ᠪᠠᠲᠤ ᠬᠠᠭᠠᠨ 1-06ᠳᠡᠢᠯᠦᠭᠳᠡᠰᠢ ᠦᠭᠡᠢ ᠵᠠᠩᠵᠤᠨ Бат хаан
ᠵᠢᠷᠭᠤᠭ᠎ᠠ ᠳᠡᠢᠯᠦᠭᠳᠡᠰᠢ ᠦᠭᠡᠢ ᠵᠠᠩᠵᠤᠨ
ᠰᠦᠪᠡᠭᠡᠳᠡᠢ ᠪᠠᠭᠠᠲᠤᠷ ᠤ᠋ᠨ ᠲᠦᠮᠡᠲᠦ ᠰᠢᠭᠨᠡᠺ ᠦ᠋ᠨ ᠵᠦᠭ ᠪᠦᠬᠦ ᠣᠭᠲᠠᠷᠭᠤᠢ ᠶ᠋ᠢ ᠪᠦᠷᠬᠦᠭᠰᠡᠨ ᠲᠣᠭᠣᠰᠣ ᠮᠠᠨᠠᠨ ᠲᠠᠲᠠᠭᠤᠯᠤᠨ ᠣᠳᠴᠠᠢ᠃ ᠬᠡᠳᠦᠨ ᠵᠠᠭᠤᠨ ᠵᠡᠭᠡᠷᠳᠡ ᠮᠣᠷᠢ ᠲᠠᠢ ᠲᠠᠩᠨᠠᠭᠤᠯᠴᠢᠳ ᠲᠦᠷᠦᠭᠦᠯᠡᠨ ᠳᠠᠪᠬᠢᠯᠳᠤᠵᠤ ᠳᠠᠷᠠᠭ᠎ᠠ ᠨᠢ ᠬᠡᠳᠦᠨ ᠵᠠᠭᠤᠨ ᠲᠤᠩ ᠴᠠᠭᠠᠨ ᠮᠣᠷᠢᠳ᠂ ᠲᠡᠭᠦᠨ ᠦ᠌ ᠬᠣᠢᠨ᠎ᠠ ᠠ᠋ᠴᠠ ᠨᠢ ᠮᠣᠩᠭᠣᠯ ᠤ᠋ᠨ ᠶᠡᠬᠡ ᠵᠠᠩᠵᠤᠨ ᠦᠯᠦ ᠳᠠᠷᠤᠭᠳᠠᠭᠴᠢ ᠥᠷᠥᠭᠡᠰᠦᠨ ᠨᠢᠳᠦᠲᠡᠢ ᠰᠦᠪᠡᠭᠡᠳᠡᠢ ᠪᠠᠭᠠᠲᠤᠷ ᠶᠠᠪᠤᠵᠠᠢ᠃
ᠲᠡᠭᠦᠨ ᠦ᠌ ᠠᠯᠳᠠᠷ ᠳᠤᠷᠠᠰᠬᠠᠯ ᠶᠡᠬᠡ ᠺᠢᠫᠴᠠᠺ ᠣᠷᠣᠰ ᠤ᠋ᠳ ᠢ᠋ ᠺᠠᠯᠺ ᠭᠣᠣᠯ ᠤ᠋ᠨ ᠲᠤᠯᠤᠯᠳᠤᠭᠠᠨ(1224 ᠣᠨ) ᠳ᠋ᠤ᠌ ᠲᠠᠢᠯᠵᠤ ᠬᠢᠲᠠᠳ ᠤ᠋ᠨ ᠭᠤᠷᠪᠠᠨ ᠬᠣᠲᠠ ᠶ᠋ᠢ ᠪᠠᠯᠠᠯᠤᠨ ᠬᠣᠷᠢᠨ ᠣᠪᠣᠭᠲᠠᠨ ᠢ᠋ ᠣᠯᠵᠠᠯᠠᠨ ᠠᠪᠴᠠᠢ᠃ ᠰᠦᠪᠡᠭᠡᠳᠡᠢ᠂ ᠭᠠᠵᠠᠷ ᠰᠢᠭᠦᠷᠦᠰᠬᠢᠭᠰᠡᠨ ᠤᠷᠲᠤ ᠰᠡᠭᠦᠯ ᠲᠡᠢ ᠵᠢᠷᠣᠭ᠎ᠠ ᠬᠣᠯᠠ ᠮᠣᠷᠢᠨ ᠳᠡᠭᠡᠷ᠎ᠡ ᠪᠥᠭᠲᠥᠢᠨ ᠰᠠᠭᠤᠵᠤ ᠶᠠᠪᠤᠬᠤ ᠳ᠋ᠤ᠌ ᠪᠡᠶ᠎ᠡ ᠨᠢ ᠬᠣᠶᠠᠷ ᠲᠠᠰᠢ ᠪᠠᠨ ᠵᠠᠢᠮᠤᠷᠠᠵᠤ ᠵᠠᠯᠠᠭᠤ ᠴᠠᠭ ᠲᠠᠭᠠᠨ ᠭᠠᠷ ᠢ᠋ᠶ᠋ᠠᠨ ᠰᠢᠷᠬᠠᠲᠤᠭᠤᠯᠤᠨ ᠰᠡᠯᠡᠮ᠎ᠡ ᠳ᠋ᠦ᠍ ᠰᠢᠷᠪᠥᠰᠥ ᠪᠡᠨ ᠲᠠᠰᠤᠳᠠᠭᠤᠯᠤᠭᠰᠠᠨ ᠠ᠋ᠴᠠ ᠬᠣᠢᠰᠢ ᠪᠠᠷᠠᠭᠤᠨ ᠭᠠᠷ ᠨᠢ ᠲᠠᠲᠠᠩᠬᠠᠢ ᠪᠣᠯᠵᠤ ᠪᠠᠰᠠ ᠨᠢᠭᠡᠨ ᠴᠣᠬᠢᠯᠲᠠ ᠨᠢᠭᠤᠷ ᠲᠤᠨᠢ ᠲᠣᠰᠴᠤ ᠪᠠᠷᠠᠭᠤᠨ ᠨᠢᠳᠦ ᠨᠢ ᠰᠣᠬᠣᠷᠠᠭᠠᠳ ᠬᠥᠮᠥᠰᠬᠡ ᠬᠠᠴᠠᠷ ᠲᠤᠨᠢ ᠰᠣᠷᠪᠢ ᠲᠣᠭᠲᠠᠭᠰᠠᠨ ᠪᠣᠯᠪᠠᠴᠤ ᠵᠡᠭᠦᠨ ᠲᠠᠯ᠎ᠠ ᠶ᠋ᠢᠨ ᠲᠣᠮᠣ ᠨᠢᠳᠦ ᠨᠢ ᠬᠥᠮᠦᠨ ᠦ᠌ ᠳᠠᠯᠳᠠ ᠪᠣᠳᠣᠯᠭ᠎ᠠ ᠳ᠋ᠤ᠌ ᠨᠡᠪᠲᠡᠷᠡᠬᠦ ᠮᠡᠲᠦ ᠬᠠᠷᠠᠴᠠ ᠲᠠᠢ ᠠᠵᠢ᠃ ᠴᠡᠷᠢᠭ ᠦ᠋ᠳ ᠲᠡᠭᠦᠨ ᠢ᠋《ᠲᠠᠪᠠᠬᠠᠢ ᠪᠠᠨ ᠴᠠᠪᠴᠢᠭᠤᠯᠤᠭᠰᠠᠨ ᠪᠠᠷᠰ》 ᠭᠡᠵᠦ ᠨᠡᠷᠡᠯᠡᠵᠡᠢ᠃
ᠰᠥᠪᠡᠭᠡᠳᠡᠢ ᠬᠠᠪᠬᠠᠨ ᠠ᠋ᠴᠠ ᠮᠤᠯᠲᠤᠷᠠᠭᠰᠠᠨ ᠰᠢᠷᠬ᠎ᠠ ᠲᠠᠢ ᠪᠠᠷᠰ ᠮᠡᠲᠦ ᠠᠶᠤᠯ ᠢ᠋ ᠲᠠᠭᠠᠪᠤᠷᠢᠯᠠᠨ ᠮᠡᠬᠡ ᠵᠠᠯᠢ ᠶ᠋ᠢ ᠮᠡᠳᠡᠵᠦ ᠣᠯᠳᠠᠭ᠂ ᠲᠡᠭᠦᠨ ᠲᠡᠢ ᠶᠠᠪᠤᠬᠤ ᠳ᠋ᠤ᠌ ᠵᠣᠪᠠᠯᠠᠩ ᠳ᠋ᠤ᠌ ᠦᠯᠦ ᠤᠴᠠᠷᠠᠨ᠎ᠠ ᠭᠡᠨ᠎ᠡ᠃ ᠴᠢᠩᠭᠢᠰ ᠬᠠᠭᠠᠨ ᠥᠪᠡᠷ ᠢ᠋ᠶ᠋ᠡᠨ ᠰᠥᠪᠡᠭᠡᠳᠡᠢ ᠪᠠᠭᠠᠲᠤᠷ ᠢ᠋ ᠵᠠᠯᠠᠭᠤ ᠠᠴᠢ ᠪᠠᠲᠤ ᠬᠠᠭᠠᠨ ᠤ᠋ ᠬᠥᠮᠦᠵᠢᠭᠦᠯᠦᠭᠴᠢ ᠴᠡᠷᠢᠭ ᠦ᠋ᠨ ᠵᠥᠪᠯᠡᠭᠴᠢ ᠪᠣᠯᠭᠠᠨ ᠲᠣᠮᠢᠯᠠᠵᠠᠢ᠃
ᠰᠢᠭ᠌ᠨᠡᠺ ᠬᠣᠲᠠ ᠶ᠋ᠢᠨ ᠰᠤᠷᠪᠤᠯᠵᠢᠲᠤ ᠭᠡᠷ ᠦ᠋ᠨ ᠲᠥᠯᠥᠭᠡᠨ ᠦ᠌ ᠬᠥᠮᠦᠰ ᠤᠷᠲᠤ ᠰᠠᠬᠠᠯᠲᠤ ᠢᠮᠠᠮ᠂ ᠲᠦᠰᠢᠮᠡᠳ᠂ ᠪᠠᠶᠠᠨ ᠬᠤᠳᠠᠯᠳᠤᠭᠠᠴᠢᠳ ᠬᠣᠲᠠ ᠶ᠋ᠢᠨ ᠵᠠᠬ᠎ᠠ ᠶ᠋ᠢᠨ ᠥᠷᠭᠡᠨ ᠵᠠᠮ ᠳᠡᠭᠡᠷ᠎ᠡ ᠰᠡᠭᠦᠳᠡᠷᠯᠢᠭ ᠥᠨᠳᠥᠷ ᠮᠣᠳᠣᠨ ᠤ᠋ ᠳᠣᠣᠷ᠎ᠠ ᠪᠠᠢᠵᠤ᠂ ᠮᠣᠩᠭᠣᠯᠴᠤᠳ ᠢ᠋ ᠲᠣᠰᠣᠨ ᠬᠦᠯᠢᠶᠡᠵᠡᠢ᠃ ᠮᠥᠩᠭᠥᠨ ᠴᠠᠷ᠎ᠠ ᠳᠡᠭᠡᠷ᠎ᠡ ᠢᠳᠡᠭᠡ(᠂) ᠦᠨᠡᠲᠦ ᠪᠡᠯᠡᠭ ᠦ᠋ᠨ ᠵᠦᠢᠯ᠂ ᠬᠤᠢ ᠲᠣᠷᠭ᠎ᠠ ᠲᠠᠯᠪᠢᠨ ᠪᠡᠯᠡᠳᠬᠡᠵᠡᠢ᠃
ᠰᠣᠨᠢᠷᠬᠠᠭᠰᠠᠨ ᠣᠯᠠᠨ ᠮᠢᠩᠭᠠᠨ ᠬᠥᠮᠦᠨ ᠲᠡᠳᠡᠨ ᠢ᠋ ᠲᠣᠭᠣᠷᠢᠨ ᠰᠢᠪᠠᠯᠳᠤᠵᠠᠢ᠃
ᠲᠥᠯᠥᠭᠡᠨ ᠦ᠌ ᠬᠥᠮᠦᠰ ᠴᠤᠤᠲᠠᠢ ᠵᠠᠩᠵᠤᠨ ᠢ᠋ ᠨᠢᠭᠡᠨ ᠪᠠᠶᠠᠵᠢᠭᠰᠠᠨ ᠬᠤᠳᠠᠯᠳᠤᠭᠠᠴᠢᠨ ᠤ᠋ ᠢᠩᠲᠣᠣᠷ ᠤ᠋ᠨ ᠴᠡᠴᠡᠷᠯᠢᠭ ᠲᠡᠷᠢᠭᠦᠯᠡᠭᠴᠢ ᠴᠡᠴᠡᠭ ᠦ᠋ᠨ ᠪᠤᠲᠠᠨ ᠤ᠋ ᠳᠣᠣᠷᠠᠬᠢ ᠬᠢᠮᠡᠯ ᠨᠠᠭᠤᠷ᠂ ᠭᠠᠨᠲᠢᠭ ᠴᠢᠯᠠᠭᠤᠨ ᠬᠠᠨᠵᠤ ᠲᠠᠢ ᠬᠠᠯᠠᠭᠤᠨ ᠤᠰᠤ ᠪᠦᠬᠦᠢ ᠰᠢᠨ᠎ᠡ ᠦᠵᠡᠰᠬᠦᠯᠡᠩᠲᠡᠢ ᠪᠠᠢᠰᠢᠩ ᠳ᠋ᠤ᠌ ᠠᠮᠠᠷᠠᠬᠤ ᠶ᠋ᠢ ᠤᠷᠢᠬᠤ ᠭᠡᠯᠴᠡᠵᠦ ᠪᠠᠢᠵᠠᠢ᠃ ᠲᠡᠳᠡᠨ ᠦ᠌ ᠲᠡᠷᠢᠭᠦᠨ ᠦ᠌ ᠵᠠᠭᠤᠲᠤ ᠰᠥᠪᠡᠭᠡᠳᠡᠢ ᠪᠠᠭᠠᠲᠤᠷ ᠲᠥᠯᠥᠭᠡᠨ ᠦ᠌ ᠬᠥᠮᠦᠰ ᠦ᠋ᠨ ᠵᠡᠷᠭᠡᠴᠡᠭᠡ ᠬᠦᠷᠦᠯᠴᠡᠨ ᠢᠷᠡᠬᠦ ᠳ᠋ᠦ᠍ ᠨᠢᠭᠡᠨ ᠢᠮᠠᠮ ᠣᠷᠣᠭᠰᠢ ᠳᠠᠪᠰᠢᠵᠤ᠄
— ᠬᠠᠮᠤᠭ ᠤ᠋ᠨ ᠮᠠᠩᠯᠠᠢ ᠶᠡᠬᠡ ᠴᠢᠩ ᠵᠣᠷᠢᠭᠲᠤ ᠭᠡᠵᠦ ᠭᠣᠶᠣᠮᠰᠣᠭ ᠢ᠋ᠶ᠋ᠠᠷ ᠮᠠᠭᠲᠠᠪᠠ᠃ ᠰᠦᠪᠡᠭᠡᠳᠡᠢ ᠮᠣᠷᠢ ᠪᠠᠨ ᠣᠭᠵᠣᠮ ᠡᠷᠭᠢᠭᠦᠯᠦᠭᠡᠳ ᠰᠤᠷᠪᠤᠯᠵᠢᠲᠤ ᠣᠪᠣᠭᠲᠠᠨ ᠨᠤᠭᠤᠳ ᠤ᠋ᠨ ᠬᠣᠷᠭᠣᠢ ᠬᠢᠯᠢᠩ ᠳᠡᠪᠡᠯ᠂ ᠲᠣᠷᠭ᠎ᠠ᠂ ᠠᠮᠲᠠᠲᠠᠨ᠂ ᠠᠯᠲᠠᠨ ᠥᠩᠭᠡᠲᠦ ᠠᠮᠲᠠᠲᠠᠢᠬᠠᠨ ᠭᠤᠸ᠎ᠠ ᠲᠠᠢ ᠴᠠᠷ᠎ᠠ ᠶ᠋ᠢ ᠣᠭᠲᠣ ᠬᠠᠷᠠᠯ ᠦᠭᠡᠢ ᠥᠩᠭᠡᠷᠡᠬᠦ ᠳ᠋ᠦ᠍ ᠨᠣᠮᠣᠬᠠᠨ ᠵᠢᠷᠣᠭ᠎ᠠ ᠮᠣᠷᠢ ᠤᠮᠠᠷ᠎ᠠ ᠴᠢᠭᠯᠡᠨ ᠬᠣᠲᠠ ᠠ᠋ᠴᠠ ᠬᠣᠯᠠᠳᠠᠵᠤ ᠴᠦᠯ ᠲᠠᠯ᠎ᠠ ᠤᠷᠤᠭᠤ ᠳᠣᠪᠲᠣᠯᠪᠠ᠃ ᠬᠥᠯᠥᠷᠡᠭᠰᠡᠨ ᠮᠣᠷᠢ ᠲᠠᠢ ᠸᠸᠺᠢᠯᠰ ᠮᠣᠵᠢ ᠶ᠋ᠢᠨ(ᠵᠠᠬᠢᠷᠤᠯ ᠤ᠋ᠨ ᠪᠣᠢᠳᠠ) ᠰᠤᠷᠪᠤᠯᠵᠢᠲᠤ ᠬᠡᠳᠦᠨ ᠬᠠᠭᠠᠳ ᠰᠥᠪᠡᠭᠡᠳᠡᠢ ᠶ᠋ᠢ ᠭᠦᠢᠴᠡᠵᠦ ᠠᠮᠠ ᠠᠮᠠᠨ ᠳ᠋ᠠᠭᠠᠨ ᠬᠠᠰᠬᠢᠷᠤᠯᠳᠤᠪᠠ᠃
— ᠪᠤᠤ ᠶᠠᠭᠠᠷᠠᠭᠲᠤᠨ! ᠵᠣᠭᠰᠣᠭᠠᠷᠠᠢ! ᠬᠥᠶᠦᠭ ᠬᠠᠭᠠᠨ ᠮᠣᠵᠢ ᠶ᠋ᠢᠨ ᠵᠠᠬᠢᠷᠤᠯ ᠲᠠᠩᠭᠤᠳ ᠬᠠᠭᠠᠨ ᠬᠣᠶᠠᠷ ᠣᠷᠳᠣᠨ ᠤ᠋ ᠴᠢᠬᠤᠯᠠ ᠵᠥᠪᠯᠡᠯᠭᠡᠨ ᠳ᠋ᠦ᠍ ᠢᠷᠡᠬᠦ ᠶ᠋ᠢ ᠲᠤᠰᠢᠶᠠᠵᠤ ᠪᠠᠢᠨ᠎ᠠ ᠭᠡᠪᠡ᠃
ᠰᠥᠪᠡᠭᠡᠳᠡᠢ ᠪᠠᠭᠠᠲᠤᠷ ᠡᠨᠡ ᠤᠷᠢᠯᠭ᠎ᠠ ᠶ᠋ᠢ ᠰᠣᠨᠣᠰᠤᠭᠠᠳ ᠵᠥᠪᠰᠢᠶᠡᠷᠡᠨ ᠲᠣᠯᠣᠭᠠᠢ ᠲᠣᠬᠢᠪᠠᠴᠤ ᠵᠢᠷᠣᠭ᠎ᠠ ᠮᠣᠷᠢ ᠨᠢ ᠶᠠᠪᠤᠳᠠᠯ ᠢ᠋ ᠰᠠᠭᠠᠯ ᠦᠭᠡᠢ ᠲᠠᠯᠠᠪᠠᠢ ᠳᠡᠭᠡᠭᠦᠷ ᠵᠢᠭᠳᠡᠬᠡᠨ ᠳᠠᠪᠬᠢᠭᠰᠠᠭᠠᠷ ᠪᠠᠢᠯ᠎ᠠ᠃
ᠲᠡᠭᠡᠭᠡᠳ ᠰᠥᠪᠡᠭᠡᠳᠡᠢ ᠰᠥᠭᠡᠩᠭᠢ ᠳᠠᠭᠤᠨ ᠢ᠋ᠶ᠋ᠠᠷ᠄
— ᠪᠠᠭᠠᠲᠤᠷ ᠪᠢ ᠣᠴᠢᠬᠤ ᠦᠭᠡᠢ᠂ ᠪᠠᠭᠠᠲᠤᠷ ᠪᠢ ᠠᠯᠲᠠᠨ ᠲᠠᠬᠢᠶ᠎ᠠ ᠶ᠋ᠢ ᠲᠡᠵᠢᠭᠡᠬᠦ ᠶᠣᠰᠣᠲᠠᠢ ᠭᠡᠳ ᠵᠢᠯᠣᠭᠣ ᠶ᠋ᠢ ᠲᠠᠯᠪᠢᠬᠤ ᠳ᠋ᠤ᠌ ᠵᠢᠷᠣᠭ᠎ᠠ ᠬᠣᠯᠠ ᠮᠣᠷᠢ ᠠᠮᠠᠭᠠᠢ ᠶ᠋ᠢ ᠵᠠᠭᠤᠵᠤ ᠣᠷᠣᠭᠰᠢ ᠲᠡᠮᠡᠦᠯᠪᠡ᠃ ᠮᠣᠩᠭᠣᠯ ᠴᠡᠷᠢᠭ ᠲᠠᠯ᠎ᠠ ᠪᠠᠷ ᠪᠤᠵᠢᠭᠢᠨᠠᠯᠳᠤᠨ ᠬᠠᠷ᠎ᠠ ᠬᠤᠷᠳᠤ ᠪᠠᠷ ᠳᠠᠪᠬᠢᠵᠤ ᠰᠢᠭ᠌ᠨᠠᠺ ᠠ᠋ᠴᠠ ᠬᠣᠯᠠᠳᠠᠵᠠᠢ᠃
— ᠲᠦᠮᠡᠲᠦ ᠴᠡᠷᠢᠭ ᠬᠡᠭᠡᠷ᠎ᠡ ᠲᠠᠯ᠎ᠠ ᠳᠡᠭᠡᠷ᠎ᠡ ᠰᠸᠢ᠍ᠢ᠍ᠬᠤᠩ ᠭᠣᠣᠯ ᠤ᠋ᠨ ᠣᠢᠷᠠᠯᠴᠠᠭ᠎ᠠ ᠵᠣᠭᠰᠣᠭᠠᠳ ᠭᠣᠣᠯ ᠤ᠋ᠨ ᠬᠥᠪᠡᠭᠡᠨ ᠦ᠌ ᠳᠠᠭᠠᠤ ᠥᠷᠭᠡᠨ ᠢ᠋ᠶ᠋ᠡᠷ ᠲᠠᠷᠠᠵᠤ ᠱᠤᠤᠭᠢᠶᠠᠨ ᠲᠠᠢ ᠯᠠᠭ᠌ᠸᠷ ᠪᠠᠭᠤᠳᠠᠯᠯᠠᠪᠠ᠃ ᠡᠨᠳᠡ ᠤᠷᠢᠳᠤ ᠡᠳᠦᠷ ᠨᠢ ᠥᠨᠳᠥᠷ ᠰᠢᠷ᠎ᠠ ᠲᠡᠮᠡᠭᠡ ᠪᠡᠷ ᠭᠡᠷ ᠠᠴᠢᠵᠤ ᠢᠷᠡᠵᠡᠢ᠃ ᠪᠣᠭᠣᠯᠴᠤᠳ ᠬᠠᠭᠤᠷᠠᠢ ᠵᠡᠭᠡᠰᠦ ᠲᠡᠭᠦᠵᠦ ᠠᠪᠴᠢᠷᠠᠭᠠᠳ ᠲᠦᠳᠡᠭ ᠨᠣᠴᠣᠭᠠᠵᠤ ᠬᠢᠲᠠᠳ ᠵᠡᠰ ᠲᠣᠭᠣᠭᠠᠨ ᠳ᠋ᠤ᠌ ᠲᠤᠲᠤᠷᠭ᠎ᠠ᠂ ᠤᠨᠠᠭᠠᠨ ᠤ᠋ ᠮᠢᠬ᠎ᠠ ᠴᠢᠨᠠᠵᠤ ᠲᠣᠭᠰᠢᠨ ᠤᠳᠤᠷᠢᠳᠤᠭᠴᠢ ᠶ᠋ᠢᠨ ᠢᠷᠡᠬᠦ ᠶ᠋ᠢ ᠬᠦᠯᠢᠶᠡᠵᠡᠢ᠃ ᠰᠥᠪᠡᠭᠡᠳᠡᠢ ᠪᠠᠭᠠᠲᠤᠷ ᠤᠰᠤᠨ ᠤ᠋ ᠦᠬᠡᠷ ᠦ᠋ᠨ ᠡᠪᠡᠷ᠂ ᠠᠳᠤᠭᠤᠨ ᠤ᠋ ᠰᠡᠭᠦᠯ ᠢ᠋ᠶ᠋ᠡᠷ ᠴᠢᠮᠡᠭᠰᠡᠨ ᠥᠨᠳᠥᠷ ᠵᠢᠳᠠ ᠪᠣᠰᠬᠠᠭᠰᠠᠨ ᠥᠪᠡᠷ ᠲᠡᠭᠡᠨ ᠵᠡᠬᠡᠭᠰᠡᠨ ᠭᠡᠷ ᠦ᠋ᠨ ᠳᠡᠷᠭᠡᠳᠡ ᠮᠣᠷᠢ ᠠ᠋ᠴᠠ ᠪᠠᠨ ᠪᠠᠭᠤᠪᠠ᠃ ᠬᠡᠪᠢᠰ ᠤᠨᠵᠢᠭᠤᠯᠤᠭᠰᠠᠨ ᠡᠭᠦᠳᠡ ᠶ᠋ᠢ ᠮᠠᠭᠤᠬᠠᠢ ᠬᠠᠷᠠᠴᠠ ᠲᠠᠢ ᠬᠣᠶᠠᠷ ᠮᠠᠨᠠᠭᠠᠴᠢ ᠰᠠᠬᠢᠵᠠᠢ᠃ ᠮᠥᠨ ᠲᠡᠨᠳᠡ ᠤᠶᠠᠭ᠎ᠠ ᠲᠠᠢ ᠬᠣᠶᠠᠷ ᠮᠣᠩᠭᠣᠯ ᠲᠠᠢᠭ᠎ᠠ᠂ ᠪᠣᠯᠭᠣᠭᠰᠠᠨ ᠮᠢᠬᠠᠨ ᠤ᠋ ᠦᠨᠦᠷ ᠢ᠋ ᠦᠨᠦᠷᠯᠡᠵᠦ ᠲᠡᠰᠴᠦ ᠶᠠᠳᠠᠨ ᠭᠠᠰᠠᠯᠵᠤ ᠪᠠᠢᠪᠠ᠃
ᠰᠥᠪᠡᠭᠡᠳᠡᠢ ᠪᠠᠭᠠᠲᠤᠷ ᠭᠡᠷ ᠲᠦ᠍ ᠣᠷᠣᠪᠠ᠃ ᠭᠣᠣᠯ ᠳᠤᠮᠳᠠ ᠨᠢ ᠴᠣᠭ ᠳᠡᠭᠡᠷ᠎ᠡ ᠬᠢᠲᠠᠳ ᠬᠦᠷᠡᠯ ᠲᠣᠭᠣᠭᠠᠨ ᠳᠣᠲᠣᠷ᠎ᠠ ᠮᠢᠬ᠎ᠠ ᠴᠢᠨᠠᠵᠠᠢ᠃ ᠮᠥᠷᠦᠨ ᠳ᠋ᠦ᠍ ᠲᠤᠯᠤᠭᠰᠠᠨ ᠪᠤᠭᠤᠷᠤᠯ ᠰᠠᠬᠠᠯᠲᠠᠢ ᠵᠡᠭᠦᠨ ᠴᠢᠬᠢᠨ ᠳ᠋ᠡᠭᠡᠨ ᠲᠣᠮᠣ ᠵᠡᠰ ᠡᠭᠡᠮᠦᠭ ᠵᠡᠭᠦᠭᠰᠡᠨ ᠮᠠᠭᠤᠬᠠᠢ ᠠᠭᠠᠰᠢᠲᠠᠢ ᠡᠪᠦᠭᠡᠨ ᠪᠣᠭᠣᠯ ᠬᠥᠯ ᠦ᠋ᠨ ᠲᠤᠱᠠ ᠪᠠᠨ ᠬᠠᠩᠭᠢᠨᠠᠭᠤᠯᠤᠨ ᠬᠥᠬᠡ ᠠᠶᠠᠭ᠎ᠠ ᠶ᠋ᠢ ᠡᠷᠭᠦᠪᠡ᠃ ᠰᠥᠪᠡᠭᠡᠳᠡᠢ ᠡᠷᠡᠭᠦᠯ ᠰᠣᠯᠣᠭᠠᠢ ᠭᠠᠷ ᠢ᠋ᠶ᠋ᠠᠷ ᠢ᠋ᠶ᠋ᠠᠨ ᠨᠢᠭᠡᠨ ᠠᠳᠬᠤ ᠪᠤᠳᠠᠭ᠎ᠠ ᠠᠪᠤᠪᠠ᠃ ᠲᠣᠣᠷ ᠤ᠋ᠨ ᠬᠠᠨ᠎ᠠ ᠶ᠋ᠢᠨ ᠳᠡᠷᠭᠡᠳᠡ ᠨᠣᠢᠷᠮᠤᠭᠯᠠᠨ ᠬᠡᠪᠲᠡᠭᠰᠡᠨ ᠠᠯᠳᠠᠯᠠᠭ ᠰᠠᠭᠰᠠᠭᠠᠷ ᠰᠡᠭᠦᠯ ᠲᠡᠢ ᠲᠠᠬᠢᠶ᠎ᠠ ᠪᠣᠰᠴᠤ ᠭᠡᠬᠢᠯᠵᠡᠨ ᠬᠡᠳᠦ ᠠᠯᠬᠤᠯᠠᠭᠠᠳ ᠵᠣᠭᠰᠣᠯ᠎ᠠ᠃ ᠨᠠᠷᠢᠨ ᠮᠥᠩᠭᠥᠨ ᠭᠢᠨᠵᠢ ᠪᠡᠷ ᠬᠥᠯ ᠡᠴᠡ ᠨᠢ ᠣᠭᠣᠰᠣᠷᠯᠠᠨ ᠤᠶᠠᠭᠰᠠᠨ ᠪᠠᠢᠪᠠ᠃ ᠰᠥᠪᠡᠭᠡᠳᠡᠢ ᠪᠠᠭᠠᠲᠤᠷ ᠲᠠᠬᠢᠶᠠᠨ ᠤ᠋ ᠡᠮᠦᠨ᠎ᠡ ᠪᠤᠳᠠᠭ᠎ᠠ ᠰᠠᠴᠤᠨ ᠣᠪᠣᠭᠠᠯᠠᠬᠤ ᠳ᠋ᠤ᠌ ᠰᠢᠪᠠᠭᠤ ᠴᠢᠩᠨᠠᠬᠤ ᠮᠡᠲᠦ ᠲᠣᠯᠣᠭᠠᠢ ᠪᠠᠨ ᠭᠢᠯᠵᠢᠢᠯᠭᠡᠨ ᠵᠣᠭᠰᠣᠭᠠᠳ ᠰᠠᠴᠤᠭᠰᠠᠨ ᠪᠤᠳᠠᠭ᠎ᠠ ᠶ᠋ᠢ ᠵᠠᠯᠬᠠᠭᠤ ᠰᠢᠭ᠋ ᠳᠣᠩᠰᠢᠵᠤ ᠢᠳᠡᠪᠡ᠃
ᠰᠥᠪᠡᠭᠡᠳᠡᠢ ᠮᠥᠨ ᠠᠳᠠᠯᠢ ᠲᠣᠯᠣᠭᠠᠢ ᠶ᠋ᠢ ᠭᠢᠯᠵᠢᠢᠯᠭᠡᠵᠦ ᠲᠠᠬᠢᠶᠠᠨ ᠤ᠋ ᠬᠡᠷᠬᠢᠨ ᠪᠤᠳᠠᠭ᠎ᠠ ᠲᠡᠭᠦᠬᠦ ᠶ᠋ᠢ ᠠᠵᠢᠭᠯᠠᠨ ᠬᠠᠢᠷᠠᠲᠤ ᠰᠢᠪᠠᠭᠤᠨ ᠤ᠋ ᠵᠢᠭᠦᠷ ᠢ᠋ᠶ᠋ᠡᠨ ᠳᠡᠷᠪᠡᠨ ᠳᠣᠬᠢᠶ᠎ᠠ ᠤᠷᠢᠶᠠᠯᠠᠭ᠎ᠠ ᠪᠠᠷ ᠬᠠᠰᠬᠢᠷᠤᠨ ᠳᠣᠩᠭᠣᠳᠬᠤ ᠶ᠋ᠢ ᠬᠦᠯᠢᠶᠡᠨ᠎ᠡ᠃ ᠪᠠᠭᠤᠳᠠᠯ ᠤ᠋ᠨ ᠡᠨᠡ ᠲᠡᠷᠡ ᠵᠠᠬ᠎ᠠ ᠳ᠋ᠤ᠌ ᠬᠡᠳᠦ ᠬᠡᠳᠦᠨ ᠲᠠᠬᠢᠶ᠎ᠠ ᠳᠤᠤᠭᠠᠷᠪᠠ᠃
— ᠪᠢᠴᠢᠬᠠᠨ ᠰᠢᠪᠠᠭᠤ ᠪᠠᠢᠲᠠᠯ᠎ᠠ ᠪᠠᠨ ᠪᠦᠬᠦ ᠴᠡᠷᠢᠭ ᠢ᠋ ᠪᠣᠰᠬᠠᠨ᠎ᠠ ᠭᠡᠵᠦ ᠰᠥᠪᠡᠭᠡᠳᠡᠢ ᠪᠠᠭᠠᠲᠤᠷ ᠪᠥᠬᠥᠢᠵᠦ ᠳᠣᠭᠣᠭᠢᠯᠠᠨ ᠰᠠᠬᠤᠯᠠᠭ ᠨᠣᠬᠠᠢ ᠶ᠋ᠢᠨ ᠠᠷᠠᠰᠤ ᠳᠡᠪᠢᠰᠦᠭᠰᠡᠨ ᠬᠣᠢᠮᠣᠷ ᠤ᠋ᠨ ᠢᠰᠡᠭᠡᠢ ᠤᠷᠤᠭᠤ ᠣᠴᠢᠪᠠ᠃
ᠦᠰᠦᠭ ᠠᠮᠢᠯᠠᠭᠤᠯᠤᠭᠴᠢ᠄ ᠠᠷᠢᠭᠤᠨ᠂ ᠪᠠᠯ ᠂ ᠠᠯᠲᠠᠨᠴᠢᠮᠡᠭ ᠂ ᠵᠢᠩᠯᠢᠬᠤᠸᠠᠷ
ᠬᠢᠨᠠᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ
