ᠪᠠᠲᠤ ᠬᠠᠭᠠᠨ 1-02ᠬᠠᠷᠠᠩᠭᠤᠢ ᠶ᠋ᠢᠨ ᠵᠣᠴᠢᠨ- Бат хаан ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 1-02ᠬᠠᠷᠠᠩᠭᠤᠢ ᠶ᠋ᠢᠨ ᠵᠣᠴᠢᠨ- Бат хаан

ᠪᠠᠲᠤ ᠬᠠᠭᠠᠨ 1-02ᠬᠠᠷᠠᠩᠭᠤᠢ ᠶ᠋ᠢᠨ ᠵᠣᠴᠢᠨ- Бат хаан

ᠠᠩᠭᠢᠯᠠᠯ:ᠲᠤᠭᠤᠵᠢ ᠷᠣᠮᠠᠨ
2025-08-18

515

ᠬᠣᠶᠠᠷ ᠬᠠᠷᠠᠩᠭᠤᠢ ᠶ᠋ᠢᠨ ᠵᠣᠴᠢᠨ

       ᠲᠡᠭᠦᠨ ᠡᠴᠡ ᠹᠠᠺᠢᠾ ᠬᠠᠳ᠋ᠵᠢ ᠷᠠᠾᠢᠮ ᠳᠠᠬᠢᠨ ᠪᠣᠯᠢᠭᠠᠳ ᠬᠤᠯᠤᠰᠤᠨ ᠦᠵᠦᠭ ᠢ᠋ ᠵᠡᠰ ᠲᠠᠯᠪᠢᠭᠤᠷ ᠳᠡᠭᠡᠷ᠎ᠡ ᠪᠣᠯᠭᠣᠮᠵᠢᠲᠠᠢ ᠪᠠᠷ ᠲᠠᠯᠪᠢᠭᠠᠳ ᠪᠤᠭᠤᠷᠤᠯ ᠰᠠᠬᠠᠯ ᠢ᠋ ᠠᠯᠠᠭ᠎ᠠ ᠪᠠᠷ ᠢ᠋ᠶ᠋ᠠᠨ ᠢᠯᠢᠪᠡ᠃ ᠵᠢᠭᠳᠡ ᠳᠤᠰᠤᠯᠠᠬᠤ ᠪᠣᠷᠣᠭᠠᠨ ᠤ᠋ ᠳᠤᠰᠤᠯ ᠤ᠋ᠨ ᠴᠢᠮᠡᠭᠡᠨ ᠦ᠌ ᠬᠠᠵᠠᠭᠤ ᠪᠠᠷ ᠨᠢᠮᠭᠡᠨ ᠲᠤᠭᠤᠷᠭᠠᠨ ᠤ᠋ ᠴᠠᠭᠠᠨ᠎ᠠ ᠠᠨᠢᠷ ᠭᠠᠷᠴᠤ ᠲᠣᠳᠣᠬᠠᠨ ᠰᠣᠨᠣᠰᠤᠭᠳᠠᠯ᠎ᠠ᠃

《ᠨᠠᠮᠤᠷ ᠤ᠋ᠨ ᠰᠡᠷᠢᠭᠦᠨ ᠰᠥᠨᠢ ᠶ᠋ᠢᠨ ᠬᠠᠷᠠᠩᠭᠤᠢ ᠳ᠋ᠤ᠌ ᠬᠡᠨ ᠡᠨᠳᠡ ᠶᠠᠪᠤᠬᠤ ᠠᠵᠢ》

ᠭᠠᠭᠴᠠ ᠮᠠᠭᠤ ᠰᠠᠨᠠᠭ᠎ᠠ ᠪᠠᠷ ᠬᠠᠳᠬᠤᠭᠳᠠᠭᠰᠠᠨ ᠬᠣᠣᠷᠲᠤ ᠡᠲᠡᠭᠡᠳ ᠡᠨᠡ ᠴᠢᠭᠢᠭᠲᠦ ᠪᠤᠳᠠᠩ ᠳ᠋ᠤ᠌ ᠲᠡᠨᠦᠭᠦᠴᠢᠯᠡᠬᠦ ᠪᠢᠵᠡ᠃ ᠬᠠᠭᠤᠴᠢᠷᠠᠭᠰᠠᠨ ᠪᠣᠳᠢ ᠨᠣᠮ ᠤ᠋ᠨ ᠳᠡᠭᠡᠳᠦᠬᠢ ᠰᠢᠪᠡᠷ ᠴᠥᠭᠥᠴᠡ ᠲᠡᠢ ᠳ᠋ᠧᠩ ᠦ᠋ᠨ ᠪᠦᠳᠡᠭᠢ ᠭᠡᠷᠡᠯ ᠲᠣᠷᠲᠣᠭ ᠰᠠᠭᠤᠭᠰᠠᠨ ᠲᠤᠭᠤᠷᠭ᠎ᠠ᠂ ᠬᠠᠭᠤᠴᠢᠨ ᠬᠡᠪᠢᠰ᠂ ᠵᠦᠳᠡᠷᠡᠭᠰᠡᠨ ᠴᠢᠷᠠᠢ ᠲᠠᠢ ᠬᠥᠳᠡᠯᠭᠡᠭᠡ ᠦᠭᠡᠢ ᠡᠷᠳᠡᠮᠲᠡᠨ ᠳᠡᠭᠡᠷ᠎ᠡ ᠲᠣᠰᠴᠤ ᠪᠠᠢᠯ᠎ᠠ᠃ ᠨᠠᠷᠢᠨ ᠴᠣᠩᠬᠣ ᠶ᠋ᠢ ᠬᠠᠯᠬᠠᠯᠠᠭᠰᠠᠨ ᠥᠭᠡᠳᠡᠰᠦᠨ ᠡᠷᠢᠶᠡᠨ ᠪᠥᠰ ᠪᠢᠴᠢᠬᠠᠨ ᠬᠥᠳᠡᠯᠪᠡ᠃

ᠡᠭᠦᠳᠡᠨ ᠳ᠋ᠦ᠍ ᠴᠠᠭᠠᠷᠢᠭᠯᠠᠨ ᠬᠡᠪᠲᠡᠭᠰᠡᠨ ᠲᠣᠮᠣ ᠴᠠᠭᠠᠨ ᠨᠣᠬᠠᠢ ᠴᠢᠬᠢ ᠶ᠋ᠢ ᠰᠣᠷᠲᠣᠢᠯᠭᠠᠵᠤ ᠠᠷᠬᠢᠷᠠᠪᠠ᠃ ᠴᠣᠩᠬᠣ ᠪᠠᠷ ᠪᠣᠷᠣ ᠭᠠᠷ ᠣᠷᠣᠵᠤ ᠬᠥᠰᠢᠭᠡ ᠶ᠋ᠢᠨ ᠰᠡᠵᠢᠭᠦᠷ ᠢ᠋ ᠰᠡᠬᠦᠮᠡᠭᠴᠡ ᠭᠢᠯᠠᠢᠭᠰᠠᠨ ᠬᠠᠷ᠎ᠠ ᠨᠢᠳᠦ ᠬᠠᠷᠠᠩᠭᠤᠢ ᠳ᠋ᠤ᠌ ᠬᠢᠯᠠᠰᠬᠢᠵᠡᠢ᠃ ᠬᠠᠳ᠋ᠵᠢ ᠷᠠᠾᠢᠮ— ᠬᠡᠨ ᠪᠣᠢ! ᠭᠡᠵᠦ ᠠᠰᠠᠭᠤᠭᠠᠳ ᠲᠡᠮᠡᠦᠯᠦᠨ ᠪᠠᠢᠭ᠎ᠠ ᠨᠣᠬᠠᠢ ᠶ᠋ᠢᠨ ᠲᠣᠯᠣᠭᠠᠢ ᠳᠡᠭᠡᠷ᠎ᠡ ᠭᠠᠷ ᠢ᠋ᠶ᠋ᠠᠨ ᠲᠠᠯᠪᠢᠨ ᠠᠺᠪᠠᠢ ᠬᠡᠪᠲᠡ! ᠭᠡᠪᠡ᠃

ᠲᠥᠭᠡᠷᠢᠭᠰᠡᠨ ᠬᠥᠮᠦᠨ ᠢ᠋ ᠳᠤᠯᠠᠭᠠᠴᠠᠭᠤᠯᠤᠭᠲᠤᠨ! ᠨᠣᠷᠤᠭᠰᠠᠨ ᠬᠤᠪᠴᠠᠰᠤ ᠪᠠᠨ ᠬᠠᠲᠠᠭᠠᠶ᠎ᠠ! ᠭᠡᠵᠦ ᠦᠯᠦ ᠲᠠᠨᠢᠬᠤ ᠬᠥᠮᠦᠨ ᠳᠥᠩᠭᠡᠵᠢ ᠰᠣᠨᠣᠰᠳᠠᠬᠤ ᠪᠠᠷ ᠰᠢᠪᠡᠨᠡᠨ ᠬᠡᠯᠡᠪᠡ᠃

      《ᠴᠢᠮᠡᠭᠡᠨ ᠡᠴᠡ ᠠᠶᠤᠬᠤ ᠮᠡᠲᠦ ᠥᠭᠦᠯᠡᠬᠦ ᠡᠢᠮᠦ ᠬᠥᠮᠦᠨ ᠢ᠋ ᠢᠲᠡᠭᠡᠮᠵᠢᠯᠡᠵᠦ ᠪᠣᠯᠬᠤ ᠤᠤ? 》 ᠭᠡᠵᠦ ᠹᠠᠺᠢᠾ ᠳᠣᠲᠣᠷ᠎ᠠ ᠪᠠᠨ ᠰᠡᠳᠬᠢᠵᠡᠢ᠃
   — ᠲᠠᠨ ᠳ᠋ᠤ᠌ ᠨᠣᠮ ᠰᠤᠳᠤᠷ ᠪᠠᠢᠬᠤ ᠶ᠋ᠢ ᠦᠵᠡᠵᠦ ᠪᠠᠢᠨ᠎ᠠ᠃ ᠬᠠᠳ᠋ᠵᠢ ᠷᠠᠾᠢ᠍ᠮ ᠪᠠᠭᠰᠢ ᠲᠠ ᠪᠢᠰᠢ ᠤᠤ ᠭᠡᠬᠦ ᠳ᠋ᠦ᠍
— ᠴᠢ ᠡᠨᠳᠡᠭᠦᠷᠡᠭᠰᠡᠨ ᠦᠭᠡᠢ᠂ ᠦᠨᠡᠬᠡᠷ ᠪᠢ ᠮᠥᠨ ᠭᠡᠪᠡ᠃
— ᠲᠡᠢᠮᠦ ᠪᠣᠯ ᠨᠠᠮᠠᠶ᠋ᠢ ᠬᠤᠷᠳᠤᠨ ᠣᠷᠣᠭᠤᠯᠤᠭᠲᠤᠨ᠂ ᠶᠡᠬᠡ ᠪᠠᠭᠠᠲᠤᠷ ᠮᠠᠸᠸᠷᠠᠩᠭᠠᠷ ᠮᠠᠾᠮᠤᠳ᠋— ᠶᠠᠯᠸᠠᠴ ᠲᠠᠨ ᠤ᠋ ᠠᠮᠤᠷ ᠮᠡᠨᠳᠦ ᠶ᠋ᠢ ᠠᠰᠠᠭᠤᠯᠭᠠᠪᠠ ᠭᠡᠬᠦ ᠳ᠋ᠦ᠍ ᠬᠠᠷᠢᠭᠤ ᠳ᠋ᠤᠨᠢ᠄
— ᠪᠤᠰᠤᠳ ᠬᠥᠮᠦᠨ ᠣᠷᠣᠭᠤᠯᠳᠠᠭ ᠦᠭᠡᠢ ᠮᠢᠨᠦ ᠣᠪᠣᠬᠠᠢ ᠶ᠋ᠢᠨ ᠡᠭᠦᠳᠡ ᠶ᠋ᠢ ᠡᠨᠡ ᠨᠡᠷ᠎ᠡ ᠨᠡᠭᠡᠭᠡᠪᠡ ᠭᠡᠳ ᠹᠠᠺᠢᠾ ᠮᠣᠳᠣᠨ ᠣᠨᠢᠰᠣ ᠶ᠋ᠢ ᠲᠠᠢᠯᠬᠤ ᠳ᠋ᠤ᠌ ᠦᠯᠦ ᠲᠠᠨᠢᠬᠤ ᠬᠥᠮᠦᠨ ᠪᠥᠬᠥᠢᠵᠦ ᠳᠣᠲᠣᠭᠰᠢ ᠣᠷᠣᠯ᠎ᠠ᠃

ᠨᠠᠷᠠᠨ ᠳ᠋ᠤ᠌ ᠪᠣᠷᠣᠯᠠᠭᠰᠠᠨ ᠴᠢᠷᠠᠢ ᠲᠠᠢ᠂ ᠳᠠᠪᠠᠭᠭᠠᠷ ᠪᠡᠶ᠎ᠡ ᠲᠡᠢ ᠮᠣᠩᠭᠣᠯ ᠬᠤᠪᠴᠠᠰᠤ ᠡᠮᠦᠰᠦᠭᠰᠡᠨ ᠲᠡᠷᠡ ᠬᠥᠮᠦᠨ ᠰᠢᠯᠤᠭᠤᠨ ᠵᠣᠭᠰᠣᠭᠠᠳ ᠡᠰᠢ ᠲᠠᠰᠢ ᠪᠠᠨ ᠬᠠᠷᠠᠪᠠ᠃ ᠬᠠᠳ᠋ᠵᠢ ᠷᠠᠾᠢ᠍ᠮ ᠠᠷᠬᠢᠷᠠᠨ ᠪᠠᠢᠭ᠎ᠠ ᠨᠣᠬᠠᠢ ᠪᠠᠨ ᠪᠠᠷᠢᠭᠠᠳ ᠢᠷᠡᠭᠰᠡᠨ ᠬᠥᠮᠦᠨ ᠢ᠋ ᠠᠵᠢᠭᠯᠠᠪᠠ᠃ ᠲᠡᠭᠦᠨ ᠦ᠌ ᠢᠲᠡᠭᠡᠯᠲᠡᠢ ᠪᠠ ᠪᠦᠷ ᠡᠵᠡᠷᠬᠡᠭ ᠪᠠᠢᠳᠠᠯ ᠬᠥᠳᠡᠯᠭᠡᠭᠡᠨ ᠪᠦᠷᠢ ᠳ᠋ᠦ᠍ᠨᠢ ᠮᠡᠳᠡᠭᠳᠡᠯ᠎ᠡ᠃

ᠪᠥᠰ ᠳᠡᠪᠡᠯ ᠢ᠋ᠶ᠋ᠡᠨ ᠲᠠᠢᠯᠤᠨ ᠮᠣᠳᠣᠨ ᠬᠠᠳᠠᠭᠠᠰᠤᠨ ᠳ᠋ᠤ᠌ ᠡᠯᠭᠦᠭᠡᠳ ᠨᠣᠷᠤᠭᠰᠠᠨ ᠰᠢᠷ᠎ᠠ ᠭᠤᠲᠤᠯ ᠢ᠋ᠶ᠋ᠠᠨ ᠠᠷᠠᠢᠭᠡᠵᠦ ᠲᠠᠢᠯᠵᠤ ᠬᠠᠵᠠᠭᠤ ᠲᠡᠰᠢ ᠬᠠᠶᠠᠭᠠᠳ ᠤᠨᠲᠠᠷᠠᠵᠤ ᠪᠠᠢᠭ᠎ᠠ ᠭᠠᠯ ᠤ᠋ᠨ ᠳᠡᠷᠭᠡᠳᠡᠬᠢ ᠬᠠᠭᠤᠴᠢᠨ ᠪᠢᠴᠢᠬᠠᠨ ᠬᠡᠪᠢᠰ ᠦ᠋ᠨ ᠳᠡᠭᠡᠷ᠎ᠡ ᠰᠠᠭᠤᠵᠤ ᠭᠡᠷ ᠲᠡᠭᠡᠨ ᠪᠠᠢᠭ᠎ᠠ ᠮᠡᠲᠦ ᠬᠡᠨᠡᠭ ᠦᠭᠡᠢ ᠪᠡᠷ ᠨᠣᠢᠲᠠᠨ ᠭᠠᠷ ᠢ᠋ᠶ᠋ᠠᠨ ᠬᠡᠪᠢᠰ ᠦ᠋ᠨ ᠳᠡᠭᠡᠷ᠎ᠡ ᠪᠠᠢᠭ᠎ᠠ ᠨᠡᠬᠡᠢ ᠳᠡᠪᠡᠯ ᠳ᠋ᠦ᠍ ᠠᠷᠴᠢᠭᠠᠳ
— ᠭᠠᠯ ᠤᠨᠲᠠᠷᠠᠭᠠᠬᠤ ᠬᠡᠷᠡᠭᠲᠡᠢ ᠭᠡᠳ ᠲᠡᠷᠡ ᠮᠣᠩᠭᠣᠯ ᠬᠥᠮᠦᠨ ᠰᠢᠪᠡᠷ ᠴᠥᠭᠥᠴᠡ ᠲᠡᠢ ᠳ᠋ᠧᠩ ᠦ᠋ᠨ ᠪᠠᠳᠮᠠᠯᠠᠭᠰᠠᠨ ᠭᠣᠣᠯ ᠢ᠋ ᠬᠤᠷᠤᠭᠤ ᠪᠠᠷ ᠴᠢᠮᠬᠢᠬᠦ ᠳ᠋ᠦ᠍ ᠬᠠᠪ ᠬᠠᠷᠠᠩᠭᠤᠢ ᠪᠣᠯᠤᠨ ᠭᠠᠭᠴᠠᠬᠠᠨ ᠬᠥᠰᠢᠭᠡ ᠶ᠋ᠢᠨ ᠵᠠᠪᠰᠠᠷ ᠢ᠋ᠶ᠋ᠠᠷ ᠴᠣᠩᠬᠣᠨ ᠤ᠋ ᠭᠡᠭᠡ ᠦᠵᠡᠭᠳᠡᠵᠦ ᠪᠠᠢᠯ᠎ᠠ᠃
— ᠶᠠᠭᠤᠨ ᠳ᠋ᠤ᠌ ᠢᠩᠭᠢᠵᠦ ᠪᠠᠢᠨ᠎ᠠ ᠭᠡᠵᠦ ᠹᠠᠺᠢᠾ ᠰᠢᠪᠡᠨᠡᠨ ᠠᠰᠠᠭᠤᠪᠠ᠃ ᠮᠢᠨᠦ ᠡᠴᠢᠭᠡ ᠶ᠋ᠢ ᠠᠯᠠᠭᠰᠠᠨ ᠵᠡᠪᠰᠡᠭᠲᠦ ᠬᠥᠮᠦᠰ ᠬᠣᠢᠨ᠎ᠠ ᠠ᠋ᠴᠠ ᠮᠢᠨᠢ ᠨᠡᠬᠡᠵᠦ ᠶᠠᠪᠤᠨ᠎ᠠ᠃ ᠲᠡᠳᠡ ᠨᠠᠮᠠᠶ᠋ᠢ ᠪᠠᠰᠠ ᠠᠯᠠᠬᠤ ᠰᠠᠨᠠᠭ᠎ᠠ ᠲᠠᠢ ᠶᠤᠮ᠃ ᠲᠠᠨ ᠤ᠋ ᠭᠡᠷᠡᠯ ᠲᠡᠢ ᠴᠣᠩᠬᠣ ᠬᠣᠯᠠ ᠠ᠋ᠴᠠ ᠬᠠᠷᠠᠭᠳᠠᠨ᠎ᠠ᠃ ᠰᠥᠨᠢ ᠬᠠᠷᠠᠩᠭᠤᠢ ᠪᠣᠯᠪᠠᠴᠤ ᠪᠢ ᠲᠠᠨ ᠢ᠋ ᠣᠯᠵᠤ ᠢᠷᠡᠯ᠎ᠡ᠂ ᠨᠣᠬᠠᠢ ᠪᠠᠨ ᠭᠠᠷᠭᠠᠭᠲᠤᠨ!
—ᠡᠨᠡ ᠨᠣᠬᠠᠢ ᠮᠢᠨᠦ ᠭᠠᠭᠴᠠᠬᠠᠨ ᠬᠠᠮᠠᠭᠠᠯᠠᠭᠴᠢ ᠶᠤᠮ᠃
—ᠵᠠᠢᠯᠠᠭᠤᠯᠤᠭᠲᠤᠨ! ᠠᠷᠬᠢᠷᠠᠵᠤ ᠪᠦᠬᠦ ᠰᠢᠭ᠌ᠨᠡᠺ ᠢ᠋ᠶ᠋ᠡᠷ ᠳᠦᠭᠦᠷᠡᠩ ᠴᠢᠮᠡᠭᠡ ᠭᠠᠷᠭᠠᠨ᠎ᠠ ᠭᠡᠬᠦ ᠳ᠋ᠦ᠍᠄
—ᠬᠠᠮᠠᠭᠠᠯᠠᠭᠴᠢ ᠠ᠋ᠴᠠ ᠪᠤᠤ ᠠᠶᠤᠭᠲᠤᠨ ᠭᠡᠪᠡ᠃
— ᠨᠣᠬᠠᠢ ᠪᠠᠢᠰᠢᠩ ᠤ᠋ᠨ ᠭᠠᠳᠠᠭᠤᠷ ᠶᠠᠪᠤᠵᠤ ᠬᠡᠷᠪᠡ ᠮᠠᠭᠤ ᠡᠲᠡᠭᠡᠳ ᠣᠢᠷᠠᠲᠤᠨ ᠢᠷᠡᠪᠡᠯ ᠪᠢᠳᠡᠨ ᠳ᠋ᠦ᠍ ᠮᠡᠳᠡᠭᠳᠡᠨ᠎ᠡ᠃ ᠹᠠᠺᠢᠾ ᠡᠵᠡᠷᠬᠡᠭ ᠭᠡᠢᠴᠢᠨ ᠦ᠌ ᠦᠭᠡ ᠶ᠋ᠢ ᠠᠷᠭ᠎ᠠ ᠦᠭᠡᠢ ᠠᠶᠠᠳᠠᠨ ᠳᠠᠭᠠᠵᠤ ᠡᠭᠦᠳᠡ ᠶ᠋ᠢ ᠨᠡᠭᠡᠭᠡᠨ ᠰᠡᠭᠰᠡᠭᠡᠷ ᠨᠣᠬᠠᠢ ᠪᠠᠨ ᠬᠠᠷᠠᠩᠭᠤᠢ ᠤᠷᠤᠭᠤ ᠲᠦᠯᠬᠢᠨ ᠭᠠᠷᠭᠠᠪᠠ᠃

ᠬᠠᠳ᠌ᠵᠢ ᠷᠠᠾᠢᠮ ᠵᠢᠭᠤᠲᠠᠪᠠᠯ ᠳᠡᠭᠡᠷ᠎ᠡ ᠪᠢᠰᠢ ᠪᠣᠯᠪᠠ ᠤᠤ ᠭᠡᠵᠦ ᠲᠡᠭᠡᠨᠡᠭᠡᠯᠵᠡᠨ ᠵᠣᠭᠰᠣᠬᠤ ᠳ᠋ᠤ᠌ ᠬᠦᠴᠦᠲᠦ ᠭᠠᠷ ᠢ᠋ᠶ᠋ᠠᠨ ᠭᠡᠳᠡᠷᠭᠦ ᠲᠡᠳᠡᠨ ᠵᠣᠴᠢᠨ ᠥᠪᠡᠷ ᠢ᠋ᠶ᠋ᠡᠨ ᠡᠭᠦᠳᠡ ᠶ᠋ᠢ ᠣᠨᠢᠰᠤᠯᠠᠭᠠᠳ ᠹᠠᠺᠢᠾ ᠢ᠋ ᠲᠠᠯᠪᠢᠯ ᠦᠭᠡᠢ ᠬᠡᠪᠢᠰ ᠦ᠋ᠨ ᠳᠡᠪᠢᠰᠬᠡᠷ ᠳᠡᠭᠡᠷ᠎ᠡ ᠬᠥᠲᠥᠯᠵᠦ ᠢᠷᠡᠨ ᠬᠠᠮᠲᠤ ᠰᠥᠬᠥᠷᠡᠨ ᠰᠠᠭᠤᠪᠠ᠃

ᠨᠢᠮᠭᠡᠨ ᠲᠤᠭᠤᠷᠭᠠᠨ ᠤ᠋ ᠴᠠᠭᠠᠨ᠎ᠠ ᠨᠣᠬᠠᠢ ᠬᠦᠷᠬᠢᠷᠡᠬᠦ ᠳ᠋ᠦ᠍᠂ ᠦᠭᠡ ᠪᠡᠨ ᠲᠠᠰᠤᠳᠠᠨ ᠴᠢᠩᠨᠠᠵᠤ ᠠᠶᠠᠷᠬᠠᠨ ᠰᠢᠪᠡᠨᠡᠵᠦ᠄

ᠣᠨᠢᠰᠣ ᠶ᠋ᠢ ᠪᠤᠤ ᠲᠠᠢᠯᠤᠭᠲᠤᠨ᠂ ᠲᠡᠳᠡ ᠭᠡᠲᠡᠵᠦ ᠢᠷᠡᠭᠡᠳ ᠬᠠᠭᠠᠯᠭᠠᠨ ᠤ᠋ ᠠᠷᠤ ᠳ᠋ᠤ᠌ ᠤᠲᠤᠵᠤ ᠵᠣᠭᠰᠣᠵᠤ ᠮᠠᠭᠠᠳ ᠦᠭᠡᠢ᠃ ᠤᠷᠪᠠᠭᠰᠠᠨ ᠮᠠᠭᠤ ᠬᠤᠯᠠᠭᠠᠢ ᠨᠠᠷ ᠮᠢᠨᠦ ᠡᠴᠢᠭᠡ ᠶ᠋ᠢᠨ ᠨᠢᠷᠤᠭᠤ ᠶ᠋ᠢ ᠬᠤᠭᠤᠯᠤᠨ ᠠᠯᠠᠪᠠ᠃ ᠪᠢ ᠲᠡᠳᠡᠨ ᠢ᠋ ᠠᠮᠢᠳᠤ ᠪᠠᠷ ᠨᠢ ᠲᠣᠭᠣᠭᠠᠨ ᠳ᠋ᠤ᠌ ᠴᠢᠨᠠᠨ᠎ᠠ᠃ ᠬᠥᠬᠡ ᠮᠥᠩᠬᠡ ᠲᠩᠷᠢ ᠶ᠋ᠢᠨ ᠡᠮᠦᠨ᠎ᠡ ᠲᠠᠩᠭᠠᠷᠢᠭᠯᠠᠵᠤ ᠲᠡᠭᠡᠵᠦ ᠦᠢᠯᠡᠳᠰᠦᠭᠡᠢ᠃ ᠬᠡᠷᠪᠡ ᠲᠠ ᠡᠨᠳᠡ ᠡᠴᠡ ᠵᠢᠭᠤᠲᠠᠬᠤ ᠶ᠋ᠢ ᠵᠠᠪᠳᠤᠪᠠᠯ ᠪᠢ ᠲᠠᠨ ᠤ᠋ ᠪᠠᠭᠠᠯᠵᠤᠷ ᠢ᠋ ᠰᠢᠬᠠᠵᠤ ᠠᠯᠠᠨ᠎ᠠ᠃ ᠦᠯᠦ ᠲᠠᠨᠢᠬᠤ ᠬᠥᠮᠦᠨ ᠶᠠᠮᠠᠷ ᠨᠢᠭᠡᠨ ᠦᠭᠡ ᠶ᠋ᠢ ᠬᠦᠩᠭᠢᠨᠡᠨ ᠬᠡᠯᠡᠭᠡᠳ ᠭᠡᠷ ᠦ᠋ᠨ ᠡᠵᠡᠨ ᠦ᠌ ᠭᠠᠷ ᠢ᠋ ᠬᠠᠯᠠᠭᠤᠨ ᠬᠤᠷᠤᠭᠤ ᠪᠠᠷ ᠴᠢᠩᠭ᠎ᠠ ᠠᠳᠬᠤᠨ ᠡᠰᠡ ᠲᠠᠯᠪᠢᠵᠠᠢ᠃ ᠪᠡᠶ᠎ᠡ ᠨᠢ ᠬᠠᠯᠠᠭᠤᠷᠠᠵᠤ ᠴᠡᠴᠡᠷᠡᠨ ᠪᠠᠢᠲᠠᠯ᠎ᠠ ᠭᠡᠨᠡᠳᠲᠡ ᠤᠬᠤᠰᠬᠢᠨ ᠪᠣᠰᠴᠤ ᠴᠢᠩᠨᠠᠨ ᠲᠤᠭᠤᠷᠭ᠎ᠠ ᠶ᠋ᠢ ᠨᠠᠯᠠᠪᠠ᠃

ᠲᠡᠳᠡ ᠢᠷᠡᠯ᠎ᠡ᠂ ᠦᠬᠦᠯ ᠨᠠᠮᠠᠶ᠋ᠢ ᠭᠦᠢᠴᠡᠵᠦ ᠢᠷᠡᠵᠡᠢ᠃ ᠲᠠ ᠨᠠᠮᠠᠶ᠋ᠢ ᠪᠤᠤ ᠪᠠᠷᠢᠵᠤ ᠦᠭᠭᠥᠭᠳᠦᠨ ᠭᠡᠵᠦ ᠰᠢᠪᠡᠨᠡᠨ᠎ᠡ᠃ ᠭᠠᠳᠠᠨ᠎ᠠ ᠨᠣᠬᠠᠢ ᠠᠭᠤᠷᠲᠠᠢ ᠪᠠᠷ ᠬᠤᠴᠠᠵᠤ ᠨᠢᠭᠡᠨ ᠬᠥᠮᠦᠨ ᠢᠷᠡᠵᠦ ᠮᠠᠷᠭᠤᠯᠳᠤᠬᠤ ᠳᠠᠭᠤᠨ ᠰᠣᠨᠣᠰᠳᠠᠨ᠂ ᠬᠦᠴᠦᠲᠡᠢ ᠴᠣᠬᠢᠯᠲᠠ ᠲᠤᠭᠤᠷᠭ᠎ᠠ ᠶ᠋ᠢ ᠳᠣᠩᠰᠣᠯᠭᠠᠨ᠎ᠠ᠃
— ᠬᠥᠶᠢ! ᠭᠡᠷ ᠦ᠋ᠨ ᠡᠵᠡᠨ ᠡᠭᠦᠳᠡ ᠪᠡᠨ ᠨᠡᠭᠡᠭᠡᠭᠲᠦᠨ ᠭᠡᠬᠦ ᠳ᠋ᠦ᠍ ᠬᠠᠳ᠌ᠵᠢ ᠷᠠᠾᠢ᠍ᠮ᠂
— ᠲᠣᠭᠣᠷᠢᠭ ᠤ᠋ᠨ ᠳᠠᠷᠤᠭ᠎ᠠ ᠶ᠋ᠢᠨ ᠪᠢᠴᠢᠭᠡᠴᠢ ᠨᠠᠮᠠᠶ᠋ᠢ᠂ ᠰᠥᠨᠢ ᠶ᠋ᠢᠨ ᠴᠠᠭ ᠳᠤ ᠬᠡᠨ ᠦᠢᠮᠡᠭᠦᠯᠵᠦ ᠪᠠᠢᠨ᠎ᠠ ᠭᠡᠵᠦ ᠬᠠᠷᠢᠭᠤᠯᠪᠠ᠃
—ᠲᠦᠷᠭᠡᠨ ᠣᠩᠭᠣᠢᠯᠭᠠᠭᠲᠤᠨ᠂ ᠡᠰᠡ ᠲᠡᠭᠡᠪᠡᠯ ᠴᠢᠨᠦ ᠢᠴᠡᠭᠡ ᠶ᠋ᠢ ᠵᠠᠳᠠ ᠲᠡᠳᠡᠨ ᠰᠦᠢᠳᠬᠡᠨ᠎ᠡ᠃ ᠪᠢᠳᠡ ᠤᠷᠭᠤᠭᠰᠠᠨ ᠬᠡᠷᠡᠭᠲᠡᠨ ᠢ᠋ ᠡᠷᠢᠵᠦ ᠶᠠᠪᠤᠨ᠎ᠠ ᠭᠡᠪᠡ᠃
—ᠪᠢ ᠬᠣᠶᠠᠷ ᠬᠣᠨᠣᠭ ᠡᠪᠡᠳᠴᠢᠨ ᠲᠡᠢ ᠬᠡᠪᠲᠡᠵᠦ ᠪᠠᠢᠨ᠎ᠠ᠃ ᠨᠠᠳᠠᠳᠤ ᠭᠠᠯ ᠨᠣᠴᠣᠭᠠᠨ ᠤᠰᠤ ᠬᠠᠯᠠᠭᠠᠵᠤ ᠥᠭᠬᠦ ᠬᠥᠮᠦᠨ ᠶᠡᠷᠦ ᠢᠷᠡᠭᠡ ᠦᠭᠡᠢ᠃ ᠬᠡᠷᠡᠭᠲᠡᠨ ᠬᠥᠮᠦᠨ ᠢ᠋ ᠨᠣᠮ ᠰᠤᠳᠤᠷ ᠬᠠᠭᠤᠯᠤᠨ ᠪᠢᠴᠢᠬᠦ ᠡᠩ ᠦ᠋ᠨ ᠨᠣᠮᠣᠬᠠᠨ ᠢᠷᠭᠡᠨ ᠦ᠌ ᠭᠡᠷ ᠲᠦ᠍ ᠡᠷᠢᠭᠡᠳ ᠶᠠᠭᠠᠬᠢᠬᠤ ᠶᠤᠮ ᠪᠣᠢ? ᠵᠡᠭᠡᠰᠦᠨ ᠳᠣᠲᠣᠭᠤᠷ ᠡᠷᠢᠭᠲᠦᠨ! ᠭᠡᠪᠡ᠃ ᠰᠢᠷᠦᠭᠦᠨ ᠳᠠᠭᠤᠨ ᠭᠠᠷᠴᠤ ᠮᠠᠷᠭᠤᠴᠠᠯᠳᠣᠬᠰᠠᠭᠠᠷ ᠡᠭᠦᠳᠡ ᠶ᠋ᠢ ᠬᠥᠮᠦᠨ ᠲᠣᠭᠰᠢᠪᠠ᠃ ᠭᠡᠨᠡᠳᠲᠡ ᠰᠢᠷᠬᠠᠳᠤᠭᠰᠠᠨ ᠠᠷᠢᠶᠠᠲᠠᠨ ᠪᠠᠷᠬᠢᠷᠠᠬᠤ ᠮᠡᠲᠦ ᠴᠢᠮᠡᠭᠡ ᠱᠤᠤᠭᠢᠶᠠᠨ ᠢ᠋ ᠳᠠᠷᠤᠭᠠᠳ ᠬᠥᠮᠦᠨ ᠦ᠌ ᠶᠠᠷᠬᠢᠯᠠᠬᠤ᠂ ᠶᠣᠢᠯᠠᠬᠤ ᠰᠣᠨᠣᠰᠳᠠᠨ ᠤᠯᠠᠮ ᠤᠯᠠᠮ ᠬᠣᠯᠠᠳᠠᠭᠰᠠᠭᠠᠷ ᠨᠠᠮᠵᠢᠪᠠ᠃ ᠬᠠᠳ᠌ᠵᠢ ᠷᠠᠾᠢ᠍ᠮ ᠦᠭᠡ ᠬᠡᠯᠡᠬᠦ ᠭᠡᠲᠡᠯ᠎ᠡ ᠭᠡᠢᠴᠢᠨ ᠦ᠌ ᠭᠠᠷ ᠲᠡᠭᠦᠨ ᠦ᠌ ᠠᠮᠠ ᠶ᠋ᠢ ᠲᠠᠭᠯᠠᠭᠰᠠᠨ᠃
—ᠲᠡᠳᠡᠨ ᠦ᠌ ᠪᠠᠰᠢᠷ ᠠᠷᠭ᠎ᠠ ᠶ᠋ᠢ ᠲᠠ ᠮᠡᠳᠡᠬᠦ ᠦᠭᠡᠢ᠂ ᠲᠡᠳᠡ ᠵᠣᠷᠢᠭᠤᠳᠠ ᠢᠩᠭᠢᠵᠦ ᠪᠠᠢᠨ᠎ᠠ᠃ ᠵᠠᠷᠢᠮ ᠨᠢ ᠨᠢᠭᠤᠭᠳᠠᠨ ᠤᠲᠤᠬᠤ ᠪᠠᠷ ᠣᠳᠴᠤ᠂ ᠵᠠᠷᠢᠮ ᠨᠢ ᠬᠠᠭᠠᠯᠭᠠᠨ ᠤ᠋ ᠴᠠᠭᠠᠨ᠎ᠠ ᠮᠢᠷᠢᠶᠠᠨ ᠵᠣᠭᠰᠣᠵᠤ ᠪᠠᠢᠵᠤ ᠮᠠᠭᠠᠳ ᠦᠭᠡᠢ᠃ ᠲᠤᠯᠤᠯᠳᠤᠬᠤ ᠳ᠋ᠤ᠌ ᠪᠡᠯᠡᠳᠬᠡᠵᠦ ᠬᠦᠯᠢᠶᠡᠬᠦ ᠬᠡᠷᠡᠭᠲᠡᠢ ᠭᠡᠵᠦ ᠴᠢᠬᠢᠨ ᠳ᠋ᠦ᠍ᠨᠢ ᠰᠢᠪᠡᠨᠡᠨ ᠬᠡᠯᠡᠵᠡᠢ᠃ ᠨᠠᠷᠢᠨ ᠴᠣᠩᠬᠣᠨ ᠤ᠋ ᠳᠡᠷᠭᠡᠳᠡ ᠬᠣᠶᠠᠭᠤᠯᠠ ᠣᠴᠢᠭᠠᠳ ᠰᠥᠨᠢ ᠶ᠋ᠢᠨ ᠬᠠᠷᠠᠩᠭᠤᠢ ᠳ᠋ᠤ᠌ ᠶᠠᠭᠤᠮ᠎ᠠ ᠬᠠᠷᠠᠬᠤ ᠶ᠋ᠢ ᠴᠢᠷᠮᠠᠢᠨ ᠠᠮᠢᠰᠬᠤᠯ ᠢ᠋ᠶ᠋ᠠᠨ ᠳᠠᠷᠤᠨ ᠵᠣᠭᠰᠣᠬᠤ ᠳ᠋ᠤ᠌᠂ ᠲᠣᠳᠣᠷᠬᠠᠢ ᠪᠢᠰᠢ ᠴᠢᠮᠡᠭᠡ ᠰᠡᠷᠴᠢᠭᠢᠨᠡᠨ᠂ ᠵᠠᠷᠢᠮ ᠳ᠋ᠠᠭᠠᠨ ᠰᠢᠪᠡᠷᠡᠭᠡ ᠪᠣᠷᠣᠭ᠎ᠠ ᠨᠠᠪᠴᠢᠨ ᠤ᠋ ᠳᠡᠭᠡᠷ᠎ᠡ ᠱᠠᠭᠢᠨ ᠣᠷᠣᠵᠤ ᠪᠠᠢᠯ᠎ᠠ᠃

        ᠦᠰᠦᠭ ᠠᠮᠢᠯᠠᠭᠤᠯᠤᠭᠴᠢ᠄ ᠠᠯᠲᠠᠨᠴᠢᠮᠡᠭ᠂ ᠪᠠᠯ
        ᠬᠢᠨᠠᠭᠴᠢ᠄ ᠲ· ᠬᠦᠮᠦᠵᠢᠯᠲᠦ᠂ ᠪᠠᠯ᠂ ᠠᠷᠢᠭᠤᠨ᠂ ᠠᠯᠲᠠᠨᠴᠢᠮᠡᠭ᠂ ᠪᠠᠶᠠᠨᠴᠡᠴᠡᠭ