ᠪᠠᠲᠤ ᠬᠠᠭᠠᠨ 1-03ᠮᠣᠷᠢ ᠦᠭᠡᠢ ᠬᠥᠮᠦᠨ ᠮᠣᠬᠣᠳᠠᠭ- Бат хаан ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-03ᠮᠣᠷᠢ ᠦᠭᠡᠢ ᠬᠥᠮᠦᠨ ᠮᠣᠬᠣᠳᠠᠭ- Бат хаан

ᠪᠠᠲᠤ ᠬᠠᠭᠠᠨ 1-03ᠮᠣᠷᠢ ᠦᠭᠡᠢ ᠬᠥᠮᠦᠨ ᠮᠣᠬᠣᠳᠠᠭ- Бат хаан

ᠠᠩᠭᠢᠯᠠᠯ:ᠲᠤᠭᠤᠵᠢ ᠷᠣᠮᠠᠨ
2025-08-19

322

ᠭᠤᠷᠪᠠ ᠮᠣᠷᠢ ᠦᠭᠡᠢ ᠬᠥᠮᠦᠨ ᠮᠣᠬᠣᠳᠠᠭ

ᠥᠷᠯᠥᠭᠡᠨ ᠦ᠌ ᠨᠠᠷᠠᠨ ᠤ᠋ ᠲᠤᠶᠠᠭ᠎ᠠ ᠴᠣᠩᠬᠣᠨ ᠤ᠋ ᠬᠥᠰᠢᠭᠡ ᠶ᠋ᠢ ᠨᠡᠪᠲᠡ ᠲᠤᠰᠬᠤ ᠳ᠋ᠤ᠌ ᠦᠯᠦ ᠲᠠᠨᠢᠬᠤ ᠬᠥᠮᠦᠨ ᠭᠤᠲᠤᠯ ᠢ᠋ᠶ᠋ᠠᠨ ᠡᠮᠦᠰᠦᠨ᠂ ᠨᠣᠷᠤᠭᠰᠠᠨ ᠬᠥᠬᠡ ᠳᠡᠪᠡᠯ ᠢ᠋ᠶ᠋ᠡᠨ ᠦᠵᠡᠭᠡᠳ᠂ ᠪᠤᠯᠤᠩ ᠤᠷᠤᠭᠤ ᠬᠠᠶᠠᠯ᠎ᠠ᠃ ᠮᠣᠳᠣᠨ ᠬᠠᠳᠠᠭᠠᠰᠤᠨ ᠳ᠋ᠤ᠌ ᠡᠯᠭᠦᠭᠡᠲᠡᠢ ᠭᠠᠩᠳᠠᠮᠠᠯ ᠨᠥᠮᠥᠷᠭᠡ ᠶ᠋ᠢ ᠭᠡᠷ ᠦ᠋ᠨ ᠡᠵᠡᠨ ᠡᠴᠡ ᠵᠥᠪᠰᠢᠶᠡᠷᠡᠯ ᠡᠷᠢᠯ ᠦᠭᠡᠢ ᠠᠪᠴᠤ ᠥᠷᠭᠡᠨ ᠴᠡᠭᠡᠵᠢᠨ ᠳ᠋ᠡᠭᠡᠨ ᠠᠷᠠᠢᠭᠡᠵᠦ ᠪᠠᠭᠲᠠᠭᠠᠨ ᠡᠮᠦᠰᠦᠯ᠎ᠡ᠃
— ᠮᠣᠷᠢ ᠦᠭᠡᠢ ᠮᠠᠭᠤ ᠪᠠᠢᠨ᠎ᠠ! ᠮᠤᠯᠲᠤᠷᠠᠵᠤ ᠭᠠᠷᠬᠤ ᠳ᠋ᠤ᠌ ᠬᠡᠴᠡᠭᠦᠦ ᠪᠢᠵᠡ! ᠲᠠᠨ ᠤ᠋ ᠤᠷᠠᠩᠬᠠᠢ ᠨᠥᠮᠥᠷᠭᠡ ᠲᠤᠰᠠ ᠪᠣᠯᠬᠤ ᠮᠠᠭᠠᠳ ᠦᠭᠡᠢ᠃ ᠪᠢ ᠭᠤᠢᠯᠢᠨᠴᠢᠨ ᠤ᠋ ᠳᠦᠷᠢ ᠪᠡᠷ ᠶᠠᠪᠤᠶ᠎ᠠ ᠭᠡᠵᠦ ᠬᠡᠯᠡᠭᠡᠳ ᠡᠭᠦᠳᠡᠨ ᠳ᠋ᠦ᠍ ᠣᠴᠢᠵᠤ ᠵᠠᠪᠰᠠᠷ ᠢ᠋ᠶ᠋ᠠᠷ ᠱᠠᠭᠠᠢᠨ᠂ ᠭᠡᠨᠡᠳᠲᠡ ᠵᠣᠭ ᠲᠣᠰᠣᠨ ᠲᠤᠭᠤᠷᠭᠠᠨ ᠳ᠋ᠤ᠌ ᠨᠠᠭᠠᠯᠳᠤᠨ ᠵᠣᠭᠰᠣᠵᠤ ᠬᠡᠰᠡᠭ ᠵᠠᠭᠤᠷ᠎ᠠ ᠪᠣᠯᠤᠭᠠᠳ᠂ ᠬᠠᠭᠠᠯᠭ᠎ᠠ ᠶ᠋ᠢ ᠨᠡᠭᠡᠭᠡᠭᠲᠦᠨ! ᠭᠡᠵᠦ ᠳᠣᠬᠢᠪᠠ᠃

ᠰᠤᠯᠠᠬᠠᠨ ᠢ᠋ᠶ᠋ᠠᠷ ᠲᠣᠭᠰᠢᠬᠤ ᠴᠢᠮᠡᠭᠡ ᠭᠠᠷᠤᠯ᠎ᠠ᠃ ᠬᠠᠳ᠌ᠵᠢ ᠷᠡᡁᠢᠮ ᠣᠨᠢᠰᠣ ᠶ᠋ᠢ ᠲᠠᠢᠯᠬᠤ ᠳ᠋ᠤ᠌ ᠬᠠᠭᠠᠯᠭ᠎ᠠ ᠲᠦᠷᠭᠡᠨ ᠣᠩᠭᠣᠢᠯ᠎ᠠ᠃ ᠪᠣᠱᠣᠭᠠᠨ ᠤ᠋ ᠭᠠᠳᠠᠨ᠎ᠠ᠂ ᠥᠰᠥᠭᠡᠢ ᠳ᠋ᠡᠭᠡᠨ ᠬᠦᠷᠦᠭᠰᠡᠨ ᠤᠷᠲᠤ ᠤᠯᠠᠪᠤᠷ ᠰᠢᠷ᠎ᠠ ᠴᠠᠮᠴᠠ ᠲᠠᠢ᠂ ᠪᠣᠷᠣᠯᠠᠭᠰᠠᠨ ᠬᠦᠵᠦᠭᠦᠨ ᠳ᠋ᠡᠭᠡᠨ ᠬᠥᠬᠡ ᠴᠡᠩᠬᠡᠷ ᠡᠷᠢᠭᠡ ᠵᠡᠭᠦᠭᠰᠡᠨ ᠪᠠᠭ᠎ᠠ ᠰᠢᠬᠬᠠᠨ ᠬᠡᠦᠬᠡᠨ᠂ ᠦᠷ ᠦ᠋ᠨ ᠶᠠᠭᠠᠨ ᠲᠤᠶᠠᠭᠠᠨ ᠳ᠋ᠤ᠌ ᠢᠨᠢᠶᠡᠮᠰᠦᠭᠯᠡᠨ ᠵᠣᠭᠰᠣᠨ᠎ᠠ᠃ ᠥᠷᠭᠡᠨ ᠨᠣᠭᠣᠭᠠᠨ ᠨᠠᠪᠴᠢ ᠪᠠᠷ ᠲᠠᠭᠯᠠᠭᠰᠠᠨ ᠰᠢᠪᠡᠷ ᠸᠠᠭᠠᠷ ᠢ᠋ ᠭᠠᠷ ᠲᠠᠭᠠᠨ ᠪᠠᠷᠢᠵᠠᠢ᠃ ᠨᠠᠪᠴᠢᠨ ᠤ᠋ ᠳᠡᠭᠡᠷ᠎ᠡ ᠳᠥᠩᠭᠡᠵᠢ ᠰᠠᠶᠢ ᠪᠣᠯᠭᠣᠭᠰᠠᠨ ᠭᠤᠷᠪᠠᠨ ᠪᠣᠭᠣᠷᠰᠣᠭ ᠰᠢᠷᠠᠯᠠᠨ ᠦᠵᠡᠭᠳᠡᠨ᠎ᠡ᠃ ᠲᠡᠷᠡ ᠬᠡᠦᠬᠡᠨ ᠠᠮᠤᠷᠯᠢᠩᠭᠤᠢ ᠪᠠᠷ᠄ ᠬᠠᠳ᠋ᠵᠢ ᠷᠡᡁᠢᠮ ᠠ᠋! ᠠᠮᠤᠷ ᠢ᠋ ᠡᠷᠢᠶ᠎ᠡ ᠭᠡᠵᠦ ᠥᠭᠦᠯᠡᠬᠦ ᠳ᠋ᠦ᠍ ᠬᠠᠴᠠᠷ ᠳᠡᠭᠡᠷ᠎ᠡ ᠨᠢ ᠬᠣᠶᠠᠷ ᠬᠥᠭᠡᠷᠦᠬᠦᠨ ᠬᠣᠩᠬᠣᠷᠬᠠᠢ ᠬᠠᠷᠠᠭᠳᠠᠯ᠎ᠠ᠃ ᠮᠢᠨᠦ ᠬᠦᠨᠳᠦᠲᠦ ᠪᠤᠶᠠᠨᠲᠠᠨ ᠨᠡᠽᠠᠷ — ᠺᠢᠶᠡᠷᠢᠽᠧᠺ ᠰᠠᠶᠢ ᠰᠠᠭᠠᠭᠰᠠᠨ ᠰᠦ᠂ ᠡᠨᠡ ᠬᠠᠯᠠᠭᠤᠨ ᠪᠣᠭᠣᠷᠰᠣᠭ ᠢ᠋ ᠴᠢᠮᠠᠲᠤ ᠢᠯᠡᠭᠡᠵᠦ ᠥᠭᠡᠷ᠎ᠡ ᠪᠠᠰᠠ ᠶᠠᠭᠤ ᠬᠡᠷᠡᠭᠯᠡᠬᠦ ᠶ᠋ᠢ ᠠᠰᠠᠭᠤᠯᠭᠠᠪᠠ ᠭᠡᠪᠡ᠃

ᠬᠠᠳ᠌ᠵᠢ ᠷᠡᡁᠢᠮ ᠲᠠᠯᠠᠷᠬᠠᠭᠰᠠᠨ ᠦᠭᠡ ᠪᠡᠷ ᠸᠠᠭᠠᠷ ᠲᠠᠢ ᠰᠦ ᠶ᠋ᠢ ᠬᠦᠯᠢᠶᠡᠵᠦ ᠠᠪᠤᠭᠠᠳ ᠬᠡᠦᠬᠡᠨ ᠢ᠋ ᠳᠠᠭᠠᠨ ᠣᠪᠣᠬᠠᠢ ᠠ᠋ᠴᠠ ᠭᠠᠷᠪᠠ᠃ ᠪᠣᠷᠣᠭᠠᠨ ᠤ᠋ ᠳᠤᠰᠤᠯ ᠪᠥᠩᠵᠢᠭᠢᠨᠡᠭᠰᠡᠨ ᠪᠦᠯᠵᠦᠷᠬᠡᠨ ᠦ᠌ ᠪᠤᠲᠠ ᠭᠢᠯᠲᠠᠭᠢᠨᠠᠨ᠂ ᠠᠺᠪᠠᠢ ᠨᠡᠷᠡᠲᠦ ᠬᠥᠭᠰᠢᠨ ᠨᠣᠬᠠᠢ ᠤᠯᠠᠢᠭᠰᠠᠨ ᠨᠢᠳᠦ ᠪᠡᠷ ᠭᠢᠯᠤᠢᠨ ᠵᠠᠮ ᠳᠡᠭᠡᠷ᠎ᠡ ᠰᠠᠭᠤᠵᠤ ᠪᠠᠢᠯ᠎ᠠ᠃

ᠨᠣᠢᠲᠠᠨ ᠵᠦᠯᠭᠡᠨ ᠳᠡᠭᠡᠷ᠎ᠡ ᠨᠢᠭᠡ ᠬᠥᠮᠦᠨ ᠠᠷᠠᠪ ᠨᠠᠷ ᠤ᠋ᠨ ᠡᠮᠦᠰᠬᠦ ᠰᠠᠷᠠᠯ ᠨᠣᠣᠰᠣᠨ ᠴᠤᠪᠠ ᠪᠠᠷ ᠬᠤᠴᠢᠨ ᠬᠡᠪᠲᠡᠵᠦ᠂ ᠠᠷᠭᠠᠮᠵᠢᠯᠠᠭᠰᠠᠨ ᠡᠮᠡᠭᠡᠯ ᠲᠡᠢ ᠴᠠᠭᠠᠨ ᠮᠣᠷᠢ ᠨᠣᠭᠣᠭ᠎ᠠ ᠵᠣᠯᠭᠠᠨ( ᠵᠤᠯᠭᠠᠭᠠᠨ )᠂ ᠬᠤᠷᠴᠠ ᠬᠠᠷ᠎ᠠ ᠨᠢᠳᠦ ᠲᠡᠢ ᠪᠢᠴᠢᠬᠠᠨ ᠲᠣᠯᠣᠭᠠᠢ ᠪᠠᠨ ᠪᠠᠢᠨ ᠪᠠᠢᠨ ᠡᠷᠭᠦᠵᠦ ᠨᠠᠮᠢᠷᠠᠭᠰᠠᠨ ᠮᠢᠨᠳᠠᠰᠤᠨ ᠳᠡᠯ ᠢ᠋ᠶ᠋ᠡᠨ ᠰᠡᠭᠰᠦᠷᠦᠨ ᠪᠠᠢᠪᠠ᠃ ᠹᠠᠺᠢᠾ ᠣᠪᠣᠬᠠᠢ ᠳ᠋ᠠᠭᠠᠨ ᠪᠤᠴᠠᠵᠤ ᠢᠷᠡᠬᠦ ᠳ᠋ᠦ᠍ ᠰᠥᠨᠢ ᠶ᠋ᠢᠨ ᠵᠣᠴᠢᠨ ᠨᠢ ᠡᠭᠦᠳᠡᠨ ᠳᠡᠭᠡᠷ᠎ᠡ ᠬᠦᠯᠢᠶᠡᠨ ᠪᠠᠢᠪᠠ᠃

  ᠬᠠᠳ᠌ᠵᠢ ᠷᠠᠾᠢᠮ ᠪᠠᠭᠰᠢ ᠮᠢᠨᠢ᠂ ᠰᠠᠢᠨ ᠰᠠᠭᠤᠭᠠᠷᠠᠢ ᠭᠡᠬᠦ ᠳ᠋ᠦ᠍ ᠹᠠᠺᠢᠾ ᠦᠯᠦ ᠲᠠᠨᠢᠬᠤ ᠬᠥᠮᠦᠨ ᠦ᠌ ᠬᠠᠨᠴᠤᠢ ᠠ᠋ᠴᠠ ᠪᠠᠷᠢᠵᠤ᠂
— ᠵᠠᠮ ᠳ᠋ᠤ᠌ ᠬᠡᠷᠡᠭᠯᠡᠬᠦ ᠬᠦᠨᠡᠰᠦ ᠠᠪᠤᠭᠲᠤᠨ ᠭᠡᠪᠡ᠃

ᠭᠡᠢᠴᠢᠨ ᠬᠠᠯᠠᠭᠤᠨ ᠪᠣᠭᠣᠷᠰᠣᠭ ᠢ᠋ ᠡᠪᠦᠷᠯᠡᠬᠦ ᠵᠠᠭᠤᠷ᠎ᠠ ᠪᠠᠨ᠄
— ᠣᠳᠣ ᠪᠣᠯᠲᠠᠯ᠎ᠠ ᠲᠠ ᠨᠠᠮᠠᠶ᠋ᠢ ᠲᠠᠨᠢᠬᠤ ᠦᠭᠡᠢ ᠭᠡᠵᠦ ᠤᠤ? ᠠᠷᠪᠠᠨ ᠵᠢᠯ ᠦ᠋ᠨ ᠡᠮᠦᠨ᠎ᠡ ᠲᠠ ᠬᠤᠯᠤᠰᠤᠨ ᠦᠵᠦᠭ ᠪᠠᠷᠢᠵᠤ ᠠᠷᠠᠪ ᠤ᠋ᠨ ᠪᠡᠷᠬᠡ ᠲᠡᠢ ᠦᠭᠡ ᠶ᠋ᠢ ᠪᠢᠴᠢᠬᠦ ᠶ᠋ᠢ ᠨᠠᠳᠠᠳᠤ ᠰᠤᠷᠭᠠᠵᠤ ᠪᠢᠯᠡ᠃ ᠣᠯᠠᠨ ᠦᠭᠡ ᠶ᠋ᠢ ᠮᠠᠷᠲᠠᠭᠰᠠᠨ ᠪᠣᠯᠪᠠᠴᠤ ᠬᠠᠷᠢᠨ《ᠳ᠋ᠵᠢᠬᠠᠩ— ᠬᠢᠷ》( ᠶᠢᠷᠲᠢᠨᠴᠦ ᠶ᠋ᠢ ᠡᠵᠡᠯᠡᠭᠴᠢ) ᠭᠡᠳᠡᠭ ᠬᠣᠶᠠᠷ ᠦᠭᠡ ᠶ᠋ᠢ ᠮᠠᠷᠲᠠᠬᠤ ᠦᠭᠡᠢ᠃ ᠲᠠ ᠤᠳᠠᠯ ᠦᠭᠡᠢ ᠮᠢᠨᠦ ᠰᠤᠷᠠᠭ ᠢ᠋ ᠰᠣᠨᠣᠰᠤᠨ᠎ᠠ᠃ ᠪᠢ ᠲᠠᠨ ᠤ᠋ ᠲᠥᠯᠥᠭᠡ ᠬᠥᠮᠦᠨ ᠢᠯᠡᠭᠡᠰᠦᠭᠡᠢ ᠭᠡᠳ ᠪᠣᠱᠣᠭᠠᠨ ᠤ᠋ ᠳᠡᠷᠭᠡᠳᠡ ᠵᠣᠭᠰᠣᠭᠰᠠᠨ ᠬᠡᠦᠬᠡᠨ ᠢ᠋ ᠬᠠᠷᠠᠪᠠ᠃
— ᠨᠡᠷ᠎ᠡ ᠴᠢᠨᠢ ᠬᠡᠨ ᠪᠣᠢ? ᠬᠠᠮᠢᠭ᠎ᠠ ᠰᠠᠭᠤᠳᠠᠭ ᠪᠣᠢ?
— ᠮᠢᠨᠦ ᠨᠡᠷ᠎ᠡ ᠶᠥ᠋ᠯᠳᠥ᠋ᠽ (ᠣᠳᠣᠨ) ᠭᠡᠳᠡᠭ᠂ ᠪᠢ ᠥᠨᠥᠴᠢᠨ ᠬᠥᠮᠦᠨ᠃ ᠨᠠᠽᠠᠷ ᠺᠢᠶᠡᠷᠢᠽᠸᠺ ᠦ᠋ᠨ ᠭᠡᠷ ᠲᠦ᠍ ᠰᠠᠭᠤᠳᠠᠭ ᠭᠡᠪᠡ᠃
— ᠴᠢᠨᠦ ᠬᠣᠭᠣᠯᠠᠢ ᠯᠢᠩᠪᠦ ᠶ᠋ᠢᠨ ᠡᠬᠡᠰᠢᠭ ᠮᠡᠲᠦ᠃ ᠴᠢ ᠮᠢᠨᠦ ᠵᠠᠮ ᠳ᠋ᠤ᠌ ᠵᠣᠯ ᠵᠠᠶᠠᠭᠠᠨ ᠤ᠋ ᠣᠳᠣᠨ ᠪᠣᠯᠤᠨ᠎ᠠ ᠭᠡᠳ ᠶᠠᠭᠠᠷᠠᠨ ᠪᠣᠱᠣᠭ᠎ᠠ ᠶ᠋ᠢ ᠠᠯᠬᠤᠬᠤ ᠳ᠋ᠠᠭᠠᠨ ᠴᠠᠭᠠᠨ ᠮᠣᠷᠢ ᠶ᠋ᠢ ᠬᠠᠷᠠᠪᠠ᠃
— ᠨᠠᠳᠠᠳᠤ ᠲᠡᠭᠷᠢ ᠵᠠᠶᠠᠭᠠᠭᠰᠠᠨ ᠮᠣᠷᠢ ᠡᠨᠡ ᠪᠠᠢᠨ᠎ᠠ᠃ ᠴᠢᠩᠭᠢᠰ ᠬᠠᠭᠠᠨ ᠤ᠋ ᠪᠠᠢᠯᠳᠤᠭᠠᠨ ᠤ᠋ ᠬᠦᠯᠦᠭ ᠴᠠᠭᠠᠨ ᠰᠡᠲᠡᠷᠲᠦ ᠶ᠋ᠢᠨ ᠠᠳᠠᠯᠢ ᠮᠢᠨᠦ ᠢᠯᠠᠯᠲᠠ ᠶ᠋ᠢᠨ ᠮᠣᠷᠢ ᠪᠣᠯᠤᠨ᠎ᠠ᠃

ᠵᠠᠯᠠᠭᠤ ᠮᠣᠩᠭᠣᠯ ᠬᠥᠮᠦᠨ ᠵᠦᠯᠭᠡᠨ ᠳᠡᠭᠡᠷ᠎ᠡ ᠬᠥᠩᠭᠡᠨ ᠭᠢᠰᠬᠢᠯᠡᠨ ᠠᠯᠬᠤᠵᠤ ᠴᠠᠭᠠᠨ ᠮᠣᠷᠢ ᠤᠷᠤᠭᠤ ᠣᠴᠢᠭᠠᠳ ᠲᠡᠮᠦᠷ ᠭᠠᠳᠠᠰᠤ ᠶ᠋ᠢ ᠭᠠᠵᠠᠷ ᠠ᠋ᠴᠠ ᠰᠡᠮᠬᠡᠨ ᠰᠤᠭᠤᠯᠤᠨ ᠠᠷᠭᠠᠮᠵᠢ ᠶ᠋ᠢ ᠡᠪᠬᠡᠵᠦ᠂ ᠰᠡᠪᠬᠢᠨ ᠮᠣᠷᠳᠠᠬᠤ ᠳ᠋ᠤ᠌ ᠣᠮᠣᠭᠯᠠᠩ ᠮᠣᠷᠢ ᠤᠬᠤᠰᠬᠢᠨ ᠳᠠᠪᠬᠢᠵᠤ ᠤᠳᠠᠯ ᠦᠭᠡᠢ ᠤᠯᠢᠶᠠᠰᠤᠨ ᠣᠢ ᠶ᠋ᠢᠨ ᠴᠢᠨᠠᠳᠤ ᠲᠠᠯ᠎ᠠ ᠳ᠋ᠤ᠌ ᠣᠷᠣᠪᠠ᠃

ᠥᠬᠢᠨ ᠦᠯᠦ ᠲᠠᠨᠢᠬᠤ ᠬᠥᠮᠦᠨ ᠦ᠌ ᠬᠣᠢᠨ᠎ᠠ ᠠ᠋ᠴᠠ ᠭᠠᠢᠬᠠᠨ ᠬᠠᠷᠠᠭᠰᠠᠨ ᠢ᠋ᠶ᠋ᠠᠨ ᠲᠤᠩᠭᠠᠯᠠᠭ ᠬᠠᠷ᠎ᠠ ᠨᠢᠳᠦ ᠪᠡᠨ ᠬᠠᠳ᠌ᠵᠢ ᠷᠠᠾᠢ᠍ᠮ ᠤ᠋ᠨ ᠵᠦᠭ ᠬᠠᠨᠳᠤᠭᠤᠯᠬᠤ ᠳ᠋ᠤ᠌ ᠬᠠᠳ᠌ᠵᠢ ᠷᠠᠾᠢ᠍ᠮ ᠰᠢᠨᠠ ᠪᠠᠨ ᠲᠤᠯᠵᠤ ᠪᠣᠳᠣᠯᠭᠠᠰᠢᠷᠠᠨ ᠬᠥᠳᠡᠯᠭᠡᠭᠡ ᠦᠭᠡᠢ ᠵᠣᠭᠰᠣᠪᠠ᠃

ᠥᠬᠢᠨ ᠠᠰᠠᠭᠤᠯ᠎ᠠ᠃
— ᠡᠨᠡ ᠳᠡᠭᠡᠷᠡᠮᠴᠢᠨ ᠪᠤᠶᠤ ᠭᠡᠬᠦ ᠳ᠋ᠦ᠍
— ᠡᠨᠡ ᠶᠡᠷᠦ ᠪᠤᠰᠤ ᠶ᠋ᠢᠨ ᠬᠥᠮᠦᠨ
— ᠶᠠᠭᠠᠬᠢᠭᠠᠳ ᠲᠡᠷᠡ ᠪᠣᠢ? ᠪᠤᠰᠤᠳ ᠤ᠋ᠨ ᠮᠣᠷᠢ ᠶ᠋ᠢ ᠬᠤᠯᠠᠭᠠᠢᠯᠠᠭᠰᠠᠨ ᠪᠢᠰᠢ ᠤᠤ?
— ᠲᠡᠭᠦᠨ ᠢ᠋ ᠤᠨᠤᠨ ᠤᠯᠤᠰ ᠭᠦᠷᠦᠨ ᠢ᠋ ᠡᠵᠡᠯᠡᠨ᠎ᠡ᠃ ᠶᠦᠯᠳᠥ᠋ᠽ ᠣᠳᠣ ᠭᠡᠷ ᠲᠡᠭᠡᠨ ᠬᠠᠷᠢᠵᠤ ᠬᠦᠨᠳᠦᠲᠦ ᠨᠠᠽᠠᠷ—ᠺᠢᠶᠠᠷᠢᠽᠸᠺ ᠲᠤ᠌ ᠡᠮᠭᠡᠭ ᠲᠡᠢ ᠹᠠᠺᠢᠾ ᠪᠡᠶᠡᠰᠴᠦ ᠠᠴᠢ ᠬᠠᠷᠢᠭᠤ ᠶ᠋ᠢ ᠴᠢᠨᠢ ᠦᠯᠦ ᠮᠠᠷᠲᠠᠨ᠎ᠠ ᠭᠡᠯ᠎ᠡ ᠭᠡᠵᠦ ᠬᠡᠯᠡᠭᠡᠷᠡᠢ ᠭᠡᠪᠡ᠃ ᠥᠬᠢᠨ ᠬᠤᠷᠳᠤᠨ᠎ᠠ ᠡᠷᠭᠢᠵᠦ ᠬᠡᠳᠦᠨ ᠠᠯᠬᠤᠮ ᠭᠠᠵᠠᠷ ᠭᠦᠶᠦᠭᠰᠡᠨ ᠢ᠋ᠶ᠋ᠡᠨ ᠵᠠᠮ ᠢ᠋ᠶ᠋ᠠᠷ ᠲᠣᠮᠣ ᠬᠥᠮᠦᠨ ᠰᠢᠭ ᠶᠠᠪᠤᠬᠤ ᠶ᠋ᠢ ᠪᠣᠳᠣᠵᠤ ᠠᠯᠭᠤᠷ ᠢ᠋ᠶ᠋ᠠᠷ ᠠᠯᠬᠤᠯᠠᠪᠠ᠃ ᠰᠠᠷᠠᠯ ᠨᠥᠮᠥᠷᠭᠡ ᠬᠥᠳᠡᠯᠬᠦ ᠳ᠋ᠦ᠍ ᠬᠥᠭᠰᠢᠨ ᠨᠣᠬᠠᠢ ᠥᠨᠳᠡᠰᠬᠢᠨ ᠰᠥᠭᠡᠩᠭᠢ ᠳᠠᠭᠤ ᠪᠠᠷ ᠬᠤᠴᠠᠯ᠎ᠠ᠃ ᠴᠤᠪᠠ ᠶ᠋ᠢᠨ ᠳᠣᠣᠷ᠎ᠠ ᠠ᠋ᠴᠠ ᠦᠶᠡᠯᠡᠭᠰᠡᠨ ᠬᠠᠷ᠎ᠠ ᠦᠰᠦᠲᠡᠢ ᠵᠠᠯᠠᠭᠤ ᠡᠷ᠎ᠡ ᠶ᠋ᠢᠨ ᠲᠣᠯᠣᠭᠠᠢ ᠴᠤᠬᠤᠰᠬᠢᠨ ᠶᠠᠭᠠᠷᠠᠨ ᠪᠣᠰᠤᠭᠠᠳ ᠦᠷᠴᠢᠯᠳᠦᠭᠰᠡᠨ ᠬᠥᠬᠡ ᠣᠷᠢᠶᠠᠯᠲᠠ ᠶ᠋ᠢ ᠠᠪᠤᠨ ᠪᠠᠷᠠᠭᠤᠨ ᠬᠥᠮᠥᠰᠬᠡ ᠤᠷᠤᠭᠤ ᠪᠠᠨ ᠬᠡᠯᠲᠡᠭᠡᠢ ᠲᠠᠯᠪᠢᠪᠠ᠃ ᠪᠥᠰᠡᠨ ᠳ᠋ᠡᠭᠡᠨ ᠲᠠᠬᠢᠷ ᠰᠡᠯᠡᠮ᠎ᠡ ᠬᠣᠶᠠᠷ ᠺᠢᠨᠵᠢᠶᠠᠯ ᠬᠢᠲᠤᠭ᠎ᠠ ᠵᠡᠭᠦᠭᠰᠡᠨ ᠴᠡᠷᠢᠭ ᠦ᠋ᠨ ᠡᠷ᠎ᠡ ᠪᠠᠢᠵᠠᠢ᠃

ᠮᠢᠨᠦ ᠮᠣᠷᠢ ᠬᠠᠮᠢᠭ᠎ᠠ ᠪᠣᠢ? ᠭᠡᠵᠦ ᠬᠠᠰᠬᠢᠷᠤᠨ ᠴᠠᠭᠠᠨ ᠠᠵᠢᠷᠭ᠎ᠠ ᠶ᠋ᠢᠨ ᠡᠪᠡᠰᠦ ᠢᠳᠡᠵᠦ ᠪᠠᠢᠭᠰᠠᠨ ᠭᠠᠵᠠᠷ ᠭᠦᠶᠦᠨ ᠬᠦᠷᠴᠦ ᠭᠠᠵᠠᠷ ᠤᠷᠤᠭᠤ ᠪᠥᠬᠥᠢᠨ ᠮᠥᠷ ᠢ᠋ ᠠᠵᠢᠭᠯᠠᠭᠠᠳ᠄《ᠪᠢ ᠮᠡᠳᠡᠪᠡ᠃ ᠮᠣᠩᠭᠣᠯ ᠭᠤᠲᠤᠯ ᠲᠠᠢ ᠬᠥᠮᠦᠨ ᠢᠷᠡᠭᠡᠳ ᠮᠢᠨᠦ ᠪᠠᠢᠯᠳᠤᠭᠠᠨ ᠤ᠋ ᠮᠣᠷᠢ ᠶ᠋ᠢ ᠬᠤᠯᠠᠭᠠᠢᠯᠠᠵᠠᠢ᠃ ᠬᠤᠯᠠᠭᠠᠢᠴᠢ ᠬᠣᠯᠠ ᠣᠳᠤᠭᠰᠠᠨ ᠪᠣᠯ ᠮᠢᠨᠦ ᠭᠡᠷᠡᠯᠲᠦ ᠰᠡᠯᠡᠮ᠎ᠡ ᠶᠠᠮᠠᠷ ᠬᠡᠷᠡᠭ ᠪᠣᠯᠬᠤ ᠪᠣᠢ? ᠪᠢ ᠮᠣᠷᠢ ᠦᠭᠡᠢ ᠪᠣᠯ ᠳᠠᠯᠠᠪᠴᠢ ᠨᠢ ᠬᠤᠭᠤᠷᠠᠭᠰᠠᠨ ᠱᠣᠩᠬᠣᠷ ᠰᠢᠭ᠋ ᠴᠢᠳᠠᠯ ᠦᠭᠡᠢ᠃ ᠣᠳᠣ ᠨᠠᠮᠠᠶ᠋ᠢ ᠶᠠᠮᠠᠷ ᠴᠡᠷᠢᠭ ᠦ᠋ᠨ ᠡᠷ᠎ᠡ ᠭᠡᠬᠦ ᠪᠢᠯᠡ? 》 ᠭᠡᠳ ᠵᠠᠯᠠᠭᠤ ᠡᠷ᠎ᠡ ᠰᠡᠭᠦᠷᠡᠰᠦ ᠠᠯᠳᠠᠵᠤ᠂ ᠲᠣᠯᠣᠭᠠᠢ ᠪᠠᠨ ᠲᠡᠪᠡᠷᠢᠨ ᠬᠥᠰᠡᠷ ᠤᠨᠠᠪᠠ᠃ ᠹᠠᠺᠢ᠍ᠾ ᠳᠡᠷᠭᠡᠳᠡ ᠨᠢ ᠬᠦᠷᠴᠦ ᠢᠷᠡᠭᠡᠳ᠄
— ᠪᠤᠤ ᠭᠠᠰᠠᠯ᠂ ᠴᠢᠮᠠᠲᠤ ᠣᠷᠣᠨ ᠳ᠋ᠤᠨᠢ ᠮᠢᠩᠭᠠᠨ ᠭᠡᠭᠦᠦ ᠥᠭᠬᠦ ᠬᠥᠮᠦᠨ ᠴᠢᠨᠦ ᠮᠣᠷᠢ ᠪᠠᠷ ᠮᠣᠷᠳᠠᠨ ᠶᠠᠪᠤᠯ᠎ᠠ᠃

ᠵᠠᠯᠠᠭᠤ ᠡᠷ᠎ᠡ ᠬᠥᠳᠡᠯᠦᠯ ᠦᠭᠡᠢ ᠬᠡᠪᠲᠡᠬᠦ ᠳ᠋ᠦ᠍ ᠬᠠᠳ᠋ᠵᠢ ᠷᠠᡁᠢᠮ ᠠᠷᠭᠠᠳᠠᠨ᠄
— ᠮᠢᠨᠦ ᠦᠭᠡ ᠶ᠋ᠢ ᠦᠨᠡᠮᠰᠢ! ᠴᠢᠮᠠᠲᠤ ᠬᠣᠬᠢᠷᠠᠭᠰᠠᠨ ᠶᠠᠭᠤᠮ᠎ᠠ ᠦᠭᠡᠢ᠃ ᠬᠠᠷᠢᠨ ᠶᠡᠬᠡ ᠬᠣᠨᠵᠢᠶ᠎ᠠ ᠲᠠᠢ ᠪᠠᠢᠵᠤ ᠮᠠᠭᠠᠳ ᠦᠭᠡᠢ ᠭᠡᠬᠦ ᠳ᠋ᠦ᠍᠂
— ᠮᠢᠨᠦ ᠢᠲᠡᠭᠡᠯᠲᠡᠢ ᠦᠨᠡᠨᠴᠢ ᠬᠠᠨᠢ ᠶᠤᠮᠰᠠᠨ᠃ ᠲᠡᠭᠦᠨ ᠢ᠋ ᠤᠨᠤᠨ ᠲᠡᠢᠨ ᠳ᠋ᠦ᠍ ᠳᠣᠪᠲᠣᠯᠤᠨ ᠣᠷᠣᠳᠠᠭ᠃ ᠨᠠᠮᠠᠶ᠋ᠢ ᠦᠬᠦᠯ ᠡᠴᠡ ᠠᠩᠭᠢᠵᠢᠷᠠᠭᠤᠯᠤᠭᠰᠠᠨ ᠤᠳᠠᠭ᠎ᠠ ᠭᠠᠭᠴᠠ ᠪᠢᠰᠢ ᠶᠦᠮ᠃ ᠠᠢᠰᠠ ᠮᠣᠷᠢ ᠦᠭᠡᠢ ᠪᠣᠯ ᠴᠡᠷᠢᠭ ᠦ᠋ᠨ ᠬᠥᠮᠦᠨ ᠳ᠋ᠦ᠍ ᠵᠣᠪᠠᠯᠠᠩ ᠲᠠᠢ ᠠᠵᠢ ᠭᠡᠯ᠎ᠡ᠃
— ᠴᠢᠨᠦ ᠴᠠᠭᠠᠨ ᠠᠷᠭᠤᠮᠠᠭ ᠢ᠋ ᠤᠨᠤᠭᠰᠠᠨ ᠬᠥᠮᠦᠨ ᠢ᠋ ᠪᠢ ᠲᠠᠨᠢᠨ᠎ᠠ᠃ ᠴᠢᠨᠦ ᠮᠣᠷᠢ ᠶ᠋ᠢ ᠪᠤᠴᠠᠭᠠᠵᠤ ᠥᠭᠭᠦᠨ᠎ᠡ᠃ ᠡᠨᠡ ᠪᠣᠯ ᠨᠠᠮᠠᠶ᠋ᠢ ᠹᠠᠺᠢᠾ ᠬᠠᠳ᠌ᠵᠢ ᠷᠠᠾᠢᠮ ᠭᠡᠵᠦ ᠳᠠᠭᠤᠳᠠᠳᠠᠭ ᠲᠠᠢ ᠠᠳᠠᠯᠢ ᠦᠨᠡᠨ᠃ ᠡᠨᠡ ᠦᠭᠡ ᠶ᠋ᠢ ᠰᠣᠨᠣᠰᠤᠮᠠᠭᠴᠠ ᠵᠠᠯᠠᠭᠤ ᠡᠷ᠎ᠡ ᠪᠣᠰᠤᠨ ᠭᠠᠵᠠᠷ ᠠ᠋ᠴᠠ ᠴᠤᠪᠠ ᠪᠠᠨ ᠰᠢᠭᠦᠷᠡᠨ ᠠᠪᠴᠤ ᠡᠷᠳᠡᠮᠲᠡᠨ ᠦ᠌ ᠡᠮᠦᠨ᠎ᠡ ᠮᠥᠷᠭᠥᠪᠡ᠃
— ᠪᠢ ᠬᠡᠷᠪᠡ ᠠᠯᠢ ᠪᠠᠭᠲᠠᠳᠢ ᠴᠣᠯᠠ ᠲᠠᠢ ᠡᠷᠳᠡᠮ ᠲᠡᠭᠦᠰ ᠹᠠᠺᠢᠾ ᠬᠠᠳ᠌ᠵᠢ ᠷᠠᠾᠢ᠍ᠮ ᠲᠠᠢ ᠤᠴᠠᠷᠠᠭᠰᠠᠨ ᠪᠣᠯ ᠲᠠᠨ ᠤ᠋ ᠦᠭᠡ ᠶ᠋ᠢ ᠢᠲᠡᠭᠡᠨ᠎ᠡ᠃ ᠲᠠᠨ ᠤ᠋ ᠭᠡᠷ ᠲᠦ᠍ ᠲᠠᠭᠠᠯᠠᠮᠵᠢᠲᠤ ᠰᠠᠢᠬᠠᠨ᠂ ᠡᠩᠬᠡ ᠲᠠᠯᠪᠢᠭᠤᠨ ᠥᠯᠵᠡᠢ ᠬᠡᠰᠢᠭ ᠣᠷᠣᠰᠢᠲᠤᠭᠠᠢ᠃ ᠺᠥ᠋ᠷᠳᠢᠰᠲ᠋ᠠᠨ ᠤ᠋ ᠠᠯᠤᠰ ᠤ᠋ᠨ ᠠᠭᠤᠯᠠᠨ ᠠ᠋ᠴᠠ ᠪᠠᠭᠤᠵᠤ ᠢᠷᠡᠭᠰᠡᠨ ᠪᠢᠰᠢᠯᠭᠠᠭᠴᠢ ᠠ᠋ᠴᠠ ᠥᠷᠥᠰᠢᠶᠡᠯ ᠬᠠᠢᠷ᠎ᠠ᠂ ᠮᠡᠷᠭᠡᠨ ᠰᠤᠷᠭᠠᠮᠵᠢ ᠶ᠋ᠢ ᠭᠣᠶᠣᠰᠤᠭᠠᠢ᠃ ᠪᠠᠭᠠᠲᠤᠷᠴᠤᠳ ᠤ᠋ᠨ ᠶᠡᠬᠡ ᠵᠣᠷᠢᠭᠲᠠᠨ ᠳ᠋ᠵᠸᠯᠠᠯᠢ ᠡᠳ᠋ — ᠳ᠋ᠢᠨ ᠲᠠᠨ ᠤ᠋ ᠠᠮᠤᠷ ᠢ᠋ ᠡᠷᠢᠭᠦᠯᠪᠡ᠃

ᠹᠠᠺᠢᠾ ᠥᠭᠦᠯᠡᠷᠦᠨ᠄

ᠡᠷᠬᠢᠮ ᠳᠡᠭᠦᠦ ᠶᠢᠷᠲᠢᠨᠴᠦ ᠶ᠋ᠢ ᠳᠣᠩᠰᠣᠯᠭᠠᠭᠰᠠᠨ ᠠᠶᠤᠮᠰᠢᠭᠲᠤ ᠡᠳᠦᠷ ᠦ᠋ᠳ ᠦ᠋ᠨ ᠵᠣᠪᠠᠯᠠᠩ ᠭᠠᠮᠰᠢᠭ ᠤ᠋ᠨ ᠭᠦᠨ ᠣᠢᠯ ᠢ᠋ ᠡᠰᠡᠨ ᠮᠡᠨᠳᠦ ᠨᠡᠪᠲᠡᠷᠡᠵᠦ ᠬᠣᠲᠠᠯᠠ ᠣᠯᠠᠨ᠎ᠠ ᠳᠠᠭᠤᠷᠢᠰᠤᠭᠰᠠᠨ ᠪᠠᠭᠠᠲᠤᠷ ᠤ᠋ᠨ ᠮᠡᠨᠳᠦ ᠶ᠋ᠢᠨ ᠦᠭᠡ ᠶ᠋ᠢ ᠨᠠᠳᠠᠳᠤ ᠰᠣᠨᠣᠰᠬᠠᠭᠰᠠᠨ ᠳ᠋ᠤ᠌ ᠪᠢ ᠳᠠᠪᠬᠤᠷ ᠪᠠᠶᠠᠷᠯᠠᠵᠤ ᠪᠠᠢᠨ᠎ᠠ᠃ ᠮᠢᠨᠦ ᠶᠠᠳᠠᠭᠤ ᠭᠡᠷ ᠲᠦ᠍ ᠣᠷᠣᠬᠤ ᠠᠵᠠᠨᠠᠬᠤ ᠤᠤ ᠭᠡᠵᠦ ᠹᠠᠺᠢᠾ ᠬᠡᠯᠡᠯ᠎ᠡ᠃

        ᠦᠰᠦᠭ ᠠᠮᠢᠯᠠᠭᠤᠯᠤᠭᠴᠢ᠄ ᠪᠠᠶᠠᠨᠰᠡᠷᠡᠩ᠂ ᠠᠯᠲᠠᠨᠴᠢᠮᠡᠭ᠂ ᠠᠷᠢᠭᠤᠨ᠂ ᠭᠡᠷᠡᠯ᠂ ᠪᠠᠯ᠂ ᠳ᠂ ᠣᠶᠤᠨᠪᠢᠯᠢᠭ᠌
        ᠬᠢᠨᠠᠭᠴᠢ᠄ ᠲ· ᠬᠦᠮᠦᠵᠢᠯᠲᠦ᠂ ᠪᠠᠯ᠂ ᠠᠷᠢᠭᠤᠨ᠂ ᠠᠯᠲᠠᠨᠴᠢᠮᠡᠭ᠂ ᠪᠠᠶᠠᠨᠴᠡᠴᠡᠭ