ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢᠨ ᠬᠣᠶᠠᠷ Үүрийн туяа III – Б ᠂ Ренчин Гуравдугаар дэвтэр "Баялдаж олсон эх орон"-22
ᠬᠣᠷᠢᠨ ᠬᠣᠶᠠᠷ᠂ ᠪᠡᠷᠬᠡ ᠳᠠᠪᠠᠭ᠎ᠠ ᠳᠠᠪᠠᠬᠤ ᠪᠡᠯᠡᠨ ᠵᠣᠷᠢᠭ ᠲᠠᠢ
ᠤᠯᠤᠰ ᠲᠦᠮᠡᠨ ᠦ᠌ ᠠᠷᠢᠭᠤᠨ ᠨᠠᠢᠷᠠᠮᠳᠠᠯ ᠪᠠᠲᠤ᠃
ᠬᠠᠰᠠᠭ ᠤ᠋ᠨ ᠶᠡᠬᠡ ᠢᠷᠠᠭᠤ ᠨᠠᠢᠷᠠᠭᠴᠢ ᠵᠠᠮᠪᠠᠯ
ᠰᠢᠷᠴᠢᠨ ᠢ᠋ ᠰᠤᠮᠤ ᠶ᠋ᠢᠨ ᠬᠣᠷᠰᠢᠶᠠᠨ ᠳ᠋ᠤ᠌ ᠬᠦᠷᠴᠦ ᠢᠷᠡᠬᠦ ᠳ᠋ᠦ᠍ ᠨᠠᠷᠠ ᠪᠠᠷᠠᠭᠤᠨ᠎ᠠ ᠬᠡᠯᠪᠡᠢᠵᠦ ᠪᠢᠯᠡ᠃ ᠬᠣᠷᠰᠢᠶᠠᠨ ᠤ᠋ ᠮᠣᠷᠢᠨ ᠤ᠋ ᠤᠶᠠᠭᠠᠨ ᠦ᠌ ᠲᠡᠨᠳᠡ ᠨᠢᠬᠡᠴᠦ(ᠨᠢᠭᠡ ᠴᠦ᠍) ᠮᠣᠷᠢ ᠦᠭᠡᠢ ᠶ᠋ᠢ ᠦᠵᠡᠭᠡᠳ᠂ ᠡᠪᠦᠭᠡᠨ ᠪᠠᠬᠠᠨ ᠭᠠᠢᠬᠠᠵᠤ ᠡᠨᠡ ᠶᠠᠭᠠᠬᠢᠭᠠᠳ ᠡᠢᠮᠦ ᠪᠠᠢᠨ᠎ᠠ? ᠨᠠᠭᠠᠳᠤᠮ ᠤ᠋ᠨ ᠡᠮᠦᠨ᠎ᠡ ᠡᠳᠦᠢ ᠳ᠋ᠦ᠍ ᠬᠥᠮᠦᠨ ᠠᠮᠢᠲᠠᠨ ᠬᠣᠷᠰᠢᠶ᠎ᠠ ᠠ᠋ᠴᠠ ᠶᠠᠭᠤᠮ᠎ᠠ ᠠᠪᠬᠤ ᠭᠡᠵᠦ ᠶᠡᠬᠡ ᠬᠥᠯ ᠲᠡᠢ ᠪᠠᠢᠳᠠᠭ ᠪᠢᠰᠢ ᠰᠠᠨ ᠪᠢᠯᠢᠤ(ᠪᠢᠯᠡ ᠤᠤ)? ᠭᠡᠵᠦ ᠮᠣᠷᠢ ᠪᠠᠨ ᠤᠶᠠᠭ᠎ᠠ ᠠ᠋ᠴᠠ ᠤᠶᠠᠭᠠᠳ᠂ ᠤᠩᠭᠠᠰᠤ ᠨᠣᠣᠰᠣ ᠲᠡᠩᠨᠡᠵᠦ ᠠᠴᠢᠭᠰᠠᠨ ᠮᠣᠷᠢ ᠪᠠᠨ ᠬᠣᠷᠰᠢᠶᠠᠨ ᠤ᠋ ᠬᠠᠰᠢᠶᠠᠨ ᠳ᠋ᠤ᠌ ᠬᠥᠲᠥᠯᠵᠦ ᠣᠷᠣᠲᠠᠯ᠎ᠠ᠂ ᠲᠦᠭᠦᠬᠡᠢ ᠡᠳ᠋ ᠦ᠋ᠨ ᠨᠢᠷᠪᠠ ᠷᠠᠪᠳᠠᠨᠳᠣᠷᠵᠢ ᠭᠡᠳᠡᠭ ᠬᠠᠯᠵᠠᠨ ᠪᠣᠯᠵᠤ ᠶᠠᠪᠤᠭ᠎ᠠ ᠬᠥᠬᠡ ᠴᠢᠷᠠᠢᠲᠠᠢ ᠨᠢᠭᠡᠨ ᠬᠥᠮᠦᠨ᠂
— ᠰᠢᠷᠴᠢᠨ ᠭᠤᠸᠠᠢ᠂ ᠰᠠᠢᠨ ᠪᠠᠢᠨᠠᠤ(ᠪᠠᠢᠨ᠎ᠠ ᠤᠤ)? ᠤᠩᠭᠠᠰᠤ ᠲᠤᠰᠢᠶᠠᠬᠤ ᠭᠡᠵᠦ ᠢᠷᠡᠪᠡᠦ(ᠢᠷᠡᠪᠡ ᠤᠤ)? ᠲᠡᠢᠨ ᠡᠬᠢᠯᠡᠵᠦ᠂ ᠭᠧᠷᠮᠠᠨ ᠤ᠋ ᠹᠠᠱ᠌ᠢᠰᠲ ᠤ᠋ᠳ ᠬᠣᠯᠪᠣᠭᠠᠲᠤ ᠤᠯᠤᠰ ᠲᠤ᠌ ᠬᠠᠯᠳᠠᠭᠰᠠᠨ ᠢ᠋ ᠲᠠ ᠰᠣᠨᠣᠰᠪᠠᠤ(ᠰᠣᠨᠣᠰᠪᠠ ᠤᠤ)? ᠭᠡᠵᠦ ᠬᠡᠯᠡᠬᠦ ᠳ᠋ᠦ᠍ᠨᠢ( ᠳ᠋ᠦ᠍ ᠨᠢ) ᠰᠢᠷᠴᠢᠨ᠂ ᠪᠢ ᠪᠤᠷᠤᠭᠤ ᠲᠤᠭᠤᠯᠪᠠᠤ(ᠳᠤᠭᠤᠯᠪᠠ ᠤᠤ)? ᠭᠧᠷᠮᠠᠨ ᠰ ᠰ ᠰ ᠷ ᠬᠣᠶᠠᠷ ᠬᠠᠷᠢᠯᠴᠠᠨ ᠦᠯᠦ ᠬᠠᠯᠳᠠᠨ ᠪᠠᠢᠯᠳᠤᠬᠤ ᠭᠡᠷ᠎ᠡ ᠲᠡᠢ ᠪᠢᠰᠢ ᠰᠠᠨ ᠪᠢᠯᠢᠤ(ᠪᠢᠯᠡ ᠤᠤ)? ᠭᠡᠵᠦ ᠳᠣᠲᠣᠷ᠎ᠠ ᠪᠠᠨ ᠭᠠᠢᠬᠠᠲᠠᠯ᠎ᠠ᠂ ᠷᠠᠪᠳᠠᠨᠳᠣᠷᠵᠢ᠄
— ᠵᠢᠷᠭᠤᠳᠤᠭᠠᠷ ᠰᠠᠷ᠎ᠠ ᠶ᠋ᠢᠨ ᠬᠣᠷᠢᠨ ᠬᠣᠶᠠᠷ ᠲᠤ᠌ ᠮᠣᠰᠺᠸᠠ ᠳ᠋ᠤ᠌ ᠨᠥᠬᠥᠷ ᠮᠣᠯᠣᠲ᠋ᠣᠸ ᠤ᠋ᠨ ᠬᠡᠯᠡᠭᠰᠡᠨ ᠦᠭᠡ ᠶ᠋ᠢ ᠤᠯᠠᠭᠠᠨᠪᠠᠭᠠᠲᠤᠷ ᠠ᠋ᠴᠠ ᠷᠠᠳᠢᠣ᠋ ᠪᠠᠷ ᠮᠣᠩᠭᠣᠯ ᠦᠭᠡ ᠪᠡᠷ ᠨᠡᠪᠲᠡᠷᠡᠭᠦᠯᠵᠡᠢ᠃ ᠰ ᠰ ᠰ ᠷ᠂ ᠭᠧᠷᠮᠠᠨ ᠬᠣᠶᠠᠷ ᠤᠯᠤᠰ᠂ ᠬᠠᠷᠢᠯᠴᠠᠨ ᠳᠣᠪᠲᠣᠯᠬᠤ ᠦᠭᠡᠢ ᠭᠡᠷ᠎ᠡ ᠲᠡᠢ ᠪᠣᠯᠪᠠᠴᠤ᠂ ᠵᠢᠷᠭᠤᠳᠤᠭᠠᠷ ᠰᠠᠷ᠎ᠠ ᠶ᠋ᠢᠨ ᠬᠣᠷᠢᠨ ᠬᠣᠶᠠᠷ ᠤ᠋ᠨ ᠥᠷᠯᠥᠭᠡ ᠶ᠋ᠢᠨ ᠳᠥᠷᠪᠡᠨ ᠴᠠᠭ ᠠ᠋ᠴᠠ ᠭᠧᠷᠮᠠᠨ ᠴᠡᠷᠢᠭ ᠲᠡᠢᠨ ᠵᠠᠷᠯᠠᠯ ᠦᠭᠡᠢ ᠭᠡᠨᠡᠳᠲᠡ ᠬᠣᠯᠪᠣᠭᠠᠲᠤ ᠤᠯᠤᠰ ᠲᠤ᠌ ᠬᠠᠯᠳᠠᠨ ᠣᠷᠣᠵᠤ᠂ ᠺᠢᠶᠧᠸ᠂ ᠰᠧᠸᠠᠰᠲ᠋ᠣᠫᠣᠯ᠂ ᠺᠠᠦ᠋ᠨᠠᠰ ᠵᠡᠷᠭᠡ ᠬᠣᠲᠠ ᠶ᠋ᠢ ᠪᠥᠮᠪᠥᠭᠡᠳᠡᠵᠡᠢ᠃ ᠪᠠᠭᠠᠲᠤᠷ ᠬᠣᠲᠠ ᠶ᠋ᠢᠨ ᠷᠠᠳᠢᠣ᠋᠂ ᠠᠲᠠᠭᠠᠲᠠᠨ ᠳᠠᠢᠰᠤᠨ ᠢ᠋ ᠳᠠᠷᠤᠨ ᠰᠥᠨᠥᠭᠡᠬᠦ ᠳ᠋ᠦ᠍ᠨᠢ( ᠳ᠋ᠦ᠍ ᠨᠢ) ᠬᠣᠯᠪᠣᠭᠠᠲᠤ ᠤᠯᠤᠰ ᠤ᠋ᠨ ᠢ᠋ᠶ᠋ᠠᠨ ᠤᠯᠠᠭᠠᠨ ᠴᠡᠷᠢᠭ ᠲᠦ᠍ ᠶᠠᠭᠤ ᠪᠠᠢᠳᠠᠭ ᠢ᠋ᠶ᠋ᠠᠷ ᠢ᠋ᠶ᠋ᠠᠨ ᠲᠤᠰᠠᠯᠠᠬᠤ ᠬᠡᠷᠡᠭᠲᠡᠢ ᠪᠣᠯᠤᠯ᠎ᠠ᠃ ᠬᠣᠯᠪᠣᠭᠠᠲᠤ ᠤᠯᠤᠰ᠂ ᠾᠢᠲ᠋ᠯᠧᠷ ᠦ᠋ᠨ ᠬᠠᠷᠭᠢᠰ ᠶᠣᠰᠣ ᠶ᠋ᠢ ᠡᠰᠡᠷᠭᠦᠴᠡᠭᠰᠡᠨ ᠰᠢᠳᠤᠷᠭᠤ ᠲᠡᠢᠨ ᠳ᠋ᠦ᠍ ᠢᠯᠠᠵᠤ᠂ ᠬᠥᠮᠦᠨ ᠲᠥᠷᠥᠯᠬᠢᠲᠡᠨ ᠦ᠌ ᠹᠠᠱ᠌ᠢᠰᠲ ᠤ᠋ᠨ ᠠᠶᠤᠯᠲᠤ ᠳᠠᠷᠤᠯᠠᠯ ᠠ᠋ᠴᠠ ᠰᠤᠯᠠᠯᠠᠨ᠎ᠠ ᠭᠡᠵᠦ ᠮᠠᠷᠱᠠᠯ ᠤ᠋ᠨ ᠬᠡᠯᠡᠭᠰᠡᠨ ᠢ᠋ ᠨᠡᠪᠲᠡᠷᠡᠭᠦᠯᠦᠯ᠎ᠡ᠃ ᠮᠠᠨ ᠤ᠋ ᠰᠤᠮᠤ ᠶ᠋ᠢᠨ ᠲᠥᠪ ᠲᠦ᠍ ᠴᠤᠭᠯᠠᠭᠠᠨ ᠪᠣᠯᠵᠤ᠂ ᠨᠠᠮ ᠤ᠋ᠨ ᠡᠭᠦᠷ ᠦ᠋ᠨ ᠳᠠᠷᠤᠭ᠎ᠠ᠂ ᠨᠥᠬᠥᠷ ᠮᠣᠯᠣᠲ᠋ᠣᠸ ᠤ᠋ᠨ ᠦᠭᠡ᠂ ᠮᠠᠷᠱᠠᠯ ᠤ᠋ᠨ ᠤᠷᠢᠶ᠎ᠠ ᠶ᠋ᠢ ᠠᠮᠢᠲᠠᠨ ᠣᠯᠠᠨ ᠳ᠋ᠤ᠌ ᠬᠡᠯᠡᠵᠦ ᠥᠭᠭᠦᠯ᠎ᠡ᠃ ᠬᠤᠷᠠᠯᠳᠤᠭᠰᠠᠳ ᠤᠯᠠᠭᠠᠨ ᠴᠡᠷᠢᠭ ᠲᠦ᠍ ᠲᠤᠰᠠᠯᠠᠮᠵᠢ ᠬᠤᠷᠠᠯᠳᠤᠭᠤᠯᠬᠤ ᠪᠠᠷ ᠲᠣᠭᠲᠠᠵᠠᠢ᠃ ᠰᠤᠮᠤ ᠶ᠋ᠢᠨ ᠨᠠᠮ ᠤ᠋ᠨ ᠡᠭᠦᠷ᠂ ᠵᠠᠬᠢᠷᠭᠠᠨ ᠤ᠋ ᠳᠠᠷᠤᠭ᠎ᠠ ᠨᠠᠷ ᠴᠥᠮ ᠪᠠᠭ ᠢ᠋ᠶ᠋ᠠᠷ ᠶᠠᠪᠤᠵᠤ᠂ ᠮᠠᠷᠱᠠᠯ ᠤ᠋ᠨ ᠤᠷᠢᠶ᠎ᠠ ᠶ᠋ᠢ ᠲᠠᠨᠢᠭᠤᠯᠬᠤ ᠪᠠᠷ ᠮᠣᠷᠳᠠᠯ᠎ᠠ᠃ ᠣᠳᠣ ᠲᠠᠪᠤᠨ ᠴᠠᠭ ᠲᠤ᠌ ᠤᠯᠠᠭᠠᠨᠪᠠᠭᠠᠲᠤᠷ ᠤ᠋ᠨ ᠷᠠᠳᠢᠣ᠋ ᠪᠠᠷ ᠰᠡᠭᠦᠯᠴᠢ ᠶ᠋ᠢᠨ ᠮᠡᠳᠡᠭᠡ ᠨᠡᠪᠲᠡᠷᠡᠭᠦᠯᠬᠦ᠂ ᠲᠡᠷᠡ ᠬᠦᠷᠲᠡᠯ᠎ᠡ ᠤᠩᠭᠠᠰᠤ ᠨᠣᠣᠰᠣ ᠪᠠᠨ ᠲᠦᠷᠭᠡᠬᠡᠨ ᠰᠢᠭ ᠹᠦᠯᠡᠭᠡᠳ᠂ ᠬᠡᠷᠡᠭᠯᠡᠬᠦ ᠶᠠᠭᠤᠮ᠎ᠠ ᠪᠠᠨ ᠬᠣᠷᠰᠢᠶ᠎ᠠ ᠠ᠋ᠴᠠ ᠠᠪᠴᠤ᠂ ᠮᠠᠨᠠᠢᠳᠤ(ᠮᠠᠨ ᠤ᠋ ᠳ᠋ᠤ᠌) ᠣᠴᠢᠵᠤ ᠷᠠᠳᠢᠣ᠋ ᠰᠣᠨᠣᠰᠤᠶ᠎ᠠ ᠭᠡᠵᠡᠢ᠃
ᠡᠪᠦᠭᠡᠨ ᠶᠠᠭᠠᠷᠠᠨ ᠤᠩᠭᠠᠰᠤ ᠨᠣᠣᠰᠣ ᠪᠠᠨ ᠲᠤᠰᠢᠶᠠᠭᠠᠳ᠂ ᠠᠬᠠᠷ ᠱᠠᠬᠠᠷ ᠶᠠᠭᠤᠮ᠎ᠠ ᠠᠪᠤᠭᠠᠳ᠂ ᠷᠠᠪᠳᠠᠨᠳᠣᠷᠵᠢ ᠶ᠋ᠢ ᠳᠠᠭᠠᠵᠤ ᠭᠡᠷ ᠲᠦ᠋ᠨᠢ( ᠲᠤ ᠨᠢ) ᠣᠴᠢᠲᠠᠯ᠎ᠠ ᠲᠡᠷᠡ ᠬᠠᠪᠢ ᠶ᠋ᠢᠨ ᠠᠮᠢᠲᠠᠨ ᠭᠡᠷ ᠳᠦᠭᠦᠷᠡᠩ ᠴᠤᠭᠯᠠᠵᠤ᠂ ᠴᠠᠭ ᠲᠠᠪᠤ ᠪᠣᠯᠵᠤ᠂ ᠥᠨᠳᠥᠷ ᠳᠠᠭᠤ ᠪᠠᠷ ᠨᠢᠭᠡ ᠡᠮᠡᠭᠲᠡᠢ ᠬᠥᠮᠦᠨ᠂ ᠠᠩᠬᠠᠷᠤᠭᠠᠷᠠᠢ᠂ ᠤᠯᠠᠭᠠᠨᠪᠠᠭᠠᠲᠤᠷ ᠠ᠋ᠴᠠ ᠶᠠᠷᠢᠵᠤ ᠪᠠᠢᠨ᠎ᠠ᠃ ᠤᠯᠠᠭᠠᠨ ᠠᠷᠮᠢ ᠶ᠋ᠢᠨ ᠶᠡᠷᠦᠩᠬᠡᠢ ᠺᠣᠮᠠᠨᠲᠠᠯᠠᠯ ᠤ᠋ᠨ ᠭᠠᠵᠠᠷ ᠤ᠋ᠨ1941 ᠣᠨ ᠤ᠋ ᠵᠢᠷᠭᠤᠳᠤᠭᠠᠷ ᠰᠠᠷ᠎ᠠ ᠶ᠋ᠢᠨ ᠬᠣᠷᠢᠨ ᠬᠣᠶᠠᠷ ᠤ᠋ᠨ ᠮᠡᠳᠡᠭᠡ ᠶ᠋ᠢ ᠰᠣᠨᠣᠰᠤᠨᠠᠤ᠃
《1941 ᠣᠨ ᠤ᠋ ᠵᠢᠷᠭᠤᠳᠤᠭᠠᠷ ᠰᠠᠷ᠎ᠠ ᠶ᠋ᠢᠨ ᠬᠣᠷᠢᠨ ᠬᠣᠶᠠᠷ ᠤ᠋ᠨ ᠦᠷ ᠢ᠋ᠶ᠋ᠡᠷ ᠭᠧᠷᠮᠠᠨ ᠤ᠋ ᠠᠷᠮᠢ ᠶ᠋ᠢᠨ ᠵᠢᠩᠬᠢᠨᠢ ᠴᠡᠷᠢᠭ᠂ ᠪᠡᠯᠲ ᠦ᠋ᠨ ᠲᠠᠩᠭᠢᠰ ᠠ᠋ᠴᠠ ᠬᠠᠷ᠎ᠠ ᠲᠠᠩᠭᠢᠰ ᠬᠦᠷᠲᠡᠯᠡᠬᠢ ᠹᠷᠣᠨᠲ ᠲᠤ᠌ ᠮᠠᠨ ᠤ᠋ ᠬᠢᠵᠠᠭᠠᠷ ᠤ᠋ᠨ ᠠᠩᠭᠢ ᠳ᠋ᠤ᠌ ᠬᠠᠯᠳᠠᠨ ᠳᠣᠪᠲᠣᠯᠤᠭᠰᠠᠨ ᠢ᠋ ᠲᠡᠳᠡᠭᠡᠷ ᠠᠩᠭᠢ ᠦᠳᠡ ᠬᠦᠷᠲᠡᠯ᠎ᠡ ᠨᠢᠴᠤᠭᠠᠨ ᠲᠣᠭᠲᠠᠭᠠᠵᠤ ᠪᠠᠢᠯ᠎ᠠ᠃ ᠳᠠᠢᠰᠤᠨ ᠶᠡᠬᠡ ᠰᠢᠷᠦᠭᠦᠨ ᠲᠤᠯᠤᠯᠳᠤᠭᠠᠨ ᠤ᠋ ᠡᠴᠦᠰ ᠲᠦ᠍ ᠮᠠᠰᠢ ᠶᠡᠬᠡ ᠬᠣᠬᠢᠷᠠᠯ ᠦᠵᠡᠵᠦ ᠨᠢᠴᠤᠭᠠᠭᠳᠠᠪᠠ᠃ ᠭᠠᠭᠴᠠᠬᠦ ᠭᠷᠤᠳ᠋ᠨᠤ᠂ ᠺᠷᠢᠰᠲ᠋ᠢᠨᠤᠫᠣᠯ ᠤ᠋ᠨ ᠵᠦᠭ ᠲᠦ᠍ ᠳᠠᠢᠰᠤᠨ ᠪᠠᠭ᠎ᠠ ᠰᠠᠭ᠎ᠠ ᠲᠠᠺᠲ᠋ᠢᠭ ᠤ᠋ᠨ ᠠᠮᠵᠢᠯᠲᠠ ᠣᠯᠵᠤ᠂ ᠺᠠᠯᠸᠠᠷᠢ᠂ ᠰᠲ᠋ᠤᠹᠨᠤᠸ᠂ ᠼᠧᠬᠠᠨᠤᠸᠶᠧᠼ ᠦ᠋ᠨ ᠰᠠᠭᠤᠷᠢᠨ ᠭᠠᠵᠠᠷ ᠢ᠋ ᠡᠵᠡᠯᠡᠪᠡ(ᠡᠭᠦᠨ ᠳ᠋ᠦ᠍ ᠲᠦᠷᠦᠭᠦᠴᠢ ᠶ᠋ᠢᠨ ᠬᠣᠶᠠᠷ ᠭᠠᠵᠠᠷ᠂ ᠬᠢᠯᠢ ᠡᠴᠡ ᠠᠷᠪᠠᠨ ᠲᠠᠪᠤᠨ ᠺᠢᠯᠣᠮᠧᠲ᠋ᠷ᠂ ᠰᠡᠭᠦᠯᠴᠢ ᠶ᠋ᠢᠨ ᠬᠢᠨᠢ ᠠᠷᠪᠠᠨ ᠺᠢᠯᠣᠮᠧᠲ᠋ᠷ ᠳᠣᠲᠣᠭᠰᠢ ᠪᠢᠯᠡ)᠃ ᠳᠠᠢᠰᠤᠨ ᠤ᠋ ᠨᠢᠰᠬᠦ ᠣᠩᠭᠣᠴᠠ᠂ ᠮᠠᠨ ᠤ᠋ ᠨᠢᠰᠬᠦ ᠣᠩᠭᠣᠴᠠᠨ ᠤ᠋ ᠬᠡᠳᠦᠨ ᠪᠠᠭᠤᠳᠠᠯ᠂ ᠰᠠᠭᠤᠷᠢᠨ ᠭᠠᠵᠠᠷ ᠵᠡᠷᠭᠡ ᠶ᠋ᠢ ᠳᠠᠭᠠᠷᠢᠨ ᠳᠣᠪᠲᠣᠯᠤᠭᠠᠳ᠂ ᠮᠠᠨ ᠤ᠋ ᠰᠥᠨᠥᠭᠡᠭᠴᠢ ᠣᠩᠭᠣᠴᠠ᠂ ᠽᠧᠨᠢᠲ ᠦ᠋ᠨ ᠶᠡᠬᠡ ᠫᠤᠤ᠂ ᠳᠠᠢᠰᠤᠨ ᠳ᠋ᠤ᠌ ᠦᠯᠡᠮᠵᠢᠬᠡᠨ ᠬᠣᠬᠢᠷᠠᠯ ᠤᠴᠠᠷᠠᠭᠤᠯᠵᠤ᠂ ᠡᠷᠡᠰ ᠡᠰᠡᠷᠭᠦᠴᠡᠯ ᠲᠠᠯᠪᠢᠵᠤ᠂ ᠮᠠᠨᠠᠢᠬᠢᠨ᠂ ᠳᠠᠢᠰᠤᠨ ᠤ᠋ ᠵᠢᠷᠠᠨ ᠲᠠᠪᠤᠨ ᠨᠢᠰᠬᠦ ᠣᠩᠭᠣᠴᠠ ᠤᠨᠠᠭᠠᠪᠠ᠁》 ᠭᠡᠬᠦ ᠵᠡᠷᠭᠡ ᠪᠡᠷ ᠤᠩᠰᠢᠨ ᠰᠣᠨᠣᠰᠬᠠᠵᠠᠢ᠃
ᠴᠢᠩᠭᠢᠭᠡᠳ᠂ ᠷᠠᠳᠢᠣ᠋ ᠪᠠᠷ ᠤᠩᠰᠢᠭᠴᠢ ᠨᠢ ᠤᠯᠠᠭᠠᠨᠪᠠᠭᠠᠲᠤᠷ ᠬᠣᠲᠠ ᠶ᠋ᠢᠨ ᠣᠯᠠᠨ ᠦᠢᠯᠡᠳᠪᠦᠷᠢ᠂ ᠠᠯᠪᠠᠨ ᠭᠠᠵᠠᠷ᠂ ᠬᠥᠳᠡᠯᠮᠦᠷᠢᠴᠢᠨ ᠣᠯᠠᠨ ᠤ᠋ ᠬᠤᠷᠠᠯ ᠪᠣᠯᠵᠤ᠂ ᠨᠡᠢᠭᠡᠮ ᠵᠢᠷᠤᠮ ᠤ᠋ᠨ ᠣᠷᠣᠨ ᠳ᠋ᠤ᠌ ᠵᠦᠢ ᠪᠤᠰᠤ ᠪᠠᠷ ᠬᠠᠯᠳᠠᠨ ᠳᠣᠪᠲᠣᠯᠤᠭᠰᠠᠨ ᠭᠧᠷᠮᠠᠨ ᠤ᠋ ᠹᠠᠱ᠌ᠢᠰᠲ ᠤ᠋ᠳ ᠢ᠋ ᠵᠢᠭᠰᠢᠨ ᠪᠤᠷᠤᠭᠤᠰᠢᠶᠠᠵᠤ᠂ ᠪᠦᠬᠦ ᠳᠠᠪᠰᠢᠯᠲᠤ ᠬᠥᠮᠦᠨ ᠲᠥᠷᠥᠯᠬᠢᠲᠡᠨ ᠦ᠌ ᠦᠰᠲᠡᠨ ᠳᠠᠢᠰᠤᠨ ᠭᠧᠷᠮᠠᠨ ᠤ᠋ ᠹᠠᠱ᠌ᠢᠰᠮ ᠲᠠᠢ ᠪᠠᠭᠠᠲᠤᠷᠯᠢᠭ ᠢ᠋ᠶ᠋ᠠᠷ ᠲᠡᠮᠡᠴᠡᠵᠦ ᠪᠠᠢᠭ᠎ᠠ ᠬᠣᠯᠪᠣᠭᠠᠲᠤ ᠤᠯᠤᠰ ᠤ᠋ᠨ ᠤᠯᠠᠭᠠᠨ ᠠᠷᠮᠢ ᠳ᠋ᠤ᠌ ᠵᠦᠢᠯ ᠪᠦᠷᠢ ᠪᠡᠷ ᠲᠤᠰᠠᠯᠠᠬᠤ ᠶ᠋ᠢ ᠤᠷᠢᠶᠠᠯᠠᠭᠰᠠᠨ ᠮᠠᠷᠱᠠᠯ ᠴᠣᠢᠪᠠᠯᠰᠠᠩ᠂ ᠨᠠᠮ ᠵᠠᠰᠠᠭ ᠤ᠋ᠨ ᠤᠷᠢᠶ᠎ᠠ ᠶ᠋ᠢ ᠶᠡᠬᠡᠯ᠎ᠡ(ᠶᠡᠬᠡ ᠯᠡ) ᠬᠠᠯᠠᠭᠤᠨ ᠢ᠋ᠶ᠋ᠠᠷ ᠳᠠᠮᠵᠢᠨ ᠲᠤᠰᠤᠭᠰᠠᠨ ᠢ᠋ ᠵᠠᠷᠯᠠᠨ ᠰᠣᠨᠣᠰᠬᠠᠵᠠᠢ᠃
ᠷᠠᠪᠳᠠᠨᠳᠣᠷᠵᠢ ᠶ᠋ᠢᠨ ᠭᠡᠷ ᠲᠦ᠍ ᠴᠤᠭᠯᠠᠨ ᠬᠤᠷᠠᠯᠳᠤᠭᠰᠠᠳ᠂ ᠬᠣᠲᠠ ᠠ᠋ᠴᠠ ᠨᠡᠪᠲᠡᠷᠡᠭᠦᠯᠦᠭᠰᠡᠨ ᠲᠡᠷᠡ ᠠᠭᠠᠷ ᠤ᠋ᠨ ᠮᠡᠳᠡᠭᠡ ᠶ᠋ᠢ ᠶᠡᠬᠡᠯ᠎ᠡ( ᠶᠡᠬᠡ ᠯᠡ) ᠠᠩᠬᠠᠷᠤᠯ ᠲᠠᠢ ᠪᠠᠷ ᠰᠣᠨᠣᠰᠴᠠᠭᠠᠨ ᠮᠥᠩᠭᠥᠨ ᠰᠤᠷ ᠲᠠᠢ ᠶᠤᠮ ᠰᠢᠭ᠋ ᠭᠢᠯᠠᠯᠵᠠᠭᠰᠠᠨ ᠴᠡᠯ ᠪᠤᠭᠤᠷᠤᠯ ᠦᠰᠦᠲᠡᠢ ᠨᠢᠭᠡ ᠴᠢᠪᠠᠭᠠᠨᠴᠠ ᠷᠠᠳᠢᠣ᠋ ᠨᠡᠪᠲᠡᠷᠡᠭᠦᠯᠦᠭᠴᠢ ᠶ᠋ᠢᠨ ᠦᠭᠡ ᠶ᠋ᠢ ᠨᠢᠳᠦ ᠪᠡᠨ ᠠᠨᠢᠰᠬᠢᠨ ᠴᠢᠩᠨᠠᠵᠤ᠂ ᠰᠠᠭᠤᠷᠢᠨ ᠭᠠᠵᠠᠷ ᠤ᠋ᠨ ᠨᠡᠷ᠎ᠡ ᠶ᠋ᠢ ᠬᠡᠯᠡ ᠡᠭᠡᠳᠡᠷᠡᠨ ᠲᠣᠭᠲᠠᠭᠠᠬᠤ ᠭᠡᠵᠦ ᠠᠮᠠᠨ ᠳᠣᠲᠣᠷ᠎ᠠ ᠪᠠᠨ ᠰᠢᠪᠡᠨᠡᠵᠦ ᠪᠠᠢᠭᠰᠠᠨ ᠢ᠋ᠶ᠋ᠠᠨ ᠷᠠᠪᠳᠠᠨᠳᠣᠷᠵᠢ ᠠ᠋ᠴᠠ᠂
— ᠬᠢᠯᠢ ᠡᠴᠡ ᠳᠣᠲᠣᠭᠰᠢ ᠠᠷᠪᠠᠨ ᠲᠠᠪᠤᠨ ᠺᠢᠯᠣᠮᠧᠲ᠋ᠷ ᠭᠡᠵᠦ ᠮᠠᠨᠠᠢᠬᠢ(ᠮᠠᠨ ᠤ᠋ ᠬᠢ) ᠪᠡᠷ ᠬᠡᠴᠢᠨᠡᠭᠡᠨ ᠦ᠌ ᠭᠠᠵᠠᠷ ᠪᠣᠯᠬᠤ ᠪᠣᠢ? ᠬᠡᠮᠡᠪᠡᠰᠦ᠂
— ᠭᠤᠴᠢᠨ ᠭᠠᠵᠠᠷ ᠪᠤᠶᠤ ᠬᠠᠭᠠᠰ ᠥᠷᠲᠡᠭᠡ ᠭᠡᠬᠦ ᠳ᠋ᠦ᠍ᠨᠢ( ᠳ᠋ᠦ᠍ ᠨᠢ)᠂
— ᠤᠤᠬᠠᠯᠠᠢ᠂ ᠲᠡᠷᠡ ᠪᠠᠯᠲ᠋ ᠤ᠋ᠨ ᠲᠠᠩᠭᠢᠰ ᠠ᠋ᠴᠠ ᠬᠠᠷ᠎ᠠ ᠲᠠᠩᠭᠢᠰ ᠬᠦᠷᠲᠡᠯ᠎ᠡ ᠬᠡᠳᠦᠨ ᠦ᠌ ᠭᠠᠵᠠᠷ ᠪᠣᠯᠵᠤ᠂ ᠮᠠᠨ ᠤ᠋ ᠡᠨᠳᠡ ᠡᠴᠡ ᠠᠯᠢ ᠬᠢᠷᠢ ᠬᠣᠯᠠ ᠶᠤᠮ ᠪᠣᠢ? ᠪᠢᠴᠢᠭ ᠮᠡᠳᠡᠬᠦ ᠦᠭᠡᠢ ᠮᠢᠨᠢ ᠢᠩᠭᠢᠭᠡᠳ ᠢᠷᠡᠬᠦ ᠳ᠋ᠦ᠍ ᠲᠤᠰᠠ ᠦᠭᠡᠢ ᠶᠠ᠃ ᠬᠡᠦᠬᠡ᠂ ᠴᠢ ᠨᠠᠳᠠᠳᠤ(ᠨᠠᠳᠠ ᠳ᠋ᠤ᠌) ᠵᠢᠷᠤᠭ ᠳᠡᠭᠡᠷ᠎ᠡ ᠦᠵᠡᠭᠦᠯᠦᠭᠡᠳ ᠥᠭᠬᠦ ᠦᠭᠡᠢ ᠤᠤ? ᠭᠡᠬᠦ ᠳ᠋ᠦ᠍ᠨᠢ( ᠳ᠋ᠦ᠍ ᠨᠢ)᠂ ᠷᠠᠪᠳᠠᠨᠳᠣᠷᠵᠢ ᠰᠤᠷᠭᠠᠭᠤᠯᠢ ᠶ᠋ᠢᠨ ᠮᠣᠩᠭᠣᠯ ᠦᠰᠦᠭ ᠦ᠋ᠨ ᠭᠠᠵᠠᠷ ᠵᠦᠢ ᠶ᠋ᠢᠨ ᠠᠲ᠋ᠯᠠᠰ ᠳᠡᠯᠭᠡᠭᠡᠳ᠂ ᠬᠤᠷᠤᠭᠤ ᠪᠠᠷ ᠢ᠋ᠶ᠋ᠠᠨ ᠵᠢᠭᠠᠵᠤ ᠡᠨᠡ ᠪᠠᠢᠨ᠎ᠠ ᠥᠨᠥᠬᠢ ᠬᠣᠶᠠᠷ ᠲᠠᠩᠭᠢᠰ ᠨᠢ᠂ ᠡᠨᠡ ᠮᠠᠨ ᠤ᠋ ᠬᠣᠯᠪᠣᠭᠠᠲᠤ ᠤᠯᠤᠰ᠂ ᠡᠨᠡ ᠮᠠᠨ ᠤ᠋ ᠮᠣᠩᠭᠣᠯ ᠤᠯᠤᠰ᠂ ᠡᠨᠡ ᠭᠧᠷᠮᠠᠨ ᠤᠯᠤᠰ ᠭᠡᠬᠦ ᠳ᠋ᠦ᠍ᠨᠢ( ᠳ᠋ᠦ᠍ ᠨᠢ) ᠴᠤᠭᠯᠠᠭᠰᠠᠨ ᠠᠮᠢᠲᠠᠨ ᠲᠡᠷᠡ ᠵᠢᠷᠤᠭ ᠬᠠᠷᠠᠬᠤ ᠭᠡᠵᠦ ᠰᠢᠪᠠᠯᠳᠤᠵᠤ᠂ ᠥᠨᠥᠬᠢ ᠡᠮᠡᠭᠡᠨ ᠲᠡᠷᠡ ᠵᠢᠷᠤᠭ ᠢ᠋ ᠬᠠᠷᠠᠵᠤ ᠬᠠᠷᠠᠵᠤ᠂
— ᠬᠣᠯᠪᠣᠭᠠᠲᠤ ᠤᠯᠤᠰ ᠭᠡᠵᠦ ᠮᠥᠨ ᠴᠦ᠍ ᠶᠡᠬᠡ ᠤᠯᠤᠰ ᠶᠤᠮ᠎ᠠ ᠳᠠ᠃ ᠠᠷᠠᠳ ᠣᠯᠠᠨ ᠨᠢ ᠭᠠᠵᠠᠷ ᠣᠷᠣᠨ ᠤ᠋ ᠪᠠᠨ ᠡᠵᠡᠨ ᠪᠣᠯᠤᠭᠰᠠᠨ ᠬᠣᠢᠨ᠎ᠠ᠂ ᠶᠠᠮᠠᠷ ᠴᠤ᠌ ᠳᠠᠢᠰᠤᠨ ᠶᠠᠭᠠᠬᠢᠭᠰᠠᠨ ᠴᠤ᠌ ᠢᠯᠠᠬᠤ ᠦᠭᠡᠢ ᠳᠡ᠃ ᠥᠪᠡᠷ ᠢ᠋ᠶ᠋ᠡᠨ ᠡᠷᠬᠡ ᠴᠢᠯᠥᠭᠡ ᠪᠡᠨ ᠣᠯᠤᠭᠠᠳ ᠪᠤᠰᠤᠳ ᠤᠯᠤᠰ ᠤ᠋ᠨ ᠥᠨᠳᠡᠢᠵᠦ ᠪᠣᠰᠬᠤ ᠳ᠋ᠤᠨᠢ( ᠳ᠋ᠤ᠌ ᠨᠢ) ᠲᠤᠰᠠᠯᠠᠳᠠᠭ ᠲᠡᠢᠮᠦ ᠤᠯᠤᠰ ᠢ᠋ ᠳᠡᠢᠯᠬᠦ ᠲᠡᠦᠬᠡ ᠦᠭᠡᠢ ᠶᠦᠮ ᠰᠢᠦ᠂ ᠬᠡᠦᠬᠡᠳ ᠮᠢᠨᠢ ᠭᠡᠵᠦ ᠦᠨᠡᠨ ᠭᠣᠣᠯ ᠠ᠋ᠴᠠ ᠰᠠᠨᠠᠵᠤ ᠪᠠᠢᠭᠰᠠᠨ ᠢ᠋ᠶ᠋ᠠᠨ ᠬᠡᠯᠡᠵᠡᠢ᠃
— ᠲᠡᠷᠡ ᠦᠭᠡ ᠵᠥᠪ ᠠ᠋᠃ ᠬᠣᠯᠪᠣᠭᠠᠲᠤ ᠤᠯᠤᠰ᠂ ᠳᠡᠢᠯᠳᠡᠰᠢ ᠦᠭᠡᠢ ᠪᠠᠲᠤ ᠤᠯᠤᠰ᠃ ᠪᠢᠳᠡ ᠮᠣᠩᠭᠣᠯᠴᠤᠳ᠂ ᠠᠬ᠎ᠠ ᠳᠡᠭᠦᠦ ᠬᠣᠯᠪᠣᠭᠠᠲᠤ ᠤᠯᠤᠰ ᠲᠠᠭᠠᠨ( ᠲᠤ ᠪᠠᠨ) ᠬᠠᠷᠭᠢᠰ ᠳᠠᠢᠰᠤᠨ ᠢ᠋ᠶ᠋ᠠᠨ ᠲᠦᠷᠭᠡᠨ ᠳᠠᠷᠤᠬᠤ ᠳ᠋ᠤᠨᠢ( ᠳ᠋ᠤ᠌ ᠨᠢ) ᠲᠤᠰᠠᠯᠠᠬᠤ ᠶᠣᠰᠣᠲᠠᠢ ᠭᠡᠵᠦ ᠬᠡᠯᠡᠭᠡᠳ ᠰᠢᠷᠴᠢᠨ ᠪᠣᠰᠴᠤ ᠭᠠᠷᠬᠤ ᠶ᠋ᠢ ᠵᠠᠪᠳᠤᠪᠠᠰᠤ᠂
— ᠰᠢᠷᠴᠢᠨ ᠭᠤᠸᠠᠢ᠂ ᠲᠠ ᠬᠠᠮᠢᠭ᠎ᠠ ᠣᠴᠢᠬᠤ ᠨᠢ ᠪᠣᠢ? ᠶᠠᠪᠤᠬᠤ ᠨᠢ ᠤᠤ? ᠭᠡᠵᠦ ᠷᠠᠪᠳᠠᠨᠳᠣᠷᠵᠢ ᠠᠰᠠᠭᠤᠵᠠᠢ᠃
ᠭᠡᠷ ᠲᠡᠭᠡᠨ( ᠲᠤ ᠪᠡᠨ) ᠪᠤᠰᠢᠭᠤᠬᠠᠨ ᠬᠠᠷᠢᠶ᠎ᠠ ᠭᠡᠳ ᠡᠪᠦᠭᠡᠨ᠂ ᠮᠣᠷᠢᠨ ᠤ᠋ ᠤᠶᠠᠭᠠᠨ ᠳᠡᠭᠡᠷ᠎ᠡ ᠣᠴᠢᠵᠤ ᠡᠮᠡᠭᠡᠯ ᠦ᠋ᠨ ᠢ᠋ᠶ᠋ᠡᠨ ᠣᠯᠣᠩ ᠴᠢᠩᠭᠠᠯᠠᠭᠠᠳ ᠪᠣᠭᠴᠣ ᠪᠠᠨ ᠭᠠᠨᠵᠤᠭᠠᠯᠠᠭᠠᠳ᠂ ᠤᠩᠭᠠᠰᠤ ᠲᠠᠩᠨᠠᠨ ᠢᠷᠡᠭᠰᠡᠨ ᠮᠣᠷᠢ ᠪᠠᠨ ᠬᠥᠲᠥᠯᠵᠦ ᠭᠡᠷ ᠦ᠋ᠨ ᠵᠦᠭ ᠬᠠᠲᠠᠷᠢᠭᠤᠯᠵᠠᠢ᠃
ᠡᠳᠦᠷ ᠦ᠋ᠨ ᠬᠠᠯᠠᠭᠤᠨ ᠪᠠᠭᠤᠷᠠᠵᠤ ᠦᠳᠡᠰᠢ ᠶ᠋ᠢᠨ ᠰᠡᠷᠢᠭᠦᠨ ᠲᠠᠲᠠᠪᠠ᠃ ᠠᠯᠲᠠᠨ ᠬᠠᠷᠢᠶᠠᠴᠠᠢ ᠳᠠᠯᠠᠪᠴᠢ ᠪᠠᠨ ᠳᠡᠷᠪᠡᠯᠵᠡᠨ᠂ ᠳᠠᠪᠬᠢᠵᠤ ᠶᠠᠪᠤᠭ᠎ᠠ ᠮᠣᠷᠢᠨ ᠤ᠋ ᠤᠷᠢᠳᠤᠭᠤᠷ ᠨᠢᠰᠴᠦ᠂ ᠡᠪᠡᠰᠦ ᠨᠣᠭᠣᠭ᠎ᠠ ᠠ᠋ᠴᠠ ᠮᠣᠷᠢᠨ ᠤ᠋ ᠬᠥᠯ ᠳ᠋ᠦ᠍ ᠦᠷᠭᠦᠭᠰᠡᠨ ᠢᠯᠠᠭ᠎ᠠ ᠰᠢᠮᠠᠭᠤᠯ ᠰᠢᠬᠦᠷᠦᠯᠳᠦᠨ ᠨᠢᠰᠴᠡᠭᠡᠵᠡᠢ᠃ ᠰᠢᠷᠴᠢᠨ ᠨᠢᠭᠡ ᠬᠡᠰᠡᠭ ᠳᠠᠪᠬᠢᠭᠰᠠᠨ ᠢ᠋ᠶ᠋ᠠᠨ᠂ ᠮᠣᠷᠢᠨ ᠤ᠋ ᠪᠠᠨ ᠠᠮᠠ ᠲᠠᠲᠠᠵᠤ ᠬᠠᠲᠠᠷᠢᠭᠤᠯᠤᠭᠰᠠᠭᠠᠷ ᠠᠯᠬᠤᠯᠠᠭᠤᠯᠵᠤ ᠠᠮᠢᠰᠬᠤᠭ᠎ᠠ ᠶ᠋ᠢ ᠨᠢ ᠳᠠᠷᠤᠵᠤ ᠶᠠᠪᠤᠬᠤ ᠳ᠋ᠠᠭᠠᠨ( ᠳ᠋ᠤ᠌ ᠪᠠᠨ)᠂ ᠭᠡᠨᠡᠳᠲᠡ ᠲᠡᠢᠨ ᠪᠣᠯᠤᠭᠰᠠᠨ ᠢ᠋ ᠪᠣᠳᠣᠵᠤ᠂ ᠣᠳᠣ ᠭᠠᠢᠲᠠᠢ ᠶᠠᠫᠣᠨ ᠤ᠋ ᠡᠵᠡᠷᠬᠡᠭ ᠲᠦᠷᠢᠮᠡᠬᠡᠢ ᠶᠠᠭᠠᠬᠢᠳᠠᠭ ᠪᠣᠯ? ᠵᠡᠭᠦᠨ ᠵᠦᠭ ᠲᠤ ᠳᠠᠬᠢᠨ ᠬᠥᠳᠡᠯᠵᠦ ᠭᠠᠷᠳᠠᠭ ᠪᠣᠯᠪᠠᠤ(ᠪᠣᠯᠪᠠ ᠤᠤ)᠂ ᠴᠠᠭᠠᠰᠢ ᠪᠠᠨ ᠶᠠᠭᠤ ᠪᠣᠯᠳᠠᠭ ᠪᠣᠯ ᠭᠡᠵᠦ ᠬᠦᠯᠢᠶᠡᠳᠡᠭ ᠪᠣᠯᠪᠠᠤ(ᠪᠣᠯᠪᠠ ᠤᠤ)? ᠾᠢᠲ᠋ᠯᠸᠷ ᠦ᠋ᠨ ᠲᠡᠷᠡ ᠲᠦᠷᠢᠮᠡᠬᠡᠢ ᠴᠡᠷᠢᠭ ᠦ᠋ᠨ ᠵᠠᠷ ᠵᠡᠪᠰᠡᠭ ᠢ᠋ ᠭᠧᠷᠮᠠᠨ ᠴᠡᠷᠢᠭ ᠲᠦ᠍ ᠠᠪᠲᠠᠭᠳᠠᠭᠰᠠᠨ ᠪᠦᠬᠦ ᠪᠠᠷᠠᠭᠤᠨ ᠧᠦ᠋ᠷᠣᠫᠠ ᠶ᠋ᠢᠨ ᠣᠯᠠᠨ ᠤᠯᠤᠰ ᠤ᠋ᠨ ᠦᠢᠯᠡᠳᠪᠦᠷᠢ ᠨᠡᠢᠯᠡᠭᠦᠯᠵᠦ ᠪᠠᠢᠭ᠎ᠠ ᠰᠢᠦ ᠳᠡ᠃ ᠡᠨᠡ ᠲᠡᠢᠨ ᠳᠠᠭᠤᠰᠬᠤ ᠠ᠋ᠴᠠ ᠨᠠᠭᠠᠰᠢ ᠬᠣᠶᠠᠷ ᠬᠦᠦ ᠪᠡᠨ ᠴᠡᠷᠢᠭ ᠡᠴᠡ ᠪᠤᠴᠠᠵᠤ ᠢᠷᠡᠨ᠎ᠡ ᠭᠡᠵᠦ ᠪᠣᠳᠣᠭᠰᠠᠨ ᠤ᠋ ᠬᠡᠷᠡᠭ ᠠᠯᠠᠭ᠎ᠠ᠃ ᠬᠥᠭᠰᠢᠳ ᠪᠢᠳᠡ᠂ ᠲᠡᠳᠡᠨ ᠦ᠌ ᠪᠡᠨ ᠴᠦ᠍ ᠲᠥᠯᠥᠭᠡ᠂ ᠥᠪᠡᠷ ᠦ᠋ᠨ ᠢ᠋ᠶ᠋ᠡᠨ ᠴᠦ᠍ ᠲᠥᠯᠥᠭᠡ ᠤᠯᠠᠮ ᠰᠢᠷᠭᠠᠭᠤ ᠠᠵᠢᠯᠯᠠᠵᠤ᠂ ᠬᠣᠯᠪᠣᠭᠠᠲᠤ ᠤᠯᠤᠰ ᠲᠠᠭᠠᠨ( ᠲᠤ ᠪᠠᠨ) ᠠᠯᠢ ᠪᠣᠯᠬᠤ ᠶᠡᠬᠡᠪᠡᠷ(ᠶᠡᠬᠡ ᠪᠡᠷ) ᠲᠤᠰᠠᠯᠠᠬᠤ ᠨᠢ ᠴᠢᠬᠤᠯᠠ ᠪᠣᠯᠤᠯ᠎ᠠ ᠭᠡᠵᠦ ᠪᠣᠳᠣᠭᠰᠠᠭᠠᠷ ᠮᠣᠷᠢ ᠪᠠᠨ ᠰᠢᠪᠠᠳᠠᠨ ᠶᠠᠪᠤᠭᠤᠯᠤᠯ᠎ᠠ᠃
ᠨᠠᠷᠠ ᠵᠢᠷᠭᠠᠬᠤ ᠠᠯᠲᠠ ᠳ᠋ᠤ᠌ ᠵᠡᠭᠦᠨ ᠡᠮᠡᠭᠡᠨ ᠦ᠌ ᠭᠠᠳᠠᠭ᠎ᠠ ᠬᠦᠷᠴᠦ ᠢᠷᠡᠬᠦ ᠳ᠋ᠦ᠍ᠨᠢ( ᠳ᠋ᠦ᠍ ᠨᠢ)᠂ ᠨᠣᠬᠠᠢ ᠤᠷᠲᠤ ᠠ᠋ᠴᠠ ᠨᠢ ᠬᠤᠴᠠᠨ ᠳᠠᠪᠬᠢᠵᠤ᠂ ᠬᠣᠲᠠ ᠠ᠋ᠴᠠ ᠪᠠᠨ ᠭᠡᠷ ᠤᠷᠤᠭᠤ ᠪᠠᠨ ᠣᠴᠢᠵᠤ ᠶᠠᠪᠤᠭᠰᠠᠨ ᠡᠮᠡᠭᠡᠨ᠂ ᠰᠢᠷᠴᠢᠨ ᠢ᠋ ᠦᠵᠡᠭᠡᠳ᠂ ᠳᠡᠷᠭᠡᠳᠡ ᠨᠢ ᠬᠦᠷᠴᠦ ᠢᠷᠡᠭᠡᠳ᠂
— ᠵᠠ ᠬᠦᠦ ᠮᠢᠨᠢ᠂ ᠰᠣᠨᠢᠨ ᠰᠠᠢᠬᠠᠨ ᠶᠠᠭᠤ ᠪᠠᠢᠨ᠎ᠠ ᠳᠠ? ᠭᠡᠬᠦ ᠳ᠋ᠦ᠍ᠨᠢ( ᠳ᠋ᠦ᠍ ᠨᠢ)᠂
— ᠲᠡᠢᠨ ᠡᠬᠢᠯᠡᠴᠢᠬᠡᠵᠦ᠂ ᠡᠮᠡᠭᠡ ᠭᠡᠬᠦ ᠳ᠋ᠦ᠍ᠨᠢ( ᠳ᠋ᠦ᠍ ᠨᠢ)᠂
— ᠶᠠᠭᠠᠬᠢᠨ᠎ᠠ ᠭᠡᠨ᠎ᠡ ᠠ᠋? ᠬᠡᠨ ᠲᠡᠢ ᠬᠠᠮᠢᠭ᠎ᠠ ᠲᠡᠢᠨ ᠡᠬᠢᠯᠡᠵᠦ ᠪᠣᠢ? ᠥᠨᠥᠬᠢ ᠭᠠᠢᠲᠠᠢ(ᠭᠠᠢ ᠲᠠᠢ) ᠶᠠᠫᠣᠨ ᠳᠠᠬᠢᠭᠠᠳ ᠬᠠᠯᠳᠠᠪᠠᠤ(ᠬᠠᠯᠳᠠᠪᠠ ᠤᠤ)? ᠭᠡᠵᠦ ᠰᠠᠨᠳᠤᠷᠴᠠᠢ᠃
ᠭᠧᠷᠮᠠᠨ ᠹᠠᠱ᠌ᠢᠰᠲ᠂ ᠬᠣᠯᠪᠣᠭᠠᠲᠤ ᠤᠯᠤᠰ ᠲᠤ᠌ ᠬᠠᠯᠲᠠᠯ᠎ᠠ ᠭᠡᠵᠦ ᠮᠣᠷᠢᠨ ᠠ᠋ᠴᠠ ᠪᠠᠨ ᠪᠠᠭᠤᠯ ᠦᠭᠡᠢ ᠠᠶᠠᠷᠬᠠᠨ ᠬᠡᠯᠡᠬᠦ ᠳ᠋ᠦ᠍ᠨᠢ( ᠳ᠋ᠦ᠍ ᠨᠢ)᠂
— ᠪᠤᠶᠠᠨ ᠢ᠋ᠶ᠋ᠠᠨ ᠪᠠᠷᠠᠭᠰᠠᠨ ᠹᠠᠱ᠌ᠢᠰᠲ ᠤ᠋ᠳ᠂ ᠬᠣᠯᠪᠣᠭᠠᠲᠤ ᠶᠡᠬᠡ ᠤᠯᠤᠰ ᠮᠠᠨᠢ ᠬᠡᠨ ᠳ᠋ᠦ᠍ ᠴᠦ᠍ ᠳᠠᠪᠠᠭᠳᠠᠬᠤ ᠦᠭᠡᠢ ᠤᠯᠤᠰ! ᠬᠠᠷ᠎ᠠ ᠲᠣᠯᠣᠭᠠᠢ ᠪᠠᠨ ᠢᠳᠡᠬᠦ ᠭᠡᠵᠦ ᠳᠡ᠂ ᠮᠠᠭᠤ ᠹᠠᠱ᠌ᠢᠰᠲ ᠤ᠋ᠳ᠃ ᠬᠡᠴᠢᠨᠡᠨ ᠠᠮᠢᠲᠠᠨ ᠲᠡᠳᠡᠨ ᠡᠴᠡ ᠪᠣᠯᠵᠤ ᠠᠮᠢ ᠦᠷᠡᠭᠳᠡᠬᠦ ᠨᠢ᠂ ᠪᠢᠳᠡᠨ ᠦ᠌ ᠮᠣᠩᠭᠣᠯᠴᠤᠳ ᠶᠠᠭᠤ ᠬᠢᠵᠦ᠂ ᠶᠠᠭᠠᠬᠢᠵᠤ ᠬᠣᠯᠪᠣᠭᠠᠲᠤ ᠤᠯᠤᠰ ᠲᠠᠭᠠᠨ( ᠲᠤ ᠪᠠᠨ) ᠲᠤᠰᠠᠯᠠᠳᠠᠭ ᠪᠢᠯᠡ? ᠰᠤᠮᠤ ᠶ᠋ᠢᠨ ᠬᠢᠨ ᠶᠠᠭᠤ ᠭᠡᠵᠦ ᠬᠡᠯᠡᠯᠴᠡᠵᠦ ᠪᠠᠢᠨ᠎ᠠ? ᠭᠡᠬᠦ ᠳ᠋ᠦ᠍ᠨᠢ( ᠳ᠋ᠦ᠍ ᠨᠢ)᠂
— ᠮᠠᠷᠱᠠᠯ᠂ ᠠᠷᠠᠳ ᠲᠦᠮᠡᠨ ᠢ᠋ᠶ᠋ᠡᠨ ᠬᠣᠯᠪᠣᠭᠠᠲᠤ ᠤᠯᠤᠰ ᠲᠤ᠌ ᠠᠯᠢ ᠪᠠᠢᠳᠠᠭ ᠴᠢᠳᠠᠳᠠᠭ ᠢ᠋ᠶ᠋ᠠᠷ ᠢ᠋ᠶ᠋ᠠᠨ ᠲᠤᠰᠠᠯᠠᠬᠤ ᠨᠢ ᠴᠢᠬᠤᠯᠠ ᠭᠡᠵᠦ ᠤᠷᠢᠶᠠᠯᠠᠭᠰᠠᠨ ᠪᠠᠢᠨ᠎ᠠ ᠭᠡᠳ ᠰᠢᠷᠴᠢᠨ᠂ ᠷᠠᠳᠢᠣ᠋ ᠪᠠᠷ ᠲᠤᠭᠤᠯᠤᠭᠰᠠᠨ ᠢ᠋ ᠬᠡᠯᠡᠵᠦ ᠥᠭᠭᠦᠯ᠎ᠡ᠃
— ᠮᠠᠷᠱᠠᠯ ᠤ᠋ᠨ ᠲᠡᠷᠡ ᠤᠷᠢᠶ᠎ᠠ ᠨᠢ ᠲᠦᠮᠡᠨ ᠵᠥᠪ ᠠ᠋᠂ ᠪᠢᠳᠡ ᠪᠦᠬᠦᠨ ᠪᠠᠢᠳᠠᠭ ᠢ᠋ᠶ᠋ᠠᠷ ᠢ᠋ᠶ᠋ᠠᠨ ᠲᠤᠰᠠᠯᠠᠬᠤ ᠶᠣᠰᠣᠲᠠᠢ᠃ ᠶᠡᠬᠡ ᠰᠲ᠋ᠠᠯᠢᠨ ᠤ᠋ ᠬᠠᠢᠷ᠎ᠠ ᠬᠠᠯᠠᠮᠵᠢ᠂ ᠭᠡᠭᠡᠨ ᠵᠠᠰᠠᠭ ᠤ᠋ᠨ ᠠᠴᠢ ᠪᠠᠷ ᠪᠢᠳᠡ ᠡᠯᠪᠡᠭ ᠳᠡᠯᠪᠡᠭ ᠠᠵᠤ ᠲᠥᠷᠥᠵᠦ᠂ ᠮᠠᠯ ᠰᠦᠷᠦᠭ ᠲᠠᠷᠭᠤᠨ᠂ ᠵᠥᠪᠯᠡᠯᠲᠦ ᠶ᠋ᠢᠨ ᠢ᠋ᠶ᠋ᠡᠨ ᠠᠷᠠᠳ ᠲᠦᠮᠡᠨ ᠳ᠋ᠦ᠍ ᠲᠤᠰᠠᠯᠠᠬᠤ ᠴᠢᠳᠠᠯ ᠲᠠᠢ ᠲᠡᠩᠬᠡᠭᠡ ᠲᠡᠢ ᠪᠠᠢᠨ᠎ᠠ᠃ ᠰᠲ᠋ᠠᠯᠢᠨ ᠪᠠᠭᠰᠢ ᠳ᠋ᠤ᠌ ᠣᠳᠣ ᠠᠮᠤᠷ ᠦᠭᠡᠢ ᠶᠡᠬᠡ ᠠᠵᠢᠯ ᠨᠡᠮᠡᠭᠳᠡᠵᠦ ᠳᠡ᠃ ᠯᠠᠭᠱᠠᠨ ᠨᠢ ᠲᠤᠩᠭᠠᠯᠠᠭ᠂ ᠭᠡᠭᠡᠨ ᠰᠡᠴᠡᠨ ᠤᠬᠠᠭᠠᠨ ᠨᠢ ᠰᠠᠷᠠᠭᠤᠯ ᠪᠣᠯᠲᠤᠭᠠᠢ! ᠪᠢᠳᠡ᠂ ᠬᠡᠳᠦᠢ ᠲᠦᠮᠡᠨ ᠦ᠌ ᠭᠠᠵᠠᠷ ᠬᠣᠯᠠ ᠪᠠᠢᠭ᠎ᠠ ᠪᠣᠯᠪᠠᠴᠤ᠂ ᠡᠨᠡ ᠲᠡᠢᠨ ᠪᠣᠯ ᠳᠠᠶᠠᠩ ᠳᠡᠭᠡᠷ᠎ᠡ ᠪᠣᠯᠵᠤ ᠪᠠᠢᠭ᠎ᠠ ᠲᠡᠢᠨ ᠭᠡᠵᠦ ᠡᠮᠡᠭᠡᠨ ᠦ᠌ ᠬᠡᠯᠡᠲᠡᠯ᠎ᠡ᠂ ᠪᠡᠷᠢᠶᠡᠳ ᠠᠴᠢ ᠨᠠᠷ ᠨᠢ ᠡᠮᠡᠭᠡ ᠶ᠋ᠢᠨ ᠢ᠋ᠶ᠋ᠡᠨ ᠳᠡᠷᠭᠡᠳᠡ ᠴᠤᠭᠯᠠᠭᠠᠳ᠂ ᠰᠠᠨᠠᠮᠰᠠᠷ ᠦᠭᠡᠢ ᠲᠡᠷᠡ ᠮᠡᠳᠡᠭᠡ ᠶ᠋ᠢ ᠰᠣᠴᠢᠨ ᠰᠣᠨᠣᠰᠴᠠᠭᠠᠪᠠ᠃
ᠤᠯᠠᠭᠠᠨ ᠴᠡᠷᠢᠭ ᠲᠦ᠍ ᠪᠠᠢᠳᠠᠭ ᠴᠢᠳᠠᠯ ᠢ᠋ᠶ᠋ᠠᠷ ᠢ᠋ᠶ᠋ᠠᠨ ᠲᠤᠰᠠᠯᠠᠬᠤ ᠭᠡᠵᠦ ᠠᠵᠢᠯ ᠢ᠋ᠶ᠋ᠠᠨ ᠤᠯᠠᠮ ᠰᠠᠢᠨ ᠬᠢᠬᠦ ᠴᠠᠭ ᠪᠣᠯᠤᠯ᠎ᠠ᠃ ᠵᠠ᠂ ᠴᠢ ᠶᠠᠪᠤ ᠳᠠ᠂ ᠣᠷᠣᠢ ᠪᠣᠯᠴᠢᠬᠠᠬᠤ ᠨᠢ᠂ ᠭᠡᠷ ᠲᠡᠭᠡᠨ( ᠲᠤ ᠪᠡᠨ) ᠬᠠᠷᠢᠲᠠᠯᠠ ᠴᠢᠨᠢ ᠭᠡᠵᠦ ᠡᠮᠡᠭᠡᠨ ᠳᠤᠤᠭᠠᠷᠲᠠᠯᠠ᠂ ᠪᠡᠷᠢᠶᠡᠳ ᠠᠴᠢ ᠨᠠᠷ ᠨᠢ ᠲᠡᠢᠨ ᠪᠣᠯᠤᠭᠰᠠᠨ ᠲᠡᠷᠡ ᠰᠠᠨᠠᠮᠰᠠᠷ ᠦᠭᠡᠢ ᠮᠡᠳᠡᠭᠡ ᠶ᠋ᠢ ᠴᠣᠴᠢᠷᠳᠠᠨ ᠰᠣᠨᠣᠰᠴᠤ᠂ ᠡᠮᠡᠭᠡ ᠶ᠋ᠢᠨ ᠢ᠋ᠶ᠋ᠡᠨ ᠳᠡᠷᠭᠡᠳᠡ ᠣᠪᠣᠭᠠᠷᠠᠯᠳᠤᠵᠠᠢ᠃
ᠰᠢᠷᠴᠢᠨ ᠮᠣᠷᠢ ᠪᠠᠨ ᠠᠯᠬᠤᠭᠤᠯᠵᠤ᠂ ᠡᠮᠡᠭᠡᠨ ᠦ᠌ ᠬᠢ ᠡᠴᠡ ᠪᠠᠬᠠᠨ ᠬᠣᠯᠠᠳᠠᠮᠠᠭᠴᠠ ᠥᠨᠳᠡᠢᠨ ᠪᠣᠰᠴᠤ ᠬᠠᠲᠠᠷᠢᠭᠤᠯᠪᠠ᠃ ᠲᠡᠷᠡ ᠵᠠᠪᠰᠠᠷ ᠨᠠᠷᠠ ᠨᠢᠭᠡᠨᠲᠡ ᠥᠷᠥᠨ᠎ᠡ ᠵᠦᠭ ᠬᠥᠬᠡᠷᠡᠨ ᠬᠠᠷᠠᠭᠳᠠᠭᠴᠢ ᠠᠭᠤᠯᠠᠰ ᠤ᠋ᠨ ᠴᠠᠭᠠᠨ᠎ᠠ ᠣᠷᠣᠭᠠᠳ ᠪᠦᠷᠦᠩᠬᠦᠢ ᠪᠣᠯᠵᠤ᠂ ᠥᠷᠭᠡᠨ ᠲᠠᠯ᠎ᠠ ᠬᠠᠷᠠᠯᠠᠨ᠂ ᠬᠣᠩᠬᠣᠷ ᠬᠣᠲᠣᠭᠣᠷ ᠭᠠᠵᠠᠷ ᠲᠦᠨᠡᠷᠲᠦᠨ ᠬᠠᠷᠠᠭᠳᠠᠵᠤ᠂ ᠰᠡᠮᠡᠵᠡᠨ ᠴᠠᠭᠠᠨ ᠡᠭᠦᠯᠡ ᠳᠣᠣᠷ᠎ᠠ ᠠ᠋ᠴᠠ ᠪᠠᠨ ᠤᠯᠠᠪᠤᠷ ᠶᠠᠭᠠᠨ ᠳᠡᠭᠡᠷ᠎ᠡ ᠡᠴᠡ ᠪᠡᠨ ᠬᠥᠬᠡ ᠶᠠᠭᠠᠨ ᠲᠤᠶᠠᠭ᠎ᠠ ᠲᠠᠲᠠᠵᠠᠢ᠃ ᠴᠢᠮᠡᠭᠡ ᠦᠭᠡᠢ ᠨᠠᠮ ᠭᠦᠮ ᠲᠠᠯ᠎ᠠ ᠭᠠᠵᠠᠷ ᠡᠨᠳᠡ ᠲᠡᠨᠳᠡ ᠣᠭᠣᠲᠣᠨ᠎ᠠ ᠴᠠᠰ ᠴᠠᠰ ᠳᠤᠤᠭᠠᠷᠴᠤ᠂ ᠮᠣᠷᠢᠲᠠᠢ ᠬᠥᠮᠦᠨ ᠠᠢᠰᠤᠢ ᠶ᠋ᠢ ᠪᠡᠶ᠎ᠡ ᠪᠡᠶ᠎ᠡ ᠳ᠋ᠡᠭᠡᠨ( ᠳ᠋ᠦ᠍ ᠪᠡᠨ) ᠮᠡᠳᠡᠭᠳᠡᠨ ᠠᠪᠠᠢ᠃ ᠡᠪᠡᠰᠦ ᠨᠣᠭᠣᠭ᠎ᠠ ᠶ᠋ᠢᠨ ᠰᠠᠢᠬᠠᠨ ᠦᠨᠦᠷ ᠬᠠᠩᠬᠤᠯᠤᠭᠰᠠᠨ ᠠᠭᠠᠷ ᠤ᠋ᠨ ᠬᠠᠭᠤᠷᠠᠢ ᠬᠡᠢ ᠰᠡᠷᠢᠭᠦᠦ ᠲᠠᠲᠠᠵᠤ᠂ ᠬᠠᠷ᠎ᠠ ᠬᠥᠬᠡ ᠣᠭᠲᠠᠷᠭᠤᠢ ᠳ᠋ᠤ᠌ ᠣᠳᠣᠨ ᠵᠢᠷᠠᠪ ᠵᠠᠷᠠᠪ ᠬᠢᠵᠡᠢ᠃ ᠪᠦᠷᠦᠩᠬᠦᠢ ᠪᠡᠷ ᠭᠡᠷ ᠲᠡᠭᠡᠨ( ᠲᠤ ᠪᠡᠨ) ᠣᠢᠷᠠᠳᠲᠠᠯᠠ ᠨᠢ ᠯᠡ ᠪᠠᠷᠢᠭᠰᠠᠨ ᠭᠡᠷᠡᠯ ᠬᠠᠶᠠᠭ᠎ᠠ ᠪᠠᠷ ᠨᠢ ᠦᠵᠡᠭᠳᠡᠯ᠎ᠡ᠃ ᠰᠣᠯᠣᠩᠭ᠎ᠠ ᠮᠡᠲᠦ ᠰᠣᠨᠣᠷ ᠴᠡᠷᠡᠨ᠂ ᠮᠣᠷᠢᠨ ᠤ᠋ ᠲᠦᠪᠦᠷᠭᠡᠨ ᠢ᠋ᠶ᠋ᠡᠷ ᠪᠣᠰᠴᠤ᠂ ᠯᠠ ᠪᠠᠷᠢᠭᠰᠠᠨ ᠪᠠᠢᠵᠠᠢ᠃
ᠬᠣᠭᠤᠯᠠ ᠪᠠᠨ ᠢᠳᠡᠬᠦ ᠳ᠋ᠡᠭᠡᠨ( ᠳ᠋ᠦ᠍ ᠪᠡᠨ) ᠰᠢᠷᠴᠢᠨ᠂ ᠲᠡᠢᠨ ᠪᠣᠯᠵᠤ᠂ ᠾᠢᠲ᠋ᠯᠸᠷ ᠦ᠋ᠨ ᠭᠧᠷᠮᠠᠨ᠂ ᠬᠣᠯᠪᠣᠭᠠᠲᠤ ᠤᠯᠤᠰ ᠲᠤ᠌ ᠵᠦᠢ ᠪᠤᠰᠤ ᠪᠠᠷ ᠬᠠᠯᠳᠠᠨ ᠪᠠᠢᠯᠳᠤᠭᠰᠠᠨ ᠢ᠋ ᠶᠠᠷᠢᠵᠤ᠂ ᠴᠡᠷᠡᠨ ᠰᠡᠳᠬᠢᠯ ᠳᠣᠭᠳᠣᠯᠤᠨ ᠬᠥᠳᠡᠯᠵᠦ᠂ ᠤᠯᠠᠭᠠᠨ ᠴᠡᠷᠢᠭ ᠲᠦ᠍ ᠲᠤᠰᠠᠯᠠᠵᠤ᠂ ᠦᠨ᠎ᠡ ᠲᠡᠢ ᠴᠠᠨ᠎ᠠ ᠲᠠᠢ ᠶᠠᠭᠤᠮ᠎ᠠ ᠠ᠋ᠴᠠ ᠪᠠᠨ ᠥᠭᠭᠦᠶ᠎ᠡ᠃ ᠦᠰᠦᠨ ᠦ᠌ ᠪᠡᠨ ᠮᠥᠩᠭᠥᠨ ᠬᠡᠷᠡᠭᠯᠡᠯ ᠴᠢᠮᠡᠭ᠂ ᠠᠯᠲᠠᠨ ᠠᠶᠠᠭ᠎ᠠ᠂ ᠠᠷᠪᠠᠨ ᠮᠥᠩᠭᠥᠨ ᠶᠤᠸᠠᠨᠱ᠍ᠬᠠᠢᠲᠤ᠂ ᠯᠸᠨᠢᠨᠮ᠎ᠡ ᠳ᠋ᠡᠭᠡᠨ( ᠳ᠋ᠦ᠍ ᠪᠡᠨ) ᠭᠡᠵᠦ ᠬᠠᠳᠠᠭᠠᠯᠠᠵᠤ ᠪᠠᠢᠭᠰᠠᠨ ᠠᠯᠲᠠᠨ ᠪᠦᠯᠡᠵᠡᠭ ᠪᠡᠯᠡᠭ ᠪᠣᠯᠭᠠᠨ ᠥᠭᠪᠡᠯ ᠶᠠᠭᠠᠬᠢᠨ᠎ᠠ᠂ ᠪᠢᠳᠡ ᠪᠦᠭᠦᠳᠡ ᠶ᠋ᠢᠨ ᠡᠮᠦᠨ᠎ᠡ ᠡᠴᠡ? ᠪᠠᠰᠠ ᠬᠠᠯᠠᠭᠤᠨ ᠬᠣᠰᠢᠭᠤᠲᠤ ᠮᠠᠯ ᠠ᠋ᠴᠠ ᠪᠠᠨ ᠪᠡᠯᠡᠭᠯᠡᠭᠦᠰᠢᠲᠡᠢ ᠭᠡᠬᠦ ᠳ᠋ᠦ᠍ᠨᠢ( ᠳ᠋ᠦ᠍ ᠨᠢ)᠂
— ᠴᠢᠨᠦ ᠡᠨᠡ ᠦᠭᠡ ᠮᠢᠨᠦ ᠰᠠᠨᠠᠭ᠎ᠠ ᠲᠠᠢ ᠶᠠᠪ ᠴᠠᠪ ᠨᠡᠢᠯᠡᠯᠴᠡᠭᠰᠡᠨ ᠳ᠋ᠦ᠍ ᠪᠢ ᠶᠡᠬᠡᠯ᠎ᠡ(ᠶᠡᠬᠡ ᠯᠡ) ᠪᠠᠶᠠᠷᠯᠠᠵᠤ ᠪᠠᠢᠨ᠎ᠠ᠃ ᠴᠢᠮᠠᠶ᠋ᠢ(ᠴᠢᠮ᠎ᠠ ᠶ᠋ᠢ) ᠡᠢᠮᠦ ᠯᠡ ᠰᠠᠢᠬᠠᠨ ᠦᠭᠡ ᠬᠡᠯᠡᠬᠦ ᠪᠠᠢᠬᠤ ᠭᠡᠵᠦ ᠪᠢ ᠪᠣᠳᠣᠵᠤ ᠪᠠᠢᠭᠰᠠᠨ ᠶᠣᠮ᠎ᠠ ᠭᠡᠬᠦ ᠳ᠋ᠦ᠍ᠨᠢ( ᠳ᠋ᠦ᠍ ᠨᠢ) ᠴᠡᠷᠡᠨ᠂
— ᠪᠢ ᠴᠦ᠍ ᠭᠡᠰᠡᠨ᠂ ᠬᠡᠨ ᠴᠦ᠍ ᠭᠡᠰᠡᠨ᠂ ᠲᠡᠭᠡᠵᠦ ᠬᠡᠯᠡᠯ ᠦᠭᠡᠢ ᠶᠠᠭᠠᠬᠢᠬᠤ ᠪᠣᠢ? ᠨᠠᠭᠤᠷ ᠠᠮᠤᠷ ᠪᠣᠯ ᠨᠤᠭᠤᠰᠤ ᠠᠮᠤᠷ ᠭᠡᠳᠡᠭ ᠰᠢᠦ ᠳᠡ᠃ ᠪᠢᠳᠡ ᠬᠣᠯᠪᠣᠭᠠᠲᠤ ᠶᠡᠬᠡ ᠤᠯᠤᠰ ᠤ᠋ᠨ ᠥᠨᠳᠥᠷ ᠶᠡᠬᠡ ᠵᠠᠶᠠᠭ᠎ᠠ᠂ ᠥᠷᠭᠡᠨ ᠶᠡᠬᠡ ᠰᠤᠭᠤᠨ ᠳ᠋ᠤᠨᠢ( ᠳ᠋ᠤ᠌ ᠨᠢ) ᠲᠦᠰᠢᠭᠰᠡᠨ ᠤᠯᠤᠰ᠂ ᠵᠣᠪᠠᠯᠠᠩ ᠵᠢᠷᠭᠠᠯ ᠬᠠᠮᠲᠤ ᠪᠠᠢᠬᠤ ᠨᠢ ᠲᠦᠮᠡᠨ ᠵᠦᠢ ᠭᠡᠵᠦ ᠪᠢᠯᠡ᠃
ᠵᠥᠪᠯᠡᠯᠲᠦ ᠶ᠋ᠢᠨ ᠴᠡᠷᠢᠭ ᠲᠦ᠍ ᠲᠤᠰᠠᠯᠠᠬᠤ ᠤᠯᠤᠰ ᠨᠡᠢᠭᠡᠮ ᠦ᠋ᠨ ᠶᠡᠬᠡ ᠬᠥᠳᠡᠯᠭᠡᠭᠡᠨ ᠳᠠᠶᠠᠭᠠᠷ ᠲᠤ᠌ ᠥᠷᠨᠢᠵᠦ᠂ ᠤᠯᠠᠭᠠᠨ ᠴᠡᠷᠢᠭ ᠦ᠋ᠨ ᠡᠷᠡᠴᠦᠳ ᠲᠦ᠍ ᠳᠤᠯᠠᠭᠠᠨ ᠴᠠᠮᠴᠠ᠂ ᠣᠢᠮᠣᠰᠤ ᠰᠦᠯᠵᠢᠵᠦ ᠰᠤᠷᠬᠤ ᠭᠡᠵᠦ ᠥᠴᠢᠨᠡᠨ ᠲᠥᠴᠢᠨᠡᠨ ᠡᠮᠡᠭᠲᠡᠢᠴᠦᠳ ᠰᠦᠯᠵᠢᠮᠡᠯ ᠦ᠋ᠨ ᠳᠤᠭᠤᠢᠯᠠᠩ ᠳ᠋ᠤ᠌ ᠣᠷᠣᠵᠠᠭᠠᠵᠤ ᠪᠢᠯᠡ᠃ ᠨᠠᠮᠤᠷ ᠠᠬᠠᠷ ᠤ᠋ᠨ ᠨᠣᠣᠰᠣ ᠬᠢᠷᠭᠠᠬᠤ ᠳ᠋ᠤ᠌ ᠠᠷᠠᠳ ᠤ᠋ᠳ ᠤᠳᠤᠷᠢᠳᠤᠭᠴᠢ ᠪᠠᠭᠰᠢ ᠮᠠᠷᠱᠠᠯ ᠴᠣᠢᠪᠠᠯᠰᠠᠩ ᠤ᠋ᠨ ᠢ᠋ᠶ᠋ᠠᠨ ᠰᠤᠷᠭᠠᠯ ᠢ᠋ ᠴᠢᠩᠳᠠᠯᠠᠨ ᠳᠠᠭᠠᠵᠤ᠂ ᠨᠢᠭᠡᠴᠦ ᠴᠢᠮᠬᠢ ᠤᠩᠭᠠᠰᠤ ᠦᠷᠡᠭᠳᠡᠭᠦᠯᠬᠦ ᠦᠭᠡᠢ ᠲᠡᠭᠦᠵᠦ᠂ ᠹᠷᠣᠨᠲ ᠲᠤ᠌ ᠴᠢᠳᠠᠯ ᠢ᠋ᠶ᠋ᠠᠷ ᠢ᠋ᠶ᠋ᠠᠨ ᠲᠤᠰᠠᠯᠠᠬᠤ᠂ ᠤᠯᠠᠭᠠᠨ ᠴᠡᠷᠢᠭ ᠦ᠋ᠨ ᠢᠯᠠᠬᠤ ᠳ᠋ᠤ᠌ ᠬᠠᠮᠤᠭ ᠢ᠋ᠶ᠋ᠠᠨ ᠵᠣᠷᠢᠭᠤᠯᠬᠤ᠂ ᠤᠩᠭᠠᠰᠤ ᠨᠣᠣᠰᠣ ᠪᠠᠨ ᠦᠷᠡᠭᠳᠡᠭᠦᠯᠦᠯ ᠦᠭᠡᠢ ᠵᠢᠷᠭᠠᠵᠤ ᠤᠯᠤᠰ ᠲᠠᠭᠠᠨ( ᠲᠤ ᠪᠠᠨ) ᠲᠤᠰᠢᠶᠠᠬᠤ ᠭᠡᠵᠦ ᠪᠦᠭᠦᠳᠡᠭᠡᠷ ᠮᠡᠷᠡᠢᠵᠡᠢ᠃ ᠠᠷᠢᠭᠤᠨ ᠰᠡᠳᠬᠢᠯᠲᠦ ᠠᠷᠠᠳ ᠲᠦᠮᠡᠨ ᠮᠠᠨᠢ ᠹᠷᠣᠨᠲ ᠢ᠋ ᠡᠷᠬᠢᠮ ᠪᠣᠯᠭᠠᠵᠤ᠂ ᠲᠦᠮᠡᠨ ᠤᠯᠤᠰ ᠤ᠋ᠨ ᠡᠩᠬᠡ ᠵᠢᠷᠭᠠᠯ ᠢ᠋᠂ ᠬᠥᠮᠦᠨ ᠲᠥᠷᠥᠯᠬᠢᠲᠡᠨ ᠦ᠌ ᠬᠡᠳᠦ ᠶ᠋ᠢᠨ ᠬᠤᠪᠢ ᠵᠠᠶᠠᠭ᠎ᠠ ᠶ᠋ᠢ ᠪᠤᠷᠤᠩᠬᠤᠢ ᠹᠠᠱ᠌ᠢᠰᠲ《ᠰᠢᠨ᠎ᠡ ᠳᠢᠭᠯᠢᠮ ᠦ᠋ᠨ》 ᠠᠶᠤᠯ ᠵᠣᠪᠠᠯᠠᠩ ᠠ᠋ᠴᠠ ᠬᠠᠮᠠᠭᠠᠯᠠᠵᠤ᠂ ᠠᠤᠭ᠎ᠠ ᠶᠡᠬᠡ ᠲᠤᠯᠤᠯᠳᠤᠭᠠᠨ ᠤ᠋ ᠭᠠᠵᠠᠷ ᠠᠶᠤᠯᠲᠤ ᠳᠠᠢᠰᠤᠨ ᠲᠠᠢ ᠦᠵᠡᠯᠴᠡᠵᠦ ᠪᠠᠢᠭ᠎ᠠ ᠵᠥᠪᠯᠡᠯᠲᠦ ᠶ᠋ᠢᠨ ᠤᠯᠠᠭᠠᠨ ᠴᠡᠷᠢᠭ ᠢ᠋ ᠭᠡᠭᠡᠨ ᠡᠳᠦᠷ ᠴᠡᠭᠡᠵᠢᠨ ᠳ᠋ᠡᠭᠡᠨ( ᠳ᠋ᠦ᠍ ᠪᠡᠨ) ᠬᠠᠷᠠᠩᠭᠤᠢ ᠰᠥᠨᠢ ᠵᠡᠭᠦᠳᠦᠨ ᠳ᠋ᠡᠭᠡᠨ( ᠳ᠋ᠦ᠍ ᠪᠡᠨ) ᠪᠣᠳᠣᠵᠤ ᠪᠠᠢᠯ᠎ᠠ᠃ ᠠᠮᠢᠲᠠᠨ᠂ ᠵᠥᠪᠯᠡᠯᠲᠦ ᠶ᠋ᠢᠨ ᠶᠡᠷᠦᠩᠬᠡᠢ ᠺᠣᠮᠠᠨᠲᠠᠯᠠᠯ ᠤ᠋ᠨ ᠰᠢᠭᠤᠷᠬᠠᠢ ᠮᠡᠳᠡᠭᠡ ᠶ᠋ᠢ ᠡᠳᠦᠷ ᠪᠦᠷᠢ ᠰᠤᠷᠠᠭᠯᠠᠨ ᠴᠢᠬᠢ ᠲᠠᠯᠪᠢᠵᠤ᠂ ᠮᠠᠯᠴᠢᠨ ᠪᠦᠷᠢ᠂ ᠵᠥᠪᠯᠡᠯᠲᠦ ᠶ᠋ᠢᠨ ᠠᠷᠠᠳ ᠲᠦᠮᠡᠨ᠂ ᠲᠡᠭᠦᠨ ᠦ᠌ ᠪᠠᠭᠠᠲᠤᠷ ᠴᠡᠷᠢᠭ ᠨᠢ ᠰᠢᠳᠤᠷᠭᠤ ᠵᠢᠷᠤᠮ᠂ ᠡᠨᠡᠷᠢᠩᠭᠦᠢ ᠶ᠋ᠢᠨ ᠡᠷᠬᠢᠮ ᠶᠣᠰᠣ᠂ ᠬᠥᠮᠦᠨ ᠦ᠌ ᠡᠷᠬᠢᠮ ᠳᠡᠭᠡᠳᠦ ᠵᠦᠢ᠂ ᠤᠯᠤᠰ ᠲᠦᠮᠡᠨ ᠦ᠌ ᠡᠩᠬᠡ ᠰᠣᠶᠣᠯ᠂ ᠮᠣᠩᠭᠣᠯ ᠤᠯᠤᠰ ᠤ᠋ᠨ ᠡᠷᠬᠡ ᠴᠢᠯᠥᠭᠡᠲᠡᠢ ᠲᠤᠰᠠᠭᠠᠷ ᠲᠣᠭᠲᠠᠨᠢᠭᠰᠠᠨ ᠪᠠᠢᠳᠠᠯ ᠢ᠋ ᠬᠠᠮᠠᠭᠠᠯᠠᠨ ᠲᠤᠯᠵᠤ ᠪᠠᠢᠭ᠎ᠠ ᠶᠤᠮ ᠭᠡᠵᠦ ᠠᠨᠳᠤᠬᠤ ᠦᠭᠡᠢ ᠪᠠᠢᠯ᠎ᠠ᠃ ᠲᠡᠢᠨ ᠦ᠌ ᠭᠠᠵᠠᠷ ᠤ᠋ᠨ ᠮᠡᠳᠡᠭᠡ ᠰᠣᠨᠣᠰᠬᠤ ᠭᠡᠵᠦ ᠥᠷᠲᠡᠭᠡ ᠭᠠᠵᠠᠷ ᠠ᠋ᠴᠠ ᠴᠤ᠌ ᠭᠡᠰᠡᠨ ᠤᠯᠤᠰ ᠠᠮᠢᠲᠠᠨ ᠤᠲᠠᠰᠤᠨ ᠤ᠋ ᠭᠠᠵᠠᠷ ᠬᠦᠷᠴᠦ ᠢᠷᠡᠳᠡᠭ ᠪᠠᠢᠵᠠᠢ᠃ ᠰᠣᠨᠢᠨ ᠪᠢᠴᠢᠭ᠂ ᠠᠭᠠᠷ ᠤ᠋ᠨ ᠬᠡᠢ ᠶ᠋ᠢᠨ ᠠᠳᠠᠯᠢ ᠴᠢᠬᠤᠯᠠ ᠪᠣᠯᠵᠤ᠂ ᠵᠥᠪᠯᠡᠯᠲᠦ ᠶ᠋ᠢᠨ ᠮᠡᠳᠡᠭᠡᠯᠡᠬᠦ ᠲᠣᠪᠴᠢᠶᠠᠨ ᠤ᠋ ᠮᠡᠳᠡᠭᠡ᠂ ᠤᠯᠠᠭᠠᠨ ᠴᠡᠷᠢᠭ ᠦ᠋ᠨ ᠪᠠᠭᠠᠲᠤᠷ ᠡᠷᠡᠰ ᠦ᠋ᠨ ᠡᠷᠡᠮᠡᠬᠡᠢ ᠲᠤᠯᠤᠯᠳᠤᠭᠠᠨ ᠤ᠋ ᠮᠡᠳᠡᠭᠡ ᠶ᠋ᠢ ᠴᠠᠭᠠᠰᠤ ᠶ᠋ᠢ ᠨᠢ ᠴᠤᠭᠤᠷᠳᠠᠯ᠎ᠠ ᠣᠯᠠᠨ ᠭᠠᠷ ᠳᠡᠮᠵᠢᠵᠦ ᠦᠵᠡᠳᠡᠭ ᠪᠠᠢᠯ᠎ᠠ᠃
ᠨᠠᠮᠤᠷ᠂ ᠤᠯᠤᠰ ᠳᠠᠶᠠᠭᠠᠷ ᠲᠤ᠌ ᠮᠠᠯᠴᠢᠨ ᠤ᠋ ᠬᠤᠷᠠᠯ ᠪᠠᠭ ᠰᠤᠮᠤ ᠪᠦᠬᠦᠨ ᠳ᠋ᠦ᠍ ᠪᠣᠯᠵᠤ᠂ ᠠᠷᠠᠳ ᠤ᠋ᠳ ᠬᠡᠨ ᠢ᠋ ᠪᠡᠨ ᠪᠠᠭ᠂ ᠰᠤᠮᠤ᠂ ᠠᠢᠮᠠᠭ ᠤ᠋ᠨ ᠰᠠᠢᠨ ᠮᠠᠯᠴᠢᠨ ᠭᠡᠵᠦ ᠦᠵᠡᠬᠦ ᠶ᠋ᠢ ᠶᠡᠬᠡᠯ᠎ᠡ(ᠶᠡᠬᠡ ᠯᠡ) ᠨᠢᠮᠪᠠᠢᠯᠠᠨ ᠬᠡᠯᠡᠯᠴᠡᠯ᠎ᠡ᠃
ᠰᠢᠷᠴᠢᠨ ᠦ᠌ ᠪᠠᠭ ᠤ᠋ᠨ ᠬᠢᠨ ᠵᠡᠭᠦᠨ ᠡᠮᠡᠭᠡᠨ ᠦ᠌ ᠲᠡᠨᠳᠡ ᠬᠤᠷᠠᠯᠳᠤᠵᠤ᠂ ᠴᠡᠯᠮᠡᠭ ᠰᠠᠢᠬᠠᠨ ᠡᠳᠦᠷ ᠭᠠᠳᠠᠭ᠎ᠠ ᠳᠤᠭᠤᠢᠯᠠᠨ ᠳᠡᠪᠢᠰᠦᠭᠰᠡᠨ ᠢᠰᠡᠭᠡᠢ ᠳᠡᠭᠡᠷ᠎ᠡ ᠲᠣᠭᠣᠷᠢᠨ ᠰᠠᠭᠤᠵᠠᠭᠠᠵᠤ᠂ ᠬᠣᠢᠮᠣᠷ ᠲᠠᠯ᠎ᠠ ᠳ᠋ᠤ᠌ ᠪᠠᠭ ᠤ᠋ᠨ ᠳᠠᠷᠤᠭ᠎ᠠ ᠡᠪᠦᠭᠡᠨ ᠰᠢᠷᠠᠪ᠂ ᠡᠪᠦᠭᠡᠨ ᠫᠠᠷᠲ᠋ᠢᠽᠠᠨ ᠰᠠᠮᠪᠤᠤ ᠬᠣᠶᠠᠷ ᠰᠡᠢᠯᠦᠮᠡᠯ ᠪᠢᠴᠢᠬᠠᠨ ᠰᠢᠷᠡᠭᠡᠨ ᠦ᠌ ᠡᠮᠦᠨ᠎ᠡ ᠰᠠᠭᠤᠭᠠᠳ᠂ ᠰᠠᠮᠪᠤᠤ ᠡᠪᠦᠭᠡᠨ ᠦ᠌ ᠤᠷᠲᠤ ᠭᠡᠭᠴᠢ ᠶ᠋ᠢᠨ ᠰᠡᠷᠪᠡᠢᠭᠰᠡᠨ ᠰᠠᠬᠠᠯ᠂ ᠥᠳᠬᠡᠨ ᠬᠥᠮᠥᠰᠬᠡ᠂ ᠪᠣᠭᠣᠨᠢᠬᠠᠨ ᠪᠤᠭᠤᠷᠤᠯ ᠦᠰᠦ ᠨᠢ ᠰᠠᠢᠬᠠᠨ ᠴᠢᠷᠠᠢᠲᠤ ᠡᠪᠦᠭᠡᠨ ᠦ᠌ ᠬᠦᠷᠡᠩ ᠤᠯᠠᠭᠠᠨ ᠴᠢᠷᠠᠢ ᠳ᠋ᠤᠨᠢ( ᠳ᠋ᠤ᠌ ᠨᠢ) ᠤᠯᠠᠮ ᠴᠤ᠌ ᠭᠢᠯᠠᠯᠵᠠᠭᠰᠠᠨ ᠴᠠᠭᠠᠨ ᠪᠤᠭᠤᠷᠤᠯ ᠮᠡᠲᠦ ᠦᠵᠡᠭᠳᠡᠬᠦ ᠠᠵᠢ᠃ ᠵᠡᠭᠦᠨ ᠲᠠᠯ᠎ᠠ ᠪᠠᠷ ᠡᠮᠡᠭᠲᠡᠢᠴᠦᠳ᠂ ᠪᠠᠷᠠᠭᠤᠨ ᠢ᠋ᠶ᠋ᠠᠷ ᠡᠷᠡᠭᠲᠡᠢᠴᠦᠳ ᠰᠠᠭᠤᠵᠤ᠂ ᠴᠥᠮ ᠪᠡᠶ᠎ᠡ ᠪᠡᠶ᠎ᠡ ᠪᠡᠨ ᠰᠠᠢᠨ ᠲᠠᠨᠢᠬᠤ᠂ ᠬᠡᠨ ᠶᠠᠭᠤ ᠬᠢᠵᠦ᠂ ᠶᠠᠮᠠᠷ ᠠᠵᠢᠯ ᠲᠠᠢ ᠪᠠᠢᠳᠠᠭ ᠢ᠋ ᠨᠢᠭᠡᠳ ᠨᠢᠭᠡ ᠦᠭᠡᠢ ᠮᠡᠳᠡᠬᠦ ᠠᠵᠢ᠃ ᠲᠡᠢᠨ ᠬᠡᠮᠡᠭᠴᠢ᠂ ᠬᠥᠮᠦᠨ ᠪᠦᠷᠢ ᠶ᠋ᠢᠨ ᠴᠢᠩ ᠰᠢᠳᠤᠷᠭᠤ ᠶ᠋ᠢᠨ ᠨᠢᠭᠡ ᠶᠣᠰᠣᠨ ᠤ᠋ ᠲᠤᠯᠭᠠᠭᠤᠷᠢ ᠪᠣᠯᠵᠤ᠂ ᠲᠡᠢᠨ ᠦ᠌ ᠲᠡᠷᠡ ᠬᠡᠳᠦᠨ ᠰᠠᠷ᠎ᠠ ᠶ᠋ᠢᠨ ᠳᠣᠲᠣᠷ᠎ᠠ ᠤᠯᠤᠰ ᠨᠡᠢᠭᠡᠮ ᠢ᠋ᠶ᠋ᠡᠷ ᠮᠠᠰᠢ ᠥᠭᠡᠷᠡᠳᠡᠵᠦ᠂ ᠦᠵᠡᠯ ᠴᠢᠩ᠂ ᠵᠣᠷᠢᠭ ᠪᠠᠲᠤ᠂ ᠶᠡᠷᠦ᠂ ᠤᠷᠢᠳᠤ ᠠᠩᠵᠠᠭᠠᠷᠠᠯ ᠦᠭᠡᠢ ᠰᠢᠭ ᠥᠩᠭᠡᠷᠡᠳᠡᠭ ᠶᠠᠭᠤᠮ᠎ᠠ ᠪᠠᠨ ᠶᠡᠬᠡᠯ᠎ᠡ(ᠶᠡᠬᠡ ᠯᠡ) ᠨᠠᠷᠢᠨ ᠨᠢᠮᠪᠠᠢ ᠦᠵᠡᠬᠦ ᠰᠦᠷᠡᠬᠡᠢ ᠪᠣᠯᠵᠠᠢ᠃ ᠠᠵᠢᠯᠯᠠᠭ᠎ᠠ ᠬᠠᠢᠩᠭᠤ ᠵᠠᠯᠬᠠᠭᠤ ᠬᠣᠢᠷᠭᠣ ᠡᠲᠡᠭᠡᠳ᠂ ᠮᠠᠯ ᠢ᠋ᠶ᠋ᠠᠨ ᠮᠠᠯᠯᠠᠬᠤ ᠶ᠋ᠢ ᠵᠠᠯᠬᠠᠭᠤᠷᠠᠵᠤ ᠵᠠᠢᠮᠤᠷᠠᠳᠠᠭ ᠮᠠᠯᠴᠢᠨ ᠢ᠋ ᠤᠯᠤᠰ ᠶᠡᠬᠡᠯ᠎ᠡ( ᠶᠡᠬᠡ ᠯᠡ) ᠰᠢᠭᠦᠮᠵᠢᠯᠡᠵᠡᠢ᠃ ᠭᠡᠪᠡᠴᠦ ᠲᠡᠢᠮᠦ ᠬᠣᠢᠷᠭᠣ ᠮᠠᠭᠤ ᠮᠠᠯᠴᠢᠨ ᠲᠡᠷᠡ ᠪᠠᠭ ᠲᠤ᠌ ᠨᠢᠭᠡ ᠣᠯᠠᠨ ᠦᠭᠡᠢ ᠭᠠᠭᠴᠠ ᠬᠣᠶᠠᠷ ᠤ᠋ᠨ ᠲᠡᠳᠦᠢ ᠪᠠᠢᠭᠰᠠᠨ ᠨᠢ ᠣᠯᠠᠨ ᠤ᠋ ᠰᠢᠭᠦᠮᠵᠢᠯᠡᠯ ᠳ᠋ᠦ᠍ ᠴᠣᠷᠭᠢᠭᠤᠯᠤᠨ ᠲᠥᠭᠡᠨᠡᠭᠦᠯᠵᠦ ᠨᠢᠭᠤᠷ ᠢ᠋ᠶ᠋ᠠᠨ ᠬᠢᠬᠦ ᠭᠠᠵᠠᠷ ᠣᠯᠵᠤ ᠶᠠᠳᠠᠨ ᠪᠠᠢᠯ᠎ᠠ᠃
ᠪᠠᠭ ᠤ᠋ᠨ ᠳᠠᠷᠤᠭ᠎ᠠ ᠶ᠋ᠢᠨ ᠢᠯᠡᠳᠬᠡᠯ ᠳ᠋ᠦ᠍ ᠰᠢᠭᠦᠮᠵᠢᠯᠡᠯ ᠲᠠᠯᠪᠢᠬᠤ ᠳ᠋ᠤ᠌᠂ ᠵᠡᠭᠦᠨ ᠡᠮᠡᠭᠡᠨ ᠬᠠᠮᠤᠭ ᠤ᠋ᠨ ᠲᠡᠷᠢᠭᠦᠨ ᠳ᠋ᠦ᠍ ᠦᠭᠡ ᠬᠡᠯᠡᠬᠦ ᠵᠥᠪᠰᠢᠶᠡᠷᠡᠯ ᠠᠪᠴᠤ᠂ ᠲᠣᠭᠣᠷᠢᠨ ᠰᠠᠭᠤᠭᠰᠠᠨ ᠣᠯᠠᠨ ᠢ᠋ ᠡᠷᠭᠢᠭᠦᠯᠦᠨ ᠬᠠᠷᠠᠭᠠᠳ᠂ ᠳ᠋ᠤᠢᠩᠬᠤᠷ ᠳᠡᠭᠡᠷ᠎ᠡ ᠨᠢᠳᠦ ᠪᠡᠨ ᠲᠣᠭᠲᠠᠭᠠᠨ ᠰᠢᠷᠲᠡᠵᠦ᠂
— ᠲᠥᠷᠥ᠂ ᠲᠡᠮᠦᠷ ᠨᠢᠭᠤᠷ ᠲᠠᠢ ᠭᠡᠳᠡᠭ ᠪᠢᠯᠡ᠃ ᠲᠠ ᠪᠦᠭᠦᠳᠡ ᠶ᠋ᠢᠨ ᠬᠠᠯᠠᠭᠤᠨ ᠨᠢᠭᠤᠷ ᠤ᠋ᠨ ᠡᠮᠦᠨ᠎ᠡ ᠪᠢ ᠳ᠋ᠤᠢᠩᠬᠤᠷ ᠲᠤ᠌ ᠬᠡᠳᠦᠨ ᠭᠠᠰᠢᠭᠤᠨ ᠦᠭᠡ ᠬᠡᠯᠡᠬᠦ ᠰᠠᠨᠠᠭ᠎ᠠ ᠪᠠᠢᠨ᠎ᠠ᠃ ᠠᠮᠠ ᠶ᠋ᠢ ᠨᠢ ᠰᠣᠨᠣᠰᠪᠠᠯ᠂ ᠽᠠᠮᠪᠤᠯᠢᠩ ᠳ᠋ᠤ᠌ ᠳ᠋ᠤᠢᠩᠬᠤᠷ ᠰᠢᠭ᠋ ᠭᠠᠯ ᠤᠯᠠᠭᠠᠨ ᠬᠤᠪᠢᠰᠬᠠᠯᠴᠢ ᠪᠠᠢᠮᠠᠷ ᠦᠭᠡᠢ ᠮᠡᠲᠦ᠃ ᠠᠮᠠ ᠠᠵᠢᠯ ᠬᠣᠶᠠᠷ ᠢ᠋ ᠨᠢ ᠠᠵᠢᠭᠯᠠᠨ ᠦᠵᠡᠪᠡᠯ ᠠᠷᠤ ᠪᠠᠷ ᠢ᠋ᠶ᠋ᠠᠨ ᠨᠡᠢᠯᠡᠭᠰᠡᠨ ᠨᠢ ᠠᠮᠢᠲᠠᠨ ᠣᠯᠠᠨ ᠭᠠᠢᠬᠠᠮᠠᠷ᠃ ᠤᠯᠤᠰ ᠲᠠᠭᠠᠨ( ᠲᠤ ᠪᠠᠨ) ᠨᠡᠢᠯᠡᠭᠦᠯᠬᠦ ᠵᠦᠢᠯ ᠢ᠋ ᠭᠦᠢᠴᠡᠭᠡᠭᠰᠡᠨ ᠦᠭᠡᠢ ᠮᠥᠷᠲᠡᠭᠡᠨ ᠮᠠᠯ ᠤ᠋ᠨ ᠫᠠᠨᠽᠠ ᠬᠢᠵᠦ᠂ ᠬᠣᠲᠠ ᠤᠷᠤᠭᠤ ᠮᠠᠯ ᠲᠠᠭᠤᠵᠤ᠂ ᠲᠡᠢᠨ ᠦ᠌ ᠳᠡᠯᠢᠮ ᠢ᠋ᠶ᠋ᠡᠷ ᠣᠯᠠᠨ ᠢ᠋ ᠮᠥᠯᠵᠢᠵᠦ ᠵᠠᠪᠰᠢᠬᠤ ᠭᠡᠵᠦ ᠪᠠᠢᠳᠠᠭ ᠢ᠋ ᠨᠢ ᠬᠠᠷᠠᠪᠠ ᠤᠤ᠂ ᠲᠠ ᠮᠢᠨᠢ! ᠳᠤᠭᠤᠯᠤᠭᠠᠳ ᠪᠠᠢᠪᠠᠯ᠂ ᠠᠮᠢᠲᠠᠨ ᠣᠯᠠᠨ᠂ ᠠᠬ᠎ᠠ ᠳᠡᠭᠦᠦ ᠲᠠ ᠪᠦᠭᠦᠳᠡ ᠶ᠋ᠢ ᠠᠭᠲᠠ ᠠᠳᠤᠭᠤ ᠪᠠᠨ ᠲᠠᠭᠤᠵᠤ᠂ ᠤᠯᠠᠭᠠᠨ ᠴᠡᠷᠢᠭ ᠲᠦ᠍ ᠠᠭᠲᠠ ᠠᠪᠬᠤ ᠺᠣᠮᠢᠰ ᠲᠤ᠌ ᠦᠵᠡᠭᠦᠯᠵᠦ ᠪᠠᠢᠬᠤ ᠦᠶ᠎ᠡ ᠪᠡᠷ ᠡᠨᠡ ᠭᠠᠢᠬᠠᠯ ᠳ᠋ᠣᠢᠩᠬᠣᠷ ᠤᠯᠠᠭᠠᠨ ᠴᠡᠷᠢᠭ ᠲᠦ᠍ ᠹᠷᠣᠨᠲ ᠤᠷᠤᠭᠤ ᠮᠣᠷᠢ ᠠ᠋ᠴᠠ ᠪᠠᠨ ᠥᠭᠴᠦ ᠶᠠᠪᠤᠭᠤᠯᠤᠭᠰᠠᠨ ᠠ᠋ᠴᠠ ᠴᠢᠨᠣ᠎ᠠ ᠳ᠋ᠤ᠌ ᠢᠳᠡᠭᠦᠯᠦᠭᠰᠡᠨ ᠳᠡᠭᠡᠷ᠎ᠡ ᠭᠡᠵᠦ ᠪᠠᠢᠭᠰᠠᠨ ᠶᠤᠮ ᠭᠡᠨ᠎ᠡ ᠯᠡ᠃ ᠳ᠋ᠣᠢᠩᠬᠣᠷ ᠴᠢ ᠲᠡᠢᠮᠦ ᠶᠣᠰᠣ ᠪᠤᠰᠤ ᠪᠤᠵᠠᠷ ᠦᠭᠡ ᠬᠡᠯᠡᠵᠦ ᠪᠠᠢᠭᠰᠠᠨ ᠤᠤ? ᠭᠡᠬᠦ ᠳ᠋ᠦ᠍ᠨᠢ( ᠳ᠋ᠦ᠍ ᠨᠢ)᠂ ᠳ᠋ᠣᠢᠩᠬᠣᠷ ᠰᠠᠨᠳᠤᠷᠴᠤ ᠨᠢᠭᠤᠷ ᠨᠢ ᠴᠢᠰ ᠤᠯᠠᠭᠠᠨ ᠪᠣᠯᠤᠭᠠᠳ᠂
— ᠠ᠂ ᠪᠢ ᠠᠷᠢᠬᠢᠨ ᠳ᠋ᠤ᠌ ᠰᠣᠭᠲᠣᠭᠠᠳ᠂ ᠲᠡᠭᠡᠭᠡᠳ ᠲᠣᠬᠢᠶᠠᠯᠳᠤᠯ ᠢ᠋ᠶ᠋ᠠᠷ ᠬᠡᠯᠡᠭᠰᠡᠨ ᠭᠡᠬᠦ ᠳ᠋ᠦ᠍ᠨᠢ( ᠳ᠋ᠦ᠍ ᠨᠢ) ᠡᠮᠡᠭᠡ ᠪᠤᠷᠤᠭᠤᠰᠢᠶᠠᠨ᠂
— ᠡᠷᠡᠭᠦᠯ ᠬᠥᠮᠦᠨ ᠦ᠌ ᠴᠡᠭᠡᠵᠢᠨ ᠳ᠋ᠦ᠍ ᠶᠠᠪᠤᠳᠠᠭ ᠶᠠᠭᠤᠮ᠎ᠠ ᠨᠢ᠂ ᠰᠣᠭᠲᠣᠭᠤ ᠬᠥᠮᠦᠨ ᠦ᠌ ᠠᠮᠠᠨ ᠠ᠋ᠴᠠ ᠭᠠᠷᠳᠠᠭ ᠶᠤᠮ ᠪᠢᠰᠢ ᠤᠤ? ᠡᠨᠡ ᠳ᠋ᠣᠢᠩᠬᠣᠷ᠂ ᠮᠠᠨ ᠤ᠋ ᠪᠦᠬᠦ ᠪᠠᠭ ᠢ᠋ ᠬᠥᠳᠡᠵᠦ ᠪᠠᠢᠭ᠎ᠠ ᠬᠥᠮᠦᠨ ᠰᠢᠦ᠂ ᠡᠨᠡᠲᠡᠢ(ᠡᠨᠡᠭᠦᠨ ᠦ᠌) ᠬᠠᠷ᠎ᠠ ᠵᠣᠷᠢᠭ ᠢ᠋ᠶ᠋ᠠᠷ ᠳᠣᠩᠭᠣᠰᠳᠠᠭ ᠠ᠋ᠴᠠ ᠪᠣᠯᠵᠤ᠂ ᠪᠢᠳᠡ ᠨᠡᠷ᠎ᠡ ᠪᠡᠨ ᠬᠤᠭᠤᠷᠠᠵᠤ ᠪᠠᠢᠬᠤ ᠶᠤᠮ ᠤᠤ᠂ ᠡᠨᠡᠲᠡᠢ(ᠡᠨᠡᠭᠦᠨ ᠦ᠌) ᠵᠣᠷᠢᠭ ᠢ᠋ᠶ᠋ᠠᠷ ᠪᠣᠯᠬᠤ ᠦᠭᠡᠢ᠂ ᠬᠣᠢᠰᠢᠳᠠ ᠪᠢᠳᠡ ᠲᠡᠭᠡᠭᠦᠯᠵᠦ ᠴᠢᠳᠠᠬᠤ ᠦᠭᠡᠢ ᠭᠡᠵᠦ ᠪᠠᠭ ᠣᠯᠠᠨ ᠢ᠋ᠶ᠋ᠠᠷ ᠴᠤᠭᠯᠠᠭᠰᠠᠨ ᠡᠨᠡ ᠬᠤᠷᠠᠯ ᠴᠤᠭᠯᠠᠭᠠᠨ ᠳᠡᠭᠡᠷ᠎ᠡ ᠡᠨᠡᠦᠬᠡᠨ ᠳ᠋ᠦ᠍ ᠬᠠᠲᠠᠭᠤᠬᠠᠨ ᠬᠡᠯᠡᠪᠡᠯ ᠶᠠᠭᠠᠬᠢᠨ᠎ᠠ? ᠪᠢᠳᠡᠨ ᠲᠠᠢ ᠯᠠ ᠰᠠᠨᠠᠭ᠎ᠠ ᠵᠣᠷᠢᠭ ᠡᠰᠡ ᠨᠡᠢᠯᠡᠪᠡᠯ᠂ ᠪᠢᠳᠡᠨ ᠦ᠌ ᠡᠰᠡᠷᠭᠦ ᠭᠡᠵᠦ ᠪᠢᠳᠡ ᠪᠦᠭᠦᠳᠡᠭᠡᠷ ᠦᠵᠡᠬᠦ ᠳ᠋ᠦ᠍ ᠬᠦᠷᠦᠨ᠎ᠡ ᠭᠡᠳᠡᠭ ᠢ᠋ᠶ᠋ᠡᠨ ᠡᠷᠡᠰ ᠬᠡᠯᠡᠬᠦ ᠴᠠᠭ ᠪᠣᠯᠤᠭᠰᠠᠨ ᠪᠠᠢᠭ᠎ᠠ? ᠭᠡᠬᠦ ᠳ᠋ᠦ᠍ᠨᠢ( ᠳ᠋ᠦ᠍ ᠨᠢ) ᠡᠪᠦᠭᠡᠨ ᠰᠠᠮᠪᠤᠤ ᠪᠤᠭᠤᠷᠤᠯ ᠰᠠᠬᠠᠯ ᠢ᠋ᠶ᠋ᠠᠨ ᠰᠢᠪᠲᠤᠷᠠᠭᠠᠳ᠂
— ᠲᠣᠭᠲᠠᠭᠠᠯ ᠳ᠋ᠠᠭᠠᠨ( ᠳ᠋ᠤ᠌ ᠪᠠᠨ) ᠳ᠋ᠣᠢᠩᠬᠣᠷ ᠮᠡᠲᠦ ᠶ᠋ᠢᠨ ᠥᠭᠡᠳᠡ ᠦᠭᠡᠢ ᠬᠣᠢᠷᠭᠣ ᠡᠲᠡᠭᠡᠳ ᠢ᠋ ᠬᠠᠲᠠᠭᠤ ᠰᠠᠨᠠᠭᠤᠯᠤᠨ ᠳᠣᠩᠭᠣᠳᠪᠠᠯ ᠵᠣᠬᠢᠮᠤᠢ ᠭᠡᠬᠦ ᠳ᠋ᠦ᠍ᠨᠢ( ᠳ᠋ᠦ᠍ ᠨᠢ) ᠤᠯᠤᠰ᠂
— ᠵᠦᠢᠲᠡᠢ᠂ ᠵᠦᠢᠲᠡᠢ! ᠲᠡᠭᠡᠭᠡᠳ ᠲᠣᠭᠲᠠᠭᠠᠯ ᠤᠩᠰᠢᠬᠤ ᠦᠶ᠎ᠡ ᠪᠡᠷ ᠪᠣᠰᠬᠠᠨ᠂ ᠨᠣᠮᠣᠬᠠᠨ ᠵᠣᠭᠰᠣᠭᠠᠵᠤ ᠪᠠᠢᠭᠠᠳ ᠤᠩᠰᠢᠪᠠᠯ ᠵᠣᠬᠢᠬᠤ ᠬᠡᠮᠡᠪᠡᠰᠦ᠂ ᠳ᠋ᠣᠢᠩᠬᠣᠷ ᠥᠨᠳᠡᠢᠰᠬᠢᠵᠦ᠂
— ᠵᠠ! ᠭᠡᠳ ᠪᠣᠰᠬᠤ ᠭᠡᠲᠡᠯ᠎ᠡ ᠨᠢ᠂
— ᠪᠣᠯᠤᠭ᠎ᠠ ᠦᠭᠡᠢ᠂ ᠣᠳᠣᠬᠠᠨ ᠳᠡᠭᠡᠷ᠎ᠡ ᠪᠡᠨ ᠰᠠᠭᠤᠵᠤ ᠪᠠᠢ᠃ ᠲᠣᠭᠲᠠᠭᠠᠯ ᠤᠩᠰᠢᠬᠤ ᠴᠠᠭ ᠡᠳᠦᠢ᠂ ᠬᠠᠷᠢᠨ ᠡᠮᠡᠭᠡ ᠶ᠋ᠢᠨ ᠲᠡᠷᠡ ᠰᠢᠭᠦᠮᠵᠢᠯᠡᠭᠰᠡᠨ ᠦᠭᠡ ᠲᠦᠮᠡᠨ ᠵᠥᠪ ᠦᠭᠡ ᠭᠡᠳᠡᠭ ᠢ᠋ ᠪᠣᠳᠣᠵᠤ ᠰᠠᠭᠤ ᠭᠡᠵᠦ ᠳ᠋ᠣᠢᠩᠬᠣᠷ ᠤ᠋ᠨ ᠬᠠᠵᠠᠭᠤ ᠳ᠋ᠤ᠌ ᠰᠠᠭᠤᠵᠤ ᠪᠠᠢᠭᠰᠠᠨ ᠡᠪᠦᠭᠡᠨ ᠶᠣᠨᠳᠣᠨ ᠬᠡᠯᠡᠵᠦ ᠪᠢᠯᠡ᠃
— ᠪᠢ ᠴᠦ᠍ ᠭᠡᠰᠡᠨ ᠨᠢᠭᠡ ᠦᠭᠡ ᠠᠢᠯᠠᠳᠬᠠᠪᠠᠯ ᠶᠠᠭᠠᠬᠢᠨ᠎ᠠ ᠭᠡᠵᠦ ᠪᠠᠵᠠᠢ ᠡᠮᠡᠭᠡᠨ ᠭᠠᠷ ᠢ᠋ᠶ᠋ᠠᠨ ᠡᠷᠭᠦᠵᠦ᠂ ᠡᠪᠦᠭᠡᠨ ᠰᠢᠷᠠᠪ ᠳᠠᠷᠤᠭ᠎ᠠ᠄
— ᠵᠠ ᠭᠡᠵᠦ ᠵᠥᠪᠰᠢᠶᠡᠷᠡᠯ ᠣᠯᠭᠤᠵᠠᠢ᠃ ᠲᠡᠭᠡᠬᠦ ᠳ᠋ᠦ᠍ᠨᠢ ( ᠳ᠋ᠦ᠍ ᠨᠢ)᠂
— ᠦᠷᠡᠲᠦ ᠬᠥᠮᠦᠨ ᠬᠥᠮᠦᠨ ᠦ᠌ ᠦᠷ᠎ᠡ ᠶ᠋ᠢ ᠪᠦᠦ ᠮᠠᠭᠤ ᠬᠡᠯᠡ ᠭᠡᠳᠡᠭ ᠪᠣᠯᠪᠠᠴᠤ ᠨᠤᠲᠤᠭ ᠤᠰᠤᠨ ᠤ᠋ ᠠᠬ᠎ᠠ ᠳᠡᠭᠦᠦ ᠰᠠᠳᠤᠨ ᠣᠯᠠᠨ ᠤ᠋ ᠡᠮᠦᠨ᠎ᠡ ᠮᠠᠨ ᠤ᠋ ᠰᠠᠭᠠᠬᠠᠯᠲᠠ ᠶ᠋ᠢᠨ ᠬᠠᠯᠲᠠᠷ ᠡᠮᠡᠭᠡᠨ ᠦ᠌ ᠬᠦᠦ ᠮᠠᠨᠳᠤᠪᠠᠢ ᠶ᠋ᠢ ᠵᠢᠭᠠᠯᠬᠠᠨ ᠵᠢᠮᠡᠯᠡᠨ ᠳᠣᠩᠭᠣᠳᠤᠮᠠᠷ ᠪᠠᠢᠨ᠎ᠠ᠃ ᠡᠴᠢᠭᠡ ᠨᠢ ᠳᠠᠯᠠᠢᠭᠠᠳ ᠣᠢ ᠳ᠋ᠠᠭᠠᠨ( ᠳ᠋ᠤ᠌ ᠪᠠᠨ) ᠬᠦᠷᠦᠭᠡ ᠦᠭᠡᠢ ᠪᠠᠢᠲᠠᠯ᠎ᠠ᠂ ᠠᠳᠤᠭᠤᠨ ᠳ᠋ᠤᠨᠢ( ᠳ᠋ᠤ᠌ ᠨᠢ) ᠪᠦᠲᠦᠨ ᠨᠢᠷᠤᠭᠤ ᠲᠠᠢ ᠮᠣᠷᠢ ᠨᠢᠭᠡ ᠴᠦ᠍ ᠦᠭᠡᠢ ᠪᠣᠯᠤᠭᠰᠠᠨ ᠢ᠋ ᠲᠠ ᠨᠠᠷ ᠦᠵᠡᠪᠡ ᠤᠤ? ᠬᠠᠯᠲᠠᠷ ᠭᠤᠸᠠᠢ ᠤᠯᠠᠭᠠᠨ ᠴᠡᠷᠢᠭ ᠲᠦ᠍ ᠮᠣᠷᠢ ᠪᠡᠯᠡᠭᠯᠡᠬᠦ ᠭᠡᠳ ᠴᠢᠳᠠᠭᠰᠠᠨ ᠦᠭᠡᠢ᠂ ᠨᠢᠷᠤᠭᠤ ᠲᠤᠭᠤᠷᠠᠢ ᠦᠭᠡᠢ ᠠᠳᠤᠭᠤ ᠨᠢ ᠰᠢᠭᠠᠷᠤᠯᠠᠭᠳᠠᠵᠤ ᠪᠢᠯᠡ᠃ ᠨᠠᠮᠤᠷ ᠪᠢᠳᠡᠨ ᠦ᠌ ᠬᠠᠯᠲᠠᠷ ᠭᠤᠸᠠᠢ ᠶ᠋ᠢᠨ ᠬᠣᠨᠢᠨ ᠠ᠋ᠴᠠ ᠬᠢᠷᠭᠠᠯᠴᠠᠵᠤ ᠥᠭᠬᠦ ᠳ᠋ᠦ᠍᠂ ᠮᠠᠨᠳᠤᠪᠠᠢ ᠶᠡᠷᠦ ᠭᠡᠷ ᠲᠡᠭᠡᠨ( ᠲᠤ ᠪᠡᠨ) ᠦᠵᠡᠭᠳᠡᠭᠰᠡᠨ ᠦᠭᠡᠢ ᠠᠯᠠᠭ᠎ᠠ ᠪᠣᠯᠤᠭᠠᠳ ᠥᠭᠭᠦᠭᠰᠡᠨ ᠮᠥᠷᠲᠡᠭᠡᠨ ᠬᠢᠷᠭᠠᠵᠤ ᠭᠦᠢᠴᠡᠮᠡᠭᠴᠡ ᠬᠦᠷᠴᠦ ᠢᠷᠡᠭᠡᠳ᠂ ᠬᠠᠮᠤᠭ ᠤᠩᠭᠠᠰᠤ ᠶ᠋ᠢ ᠨᠢ ᠬᠠᠮᠤᠵᠤ ᠠᠪᠤᠭᠠᠳ᠂ ᠬᠣᠷᠰᠢᠶᠠᠨ ᠳ᠋ᠤ᠌ ᠲᠤᠰᠢᠶᠠᠵᠤ᠂ ᠮᠥᠩᠭᠥ ᠪᠡᠷ ᠨᠢ ᠠᠷᠢᠬᠢ ᠠᠪᠴᠤ ᠨᠠᠷᠭᠢᠵᠠᠢ᠃ ᠪᠠᠰᠠ ᠲᠤᠭᠤᠯᠪᠠᠯ᠂ ᠡᠬᠡ ᠳ᠋ᠡᠭᠡᠨ( ᠳ᠋ᠦ᠍ ᠪᠡᠨ) ᠮᠡᠳᠡᠭᠳᠡᠯ ᠦᠭᠡᠢ ᠪᠡᠯᠴᠢᠭᠡᠷ ᠡᠴᠡ ᠬᠣᠨᠢ ᠪᠠᠨ ᠬᠤᠯᠠᠭᠠᠢᠯᠠᠵᠤ᠂ ᠠᠷᠢᠬᠢ᠂ ᠮᠥᠷᠥᠢ ᠲᠡᠢ ᠲᠣᠭᠯᠠᠭᠠᠮ ᠤ᠋ᠨ ᠥᠷᠢ ᠲᠥᠯᠥᠳᠡᠭ ᠪᠣᠯᠵᠤ ᠭᠡᠨ᠎ᠡ᠃ ᠢᠩᠭᠢᠵᠦ ᠵᠠᠮ ᠢ᠋ᠶ᠋ᠠᠨ ᠠᠯᠳᠠᠵᠤ ᠡᠬᠢᠯᠡᠬᠦ ᠳ᠋ᠦ᠍ᠨᠢ( ᠳ᠋ᠦ᠍ ᠨᠢ)᠂ ᠪᠢᠳᠡ ᠴᠢᠮᠡᠭᠡ ᠦᠭᠡᠢ ᠬᠠᠷᠠᠭᠠᠳ ᠪᠠᠢᠬᠤ ᠨᠢ ᠵᠦᠢ ᠤᠤ? ᠣᠳᠣ ᠠᠷᠢᠬᠢ ᠳᠠᠷᠠᠰᠤ᠂ ᠮᠥᠷᠥᠢ ᠲᠡᠢ ᠲᠣᠭᠯᠠᠭᠠᠮ ᠬᠢᠵᠦ ᠰᠠᠭᠤᠳᠠᠭ ᠴᠠᠭ ᠤᠤ? ᠭᠡᠬᠦ ᠳ᠋ᠦ᠍ᠨᠢ( ᠳ᠋ᠦ᠍ ᠨᠢ) ᠤᠯᠤᠰ᠂
— ᠵᠥᠪ ᠦᠭᠡ ᠠ᠋! ᠨᠠᠰᠤ ᠠᠬᠠᠮᠠᠳ ᠬᠥᠮᠦᠨ ᠪᠤᠷᠤᠭᠤ ᠶ᠋ᠢ ᠨᠢ ᠵᠠᠯᠠᠵᠤ ᠰᠤᠷᠭᠠᠨ ᠰᠡᠩᠬᠡᠷᠡᠭᠦᠯᠵᠦ ᠪᠠᠢᠬᠤ ᠳ᠋ᠤ᠌᠂ ᠮᠠᠨᠳᠤᠪᠠᠢ ᠨᠣᠮᠣᠬᠠᠨ ᠵᠣᠭᠰᠣᠵᠤ ᠲᠤᠭᠤᠯᠵᠤ ᠪᠠᠢ! ᠭᠡᠵᠡᠭᠡᠵᠦ ᠮᠠᠨᠳᠤᠪᠠᠢ ᠶ᠋ᠢᠨ ᠴᠢᠷᠠᠢ ᠤᠯᠠᠢᠵᠤ᠂ ᠲᠣᠯᠣᠭᠠᠢ ᠪᠠᠨ ᠪᠥᠬᠥᠢᠯᠭᠡᠨ ᠨᠣᠮᠣᠬᠠᠨ ᠵᠣᠭᠰᠣᠯ᠎ᠠ᠃ ᠪᠠᠵᠠᠢ ᠡᠮᠡᠭᠡᠨ ᠦᠭᠡ ᠪᠡᠨ ᠦᠷᠭᠦᠯᠵᠢᠯᠡᠵᠦ᠂
— ᠬᠠᠯᠠᠰᠢᠷᠬᠠᠢ᠂ ᠵᠥᠭᠡᠯᠡᠨ ᠰᠡᠳᠬᠢᠯ ᠲᠡᠢ ᠬᠥᠮᠦᠨ ᠲᠡᠭᠡᠭᠡᠳ ᠮᠠᠨᠳᠤᠪᠠᠢ ᠵᠠᠬᠢᠷᠭ᠎ᠠ ᠪᠠᠨ ᠠᠯᠳᠠᠵᠤ᠂ ᠡᠴᠢᠭᠡ ᠦᠭᠡᠢ ᠬᠥᠮᠦᠨ ᠡᠯᠳᠡᠩ ᠳ᠋ᠡᠭᠡᠨ( ᠳ᠋ᠦ᠍ ᠪᠡᠨ) ᠭᠡᠭᠴᠢ ᠪᠡᠷ ᠪᠣᠯᠵᠠᠢ᠂ ᠮᠠᠨᠳᠤᠪᠠᠢ ᠶ᠋ᠢ ᠵᠠᠮᠰᠦ᠋ᠷᠦᠩᠵᠠᠪ ᠲᠠᠢᠵᠢ ᠶ᠋ᠢᠨ ᠵᠠᠯᠠᠭᠤ ᠳ᠋ᠠᠭᠠᠨ( ᠳ᠋ᠤ᠌ ᠪᠠᠨ) ᠨᠠᠷᠭᠢᠵᠤ ᠳᠦᠷᠰᠦ ᠦᠭᠡᠢᠳᠡᠳᠡᠭ ᠰᠢᠭ ᠳᠡᠩᠳᠡᠬᠦ ᠳ᠋ᠦ᠍ᠨᠢ( ᠳ᠋ᠦ᠍ ᠨᠢ) ᠪᠢᠳᠡ ᠲᠡᠭᠦᠨ ᠦ᠌ ᠬᠠᠷ᠎ᠠ ᠵᠣᠷᠢᠭ ᠢ᠋ᠶ᠋ᠠᠷ ᠪᠣᠯᠭᠠᠵᠤ ᠪᠠᠢᠬᠤ ᠨᠢ ᠠᠷᠠᠢ ᠬᠠᠮᠢᠭᠠᠰᠢ ᠪᠠᠨ ᠶᠤᠮ ᠪᠣᠯ? ᠭᠡᠬᠦ ᠳ᠋ᠦ᠍ᠨᠢ( ᠳ᠋ᠦ᠍ ᠨᠢ)᠂
— ᠪᠢ ᠣᠳᠣ ᠶᠠᠪᠤᠳᠠᠯ ᠢ᠋ᠶ᠋ᠠᠨ ᠵᠠᠰᠠᠶ᠎ᠠ ᠭᠡᠵᠦ ᠮᠠᠨᠳᠤᠪᠠᠢ ᠠᠶᠠᠷᠬᠠᠨ ᠳᠤᠤᠭᠠᠷᠴᠤ ᠪᠢᠯᠡ᠃
— ᠮᠠᠨ ᠤ᠋ ᠪᠠᠭ ᠲᠤ᠌ ᠡᠪᠯᠡᠯ ᠦ᠋ᠨ ᠡᠭᠦᠷ ᠦᠭᠡᠢ ᠪᠣᠯᠪᠠᠴᠤ ᠭᠡᠰᠢᠭᠦᠳ ᠨᠢ ᠪᠣᠢ ᠰᠢᠦ ᠳᠡ᠃ ᠮᠠᠨᠳᠤᠪᠠᠢ ᠶ᠋ᠢ ᠥᠭᠡᠳᠡ ᠨᠢ ᠲᠠᠲᠠᠵᠤ᠂ ᠰᠠᠢᠨ ᠮᠠᠯᠴᠢᠨ ᠪᠣᠯᠬᠤ ᠳ᠋ᠤ᠌ ᠨᠢ ᠡᠪᠯᠡᠯ ᠦ᠋ᠨ ᠭᠡᠰᠢᠭᠦᠳ ᠲᠤᠰᠠᠯᠠᠬᠤ ᠴᠤ᠌ ᠶᠣᠰᠣᠲᠠᠢ ᠪᠠᠢᠨ᠎ᠠ᠂ ᠲᠤᠰᠠᠯᠠᠬᠤ ᠴᠤ᠌ ᠪᠠᠢᠬᠤ ᠭᠡᠵᠦ ᠪᠢ ᠪᠣᠳᠣᠵᠤ ᠪᠠᠢᠨ᠎ᠠ᠃
ᠲᠡᠭᠡᠭᠡᠳ ᠮᠠᠨᠳᠤᠪᠠᠢ᠂ ᠬᠡᠳᠦᠢ ᠲᠤᠰᠠ ᠦᠭᠡᠢ ᠶᠠᠪᠤᠳᠠᠯ ᠢ᠋ᠶ᠋ᠠᠨ ᠲᠠᠲᠠᠨ᠎ᠠ ᠭᠡᠵᠦ ᠪᠠᠢᠭ᠎ᠠ ᠪᠣᠯᠪᠠᠴᠤ᠂ ᠬᠤᠷᠠᠯ ᠠ᠋ᠴᠠ ᠳᠣᠩᠭᠣᠳᠬᠤ ᠨᠢ ᠵᠦᠢᠲᠡᠢ᠃ ᠡᠴᠢᠭᠡ ᠦᠭᠡᠢ ᠪᠣᠯᠪᠠᠴᠤ ᠨᠤᠲᠤᠭ ᠤᠰᠤᠨ ᠤ᠋ ᠬᠢᠨᠢ ᠠᠬ᠎ᠠ ᠵᠠᠬ᠎ᠠ ᠬᠡᠯᠡᠬᠦ ᠬᠣᠷᠢᠬᠤ ᠬᠥᠮᠦᠨ ᠪᠣᠢ ᠶᠤᠮ ᠪᠠᠢᠨ᠎ᠠ ᠭᠡᠵᠦ ᠮᠡᠳᠡᠭ ᠭᠡᠮᠡᠨ ᠪᠠᠵᠠᠢ ᠶ᠋ᠢᠨ ᠦᠭᠡ ᠪᠡᠨ ᠲᠡᠭᠦᠰᠬᠦ ᠳ᠋ᠦ᠍ ᠡᠪᠦᠭᠡᠨ ᠰᠢᠷᠠᠪ ᠣᠢᠰᠢᠶᠠᠵᠤ᠄
— ᠶᠣᠰᠣᠲᠠᠢ ᠵᠥᠪ ᠦᠭᠡ ᠬᠡᠯᠡᠯ᠎ᠡ ᠳᠡ᠃ ᠵᠠ᠂ ᠪᠠᠰᠠ ᠦᠭᠡ ᠬᠡᠯᠡᠬᠦ ᠬᠥᠮᠦᠨ ᠪᠠᠢᠨ᠎ᠠ ᠤᠤ? ᠭᠡᠵᠡᠢ᠃
ᠬᠤᠷᠠᠯ ᠳᠡᠭᠡᠷ᠎ᠡ ᠪᠠᠰᠠ ᠭᠠᠭᠴᠠ ᠨᠢᠭᠡᠨ ᠬᠥᠮᠦᠨ ᠦᠭᠡ ᠬᠡᠯᠡᠵᠦ᠂ ᠳ᠋ᠣᠢᠩᠬᠣᠷ ᠮᠠᠨᠳᠤᠪᠠᠢ ᠬᠣᠶᠠᠷ ᠤ᠋ᠨ ᠵᠠᠯᠬᠠᠭᠤ ᠬᠣᠢᠷᠭᠣ᠂ ᠥᠭᠡᠳᠡ ᠦᠭᠡᠢ ᠪᠠᠢᠳᠠᠯ ᠢ᠋ ᠰᠢᠭᠦᠮᠵᠢᠯᠡᠵᠦ ᠳᠠᠭᠠᠷᠢ ᠳᠡᠭᠡᠷ᠎ᠡ ᠨᠢ ᠳᠠᠪᠤᠰᠤ ᠬᠢᠵᠦ ᠨᠡᠯᠢᠶᠡᠳ ᠰᠠᠨᠳᠤᠷᠭᠠᠵᠠᠢ᠃ ᠲᠡᠭᠡᠭᠡᠳ ᠪᠠᠭ ᠤ᠋ᠨ ᠢ᠋ᠶ᠋ᠠᠨ ᠰᠠᠢᠨ ᠮᠠᠯᠴᠢᠨ ᠢ᠋ ᠰᠣᠩᠭᠣᠨ ᠬᠡᠯᠡᠯᠴᠡᠵᠦ ᠨᠡᠷ᠎ᠡ ᠳᠡᠪᠰᠢᠭᠦᠯᠦᠭᠰᠡᠨ ᠬᠥᠮᠦᠨ ᠪᠦᠭᠦᠳᠡ ᠶ᠋ᠢ ᠶᠡᠬᠡᠯ᠎ᠡ(ᠶᠡᠬᠡ ᠯᠡ) ᠨᠠᠷᠢᠨ ᠬᠡᠯᠡᠯᠴᠡᠵᠡᠢ᠃ ᠰᠢᠷᠴᠢᠨ ᠴᠡᠷᠡᠨ ᠬᠣᠶᠠᠷ ᠢ᠋ ᠣᠯᠠᠨ ᠴᠥᠮ ᠨᠢᠭᠡᠨ ᠰᠠᠨᠠᠯ ᠢ᠋ᠶ᠋ᠠᠷ ᠪᠠᠭ ᠤ᠋ᠨ ᠲᠡᠷᠢᠭᠦᠨ ᠵᠡᠷᠭᠡ ᠶ᠋ᠢᠨ ᠰᠠᠢᠨ ᠮᠠᠯᠴᠢᠨ ᠭᠡᠵᠦ ᠪᠠᠲᠤᠯᠠᠵᠠᠢ᠃ ᠴᠢᠩᠭᠢᠭᠡᠳ᠂ ᠰᠤᠮᠤ ᠶ᠋ᠢᠨ ᠰᠠᠢᠨ ᠮᠠᠯᠴᠢᠨ ᠤ᠋ ᠬᠤᠷᠠᠯ ᠳ᠋ᠤ᠌ ᠴᠣᠬᠣᠮ ᠬᠡᠨ ᠢ᠋ᠶ᠋ᠡᠨ ᠶᠠᠪᠤᠭᠤᠯᠬᠤ ᠶ᠋ᠢ ᠬᠡᠯᠡᠯᠴᠡᠭᠡᠳ᠂ ᠪᠠᠭ ᠠ᠋ᠴᠠ ᠣᠲᠣᠭᠤᠯᠬᠤ ᠭᠤᠷᠪᠠᠨ ᠲᠥᠯᠥᠭᠡᠯᠡᠭᠴᠢ ᠶ᠋ᠢᠨ ᠨᠢᠭᠡᠨ ᠳ᠋ᠦ᠍ ᠰᠢᠷᠴᠢᠨ ᠢ᠋ ᠰᠣᠩᠭᠣᠵᠠᠢ᠃
ᠡᠪᠦᠭᠡᠨ ᠪᠣᠰᠴᠤ ᠬᠤᠷᠠᠯ ᠤ᠋ᠨ ᠣᠯᠠᠨ ᠳ᠋ᠤ᠌ ᠲᠠᠯ᠎ᠠ ᠥᠭᠴᠦ᠂ ᠰᠡᠳᠬᠢᠯ ᠬᠥᠳᠡᠯᠦᠨ ᠬᠡᠯᠡᠭᠰᠡᠨ ᠨᠢ᠄
— ᠰᠤᠮᠤᠨ ᠤ᠋ ᠰᠠᠢᠨ ᠮᠠᠯᠴᠢᠨ ᠤ᠋ ᠬᠤᠷᠠᠯ ᠳ᠋ᠤ᠌ ᠨᠠᠮᠠᠶ᠋ᠢ(ᠨᠠᠮ᠎ᠠ ᠶ᠋ᠢ) ᠶᠠᠪᠤᠭᠤᠯᠬᠤ ᠪᠠᠷ ᠲᠣᠭᠲᠠᠭᠰᠠᠨ ᠳ᠋ᠤ᠌ ᠲᠠᠨᠢ ᠴᠢᠩ ᠰᠡᠳᠬᠢᠯ ᠡᠴᠡ ᠪᠠᠶᠠᠷᠯᠠᠯ᠎ᠠ᠃ ᠨᠠᠮᠠᠶ᠋ᠢ(ᠨᠠᠮ᠎ᠠ ᠶ᠋ᠢ) ᠢᠩᠭᠢᠵᠦ ᠲᠣᠭᠣᠭᠰᠠᠨ ᠳ᠋ᠤ᠌ ᠪᠢ ᠶᠡᠬᠡᠯ᠎ᠡ(ᠶᠡᠬᠡ ᠯᠡ) ᠤᠷᠮ᠎ᠠ ᠲᠠᠢ ᠪᠠᠢᠨ᠎ᠠ᠃ ᠪᠢᠳᠡᠨ ᠦ᠌ ᠠᠵᠢᠯ ᠢ᠋ᠶ᠋ᠠᠷ ᠢ᠋ᠶ᠋ᠠᠨ ᠰᠢᠯᠭᠠᠷᠠᠵᠤ ᠪᠠᠢᠭ᠎ᠠ ᠮᠠᠨᠢ ᠦᠨᠡᠨ ᠬᠡᠷᠡᠭ ᠲᠡᠭᠡᠨ( ᠲᠤ ᠪᠡᠨ) ᠪᠢᠳᠡᠨ ᠦ᠌ ᠠᠷᠤ ᠭᠡᠷ ᠦ᠋ᠨ ᠡᠬᠡᠨᠡᠷ᠂ ᠡᠭᠡᠴᠢ ᠳᠡᠭᠦᠦ᠂ ᠥᠬᠢᠳ ᠡᠮᠡᠭᠲᠡᠢᠴᠦᠳ ᠦ᠋ᠨ ᠶᠡᠬᠡ ᠵᠢᠳᠬᠦᠯ ᠮᠡᠷᠡᠢᠯᠲᠡ ᠦᠭᠡᠢ ᠪᠡᠷ ᠡᠢᠮᠦ ᠪᠣᠯᠵᠤ ᠴᠢᠳᠠᠬᠤ ᠦᠭᠡᠢ ᠬᠡᠷᠡᠭ ᠰᠢᠦ ᠳᠡ ᠭᠡᠬᠦ ᠳ᠋ᠦ᠍ᠨᠢ( ᠳ᠋ᠦ᠍ ᠨᠢ) ᠤᠯᠤᠰ᠂
— ᠲᠡᠷᠡ ᠴᠣᠬᠣᠮ ᠠ᠋! ᠡᠮᠡᠭᠲᠡᠢᠴᠦᠳ ᠭᠡᠵᠦ ᠯᠤᠲᠤ ᠶᠡᠬᠡ ᠬᠦᠴᠦ ᠪᠠᠢᠭ᠎ᠠ ᠶᠤᠮ ᠰᠢᠦ! ᠭᠡᠵᠡᠭᠡᠯ᠎ᠡ᠃
ᠬᠡᠳᠦ ᠬᠣᠨᠣᠭᠠᠳ᠂ ᠰᠢᠷᠴᠢᠨ ᠥᠨᠥᠬᠢ ᠰᠤᠮᠤ ᠶ᠋ᠢᠨ ᠰᠠᠢᠨ ᠮᠠᠯᠴᠢᠨ ᠤ᠋ ᠬᠤᠷᠠᠯ ᠳ᠋ᠤ᠌ ᠣᠴᠢᠵᠠᠢ᠃ ᠪᠠᠭ ᠪᠦᠭᠦᠳᠡ ᠡᠴᠡ ᠬᠦᠷᠦᠯᠴᠡᠨ ᠢᠷᠡᠭᠰᠡᠨ ᠲᠥᠯᠥᠭᠡᠯᠡᠭᠴᠢᠳ᠂ ᠤᠷᠢᠳᠤ ᠡᠪᠦᠭᠡᠨ ᠢᠸᠠᠨ ᠭᠤᠸᠠᠢ ᠶ᠋ᠢᠨ ᠪᠠᠷᠢᠯᠴᠠᠵᠤ ᠥᠭᠭᠦᠭᠰᠡᠨ ᠰᠤᠮᠤ ᠶ᠋ᠢᠨ ᠳᠤᠮᠳᠠᠳᠤ ᠰᠤᠷᠭᠠᠭᠤᠯᠢ ᠶ᠋ᠢᠨ ᠺᠯᠦ᠋ᠪ ᠲᠦ᠍ ᠬᠤᠷᠠᠯᠳᠤᠵᠤ ᠪᠢᠯᠡ᠃ ᠰᠤᠮᠤ ᠶ᠋ᠢᠨ ᠳᠠᠷᠤᠭ᠎ᠠ᠂ ᠳᠠᠭᠤ ᠪᠠᠨ ᠥᠨᠳᠥᠷ ᠨᠠᠮ ᠦᠭᠡᠢ ᠨᠢᠭᠡ ᠬᠡᠪ ᠢ᠋ᠶ᠋ᠡᠷ ᠦᠷᠭᠦᠯᠵᠢᠯᠡᠨ ᠢᠯᠡᠳᠬᠡᠯ ᠬᠢᠭᠰᠡᠨ ᠨᠢ᠂ ᠲᠣᠭ᠎ᠠ ᠳᠠᠩᠴᠢ ᠣᠯᠠᠨ᠂ ᠦᠭᠡ ᠪᠠᠬᠠᠨ ᠨᠤᠷᠱᠤᠭᠰᠠᠨ(ᠨᠤᠷᠰᠢᠭᠰᠠᠨ) ᠲᠤᠯᠠ᠂ ᠰᠢᠷᠴᠢᠨ ᠤᠳᠠᠯ ᠦᠭᠡᠢ ᠰᠡᠳᠬᠢᠯ ᠪᠡᠯᠴᠢᠵᠦ᠂ ᠲᠡᠷᠡ ᠠᠭᠤᠳᠠᠮ ᠰᠠᠷᠠᠭᠤᠯ ᠺᠯᠦ᠋ᠪ ᠦ᠋ᠨ ᠳᠣᠲᠣᠭᠠᠳᠤ ᠪᠦᠬᠦᠨ ᠢ᠋ ᠦᠵᠡᠬᠦᠯ᠎ᠡ᠂ ᠱᠠᠯᠠ ᠶ᠋ᠢᠨ ᠪᠠᠩᠵᠠ ᠳᠣᠳᠣᠮ ᠢ᠋ ᠬᠦᠷᠲᠡᠯ᠎ᠡ ᠨᠢᠳᠦᠯᠡᠵᠦ ᠬᠡᠳᠦᠢᠨ ᠲᠠᠨᠢᠭᠰᠠᠨ ᠢ᠋ᠶ᠋ᠠᠷ ᠪᠠᠷᠠᠬᠤ ᠦᠭᠡᠢ ᠪᠠᠷᠢᠬᠤ ᠳ᠋ᠤᠨᠢ( ᠳ᠋ᠤ᠌ ᠨᠢ) ᠮᠣᠳᠣ ᠵᠥᠭᠡᠭᠡᠵᠦ ᠭᠠᠷ ᠪᠡᠶ᠎ᠡ ᠣᠷᠣᠯᠴᠠᠵᠤ ᠪᠠᠢᠭᠰᠠᠨ ᠢ᠋ᠶ᠋ᠠᠨ ᠰᠠᠨᠠᠯ᠎ᠠ᠃ ᠲᠡᠭᠡᠭᠡᠳ ᠬᠤᠲᠤᠭ— ᠥᠨᠳᠥᠷ ᠠᠭᠤᠯᠠ ᠶ᠋ᠢᠨ ᠬᠣᠰᠢᠭᠤ ᠪᠠᠭ᠎ᠠ ᠰᠤᠷᠭᠠᠭᠤᠯᠢ ᠶ᠋ᠢ ᠠᠩᠬ᠎ᠠ ᠲᠡᠭᠦᠰᠬᠡᠬᠦ ᠳ᠋ᠦ᠍᠂ ᠶᠣᠰᠣᠯᠠᠯ ᠤ᠋ᠨ ᠬᠤᠷᠠᠯ ᠳ᠋ᠤ᠌ ᠤᠤᠭᠠᠨ ᠬᠦᠦ ᠪᠡᠨ ᠮᠠᠩᠨᠠᠢ ᠨᠢ ᠲᠡᠨᠢᠢᠨ ᠪᠠᠶᠠᠷᠯᠠᠵᠤ᠂ ᠣᠳᠣ ᠢᠯᠡᠳᠬᠡᠭᠴᠢ ᠶ᠋ᠢᠨ ᠰᠠᠭᠤᠵᠤ ᠪᠠᠢᠭ᠎ᠠ ᠭᠠᠵᠠᠷ᠂ ᠪᠠᠲᠤᠪᠠᠶᠠᠷ ᠭᠤᠸᠠᠢ ᠶ᠋ᠢᠨ ᠭᠠᠷ ᠠ᠋ᠴᠠ ᠬᠣᠰᠢᠭᠤ ᠲᠠᠮᠠᠭ᠎ᠠ ᠶ᠋ᠢᠨ ᠱᠠᠩᠨᠠᠯ ᠠᠪᠴᠤ ᠪᠠᠢᠭᠰᠠᠨ ᠢ᠋ ᠬᠠᠷᠠᠵᠤ ᠰᠠᠭᠤᠭᠰᠠᠨ ᠢ᠋ᠶ᠋ᠠᠨ ᠰᠠᠨᠠᠭᠠᠳ᠂ ᠣᠳᠣ ᠰᠤᠮᠤ ᠶ᠋ᠢᠨ ᠳᠠᠷᠤᠭ᠎ᠠ ᠶ᠋ᠢᠨ ᠬᠠᠵᠠᠭᠤ ᠳ᠋ᠤ᠌ ᠰᠠᠭᠤᠵᠤ ᠪᠠᠢᠭ᠎ᠠ ᠳᠤᠮᠳᠠᠳᠤ ᠰᠤᠷᠭᠠᠭᠤᠯᠢ ᠶ᠋ᠢᠨ ᠵᠠᠬᠢᠷᠤᠯ᠂ ᠰᠤᠮᠤ ᠶ᠋ᠢᠨ ᠨᠠᠮ ᠤ᠋ᠨ ᠡᠭᠦᠷ ᠦ᠋ᠨ ᠳᠠᠷᠤᠭ᠎ᠠ ᠲᠠᠪᠬᠠᠢ᠂ ᠲᠡᠷᠡ ᠦᠶ᠎ᠡ ᠳ᠋ᠦ᠍ ᠲᠣᠩ ᠴᠤ᠌ ᠵᠠᠯᠠᠭᠤᠬᠠᠨ᠂ ᠬᠤᠪᠢᠰᠬᠠᠯᠲᠤ ᠵᠠᠯᠠᠭᠤᠴᠤᠳ ᠤ᠋ᠨ ᠡᠪᠯᠡᠯ ᠦ᠋ᠨ ᠭᠡᠰᠢᠭᠦᠨ ᠪᠠᠢᠭᠰᠠᠨ ᠢ᠋ ᠰᠠᠨᠠᠭᠠᠳ᠂ ᠣᠳᠣ ᠬᠢᠵᠢᠶᠡᠯ ᠨᠠᠰᠤᠨ ᠤ᠋ ᠬᠥᠮᠦᠨ ᠪᠣᠯᠴᠢᠬᠠᠭᠠᠳ᠂ ᠬᠡᠦᠬᠡᠳ ᠨᠢ ᠡᠨᠡ ᠰᠤᠷᠭᠠᠭᠤᠯᠢ ᠳ᠋ᠤ᠌ ᠰᠤᠷᠤᠯᠴᠠᠵᠤ ᠪᠠᠢᠭ᠎ᠠ ᠶ᠋ᠢ ᠪᠣᠳᠣᠬᠤ ᠳ᠋ᠤ᠌ ᠰᠣᠨᠢᠬᠠᠨ ᠰᠠᠨᠠᠭᠳᠠᠵᠤ ᠪᠠᠢᠯ᠎ᠠ᠃ ᠲᠡᠭᠡᠭᠡᠳ᠂ ᠲᠤᠭᠤᠷᠭᠠᠨᠠ ᠬᠣᠯᠪᠣᠭᠠᠲᠤ ᠤᠯᠤᠰ ᠤ᠋ᠨ ᠭᠠᠵᠠᠷ ᠤ᠋ᠨ ᠲᠣᠮᠣ ᠵᠢᠷᠤᠭ ᠪᠠᠢᠭᠰᠠᠨ ᠢ᠋ ᠬᠠᠷᠠᠬᠤ ᠳ᠋ᠤᠨᠢ( ᠳ᠋ᠤ᠌ ᠨᠢ) ᠪᠢᠴᠢᠬᠠᠨ ᠪᠢᠴᠢᠬᠠᠨ ᠳᠠᠷᠴᠠᠭ (ᠲᠠᠷᠴᠤᠭ) ᠲᠤ᠌ ᠵᠡᠭᠦᠦ ᠬᠠᠳᠬᠤᠵᠤ᠂ ᠪᠠᠢᠳᠠᠯ ᠨᠢ ᠭᠠᠵᠠᠷ ᠤ᠋ᠨ ᠵᠠᠭᠠᠭ ᠢ᠋ ᠲᠡᠮᠳᠡᠭᠡᠯᠡᠭᠰᠡᠨ ᠢ᠋ ᠦᠵᠡᠪᠡᠯ᠂ ᠾᠢᠲ᠋ᠯᠧᠷ ᠦ᠋ᠨ ᠪᠠᠯᠠᠮᠠᠳ ᠴᠡᠷᠢᠭ ᠬᠣᠯᠪᠣᠭᠠᠲᠤ ᠤᠯᠤᠰ ᠤ᠋ᠨ ᠨᠤᠲᠤᠭ ᠲᠤ᠌ ᠶᠠᠭᠤᠲᠠᠢ ᠳᠣᠲᠣᠭᠰᠢᠯᠠᠨ ᠣᠷᠣᠵᠤ᠂ ᠵᠢᠷᠤᠭ ᠳᠡᠭᠡᠷ᠎ᠡ ᠠᠯᠤᠬ᠎ᠠ ᠬᠠᠳᠤᠭᠤᠷ ᠲᠠᠢ ᠲᠣᠮᠣᠬᠠᠨ ᠰᠢᠭ᠋ ᠳᠠᠷᠴᠠᠭ (ᠲᠠᠷᠴᠤᠭ) ᠢ᠋ᠶ᠋ᠠᠷ ᠬᠢᠴᠢᠶᠡᠵᠦ ᠲᠡᠮᠳᠡᠭᠡᠯᠡᠭᠰᠡᠨ ᠮᠣᠰᠺᠸᠠ ᠳ᠋ᠤ᠌ ᠬᠠᠷᠢᠭᠤ ᠦᠭᠡᠢ ᠳᠥᠲᠡᠯᠡᠭᠰᠡᠨ ᠪᠠᠢᠳᠠᠯ ᠢ᠋ ᠦᠵᠡᠬᠦ ᠳ᠋ᠦ᠍ ᠶᠡᠬᠡ ᠤᠯᠤᠰ ᠤ᠋ᠨ ᠨᠡᠢᠰᠯᠡᠯ ᠳ᠋ᠦ᠍ ᠮᠥᠨ ᠴᠦ᠍ ᠠᠶᠤᠯ ᠲᠠᠢ ᠮᠡᠲᠦ ᠠᠵᠢ᠃ ᠭᠡᠪᠡᠴᠦ ᠰᠲ᠋ᠠᠯᠢᠨ ᠺᠷᠧᠮᠯᠢ ᠳ᠋ᠡᠭᠡᠨ( ᠳ᠋ᠦ᠍ ᠪᠡᠨ) ᠠᠭᠰᠠᠭᠠᠷ ᠲᠥᠷᠥ ᠶ᠋ᠢᠨ ᠶᠡᠬᠡ ᠵᠢᠳᠬᠦᠯᠲᠡᠨ ᠲᠡᠭᠦᠨ ᠦ᠌ ᠲᠡᠷᠡ ᠭᠠᠢᠬᠠᠮᠰᠢᠭᠲᠤ ᠰᠠᠮᠪᠠᠭ᠎ᠠ ᠲᠠᠢ᠂ ᠲᠡᠪᠴᠢᠶᠡᠷᠢ ᠶᠡᠬᠡ ᠬᠠᠲᠠᠭᠤᠵᠢᠯᠲᠠᠢ ᠪᠠᠢᠭ᠎ᠠ ᠶ᠋ᠢ ᠦᠵᠡᠵᠦ ᠪᠠᠢᠭ᠎ᠠ ᠵᠥᠪᠯᠡᠯᠲᠦ ᠶ᠋ᠢᠨ ᠲᠦᠮᠡᠨ ᠠᠷᠠᠳ ᠳᠠᠶᠠᠭᠠᠷ᠂ ᠲᠡᠭᠦᠨ ᠳ᠋ᠦ᠍ ᠳᠣᠲᠣᠨᠣ ᠡᠯᠢᠭᠡᠨ ᠳᠡᠯᠡᠬᠡᠢ ᠶ᠋ᠢᠨ ᠰᠢᠳᠤᠷᠭᠤᠴᠤᠳ ᠴᠥᠮ ᠡᠴᠦᠰ ᠲᠡᠭᠡᠨ( ᠲᠤ ᠪᠡᠨ)ᠢᠯᠠᠬᠤ ᠶ᠋ᠢᠨ ᠵᠣᠷᠢᠭ ᠤᠷᠮ᠎ᠠ ᠲᠥᠷᠥᠵᠦ ᠪᠠᠢᠭᠰᠠᠨ ᠪᠢᠯᠡ᠃ ᠬᠥᠭᠡᠷᠭᠡᠨ ᠰᠠᠭᠰᠠᠭᠤ ᠰᠢᠲᠠᠷᠠᠴᠢᠨ ᠬᠥᠮᠦᠨ ᠢ᠋᠂ ᠭᠠᠭᠴᠠ ᠨᠢᠭᠡ ᠪᠤᠲᠠ ᠢᠳᠡᠭᠰᠡᠨ ᠳ᠋ᠡᠭᠡᠨ( ᠳ᠋ᠦ᠍ ᠪᠡᠨ) ᠡᠷᠳᠦᠵᠦ᠂ ᠬᠣᠶᠠᠷ ᠨᠢᠭᠡ ᠨᠡᠭᠦᠳᠡᠯ ᠡᠴᠡ ᠴᠠᠭᠠᠰᠢ ᠬᠠᠷᠠᠳᠠᠭ ᠦᠭᠡᠢ ᠪᠡᠨ ᠮᠡᠳᠡᠬᠦ ᠦᠭᠡᠢ ᠨᠢᠳᠦ ᠪᠠᠯᠠᠢ ᠨᠡᠭᠦᠵᠦ ᠶᠠᠪᠤᠬᠤ ᠳ᠋ᠤᠨᠢ( ᠳ᠋ᠤ᠌ ᠨᠢ) ᠠᠪᠤᠷᠭᠤ ᠶᠡᠬᠡ ᠴᠢᠳᠠᠯᠲᠠᠢ ᠰᠢᠲᠠᠷᠠᠴᠢᠨ ᠬᠥᠮᠦᠨ ᠰᠠᠭᠰᠠᠭᠤ ᠲᠡᠭᠦᠨ ᠢ᠋ ᠣᠯᠠᠨ ᠨᠡᠭᠦᠳᠡᠯ ᠦ᠋ᠨ ᠴᠠᠭᠠᠨ᠎ᠠ ᠭᠠᠷᠴᠠᠭ᠎ᠠ ᠦᠭᠡᠢ ᠮᠠᠳᠯᠠᠬᠤ ᠶ᠋ᠢ ᠪᠡᠨ ᠨᠡᠪᠲᠡᠷᠬᠡᠢ ᠬᠠᠷᠠᠨ ᠮᠡᠳᠡᠵᠦ ᠰᠠᠮᠪᠠᠭ᠎ᠠ ᠲᠠᠢ ᠪᠠᠷ ᠢᠯᠠᠯᠲᠠ ᠪᠠᠨ ᠵᠣᠬᠢᠶᠠᠵᠤ ᠪᠠᠢᠳᠠᠭᠴᠢᠯᠠᠨ ᠰᠲ᠋ᠠᠯᠢᠨ ᠤ᠋ ᠰᠣᠳᠣ ᠮᠡᠷᠭᠡᠨ ᠣᠶᠤᠨ ᠪᠢᠯᠢᠭ ᠨᠢ ᠬᠡᠳᠦ ᠶ᠋ᠢᠨ ᠢᠯᠠᠨ ᠳᠡᠢᠯᠬᠦ ᠶ᠋ᠢ ᠨᠡᠪᠲᠡᠷᠬᠡᠢ ᠲᠣᠯᠢᠳᠠᠨ ᠬᠠᠷᠠᠵᠤ᠂ ᠢᠯᠠᠯᠲᠠ ᠪᠠᠨ ᠪᠦᠲᠦᠭᠡᠵᠦ ᠪᠠᠢᠭ᠎ᠠ ᠪᠢᠵᠡ᠃ ᠭᠠᠷ ᠤ᠋ᠨ ᠪᠥᠬᠡ ᠭᠠᠭᠴᠠ ᠬᠥᠮᠦᠨ ᠳ᠋ᠦ᠍᠂ ᠴᠡᠭᠡᠵᠢ ᠶ᠋ᠢᠨ ᠪᠥᠬᠡ ᠴᠡᠷᠢᠭ ᠬᠥᠮᠦᠨ ᠳ᠋ᠦ᠍ ᠭᠡᠵᠦ ᠡᠷᠲᠡᠨ ᠦ᠌ ᠰᠡᠴᠡᠨ ᠦᠭᠡ ᠪᠡᠷ ᠪᠣᠳᠣᠭᠰᠠᠭᠠᠷ ᠰᠢᠷᠴᠢᠨ ᠨᠢᠭᠡ ᠮᠡᠳᠡᠬᠦ ᠳ᠋ᠡᠭᠡᠨ( ᠳ᠋ᠦ᠍ ᠪᠡᠨ)ᠰᠤᠮᠤ ᠶ᠋ᠢᠨ ᠳᠠᠷᠤᠭ᠎ᠠ ᠶ᠋ᠢᠨ ᠰᠦᠷᠡᠬᠡᠢ ᠰᠢᠷᠲᠡᠨ ᠬᠠᠷᠠᠵᠤ ᠪᠠᠢᠭ᠎ᠠ ᠶ᠋ᠢ ᠦᠵᠡᠵᠦ ᠣᠷᠬᠢᠭᠠᠳ᠂ ᠨᠠᠮᠠᠶ᠋ᠢ(ᠨᠠᠮ᠎ᠠ ᠶ᠋ᠢ) ᠠᠯᠮᠠᠢᠷᠠᠨ ᠰᠠᠭᠤᠵᠤ ᠪᠠᠢᠨ᠎ᠠ ᠭᠡᠵᠦ ᠬᠠᠷᠠᠭᠰᠠᠨ ᠪᠣᠯᠪᠠ ᠤᠤ? ᠭᠡᠵᠦ ᠰᠡᠳᠬᠢᠯ ᠵᠣᠪᠠᠰᠬᠢᠵᠦ᠂ ᠢᠯᠡᠳᠬᠡᠯ ᠢ᠋ ᠨᠢ ᠴᠢᠩᠨᠠᠵᠤ ᠡᠬᠢᠯᠡᠪᠡ᠃ ᠭᠡᠲᠡᠯ᠎ᠡ ᠰᠤᠮᠤ ᠶ᠋ᠢᠨ ᠳᠠᠷᠤᠭ᠎ᠠ ᠲᠡᠭᠡᠵᠦ ᠴᠦ᠍ ᠪᠣᠳᠣᠵᠤ ᠰᠢᠷᠴᠢᠨ ᠤᠷᠤᠭᠤ ᠬᠠᠷᠠᠭᠰᠠᠨ ᠬᠡᠷᠡᠭ ᠪᠢᠰᠢ᠂ ᠢᠯᠡᠳᠬᠡᠯ ᠦ᠋ᠨ ᠢ᠋ᠶ᠋ᠡᠨ ᠲᠡᠭᠦᠰᠬᠡᠯ ᠳ᠋ᠦ᠍ ᠤᠯᠤᠰ ᠤ᠋ᠨ ᠰᠠᠢᠨ ᠮᠠᠯᠴᠢᠨ ᠤ᠋ ᠠᠩᠬᠠᠳᠤᠭᠠᠷ ᠬᠤᠷᠠᠯ ᠳ᠋ᠤ᠌ ᠲᠥᠯᠥᠭᠡᠯᠡᠭᠴᠢ ᠪᠡᠷ ᠶᠠᠪᠤᠭᠤᠯᠬᠤ ᠬᠥᠮᠦᠨ ᠢ᠋ᠶ᠋ᠡᠨ ᠠᠢᠮᠠᠭ ᠤ᠋ᠨ ᠵᠠᠬᠢᠷᠭᠠᠨ ᠳ᠋ᠤ᠌ ᠳᠡᠪᠰᠢᠭᠦᠯᠦᠨ ᠪᠠᠲᠤᠯᠠᠭᠤᠯᠬᠤ ᠬᠡᠷᠡᠭᠲᠡᠢ ᠭᠡᠵᠦ ᠬᠡᠯᠡᠬᠦ ᠳ᠋ᠡᠭᠡᠨ ( ᠳ᠋ᠦ᠍ ᠪᠡᠨ)᠂ ᠰᠠᠨᠠᠮᠰᠠᠷ ᠦᠭᠡᠢ ᠰᠢᠷᠴᠢᠨ ᠤᠷᠤᠭᠤ ᠰᠢᠷᠲᠡᠨ ᠬᠡᠯᠡᠭᠰᠡᠨ ᠬᠥᠮᠦᠨ ᠪᠠᠢᠵᠠᠢ᠃ ᠢᠯᠡᠳᠬᠡᠯ ᠢ᠋ᠶ᠋ᠡᠨ ᠲᠡᠭᠦᠰᠬᠡᠬᠦ ᠳ᠋ᠦ᠍ᠨᠢ( ᠳ᠋ᠦ᠍ ᠨᠢ)ᠤᠯᠤᠰ᠂
— ᠰᠢᠷᠴᠢᠨ ᠭᠤᠸᠠᠢ ᠪᠠᠨ ᠰᠣᠩᠭᠣᠶᠠ᠂ ᠰᠢᠷᠴᠢᠨ ᠭᠤᠸᠠᠢ ᠪᠠᠨ ᠰᠣᠩᠭᠣᠶᠠ! ᠵᠦᠢᠲᠡᠢ᠂ ᠵᠦᠢᠲᠡᠢ! ᠭᠡᠵᠦ ᠳᠤᠤᠭᠠᠷᠴᠠᠭᠠᠵᠢ᠃
ᠰᠤᠮᠤ ᠶ᠋ᠢᠨ ᠬᠤᠷᠠᠯ ᠠ᠋ᠴᠠ ᠡᠪᠦᠭᠡᠨ ᠮᠠᠯᠴᠢᠨ ᠶᠡᠬᠡᠯ᠎ᠡ(ᠶᠡᠬᠡ ᠯᠡ) ᠪᠠᠶᠠᠷᠲᠠᠢ ᠬᠠᠷᠢᠵᠤ᠂ ᠮᠠᠯᠴᠢᠨ ᠬᠥᠮᠦᠨ ᠦ᠌ ᠬᠥᠳᠡᠯᠮᠦᠷᠢ ᠶ᠋ᠢ ᠬᠦᠨᠳᠦᠲᠡᠢ ᠰᠠᠢᠬᠠᠨ ᠪᠣᠯᠤᠭᠰᠠᠨ ᠳ᠋ᠤᠨᠢ( ᠳ᠋ᠤ᠌ ᠨᠢ) ᠰᠡᠳᠬᠢᠯ ᠳᠦᠭᠦᠷᠡᠩ ᠪᠠᠬᠠᠳᠤᠵᠤ᠂ ᠶᠡᠬᠡ ᠬᠦᠷᠢᠶ᠎ᠡ ᠶ᠋ᠢ ᠤᠯᠠᠭᠠᠨᠪᠠᠭᠠᠲᠤᠷ ᠭᠡᠳᠡᠭ ᠪᠣᠯᠤᠭᠰᠠᠨ ᠴᠠᠭ ᠠ᠋ᠴᠠ ᠦᠵᠡᠭᠡ ᠦᠭᠡᠢ ᠪᠢᠯᠡ᠃ ᠣᠳᠣ ᠠᠯᠤᠰ ᠬᠣᠯᠠ ᠶ᠋ᠢᠨ ᠲᠡᠷᠡ ᠪᠠᠭᠠᠲᠤᠷ ᠬᠣᠲᠠ ᠶ᠋ᠢ ᠨᠢᠭᠡ ᠦᠵᠡᠬᠦ ᠵᠠᠪᠰᠢᠶᠠᠨ ᠲᠣᠬᠢᠶᠠᠯᠳᠤᠪᠠᠯ ᠶᠠᠭᠤᠲᠠᠢ ᠰᠠᠢᠬᠠᠨ ᠪᠢᠯᠡ ᠭᠡᠵᠦ ᠪᠣᠳᠣᠵᠤ᠂ ᠪᠠᠰᠠ ᠰᠤᠮᠤᠨ ᠠ᠋ᠴᠠ ᠳᠡᠪᠰᠢᠭᠦᠯᠦᠭᠰᠡᠨ ᠰᠠᠢᠨ ᠮᠠᠯᠴᠢᠨ ᠤ᠋ ᠨᠡᠷᠡᠰ ᠢ᠋ ᠠᠢᠮᠠᠭ ᠤ᠋ᠨ ᠶᠠᠮᠤᠨ᠂ ᠠᠢᠮᠠᠭ ᠤ᠋ᠨ ᠨᠠᠮ ᠤ᠋ᠨ ᠬᠣᠷᠢᠶᠠᠨ ᠠ᠋ᠴᠠ ᠦᠵᠡᠵᠦ᠂ ᠤᠯᠠᠮ ᠢ᠋ᠶ᠋ᠠᠷ ᠵᠠᠰᠠᠭ ᠤ᠋ᠨ ᠭᠠᠵᠠᠷ ᠶᠠᠪᠤᠭᠤᠯᠬᠤ ᠶᠤᠮ ᠭᠡᠨ᠎ᠡ ᠪᠢᠯᠡ᠃ ᠮᠢᠨᠦ ᠪᠡᠶ᠎ᠡ ᠪᠠᠭ ᠳᠣᠲᠣᠷ᠎ᠠ ᠪᠠᠨ ᠰᠠᠢᠨ ᠮᠠᠯᠴᠢᠨ ᠪᠣᠯᠤᠭᠠᠳ᠂ ᠰᠤᠮᠤ ᠶ᠋ᠢᠨ ᠬᠡᠮᠵᠢᠶ᠎ᠡ ᠪᠡᠷ ᠰᠠᠢᠨ ᠮᠠᠯᠴᠢᠨ ᠤ᠋ ᠲᠣᠭᠠᠨ ᠳ᠋ᠤ᠌ ᠣᠷᠣᠪᠠᠴᠤ᠂ ᠠᠢᠮᠠᠭ ᠤ᠋ᠨ ᠬᠡᠮᠵᠢᠶ᠎ᠡ ᠪᠡᠷ ᠴᠣᠬᠣᠮ ᠶᠠᠭᠠᠬᠢᠳᠠᠭ ᠪᠢᠯᠡ᠃ ᠪᠦᠬᠦ ᠤᠯᠤᠰ ᠤ᠋ᠨ ᠬᠡᠮᠵᠢᠶ᠎ᠡ ᠪᠡᠷ ᠲᠡᠷᠢᠭᠦᠨ ᠦ᠌ ᠰᠠᠢᠨ ᠮᠠᠯᠴᠢᠨ ᠢ᠋ ᠠᠢᠮᠠᠭ ᠠᠢᠮᠠᠭ ᠠ᠋ᠴᠠ ᠰᠢᠯᠭᠠᠷᠠᠭᠤᠯᠬᠤ ᠳ᠋ᠤ᠌᠂ ᠪᠢ ᠲᠡᠷᠡ ᠬᠡᠮᠵᠢᠶᠡᠨ ᠳ᠋ᠦ᠍ ᠬᠦᠵᠦᠭᠦᠦ ᠳᠤᠲᠠᠳᠠᠭ ᠪᠣᠯᠪᠠ ᠤᠤ ᠶᠠᠭᠠᠬᠢᠳᠠᠭ ᠪᠣᠯ? ᠶᠠᠭᠤ ᠴᠤ᠌ ᠪᠣᠯᠤᠭᠰᠠᠨ ᠭᠡᠷ ᠲᠡᠭᠡᠨ( ᠲᠤ ᠪᠡᠨ) ᠬᠠᠷᠢᠭᠠᠳ᠂ ᠰᠤᠮᠤ ᠶ᠋ᠢᠨ ᠰᠠᠢᠨ ᠮᠠᠯᠴᠢᠨ ᠪᠣᠯᠵᠤ ᠠᠢᠮᠠᠭ ᠲᠤ᠌ ᠰᠢᠯᠭᠠᠭᠤᠯᠬᠤ ᠪᠣᠯᠤᠯ᠎ᠠ ᠭᠡᠳᠡᠭ ᠢ᠋ᠶ᠋ᠡᠨ ᠶᠠᠭᠤᠮᠠᠨ ᠤ᠋ ᠲᠦᠷᠦᠭᠦᠨ ᠳ᠋ᠦ᠍ ᠬᠡᠯᠡᠭᠡᠳ ᠶᠠᠭᠠᠬᠢᠬᠤ ᠪᠣᠢ ᠭᠡᠵᠦ ᠪᠣᠳᠣᠵᠠᠢ᠃
ᠴᠢᠩᠭᠢᠭᠰᠡᠭᠡᠷ ᠠᠷᠪᠠᠳᠤᠭᠠᠷ ᠰᠠᠷ᠎ᠠ ᠥᠩᠭᠡᠷᠡᠵᠦ᠂ ᠲᠥᠪ ᠡᠴᠡ ᠬᠠᠷᠢᠭᠤ ᠴᠢᠮᠡᠭᠡ ᠦᠭᠡᠢ ᠮᠡᠲᠦ᠃ ᠰᠢᠷᠴᠢᠨ ᠡᠳᠦᠷ ᠪᠦᠷᠢ ᠮᠠᠯ ᠢ᠋ᠶ᠋ᠠᠨ ᠮᠠᠯᠯᠠᠵᠤ᠂ ᠠᠷᠪᠠᠨ ᠭᠡᠷ ᠦ᠋ᠨ ᠤᠬᠠᠭᠤᠯᠤᠭᠴᠢ ᠶ᠋ᠢᠨ ᠬᠤᠪᠢ ᠪᠠᠷ ᠶᠠᠷᠢᠶ᠎ᠠ ᠬᠢᠵᠦ᠂ ᠠᠢᠯ ᠢ᠋ᠶ᠋ᠠᠷ ᠲᠠᠨᠢᠭᠤᠯᠭ᠎ᠠ ᠬᠢᠭᠰᠡᠭᠡᠷ ᠴᠠᠭ ᠥᠩᠭᠡᠷᠡᠵᠦ᠂ ᠠᠷᠪᠠᠨ ᠨᠢᠭᠡᠨ ᠰᠠᠷ᠎ᠠ ᠭᠠᠷᠴᠠᠢ᠃ ᠨᠠᠮᠤᠷᠵᠢᠶᠠᠨ ᠠ᠋ᠴᠠ ᠡᠪᠦᠯᠵᠢᠶᠡᠨ ᠳ᠋ᠡᠭᠡᠨ( ᠳ᠋ᠦ᠍ ᠪᠡᠨ) ᠣᠢᠷᠠᠲᠤᠨ ᠳᠥᠭᠥᠬᠦ ᠴᠠᠭ ᠪᠣᠯᠵᠤ᠂ ᠨᠡᠭᠦᠳᠡᠯ ᠬᠢᠭᠰᠡᠭᠡᠷ ᠡᠪᠦᠯᠵᠢᠶᠡᠨ ᠳ᠋ᠡᠭᠡᠨ( ᠳ᠋ᠦ᠍ ᠪᠡᠨ) ᠪᠠᠭᠤᠵᠠᠢ᠃ ᠤᠷᠢᠳᠤ ᠡᠳᠦᠷ ᠨᠢ ᠨᠡᠭᠦᠵᠦ ᠢᠷᠡᠭᠰᠡᠨ ᠠᠳᠢᠶ᠎ᠠ ᠶ᠋ᠢᠨ ᠬᠢ ᠬᠡᠳᠦᠢᠨ ᠲᠥᠪᠬᠢᠨᠡᠵᠦ ᠠᠪᠤᠭᠰᠠᠨ ᠪᠠᠢᠵᠠᠢ᠃ ᠰᠢᠷᠴᠢᠨ ᠦ᠌ ᠨᠡᠭᠦᠵᠦ ᠢᠷᠡᠭᠰᠡᠨ ᠦ᠌ ᠬᠣᠢᠲᠤ ᠡᠳᠦᠷ ᠰᠠᠯᠬᠢ ᠬᠥᠳᠡᠯᠵᠦ᠂ ᠶᠠᠪᠠᠭᠠᠨ ᠰᠢᠭᠤᠷᠭ᠎ᠠ ᠥᠷᠭᠡᠨ ᠲᠠᠯ᠎ᠠ ᠪᠠᠷ ᠴᠠᠰᠤᠨ ᠮᠠᠨᠠᠨ ᠲᠠᠲᠠᠭᠤᠯᠤᠯᠠ᠃ ᠰᠢᠷᠴᠢᠨ ᠦ᠌ ᠲᠡᠷᠡ ᠡᠪᠦᠯᠵᠢᠶᠡᠨ ᠦ᠌ ᠬᠣᠶᠠᠷ ᠠᠢᠯ ᠤ᠋ᠨ ᠬᠢᠨ᠂ ᠭᠡᠷ ᠦ᠋ᠨ ᠢ᠋ᠶ᠋ᠡᠨ ᠪᠦᠰᠡᠯᠡᠭᠦᠷ ᠴᠢᠩᠭᠠᠯᠠᠵᠤ ᠶᠠᠭᠤᠮ᠎ᠠ ᠪᠠᠷ ᠳᠠᠷᠤᠭᠤᠯᠤᠭᠠᠳ᠂ ᠭᠠᠯ ᠢ᠋ᠶ᠋ᠠᠨ ᠮᠠᠨᠠᠭᠠᠳ᠂ ᠴᠥᠮ ᠢ᠋ᠶ᠋ᠡᠷ ᠢ᠋ᠶ᠋ᠡᠨ ᠲᠠᠪᠤᠨ ᠬᠣᠰᠢᠭᠤ ᠮᠠᠯ ᠢ᠋ᠶ᠋ᠠᠨ ᠰᠠᠯᠬᠢ ᠰᠢᠭᠤᠷᠭᠠᠨ ᠳ᠋ᠤ᠌ ᠡᠪᠦᠯᠵᠢᠶ᠎ᠡ ᠨᠥᠮᠥᠷᠢ ᠭᠠᠵᠠᠷ ᠳᠥᠭᠥᠭᠦᠯᠬᠦ ᠭᠡᠵᠦ ᠵᠦᠭ ᠵᠦᠭ ᠮᠣᠷᠳᠠᠵᠠᠢ᠃ ᠨᠢᠭᠡ ᠨᠢ ᠠᠳᠤᠭᠤ ᠪᠠᠨ ᠨᠥᠮᠥᠷᠢ ᠭᠠᠵᠠᠷ ᠲᠠᠭᠤᠵᠤ᠂ ᠰᠠᠯᠬᠢ ᠰᠢᠭᠤᠷᠭᠠᠨ ᠳ᠋ᠤ᠌ ᠠᠯᠳᠠᠬᠤ ᠦᠭᠡᠢ ᠶ᠋ᠢ ᠪᠣᠳᠣᠵᠠᠢ᠃ ᠨᠢᠭᠡ ᠨᠢ ᠬᠣᠨᠢᠨ ᠳ᠋ᠠᠭᠠᠨ ( ᠳ᠋ᠤ᠌ ᠪᠠᠨ)᠂ ᠨᠢᠭᠡ ᠨᠢ ᠦᠬᠡᠷ ᠲᠡᠭᠡᠨ( ᠲᠤ ᠪᠡᠨ)᠂ ᠨᠢᠭᠡ ᠨᠢ ᠲᠡᠮᠡᠭᠡᠨ ᠳ᠋ᠡᠭᠡᠨ( ᠳ᠋ᠦ᠍ ᠪᠡᠨ)ᠮᠣᠷᠳᠠᠵᠠᠢ᠃
ᠰᠠᠯᠬᠢ ᠰᠢᠭᠤᠷᠭᠠᠨ ᠶᠡᠬᠡᠰᠦᠭᠰᠡᠭᠡᠷ ᠴᠠᠰᠤ ᠪᠤᠷᠭᠢᠨᠠᠵᠤ ᠲᠩᠷᠢ ᠭᠠᠵᠠᠷ ᠬᠣᠶᠠᠷ ᠨᠡᠢᠯᠡᠭᠡᠳ᠂ ᠶᠠᠭᠤᠮ᠎ᠠ ᠬᠠᠷᠠᠭᠳᠠᠬᠤ ᠦᠭᠡᠢ ᠦᠷᠭᠦᠯᠵᠢᠯᠡᠵᠡᠭᠡᠨ᠂ ᠰᠠᠯᠬᠢ ᠴᠠᠰᠤ ᠱᠤᠤᠬᠢᠨᠠᠭᠰᠠᠨ ᠨᠢᠭᠡ ᠶᠠᠭᠤᠮ᠎ᠠ ᠪᠣᠯᠤᠯ᠎ᠠ᠃ ᠣᠷᠣᠢ ᠲᠠᠢᠰᠢ ᠪᠠᠨ ᠰᠢᠭᠤᠷᠭ᠎ᠠ ᠬᠡᠴᠡ ᠪᠡᠨ ᠪᠠᠷᠢᠭᠠᠳ ᠰᠢᠭᠤᠷᠴᠢᠬᠠᠵᠠᠢ᠃ ᠬᠦᠢ ᠬᠦᠢ ᠰᠦᠷᠡᠬᠡᠢ ᠰᠠᠯᠬᠢᠯᠠᠬᠤ ᠳ᠋ᠤ᠌᠂ ᠬᠣᠨᠢ ᠭᠠᠳᠠᠭ᠎ᠠ ᠪᠠᠨ ᠲᠣᠭᠲᠠᠵᠤ ᠥᠭᠭᠦᠭᠰᠡᠨ ᠦᠭᠡᠢ ᠰᠠᠯᠬᠢᠨ ᠳ᠋ᠤ᠌ ᠤᠷᠤᠭᠤᠳᠠᠵᠤ ᠡᠬᠢᠯᠡᠭᠰᠡᠨ ᠳ᠋ᠦ᠍᠂ ᠬᠣᠶᠠᠷ ᠠᠢᠯ ᠤ᠋ᠨ ᠬᠢᠨ᠂ ᠨᠢᠳᠦ ᠦᠭᠡᠢ ᠶᠡᠬᠡ ᠰᠠᠯᠬᠢᠨ ᠰᠢᠭᠤᠷᠭᠠᠨ ᠳ᠋ᠤ᠌ ᠨᠠᠢᠭᠤᠨ ᠰᠢᠷᠪᠠᠵᠤ᠂ ᠴᠠᠰᠤ ᠰᠢᠪᠠᠭᠤᠯᠤᠨ᠂ ᠬᠡᠳᠦᠨ ᠬᠣᠨᠢ ᠪᠠᠨ ᠲᠣᠭᠲᠠᠭᠠᠬᠤ ᠭᠡᠵᠦ ᠴᠢᠳᠠᠯ ᠢ᠋ᠶ᠋ᠠᠷ ᠢ᠋ᠶ᠋ᠠᠨ ᠣᠷᠣᠯᠳᠣᠯ᠎ᠠ᠃ ᠪᠡᠶ᠎ᠡ ᠪᠡᠶ᠎ᠡ ᠳ᠋ᠡᠭᠡᠨ( ᠳ᠋ᠦ᠍ ᠪᠡᠨ) ᠰᠢᠬᠠᠴᠠᠯᠳᠤᠭᠰᠠᠨ ᠬᠣᠨᠢ ᠲᠣᠭᠲᠠᠭᠠᠵᠤ ᠶᠠᠳᠠᠨ ᠨᠣᠴᠣᠯᠳᠤᠵᠤ ᠪᠠᠢᠭ᠎ᠠ ᠬᠥᠮᠦᠨ ᠢ᠋ ᠳᠦᠷᠢ ᠲᠦᠷᠢᠭᠰᠡᠭᠡᠷ ᠭᠠᠳᠠᠭ᠎ᠠ ᠠ᠋ᠴᠠ ᠪᠠᠨ ᠬᠣᠯᠠᠳᠴᠤ᠂ ᠰᠥᠨᠢ ᠴᠠᠰᠤ ᠣᠷᠣᠬᠤ ᠨᠢ ᠪᠦᠷ ᠴᠦ᠍ ᠰᠢᠷᠦᠭᠦᠰᠬᠦ ᠪᠣᠯᠵᠠᠢ᠃ ᠨᠢᠭᠡ ᠮᠥᠴᠡ ᠲᠡᠳᠦᠢ(ᠮᠥᠴᠡ ᠭᠡᠵᠦ ᠨᠢᠭᠡ ᠴᠠᠭ ᠢ᠋ ᠳᠥᠷᠪᠡ ᠬᠤᠪᠢᠶᠠᠭᠰᠠᠨ ᠤ᠋ ᠨᠢᠭᠡ ᠨᠢ ᠠᠵᠢ) ᠵᠣᠭᠰᠣᠲᠠᠯ᠎ᠠ᠂ ᠡᠪᠦᠳᠦᠭ ᠴᠢᠨᠡᠭᠡᠨ ᠴᠠᠰᠤᠨ ᠳ᠋ᠤ᠌ ᠰᠢᠭᠢᠳᠳᠡᠭ ᠪᠠᠢᠵᠤ᠂ ᠰᠢᠭᠤᠷᠭᠠᠨ ᠳ᠋ᠤ᠌ ᠲᠠᠭᠤᠭᠳᠠᠭᠰᠠᠨ ᠬᠣᠨᠢ ᠰᠦᠷᠦᠭ ᠡᠴᠡ ᠪᠡᠨ ᠬᠡᠰᠡᠭ ᠬᠡᠰᠡᠭ ᠢ᠋ᠶ᠋ᠡᠷ ᠲᠠᠰᠤᠷᠠᠨ ᠰᠠᠯᠬᠢᠨ ᠳ᠋ᠤ᠌ ᠬᠥᠭᠡᠭᠡᠭᠳᠡᠵᠦ᠂ ᠶᠡᠷᠦ ᠲᠣᠭᠲᠠᠭᠠᠵᠤ ᠠᠪᠬᠤ ᠨᠢ ᠶᠡᠬᠡ ᠬᠡᠴᠡᠭᠦᠦ ᠪᠣᠯᠤᠭᠠᠳ᠂ ᠰᠥᠨᠢ ᠶ᠋ᠢᠨ ᠬᠠᠷᠠᠩᠭᠤᠢ᠂ ᠰᠠᠯᠬᠢᠨ ᠤ᠋ ᠱᠤᠤᠬᠢᠨᠠᠬᠤ ᠴᠢᠮᠡᠭᠡᠨ ᠳᠤᠮᠳᠠᠭᠤᠷ ᠬᠣᠨᠢ ᠪᠠᠷ ᠨᠣᠴᠣᠯᠳᠤᠭᠰᠠᠨ ᠤᠯᠤᠰ᠂ ᠪᠡᠶ᠎ᠡ ᠪᠡᠶ᠎ᠡ ᠪᠠᠨ ᠣᠯᠬᠤ ᠪᠠᠨ ᠪᠠᠢᠵᠠᠢ᠃ ᠰᠢᠷᠴᠢᠨ ᠬᠣᠨᠢ ᠪᠠᠨ ᠲᠣᠭᠲᠠᠭᠠᠬᠤ ᠭᠡᠵᠦ ᠤᠷᠤᠯᠳᠤᠵᠤ ᠶᠠᠳᠠᠬᠤ ᠳ᠋ᠠᠭᠠᠨ( ᠳ᠋ᠤ᠌ ᠪᠠᠨ) ᠴᠠᠰᠤᠨ ᠳ᠋ᠤ᠌ ᠳᠠᠷᠤᠭᠳᠠᠭᠰᠠᠨ ᠬᠣᠨᠢ᠂ ᠬᠥᠯ ᠳᠣᠣᠷ᠎ᠠ ᠨᠢ ᠪᠠᠢᠨ ᠪᠠᠢᠨ ᠳᠠᠭᠠᠷᠢᠯᠳᠤᠵᠤ᠂ ᠨᠢᠭᠡ ᠮᠡᠳᠡᠬᠦᠨ᠎ᠡ ᠭᠤᠶ᠎ᠠ ᠶ᠋ᠢ ᠨᠢ ᠬᠦᠢᠲᠡᠨ ᠲᠡᠮᠦᠷ ᠢ᠋ᠶ᠋ᠡᠷ ᠬᠠᠭᠠᠷᠢᠭᠰᠠᠨ ᠰᠢᠭ᠋ ᠪᠣᠯᠬᠤ ᠳ᠋ᠤ᠌᠂ ᠦᠰᠦᠲᠡᠢ ᠥᠮᠥᠳᠥ ᠪᠡᠨ ᠨᠣᠢᠲᠠᠨ ᠴᠠᠰᠤᠨ ᠳ᠋ᠤ᠌ ᠨᠢᠯᠴᠠᠢᠨ ᠨᠣᠷᠤᠭᠰᠠᠨ ᠢ᠋ ᠰᠠᠢ᠍ᠢ(ᠰᠠᠶᠢ) ᠮᠡᠳᠡᠵᠡᠢ᠃
ᠵᠠ᠂ ᠣᠳᠣ ᠡᠨᠡ ᠰᠢᠭᠤᠷᠭ᠎ᠠ ᠡᠰᠡ ᠵᠣᠭᠰᠣᠪᠠᠯ᠂ ᠬᠣᠨᠢ ᠴᠤ᠌ ᠦᠬᠦᠵᠦ᠂ ᠪᠢ ᠴᠦ᠍ ᠦᠬᠦᠨ᠎ᠡ ᠪᠠᠢᠬᠤ ᠭᠡᠵᠦ ᠪᠣᠳᠣᠭᠰᠠᠭᠠᠷ᠂ ᠵᠤᠵᠠᠭᠠᠨ ᠴᠠᠰᠤᠨ ᠳᠤᠮᠳᠠ᠂ ᠨᠣᠢᠲᠠᠨ ᠥᠮᠥᠳᠥᠨ ᠳ᠋ᠡᠭᠡᠨ( ᠳ᠋ᠦ᠍ ᠪᠡᠨ) ᠬᠠᠭᠠᠷᠢᠭᠤᠯᠤᠨ ᠬᠠᠭᠠᠷᠢᠭᠤᠯᠤᠨ᠂ ᠠᠷᠠᠢ ᠴᠢᠮᠠᠢ ᠭᠡᠵᠦ ᠬᠥᠳᠡᠯᠵᠦ ᠪᠠᠢᠯ᠎ᠠ᠃ ᠦᠷ ᠦ᠋ᠨ ᠰᠥᠨᠢ ᠪᠡᠷ ᠬᠦᠢᠲᠡᠷᠡᠵᠦ᠂ ᠡᠪᠦᠭᠡᠨ ᠦ᠌ ᠨᠣᠢᠲᠠᠨ ᠦᠰᠦᠲᠡᠢ ᠥᠮᠥᠳᠥ ᠨᠢ ᠮᠣᠳᠣᠨ ᠥᠮᠥᠳᠥ ᠡᠮᠦᠰᠦᠭᠰᠡᠨ ᠰᠢᠭ᠂ ᠡᠪᠦᠳᠦᠭ ᠨᠢ ᠨᠤᠭᠤᠷᠠᠬᠤ ᠪᠠᠨ ᠪᠠᠢᠵᠠᠢ᠃ ᠲᠡᠭᠡ ᠲᠡᠭᠡᠭᠰᠡᠭᠡᠷ᠂ ᠰᠢᠭᠤᠷᠭ᠎ᠠ ᠪᠠᠬᠠᠨ ᠨᠠᠮᠳᠠᠬᠤ ᠰᠢᠭ᠋ ᠪᠣᠯᠵᠤ ᠦᠷ ᠮᠠᠩᠬᠠᠢᠨ ᠴᠠᠢᠬᠤ ᠦᠶᠡᠰ ᠡᠪᠦᠭᠡᠨ ᠦ᠌ ᠠᠵᠢᠭᠯᠠᠪᠠᠰᠤ᠂ ᠭᠡᠷ ᠦ᠋ᠨ ᠪᠠᠷ᠎ᠠ ᠴᠠᠰᠤᠨ ᠳ᠋ᠤ᠌ ᠳᠠᠷᠤᠭᠳᠠᠭᠰᠠᠨ ᠬᠣᠶᠠᠷ ᠪᠣᠯᠳᠣᠭ ᠲᠤᠯᠤᠭᠠᠳ ᠮᠡᠲᠦ ᠦᠵᠡᠭᠳᠡᠵᠦ᠂ ᠡᠪᠦᠳᠦᠭ ᠢ᠋ᠶ᠋ᠡᠷ ᠢ᠋ᠶ᠋ᠡᠨ ᠨᠤᠭᠤᠷᠠᠵᠤ ᠥᠭᠬᠦ ᠦᠭᠡᠢ ᠥᠮᠥᠳᠥ ᠲᠡᠢ ᠬᠥᠯ ᠢ᠋ᠶ᠋ᠡᠨ ᠳᠠᠭᠠᠭᠠᠵᠤ ᠶᠠᠳᠠᠨ ᠭᠡᠷ ᠲᠡᠭᠡᠨ( ᠲᠤ ᠪᠡᠨ) ᠳᠥᠭᠥᠬᠦ ᠭᠡᠵᠦ ᠥᠨᠥᠬᠢ ᠴᠠᠰᠤᠨ ᠳ᠋ᠤ᠌ ᠳᠠᠷᠤᠭᠳᠠᠭᠰᠠᠨ ᠬᠣᠨᠢᠨ ᠤ᠋ ᠪᠠᠨ ᠵᠠᠬ᠎ᠠ ᠪᠠᠷ ᠨᠢ ᠵᠤᠵᠠᠭᠠᠨ ᠴᠠᠰᠤᠨ ᠳᠤᠮᠳᠠᠭᠤᠷ ᠲᠣᠭᠣᠷᠢᠵᠤ᠂ ᠭᠡᠷ ᠲᠡᠭᠡᠨ( ᠲᠤ ᠪᠡᠨ) ᠬᠦᠷᠬᠦᠢᠴᠡ ᠪᠡᠨ ᠪᠣᠯᠤᠯ᠎ᠠ᠃
ᠲᠡᠩᠬᠡᠭᠡ ᠲᠠᠮᠢᠷ ᠢ᠋ᠶ᠋ᠠᠨ ᠪᠠᠷᠠᠭᠰᠠᠨ ᠴᠡᠷᠡᠨ ᠲᠦᠷᠦᠭᠦᠬᠡᠨ ᠬᠦᠷᠴᠦ ᠢᠷᠡᠭᠡᠳ᠂ ᠨᠣᠢᠲᠠᠨ ᠬᠤᠪᠴᠠᠰᠤ ᠪᠠᠨ ᠰᠣᠯᠢᠵᠤ᠂ ᠭᠠᠯ ᠲᠦᠯᠡᠭᠡᠳ ᠴᠠᠢ ᠪᠠᠨ ᠴᠢᠨᠠᠵᠤ ᠰᠠᠭᠤᠬᠤ ᠠᠵᠢ᠃
ᠨᠥᠬᠥᠷ ᠢ᠋ᠶ᠋ᠡᠨ ᠳᠡᠷᠳᠡᠢᠵᠦ ᠬᠥᠯᠳᠡᠭᠰᠡᠨ ᠳᠡᠪᠡᠯ ᠲᠡᠢ᠂ ᠨᠤᠭᠤᠷᠠᠬᠤ ᠪᠠᠨ ᠪᠠᠢᠭᠰᠠᠨ ᠥᠮᠥᠳᠥ ᠲᠡᠢ᠂ ᠠᠷᠠᠢ ᠴᠢᠮᠠᠢ ᠭᠡᠵᠦ ᠣᠷᠣᠵᠤ ᠢᠷᠡᠬᠦ ᠶ᠋ᠢ ᠬᠠᠷᠠᠭᠠᠳ ᠬᠠᠭᠤᠷᠠᠢ ᠳᠤᠯᠠᠭᠠᠨ ᠦᠰᠦᠲᠡᠢ ᠥᠮᠥᠳᠥ᠂ ᠬᠠᠭᠤᠷᠠᠢ ᠣᠢᠮᠣᠰᠤ᠂ ᠳᠡᠪᠡᠯ ᠵᠡᠬᠡᠭᠡᠳ ᠪᠠᠢᠭᠰᠠᠨ ᠢ᠋ᠶ᠋ᠠᠨ ᠥᠭᠬᠦ ᠳ᠋ᠦ᠍ᠨᠢ( ᠳ᠋ᠦ᠍ ᠨᠢ)ᠥᠪᠡᠷ ᠢ᠋ᠶ᠋ᠡᠨ ᠶᠠᠳᠠᠷᠠᠭᠰᠠᠨ ᠮᠥᠷᠲᠡᠭᠡᠨ ᠢᠩᠭᠢᠵᠦ ᠬᠣᠢᠨ᠎ᠠ ᠠ᠋ᠴᠠ ᠨᠢ ᠰᠢᠨᠠᠭ᠎ᠠ ᠵᠣᠪᠠᠵᠤ᠂ ᠳᠤᠯᠠᠭᠠᠨ ᠳᠡᠪᠡᠯ ᠬᠤᠪᠴᠠᠰᠤ ᠪᠡᠯᠡᠳᠦᠭᠰᠡᠨ ᠳ᠋ᠦ᠍ᠨᠢ( ᠳ᠋ᠦ᠍ ᠨᠢ) ᠡᠪᠦᠭᠡᠨ ᠳᠣᠲᠣᠷ᠎ᠠ ᠪᠠᠨ ᠶᠡᠬᠡᠯ᠎ᠡ( ᠶᠡᠬᠡ ᠯᠡ)ᠪᠠᠶᠠᠷᠯᠠᠵᠤ᠂ ᠥᠨᠥᠬᠢ ᠳᠡᠪᠡᠯ ᠬᠤᠪᠴᠠᠰᠤ ᠶ᠋ᠢ ᠨᠢ ᠠᠪᠤᠭᠠᠳ᠂ ᠶᠠᠭᠠᠷᠠᠨ ᠡᠮᠦᠰᠴᠦ ᠬᠡᠳᠦᠨ ᠦᠭᠡ ᠬᠡᠯᠡᠯᠴᠡᠵᠦ ᠬᠣᠢᠮᠣᠷ ᠲᠠᠭᠠᠨ( ᠲᠤ ᠪᠠᠨ) ᠰᠠᠭᠤᠳᠠᠭ ᠪᠠᠶ᠋ᠢᠷᠢᠨ ᠳ᠋ᠠᠭᠠᠨ( ᠳᠤ ᠪᠠᠨ) ᠶᠡᠬᠡᠯ᠎ᠡ(ᠶᠡᠬᠡ ᠯᠡ) ᠠᠮᠠᠷᠠᠵᠤ ᠵᠢᠷᠭᠠᠭᠰᠠᠨ ᠪᠠᠶ᠋ᠢᠳᠠᠯ ᠲᠠᠢ ᠰᠠᠭᠤᠯ᠎ᠠ᠃ ᠲᠡᠷᠡ ᠡᠪᠦᠯᠵᠢᠶ᠎ᠡ ᠶᠢᠨ ᠬᠢᠨ ᠬᠠᠯᠠᠭᠤᠨ ᠰᠠᠶ᠋ᠢᠬᠠᠨ ᠴᠠᠢ ᠤᠤᠭᠤᠵᠤ᠂ ᠲᠦᠷ ᠠᠮᠤᠰᠬᠢᠨ ᠳᠣᠲᠣᠷ᠎ᠠ ᠲᠠᠯᠪᠢᠭᠤᠨ ᠪᠣᠯᠤᠭᠠᠳ ᠳᠠᠬᠢᠨ ᠭᠠᠳᠠᠭ᠎ᠠ ᠭᠠᠷᠴᠤ᠂ ᠥᠨᠥᠬᠢ ᠴᠠᠰᠤᠨ ᠳᠤ ᠳᠠᠷᠤᠭᠳᠠᠭᠰᠠᠨ ᠬᠣᠨᠢ ᠪᠠᠨ ᠤᠬᠤᠵᠤ᠂ ᠨᠢᠳᠦ ᠠᠮᠠ᠂ ᠰᠢᠭᠢᠷ᠎ᠠ ᠲᠤᠭᠤᠷᠠᠢ ᠶᠢᠨ ᠬᠢᠨᠢ ᠴᠠᠰᠤ ᠮᠥᠰᠥ ᠶᠢ ᠠᠷᠢᠯᠭᠠᠵᠤ ᠨᠣᠴᠣᠯᠳᠤᠭᠰᠠᠭᠠᠷ ᠨᠠᠷᠠ ᠭᠠᠷᠤᠯ᠎ᠠ᠃ ᠴᠠᠰᠤᠨ ᠳᠣᠣᠷ᠎ᠠ ᠠᠴᠠ ᠤᠬᠤ ᠤᠬᠤᠭᠰᠠᠭᠠᠷ ᠬᠣᠨᠢᠨ ᠤ ᠪᠠᠨ ᠶᠡᠬᠡ ᠲᠥᠯᠥᠪ ᠢ ᠤᠬᠤᠵᠤ ᠭᠠᠷᠭᠠᠭᠠᠳ᠂ ᠰᠢᠷᠴᠢᠨ᠂ ᠴᠡᠷᠡᠨ ᠳ᠋ᠡᠭᠡᠨ( ᠳᠦ ᠪᠡᠨ)᠄
— ᠠᠳᠢᠶ᠎ᠠ ᠪᠢᠳᠡ ᠬᠣᠶᠠᠷ ᠦᠯᠡᠳᠡᠭᠰᠡᠨ ᠭᠠᠭᠴᠠ ᠨᠢᠭᠡ ᠬᠣᠨᠢ ᠪᠠᠨ ᠤᠬᠤᠵᠤ ᠪᠠᠶ᠋ᠢᠶ᠎ᠠ᠃ ᠲᠠ ᠨᠠᠷ ᠮᠠᠯ ᠢᠶᠠᠨ ᠪᠡᠯᠴᠢᠭᠡᠵᠦ ᠦᠵᠡ᠃ ᠤᠷᠢᠳ ᠢᠶᠠᠷ ᠲᠡᠮᠡᠭᠡ᠂ ᠦᠬᠡᠷ ᠢᠶᠡᠨ ᠶᠠᠪᠤᠭᠤᠯᠵᠤ᠂ ᠬᠣᠶ᠋ᠢᠨ᠎ᠠ ᠠᠴᠠ ᠨᠢ ᠬᠣᠨᠢ ᠪᠠᠨ ᠪᠡᠯᠴᠢᠭᠡᠪᠡᠯ ᠳᠡᠭᠡᠷ᠎ᠡ ᠪᠢᠵᠡ ᠭᠡᠵᠦ᠂ ᠲᠡᠷᠡ ᠬᠣᠲᠠ ᠠᠶ᠋ᠢᠯ ᠤᠨ ᠬᠢᠨ ᠮᠠᠯ ᠳ᠋ᠠᠭᠠᠨ( ᠳᠤ ᠪᠠᠨ) ᠭᠠᠷᠬᠤ ᠨᠢ ᠭᠠᠷᠴᠤ᠂ ᠭᠠᠭᠴᠠ ᠨᠢᠭᠡᠨ ᠬᠣᠨᠢ ᠪᠠᠨ ᠴᠠᠰᠤᠨ ᠳᠣᠣᠷ᠎ᠠ ᠠᠴᠠ ᠤᠬᠤᠬᠤ ᠨᠢ ᠤᠬᠤᠵᠤ ᠪᠢᠯᠡ᠃
ᠲᠡᠷᠡ ᠰᠢᠭᠤᠷᠭᠠᠨ ᠳᠤ ᠨᠣᠴᠣᠯᠳᠤᠬᠤ ᠶᠢᠨ ᠬᠦᠴᠦ ᠪᠡᠷ ᠮᠠᠯ ᠢᠶᠠᠨ ᠣᠭᠲᠣ ᠭᠠᠷᠤᠵᠠᠳᠠᠭᠰᠠᠨ ᠦᠭᠡᠢ ᠪᠦᠲᠦᠨ ᠭᠠᠷᠴᠠᠢ᠃ ᠭᠠᠭᠴᠠ ᠬᠦ᠌ ᠰᠢᠷᠴᠢᠨ ᠦ ᠬᠥᠯ ᠤᠨ ᠰᠢᠷᠪᠥᠰᠥ ᠲᠠᠲᠠᠵᠤ᠂ ᠥᠨᠥᠬᠢ ᠰᠢᠭᠤᠷᠭᠠᠲᠤ ᠰᠥᠨᠢ ᠶᠢᠨ ᠲᠤᠷᠰᠢ ᠪᠦᠰᠡ ᠪᠡᠷ ᠢᠶᠡᠨ ᠲᠠᠲᠠᠭᠤᠯᠤᠭᠰᠠᠨ ᠴᠠᠰᠤᠨ ᠳᠤᠮᠳᠠᠭᠤᠷ ᠨᠣᠶ᠋ᠢᠲᠠᠨ ᠦᠰᠦᠲᠡᠢ ᠥᠮᠥᠳᠦᠨ ᠳᠦ ᠬᠠᠭᠠᠷᠢᠭᠤᠯᠵᠤ ᠶᠠᠪᠤᠭᠰᠠᠨ ᠤ ᠭᠡᠮ ᠤᠷᠰᠢᠭ ᠨᠢ ᠴᠤᠬᠤᠶ᠋ᠢᠵᠠᠢ᠃ ᠲᠡᠭᠦᠨ ᠡᠴᠡ ᠪᠣᠯᠵᠤ ᠬᠣᠰᠢᠶᠠᠳ ᠡᠳᠦᠷ ᠬᠡᠪᠲᠡᠭᠡᠳ᠂ ᠵᠢᠭᠠᠯ ᠭᠠᠶ᠋ᠢᠭᠤᠢ ᠪᠣᠯᠬᠤ ᠳ᠋ᠤᠨᠢ( ᠳᠤ ᠨᠢ) ᠬᠣᠨᠢᠨ ᠳ᠋ᠠᠭᠠᠨ( ᠳᠤ ᠪᠠᠨ) ᠭᠠᠷᠴᠤ᠂ ᠭᠡᠷ ᠡᠴᠡ ᠪᠡᠨ ᠨᠢᠭᠡ ᠶᠡᠬᠡ ᠬᠣᠯᠠᠳᠠᠭ᠎ᠠ ᠦᠭᠡᠢ ᠶᠠᠪᠤᠲᠠᠯ᠎ᠠ ᠨᠢ ᠨᠢᠭᠡ ᠮᠣᠷᠢ ᠲᠠᠢ ᠬᠥᠮᠦᠨ ᠥᠭᠡᠳᠡ ᠡᠴᠡ ᠨᠢ ᠠᠶ᠋ᠢᠰᠤᠢ᠃ ᠮᠠᠨ ᠤ ᠰᠤᠮᠤ ᠶᠢᠨ ᠵᠠᠬᠢᠷᠭᠠᠨ ᠤ ᠲᠠᠬᠠᠷ ᠭᠡᠵᠦ ᠲᠠᠨᠢᠭᠠᠳ᠂ ᠵᠠ᠂ ᠨᠠᠳᠠ ᠲᠠᠢ ᠯᠠ ᠬᠡᠷᠡᠭ ᠲᠡᠢ ᠶᠠᠪᠤᠵᠤ ᠶᠠᠪᠤᠭ᠎ᠠ ᠰᠢᠨᠵᠢᠲᠡᠢ ᠬᠥᠮᠦᠨ ᠪᠠᠶ᠋ᠢᠨ᠎ᠠ ᠳ᠋ᠠ᠂ ᠶᠠᠮᠠᠷ ᠬᠡᠷᠡᠭ ᠭᠠᠷᠴᠤ ᠲᠠᠬᠠᠷ ᠢᠶᠠᠨ ᠶᠠᠪᠤᠭᠤᠯᠳᠠᠭ ᠪᠢᠯᠡ? ᠨᠠᠮᠠᠶ᠋ᠢ(ᠨᠠᠮ᠎ᠠ ᠶ᠋ᠢ)ᠬᠣᠲᠠ ᠳᠤ ᠪᠣᠯᠬᠤ ᠣᠯᠠᠩᠬᠢ ᠰᠠᠶ᠋ᠢᠨ ᠮᠠᠯᠴᠢᠨ ᠤ ᠬᠤᠷᠠᠯ ᠤᠨ ᠲᠥᠯᠥᠭᠡᠯᠡᠭᠴᠢ ᠪᠡᠷ ᠪᠠᠲᠤᠯᠠᠭᠰᠠᠨ ᠪᠢᠰᠢ ᠪᠠᠶ᠋ᠢᠭ᠎ᠠ ᠳ᠋ᠠ? ᠭᠡᠵᠦ ᠪᠣᠳᠣᠭᠠᠳ ᠲᠡᠮᠡᠭᠡ ᠪᠡᠨ ᠲᠠᠬᠠᠷ ᠤᠨ ᠵᠦᠭ ᠵᠠᠯᠠᠵᠠᠢ᠃
— ᠵᠠ᠂ ᠭᠣᠮᠪᠣ ᠭᠤᠸᠠᠢ᠂ ᠰᠠᠶ᠋ᠢᠨ ᠶᠠᠪᠤᠵᠤ ᠪᠠᠶ᠋ᠢᠨᠠᠤ (ᠪᠠᠶ᠋ᠢᠨ᠎ᠠ ᠤᠤ)? ᠬᠠᠮᠢᠭ᠎ᠠ ᠬᠦᠷᠬᠦ ᠨᠢ ᠪᠤᠢ? ᠭᠡᠬᠦ ᠳᠤᠨᠢ ( ᠲᠤ ᠨᠢ)᠂
— ᠰᠠᠶ᠋ᠢᠨ ᠶᠠᠪᠤᠵᠤ ᠪᠠᠶ᠋ᠢᠨ᠎ᠠ᠂ ᠬᠡᠷᠡᠭ ᠵᠣᠷᠢᠭ ᠲᠠᠨᠠᠶ᠋ᠢᠳᠤ(ᠲᠠᠨ ᠤ ᠳᠤ) ᠠ᠋᠃ ᠰᠢᠷᠠᠪ ᠭᠤᠸᠠᠢ ᠲᠠᠨ ᠢ ᠰᠤᠮᠤ ᠶᠢᠨ ᠵᠠᠬᠢᠷᠭᠠᠨ ᠳᠡᠭᠡᠷ᠎ᠡ ᠶᠠᠭᠠᠷᠠᠪᠴᠢᠯᠠᠨ ᠬᠦᠷᠦᠭᠡᠳ ᠢᠷᠡᠨ᠎ᠡ ᠦᠦ ᠭᠡᠵᠦ ᠵᠠᠬᠢᠵᠠᠢ ᠭᠡᠬᠦ ᠳ᠋ᠤᠨᠢ( ᠳᠦ ᠨᠢ)᠂
— ᠶᠠᠮᠠᠷ ᠬᠡᠷᠡᠭ ᠤᠨ ᠤᠴᠢᠷ ᠶᠤᠮ ᠪᠣᠯ ᠳ᠋ᠠ? ᠭᠡᠵᠦ ᠠᠰᠠᠭᠤᠲᠠᠯ᠎ᠠ᠂
— ᠠ ᠪᠦᠦ ᠮᠡᠳᠡ᠂ ᠲᠠᠨ ᠢ ᠢᠷᠡᠭᠦᠯᠬᠦ ᠶᠤᠮ ᠰᠠᠨ ᠭᠡᠵᠦ ᠥᠴᠥᠭᠡᠳᠦᠷ ᠵᠠᠬᠢᠵᠤ ᠪᠠᠶ᠋ᠢᠬᠰᠠᠨ᠂ ᠲᠡᠭᠡᠭᠡᠳ ᠪᠢ ᠨᠠᠷᠠ ᠪᠢᠲᠡᠭᠦᠦ ᠪᠡᠷ ᠮᠣᠷᠳᠠᠯ᠎ᠠ ᠰᠢᠦ ᠭᠡᠵᠡᠢ᠃
— ᠲᠡᠭᠡᠪᠡᠯ᠂ ᠭᠡᠷ ᠶ᠋ᠢᠡᠷ ᠢᠶᠡᠨ ᠳᠠᠭᠠᠷᠢᠭᠠᠳ ᠶᠠᠪᠤᠶ᠎ᠠ ᠭᠡᠲᠡᠯ᠎ᠡ ᠨᠢ᠂
— ᠴᠠᠭ ᠭᠠᠷᠤᠵᠠᠳᠠᠭᠠᠳ ᠶᠠᠭᠠᠬᠢᠬᠤ ᠨᠢ ᠪᠤᠢ? ᠡᠨᠳᠡ ᠡᠴᠡ ᠪᠡᠨ ᠯᠡ ᠲᠠ ᠶᠠᠪᠤ᠂ ᠤᠭ ᠨᠢ ᠶᠠᠭᠠᠷᠠᠯᠲᠠᠢ ᠬᠡᠷᠡᠭ ᠪᠠᠶ᠋ᠢᠬᠤ᠃ ᠬᠠᠷᠢᠨ᠂ ᠪᠢ ᠲᠠᠨᠠᠶ᠋ᠢᠬᠢ(ᠲᠠᠨ ᠤ ᠬᠢ )ᠪᠠᠷ ᠳᠠᠭᠠᠷᠢᠵᠤ ᠳᠤᠯᠠᠭᠠᠴᠠᠭᠠᠳ᠂ ᠲᠠᠨ ᠢ ᠰᠤᠮᠤᠨ ᠵᠠᠬᠢᠷᠭ᠎ᠠ ᠣᠷᠣᠭᠰᠠᠨ ᠭᠡᠵᠦ ᠬᠡᠯᠡᠮ ᠵ᠋᠎ᠠ ᠭᠡᠬᠦ ᠳ᠋ᠤᠨᠢ( ᠳᠦ ᠨᠢ)᠂ ᠰᠢᠷᠴᠢᠨ ᠶᠠᠮᠠᠷᠬᠠᠨ ᠬᠡᠷᠡᠭ ᠭᠠᠷᠴᠤ᠂ ᠢᠩᠭᠢᠵᠦ ᠳᠠᠭᠤᠳᠠᠭᠤᠯᠪᠠ? ᠭᠡᠵᠦ ᠳᠣᠲᠣᠷ᠎ᠠ ᠪᠠᠨ ᠤᠴᠢᠷ ᠢ ᠨᠢ ᠣᠯᠵᠤ ᠶᠠᠳᠠᠭᠰᠠᠭᠠᠷ ᠰᠤᠮᠤ ᠤᠷᠤᠭᠤ ᠴᠢᠭᠯᠡᠲᠡᠯᠡ᠂ ᠲᠡᠳᠦᠬᠡᠨ ᠥᠨᠥᠬᠢ ᠭᠣᠮᠪᠣ ᠲᠠᠬᠠᠷ ᠬᠣᠶ᠋ᠢᠨ᠎ᠠ ᠠᠴᠠ ᠨᠢ ᠭᠦᠢᠴᠡᠭᠡᠳ ᠢᠷᠡᠵᠡᠢ᠃
ᠶᠠᠮᠠᠷ ᠲᠤᠬᠠᠢ ᠳᠠᠭᠤᠳᠠᠭᠤᠯᠤᠭᠰᠠᠨ ᠤᠴᠢᠷ ᠢ ᠭᠣᠮᠪᠣ ᠠᠴᠠ ᠮᠡᠳᠡᠬᠦ ᠭᠡᠵᠦ ᠰᠢᠬᠠᠵᠤ ᠱᠠᠯᠠᠭᠰᠠᠭᠠᠷ᠂ ᠶᠡᠷᠦ ᠶᠠᠭᠤᠮ᠎ᠠ ᠣᠯᠵᠤ ᠮᠡᠳᠡᠭᠰᠡᠨ ᠦᠭᠡᠢ᠂ ᠡᠪᠦᠭᠡᠨ ᠰᠢᠷᠠᠪ ᠭᠤᠸᠠᠢ᠂ ᠡᠷᠬᠡᠪᠰᠢ ᠨᠢᠭᠡ ᠯᠡ ᠴᠢᠬᠤᠯᠠ ᠬᠡᠷᠡᠭ ᠭᠠᠷᠤᠭᠰᠠᠨ ᠢᠶᠠᠷ ᠳᠠᠭᠤᠳᠠᠭᠤᠯᠵᠤ ᠳ᠋ᠠ ᠭᠡᠵᠦ ᠳᠡᠮᠡᠢ ᠯᠡ ᠭᠠᠶ᠋ᠢᠬᠠᠨ ᠪᠣᠳᠣᠵᠠᠢ᠃
ᠰᠤᠮᠤ ᠶᠢᠨ ᠵᠠᠬᠢᠷᠭᠠᠨ ᠳᠤ ᠬᠦᠷᠴᠦ ᠢᠷᠡᠪᠡᠯ᠂ ᠪᠤᠭᠤᠷᠤᠯ ᠰᠠᠬᠠᠯᠲᠤ ᠡᠪᠦᠭᠡᠨ ᠳᠠᠷᠤᠭ᠎ᠠ᠂ ᠰᠢᠷᠴᠢᠨ ᠭᠣᠮᠪᠣ ᠬᠣᠶᠠᠷ ᠢ ᠬᠠᠷᠠᠭᠠᠳ᠂ ᠠᠮᠠ ᠪᠠᠨ ᠪᠠᠷᠢᠵᠤ ᠭᠣᠮᠪᠣ ᠶ᠋ᠢ᠄
— ᠴᠢ ᠶᠠᠭᠠᠬᠢᠬᠰᠠᠨ ᠬᠥᠮᠦᠨ ᠪᠤᠢ? ᠪᠢ ᠴᠢᠮ᠎ᠠ ᠪᠠᠷ ᠰᠢᠷᠴᠢᠨ ᠭᠤᠸᠠᠢ ᠳᠤ ᠵᠠᠬᠢᠶ᠎ᠠ ᠶᠠᠪᠤᠭᠤᠯᠬᠤ ᠭᠡᠵᠦ ᠪᠠᠶ᠋ᠢᠲᠠᠯ᠎ᠠ᠂ ᠴᠢ ᠬᠠᠷᠢᠨ ᠦᠵᠡᠭᠳᠡᠵᠦ ᠬᠡᠯᠡᠯ ᠦᠭᠡᠢ ᠳᠠᠪᠬᠢᠳᠠᠭ ᠴᠢᠨᠢ ᠶᠠᠭᠤ ᠪᠢᠯᠡ? ᠭᠡᠵᠦ ᠵᠢᠮᠡᠯᠡᠵᠡᠢ᠃
— ᠪᠢ ᠲᠠᠨ ᠢ ᠵᠠᠬᠢᠶ᠎ᠠ ᠵᠠᠨᠠᠭᠠ ᠥᠭᠬᠦ ᠶᠤᠮ ᠭᠡᠵᠦ ᠮᠡᠳᠡᠯ ᠦᠭᠡᠢ᠂ ᠥᠴᠥᠭᠡᠳᠦᠷ ᠣᠷᠣᠢ ᠲᠠᠨ ᠢ ᠰᠢᠷᠴᠢᠨ ᠭᠤᠸᠠᠢ ᠶᠢ ᠳᠠᠭᠤᠳᠠᠭᠤᠯᠬᠤ ᠶᠤᠮᠰᠠᠨ ᠭᠡᠬᠦᠯᠡᠷ ᠯᠡ᠂ ᠰᠡᠩᠳᠡᠨ ᠮᠡᠩᠳᠡᠨ ᠦᠷ ᠶ᠋ᠢᠡᠷ ᠳᠠᠪᠬᠢᠵᠤ᠂ ᠳᠠᠭᠤᠳᠠᠨ ᠢᠷᠡᠵᠦ ᠪᠠᠶ᠋ᠢᠭ᠎ᠠ ᠮᠢᠨᠢ ᠡᠨᠡ ᠭᠡᠬᠦ ᠳ᠋ᠤᠨᠢ( ᠳᠤ ᠨᠢ) ᠰᠢᠷᠠᠪ ᠭᠤᠸᠠᠢ ᠢᠨᠢᠶᠡᠮᠰᠦᠭᠯᠡᠵᠦ᠄
— ᠪᠤᠰᠢᠭᠤ ᠲᠠᠤᠯᠠᠢ ᠪᠣᠷᠪᠢ ᠳᠠᠭᠠᠨ ᠪᠠᠭᠠᠰᠤ ᠲᠠᠢ ᠭᠡᠵᠦ ᠡᠶ᠋ᠢᠮᠦ ᠯᠡ ᠬᠥᠮᠦᠨ ᠢ ᠬᠡᠯᠡᠳᠡᠭ ᠪᠠᠶ᠋ᠢᠵᠤ ᠳ᠋ᠠ᠃ ᠵᠠ ᠶᠠᠭᠠᠬᠢᠶ᠎ᠠ ᠭᠡᠬᠦ ᠪᠤᠢ᠂ ᠬᠡᠷᠡᠭ ᠨᠢᠭᠡᠨᠲᠡ ᠡᠶ᠋ᠢᠮᠦ ᠪᠣᠯᠵᠤ᠂ ᠪᠢ ᠬᠦᠯᠢᠴᠡᠯ ᠥᠴᠢᠭᠡᠳ᠂ ᠭᠣᠮᠪᠣ ᠪᠢᠳᠡ ᠬᠣᠶᠠᠷ ᠤᠨ ᠢᠩᠭᠢᠵᠦ ᠮᠣᠩᠭᠢᠨᠠᠵᠤ᠂ ᠲᠠᠨ ᠳᠤ ᠲᠦᠪᠡᠭ ᠲᠠᠲᠠᠭᠰᠠᠨ ᠤ ᠪᠤᠷᠤᠭᠤ ᠬᠦᠯᠢᠶᠡᠬᠦ ᠶᠢᠨ ᠢᠯᠳᠠᠷ ᠪᠠᠶᠠᠷ ᠤᠨ ᠮᠡᠳᠡᠭᠡ ᠤᠯᠠᠮᠵᠢᠯᠠᠶ᠎ᠠ᠃ ᠤᠯᠤᠰ ᠤᠨ ᠰᠠᠶ᠋ᠢᠨ ᠮᠠᠯᠴᠢᠨ ᠤ ᠬᠤᠷᠠᠯ ᠳᠤ ᠰᠠᠭᠤᠬᠤ ᠰᠠᠶ᠋ᠢᠴᠤᠤᠯ ᠤᠨ ᠨᠡᠷ᠎ᠡ ᠤᠰᠤ ᠵᠠᠰᠠᠭ ᠤᠨ ᠣᠷᠳᠣᠨ ᠳᠤ ᠪᠠᠲᠤᠯᠠᠵᠤ᠂ ᠲᠠᠨ ᠤ ᠪᠡᠶ᠎ᠡ ᠬᠤᠷᠠᠯ ᠤᠨ ᠲᠥᠯᠥᠭᠡᠯᠡᠭᠴᠢ ᠪᠣᠯᠵᠠᠢ᠃ ᠣᠳᠣ ᠲᠠ ᠲᠥᠷᠥ ᠶᠢᠨ ᠡᠷ᠎ᠡ᠂ ᠤᠯᠤᠰ ᠤᠨ ᠰᠠᠶ᠋ᠢᠨ ᠮᠠᠯᠴᠢᠨ ᠪᠣᠯᠤᠯ᠎ᠠ᠃ ᠮᠠᠰᠢ ᠶᠡᠬᠡ ᠪᠠᠶᠠᠷ ᠬᠦᠷᠭᠡᠶ᠎ᠡ ᠭᠡᠵᠦ ᠢᠨᠢᠶᠡᠮᠰᠦᠭᠯᠡᠨ ᠶᠣᠰᠣ ᠬᠢᠭᠡᠳ᠂ ᠣᠯᠠᠨ ᠠᠶ᠋ᠢᠮᠠᠭ ᠤᠨ ᠮᠠᠯᠴᠢᠨ ᠰᠠᠶ᠋ᠢᠴᠤᠤᠯ ᠴᠣᠬᠣᠮ ᠶᠠᠭᠤ ᠶᠠᠭᠤ ᠬᠤᠷᠠᠯ ᠳᠡᠭᠡᠷ᠎ᠡ ᠬᠡᠯᠡᠬᠦ ᠶᠢ ᠲᠠ ᠰᠠᠶ᠋ᠢᠨ ᠠᠩᠵᠠᠭᠠᠷᠠᠵᠤ᠂ ᠪᠢᠳᠡᠨ ᠳᠡᠭᠡᠨ ᠢᠷᠡᠭᠰᠡᠨ ᠬᠣᠶ᠋ᠢᠨ᠎ᠠ ᠪᠠᠨ ᠬᠡᠯᠡᠵᠦ ᠥᠭᠭᠦᠨ᠎ᠡ ᠰᠢᠦ ᠳ᠋ᠠ᠂ ᠥᠪᠡᠷ ᠢᠶᠡᠨ ᠴᠦ᠍ ᠪᠠᠰᠠ ᠬᠤᠷᠠᠯ ᠳᠡᠭᠡᠷ᠎ᠡ ᠦᠭᠡ ᠬᠡᠯᠡᠵᠦ᠂ ᠲᠤᠷᠰᠢᠯᠭ᠎ᠠ ᠪᠠᠨ ᠲᠦᠮᠡᠨ ᠳᠦ ᠳᠡᠯᠭᠡᠷᠡᠭᠦᠯᠬᠦ ᠶᠢ ᠬᠡᠯᠡᠭᠡᠳ ᠶᠠᠭᠠᠬᠢᠮ᠃ ᠪᠣᠳᠣᠪᠠᠰᠤ ᠬᠡᠯᠡᠬᠦ ᠶᠠᠭᠤᠮ᠎ᠠ ᠴᠤ᠌ ᠴᠡᠭᠡᠵᠢᠨ ᠡᠴᠡ ᠲᠠᠨᠢ ᠬᠠᠰᠠᠭ ᠲᠡᠷᠭᠡ ᠪᠡᠷ ᠭᠠᠷᠬᠤ ᠶᠤᠮ ᠪᠠᠶ᠋ᠢᠯ ᠦᠭᠡᠢ ᠳ᠋ᠡ ᠭᠡᠬᠦ ᠳ᠋ᠤᠨᠢ( ᠳᠤ ᠨᠢ) ᠰᠢᠷᠴᠢᠨ ᠲᠡᠷᠡ ᠪᠠᠶᠠᠷ ᠤᠨ ᠮᠡᠳᠡᠭᠡ ᠰᠣᠨᠣᠰᠴᠤ ᠰᠡᠳᠬᠢᠯ ᠬᠥᠳᠡᠯᠵᠦ᠂ ᠶᠠᠭᠠᠷᠠᠨ ᠡᠪᠦᠭᠡᠨ ᠳᠠᠷᠤᠭ᠎ᠠ ᠲᠠᠢ ᠰᠠᠯᠬᠤ ᠶᠣᠰᠣ ᠬᠢᠭᠡᠳ᠂ ᠬᠤᠷᠳᠤᠨ ᠠᠲᠠᠨ ᠤ ᠪᠠᠨ ᠵᠦᠭ ᠬᠥᠯ ᠬᠥᠩᠭᠡᠨ ᠪᠣᠯᠵᠤ ᠭᠦᠶᠦᠨ ᠣᠳᠪᠠ᠃
ᠦᠳᠡᠰᠢ ᠶᠢᠨ ᠪᠦᠷᠦᠢ ᠪᠡᠷ ᠭᠡᠷ ᠲᠡᠭᠡᠨ( ᠲᠤ ᠪᠡᠨ) ᠬᠦᠷᠴᠦ ᠢᠷᠡᠬᠦ ᠳ᠋ᠤᠨᠢ( ᠳᠤ ᠨᠢ) ᠡᠮᠡᠭᠲᠡᠶ᠋ᠢᠴᠦᠳ ᠦᠨᠢᠶ᠎ᠡ ᠪᠡᠨ ᠰᠠᠭᠠᠵᠤ ᠪᠠᠶ᠋ᠢᠬᠰᠠᠨ ᠶ᠋ᠢᠠᠨ᠂ ᠰᠢᠷᠴᠢᠨ ᠢ ᠶᠠᠭᠠᠷᠠᠨ ᠤᠭᠲᠤᠵᠤ᠂ ᠴᠡᠷᠡᠨ ᠨᠥᠬᠥᠷ ᠢᠶᠡᠨ ᠭᠡᠨᠡᠳᠲᠡ ᠠᠯᠪᠠᠨ ᠭᠠᠵᠠᠷ ᠠᠴᠠ ᠳᠠᠭᠤᠳᠠᠭᠰᠠᠨ ᠳᠤ᠂ ᠶᠠᠮᠠᠷ ᠬᠡᠷᠡᠭ ᠭᠠᠷᠤᠭᠰᠠᠨ ᠶᠤᠮ ᠪᠣᠯ ᠭᠡᠵᠦ ᠳᠣᠲᠣᠷ᠎ᠠ ᠪᠠᠨ ᠪᠢᠲᠡᠭᠦᠦ ᠵᠣᠪᠠᠵᠤ ᠪᠠᠶ᠋ᠢᠬᠰᠠᠨ ᠶ᠋ᠢᠠᠨ᠂ ᠮᠠᠩᠨᠠᠢ ᠨᠢ ᠲᠡᠨᠢᠢᠵᠦ ᠢᠷᠡᠭᠰᠡᠨ ᠨᠥᠬᠥᠷ ᠢᠶᠡᠨ ᠬᠠᠷᠠᠭᠠᠳ ᠳᠣᠲᠣᠷ᠎ᠠ ᠨᠢ ᠣᠩᠭᠣᠶ᠋ᠢᠵᠠᠢ᠃
— ᠨᠠᠮᠠᠶ᠋ᠢ ᠪᠠᠭᠠᠲᠤᠷ ᠬᠣᠲᠠᠨ ᠳ᠋ᠤ᠌ ᠲᠥᠯᠥᠭᠡᠯᠡᠭᠴᠢ ᠪᠡᠷ ᠶᠠᠪᠤᠭᠤᠯᠬᠤ ᠪᠣᠯᠤᠯ᠎ᠠ! ᠤᠯᠤᠰ ᠤ᠋ᠨ ᠰᠠᠢᠨ ᠮᠠᠯᠴᠢᠨ ᠤ᠋ ᠬᠤᠷᠠᠯ ᠳ᠋ᠤ᠌! ᠭᠡᠵᠦ ᠬᠡᠯᠡᠭᠡᠳ ᠡᠪᠦᠭᠡᠨ᠂ ᠵᠠᠯᠠᠭᠤ ᠶ᠋ᠢᠨ ᠢ᠋ᠶ᠋ᠡᠨ ᠴᠠᠭ ᠲᠠᠢ ᠠᠳᠠᠯᠢ ᠬᠥᠩᠭᠡᠨ ᠭᠠᠪᠰᠢᠭᠠᠢ ᠪᠠᠷ ᠥᠨᠳᠥᠷ ᠴᠢᠭᠢᠷᠠᠭ ᠠᠲᠠᠨ ᠲᠡᠮᠡᠭᠡᠨ ᠦ᠌ ᠨᠢᠷᠤᠭᠤᠨ ᠳᠡᠭᠡᠷ᠎ᠡ ᠡᠴᠡ ᠭᠤᠯᠭᠤᠵᠤ ᠪᠠᠭᠤᠭᠠᠳ᠂ ᠪᠢ ᠣᠳᠣ ᠤᠯᠤᠰ ᠤ᠋ᠨ ᠰᠠᠢᠨ ᠮᠠᠯᠴᠢᠨ ᠪᠣᠯᠴᠢᠬᠠᠯ᠎ᠠ! ᠭᠡᠬᠦ ᠳ᠋ᠦ᠍ᠨᠢ᠂ ᠡᠮᠡᠭᠲᠡᠢᠴᠦᠳ ᠪᠠᠶᠠᠷᠯᠠᠨ ᠳᠤᠤᠭᠠᠷᠴᠠᠭᠠᠵᠤ᠂ ᠰᠢᠷᠴᠢᠨ ᠳ᠋ᠦ᠍ ᠪᠠᠶᠠᠷ ᠬᠦᠷᠭᠡᠵᠢ᠃ ᠴᠠᠷᠠᠨ ᠨᠥᠬᠥᠷ ᠡᠴᠡ ᠪᠡᠨ᠄
— ᠬᠤᠷᠠᠯ ᠳ᠋ᠤ᠌ ᠶᠠᠪᠤᠭᠤᠯᠬᠤ ᠭᠡᠵᠦ ᠪᠠᠢᠭ᠎ᠠ ᠶ᠋ᠢ ᠤᠷᠢᠳᠤ ᠨᠢ ᠨᠠᠳᠠᠳᠤ ᠬᠡᠯᠡᠬᠦ ᠶ᠋ᠢ ᠶᠠᠭᠠᠬᠢᠭᠰᠠᠨ ᠶᠤᠮ ᠪᠢᠯᠡ? ᠪᠢ ᠪᠠᠰᠠ ᠶᠠᠭᠤᠮ᠎ᠠ ᠬᠡᠦᠮ᠎ᠡ ᠪᠡᠯᠡᠳᠴᠦ ᠪᠠᠢᠬᠤ ᠶᠤᠮᠰᠠᠨ᠃ ᠬᠤᠷᠠᠯ ᠳ᠋ᠤ᠌ ᠶᠠᠪᠤᠬᠤ ᠪᠠᠨ ᠮᠡᠳᠡᠭᠡ ᠦᠭᠡᠢ ᠶᠦᠮ ᠤᠤ ᠲᠠ? ᠭᠡᠵᠡᠢ᠃
— ᠮᠡᠳᠡᠬᠦ ᠶ᠋ᠢ ᠴᠦ᠍ ᠮᠡᠳᠡᠵᠦ ᠪᠠᠢᠭᠰᠠᠨ ᠯᠠ ᠳᠠ᠃ ᠭᠠᠭᠴᠠᠬᠠᠨ ᠬᠠᠮᠢᠭ᠎ᠠ ᠠ᠋ᠴᠠ ᠨᠠᠮᠠᠶ᠋ᠢ ᠲᠡᠭᠡᠨ᠎ᠡ ᠭᠡᠵᠦ ᠳᠡ ᠭᠡᠳ ᠪᠠᠬᠠᠨ ᠢᠲᠡᠭᠡᠬᠦ ᠦᠭᠡᠢ ᠪᠠᠢᠭᠰᠠᠨ ᠶᠤᠮ ᠳᠠ ᠭᠡᠬᠦ ᠳ᠋ᠦ᠍ᠨᠢ᠂
— ᠬᠡᠵᠢᠶ᠎ᠡ ᠶᠠᠪᠤᠬᠤ ᠶᠤᠮ ᠪᠣᠢ᠂ ᠲᠡᠭᠡᠭᠡᠳ? ᠭᠡᠪᠡᠯ᠂
— ᠮᠠᠷᠭᠠᠰᠢ! ᠭᠡᠵᠢ᠃
— ᠮᠠᠷᠭᠠᠰᠢ? ᠦᠭᠡᠢ ᠡᠨᠡ ᠴᠢᠨᠢ᠂ ᠡᠮᠦᠰᠬᠦ ᠬᠤᠪᠴᠠᠰᠤ ᠬᠤᠨᠠᠷ ᠦᠭᠡᠢ ᠶᠠᠭᠠᠬᠢᠵᠤ ᠶᠠᠪᠤᠳᠠᠭ ᠶᠤᠮ ᠪᠢᠯᠡ ᠳᠠ? ᠶᠠᠮᠠᠷ᠂ ᠬᠣᠨᠢ ᠬᠠᠷᠢᠭᠤᠯᠬᠤ ᠭᠡᠵᠦ ᠮᠣᠷᠳᠠᠬᠤ ᠶᠤᠮ ᠪᠢᠰᠢ᠂ ᠤᠯᠤᠰ ᠤ᠋ᠨ ᠰᠠᠢᠨ ᠮᠠᠯᠴᠢᠨ ᠤ᠋ ᠬᠤᠷᠠᠯ ᠳ᠋ᠤ᠌ ᠰᠠᠭᠤᠯᠴᠠᠬᠤ ᠪᠠᠷ ᠮᠣᠷᠳᠠᠬᠤ ᠭᠡᠵᠦ ᠪᠠᠢᠭ᠎ᠠ ᠶᠤᠮ ᠪᠢᠰᠢᠦ? ᠶᠠᠭᠠᠬᠢᠳᠠᠭ ᠪᠢᠯᠡ? ᠭᠡᠵᠦ ᠴᠠᠷᠠᠨ ᠤ᠋ ᠰᠠᠭᠠᠭ᠎ᠠ ᠵᠣᠪᠠᠵᠤ ᠰᠠᠨᠳᠤᠷᠲᠠᠯᠠ ᠠᠳᠢᠶ᠎ᠠ᠄
— ᠪᠢᠳᠡ ᠰᠥᠨᠢᠵᠢᠨ ᠰᠠᠭᠤᠯᠴᠠᠵᠤ᠂ ᠡᠮᠦᠰᠬᠦ ᠰᠢᠨ᠎ᠡ ᠳᠡᠪᠡᠯ ᠣᠶᠣᠵᠤ ᠥᠭᠭᠦᠶ᠎ᠡ ᠭᠡᠵᠦ ᠰᠠᠨᠠᠯ ᠭᠠᠷᠭᠠᠵᠠᠢ᠃
ᠣᠷᠣᠢ᠂ ᠬᠣᠭᠣᠯᠠᠨ ᠤ᠋ ᠰᠡᠭᠦᠯᠡᠷ ᠡᠮᠡᠭᠲᠡᠢᠴᠦᠳ ᠳ᠋ᠧᠩ ᠪᠠᠷᠢᠵᠤ᠂ ᠳᠡᠪᠡᠯ ᠡᠰᠬᠡᠵᠦ ᠭᠠᠷᠤᠯ᠎ᠠ᠃ ᠰᠢᠷᠴᠢᠨ ᠬᠣᠲᠠ ᠣᠷᠣᠨ᠎ᠠ ᠭᠡᠵᠦ ᠪᠠᠶᠠᠷᠯᠠᠭᠰᠠᠨ ᠳ᠋ᠠᠭᠠᠨ ᠨᠣᠢᠷ ᠬᠦᠷᠴᠦ ᠥᠭᠭᠦᠭᠰᠡᠨ ᠦᠭᠡᠢ᠂ ᠰᠥᠨᠢᠵᠢᠨ ᠢ᠋ᠶ᠋ᠡᠨ ᠤᠷᠪᠠᠵᠤ ᠬᠥᠷᠪᠡᠭᠰᠡᠭᠡᠷ ᠥᠷᠯᠥᠭᠡ ᠪᠣᠯᠭᠠᠵᠤ ᠪᠢᠯᠡ᠃
ᠦᠷ ᠢ᠋ᠶ᠋ᠡᠷ ᠲᠡᠷᠡ ᠬᠡᠳᠦᠨ ᠦᠢᠯᠡᠴᠢ ᠡᠮᠡᠭᠲᠡᠢᠴᠦᠳ ᠰᠢᠨ᠎ᠡ ᠳᠡᠪᠡᠯ ᠢ᠋ ᠨᠢ ᠭᠦᠢᠴᠡᠭᠡᠭᠡᠳ᠂ ᠴᠠᠷᠠᠨ ᠠᠪᠳᠠᠷ᠎ᠠ ᠶ᠋ᠢᠨ ᠢ᠋ᠶ᠋ᠡᠨ ᠢᠷᠣᠭᠠᠷ ᠠᠴᠠ ᠯᠸᠨᠢᠨᠮᠠ ᠶ᠋ᠢᠨ ᠳᠠᠬᠤ ᠶ᠋ᠢ ᠠᠪᠬᠤ ᠳ᠋ᠤ᠌ ᠡᠪᠦᠭᠡᠨ ᠳᠠᠷᠬᠠᠨ ᠶᠡᠷᠡᠨᠲᠡᠢ ᠶ᠋ᠢᠨ ᠪᠡᠯᠡᠭᠯᠡᠭᠰᠡᠨ ᠲᠠᠯᠪᠢᠮᠠᠯ ᠮᠥᠩᠭᠥᠨ ᠲᠣᠪᠴᠢ ᠭᠠᠷᠭᠠᠵᠤ᠂ ᠰᠢᠷᠴᠢᠨ ᠦ᠌ ᠰᠢᠨ᠎ᠡ ᠳᠡᠪᠡᠯ ᠳ᠋ᠦ᠍ ᠬᠠᠳᠠᠵᠠᠢ᠃
ᠨᠠᠷᠠᠨ ᠢ᠋ᠶ᠋ᠠᠷ ᠰᠢᠷᠴᠢᠨ ᠴᠠᠢ ᠪᠠᠨ ᠤᠤᠭᠤᠭᠠᠳ᠂ ᠠᠯᠤᠰ ᠤ᠋ᠨ ᠵᠠᠮ ᠳ᠋ᠤ᠌ ᠮᠣᠷᠳᠠᠬᠤ ᠭᠡᠵᠦ ᠬᠤᠪᠴᠠᠰᠤᠯᠠᠵᠤ ᠭᠠᠷᠤᠯ᠎ᠠ᠃ ᠬᠠᠷ᠎ᠠ ᠬᠡᠯᠢᠩ ᠬᠢᠶᠠᠵᠠ ᠲᠠᠢ ᠰᠡᠭᠰᠡᠭᠡᠷ ᠳᠤᠯᠠᠭᠠᠬᠠᠨ ᠦᠰᠦᠲᠡᠢ᠂ ᠠᠷᠭᠠᠯ ᠤ᠋ᠨ ᠤᠲᠤᠭ᠎ᠠ ᠶ᠋ᠢᠨ ᠦᠨᠦᠷ ᠬᠠᠩᠬᠤᠯᠤᠭᠰᠠᠨ ᠭᠣᠶᠣ ᠰᠢᠨ᠎ᠡ ᠳᠡᠪᠡᠯ ᠢ᠋ᠶ᠋ᠡᠨ ᠡᠮᠦᠰᠦᠭᠡᠳ᠂ ᠴᠠᠭᠠᠨ ᠰᠠᠷ᠎ᠠ ᠪᠠᠶᠠᠷ ᠨᠠᠭᠠᠳᠤᠮ ᠢ᠋ᠶ᠋ᠠᠷ ᠡᠮᠦᠰᠳᠡᠭ ᠤᠭᠠᠯᠵᠠᠲᠠᠢ᠂ ᠵᠠᠩᠵᠢᠬᠦᠦ ᠬᠢᠴᠡᠲᠡᠢ ᠭᠤᠲᠤᠯ ᠢ᠋ᠶ᠋ᠠᠨ ᠭᠠᠷᠭᠠᠵᠤ ᠡᠮᠦᠰᠦᠯ᠎ᠡ᠃ ᠡᠬᠡᠨᠡᠷ ᠨᠢ ᠬᠥᠬᠡ ᠲᠣᠷᠭᠠᠨ ᠣᠷᠣᠢ ᠲᠠᠢ ᠦᠨᠡᠭᠡᠨ ᠮᠠᠯᠠᠭᠠᠢ᠂ ᠭᠣᠶᠣᠯ ᠤ᠋ᠨ ᠴᠢᠨᠣ᠎ᠠ ᠶ᠋ᠢᠨ ᠳᠠᠬᠤ ᠶ᠋ᠢ ᠨᠢ ᠭᠠᠷᠭᠠᠵᠤ ᠡᠮᠦᠰᠦᠭᠦᠯᠵᠡᠢ᠃
ᠭᠡᠷᠭᠡᠢ᠂ ᠠᠢᠯ ᠠᠬ᠎ᠠ ᠳᠡᠭᠦᠦ ᠲᠡᠢ ᠪᠡᠨ ᠰᠠᠯᠬᠤ ᠶᠣᠰᠣ ᠬᠢᠭᠡᠳ᠂ ᠰᠢᠷᠴᠢᠨ ᠬᠠᠢᠷᠠᠲᠠᠢ ᠡᠨᠳᠡ ᠪᠡᠨ ᠰᠥᠭᠦᠳᠦᠭᠦᠯᠵᠦ᠂ ᠠᠯᠢ ᠬᠡᠳᠦᠢᠨ ᠬᠣᠪᠲᠣ ᠬᠣᠲᠠ ᠶ᠋ᠢ ᠪᠠᠢᠯᠳᠤᠬᠤ ᠦᠶ᠎ᠡ ᠶ᠋ᠢᠨ ᠭᠣᠶᠣᠯ ᠤ᠋ᠨ ᠢ᠋ᠶ᠋ᠠᠨ ᠬᠡᠪᠢᠰᠦᠨ ᠰᠤᠮᠠᠯ ᠪᠣᠭᠴᠣ ᠲᠣᠬᠣᠰᠢᠨ ᠳᠡᠭᠡᠷ᠎ᠡ ᠪᠡᠨ ᠲᠠᠯᠪᠢᠭᠠᠳ ᠲᠡᠮᠡᠭᠡᠨ ᠳ᠋ᠡᠭᠡᠨ ᠮᠣᠷᠳᠠᠵᠠᠢ᠃ ᠠᠷᠤ ᠮᠣᠩᠭᠣᠯ ᠤ᠋ᠨ ᠵᠠᠭᠠᠨ ᠪᠣᠯᠤᠭᠰᠠᠨ ᠠᠪᠤᠷᠭᠤ ᠲᠣᠮᠣ ᠡᠨᠳᠡ ᠨᠢ ᠡᠵᠡᠨ ᠦ᠌ ᠪᠡᠨ ᠭᠠᠷ ᠤ᠋ᠨ ᠠᠶ᠎ᠠ ᠳᠠᠭᠠᠵᠤ᠂ ᠮᠠᠰᠢ ᠲᠤᠭᠤᠯᠪᠤᠷᠢᠲᠡᠢ ᠪᠡᠷ ᠪᠣᠰᠴᠤ᠂ ᠰᠢᠷᠴᠢᠨ ᠢ᠋ ᠠᠯᠤᠰ ᠤ᠋ᠨ ᠵᠠᠮ ᠳ᠋ᠤ᠌ ᠵᠦᠢᠳᠡᠯᠡ᠂ ᠴᠷᠴᠠᠨ ᠬᠣᠢᠨ᠎ᠠ ᠠ᠋ᠴᠠ ᠨᠢ ᠢᠷᠥᠭᠡᠵᠦ ᠰᠦ ᠡᠷᠭᠦᠭᠡᠳ ᠪᠠᠷ᠎ᠠ ᠶ᠋ᠢ ᠨᠢ ᠤᠳᠠᠲᠠᠯ᠎ᠠ ᠬᠠᠷᠠᠭᠰᠠᠭᠠᠷ ᠵᠣᠭᠰᠣᠵᠠᠢ᠃
ᠦᠰᠦᠭ ᠠᠮᠢᠯᠠᠭᠤᠯᠤᠭᠴᠢ᠄ ᠣᠶ᠋ᠢᠭᠣᠷᠵᠢᠨ· ᠣᠳᠬᠣᠨᠪᠠᠪᠠ᠂ ᠴᠤᠯᠮᠤᠨᠭᠡᠷᠡᠯ᠂ ᠪᠠᠯ᠂ ᠰᠠᠷᠠᠨᠲᠤᠶᠠᠭ᠎ᠠ᠂ ᠪᠠᠳᠮᠠᠰᠡᠴᠡᠨ
ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ᠂ ᠤᠢᠭᠤᠷᠵᠢᠨ· ᠣᠳᠬᠣᠨᠪᠠᠪᠠ᠂ ᠴᠡᠩᠬᠡᠯᠴᠡᠴᠡᠭ᠂ ᠪᠠᠯ
ᠤᠩᠰᠢᠭᠴᠢ᠄ ᠨᠠᠰᠤᠨ᠌ᠦ᠌ᠯᠵᠡᠢ
