ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢᠨ ᠨᠢᠭᠡ Үүрийн туяа III – Б ᠂ Ренчин Гуравдугаар дэвтэр "Баялдаж олсон эх орон"-21 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢᠨ ᠨᠢᠭᠡ Үүрийн туяа III – Б ᠂ Ренчин Гуравдугаар дэвтэр "Баялдаж олсон эх орон"-21

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢᠨ ᠨᠢᠭᠡ Үүрийн туяа III – Б ᠂ Ренчин Гуравдугаар дэвтэр "Баялдаж олсон эх орон"-21

ᠠᠩᠭᠢᠯᠠᠯ:ᠲᠤᠭᠤᠵᠢ ᠷᠣᠮᠠᠨ
2025-07-14

290

ᠬᠣᠷᠢᠨ ᠨᠢᠭᠡ᠂ ᠡᠪᠦᠭᠡᠳ᠎᠎᠎ ᠤᠨ ᠬᠦᠰᠡᠯ ᠰᠠᠨᠠᠭ᠎ᠠ


              ᠬᠦᠰᠡᠯ ᠰᠠᠨᠠᠭ᠎ᠠ ᠪᠣᠯᠤᠭᠰᠠᠨ ᠶᠠᠭᠤᠮ᠎ᠠ ᠪᠦᠬᠦᠨ ᠮᠠᠨᠢ᠂ ᠪᠣᠢ ᠪᠣᠯᠤᠮᠤᠢ ᠊ᠶ᠎ᠠ   
              ᠡᠪ ᠬᠠᠮᠲᠤ ᠶᠣᠰᠣ᠂ ᠡᠩᠬᠡ ᠵᠢᠷᠭᠠᠯ ᠪᠣᠢ ᠪᠣᠯᠤᠮᠤᠢ ᠊ᠶ᠎ᠠ   
                           ᠪᠣᠯᠭᠠᠷᠢ ᠵᠣᠬᠢᠶᠠᠯᠴᠢ ᠺᠠᠲ᠋ᠢᠨ ᠬᠧᠦᠷᠬᠢᠶᠧᠸᠡ    

       ᠰᠢᠷᠴᠢᠨ ᠰᠡᠷᠢᠭᠡᠳ᠂ ᠴᠡᠷᠡᠨ ᠦ᠌ ᠤᠨᠲᠠᠵᠤ ᠲᠡᠭᠰᠢᠬᠡᠨ ᠰᠠᠢᠬᠠᠨ ᠠᠮᠢᠰᠬᠤᠯᠵᠤ ᠪᠠᠢᠭ᠎ᠠ ᠶ᠋ᠢ ᠨᠢ ᠭᠡᠷ ᠦ᠋ᠨ ᠴᠢᠮᠡᠭᠡ ᠦᠭᠡᠢ ᠨᠠᠮ ᠭᠦᠮ ᠳ᠋ᠦ᠍ ᠴᠢᠩᠨᠠᠵᠤ ᠬᠡᠪᠲᠡᠯ᠎ᠡ᠃  ᠶᠠᠳᠠᠷᠠᠵᠤ ᠳᠠ᠂ ᠬᠥᠭᠡᠷᠦᠬᠦᠢ ᠮᠢᠨᠢ ᠭᠡᠵᠦ ᠪᠣᠳᠣᠭᠠᠳ ᠡᠪᠦᠭᠡᠨ᠂ ᠡᠬᠡᠨᠡᠷ ᠢ᠋ᠶ᠋ᠡᠨ ᠰᠡᠷᠢᠭᠡᠬᠦ ᠦᠭᠡᠢ ᠭᠡᠵᠦ ᠠᠶᠠᠷᠬᠠᠨ ᠭᠡᠭᠴᠢ ᠪᠡᠷ ᠡᠷᠭᠢᠵᠦ ᠴᠢᠩᠨᠠᠩᠬᠠᠨ ᠬᠡᠪᠲᠡᠪᠡᠰᠦ᠂ ᠭᠡᠷ ᠲᠦ᠋ᠨᠢ( ᠲᠤ ᠨᠢ) ᠬᠦᠢᠲᠡᠨ᠃ ᠭᠡᠷ ᠦ᠋ᠨ ᠬᠠᠮᠤᠭ ᠵᠠᠢ ᠡᠵᠡᠯᠡᠭᠰᠡᠨ᠂ ᠬᠤᠷᠠᠭ᠎ᠠ ᠢᠰᠢᠭᠡ ᠶ᠋ᠢᠨ ᠰᠢᠭᠡᠰᠦ ᠪᠠᠬᠠᠨ ᠦᠨᠦᠷᠳᠡᠵᠦ᠂ ᠰᠦᠨ ᠦ᠌ ᠦᠨᠦᠷ ᠭᠠᠷᠴᠤ᠂ ᠦᠰᠦᠲᠡᠢ ᠬᠥᠨᠵᠢᠯᠡ ᠡᠴᠡ ᠨᠢ ᠣᠳᠤᠭᠰᠠᠨ ᠠᠷᠠᠰᠤᠨ ᠤ᠋ ᠦᠨᠦᠷ ᠬᠠᠩᠬᠤᠯᠵᠤ ᠪᠠᠢᠭ᠎ᠠ ᠨᠢ᠂ ᠴᠥᠮ ᠬᠥᠮᠦᠨ ᠦ᠌ ᠭᠡᠷ ᠣᠷᠣᠨ ᠤ᠋ ᠠᠯᠢ ᠬᠡᠳᠦᠢᠨᠡᠢ ᠳᠠᠳᠤᠭᠰᠠᠨ ᠦᠨᠦᠷ ᠠᠵᠢ᠃ ᠡᠪᠦᠭᠡᠨ ᠦ᠌ ᠳᠡᠷ᠎ᠡ ᠶ᠋ᠢᠨ ᠲᠤᠰᠢᠶ᠎ᠠ᠂ ᠬᠦᠦ ᠶ᠋ᠢᠨ ᠪᠡᠯᠡᠭᠯᠡᠭᠰᠡᠨ ᠴᠠᠭ ᠨᠢ ᠴᠠᠭ ᠴᠠᠭ ᠳᠤᠤᠭᠠᠷᠴᠤ ᠪᠠᠢᠯ᠎ᠠ᠃    
       ᠥᠴᠥᠭᠡᠳᠦᠷ ᠬᠠᠮᠤᠭ ᠤ᠋ᠨ ᠰᠡᠭᠦᠯᠴᠢ ᠶ᠋ᠢᠨ ᠬᠣᠨᠢ᠂ ᠢᠬᠡᠷ᠎ᠡ ᠬᠤᠷᠠᠭ᠎ᠠ ᠭᠠᠷᠭᠠᠵᠤ᠂ ᠣᠳᠣ ᠬᠤᠷᠠᠭᠠᠯᠠᠬᠤ ᠬᠣᠨᠢ ᠭᠦᠢᠴᠡᠯ᠎ᠡ᠃ ᠡᠨᠡ ᠬᠠᠷ᠎ᠠ ᠮᠣᠷᠢᠨ ᠵᠢᠯ ᠬᠣᠶᠠᠷ ᠵᠠᠭᠤᠨ ᠳᠠᠯᠠᠨ ᠬᠣᠨᠢ ᠬᠤᠷᠠᠭᠠᠯᠠᠵᠤ᠂ ᠨᠢᠳᠤᠨᠤᠨ ᠵᠢᠯ ᠦ᠋ᠨ ᠬᠢ ᠡᠴᠡ ᠪᠦᠷ ᠶᠡᠬᠡ ᠠᠵᠢᠯ ᠲᠠᠢ ᠪᠣᠯᠤᠯ᠎ᠠ᠃ ᠬᠥᠭᠡᠷᠦᠬᠦᠢ ᠴᠡᠷᠡᠨ᠂ ᠬᠤᠷᠠᠭ᠎ᠠ ᠪᠠᠨ ᠠᠪᠬᠤ ᠭᠡᠵᠦ ᠣᠯᠠᠨ ᠴᠤ᠌ ᠰᠥᠨᠢ ᠪᠢᠳᠡ ᠬᠣᠶᠠᠷ ᠨᠣᠢᠷ ᠠᠯᠳᠠᠯ᠎ᠠ ᠳᠠ᠂ ᠡᠨᠡ ᠰᠠᠷ᠎ᠠ ᠳ᠋ᠤ᠌ ᠶᠡᠬᠡᠯ᠎ᠡ( ᠶᠡᠬᠡ ᠯᠡ) ᠡᠴᠡᠵᠦ ᠶᠠᠳᠠᠷᠠᠭᠰᠠᠨ ᠰᠢᠦ᠂ ᠬᠥᠭᠡᠷᠦᠬᠦᠢ ᠮᠢᠨᠢ᠃  ᠠᠭᠤᠯᠠ ᠶ᠋ᠢ ᠴᠠᠰᠤ ᠳᠠᠷᠤᠵᠤ᠂ ᠴᠡᠷᠡᠨ ᠪᠢᠳᠡ ᠬᠣᠶᠠᠷ ᠢ᠋ ᠨᠠᠰᠤ ᠳᠠᠷᠤᠵᠠᠢ ᠳᠠ᠂ ᠬᠣᠶᠠᠷ ᠶᠡᠬᠡ ᠬᠦᠦ ᠮᠠᠨᠢ ᠡᠷᠬᠡᠲᠡᠢ ᠵᠠᠰᠠᠭ ᠤ᠋ᠨ ᠲᠦᠮᠡᠨ ᠴᠡᠷᠢᠭ ᠦ᠋ᠨ ᠳᠤᠮᠳᠠ᠂ ᠣᠳᠬᠣᠨ ᠥᠬᠢᠨ ᠯᠧᠨᠢᠨᠮ᠎ᠠ ᠮᠢᠨᠢ ᠰᠤᠷᠭᠠᠭᠤᠯᠢ ᠳ᠋ᠤ᠌᠂  ᠭᠡᠷ ᠲᠡᠭᠡᠨ ( ᠲᠤ ᠪᠡᠨ)ᠠᠵᠢᠯ ᠬᠢᠳᠡᠭ ᠨᠢ ᠴᠡᠷᠡᠨ ᠪᠢᠳᠡ ᠬᠣᠶᠠᠷ ᠪᠣᠯᠴᠢᠬᠠᠭᠠᠳ᠂ ᠪᠦᠯᠢ ᠮᠠᠭᠤᠲᠠᠢ ᠬᠡᠴᠡᠭᠦᠬᠡᠨ ᠪᠣᠯᠵᠤ ᠪᠠᠢᠬᠤ ᠰᠢᠪ ᠳᠡ᠂  ᠡᠷ᠎ᠡ ᠬᠦᠢᠰᠦᠲᠦ ᠪᠢ ᠴᠦ᠍ ᠪᠠᠰᠠ ᠶᠠᠭᠠᠮᠠᠢ᠃ ᠬᠣᠨᠢ ᠰᠠᠭᠠᠬᠤ᠂ ᠴᠠᠢ ᠬᠣᠭᠣᠯᠠ ᠴᠢᠨᠠᠬᠤ᠂ ᠶᠠᠭᠤᠮ᠎ᠠ ᠬᠡᠦᠮ᠎ᠡ ᠣᠶᠣᠬᠤ᠂ ᠭᠡᠷ ᠦ᠋ᠨ ᠬᠠᠮᠤᠭ ᠠᠵᠢᠯ ᠬᠢᠬᠦ ᠨᠢ ᠴᠡᠷᠡᠨ ᠰᠢᠦ ᠳᠡ᠃ ᠲᠡᠷᠡ ᠭᠠᠢᠲᠠᠢ ᠳᠦᠢᠲᠡᠢ ᠶᠠᠫᠣᠨ ᠤ᠋ ᠡᠵᠡᠷᠬᠡᠭ ᠲᠦᠷᠢᠮᠡᠬᠡᠢ ᠡᠴᠡ ᠯᠡ ᠪᠣᠯᠵᠤ ᠪᠠᠢᠨ᠎ᠠ᠃ ᠲᠡᠳᠡ ᠨᠦ᠍ᠭᠦᠳ ᠦᠭᠡᠢ ᠪᠣᠯ᠂ ᠮᠢᠨᠦ ᠬᠣᠶᠠᠷ ᠬᠦᠦ ᠶ᠋ᠢᠨ ᠨᠢᠭᠡ ᠨᠢ ᠴᠦ᠍ ᠭᠡᠰᠡᠨ ᠭᠡᠷ ᠲᠡᠭᠡᠨ ( ᠲᠤ ᠪᠡᠨ)ᠪᠠᠢᠵᠤ᠂ ᠡᠴᠢᠭᠡ ᠡᠬᠡ ᠪᠢᠳᠡ ᠬᠣᠶᠠᠷ ᠲᠠᠭᠠᠨ( ᠲᠤ ᠪᠠᠨ) ᠲᠤᠰᠠ ᠪᠣᠯᠵᠤ ᠪᠠᠢᠬᠤ ᠰᠠᠨ᠃ ᠭᠠᠢᠲᠠᠢ ᠯᠠᠢᠲᠠᠢ ᠰᠠᠮᠤᠷᠠᠢ ᠠ᠋ᠴᠠ ᠪᠣᠯᠵᠤ᠂ ᠬᠡᠴᠢᠨᠡᠨ ᠣᠯᠠᠨ ᠢᠳᠡᠷᠴᠦᠳ ᠫᠤᠤ ᠪᠠᠷᠢᠵᠤ᠂ ᠬᠢᠯᠢ ᠳᠡᠭᠡᠷ᠎ᠡ ᠵᠣᠭᠰᠣᠵᠤ ᠪᠠᠢᠨ᠎ᠠ ᠳᠠ᠃ ᠥᠷᠭᠡᠨ ᠶᠡᠬᠡ ᠴᠡᠭᠡᠵᠢᠨ ᠳ᠋ᠦ᠍ᠨᠢ( ᠳ᠋ᠦ᠍ ᠨᠢ)᠂ ᠥᠨᠳᠥᠷ ᠶᠡᠬᠡ ᠰᠤᠭᠤᠨ ᠳ᠋ᠤᠨᠢ( ᠳ᠋ᠤ᠌ ᠨᠢ) ᠲᠦᠰᠢᠬᠦ ᠠᠬ᠎ᠠ ᠶᠡᠬᠡ ᠬᠣᠯᠪᠣᠭᠠᠲᠤ ᠤᠯᠤᠰ ᠲᠠᠢ ᠪᠠᠢᠭ᠎ᠠ ᠮᠠᠨᠢ ᠶᠠᠭᠤᠲᠠᠢ ᠵᠠᠪᠰᠢᠶᠠᠨ᠃ ᠤᠷᠲᠤ ᠳᠣᠲᠣᠷ᠎ᠠ ᠭᠠᠵᠠᠷ ᠴᠤ᠌ ᠭᠡᠰᠡᠨ ᠲᠦᠮᠡᠨ ᠢᠷᠭᠡᠨ᠂ ᠶᠠᠫᠣᠨ ᠲᠠᠢ ᠲᠤᠯᠤᠯᠳᠤᠵᠤ ᠪᠠᠢᠨ᠎ᠠ ᠰᠢᠦ ᠳᠡ ᠭᠡᠳ ᠡᠪᠦᠭᠡᠨ᠂ ᠨᠠᠮ ᠤ᠋ᠨ ᠡᠭᠦᠷ ᠦ᠋ᠨ ᠤᠬᠠᠭᠤᠯᠤᠭᠴᠢ ᠫᠠᠷᠲ᠋ᠢᠽᠠᠨ ᠰᠠᠮᠪᠤᠤ ᠭᠤᠸᠠᠢ ᠶ᠋ᠢᠨ ᠮᠠᠤ ᠽᠧ ᠳ᠋ᠦᠩ᠂ ᠵᠣ᠌ ᠳᠧ ᠬᠣᠶᠠᠷ ᠤ᠋ᠨ ᠲᠤᠬᠠᠢ ᠶᠠᠷᠢᠵᠤ᠂ ᠬᠣᠯᠪᠣᠭᠠᠲᠤ ᠤᠯᠤᠰ ᠤ᠋ᠨ ᠰᠡᠳᠬᠦᠯ ᠳ᠋ᠦ᠍ ᠬᠡᠪᠯᠡᠭᠰᠡᠨ ᠲᠡᠳᠡᠨ ᠦ᠌ ᠵᠢᠷᠤᠭ ᠢ᠋ ᠦᠵᠡᠭᠦᠯᠵᠦ ᠪᠠᠢᠭᠰᠠᠨ ᠢ᠋ ᠪᠣᠳᠣᠭᠠᠳ᠂ ᠮᠠᠤ ᠽᠧ ᠳ᠋ᠦᠩ ᠦ᠋ᠨ ᠴᠢᠷᠠᠢ ᠶ᠋ᠢ ᠬᠠᠷᠠᠪᠠᠯ᠂ ᠶᠡᠬᠡᠯ᠎ᠡ(ᠶᠡᠬᠡ ᠯᠡ) ᠰᠠᠢᠬᠠᠨ ᠰᠡᠳᠬᠢᠯ ᠲᠡᠢ᠂ ᠰᠠᠷᠠᠭᠤᠯ ᠤᠬᠠᠭᠠᠨ ᠲᠠᠢ ᠬᠥᠮᠦᠨ ᠪᠣᠯᠤᠯᠲᠠᠢ᠃ ᠵᠣ᠌ ᠳᠧ ᠵᠠᠩᠵᠤᠨ ᠤ᠋ ᠴᠢᠷᠠᠢ ᠶ᠋ᠢ ᠬᠠᠷᠠᠪᠠᠯ᠂ ᠲᠦᠮᠡ ᠠᠭᠤᠯᠵᠠᠵᠤ ᠪᠠᠢᠭᠰᠠᠨ ᠬᠥᠮᠦᠨ ᠰᠢᠭ ᠶᠡᠬᠡᠯ᠎ᠡ( ᠶᠡᠬᠡ ᠯᠡ) ᠲᠠᠨᠢᠭᠰᠠᠨ᠂ ᠨᠢᠳᠦᠨ ᠳ᠋ᠦ᠍ ᠳᠤᠯᠠᠭᠠᠨ ᠴᠢᠷᠠᠢ ᠲᠠᠢ ᠬᠥᠮᠦᠨ ᠪᠢᠯᠡ ᠭᠡᠵᠦ ᠪᠣᠳᠣᠭᠠᠳ ᠢᠨᠢᠶᠡᠮᠰᠦᠭᠯᠡᠵᠦ᠂ ᠮᠣᠩᠭᠣᠯ ᠤ᠋ᠨ ᠲᠦᠭ ᠲᠦᠮᠡᠨ ᠮᠠᠯᠴᠢᠨ ᠤ᠋ ᠨᠢᠭᠡ  ᠨᠢ ᠪᠣᠯᠤᠭᠰᠠᠨ ᠮᠠᠭᠤ ᠡᠪᠦᠭᠡᠨ ᠪᠢ ᠬᠦᠷᠲᠡᠯ᠎ᠡ᠂ ᠦᠷ ᠦ᠋ᠨ ᠰᠥᠨᠢ ᠪᠡᠷ ᠲᠡᠳᠡᠨ ᠢ᠋ ᠣᠭᠲᠣ ᠲᠠᠨᠢᠬᠤ ᠦᠭᠡᠢ᠂ ᠵᠢᠰᠦ ᠦᠵᠡᠭᠡ ᠦᠭᠡᠢ ᠮᠥᠷᠲᠡᠭᠡᠨ ᠪᠣᠳᠣᠵᠤ ᠬᠡᠪᠲᠡᠬᠦ᠂ ᠮᠥᠨ ᠴᠦ᠍ ᠰᠣᠨᠢᠨ ᠶᠤᠮ ᠠ᠋ ᠳᠠ᠃ ᠡᠷᠬᠡ ᠴᠢᠯᠥᠭᠡ ᠪᠡᠨ ᠣᠯᠵᠤ᠂ ᠠᠮᠤᠷ ᠰᠠᠢᠬᠠᠨ ᠠᠵᠤ ᠲᠥᠷᠥᠯ ᠢ᠋ᠶ᠋ᠡᠨ ᠵᠣᠬᠢᠶᠠᠬᠤ ᠶ᠋ᠢᠨ ᠲᠥᠯᠥᠭᠡ ᠲᠡᠮᠡᠴᠡᠵᠦ ᠪᠠᠢᠭ᠎ᠠ᠂ ᠰᠢᠷᠭᠤᠯᠵᠢ ᠰᠢᠭ᠋ ᠣᠯᠠᠨ ᠬᠥᠮᠦᠨ ᠲᠡᠢ ᠳᠤᠮᠳᠠᠳᠤ ᠤᠯᠤᠰ ᠤ᠋ᠨ ᠲᠦᠭ ᠲᠦᠮᠡᠨ ᠣᠯᠠᠨ ᠢ᠋ ᠣᠷᠣᠢᠯᠠᠨ ᠤᠳᠤᠷᠢᠳᠴᠤ ᠶᠠᠪᠤᠭ᠎ᠠ ᠲᠡᠷᠡ ᠬᠣᠶᠠᠷ ᠶᠡᠬᠡ ᠬᠥᠮᠦᠨ᠂ ᠡᠨᠳᠡ ᠡᠴᠡ ᠲᠦᠮᠡᠨ ᠦ᠌ ᠭᠠᠵᠠᠷ ᠪᠠᠢᠭ᠎ᠠ ᠪᠣᠯᠪᠠᠴᠤ᠂ ᠮᠢᠨᠦ ᠰᠡᠳᠬᠢᠯ ᠳ᠋ᠦ᠍ ᠶᠠᠭᠤ ᠲᠠᠢ ᠳᠣᠲᠣᠨᠣ ᠡᠯᠢᠭᠡᠰᠡᠭ ᠪᠢᠯᠡ ᠭᠡᠵᠦ ᠪᠣᠳᠣᠭᠠᠳ᠂ ᠭᠠᠷ ᠢ᠋ᠶ᠋ᠠᠨ ᠠᠶᠠᠷᠬᠠᠨ ᠰᠠᠷᠪᠠᠢᠵᠤ ᠴᠠᠭ ᠢ᠋ᠶ᠋ᠠᠨ ᠠᠪᠤᠭᠠᠳ᠂ ᠬᠠᠷᠠᠩᠭᠤᠢ ᠳ᠋ᠤ᠌ ᠰᠢᠷ᠎ᠠ ᠨᠣᠭᠣᠭᠠᠨ ᠭᠡᠷᠡᠯ ᠰᠦᠮᠡᠯᠵᠡᠭᠰᠡᠨ ᠵᠡᠭᠦᠦ᠂ ᠲᠣᠭ᠎ᠠ ᠶ᠋ᠢ ᠨᠢ ᠬᠠᠷᠠᠵᠤ᠂ ᠮᠥᠳᠳᠥ ᠳᠥᠷᠪᠡᠨ ᠴᠠᠭ ᠪᠣᠯᠬᠤ ᠨᠢ᠂ ᠮᠣᠰᠺᠸᠠ ᠳ᠋ᠤ᠌ ᠰᠥᠨᠢ ᠶ᠋ᠢᠨ ᠠᠷᠪᠠᠨ ᠨᠢᠭᠡᠨ ᠴᠠᠭ ᠪᠠᠢᠭ᠎ᠠ ᠶᠤᠮ ᠪᠠᠢᠨ᠎ᠠ᠃ ᠰᠲ᠋ᠠᠯᠢᠨ ᠪᠠᠭᠰᠢ ᠨᠣᠢᠷᠰᠤᠭ᠎ᠠ ᠦᠭᠡᠢ᠂ ᠺᠷᠸᠮᠯᠢ ᠳ᠋ᠡᠭᠡᠨ( ᠳ᠋ᠦ᠍ ᠪᠡᠨ) ᠠᠵᠢᠯ ᠢ᠋ᠶ᠋ᠠᠨ ᠬᠢᠵᠦ ᠪᠠᠢᠭ᠎ᠠ ᠪᠠᠢᠬᠤ ᠭᠡᠵᠦ ᠪᠣᠳᠣᠭᠠᠳ᠂ ᠰᠢᠷᠴᠢᠨ ᠦ᠌ ᠶᠡᠬᠡ ᠳᠤᠷ᠎ᠠ ᠲᠠᠢ ᠳᠠᠬᠢᠨ ᠳᠠᠬᠢᠨ ᠤᠩᠰᠢᠵᠤ ᠪᠠᠢᠳᠠᠭ ᠠᠨᠷᠢ ᠪᠠᠷᠪᠢᠤᠰᠰ ᠤ᠋ᠨ ᠨᠣᠮ ᠳ᠋ᠤ᠌ ᠰᠲ᠋ᠠᠯᠢᠨ ᠤ᠋ ᠲᠤᠬᠠᠢ ᠬᠡᠯᠡᠭᠰᠡᠨ ᠦᠭᠡ ᠨᠢ ᠰᠠᠨᠠᠭᠳᠠᠵᠤ᠂ ᠴᠡᠭᠡᠵᠢᠨ ᠳ᠋ᠦ᠍ ᠣᠷᠣᠵᠤ ᠢᠷᠡᠭᠰᠡᠨ ᠨᠢ᠄  
     《ᠰᠥᠨᠢ ᠶ᠋ᠢᠨ ᠴᠠᠭ ᠲᠤᠷ ᠤᠯᠠᠭᠠᠨ ᠲᠠᠯᠠᠪᠠᠢ ᠶ᠋ᠢ ᠥᠩᠭᠡᠷᠡᠨ ᠭᠠᠷᠬᠤᠢ ᠳ᠋ᠤᠷ ᠲᠡᠭᠦᠨ ᠦ᠌ ᠠᠭᠤᠳᠠᠮ ᠦᠵᠡᠯᠲᠦ ᠫᠠᠨᠤᠷᠠᠮ ᠬᠣᠶᠠᠷᠳᠠᠨ ᠦᠵᠡᠭᠳᠡᠬᠦ ᠠᠳᠠᠯᠢ᠄ ᠨᠢᠭᠡᠨ ᠢᠨᠦ ᠳᠡᠯᠡᠬᠡᠢ ᠶ᠋ᠢᠨ ᠪᠥᠮᠪᠥᠷᠴᠡᠭ ᠳᠠᠬᠢ ᠬᠥᠮᠦᠨ ᠦ᠌ ᠰᠠᠢᠬᠠᠨ ᠰᠤᠳᠤᠴᠤᠤᠯ ᠤ᠋ᠨ ᠡᠬᠡ ᠨᠤᠲᠤᠭ ᠪᠣᠯᠤᠭᠰᠠᠨ᠂ ᠣᠳᠣ ᠪᠣᠢ ᠵᠦᠢᠯ᠃ ᠨᠥᠭᠦᠭᠡ ᠢᠨᠦ1917 ᠣᠨ ᠬᠦᠷᠲᠡᠯ᠎ᠡ ᠠᠭᠰᠠᠨ ᠡᠷᠲᠡᠰ ᠬᠠᠭᠤᠴᠢᠨ ᠤ᠋ ᠵᠦᠢᠯ ᠠᠵᠢᠶᠠᠮᠤ᠃ ᠴᠢᠩᠭᠢᠭᠡᠳ᠂ ᠬᠥᠮᠦᠨ ᠦᠭᠡᠢ ᠰᠥᠨᠢ ᠶ᠋ᠢᠨ ᠲᠠᠯᠠᠪᠠᠢ ᠳ᠋ᠠᠬᠢ ᠣᠷᠣᠰᠢᠯ ᠳ᠋ᠤᠷ ᠬᠡᠪᠲᠡᠭᠴᠢ ᠲᠡᠷᠡ᠂ ᠳᠡᠯᠡᠬᠡᠢ ᠶᠢᠷᠲᠢᠨᠴᠦ ᠳ᠋ᠦ᠍ᠷ ᠤᠨᠲᠠᠭ᠎ᠠ ᠦᠭᠡᠢ ᠭᠠᠭᠴᠠ ᠬᠥᠮᠦᠨ ᠪᠠᠢᠨᠠᠮ᠃ ᠲᠡᠷᠡ ᠪᠣᠯᠪᠠᠰᠤ ᠣᠷᠴᠢᠨ ᠲᠣᠭᠣᠷᠢᠨ ᠳ᠋ᠤᠷ ᠪᠦᠬᠦᠢ ᠬᠣᠲᠠ ᠪᠠᠯᠭᠠᠳ᠂ ᠰᠠᠭᠤᠷᠢᠨ ᠲᠣᠰᠬᠣᠨ ᠪᠦᠬᠦᠨ ᠦ᠌ ᠳᠡᠭᠡᠷ᠎ᠡ ᠨᠣᠢᠷ ᠦᠭᠡᠢ ᠰᠡᠷᠭᠦᠭ(ᠰᠡᠷᠭᠡᠭ) ᠰᠡᠷᠭᠦᠯᠡᠩ ᠪᠠᠢᠨᠠᠮ ᠪᠣᠯᠪᠠ ᠤᠤ ᠭᠡᠮᠡᠨ ᠰᠠᠨᠠᠭᠳᠠᠬᠤ ᠠᠵᠢᠶᠠᠮᠤ᠃ ᠲᠡᠷᠡ ᠪᠣᠯᠪᠠᠰᠤ ᠣᠯᠠᠨ ᠠᠵᠢᠯᠴᠢᠨ ᠪᠠᠶᠠᠷᠯᠠᠨ ᠢᠨᠢᠶᠡᠮᠰᠦᠭᠯᠡᠵᠦ᠂ ᠮᠠᠨ ᠤ᠋ ᠪᠠᠭᠰᠢ ᠪᠥᠭᠡᠳ ᠨᠥᠬᠥᠷ ᠭᠡᠮᠡᠨ ᠨᠢᠭᠡᠨ ᠳ᠋ᠦ᠍ᠷ ᠳᠠᠭᠤᠳᠠᠭᠴᠢ ᠦᠨᠡᠬᠡᠷ ᠬᠠᠮᠤᠭ ᠪᠦᠬᠦᠨ ᠢ᠋ ᠡᠩᠬᠦᠷᠡᠢᠯᠡᠨ ᠪᠥᠬᠥᠢᠵᠦ ᠦᠵᠡᠭᠴᠢ ᠡᠴᠢᠭᠡ ᠪᠥᠭᠡᠳ ᠠᠬ᠎ᠠ᠂ ᠪᠣᠳᠠᠲᠠᠢ ᠤᠳᠤᠷᠢᠳᠤᠭᠴᠢ ᠠᠨᠤ ᠪᠤᠶᠤ! ᠲᠠ ᠲᠡᠭᠦᠨ ᠢ᠋ ᠮᠡᠳᠡᠭᠡ ᠦᠭᠡᠢ ᠠᠲᠠᠯ᠎ᠠ᠂ ᠲᠡᠷᠡ ᠲᠠᠨ ᠢ᠋ ᠮᠡᠳᠡᠵᠦ᠂ ᠲᠠᠨ ᠤ᠋ ᠲᠥᠯᠥᠭᠡᠨ᠎ᠡ ᠰᠠᠨᠠᠭ᠎ᠠ ᠲᠠᠯᠪᠢᠭᠰᠠᠨ ᠪᠠᠢᠨᠠᠮ᠃ ᠲᠠ ᠬᠡᠨ ᠠᠲᠤᠭᠠᠢ ᠴᠤ᠌ ᠲᠠᠨ ᠤ᠋ ᠬᠤᠪᠢ ᠵᠣᠬᠢᠶᠠᠯ ᠤ᠋ᠨ ᠦᠪᠡᠳᠡᠭᠰᠢ ᠰᠠᠢᠨ ᠠᠨᠤ᠂ ᠡᠷᠳᠡᠮᠲᠡᠨ ᠦ᠌ ᠲᠡᠷᠢᠭᠦᠦ ᠲᠡᠢ᠂ ᠠᠵᠢᠯᠴᠢᠨ ᠤ᠋ ᠴᠢᠷᠠᠢ ᠲᠠᠢ᠂ ᠡᠩ ᠦ᠋ᠨ ᠴᠡᠷᠢᠭ ᠡᠷ᠎ᠡ ᠶ᠋ᠢᠨ ᠬᠤᠪᠴᠠᠰᠤ ᠲᠠᠢ ᠪᠥᠭᠡᠳ ᠬᠠᠮᠤᠭ ᠪᠦᠭᠦᠳᠡ ᠶ᠋ᠢᠨ ᠲᠥᠯᠥᠭᠡ ᠮᠥᠨ ᠨᠣᠢᠷ ᠦᠭᠡᠢ ᠰᠡᠷᠭᠡᠭ ᠰᠡᠷᠭᠦᠯᠡᠩ ᠠᠵᠤ᠂ ᠵᠢᠳᠬᠦᠨ ᠬᠥᠳᠡᠯᠦᠭᠴᠢ ᠨᠥᠭᠦᠭᠡ ᠨᠢᠭᠡᠨ ᠬᠥᠮᠦᠨ ᠦ᠌ ᠭᠠᠷ ᠲᠤᠷ ᠪᠠᠢᠨᠠᠮ ᠪᠤᠶᠤ》 ᠭᠡᠳᠡᠭ ᠦᠭᠡ ᠰᠠᠨᠠᠭᠠᠨ ᠳ᠋ᠤᠨᠢ( ᠳ᠋ᠤ᠌ ᠨᠢ) ᠣᠷᠣᠵᠤ᠂ ᠰᠲ᠋ᠠᠯᠢᠨ ᠪᠢᠳᠡ ᠪᠦᠭᠦᠳᠡ ᠶ᠋ᠢᠨ ᠡᠩᠬᠡ ᠵᠢᠷᠭᠠᠯ ᠤ᠋ᠨ ᠲᠥᠯᠥᠭᠡ ᠰᠣᠨᠣᠷ ᠰᠡᠷᠭᠡᠭ ᠠᠵᠢᠯᠯᠠᠵᠤ᠂ ᠣᠳᠣ ᠨᠣᠢᠷᠰᠤᠭ᠎ᠠ ᠦᠭᠡᠢ ᠪᠠᠢᠭ᠎ᠠ ᠳᠠ᠃ ᠮᠠᠭᠤ ᠡᠪᠦᠭᠡᠨ ᠮᠠᠯᠴᠢᠨ ᠨᠠᠮᠠᠶ᠋ᠢ(ᠨᠠᠮ᠎ᠠ ᠶ᠋ᠢ) ᠮᠡᠳᠡᠭᠡ ᠦᠭᠡᠢ ᠪᠣᠯᠪᠠᠴᠤ ᠪᠢᠳᠡ ᠪᠦᠭᠦᠳᠡ ᠶ᠋ᠢᠨ ᠲᠥᠯᠥᠭᠡ᠂ ᠰᠢᠷᠴᠢᠨ ᠮᠢᠨᠦ ᠴᠦ᠍ ᠲᠥᠯᠥᠭᠡ᠂ ᠮᠢᠨᠦ ᠦᠷ᠎ᠡ ᠬᠡᠦᠬᠡᠳ ᠦ᠋ᠨ ᠴᠦ᠍ ᠲᠥᠯᠥᠭᠡ ᠬᠠᠯᠠᠭᠤᠨ ᠬᠠᠯᠠᠮᠵᠢᠲᠤ ᠰᠠᠨᠠᠭ᠎ᠠ ᠲᠠᠯᠪᠢᠵᠤ᠂ ᠨᠣᠢᠷᠰᠤᠭ᠎ᠠ ᠦᠭᠡᠢ ᠠᠵᠢᠯᠯᠠᠵᠤ ᠪᠠᠢᠭ᠎ᠠ ᠯᠠ ᠳᠠ ᠭᠡᠵᠦ ᠪᠤᠳᠤᠲᠠᠯ᠎ᠠ ᠨᠢ ᠲᠡᠷᠡ ᠡᠪᠦᠭᠡᠨ ᠹᠷᠠᠨᠼᠢ ᠵᠣᠬᠢᠶᠠᠯᠴᠢ ᠶ᠋ᠢᠨ ᠰᠲ᠋ᠠᠯᠢᠨ ᠤ᠋ ᠲᠤᠬᠠᠢ ᠬᠡᠯᠡᠭᠰᠡᠨ᠄《 ᠲᠡᠷᠡ ᠬᠥᠮᠦᠨ ᠪᠣᠯᠪᠠᠯ᠂ ᠶᠠᠭᠤᠮ᠎ᠠ ᠪᠦᠭᠦᠳᠡ ᠶ᠋ᠢᠨ ᠬᠣᠢᠨ᠎ᠠ ᠠ᠋ᠴᠠ ᠬᠥᠮᠦᠨ ᠪᠦᠭᠦᠳᠡ ᠶ᠋ᠢᠨ ᠬᠣᠢᠨ᠎ᠠ ᠠ᠋ᠴᠠ ᠬᠠᠯᠠᠮᠵᠢᠲᠤ ᠰᠠᠨᠠᠭ᠎ᠠ ᠲᠠᠯᠪᠢᠵᠤ᠂ ᠣᠳᠣ ᠪᠠᠢᠭ᠎ᠠ ᠶᠠᠭᠤᠮ᠎ᠠ ᠶ᠋ᠢ ᠪᠦᠲᠦᠭᠡᠭᠡᠳ᠂ ᠢᠷᠡᠭᠡᠳᠦᠢ ᠳ᠋ᠦ᠍ ᠪᠣᠢ ᠪᠣᠯᠬᠤ ᠶᠠᠭᠤᠮ᠎ᠠ ᠶ᠋ᠢ ᠪᠦᠲᠦᠭᠡᠵᠦ ᠪᠠᠢᠭ᠎ᠠ ᠬᠥᠮᠦᠨ᠃ ᠲᠡᠷᠡ ᠬᠥᠮᠦᠨ ᠬᠡᠵᠢᠶ᠎ᠡ ᠴᠦ᠍ ᠠᠪᠤᠷᠠᠨ᠎ᠠ》 ᠭᠡᠰᠡᠨ ᠦᠭᠡ ᠰᠢᠷᠴᠢᠨ ᠦ᠌ ᠰᠡᠳᠬᠢᠯ ᠳ᠋ᠦ᠍ ᠤᠷᠭᠤᠵᠤ᠂ ᠲᠡᠷᠡ ᠡᠪᠦᠭᠡᠨ ᠹᠷᠠᠨᠼᠢ ᠬᠥᠮᠦᠨ᠂ ᠶᠠᠭᠠᠬᠢᠭᠰᠠᠨ ᠮᠡᠷᠭᠡᠨ ᠦᠭᠡ ᠬᠡᠯᠡᠭᠰᠡᠨ ᠶᠦᠮ ᠪᠣᠢ? ᠶᠠᠭ ᠯᠠ ᠮᠢᠨᠦ ᠰᠡᠳᠬᠢᠯ ᠤᠬᠠᠭᠠᠨ ᠳ᠋ᠠᠭᠠᠨ( ᠳ᠋ᠤ᠌ ᠪᠠᠨ) ᠪᠣᠳᠣᠵᠤ ᠪᠠᠢᠭᠰᠠᠨ ᠦᠭᠡ ᠶ᠋ᠢ᠂ ᠮᠢᠨᠦᠬᠢ ᠪᠡᠷ ᠴᠦ᠍ ᠪᠠᠷᠠᠬᠤ ᠦᠭᠡᠢ᠂ ᠽᠠᠮᠪᠤᠲᠢᠪ ᠤ᠋ᠨ ᠠᠷᠢᠭᠤᠨ ᠰᠡᠳᠬᠢᠯᠲᠦ ᠴᠢᠩ ᠰᠢᠳᠤᠷᠭᠤ ᠬᠥᠮᠦᠨ ᠪᠦᠭᠦᠳᠡ ᠶ᠋ᠢᠨ ᠦᠭᠡ ᠶ᠋ᠢ ᠰᠡᠳᠬᠢᠯ ᠵᠢᠷᠦᠬᠡᠨ ᠦ᠌ ᠤᠭ ᠠ᠋ᠴᠠ ᠨᠢ ᠴᠢᠩᠨᠠᠵᠤ ᠮᠡᠳᠡᠭᠰᠡᠨ ᠶᠦᠮ ᠰᠢᠭ ᠰᠦᠷᠡᠬᠡᠢ ᠬᠡᠯᠡᠵᠡᠢ ᠳᠡ ᠭᠡᠵᠦ ᠪᠣᠳᠣᠭᠠᠳ ᠡᠪᠦᠭᠡᠨ ᠳᠠᠬᠢᠨ ᠥᠨᠥᠬᠢ ᠬᠠᠢᠷᠠᠲᠠᠢ ᠴᠠᠭ ᠢ᠋ᠶ᠋ᠠᠨ ᠠᠪᠴᠤ᠂ ᠭᠡᠷᠡᠯᠲᠦ ᠲᠣᠭ᠎ᠠ ᠶ᠋ᠢ ᠨᠢ ᠬᠠᠷᠠᠭᠠᠳ ᠪᠣᠰᠳᠠᠭ ᠴᠤ᠌ ᠶᠤᠮ ᠪᠢᠯᠡ ᠤᠤ ᠳᠠ᠃ ᠨᠠᠷᠠ ᠪᠢᠲᠡᠭᠦᠦ᠂ ᠦᠷ ᠦ᠋ᠨ ᠬᠢᠷᠠᠭ᠎ᠠ ᠲᠤᠰᠬᠤ ᠶ᠋ᠢᠨ ᠡᠮᠦᠨᠡᠬᠢ ᠴᠢᠪ ᠴᠢᠮᠡᠭᠡ ᠦᠭᠡᠢ ᠳ᠋ᠦ᠍ ᠶᠠᠭᠤᠮ᠎ᠠ ᠪᠣᠳᠣᠬᠤ ᠳ᠋ᠤ᠌ ᠴᠡᠭᠡᠵᠢ ᠰᠠᠷᠠᠭᠤᠯ᠂ ᠤᠬᠠᠭᠠᠨ ᠲᠤᠩᠭᠠᠯᠠᠭ ᠶᠠᠭᠤᠲᠠᠢ ᠰᠠᠢᠬᠠᠨ ᠠᠵᠢ᠃ ᠣᠳᠣ ᠠᠵᠢᠯ ᠢ᠋ᠶ᠋ᠠᠨ ᠬᠢᠳᠡᠭ᠂ ᠪᠣᠰᠳᠠᠭ ᠴᠠᠭ ᠳᠥᠭᠥᠵᠡᠢ ᠭᠡᠵᠦ ᠪᠣᠳᠣᠭᠠᠳ᠂ ᠡᠬᠡᠨᠡᠷ ᠢ᠋ᠶ᠋ᠡᠨ ᠰᠡᠷᠡᠭᠡᠬᠦ ᠦᠭᠡᠢ ᠶᠦᠮ ᠰᠠᠨ ᠭᠡᠵᠦ ᠠᠶᠠᠷᠬᠠᠨ ᠭᠡᠭᠴᠢ ᠪᠡᠷ ᠪᠣᠰᠴᠤ ᠭᠤᠲᠤᠯ ᠬᠤᠪᠴᠠᠰᠤ ᠪᠠᠨ ᠡᠮᠦᠰᠦᠭᠡᠳ ᠭᠡᠷ ᠡᠴᠡ ᠪᠡᠨ ᠴᠢᠮᠡᠭᠡ ᠦᠭᠡᠢ ᠭᠠᠷᠴᠠᠢ᠃ 
       ᠦᠷ ᠦ᠋ᠨ ᠬᠠᠷᠠᠩᠭᠤᠢ ᠪᠠᠷ ᠬᠣᠲᠠᠯᠠᠭᠰᠠᠨ ᠬᠣᠨᠢ ᠮᠠᠯ᠂ ᠦᠬᠡᠷ ᠲᠡᠮᠡᠭᠡ᠂ ᠤᠷᠭᠤᠭ᠎ᠠ ᠴᠢᠯᠠᠭᠤ ᠰᠢᠭ᠋ ᠦᠵᠡᠭᠳᠡᠨ᠂ ᠬᠣᠲᠠᠴᠢ ᠨᠣᠬᠠᠢ ᠰᠡᠭᠦᠯ ᠢ᠋ᠶ᠋ᠡᠨ ᠰᠢᠷᠪᠠᠵᠤ᠂ ᠰᠢᠷᠴᠢᠨ ᠦ᠌ ᠳᠡᠷᠭᠡᠳᠡ ᠬᠦᠷᠴᠦ ᠢᠷᠡᠭᠡᠳ᠂ ᠬᠣᠰᠢᠭᠤ ᠪᠠᠷ ᠢ᠋ᠶ᠋ᠠᠨ ᠭᠠᠷ ᠢ᠋ ᠨᠢ ᠲᠦᠯᠬᠢᠨ ᠡᠷᠬᠡᠯᠡᠵᠡᠢ᠃ ᠨᠣᠬᠠᠢ ᠪᠠᠨ ᠢᠯᠢᠵᠦ ᠡᠷᠬᠡᠯᠡᠭᠦᠯᠦᠭᠡᠳ ᠭᠡᠷ ᠲᠡᠢᠰᠢ ᠪᠡᠨ ᠡᠷᠭᠢᠵᠦ᠂ ᠡᠷᠦᠬᠡ ᠶ᠋ᠢᠨ ᠢ᠋ᠶ᠋ᠡᠨ ᠣᠭᠣᠰᠣᠷ ᠢ᠋ ᠲᠠᠢᠯᠵᠤ᠂ ᠡᠷᠦᠬᠡ ᠪᠡᠨ ᠰᠡᠭᠦᠵᠡᠢ᠃ ᠴᠡᠷᠡᠨ ᠲᠡᠷᠡ ᠵᠠᠪᠰᠠᠷ᠂ ᠬᠡᠳᠦᠢᠨ ᠪᠣᠰᠴᠤ᠂ ᠡᠪᠦᠭᠡᠨ ᠦ᠌ ᠪᠡᠨ ᠥᠭᠡᠳᠡ ᠡᠴᠡ ᠭᠠᠷᠴᠤ ᠢᠷᠡᠭᠡᠳ᠂  
       — ᠪᠢ ᠲᠠᠨ ᠤ᠋ ᠪᠣᠰᠤᠭᠰᠠᠨ ᠢ᠋ ᠮᠡᠳᠡᠭᠰᠡᠨ ᠦᠭᠡᠢ᠃ ᠡᠨᠡ ᠬᠡᠳᠦᠨ ᠬᠣᠨᠣᠭ ᠶᠡᠬᠡ ᠶᠠᠳᠠᠷᠠᠭᠠᠳ᠂ ᠶᠡᠷᠦ ᠰᠡᠷᠡᠬᠦ  ᠪᠡᠨ ᠪᠠᠢᠵᠠᠢ ᠭᠡᠵᠦ ᠬᠦᠯᠢᠴᠡᠯ ᠥᠴᠢᠬᠦ ᠮᠡᠲᠦ ᠳᠤᠤᠭᠠᠷᠴᠤ᠂ ᠲᠠ ᠨᠠᠮᠠᠶ᠋ᠢ(ᠨᠠᠮ᠎ᠠ ᠶ᠋ᠢ) ᠰᠡᠷᠡᠭᠡᠬᠦ ᠦᠭᠡᠢ ᠶᠠᠭᠠᠬᠢᠭ᠎ᠠ ᠪᠣᠢ? ᠭᠡᠬᠦ ᠳ᠋ᠦ᠍ᠨᠢ( ᠳ᠋ᠦ᠍ ᠨᠢ)᠂ 
       — ᠶᠡᠬᠡ ᠰᠠᠢᠬᠠᠨ ᠤᠨᠲᠠᠵᠤ ᠪᠠᠢᠬᠤ ᠳ᠋ᠤ᠌ ᠴᠢᠨᠢ᠂ ᠪᠢ ᠰᠡᠷᠡᠭᠡᠬᠦ ᠶ᠋ᠢ ᠪᠡᠨ ᠬᠠᠢᠷᠠᠯᠠᠭᠰᠠᠨ ᠭᠡᠵᠡᠢ᠃ 
       ᠴᠡᠷᠡᠨ ᠮᠠᠰᠢ ᠰᠤᠷᠮᠠᠭᠠᠢ ᠪᠠᠷ ᠭᠠᠯ ᠢ᠋ᠶ᠋ᠠᠨ ᠲᠦᠯᠡᠵᠦ᠂ ᠰᠢᠷᠡᠮᠦᠨ ᠲᠣᠭᠣᠭ᠎ᠠ ᠪᠠᠨ ᠵᠤᠤᠬᠠᠨ ᠳᠡᠭᠡᠷ᠎ᠡ ᠪᠡᠨ ᠲᠠᠯᠪᠢᠭᠠᠳ᠂ ᠴᠠᠰᠤ ᠬᠠᠢᠯᠤᠭᠤᠯᠵᠤ᠂ ᠨᠢᠭᠤᠷ ᠭᠠᠷ ᠤᠬᠢᠶᠠᠬᠤ ᠤᠰᠤ ᠵᠡᠰ ᠭᠦᠴᠡ ᠳ᠋ᠦ᠍ ᠬᠢᠭᠡᠳ ᠲᠦᠮᠫᠡᠨ ᠲᠡᠢ ᠬᠠᠮᠲᠤ ᠰᠢᠷᠴᠢᠨ ᠳ᠋ᠦ᠍ ᠲᠠᠯᠪᠢᠵᠤ ᠥᠭᠭᠦᠯ᠎ᠡ᠃ ᠲᠡᠮᠦᠷ ᠵᠤᠤᠬ᠎ᠠ ᠶ᠋ᠢᠨ ᠠᠮᠠᠰᠠᠷ ᠤ᠋ᠨ ᠬᠠᠭᠠᠯᠲᠠᠨ ᠤ᠋ ᠨᠦᠬᠡ ᠪᠡᠷ ᠭᠡᠷ ᠦ᠋ᠨ ᠬᠠᠨᠠᠨ ᠳ᠋ᠤ᠌ ᠤᠯᠠᠪᠤᠷ ᠲᠤᠶᠠᠭ᠎ᠠ ᠲᠣᠰᠴᠤ᠂ ᠭᠡᠷ ᠲᠦ᠍ ᠶᠡᠬᠡᠯ᠎ᠡ(ᠶᠡᠬᠡ ᠯᠡ) ᠳᠤᠯᠠᠭᠠᠬᠠᠨ ᠰᠠᠢᠬᠠᠨ ᠪᠣᠯᠤᠭᠠᠳ ᠢᠷᠡᠵᠡᠢ᠃ ᠰᠢᠷᠴᠢᠨ᠂ ᠯᠡ ᠪᠠᠷᠢᠭᠠᠳ ᠬᠣᠢᠮᠣᠷ ᠲᠠᠭᠠᠨ ( ᠲᠤ ᠪᠠᠨ) ᠰᠠᠭᠤᠳᠠᠭ ᠪᠠᠢᠷᠢᠨ ᠳ᠋ᠠᠭᠠᠨ ( ᠳ᠋ᠤ᠌ ᠪᠠᠨ) ᠡᠵᠡᠨ ᠬᠥᠮᠦᠨ ᠰᠢᠭ ᠵᠠᠪᠢᠯᠠᠩᠬᠠᠨ ᠰᠠᠭᠤᠭᠠᠳ᠂ ᠤᠷᠢᠳᠤ ᠴᠠᠭ ᠲᠤ᠌ ᠰᠣᠨᠣᠮ ᠵᠠᠩᠭᠢ ᠶ᠋ᠢᠨ ᠳ᠋ᠦ᠍ ᠵᠠᠷᠤᠭᠳᠠᠵᠤ ᠪᠠᠢᠬᠤ  ᠳ᠋ᠠᠭᠠᠨ( ᠳ᠋ᠤ᠌ ᠪᠠᠨ) ᠬᠡᠵᠢᠶ᠎ᠡ ᠨᠢᠭᠡ ᠬᠣᠢᠮᠣᠷ ᠲᠠᠭᠠᠨ( ᠲᠤ ᠪᠠᠨ) ᠣᠷᠣᠭᠰᠢ ᠪᠠᠨ ᠬᠠᠷᠠᠵᠤ ᠰᠠᠭᠤᠳᠠᠭ ᠴᠠᠭ ᠢ᠋ᠶ᠋ᠠᠨ ᠦᠵᠡᠬᠦ ᠪᠢᠯᠡ? ᠭᠡᠵᠦ ᠪᠣᠳᠣᠳᠠᠭ ᠪᠠᠢᠭᠰᠠᠨ ᠢ᠋ᠶ᠋ᠠᠨ ᠰᠠᠨᠠᠭᠠᠳ᠂ ᠣᠳᠣ ᠲᠡᠷᠡ ᠴᠠᠭ ᠢᠷᠡᠵᠦ᠂ ᠴᠡᠷᠡᠨ ᠲᠡᠢ ᠪᠡᠨ ᠬᠣᠶᠠᠭᠤᠯᠠ ᠪᠠᠨ ᠠᠵᠤ ᠲᠥᠷᠥᠨ ᠠᠮᠢ ᠵᠢᠭᠤᠬᠤ ᠶ᠋ᠢᠨ ᠢ᠋ᠶ᠋ᠡᠨ ᠡᠵᠡᠨ ᠪᠣᠯᠳᠠᠭ ᠴᠠᠭ ᠢᠷᠡᠭᠡᠳ᠂ ᠦᠷ᠎ᠡ ᠬᠡᠦᠬᠡᠳ ᠮᠠᠨᠢ ᠨᠠᠮ ᠵᠠᠰᠠᠭ ᠤ᠋ᠨ ᠢ᠋ᠶ᠋ᠠᠨ ᠠᠴᠢ ᠪᠠᠷ ᠡᠷᠬᠡ ᠵᠢᠷᠭᠠᠯ ᠢ᠋ᠶ᠋ᠠᠷ ᠢ᠋ᠶ᠋ᠠᠨ ᠥᠰᠴᠦ᠂ ᠴᠡᠷᠡᠨ ᠪᠢᠳᠡ ᠬᠣᠶᠠᠷ ᠰᠢᠭ᠋ ᠪᠠᠭ᠎ᠠ ᠨᠠᠰᠤᠨ ᠳ᠋ᠠᠭᠠᠨ( ᠳ᠋ᠤ᠌ ᠪᠠᠨ) ᠬᠥᠮᠦᠨ ᠳ᠋ᠦ᠍ ᠵᠠᠷᠤᠭᠳᠠᠬᠤ ᠶ᠋ᠢᠨ ᠵᠣᠪᠠᠯᠠᠩ ᠢ᠋ ᠬᠡᠵᠢᠶ᠎ᠡ ᠴᠦ᠍ ᠦᠵᠡᠬᠦ ᠦᠭᠡᠢ ᠪᠣᠯᠵᠠᠢ ᠭᠡᠵᠦ ᠪᠠᠶᠠᠷᠯᠠᠨ ᠪᠣᠳᠣᠯ᠎ᠠ᠃  
       — ᠪᠢ ᠰᠲ᠋ᠠᠯᠢᠨ ᠢ᠋ ᠵᠡᠭᠦᠳᠦᠯᠡᠭᠰᠡᠨ ᠰᠢᠦ᠃ ᠮᠠᠨ ᠤ᠋ ᠳ᠋ᠤ᠌ ᠣᠷᠣᠭᠠᠳ ᠢᠷᠡᠵᠦ᠂ ᠶᠠᠭ ᠯᠠ ᠮᠠᠨ ᠤ᠋ ᠳ᠋ᠤ᠌ ᠪᠠᠢᠳᠠᠭ ᠵᠢᠷᠤᠭ ᠲᠠᠢ ᠪᠠᠨ ᠠᠪ ᠠᠳᠠᠯᠢᠬᠠᠨ ᠪᠠᠢᠬᠤ ᠳ᠋ᠤᠨᠢ( ᠳ᠋ᠤ᠌ ᠨᠢ) ᠪᠢ ᠳᠣᠣᠷ᠎ᠠ ᠪᠠᠨ ᠲᠠᠨᠢᠭᠠᠳ᠂ ᠪᠠᠶᠠᠷᠯᠠᠭᠰᠠᠨ ᠢ᠋ᠶ᠋ᠠᠨ ᠬᠡᠯᠡᠬᠦ ᠤᠤ? ᠪᠠᠰᠠ ᠰᠠᠨᠠᠭ᠎ᠠ ᠵᠣᠪᠠᠵᠤ᠂ ᠲᠡᠷᠡ ᠶᠡᠬᠡ ᠬᠥᠮᠦᠨ ᠢ᠋ ᠮᠠᠭᠤ ᠭᠡᠷ ᠲᠡᠭᠡᠨ( ᠲᠤ ᠪᠡᠨ)ᠬᠠᠮᠢᠭ᠎ᠠ ᠪᠠᠨ ᠴᠤ᠌ ᠰᠠᠭᠤᠯᠭᠠᠵᠤ᠂ ᠶᠠᠭᠤ ᠪᠠᠷ ᠢ᠋ᠶ᠋ᠠᠨ ᠴᠤ᠌ ᠬᠦᠨᠳᠦᠯᠡᠬᠦ ᠪᠡᠨ ᠣᠯᠵᠤ ᠶᠠᠳᠠᠨ ᠰᠠᠨᠳᠤᠷᠬᠤ ᠳ᠋ᠠᠭᠠᠨ( ᠳ᠋ᠤ᠌ ᠪᠠᠨ) ᠠᠪᠳᠠᠷ᠎ᠠ ᠪᠠᠨ ᠠᠭᠤᠳᠠᠯᠵᠤ᠂ ᠲᠠᠨ ᠤ᠋ ᠬᠠᠢᠷᠠᠲᠤ ᠮᠥᠩᠭᠥᠨ ᠠᠶᠠᠭ᠎ᠠ ᠭᠠᠷᠭᠠᠭᠠᠳ ᠬᠠᠳᠠᠭ ᠢ᠋ᠶ᠋ᠠᠷ ᠠᠷᠴᠢᠵᠤ ᠰᠦ ᠪᠠᠷᠢᠭᠠᠳ᠂ ᠡᠯᠢᠭᠡ ᠪᠦᠲᠦᠨ᠂ ᠰᠠᠨᠠᠭ᠎ᠠ ᠠᠮᠤᠷ᠂ ᠰᠠᠪᠠ ᠳᠦᠭᠦᠷᠡᠩ ᠵᠢᠷᠭᠠᠯ ᠲᠠᠢ ᠰᠠᠭᠤᠵᠤ᠂ ᠦᠷ᠎ᠡ ᠬᠡᠦᠬᠡᠳ ᠦ᠋ᠨ ᠢ᠋ᠶ᠋ᠡᠨ ᠡᠩᠬᠡ ᠵᠢᠷᠭᠠᠯ ᠲᠠᠢ᠂ ᠡᠷᠳᠡᠮ ᠨᠣᠮ ᠲᠠᠢ ᠪᠣᠯᠵᠤ ᠶᠠᠪᠤᠭ᠎ᠠ ᠳ᠋ᠤᠨᠢ( ᠳ᠋ᠤ᠌ ᠨᠢ) ᠦᠨᠡᠨ ᠰᠡᠳᠬᠢᠯ ᠡᠴᠡ ᠪᠡᠨ ᠪᠠᠶᠠᠷ ᠬᠦᠷᠭᠡᠵᠦ ᠲᠠᠯ᠎ᠠ ᠥᠭᠬᠦ ᠭᠡᠳ ᠰᠦᠷᠳᠡᠨ ᠡᠮᠢᠶᠡᠵᠦ᠂ ᠬᠡᠯᠡᠬᠦ ᠭᠡᠰᠡᠨ ᠦᠭᠡ ᠪᠡᠨ ᠬᠡᠯᠡᠵᠦ ᠴᠢᠳᠠᠯ ᠦᠭᠡᠢ ᠪᠠᠢᠲᠠᠯ᠎ᠠ᠂ ᠭᠠᠳᠠᠭ᠎ᠠ ᠲᠠᠨ ᠤ᠋ ᠠᠯᠬᠤᠬᠤ ᠴᠢᠮᠡᠭᠡ ᠪᠡᠷ ᠰᠡᠷᠢᠴᠢᠯ᠎ᠡ(ᠰᠡᠷᠡᠴᠢᠬᠡᠯ᠎ᠡ) ᠭᠡᠵᠦ ᠴᠡᠷᠡᠨ ᠦ᠌ ᠪᠠᠶᠠᠷᠯᠠᠨ ᠢᠨᠢᠶᠡᠮᠰᠦᠭᠯᠡᠵᠦ ᠬᠡᠯᠡᠬᠦ ᠳ᠋ᠦ᠍᠂ 
       — ᠪᠢ ᠴᠦ᠍ ᠪᠠᠰᠠ ᠰᠡᠷᠢᠭᠡᠳ(ᠰᠡᠷᠡᠭᠡᠳ) ᠲᠡᠷᠡ ᠶᠡᠬᠡ ᠬᠥᠮᠦᠨ ᠢ᠋ ᠰᠡᠳᠬᠢᠨ ᠪᠣᠳᠣᠭᠰᠠᠨ ᠪᠢᠯᠡ᠃ ᠽᠠᠮᠪᠤᠲᠢᠪ ᠤ᠋ᠨ ᠰᠢᠳᠤᠷᠭᠤ ᠬᠥᠮᠦᠨ ᠪᠦᠬᠦᠨ ᠭᠡᠭᠡᠨ ᠡᠳᠦᠷ ᠴᠡᠭᠡᠵᠢᠨ ᠳ᠋ᠡᠭᠡᠨ ( ᠳ᠋ᠦ᠍ ᠪᠡᠨ)᠂ ᠬᠠᠷᠠᠩᠭᠤᠢ ᠰᠥᠨᠢ ᠵᠡᠭᠦᠳᠦᠨ ᠳ᠋ᠡᠭᠡᠨ( ᠳ᠋ᠦ᠍ ᠪᠡᠨ) ᠲᠡᠷᠡ ᠶᠡᠬᠡ ᠠᠴᠢᠲᠠᠨ ᠬᠥᠮᠦᠨ ᠢ᠋ ᠰᠡᠳᠬᠢᠨ ᠰᠠᠨᠠᠵᠤ ᠶᠠᠪᠤᠳᠠᠭ ᠰᠢᠦ ᠳᠡ᠃ ᠲᠠ ᠰᠠᠢᠬᠠᠨ ᠵᠡᠭᠦᠳᠦ ᠵᠡᠭᠦᠳᠦᠯᠡᠵᠡᠢ᠃ ᠡᠩᠬᠡ ᠲᠥᠷᠥ ᠶ᠋ᠢᠨ ᠡᠭᠡᠯ ᠵᠢᠷ ᠦ᠋ᠨ ᠪᠢᠳᠡ ᠴᠡᠭᠡᠵᠢ ᠲᠡᠨᠢᠭᠡᠷ ᠪᠣᠯᠬᠤ ᠳᠤᠰᠤᠮ᠎ᠠ(ᠲᠣᠰᠤᠮ ᠢ᠋ᠶ᠋ᠠᠨ)᠂ ᠪᠣᠳᠣᠬᠤ ᠪᠣᠳᠣᠯ᠂ ᠵᠡᠭᠦᠳᠦᠯᠡᠬᠦ ᠵᠡᠭᠦᠳᠦ ᠬᠦᠷᠲᠡᠯ᠎ᠡ ᠪᠡᠨ ᠣᠨᠳᠣᠣ ᠪᠣᠯᠳᠠᠭ ᠶᠤᠮ ᠪᠠᠢᠨ᠎ᠠ ᠰᠢᠦ ᠳᠡ ᠭᠡᠵᠡᠢ᠃  
       ᠴᠡᠷᠡᠨ ᠴᠠᠢ ᠳ᠋ᠠᠭᠠᠨ( ᠳ᠋ᠤ᠌ ᠪᠠᠨ) ᠲᠣᠰᠣ ᠬᠢᠭᠡᠳ ᠬᠡᠳᠦ ᠰᠠᠮᠤᠷᠴᠤ᠂ ᠲᠣᠰᠣ ᠲᠠᠢ ᠬᠢᠴᠡ ᠲᠡᠢ ᠰᠠᠢᠬᠠᠨ ᠦᠨᠦᠷ ᠬᠠᠩᠬᠤᠯᠤᠭᠰᠠᠨ ᠴᠠᠢ ᠶ᠋ᠢᠨ ᠢ᠋ᠶ᠋ᠡᠨ ᠳᠡᠭᠡᠵᠢ ᠶ᠋ᠢ ᠤᠮᠠᠷ᠎ᠠ ᠵᠦᠭ ᠰᠲ᠋ᠠᠯᠢᠨ ᠳ᠋ᠤ᠌ ᠡᠷᠭᠦᠬᠦ ᠭᠡᠵᠦ ᠭᠠᠳᠠᠭ᠎ᠠ ᠭᠠᠷᠴᠠᠢ᠃ ᠭᠡᠰᠡᠷ ᠲᠠᠪᠤᠨ ᠬᠠᠭᠠᠨ ᠢ᠋ᠶ᠋ᠠᠨ ᠵᠤᠤᠬᠠᠨ ᠳ᠋ᠠᠭᠠᠨ( ᠳ᠋ᠤ᠌ ᠪᠠᠨ) ᠰᠢᠲᠠᠭᠠᠭᠰᠠᠨ ᠠ᠋ᠴᠠ ᠬᠣᠢᠰᠢ᠂ ᠥᠷᠯᠥᠭᠡ ᠶ᠋ᠢᠨ ᠢ᠋ᠶ᠋ᠡᠨ ᠴᠠᠢ ᠶ᠋ᠢᠨ ᠳᠡᠭᠡᠵᠢ ᠶ᠋ᠢ ᠤᠯᠤᠰ ᠮᠣᠩᠭᠣᠯ ᠤ᠋ᠨ ᠡᠩᠬᠡ ᠵᠢᠷᠭᠠᠯ ᠢ᠋ ᠵᠣᠬᠢᠶᠠᠨ ᠥᠭᠭᠦᠭᠰᠡᠨ ᠲᠡᠷᠡ ᠡᠷᠬᠢᠮ ᠬᠥᠮᠦᠨ ᠳ᠋ᠦ᠍ ᠤᠮᠠᠷ᠎ᠠ ᠲᠡᠰᠢ(ᠲᠠᠢᠰᠢ) ᠠᠯᠤᠰ ᠮᠣᠰᠺᠸᠠ ᠶ᠋ᠢᠨ ᠵᠦᠭ᠂ ᠪᠠᠰᠠ ᠰᠲ᠋ᠠᠯᠢᠨ ᠤ᠋ ᠠᠤᠭ᠎ᠠ ᠶᠡᠬᠡ ᠤᠯᠤᠰ ᠲᠠᠢ ᠤᠯᠤᠰ ᠲᠦᠮᠡᠨ ᠦ᠌ ᠪᠡᠨ ᠬᠤᠪᠢ ᠵᠣᠬᠢᠶᠠᠯ ᠢ᠋ ᠡᠭᠦᠷᠢᠳᠡ ᠬᠣᠯᠪᠣᠵᠤ ᠥᠭᠭᠦᠭᠰᠡᠨ ᠮᠠᠷᠱᠠᠯ ᠳ᠋ᠠᠭᠠᠨ( ᠳ᠋ᠤ᠌ ᠪᠠᠨ) ᠭᠡᠵᠦ ᠵᠡᠭᠦᠨ ᠵᠦᠭ ᠪᠠᠭᠠᠲᠤᠷ ᠬᠣᠲᠠ ᠶ᠋ᠢᠨ ᠳᠠᠰᠢ(ᠲᠡᠢᠰᠢ) ᠡᠷᠭᠦᠵᠦ ᠰᠠᠴᠤᠳᠠᠭ ᠪᠠᠢᠵᠠᠢ᠃ ᠭᠡᠷ ᠲᠡᠭᠡᠨ( ᠲᠤ ᠪᠡᠨ) ᠣᠷᠣᠭᠠᠳ᠂ 
       — ᠰᠠᠢᠬᠠᠨ ᠴᠡᠯᠮᠡᠭ ᠡᠳᠦᠷ ᠪᠣᠯᠬᠤ ᠨᠢ ᠳᠡ ᠥᠨᠥᠳᠥᠷ ᠭᠡᠵᠦ ᠴᠠᠢ᠂ ᠦᠳᠡᠰᠢ ᠶ᠋ᠢᠨ ᠦᠯᠡᠳᠡᠭᠰᠡᠨ ᠮᠢᠬ᠎ᠠ ᠲᠠᠢ ᠲᠠᠪᠠᠭ᠂ ᠠᠭᠠᠷᠤᠤᠯ ᠬᠤᠷᠤᠳ᠂ ᠪᠠᠰᠠ ᠠᠷᠭᠠᠯ ᠤ᠋ᠨ ᠤᠲᠤᠭ᠎ᠠ ᠶ᠋ᠢᠨ ᠠᠶᠠᠲᠠᠢᠬᠠᠨ ᠦᠨᠦᠷ ᠬᠠᠩᠬᠤᠯᠤᠭᠰᠠᠨ᠂ ᠬᠥᠯᠳᠡᠭᠦᠦ ᠰᠠᠢᠬᠠᠨ ᠰᠢᠷ᠎ᠠ ᠲᠣᠰᠣ ᠬᠠᠭᠠᠯᠵᠤ ᠲᠠᠯᠪᠢᠭᠰᠠᠨ ᠲᠠᠪᠠᠭ ᠳᠥᠬᠥᠭᠦᠯᠵᠡᠢ᠃ 
       ᠠᠮᠲᠠᠲᠠᠢ ᠭᠡᠭᠴᠢ ᠶ᠋ᠢᠨ ᠲᠡᠷᠡ ᠬᠥᠯᠳᠡᠭᠦᠦ ᠲᠣᠰᠣ ᠠ᠋ᠴᠠ ᠨᠢ ᠳᠡᠰ ᠳᠡᠰ ᠬᠢᠲᠡᠯ᠎ᠡ ᠵᠠᠵᠢᠯᠵᠤ ᠢᠳᠡᠬᠦ ᠳ᠋ᠡᠭᠡᠨ( ᠳ᠋ᠦ᠍ ᠪᠡᠨ)᠂ ᠰᠢᠷᠴᠢᠨ᠂ 
       — ᠯᠸᠨᠢᠨᠮ᠎ᠠ ᠳ᠋ᠠᠭᠠᠨ( ᠳ᠋ᠤ᠌ ᠪᠠᠨ) ᠲᠣᠰᠣ ᠶᠠᠪᠤᠭᠤᠯᠬᠤ ᠶᠤᠮᠰᠠᠨ᠃ ᠣᠳᠣ ᠲᠣᠰᠣ ᠨᠢ ᠳᠠᠭᠤᠰᠴᠤ ᠪᠠᠢᠭ᠎ᠠ ᠪᠠᠢᠬᠤ᠃ ᠬᠠᠭᠤᠴᠢᠨ ᠤ᠋ ᠤᠯᠤᠰ᠂ ᠡᠳᠦᠷ ᠪᠦᠷᠢ ᠨᠢᠭᠡ ᠯᠠᠩ ᠲᠣᠰᠣ ᠢᠳᠡᠵᠦ ᠪᠠᠢᠪᠠᠯ ᠪᠡᠶ᠎ᠡ ᠳ᠋ᠦ᠍ ᠰᠠᠢᠨ᠂ ᠤᠬᠠᠭᠠᠨ ᠰᠠᠷᠠᠭᠤᠯ ᠪᠣᠯᠳᠠᠭ ᠭᠡᠵᠦ ᠤᠴᠢᠷ ᠲᠠᠢ ᠦᠭᠡ ᠳᠠᠭ ᠰᠢᠦ ᠭᠡᠬᠦ ᠳ᠋ᠦ᠍ᠨᠢ( ᠳ᠋ᠦ᠍ ᠨᠢ)᠂ 
       — ᠪᠢ ᠤᠳᠬᠤᠨ ᠵᠢᠭᠠᠯ ᠳ᠋ᠠᠭᠠᠨ( ᠳ᠋ᠤ᠌ ᠪᠠᠨ) ᠶᠠᠪᠤᠭᠤᠯᠬᠤ ᠶᠠᠭᠤᠮ᠎ᠠ ᠪᠠᠨ ᠬᠡᠳᠦᠢᠨ ᠪᠡᠯᠡᠳᠦᠭᠰᠡᠨ᠂ ᠠᠳᠢᠶ᠎ᠠ ᠰᠤᠷᠭᠠᠭᠤᠯᠢ ᠳ᠋ᠤ᠌ ᠪᠠᠢᠭ᠎ᠠ ᠵᠢᠭᠠᠯ ᠥᠬᠢᠨ ᠢ᠋ᠶ᠋ᠡᠨ ᠡᠷᠭᠢᠬᠦ ᠳ᠋ᠡᠭᠡᠨ( ᠳ᠋ᠦ᠍ ᠪᠡᠨ) ᠥᠨᠥᠳᠥᠷ ᠮᠠᠨᠠᠢᠬᠢ ᠪᠠᠷ ᠳᠠᠭᠠᠷᠢᠵᠤ᠂ ᠯᠸᠨᠢᠨᠮ᠎ᠠ ᠳ᠋ᠤ᠌ ᠶᠠᠪᠤᠭᠤᠯᠬᠤ ᠶᠠᠭᠤᠮ᠎ᠠ ᠠᠪᠤᠭᠠᠳ ᠶᠠᠪᠤᠨ᠎ᠠ ᠭᠡᠰᠡᠨ ᠭᠡᠵᠦ ᠦᠭᠡ ᠬᠡᠯᠡᠯᠴᠡᠨ ᠴᠠᠢ ᠪᠠᠨ ᠤᠤᠭᠤᠭᠠᠳ᠂ ᠴᠡᠷᠡᠨ ᠰᠠᠭᠠᠯᠢ ᠶ᠋ᠢᠨ ᠢ᠋ᠶ᠋ᠡᠨ ᠬᠤᠪᠢᠩ ᠠᠪᠴᠤ ᠦᠨᠢᠶ᠎ᠡ ᠪᠡᠨ ᠰᠠᠭᠠᠬᠤ ᠪᠠᠷ ᠭᠠᠷᠴᠠᠢ᠃ ᠰᠢᠷᠴᠢᠨ᠂ ᠴᠡᠷᠡᠨ ᠢ᠋ ᠦᠨᠢᠶ᠎ᠡ ᠪᠡᠨ ᠰᠠᠭᠠᠬᠤ᠂ ᠢᠪᠢᠯᠭᠡᠬᠦ ᠳ᠋ᠦ᠍ᠨᠢ( ᠳ᠋ᠦ᠍ ᠨᠢ)᠂ ᠲᠤᠭᠤᠯ ᠢ᠋ ᠨᠢ ᠭᠡᠷ ᠡᠴᠡ ᠭᠠᠷᠭᠠᠬᠤ᠂ ᠪᠠᠷᠢᠬᠤ ᠵᠡᠷᠭᠡ ᠪᠡᠷ ᠲᠤᠰᠠᠯᠠᠯᠴᠠᠵᠤ᠂ ᠦᠨᠢᠶ᠎ᠡ ᠰᠠᠭᠠᠵᠤ ᠭᠦᠢᠴᠡᠮᠡᠭᠴᠡ᠂ ᠬᠤᠷᠠᠭ᠎ᠠ ᠪᠠᠨ ᠫᠧᠩ ᠡᠴᠡ ᠪᠡᠨ᠂ ᠪᠠᠰᠠ ᠫᠧᠩ ᠳ᠋ᠡᠭᠡᠨ( ᠳ᠋ᠦ᠍ ᠪᠡᠨ) ᠪᠠᠭᠲᠠᠬᠤ ᠦᠭᠡᠢ ᠳ᠋ᠦ᠍ ᠪᠠᠷᠢᠭᠰᠠᠨ ᠬᠤᠷᠠᠭ᠎ᠠ ᠶ᠋ᠢᠨ ᠭᠡᠷ ᠡᠴᠡ ᠬᠤᠷᠠᠭ᠎ᠠ ᠢᠰᠢᠭᠡ ᠪᠡᠨ ᠭᠠᠷᠭᠠᠵᠤ ᠬᠥᠬᠥᠭᠦᠯᠬᠦ ᠳ᠋ᠦ᠍ᠨᠢ( ᠳ᠋ᠦ᠍ ᠨᠢ)᠂ ᠬᠣᠨᠢ ᠢᠮᠠᠭ᠎ᠠ᠂ ᠬᠤᠷᠠᠭ᠎ᠠ ᠢᠰᠢᠭᠡ ᠥᠷᠯᠥᠭᠡ ᠶ᠋ᠢᠨ ᠲᠤᠩᠭᠠᠯᠠᠭ ᠠᠭᠠᠷ ᠲᠤ᠌ ᠱᠤᠤᠭᠢᠨ ᠮᠠᠢᠯᠠᠯᠳᠤᠵᠤ᠂ ᠬᠤᠷᠠᠭ᠎ᠠ ᠢᠰᠢᠭᠡ ᠨᠢ ᠡᠬᠡ ᠪᠡᠨ ᠡᠷᠢᠵᠦ ᠭᠦᠶᠦᠯᠳᠦᠯ᠎ᠡ᠃ ᠬᠣᠶᠠᠷ ᠬᠥᠭᠰᠢᠨ᠂ ᠮᠠᠯᠴᠢ ᠨᠢᠳᠦ ᠲᠡᠢ ᠲᠤᠯᠠ ᠬᠣᠨᠢ ᠢᠮᠠᠭ᠎ᠠ᠂ ᠢᠰᠢᠭᠡ ᠬᠤᠷᠠᠭ᠎ᠠ ᠪᠠᠨ ᠶᠡᠷᠦ  ᠠᠨᠳᠤᠬᠤ ᠦᠭᠡᠢ ᠡᠬᠡ ᠶ᠋ᠢ ᠨᠢ ᠣᠯᠭᠣᠭᠤᠯᠵᠤ ᠪᠠᠢᠯ᠎ᠠ᠃ ᠭᠠᠳᠠᠭ᠎ᠠ ᠮᠠᠢᠯᠠᠯᠳᠤᠬᠤ ᠴᠢᠮᠡᠭᠡ ᠪᠡᠷ ᠭᠡᠷ ᠲᠦ᠋ᠨᠢ( ᠲᠤ ᠨᠢ) ᠪᠠᠢᠭᠰᠠᠨ ᠬᠤᠷᠠᠭ᠎ᠠ ᠢᠰᠢᠭᠡ ᠮᠠᠢᠯᠠᠯᠳᠤᠨ᠂ ᠭᠠᠳᠠᠭᠰᠢ ᠭᠠᠷᠭᠠᠬᠤ ᠳ᠋ᠤᠨᠢ( ᠳ᠋ᠤ᠌ ᠨᠢ) ᠡᠬᠡ ᠶ᠋ᠢ ᠪᠡᠨ ᠬᠥᠬᠥᠵᠦ᠂ ᠰᠠᠨᠠᠭ᠎ᠠ ᠪᠠᠨ ᠠᠮᠤᠷᠴᠠᠭᠠᠵᠠᠢ᠃ ᠡᠬᠡ ᠶ᠋ᠢᠨ ᠢ᠋ᠶ᠋ᠡᠨ ᠳᠠᠯᠠᠩ ᠢ᠋ ᠦᠶ᠎ᠡ ᠦᠶ᠎ᠡ ᠶᠣᠪᠣᠷᠤᠩᠬᠠᠨ ᠬᠥᠬᠥᠵᠦ ᠪᠠᠢᠬᠤ ᠲᠡᠷᠡ ᠰᠠᠮᠪᠠᠭᠠᠨ ᠳ᠋ᠤᠨᠢ( ᠳ᠋ᠤ᠌ ᠨᠢ)᠂ ᠬᠣᠶᠠᠷ ᠬᠥᠭᠰᠢᠨ᠂ ᠬᠤᠷᠠᠭ᠎ᠠ ᠶ᠋ᠢᠨ ᠫᠦᠨᠽ( ᠫᠦᠨᠵᠡ)᠂ ᠭᠡᠷ ᠳᠣᠲᠣᠷ᠎ᠠ ᠨᠢ ᠴᠡᠪᠡᠷᠯᠡᠨ᠂ ᠬᠣᠭ ᠰᠡᠭ ᠲᠠᠲᠠᠯᠠᠵᠤ᠂ ᠳᠡᠪᠢᠰᠬᠦ ᠪᠠᠭᠤᠴᠠ ᠶ᠋ᠢ ᠨᠢ ᠰᠣᠯᠢᠭᠠᠳ᠂ ᠥᠪᠡᠷ ᠦ᠋ᠨ ᠢ᠋ᠶ᠋ᠡᠨ ᠭᠡᠷ ᠳᠣᠲᠣᠷ᠎ᠠ ᠲᠠᠲᠠᠯᠠᠵᠠᠢ᠃ ᠲᠡᠭᠡᠭᠡᠳ᠂ ᠬᠥᠬᠥᠵᠦ ᠴᠠᠳᠤᠭᠰᠠᠨ ᠬᠤᠷᠠᠭ᠎ᠠ ᠢᠰᠢᠭᠡ ᠪᠡᠨ ᠪᠠᠷᠢᠵᠤ᠂ ᠫᠧᠩ ᠲᠡᠢ ᠬᠠᠰᠢᠶᠠᠨ ᠳ᠋ᠠᠭᠠᠨ( ᠳ᠋ᠤ᠌ ᠪᠠᠨ) ᠣᠷᠣᠭᠤᠯᠤᠭᠠᠳ᠂ ᠰᠢᠷᠡᠭᠡ ᠪᠥᠬᠦᠲᠡᠢ ᠲᠣᠮᠣ ᠭᠡᠭᠴᠢ ᠬᠠᠢᠷᠠᠲᠠᠢ ᠠᠳᠠ ᠪᠠᠨ ᠵᠡᠯ᠎ᠡ ᠡᠴᠡ ᠲᠠᠢᠯᠵᠤ ᠤᠨᠤᠭᠠᠳ ᠡᠪᠦᠭᠡᠨ᠂ ᠲᠡᠮᠡᠭᠡ ᠦᠬᠡᠷ ᠢ᠋ᠶ᠋ᠡᠨ ᠲᠤᠯᠤᠭᠠᠳ ᠤ᠋ᠨ ᠵᠦᠭ ᠪᠡᠯᠴᠢᠭᠡᠬᠦ ᠪᠡᠷ ᠭᠠᠷᠪᠠ᠃ ᠣᠷᠴᠢᠨ ᠲᠣᠭᠣᠷᠢᠨ ᠨᠢᠳᠦ ᠬᠦᠷᠬᠦ ᠭᠠᠵᠠᠷ ᠡᠨᠳᠡ ᠲᠡᠨᠳᠡ ᠭᠠᠵᠠᠷ ᠨᠢ ᠬᠠᠷᠠᠯᠠᠨ ᠴᠤᠬᠤᠢᠭᠰᠠᠨ ᠲᠤᠯᠤᠭᠠᠳ ᠪᠣᠯᠤᠭᠰᠠᠨ ᠠᠭᠤᠵᠢᠮ ᠲᠠᠯ᠎ᠠ ᠦᠵᠡᠭᠳᠡᠵᠦ᠂ ᠴᠠᠭᠠᠯᠵᠢ ᠬᠠᠭᠳᠠ ᠴᠠᠰᠤᠨ ᠳᠣᠣᠷ᠎ᠠ ᠠ᠋ᠴᠠ ᠴᠤᠬᠤᠢᠵᠤ᠂ ᠥᠳᠬᠡᠨ ᠤᠷᠭᠤᠭᠰᠠᠨ ᠭᠠᠵᠠᠷ ᠲᠠᠭᠠᠨ( ᠲᠤ ᠪᠠᠨ) ᠶᠠᠮᠠᠷᠬᠠᠨ ᠨᠢᠭᠡᠨ ᠲᠣᠮᠣ ᠠᠷᠢᠶᠠᠲᠠᠨ ᠤ᠋ ᠦᠰᠦ ᠰᠢᠭ ᠰᠢᠷᠠᠯᠠᠨ ᠬᠠᠯᠢᠭᠤᠷᠠᠵᠤ ᠦᠵᠡᠭᠳᠡᠬᠦ ᠠᠵᠢ᠃ ᠨᠢᠭᠡᠨ ᠰᠦᠷᠦᠭ ᠣᠯᠠᠨ ᠵᠡᠭᠡᠷ᠎ᠡ ᠣᠢᠷ᠎ᠠ ᠶ᠋ᠢᠨ ᠬᠥᠲᠥᠯ ᠳᠡᠭᠡᠷ᠎ᠡ ᠭᠠᠷᠤᠭᠠᠳ᠂ ᠥᠷᠯᠥᠭᠡ ᠶ᠋ᠢᠨ ᠨᠠᠷᠠᠨ ᠤ᠋ ᠭᠡᠷᠡᠯ ᠰᠠᠴᠤᠷᠠᠭ ᠲᠤ᠌ ᠰᠢᠷᠭᠠᠯᠲᠤᠨ ᠬᠠᠷᠠᠭᠳᠠᠵᠠᠢ᠃  
       ᠵᠢᠬᠡᠭᠦᠨ ᠠᠭᠠᠷ ᠤ᠋ᠨ ᠬᠦᠢᠲᠡᠨ ᠬᠡᠢ ᠶ᠋ᠢ ᠵᠢᠭᠦᠷ ᠢ᠋ᠶ᠋ᠡᠷ ᠢ᠋ᠶ᠋ᠡᠨ ᠱᠤᠤᠭᠢᠭᠤᠯᠤᠨ ᠬᠠᠭᠠᠯᠵᠤ᠂ ᠲᠣᠮᠣᠬᠠᠨ ᠬᠡᠷᠢᠶ᠎ᠡ ᠥᠷᠥᠨ᠎ᠡ ᠵᠦᠭ ᠨᠢᠰᠦᠨ ᠥᠩᠭᠡᠷᠡᠵᠡᠢ᠃ ᠰᠢᠷᠴᠢᠨ ᠦ᠌ ᠬᠤᠷᠴᠠ ᠨᠢᠳᠦ ᠨᠢ ᠨᠢᠭᠡ ᠲᠣᠯᠣᠭᠠᠢ ᠶ᠋ᠢᠨ ᠬᠣᠷᠮᠣᠢ ᠳ᠋ᠤ᠌ ᠤᠯᠠᠭᠠᠨ ᠦᠨᠡᠭᠡᠨ ᠦ᠌ ᠪᠠᠷ᠎ᠠ ᠬᠡᠳᠦᠢᠨ ᠠᠵᠢᠭᠯᠠᠨ ᠬᠠᠷᠠᠵᠤ᠂ ᠡᠵᠡᠭᠦᠢ ᠴᠢᠮᠡᠭᠡ ᠦᠭᠡᠢ ᠬᠡᠭᠡᠷ᠎ᠡ ᠭᠠᠵᠠᠷ᠂ ᠶᠡᠷᠦ ᠠᠵᠢᠭᠯᠠᠪᠠᠯ ᠠᠮᠢᠲᠠᠨ ᠳᠦᠭᠦᠷᠡᠩ ᠠᠵᠢᠶᠠᠮᠤ᠃ 
       ᠨᠢᠭᠡ ᠬᠥᠲᠥᠯ ᠦ᠋ᠨ ᠨᠥᠮᠥᠷᠢ ᠳ᠋ᠦ᠍ ᠦᠬᠡᠷ ᠢ᠋ᠶ᠋ᠡᠨ ᠦᠯᠡᠳᠡᠭᠡᠵᠦ ᠲᠣᠭᠲᠠᠭᠠᠭᠠᠳ ᠡᠪᠦᠭᠡᠨ᠂ ᠲᠡᠮᠡᠭᠡ ᠪᠡᠨ ᠠᠭᠢ᠂ ᠶᠥᠷᠬᠥᠭ᠂ ᠳᠠᠷᠠᠰᠤ ᠡᠯᠪᠡᠭᠲᠡᠢ ᠭᠠᠵᠠᠷ ᠬᠦᠷᠭᠡᠵᠦ ᠰᠠᠯᠬᠢ ᠰᠥᠷᠦᠭᠦᠯᠦᠨ ᠲᠣᠭᠲᠠᠭᠠᠭᠠᠳ ᠭᠡᠷ ᠲᠡᠭᠡᠨ( ᠲᠤ ᠪᠡᠨ) ᠬᠠᠷᠢᠵᠠᠢ᠃ ᠭᠠᠳᠠᠭ᠎ᠠ ᠪᠠᠨ ᠳᠥᠭᠥᠵᠦ ᠶᠠᠪᠤᠬᠤ ᠳ᠋ᠤᠨᠢ( ᠳ᠋ᠤ᠌ ᠨᠢ) ᠡᠮᠡᠭᠡᠨ ᠨᠢ ᠠᠷᠤ ᠳ᠋ᠠᠭᠠᠨ( ᠳ᠋ᠤ᠌ ᠪᠠᠨ) ᠴᠠᠰᠤ ᠲᠠᠢ ᠠᠷᠤᠭ ᠡᠭᠦᠷᠦᠭᠡᠳ᠂ ᠬᠥᠲᠥᠯ ᠤᠷᠤᠭᠤ ᠪᠠᠭᠤᠵᠤ ᠠᠢᠰᠤᠢ ᠠᠵᠢ᠃ ᠲᠡᠭᠡᠬᠦ ᠳ᠋ᠦ᠍ᠨᠢ( ᠳ᠋ᠦ᠍ ᠨᠢ) ᠡᠪᠦᠭᠡᠨ᠂ ᠭᠣᠣᠯ ᠠ᠋ᠴᠠ ᠠᠪᠴᠢᠷᠠᠭᠰᠠᠨ ᠮᠥᠰᠥ ᠳᠦᠭᠦᠷᠦᠭᠰᠡᠨ ᠢ᠋ᠶ᠋ᠡᠨ ᠰᠠᠨᠠᠵᠤ᠂ ᠥᠴᠥᠭᠡᠳᠦᠷ ᠮᠥᠰᠥᠨ ᠳ᠋ᠦ᠍ ᠶᠠᠪᠤᠭᠠᠳ ᠢᠷᠡᠳᠡᠭ ᠶᠦᠮ ᠰᠠᠨ ᠪᠠᠢᠵᠤ ᠯᠠ ᠳᠠ᠂ ᠬᠥᠲᠥᠯ ᠦ᠋ᠨ ᠠᠷᠤ ᠠ᠋ᠴᠠ ᠴᠠᠰᠤ ᠡᠭᠦᠷᠴᠦ ᠶᠠᠪᠤᠬᠤ ᠠ᠋ᠴᠠ ᠭᠡᠵᠦ ᠪᠣᠳᠣᠵᠠᠢ᠃ ᠴᠡᠷᠡᠨ ᠭᠠᠳᠠᠭ᠎ᠠ ᠪᠠᠨ ᠬᠦᠷᠴᠦ ᠢᠷᠡᠭᠡᠳ᠂ ᠭᠡᠷ ᠦ᠋ᠨ ᠬᠠᠶᠠᠭᠠᠨ ᠳ᠋ᠤ᠌ ᠴᠠᠰᠤ ᠲᠠᠢ ᠠᠷᠤᠭ ᠢ᠋ᠶ᠋ᠠᠨ ᠪᠠᠭᠤᠯᠭᠠᠭᠠᠳ᠂   
       — ᠥᠨᠥᠳᠥᠷ ᠰᠠᠢᠬᠠᠨ ᠡᠳᠦᠷ ᠪᠣᠯᠬᠤ ᠨᠢ ᠠ᠋᠃ ᠪᠢ ᠬᠣᠨᠢ ᠪᠠᠨ ᠠᠷᠤ ᠲᠡᠢᠰᠢ ᠪᠡᠯᠴᠢᠭᠡᠯ᠎ᠡ ᠭᠡᠳ ᠬᠣᠶᠠᠷ ᠬᠥᠭᠰᠢᠨ᠂ ᠮᠠᠯ ᠤ᠋ᠨ ᠢ᠋ᠶ᠋ᠠᠨ ᠬᠡᠪᠲᠡᠰᠢ ᠲᠡᠢ ᠨᠣᠢᠲᠠᠨ ᠪᠠᠭᠠᠰᠤ ᠬᠦᠢᠳᠡᠰᠦ ᠠᠷᠢᠯᠭᠠᠵᠤ ᠡᠬᠢᠯᠡᠯ᠎ᠡ᠃ ᠲᠡᠭᠡᠭᠡᠳ ᠪᠠᠬᠠᠨ ᠡᠴᠡᠵᠦ ᠴᠤᠴᠠᠭᠠᠳ᠂ ᠬᠣᠶᠠᠭᠤᠯᠠ ᠪᠠᠨ ᠵᠡᠷᠭᠡᠴᠡᠨ ᠰᠠᠭᠤᠵᠤ᠂ ᠰᠢᠷᠴᠢᠨ ᠲᠦᠷᠡᠢ ᠡᠴᠡ ᠪᠡᠨ ᠭᠠᠩᠰᠠ ᠪᠠᠨ ᠭᠠᠷᠭᠠᠵᠤ᠂  ᠶᠡᠨᠯᠢᠶᠤᠤ ᠬᠣᠯᠢᠭᠰᠠᠨ ᠰᠠᠢᠬᠠᠨ ᠦᠨᠦᠷ ᠬᠠᠩᠬᠤᠯᠤᠭᠰᠠᠨ ᠳ᠋ᠦᠩᠰᠸᠩ(ᠳᠦᠩᠰᠡᠨ) ᠲᠠᠮᠠᠬᠢ ᠨᠡᠷᠡᠵᠦ ᠬᠡᠳᠦ ᠰᠣᠷᠣᠲᠠᠯ᠎ᠠ᠂ ᠴᠡᠷᠡᠨ ᠢᠨᠢᠶᠡᠮᠰᠦᠭᠯᠡᠵᠦ᠂  
       — ᠪᠢᠳᠡ ᠬᠣᠶᠠᠷ ᠥᠲᠡᠯᠵᠦ᠂ ᠭᠣᠷᠢ ᠦᠭᠡᠢ ᠪᠣᠯᠵᠤ ᠶᠠᠪᠤᠨ᠎ᠠ ᠳᠠ᠃ ᠤᠷᠢᠳᠤ ᠵᠠᠯᠠᠭᠤ ᠳ᠋ᠠᠭᠠᠨ( ᠳ᠋ᠤ᠌ ᠪᠠᠨ) ᠰᠣᠨᠣᠮ ᠵᠠᠩᠭᠢ ᠶ᠋ᠢᠨ ᠳ᠋ᠦ᠍ ᠵᠠᠷᠤᠭᠳᠠᠵᠤ ᠶᠠᠪᠤᠬᠤ ᠳ᠋ᠠᠭᠠᠨ( ᠳ᠋ᠤ᠌ ᠪᠠᠨ)᠂ ᠪᠢᠳᠡ ᠬᠣᠶᠠᠷ ᠮᠠᠯ ᠤ᠋ᠨ ᠬᠦᠢᠳᠡᠰᠦ ᠥᠷᠯᠥᠭᠡ ᠠᠷᠢᠯᠭᠠᠬᠤ ᠳ᠋ᠠᠭᠠᠨ( ᠳ᠋ᠤ᠌ ᠪᠠᠨ)᠂ ᠬᠡᠵᠢᠶ᠎ᠡ ᠠᠮᠠᠷᠠᠵᠤ ᠰᠠᠭᠤᠳᠠᠭ ᠰᠠᠨ ᠪᠢᠯᠡ? ᠣᠳᠣ ᠪᠠᠰᠠ ᠤᠳᠠᠬᠤ ᠦᠭᠡᠢ ᠤᠯᠠᠮ ᠶᠡᠬᠡ ᠠᠵᠢᠯ ᠨᠡᠮᠡᠭᠳᠡᠵᠦ᠂ ᠢᠮᠠᠭᠠᠨ ᠤ᠋ ᠨᠣᠯᠤᠤᠷ᠂ ᠠᠳᠤᠭᠤ ᠦᠬᠡᠷ ᠦ᠋ᠨ ᠬᠥᠭᠡᠪᠦᠷ ᠰᠠᠮᠨᠠᠬᠤ᠂ ᠲᠡᠭᠡᠭᠡᠳ ᠪᠠᠰᠠ ᠬᠣᠨᠢ ᠪᠠᠨ ᠬᠢᠷᠭᠠᠬᠤ ᠴᠠᠭ ᠢᠷᠡᠬᠦ ᠨᠢ ᠳᠡ᠃ ᠴᠢᠮᠬᠢ ᠴᠦ᠍ ᠨᠣᠣᠰᠣ ᠨᠣᠯᠤᠤᠷ ᠬᠠᠶᠠᠬᠤ ᠦᠭᠡᠢ᠂ ᠴᠥᠮ ᠢ᠋ ᠨᠢ ᠬᠢᠷᠭᠠᠵᠤ ᠰᠠᠮᠨᠠᠵᠤ ᠠᠪᠬᠤ ᠶᠤᠮ ᠰᠠᠨ᠃ ᠨᠢᠳᠤᠨᠤᠨ ᠪᠢᠳᠡ ᠲᠤᠷᠰᠢᠯᠭ᠎ᠠ ᠪᠠᠭᠠᠳᠤᠭᠠᠳ ᠢᠮᠠᠭ᠎ᠠ ᠪᠠᠨ ᠰᠠᠢᠨ ᠰᠠᠮᠨᠠᠵᠤ᠂ ᠬᠥᠭᠡᠪᠦᠷ ᠢ᠋ᠶ᠋ᠡᠨ ᠭᠦᠢᠴᠡᠳ ᠠᠪᠴᠤ ᠴᠢᠳᠠᠭᠰᠠᠨ ᠦᠭᠡᠢ᠂ ᠦᠨ᠎ᠡ ᠲᠡᠢ ᠲᠦᠭᠦᠬᠡᠢ ᠡᠳ᠋ ᠢ᠋ᠶ᠋ᠡᠨ ᠰᠠᠯᠬᠢᠨ ᠳ᠋ᠤ᠌ ᠬᠡᠢᠰᠬᠡᠵᠦ᠂ ᠡᠪᠦᠭᠡᠨ ᠰᠠᠮᠪᠤᠤ ᠭᠤᠸᠠᠢ ᠶ᠋ᠢᠨ ᠬᠡᠯᠡᠳᠡᠭ ᠢ᠋ᠶ᠋ᠡᠷ ᠤᠯᠤᠰ ᠲᠤ᠌ ᠬᠣᠬᠢᠷᠠᠯ ᠤᠴᠠᠷᠠᠭᠤᠯᠤᠯ᠎ᠠ᠃ ᠮᠠᠷᠱᠠᠯ᠂ ᠮᠠᠯᠴᠢᠨ ᠪᠢᠳᠡᠨ ᠳ᠋ᠦ᠍ ᠰᠤᠷᠭᠠᠨ ᠬᠡᠯᠡᠬᠦ ᠳ᠋ᠡᠭᠡᠨ( ᠳ᠋ᠦ᠍ ᠪᠡᠨ)᠂ ᠤᠩᠭᠠᠰᠤ ᠨᠣᠣᠰᠣ ᠪᠠᠨ ᠭᠠᠭᠴᠠ ᠴᠦ᠍ ᠭᠷᠠᠮ ᠬᠠᠶᠠᠯ ᠦᠭᠡᠢ᠂ ᠴᠥᠮ ᠢ᠋ ᠨᠢ ᠠᠰᠢᠭᠯᠠ ᠭᠡᠰᠡᠨ ᠪᠢᠯᠡ ᠯᠠ᠂ ᠪᠢᠳᠡ ᠠᠷᠠᠢ ᠯᠠ ᠪᠦᠯᠢ ᠥᠬᠡᠢᠳᠡᠭᠡᠳ᠂ ᠳᠦᠢᠭᠦᠢᠳᠡᠵᠦ ᠳᠡ᠃ 
       — ᠭᠠᠢᠭᠤᠢ᠂ ᠡᠨᠡ ᠵᠢᠯ ᠨᠢᠳᠤᠨᠤᠨ ᠤ᠋ ᠬᠢ ᠡᠴᠡ ᠳᠡᠭᠡᠷ᠎ᠡ ᠪᠣᠯᠤᠨ᠎ᠠ᠃  ᠳᠥᠩᠭᠡᠴᠢᠬᠡᠨ᠎ᠡ ᠪᠠᠢᠬᠤ ᠭᠡᠵᠦ ᠪᠣᠳᠣᠵᠤ ᠪᠠᠢᠨ᠎ᠠ᠃ ᠬᠡᠷᠪᠡ ᠪᠦᠯᠢ ᠦᠭᠡᠢᠳᠡᠬᠦ ᠳ᠋ᠦ᠍ ᠬᠦᠷᠪᠡᠯ᠂ ᠵᠠᠯᠠᠭᠤᠴᠤᠳ ᠤ᠋ᠨ ᠡᠭᠦᠷ ᠡᠴᠡ ᠲᠤᠰᠠᠯᠠᠮᠵᠢ ᠭᠤᠶᠤᠨ᠎ᠠ ᠳᠠ᠃ ᠴᠡᠷᠢᠭ ᠦ᠋ᠨ ᠠᠷᠤ ᠭᠡᠷ ᠦ᠋ᠨ ᠬᠤᠪᠢ ᠪᠠᠷ ᠵᠠᠯᠠᠭᠤᠴᠤᠳ᠂ ᠡᠪᠯᠡᠯ ᠦ᠋ᠨ ᠭᠡᠰᠢᠭᠦᠳ— ᠢᠳᠡᠷᠬᠡᠭ ᠰᠦᠷᠡᠬᠡᠢ ᠤᠯᠤᠰ ᠲᠤᠰᠠᠯᠠᠭᠠᠳ ᠥᠭᠭᠦᠨ᠎ᠡ ᠰᠢᠦ ᠭᠡᠵᠦ ᠰᠢᠷᠴᠢᠨ ᠦ᠌ ᠬᠡᠯᠡᠬᠦ ᠳ᠋ᠦ᠍᠂ ᠴᠡᠷᠡᠨ ᠪᠣᠳᠣᠯᠭ᠎ᠠ ᠪᠣᠯᠵᠤ᠂  
       — ᠪᠢᠳᠡ ᠬᠣᠶᠠᠷ ᠥᠲᠡᠯᠬᠦ ᠳ᠋ᠡᠭᠡᠨ( ᠳ᠋ᠦ᠍ ᠪᠡᠨ) ᠶᠡᠬᠡᠯ᠎ᠡ (ᠶᠡᠬᠡ ᠯᠡ)ᠣᠨᠳᠣᠣ ᠪᠣᠯᠵᠤ ᠶᠠᠪᠤᠨ᠎ᠠ ᠰᠢᠦ ᠬᠡᠮᠡᠪᠡᠰᠦ᠂ 
       — ᠶᠠᠭᠠᠬᠢᠶ᠎ᠠ ᠭᠡᠬᠦ ᠪᠣᠢ ᠳᠠ᠂ ᠨᠠᠰᠤ ᠶᠠᠪᠤᠵᠤ ᠴᠢᠳᠠᠯ ᠲᠡᠩᠬᠡᠭᠡ ᠳᠣᠷᠣᠢᠲᠠᠵᠤ ᠶᠠᠪᠤᠯ ᠦᠭᠡᠢ ᠶᠠᠭᠠᠬᠢᠬᠤ ᠪᠣᠢ ᠭᠡᠬᠦ ᠳ᠋ᠦ᠍ᠨᠢ( ᠳ᠋ᠦ᠍ ᠨᠢ) ᠴᠡᠷᠡᠨ᠂ 
       — ᠦᠭᠡᠢ᠂ ᠪᠢ ᠲᠡᠷᠡ ᠶ᠋ᠢ ᠬᠡᠯᠡᠭᠡ ᠦᠭᠡᠢ ᠭᠡᠬᠦ ᠳ᠋ᠦ᠍ᠨᠢ ( ᠳ᠋ᠦ᠍ ᠨᠢ)᠂ ᠰᠢᠷᠴᠢᠨ ᠡᠬᠡᠨᠡᠷ ᠦ᠋ᠨ ᠢ᠋ᠶ᠋ᠡᠨ ᠥᠭᠡᠳᠡ ᠡᠴᠡ ᠭᠠᠢᠬᠠᠰᠬᠢᠨ ᠬᠠᠷᠠᠭᠠᠳ᠂ ᠦᠭᠡ ᠶ᠋ᠢᠨ ᠤᠷᠭ᠎ᠠ ᠪᠠᠷ ᠰᠠᠨᠠᠭ᠎ᠠ ᠶ᠋ᠢᠨ ᠮᠣᠷᠢ ᠶ᠋ᠢ ᠪᠠᠷᠢᠬᠤ ᠭᠡᠵᠦ ᠨᠢᠳᠦ ᠪᠡᠨ ᠠᠨᠢᠰᠬᠢᠨ ᠪᠣᠳᠣᠯᠭ᠎ᠠ ᠪᠣᠯᠤᠭᠰᠠᠨ ᠴᠢᠷᠠᠢ ᠶ᠋ᠢ ᠨᠢ ᠠᠵᠢᠭᠯᠠᠨ ᠮᠦᠰᠢᠶᠡᠪᠡᠰᠦ ᠴᠡᠷᠡᠨ᠂  
       — ᠮᠢᠨᠦ ᠪᠣᠳᠣᠬᠤ ᠳ᠋ᠤ᠌᠂ ᠭᠠᠭᠴᠠ ᠪᠢᠳᠡ ᠬᠣᠶᠠᠷ ᠴᠤ᠌ ᠪᠢᠰᠢ᠂ ᠪᠢᠳᠡᠨ ᠦ᠌ ᠣᠷᠴᠢᠨ ᠲᠣᠭᠣᠷᠢᠨ ᠪᠠᠢᠭ᠎ᠠ ᠪᠠᠷᠤᠭ ᠬᠥᠮᠦᠨ ᠪᠦᠬᠦᠨ᠂ ᠮᠠᠨ ᠤ᠋ ᠬᠥᠮᠦᠨ ᠠᠷᠠᠳ ᠤ᠋ᠨ ᠣᠯᠠᠩᠬᠢ ᠨᠢ ᠣᠷᠴᠢᠨ ᠲᠣᠭᠣᠷᠢᠨ ᠤ᠋ ᠲᠦᠮᠡᠨ ᠪᠣᠳᠠᠰ ᠢ᠋ ᠱᠠᠯ ᠥᠮᠨᠥᠭᠡ ᠨᠢᠳᠦ ᠪᠡᠷ ᠦᠵᠡᠳᠡᠭ ᠪᠣᠯᠤᠭᠰᠠᠨ ᠪᠣᠯᠤᠯᠲᠠᠢ᠃ ᠬᠡᠦᠬᠡᠳ ᠰᠢᠤᠬᠠᠳ᠂ ᠡᠪᠦᠭᠡᠳ ᠡᠮᠡᠭᠡᠳ ᠴᠦ᠍ ᠭᠡᠰᠡᠨ᠂ ᠪᠢᠳᠡᠨ ᠦ᠌ ᠪᠠᠭ᠎ᠠ ᠶ᠋ᠢᠨ ᠮᠡᠳᠡᠳᠡᠭ ᠬᠡᠦᠬᠡᠳ ᠰᠢᠤᠬᠠᠳ᠂ ᠡᠪᠦᠭᠡᠳ ᠡᠮᠡᠭᠡᠳ ᠪᠢᠰᠢ ᠪᠣᠯᠵᠠᠢ᠂ ᠵᠠ᠂ ᠬᠡᠦᠬᠡᠳ ᠰᠢᠤᠬᠠᠳ ᠴᠤ᠌ ᠶᠠᠭᠠᠮᠠᠢ᠂ ᠰᠤᠷᠭᠠᠭᠤᠯᠢ ᠳ᠋ᠤ᠌ ᠶᠠᠪᠤᠳᠠᠭ ᠤᠯᠤᠰ ᠭᠡᠯ᠎ᠡ᠃ ᠭᠡᠲᠡᠯ᠎ᠡ ᠥᠲᠡᠯᠦᠭᠰᠡᠨ ᠪᠢᠳᠡ ᠰᠤᠷᠭᠠᠭᠤᠯᠢ ᠳ᠋ᠤ᠌ ᠶᠠᠪᠤᠳᠠᠭ ᠦᠭᠡᠢ ᠮᠥᠷᠲᠡᠭᠡᠨ ᠣᠨᠳᠣᠣ ᠪᠣᠯᠵᠤ ᠶᠠᠪᠤᠨ᠎ᠠ ᠰᠢᠦ ᠳᠡ ᠭᠡᠬᠦ ᠳ᠋ᠦ᠍ᠨᠢ ( ᠳ᠋ᠦ᠍ ᠨᠢ) ᠰᠢᠷᠴᠢᠨ᠂ 
       — ᠨᠠᠮ᠂ ᠪᠢᠳᠡᠨ ᠢ᠋ ᠪᠠᠰᠠ ᠰᠤᠷᠭᠠᠵᠤ᠂ ᠨᠢᠳᠦ ᠶ᠋ᠢ ᠮᠠᠨᠢ ᠨᠡᠭᠡᠭᠡᠵᠦ ᠪᠠᠢᠭ᠎ᠠ ᠶᠤᠮ ᠰᠢᠦ ᠳᠡ᠃ ᠲᠡᠭᠡᠭᠡᠳ ᠪᠢᠳᠡ ᠪᠦᠭᠦᠳᠡ᠂ ᠬᠥᠮᠦᠨ ᠠᠷᠠᠳ ᠪᠦᠭᠦᠳᠡᠭᠡᠷ ᠢ᠋ᠶ᠋ᠡᠨ ᠴᠡᠴᠡᠭ ᠮᠣᠳᠣ ᠤᠷᠭᠤᠵᠤ ᠥᠰᠴᠦ ᠲᠣᠮᠣ ᠪᠣᠯᠵᠤ ᠣᠨᠳᠣᠣ ᠪᠣᠯᠵᠤ ᠪᠠᠢᠭ᠎ᠠ ᠨᠢ ᠨᠢᠳᠦᠨ ᠳ᠋ᠦ᠍ ᠮᠡᠳᠡᠭᠳᠡᠬᠦᠢᠴᠡ ᠪᠠᠢᠳᠠᠭ ᠲᠠᠢ ᠠᠳᠠᠯᠢ᠂ ᠪᠢᠳᠡ ᠪᠦᠭᠦᠳᠡ ᠮᠥᠨ ᠥᠰᠴᠦ ᠬᠥᠮᠦᠵᠢᠵᠦ ᠣᠨᠳᠣᠣ ᠪᠣᠯᠵᠤ ᠶᠠᠪᠤᠭ᠎ᠠ ᠶᠤᠮ ᠰᠢᠦ ᠳᠡ᠃ ᠮᠠᠨ ᠤ᠋ ᠨᠠᠮ ᠮᠠᠨᠢ ᠨᠡᠢᠲᠡ ᠣᠯᠠᠨ ᠠᠷᠠᠳ ᠤ᠋ᠨ ᠠᠰᠢᠭ ᠢ᠋ ᠪᠣᠳᠣᠬᠤ ᠠ᠋ᠴᠠ ᠥᠭᠡᠷ᠎ᠡ ᠠᠰᠢᠭ ᠪᠣᠳᠣᠳᠠᠭ ᠦᠭᠡᠢ ᠪᠡᠷ ᠢ᠋ᠶ᠋ᠡᠨ ᠪᠢᠳᠡᠨ ᠢ᠋ᠶ᠋ᠡᠨ ᠬᠥᠮᠦᠵᠢᠭᠦᠯᠵᠦ ᠪᠠᠢᠭ᠎ᠠ ᠶᠤᠮ ᠰᠢᠦ ᠳᠡ᠃ ᠴᠢ ᠪᠣᠳᠣᠭᠠᠳ ᠦᠵᠡᠯ ᠳᠡ᠃ ᠨᠠᠰᠤᠨ ᠠ᠋ᠴᠠ ᠨᠥᠭᠴᠢᠭᠰᠡᠨ ᠡᠪᠦᠭᠡᠨ ᠪᠠᠲᠤᠪᠠᠶᠠᠷ ᠭᠤᠸᠠᠢ ᠶ᠋ᠢ᠂ ᠮᠠᠨ ᠤ᠋ ᠦᠷ᠎ᠡ ᠬᠡᠦᠬᠡᠳ ᠦ᠋ᠨ ᠠᠴᠢᠲᠤ ᠪᠠᠭᠰᠢ ᠨᠢ ᠪᠣᠯᠤᠭᠰᠠᠨ ᠨᠠᠰᠤᠨᠪᠠᠲᠤ ᠭᠤᠸᠠᠢ ᠶ᠋ᠢ᠂ ᠲᠡᠭᠦᠨ ᠦ᠌ ᠥᠬᠢᠨ᠂ ᠡᠰᠡᠷᠭᠦᠦ ᠬᠠᠷᠭᠢᠰ ᠯᠠᠮᠠ ᠨᠠᠷ ᠤ᠋ᠨ ᠭᠠᠷ ᠲᠤ᠌ ᠠᠮᠢ ᠦᠷᠡᠭᠳᠡᠭᠰᠡᠨ ᠡᠮᠡᠭᠲᠡᠢ ᠡᠮᠴᠢ ᠶ᠋ᠢ ᠪᠣᠳᠣᠭᠠᠴᠢ! ᠡᠪᠦᠭᠡᠨ ᠫᠠᠷᠲ᠋ᠢᠽᠠᠨ ᠰᠠᠮᠪᠤᠤ ᠶ᠋ᠢᠨ ᠵᠡᠷᠭᠡ ᠪᠢᠳᠡᠨ ᠦ᠌ ᠨᠤᠲᠤᠭ ᠤᠰᠤᠨ ᠤ᠋ ᠨᠠᠮ ᠤ᠋ᠨ ᠭᠡᠰᠢᠭᠦᠳ ᠢ᠋ ᠪᠣᠳᠣᠭᠠᠳ ᠦᠵᠡᠭᠡᠴᠢ! ᠰᠤᠮᠤ ᠶ᠋ᠢᠨ ᠨᠠᠮ ᠤ᠋ᠨ ᠡᠭᠦᠷ ᠦ᠋ᠨ ᠤᠬᠠᠭᠤᠯᠤᠭᠴᠢ ᠨᠠᠷ ᠢ᠋ ᠪᠣᠳᠣ ᠯᠠ ᠳᠠ᠂ ᠲᠡᠳᠡᠨ ᠦ᠌ ᠳᠤᠮᠳᠠ ᠭᠡᠰᠢᠭᠦᠨ ᠪᠤᠰᠤ ᠢᠳᠡᠪᠬᠢᠲᠡᠨ ᠴᠦ᠍ ᠣᠯᠠᠨ ᠪᠣᠢ᠂ ᠨᠠᠭᠠᠳᠤ ᠵᠠᠬ᠎ᠠ ᠨᠢ ᠪᠢ ᠪᠠᠢᠨ᠎ᠠ ᠰᠢᠦ ᠳᠡ ᠭᠡᠵᠦ ᠢᠨᠢᠶᠡᠮᠰᠦᠭᠯᠡᠭᠡᠳ᠂ ᠪᠢᠳᠡ ᠴᠦ᠍ ᠣᠳᠣ ᠡᠬᠡ ᠣᠷᠣᠨ ᠤ᠋ ᠪᠠᠨ ᠲᠤᠰᠠ ᠶ᠋ᠢᠨ ᠲᠤᠯᠠᠳᠠ ᠠᠵᠢᠯ ᠬᠢᠵᠦ ᠵᠢᠳᠬᠦᠬᠦ ᠬᠡᠷᠡᠭᠲᠡᠢ ᠶᠦᠮ ᠭᠡᠵᠦ ᠪᠤᠰᠤᠳ ᠲᠤ᠌ ᠤᠬᠠᠭᠤᠯᠤᠨ᠂ ᠥᠪᠡᠷᠰᠡᠳ ᠢ᠋ᠶ᠋ᠡᠨ ᠴᠦ᠍ ᠲᠡᠷᠡ ᠦᠵᠡᠯ ᠢ᠋ᠶ᠋ᠡᠷ ᠬᠥᠮᠦᠵᠢᠵᠦ ᠪᠠᠢᠭ᠎ᠠ ᠶᠤᠮ ᠪᠢᠰᠢ ᠤᠤ? ᠪᠢᠳᠡᠨ ᠦ᠌ ᠨᠢᠳᠦᠨ ᠦ᠌ ᠡᠮᠦᠨ᠎ᠡ᠂ ᠬᠣᠯᠪᠣᠭᠠᠲᠤ ᠶᠡᠬᠡ ᠤᠯᠤᠰ ᠤ᠋ᠨ ᠦᠯᠢᠭᠡᠷ ᠵᠢᠱ᠌ᠢᠶ᠎ᠡ ᠲᠣᠪ ᠲᠣᠳᠣᠷᠬᠠᠢ ᠦᠵᠡᠭᠳᠡᠵᠦ᠂ ᠲᠡᠷᠡ ᠤᠯᠤᠰ ᠢ᠋ ᠪᠣᠳᠣᠬᠤ ᠳ᠋ᠠᠭᠠᠨ( ᠳ᠋ᠤ᠌ ᠪᠠᠨ)ᠪᠢᠳᠡ᠂ ᠢᠷᠡᠭᠡᠳᠦᠢ ᠳ᠋ᠦ᠍ ᠮᠥᠨ ᠡᠢᠮᠦ ᠯᠡ ᠪᠣᠯᠬᠤ ᠶᠤᠮ ᠭᠡᠵᠦ ᠪᠠᠬᠠᠳᠤᠨ ᠵᠣᠷᠢᠭ ᠪᠠᠳᠠᠷᠠᠳᠠᠭ ᠪᠢᠰᠢ ᠤᠤ? ᠲᠡᠷᠡ ᠬᠣᠯᠪᠣᠭᠠᠲᠤ ᠤᠯᠤᠰ ᠤ᠋ᠨ ᠰᠠᠢᠬᠠᠨ ᠦᠯᠢᠭᠡᠷ ᠵᠢᠱ᠌ᠢᠶ᠎ᠡ ᠨᠢ᠂ ᠮᠠᠨ ᠤ᠋ ᠪᠠᠭ᠎ᠠ ᠤᠯᠤᠰ ᠤ᠋ᠨ ᠬᠥᠮᠦᠨ ᠠᠷᠠᠳ ᠪᠢᠳᠡ ᠪᠦᠬᠦᠨ ᠳ᠋ᠦ᠍᠂ ᠪᠠᠬᠠᠲᠠᠢ ᠰᠠᠢᠬᠠᠨ ᠲᠡᠷᠡ ᠢᠷᠡᠭᠡᠳᠦᠢ ᠪᠡᠨ ᠪᠦᠲᠦᠭᠡᠨ ᠪᠣᠰᠬᠠᠬᠤ ᠳ᠋ᠤ᠌ ᠤᠷᠮ᠎ᠠ ᠵᠣᠷᠢᠭ ᠢ᠋ ᠮᠠᠨᠢ ᠲᠥᠷᠥᠭᠦᠯᠳᠡᠭ ᠶᠦᠮ ᠪᠢᠰᠢ ᠤᠤ? ᠭᠡᠳ ᠪᠣᠰᠴᠤ᠂ ᠬᠣᠶᠠᠷ ᠬᠥᠭᠰᠢᠨ ᠮᠠᠰᠢ ᠳᠠᠳᠮᠠᠭᠠᠢ ᠪᠠᠷ ᠬᠥᠳᠡᠯᠵᠦ᠂ ᠮᠠᠯᠴᠢᠨ ᠠᠵᠢᠯᠴᠢ ᠬᠥᠮᠦᠨ ᠦ᠌ ᠡᠪᠦᠯ ᠬᠠᠪᠤᠷ ᠡᠳᠦᠷ ᠪᠦᠷᠢ ᠬᠢᠳᠡᠭ ᠠᠵᠢᠯ ᠳ᠋ᠠᠭᠠᠨ( ᠳ᠋ᠤ᠌ ᠪᠠᠨ) ᠦᠷᠭᠦᠯᠵᠢᠯᠡᠨ ᠣᠷᠣᠵᠤ᠂ ᠮᠠᠯ ᠤ᠋ᠨ ᠢ᠋ᠶ᠋ᠠᠨ ᠬᠡᠪᠲᠡᠳᠡᠭ ᠭᠠᠵᠠᠷ ᠢ᠋ ᠣᠷᠣᠢ ᠪᠡᠯᠴᠢᠭᠡᠷ ᠡᠴᠡ ᠪᠡᠨ ᠣᠷᠣᠵᠤ ᠬᠥᠯ ᠢ᠋ᠶ᠋ᠡᠨ ᠳᠤᠯᠠᠭᠠᠴᠠᠭᠤᠯᠬᠤ ᠳ᠋ᠤᠨᠢ( ᠳ᠋ᠤ᠌ ᠨᠢ) ᠪᠡᠯᠡᠨ ᠪᠣᠯᠭᠠᠬᠤ ᠭᠡᠵᠦ ᠣᠷᠣᠯᠳᠣᠵᠠᠢ᠃ ᠠᠵᠢᠯᠴᠢ ᠨᠢᠮᠪᠠᠢ ᠮᠠᠯᠴᠢᠨ ᠬᠥᠮᠦᠨ᠂ ᠮᠠᠯ ᠳ᠋ᠠᠭᠠᠨ( ᠳ᠋ᠤ᠌ ᠪᠠᠨ) ᠳᠡᠪᠢᠰᠴᠦ ᠥᠭᠭᠦᠭᠰᠡᠨ ᠵᠥᠭᠡᠯᠡᠨ ᠬᠠᠭᠤᠷᠠᠢ ᠪᠠᠭᠤᠴᠠ ᠶ᠋ᠢ ᠡᠳᠦᠷ ᠮᠠᠯ ᠢ᠋ᠶ᠋ᠠᠨ ᠪᠡᠯᠴᠢᠬᠦ ᠳ᠋ᠦ᠍ ᠣᠪᠣᠭᠠᠯᠠᠵᠤ᠂ ᠳᠣᠣᠷᠠᠬᠢ ᠭᠠᠵᠠᠷ ᠢ᠋ ᠨᠢ ᠨᠠᠷᠠ᠂ ᠰᠠᠯᠬᠢᠨ ᠳ᠋ᠤ᠌ ᠬᠠᠲᠠᠭᠠᠳᠠᠭ ᠤᠴᠢᠷ ᠨᠢ ᠲᠡᠭᠡᠵᠦ ᠨᠠᠷᠠ ᠰᠠᠯᠬᠢ ᠦᠵᠡᠳᠡᠭ ᠭᠠᠵᠠᠷ ᠮᠠᠯ ᠶᠡᠷᠦ ᠡᠷᠡᠭᠦᠯ ᠴᠢᠬᠢᠷᠡᠭ᠂ ᠡᠪᠡᠳᠬᠦ ᠨᠢ ᠪᠠᠭ᠎ᠠ ᠪᠠᠢᠳᠠᠭ ᠢ᠋ ᠣᠯᠠᠨ ᠵᠠᠭᠤᠨ ᠵᠢᠯ ᠦ᠋ᠨ ᠲᠤᠷᠰᠢᠯᠭ᠎ᠠ ᠪᠠᠷ ᠮᠡᠳᠡᠭᠰᠡᠨ ᠬᠡᠷᠡᠭ ᠠᠵᠢ᠃ ᠣᠷᠣᠢ ᠮᠠᠯ ᠢ᠋ᠶ᠋ᠠᠨ ᠪᠡᠯᠴᠢᠭᠡᠷ ᠡᠴᠡ ᠢᠷᠡᠬᠦ ᠶ᠋ᠢᠨ ᠡᠮᠦᠨ᠎ᠡ᠂ ᠲᠡᠷᠡ ᠣᠪᠣᠭᠠᠯᠠᠵᠤ ᠡᠪᠡᠷᠡᠭᠡᠭᠰᠡᠨ ᠪᠠᠭᠤᠴᠠ ᠪᠠᠨ ᠬᠡᠪᠲᠡᠬᠦ ᠭᠠᠵᠠᠷ ᠨᠢ ᠵᠤᠵᠠᠭᠠᠨ ᠲᠡᠭᠰᠢᠯᠡᠵᠦ᠂ ᠮᠠᠯ ᠤ᠋ᠨ ᠢ᠋ᠶ᠋ᠠᠨ ᠬᠥᠯ ᠢ᠋ ᠳᠤᠯᠠᠭᠠᠴᠠᠭᠤᠯᠳᠠᠭ ᠠᠵᠢ᠃ ᠡᠨᠡ ᠪᠣᠯ ᠲᠩᠷᠢ ᠮᠠᠭᠤᠬᠠᠢ᠂ ᠰᠠᠯᠬᠢᠨ ᠶᠠᠮᠠᠷ ᠴᠤ᠌ ᠪᠠᠢᠭᠰᠠᠨ ᠴᠠᠭ ᠲᠤ᠌᠂ ᠵᠢᠯ ᠦ᠋ᠨ ᠳᠥᠷᠪᠡᠨ ᠤᠯᠠᠷᠢᠯ ᠳ᠋ᠤ᠌ ᠦᠷᠭᠦᠯᠵᠢ ᠵᠠᠳᠠᠭᠠᠢ ᠭᠠᠵᠠᠷ ᠪᠠᠢᠳᠠᠭ ᠮᠠᠯ ᠳ᠋ᠠᠭᠠᠨ( ᠳ᠋ᠤ᠌ ᠪᠠᠨ) ᠨᠡᠭᠦᠳᠡᠯᠴᠢᠨ ᠬᠥᠮᠦᠨ ᠦ᠌ ᠭᠠᠭᠴᠠ ᠳᠣᠬᠢ ᠲᠠᠢ ᠠᠷᠭ᠎ᠠ ᠨᠢ ᠠᠵᠢ᠃ ᠲᠡᠷᠡ ᠵᠥᠭᠡᠯᠡᠨ ᠬᠠᠭᠤᠷᠠᠢ ᠳᠡᠪᠢᠰᠬᠡᠷ ᠪᠠᠭᠤᠴᠠᠨ ᠳ᠋ᠤ᠌ ᠮᠠᠯ ᠨᠢ ᠳᠤᠷᠠᠲᠠᠢ ᠲᠤᠯᠠ᠂ ᠲᠡᠢᠮᠦ ᠪᠠᠭᠤᠴᠠ ᠳᠡᠪᠢᠰᠦᠭᠰᠡᠨ ᠭᠠᠵᠠᠷ ᠪᠠᠢᠬᠤ ᠳ᠋ᠤ᠌᠂ ᠨᠢᠭᠡ ᠴᠦ᠍ ᠬᠣᠨᠢ ᠦᠬᠡᠷ ᠶᠡᠷᠦ ᠲᠡᠷᠡ ᠡᠴᠡ ᠬᠣᠯᠠᠳᠠᠵᠤ ᠴᠢᠯᠠᠭᠤ ᠰᠢᠭ᠋ ᠳᠠᠩᠭᠢᠨᠠᠭᠰᠠᠨ ᠬᠦᠢᠲᠡᠨ ᠬᠥᠯᠳᠡᠭᠦᠦ ᠭᠠᠵᠠᠷ ᠬᠡᠪᠲᠡᠬᠦ ᠦᠭᠡᠢ ᠠᠵᠢ᠃  
       — ᠶᠣᠬᠣ᠂ ᠶᠠᠳᠠᠷᠠᠴᠢᠬᠠᠯ᠎ᠠ᠂ ᠥᠷᠯᠥᠭᠡ ᠢᠩᠭᠢᠵᠦ ᠪᠠᠢᠭ᠎ᠠ ᠬᠥᠮᠦᠨ᠂ ᠡᠳᠦᠷ ᠦ᠋ᠨ ᠢ᠋ᠶ᠋ᠡᠨ ᠠᠵᠢᠯ ᠢ᠋ ᠶᠠᠭᠠᠬᠢᠵᠤ ᠪᠠᠷᠠᠨ᠎ᠠ ᠳᠠ᠃ ᠡᠨᠡ ᠬᠠᠪᠤᠷ ᠤ᠋ᠨ ᠬᠢ ᠲᠡᠢ ᠠᠳᠠᠯᠢ ᠶᠡᠷᠦ ᠤᠷᠢᠳᠤ ᠡᠮᠦᠨ᠎ᠡ ᠢᠩᠭᠢᠵᠦ ᠶᠠᠳᠠᠷᠠᠵᠤ ᠦᠵᠡᠭᠡ ᠦᠭᠡᠢ ᠪᠢᠯᠡ ᠭᠡᠳ ᠴᠡᠷᠡᠨ ᠳᠣᠭᠣᠭᠰᠢ ᠪᠠᠨ ᠰᠠᠭᠤᠯ᠎ᠠ᠃ 
       — ᠬᠣᠨᠢ ᠬᠤᠷᠠᠭᠠᠯᠠᠭᠰᠠᠭᠠᠷ ᠪᠠᠷᠤᠭ ᠨᠢᠭᠡ ᠰᠠᠷ᠎ᠠ ᠴᠤᠪᠤᠯ᠎ᠠ᠃ ᠲᠡᠭᠡᠬᠦ ᠳ᠋ᠦ᠍ ᠬᠥᠮᠦᠨ ᠶᠠᠳᠠᠷᠠᠯ ᠦᠭᠡᠢ ᠶᠠᠭᠠᠬᠢᠬᠤ ᠪᠣᠢ? ᠮᠠᠯ ᠥᠰᠦᠭᠰᠡᠭᠡᠷ ᠪᠠᠢᠬᠤ ᠳ᠋ᠤ᠌᠂ ᠪᠦᠯᠢ ᠨᠡᠮᠡᠭᠳᠡᠬᠦ ᠦᠭᠡᠢ ᠪᠠᠢᠨ᠎ᠠ ᠰᠢᠦ ᠳᠡ᠂ ᠬᠣᠶᠠᠷ ᠬᠦᠦ ᠮᠠᠨᠢ ᠴᠡᠷᠢᠭ ᠡᠴᠡ ᠪᠠᠭᠤᠵᠤ ᠢᠷᠡᠪᠡᠯ᠂ ᠪᠢᠳᠡ ᠬᠣᠶᠠᠷ ᠲᠤ᠌ ᠵᠢᠭᠲᠡᠢ ᠰᠠᠢᠬᠠᠨ ᠨᠡᠮᠡᠷᠢ ᠪᠣᠯᠤᠨ᠎ᠠ ᠳᠠ ᠭᠡᠵᠦ ᠰᠢᠷᠴᠢᠨ᠂ ᠴᠡᠷᠡᠨ ᠦ᠌ ᠰᠠᠯᠬᠢᠨ ᠳ᠋ᠤ᠌ ᠭᠠᠩᠳᠠᠭᠰᠠᠨ᠂ ᠡᠴᠡᠵᠦ ᠲᠤᠷᠠᠭᠰᠠᠨ ᠬᠦᠷᠡᠩ ᠴᠢᠷᠠᠢ ᠶ᠋ᠢ ᠦᠷᠦ ᠡᠪᠡᠳᠦᠨ ᠬᠠᠷᠠᠵᠤ ᠬᠡᠯᠡᠯ᠎ᠡ᠃ 
       — ᠪᠤᠰᠢᠭᠤᠬᠠᠨ ᠢᠷᠡᠳᠡᠭ ᠪᠣᠯ ᠶᠠᠭᠤᠲᠠᠢ ᠪᠢᠯᠡ᠂ ᠬᠡᠦᠬᠡᠳ ᠮᠠᠨᠢ ᠣᠯᠠᠨ ᠵᠢᠯ ᠠᠭᠤᠯᠵᠠᠭ᠎ᠠ ᠦᠭᠡᠢ ᠪᠣᠯᠤᠭᠠᠳ ᠶᠡᠬᠡᠯ᠎ᠡ( ᠶᠡᠬᠡ ᠯᠡ) ᠰᠠᠨᠠᠵᠤ ᠪᠠᠢᠨ᠎ᠠ᠃ ᠬᠠᠯᠬ᠎ᠠ ᠭᠣᠣᠯ ᠤ᠋ᠨ ᠲᠡᠢᠨ ᠦ᠌ ᠦᠶ᠎ᠡ ᠳ᠋ᠦ᠍ ᠶᠡᠷᠦ ᠰᠥᠨᠢ ᠳ᠋ᠡᠭᠡᠨ( ᠳ᠋ᠦ᠍ ᠪᠡᠨ) ᠤᠨᠲᠠᠵᠤ ᠴᠢᠳᠠᠳᠠᠭ ᠦᠭᠡᠢ ᠪᠠᠢᠯ᠎ᠠ᠃ ᠪᠢ ᠭᠠᠭᠴᠠᠭᠠᠷ ᠢ᠋ᠶ᠋ᠠᠨ ᠶᠤᠮ ᠪᠢᠰᠢ᠂ ᠲᠡᠢᠨ ᠪᠣᠯ ᠳᠠᠶᠠᠩ ᠳᠡᠭᠡᠷ᠎ᠡ ᠭᠡᠵᠦ ᠲᠦᠮᠡᠨ ᠡᠬᠡ ᠮᠢᠨᠦ ᠠᠳᠠᠯᠢ᠂ ᠦᠷ᠎ᠡ ᠬᠦᠦ ᠶ᠋ᠢᠨ ᠢ᠋ᠶ᠋ᠡᠨ ᠬᠣᠢᠨ᠎ᠠ ᠠ᠋ᠴᠠ ᠰᠡᠳᠬᠢᠯ ᠵᠣᠪᠠᠵᠤ ᠪᠠᠢᠭ᠎ᠠ ᠪᠠᠢᠯ ᠦᠭᠡᠢ ᠶᠠᠭᠠᠬᠢᠬᠤ ᠪᠣᠢ᠃ ᠮᠠᠨ ᠤ᠋ ᠨᠤᠲᠤᠭ ᠠ᠋ᠴᠠ ᠠᠯᠤᠰᠯᠠᠭᠰᠠᠨ ᠣᠷᠣᠰ ᠭᠠᠵᠠᠷ ᠬᠡᠴᠢᠨᠡᠨ ᠣᠯᠠᠨ ᠡᠬᠡ ᠬᠥᠮᠦᠨ᠂ ᠲᠥᠷᠥᠭᠰᠡᠨ ᠨᠤᠲᠤᠭ ᠠ᠋ᠴᠠ ᠪᠠᠨ ᠲᠦᠮᠡᠨ ᠦ᠌ ᠭᠠᠵᠠᠷ ᠬᠠᠯᠬ᠎ᠠ ᠭᠣᠣᠯ ᠳ᠋ᠤ᠌ ᠢᠷᠡᠵᠦ᠂ ᠮᠠᠨ ᠤ᠋ ᠡᠩᠬᠡ ᠲᠠᠢᠪᠤᠩ ᠠᠵᠤ ᠪᠠᠢᠳᠠᠯ ᠢ᠋ ᠬᠠᠮᠠᠭᠠᠯᠠᠬᠤ ᠭᠡᠵᠦ ᠳᠠᠢᠰᠤᠨ ᠲᠠᠢ ᠪᠠᠢᠯᠳᠤᠵᠤ ᠪᠠᠢᠭ᠎ᠠ ᠦᠷ᠎ᠡ ᠬᠡᠦᠬᠡᠳ ᠦ᠋ᠨ ᠢ᠋ᠶ᠋ᠡᠨ ᠬᠣᠢᠨ᠎ᠠ ᠠ᠋ᠴᠠ ᠰᠡᠳᠬᠢᠯ ᠵᠣᠪᠠᠵᠤ ᠪᠠᠢᠭ᠎ᠠ ᠪᠢᠯᠡ? ᠬᠠᠯᠬ᠎ᠠ ᠭᠣᠣᠯ ᠤ᠋ᠨ ᠲᠡᠷᠡ ᠲᠤᠯᠤᠯᠳᠤᠭᠠᠨ ᠳ᠋ᠤ᠌ ᠢᠳᠡᠷ ᠵᠠᠯᠠᠭᠤ᠂ ᠡᠷᠡᠭᠦᠯ ᠴᠢᠬᠢᠷᠡᠭ ᠬᠡᠴᠢᠨᠡᠨ ᠣᠷᠣᠰ ᠴᠡᠷᠢᠭ ᠠᠮᠢ ᠦᠷᠡᠭᠳᠡᠭᠰᠡᠨ ᠪᠣᠢ? ᠭᠡᠵᠦ ᠪᠣᠳᠣᠬᠤ ᠳ᠋ᠠᠭᠠᠨ( ᠳ᠋ᠤ᠌ ᠪᠠᠨ) ᠪᠢ ᠥᠷᠯᠥᠭᠡ ᠪᠦᠷᠢ ᠴᠠᠢ ᠶ᠋ᠢᠨ ᠢ᠋ᠶ᠋ᠡᠨ ᠳᠡᠭᠡᠵᠢ ᠶ᠋ᠢ ᠬᠣᠢᠲᠤ ᠵᠦᠭ ᠣᠷᠣᠰ ᠤ᠋ᠨ ᠶᠡᠬᠡ ᠠᠷᠠᠳ ᠲᠦᠮᠡᠨ ᠳ᠋ᠦ᠍ ᠡᠷᠭᠦᠵᠦ᠂ ᠲᠡᠭᠦᠪᠡᠷ ᠢ᠋ᠶ᠋ᠡᠨ ᠣᠷᠣᠰ ᠤ᠋ᠨ ᠠᠷᠠᠳ ᠲᠦᠮᠡᠨ ᠳ᠋ᠦ᠍᠂ ᠦᠯᠡᠮᠵᠢ ᠮᠡᠷᠭᠡᠨ ᠰᠲ᠋ᠠᠯᠢᠨ ᠳ᠋ᠤ᠌ ᠲᠠᠯᠠᠷᠬᠠᠬᠤ ᠴᠢᠩ ᠰᠡᠳᠬᠢᠯ ᠢ᠋ᠶ᠋ᠡᠨ ᠢᠯᠡᠷᠬᠡᠢᠯᠡᠳᠡᠭ ᠪᠢᠯᠡ ᠭᠡᠬᠦ ᠳ᠋ᠦ᠍ᠨᠢ( ᠳ᠋ᠦ᠍ ᠨᠢ)᠂ ᠰᠢᠷᠴᠢᠨ ᠠᠭᠤᠳᠠᠮ ᠲᠠᠯ᠎ᠠ ᠶ᠋ᠢ ᠪᠣᠳᠣᠯᠭ᠎ᠠ ᠪᠣᠯᠤᠨ ᠰᠢᠷᠲᠡᠭᠡᠳ᠂ ᠨᠠᠮ ᠳᠠᠭᠤ ᠪᠠᠷ᠂  
       — ᠲᠡᠷᠡ ᠵᠥᠪᠯᠡᠯᠲᠦ ᠶᠡᠬᠡ ᠤᠯᠤᠰ ᠲᠤ᠌ ᠨᠢᠭᠡ ᠶᠠᠪᠤᠭᠠᠳ ᠢᠷᠡᠵᠦ᠂ ᠵᠥᠪᠯᠡᠯᠲᠦ ᠶ᠋ᠢᠨ ᠠᠷᠠᠳ ᠲᠦᠮᠡᠨ ᠶᠠᠭᠠᠬᠢᠵᠤ ᠠᠵᠤ ᠠᠮᠢᠳᠤᠷᠠᠳᠠᠭ ᠢ᠋ ᠨᠢ ᠦᠵᠡᠭᠡᠳ᠂ ᠠᠵᠢᠯ ᠰᠠᠢᠨ ᠬᠢᠬᠦ ᠠᠷᠭ᠎ᠠ ᠲᠤᠷᠰᠢᠯᠭ᠎ᠠ ᠠ᠋ᠴᠠ ᠨᠢ ᠰᠤᠷᠤᠭᠠᠳ ᠢᠷᠡᠳᠡᠭ ᠴᠦ᠍ ᠪᠣᠯᠤᠭᠠᠰᠠᠢ ᠭᠡᠬᠦ ᠳ᠋ᠦ᠍ᠨᠢ( ᠳ᠋ᠦ᠍ ᠨᠢ)᠂ 
       — ᠪᠢᠳᠡ ᠲᠡᠭᠡᠵᠦ ᠶᠠᠪᠤᠵᠤ ᠪᠠᠢᠬᠤ ᠰᠠᠢᠳ ᠤ᠋ᠳ ᠪᠣᠯᠤᠭᠰᠠᠨ ᠶᠤᠮ ᠤᠤ? ᠭᠡᠵᠦ ᠴᠡᠷᠡᠨ ᠦ᠌ ᠭᠠᠢᠬᠠᠬᠤ ᠳ᠋ᠤ᠌᠂  
       — ᠭᠠᠭᠴᠠ ᠰᠠᠢᠳ ᠤ᠋ᠳ ᠯᠠ ᠶᠠᠪᠤᠳᠠᠭ ᠶᠤᠮ ᠭᠡᠵᠢ ᠤᠤ? ᠮᠠᠨ ᠤ᠋ ᠬᠡᠦᠬᠡᠳ ᠬᠦᠷᠲᠡᠯ᠎ᠡ᠂ ᠵᠥᠪᠯᠡᠯᠲᠦ ᠤᠯᠤᠰ ᠲᠤ᠌ ᠰᠤᠷᠭᠠᠭᠤᠯᠢ ᠬᠢᠭᠰᠡᠨ ᠰᠢᠦ ᠳᠡ ᠭᠡᠵᠦ ᠰᠢᠷᠴᠢᠨ ᠦ᠌ ᠬᠡᠯᠡᠭᠰᠡᠨ ᠳ᠋ᠦ᠍᠂ 
       — ᠲᠡᠳᠡ ᠮᠠᠨᠢ ᠭᠡᠷ ᠲᠡᠭᠡᠨ( ᠲᠤ ᠪᠡᠨ )ᠬᠦᠷᠴᠦ ᠢᠷᠡᠭᠡᠳ᠂ ᠳᠠᠩᠴᠤ ᠲᠤᠰᠠ ᠦᠭᠡᠢ ᠰᠠᠨᠠᠭᠳᠠᠬᠤ ᠪᠣᠯᠪᠠ ᠤᠤ᠂ ᠪᠢᠳᠡᠨ ᠦ᠌ ᠮᠠᠭᠤ ᠪᠣᠷᠣ ᠭᠡᠷ ᠮᠠᠨᠢ? ᠴᠡᠷᠢᠭ ᠦ᠋ᠨ ᠳᠠᠷᠤᠭ᠎ᠠ ᠨᠠᠷ ᠮᠠᠰᠢᠨ ᠢ᠋ᠶ᠋ᠠᠷ ᠶᠠᠪᠤᠵᠤ᠂ ᠶᠠᠩᠪᠠ(ᠶᠠᠮᠪᠠ) ᠲᠠᠢ ᠰᠠᠭᠤᠵᠤ ᠰᠤᠷᠴᠢᠬᠠᠭᠰᠠᠨ ᠤᠯᠤᠰ᠂ ᠭᠡᠷ ᠲᠡᠭᠡᠨ( ᠲᠤ ᠪᠡᠨ) ᠬᠦᠷᠴᠦ ᠢᠷᠡᠭᠡᠳ᠂ ᠡᠳᠦᠷ ᠪᠦᠬᠦᠨ ᠮᠠᠯ ᠢ᠋ᠶ᠋ᠠᠷ ᠨᠣᠴᠣᠯᠳᠤᠬᠤ᠂ ᠰᠥᠨᠢ ᠭᠦᠢᠴᠡᠳ ᠤᠨᠲᠠᠵᠤ ᠴᠢᠳᠠᠬᠤ ᠦᠭᠡᠢ᠂ ᠡᠪᠦᠯ ᠬᠦᠢᠲᠡᠨ ᠳ᠋ᠦ᠍ ᠲᠠᠭᠠᠷᠠᠬᠤ᠂ ᠵᠤᠨ ᠬᠠᠯᠠᠭᠤᠨ ᠨᠠᠷᠠᠨ ᠳ᠋ᠤ᠌ ᠰᠢᠷᠠᠭᠳᠠᠵᠤ ᠶᠠᠪᠤᠬᠤ ᠪᠠᠨ ᠵᠢᠷᠦᠬᠡ ᠠᠯᠳᠠᠬᠤ ᠪᠣᠯᠪᠠ ᠤᠤ? ᠭᠡᠵᠦ ᠴᠡᠷᠡᠨ ᠦ᠌ ᠰᠡᠭᠦᠷᠡᠰᠦ ᠠᠯᠳᠠᠬᠤ ᠳ᠋ᠤ᠌᠂ ᠰᠢᠷᠴᠢᠨ ᠢᠨᠢᠶᠡᠮᠰᠦᠭᠯᠡᠨ᠂  
       — ᠲᠡᠷᠡ ᠪᠠᠭ᠎ᠠ ᠬᠡᠷᠡᠭ᠃  ᠰᠤᠷᠤᠯ ᠦᠭᠡᠢ ᠶᠠᠭᠠᠬᠢᠬᠤ ᠪᠣᠢ? ᠬᠠᠭᠤᠴᠢᠨ ᠤ᠋ ᠦᠭᠡᠨ ᠳ᠋ᠦ᠍ ᠡᠷᠬᠡ ᠶ᠋ᠢ ᠰᠤᠷᠬᠤ ᠪᠠᠷ ᠪᠡᠷᠬᠡ ᠶ᠋ᠢ ᠰᠤᠷ ᠭᠡᠳᠡᠭ ᠰᠢᠦ ᠳᠡ᠃᠂ ᠪᠢᠳᠡᠨ ᠦ᠌ ᠤᠯᠤᠰ ᠲᠠᠭᠠᠨ ( ᠲᠤ ᠪᠠᠨ) ᠥᠰᠬᠡᠭᠰᠡᠨ ᠮᠠᠯ ᠢ᠋ ᠦᠷ᠎ᠡ ᠬᠡᠦᠬᠡᠳ ᠮᠠᠨᠢ ᠡᠰᠡ ᠮᠠᠯᠯᠠᠪᠠᠯ᠂ ᠬᠡᠨ ᠮᠠᠯᠯᠠᠵᠤ ᠥᠭᠬᠦ  ᠶᠦᠮ ᠪᠣᠢ? ᠪᠢᠳᠡ ᠬᠣᠶᠠᠷ ᠭᠡᠷᠯᠡᠭᠡᠳ ᠬᠡᠳᠦᠨ ᠮᠠᠯ ᠲᠠᠢ ᠪᠠᠢᠭᠰᠠᠨ ᠢ᠋ᠶ᠋ᠠᠨ ᠰᠠᠨᠠᠵᠤ ᠪᠠᠢᠨ᠎ᠠ ᠤᠤ? ᠭᠤᠷᠪᠠᠨ ᠬᠥᠬᠥ ᠲᠡᠢ ᠨᠢᠭᠡ ᠬᠥᠭᠰᠢᠨ ᠦᠨᠢᠶ᠎ᠡ᠂ ᠬᠣᠨᠢᠨ ᠤ᠋ ᠳᠣᠲᠣᠷ᠎ᠠ ᠠ᠋ᠴᠠ ᠪᠠᠨ ᠵᠠᠩᠲᠠᠢ ᠶ᠋ᠢᠨ ᠬᠠᠮᠤᠭ ᠤ᠋ᠨ ᠵᠠᠭᠠᠵᠠᠯᠠᠵᠤ ᠥᠭᠭᠦᠭᠰᠡᠨ ᠬᠣᠷᠢᠨ ᠳᠣᠯᠣᠭᠠᠨ ᠬᠣᠨᠢ ᠢᠮᠠᠭ᠎ᠠ ᠶ᠋ᠢ ᠰᠠᠨᠠᠵᠤ ᠪᠠᠢᠨ᠎ᠠ ᠤᠤ? ᠴᠢ ᠮᠠᠯ ᠳ᠋ᠠᠭᠠᠨ( ᠳ᠋ᠤ᠌ ᠪᠠᠨ) ᠭᠠᠷᠤᠭᠠᠳ ᠬᠡᠭᠡᠷ᠎ᠡ ᠭᠣᠮᠣᠳᠠᠵᠤ ᠤᠬᠢᠯᠠᠵᠤ ᠪᠠᠢᠭᠰᠠᠨ ᠰᠢᠦ ᠳᠡ᠃ ᠣᠳᠣ ᠪᠣᠳᠣᠭᠠᠳ ᠦᠵᠡᠭᠡᠴᠢ᠂ ᠴᠢ ᠪᠢᠳᠡ ᠬᠣᠶᠠᠷ ᠬᠠᠯᠠᠭᠤᠨ ᠬᠦᠢᠲᠡᠨ᠂ ᠰᠠᠯᠬᠢ ᠰᠢᠭᠤᠷᠭᠠᠨ ᠠ᠋ᠴᠠ ᠬᠠᠯᠠᠰᠢᠷᠠᠬᠤ ᠦᠭᠡᠢ ᠵᠢᠳᠬᠦᠭᠰᠡᠭᠡᠷ ᠬᠡᠴᠢᠨᠡᠨ ᠮᠠᠯ ᠲᠠᠢ ᠪᠣᠯᠤᠯ᠎ᠠ ᠳᠠ? ᠮᠥᠳᠳᠥ ᠴᠢ ᠪᠢᠳᠡ ᠬᠣᠶᠠᠷ ᠮᠠᠯᠯᠠᠵᠤ ᠬᠦᠴᠦ ᠬᠦᠷᠬᠦ ᠦᠭᠡᠢ ᠪᠣᠯᠬᠤ ᠨᠢ ᠠ᠋᠃ ᠮᠠᠨ ᠤ᠋ ᠡᠨᠡ ᠬᠠᠪᠢ ᠳ᠋ᠤ᠌ ᠠᠷᠠᠳ ᠤ᠋ᠨ ᠠᠷᠲ᠋ᠧᠯ ᠨᠢᠭᠡᠳᠦᠯ ᠪᠠᠢᠳᠠᠭ ᠪᠣᠯ ᠶᠠᠭᠤᠲᠠᠢ ᠪᠢᠯᠡ᠃ ᠴᠢ ᠪᠢᠳᠡ ᠬᠣᠶᠠᠷ᠂ ᠡᠴᠢᠭᠡ ᠡᠪᠦᠭᠡᠳ ᠦ᠋ᠨ ᠢ᠋ᠶ᠋ᠡᠨ ᠬᠠᠭᠤᠴᠢᠨ ᠠᠷᠭ᠎ᠠ ᠪᠠᠷ ᠮᠠᠯ ᠢ᠋ᠶ᠋ᠠᠨ ᠮᠠᠯᠯᠠᠵᠤ ᠪᠠᠢᠨ᠎ᠠ᠃ ᠪᠢᠳᠡᠨ ᠦ᠌ ᠦᠷ᠎ᠡ ᠬᠡᠦᠬᠡᠳ ᠮᠠᠨᠢ ᠨᠥᠬᠥᠳ ᠦᠶᠡᠳᠡᠨ ᠲᠡᠢ ᠪᠡᠨ ᠱᠠᠯ ᠥᠮᠨᠥᠭᠡ ᠪᠡᠷ ᠠᠵᠢᠯᠯᠠᠬᠤ ᠪᠣᠯᠤᠨ᠎ᠠ ᠳᠠ᠃ ᠨᠢᠰᠦᠭᠴᠢ᠂ ᠶᠡᠬᠡ ᠫᠤᠤᠴᠢ᠂ ᠶᠡᠬᠡ ᠡᠮᠴᠢ᠂ ᠮᠠᠯ ᠤ᠋ᠨ ᠡᠮᠴᠢ᠂ ᠰᠤᠷᠭᠠᠭᠤᠯᠢ ᠰᠤᠳᠤᠷ ᠲᠠᠢ ᠵᠠᠯᠠᠭᠤᠴᠤᠳ᠂ ᠲᠡᠳᠡ ᠴᠢᠨᠢ ᠪᠢᠳᠡᠨ ᠦ᠌ ᠵᠡᠭᠦᠳᠦᠨ ᠳ᠋ᠦ᠍ ᠣᠷᠣᠭ᠎ᠠ ᠦᠭᠡᠢ ᠶᠠᠭᠤᠮ᠎ᠠ ᠬᠢᠬᠦ ᠤᠯᠤᠰ᠃ ᠡᠪᠦᠭᠡᠨ ᠰᠠᠮᠪᠤᠤ ᠭᠤᠸᠠᠢ ᠳᠣᠷᠣᠨᠠᠲᠤ ᠬᠢᠵᠠᠭᠠᠷ ᠤ᠋ᠨ ᠴᠡᠷᠢᠭ ᠦ᠋ᠨ ᠠᠩᠭᠢ ᠳ᠋ᠤ᠌ ᠯᠤᠲᠤ ᠮᠤᠨᠳᠠᠭ ᠠᠵᠤ ᠠᠬᠤᠢ ᠶ᠋ᠢ ᠦᠵᠡᠭᠰᠡᠨ ᠭᠡᠵᠦ ᠶᠠᠷᠢᠵᠤ ᠪᠠᠢᠭᠰᠠᠨ ᠰᠢᠦ ᠳᠡ᠃ ᠮᠠᠯ ᠥᠰᠬᠡᠵᠦ᠂ ᠡᠪᠡᠰᠦ ᠬᠠᠳᠤᠵᠤ᠂ ᠭᠠᠵᠠᠷ ᠬᠠᠭᠠᠯᠠᠵᠤ ᠲᠠᠷᠢᠶ᠎ᠠ ᠨᠣᠭᠣᠭ᠎ᠠ ᠲᠠᠷᠢᠳᠠᠭ ᠶᠤᠮ᠃ ᠲᠷᠠᠺᠲ᠋ᠣᠷ ᠲᠠᠢ ᠶᠤᠮ᠃ ᠪᠠᠰᠠ ᠺᠣᠮᠪᠠᠢᠨ ᠲᠠᠢ ᠭᠡᠯ᠎ᠡ ᠤᠤ᠂ ᠶᠠᠭᠤ ᠭᠡᠯ᠎ᠡ ᠳᠡ᠂ ᠲᠠᠷᠢᠶ᠎ᠠ ᠪᠠᠨ ᠬᠠᠳᠤᠭᠠᠳ ᠴᠠᠢᠯᠭᠠᠳᠠᠭ ᠮᠠᠰᠢᠨ᠎ᠠ᠂ ᠶᠠᠩᠵᠤ ᠶᠠᠩᠵᠤ ᠶ᠋ᠢᠨ ᠮᠠᠰᠢᠨ᠎ᠠ ᠲᠧᠭᠨᠢᠭ ᠲᠡᠢ ᠶᠦᠮ ᠭᠡᠰᠡᠨ ᠰᠢᠦ ᠳᠡ᠃ ᠠᠯᠪᠠᠨ ᠠ᠋ᠴᠠ ᠪᠠᠨ ᠪᠠᠭᠤᠵᠤ ᠢᠷᠡᠪᠡᠯ᠂ ᠨᠠᠮ ᠵᠠᠰᠠᠭ ᠤ᠋ᠨ ᠢ᠋ᠶ᠋ᠠᠨ ᠲᠤᠰᠠᠯᠠᠮᠵᠢ ᠪᠠᠷ ᠵᠢᠭᠲᠡᠢᠬᠡᠨ ᠰᠠᠢᠬᠠᠨ ᠠᠵᠢᠯ ᠬᠢᠬᠦ ᠪᠣᠯᠤᠨ᠎ᠠ ᠳᠠ᠃ ᠪᠢᠳᠡ ᠴᠢᠨᠢ ᠭᠠᠭᠴᠠᠬᠠᠨ ᠭᠢᠯᠠᠢᠬᠤ ᠪᠣᠢ ᠭᠡᠬᠦ ᠳ᠋ᠦ᠍ᠨᠢ( ᠳ᠋ᠦ᠍ ᠨᠢ)᠂   
       — ᠳ᠋ᠣᠢᠩᠬᠣᠷ ᠤ᠋ᠨ ᠠᠴᠢ ᠬᠦᠦ ᠨᠢ ᠨᠢᠳᠤᠨᠤᠨ ᠵᠢᠯ ᠴᠡᠷᠢᠭ ᠡᠴᠡ ᠬᠠᠯᠠᠭᠳᠠᠵᠤ ᠢᠷᠡᠭᠡᠳ᠂ ᠳᠣᠯᠣᠭ᠎ᠠ ᠬᠣᠨᠣᠪᠠᠤ ᠦᠭᠡᠢ ᠤᠤ᠂ ᠳᠠᠬᠢᠨ ᠬᠣᠲᠠ ᠣᠷᠣᠴᠢᠬᠠᠭᠰᠠᠨ ᠰᠢᠦ ᠳᠡ᠂ ᠣᠳᠣ ᠲᠤᠭᠤᠯᠬᠤ ᠳ᠋ᠤ᠌᠂ ᠬᠣᠲᠠ ᠳ᠋ᠤ᠌ ᠬᠦᠷᠭᠡᠨ ᠣᠷᠣᠭᠠᠳ᠂ ᠫᠠᠨᠽᠠ ᠬᠢᠵᠦ ᠪᠠᠢᠭ᠎ᠠ ᠰᠤᠷᠠᠭ ᠲᠠᠢ᠂ ᠳ᠋ᠣᠢᠩᠬᠣᠷ ᠴᠤ᠌ ᠨᠠᠮᠤᠷ ᠳᠠᠰᠢ ᠪᠠᠨ ᠠᠴᠢ ᠬᠦᠦ ᠳᠡᠭᠡᠷ᠎ᠡ ᠪᠡᠨ ᠣᠴᠢᠨ᠎ᠠ ᠭᠡᠵᠦ ᠪᠠᠢᠭ᠎ᠠ ᠶᠤᠮ ᠭᠡᠨ᠎ᠡ ᠯᠡ ᠭᠡᠵᠦ ᠴᠡᠷᠡᠨ ᠦ᠌ ᠬᠡᠯᠡᠬᠦ ᠳ᠋ᠦ᠍ᠨᠢ( ᠳ᠋ᠦ᠍ ᠨᠢ)᠂  
       — ᠪᠦᠭᠦᠳᠡᠭᠡᠷ ᠢ᠋ᠶ᠋ᠡᠨ ᠲᠡᠷᠡ ᠳ᠋ᠣᠢᠩᠬᠣᠷ ᠤ᠋ᠨ ᠠᠴᠢ ᠬᠦᠦ ᠰᠢᠭ ᠬᠠᠮᠢᠭ᠎ᠠ ᠠ᠋ᠴᠠ ᠲᠡᠢᠮᠦ ᠪᠣᠯᠬᠤ ᠪᠣᠢ? ᠡᠬᠡ ᠨᠢ ᠬᠡᠭᠡᠷ ᠠᠯᠠᠭ ᠪᠣᠯ ᠬᠦᠦ ᠨᠢ ᠰᠢᠭᠢᠷ᠎ᠡ ᠠᠯᠠᠭ ᠭᠡᠵᠦ᠂ ᠲᠡᠷᠡ ᠯᠠ ᠬᠠᠷᠢᠨ᠂ ᠠᠪᠤ ᠶ᠋ᠢᠨ ᠢ᠋ᠶ᠋ᠡᠨ ᠠᠯᠢ ᠯᠠ ᠮᠠᠭᠤ ᠶ᠋ᠢ ᠨᠢ ᠠᠪᠤᠭᠰᠠᠨ ᠪᠠᠢᠬᠤ ᠦᠭᠡᠢ ᠤᠤ? ᠮᠠᠨ ᠤ᠋ ᠬᠣᠶᠠᠷ ᠬᠦᠦ ᠣᠨᠳᠣᠣ ᠤᠯᠤᠰ᠂ ᠨᠠᠮ ᠤ᠋ᠨ ᠬᠥᠮᠦᠨ ᠶᠦᠮ ᠰᠢᠦ? ᠬᠣᠯᠪᠣᠭᠠᠲᠤ ᠤᠯᠤᠰ ᠲᠤ᠌ ᠰᠤᠷᠭᠠᠭᠤᠯᠢ ᠰᠤᠳᠤᠷ ᠬᠢᠵᠦ᠂ ᠨᠠᠮ ᠢ᠋ᠶ᠋ᠠᠷ ᠬᠥᠮᠦᠵᠢᠭᠰᠡᠨ ᠤᠯᠤᠰ᠂ ᠶᠠᠭᠠᠬᠢᠯ᠎ᠠ ᠭᠡᠵᠦ ᠠᠵᠢᠯ ᠬᠢᠬᠦ ᠡᠴᠡ ᠬᠣᠢᠰᠢ ᠰᠠᠭᠤᠬᠤ ᠪᠣᠢ? ᠳ᠋ᠣᠢᠩᠬᠣᠷ ᠤ᠋ᠨ ᠲᠡᠷᠡ ᠠᠴᠢ ᠬᠦᠦ ᠨᠢ ᠠᠵᠢᠯ ᠠᠩᠭᠢ ᠳ᠋ᠤ᠌ ᠠᠯᠪᠠ ᠬᠠᠰᠢᠵᠤ᠂ ᠡᠮᠨᠡᠯᠭᠡ ᠶ᠋ᠢᠨ ᠭᠠᠵᠠᠷ ᠬᠣᠭᠣᠯᠠ ᠮᠣᠭᠣᠯ ᠵᠥᠭᠡᠭᠡᠳᠡᠭ᠂ ᠬᠣᠭ ᠰᠡᠭ ᠠᠷᠴᠢᠵᠤ ᠠᠷᠢᠯᠭᠠᠳᠠᠭ ᠬᠥᠮᠦᠨ ᠪᠠᠢᠭᠰᠠᠨ ᠶᠤᠮ ᠭᠡᠨ᠎ᠡ ᠯᠡ᠃ ᠲᠡᠷᠡ ᠡᠮᠨᠡᠯᠭᠡ ᠶ᠋ᠢᠨ ᠭᠠᠵᠠᠷ ᠡᠪᠡᠳᠴᠢᠲᠡᠨ ᠴᠥᠭᠡᠬᠡᠨ᠂ ᠶᠡᠷᠦ ᠡᠴᠡ ᠴᠡᠷᠢᠭ ᠦ᠋ᠨ ᠭᠠᠵᠠᠷ ᠳᠠᠩ ᠢᠳᠡᠷ ᠵᠠᠯᠠᠭᠤ᠂ ᠡᠷᠡᠭᠦᠯ ᠴᠢᠬᠢᠷᠡᠭ ᠤᠯᠤᠰ ᠪᠠᠢᠳᠠᠭ ᠬᠣᠢᠨ᠎ᠠ᠃ ᠲᠡᠭᠡᠭᠡᠳ ᠳ᠋ᠤᠢᠩᠬᠤᠷ ᠤ᠋ᠨ ᠠᠴᠢ ᠬᠦᠦ ᠨᠢ ᠬᠢᠬᠦ ᠣᠨᠴᠠ ᠠᠵᠢᠯ ᠦᠭᠡᠢ᠂ ᠰᠠᠩ ᠤ᠋ᠨ ᠬᠣᠭᠣᠯᠠ ᠳᠡᠮᠡᠢ ᠢᠳᠡᠵᠦ ᠵᠠᠯᠬᠠᠭᠤᠷᠠᠵᠤ ᠬᠡᠪᠲᠡᠭᠰᠡᠭᠡᠷ᠂ ᠶᠠᠭᠤᠮ᠎ᠠ ᠬᠢᠵᠦ ᠰᠤᠷᠤᠭᠰᠠᠨ ᠦᠭᠡᠢ᠂ ᠡᠮᠨᠡᠯᠭᠡ ᠶ᠋ᠢᠨ ᠭᠠᠵᠠᠷ ᠠᠯᠪᠠ ᠬᠠᠰᠢᠵᠤ ᠪᠠᠢᠬᠤ ᠳ᠋ᠠᠭᠠᠨ( ᠳ᠋ᠤ᠌ ᠪᠠᠨ)ᠬᠣᠲᠠ ᠳ᠋ᠤ᠌ ᠫᠠᠨᠽᠠᠴᠢᠨ ᠨᠤᠭᠤᠳ ᠲᠠᠢ ᠨᠡᠢᠯᠡᠭᠡᠳ᠂ ᠲᠤᠭᠤᠯᠬᠤ ᠳ᠋ᠤ᠌᠂ ᠨᠢᠭᠡ ᠪᠠᠶᠠᠨ ᠫᠠᠨᠽᠠᠴᠢᠨ ᠳ᠋ᠤ᠌ ᠬᠦᠷᠭᠡᠨ ᠣᠷᠣᠭᠰᠠᠨ ᠶᠤᠮ ᠭᠡᠨ᠎ᠡ ᠪᠢᠯᠡ᠃ ᠲᠡᠭᠡᠭᠡᠳ ᠬᠠᠳᠠᠮ ᠡᠴᠢᠭᠡ ᠳ᠋ᠡᠭᠡᠨ ( ᠳ᠋ᠦ᠍ ᠪᠡᠨ) ᠲᠤᠰᠠᠯᠠᠵᠤ᠂ ᠬᠥᠳᠡᠭᠡ ᠶ᠋ᠢᠨ ᠮᠠᠯᠴᠢᠨ ᠠᠷᠠᠳ ᠢ᠋ ᠮᠡᠬᠡᠯᠡᠨ ᠮᠥᠯᠵᠢᠬᠦ ᠳ᠋ᠦ᠍ᠨᠢ( ᠳ᠋ᠦ᠍ ᠨᠢ) ᠲᠤᠰᠠᠯᠠᠳᠠᠭ ᠪᠣᠯᠤᠭᠰᠠᠨ ᠶᠤᠮ ᠭᠡᠨ᠎ᠡ ᠪᠢᠯᠡ᠃ ᠬᠣᠲᠠ ᠣᠷᠣᠵᠤ ᠮᠠᠯ ᠬᠤᠳᠠᠯᠳᠤᠬᠤ ᠬᠥᠮᠦᠨ ᠢ᠋ ᠠᠮᠠᠳᠠᠵᠤ ᠲᠣᠰᠤᠭᠠᠳ᠂ ᠠᠷᠢᠬᠢ ᠲᠠᠢ ᠳᠠᠷᠠᠰᠤ ᠲᠠᠢ ᠤᠭᠲᠤᠭᠠᠳ᠂ ᠬᠥᠳᠡᠭᠡ ᠶ᠋ᠢᠨ ᠬᠣᠩᠭᠣᠷ ᠴᠠᠭᠠᠨ ᠰᠠᠨᠠᠭ᠎ᠠ ᠲᠠᠢ ᠮᠠᠯᠴᠢᠨ ᠰᠢᠳᠤᠷᠭᠤ ᠠᠷᠠᠳ ᠤ᠋ᠳ ᠲᠡᠷᠡ ᠵᠠᠯᠢᠬᠠᠢ ᠮᠠᠭᠤ ᠠᠷᠭ᠎ᠠ ᠶ᠋ᠢ  ᠮᠡᠳᠡᠬᠦ ᠦᠭᠡᠢ᠂ ᠵᠣᠴᠢᠷᠬᠠᠭ ᠰᠠᠢᠬᠠᠨ ᠬᠥᠮᠦᠨ ᠪᠠᠢᠨ᠎ᠠ ᠭᠡᠵᠦ ᠠᠷᠢᠬᠢ ᠳᠡᠷᠡᠰᠦᠨ ᠳ᠋ᠦ᠍ᠨᠢ( ᠳ᠋ᠦ᠍ ᠨᠢ) ᠪᠣᠯᠵᠤ᠂ ᠠᠷᠪᠠ ᠲᠠᠪᠤᠨ ᠮᠠᠯ ᠢ᠋ᠶ᠋ᠠᠨ ᠰᠤᠯᠠ ᠬᠢᠮᠳᠠ ᠪᠠᠷ ᠥᠭᠴᠦ ᠣᠷᠬᠢᠳᠠᠭ ᠶᠤᠮ ᠭᠡᠨ᠎ᠡ ᠪᠢᠯᠡ᠃ ᠫᠠᠨᠽᠠᠴᠢᠨ ᠨᠤᠭᠤᠳ ᠲᠡᠭᠡᠵᠦ ᠬᠥᠳᠡᠭᠡ ᠶ᠋ᠢᠨ ᠬᠥᠮᠦᠨ ᠢ᠋ ᠮᠡᠬᠡᠯᠡᠳᠡᠭ ᠶᠦᠮ ᠭᠡᠨ᠎ᠡ ᠯᠡ ᠳᠡ᠃ ᠶᠣᠰᠣ ᠲᠠᠢ ᠬᠥᠮᠦᠨ ᠬᠠᠮᠢᠭ᠎ᠠ ᠠ᠋ᠴᠠ ᠲᠡᠢᠮᠦ ᠪᠠᠢᠬᠤ ᠪᠣᠢ? ᠴᠢ ᠪᠢᠳᠡ ᠬᠣᠶᠠᠷ ᠤ᠋ᠨ ᠦᠷ᠎ᠡ ᠬᠡᠦᠬᠡᠳ ᠶᠠᠭᠠᠬᠢᠯ᠎ᠠ ᠭᠡᠵᠦ ᠲᠡᠷᠡ ᠰᠣᠯᠣᠭᠠᠢ ᠵᠠᠮ ᠢ᠋ᠶ᠋ᠠᠷ ᠣᠷᠣᠬᠤ ᠪᠢᠯᠡ? ᠲᠡᠭᠡᠪᠡᠯ ᠲᠡᠮᠡᠭᠡᠨ ᠦ᠌ ᠰᠡᠭᠦᠯ ᠭᠠᠵᠠᠷ ᠲᠤᠯᠵᠤ᠂ ᠲᠡᠭᠡ ᠶ᠋ᠢᠨ ᠡᠪᠡᠷ ᠲᠩᠷᠢ ᠳ᠋ᠦ᠍ ᠲᠤᠯᠬᠤ ᠪᠠᠢᠬ᠎ᠠ? ᠭᠡᠬᠦ ᠳ᠋ᠦ᠍ᠨᠢ( ᠳ᠋ᠦ᠍ ᠨᠢ)᠂  
       — ᠮᠠᠨ ᠤ᠋ ᠬᠣᠶᠠᠷ ᠬᠦᠦ ᠮᠠᠨᠢ ᠲᠦᠮᠡᠨ ᠤᠯᠤᠰ ᠤ᠋ᠨ ᠶᠡᠬᠡ ᠪᠠᠭᠰᠢ ᠰᠲ᠋ᠠᠯᠢᠨ ᠤ᠋ ᠰᠤᠷᠭᠠᠯ ᠢ᠋ᠶ᠋ᠠᠷ ᠵᠠᠮᠨᠠᠵᠤ᠂ ᠰᠢᠨ᠎ᠡ ᠰᠠᠢᠬᠠᠨ ᠪᠠᠢᠳᠠᠯ ᠢ᠋ ᠪᠦᠲᠦᠭᠡᠨ ᠪᠣᠰᠬᠠᠬᠤ ᠤᠯᠤᠰ ᠪᠣᠯᠲᠤᠭᠠᠢ᠃ ᠥᠲᠡᠯᠦᠭᠰᠡᠨ ᠪᠢᠳᠡ ᠬᠣᠶᠠᠷ ᠦᠷ᠎ᠡ ᠬᠡᠦᠬᠡᠳ ᠢ᠋ᠶ᠋ᠡᠨ ᠢᠴᠢᠭᠡᠬᠦ ᠦᠭᠡᠢ ᠰᠠᠢᠨ ᠠᠵᠢᠯᠯᠠᠵᠤ ᠦᠵᠡᠨ᠎ᠡ ᠳᠡ ᠭᠡᠵᠦ ᠴᠡᠷᠡᠨ ᠦ᠌ ᠬᠡᠯᠡᠬᠦ ᠳ᠋ᠦ᠍᠂ ᠰᠢᠷᠴᠢᠨ᠂  
       — ᠴᠢ ᠮᠢᠨᠢ ᠲᠠᠭᠠᠲᠠᠢ ᠰᠠᠢᠨ ᠬᠥᠮᠦᠨ ᠶᠣᠮ᠎ᠠ ᠳᠠ ᠭᠡᠵᠦ ᠢᠨᠢᠶᠡᠮᠰᠦᠭᠯᠡᠵᠡᠢ᠃  
       ᠴᠡᠷᠡᠨ ᠢᠴᠢᠩᠭᠦᠷᠡᠰᠬᠢᠵᠦ᠂ ᠪᠡᠷᠢᠯᠬᠡᠬᠦ ᠠᠳᠠᠯᠢ ᠴᠠᠰᠢ(ᠴᠠᠭᠠᠰᠢ) ᠪᠠᠨ ᠬᠠᠷᠠᠭᠠᠳ᠂ 
       — ᠥᠲᠡᠯᠦᠭᠰᠡᠨ ᠬᠣᠢᠨ᠎ᠠ ᠪᠠᠨ ᠪᠡᠶ᠎ᠡ ᠪᠠᠶᠠᠨ ᠳ᠋ᠠᠭᠠᠨ ( ᠳ᠋ᠤ᠌ ᠪᠠᠨ) ᠠᠮᠠᠷᠠᠭ ᠤ᠋ᠨ ᠡᠢᠮᠦ ᠦᠭᠡ ᠬᠡᠯᠡᠭᠡᠳ ᠶᠠᠭᠠᠬᠢᠬᠤ ᠶᠤᠮ ᠪᠣᠢ? ᠬᠡᠮᠡᠪᠡᠰᠦ᠂  
       — ᠥᠲᠡᠯᠦᠭᠰᠡᠨ ᠬᠠᠮᠢᠶᠠᠲᠠᠢ ᠤᠤ? ᠨᠥᠬᠥᠷ ᠬᠠᠨᠢ ᠪᠣᠯᠤᠭᠰᠠᠨ ᠬᠥᠮᠦᠨ᠂ ᠴᠢ ᠪᠢᠳᠡ ᠬᠣᠶᠠᠷ ᠰᠢᠭ᠋ ᠨᠢᠭᠡ ᠨᠠᠰᠤ ᠪᠠᠷ ᠡᠢᠮᠦ ᠡᠪᠲᠡᠢ ᠰᠠᠢᠬᠠᠨ ᠰᠠᠭᠤᠪᠠᠯ ᠰᠠᠢᠬᠠᠨ ᠶᠤᠮ ᠪᠢᠰᠢᠦ(ᠪᠢᠰᠢ ᠤᠤ)? ᠦᠷ᠎ᠡ ᠬᠡᠦᠬᠡᠳ ᠢ᠋ ᠮᠠᠨᠢ ᠴᠤ᠌ ᠲᠥᠷᠥ ᠶ᠋ᠢᠨ ᠰᠦᠯᠳᠡ ᠲᠡᠳᠬᠦᠵᠦ ᠬᠡᠢ ᠮᠣᠷᠢ ᠲᠠᠢ ᠰᠠᠢᠬᠠᠨ ᠶᠠᠪᠤᠵᠤ ᠪᠠᠢᠭ᠎ᠠ ᠶᠤᠮ ᠪᠢᠰᠢᠦ(ᠪᠢᠰᠢ ᠤᠤ)᠃ ᠥᠲᠡᠯᠦᠭᠰᠡᠨ ᠬᠣᠢᠨ᠎ᠠ ᠪᠠᠨ ᠪᠡᠶ᠎ᠡ ᠪᠡᠶ᠎ᠡ ᠳ᠋ᠡᠭᠡᠨ( ᠳ᠋ᠦ᠍ ᠪᠡᠨ) ᠠᠮᠠᠷᠠᠭ ᠬᠠᠢᠷᠠᠲᠠᠢ ᠶ᠋ᠢᠨ ᠰᠠᠢᠬᠠᠨ ᠦᠭᠡ ᠬᠡᠯᠡᠬᠦ ᠳ᠋ᠦ᠍ ᠶᠠᠭᠠᠬᠢᠳᠠᠭ ᠶᠤᠮ ᠪᠣᠢ? ᠭᠡᠵᠡᠢ᠃ ᠲᠡᠭᠡᠬᠦ  ᠳ᠋ᠦ᠍ᠨᠢ( ᠳ᠋ᠦ᠍ ᠨᠢ) ᠴᠡᠷᠡᠨ ᠨᠥᠬᠥᠷ ᠥᠭᠡᠳᠡ ᠪᠡᠨ ᠳᠣᠲᠣᠨᠣᠯᠠᠨ ᠲᠠᠯᠠᠷᠬᠠᠭᠰᠠᠨ ᠪᠠᠢᠳᠠᠯ ᠲᠠᠢ ᠬᠠᠷᠠᠭᠠᠳ ᠠᠷᠢᠭᠤᠨ ᠰᠠᠢᠬᠠᠨ ᠰᠡᠳᠬᠢᠯᠲᠦ ᠠᠵᠢᠯᠴᠢ ᠡᠮᠡᠭᠲᠡᠢ ᠶ᠋ᠢᠨ ᠠᠯᠵᠢᠶᠠᠭᠰᠠᠨ ᠴᠢᠷᠠᠢ ᠳ᠋ᠤᠨᠢ( ᠳ᠋ᠤ᠌ ᠨᠢ) ᠪᠠᠶᠠᠷ ᠤ᠋ᠨ ᠮᠦᠰᠢᠶᠡᠯ ᠲᠣᠳᠣᠷᠠᠩᠬᠠᠨ ᠬᠠᠷᠠᠭᠳᠠᠯ᠎ᠠ᠃  

         ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠪᠠᠯ᠂ ᠣᠶᠤᠨᠪᠠᠲᠤ᠂ ᠤᠢᠭᠤᠷᠵᠢᠨ·ᠣᠳᠬᠣᠨᠪᠠᠪᠠ᠂ ᠪᠠᠳᠮᠠᠰᠡᠴᠡᠨ  
            ᠬᠢᠨᠠᠭᠴᠢ᠄ ᠴᠤᠯᠮᠤᠨᠭᠡᠷᠡᠯ᠂ ᠣᠳᠬᠣᠨᠴᠡᠴᠡᠭ᠂ ᠣᠶ᠋ᠢᠭᠣᠷᠵᠢᠨ·ᠣᠳᠬᠣᠨᠪᠠᠪᠠ᠂ ᠪᠠᠯ 
            ᠤᠩᠰᠢᠭᠴᠢ᠄ ᠨᠠᠰᠤᠨ᠌ᠦ᠌ᠯᠵᠡᠢ