ᠬᠥᠯᠥᠰᠥ ᠶ᠋ᠢ ᠪᠠᠢᠨ ᠪᠠᠢᠨ ᠠᠷᠴᠢᠯ᠎ᠠ᠃
ᠢᠷᠡᠭᠴᠢᠳ ᠢ᠋ ᠬᠠᠷᠠᠭᠠᠳ ᠪᠤᠷᠬᠠᠨ ᠤ᠋ ᠬᠦᠨᠳᠦᠲᠦ ᠱᠠᠪᠢ ᠨᠠᠷ ᠢ᠋ ᠲᠡᠳᠦᠢ ᠤᠳᠠᠭᠠᠨ ᠬᠦᠯᠢᠶᠡᠯᠭᠡᠭᠰᠡᠨ ᠳ᠋ᠦ᠍ ᠠᠭᠤᠴᠢᠯᠠᠬᠤ ᠶ᠋ᠢ ᠭᠤᠶᠤᠵᠤ᠄
— ᠲᠠᠩᠭᠤᠳ ᠬᠠᠭᠠᠨ ᠨᠠᠳᠠᠳᠤ ᠮᠣᠩᠭᠣᠯ ᠤ᠋ᠨ ᠬᠠᠭᠠᠨ ᠤ᠋ ᠬᠦᠰᠡᠭᠰᠡᠨ ᠪᠦᠬᠦᠨ ᠢ᠋ ᠡᠰᠡᠷᠭᠦᠴᠡᠯ ᠦᠭᠡᠢ ᠭᠦᠢᠴᠡᠳᠭᠡ ᠭᠡᠵᠦ ᠲᠤᠰᠢᠶᠠᠪᠠ᠃
ᠭᠡᠲᠡᠯ᠎ᠡ ᠡᠳᠡ ᠴᠥᠮ ᠥᠪᠡᠷ ᠦ᠋ᠨ ᠮᠣᠷᠢ ᠱᠣᠩᠬᠣᠷ ᠲᠠᠢᠭ᠎ᠠ ᠶ᠋ᠢ ᠵᠠᠷᠤᠴᠠ ᠨᠠᠷ ᠤ᠋ᠨ ᠬᠠᠮᠲᠤ ᠣᠷᠳᠣᠨ ᠳ᠋ᠤ᠌ ᠢᠷᠡᠭᠰᠡᠨ ᠢ᠋ ᠴᠥᠮ ᠳ᠋ᠦ᠍ᠨᠢ ᠪᠠᠢᠷᠢ᠂ ᠬᠣᠭᠣᠯᠠ᠂ ᠤᠮᠳᠠ ᠪᠡᠯᠡᠳᠬᠡᠬᠦ ᠳ᠋ᠦ᠍ ᠬᠢᠯᠪᠠᠷ ᠤᠤ? ᠠᠷᠢᠭᠤᠨ ᠴᠢᠩᠭᠢᠰ ᠶᠠᠮᠠᠷ ᠲᠤᠬᠠᠢ ᠮᠣᠷᠢᠯᠠᠨ ᠢᠷᠡᠵᠡᠭᠡᠪᠡ ?ᠭᠡᠬᠦ ᠳ᠋ᠦ᠍ ᠠᠬᠠᠮᠠᠳ ᠢᠮᠠᠮ᠄ 《ᠪᠢᠳᠡ ᠬᠠᠭᠠᠨ ᠤ᠋ ᠢᠵᠠᠭᠤᠷᠲᠤ ᠠᠴᠢ ᠨᠠᠷ ᠰᠢᠭ᠌ᠨᠡᠺ ᠲᠦ᠍ ᠢᠷᠡᠭᠰᠡᠨ ᠡᠳᠦᠷ ᠡᠴᠡ ᠡᠬᠢᠯᠡᠨ ᠲᠡᠳᠡᠨ ᠦ᠌ ᠨᠡᠷᠡᠰ ᠢ᠋ ᠪᠢᠳᠡ ᠮᠥᠷᠭᠥᠯ ᠳ᠋ᠡᠭᠡᠨ ᠳᠤᠷᠠᠳᠬᠤ ᠶᠣᠰᠣᠲᠠᠢ᠃ ᠦᠯᠦ ᠰᠦᠰᠦᠭᠯᠡᠭᠴᠢᠳ ᠦ᠋ᠨ ᠡᠰᠡᠷᠭᠦ ᠶᠡᠬᠡ ᠴᠡᠷᠢᠭ ᠢ᠋ ᠬᠥᠳᠡᠯᠭᠡᠬᠦ ᠪᠡᠷ ᠪᠡᠯᠡᠳᠬᠡᠨ ᠪᠣᠢ》ᠭᠡᠵᠦ ᠰᠣᠨᠣᠰᠤᠯ᠎ᠠ᠃ 《ᠠᠯᠠᠯᠾ ᠪᠠᠰᠠ ᠲᠡᠳᠡᠨ ᠢ᠋ ᠰᠢᠢ᠍ᠳᠭᠡᠬᠦ ᠪᠣᠯᠲᠤᠭᠠᠢ! ᠪᠢᠳᠡ ᠠᠯᠠᠯᠾ ᠳ᠋ᠤ ᠵᠠᠯᠪᠠᠷᠢᠬᠤ ᠶᠣᠰᠣᠲᠠᠢ᠃ ᠲᠡᠭᠦᠨ ᠦ᠌ ᠨᠡᠷ᠎ᠡ ᠠᠯᠳᠠᠷ ᠨᠢ ᠠᠯᠳᠠᠷᠰᠢᠨ ᠳᠠᠭᠤᠷᠢᠰᠬᠤ ᠪᠣᠯᠲᠤᠭᠠᠢ! ᠶᠡᠬᠡ ᠠᠶᠠᠨ ᠲᠡᠢᠨ ᠠᠵᠠ ᠲᠠᠢ ᠪᠦᠲᠦᠯᠲᠡᠢ ᠬᠠᠭᠠᠨ ᠤ᠋ ᠠᠴᠢ ᠨᠠᠷ ᠤ᠋ᠨ ᠳᠤᠷᠠᠰᠬᠠᠯᠲᠤ ᠭᠠᠪᠢᠶᠠᠨ ᠤ᠋ ᠴᠣᠭ ᠵᠢᠪᠬᠤᠯᠠᠩ ᠳᠡᠯᠭᠡᠷᠡᠲᠦᠭᠡᠢ! ᠭᠡᠵᠦ ᠵᠠᠯᠪᠠᠷᠢᠬᠤ ᠶᠣᠰᠣᠲᠠᠢ》 ᠭᠡᠬᠦ ᠳ᠋ᠦ᠍ ᠸᠧᠺᠢᠯ ᠰᠠᠨᠠᠭ᠎ᠠ ᠠᠯᠲᠠᠨ᠄
— ᠬᠠᠭᠠᠨ ᠤ᠋ ᠬᠦᠦ ᠠᠴᠢ ᠨᠠᠷ ᠪᠦᠭᠦᠳᠡ ᠠᠷᠪᠠᠨ ᠨᠢᠭᠡᠨ ᠬᠥᠮᠦᠨ ᠢᠷᠡᠵᠡᠢ᠃ ᠬᠠᠷᠢᠨ ᠬᠠᠮᠤᠭ ᠤ᠋ᠨ ᠭᠣᠣᠯ ᠬᠠᠮᠤᠭ ᠤ᠋ᠨ ᠶᠠᠷᠰᠢᠭ ᠲᠠᠢ ᠨᠢ ᠶᠡᠬᠡ ᠬᠠᠭᠠᠨ ᠤ᠋ ᠬᠦᠦ ᠪᠥᠭᠡᠳ ᠪᠦᠬᠦ ᠮᠣᠩᠭᠣᠯ ᠤ᠋ᠨ ᠡᠵᠡᠨᠲᠦ ᠤᠯᠤᠰ ᠢ᠋ ᠥᠪᠯᠡᠭᠴᠢ ᠬᠥᠶᠦᠭ ᠬᠠᠭᠠᠨ ᠪᠠᠢᠨ᠎ᠠ᠃ ᠠᠩᠬᠠᠨ ᠤ᠋ ᠨᠢᠭᠡᠨ ᠵᠦᠢᠯ ᠢ᠋ ᠲᠤᠰᠢᠶᠠᠭᠠᠳ ᠳᠠᠷᠠᠭ᠎ᠠ ᠨᠢ ᠥᠭᠡᠷ᠎ᠡ ᠵᠦᠢᠯ ᠢ᠋ ᠬᠡᠯᠡᠬᠦ ᠵᠠᠷᠤᠯᠭ᠎ᠠ ᠨᠠᠷ ᠢ᠋ ᠨᠡᠰᠢ ᠴᠠᠰᠢ ᠢᠯᠡᠭᠡᠵᠦ ᠬᠠᠰᠬᠢᠷᠤᠨ᠂ ᠬᠥᠯ ᠢ᠋ᠶ᠋ᠡᠷ ᠳᠡᠪᠬᠡᠴᠡᠬᠦ ᠡᠰᠡ ᠪᠢᠯᠳᠠᠤᠴᠢᠯᠠᠬᠤ ᠬᠥᠮᠦᠨ ᠦ᠌ ᠬᠠᠴᠠᠷ ᠢ᠋ ᠳᠠᠯᠤ ᠶ᠋ᠢᠨ ᠶᠠᠰᠤ ᠪᠠᠷ ᠴᠣᠬᠢᠨ᠎ᠠ᠃ ᠢᠯᠠᠩᠭᠤᠶ᠎ᠠ ᠰᠠᠮᠠᠭᠤᠷᠠᠬᠤ ᠨᠢ ᠦᠯᠡᠮᠵᠢ᠂ ᠲᠡᠭᠦᠨ ᠢ᠋ ᠴᠡᠷᠢᠭ ᠦ᠋ᠨ ᠵᠠᠬᠢᠷᠤᠯ ᠪᠣᠯᠤᠨ᠎ᠠ ᠭᠡᠵᠦ ᠬᠡᠯᠡᠯᠴᠡᠨ᠎ᠡ᠃ ᠬᠠᠰᠬᠢᠷᠤᠮᠠᠲᠠᠭᠠᠢ ᠭᠠᠯᠠᠭᠤ ᠱᠣᠩᠭᠣᠷ ᠢ᠋ ᠵᠠᠬᠢᠷᠬᠤ ᠶᠣᠰᠣ ᠪᠠᠢᠬᠤ ᠤᠤ? ᠭᠡᠬᠦ ᠳ᠋ᠦ᠍ ᠡᠪᠦᠭᠡᠳ᠄
— ᠠᠯᠠᠯᠾ ᠪᠢᠳᠡᠨ ᠢ᠋ ᠲᠡᠭᠦᠨ ᠡᠴᠡ ᠵᠠᠢᠯᠠᠭᠤᠯᠬᠤ ᠪᠣᠯᠲᠤᠭᠠᠢ! ᠨᠠᠰᠤ ᠨᠥᠭᠴᠢᠭᠰᠡᠨ ᠵᠥᠴᠢ ᠬᠠᠭᠠᠨ ᠤ᠋ ᠱᠠᠷᠢᠯ ᠠᠮᠤᠭᠤᠯᠠᠩ ᠨᠣᠢᠷᠰᠤᠲᠤᠭᠠᠢ! ᠲᠡᠭᠦᠨ ᠦ᠌ ᠬᠦᠦ ᠵᠠᠯᠠᠭᠤ ᠬᠠᠭᠠᠨ ᠪᠠᠲᠤ ᠴᠡᠷᠢᠭ ᠢ᠋ ᠲᠡᠷᠢᠭᠦᠯᠡᠨ᠎ᠡ ᠭᠡᠵᠦ ᠰᠣᠨᠣᠰᠤᠭᠳᠠᠯ᠎ᠠ᠂ ᠡᠨᠡ ᠦᠨᠡᠨ ᠤᠤ? ᠬᠠᠭᠠᠨ ᠠᠯᠠᠯᠾ ᠮᠡᠳᠡᠨ᠎ᠡ᠃ ᠬᠥᠶᠦᠭ ᠬᠠᠭᠠᠨ ᠪᠠᠲᠤ ᠬᠠᠭᠠᠨ ᠬᠣᠶᠠᠷ ᠪᠡᠶ᠎ᠡ ᠪᠠᠶᠠᠨ ᠤ᠋ ᠨᠢᠳᠦ ᠶ᠋ᠢ ᠤᠬᠤᠬᠤ ᠳ᠋ᠤ᠌ ᠪᠡᠯᠡᠨ ᠪᠠᠢᠨ᠎ᠠ ᠭᠡᠯᠴᠡᠵᠦ ᠪᠠᠢᠨ᠎ᠠ ᠭᠡᠵᠦ ᠸᠧᠺᠢᠯ ᠰᠢᠪᠡᠨᠡᠨ ᠲᠠᠢᠯᠪᠤᠷᠢᠯᠠᠬᠤ ᠳ᠋ᠤ᠌ ᠡᠪᠦᠭᠡᠨ᠂
— ᠠᠶ᠎ᠠ ᠶᠠᠭᠤ ᠲᠠᠢ ᠬᠡᠴᠡᠭᠦᠦ ᠴᠠᠭ ᠪᠣᠢ? ᠭᠡᠪᠡ᠃
— ᠪᠠᠲᠤ ᠬᠠᠭᠠᠨ ᠡᠨᠡ ᠣᠷᠣᠨ ᠳ᠋ᠤ᠌ ᠠᠬ᠎ᠠ ᠲᠠᠩᠭᠤᠳ ᠬᠠᠭᠠᠨ ᠳ᠋ᠤ᠌ ᠵᠣᠯᠭᠠᠬᠤ ᠪᠠᠷ ᠶᠡᠷᠦ ᠳ᠋ᠡᠭᠡᠨ ᠲᠠᠪᠤᠬᠠᠨ ᠮᠣᠷᠢᠲᠠᠨ ᠢ᠋ ᠳᠠᠭᠠᠭᠤᠯᠤᠨ ᠢᠷᠡᠯ᠎ᠡ᠃ ᠭᠡᠲᠡᠯ᠎ᠡ ᠨᠥᠭᠦᠭᠡ ᠨᠢ ᠲᠡᠭᠦᠨ ᠦ᠌ ᠢᠷᠡᠭᠰᠡᠨ ᠳ᠋ᠦ᠍ ᠥᠴᠦᠬᠡᠨ ᠴᠦ᠍ ᠡᠰᠡ ᠪᠡᠶᠡᠰᠦᠨ ᠠᠬ᠎ᠠ ᠳᠡᠭᠦᠦ ᠬᠣᠶᠠᠷ ᠤ᠋ᠨ ᠨᠢᠳᠦ ᠨᠢ ᠤᠯᠠᠭᠠᠨ ᠢ᠋ᠶ᠋ᠠᠷ ᠡᠷᠭᠢᠯᠳᠦᠪᠡ᠃
ᠪᠠᠲᠤ ᠬᠠᠭᠠᠨ《ᠪᠦᠬᠦ ᠪᠠᠷᠠᠭᠤᠨ ᠬᠢᠵᠠᠭᠠᠷ ᠤ᠋ᠨ ᠮᠣᠵᠢ ᠶ᠋ᠢ ᠰᠣᠳᠣ ᠪᠣᠭᠳᠠ ᠴᠢᠩᠭᠢᠰ ᠬᠠᠭᠠᠨ ᠨᠠᠳᠠᠳᠤ ᠭᠡᠷᠢᠶᠡᠰᠯᠡᠯ (ᠭᠡᠷᠢᠶᠡᠰᠯᠡᠨ) ᠦᠯᠡᠳᠡᠭᠡᠭᠰᠡᠨ᠂ ᠬᠠᠷᠢᠨ ᠮᠢᠨᠦ ᠨᠠᠰᠤ ᠪᠠᠭ᠎ᠠ ᠪᠠᠢᠭᠰᠠᠨ ᠠ᠋ᠴᠠ ᠬᠢᠲᠠᠳ ᠢ᠋ ᠪᠠᠢᠯᠳᠤᠬᠤ ᠳ᠋ᠤ᠌ ᠴᠢ ᠤᠳᠤᠭᠠᠳ ᠡᠨᠳᠡ ᠲᠠᠩᠭᠤᠳ ᠬᠠᠭᠠᠨ ᠴᠢ ᠵᠠᠬᠢᠷᠴᠤ ᠪᠠᠢᠨ᠎ᠠ᠃ ᠣᠳᠣ ᠪᠢ ᠥᠪᠡᠷ ᠦ᠋ᠨ ᠥᠮᠴᠢ ᠭᠠᠵᠠᠷ ᠢ᠋ ᠥᠪᠡᠷ ᠢ᠋ᠶ᠋ᠡᠨ ᠵᠠᠬᠢᠷᠬᠤ ᠶ᠋ᠢ ᠬᠦᠰᠡᠨ᠎ᠡ》 ᠭᠡᠬᠦ ᠵᠡᠷᠭᠡ ᠪᠡᠷ ᠵᠠᠩᠨᠠᠬᠤ ᠳ᠋ᠤ᠌ ᠲᠠᠩᠭᠤᠳ ᠬᠠᠭᠠᠨ ᠬᠠᠷᠢᠭᠤ ᠳ᠋ᠤᠨᠢ᠄
— ᠴᠢ ᠡᠨᠳᠡ ᠠᠷᠪᠠᠨ ᠵᠢᠯ ᠪᠣᠯᠬᠤ ᠪᠠᠢᠲᠤᠭᠠᠢ ᠴᠢᠨᠦ ᠮᠥᠷ ᠢ᠋ ᠰᠠᠯᠬᠢ ᠦᠯᠢᠶᠡᠵᠦ ᠠᠷᠢᠯᠭᠠᠵᠠᠢ᠃ ᠣᠳᠣ ᠪᠢ ᠡᠨᠳᠡᠬᠢ ᠶ᠋ᠢᠨ ᠡᠵᠡᠨ᠂ ᠴᠢ ᠬᠢᠲᠠᠳ ᠤᠷᠤᠭᠤ ᠪᠤᠴᠠᠨ ᠣᠳᠤᠭᠲᠤᠨ ᠭᠡᠳ ᠰᠢᠳᠠᠷ ᠴᠡᠷᠢᠭ ᠢ᠋ᠶ᠋ᠡᠨ ᠳᠠᠭᠤᠳᠠᠬᠤ ᠳ᠋ᠤ᠌ ᠪᠠᠲᠤ ᠬᠠᠭᠠᠨ ᠵᠠᠩᠳᠤᠷᠤᠨ᠄ ᠴᠢ ᠭᠠᠯᠠᠭᠤ ᠰᠢᠭ᠋ ᠪᠠᠷᠬᠢᠷᠠᠪᠠᠴᠤ ᠪᠡᠶ᠎ᠡ ᠴᠢᠨᠢ ᠨᠠᠮᠤᠭ ᠤ᠋ᠨ ᠳᠣᠪᠣ ᠳᠡᠭᠡᠷᠡᠬᠢ ᠮᠡᠯᠡᠬᠡᠢ ᠮᠡᠲᠦ ᠴᠡᠴᠡᠷᠡᠵᠦ ᠪᠠᠢᠨ᠎ᠠ᠃ ᠬᠡᠷᠪᠡ ᠥᠪᠡᠷ ᠦ᠋ᠨ ᠳᠤᠷ᠎ᠠ ᠪᠠᠷ ᠡᠰᠡ ᠨᠠᠢᠷ ᠲᠠᠯᠪᠢᠵᠤ ᠥᠭᠪᠡᠯ ᠮᠢᠨᠦ ᠵᠠᠷᠤᠴᠠ ᠪᠣᠯᠤᠨ᠎ᠠ ᠭᠡᠵᠡᠢ᠃
ᠰᠢᠳᠠᠷ ᠴᠡᠷᠢᠭ ᠰᠡᠯᠡᠮ᠎ᠡ ᠰᠤᠭᠤᠯᠤᠨ ᠲᠠᠯ᠎ᠠ ᠲᠠᠯ᠎ᠠ ᠠ᠋ᠴᠠ ᠭᠦᠶᠦᠯᠳᠦᠬᠦ ᠳ᠋ᠦ᠍ ᠪᠠᠲᠤ ᠬᠠᠭᠠᠨ ᠡᠭᠦᠳᠡ ᠥᠭᠡᠳᠡ ᠤᠬᠤᠰᠬᠢᠨ ᠮᠣᠷᠢᠨ ᠳ᠋ᠤ᠌ ᠬᠠᠷᠠᠢᠵᠤ ᠮᠣᠷᠳᠠᠭᠠᠳ ᠬᠠᠮᠢᠭᠠᠰᠢ ᠣᠳᠤᠭᠰᠠᠨ ᠨᠢ ᠮᠡᠳᠡᠭᠳᠡᠯ ᠦᠭᠡᠢ ᠶᠠᠪᠤᠴᠢᠬᠠᠪᠠ ᠭᠡᠬᠦ ᠳ᠋ᠦ᠍ ᠢᠮᠠᠮ ᠨᠠᠷ᠂
— ᠬᠡᠨ ᠦ᠌ ᠲᠥᠯᠥᠭᠡ ᠵᠠᠯᠪᠠᠷᠢᠪᠠᠯ ᠵᠣᠬᠢᠨ᠎ᠠ? ᠬᠣᠶᠠᠷ ᠬᠠᠭᠠᠨ ᠤ᠋ ᠠᠯᠢ ᠨᠢ ᠲᠡᠷᠢᠭᠦᠨ ᠪᠣᠢ? ᠭᠡᠪᠡᠯ ᠸᠸᠺᠢᠯ᠂
— ᠪᠢ ᠥᠴᠦᠬᠡᠨ ᠠᠮᠢᠲᠠᠨ᠂ ᠶᠠᠭᠤ ᠮᠡᠳᠡᠬᠦ ᠪᠣᠢ? ᠭᠡᠳ ᠬᠠᠭᠠᠯᠭ᠎ᠠ ᠶ᠋ᠢᠨ ᠴᠢᠨᠠᠳᠤ ᠤᠷᠤᠭᠤ ᠳᠠᠯᠳᠠ ᠣᠷᠣᠪᠠ᠃ ᠬᠣᠶᠠᠷ ᠢᠮᠠᠮ ᠲᠣᠯᠣᠭᠠᠢ ᠪᠠᠨ ᠰᠠᠵᠢᠨ ᠲᠡᠷᠢᠭᠦᠯᠡᠭᠴᠢ ᠴᠡᠴᠡᠭ᠂ ᠠᠯᠢᠮ᠎ᠠ ᠶᠠᠭᠤᠨ ᠲᠤᠰ ᠲᠤᠰ ᠡᠪᠦᠷᠯᠡᠵᠦ ᠬᠤᠷᠤᠭᠤ ᠪᠠᠷ ᠢ᠋ᠶ᠋ᠠᠨ ᠠᠮᠠ ᠪᠠᠨ ᠳᠠᠷᠤᠵᠤ ᠪᠡᠶ᠎ᠡ ᠪᠡᠶ᠎ᠡ ᠶ᠋ᠢᠨ ᠵᠦᠭ ᠳᠠᠭᠤ ᠦᠭᠡᠢ ᠬᠠᠷᠠᠯ᠎ᠠ᠃ ᠨᠢᠭᠡᠨ ᠢᠮᠠᠮ᠂
— ᠬᠡᠨ ᠦ᠌ ᠴᠦ᠍ ᠲᠥᠯᠥᠭᠡ ᠵᠠᠯᠪᠠᠷᠢᠯ ᠦᠭᠡᠢ ᠬᠦᠯᠢᠶᠡᠬᠦ ᠶ᠋ᠢ ᠮᠡᠷᠭᠡᠨ ᠤᠬᠠᠭᠠᠨ ᠱᠠᠭᠠᠷᠳᠠᠨᠠᠮ ᠭᠡᠪᠡᠯ ᠨᠥᠭᠦᠭᠡ ᠨᠢ᠄
— ᠡᠨᠡ ᠪᠣᠯᠤᠮᠵᠢ ᠦᠭᠡᠢ ᠬᠡᠷᠡᠭ ᠭᠡᠪᠡ᠃ ᠬᠣᠶᠠᠷ ᠢᠮᠡᠮ᠂ ᠮᠡᠷᠭᠡᠨ ᠤᠬᠠᠭᠠᠨ ᠪᠣᠯᠭᠣᠮᠵᠢᠯᠠᠬᠤ ᠬᠣᠶᠠᠷ ᠤ᠋ᠨ ᠲᠤᠬᠠᠢ ᠮᠠᠷᠭᠤᠯᠳᠤᠭᠰᠠᠭᠠᠷ ᠪᠤᠴᠠᠵᠤ ᠣᠳᠴᠠᠢ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠪᠠᠯ᠂ ᠳ᠂ ᠣᠶᠤᠨᠪᠢᠯᠢᠭ᠌
ᠬᠢᠨᠠᠭᠴᠢ᠄ ᠠᠷᠢᠭᠤᠨ᠂ ᠠᠯᠲᠠᠨᠴᠢᠮᠡᠭ᠂ ᠪᠠᠶᠠᠨᠴᠡᠴᠡᠭ
