ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢᠨ ᠭᠤᠷᠪᠠ(1) Үүрийн туяа III – Б ᠂ Ренчин Гуравдугаар дэвтэр "Баялдаж олсон эх орон"-23~(1) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢᠨ ᠭᠤᠷᠪᠠ(1) Үүрийн туяа III – Б ᠂ Ренчин Гуравдугаар дэвтэр "Баялдаж олсон эх орон"-23~(1)

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢᠨ ᠭᠤᠷᠪᠠ(1) Үүрийн туяа III – Б ᠂ Ренчин Гуравдугаар дэвтэр "Баялдаж олсон эх орон"-23~(1)

ᠠᠩᠭᠢᠯᠠᠯ:ᠲᠤᠭᠤᠵᠢ ᠷᠣᠮᠠᠨ
2025-07-21

140

ᠬᠣᠷᠢᠨ ᠭᠤᠷᠪᠠ

ᠲᠥᠷᠥ ᠳ᠋ᠡᠭᠡᠨ ᠨᠡᠷᠡᠲᠡᠨ ᠨᠦᠭᠦᠳ ᠲᠦᠮᠡᠨ ᠳ᠋ᠡᠭᠡᠨ ᠬᠠᠢᠷᠠᠲᠠᠨ ᠨᠤᠭᠤᠳ – 1


             ᠬᠣᠷᠢᠨ ᠭᠤᠷᠪᠠ᠃ ᠲᠥᠷᠥ ᠳ᠋ᠡᠭᠡᠨ( ᠳ᠋ᠦ᠍ ᠪᠡᠨ) ᠨᠠᠷᠠᠳᠠᠨ ᠨᠤᠭᠤᠳ    
                               ᠲᠦᠮᠡᠨ ᠳ᠋ᠡᠭᠡᠨ( ᠳ᠋ᠦ᠍ ᠪᠡᠨ) ᠬᠠᠢᠷᠠᠲᠠᠨ ᠨᠤᠭᠤᠳ        
                                          Иван   Вазов*  
               Поприща  за  славен   труд·
               Да  работим! Имаме   широки    

       ᠠᠢᠮᠠᠭ ᠠ᠋ᠴᠠ ᠬᠣᠲᠠ ᠣᠷᠣᠬᠤ ᠵᠠᠮ ᠳ᠋ᠤ᠌᠂  ᠴᠠᠭᠠᠰᠢ ᠨᠠᠭᠠᠰᠢ ᠣᠯᠠᠨ ᠮᠠᠰᠢᠨ᠎ᠡ ᠴᠤᠪᠤᠭᠰᠠᠨ᠂ ᠬᠥᠯ ᠶᠡᠬᠡᠲᠡᠢ ᠵᠠᠰᠠᠮᠠᠯ ᠵᠠᠮ ᠲᠠᠢ ᠨᠡᠢᠯᠡᠵᠡᠢ᠃ ᠬᠣᠯᠪᠣᠭᠠᠲᠤ ᠤᠯᠤᠰ  ᠲᠠᠢ ᠵᠠᠬ᠎ᠠ ᠨᠡᠢᠯᠡᠭᠰᠡᠨ ᠰᠦᠬᠡᠪᠠᠭᠠᠲᠤᠷ ᠬᠣᠲᠠ ᠠ᠋ᠴᠠ ᠤᠯᠠᠭᠠᠪᠠᠭᠠᠲᠤᠷ ᠣᠷᠣᠵᠤ ᠶᠠᠪᠤᠭ᠎ᠠ᠂ ᠡᠯᠳᠡᠪ ᠪᠠᠷᠠᠭ᠎ᠠ ᠠᠴᠢᠭᠰᠠᠨ ᠮᠠᠰᠢᠨ᠎ᠡ ᠲᠡᠷᠭᠡ  ᠭᠦᠢᠴᠡᠵᠦ᠂ ᠤᠷᠲᠤ ᠨᠢ ᠣᠷᠣᠭᠰᠠᠭᠠᠷ ᠶᠠᠪᠤᠭᠰᠠᠨ ᠵᠢᠯᠣᠭᠣᠴᠢ᠂ ᠳᠡᠷᠭᠡᠳᠡ ᠪᠡᠨ ᠺᠠᠪᠢᠨ ᠳ᠋ᠤᠨᠢ( ᠳ᠋ᠤ᠌ ᠨᠢ) ᠰᠠᠭᠤᠵᠤ ᠶᠠᠪᠤᠭᠰᠠᠨ ᠰᠢᠷᠴᠢᠨ ᠳ᠋ᠦ᠍᠂  
       — ᠡᠨᠡ ᠵᠠᠰᠠᠮᠠᠯ ᠵᠠᠮ ᠡᠳᠦᠷ ᠰᠥᠨᠢ ᠶ᠋ᠢᠨ ᠳᠥᠷᠪᠡᠨ ᠴᠠᠭ ᠲᠤ᠌ ᠮᠠᠰᠢᠨ᠎ᠡ ᠲᠠᠰᠤᠷᠠᠳᠠᠭ ᠦᠭᠡᠢ ᠶᠡᠬᠡ ᠬᠥᠯ ᠲᠡᠢ ᠵᠠᠮ ᠰᠢᠦ᠃ ᠲᠠ ᠬᠠᠷᠠᠬᠤ ᠦᠭᠡᠢ ᠤᠤ? ᠬᠡᠴᠢᠨᠡᠨ ᠣᠯᠠᠨ ᠮᠠᠰᠢᠨ᠎ᠡ ᠬᠣᠲᠠ ᠣᠷᠣᠵᠤ ᠶᠠᠪᠤᠨ᠎ᠠ᠃ ᠴᠥᠮ ᠬᠣᠯᠪᠣᠭᠠᠲᠤ ᠤᠯᠤᠰ ᠠ᠋ᠴᠠ ᠢᠷᠡᠭᠦᠯᠦᠭᠰᠡᠨ ᠪᠠᠷᠠᠭ᠎ᠠ ᠠᠴᠢᠭᠠᠰᠤᠲᠠᠢ᠃ ᠲᠡᠢᠨ ᠬᠢᠵᠦ ᠪᠠᠢᠭ᠎ᠠ ᠴᠠᠭ ᠪᠣᠯᠪᠠᠴᠤ᠂ ᠬᠣᠯᠪᠣᠭᠠᠲᠤ ᠤᠯᠤᠰ᠂ ᠪᠢᠳᠡᠨ ᠢ᠋ ᠮᠥᠨ ᠪᠠᠷᠠᠭ᠎ᠠ ᠪᠠᠷ ᠲᠠᠰᠤᠷᠠᠯ ᠦᠭᠡᠢ ᠬᠠᠩᠭᠠᠭᠰᠠᠭᠠᠷ ᠪᠠᠢᠭ᠎ᠠ ᠨᠢ᠂ ᠠᠤᠭ᠎ᠠ ᠴᠢᠳᠠᠯ ᠲᠠᠢ ᠤᠯᠤᠰ ᠶᠤᠮ ᠳᠠ ᠭᠡᠵᠦ ᠪᠠᠬᠠᠳᠤᠨ ᠬᠡᠯᠡᠵᠡᠢ᠃  
       ᠴᠠᠭᠠᠨ ᠡᠷᠭᠢ ᠡᠴᠡ ᠴᠤᠪᠤᠵᠤ ᠶᠠᠪᠤᠭ᠎ᠠ ᠮᠠᠰᠢᠨ᠎ᠡ ᠶ᠋ᠢᠨ ᠥᠭᠡᠳᠡ ᠡᠴᠡ ᠪᠠᠭᠯᠠᠭ᠎ᠠ ᠲᠠᠢ ᠨᠣᠣᠰᠣ᠂ ᠠᠷᠠᠰᠤ ᠰᠢᠷᠢ᠂ ᠵᠡᠭᠡᠷ᠎ᠡ ᠭᠠᠬᠠᠢ ᠶ᠋ᠢᠨ ᠮᠢᠬ᠎ᠠ᠂ ᠪᠠᠰᠠ ᠪᠷᠸᠽᠸᠨᠳᠡᠨ ᠪᠦᠲᠡᠭᠡᠯᠭᠡ ᠶ᠋ᠢᠨ ᠳᠣᠣᠷ᠎ᠠ ᠴᠣᠬᠣᠮ ᠶᠠᠭᠤ ᠪᠠᠢᠭ᠎ᠠ ᠨᠢ ᠮᠡᠳᠡᠭᠳᠡᠬᠦ ᠦᠭᠡᠢ᠂ ᠶᠡᠬᠡ ᠶᠠᠭᠤᠮ᠎ᠠ ᠠᠴᠢᠭᠰᠠᠨ ᠭᠤᠷᠪᠠᠨ ᠲᠤᠨ᠂ ᠲᠠᠪᠤᠨ ᠲᠤᠨ ᠤ᠋ ᠠᠴᠢᠶᠠᠨ ᠤ᠋ ᠮᠠᠰᠢᠨ᠎ᠡ ᠴᠤᠪᠤᠵᠤ ᠶᠠᠪᠤᠭ᠎ᠠ ᠶ᠋ᠢ ᠰᠢᠷᠴᠢᠨ ᠦ᠌ ᠵᠢᠯᠣᠭᠣᠴᠢ᠄  
       — ᠡᠨᠡ ᠪᠣᠯ ᠮᠠᠨ ᠤ᠋ ᠤᠯᠤᠰ  ᠠ᠋ᠴᠠ ᠵᠥᠪᠯᠡᠯᠲᠦ ᠤᠯᠤᠰ ᠲᠤ᠌ ᠨᠡᠢᠯᠡᠭᠦᠯᠵᠦ ᠪᠠᠢᠭ᠎ᠠ ᠵᠦᠢᠯ᠃ ᠡᠭᠦᠨ  ᠦ᠌ ᠳᠣᠲᠣᠷ᠎ᠠ᠂ ᠮᠠᠨ ᠤ᠋ ᠠᠷᠠᠳ ᠲᠦᠮᠡᠨ ᠡᠴᠡ ᠹᠷᠣᠨᠲ ᠤ᠋ᠨ ᠬᠢᠨ ᠳ᠋ᠦ᠍ ᠪᠡᠯᠡᠭᠯᠡᠭᠰᠡᠨ ᠪᠡᠯᠡᠭ ᠦ᠋ᠨ ᠵᠦᠢᠯ ᠪᠠᠰᠠ ᠶᠠᠪᠤᠵᠤ ᠪᠠᠢᠭ᠎ᠠ ᠳᠠ ᠭᠡᠵᠦ ᠬᠡᠯᠡᠭᠡᠳ ᠪᠠᠬᠠᠨ ᠶᠠᠪᠤᠰᠬᠢᠭᠡᠳ᠂ ᠵᠠ᠂ ᠣᠳᠣ ᠪᠢᠳᠡ ᠪᠠᠭᠠᠲᠤᠷ ᠬᠣᠲᠠ ᠳ᠋ᠤ᠌ ᠬᠦᠷᠦᠯ᠎ᠡ ᠳᠡ᠃ ᠬᠠᠭᠤᠴᠢᠨ ᠬᠦᠷᠢᠶ᠎ᠡ ᠭᠡᠳᠡᠭ ᠴᠣᠬᠣᠮ ᠶᠠᠮᠠᠷ ᠪᠠᠢᠭᠰᠠᠨ ᠢ᠋ ᠪᠤᠤ ᠮᠡᠳᠡ᠃ ᠤᠯᠠᠭᠠᠨᠪᠠᠭᠠᠲᠤᠷ ᠯᠠ ᠪᠣᠯᠪᠠᠯ᠂ ᠮᠢᠨᠦ ᠨᠢᠳᠦᠨ ᠦ᠌ ᠡᠮᠦᠨ᠎ᠡ ᠵᠢᠯ ᠢᠷᠡᠬᠦ ᠳᠣᠳᠣᠮ ᠦᠰᠦᠨ ᠬᠥᠭᠵᠢᠵᠦ᠂ ᠶᠡᠬᠡ ᠯᠡ ᠰᠠᠢᠬᠠᠨ ᠬᠣᠲᠠ ᠪᠣᠯᠵᠤ ᠪᠠᠢᠭ᠎ᠠ ᠶᠤᠮ ᠰᠢᠦ᠃ ᠮᠢᠨᠦ ᠪᠣᠳᠣᠬᠤ ᠳ᠋ᠤ᠌ ᠲᠠ᠂ ᠬᠦᠷᠢᠶ᠎ᠡ ᠪᠠᠢᠬᠤ ᠴᠠᠭ ᠠ᠋ᠴᠠ ᠨᠢ ᠬᠣᠢᠰᠢ ᠬᠣᠲᠠ ᠣᠷᠣᠵᠤ ᠦᠵᠡᠭᠡ ᠦᠭᠡᠢ ᠪᠣᠯᠪᠠᠯ ᠯᠠᠪ ᠬᠣᠲᠠ ᠶ᠋ᠢ ᠲᠠᠨᠢᠬᠤ ᠦᠭᠡᠢ ᠪᠣᠯᠤᠭᠰᠠᠨ ᠪᠠᠢᠬ᠎ᠠ ᠭᠡᠵᠦ ᠬᠡᠯᠡᠵᠡᠢ᠃ 
       ᠰᠢᠷᠴᠢᠨ ᠦ᠌ ᠰᠡᠳᠬᠢᠯ ᠨᠢ ᠶᠡᠬᠡ ᠯᠡ ᠬᠥᠳᠡᠯᠵᠦ᠂ ᠭᠠᠵᠠᠷ ᠤ᠋ᠨ ᠲᠣᠢᠮᠣ ᠪᠠᠢᠳᠠᠯ ᠢ᠋ ᠲᠠᠨᠢᠬᠤ ᠮᠥᠷᠲᠡᠭᠡᠨ᠂ ᠪᠠᠷᠢᠯᠭ᠎ᠠ ᠪᠠᠢᠰᠢᠩ ᠪᠣᠰᠴᠤ ᠲᠠᠨᠢᠭᠳᠠᠰᠢ ᠦᠭᠡᠢ ᠪᠣᠯᠤᠭᠰᠠᠨ ᠭᠠᠵᠠᠷ ᠢ᠋ ᠶᠡᠬᠡ ᠯᠡ ᠰᠣᠨᠢᠷᠬᠠᠨ ᠬᠠᠷᠠᠵᠤ᠂ ᠵᠠ᠂ ᠣᠯᠠᠨ᠎ᠠ ᠶ᠋ᠢᠨ ᠬᠣᠶᠠᠳᠤᠭᠠᠷ ᠣᠨ ᠤ᠋ ᠵᠤᠨ ᠤ᠋ ᠡᠬᠢᠨ ᠰᠠᠷ᠎ᠠ ᠶ᠋ᠢᠨ ᠰᠢᠨ᠎ᠡ ᠶ᠋ᠢᠨ ᠨᠠᠢ᠍ᠮᠠᠨ ᠤ᠋ ᠴᠠᠭᠠᠨ ᠡᠳᠦᠷ᠂ ᠡᠨᠡ ᠳᠡᠨᠵᠢ ᠶ᠋ᠢᠨ ᠡᠮᠦᠨᠡᠭᠦᠷ ᠪᠢᠳᠡᠨ ᠢ᠋ ᠬᠣᠪᠲᠣ ᠬᠣᠲᠠ ᠶ᠋ᠢ ᠪᠠᠢᠯᠳᠤᠬᠤ ᠭᠡᠵᠦ ᠳᠠᠮᠳᠢᠨᠰᠦ᠋ᠷᠦᠩ᠂ ᠮᠠᠭᠰᠤᠷᠵᠠᠪ ᠬᠣᠶᠠᠷ ᠵᠠᠩᠵᠤᠨ ᠲᠠᠢ ᠶᠠᠪᠤᠬᠤ ᠳ᠋ᠤ᠌᠂ ᠳᠡᠨᠵᠢ ᠳᠡᠭᠡᠷ᠎ᠡ ᠭᠠᠭᠴᠠ ᠭᠡᠷ ᠪᠠᠢᠭᠰᠠᠨ ᠠ᠋ᠴᠠ ᠨᠢᠭᠡ ᠡᠮᠡᠭᠡᠨ ᠭᠠᠷᠴᠤ᠂ ᠪᠢᠳᠡᠨ ᠦ᠌ ᠴᠡᠷᠢᠭ ᠦ᠋ᠨ ᠬᠣᠢᠨᠠᠴᠠ ᠰᠦ ᠰᠠᠴᠤᠵᠤ ᠪᠠᠢᠭᠰᠠᠨ  ᠪᠢᠯᠡ᠃ ᠣᠳᠣ ᠲᠡᠷᠡ ᠳᠡᠨᠵᠢ ᠳᠡᠭᠡᠷ᠎ᠡ ᠬᠠᠰᠢᠶ᠎ᠠ ᠪᠠᠢᠰᠢᠩ ᠪᠣᠰᠴᠤ᠂ ᠤᠷᠢᠳᠠᠭᠤᠷ ᠨᠢ ᠲᠡᠷᠡ ᠴᠠᠭ ᠲᠤ᠌ ᠪᠠᠢᠭ᠎ᠠ ᠦᠭᠡᠢ ᠨᠢᠭᠡ ᠭᠤᠳᠤᠮᠵᠢ ᠪᠣᠢ ᠪᠣᠯᠴᠢᠵᠠᠢ( ᠪᠣᠯᠴᠢᠬᠠᠵᠠᠢ)᠃ ᠪᠣᠭᠳᠠ ᠶ᠋ᠢᠨ ᠭᠣᠣᠯ ᠳᠡᠭᠡᠷᠡᠬᠢ ᠨᠣᠭᠣᠭᠠᠨ ᠣᠷᠳᠣᠨ᠂ ᠲᠡᠷᠡ ᠬᠠᠪᠢ ᠶ᠋ᠢᠨ ᠪᠠᠢᠰᠢᠩ ᠪᠠᠷᠢᠯᠭ᠎ᠠ ᠳ᠋ᠤ᠌ ᠰᠦᠷ ᠨᠢ ᠳᠠᠷᠤᠭᠳᠠᠵᠤ᠂ ᠪᠠᠷᠤᠭ ᠮᠡᠳᠡᠭᠳᠡᠬᠦ ᠪᠡᠨ ᠪᠠᠢᠵᠠᠢ᠃ ᠮᠠᠨ ᠤ᠋ ᠲᠣᠷᠭᠠᠨ ᠴᠡᠷᠢᠭ ᠦ᠋ᠨ ᠬᠤᠸᠠᠷᠠᠨ ᠪᠠᠢᠭᠰᠠᠨ ᠭᠠᠵᠠᠷ ᠴᠤ᠌ ᠥᠭᠡᠷ᠎ᠡ ᠵᠦᠢᠯ ᠦ᠋ᠨ ᠪᠠᠷᠢᠯᠭ᠎ᠠ  ᠪᠣᠰᠴᠢᠬᠠᠭᠰᠠᠨ ᠶᠤᠮ ᠤᠤ ᠳᠠ? ᠦᠭᠡᠢ ᠶᠡᠷᠦ ᠬᠣᠲᠠ ᠶ᠋ᠢ ᠲᠠᠨᠢᠬᠤ ᠶ᠋ᠢᠨ ᠠᠷᠭ᠎ᠠ ᠦᠭᠡᠢ ᠪᠣᠯᠵᠠᠢ᠃ ᠶᠡᠬᠡᠯ᠎ᠡ ᠬᠥᠭᠵᠢᠵᠦ ᠣᠨᠳᠣᠣ ᠪᠣᠯᠤᠭᠰᠠᠨ ᠶᠤᠮ ᠪᠠᠢᠨ᠎ᠠ ᠭᠡᠵᠦ ᠭᠠᠢᠬᠠᠨ ᠶᠠᠪᠤᠭᠰᠠᠭᠠᠷ᠂ ᠠᠰᠠᠷ ᠲᠠᠢ ᠬᠠᠭᠠᠯᠭ᠎ᠠ ᠲᠠᠢ᠂ ᠥᠨᠳᠥᠷ ᠬᠠᠰᠢᠶ᠎ᠠ ᠲᠠᠢ᠂ ᠳᠣᠲᠣᠷ᠎ᠠ ᠪᠠᠨ ᠬᠡᠳᠦᠨ ᠰᠢᠪᠠᠷ ᠪᠠᠢᠰᠢᠩ ᠲᠠᠢ᠂ ᠳᠠᠷᠬᠠᠨ ᠸᠠᠩ ᠤ᠋ᠨ ᠬᠠᠰᠢᠶ᠎ᠠ ᠪᠠᠢᠭᠰᠠᠨ ᠭᠠᠵᠠᠷ ᠠᠷᠪᠠᠨ ᠵᠢᠯ ᠦ᠋ᠨ ᠳᠤᠮᠳᠠᠳᠤ ᠰᠤᠷᠭᠠᠭᠤᠯᠢ ᠶ᠋ᠢᠨ ᠠᠭᠤᠯᠠ ᠰᠢᠭ᠋ ᠥᠨᠳᠥᠷ ᠰᠦᠷᠲᠡᠢ ᠪᠠᠢᠰᠢᠩ ᠰᠦᠨᠳᠡᠷᠯᠡᠨ ᠪᠣᠰᠤᠭᠰᠠᠨ ᠢ᠋ ᠭᠠᠢᠬᠠᠨ ᠬᠠᠷᠠᠵᠤ᠂ ᠳᠡᠷᠭᠡᠳᠡ ᠨᠢ ᠴᠡᠴᠡᠷᠯᠢᠭ ᠲᠡᠢ ᠪᠠᠰᠠ ᠨᠢᠭᠡ ᠰᠠᠢᠬᠠᠨ ᠪᠠᠢᠰᠢᠩ ᠪᠣᠰᠴᠤ᠂ ᠤᠷᠢᠳᠤ ᠡᠮᠦᠨ᠎ᠡ ᠣᠭᠲᠣ ᠪᠠᠢᠭ᠎ᠠ ᠦᠭᠡᠢ ᠪᠠᠰᠠ ᠨᠢᠭᠡ ᠭᠤᠳᠤᠮᠵᠢ ᠶ᠋ᠢᠨ ᠠᠮᠠᠨ ᠳᠡᠭᠡᠷ᠎ᠡ ᠭᠤᠷᠪᠠᠨ ᠳᠠᠪᠬᠤᠷ ᠰᠠᠢᠬᠠᠨ ᠪᠠᠢᠰᠢᠩ ᠪᠣᠰᠤᠭᠰᠠᠨ ᠶᠤᠮ ᠪᠠᠢᠨ᠎ᠠ ᠭᠡᠵᠦ ᠶᠡᠬᠡᠯ᠎ᠡ ᠰᠣᠨᠢᠷᠬᠠᠨ ᠬᠠᠷᠠᠵᠤ ᠶᠠᠪᠤᠪᠠ᠃ 
       ᠯᠠᠮᠠ ᠨᠣᠶᠠᠳ᠂ ᠬᠤᠳᠠᠯᠳᠤᠭᠠᠴᠢᠨ᠂ ᠭᠤᠢᠯᠭᠠᠴᠢᠨ᠂ ᠵᠣᠯᠪᠢᠨ (ᠵᠣᠯᠪᠢᠩ) ᠨᠣᠬᠠᠢ ᠶ᠋ᠢᠨ ᠬᠣᠲᠠ ᠪᠠᠢᠭᠰᠠᠨ ᠬᠡᠰᠡᠭ ᠬᠡᠰᠡᠭ ᠲᠠᠰᠤᠷᠬᠠᠢ ᠪᠥᠭᠡᠳ ᠰᠢᠷᠴᠢᠨ ᠦ᠌ ᠮᠡᠳᠡᠳᠡᠭ ᠬᠠᠭᠤᠴᠢᠨ ᠬᠦᠷᠢᠶ᠎ᠡ ᠣᠭᠲᠣ ᠲᠠᠨᠢᠭᠳᠠᠬᠤ ᠪᠠᠨ ᠪᠠᠢᠵᠤ᠂ ᠬᠠᠷᠢᠨ ᠬᠢᠲᠠᠳ ᠳᠠᠯᠪᠠᠭᠴᠢ ᠲᠠᠢ* ᠬᠥᠯᠥᠰᠥᠨ ᠦ᠌ ᠮᠣᠷᠢᠨ ᠲᠡᠷᠭᠡ ᠳᠠᠭᠠᠷᠢᠯᠳᠤᠭᠰᠠᠨ(ᠲᠠᠭᠠᠷᠠᠯᠳᠤᠭᠰᠠᠨ) ᠨᠢ᠂ ᠬᠦᠷᠢᠶᠡᠨ ᠦ᠌  ᠨᠣᠶᠠᠳ ᠤ᠋ᠨ ᠰᠠᠭᠤᠵᠤ ᠶᠠᠪᠤᠳᠠᠭ ᠰᠡᠦᠬᠡ ᠲᠡᠷᠭᠡ ᠪᠠᠢᠵᠤ᠂ ᠲᠡᠭᠦᠪᠡᠷ ᠯᠡ ᠬᠠᠭᠤᠴᠢᠨ ᠪᠣᠭᠳᠠ ᠶ᠋ᠢᠨ  ᠬᠦᠷᠢᠶᠡᠨ ᠦ᠌ ᠪᠠᠢᠳᠠᠯ ᠥᠴᠦᠬᠡᠨ ᠴᠤᠬᠤᠰᠬᠢᠭᠰᠡᠨ ᠪᠣᠯᠪᠠᠴᠤ᠂ ᠲᠡᠷᠡ ᠰᠡᠦᠬᠡ ᠲᠡᠷᠭᠡᠨ ᠳ᠋ᠦ᠍ ᠰᠠᠭᠤᠵᠤ ᠶᠠᠪᠤᠭ᠎ᠠ ᠬᠥᠮᠦᠨ ᠨᠣᠶᠠᠨ ᠪᠢᠰᠢ᠂ ᠬᠤᠷᠠᠭᠠᠨ ᠳᠣᠲᠣᠷ ᠲᠠᠢ ᠳᠡᠪᠡᠯ ᠲᠡᠢ᠂ ᠬᠥᠭᠡᠷᠦᠬᠦᠨ ᠴᠢᠷᠠᠢ ᠲᠠᠢ ᠵᠠᠯᠠᠭᠤ ᠬᠡᠦᠬᠡᠨ᠂ ᠢᠨᠢᠶᠡᠮᠰᠦᠭᠯᠡᠭᠰᠡᠨ ᠬᠥᠭᠵᠢᠯ ᠲᠡᠢ ᠵᠠᠯᠠᠭᠤ ᠴᠡᠷᠢᠭ ᠦ᠋ᠨ ᠬᠥᠮᠦᠨ᠂ ᠦᠨᠡᠭᠡᠨ ᠯᠣᠪᠤᠤᠵᠠ ᠲᠡᠢ ᠡᠮᠡᠭᠡᠨ ᠡᠢᠮᠦ ᠭᠤᠷᠪᠠᠨ ᠬᠥᠮᠦᠨ ᠶᠠᠪᠤᠭᠰᠠᠨ ᠢ᠋ ᠬᠠᠷᠠᠭᠠᠳ ᠰᠢᠷᠴᠢᠨ ᠢᠨᠢᠶᠡᠮᠰᠦᠭᠯᠡᠵᠦ᠄  
       — ᠡᠵᠡᠷᠬᠡᠭ ᠦ᠋ᠨ ᠴᠠᠭ ᠲᠤ᠌ ᠡᠢᠮᠦ ᠰᠡᠦᠬᠡ ᠲᠡᠷᠭᠡᠨ ᠳ᠋ᠦ᠍ ᠴᠡᠷᠢᠭ ᠡᠷ᠎ᠡ ᠬᠠᠷᠠᠴᠤ ᠠᠷᠠᠳ ᠶᠡᠷᠦ ᠰᠠᠭᠤᠬᠤ ᠡᠷᠬᠡ ᠦᠭᠡᠢ ᠪᠠᠢᠵᠤ ᠪᠢᠯᠡ᠃ ᠪᠢ ᠲᠡᠷᠡ ᠴᠠᠭ ᠲᠤ᠌᠂ ᠡᠢᠮᠦ ᠰᠡᠦᠬᠡ ᠲᠡᠷᠭᠡᠨ ᠳ᠋ᠦ᠍ ᠢᠩᠭᠢᠵᠦ ᠰᠠᠭᠤᠭᠠᠳ ᠶᠠᠪᠤᠨ᠎ᠠ ᠭᠡᠬᠦ ᠪᠠᠢᠲᠤᠭᠠᠢ᠂ ᠳᠡᠷᠭᠡᠳᠡ ᠨᠢ ᠣᠢᠷᠠᠲᠤᠨ ᠪᠠᠷᠢᠵᠤ ᠦᠵᠡᠨ᠎ᠡ ᠴᠦ᠍ ᠭᠡᠵᠦ ᠰᠠᠨᠠᠬᠤ ᠦᠭᠡᠢ ᠬᠡᠷᠡᠭ ᠪᠠᠢᠭᠰᠠᠨ ᠬᠡᠮᠡᠪᠡ᠃ ᠵᠢᠯᠣᠭᠣᠴᠢ ᠲᠡᠷᠡ ᠦᠭᠡ ᠰᠣᠨᠣᠰᠤᠭᠠᠳ᠂  
       — ᠣᠳᠣ ᠲᠡᠷᠡ ᠰᠡᠦᠬᠡ ᠲᠡᠷᠭᠡ ᠪᠡᠷ ᠡᠩ ᠦ᠋ᠨ ᠡᠮᠡᠭᠲᠡᠢᠴᠦᠳ ᠵᠠᠬ᠎ᠠ ᠣᠷᠣᠵᠤ ᠠᠷᠰᠠᠷ ᠶᠠᠭᠤᠮ᠎ᠠ ᠠᠪᠤᠭᠠᠳ᠂ ᠪᠤᠴᠠᠬᠤ ᠳ᠋ᠠᠭᠠᠨ ᠰᠠᠭᠤᠳᠠᠭ ᠪᠣᠯᠤᠭᠰᠠᠨ ᠲᠡᠷᠭᠡ ᠳᠡ᠃ ᠹᠧᠣᠳᠠᠯ ᠨᠣᠶᠠᠳ ᠭᠡᠪᠡᠯ᠂ ᠪᠢ ᠲᠢᠶᠠᠲ᠋ᠷ ᠤ᠋ᠨ ᠲᠠᠢᠵᠠᠨ ᠳᠡᠭᠡᠷ᠎ᠡ ᠦᠵᠡᠬᠦ ᠡᠴᠡ ᠪᠢᠰᠢ᠂ ᠶᠡᠷᠦ ᠠᠮᠢᠳᠤ ᠹᠧᠣᠳᠠᠯ ᠢ᠋ ᠦᠵᠡᠭᠡ ᠦᠭᠡᠢ ᠭᠡᠵᠦ ᠢᠨᠢᠶᠡᠮᠰᠦᠭᠯᠡᠨ᠂ ᠬᠡᠳᠦᠨ ᠭᠤᠳᠤᠮᠵᠢ ᠥᠩᠭᠡᠷᠡᠨ ᠭᠠᠷᠴᠤ᠂ ᠭᠤᠳᠤᠮᠵᠢᠯᠠᠨ ᠪᠠᠷᠢᠭᠰᠠᠨ ᠣᠯᠠᠨ ᠴᠠᠭᠠᠨ ᠭᠡᠷ ᠦ᠋ᠨ ᠳᠡᠷᠭᠡᠳᠡ ᠬᠦᠷᠴᠦ ᠢᠷᠡᠪᠡ᠃  
       ᠮᠠᠰᠢᠨ᠎ᠠ ᠢᠷᠡᠬᠦ ᠴᠢᠮᠡᠭᠡ ᠪᠡᠷ ᠬᠡᠳᠦᠨ ᠬᠥᠮᠦᠨ᠂ ᠤᠯᠤᠰ ᠤ᠋ᠨ ᠰᠠᠢᠨ ᠮᠠᠯᠴᠢᠨ ᠤ᠋ ᠠᠩᠬᠠᠳᠤᠭᠠᠷ ᠵᠥᠪᠯᠡᠯᠭᠡᠨ ᠳ᠋ᠦ᠍ ᠢᠷᠡᠬᠦ ᠵᠣᠴᠢᠳ ᠢ᠋ ᠦᠢᠯᠡᠴᠢᠯᠡᠬᠦ ᠭᠡᠷ ᠡᠴᠡ ᠶᠠᠭᠠᠷᠠᠨ ᠭᠠᠷᠴᠤ ᠢᠷᠡᠭᠡᠳ ᠵᠣᠴᠢᠳ ᠢ᠋ ᠤᠭᠲᠤᠵᠤ᠂ ᠠᠮᠤᠷ ᠮᠡᠨᠳᠦ ᠶ᠋ᠢ ᠠᠶᠠᠲᠠᠢ ᠰᠠᠢᠬᠠᠨ ᠢ᠋ᠶ᠋ᠠᠷ ᠠᠰᠠᠭᠤᠵᠤ᠂ ᠵᠣᠴᠢᠳ ᠤ᠋ᠨ ᠪᠠᠭᠤᠬᠤ ᠭᠡᠷ ᠲᠦ᠍ ᠤᠳᠤᠷᠢᠳᠤᠨ ᠣᠷᠣᠭᠤᠯᠤᠭᠠᠳ᠂ ᠰᠡᠪᠬᠢᠨ ᠳᠡᠪᠡᠯ ᠲᠡᠢ ᠨᠢᠭᠡ ᠬᠥᠮᠦᠨ᠂ 
       — ᠲᠠ᠂ ᠨᠤᠲᠤᠭ ᠤᠰᠤᠨ ᠤ᠋ ᠪᠠᠨ ᠬᠥᠮᠦᠨ ᠳᠡᠭᠡᠷ᠎ᠡ ᠣᠷᠣᠨ᠎ᠠ ᠭᠡᠬᠦ ᠤᠤ? ᠬᠠᠮᠢᠶ᠎ᠠ ᠦᠭᠡᠢ ᠤᠤ? ᠭᠡᠵᠦ ᠰᠢᠷᠴᠢᠨ ᠡᠴᠡ ᠠᠰᠠᠭᠤᠵᠠᠢ᠃  
       — ᠪᠢᠳᠡᠨ ᠦ᠌ ᠣᠯᠠᠨ ᠮᠠᠯᠴᠢᠨ ᠴᠥᠮ ᠤᠰᠤ ᠨᠤᠲᠤᠭ ᠨᠢᠭᠡᠲᠡᠢ ᠰᠢᠦ ᠭᠡᠵᠦ ᠢᠨᠢᠶᠡᠮᠰᠦᠭᠯᠡᠬᠦ ᠳ᠋ᠦ᠍ᠨᠢ( ᠳ᠋ᠦ᠍ ᠨᠢ)᠂ 
       — ᠴᠢᠩᠭᠢᠪᠡᠯ ᠮᠠᠰᠢ ᠰᠠᠢᠨ ᠪᠠᠢᠨ᠎ᠠ! ᠡᠷᠬᠢᠮ ᠵᠣᠴᠢᠨ ᠲᠠᠨ ᠢ᠋ ᠪᠢᠳᠡ ᠡᠨᠡ ᠭᠡᠷ ᠲᠦ᠍ ᠪᠠᠢᠯᠭᠠᠪᠠᠯ ᠶᠠᠮᠠᠷ ᠪᠣᠢ? ᠭᠡᠵᠦ ᠨᠢᠭᠡ ᠭᠡᠷ ᠵᠢᠭᠠᠵᠤ᠂ ᠡᠨᠡ ᠭᠡᠷ ᠲᠦ᠍ ᠲᠠᠪᠤᠨ ᠬᠥᠮᠦᠨ ᠪᠣᠢ᠂ ᠲᠠᠨ ᠲᠠᠢ ᠵᠢᠷᠭᠤᠭ᠎ᠠ ᠪᠣᠯᠵᠤ᠂ ᠣᠷᠣᠨ ᠲᠣᠭ᠎ᠠ ᠨᠢ ᠭᠦᠢᠴᠡᠨ᠎ᠡ ᠭᠡᠵᠦ ᠰᠢᠷᠴᠢᠨ ᠢ᠋ ᠨᠢᠭᠡ ᠭᠡᠷ ᠲᠤ ᠣᠷᠣᠭᠤᠯᠵᠠᠢ᠃  
       ᠳᠤᠮᠳᠠ ᠪᠠᠨ ᠲᠡᠮᠦᠷ ᠵᠤᠤᠬ᠎ᠠ ᠲᠠᠢ᠂ ᠲᠣᠭᠣᠷᠢᠭᠠᠳ ᠣᠷᠣ ᠲᠠᠯᠪᠢᠭᠰᠠᠨ ᠲᠡᠷᠡ ᠲᠣᠮᠣ ᠭᠡᠭᠴᠢ ᠶ᠋ᠢᠨ ᠭᠣᠶᠣ ᠭᠡᠷ ᠲᠦ᠍ ᠶᠡᠬᠡᠯ᠎ᠡ(ᠶᠡᠬᠡ ᠯᠡ) ᠳᠤᠯᠠᠭᠠᠨ᠃ ᠤᠯᠠᠭᠠᠨ ᠲᠣᠷᠭᠠᠨ ᠡᠮᠵᠢᠶᠡᠷᠢ ᠲᠡᠢ᠂ ᠰᠠᠭᠠᠷᠠᠯ ᠰᠢᠷ᠎ᠠ ᠲᠣᠷᠭᠠᠨ ᠬᠥᠰᠢᠭᠡ ᠲᠡᠢ ᠲᠡᠷᠡ ᠭᠡᠷ ᠲᠦ᠍ ᠲᠠᠯᠪᠢᠭᠰᠠᠨ ᠣᠷᠣᠨ ᠤ᠋ ᠲᠤᠰᠢᠶ᠎ᠠ ᠪᠦᠷᠢ ᠪᠢᠴᠢᠬᠠᠨ ᠰᠢᠷᠡᠭᠡ᠂ ᠢᠰᠡᠷᠢ ᠭᠡᠳᠡᠭ ᠮᠤᠬᠤᠷ ᠰᠠᠨᠳᠠᠯᠢ ᠲᠠᠯᠪᠢᠵᠠᠢ᠃ ᠬᠣᠶᠠᠷ ᠡᠪᠦᠭᠡᠵᠢᠶᠡᠷ ᠵᠡᠷᠭᠡᠴᠡᠨ ᠰᠠᠭᠤᠵᠤ ᠦᠭᠡ ᠬᠡᠯᠡᠯᠴᠡᠨ᠂ ᠪᠠᠰᠠ ᠬᠣᠶᠠᠷ ᠬᠥᠮᠦᠨ ᠰᠢᠳᠡᠷ᠎ᠡ ᠲᠠᠯᠪᠢᠵᠤ᠂ ᠬᠤᠪᠴᠠᠰᠤ ᠶ᠋ᠢ ᠬᠠᠷᠠᠪᠠᠯ ᠳᠣᠲᠣᠷ᠎ᠠ ᠬᠥᠮᠦᠨ ᠪᠣᠯᠤᠯᠲᠠᠢ ᠨᠢᠭᠡ ᠨᠠᠰᠤᠲᠠᠢᠪᠲᠤᠷ ᠬᠥᠮᠦᠨ ᠰᠢᠲᠠᠷᠠᠴᠢᠨ ᠤ᠋ ᠳᠡᠷᠭᠡᠳᠡ ᠵᠣᠭᠰᠣᠭᠠᠳ᠂ ᠨᠢᠭᠡᠨ ᠳ᠋ᠦ᠍ᠨᠢ( ᠳ᠋ᠦ᠍ ᠨᠢ) ᠢᠩᠭᠢᠪᠡᠯ ᠳᠡᠭᠡᠷ᠎ᠡ ᠭᠡᠵᠦ ᠨᠡᠭᠦᠳᠡᠯ ᠵᠢᠭᠠᠵᠤ ᠪᠠᠢᠭ᠎ᠠ ᠪᠣᠯᠤᠯᠲᠠᠢ᠃ 
       — ᠵᠠ᠂ ᠪᠦᠭᠦᠳᠡ ᠠᠮᠤᠷᠬᠠᠨ ᠪᠠᠢᠨ᠎ᠠ ᠤᠤ? ᠭᠡᠵᠦ ᠰᠢᠷᠴᠢᠨ ᠭᠠᠳᠠᠨ᠎ᠠ ᠠ᠋ᠴᠠ ᠣᠷᠣᠵᠤ ᠢᠷᠡᠭᠡᠳ᠂ ᠲᠡᠷᠡ ᠬᠡᠳᠦᠨ ᠬᠥᠮᠦᠨ ᠦ᠌ ᠠᠮᠤᠷ ᠮᠡᠨᠳᠦ ᠶ᠋ᠢ ᠠᠰᠠᠭᠤᠵᠠᠢ᠃  
       — ᠮᠡᠨᠳᠦ ᠪᠠᠢᠨ᠎ᠠ᠃ ᠲᠠ ᠰᠠᠢᠨ ᠶᠠᠪᠤᠵᠤ ᠢᠷᠡᠪᠡ ᠤᠤ? ᠭᠡᠵᠦ ᠭᠡᠷ ᠲᠦ᠍ ᠪᠠᠢᠷᠢᠯᠠᠵᠤ ᠪᠠᠢᠭᠰᠠᠨ ᠮᠠᠯᠴᠢᠨ ᠡᠪᠦᠭᠡᠳ ᠬᠠᠷᠢᠭᠤ ᠮᠡᠨᠳᠦ ᠠᠰᠠᠭᠤᠪᠠᠰᠤ᠂ ᠵᠢᠵᠢᠭᠦᠷ ᠰᠢᠷᠴᠢᠨ ᠳ᠋ᠦ᠍ ᠤᠴᠢᠷ ᠪᠠᠢᠳᠠᠯ ᠢ᠋ ᠲᠠᠢᠯᠪᠤᠷᠢᠯᠠᠵᠤ᠂ 
       — ᠲᠠᠨ ᠤ᠋ ᠡᠨᠡ ᠪᠠᠭᠤᠭᠰᠠᠨ ᠭᠡᠷ ᠦ᠋ᠨ ᠪᠠᠷᠠᠭᠤᠨ ᠲᠠᠢ᠂ ᠨᠢᠭᠤᠷ ᠭᠠᠷ ᠤᠬᠢᠶᠠᠬᠤ ᠭᠡᠷ ᠪᠣᠢ᠃ ᠲᠠ ᠵᠠᠮ ᠤ᠋ᠨ ᠲᠣᠭᠣᠰᠣ ᠰᠢᠷᠣᠢ ᠠ᠋ᠴᠠ ᠰᠠᠯᠵᠤ᠂ ᠨᠢᠭᠤᠷ ᠭᠠᠷ ᠢ᠋ᠶ᠋ᠠᠨ ᠤᠬᠢᠶᠠᠶ᠎ᠠ ᠭᠡᠪᠡᠯ᠂ ᠲᠡᠷᠡ ᠭᠡᠷ ᠲᠦ᠍ ᠣᠷᠣᠵᠤ ᠤᠬᠢᠶᠠᠬᠤ ᠳ᠋ᠤ᠌ ᠪᠣᠯᠤᠨ᠎ᠠ᠃ ᠨᠢᠭᠤᠷ ᠭᠠᠷ ᠤ᠋ᠨ ᠰᠠᠪᠤᠩ ᠠᠯᠴᠢᠭᠤᠷ ᠬᠣᠶᠠᠷ᠂ ᠲᠠᠨ ᠤ᠋ ᠣᠷᠣᠨ ᠤ᠋ ᠳᠡᠷᠭᠡᠳᠡ ᠪᠠᠢᠭ᠎ᠠ ᠰᠢᠷᠡᠭᠡᠨ ᠦ᠌ ᠰᠢᠷᠭᠤᠭᠤᠯᠭᠠᠨ ᠳᠣᠲᠣᠷ᠎ᠠ ᠪᠣᠢ᠃ ᠣᠳᠣ ᠮᠥᠳᠳᠥ ᠲᠠᠨ ᠳ᠋ᠤ᠌ ᠬᠠᠯᠠᠭᠤᠨ ᠴᠠᠢ ᠢᠳᠡᠭᠡ ᠠᠪᠴᠢᠷᠠᠨ᠎ᠠ ᠭᠡᠵᠦ ᠬᠡᠯᠡᠭᠡᠳ ᠭᠠᠷᠴᠤ ᠣᠳᠪᠠ᠃ 
       ᠲᠡᠷᠡ ᠭᠡᠷ ᠲᠦ᠍ ᠪᠠᠢᠭᠰᠠᠨ ᠮᠠᠯᠴᠢᠨ ᠨᠥᠬᠥᠳ ᠲᠡᠢ ᠬᠡᠳᠦᠨ ᠦᠭᠡ ᠬᠡᠯᠡᠯᠴᠡᠵᠦ᠂ ᠨᠡᠷ᠎ᠡ ᠤᠰᠤ ᠶ᠋ᠢ ᠮᠡᠳᠡᠯᠴᠡᠨ ᠲᠠᠨᠢᠯᠴᠠᠭᠠᠳ᠂ ᠰᠢᠷᠴᠢᠨ ᠨᠢᠭᠤᠷ ᠭᠠᠷ ᠤ᠋ᠨ ᠠᠯᠴᠢᠭᠤᠷ ᠰᠠᠪᠤᠩ ᠠᠪᠴᠤ᠂ ᠥᠨᠥᠬᠢ ᠭᠠᠷ ᠨᠢᠭᠤᠷ ᠤᠬᠢᠶᠠᠬᠤ ᠭᠡᠷ ᠲᠦ᠍ ᠣᠴᠢᠵᠤ᠂ ᠵᠠᠮ ᠤ᠋ᠨ ᠨᠠᠷᠢᠨ ᠲᠣᠭᠣᠰᠣ ᠰᠢᠷᠣᠢ ᠶ᠋ᠢ ᠤᠨᠠᠭᠠᠭᠠᠳ ᠡᠭᠡᠵᠦ ᠢᠷᠠᠪᠠᠰᠤ᠂ ᠵᠣᠴᠢᠳ ᠢ᠋ ᠦᠢᠯᠡᠴᠢᠯᠡᠵᠦ ᠪᠠᠢᠭᠰᠠᠨ ᠡᠪᠦᠭᠡᠨ ᠭᠠᠯᠴᠢ᠂ ᠰᠢᠨ᠎ᠡ ᠢᠷᠡᠭᠰᠡᠨ ᠵᠣᠴᠢᠨ ᠤ᠋ ᠰᠢᠷᠡᠭᠡᠨ ᠳᠡᠭᠡᠷ᠎ᠡ ᠲᠠᠪᠠᠭ ᠲᠠᠢ ᠪᠣᠣᠪᠣ ᠪᠣᠭᠣᠷᠰᠣᠭ ᠲᠠᠯᠪᠢᠵᠤ᠂ ᠱᠠᠵᠠᠩ ᠠᠶᠠᠭᠠᠨ ᠳ᠋ᠤ᠌ ᠰᠠᠢᠬᠠᠨ ᠦᠨᠦᠷ ᠬᠠᠩᠬᠤᠯᠤᠭᠰᠠᠨ ᠶᠡᠬᠡᠯ᠎ᠡ ᠰᠠᠢᠬᠠᠨ ᠰᠦ ᠲᠡᠢ ᠬᠠᠯᠠᠭᠤᠨ ᠴᠠᠢ ᠬᠢᠵᠦ ᠵᠣᠴᠢᠯᠠᠬᠤ ᠶ᠋ᠢᠨ ᠬᠠᠮᠲᠤ᠄ 
       — ᠣᠳᠣ ᠤᠳᠠᠬᠤ ᠦᠭᠡᠢ ᠠᠦ᠋ᠲ᠋ᠣᠪᠦ᠋ᠰ ᠭᠡᠳᠡᠭ ᠲᠡᠷᠭᠡ ᠬᠦᠷᠴᠦ ᠢᠷᠡᠭᠡᠳ ᠲᠠᠨ ᠤ᠋ ᠴᠣᠭ ᠢᠷᠡᠭᠰᠡᠨ ᠨᠥᠬᠥᠳ ᠦ᠋ᠨ ᠬᠠᠮᠲᠤ ᠬᠣᠭᠣᠯᠠᠨ ᠤ᠋ ᠭᠤᠸᠠᠩᠵᠠᠨ ᠳ᠋ᠤ᠌ ᠠᠪᠠᠴᠢᠵᠤ ᠬᠣᠭᠣᠯᠠ ᠢᠳᠡᠭᠦᠯᠦᠨ᠎ᠡ᠃ ᠣᠷᠣᠢ ᠶ᠋ᠢᠨ ᠨᠠᠢ᠍ᠮᠠᠨ ᠴᠠᠭ ᠲᠤ᠌ ᠣᠷᠣᠢ ᠶ᠋ᠢᠨ ᠬᠣᠭᠣᠯᠠ ᠢᠳᠡᠬᠦ ᠭᠡᠵᠦ ᠪᠠᠰᠠ ᠭᠤᠸᠠᠩᠵᠠᠯᠠᠳᠠᠭ ᠡᠢᠮᠦ ᠲᠤᠷᠢᠮ ᠶᠣᠰᠣ ᠲᠠᠢ ᠶᠤᠮ ᠳᠠ ᠭᠡᠵᠦ ᠬᠡᠯᠡᠵᠦ ᠥᠭᠪᠡ᠃  
       ᠰᠢᠷᠴᠢᠨ ᠦ᠌ ᠪᠠᠭᠤᠭᠰᠠᠨ ᠭᠡᠷ ᠲᠦ᠍ ᠬᠠᠮᠤᠭ ᠤ᠋ᠨ ᠠᠬᠠᠮᠠᠳ ᠨᠠᠰᠤᠲᠠᠢ ᠨᠢ ᠬᠣᠪᠲᠣ ᠠᠢᠮᠠᠭ ᠤ᠋ᠨ ᠪᠤᠯᠠᠭᠠᠨ ᠰᠤᠮᠤ ᠶ᠋ᠢᠨ ᠲᠠᠪᠤᠳᠤᠭᠠᠷ ᠪᠠᠭ ᠤ᠋ᠨ ᠳᠠᠯᠠᠨ ᠭᠤᠷᠪᠠᠨ ᠨᠠᠰᠤᠲᠠᠢ ᠵᠠᠮᠰᠤ ᠭᠡᠳᠡᠭ ᠡᠪᠦᠭᠡᠨ ᠲᠣᠷᠭᠤᠳ ᠮᠠᠯᠴᠢᠨ ᠪᠠᠢᠵᠠᠢ᠃ ᠲᠡᠷᠡ ᠬᠥᠮᠦᠨ ᠡᠳᠦᠢ ᠶᠡᠬᠡ ᠨᠠᠰᠤᠯᠠᠪᠠᠴᠤ ᠬᠠᠭᠤᠴᠢᠨ ᠬᠦᠷᠢᠶ᠎ᠡ ᠴᠦ᠍ ᠦᠵᠡᠭᠡ ᠦᠭᠡᠢ᠂ ᠤᠯᠠᠭᠠᠨᠪᠠᠭᠠᠲᠤᠷ ᠲᠤ᠌ ᠴᠤ᠌ ᠤᠷᠢᠳᠤ ᠡᠮᠦᠨ᠎ᠡ ᠢᠷᠡᠵᠦ ᠦᠵᠡᠭᠡ ᠦᠭᠡᠢ ᠬᠥᠮᠦᠨ ᠠᠵᠢ᠃ ᠲᠡᠷᠡ ᠡᠪᠦᠭᠡᠨ᠂ ᠵᠣᠴᠢᠳ ᠤ᠋ᠨ ᠭᠣᠶᠣ ᠭᠡᠷ ᠦ᠋ᠨ ᠰᠠᠭᠠᠷᠠᠯ ᠰᠢᠷ᠎ᠠ ᠲᠣᠷᠭᠠᠨ ᠬᠥᠰᠢᠭᠡ ᠶ᠋ᠢ ᠠᠶᠠᠷᠬᠠᠨ ᠢᠯᠢᠵᠦ ᠥᠭᠦᠯᠡᠷᠦᠨ᠄  
       — ᠠᠮᠢᠳᠤ ᠶᠠᠪᠤᠬᠤᠯ᠎ᠠ ᠠᠯᠲᠠᠨ ᠠᠶᠠᠭ᠎ᠠ ᠪᠠᠷ ᠤᠮᠳᠠᠯᠠᠨ᠎ᠠ ᠭᠡᠵᠦ ᠲᠦᠮᠡᠨ ᠦᠨᠡᠨ ᠦᠭᠡ ᠪᠠᠢᠨ᠎ᠠ᠃ ᠡᠭᠡᠯ ᠵᠢᠷ ᠦ᠋ᠨ ᠮᠠᠯᠴᠢᠨ ᠬᠠᠷᠠᠴᠤ ᠠᠷᠠᠳ ᠪᠢᠳᠡ᠂ ᠣᠳᠣ ᠤᠯᠤᠰ ᠲᠥᠷᠥ ᠳ᠋ᠡᠭᠡᠨ( ᠳ᠋ᠦ᠍ ᠪᠡᠨ)  ᠺᠦᠨᠳᠦ ᠲᠡᠢ᠂ ᠣᠯᠠᠨ ᠳ᠋ᠠᠭᠠᠨ( ᠳ᠋ᠤ᠌ ᠪᠠᠨ) ᠠᠯᠳᠠᠷ ᠲᠠᠢ ᠰᠠᠢᠴᠤᠤᠯ ᠪᠣᠯᠵᠤ ᠣᠷᠺᠢᠯ᠎ᠠ᠃ ᠪᠢᠳᠡᠨ ᠳ᠋ᠦ᠍ ᠠᠷᠠᠳ ᠤ᠋ᠨ ᠮᠠᠨᠢ ᠵᠠᠰᠠᠭ ᠠ᠋ᠴᠠ ᠪᠠᠷᠢᠵᠤ ᠥᠭᠭᠦᠭᠰᠡᠨ ᠡᠨᠡ ᠭᠡᠷ ᠲᠡᠢ ᠠᠳᠠᠯᠢ ᠡᠢᠮᠦ ᠰᠠᠢᠬᠠᠨ ᠭᠡᠷ᠂ ᠬᠠᠷ᠎ᠠ— ᠰᠢᠷ᠎ᠠ ᠶ᠋ᠢᠨ ᠲᠣᠷᠭᠤᠳ ᠬᠠᠭᠠᠨ ᠤ᠋ ᠳ᠋ᠤ᠌ ᠴᠤ᠌ ᠪᠠᠢᠬᠤ ᠦᠭᠡᠢ ᠭᠡᠳ ᠰᠢᠷᠴᠢᠨ ᠦ᠌ ᠵᠦᠭ ᠰᠢᠷᠲᠡᠨ᠂ ᠵᠠ ᠰᠢᠷᠴᠢᠨ ᠮᠢᠨᠢ᠂  ᠤᠳᠠ ᠶᠠᠭᠠᠳᠠᠭ ᠪᠢᠯᠡ?  ᠰᠡᠳᠺᠢᠯ ᠮᠢᠨᠢ ᠺᠦᠳᠡᠯᠦᠭᠡᠳ ᠪᠣᠯᠳᠠᠭ ᠪᠢᠰᠢ᠃ ᠮᠠᠩᠭᠠᠳᠤᠷ ᠠᠷᠪᠠᠨ ᠨᠢᠭᠡᠨ ᠴᠠᠭ ᠲᠤ᠌ ᠬᠤᠷᠠᠯ  ᠡᠺᠢᠯᠡᠬᠦ ᠶᠦᠮ ᠭᠡᠨ᠎ᠡ᠃ ᠪᠢ ᠴᠦ᠍ ᠪᠠᠰᠠ ᠣᠯᠠᠨ ᠨᠥᠺᠥᠳ ᠦ᠋ᠨ ᠠᠳᠠᠯᠢ ᠦᠭᠡ ᠺᠡᠯᠡᠵᠦ᠂ ᠶᠠᠭᠠᠵᠤ ᠮᠠᠯ ᠢ᠋ᠶ᠋ᠠᠨ ᠥᠰᠬᠡᠵᠦ ᠴᠢᠳᠠᠭᠰᠠᠨ ᠲᠤᠷᠰᠢᠯᠭ᠎ᠠ ᠪᠠᠨ ᠶᠠᠷᠢᠵᠤ ᠥᠭᠬᠦ ᠶᠣᠰᠣᠲᠠᠢ ᠪᠣᠯᠤᠨ᠎ᠠ᠃ ᠢᠯᠠᠩᠭᠤᠶ᠎ᠠ  ᠪᠢᠳᠡᠨ ᠦ᠌ ᠡᠭᠡᠯ ᠵᠢᠷ ᠦ᠋ᠨ ᠮᠠᠯᠴᠢᠨ ᠠᠷᠠᠳ ᠲᠤ᠌ ᠶᠡᠺᠡ ᠲᠤᠰᠠᠯᠠᠮᠵᠢ ᠦᠵᠡᠭᠦᠯᠦᠭᠰᠡᠨ ᠠᠴᠢᠲᠠᠢ ᠨᠠᠮ ᠵᠠᠰᠠᠭ᠂ ᠶᠡᠺᠡ ᠬᠣᠯᠪᠣᠭᠠᠲᠤ ᠤᠯᠤᠰ ᠤ᠋ᠨ ᠠᠴᠢ ᠶ᠋ᠢ ᠶᠠᠭᠤ ᠪᠠᠷ ᠬᠠᠷᠢᠭᠤᠯᠳᠠᠭ ᠢ᠋ᠶ᠋ᠠᠨ ᠺᠡᠯᠡᠬᠦ ᠶᠣᠰᠣᠲᠠᠢ ᠪᠣᠯᠤᠭᠠᠳ ᠪᠠᠢᠨ᠎ᠠ ᠯᠠ ᠪᠢ ᠭᠡᠬᠦ ᠳ᠋ᠦ᠍ᠨᠢ( ᠳ᠋ᠦ᠍ ᠨᠢ)᠂  
       — ᠡᠪᠦᠭᠡᠨ ᠠᠬ᠎ᠠ ᠮᠢᠨᠢ᠂ ᠪᠢ ᠴᠦ᠍ ᠪᠠᠰᠠ ᠮᠥᠨ ᠲᠡᠭᠡᠵᠦ ᠪᠣᠳᠣᠭᠠᠳ ᠰᠡᠳᠬᠢᠯ ᠬᠥᠳᠡᠯᠵᠦ ᠪᠠᠢᠨ᠎ᠠ ᠰᠢᠦ ᠭᠡᠵᠦ ᠰᠢᠷᠴᠢᠨ ᠦ᠌ ᠬᠠᠷᠢᠭᠤᠯᠬᠤ ᠳ᠋ᠤ᠌᠂ ᠳᠣᠷᠣᠨᠠᠲᠤ ᠠᠢᠮᠠᠭ ᠤ᠋ᠨ ᠪᠠᠶᠠᠨᠳᠣᠨ ᠰᠤᠮᠤ ᠶ᠋ᠢᠨ ᠡᠪᠦᠭᠡᠨ ᠮᠠᠯᠴᠢᠨ ᠳᠠᠮᠳᠢᠨ᠂ 
       — ᠮᠠᠷᠱᠠᠯ ᠮᠠᠷᠭᠠᠰᠢ ᠢᠯᠡᠳᠬᠡᠯ ᠬᠢᠨ᠎ᠡ᠃ ᠲᠡᠷᠡ ᠢᠯᠡᠳᠬᠡᠯ ᠢ᠋ ᠰᠠᠢᠬᠠᠨ ᠰᠣᠨᠣᠰᠪᠠᠯ᠂ ᠮᠠᠨ ᠤ᠋ ᠨᠠᠮ ᠵᠠᠰᠠᠭ᠂ ᠠᠷᠠᠳ ᠣᠯᠠᠨ ᠤ᠋ ᠪᠠᠨ ᠡᠮᠦᠨ᠎ᠡ ᠱᠤᠬᠤᠮ ᠶᠠᠮᠠᠷ ᠪᠣᠳᠣᠯᠭ᠎ᠠ ᠵᠣᠷᠢᠯᠭ᠎ᠠ ᠳᠡᠯᠪᠢᠲᠦ᠂ ᠮᠠᠯᠰᠢᠨ ᠠᠷᠠᠳ ᠪᠢᠳᠡ ᠱᠤᠬᠤᠮ ᠶᠠᠭᠤ ᠶᠠᠭᠤ ᠬᠢᠪᠡᠯ ᠵᠣᠬᠢᠬᠤ ᠨᠢ ᠮᠠᠰᠢ ᠲᠣᠳᠣᠷᠬᠠᠢ ᠲᠣᠮᠣᠷᠠᠭᠤᠨ ᠪᠣᠯᠵᠤ ᠥᠭᠬᠦ ᠪᠣᠢ᠃ ᠲᠡᠷᠡ ᠢᠯᠡᠳᠬᠡᠯ ᠢ᠋ ᠮᠠᠯ ᠠᠵᠤ ᠠᠬᠤᠢ ᠶ᠋ᠢᠨ ᠶᠠᠮᠤᠨ ᠤ᠋ ᠵᠢᠩᠬᠢᠨᠢ ᠰᠠᠢᠳ ᠨᠢ ᠬᠢᠬᠦ ᠦᠭᠡᠢ᠂ ᠮᠠᠷᠱᠠᠯ ᠥᠪᠡᠷ ᠦ᠋ᠨ ᠪᠡᠶ᠎ᠡ ᠪᠡᠷ ᠢᠯᠡᠳᠬᠡᠬᠦ ᠭᠡᠵᠦ ᠪᠠᠢᠭ᠎ᠠ ᠶ᠋ᠢ ᠦᠵᠡᠬᠦ ᠳ᠋ᠦ᠍᠂ ᠮᠠᠨ ᠤ᠋ ᠨᠠᠮ ᠵᠠᠰᠠᠭ᠂ ᠮᠠᠯ ᠠᠵᠤ ᠠᠬᠤᠢ ᠶ᠋ᠢ ᠬᠥᠭᠵᠢᠭᠦᠯᠬᠦ ᠶᠠᠪᠤᠳᠠᠯ ᠢ᠋ ᠣᠨᠰᠠ ᠱᠤᠬᠤᠯᠠ ᠦᠵᠡᠵᠦ ᠪᠠᠢᠭ᠎ᠠ ᠨᠢ ᠢᠯᠡᠷᠬᠡᠢ ᠭᠡᠵᠦ ᠬᠡᠯᠡᠵᠡᠢ᠃ 
       ᠠᠷᠪᠠᠨ ᠴᠠᠭ ᠬᠠᠭᠠᠰ ᠲᠤ᠌ ᠬᠤᠷᠠᠯ ᠤ᠋ᠨ ᠲᠥᠯᠥᠭᠡᠯᠡᠭᠴᠢ ᠪᠠᠭᠤᠭᠰᠠᠨ ᠣᠯᠠᠨ ᠴᠠᠭᠠᠨ ᠭᠡᠷ ᠦ᠋ᠨ ᠡᠮᠦᠨ᠎ᠡ ᠰᠢᠪ ᠰᠢᠨᠡᠬᠡᠨ ᠭᠣᠶᠣ ᠠᠦ᠋ᠲ᠋ᠣᠪᠦ᠋ᠰ ᠲᠡᠷᠭᠡ ᠬᠦᠷᠦᠯᠴᠡᠨ ᠢᠷᠡᠵᠦ᠂ ᠲᠣᠷᠭᠤᠳ ᠡᠪᠦᠭᠡᠨ᠂ ᠰᠢᠷᠴᠢᠨ ᠦ᠌ ᠵᠦᠭ ᠢᠨᠢᠶᠡᠮᠰᠦᠭᠯᠡᠨ᠂ 
       — ᠰᠢᠯᠦᠨ ᠪᠠᠢᠰᠢᠩ ᠺᠧᠪᠲᠡᠶ ᠡᠢᠮᠦ ᠰᠠᠢᠬᠠᠨ ᠮᠠᠰᠢᠨ᠂ ᠲᠣᠷᠭᠤᠳ ᠬᠠᠷ᠎ᠠ— ᠰᠢᠷ᠎ᠠ ᠶ᠋ᠢᠨ ᠬᠠᠭᠠᠨ ᠤ᠋ ᠵᠡᠭᠦᠳᠦ ᠵᠦᠩ ᠳ᠋ᠦ᠍ ᠤᠷᠠᠭᠠᠳ ᠦᠭᠡᠢ ᠪᠠᠢᠲᠠᠯ᠎ᠠ᠂ ᠥᠲᠡᠯ᠎ᠡ ᠡᠪᠦᠭᠡᠨ ᠮᠠᠯᠴᠢᠨ ᠨᠠᠳᠠ ᠳ᠋ᠤ᠌ ᠡᠢᠮᠦ ᠲᠡᠷᠭᠡ ᠺᠦᠷᠴᠦ ᠢᠷᠡᠵᠦ ᠪᠠᠢᠬᠤ ᠮᠥᠨ ᠰᠠᠢᠬᠠᠨ᠎ᠠ! ᠺᠥᠳᠡᠯᠮᠦᠷᠢᠴᠢᠨ ᠠᠷᠠᠳ ᠡᠷᠺᠡ ᠲᠡᠢ ᠪᠣᠯᠤᠭᠠᠳ᠂ ᠤᠯᠤᠰ ᠤ᠋ᠨ ᠡᠵᠡᠨ ᠪᠣᠯᠳᠠᠭ ᠰᠠᠢᠬᠠᠨ᠎ᠠ! ᠭᠡᠵᠦ ᠰᠢᠷᠴᠢᠨ ᠳ᠋ᠦ᠍ ᠢᠨᠢᠶᠡᠮᠰᠦᠭᠯᠡᠨ ᠬᠡᠯᠡᠵᠡᠢ᠃      ᠰᠠᠢᠨ ᠮᠠᠯᠴᠢᠨ ᠨᠤᠭᠤᠳ ᠠᠦ᠋ᠲ᠋ᠣᠪᠦ᠋ᠰ ᠲᠦ᠍ ᠰᠠᠭᠤᠵᠠᠭᠠᠭᠠᠳ᠂ ᠴᠣᠩᠬᠣ ᠪᠠᠷ ᠨᠢ ᠶᠡᠬᠡ ᠯᠡ ᠰᠣᠨᠢᠷᠬᠠᠨ ᠬᠠᠷᠠᠵᠠᠭᠠᠵᠤ᠂ ᠭᠤᠳᠤᠮᠵᠢ ᠪᠠᠷ ᠵᠣᠷᠴᠢᠨ ᠶᠠᠪᠤᠬᠤ ᠮᠠᠰᠢᠨ᠂ ᠮᠣᠷᠢ ᠲᠠᠢ ᠶᠠᠪᠠᠭᠠᠨ ᠬᠥᠮᠦᠨ ᠦ᠌ ᠣᠯᠠᠨ ᠢ᠋ ᠭᠠᠢᠬᠠᠯᠳᠤᠨ᠂ ᠡᠪᠦᠭᠡᠨ ᠲᠣᠷᠭᠤᠳ ᠵᠠᠮᠰᠤ᠄  
       — ᠡᠨᠳᠡ ᠨᠢᠭᠡ ᠡᠳᠦᠷ ᠶᠠᠪᠤᠳᠠᠭ ᠺᠦᠮᠦᠨ ᠠᠮᠢᠲᠠᠨ ᠢ᠋᠂ ᠮᠠᠨᠠᠢ( ᠮᠠᠨ ᠤ᠋) ᠺᠦᠳᠡᠭᠡ ᠨᠤᠲᠤᠭ ᠲᠤ᠌ ᠨᠢᠭᠡ ᠰᠠᠷ᠎ᠠ ᠳ᠋ᠤ᠌ ᠴᠤ᠌ ᠣᠯᠵᠤ ᠦᠵᠡᠰᠢ ᠤᠭ᠎ᠠ᠃ ᠲᠠ ᠬᠠᠷᠠᠺᠳᠤᠨ᠂ ᠡᠨᠡ ᠪᠥᠮᠪᠥᠭᠡᠷ ᠤᠷᠠᠢ ᠲᠠᠢ ᠶᠠᠭᠠᠭᠰᠠᠨ ᠲᠣᠮᠣ ᠪᠠᠢᠰᠢᠩ ᠪᠣᠢ? ᠭᠡᠬᠦ ᠳ᠋ᠦ᠍ᠨᠢ( ᠳ᠋ᠦ᠍ ᠨᠢ) ᠤᠷᠢᠳᠤ ᠬᠣᠲᠠ ᠳ᠋ᠤ᠌ ᠬᠡᠳᠦᠨ ᠤᠳᠠᠭ᠎ᠠ ᠢᠷᠡᠵᠦ ᠦᠵᠡᠭᠰᠡᠨ ᠡᠪᠦᠭᠡᠨ ᠳᠠᠮᠳᠢᠨ᠂ 
       — ᠡᠨᠡ ᠲᠢᠶᠠᠲ᠋ᠷ ᠭᠡᠭᠴᠢ᠂ ᠪᠢᠳᠡᠨ ᠦ᠌ ᠣᠰᠢᠵᠤ ᠶᠠᠪᠤᠭ᠎ᠠ ᠭᠠᠵᠠᠷ ᠭᠡᠬᠦ ᠳ᠋ᠦ᠍ᠨᠢ( ᠳ᠋ᠦ᠍ ᠨᠢ) ᠡᠪᠦᠭᠡᠨ ᠵᠠᠮᠰᠤ᠄  
       — ᠠᠭᠤᠯᠠ ᠲᠣᠯᠣᠭᠠᠢ ᠶ᠋ᠢᠨ ᠴᠢᠨᠡᠭᠡᠨ ᠶᠦᠮ ᠠ᠋! ᠭᠡᠵᠦ ᠭᠠᠢᠬᠠᠵᠠᠢ᠃ ᠤᠯᠤᠰ ᠤ᠋ᠨ ᠰᠠᠢᠨ ᠮᠠᠯᠴᠢᠨ ᠤ᠋ ᠠᠩᠬᠠᠳᠤᠭᠠᠷ ᠬᠤᠷᠠᠯ ᠳ᠋ᠤ᠌ ᠵᠣᠷᠢᠭᠤᠯᠤᠭᠰᠠᠨ ᠤᠷᠢᠶ᠎ᠠ ᠪᠢᠴᠢᠭᠡᠰᠦᠲᠡᠢ ᠤᠯᠠᠭᠠᠨ ᠳᠠᠪᠤᠤ ᠪᠠᠷ ᠴᠢᠮᠡᠭᠰᠡᠨ ᠲᠢᠶᠠᠲ᠋ᠷ ᠤ᠋ᠨ ᠪᠠᠢᠰᠢᠩ ᠤ᠋ᠨ ᠳᠡᠷᠭᠡᠳᠡ ᠬᠦᠷᠦᠭᠡᠳ᠂ ᠠᠦ᠋ᠲ᠋ᠣᠪᠦ᠋ᠰ ᠮᠠᠰᠢᠨ ᠵᠣᠭᠰᠣᠵᠤ᠂ ᠲᠥᠯᠥᠭᠡᠯᠡᠭᠴᠢ ᠪᠠᠭᠤᠵᠠᠭᠠᠵᠠᠢ᠃ ᠨᠢᠭᠡ ᠡᠪᠦᠭᠡᠨ ᠲᠥᠯᠥᠭᠡᠯᠡᠭᠴᠢ ᠮᠠᠰᠢᠨ ᠠ᠋ᠴᠠ ᠪᠠᠭᠤᠭᠠᠳ ᠢᠨᠢᠶᠡᠮᠰᠦᠭᠯᠡᠨ᠂  
       — ᠪᠢ ᠬᠣᠲᠠ ᠤᠷᠤᠭᠤ ᠨᠠᠭᠠᠰᠢ ᠪᠠᠨ ᠢᠷᠡᠵᠦ ᠶᠠᠪᠤᠬᠤ ᠳ᠋ᠠᠭᠠᠨ( ᠳ᠋ᠤ᠌ ᠪᠠᠨ) ᠵᠠᠮ ᠳ᠋ᠠᠭᠠᠨ( ᠳ᠋ᠤ᠌ ᠪᠠᠨ) ᠨᠢᠭᠡ ᠬᠠᠴᠢᠨ ᠦᠭᠡ ᠲᠤᠭᠤᠯᠤᠭᠰᠠᠨ ᠪᠢᠯᠡ᠃ ᠡᠨᠡ ᠲᠢᠶᠠᠲ᠋ᠷ ᠤ᠋ᠨ ᠭᠣᠣᠯ ᠬᠠᠭᠠᠯᠭ᠎ᠠ ᠪᠠᠷ ᠨᠢ ᠣᠷᠣᠭᠠᠳ ᠬᠣᠶᠠᠷ ᠭᠤᠷᠪᠠ ᠠᠯᠬᠤᠬᠤ ᠳ᠋ᠤ᠌᠂ ᠬᠥᠮᠦᠨ ᠵᠠᠪᠠᠯ ᠲᠡᠷᠡ ᠲᠤᠰᠢᠶ᠎ᠠ ᠨᠢ ᠭᠠᠵᠠᠷ ᠪᠤᠯᠠᠭᠰᠠᠨ ᠲᠣᠭᠰᠢᠨ ᠰᠠᠬᠢᠭᠤᠯᠰᠤᠨ ᠤ᠋ ᠲᠡᠷᠢᠭᠦᠨ ᠳᠡᠭᠡᠷ᠎ᠡ ᠭᠢᠰᠬᠢᠳᠡᠭ ᠶᠦᠮ ᠭᠡᠵᠦ ᠶᠠᠷᠢᠬᠤ ᠶ᠋ᠢ ᠳᠤᠭᠤᠯᠤᠯ᠎ᠠ᠃ ᠲᠢᠶᠠᠲ᠋ᠷ ᠤ᠋ᠨ ᠰᠠᠭᠤᠷᠢ ᠶ᠋ᠢ ᠲᠠᠯᠪᠢᠬᠤ ᠳ᠋ᠤ᠌᠂ ᠬᠥᠮᠦᠨ ᠠᠮᠢᠲᠠᠨ ᠲᠡᠷᠡ ᠳᠣᠭᠰᠢᠨ ᠰᠠᠬᠢᠭᠤᠯᠰᠤᠨ ᠤ᠋ ᠳᠡᠭᠡᠭᠦᠷ ᠭᠢᠰᠬᠢᠨ᠂ ᠱᠠᠰᠢᠨ ᠨᠣᠮ ᠢ᠋ ᠳᠠᠷᠤᠯᠠᠨ ᠲᠣᠷᠣᠮᠵᠢᠯᠠᠭ ᠭᠡᠵᠦ ᠬᠢᠭᠰᠡᠨ ᠶᠦᠮ ᠭᠡᠳᠡᠭ ᠢ᠋ ᠰᠣᠨᠣᠰᠤᠯ᠎ᠠ᠃ ᠮᠢᠨᠦ ᠰᠠᠨᠠᠪᠠᠰᠤ᠂ ᠯᠠᠪ ᠡᠨᠡ ᠴᠤᠤᠷᠬᠠᠯ ᠦᠭᠡ ᠯᠠᠮᠠ ᠨᠠᠷ ᠤ᠋ᠨ ᠠᠮᠠ ᠠ᠋ᠴᠠ ᠭᠠᠷᠤᠭᠰᠠᠨ ᠪᠠᠢᠬᠤ᠃ ᠨᠠᠰᠤᠲᠠᠢᠴᠤᠳ ᠡᠨᠡ ᠲᠢᠶᠠᠲ᠋ᠷ ᠲᠤ᠌ ᠣᠷᠣᠬᠤ ᠳ᠋ᠠᠭᠠᠨ( ᠳ᠋ᠤ᠌ ᠪᠠᠨ) ᠭᠣᠣᠯ ᠬᠠᠭᠠᠯᠭ᠎ᠠ ᠪᠠᠷ ᠨᠢ ᠣᠷᠣᠭᠰᠠᠨ ᠴᠤ᠌ ᠰᠠᠬᠢᠭᠤᠯᠰᠤᠨ ᠤ᠋ ᠬᠢᠯᠢᠩ ᠡᠴᠡ ᠠᠶᠤᠵᠤ᠂ ᠬᠣᠶᠠᠷ ᠬᠠᠲᠠᠪᠴᠢ ᠶ᠋ᠢ ᠳᠠᠭᠠᠵᠤ ᠶᠠᠪᠤᠬᠤ ᠠ᠋ᠴᠠ ᠭᠣᠣᠯ ᠢ᠋ᠶ᠋ᠠᠷ ᠨᠢ ᠭᠢᠰᠬᠢᠳᠡᠭ ᠦᠭᠡᠢ ᠶᠦᠮ ᠭᠡᠯᠴᠡᠬᠦ ᠶ᠋ᠢ ᠳᠤᠭᠤᠯᠤᠯ᠎ᠠ ᠬᠡᠮᠡᠪᠡᠰᠦ᠂ ᠡᠪᠦᠭᠡᠨ ᠲᠣᠷᠭᠤᠳ ᠵᠠᠮᠰᠤ᠄ 
       — ᠲᠠ ᠲᠡᠷᠡ ᠰᠠᠺᠢᠭᠤᠯᠰᠠᠨ ᠤ᠋ ᠵᠤᠯᠠᠢ ᠳᠡᠭᠡᠷ᠎ᠡ ᠭᠢᠰᠬᠢᠬᠦ ᠡᠴᠡ ᠠᠶᠤᠭᠠᠳ ᠪᠠᠢᠨᠠᠤ( ᠪᠠᠢᠨ᠎ᠠ ᠤᠤ)? ᠭᠡᠵᠦ ᠢᠨᠢᠶᠡᠮᠰᠦᠭᠯᠡᠨ ᠠᠰᠠᠭᠤᠵᠠᠢ᠃ 
       — ᠠ᠋᠂ ᠪᠢ ᠴᠢᠨᠢ ᠲᠠᠷᠢᠶᠠᠲᠤ ᠶ᠋ᠢᠨ  ᠬᠦᠷᠢᠶᠡᠨ ᠦ᠌ ᠲᠡᠨᠳᠡᠬᠢ ᠬᠥᠮᠦᠨ ᠰᠢᠦ᠂ ᠯᠠᠮᠠ ᠨᠠᠷ ᠤ᠋ᠨ ᠶᠠᠩᠵᠤ ᠪᠦᠷᠢ ᠶ᠋ᠢᠨ ᠮᠡᠬᠡ ᠪᠠᠴᠢ ᠦᠵᠡᠵᠦ᠂ ᠡᠰᠡᠷᠭᠦᠦ ᠪᠣᠰᠤᠯᠭ᠎ᠠ ᠭᠠᠷᠭᠠᠬᠤ ᠳ᠋ᠤᠨᠢ( ᠳ᠋ᠤ᠌ ᠨᠢ) ᠬᠦᠷᠲᠡᠯ᠎ᠡ ᠲᠡᠳᠡᠨ ᠲᠡᠢ ᠲᠤᠯᠵᠤ ᠪᠠᠢᠭᠰᠠᠨ ᠪᠢᠯᠡ᠃ ᠡᠨᠡ ᠲᠡᠮᠳᠡᠭ ᠬᠠᠷᠠᠪᠠ ᠤᠤ? ᠲᠠᠷᠢᠶᠠᠲᠤ ᠶ᠋ᠢᠨ ᠬᠦᠷᠢᠶᠡᠨ ᠦ᠌ ᠲᠣᠭᠰᠢᠨ ᠭᠡᠰᠡᠷ ᠬᠠᠭᠠᠨ ᠤ᠋ ᠳᠠᠴᠠᠩ ᠳ᠋ᠤ᠌᠂ ᠳᠠᠴᠠᠩ ᠤ᠋ᠨ ᠵᠠᠩᠰᠠᠭ ᠤ᠋ᠨ ᠰᠡᠯᠡᠮ᠎ᠡ ᠳ᠋ᠦ᠍ ᠴᠠᠪᠴᠢᠭᠤᠯᠤᠭᠠᠳ ᠵᠠᠶᠠᠭᠠᠲᠠᠢ ᠫᠤᠤ ᠶ᠋ᠢᠨ ᠢ᠋ᠶ᠋ᠡᠨ ᠪᠥᠭᠰᠡ ᠪᠡᠷ ᠴᠣᠬᠢᠵᠤ ᠵᠠᠢᠯᠠᠭᠤᠯᠤᠭᠰᠠᠨ ᠳ᠋ᠠᠭᠠᠨ ( ᠳ᠋ᠤ᠌ ᠪᠠᠨ)᠂ ᠲᠠ ᠨᠠᠷ ᠲᠠᠢ ᠣᠳᠣ ᠢᠩᠭᠢᠵᠦ ᠠᠭᠤᠯᠵᠠᠨ ᠶᠠᠷᠢᠵᠤ ᠶᠠᠪᠤᠭ᠎ᠠ ᠬᠥᠮᠦᠨ ᠰᠢᠦ ᠭᠡᠲᠡᠯ᠎ᠡ ᠨᠢ ᠡᠪᠦᠭᠡᠨ ᠳᠠᠮᠳᠢᠨ ᠨᠥᠬᠥᠳ ᠢ᠋ᠶ᠋ᠡᠨ ᠰᠢᠪᠠᠳᠠᠨ᠂ 
       — ᠵᠠ ᠳᠣᠲᠣᠭᠰᠢ ᠪᠠᠨ ᠤᠷᠤᠰᠤᠭᠠᠶ᠎ᠡ᠂ ᠬᠤᠷᠠᠯ ᠶᠠᠭ ᠠᠷᠪᠠᠨ ᠨᠢᠭᠡ ᠳ᠋ᠦ᠍ ᠪᠣᠯᠤᠨ᠎ᠠ᠃ ᠰᠠᠭᠤᠳᠠᠯ ᠢ᠋ᠶ᠋ᠠᠨ ᠣᠯᠵᠤ ᠠᠪᠤᠶ᠎ᠠ ᠭᠡᠵᠡᠢ᠃       ᠲᠢᠶᠠᠲ᠋ᠷ ᠲᠤ᠌ ᠣᠷᠣᠭᠠᠳ᠂ ᠲᠥᠯᠥᠭᠡᠯᠡᠭᠴᠢᠳ ᠬᠤᠷᠠᠯ ᠤ᠋ᠨ ᠲᠠᠩᠬᠢᠮ ᠳ᠋ᠤ᠌ ᠰᠠᠭᠤᠳᠠᠯ ᠢ᠋ᠶ᠋ᠠᠨ ᠶᠠᠭᠠᠷᠠᠯ ᠦᠭᠡᠢ ᠲᠣᠮᠣᠭᠠᠲᠠᠢ ᠪᠠᠷ ᠡᠵᠡᠯᠡᠵᠦ᠂ ᠵᠠᠷᠢᠮ ᠨᠢ ᠠᠩᠬ᠎ᠠ ᠤᠳᠠᠭ᠎ᠠ ᠲᠢᠶᠠᠲ᠋ᠷ ᠲᠤ᠌ ᠣᠷᠣᠵᠤ ᠪᠠᠢᠭ᠎ᠠ ᠲᠤᠯᠠ᠂ ᠲᠥᠭᠥᠷᠢᠭ ᠲᠣᠮᠣ ᠲᠠᠩᠬᠢᠮ᠂ ᠭᠸᠨ᠋ᠸᠷᠡᠯᠢᠰᠰᠢᠮ ᠰᠲ᠋ᠠᠯᠢᠨ ᠤ᠋ ᠲᠣᠮᠣ ᠵᠢᠷᠤᠭ ᠲᠠᠢ ᠦᠵᠡᠮᠵᠢ ᠲᠡᠢ ᠴᠢᠮᠡᠭᠯᠡᠭᠰᠡᠨ ᠲᠡᠢᠵᠠᠨ(ᠲᠠᠢᠰᠠᠨ) ᠤ᠋ ᠵᠠᠰᠠᠯ ᠴᠢᠮᠡᠭ ᠢ᠋ ᠰᠣᠨᠢᠷᠬᠠᠨ ᠬᠠᠷᠠᠵᠤ ᠪᠢᠯᠡ᠃  
       ᠶᠠᠭ ᠠᠷᠪᠠᠨ ᠨᠢᠭᠡᠨ ᠴᠠᠭ ᠲᠤ᠌ ᠬᠤᠷᠠᠯ ᠤ᠋ᠨ  ᠲᠡᠷᠢᠭᠦᠯᠡᠭᠴᠢᠳ ᠦ᠋ᠨ ᠪᠠᠢᠷᠢ ᠳ᠋ᠤ᠌ ᠮᠠᠷᠱᠠᠯ ᠴᠣᠢᠪᠠᠯᠰᠠᠩ ᠲᠡᠷᠢᠭᠦᠲᠡᠢ ᠨᠠᠮ ᠵᠠᠰᠠᠭ ᠤ᠋ᠨ ᠤᠳᠤᠷᠢᠳᠤᠭᠴᠢᠳ ᠢ᠋ ᠬᠦᠷᠴᠦ ᠢᠷᠡᠬᠦ ᠳ᠋ᠦ᠍᠂ ᠬᠤᠷᠠᠯ ᠤ᠋ᠨ ᠲᠠᠩᠬᠢᠮ ᠤ᠋ᠨ ᠬᠢᠨ ᠠᠯᠠᠭ᠎ᠠ ᠲᠠᠰᠢᠨ᠂  
       — ᠮᠠᠷᠱᠠᠯ ᠴᠣᠢᠪᠠᠯᠰᠠᠩ ᠮᠠᠨᠳᠤᠲᠤᠭᠠᠢ! ᠮᠣᠩᠭᠣᠯ ᠰ ᠰ ᠰ ᠷ ᠬᠣᠶᠠᠷ ᠤᠯᠤᠰ ᠤ᠋ᠨ ᠠᠷᠠᠳ ᠲᠦᠮᠡᠨ ᠦ᠌ ᠨᠠᠢᠷᠠᠮᠳᠠᠯ ᠮᠠᠨᠳᠤᠲᠤᠭᠠᠢ! ᠭᠡᠵᠦ ᠪᠠᠶᠠᠷ ᠤ᠋ᠨ ᠤᠷᠢᠶ᠎ᠠ ᠴᠤᠤᠷᠢᠶᠠᠳᠠᠭᠤᠯᠪᠠ(ᠴᠤᠤᠷᠢᠶᠠᠲᠤᠭᠤᠯᠪᠠ)᠃ 
       ᠤᠷᠲᠤ ᠨᠢᠭᠤᠷᠤᠨ ᠳ᠋ᠤ᠌( ᠨᠢᠭᠤᠷ ᠲᠤ᠌) ᠰᠠᠭᠤᠵᠤ ᠪᠠᠢᠭᠰᠠᠨ ᠰᠢᠷᠴᠢᠨ᠂ ᠨᠠᠮ ᠵᠠᠰᠠᠭ ᠤ᠋ᠨ ᠤᠳᠤᠷᠢᠳᠤᠭᠴᠢᠳ ᠰᠠᠭᠤᠵᠤ ᠪᠠᠢᠭᠰᠠᠨ ᠲᠡᠷᠢᠭᠦᠯᠡᠭᠴᠢᠳ ᠦ᠋ᠨ ᠰᠢᠷᠡᠭᠡᠨ ᠦ᠌ ᠵᠦᠭ ᠨᠢᠳᠦ ᠰᠠᠯᠭᠠᠯ ᠦᠭᠡᠢ ᠬᠠᠷᠠᠵᠤ᠂ ᠤᠷᠢᠳᠤ ᠭᠡᠷᠡᠯ ᠵᠢᠷᠤᠭ ᠳᠡᠭᠡᠷ᠎ᠡ ᠦᠵᠡᠵᠦ ᠲᠠᠨᠢᠳᠠᠭ ᠵᠢᠰᠦ ᠴᠢᠷᠠᠢ ᠶ᠋ᠢ ᠨᠢ ᠬᠠᠷᠠᠬᠤ ᠳ᠋ᠠᠭᠠᠨ( ᠳ᠋ᠤ᠌ ᠪᠠᠨ)᠂ ᠣᠯᠠᠨ ᠵᠢᠯ ᠦ᠋ᠨ ᠡᠮᠦᠨ᠎ᠡ᠂ ᠠᠷᠠᠳ ᠤ᠋ᠨ ᠳᠠᠢᠰᠤᠨ ᠳ᠋ᠡᠨᠽᠠᠩ( ᠳᠠᠨᠽᠠᠨ) ᠰᠠᠢᠳ ᠤ᠋ᠨ ᠲᠤᠰᠢᠶᠠᠯ ᠢ᠋ᠶ᠋ᠠᠷ ᠨᠣᠶᠠᠨ ᠤ᠋ ᠥᠷᠢ ᠰᠢᠷᠢ ᠶ᠋ᠢ ᠮᠥᠩᠭᠥ ᠬᠦᠦᠯᠡᠳᠡᠭ ᠫᠦᠰᠡᠨ ᠳ᠋ᠦ᠍ ᠲᠥᠯᠥᠬᠦ ᠭᠡᠵᠦ ᠬᠡᠳᠦᠨ ᠢᠷᠭᠡ ᠪᠡᠨ  ᠲᠠᠭᠤᠵᠤ ᠶᠠᠪᠤᠭᠰᠠᠭᠠᠷ ᠬᠡᠭᠡᠷ᠎ᠡ ᠠᠭᠤᠯᠵᠠᠭᠰᠠᠨ ᠢ᠋ᠶ᠋ᠠᠨ ᠰᠠᠨᠠᠭᠠᠳ᠂ ᠮᠠᠷᠱᠠᠯ ᠤ᠋ᠨ ᠴᠢᠷᠠᠢ ᠶ᠋ᠢ ᠶᠡᠬᠡᠯ᠎ᠡ( ᠶᠡᠬᠡ ᠯᠡ)  ᠠᠵᠢᠭᠯᠠᠨ ᠬᠠᠷᠠᠵᠤ᠂ 
       — ᠨᠠᠮᠠᠶ᠋ᠢ(ᠨᠠᠮ᠎ᠠ ᠶ᠋ᠢ) ᠮᠠᠷᠱᠠᠯ ᠲᠠᠨᠢᠬᠤ ᠪᠣᠯᠪᠠ ᠤᠤ? ᠪᠢ ᠡᠨᠡ ᠵᠠᠪᠰᠠᠷ ᠶᠡᠬᠡᠯ᠎ᠡ(ᠶᠡᠬᠡ ᠯᠡ) ᠥᠲᠡᠯᠵᠦ ᠣᠨᠳᠣᠣ ᠪᠣᠯᠤᠭᠰᠠᠨ ᠪᠠᠢᠬᠤ ᠭᠡᠵᠦ ᠪᠣᠳᠣᠯ᠎ᠠ᠃ 
       ᠬᠤᠷᠠᠯᠳᠤᠭᠰᠠᠳ᠂ ᠮᠣᠩᠭᠣᠯ ᠤ᠋ᠨ ᠠᠷᠠᠳ ᠲᠦᠮᠡᠨ ᠦ᠌ ᠦᠯᠡᠮᠵᠢ ᠶ᠋ᠢᠨ ᠰᠠᠳᠤᠨ ᠨᠥᠬᠥᠷ᠂ ᠡᠴᠢᠭᠡ ᠮᠡᠷᠭᠡᠨ ᠰᠲ᠋ᠠᠯᠢᠨ ᠳ᠋ᠤ᠌ ᠪᠠᠶᠠᠷ ᠤ᠋ᠨ ᠤᠲᠠᠰᠤ ᠶᠠᠪᠤᠭᠤᠯᠬᠤ ᠰᠠᠨᠠᠯ ᠢ᠋ ᠮᠠᠰᠢ ᠬᠥᠭᠵᠢᠯ ᠲᠡᠢ ᠬᠦᠯᠢᠶᠡᠨ ᠠᠪᠴᠤ᠂ ᠳᠠᠷᠠᠭ᠎ᠠ ᠪᠠᠷ ᠨᠢ ᠮᠣᠩᠭᠣᠯ ᠠᠷᠠᠳ ᠤ᠋ᠨ ᠬᠤᠪᠢᠰᠬᠠᠯᠲᠤ ᠴᠡᠷᠢᠭ ᠦ᠋ᠨ ᠡᠮᠦᠨ᠎ᠡ ᠡᠴᠡ ᠤᠯᠤᠰ ᠤ᠋ᠨ ᠰᠠᠢᠨ ᠮᠠᠯᠴᠢᠨ ᠤ᠋ ᠬᠤᠷᠠᠯ ᠳ᠋ᠤ᠌ ᠪᠠᠶᠠᠷ ᠬᠦᠷᠭᠡᠬᠦ ᠭᠡᠵᠦ ᠬᠤᠷᠠᠯ ᠤ᠋ᠨ ᠶᠡᠨᠳᠡᠷ ᠳᠡᠭᠡᠷ᠎ᠡ ᠡᠩᠭᠡᠷ ᠲᠡᠭᠡᠨ( ᠲᠤ ᠪᠡᠨ) ᠴᠢᠰᠤᠨ ᠭᠠᠪᠢᠶᠠᠨ ᠤ᠋ ᠣᠳᠣᠨ ᠲᠠᠢ ᠨᠢᠭᠡ ᠵᠠᠯᠠᠭᠤ ᠴᠡᠷᠢᠭ ᠦ᠋ᠨ ᠳᠠᠷᠤᠭ᠎ᠠ ᠭᠠᠷᠴᠤ ᠢᠷᠡᠯ᠎ᠡ᠃ ᠰᠢᠷᠴᠢᠨ᠂ ᠲᠡᠭᠦᠨ ᠢ᠋ ᠨᠠᠰᠤ ᠪᠠᠭ᠎ᠠ ᠠᠲᠠᠯ᠎ᠠ ᠡᠢᠮᠦ ᠭᠠᠪᠢᠶ᠎ᠠ ᠲᠠᠢ᠂ ᠰᠦᠷᠡᠬᠡᠢ ᠵᠠᠯᠠᠭᠤ ᠶᠠ ᠭᠡᠵᠦ ᠳᠣᠲᠣᠷ᠎ᠠ ᠪᠠᠨ ᠶᠡᠬᠡᠳᠡ ᠣᠢᠰᠢᠶᠠᠨ᠂ ᠲᠡᠭᠦᠨ  ᠦ᠌ ᠦᠭᠡ ᠰᠣᠨᠣᠰᠬᠤ ᠶ᠋ᠢᠨ ᠢᠯᠳᠠᠷ᠂ ᠬᠤᠷᠠᠯ ᠤ᠋ᠨ ᠲᠡᠷᠢᠭᠦᠯᠡᠭᠴᠢᠳ ᠦ᠋ᠨ ᠰᠢᠷᠡᠭᠡᠨ᠎ᠡ ᠰᠠᠭᠤᠵᠤ ᠪᠠᠢᠭ᠎ᠠ ᠰᠠᠢᠳ ᠤ᠋ᠳ ᠢ᠋ ᠬᠠᠷᠠᠭᠰᠠᠭᠠᠷ᠂ ᠤᠷᠢᠳᠤ ᠬᠤᠪᠢᠰᠬᠠᠯ ᠤ᠋ᠨ ᠡᠬᠢᠨ ᠦ᠌ ᠦᠶ᠎ᠡ ᠪᠡᠷ᠂ ᠬᠣᠰᠢᠭᠤ ᠨᠤᠲᠤᠭ ᠲᠠᠭᠠᠨ( ᠲᠤ ᠪᠠᠨ)᠂ ᠠᠩᠬ᠎ᠠ ᠪᠠᠭ᠎ᠠ ᠰᠤᠷᠭᠠᠭᠤᠯᠢ ᠲᠡᠭᠦᠰᠬᠡᠭᠰᠡᠨ ᠰᠤᠷᠤᠭᠴᠢᠳ ᠤ᠋ᠨ ᠪᠠᠶᠠᠷ ᠤ᠋ᠨ ᠬᠤᠷᠠᠯ ᠳᠡᠭᠡᠷ᠎ᠡ ᠲᠡᠷᠡ ᠦᠶ᠎ᠡ ᠶ᠋ᠢᠨ ᠰᠠᠢᠳ ᠤ᠋ᠳ ᠠ᠋ᠴᠠ ᠭᠡᠭᠡᠷᠡᠭᠦᠯᠬᠦ ᠶ᠋ᠢᠨ ᠰᠠᠢᠳ ᠢ᠋ ᠦᠵᠡᠭᠰᠡᠨ ᠢ᠋ᠶ᠋ᠡᠨ ᠰᠠᠨᠠᠵᠠᠢ᠃ ᠲᠡᠷᠡ ᠭᠡᠭᠡᠷᠡᠭᠦᠯᠬᠦ ᠶ᠋ᠢᠨ ᠰᠠᠢᠳ ᠶᠡᠷᠦ ᠡᠭᠡᠯ ᠬᠠᠷᠠᠴᠤ ᠬᠥᠮᠦᠨ ᠢ᠋ ᠲᠣᠭᠣᠵᠤ ᠬᠠᠷᠠᠳᠠᠭ ᠦᠭᠡᠢ ᠰᠦᠷᠡᠬᠡᠢ ᠠᠮᠢᠲᠠᠨ ᠪᠠᠢᠭᠰᠠᠨ ᠢ᠋ ᠰᠠᠨᠠᠬᠤ ᠳ᠋ᠠᠭᠠᠨ( ᠳ᠋ᠤ᠌ ᠪᠠᠨ)᠂ ᠣᠯᠠᠨ᠎ᠠ ᠡᠷᠭᠦᠭᠳᠡᠭᠰᠡᠨ ᠦ᠌ ᠵᠠᠰᠠᠭ ᠤ᠋ᠨ ᠭᠠᠵᠠᠷ ᠤ᠋ᠨ ᠹᠧᠣᠳᠠᠯ ᠰᠠᠢᠳ ᠤ᠋ᠳ ᠤ᠋ᠨ ᠵᠠᠩ ᠠᠭᠠᠰᠢ ᠲᠠᠢ ᠶᠠᠮᠠᠷ ᠲᠥᠰᠲᠡᠢ ᠰᠠᠢᠳ ᠪᠠᠢᠵᠤ ᠪᠣᠢ? ᠵᠠᠩ ᠪᠠᠢᠳᠠᠯ ᠤ᠋ᠨ ᠮᠠᠶᠢᠭ ᠲᠠᠢ ᠶ᠋ᠢ ᠨᠢ ᠪᠣᠳᠣᠬᠤ ᠳ᠋ᠤ᠌ ᠰᠠᠢᠳ ᠪᠢᠰᠢ᠂ ᠵᠦᠴᠦᠭᠡᠴᠢᠨ ᠬᠥᠮᠦᠨ ᠭᠡᠮᠡᠷ ᠪᠠᠢᠭᠰᠠᠨ ᠪᠢᠯᠡ᠃ ᠪᠠᠢᠵᠠ ᠤᠤ᠂ ᠲᠡᠷᠡ ᠰᠠᠢᠳ ᠪᠥᠯᠥᠭᠡ ᠬᠥᠮᠦᠨ ᠢ᠋ ᠬᠣᠵᠢᠮ《ᠠᠯᠮᠠᠰ ᠤ᠋ᠨ ᠬᠠᠪᠴᠢᠯ》 ᠭᠡᠳᠡᠭ ᠨᠢᠭᠡ ᠺᠢᠨᠣ᠋ ᠳ᠋ᠤ᠌ ᠨᠢᠭᠡ ᠬᠠᠷᠠᠪᠠ ᠤᠤ ᠶᠠᠭᠠᠬᠢᠯ᠎ᠠ ᠪᠢ? ᠭᠡᠵᠦ ᠪᠣᠳᠣᠬᠤ ᠳ᠋ᠤᠨᠢ( ᠳ᠋ᠤ᠌ ᠨᠢ) ᠲᠡᠷᠡ ᠰᠠᠢᠳ ᠪᠥᠯᠥᠭᠡ ᠬᠥᠮᠦᠨ ᠦ᠌ ᠰᠡᠳᠬᠢᠯ ᠨᠢ ᠬᠠᠨᠴᠢᠬᠠᠭᠰᠠᠨ ᠭᠠᠪᠵᠤ ᠶ᠋ᠢᠨ ᠳᠤᠭᠤᠢ ᠰᠢᠭ᠋ ᠲᠣᠭᠣᠷᠢᠭ ᠲᠠᠷᠭᠤᠨ ᠴᠢᠷᠠᠢ ᠰᠡᠳᠬᠢᠯ ᠳ᠋ᠦ᠍ᠨᠢ( ᠳ᠋ᠦ᠍ ᠨᠢ) ᠤᠷᠭᠤᠵᠤ᠂ ᠨᠥᠭᠴᠢᠭᠰᠡᠨ ᠪᠠᠲᠤᠪᠠᠶᠠᠷ ᠡᠪᠦᠭᠡ ᠶ᠋ᠢᠨ ᠰᠡᠳᠬᠢᠯ ᠳ᠋ᠦ᠍ ᠶᠡᠬᠡᠯ᠎ᠡ( ᠶᠡᠬᠡ ᠯᠡ)ᠳᠠᠭ᠎ᠠ ᠦᠭᠡᠢ ᠪᠠᠢᠳᠠᠭ ᠬᠠᠭᠤᠷᠮᠠᠴᠢ ᠪᠢᠯᠳᠠᠤᠴᠢ ᠢᠨᠢᠶᠡᠬᠦ ᠨᠢ ᠴᠢᠬᠢᠨ ᠳ᠋ᠦ᠍ ᠰᠣᠨᠣᠰᠳᠠᠭᠰᠠᠨ ᠰᠢᠭ᠋ ᠪᠣᠯᠵᠠᠢ᠃ ᠡᠪᠦᠭᠡᠨ ᠪᠠᠲᠤᠪᠠᠶᠠᠷ ᠭᠤᠸᠠᠢ ᠬᠣᠵᠢᠮ ᠬᠡᠯᠡᠬᠦ ᠳ᠋ᠡᠭᠡᠨ( ᠳ᠋ᠦ᠍ ᠪᠡᠨ)᠂ ᠳᠡᠭᠡᠭᠦᠷ ᠨᠢᠭᠤᠷ ᠲᠠᠯ᠎ᠠ ᠦᠭᠡᠢ ᠬᠥᠮᠦᠨ᠂ ᠲᠡᠷᠡ ᠰᠠᠢᠳ ᠠᠪᠤᠭᠠᠢ ᠳ᠋ᠤ᠌ ᠪᠠᠷᠠᠭᠠᠯᠬᠠᠬᠤ ᠳ᠋ᠤ᠌ ᠬᠡᠴᠡᠭᠦᠦ ᠪᠠᠢᠬ᠎ᠠ ᠭᠡᠵᠦ ᠬᠡᠯᠡᠭᠰᠡᠨ ᠨᠢ ᠰᠢᠷᠴᠢᠨ ᠦ᠌ ᠰᠡᠳᠬᠢᠯ ᠳ᠋ᠦ᠍ ᠣᠷᠣᠭᠠᠳ᠂ ᠵᠢᠩᠬᠢᠨᠢ ᠬᠥᠳᠡᠯᠮᠦᠷᠢᠴᠢᠨ ᠠᠷᠠᠳ ᠣᠯᠠᠨ ᠤ᠋ ᠠᠰᠢᠭ ᠲᠤᠰᠠ ᠶ᠋ᠢ ᠡᠷᠬᠢᠮ ᠪᠣᠯᠭᠠᠬᠤ ᠵᠠᠰᠭ ᠲᠥᠷᠥ ᠶ᠋ᠢᠨ ᠠᠫᠠᠫᠠᠷᠠᠲ᠋ ᠢ᠋ ᠪᠣᠢ ᠪᠣᠯᠭᠠᠬᠤ ᠳ᠋ᠤ᠌ ᠶᠠᠭᠤᠲᠠᠢ ᠶᠡᠬᠡ ᠬᠦᠴᠦ ᠴᠢᠳᠠᠯ ᠣᠷᠣᠭᠰᠠᠨ ᠪᠣᠢ ᠭᠡᠵᠦ ᠪᠣᠳᠣᠭᠠᠳ ᠲᠤᠰ ᠵᠥᠪᠯᠡᠯᠭᠡᠨ ᠳ᠋ᠦ᠍ ᠪᠠᠶᠠᠷ ᠬᠦᠷᠭᠡᠵᠦ ᠪᠠᠢᠭ᠎ᠠ ᠠᠷᠠᠳ ᠤ᠋ᠨ ᠬᠤᠪᠢᠰᠬᠠᠯᠲᠤ ᠴᠡᠷᠢᠭ ᠦ᠋ᠨ ᠱᠠᠪ ᠬᠢᠭᠰᠡᠨ ᠰᠡᠷᠭᠦᠯᠡᠩ ᠴᠢᠯᠭᠡᠷ ᠳᠠᠷᠤᠭ᠎ᠠ ᠳ᠋ᠤ᠌ ᠠᠯᠠᠭ᠎ᠠ ᠲᠡᠰᠢᠨ ᠪᠠᠶᠠᠷ ᠬᠦᠷᠭᠡᠵᠦ ᠪᠠᠢᠭᠰᠠᠨ ᠮᠠᠷᠱᠠᠯ ᠢ᠋ ᠲᠡᠰᠬᠡᠯ ᠦᠭᠡᠢ ᠪᠠᠬᠠᠳᠤᠵᠤ ᠮᠠᠰᠢᠳᠠ ᠪᠢᠰᠢᠷᠡᠨ ᠬᠠᠷᠠᠵᠠᠢ᠃ 
       — ᠣᠳᠣ᠂ ᠲᠤᠰ ᠤᠯᠤᠰ ᠲᠤ᠌ ᠮᠠᠯ ᠠᠵᠤ ᠠᠬᠤᠢ ᠶ᠋ᠢ ᠬᠥᠭᠵᠢᠭᠦᠯᠦᠭᠰᠡᠭᠡᠷ ᠢᠷᠡᠭᠰᠡᠨ ᠪᠠᠢᠳᠠᠯ᠂ ᠲᠡᠭᠦᠨ ᠲᠡᠢ ᠬᠣᠯᠪᠣᠭᠳᠠᠭᠰᠠᠨ ᠴᠢᠨᠠᠭᠰᠢᠳᠠ ᠲᠠᠯᠪᠢᠬᠤ ᠵᠣᠷᠢᠯᠲᠠ ᠶ᠋ᠢᠨ ᠤᠴᠢᠷ᠂ ᠮᠣᠩᠭᠣᠯ ᠠᠷᠠᠳ ᠤᠯᠤᠰ ᠤ᠋ᠨ ᠶᠡᠷᠦᠩᠬᠡᠢ ᠰᠠᠢᠳ᠂ ᠰᠢᠯᠭᠠᠷᠠᠭᠰᠠᠨ ᠪᠠᠭᠠᠲᠤᠷ ᠮᠠᠷᠱᠠᠯ ᠴᠣᠢᠪᠠᠯᠰᠠᠩ ᠢᠯᠡᠳᠬᠡᠯ ᠬᠢᠨ᠎ᠡ ᠭᠡᠵᠦ ᠬᠤᠷᠠᠯ ᠤ᠋ᠨ ᠳᠠᠷᠤᠭ᠎ᠠ᠂ ᠠᠷᠠᠳ ᠤ᠋ᠨ ᠬᠤᠪᠢᠰᠬᠠᠯᠲᠤ ᠴᠡᠷᠢᠭ ᠦ᠋ᠨ ᠲᠥᠯᠥᠭᠡᠯᠡᠭᠴᠢ ᠶ᠋ᠢᠨ ᠪᠠᠶᠠᠷ ᠬᠦᠷᠭᠡᠭᠰᠡᠨ ᠦᠭᠡᠨ ᠳ᠋ᠦ᠍ ᠠᠯᠠᠭ᠎ᠠ ᠲᠠᠰᠢᠬᠤ ᠴᠢᠮᠡᠭᠡ ᠨᠠᠮᠳᠠᠮᠠᠭᠴᠠ ᠬᠡᠯᠡᠵᠦ᠂ ᠬᠤᠷᠠᠯᠳᠤᠭᠰᠠᠳ ᠳᠠᠬᠢᠨ ᠲᠠᠩᠬᠢᠮ ᠳᠦᠭᠦᠷᠡᠩ ᠨᠢᠵᠢᠭᠢᠨᠡᠲᠡᠯ᠎ᠡ ᠠᠯᠠᠭ᠎ᠠ ᠲᠠᠰᠢᠵᠠᠭᠠᠯ᠎ᠠ᠃  

— — — — 
 * ᠠᠵᠢᠯ ᠢ᠋ᠶ᠋ᠠᠨ ᠰᠢᠮᠳᠠᠨ ᠬᠢᠶ᠎ᠡ! ᠠᠯᠳᠠᠷᠲᠠᠢ ᠬᠥᠳᠡᠯᠮᠦᠷᠢ ᠬᠢᠬᠦ ᠳ᠋ᠦ᠍ ᠤᠷᠮᠠᠳᠠᠶ᠎ᠠ᠃ ᠢᠸᠠᠨ ᠸᠠᠽᠤᠸ( ᠪᠣᠯᠭᠠᠷᠢ ᠶ᠋ᠢᠨ ᠠᠯᠳᠠᠷᠲᠤ ᠵᠣᠬᠢᠶᠠᠯᠴᠢ)    
 * ᠳᠡᠯᠪᠡᠭ ᠭᠡᠵᠦ ᠮᠣᠷᠢᠨ ᠲᠡᠷᠭᠡᠨ ᠦ᠌ ᠤᠷᠲᠤ ᠵᠢᠯᠤᠭᠤᠨ ᠤ᠋ ᠮᠣᠩᠭᠣᠯ ᠨᠡᠷ᠎ᠡ᠂ ᠳᠠᠯᠪᠠᠭᠴᠢ ᠭᠡᠵᠦ ᠮᠣᠷᠢᠨ ᠲᠡᠷᠭᠡᠨ ᠦ᠌ ᠵᠢᠯᠣᠭᠣ ᠪᠠᠷᠢᠳᠠᠭ ᠬᠥᠮᠦᠨ ᠢ᠋ ᠬᠡᠯᠡᠳᠡᠭ ᠶᠦᠮ᠃  

       ᠰᠢᠷᠴᠢᠨ᠂ ᠮᠠᠷᠱᠠᠯ ᠤ᠋ᠨ ᠢᠯᠡᠳᠬᠡᠯ ᠢ᠋ ᠶᠡᠬᠡᠯ᠎ᠡ(ᠶᠡᠬᠡ ᠯᠡ) ᠬᠢᠴᠢᠶᠡᠩᠭᠦᠢᠯᠡᠨ ᠰᠣᠨᠣᠰᠴᠤ ᠰᠠᠭᠤᠯ᠎ᠠ᠃ ᠮᠠᠷᠱᠠᠯ ᠴᠣᠢᠪᠠᠯᠰᠠᠩ ᠢᠯᠡᠳᠬᠡᠯ ᠬᠢᠬᠦ ᠳ᠋ᠡᠭᠡᠨ( ᠳ᠋ᠦ᠍ ᠪᠡᠨ)᠂ ᠬᠥᠮᠦᠨ ᠦ᠌ ᠤᠬᠠᠬᠤ ᠳ᠋ᠤ᠌ ᠬᠢᠯᠪᠠᠷ ᠴᠠᠭᠠᠨ ᠥᠩᠭᠡ ᠪᠡᠷ ᠢᠯᠡᠳᠬᠡᠨ᠂ ᠤᠯᠤᠰ ᠤ᠋ᠨ ᠰᠠᠢᠨ ᠮᠠᠯᠴᠢᠨ ᠨᠤᠭᠤᠳ ᠤ᠋ᠨ ᠠᠵᠢᠯᠯᠠᠭᠠᠨ ᠤ᠋ ᠲᠤᠷᠰᠢᠯᠭ᠎ᠠ ᠠ᠋ᠴᠠ ᠡᠰᠢ ᠲᠠᠲᠠᠵᠤ᠂ ᠦᠯᠢᠭᠡᠷ ᠵᠢᠱ᠌ᠢᠶ᠎ᠡ ᠪᠣᠯᠭᠠᠨ ᠶᠠᠷᠢᠭᠠᠳ᠂ ᠵᠠᠷᠢᠮ ᠳ᠋ᠠᠭᠠᠨ( ᠳ᠋ᠤ᠌ ᠪᠠᠨ) ᠲᠠᠩᠬᠢᠮ ᠳ᠋ᠤ᠌ ᠪᠠᠢᠭᠰᠠᠨ ᠰᠠᠢᠨ ᠮᠠᠯᠴᠢᠨ ᠠ᠋ᠴᠠ ᠦᠭᠡ ᠠᠰᠠᠭᠤᠬᠤ ᠵᠡᠷᠭᠡ ᠪᠡᠷ ᠬᠠᠷᠢᠯᠴᠠᠨ ᠦᠭᠡ ᠬᠡᠯᠡᠯᠴᠡᠬᠦ ᠮᠡᠲᠦ ᠰᠠᠨᠠᠯ ᠰᠣᠯᠢᠯᠴᠠᠨ᠂ ᠠᠷᠠᠳ ᠤ᠋ᠨ ᠬᠤᠪᠢᠰᠬᠠᠯ ᠤ᠋ᠨ ᠦᠶᠡᠰ ᠲᠤᠰ ᠤᠯᠤᠰ ᠲᠤ᠌ ᠮᠠᠯ ᠠᠵᠤ ᠠᠬᠤᠢ ᠶ᠋ᠢᠨ ᠬᠡᠷᠬᠢᠨ ᠬᠥᠭᠵᠢᠭᠰᠡᠭᠡᠷ ᠢᠷᠡᠭᠰᠡᠨ ᠦ᠌ ᠳ᠋ᠦᠩ ᠲᠣᠢᠮᠣ ᠶ᠋ᠢ ᠢᠷᠠᠭᠤ ᠲᠣᠳᠣᠷᠬᠠᠢ ᠪᠠᠷ ᠶᠠᠷᠢᠵᠤ ᠥᠭᠪᠡ᠃ 
       ᠥᠩᠭᠡᠷᠡᠭᠴᠢ ᠬᠠᠪᠤᠷ᠂ ᠤᠩᠭᠠᠰᠤ ᠨᠣᠣᠰᠣ ᠶ᠋ᠢ ᠭᠠᠷᠤᠵᠠᠳᠠᠯ ᠦᠭᠡᠢ ᠬᠢᠷᠭᠠᠵᠤ ᠠᠪᠬᠤ ᠲᠤᠬᠠᠢ ᠺᠣᠮᠫᠠᠨᠢ ᠶ᠋ᠢᠨ ᠠᠵᠢᠯ ᠶᠠᠪᠤᠭᠤᠯᠬᠤ ᠦᠶᠡᠰ ᠭᠠᠷᠤᠭᠰᠠᠨ ᠳᠤᠲᠠᠭᠳᠠᠯ ᠢ᠋ ᠳᠤᠷᠠᠳᠬᠤ ᠳ᠋ᠠᠭᠠᠨ( ᠳ᠋ᠤ᠌ ᠪᠠᠨ)᠂ ᠮᠠᠷᠱᠠᠯ ᠡᠮᠦᠨ᠎ᠡ ᠭᠣᠪᠢ ᠠᠢᠮᠠᠭ ᠤ᠋ᠨ ᠮᠠᠯᠴᠢᠨ ᠠᠪᠢᠷᠮᠢᠳ ᠢ᠋ ᠬᠠᠷᠢᠯᠴᠠᠨ ᠦᠭᠡ ᠶᠠᠷᠢᠵᠤ ᠪᠠᠢᠭᠰᠠᠨ ᠶᠤᠮ ᠰᠢᠭ᠋᠂ ᠤᠷᠲᠤ ᠶ᠋ᠢᠨ ᠨᠣᠣᠰᠣ ᠬᠢᠷᠭᠠᠬᠤ ᠦᠶ᠎ᠡ ᠪᠡᠷ ᠲᠠᠨ ᠤ᠋ ᠠᠢᠮᠠᠭ ᠲᠤ᠌ ᠶᠠᠮᠠᠷ ᠳᠤᠲᠠᠭᠳᠠᠯ ᠭᠠᠷᠤᠭᠰᠠᠨ ᠢ᠋ ᠶᠠᠷᠢᠵᠤ ᠥᠭᠭᠦᠨ᠎ᠡ ᠤᠤ? ᠭᠡᠪᠡᠯ᠂ ᠲᠡᠷᠡ ᠮᠠᠯᠴᠢᠨ ᠬᠠᠷᠢᠭᠤ ᠥᠭᠦᠯᠡᠷᠦᠨ᠂  
       — ᠮᠠᠨ ᠤ᠋ ᠠᠢᠮᠠᠭ ᠲᠤ᠌ ᠲᠡᠮᠡᠭᠡ ᠶ᠋ᠢ ᠳᠡᠩᠳᠡᠭᠦᠦ ᠡᠷᠲᠡ ᠬᠢᠷᠭᠠᠭᠰᠠᠨ ᠤᠴᠢᠷ᠂ ᠬᠦᠢᠲᠡᠨ ᠪᠣᠷᠣᠭᠠᠨ ᠳ᠋ᠤ᠌ ᠨᠡᠯᠢᠶᠡᠳ ᠣᠯᠠᠨ ᠲᠡᠮᠡᠭᠡ ᠣᠰᠤᠭᠤᠵᠤ ᠦᠬᠦᠭᠰᠡᠨ ᠪᠢᠯᠡ᠃ ᠪᠠᠰᠠ ᠨᠣᠣᠰᠣ ᠬᠢᠷᠭᠠᠬᠤ ᠪᠷᠢᠭᠠᠳ᠋(ᠪᠠᠷᠢᠭᠠᠳᠠ)  ᠤ᠋ᠨ ᠵᠣᠬᠢᠶᠠᠨ ᠪᠠᠢᠭᠤᠯᠤᠯᠲᠠ ᠮᠠᠰᠢ ᠮᠠᠭᠤ ᠪᠠᠢᠭᠰᠠᠨ ᠤᠴᠢᠷ᠂ ᠦᠷ᠎ᠡ ᠪᠦᠲᠦᠭᠡᠯ ᠪᠠᠭ᠎ᠠ ᠲᠠᠢ ᠶ᠋ᠢᠨ ᠳᠡᠭᠡᠷ᠎ᠡ ᠡᠳᠦᠢ ᠲᠡᠳᠦᠢ ᠬᠥᠮᠦᠨ ᠦ᠌ ᠠᠵᠢᠯ ᠢ᠋ ᠠᠯᠳᠠᠭᠳᠠᠭᠤᠯᠤᠭᠰᠠᠨ ᠪᠢᠯᠡ᠃ ᠵᠠᠷᠢᠮ ᠳ᠋ᠠᠭᠠᠨ( ᠳ᠋ᠤ᠌ ᠪᠠᠨ) ᠨᠢᠭᠡ ᠠᠢᠯ ᠳᠡᠭᠡᠷ᠎ᠡ ᠬᠡᠳᠦ ᠬᠡᠳᠦᠨ ᠪᠠᠷᠢᠭᠠᠳ᠋(ᠪᠠᠷᠢᠭᠠᠳᠠ)᠂ ᠠᠯᠢ ᠬᠡᠳᠦᠢᠨ ᠦ᠌ ᠰᠠᠮᠨᠠᠵᠤ ᠭᠦᠢᠴᠡᠭᠰᠡᠨ ᠢᠮᠠᠭ᠎ᠠ ᠰᠠᠮᠨᠠᠬᠤ ᠭᠡᠵᠦ ᠳᠡᠭᠡᠷ᠎ᠡ ᠳᠡᠭᠡᠷ᠎ᠡ ᠪᠡᠨ ᠬᠦᠷᠴᠦ ᠢᠷᠡᠵᠦ ᠪᠠᠢᠭᠰᠠᠨ ᠤᠳᠠᠭ᠎ᠠ ᠴᠤ᠌ ᠪᠣᠢ᠃ ᠢᠮᠠᠭ᠎ᠠ ᠰᠠᠮᠨᠠᠬᠤ᠂ ᠬᠣᠨᠢ ᠲᠡᠮᠡᠭᠡ ᠬᠢᠷᠭᠠᠬᠤ ᠪᠠᠷᠢᠭᠠᠳ᠋ ᠲᠤ᠌ ᠳᠠᠢᠴᠢᠯᠠᠭᠳᠠᠨ ᠶᠠᠪᠤᠭᠰᠠᠨ ᠬᠥᠮᠦᠨ ᠦ᠌ ᠠᠷᠤ ᠭᠡᠷ ᠲᠦ᠍ ᠮᠠᠯ ᠬᠠᠷᠠᠬᠤ ᠬᠥᠮᠦᠨ ᠪᠦᠯᠢ ᠦᠭᠡᠢ ᠪᠣᠯᠤᠭᠰᠠᠨ ᠤᠴᠢᠷ ᠠ᠋ᠴᠠ᠂ ᠮᠠᠯ ᠠᠯᠳᠠᠬᠤ ᠶᠠᠪᠤᠳᠠᠯ ᠭᠠᠷᠴᠤ᠂ ᠠᠯᠳᠠᠭᠰᠠᠨ ᠮᠠᠯ ᠢ᠋ᠶ᠋ᠠᠨ ᠡᠷᠢᠬᠦ ᠠᠵᠢᠯ ᠭᠠᠷᠴᠤ ᠪᠠᠢᠭᠰᠠᠨ ᠵᠦᠢᠯ ᠪᠣᠢ᠃ ᠡᠨᠡ ᠲᠤᠷᠰᠢᠯᠭ᠎ᠠ ᠶ᠋ᠢ ᠦᠵᠡᠬᠦ ᠳ᠋ᠦ᠍᠂ ᠨᠣᠣᠰᠣ ᠬᠢᠷᠭᠠᠬᠤ ᠠᠵᠢᠯ ᠢ᠋ ᠠᠷᠠᠢ ᠥᠮᠨᠥᠭᠡ ᠪᠡᠷ ᠵᠣᠬᠢᠶᠠᠨ ᠪᠠᠢᠭᠤᠯᠬᠤ ᠨᠢ ᠵᠦᠢᠲᠡᠢ ᠭᠡᠵᠦ ᠪᠢ ᠪᠣᠳᠣᠵᠤ ᠪᠠᠢᠨ᠎ᠠ ᠭᠡᠵᠦ ᠮᠠᠷᠱᠠᠯ ᠤ᠋ᠨ ᠠᠰᠠᠭᠤᠭᠰᠠᠨ ᠦᠭᠡᠨ ᠳ᠋ᠦ᠍ ᠲᠡᠷᠡ ᠮᠠᠯᠴᠢᠨ ᠬᠠᠷᠢᠭᠤᠯᠵᠤ ᠪᠢᠯᠡ᠃ 
       ᠮᠠᠷᠱᠠᠯ ᠲᠡᠷᠡ ᠦᠭᠡ ᠰᠣᠨᠣᠰᠤᠭᠠᠳ᠂ ᠳᠣᠷᠣᠨᠠᠲᠤ ᠠᠢᠮᠠᠭ ᠤ᠋ᠨ ᠮᠠᠯᠴᠢᠨ ᠨᠡᠩᠵᠢᠮ᠎ᠡ ᠶ᠋ᠢ᠂  
       — ᠲᠠ᠂ ᠮᠠᠯ ᠢ᠋ᠶ᠋ᠠᠨ ᠶᠠᠭᠠᠬᠢᠵᠤ ᠥᠰᠬᠡᠭᠰᠡᠨ ᠢ᠋ᠶ᠋ᠡᠨ ᠶᠠᠷᠢᠵᠤ ᠥᠭᠭᠦᠨᠡᠦ(ᠥᠭᠭᠦᠨ᠎ᠡ ᠤᠤ) ᠭᠡᠪᠡᠯ᠂ 
       — ᠮᠣᠩᠭᠣᠯ ᠤᠯᠤᠰ ᠠᠷᠪᠠᠨ ᠨᠢᠭᠡᠨ ᠣᠨ ᠳ᠋ᠤ᠌ ᠳᠡᠭᠦᠦ ᠪᠢᠳᠡ ᠬᠣᠶᠠᠷ ᠳᠥᠩᠭᠡᠵᠢ(ᠳᠥᠩᠭᠡᠵᠦ) ᠠᠷᠪᠠᠨ ᠬᠣᠶᠠᠷ ᠮᠠᠯ ᠲᠠᠢ ᠪᠠᠢᠵᠤ ᠪᠢᠯᠡ᠃ ᠨᠢᠭᠡ ᠫᠤᠤ ᠬᠤᠳᠠᠯᠳᠤᠵᠤ ᠠᠪᠤᠭᠠᠳ᠂ ᠲᠡᠷᠡ ᠵᠢᠯ ᠳ᠋ᠡᠭᠡᠨ( ᠳ᠋ᠦ᠍ ᠪᠡᠨ) ᠬᠣᠶᠠᠷ ᠵᠠᠭᠤᠨ ᠭᠥᠷᠥᠭᠡᠰᠦ ᠠᠯᠠᠵᠤ᠂ ᠬᠣᠷᠰᠢᠶ᠎ᠠ ᠳ᠋ᠠᠭᠠᠨ( ᠳ᠋ᠤ᠌ ᠪᠠᠨ) ᠲᠠᠪᠤ ᠲᠠᠪᠤᠨ ᠲᠥᠭᠥᠷᠢᠭ ᠢ᠋ᠶ᠋ᠡᠷ ᠲᠤᠰᠢᠶᠠᠭᠠᠳ᠂ ᠲᠡᠷᠡ ᠮᠥᠩᠭᠥ ᠪᠡᠷ ᠮᠠᠯ ᠬᠤᠳᠠᠯᠳᠤᠨ ᠠᠪᠴᠤ ᠬᠥᠯᠵᠢᠭᠡᠳ᠂ ᠣᠳᠣ ᠭᠠᠭᠴᠠ ᠪᠢ ᠬᠣᠶᠠᠷ ᠵᠠᠭᠤᠭᠠᠳ ᠮᠠᠯ ᠲᠠᠢ ᠪᠣᠯᠤᠭᠠᠳ ᠪᠠᠢᠨ᠎ᠠ᠃ ᠪᠢ ᠪᠠᠰᠠ ᠬᠣᠷᠰᠢᠶᠠᠨ ᠤ᠋ ᠠᠭᠧᠨᠲ ᠬᠢᠵᠦ᠂ ᠲᠦᠭᠦᠬᠡᠢ ᠡᠳ᠋ ᠪᠡᠯᠡᠳᠬᠡᠬᠦ ᠲᠥᠯᠥᠪᠯᠡᠭᠡ ᠪᠡᠨ206 ᠬᠤᠪᠢ ᠪᠠᠷ ᠳᠠᠪᠠᠭᠤᠯᠤᠭᠰᠠᠨ᠃ ᠮᠥᠨ ᠮᠠᠯ ᠤ᠋ᠨ ᠢ᠋ᠶ᠋ᠠᠨ ᠪᠦᠬᠦ ᠤᠩᠭᠠᠰᠤ ᠨᠣᠣᠰᠣ ᠬᠣᠷᠰᠢᠶᠠᠨ ᠳ᠋ᠠᠭᠠᠨ ( ᠳ᠋ᠤ᠌ ᠪᠠᠨ) ᠲᠤᠰᠢᠶᠠᠭᠰᠠᠨ ᠭᠡᠵᠦ ᠨᠡᠩᠵᠢᠮ᠎ᠡ ᠶ᠋ᠢᠨ ᠬᠡᠯᠡᠬᠦ ᠳ᠋ᠦ᠍᠂ ᠲᠥᠪ ᠠᠢᠮᠠᠭ ᠤ᠋ᠨ ᠳᠡᠯᠭᠡᠷᠴᠣᠭᠲᠤ ᠰᠤᠮᠤ ᠶ᠋ᠢᠨ ᠮᠠᠯᠴᠢᠨ ᠫᠤᠩᠰᠤᠭ ᠰᠠᠭᠤᠳᠠᠯ ᠠ᠋ᠴᠠ ᠪᠠᠨ ᠪᠣᠰᠴᠤ᠂  
       — ᠪᠢ ᠴᠦ᠍ ᠪᠠᠰᠠ ᠤᠩᠭᠠᠰᠤ ᠨᠣᠣᠰᠣ ᠪᠠᠨ ᠬᠣᠷᠰᠢᠶᠠᠨ ᠳ᠋ᠤ᠌ ᠪᠦᠷᠢᠨ ᠲᠤᠰᠢᠶᠠᠭᠰᠠᠨ᠃ 21 ᠲᠡᠮᠡᠭᠡᠨ ᠡᠴᠡ143 ᠺᠢᠯ‍ᠣ᠌ ᠤᠩᠭᠠᠰᠤ᠂12 ᠢᠮᠠᠭᠠᠨ ᠠ᠋ᠴᠠ6 ᠺᠢᠯᠣ᠌᠊ ᠨᠣᠣᠯᠣᠭᠤᠷ ᠠᠪᠤᠭᠰᠠᠨ ᠭᠡᠪᠡᠯ᠂ ᠲᠥᠪ ᠠᠢᠮᠠᠭ ᠤ᠋ᠨ ᠡᠪᠦᠭᠡᠨ ᠳᠤᠭᠠᠷᠵᠠᠪ ᠪᠣᠰᠴᠤ᠂ 
       — ᠪᠢ ᠵᠢᠷᠭᠤᠭᠠᠨ ᠢᠮᠠᠭᠠᠨ ᠠ᠋ᠴᠠ ᠪᠠᠨ7 ᠺᠢᠯᠣ᠊ ᠨᠣᠣᠯᠣᠭᠤᠷ ᠰᠠᠮᠨᠠᠵᠤ ᠠᠪᠤᠭᠰᠠᠨ ᠰᠢᠦ᠃ ᠬᠥᠮᠦᠨ ᠪᠠᠷᠤᠭ ᠦᠨᠡᠮᠰᠢᠬᠦ ᠦᠭᠡᠢ ᠪᠠᠢᠵᠤ ᠪᠢᠯᠡ᠃ ᠪᠢ ᠠᠷᠪᠠᠨ ᠭᠡᠷ ᠦ᠋ᠨ ᠤᠬᠠᠭᠤᠯᠤᠭᠴᠢ ᠬᠥᠮᠦᠨ ᠶᠦᠮ᠂ ᠲᠡᠭᠡᠭᠡᠳ᠂ ᠳᠠᠬᠢᠨ ᠳᠠᠬᠢᠨ ᠰᠠᠢᠨ ᠰᠠᠮᠨᠠᠪᠠᠯ᠂ ᠥᠴᠢᠨᠡᠨ (ᠡᠴᠢᠨᠡᠭᠡᠨ) ᠶᠡᠬᠡ ᠨᠣᠣᠯᠣᠭᠤᠷ ᠰᠠᠮᠨᠠᠵᠤ ᠪᠣᠯᠳᠠᠭ ᠶᠤᠮ ᠪᠠᠢᠨ᠎ᠠ ᠭᠡᠵᠦ ᠲᠡᠷᠡ ᠰᠠᠮᠨᠠᠭᠰᠠᠨ ᠨᠣᠣᠯᠣᠭᠤᠷ ᠢ᠋ᠶ᠋ᠠᠨ ᠭᠠᠨᠵᠤᠭᠠᠯᠠᠭᠠᠳ᠂ ᠠᠷᠪᠠᠨ ᠭᠡᠷ ᠦ᠋ᠨ ᠠᠢᠯ ᠠᠬ᠎ᠠ ᠳᠡᠭᠦᠦ ᠨᠠᠷ ᠲᠤ᠌ ᠵᠣᠷᠢᠭᠤᠳᠠ ᠦᠵᠡᠭᠦᠯᠵᠦ ᠶᠠᠪᠤᠭᠰᠠᠨ ᠪᠢᠯᠡ ᠬᠡᠮᠡᠵᠡᠢ᠃  
       ᠮᠠᠷᠱᠠᠯ ᠴᠢᠩᠭᠢᠵᠦ ᠬᠡᠳᠦᠨ ᠮᠠᠯᠴᠢᠨ ᠠ᠋ᠴᠠ ᠶᠠᠭᠤᠮ᠎ᠠ ᠠᠰᠠᠭᠤᠵᠤ ᠬᠠᠷᠢᠭᠤ ᠰᠣᠨᠣᠰᠤᠭᠠᠳ᠂ ᠣᠯᠠᠨ ᠠᠢᠮᠠᠭ ᠤ᠋ᠨ ᠭᠠᠷᠮᠠᠭᠠᠢ ᠠᠵᠢᠯᠯᠠᠭ᠎ᠠ ᠲᠠᠢ ᠮᠠᠯᠴᠢᠨ ᠤ᠋ ᠠᠵᠢᠯ ᠪᠠᠢᠳᠠᠯ ᠠ᠋ᠴᠠ ᠡᠰᠢ ᠲᠠᠲᠠᠵᠤ᠂ ᠤᠯᠤᠰ ᠨᠡᠢᠭᠡᠮ ᠢ᠋ᠶ᠋ᠡᠷ ᠮᠠᠯ ᠠᠵᠤ ᠠᠬᠤᠢ ᠶ᠋ᠢ ᠬᠥᠭᠵᠢᠭᠦᠯᠦᠨ᠂ ᠮᠠᠯ ᠢ᠋ᠶ᠋ᠠᠨ ᠥᠰᠬᠡᠨ ᠣᠯᠠᠰᠢᠷᠠᠭᠤᠯᠵᠤ ᠪᠠᠢᠭ᠎ᠠ ᠶ᠋ᠢ ᠬᠡᠯᠡᠭᠡᠳ᠂ ᠠᠷᠠᠳ ᠤ᠋ᠨ ᠬᠤᠪᠢᠰᠬᠠᠯ ᠤ᠋ᠨ ᠬᠣᠷᠢᠨ ᠵᠢᠯ ᠦ᠋ᠨ ᠲᠤᠤᠱᠲᠠ(ᠲᠤᠭᠤᠰᠢᠳᠠ) ᠮᠣᠩᠭᠣᠯ ᠤ᠋ᠨ ᠠᠷᠠᠳ ᠲᠦᠮᠡᠨ ᠦ᠌ ᠶᠡᠬᠡ ᠤᠷᠤᠭᠰᠢᠲᠠᠢ ᠪᠦᠲᠦᠭᠡᠯ ᠰᠠᠢᠬᠠᠨ ᠠᠮᠵᠢᠯᠲᠠ ᠣᠯᠤᠭᠰᠠᠨ ᠨᠢ᠂ ᠰᠲ᠋ᠠᠯᠢᠨ ᠤ᠋ ᠬᠠᠯᠠᠭᠤᠨ ᠲᠤᠰᠠᠯᠠᠮᠵᠢ ᠶ᠋ᠢᠨ ᠠᠴᠢ ᠭᠡᠵᠦ ᠲᠤᠰᠬᠠᠢᠯᠠᠨ ᠲᠡᠮᠳᠡᠭᠯᠡᠭᠡᠳ᠂ 
       — ᠮᠣᠩᠭᠣᠯ ᠤᠯᠤᠰ ᠤ᠋ᠨ ᠠᠷᠪᠠᠨ ᠨᠢᠭᠡᠨ ᠣᠨ ᠠ᠋ᠴᠠ ᠥᠨᠥᠳᠥᠷ ᠬᠦᠷᠲᠡᠯ᠎ᠡ ᠵᠥᠪᠯᠡᠯ ᠦ᠋ᠨ ᠵᠠᠰᠠᠭᠲᠤ ᠬᠣᠯᠪᠣᠭᠠᠲᠤ ᠤᠯᠤᠰ ᠮᠠᠨ ᠤ᠋ ᠲᠤᠰᠠᠭᠠᠷ ᠲᠣᠭᠲᠠᠨᠢᠭᠰᠠᠨ ᠠᠷᠠᠳ ᠤᠯᠤᠰ ᠤ᠋ᠨ ᠲᠥᠷᠥ ᠶ᠋ᠢᠨ ᠪᠦᠬᠦ ᠪᠦᠲᠦᠭᠡᠨ ᠪᠤᠰᠬᠠᠬᠤ ᠦᠢᠯᠡᠰ ᠲᠦ᠍ ᠲᠤᠰᠠᠯᠠᠮᠵᠢ ᠦᠵᠡᠭᠦᠯᠦᠭᠰᠡᠭᠡᠷ ᠢᠷᠡᠯ᠎ᠡ᠃ ᠡᠭᠦᠨ ᠳ᠋ᠦ᠍ ᠮᠠᠨ ᠤ᠋ ᠮᠣᠩᠭᠣᠯ ᠤ᠋ᠨ ᠠᠷᠠᠳ ᠲᠦᠮᠡᠨ ᠦ᠌ ᠲᠥᠯᠥᠭᠡ ᠬᠠᠯᠠᠮᠵᠢᠲᠤ ᠰᠠᠨᠠᠭ᠎ᠠ ᠲᠠᠯᠪᠢᠵᠤ ᠪᠠᠢᠭ᠎ᠠ ᠮᠠᠨ ᠤ᠋ ᠪᠠᠭᠰᠢ᠂ ᠬᠠᠨᠢ ᠨᠥᠬᠥᠷ ᠶᠡᠬᠡ ᠰᠲ᠋ᠠᠯᠢᠨ ᠳ᠋ᠤ᠌ ᠠᠷᠠᠳ ᠨᠡᠢᠭᠡᠮ ᠦ᠋ᠨ ᠡᠮᠦᠨ᠎ᠡ ᠡᠴᠡ ᠪᠠᠶᠠᠷ ᠬᠦᠷᠭᠡᠶ᠎ᠡ! ᠭᠡᠵᠦ ᠮᠠᠷᠱᠠᠯ ᠤ᠋ᠨ ᠬᠡᠯᠡᠬᠦ ᠳ᠋ᠦ᠍ ᠬᠤᠷᠠᠯᠳᠤᠭᠰᠠᠳ ᠶᠡᠬᠡ ᠰᠲ᠋ᠠᠯᠢᠨ ᠢ᠋ ᠢᠷᠥᠭᠡᠨ ᠲᠠᠩᠬᠢᠮ ᠢ᠋ᠶ᠋ᠠᠷ ᠨᠢᠵᠢᠭᠢᠨᠡᠲᠡᠯ᠎ᠡ ᠠᠯᠠᠭ᠎ᠠ ᠲᠠᠰᠢᠵᠠᠭᠠᠨ ᠪᠠᠶᠠᠷᠯᠠᠪᠠ᠃  
       ᠮᠣᠩᠭᠣᠯ ᠠᠷᠠᠳ ᠤᠯᠤᠰ ᠤ᠋ᠨ ᠲᠤᠯᠭᠠᠭᠤᠷᠢ ᠲᠥᠷᠥ ᠪᠠᠢᠭᠤᠯᠤᠭᠰᠠᠨ ᠴᠠᠭ ᠠ᠋ᠴᠠ ᠨᠠᠭᠠᠰᠢ ᠵᠥᠪᠯᠡᠯ ᠦ᠋ᠨ ᠵᠠᠰᠠᠭᠲᠤ ᠬᠣᠯᠪᠣᠭᠠᠲᠤ ᠤᠯᠤᠰ᠂ ᠮᠣᠩᠭᠣᠯ ᠤ᠋ᠨ ᠠᠷᠠᠳ ᠲᠦᠮᠡᠨ ᠦ᠌ ᠲᠥᠷᠥ ᠶ᠋ᠢᠨ ᠲᠤᠰᠠᠭᠠᠷ ᠲᠣᠭᠲᠠᠨᠢᠬᠤ ᠪᠠᠢᠳᠠᠯ ᠢ᠋ ᠡᠵᠡᠷᠬᠡᠭ ᠲᠦᠷᠢᠮᠡᠬᠡᠢ ᠶ᠋ᠢᠨ ᠥᠩᠭᠡᠯᠵᠡᠨ ᠬᠠᠯᠳᠠᠬᠤ ᠠ᠋ᠴᠠ ᠬᠡᠷᠬᠢᠨ ᠬᠠᠮᠠᠭᠠᠯᠠᠨ ᠲᠤᠰᠠᠯᠠᠵᠤ᠂ ᠪᠠᠲᠤᠳᠬᠠᠨ ᠪᠡᠬᠢᠵᠢᠭᠦᠯᠦᠭᠰᠡᠭᠡᠷ ᠢᠷᠡᠭᠰᠡᠨ᠂ ᠮᠥᠨ ᠵᠥᠪᠯᠡᠯᠲᠦ ᠶ᠋ᠢᠨ ᠮᠡᠷᠭᠡᠵᠢᠯᠲᠡᠨ ᠬᠡᠷᠬᠢᠨ ᠮᠣᠩᠭᠣᠯ ᠤ᠋ᠨ ᠠᠷᠠᠳ ᠲᠦᠮᠡᠨ ᠳ᠋ᠦ᠍ ᠤᠯᠤᠰ ᠠᠷᠠᠳ ᠤ᠋ᠨ ᠠᠵᠤ ᠠᠬᠤᠢ᠂ ᠰᠣᠶᠣᠯ ᠪᠣᠯᠪᠠᠰᠤᠷᠠᠯ ᠢ᠋ ᠬᠥᠭᠵᠢᠭᠦᠯᠬᠦ᠂ ᠪᠣᠯᠪᠠᠰᠤᠨ ᠬᠦᠴᠦᠨ ᠲᠡᠢ ᠪᠣᠯᠬᠤ ᠶᠠᠪᠤᠳᠠᠯ ᠳ᠋ᠤᠨᠢ( ᠳ᠋ᠤ᠌ ᠨᠢ) ᠵᠦᠢᠯ ᠵᠦᠢᠯ ᠢ᠋ᠶ᠋ᠡᠷ ᠲᠤᠰᠠᠯᠠᠯᠴᠠᠨ ᠵᠢᠳᠬᠦᠭᠰᠡᠭᠡᠷ ᠢᠷᠡᠭᠰᠡᠨ ᠢ᠋ ᠲᠣᠳᠣᠷᠬᠠᠢ ᠲᠣᠮᠣᠷᠠᠭᠤᠨ ᠢ᠋ᠶ᠋ᠠᠷ ᠡᠰᠢ ᠦᠯᠢᠭᠡᠷ ᠲᠡᠳᠡᠨ ᠶᠠᠷᠢᠵᠠᠢ᠃ ᠴᠢᠩᠭᠢᠭᠡᠳ᠂  
      — ᠵᠥᠪᠯᠡᠯ ᠦ᠋ᠨ ᠵᠠᠰᠠᠭᠲᠤ ᠬᠣᠯᠪᠣᠭᠠᠲᠤ ᠤᠯᠤᠰ ᠠ᠋ᠴᠠ ᠲᠤᠰ ᠤᠯᠤᠰ ᠲᠤ᠌ ᠰᠠᠭᠤᠭ᠎ᠠ ᠣᠨᠴᠠ ᠪᠥᠭᠡᠳ ᠪᠦᠷᠢᠨ ᠡᠷᠬᠡ ᠪᠠᠷᠢᠬᠤ ᠡᠯᠴᠢᠨ ᠢᠸᠠᠨᠤᠸ ᠲᠤ᠌ ᠲᠤᠰ ᠮᠣᠩᠭᠣᠯ ᠤᠯᠤᠰ ᠤ᠋ᠨ ᠰᠠᠢᠨ ᠮᠠᠯᠴᠢᠨ ᠤ᠋ ᠮᠠᠨᠠᠢ ᠡᠨᠡ ᠵᠥᠪᠯᠡᠯᠭᠡᠨ ᠦ᠌ ᠡᠮᠦᠨ᠎ᠡ ᠡᠴᠡ ᠲᠤᠰᠬᠠᠢᠯᠠᠨ ᠪᠠᠶᠠᠷ ᠬᠦᠷᠭᠡᠵᠦ᠂ ᠮᠠᠨ ᠤ᠋ ᠠᠷᠠᠳ ᠲᠦᠮᠡᠨ ᠦ᠌ ᠪᠦᠬᠦᠢᠯᠡ ᠬᠦᠰᠡᠯ ᠡᠷᠡᠮᠡᠯᠵᠡᠯᠡᠯ᠂ ᠡᠷᠢᠯ ᠬᠡᠷᠡᠭᠴᠡᠭᠡᠨ ᠦ᠌ ᠵᠦᠢᠯ ᠵᠦᠢᠯ ᠢ᠋ᠶ᠋ᠡᠷ ᠲᠤᠰᠠᠯᠠᠨ ᠨᠡᠢᠯᠡᠭᠦᠯᠬᠦ ᠶ᠋ᠢ ᠬᠢᠴᠢᠶᠡᠵᠦ᠂ ᠬᠠᠯᠠᠭᠤᠨ ᠰᠠᠨᠠᠭ᠎ᠠ ᠲᠠᠯᠪᠢᠵᠤ ᠪᠠᠢᠭ᠎ᠠ ᠳ᠋ᠤᠨᠢ( ᠳ᠋ᠤ᠌ ᠨᠢ) ᠪᠦᠭᠦᠳᠡᠭᠡᠷ ᠢ᠋ᠶ᠋ᠡᠨ ᠲᠠᠯᠠᠷᠬᠠᠬᠤ ᠶ᠋ᠢ ᠬᠦᠰᠡᠨ᠎ᠡ ᠭᠡᠵᠦ ᠳᠣᠲᠣᠨᠣ ᠡᠯᠢᠭᠡᠰᠡᠭ ᠢ᠋ᠶ᠋ᠡᠷ ᠬᠡᠯᠡᠵᠦ ᠠᠯᠠᠭ᠎ᠠ ᠲᠠᠰᠢᠬᠤ ᠳ᠋ᠤᠨᠢ( ᠳ᠋ᠤ᠌ ᠨᠢ)᠂ ᠤᠯᠤᠰ ᠤ᠋ᠨ ᠰᠠᠢᠨ ᠮᠠᠯᠴᠢᠨ ᠨᠤᠭᠤᠳ ᠤᠳᠠᠲᠠᠯ᠎ᠠ ᠠᠯᠠᠭ᠎ᠠ ᠲᠠᠰᠢᠵᠠᠭᠠᠵᠤ᠂ ᠵᠥᠪᠯᠡᠯ ᠦ᠋ᠨ ᠵᠠᠰᠠᠭᠲᠤ ᠬᠣᠯᠪᠣᠭᠠᠲᠤ ᠤᠯᠤᠰ ᠤ᠋ᠨ ᠵᠠᠰᠠᠭ ᠤ᠋ᠨ ᠲᠥᠯᠥᠭᠡᠯᠡᠭᠴᠢ ᠡᠯᠴᠢᠨ ᠳ᠋ᠦ᠍ ᠴᠢᠩ ᠬᠦ᠌ ᠪᠠᠶᠠᠷ ᠲᠠᠯᠠᠷᠬᠠᠯ ᠤ᠋ᠨ ᠰᠡᠳᠬᠢᠯ ᠢ᠋ ᠢᠯᠡᠷᠬᠡᠢᠯᠡᠵᠡᠢ᠃  
       ᠰᠢᠷᠴᠢᠨ ᠠᠯᠠᠭ᠎ᠠ ᠲᠠᠰᠢᠵᠤ ᠪᠠᠢᠬᠤ ᠳ᠋ᠠᠭᠠᠨ᠂ ᠮᠣᠩᠭᠣᠯ ᠤ᠋ᠨ ᠠᠷᠠᠳ ᠲᠦᠮᠡᠨ ᠦ᠌ ᠡᠷᠬᠡ ᠴᠢᠯᠥᠭᠡ᠂ ᠲᠤᠰᠠᠭᠠᠷ ᠲᠣᠭᠲᠠᠨᠢᠬᠤ ᠪᠠᠢᠳᠠᠯ ᠢ᠋ ᠳᠡᠯᠡᠬᠡᠢ ᠳ᠋ᠠᠬᠢᠨ᠎ᠠ ᠡᠩ ᠲᠡᠷᠢᠭᠦᠨ ᠵᠥᠪᠰᠢᠶᠡᠷᠡᠨ ᠬᠦᠯᠢᠶᠡᠵᠦ ᠬᠦᠨᠳᠦᠳᠬᠡᠨ ᠦᠵᠡᠭᠰᠡᠨ ᠨᠡᠢᠭᠡᠮ ᠵᠢᠷᠤᠮᠲᠤ ᠶᠡᠬᠡ ᠤᠯᠤᠰ ᠤ᠋ᠨ ᠲᠥᠯᠥᠭᠡᠯᠡᠭᠴᠢ᠂ ᠵᠥᠪᠯᠡᠯᠲᠦ ᠶ᠋ᠢᠨ ᠡᠯᠴᠢᠨ ᠢ᠋ ᠪᠠᠶᠠᠰᠬᠤᠯᠠᠩᠲᠤ ᠨᠢᠳᠦ ᠪᠡᠷ ᠦᠵᠡᠵᠦ᠂ ᠮᠣᠩᠭᠣᠯ ᠤ᠋ᠨ ᠠᠷᠠᠳ ᠲᠦᠮᠡᠨ ᠦ᠌ ᠲᠥᠷᠥ ᠶ᠋ᠢᠨ ᠰᠠᠢᠬᠠᠨ ᠪᠦᠲᠦᠭᠡᠯ ᠠᠮᠵᠢᠯᠲᠠ ᠨᠢ ᠡᠨᠡ ᠵᠥᠪᠯᠡᠯᠲᠦ ᠤᠯᠤᠰ ᠤ᠋ᠨ ᠠᠴᠢ ᠭᠠᠪᠢᠶ᠎ᠠ ᠳᠠ ᠭᠡᠵᠦ ᠪᠠᠬᠠᠷᠬᠠᠯ᠎ᠠ᠃   
       — ᠶᠠᠭᠤᠲᠠᠢ ᠰᠢᠳᠤᠷᠭᠤ ᠦᠨᠡᠨᠴᠢ᠂ ᠰᠢᠯᠤᠭᠤᠨ ᠴᠢᠬᠡᠴᠢ ᠬᠥᠮᠦᠨ ᠦ᠌ ᠰᠠᠢᠬᠠᠨ ᠴᠢᠷᠠᠢ ᠲᠠᠢ ᠬᠥᠮᠦᠨ ᠪᠢᠯᠡ ᠭᠡᠵᠦ ᠡᠪᠦᠭᠡᠨ ᠮᠠᠯᠴᠢᠨ ᠵᠥᠪᠯᠡᠯᠲᠦ ᠶ᠋ᠢᠨ ᠡᠯᠴᠢᠨ ᠢ᠋ ᠪᠠᠬᠠᠳᠤᠨ ᠠᠯᠠᠭ᠎ᠠ ᠲᠠᠰᠢᠵᠤ ᠪᠠᠢᠭ᠎ᠠ ᠳ᠋ᠤ᠌᠂ ᠠᠦ᠋ᠲ᠋ᠣᠨᠣᠮᠢ ᠶ᠋ᠢᠨ ᠡᠬᠢ ᠪᠡᠷ ᠨᠢ ᠶᠡᠬᠡ ᠬᠦᠷᠢᠶᠡᠨ ᠳ᠋ᠦ᠍ ᠠᠩᠬ᠎ᠠ ᠴᠠᠭᠠᠨ ᠬᠠᠭᠠᠨ ᠤ᠋ ᠳ᠋ᠢᠫᠯᠣᠮᠠᠲ ᠺᠤᠷᠤᠰᠲ᠋ᠤᠸᠸᠼ ᠢ᠋ ᠦᠵᠡᠭᠰᠡᠨ ᠨᠢ ᠰᠠᠨᠠᠭᠠᠨ ᠳ᠋ᠤ᠌ ᠣᠷᠣᠵᠤ᠂ ᠶᠠᠩᠪᠠᠷᠬᠠᠭ ᠡᠵᠡᠷᠬᠡᠭ ᠴᠢᠷᠠᠢ ᠨᠢ ᠰᠡᠳᠬᠢᠯ ᠳ᠋ᠦ᠍ᠨᠢ( ᠳ᠋ᠦ᠍ ᠨᠢ) ᠤᠷᠭᠤᠭᠰᠠᠨ ᠪᠢᠯᠡ᠃  
       ᠴᠠᠭᠠᠨ ᠬᠠᠭᠠᠨ ᠤ᠋ ᠲᠡᠷᠡ ᠳ᠋ᠢᠫᠯᠣᠮᠠᠲ ᠠᠯᠲᠠᠨ ᠬᠠᠳᠬᠤᠮᠠᠯ ᠶᠣᠰᠣᠯᠠᠯ ᠤ᠋ᠨ ᠭᠣᠶᠣ ᠳᠡᠪᠡᠯ ᠬᠤᠪᠴᠠᠰᠤ ᠲᠠᠢ᠂ ᠭᠤᠷᠪᠠᠯᠵᠢᠨ ᠬᠡᠯᠪᠡᠷᠢ ᠲᠡᠢ ᠮᠠᠯᠠᠭᠠᠢ ᠲᠠᠢ᠂ ᠶᠡᠬᠡ ᠰᠦᠷ ᠪᠠᠳᠠᠷᠠᠭᠤᠯᠤᠨ᠂ ᠪᠣᠭᠳᠠ ᠬᠠᠭᠠᠨ ᠳ᠋ᠤ᠌ ᠪᠠᠷᠠᠭᠠᠯᠬᠠᠬᠤ ᠭᠡᠵᠦ ᠶᠠᠪᠤᠭᠰᠠᠨ ᠲᠠᠢ ᠨᠢ ᠰᠢᠷᠴᠢᠨ ᠠᠦᠢ᠍ᠲ᠋ᠦᠨᠦᠮᠢᠲ᠋ ᠦ᠋ᠨ ᠲᠡᠷᠡ ᠵᠢᠯ ᠳᠠᠭᠠᠷᠢᠯᠳᠤᠭᠰᠠᠨ ᠪᠠᠢᠵᠠᠢ᠃ ᠬᠠᠭᠠᠨ ᠬᠥᠮᠦᠨ ᠦ᠌ ᠰᠠᠭᠤᠬᠤ ᠰᠡᠦᠬᠡᠨ ᠳ᠋ᠦ᠍ ᠭᠣᠶᠣ ᠳᠡᠪᠡᠯ ᠲᠡᠢ ᠨᠠᠢ᠍ᠮᠠᠨ ᠬᠢᠶ᠎ᠡ ᠪᠡᠷ ᠳᠠᠮᠨᠠᠭᠤᠯᠤᠨ᠂ ᠬᠣᠶᠠᠷ ᠬᠠᠵᠠᠭᠤ ᠪᠠᠷ ᠬᠠᠨ ᠸᠠᠩ᠂ ᠪᠡᠢᠯᠡ ᠪᠡᠢᠰᠡ ᠳᠠᠭᠠᠯᠳᠤᠨ ᠶᠠᠪᠤᠵᠤ᠂ ᠴᠠᠭᠠᠨ ᠬᠠᠭᠠᠨ ᠤ᠋ ᠲᠡᠷᠡ ᠳ᠋ᠢᠫᠯᠣᠮᠠᠲ᠂ ᠰᠢᠷᠴᠢᠨ ᠦ᠌  ᠤᠷᠢᠳᠤ ᠡᠮᠦᠨ᠎ᠡ ᠦᠵᠡᠭᠡ ᠦᠭᠡᠢ ᠬᠠᠴᠢᠨ ᠰᠢᠯ ᠬᠠᠮᠠᠷ ᠳᠡᠭᠡᠷ᠎ᠡ ᠪᠡᠨ ᠬᠠᠪᠴᠢᠨ ᠲᠣᠭᠲᠠᠭᠠᠭᠠᠳ᠂ ᠪᠠᠢᠳᠠᠯ ᠮᠠᠰᠢ ᠶᠡᠬᠡ ᠵᠠᠩ ᠲᠠᠢ᠂ ᠰᠡᠦᠬᠡ ᠶ᠋ᠢᠨ ᠬᠣᠶᠠᠷ ᠬᠠᠵᠠᠭᠤ ᠪᠠᠷ ᠵᠢᠰᠤᠷᠳᠠᠨ ᠳᠠᠭᠠᠵᠤ ᠶᠠᠪᠤᠭᠰᠠᠨ ᠪᠢᠯᠳᠠᠤᠴᠢ ᠬᠠᠨ ᠸᠠᠩ ᠤ᠋ᠳ ᠢ᠋ ᠮᠠᠰᠢ ᠲᠣᠭᠣᠮᠰᠠᠷᠯᠠᠬᠤ ᠦᠭᠡᠢ ᠪᠠᠢᠳᠠᠯ ᠢ᠋ᠶ᠋ᠠᠷ ᠰᠢᠯᠦᠭᠦᠰᠦᠨ ᠦ᠌ ᠨᠢᠳᠦ ᠶ᠋ᠢ ᠠᠨᠢᠰᠭᠢᠨ ᠬᠠᠷᠠᠵᠤ ᠶᠠᠪᠤᠭᠰᠠᠨ ᠪᠢᠯᠡ! 
       ᠬᠦᠷᠢᠶ᠎ᠡ ᠶ᠋ᠢᠨ ᠬᠢᠨ ᠬᠡᠯᠡᠯᠴᠡᠬᠦ ᠳ᠋ᠡᠭᠡᠨ( ᠳ᠋ᠦ᠍ ᠪᠡᠨ)᠂ ᠲᠡᠷᠡ ᠺᠤᠷᠤᠰᠲ᠋ᠤᠸᠸᠼ ᠢ᠋ ᠮᠣᠩᠭᠣᠯ ᠨᠣᠶᠠᠳ ᠤ᠋ᠨ ᠪᠢᠴᠢᠭ ᠢ᠋ ᠱᠠᠯᠠ ᠳᠡᠭᠡᠷ᠎ᠡ ᠬᠠᠶᠠᠵᠤ ᠭᠢᠰᠬᠢᠭᠡᠳ᠂ ᠵᠦᠢᠯ ᠵᠦᠢᠯ ᠢ᠋ᠶ᠋ᠡᠷ ᠬᠢᠬᠠᠨ ᠲᠤᠯᠭᠠᠬᠤ ᠬᠠᠷᠭᠢᠰ ᠭᠡᠷ᠎ᠡ ᠪᠢᠴᠢᠭ ᠢ᠋ ᠬᠠᠪᠴᠢᠨ ᠵᠥᠪᠰᠢᠶᠡᠷᠡᠭᠦᠯᠦᠭᠰᠡᠨ ᠬᠥᠮᠦᠨ ᠭᠡᠵᠦ ᠬᠡᠯᠡᠯᠴᠡᠳᠡᠭ ᠪᠠᠢᠵᠠᠢ᠃ ᠴᠢᠩᠭᠢᠭᠡᠳ ᠠᠷᠠᠳ ᠣᠯᠠᠨ᠂ ᠲᠡᠷᠡ ᠬᠠᠷᠭᠢᠰ ᠭᠡᠷ᠎ᠡ ᠶ᠋ᠢ ᠶᠡᠬᠡᠯ᠎ᠡ( ᠶᠡᠬᠡ ᠯᠡ) ᠬᠣᠷᠣᠰᠤᠨ ᠡᠰᠡᠷᠭᠦᠴᠡᠵᠦ᠂  ᠬᠦᠷᠢᠶᠡᠨ  ᠦ᠌ ᠬᠤᠳᠠᠯᠳᠤᠭ᠎ᠠ ᠬᠢᠬᠦ ᠶᠡᠬᠡ ᠴᠢᠯᠥᠭᠡᠨ ᠳ᠋ᠦ᠍ ᠬᠠᠷᠭᠢᠰ  ᠺᠣᠷᠣᠰᠲ᠋ᠣᠸᠸᠼ᠂ ᠤᠯᠤᠰ ᠢ᠋ᠶ᠋ᠠᠨ ᠬᠤᠳᠠᠯᠳᠤᠭᠴᠢ ᠠᠶᠤᠮᠠᠬᠠᠢ ᠵᠢᠰᠤᠷ ᠨᠣᠶᠠᠳ ᠢ᠋ ᠰᠦᠷᠡᠯ ᠡᠪᠡᠰᠦ ᠪᠡᠷ  ᠳᠦᠷᠰᠦᠯᠡᠨ ᠬᠢᠭᠡᠳ ᠬᠡᠩᠭᠡᠷᠭᠡ  ᠴᠣᠬᠢᠯᠠᠨ ᠪᠥᠵᠢᠵᠦ᠂ ᠭᠠᠯᠳᠠᠨ ᠰᠢᠲᠠᠭᠠᠵᠤ ᠣᠷᠬᠢᠭᠰᠠᠨ ᠪᠢᠯᠡ᠃  
       ᠡᠭᠡᠯ ᠵᠢᠷ ᠦ᠋ᠨ ᠬᠥᠮᠦᠨ ᠦ᠌ ᠡᠮᠦᠨ᠎ᠡ ᠮᠠᠰᠢ ᠶᠡᠬᠡ ᠵᠠᠩ ᠲᠠᠢ ᠪᠥᠭᠡᠳ ᠬᠥᠮᠦᠨ ᠠᠷᠠᠳ ᠤ᠋ᠨ ᠵᠣᠪᠠᠯᠠᠩ ᠭᠠᠴᠢᠭᠳᠠᠯ ᠢ᠋ ᠣᠭᠲᠣ ᠬᠡᠷᠡᠭᠰᠡᠬᠦ ᠦᠭᠡᠢ ᠬᠠᠲᠠᠭᠤ ᠬᠠᠷ᠎ᠠ ᠰᠡᠳᠬᠢᠯ ᠲᠡᠢ᠂ ᠳᠡᠭᠡᠭᠦᠷ ᠵᠠᠩ ᠲᠠᠢ ᠮᠥᠷᠲᠡᠭᠡᠨ ᠳᠡᠭᠡᠳᠦᠰ ᠦ᠋ᠨ ᠡᠮᠦᠨ᠎ᠡ᠂ ᠡᠷᠬᠡᠲᠡᠨ ᠳᠠᠷᠬᠠᠲᠠᠨ ᠤ᠋ ᠡᠮᠦᠨ᠎ᠡ ᠲᠤᠢᠯ ᠤ᠋ᠨ ᠵᠢᠰᠤᠷ ᠪᠢᠯᠳᠠᠤᠴᠢ ᠪᠥᠭᠡᠳ ᠠᠶᠠᠰ ᠲᠤᠨᠢ( ᠳ᠋ᠤ᠌ ᠨᠢ) ᠨᠡᠢᠯᠡᠭᠦᠯᠵᠦ᠂ ᠲᠦᠮᠡᠨ ᠵᠦᠢᠯ ᠢ᠋ᠶ᠋ᠡᠷ ᠠᠷᠭᠠᠳᠠᠵᠤ ᠨᠢᠭᠤᠷ ᠲᠠᠢ ᠪᠣᠯᠬᠤ ᠶ᠋ᠢ ᠬᠢᠴᠢᠶᠡᠵᠡᠭᠡᠨ᠂ ᠪᠡᠶ᠎ᠡ ᠪᠡᠶ᠎ᠡ ᠶ᠋ᠢᠨ ᠤᠯᠠ ᠱᠠᠭᠠᠢᠵᠤ᠂ ᠭᠡᠳᠡᠰᠦᠨ ᠳ᠋ᠡᠭᠡᠨ( ᠳ᠋ᠦ᠍ ᠪᠡᠨ) ᠬᠥᠯ ᠢ᠋ᠶ᠋ᠡᠨ ᠴᠢᠬᠢᠯᠴᠡᠬᠦ ᠭᠡᠵᠦ ᠶᠠᠪᠤᠳᠠᠭ ᠠᠦ᠋ᠲ᠋ᠣᠨᠣᠮᠢᠲ ᠵᠠᠰᠠᠭ ᠤ᠋ᠨ ᠰᠠᠢᠳ ᠤ᠋ᠳ᠂ ᠬᠦᠴᠦᠲᠡᠨ ᠨᠢ ᠬᠦᠴᠦ ᠦᠭᠡᠢ ᠪᠡᠨ ᠢᠳᠡᠵᠦ᠂ ᠡᠷᠬᠡ ᠪᠠᠷᠢᠭᠰᠠᠨ ᠨᠢ ᠡᠷᠬᠡ ᠳᠠᠷᠬ᠎ᠠ ᠦᠭᠡᠢ ᠪᠡᠨ ᠳᠠᠷᠤᠯᠠᠳᠠᠭ᠂ ᠡᠭᠦᠷᠢᠳᠡ ᠪᠤᠴᠠᠯᠲᠠ ᠦᠭᠡᠢ ᠰᠥᠨᠥᠭᠰᠡᠨ ᠪᠤᠷᠤᠩᠬᠤᠢ ᠬᠠᠷᠭᠢᠰ ᠶᠣᠰᠣᠨ ᠤ᠋ ᠬᠥᠮᠦᠰ᠂ ᠡᠪᠦᠭᠡᠨ ᠮᠠᠯᠴᠢᠨ ᠤ᠋ ᠰᠡᠳᠬᠢᠯ ᠳ᠋ᠦ᠍ ᠬᠣᠷᠣᠮᠬᠠᠨ ᠲᠡᠳᠦᠢ ᠤᠷᠭᠤᠨ ᠣᠷᠣᠵᠠᠢ᠃ ᠠᠷᠠᠳ ᠤ᠋ᠨ ᠵᠠᠰᠠᠭ ᠮᠠᠨᠳᠤᠭᠠᠳ ᠬᠣᠷᠢᠬᠠᠨ ᠵᠢᠯ ᠪᠣᠯᠤᠭᠰᠠᠨ ᠮᠥᠷᠲᠡᠭᠡᠨ᠂ ᠲᠤᠰ ᠤᠯᠤᠰ ᠲᠤ᠌ ᠶᠠᠭᠤᠲᠠᠢ ᠶᠡᠬᠡ ᠥᠭᠡᠷᠡᠴᠢᠯᠡᠯᠲᠡ ᠭᠠᠷᠪᠠ᠃ ᠰᠠᠶᠢ ᠪᠢᠳᠡᠨ  ᠳ᠋ᠦ᠍ ᠠᠷᠠᠳ ᠤ᠋ᠨ ᠬᠤᠪᠢᠰᠬᠠᠯᠲᠤ ᠴᠡᠷᠢᠭ ᠦ᠋ᠨ ᠡᠮᠦᠨ᠎ᠡ ᠡᠴᠡ ᠪᠠᠶᠠᠷ ᠬᠦᠷᠭᠡᠵᠦ ᠪᠠᠢᠭᠰᠠᠨ ᠲᠡᠷᠡ ᠵᠠᠯᠠᠭᠤ ᠳᠠᠷᠤᠭ᠎ᠠ᠂ ᠰᠢᠷᠴᠢᠨ ᠨᠠᠮᠠᠶ᠋ᠢ( ᠨᠠᠮ᠎ᠠ ᠶ᠋ᠢ) ᠮᠣᠩᠭᠣᠯ ᠬᠠᠭᠠᠨ ᠤ᠋ ᠴᠡᠷᠢᠭ ᠲᠦ᠍ ᠪᠠᠢᠬᠤ ᠳ᠋ᠠᠭᠠᠨ( ᠳ᠋ᠤ᠌ ᠪᠠᠨ) ᠡᠯᠵᠢᠭᠡᠨ ᠦ᠌ ᠮᠢᠬᠠᠨ ᠬᠣᠭᠣᠯᠠ ᠲᠠᠢ᠂ ᠰᠠᠷ᠎ᠠ ᠶ᠋ᠢᠨ ᠭᠤᠷᠪᠠᠨ ᠤᠯᠠᠭᠠᠨ ᠮᠥᠩᠭᠥᠨ ᠦ᠌ ᠴᠠᠯᠢᠩ ᠲᠠᠢ ᠪᠠᠢᠭᠰᠠᠨ ᠭᠡᠳᠡᠭ ᠢ᠋ ᠰᠣᠨᠣᠰᠪᠠᠯ᠂ ᠪᠠᠷᠤᠭ ᠢᠲᠡᠭᠡᠬᠦ ᠦᠭᠡᠢ ᠠᠭᠰᠠᠨ ᠪᠠᠢᠬᠤ᠃  
       ᠡᠨᠡ ᠰᠠᠢᠬᠠᠨ ᠲᠠᠩᠬᠢᠮ ᠳ᠋ᠤ᠌ ᠬᠤᠷᠠᠨ ᠴᠤᠭᠯᠠᠭᠰᠠᠨ ᠮᠠᠯᠴᠢᠨ ᠠᠷᠠᠳ᠂ ᠰᠢᠷᠭᠠᠭᠤ ᠶᠡᠬᠡ ᠬᠥᠳᠡᠯᠮᠦᠷᠢ ᠶ᠋ᠢᠨ ᠬᠥᠮᠦᠰ᠂ ᠬᠣᠷᠢᠬᠠᠨ ᠵᠢᠯ ᠦ᠋ᠨ ᠡᠮᠦᠨ᠎ᠡ ᠴᠢᠯᠥᠭᠡ ᠤᠴᠠᠷᠠᠯ ᠦᠭᠡᠢ ᠪᠣᠭᠣᠯ ᠬᠠᠮᠵᠢᠯᠭ᠎ᠠ ᠶᠠᠪᠤᠵᠤ᠂ ᠨᠣᠶᠠᠨ ᠤ᠋ ᠥᠷᠭᠥᠭᠡ ᠶ᠋ᠢᠨ ᠡᠮᠦᠨ᠎ᠡ ᠮᠣᠷᠢ ᠲᠠᠢ ᠭᠠᠷᠬᠤ ᠡᠷᠬᠡ ᠦᠭᠡᠢ ᠤᠯᠤᠰ ᠪᠠᠢᠭᠰᠠᠨ ᠢ᠋ᠶ᠋ᠠᠨ᠂ ᠣᠳᠣ ᠮᠠᠩᠨᠠᠢ ᠲᠡᠨᠢᠢᠵᠦ᠂ ᠶᠠᠭᠤᠲᠠᠢ ᠣᠨᠳᠣᠣ ᠪᠣᠯᠪᠠ᠃ ᠮᠠᠷᠱᠠᠯ ᠤ᠋ᠨ ᠶᠡᠬᠡ ᠲᠣᠳᠣᠷᠬᠠᠢ᠂ ᠢᠷᠠᠭᠤ ᠰᠠᠢᠬᠠᠨ ᠢ᠋ᠶ᠋ᠠᠷ ᠬᠡᠯᠡᠵᠦ ᠥᠭᠭᠦᠭᠰᠡᠨ ᠲᠡᠷᠡ ᠶᠡᠬᠡ ᠲᠤᠰᠠᠯᠠᠮᠵᠢ ᠶ᠋ᠢ ᠪᠢᠳᠡᠨ ᠳ᠋ᠦ᠍ ᠦᠵᠡᠭᠦᠯᠦᠭᠰᠡᠨ ᠵᠥᠪᠯᠡᠯ ᠦ᠋ᠨ ᠵᠠᠰᠠᠭᠲᠤ ᠬᠣᠯᠪᠣᠭᠠᠲᠤ ᠤᠯᠤᠰ ᠤ᠋ᠨ ᠲᠦᠮᠡᠨ ᠠᠷᠠᠳ᠂ ᠬᠣᠯᠪᠣᠭᠠᠲᠤ ᠤᠯᠤᠰ ᠤ᠋ᠨ ᠡᠯᠴᠢᠨ ᠰᠠᠢᠳ ᠲᠤ᠌ ᠬᠤᠪᠢ ᠶ᠋ᠢᠨ ᠵᠦᠭ ᠡᠴᠡ ᠪᠠᠶᠠᠷᠯᠠᠨ ᠲᠠᠯᠠᠷᠬᠠᠪᠠᠴᠤ ᠦᠨᠡᠬᠡᠷ ᠪᠠᠷᠠᠰᠢ ᠦᠭᠡᠢ ᠶᠠ ᠭᠡᠵᠦ ᠰᠢᠷᠴᠢᠨ ᠪᠣᠳᠣᠵᠤ ᠪᠠᠢᠪᠠ᠃ 
       ᠴᠢᠩᠭᠢᠲᠡᠯ᠎ᠡ᠂ ᠵᠥᠪᠯᠡᠯᠲᠦ ᠶ᠋ᠢᠨ ᠡᠯᠴᠢᠨ ᠳ᠋ᠦ᠍ ᠪᠠᠶᠠᠷ ᠲᠠᠯᠠᠷᠬᠠᠯ ᠢ᠋ᠶ᠋ᠠᠨ ᠢᠯᠡᠷᠬᠡᠢᠯᠡᠵᠦ᠂ ᠮᠠᠰᠢ ᠤᠳᠠᠲᠠᠯ᠎ᠠ ᠠᠯᠠᠭ᠎ᠠ ᠲᠠᠰᠢᠵᠠᠭᠠᠵᠤ ᠪᠠᠢᠭᠰᠠᠨ ᠨᠢ ᠨᠠᠮᠲᠠᠨ ᠵᠣᠭᠰᠣᠵᠤ᠂ ᠮᠠᠷᠱᠠᠯ ᠤᠭ ᠢᠯᠡᠳᠬᠡᠯ ᠢ᠋ᠶ᠋ᠡᠨ ᠦᠷᠭᠦᠯᠵᠢᠯᠡᠨ᠂ ᠮᠠᠯ ᠢ᠋ᠶ᠋ᠠᠨ ᠥᠰᠬᠡᠬᠦ ᠲᠠᠯ᠎ᠠ ᠪᠠᠷ ᠨᠡᠢᠭᠡᠮ ᠣᠯᠠᠨ ᠠᠷᠠᠳ ᠤ᠋ᠨ ᠡᠮᠦᠨ᠎ᠡ ᠶᠠᠮᠠᠷ ᠵᠣᠷᠢᠯᠲᠠ ᠲᠤᠯᠭᠠᠷᠠᠵᠤ ᠪᠠᠢᠭ᠎ᠠ ᠶ᠋ᠢ ᠲᠣᠳᠣᠴᠢᠯᠠᠨ ᠬᠡᠯᠡᠬᠦ ᠳ᠋ᠡᠭᠡᠨ( ᠳ᠋ᠦ᠍ ᠪᠡᠨ)᠂ ᠾᠧᠲ᠋ᠯᠧᠷ ᠦ᠋ᠨ ᠲᠦᠷᠢᠮᠡᠬᠡᠢ ᠪᠠᠯᠠᠮᠠᠳ ᠴᠡᠷᠢᠭ ᠦ᠋ᠨ ᠬᠠᠯᠳᠠᠨ ᠳᠣᠪᠲᠣᠯᠬᠤ ᠶ᠋ᠢ ᠡᠰᠡᠷᠭᠦᠴᠡᠨ ᠪᠠᠢᠯᠳᠤᠵᠤ᠂ ᠮᠣᠩᠭᠣᠯ ᠤ᠋ᠨ ᠠᠷᠠᠳ ᠲᠦᠮᠡᠨ ᠦ᠌ ᠡᠷᠬᠡ ᠴᠢᠯᠥᠭᠡ᠂ ᠡᠩᠬᠡ ᠬᠥᠳᠡᠯᠮᠦᠷᠢ᠂ ᠲᠤᠰᠠᠭᠠᠷ ᠲᠣᠭᠲᠠᠨᠢᠭᠰᠠᠨ ᠪᠠᠢᠳᠠᠯ ᠢ᠋ ᠬᠠᠮᠠᠭᠠᠯᠠᠯᠴᠠᠵᠤ ᠪᠠᠢᠭ᠎ᠠ ᠵᠥᠪᠯᠡᠯᠲᠦ ᠶ᠋ᠢᠨ ᠠᠷᠠᠳ ᠲᠦᠮᠡᠨ᠂ ᠲᠡᠭᠦᠨ ᠦ᠌ ᠤᠯᠠᠭᠠᠨ ᠴᠡᠷᠢᠭ ᠲᠤᠨᠢ( ᠲᠤ ᠨᠢ) ᠵᠦᠢᠯ ᠵᠦᠢᠯ ᠢ᠋ᠶ᠋ᠡᠷ ᠲᠤᠰᠠᠯᠠᠬᠤ ᠶᠠᠪᠤᠳᠠᠯ ᠳᠠᠷᠤᠢ ᠮᠠᠨ ᠤ᠋ ᠬᠠᠮᠤᠭ ᠤ᠋ᠨ ᠴᠢᠬᠤᠯᠠ ᠵᠣᠷᠢᠯᠲᠠ ᠶ᠋ᠢᠨ ᠨᠢᠭᠡ ᠨᠢ ᠮᠥᠨ ᠭᠡᠵᠦ ᠵᠢᠭᠠᠨ ᠥᠭᠦᠯᠡᠵᠡᠢ᠃ 
       ᠮᠠᠷᠱᠠᠯ ᠤ᠋ᠨ ᠨᠠᠷᠢᠨ ᠲᠣᠳᠣᠷᠬᠠᠢ᠂ ᠮᠠᠰᠢ ᠢᠷᠠᠭᠤ ᠳᠡᠯᠭᠡᠷ ᠢᠯᠡᠳᠬᠡᠯ᠂ ᠥᠷᠯᠥᠭᠡᠨ ᠦ᠌ ᠬᠤᠷᠠᠯ ᠵᠠᠪᠰᠠᠷᠯᠠᠭᠠᠳ᠂ ᠣᠷᠣᠢ ᠶ᠋ᠢᠨ ᠬᠤᠷᠠᠯ ᠳ᠋ᠤ᠌ ᠦᠷᠭᠦᠯᠵᠢᠯᠡᠪᠡ᠃ ᠬᠣᠢᠲᠤ ᠡᠳᠦᠷ ᠨᠢ ᠬᠤᠷᠠᠯ ᠤ᠋ᠨ ᠰᠢᠭᠦᠮᠵᠢᠯᠡᠯ ᠡᠬᠢᠯᠡᠪᠡ᠃ ᠵᠠᠪᠰᠠᠷ ᠲᠤᠨᠢ ( ᠲᠤ ᠨᠢ)ᠨᠡᠢᠰᠯᠡᠯ ᠦ᠋ᠨ ᠬᠥᠳᠡᠯᠮᠦᠷᠢᠴᠢᠨ ᠣᠯᠠᠨ ᠤ᠋ ᠲᠥᠯᠥᠭᠡᠯᠡᠭᠴᠢ᠂ ᠬᠣᠲᠠ ᠶ᠋ᠢᠨ ᠣᠯᠠᠨ ᠦᠢᠯᠡᠳᠪᠦᠷᠢ ᠶ᠋ᠢᠨ ᠭᠠᠵᠠᠷ᠂ ᠰᠤᠷᠭᠠᠭᠤᠯᠢ ᠶ᠋ᠢᠨ ᠫᠢᠣᠨᠧᠷ ᠦ᠋ᠳ ᠦ᠋ᠨ ᠲᠥᠯᠥᠭᠡᠯᠡᠭᠴᠢ ᠨᠠᠷ ᠪᠠᠶᠠᠷ ᠬᠦᠷᠭᠡᠬᠦ ᠭᠡᠵᠦ ᠢᠷᠡᠵᠡᠭᠡᠨ᠂ ᠲᠤᠰ ᠤᠯᠤᠰ ᠤ᠋ᠨ ᠵᠦᠭ ᠵᠣᠪᠬᠢᠰ ᠪᠦᠬᠦᠨ ᠡᠴᠡ ᠣᠯᠠᠨ ᠨᠡᠢᠲᠡ ᠶ᠋ᠢᠨ ᠪᠠᠢᠭᠤᠯᠤᠯᠭ᠎ᠠ(ᠪᠠᠢᠭᠤᠯᠭ᠎ᠠ)᠂ ᠠᠢᠮᠠᠭ ᠰᠤᠮᠤᠨ ᠤ᠋ ᠵᠠᠬᠢᠷᠭᠠᠨ ᠠ᠋ᠴᠠ ᠪᠠᠶᠠᠷ ᠤ᠋ᠨ ᠤᠲᠠᠰᠤ ᠢᠷᠡᠵᠡᠭᠡᠭᠰᠡᠨ ᠢ᠋ ᠤᠩᠰᠢᠨ ᠰᠣᠨᠣᠰᠬᠠᠬᠤ ᠳ᠋ᠤ᠌ ᠤᠯᠤᠰ ᠤ᠋ᠨ ᠰᠠᠢᠨ ᠮᠠᠯᠴᠢᠨ ᠤ᠋ ᠵᠥᠪᠯᠡᠯᠭᠡᠨ ᠳ᠋ᠦ᠍ ᠰᠠᠭᠤᠯᠴᠠᠭᠰᠠᠨ ᠮᠠᠯᠴᠢᠨ ᠪᠦᠬᠦᠨ ᠲᠡᠷᠡ ᠵᠥᠪᠯᠡᠯᠭᠡᠨ ᠢ᠋ ᠶᠡᠷᠦ ᠶ᠋ᠢᠨ ᠨᠢᠭᠡᠨ ᠬᠤᠷᠠᠯ ᠵᠥᠪᠯᠡᠯᠭᠡᠨ ᠪᠢᠰᠢ᠂ ᠤᠯᠤᠰ ᠳᠠᠶᠠᠭᠠᠷ ᠮᠠᠰᠢ ᠡᠷᠬᠢᠮ ᠴᠢᠬᠤᠯᠠ ᠬᠤᠷᠠᠯ ᠭᠡᠵᠦ ᠦᠵᠡᠵᠦ ᠪᠠᠢᠭ᠎ᠠ ᠶ᠋ᠢ ᠲᠤᠢᠯ ᠤ᠋ᠨ ᠲᠣᠳᠣᠷᠬᠠᠢ ᠪᠠᠷ ᠣᠢᠯᠠᠭᠠᠨ ᠮᠡᠳᠡᠪᠡ᠃  
       ᠬᠤᠷᠠᠯ ᠳ᠋ᠤ᠌ ᠰᠠᠨᠠᠯ ᠰᠢᠭᠦᠮᠵᠢᠯᠡᠯ ᠲᠠᠯᠪᠢᠬᠤ ᠳ᠋ᠠᠭᠠᠨ( ᠳ᠋ᠤ᠌ ᠪᠠᠨ)᠂ ᠮᠠᠯᠴᠢᠨ ᠨᠤᠭᠤᠳ ᠠᠵᠢᠯ ᠪᠠᠢᠳᠠᠯ ᠢ᠋ᠶ᠋ᠠᠨ ᠶᠠᠷᠢᠵᠤ᠂ ᠶᠠᠭᠠᠬᠢᠵᠤ ᠮᠠᠯ ᠢ᠋ᠶ᠋ᠠᠨ ᠥᠰᠬᠡᠵᠦ ᠤᠷᠤᠭᠰᠢᠲᠠᠢ ᠠᠮᠵᠢᠯᠲᠠ ᠣᠯᠤᠭᠰᠠᠨ᠂ ᠶᠠᠭᠠᠬᠢᠵᠤ ᠤᠷᠢᠳᠤ ᠡᠳᠦᠭᠡ ᠠᠮᠢᠳᠤᠷᠠᠵᠤ ᠪᠠᠢᠭᠰᠠᠨ ᠢ᠋ᠶ᠋ᠠᠨ ᠥᠭᠦᠯᠡᠵᠦ᠂ ᠲᠤᠷᠰᠢᠯᠭ᠎ᠠ ᠪᠠᠨ ᠰᠣᠯᠢᠯᠴᠠᠨ᠂ ᠣᠷᠣᠨ ᠨᠤᠲᠤᠭ ᠤ᠋ᠨ ᠵᠠᠰᠠᠭ ᠵᠠᠬᠢᠷᠭ᠎ᠠ᠂ ᠬᠤᠷᠰᠢᠶ᠎ᠠ ᠬᠤᠳᠠᠯᠳᠤᠭᠠᠨ ᠤ᠋ ᠭᠠᠵᠠᠷ ᠤ᠋ᠨ ᠠᠵᠢᠯ ᠤ᠋ᠨ ᠳᠤᠲᠠᠭᠳᠠᠯ ᠢ᠋ ᠰᠢᠭᠦᠮᠵᠢᠯᠡᠨ᠂ ᠮᠢᠬ᠎ᠠ ᠢᠳᠡᠬᠦ ᠳ᠋ᠡᠭᠡᠨ( ᠳ᠋ᠦ᠍ ᠪᠡᠨ) ᠳᠤᠷᠠᠲᠠᠢ ᠮᠥᠷᠲᠡᠭᠡᠨ ᠮᠠᠯ ᠢ᠋ᠶ᠋ᠠᠨ ᠥᠰᠬᠡᠬᠦ ᠳᠤᠷ᠎ᠠ ᠦᠭᠡᠢ ᠵᠠᠯᠬᠠᠭᠤ ᠬᠣᠢᠷᠭᠣ ᠮᠠᠭᠤ ᠮᠠᠯᠴᠢᠨ ᠢ᠋ ᠪᠤᠷᠤᠭᠤᠰᠢᠶᠠᠨ᠂ ᠠᠵᠢᠯ ᠬᠢᠳᠡᠭ ᠦᠭᠡᠢ᠂ ᠳᠡᠮᠡᠢ ᠵᠠᠪᠬᠠᠢᠷᠠᠨ ᠬᠡᠰᠦᠵᠦ ᠶᠠᠪᠤᠳᠠᠭ ᠡᠲᠡᠭᠡᠳ ᠢ᠋ ᠵᠢᠭᠰᠢᠨ ᠰᠢᠭᠦᠮᠵᠢᠯᠡᠪᠡ᠃  
       ᠤᠯᠤᠰ ᠤ᠋ᠨ ᠰᠠᠩ ᠤ᠋ᠨ ᠠᠵᠤ ᠠᠬᠤᠢ᠂ ᠬᠠᠳᠤᠯᠠᠩ ᠤ᠋ᠨ ᠰᠲ᠋ᠠᠨᠼᠢ᠂ ᠠᠷᠲ᠋ᠧᠯ ᠨᠢᠭᠡᠳᠦᠯ᠂ ᠨᠥᠬᠥᠷᠯᠡᠯ ᠦ᠋ᠨ ᠠᠵᠢᠯᠲᠠᠨ᠂ ᠥᠪᠡᠷ ᠥᠪᠡᠷ ᠦ᠋ᠨ ᠠᠮᠵᠢᠯᠲᠠ ᠶ᠋ᠢ ᠶᠠᠷᠢᠵᠤ᠂ ᠳᠣᠣᠷ᠎ᠠ ᠳᠣᠣᠷ᠎ᠠ ᠪᠠᠨ ᠬᠠᠷ᠎ᠠ ᠠᠮᠢ ᠪᠠᠨ ᠬᠠᠷᠠᠵᠤ ᠠᠵᠢᠯᠯᠠᠭᠰᠠᠨ ᠠ᠋ᠴᠠ ᠨᠢᠭᠡᠳᠦᠯ ᠨᠥᠬᠥᠷᠯᠡᠯ ᠪᠠᠢᠭᠤᠯᠵᠤ᠂ ᠬᠠᠮᠲᠤ ᠶ᠋ᠢᠨ ᠬᠦᠴᠦᠨ ᠢ᠋ᠶ᠋ᠡᠷ ᠠᠵᠢᠯᠯᠠᠭᠰᠠᠨ ᠤ᠋ ᠠᠰᠢᠭ ᠲᠠᠢ ᠶ᠋ᠢ ᠶᠠᠷᠢᠵᠤ ᠥᠭᠪᠡ᠃ 
       ᠵᠠᠮᠲᠤ ᠶ᠋ᠢᠨ ᠠᠷᠠᠳ ᠤ᠋ᠨ ᠨᠢᠭᠡᠳᠦᠯ ᠦ᠋ᠨ ᠲᠥᠯᠥᠭᠡᠯᠡᠭᠴᠢ᠂ ᠲᠤᠰ ᠨᠥᠬᠥᠷᠯᠡᠯ ᠦ᠋ᠨ ᠠᠵᠢᠯ ᠢ᠋ ᠲᠣᠪᠴᠢ ᠪᠠᠷ ᠶᠠᠷᠢᠵᠤ ᠢᠯᠡᠳᠬᠡᠪᠡ᠃  ᠶᠡᠨᠳᠡᠷ ᠳᠡᠭᠡᠷ᠎ᠡ ᠭᠠᠷᠤᠭᠠᠳ ᠮᠡᠬᠦᠢᠰᠬᠢᠨ ᠶᠣᠰᠣᠯᠠᠭᠠᠳ᠂ ᠳᠠᠳᠤᠭᠰᠠᠨ ᠵᠠᠩᠰᠢᠯ ᠢ᠋ᠶ᠋ᠠᠷ ᠢ᠋ᠶ᠋ᠠᠨ ᠬᠠᠯᠢᠮᠠᠭ ᠦᠰᠦ ᠪᠡᠨ ᠬᠤᠷᠤᠭᠤ ᠪᠠᠷ ᠢ᠋ᠶ᠋ᠠᠨ ᠰᠠᠮᠨᠠᠨ ᠵᠠᠰᠠᠭᠠᠳ᠂ ᠬᠡᠯᠡᠬᠦ ᠦᠭᠡ ᠪᠡᠨ ᠲᠡᠮᠳᠡᠭᠯᠡᠭᠰᠡᠨ ᠨᠣᠣᠷᠠᠭ ᠬᠠᠭᠤᠳᠠᠰᠤ ᠪᠠᠨ ᠳᠡᠯᠭᠡᠵᠦ ᠲᠠᠯᠪᠢᠭᠠᠳ᠂ ᠪᠠᠬᠠᠨ ᠠᠯᠪᠠᠨ ᠪᠢᠴᠢᠭ ᠦ᠋ᠨ ᠦᠭᠡ ᠲᠡᠢ ᠰᠢᠭᠦᠮᠵᠢᠯᠡᠯ ᠢ᠋ᠶ᠋ᠡᠨ ᠰᠥᠭᠡᠩᠭᠢ ᠬᠣᠭᠣᠯᠠᠢ ᠪᠠᠷ ᠬᠡᠯᠡᠵᠦ ᠡᠬᠢᠯᠡᠭᠰᠡᠨ ᠨᠢ᠄ 
       — ᠲᠤᠰ ᠪᠦᠭᠦᠳᠡ ᠨᠠᠢᠷᠠᠮᠳᠠᠬᠤ ᠤᠯᠤᠰ ᠤ᠋ᠨ ᠲᠡᠷᠢᠭᠦᠨ ᠦ᠌ ᠰᠠᠢᠨ ᠮᠠᠯᠴᠢᠳ ᠤ᠋ᠨ ᠵᠥᠪᠯᠡᠯᠭᠡᠨ ᠦ᠌ ᠬᠤᠷᠠᠯ ᠳᠡᠭᠡᠷ᠎ᠡ ᠬᠦᠨᠳᠦᠲᠦ ᠨᠥᠬᠥᠳ ᠦ᠋ᠨ ᠬᠢᠭᠰᠡᠨ ᠢᠯᠡᠳᠬᠡᠯ ᠢ᠋ ᠰᠣᠨᠣᠰᠤᠭᠠᠳ ᠳᠣᠣᠷ᠎ᠠ ᠳᠤᠷᠠᠳᠤᠭᠰᠠᠨ ᠵᠦᠢᠯ ᠢ᠋ ᠬᠡᠯᠡᠬᠦ ᠶ᠋ᠢ ᠬᠦᠰᠡᠬᠦ ᠨᠢ᠂ 
       ᠨᠥᠬᠥᠳ ᠦ᠋ᠳ ᠠ᠋! ᠵᠠᠮᠲᠤ ᠶ᠋ᠢᠨ ᠠᠷᠠᠳ ᠤ᠋ᠨ ᠨᠢᠭᠡᠳᠦᠯ ᠢ᠋1938 ᠣᠨ ᠳ᠋ᠤ᠌ ᠠᠩᠬ᠎ᠠ ᠪᠠᠢᠭᠤᠯᠵᠤ᠂ ᠠᠷᠪᠠᠨ ᠨᠢᠭᠡᠨ ᠭᠡᠰᠢᠭᠦᠨ ᠲᠡᠢ ᠪᠠᠢᠭᠰᠠᠨ ᠪᠠᠢᠨ᠎ᠠ᠃ ᠲᠤᠰ ᠨᠢᠭᠡᠳᠦᠯ ᠳ᠋ᠦ᠍ ᠬᠠᠮᠲᠤᠷᠠᠭᠤᠯᠤᠭᠰᠠᠨ ᠮᠠᠯ᠂1940 ᠣᠨ ᠳ᠋ᠤ᠌ ᠠᠳᠤᠭᠤ391 ᠪᠠᠢᠭᠰᠠᠨ ᠪᠣᠯ1941 ᠣᠨ ᠳ᠋ᠤ᠌ 783  ᠪᠣᠯᠤᠭᠰᠠᠨ ᠪᠠᠢᠨ᠎ᠠ᠃  
       ᠦᠬᠡᠷ165 ᠪᠠᠢᠭᠰᠠᠨ ᠨᠢ520 ᠪᠣᠯᠤᠭᠰᠠᠨ᠃ ᠦᠨᠢᠶ᠎ᠡ138 ᠠ᠋ᠴᠠ ᠲᠤᠭᠤᠯ128 ᠶ᠋ᠢ ᠪᠣᠢᠵᠢᠭᠤᠯᠤᠭᠰᠠᠨ ᠨᠢ ᠳᠠᠷᠤᠢ ᠲᠥᠯ ᠦ᠋ᠨ92.7 ᠬᠤᠪᠢ ᠶ᠋ᠢ ᠪᠣᠢᠵᠢᠭᠤᠯᠵᠠᠢ᠃40 ᠣᠨ ᠳ᠋ᠤ᠌ ᠬᠣᠨᠢ917 ᠪᠠᠢᠭᠰᠠᠨ᠂ ᠣᠳᠣ1429 ᠪᠣᠯᠤᠭᠰᠠᠨ᠂451 ᠡᠮ᠎ᠡ ᠬᠣᠨᠢ ᠠ᠋ᠴᠠ ᠬᠤᠷᠠᠭ᠎ᠠ404 ᠶ᠋ᠢ ᠪᠣᠢᠵᠢᠭᠤᠯᠤᠭᠰᠠᠨ ᠪᠤᠶᠤ ᠬᠣᠨᠢᠨ ᠤ᠋ ᠲᠥᠯ ᠦ᠋ᠨ89.5 ᠬᠤᠪᠢ ᠶ᠋ᠢ ᠪᠣᠢᠵᠢᠭᠤᠯᠤᠭᠰᠠᠨ ᠪᠣᠯᠤᠨ᠎ᠠ᠃ᠢᠮᠠᠭ᠎ᠠ  27 ᠠ᠋ᠴᠠ ᠡᠮ᠎ᠡ ᠢᠮᠠᠭ᠎ᠠ14 ᠪᠠᠢᠭᠰᠠᠨ᠂ ᠲᠡᠭᠦᠨ ᠦ᠌ ᠲᠥᠯ12 ᠢ᠋ ᠪᠣᠢᠵᠢᠭᠤᠯᠤᠭᠰᠠᠨ ᠨᠢ᠂ ᠢᠮᠠᠭᠠᠨ ᠤ᠋ ᠲᠥᠯ ᠦ᠋ᠨ ᠪᠣᠢᠵᠢᠯᠲᠠ85 ᠬᠤᠪᠢ ᠪᠣᠯᠪᠠ᠃ ᠪᠦᠬᠦ ᠮᠠᠯ ᠤ᠋ᠨ ᠥᠰᠦᠯᠲᠡ80.4 ᠬᠤᠪᠢ ᠪᠣᠯᠵᠠᠢ᠃ 
       ᠣᠳᠣ ᠪᠢᠳᠡ ᠪᠦᠬᠦ ᠮᠠᠯ ᠢ᠋ᠶ᠋ᠠᠨ ᠳᠥᠷᠪᠡᠨ ᠰᠠᠭᠤᠷᠢ ᠬᠣᠨᠢ᠂ ᠵᠢᠷᠭᠤᠭᠠᠨ ᠰᠠᠭᠤᠷᠢ ᠦᠬᠡᠷ᠂ ᠬᠣᠶᠠᠷ ᠰᠠᠭᠤᠷᠢ ᠠᠳᠤᠭᠤ ᠪᠣᠯᠭᠠᠭᠰᠠᠨ᠂ ᠮᠠᠯ ᠲᠥᠯᠯᠡᠯᠲᠡ ᠶ᠋ᠢᠨ ᠴᠠᠭ ᠢ᠋ᠶ᠋ᠠᠷ ᠲᠤᠰᠬᠠᠢ ᠵᠢᠵᠢᠭᠦᠷ ᠭᠠᠷᠭᠠᠳᠠᠭ᠃ 
       ᠢᠩᠭᠢᠵᠦ ᠬᠠᠮᠲᠤ ᠶ᠋ᠢᠨ ᠬᠦᠴᠦ ᠪᠡᠷ ᠮᠠᠯ ᠮᠠᠯᠯᠠᠬᠤ ᠳ᠋ᠤ᠌᠂ ᠬᠦᠴᠦ ᠪᠦᠯᠢ ᠠᠷᠪᠢᠯᠠᠬᠤ ᠲᠠᠯ᠎ᠠ ᠪᠠᠷ ᠶᠡᠬᠡ ᠠᠰᠢᠭᠲᠠᠢ ᠪᠠᠢᠨ᠎ᠠ᠃ ᠮᠠᠨ ᠤ᠋ ᠨᠢᠭᠡᠳᠦᠯ ᠳ᠋ᠦ᠍ ᠠᠷᠪᠠᠨ ᠠᠢᠯ᠂ ᠤᠷᠢᠳ ᠠᠮᠢ ᠠᠮᠢᠨ ᠳ᠋ᠠᠭᠠᠨ ᠮᠠᠯ ᠲᠠᠢ ᠲᠠᠪᠢᠨ ᠠᠢᠯ ᠤ᠋ᠨ ᠳ᠋ᠠᠢᠲ᠋ᠠᠢ ᠮᠠᠯ ᠮᠠᠯᠯᠠᠳᠠᠭ ᠪᠠᠢᠨ᠎ᠠ᠃ ᠡᠢᠮᠦ ᠳᠡᠭᠡᠷ᠎ᠡ ᠡᠴᠡ ᠪᠢᠳᠡ᠂ ᠠᠵᠢᠯᠴᠢᠨ ᠢ᠋ ᠥᠭᠡᠷ᠎ᠡ ᠠᠵᠢᠯ ᠳ᠋ᠤ᠌ ᠪᠠᠰᠠ ᠬᠡᠷᠡᠭᠯᠡᠬᠦ ᠪᠣᠯᠤᠯᠴᠠᠭ᠎ᠠ ᠲᠠᠢ ᠪᠣᠯᠤᠯ᠎ᠠ᠃ ᠤᠯᠤᠰ ᠠ᠋ᠴᠠ ᠪᠣᠭᠣᠨᠢ ᠬᠤᠭᠤᠴᠠᠭᠠᠨ ᠤ᠋ ᠵᠢᠭᠡᠯᠡ ᠥᠭᠭᠦᠭᠰᠡᠨ ᠢ᠋ ᠪᠢᠳᠡ ᠪᠦᠷᠢᠨ ᠲᠥᠯᠥᠵᠦ ᠳᠠᠭᠤᠰᠬᠠᠭᠰᠠᠨ᠃ ᠲᠡᠷᠡ ᠮᠥᠩᠭᠥ ᠪᠡᠷ ᠮᠠᠯ ᠤ᠋ᠨ ᠳᠤᠯᠠᠭᠠᠨ ᠬᠠᠰᠢᠶ᠎ᠠ ᠰᠠᠷᠠᠪᠴᠢ ᠲᠤᠰ ᠨᠢᠭᠡᠳᠦᠯ ᠦ᠋ᠨ ᠮᠠᠯ ᠳ᠋ᠤ᠌ ᠪᠠᠷᠢᠵᠤ᠂ ᠮᠠᠯ ᠬᠤᠳᠠᠯᠳᠤᠨ ᠠᠪᠤᠭᠰᠠᠨ᠃ ᠣᠳᠣ ᠪᠦᠬᠦ ᠮᠠᠯ2756 ᠪᠣᠯᠪᠠ᠃ 
       ᠡᠨᠡ ᠵᠢᠯ80 ᠭᠠᠷᠤᠢ ᠮᠣᠷᠢ ᠲᠡᠷᠭᠡᠨ ᠳ᠋ᠦ᠍ ᠰᠤᠷᠭᠠᠵᠤ᠂ ᠮᠣᠷᠢᠨ ᠲᠡᠷᠭᠡ ᠪᠡᠷ3255 ᠫᠦ ᠵᠢᠩ ᠲᠡᠭᠡᠭᠡᠭᠰᠡᠨ᠂ ᠲᠡᠷᠡ ᠪᠣᠯᠪᠠᠯ ᠶᠡᠬᠡ ᠠᠰᠢᠭᠲᠠᠢ ᠪᠠᠢᠵᠠᠢ᠃ ᠲᠡᠷᠭᠡᠨ ᠳ᠋ᠦ᠍ ᠣᠷᠣᠭᠤᠯᠤᠭᠰᠠᠨ ᠮᠣᠷᠢ᠂ ᠨᠢᠷᠤᠭᠤ ᠠᠴᠢᠶᠠᠨ ᠠ᠋ᠴᠠ ᠬᠡᠳᠦᠨ ᠳᠠᠪᠬᠤᠷ ᠶᠡᠬᠡ ᠶᠠᠭᠤᠮ᠎ᠠ ᠠᠴᠢᠳᠠᠭ ᠶᠤᠮ ᠪᠠᠢᠨ᠎ᠠ᠃ 
       ᠠᠵᠢᠯ ᠬᠢᠬᠦ ᠳ᠋ᠡᠭᠡᠨ ᠪᠢᠳᠡ ᠪᠠᠷᠢᠭᠠᠳᠠᠯᠠᠨ ᠠᠵᠢᠯᠯᠠᠵᠤ᠂ ᠵᠢᠱ᠌ᠢᠶ᠎ᠡ ᠨᠢ ᠲᠠᠷᠢᠶ᠎ᠠ ᠲᠠᠷᠢᠬᠤ  ᠪᠷᠢᠭᠠᠳ᠋᠂ ᠨᠣᠣᠰᠣ ᠬᠢᠷᠭᠠᠬᠤ ᠪᠷᠢᠭᠠᠳ᠋᠂ ᠡᠪᠡᠰᠦ ᠬᠠᠳᠤᠬᠤ  ᠪᠷᠢᠭᠠᠳ᠋᠂ ᠵᠢᠩ ᠲᠡᠭᠡᠭᠡᠬᠦ  ᠪᠷᠢᠭᠠᠳ᠋᠂ ᠬᠣᠨᠢᠨ ᠤ᠋  ᠪᠷᠢᠭᠠᠳ᠋᠂ ᠮᠤᠵᠢᠶᠠᠩ ᠤ᠋ᠨ ᠪᠷᠢᠭᠠᠳ᠋ ᠭᠡᠬᠦ ᠵᠡᠷᠭᠡ ᠪᠷᠢᠭᠠᠳ᠋ ᠪᠠᠢᠭᠤᠯᠵᠤ ᠠᠵᠢᠯᠯᠠᠳᠠᠭ᠃ 
       ᠡᠨᠡ ᠵᠢᠯ ᠬᠣᠨᠢᠨ ᠠ᠋ᠴᠠ1597 ᠺᠢᠯᠣ᠋ ᠨᠣᠣᠰᠣ ᠠᠪᠤᠯ᠎ᠠ᠃ ᠲᠠᠷᠢᠶ᠎ᠠ ᠰᠠᠢᠨ ᠤᠷᠭᠤᠵᠤ᠂ ᠲᠥᠯᠥᠪᠯᠡᠭᠡ ᠶ᠋ᠢ194.2%  ᠢ᠋ᠶ᠋ᠠᠷ ᠪᠡᠶᠡᠯᠡᠭᠦᠯᠪᠡ᠃ ᠨᠣᠭᠣᠭᠠᠨ ᠤ᠋ ᠭᠠᠵᠠᠷ  ᠤ᠋ᠨ ᠨᠣᠭᠣᠭ᠎ᠠ ᠶ᠋ᠢ ᠬᠣᠲᠠ ᠶ᠋ᠢᠨ ᠠᠯᠪᠠᠨ ᠪᠠᠢᠭᠤᠯᠤᠯᠭ᠎ᠠ ᠳ᠋ᠤ᠌ ᠭᠡᠷ᠎ᠡ ᠪᠡᠷ ᠲᠤᠰᠢᠶᠠᠵᠤ᠂ 80000 ᠲᠥᠭᠥᠷᠢᠭ ᠤᠨ ᠴᠡᠪᠡᠷ ᠠᠰᠢᠭ ᠣᠯᠤᠭᠰᠠᠨ ᠠ᠋ᠴᠠ ᠭᠠᠳᠠᠨ᠎ᠠ᠂ ᠱᠧᠹ ᠪᠣᠯᠤᠭᠰᠠᠨ ᠰᠢᠨ᠎ᠡ ᠬᠦᠴᠦᠨ ᠦ᠌ ᠳᠡᠭᠡᠳᠦ ᠰᠤᠷᠭᠠᠭᠤᠯᠢ ᠳ᠋ᠤ᠌ ᠵᠢᠯ ᠦ᠋ᠨ ᠬᠡᠷᠡᠭᠴᠡᠭᠡᠨ ᠦ᠌ ᠨᠣᠭᠣᠭ᠎ᠠ ᠦᠨ᠎ᠡ ᠥᠷᠲᠡᠭ ᠦᠭᠡᠢ ᠥᠭᠭᠦᠭᠰᠡᠨ᠃ ᠡᠪᠡᠰᠦ ᠬᠠᠳᠤᠬᠤ ᠲᠥᠯᠥᠪᠯᠡᠭᠡ162% ᠢ᠋ᠶ᠋ᠠᠷ ᠪᠡᠶᠡᠯᠡᠭᠳᠡᠭᠰᠡᠨ᠃ ᠰᠦᠨ ᠦ᠌ ᠹᠧᠷᠮ᠎ᠠ ᠠ᠋ᠴᠠ ᠡᠨᠡ ᠵᠢᠯ ᠴᠡᠪᠡᠷ ᠠᠰᠢᠭ2517 ᠲᠥᠭᠥᠷᠢᠭ ᠣᠯᠤᠭᠰᠠᠨ᠃ ᠲᠤᠰ ᠹᠧᠷᠮ᠎ᠠ ᠶ᠋ᠢᠨ ᠬᠣᠨᠢᠴᠢᠨ ᠨᠠᠩᠵᠢᠳ ᠬᠣᠶᠠᠷ ᠵᠢᠯ ᠦ᠋ᠨ ᠡᠮᠦᠨ᠎ᠡ ᠣᠭᠲᠣ ᠮᠠᠯ ᠦᠭᠡᠢ ᠬᠥᠮᠦᠨ ᠪᠠᠢᠭᠰᠠᠨ᠃ ᠣᠳᠣ᠂ ᠲᠤᠰ ᠨᠢᠭᠡᠳᠦᠯ ᠦ᠋ᠨ ᠠᠵᠢᠯ ᠬᠢᠵᠦ ᠬᠣᠪᠢᠨ ᠳ᠋ᠠᠭᠠᠨ( ᠳ᠋ᠤ᠌ ᠪᠠᠨ)30 ᠭᠠᠷᠤᠢ ᠮᠠᠯ ᠲᠠᠢ ᠪᠣᠯᠤᠭᠰᠠᠨ ᠪᠠᠢᠨ᠎ᠠ᠃ 
       ᠲᠤᠰ ᠨᠢᠭᠡᠳᠦᠯ ᠪᠠᠰᠠ ᠦᠬᠡᠷ ᠮᠣᠷᠢᠨ ᠲᠡᠷᠭᠡ᠂ ᠲᠡᠮᠡᠭᠡᠨ ᠦ᠌ ᠬᠣᠮ᠂ ᠮᠠᠯ ᠤᠰᠤᠯᠠᠬᠤ ᠣᠩᠭᠣᠴᠠ ᠵᠡᠷᠭᠡ ᠠᠷᠠᠳ ᠤ᠋ᠨ ᠬᠡᠷᠡᠭᠴᠡᠭᠡᠲᠦ ᠶᠠᠭᠤᠮ᠎ᠠ ᠬᠢᠳᠡᠭ᠃ ᠲᠤᠰ ᠨᠢᠭᠡᠳᠦᠯ ᠳ᠋ᠦ᠍ ᠬᠥᠮᠦᠨ ᠮᠠᠯ ᠤ᠋ᠨ ᠪᠠᠭ᠎ᠠ ᠡᠮᠴᠢ ᠶ᠋ᠢᠨ ᠰᠤᠷᠭᠠᠭᠤᠯᠢ ᠪᠣᠢ᠃ ᠪᠢᠳᠡ ᠬᠠᠮᠲᠤᠷᠠᠨ ᠠᠵᠢᠯᠯᠠᠬᠤ ᠨᠢ ᠳᠣᠣᠷ᠎ᠠ ᠳᠣᠣᠷ᠎ᠠ ᠪᠠᠨ ᠲᠠᠪᠤ ᠠᠷᠪᠠᠨ ᠮᠠᠯ ᠲᠠᠢ ᠨᠣᠴᠣᠯᠳᠤᠬᠤ ᠠ᠋ᠴᠠ ᠢᠯᠡᠭᠦᠦ ᠠᠰᠢᠭᠲᠠᠢ ᠪᠠᠢᠭ᠎ᠠ ᠶ᠋ᠢ ᠲᠤᠷᠰᠢᠯᠭ᠎ᠠ ᠪᠠᠷ ᠮᠡᠳᠡᠵᠦ ᠠᠪᠤᠭᠰᠠᠨ᠃ ᠪᠢ ᠶᠠᠭᠤᠮ᠎ᠠ ᠰᠠᠢᠨ ᠶᠠᠷᠢᠵᠤ ᠴᠢᠳᠠᠳᠠᠭ ᠦᠭᠡᠢ ᠠᠮᠢᠲᠠᠨ ᠶᠤᠮ ᠳᠠ᠃ ᠲᠠ ᠨᠠᠷ ᠲᠤ᠌ ᠲᠡᠷᠡ ᠪᠦᠭᠦᠳᠡ ᠶ᠋ᠢ ᠨᠠᠷᠢᠨ ᠰᠠᠢᠨ ᠢ᠋ᠶ᠋ᠠᠷ ᠬᠡᠯᠡᠵᠦ᠂ ᠲᠣᠳᠣᠷᠬᠠᠢ ᠲᠣᠮᠣᠷᠠᠭᠤᠨ ᠢ᠋ᠶ᠋ᠠᠷ ᠶᠠᠷᠢᠵᠤ ᠴᠢᠳᠠᠭᠰᠠᠨ ᠦᠭᠡᠢ ᠪᠣᠯᠪᠠ ᠤᠤ ᠳᠠ᠃  
       ᠭᠡᠪᠡᠴᠦ ᠮᠢᠨᠦ ᠬᠡᠯᠡᠭᠰᠡᠨ ᠡᠨᠡ ᠬᠡᠳᠦᠨ ᠦᠭᠡᠨ ᠡᠴᠡ ᠴᠦ᠍ ᠭᠡᠰᠡᠨ᠂ ᠲᠠ ᠪᠦᠬᠦᠨ ᠮᠠᠨ ᠤ᠋ ᠨᠢᠭᠡᠳᠦᠯ ᠦ᠋ᠨ ᠬᠥᠯ ᠳᠡᠭᠡᠷ᠎ᠡ ᠪᠡᠨ ᠲᠣᠭᠲᠠᠵᠤ ᠴᠢᠳᠠᠭᠰᠠᠨ ᠢ᠋ ᠮᠡᠳᠡᠵᠦ ᠪᠣᠯᠬᠤ ᠪᠢᠵᠡ᠃ ᠲᠠ ᠪᠦᠬᠦᠨ᠂ ᠮᠠᠨ ᠤ᠋ ᠨᠢᠭᠡᠳᠦᠯ ᠳᠡᠭᠡᠷ᠎ᠡ ᠬᠦᠷᠴᠦ ᠢᠷᠡᠭᠡᠳ ᠦᠵᠡᠭᠡᠷᠡᠢ᠃ ᠲᠡᠭᠡᠪᠡᠯ᠂ ᠪᠢᠳᠡ ᠶᠠᠭᠠᠬᠢᠵᠤ ᠠᠵᠢᠯ ᠬᠢᠵᠦ᠂ ᠶᠠᠭᠠᠬᠢᠵᠤ ᠠᠮᠠᠷᠠᠵᠤ ᠪᠠᠢᠳᠠᠭ ᠢ᠋ᠶ᠋ᠠᠨ ᠦᠵᠡᠭᠦᠯᠦᠨ᠎ᠡ᠃ ᠲᠡᠭᠡᠭᠡᠳ᠂ ᠲᠠ ᠪᠦᠬᠦᠨ ᠠᠮᠢ ᠠᠮᠢᠨ ᠳ᠋ᠠᠭᠠᠨ( ᠳ᠋ᠤ᠌ ᠪᠠᠨ) ᠳᠣᠣᠷ᠎ᠠ ᠳᠣᠣᠷ᠎ᠠ ᠪᠠᠨ ᠬᠡᠳᠦᠨ ᠮᠠᠯ ᠲᠠᠢ ᠨᠣᠴᠣᠯᠳᠤᠵᠤ ᠪᠠᠢᠭᠰᠠᠨ ᠠ᠋ᠴᠠ ᠪᠦᠭᠦᠳᠡᠭᠡᠷ ᠢ᠋ᠶ᠋ᠡᠨ ᠬᠦᠴᠦ ᠪᠦᠯᠢ ᠨᠡᠢᠯᠡᠵᠦ᠂ ᠬᠠᠮᠲᠤᠷᠠᠨ ᠨᠢᠭᠡᠳᠴᠦ ᠠᠵᠢᠯᠯᠠᠭᠰᠠᠨ ᠤ᠋ ᠠᠰᠢᠭ ᠲᠠᠢ ᠶ᠋ᠢ ᠨᠢᠳᠦ ᠪᠡᠷ ᠢ᠋ᠶ᠋ᠡᠨ ᠦᠵᠡᠵᠦ ᠪᠣᠯᠤᠨ᠎ᠠ᠃ ᠨᠥᠬᠥᠳ᠂ ᠮᠠᠨ ᠤ᠋ ᠨᠢᠭᠡᠳᠦᠯ ᠳ᠋ᠦ᠍ ᠵᠣᠴᠢᠯᠠᠨ ᠣᠴᠢᠵᠤ᠂ ᠪᠠᠢᠳᠠᠯ ᠲᠠᠢ ᠲᠠᠨᠢᠯᠴᠠᠭᠠᠷᠠᠢ! ᠭᠡᠵᠦ ᠰᠠᠨᠠᠯ ᠢ᠋ᠶ᠋ᠠᠨ ᠬᠡᠯᠡᠵᠦ ᠭᠦᠢᠴᠡᠳᠬᠡᠬᠦ ᠳ᠋ᠦ᠍ᠨᠢ( ᠳ᠋ᠦ᠍ ᠨᠢ)ᠣᠯᠠᠨ ᠮᠠᠯᠴᠢᠳ ᠨᠢᠵᠢᠭᠢᠨᠡᠲᠡᠯ᠎ᠡ ᠠᠯᠠᠭ᠎ᠠ ᠲᠠᠰᠢᠵᠠᠭᠠᠪᠠ᠃  

       ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠴᠡᠩᠬᠡᠯᠴᠡᠴᠡᠭ᠂ ᠪᠠᠯ᠂ ᠰᠠᠷᠠᠨᠲᠤᠶᠠᠭ᠎ᠠ᠂ ᠤᠢᠭᠤᠷᠵᠢᠨ·ᠣᠳᠬᠣᠨᠪᠠᠪᠠ᠂ ᠪᠠᠳᠮᠠᠰᠡᠴᠡᠨ
           ᠬᠢᠨᠠᠭᠴᠢ᠄ ᠣᠳᠬᠣᠨᠴᠡᠴᠡᠭ᠂ ᠤᠢᠭᠤᠷᠵᠢᠨ·ᠣᠳᠬᠣᠨᠪᠠᠪᠠ᠂ ᠴᠤᠯᠮᠤᠨᠭᠡᠷᠡᠯ᠂ ᠪᠠᠯ  
            ᠤᠩᠰᠢᠭᠴᠢ᠄ ᠨᠠᠰᠤᠨ᠌ᠦ᠌ᠯᠵᠡᠢ