ᠳᠠᠭᠤᠯᠠᠵᠤ ᠳᠤᠷᠠᠰᠬᠤ ᠠᠪᠤ ᠮᠢᠨᠢ -ᠣᠶᠤᠨᠰᠠᠩ Дуулж дурсх аав минь-Оюунсан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠭᠤᠯᠠᠵᠤ ᠳᠤᠷᠠᠰᠬᠤ ᠠᠪᠤ ᠮᠢᠨᠢ -ᠣᠶᠤᠨᠰᠠᠩ Дуулж дурсх аав минь-Оюунсан

ᠳᠠᠭᠤᠯᠠᠵᠤ ᠳᠤᠷᠠᠰᠬᠤ ᠠᠪᠤ ᠮᠢᠨᠢ -ᠣᠶᠤᠨᠰᠠᠩ Дуулж дурсх аав минь-Оюунсан

ᠠᠩᠭᠢᠯᠠᠯ:ᠳᠠᠭᠤᠤ ᠬᠥᠭᠵᠢᠮ
2026-07-29

5

ᠳᠠᠭᠤᠯᠠᠵᠤ ᠳᠤᠷᠠᠰᠬᠤ ᠠᠪᠤ ᠮᠢᠨᠢ


         ᠦᠭᠡ᠄ ᠲᠤ· ᠪᠥᠬᠡᠴᠢᠯᠠᠭᠤ 
         ᠠᠶ᠎ᠠ᠄  ᠣᠶᠤᠨᠰᠠᠩ  
         ᠳᠠᠭᠤᠴᠢᠨ᠄ ᠣᠶᠤᠨᠰᠠᠩ  

ᠨᠠᠮᠬᠠᠨ ᠨᠠᠮᠬᠠᠨ ᠲᠤᠯᠤᠭᠠᠳ ᠢ᠋ᠶ᠋ᠠᠨ ᠳᠠᠪᠠᠭᠠᠳ ᠳᠠᠪᠠᠭᠠᠳ ᠶᠠᠪᠤᠬᠤᠯᠠᠷ 
ᠨᠠᠮ᠎ᠠ ᠶ᠋ᠢ ᠥᠰᠬᠡᠭᠰᠡᠨ ᠠᠪᠤ ᠮᠢᠨᠢ᠂ ᠪᠣᠳᠣᠭᠳᠠᠭᠠᠳ ᠪᠣᠳᠣᠭᠳᠠᠭᠠᠳ ᠪᠠᠢᠬᠤ ᠶᠤᠮ ᠠ᠋ 
ᠨᠠᠰᠤ ᠠ᠋ᠴᠠ ᠨᠠᠰᠤᠨ ᠳ᠋ᠤ᠌ ᠠᠬᠢᠭᠠᠳ ᠲᠣᠮᠣᠭᠠᠵᠢᠭᠠᠳ ᠲᠣᠮᠣᠭᠠᠵᠢᠭᠠᠳ ᠢᠷᠡᠬᠦᠯᠡᠷ 
ᠨᠢᠯᠪᠤᠰᠤᠨ ᠳ᠋ᠤ᠌  ᠪᠦᠷᠦᠯᠵᠡᠬᠦ ᠠᠭᠤᠯᠠᠰ ᠨᠢ ᠬᠦ᠂ ᠳᠠᠢᠪᠠᠭᠠᠳ ᠳᠠᠢᠪᠠᠭᠠᠳ ᠪᠠᠢᠬᠤ ᠶᠤᠮ ᠠ᠋ 
ᠭᠤᠨᠢᠭ ᠤ᠋ᠨ ᠮᠠᠨᠠᠨ ᠬᠥᠰᠢᠭᠡᠯᠡᠭᠡᠳ ᠪᠠᠢᠬᠤ ᠶᠤᠮ ᠠ᠋ 
ᠭᠣᠪᠢ ᠶ᠋ᠢᠨ ᠰᠡᠪᠰᠢᠶ᠎ᠡ ᠢᠯᠪᠢᠭᠡᠳ ᠪᠠᠢᠬᠤ ᠶᠤᠮ ᠠ᠋
ᠳᠠᠭᠤᠤ ᠳᠠᠭᠤᠨ ᠤ᠋ ᠳᠡᠭᠡᠳᠦ ᠪᠡᠨ ᠡᠷᠭᠦᠶ᠎ᠡ ᠳᠡ
ᠳᠠᠭᠤᠯᠠᠵᠤ ᠳᠤᠷᠠᠰᠬᠤ ᠠᠪᠤ ᠮᠢᠨᠢ ᠳᠡ

ᠥᠩᠭᠡ ᠲᠡᠢ ᠪᠤᠭᠤᠷᠤᠯ ᠲᠠᠯ᠎ᠠ ᠳ᠋ᠠᠭᠠᠨ ᠳᠠᠭᠤᠯᠠᠭᠠᠳ ᠳᠠᠭᠤᠯᠠᠭᠠᠳ ᠶᠠᠪᠤᠬᠤᠯᠠᠷ
ᠡᠪᠦᠭᠡᠨ ᠪᠤᠭᠤᠷᠤᠯ ᠠᠪᠤ ᠮᠢᠨᠢ ᠬᠦ᠂ ᠰᠠᠨᠠᠭᠳᠠᠭᠠᠳ ᠰᠠᠨᠠᠭᠳᠠᠭᠠᠳ ᠪᠠᠢᠬᠤ ᠶᠤᠮ ᠠ᠋
ᠡᠳᠦᠷ ᠡᠴᠡ ᠡᠳᠦᠷ ᠲᠣᠮᠣᠭᠠᠵᠢᠭᠠᠳ ᠤᠬᠠᠭᠠᠷᠠᠭᠠᠳ ᠤᠬᠠᠭᠠᠷᠠᠭᠠᠳ ᠢᠷᠡᠬᠦᠯᠡᠷ 
ᠡᠪᠡᠰᠦ ᠨᠢ ᠰᠢᠷᠭᠠᠯ ᠭᠣᠪᠢ ᠮᠢᠨᠢ ᠬᠦ᠂ ᠠᠷᠭᠠᠳᠠᠭᠠᠳ ᠠᠷᠭᠠᠳᠠᠭᠠᠳ ᠪᠠᠢᠬᠤ ᠶᠤᠮ ᠠ᠋
ᠭᠤᠨᠢᠭ ᠤ᠋ᠨ ᠮᠠᠨᠠᠨ ᠬᠥᠰᠢᠭᠡᠯᠡᠭᠡᠳ ᠪᠠᠢᠬᠤ ᠶᠤᠮ ᠠ᠋
ᠭᠣᠪᠢ ᠶ᠋ᠢᠨ ᠰᠡᠪᠰᠢᠶ᠎ᠡ ᠢᠯᠪᠢᠭᠡᠳ ᠪᠠᠢᠬᠤ ᠶᠤᠮ ᠠ᠋
ᠳᠠᠭᠤᠤ ᠳᠠᠭᠤᠨ ᠤ᠋ ᠳᠡᠭᠡᠳᠦ ᠪᠡᠨ ᠡᠷᠭᠦᠶ᠎ᠡ ᠳᠡ
ᠳᠠᠭᠤᠯᠠᠵᠤ ᠳᠤᠷᠠᠰᠬᠤ ᠠᠪᠤ ᠮᠢᠨᠢ ᠳᠡ

ᠵᠤᠨ ᠲᠠᠢ ᠵᠤᠳ ᠲᠠᠢ ᠬᠣᠷᠸ᠎ᠠ ᠶ᠋ᠢ ᠳᠤᠭᠤᠯᠤᠭᠠᠳ ᠳᠤᠭᠤᠯᠤᠭᠠᠳ ᠶᠠᠪᠤᠬᠤᠯᠠᠷ
ᠵᠣᠪᠠᠯ ᠵᠢᠷᠭᠠᠯ ᠬᠣᠶᠠᠷ ᠨᠢ ᠬᠦ᠂ ᠤᠴᠢᠷᠯᠠᠭᠠᠳ ᠤᠴᠢᠷᠯᠠᠭᠠᠳ ᠲᠡᠭᠰᠢᠷᠡᠬᠦ  ᠶᠤᠮ ᠠ᠋
ᠵᠢᠷᠦᠬᠡᠨ ᠳ᠋ᠦ᠍ ᠮᠥᠩᠬᠡᠷᠡᠭᠰᠡᠨ ᠠᠪᠤ ᠶ᠋ᠢ ᠪᠡᠨ ᠦᠭᠡᠢᠯᠡᠭᠡᠳ ᠦᠭᠡᠢᠯᠡᠭᠡᠳ ᠰᠠᠨᠠᠬᠤᠯᠠᠷ
ᠵᠦᠩ ᠪᠢᠯᠢᠭ ᠦ᠋ᠨ ᠪᠤᠷᠬᠠᠳ ᠨᠢ ᠬᠦ᠂ ᠢᠪᠡᠭᠡᠭᠡᠳ ᠢᠪᠡᠭᠡᠭᠡᠳ ᠪᠠᠢᠬᠤ  ᠶᠤᠮ ᠠ᠋
ᠭᠤᠨᠢᠭ ᠤ᠋ᠨ ᠮᠠᠨᠠᠨ ᠬᠥᠰᠢᠭᠡᠯᠡᠭᠡᠳ ᠪᠠᠢᠬᠤ  ᠶᠤᠮ ᠠ᠋
ᠭᠣᠪᠢ ᠶ᠋ᠢᠨ ᠰᠡᠪᠰᠢᠶ᠎ᠡ ᠢᠯᠪᠢᠭᠡᠳ ᠪᠠᠢᠬᠤ ᠶᠤᠮ ᠠ᠋
ᠳᠠᠭᠤᠤ ᠳᠠᠭᠤᠨ ᠤ᠋ ᠳᠡᠭᠡᠳᠦ ᠪᠡᠨ ᠡᠷᠭᠦᠶ᠎ᠡ ᠳᠡ
ᠳᠠᠭᠤᠯᠠᠵᠤ ᠳᠤᠷᠠᠰᠬᠤ ᠠᠪᠤ ᠮᠢᠨᠢ ᠳᠡ
ᠳᠠᠭᠤᠯᠠᠵᠤ ᠳᠤᠷᠠᠰᠬᠤ ᠠᠪᠤ ᠮᠢᠨᠢ ᠳᠡ

         ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
         ᠦᠰᠦᠭ ᠬᠠᠳᠠᠭᠴᠢ᠄ ᠪᠠᠢ᠂ ᠰᠠᠷᠠᠨ᠎ᠠ
         ᠬᠢᠨᠠᠭᠴᠢ᠄ ᠰᠣᠨᠢᠨᠪᠠᠶᠠᠷ