ᠪᠠᠲᠤ ᠬᠠᠭᠠᠨ 1-05ᠮᠣᠩᠭᠣᠯᠴᠤᠳ ᠠᠶᠠᠨ ᠲᠡᠢᠨ ᠳ᠋ᠦ᠍ ᠪᠡᠯᠡᠳᠬᠡᠪᠡ Бат хаан
ᠲᠠᠪᠤ ᠮᠣᠩᠭᠣᠯᠴᠤᠳ ᠠᠶᠠᠨ ᠲᠡᠢᠨ ᠳ᠋ᠦ᠍ ᠪᠡᠯᠡᠳᠬᠡᠪᠡ
ᠮᠠᠨ ᠤ᠋ ᠣᠷᠣᠨ ᠳ᠋ᠤ᠌ ᠢᠷᠡᠭᠰᠡᠨ ᠲᠠᠲ᠋ᠠᠷ ᠴᠡᠷᠢᠭ ᠦ᠋ᠨ ᠬᠦᠴᠦᠨ᠂ ᠰᠠᠬᠢᠯᠭ᠎ᠠ ᠪᠠᠲᠤ ᠬᠣᠶᠠᠷ ᠨᠢ ᠵᠥᠪᠬᠡᠨ ᠶᠡᠷᠦ ᠪᠤᠰᠤ ᠶ᠋ᠢᠨ ᠲᠡᠳᠦᠢ ᠪᠤᠰᠤ ᠪᠦᠬᠦ ᠳᠡᠯᠡᠬᠡᠢ ᠶ᠋ᠢ ᠡᠵᠡᠯᠡᠵᠦ ᠪᠣᠯᠤᠮᠠᠷ ᠪᠠᠢᠨ᠎ᠠ᠃
—(ᠠᠷᠪᠠᠨ ᠳᠥᠷᠪᠡᠳᠦᠭᠡᠷ ᠵᠠᠭᠤᠨ ᠤ᠋ ᠬᠢᠲᠠᠳ ᠲᠡᠦᠬᠡᠴᠢᠨ)
ᠥᠭᠦᠯᠡᠬᠦ ᠨᠢ᠄ ᠡᠩᠬᠡ ᠲᠠᠢᠪᠤᠩ ᠰᠢᠭ᠌ᠨᠠᠺ ᠬᠣᠲᠠ ᠳ᠋ᠤ᠌ ᠮᠣᠩᠭᠣᠯᠴᠤᠳ ᠤ᠋ᠨ ᠲᠦᠷᠢᠵᠦ ᠣᠷᠣᠭᠰᠠᠨ ᠠ᠋ᠴᠠ ᠬᠣᠢᠰᠢ ᠨᠠᠷᠢᠨ ᠭᠤᠳᠤᠮᠵᠢ ᠵᠡᠭᠡᠯᠢ ᠪᠡᠷ ᠨᠢ ᠲᠡᠮᠡᠭᠡᠨ ᠵᠢᠩ ᠦ᠋ᠨ ᠴᠤᠪᠤᠭ᠎ᠠ᠂ ᠵᠦᠭ ᠵᠦᠭ ᠲᠦ᠍ ᠳᠠᠪᠬᠢᠯᠳᠤᠬᠤ ᠮᠣᠷᠢᠲᠠᠨ᠂ ᠶᠠᠭᠠᠷᠠᠨ ᠠᠯᠬᠤᠯᠠᠬᠤ ᠬᠣᠲᠠ ᠶ᠋ᠢᠨ ᠬᠢᠨ ᠦᠵᠡᠭᠳᠡᠬᠦ ᠦᠭᠡᠢ ᠪᠣᠯᠤᠭᠰᠠᠭᠠᠷ ᠤᠳᠠᠪᠠ᠃᠂ ᠥᠷᠥᠨ᠎ᠡ ᠵᠦᠭ ᠵᠣᠷᠢᠬᠰᠠᠨ
ᠮᠣᠩᠭᠣᠯᠴᠤᠳ ᠤ᠋ᠨ ᠶᠡᠬᠡ ᠠᠶᠠᠨ ᠲᠡᠢᠨ ᠦ᠌ ᠲᠤᠬᠠᠢ ᠬᠥᠳᠡᠭᠡ ᠲᠠᠯ᠎ᠠ ᠠ᠋ᠴᠠ ᠰᠣᠨᠣᠰᠤᠭᠳᠠᠭᠰᠠᠨ ᠴᠤᠤᠷᠬᠠᠯ ᠤ᠋ᠨ ᠦᠨᠡᠨ ᠬᠤᠳᠠᠯ ᠢ᠋ ᠶᠠᠭᠠᠷᠠᠨ ᠮᠡᠳᠡᠬᠦ ᠶ᠋ᠢ ᠬᠥᠮᠦᠨ ᠪᠦᠬᠦᠨ ᠵᠣᠷᠢᠵᠤ ᠪᠢᠯᠡ᠃ ᠤᠷᠤᠭᠤ ᠬᠥᠭᠰᠢᠨ ᠡᠬᠡᠨᠡᠷ ᠮᠡᠲᠦ ᠪᠥᠭᠡᠳ ᠰᠠᠬᠠᠯ ᠦᠭᠡᠢ ᠬᠡᠰᠡᠭ ᠮᠣᠩᠭᠣᠯ ᠴᠡᠷᠢᠭ ᠨᠠᠷᠢᠨ ᠭᠤᠳᠤᠮᠵᠢ ᠪᠠᠷ ᠭᠠᠷᠴᠤ ᠢᠷᠡᠬᠦ ᠲᠡᠢ ᠵᠡᠷᠭᠡ ᠦᠢᠮᠡᠭᠰᠡᠨ ᠣᠯᠠᠨ ᠬᠥᠮᠦᠨ ᠳᠠᠷᠤᠢ ᠴᠢᠮᠡᠭᠡ ᠦᠭᠡᠢ ᠰᠠᠷᠨᠢᠨ ᠪᠤᠲᠠᠷᠠᠪᠠ᠃ ᠨᠠᠷᠠᠨ ᠳ᠋ᠤ᠌ ᠭᠠᠩᠳᠠᠭᠰᠠᠨ ᠪᠠ ᠭ᠌ᠬᠢᠷᠳᠦᠵᠦ ᠪᠣᠷᠣᠯᠠᠭᠰᠠᠨ ᠬᠥᠭᠰᠢᠨ ᠴᠢᠷᠠᠢ ᠲᠠᠢ ᠮᠣᠩᠭᠣᠯᠴᠤᠳ ᠬᠠᠮᠠᠷ ᠢ᠋ᠶ᠋ᠠᠨ ᠳᠤᠤᠭᠠᠷᠭᠠᠭᠰᠠᠨ ᠪᠠᠭ᠎ᠠ ᠪᠡᠶ᠎ᠡ ᠲᠡᠢ ᠲᠣᠭᠰᠢᠨ ᠮᠣᠷᠢ ᠤᠨᠤᠵᠤ ᠣᠯᠠᠨ ᠬᠥᠮᠦᠨ ᠦ᠌ ᠳᠤᠮᠳᠠᠭᠤᠷ ᠮᠣᠷᠢᠨ ᠤ᠋ ᠠᠮᠠ ᠶ᠋ᠢ ᠲᠠᠲᠠᠯ ᠦᠭᠡᠢ ᠣᠷᠣᠵᠤ ᠲᠠᠰᠢᠭᠤᠷ ᠢ᠋ᠶ᠋ᠠᠷ ᠬᠣᠶᠠᠷ ᠳᠠᠰᠢ ᠰᠢᠪᠬᠠᠷᠳᠠᠨ ᠮᠤᠩᠭᠢᠨᠠᠭᠠ ᠬᠥᠮᠦᠰ ᠦ᠋ᠨ ᠲᠣᠯᠣᠭᠠᠢ ᠤᠷᠤᠭᠤ ᠣᠷᠢᠶᠠᠯᠭᠠᠨᠠ᠃
ᠲᠡᠳᠡ ᠪᠦᠭᠦᠳᠡᠭᠡᠷ ᠵᠡᠭᠡᠯᠢ ᠶ᠋ᠢᠨ ᠭᠣᠣᠯ ᠲᠥᠪ ᠤᠷᠤᠭᠤ ᠴᠢᠭᠯᠡᠪᠡ᠃ ᠲᠡᠨᠳᠡ ᠥᠩᠭᠡᠲᠦ ᠲᠣᠭᠣᠰᠬ᠎ᠠ ᠪᠠᠷ ᠪᠠᠷᠢᠭᠰᠠᠨ ᠥᠨᠳᠥᠷ ᠠᠭᠤᠳᠠᠮ ᠬᠠᠭᠠᠯᠭ᠎ᠠ ᠶ᠋ᠢᠨ ᠴᠠᠭᠠᠨ᠎ᠠ ᠮᠣᠵᠢ ᠶ᠋ᠢᠨ ᠵᠠᠬᠢᠷᠤᠯ ᠴᠢᠩᠭᠢᠰ ᠦ᠋ᠨ ᠰᠤᠷᠪᠤᠯᠵᠢᠲᠤ ᠠᠴᠢ ᠲᠠᠩᠭᠤᠳ ᠬᠠᠭᠠᠨ ᠤ᠋ ᠤᠷᠢᠳᠤ (ᠣᠷᠳᠤ?) ᠪᠠᠢᠭ᠎ᠠ ᠴᠢᠯᠥᠭᠡᠨ ᠳᠡᠭᠡᠷ᠎ᠡ ᠮᠣᠩᠭᠣᠯᠴᠤᠳ ᠪᠦᠯᠦᠭ ᠪᠦᠯᠦᠭ ᠢ᠋ᠶ᠋ᠡᠷ ᠲᠣᠭᠣᠷᠢᠨ ᠮᠣᠷᠢᠨ ᠤ᠋ ᠴᠤᠯᠪᠤᠭᠤᠷ ᠢ᠋ ᠪᠥᠰᠡᠨ ᠳ᠋ᠡᠭᠡᠨ ᠬᠠᠪᠴᠢᠭᠤᠯᠤᠨ ᠰᠠᠭᠤᠵᠠᠢ᠃ ᠲᠡᠳᠡ ᠪᠠᠰᠠ ᠲᠦᠳᠡᠭ ᠨᠣᠴᠣᠭᠠᠬᠤ ᠭᠡᠵᠦ ᠬᠣᠲᠠ ᠶ᠋ᠢᠨ ᠬᠠᠭᠠᠯᠭ᠎ᠠ ᠬᠠᠰᠢᠶᠠᠨ ᠤ᠋ ᠡᠭᠦᠳᠡ ᠶ᠋ᠢ ᠡᠪᠳᠡᠨ ᠣᠢᠷᠠᠬᠢ ᠴᠡᠴᠡᠷᠯᠢᠭ ᠦ᠋ᠨ ᠮᠣᠳᠣ ᠶ᠋ᠢ ᠣᠭᠲᠣᠴᠢᠪᠠ᠃ ᠬᠣᠲᠠ ᠶ᠋ᠢᠨ ᠢᠷᠭᠡᠳ ᠦ᠋ᠨ ᠭᠡᠷ ᠲᠦ᠍ ᠵᠢᠱ᠌ᠢᠮᠡ ᠦᠭᠡᠢ ᠲᠣᠭᠣᠮᠰᠠᠷ ᠦᠭᠡᠢ ᠣᠷᠣᠵᠤ ᠲᠠᠯᠬ᠎ᠠ ᠮᠠᠯᠠᠬᠠ ᠵᠡᠷᠭᠡ ᠭᠠᠷ ᠲᠤ᠌ ᠳᠠᠭᠠᠷᠢᠯᠳᠤᠭᠰᠠᠨ ᠢ᠋ ᠠᠪᠴᠤ ᠣᠳᠴᠠᠢ᠃ ᠲᠡᠭᠡᠭᠡᠳ ᠲᠦᠳᠡᠭ ᠢ᠋ ᠲᠣᠭᠣᠷᠢᠨ ᠰᠠᠭᠤᠵᠤ ᠴᠠᠢ ᠳ᠋ᠠᠭᠠᠨ ᠨᠢᠭᠰᠢᠷᠡᠭᠰᠡᠨ ᠰᠠᠮᠤᠷ᠂ ᠴᠢᠩᠭᠠᠮᠠᠯ ᠪᠤᠳᠠᠭ᠎ᠠ ᠬᠢᠵᠦ᠂ ᠲᠣᠰᠣ ᠰᠦ᠋ ᠰᠠᠮᠤᠷᠤᠭᠰᠠᠨ ᠴᠠᠢ ᠠᠶᠠᠭᠠᠯᠠᠨ ᠤᠤᠭᠤᠵᠠᠭᠠᠪᠠ᠃ ᠡᠳᠡ ᠠᠯᠤᠰ ᠳᠣᠷᠣᠨ᠎ᠠ ᠶ᠋ᠢᠨ ᠨᠤᠲᠤᠭ ᠠ᠋ᠴᠠ ᠰᠢᠭᠨᠡᠺ ᠲᠦ᠍ ᠢᠷᠡᠭᠰᠡᠨ ᠴᠢᠩᠭᠢᠰ ᠦ᠋ᠨ ᠠᠷᠪᠠᠨ ᠨᠢᠭᠡᠨ ᠠᠴᠢ ᠶ᠋ᠢᠨ ᠲᠡᠷᠢᠭᠦᠨ ᠦ᠌ ᠲᠣᠷᠭᠠᠨ(ᠰᠢᠳᠠᠷ ᠴᠡᠷᠢᠭ) ᠪᠢᠯᠡ᠃ ᠮᠣᠩᠭᠣᠯ ᠲᠠᠲ᠋ᠠᠷ ᠤ᠋ᠨ ᠶᠡᠬᠡ ᠴᠡᠷᠢᠭ ᠬᠣᠢᠨ᠎ᠠ ᠠ᠋ᠴᠠ ᠨᠢ ᠲᠦᠷᠭᠡᠪᠴᠢᠯᠡᠨ ᠬᠥᠳᠡᠯᠦᠭᠰᠡᠨ ᠨᠢ ᠥᠨᠥ ᠮᠠᠷᠭᠠᠰᠢ ᠦᠭᠡᠢ ᠢᠷᠡᠬᠦ ᠶᠣᠰᠣᠲᠠᠢ ᠠᠵᠢ᠃
ᠰᠢᠭᠨᠡᠺ ᠬᠣᠲᠠ ᠶ᠋ᠢᠨ ᠢᠷᠭᠡᠳ ᠮᠣᠩᠭᠣᠯ ᠴᠡᠷᠢᠭ ᠦ᠋ᠨ ᠡᠮᠦᠨ᠎ᠡ ᠴᠡᠴᠡᠷᠡᠨ ᠳᠠᠭᠵᠢᠵᠤ ᠵᠢᠷᠲᠠᠭᠠᠷ ᠨᠢᠳᠦ ᠪᠡᠷ ᠢ᠋ᠶ᠋ᠡᠨ ᠰᠢᠨᠤᠭᠰᠠᠨ ᠪᠣᠯᠭᠠᠨ ᠢ᠋ ᠦᠭᠡ ᠳᠠᠭᠤ ᠦᠭᠡᠢ ᠥᠭᠴᠡᠢ᠃ ᠠᠷᠪᠠᠨ ᠲᠠᠪᠤᠨ ᠵᠢᠯ ᠦ᠋ᠨ ᠡᠮᠦᠨ᠎ᠡ ᠲᠣᠭᠰᠢᠨ ᠴᠢᠩᠭᠢᠰ ᠬᠠᠭᠠᠨ ᠳᠣᠪᠲᠣᠯᠤᠨ ᠣᠷᠣᠭᠰᠠᠨ ᠢ᠋ ᠬᠥᠮᠦᠨ ᠪᠦᠬᠦᠨ ᠳᠠᠩᠴᠢ ᠮᠠᠷᠲᠠᠭ᠎ᠠ ᠦᠭᠡᠢ᠃ ᠪᠦᠬᠦ ᠣᠷᠣᠨ ᠤ᠋ ᠬᠣᠲᠠ ᠰᠠᠭᠤᠷᠢᠨ ᠨᠡᠯᠦᠩᠬᠡᠢ ᠭᠠᠯ ᠤ᠋ᠨ ᠳᠥᠯᠥ ᠳ᠋ᠦ᠍ ᠪᠦᠷᠬᠦᠭᠳᠡᠵᠦ ᠠᠶᠤᠨ ᠰᠠᠨᠳᠤᠷᠤᠭᠰᠠᠨ ᠠᠮᠢᠲᠠᠨ ᠬᠥᠮᠦᠰ ᠵᠠᠮ ᠤ᠋ᠨ ᠳᠠᠭᠠᠤ ᠲᠦᠷᠭᠡᠨ ᠭᠦᠶᠦᠯᠳᠦᠵᠦ ᠮᠣᠩᠭᠣᠯ ᠤ᠋ᠨ ᠴᠡᠷᠢᠭ ᠦ᠋ᠳ ᠨᠣᠮᠣᠬᠠᠨ ᠢᠷᠭᠡᠳ ᠢ᠋ ᠵᠠᠨᠴᠢᠵᠤ᠂ ᠤᠷᠠᠴᠤᠳ ᠢ᠋ ᠠᠯᠤᠰ ᠮᠣᠩᠭᠣᠯ ᠨᠤᠲᠤᠭ ᠲᠸ᠋ ᠪᠣᠭᠣᠯ ᠪᠣᠯᠭᠠᠨ ᠠᠪᠠᠴᠢᠭᠠᠳ ᠡᠬᠡᠨᠡᠷ ᠬᠡᠦᠬᠡᠳ ᠢ᠋ ᠬᠠᠤᠯᠢ ᠶᠣᠰᠣᠨ ᠤ᠋ ᠣᠯᠵᠠ᠂ ᠬᠣᠶᠠᠷ ᠬᠥᠯ ᠲᠡᠢ ᠠᠳᠤᠭᠤᠰᠤ ᠮᠡᠲᠦ ᠪᠡᠷ ᠬᠤᠪᠢᠶᠠᠨ ᠠᠪᠳᠠᠭ ᠪᠠᠢᠵᠠᠢ᠃
ᠭᠡᠲᠡᠯ᠎ᠡ ᠰᠢᠷᠦᠭᠦᠨ ᠪᠠᠢᠳᠠᠯ ᠨᠠᠮᠵᠢᠨ ᠮᠣᠩᠭᠣᠯ ᠤ᠋ᠨ ᠪᠠᠭ ᠴᠡᠷᠢᠭ ᠳᠠᠬᠢᠨ ᠳᠣᠷᠣᠨ᠎ᠠ ᠵᠦᠭ ᠲᠦ᠍ ᠡᠷᠭᠢᠵᠡᠢ᠃ ᠠᠭᠤᠯᠠ ᠨᠠᠮᠤᠭ ᠲᠸ᠋ ᠨᠢᠭᠤᠭᠳᠠᠵᠤ ᠪᠠᠢᠭᠰᠠᠨ ᠢᠷᠭᠡᠳ ᠰᠦᠢᠳᠬᠡᠭᠳᠡᠭᠰᠡᠨ ᠭᠡᠷ ᠣᠷᠣᠨ ᠳ᠋ᠠᠭᠠᠨ ᠴᠤᠪᠤᠨ ᠡᠷᠭᠢᠵᠦ ᠢᠷᠡᠵᠦ ᠬᠠᠲᠠᠭᠰᠠᠨ ᠰᠤᠪᠠᠭ ᠢ᠋ ᠰᠡᠷᠭᠦᠭᠡᠵᠦ ᠰᠢᠷᠤᠭ ᠢ᠋ ᠨᠠᠩᠭᠢ ᠰᠢᠷᠣᠢ ᠪᠠᠷ ᠳᠠᠬᠢᠨ ᠪᠠᠢᠭᠤᠯᠵᠠᠢ᠃ ᠪᠠᠶᠠᠨ ᠬᠤᠳᠠᠯᠳᠤᠭᠠᠴᠢᠨ ᠮᠣᠩᠭᠣᠯ ᠤ᠋ᠨ ᠠᠯᠪᠠᠨ ᠲᠠᠲᠠᠪᠤᠷᠢ ᠬᠤᠷᠢᠶᠠᠭᠴᠢ ᠶ᠋ᠢᠨ ᠠᠯᠪᠠ ᠶ᠋ᠢ ᠬᠠᠭᠠᠵᠤ ᠤᠳᠠᠯ ᠦᠭᠡᠢ ᠭᠣᠶᠣᠮᠰᠣᠭ ᠪᠠᠢᠰᠢᠩ ᠪᠣᠰᠬᠠᠨ ᠵᠢᠮᠢᠰ ᠦ᠋ᠨ ᠰᠢᠨ᠎ᠡ ᠴᠡᠴᠡᠷᠯᠢᠭ ᠲᠠᠷᠢᠪᠠ᠃ ᠤᠷᠲᠤ ᠰᠠᠬᠠᠯ ᠲᠠᠢ ᠳᠡᠭᠡᠷᠡᠩᠭᠦᠢ ᠢᠮᠠᠮ ᠨᠠᠷ ᠮᠣᠩᠭᠣᠯ ᠤ᠋ᠨ ᠪᠤᠵᠠᠷᠯᠠᠭᠰᠠᠨ ᠳᠤᠭᠠᠩ ᠢ᠋ ᠱᠦᠭᠦᠷᠳᠡᠨ ᠴᠡᠪᠡᠷᠯᠡᠵᠦ ᠢᠷᠠᠭᠤ ᠳᠠᠭᠤ ᠲᠠᠢ ᠠᠽᠠᠨᠴᠢ ᠪᠤᠶᠤ ᠮᠦᠸᠽᠳᠢᠨ ᠭᠡᠳᠡᠭ ᠰᠦᠮ᠎ᠡ ᠶ᠋ᠢᠨ ᠢᠮᠠᠮ ᠤ᠋ᠨ ᠲᠤᠰᠠᠯᠠᠭᠴᠢ ᠨᠠᠷ ᠬᠠᠭᠤᠴᠢᠨ ᠶᠣᠰᠣᠭᠠᠷ ᠥᠨᠳᠥᠷ ᠵᠠᠪᠳᠤᠩ ᠳᠡᠭᠡᠷ᠎ᠡ ᠰᠠᠭᠤᠭᠠᠳ ᠬᠣᠨᠣᠭ ᠪᠦᠷᠢ ᠳ᠋ᠦ᠍ ᠲᠠᠪᠤᠨ ᠤᠳᠠᠭ᠎ᠠ ᠠᠷᠢᠭᠤᠨ ᠰᠦᠰᠦᠭᠲᠡᠨ ᠮᠥᠰᠯᠠᠮ ᠢ᠋ ᠴᠢᠩ ᠵᠠᠯᠪᠠᠷᠢᠯ ᠳ᠋ᠤ᠌ ᠤᠷᠢᠶᠠᠯᠠᠨ ᠶᠠᠩ ᠲᠡᠳᠡᠨ ᠠᠶᠠᠯᠤᠨ᠎ᠠ᠃
ᠮᠥᠷᠭᠥᠯ ᠲᠣᠭᠲᠠᠮᠠᠯ ᠦᠢᠯᠡᠳᠦᠭᠴᠢᠳ ᠬᠢᠭᠡᠳ ᠳᠠᠭᠤᠳᠠᠬᠤ ᠳ᠋ᠤ᠌ ᠶᠠᠭᠠᠷᠠᠯ ᠦᠭᠡᠢ ᠢᠷᠡᠭᠴᠢᠳ ᠢ᠋ ᠤᠷᠢᠳᠤ ᠶ᠋ᠢᠨ ᠬᠡᠪ ᠢ᠋ᠶ᠋ᠡᠷ ᠲᠠᠰᠢᠭᠤᠷᠳᠠᠨ ᠵᠠᠨᠴᠢᠪᠠ᠃ ᠮᠣᠩᠭᠣᠯ ᠤ᠋ᠨ ᠬᠠᠭᠠᠨ ᠤ᠋ ᠠᠴᠢ ᠨᠠᠷ ᠲᠦᠷᠦᠭᠦᠨ ᠦ᠌ ᠮᠣᠷᠢᠨ ᠴᠡᠷᠢᠭ ᠦ᠋ᠨ ᠬᠠᠮᠲᠤ1237 ᠣᠨ ᠤ᠋ ᠬᠠᠪᠤᠷ ᠰᠢᠭᠨᠡᠺ ᠲᠦ᠍ ᠭᠡᠨᠡᠳᠲᠡ ᠣᠷᠣᠬᠤ ᠳ᠋ᠤ᠌ ᠬᠣᠲᠠ ᠶ᠋ᠢᠨ ᠢᠷᠭᠡᠳ ᠠᠶᠤᠨ ᠰᠣᠴᠢᠵᠠᠢ᠃ ᠮᠣᠵᠢ ᠶ᠋ᠢᠨ ᠵᠠᠬᠢᠷᠤᠯ ᠲᠠᠩᠭᠤᠳ ᠬᠠᠭᠠᠨ ᠪᠦᠬᠦ ᠣᠷᠴᠢᠨ ᠮᠣᠵᠢ ᠶ᠋ᠢᠨ ᠬᠠᠭᠠᠳ ᠲᠤ᠌ ᠠᠽᠢ ᠲᠢᠪ ᠢ᠋ ᠪᠠᠢᠯᠳᠤᠨ ᠳᠠᠭᠠᠭᠤᠯᠤᠭᠰᠠᠨ ᠴᠢᠩᠭᠢᠰ ᠬᠠᠭᠠᠨ ᠤ᠋ ᠰᠤᠷᠪᠤᠯᠵᠢᠲᠤ ᠢᠵᠠᠭᠤᠷᠲᠠᠨ ᠢ᠋ ᠬᠦᠨᠳᠦᠯᠡᠨ ᠳᠠᠢᠯᠠᠬᠤ ᠳ᠋ᠤ᠌ ᠬᠡᠷᠡᠭᠯᠡᠭᠳᠡᠬᠦ ᠬᠣᠨᠢ᠂ ᠤᠨᠠᠭ᠎ᠠ᠂ ᠠᠢᠷᠠᠭ ᠵᠡᠷᠭᠡ ᠪᠤᠰᠤᠳ ᠢᠳᠡᠭᠡᠨ ᠦ᠌ ᠵᠦᠢᠯ ᠢ᠋ ᠱᠠᠭᠠᠷᠳᠠᠨ ᠳ᠋ᠵᠢᠬᠢᠲ ᠦ᠋ᠳ ᠢ᠋ ᠢᠯᠡᠭᠡᠵᠡᠢ᠃ ᠢᠷᠭᠡᠳ ᠳᠣᠷᠣᠨ᠎ᠠ ᠵᠦᠭ ᠡᠴᠡ ᠢᠷᠡᠭᠰᠡᠨ ᠰᠢᠷᠦᠭᠦᠨ ᠢᠯᠠᠭᠴᠢᠳ ᠢ᠋ ᠰᠠᠭᠤᠯᠭᠠᠬᠤ ᠬᠡᠳᠦᠨ ᠮᠢᠩᠭᠠᠨ ᠭᠡᠷ ᠢ᠋ ᠰᠸᠢ᠍ᠢ᠍ᠬᠤᠩ(ᠰᠧᠷ— ᠳ᠋ᠠᠷᠢᠶᠠ) ᠮᠥᠷᠡᠨ ᠦ᠌ ᠳᠠᠭᠠᠤ ᠪᠠᠷᠢᠪᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠪᠠᠶᠠᠨᠴᠡᠴᠡᠭ᠂ ᠠᠷᠢᠭᠤᠨ
ᠬᠢᠨᠠᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ
