ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠ ᠶᠢᠰᠦ Үүрийн туяа III – Б ᠂ Ренчин Гуравдугаар дэвтэр "Баялдаж олсон эх орон"-19 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠ ᠶᠢᠰᠦ Үүрийн туяа III – Б ᠂ Ренчин Гуравдугаар дэвтэр "Баялдаж олсон эх орон"-19

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠ ᠶᠢᠰᠦ Үүрийн туяа III – Б ᠂ Ренчин Гуравдугаар дэвтэр "Баялдаж олсон эх орон"-19

ᠠᠩᠭᠢᠯᠠᠯ:ᠲᠤᠭᠤᠵᠢ ᠷᠣᠮᠠᠨ
2025-07-07

207

ᠠᠷᠪᠠ ᠶᠢᠰᠦ᠂ ᠮᠠᠨ ᠤ᠋ ᠬᠤᠲᠤᠭᠲᠤ ᠬᠤᠪᠢᠯᠭᠠᠨ ᠶᠠᠮᠠᠷ ᠪᠠᠢᠵᠤ ᠪᠣᠢ?

             
             ᠴᠡᠴᠡᠷᠯᠢᠭ ᠦ᠋ᠨ ᠠᠷᠤ ᠪᠤᠯᠤᠩ ᠳ᠋ᠤ᠌᠂ 
                 ᠲᠩᠷᠢ ᠨᠠᠷᠠ ᠶ᠋ᠢᠨ ᠰᠡᠭᠦᠯᠴᠢ᠂   
             ᠪᠦᠳᠦᠭᠦᠯᠢᠭ ᠬᠢᠴᠡᠲᠡᠢ ᠪᠢ ᠪᠠᠢᠯ᠎ᠠ᠂ 
                 ᠮᠠᠭᠤ ᠶ᠋ᠢ ᠮᠢᠨᠢ ᠦᠵᠡᠭᠦᠯᠵᠦ ᠳᠡ᠂ ᠡᠷᠡᠩ(ᠡᠷᠢᠨ) ᠴᠠᠭ᠃    
                           ᠭᠦᠲ᠋ᠧ᠂ ᠷᠣᠮ ᠤ᠋ᠨ ᠭᠤᠨᠢᠭ ᠰᠢᠯᠦᠭ   

       ᠵᠦᠭ ᠵᠦᠭ ᠨᠢᠳᠦ ᠠᠯᠳᠠᠮ᠎ᠠ ᠠᠭᠤᠳᠠᠮ ᠲᠠᠯ᠎ᠠ᠂ ᠦᠳᠡ ᠶ᠋ᠢᠨ ᠫᠦ ᠬᠠᠯᠠᠭᠤᠨ ᠳ᠋ᠤ᠌ ᠲᠡᠰᠬᠡᠯ ᠦᠭᠡᠢ ᠬᠠᠯᠠᠭᠤᠨ ᠠᠮᠢᠰᠬᠤᠭ᠎ᠠ ᠣᠷᠭᠢᠯᠬᠤ ᠠᠵᠢ᠃ ᠲᠩᠷᠢ ᠶ᠋ᠢᠨ ᠬᠣᠷᠮᠣᠢ ᠳ᠋ᠤ᠌ ᠵᠡᠷᠭᠡᠯᠭᠡ ᠮᠢᠷᠠᠯᠵᠠᠵᠤ᠂ ᠵᠡᠭᠡᠷ᠎ᠡ ᠶ᠋ᠢᠨ ᠰᠦᠷᠦᠭ ᠦᠵᠡᠭᠳᠡᠮᠦᠢ*᠃ ᠦᠷ ᠲᠣᠭᠲᠠᠵᠤ ᠡᠬᠢᠯᠡᠭᠰᠡᠨ ᠲᠦᠷᠦᠭᠦᠦ ᠲᠡᠢ ᠶᠡᠷᠦᠬᠡᠭ(ᠶᠥᠷᠬᠥᠭ) ᠦ᠋ᠨ ᠬᠠᠪᠴᠢᠭ ᠲᠣᠯᠣᠭᠠᠢ ᠨᠢ ᠨᠠᠷᠠᠨ ᠵᠦᠭ ᠥᠨᠳᠡᠢᠨ ᠲᠡᠮᠡᠦᠯᠵᠦ᠂ ᠬᠠᠷ᠎ᠠ ᠬᠥᠬᠡ ᠥᠩᠭᠡᠲᠡᠢ ᠬᠢᠶᠠᠭ ᠡᠨᠳᠡ ᠲᠡᠨᠳᠡ ᠦᠭᠡᠢ ᠥᠳᠬᠡᠨ ᠬᠥᠬᠡ ᠥᠩᠭᠡ ᠪᠡᠷ ᠢ᠋ᠶ᠋ᠡᠨ ᠢᠯᠭᠠᠷᠠᠨ᠂ ᠰᠢᠪᠡᠭᠡ ᠬᠢᠯᠠᠭᠠᠨ᠎ᠠ(ᠭᠢᠯᠭᠠᠨ᠎ᠠ) ᠶ᠋ᠢᠨ ᠲᠣᠯᠣᠭᠠᠢ ᠴᠠᠴᠤᠭ ᠮᠡᠲᠦ ᠰᠠᠭᠰᠠᠢᠨ᠂ ᠬᠡᠭᠡᠷ᠎ᠡ ᠶ᠋ᠢᠨ ᠡᠪᠡᠰᠦ ᠨᠣᠭᠣᠭ᠎ᠠ ᠶ᠋ᠢᠨ ᠬᠠᠨᠳᠠᠯᠠᠭᠰᠠᠨ ᠮᠡᠲᠦ ᠴᠢᠳᠠᠯ ᠲᠠᠢ ᠰᠠᠢᠬᠠᠨ ᠦᠨᠦᠷ ᠲᠦ᠍ ᠦᠶ᠎ᠡ ᠦᠶ᠎ᠡ ᠠᠭᠢ ᠭᠠᠩᠭ᠎ᠠ ᠶ᠋ᠢᠨ ᠬᠦᠵᠢᠰ ᠦ᠋ᠨ ᠦᠨᠦᠷ ᠬᠠᠩᠬᠤᠯᠤᠨ ᠦᠨᠦᠷᠲᠦᠮᠦᠢ᠃ ᠥᠨᠳᠥᠷ ᠣᠭᠲᠠᠷᠭᠤᠢ ᠳ᠋ᠤ᠌ ᠡᠯᠢᠶ᠎ᠡ ᠰᠢᠪᠠᠭᠤ ᠵᠢᠭᠦᠷ ᠢ᠋ᠶ᠋ᠡᠨ ᠳᠡᠯᠭᠡᠩᠭᠡᠨ ᠬᠠᠯᠢᠵᠤ᠂ ᠤᠯᠠᠭᠠᠨ ᠬᠣᠰᠢᠭᠤᠲᠤ ᠬᠠᠷ᠎ᠠ ᠦᠷᠡᠪᠳᠡᠰ(ᠥᠷᠥᠪ ᠲᠠᠰ) ᠤᠷᠲᠤ ᠭᠡᠭᠴᠢ ᠶ᠋ᠢᠨ ᠬᠦᠵᠦᠭᠦᠦ ᠬᠥᠯ ᠬᠣᠶᠠᠷ ᠢ᠋ᠶ᠋ᠠᠨ ᠰᠤᠩᠭᠠᠩᠬᠠᠨ᠂ ᠬᠠᠮᠢᠭᠠᠰᠢ ᠪᠠᠨ ᠴᠤ᠌ ᠣᠴᠢᠵᠤ ᠶᠠᠪᠤᠭ᠎ᠠ ᠶ᠋ᠢ ᠨᠢ ᠪᠤᠤ ᠮᠡᠳᠡ ᠬᠤᠷᠳᠤᠯᠠᠨ ᠨᠢᠰᠦᠮᠦᠢ᠃ ᠴᠡᠷᠡᠨ ᠢ᠋ ᠬᠠᠯᠠᠭᠤᠨ ᠳ᠋ᠤ᠌ ᠲᠡᠩᠬᠡᠭᠡ ᠲᠠᠰᠤᠷᠠᠵᠤ᠂ ᠬᠥᠲᠥᠯ ᠥᠭᠡᠳᠡ ᠳᠠᠪᠠᠵᠤ ᠶᠠᠪᠤᠲᠠᠯ᠎ᠠ᠂ ᠳᠡᠪᠡᠯ ᠦ᠋ᠨ ᠢ᠋ᠶ᠋ᠡᠨ ᠪᠠᠷᠠᠭᠤᠨ ᠬᠠᠨᠴᠤᠢ ᠶ᠋ᠢ ᠰᠤᠭᠤᠯᠳᠤᠷᠭᠠᠯᠠᠭᠰᠠᠨ ᠨᠢᠭᠡ ᠬᠥᠮᠦᠨ ᠬᠥᠲᠥᠯ ᠦ᠋ᠨ ᠴᠠᠭᠠᠨ᠎ᠠ ᠠ᠋ᠴᠠ ᠭᠠᠷᠴᠤ ᠢᠷᠡᠵᠡᠢ᠃ 
       — ᠳ᠋ᠤᠢᠩᠬᠤᠷ ᠭᠡᠵᠦ ᠬᠣᠯᠠ ᠠ᠋ᠴᠠ ᠲᠠᠨᠢᠭᠠᠳ᠂ ᠲᠡᠷᠡ ᠵᠢᠯ ᠰᠢᠷᠴᠢᠨ ᠢ᠋ ᠵᠢᠷᠣᠭ᠎ᠠ ᠮᠣᠷᠢ ᠪᠠᠨ ᠥᠭ ᠭᠡᠵᠦ ᠬᠠᠪᠴᠢᠨ ᠰᠢᠬᠠᠵᠤ ᠪᠠᠢᠭᠰᠠᠨ ᠨᠢ ᠴᠡᠷᠡᠨ ᠦ᠌ ᠰᠠᠨᠠᠭᠠᠨ ᠳ᠋ᠤ᠌ ᠣᠷᠣᠵᠤ᠂ ᠲᠡᠷᠡ ᠴᠠᠭ ᠠ᠋ᠴᠠ ᠬᠣᠢᠰᠢ ᠨᠡᠯᠢᠶᠡᠳ ᠬᠡᠳᠦᠨ ᠵᠢᠯ ᠥᠩᠭᠡᠷᠡᠵᠦ᠂ ᠶᠡᠬᠡ ᠴᠦ᠍ ᠶᠠᠪᠤᠳᠠᠯ ᠥᠭᠡᠷᠡᠴᠢᠯᠡᠯᠲᠡ ᠡᠷᠭᠢᠯᠲᠡ ᠭᠠᠷᠤᠭᠰᠠᠨ ᠨᠢ ᠰᠠᠨᠠᠭᠠᠨ ᠳ᠋ᠤ᠌ ᠣᠷᠣᠯ᠎ᠠ᠃ ᠠᠷᠠᠳ ᠤ᠋ᠨ ᠵᠠᠰᠠᠭ ᠢ᠋ ᠡᠰᠡᠷᠭᠦᠴᠡᠵᠦ᠂ ᠯᠠᠮᠠ ᠨᠠᠷ  ᠪᠣᠰᠤᠯᠭ᠎ᠠ ᠭᠠᠷᠭᠠᠭᠠᠳ᠂ ᠳ᠋ᠤᠢᠩᠬᠤᠷ ᠤ᠋ᠨ ᠲᠦᠰᠢᠭ ᠪᠣᠯᠤᠭᠰᠠᠨ ᠠᠢᠮᠠᠭ ᠬᠣᠲᠠ ᠶ᠋ᠢᠨ ᠵᠠᠷᠢᠮ ᠡᠪᠡᠷᠲᠡᠨ ᠰᠡᠭᠦᠯᠲᠡᠨ ᠨᠦ᠍ᠭᠦᠳ ᠨᠢ ᠲᠡᠷᠡ ᠡᠰᠡᠷᠭᠦᠦ ᠪᠣᠰᠤᠯᠭᠠᠨ ᠳ᠋ᠤ᠌ ᠬᠣᠯᠪᠣᠭᠳᠠᠵᠤ᠂ ᠪᠠᠭ ᠤ᠋ᠨ ᠳᠠᠷᠤᠭ᠎ᠠ ᠭᠡᠵᠦ ᠪᠠᠢᠭᠰᠠᠨ ᠳ᠋ᠤᠢᠩᠬᠤᠷ ᠥᠪᠡᠷ ᠢ᠋ᠶ᠋ᠡᠨ ᠴᠦ᠍ ᠭᠡᠰᠡᠨ ᠪᠠᠰᠠ ᠯᠠ ᠤᠴᠢᠷ ᠲᠠᠢ ᠪᠣᠯᠵᠤ᠂ ᠨᠤᠲᠤᠭ ᠤ᠋ᠨ ᠮᠠᠯᠴᠢᠨ ᠤ᠋ ᠬᠣᠱᠣᠩᠨᠠᠵᠤ ᠬᠡᠯᠡᠳᠡᠭ ᠢ᠋ᠶ᠋ᠡᠷ《ᠬᠥᠮᠦᠵᠢᠬᠦ》 ᠭᠡᠵᠦ ᠲᠠᠪᠤᠭᠠᠳ ᠵᠢᠯ ᠳᠠᠯᠳᠠ ᠣᠷᠣᠭᠠᠳ ᠰᠠᠶᠢ ᠬᠠᠪᠤᠷ᠂ ᠣᠪᠣᠷ ᠪᠠᠢᠳᠠᠯ ᠨᠡᠯᠢᠶᠡᠳ ᠥᠲᠡᠯᠵᠦ ᠡᠴᠡᠭᠰᠡᠨ ᠰᠢᠨᠵᠢ ᠲᠡᠢ᠂ ᠭᠡᠷ ᠲᠡᠭᠡᠨ( ᠲᠤ ᠪᠡᠨ) ᠪᠤᠴᠠᠵᠤ ᠢᠷᠡᠭᠡᠳ ᠤᠷᠢᠳᠤ ᠪᠠᠭ ᠤ᠋ᠨ ᠳᠠᠷᠤᠭ᠎ᠠ ᠶᠠᠪᠤᠬᠤ  ᠳ᠋ᠠᠭᠠᠨ(ᠳ᠋ᠤ᠌ ᠪᠠᠨ) ᠬᠠᠪᠴᠢᠵᠤ ᠬᠠᠢᠷᠴᠤ ᠪᠠᠢᠭᠰᠠᠨ ᠤᠯᠤᠰ ᠢ᠋ᠶ᠋ᠠᠨ ᠶᠡᠬᠡᠯ᠎ᠡ(ᠶᠡᠬᠡ ᠯᠡ) ᠵᠢᠰᠤᠷᠳᠠᠨ ᠨᠢᠯᠪᠠᠭᠠᠨᠠᠳᠠᠭ ᠪᠣᠯᠤᠭᠰᠠᠨ ᠪᠢᠯᠡ᠃ ᠲᠡᠷᠡ ᠶ᠋ᠢ ᠨᠢ ᠰᠠᠨᠠᠭᠠᠳ᠂ ᠴᠡᠷᠡᠨ ᠣᠳᠣ ᠪᠠᠰᠠ ᠪᠢᠯᠳᠠᠤᠴᠢ ᠨᠢᠯᠤᠭᠤᠨ ᠵᠠᠩ ᠢ᠋ᠶ᠋ᠠᠨ ᠭᠠᠷᠭᠠᠬᠤ ᠨᠢ ᠳᠡ ᠭᠡᠵᠦ ᠳᠣᠲᠣᠷ᠎ᠠ ᠪᠠᠨ ᠳᠤᠷ᠎ᠠ ᠦᠭᠡᠢᠴᠡᠨ ᠪᠣᠳᠣᠲᠠᠯ᠎ᠠ ᠨᠢ ᠴᠠᠭᠠᠳᠤᠬᠢ ᠨᠢ ᠦᠨᠡᠷᠡᠨ ᠴᠦ᠍᠂ ᠲᠡᠷᠲᠡᠭᠡ ᠬᠣᠯᠠ ᠠ᠋ᠴᠠ ᠲᠣᠯᠣᠭᠠᠢ ᠪᠠᠨ ᠳᠣᠬᠢᠨ ᠢᠨᠢᠶᠡᠮᠰᠦᠷᠦᠨ ᠮᠠᠭᠠᠰᠠᠭᠠᠨᠠᠭᠰᠠᠭᠠᠷ ᠴᠡᠷᠡᠨ ᠦ᠌ ᠳᠡᠷᠭᠡᠳᠡ ᠬᠦᠷᠴᠦ ᠢᠷᠡᠩᠭᠦᠲᠡ᠂ ᠮᠣᠷᠢᠨ ᠤ᠋ ᠪᠠᠨ ᠠᠮᠠ ᠶ᠋ᠢ ᠲᠠᠲᠠᠵᠤ᠂ ᠲᠡᠰᠬᠡᠯ ᠦᠭᠡᠢ ᠪᠢᠯᠳᠠᠤᠷᠬᠠᠨ᠂   
       — ᠰᠢᠷᠴᠢᠨ ᠭᠤᠸᠠᠢ ᠶᠠᠭᠤ ᠬᠢᠵᠦ ᠪᠠᠢᠨ᠎ᠠ? ᠲᠠᠨ ᠤ᠋ ᠪᠡᠶ᠎ᠡ ᠰᠠᠢᠨ ᠯᠠ ᠪᠢᠵᠡ ᠳᠡ? ᠰᠣᠨᠢᠨ ᠰᠠᠢᠬᠠᠨ ᠶᠠᠭᠤ ᠪᠠᠢᠨ᠎ᠠ? ᠮᠠᠯ ᠰᠦᠷᠦᠭ ᠰᠠᠢᠬᠠᠨ ᠵᠤᠨᠰᠢᠵᠤ ᠪᠠᠢᠨ᠎ᠠ ᠤᠤ? ᠭᠡᠵᠦ ᠶᠠᠭᠠᠬᠢᠬᠤ ᠠᠷᠭ᠎ᠠ ᠦᠭᠡᠢ ᠨᠢᠯᠤᠭᠤᠨ ᠵᠠᠩ ᠭᠠᠷᠭᠠᠵᠤ᠂ ᠨᠠᠷᠠᠨ ᠳ᠋ᠤ᠌ ᠭᠠᠩᠳᠠᠭᠰᠠᠨ ᠶᠤᠮ ᠰᠢᠭ᠋ ᠥᠩᠭᠡ ᠠᠯᠳᠠᠭᠰᠠᠨ ᠰᠣᠬᠣᠭᠣᠷ ᠨᠢᠳᠦ ᠪᠡᠷ ᠢ᠋ᠶ᠋ᠡᠨ ᠴᠡᠷᠡᠨ ᠥᠭᠡᠳᠡ ᠬᠠᠷᠠᠵᠤ᠂ ᠴᠢᠪᠠᠭᠠᠨᠴᠠ ᠴᠢᠷᠠᠢᠯᠠᠭᠰᠠᠨ ᠦᠷᠴᠢᠬᠡᠷ ᠨᠢᠭᠤᠷ ᠲᠠᠭᠠᠨ( ᠲᠤ ᠪᠠᠨ) ᠢᠨᠢᠶᠡᠮᠰᠦᠭᠯᠡᠬᠦ ᠳᠦᠷᠢᠮ ᠦᠵᠡᠭᠦᠯᠵᠡᠢ᠃ ᠨᠠᠷᠠᠨ ᠳ᠋ᠤ᠌ ᠪᠣᠷᠣᠯᠠᠵᠤ ᠬᠥᠯᠥᠰᠥᠨ ᠳ᠋ᠦ᠍ᠨᠢ (ᠳ᠋ᠦ᠍ ᠨᠢ) ᠬᠤᠵᠢᠷ ᠤᠷᠭᠤᠭᠰᠠᠨ ᠢᠰᠡᠭᠡᠢ ᠪᠦᠷᠬᠦ ᠮᠠᠯᠠᠭᠠᠢ ᠨᠢ ᠰᠢᠯᠢ ᠶ᠋ᠢᠨ ᠬᠦᠵᠦᠭᠦᠦ ᠳᠡᠭᠡᠷ᠎ᠡ ᠨᠢ ᠪᠠᠭᠤᠵᠤ᠂ ᠬᠣᠵᠢᠭᠡᠷ ᠪᠣᠯᠵᠤ ᠶᠠᠪᠤᠭ᠎ᠠ ᠪᠤᠯᠳᠤᠷᠤᠤ ᠲᠠᠢ ᠳᠤᠬᠤ ᠵᠤᠯᠠᠢ ᠳ᠋ᠤᠨᠢ(ᠳ᠋ᠤ᠌ ᠨᠢ) ᠬᠥᠯᠥᠰᠥ ᠪᠤᠷᠵᠠᠢᠵᠠᠢ᠃ 
       — ᠰᠢᠷᠴᠢᠨ ᠠᠳᠤᠭᠤᠨ ᠳᠡᠭᠡᠷ᠎ᠡ ᠪᠡᠨ ᠪᠠᠢᠭ᠎ᠠ᠂ ᠮᠢᠨᠦ ᠪᠡᠶ᠎ᠡ ᠰᠠᠢᠨ᠃ ᠰᠣᠨᠢᠨ ᠶᠠᠭᠤᠮ᠎ᠠ ᠠᠯᠠᠭ᠎ᠠ᠃ ᠮᠠᠯ ᠰᠠᠢᠬᠠᠨ ᠵᠤᠨᠰᠢᠵᠤ ᠪᠠᠢᠨ᠎ᠠ ᠭᠡᠵᠦ ᠬᠠᠷᠢᠭᠤᠯᠤᠭᠠᠳ᠂ ᠰᠠᠯᠬᠢᠨ ᠤ᠋ ᠨᠢ ᠳᠣᠣᠷ᠎ᠠ ᠠ᠋ᠴᠠ ᠵᠠᠢᠯᠠᠵᠤ᠂ ᠬᠣᠭᠣᠷᠣᠨᠳᠣ ᠪᠠᠷ ᠢ᠋ᠶ᠋ᠠᠨ ᠰᠠᠯᠬᠢ ᠴᠣᠬᠢᠬᠤ ᠪᠠᠷ ᠲᠠᠭᠠᠷᠠᠭᠤᠯᠤᠨ ᠮᠣᠷᠢ ᠪᠠᠨ ᠵᠣᠭᠰᠣᠭᠠᠭᠰᠠᠨ ᠤᠴᠢᠷ ᠨᠢ᠂ ᠳ᠋ᠤᠢᠩᠬᠤᠷ ᠠ᠋ᠴᠠ ᠶᠠᠭᠠᠬᠢᠬᠤ ᠠᠷᠭ᠎ᠠ ᠦᠭᠡᠢ ᠦᠮᠡᠬᠡᠢ ᠰᠢᠪᠡᠷᠢ ᠶ᠋ᠢᠨ ᠦᠨᠦᠷ ᠬᠠᠩᠬᠤᠯᠵᠤ ᠣᠢ ᠭᠣᠳᠣᠮᠠᠷ ᠮᠠᠭᠤᠬᠠᠢ ᠪᠥᠭᠡᠳ ᠬᠠᠷᠠᠪᠠᠯ ᠠᠵᠢᠯ ᠤ᠋ᠨ ᠬᠠᠷ᠎ᠠ ᠭᠤᠲᠤᠯ ᠤ᠋ᠨ ᠵᠤᠯᠤᠭ ᠰᠢᠪᠡᠷᠢ ᠳ᠋ᠦ᠍ᠨᠢ(ᠳ᠋ᠦ᠍ ᠨᠢ) ᠨᠣᠢᠲᠠᠨ ᠦᠵᠡᠭᠳᠡᠵᠡᠢ᠃  
       — ᠣᠳᠣ ᠪᠢᠳᠡ᠂ ᠪᠠᠷᠤᠭ ᠲᠠᠨ ᠤ᠋ ᠬᠠᠶᠠᠭᠠᠨ ᠳ᠋ᠤ᠌ ᠭᠡᠮᠡᠷ ᠪᠠᠭᠤᠭᠰᠠᠨ ᠰᠢᠦ᠃ ᠮᠠᠨ ᠤ᠋ ᠲᠡᠷᠡ ᠬᠠᠪᠢ ᠪᠠᠷ ᠶᠠᠪᠤᠬᠤ ᠳ᠋ᠠᠭᠠᠨ ᠵᠠᠪᠠᠯ ᠮᠠᠨᠠᠢᠬᠢ(ᠮᠠᠨ ᠤ᠋ ᠬᠢ) ᠪᠡᠷ ᠣᠷᠣᠭᠠᠷᠠᠢ᠃ ᠮᠠᠨ ᠤ᠋ ᠡᠬᠡᠨᠡᠷ ᠲᠠᠨ ᠢ᠋ ᠬᠦᠷᠴᠦ ᠢᠷᠡᠬᠦ ᠳ᠋ᠦ᠍ ᠶᠡᠬᠡ ᠪᠠᠶᠠᠷᠯᠠᠨ᠎ᠠ᠃ ᠠᠢᠯ ᠬᠥᠮᠦᠨ ᠠᠮᠢ ᠨᠢᠭᠡᠲᠡᠢ ᠭᠡᠳᠡᠭ ᠰᠢᠦ ᠳᠡ᠂ ᠵᠠᠪᠠᠯ ᠣᠴᠢᠭᠠᠷᠠᠢ᠃  
       ᠪᠢ ᠲᠠᠨ ᠢ᠋ ᠮᠠᠨᠠᠢᠳᠤ(ᠮᠠᠨ ᠤ᠋ ᠳ᠋ᠤ᠌) ᠮᠣᠷᠢᠯᠠᠭᠠᠷᠠᠢ ᠭᠡᠬᠦ ᠰᠠᠨ᠂ ᠮᠣᠷᠢᠯᠠᠬᠤ ᠭᠡᠳᠡᠭ ᠮᠠᠨᠢ ᠹᠧᠣᠳᠠᠯ ᠤ᠋ᠨ ᠦᠭᠡ ᠰᠢᠦ ᠳᠡ᠃ ᠵᠠ ᠪᠢ ᠹᠧᠣᠳᠠᠯ ᠠᠩᠭᠢ ᠶ᠋ᠢᠨ ᠬᠡᠯᠡ ᠪᠡᠷ ᠶᠠᠷᠢᠬᠤ ᠳᠤᠷ᠎ᠠ ᠦᠭᠡᠢ ᠬᠥᠮᠦᠨ ᠰᠢᠦ ᠬᠢ ᠬᠢ ᠬᠢ ᠭᠡᠵᠦ ᠨᠢᠯᠪᠠᠭᠠᠨᠠᠨ ᠢᠨᠢᠶᠡᠬᠦ ᠳ᠋ᠦ᠍ᠨᠢ(ᠳ᠋ᠦ᠍ ᠨᠢ)᠂  
       — ᠲᠡᠭᠡᠲᠡᠯ᠎ᠡ ᠪᠡᠨ᠂ ᠲᠠ ᠨᠢᠳᠤᠷᠭᠠᠨ ᠪᠠᠶᠠᠨ᠂ ᠹᠧᠣᠳᠠᠯ ᠲᠦᠰᠢᠮᠡᠯ ᠬᠥᠮᠦᠨ ᠲᠡᠢ ᠬᠡᠯᠬᠢᠶ᠎ᠡ ᠬᠣᠯᠪᠣᠭᠠᠲᠠᠢ ᠪᠣᠯᠬᠤ ᠠ᠋ᠴᠠ ᠪᠠᠨ ᠠᠶᠤᠬᠤ ᠦᠭᠡᠢ ᠶᠦᠮ ᠤᠤ? ᠭᠡᠵᠦ ᠴᠡᠷᠡᠨ ᠢᠨᠢᠶᠡᠮᠰᠦᠭᠯᠡᠵᠡᠢ᠃ ᠲᠡᠭᠡᠬᠦ ᠳ᠋ᠦ᠍ᠨᠢ(ᠳ᠋ᠦ᠍ ᠨᠢ)᠂   
       —  ᠠ᠋᠂ ᠴᠡᠷᠡᠨ ᠭᠤᠸᠠᠢ ᠮᠢᠨᠢ᠂ ᠪᠢ ᠣᠳᠣ ᠶᠠᠭᠠᠬᠢᠯ᠎ᠠ ᠭᠡᠵᠦ ᠲᠡᠭᠡᠬᠦ ᠪᠣᠢ? ᠤᠷᠢᠳᠤ ᠪᠢ ᠵᠡᠭᠦᠨ ᠦ᠌ ᠨᠤᠭᠤᠯᠤᠭᠠᠲᠠᠨ ᠤ᠋ ᠦᠭᠡᠨ ᠳ᠋ᠦ᠍ ᠣᠷᠣᠭᠰᠠᠨ ᠪᠠ ᠲᠡᠳᠡ ᠨᠦ᠍ᠭᠦᠳ ᠦ᠋ᠨ ᠱᠤᠭᠤᠮ ᠦᠨᠳᠦᠰᠦᠯᠡᠨ ᠪᠠᠷᠢᠮᠲᠠᠯᠠᠭᠰᠠᠨ᠂ ᠢ ᠲᠡᠭᠦᠨᠴᠢᠯᠡᠨ ᠲᠣᠯᠣᠭᠠᠢ ᠡᠷᠭᠢᠭᠰᠡᠨ ᠬᠡᠷᠡᠭ ᠪᠣᠯᠤᠨ᠎ᠠ᠃ ᠠ ᠪᠢ ᠪᠠᠭ ᠤ᠋ᠨ ᠳᠠᠷᠤᠭ᠎ᠠ ᠶ᠋ᠢᠨ ᠬᠤᠪᠢ ᠪᠠᠷ ᠲᠡᠳᠡ ᠨᠦ᠍ᠭᠦᠳ ᠦ᠋ᠨ ᠲᠤᠰᠢᠶᠠᠯ ᠤ᠋ᠳ ᠢ᠋ ᠪᠠ ᠵᠢᠭᠠᠪᠤᠷᠢ ᠨᠤᠭᠤᠳ ᠢ᠋ ᠪᠡᠶᠡᠯᠡᠭᠦᠯᠵᠦ ᠶᠠᠪᠤᠭᠰᠠᠨ ᠪᠠ ᠶᠠᠭᠤᠮ᠎ᠠ ᠮᠡᠳᠡᠬᠦ ᠦᠭᠡᠢ ᠢ ᠲᠠᠺᠴᠢᠭ ᠦᠭᠡᠢ ᠬᠥᠮᠦᠨ ᠪᠠᠢᠭᠰᠠᠨ ᠶᠤᠮ᠃ ᠠ ᠣᠳᠣ ᠮᠠᠷᠱᠠᠯ ᠲᠡᠳᠡ ᠪᠦᠭᠦᠳᠡ ᠶ᠋ᠢᠨ ᠫᠧᠯᠧᠰᠣᠫᠢ ᠶ᠋ᠢ ᠪᠠ ᠲᠠᠺᠴᠢᠭ ᠢ᠋ ᠢᠯᠡᠷᠡᠭᠦᠯᠬᠦ ᠢ ᠲᠡᠭᠦᠨᠴᠢᠯᠡᠨ ᠪᠢᠳᠡᠨ ᠦ᠌ ᠨᠢᠳᠦ ᠨᠦ᠍ᠭᠦᠳ ᠢ᠋ ᠨᠡᠭᠡᠭᠡᠭᠰᠡᠨ ᠠᠰᠠᠭᠤᠯᠲᠠ ᠶ᠋ᠢᠨ ᠳᠡᠭᠡᠷ᠎ᠡ ᠡᠴᠡ ᠪᠢ ᠶᠡᠷᠦᠩᠬᠡᠢ ᠳ᠋ᠡᠭᠡᠨ(ᠳ᠋ᠦ᠍ ᠪᠡᠨ)ᠤᠬᠠᠮᠰᠠᠷᠲᠠᠢ ᠪᠣᠯᠤᠭᠰᠠᠨ ᠪᠣᠯᠤᠨ᠎ᠠ ᠭᠡᠵᠦ ᠶᠡᠬᠡ ᠰᠦᠷᠡᠬᠡᠢ ᠨᠠᠷᠢᠨ《ᠬᠣᠲᠠ ᠶᠠᠩᠵᠤ ᠶ᠋ᠢᠨ》 ᠦᠭᠡ ᠪᠡᠷ ᠶᠠᠷᠢᠵᠤ ᠪᠠᠢᠭᠰᠠᠨ ᠢ᠋ᠶ᠋ᠠᠨ᠂ ᠴᠡᠷᠡᠨ ᠦ᠌ ᠴᠢᠷᠠᠢ ᠳ᠋ᠤ᠌ ᠦᠯᠦ ᠣᠢᠰᠢᠶᠠᠬᠤ ᠪᠠᠢᠳᠠᠯ ᠪᠠᠢᠭ᠎ᠠ ᠶ᠋ᠢ ᠠᠵᠢᠭᠯᠠᠭᠠᠳ᠂ ᠲᠠ ᠮᠠᠨᠠᠢᠬᠢ(ᠮᠠᠨ ᠤ᠋ ᠬᠢ ) ᠪᠡᠷ ᠵᠠᠪᠠᠯ ᠣᠷᠣᠭᠠᠷᠠᠢ᠃ ᠣᠳᠣ ᠣᠷᠣᠪᠠᠯ᠂ ᠪᠢ ᠪᠤᠴᠠᠵᠤ ᠭᠠᠵᠠᠷᠴᠢᠯᠠᠶ᠎ᠠ ᠭᠡᠬᠦ ᠳ᠋ᠦ᠍ᠨᠢ(ᠳ᠋ᠦ᠍ ᠨᠢ)᠂ 
       —  ᠵᠠ᠂ ᠪᠢ ᠬᠣᠵᠢᠮ ᠨᠢᠭᠡ ᠵᠠᠪ ᠲᠠᠭᠠᠨ( ᠲᠤ ᠪᠠᠨ) ᠣᠷᠣᠮ ᠵ᠎ᠠ᠂ ᠣᠳᠣ ᠭᠡᠷ ᠲᠡᠭᠡᠨ( ᠲᠤ ᠪᠡᠨ)ᠬᠠᠷᠢᠬᠤ ᠭᠡᠵᠦ ᠪᠠᠬᠠᠨ ᠶᠠᠭᠠᠷᠠᠵᠤ ᠶᠠᠪᠤᠨ᠎ᠠ᠃ ᠭᠡᠷ ᠲᠦ᠍ ᠬᠥᠮᠦᠨ ᠪᠠᠢᠬᠤ ᠦᠭᠡᠢ᠂ ᠭᠠᠭᠴᠠ ᠵᠢᠭᠠᠯ ᠥᠬᠢᠨ ᠮᠠᠨᠢ ᠦᠯᠡᠳᠡᠭᠰᠡᠨ ᠶᠤᠮᠰᠠᠨ ᠭᠡᠳ ᠵᠢᠯᠣᠭᠣ ᠪᠠᠨ ᠵᠠᠯᠠᠵᠤ ᠬᠥᠳᠡᠯᠬᠦ ᠳ᠋ᠦ᠍ᠨᠢ(ᠳ᠋ᠦ᠍ ᠨᠢ) ᠳ᠋ᠣᠢᠩᠬᠣᠷ ᠭᠠᠷ ᠢ᠋ᠶ᠋ᠠᠨ ᠴᠢᠮᠠᠷᠬᠠᠢ ᠳ᠋ᠠᠭᠠᠨ( ᠳ᠋ᠤ᠌ ᠪᠠᠨ) ᠡᠷᠭᠦᠨ ᠴᠡᠷᠢᠭ ᠶᠣᠰᠣ ᠪᠠᠷ ᠶᠣᠰᠣᠯᠠᠭᠠᠳ᠂ ᠲᠠᠰᠢᠭᠤᠷ ᠢ᠋ᠶ᠋ᠠᠷ ᠮᠣᠷᠢ ᠪᠠᠨ ᠳᠡᠰ ᠬᠢᠲᠡᠯ᠎ᠡ ᠭᠤᠶᠠᠳᠠᠨ᠂ ᠭᠠᠵᠠᠷ ᠤ᠋ᠨ ᠤᠷᠤᠭᠤ ᠭᠥᠯᠢᠮ ᠢ᠋ᠶ᠋ᠡᠨ ᠫᠡᠷ ᠫᠡᠷ ᠳᠠᠪᠢᠷᠠᠨ ᠬᠠᠲᠠᠷᠢᠭᠤᠯᠵᠠᠢ᠃ 
       — ᠡᠨᠡ ᠶᠠᠮᠠᠷ ᠵᠢᠭᠲᠡᠢ ᠬᠥᠮᠦᠨ ᠪᠣᠢ? ᠭᠡᠵᠦ ᠴᠡᠷᠡᠨ ᠳᠣᠲᠣᠷ᠎ᠠ ᠪᠠᠨ ᠳ᠋ᠣᠢᠩᠬᠣᠷ ᠢ᠋ ᠭᠠᠢᠬᠠᠨ ᠶᠠᠪᠤᠵᠠᠢ᠃ ᠹᠧᠣᠳᠠᠯ ᠠᠩᠭᠢ ᠶ᠋ᠢᠨ ᠬᠡᠯᠡ ᠭᠡᠬᠦ ᠵᠡᠷᠭᠡ ᠤᠬᠠᠭᠠᠨ ᠳ᠋ᠤ᠌ ᠣᠷᠣᠮ᠎ᠠ ᠦᠭᠡᠢ ᠡᠯᠳᠡᠪ ᠶᠠᠭᠤᠮ᠎ᠠ ᠶᠠᠷᠢᠵᠤ᠂ ᠡᠭᠡᠯ ᠵᠢᠷ ᠦ᠋ᠨ ᠠᠷᠠᠳ ᠪᠢᠳᠡᠨ ᠦ᠌ ᠡᠮᠦᠨ᠎ᠡ ᠰᠦᠷ ᠪᠠᠳᠠᠷᠠᠭᠤᠯᠳᠠᠭ ᠡᠢᠮᠦ ᠤᠯᠤᠰ ᠮᠠᠨᠠᠢ(ᠮᠠᠨ ᠤ᠋) ᠭᠠᠭᠴᠠ ᠳ᠋ᠣᠢᠩᠬᠣᠷ ᠪᠢᠰᠢ᠂ ᠨᠥᠬᠥᠷ ᠰᠡᠭᠦᠳᠡᠷ ᠨᠢ ᠨᠡᠯᠢᠶᠡᠳ ᠪᠣᠢ ᠪᠣᠯᠵᠠᠢ᠃ ᠭᠠᠵᠠᠷ ᠤ᠋ᠨ ᠬᠠᠮᠢᠭ᠎ᠠ ᠠ᠋ᠴᠠ ᠭᠠᠷᠳᠠᠭ ᠶᠤᠮ ᠪᠣᠢ ᠡᠢᠮᠦ ᠤᠯᠤᠰ? ᠹᠧᠣᠳᠠᠯ ᠢ᠋ ᠠᠷᠠᠳ ᠪᠢᠳᠡᠨ ᠲᠡᠢ ᠬᠡᠯᠡᠮᠦᠷᠴᠢ ᠬᠡᠷᠡᠭᠯᠡᠵᠦ ᠶᠠᠷᠢᠬᠤ ᠶ᠋ᠢ ᠪᠢ ᠤᠷᠢᠳᠤ ᠶᠡᠷᠦ ᠲᠣᠭᠣᠯᠤᠭ᠎ᠠ ᠯᠠ ᠦᠭᠡᠢ ᠶᠦᠮ ᠰᠠᠨ᠃  ᠶᠠᠭᠤ ᠪᠠᠨ ᠳ᠋ᠦᠶ᠋ᠢᠩᠬᠤᠷ ᠳᠣᠩᠭᠣᠰᠴᠤ ᠶᠠᠪᠤᠭ᠎ᠠ ᠶᠤᠮ ᠪᠣᠯ? ᠭᠡᠵᠦ ᠪᠣᠳᠣᠭᠰᠠᠭᠠᠷ ᠴᠡᠷᠡᠨ ᠬᠥᠲᠥᠯ ᠳᠡᠭᠡᠷ᠎ᠡ ᠭᠠᠷᠤᠭᠠᠳ ᠵᠠᠮ ᠤ᠋ᠨ ᠤᠯᠤᠰ ᠴᠢᠯᠠᠭᠤ ᠣᠪᠣᠭᠠᠯᠠᠵᠤ ᠵᠣᠭᠣᠰ ᠡᠷᠭᠦᠳᠡᠭ᠂ ᠤᠷᠢᠳᠤ ᠬᠢᠷᠭᠢᠰ ᠬᠡᠭᠦᠷ ᠪᠠᠢᠭᠰᠠᠨ ᠤᠪᠤ ᠶ᠋ᠢᠨ ᠳᠡᠷᠭᠡᠳᠡ ᠮᠣᠷᠢᠨ ᠠ᠋ᠴᠠ ᠪᠠᠨ ᠪᠠᠭᠤᠵᠤ ᠬᠥᠯᠥᠰᠥ ᠶ᠋ᠢ ᠨᠢ ᠬᠠᠲᠠᠭᠠᠵᠤ᠂ ᠰᠠᠯᠬᠢᠨ ᠳ᠋ᠤ᠌ ᠪᠠᠬᠠᠨ ᠰᠠᠭᠤᠲᠠᠯ᠎ᠠ ᠬᠥᠲᠥᠯ ᠦ᠋ᠨ ᠴᠠᠭᠠᠨ᠎ᠠ ᠠ᠋ᠴᠠ ᠨᠢᠭᠡ ᠮᠣᠷᠢ ᠲᠠᠢ ᠬᠥᠮᠦᠨ ᠭᠠᠷᠴᠤ ᠢᠷᠡᠯ᠎ᠡ᠃ ᠦᠵᠡᠪᠡᠰᠦ ᠰᠢᠷᠠᠪ ᠡᠪᠦᠭᠡᠨ ᠭᠤᠸᠠᠢ ᠠᠵᠢ᠃ ᠴᠡᠷᠡᠨ ᠦ᠌ ᠳᠡᠷᠭᠡᠳᠡ ᠬᠦᠷᠴᠦ ᠢᠷᠡᠭᠡᠳ᠂ ᠮᠣᠷᠢᠨ ᠠ᠋ᠴᠠ ᠪᠠᠨ ᠪᠠᠭᠤᠵᠤ ᠠᠮᠤᠷ ᠮᠡᠨᠳᠦ ᠪᠡᠨ ᠮᠡᠳᠡᠯᠴᠡᠭᠡᠳ᠂  
       — ᠵᠠ᠂ ᠬᠡᠦᠬᠡ ᠬᠠᠮᠢᠭ᠎ᠠ ᠬᠦᠷᠦᠭᠡᠳ ᠪᠤᠴᠠᠵᠤ ᠶᠠᠪᠤᠭ᠎ᠠ ᠪᠢᠯᠡ? ᠭᠡᠬᠦ ᠳ᠋ᠦ᠍ᠨᠢ( ᠳ᠋ᠦ᠍ ᠨᠢ)᠂  
       — ᠬᠣᠷᠰᠢᠶᠠᠨ ᠠ᠋ᠴᠠ ᠠᠬᠠᠷ ᠱᠠᠬᠠᠷ ᠶᠠᠭᠤᠮ᠎ᠠ ᠠᠪᠤᠭᠠᠳ ᠪᠤᠴᠠᠵᠤ ᠶᠠᠪᠤᠨ᠎ᠠ᠃ ᠲᠠ ᠬᠠᠮᠢᠭ᠎ᠠ ᠬᠦᠷᠬᠦ ᠨᠢ ᠪᠣᠢ? ᠭᠡᠬᠦ  ᠳ᠋ᠦ᠍ᠨᠢ(ᠳ᠋ᠦ᠍ ᠨᠢ)᠂  
       — ᠮᠠᠨᠠᠢ(ᠮᠠᠨ ᠤ᠋) ᠬᠣᠲᠠ᠂ ᠬᠡᠭᠡᠷ᠎ᠡ ᠶ᠋ᠢᠨ ᠨᠣᠬᠠᠢ ᠶ᠋ᠢᠨ ᠡᠭᠦᠷ ᠣᠯᠵᠤ ᠭᠡᠨ᠎ᠡ᠃ ᠲᠡᠭᠡᠭᠡᠳ ᠬᠣᠶᠠᠭᠤᠯᠠ ᠪᠠᠨ ᠮᠠᠷᠭᠠᠰᠢ ᠲᠡᠷᠡ ᠤᠷᠤᠭᠤ ᠨᠢ ᠬᠦᠷᠬᠦ ᠰᠠᠨᠠᠭ᠎ᠠ ᠲᠠᠢ ᠳᠥᠭᠥᠵᠦ ᠶᠠᠪᠤᠨ᠎ᠠ ᠳᠠ᠂ ᠴᠣᠬᠣᠮ ᠬᠦᠦ ᠮᠢᠨᠢ ᠥᠴᠥᠭᠡᠳᠦᠷ ᠢᠷᠡᠭᠡᠳ ᠥᠨᠥ ᠥᠷᠯᠥᠭᠡ ᠪᠤᠴᠠᠭᠰᠠᠨ᠃ ᠡᠨᠡ ᠵᠢᠯ ᠨᠡᠯᠢᠶᠡᠳ ᠶᠡᠬᠡ ᠡᠪᠡᠰᠦ ᠬᠠᠳᠤᠬᠤ ᠲᠥᠯᠥᠪᠯᠡᠭᠡ ᠲᠡᠢ ᠶᠦᠮ ᠭᠡᠨ᠎ᠡ ᠯᠡ᠃ ᠤᠷᠢᠳᠤ ᠶ᠋ᠢᠨ ᠬᠢ ᠶ᠋ᠢ ᠪᠣᠳᠣᠪᠠᠯ᠂ ᠤᠯᠤᠰ ᠠᠮᠢᠲᠠᠨ ᠣᠳᠣ ᠲᠤᠩ ᠶᠡᠬᠡ ᠶᠠᠭᠤᠮ᠎ᠠ ᠬᠢᠳᠡᠭ ᠪᠣᠯᠵᠠᠢ᠃ ᠰᠠᠢᠬᠠᠨ ᠮᠠᠰᠢᠨ ᠮᠠᠨ ᠤ᠋ ᠬᠢᠨ ᠳ᠋ᠦ᠍ ᠰ ᠰ ᠰ ᠊ᠷ ᠶᠠᠪᠤᠭᠤᠯᠵᠤ᠂ ᠰᠦᠷᠡᠬᠡᠢ ᠴᠦ᠍ ᠮᠡᠷᠭᠡᠵᠢᠯᠲᠡᠨ ᠨᠦ᠍ᠭᠦᠳ ᠨᠢ ᠣᠷᠣᠵᠤ ᠡᠪᠡᠰᠦ ᠬᠠᠳᠤᠬᠤ ᠨᠢᠷᠤᠭᠤᠯᠳᠠᠬᠤ ᠶ᠋ᠢ ᠰᠤᠷᠭᠠᠵᠠᠢ᠃ ᠤᠷᠢᠳᠤ ᠯᠠᠮᠠ ᠨᠠᠷ ᠡᠪᠡᠰᠦ ᠬᠠᠳᠤᠬᠤ ᠭᠠᠵᠠᠷ ᠬᠠᠭᠠᠯᠬᠤ ᠬᠡᠷᠡᠭ ᠦᠭᠡᠢ᠂ ᠯᠤᠤᠰ ᠰᠠᠪᠳᠠᠭ ᠬᠢᠯᠢᠩᠨᠡᠨ᠎ᠡ ᠭᠡᠳᠡᠭ ᠪᠠᠢᠵᠤ ᠪᠢᠯᠡ᠃ ᠮᠥᠨ ᠴᠦ᠍ ᠪᠠᠯᠠᠷ ᠪᠦᠳᠦᠭᠦᠯᠢᠭ ᠴᠠᠭ ᠪᠠᠢᠵᠢ ᠳᠠ ᠭᠡᠳ ᠡᠪᠦᠭᠡᠨ ᠭᠠᠩᠰᠠ ᠪᠠᠨ ᠭᠠᠷᠭᠠᠵᠤ ᠲᠠᠮᠠᠬᠢ ᠪᠠᠨ ᠨᠡᠷᠡᠭᠡᠳ᠂ ᠬᠠᠭᠤᠴᠢᠨ ᠤ᠋ ᠪᠠᠯᠠᠷ ᠶᠠᠭᠤᠮ᠎ᠠ ᠤᠯᠠ ᠪᠣᠯᠵᠤ᠂ ᠰᠢᠨ᠎ᠡ ᠰᠠᠢᠬᠠᠨ ᠶᠠᠭᠤᠮ᠎ᠠ ᠵᠤᠯᠠ ᠪᠣᠯᠤᠯ᠎ᠠ ᠭᠡᠳ ᠲᠠᠮᠠᠬᠢᠨ ᠤ᠋ ᠪᠠᠨ ᠤᠲᠤᠭ᠎ᠠ ᠶ᠋ᠢ ᠨᠢ ᠭᠠᠭᠴᠠ ᠨᠢᠭᠡ ᠰᠤᠷᠤᠭᠠᠳ ᠭᠠᠭᠴᠠᠭᠠᠷ ᠢ᠋ᠶ᠋ᠠᠨ ᠶᠠᠭᠤᠮ᠎ᠠ ᠪᠣᠳᠣᠵᠤ᠂ ᠶᠠᠷᠢᠵᠤ ᠪᠠᠢᠭ᠎ᠠ ᠶᠤᠮ ᠰᠢᠭ᠋ ᠨᠠᠮ ᠳᠠᠭᠤ ᠪᠠᠷ ᠥᠭᠦᠯᠡᠷᠦᠨ— ᠤᠯᠤᠰ ᠠᠮᠢᠲᠠᠨ ᠣᠳᠣ ᠤᠷᠢᠳᠤ ᠶ᠋ᠢᠨ ᠬᠢ ᠲᠡᠢ ᠠᠳᠠᠯᠢ ᠦᠭᠡᠢ᠂ ᠰᠦᠷᠡᠬᠡᠢ ᠬᠥᠭᠵᠢᠭᠰᠡᠨ ᠰᠢᠦ᠃ ᠨᠠᠮ ᠮᠠᠨᠢ᠂ ᠠᠷᠠᠳ ᠪᠢᠳᠡᠨ ᠦ᠌ ᠪᠡᠨ ᠨᠢᠳᠦ ᠨᠡᠭᠡᠭᠡᠵᠦ ᠥᠭᠭᠦᠯ᠎ᠡ ᠳᠡ ᠬᠥᠭᠡᠷᠦᠬᠦᠢ᠃ ᠲᠡᠭᠡᠭᠡᠳ᠂ ᠬᠠᠷᠭᠢᠰ ᠯᠠᠮᠠ ᠨᠠᠷ ᠬᠠᠭᠤᠴᠢᠨ ᠢ᠋ᠶ᠋ᠠᠨ ᠪᠤᠰᠬᠠᠬᠤ ᠭᠡᠳ ᠲᠡᠷᠡ ᠨᠢ ᠪᠦᠲᠦᠵᠦ ᠥᠭᠭᠦᠭᠰᠡᠨ ᠦᠭᠡᠢ᠂ ᠠᠷᠠᠳ ᠤ᠋ᠨ ᠬᠥᠭᠵᠢᠵᠦ᠂ ᠤᠴᠢᠷ ᠢᠶᠠᠨ ᠮᠡᠳᠡᠳᠡᠭ᠂ ᠵᠠᠰᠠᠭ ᠲᠠᠭᠠᠨ( ᠲᠤ ᠪᠠᠨ) ᠬᠠᠢᠷᠠᠲᠠᠢ᠂ ᠨᠠᠮ ᠳ᠋ᠠᠭᠠᠨ(ᠳ᠋ᠤ᠌ ᠪᠠᠨ) ᠢᠲᠡᠭᠡᠯᠲᠡᠢ ᠶ᠋ᠢ ᠨᠢ ᠳᠠᠢᠰᠤᠨ ᠤᠬᠠᠭᠠᠷᠠᠭᠰᠠᠨ ᠦᠭᠡᠢ᠂ ᠶᠣᠨᠵᠣᠩ ᠬᠠᠮᠪᠤ ᠶ᠋ᠢᠨ ᠬᠡᠷᠡᠭ ᠲᠠᠰᠤᠯᠤᠭᠰᠠᠨ ᠠ᠋ᠴᠠ ᠬᠣᠢᠰᠢ᠂ ᠪᠡᠶ᠎ᠡ ᠪᠡᠨ ᠲᠡᠭᠦᠨ ᠦ᠌ ᠱᠠᠪᠢ ᠭᠡᠵᠦ ᠶᠠᠪᠤᠭᠰᠠᠨ ᠰᠦᠰᠦᠭᠲᠡᠨ ᠴᠦ᠍ ᠭᠡᠰᠡᠨ ᠮᠠᠨᠠᠢ(ᠮᠠᠨ ᠤ᠋) ᠯᠠᠮᠠ ᠪᠠᠭᠰᠢ᠂ ᠬᠤᠲᠤᠭᠲᠤ ᠬᠤᠪᠢᠯᠭᠠᠨ᠂ ᠠᠷᠤ ᠮᠣᠩᠭᠣᠯ ᠤ᠋ᠨ ᠨᠠᠶᠠᠨ ᠨᠢᠭᠡᠨ ᠰᠢᠳᠢᠲᠡᠨ ᠭᠡᠵᠦ ᠪᠠᠢᠭᠰᠠᠨ ᠠᠮᠢᠳᠤ ᠪᠤᠷᠠᠬᠠᠴᠤᠤᠯ ᠮᠠᠨᠢ ᠴᠣᠬᠣᠮ ᠳᠡᠭᠡᠷ᠎ᠡ ᠪᠡᠨ ᠠᠷᠠᠳ ᠢ᠋ ᠮᠥᠯᠵᠢᠨ ᠮᠤᠩᠬᠠᠷᠠᠭᠤᠯᠵᠤ ᠪᠠᠢᠭᠠᠳ᠂ ᠬᠤᠪᠢᠰᠬᠠᠯ ᠤ᠋ᠨ ᠠᠴᠢ ᠪᠠᠷ ᠲᠦᠮᠡᠨ ᠠᠷᠠᠳ ᠲᠡᠳᠡᠨ ᠦ᠌ ᠲᠠᠯᠬᠢᠨ ᠳᠣᠣᠷ᠎ᠠ ᠠ᠋ᠴᠠ ᠰᠤᠭᠤ ᠦᠰᠦᠷᠦᠮᠡᠭᠴᠡ᠂ ᠶᠣᠰᠣᠲᠠᠢ ᠬᠠᠷᠭᠢᠰ ᠴᠢᠨᠠᠷ ᠢ᠋ᠶ᠋ᠠᠨ ᠬᠠᠷᠠᠭᠤᠯᠵᠤ᠂ ᠡᠰᠡᠷᠭᠦᠦ ᠳᠣᠲᠣᠷ᠎ᠠ ᠪᠠᠨ ᠦᠵᠡᠭᠦᠯᠦᠭᠰᠡᠨ ᠪᠢᠯᠡ᠃ ᠠᠴᠢᠲᠤ ᠮᠠᠷᠱᠠᠯ ᠮᠠᠨᠢ᠂ ᠰᠠᠵᠢ ᠯᠠᠮᠠ ᠠ᠋ᠴᠠ ᠡᠬᠢᠯᠡᠨ ᠶᠣᠨᠵᠣᠩ ᠬᠠᠮᠪᠤ ᠲᠡᠷᠢᠭᠦᠲᠡᠨ ᠰᠢᠷ᠎ᠠ ᠬᠠᠷᠭᠢᠰ ᠪᠣᠳᠤ᠎ᠠ ᠳ᠋ᠠᠨᠽᠠᠩ ᠠ᠋ᠴᠠ ᠡᠬᠢᠯᠡᠨ ᠬᠡᠨᠳᠡᠨ ᠲᠠᠮᠢᠳ ᠤ᠋ᠨ ᠵᠡᠷᠭᠡ ᠵᠡᠭᠦᠨ ᠪᠠᠷᠠᠭᠤᠨ ᠡᠰᠡᠷᠭᠦᠦ ᠨᠠᠷ ᠢ᠋ ᠦᠨᠳᠦᠰᠦ ᠶ᠋ᠢ ᠨᠢ ᠲᠠᠰᠤᠯᠵᠤ᠂ ᠪᠤᠵᠠᠷ ᠪᠣᠯᠠᠢ ᠶ᠋ᠢ ᠨᠢ ᠠᠷᠢᠭᠤᠳᠬᠠᠨ ᠠᠷᠢᠯᠭᠠᠵᠠᠢ᠃ ᠪᠢ ᠴᠦ᠍ ᠭᠡᠰᠡᠨ ᠳᠡᠭᠡᠷ᠎ᠡ ᠴᠠᠭ ᠲᠤ᠌ ᠪᠣᠭᠳᠠ ᠭᠡᠭᠡᠨ᠂ ᠶᠣᠨᠵᠣᠩ ᠬᠠᠮᠪᠤ ᠨᠠᠷ ᠲᠤ᠌ ᠪᠢᠰᠢᠷᠡᠨ ᠮᠥᠷᠭᠥᠵᠦ ᠶᠠᠪᠤᠭᠰᠠᠨ ᠲᠠᠷᠢᠬᠢ ᠳᠠ᠃ ᠪᠤᠷᠬᠠᠨ ᠤ᠋ ᠬᠤᠪᠢᠯᠭᠠᠨ ᠶᠤᠮ ᠭᠡᠵᠦ ᠵᠠᠯᠠᠭᠤ ᠳ᠋ᠠᠭᠠᠨ(ᠳ᠋ᠤ᠌ ᠪᠠᠨ) ᠪᠣᠳᠣᠵᠤ ᠶᠠᠪᠤᠭᠰᠠᠨ ᠢ᠋ᠶ᠋ᠠᠨ᠂ ᠠᠷᠠᠳ ᠤ᠋ᠨ ᠬᠤᠪᠢᠰᠬᠠᠯ ᠮᠠᠨᠳᠤᠬᠤ ᠠ᠋ᠴᠠ ᠠᠯᠢ ᠲᠦᠷᠦᠭᠦᠨ ᠰᠦᠰᠦᠭ ᠢ᠋ᠶ᠋ᠡᠨ ᠠᠯᠳᠠᠭᠰᠠᠨ ᠬᠥᠮᠦᠨ ᠰᠢᠦ᠃ ᠴᠢ ᠲᠡᠭᠡᠬᠦ ᠳ᠋ᠦ᠍ ᠵᠢᠭᠠᠯᠬᠠᠨ ᠬᠡᠦᠬᠡᠳ ᠪᠠᠢᠭᠰᠠᠨ ᠪᠠᠢᠬᠤ ᠶᠣᠰᠣᠲᠠᠢ ᠭᠡᠵᠦ ᠰᠢᠷᠠᠪ ᠭᠤᠸᠠᠢ ᠶ᠋ᠢᠨ ᠬᠡᠯᠡᠬᠦ ᠳ᠋ᠦ᠍᠂ ᠬᠥᠬᠡ ᠨᠠᠭᠤᠷ᠂ ᠪᠡᠭᠡᠵᠢᠩ ᠬᠦᠷᠲᠡᠯ᠎ᠡ ᠠᠶᠠᠨ ᠵᠢᠩ ᠬᠢᠵᠦ ᠶᠡᠬᠡ ᠶᠠᠪᠤᠵᠤ ᠶᠡᠬᠡ ᠶᠠᠭᠤᠮ᠎ᠠ ᠦᠵᠡᠭᠰᠡᠨ ᠲᠡᠷᠡ ᠬᠠᠰᠢᠷ ᠡᠪᠦᠭᠡᠨ ᠦ᠌ ᠰᠣᠨᠢᠨ ᠦᠭᠡ ᠰᠣᠨᠣᠰᠬᠤ ᠳᠤᠷᠠᠲᠠᠢ ᠴᠡᠷᠡᠨ ᠰᠢᠷᠠᠪ ᠭᠤᠸᠠᠢ ᠶ᠋ᠢ᠂ 
      — ᠲᠠ ᠨᠠᠳᠠᠳᠤ(ᠨᠠᠳᠠ ᠳ᠋ᠤ᠌) ᠲᠡᠭᠦᠨ ᠢ᠋ᠶ᠋ᠡᠨ ᠶᠠᠷᠢᠵᠤ ᠥᠭᠭᠦᠨᠡᠦ(ᠥᠭᠭᠦᠨ᠎ᠡ ᠤᠤ) ? ᠭᠡᠵᠡᠢ᠃  
      — ᠵᠠ ᠲᠡᠭᠡᠶ᠎ᠡ᠂ ᠤᠯᠤᠰ ᠤᠷᠢᠳᠤ ᠴᠠᠭ ᠲᠤ᠌ ᠴᠤ᠌ ᠭᠡᠰᠡᠨ ᠬᠠᠷ᠎ᠠ ᠤᠬᠠᠭᠠᠨ ᠢ᠋ᠶ᠋ᠠᠷ ᠢ᠋ᠶ᠋ᠠᠨ ᠪᠠᠰᠠ ᠶᠠᠭᠤᠮᠠᠨ ᠤ᠋ ᠤᠴᠢᠷ ᠢ᠋ ᠮᠥᠨ ᠣᠯᠳᠠᠭ ᠯᠠ ᠪᠠᠢᠵᠠᠢ᠃ ᠲᠡᠷᠡ ᠨᠢ ᠠᠷᠭ᠎ᠠ ᠴᠤ᠌ ᠦᠭᠡᠢ ᠶᠦᠮ ᠪᠢᠵᠡ ᠳᠡ᠃ ᠠᠵᠤ ᠲᠥᠷᠥᠬᠦ᠂ ᠠᠮᠢ ᠵᠢᠭᠤᠬᠤ ᠪᠠᠢᠳᠠᠯ ᠨᠢ ᠰᠢᠬᠠᠭᠰᠠᠭᠠᠷ ᠬᠥᠮᠦᠨ ᠶᠠᠭᠤᠮ᠎ᠠ ᠪᠣᠳᠣᠳᠠᠭ ᠠᠵᠢᠭᠯᠠᠳᠠᠭ ᠪᠣᠯᠬᠤ ᠦᠭᠡᠢ ᠶᠠᠭᠠᠬᠢᠬᠤ ᠪᠣᠢ᠃ ᠲᠡᠭᠡᠬᠦ ᠳ᠋ᠡᠭᠡᠨ( ᠳ᠋ᠦ᠍ ᠪᠡᠨ) ᠬᠠᠷᠢᠨ ᠲᠡᠷᠡ ᠪᠦᠷ ᠤᠬᠠᠭᠠᠨ ᠢ᠋ ᠨᠢ ᠣᠯᠬᠤ ᠦᠭᠡᠢ ᠪᠠᠢᠳᠠᠭ ᠶᠠᠭᠤᠮ᠎ᠠ ᠴᠤ᠌ ᠪᠢᠰᠢᠭᠦᠢ ᠪᠠᠢᠭᠰᠠᠨ ᠪᠠᠢᠯ ᠦᠭᠡᠢ ᠶᠠᠭᠠᠬᠢᠬᠤ ᠪᠣᠢ᠃ ᠮᠠᠨᠠᠢ ᠠᠪᠤ᠂ ᠨᠤᠲᠤᠭ ᠤᠰᠤᠨ ᠳ᠋ᠠᠭᠠᠨ( ᠳ᠋ᠤ᠌ ᠪᠠᠨ) ᠨᠡᠷᠡᠲᠡᠢ ᠭᠦᠷᠦᠭᠡᠴᠢ ᠬᠥᠮᠦᠨ᠂  ᠶᠡᠷᠦ ᠯᠠᠮᠠ ᠪᠠᠭᠰᠢ ᠭᠡᠵᠦ ᠨᠢᠭᠡ ᠶᠡᠬᠡ ᠰᠦᠢᠳ ᠪᠣᠯᠵᠤ ᠪᠠᠢᠳᠠᠭ ᠦᠭᠡᠢ ᠬᠥᠮᠦᠨ ᠪᠠᠢᠵᠤ ᠪᠢᠯᠡ᠃ ᠮᠠᠨ ᠤ᠋ ᠡᠨᠡ ᠬᠠᠪᠢ ᠶ᠋ᠢᠨ ᠬᠤᠲᠤᠭᠲᠤ ᠬᠤᠪᠢᠯᠭᠠᠨ᠂ ᠶᠡᠬᠡᠰ ᠯᠠᠮᠠ ᠨᠠᠷ ᠤ᠋ᠨ ᠱᠠᠯᠢᠭ ᠰᠠᠮᠠᠭᠤᠨ ᠪᠠᠢᠳᠠᠯ ᠢ᠋ ᠴᠦ᠍ ᠦᠵᠡᠭᠰᠡᠭᠡᠷ ᠮᠡᠳᠡᠭᠰᠡᠭᠡᠷ ᠢᠷᠡᠭᠰᠡᠨ ᠬᠥᠮᠦᠨ ᠪᠠᠢᠵᠤ ᠯᠠ ᠳᠠ᠃ ᠬᠤᠲᠤᠭᠲᠤ ᠨᠠᠷ ᠤ᠋ᠨ ᠳᠤᠮᠳᠠ ᠠ᠋ᠴᠠ ᠨᠠᠷᠠ ᠪᠠᠨᠴᠢᠨ ᠬᠤᠲᠤᠭᠲᠤ ᠶ᠋ᠢ ᠯᠡ ᠪᠦᠷ ᠴᠦ᠍ ᠨᠢᠳᠦᠨ ᠳ᠋ᠡᠭᠡᠨ( ᠳ᠋ᠦ᠍ ᠪᠡᠨ) ᠦᠵᠡᠳᠡᠭ ᠦᠭᠡᠢ᠃ ᠬᠡᠭᠡᠷ᠎ᠡ ᠵᠠᠮ ᠳ᠋ᠤ᠌ ᠲᠡᠭᠦᠨ ᠦ᠌ ᠣᠯᠠᠨ ᠱᠠᠪᠢ ᠨᠠᠷ ᠲᠠᠢᠭᠠᠨ ᠶᠠᠪᠤᠵᠤ ᠪᠠᠢᠭ᠎ᠠ ᠪᠠᠷ᠎ᠠ ᠶ᠋ᠢ ᠨᠢ ᠬᠠᠷᠠᠪᠠᠯ᠂ ᠰᠠᠯᠬᠢᠨ ᠤ᠋ ᠨᠢ ᠳᠡᠭᠡᠭᠦᠷ ᠲᠣᠭᠣᠷᠢᠵᠤ ᠭᠠᠷᠳᠠᠭ ᠪᠠᠢᠭᠰᠠᠨ ᠬᠥᠮᠦᠨ ᠳᠡ᠃ ᠬᠣᠵᠢᠮ ᠬᠣᠢᠨ᠎ᠠ ᠨᠠᠳᠠᠳᠤ(ᠨᠠᠳᠠ ᠳ᠋ᠤ᠌) ᠨᠢᠭᠡ ᠶᠠᠷᠢᠬᠤ ᠳ᠋ᠠᠭᠠᠨ( ᠳ᠋ᠤ᠌ ᠪᠠᠨ) ᠮᠠᠨᠵᠤ ᠪᠠᠳᠠᠷᠠᠯᠲᠤ ᠲᠥᠷᠥ ᠶ᠋ᠢᠨ ᠦᠶᠡᠰ ᠲᠦ᠍ ᠤᠯᠢᠶᠠᠰᠤᠲᠠᠢ ᠳ᠋ᠤ᠌ ᠨᠠᠷᠠ ᠪᠠᠨᠴᠢᠨ ᠲᠠᠢ ᠨᠢᠭᠡ ᠳᠠᠭᠠᠷᠢᠯᠳᠤᠭᠰᠠᠨ ᠢ᠋ᠶ᠋ᠠᠨ ᠶᠠᠷᠢᠵᠤ  ᠪᠢᠯᠡ᠃ ᠵᠢᠷᠠᠨ ᠢᠮᠠᠭᠠᠨ ᠤ᠋ ᠤᠬᠤᠨ᠎ᠠ ᠰᠢᠭ᠋ ᠬᠠᠯᠲᠠᠷ ᠪᠣᠯᠴᠢᠬᠠᠭᠰᠠᠨ ᠱᠠᠯ ᠰᠣᠭᠲᠣᠭᠤ ᠲᠡᠷᠡ ᠬᠤᠲᠤᠭᠲᠤ ᠤᠯᠢᠶᠠᠰᠤᠲᠠᠢ ᠶ᠋ᠢᠨ ᠨᠢᠭᠡ ᠶᠠᠩᠬᠠᠨ ᠢ᠋ ᠲᠡᠪᠡᠷᠢᠭᠡᠳ ᠰᠡᠦᠬᠡ ᠲᠡᠷᠭᠡ ᠪᠡᠷ ᠶᠠᠪᠤᠵᠤ ᠪᠠᠢᠵᠤ ᠯᠠ ᠳᠠ᠃ ᠲᠡᠷᠡ ᠲᠡᠷᠭᠡ ᠶ᠋ᠢ ᠨᠢ ᠤᠯᠪᠤᠰᠤ ᠪᠣᠯᠲᠠᠯ᠎ᠠ ᠰᠣᠭᠲᠣᠭᠰᠠᠨ᠂ ᠤᠯᠠᠭᠠᠨ ᠨᠢᠴᠦᠭᠦᠨ ᠲᠠᠪᠤᠨ ᠶᠠᠩᠬᠠᠨ ᠡᠮ᠎ᠡ ᠴᠢᠷᠴᠦ ᠶᠠᠪᠤᠭᠰᠠᠨ ᠪᠢᠯᠡ᠃ 
       ᠮᠠᠨᠵᠤ ᠬᠠᠭᠠᠨ ᠤ᠋ ᠵᠠᠷᠯᠢᠭ ᠤ᠋ᠨ ᠰᠠᠢᠳ᠂ ᠤᠯᠢᠶᠠᠰᠤᠲᠠᠢ ᠶ᠋ᠢᠨ ᠠᠮᠪᠠᠨ ᠬᠦᠷᠲᠡᠯ᠎ᠡ ᠲᠡᠭᠦᠨ ᠳ᠋ᠦ᠍ᠨᠢ( ᠳ᠋ᠦ᠍ ᠨᠢ) ᠢᠴᠢᠵᠦ ᠰᠠᠨᠳᠤᠷᠤᠭᠰᠠᠨ ᠶᠤᠮ ᠭᠡᠨ᠎ᠡ ᠪᠢᠯᠡ᠃ ᠯᠠᠮᠠ ᠨᠠᠷ ᠲᠡᠭᠡᠬᠦ ᠳ᠋ᠦ᠍ ᠴᠤᠤ ᠳᠠᠮ ᠦᠭᠡ ᠲᠠᠷᠬᠠᠭᠠᠵᠤ᠂ ᠨᠠᠷᠠ ᠪᠠᠨᠴᠢᠨ ᠬᠤᠲᠤᠭᠲᠤ ᠶ᠋ᠢ ᠲᠡᠷᠡ ᠰᠠᠮᠠᠭᠤᠨ ᠳᠦᠷᠢ ᠪᠡᠷ ᠦᠵᠡᠭᠳᠡᠭᠰᠡᠨ ᠤᠴᠢᠷ ᠤᠳᠬ᠎ᠠ ᠶ᠋ᠢ ᠶᠡᠬᠡ ᠨᠠᠷᠢᠨ ᠨᠢᠭᠤᠴᠠ ᠬᠡᠷᠡᠭ᠃ ᠤᠰᠤᠨ ᠨᠢᠳᠦᠲᠦ᠂ ᠴᠢᠰᠤᠨ ᠵᠢᠷᠦᠬᠡᠲᠦ ᠬᠢᠯᠢᠩᠴᠡᠲᠡᠨ ᠠᠮᠢᠲᠠᠨ ᠪᠤᠷᠤᠭᠤ ᠪᠠᠷ ᠦᠵᠡᠭᠰᠡᠨ ᠪᠣᠯᠬᠤ ᠠ᠋ᠴᠠ᠂ ᠲᠡᠷᠡ ᠬᠤᠲᠤᠭᠲᠤ ᠱᠠᠰᠢᠨ ᠠᠮᠢᠲᠠᠨ ᠤ᠋ ᠲᠤᠰᠠ ᠶ᠋ᠢᠨ ᠲᠤᠯᠠᠳᠠ ᠲᠡᠢᠮᠦ ᠳᠦᠷᠢ ᠪᠡᠷ ᠠᠵᠢᠷᠠᠭᠰᠠᠨ ᠬᠡᠷᠡᠭ ᠭᠡᠵᠦ ᠪᠢᠯᠡ᠃ ᠠᠪᠤ ᠲᠡᠭᠦᠨ ᠢ᠋ ᠰᠣᠨᠣᠰᠤᠭᠠᠳ ᠲᠦᠢ ᠭᠡᠵᠦ ᠨᠤᠯᠮᠤᠵᠤ ᠶᠡᠷᠦ ᠠᠩ ᠬᠦᠷᠦᠭᠡ ᠬᠢᠬᠦ ᠳ᠋ᠡᠭᠡᠨ( ᠳ᠋ᠦ᠍ ᠪᠡᠨ) ᠤᠰᠤᠨ ᠨᠢᠳᠦ ᠲᠡᠢ ᠪᠢᠯᠡ ᠭᠡᠵᠦ ᠶᠠᠭᠤᠮ᠎ᠠ ᠪᠤᠷᠤᠭᠤ ᠪᠠᠷ ᠬᠠᠷᠠᠵᠤ ᠪᠠᠢᠭᠰᠠᠨ ᠵᠦᠢᠯ ᠦᠭᠡᠢ᠃ ᠡᠵᠡᠭᠦᠢ ᠬᠡᠭᠡᠷ᠎ᠡ ᠶᠠᠪᠤᠬᠤ ᠳ᠋ᠠᠭᠠᠨ( ᠳ᠋ᠤ᠌ ᠪᠠᠨ)᠂ ᠠᠩ ᠠᠷᠢᠶᠠᠲᠠᠨ᠂ ᠬᠥᠮᠦᠨ ᠠᠮᠢᠲᠠᠨ ᠤ᠋ ᠮᠥᠷ ᠢ᠋ᠶ᠋ᠡᠷ ᠬᠡᠨ ᠶᠠᠭᠤ ᠶᠠᠪᠤᠭᠰᠠᠨ᠂ ᠶᠠᠭᠠᠬᠢᠭᠰᠠᠨ ᠡᠢᠭᠰᠡᠨ ᠢ᠋ ᠠᠨᠳᠤᠳᠠᠭ ᠦᠭᠡᠢ᠂ ᠵᠢᠷᠤᠬᠠᠢᠴᠢ ᠬᠥᠮᠦᠨ ᠦ᠌ ᠵᠢᠷᠤᠬᠠᠢ ᠪᠠᠨ ᠵᠢᠷᠤᠭᠰᠠᠨ ᠠ᠋ᠴᠠ ᠢᠯᠡᠭᠦᠦ ᠨᠠᠷᠢᠨ ᠢ᠋ᠶ᠋ᠠᠷ ᠬᠠᠮᠤᠭ ᠤᠴᠢᠷ ᠢ᠋ ᠮᠡᠳᠡᠵᠦ ᠬᠠᠷᠠᠬᠤ ᠨᠢᠳᠦ ᠲᠡᠢ ᠪᠠᠢᠲᠠᠯ᠎ᠠ ᠪᠠᠨ ᠨᠢᠳᠦᠨ ᠳ᠋ᠦ᠍ ᠴᠢᠨᠢ ᠣᠨᠳᠣᠣ ᠶᠠᠭᠤᠮ᠎ᠠ ᠦᠵᠡᠭᠳᠡᠭᠰᠡᠨ ᠭᠡᠬᠦ ᠳ᠋ᠦ᠍ ᠵᠢᠪᠡᠭᠦᠦ ᠨᠢ ᠬᠦᠷᠦᠭᠰᠡᠨ ᠪᠠᠢᠵᠠᠢ᠃   
      ᠠᠷᠤ ᠮᠣᠩᠭᠣᠯ ᠳ᠋ᠤ᠌ ᠮᠢᠨᠦ ᠰᠦᠰᠦᠭᠯᠡᠳᠡᠭ ᠨᠠᠢ᠍ᠮᠠᠳᠤᠭᠠᠷ ᠪᠣᠭᠳᠠ᠂ ᠪᠣᠭᠳᠠ ᠶ᠋ᠢᠨ ᠪᠠᠭᠰᠢ ᠶᠣᠨᠵᠣᠩ ᠬᠠᠮᠪᠤ ᠡᠨᠡ ᠬᠣᠶᠠᠷ ᠯᠠ ᠪᠣᠢ ᠭᠡᠳᠡᠭ ᠪᠠᠢᠵᠠᠢ᠃ ᠲᠡᠭᠡᠭᠡᠳ ᠮᠠᠨᠠᠢ(ᠮᠠᠨ ᠤ᠋) ᠨᠤᠲᠤᠭ ᠤᠰᠤᠨ ᠤ᠋ ᠬᠢᠨ ᠢ᠋ ᠬᠦᠷᠢᠶ᠎ᠡ ᠣᠷᠣᠵᠤ ᠨᠠᠢ᠍ᠮᠠᠳᠤᠭᠠᠷ ᠪᠣᠭᠳᠠ ᠳ᠋ᠤ᠌ ᠮᠥᠷᠭᠥᠨ᠎ᠡ ᠭᠡᠬᠦ ᠳ᠋ᠦ᠍᠂ ᠮᠠᠨᠠᠢ(ᠮᠠᠨ ᠤ᠋) ᠠᠪᠤ᠂ ᠪᠢ ᠴᠦ᠍ ᠭᠡᠰᠡᠨ ᠪᠣᠭᠳᠠ ᠳ᠋ᠤ᠌ ᠮᠥᠷᠭᠥᠭᠡᠳ ᠢᠷᠡᠶ᠎ᠡ ᠭᠡᠵᠦ ᠮᠢᠨᠦ ᠮᠠᠭᠤ ᠬᠦᠦ ᠴᠦ᠍ ᠭᠡᠰᠡᠨ ᠶᠣᠰᠣᠲᠠᠢ ᠪᠤᠷᠬᠠᠨ  ᠤ᠋ ᠬᠤᠪᠢᠯᠭᠠᠨ ᠯᠠᠮᠠ ᠳ᠋ᠤ᠌ ᠮᠥᠷᠭᠥᠭᠡᠳ ᠢᠷᠡᠭ ᠭᠡᠵᠦ ᠨᠠᠮᠠᠶ᠋ᠢ (ᠨᠠᠮ᠎ᠠ ᠶ᠋ᠢ) ᠳᠠᠭᠠᠭᠤᠯᠵᠤ ᠮᠣᠷᠳᠠᠭᠰᠠᠨ ᠪᠢᠯᠡ᠃  
       ᠬᠦᠷᠢᠶᠡᠨ ᠳ᠋ᠦ᠍ ᠬᠦᠷᠴᠦ ᠢᠷᠡᠭᠡᠳ᠂ ᠬᠣᠰᠢᠭᠤ ᠶ᠋ᠢᠨ ᠬᠢᠨ ᠳ᠋ᠡᠭᠡᠨ( ᠳ᠋ᠦ᠍ ᠪᠡᠨ) ᠪᠠᠭᠤᠵᠤ᠂ ᠬᠦᠷᠢᠶ᠎ᠡ ᠣᠯᠠᠨ ᠠᠢᠮᠠᠭ ᠢ᠋ᠶ᠋ᠠᠷ ᠮᠥᠷᠭᠥᠯ ᠬᠢᠵᠦ᠂ ᠫᠦᠰᠡ ᠪᠡᠷ ᠪᠠᠬᠠᠨ ᠬᠡᠰᠦᠳᠡᠭ ᠪᠠᠢᠯ᠎ᠠ᠃ ᠬᠦᠷᠢᠶᠡᠨ ᠦ᠌ ᠬᠢᠲᠠᠳ ᠫᠦᠰᠡ ᠶ᠋ᠢᠨ ᠬᠢᠨ ᠠᠶᠠᠲᠠᠢᠬᠠᠨ ᠭᠠᠵᠠᠷ ᠢ᠋ᠶ᠋ᠠᠨ ᠣᠯᠵᠤ ᠪᠠᠭᠤᠷᠢᠯᠠᠭᠰᠠᠨ ᠪᠠᠢᠯ᠎ᠠ ᠰᠢᠦ᠃ ᠭᠠᠨᠳᠠᠩ ᠥᠭᠡᠳᠡ ᠭᠠᠷᠤᠶ᠎ᠠ ᠭᠡᠳ ᠶᠠᠪᠤᠲᠠᠯ᠎ᠠ᠂ ᠶᠠᠭ ᠵᠠᠮ ᠳᠡᠭᠡᠷ᠎ᠡ ᠴᠢᠨᠢ ᠥᠨᠥᠬᠢ ᠣᠯᠠᠨ ᠫᠦᠰᠡ—  ᠳᠤᠷᠠᠲᠠᠢ ᠳᠤᠷ᠎ᠠ ᠦᠭᠡᠢ ᠴᠦ᠍ ᠭᠡᠰᠡᠨ ᠨᠢᠭᠡ ᠮᠡᠳᠡᠬᠦ ᠳ᠋ᠦ᠍ ᠯᠡ ᠫᠦᠰᠡᠨ ᠳ᠋ᠦ᠍ ᠣᠷᠣᠴᠢᠬᠠᠭᠰᠠᠨ ᠪᠠᠢᠳᠠᠭ᠃ ᠭᠠᠨᠳᠠᠩ ᠠ᠋ᠴᠠ ᠪᠠᠭᠤᠬᠤ ᠳ᠋ᠠᠭᠠᠨ( ᠳ᠋ᠤ᠌ ᠪᠠᠨ) ᠵᠠᠮ ᠳ᠋ᠠᠭᠠᠨ( ᠳ᠋ᠤ᠌ ᠪᠠᠨ) ᠥᠨᠥᠬᠢ ᠫᠦᠰᠡ ᠪᠡᠷ ᠳᠠᠬᠢᠨ ᠳᠠᠬᠢᠨ ᠳᠠᠭᠠᠷᠢᠵᠤ᠂ ᠶᠠᠳᠠᠷᠠᠭᠰᠠᠨ ᠳ᠋ᠠᠭᠠᠨ( ᠳ᠋ᠤ᠌ ᠪᠠᠨ) ᠦᠨ᠎ᠡ ᠥᠷᠲᠡᠭ ᠦᠭᠡᠢ ᠬᠠᠷ᠎ᠠ ᠴᠠᠢ ᠶ᠋ᠢ ᠨᠢ ᠤᠤᠭᠤᠵᠤ᠂ ᠮᠥᠰᠥᠨ ᠰᠢᠬᠢᠷ ᠡᠴᠡ ᠨᠢ ᠬᠦᠯᠬᠦᠵᠦ᠂ ᠤᠯᠠᠭᠠᠨ ᠴᠢᠪᠠᠭ᠎ᠠ ᠠ᠋ᠴᠠ ᠨᠢ ᠭᠠᠭᠴᠠ ᠨᠢᠭᠡ ᠶ᠋ᠢ ᠢᠳᠡᠬᠦ ᠳ᠋ᠦ᠍ ᠠᠶᠠᠲᠠᠢ ᠪᠠᠢᠳᠠᠭ ᠰᠠᠨ᠃ ᠲᠡᠭᠡᠲᠡᠯ᠎ᠡ ᠨᠢᠭᠡ ᠮᠡᠳᠡᠬᠦᠨ᠎ᠡ ᠬᠠᠷ᠎ᠠ ᠴᠠᠢ ᠶ᠋ᠢ ᠨᠢ ᠣᠭᠣᠴᠢᠵᠤ᠂ ᠬᠠᠲᠠᠭᠰᠠᠨ ᠴᠢᠪᠠᠭ᠎ᠠ ᠶ᠋ᠢ ᠨᠢ ᠵᠠᠵᠢᠯᠤᠭᠰᠠᠭᠠᠷ ᠫᠦᠰᠡᠨ ᠦ᠌ ᠪᠢᠴᠢᠭᠡᠴᠢ ᠨᠠᠷ ᠤ᠋ᠨ ᠦᠭᠡᠨ ᠳ᠋ᠦ᠍ ᠣᠷᠣᠵᠤ᠂ ᠶᠠᠭᠤᠮ᠎ᠠ ᠠᠪᠴᠢᠬᠠᠭᠰᠠᠨ ᠪᠠᠢᠳᠠᠭ ᠪᠢᠯᠡ᠃ ᠫᠦᠰᠡᠨ ᠡᠴᠡ ᠭᠠᠷᠲᠠᠯ᠎ᠠ᠂ ᠴᠠᠭᠠᠨ᠎ᠠ ᠨᠢ ᠵᠡᠭᠦᠨ ᠬᠦᠷᠢᠶ᠎ᠡ ᠭᠡᠵᠦ᠂ ᠲᠡᠷᠡ ᠨᠠᠢ᠍ᠮᠠ ᠶᠢᠰᠦᠨ ᠭᠤᠳᠤᠮᠵᠢ ᠶ᠋ᠢᠨ ᠳᠡᠷᠭᠡᠳᠡ ᠨᠢ ᠰᠢᠬᠠᠭᠤ ᠪᠦᠷᠢᠶ᠎ᠡ ᠪᠢᠰᠬᠢᠭᠦᠷ ᠲᠠᠲᠠᠬᠤ᠂ ᠴᠠᠩ ᠬᠡᠩᠭᠡᠷᠭᠡ ᠴᠣᠬᠢᠬᠤ ᠨᠢ ᠲᠣᠪ ᠲᠣᠳᠣᠬᠠᠨ ᠰᠣᠨᠣᠰᠤᠭᠳᠠᠳᠠᠭ ᠰᠠᠨ᠃ ᠲᠡᠭᠡᠬᠦ ᠳ᠋ᠦ᠍ᠨᠢ( ᠳ᠋ᠦ᠍ ᠨᠢ)᠂ ᠮᠥᠷᠭᠥᠯᠴᠢᠨ ᠬᠣᠢᠨ᠎ᠠ ᠵᠡᠭᠦᠨ ᠬᠦᠷᠢᠶ᠎ᠡ ᠪᠡᠷ ᠨᠢᠭᠡ ᠣᠷᠣᠵᠤ ᠮᠥᠷᠭᠥᠶ᠎ᠡ ᠭᠡᠲᠡᠯ᠎ᠡ᠂ ᠵᠡᠭᠦᠨ ᠬᠦᠷᠢᠶ᠎ᠡ ᠶ᠋ᠢᠨ ᠴᠠᠭᠠᠨ᠎ᠠ ᠮᠠᠢᠮᠠᠢ ᠬᠣᠲᠠ ᠭᠡᠵᠦ ᠬᠠᠵᠠᠭᠤ ᠳ᠋ᠤᠨᠢ( ᠳ᠋ᠤ᠌ ᠨᠢ) ᠪᠠᠢᠭ᠎ᠠ ᠶᠤᠮ ᠰᠢᠭ᠋ ᠪᠠᠢᠳᠠᠭ᠃ ᠲᠡᠭᠡᠭᠡᠳ ᠯᠡ ᠨᠢᠭᠡ ᠮᠡᠳᠡᠬᠦ ᠳ᠋ᠦ᠍ ᠭᠠᠨᠳᠠᠩ ᠬᠦᠷᠢᠶ᠎ᠡ ᠡᠷᠭᠢᠭᠰᠡᠭᠡᠷ᠂ ᠡᠷᠭᠦᠯ ᠮᠥᠷᠭᠥᠯ ᠭᠡᠵᠦ ᠵᠠᠪᠰᠠᠷ ᠵᠠᠭᠠᠭ ᠲᠤᠨᠢ( ᠳ᠋ᠤ᠌ ᠨᠢ) ᠳᠠᠩᠵᠢᠶᠠᠳ ᠨᠠᠷ ᠤ᠋ᠨ ᠴᠠᠢ ᠴᠢᠪᠠᠭ᠎ᠠ ᠶ᠋ᠢᠨ ᠬᠢᠨᠢ ᠠᠮᠲᠠ ᠪᠠᠷ᠂ ᠡᠪᠦᠷ ᠲᠡᠭᠡᠨ( ᠲᠤ ᠪᠡᠨ) ᠠᠪᠴᠤ ᠶᠠᠪᠤᠭᠰᠠᠨ ᠮᠥᠩᠭᠥ ᠪᠡᠨ ᠪᠠᠢᠳᠠᠭ ᠢ᠋ ᠨᠢ ᠯᠠᠮᠠ ᠳᠠᠩᠵᠢᠶᠠᠳ ᠬᠣᠶᠠᠷ ᠲᠤ᠌ ᠪᠠᠷᠢᠴᠢᠬᠠᠳᠠᠭ ᠪᠠᠢᠯ᠎ᠠ᠃   
       ᠬᠦᠷᠢᠶ᠎ᠡ ᠪᠡᠷ ᠡᠷᠭᠢᠯ ᠮᠥᠷᠭᠥᠯ᠂ ᠮᠠᠢᠮᠠᠢ ᠱᠠᠢᠮᠠᠢ ᠬᠢᠵᠦ ᠨᠢᠭᠡ ᠡᠳᠦᠷ ᠥᠩᠭᠡᠷᠡᠯ᠎ᠡ᠃ ᠬᠣᠢᠲᠤ ᠡᠳᠦᠷ ᠨᠢ ᠥᠩᠭᠡᠷᠡᠯ᠎ᠡ᠂ ᠴᠠᠭᠠᠳᠤᠬᠢ ᠡᠳᠦᠷ ᠨᠢ ᠥᠩᠭᠡᠷᠡᠯ᠎ᠡ᠂ ᠲᠡᠭᠡᠭᠰᠡᠭᠡᠷ ᠬᠦᠷᠢᠶ᠎ᠡ ᠪᠣᠭᠳᠠ ᠳ᠋ᠠᠭᠠᠨ( ᠳ᠋ᠤ᠌ ᠪᠠᠨ) ᠮᠥᠷᠭᠥᠶ᠎ᠡ ᠭᠡᠵᠦ ᠬᠡᠯᠡᠯᠴᠡᠭᠡᠳ᠂ ᠠᠪᠤ ᠶ᠋ᠢ ᠠᠬ᠎ᠠ ᠵᠠᠬ᠎ᠠ ᠬᠠᠰᠢᠷ ᠬᠥᠮᠦᠨ ᠭᠡᠵᠦ᠂ ᠳᠡᠭᠡᠷᠡᠬᠢ ᠶ᠋ᠢᠨ ᠭᠡᠭᠡᠨ ᠳ᠋ᠦ᠍ ᠶᠠᠭᠠᠬᠢᠵᠤ ᠪᠠᠷᠠᠭᠠᠯᠠᠬᠤ(ᠪᠠᠷᠠᠯᠬᠠᠬᠤ)᠂ ᠮᠣᠳᠣᠷ ᠠ᠋ᠴᠠ ᠨᠢ ᠠᠳᠢᠰ ᠬᠦᠷᠲᠡᠬᠦ ᠤᠴᠢᠷ ᠪᠠᠢᠳᠠᠯ ᠢ᠋ ᠳᠡᠷᠭᠡᠳᠡ ᠶ᠋ᠢᠨ ᠯᠠᠮᠠ ᠬᠠᠭᠠᠯᠭᠠᠴᠢ ᠨᠠᠷ ᠠ᠋ᠴᠠ ᠠᠰᠠᠭᠤᠯᠭᠠᠬᠤ ᠪᠠᠷ ᠪᠣᠯᠤᠯ᠎ᠠ᠃ 
       ᠠᠪᠤ ᠮᠢᠨᠢ ᠨᠠᠷᠠ ᠪᠢᠲᠡᠭᠦᠦ ᠪᠡᠷ ᠰᠢᠬᠠᠭᠤ ᠮᠣᠷᠢ ᠪᠠᠨ ᠡᠮᠡᠭᠡᠯᠯᠡᠵᠦ ᠲᠤᠤᠯᠠ ᠶ᠋ᠢᠨ ᠨᠣᠭᠣᠭᠠᠨ ᠣᠷᠳᠣᠨ ᠤ᠋ ᠵᠦᠭ ᠮᠣᠷᠳᠠᠵᠤ ᠪᠢᠯᠡ᠃ ᠲᠡᠭᠡᠭᠡᠳ ᠤᠳᠠᠭ᠎ᠠ ᠴᠤ᠌ ᠦᠭᠡᠢ ᠪᠤᠴᠠᠭᠠᠳ ᠢᠷᠡᠵᠡᠢ᠃ ᠴᠢᠷᠠᠢ ᠨᠢ ᠶᠡᠬᠡᠯ᠎ᠡ(ᠶᠡᠬᠡ ᠯᠡ) ᠪᠠᠷᠤᠭᠠᠷ᠃ ᠵᠠ᠂ ᠶᠠᠭᠠᠬᠢᠬᠤ ᠪᠠᠷ ᠪᠣᠯᠪᠠ? ᠭᠡᠵᠦ ᠮᠠᠨᠠᠢᠬᠢᠨ(ᠮᠠᠨ ᠤ᠋ ᠬᠢᠨ) ᠠᠰᠠᠭᠤᠪᠠ᠃ ᠲᠡᠭᠡᠬᠦ ᠳ᠋ᠦ᠍ ᠠᠪᠤ ᠬᠠᠨᠴᠤᠢ ᠪᠠᠨ ᠭᠦᠪᠢᠭᠡᠳ᠂ ᠬᠡᠷᠡᠭ ᠪᠦᠲᠦᠭᠰᠡᠨ ᠦᠭᠡᠢ ᠭᠡᠳ ᠶᠠᠭᠤᠮ᠎ᠠ ᠳᠤᠤᠭᠠᠷᠴᠤ ᠥᠭᠭᠦᠭᠰᠡᠨ ᠦᠭᠡᠢ᠃ ᠡᠰᠡ ᠪᠦᠲᠦᠭᠰᠡᠨ ᠪᠣᠯ ᠶᠠᠭᠠᠬᠢᠬᠤ ᠪᠣᠢ ᠳᠠ ᠮᠠᠷᠭᠠᠰᠢ ᠪᠦᠲᠦᠬᠦ ᠶᠦᠮ ᠪᠠᠢᠯ ᠦᠭᠡᠢ ᠳᠡ ᠭᠡᠬᠦ ᠳ᠋ᠦ᠍᠂ ᠮᠠᠷᠭᠠᠰᠢ ᠪᠢ ᠲᠡᠷᠡ ᠤᠷᠤᠭᠤ ᠵᠦᠭᠯᠡᠬᠦ ᠦᠭᠡᠢ᠃ ᠲᠠ ᠨᠠᠷ ᠥᠪᠡᠷᠰᠡᠳ ᠢ᠋ᠶ᠋ᠡᠨ ᠣᠴᠢᠪᠠᠯ ᠣᠴᠢᠭᠠᠷᠠᠢ ᠭᠡᠵᠡᠢ᠃ ᠮᠠᠨᠠᠢᠬᠢᠨ(ᠮᠠᠨ ᠤ᠋ ᠬᠢᠨ) ᠪᠣᠭᠳᠠ ᠶ᠋ᠢᠨ ᠬᠠᠭᠠᠯᠭᠠᠴᠢᠨ ᠨᠤᠭᠤᠳ ᠲᠠᠢ ᠮᠠᠭᠤᠳᠠᠯᠴᠠᠭᠠᠳ ᠢᠷᠡᠭᠰᠡᠨ ᠪᠠᠢᠯ ᠦᠭᠡᠢ ᠳᠡ ᠭᠡᠵᠦ ᠪᠣᠳᠣᠭᠠᠳ᠂ ᠴᠢᠨᠠᠭᠰᠢ ᠨᠢ ᠠᠰᠠᠭᠤᠬᠤ ᠪᠠᠨ ᠴᠤ᠌ ᠪᠠᠢᠵᠤ᠂ ᠵᠠᠩ ᠢ᠋ ᠨᠢ ᠮᠡᠳᠡᠳᠡᠭ ᠪᠠᠢᠵᠤ ᠯᠠ ᠳᠠ᠃ ᠪᠠᠰᠠ ᠳᠡᠷᠭᠡᠳᠡ ᠶ᠋ᠢᠨ ᠬᠠᠭᠠᠯᠭᠠᠴᠢ ᠨᠠᠷ ᠤ᠋ᠨ ᠠᠭᠠᠰᠢ ᠮᠠᠭᠤ ᠲᠠᠢ᠂ ᠶᠡᠷᠦ ᠬᠠᠷᠠᠴᠤ ᠬᠥᠮᠦᠨ ᠢ᠋ ᠳᠠᠷᠤᠯᠠᠳᠠᠭ ᠭᠡᠵᠦ ᠲᠤᠭᠤᠯᠤᠭᠰᠠᠨ ᠲᠤᠯᠠ᠂ ᠲᠡᠳᠡᠨᠦᠰ ᠯᠠ ᠠᠪᠤ ᠶ᠋ᠢᠨ ᠭᠡᠵᠢᠭᠡ(ᠭᠡᠳᠡᠭᠡ) ᠬᠦᠷᠭᠡᠴᠢᠵᠡᠢ(ᠬᠦᠷᠭᠡᠴᠢᠬᠡᠵᠡᠢ) ᠳᠡ᠂ ᠣᠳᠣ ᠡᠨᠡ ᠬᠥᠮᠦᠨ ᠪᠣᠭᠳᠠ ᠳ᠋ᠤ᠌ ᠮᠥᠷᠭᠥᠬᠦ ᠭᠡᠵᠦ ᠲᠡᠷᠡ ᠤᠷᠤᠭᠤ ᠵᠢᠳᠬᠦᠬᠦ ᠪᠡᠨ ᠪᠠᠢᠵᠤ ᠭᠡᠵᠦ ᠪᠤᠳᠤᠵᠠᠭᠠᠵᠠᠢ᠃  ᠨᠠᠮᠠᠶ᠋ᠢ(ᠨᠠᠮ᠎ᠠ ᠶ᠋ᠢ)ᠴᠦ᠍ ᠶᠠᠪᠤᠭᠤᠯᠤᠭᠰᠠᠨ ᠦᠭᠡᠢ᠂ ᠬᠦᠷᠢᠶ᠎ᠡ ᠪᠣᠭᠳᠠ ᠳ᠋ᠤ᠌ ᠮᠥᠷᠭᠥᠬᠦ ᠭᠡᠵᠦ ᠢᠷᠡᠯᠴᠡᠭᠰᠡᠨ ᠪᠢ᠂ ᠠᠪᠤ ᠲᠠᠢ ᠪᠠᠨ ᠬᠣᠶᠠᠭᠤᠯᠠ ᠪᠠᠨ ᠪᠣᠭᠳᠠ ᠳ᠋ᠤ᠌ ᠮᠥᠷᠭᠥᠯ ᠦᠭᠡᠢ ᠪᠡᠷ ᠪᠤᠴᠠᠵᠤ ᠪᠢᠯᠡ᠃ ᠬᠣᠵᠢᠮ ᠬᠣᠢᠨ᠎ᠠ ᠠᠪᠤ ᠨᠠᠳᠠᠳᠤ(ᠨᠠᠳᠠ ᠳ᠋ᠤ᠌) ᠲᠡᠷᠡ ᠡᠳᠦᠷ ᠦ᠋ᠨ ᠢ᠋ᠶ᠋ᠡᠨ ᠤᠴᠢᠷ ᠢ᠋ ᠬᠡᠯᠡᠵᠦ ᠪᠢᠯᠡ᠂ ᠬᠥᠭᠡᠷᠦᠬᠦᠢ ᠭᠡᠳ ᠡᠪᠦᠭᠡᠨ ᠰᠢᠷᠠᠪ ᠭᠠᠩᠰᠠ ᠪᠠᠨ ᠨᠡᠷᠡᠭᠡᠳ ᠤᠲᠤᠭ᠎ᠠ ᠶ᠋ᠢ ᠨᠢ ᠶᠡᠬᠡᠯ᠎ᠡ(ᠶᠡᠬᠡ ᠯᠡ) ᠲᠠᠭᠠᠲᠠᠢ ᠰᠤᠷᠤᠭᠠᠳ᠂ ᠤᠷᠢᠳᠠᠬᠢ ᠦᠭᠡ ᠪᠡᠨ ᠦᠷᠭᠦᠯᠵᠢᠯᠡᠵᠦ ᠶᠠᠷᠢᠭᠰᠠᠨ ᠨᠢ᠂ 
       — ᠲᠡᠷᠡ ᠥᠷᠯᠥᠭᠡ᠂ ᠠᠪᠤ ᠶ᠋ᠢ ᠨᠣᠭᠣᠭᠠᠨ ᠣᠷᠳᠣᠨ ᠤ᠋ ᠵᠦᠭ ᠮᠣᠷᠳᠠᠬᠤ ᠳ᠋ᠤ᠌᠂ ᠬᠦᠷᠢᠶ᠎ᠡ ᠶ᠋ᠢᠨ ᠬᠢᠨ ᠪᠣᠰᠤᠭ᠎ᠠ ᠦᠭᠡᠢ ᠰᠠᠶᠢ ᠯᠠ ᠦᠷ ᠦ᠋ᠨ ᠭᠡᠭᠡ ᠰᠢᠷᠠᠯᠠᠵᠤ ᠪᠠᠢᠯ᠎ᠠ᠃ ᠣᠷᠳᠣᠨ ᠤ᠋ ᠵᠦᠭ ᠳᠥᠭᠥᠵᠦ ᠶᠠᠪᠤᠲᠠᠯ᠎ᠠ ᠨᠢᠭᠡ ᠮᠣᠷᠢ ᠲᠠᠢ ᠯᠠᠮᠠ  ᠤᠷᠲᠤ ᠪᠠᠨ ᠨᠢᠭᠡ ᠶᠠᠭᠤᠮ᠎ᠠ ᠳᠦᠭᠦᠷᠦᠭᠡᠳ ᠬᠠᠭᠠᠯᠭ᠎ᠠ ᠪᠠᠷ ᠭᠠᠷᠴᠤ ᠢᠷᠡᠵᠡᠢ᠃ ᠲᠡᠭᠡᠭᠡᠳ ᠣᠷᠴᠢᠨ ᠲᠣᠭᠣᠷᠢᠨ ᠲᠠᠢᠰᠢ ᠪᠠᠨ ᠬᠤᠯᠠᠭᠠᠢ ᠶ᠋ᠢᠨ ᠨᠢᠳᠦ ᠪᠡᠷ ᠬᠠᠷᠠᠵᠤ ᠦᠵᠡᠭᠡᠳ᠂ ᠶᠠᠭᠠᠷᠠᠨ ᠲᠤᠤᠯᠠ ᠶ᠋ᠢᠨ ᠵᠦᠭ ᠴᠢᠭᠯᠡᠵᠦ ᠭᠡᠨ᠎ᠡ᠃ ᠲᠡᠨᠳᠡ ᠤᠰᠤ ᠶᠡᠬᠡ ᠭᠦᠨᠵᠡᠭᠡᠢ ᠡᠷᠭᠢᠭᠦᠯᠭᠡᠲᠡᠢ ᠭᠡᠵᠦ ᠬᠡᠯᠡᠯᠴᠡᠳᠡᠭ ᠭᠠᠵᠠᠷ ᠪᠠᠢᠵᠤ᠂ ᠣᠳᠣ ᠲᠡᠷᠡ ᠭᠠᠵᠠᠷ ᠢ᠋ ᠤᠮᠠᠬᠤᠮ ᠭᠡᠳᠡᠭ᠃ ᠥᠨᠥᠬᠢ ᠯᠠᠮᠠ ᠶᠠᠭ ᠲᠡᠷᠡ ᠤᠷᠤᠭᠤ ᠯᠠ ᠴᠢᠭ ᠢ᠋ᠶ᠋ᠡᠷ ᠢ᠋ᠶ᠋ᠡᠨ ᠰᠢᠯᠤᠭᠤᠬᠠᠨ ᠶᠠᠪᠤᠭᠠᠳ ᠥᠭᠴᠦ ᠭᠡᠨ᠎ᠡ᠃ ᠠᠪᠤ ᠭᠠᠢᠬᠠᠵᠤ ᠳᠠ᠂ ᠬᠠᠷ᠎ᠠ ᠦᠷ ᠢ᠋ᠶ᠋ᠡᠷ ᠲᠡᠷᠡ ᠤᠷᠤᠭᠤ ᠴᠢᠭᠯᠡᠳᠡᠭ ᠶᠠᠮᠠᠷ ᠯᠠᠮᠠ ᠪᠢᠯᠡ ᠭᠡᠵᠦ ᠳᠣᠲᠣᠷ᠎ᠠ ᠪᠠᠨ ᠪᠣᠳᠣᠭᠰᠠᠭᠠᠷ ᠣᠷᠳᠣᠨ ᠤ᠋ ᠣᠢᠷ᠎ᠠ ᠣᠴᠢᠭᠠᠳ᠂ ᠬᠠᠷᠠᠴᠤ ᠬᠥᠮᠦᠨ ᠦ᠌ ᠮᠣᠷᠢ ᠠ᠋ᠴᠠ ᠪᠠᠭᠤᠳᠠᠭ ᠭᠠᠵᠠᠷ ᠬᠦᠷᠦᠭᠡᠳ ᠮᠣᠷᠢ ᠪᠠᠨ ᠬᠠᠨᠲᠠᠢᠷᠠᠨ ᠲᠤᠱᠠᠵᠤ ᠬᠠᠭᠠᠯᠭᠠᠨ ᠳ᠋ᠤ᠌ ᠳᠥᠭᠥᠲᠡᠯ᠎ᠡ᠂ ᠶᠡᠷᠦ ᠬᠥᠮᠦᠨ ᠠᠮᠢᠲᠠᠨ ᠪᠣᠰᠤᠭᠰᠠᠨ ᠴᠢᠮᠡᠭᠡ ᠰᠢᠨᠵᠢ ᠠᠯᠠᠭ᠎ᠠ᠂ ᠬᠠᠭᠠᠯᠭ᠎ᠠ ᠶ᠋ᠢᠨ ᠮᠠᠨᠠᠭᠠᠴᠢ ᠦᠵᠡᠭᠳᠡᠬᠦ ᠦᠭᠡᠢ ᠰᠢᠭ᠂ ᠲᠡᠭᠡᠬᠦ ᠳ᠋ᠦ᠍ᠨᠢ( ᠳ᠋ᠦ᠍ ᠨᠢ)᠂ ᠨᠣᠶᠠᠳ ᠢᠵᠠᠭᠤᠷᠲᠠᠨ ᠬᠦᠷᠲᠡᠯ᠎ᠡ ᠪᠣᠭᠳᠠ ᠳ᠋ᠤ᠌ ᠪᠠᠷᠠᠭᠠᠯᠬᠠᠬᠤ ᠳ᠋ᠠᠭᠠᠨ( ᠳ᠋ᠤ᠌ ᠪᠠᠨ) ᠡᠮᠢᠶᠡᠨ ᠣᠷᠣᠳᠠᠭ ᠲᠡᠷᠡ ᠬᠠᠭᠠᠯᠭ᠎ᠠ ᠠᠶᠤᠮᠰᠢᠭ ᠦᠭᠡᠢ ᠲᠣᠭᠰᠢᠬᠤ ᠵᠢᠷᠦᠬᠡ ᠬᠦᠷᠦᠭᠰᠡᠨ ᠦᠭᠡᠢ᠃ ᠬᠥᠮᠦᠨ ᠭᠠᠷᠬᠤ ᠶ᠋ᠢ ᠬᠦᠯᠢᠶᠡᠶ᠎ᠡ ᠭᠡᠵᠦ ᠪᠣᠳᠣᠵᠤ ᠪᠠᠢᠲᠠᠯ᠎ᠠ ᠨᠢ ᠥᠨᠥᠬᠢ ᠡᠮᠦᠨ᠎ᠡ ᠪᠡᠨ ᠶᠠᠭᠤᠮ᠎ᠠ ᠳᠦᠭᠦᠷᠦᠭᠰᠡᠨ ᠯᠠᠮᠠ ᠲᠤᠤᠯᠠ ᠶ᠋ᠢᠨ ᠡᠷᠭᠢ ᠬᠦᠷᠦᠭᠡᠳ ᠮᠣᠷᠢᠨ ᠠ᠋ᠴᠠ ᠪᠠᠨ ᠪᠠᠭᠤᠭᠠᠳ᠂ ᠤᠷᠲᠤ ᠪᠠᠨ ᠳᠦᠭᠦᠷᠦᠭᠰᠡᠨ ᠶᠠᠭᠤᠮ᠎ᠠ ᠶ᠋ᠢ ᠭᠠᠨᠵᠤᠭ᠎ᠠ ᠪᠠᠷ ᠢ᠋ᠶ᠋ᠠᠨ ᠳᠠᠷᠤᠭᠤᠯᠵᠤ ᠵᠠᠰᠠᠭᠠᠳ᠂ ᠭᠤᠲᠤᠯ ᠢ᠋ᠶ᠋ᠠᠨ ᠲᠠᠢᠯᠵᠤ ᠬᠣᠷᠮᠣᠢ ᠪᠠᠨ ᠳᠡᠭᠡᠭᠰᠢ ᠨᠢ ᠲᠠᠲᠠᠭᠠᠳ᠂ ᠮᠣᠷᠢᠨ ᠳ᠋ᠠᠭᠠᠨ ᠮᠣᠷᠳᠠᠵᠤ ᠤᠰᠤ ᠤᠷᠤᠭᠤ ᠣᠷᠣᠪᠠ ᠭᠡᠨ᠎ᠡ᠃ ᠡᠨᠡ ᠯᠠᠮᠠ᠂ ᠡᠷᠭᠢᠭᠦᠯᠭᠡ ᠤᠷᠤᠭᠤ ᠴᠢᠭᠯᠡᠵᠦ ᠣᠷᠣᠳᠠᠭ ᠶᠠᠮᠠᠷ ᠵᠢᠭᠲᠡᠢ ᠶᠦᠮ ᠪᠣᠢ? ᠭᠡᠵᠦ ᠭᠠᠢᠬᠠᠭᠠᠳ ᠮᠣᠷᠢᠨ ᠳ᠋ᠠᠭᠠᠨ ᠮᠣᠷᠳᠠᠵᠤ ᠂ ᠥᠨᠥᠬᠢ ᠯᠠᠮᠠ ᠶ᠋ᠢᠨ ᠬᠣᠢᠨ᠎ᠠ ᠠ᠋ᠴᠠ ᠴᠣᠭᠭᠢᠭᠠᠳ ᠣᠴᠢᠵᠤ ᠭᠡᠨ᠎ᠡ᠃ ᠲᠡᠭᠡᠲᠡᠯ᠎ᠡ᠂ ᠲᠡᠷᠡ ᠯᠠᠮᠠ ᠭᠣᠣᠯ ᠤ᠋ᠨ ᠳᠤᠮᠳᠠ ᠨᠢ ᠰᠢᠬᠠᠭᠤ ᠬᠦᠷᠦᠭᠡᠳ᠂ ᠤᠰᠤ᠂ ᠮᠣᠷᠢᠨ ᠤ᠋ ᠲᠠᠮᠠᠭ᠎ᠠ ᠬᠦᠷᠴᠦ ᠭᠡᠨ᠎ᠡ᠃ ᠲᠡᠭᠡᠬᠦ ᠳ᠋ᠦ᠍᠂ ᠮᠣᠷᠢ ᠪᠠᠨ ᠤᠷᠤᠰᠬᠠᠯ ᠳᠠᠭᠠᠤ ᠶᠠᠪᠤᠭᠤᠯᠤᠭᠠᠳ ᠭᠠᠨᠵᠤᠭ᠎ᠠ ᠶ᠋ᠢᠨ ᠢ᠋ᠶ᠋ᠡᠨ ᠰᠤᠷ ᠢ᠋ᠶ᠋ᠠᠷ ᠤᠷᠲᠤ ᠪᠠᠨ  ᠳᠠᠷᠤᠭᠤᠯᠤᠭᠰᠠᠨ᠂ ᠥᠨᠥᠬᠢ ᠳᠦᠭᠦᠷᠴᠦ ᠶᠠᠪᠤᠭᠰᠠᠨ ᠶᠠᠭᠤᠮ᠎ᠠ ᠪᠠᠨ ᠤᠰᠤ ᠤᠷᠤᠭᠤ ᠲᠦᠯᠬᠢᠴᠢᠬᠡᠭᠡᠳ᠂ ᠰᠡᠩᠳᠡᠨ ᠮᠡᠩᠳᠡᠨ ᠡᠷᠭᠢ ᠤᠷᠤᠭᠤ ᠵᠢᠳᠬᠦᠭᠦᠯᠵᠦ ᠭᠡᠨ᠎ᠡ᠃ ᠥᠨᠥᠬᠢ  ᠳᠦᠭᠦᠷᠴᠦ ᠶᠠᠪᠤᠭᠰᠠᠨ ᠶᠠᠭᠤᠮ᠎ᠠ ᠨᠢ ᠨᠡᠯᠢᠶᠡᠳ ᠬᠦᠨᠳᠦ ᠶᠠᠭᠤᠮ᠎ᠠ ᠪᠣᠯᠤᠯᠲᠠᠢ᠂ ᠤᠰᠤ ᠤᠷᠤᠭᠤ ᠴᠦᠯᠭᠢᠭᠡᠳ ᠣᠷᠣᠴᠢᠬᠠᠵᠤ ᠭᠡᠨ᠎ᠡ᠃ ᠠᠪᠤ᠂ ᠲᠡᠷᠡ ᠯᠠᠮᠠ ᠶ᠋ᠢᠨ ᠤᠷᠲᠤ ᠠ᠋ᠴᠠ ᠲᠣᠰᠣᠨ ᠣᠴᠢᠵᠤ ᠦᠵᠡᠪᠡᠯ᠂ ᠤᠷᠢᠳᠤ ᠬᠣᠰᠢᠭᠤ ᠬᠡᠢᠳ ᠲᠦ᠍ ᠵᠢᠰᠦ ᠦᠵᠡᠭᠰᠡᠨ ᠯᠠᠮᠠ ᠪᠠᠢᠵᠠᠢ᠃ ᠴᠢᠷᠠᠢ ᠵᠢᠰᠦ ᠨᠢ ᠲᠤᠩ ᠰᠠᠨᠳᠤᠷᠴᠢᠬᠠᠭᠰᠠᠨ᠂ ᠤᠷᠤᠭᠤᠯ ᠠᠮᠠ ᠨᠢ ᠴᠡᠴᠡᠷᠡᠵᠦ ᠲᠠᠲᠠᠯᠳᠤᠭᠰᠠᠨ ᠲᠡᠢᠮᠦ ᠠᠮᠢᠲᠠᠨ ᠡᠷᠭᠢ ᠥᠭᠡᠳᠡ ᠭᠠᠷᠴᠤ ᠢᠷᠡᠭᠡᠳ ᠮᠣᠷᠢᠨ ᠠ᠋ᠴᠠ ᠪᠠᠨ ᠪᠠᠭᠤᠵᠤ᠂ ᠥᠨᠥᠬᠢ ᠲᠠᠢᠯᠤᠭᠠᠳ ᠣᠷᠬᠢᠭᠰᠠᠨ ᠭᠤᠲᠤᠯ ᠢ᠋ᠶ᠋ᠠᠨ ᠡᠮᠦᠰᠬᠦ ᠭᠡᠳ ᠭᠠᠷ ᠬᠥᠯ ᠨᠢ ᠴᠡᠴᠡᠷᠡᠵᠦ᠂ ᠲᠦᠷᠡᠢ ᠪᠡᠨ ᠣᠯᠳᠠᠭ ᠦᠭᠡᠢ ᠭᠡᠨ᠎ᠡ᠃ ᠠᠪᠤ ᠶ᠋ᠢ ᠭᠡᠨᠡᠳᠲᠡ ᠬᠠᠷᠠᠴᠢᠬᠠᠭᠠᠳ ᠭᠠᠷ ᠢ᠋ᠶ᠋ᠠᠷ ᠢ᠋ᠶ᠋ᠠᠨ ᠳᠠᠯᠠᠯᠵᠤ ᠳᠠᠭᠤᠳᠠᠭᠰᠠᠨ ᠰᠢᠭ᠋ ᠪᠣᠯᠵᠤ ᠭᠡᠨ᠎ᠡ᠃ ᠲᠡᠭᠡᠬᠦ ᠳ᠋ᠦ᠍ᠨᠢ ᠠᠪᠤ ᠳᠡᠷᠭᠡᠳᠡ ᠨᠢ ᠣᠴᠢᠬᠤ ᠳ᠋ᠤ᠌ ᠥᠨᠥᠬᠢ ᠯᠠᠮᠠ᠂ ᠠᠪᠤ ᠳ᠋ᠤ᠌ ᠰᠢᠪᠡᠨᠡᠵᠦ᠂ 
      — ᠴᠢ ᠠᠮᠢᠳᠤ ᠶᠠᠪᠤᠶ᠎ᠠ ᠭᠡᠪᠡᠯ᠂ ᠰᠠᠢ᠍ᠢ ᠶ᠋ᠢᠨ ᠢ᠋ᠶ᠋ᠡᠨ ᠦᠵᠡᠭᠰᠡᠨ ᠬᠠᠷᠠᠭᠰᠠᠨ ᠢ᠋ ᠴᠢᠬᠢᠲᠦ ᠠᠮᠢᠲᠠᠨ ᠳ᠋ᠤ᠌ ᠬᠡᠯᠡᠵᠦ ᠪᠣᠯᠬᠤ ᠦᠭᠡᠢ ᠰᠢᠦ᠃ ᠬᠥᠮᠦᠨ ᠦ᠌ ᠠᠮᠢᠨ ᠤ᠋ ᠬᠡᠷᠡᠭ ᠭᠠᠷᠤᠭᠰᠠᠨ᠂ ᠮᠡᠳᠡᠪᠡ ᠤᠤ? ᠭᠡᠬᠦ ᠳ᠋ᠦ᠍ᠨᠢ( ᠳ᠋ᠦ᠍ ᠨᠢ)᠂ ᠠᠪᠤ  ᠶᠡᠬᠡᠯ᠎ᠡ(ᠶᠡᠬᠡ ᠯᠡ) ᠵᠢᠪᠡᠭᠦᠷᠬᠡᠨ ᠰᠣᠴᠢᠵᠤ᠂ ᠠᠮᠢᠳᠤ ᠪᠤᠷᠬᠠᠨ ᠪᠣᠭᠳᠠ ᠭᠡᠭᠡᠨ ᠦ᠌ ᠠᠷᠢᠯᠤᠭᠰᠠᠨ ᠲᠤᠩᠭᠠᠯᠠᠭ ᠣᠷᠣᠨ ᠯᠠᠪᠷᠠᠩ ᠳ᠋ᠤ᠌ ᠬᠥᠮᠦᠨ ᠦ᠌ ᠠᠮᠢᠨ ᠤ᠋ ᠬᠡᠷᠡᠭ ᠭᠡᠵᠦ ᠶᠠᠭᠤ ᠪᠠᠨ ᠬᠡᠯᠡᠭᠡᠳ ᠪᠠᠢᠨ᠎ᠠ ᠳᠠ? ᠭᠡᠵᠦ ᠵᠢᠭ ᠪᠣᠯᠵᠠᠢ᠃ ᠲᠡᠭᠡᠬᠦ ᠳ᠋ᠦ᠍ ᠲᠡᠷᠡ ᠯᠠᠮᠠ᠂ ᠳᠡᠷᠭᠡᠳᠡ ᠶ᠋ᠢᠨ ᠬᠠᠭᠠᠯᠭᠠᠴᠢ ᠪᠠᠢᠵᠤ ᠯᠠ ᠳᠠ᠃ ᠠᠪᠤ ᠳ᠋ᠤ᠌ ᠤᠴᠢᠷ ᠤᠳᠬ᠎ᠠ ᠶ᠋ᠢ ᠨᠢ ᠬᠡᠯᠡᠵᠦ ᠥᠭᠬᠦ ᠳ᠋ᠡᠭᠡᠨ( ᠳ᠋ᠦ᠍ ᠪᠡᠨ) ᠥᠴᠥᠭᠡᠳᠦᠷ ᠳᠡᠭᠡᠷᠡᠬᠢ ᠶ᠋ᠢᠨ ᠭᠡᠭᠡᠨ ᠮᠠᠢᠮᠠᠢ ᠬᠣᠲᠠ ᠠ᠋ᠴᠠ ᠬᠥᠯᠴᠥᠭᠦᠦ ᠰᠢᠭ ᠵᠠᠯᠠᠷᠠᠵᠤ ᠶᠠᠪᠤᠭᠠᠳ᠂ ᠣᠷᠳᠣᠨ ᠤ᠋ ᠬᠠᠭᠠᠯᠭᠠᠨ ᠲᠤᠰᠢᠶ᠎ᠠ ᠰᠡᠴᠡᠨ ᠬᠠᠨ ᠠᠢᠮᠠᠭ ᠤ᠋ᠨ ᠨᠢᠭᠡ ᠡᠬᠡᠨᠡᠷ᠂ ᠪᠣᠭᠳᠠ ᠳ᠋ᠤ᠌ ᠮᠥᠷᠭᠥᠬᠦ ᠭᠡᠵᠦ ᠵᠢᠭᠠᠯ ᠥᠬᠢᠨ ᠢ᠋ᠶ᠋ᠡᠨ ᠳᠠᠭᠠᠭᠤᠯᠵᠤ ᠢᠷᠡᠭᠰᠡᠨ ᠲᠡᠢ ᠶᠠᠭ ᠳᠠᠭᠠᠷᠢᠯᠳᠤᠳᠠᠭ ᠪᠠᠢᠵᠠᠢ᠃ ᠲᠡᠷᠡ ᠥᠬᠢᠨ ᠨᠢ ᠨᠡᠷᠡᠲᠦ ᠶᠢᠷᠲᠢᠨᠴᠦ ᠳ᠋ᠦ᠍ ᠬᠣᠣᠰ ᠦᠭᠡᠢ ᠰᠠᠢᠬᠠᠨ ᠬᠥᠮᠦᠨ ᠪᠠᠢᠵᠤ᠂ ᠪᠣᠭᠳᠠ ᠶ᠋ᠢᠨ ᠨᠢᠳᠦᠨ ᠳ᠋ᠦ᠍ ᠲᠤᠩ ᠴᠤ᠌ ᠲᠠᠭᠠᠲᠠᠢ ᠦᠵᠡᠭᠳᠡᠵᠦ ᠯᠡ ᠳᠡ᠃ ᠲᠡᠭᠡᠬᠦ ᠳ᠋ᠦ᠍ᠨᠢ( ᠳ᠋ᠦ᠍ ᠨᠢ) ᠲᠡᠷᠡ ᠳᠣᠣᠷ᠎ᠠ ᠪᠠᠨ ᠮᠣᠳᠣᠷ ᠤ᠋ᠨ ᠢ᠋ᠶ᠋ᠠᠨ ᠠᠳᠢᠰ ᠲᠠᠯᠪᠢᠭᠠᠳ᠂ ᠥᠬᠢᠨ ᠢ᠋ ᠨᠢ ᠣᠷᠳᠣᠨ ᠳ᠋ᠠᠭᠠᠨ( ᠳ᠋ᠤ᠌ ᠪᠠᠨ) ᠦᠯᠡᠳᠡᠭᠡᠵᠦ᠂ ᠨᠣᠮ ᠬᠦᠷᠲᠡᠭᠡᠨ᠎ᠡ ᠭᠡᠵᠦ ᠭᠡᠨ᠎ᠡ᠃ ᠡᠬᠡ ᠨᠢ ᠮᠠᠩᠨᠠᠢ ᠪᠠᠨ ᠬᠠᠭᠠᠷᠠᠲᠠᠯ᠎ᠠ ᠪᠠᠶᠠᠷᠯᠠᠵᠤ᠂ ᠥᠪᠡᠷ ᠢ᠋ᠶ᠋ᠡᠨ ᠪᠣᠭᠳᠠ ᠭᠡᠭᠡᠨ ᠦ᠌ ᠮᠣᠳᠣᠷ ᠤ᠋ᠨ ᠠᠳᠢᠰ ᠬᠦᠷᠲᠡᠭᠡᠳ᠂ ᠥᠬᠢᠨ ᠢ᠋ᠶ᠋ᠡᠨ ᠨᠣᠮ  ᠠᠪᠢᠰᠢᠭ ᠬᠦᠷᠲᠡᠬᠦ ᠨᠢ ᠭᠡᠵᠦ ᠰᠡᠳᠬᠢᠯ ᠨᠢ ᠬᠥᠭᠡᠷᠴᠦ ᠪᠠᠶᠠᠷᠯᠠᠨ ᠬᠢᠯᠠᠢᠵᠤ ᠯᠠ ᠳᠠ᠃ ᠲᠡᠭᠡᠲᠡᠯ᠎ᠡ᠂ ᠥᠨᠥᠬᠢ ᠰᠣᠭᠲᠣᠭᠤ ᠪᠣᠭᠳᠠ᠂ ᠲᠡᠷᠡ ᠵᠢᠭᠠᠯ ᠥᠬᠢᠨ ᠢ᠋ ᠬᠦᠴᠦᠷᠬᠡᠭᠡᠳ᠂ ᠨᠠᠰᠤ ᠪᠡᠶ᠎ᠡ ᠭᠦᠢᠴᠡᠭᠡ ᠦᠭᠡᠢ ᠬᠥᠭᠡᠷᠦᠬᠦᠢ ᠲᠡᠷᠡ ᠵᠢᠭᠠᠯ ᠢ᠋ ᠭᠡᠮᠲᠦᠭᠡᠴᠢᠬᠡᠵᠡᠢ᠂ ᠴᠢᠰᠤ ᠨᠢ ᠲᠣᠭᠲᠠᠳᠠᠭ ᠦᠭᠡᠢ ᠰᠠᠨᠳᠤᠷᠭᠠᠵᠤ᠂ ᠳᠡᠷᠭᠡᠳᠡ ᠶ᠋ᠢᠨ ᠡᠮᠴᠢ ᠣᠲᠠᠴᠢ ᠨᠠᠷ ᠲᠣᠭᠲᠠᠭᠠᠵᠤ ᠶᠠᠳᠠᠵᠤ ᠠᠷᠭ᠎ᠠ ᠪᠠᠨ ᠪᠠᠷᠠᠵᠤ ᠭᠡᠨ᠎ᠡ ᠳᠡ᠃ 
       ᠠᠪᠤ ᠳ᠋ᠤ᠌ ᠲᠡᠷᠡ ᠶᠠᠪᠤᠳᠠᠯ ᠢ᠋ ᠶᠠᠷᠢᠭᠰᠠᠨ ᠥᠨᠥᠬᠢ ᠯᠠᠮᠠ ᠬᠡᠯᠡᠬᠦ ᠳ᠋ᠡᠭᠡᠨ( ᠳ᠋ᠦ᠍ ᠪᠡᠨ) ᠮᠢᠨᠦ ᠪᠡᠶ᠎ᠡ᠂ ᠳᠡᠭᠡᠷᠡᠬᠢ ᠶ᠋ᠢᠨ ᠳᠡᠷᠭᠡᠳᠡ ᠪᠠᠢᠵᠤ᠂ ᠡᠯᠳᠡᠪ ᠦ᠋ᠨ ᠶᠠᠭᠤᠮ᠎ᠠ ᠦᠵᠡᠵᠦ ᠳᠠᠰᠤᠭᠰᠠᠨ ᠪᠣᠯᠪᠠᠴᠤ᠂ ᠲᠡᠷᠡ ᠬᠥᠭᠡᠷᠦᠬᠦᠢ ᠵᠢᠭᠠᠯ ᠤ᠋ᠨ ᠲᠠᠮᠤ ᠪᠠᠨ ᠡᠳ᠋ᠯᠡᠨ ᠲᠠᠷᠴᠢᠯᠠᠵᠤ᠂ ᠡᠵᠢ ᠶ᠋ᠢ ᠪᠡᠨ ᠳᠠᠭᠤᠳᠠᠨ ᠤᠬᠢᠯᠠᠵᠤ ᠪᠠᠢᠬᠤ ᠶ᠋ᠢ ᠬᠠᠷᠠᠭᠠᠳ ᠡᠯᠢᠭᠡ ᠡᠮᠲᠡᠷᠡᠵᠦ ᠲᠤᠩ ᠴᠤ᠌ ᠬᠡᠴᠡᠭᠦᠦ ᠪᠠᠢᠯ᠎ᠠ᠃ ᠪᠣᠭᠳᠠ ᠬᠦᠷᠲᠡᠯ᠎ᠡ᠂ ᠲᠡᠷᠡ ᠵᠢᠭᠠᠯ ᠤ᠋ᠨ ᠵᠣᠪᠠᠵᠤ ᠪᠠᠢᠭ᠎ᠠ ᠶ᠋ᠢ ᠬᠠᠷᠠᠬᠤ ᠳ᠋ᠠᠭᠠᠨ( ᠳ᠋ᠤ᠌ ᠪᠠᠨ) ᠠᠷᠢᠬᠢᠨ ᠤ᠋ ᠬᠢᠨᠢ ᠬᠥᠯᠴᠥᠭᠦᠦ ᠭᠠᠷᠴᠤ᠂ ᠶᠣᠨᠵᠣᠩ ᠪᠠᠭᠰᠢ ᠶ᠋ᠢ ᠳᠠᠭᠤᠳᠠᠵᠤ ᠠᠷᠭᠠᠯᠠᠭᠤᠯᠤᠶ᠎ᠠ᠃ ᠠᠷᠭ᠎ᠠ ᠤᠬᠠᠭᠠᠨ ᠣᠯᠤᠶ᠎ᠠ ᠭᠡᠵᠦ ᠬᠠᠭᠠᠯᠭᠠᠴᠢ ᠪᠠᠨ ᠳᠠᠪᠬᠢᠭᠤᠯᠵᠤ ᠭᠡᠨ᠎ᠡ᠃ ᠶᠣᠨᠵᠣᠩ ᠬᠠᠮᠪᠤ ᠬᠦᠷᠴᠦ ᠢᠷᠡᠭᠡᠳ᠂ ᠲᠡᠷᠡ ᠵᠢᠭᠠᠯ ᠥᠬᠢᠨ ᠢ᠋ ᠰᠢᠭᠤᠳᠠᠢ ᠳ᠋ᠤ᠌ ᠬᠢᠵᠦ᠂ ᠴᠢᠯᠠᠭᠤ ᠴᠢᠬᠢᠯᠴᠡᠭᠡᠳ ᠤᠰᠤ ᠤᠷᠤᠭᠤ ᠬᠠᠶᠠᠵᠤ᠂ ᠰᠡᠭ ᠰᠡᠪᠡᠰᠦ ᠦᠭᠡᠢ ᠠᠯᠠᠭ᠎ᠠ ᠪᠣᠯᠭ᠎ᠠ ᠭᠡᠵᠦ ᠠᠷᠭ᠎ᠠ ᠵᠢᠭᠠᠵᠠᠢ᠃ ᠪᠢ ᠥᠴᠦᠬᠡᠨ ᠪᠠᠭ᠎ᠠ ᠬᠥᠮᠦᠨ᠂ ᠶᠠᠭᠤ ᠯᠠ ᠬᠢ ᠭᠡᠪᠡᠯ᠂ ᠵᠠᠷᠯᠢᠭ ᠲᠤᠰᠢᠶᠠᠯ ᠳᠠᠭᠠᠵᠤ ᠭᠦᠢᠴᠡᠳᠬᠡᠬᠦ ᠡᠴᠡ ᠥᠭᠡᠷ᠎ᠡ ᠨᠠᠳᠠᠳᠤ(ᠨᠠᠳᠠ ᠳ᠋ᠤ᠌) ᠡᠷᠬᠡ ᠮᠠᠲᠠᠯ ᠪᠠᠢᠬᠤ ᠦᠭᠡᠢ᠃ ᠲᠡᠭᠡᠭᠡᠳ᠂ ᠲᠡᠷᠡ ᠬᠥᠭᠡᠷᠦᠬᠦᠢ ᠵᠢᠭᠠᠯ ᠥᠬᠢᠨ ᠢ᠋ ᠠᠮᠢᠳᠤ ᠪᠠᠷ ᠨᠢ ᠤᠰᠤᠨ ᠳ᠋ᠤ᠌ ᠬᠠᠶᠠᠵᠤ ᠠᠯᠠᠪᠠ ᠰᠢᠦ᠃ ᠨᠠᠮᠠᠶ᠋ᠢ(ᠨᠠᠮ᠎ᠠ ᠶ᠋ᠢ) ᠤᠰᠤ ᠤᠷᠤᠭᠤ ᠲᠡᠷᠡ ᠰᠢᠭᠤᠳᠠᠢ ᠶ᠋ᠢ ᠲᠦᠯᠬᠢᠨ ᠬᠠᠶᠠᠬᠤ ᠳ᠋ᠤ᠌᠂ ᠰᠢᠭᠤᠳᠠᠢ ᠳᠣᠲᠣᠷ᠎ᠠ ᠪᠠᠨ ᠶᠣᠣᠯᠠᠵᠤ ᠪᠢᠯᠡ ᠭᠡᠵᠦ ᠬᠡᠯᠡᠭᠡᠳ ᠲᠡᠷᠡ ᠯᠠᠮᠠ ᠪᠦᠬᠦ ᠪᠡᠶ᠎ᠡ ᠨᠢ ᠴᠡᠴᠡᠷᠡᠨ ᠳᠠᠭᠵᠢᠵᠤ᠂ ᠠᠮᠢᠳᠤ ᠬᠥᠮᠦᠨ ᠢ᠋ ᠤᠰᠤᠨ ᠳ᠋ᠤ᠌ ᠬᠠᠶᠠᠬᠤ᠂ ᠪᠠᠰᠠ ᠯᠤᠤᠰ ᠰᠠᠪᠳᠠᠭ ᠢ᠋ ᠡᠮ᠎ᠡ ᠬᠥᠮᠦᠨ ᠦ᠌ ᠴᠢᠰᠤ ᠪᠠᠷ ᠪᠤᠵᠠᠷᠯᠠᠬᠤ ᠡᠢᠮᠦ ᠦᠢᠯᠡ ᠲᠡᠢ ᠯᠠᠢᠲᠠᠢ ᠠᠮᠢᠲᠠᠨ ᠳᠠ ᠪᠢ᠃ ᠯᠤᠤᠰ ᠰᠠᠪᠳᠠᠭ ᠢ᠋ ᠬᠢᠯᠢᠩᠯᠡᠬᠦ ᠡᠴᠡ ᠠᠶᠤᠳᠠᠭ ᠪᠣᠯᠪᠠᠴᠤ᠂ ᠪᠣᠭᠳᠠ ᠶ᠋ᠢᠨ ᠬᠠᠲᠠᠭᠤ ᠵᠠᠷᠯᠢᠭ ᠢ᠋ ᠪᠢ ᠶᠠᠭᠠᠬᠢᠵᠤ ᠳᠠᠪᠠᠬᠤ ᠪᠢᠯᠡ᠃ ᠠᠷᠭ᠎ᠠ ᠦᠭᠡᠢ᠂ ᠠᠮᠢᠲᠠᠨ ᠤ᠋ ᠠᠮᠢ ᠲᠠᠰᠤᠯᠤᠯ᠎ᠠ᠃ ᠮᠠᠨ ᠤ᠋ ᠨᠣᠭᠣᠭᠠᠨ ᠣᠷᠳᠣᠨ ᠳ᠋ᠤ᠌ ᠡᠢᠮᠦᠷᠬᠦᠦ ᠬᠡᠷᠡᠭ ᠭᠠᠷᠳᠠᠭ ᠶᠤᠮ ᠰᠢᠦ᠃ ᠪᠢ ᠦᠵᠡᠭᠰᠡᠨ ᠰᠣᠨᠣᠰᠤᠭᠰᠠᠨ ᠢ᠋ᠶ᠋ᠠᠨ ᠶᠡᠷᠦ ᠬᠥᠮᠦᠨ ᠠᠮᠢᠲᠠᠨ ᠳ᠋ᠤ᠌ ᠬᠡᠯᠡᠳᠡᠭ ᠦᠭᠡᠢ ᠶᠦᠮ ᠰᠢᠦ! ᠤᠷᠭ᠎ᠠ ᠠᠯᠳᠠᠪᠠᠯ ᠪᠠᠷᠢᠵᠤ ᠪᠣᠯᠳᠠᠭ᠂ ᠦᠭᠡ ᠠᠯᠳᠠᠪᠠᠯ ᠪᠠᠷᠢᠵᠤ ᠪᠣᠯᠳᠠᠭ ᠦᠭᠡᠢ ᠭᠡᠳᠡᠭ  ᠪᠢᠰᠢ ᠪᠢᠯᠡ ᠤᠤ? ᠣᠷᠳᠣᠨ ᠤ᠋ ᠬᠢᠨ ᠮᠡᠳᠡᠪᠡᠯ᠂ ᠪᠢ ᠴᠦ᠍ ᠰᠠᠢᠨ ᠢ᠋ᠶ᠋ᠠᠨ ᠦᠵᠡᠬᠦ ᠦᠭᠡᠢ᠂ ᠴᠢ ᠴᠦ᠍ ᠪᠥᠨᠲᠥᠭᠡᠷ ᠡᠴᠡ ᠪᠡᠨ ᠰᠠᠯᠤᠨ᠎ᠠ ᠭᠡᠵᠦ ᠮᠡᠳᠡᠭᠡᠷᠡᠢ ᠭᠡᠵᠦ ᠭᠡᠨ᠎ᠡ᠃   
       ᠣᠳᠣ ᠮᠦᠽᠧᠢ ᠪᠠᠢᠳᠠᠭ ᠨᠣᠭᠣᠭᠠᠨ ᠣᠷᠳᠣᠨ ᠳ᠋ᠤ᠌ ᠡᠢᠮᠦᠷᠬᠦ ᠬᠡᠷᠡᠭ ᠭᠠᠷᠴᠤ ᠪᠠᠢᠭᠰᠠᠨ ᠭᠠᠵᠠᠷ ᠳᠠ᠃ ᠪᠣᠭᠳᠠ ᠭᠡᠭᠡᠨ ᠲᠡᠭᠦᠨ ᠡᠴᠡ ᠬᠣᠢᠰᠢ᠂ ᠬᠦᠷᠢᠶ᠎ᠡ ᠶ᠋ᠢᠨ ᠯᠠᠮᠠ ᠨᠠᠷ ᠢ᠋ ᠵᠢᠯ ᠪᠦᠷᠢ ᠲᠤᠤᠯᠠ ᠶ᠋ᠢᠨ ᠤᠰᠤ ᠷᠠᠰᠢᠶᠠᠯᠠᠵᠤ᠂ ᠲᠦᠢ ᠡᠷᠭᠦᠵᠦ ᠪᠠᠢ ᠭᠡᠵᠦ ᠯᠦᠨᠳᠦᠩᠨᠡᠵᠤ᠂ ᠲᠤᠤᠯᠠ ᠶ᠋ᠢᠨ ᠯᠤᠤᠰ ᠰᠠᠪᠳᠠᠭ ᠢ᠋ ᠰᠠᠨᠳᠤᠷᠤᠭᠰᠠᠨ ᠳ᠋ᠠᠭᠠᠨ( ᠳ᠋ᠤ᠌ ᠪᠠᠨ) ᠳᠠᠬᠢᠭᠤᠯᠬᠤ ᠪᠣᠯᠵᠤ᠂ ᠥᠨᠥᠬᠢ ᠬᠥᠭᠡᠷᠦᠬᠦᠢ ᠵᠢᠭᠠᠯ ᠥᠬᠢᠨ ᠢ᠋ ᠤᠰᠤᠨ ᠳ᠋ᠤ᠌ ᠠᠮᠢᠳᠤ ᠪᠠᠷ  ᠨᠢ ᠬᠠᠶᠠᠭᠤᠯᠤᠭᠰᠠᠨ ᠭᠠᠵᠠᠷ ᠤ᠋ᠨ ᠢ᠋ᠶ᠋ᠠᠨ ᠲᠤᠰᠢᠶ᠎ᠠ ᠠᠭᠤᠯᠠᠨ ᠳ᠋ᠤ᠌ ᠤᠮᠠᠬᠤᠮ ᠭᠡᠵᠦ ᠲᠠᠷᠨᠢ ᠶ᠋ᠢᠨ ᠦᠰᠦᠭ ᠴᠢᠯᠠᠭᠤ ᠪᠠᠷ ᠦᠷᠦᠭᠦᠯᠵᠦ᠂ ᠲᠡᠭᠦᠨ ᠡᠴᠡ ᠬᠣᠢᠰᠢ ᠲᠡᠷᠡ ᠭᠠᠵᠠᠷ ᠤᠮᠠᠬᠤᠮ ᠭᠡᠵᠦ ᠨᠡᠷ᠎ᠡ ᠲᠡᠢ ᠪᠣᠯᠤᠭᠰᠠᠨ ᠪᠣᠯᠪᠠᠴᠤ ᠴᠣᠬᠣᠮ ᠶᠠᠭᠠᠬᠢᠭᠠᠳ ᠲᠡᠭᠡᠳᠡᠭ ᠪᠣᠯᠤᠭᠰᠠᠨ ᠢ᠋ ᠨᠢ ᠮᠡᠳᠡᠳᠡᠭ ᠬᠥᠮᠦᠨ ᠲᠤᠩ ᠴᠥᠭᠡᠨ ᠳᠠᠭ*᠃ ᠬᠡᠨᠲᠡᠢ ᠳ᠋ᠦ᠍ ᠣᠳᠣ ᠴᠤ᠌ ᠭᠡᠰᠡᠨ᠂ ᠪᠣᠭᠳᠠ ᠳ᠋ᠤ᠌ ᠠᠮᠢ ᠪᠠᠨ ᠬᠣᠣᠷᠯᠠᠭᠤᠯᠤᠭᠰᠠᠨ ᠲᠡᠷᠡ ᠬᠥᠭᠡᠷᠦᠬᠦᠢ ᠥᠬᠢᠨ ᠦ᠌ ᠬᠠᠮᠢᠶᠠᠲᠠᠨ ᠲᠥᠷᠥᠯ ᠰᠠᠳᠤᠨ ᠤ᠋ ᠤᠯᠤᠰ ᠵᠢᠷᠭᠠᠯᠳᠤᠬᠠᠨ ᠰᠤᠮᠤᠨ ᠳ᠋ᠤ᠌ ᠪᠣᠢ ᠭᠡᠳᠡᠭ᠃  
       ᠠᠮᠢᠳᠤ ᠪᠤᠷᠬᠠᠨ ᠭᠡᠵᠦ ᠪᠣᠳᠣᠵᠤ ᠶᠠᠪᠤᠭᠰᠠᠨ ᠨᠠᠢ᠍ᠮᠠᠳᠤᠭᠠᠷ ᠵᠢᠪᠽᠥ᠋ᠨᠳᠠᠮᠪᠠ ᠬᠤᠲᠤᠭᠲᠤ᠂ ᠲᠡᠭᠦᠨ ᠦ᠌ ᠪᠠᠭᠰᠢ ᠶᠣᠨᠵᠣᠩ ᠬᠠᠮᠪᠤ ᠬᠣᠶᠠᠷ ᠲᠤ᠌ ᠰᠦᠰᠦᠭ ᠠᠯᠳᠠᠷᠠᠭᠰᠠᠨ ᠲᠡᠷᠡ ᠤᠴᠢᠷ ᠢ᠋ᠶ᠋ᠠᠨ ᠠᠪᠤ ᠨᠠᠳᠠᠳᠤ(ᠨᠠᠳᠠ ᠳ᠋ᠤ᠌) ᠶᠠᠷᠢᠭᠠᠳ᠂ ᠡᠨᠡ ᠳᠡᠯᠡᠬᠡᠢ ᠳᠡᠭᠡᠷ᠎ᠡ ᠪᠣᠭᠳᠠ ᠬᠤᠪᠢᠯᠭᠠᠨ ᠭᠡᠵᠦ ᠬᠤᠳᠠᠯ ᠶᠤᠮ ᠰᠢᠦ᠃ ᠠᠮᠢᠳᠤ ᠪᠤᠷᠬᠠᠨ ᠭᠡᠵᠦ ᠠᠮᠢᠲᠠᠨ ᠤ᠋ ᠮᠤᠩᠬᠠᠭ ᠰᠡᠳᠬᠢᠯ ᠦ᠋ᠨ ᠡᠭᠦᠳᠡᠨ ᠡᠴᠡ ᠪᠢᠰᠢᠷᠡᠨ ᠳᠠᠬᠢᠳᠠᠭ ᠯᠠᠮᠠ ᠪᠠᠭᠰᠢ᠂ ᠬᠤᠲᠤᠭᠲᠤ ᠬᠤᠪᠢᠯᠭᠠᠨ ᠨᠢ ᠡᠢᠮᠦ ᠪᠤᠵᠠᠷ ᠬᠡᠷᠡᠭ ᠡᠳᠦᠭᠦᠯᠵᠦ ᠪᠠᠢᠬᠤ ᠳ᠋ᠤ᠌᠂ ᠳᠡᠭᠡᠷ᠎ᠡ ᠲᠩᠷᠢ ᠨᠠᠷᠠ ᠪᠠᠢᠳᠠᠭ ᠭᠡᠵᠦ ᠭᠣᠷᠢᠳᠠᠭᠰᠠᠨ ᠬᠡᠷᠡᠭ ᠪᠦᠷ ᠴᠦ᠍ ᠠᠯᠠᠭ᠎ᠠ ᠭᠡᠵᠦ ᠠᠪᠤ ᠨᠠᠳᠠᠳᠤ(ᠨᠠᠳᠠ ᠳ᠋ᠤ᠌) ᠵᠠᠬᠢᠵᠤ ᠪᠢᠯᠡ᠃ ᠲᠡᠭᠡᠭᠡᠨ ᠪᠢ ᠵᠠᠯᠠᠭᠤ ᠠ᠋ᠴᠠ ᠪᠠᠨ ᠪᠤᠷᠬᠠᠨ᠂ ᠪᠣᠭᠳᠠ ᠭᠡᠬᠦ ᠪᠡᠨ ᠪᠠᠢᠭᠰᠠᠨ ᠬᠥᠮᠦᠨ᠃ ᠠᠮᠢᠲᠠᠨ ᠤ᠋ ᠵᠣᠪᠠᠯᠠᠩ ᠳᠠᠯᠢᠮᠳᠠᠭᠤᠯᠵᠤ᠂ ᠲᠦᠮᠡᠨ ᠢ᠋ ᠮᠡᠬᠡᠯᠡᠵᠦ ᠣᠯᠤᠭᠰᠠᠨ ᠡᠳ᠋ ᠠᠭᠤᠷᠠᠰᠤ ᠠᠳᠠᠯ ᠮᠠᠯ ᠢ᠋ ᠨᠢ ᠣᠯᠠᠨ ᠬᠤᠲᠤᠭᠲᠤ ᠬᠤᠪᠢᠯᠭᠠᠨ ᠠ᠋ᠴᠠ ᠬᠤᠷᠢᠶᠠᠵᠤ᠂ ᠡᠷᠬᠡ ᠶᠠᠩᠪᠠ ᠶ᠋ᠢ ᠨᠢ ᠬᠠᠰᠤᠵᠤ ᠪᠠᠢᠭ᠎ᠠ ᠮᠠᠨᠠᠢ(ᠮᠠᠨ ᠤ᠋) ᠠᠷᠠᠳ ᠤ᠋ᠨ ᠵᠠᠰᠠᠭ ᠤ᠋ᠨ ᠪᠣᠳᠣᠯᠭ᠎ᠠ ᠲᠦᠮᠡᠨ ᠵᠦᠢᠲᠡᠢ ᠶᠦᠮ ᠰᠢᠦ ᠭᠡᠵᠦ ᠡᠪᠦᠭᠡᠨ ᠰᠢᠷᠠᠪ ᠤ᠋ᠨ ᠶᠠᠷᠢᠵᠤ ᠭᠦᠢᠴᠡᠬᠦ ᠳ᠋ᠦ᠍᠂ ᠲᠡᠷᠡ ᠰᠣᠨᠣᠰᠤᠭᠰᠠᠨ ᠦᠭᠡ ᠶᠠᠷᠢᠶᠠᠨ ᠳ᠋ᠤ᠌ ᠴᠡᠷᠡᠨ ᠶᠡᠬᠡ ᠭᠠᠢᠬᠠᠭᠰᠠᠨ ᠳ᠋ᠠᠭᠠᠨ ᠪᠣᠯᠵᠤ᠂ ᠨᠢᠭᠡ ᠰᠢᠷᠬᠡᠭ ᠳᠠᠭᠠᠨ᠎ᠠ ᠰᠠᠨᠠᠮᠰᠠᠷ ᠦᠭᠡᠢ ᠰᠤᠭᠤᠯᠤᠨ ᠵᠠᠵᠢᠯᠵᠤ ᠪᠠᠢᠭᠰᠠᠨ ᠤ᠋ ᠪᠠᠨ ᠠᠭ᠎ᠠ ᠶ᠋ᠢ ᠨᠢ ᠴᠦ᠍ ᠮᠡᠳᠡᠬᠦ ᠪᠡᠨ ᠪᠠᠢᠵᠤ᠂ ᠳᠡᠮᠡᠢᠯᠡ ᠵᠠᠵᠢᠯᠵᠤ ᠳᠠᠭᠤ ᠦᠭᠡᠢ ᠰᠠᠭᠤᠲᠠᠯ᠎ᠠ ᠨᠢ ᠡᠪᠦᠭᠡᠨ᠂  
       — ᠲᠡᠷᠡ ᠵᠢᠯ᠂ ᠶᠠᠭ ᠴᠢ ᠪᠢᠳᠡ ᠬᠣᠶᠠᠷ ᠤ᠋ᠨ ᠡᠨᠡ ᠰᠠᠭᠤᠵᠤ ᠪᠠᠢᠭ᠎ᠠ ᠭᠠᠵᠠᠷ ᠪᠢ ᠬᠥᠭᠡᠷᠦᠬᠦᠢ ᠴᠡᠴᠡᠭ ᠡᠮᠴᠢ ᠶ᠋ᠢ ᠵᠠᠨᠰᠠᠩ ᠲᠠᠢ ᠲᠡᠳᠡᠨᠡᠢᠳᠦ ᠣᠴᠢᠬᠤ ᠭᠡᠵᠦ ᠶᠠᠪᠤᠬᠤ ᠳ᠋ᠤᠨᠢ ᠳᠠᠭᠠᠷᠢᠯᠳᠤᠭᠰᠠᠨ ᠪᠢᠯᠡ᠃ ᠡᠬᠡᠨᠡᠷ ᠢ᠋ ᠨᠢ ᠬᠥᠩᠭᠡᠵᠢᠬᠦ ᠳ᠋ᠦ᠍ᠨᠢ ᠡᠬᠡ ᠪᠠᠷᠢᠬᠤ ᠭᠡᠵᠦ ᠶᠠᠪᠤᠭᠰᠠᠨ ᠪᠠᠢᠵᠠᠢ᠃ ᠲᠡᠭᠡᠬᠦ ᠳ᠋ᠦ᠍ᠨᠢ᠂ ᠲᠡᠳᠡᠨ ᠢ᠋ ᠭᠡᠰᠡᠷ ᠳᠠᠬᠢᠳᠠᠭ ᠬᠠᠷᠭᠢᠰ ᠯᠠᠮᠠ ᠶ᠋ᠢᠨ ᠭᠠᠷ ᠲᠤ᠌ ᠦᠬᠦᠯ ᠦ᠋ᠨ ᠮᠠᠭᠤ ᠪᠠᠷ ᠦᠬᠦᠬᠦ ᠭᠡᠵᠦ ᠶᠠᠪᠤᠭᠰᠠᠨ ᠢ᠋ ᠨᠢ ᠪᠢ ᠶᠠᠭᠠᠬᠢᠵᠤ ᠮᠡᠳᠡᠬᠦ ᠪᠣᠢ ᠳᠠ᠃ ᠲᠡᠭᠦᠨ ᠡᠴᠡ ᠬᠣᠢᠰᠢ᠂ ᠭᠡᠰᠡᠷ ᠬᠠᠭᠠᠨ ᠭᠡᠬᠦ ᠳ᠋ᠦ᠍ ᠴᠦ᠍ ᠮᠢᠨᠦ ᠦᠰᠦᠲᠦ ᠲᠣᠯᠣᠭᠠᠢ ᠠᠷᠵᠠᠢᠳᠠᠭ ᠪᠣᠯᠵᠤ᠂ ᠭᠡᠰᠡᠷ ᠦ᠋ᠨ ᠲᠣᠭᠣᠵᠢ ᠮᠤᠭᠤᠵᠢ ᠴᠢᠬᠢᠨ ᠳ᠋ᠡᠭᠡᠨ ᠲᠤᠭᠤᠯᠬᠤ ᠴᠤ᠌ ᠳᠤᠷ᠎ᠠ ᠦᠭᠡᠢ᠃ ᠭᠡᠰᠡᠷ ᠭᠡᠬᠦ ᠳ᠋ᠦ᠍ ᠯᠡ ᠬᠥᠭᠡᠷᠦᠬᠦᠢ ᠴᠡᠴᠡᠭ ᠰᠠᠨᠠᠭᠠᠨ ᠳ᠋ᠤ᠌ ᠮᠢᠨᠢ ᠣᠷᠣᠳᠠᠭ᠃ ᠡᠰᠡᠷᠭᠦᠦ ᠨᠠᠷ ᠭᠡᠰᠡᠷ ᠢ᠋ ᠰᠢᠷ᠎ᠠ ᠶ᠋ᠢᠨ ᠱᠠᠰᠢᠨ᠂ ᠬᠠᠭᠠᠨ ᠲᠥᠷᠥ ᠶ᠋ᠢᠨ ᠳᠠᠢᠰᠤᠨ ᠲᠠᠢ ᠥᠰᠢᠨ ᠪᠠᠢᠯᠳᠤᠬᠤ ᠭᠡᠵᠦ ᠰᠡᠯᠡᠮ᠎ᠡ ᠪᠡᠨ ᠪᠢᠯᠡᠭᠦᠳᠡᠳᠡᠭ ᠡᠳᠦᠷ ᠨᠢ ᠬᠥᠳᠡᠯᠬᠦ ᠭᠡᠵᠦ ᠪᠠᠢᠭᠰᠠᠨ ᠶᠤᠮ ᠭᠡᠵᠦ ᠪᠢ ᠬᠣᠵᠢᠮ ᠲᠤᠭᠤᠯᠤᠭᠰᠠᠨ᠂ ᠲᠡᠭᠡᠭᠡᠳ᠂ ᠬᠠᠷ᠎ᠠ ᠰᠢᠷ᠎ᠠ ᠹᠧᠣᠳᠠᠯ ᠤ᠋ᠳ ᠢ᠋ ᠭᠡᠰᠡᠷ ᠬᠠᠭᠠᠨ ᠤ᠋ ᠪᠠᠨ ᠠᠷᠪᠠᠨ ᠵᠦᠭ ᠦ᠋ᠨ ᠠᠷᠪᠠᠨ ᠬᠠᠷ᠎ᠠ ᠬᠣᠣᠷ ᠤ᠋ᠨ ᠵᠦᠭ ᠡᠴᠡ ᠬᠠᠮᠠᠭᠠᠯᠠᠭᠴᠢ᠂ ᠪᠣᠭᠳᠠ ᠬᠥᠮᠦᠨ᠂ ᠠᠷᠠᠳ ᠤ᠋ᠨ ᠶᠡᠬᠡ ᠪᠠᠭᠠᠲᠤᠷ ᠪᠣᠯᠭᠠᠳᠠᠭ ᠲᠤᠨᠢ ᠮᠢᠨᠦ ᠵᠢᠪᠡᠭᠦᠦ ᠬᠦᠷᠳᠡᠭ ᠪᠣᠯᠵᠠᠢ᠃ ᠰᠢᠷ᠎ᠠ ᠶ᠋ᠢᠨ ᠱᠠᠰᠢᠨ᠂ ᠬᠠᠭᠠᠨ ᠲᠥᠷᠥ ᠶ᠋ᠢ ᠡᠰᠡᠷᠭᠦᠴᠡᠭᠴᠢ ᠨᠠᠷ ᠤ᠋ᠨ ᠥᠭᠡᠳᠡ ᠡᠴᠡ᠂ ᠭᠡᠰᠡᠷ ᠬᠠᠭᠠᠨ ᠤ᠋ ᠰᠡᠯᠡᠮ᠎ᠡ ᠪᠡᠨ ᠪᠢᠯᠡᠭᠦᠳᠡᠳᠡᠭ ᠡᠳᠦᠷ ᠨᠢ᠂ ᠠᠷᠠᠳ ᠤ᠋ᠨ ᠵᠠᠰᠠᠭ ᠤ᠋ᠨ ᠡᠰᠡᠷᠭᠦ ᠪᠣᠰᠤᠯᠭ᠎ᠠ ᠭᠠᠷᠭᠠᠬᠤ ᠭᠡᠵᠦ ᠪᠤᠵᠢᠭᠢᠨᠠᠭᠰᠠᠨ ᠡᠰᠡᠷᠭᠦᠦ ᠬᠠᠷ᠎ᠠ ᠰᠢᠷ᠎ᠠ ᠹᠧᠣᠳᠠᠯ ᠤ᠋ᠳ᠂ ᠴᠢᠰᠤ ᠲᠠᠢ ᠪᠠᠷᠤᠨ ᠦᠩᠭᠧᠷᠡᠨ ᠢ᠋ ᠬᠦᠷᠲᠡᠯ᠎ᠡ᠂ ᠭᠡᠰᠡᠷ ᠬᠠᠭᠠᠨ ᠤ᠋ ᠬᠤᠪᠢᠯᠭᠠᠨ ᠭᠡᠵᠦ ᠪᠠᠢᠭᠰᠠᠨ ᠨᠢ ᠭᠡᠰᠡᠷ ᠢ᠋ ᠪᠡᠨ ᠲᠡᠢᠮᠦ ᠯᠡ ᠪᠠᠭᠠᠲᠤᠷ ᠪᠠᠢᠭᠰᠠᠨ ᠳᠡᠭᠡᠷ᠎ᠡ ᠡᠴᠡ ᠲᠡᠭᠡᠵᠦ ᠪᠠᠢᠭᠰᠠᠨ ᠪᠠᠢᠵᠢ ᠯᠠ ᠳᠠ᠃ ᠠᠮᠢᠳᠤ ᠪᠤᠷᠬᠠᠨ ᠭᠡᠵᠦ ᠳᠠᠬᠢᠳᠠᠭ ᠬᠤᠲᠤᠭᠲᠤ ᠬᠤᠪᠢᠯᠭᠠᠨ ᠮᠠᠨᠢ ᠡᠢᠮᠦᠷᠬᠦ ᠪᠠᠢᠵᠠᠢ ᠭᠡᠳ ᠡᠪᠦᠭᠡᠨ ᠵᠢᠪᠡᠭᠦᠦ ᠨᠢ ᠬᠥᠳᠡᠯᠦᠭᠰᠡᠨ ᠮᠡᠲᠦ ᠤᠬᠤᠰᠬᠢᠨ ᠪᠣᠰᠤᠭᠠᠳ ᠡᠮᠡᠭᠡᠯ ᠦ᠋ᠨ ᠢ᠋ᠶ᠋ᠡᠨ ᠣᠯᠣᠩ ᠢ᠋ ᠴᠢᠩᠭᠠᠯᠠᠭᠠᠳ ᠮᠣᠷᠢᠨ ᠳ᠋ᠠᠭᠠᠨ ᠮᠣᠷᠳᠠᠯ᠎ᠠ᠃   
       ᠴᠡᠷᠡᠨ᠂ ᠡᠪᠦᠭᠡᠨ ᠰᠢᠷᠠᠪ ᠭᠤᠸᠠᠢ ᠶ᠋ᠢᠨ ᠲᠡᠷᠡ ᠶᠠᠷᠢᠭᠰᠠᠨ ᠶᠠᠭᠤᠮᠠᠨ ᠳ᠋ᠤ᠌ ᠰᠡᠳᠬᠢᠯ ᠨᠢ ᠬᠥᠳᠡᠯᠵᠦ᠂ ᠡᠪᠦᠭᠡᠨ ᠭᠤᠸᠠᠢ ᠲᠠᠢ ᠰᠠᠯᠤᠨ ᠣᠳᠬᠤ ᠶᠣᠰᠣ ᠬᠢᠭᠡᠳ᠂ ᠮᠣᠷᠢᠨ ᠳ᠋ᠠᠭᠠᠨ( ᠳ᠋ᠤ᠌ ᠪᠠᠨ) ᠭᠠᠪᠰᠢᠭᠠᠢᠯᠠᠨ ᠮᠣᠷᠳᠠᠵᠤ᠂ ᠬᠥᠲᠥᠯ ᠤᠷᠤᠭᠤ ᠤᠷᠤᠭᠤᠳᠠᠨ ᠶᠠᠪᠤᠬᠤ ᠳ᠋ᠠᠭᠠᠨ( ᠳ᠋ᠤ᠌ ᠪᠠᠨ) ᠪᠣᠭᠳᠠ ᠶ᠋ᠢᠨ ᠲᠠᠴᠢᠶᠠᠩᠭᠤᠢ ᠠ᠋ᠴᠠ ᠪᠣᠯᠵᠤ᠂ ᠣᠯᠠᠨ ᠵᠢᠯ ᠦ᠋ᠨ ᠡᠮᠦᠨ᠎ᠡ ᠠᠮᠢ ᠬᠣᠬᠢᠷᠠᠭᠰᠠᠨ ᠲᠡᠷᠡ ᠬᠥᠭᠡᠷᠦᠬᠦᠢ ᠵᠢᠭᠠᠯ ᠥᠬᠢᠨ᠂ ᠨᠠᠰᠤ ᠨᠥᠭᠴᠢᠭᠰᠡᠨ ᠪᠠᠲᠤᠪᠠᠶᠠᠷ ᠡᠪᠦᠭᠡ ᠶ᠋ᠢᠨ ᠥᠬᠢᠨ᠂ ᠥᠨᠥᠬᠢ ᠭᠡᠰᠡᠷ ᠬᠠᠭᠠᠨ ᠢ᠋ ᠳᠠᠬᠢᠳᠠᠭ ᠡᠰᠡᠷᠭᠦᠦ ᠯᠠᠮᠠ ᠨᠠᠷ ᠤ᠋ᠨ ᠭᠠᠷ ᠲᠤ᠌ ᠲᠠᠮᠤᠯᠠᠭᠳᠠᠨ ᠦᠬᠦᠭᠰᠡᠨ ᠴᠡᠴᠡᠭ ᠬᠡᠦᠬᠡᠨ ᠴᠡᠷᠡᠨ ᠦ᠌ ᠰᠡᠳᠬᠢᠯ ᠡᠴᠡ ᠭᠠᠷᠴᠤ ᠥᠭᠬᠦ ᠦᠭᠡᠢ᠂ ᠲᠡᠳᠡᠨ ᠢ᠋ ᠪᠣᠳᠣᠭᠰᠠᠭᠠᠷ᠂ ᠬᠥᠭᠡᠷᠦᠬᠦᠢ ᠴᠡᠴᠡᠭ ᠦ᠋ᠨ ᠡᠮᠡᠭᠡᠨ ᠡᠵᠢ ᠵᠠᠩ ᠱᠢ᠂ ᠬᠠᠢᠷᠠᠲᠤ ᠥᠬᠢᠨ ᠢ᠋ᠶ᠋ᠡᠨ ᠭᠡᠰᠡᠷ ᠳᠠᠴᠠᠩ ᠤ᠋ᠨ ᠯᠠᠮᠠ ᠨᠠᠷ ᠤ᠋ᠨ ᠭᠠᠷ ᠲᠤ᠌ ᠠᠮᠢ ᠦᠷᠡᠭᠳᠡᠭᠰᠡᠨ ᠢ᠋ ᠰᠣᠨᠣᠰᠤᠭᠠᠳ ᠦᠩᠬᠦᠯᠴᠡᠭ ᠨᠢ ᠬᠠᠭᠠᠷᠠᠵᠤ ᠦᠬᠦᠭᠰᠡᠨ᠂ ᠪᠠᠰᠠ ᠨᠠᠰᠤᠨᠪᠠᠲᠤ ᠪᠢᠲᠡᠭᠦᠯᠢᠭ ᠢ᠋ᠶ᠋ᠡᠷ ᠨᠠᠰᠤ ᠪᠠᠷᠠᠭᠰᠠᠨ ᠨᠢ ᠰᠠᠨᠠᠭᠠᠨ ᠳ᠋ᠤ᠌ ᠣᠷᠣᠵᠤ᠂ ᠮᠠᠨᠠᠢ(ᠮᠠᠨ ᠤ᠋) ᠭᠦᠩᠭᠠᠷᠠᠪᠠ ᠳ᠋ᠤ᠌ ᠰᠤᠨᠤᠮ ᠵᠠᠩᠭᠢ ᠶ᠋ᠢᠨ ᠪᠢᠴᠢᠭᠰᠡᠨ ᠬᠠᠭᠤᠴᠢᠨ ᠰᠤᠳᠤᠷ᠂ ᠲᠣᠭᠰᠢᠨ ᠭᠡᠰᠡᠷ ᠬᠠᠭᠠᠨ ᠤ᠋ ᠮᠠᠭᠲᠠᠭᠠᠯ ᠪᠠᠢᠳᠠᠭ ᠪᠢᠯᠡ ᠯᠠ᠃ ᠲᠡᠭᠦᠨ ᠢ᠋ ᠰᠢᠲᠠᠭᠠᠵᠤ ᠣᠷᠬᠢᠬᠤ ᠶᠣᠰᠣᠲᠠᠢ ᠶᠤᠮ ᠪᠠᠢᠨ᠎ᠠ᠃ ᠮᠢᠨᠦ᠂ ᠲᠡᠭᠦᠨ ᠢ᠋ ᠬᠠᠳᠠᠭᠠᠯᠠᠨ ᠲᠠᠬᠢᠵᠤ ᠪᠠᠢᠳᠠᠭ ᠮᠢᠨᠢ ᠬᠠᠷᠢᠨ ᠴᠤ᠌ ᠴᠡᠴᠡᠭ᠂ ᠵᠠᠩ ᠱᠢ ᠶ᠋ᠢ ᠬᠣᠣᠷᠯᠠᠭᠰᠠᠨ ᠲᠡᠳᠡᠨᠦᠰ ᠢ᠋ ᠲᠠᠬᠢᠬᠰᠠᠨ ᠰᠢᠭ᠋ ᠪᠣᠯᠵᠤ ᠪᠠᠢᠭ᠎ᠠ ᠶᠤᠮ ᠪᠠᠢᠨ᠎ᠠ ᠭᠡᠵᠦ ᠪᠣᠳᠣᠵᠠᠢ᠃  
       ᠭᠡᠷ ᠲᠡᠭᠡᠨ( ᠲᠤ ᠪᠡᠨ) ᠬᠦᠷᠴᠦ ᠢᠷᠡᠬᠦ ᠳ᠋ᠦ᠍ᠨᠢ( ᠳ᠋ᠦ᠍ ᠨᠢ) ᠯᠧᠨᠢᠨᠮ᠎ᠠ᠂ ᠮᠣᠷᠢᠨ ᠤ᠋ ᠤᠶᠠᠭᠠᠨ ᠤ᠋ ᠲᠡᠨᠳᠡ ᠡᠵᠢ ᠪᠡᠨ ᠲᠣᠰᠴᠤ ᠤᠷᠲᠤ ᠠ᠋ᠴᠠ ᠨᠢ ᠤᠭᠲᠤᠨ ᠲᠡᠪᠡᠷᠢᠵᠦ᠂  
       — ᠡᠵᠢ ᠮᠢᠨᠢ ᠢᠷᠡᠵᠦ᠂ ᠡᠵᠢ ᠮᠢᠨᠢ ᠢᠷᠡᠵᠦ! ᠪᠢ ᠲᠠᠨ ᠢ᠋ ᠶᠡᠬᠡ ᠰᠠᠨᠠᠯ᠎ᠠ ᠭᠡᠬᠦ ᠳ᠋ᠦ᠍ᠨᠢ( ᠳ᠋ᠦ᠍ ᠨᠢ) ᠴᠡᠷᠡᠨ ᠣᠳᠬᠣᠨ ᠵᠢᠭᠠᠯ ᠢ᠋ᠶ᠋ᠠᠨ ᠡᠯᠢᠭᠡᠨ ᠳ᠋ᠡᠭᠡᠨ( ᠳ᠋ᠦ᠍ ᠪᠡᠨ) ᠲᠡᠪᠡᠷᠢᠵᠦ ᠳᠠᠭᠠᠯᠠᠭᠠᠳ᠂ ᠪᠣᠭᠴᠣ ᠪᠠᠨ ᠠᠪᠴᠤ ᠭᠡᠷ ᠲᠡᠭᠡᠨ( ᠲᠤ ᠪᠡᠨ) ᠣᠷᠣᠯ᠎ᠠ᠃  
       — ᠡᠵᠢ᠂ ᠪᠢ ᠲᠠᠨ ᠢ᠋ ᠬᠣᠯᠠ ᠠ᠋ᠴᠠ ᠬᠠᠷᠠᠭᠠᠳ᠂ ᠶᠠᠭᠠᠷᠠᠨ ᠭᠠᠯ ᠢ᠋ᠶ᠋ᠠᠨ ᠲᠦᠯᠡᠵᠦ ᠴᠠᠢ ᠪᠠᠨ ᠲᠠᠯᠪᠢᠯ᠎ᠠ᠃ ᠡᠵᠢ ᠲᠠ ᠬᠣᠷᠰᠢᠶ᠎ᠠ ᠠ᠋ᠴᠠ ᠶᠠᠭᠤ ᠠᠪᠤᠭᠰᠠᠨ ᠪᠣᠢ? ᠭᠡᠵᠦ ᠬᠣᠩᠭᠣᠷ ᠵᠢᠭᠠᠯ ᠯᠧᠨᠢᠨᠮ᠎ᠠ ᠶ᠋ᠢ ᠠᠯᠲᠠᠨ ᠬᠠᠷᠢᠶᠠᠴᠠᠢ ᠰᠢᠭ᠋ ᠵᠢᠷᠭᠢᠨ ᠳᠣᠩᠭᠣᠳᠬᠤ ᠳ᠋ᠤ᠌ ᠴᠡᠷᠡᠨ ᠪᠣᠭᠴᠣ ᠠ᠋ᠴᠠ ᠪᠠᠨ ᠴᠠᠢ᠂ ᠶᠣᠣᠲᠠᠩ᠂ ᠦᠵᠦᠮ᠂ ᠴᠠᠭᠠᠰᠤ ᠲᠠᠢ ᠰᠢᠬᠢᠷ ᠭᠠᠷᠭᠠᠭᠠᠳ᠂ ᠬᠠᠭᠤᠴᠢᠨ ᠰᠤᠷᠤᠭᠰᠠᠨ ᠢ᠋ᠶ᠋ᠠᠷ ᠢ᠋ᠶ᠋ᠠᠨ ᠰᠠᠨᠠᠮᠰᠠᠷ ᠦᠭᠡᠢ ᠨᠢᠭᠡ ᠬᠡᠳᠦᠨ ᠰᠢᠬᠢᠷ ᠠᠪᠴᠤ ᠪᠤᠷᠬᠠᠨ ᠳ᠋ᠠᠭᠠᠨ( ᠳ᠋ᠤ᠌ ᠪᠠᠨ) ᠲᠠᠯᠪᠢᠬᠤ ᠭᠡᠵᠦ ᠰᠠᠷᠪᠠᠢᠲᠠᠯ᠎ᠠ ᠪᠠᠨ ᠪᠠᠢᠵᠤ᠂ ᠭᠦᠩᠭᠠᠷᠠᠪᠠ ᠪᠠᠨ ᠠᠭᠤᠳᠠᠯᠵᠤ ᠭᠠᠷᠭᠠᠬᠤ ᠳ᠋ᠤᠨᠢ( ᠳ᠋ᠤ᠌ ᠨᠢ)᠂ ᠣᠳᠬᠣᠨ ᠵᠢᠭᠠᠯ ᠥᠬᠢᠨ ᠨᠢ ᠶᠡᠬᠡᠯ᠎ᠡ( ᠶᠡᠬᠡ ᠯᠡ) ᠭᠠᠢᠬᠠᠨ ᠡᠵᠢ ᠪᠡᠨ ᠬᠠᠷᠠᠵᠠᠢ᠃ ᠣᠨ ᠤᠳᠠᠨ ᠤᠲᠤᠭ᠎ᠠ ᠢᠰᠦᠨ ᠳ᠋ᠦ᠍ ᠰᠢᠷᠠᠯᠠᠵᠤ ᠬᠠᠷᠠᠯᠠᠭᠰᠠᠨ《ᠳᠣᠭᠰᠢᠨ ᠭᠡᠰᠡᠷ ᠬᠠᠭᠠᠨ ᠤ᠋ ᠰᠠᠩ ᠲᠠᠬᠢᠯ᠂ ᠵᠢᠪᠽᠥ᠋ᠨᠳᠠᠮᠪᠠ ᠬᠤᠲᠤᠭᠲᠤ ᠶ᠋ᠢᠨ ᠲᠠᠪᠤᠳᠤᠭᠠᠷ ᠳᠦᠷᠢ ᠶ᠋ᠢᠨ ᠭᠡᠭᠡᠨ ᠦ᠌ ᠵᠣᠬᠢᠶᠠᠭᠰᠠᠨ᠂ ᠭᠡᠰᠡᠷ ᠬᠠᠭᠠᠨ ᠤ᠋ ᠮᠠᠭᠲᠠᠭᠠᠯ ᠣᠷᠣᠰᠢᠪᠠᠢ》 ᠭᠡᠳᠡᠭ ᠰᠤᠳᠤᠷ ᠭᠠᠷᠭᠠᠭᠠᠳ᠂ ᠬᠡᠪᠡᠷᠡᠭ ᠪᠣᠯᠤᠭᠰᠠᠨ ᠬᠠᠭᠤᠴᠢᠨ ᠰᠤᠳᠤᠷ ᠤ᠋ᠨ ᠬᠠᠭᠤᠳᠠᠰᠤ ᠶ᠋ᠢ ᠪᠠᠵᠠᠯᠠᠭᠠᠳ᠂ ᠭᠠᠯ ᠳ᠋ᠠᠭᠠᠨ( ᠳ᠋ᠤ᠌ ᠪᠠᠨ) ᠬᠢᠵᠡᠢ᠃  
       — ᠪᠠᠭᠰᠢ ᠪᠢᠳᠡᠨ ᠳ᠋ᠦ᠍ ᠵᠢᠭᠠᠬᠤ ᠳ᠋ᠠᠭᠠᠨ( ᠳ᠋ᠤ᠌ ᠪᠠᠨ)᠂ ᠲᠩᠷᠢ ᠪᠤᠷᠬᠠᠨ᠂ ᠴᠢᠳᠬᠥᠷ ᠪᠤᠭ ᠭᠡᠵᠦ ᠬᠣᠴᠣᠷᠤᠭᠳᠠᠭᠰᠠᠨ ᠪᠦᠳᠦᠭᠦᠯᠢᠭ ᠤᠯᠤᠰ ᠰᠦᠰᠦᠭᠯᠡᠨ ᠢᠲᠡᠭᠡᠳᠡᠭ ᠶᠦᠮ ᠭᠡᠵᠦ ᠵᠢᠭᠠᠳᠠᠭ᠃ ᠣᠳᠣ ᠡᠵᠢ᠂ ᠲᠩᠷᠢ ᠪᠤᠷᠬᠠᠨ ᠭᠡᠬᠦ ᠪᠡᠨ ᠪᠠᠢᠵᠠᠢ᠃ ᠡᠵᠢ ᠣᠳᠣ ᠬᠣᠴᠣᠷᠤᠭᠳᠠᠭᠰᠠᠨ ᠪᠦᠳᠦᠭᠦᠯᠢᠭ ᠢ᠋ᠶ᠋ᠡᠨ ᠪᠠᠢᠵᠠᠢ ᠭᠡᠵᠦ ᠯᠸᠨᠢᠨᠮ᠎ᠡ ᠭᠡᠰᠡᠷ ᠦ᠋ᠨ ᠮᠠᠭᠲᠠᠭᠠᠯ ᠰᠠᠩ ᠤ᠋ᠨ ᠰᠤᠳᠤᠷ ᠭᠠᠯ ᠳ᠋ᠤ᠌ ᠳᠦᠷᠡᠯᠵᠡᠨ ᠠᠰᠠᠬᠤ ᠶ᠋ᠢ ᠬᠠᠷᠠᠭᠠᠳ ᠪᠠᠶᠠᠷᠯᠠᠨ ᠠᠯᠠᠭ᠎ᠠ ᠪᠠᠨ ᠲᠡᠰᠢᠵᠦ᠂ ᠡᠵᠢ ᠲᠠ ᠣᠳᠣ ᠡᠨᠡ ᠮᠠᠭᠤᠬᠠᠢ ᠵᠢᠷᠤᠮᠠᠯ ᠪᠠᠷᠢᠮᠠᠯ ᠪᠤᠷᠬᠠᠨ ᠢ᠋ᠶ᠋ᠠᠨ ᠪᠠᠰᠠ ᠭᠠᠯ ᠳ᠋ᠤ᠌ ᠬᠢᠬᠦ ᠤᠤ? ᠭᠡᠵᠡᠢ᠃ 
       ᠭᠦᠩᠭᠠᠷᠠᠪᠠ ᠳ᠋ᠠᠬᠢ ᠪᠤᠷᠬᠠᠨ ᠦᠨᠡᠷᠡᠨ ᠴᠦ᠍ ᠲᠤᠩ ᠦᠵᠡᠮᠵᠢ ᠮᠠᠭᠤ ᠲᠠᠢ ᠠᠵᠢ᠃ ᠬᠦᠷᠢᠶᠡᠨ ᠦ᠌ ᠬᠢᠲᠠᠳ ᠬᠤᠸᠠᠵᠢᠶᠠᠩ ᠤ᠋ᠨ ᠬᠠᠰᠢ ᠬᠡᠷᠡᠭ  ᠵᠢᠷᠤᠭᠰᠠᠨ ᠲᠤᠩ ᠪᠦᠳᠦᠭᠦᠨ ᠬᠢᠴᠢᠲᠡᠢ ᠡᠳ᠋ ᠬᠡᠰᠢᠭ ᠦ᠋ᠨ ᠡᠵᠡᠨ᠂ ᠲᠠᠪᠤᠨ ᠬᠠᠭᠠᠨ ᠤᠯᠠᠭᠠᠨ ᠨᠢᠭᠤᠷ ᠲᠠᠢ ᠲᠣᠭᠰᠢᠨ ᠭᠡᠰᠡᠷ ᠬᠠᠭᠠᠨ᠂ ᠲᠠᠪᠤᠨ ᠥᠩᠭᠡ ᠶ᠋ᠢᠨ ᠪᠣᠳᠣᠭ ᠢ᠋ᠶ᠋ᠠᠷ ᠤᠷ᠎ᠠ ᠮᠠᠭᠤ ᠲᠠᠢ ᠪᠣᠳᠣᠭᠰᠠᠨ᠂ ᠰᠢᠪᠡᠷ ᠢ᠋ᠶ᠋ᠡᠷ ᠬᠡᠪᠯᠡᠭᠰᠡᠨ ᠲᠠᠪᠤᠳᠤᠭᠠᠷ ᠪᠣᠭᠳᠠ᠂
      — ᠡᠢᠮᠦ ᠶᠠᠭᠤᠮ᠎ᠠ ᠳᠠᠬᠢᠵᠤ ᠪᠠᠢᠭᠰᠠᠨ ᠠᠵᠢ᠃ ᠬᠣᠷᠣᠮᠬᠠᠨ ᠵᠠᠭᠤᠷ᠎ᠠ ᠶᠠᠭᠠᠬᠢᠶ᠎ᠠ ᠳᠠ ᠭᠡᠵᠦ ᠡᠷᠡᠭᠡᠯᠵᠡᠨ ᠲᠦᠳᠡᠭᠡᠯᠵᠡᠰᠭᠢᠳᠡᠯ᠎ᠡ ᠭᠡᠨᠡᠳᠲᠡ ᠵᠣᠷᠢᠮᠠᠭ᠂ ᠭᠡᠰᠡᠷ ᠬᠠᠭᠠᠨ ᠤ᠋ ᠬᠥᠷᠥᠭ ᠢ᠋ ᠰᠢᠭᠦᠷᠦᠭᠡᠳ ᠭᠠᠯ ᠳ᠋ᠠᠭᠠᠨ( ᠳ᠋ᠤ᠌ ᠪᠠᠨ) ᠬᠢᠩᠭᠦᠲᠡ᠂ ᠬᠥᠭᠡᠷᠦᠬᠦᠢ ᠴᠡᠴᠡᠭ ᠦ᠋ᠨ ᠬᠠᠷᠢᠭᠤ! ᠭᠡᠳ ᠭᠠᠯ ᠤ᠋ᠨ ᠳᠥᠯᠥᠨ ᠳ᠋ᠦ᠍ ᠵᠢᠷᠤᠮᠠᠯ ᠪᠤᠷᠬᠠᠨ ᠤ᠋ ᠳᠠᠪᠤᠤ ᠬᠣᠮᠣᠢᠯᠳᠤᠨ᠂ ᠪᠣᠳᠣᠭ ᠨᠢ ᠴᠦᠪᠦᠷᠢᠭᠦᠲᠦᠨ᠂ ᠤᠯᠠᠭᠠᠨ ᠨᠢᠭᠤᠷᠲᠤ ᠭᠡᠰᠡᠷ ᠬᠦᠷᠡᠩ ᠪᠣᠯᠤᠭᠰᠠᠭᠠᠷ ᠭᠠᠯ ᠳ᠋ᠤ᠌ ᠲᠠᠷᠴᠢᠯᠠᠵᠤ ᠪᠠᠢᠭ᠎ᠠ ᠶᠤᠮ ᠰᠢᠭ᠋ ᠠᠲᠤᠭᠠᠨᠠᠨ ᠰᠢᠳᠡᠵᠦ ᠪᠠᠢᠭ᠎ᠠ ᠶ᠋ᠢ ᠬᠠᠷᠠᠵᠤ ᠪᠠᠢᠯ᠎ᠠ᠃       
       ᠠᠯᠠᠭᠯᠠᠨ ᠪᠣᠳᠣᠭᠰᠠᠨ ᠲᠠᠪᠤᠳᠤᠭᠠᠷ ᠵᠢᠪᠽᠥ᠋ᠨᠳᠠᠮᠪᠠ ᠬᠤᠲᠤᠭᠲᠤ᠂ ᠭᠡᠰᠡᠷ ᠬᠠᠭᠠᠨ ᠤ᠋ ᠦᠨᠡᠰᠦᠨ ᠳᠡᠭᠡᠷ᠎ᠡ ᠫᠠᠯ ᠬᠢᠵᠦ ᠣᠢᠴᠢᠭᠠᠳ᠂ ᠪᠣᠳᠣᠭ ᠨᠢ ᠬᠠᠷᠠᠯᠠᠭᠠᠳ ᠢᠷᠡᠬᠦ ᠳ᠋ᠦ᠍ ᠲᠠᠪᠤᠳᠤᠭᠠᠷ ᠵᠢᠪᠽᠥ᠋ᠨᠳᠠᠮᠪᠠ᠂ ᠭᠡᠰᠡᠷ ᠦ᠋ᠨ ᠮᠠᠭᠲᠠᠭᠠᠯ ᠵᠣᠬᠢᠶᠠᠵᠤ ᠪᠢᠯᠡ᠃ ᠨᠠᠢ᠍ᠮᠠᠳᠤᠭᠠᠷ ᠵᠢᠪᠽᠥ᠋ᠨᠳᠠᠮᠪᠠ ᠨᠢ ᠲᠡᠷᠡ ᠬᠥᠭᠡᠷᠦᠬᠦᠢ ᠵᠢᠭᠠᠯ ᠥᠬᠢᠨ ᠢ᠋ ᠬᠣᠷᠣᠭᠠᠭᠰᠠᠨ ᠪᠢᠯᠡ ᠭᠡᠵᠦ ᠪᠣᠳᠣᠭᠠᠳ ᠴᠡᠷᠡᠨ᠂ ᠲᠠᠪᠤᠨ ᠬᠠᠭᠠᠨ ᠢ᠋ᠶ᠋ᠠᠨ ᠤᠨᠲᠤᠭᠤᠴᠠᠨ ᠰᠢᠭᠦᠷᠴᠤ᠂ ᠲᠠᠪᠤᠨ ᠬᠠᠭᠠᠨ ᠪᠠᠢᠲᠤᠭᠠᠢ᠂ ᠲᠠᠪᠤᠨ ᠵᠠᠭᠤᠨ ᠬᠠᠭᠠᠨ ᠴᠤ᠌ ᠪᠠᠢᠭᠰᠠᠨ ᠰᠥᠨᠥᠲᠦᠭᠡᠢ! ᠭᠡᠳ ᠭᠠᠯ ᠤᠷᠤᠭᠤ ᠪᠠᠨ ᠬᠢᠬᠦ ᠳ᠋ᠦ᠍ᠨᠢ( ᠳ᠋ᠦ᠍ ᠨᠢ) ᠳᠥᠯᠥ ᠳᠦᠷᠡᠯᠵᠡᠨ ᠪᠠᠳᠠᠷᠠᠵᠤ᠂ ᠴᠠᠢ ᠪᠤᠴᠠᠯᠤᠭᠠᠳ ᠣᠷᠬᠢᠵᠠᠢ᠃  
       — ᠣᠳᠣ ᠡᠨᠡ ᠠᠭᠤᠷ ᠲᠠᠢ ᠲᠣᠭᠣᠰᠣ ᠲᠠᠢ ᠮᠠᠭᠤᠬᠠᠢ ᠪᠤᠷᠬᠠᠨ ᠤ᠋ ᠣᠷᠣᠨ ᠳ᠋ᠤ᠌ ᠪᠢᠳᠡ ᠶᠠᠭᠤ ᠬᠢᠬᠦ ᠪᠣᠢ? ᠭᠡᠵᠦ ᠯᠸᠨᠢᠨᠮ᠎ᠡ ᠶ᠋ᠢᠨ ᠠᠰᠠᠭᠤᠬᠤ ᠳ᠋ᠤ᠌᠂  
       — ᠯᠧᠨᠢᠨ᠂ ᠰᠲ᠋ᠠᠯᠢᠨ᠂ ᠰᠦᠬᠡᠪᠠᠭᠠᠲᠤᠷ᠂ ᠴᠣᠢᠪᠠᠯᠰᠠᠩ ᠤ᠋ᠨ ᠵᠢᠷᠤᠭ ᠣᠳᠣ ᠲᠠᠯᠪᠢᠨ᠎ᠠ᠃ ᠪᠢᠳᠡᠨ ᠦ᠌ ᠵᠢᠷᠭᠠᠯ ᠤ᠋ᠨ ᠵᠠᠮ ᠵᠢᠭᠠᠵᠤ ᠥᠭᠭᠦᠭᠰᠡᠨ ᠠᠴᠢᠲᠠᠨ ᠲᠡᠳᠡᠨ ᠢ᠋ᠶ᠋ᠡᠨ ᠲᠠᠯᠪᠢᠯ ᠦᠭᠡᠢ ᠬᠡᠨ ᠢ᠋ᠶ᠋ᠡᠨ ᠲᠠᠯᠪᠢᠬᠤ ᠪᠣᠢ? ᠭᠡᠳ ᠬᠣᠩᠭᠣᠷ ᠵᠢᠭᠠᠯ ᠯᠸᠨᠢᠨᠮ᠎ᠡ ᠪᠡᠨ ᠡᠯᠢᠭᠡᠨ ᠳ᠋ᠡᠭᠡᠨ( ᠳ᠋ᠦ᠍ ᠪᠡᠨ) ᠲᠡᠪᠡᠷᠢᠵᠡᠢ᠃   

— — — —
 * — ᠊ᠮᠦᠢ ᠭᠡᠳᠡᠭ ᠳᠠᠭᠠᠪᠤᠷᠢ ᠪᠣᠢ ᠭᠡᠳᠡᠭ ᠦᠭᠡ ᠡᠴᠡ ᠭᠠᠷᠤᠭᠰᠠᠨ ᠤᠴᠢᠷ᠂ ᠲᠤᠬᠠᠢ ᠶ᠋ᠢᠨ ᠪᠠᠢᠳᠠᠯ ᠪᠣᠢ ᠶ᠋ᠢ ᠦᠵᠡᠭᠦᠯᠬᠦ ᠠᠵᠢ᠃ ᠲᠡᠭᠦᠪᠡᠷ (ᠲᠡᠭᠦᠨ ᠢ᠋ᠶ᠋ᠡᠷ) ᠢ᠋ᠶ᠋ᠡᠨ— ᠨᠠᠮ— ᠊ᠨ᠎ᠠ ᠭᠡᠵᠦ ᠦᠵᠡᠭᠳᠡᠨ᠎ᠡ ᠭᠡᠬᠦ ᠮᠡᠲᠦ ᠪᠡᠷ ᠪᠣᠯᠤᠭ᠎ᠠ ᠦᠭᠡᠢ ᠢᠷᠡᠭᠡᠳᠦᠢ ᠶ᠋ᠢ ᠦᠵᠡᠭᠦᠯᠦᠭᠰᠡᠨ ᠦᠭᠡ ᠡᠴᠡ ᠢᠯᠭᠠᠭ᠎ᠠ ᠲᠠᠢ ᠶ᠋ᠢ ᠠᠩᠬᠠᠷᠤᠭᠠᠷᠠᠢ!   
 *— ᠣᠳᠣ ᠤᠮᠠᠬᠤᠮ ᠭᠡᠳᠡᠭ ᠲᠥᠪᠡᠳ ᠦᠰᠦᠭ ᠦ᠋ᠨ ᠲᠡᠷᠡ ᠲᠠᠷᠨᠢ ᠶ᠋ᠢᠨ ᠣᠷᠣᠨ ᠳ᠋ᠤ᠌ ᠰᠢᠨ᠎ᠡ ᠦᠰᠦᠭ ᠢ᠋ᠶ᠋ᠡᠷ ᠠᠷᠠᠳ ᠤ᠋ᠨ ᠬᠤᠪᠢᠰᠬᠠᠯᠲᠤ ᠨᠠᠮ ᠮᠠᠨᠳᠤᠲᠤᠭᠠᠢ ᠭᠡᠰᠡᠨ ᠤᠷᠢᠶ᠎ᠠ ᠥᠷᠥᠵᠡᠢ᠃   


             ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠪᠠᠯ᠂ ᠤᠢᠭᠤᠷᠵᠢᠨ·ᠣᠳᠬᠣᠨᠪᠠᠪᠠ᠂ ᠣᠶᠤᠨᠪᠠᠲᠤ᠂ ᠪᠠᠳᠮᠠᠰᠡᠴᠡᠨ
                 ᠬᠢᠨᠠᠭᠴᠢ᠄ ᠣᠳᠬᠣᠨᠴᠡᠴᠡᠭ᠂ ᠤᠢᠭᠤᠷᠵᠢᠨ·ᠣᠳᠬᠣᠨᠪᠠᠪᠠ᠂ ᠴᠤᠯᠮᠤᠨᠭᠡᠷᠡᠯ᠂ ᠲ·ᠬᠦᠮᠦᠵᠢᠯᠲᠦ᠂ ᠪᠠᠯ 
                 ᠤᠩᠰᠢᠭᠴᠢ᠄ ᠨᠠᠰᠤᠨ᠌ᠦ᠌ᠯᠵᠡᠢ