ᠪᠠᠲᠤ ᠬᠠᠭᠠᠨ 1-04ᠳ᠋ᠵᠢᠬᠢᠲ ᠦ᠋ᠨ ᠠᠮᠢᠳᠤᠷᠠᠯ ᠤ᠋ᠨ ᠵᠠᠮ- Бат хаан
ᠠᠮᠢ ᠨᠠᠰᠤ ᠬᠣᠶᠠᠷ ᠢ᠋ᠶ᠋ᠠᠨ ᠵᠢᠳᠠᠨ ᠤ᠋ ᠪᠠᠨ ᠦᠵᠦᠭᠦᠷ ᠲᠦ᠍ ᠤᠶᠠᠭᠰᠠᠨ
(ᠵᠢᠩᠭᠠᠷ)
ᠴᠡᠷᠢᠭ ᠦ᠋ᠨ ᠵᠠᠯᠠᠭᠤ ᠡᠷ᠎ᠡ ᠪᠥᠬᠥᠢᠵᠦ ᠣᠪᠣᠬᠠᠢ ᠶ᠋ᠢᠨ ᠳᠠᠪᠴᠢᠭᠤ ᠡᠭᠦᠳᠡ ᠪᠡᠷ ᠣᠷᠣᠭᠠᠳ ᠬᠠᠲᠠᠪᠴᠢᠨ ᠳ᠋ᠤ᠌ ᠰᠥᠬᠥᠷᠡᠨ ᠰᠠᠭᠤᠵᠤ ᠬᠠᠳ᠌ᠵᠢ ᠷᠠᠾᠢᠮ᠂ ᠭᠣᠯᠣᠮᠲᠠ ᠶ᠋ᠢᠨ ᠳᠡᠷᠭᠡᠳᠡᠬᠢ ᠡᠯᠡᠩᠬᠡᠢ ᠪᠢᠴᠢᠬᠠᠨ ᠬᠡᠪᠢᠰ ᠦ᠋ᠨ ᠳᠡᠭᠡᠷ᠎ᠡ ᠰᠠᠭᠤᠵᠤ ᠬᠣᠶᠠᠭᠤᠯᠠ ᠠᠯᠠᠭ᠎ᠠ ᠪᠠᠷ ᠢ᠋ᠶ᠋ᠠᠨ ᠬᠠᠷᠢᠯᠴᠠᠨ ᠬᠠᠴᠠᠷ ᠢ᠋ ᠢᠯᠪᠢᠭᠡᠳ ᠪᠡᠶ᠎ᠡ ᠪᠡᠶ᠎ᠡ ᠪᠡᠨ ᠬᠠᠷᠠᠨ ᠵᠠᠩᠰᠢᠯ ᠤ᠋ᠨ ᠶᠣᠰᠣᠭᠠᠷ ᠤᠳᠠᠲᠠᠯ᠎ᠠ ᠳᠠᠭᠤ ᠦᠭᠡᠢ ᠪᠠᠢᠯ᠎ᠠ᠃ ᠲᠡᠭᠡᠭᠡᠳ ᠹᠠᠺᠢᠾ ᠡᠨᠡ ᠨᠠᠰᠤᠨ ᠳ᠋ᠠᠭᠠᠨ ᠣᠯᠠᠨ ᠬᠥᠮᠦᠨ ᠢ᠋ ᠦᠵᠡᠵᠦ ᠬᠠᠰᠢᠷᠴᠢᠬᠠᠭᠰᠠᠨ ᠤᠢᠳᠬᠠᠷᠯᠠᠬᠤ ᠪᠠᠢᠳᠠᠯ ᠢ᠋ᠶ᠋ᠠᠷ ᠬᠤᠷᠤᠭᠤ ᠪᠠᠨ ᠰᠠᠯᠠᠭᠠᠪᠴᠢᠯᠠᠨ᠄
— ᠴᠢ ᠠᠯᠢ ᠣᠪᠣᠭ ᠤ᠋ᠨ ᠬᠡᠨ ᠭᠡᠭᠴᠢ ᠪᠣᠢ? ᠪᠤᠭᠤᠷᠤᠯ ᠰᠠᠬᠠᠯᠲᠤ ᠠᠪᠤ ᠴᠢᠨᠢ ᠴᠢᠮᠠᠲᠤ ᠶᠠᠮᠠᠷ ᠨᠡᠷ᠎ᠡ ᠥᠭᠪᠡ? ᠠᠯᠢ ᠬᠣᠯᠠ ᠶ᠋ᠢᠨ ᠣᠷᠣᠨ ᠳ᠋ᠤ᠌ ᠠᠩᠬ᠎ᠠ ᠨᠠᠷᠠᠨ ᠤ᠋ ᠭᠡᠷᠡᠯ ᠢ᠋ ᠬᠠᠷᠠᠪᠠ? ᠴᠢ ᠬᠡᠳᠦᠢ ᠪᠡᠷ ᠺᠢᠫᠴᠠᠺᠠ ᠬᠡᠯᠡ ᠪᠡᠷ ᠥᠭᠦᠯᠡᠪᠡᠴᠦ ᠬᠥᠳᠡᠯᠬᠦ ᠪᠠᠢᠳᠠᠯ᠂ ᠬᠤᠪᠴᠠᠰᠤ ᠶ᠋ᠢ ᠴᠢᠨᠢ ᠦᠵᠡᠬᠦ ᠳ᠋ᠦ᠍ ᠭᠠᠳᠠᠨ᠎ᠠ ᠶ᠋ᠢᠨ ᠬᠥᠮᠦᠨ ᠭᠡᠵᠦ ᠲᠠᠨᠢᠭᠳᠠᠵᠤ ᠪᠠᠢᠨ᠎ᠠ ᠭᠡᠬᠦ ᠳ᠋ᠦ᠍ ᠴᠡᠷᠢᠭ ᠦ᠋ᠨ ᠡᠷ᠎ᠡ ᠭᠠᠷ ᠢ᠋ᠶ᠋ᠠᠨ ᠲᠣᠰᠣᠨ ᠡᠪᠲᠡᠢᠬᠡᠨ ᠬᠠᠨᠢᠶᠠᠭᠠᠳ ᠬᠣᠭᠣᠯᠠᠢ ᠪᠠᠨ ᠵᠠᠰᠠᠵᠤ ᠨᠠᠮ ᠵᠢᠭᠳᠡ ᠳᠠᠭᠤ ᠪᠠᠷ᠄
— ᠮᠢᠨᠦ ᠨᠡᠷ᠎ᠡ ᠠᠷᠠᠫᠱᠠ᠂ ᠭᠡᠪᠡᠴᠦ ᠲᠡᠢᠨ ᠳ᠋ᠦ᠍ ᠤᠯᠠᠩᠭᠠᠰᠴᠤ ᠠᠭᠤᠷᠰᠠᠨ᠂ ᠬᠠᠮᠤᠭ ᠤ᠋ᠨ ᠠᠶᠤᠯᠲᠠᠢ ᠲᠤᠯᠤᠯᠳᠤᠭᠠᠨ ᠳ᠋ᠤ᠌ ᠲᠡᠮᠡᠦᠯᠦᠨ ᠣᠷᠣᠵᠤ ᠳᠠᠢᠰᠤᠨ ᠢ᠋ ᠬᠥᠭᠡᠭᠡᠨ ᠵᠢᠭᠤᠳᠠᠭᠠᠯᠭᠠᠳᠠᠭ ᠭᠡᠯᠴᠡᠵᠦ ᠮᠢᠨᠦ ᠪᠠᠢᠯᠳᠤᠭᠠᠨ ᠤ᠋ ᠨᠥᠬᠥᠳ ᠨᠠᠮᠠᠶ᠋ᠢ ᠪᠠᠰᠠ《ᠠᠩ— ᠨᠠᠰᠢᠷ》( ᠢᠯᠠᠭᠴᠢ ) ᠭᠡᠵᠦ ᠳᠠᠭᠤᠳᠠᠨ᠎ᠠ᠃ ᠮᠢᠨᠦ ᠨᠡᠷ᠎ᠡ ᠠᠷᠠᠫᠱᠠ ᠭᠡᠵᠦ ᠲᠠᠨ ᠳ᠋ᠤ᠌ ᠥᠭᠦᠯᠡᠭᠰᠡᠨ ᠪᠣᠯᠪᠠᠴᠤ ᠮᠢᠨᠦ ᠥᠷᠥᠰᠢᠶᠡᠯᠲᠦ ᠡᠴᠢᠭᠡ ᠬᠡᠨ ᠭᠡᠵᠦ ᠨᠡᠷᠡᠯᠡᠵᠦ ᠪᠠᠢᠭᠰᠠᠨ ᠢ᠋ ( ᠂ ) ᠪᠢ ᠪᠠᠭ᠎ᠠ ᠨᠠᠰᠤᠨ ᠳ᠋ᠠᠭᠠᠨ ᠬᠠᠮᠢᠭ᠎ᠠ ᠪᠠᠢᠭᠰᠠᠨ ᠢ᠋ ᠦᠨᠡᠬᠡᠷ ᠮᠡᠳᠡᠬᠦ ᠦᠭᠡᠢ᠂ ᠣᠢ ᠳᠣᠲᠣᠷ᠎ᠠ ᠨᠢᠭᠡᠨ ᠨᠠᠭᠤᠷ ᠤ᠋ᠨ ᠳᠡᠷᠭᠡᠳᠡ ᠣᠷᠣᠰᠢᠵᠤ ᠡᠴᠢᠭᠡ ᠶ᠋ᠢᠨ ᠬᠠᠮᠲᠤ ᠵᠠᠪᠢ ᠪᠠᠷ ᠬᠦᠪᠪᠦᠨ᠂ ᠡᠴᠢᠭᠡ ᠮᠢᠨᠢ ᠣᠯᠠᠨ ᠮᠥᠩᠭᠥᠯᠢᠭ ᠵᠢᠭᠠᠰᠤ ᠶ᠋ᠢ ᠲᠣᠣᠷ ᠠ᠋ᠴᠠ ᠪᠠᠨ ᠰᠠᠭᠰᠤ ᠤᠷᠤᠭᠤ ᠶᠡᠭᠦᠯᠡᠵᠦ ᠪᠠᠢᠭᠰᠠᠨ ᠨᠢ ᠪᠠᠷᠤᠭ ᠪᠦᠷᠦᠭ ᠰᠠᠨᠠᠭᠳᠠᠨ᠎ᠠ᠃ ᠡᠵᠢ ᠶ᠋ᠢᠨ ᠡᠪᠦᠷ ᠳᠡᠭᠡᠷ᠎ᠡ ᠬᠡᠪᠲᠡᠨ ᠳᠠᠭᠤᠤ ᠳᠠᠭᠤᠯᠠᠬᠤ ᠶ᠋ᠢ ᠨᠢ ᠴᠢᠩᠨᠠᠵᠤ ᠪᠠᠢᠬᠤ ᠳ᠋ᠤ᠌ ᠳᠤᠯᠠᠭᠠᠨ ᠰᠠᠢᠬᠠᠨ ᠪᠠᠢᠳᠠᠭ ᠰᠠᠨ᠃ ᠥᠬᠢᠨ ᠳᠡᠭᠦᠦ ᠮᠢᠨᠢ ᠮᠥᠨ ᠰᠠᠨᠠᠭᠳᠠᠨ᠎ᠠ᠃ ᠡᠨᠡ ᠪᠦᠬᠦᠨ ᠴᠥᠮ ᠡᠴᠦᠰ ᠪᠣᠯᠵᠠᠢ᠃ ᠳᠡᠭᠡᠷᠡᠮᠴᠢᠳ ᠳᠠᠭᠠᠷᠢᠵᠤ ᠨᠠᠮᠠᠶ᠋ᠢ ᠥᠬᠢᠨ ᠳᠡᠭᠦᠦ ᠶ᠋ᠢᠨ ᠬᠠᠮᠲᠤ ᠶᠡᠬᠡ ᠬᠣᠲᠠ ᠳ᠋ᠤ᠌ ᠠᠪᠠᠴᠢᠭᠠᠳ ᠳᠠᠯᠪᠠᠭᠠᠲᠤ ᠣᠩᠭᠣᠴᠠᠨ ᠳᠡᠭᠡᠷ᠎ᠡ ᠬᠤᠳᠠᠯᠳᠤᠪᠠ᠃ ᠲᠡᠷᠡ ᠣᠩᠭᠣᠴᠠ ᠳᠡᠭᠡᠷ᠎ᠡ ᠬᠥᠪᠡᠭᠦᠳ᠂ ᠥᠬᠢᠳ ᠮᠠᠰᠢ ᠣᠯᠠᠨ ᠪᠠᠢᠭᠰᠠᠨ᠃ ᠣᠩᠭᠣᠴᠠᠨ ᠤ᠋ ᠡᠵᠡᠳ ᠪᠢᠳᠡᠨ ᠢ᠋ ᠲᠣᠮᠣ ᠴᠠᠭᠠᠨ ᠭᠠᠯᠠᠭᠤ ᠶ᠋ᠢᠨ ᠰᠦᠷᠦᠭ ᠦ᠋ᠨ ᠬᠠᠮᠲᠤ ᠣᠩᠭᠣᠴᠠᠨ ᠤ᠋ ᠢᠷᠣᠭᠠᠷ ᠤ᠋ᠨ ᠵᠠᠢ ᠳ᠋ᠤ᠌ ᠴᠢᠬᠢᠵᠦ ᠲᠦᠭᠵᠢᠬᠦ ᠳ᠋ᠦ᠍ ᠭᠠᠯᠠᠭᠤᠳ ᠪᠢᠳᠡᠨ ᠢ᠋ ᠬᠠᠵᠠᠵᠤ ᠳᠤᠩᠰᠢᠵᠤ ᠪᠠᠢᠯ᠎ᠠ᠃ ᠣᠩᠭᠣᠴᠠ ᠥᠷᠭᠡᠨ ᠮᠥᠷᠡᠨ ᠢ᠋ᠶ᠋ᠡᠷ ᠳᠡᠮᠵᠢᠵᠦ ᠲᠠᠩᠭᠢᠰ ᠳᠤ ᠣᠷᠣᠯ᠎ᠠ᠃ ᠣᠩᠭᠣᠴᠠᠨ ᠤ᠋ ᠡᠵᠡᠳ ᠵᠠᠬ᠎ᠠ ᠵᠡᠭᠡᠯᠢ ᠳᠡᠭᠡᠷ᠎ᠡ ᠬᠡᠦᠬᠡᠳ ᠢ᠋ ᠲᠠᠷᠬᠠᠭᠠᠨ ᠬᠤᠳᠠᠯᠳᠤᠭᠰᠠᠨ᠃ ᠲᠡᠭᠡᠭᠰᠡᠨ ᠡᠴᠡ ᠬᠣᠢᠰᠢ ᠪᠢ ᠲᠡᠳᠡ ᠪᠠ ᠳᠡᠭᠦᠦ ᠲᠡᠢ ᠪᠡᠨ ᠨᠢᠭᠡ ᠴᠥ᠍ ᠠᠭᠤᠯᠵᠠᠭ᠎ᠠ ᠦᠭᠡᠢ᠃ ᠹᠡᠺᠢᠾ ᠰᠡᠭᠦᠷᠡᠰᠦᠨ ᠠᠯᠲᠠᠨ᠄
— ᠡᠨᠡ ᠶᠠᠪᠤᠳᠠᠯ ᠵᠥᠪᠬᠡᠨ ᠬᠤᠳᠠᠯᠳᠤᠭᠠᠴᠢᠨ ᠪᠠᠶᠠᠵᠢᠬᠤ ᠶ᠋ᠢᠨ ᠲᠤᠯᠠ ᠠᠮᠢ ᠲᠠᠯᠪᠢᠨ ᠤᠯᠠᠢᠬᠤ ᠶ᠋ᠢᠨ ᠬᠠᠷᠠᠭ᠎ᠠ ᠪᠠᠷ ᠠᠯᠲᠠᠨ ᠤ᠋ ᠭᠡᠷᠡᠯ ᠳ᠋ᠦ᠍ ᠪᠠᠯᠠᠢᠷᠠᠭᠰᠠᠨ ᠬᠣᠪᠳᠣᠭ ᠬᠤᠳᠠᠯᠳᠤᠭᠠᠴᠢᠳ᠂ ᠭᠡᠮ ᠦᠭᠡᠢ ᠬᠡᠦᠬᠡᠳ ᠢ᠋ ᠪᠤᠯᠢᠶᠠᠨ ᠠᠪᠴᠤ ᠬᠠᠷᠢ ᠶ᠋ᠢᠨ ᠬᠣᠲᠠ ᠳ᠋ᠤ᠌ ᠣᠷᠬᠢᠬᠤ ᠳ᠋ᠤ᠌ ᠪᠦᠬᠦ ᠨᠠᠰᠤᠨ ᠳ᠋ᠠᠭᠠᠨ ᠪᠣᠭᠣᠯ ᠤ᠋ᠨ ᠵᠣᠪᠠᠯᠠᠩᠲᠤ ᠲᠠᠯᠬᠢᠭᠳᠠᠯ ᠢ᠋ᠶ᠋ᠠᠷ ᠰᠢᠨᠠᠯᠤᠨ ᠵᠣᠪᠠᠨ᠎ᠠ ᠭᠡᠵᠦ ᠬᠡᠯᠡᠪᠡ᠃
ᠠᠷᠠᠫᠱᠠ ᠴᠠᠰᠢ ᠬᠡᠯᠡᠬᠦ ᠨᠢ᠄
— ᠪᠢ ᠮᠠᠭᠠᠳ ᠤᠮᠠᠷ᠎ᠠ ᠵᠦᠭ ᠦ᠋ᠨ ᠠᠯᠢ ᠨᠢᠭᠡᠨ ᠣᠷᠣᠨ ᠮᠣᠷᠳᠡᠧ ᠪᠤᠶᠤ ᠰᠠᠺᠰᠢᠨ ᠡᠰᠡᠪᠡᠯ ᠣᠷᠣᠰ ᠣᠷᠣᠨ ᠤ᠋ ᠬᠥᠮᠦᠨ ᠪᠢᠵᠡ᠃ ᠶᠠᠭᠠᠬᠢᠭᠠᠳ ᠭᠡᠪᠡᠯ᠂ ᠪᠣᠭᠣᠯᠴᠤᠳ ᠢᠯᠠᠩᠭᠤᠶ᠎ᠠ ᠣᠷᠣᠰ ᠬᠥᠮᠦᠰ ᠮᠢᠨᠦ ᠬᠦᠴᠦ ᠶ᠋ᠢ ᠮᠠᠭᠲᠠᠳᠠᠭ᠂ ᠦᠨᠡᠬᠡᠷ ᠨᠠᠳᠠᠳᠤ ᠠᠯᠯᠠᠾ ᠲᠩᠷᠢ ᠬᠠᠳᠠᠨ ᠴᠢᠨᠠᠷ ᠢ᠋ ᠰᠣᠶᠣᠷᠬᠠᠵᠠᠢ᠃ ᠨᠠᠮᠠᠶ᠋ᠢ ᠺᠡᠥ᠋ᠺᠠᠰ ᠤ᠋ᠨ ᠲᠡᠮᠦᠷ ᠬᠠᠭᠠᠯᠭᠠᠲᠤ ᠳ᠋ᠧᠷᠪᠧᠨ᠋ᠲ ᠬᠣᠲᠠ ᠳ᠋ᠠᠬᠢ ᠪᠣᠭᠣᠯ ᠤ᠋ᠨ ᠵᠡᠭᠡᠯᠢ ᠳᠡᠭᠡᠷ᠎ᠡ ᠨᠢᠭᠡ ᠡᠵᠡᠨ ᠡᠴᠡ ᠨᠥᠭᠦᠭᠡ ᠳ᠋ᠦ᠍ ᠳᠠᠮᠵᠢᠨ ᠶᠠᠪᠤᠭᠠᠳ ᠥᠰᠬᠦ ᠴᠠᠭ ᠲᠤ᠌ ᠬᠠᠮᠤᠭ ᠤ᠋ᠨ ᠬᠦᠨᠳᠦ ᠬᠥᠳᠡᠯᠮᠦᠷᠢ ᠶ᠋ᠢ ᠬᠢᠯᠭᠡᠵᠦ ᠬᠤᠳᠳᠤᠭ ᠠ᠋ᠴᠠ ᠤᠰᠤ ᠠᠪᠬᠤ ᠳᠤᠭᠤᠢ ᠳ᠋ᠤ᠌᠂ ᠡᠯᠵᠢᠭᠡᠨ ᠦ᠌ ᠬᠠᠮᠲᠤ ᠬᠦᠵᠦᠭᠦᠨ ᠳ᠋ᠦ᠍ ᠳᠥᠩᠭᠡ ᠵᠡᠭᠦᠵᠦ ᠴᠢᠯᠠᠭᠤ ᠮᠡᠲᠦ ᠬᠠᠲᠠᠭᠰᠠᠨ ᠰᠢᠷᠣᠢ ᠶ᠋ᠢ ᠮᠠᠯᠲᠠᠭᠤᠯᠤᠨ ᠪᠠᠰᠠ ᠭᠤᠸᠠᠯᠢᠩ ᠮᠣᠳᠣ ᠶ᠋ᠢ ᠵᠥᠭᠡᠭᠡᠯᠭᠡᠳᠡᠭ ᠪᠢᠯᠡ᠃ ᠪᠣᠭᠣᠯ ᠶᠠᠪᠤᠬᠤ ᠴᠠᠭ ᠲᠤ᠌ ᠲᠩᠷᠢ ᠴᠦ᠍ ᠭᠡᠰᠡᠨ ᠮᠢᠨᠦ ᠤᠬᠤᠭᠰᠠᠨ ᠬᠠᠷᠢ ᠨᠤᠲᠤᠭ ᠤ᠋ᠨ ᠰᠢᠷᠣᠢ ᠮᠡᠲᠦ ᠬᠠᠭᠤᠷᠠᠢ ᠬᠠᠪ ᠬᠠᠷ᠎ᠠ ᠰᠠᠨᠠᠭᠳᠠᠯ᠎ᠠ ᠭᠡᠬᠦ ᠳ᠋ᠦ᠍ ᠬᠠᠳ᠌ᠵᠢ ᠷᠠᡁᠢᠮ ᠡᠮᠭᠡᠨᠢᠨ᠄ ᠣᠶᠤᠨ ᠪᠢᠯᠢᠭᠲᠦ ᠪᠣᠭᠣᠯ ᠠ᠋ᠴᠠ ᠪᠠᠨ ᠳᠥᠷᠪᠡᠨ ᠬᠥᠯᠲᠦ ᠠᠳᠤᠭᠤᠰᠤ ᠶ᠋ᠢ ᠤᠷᠢᠲᠠᠵᠤ ᠬᠠᠢᠷᠠᠯᠠᠳᠠᠭ ᠭᠡᠪᠡ᠃
ᠮᠢᠨᠦ ᠠᠮᠢᠳᠤᠷᠠᠯ ᠤ᠋ᠨ ᠵᠠᠮ ᠥᠭᠡᠷ᠎ᠡ ᠲᠡᠰᠢ ᠡᠷᠭᠢᠬᠦ ᠳ᠋ᠦ᠍ ᠪᠢ ᠠᠷᠪᠠᠨ ᠳᠣᠯᠣᠭᠠᠨ ᠨᠠᠰᠤᠲᠠᠢ ᠪᠠᠢᠭᠰᠠᠨ᠃ ᠪᠢ ᠨᠢᠭᠡ ᠡᠳᠦᠷ ᠭᠠᠩᠭᠠᠳᠠᠢ ᠥᠨᠳᠥᠷ ᠠᠭᠤᠯᠠ ᠶ᠋ᠢᠨ ᠡᠩᠭᠡᠷ ᠳᠡᠭᠡᠷ᠎ᠡ ᠠᠽᠧᠷᠪᠠᠢᠳ᠌ᠵᠢᠨ ᠤ᠋ ᠡᠵᠡᠨ ᠬᠠᠭᠠᠨ ᠤ᠋ ᠬᠣᠨᠢ ᠶ᠋ᠢ ᠬᠠᠷᠢᠭᠤᠯᠵᠤ ᠪᠠᠢᠬᠤ ᠳ᠋ᠤ᠌ ᠰᠠᠨᠠᠮᠰᠠᠷ ᠦᠭᠡᠢ ᠬᠠᠢᠰᠠᠨ ᠤ᠋ ᠳᠡᠭᠡᠭᠦᠷ ᠮᠣᠷᠢᠲᠠᠨ ᠤ᠋ ᠪᠠᠭ ᠭᠠᠷᠴᠤ ᠢᠷᠡᠪᠡ᠃ ᠰᠠᠢᠬᠠᠨ ᠬᠠᠷ᠎ᠠ ᠮᠣᠷᠢ ᠤᠨᠤᠭᠰᠠᠨ ᠵᠠᠯᠠᠭᠤ ᠴᠡᠷᠢᠭ ᠦ᠋ᠨ ᠡᠷ᠎ᠡ ᠲᠦᠷᠦᠭᠦᠨ ᠳ᠋ᠦ᠍ᠨᠢ ᠶᠠᠪᠤᠲᠠᠯ᠎ᠠ ᠳᠣᠣᠷᠠᠬᠢ ᠪᠣᠷᠣᠭᠠᠨ ᠳ᠋ᠤ᠌ ᠳᠡᠪᠲᠦᠭᠰᠡᠨ ᠭᠠᠵᠠᠷ ᠭᠡᠨᠡᠳᠲᠡ ᠴᠥᠮᠥᠷᠡᠵᠦ ᠲᠡᠷᠡ ᠬᠥᠮᠦᠨ ᠬᠠᠪᠴᠢᠯ ᠤᠷᠤᠭᠤ ᠥᠩᠬᠥᠷᠢᠪᠡ᠃ ᠴᠡᠷᠢᠭ ᠦ᠋ᠨ ᠡᠷ᠎ᠡ ᠮᠤᠤᠷ ᠰᠢᠭ᠋ ᠳᠡᠭᠦᠯᠢᠨ ᠨᠢᠭᠡ ᠪᠤᠲᠠ ᠠ᠋ᠴᠠ ᠵᠢᠭᠤᠷᠠᠬᠤ ᠳ᠋ᠤ᠌ ᠪᠢ ᠠᠷᠭᠠᠮᠵᠢ ᠶ᠋ᠢᠨ ᠦᠵᠦᠭᠦᠷ ᠢ᠋ ᠰᠢᠳᠡᠵᠦ ᠲᠡᠭᠦᠨ ᠢ᠋ ᠲᠡᠳᠡᠨ ᠭᠠᠷᠭᠠᠭᠠᠳ᠂ ᠴᠢᠨᠦ ᠮᠣᠷᠢ ᠶ᠋ᠢ ᠴᠥ᠍ ᠪᠢ ᠠᠪᠤᠷᠠᠨ ᠭᠠᠷᠭᠠᠵᠤ ᠴᠢᠳᠠᠨ᠎ᠠ ᠭᠡᠬᠦ ᠳ᠋ᠦ᠍ ᠲᠡᠷᠡ ᠪᠠᠭᠠᠲᠤᠷ ᠡᠷ᠎ᠡ᠂ ᠬᠡᠷᠪᠡ ᠮᠢᠨᠦ ᠬᠠᠷ᠎ᠠ ᠮᠣᠷᠢ ᠶ᠋ᠢ ᠠᠪᠤᠷᠠᠵᠤ ᠴᠢᠳᠠᠪᠠᠯ ᠬᠦᠰᠡᠭᠰᠡᠨ ᠪᠦᠬᠦᠨ ᠢ᠋ᠶ᠋ᠡᠨ ᠨᠠᠳᠠ ᠠ᠋ᠴᠠ ᠭᠤᠶᠤᠵᠤ ᠪᠣᠯᠤᠨ᠎ᠠ ᠭᠡᠪᠡ᠃ ᠳ᠋ᠵᠧᠬᠢᠲ ᠦ᠋ᠳ ᠬᠣᠶᠠᠷ ᠠᠷᠭᠠᠮᠵᠢ ᠪᠠᠭᠤᠯᠭᠠᠭᠰᠠᠨ ᠤ᠋ ᠨᠢᠭᠡ ᠶ᠋ᠢ ᠪᠢ ᠪᠦᠰᠡᠯᠡᠭᠦᠷ ᠢ᠋ᠶ᠋ᠡᠷ ᠢ᠋ᠶ᠋ᠡᠨ ᠤᠶᠠᠭᠠᠳ ᠳᠣᠭᠣᠭᠰᠢ ᠡᠷᠭᠢ ᠤᠷᠤᠭᠤ ᠮᠥᠯᠬᠥᠪᠡ᠃ ᠵᠢᠭ ᠪᠣᠯᠵᠤ ᠬᠠᠷ᠎ᠠ ᠮᠣᠷᠢ ᠭᠠᠩᠭᠠᠨ ᠤ᠋ ᠠᠮᠠᠰᠠᠷ ᠳᠡᠭᠡᠷ᠎ᠡ ᠲᠣᠭᠲᠠᠭᠠᠳ ᠨᠣᠭᠣᠭ᠎ᠠ ᠢᠳᠡᠵᠦ ᠪᠠᠢᠨ᠎ᠠ᠃ ᠠᠭᠠᠰᠢ ᠮᠠᠭᠤᠲᠠᠢ ᠠᠵᠢᠷᠭ᠎ᠠ ᠨᠠᠮᠠᠶ᠋ᠢ ᠣᠢᠷᠠᠲᠤᠬᠤ ᠳ᠋ᠤ᠌ ᠲᠤᠷᠬᠢᠷᠠᠭᠰᠠᠨ ᠪᠣᠯᠪᠠᠴᠤ ᠠᠷᠭᠠᠮᠵᠢ ᠪᠠᠷ ᠣᠭᠣᠰᠣᠷᠯᠠᠬᠤ ᠳ᠋ᠤ᠌ ᠮᠢᠨᠢ ᠳ᠋ᠵᠢᠬᠢᠲ ᠦ᠋ᠳ ᠲᠠᠲᠠᠭᠠᠳ ᠵᠥᠷᠢᠭ ᠵᠠᠮ ᠳᠡᠭᠡᠷ᠎ᠡ ᠭᠠᠷᠭᠠᠯ᠎ᠠ᠃ ᠪᠤᠴᠠᠵᠤ ᠠᠪᠠᠷᠢᠬᠤ ᠳ᠋ᠤ᠌ ᠮᠢᠨᠢ ᠬᠥᠯ ᠦ᠋ᠨ ᠲᠤᠱᠠ ᠰᠠᠭᠠᠳ ᠪᠣᠯᠵᠤ ᠪᠡᠷᠬᠡᠲᠡᠢ ᠪᠠᠢᠯ᠎ᠠ ᠭᠡᠬᠦ ᠳ᠋ᠦ᠍ ᠬᠠᠳ᠌ᠵᠢ ᠷᠠᡁᠢ᠍ᠮ᠄
— ᠵᠢᠷᠦᠬᠡ ᠲᠡᠢ ᠬᠥᠪᠡᠭᠦᠨ ᠴᠢᠮᠠᠶ᠋ᠢ ᠲᠩᠷᠢ ᠠᠪᠤᠷᠠᠵᠠᠢ ᠭᠡᠵᠦ ᠳᠠᠭᠤ ᠠᠯᠳᠠᠪᠠ᠃ ᠵᠠᠯᠠᠭᠤ ᠡᠷ᠎ᠡ᠄
— ᠴᠡᠷᠢᠭ ᠦ᠋ᠨ ᠡᠷ᠎ᠡ ᠨᠠᠳᠠ ᠠ᠋ᠴᠠ ᠵᠠᠮ ᠠᠰᠠᠭᠤᠭᠰᠠᠨ ᠳ᠋ᠤ᠌ ᠪᠢ ᠴᠤᠪᠤᠴᠠ ᠪᠦᠷᠢ ᠶ᠋ᠢ ᠵᠢᠭᠠᠭᠠᠳ ᠵᠠᠮ ᠶᠠᠪᠤᠭᠴᠢᠳ ᠢ᠋ ᠺᠦᠷᠳ᠋ ᠨᠠᠷ ᠪᠦᠭᠭᠦᠵᠦ ᠳᠡᠭᠡᠷᠡᠮᠳᠡᠳᠡᠭ ᠭᠠᠵᠠᠷ ᠢ᠋ ᠰᠠᠨᠠᠭᠤᠯᠵᠤ ᠲᠣᠭᠣᠷᠢᠬᠤ ᠰᠠᠢᠨ ᠵᠠᠮ ᠢ᠋ ᠵᠠᠬᠢᠵᠤ ᠬᠡᠯᠡᠪᠡ᠃
ᠲᠡᠭᠡᠬᠦ ᠳ᠋ᠦ᠍ ᠲᠡᠷᠡ᠂
— ᠵᠠ᠂ ᠴᠢ ᠣᠳᠣ ᠶᠠᠭᠤ ᠬᠦᠰᠡᠨ᠎ᠡ ᠭᠡᠬᠦ ᠳ᠋ᠦ᠍᠂
— ᠪᠢ ᠡᠷᠬᠡ ᠴᠢᠯᠥᠭᠡ ᠲᠡᠢ ᠪᠣᠯᠬᠤ ᠶ᠋ᠢ ᠬᠦᠰᠡᠨ᠎ᠡ ᠭᠡᠪᠡ᠃ ᠪᠠᠭᠠᠲᠤᠷ ᠡᠷ᠎ᠡ ᠨᠠᠮᠠᠶ᠋ᠢ ᠳᠠᠭᠠᠵᠤ ᠢᠯᠳᠦ ᠪᠡᠷ ᠡᠷᠬᠡ ᠪᠡᠨ ᠣᠯᠲᠤᠭᠠᠢ ᠭᠡᠰᠡᠨ ᠳ᠋ᠦ᠍᠂ ᠲᠡᠷᠡ ᠴᠡᠷᠢᠭ ᠦ᠋ᠨ ᠡᠷ᠎ᠡ ᠪᠣᠯ ᠮᠣᠩᠭᠣᠯᠴᠤᠳ ᠲᠠᠢ ᠪᠠᠢᠯᠳᠤᠬᠤ ᠠ᠋ᠴᠠ ᠦᠯᠦ ᠰᠢᠨᠲᠠᠷᠠᠨ ᠫᠸᠷᠸᠡᠨ ᠦ᠌ ᠳᠡᠷᠭᠡᠳᠡ ᠳᠡᠢᠯᠦᠭᠰᠡᠨ ᠠᠯᠳᠠᠷᠲᠤ ᠬᠡᠷᠦᠮᠡᠯ ᠬᠥᠮᠦᠨ ᠳ᠋ᠵᠸᠯᠠᠯᠢ ᠡᠳ᠋— ᠳ᠋ᠢᠨ ᠮᠥᠨ ᠠᠵᠢ᠃ ᠲᠡᠷᠡ ᠡᠳᠦᠷ ᠡᠴᠡ ᠡᠬᠢᠯᠡᠨ ᠪᠢ ᠲᠡᠭᠦᠨ ᠦ᠌ ᠴᠡᠷᠢᠭ ᠪᠣᠯᠤᠯ᠎ᠠ᠃ ᠳ᠋ᠵᠸᠯᠠᠯᠢ ᠡᠳ᠋— ᠳ᠋ᠢᠨ ᠲᠠᠬᠢᠷ ᠰᠡᠯᠡᠮ᠎ᠡ᠂ ᠪᠠᠢᠯᠳᠤᠭᠠᠨ ᠤ᠋ ᠮᠣᠷᠢ ᠶ᠋ᠢ ᠨᠠᠳᠠᠳᠤ ᠥᠭᠭᠦᠭᠰᠡᠨ ᠢ᠋ ᠪᠢ ᠥᠨᠥᠳᠥᠷ ᠢᠴᠢᠭᠦᠷᠢᠲᠡᠢ ᠤᠨᠲᠠᠵᠤ ᠬᠣᠴᠣᠷᠤᠨ ᠠᠯᠳᠠᠪᠠ ᠭᠡᠳ ᠳᠠᠬᠢᠨ ᠰᠠᠨᠠᠭ᠎ᠠ ᠠᠯᠳᠠᠪᠠ᠃ ᠹᠡᠺᠢᠾ᠂
— ᠴᠠᠰᠢ ᠶᠠᠷᠢᠭᠲᠤᠨ᠂ ᠮᠣᠷᠢ ᠴᠢᠨᠢ ᠢᠷᠡᠨ᠎ᠡ ᠭᠡᠪᠡ᠃
— ᠲᠡᠷᠡ ᠡᠳᠦᠷ ᠣᠮᠣᠭᠯᠠᠩ ᠮᠣᠷᠢ ᠤᠨᠤᠵᠤ ᠳᠤᠷᠠᠰᠬᠠᠯᠲᠤ ᠳ᠋ᠵᠸᠯᠡᠯᠢ ᠡᠳ᠋— ᠳ᠋ᠢᠨ ᠦ᠌ ᠪᠠᠭ ᠴᠡᠷᠢᠭ ᠦ᠋ᠨ ᠳᠤᠮᠳᠠ ᠡᠷᠬᠡ ᠴᠢᠯᠥᠭᠡ ᠲᠡᠢ ᠶᠠᠪᠤᠬᠤ ᠳ᠋ᠠᠭᠠᠨ ᠮᠢᠨᠦ ᠳᠡᠭᠡᠷᠡᠬᠢ ᠲᠩᠷᠢ ᠬᠠᠷ᠎ᠠ ᠪᠢᠰᠢ᠂ ᠬᠠᠷᠢᠨ ᠮᠢᠨᠦ ᠡᠷᠲᠡ ᠪᠠᠭ᠎ᠠ ᠨᠠᠰᠤᠨ ᠳ᠋ᠤ᠌ ᠡᠴᠢᠭᠡ ᠶ᠋ᠢᠨ ᠢ᠋ᠶ᠋ᠡᠨ ᠬᠠᠮᠲᠤ ᠣᠢ ᠳᠣᠲᠣᠷᠠᠬᠢ ᠨᠠᠭᠤᠷ ᠲᠤ᠌ ᠵᠠᠪᠢ ᠪᠠᠷ ᠬᠦᠪᠦᠬᠦ ᠴᠠᠭ ᠲᠤ᠌ ᠪᠠᠢᠭᠰᠠᠨ ᠰᠢᠭ᠋ ᠣᠭ᠌ᠶᠤ ᠮᠡᠲᠦ ᠴᠡᠩᠬᠡᠷ ᠢ᠋ᠶ᠋ᠡᠷ ᠳᠠᠬᠢᠨ ᠲᠤᠶᠠᠭᠠᠷᠠᠵᠤ ᠪᠠᠢᠬᠤ ᠶ᠋ᠢ ᠦᠵᠡᠯ᠎ᠡ᠃ ᠲᠡᠭᠡᠬᠦ ᠳ᠋ᠦ᠍ ᠪᠢ ᠶᠢᠷᠲᠢᠨᠴᠦ ᠳ᠋ᠦ᠍ ᠡᠷᠬᠡ ᠴᠢᠯᠥᠭᠡᠨ ᠡᠴᠡ ᠢᠯᠡᠭᠦᠦ ᠰᠠᠢᠬᠠᠨ ᠶᠠᠭᠤᠮ᠎ᠠ ᠦᠭᠡᠢ ᠶ᠋ᠢ ᠤᠬᠠᠮᠰᠠᠷᠯᠠᠪᠠ᠃ ᠪᠢ ᠭᠤᠷᠪᠠᠨ ᠵᠢᠯ ᠦ᠋ᠨ ᠲᠤᠷᠰᠢ ᠵᠣᠷᠢᠭᠲᠤ ᠵᠠᠩᠵᠤᠨ ᠢ᠋ ᠳᠠᠭᠠᠯᠳᠤᠨ ᠭᠠᠵᠠᠷ ᠪᠦᠬᠦᠨ᠎ᠡ ᠲᠡᠢᠨ ᠪᠠᠢᠯᠳᠤᠭᠠᠨ ᠳ᠋ᠤ᠌ ᠬᠠᠯᠬᠠᠯᠠᠨ ᠶᠠᠪᠤᠭᠠᠳ《ᠠᠩ— ᠨᠠᠰᠢᠷ》—( ᠢᠯᠠᠭᠴᠢ) ᠴᠣᠯᠠ ᠶ᠋ᠢ ᠣᠯᠤᠯ᠎ᠠ᠃ ᠮᠣᠩᠭᠣᠯ ᠳ᠋ᠤ᠌ ᠪᠣᠭᠣᠯᠴᠢᠯᠠᠭᠳᠠᠭᠰᠠᠨ ᠬᠣᠷᠸᠰᠨᠠᠨᠯᠠᠮ ᠳ᠋ᠤ᠌ ᠰᠢᠳᠤᠷᠭᠤ ᠠᠷᠢᠭᠤᠨ ᠪᠦᠬᠦᠨ ᠦ᠌ ᠳᠡᠭᠡᠳᠦ ᠪᠥᠭᠡᠳ ᠦᠨᠡᠨ ᠵᠥᠪ ᠢ᠋ ᠡᠷᠢᠭᠴᠢ ᠡᠷᠳᠡᠮᠲᠡᠨ ᠹᠡᠺᠢᠾ᠂ ᠠᠯᠢ ᠪᠠᠭᠳᠠᠳᠢ ᠭᠡᠳᠡᠭ ᠴᠣᠯᠠ ᠲᠠᠢ ᠬᠠᠳ᠌ᠵᠢ ᠷᠠᡁᠢᠮ ᠢ᠋ ᠲᠠᠨᠢᠨ᠎ᠠ ᠭᠡᠵᠦ ᠨᠠᠳᠠᠳᠤ ᠳ᠋ᠵᠸᠯᠠᠯᠢ ᠡᠳ᠋— ᠳ᠋ᠢᠨ ᠣᠯᠠᠨ ᠤᠳᠠᠭ᠎ᠠ ᠳᠤᠷᠠᠰᠤᠭᠰᠠᠨ᠃ ᠬᠡᠷᠪᠡ ᠴᠢᠮᠠᠶ᠋ᠢ ᠵᠣᠪᠠᠯᠠᠩ ᠤ᠋ᠨ ᠬᠠᠷ᠎ᠠ ᠡᠭᠦᠯᠡ ᠨᠡᠬᠡᠪᠡᠯ᠂ ᠲᠡᠭᠦᠨ ᠳ᠋ᠦ᠍ ᠮᠢᠨᠦ ᠨᠡᠷ᠎ᠡ ᠶ᠋ᠢ ᠬᠡᠯᠡᠭᠲᠦᠨ᠂ ᠲᠡᠭᠡᠪᠡᠯ ᠴᠢᠮᠠᠲᠤ ᠬᠠᠢᠷ᠎ᠠ ᠥᠷᠥᠰᠢᠶᠡᠯ ᠦ᠋ᠨ ᠭᠠᠷ ᠢ᠋ᠶ᠋ᠠᠨ ᠰᠤᠩᠭᠠᠨ᠎ᠠ ᠭᠡᠯᠡ ᠭᠡᠪᠡ᠃ ᠬᠠᠳ᠌ᠵᠢ ᠷᠠᠾᠢᠮ ᠪᠣᠰᠴᠤ ᠠᠷᠠᠫᠱᠠ ᠤᠷᠤᠭᠤ ᠣᠴᠢᠭᠠᠳ ᠬᠣᠶᠠᠷ ᠭᠠᠷ ᠢ᠋ᠶ᠋ᠠᠨ ᠰᠤᠩᠭᠠᠵᠤ᠄
— ᠳ᠋ᠵᠸᠯᠠᠯᠢ ᠡᠳ᠋— ᠳ᠋ᠢᠨ ᠦ᠌ ᠨᠡᠷ᠎ᠡ ᠨᠠᠳᠠᠳᠤ ᠬᠠᠷᠠᠩᠭᠤᠢ ᠰᠥᠨᠢ ᠶ᠋ᠢᠨ ᠭᠡᠭᠡᠨ ᠣᠳᠣᠨ ᠮᠡᠲᠦ ᠰᠠᠷᠠᠭᠤᠯ ᠰᠠᠨᠠᠭᠳᠠᠨ᠎ᠠ᠃ ᠮᠢᠨᠦ ᠳᠡᠷᠭᠡᠳᠡ ᠰᠠᠭᠤᠭᠲᠤᠨ ᠭᠡᠪᠡ᠃ ᠹᠠᠺᠢᠾ ᠠᠷᠠᠫᠱᠠ ᠬᠣᠶᠠᠷ᠂ ᠭᠠᠷ ᠭᠠᠷ ᠠ᠋ᠴᠠ ᠪᠠᠨ ᠪᠠᠷᠢᠯᠴᠠᠨ ᠮᠥᠷᠥ ᠮᠥᠷᠥ ᠡᠴᠡ ᠪᠡᠨ ᠲᠦᠰᠢᠵᠦ ᠭᠣᠯᠣᠮᠲᠠ ᠶ᠋ᠢᠨ ᠳᠡᠷᠭᠡᠳᠡᠬᠢ ᠬᠠᠭᠤᠴᠢᠨ ᠬᠡᠪᠢᠰᠦᠨ ᠳᠡᠭᠡᠷ᠎ᠡ ᠵᠡᠷᠭᠡᠴᠡᠨ ᠰᠠᠭᠤᠪᠠ᠃ ᠬᠠᠳ᠌ᠵᠢ ᠷᠠᠾᠢᠮ᠄
— ᠣᠳᠣ ᠮᠢᠨᠦ ᠵᠠᠯᠠᠭᠤ ᠨᠥᠬᠥᠷ ᠠᠷᠠᠫᠱᠠ ᠠᠩ— ᠨᠠᠰᠢᠷ ᠶᠠᠭᠠᠬᠢᠵᠤ ᠡᠷᠡᠯᠬᠡᠭ ᠳ᠋ᠵᠸᠯᠠᠯᠢ ᠡᠳ᠋— ᠳ᠋ᠢᠨ ᠡᠴᠡ ᠪᠡᠨ ᠰᠠᠯᠤᠭᠰᠠᠨ ᠪᠣᠢ? ᠥᠭᠦᠯᠡᠭᠲᠦᠨ᠃ ᠲᠡᠷᠡ ᠠᠮᠢᠳᠤ ᠤᠤ? ᠥᠷᠥᠰᠢᠶᠡᠯ ᠦᠭᠡᠢ ᠮᠣᠩᠭᠣᠯᠴᠤᠳ ᠤ᠋ᠨ ᠭᠠᠷ ᠲᠤ᠌ ᠣᠷᠣᠭᠰᠠᠨ ᠪᠢᠰᠢ ᠪᠢᠵᠡ? ᠭᠡᠨᠡᠳᠲᠡ ᠶ᠋ᠢᠨ ᠰᠠᠯᠬᠢ ᠬᠥᠮᠦᠨ ᠦ᠌ ᠠᠮᠢᠳᠤᠷᠠᠯ ᠢ᠋ ᠡᠷᠭᠢᠭᠦᠯᠬᠦ ᠣᠯᠠᠨ ᠪᠢᠰᠢ ᠤᠤ᠃ ᠵᠠᠷᠢᠮ ᠳ᠋ᠠᠭᠠᠨ ᠵᠣᠷᠢᠭᠲᠤ ᠴᠡᠷᠢᠭ ᠦ᠋ᠨ ᠡᠷ᠎ᠡ ᠦᠨᠡᠨ ᠬᠦ᠋ ᠰᠠᠢᠨ ᠤ᠋ ᠲᠤᠢᠯ ᠳ᠋ᠤ᠌ ᠲᠤᠯᠤᠭᠰᠠᠨ ᠮᠡᠲᠦ ᠶᠠᠪᠤᠲᠠᠯ᠎ᠠ ᠭᠡᠨᠡᠳᠲᠡ ᠭᠠᠢ ᠵᠣᠪᠠᠯᠠᠩ ᠤ᠋ᠨ ᠵᠢᠯᠠᠭᠠᠨ ᠳ᠋ᠤ᠌ ᠤᠨᠠᠭᠠᠳ ᠠᠩᠬ᠎ᠠ ᠶᠠᠭᠤᠨ ᠠ᠋ᠴᠠ ᠡᠬᠢᠯᠡᠭᠰᠡᠨ ᠪᠥᠭᠡᠰᠦ ᠲᠡᠨᠳᠡ ᠪᠡᠨ ᠬᠦᠷᠳᠡᠭ᠁ ᠭᠡᠬᠦ ᠳ᠋ᠦ᠍ ᠵᠠᠯᠠᠭᠤ ᠡᠷ᠎ᠡ᠄
— ᠪᠢ ᠲᠡᠢᠮᠦ ᠪᠣᠯᠵᠠᠢ᠃ ᠮᠣᠩᠭᠣᠯ ᠤ᠋ᠨ ᠪᠠᠭ ᠴᠡᠷᠢᠭ ᠲᠡᠢ ᠳ᠋ᠵᠧᠯᠡᠯᠢ ᠡᠳ᠋ — ᠳ᠋ᠢᠨ ᠦ᠌ ᠠᠮᠵᠢᠯᠲᠠ ᠦᠭᠡᠢ ᠲᠤᠯᠤᠯᠳᠤᠭᠰᠠᠨ ᠤ᠋ ᠳᠠᠷᠠᠭ᠎ᠠ ᠵᠣᠯ ᠲᠠᠢ ᠡᠰᠡ ᠪᠠᠷᠢᠭᠳᠠᠪᠠ᠃ ᠲᠡᠷᠡ ᠦᠶ᠎ᠡ ᠡᠴᠡ ᠡᠬᠢᠯᠡᠨ ᠪᠢ ᠥᠷᠥᠨ᠎ᠡ ᠵᠦᠭ ᠲᠦ᠍ ᠠᠯᠤᠰ ᠣᠳᠤᠭᠰᠠᠨ ᠵᠣᠷᠢᠭᠲᠤ ᠥᠮᠥᠭᠯᠡᠭᠴᠢ ᠲᠡᠢ ᠶᠡᠷᠦ ᠠᠭᠤᠯᠵᠠᠯᠳᠤᠭᠠ ᠦᠭᠡᠢ᠂ ᠪᠢ ᠳᠣᠷᠣᠨ᠎ᠠ ᠵᠦᠭ ᠲᠦ᠍ ᠠᠭᠤᠯᠠ ᠶ᠋ᠢᠨ ᠴᠤᠪᠤᠴᠠ ᠪᠠᠷ ᠶᠠᠪᠤᠨ᠂ ᠠᠭᠤᠯᠠ ᠶ᠋ᠢᠨ ᠵᠡᠷᠯᠢᠭ ᠲᠠᠢᠸᠠᠩ ᠨᠠᠷ ᠠ᠋ᠴᠠ ᠮᠤᠯᠲᠤᠷᠠᠵᠤ ᠭᠠᠷᠤᠭᠠᠳ ᠡᠴᠦᠰ ᠲᠡᠭᠡᠨ ᠬᠤᠷᠸᠰᠮ ᠳ᠋ᠤ᠌ ᠣᠳᠬᠤ ᠵᠢᠩᠴᠢᠨ ᠲᠡᠢ ᠨᠡᠢᠯᠡᠪᠡ᠃ ᠪᠢ ᠰᠢᠨ᠎ᠡ ᠭᠠᠵᠠᠷ ᠦᠵᠡᠬᠦ ᠶ᠋ᠢ ᠮᠠᠰᠢ ᠬᠦᠰᠡᠭᠰᠡᠨ ᠤᠴᠢᠷ ᠬᠤᠳᠠᠯᠳᠤᠭᠠᠴᠢᠨ ᠲᠠᠢ ᠵᠢᠩ ᠢ᠋ ᠬᠠᠮᠠᠭᠠᠯᠠᠬᠤ ᠪᠠᠷ ᠬᠡᠯᠡᠯᠴᠡᠨ ᠲᠣᠭᠲᠠᠯ᠎ᠠ᠃ ᠴᠦᠯ ᠳᠤᠮᠳᠠᠬᠢ ᠵᠠᠮ ᠵᠠᠭᠤᠷ᠎ᠠ ᠪᠢᠳᠡᠨ ᠢ᠋ ᠳᠡᠭᠡᠷᠡᠮᠴᠢᠳ ᠳᠠᠭᠠᠷᠢᠭᠰᠠᠨ ᠳ᠋ᠤ᠌᠂ ᠪᠢ ᠤᠯᠠᠩᠭᠠᠰᠤᠨ ᠬᠥᠭᠡᠷᠴᠦ ᠬᠡᠳᠦᠨ ᠳᠠᠯᠠᠴᠢᠨ ᠢ᠋ ᠴᠠᠪᠴᠢᠨ ᠠᠯᠠᠵᠤ ᠪᠤᠰᠤᠳ ᠢ᠋ ᠵᠢᠭᠤᠲᠠᠭᠤᠯᠤᠭᠰᠠᠨ ᠶᠤᠮ᠃ ᠭᠡᠲᠡᠯ᠎ᠡ ᠬᠤᠳᠠᠯᠳᠤᠭᠠᠴᠢᠳ ᠠᠰᠤᠷᠤ ᠰᠠᠢᠰᠢᠶᠠᠭᠰᠠᠨ ᠦᠭᠡᠢ᠂ ᠬᠤᠷᠸᠰᠮ ᠳ᠋ᠤ᠌ ᠡᠰᠡ ᠮᠡᠨᠳᠦ ᠬᠦᠷᠴᠦ ᠢᠷᠡᠬᠦ ᠳ᠋ᠦ᠍ ᠠᠪᠤᠷᠠᠭᠰᠠᠨ ᠤ᠋ ᠠᠴᠢ ᠳ᠋ᠤ᠌ ᠠᠷᠠᠢ ᠴᠢᠮᠠᠢ ᠥᠴᠦᠬᠡᠨ ᠱᠠᠩᠨᠠᠯ ᠥᠭᠪᠡ᠃ ᠠᠯᠯᠠᠾ ᠲᠡᠳᠡᠨ ᠢ᠋ ᠪᠤᠷᠤᠭᠤᠰᠢᠶᠠᠬᠤ ᠪᠣᠯᠲᠤᠭᠠᠢ᠃ ᠪᠢ ᠨᠠᠰᠢ ᠪᠠᠨ ᠰᠢᠭ᠌ᠨᠠᠺ ᠲᠤ᠌ ᠪᠡᠷᠬᠡ ᠲᠡᠢ ᠪᠡᠷ ᠢᠷᠡᠯ᠎ᠡ᠃ ᠪᠢ ᠡᠨᠳᠡ ᠰᠡᠴᠡᠨ ᠮᠡᠷᠭᠡᠨ ᠦ᠌ ᠭᠡᠭᠡ᠂ ᠡᠷᠳᠡᠮ ᠮᠡᠳᠡᠯᠭᠡ ᠶ᠋ᠢᠨ ᠴᠠᠮᠬᠠᠭ ᠪᠣᠯᠤᠭᠰᠠᠨ ᠬᠦᠨᠳᠦᠲᠦ ᠬᠠᠳ᠌ᠵᠢ ᠷᠠᠾᠢᠮ ᠲᠠᠨ ᠢ᠋ ᠡᠷᠢᠬᠦ ᠭᠡᠵᠦ ᠰᠢᠢᠳᠦᠯ᠎ᠡ᠃ ᠬᠠᠷᠢᠨ ᠥᠩᠭᠡᠷᠡᠭᠰᠡᠨ ᠰᠥᠨᠢ ᠲᠠᠨ ᠤ᠋ ᠭᠡᠷ ᠲᠦ᠍ ᠢᠷᠡᠲᠡᠯ᠎ᠡ ᠬᠡᠳᠦᠨ ᠬᠥᠮᠦᠨ ᠬᠠᠷᠠᠩᠭᠤᠢ ᠳ᠋ᠤ᠌ ᠡᠭᠦᠳᠡ ᠶ᠋ᠢ ᠡᠪᠳᠡᠨ ᠪᠠᠢᠬᠤ ᠳ᠋ᠤ᠌ ᠪᠢ ᠲᠡᠳᠡᠨ ᠢ᠋ ᠤᠤᠬᠠᠢ ᠭᠡᠵᠦ ᠳᠠᠭᠠᠷᠢᠭᠠᠳ ᠭᠤᠷᠪᠠ ᠶ᠋ᠢ ᠨᠢ ᠰᠢᠷᠬᠠᠲᠤᠭᠤᠯᠤᠨ ᠨᠢᠭᠡᠨ ᠦ᠌ ᠴᠡᠭᠡᠵᠢ ᠶ᠋ᠢ ᠴᠠᠪᠴᠢᠬᠤ ᠳ᠋ᠤ᠌ ᠳᠡᠭᠡᠷᠡᠮᠴᠢᠨ ᠡᠷᠭᠢᠵᠦ ᠬᠠᠷᠠᠯ ᠦᠭᠡᠢ ᠵᠢᠭᠤᠲᠠᠪᠠ᠃
— ᠰᠢᠷᠬᠠᠳᠤᠭᠰᠠᠨ ᠠᠷᠢᠶᠠᠲᠠᠨ ᠮᠡᠲᠦ ᠬᠠᠰᠬᠢᠷᠤᠭᠴᠢ ᠴᠢ ᠤᠤ? ᠭᠡᠳ ᠡᠷᠳᠡᠮᠲᠡᠨ ᠲᠥᠯᠥᠪ ᠰᠠᠭᠤᠭ᠎ᠠ ᠵᠠᠯᠠᠭᠤ ᠶ᠋ᠢ ᠭᠠᠢᠬᠠᠨ ᠬᠠᠷᠠᠪᠠ᠃
ᠲᠡᠭᠡᠵᠦ ᠵᠣᠳᠤᠯᠳᠤᠭᠠᠳ ᠡᠨᠳᠡ ᠦᠯᠡᠳᠡᠬᠦ ᠶ᠋ᠢ ᠴᠢ ᠬᠡᠷᠬᠢᠨ ᠰᠢᠢᠳᠪᠦᠷᠢᠯᠡᠵᠦ ᠪᠠᠢᠨ᠎ᠠ᠃ ᠵᠢᠭᠤᠲᠠᠭᠴᠢᠳ ᠯᠠᠪ ᠮᠣᠩᠭᠣᠯᠴᠤᠳ ᠪᠠᠢᠬ᠎ᠠ᠃ ᠲᠡᠳᠡ ᠳᠠᠷᠤᠭ᠎ᠠ ᠳ᠋ᠠᠭᠠᠨ ᠣᠴᠢᠵᠤ ᠴᠢᠮᠠᠶ᠋ᠢ ᠬᠣᠪᠯᠠᠨ ᠮᠡᠳᠡᠭᠦᠯᠵᠦ ᠪᠠᠰᠠ ᠨᠠᠮᠠᠶ᠋ᠢ ᠬᠡᠯᠡᠬᠦ ᠳ᠋ᠦ᠍ ᠪᠢᠳᠡ ᠬᠣᠶᠠᠷ ᠢ᠋ ᠪᠠᠷᠢᠬᠤ ᠪᠠᠷ ᠪᠦᠲᠦᠨ ᠪᠠᠭ ᠴᠡᠷᠢᠭ ᠢᠯᠡᠭᠡᠬᠦ ᠪᠢᠵᠡ᠃ ᠶᠢᠷᠲᠢᠨᠴᠦ ᠶ᠋ᠢᠨ ᠰᠢᠨ᠎ᠡ ᠡᠵᠡᠳ ᠦ᠋ᠨ ᠥᠭᠡᠳᠡ ᠡᠴᠡ ᠮᠡᠰᠡ ᠳᠠᠯᠠᠢᠭᠰᠠᠨ ᠭᠡᠵᠦ ᠴᠢᠮᠠᠶ᠋ᠢ ᠮᠣᠩᠭᠣᠯᠴᠤᠳ ᠲᠠᠷᠴᠢᠯᠠᠭᠠᠨ ᠠᠯᠠᠬᠤ ᠶ᠋ᠢ ᠪᠣᠳᠣᠨ᠎ᠠ᠃ ᠪᠢᠳᠡ ᠣᠳᠣ ᠳᠠᠷᠤᠢ ᠵᠢᠭᠤᠲᠠᠬᠤ ᠬᠡᠷᠡᠭᠲᠡᠢ᠃ ᠴᠢ ᠢᠳᠡᠷ ᠲᠡᠩᠬᠡᠭᠡ ᠲᠡᠢ ( ᠂ ) ᠵᠢᠭᠤᠲᠠᠵᠤ ᠴᠢᠳᠠᠨ᠎ᠠ᠃ ᠬᠠᠷᠢᠨ ᠡᠪᠦᠭᠡᠨ ᠳᠣᠷᠣᠢ ᠪᠢ ᠬᠡᠷᠬᠢᠨ ᠵᠢᠭᠤᠲᠠᠬᠤ ᠪᠣᠢ?
ᠠᠷᠠᠫᠱᠠ ᠪᠣᠰᠴᠤ ᠪᠥᠰᠡᠨ ᠳ᠋ᠡᠭᠡᠨ ᠬᠠᠪᠴᠢᠭᠤᠯᠤᠭᠰᠠᠨ ᠲᠠᠰᠢᠭᠤᠷ ᠢ᠋ ᠵᠢᠭᠠᠵᠤ᠄
— ᠮᠢᠨᠦ ᠮᠣᠷᠢᠨ ᠠ᠋ᠴᠠ ᠦᠯᠡᠳᠡᠭᠰᠡᠨ ᠨᠢ ᠭᠠᠭᠴᠠ ᠡᠨᠡ ᠪᠠᠢᠨ᠎ᠠ᠂ ᠮᠣᠷᠢ ᠦᠭᠡᠢ ᠪᠣᠯᠬᠤ ᠪᠠᠷ ᠪᠢ ᠪᠠᠰᠠ ᠬᠣᠯᠠ ᠣᠳᠬᠤ ᠦᠭᠡᠢ᠃ ᠬᠡᠳᠦᠢ ᠲᠡᠭᠡᠪᠡᠴᠦ ᠴᠠᠭᠠᠵᠠᠯᠠᠭᠳᠠᠬᠤ ᠶ᠋ᠢ ᠬᠦᠯᠢᠶᠡᠵᠦ ᠡᠨᠳᠡ ᠰᠠᠭᠤᠭᠰᠠᠨ ᠠ᠋ᠴᠠ ᠬᠣᠯᠠᠬᠠᠨ ᠵᠠᠢᠯᠠᠪᠠᠯ ᠳᠡᠭᠡᠷ᠎ᠡ᠃ ᠡᠷᠬᠢᠮ ᠬᠠᠳ᠌ᠵᠢ ᠷᠠᠾᠢᠮ ᠲᠠᠨ ᠤ᠋ ᠪᠡᠶ᠎ᠡ ᠳᠣᠷᠣᠢ ᠪᠣᠯᠪᠠᠴᠤ ᠳ᠋ᠧᠷᠸᠢᠱ ᠰᠢᠭ ᠬᠣᠯᠠᠬᠢ ᠵᠠᠮ ᠢ᠋ᠶ᠋ᠠᠷ ᠭᠡᠷᠦᠨ ᠶᠠᠪᠤᠵᠤ ᠰᠤᠷᠤᠭᠰᠠᠨ ᠪᠢᠵᠡ᠃ ᠡᠨᠳᠡ ᠡᠴᠡ ᠶᠠᠪᠤᠵᠤ ᠬᠥᠳᠡᠭᠡ ᠲᠠᠯ᠎ᠠ ᠳ᠋ᠤ᠌ ᠣᠴᠢᠵᠤ ᠨᠡᠭᠦᠳᠡᠯᠴᠢᠨ ᠦ᠌ ᠳᠣᠲᠣᠷ᠎ᠠ ᠨᠢᠭᠤᠭᠳᠠᠰᠤᠭᠠᠢ᠃ ᠬᠥᠳᠡᠯᠦᠯ ᠦᠭᠡᠢ ᠰᠠᠭᠤᠭᠴᠢ ᠶ᠋ᠢᠨ ᠵᠦᠭ ᠭᠠᠢ ᠵᠣᠪᠠᠯᠠᠩ ᠬᠢᠯᠢᠨᠴᠡᠲᠦ ᠬᠣᠷᠣᠬᠠᠢ ᠳᠥᠲᠡᠯᠡᠵᠦ ᠢᠷᠡᠳᠡᠭ ᠭᠡᠬᠦ ᠳ᠋ᠦ᠍ ᠹᠡᠺᠢᠾ᠄
— ᠴᠢ ᠶᠣᠰᠣᠲᠠᠢ ᠴᠡᠷᠢᠭ ᠡᠷ᠎ᠡ ᠶ᠋ᠢᠨ ᠦᠭᠡ ᠶ᠋ᠢ ᠬᠡᠯᠡᠨ᠎ᠡ᠃ ᠪᠢ ᠳᠠᠬᠢᠨ ᠲᠡᠮᠦᠷ ᠲᠣᠣᠷ ᠲᠤ᠌ ᠣᠷᠣᠬᠤ ᠦᠭᠡᠢ ᠶ᠋ᠢᠨ ᠲᠤᠯᠠᠳᠠ ᠴᠢᠨᠦ ᠬᠠᠮᠲᠤ ᠣᠳᠰᠤᠭᠠᠢ ᠭᠡᠳ ᠲᠤᠭᠤᠷᠭᠠᠨ ᠠ᠋ᠴᠠ ᠪᠠᠨ ᠳ᠋ᠧᠩᠯᠦ᠂ ᠭᠤᠸ᠎ᠠ ᠪᠠᠳᠢᠷ ᠠᠶᠠᠭ᠎ᠠ ᠶ᠋ᠢ ᠠᠪᠴᠤ ᠪᠥᠰᠡᠨ ᠳ᠋ᠡᠭᠡᠨ ᠬᠠᠪᠴᠢᠭᠤᠯᠪᠠ᠃ ᠳᠠᠯᠠᠢᠭᠰᠠᠨ ᠭᠡᠳᠡᠭ ᠴᠠᠭᠠᠨ ᠮᠠᠯᠠᠭᠠᠢ ᠶ᠋ᠢᠨ ᠣᠷᠣᠨ ᠳ᠋ᠤ᠌ ᠳ᠋ᠧᠷᠸᠢᠱ ᠦ᠋ᠨ ᠴᠠᠭᠠᠨ ᠪᠣᠭᠣᠳᠠᠯ ᠲᠠᠢ ᠪᠦᠷᠬᠦᠭᠦᠯ ᠢ᠋ ᠲᠣᠯᠣᠭᠠᠢ ᠳᠡᠭᠡᠷ᠎ᠡ ᠪᠡᠨ ᠲᠠᠯᠪᠢᠭᠠᠳ ᠬᠥᠯ ᠳ᠋ᠡᠭᠡᠨ ᠬᠠᠭᠤᠴᠢᠨ ᠱᠠᠬᠠᠢ ᠡᠮᠦᠰᠴᠦ ᠣᠪᠣᠬᠠᠢ ᠶ᠋ᠢᠨ ᠳᠤᠮᠳᠠ ᠵᠣᠭᠰᠣᠨ᠄
— ᠪᠢ ᠶᠢᠷᠲᠢᠨᠴᠦ ᠶ᠋ᠢᠨ ᠵᠠᠬ᠎ᠠ ᠳ᠋ᠤ᠌ ᠬᠦᠷᠲᠡᠯ᠎ᠡ ᠶᠠᠪᠤᠬᠤ ᠳ᠋ᠤ᠌ ᠪᠡᠯᠡᠬᠡᠨ᠂ ᠡᠨᠡ ᠨᠠᠰᠤᠨ ᠳ᠋ᠠᠭᠠᠨ ᠬᠥᠮᠦᠨ ᠳ᠋ᠦ᠍ ᠭᠡᠮ ᠬᠣᠣᠷ ᠬᠢᠭᠡ ᠦᠭᠡᠢ ᠪᠠᠢᠲᠠᠯ᠎ᠠ ᠪᠠᠨ ᠬᠡᠷᠡᠭᠲᠡᠨ ᠮᠡᠲᠦ ᠣᠯᠠᠨ ᠵᠢᠯ ᠢ᠋ᠶ᠋ᠡᠷ ᠬᠡᠷᠦᠵᠦ ᠲᠡᠨᠦᠭᠦᠴᠢᠯᠡᠨᠡ᠃ ᠨᠠᠳᠠᠳᠤ ᠣᠳᠣ ᠳᠠᠬᠢᠨ ᠲᠡᠨᠦᠭᠦᠴᠢᠯᠡᠬᠦ ᠴᠠᠭ ᠢᠷᠡᠭᠰᠡᠨ ᠪᠠᠢᠵᠠᠢ᠃ ᠮᠢᠨᠦ ᠬᠠᠭᠤᠴᠢᠨ ᠴᠤᠪᠠ ᠦᠭᠡᠢ᠂ ᠰᠥᠨᠢ ᠶ᠋ᠢᠨ ᠵᠣᠴᠢᠨ ᠤ᠋ ᠣᠷᠬᠢᠭᠰᠠᠨ ᠬᠤᠪᠴᠠᠰᠤ ᠶ᠋ᠢ ᠡᠮᠦᠰᠬᠦ ᠡᠴᠡ ᠪᠢᠰᠢ ᠶᠠᠭᠠᠬᠢᠨ᠎ᠠ ᠭᠡᠳ ᠮᠣᠩᠭᠣᠯ ᠬᠥᠬᠡ ᠳᠡᠪᠡᠯ ᠢ᠋ ᠠᠪᠴᠤ᠄
— ᠪᠠᠳᠮᠠᠷᠠᠭ᠎ᠠ ᠰᠢᠭ᠋ ᠤᠯᠠᠭᠠᠨ ᠴᠢᠯᠠᠭᠤᠨ ᠵᠢᠷᠭᠤᠭᠠᠨ ᠲᠣᠪᠴᠢ ᠲᠠᠢ ᠡᠢᠮᠦ ᠰᠠᠢᠬᠠᠨ ᠬᠤᠪᠴᠠᠰᠤ ᠨᠠᠳᠠᠳᠤ ᠶᠡᠷᠦ ᠪᠠᠢᠭ᠎ᠠ ᠦᠭᠡᠢ᠃ ᠪᠢ ᠡᠨᠳᠡ ᠶᠠᠭᠤᠮ᠎ᠠ ᠪᠠᠨ ᠴᠥᠮ ᠢ᠋ ᠣᠷᠬᠢᠨ᠎ᠠ᠂ ᠭᠠᠭᠴᠠᠬᠠᠨ ᠤᠯᠠᠭᠠᠨ ᠰᠠᠬᠠᠯᠲᠤ ᠴᠢᠩᠭᠢᠰ ᠬᠠᠭᠠᠨ ᠤ᠋ ᠪᠠᠢᠯᠳᠤᠨ ᠳᠣᠪᠲᠣᠯᠬᠤ ᠦᠶᠡᠰ ᠬᠣᠷᠸᠰᠮ ᠳ᠋ᠤ᠌ ᠡᠭᠦᠰᠦᠭᠰᠡᠨ ᠶᠡᠷᠦ ᠪᠤᠰᠤ ᠶ᠋ᠢᠨ ᠶᠠᠪᠤᠳᠠᠯ ᠤ᠋ᠨ ᠲᠤᠬᠠᠢ ᠪᠢᠴᠢᠭᠰᠡᠨ ᠨᠣᠮ ᠢ᠋ᠶ᠋ᠠᠨ ᠣᠷᠬᠢᠬᠤ ᠳ᠋ᠤ᠌ ᠬᠠᠢᠷᠠᠨ ᠰᠠᠨᠠᠭᠳᠠᠵᠤ ᠪᠠᠢᠨ᠎ᠠ ᠭᠡᠬᠦ ᠳ᠋ᠦ᠍᠂
ᠠᠷᠠᠫᠱᠠ ᠶᠠᠭᠠᠷᠠᠨ᠄
— ᠪᠤᠤ ᠭᠠᠰᠠᠯᠤᠭᠲᠤᠨ ᠭᠡᠳ ᠬᠠᠳ᠌ᠵᠢ ᠷᠠᠾᠮ ᠤ᠋ᠨ ᠭᠠᠷ ᠢ᠋ ᠬᠦᠨᠳᠦᠳᠬᠡᠨ ᠡᠷᠭᠦᠵᠦ ᠬᠦᠰᠡᠯ ᠢ᠋ᠶ᠋ᠡᠷ ᠢ᠋ᠶ᠋ᠡᠨ ᠲᠡᠭᠦᠨ ᠦ᠌ ᠮᠶᠤᠢ᠍ᠷᠢᠳ ᠪᠣᠯᠤᠭᠰᠠᠨ ᠲᠡᠮᠳᠡᠭ ᠪᠣᠯᠭᠠᠵᠤ ᠨᠢᠳᠦᠨ ᠦ᠌ ᠳᠡᠭᠡᠭᠦᠷ ᠢᠯᠢᠪᠡ᠃
— ᠣᠳᠣ ᠠ᠋ᠴᠠ ᠡᠬᠢᠯᠡᠨ ᠲᠠᠨ ᠳ᠋ᠤ᠌ ᠱᠠᠪᠢ ᠣᠷᠣᠵᠤ ᠢᠮᠠᠭᠲᠠ ᠲᠠᠨ ᠢ᠋ ᠳᠠᠭᠠᠨ᠂ ᠰᠠᠶᠢ ᠬᠡᠯᠡᠭᠰᠡᠨ ᠨᠣᠮ ᠢ᠋ ᠴᠢᠨᠢ ᠠᠪᠴᠤ ᠶᠠᠪᠤᠬᠤ ᠶ᠋ᠢ ᠵᠥᠪᠰᠢᠶᠡᠷᠡᠨ᠎ᠡ ᠤᠤ? ᠪᠢ ᠪᠣᠭᠴᠣᠨ ᠳ᠋ᠠᠭᠠᠨ ᠠᠭᠤᠯᠰᠤᠭᠠᠢ ᠭᠡᠬᠦ ᠳ᠋ᠦ᠍ ᠹᠠᠺᠢᠾ᠂
— ᠴᠢ ᠰᠠᠢᠨ ᠦᠭᠡ ᠬᠡᠯᠡᠪᠡ ᠭᠡᠳ ᠬᠦᠳᠦᠰᠦᠨ ᠪᠠᠷᠢᠨᠲᠠᠭ ᠲᠠᠢ ᠲᠣᠮᠣ ᠰᠤᠳᠤᠷ ᠪᠢᠴᠢᠭ ᠦ᠋ᠨ ᠳᠤᠷᠠᠰᠬᠠᠯ ᠤ᠋ᠨ ᠵᠡᠰ ᠬᠠᠢᠷᠴᠠᠭ ᠢ᠋ ᠥᠭᠭᠦᠭᠡᠳ ᠬᠡᠳᠦᠨ ᠵᠢᠯ ᠰᠠᠭᠤᠭᠰᠠᠨ ᠣᠪᠣᠬᠠᠢ ᠪᠠᠨ ᠭᠣᠨᠢᠷᠬᠠᠯᠲᠠᠢ ᠪᠠᠷ ᠲᠣᠭᠣᠷᠢᠭᠤᠯᠤᠨ ᠬᠠᠷᠠᠪᠠ᠃
— ᠣᠳᠣ ᠲᠦᠷᠭᠡᠨ ᠶᠠᠪᠤᠰᠤᠭᠠᠢ!
ᠬᠣᠶᠠᠭᠤᠯᠠ ᠣᠪᠣᠬᠠᠢ ᠠ᠋ᠴᠠ ᠭᠠᠷᠬᠤ ᠳ᠋ᠤ᠌ ᠬᠠᠳ᠋ᠵᠢ ᠷᠠᠾᠢ᠍ᠮ ᠡᠭᠦᠳᠡ ᠶ᠋ᠢ ᠮᠣᠳᠣᠨ ᠲᠦᠭᠵᠢᠶ᠎ᠡ ᠪᠡᠷ ᠣᠨᠢᠰᠤᠯᠠᠭᠠᠳ ᠨᠣᠬᠠᠢ ᠶ᠋ᠢᠨ ᠵᠦᠭ᠄
— ᠠᠺᠪᠠᠢ ᠭᠡᠵᠦ ᠱᠣᠭᠰᠢᠷᠠᠵᠤ᠂ ᠴᠢ ᠭᠡᠷ ᠢ᠋ᠶ᠋ᠡᠨ ᠰᠠᠬᠢᠨ᠎ᠠ᠃ ᠡᠵᠡᠨ ᠴᠢᠨᠢ ᠳᠠᠬᠢᠵᠤ ᠢᠷᠡᠬᠦ ᠪᠣᠯᠪᠠ ᠤᠤ ᠳᠠ ᠭᠡᠪᠡ᠃ ᠬᠥᠭᠰᠢᠨ ᠴᠠᠭᠠᠨ ᠨᠣᠬᠠᠢ ᠵᠥᠷᠢᠴᠡᠯ ᠦᠭᠡᠢ ᠣᠪᠣᠬᠠᠢ ᠶ᠋ᠢᠨ ᠪᠣᠱᠣᠭᠠᠨ ᠳ᠋ᠤ᠌ ᠬᠡᠪᠲᠡᠭᠡᠳ ᠴᠦᠯ ᠲᠠᠯ᠎ᠠ ᠶ᠋ᠢᠨ ᠵᠠᠮ ᠢ᠋ᠶ᠋ᠠᠷ ᠬᠤᠷᠳᠤᠪᠴᠢᠯᠠᠨ ᠠᠯᠬᠤᠯᠠᠬᠤ ᠬᠣᠶᠠᠷ ᠵᠢᠭᠤᠯᠴᠢᠨ ᠤ᠋ ᠬᠣᠢᠨ᠎ᠠ ᠠ᠋ᠴᠠ ᠲᠣᠯᠣᠭᠠᠢ ᠶ᠋ᠢ( ᠪᠡᠨ) ᠡᠷᠭᠦᠨ ᠤᠯᠠᠭᠠᠨ ᠨᠢᠳᠦ ᠪᠡᠷ ᠭᠠᠢᠬᠠᠭᠰᠠᠨ ᠪᠠᠢᠳᠠᠯ ᠲᠠᠢ ᠬᠠᠷᠠᠯ᠎ᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠠᠷᠢᠭᠤᠨ᠂ ᠪᠠᠯ᠂ ᠳ᠂ ᠣᠶᠤᠨᠪᠢᠯᠢᠭ᠌᠂ ᠵᠢᠩᠯᠢᠬᠤᠸᠠᠷ᠂ ᠪᠠᠶᠠᠨᠴᠡᠴᠡᠭ
ᠬᠢᠨᠠᠭᠴᠢ᠄ ᠠᠷᠢᠭᠤᠨ᠂ ᠠᠯᠲᠠᠨᠴᠢᠮᠡᠭ᠂ ᠪᠠᠶᠠᠨᠴᠡᠴᠡᠭ
