ᠪᠠᠲᠤ ᠬᠠᠭᠠᠨ 1-01ᠳᠣᠷᠣᠨ᠎ᠠ ᠳ᠋ᠠᠬᠢᠨ ᠤ᠋ ᠲᠡᠦᠬᠡ ᠲᠡᠮᠳᠡᠭᠯᠡᠭᠴᠢ ᠶ᠋ᠢᠨ ᠣᠪᠣᠬᠠᠢ ᠳᠣᠲᠣᠷ᠎ᠠ- Бат хаан
ᠬᠡᠷᠪᠡ ᠭᠠᠰᠠᠯᠠᠩ ᠭᠠᠯ ᠮᠡᠲᠦ ᠤᠲᠤᠭ᠎ᠠ ᠮᠠᠨᠠᠷᠠᠭᠤᠯᠪᠠᠯ ᠲᠡᠭᠦᠨ ᠦ᠌ ᠤᠲᠤᠭᠠᠨ ᠳ᠋ᠤ᠌ ᠪᠦᠬᠦ ᠳᠡᠯᠡᠬᠡᠢ ᠶ᠋ᠢ ᠪᠦᠷᠬᠦᠭᠳᠡᠬᠦ ᠪᠢᠵᠡ᠃
(ᠶᠢᠰᠦᠳᠦᠭᠡᠷ ᠵᠠᠭᠤᠨ ᠤ᠋ ᠦᠶ᠎ᠡ ᠶ᠋ᠢᠨ ᠪᠠᠯᠾ ᠤ᠋ᠨ ᠱᠠᠭᠢ ᠳ᠋ᠤ᠌)
ᠨᠢᠭᠡ ᠳᠣᠷᠣᠨ᠎ᠠ ᠳ᠋ᠠᠬᠢᠨ ᠤ᠋ ᠲᠡᠦᠬᠡ ᠲᠡᠮᠳᠡᠭᠯᠡᠭᠴᠢ ᠶ᠋ᠢᠨ ᠣᠪᠣᠬᠠᠢ ᠳᠣᠲᠣᠷ᠎ᠠ
ᠥᠭᠦᠯᠡᠬᠦ ᠨᠢ᠄ ᠹᠠᠺᠢ᠍ᠾ ᠬᠠᠲᠠᠩᠭᠢᠷ ᠬᠠᠭᠤᠷᠠᠢ ᠭᠠᠷ ᠲᠠᠭᠠᠨ ᠬᠤᠯᠤᠰᠤ ᠪᠠᠷᠢᠨ ᠨᠠᠷᠢᠨ ᠵᠤᠷᠪᠤᠰ ᠴᠠᠭᠠᠰᠤᠨ ᠤ᠋ ᠳᠡᠭᠡᠭᠦᠷ ᠮᠤᠰᠬᠢᠷᠠᠯᠳᠤᠭᠰᠠᠨ ᠠᠷᠠᠪ ᠪᠢᠴᠢᠭ ᠦ᠋ᠨ ᠮᠥᠷ ᠢ᠋ ᠳᠡᠰ ᠳᠠᠷᠠᠭ᠎ᠠ ᠪᠠᠷ ᠵᠢᠭᠠᠨ ᠨᠠᠮᠤᠭᠤᠬᠠᠨ ᠳᠠᠭᠤ ᠪᠠᠷ ᠤᠩᠰᠢᠵᠤ ᠪᠠᠢᠪᠠ ᠃ ᠣᠪᠣᠬᠠᠢ ᠳᠣᠲᠣᠷ᠎ᠠ ᠨᠠᠮ ᠭᠦᠮ᠃ ᠵᠡᠭᠡᠰᠦᠨ ᠳᠡᠭᠡᠪᠦᠷ ᠳᠡᠭᠡᠷ᠎ᠡ ᠲᠠᠰᠤᠷᠠᠯ ᠦᠭᠡᠢ ᠳᠤᠰᠤᠯᠠᠬᠤ ᠪᠣᠷᠣᠭᠠᠨ ᠤ᠋ ᠰᠦᠷᠴᠢᠭᠢᠨᠡᠬᠦ ᠠᠨᠢᠷ ᠹᠠᠺᠢ᠍ᠾ ᠤ᠋ᠨ ᠨᠢᠭᠡᠨ ᠶᠠᠩᠵᠤ ᠶ᠋ᠢᠨ ᠳᠠᠭᠤ ᠲᠠᠢ ᠨᠡᠢᠯᠡᠯᠴᠡᠪᠡ᠃
《ᠮᠡᠳᠡᠬᠦ ᠬᠥᠮᠦᠨ ᠪᠦᠬᠦᠨ ᠡᠴᠡ ᠠᠰᠠᠭᠤᠨ᠂ ᠴᠢᠩᠭᠢᠰ ᠬᠠᠭᠠᠨ ᠤ᠋ ᠭᠡᠷᠢᠶᠡᠰ ᠢ᠋ ᠣᠯᠵᠤ ᠮᠡᠳᠡᠬᠦ ᠭᠡᠲᠡᠯ᠎ᠡ᠂ᠮᠢᠨᠦ ᠠᠵᠠ ᠳᠤᠲᠠᠵᠠᠢ᠃ ᠪᠢ ᠪᠤᠬᠠᠷ ᠲᠤ᠌ ᠰᠠᠨᠸᠠᠷᠲᠠᠨ ᠢᠮᠡᠮ ᠳ᠋ᠦ᠍ ᠪᠠᠷᠢᠭᠳᠠᠯ᠎ᠠ᠃
ᠲᠡᠳᠡ ᠨᠠᠮᠠᠶ᠋ᠢ ᠠᠯᠠᠬᠤ ᠳ᠋ᠤ᠌ ᠦᠯᠦ ᠰᠦᠰᠦᠭᠯᠡᠬᠦ ᠬᠠᠷ᠎ᠠ ᠨᠢᠭᠦᠯᠲᠦ ᠭᠡᠵᠦ ᠮᠠᠭᠤᠬᠠᠢ ᠪᠥᠭᠡᠳ ᠨᠠᠮᠬᠠᠨ᠂ ᠲᠡᠮᠦᠷ ᠲᠣᠣᠷ ᠲᠤ᠌ ᠬᠣᠷᠢᠯᠠ᠃ ᠲᠡᠭᠦᠨ ᠳᠣᠲᠣᠷ᠎ᠠ ᠪᠢ ᠳᠡᠯᠲᠦ ᠴᠢᠨᠣ᠎ᠠ ᠮᠡᠲᠦ ᠳᠥᠷᠪᠡᠨ ᠬᠥᠯᠯᠡᠨ ᠮᠥᠯᠬᠥᠵᠦ᠂ ᠳᠡᠭᠡᠭᠰᠢ ᠪᠣᠰᠴᠤ ᠴᠢᠳᠠᠬᠤ ᠦᠭᠡᠢ ᠪᠠᠢᠪᠠ᠃ ᠬᠤᠪᠴᠠᠰᠤ ᠮᠢᠨᠢ ᠢᠯᠵᠠᠷᠠᠨ ᠤᠷᠠᠭᠳᠠᠭᠰᠠᠨ ᠳ᠋ᠤ᠌ ᠪᠢ ᠲᠡᠭᠦᠨ ᠢ᠋ ᠵᠠᠢ ᠵᠠᠪᠰᠠᠷ ᠦᠭᠡᠢ ᠬᠡᠷᠦᠵᠦ ᠬᠣᠯᠪᠣᠯᠠ᠃ ᠭᠢᠨᠳᠠᠨ ᠤ᠋ ᠰᠠᠬᠢᠭᠤᠯ ᠡᠳᠦᠷ ᠲᠦ᠍ ᠨᠢᠭᠡᠨ ᠤᠳᠠᠭ᠎ᠠ ᠮᠢᠨᠦ ᠲᠠᠬᠱᠠᠨ ᠳ᠋ᠤ᠌ ᠪᠤᠯᠠᠩᠭᠢᠷ ᠲᠠᠢ ᠤᠰᠤ ᠬᠢᠵᠦ ᠥᠭᠳᠡᠭ ᠪᠣᠯᠪᠠᠴᠤ ᠵᠠᠷᠢᠮ ᠳ᠋ᠠᠭᠠᠨ ᠡᠭᠦᠨ ᠢ᠋ ᠪᠡᠨ ᠮᠠᠷᠲᠠᠴᠢᠬᠠᠳᠠᠭ ᠪᠢᠯᠡ᠃ ᠲᠡᠷᠡ ᠬᠠᠶᠠ ᠭᠢᠨᠵᠢᠯᠡᠭᠳᠡᠭᠰᠡᠨ ᠪᠣᠭᠣᠯ ᠢ᠋ ᠠᠪᠴᠢᠷᠠᠬᠤ ᠳ᠋ᠤ᠌ ᠲᠡᠷᠡ ᠨᠢ ᠬᠠᠷᠢᠶᠠᠯ ᠲᠠᠯᠪᠢᠨ ᠳᠡᠭᠡᠭᠡ ᠪᠡᠷ ᠢ᠋ᠶ᠋ᠡᠨ ᠮᠢᠨᠦ ᠲᠣᠣᠷ ᠤ᠋ᠨ ᠪᠣᠷᠲᠠᠬᠲᠤ ᠱᠠᠯ ᠢ᠋ ( ᠱᠠᠯᠠ ᠶ᠋ᠢ ) ᠬᠤᠰᠤᠳᠠᠭ᠃ ᠪᠤᠰᠤᠳ ᠬᠣᠷᠢᠭᠳᠠᠯ ᠤ᠋ᠨ ᠲᠥᠷᠥᠯ ᠰᠠᠳᠤᠨ ᠤ᠋ ᠬᠥᠮᠦᠰ ᠨᠠᠳᠠ ᠤᠷᠤᠭᠤ ᠠᠶᠤᠭᠰᠠᠨ ᠴᠢᠷᠠᠢ ᠲᠠᠢ ᠪᠠᠷ ᠰᠢᠷᠲᠡᠨ ᠬᠠᠷᠠᠳᠠᠭ᠃ ᠪᠢ ᠪᠣᠯ< ᠠᠷᠢᠭᠤᠨ ᠢᠮᠡᠮ ᠨᠦ᠍ᠭᠦᠳ ᠲᠦ᠍ ᠵᠠᠨᠤᠭᠳᠠᠭᠰᠠᠨ>< ᠡᠨᠡ ᠬᠣᠢᠲᠤ ᠬᠣᠶᠠᠷ ᠲᠥᠷᠥᠯ ᠳ᠋ᠡᠭᠡᠨ ᠭᠠᠯ ᠳ᠋ᠤ᠌ ᠣᠷᠣᠰᠢᠬᠤ᠂ ᠮᠥᠩᠬᠡ ᠦᠬᠦᠯ ᠳ᠋ᠦ᠍ ᠶᠠᠯ᠎ᠠ ᠵᠢᠭᠠᠭᠳᠠᠭᠰᠠᠨ ᠬᠥᠮᠦᠨ>ᠠᠵᠢ᠃ ᠹᠠᠺᠢ᠍ᠾ ᠰᠢᠪᠠᠷ ᠴᠥᠭᠥᠴᠡ ᠲᠡᠢ ᠳ᠋ᠧᠩ ᠦ᠋ᠨ ᠰᠢᠲᠠᠭᠰᠠᠨ ᠭᠣᠣᠯ ᠢ᠋ ᠵᠠᠰᠠᠭᠠᠳ ᠴᠠᠰᠢ ᠤᠩᠰᠢᠨ᠄ ᠨᠢᠭᠡ ᠡᠳᠦᠷ ᠲᠣᠣᠷ ᠤ᠋ᠨ ᠬᠠᠵᠠᠭᠤ ᠳ᠋ᠤ᠌ ᠺᠢ᠍ᠫᠴᠠᠺ ᠨᠠᠷ ᠲᠤ᠌ ᠳᠣᠷᠣᠮᠵᠢᠯᠠᠭᠳᠠᠭᠰᠠᠨ ᠪᠥᠭᠡᠳ ᠭᠠᠯ ᠰᠢᠲᠦᠭᠴᠢ ᠬᠡᠷᠦᠮᠡᠯ ᠯᠶᠥ᠋ᠯᠢ ᠣᠪᠣᠭ ᠲᠠᠢ ᠨᠢᠭᠡᠨ ᠬᠡᠦᠬᠡᠨ ᠱᠣᠣᠯᠠᠬᠤ ᠬᠠᠷᠢᠶᠠᠬᠤ ᠠ᠋ᠴᠠ ᠡᠮᠢᠶᠡᠯ ᠦᠭᠡᠢ ᠵᠣᠭᠰᠣᠵᠤ᠂ ᠲᠡᠷᠡ ᠨᠠᠳᠠᠳᠤ ᠨᠢᠭᠡ ᠠᠳᠬᠤ ᠦᠵᠦᠮ᠂ ᠰᠡᠮᠡᠬᠡᠷ ᠣᠷᠬᠢᠭᠠᠳ ᠭᠦᠶᠦᠨ ᠣᠳᠤᠯ᠎ᠠ᠃
ᠮᠠᠷᠭᠠᠰᠢ ᠨᠢ ᠭᠠᠵᠠᠷ ᠰᠢᠭᠦᠷᠦᠭᠰᠡᠨ ᠤᠷᠲᠤ ᠬᠠᠷ᠎ᠠ ᠨᠣᠣᠰᠣᠨ ᠠᠯᠴᠢᠭᠤᠷ ᠨᠥᠮᠥᠷᠦᠨ ᠢᠷᠡᠭᠡᠳ᠂ ᠱᠣᠷᠣᠩ ᠤ᠋ᠨ ᠲᠤᠭᠤᠷᠭᠠᠨ ᠤ᠋ ᠳᠠᠭᠠᠤ ᠠᠨᠢᠷ ᠦᠭᠡᠢ ᠶᠠᠪᠤᠵᠤ ᠨᠠᠳᠠᠳᠤ ᠪᠣᠭᠣᠷᠰᠣᠭ᠂ ᠪᠢᠴᠢᠬᠠᠨ ᠠᠮᠲᠠᠲᠠᠢᠬᠠᠨ ᠭᠤᠸ᠎ᠠ ᠠᠪᠴᠢᠷᠠᠵᠤ ᠦᠭᠭᠦᠭᠡᠳ ᠮᠥᠩᠭᠥᠨ ᠪᠥᠭᠡᠵᠢ ᠲᠡᠢ ᠪᠣᠷᠣ ᠬᠤᠷᠤᠭᠤ ᠪᠠᠷ ᠢ᠋ᠶ᠋ᠠᠨ ᠲᠣᠣᠷ ᠤ᠋ᠨ ᠰᠡᠷᠡᠯᠵᠢᠨ ᠡᠴᠡ ᠪᠠᠷᠢᠨ ᠨᠠᠳᠠ ᠤᠷᠤᠭᠤ ᠲᠤᠩᠭᠠᠯᠠᠭ ᠬᠠᠷ᠎ᠠ ᠨᠢᠳᠦ ᠪᠡᠷ ᠢ᠋ᠶ᠋ᠡᠨ ᠠᠯᠭᠤᠷ ᠰᠡᠮᠬᠡᠨ ᠢ᠋ᠶ᠋ᠡᠷ ᠰᠢᠷᠳᠡᠵᠦ ᠠᠶᠠᠷᠬᠠᠨ ᠰᠢᠪᠡᠨᠡᠨ᠂ ᠮᠢᠨᠦ ᠲᠥᠯᠥᠭᠡᠨ᠎ᠡ ᠵᠠᠯᠪᠠᠷᠢᠭᠲᠤᠨ! ᠭᠡᠪᠡ᠃ ᠪᠢ ᠲᠡᠭᠦᠨ ᠢ᠋ ᠢᠨᠢᠶᠡᠳᠦᠮ ᠪᠣᠯᠭᠠᠵᠤ ᠪᠠᠢᠨ᠎ᠠ ᠭᠡᠵᠦ ᠪᠣᠳᠣᠭᠠᠳ ᠪᠤᠷᠤᠭᠤ ᠬᠠᠷᠠᠪᠠ᠃
ᠭᠡᠲᠡᠯ᠎ᠡ ᠳᠠᠷᠠᠭᠠᠬᠢ ᠡᠳᠦᠷ ᠨᠢ ᠥᠨᠥ ᠬᠡᠦᠬᠡᠨ ᠲᠣᠣᠷ ᠤ᠋ᠨ ᠳᠡᠷᠭᠡᠳᠡ ᠳᠠᠬᠢᠨ ᠢᠷᠡᠭᠡᠳ ᠬᠢᠴᠢᠶᠡᠩᠭᠦᠢ ᠪᠡᠷ ᠳᠠᠪᠲᠠᠨ᠄
ᠮᠢᠨᠦ ᠲᠥᠯᠥᠭᠡ᠂ ᠮᠢᠨᠦ ᠡᠷ᠎ᠡ ᠴᠡᠷᠢᠭ ᠢ᠋᠂ ᠮᠢᠨᠦ ᠬᠠᠢᠷᠠᠲᠤ ᠶ᠋ᠢ ᠢᠷᠡᠲᠦᠭᠡᠢ ᠭᠡᠵᠦ ᠵᠠᠯᠪᠠᠷᠢᠭᠲᠤᠨ! ᠭᠡᠵᠦ ᠥᠭᠦᠯᠡᠯ᠎ᠡ᠃
ᠪᠢ ᠵᠠᠯᠪᠠᠷᠢᠵᠤ ᠴᠢᠳᠠᠬᠤ ᠦᠭᠡᠢ᠂ ᠶᠠᠭᠠᠬᠢᠬᠤ ᠶᠤᠮ ᠪᠣᠢ ᠳᠠ? ᠨᠠᠮᠠᠶ᠋ᠢ ᠭᠡᠭᠡᠨ ᠢᠮᠡᠮ ᠨᠠᠷ ᠵᠠᠨᠤᠭᠰᠠᠨ ᠪᠢᠰᠢ ᠤᠤ?
— ᠢᠮᠡᠮ ᠨᠠᠷ ᠪᠣᠯ ᠪᠠᠴᠢᠲᠤ ᠡᠪᠯᠢᠰ ᠡᠴᠡ ᠳᠣᠣᠷ᠎ᠠ᠂ ( ᠃ ) ᠲᠡᠳᠡ ( ᠪᠣᠯ ) ᠮᠠᠭᠤ ᠦᠢᠯᠡᠰ᠂ ᠶᠡᠬᠡᠮᠰᠦᠭ ᠵᠠᠩ ᠤ᠋ᠨ ᠡᠵᠡᠳ᠂ ᠲᠡᠳᠡ ᠬᠡᠷᠪᠡ ᠴᠢᠮᠠᠶ᠋ᠢ ᠵᠠᠨᠤᠭᠰᠠᠨ ᠪᠣᠯ ᠴᠢ ᠵᠥᠪ ᠰᠢᠳᠤᠷᠭᠤ ᠬᠥᠮᠦᠨ᠃ ᠨᠠᠳᠠᠳᠤ ᠪᠠ ᠬᠣᠯᠠ ᠪᠠᠢᠭ᠎ᠠ ᠮᠢᠨᠦ ᠲᠡᠭᠦᠨ ᠳ᠋ᠦ᠍ ᠠᠯᠯᠠᠾ ᠠ᠋ᠴᠠ ᠥᠷᠥᠰᠢᠶᠡᠯ ᠬᠠᠢᠷ᠎ᠠ ᠶ᠋ᠢ ᠭᠣᠶᠣᠭᠲᠤᠨ! ᠲᠡᠭᠦᠨ ᠦ᠌ ᠭᠤᠶᠤᠭᠰᠠᠨ ᠢ᠋ ᠭᠦᠢᠴᠡᠳᠬᠡᠬᠦ ᠪᠡᠷ ᠪᠢ ᠠᠮᠠ ᠠᠯᠳᠠᠪᠠ᠃ ᠬᠡᠦᠬᠡᠨ ᠪᠠᠰᠠ ᠬᠡᠳᠦ ᠢᠷᠡᠬᠦ ᠳ᠋ᠦ᠍ ᠰᠡᠳᠬᠢᠯ ᠢ᠋ ᠨᠢ ᠲᠠᠢᠳᠬᠤᠷᠠᠭᠤᠯᠬᠤ ᠶ᠋ᠢᠨ ᠲᠤᠯᠠᠳᠠ ᠵᠣᠯ ᠵᠠᠶᠠᠭ᠎ᠠ ᠶ᠋ᠢ ᠬᠦᠷᠲᠡᠭᠡᠬᠦ ᠵᠠᠯᠪᠠᠷᠢᠯ ᠢ᠋ ᠰᠥᠨᠢ ᠳ᠋ᠡᠭᠡᠨ ᠶᠢᠰᠦᠨ ᠶᠢᠰᠦ ᠥᠴᠢᠨᠡ ᠭᠡᠵᠦ ᠪᠢ ᠬᠡᠯᠡᠯ᠎ᠡ᠃ ᠨᠢᠭᠡ ᠡᠳᠦᠷ ᠹᠸᠨ᠋ᠲ —ᠽᠠᠩᠺᠢᠳᠵᠠ ᠭᠡᠳᠡᠭ ᠨᠡᠷ᠎ᠡ ᠲᠡᠢ ᠥᠬᠢᠨ ᠂ ᠣᠭᠲᠣ ᠦᠯᠦ ᠢᠨᠢᠶᠡᠮᠰᠦᠭᠯᠡᠭᠴᠢ ᠨᠢᠭᠡᠨ ᠵᠠᠯᠠᠭᠤ ᠡᠷ᠎ᠡ ᠶ᠋ᠢᠨ ᠬᠠᠮᠲᠤ ᠢᠷᠡᠭᠰᠡᠨ᠃ ᠲᠡᠷᠡ ᠵᠠᠯᠠᠭᠤ ᠶ᠋ᠢᠨ ᠪᠤᠷᠵᠢᠭᠢᠷ ᠬᠠᠷ᠎ᠠ ᠦᠰᠦ ᠨᠢ ᠮᠥᠷᠦᠨ ᠳ᠋ᠡᠭᠡᠨ ᠬᠦᠷᠴᠡᠢ᠃ ᠮᠥᠩᠭᠥᠨ ᠵᠡᠪᠰᠡᠭ ᠢ᠋ ᠵᠡᠭᠦᠵᠦ ᠬᠤᠷᠴᠠ ᠲᠣᠪᠬᠤ ᠲᠠᠢ ᠤᠷᠲᠤ ᠲᠦᠷᠡᠢ ᠲᠡᠢ ᠰᠢᠷ᠎ᠠ ᠭᠤᠲᠤᠯ ᠡᠮᠦᠰᠴᠡᠢ᠃
ᠨᠠᠳᠠ ᠤᠷᠤᠭᠤ ᠳᠠᠭᠤ ᠦᠭᠡᠢ ᠬᠠᠷᠠᠭᠠᠳ ᠥᠬᠢᠨ ᠦ᠌ ᠵᠦᠭ ᠬᠠᠨᠳᠤᠵᠤ:
— ᠵᠠ ᠲᠡᠷᠡ ᠮᠥᠨ ᠪᠠᠢᠨ᠎ᠠ᠃ ᠪᠢᠰᠢᠷ ᠬᠠᠭᠤᠷᠮᠠᠭ ᠢ᠋ ᠮᠡᠳᠡᠬᠦ ᠦᠭᠡᠢ ᠬᠥᠮᠦᠨ᠃ ᠪᠢ ᠲᠤᠰᠠᠯᠠᠰᠤᠭᠠᠢ! ᠭᠡᠪᠡ᠃ ᠪᠢᠳᠡ ᠬᠣᠶᠠᠷ ᠪᠡᠶ᠎ᠡ ᠪᠡᠶ᠎ᠡ ᠪᠡᠨ ᠤᠳᠠᠲᠠᠯ᠎ᠠ ᠬᠠᠷᠠᠭᠠᠳ ᠬᠤᠷᠴᠠ ᠪᠠᠷ ᠬᠠᠷᠠᠬᠤ ᠬᠤᠶᠠᠭ ᠨᠠᠷ ᠲᠤ᠌ ᠠᠯᠠᠭᠳᠠᠬᠤ ᠦᠭᠡᠢ ᠶ᠋ᠢᠨ ᠲᠤᠯᠠ ᠠᠬ᠎ᠠ ᠳᠡᠭᠦᠦ ᠬᠣᠶᠠᠷ ᠤᠴᠠᠷᠠᠯᠳᠤᠭᠰᠠᠨ ᠢ᠋ᠶ᠋ᠠᠨ ᠢᠯᠡᠴᠢᠯᠡᠬᠦ ᠡᠴᠡ ᠠᠶᠤᠨ ᠪᠡᠷᠬᠡᠰᠢᠶᠡᠪᠡ᠃ ᠡᠨᠡ ᠥᠨᠳᠥᠷ ᠵᠠᠯᠠᠭᠤ ᠡᠷ᠎ᠡ ᠪᠣᠯ ᠠᠯᠢ ᠡᠷᠲᠡ ᠪᠢ ᠠᠯᠳᠠᠭᠠᠳ ᠳᠠᠬᠢᠨ ᠠᠭᠤᠯᠵᠠᠬᠤ ᠭᠣᠷᠢᠳᠠᠯᠭ᠎ᠠ ᠦᠭᠡᠢ ᠭᠡᠵᠦ ᠰᠠᠨᠠᠭᠰᠠᠨ ᠮᠢᠨᠦ ᠳᠡᠭᠦᠦ ᠳᠤᠭᠠᠩ ᠮᠥᠨ᠃
ᠳᠤᠭᠠᠩ᠂ ᠬᠡᠦᠬᠡᠨ ᠥᠭᠡᠳᠡ ᠬᠠᠷᠠᠵᠤ:
ᠢᠮᠡᠮ ᠳ᠋ᠦ᠍ ᠵᠠᠨᠤᠭᠳᠠᠭᠰᠠᠨ ᠵᠥᠪ ᠰᠢᠳᠤᠷᠭᠤ ᠬᠥᠮᠦᠨ᠂ ᠴᠢ ᠮᠢᠨᠦ ᠬᠡᠯᠡᠭᠰᠡᠨ ᠶᠣᠰᠣᠭᠠᠷ ᠦᠢᠯᠡᠳᠲᠦᠭᠡᠢ᠃ ᠪᠢ ᠭᠤᠷᠪᠠᠨ ᠬᠠᠷ᠎ᠠ ᠺᠢᠯᠪ ᠠᠪᠴᠢᠷᠠᠯ᠎ᠠ᠃ ᠴᠢ ᠵᠠᠯᠭᠢᠭᠲᠤᠨ᠂ ᠲᠡᠭᠡᠪᠡᠯ ᠴᠢᠨᠦ ᠣᠶᠤᠨ ᠤᠬᠠᠭᠠᠨ ᠡᠨᠳᠡ ᠡᠴᠡ ᠳᠡᠭᠳᠡᠵᠦ ᠠᠭᠤᠯᠠᠰ ᠢ᠋ ᠳᠠᠪᠠᠨ ᠰᠡᠷᠢᠭᠦᠨ ᠭᠣᠷᠣᠬ᠎ᠠ᠂ ᠠᠩᠬᠢᠯᠤᠮ᠎ᠠ ᠴᠡᠴᠡᠭᠲᠦ ᠬᠥᠨᠳᠡᠢ ᠳ᠋ᠦ᠍ ᠣᠴᠢᠨ᠎ᠠ᠃ ᠲᠡᠨᠳᠡ ᠴᠠᠰᠤ ᠰᠢᠭ᠋ ᠴᠠᠭᠠᠨ ᠠᠳᠤᠭᠤ ᠪᠡᠯᠴᠢᠨ᠎ᠡ᠃ ᠠᠯᠲᠠᠨ ᠰᠢᠪᠠᠭᠤᠳ ᠬᠥᠮᠦᠨ ᠦ᠌ ᠠᠶᠠᠯᠭᠤ ᠪᠠᠷ ᠳᠣᠩᠭᠣᠳᠤᠯᠠ᠃ ᠲᠡᠨᠳᠡ ᠴᠢ ᠠᠷᠪᠠᠨ ᠵᠢᠷᠭᠤᠭᠠᠨ ᠨᠠᠰᠤᠨ ᠳ᠋ᠠᠭᠠᠨ ᠳᠠᠰᠤᠭᠰᠠᠨ ᠬᠡᠦᠬᠡᠨ ᠲᠡᠢ ᠤᠴᠠᠷᠠᠨ᠎ᠠ ᠭᠡᠬᠦ ᠳ᠋ᠦ᠍ ᠪᠢ ᠲᠡᠭᠦᠨ ᠦ᠌ ᠦᠭᠡ ᠶ᠋ᠢ ᠲᠠᠰᠤᠯᠵᠤ᠄
—ᠲᠡᠭᠡᠭᠡᠳ ᠨᠣᠢᠷ ᠠ᠋ᠴᠠ ᠰᠡᠷᠢᠮᠡᠭᠴᠡ ᠲᠣᠣᠷ ᠤ᠋ᠨ ᠲᠡᠮᠦᠷ ᠰᠡᠷᠡᠯᠵᠢ ᠶ᠋ᠢ ᠮᠡᠷᠡᠬᠦ ᠪᠣᠯᠤᠨ᠎ᠠ᠃ ᠲᠡᠢᠮᠦ ᠵᠡᠭᠦᠳᠦ ᠨᠠᠳᠠᠳᠤ ᠬᠡᠷᠡᠭ ᠦᠭᠡᠢ ᠭᠡᠪᠡ᠃
—ᠵᠥᠷᠢᠭᠦᠳ ᠬᠥᠮᠦᠨ ᠴᠢ᠂ ᠦᠭᠡ ᠪᠤᠯᠢᠶᠠᠯᠴᠠᠯᠳᠤᠯ ᠦᠭᠡᠢ ᠴᠠᠰᠢ ᠨᠢ ᠰᠣᠨᠣᠰᠤᠭᠲᠤᠨ!ᠴᠢᠨᠦ ᠣᠶᠤᠨ ᠤᠬᠠᠭᠠᠨ ᠴᠠᠭᠠᠨ ᠠᠳᠤᠭᠤ ᠲᠠᠢ ᠠᠭᠤᠯᠠ ᠶ᠋ᠢᠨ ᠬᠥᠨᠳᠡᠢ ᠳ᠋ᠦ᠍ ᠠᠮᠤᠷᠯᠢᠩᠭᠤᠢ ᠳᠦᠷᠢ ᠪᠡᠷ ᠵᠢᠷᠭᠠᠬᠤ ᠦᠶ᠎ᠡ ᠳ᠋ᠦ᠍᠄
ᠪᠢ ᠬᠤᠶᠠᠭ ᠨᠠᠷ ᠲᠤ᠌ ᠴᠢᠮᠠᠶ᠋ᠢ ᠦᠬᠦᠭᠰᠡᠨ ᠭᠡᠵᠦ ᠬᠡᠯᠡᠰᠦᠭᠡᠢ᠂ ᠨᠣᠮ ᠤ᠋ᠨ ᠶᠣᠰᠣᠭᠠᠷ ᠴᠢᠨᠦ ᠪᠡᠶ᠎ᠡ ᠶ᠋ᠢ ᠨᠡᠩ ᠳᠠᠷᠤᠢ ᠭᠠᠵᠠᠷ ᠣᠷᠣᠰᠢᠭᠤᠯᠤᠨ᠎ᠠ᠃ ᠪᠣᠭᠣᠯ ᠳᠠᠷᠬᠠᠴᠤᠳ ᠲᠣᠣᠷ ᠢ᠋ ᠡᠪᠳᠡᠵᠦ ᠪᠡᠶ᠎ᠡ ᠶ᠋ᠢ ᠴᠢᠨᠢ ᠳᠡᠭᠡᠭᠡ ᠪᠡᠷ ᠴᠢᠷᠦᠨ ᠴᠠᠭᠠᠵᠠᠯᠠᠭᠳᠠᠭᠴᠢᠳ ᠤ᠋ᠨ ᠬᠡᠭᠦᠷ ᠦ᠋ᠨ ᠨᠦᠬᠡᠨ ᠳ᠋ᠦ᠍ ᠬᠢᠨ᠎ᠡ᠃ ᠬᠠᠷᠢᠨ ᠬᠡᠳᠦᠢᠴᠢᠨᠡᠭᠡᠨ ᠡᠪᠡᠳᠪᠡᠴᠦ ᠣᠷᠢᠯᠠᠵᠤ ᠤᠬᠢᠯᠠᠵᠤ ᠪᠣᠯᠬᠤ ᠦᠭᠡᠢ᠂ ᠬᠡᠷᠪᠡ ᠬᠠᠰᠬᠢᠷᠴᠤ ᠤᠬᠢᠯᠠᠪᠠᠯ ᠲᠣᠯᠣᠭᠠᠢ ᠶ᠋ᠢ ᠴᠢᠨᠢ ᠲᠡᠮᠦᠷ ᠰᠢᠲᠠᠮ ᠢ᠋ᠶ᠋ᠠᠷ ᠬᠠᠭ᠎ᠠ ᠴᠣᠬᠢᠨ᠎ᠠ᠃ ᠰᠥᠨᠢ ᠳᠤᠮᠳᠠ ᠶ᠋ᠢᠨ ᠬᠢᠷᠢ ᠳ᠋ᠦ᠍ ᠴᠢᠮᠠᠶ᠋ᠢ ᠬᠡᠭᠦᠷ ᠦ᠋ᠨ ᠳᠤᠮᠳᠠ ᠬᠡᠪᠲᠡᠬᠦ ᠳ᠋ᠦ᠍ ᠨᠣᠬᠠᠢ᠂ ᠴᠢᠳᠬᠥᠷ ᠦ᠋ᠳ ᠴᠢᠨᠦ ᠬᠥᠯ ᠢ᠋ ᠮᠡᠷᠡᠬᠦ ᠪᠡᠷ ᠮᠢᠷᠠᠵᠤ ᠢᠷᠡᠬᠦ ᠴᠠᠭ ᠲᠤ᠌ ᠪᠢ ᠴᠡᠷᠢᠭ ᠦ᠋ᠨ ᠭᠤᠷᠪᠠᠨ ᠡᠷ᠎ᠡ ᠶ᠋ᠢᠨ ᠬᠠᠮᠲᠤ ᠴᠢᠮᠠᠶ᠋ᠢ ᠬᠦᠯᠢᠶᠡᠰᠦᠭᠡᠢ᠃ ᠪᠢᠳᠡ ᠴᠢᠮᠠᠶ᠋ᠢ ᠴᠤᠪᠠ ᠪᠠᠷ ᠣᠷᠢᠶᠠᠨ ᠬᠤᠷᠳᠤᠨ ᠢ᠋ᠶ᠋ᠠᠷ ᠭᠡᠷ ᠲᠡᠭᠡᠨ ᠠᠪᠴᠢᠷᠠᠨ᠎ᠠ᠃ ᠲᠡᠭᠡᠮᠡᠭᠴᠡ ᠪᠢᠳᠡ ᠬᠡᠩᠭᠡᠷᠭᠡ ᠬᠠᠷᠠᠩᠭ᠎ᠠ ᠳᠡᠯᠡᠳᠦᠨ ᠳᠠᠭᠤᠤ ᠳᠠᠭᠤᠯᠠᠵᠤ ᠴᠢᠨᠦ ᠣᠶᠤᠨ ᠤᠬᠠᠭᠠᠨ ᠢ᠋ ᠠᠮᠤᠷᠯᠢᠩᠭᠤᠢ ᠶ᠋ᠢᠨ ᠬᠥᠨᠳᠡᠢ ᠡᠴᠡ ᠳᠠᠭᠤᠳᠠᠨ᠎ᠠ᠃ ᠴᠢ ᠠᠮᠢ ᠣᠷᠣᠵᠤ ᠳᠠᠬᠢᠨ ᠰᠡᠷᠭᠦᠬᠦ ᠨᠢ ᠯᠠᠪ ᠭᠡᠵᠦ ᠪᠢ ᠠᠮᠠ ᠠᠯᠳᠠᠰᠤᠭᠠᠢ! ᠵᠢᠴᠢ ᠴᠢ ᠮᠣᠷᠢᠨ ᠳ᠋ᠤ᠌ ᠮᠣᠷᠳᠠᠮᠠᠭᠴᠠ ᠠᠯᠤᠰ ᠬᠣᠯᠠ ᠶ᠋ᠢᠨ ᠬᠠᠷᠢ ᠨᠤᠲᠤᠭ ᠲᠤ᠌ ᠣᠴᠢᠵᠤ ᠰᠢᠨ᠎ᠡ ᠵᠠᠮ ᠢ᠋ᠶ᠋ᠠᠷ ᠠᠮᠢᠳᠤᠷᠠᠨ᠎ᠠ ᠭᠡᠵᠡᠢ ᠃
ᠹᠠᠺᠢ᠍ᠾ ᠰᠡᠭᠡᠭᠡ ᠠᠪᠴᠤ ᠴᠢᠩᠨᠠᠪᠠ᠃ ᠣᠪᠣᠬᠠᠢ ᠶ᠋ᠢᠨ ᠨᠢᠮᠭᠡᠨ ᠬᠠᠨ᠎ᠠ ᠶ᠋ᠢᠨ ᠴᠠᠭᠠᠨ᠎ᠠ ᠠ᠋ᠴᠠ ᠴᠢᠮᠡᠭᠡ ᠰᠣᠨᠣᠰᠤᠭᠳᠠᠯ᠎ᠠ᠃ ᠬᠡᠳᠦᠨ ᠭᠱᠠᠨ ᠳ᠋ᠤ᠌ ᠬᠥᠳᠡᠯᠦᠯ ᠦᠭᠡᠢ ᠪᠠᠢᠭᠰᠠᠨ ᠢ᠋ᠶ᠋ᠠᠨ ᠴᠠᠰᠢ ᠳᠠᠬᠢᠨ ᠪᠢᠴᠢᠭᠰᠡᠨ ᠨᠢ:《ᠣᠭᠲᠣ ᠦᠯᠦ ᠢᠨᠢᠶᠡᠮᠰᠦᠭᠯᠡᠭᠴᠢ ᠵᠠᠯᠠᠭᠤ ᠡᠷ᠎ᠡ ᠶ᠋ᠢᠨ ᠬᠡᠯᠡᠭᠰᠡᠨᠴᠢᠯᠡᠨ ᠪᠦᠲᠦᠪᠡ᠃ ᠭᠡᠪᠡᠴᠦ ᠵᠦᠳᠡᠷᠡᠵᠦ ᠡᠴᠡᠵᠦ ᠲᠤᠷᠠᠭᠰᠠᠨ ᠪᠣᠯᠪᠠᠴᠤ ᠠᠮᠢᠳᠤ ᠪᠣᠢ! ᠵᠣᠷᠢᠭᠲᠠᠢ ᠲᠤᠰᠠᠯᠠᠮᠵᠢ ᠶ᠋ᠢᠨ ᠠᠴᠢ ᠪᠠᠷ ᠰᠠᠨᠠᠮᠰᠠᠷ ᠦᠭᠡᠢ ᠡᠷᠬᠡ ᠴᠢᠯᠥᠭᠡ ᠲᠡᠢ ᠪᠣᠯᠵᠠᠢ᠃ ᠪᠢ ᠭᠠᠯ ᠰᠢᠳᠡᠭᠴᠢᠳ ᠦ᠋ᠨ ᠳ᠋ᠦ᠍ ᠡᠯᠡᠰᠦᠨ ᠭᠣᠪᠢ ᠳ᠋ᠤ᠌ ᠬᠡᠳᠦ ᠬᠣᠨᠣᠭᠠᠳ ᠰᠢᠭᠨᠡᠺᠥ᠋ ᠬᠣᠲᠠ ᠳ᠋ᠤ᠌ ᠣᠴᠢᠵᠤ᠂ ᠳᠠᠷᠠᠭ᠎ᠠ ᠶ᠋ᠢᠨ ᠢ᠋ᠶ᠋ᠡᠨ ᠠᠮᠢᠳᠤᠷᠠᠯ ᠢ᠋ ᠡᠬᠢᠯᠡᠪᠡ》 ᠭᠡᠵᠡᠢ᠃
ᠦᠰᠦᠭ ᠠᠮᠢᠯᠠᠭᠤᠯᠤᠭᠴᠢ᠄ ᠬᠡᠷᠡᠢᠳ·ᠮᠥᠩᠬᠡᠨᠠᠰᠤᠨ
ᠬᠢᠨᠠᠭᠴᠢ᠄ ᠲ· ᠬᠦᠮᠦᠵᠢᠯᠲᠦ᠂ ᠠᠯᠲᠠᠨᠴᠢᠮᠡᠭ᠂ ᠠᠷᠢᠭᠤᠨ
