ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠨᠠᠢ᠍ᠮᠠ Үүрийн туяа III – Б ᠂ Ренчин Гуравдугаар дэвтэр "Баялдаж олсон эх орон"-18 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠨᠠᠢ᠍ᠮᠠ Үүрийн туяа III – Б ᠂ Ренчин Гуравдугаар дэвтэр "Баялдаж олсон эх орон"-18

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠨᠠᠢ᠍ᠮᠠ Үүрийн туяа III – Б ᠂ Ренчин Гуравдугаар дэвтэр "Баялдаж олсон эх орон"-18

ᠠᠩᠭᠢᠯᠠᠯ:ᠲᠤᠭᠤᠵᠢ ᠷᠣᠮᠠᠨ
2025-07-03

214

ᠠᠷᠪᠠᠨ ᠨᠠᠢ᠍ᠮᠠ᠂ ᠭᠡᠰᠡᠷ ᠬᠠᠭᠠᠨ ᠤ᠋ ᠵᠠᠩᠰᠠᠭ ᠤ᠋ᠨ ᠫᠤᠤ

  
                ᠬᠠᠷ᠎ᠠ ᠰᠢᠪᠠᠭᠤ ᠶ᠋ᠢ ᠲᠡᠷᠢᠭᠦᠨ ᠳᠡᠭᠡᠷ᠎ᠡ ᠪᠡᠨ ᠨᠢᠰᠬᠡᠭᠰᠡᠨ  
                ᠬᠠᠷᠠᠩᠭᠤᠢ ᠡᠭᠦᠯᠡ ᠪᠤᠳᠠᠩ ᠢ᠋ ᠦᠢᠮᠡᠭᠦᠯᠦᠨ ᠪᠦᠷᠬᠦᠭᠦᠯᠦᠭᠰᠡᠨ᠂  
                ᠬᠠᠲᠠᠭᠤ ᠯᠤᠤ ᠶ᠋ᠢᠨ ᠬᠠᠬᠢᠷ ᠳᠠᠭᠤᠨ ᠢ᠋ ᠳᠠᠭᠤᠷᠢᠰᠤᠭᠤᠯᠤᠭᠰᠠᠨ᠂  
                ᠬᠠᠵᠠᠭᠤ ᠲᠣᠭᠣᠷᠢᠨ ᠢ᠋ᠶ᠋ᠠᠷ ᠭᠢᠯᠪᠠᠭ᠎ᠠ ᠴᠠᠬᠢᠯᠭᠠᠨ ᠭᠢᠯᠪᠠᠯᠵᠠᠭᠤᠯᠤᠭᠰᠠᠨ᠂      
                ᠲᠤᠩ ᠮᠡᠲᠦ ᠴᠠᠭᠠᠨ ᠮᠥᠨᠳᠥᠷ ᠢ᠋ ᠰᠢᠷᠦᠭᠦᠯᠡᠨ ᠪᠠᠭᠤᠯᠭᠠᠭᠰᠠᠨ᠁    
                           ᠭᠡᠰᠡᠷ ᠦ᠋ᠨ ᠰᠠᠩ ᠲᠠᠬᠢᠯ ᠤ᠋ᠨ ᠰᠤᠳᠤᠷ ᠤ᠋ᠨ ᠦᠭᠡ     

       ᠡᠨᠡ ᠬᠠᠷ᠎ᠠ ᠪᠡᠴᠢᠨ ᠵᠢᠯ ᠲᠤᠩ ᠪᠡᠷᠬᠡ ᠬᠡᠴᠡᠭᠦᠦ ᠵᠢᠯ ᠪᠣᠯᠤᠨ᠎ᠠ᠃ ᠤᠯᠤᠰ ᠲᠥᠷᠥ ᠳ᠋ᠦ᠍ ᠶᠡᠬᠡ ᠰᠠᠮᠠᠭᠤᠨ ᠳᠡᠭᠳᠡᠵᠦ᠂ ᠪᠤᠷᠤᠭᠤ ᠨᠣᠮ ᠤ᠋ᠨ ᠡᠭᠦᠯᠡ ᠰᠠᠷᠨᠢᠨ ᠠᠷᠢᠯᠤᠭᠠᠳ᠂ ᠽᠦᠩᠺᠠᠸ᠋᠎ᠠ ᠶ᠋ᠢᠨ ᠠᠷᠢᠭᠤᠨ ᠱᠠᠰᠢᠨ ᠡᠷᠳᠡᠨᠢ ᠳᠠᠬᠢᠨ ᠪᠤᠮᠠᠨ ᠨᠠᠷᠠ ᠮᠡᠲᠦ ᠭᠬᠢᠷ ᠦᠭᠡᠢ ᠮᠠᠨᠳᠤᠵᠤ᠂ ᠪᠣᠭᠳᠠ ᠬᠠᠭᠠᠨ ᠤ᠋ ᠬᠠᠰᠢ ᠶᠡᠬᠡ ᠲᠥᠷᠥ ᠳᠠᠬᠢᠨ ᠪᠠᠲᠤ ᠣᠷᠣᠰᠢᠨ᠎ᠠ ᠭᠡᠵᠦ ᠬᠦᠷᠢᠶ᠎ᠡ ᠬᠡᠢᠳ ᠦ᠋ᠨ ᠯᠠᠮᠠ ᠨᠠᠷ ᠴᠤᠤ ᠳᠠᠮᠨᠠᠨ ᠬᠡᠯᠡᠯᠴᠡᠵᠦ᠂ ᠪᠢᠲᠡᠭᠦᠦ ᠶᠣᠭᠲᠤ ᠦᠭᠡᠲᠦ ᠦᠭᠡ ᠴᠤᠤᠷᠬᠠᠨ ᠲᠠᠷᠬᠠᠵᠠᠢ᠃  
        ᠲᠠᠷᠢᠶᠠᠲᠤ ᠶ᠋ᠢᠨ ᠪᠠᠶᠠᠨ ᠶᠡᠬᠡ ᠬᠦᠷᠢᠶᠡᠨ ᠳ᠋ᠦ᠍ ᠠᠷᠠᠳ ᠣᠯᠠᠨ ᠤ᠋ ᠦᠯᠦ ᠮᠡᠳᠡᠬᠦ ᠲᠥᠪᠡᠳ ᠬᠡᠯᠡ ᠪᠡᠷ ᠭᠡᠰᠡᠷ ᠦ᠋ᠨ ᠳᠠᠴᠠᠩ ᠳ᠋ᠤ᠌ ᠨᠢᠭᠤᠴᠠ ᠭᠦᠷᠢᠮ ᠨᠣᠮ ᠬᠢᠵᠦ ᠬᠤᠷᠠᠯ ᠬᠤᠷᠠᠭᠰᠠᠭᠠᠷ ᠬᠡᠳᠦ ᠬᠣᠨᠣᠵᠠᠢ᠃  
        ᠳᠠᠯᠠᠢ ᠴᠣᠢᠩᠬᠤᠷ ᠸᠠᠩ ᠭᠡᠳᠡᠭ ᠡᠷᠲᠡᠨ ᠦ᠌ ᠳᠠᠢᠴᠢᠨ ᠴᠣᠯᠠ ᠶ᠋ᠢ ᠬᠥᠮᠦᠨ ᠠᠮᠢᠲᠠᠨ ᠤᠳᠬ᠎ᠠ ᠤᠴᠢᠷ ᠢ᠋ ᠮᠡᠳᠡᠬᠦ ᠦᠭᠡᠢ ᠪᠣᠯᠤᠭᠰᠠᠨ ᠢ᠋ ᠳᠠᠯᠢᠮᠳᠠᠭᠤᠯᠤᠨ᠂ ᠱᠠᠰᠢᠨ ᠨᠣᠮ ᠤ᠋ᠨ ᠢ᠋ᠶ᠋ᠠᠨ ᠡᠭᠦᠳᠡᠨ ᠡᠴᠡ ᠠᠶᠠᠯᠭᠤ ᠶ᠋ᠢ ᠲᠠᠭᠠᠷᠠᠭᠤᠯᠤᠨ᠂ ᠳᠠᠯᠠᠢ ᠴᠣᠢᠩᠬᠤᠷ ᠸᠠᠩ ᠪᠣᠯᠭᠠᠭᠰᠠᠨ ᠴᠣᠯᠠᠲᠤ ᠵᠠᠰᠠᠭ ᠨᠣᠶᠠᠨ ᠤ᠋ ᠬᠦᠷᠢᠶᠡᠨ ᠳ᠋ᠡᠬᠢ ᠲᠡᠷᠡ ᠠᠶᠤᠬᠤ ᠮᠡᠲᠦ ᠳᠣᠭᠰᠢᠨ ᠭᠡᠰᠡᠷ ᠬᠠᠭᠠᠨ ᠤ᠋ ᠳᠠᠴᠠᠩ ᠨᠢ ᠬᠣᠰᠢᠭᠤ ᠨᠤᠲᠤᠭ ᠢ᠋ᠶ᠋ᠠᠷ ᠢ᠋ᠶ᠋ᠠᠨ ᠪᠠᠷᠠᠬᠤ ᠦᠭᠡᠢ᠂ ᠤᠯᠤᠰ ᠳᠠᠶᠠᠭᠠᠷ ᠲᠤ᠌ ᠴᠤᠤᠲᠠᠢ ᠳᠠᠴᠠᠩ ᠠᠵᠢ᠃ ᠰᠢᠷ᠎ᠠ ᠶ᠋ᠢᠨ ᠱᠠᠰᠢᠨ᠂ ᠪᠣᠭᠳᠠ ᠬᠠᠭᠠᠨ ᠤ᠋ ᠲᠥᠷᠥ ᠶ᠋ᠢᠨ ᠳᠠᠢᠰᠤᠨ ᠤ᠋ ᠦᠨᠳᠦᠰᠦ ᠶ᠋ᠢ ᠠᠷᠪᠠᠨ ᠵᠦᠭ ᠲᠦ᠍ ᠲᠠᠰᠤᠯᠤᠭᠴᠢ ᠭᠡᠰᠡᠷ ᠬᠠᠭᠠᠨ ᠲᠡᠭᠦᠨ ᠢ᠋ ᠬᠠᠭᠤᠴᠢᠨ ᠳᠠᠯᠠᠢ ᠴᠣᠢᠩᠬᠤᠷ ᠸᠠᠩ ᠤ᠋ᠨ ᠪᠠᠶᠠᠴᠤᠤᠯ ᠪᠦᠬᠦᠨ ᠳᠠᠬᠢᠨ ᠰᠢᠲᠦᠵᠦ᠂ ᠠᠷᠠᠳ ᠤ᠋ᠨ ᠵᠠᠰᠠᠭ ᠤ᠋ᠨ ᠦᠶ᠎ᠡ ᠳ᠋ᠦ᠍ ᠰᠦᠷᠲᠡᠢ ᠴᠣᠯᠠᠲᠤ ᠵᠠᠰᠠᠭ ᠨᠣᠶᠠᠨ ᠤ᠋ ᠬᠡᠢᠳ ᠭᠡᠳᠡᠭ ᠢ᠋ᠶ᠋ᠡᠨ ᠪᠠᠢᠭᠠᠳ ᠵᠦᠭᠡᠷ ᠯᠡ ᠲᠠᠷᠢᠶᠠᠲᠤ ᠶ᠋ᠢᠨ ᠬᠡᠢᠳ ᠭᠡᠳᠡᠭ ᠪᠣᠯᠤᠭᠰᠠᠨ ᠲᠡᠷᠡ ᠪᠠᠶᠠᠨ ᠬᠡᠢᠳ ᠦ᠋ᠨ ᠭᠡᠰᠡᠷ ᠬᠠᠭᠠᠨ ᠤ᠋ ᠳᠠᠴᠠᠩ ᠳ᠋ᠤ᠌ ᠵᠢᠯ ᠪᠦᠷᠢ ᠭᠠᠷᠳᠠᠭ ᠭᠡᠰᠡᠷ ᠦ᠋ᠨ ᠴᠠᠮ ᠦᠵᠡᠵᠦ ᠮᠥᠷᠭᠥᠬᠦ ᠭᠡᠵᠦ ᠦᠢ ᠣᠯᠠᠨ ᠠᠮᠢᠲᠠᠨ ᠴᠤᠭᠯᠠᠳᠠᠭ ᠪᠠᠢᠵᠤ ᠪᠢᠯᠡ᠃ ᠲᠡᠷᠡ ᠴᠠᠮ ᠳ᠋ᠤ᠌ ᠭᠠᠷᠳᠠᠭ ᠭᠡᠰᠡᠷ ᠦ᠋ᠨ ᠪᠢᠯᠢᠭᠦᠨ ᠬᠡᠭᠡᠷ ᠮᠣᠷᠢᠨ ᠤ᠋ ᠬᠦᠵᠦᠭᠦᠦ᠂ ᠡᠮᠡᠭᠡᠯ ᠬᠠᠵᠠᠭᠠᠷ  ᠲᠤᠨᠢ ᠵᠠᠭᠤ ᠨᠠᠰᠤᠯᠠᠭᠰᠠᠨ ᠵᠢᠷᠭᠤᠭᠠᠲᠠᠢ ᠲᠠᠶᠠᠭᠲᠤ ᠡᠮᠡᠭᠡᠨ ᠬᠠᠳᠠᠭ ᠰᠠᠮᠪᠠᠢ ᠡᠷᠭᠦᠵᠦ᠂ ᠬᠦᠷᠡᠩ ᠤᠯᠠᠭᠠᠨ ᠪᠠᠭ ᠡᠮᠦᠰᠴᠦ ᠭᠡᠰᠡᠷ ᠬᠠᠭᠠᠨ ᠪᠣᠯᠵᠤ ᠭᠠᠷᠤᠭᠰᠠᠨ ᠯᠠᠮᠠ᠂ ᠭᠡᠰᠡᠷ ᠦ᠋ᠨ ᠬᠢᠲᠠᠳ ᠪᠣᠯᠵᠤ᠂ ᠬᠣᠷᠭᠣᠢ ᠲᠣᠷᠭᠠᠨ ᠭᠣᠶᠣ ᠬᠤᠪᠴᠠᠰᠤᠲᠤ ᠡᠷᠢᠶᠡᠨ ᠮᠡᠷᠢᠶᠡᠨ ᠴᠢᠮᠡᠭᠲᠦ ᠴᠠᠮ ᠬᠠᠷᠠᠢᠭᠠᠴᠢᠨ ᠨᠤᠭᠤᠳ ᠤ᠋ᠨ ᠳᠡᠷᠭᠡᠳᠡ ᠦᠷ᠎ᠡ ᠬᠡᠦᠬᠡᠳ ᠦᠭᠡᠢ ᠡᠮᠡᠰ ᠣᠴᠢᠵᠠᠭᠠᠨ᠂ ᠦᠷ᠎ᠡ ᠶ᠋ᠢᠨ ᠬᠤᠲᠤᠭ ᠭᠤᠶᠤᠵᠤ ᠠᠳᠢᠰ ᠠᠪᠳᠠᠭ ᠪᠠᠢᠵᠤ ᠪᠢᠯᠡ ᠯᠠ᠃ 
        ᠵᠠᠭᠤᠭᠠᠳ ᠵᠢᠯ ᠦ᠋ᠨ ᠡᠮᠦᠨ᠎ᠡ᠂ ᠳᠤᠮᠳᠠᠳᠤ ᠤᠯᠤᠰ ᠲᠤ᠌ ᠲᠠᠢᠪᠤᠩ ᠤ᠋ᠳ ᠬᠥᠳᠡᠯᠦᠨ ᠪᠠᠢᠯᠳᠤᠵᠤ᠂ ᠮᠠᠨᠵᠤ ᠬᠠᠭᠠᠨ ᠤ᠋ ᠰᠢᠷᠡᠭᠡ ᠶ᠋ᠢ ᠳᠣᠩᠰᠣᠯᠭᠠᠨ᠂ ᠨᠡᠭᠦᠳᠡᠯᠴᠢᠨ ᠬᠡᠭᠡᠷ᠎ᠡ ᠶ᠋ᠢᠨ ᠠᠢᠮᠠᠭ᠂ ᠢᠰᠡᠭᠡᠢ ᠲᠤᠭᠤᠷᠭᠠᠲᠠᠨ ᠨᠤᠭᠤᠳ᠂ ᠥᠰᠢᠯ ᠵᠠᠨᠤᠯᠲᠤ ᠮᠠᠨᠵᠤ ᠬᠠᠭᠠᠨ ᠤ᠋ ᠳᠠᠷᠤᠯᠠᠨ ᠨᠣᠶᠠᠷᠬᠠᠬᠤ ᠴᠠᠭ ᠤ᠋ᠨ ᠲᠣᠭ᠎ᠠ ᠬᠡᠮᠵᠢᠶ᠎ᠡ ᠭᠦᠢᠴᠡᠬᠦ ᠰᠢᠬᠠᠯ᠎ᠠ ᠭᠡᠵᠦ ᠪᠠᠢᠬᠤ ᠦᠶᠡᠰ᠂ ᠳᠠᠢᠴᠢᠩ ᠤᠯᠤᠰ ᠤ᠋ᠨ ᠬᠤᠸᠠᠩᠳᠢ ᠬᠠᠭᠠᠨ ᠤ᠋  ᠬᠡᠰᠢᠭ ᠢ᠋ ᠦᠶ᠎ᠡ ᠤᠯᠠᠷᠢᠨ ᠬᠦᠷᠲᠡᠭᠰᠡᠨ ᠢᠯᠠᠭᠤᠭᠰᠠᠨ ᠬᠤᠲᠤᠭᠲᠤ᠂ ᠥᠪᠡᠷ ᠦ᠋ᠨ ᠢ᠋ᠶ᠋ᠡᠨ ᠬᠡᠢᠳ᠂ ᠮᠥᠨ ᠵᠠᠰᠠᠭᠲᠤ ᠬᠠᠨ᠂ ᠰᠠᠢᠨ ᠨᠣᠶᠠᠨ ᠬᠠᠨ ᠬᠣᠶᠠᠷ ᠠᠢᠮᠠᠭ ᠤ᠋ᠨ ᠬᠡᠷᠡᠭ ᠡᠷᠬᠢᠯᠡᠨ  ᠰᠢᠢᠳᠬᠡᠬᠦ ᠠᠮᠪᠠᠨ ᠰᠠᠢᠳ ᠳᠠᠯᠠᠢ ᠴᠣᠢᠩᠬᠤᠷ ᠸᠠᠩ ᠠᠬ᠎ᠠ ᠶ᠋ᠢᠨ ᠢ᠋ᠶ᠋ᠡᠨ ᠬᠡᠢᠳ ᠲᠦ᠍ ᠮᠠᠨᠵᠤ ᠬᠠᠭᠠᠨ ᠤ᠋ ᠲᠥᠷᠥ ᠶ᠋ᠢᠨ ᠰᠠᠬᠢᠭᠤᠯᠰᠤ ᠭᠡᠰᠡᠷ ᠬᠠᠭᠠᠨ ᠤ᠋ ᠳᠠᠴᠠᠩ ᠪᠠᠢᠭᠤᠯᠵᠤ ᠪᠢᠯᠡ᠃ ᠰᠠᠮᠠᠭᠤᠷᠠᠨ ᠬᠥᠳᠡᠯᠦᠭᠰᠡᠨ ᠲᠠᠢᠪᠤᠩ ᠤ᠋ᠳ ᠢ᠋ ᠳᠠᠷᠤᠨ ᠰᠥᠨᠥᠭᠡᠬᠦ ᠶ᠋ᠢᠨ ᠪᠡᠯᠭᠡ ᠳᠡᠮᠪᠡᠷᠡᠯ ᠵᠣᠬᠢᠶᠠᠵᠤ᠂ ᠠᠷᠭ᠎ᠠ ᠵᠠᠯᠢ ᠶᠡᠬᠡᠲᠦ ᠲᠡᠷᠡ ᠬᠤᠲᠤᠭᠲᠤ᠂ ᠰᠢᠨ᠎ᠡ ᠳᠣᠪᠳᠠᠮ ᠪᠠᠢᠭᠤᠯᠤᠭᠰᠠᠨ ᠭᠡᠰᠡᠷ ᠦ᠋ᠨ ᠢ᠋ᠶ᠋ᠡᠨ ᠳᠠᠴᠠᠩ ᠤ᠋ᠳ ᠲᠤ᠌ ᠭᠡᠰᠡᠷ ᠦ᠋ᠨ ᠴᠠᠮ ᠪᠣᠢ ᠪᠣᠯᠭᠠᠭᠰᠠᠨ ᠪᠢᠯᠡ᠃  
       ᠨᠣᠮᠴᠢ ᠲᠥᠪᠡᠳ ᠯᠠᠮᠠ ᠨᠠᠷ ᠲᠠᠢ ᠨᠡᠢᠯᠡᠵᠦ ᠪᠠᠢᠭᠠᠳ᠂ ᠢᠯᠠᠭᠤᠭᠰᠠᠨ ᠬᠤᠲᠤᠭᠲᠤ ᠬᠣᠶᠠᠷ ᠪᠣᠳᠢ ᠨᠣᠮ ᠬᠢᠭᠰᠡᠨ ᠨᠢ ᠡᠭᠦᠯᠡᠨ ᠬᠠᠭᠠᠨ ᠪᠷᠢᠩᠷᠢᠨ ᠵᠠᠯᠪᠤ ᠭᠡᠳᠡᠭ ᠭᠡᠰᠡᠷ ᠬᠠᠭᠠᠨ ᠤ᠋ ᠰᠠᠩ ᠲᠠᠬᠢᠯ᠂ ᠮᠠᠭᠲᠠᠭᠠᠯ᠂ ᠵᠠᠩ ᠦᠢᠯᠡ ᠶ᠋ᠢᠨ ᠵᠦᠢᠯ ᠢ᠋ ᠮᠣᠩᠭᠣᠯ ᠲᠥᠪᠡᠳ ᠯᠠᠮᠠ ᠨᠠᠷ ᠠ᠋ᠴᠠ ᠵᠣᠬᠢᠶᠠᠵᠤ ᠨᠠᠢᠷᠠᠭᠤᠯᠤᠭᠰᠠᠨ ᠢ᠋ ᠨᠢᠭᠡᠳᠬᠡᠭᠰᠡᠨ ᠪᠠᠢᠵᠠᠢ᠃ ᠲᠡᠷᠡ ᠬᠣᠶᠠᠷ ᠪᠣᠳᠢ ᠨᠣᠮ ᠢ᠋ᠶ᠋ᠠᠨ ᠢ᠋ᠶ᠋ᠠᠷ ᠰᠡᠢᠯᠦᠭᠦᠯᠵᠦ ᠲᠠᠷᠬᠠᠭᠠᠭᠰᠠᠨ ᠨᠢ᠂ ᠡᠷᠲᠡ ᠳᠡᠭᠡᠷ᠎ᠡ ᠴᠠᠭ ᠲᠤ᠌ ᠨᠠᠩᠭᠢᠶᠠᠳ ᠤ᠋ᠨ ᠬᠠᠨ ᠤᠯᠤᠰ ᠲᠤ᠌ ᠭᠤᠷᠪᠠᠨ ᠤᠯᠤᠰ ᠤ᠋ᠨ ᠦᠶᠡᠰ ᠬᠠᠭᠠᠨ ᠲᠥᠷᠥ ᠶ᠋ᠢ ᠲᠡᠳᠬᠦᠬᠦ ᠶ᠋ᠢᠨ ᠤᠴᠢᠷ ᠪᠤᠶᠠᠨ ᠵᠢᠷᠤᠮ ᠲᠡᠭᠦᠯᠳᠡᠷ ᠭᠤᠸᠠᠨ ᠪᠠᠭᠠᠲᠤᠷ ᠡᠷ᠎ᠡ ᠪᠠᠶᠠᠨ ᠲᠥᠷᠥᠭᠡᠳ᠂ ᠳᠠᠢᠰᠤᠨ ᠡᠲᠡᠭᠡᠳ ᠦ᠋ᠨ ᠭᠠᠷ ᠲᠤ᠌ ᠮᠠᠰᠢ ᠠᠭᠤᠷ ᠬᠢᠯᠢᠩ ᠲᠡᠢ ᠪᠡᠷ ᠲᠥᠷᠥᠯ ᠶᠡᠭᠦᠳᠬᠡᠭᠡᠳ᠂ ᠮᠠᠰᠢ ᠳᠣᠭᠰᠢᠨ ᠮᠢᠬᠠᠴᠢᠨ ᠠᠪᠤᠷᠭᠤ ᠮᠣᠭᠠᠢ ᠶ᠋ᠢᠨ ᠳᠦᠷᠢ ᠪᠡᠷ ᠲᠣᠳᠣᠷᠠᠭᠰᠠᠨ ᠢ᠋ ᠪᠤᠷᠬᠠᠨ ᠪᠠᠭᠰᠢ ᠶ᠋ᠢᠨ ᠡᠰᠢ ᠪᠣᠱᠣᠭ ᠸᠢᠶᠡᠭᠢᠷᠢᠳ᠋* ᠦᠵᠡᠭᠦᠯᠦᠭᠰᠡᠨ ᠶᠣᠰᠣᠭᠠᠷ ᠨᠢᠭᠡᠨ ᠪᠣᠭᠳᠠ ᠬᠥᠮᠦᠨ ᠨᠣᠮᠣᠭᠠᠳᠬᠠᠵᠤ ᠪᠢᠯᠡ ᠭᠡᠵᠦ ᠲᠡᠦᠬᠡᠴᠢᠨ ᠯᠠᠮᠠ ᠨᠠᠷ ᠵᠣᠬᠢᠶᠠᠵᠤ ᠪᠢᠴᠢᠵᠡᠢ᠃ ᠲᠡᠷᠡ ᠮᠣᠭᠠᠢ ᠪᠣᠯᠵᠤ ᠬᠤᠪᠢᠯᠤᠨ ᠲᠥᠷᠥᠭᠰᠡᠨ ᠭᠤᠸᠠᠨ ᠪᠠᠭᠠᠲᠤᠷ᠂ ᠪᠤᠷᠬᠠᠨ ᠱᠠᠰᠢᠨ ᠢ᠋ ᠬᠠᠮᠠᠭᠠᠯᠠᠬᠤ ᠲᠠᠩᠭᠠᠷᠢᠭ ᠡᠷᠭᠦᠭᠡᠳ᠂ ᠲᠥᠷᠥᠯ ᠠᠷᠠᠯᠵᠢᠬᠤ ᠳ᠋ᠠᠭᠠᠨ( ᠳ᠋ᠤ᠌ ᠪᠠᠨ) ᠢᠯᠠᠭᠤᠭᠰᠠᠨ ᠪᠤᠷᠬᠠᠨ ᠱᠠᠰᠢᠨ ᠨᠣᠮ ᠤ᠋ᠨ ᠳᠠᠢᠰᠤᠨ ᠢ᠋ ᠳᠠᠷᠤᠨ ᠰᠥᠨᠥᠭᠡᠭᠴᠢ ᠪᠣᠭᠳᠠ ᠭᠡᠰᠡᠷ ᠬᠠᠭᠠᠨ ᠭᠡᠵᠦ ᠠᠯᠳᠠᠷᠰᠢᠨ᠂ ᠲᠥᠪᠡᠳ ᠦ᠋ᠨ ᠯᠢᠩ ᠦ᠋ᠨ ᠣᠷᠣᠨ ᠳ᠋ᠤ᠌ ᠲᠥᠷᠥᠭᠰᠡᠨ ᠪᠢᠯᠡ᠃ ᠬᠣᠢᠨ᠎ᠠ ᠬᠣᠵᠢᠮ ᠤ᠋ᠨ ᠴᠠᠭ ᠲᠤ᠌ ᠨᠠᠩᠭᠢᠶᠠᠳ ᠮᠢᠬᠠᠽᠢᠨᠠ* ᠶ᠋ᠢᠨ ᠣᠷᠣᠨ ᠳ᠋ᠤ᠌ ᠬᠠᠭᠠᠳ ᠤ᠋ᠨ ᠰᠢᠷᠡᠭᠡᠨ ᠳ᠋ᠦ᠍ ᠮᠠᠨᠵᠤᠰᠢᠷᠢ ᠪᠤᠷᠬᠠᠨ ᠤ᠋ ᠬᠤᠪᠢᠯᠭᠠᠨ᠂ ᠮᠠᠨᠵᠤ ᠬᠠᠭᠠᠨ ᠬᠤᠸᠠᠩᠳᠢ ᠵᠠᠯᠠᠷᠠᠵᠤ᠂ ᠽᠦᠩᠺᠠᠸ᠋᠎ᠠ ᠶ᠋ᠢᠨ ᠰᠢᠷ᠎ᠠ ᠶ᠋ᠢᠨ ᠱᠠᠰᠢᠨ ᠢ᠋ ᠶᠡᠬᠡᠳᠡ ᠲᠡᠳᠬᠦᠭᠰᠡᠨ ᠳ᠋ᠦ᠍᠂ ᠲᠣᠭᠰᠢᠨ ᠭᠡᠰᠡᠷ ᠬᠠᠭᠠᠨ ᠲᠠᠩᠭᠠᠷᠢᠭ ᠢ᠋ᠶ᠋ᠠᠨ ᠳᠠᠭᠠᠵᠤ᠂ ᠮᠠᠨᠵᠤ ᠬᠠᠭᠠᠨ ᠤ᠋ ᠲᠥᠷᠥ ᠶ᠋ᠢᠨ ᠰᠠᠬᠢᠭᠤᠯᠰᠤ ᠪᠣᠯᠤᠭᠰᠠᠨ ᠪᠢᠯᠡ ᠭᠡᠵᠦ᠂ ᠠᠷᠭ᠎ᠠ ᠪᠠᠴᠢᠲᠤ ᠯᠠᠮᠠ ᠨᠠᠷ᠂ ᠮᠣᠩᠭᠣᠯ ᠲᠥᠪᠡᠳ ᠢᠷᠭᠡᠨ ᠭᠤᠷᠪᠠ ᠶ᠋ᠢᠨ ᠨᠢᠳᠦᠨ ᠳ᠋ᠦ᠍ ᠮᠠᠨᠵᠤ ᠶ᠋ᠢᠨ ᠬᠠᠷᠭᠢᠰ ᠬᠠᠭᠠᠨ ᠢ᠋ ᠪᠤᠷᠬᠠᠨ ᠲᠩᠷᠢ ᠶ᠋ᠢᠨ ᠢᠪᠡᠭᠡᠯᠲᠦ ᠬᠠᠭᠠᠨ ᠭᠡᠵᠦ ᠲᠡᠳᠡᠨ ᠦ᠌ ᠪᠤᠷᠤᠩᠬᠤᠢ ᠵᠠᠰᠠᠭ᠂ ᠲᠡᠭᠡᠷᠡᠮᠡᠭᠡᠢ ᠡᠷᠬᠡ ᠮᠠᠲᠠᠯ ᠢ᠋ ᠮᠠᠭᠲᠠᠨ ᠮᠠᠨᠳᠤᠭᠤᠯᠬᠤ ᠶ᠋ᠢᠨ ᠡᠭᠦᠳᠡᠨ ᠡᠴᠡ ᠲᠥᠪᠡᠳ ᠦ᠋ᠨ ᠯᠢᠩ ᠭᠠᠵᠠᠷ ᠤ᠋ᠨ ᠭᠡᠰᠡᠷ ᠭᠡᠳᠡᠭ ᠨᠢᠭᠡᠨ ᠬᠠᠷᠭᠢᠰ ᠹᠧᠣᠳᠠᠯ ᠬᠠᠭᠠᠨ ᠢ᠋ ᠳᠠᠬᠢᠳᠠᠭ ᠪᠠᠢᠭᠰᠠᠨ ᠢ᠋ ᠠᠰᠢᠭᠯᠠᠵᠠᠢ᠃ ᠲᠡᠷᠡ ᠯᠢᠩ ᠦ᠋ᠨ ᠭᠡᠰᠡᠷ ᠬᠠᠭᠠᠨ ᠢ᠋ ᠲᠡᠭᠦᠨ ᠦ᠌ ᠬᠠᠮᠢᠶᠠᠲᠠᠨ ᠪᠥᠭᠡᠳ ᠯᠢᠩ ᠦ᠋ᠨ ᠭᠠᠵᠠᠷ ᠱᠠᠰᠢᠨ ᠢ᠋ ᠨᠢ ᠲᠣᠯᠣᠭᠠᠢᠯᠠᠵᠤ ᠪᠠᠢᠭᠰᠠᠨ ᠴᠣᠢᠪᠠᠪ ᠯᠠᠮᠠ ᠠᠩᠬ᠎ᠠ ᠮᠠᠭᠲᠠᠨ ᠡᠷᠭᠦᠮᠵᠢᠯᠡᠵᠦ᠂ ᠱᠠᠰᠢᠨ ᠳᠡᠯᠭᠡᠷᠡᠭᠦᠯᠬᠦ ᠭᠡᠵᠦ ᠬᠠᠷᠭᠢᠰ ᠲᠡᠢᠨ ᠬᠢᠵᠦ ᠪᠠᠢᠭᠰᠠᠨ ᠢ᠋ ᠨᠢ ᠴᠠᠭᠯᠠᠰᠢ ᠦᠭᠡᠢ ᠭᠠᠪᠢᠶ᠎ᠠ ᠪᠣᠯᠭᠠᠨ ᠵᠣᠬᠢᠶᠠᠵᠤ ᠬᠢᠭᠰᠡᠨ ᠢ᠋ᠶ᠋ᠡᠷ ᠬᠣᠵᠢᠮ ᠽᠦᠩᠺᠠᠸ᠋᠎ᠠ ᠶ᠋ᠢᠨ ᠰᠢᠷ᠎ᠠ ᠶ᠋ᠢᠨ ᠱᠠᠰᠢᠨ ᠤ᠋ ᠯᠠᠮᠠ ᠨᠠᠷ ᠲᠡᠭᠦᠨ ᠢ᠋ ᠡᠷᠭᠦᠨ ᠲᠣᠰᠴᠤ ᠠᠪᠤᠭᠠᠳ᠂ ᠬᠢᠲᠠᠳ ᠤ᠋ᠨ ᠭᠤᠷᠪᠠᠨ ᠤᠯᠤᠰ ᠤ᠋ᠨ ᠲᠡᠦᠬᠡ ᠲᠡᠢ ᠬᠣᠯᠪᠣᠨ᠂ ᠮᠣᠩᠭᠣᠯ ᠲᠥᠪᠡᠳ ᠵᠣᠬᠢᠶᠠᠯ ᠡᠳᠦᠢ ᠲᠡᠳᠦᠢ ᠶ᠋ᠢ ᠬᠢᠵᠦ᠂ ᠭᠤᠸᠠᠨ ᠯᠣᠣᠶᠧ᠂ ᠭᠤᠸᠠᠨ ᠪᠣᠭᠳᠠ ᠭᠡᠵᠦ ᠬᠡᠯᠡᠯᠴᠡᠳᠡᠭ ᠭᠤᠷᠪᠠᠨ ᠤᠯᠤᠰ ᠤ᠋ᠨ ᠪᠠᠭᠠᠲᠤᠷ ᠢ᠋ ᠭᠡᠰᠡᠷ ᠬᠠᠭᠠᠨ ᠭᠡᠵᠦ᠂ ᠭᠤᠸᠠᠨ ᠪᠣᠭᠳᠠ ᠶ᠋ᠢᠨ ᠰᠦᠮ᠎ᠡ ᠶ᠋ᠢ ᠭᠡᠰᠡᠷ ᠪᠣᠭᠳᠠ ᠶ᠋ᠢᠨ ᠰᠦᠮ᠎ᠡ ᠭᠡᠵᠦ᠂ ᠬᠥᠷᠥᠭ ᠳᠦᠷᠢ ᠶ᠋ᠢ ᠨᠢ ᠠᠷᠠᠪᠨᠠᠢᠯᠠᠨ ᠳᠠᠬᠢᠵᠤ᠂ ᠶᠡᠬᠡ ᠬᠦᠷᠢᠶᠡᠨ ᠦ᠌ ᠮᠠᠢᠮᠠᠢ ᠬᠣᠲᠠ ᠳ᠋ᠤ᠌ ᠪᠠᠢᠭ᠎ᠠ ᠢᠷᠭᠡᠨ ᠶᠣᠰᠣᠨ ᠤ᠋ ᠭᠤᠸᠠᠨ ᠪᠣᠭᠳᠠ ᠶ᠋ᠢᠨ ᠰᠦᠮ᠎ᠡ ᠭᠡᠳᠡᠭ ᠢ᠋ ᠭᠡᠰᠡᠷ ᠪᠣᠭᠳᠠ ᠶ᠋ᠢᠨ ᠰᠦᠮ᠎ᠡ ᠭᠡᠵᠦ᠂ ᠲᠠᠪᠤᠳᠤᠭᠠᠷ ᠪᠣᠭᠳᠠ ᠪᠤᠮᠠᠨ ᠵᠠᠮᠰᠥ᠋ᠷᠦᠩ ᠦ᠋ᠨ ᠱᠦᠨᠰᠢᠭ(ᠱᠦᠩᠰᠢᠭ) ᠢ᠋ᠶ᠋ᠡᠷ ᠭᠤᠸᠠᠨ ᠶᠧ ᠶ᠋ᠢᠨ ᠬᠥᠷᠥᠭ ᠢ᠋ ᠱᠦᠨᠰᠢᠭᠯᠡᠨ(ᠱᠦᠩᠰᠢᠭᠯᠡᠨ) ᠠᠮᠢᠯᠠᠵᠤ ᠪᠠᠢᠭᠰᠠᠨ ᠲᠡᠦᠬᠡ ᠲᠡᠢ ᠪᠢᠯᠡ᠃ 
       ᠢᠯᠠᠭᠤᠭᠰᠠᠨ ᠬᠤᠲᠤᠭᠲᠤ᠂ ᠲᠡᠷᠡ ᠬᠣᠶᠠᠷ ᠪᠣᠳᠢ ᠨᠠᠷᠢᠨ ᠨᠢᠭᠤᠴᠠ ᠨᠣᠮ ᠤ᠋ᠨ ᠢ᠋ᠶ᠋ᠠᠷ ᠰᠡᠢᠯᠭᠡᠵᠦ᠂ ᠰᠢᠷ᠎ᠠ ᠶ᠋ᠢᠨ ᠱᠠᠰᠢᠨ ᠳᠡᠯᠭᠡᠷᠡᠭᠦᠯᠦᠨ ᠮᠠᠨᠳᠤᠭᠤᠯᠤᠭᠴᠢ ᠳᠣᠭᠰᠢᠨ ᠰᠠᠬᠢᠭᠤᠯᠰᠤᠨ ᠭᠡᠰᠡᠷ ᠬᠠᠭᠠᠨ ᠤ᠋ ᠲᠥᠷᠥᠯ ᠦᠶ᠎ᠡ ᠳ᠋ᠦ᠍ ᠲᠡᠦᠬᠡ᠂ ᠰᠠᠩ ᠲᠠᠬᠢᠯ ᠤ᠋ᠨ ᠰᠤᠳᠤᠷ ᠲᠡᠭᠦᠨ ᠢ᠋ ᠲᠠᠷᠬᠠᠭᠠᠨ ᠳᠡᠯᠭᠡᠷᠡᠭᠦᠯᠦᠭᠰᠡᠨ ᠪᠢᠯᠡ᠃ ᠲᠡᠭᠡᠭᠡᠳ᠂ ᠨᠣᠮ ᠲᠠᠢ ᠲᠥᠪᠡᠳ ᠯᠠᠮᠠ ᠨᠠᠷ ᠲᠠᠢ ᠨᠡᠢᠯᠡᠵᠦ᠂ ᠭᠡᠰᠡᠷ ᠬᠠᠭᠠᠨ᠂ ᠲᠡᠭᠦᠨ ᠦ᠌ ᠬᠢᠲᠠᠳ ᠪᠠᠭᠠᠲᠤᠷ ᠤ᠋ᠨ ᠴᠠᠮ ᠬᠠᠷᠠᠢᠬᠤ ᠵᠠᠩ ᠦᠢᠯᠡ ᠶ᠋ᠢᠨ ᠰᠤᠳᠤᠷ ᠵᠣᠬᠢᠶᠠᠵᠤ᠂ ᠢᠯᠠᠭᠤᠭᠰᠠᠨ ᠤ᠋ ᠱᠠᠰᠢᠨ ᠡᠷᠳᠡᠨᠢ ᠡᠭᠦᠷᠢᠳᠡ ᠨᠠᠷᠠᠨ ᠮᠡᠲᠦ ᠮᠠᠨᠳᠤᠵᠤ᠂ ᠲᠩᠷᠢ ᠶ᠋ᠢᠨ ᠪᠣᠱᠣᠭ ᠢ᠋ᠶ᠋ᠠᠷ ᠴᠠᠭ ᠢ᠋ ᠡᠵᠡᠯᠡᠭᠴᠢ ᠲᠩᠷᠢᠯᠢᠭ ᠮᠠᠨᠵᠤ ᠬᠠᠭᠠᠳ ᠤ᠋ᠨ ᠲᠥᠷᠥ ᠰᠦᠮᠪᠦᠷ ᠠᠭᠤᠯᠠ ᠮᠡᠲᠦ ᠪᠠᠲᠤ ᠣᠷᠣᠰᠢᠬᠤ ᠶ᠋ᠢᠨ ᠦᠢᠯᠡᠰ ᠲᠦ᠍ ᠵᠣᠷᠢᠭᠤᠯᠵᠤ ᠵᠣᠬᠢᠶᠠᠪᠠ ᠭᠡᠵᠦ ᠪᠢᠯᠡ᠃  
       ᠮᠠᠨᠵᠤ ᠬᠢᠲᠠᠳ ᠤ᠋ᠨ ᠲᠥᠷᠥ ᠶ᠋ᠢ ᠮᠣᠩᠭᠣᠯ ᠨᠡᠭᠦᠳᠡᠯᠴᠢᠨ ᠲᠦᠮᠡᠨ ᠦ᠌ ᠨᠢᠳᠦᠨ ᠳ᠋ᠦ᠍ ᠲᠡᠢᠨᠬᠦ(ᠲᠡᠢᠨ ᠬᠦ᠌) ᠮᠠᠨᠳᠤᠭᠤᠯᠤᠨ ᠪᠠᠲᠤᠳᠬᠠᠵᠤ᠂ ᠳᠣᠭᠰᠢᠨ ᠰᠠᠬᠢᠭᠤᠯᠰᠤᠨ ᠭᠡᠰᠡᠷ ᠬᠠᠭᠠᠨ ᠥᠮᠥᠭᠲᠡᠢ ᠬᠠᠰᠢ ᠮᠡᠲᠦ ᠪᠠᠲᠤ ᠲᠥᠷᠥ ᠭᠡᠵᠦ ᠰᠦᠷᠳᠡᠭᠦᠯᠦᠨ ᠢᠲᠡᠭᠡᠭᠦᠯᠦᠭᠰᠡᠨ ᠢᠯᠠᠭᠤᠭᠰᠠᠨ ᠬᠤᠲᠤᠭᠲᠤ ᠶ᠋ᠢᠨ ᠲᠡᠷᠡ ᠶᠡᠬᠡ ᠭᠠᠪᠢᠶ᠎ᠠ ᠶ᠋ᠢ ᠮᠠᠨᠵᠤ ᠬᠠᠭᠠᠨ ᠦᠯᠡᠮᠵᠢᠳᠡ ᠱᠠᠩᠨᠠᠨ ᠡᠷᠭᠦᠮᠵᠢᠯᠡᠵᠦ ᠪᠢᠯᠡ᠃ ᠡᠷᠬᠢᠮ ᠢᠵᠠᠭᠤᠷᠲᠤ ᠨᠣᠶᠠᠨ ᠯᠠᠮᠠ᠂ ᠠᠮᠪᠠᠨ ᠬᠤᠲᠤᠭᠲᠤ ᠠᠬ᠎ᠠ ᠳᠡᠭᠦᠦ ᠬᠣᠶᠠᠷ᠂ ᠬᠠᠭᠠᠨ ᠤ᠋ ᠬᠡᠰᠢᠭ ᠶᠠᠩᠪᠠ(ᠶᠠᠮᠪᠠ)᠂ ᠲᠤᠭ ᠰᠢᠬᠦᠷ᠂ ᠲᠥᠷᠥ ᠶ᠋ᠢᠨ ᠬᠤᠪᠴᠠᠰᠤ ᠱᠠᠩᠨᠠᠯ ᠬᠦᠷᠲᠡᠵᠦ ᠮᠠᠨᠳᠤᠭᠰᠠᠨ ᠪᠢᠯᠡ᠃ ᠰᠠᠮᠠᠭᠤᠷᠠᠨ ᠬᠥᠳᠡᠯᠦᠭᠰᠡᠨ ᠲᠠᠢᠪᠤᠩ ᠤ᠋ᠳ ᠢ᠋ ᠶᠡᠬᠡᠳᠡ ᠳᠠᠷᠤᠯ᠎ᠠ ᠭᠡᠵᠦ ᠳᠠᠯᠠᠨ ᠲᠣᠨᠣᠭᠰᠠᠨ ᠣᠯᠵᠠ ᠣᠮᠣᠭ ᠲᠠᠢ ᠪᠤᠴᠠᠵᠤ ᠢᠷᠡᠭᠰᠡᠨ ᠨᠣᠶᠠᠳ ᠲᠠᠢᠵᠢ ᠨᠠᠷ᠂ ᠢᠯᠠᠭᠤᠭᠰᠠᠨ ᠬᠤᠲᠤᠭᠲᠤ ᠪᠠᠭᠰᠢ ᠶ᠋ᠢᠨ ᠢ᠋ᠶ᠋ᠡᠨ ᠨᠡᠷ᠎ᠡ ᠠᠯᠳᠠᠷ ᠤᠯᠠᠮ ᠮᠠᠨᠳᠤᠭᠤᠯᠬᠤ ᠭᠡᠵᠦ ᠡᠯᠳᠡᠪ ᠴᠤᠤ ᠳᠠᠮ ᠦᠭᠡ ᠲᠠᠷᠬᠠᠭᠠᠨ ᠬᠡᠯᠡᠯᠴᠡᠳᠡᠭ ᠪᠠᠢᠵᠠᠢ᠃ ᠲᠢᠶᠠᠨᠵᠢᠨ ᠬᠣᠲᠠ ᠳ᠋ᠤ᠌ ᠣᠢᠷᠠᠳᠴᠤ ᠶᠠᠪᠤᠭᠰᠠᠨ ᠰᠠᠮᠠᠭᠤᠨ ᠲᠠᠢᠪᠤᠩ ᠤ᠋ᠳ ᠤ᠋ᠨ ᠶᠧᠯᠸᠢ ᠶ᠋ᠢᠨ ᠤᠪᠠᠳᠢᠰ ᠴᠢᠳᠠᠯ ᠨᠢ ᠮᠠᠨᠠᠢ(ᠮᠠᠨ ᠤ᠋) ᠪᠠᠭᠰᠢ ᠶ᠋ᠢᠨ ᠪᠠᠢᠭᠤᠯᠤᠭᠰᠠᠨ ᠭᠡᠰᠡᠷ ᠦ᠋ᠨ ᠳᠠᠴᠠᠩ ᠤ᠋ᠳ ᠲᠤ᠌ ᠠᠶᠤᠬᠤ ᠮᠡᠲᠦ ᠰᠦᠷᠲᠡᠢ ᠴᠠᠮ ᠬᠠᠷᠠᠢᠮᠠᠭᠴᠠ ᠳᠠᠷᠤᠭᠳᠠᠵᠤ᠂ ᠭᠡᠰᠡᠷ ᠬᠠᠭᠠᠨ ᠤ᠋ ᠰᠤᠷ ᠵᠠᠯᠠᠭᠰᠠᠨ ᠠ᠋ᠴᠠ ᠪᠣᠯᠵᠤ ᠡᠰᠡᠷᠭᠦᠴᠡᠯ ᠳᠠᠢᠰᠤᠨ ᠤ᠋ ᠬᠡᠢ ᠮᠣᠷᠢ᠂ ᠰᠦᠷ ᠰᠦᠯᠳᠡ ᠪᠠᠭᠤᠷᠠᠨ ᠮᠥᠬᠥᠵᠡᠢ ᠭᠡᠵᠦ ᠶᠠᠷᠢᠯᠴᠠᠳᠠᠭ ᠪᠠᠢᠵᠠᠢ᠃ 
       ᠵᠢᠪᠽᠦ᠋ᠨᠳᠠᠮᠪᠠ ᠬᠤᠲᠤᠭᠲᠤ ᠶ᠋ᠢᠨ ᠲᠠᠪᠤᠳᠤᠭᠠᠷ ᠬᠤᠪᠢᠯᠭᠠᠨ ᠨᠢ ᠲᠡᠷᠡ ᠢᠯᠠᠭᠤᠭᠰᠠᠨ ᠬᠤᠲᠤᠭᠲᠤ ᠶ᠋ᠢᠨ ᠭᠡᠰᠡᠷ ᠦ᠋ᠨ ᠳᠠᠴᠠᠩ᠂ ᠴᠠᠮ ᠪᠠᠢᠭᠤᠯᠤᠭᠰᠠᠨ᠂ ᠭᠡᠰᠡᠷ ᠦ᠋ᠨ ᠰᠤᠷ ᠵᠠᠯᠠᠭᠰᠠᠨ ᠵᠡᠷᠭᠡᠪᠡᠷ(ᠵᠡᠷᠭᠡ ᠪᠡᠷ)ᠣᠯᠠᠨ ᠤ᠋ ᠰᠡᠳᠬᠢᠯ ᠳ᠋ᠦ᠍ ᠮᠠᠨᠵᠤ ᠬᠠᠭᠠᠨ ᠤ᠋ ᠲᠥᠷᠥ ᠶ᠋ᠢᠨ ᠪᠠᠲᠤ ᠲᠦᠰᠢᠭᠲᠡᠢ ᠶ᠋ᠢ ᠦᠵᠡᠭᠦᠯᠵᠦ᠂ ᠮᠠᠨᠵᠤ ᠬᠠᠭᠠᠨ ᠳ᠋ᠤ᠌ ᠲᠤᠢᠯ ᠤ᠋ᠨ ᠨᠢᠭᠤᠷ ᠲᠠᠢ ᠪᠣᠯᠤᠭᠰᠠᠨ ᠢ᠋ ᠦᠵᠡᠭᠡᠳ᠂ ᠪᠠᠰᠠ ᠮᠠᠨᠵᠤ ᠬᠠᠭᠠᠨ ᠳ᠋ᠤ᠌ ᠰᠢᠳᠤᠷᠭᠤ ᠵᠢᠷᠤᠮ ᠢ᠋ ᠭᠦᠢᠴᠡᠳᠬᠡᠵᠦ ᠪᠠᠢᠭ᠎ᠠ ᠪᠠᠨ ᠦᠵᠡᠭᠦᠯᠬᠦ ᠭᠡᠵᠦ ᠶᠠᠭᠠᠷᠠᠨ᠂ ᠶᠡᠬᠡ ᠬᠦᠷᠢᠶᠡᠨ ᠦ᠌ ᠮᠠᠢᠮᠠᠢ ᠬᠣᠲᠠ ᠶ᠋ᠢᠨ ᠭᠤᠸᠠᠨ ᠯᠣᠣᠶᠧ ᠶ᠋ᠢᠨ ᠰᠦᠮ᠎ᠡ ᠳ᠋ᠦ᠍ ᠭᠤᠸᠠᠨ ᠭᠡᠰᠡᠷ ᠦ᠋ᠨ ᠪᠠᠷᠢᠮᠠᠯ ᠬᠥᠷᠥᠭ ᠢ᠋ ᠪᠤᠮᠠᠨ ᠵᠠᠮᠰᠦ᠋ᠷᠦᠩ ᠦ᠋ᠨ ᠱᠦᠩᠰᠢᠭ ᠢ᠋ᠶ᠋ᠡᠷ ᠱᠦᠩᠰᠢᠭᠯᠡᠵᠦ᠂ ᠰᠦᠰᠦᠭᠲᠡᠨ ᠣᠯᠠᠨ ᠳ᠋ᠤ᠌ ᠲᠡᠷᠡ ᠭᠡᠰᠡᠷ ᠰᠦᠮ᠎ᠡ ᠶ᠋ᠢ ᠬᠦᠨᠳᠦᠲᠡᠢ᠂ ᠮᠠᠨᠵᠤ ᠬᠠᠭᠠᠨ ᠤ᠋ ᠨᠢᠳᠦᠨ ᠳ᠋ᠦ᠍ ᠥᠪᠡᠷ ᠦ᠋ᠨ ᠪᠡᠶ᠎ᠡ ᠶ᠋ᠢ ᠨᠢᠭᠤᠷ ᠲᠠᠢ ᠪᠣᠯᠭᠠᠵᠤ᠂ ᠮᠠᠢᠮᠠᠢ ᠬᠣᠲᠠ ᠶ᠋ᠢᠨ ᠳᠠᠰᠢᠰᠠᠮᠳᠠᠩᠯᠢᠩ ᠳᠠᠴᠠᠩ ᠳ᠋ᠤ᠌ ᠭᠡᠰᠡᠷ ᠦ᠋ᠨ ᠰᠠᠩ ᠲᠠᠬᠢᠯ᠂ ᠭᠦᠷᠢᠮ ᠨᠣᠮ ᠤ᠋ᠨ ᠬᠣᠶᠠᠷ ᠪᠣᠳᠢ ᠨᠢᠭᠤᠴᠠ ᠨᠠᠷᠢᠨ ᠨᠣᠮ ᠥᠭᠴᠡᠢ᠃ ᠪᠠᠰᠠ ᠽᠠᠨᠳᠠᠨ ᠢ᠋ᠶ᠋ᠠᠷ ᠭᠡᠰᠡᠷ ᠦ᠋ᠨ ᠬᠥᠷᠥᠭ᠂ ᠰᠠᠭᠤᠭ᠎ᠠ ᠪᠡᠶ᠎ᠡ ᠶ᠋ᠢᠨ ᠢ᠋ᠶ᠋ᠡᠨ ᠬᠡᠮᠵᠢᠶ᠎ᠡ ᠪᠡᠷ ᠰᠡᠢᠯᠦᠭᠦᠯᠵᠦ ᠳᠠᠰᠢᠰᠠᠮᠳᠠᠩᠯᠢᠩ ᠳᠠᠴᠠᠩ ᠳ᠋ᠤ᠌ ᠠᠷᠠᠪᠨᠠᠢ ᠲᠦᠢ ᠡᠷᠭᠦᠭᠦᠯᠵᠦ ᠲᠠᠬᠢᠭᠤᠯᠤᠭᠰᠠᠨ ᠪᠢᠯᠡ᠃ 
        ᠵᠠᠶᠠᠭ᠎ᠠ ᠶ᠋ᠢᠨ ᠭᠡᠭᠡᠨ᠂ ᠲᠠᠪᠤᠳᠤᠭᠠᠷ ᠪᠣᠭᠳᠠ ᠶ᠋ᠢ ᠳᠠᠭᠤᠷᠢᠶᠠᠵᠤ᠂ ᠳᠣᠣᠷᠠᠲᠤ ᠬᠦᠷᠢᠶᠡᠨ ᠳ᠋ᠡᠭᠡᠨ( ᠳ᠋ᠦ᠍ ᠪᠡᠨ) ᠭᠡᠰᠡᠷ ᠦ᠋ᠨ ᠰᠦᠮ᠎ᠡ ᠪᠠᠢᠭᠤᠯᠵᠤ᠂ ᠤᠯᠢᠶᠠᠰᠤᠲᠠᠢ ᠶ᠋ᠢᠨ ᠠᠮᠪᠠᠨ ᠳ᠋ᠤ᠌ ᠪᠢᠴᠢᠭ ᠢ᠋ᠶ᠋ᠡᠷ ᠮᠡᠳᠡᠭᠦᠯᠵᠦ᠂ ᠰᠢᠷ᠎ᠠ ᠶ᠋ᠢᠨ ᠱᠠᠰᠢᠨ᠂ ᠮᠠᠨᠵᠤ ᠬᠠᠭᠠᠨ ᠤ᠋ ᠲᠥᠷᠥ ᠶ᠋ᠢ ᠪᠠᠲᠤᠳᠬᠠᠬᠤ ᠶᠠᠪᠤᠳᠠᠯ ᠳ᠋ᠤ᠌᠂ ᠲᠡᠢᠨᠬᠦ(ᠲᠡᠢᠨ ᠬᠦ᠌) ᠴᠢᠩ ᠰᠡᠳᠬᠢᠯ ᠢ᠋ᠶ᠋ᠡᠷ ᠵᠢᠳᠬᠦᠨ ᠬᠢᠴᠢᠶᠡᠩᠭᠦᠢᠯᠡᠭᠰᠡᠨ ᠢ᠋ᠶ᠋ᠡᠨ ᠮᠡᠳᠡᠭᠳᠡᠵᠦ᠂ ᠳᠡᠭᠡᠳᠦᠰ ᠦ᠋ᠨ ᠬᠡᠰᠢᠭ ᠭᠣᠷᠢᠳᠠᠵᠠᠢ*᠃  
        ᠲᠡᠭᠦᠨ ᠡᠴᠡ ᠬᠣᠢᠰᠢ᠂ ᠮᠠᠨᠵᠤ ᠬᠠᠭᠠᠳ ᠤ᠋ᠨ ᠲᠥᠷᠥ ᠳ᠋ᠦ᠍ ᠬᠡᠴᠡᠭᠦᠦ ᠪᠡᠷᠬᠡ ᠶᠠᠪᠤᠳᠠᠯ ᠲᠣᠬᠢᠶᠠᠯᠳᠤᠬᠤ ᠪᠦᠷᠢ᠂ ᠠᠢᠰᠢᠨ ᠭᠢᠣᠷᠣ ᠣᠪᠣᠭᠲᠤ ᠠᠯᠲᠠᠨ ᠤᠷᠤᠭ ᠤ᠋ᠨ ᠮᠠᠨᠵᠤ ᠬᠠᠭᠠᠳ ᠤ᠋ᠨ ᠲᠩᠷᠢ ᠰᠠᠬᠢᠭᠤᠯᠰᠤᠨ ᠢᠪᠡᠭᠡᠳᠡᠭ ᠲᠥᠷᠥ ᠳ᠋ᠦ᠍ ᠬᠠᠷᠰᠢᠯᠠᠬᠤ ᠪᠤᠷᠤᠭᠤ ᠨᠣᠮᠲᠤ ᠳᠠᠢᠰᠤᠨ ᠢ᠋ ᠠᠶᠤᠬᠤ ᠮᠡᠲᠦ ᠳᠣᠭᠰᠢᠨ ᠭᠡᠰᠡᠷ ᠬᠠᠭᠠᠨ ᠳᠠᠷᠤᠨ ᠰᠥᠨᠥᠭᠡᠲᠦᠭᠡᠢ ᠭᠡᠵᠦ ᠭᠡᠰᠡᠷ ᠬᠠᠭᠠᠨ ᠤ᠋ ᠳᠠᠴᠠᠩ ᠤ᠋ᠳ ᠤ᠋ᠨ ᠯᠠᠮᠠ ᠨᠠᠷ᠂ᠢᠯᠠᠭᠤᠭᠰᠠᠨ ᠬᠤᠲᠤᠭᠲᠤ᠂ ᠣᠯᠠᠨ ᠨᠣᠮᠴᠢ ᠯᠠᠮᠠ ᠨᠠᠷ ᠤ᠋ᠨ ᠵᠣᠬᠢᠶᠠᠨ ᠲᠣᠭᠲᠠᠭᠠᠭᠰᠠᠨ ᠵᠠᠩ ᠦᠢᠯᠡ ᠭᠦᠢᠴᠡᠳᠬᠡᠵᠦ᠂ ᠭᠡᠰᠡᠷ ᠦ᠋ᠨ ᠰᠤᠷ ᠭᠠᠷᠭᠠᠬᠤ ᠵᠡᠷᠭᠡ ᠪᠡᠷ ᠬᠠᠭᠠᠨ ᠲᠥᠷᠥ ᠶ᠋ᠢᠨ ᠡᠭᠦᠷᠢᠳᠡ ᠮᠥᠩᠬᠡ ᠶ᠋ᠢ ᠣᠯᠠᠨ ᠳ᠋ᠤ᠌ ᠢᠲᠡᠭᠡᠭᠦᠯᠦᠨ ᠪᠢᠰᠢᠷᠡᠭᠦᠯᠳᠡᠭ ᠪᠠᠢᠵᠠᠢ᠃  
     ᠢ ᠬᠡ ᠲᠤᠸᠠᠨ ᠤ᠋ ᠰᠠᠮᠠᠭᠤᠨ ᠭᠡᠳᠡᠭ ᠪᠣᠯᠵᠤ᠂1894 ᠣᠨ ᠳ᠋ᠤ᠌ ᠳᠤᠮᠳᠠᠳᠤ ᠶᠠᠫᠣᠨ ᠬᠣᠶᠠᠷ ᠤᠯᠤᠰ ᠪᠠᠢᠯᠳᠤᠬᠤ ᠦᠶ᠎ᠡ᠂ ᠯᠠᠮᠠ ᠨᠠᠷ ᠱᠠᠪᠢ ᠣᠯᠠᠨ ᠳ᠋ᠠᠭᠠᠨ( ᠳ᠋ᠤ᠌ ᠪᠠᠨ) ᠪᠤᠷᠤᠭᠤ ᠨᠣᠮ ᠤ᠋ᠨ ᠢ ᠬᠡ ᠲᠤᠸᠠᠨ᠂ ᠪᠤᠷᠤᠩᠬᠤᠢ ᠿᠢ ᠪᠸᠨ ᠤᠯᠤᠰ᠂ ᠮᠠᠨᠵᠤ ᠬᠠᠭᠠᠨ ᠤ᠋ ᠲᠥᠷᠥ ᠳ᠋ᠦ᠍ ᠬᠠᠯᠳᠠᠭᠠᠳ ᠭᠡᠰᠡᠷ ᠦ᠋ᠨ ᠰᠤᠷ ᠵᠠᠯᠠᠬᠤ ᠳ᠋ᠤ᠌᠂ ᠪᠷᠢᠩᠷᠢᠨ ᠵᠠᠯᠪᠤ ᠭᠡᠰᠡᠷ ᠬᠠᠭᠠᠨ ᠤ᠋ ᠲᠩᠷᠢ ᠶ᠋ᠢᠨ ᠥᠮᠥᠭ ᠴᠡᠷᠢᠭ ᠲᠦ᠍ ᠳᠠᠯᠳᠠᠭᠤᠷ ᠳᠠᠷᠤᠭᠳᠠᠨ ᠰᠥᠨᠥᠵᠡᠢ ᠭᠡᠳᠡᠭ ᠪᠠᠢᠯ᠎ᠠ᠃ ᠠᠯᠤᠰ ᠬᠣᠯᠠ ᠪᠠᠷᠠᠭᠤᠨ ᠵᠣᠣ ᠳ᠋ᠤ᠌ ᠠᠶᠤᠬᠤ ᠮᠡᠲᠦ ᠭᠡᠰᠡᠷ ᠬᠠᠭᠠᠨ ᠤ᠋  ᠰᠦᠮ᠎ᠡ ᠳᠤᠭᠠᠩ᠂ ᠲᠠᠬᠢᠯ ᠤ᠋ᠨ ᠣᠷᠣᠨ  ᠪᠤᠰᠬᠠᠭᠰᠠᠨ ᠢ᠋ ᠰᠣᠨᠣᠰᠤᠭᠠᠳ ᠰᠦᠰᠦᠭᠲᠡᠨ ᠣᠯᠠᠨ ᠰᠢᠷ᠎ᠠ ᠶ᠋ᠢᠨ  ᠱᠠᠰᠢᠨ᠂ ᠮᠠᠨᠵᠤ ᠬᠠᠭᠠᠨ ᠤ᠋ ᠲᠥᠷᠥ ᠶ᠋ᠢ ᠤᠯᠠᠮ ᠪᠢᠰᠢᠷᠡᠨ ᠰᠢᠲᠦᠳᠡᠭ ᠪᠠᠢᠵᠠᠢ᠃ ᠲᠡᠭᠡᠭᠡᠳ᠂ ᠮᠠᠨᠵᠤ  ᠬᠠᠭᠠᠳ ᠠ᠋ᠴᠠ ᠭᠡᠰᠡᠷ ᠬᠠᠭᠠᠨ ᠤ᠋ ᠰᠦᠮ᠎ᠡ ᠳᠠᠴᠠᠩ ᠳ᠋ᠤ᠌ ᠥᠷᠥᠰᠢᠶᠡᠯᠲᠦ ᠬᠡᠰᠢᠭ ᠪᠡᠯᠡᠭ  ᠬᠦᠷᠲᠡᠭᠡᠳᠡᠭ ᠢ᠋ ᠱᠠᠰᠢᠨ ᠲᠥᠷᠥ ᠶ᠋ᠢᠨ ᠳᠠᠢᠰᠤᠨ ᠢ᠋ ᠳᠠᠷᠤᠨ ᠰᠥᠨᠥᠭᠡᠭᠴᠢ ᠲᠣᠭᠰᠢᠨ ᠰᠠᠬᠢᠭᠤᠯᠰᠤᠨ ᠳ᠋ᠠᠭᠠᠨ( ᠳ᠋ᠤ᠌ ᠪᠠᠨ) ᠳᠠᠭᠠᠳᠬᠠᠯ ᠬᠢᠵᠦ ᠪᠠᠢᠨ᠎ᠠ ᠭᠡᠵᠦ ᠪᠣᠳᠣᠳᠠᠭ ᠪᠠᠢᠯ᠎ᠠ᠃ 
        ᠪᠠᠭ᠎ᠠ ᠨᠠᠰᠤᠲᠤ ᠬᠡᠪᠲᠦ ᠶᠣᠰᠣᠲᠤ ᠬᠠᠭᠠᠨ ᠢ᠋ ᠰᠠᠭᠤᠷᠢᠨ ᠢ᠋ᠶ᠋ᠠᠨ ᠨᠠᠢᠷ ᠲᠠᠯᠪᠢᠵᠤ᠂ ᠠᠷᠤ ᠮᠣᠩᠭᠣᠯ ᠤ᠋ᠨ ᠨᠠᠢ᠍ᠮᠠᠳᠤᠭᠠᠷ ᠪᠣᠭᠳᠠ ᠶ᠋ᠢ ᠮᠣᠩᠭᠣᠯ ᠤᠯᠤᠰ ᠤ᠋ᠨ ᠣᠯᠠᠨ᠎ᠠ ᠡᠷᠭᠦᠭᠳᠡᠭᠰᠡᠨ ᠬᠠᠭᠠᠨ ᠡᠷᠭᠦᠮᠵᠢᠯᠡᠬᠦ ᠳ᠋ᠦ᠍᠂ ᠭᠡᠰᠡᠷ ᠳᠠᠴᠠᠩ ᠤ᠋ᠨ ᠰᠦᠮ᠎ᠡ ᠶ᠋ᠢᠨ ᠯᠠᠮᠠ ᠨᠠᠷ ᠱᠠᠰᠢᠨ ᠲᠥᠷᠥ ᠶ᠋ᠢᠨ ᠰᠢᠨ᠎ᠡ ᠡᠵᠡᠨ ᠵᠢᠪᠽᠦ᠋ᠨᠳᠠᠮᠪᠠ ᠬᠤᠲᠤᠭᠲᠤ ᠶ᠋ᠢᠨ ᠪᠠᠲᠤ ᠣᠷᠣᠰᠢᠬᠤ ᠶ᠋ᠢᠨ ᠤᠴᠢᠷ ᠬᠤᠷᠠᠯ ᠨᠣᠮ ᠬᠤᠷᠠᠵᠤ ᠪᠢᠯᠡ᠃ ᠴᠢᠩᠭᠢᠭᠡᠳ᠂ ᠪᠣᠭᠳᠠ ᠶ᠋ᠢᠨ ᠵᠠᠷᠯᠢᠭ ᠢ᠋ᠶ᠋ᠠᠷ ᠭᠡᠰᠡᠷ ᠦ᠋ᠨ ᠣᠯᠠᠨ ᠰᠦᠮ᠎ᠡ ᠳᠠᠴᠠᠩ ᠪᠦᠬᠦᠨ ᠳ᠋ᠦ᠍ ᠳᠠᠯᠠᠢ ᠴᠣᠢᠩᠬᠤᠷ ᠸᠠᠩ᠂ ᠢᠯᠠᠭᠤᠭᠰᠠᠨ ᠬᠤᠲᠤᠭᠲᠤ ᠶ᠋ᠢᠨ ᠬᠡᠢᠳ᠂ ᠵᠠᠶᠠᠭ᠎ᠠ ᠪᠠᠨᠳᠢᠳᠠ ᠶ᠋ᠢᠨ ᠬᠦᠷᠢᠶᠡᠨ ᠦ᠌ ᠭᠡᠰᠡᠷ ᠦ᠋ᠨ ᠰᠦᠮ᠎ᠡ᠂ ᠶᠡᠬᠡ ᠬᠦᠷᠢᠶᠡᠨ ᠦ᠌ ᠭᠡᠰᠡᠷ ᠳᠠᠬᠢᠳᠠᠭ ᠳᠠᠰᠢᠰᠠᠮᠳᠠᠩᠯᠢᠩ ᠳᠠᠴᠠᠩ ᠵᠡᠷᠭᠡ ᠳ᠋ᠦ᠍ ᠭᠡᠰᠡᠷ ᠦ᠋ᠨ ᠰᠤᠷ ᠵᠠᠯᠠᠭᠤᠯᠵᠤ᠂ ᠣᠯᠠᠨ᠎ᠠ ᠡᠷᠭᠦᠭᠳᠡᠭᠰᠡᠨ ᠬᠠᠭᠠᠨ ᠢ᠋ ᠳᠠᠢᠯᠠᠷ᠎ᠠ ᠬᠥᠳᠡᠯᠦᠭᠰᠡᠨ ᠶᠤᠸᠠᠨ ᠱᠢ ᠺᠠᠢ ᠶ᠋ᠢᠨ ᠳ᠋ᠦᠵᠢᠶᠦ᠋ᠨ ᠦ᠌ ᠬᠠᠷ᠎ᠠ ᠴᠡᠷᠢᠭ ᠦ᠋ᠨ ᠰᠦᠷ ᠬᠦᠴᠦᠨ ᠢ᠋ ᠳᠠᠷᠤᠬᠤ ᠵᠠᠩ ᠦᠢᠯᠡ ᠬᠢᠵᠦ ᠪᠢᠯᠡ᠃ ᠲᠡᠷᠡ ᠬᠠᠷ᠎ᠠ ᠴᠡᠷᠢᠭ ᠦ᠋ᠨ ᠬᠠᠯᠳᠠᠨ ᠳᠠᠭᠠᠷᠢᠭᠰᠠᠨ ᠢ᠋ ᠮᠣᠩᠭᠣᠯ ᠴᠡᠷᠢᠭ ᠤᠳᠠᠭ᠎ᠠ ᠳᠠᠷᠠᠭ᠎ᠠ ᠨᠢᠴᠤᠭᠠᠭᠰᠠᠨ ᠢ᠋ ᠶᠡᠬᠡᠰ ᠯᠠᠮᠠ ᠲᠠᠢᠯᠪᠤᠷᠢᠯᠠᠬᠤ ᠳ᠋ᠠᠭᠠᠨ( ᠳ᠋ᠤ᠌ ᠪᠠᠨ) ᠵᠡᠪᠰᠡᠭ ᠮᠠᠭᠤ ᠲᠠᠢ ᠪᠣᠯᠪᠠᠴᠤ᠂ ᠨᠤᠲᠤᠭ ᠤᠯᠤᠰ ᠢ᠋ᠶ᠋ᠠᠨ ᠬᠥᠯᠥᠰᠥᠨ ᠦ᠌ ᠴᠡᠷᠢᠭᠲᠦ ᠲᠦᠷᠢᠮᠡᠬᠡᠢ ᠳᠠᠢᠰᠤᠨ ᠠ᠋ᠴᠠ ᠬᠠᠮᠠᠭᠠᠯᠠᠵᠤ ᠪᠠᠢᠭ᠎ᠠ ᠴᠡᠷᠢᠭ ᠠᠷᠠᠳ ᠤ᠋ᠨ ᠪᠠᠭᠠᠲᠤᠷ ᠭᠠᠪᠢᠶ᠎ᠠ ᠭᠡᠵᠦ ᠦᠵᠡᠬᠦ ᠦᠭᠡᠢ ᠭᠠᠭᠴᠠ ᠬᠦ᠌ ᠱᠠᠰᠢᠨ ᠲᠥᠷᠥ ᠶ᠋ᠢ ᠬᠣᠣᠰᠯᠠᠨ ᠪᠠᠷᠢᠭᠴᠢ᠂ ᠨᠠᠷᠠᠨ ᠭᠡᠷᠡᠯᠲᠦ ᠬᠠᠭᠠᠨ ᠤ᠋ ᠲᠥᠷᠥ ᠶ᠋ᠢᠨ ᠰᠠᠬᠢᠭᠤᠯᠰᠤ᠂ ᠳᠣᠭᠰᠢᠨ ᠭᠡᠰᠡᠷ ᠬᠠᠭᠠᠨ᠂ ᠴᠣᠢᠵᠣᠩ ᠨᠣᠮ ᠤ᠋ᠨ ᠰᠠᠬᠢᠭᠤᠯᠰᠤ ᠳᠠᠢᠰᠤᠨ ᠤ᠋ ᠣᠮᠣᠭ ᠰᠦᠷ ᠰᠦᠯᠳᠡ ᠶ᠋ᠢ ᠳᠠᠯᠳᠠᠭᠤᠷ ᠳᠠᠷᠤᠨ ᠠᠪᠤᠷᠠᠪᠠ ᠭᠡᠵᠦ ᠲᠠᠢᠯᠪᠤᠷᠢᠯᠠᠳᠠᠭ ᠪᠠᠢᠵᠠᠢ᠃ 
        ᠪᠠᠷᠣᠨ ᠦᠩᠭᠧᠷᠠᠨ ᠹᠣᠨ ᠱᠲ᠋ᠧᠷᠠᠨᠪᠧᠷᠭ᠌ ᠭᠡᠭᠴᠢ ᠶ᠋ᠢᠨ ᠪᠡᠶ᠎ᠡ᠂ ᠭᠠᠮᠢᠩ ᠢ᠋ ᠶᠡᠬᠡ ᠬᠦᠷᠢᠶᠡᠨ ᠡᠴᠡ ᠦᠯᠳᠡᠨ ᠬᠥᠭᠡᠭᠡᠵᠦ ᠠᠩᠬ᠎ᠠ ᠮᠠᠢᠮᠠᠢ ᠬᠣᠲᠠ ᠶ᠋ᠢᠨ ᠭᠡᠰᠡᠷ ᠰᠦᠮ᠎ᠡ ᠳ᠋ᠦ᠍ ᠪᠠᠭᠤᠭᠰᠠᠨ ᠲᠡᠭᠦᠨ ᠢ᠋ ᠳᠠᠰᠢᠰᠠᠮᠳᠠᠩᠯᠢᠩ ᠤ᠋ᠨ ᠯᠠᠮᠠ ᠨᠠᠷ ᠭᠡᠰᠡᠷ ᠦ᠋ᠨ ᠬᠤᠪᠢᠯᠭᠠᠨ ᠭᠡᠵᠦ ᠴᠤᠤᠷᠬᠠᠨ ᠬᠡᠯᠡᠯᠴᠡᠵᠦ᠂《ᠠᠦ᠋ᠲ᠋ᠣᠨᠣᠮᠢᠲᠤ ᠵᠠᠰᠠᠭ ᠤ᠋ᠨ ᠭᠠᠵᠠᠷ》 ᠢ᠋ ᠳᠠᠬᠢᠨ ᠰᠡᠷᠭᠦᠭᠡᠨ ᠪᠣᠰᠬᠠᠭᠰᠠᠨ ᠳ᠋ᠤ᠌᠂ ᠭᠡᠰᠡᠷ ᠦ᠋ᠨ ᠰᠤᠷ ᠵᠠᠯᠠᠵᠤ ᠪᠠᠢᠭᠰᠠᠨ ᠯᠠᠮᠠ ᠨᠠᠷ᠂ ᠭᠠᠮᠢᠩ ᠤ᠋ᠨ ᠳᠠᠷᠤᠭᠳᠠᠭᠰᠠᠨ ᠢ᠋ᠶ᠋ᠠᠷ ᠭᠠᠮᠢᠩ ᠴᠢᠨᠳᠠᠷᠤᠤ ᠶ᠋ᠢᠨ ᠬᠡᠢ ᠮᠣᠷᠢ ᠶ᠋ᠢ ᠴᠣᠢᠵᠣᠩ ᠨᠣᠮ ᠤ᠋ᠨ ᠰᠠᠬᠢᠭᠤᠯᠰᠤᠨ ᠤ᠋ ᠠᠴᠢ ᠪᠠᠷ᠂ ᠲᠣᠭᠰᠢᠨ ᠭᠡᠰᠡᠷ ᠦ᠋ᠨ ᠰᠤᠷ ᠪᠠᠷ ᠳᠠᠷᠤᠵᠤ᠂ ᠭᠡᠰᠡᠷ ᠦ᠋ᠨ ᠬᠤᠪᠢᠯᠭᠠᠨ ᠪᠠᠷᠤᠨ ᠵᠠᠩᠵᠤᠨ᠂ ᠪᠣᠭᠳᠠ ᠬᠠᠭᠠᠨ ᠤ᠋ ᠲᠥᠷᠥ ᠶ᠋ᠢ ᠲᠡᠳᠬᠦᠵᠡᠢ ᠭᠡᠵᠦ ᠬᠡᠯᠡᠯᠴᠡᠳᠡᠭ ᠪᠠᠢᠯ᠎ᠠ᠃ 
         ᠴᠢᠩᠭᠢᠭᠡᠳ ᠣᠯᠠᠨ᠎ᠠ ᠡᠷᠭᠦᠭᠳᠡᠭᠰᠡᠨ ᠪᠣᠭᠳᠠ ᠬᠠᠭᠠᠨ ᠢ᠋ ᠲᠠᠭᠠᠯᠠᠯ ᠲᠡᠭᠦᠰᠦᠭᠰᠡᠨ ᠡᠴᠡ ᠬᠣᠢᠰᠢ ᠲᠠᠷᠢᠶᠠᠲᠤ ᠶ᠋ᠢᠨ ᠬᠡᠢᠳ ᠦ᠋ᠨ ᠭᠡᠰᠡᠷ ᠦ᠋ᠨ ᠳᠠᠴᠠᠩ ᠳ᠋ᠤ᠌ ᠲᠡᠷᠡ ᠪᠡᠴᠢᠨ ᠵᠢᠯ ᠦ᠋ᠨ ᠬᠢ ᠰᠢᠭ ᠰᠦᠷᠲᠡᠢ ᠪᠡᠷ ᠭᠡᠰᠡᠷ ᠢ᠋ ᠳᠠᠬᠢᠵᠤ ᠪᠠᠢᠭᠰᠠᠨ ᠤᠳᠠᠭ᠎ᠠ ᠣᠢᠷ᠎ᠠ ᠢᠨᠠᠭᠰᠢᠳᠠ ᠦᠵᠡᠭᠳᠡᠭᠡ ᠦᠭᠡᠢ ᠠᠵᠢ᠃ 
         ᠲᠠᠪᠤᠨ ᠥᠩᠭᠡ ᠶ᠋ᠢᠨ ᠪᠣᠳᠣᠭ  ᠢ᠋ᠶ᠋ᠠᠷ ᠠᠯᠠᠭᠯᠠᠭᠰᠠᠨ ᠵᠦᠮᠪᠠᠷ ᠬᠡ ᠲᠡᠢ᠂ ᠶᠡᠷᠦ ᠭᠤᠷᠪᠠᠨ ᠬᠥᠮᠦᠨ ᠴᠦ᠍ ᠭᠡᠵᠦ ᠲᠡᠪᠡᠷᠢᠮᠡᠷ ᠮᠤᠨᠳᠠᠭ ᠲᠣᠮᠣ ᠲᠣᠮᠣ ᠬᠡᠩᠭᠡᠷᠭᠡ ᠨᠢ ᠭᠡᠰᠡᠷ ᠦ᠋ᠨ ᠲᠡᠷᠡ ᠳᠠᠴᠠᠩ ᠳ᠋ᠤ᠌ ᠡᠳᠦᠷ ᠰᠥᠨᠢ ᠦᠭᠡᠢ ᠲᠦᠩ— ᠲᠦᠩ— ᠲᠦᠩ ᠳᠤᠤᠭᠠᠷᠴᠤ᠂ ᠤᠷᠲᠤ ᠭᠡᠭᠴᠢ ᠶ᠋ᠢᠨ ᠦᠬᠡᠷ ᠪᠦᠷᠢᠶ᠎ᠡ ᠰᠥᠭᠡᠩᠭᠢ ᠥᠳᠬᠡᠨ ᠳᠠᠭᠤ ᠪᠠᠷ ᠤᠤᠪ— ᠤᠤᠪ— ᠤᠤᠪ ᠭᠡᠵᠦ᠂ ᠬᠦᠷᠡᠯ ᠴᠠᠩ ᠰᠠᠯᠨᠢᠩ ᠴᠠᠮᠮᠠ— ᠴᠠᠮᠮᠠ— ᠴᠠᠮᠮᠠ᠂ ᠴᠮ— ᠴᠮ  ᠴᠮ ᠭᠡᠵᠦ ᠬᠠᠩᠭᠢᠨᠠᠨ ᠨᠢᠵᠢᠭᠢᠨᠡᠵᠦ ᠪᠠᠢᠯ᠎ᠠ᠃ ᠪᠦᠷᠢᠶ᠎ᠡ ᠴᠠᠩ᠂ ᠰᠠᠯᠨᠢᠩ ᠢ᠋ ᠵᠠᠪᠰᠠᠷᠯᠠᠬᠤ ᠦᠶᠡᠰ ᠬᠡᠳᠦᠨ ᠵᠠᠭᠤᠨ ᠴᠢᠭᠢᠷᠠᠭ ᠭᠡᠭᠴᠢ ᠶ᠋ᠢᠨ ᠯᠠᠮᠠ ᠨᠠᠷ ᠰᠠᠮᠭᠠᠷᠳᠠ ᠶ᠋ᠢᠨ ᠬᠡᠯᠡ ᠭᠡᠳᠡᠭ ᠲᠠᠷᠨᠢ ᠶ᠋ᠢᠨ ᠬᠡᠯᠡ ᠪᠡᠷ ᠨᠢᠭᠤᠴᠠ ᠨᠣᠮ ᠲᠠᠷᠨᠢ ᠶ᠋ᠢᠨ ᠵᠦᠢᠯ ᠢ᠋ ᠴᠢᠷᠠᠢ ᠪᠠᠨ ᠤᠯᠠᠢᠵᠤ᠂ ᠭᠦᠷᠡᠭᠡ ᠪᠡᠨ   ᠲᠥᠪᠥᠢᠲᠡᠯ᠎ᠡ ᠥᠨᠳᠥᠷ ᠳᠠᠭᠤ ᠪᠠᠷ ᠲᠡᠩᠬᠡᠭᠡ ᠮᠡᠳᠡᠨ ᠪᠠᠷᠬᠢᠷᠠᠵᠤ ᠪᠷᠢᠩᠷᠢᠨ ᠵᠠᠯᠪᠤ ᠭᠡᠰᠡᠷ ᠦ᠋ᠨ ᠰᠠᠩ ᠲᠠᠬᠢᠯᠭ᠎ᠠ ᠦᠢᠯᠡᠳᠴᠡᠢ! 
         ᠳᠣᠭᠰᠢᠨ ᠪᠷᠢᠩᠷᠢᠨ ᠵᠠᠯᠪᠤ ᠭᠡᠰᠡᠷ ᠬᠠᠭᠠᠨ ᠤ᠋ ᠲᠡᠷᠡ ᠳᠠᠴᠠᠩ ᠳ᠋ᠤ᠌ ᠮᠥᠷᠭᠥᠬᠦ ᠭᠡᠵᠦ ᠢᠷᠡᠭᠰᠡᠨ ᠬᠣᠩᠭᠣᠷ ᠴᠠᠭᠠᠨ ᠰᠡᠳᠬᠢᠯᠲᠦ ᠬᠥᠳᠡᠭᠡ ᠶ᠋ᠢᠨ ᠠᠷᠠᠳ ᠤ᠋ᠳ ᠡᠮᠢᠶᠡᠨ ᠰᠦᠷᠳᠡᠵᠦ ᠶᠠᠪᠤᠭᠰᠠᠨ ᠨᠢ᠂ ᠨᠢᠭᠡ ᠪᠣᠳᠣᠬᠤ ᠳ᠋ᠤ᠌ ᠠᠷᠭ᠎ᠠ ᠦᠭᠡᠢ ᠴᠦ᠍ ᠶᠦᠮ ᠰᠢᠭ᠃ ᠮᠥᠷᠭᠥᠯᠴᠢᠨ ᠤᠷᠤᠭᠤ ᠮᠥᠷᠭᠥᠯᠴᠢᠨ ᠥᠭᠡᠳᠡ ᠡᠴᠡ ᠠᠶᠤᠮᠠᠷ ᠠᠶᠤᠮᠠᠷ ᠲᠣᠭᠰᠢᠨ ᠰᠦᠷᠲᠡᠢ ᠪᠤᠷᠬᠠᠨ ᠰᠠᠬᠢᠭᠤᠯᠰᠤ ᠤᠯᠠᠭᠠᠨ ᠢ᠋ᠶ᠋ᠠᠷ  ᠡᠷᠭᠢᠭᠦᠯᠦᠭᠰᠡᠨ ᠠᠯᠠᠭ ᠡᠷᠢᠶᠡᠨ ᠨᠢᠳᠦ ᠪᠡᠨ  ᠪᠦᠯᠲᠡᠢᠵᠦ᠂ ᠰᠢᠷ᠎ᠠ ᠶ᠋ᠢᠨ ᠱᠠᠰᠢᠨ᠂ ᠬᠠᠭᠠᠨ ᠲᠥᠷᠥ ᠶ᠋ᠢᠨ ᠳᠠᠢᠰᠤᠨ ᠢ᠋ ᠬᠥᠯ ᠳᠣᠣᠷ᠎ᠠ ᠪᠠᠨ ᠭᠢᠰᠬᠢᠵᠦ᠂ ᠢᠯᠳᠦ ᠮᠡᠰᠡ ᠳᠠᠯᠠᠢᠯᠳᠤᠨ᠂ ᠳᠠᠢᠰᠤᠨ ᠤ᠋ ᠪᠠᠨ ᠮᠢᠬ᠎ᠠ ᠢᠳᠡᠵᠦ᠂ ᠴᠢᠰᠤ ᠶ᠋ᠢ ᠨᠢ ᠤᠯᠠᠭᠠᠨ ᠨᠡᠯᠦ ᠪᠣᠯᠤᠭᠰᠠᠨ ᠭᠠᠪᠠᠯᠠ ᠪᠠᠷ ᠤᠤᠭᠤᠵᠤ ᠪᠠᠢᠭ᠎ᠠ ᠨᠢ ᠦᠨᠡᠷᠡᠨ ᠴᠦ᠍ ᠰᠦᠷᠳᠡᠮᠡᠷ ᠠᠵᠢ᠃ ᠳᠤᠭᠠᠩ ᠤ᠋ᠨ ᠲᠤᠭᠤᠷᠭ᠎ᠠ ᠳᠣᠩᠰᠣᠯᠭᠠᠵᠤ᠂ ᠣᠯᠠᠨ ᠵᠠᠭᠤᠨ ᠵᠤᠯᠠ ᠶ᠋ᠢᠨ ᠭᠡᠷᠡᠯ ᠢ᠋ ᠰᠦᠮᠡᠯᠵᠡᠭᠦᠯᠵᠦ ᠪᠠᠢᠭ᠎ᠠ ᠲᠡᠷᠡ ᠶᠡᠬᠡ ᠨᠢᠵᠢᠭᠢᠨᠡᠨ ᠫᠠᠵᠢᠭᠢᠨᠠᠬᠤ ᠳᠠᠭᠤ ᠴᠢᠮᠡᠭᠡ ᠨᠢ ᠭᠡᠷᠡᠯ ᠮᠠᠭᠤ ᠲᠠᠢ ᠲᠣᠮᠣ ᠭᠡᠭᠴᠢ ᠶ᠋ᠢᠨ ᠳᠤᠭᠠᠩ ᠤ᠋ᠨ ᠵᠦᠭ ᠵᠣᠪᠬᠢᠰ ᠪᠦᠬᠦᠨ ᠡᠴᠡ ᠮᠥᠷᠭᠥᠯᠴᠢᠨ ᠬᠥᠮᠦᠨ ᠦ᠌ ᠥᠭᠡᠳᠡ ᠡᠴᠡ ᠬᠠᠷᠠᠵᠤ ᠪᠠᠢᠭ᠎ᠠ ᠳᠣᠭᠰᠢᠳ ᠤ᠋ᠨ ᠠᠶᠤᠮᠠᠷ ᠰᠦᠷᠲᠡᠢ ᠰᠣᠶᠣᠭ᠎ᠠ ᠪᠠᠨ ᠢᠷᠵᠠᠢᠯᠭᠠᠵᠤ ᠠᠩᠭᠠᠢᠭᠰᠠᠨ ᠴᠢᠰ ᠤᠯᠠᠭᠠᠨ ᠠᠮᠠ ᠠ᠋ᠴᠠ ᠭᠠᠷᠴᠤ ᠪᠠᠢᠭ᠎ᠠ ᠶᠤᠮ ᠰᠢᠭ᠋ ᠰᠠᠨᠠᠭᠳᠠᠮᠠᠷ ᠠᠵᠢ᠃ ᠰᠢᠷ᠎ᠠ ᠶ᠋ᠢᠨ ᠱᠠᠰᠢᠨ᠂ ᠬᠠᠭᠠᠨ ᠲᠥᠷᠥ ᠶ᠋ᠢᠨ ᠱᠠᠪᠢ ᠪᠣᠭᠣᠯ ᠢ᠋ ᠥᠷᠥᠰᠢᠶᠡᠨ ᠢᠪᠡᠭᠡᠭᠴᠢ ᠦᠢ ᠲᠦᠮᠡᠨ ᠬᠥᠮᠦᠨ ᠪᠤᠰᠤ ᠲᠩᠷᠢ ᠨᠠᠷ ᠤ᠋ᠨ ᠬᠦᠴᠦᠨ ᠢ᠋ ᠤᠳᠤᠷᠢᠳᠤᠭᠴᠢ ᠳᠣᠭᠰᠢᠨ ᠭᠡᠰᠡᠷ ᠬᠠᠭᠠᠨ ᠳ᠋ᠤ᠌ ᠮᠥᠷᠭᠥᠬᠦ ᠭᠡᠵᠦ ᠢᠷᠡᠭᠰᠡᠨ᠂ ᠡᠬᠡ ᠪᠣᠯᠤᠭᠰᠠᠨ ᠡᠮᠡᠭᠲᠡᠢᠴᠦᠳ ᠬᠡᠦᠬᠡᠳ ᠡᠴᠡ ᠪᠡᠨ ᠳᠤᠲᠠᠭᠤ ᠦᠭᠡᠢ ᠭᠡᠯᠮᠡᠭᠳᠡᠵᠦ ᠠᠶᠤᠵᠤ᠂ ᠬᠡᠦᠬᠡᠳ ᠨᠢᠯᠬᠠᠰ ᠨᠢ ᠠᠶᠤᠭᠰᠠᠨ ᠳ᠋ᠠᠭᠠᠨ( ᠳ᠋ᠤ᠌ ᠪᠠᠨ) ᠡᠬᠡ ᠶ᠋ᠢᠨ ᠢ᠋ᠶ᠋ᠡᠨ ᠭᠠᠷ ᠳᠡᠭᠡᠷ᠎ᠡ ᠳᠠᠢᠴᠢᠯᠠᠨ ᠤᠬᠢᠯᠠᠬᠤ ᠠᠵᠢ᠃ ᠮᠥᠷᠭᠥᠯᠴᠢᠨ ᠢ᠋ ᠡᠮᠢᠶᠡᠯᠭᠡᠨ ᠰᠦᠷᠳᠡᠭᠦᠯᠦᠭᠴᠢ ᠬᠤᠷᠠᠯ ᠨᠣᠮ ᠤ᠋ᠨ ᠬᠡᠩᠭᠡᠷᠭᠡ᠂ ᠴᠠᠩ᠂ ᠪᠦᠷᠢᠶ᠎ᠡ ᠰᠠᠯᠨᠢᠩ᠂ ᠤᠮᠵᠠᠳ ᠯᠠᠮᠠ ᠨᠠᠷ ᠤ᠋ᠨ ᠳᠠᠭᠤ ᠴᠢᠮᠡᠭᠡᠨ ᠳ᠋ᠦ᠍ ᠲᠡᠷᠡ ᠪᠠᠭᠠᠴᠤᠳ ᠤ᠋ᠨ ᠤᠬᠢᠯᠠᠬᠤ ᠨᠢ ᠴᠦ᠍ ᠳᠤᠭᠤᠯᠳᠠᠬᠤ ᠦᠭᠡᠢ᠂ ᠣᠩᠭᠣ ᠰᠠᠬᠢᠭᠤᠯᠰᠤ ᠨᠢ ᠣᠷᠣᠭᠰᠠᠨ ᠶᠤᠮ ᠰᠢᠭ᠋ ᠰᠦᠷᠲᠡᠢ ᠪᠠᠷᠬᠢᠷᠠᠯᠳᠤᠵᠤ ᠪᠠᠢᠭ᠎ᠠ ᠣᠯᠠᠨ ᠯᠠᠮᠠ ᠨᠠᠷ ᠠᠶᠤᠬᠤ ᠮᠡᠲᠦ ᠯᠤᠤ ᠶ᠋ᠢᠨ ᠬᠦᠷᠬᠢᠷᠡᠯ ᠢ᠋ᠶ᠋ᠡᠷ ᠬᠦᠷᠬᠢᠷᠡᠨ ᠠᠮᠠ ᠶᠤᠭᠠᠨ ᠠᠩᠭᠠᠢᠭᠰᠠᠨ ᠦᠢ ᠣᠯᠠᠨ ᠳᠣᠭᠰᠢᠳ ᠢ᠋ ᠳᠠᠭᠤᠷᠢᠶᠠᠨ᠂ ᠬᠡᠦᠬᠡᠳ ᠪᠠᠭᠠᠴᠤᠳ ᠠᠮᠠ ᠪᠠᠨ ᠠᠩᠭᠠᠯᠵᠠᠵᠤ ᠪᠠᠢᠭ᠎ᠠ ᠶᠤᠮ ᠰᠢᠭ᠋ ᠦᠵᠡᠭᠳᠡᠬᠦ ᠠᠵᠢ᠃ 
       ᠭᠡᠰᠡᠷ ᠬᠠᠭᠠᠨ ᠤ᠋ ᠲᠡᠷᠡ ᠳᠠᠴᠠᠩ ᠳ᠋ᠤ᠌ ᠣᠯᠠᠨ ᠯᠠᠮᠠ ᠬᠢᠴᠢᠶᠡᠩᠭᠦᠢᠯᠡᠨ ᠬᠤᠷᠠᠯ ᠬᠤᠷᠠᠵᠤ ᠪᠠᠢᠭ᠎ᠠ ᠪᠣᠯᠪᠠᠴᠤ ᠲᠡᠳᠡ ᠪᠦᠬᠦᠨ ᠡᠴᠡ ᠬᠢᠴᠢᠶᠡᠩᠭᠦᠢ ᠵᠠᠯᠪᠠᠷᠢᠵᠤ ᠬᠤᠷᠠᠯ ᠤ᠋ᠨ ᠤᠩᠰᠢᠯᠭ᠎ᠠ  ᠤᠩᠰᠢᠵᠤ ᠪᠠᠢᠭ᠎ᠠ ᠨᠢᠭᠡ᠂ ᠲᠡᠷᠡ ᠣᠯᠠᠨ ᠬᠤᠸᠠᠷᠠᠭ ᠤ᠋ᠨ ᠳᠤᠮᠳᠠ ᠪᠠᠢᠭ᠎ᠠ ᠨᠢ ᠬᠡᠨ ᠪᠣᠢ? ᠭᠡᠪᠡᠯ ᠡᠷᠳᠡᠨᠢ ᠪᠠᠨᠳᠢᠳᠠ ᠯᠠᠮᠠ ᠶ᠋ᠢᠨ ᠭᠡᠭᠡᠨ ᠦ᠌ ᠰᠠᠩ ᠤ᠋ᠨ ᠨᠢᠷᠪᠠ ᠯᠠᠮᠠ ᠠᠵᠢ᠃ ᠨᠢᠷᠪᠠ ᠯᠠᠮᠠ ᠭᠤᠸᠠᠢ ᠶ᠋ᠢᠨ ᠲᠡᠭᠡᠵᠦ ᠬᠢᠴᠢᠶᠡᠨ ᠬᠤᠷᠠᠯ ᠬᠤᠷᠠᠵᠤ ᠪᠠᠢᠭ᠎ᠠ ᠨᠢ ᠪᠠᠰᠠ ᠤᠴᠢᠷ ᠲᠠᠢ᠂ ᠪᠤᠷᠤᠭᠤ ᠨᠣᠮ ᠤ᠋ᠨ ᠠᠷᠠᠳ ᠤ᠋ᠨ ᠵᠠᠰᠠᠭ ᠢ᠋ ᠳᠠᠯᠳᠠᠭᠤᠷ ᠳᠠᠷᠤᠬᠤ ᠭᠡᠰᠡᠷ ᠦ᠋ᠨ ᠰᠤᠷ ᠵᠠᠯᠠᠵᠤ ᠪᠠᠢᠭ᠎ᠠ ᠨᠠᠷᠢᠨ ᠨᠢᠭᠤᠴᠠ ᠤᠴᠢᠷ ᠢ᠋ ᠮᠡᠳᠡᠬᠦ ᠬᠥᠮᠦᠨ ᠦ᠌ ᠨᠢᠭᠡ ᠨᠢ ᠠᠵᠢ᠃  
       ᠭᠡᠭᠡᠨ ᠰᠠᠩ ᠤ᠋ᠨ ᠢ᠋ᠶ᠋ᠠᠨ ᠬᠣᠭᠣᠰᠣᠨ ᠪᠣᠯᠤᠭᠰᠠᠨ ᠬᠠᠰᠢᠶᠠᠨ ᠳ᠋ᠤ᠌ ᠰᠠᠭᠤᠬᠤ ᠶ᠋ᠢ ᠰᠡᠳᠬᠢᠯ ᠦᠯᠦ ᠲᠦᠪᠳᠡᠨ᠂ ᠳᠠᠯᠠᠢ ᠴᠣᠢᠩᠬᠤᠷ ᠸᠠᠩ ᠨᠣᠶᠠᠨᠲᠠᠨ ᠤ᠋ ᠠᠯᠳᠠᠷ ᠶᠡᠬᠡᠲᠡᠢ ᠬᠡᠢᠳ ᠲᠦ᠍ ᠱᠠᠪᠢᠯᠠᠨ ᠰᠠᠭᠤᠬᠤ ᠵᠥᠪᠰᠢᠶᠡᠷᠡᠯ ᠭᠤᠶᠤᠭᠰᠠᠨ ᠪᠠᠢᠵᠠᠢ᠃ ᠭᠡᠭᠡᠨ ᠵᠥᠪᠰᠢᠶᠡᠷᠡᠭᠡᠳ᠂ ᠱᠠᠪᠢ ᠨᠠᠷ ᠵᠠᠨᠳᠠᠭ ᠲᠠᠭᠠᠨ( ᠲᠤ ᠪᠠᠨ) ᠱᠠᠰᠢᠨ ᠪᠤᠷᠬᠠᠨ ᠢ᠋ᠶ᠋ᠠᠨ ᠬᠬᠢᠷᠲᠦᠭᠦᠯᠦᠯ ᠦᠭᠡᠢ᠂ ᠰᠠᠢᠨ ᠴᠠᠭ ᠢᠷᠡᠬᠦ ᠶ᠋ᠢ ᠬᠦᠯᠢᠶᠡᠨ ᠰᠠᠭᠤ ᠭᠡᠵᠦ ᠰᠡᠩᠬᠡᠷᠡᠭᠦᠯᠦᠨ ᠤᠬᠠᠭᠤᠯᠵᠤ ᠪᠠᠢᠭᠠᠷᠠᠢ ᠭᠡᠵᠦ ᠵᠠᠬᠢᠭᠠᠳ᠂ ᠭᠤᠶᠤᠭᠰᠠᠨ ᠶᠣᠰᠣᠭᠠᠷ ᠨᠢ ᠴᠢᠯᠥᠭᠡ ᠭᠣᠮᠪᠣ ᠣᠯᠭᠣᠭᠰᠠᠨ ᠪᠢᠯᠡ᠃ ᠳᠠᠯᠠᠢ ᠴᠣᠢᠩᠬᠤᠷ ᠸᠠᠩ ᠤ᠋ᠨ ᠬᠦᠷᠢᠶᠡᠨ ᠳ᠋ᠦ᠍ ᠬᠦᠷᠴᠦ ᠰᠣᠨᠣᠰᠪᠠᠰᠤ᠂ ᠪᠤᠷᠤᠭᠤ ᠨᠣᠮ ᠲᠠᠢ ᠮᠤᠬᠤᠷ ᠲᠣᠯᠣᠭᠠᠢᠲᠠᠨ ᠨᠤᠭᠤᠳ᠂ ᠪᠤᠷᠬᠠᠨ ᠪᠣᠳᠢᠰᠠᠳ᠋ᠸ᠎ᠠ ᠶ᠋ᠢᠨ ᠬᠤᠪᠢᠯᠭᠠᠨ ᠯᠠᠮᠠ ᠶ᠋ᠢᠨ ᠭᠡᠭᠡᠨ ᠢ᠋ ᠱᠠᠰᠢᠨ ᠠᠮᠢᠲᠠᠨ ᠤ᠋ ᠲᠤᠰᠠ ᠶ᠋ᠢ ᠪᠣᠳᠣᠨ ᠦᠢᠯᠡᠳᠦᠭᠰᠡᠨ ᠢ᠋ ᠨᠢ ᠪᠤᠷᠤᠭᠤ ᠶᠠᠯ᠎ᠠ ᠪᠣᠯᠭᠠᠵᠤ ᠭᠢᠨᠳᠠᠨ ᠱᠣᠷᠣᠩ ᠳ᠋ᠤ᠌ ᠬᠣᠷᠢᠵᠤ ᠭᠡᠨ᠎ᠡ ᠭᠡᠵᠦ ᠬᠡᠢᠳ ᠦ᠋ᠨ ᠯᠠᠮᠠ ᠨᠠᠷ ᠠ᠋ᠴᠠ ᠰᠣᠨᠣᠰᠴᠤ ᠪᠢᠯᠡ᠃ ᠨᠠᠷᠠ ᠪᠠᠨᠴᠢᠨ ᠬᠤᠲᠤᠭᠲᠤ ᠲᠠᠭᠠᠯᠠᠯ ᠲᠡᠭᠦᠰᠴᠦ᠂ ᠥᠷᠭᠥᠭᠡ ᠬᠠᠰᠢᠶ᠎ᠠ ᠨᠢ ᠬᠣᠭᠣᠰᠣᠷᠠᠵᠤ᠂ ᠥᠭᠯᠢᠭᠡ ᠶ᠋ᠢᠨ ᠡᠵᠡᠨ ᠵᠠᠨᠳᠠᠭ ᠣᠯᠠᠨ ᠲᠠᠢ᠂ ᠪᠠᠶᠠᠨ ᠶᠡᠬᠡ ᠵᠢᠰᠠ ᠲᠠᠢ ᠬᠦᠷᠢᠶ᠎ᠡ ᠨᠢ ᠦᠭᠡᠭᠦᠷᠡᠨ(ᠦᠭᠡᠢᠭᠦᠷᠡᠨ) ᠪᠠᠭᠤᠷᠠᠵᠤ᠂ ᠶᠠᠳᠠᠭᠤ ᠵᠦᠳᠡᠭᠦᠦ ᠶ᠋ᠢᠨ ᠲᠤᠢᠯ ᠳ᠋ᠤ᠌ ᠬᠦᠷᠦᠭᠰᠡᠨ ᠨᠢ ᠱᠠᠪᠢ ᠨᠠᠷ ᠣᠯᠠᠨ ᠠ᠋ᠴᠠ ᠪᠠᠨ ᠪᠣᠯᠵᠠᠢ᠃ ᠬᠠᠷ᠎ᠠ ᠪᠣᠯᠵᠤ ᠪᠣᠯᠤᠨ᠎ᠠ᠃ ᠶᠠᠳᠠᠭᠤ ᠯᠠᠮᠠ ᠬᠤᠸᠠᠷᠠᠭ ᠨᠢ ᠬᠠᠷ᠎ᠠ ᠪᠣᠯᠬᠤ ᠭᠡᠪᠡᠯ ᠣᠷᠣᠨ ᠬᠡᠢᠳ ᠦ᠋ᠨ ᠵᠢᠰᠠ ᠠ᠋ᠴᠠ ᠥᠮᠴᠢ ᠬᠤᠪᠢ ᠭᠠᠷᠭᠠᠵᠤ ᠥᠭᠬᠦ ᠶᠣᠰᠣᠲᠠᠢ ᠭᠡᠰᠡᠨ ᠪᠤᠷᠤᠭᠤ ᠨᠣᠮᠲᠠᠨ ᠤ᠋ ᠬᠠᠤᠯᠢ ᠶ᠋ᠢ ᠨᠠᠷᠠ ᠪᠠᠨᠴᠢᠨ ᠤ᠋ ᠶᠠᠳᠠᠭᠤ ᠱᠠᠪᠢ ᠯᠠᠮᠠ ᠨᠠᠷ ᠤᠤᠬᠠᠢ ᠶ᠋ᠢᠨ ᠲᠠᠰᠤ! ᠭᠡᠵᠦ ᠤᠭᠲᠤᠨ ᠲᠣᠰᠴᠤ᠂ ᠬᠤᠪᠢ ᠬᠤᠪᠢ ᠪᠠᠨ ᠬᠤᠪᠢᠶᠠᠯᠴᠠᠨ ᠠᠪᠤᠭᠠᠳ ᠬᠡᠢᠳ ᠦ᠋ᠨ ᠢ᠋ᠶ᠋ᠡᠨ ᠰᠠᠩ ᠵᠢᠰᠠ ᠶ᠋ᠢ ᠪᠠᠯᠠᠯᠵᠠᠢ᠃ ᠱᠠᠰᠢᠨ ᠡᠷᠳᠡᠨᠢ ᠬᠬᠢᠷᠲᠦᠵᠦ᠂ ᠠᠮᠢᠲᠠᠨ ᠤ᠋ ᠰᠦᠰᠦᠭ ᠨᠢᠮᠭᠡᠷᠡᠵᠦ ᠪᠠᠢᠨ᠎ᠠ ᠭᠡᠵᠦ ᠭᠠᠰᠢᠭᠤᠳᠠᠯᠲᠤ ᠮᠡᠳᠡᠭᠡ ᠤᠳᠠᠭ᠎ᠠ ᠳᠠᠷᠠᠭᠠᠪᠠᠷ (ᠳᠠᠷᠠᠭ᠎ᠠ ᠪᠠᠷ)ᠰᠣᠨᠣᠰᠴᠤ᠂ ᠨᠢᠷᠪᠠ ᠯᠠᠮᠪᠠᠭᠠᠢ(ᠯᠠᠮᠠᠪᠤᠭᠠᠢ) ᠰᠡᠳᠬᠢᠯ ᠬᠣᠷᠣᠰᠤᠨ ᠲᠠᠴᠢᠶᠠᠳᠠᠵᠤ ᠪᠢᠯᠡ᠃ ᠣᠳᠣ ᠴᠤ᠌ ᠬᠤᠷᠠᠯ ᠬᠤᠷᠠᠵᠤ ᠰᠠᠭᠤᠬᠤ ᠳ᠋ᠠᠭᠠᠨ( ᠳ᠋ᠤ᠌ ᠪᠠᠨ)᠂ ᠬᠡᠳᠦᠨ ᠰᠥᠨᠢ ᠨᠣᠢᠷ ᠦᠭᠡᠢ ᠬᠤᠷᠠᠯ ᠬᠤᠷᠠᠭᠰᠠᠨ ᠢ᠋ ᠤᠯᠠᠢᠭᠰᠠᠨ ᠨᠢᠳᠦ ᠪᠡᠨ ᠡᠷᠭᠢᠭᠦᠯᠦᠩᠭᠡᠨ᠂ 
       — ᠪᠠᠢᠵᠠ ᠳᠠ᠂ ᠪᠤᠷᠤᠭᠤ ᠨᠣᠮᠲᠠᠨ ᠤ᠋ ᠨᠢᠭᠦᠯ ᠦ᠋ᠨ ᠰᠠᠪᠠ ᠮᠥᠳᠳᠥ ᠳᠦᠭᠦᠷᠬᠦ ᠪᠣᠢ! ᠪᠠᠢᠵᠠ ᠳᠠ! ᠭᠡᠵᠦ ᠵᠠᠨᠤᠨ ᠰᠢᠪᠡᠨᠡᠵᠦ ᠪᠠᠢᠭ᠎ᠠ ᠨᠢ ᠡᠨᠡ ᠲᠣᠭᠰᠢᠨ ᠵᠠᠩ ᠦᠢᠯᠡ ᠬᠢᠵᠦ ᠰᠤᠷ ᠵᠠᠯᠠᠬᠤ ᠳ᠋ᠤ᠌ ᠡᠪᠦᠭᠡᠨ ᠭᠡᠯᠦᠩ ᠮᠢᠨᠦ ᠪᠡᠶ᠎ᠡ ᠴᠦ᠍ ᠭᠡᠰᠡᠨ᠂ ᠳᠠᠯᠠᠢ ᠴᠣᠢᠩᠬᠤᠷ ᠸᠠᠩ ᠲᠠᠨ ᠠ᠋ᠴᠠ ᠭᠡᠰᠡᠷ ᠬᠠᠭᠠᠨ ᠤ᠋ ᠳᠠᠴᠠᠩ ᠳ᠋ᠤ᠌ ᠡᠷᠭᠦᠭᠰᠡᠨ ᠵᠠᠩᠰᠠᠭ( ᠵᠡᠨᠰᠡᠭ) ᠦ᠋ᠨ ᠠᠳᠢᠰᠲᠢᠳ ᠲᠠᠢ ᠫᠤᠤ ᠪᠠᠷ ᠪᠤᠷᠤᠭᠤ ᠨᠣᠮᠲᠠᠨ ᠤ᠋ ᠪᠠᠭᠤᠷᠢᠯᠠᠭᠰᠠᠨ ᠤᠯᠠᠭᠠᠨᠪᠠᠭᠠᠲᠤᠷ ᠤ᠋ᠨ ᠵᠦᠭ ᠫᠤᠤᠳᠠᠨ᠎ᠠ ᠳᠠ᠃ ᠱᠠᠰᠢᠨ ᠨᠣᠮ ᠤ᠋ᠨ ᠰᠠᠬᠢᠭᠤᠯᠰᠤ᠂ ᠲᠡᠷᠰᠬᠦᠳ ᠪᠤᠷᠤᠭᠤ ᠨᠣᠮᠲᠠᠨ ᠢ᠋ ᠳᠠᠷᠤᠨ ᠰᠥᠨᠥᠭᠡᠨ᠎ᠡ ᠳᠡ ᠭᠡᠵᠦ ᠵᠠᠨᠤᠵᠤ ᠰᠢᠪᠡᠨᠡᠵᠦ ᠰᠠᠭᠤᠯ᠎ᠠ᠃ 

— — — — 
* — ᠸᠢᠶᠡᠭᠢᠷᠢᠳ᠋ ᠦᠵᠡᠭᠦᠯᠬᠦ ᠭᠡᠵᠦ ᠢᠷᠡᠭᠡᠳᠦᠢ ᠳ᠋ᠦ᠍ ᠲᠡᠢᠮᠦ ᠶᠠᠭᠤᠮ᠎ᠠ ᠪᠣᠯᠤᠨ᠎ᠠ ᠭᠡᠵᠦ ᠮᠡᠳᠡᠵᠦ ᠠᠢᠯᠠᠳᠬᠤ ᠭᠡᠰᠡᠨ ᠦᠭᠡ᠃ ᠣᠷᠣᠰ ᠬᠡᠯᠡ ᠪᠡᠷ ᠡᠭᠦᠨ ᠢ᠋ ᠫᠷᠤᠷᠤᠴᠧᠰᠲ᠋ᠧᠣ᠌ ᠬᠡᠮᠡᠮᠦᠢ᠃    
* — ᠡᠷᠳᠡᠮᠲᠡᠨ ᠰᠢᠨᠵᠢᠬᠦ ᠳ᠋ᠡᠭᠡᠨ( ᠳ᠋ᠦ᠍ ᠪᠡᠨ)᠂ ᠢᠷᠭᠡᠨ ᠦ᠌ ᠨᠠᠩᠵᠢᠶᠠ ᠭᠡᠰᠡᠨ ᠢ᠋ ᠮᠣᠩᠭᠣᠯᠴᠤᠳ ᠨᠠᠩᠭᠢᠶᠠ ᠭᠡᠵᠦ᠂ ᠲᠡᠭᠦᠨ ᠡᠴᠡ ᠨᠠᠩᠭᠢᠶᠠᠳ᠂ ᠨᠠᠩᠭᠢᠶᠠᠰ ᠭᠡᠵᠦ ᠣᠯᠠᠨ ᠤ᠋ ᠬᠡᠯᠪᠡᠷᠢ ᠪᠡᠷ ᠵᠠᠯᠭᠠᠨ ᠬᠡᠷᠡᠭᠯᠡᠳᠡᠭ ᠪᠣᠯᠤᠭᠰᠠᠨ ᠢ᠋ ᠰᠢᠨᠵᠢᠵᠡᠢ᠃ ᠮᠠᠬᠠᠽᠢᠨᠠ ᠭᠡᠵᠦ ᠢᠷᠠᠭᠤ ᠨᠠᠢᠷᠠᠭ ᠤ᠋ᠨ ᠬᠡᠯᠡᠨ ᠳ᠋ᠦ᠍ ᠳᠤᠮᠳᠠᠳᠤ ᠤᠯᠤᠰ ᠢ᠋ ᠡᠷᠭᠦᠨ ᠨᠡᠷᠡᠯᠡᠳᠡᠭ ᠮᠣᠩᠭᠣᠯ ᠨᠡᠷ᠎ᠡ ᠪᠣᠯ ᠡᠨᠡᠳᠬᠡᠭ ᠡᠴᠡ ᠠᠪᠤᠭᠰᠠᠨ ᠦᠭᠡ ᠪᠥᠭᠡᠳ ᠮᠠᠬ᠎ᠠ ᠭᠡᠵᠦ ᠶᠡᠬᠡ᠂ ᠽᠢᠨᠠ ᠭᠡᠵᠦ ᠡᠷᠲᠡᠨ ᠦ᠌ ᠴᠢᠩ ᠤᠯᠤᠰ ᠤ᠋ᠨ ᠨᠡᠷ᠎ᠡ᠂ ᠲᠡᠷᠡ ᠴᠢᠩ ᠤᠯᠤᠰ ᠤ᠋ᠨ ᠨᠡᠷ᠎ᠡ ᠪᠡᠷ ᠳᠤᠮᠳᠠᠳᠤ ᠤᠯᠤᠰ ᠢ᠋ ᠧᠦ᠋ᠷᠣᠫᠠ ᠶ᠋ᠢᠨ ᠤᠯᠤᠰ ᠣᠳᠣ ᠬᠦᠷᠲᠡᠯ᠎ᠡ ᠨᠡᠷᠡᠯᠡᠳᠡᠭ ᠨᠢ ᠵᠢᠱ᠌ᠢᠶᠡᠯᠡᠪᠡᠯ ᠠᠩᠭ᠌ᠯᠢ— ᠴᠠᠢᠨᠠ᠂ ᠹᠷᠠᠨᠼᠢ— ᠰᠢᠨ᠎ᠡ᠂ ᠭᠧᠷᠮᠠᠨ— ᠬᠢᠨᠠ᠂ ᠴᠧᠬᠤ‍ — ᠴᠢᠩ᠂ ᠷᠥᠮᠢᠨᠢ— ᠺᠢᠩ ᠭᠡᠬᠦ ᠮᠡᠲᠦ ᠪᠡᠷ ᠴᠥᠮ ᠴᠢᠩ ᠭᠡᠳᠡᠭ ᠢᠷᠭᠡᠨ ᠦᠭᠡ ᠶ᠋ᠢ ᠥᠪᠡᠷ ᠥᠪᠡᠷ ᠦ᠋ᠨ ᠢ᠋ᠶ᠋ᠡᠨ ᠠᠶᠠᠯᠭᠤ ᠪᠠᠷ ᠳᠠᠭᠤᠳᠠᠬᠤ ᠠᠵᠢ᠃ 
* ᠤᠯᠢᠶᠠᠰᠤᠲᠠᠢ ᠶ᠋ᠢᠨ ᠵᠠᠩᠵᠤᠨ ᠳ᠋ᠤ᠌ ᠵᠠᠶᠠᠭ᠎ᠠ ᠶ᠋ᠢᠨ ᠭᠡᠭᠡᠨ ᠡᠴᠡ ᠲᠡᠷᠡ ᠲᠤᠬᠠᠢ ᠶ᠋ᠢ ᠮᠡᠳᠡᠭᠳᠡᠵᠦ ᠶᠠᠪᠤᠭᠤᠯᠤᠭᠰᠠᠨ ᠪᠢᠴᠢᠭ᠂ ᠤᠯᠢᠶᠠᠰᠤᠲᠠᠢ ᠶ᠋ᠢᠨ ᠠᠮᠪᠠᠨ ᠤ᠋ ᠬᠠᠭᠤᠴᠢᠨ ᠳᠠᠩᠰᠠ ᠪᠢᠴᠢᠭ ᠦ᠋ᠨ ᠳᠤᠮᠳᠠ ᠪᠠᠢᠭᠰᠠᠨ ᠢ᠋᠂ ᠭᠡᠰᠡᠷ ᠰᠦᠮ᠎ᠡ ᠳ᠋ᠦ᠍ ᠪᠠᠢᠭᠤᠯᠤᠭᠰᠠᠨ ᠪᠢᠴᠢᠬᠠᠨ ᠮᠦᠽᠧᠢ ᠶ᠋ᠢᠨ ᠪᠠᠢᠰᠢᠩ ᠳ᠋ᠤ᠌ ᠪᠢ ᠮᠣᠩᠭᠣᠯ ᠤᠯᠤᠰ ᠤ᠋ᠨ ᠠᠷᠪᠠᠨ ᠨᠠᠢ᠍ᠮᠠᠨ ᠣᠨ ᠳ᠋ᠤ᠌ ᠦᠵᠡᠭᠰᠡᠨ ᠪᠢᠯᠡ᠃ — ᠷᠢᠨᠴᠢᠨ  


       ᠦᠬᠡᠷ ᠪᠦᠷᠢᠶ᠎ᠡ ᠳᠤᠤᠭᠠᠷᠬᠤ ᠪᠠᠨ ᠵᠣᠭᠰᠣᠵᠤ᠂ ᠯᠠᠮᠠ ᠨᠠᠷ ᠰᠠᠭᠤᠳᠠᠯ ᠵᠠᠪᠳᠠᠩ(ᠵᠠᠪᠳᠤᠩ) ᠠ᠋ᠴᠠ ᠪᠠᠨ ᠪᠣᠰᠴᠠᠭᠠᠵᠤ ᠡᠬᠢᠯᠡᠪᠡ᠃ ᠨᠢᠷᠪᠠ ᠯᠠᠮᠠ ᠭᠤᠸᠠᠢ᠂ ᠭᠡᠰᠡᠷ ᠬᠠᠭᠠᠨ ᠤ᠋ ᠬᠥᠷᠥᠭ ᠦ᠋ᠨ ᠡᠮᠦᠨ᠎ᠡ ᠪᠠᠢᠳᠠᠭ᠂ ᠬᠠᠳᠠᠭ ᠰᠠᠮᠪᠠᠢ ᠵᠡᠭᠦᠭᠰᠡᠨ ᠬᠠᠭᠤᠴᠢᠨ ᠫᠤᠤ ᠶ᠋ᠢᠨ ᠡᠮᠦᠨ᠎ᠡ ᠣᠴᠢᠭᠠᠳ᠂ ᠶᠠᠭᠠᠷᠠᠭᠰᠠᠨ ᠳ᠋ᠠᠭᠠᠨ( ᠳ᠋ᠤ᠌ ᠪᠠᠨ)ᠭᠠᠷ ᠨᠢ ᠰᠠᠯᠭᠠᠯᠠᠨ᠂ ᠠᠳᠢᠰᠯᠠᠭᠤᠯᠤᠭᠰᠠᠨ ᠳᠠᠷᠢ ᠠ᠋ᠴᠠ ᠲᠣᠮᠣ ᠭᠡᠭᠴᠢᠨ(ᠭᠡᠭᠴᠢ ᠶ᠋ᠢᠨ) ᠴᠡᠨᠡᠭ ᠬᠢᠬᠦ ᠳ᠋ᠡᠭᠡᠨ( ᠳ᠋ᠦ᠍ ᠪᠡᠨ) ᠯᠠᠮᠠᠯᠠᠵᠠᠪᠰᠤᠴᠣᠢᠪᠤ —  ᠯᠠᠮᠠ ᠳ᠋ᠤᠷ ᠮᠥᠷᠭᠥᠮᠦᠢ ᠭᠡᠵᠦ ᠨᠢᠭᠡ ᠳᠦᠭᠦᠷᠡᠩ ᠴᠡᠨᠡᠭ ᠳᠠᠷᠢ ᠬᠢᠭᠡᠳ᠂ ᠰᠠᠨᠵᠠᠯᠠᠵᠠᠪᠰᠤᠴᠣᠢᠪᠤ — ᠪᠤᠷᠬᠠᠨ ᠳ᠋ᠤᠷ ᠮᠥᠷᠭᠥᠮᠦᠢ ᠭᠡᠵᠦ ᠪᠠᠰᠠ ᠨᠢᠭᠡ ᠴᠡᠨᠡᠭ ᠳᠠᠷᠢ᠂ ᠣᠨ ᠤᠳᠠᠵᠤ ᠬᠡᠪᠡᠷᠡᠭᠳᠡᠭᠰᠡᠨ ᠬᠠᠳᠠᠭ ᠭᠬᠢᠪ ᠵᠡᠭᠦᠯᠲᠡᠲᠡᠢ ᠫᠤᠤ ᠶ᠋ᠢᠨ ᠠᠮᠠ ᠤᠷᠤᠭᠤ ᠱᠠᠷ ᠬᠢᠲᠡᠯ᠎ᠡ ᠠᠰᠬᠠᠭᠠᠳ᠂ ᠴᠣᠢᠯᠠᠵᠠᠪᠰᠤᠴᠣᠢᠪᠤ — ᠨᠣᠮ ᠳ᠋ᠤᠷ ᠮᠥᠷᠭᠥᠮᠦᠢ! ᠭᠡᠵᠦ ᠭᠤᠷᠪᠠᠳᠠᠬᠢ ᠴᠡᠨᠡᠭ ᠢ᠋ᠶ᠋ᠡᠨ ᠫᠤᠤ ᠶ᠋ᠢᠨ ᠲᠣᠮᠣ ᠠᠮᠠ ᠤᠷᠤᠭᠤ ᠠᠰᠬᠠᠵᠠᠢ᠃ ᠲᠡᠭᠡᠭᠡᠳ᠂ ᠭᠡᠨᠳᠦᠨᠯᠠᠵᠠᠪᠰᠣᠴᠣᠢᠪᠤ — ᠪᠤᠷᠰᠠᠩ ᠬᠤᠸᠠᠷᠠᠭ ᠲᠤᠷ ᠮᠥᠷᠭᠥᠮᠦᠢ ᠭᠡᠵᠦ ᠳᠥᠷᠪᠡᠳᠡᠬᠢ ᠴᠡᠨᠡᠭ ᠢ᠋ᠶ᠋ᠡᠨ ᠡᠷᠲᠡ ᠤᠷᠢᠳᠤ ᠴᠠᠭ ᠲᠤ᠌ ᠡᠵᠡᠨ ᠳᠠᠯᠠᠢ ᠴᠣᠢᠩᠬᠤᠷ ᠸᠠᠩ ᠨᠢ ᠬᠥᠮᠦᠨ ᠦ᠌ ᠴᠢᠰᠤ ᠪᠠᠷ ᠮᠢᠯᠢᠶᠠᠭᠰᠠᠨ ᠣᠷᠣ ᠲᠡᠮᠳᠡᠭ ᠪᠠᠷᠵᠠᠢᠨ ᠬᠠᠷᠠᠯᠠᠭᠰᠠᠨ ᠫᠤᠤ ᠶ᠋ᠢᠨ ᠠᠮᠠ ᠤᠷᠤᠭᠤ ᠬᠢᠵᠡᠢ᠃ 
       ᠲᠡᠭᠡᠭᠡᠳ᠂ ᠴᠡᠨᠡᠭᠯᠡᠭᠰᠡᠨ ᠳᠠᠷᠢ ᠪᠠᠨ ᠰᠠᠢᠨ ᠭᠡᠭᠴᠢ ᠪᠡᠷ ᠵᠢᠷᠢᠭᠯᠡᠭᠡᠳ(ᠵᠢᠭᠢᠷᠢᠭᠯᠡᠭᠡᠳ) ᠯᠠᠮᠠᠪᠤᠭᠠᠢ ᠨᠢᠭᠡ ᠪᠠᠨᠳᠢ ᠲᠠᠢ ᠲᠡᠷᠡ ᠤᠷᠲᠤ ᠬᠦᠨᠳᠦ ᠫᠤᠤ ᠶ᠋ᠢ ᠳᠠᠮᠵᠢᠯᠠᠨ ᠣᠯᠠᠨ ᠯᠠᠮᠠ ᠨᠠᠷ ᠢ᠋ ᠲᠠᠭᠠᠯᠴᠠᠨ᠂ ᠬᠡᠢᠳ ᠡᠴᠡ ᠵᠡᠭᠦᠨ ᠲᠡᠢᠰᠢ ᠤᠯᠠᠭᠠᠨᠪᠠᠭᠠᠲᠤᠷ ᠬᠣᠲᠠ ᠶ᠋ᠢᠨ ᠵᠦᠭ ᠵᠠᠯᠠᠬᠤ ᠰᠤᠷ ᠤ᠋ᠨ ᠬᠣᠢᠨᠠᠴᠠ(ᠬᠣᠢᠨ᠎ᠠ ᠠ᠋ᠴᠠ) ᠶᠠᠪᠤᠵᠠᠢ᠃ ᠬᠡᠢᠳ ᠦ᠋ᠨ ᠭᠠᠳᠠᠨ᠎ᠠ᠂ ᠲᠡᠷᠡ ᠰᠤᠷ ᠵᠠᠯᠠᠬᠤ ᠭᠡᠵᠦ ᠠᠯᠢ ᠬᠡᠳᠦᠢᠨ ᠬᠠᠭᠤᠷᠠᠢ ᠲᠦᠯᠡᠭᠡ ᠮᠣᠳᠣ ᠱᠣᠪᠣᠢᠯᠭᠠᠨ ᠪᠣᠰᠬᠠᠵᠤ᠂ ᠰᠠᠢᠨ ᠠᠰᠠᠭ ᠭᠡᠵᠦ ᠥᠭᠡᠬᠦ ᠲᠣᠰᠣ ᠴᠢᠳᠬᠤᠭᠰᠠᠨ ᠪᠠᠢᠵᠠᠢ᠃ ᠭᠦᠷᠢᠮᠴᠢ ᠯᠠᠮᠠ ᠶ᠋ᠢ ᠣᠷᠣᠢ ᠳᠡᠭᠡᠷ᠎ᠡ ᠪᠡᠨ ᠬᠣᠬᠢᠮᠠᠢ ᠲᠣᠯᠣᠭᠠᠢ ᠲᠠᠢ᠂ ᠰᠦᠷᠡᠬᠡᠢ ᠤᠷᠠᠯᠠᠨ ᠬᠢᠭᠰᠡᠨ ᠰᠤᠷ ᠠᠪᠴᠤ ᠵᠠᠯᠠᠬᠤ ᠶ᠋ᠢ ᠵᠠᠪᠳᠤᠮᠠᠭᠴᠠ ᠭᠠᠯ ᠪᠤᠷᠳ᠌ᠬᠢᠵᠦ᠂ ᠭᠦᠷᠢᠮᠴᠢ ᠯᠠᠮᠠ ᠦᠰᠦᠷᠦᠨ ᠴᠠᠮᠨᠠᠵᠤ᠂ ᠭᠠᠯ ᠤ᠋ᠨ ᠳᠡᠷᠭᠡᠳᠡ ᠬᠦᠷᠦᠭᠡᠳ ᠰᠤᠷ ᠢ᠋ᠶ᠋ᠠᠨ ᠭᠠᠯ ᠳ᠋ᠤ᠌ ᠳᠠᠯᠠᠢᠨ ᠬᠠᠶᠠᠵᠠᠢ᠃ ᠲᠡᠷᠡ ᠦᠶᠡᠰ ᠬᠠᠭᠤᠴᠢᠨ ᠴᠠᠬᠢᠭᠤᠷ ᠫᠤᠤ᠂ ᠪᠢᠷᠳᠠᠩ ᠫᠤᠤ ᠳᠡᠰ ᠨᠢᠰ ᠳᠤᠤᠭᠠᠷᠴᠤ᠂ ᠲᠡᠭᠦᠨ ᠦ᠌ ᠴᠢᠮᠡᠭᠡ ᠶ᠋ᠢ ᠳᠠᠷᠤᠨ᠂ ᠭᠡᠰᠡᠷ ᠬᠠᠭᠠᠨ ᠤ᠋ ᠵᠠᠩᠰᠠᠭ(ᠵᠡᠨᠰᠡᠭ) ᠦ᠋ᠨ ᠬᠠᠭᠤᠴᠢᠨ ᠲᠣᠮᠣ ᠫᠤᠤ ᠶ᠋ᠢᠨ ᠰᠦᠷᠲᠡᠢ ᠶᠡᠬᠡ ᠳᠠᠭᠤ ᠲᠦᠩ ᠬᠢᠮᠡᠭᠴᠡ ᠨᠢᠷᠪᠠ ᠯᠠᠮᠠᠪᠤᠭᠠᠢ ᠨᠢᠭᠤᠷ ᠠᠮᠠ ᠨᠢ ᠤᠯᠠᠭᠠᠨ ᠨᠡᠯᠦ ᠪᠣᠯᠵᠤ ᠠᠯᠲᠠᠯᠠᠩᠬᠠᠨ ᠣᠢᠴᠢᠵᠠᠢ᠃ ᠲᠣᠭᠰᠢᠨ ᠭᠡᠰᠡᠷ ᠬᠠᠭᠠᠨ ᠤ᠋ ᠬᠠᠭᠤᠴᠢᠨ ᠫᠤᠤ ᠨᠢ ᠳᠥᠷᠪᠡᠨ ᠶᠡᠬᠡ ᠴᠡᠨᠡᠭ ᠳᠠᠷᠢ ᠶ᠋ᠢᠨ ᠴᠢᠳᠠᠯ ᠢ᠋ ᠳᠠᠭᠠᠭᠠᠯ ᠦᠭᠡᠢ ᠳᠡᠯᠪᠡ ᠦᠰᠦᠷᠦᠭᠰᠡᠨ ᠪᠠᠢᠵᠠᠢ*᠃ ᠡᠭᠦᠨ ᠢ᠋ ᠦᠯᠦ ᠥᠭᠦᠯᠡᠨ᠂ ᠥᠭᠦᠯᠡᠬᠦ ᠢᠨᠤ᠄ ᠴᠡᠴᠡᠭ ᠰᠡᠷᠢᠭᠡᠳ᠂ ᠴᠣᠬᠣᠮ ᠬᠠᠮᠢᠭ᠎ᠠ  ᠪᠠᠢᠭ᠎ᠠ ᠪᠠᠨ ᠬᠣᠷᠣᠮ ᠵᠠᠭᠤᠷ᠎ᠠ ᠳ᠋ᠤ᠌ ᠲᠠᠨᠢᠵᠤ ᠶᠠᠳᠠᠨ ᠭᠠᠢᠬᠠᠵᠠᠢ᠃ ᠬᠠᠷᠠᠩᠭᠤᠢ ᠳ᠋ᠤ᠌ ᠴᠢᠩᠨᠠᠬᠤ ᠳ᠋ᠤ᠌᠂ ᠭᠡᠷ ᠲᠦ᠍ ᠬᠥᠮᠦᠨ ᠤᠨᠲᠠᠵᠤ ᠪᠠᠢᠭ᠎ᠠ ᠴᠢᠮᠡᠭᠡ ᠲᠡᠢ᠃ ᠲᠡᠭᠡᠬᠦ ᠳ᠋ᠦ᠍᠂ ᠲᠤᠩ ᠰᠠᠶᠢᠬᠠᠨ ᠪᠠᠲᠤᠪᠠᠶᠠᠷ ᠡᠪᠦᠭᠡ ᠲᠡᠢ ᠪᠡᠨ ᠳᠥᠷᠥᠭᠡ ᠵᠡᠷᠭᠡᠴᠡᠨ ᠲᠣᠮᠣ ᠬᠠᠷ᠎ᠠ ᠠᠳᠠ ᠤᠨᠤᠭᠠᠳ ᠶᠠᠪᠤᠵᠤ ᠶᠠᠪᠤᠭᠰᠠᠨ ᠪᠢᠰᠢ ᠪᠢᠯᠢᠤ? ᠦᠭᠡᠢ᠂ ᠲᠡᠷᠡ ᠮᠢᠨᠢ ᠵᠡᠭᠦᠳᠦ ᠪᠠᠢᠵᠠᠢ᠃ ᠨᠠᠰᠤ ᠪᠠᠷᠠᠭᠰᠠᠨ ᠡᠪᠦᠭᠡ ᠠᠪᠤ ᠲᠠᠢ ᠪᠠᠨ ᠬᠠᠮᠲᠤ ᠶᠠᠪᠤᠵᠤ ᠶᠠᠪᠤᠨ᠎ᠠ ᠭᠡᠵᠦ ᠵᠡᠭᠦᠳᠦᠯᠡᠵᠡᠢ᠃ ᠭᠡᠲᠡᠯ᠎ᠡ᠂ ᠪᠢ ᠴᠣᠬᠣᠮ ᠬᠠᠮᠢᠭ᠎ᠠ ᠪᠠᠢᠭ᠎ᠠ ᠶᠤᠮ ᠪᠢᠯᠡ? ᠭᠡᠵᠦ ᠪᠣᠳᠣᠭᠰᠠᠭᠠᠷ ᠴᠡᠭᠡᠵᠢ ᠨᠢ ᠣᠩᠭᠣᠢᠵᠤ᠂ ᠲᠠᠷᠢᠶᠠᠲᠤ ᠶ᠋ᠢᠨ ᠬᠦᠷᠢᠶᠡᠨ ᠦ᠌ ᠬᠠᠷ᠎ᠠ ᠪᠣᠯᠤᠭᠰᠠᠨ ᠶᠠᠳᠠᠭᠤ ᠯᠠᠮᠠ ᠶ᠋ᠢᠨ ᠳ᠋ᠦ᠍ ᠪᠠᠢᠭ᠎ᠠ ᠶᠤᠮ ᠪᠠᠢᠨ᠎ᠠ ᠰᠢᠦ ᠭᠡᠵᠦ ᠪᠣᠳᠣᠵᠤ ᠣᠯᠤᠯ᠎ᠠ᠃  ᠲᠡᠭᠦᠨ ᠦ᠌ ᠭᠡᠷᠭᠡᠢ ᠪᠡᠶ᠎ᠡ ᠠᠮᠠᠷᠠᠵᠢᠵᠤ᠂  ᠬᠡᠦᠬᠡᠳ ᠢ᠋ ᠨᠢ ᠪᠠᠷᠢᠬᠤ ᠭᠡᠵᠦ ᠡᠳᠦᠷᠵᠢᠨ ᠢ᠋ᠶ᠋ᠡᠨ ᠨᠣᠴᠣᠯᠳᠤᠭᠰᠠᠨ ᠨᠢ ᠰᠠᠨᠠᠭᠠᠨ ᠳ᠋ᠤᠨᠢ( ᠳ᠋ᠤ᠌ ᠨᠢ)  ᠲᠣᠪ ᠲᠣᠳᠣᠬᠠᠨ ᠣᠷᠣᠵᠠᠢ᠃ ᠲᠡᠷᠡ ᠡᠮᠡᠭᠲᠡᠢ ᠲᠥᠷᠥᠬᠦ ᠭᠡᠵᠦ ᠶᠡᠬᠡᠯ᠎ᠡ(ᠶᠡᠬᠡ ᠯᠡ)  ᠶᠠᠳᠠᠷᠠᠵᠤ᠂ ᠴᠡᠴᠡᠭ ᠴᠦ᠍ ᠮᠥᠨ ᠰᠠᠨᠳᠤᠷᠤᠯᠴᠠᠭᠰᠠᠨ ᠪᠢᠯᠡ᠃ ᠲᠡᠷᠡ ᠡᠮᠡᠭᠲᠡᠢ ᠶ᠋ᠢᠨ ᠵᠠᠨᠰᠠᠩ ᠭᠡᠳᠡᠭ ᠨᠥᠬᠥᠷ ᠨᠢ ᠬᠠᠷ᠎ᠠ ᠪᠣᠯᠤᠭᠰᠠᠭᠠᠷ ᠰᠠᠢ᠍ᠢ(ᠰᠠᠶᠢ) ᠯᠠ ᠵᠢᠯ ᠪᠣᠯᠵᠤ ᠪᠠᠢᠭ᠎ᠠ ᠬᠥᠮᠦᠨ᠃ ᠡᠬᠡᠨᠡᠷ ᠦ᠋ᠨ ᠢ᠋ᠶ᠋ᠡᠨ ᠠᠮᠢ ᠪᠡᠶ᠎ᠡ ᠬᠠᠮᠢᠭᠠᠰᠢ ᠪᠠᠨ ᠪᠣᠯᠳᠠᠭ ᠪᠣᠯ ᠭᠡᠵᠦ ᠰᠠᠨᠠᠭ᠎ᠠ ᠰᠡᠳᠬᠢᠯ ᠶᠡᠬᠡ ᠵᠣᠪᠠᠨᠢᠵᠤ ᠪᠠᠢᠭᠰᠠᠨ ᠠᠵᠢ᠃ ᠲᠡᠭᠡᠲᠡᠯ᠎ᠡ᠂ ᠵᠠᠪᠰᠢᠶᠠᠨ᠎ᠠ ᠡᠭᠡᠯᠢᠲᠡᠢ ᠥᠯᠵᠡᠢᠲᠡᠢ᠂ ᠭᠡᠮ ᠦᠭᠡᠢ ᠬᠥᠩᠭᠡᠵᠢᠭᠰᠡᠨ ᠪᠢᠯᠡ᠃ ᠴᠡᠴᠡᠭ ᠲᠡᠷᠡ ᠵᠠᠨᠰᠠᠩ ᠤ᠋ᠨ ᠪᠠᠶᠠᠷᠯᠠᠨ ᠮᠠᠭᠠᠰᠠᠢᠭᠰᠠᠨ ᠴᠢᠷᠠᠢ ᠶ᠋ᠢ ᠨᠢ ᠰᠠᠨᠠᠭᠠᠳ᠂ ᠬᠠᠷᠠᠩᠭᠤᠢ ᠳ᠋ᠤ᠌ ᠢᠨᠢᠶᠡᠮᠰᠦᠭᠯᠡᠵᠡᠢ᠃ ᠭᠡᠲᠡᠯ᠎ᠡ ᠭᠡᠷ ᠦ᠋ᠨ ᠭᠠᠳᠠᠭ᠎ᠠ ᠨᠣᠬᠠᠢ ᠬᠤᠴᠠᠭᠠᠳ᠂ ᠤᠬᠤᠰᠬᠢᠨ ᠳᠠᠪᠬᠢᠳᠠᠭ ᠨᠢ ᠶᠠᠭᠤ ᠪᠢᠯᠡ? ᠮᠣᠷᠢᠨ ᠤ᠋ ᠲᠦᠪᠡᠷᠭᠡᠨ ᠰᠣᠨᠣᠰᠳᠠᠨ᠂ ᠨᠢᠭᠡ ᠶᠠᠭᠤᠮ᠎ᠠ ᠳᠡᠰ ᠬᠢᠲᠡᠯ᠎ᠡ ᠴᠣᠬᠢᠬᠤ ᠰᠢᠭ᠋ ᠪᠣᠯᠤᠭᠠᠳ᠂ ᠨᠣᠬᠠᠢ ᠬᠤᠴᠠᠵᠤ ᠪᠠᠢᠭᠰᠠᠨ ᠢ᠋ᠶ᠋ᠠᠨ ᠭᠠᠩ ᠬᠢᠭᠡᠳ ᠵᠣᠭᠰᠣᠴᠢᠬᠠᠳᠠᠭ ᠨᠢ ᠶᠠᠭᠤ ᠪᠢᠯᠡ? ᠬᠣᠨᠢ ᠰᠠᠨᠳᠤᠷᠴᠤ ᠦᠷᠭᠦᠯᠳᠦᠨ᠂ ᠡᠨᠡ ᠶᠠᠭᠤ ᠪᠣᠯᠪᠠ ᠠ᠋? ᠭᠡᠵᠦ ᠴᠢᠬᠢ ᠲᠠᠯᠪᠢᠨ ᠴᠢᠩᠨᠠᠵᠤ ᠪᠠᠢᠲᠠᠯ᠎ᠠ᠂  ᠮᠣᠷᠢᠨ ᠤ᠋ ᠲᠦᠪᠡᠷᠭᠡᠨ᠂ ᠣᠯᠠᠨ ᠬᠥᠮᠦᠨ ᠦ᠌ ᠳᠦᠩᠭᠦᠷ ᠳᠦᠩᠭᠦᠷ ᠳᠤᠤᠭᠠᠷᠬᠤ ᠴᠢᠮᠡᠭᠡ ᠤᠯᠠᠮ ᠣᠢᠷᠠᠳᠬᠤ ᠰᠢᠭ᠋ ᠪᠣᠯᠵᠤ᠂ ᠮᠣᠷᠢ ᠲᠠᠢ ᠤᠯᠤᠰ ᠭᠡᠷ ᠦ᠋ᠨ ᠭᠠᠳᠠᠭ᠎ᠠ ᠬᠦᠷᠴᠦ ᠢᠷᠡᠭᠰᠡᠨ ᠪᠣᠯᠤᠯᠲᠠᠢ᠃ ᠭᠡᠷ ᠦ᠋ᠨ ᠵᠦᠭ ᠶᠠᠭᠠᠷᠠᠨ ᠠᠯᠬᠤᠵᠤ ᠪᠠᠢᠭ᠎ᠠ ᠴᠢᠮᠡᠭᠡ ᠰᠣᠨᠣᠰᠳᠠᠨ᠎ᠠ᠂ ᠲᠠᠰᠢᠭᠤᠷ ᠢ᠋ᠶ᠋ᠠᠷ ᠡᠭᠦᠳᠡ ᠰᠡᠬᠦᠭᠡᠳ ᠭᠡᠷ ᠳᠡᠭᠡᠷ᠎ᠡ ᠬᠠᠶᠠᠭᠠᠳ᠂ ᠬᠠᠭᠠᠯᠭ᠎ᠠ ᠶ᠋ᠢ ᠵᠠᠳᠠ ᠢᠰᠬᠦᠯᠵᠡᠢ᠃ 
       — ᠬᠡᠨ ᠪᠣᠢ? ᠭᠡᠵᠦ ᠵᠠᠨᠰᠠᠩ ᠰᠠᠨᠳᠤᠷᠤᠨ ᠳᠤᠤᠭᠠᠷᠴᠤ᠂ ᠦᠷ ᠦ᠋ᠨ ᠬᠠᠷᠠᠩᠭᠤᠢ ᠪᠠᠷ ᠡᠭᠦᠳᠡᠨ ᠳ᠋ᠦ᠍ ᠪᠠᠷᠠᠭᠠᠨ  ᠪᠠᠷᠠᠭᠠᠨ ᠶᠠᠭᠤᠮ᠎ᠠ ᠬᠥᠳᠡᠯᠬᠦ ᠰᠢᠭ ᠦᠵᠡᠭᠳᠡᠭᠡᠳ᠂  
       — ᠵᠠᠨᠰᠠᠩ᠂ ᠳ᠋ᠧᠩ ᠪᠡᠷᠢ! ᠭᠡᠵᠦ ᠨᠢᠭᠡ ᠬᠥᠮᠦᠨ ᠲᠤᠰᠢᠶᠠᠨ ᠳᠤᠤᠭᠠᠷᠴᠤ᠂ 
       — ᠵᠠ! ᠭᠡᠵᠦ ᠵᠠᠨᠰᠠᠩ ᠲᠡᠪᠡᠳᠡᠵᠦ ᠬᠠᠷᠢᠭᠤ ᠬᠡᠯᠡᠯ᠎ᠡ᠃ ᠴᠦᠳᠡᠨᠵᠡ ᠱᠠᠷ ᠬᠢᠵᠦ ᠵᠣᠷᠤᠭᠠᠳ ᠲᠣᠰᠣᠨ ᠳ᠋ᠧᠩ ᠪᠠᠷᠢᠬᠤ ᠳ᠋ᠤᠨᠢ( ᠳ᠋ᠤ᠌ ᠨᠢ)᠂ ᠰᠦᠮᠡᠯᠵᠡᠭᠰᠡᠨ ᠭᠡᠷᠡᠯ ᠳ᠋ᠦ᠍ᠨᠢ( ᠳ᠋ᠦ᠍ ᠨᠢ)ᠴᠡᠴᠡᠭ᠂ ᠳᠡᠪᠡᠯ ᠦ᠋ᠨ ᠢ᠋ᠶ᠋ᠡᠨ ᠬᠣᠷᠮᠣᠢ ᠳᠣᠣᠷ᠎ᠠ ᠠ᠋ᠴᠠ ᠱᠠᠭᠠᠢᠵᠤ ᠬᠠᠷᠠᠪᠠᠰᠤ᠂ ᠭᠠᠷ ᠲᠠᠭᠠᠨ ( ᠲᠤ ᠪᠠᠨ) ᠲᠠᠰᠢᠭᠤᠷ ᠪᠠᠷᠢᠭᠰᠠᠨ ᠴᠢᠭᠢᠷᠠᠭ ᠴᠢᠭᠢᠷᠠᠭ ᠯᠠᠮᠠ ᠨᠠᠷ ᠭᠡᠷ ᠢ᠋ᠶ᠋ᠡᠷ ᠳᠦᠭᠦᠷᠴᠡᠢ᠃ ᠭᠡᠷ ᠲᠦ᠍ ᠶᠡᠷᠦᠨᠢ(ᠶᠡᠷᠦ ᠨᠢ) ᠲᠠᠰᠢᠭᠤᠷ ᠪᠠᠷᠢᠵᠤ ᠣᠷᠣᠳᠠᠭ ᠶᠣᠰᠣ ᠦᠭᠡᠢ ᠲᠤᠯᠠ᠂ ᠮᠠᠭᠤᠬᠠᠢ ᠶᠠᠭᠤᠮ᠎ᠠ ᠪᠣᠯᠬᠤ ᠨᠢ ᠳᠡ ᠭᠡᠵᠦ ᠴᠡᠴᠡᠭ ᠦ᠋ᠨ ᠳᠣᠲᠣᠷ᠎ᠠ ᠠᠶ᠎ᠠ ᠦᠭᠡᠢ  ᠪᠣᠯᠤᠯ᠎ᠠ᠃ ᠵᠡᠭᠦᠨ ᠬᠠᠨ᠎ᠠ ᠳ᠋ᠤ᠌ ᠣᠷᠣᠨ ᠳᠡᠭᠡᠷ᠎ᠡ ᠪᠡᠨ ᠬᠡᠪᠲᠡᠵᠦ ᠪᠠᠢᠭᠰᠠᠨ ᠥᠨᠥᠬᠢ ᠨᠢᠯᠬ᠎ᠠ ᠪᠡᠶ᠎ᠡ ᠲᠡᠢ ᠡᠮᠡᠭᠲᠡᠢ ᠡᠯᠢᠭᠡ ᠪᠡᠨ ᠳᠡᠪᠡᠯ ᠢ᠋ᠶ᠋ᠡᠷ ᠢ᠋ᠶ᠋ᠡᠨ ᠬᠤᠴᠢᠭᠠᠳ ᠶᠡᠬᠡᠯ᠎ᠡ(ᠶᠡᠬᠡ ᠯᠡ)ᠡᠮᠢᠶᠡᠭᠰᠡᠨ ᠪᠠᠢᠳᠠᠯ ᠲᠠᠢ᠂ ᠡᠭᠦᠳᠡᠨ  ᠲᠤᠰᠢᠶ᠎ᠠ ᠣᠪᠣᠭᠠᠷᠠᠯᠳᠤᠭᠰᠠᠨ ᠯᠠᠮᠠ ᠨᠠᠷ ᠢ᠋ ᠰᠢᠷᠲᠡᠨ ᠬᠠᠷᠠᠵᠤ  ᠪᠠᠢᠯ᠎ᠠ᠃ 
       ᠬᠦᠨᠳᠦ ᠭᠡᠭᠴᠢ ᠶ᠋ᠢᠨ ᠲᠠᠶᠠᠭ ᠰᠢᠭ᠋ ᠶᠠᠭᠤᠮ᠎ᠠ ᠲᠤᠯᠵᠤ ᠶᠠᠪᠤᠭᠰᠠᠨ ᠨᠢᠭᠡ ᠴᠢᠭᠢᠷᠠᠭ  ᠪᠠᠯᠲᠠᠭᠠᠷ ᠯᠠᠮᠠ ᠭᠡᠷ ᠦ᠋ᠨ ᠬᠣᠢᠮᠣᠷ ᠲᠤ᠌ ᠭᠠᠷᠤᠭᠠᠳ᠂ ᠴᠡᠴᠡᠭ ᠦ᠋ᠨ ᠵᠦᠭ ᠲᠣᠯᠣᠭᠠᠢ ᠪᠠᠨ ᠳᠣᠬᠢᠨ᠂  
       — ᠬᠡᠨ ᠪᠣᠢ? ᠭᠡᠵᠡᠢ᠃  
       —  ᠳ᠋ᠣᠣᠪᠲ᠋ᠣᠷ ᠭᠡᠵᠦ ᠬᠡᠯᠡᠭᠡᠳ ᠵᠠᠨᠰᠠᠩ᠂ ᠮᠠᠨᠠᠢ(ᠮᠠᠨ ᠤ᠋) ᠡᠬᠡᠨᠡᠷ ᠦ᠋ᠨ ᠬᠡᠦᠬᠡᠳ ᠢ᠋ ᠡᠬᠡ ᠪᠠᠷᠢᠭᠰᠠᠨ ᠪᠢᠯᠡ ᠭᠡᠵᠦ ᠲᠠᠢᠯᠪᠤᠷᠢᠯᠠᠨ ᠳᠤᠤᠭᠠᠷᠴᠠᠢ᠃  
        ᠴᠡᠴᠡᠭ ᠦ᠋ᠨ ᠬᠥᠯ ᠦ᠋ᠨ ᠦᠵᠦᠭᠦᠷ ᠲᠦ᠍ ᠵᠣᠭᠰᠣᠵᠤ ᠪᠠᠢᠭᠰᠠᠨ ᠨᠢᠭᠡ ᠴᠣᠬᠣᠷ ᠯᠠᠮᠠ ᠪᠥᠬᠥᠢᠭᠡᠳ ᠴᠡᠴᠡᠭ ᠦ᠋ᠨ ᠬᠤᠴᠢᠭᠰᠠᠨ ᠳᠡᠪᠡᠯ ᠬᠣᠣ ᠲᠠᠲᠠᠵᠤ᠂  
       — ᠪᠣᠰ! ᠨᠡᠷ᠎ᠡ ᠴᠢᠨᠢ ᠬᠡᠨ ᠪᠣᠢ᠂ ᠮᠠᠭᠤ ᠬᠠᠷ᠎ᠠ ᠠᠯᠮᠠᠰ? ᠬᠡᠮᠡᠲᠡᠯ᠎ᠡ᠂ ᠲᠣᠯᠣᠭᠠᠢᠯᠠᠵᠤ ᠶᠠᠪᠤᠭᠰᠠᠨ ᠯᠠᠮᠠ ᠨᠢ ᠲᠤᠰᠢᠶᠠᠵᠤ᠂  
       — ᠪᠣᠯᠢ! ᠭᠡᠵᠡᠢ᠃  
       ᠴᠡᠴᠡᠭ ᠵᠡᠭᠦᠳᠦᠯᠡᠵᠦ ᠪᠠᠢᠭ᠎ᠠ ᠶᠤᠮ ᠰᠢᠭ᠋᠂ ᠴᠡᠴᠡᠷᠬᠢᠯᠡᠭᠰᠡᠨ ᠭᠠᠷ ᠢ᠋ᠶ᠋ᠠᠷ ᠢ᠋ᠶ᠋ᠠᠨ ᠲᠡᠷᠡ ᠴᠣᠬᠣᠷ ᠯᠠᠮᠠ ᠶ᠋ᠢᠨ ᠠᠪᠴᠤ ᠬᠠᠶᠠᠭᠰᠠᠨ ᠳᠡᠪᠡᠯ ᠢ᠋ᠶ᠋ᠡᠨ ᠲᠠᠲᠠᠵᠤ ᠪᠡᠶ᠎ᠡ ᠪᠡᠨ ᠬᠤᠴᠢᠯ᠎ᠠ᠃  
       — ᠨᠢᠭᠦᠯ ᠦ᠋ᠨ ᠴᠢᠨᠢ ᠰᠠᠪᠠ ᠳᠦᠭᠦᠷᠴᠡᠢ ᠭᠡᠵᠦ ᠲᠡᠷᠡ ᠲᠣᠯᠣᠭᠠᠢᠯᠠᠭᠴᠢ ᠯᠠᠮᠠ᠂  ᠵᠠᠨᠰᠠᠩ ᠤ᠋ᠨ ᠵᠦᠭ ᠬᠠᠨᠳᠤᠵᠤ ᠬᠦᠢᠲᠡᠨ ᠢ᠋ᠶ᠋ᠡᠷ ᠥᠭᠦᠯᠡᠷᠦᠨ᠂  ᠴᠢ ᠰᠠᠬᠢᠯ ᠰᠠᠨᠸᠠᠷ ᠢ᠋ᠶ᠋ᠠᠨ ᠪᠤᠵᠠᠷᠯᠠᠪᠠ᠂ ᠲᠡᠷᠡ ᠪᠣᠯ ᠴᠢᠨᠦ ᠨᠢᠭᠡᠨ ᠵᠦᠢᠯ ᠶᠠᠯ᠎ᠠ᠃ ᠯᠠᠮᠠ ᠬᠤᠸᠠᠷᠠᠭ ᠢ᠋ ᠬᠠᠷ᠎ᠠ ᠪᠣᠯ ᠭᠡᠵᠦ ᠢᠳᠬᠠᠨ ᠤᠬᠠᠭᠤᠯᠵᠤ ᠪᠠᠢᠭᠰᠠᠨ᠂ ᠲᠡᠷᠡ ᠪᠣᠯ ᠴᠢᠨᠦ ᠪᠠᠰᠠ ᠨᠢᠭᠡᠨ ᠵᠦᠢᠯ ᠶᠠᠯ᠎ᠠ᠂ ᠬᠠᠷ᠎ᠠ ᠪᠣᠯᠬᠤ ᠳ᠋ᠠᠭᠠᠨ ᠭᠡᠰᠡᠷ ᠦ᠋ᠨ ᠳᠠᠴᠠᠩ ᠤ᠋ᠨ ᠵᠢᠰᠠ ᠠ᠋ᠴᠠ ᠪᠤᠷᠤᠭᠤ ᠨᠣᠮᠲᠤ ᠵᠠᠰᠠᠭ ᠤ᠋ᠨ ᠬᠠᠤᠯᠢ ᠵᠢᠭᠠᠨ᠂ ᠬᠤᠪᠢ ᠭᠡᠵᠦ ᠨᠡᠬᠡᠵᠦ ᠪᠠᠢᠵᠤ ᠡᠳ᠋ ᠮᠠᠯ ᠠᠪᠤᠭᠰᠠᠨ᠂ ᠲᠡᠷᠡ ᠪᠣᠯ ᠴᠢᠨᠦ ᠪᠠᠰᠠ ᠨᠢᠭᠡᠨ ᠵᠦᠢᠯ ᠬᠦᠨᠳᠦ ᠶᠠᠯ᠎ᠠ᠃ ᠲᠣᠭᠰᠢᠨ ᠰᠠᠬᠢᠭᠤᠯᠰᠤ ᠶ᠋ᠢ ᠲᠡᠭᠡᠵᠦ ᠬᠢᠯᠢᠩᠨᠡᠭᠦᠯᠦᠭᠰᠡᠨ ᠨᠢᠭᠦᠯ ᠦ᠋ᠨ ᠴᠢᠨᠢ ᠰᠠᠪᠠ ᠳᠦᠭᠦᠷᠴᠦ᠂ ᠶᠣᠰᠣᠨ ᠪᠤᠷᠤᠭᠤ ᠦᠷ᠎ᠡ ᠦᠨᠳᠦᠰᠦ ᠲᠡᠢ ᠪᠡᠨ ᠶᠠᠯ᠎ᠠ ᠪᠠᠨ ᠠᠮᠰᠠᠬᠤ ᠴᠠᠭ ᠴᠢᠨᠢ ᠪᠣᠯᠵᠠᠢ᠃ ᠪᠤᠷᠤᠭᠤ ᠨᠣᠮᠲᠤ ᠮᠤᠬᠤᠷ ᠲᠣᠯᠣᠭᠠᠢᠲᠠᠨ ᠤ᠋ ᠵᠠᠰᠠᠭ ᠰᠥᠨᠥᠬᠦ ᠴᠠᠭ  ᠣᠢᠷᠠᠳᠪᠠᠴᠤ᠂ ᠲᠡᠭᠦᠨ ᠦ᠌ ᠡᠴᠦᠰ ᠪᠣᠯᠤᠭᠰᠠᠨ ᠢ᠋ ᠴᠢ ᠦᠵᠡᠬᠦ ᠬᠤᠪᠢ ᠦᠭᠡᠢ ᠠᠮᠢᠲᠠᠨ ᠭᠡᠳ ᠳᠠᠭᠤ ᠪᠠᠨ ᠥᠨᠳᠥᠷ ᠪᠣᠯᠭᠠᠵᠤ ᠲᠤᠰᠢᠶᠠᠨ ᠥᠭᠦᠯᠡᠷᠦᠨ᠂ ᠡᠨᠡ ᠮᠠᠭᠤ ᠶ᠋ᠢ ᠭᠠᠳᠠᠭᠰᠢ ᠴᠢᠷᠴᠦ ᠭᠠᠷᠭᠠᠭᠠᠳ ᠮᠢᠬ᠎ᠠ ᠶ᠋ᠢ ᠨᠢ ᠶᠠᠰᠤᠨ ᠠ᠋ᠴᠠ ᠨᠢ ᠰᠠᠯᠲᠠᠯ᠎ᠠ ᠭᠥᠪᠳᠡ᠃ ᠲᠡᠭᠡᠭᠡᠳ᠂ ᠬᠠᠷ᠎ᠠ ᠵᠢᠷᠦᠬᠡ ᠶ᠋ᠢ ᠨᠢ ᠰᠤᠭᠤᠯᠵᠤ᠂ ᠭᠡᠰᠡᠷ ᠬᠠᠭᠠᠨ ᠤ᠋ ᠫᠤᠤ ᠶ᠋ᠢ ᠮᠢᠯᠢᠶᠠ ᠭᠡᠬᠦ ᠳ᠋ᠦ᠍ᠨᠢ( ᠳ᠋ᠦ᠍ ᠨᠢ) ᠦᠨᠡᠭᠡᠨ ᠦ᠌ ᠵᠤᠯᠵᠠᠭ᠎ᠠ ᠣᠭᠣᠲᠣᠨ᠎ᠠ ᠳ᠋ᠤ᠌ ᠳᠠᠭᠠᠷᠢᠵᠤ ᠪᠠᠢᠭ᠎ᠠ ᠶᠤᠮ ᠰᠢᠭ᠋᠂ ᠯᠠᠮᠠ ᠨᠠᠷ ᠵᠠᠨᠰᠠᠩ ᠢ᠋ ᠳᠠᠭᠠᠷᠢᠨ ᠰᠢᠭᠦᠷᠴᠦ᠂ ᠭᠠᠳᠠᠭ᠎ᠠ ᠴᠢᠷᠴᠦ ᠭᠠᠷᠭᠠᠲᠠᠯ᠎ᠠ᠂ ᠥᠨᠥᠬᠢ ᠨᠢᠯᠬ᠎ᠠ ᠬᠡᠦᠬᠡᠳ ᠲᠡᠢ ᠬᠥᠭᠡᠷᠦᠬᠦᠢ ᠡᠮᠡᠭᠲᠡᠢ᠂ ᠨᠥᠬᠥᠷ ᠦ᠋ᠨ ᠢ᠋ᠶ᠋ᠡᠨ ᠳᠡᠪᠡᠯ ᠦ᠋ᠨ ᠬᠣᠷᠮᠣᠢ ᠠ᠋ᠴᠠ ᠰᠢᠭᠦᠷᠦᠭᠡᠳ᠂ ᠪᠦᠦ ᠠᠯᠠ᠂ ᠠᠮᠢ  ᠠᠪᠤᠷᠠ! ᠭᠡᠵᠦ ᠪᠠᠷᠬᠢᠷᠠᠵᠠᠢ᠃ ᠴᠡᠴᠡᠭ ᠦ᠋ᠨ ᠤᠬᠠᠭᠠᠨ ᠠᠯᠲᠠᠨ ᠬᠠᠷᠠᠵᠤ ᠬᠡᠪᠲᠡᠲᠡᠯ᠎ᠡ᠂ ᠴᠣᠬᠣᠷ ᠯᠠᠮᠠ ᠲᠡᠷᠡ ᠡᠮᠡᠭᠲᠡᠢ ᠶ᠋ᠢ ᠦᠰᠦᠳᠡᠭᠡᠳ ᠴᠢᠷᠴᠦ ᠪᠠᠢᠲᠠᠯ᠎ᠠ ᠪᠠᠨ ᠨᠠᠮᠬᠠᠨ ᠣᠷᠣᠨ ᠳᠡᠭᠡᠷ᠎ᠡ ᠣᠢᠴᠢᠭᠰᠠᠨ ᠬᠡᠦᠬᠡᠳ ᠳᠡᠭᠡᠷ᠎ᠡ ᠨᠢ ᠭᠢᠰᠬᠢᠵᠦ᠂ ᠬᠡᠷᠦᠵᠦ ᠪᠠᠢᠭᠰᠠᠨ ᠲᠠᠤᠯᠠᠢ ᠶ᠋ᠢᠨ ᠪᠥᠵᠥᠩ᠂ ᠮᠣᠷᠢᠨ ᠤ᠋ ᠲᠤᠭᠤᠷᠠᠢ ᠳ᠋ᠤ᠌ ᠭᠢᠰᠬᠢᠭᠦᠯᠦᠭᠰᠡᠨ ᠶᠦᠮ ᠰᠢᠭ ᠴᠠᠰᠭᠢᠵᠦ ᠳᠤᠤᠭᠠᠷᠬᠤ ᠴᠢᠮᠡᠭᠡ ᠰᠣᠨᠣᠰᠳᠠᠮᠠᠭᠴᠠ᠂ 
       — ᠬᠦᠦ ᠶ᠋ᠢ ᠮᠢᠨᠢ ᠬᠠᠷ᠎ᠠ ᠴᠢᠰᠤ ᠨᠤᠭᠤᠳ ᠠᠯᠠᠯ᠎ᠠ! ᠭᠡᠵᠦ ᠲᠡᠷᠡ ᠵᠠᠶᠠᠭ᠎ᠠ ᠮᠠᠭᠤᠲᠤ ᠡᠬᠡ ᠨᠢ ᠬᠠᠰᠬᠢᠷᠴᠤ᠂ ᠨᠥᠬᠥᠷ ᠢ᠋ᠶ᠋ᠡᠨ ᠲᠠᠯᠪᠢᠭᠠᠳ᠂ ᠬᠡᠢᠳ ᠦ᠋ᠨ ᠨᠡᠷᠡᠲᠡᠢ ᠪᠥᠬᠡ ᠲᠡᠷᠡ ᠴᠣᠬᠣᠷ ᠯᠠᠮᠠ ᠶ᠋ᠢᠨ ᠭᠠᠷ ᠠ᠋ᠴᠠ ᠬᠥᠮᠦᠨ ᠪᠤᠰᠤ ᠶ᠋ᠢᠨ ᠬᠦᠴᠦ ᠭᠠᠷᠭᠠᠵᠤ ᠠᠯᠳᠠᠭᠤᠯᠤᠭᠠᠳ᠂ ᠲᠡᠷᠡ ᠯᠠᠮᠠ ᠶ᠋ᠢᠨ ᠬᠥᠯ ᠳ᠋ᠦ᠍ ᠨᠢᠴᠠ ᠭᠢᠰᠬᠢᠭᠦᠯᠵᠦ ᠠᠮᠢᠰᠬᠤᠯ ᠲᠠᠰᠤᠷᠠᠭᠰᠠᠨ ᠬᠡᠦᠬᠡᠳ ᠦ᠋ᠨ ᠢ᠋ᠶ᠋ᠡᠨ ᠪᠡᠶ᠎ᠡ ᠰᠢᠭᠦᠷᠦᠭᠡᠳ᠂ ᠲᠣᠯᠣᠭᠠᠢᠯᠠᠭᠴᠢ ᠯᠠᠮᠠ ᠶ᠋ᠢᠨ ᠵᠦᠭ ᠡᠷᠭᠢᠵᠦ᠂ 
       — ᠣᠷᠬᠢᠮᠵᠢ ᠲᠠᠢ ᠣᠷᠢᠶᠠᠯᠠᠩ ᠤ᠋ᠳ᠂ ᠦᠶ᠎ᠡ ᠶ᠋ᠢᠨ ᠦᠶ᠎ᠡ ᠳ᠋ᠦ᠍ ᠠᠮᠢᠲᠠᠨ ᠤ᠋ ᠬᠠᠷᠢᠶᠠᠯ ᠢᠳᠡᠵᠦ ᠶᠠᠪᠤᠲᠤᠭᠠᠢ! ᠠᠮᠢᠲᠠᠨ ᠢ᠋ ᠵᠣᠪᠠᠭᠠᠬᠤ ᠭᠡᠵᠦ  ᠲᠠ ᠪᠦᠭᠦᠳᠡ ᠶ᠋ᠢᠨ ᠲᠥᠷᠥᠭᠰᠡᠨ ᠡᠬᠡ ᠶ᠋ᠢᠨ ᠲᠠᠨᠢ ᠭᠠᠯ ᠭᠣᠯᠣᠮᠲᠠ ᠰᠥᠨᠥᠭ! ᠴᠢᠰᠤᠲᠠᠢ ᠲᠡᠷᠡ ᠭᠡᠰᠡᠷ ᠬᠠᠭᠠᠨ ᠤ᠋ ᠲᠠᠨᠢ ᠳᠠᠴᠠᠩ ᠬᠡᠢᠳ ᠨᠢ ᠦᠨᠡᠰᠦᠨ ᠲᠣᠪᠷᠠᠭ ᠪᠣᠯᠵᠤ᠂ ᠲᠠ ᠨᠠᠷ ᠤ᠋ᠨ ᠰᠠᠨᠠᠭ᠎ᠠ ᠪᠠᠷ ᠢ᠋ᠶ᠋ᠠᠨ ᠵᠣᠬᠢᠶᠠᠭᠰᠠᠨ ᠪᠤᠷᠬᠠᠨ ᠰᠠᠬᠢᠭᠤᠯᠰᠤᠨ ᠤ᠋ ᠬᠥᠷᠥᠭ ᠢ᠋ ᠬᠥᠮᠦᠨ ᠨᠢᠴᠠ ᠭᠢᠰᠬᠢᠬᠦ ᠪᠣᠯᠲᠤᠭᠠᠢ! ᠪᠤᠵᠠᠷ ᠪᠣᠯᠠᠢ ᠬᠡᠢᠳ ᠲᠠᠨᠢ ᠪᠠᠢᠭᠰᠠᠨ ᠭᠠᠵᠠᠷ ᠬᠠᠯᠠᠭᠠᠢ  ᠦᠮᠡᠬᠡᠢ ᠡᠪᠡᠰᠦ ᠣᠷᠭᠣᠭ! ᠲᠠ ᠨᠠᠷ ᠪᠢᠳᠡᠨ ᠦ᠌ ᠮᠢᠬ᠎ᠠ ᠴᠢᠰᠤ ᠢᠳᠡᠬᠦ ᠭᠡᠵᠦ  ᠢᠷᠡᠪᠡ ᠤᠤ᠂ ᠬᠠᠷ᠎ᠠ ᠮᠢᠬᠠᠴᠢᠨ ᠨᠤᠭᠤᠳ? ᠬᠦᠦ ᠶ᠋ᠢ ᠮᠢᠨᠢ ᠠᠯᠠᠭᠰᠠᠨ ᠮᠢᠬᠠᠴᠢᠨ ᠨᠤᠭᠤᠳ᠂ ᠮᠢᠬᠠᠰᠠᠪᠠᠯ᠂ ᠮᠠᠢ᠂ ᠮᠢᠬ᠎ᠠ ᠶ᠋ᠢ ᠨᠢ ᠢᠳᠡᠯ ᠳᠡ᠂ ᠢᠳᠡᠯ ᠳᠡ! ᠲᠦᠮᠡᠨ ᠦᠶ᠎ᠡ ᠳ᠋ᠦ᠍ ᠠᠮᠢᠲᠠᠨ ᠤ᠋ ᠬᠠᠷᠢᠶᠠᠯ ᠢᠳᠡᠬᠦ ᠮᠢᠬᠠᠴᠢᠨ ᠨᠤᠭᠤᠳ᠂ ᠮᠠᠢ! ᠭᠡᠳ ᠦᠰᠦ ᠨᠢ ᠵᠠᠳᠠᠷᠠᠨ ᠰᠠᠭᠰᠠᠢᠭᠰᠠᠨ᠂ ᠨᠢᠳᠦ ᠨᠢ ᠭᠢᠯᠠᠯᠵᠠᠨ ᠭᠠᠯ ᠪᠠᠳᠠᠷᠠᠭᠰᠠᠨ ᠶᠤᠮ ᠰᠢᠭ᠋ ᠬᠤᠷᠴᠠ ᠬᠠᠷᠠᠴᠠ ᠲᠠᠢ ᠪᠣᠯᠤᠭᠰᠠᠨ ᠵᠢᠰᠦ ᠴᠢᠷᠠᠢ ᠨᠢ ᠬᠣᠷᠣᠰᠤᠨ ᠵᠢᠭᠰᠢᠭᠰᠡᠨ ᠳ᠋ᠡᠭᠡᠨ( ᠳ᠋ᠦ᠍ ᠪᠡᠨ) ᠠᠶᠤᠮᠠᠷ ᠰᠦᠷᠲᠡᠢ ᠪᠣᠯᠵᠤ᠂ ᠠᠮᠠ ᠬᠠᠮᠠᠷ ᠨᠢ ᠮᠤᠷᠤᠢᠭᠠᠳ᠂ ᠰᠦᠷᠲᠡᠢ ᠨᠢᠴᠦᠭᠦᠨ ᠪᠠᠢᠳᠠᠯ ᠨᠢ ᠳᠣᠭᠰᠢᠨ ᠬᠢᠯᠢᠩᠲᠦ ᠨᠠᠷ ᠬᠠᠵᠢᠳ ᠪᠡᠶᠡᠯᠡᠭᠰᠡᠨ ᠮᠡᠲᠦ ᠰᠦᠷᠲᠡᠢ ᠦᠵᠡᠭᠳᠡᠵᠦ᠂ ᠲᠡᠷᠡ ᠴᠣᠬᠣᠷ ᠯᠠᠮᠠ ᠶ᠋ᠢᠨ ᠬᠦᠨᠳᠦ ᠭᠤᠲᠤᠯ ᠳ᠋ᠤ᠌ ᠨᠢᠴᠠ  ᠭᠢᠰᠬᠢᠭᠦᠯᠦᠨ ᠦᠬᠦᠭᠰᠡᠨ ᠤᠤᠭᠠᠨ ᠬᠦᠦ ᠶ᠋ᠢᠨ ᠢ᠋ᠶ᠋ᠡᠨ ᠪᠢᠴᠢᠬᠠᠨ ᠪᠡᠶ᠎ᠡ ᠶ᠋ᠢ ᠥᠨᠥᠬᠢ ᠪᠦᠯᠦᠭ ᠯᠠᠮᠠ ᠨᠠᠷ ᠤ᠋ᠨ ᠲᠣᠯᠣᠭᠠᠢᠯᠠᠭᠴᠢ ᠶ᠋ᠢᠨ ᠨᠢᠭᠤᠷ ᠥᠭᠡᠳᠡ ᠴᠢᠯᠠᠭᠤᠳᠠᠭᠠᠳ᠂ ᠲᠣᠭᠰᠢᠨ ᠡᠮ᠎ᠡ ᠠᠷᠰᠯᠠᠨ ᠰᠢᠭ᠋ ᠳᠠᠭᠠᠷᠢᠨ ᠣᠷᠣᠬᠤ ᠳ᠋ᠤᠨᠢ( ᠳ᠋ᠤ᠌ ᠨᠢ)᠂ ᠲᠣᠰᠣᠨ ᠳ᠋ᠧᠩ ᠵᠠᠮ ᠳ᠋ᠤᠨᠢ( ᠳ᠋ᠤ᠌ ᠨᠢ) ᠳᠠᠭᠠᠷᠢᠯᠳᠤᠨ ᠣᠢᠴᠢᠭᠠᠳ ᠤᠨᠲᠠᠷᠠᠵᠠᠢ᠃ ᠬᠠᠷᠠᠩᠭᠤᠢ ᠳ᠋ᠤ᠌ ᠥᠨᠥᠬᠢ ᠴᠣᠬᠣᠷ ᠯᠠᠮᠠ᠂ ᠲᠡᠷᠡ ᠰᠠᠨᠳᠤᠷᠤᠨ ᠲᠡᠪᠡᠳᠡᠭᠰᠡᠨ ᠠᠬᠠᠯᠠᠭᠴᠢ ᠶ᠋ᠢ ᠪᠡᠨ ᠲᠡᠩᠬᠡᠷᠡᠭᠦᠯᠦᠨ᠂ ᠬᠥᠭᠡᠷᠦᠬᠦᠢ ᠡᠮᠡᠭᠲᠡᠢ ᠶ᠋ᠢ ᠬᠠᠷᠢᠶᠠᠯ ᠰᠢᠷᠢᠶᠠᠯ ᠲᠠᠯᠪᠢᠨ᠂ ᠭᠠᠳᠠᠭᠰᠢ ᠴᠢᠷᠴᠦ ᠭᠠᠷᠭᠠᠭᠠᠳ᠂ ᠡᠷᠭᠦᠨ ᠳᠠᠯᠠᠢᠵᠤ ᠲᠡᠩᠬᠡᠭᠡ ᠮᠡᠳᠡᠨ ᠭᠠᠵᠠᠷ ᠴᠢᠯᠠᠭᠤᠳᠠᠭᠰᠠᠨ ᠳ᠋ᠤ᠌᠂ ᠴᠡᠴᠡᠭ ᠦ᠋ᠨ ᠴᠢᠩᠨᠠᠵᠤ ᠪᠠᠢᠬᠤ ᠳ᠋ᠤ᠌᠂ ᠶᠠᠰᠤ ᠨᠢ ᠨᠠᠵᠢᠭᠢᠨᠠᠲᠠᠯ᠎ᠠ ᠬᠡᠮᠬᠡᠷᠡᠭᠰᠡᠨ ᠴᠢᠮᠡᠭᠡ ᠰᠣᠨᠣᠰᠳᠠᠭᠠᠳ᠂ ᠴᠡᠴᠡᠭ ᠤᠬᠠᠭᠠᠨ ᠠᠯᠲᠠᠨ ᠠᠶᠤᠭᠰᠠᠨ ᠳ᠋ᠠᠭᠠᠨ( ᠳ᠋ᠤ᠌ ᠪᠠᠨ) ᠭᠡᠷ ᠦ᠋ᠨ ᠬᠠᠨ᠎ᠠ ᠳ᠋ᠤ᠌ ᠨᠠᠭᠠᠯᠳᠤᠨ ᠬᠡᠪᠲᠡᠯ᠎ᠡ᠃ 
       — ᠶᠠᠰᠤ ᠶ᠋ᠢ ᠨᠢ ᠭᠠᠷᠲᠠᠯ᠎ᠠ ᠪᠠᠯᠪᠠᠭᠠᠳ ᠪᠠᠢ! ᠴᠢᠰᠤ ᠶ᠋ᠢ ᠨᠢ ᠬᠣᠯᠢ! ᠭᠡᠵᠦ ᠲᠡᠷᠡ ᠴᠣᠬᠣᠷ ᠯᠠᠮᠠ ᠭᠠᠯᠵᠠᠭᠤ ᠶᠤᠮ ᠰᠢᠭ᠋ ᠬᠠᠰᠬᠢᠷᠤᠨ᠂ ᠲᠠᠰᠢᠭᠤᠷ ᠯᠥᠰ ᠯᠥᠰ  ᠪᠠᠭᠤᠬᠤ᠂ ᠵᠠᠨᠰᠠᠩ ᠤ᠋ᠨ ᠶᠣᠢᠯᠠᠬᠤ ᠴᠢᠮᠡᠭᠡ ᠰᠣᠨᠣᠰᠲᠠᠯ᠎ᠠ᠃ 
       ᠥᠨᠥᠬᠢ ᠲᠣᠯᠣᠭᠠᠢᠯᠠᠭᠴᠢ ᠯᠠᠮᠠ᠂ ᠭᠡᠷ ᠲᠦ᠍ ᠰᠠᠭᠤᠵᠤ ᠪᠠᠢᠭᠰᠠᠨ ᠢ᠋ᠶ᠋ᠠᠨ ᠪᠤᠷᠬᠠᠨ ᠤ᠋ ᠭᠦᠩᠭᠠᠷᠠᠪᠠ ᠶ᠋ᠢᠨ ᠡᠮᠦᠨ᠎ᠡ ᠲᠡᠮᠲᠡᠷᠢᠵᠦ ᠵᠤᠯᠠ ᠣᠯᠤᠭᠠᠳ᠂ ᠴᠦᠳᠡᠨᠵᠡ ᠵᠣᠷᠤᠨ ᠵᠤᠯᠠ ᠪᠠᠷᠢᠭᠠᠳ᠂ ᠭᠠᠳᠠᠭ᠎ᠠ ᠵᠠᠨᠰᠠᠩ ᠤ᠋ᠨ ᠶᠣᠢᠯᠠᠨ ᠪᠠᠷᠬᠢᠷᠠᠵᠤ ᠪᠠᠢᠭ᠎ᠠ ᠶ᠋ᠢ ᠲᠠᠪᠠ ᠪᠠᠨ  ᠬᠠᠨᠤᠨ ᠰᠣᠨᠣᠰᠴᠤ᠂ ᠴᠡᠴᠡᠭ ᠦ᠋ᠨ ᠵᠦᠭ ᠬᠠᠨᠳᠤᠭᠠᠳ ᠬᠠᠰᠬᠢᠷᠤᠨ ᠥᠭᠦᠯᠡᠷᠦᠨ᠂ 
       — ᠰᠠᠬᠢᠯ ᠰᠠᠨᠸᠠᠷ ᠢ᠋ᠶ᠋ᠠᠨ ᠡᠪᠳᠡᠭᠰᠡᠨ ᠡᠲᠡᠭᠡᠳ ᠢ᠋ ᠪᠢᠳᠡ ᠢᠩᠭᠢᠵᠦ ᠵᠠᠯᠬᠠᠭᠠᠨ ᠭᠡᠰᠡᠭᠡᠵᠤ ᠪᠠᠢᠭ᠎ᠠ ᠶᠣᠮ᠎ᠠ᠃ ᠲᠩᠷᠢᠯᠢᠭ ᠭᠡᠰᠡᠷ ᠬᠠᠭᠠᠨ ᠤ᠋ ᠲᠣᠭᠰᠢᠨ ᠴᠠᠭᠠᠵᠠ ᠭᠡᠰᠡᠭᠡᠯᠭᠡ ᠶ᠋ᠢ ᠴᠢ ᠭᠠᠷᠴᠤ ᠦᠵᠡ ᠭᠡᠳ ᠴᠡᠴᠡᠭ ᠢ᠋ ᠪᠦᠬᠦ ᠪᠡᠶ᠎ᠡ ᠨᠢ ᠴᠡᠴᠡᠷᠡᠨ ᠳᠠᠭᠵᠢᠵᠤ᠂ ᠨᠢᠷᠠᠢ ᠬᠡᠦᠬᠡᠳ ᠦ᠋ᠨ ᠨᠢᠴᠠ ᠭᠢᠰᠬᠢᠭᠦᠯᠦᠭᠰᠡᠨ ᠬᠡᠭᠦᠷ ᠢ᠋ ᠨᠢᠳᠦ ᠰᠢᠯᠵᠢᠯ ᠦᠭᠡᠢ ᠰᠢᠷᠲᠡᠨ ᠬᠠᠷᠠᠵᠤ ᠪᠠᠢᠭ᠎ᠠ ᠶ᠋ᠢ ᠨᠢ ᠦᠵᠡᠭᠡᠳ᠂ ᠭᠠᠳᠠᠨ᠎ᠠ ᠠ᠋ᠴᠠ ᠣᠷᠣᠵᠤ ᠢᠷᠡᠭᠰᠡᠨ ᠴᠣᠬᠣᠷ ᠯᠠᠮᠠ ᠳ᠋ᠤ᠌ ᠲᠤᠰᠢᠶᠠᠨ᠂   
       — ᠡᠭᠦᠨ ᠢ᠋ ᠭᠠᠳᠠᠭᠰᠢ ᠭᠠᠷᠭᠠᠵᠤ᠂ ᠪᠤᠷᠬᠠᠨ ᠱᠠᠰᠢᠨ ᠠ᠋ᠴᠠ ᠪᠤᠷᠤᠭᠤᠯᠠᠭᠰᠠᠨ ᠬᠥᠮᠦᠨ ᠢ᠋ ᠰᠢᠢᠳᠬᠡᠵᠦ ᠪᠠᠢᠭ᠎ᠠ ᠪᠠᠨ ᠦᠵᠡᠭᠦᠯ ᠭᠡᠬᠦ ᠳ᠋ᠦ᠍ᠨᠢ( ᠳ᠋ᠦ᠍ ᠨᠢ)᠂ ᠲᠡᠷᠡ ᠪᠥᠬᠡ ᠯᠠᠮᠠ᠂ ᠬᠠᠨ᠎ᠠ ᠠ᠋ᠴᠠ ᠵᠠᠭᠤᠷᠠᠯᠳᠤᠨ ᠪᠠᠷᠢᠭᠰᠠᠨ ᠴᠡᠴᠡᠭ ᠦ᠋ᠨ ᠭᠠᠷ ᠢ᠋ ᠰᠠᠯᠭᠠᠵᠤ᠂ ᠡᠭᠦᠳᠡᠨ ᠲᠠᠢᠰᠢ ᠴᠢᠷᠦᠯ᠎ᠡ᠃ ᠬᠣᠢᠨ᠎ᠠ ᠠ᠋ᠴᠠ ᠨᠢ ᠥᠨᠥᠬᠢ ᠲᠣᠯᠣᠭᠠᠢᠯᠠᠭᠴᠢ ᠯᠠᠮᠠ ᠬᠦᠨᠳᠦ ᠲᠠᠶᠠᠭ ᠢ᠋ᠶ᠋ᠠᠨ ᠲᠤᠯᠤᠭᠰᠠᠭᠠᠷ ᠭᠠᠷᠴᠠᠢ᠃ ᠦᠷ ᠮᠠᠩᠬᠠᠢᠨ ᠴᠠᠢᠵᠤ ᠪᠠᠢᠭᠰᠠᠨ ᠦᠶ᠎ᠡ ᠲᠤᠯᠠ᠂ ᠴᠡᠴᠡᠭ ᠦ᠋ᠨ ᠠᠶᠤᠨ ᠭᠡᠯᠮᠡᠭᠳᠡᠵᠦ ᠬᠠᠷᠠᠲᠠᠯ᠎ᠠ᠂ ᠥᠨᠥᠬᠢ ᠬᠥᠭᠡᠷᠦᠬᠦᠢ ᠨᠢᠯᠬ᠎ᠠ ᠪᠡᠶ᠎ᠡ ᠲᠡᠢ ᠡᠬᠡ ᠶ᠋ᠢᠨ ᠨᠢᠴᠦᠭᠦᠨ ᠪᠣᠷᠣ ᠪᠡᠶ᠎ᠡ ᠨᠢ ᠭᠠᠵᠠᠷ ᠬᠡᠪᠲᠡᠵᠦ ᠪᠠᠢᠯ᠎ᠠ᠃ ᠲᠣᠯᠣᠭᠠᠢ ᠨᠢ ᠲᠤᠩ ᠡᠪ ᠦᠭᠡᠢ᠂ ᠰᠢᠯᠢ ᠶ᠋ᠢᠨ ᠬᠦᠵᠦᠭᠦᠦ ᠪᠡᠷ ᠢ᠋ᠶ᠋ᠡᠨ ᠪᠤᠯᠭᠤᠷᠠᠭᠰᠠᠨ ᠶᠤᠮ ᠰᠢᠭ᠋ ᠦᠵᠡᠭᠳᠡᠨ᠎ᠡ᠃ ᠴᠢᠰᠤ ᠬᠠᠷᠠᠯᠠᠨ ᠪᠢᠯᠳᠠᠵᠤ᠂ ᠴᠠᠭᠠᠨ᠎ᠠ ᠨᠢ ᠦᠢᠯᠡ ᠲᠠᠮᠤ ᠪᠠᠨ ᠦᠵᠡᠵᠦ᠂ ᠮᠢᠬ᠎ᠠ ᠪᠠᠨ ᠤᠷᠠᠭᠤᠯᠤᠭᠰᠠᠨ ᠨᠥᠬᠥᠷ ᠦ᠋ᠨ ᠬᠢᠨᠢ ᠨᠢᠴᠦᠭᠦᠨ ᠪᠡᠶ᠎ᠡ ᠲᠠᠷᠴᠢᠯᠠᠵᠤ᠂ ᠬᠡᠳᠦᠨ ᠯᠠᠮᠠ ᠨᠠᠷ ᠳᠡᠪᠡᠯ ᠳ᠋ᠦ᠍ᠨᠢ( ᠳ᠋ᠦ᠍ ᠨᠢ) ᠲᠠᠰᠢᠭᠤᠷ ᠢ᠋ᠶ᠋ᠠᠨ ᠠᠷᠴᠢᠵᠤ ᠪᠠᠢᠯ᠎ᠠ᠃  
       — ᠮᠠᠨ ᠤ᠋ ᠠᠷᠢᠯᠤᠭᠰᠠᠨ ᠱᠠᠰᠢᠨ ᠡᠷᠳᠡᠨᠢ ᠶ᠋ᠢᠨ ᠳᠠᠢᠰᠤᠨ ᠢ᠋ ᠲᠣᠭᠰᠢᠨ ᠭᠡᠰᠡᠷ ᠬᠠᠭᠠᠨ ᠤ᠋ ᠮᠠᠭᠲᠠᠭᠠᠯ ᠳ᠋ᠤ᠌ ᠥᠭᠦᠯᠡᠨ ᠳᠠᠭᠤᠳᠠᠳᠠᠭ ᠶᠣᠰᠣ ᠪᠠᠷ ᠪᠣᠯᠭ᠎ᠠ ᠭᠡᠵᠦ ᠲᠣᠯᠣᠭᠠᠢᠯᠠᠭᠴᠢ ᠯᠠᠮᠠ ᠶ᠋ᠢᠨ ᠲᠤᠰᠢᠶᠠᠮᠠᠭᠴᠠ᠂ ᠨᠢᠭᠡ ᠯᠠᠮᠠ ᠬᠠᠨᠴᠤᠢ ᠪᠠᠨ ᠰᠢᠮᠠᠯᠠᠭᠠᠳ᠂ ᠬᠢᠬᠠᠷᠠᠨ ᠬᠡᠷᠴᠢᠭᠢᠨᠡᠵᠦ ᠠᠮᠢ ᠲᠡᠮᠡᠴᠡᠨ ᠲᠠᠷᠴᠢᠯᠠᠵᠤ ᠪᠠᠢᠭᠰᠠᠨ ᠵᠠᠨᠰᠠᠩ ᠤ᠋ᠨ ᠬᠣᠶᠠᠷ ᠴᠢᠬᠢ ᠲᠠᠰᠤ ᠣᠭᠲᠣᠯᠤᠭᠠᠳ᠂ ᠬᠢᠲᠤᠭ᠎ᠠ ᠪᠠᠷ ᠭᠠᠭᠴᠠ ᠭᠢᠯᠠᠰ ᠬᠢᠮᠡᠭᠴᠡ ᠬᠠᠮᠠᠷ ᠢ᠋ ᠨᠢ ᠠᠪᠴᠢᠬᠠᠵᠠᠢ᠃ ᠲᠡᠭᠡᠭᠡᠳ᠂ ᠬᠣᠨᠢ ᠥᠷᠥᠯᠡᠵᠦ ᠪᠠᠢᠭ᠎ᠠ ᠶᠤᠮ ᠰᠢᠭ᠋᠂ ᠲᠡᠷᠡ ᠬᠥᠭᠡᠷᠦᠬᠦᠢ ᠵᠠᠨᠰᠠᠩ ᠤ᠋ᠨ ᠦᠷᠦ ᠶ᠋ᠢ ᠨᠢ ᠬᠠᠭᠠᠯᠵᠤ᠂ ᠴᠡᠴᠡᠭ ᠢ᠋ ᠴᠣᠬᠣᠷ ᠯᠠᠮᠠ ᠶ᠋ᠢᠨ ᠲᠡᠮᠦᠷ ᠪᠡᠬᠢ ᠰᠢᠭ᠋  ᠴᠢᠩᠭ᠎ᠠ ᠭᠠᠷ  ᠲᠤ᠌ ᠰᠠᠭᠠᠳᠠᠭ ᠢ᠋ᠶ᠋ᠠᠨ ᠵᠠᠪᠬᠠᠳᠲᠠᠯ᠎ᠠ᠂ ᠵᠠᠨᠰᠠᠩ ᠤ᠋ᠨ ᠵᠢᠷᠦᠬᠡ ᠶ᠋ᠢ ᠰᠤᠭᠤ ᠲᠠᠲᠠᠭᠠᠳ ᠲᠣᠯᠣᠭᠠᠢᠯᠠᠭᠴᠢ ᠯᠠᠮᠠ ᠳ᠋ᠠᠭᠠᠨ( ᠳ᠋ᠤ᠌ ᠪᠠᠨ) ᠪᠠᠷᠢᠪᠠᠰᠤ᠂ ᠲᠠᠶᠠᠭ ᠭᠡᠵᠦ ᠴᠡᠴᠡᠭ ᠦ᠋ᠨ ᠪᠣᠳᠣᠵᠤ ᠪᠠᠢᠭᠰᠠᠨ ᠲᠡᠷᠡ ᠶᠠᠭᠤᠮ᠎ᠠ ᠨᠢ ᠲᠠᠶᠠᠭ ᠪᠢᠰᠢ᠂ ᠵᠠᠳᠠ ᠦᠰᠦᠷᠴᠦ ᠡᠪᠳᠡᠷᠡᠭᠰᠡᠨ ᠬᠠᠭᠤᠴᠢᠨ ᠫᠤᠤ ᠪᠠᠢᠵᠠᠢ᠃ ᠲᠣᠯᠣᠭᠠᠢᠯᠠᠭᠴᠢ ᠯᠠᠮᠠ᠂ ᠵᠠᠨᠰᠠᠩ ᠤ᠋ᠨ ᠵᠢᠷᠦᠬᠡ ᠤᠷᠤᠭᠤ ᠫᠤᠤ ᠶ᠋ᠢᠨ ᠢ᠋ᠶ᠋ᠡᠨ ᠠᠮᠠ ᠪᠠᠷ ᠴᠢᠴᠢᠵᠦ᠂ ᠴᠢᠰᠤ ᠪᠠᠷ ᠨᠢ ᠮᠢᠯᠢᠶᠠᠭᠠᠳ᠂ ᠴᠡᠴᠡᠭ ᠦ᠋ᠨ ᠵᠦᠭ ᠥᠭᠦᠯᠡᠷᠦᠨ᠂ 
       —  ᠨᠠᠰᠤᠨᠪᠠᠲᠤ ᠶ᠋ᠢᠨ ᠥᠬᠢᠨ᠂ ᠴᠢ ᠰᠣᠨᠣᠰᠴᠤ ᠪᠠᠢ᠃ ᠰᠦᠬᠡᠪᠠᠭᠠᠲᠤᠷ᠂ ᠴᠣᠢᠪᠠᠯᠰᠠᠩ ᠲᠡᠷᠢᠭᠦᠲᠡᠢ ᠳᠣᠯᠣᠭᠠᠨ ᠭᠤᠢᠯᠢᠨᠴᠢᠨ ᠨᠡᠢᠯᠡᠭᠡᠳ ᠮᠤᠬᠤᠷ ᠲᠣᠯᠣᠭᠠᠢᠲᠠᠨ ᠤ᠋ ᠵᠠᠰᠠᠭ ᠲᠣᠭᠲᠠᠭᠠᠬᠤ ᠳ᠋ᠠᠭᠠᠨ  ( ᠳ᠋ᠤ᠌ ᠪᠠᠨ)᠂ ᠱᠠᠰᠢᠨ ᠲᠥᠷᠥ ᠶ᠋ᠢ ᠬᠣᠣᠰᠯᠠᠨ ᠪᠠᠷᠢᠭᠴᠢ ᠪᠣᠭᠳᠠ ᠬᠠᠭᠠᠨ᠂ ᠲᠡᠳᠡᠨ ᠢ᠋ ᠪᠤᠷᠤᠭᠤ ᠨᠣᠮᠲᠤ ᠭᠠᠮᠢᠩ ᠴᠢᠨᠳᠠᠷᠤᠤ ᠶ᠋ᠢ ᠰᠥᠨᠥᠭᠡ ᠭᠡᠵᠦ ᠠᠳᠢᠰᠲᠢᠳᠯᠠᠨ ᠯᠦᠨᠳᠦᠩᠨᠡᠭᠰᠡᠨ ᠳᠡᠭᠡᠷ᠎ᠡ ᠡᠴᠡ ᠠᠷᠠᠳ ᠤ᠋ᠨ ᠵᠠᠰᠠᠭ ᠪᠠᠢᠭᠤᠯᠵᠤ ᠴᠢᠳᠠᠭᠰᠠᠨ ᠪᠢᠯᠡ᠃ ᠭᠡᠲᠡᠯ᠎ᠡ᠂ ᠠᠷᠠᠳ ᠤ᠋ᠨ ᠵᠠᠰᠠᠭ ᠤ᠋ᠨ ᠬᠢᠨ᠂ ᠮᠠᠨᠠᠢ(ᠮᠠᠨ ᠤ᠋) ᠬᠤᠲᠤᠭᠲᠤ ᠬᠤᠪᠢᠯᠭᠠᠳ ᠤ᠋ᠨ ᠡᠷᠲᠡᠨ ᠦ᠌ ᠡᠷᠬᠡ ᠶᠠᠩᠪᠠ(ᠶᠠᠮᠪᠠ) ᠤᠰᠠᠳᠬᠠᠨ᠂ ᠰᠠᠩ ᠵᠢᠰᠠ᠂ ᠪᠣᠭᠣᠯ ᠱᠠᠪᠢ ᠠ᠋ᠴᠠ ᠨᠢ ᠰᠠᠯᠭᠠᠵᠤ᠂ ᠣᠷᠣᠨ ᠬᠡᠢᠳ ᠦ᠋ᠨ ᠮᠥᠩᠬᠡ ᠰᠦᠷᠦᠭ ᠢ᠋ ᠪᠤᠯᠢᠶᠠᠨ ᠠᠪᠤᠭᠰᠠᠨ ᠤᠴᠢᠷ᠂ ᠪᠤᠷᠤᠭᠤ ᠨᠣᠮᠲᠠᠨ ᠤ᠋ ᠬᠠᠷ᠎ᠠ ᠦᠢᠯᠡᠰ ᠡᠴᠡ ᠥᠰᠢᠶ᠎ᠡ ᠪᠡᠨ ᠠᠪᠬᠤ ᠦᠷ᠎ᠡ ᠨᠢ ᠪᠣᠯᠪᠠᠰᠤᠷᠠᠯ᠎ᠠ᠃ ᠮᠠᠨᠠᠢ(ᠮᠠᠨ ᠤ᠋) ᠳᠣᠯᠣᠭᠠᠨ ᠵᠠᠭᠤᠨ ᠰᠢᠷ᠎ᠠ ᠴᠡᠷᠢᠭ᠂ ᠯᠠᠮᠠ ᠪᠠᠭᠰᠢ ᠨᠠᠷ ᠤ᠋ᠨ ᠢ᠋ᠶ᠋ᠠᠨ ᠠᠪᠤᠷᠠᠯ ᠰᠣᠶᠣᠷᠬᠠᠯ ᠢ᠋ᠶ᠋ᠠᠷ ᠨᠢᠭᠡᠨ ᠵᠡᠷᠭᠡ ᠭᠠᠷ ᠬᠥᠳᠡᠯᠦᠨ᠂ ᠮᠤᠬᠤᠷ ᠲᠣᠯᠣᠭᠠᠢᠲᠠᠨ ᠤ᠋ ᠪᠤᠷᠤᠭᠤ ᠨᠣᠮᠲᠤ ᠵᠠᠰᠠᠭ ᠢ᠋ ᠲᠦᠯᠬᠢᠨ ᠤᠨᠠᠭᠠᠬᠤ ᠭᠡᠵᠦ ᠪᠣᠰᠤᠯ᠎ᠠ᠃ ᠣᠳᠣ ᠪᠢᠳᠡᠨ ᠳ᠋ᠦ᠍ ᠡᠪᠡᠳᠴᠢᠨ ᠵᠠᠰᠠᠬᠤ᠂ ᠰᠢᠷᠬ᠎ᠠ ᠠᠨᠠᠭᠠᠬᠤ᠂ ᠮᠡᠰᠡ ᠶ᠋ᠢᠨ ᠵᠠᠰᠠᠯ ᠬᠢᠬᠦ ᠡᠮᠴᠢ ᠶᠡᠬᠡ ᠬᠡᠷᠡᠭᠲᠡᠢ ᠪᠣᠯᠤᠯ᠎ᠠ᠃ ᠪᠢᠳᠡ ᠴᠢᠮᠠᠶ᠋ᠢ(ᠴᠢᠮ᠎ᠠ ᠶ᠋ᠢ) ᠪᠤᠷᠤᠭᠤ ᠨᠣᠮᠲᠠᠨ ᠤ᠋ ᠮᠣᠰᠺᠸᠠ ᠳ᠋ᠤ᠌ ᠰᠤᠷᠭᠠᠭᠤᠯᠢ ᠬᠢᠭᠰᠡᠨ ᠢ᠋ ᠮᠡᠳᠡᠵᠦ ᠪᠠᠢᠨ᠎ᠠ᠃ ᠴᠢᠮᠠᠶ᠋ᠢ(ᠴᠢᠮ᠎ᠠ ᠶ᠋ᠢ )ᠠᠷᠠᠳ ᠤ᠋ᠨ ᠨᠠᠮ ᠤ᠋ᠨ ᠭᠡᠰᠢᠭᠦᠨ ᠭᠡᠵᠦ ᠮᠡᠳᠡᠵᠦ ᠪᠠᠢᠨ᠎ᠠ᠃  ᠲᠡᠭᠡᠭᠰᠡᠨ ᠴᠦ᠍ ᠪᠢᠳᠡ ᠴᠢᠮᠠᠶ᠋ᠢ(ᠴᠢᠮ᠎ᠠ ᠶ᠋ᠢ) ᠲᠡᠭᠦᠪᠡᠷ ᠵᠢᠮᠡᠯᠡᠨ ᠶᠠᠯᠠᠯᠠᠬᠤ ᠦᠭᠡᠢ᠂ ᠭᠡᠯᠳᠦᠷᠢᠭᠦᠯᠦᠶ᠎ᠡ᠃ ᠮᠣᠩᠭᠣᠯ ᠤᠯᠤᠰ ᠤ᠋ᠨ ᠠᠯᠲᠠᠨ ᠥᠯᠥᠭᠡᠢ ᠨᠤᠲᠤᠭ ᠲᠤ᠌ ᠲᠥᠷᠥᠭᠰᠡᠨ ᠢ᠋ᠶ᠋ᠡᠨ ᠪᠣᠳᠣ᠃ ᠨᠠᠷᠠᠨ ᠤ᠋ ᠭᠡᠷᠡᠯ ᠰᠢᠭ ᠮᠠᠨᠳᠤᠵᠤ ᠪᠠᠢᠭᠰᠠᠨ ᠢᠯᠠᠭᠤᠭᠰᠠᠨ ᠪᠤᠷᠬᠠᠨ ᠤ᠋ ᠱᠠᠰᠢᠨ ᠲᠠᠢ ᠣᠷᠣᠨ ᠳ᠋ᠤ᠌ ᠲᠥᠷᠥᠭᠰᠡᠨ ᠢ᠋ᠶ᠋ᠡᠨ ᠪᠣᠳᠣ᠃ ᠪᠢᠳᠡ ᠴᠢᠮᠠᠶ᠋ᠢ(ᠴᠢᠮ᠎ᠠ ᠶ᠋ᠢ) ᠰᠢᠷ᠎ᠠ ᠴᠡᠷᠢᠭ ᠦ᠋ᠨ ᠶᠡᠬᠡ ᠡᠮᠴᠢ ᠪᠣᠯᠭᠠᠶ᠎ᠠ᠃ ᠴᠣᠢᠵᠣᠩ ᠨᠣᠮ ᠤ᠋ᠨ ᠰᠠᠬᠢᠭᠤᠯᠰᠤ᠂ ᠯᠠᠮᠠ ᠪᠠᠭᠰᠢ ᠨᠠᠷ᠂ ᠴᠢᠮᠠᠶ᠋ᠢ(ᠴᠢᠮ᠎ᠠ ᠶ᠋ᠢ) ᠣᠲᠠᠴᠢ ᠮᠠᠩᠯᠠᠢ ᠶ᠋ᠢᠨ ᠬᠤᠪᠢᠯᠭᠠᠨ ᠭᠡᠵᠦ ᠡᠷᠭᠦᠮᠵᠢᠯᠡᠨ᠎ᠡ ᠭᠡᠬᠦ ᠳ᠋ᠦ᠍ᠨᠢ( ᠳ᠋ᠦ᠍ ᠨᠢ) ᠴᠡᠴᠡᠭ ᠵᠣᠷᠢᠭ ᠲᠠᠢ ᠪᠠᠷ ᠴᠡᠭᠡᠵᠢ ᠪᠡᠨ ᠲᠡᠨᠢᠢᠵᠦ᠂ ᠥᠨᠳᠥᠷ ᠳᠠᠭᠤ ᠪᠠᠷ᠂  
       — ᠦᠭᠡᠢ!  ᠮᠠᠭᠤᠬᠠᠢ ᠪᠤᠵᠠᠷ ᠮᠢᠬᠠᠴᠢᠨ ᠨᠤᠭᠤᠳ᠂ ᠲᠠ ᠨᠠᠷ᠂ ᠶᠠᠭᠠᠬᠢᠵᠤ ᠴᠤ᠌ ᠬᠥᠮᠦᠨ ᠠᠷᠠᠳ ᠢ᠋  ᠲᠠᠮᠤᠯᠠᠨ ᠵᠣᠪᠠᠭᠠᠭᠰᠠᠨ᠂ ᠶᠡᠷᠦ ᠥᠩᠭᠡᠷᠡᠭᠰᠡᠨ ᠪᠠᠯᠠᠷ ᠴᠠᠭ ᠢ᠋ ᠳᠠᠬᠢᠨ ᠡᠷᠭᠢᠭᠦᠯᠦᠨ᠂ ᠡᠵᠡᠷᠬᠡᠭ ᠢ᠋ᠶ᠋ᠡᠨ ᠪᠣᠰᠬᠠᠵᠤ ᠴᠢᠳᠠᠬᠤ ᠦᠭᠡᠢ! ᠠᠷᠠᠳ ᠲᠦᠮᠡᠨ ᠲᠠ ᠪᠦᠭᠦᠳᠡ ᠶ᠋ᠢ ᠦᠨᠡᠰᠦᠨ ᠲᠣᠪᠷᠠᠭ ᠪᠣᠯᠭᠠᠨ᠎ᠠ᠃  ᠮᠠᠨᠠᠢ(ᠮᠠᠨ ᠤ᠋) ᠠᠷᠠᠳ ᠤ᠋ᠨ ᠬᠤᠪᠢᠰᠬᠠᠯᠲᠤ ᠨᠠᠮ ᠢᠯᠠᠭᠳᠠᠰᠢ ᠦᠭᠡᠢ ᠪᠠᠲᠤ! ᠭᠡᠬᠦ ᠳ᠋ᠦ᠍ᠨᠢ ( ᠳ᠋ᠦ᠍ ᠨᠢ)᠂  
       — ᠠ ᠲᠡᠢᠮᠦ ᠪᠣᠢ? ᠴᠢ ᠪᠤᠷᠤᠭᠤ ᠦᠵᠡᠯ ᠳ᠋ᠡᠭᠡᠨ( ᠳ᠋ᠦ᠍ ᠪᠡᠨ) ᠠᠪᠲᠠᠭᠳᠠᠭᠠᠳ᠂ ᠳᠠᠭᠠᠬᠤ ᠦᠭᠡᠢ ᠨᠢ ᠠ᠋? ᠡᠨᠡ ᠮᠠᠭᠤ ᠡᠮ᠎ᠡ ᠶ᠋ᠢ ᠨᠢᠴᠦᠭᠦᠯᠡᠭᠡᠳ ᠨᠡᠪᠰᠢᠷᠡᠲᠡᠯ᠎ᠡ ᠵᠠᠨᠴᠢᠵᠤ᠂ ᠯᠠᠮᠠ ᠪᠠᠭᠰᠢ ᠨᠠᠷ ᠤ᠋ᠨ ᠢ᠋ᠶ᠋ᠠᠨ ᠵᠠᠷᠯᠢᠭ ᠰᠤᠷᠭᠠᠯ ᠳᠠᠭᠠᠬᠤ ᠪᠣᠯᠤᠭ! ᠭᠡᠵᠦ ᠲᠤᠰᠢᠶᠠᠮᠠᠭᠴᠠ᠂ ᠴᠣᠬᠣᠷ ᠯᠠᠮᠠ᠂ ᠴᠡᠴᠡᠭ ᠦ᠋ᠨ ᠳᠡᠪᠡᠯ ᠬᠣᠣ ᠲᠠᠲᠠᠵᠤ ᠬᠠᠶᠠᠭᠠᠳ᠂ ᠴᠡᠴᠡᠭ ᠦ᠋ᠨ ᠬᠢᠯᠢᠩ ᠬᠣᠷᠣᠰᠤᠯ ᠭᠠᠯ ᠮᠡᠲᠦ ᠪᠠᠳᠠᠷᠠᠵᠤ᠂ ᠬᠡᠷᠴᠡᠭᠡᠢ ᠪᠠᠯᠠᠮᠠᠳ ᠲᠡᠳᠡᠨ ᠢ᠋ ᠬᠦᠴᠦ ᠮᠡᠳᠡᠨ ᠡᠰᠡᠷᠭᠦᠴᠡᠵᠦ᠂ ᠭᠠᠷ ᠬᠤᠷᠤᠭᠤ ᠶ᠋ᠢ ᠨᠢ ᠬᠠᠵᠠᠵᠤ᠂ ᠡᠪᠦᠳᠦᠭ ᠢ᠋ᠶ᠋ᠡᠷ ᠢ᠋ᠶ᠋ᠡᠨ ᠶᠣᠪᠣᠷᠤᠨ ᠢᠰᠬᠦᠯᠪᠡᠴᠦ ᠶᠠᠭᠠᠬᠢᠨ ᠳᠡᠢᠯᠬᠦ ᠠᠵᠢ᠃ ᠲᠣᠯᠣᠭᠠᠢ ᠪᠠᠷ ᠢ᠋ᠶ᠋ᠠᠨ ᠥᠨᠥᠬᠢ ᠵᠠᠩᠳᠠᠯᠴᠢᠨ ᠯᠠᠮᠠ ᠶ᠋ᠢᠨ ᠨᠢᠳᠦ ᠤᠷᠤᠭᠤ ᠮᠥᠷᠭᠥᠭᠰᠡᠨ ᠳ᠋ᠦ᠍ ᠶᠣᠢᠯᠠᠨ ᠬᠣᠷᠣᠰᠴᠤ᠂ ᠬᠢᠲᠤᠭ᠎ᠠ ᠪᠠᠨ ᠰᠢᠭᠦᠷᠦᠭᠡᠳ᠂ ᠥᠷᠥᠭᠡᠰᠦᠨ ᠬᠥᠬᠥ ᠶ᠋ᠢ ᠨᠢ ᠲᠠᠰᠤ ᠣᠭᠲᠣᠯᠤᠭᠠᠳ ᠬᠠᠶᠠᠴᠢᠬᠠᠵᠠᠢ᠃ ᠲᠡᠰᠬᠡᠯ ᠦᠭᠡᠢ ᠡᠪᠡᠳᠦᠭᠰᠡᠨ ᠳ᠋ᠡᠭᠡᠨ( ᠳ᠋ᠦ᠍ ᠪᠡᠨ) ᠬᠥᠭᠡᠷᠦᠬᠦᠢ ᠲᠡᠷᠡ ᠬᠡᠦᠬᠡᠨ ᠶᠣᠢᠯᠠᠨ ᠫᠢᠳ ᠬᠢᠲᠡᠯ᠎ᠡ ᠣᠢᠴᠢᠵᠠᠢ᠃ 
       — ᠠ᠋— ᠠ᠋— ᠠ᠋᠂ ᠴᠢ ᠳᠡᠩᠳᠡᠭᠦᠦ ᠲᠦᠷᠭᠡᠳᠡᠭᠡᠳ ᠪᠢᠳᠡᠨ ᠳ᠋ᠦ᠍ ᠬᠡᠷᠡᠭᠲᠡᠢ ᠬᠥᠮᠦᠨ ᠢ᠋ ᠵᠡᠮᠳᠡᠭᠯᠡᠴᠢᠬᠡᠪᠡ ᠳᠡ᠃ ᠪᠠᠬᠠᠨ ᠠᠶᠤᠯᠭᠠᠨ ᠰᠦᠷᠳᠡᠭᠦᠯᠪᠡᠯ ᠪᠣᠯᠬᠤ ᠶᠤᠮᠰᠠᠨ᠃ ᠣᠳᠣ ᠶᠠᠭᠠᠬᠢᠶ᠎ᠠ ᠭᠡᠬᠦ ᠪᠣᠢ ᠳᠠ᠃ ᠭᠡᠨᠡᠨ ᠨᠢ ᠤᠷᠲᠤ ᠪᠠᠨ᠂ ᠭᠡᠮᠰᠢᠯ ᠨᠢ ᠬᠣᠢᠨ᠎ᠠ ᠪᠠᠨ ᠭᠡᠵᠦ ᠣᠳᠣ ᠳᠦᠭᠦᠷᠴᠡᠢ᠂ ᠳᠦᠭᠦᠷᠴᠡᠢ᠂ ᠪᠢ ᠡᠨᠡ ᠬᠡᠦᠬᠡᠨ ᠦ᠌ ᠦᠰᠦ ᠶ᠋ᠢ ᠨᠢ ᠰᠠᠮᠨᠠᠬᠤ ᠰᠠᠨᠠᠭ᠎ᠠ ᠲᠠᠢ ᠪᠠᠢᠭᠰᠠᠨ ᠶᠤᠮ᠂ ᠴᠢ ᠬᠠᠷᠢᠨ ᠭᠣᠣᠯ ᠢ᠋ ᠨᠢ ᠰᠠᠮᠨᠠᠵᠤ ᠣᠷᠬᠢᠪᠠ ᠳᠠ ᠭᠡᠳ ᠮᠠᠭᠤᠵᠢᠷᠠᠨ ᠤᠨᠠᠴᠢᠬᠠᠭᠰᠠᠨ᠂ ᠬᠤᠪᠴᠠᠰᠤ ᠬᠤᠨᠠᠷ ᠨᠢ ᠤᠷᠠᠭᠳᠠᠨ ᠨᠢᠴᠦᠭᠦᠨ ᠰᠢᠬᠠᠭᠤ ᠬᠡᠪᠲᠡᠵᠦ ᠪᠠᠢᠭ᠎ᠠ ᠬᠥᠭᠡᠷᠦᠬᠦᠢ ᠪᠦᠰᠡᠭᠦᠢ ᠶ᠋ᠢᠨ ᠳᠡᠷᠭᠡᠳᠡ ᠰᠠᠭᠤᠭᠠᠳ᠂ ᠴᠢᠰᠤ ᠣᠯᠣᠭᠠᠢᠳᠴᠤ ᠪᠠᠢᠭ᠎ᠠ ᠰᠢᠷᠬ᠎ᠠ ᠶ᠋ᠢ ᠨᠢ ᠴᠠᠮᠴᠠᠨ ᠤ᠋ ᠬᠢᠨᠢ ᠲᠠᠰᠤᠷᠬᠠᠢ ᠪᠠᠷ ᠲᠣᠭᠲᠠᠭᠠᠬᠤ ᠭᠡᠵᠦ ᠥᠨᠥᠬᠢ ᠲᠡᠷᠢᠭᠦᠯᠡᠭᠴᠢ ᠯᠠᠮᠠ ᠣᠷᠣᠯᠳᠣᠵᠠᠢ᠃ ᠲᠡᠷᠡ ᠯᠠᠮᠠ ᠶ᠋ᠢᠨ ᠡᠪ ᠬᠠᠪ ᠦᠭᠡᠢ ᠬᠤᠷᠤᠭᠤ ᠰᠢᠷᠬ᠎ᠠ ᠳ᠋ᠤᠨᠢ( ᠳ᠋ᠤ᠌ ᠨᠢ) ᠬᠦᠷᠬᠦ ᠳ᠋ᠦ᠍ᠨᠢ( ᠳ᠋ᠦ᠍ ᠨᠢ)᠂ ᠴᠡᠴᠡᠭ ᠮᠡᠳᠡᠭᠡ ᠣᠷᠣᠵᠤ᠂ ᠪᠠᠢᠳᠠᠭ ᠬᠦᠴᠦᠨ ᠢ᠋ᠶ᠋ᠡᠨ ᠰᠢᠪᠬᠠᠨ᠂ ᠲᠡᠷᠡ ᠯᠠᠮᠠ ᠶ᠋ᠢ ᠲᠦᠯᠬᠢᠭᠡᠳ ᠬᠠᠩᠭᠢᠨᠠᠭᠰᠠᠨ ᠬᠣᠭᠣᠯᠠᠢ ᠪᠠᠷ᠂ 
       — ᠮᠠᠭᠤᠬᠠᠢ ᠠᠯᠠᠭᠤᠷᠴᠢᠨ ᠨᠤᠭᠤᠳ᠂ ᠮᠠᠨᠠᠢ( ᠮᠠᠨ ᠤ᠋) ᠴᠢᠰᠤᠨ ᠳ᠋ᠤ᠌ ᠲᠠᠨ ᠤ᠋ ᠬᠠᠷ᠎ᠠ ᠲᠣᠯᠣᠭᠠᠢ ᠢᠳᠡᠭᠳᠡᠬᠦ ᠪᠣᠢ! ᠲᠠᠨ ᠤ᠋ ᠭᠡᠰᠡᠷ ᠬᠠᠭᠠᠨ ᠤ᠋ ᠶᠠᠮᠠᠷ ᠴᠤ᠌ ᠲᠩᠷᠢ ᠶ᠋ᠢᠨ ᠴᠡᠷᠢᠭ ᠨᠢ᠂ ᠲᠠ ᠪᠦᠭᠦᠳᠡ ᠶ᠋ᠢ ᠠᠷᠠᠳ ᠲᠦᠮᠡᠨ ᠦ᠌ ᠬᠡᠰᠡᠭᠡᠨ ᠴᠡᠭᠡᠷᠯᠡᠭᠦᠯᠬᠦ ᠡᠴᠡ ᠠᠪᠤᠷᠠᠨ ᠴᠢᠳᠠᠬᠤ ᠦᠭᠡᠢ! ᠠᠷᠠᠳ ᠤ᠋ᠨ ᠬᠤᠪᠢᠰᠬᠠᠯᠲᠤ ᠨᠠᠮ ᠮᠠᠨᠳᠤᠲᠤᠭᠠᠢ! ᠭᠡᠬᠦ ᠳ᠋ᠦ᠍ᠨᠢ( ᠳ᠋ᠦ᠍ ᠨᠢ)᠂   
       — ᠡᠨᠡ ᠤᠯᠠᠭᠠᠨ ᠥᠯᠥᠭᠴᠢᠨ ᠦ᠌ ᠵᠢᠷᠦᠬᠡ ᠶ᠋ᠢ ᠨᠢ ᠰᠤᠭᠤᠯ ᠭᠡᠵᠦ ᠲᠡᠷᠡ ᠲᠣᠯᠣᠭᠠᠢᠯᠠᠭᠴᠢ ᠯᠠᠮᠠ ᠪᠠᠷᠬᠢᠷᠠᠵᠠᠢ᠃  
       ᠯᠠᠮᠠ ᠨᠠᠷ᠂ ᠲᠡᠷᠡ ᠪᠦᠰᠡᠭᠦᠢ ᠤᠷᠤᠭᠤ ᠤᠬᠤᠰᠬᠢᠵᠦ᠂ ᠬᠣᠷᠣᠭᠠᠭᠰᠠᠨ ᠬᠣᠢᠨ᠎ᠠ ᠪᠠᠨ ᠲᠣᠯᠣᠭᠠᠢᠯᠠᠭᠴᠢ ᠶ᠋ᠢᠨ ᠢ᠋ᠶ᠋ᠡᠨ ᠵᠢᠭᠠᠪᠤᠷᠢ ᠪᠠᠷ ᠲᠡᠷᠡ ᠲᠠᠮᠤᠯᠠᠭᠤᠯᠤᠭᠰᠠᠨ ᠤᠯᠤᠰ ᠤ᠋ᠨ ᠮᠢᠬ᠎ᠠ ᠠ᠋ᠴᠠ ᠨᠢ ᠡᠮᠴᠢ ᠨᠠᠷ ᠲᠠᠭᠠᠨ ᠠᠪᠠᠴᠢᠵᠤ ᠥᠭᠬᠦ ᠭᠡᠵᠦ ᠵᠤᠵᠠᠭᠠᠨ ᠮᠢᠬ᠎ᠠ ᠲᠠᠢ ᠭᠠᠵᠠᠷ ᠠ᠋ᠴᠠ ᠨᠢ ᠰᠢᠯᠢᠵᠦ ᠪᠠᠢᠭᠠᠳ᠂ ᠪᠥᠭᠡᠮ ᠪᠥᠭᠡᠮ ᠮᠢᠬ᠎ᠠ ᠣᠭᠲᠣᠴᠢᠨ ᠠᠪᠴᠤ ᠮᠣᠷᠳᠠᠵᠠᠢ᠃  
       ᠥᠷᠭᠡᠨ ᠲᠠᠯ᠎ᠠ ᠳ᠋ᠤ᠌ ᠨᠠᠷᠠ ᠮᠠᠨᠳᠤᠵᠤ᠂ ᠲᠡᠷᠡ ᠰᠥᠨᠥᠭᠰᠡᠨ ᠠᠢᠯ ᠤ᠋ᠨ ᠭᠠᠳᠠᠭ᠎ᠠ ᠪᠢᠯᠳᠠᠭᠰᠠᠨ ᠴᠢᠰᠤ᠂ ᠲᠠᠮᠲᠤᠭ ᠪᠣᠯᠤᠭᠰᠠᠨ ᠬᠡᠭᠦᠷ ᠲᠦ᠍ ᠭᠡᠷᠡᠯ ᠨᠢ ᠲᠤᠰᠴᠠᠢ᠃ ᠥᠷᠯᠥᠭᠡ ᠶ᠋ᠢᠨ ᠰᠠᠭᠠᠭ᠎ᠠ ᠦᠭᠡᠢ ᠦᠨᠢᠶ᠎ᠡ ᠲᠤᠭᠤᠯ ᠤ᠋ᠨ ᠢ᠋ᠶ᠋ᠠᠨ ᠬᠠᠰᠢᠶ᠎ᠠ ᠲᠣᠭᠣᠷᠢᠨ ᠮᠥᠭᠡᠷᠡᠯᠳᠦᠵᠦ ᠪᠠᠢᠲᠠᠯ᠎ᠠ᠂ ᠲᠣᠮᠣ ᠭᠡᠭᠴᠢ ᠶ᠋ᠢᠨ ᠪᠤᠬ᠎ᠠ᠂ ᠦᠨᠢᠶ᠎ᠡ ᠶ᠋ᠢᠨ ᠲᠡᠨᠳᠡᠴᠡ ᠭᠡᠷ ᠦ᠋ᠨ ᠵᠦᠭ ᠬᠠᠮᠠᠷ ᠢ᠋ᠶ᠋ᠠᠨ ᠰᠠᠨᠠᠢᠯᠭᠠᠵᠤ᠂ ᠲᠡᠷᠡ ᠬᠡᠳᠦᠨ ᠬᠡᠭᠦᠷ ᠦ᠋ᠨ ᠳᠡᠷᠭᠡᠳᠡ ᠠᠶᠠᠷᠬᠠᠨ ᠣᠢᠷᠠᠲᠤᠭᠠᠳ ᠰᠢᠩᠰᠢᠮᠡᠭᠴᠡ ᠦᠰᠦ ᠨᠢ ᠰᠡᠬᠦᠢᠨ ᠪᠣᠰᠴᠤ᠂ ᠪᠦᠳᠦᠭᠦᠨ ᠡᠪᠡᠷᠲᠦ ᠲᠣᠯᠣᠭᠠᠢ ᠪᠠᠨ ᠪᠥᠬᠥᠢᠯᠭᠡᠨ᠂ ᠤᠷᠲᠤ ᠬᠥᠯ ᠢ᠋ᠶ᠋ᠡᠷ ᠢ᠋ᠶ᠋ᠡᠨ ᠭᠠᠵᠠᠷ ᠰᠠᠮᠠᠷᠳᠠᠨ᠂ ᠰᠥᠭᠡᠩᠭᠢ ᠳᠠᠭᠤ ᠪᠠᠷ ᠮᠥᠭᠡᠷᠡᠬᠦ ᠳ᠋ᠦ᠍ᠨᠢ( ᠳ᠋ᠦ᠍ ᠨᠢ) ᠦᠨᠢᠶ᠎ᠡ ᠳᠡᠷᠭᠡᠳᠡ ᠨᠢ ᠬᠦᠷᠴᠦ ᠢᠷᠡᠭᠡᠳ᠂ ᠦᠬᠦᠯ ᠤᠯᠠᠢ ᠶ᠋ᠢᠨ ᠦᠨᠦᠷ ᠠᠪᠤᠭᠰᠠᠨ ᠦᠬᠡᠷ ᠴᠥᠮ ᠬᠥᠮᠦᠨ ᠰᠦᠷᠳᠡᠮᠡᠷ ᠮᠥᠭᠡᠷᠡᠵᠡᠭᠡᠭᠰᠡᠨ ᠳᠠᠭᠤ ᠴᠢᠮᠡᠭᠡ ᠨᠢ ᠥᠷᠯᠥᠭᠡ ᠶ᠋ᠢᠨ ᠨᠠᠷᠠᠨ ᠤ᠋ ᠭᠡᠷᠡᠯ ᠳ᠋ᠦ᠍ ᠬᠠᠯᠢᠭᠤᠷᠠᠵᠤ ᠪᠠᠢᠭ᠎ᠠ ᠲᠠᠯ᠎ᠠ ᠳ᠋ᠤ᠌ ᠬᠣᠯᠠ ᠴᠤᠤᠷᠢᠶᠠᠲᠤᠨ ᠰᠣᠨᠣᠰᠳᠠᠵᠠᠢ᠃   

— — — — 
 *1932 ᠣᠨ ᠳ᠋ᠤ᠌ ᠠᠷᠠᠳ ᠤ᠋ᠨ ᠵᠠᠰᠠᠭ ᠤ᠋ᠨ ᠡᠰᠡᠷᠭᠦ ᠪᠣᠰᠤᠯᠭ᠎ᠠ ᠭᠠᠷᠭᠠᠬᠤ ᠦᠶᠡᠰ᠂ ᠲᠡᠢᠨᠬᠦ ᠵᠠᠩᠰᠠᠭ( ᠵᠡᠨᠰᠡᠭ) ᠦ᠋ᠨ ᠫᠤᠤ ᠪᠠᠷ ᠤᠯᠠᠭᠠᠨᠪᠠᠭᠠᠲᠤᠷ ᠤ᠋ᠨ ᠵᠦᠭ ᠫᠤᠤᠳᠠᠭᠰᠠᠨ ᠨᠢ ᠫᠤᠤ ᠳᠡᠯᠪᠡ ᠦᠰᠦᠷᠦᠭᠰᠡᠨ ᠭᠡᠳᠡᠭ᠃  

            ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠣᠶᠣᠨᠪᠠᠲᠤ᠂ ᠪᠠᠯ᠂ ᠤᠢᠭᠤᠷᠵᠢᠨ·ᠣᠳᠬᠣᠨᠪᠠᠪᠠ᠂  
                                                   ᠪᠠᠳᠮᠠᠰᠡᠴᠡᠨ᠂ ᠴᠡᠩᠬᠡᠯᠴᠡᠴᠡᠭ  
            ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ᠂ ᠲ·ᠬᠦᠮᠦᠵᠢᠯᠲᠦ᠂ ᠪᠠᠯ 
            ᠤᠩᠰᠢᠭᠴᠢ᠄ ᠨᠠᠰᠤᠨ᠌ᠦ᠌ᠯᠵᠡᠢ