ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ12B-Юан улсын дээд нийслэл шант
ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ12B
ᠴᠢᠩᠭᠢᠰ ᠦ᠋ᠨ ᠬᠠᠢᠯᠠᠰᠤ ᠪᠠ ᠰᠠᠨᠵᠢ ᠬᠠᠳᠠ
ᠵᠥᠭᠡᠯᠡᠨ ᠭᠣᠣᠯ ᠰᠤᠮᠤᠨ ᠤ᠋ ᠲᠥᠪ ᠡᠴᠡ ᠵᠡᠭᠦᠨᠰᠢ10ᠰᠢᠬᠠᠮ ᠭᠠᠵᠠᠷ ᠤ᠋ᠨ ᠵᠠᠢ ᠳ᠋ᠠᠬᠢ ᠴᠡᠴᠡᠭᠲᠦ ᠲᠠᠯ᠎ᠠ ᠶ᠋ᠢᠨ ᠭᠣᠣᠯ ᠳ᠋ᠤ᠌ ᠢᠬᠢᠷ᠎ᠡ ᠬᠣᠶᠠᠷ ᠠᠭᠤᠯᠠ ᠰᠦᠨᠳᠡᠷᠯᠡᠨ᠎ᠡ᠃ᠲᠡᠭᠦᠨ ᠦ᠌ ᠵᠡᠭᠦᠨ ᠵᠠᠬ᠎ᠠ ᠶ᠋ᠢᠨ ᠬᠢᠨᠢ ᠠᠭᠤᠯᠠᠨ ᠳᠡᠭᠡᠷ᠎ᠡ ᠴᠢᠩᠭᠢᠰ ᠬᠠᠭᠠᠨ ᠤ᠋ ᠮᠣᠷᠢ ᠪᠠᠨ ᠤᠶᠠᠭᠰᠠᠨ ᠭᠡᠳᠡᠭ ᠭᠣᠣᠨᠢ ᠭᠠᠭᠴᠠᠬᠠᠨ ᠠᠪᠤᠷᠭᠤ ᠬᠠᠢᠯᠠᠰᠤ᠂ᠲᠡᠭᠷᠢ ᠪᠠᠭᠠᠨᠠᠳᠠᠨ ᠰᠡᠬᠦᠢᠬᠦ ᠨᠢ ᠶᠠᠭ ᠯᠠ ᠡᠰᠡᠷᠸ᠎ᠠ ᠮᠠᠨᠳᠠᠯ ᠳ᠋ᠤ᠌ ᠡᠷᠭᠦᠭᠰᠡᠨ ᠡᠷᠳᠡᠨᠢ ᠶ᠋ᠢᠨ ᠨᠣᠭᠣᠭᠠᠨ ᠰᠢᠭᠦᠷ ᠴᠦ᠍ ᠶᠦ᠍ᠮ ᠰᠢᠭ᠂ᠡᠵᠡᠨ ᠴᠢᠩᠭᠢᠰ ᠲᠦ᠍ ᠵᠠᠷᠤᠭᠳᠠᠭᠰᠠᠨ ᠡᠷ᠎ᠡ ᠴᠡᠷᠢᠭ ᠦ᠋ᠨ ᠠᠭᠳᠠᠴᠢ ᠴᠤ᠌ ᠶᠤᠮ ᠰᠢᠭ᠋ ᠰᠣᠳᠣᠨ ᠰᠠᠢᠬᠠᠨ᠂ᠰᠣᠨᠢᠨ ᠭᠠᠢᠬᠠᠮᠰᠢᠭ᠃ᠲᠡᠷᠡ ᠬᠦ᠌ ᠣᠨ ᠵᠢᠯ ᠦ᠋ᠨ ᠤᠷᠲᠤ ᠶ᠋ᠢ ᠡᠯᠡᠭᠡᠵᠦ ᠣᠷᠭᠢᠯ ᠬᠠᠳᠠᠨ ᠤ᠋ ᠣᠷᠣᠢ ᠳ᠋ᠤ᠌ ᠨᠤᠲᠤᠭᠰᠢᠭᠰᠠᠨ ᠡᠪᠦᠭᠡᠨ ᠬᠠᠢᠯᠠᠰᠤ᠂ᠲᠣᠭᠣᠷᠢᠨ ᠵᠤᠭᠠᠴᠠᠭᠰᠠᠳ ᠲᠤ᠌《ᠴᠢᠩᠭᠢᠰ ᠬᠠᠭᠠᠨ ᠮᠣᠷᠢ ᠪᠠᠨ ᠤᠶᠠᠭᠰᠠᠨ ᠶᠤᠮ᠂ᠴᠡᠩᠬᠡᠷ ᠨᠤᠲᠤᠭ ᠢ᠋ᠶ᠋ᠠᠨ ᠪᠠᠷᠠᠯᠠᠵᠤ ᠰᠠᠭᠠᠲᠠᠭᠰᠠᠨ ᠶᠤᠮ᠃ᠴᠢᠩ ᠦᠨᠡᠨᠴᠢ ᠬᠣᠢᠴᠢ ᠦᠶ᠎ᠡ ᠳ᠋ᠡᠭᠡᠨ ᠴᠡᠴᠡᠭᠯᠡᠭᠦᠯᠵᠦ ᠬᠥᠭᠵᠢᠭᠦᠯᠬᠦ ᠶ᠋ᠢ ᠬᠦᠨᠳᠦ ᠨᠠᠢᠳᠠᠭᠰᠠᠨ ᠶᠤᠮ》ᠭᠡᠮᠡᠨ ᠬᠠᠭᠤᠴᠢᠯᠠᠬᠤ ᠠᠵᠢ᠃ᠠᠭᠤᠯᠠ ᠶ᠋ᠢᠨ ᠪᠠᠷᠠᠭᠤᠨ ᠬᠣᠢᠲᠤ ᠡᠭᠴᠡ ᠬᠠᠵᠠᠭᠤ ᠳ᠋ᠤᠨᠢ ᠰᠠᠨᠵᠢ ᠬᠠᠳᠠ ᠪᠠᠢᠳᠠᠭ᠃ᠶᠡᠬᠡ ᠶᠤᠸᠠᠨ ᠤᠯᠤᠰ ᠤ᠋ᠨ ᠦᠶᠡᠰ᠂ᠬᠤᠪᠢᠯᠠᠢ ᠰᠡᠴᠡᠨ ᠬᠠᠭᠠᠨ ᠳᠡᠭᠡᠳᠦ ᠨᠡᠢᠰᠯᠡᠯ ᠱᠠᠩᠳᠤ ᠳ᠋ᠤ᠌ ᠵᠤᠰᠠᠵᠤ ᠵᠠᠰᠠᠭᠯᠠᠬᠤ ᠪᠠᠷ ᠢᠷᠡᠬᠦ ᠪᠦᠷᠢ ᠡᠨᠡ ᠬᠦ᠌ ᠴᠡᠯᠡᠭᠡᠷ ᠲᠠᠯ᠎ᠠ ᠶ᠋ᠢᠨ ᠳᠤᠮᠳᠠ ᠬᠥᠬᠡᠷᠡᠨ ᠰᠦᠨᠳᠡᠷᠯᠡᠭᠰᠡᠨ ᠢᠬᠡᠷ᠎ᠡ ᠠᠭᠤᠯᠠᠨ ᠳ᠋ᠤ᠌ ᠠᠪᠠᠷᠢᠵᠤ᠂ᠴᠢᠩᠭᠢᠰ ᠦ᠋ᠨ ᠬᠠᠢᠯᠠᠰᠤᠨ ᠳ᠋ᠤ᠌ ᠠᠭᠲᠠ ᠬᠦᠯᠦᠭ ᠢ᠋ᠶ᠋ᠡᠨ ᠤᠶᠠᠵᠤ ᠰᠠᠨᠵᠢ ᠬᠠᠳᠠᠨ ᠳ᠋ᠤᠨᠢ ᠰᠢᠷᠭᠤᠨ ᠵᠤᠭᠠᠴᠠᠳᠠᠭ ᠪᠠᠢᠵᠢ ᠭᠡᠨ᠎ᠡ᠃
ᠮᠣᠩᠭᠣᠯᠴᠤᠳ᠂ᠦᠷ᠎ᠡ ᠬᠡᠦᠬᠡᠳ ᠢ᠋ᠶ᠋ᠡᠨ ᠡᠷᠡᠭᠦᠯ ᠡᠩᠬᠡ᠂ᠡᠷᠳᠡᠮ ᠮᠡᠳᠡᠯᠭᠡ ᠲᠡᠢ ᠦᠰᠦᠨ ᠪᠣᠢᠵᠢᠬᠤ ᠶ᠋ᠢ ᠪᠡᠯᠭᠡᠳᠡᠨ ᠠᠭᠤᠯᠠᠨ ᠣᠷᠣᠢ ᠳᠡᠭᠡᠷ᠎ᠡ ᠨᠢ ᠬᠡᠦᠬᠡᠳ ᠦ᠋ᠨ ᠣᠪᠣᠭ᠎ᠠ ᠪᠤᠰᠬᠠᠨ ᠳᠠᠬᠢᠵᠦ ᠰᠠᠨᠵᠢ ᠬᠠᠳᠠᠨ ᠳ᠋ᠤᠨᠢ ᠰᠢᠷᠭᠤᠭᠤᠯᠤᠨ ᠪᠥᠬᠡᠵᠢᠭᠦᠯᠳᠡᠭ᠃ ᠵᠢᠯ ᠪᠦᠷᠢ ᠶ᠋ᠢᠨ ᠪᠢᠯᠢᠭ ᠦ᠋ᠨ ᠤᠯᠠᠷᠢᠯ ᠤ᠋ᠨ ᠲᠠᠪᠤᠳᠤᠭᠠᠷ ᠰᠠᠷ᠎ᠠ ᠳ᠋ᠤ᠌ ᠵᠥᠭᠡᠯᠡᠨ ᠭᠣᠣᠯ ᠤ᠋ᠨ ᠬᠢᠨᠢ᠂ᠴᠢᠩᠭᠢᠰ ᠦ᠋ᠨ ᠬᠠᠢᠯᠠᠰᠤᠨ ᠳ᠋ᠤ᠌ ᠬᠠᠳᠠᠭ ᠰᠠᠮᠪᠠᠢ ᠡᠯᠭᠦᠨ ᠬᠡᠢᠮᠣᠷᠢ ᠬᠡᠢᠰᠬᠡᠵᠦ ᠬᠡᠦᠬᠡᠳ ᠦ᠋ᠨ ᠣᠪᠣᠭ᠎ᠠ ᠪᠠᠨ ᠳᠠᠬᠢᠵᠦ ᠰᠠᠨᠵᠢ ᠬᠠᠳᠠᠨ ᠳ᠋ᠤ᠌ ᠰᠢᠷᠭᠤᠨ ᠵᠤᠭᠠᠴᠠᠵᠤ ᠬᠡᠦᠬᠡᠳ ᠦ᠋ᠨ ᠪᠥᠬᠡ ᠪᠠᠷᠢᠯᠳᠤᠨ᠂ᠨᠢᠭᠡ ᠡᠳᠦᠷ ᠦ᠋ᠨ ᠨᠠᠢᠷ ᠬᠢᠳᠡᠭ ᠪᠢᠯᠡ᠃
ᠴᠠᠭᠠᠨ ᠬᠣᠲᠠ
ᠱᠠᠩᠳᠤ ᠨᠡᠢᠰᠯᠡᠯ ᠦ᠋ᠨ ᠡᠷᠭᠢᠨ ᠲᠣᠭᠣᠷᠢᠨ ᠳ᠋ᠤ᠌ ᠣᠷᠣᠰᠢᠵᠤ ᠪᠠᠢᠭ᠎ᠠ ᠣᠯᠠᠨ ᠬᠣᠲᠠ ᠪᠠᠯᠭᠠᠳ ᠤ᠋ᠨ ᠨᠢᠭᠡ ᠨᠢ ᠴᠠᠭᠠᠨ ᠬᠣᠲᠠ ᠶᠤᠮ᠃ᠱᠠᠩᠳᠤ ᠨᠡᠢᠰᠯᠡᠯ ᠡᠴᠡ ᠵᠡᠭᠦᠨ ᠡᠮᠦᠨ᠎ᠡ ᠨᠢ ᠬᠡᠢᠪᠦᠩ ᠭᠣᠣᠯ ᠪᠠ ᠱᠠᠩᠳᠤ ᠶ᠋ᠢᠨ ᠭᠣᠣᠯ ᠤ᠋ᠨ ᠠᠭᠤᠯᠵᠠᠭᠤᠷ ᠳᠡᠨᠵᠢᠨ ᠳ᠋ᠦ᠍ ᠪᠠᠢᠬᠤ ᠡᠷᠲᠡᠨ ᠦ᠌ ᠬᠣᠲᠠ ᠶ᠋ᠢᠨ ᠬᠠᠭᠤᠴᠢ ᠪᠠᠭᠤᠷᠢ ᠶ᠋ᠢ ᠴᠠᠭᠠᠨ ᠬᠣᠲᠠ ᠭᠡᠳᠡᠭ᠃ᠠᠷᠠᠳ ᠤ᠋ᠨ ᠤᠯᠠᠮᠵᠢᠯᠠᠯ ᠶᠠᠷᠢᠶᠠᠨ ᠳ᠋ᠤ᠌ ᠬᠤᠪᠢᠯᠠᠢ ᠬᠠᠭᠠᠨ ᠤ᠋ ᠬᠦᠷᠭᠡᠨ ᠨᠢ ᠰᠠᠭᠤᠵᠤ ᠪᠠᠢᠭᠰᠠᠨ ᠬᠣᠲᠠ ᠶᠤᠮ ᠭᠡᠨ᠎ᠡ᠃ᠲᠡᠷᠡ ᠬᠦᠷᠭᠡᠨ ᠨᠢ ᠴᠠᠭᠠᠨ ᠮᠥᠩᠭᠥᠨ ᠬᠤᠶᠠᠭ ᠳᠤᠭᠤᠯᠠᠭ᠎ᠠ ᠡᠮᠦᠰᠴᠦ᠂ᠴᠠᠭᠠᠨ ᠰᠠᠭᠠᠷᠠᠯ ᠮᠣᠷᠢ ᠤᠨᠤᠵᠤ ᠲᠡᠢᠨ ᠪᠠᠢᠯᠳᠤᠭᠠᠨ ᠳ᠋ᠤ᠌ ᠣᠷᠣᠳᠠᠭ ᠪᠣᠯᠬᠣᠷ ᠴᠠᠭᠠᠨ ᠪᠠᠭᠠᠲᠤᠷ ᠭᠡᠳᠡᠭ ᠭᠡᠨ᠎ᠡ᠃ᠲᠡᠭᠡᠭᠡᠳ ᠰᠠᠭᠤᠭᠰᠠᠨ ᠬᠣᠲᠠ ᠶ᠋ᠢ ᠪᠠᠰᠠ ᠴᠠᠭᠠᠨ ᠬᠣᠲᠠ ᠭᠡᠵᠦ ᠨᠡᠷᠡᠯᠡᠯ᠎ᠡ ᠭᠡᠳᠡᠭ ᠪᠢᠯᠡ᠃ᠰᠤᠷᠪᠤᠯᠵᠢ ᠲᠡᠦᠬᠡ ᠲᠡᠮᠳᠡᠭᠯᠡᠯ ᠳ᠋ᠦ᠍ ᠴᠦ᠍《ᠴᠠᠭᠠᠨ ᠪᠠᠯᠭᠠᠰᠤᠨ》ᠭᠡᠮᠡᠨ ᠲᠡᠮᠳᠡᠭᠯᠡᠭᠰᠡᠨ ᠠᠵᠢ᠃ᡁᠢ ᠵᠧᠩ ᠦ᠋ᠨ ᠠᠷᠪᠠᠨ ᠭᠤᠷᠪᠠᠳᠤᠭᠠᠷ ᠣᠨ ᠳ᠋ᠤ᠌ ᠴᠠᠭᠠᠨ ᠪᠠᠯᠭᠠᠰᠤᠨ ᠳ᠋ᠤ᠌ ᠳᠠᠷᠤᠭᠠᠴᠢ ᠶ᠋ᠢᠨ ᠬᠠᠮᠢᠶᠠᠷᠬᠤ ᠵᠠᠬᠢᠷᠭ᠎ᠠ ᠭᠠᠷᠭᠠᠪᠠ᠃ᠶᠠᠨ ᠢᠦ ᠶ᠋ᠢᠨ ᠬᠣᠶᠠᠳᠤᠭᠠᠷ ᠣᠨ ᠳ᠋ᠤ᠌ ᠡᠵᠡᠨ ᠦ᠌ ᠬᠡᠷᠡᠭᠯᠡᠭᠡ ᠶ᠋ᠢ ᠬᠠᠩᠭᠠᠬᠤ ᠶᠡᠷᠦᠩᠬᠡᠢ ᠣᠷᠳᠣᠨ ᠪᠣᠯᠭᠠᠨ ᠥᠭᠡᠷᠡᠴᠢᠯᠡᠵᠦ ᠵᠡᠭᠦᠨ ᠰᠡᠷᠢᠭᠦᠨ ᠣᠷᠳᠣᠨ ᠪᠠ ᠬᠠᠭᠠᠨ ᠡᠵᠡᠨ ᠦ᠌ ᠱᠠᠩᠳᠤ ᠨᠡᠢᠰᠯᠡᠯ ᠳ᠋ᠦ᠍ ᠠᠶᠠᠯᠠᠨ ᠢᠷᠡᠬᠦ ᠦᠶᠡᠰ ᠦ᠋ᠨ ᠠᠪᠠ ᠬᠣᠮᠣᠷᠭ᠎ᠠ ᠲᠠᠯᠪᠢᠬᠤ ᠬᠡᠷᠡᠭᠯᠡᠭᠡ ᠶ᠋ᠢᠨ ᠦᠢᠯᠡᠰ ᠢ᠋ ᠬᠠᠮᠢᠶᠠᠷᠤᠭᠤᠯᠤᠭᠰᠠᠨ ᠪᠢᠯᠡ᠃ᠡᠭᠦᠨ ᠡᠴᠡ ᠴᠠᠭᠠᠨ ᠪᠠᠯᠭᠠᠰᠤᠨ ᠪᠣᠯ ᠶᠤᠸᠠᠨ ᠤᠯᠤᠰ ᠤ᠋ᠨ ᠬᠠᠭᠠᠳ ᠤ᠋ᠨ ᠠᠪᠠ ᠬᠣᠮᠣᠷᠭ᠎ᠠ ᠲᠠᠯᠪᠢᠬᠤ ᠪᠠ ᠵᠤᠭᠠᠴᠠᠯ ᠬᠢᠬᠦ ᠴᠢᠬᠤᠯᠠ ᠭᠠᠵᠠᠷ ᠤ᠋ᠨ ᠨᠢᠭᠡ ᠪᠠᠢᠭᠰᠠᠨ ᠨᠢ ᠢᠯᠡᠷᠬᠡᠢ ᠪᠢᠯᠡ᠃
ᠪᠦᠷᠭᠦᠳ ᠦ᠋ᠨ ᠣᠪᠣᠭ᠎ᠠ
ᠱᠠᠩᠳᠤ ᠨᠡᠢᠰᠯᠡᠯ ᠦ᠋ᠨ ᠠᠷᠤ ᠳᠣᠣᠷ᠎ᠠ ᠠᠷᠪᠠ ᠬᠣᠷᠢᠨ ᠭᠠᠵᠠᠷ ᠤ᠋ᠨ ᠵᠠᠢᠲᠠᠢ ᠪᠠᠢᠬᠤ ᠠᠳᠤᠭᠤᠨ ᠬᠤᠳᠳᠤᠭ ᠨᠤᠲᠤᠭ ᠤ᠋ᠨ ᠥᠪᠥᠷ ᠮᠠᠩᠬ᠎ᠠ ᠶ᠋ᠢᠨ ᠠᠷᠤᠬᠠᠨ ᠳᠡᠭᠡᠷᠡᠬᠢ ᠪᠣᠷᠣ ᠳᠣᠪᠣ ᠶ᠋ᠢᠨ ᠣᠷᠣᠢ ᠳ᠋ᠤ᠌ ᠡᠷᠲᠡ ᠦᠶ᠎ᠡ ᠡᠴᠡ ᠳᠠᠬᠢᠵᠦ ᠪᠠᠢᠭᠰᠠᠨ ᠪᠦᠷᠭᠦᠳ ᠦ᠋ᠨ ᠣᠪᠣᠭ᠎ᠠ ᠪᠣᠢ᠃ᠬᠤᠪᠢᠯᠠᠢ ᠬᠠᠭᠠᠨ ᠤ᠋ ᠦᠶᠡᠰ ᠠᠪᠠ ᠬᠣᠮᠣᠷᠭ᠎ᠠ ᠬᠢᠬᠦ ᠳ᠋ᠦ᠍ ᠬᠡᠷᠡᠭᠯᠡᠬᠦ ᠣᠯᠠᠨ ᠲᠣᠭᠠᠨ ᠤ᠋ ᠬᠠᠷᠴᠠᠭᠠᠢ ᠪᠦᠷᠭᠦᠳ ᠢ᠋ ᠣᠷᠳᠣᠨ ᠳ᠋ᠤ᠌ ᠲᠡᠵᠢᠭᠡᠳᠡᠭ ᠪᠠᠢᠵᠠᠢ᠃ᠪᠦᠷᠭᠦᠳ ᠦ᠋ᠨ ᠣᠪᠣᠭ᠎ᠠ ᠪᠣᠯ ᠡᠵᠡᠨ ᠬᠠᠭᠠᠨ ᠤ᠋ ᠪᠦᠷᠭᠦᠳ ᠢ᠋ ᠪᠤᠩᠬᠤᠯᠠᠭᠰᠠᠨ ᠣᠪᠣᠭ᠎ᠠ ᠭᠡᠳᠡᠭ ᠃
ᠭᠦᠩᠵᠦ ᠶ᠋ᠢᠨ ᠣᠪᠣᠭ᠎ᠠ ᠪᠠ ᠣᠷᠳᠣᠨ
ᠰᠠᠩ ᠤ᠋ᠨ ᠳᠠᠯᠠᠢ ᠰᠤᠮᠤᠨ ᠤ᠋ ᠪᠠᠶᠠᠨᠨᠠᠭᠤᠷ ᠤ᠋ᠨ ᠬᠥᠪᠡᠭᠡᠨ ᠳ᠋ᠦ᠍ ᠥᠨᠥᠴᠢᠨ ᠬᠥᠬᠡ ᠳᠣᠪᠣ ᠳᠡᠭᠡᠷ᠎ᠡ ᠪᠤᠰᠬᠠᠭᠰᠠᠨ ᠣᠪᠣᠭ᠎ᠠ ᠪᠠᠢᠳᠠᠭ᠃ᠣᠪᠣᠭᠠᠨ ᠤ᠋ ᠡᠩᠭᠡᠷ ᠲᠦ᠍ ᠣᠯᠠᠨ ᠵᠢᠯ ᠦ᠋ᠨ ᠰᠠᠯᠬᠢᠨ ᠪᠣᠷᠣᠭᠠᠨ ᠤ᠋ ᠡᠯ᠎ᠡ ᠬᠠᠯᠠ ᠶ᠋ᠢ ᠥᠩᠭᠡᠷᠡᠭᠡᠭᠰᠡᠨ ᠲᠡᠪᠡᠷᠢ ᠪᠠᠭᠲᠠᠬᠤ ᠦᠭᠡᠢ ᠲᠣᠮᠣ ᠬᠠᠢᠯᠠᠰᠤ ᠤᠷᠭᠤᠵᠠᠢ᠃ᠬᠠᠭᠠᠨ ᠤ᠋ ᠭᠦᠩᠵᠦ ᠶ᠋ᠢ ᠡᠨᠳᠡ ᠣᠷᠣᠰᠢᠭᠤᠯᠵᠤ ᠣᠪᠣᠭ᠎ᠠ ᠪᠣᠰᠬᠠᠨ ᠪᠤᠮᠪᠠᠯᠠᠵᠤ ᠳᠠᠬᠢᠳᠠᠭ ᠪᠣᠯᠤᠭᠰᠠᠨ ᠭᠡᠳᠡᠭ᠃ᠭᠦᠩᠵᠦ ᠶ᠋ᠢᠨ ᠣᠪᠣᠭᠠᠨ ᠠ᠋ᠴᠠ ᠪᠠᠷᠠᠭᠤᠨᠰᠢ10 ᠰᠢᠬᠠᠮ ᠭᠠᠵᠠᠷ ᠤ᠋ᠨ ᠵᠠᠢ ᠲᠠᠢ ᠭᠦᠩᠵᠦ ᠶ᠋ᠢᠨ ᠣᠷᠳᠣᠨ ᠨᠢ ᠪᠠᠢᠵᠢ ᠭᠡᠨ᠎ᠡ᠃ᠬᠣᠵᠢᠮ ᠨᠢ ᠭᠠᠵᠠᠷ ᠬᠥᠳᠡᠯᠵᠦ ᠠᠩ ᠭᠠᠷᠤᠭᠠᠳ ᠦᠵᠡᠰᠬᠦᠯᠡᠩᠲᠦ ᠤᠷᠲᠤ ᠬᠠᠷᠰᠢ ᠨᠢ ᠦᠷᠭᠦᠯᠵᠢ ᠪᠡᠷ ᠢ᠋ᠶ᠋ᠡᠨ ᠴᠥᠮᠥᠷᠡᠨ ᠣᠷᠣᠵᠤ ᠨᠠᠭᠤᠷ ᠪᠣᠯᠤᠭᠰᠠᠨ ᠭᠡᠨ᠎ᠡ᠃ᠤᠷᠲᠤ ᠬᠠᠷᠰᠢ ᠶ᠋ᠢᠨ ᠬᠢᠨᠢ ᠣᠷᠣᠢ ᠨᠠᠭᠤᠷ ᠤ᠋ᠨ ᠳᠤᠮᠳᠠ ᠴᠤᠬᠤᠢᠵᠤ ᠬᠠᠷᠠᠭᠳᠠᠳᠠᠭ ᠪᠣᠯᠬᠣᠷ ᠪᠠᠢᠰᠢᠩᠲᠤ ᠨᠠᠭᠤᠷ ᠨᠡᠷᠡᠯᠡᠵᠦ ᠳᠠᠭᠤᠳᠠᠭᠰᠠᠨ ᠭᠡᠳᠡᠭ᠃ᠣᠳᠣ ᠨᠠᠭᠤᠷ ᠤ᠋ᠨ ᠬᠥᠪᠡᠭᠡ ᠵᠠᠬ᠎ᠠ ᠠ᠋ᠴᠠ ᠬᠠᠶᠠ ᠨᠣᠭᠣᠭᠠᠨ ᠰᠢᠷᠲᠡᠢ ᠸᠠᠭᠠᠷ᠂ᠬᠥᠬᠡ ᠲᠣᠮᠣ ᠲᠣᠭᠣᠰᠬ᠎ᠠ ᠶ᠋ᠢᠨ ᠬᠡᠯᠲᠡᠷᠬᠡᠢ ᠣᠯᠳᠠᠳᠠᠭ ᠠᠵᠢ᠃
ᠡᠮᠡᠭᠡᠯ ᠬᠠᠢᠷᠬᠠᠨ
ᠡᠷᠲᠡᠨ ᠦ᠌ ᠡᠮᠡᠭᠡᠯ ᠬᠠᠢᠷᠬᠠᠨ᠂ᠡᠳᠦᠭᠡ ᠶ᠋ᠢᠨ ᠷᠠᠰᠢᠶᠠᠨᠲᠤ ᠠᠭᠤᠯᠠ᠂ᠱᠠᠩᠳᠤ ᠨᠡᠢᠰᠯᠡᠯ ᠡᠴᠡ ᠪᠠᠷᠠᠭᠤᠨᠰᠢ40 ᠰᠢᠬᠠᠮ ᠭᠠᠵᠠᠷ ᠤ᠋ᠨ ᠵᠠᠢᠲᠠᠢ᠃ᠤᠷᠢᠳᠤ ᠱᠠᠩᠳᠤ ᠨᠡᠢᠰᠯᠡᠯ ᠦ᠋ᠨ ᠣᠷᠳᠣᠨ ᠬᠠᠷᠰᠢ ᠶ᠋ᠢ ᠪᠠᠷᠢᠬᠤ ᠳ᠋ᠤ᠌ ᠡᠮᠡᠭᠡᠯ ᠬᠠᠢᠷᠬᠠᠨ ᠤ᠋ ᠡᠩᠭᠡᠷ ᠡᠴᠡ ᠭᠠᠨᠲᠢᠭ ᠴᠢᠯᠠᠭᠤ ᠭᠠᠷᠭᠠᠵᠤ ᠵᠠᠰᠠᠵᠤ ᠴᠠᠪᠴᠢᠭᠠᠳ ᠵᠠᠷᠤᠭᠰᠠᠨ ᠭᠡᠨ᠎ᠡ᠃ᠲᠡᠭᠡᠭᠡᠳ ᠭᠤᠷᠪᠠᠨ ᠵᠢᠯ ᠮᠠᠯᠲᠠᠵᠤ ᠶᠡᠬᠡ ᠬᠡᠮᠵᠢᠶᠡᠨ ᠦ᠌ ᠭᠠᠨᠲᠢᠭ ᠴᠢᠯᠠᠭᠤ ᠭᠠᠷᠭᠠᠭᠰᠠᠨ ᠳ᠋ᠤ᠌ ᠠᠭᠤᠯᠠᠨ ᠣᠷᠣᠢ ᠠ᠋ᠴᠠ ᠷᠠᠰᠢᠶᠠᠨ ᠪᠤᠯᠠᠭ ᠣᠷᠭᠢᠯᠵᠤ ᠤᠷᠤᠰᠤᠭᠰᠠᠨ ᠭᠡᠨ᠎ᠡ᠃ᠲᠡᠭᠡᠭᠡᠳ ᠷᠠᠰᠢᠶᠠᠨᠲᠤ ᠠᠭᠤᠯᠠ ᠴᠤ᠌ ᠭᠡᠵᠦ ᠳᠠᠭᠤᠳᠠᠬᠤ ᠪᠣᠯᠵᠠᠢ᠃ᠡᠳᠦᠭᠡ ᠪᠠᠰᠠ ᠭᠠᠷᠭᠠᠵᠤ ᠲᠠᠯᠪᠢᠭᠠᠳ ᠵᠠᠷᠤᠵᠤ ᠪᠠᠷᠠᠭᠰᠠᠨ ᠦᠭᠡᠢ ᠭᠠᠨᠲᠢᠭ ᠴᠢᠯᠠᠭᠤ ᠠᠭᠤᠯᠠ ᠶ᠋ᠢᠨ ᠪᠠᠯ ᠢ᠋ᠶ᠋ᠠᠷ ᠡᠩᠨᠡᠷᠡᠨ ᠬᠡᠪᠲᠡᠨ᠎ᠡ᠃
ᠬᠦᠢᠰᠦ ᠶ᠋ᠢᠨ ᠣᠪᠣᠭ᠎ᠠ
ᠰᠢᠯᠤᠭᠤᠨ ᠬᠥᠬᠡ ᠬᠤᠰᠢᠭᠤᠨ ᠤ᠋ ᠰᠠᠩ ᠤ᠋ᠨ ᠳᠠᠯᠠᠢ ᠰᠤᠮᠤᠨ ᠤ᠋ ᠭᠠᠩᠭᠠᠩ ᠲᠠᠯ᠎ᠠ ᠭᠠᠴᠠᠭᠠᠨ ᠤ᠋ ᠬᠦᠢᠰᠦ ᠶ᠋ᠢᠨ ᠲᠠᠯ᠎ᠠ᠂ ᠡᠷᠲᠡᠨ ᠦ᠌ ᠬᠦᠷᠢᠶ᠎ᠡ ᠰᠢᠷ᠎ᠠ ᠵᠠᠮ ᠤ᠋ᠨ ᠠᠷᠤ ᠳ᠋ᠤ᠌ ᠱ᠌ᠢᠷᠦᠨ ᠤᠯᠠᠭᠠᠨ ᠴᠢᠯᠠᠭᠤ ᠲᠠᠢ ᠬᠦᠢᠰᠦ ᠶ᠋ᠢᠨ ᠣᠪᠣᠭ᠎ᠠ ᠪᠠᠢᠳᠠᠭ᠃ᠤᠳᠠ ᠪᠤᠷᠭᠠᠰᠤ ᠬᠠᠨᠠᠷᠠᠨ ᠪᠠᠭᠯᠠᠷᠠᠵᠤ ᠬᠠᠢᠯᠠᠰᠤᠨ ᠣᠢ ᠬᠦᠷᠢᠶᠡᠯᠡᠨ ᠪᠦᠰᠡᠯᠡᠭᠰᠡᠨ ᠨᠣᠭᠣᠭᠠᠨ ᠲᠠᠯ᠎ᠠ ᠶ᠋ᠢᠨ ᠡᠬᠢᠨ ᠳ᠋ᠦ᠍ ᠪᠠᠢᠬᠤ ᠵᠢᠵᠢᠭᠬᠡᠨ ᠪᠣᠷᠣ ᠳᠣᠪᠣ ᠳᠡᠭᠡᠷ᠎ᠡ ᠪᠤᠰᠬᠠᠭᠰᠠᠨ ᠡᠨᠡ ᠬᠦ᠌ ᠬᠦᠢᠰᠦ ᠣᠪᠣᠭ᠎ᠠ ᠪᠣᠯ ᠬᠤᠪᠢᠯᠠᠢ ᠬᠠᠭᠠᠨ ᠤ᠋ ᠬᠠᠲᠤᠨ ᠨᠢᠷᠠᠢᠯᠠᠵᠤ ᠬᠡᠦᠬᠡᠳ ᠦ᠋ᠨ ᠢ᠋ᠶ᠋ᠡᠨ ᠬᠦᠢᠰᠦ ᠶ᠋ᠢ ᠠᠪᠤᠭᠰᠠᠨ ᠭᠠᠵᠠᠷ ᠶᠤᠮ ᠭᠡᠨ᠎ᠡ᠃ᠬᠣᠵᠢᠮ ᠨᠢ ᠮᠣᠩᠭᠣᠯᠴᠤᠳ ᠬᠦᠨᠳᠦᠳᠬᠡᠨ ᠳᠤᠷᠠᠰᠬᠠᠵᠤ ᠣᠪᠣᠭ᠎ᠠ ᠪᠤᠰᠬᠠᠨ ᠲᠠᠬᠢᠯ ᠲᠠᠯᠪᠢᠭᠰᠠᠨ ᠭᠡᠳᠡᠭ ᠤᠯᠠᠮᠵᠢᠯᠠᠯ ᠶᠠᠷᠢᠶ᠎ᠠ᠂ᠳᠣᠮᠣᠭ ᠦᠯᠢᠭᠡᠷ ᠳᠡᠯᠭᠡᠷᠡᠨ ᠦᠶ᠎ᠡ ᠤᠯᠠᠮᠵᠢᠯᠠᠵᠠᠢ᠃ᠲᠠᠯ᠎ᠠ ᠨᠣᠭᠣᠭᠠᠷᠠᠵᠤ ᠮᠠᠯ ᠲᠠᠷᠭᠤᠯᠠᠭᠰᠠᠨ ᠲᠠᠪᠤᠳᠤᠭᠠᠷ ᠰᠠᠷ᠎ᠠ ᠳ᠋ᠤ᠌ ᠮᠠᠯᠴᠢᠳ ᠰᠠᠭᠠᠯᠢ ᠶ᠋ᠢᠨ ᠳᠡᠭᠡᠵᠢ ᠪᠡᠨ ᠡᠷᠭᠦᠨ ᠰᠠᠮᠪᠠᠢ ᠬᠠᠳᠠᠭ ᠢ᠋ᠶ᠋ᠠᠨ ᠲᠠᠯᠪᠢᠵᠤ ᠴᠠᠭᠠᠨ ᠢ᠋ᠶ᠋ᠠᠷ ᠲᠠᠬᠢᠵᠤ ᠨᠢᠭᠡ ᠡᠳᠦᠷ ᠦ᠋ᠨ ᠨᠠᠢᠷ ᠬᠢᠳᠡᠭ᠃ᠬᠡᠦᠬᠡᠳ ᠦ᠋ᠨ ᠪᠥᠬᠡ ᠪᠠᠷᠢᠯᠳᠤᠨ ᠱᠠᠩ ᠬᠡᠰᠢᠭ ᠬᠦᠷᠲᠡᠭᠡᠵᠦ ᠦᠷ᠎ᠡ ᠬᠡᠦᠬᠡᠳ ᠦ᠋ᠨ ᠢ᠋ᠶ᠋ᠡᠨ ᠡᠷᠡᠭᠦᠯ ᠰᠠᠷᠠᠭᠤᠯ᠂ᠡᠷᠳᠡᠮ ᠮᠡᠳᠡᠯᠭᠡ ᠡᠵᠡᠮᠰᠢᠵᠦ ᠥᠰᠦᠭᠡᠳ᠂ᠬᠥᠯ ᠨᠢ ᠳᠥᠷᠦᠭᠡᠨ ᠳ᠋ᠦ᠍ ᠬᠦᠷᠴᠦ ᠭᠠᠷ ᠨᠢ ᠭᠠᠨᠵᠤᠭᠠᠨ ᠳ᠋ᠤ᠌ ᠬᠦᠷᠬᠦ ᠶ᠋ᠢ ᠪᠡᠯᠭᠡᠳᠡᠳᠡᠭ ᠪᠢᠯᠡ᠃ᠡᠢᠮᠦ ᠨᠠᠢᠷ ᠵᠢᠯ ᠪᠦᠷᠢ ᠶ᠋ᠢᠨ ᠲᠠᠪᠤᠳᠤᠭᠠᠷ ᠰᠠᠷ᠎ᠠ ᠶ᠋ᠢᠨ ᠬᠣᠷᠢᠨ ᠲᠠᠪᠤᠨ ᠳ᠋ᠤ᠌ ᠶᠠᠪᠤᠭᠳᠠᠳᠠᠭ ᠠᠵᠢ᠃ᠵᠠᠮ ᠢ᠋ᠶ᠋ᠠᠷ ᠥᠩᠭᠡᠷᠡᠬᠦ ᠠᠶᠠᠨᠴᠢᠳ ᠪᠠᠰᠠ ᠬᠡᠢᠮᠣᠷᠢ ᠬᠡᠢᠰᠬᠡᠵᠦ ᠰᠠᠴᠤᠯᠢ ᠡᠷᠭᠦᠳᠡᠭ ᠪᠢᠯᠡ᠃
ᠬᠣᠶᠠᠷ ᠪᠣᠮᠪᠣ
ᠱᠠᠩᠳᠤ ᠨᠡᠢᠰᠯᠡᠯ ᠡᠴᠡ ᠪᠠᠷᠠᠭᠤᠨᠰᠢ ᠬᠣᠶᠠᠷ ᠭᠤᠷᠪᠠᠨ ᠭᠠᠵᠠᠷ ᠤ᠋ᠨ ᠵᠠᠢ ᠲᠠᠢ ᠣᠷᠣᠢ ᠳᠡᠭᠡᠷ᠎ᠡ ᠪᠡᠨ ᠰᠤᠪᠤᠷᠭ᠎ᠠ ᠲᠠᠢ ᠢᠵᠢᠯ ᠬᠣᠶᠠᠷ ᠲᠣᠯᠣᠭᠠᠢ ᠪᠠᠢᠳᠠᠭ᠃ᠤᠯᠠᠮᠵᠢᠯᠠᠯ ᠬᠠᠭᠤᠴᠢ ᠶᠠᠷᠢᠶᠠᠨ ᠳ᠋ᠤ᠌ ᠲᠡᠷᠡ ᠬᠣᠶᠠᠷ ᠰᠤᠪᠤᠷᠭ᠎ᠠ ᠶ᠋ᠢᠨ ᠨᠢᠭᠡ ᠳ᠋ᠦ᠍ᠨᠢ ᠤᠢᠭᠤᠷᠵᠢᠨ ᠮᠣᠩᠭᠣᠯ ᠦᠰᠦᠭ ᠦ᠋ᠨ ᠨᠣᠮ ᠰᠤᠳᠤᠷ ᠢ᠋ ᠪᠤᠮᠪᠠᠯᠠᠵᠤ ᠨᠦᠬᠡ ᠳ᠋ᠦ᠍ᠨᠢ ᠳᠥᠷᠪᠡᠯᠵᠢᠨ ᠮᠣᠩᠭᠣᠯ ᠦᠰᠦᠭ ᠦ᠋ᠨ ᠨᠣᠮ ᠪᠢᠴᠢᠭ ᠢ᠋ ᠪᠤᠮᠪᠠᠯᠠᠵᠤ ᠰᠤᠪᠤᠷᠭ᠎ᠠ ᠪᠣᠰᠬᠠᠭᠰᠠᠨ ᠶᠤᠮ ᠭᠡᠨ᠎ᠡ᠃1908 ᠣᠨ ᠤ᠋ ᠦᠶᠡᠰ ᠪᠤᠮᠪᠠᠨ ᠰᠤᠪᠤᠷᠭ᠎ᠠ ᠶ᠋ᠢᠨ ᠨᠢᠭᠡᠨ ᠦ᠌ ᠬᠢᠨᠢ ᠬᠠᠭᠠᠰ ᠨᠢ ᠨᠤᠷᠠᠵᠤ ᠤᠨᠠᠪᠠ᠃ᠠᠶᠠᠨᠴᠢᠳ ᠬᠠᠷᠠᠴᠠᠲᠠᠢ ᠶ᠋ᠢᠨ ᠲᠠᠯ᠎ᠠ ᠪᠠᠷ ᠶᠠᠪᠤᠬᠤ ᠳ᠋ᠤ᠌ ᠪᠦᠬᠦᠯᠢ ᠬᠠᠷᠠᠭᠳᠠᠵᠤ ᠲᠤᠯᠤᠨ ᠨᠠᠭᠤᠷ ᠤ᠋ᠨ ᠠᠷᠤ ᠬᠦᠷᠦᠭᠡᠳ ᠬᠠᠷᠠᠬᠤ ᠳ᠋ᠤ᠌ ᠬᠠᠭᠠᠰ ᠬᠠᠷᠠᠭᠳᠠᠳᠠᠭ ᠪᠣᠯᠪᠠ᠃ᠠᠷᠤ ᠪᠣᠭᠳᠠ ᠶ᠋ᠢᠨ ᠵᠠᠷᠯᠢᠭ ᠢ᠋ᠶ᠋ᠠᠷ1914 ᠣᠨ ᠳ᠋ᠤ᠌ ᠰᠤᠪᠤᠷᠭ᠎ᠠ ᠶ᠋ᠢ ᠰᠡᠯᠪᠢᠨ ᠵᠠᠰᠠᠬᠤ ᠭᠡᠵᠦ ᠬᠣᠶᠠᠷ ᠬᠥᠮᠦᠨ ᠭᠤᠷᠪᠠᠨ ᠲᠡᠮᠡᠭᠡ ᠲᠡᠢ ᠲᠤᠯᠤᠨ ᠨᠣᠣᠷ ᠭᠡᠭᠡᠨ ᠰᠠᠩ ᠳ᠋ᠤ᠌ ᠢᠷᠡᠵᠦ ᠱᠠᠨᠵᠢᠲᠠᠪ ᠲᠤ᠌ 3000 ᠯᠠᠩ ᠴᠠᠭᠠᠨ ᠮᠥᠩᠭᠥ ᠥᠭᠴᠦ ᠰᠤᠪᠤᠷᠭ᠎ᠠ ᠶ᠋ᠢ ᠳᠠᠬᠢᠨ ᠵᠠᠰᠠᠭᠤᠯᠵᠠᠢ᠃ᠰᠤᠪᠤᠷᠭ᠎ᠠ ᠨᠢ ᠣᠷᠣᠢ ᠳᠡᠭᠡᠷ᠎ᠡ ᠪᠡᠨ ᠨᠠᠷᠠ ᠰᠠᠷᠠᠨ ᠭᠠᠨᠵᠤᠤᠷ ᠲᠠᠢ᠂ᠳᠣᠣᠭᠤᠷ ᠢ᠋ᠶ᠋ᠠᠨ ᠲᠡᠮᠦᠷ ᠴᠠᠭᠠᠷᠢᠭ ᠪᠦᠰᠡᠯᠡᠭᠦᠷ ᠲᠡᠢ ᠪᠠᠢᠵᠢ ᠭᠡᠨ᠎ᠡ᠃ᠦᠬᠡᠷ ᠵᠢᠯ ᠦ᠋ᠨ ᠦᠢᠮᠡᠭᠡᠨ ᠦ᠌ ᠦᠶᠡᠰ ᠬᠠᠷ᠎ᠠ ᠴᠡᠷᠢᠭ ᠰᠤᠪᠤᠷᠭ᠎ᠠ ᠶ᠋ᠢ ᠡᠪᠳᠡᠭᠰᠡᠨ ᠳ᠋ᠦ᠍ ᠨᠣᠮ ᠰᠤᠳᠤᠷ ᠨᠢ ᠰᠠᠯᠬᠢᠨ ᠳ᠋ᠤ᠌ ᠬᠡᠢᠰᠴᠦ ᠲᠤᠯᠤᠨ ᠨᠣᠣᠷ ᠤ᠋ᠨ ᠮᠣᠷᠢᠨ ᠳᠠᠪᠠᠭ᠎ᠠ ᠬᠦᠷᠲᠡᠯ᠎ᠡ ᠦᠷᠭᠦᠯᠵᠢᠯᠡᠵᠡᠢ᠃ᠲᠤᠯᠤᠨ ᠨᠣᠣᠷ ᠭᠤᠲᠤᠯ ᠱᠠᠬᠠᠢ ᠶ᠋ᠢᠨ ᠫᠦᠰᠡ ᠶ᠋ᠢᠨ ᠬᠢᠨᠢ ᠲᠡᠭᠡᠭᠡᠵᠦ ᠠᠪᠠᠴᠢᠭᠠᠳ3 ᠵᠢᠯ ᠭᠤᠲᠤᠯ ᠱᠠᠬᠠᠢ ᠶ᠋ᠢᠨ ᠤᠯᠠ ᠨᠠᠭᠠᠭᠰᠠᠨ ᠭᠡᠳᠡᠭ᠃ᠡᠨᠡ ᠨᠢ ᠪᠦᠷ ᠳᠥᠷᠪᠡᠯᠵᠢᠨ ᠦᠰᠦᠭ ᠦ᠋ᠨ ᠰᠤᠳᠤᠷ ᠨᠣᠮ ᠪᠠᠢᠪᠠ᠃
ᠮᠠᠩᠯᠠᠢ ᠶ᠋ᠢᠨ ᠭᠣᠣ ᠶ᠋ᠢᠨ ᠳᠣᠮᠣᠭ
ᠬᠤᠪᠢᠯᠠᠢ ᠰᠡᠴᠡᠨ ᠬᠠᠭᠠᠨ ᠤ᠋ ᠬᠡᠰᠢᠭᠲᠡᠨ ᠴᠡᠷᠢᠭ ᠲᠦ᠍ ᠮᠠᠩᠯᠠᠢᠪᠠᠭᠠᠲᠣᠷ ᠭᠡᠳᠡᠭ ᠲᠡᠢᠨ ᠪᠠᠢᠯᠳᠤᠭᠠᠨ ᠳ᠋ᠤ᠌ ᠡᠷᠡᠯᠬᠡᠭ᠂ ᠳᠠᠢᠴᠢᠨ ᠨᠥᠬᠥᠳ ᠲᠡᠭᠡᠨ ᠡᠯᠢᠭᠡᠰᠡᠭ᠂ᠬᠠᠷᠪᠤᠵᠤ ᠨᠠᠮᠨᠠᠬᠤ ᠳ᠋ᠠᠭᠠᠨ ᠮᠡᠷᠭᠡᠨ᠂ᠬᠠᠳᠠᠨ ᠪᠠᠭᠠᠲᠤᠷ ᠵᠠᠯᠠᠭᠤ ᠪᠠᠢᠵᠠᠢ᠃ᠬᠤᠪᠢᠯᠠᠢ ᠶ᠋ᠢᠨ ᠪᠠᠭ᠎ᠠ ᠬᠡᠦᠬᠡᠨ᠂ᠮᠠᠩᠯᠠᠢ ᠪᠠᠭᠠᠲᠤᠷ ᠊ᠢ ᠦᠵᠡᠮᠡᠭᠴᠡ ᠡᠨᠡ ᠬᠦ᠌ ᠨᠢᠳᠦᠨ ᠳ᠋ᠡᠭᠡᠨ ᠭᠠᠯ ᠲᠠᠢ᠂ᠨᠢᠭᠤᠷ ᠲᠠᠭᠠᠨ ᠴᠣᠭ ᠲᠠᠢ ᠵᠠᠯᠠᠭᠤ ᠶ᠋ᠢ ᠶᠡᠬᠡᠳᠡ ᠲᠣᠭᠣᠵᠤ᠂ᠠᠮᠠᠷᠠᠭ ᠰᠡᠳᠬᠢᠯ ᠢ᠋ᠶ᠋ᠡᠨ ᠬᠣᠯᠪᠣᠵᠤ ᠠᠢᠯ ᠭᠡᠷ ᠢ᠋ᠶ᠋ᠡᠨ ᠪᠤᠰᠬᠠᠬᠤ ᠬᠡᠮᠵᠢᠶᠡᠨ ᠳ᠋ᠦ᠍ ᠬᠦᠷᠦᠭᠰᠡᠨ ᠪᠠᠢᠵᠢ ᠭᠡᠨ᠎ᠡ᠃
ᠨᠢᠭᠡᠨ ᠡᠳᠦᠷ ᠬᠤᠪᠢᠯᠠᠢ ᠰᠡᠴᠡᠨ ᠬᠠᠭᠠᠨ ᠬᠡᠰᠢᠭᠲᠡᠨ ᠴᠡᠷᠢᠭ ᠢ᠋ᠶ᠋ᠡᠨ ᠳᠠᠭᠠᠭᠤᠯᠵᠤ ᠠᠷᠤ ᠶ᠋ᠢᠨ ᠥᠨᠳᠥᠷ ᠠᠭᠤᠯᠠᠨ ᠳ᠋ᠠᠭᠠᠨ ᠠᠪᠠ ᠲᠠᠯᠪᠢᠬᠤ ᠪᠠᠷ ᠮᠣᠷᠳᠠᠵᠠᠢ ᠭᠡᠨ᠎ᠡ᠃ᠬᠤᠷᠠᠬᠤ ᠶ᠋ᠢᠨ ᠠᠭᠤᠯᠠᠨ ᠤ᠋ ᠥᠨᠳᠥᠷ ᠣᠷᠭᠢᠯ ᠬᠦᠷᠬᠦ ᠳ᠋ᠦ᠍ ᠨᠠᠷᠠᠰᠤᠨ ᠣᠢ ᠨᠡᠯᠦᠢᠨ ᠬᠥᠬᠡᠷᠡᠵᠦ᠂ᠨᠠᠪᠴᠢ ᠴᠡᠴᠡᠭ ᠥᠩᠭᠡ ᠠᠯᠠᠭᠯᠠᠨ ᠮᠢᠷᠠᠯᠵᠠᠵᠤ᠂ᠠᠷᠢᠶᠠᠲᠠᠨ ᠠᠮᠢᠲᠠᠨ ᠨᠠᠳᠬᠤᠨ ᠲᠣᠭᠯᠠᠵᠤ ᠵᠢᠭᠦᠷᠲᠡᠨ ᠰᠢᠪᠠᠭᠤᠳ ᠤᠶᠠᠩᠭᠠᠯᠠᠨ ᠳᠠᠭᠤᠯᠠᠬᠤ᠂ᠰᠡᠳᠬᠢᠯ ᠳ᠋ᠦ᠍ ᠲᠠᠭᠠᠲᠠᠢ ᠪᠠᠶᠠᠷ ᠪᠠᠶᠠᠰᠬᠤᠯᠠᠩ ᠲᠠᠢ ᠶᠠᠪᠤᠲᠠᠯ᠎ᠠ ᠨᠢᠭᠡᠨ ᠰᠦᠷᠦᠭ ᠪᠤᠭᠤ ᠲᠠᠭᠠᠷᠠᠯᠳᠤᠪᠠ᠃ ᠬᠤᠪᠢᠯᠠᠢ ᠰᠤᠮᠤ ᠰᠤᠭᠤᠯᠤᠨ ᠨᠤᠮᠤ ᠳᠡᠯᠢᠵᠦ ᠬᠠᠷᠪᠤᠬᠤᠶᠠ ᠨᠢᠭᠡ ᠪᠤᠭᠤ ᠶ᠋ᠢᠨ ᠠᠷᠤ ᠬᠥᠯ ᠬᠤᠭᠤ ᠬᠠᠷᠪᠤᠭᠳᠠᠪᠠ᠃ᠲᠡᠷᠡ ᠪᠤᠭᠤ ᠰᠢᠷᠬᠠᠲᠤᠭᠰᠠᠨ ᠬᠥᠯ ᠢ᠋ᠶ᠋ᠡᠨ ᠴᠢᠷᠦᠭᠰᠡᠭᠡᠷ ᠰᠦᠷᠦᠭ ᠦ᠋ᠨ ᠢ᠋ᠶ᠋ᠡᠨ ᠠᠷᠤ ᠠ᠋ᠴᠠ ᠭᠦᠶᠦᠯ᠎ᠡ᠃ᠬᠤᠪᠢᠯᠠᠢ ᠬᠠᠭᠠᠨ ᠤᠤᠯ ᠠ᠋ᠴᠠ ᠬᠣᠭᠣᠰᠣᠨ ᠰᠤᠮᠤ ᠬᠠᠶᠠᠳᠠᠭ ᠦᠭᠡᠢ ᠲᠤᠯᠠ ᠪᠤᠭᠤ ᠶ᠋ᠢᠨ ᠠᠷᠤ ᠠ᠋ᠴᠠ ᠳᠣᠬᠢᠨ ᠵᠢᠭᠠᠵᠠᠢ᠃ᠤᠴᠢᠷ ᠢ᠋ ᠤᠬᠠᠭᠰᠠᠨ ᠮᠠᠩᠯᠠᠢᠪᠠᠭᠠᠲᠣᠷ ᠬᠤᠷᠳᠤᠨ ᠮᠣᠷᠢᠨ ᠳ᠋ᠤ᠌ ᠲᠠᠰᠢᠭᠤᠷ ᠥᠭᠴᠦ᠂ᠬᠣᠷᠣᠮᠬᠠᠨ ᠵᠠᠭᠤᠷ᠎ᠠ ᠨᠡᠬᠡᠮᠵᠢᠯᠡᠨ ᠭᠦᠢᠴᠡᠲᠡᠯ᠎ᠡ ᠲᠡᠷᠡ ᠪᠤᠭᠤ ᠥᠳᠬᠡᠨ ᠰᠢᠭᠤᠢ ᠪᠠᠷ ᠰᠢᠷᠭᠤᠨ ᠥᠨᠳᠥᠷ ᠠᠰᠬ᠎ᠠ ᠪᠠᠷ ᠴᠣᠢᠯᠠᠨ ᠳᠤᠲᠠᠭᠠᠭᠰᠠᠭᠠᠷ ᠨᠢᠭᠡᠨ ᠬᠥᠯ ᠦᠭᠡᠢ ᠭᠠᠩᠭ᠎ᠠ ᠶ᠋ᠢᠨ ᠢᠷᠮᠡᠭ ᠲᠦ᠍ ᠵᠣᠭ ᠲᠣᠰᠣᠨ ᠡᠷᠭᠢᠵᠦ ᠬᠠᠷᠠᠬᠤᠶ᠎ᠠ ᠠᠷᠤ ᠳ᠋ᠤᠨᠢ ᠵᠢᠳᠠ ᠠᠳᠬᠤᠭᠰᠠᠨ ᠠᠩᠴᠢᠨ ᠲᠤᠯᠤᠨ ᠢᠷᠡᠭᠰᠡᠨ ᠪᠠᠢᠵᠠᠢ᠃ᠪᠤᠭᠤ ᠠᠶᠤᠵᠤ ᠰᠣᠴᠢᠭᠰᠠᠨ ᠬᠦᠴᠦᠨ ᠳ᠋ᠡᠭᠡᠨ ᠡᠪᠡᠰᠦ ᠮᠣᠳᠣ ᠪᠠᠷ ᠪᠢᠲᠡᠭᠦᠦ ᠪᠦᠷᠬᠦᠭᠳᠡᠭᠰᠡᠨ10000 ᠵᠠᠩ ᠭᠦᠨ ᠭᠠᠩᠭ᠎ᠠ ᠤᠷᠤᠭᠤ ᠬᠠᠷᠠᠢᠵᠠᠢ᠃ᠭᠡᠲᠡᠯ᠎ᠡ ᠠᠷᠤ ᠠ᠋ᠴᠠ ᠨᠢ ᠠᠰ ᠲᠤᠯᠤᠨ ᠨᠡᠬᠡᠭᠰᠡᠨ ᠮᠠᠩᠯᠠᠢᠪᠠᠭᠠᠲᠣᠷ ᠴᠤ᠌ ᠠᠭᠲᠠ ᠶ᠋ᠢᠨ ᠵᠢᠯᠣᠭᠣ ᠲᠠᠲᠠᠵᠤ ᠠᠮᠵᠢᠯ ᠦᠭᠡᠢ ᠬᠥᠮᠦᠨ ᠮᠣᠷᠢᠲᠠᠢ ᠪᠠᠨ ᠨᠢᠰᠦᠨ ᠪᠠᠭᠤᠵᠠᠢ ᠭᠡᠨ᠎ᠡ ᠬᠤᠪᠢᠯᠠᠢ ᠬᠠᠭᠠᠨ᠂ᠰᠢᠳᠤᠷᠭᠤ ᠪᠠᠭᠠᠲᠤᠷ ᠬᠡᠰᠢᠭᠲᠡᠨ ᠴᠡᠷᠢᠭ ᠮᠠᠩᠯᠠᠢᠪᠠᠭᠠᠲᠣᠷ ᠤ᠋ᠨ ᠢ᠋ᠶ᠋ᠠᠨ ᠠᠷᠢᠭᠤᠨ ᠰᠦᠨᠡᠰᠦᠨ ᠳ᠋ᠦ᠍ ᠨᠠᠮᠠᠨᠴᠢᠯᠠᠵᠤ ᠠᠯᠲᠠ ᠪᠡᠶ᠎ᠡ ᠶ᠋ᠢ ᠨᠢ ᠬᠤᠷᠢᠶᠠᠭᠠᠳ ᠬᠠᠷᠠᠮᠰᠠᠯ ᠭᠡᠮᠰᠢᠯ ᠡᠪᠦᠷᠯᠡᠭᠰᠡᠭᠡᠷ ᠬᠠᠭᠠᠨ ᠣᠷᠳᠣᠨ ᠳ᠋ᠠᠭᠠᠨ ᠪᠤᠴᠠᠵᠠᠢ ᠭᠡᠨ᠎ᠡ᠃ᠲᠡᠭᠦᠨ ᠡᠴᠡ ᠬᠣᠢᠰᠢ ᠦᠬᠡᠷᠴᠢᠨ ᠣᠪᠣᠭᠠᠨ ᠤ᠋ ᠡᠮᠦᠨ᠎ᠡ ᠭᠣᠣ ᠶ᠋ᠢ ᠮᠠᠩᠯᠠᠢ ᠶ᠋ᠢᠨ ᠭᠣᠣ ᠭᠡᠳᠡᠭ ᠪᠣᠯᠤᠭᠰᠠᠨ ᠶᠤᠮ ᠭᠡᠨ᠎ᠡ᠃
ᠬᠤᠪᠢᠯᠠᠢ ᠬᠠᠭᠠᠨ ᠤ᠋ ᠬᠡᠦᠬᠡᠨ᠂ᠬᠣᠩᠭᠣᠷ ᠨᠥᠬᠥᠷ ᠢ᠋ᠶ᠋ᠡᠨ ᠠᠯᠳᠠᠭᠰᠠᠨ ᠳ᠋ᠠᠭᠠᠨ ᠲᠤᠢᠯ ᠢ᠋ᠶ᠋ᠠᠷ ᠵᠣᠪᠠᠨᠢᠵᠤ ᠤᠤᠭᠤᠵᠤ ᠢᠳᠡᠬᠦ ᠴᠠᠢ ᠬᠣᠭᠣᠯᠠ ᠠ᠋ᠴᠠ ᠭᠠᠷᠴᠤ᠂ᠤᠨᠲᠠᠬᠤ ᠨᠣᠢᠷ ᠠ᠋ᠴᠠ ᠬᠤᠯᠵᠢᠵᠤ ᠤᠳᠠᠯ ᠦᠭᠡᠢ ᠠᠯᠲᠠᠨ ᠳᠡᠯᠡᠬᠡᠢ ᠡᠴᠡ ᠠᠩᠭᠢᠵᠢᠷᠠᠵᠢ ᠭᠡᠨ᠎ᠡ᠃ᠬᠤᠪᠢᠯᠠᠢ ᠬᠠᠭᠠᠨ ᠥᠪᠡᠷ ᠦ᠋ᠨ ᠪᠡᠶ᠎ᠡ ᠶ᠋ᠢᠨ ᠪᠣᠯᠭᠣᠮᠵᠢ ᠦᠭᠡᠢ ᠡᠴᠡ ᠪᠣᠯᠵᠤ ᠦᠷᠦ ᠵᠢᠷᠦᠬᠡ ᠬᠡᠦᠬᠡᠨ ᠦ᠌ ᠪᠡᠨ ᠢᠨᠠᠭ ᠤ᠋ᠨ ᠶᠠᠪᠤᠳᠠᠯ ᠳ᠋ᠤ᠌ ᠬᠠᠷᠰᠢ ᠰᠠᠭᠠᠳ ᠤᠴᠠᠷᠠᠭᠤᠯᠤᠭᠰᠠᠨ ᠳ᠋ᠠᠭᠠᠨ ᠭᠣᠮᠣᠷᠬᠠᠵᠤ ᠢᠵᠢᠯ ᠬᠣᠶᠠᠷ ᠪᠤᠮᠪᠠ ᠪᠣᠰᠬᠠᠵᠤ ᠡᠭᠡᠨᠡᠭᠲᠡ ᠳᠤᠷᠠᠰᠬᠠᠭᠰᠠᠨ ᠭᠡᠨ᠎ᠡ᠃ᠡᠭᠦᠨ ᠢ᠋ ᠪᠠᠭ᠎ᠠ ᠬᠣᠶᠠᠷ ᠪᠤᠮᠪᠠ ᠭᠡᠳᠡᠭ᠃
ᠣᠯᠠᠨ ᠨᠠᠭᠤᠷ ᠤ᠋ᠨ ᠳᠣᠮᠣᠭ
ᠡᠷᠲᠡ ᠤᠷᠢᠳᠤ ᠶ᠋ᠢᠨ ᠴᠠᠭ ᠲᠤ᠌ ᠱᠠᠩᠳᠤ ᠶ᠋ᠢᠨ ᠰᠢᠷ᠎ᠠ ᠲᠠᠯ᠎ᠠ ᠳ᠋ᠤ᠌ ᠣᠯᠠᠨ ᠨᠠᠭᠤᠷ ᠨᠠᠷᠠᠳᠠᠵᠠᠢ ᠨᠡᠯᠦᠭᠡᠷ ᠶᠡᠬᠡ ᠨᠠᠭᠤᠷ ᠪᠠᠢᠭᠰᠠᠨ ᠶᠤᠮ ᠭᠡᠨ᠎ᠡ᠃ᠨᠠᠭᠤᠷ ᠲᠤᠨᠢ ᠠᠶᠤᠩᠭ᠎ᠠ ᠴᠠᠬᠢᠯᠭᠠᠨ ᠬᠥᠯᠭᠡᠯᠡᠭᠰᠡᠨ ᠠᠪᠤᠷᠭᠤ ᠬᠥᠬᠡ ᠯᠤᠤ ᠨᠤᠲᠤᠭᠯᠠᠳᠠᠭ ᠪᠠᠢᠵᠠᠢ᠃ᠬᠤᠪᠢᠯᠠᠢ ᠣᠷᠳᠣᠨ ᠬᠠᠷᠰᠢ ᠪᠠᠷᠢᠬᠤ ᠭᠡᠵᠦ᠂ᠣᠯᠠᠨ ᠰᠠᠢᠳ ᠢ᠋ᠶ᠋ᠠᠨ ᠳᠠᠭᠠᠭᠤᠯᠤᠨ ᠨᠤᠲᠤᠭ ᠤ᠋ᠨ ᠰᠠᠢᠬᠠᠨ ᠢ᠋ ᠰᠣᠩᠭᠣᠨ ᠭᠠᠵᠠᠷ ᠤ᠋ᠨ ᠰᠠᠢᠬᠠᠨ ᠢ᠋ ᠰᠢᠯᠢᠵᠦ ᠶᠠᠪᠤᠨ ᠶᠠᠪᠤᠭᠰᠠᠭᠠᠷ ᠰᠢᠷ᠎ᠠ ᠲᠠᠯ᠎ᠠ ᠳ᠋ᠤ᠌ ᠬᠦᠷᠴᠦ ᠢᠷᠡᠭᠡᠳ ᠡᠨᠡ ᠬᠦ᠌ ᠠᠭᠤᠯᠠ ᠪᠣᠯᠭᠠᠨ ᠮᠣᠳᠣ ᠲᠠᠢ ᠤᠰᠤ ᠪᠣᠯᠭᠠᠨ ᠵᠢᠭᠠᠰᠤ ᠲᠠᠢ᠂ᠤᠷᠭᠤᠮᠠᠯ ᠪᠣᠯᠭᠠᠨ ᠴᠡᠴᠡᠭ ᠲᠡᠢ᠂ᠠᠭᠤᠳᠠᠮ ᠲᠠᠯ᠎ᠠ ᠶ᠋ᠢ ᠪᠠᠬᠠᠷᠬᠠᠨ ᠲᠣᠭᠣᠵᠤ ᠬᠣᠲᠠ ᠪᠠᠯᠭᠠᠳ ᠪᠠᠷᠢᠬᠤ ᠪᠠᠷ ᠪᠣᠯᠵᠠᠢ᠃ᠲᠡᠭᠡᠭᠡᠳ ᠠᠭᠤᠯᠠ ᠲᠦᠰᠢᠵᠦ ᠤᠰᠤ ᠪᠠᠷᠠᠯᠠᠭᠰᠠᠨ ᠶᠡᠬᠡ ᠬᠣᠲᠠ ᠪᠠᠷᠢᠶ᠎ᠠ ᠭᠡᠬᠦ ᠳ᠋ᠦ᠍ ᠠᠷᠠᠢ ᠯᠠ ᠪᠠᠭᠲᠠᠭᠠᠮᠵᠢ ᠪᠠᠷᠤᠭᠲᠠᠢ ᠰᠢᠭ᠋ ᠰᠠᠨᠠᠭᠳᠠᠵᠠᠢ ᠭᠡᠨ᠎ᠡ᠃ᠭᠡᠲᠡᠯ᠎ᠡ ᠡᠨᠡ ᠬᠦ᠌ ᠣᠯᠠᠨ ᠭᠣᠣᠯ ᠴᠢᠳᠬᠤᠭᠰᠠᠨ ᠣᠯᠠᠨ ᠨᠠᠭᠤᠷ ᠢ᠋ ᠰᠢᠷᠭᠢᠭᠡᠵᠦ ᠴᠦ᠍ ᠲᠡᠢᠯᠡᠬᠦ ᠦᠭᠡᠢ ᠰᠢᠯᠵᠢᠭᠦᠯᠵᠦ ᠴᠦ᠍ ᠴᠢᠳᠠᠬᠤ ᠦᠭᠡᠢ ᠲᠤᠯᠠ ᠪᠣᠳᠣᠯ ᠪᠣᠯᠤᠭᠰᠠᠭᠠᠷ ᠬᠤᠪᠢᠯᠠᠢ ᠨᠣᠢᠷᠰᠤᠭᠰᠠᠨ ᠭᠡᠨ᠎ᠡ᠃ᠰᠥᠨᠢ《ᠬᠠᠭᠠᠨ ᠰᠠᠭᠤᠬᠤ ᠪᠤᠶᠠᠨ ᠲᠠᠢ ᠲᠠ ᠲᠣᠭᠣᠭᠰᠠᠨ ᠶᠤᠮ ᠴᠢᠨᠢ ᠬᠠᠯᠠᠭᠤᠨ ᠨᠤᠲᠤᠭ ᠢ᠋ᠶ᠋ᠠᠨ ᠪᠢ ᠴᠢᠮ᠎ᠠ ᠳ᠋ᠤ᠌ ᠰᠣᠶᠣᠷᠬᠠᠶᠠ》 ᠭᠡᠮᠡᠨ ᠯᠤᠤ ᠬᠡᠯᠡᠵᠦ ᠪᠠᠢᠨ᠎ᠠ ᠭᠡᠵᠦ ᠵᠡᠭᠦᠳᠦᠯᠡᠵᠢ ᠭᠡᠨ᠎ᠡ᠃ᠮᠠᠷᠭᠠᠰᠢ ᠥᠷᠯᠥᠭᠡ ᠨᠢ ᠭᠠᠵᠠᠷ ᠰᠢᠨᠵᠢᠵᠦ ᠨᠤᠲᠤᠭ ᠰᠣᠩᠭᠣᠭᠰᠠᠨ ᠲᠦᠰᠢᠮᠡᠯ ᠨᠢ ᠣᠷᠣᠵᠤ ᠢᠷᠡᠭᠡᠳ ᠣᠷᠳᠣᠨ ᠬᠠᠷᠰᠢ ᠪᠠᠷᠢᠬᠤ ᠳ᠋ᠤ᠌ ᠯᠤᠤ ᠶ᠋ᠢᠨ ᠬᠠᠭᠠᠨ ᠯᠤᠤ ᠠ᠋ᠴᠠ ᠭᠠᠵᠠᠷ ᠭᠤᠶᠤᠬᠤ ᠬᠡᠷᠡᠭᠲᠡᠢ ᠪᠣᠯᠵᠠᠢ ᠭᠡᠵᠦ ᠬᠤᠪᠢᠯᠠᠢ ᠳ᠋ᠤ᠌ ᠠᠢᠯᠠᠳᠬᠠᠭᠰᠠᠨ ᠪᠠᠢᠵᠠᠢ᠃ ᠬᠤᠪᠢᠯᠠᠢ ᠶᠡᠬᠡᠳᠡ ᠪᠠᠶᠠᠷᠯᠠᠵᠤ《ᠵᠠ ᠲᠡᠭᠡᠶ᠎ᠡ》ᠭᠡᠮᠡᠨ ᠵᠥᠪᠰᠢᠶᠡᠷᠡᠵᠦ ᠣᠯᠠᠨ ᠨᠠᠭᠤᠷ ᠤ᠋ᠨ ᠬᠥᠪᠡᠭᠡᠨ ᠳ᠋ᠦ᠍ ᠣᠯᠠᠨ ᠰᠠᠢᠳ ᠢ᠋ᠶ᠋ᠠᠨ ᠴᠤᠭᠯᠠᠭᠤᠯᠵᠤ ᠰᠦ ᠴᠡᠭᠡ ᠶ᠋ᠢᠨ ᠰᠠᠴᠤᠯᠢ ᠡᠷᠭᠦᠵᠦ ᠰᠢᠭᠦᠰᠦ ᠢᠳᠡᠭᠡᠨ ᠦ᠌ ᠵᠣᠭᠣᠭ ᠲᠠᠯᠪᠢᠵᠤ ᠭᠠᠵᠠᠷ ᠨᠤᠲᠤᠭ ᠭᠣᠶᠣᠵᠢ ᠭᠡᠨ᠎ᠡ᠃ᠲᠡᠷᠡ ᠰᠥᠨᠢ ᠨᠢ ᠠᠢᠬᠤᠪᠲᠤᠷ ᠲᠣᠭᠰᠢᠨ ᠰᠠᠯᠬᠢ ᠪᠣᠰᠴᠤ ᠠᠶᠤᠩᠭ᠎ᠠ ᠨᠠᠵᠢᠭᠢᠨᠠᠵᠤ ᠣᠯᠠᠨ ᠨᠠᠭᠤᠷ ᠤ᠋ᠨ ᠤᠰᠤ ᠣᠷᠣᠨ ᠢ᠋ᠶ᠋ᠠᠨ ᠲᠠᠯᠪᠢᠭᠠᠳ ᠵᠠᠢᠯᠠᠵᠢ ᠭᠡᠨ᠎ᠡ᠃ᠣᠮᠣᠭᠲᠤ ᠬᠥᠬᠡ ᠯᠤᠤ ᠣᠭᠲᠠᠷᠭᠤᠢ ᠳ᠋ᠤ᠌ ᠭᠠᠷᠤᠭᠠᠳ ᠰᠠᠭᠠᠳᠠᠵᠢ ᠭᠡᠨ᠎ᠡ᠃ᠬᠤᠪᠢᠯᠠᠢ ᠶᠡᠬᠡᠳᠡ ᠪᠠᠶᠠᠷᠯᠠᠨ ᠲᠩᠷᠢ ᠶ᠋ᠢᠨ ᠢᠪᠡᠭᠡᠯ ᠳ᠋ᠦ᠍ ᠮᠥᠷᠭᠥᠵᠦ ᠭᠠᠵᠠᠷ ᠤ᠋ᠨ ᠬᠡᠰᠢᠭ ᠲᠦ᠍ ᠵᠠᠯᠪᠠᠷᠢᠵᠤ ᠨᠠᠮᠤᠭ ᠨᠣᠢᠲᠠᠨ ᠨᠠᠭᠤᠷ ᠤ᠋ᠨ ᠭᠠᠵᠠᠷ ᠳᠡᠭᠡᠷ᠎ᠡ ᠶᠢᠰᠦ ᠶᠢᠰᠦ ᠨᠠᠶᠠᠨ ᠨᠢᠭᠡᠨ ᠬᠤᠯᠤᠰᠤᠨ ᠭᠠᠳᠠᠰᠤ ᠰᠢᠭᠠᠵᠤ ᠬᠠᠷᠰᠢ ᠣᠷᠳᠣᠨ ᠪᠠᠷᠢᠵᠤ ᠬᠠᠭᠠᠨ ᠣᠷᠣ ᠵᠠᠯᠭᠠᠮᠵᠢᠯᠠᠭᠠᠳ ᠲᠥᠷᠥ ᠲᠦᠪᠰᠢᠨ ᠲᠦᠮᠡᠨ ᠠᠮᠤᠭᠤᠯᠠᠩ ᠠᠮᠤᠷ ᠰᠠᠢᠨ ᠳ᠋ᠠᠭᠠᠨ ᠵᠢᠷᠭᠠᠵᠢ ᠭᠡᠨ᠎ᠡ᠃
ᠠᠭᠠᠷ ᠮᠠᠨᠳᠠᠯ ᠳ᠋ᠠᠬᠢ ᠱᠠᠩᠳᠤ ᠬᠣᠲᠠ
ᠨᠢᠭᠡᠨ ᠦᠶ᠎ᠡ ᠳᠡᠯᠡᠬᠡᠢ ᠳ᠋ᠠᠬᠢᠨᠡ ᠠᠯᠳᠠᠷᠰᠢᠭᠰᠠᠨ ᠱᠠᠩᠳᠤ ᠬᠣᠲᠠ ᠲᠡᠢᠨ ᠳᠠᠵᠢᠨ᠂ᠭᠠᠯ ᠲᠦᠢᠮᠡᠷ ᠦ᠋ᠨ ᠳᠤᠮᠳᠠ ᠪᠠᠯᠠᠷᠠᠵᠤ ᠬᠠᠭᠤᠴᠢ ᠪᠠᠭᠤᠷᠢ ᠪᠣᠯᠤᠭᠰᠠᠨ ᠪᠣᠯᠪᠠᠴᠤ ᠪᠠᠢᠭᠠᠯᠢ ᠶ᠋ᠢᠨ ᠳᠦᠷᠰᠦ ᠰᠢᠩᠭᠡᠭᠡᠯᠲᠡ ᠪᠡᠷ ᠳᠠᠬᠢᠨ ᠠᠭᠠᠷ ᠮᠠᠨᠳᠠᠯ ᠤ᠋ᠨ ᠱᠠᠩᠳᠤ ᠬᠣᠲᠠ ᠪᠣᠰᠴᠤ ᠦᠵᠡᠭᠳᠡᠬᠦ ᠰᠣᠨᠢᠨ ᠭᠠᠢᠬᠠᠮᠰᠢᠭ ᠲᠠᠢ ᠪᠠᠢᠵᠠᠢ᠃ᠭᠣᠣᠯᠳᠠᠭᠤ ᠵᠤᠨ ᠨᠠᠮᠤᠷ ᠤ᠋ᠨ ᠪᠣᠷᠣᠭᠠᠨ ᠣᠷᠣᠭᠰᠠᠨ ᠤ᠋ ᠳᠠᠷᠠᠭᠠᠬᠢ ᠲᠤᠩᠭᠠᠯᠠᠭ ᠥᠷᠯᠥᠭᠡ ᠨᠠᠷᠠ ᠮᠠᠨᠳᠤᠬᠤᠶᠠ ᠭᠠᠵᠠᠷ ᠤ᠋ᠨ ᠠᠭᠤᠷ ᠮᠠᠨᠠᠨ ᠳᠡᠭᠳᠡᠵᠦ ᠱᠠᠩᠳᠤ ᠬᠣᠲᠠ ᠶ᠋ᠢᠨ ᠳᠦᠷᠰᠦ ᠪᠠᠢᠳᠠᠯ ᠲᠣᠳᠣᠷᠠᠨ᠂ᠤᠷᠲᠤ ᠬᠠᠷᠰᠢ ᠰᠦᠨᠳᠡᠷᠯᠡᠵᠦ ᠬᠣᠲᠠ ᠶ᠋ᠢᠨ ᠬᠡᠷᠡᠮ ᠳᠡᠭᠡᠭᠦᠷ ᠵᠢᠳᠠ ᠰᠡᠷᠡᠭᠡ ᠪᠠᠷᠢᠭᠰᠠᠨ ᠰᠠᠭᠠᠷᠠᠯ ᠮᠣᠷᠢᠲᠤ ᠵᠠᠩᠵᠤᠨ ᠴᠡᠷᠢᠭ ᠳᠠᠪᠬᠢᠯᠳᠤᠬᠤ ᠪᠠ ᠣᠯᠠᠨ ᠬᠥᠮᠦᠨ ᠵᠣᠷᠴᠢᠨ ᠲᠡᠷᠭᠡ ᠤᠨᠤᠭ᠎ᠠ ᠵᠥᠷᠢᠯᠳᠦᠨ ᠶᠠᠪᠤᠬᠤ ᠨᠢ ᠦᠨᠡᠨ ᠮᠡᠲᠦ᠃ᠪᠠᠰᠠ ᠵᠡᠭᠦᠨ ᠡᠮᠦᠨᠡᠲᠦ ᠥᠨᠳᠥᠷ ᠠᠭᠤᠯᠠᠨ ᠠ᠋ᠴᠠ ᠰᠠᠭᠠᠷᠠᠯ ᠮᠣᠷᠢ ᠬᠥᠯᠭᠡᠯᠡᠭᠰᠡᠨ ᠵᠠᠩᠵᠤᠨ ᠴᠡᠷᠢᠭ ᠳᠠᠪᠬᠢᠯᠳᠤᠨ ᠪᠠᠭᠤᠬᠤ ᠮᠡᠲᠦ ᠬᠠᠷᠠᠭᠳᠠᠨ᠎ᠠ᠃ᠪᠠᠢᠭᠠᠯᠢ ᠶ᠋ᠢᠨ ᠡᠢᠮᠦ ᠦᠵᠡᠭᠳᠡᠯ ᠭᠠᠭᠴᠠ ᠱᠠᠩᠳᠤ ᠳ᠋ᠤ᠌ ᠪᠤᠰᠤ᠂ᠭᠣᠪᠢ ᠶ᠋ᠢᠨ ᠠᠷᠤ ᠡᠮᠦᠨ᠎ᠡ ᠶ᠋ᠢ ᠬᠣᠯᠪᠣᠭᠰᠠᠨ ᠬᠦᠷᠢᠶ᠎ᠡ ᠰᠢᠷ᠎ᠠ ᠵᠠᠮ ᠤ᠋ᠨ ᠪᠠᠭ᠎ᠠ ᠡᠷᠢᠶᠡᠨ ᠣᠷᠴᠢᠮ ᠴᠠᠭᠠᠨ ᠮᠥᠩᠭᠥᠨ ᠬᠤᠶᠠᠭ ᠳᠤᠭᠤᠯᠠᠭ᠎ᠠ ᠡᠮᠦᠰᠴᠦ ᠴᠠᠭᠠᠨ ᠰᠠᠭᠠᠷᠠᠯ ᠮᠣᠷᠢᠳ ᠤᠨᠤᠭᠰᠠᠨ ᠴᠡᠷᠢᠭ ᠦ᠋ᠨ ᠴᠤᠪᠤᠭ᠎ᠠ ᠠᠩᠭᠢ ᠪᠠᠷᠠᠭᠤᠨ ᠠ᠋ᠴᠠ ᠵᠡᠭᠦᠨᠰᠢ ᠴᠤᠪᠤᠷᠠᠨ ᠥᠩᠭᠡᠷᠡᠬᠦ ᠡᠩᠨᠡᠭᠡ ᠦᠵᠡᠭᠳᠡᠭᠰᠡᠨ ᠤᠳᠠᠭ᠎ᠠ ᠴᠤ᠌ ᠪᠣᠢ᠃
ᠪᠣᠷᠣᠬᠤᠳᠠ
ᠡᠷᠲᠡᠨ ᠦ᠌ ᠸᠧᠢ ᠯᠦ᠍ ᠶᠢ ᠥᠷᠲᠡᠭᠡ᠂ᠮᠣᠩᠭᠣᠯ ᠬᠥᠮᠦᠨ ᠦ᠌ ᠬᠡᠯᠡᠳᠡᠭ ᠪᠣᠷᠣᠬᠣᠳᠠ᠃ᠮᠣᠯᠲᠣᠰᠢ ᠬᠠᠭᠠᠯᠭ᠎ᠠ ᠠ᠋ᠴᠠ ᠬᠣᠢᠰᠢ140ᠭᠠᠵᠠᠷ᠂ᠮᠢᠩᠭᠠᠨ ᠪᠠᠯᠭᠠᠳ ᠠ᠋ᠴᠠ ᠵᠡᠭᠦᠨ ᠬᠣᠢᠰᠢ 60 ᠭᠠᠵᠠᠷ᠂ᠬᠤᠸᠠᠨᠵᠸᠦ ᠪᠠᠯᠭᠠᠳ ᠠ᠋ᠴᠠ ᠡᠮᠦᠨᠡᠰᠢ 40 ᠭᠠᠵᠠᠷ ᠤ᠋ᠨ ᠬᠣᠯᠠ᠃《ᠮᠢᠩ ᠤᠯᠤᠰ ᠤ᠋ᠨ ᠲᠡᠦᠬᠡᠨ ᠨᠣᠣᠷᠠᠭ᠂ᠸᠠᠩ ᠢᠩ ᠦ᠋ᠨ ᠨᠠᠮᠲᠠᠷ》 ᠲᠤ᠌《ᠶᠦᠩ ᠯᠧ ᠶ᠋ᠢᠨ ᠬᠣᠷᠢᠳᠤᠭᠠᠷ ᠣᠨ ᠳ᠋ᠤ᠌ ᠤᠮᠠᠷᠠᠰᠢ ᠳᠠᠢᠯᠠᠬᠤ ᠶᠡᠬᠡ ᠴᠡᠷᠢᠭ ᠪᠣᠷᠣᠬᠣᠳᠠ ᠪᠠᠯᠭᠠᠳ ᠢ᠋ ᠳᠠᠭᠠᠷᠢᠨ ᠥᠩᠭᠡᠷᠡᠬᠦ ᠦᠶᠡᠰ ᠬᠠᠭᠠᠨ᠂ᠲᠡᠭᠦᠨ ᠦ᠌ ᠬᠠᠮᠠᠭᠠᠯᠠᠭᠴᠢ ᠲᠦᠰᠢᠮᠡᠯ ᠸᠠᠩ ᠢᠩ ᠢ᠋ ᠳᠠᠭᠤᠳᠠᠨ ᠥᠭᠦᠯᠡᠷᠦᠨ᠄《ᠰᠣᠨᠣᠰᠬᠤᠯ᠎ᠠ ᠬᠣᠲᠠ ᠶ᠋ᠢᠨ ᠳᠣᠲᠣᠷ᠎ᠠ ᠴᠢᠯᠠᠭᠤᠨ ᠬᠥᠰᠢᠶ᠎ᠡ ᠪᠣᠢ ᠬᠡᠮᠡᠨᠡᠮ᠃ᠴᠢ ᠣᠴᠢᠵᠤ ᠡᠷᠢᠵᠦ ᠦᠵᠡᠲᠦᠭᠡᠢ》ᠭᠡᠮᠡᠨ ᠵᠠᠷᠯᠢᠭᠯᠠᠪᠠ᠃ᠴᠢᠯᠠᠭᠤᠨ ᠳᠡᠭᠡᠷ᠎ᠡ ᠴᠢᠯᠠᠭᠤᠨ ᠬᠥᠰᠢᠶ᠎ᠡ ᠬᠠᠮᠢᠭ᠎ᠠ ᠪᠠᠢᠬᠤ ᠶ᠋ᠢ ᠮᠡᠳᠡᠬᠦ ᠦᠭᠡᠢ ᠲᠤᠯᠠ ᠡᠷᠢᠭᠰᠡᠭᠡᠷ ᠪᠠᠢᠭᠠᠳ ᠬᠣᠲᠠ ᠶ᠋ᠢᠨ ᠬᠣᠢᠲᠤ ᠬᠠᠭᠠᠯᠭ᠎ᠠ ᠳ᠋ᠤ᠌ ᠲᠣᠬᠣᠢ ᠢᠯᠡᠭᠦᠦ ᠴᠢᠯᠠᠭᠤ ᠴᠤᠬᠤᠢᠵᠤ ᠪᠠᠢᠬᠤ ᠶ᠋ᠢ ᠮᠠᠯᠲᠠᠪᠠᠰᠤ ᠯᠢ ᠯᠢᠩ ᠲᠡᠢ ᠲᠠᠪᠴᠠᠩ ᠤ᠋ᠨ ᠥᠷᠲᠡᠭᠡᠨ ᠦ᠌ ᠴᠢᠯᠠᠭᠤᠨ ᠬᠥᠰᠢᠶ᠎ᠡ ᠢᠯᠡᠷᠡᠪᠡᠢ᠃
ᠬᠥᠰᠢᠶ᠎ᠡ ᠶ᠋ᠢᠨ ᠵᠥᠪ ᠲᠠᠯ᠎ᠠ ᠳ᠋ᠤ᠌ ᠬᠡᠰᠢᠭ ᠲᠦ᠍ ᠲᠠᠯᠠᠷᠬᠠᠭᠰᠠᠨ ᠢ᠋ᠶ᠋ᠠᠨ ᠢᠯᠡᠳᠬᠡᠭᠰᠡᠨ ᠪᠢᠴᠢᠭᠡᠰᠦ᠂ᠪᠤᠷᠤᠭᠤ ᠲᠠᠯ᠎ᠠ ᠳ᠋ᠤ᠌ ᠳᠠᠷᠤᠭᠠᠴᠢ ᠶ᠋ᠢᠨ ᠣᠪᠣᠭ ᠨᠡᠷ᠎ᠡ ᠶ᠋ᠢ ᠰᠡᠢᠯᠦᠭᠰᠡᠨ ᠪᠠᠢᠪᠠ᠃ᠬᠠᠭᠠᠨ ᠡᠵᠡᠨ ᠬᠥᠰᠢᠶ᠎ᠡ ᠴᠢᠯᠠᠭᠤ ᠶ᠋ᠢ ᠣᠯᠵᠤ ᠠᠪᠤᠭᠰᠠᠨ ᠬᠠᠷᠢᠭᠤ ᠶ᠋ᠢ ᠰᠣᠨᠣᠰᠤᠭᠠᠳ ᠥᠭᠦᠯᠡᠷᠦᠨ᠄《ᠬᠥᠰᠢᠶᠡᠨ ᠳᠡᠭᠡᠷᠡᠬᠢ ᠣᠪᠣᠭ ᠨᠡᠷ᠎ᠡ ᠢᠨᠤ ᠡᠷᠲᠡᠨ ᠦ᠌ ᠲᠠᠲ᠋ᠠᠷ ᠤ᠋ᠨ ᠣᠪᠣᠭ ᠨᠡᠷ᠎ᠡ ᠪᠤᠶᠤ᠃ᠡᠨᠡ ᠭᠠᠵᠠᠷ ᠤᠤᠯ ᠠ᠋ᠴᠠ ᠬᠡᠷᠡᠭ ᠤᠴᠢᠷ ᠣᠯᠠᠨ ᠪᠥᠯᠥᠭᠡ᠃ᠬᠣᠵᠢᠮ ᠬᠥᠰᠢᠶᠡᠨ ᠦ᠌ ᠣᠪᠣᠭ ᠨᠡᠷ᠎ᠡ ᠶ᠋ᠢ ᠪᠠᠷᠢᠮᠲᠠᠯᠠᠨ ᠵᠢᠭᠤᠷᠠᠯᠳᠤᠭᠠᠨ ᠡᠭᠦᠰᠬᠡᠬᠦ ᠪᠣᠯᠠᠢ᠃ᠡᠳᠦᠭᠡ ᠬᠥᠰᠢᠶ᠎ᠡ ᠶ᠋ᠢ ᠴᠣᠬᠢᠨ ᠰᠦᠢᠷᠡᠭᠦᠯᠵᠦ ᠭᠣᠣᠯ ᠳ᠋ᠤᠨᠢ ᠣᠷᠭᠢᠰᠤᠭᠠᠢ》 ᠭᠡᠮᠡᠨ ᠵᠠᠷᠯᠢᠭ ᠪᠣᠯᠪᠠᠢ᠃ᠳᠠᠭᠠᠯᠲᠠ ᠲᠦᠰᠢᠮᠡᠯ ᠸᠠᠩ ᠢᠩ᠂ᠬᠥᠰᠢᠶ᠎ᠡ ᠶ᠋ᠢ ᠪᠠᠯᠪᠠᠴᠢᠨ ᠰᠦᠢᠷᠡᠭᠦᠯᠵᠦ᠂ᠭᠣᠣᠯ ᠳ᠋ᠤᠷ ᠬᠠᠶᠠᠭᠠᠳ ᠡᠵᠡᠨ ᠬᠠᠭᠠᠨ ᠳ᠋ᠤᠷ ᠮᠡᠳᠡᠭᠦᠯᠦᠭᠰᠡᠨ᠎ᠡ᠂ᠬᠠᠭᠠᠨ ᠨᠠᠷᠢᠪᠴᠢᠯᠠᠨ ᠠᠰᠠᠭᠤᠵᠤ ᠰᠠᠶᠢ ᠶᠡᠬᠡᠳᠡ ᠪᠠᠶᠠᠰᠪᠠᠢ᠃ᠳᠡᠭᠡᠷᠡᠬᠢ ᠪᠠᠷᠢᠮᠲᠠ ᠲᠡᠮᠳᠡᠭᠯᠡᠯ ᠡᠴᠡ ᠦᠵᠡᠪᠡᠯ ᠯᠢ ᠯᠢᠩ ᠲᠡᠢ ᠲᠠᠪᠴᠠᠩ ᠪᠣᠯᠪᠠᠰᠤ ᠪᠣᠷᠣᠬᠣᠲᠠ ᠪᠢᠯᠡ᠃ᠯᠢ ᠯᠢᠩ ᠪᠣᠯ ᠬᠠᠨ ᠤᠯᠤᠰ ᠤ᠋ᠨ ᠨᠡᠷᠡᠲᠦ ᠵᠠᠩᠵᠤᠨ ᠶᠤᠮ᠃ᠾᠦᠩᠨᠦ ᠳ᠋ᠦ᠍ᠷ ᠣᠯᠵᠠᠯᠠᠭᠳᠠᠭᠰᠠᠨ ᠤ᠋ ᠰᠡᠭᠦᠯᠡᠷ ᠲᠡᠭᠦᠨ ᠢ᠋ ᠪᠣᠷᠣᠬᠣᠳᠠ ᠳ᠋ᠤ᠌ ᠰᠠᠭᠤᠯᠭᠠᠭᠰᠠᠨ ᠠᠵᠢ᠃ᠬᠣᠵᠢᠮ ᠨᠢ ᠲᠡᠭᠦᠨ ᠳ᠋ᠦ᠍ ᠯᠢ ᠯᠢᠩ ᠲᠡᠢ ᠴᠣᠭᠴᠠᠯᠠᠨ ᠳᠤᠷᠠᠰᠬᠠᠯ ᠪᠣᠯᠭᠠᠪᠠ ᠭᠡᠮᠡᠨ ᠥᠲᠡᠯ᠎ᠡ ᠨᠠᠰᠤᠲᠠᠳ ᠬᠠᠭᠤᠴᠢ ᠳᠡᠯᠭᠡᠭᠰᠡᠨ ᠢ᠋ ᠨᠡᠢᠯᠡᠭᠦᠯᠦᠨ ᠲᠡᠮᠳᠡᠭᠯᠡᠪᠡᠢ᠃ᠡᠷᠲᠡᠨ ᠦ᠌ ᠪᠣᠷᠣᠬᠣᠳᠡ᠂ᠣᠳᠣ ᠶ᠋ᠢᠨ ᠪᠣᠷᠣᠬᠣᠲᠠ ᠮᠠᠯᠵᠢᠯ ᠤ᠋ᠨ ᠲᠠᠯᠠᠪᠠᠢ ᠠ᠋ᠴᠠ ᠵᠡᠭᠦᠨᠰᠢ 8 ᠭᠠᠵᠠᠷ ᠤ᠋ᠨ ᠵᠠᠢ ᠲᠠᠢ ᠱᠠᠩᠳᠤ ᠶ᠋ᠢᠨ ᠭᠣᠣᠯ ᠢ᠋ ᠠᠷᠤᠯᠠᠨ᠂ᠰᠢᠷ᠎ᠠ ᠲᠠᠯ᠎ᠠ ᠶ᠋ᠢ ᠲᠡᠪᠡᠷᠢᠵᠦ ᠪᠣᠷᠣᠯᠠᠨ ᠬᠥᠬᠡᠷᠡᠬᠦ ᠤᠷᠲᠤ ᠳᠥᠷᠪᠡᠯᠵᠢᠨ ᠬᠠᠭᠤᠴᠢ ᠪᠠᠭᠤᠷᠢ ᠪᠤᠶᠤ᠃ᠪᠠᠯᠭᠠᠳ ᠤ᠋ᠨ ᠪᠠᠷᠠᠭᠤᠨ ᠡᠮᠦᠨ᠎ᠡ ᠪᠤᠯᠤᠩ ᠳ᠋ᠤ᠌ ᠵᠠᠩ ᠢᠯᠡᠭᠦᠦ ᠥᠨᠳᠥᠷ ᠪᠠᠷᠢᠯᠭ᠎ᠠ ᠶ᠋ᠢᠨ ᠪᠠᠭᠤᠷᠢ ᠲᠦᠩᠬᠦᠢᠵᠦ ᠲᠡᠭᠦᠨ ᠦ᠌ ᠳᠡᠭᠡᠭᠦᠷ ᠥᠩᠭᠡᠲᠦ ᠸᠠᠭᠠᠷ ᠤ᠋ᠨ ᠬᠠᠭᠠᠷᠬᠠᠢ᠂
ᠥᠷᠭᠡᠨ ᠲᠣᠮᠣ ᠲᠣᠭᠣᠰᠬ᠎ᠠ ᠶ᠋ᠢᠨ ᠬᠡᠯᠲᠡᠷᠬᠡᠢ ᠪᠤᠲᠠᠷᠠᠵᠤ᠂ᠡᠷᠲᠡᠨ ᠦ᠌ ᠦᠵᠡᠰᠬᠦᠯᠡᠩ ᠣᠷᠳᠣᠨ ᠬᠠᠷᠰᠢ ᠡᠨᠳᠡ ᠪᠠᠢᠭᠰᠠᠨ ᠊ᠢ ᠲᠠᠨᠢᠯᠴᠠᠭᠤᠯᠤᠨ᠎ᠠ᠃ᠪᠤᠭᠤᠷᠤᠯ ᠾᠦᠩᠨᠦ ᠶ᠋ᠢᠨ ᠣᠷᠳᠣᠨ ᠤ᠋ ᠲᠠᠰᠤᠷᠬᠠᠢ᠂ᠪᠤᠲᠠᠷᠠᠭᠰᠠᠨ ᠮᠣᠩᠭᠣᠯ ᠤ᠋ᠨ ᠰᠣᠶᠣᠯ ᠤ᠋ᠨ ᠲᠠᠮᠲᠤᠷᠬᠠᠢ᠂
ᠪᠤᠷᠤᠬᠤᠳᠠ ᠪᠤᠶᠤ᠂ᠪᠣᠷᠣ ᠲᠡᠦᠬᠡ ᠪᠤᠶᠤ᠃
ᠴᠠᠭᠠᠨᠨᠠᠭᠤᠷ ᠨᠡᠭᠦᠳᠡᠯ ᠣᠷᠳᠣᠨ
ᠬᠠᠷ᠎ᠠ ᠬᠥᠨᠳᠡᠢ ᠶ᠋ᠢᠨ ᠥᠷᠲᠡᠭᠡ ᠵᠠᠮ ᠪᠣᠯ ᠶᠤᠸᠠᠨ ᠤᠯᠤᠰ ᠤ᠋ᠨ ᠡᠵᠡᠳ ᠬᠠᠭᠠᠳ ᠤ᠋ᠨ ᠠᠶᠠᠯᠠᠨ ᠵᠠᠯᠠᠷᠠᠳᠠᠭ ᠴᠣᠬᠣᠮ ᠥᠷᠲᠡᠭᠡ ᠵᠠᠮ ᠪᠣᠯᠤᠨ᠎ᠠ᠃ᠡᠨᠡ ᠬᠦ᠌ ᠥᠷᠲᠡᠭᠡ ᠵᠠᠮ ᠳᠡᠭᠡᠷ᠎ᠡ ᠶᠤᠸᠠᠨ ᠤᠯᠤᠰ ᠤ᠋ᠨ ᠦᠶ᠎ᠡ ᠶ᠋ᠢᠨ ᠬᠠᠭᠤᠴᠢ ᠪᠠᠭᠤᠷᠢ ᠣᠯᠠᠨ᠃ᠮᠣᠯᠲᠣᠰᠢ ᠬᠠᠭᠠᠯᠭ᠎ᠠ ᠠ᠋ᠴᠠ ᠨᠠᠭᠠᠰᠢ ᠭᠠᠷᠪᠠᠯ ᠮᠢᠩᠭᠠᠨ ᠪᠠᠯᠭᠠᠳ᠂ᠴᠠᠭᠠᠨᠨᠠᠭᠤᠷ ᠨᠡᠭᠦᠳᠡᠯ ᠣᠷᠳᠣᠨ᠂ᠵᠠᠰᠠᠯ ᠵᠢᠮᠰᠡᠭ ᠦ᠋ᠨ ᠠᠰᠠᠷ᠂ᠪᠤᠷᠤᠬᠤᠳᠠ᠂ᠬᠤᠸᠠᠨᠵᠸᠦ ᠪᠠᠯᠭᠠᠳ ᠢ ᠳᠠᠭᠠᠷᠢᠨ ᠱᠠᠩᠳᠤ ᠨᠡᠢᠰᠯᠡᠯ ᠬᠦᠷᠳᠡᠭ᠃ᠴᠠᠭᠠᠨᠨᠠᠭᠤᠷ ᠨᠡᠭᠦᠳᠡᠯ ᠣᠷᠳᠣᠨ ᠊ᠢ ᡁᠢ ᠶᠤᠸᠠᠨ ᠤ᠋ ᠠᠷᠪᠠᠨ ᠲᠠᠪᠤᠳᠤᠭᠠᠷ ᠣᠨ ᠳ᠋ᠤ᠌ ᠪᠠᠢᠭᠤᠯᠬᠤ ᠪᠠᠷ ᠬᠡᠰᠢᠭᠲᠡᠨ ᠴᠡᠷᠢᠭ ᠦ᠋ᠨ ᠶᠡᠷᠦᠩᠬᠡᠢ ᠵᠠᠬᠢᠷᠤᠭᠴᠢ᠂ᠪᠠᠷᠢᠯᠭᠠᠴᠢᠨ᠂ᠪᠠᠯᠭᠠᠴᠢᠨ
ᠨᠠᠷ ᠢ᠋ ᠳᠠᠭᠠᠭᠤᠯᠤᠨ ᠴᠠᠭᠠᠨᠨᠠᠭᠤᠷ ᠬᠡᠮᠡᠬᠦ ᠭᠠᠵᠠᠷ ᠬᠠᠭᠠᠨ ᠡᠵᠡᠨ ᠦ᠌ ᠨᠡᠭᠦᠳᠡᠯ ᠣᠷᠳᠣᠨ ᠢ᠋ ᠪᠠᠷᠢᠵᠤ ᠡᠬᠢᠯᠡᠪᠡ᠃ᠠᠷᠪᠠᠨ ᠵᠢᠷᠭᠤᠳᠤᠭᠠᠷ ᠣᠨ ᠳ᠋ᠤ᠌ ᠬᠤᠪᠢᠯᠠᠢ ᠬᠠᠭᠠᠨ ᠴᠠᠭᠠᠨᠨᠠᠭᠤᠷ ᠣᠷᠳᠣᠨ ᠳ᠋ᠤ᠌ ᠠᠶᠠᠯᠠᠨ ᠬᠦᠷᠴᠦ ᠵᠤᠭᠠᠴᠠᠭᠰᠠᠨ ᠪᠠ ᠠᠷᠪᠠᠨ ᠳᠣᠯᠣᠳᠤᠭᠠᠷ ᠣᠨ ᠳ᠋ᠤ᠌ ᠭᠣᠣᠯ ᠪᠠᠷᠢᠯᠭ᠎ᠠ 《ᠦᠵᠡᠮᠵᠢ ᠰᠣᠨᠢᠷᠬᠠᠬᠤ ᠬᠠᠷᠰᠢ》—ᠰᠢᠶᠠᠩ ᠯᠢ ᠳ᠋ᠢᠶᠠᠨ ᠢ᠋ ᠪᠠᠢᠭᠤᠯᠵᠤ ᠲᠡᠭᠦᠰᠪᠡ᠃ᠶᠠᠨ ᠢᠣ ᠶ᠋ᠢᠨ ᠬᠣᠶᠠᠳᠤᠭᠠᠷ ᠣᠨ ᠳ᠋ᠤ᠌ ᠡᠨᠳᠡ ᠶᠥᠩᠰᠢᠶᠡᠹᠥ᠋ ᠣᠷᠳᠣᠨ ᠢ ᠨᠡᠮᠡᠵᠦ ᠭᠠᠷᠭᠠᠨ᠂ᠬᠠᠭᠠᠨ ᠡᠵᠡᠳ ᠦ᠋ᠨ ᠱᠠᠩᠳᠤ ᠨᠡᠢᠰᠯᠡᠯ ᠳ᠋ᠦ᠍ ᠪᠠᠢᠬᠤ ᠬᠤᠭᠤᠴᠠᠭᠠᠨ ᠳ᠋ᠠᠬᠢ ᠠᠪᠠ ᠬᠣᠮᠣᠷᠭ᠎ᠠ ᠲᠠᠯᠪᠢᠬᠤ ᠬᠡᠷᠡᠭᠯᠡᠭᠡ ᠶ᠋ᠢ ᠬᠠᠩᠭᠠᠬᠤ ᠦᠢᠯᠡᠰ ᠊ᠢ ᠬᠠᠮᠢᠶᠠᠷᠤᠭᠤᠯᠵᠠᠢ᠃ᠡᠨᠳᠡ ᠪᠠᠰᠠ ᠡᠵᠡᠨ ᠬᠠᠭᠠᠨ ᠤ᠋ ᠠᠪᠠ ᠶ᠋ᠢᠨ ᠪᠦᠷᠭᠦᠳ ᠊ᠢ ᠲᠤᠰᠬᠠᠢᠯᠠᠨ ᠲᠡᠵᠢᠭᠡᠵᠦ ᠪᠦᠷᠭᠦᠳ ᠣᠷᠬᠢᠨ᠂ᠠᠪᠠ ᠬᠣᠮᠣᠷᠭ᠎ᠠ ᠬᠢᠬᠦ ᠳ᠋ᠦ᠍ᠨᠢ ᠦᠢᠯᠡᠴᠢᠯᠡᠵᠦ ᠪᠠᠢᠪᠠ᠃ᠰᠡᠭᠦᠯ ᠦ᠋ᠨ ᠦᠶᠡᠰ《ᠴᠠᠭᠠᠨ ᠬᠡᠷᠲᠡᠢ》ᠭᠡᠵᠦ ᠬᠡᠯᠡᠳᠡᠭ ᠬᠠᠭᠤᠴᠢ ᠪᠠᠭᠤᠷᠢ ᠪᠣᠯ ᠲᠡᠭᠦᠨ ᠦ᠌ ᠦᠯᠡᠳᠡᠭᠳᠡᠯ ᠪᠠᠢᠵᠤ ᠮᠠᠭᠠᠳ᠃ᠨᠤᠲᠤᠭ ᠤ᠋ᠨ ᠨᠢᠭᠡᠨ ᠪᠤᠭᠤᠷᠤᠯ᠄《ᠴᠠᠭᠠᠨ ᠭᠡᠷᠲᠡᠢ ᠭᠡᠵᠦ ᠰᠣᠨᠢᠨ ᠰᠢᠦ᠂ᠠᠶᠠᠨ ᠵᠢᠩ ᠢ᠋ᠶ᠋ᠡᠷ ᠶᠠᠪᠤᠵᠤ ᠪᠠᠢᠭᠠᠳ ᠬᠡᠴᠢᠨᠡᠨ ᠣᠯᠠᠨ ᠲᠡᠷᠭᠡ ᠤᠨᠤᠭ᠎ᠠ᠂ᠬᠥᠮᠦᠨ ᠠᠮᠢᠲᠠᠨ ᠣᠷᠣᠭᠠᠳ ᠪᠠᠢᠭᠰᠠᠨ ᠴᠤ᠌ ᠪᠦᠷ ᠪᠠᠭᠲᠠᠴᠢᠬᠠᠳᠠᠭ ᠭᠡᠨ᠎ᠡ᠃ᠬᠠᠷᠢᠨ ᠪᠠᠭᠲᠠᠬᠤ ᠦᠭᠡᠢ ᠪᠣᠯᠤᠯ᠎ᠠ ᠯᠠ ᠭᠡᠵᠦ ᠬᠡᠯᠡᠵᠦ ᠪᠣᠯᠳᠠᠭ ᠦᠭᠡᠢ ᠭᠡᠨ᠎ᠡ ᠪᠢᠯᠡ》ᠭᠡᠮᠡᠨ ᠬᠠᠭᠤᠴᠢᠯᠠᠵᠤ ᠪᠢᠯᠡ᠃ᠵᠠᠰᠠᠯ ᠵᠢᠮᠰᠡᠭ ᠦ᠋ᠨ ᠠᠰᠠᠷ ᠪᠣᠯ ᠦᠵᠡᠰᠬᠦᠯᠡᠩ ᠭᠣᠶᠣᠮᠰᠣᠭ ᠠᠰᠠᠷ᠂ᠬᠤᠪᠢᠯᠠᠢ ᠰᠡᠴᠡᠨ ᠬᠠᠭᠠᠨ ᠤ᠋ ᠬᠠᠲᠤᠨ ᠤ᠋ ᠪᠠᠭᠤᠳᠠᠯᠯᠠᠳᠠᠭ ᠰᠡᠷᠢᠭᠦᠨ ᠣᠷᠳᠣᠨ᠃ᠬᠤᠪᠢᠯᠠᠢ ᠶ᠋ᠢᠨ ᠬᠠᠲᠤᠨ ᠥᠷᠲᠡᠭᠡ ᠵᠠᠮ ᠢ᠋ᠶ᠋ᠠᠷ ᠠᠶᠠᠯᠠᠨ ᠵᠤᠭᠠᠴᠠᠵᠤ ᠶᠠᠪᠤᠬᠤ ᠳ᠋ᠠᠭᠠᠨ ᠡᠨᠳᠡ ᠦᠰᠦ ᠪᠡᠨ ᠰᠠᠮᠨᠠᠨ ᠵᠢᠰᠦ ᠪᠡᠨ ᠭᠣᠶᠣᠯᠠᠳᠠᠭ ᠤᠴᠢᠷ ᠵᠠᠰᠠᠯ ᠵᠢᠮᠰᠡᠭ ᠦ᠋ᠨ ᠲᠤᠰᠬᠠᠢ ᠠᠰᠠᠷ ᠪᠠᠢᠭᠤᠯᠤᠭᠰᠠᠨ ᠠᠵᠢ᠃ᠬᠢᠲᠠᠳ ᠢ᠋ᠶ᠋ᠠᠷ ᠰᠦ᠍ ᠵᠤᠸᠠᠨ ᠯᠦ᠍ ᠭᠡᠳᠡᠭ᠃
ᠴᠠᠭᠠᠨᠨᠠᠭᠤᠷ ᠣᠷᠳᠣᠨ ᠢ᠋ ᠪᠠᠰᠠ ᠪᠠᠷᠠᠭᠤᠨ ᠰᠡᠷᠢᠭᠦᠨ ᠣᠷᠳᠣᠨ ᠴᠤ᠌ ᠭᠡᠳᠡᠭ᠃ᠱᠠᠩᠳᠤ ᠠ᠋ᠴᠠ ᠪᠠᠷᠠᠭᠤᠨᠰᠢ ᠭᠠᠷᠴᠤ ᠬᠤᠸᠠᠨᠵᠸᠣ ᠪᠠᠯᠭᠠᠳ᠂ᠪᠤᠷᠤᠬᠤᠲᠠ ᠪᠠᠯᠭᠠᠳ᠂ᠵᠠᠰᠠᠯ ᠵᠢᠮᠰᠡᠭ ᠦ᠋ᠨ ᠠᠰᠠᠷ ᠢ᠋ᠶ᠋ᠠᠷ ᠳᠠᠭᠠᠷᠢᠨ ᠥᠩᠭᠡᠷᠡᠪᠡᠯ ᠳᠠᠷᠤᠢ ᠴᠠᠭᠠᠨᠨᠠᠭᠤᠷ ᠨᠡᠭᠦᠳᠡᠯ ᠣᠷᠳᠣᠨ ᠳ᠋ᠤ᠌ ᠬᠦᠷᠳᠡᠭ ᠠᠵᠢ᠃
ᠰᠢᠯᠤᠭᠤᠨ ᠬᠥᠬᠡ ᠶ᠋ᠢᠨ ᠴᠢᠯᠠᠭᠤᠨ ᠬᠥᠮᠦᠨ
ᠰᠢᠯᠤᠭᠤᠨ ᠬᠥᠬᠡ ᠬᠤᠰᠢᠭᠤᠨ ᠤ᠋ ᠨᠤᠲᠤᠭ ᠳᠡᠪᠢᠰᠬᠡᠷ ᠳᠡᠭᠡᠷ᠎ᠡ ᠲᠠᠷᠬᠠᠭᠰᠠᠨ ᠡᠷᠲᠡᠨ ᠦ᠌ ᠴᠢᠯᠠᠭᠤᠨ ᠬᠥᠮᠦᠨ ᠦ᠌ ᠲᠤᠬᠠᠢ ᠲᠠᠭᠠᠮᠠᠭ᠂ᠬᠠᠭᠤᠴᠢ ᠶᠠᠷᠢᠶ᠎ᠠ᠂ᠳᠣᠮᠣᠭ ᠦᠯᠢᠭᠡᠷ ᠣᠯᠠᠨ ᠪᠣᠢ᠃ᠴᠢᠯᠠᠭᠤᠨ ᠬᠥᠮᠦᠨ ᠨᠢ ᠱᠠᠩᠳᠤ ᠨᠡᠢᠰᠯᠡᠯ ᠦ᠋ᠨ ᠪᠠᠷᠠᠭᠤᠨ ᠡᠮᠦᠨ᠎ᠡ ᠡᠴᠡ ᠪᠠᠷᠠᠭᠤᠨ ᠬᠣᠢᠨ᠎ᠠ ᠬᠦᠷᠲᠡᠯ᠎ᠡ100ᠰᠢᠬᠠᠮ ᠭᠠᠵᠠᠷ ᠤ᠋ᠨ ᠲᠣᠭᠣᠷᠢᠨ ᠳ᠋ᠤ᠌ ᠬᠠᠭᠠᠰ ᠳᠤᠭᠤᠢ ᠬᠡᠯᠪᠡᠷᠢ ᠪᠡᠷ ᠲᠠᠷᠬᠠᠵᠠᠢ᠃
ᠱᠠᠩᠳᠤ ᠶ᠋ᠢᠨ ᠴᠢᠯᠠᠭᠤᠨ ᠬᠥᠮᠦᠨ
ᠬᠤᠰᠢᠭᠤᠨ ᠤ᠋ ᠡᠮᠦᠨ᠎ᠡ ᠵᠠᠬ᠎ᠠ ᠶ᠋ᠢᠨ ᠵᠥᠭᠡᠯᠡᠨ ᠭᠣᠣᠯ ᠰᠤᠮᠤᠨ ᠤ᠋ ᠣᠯᠠᠨ ᠮᠣᠳᠣᠨ ᠤ᠋ ᠬᠣᠶᠠᠷ ᠱᠠᠩᠰᠢᠲᠣ ᠳ᠋ᠤ᠌ ᠭᠤᠷᠪᠠᠨ ᠴᠢᠯᠠᠭᠤᠨ ᠬᠥᠮᠦᠨ ᠪᠣᠢ᠃ᠪᠠᠷᠠᠭᠤᠨ ᠱᠠᠩᠰᠢᠲᠣ ᠶ᠋ᠢᠨ ᠴᠢᠯᠠᠭᠤᠨ ᠬᠥᠮᠦᠨ ᠢ᠋ ᠠᠭᠤᠯᠠ ᠶ᠋ᠢᠨ ᠨᠠᠷᠠᠨ ᠡᠩᠭᠡᠷ ᠲᠦ᠍ ᠪᠠᠢᠬᠤ ᠴᠢᠯᠠᠭᠤᠨ ᠣᠪᠣᠭᠠᠨ ᠤ᠋ ᠡᠮᠦᠨ᠎ᠡ ᠪᠣᠰᠬᠠᠵᠠᠢ᠃ᠪᠡᠶ᠎ᠡ ᠶ᠋ᠢᠨ ᠥᠨᠳᠥᠷ 5 ᠲᠣᠬᠣᠢ᠂ᠤᠯᠠᠪᠢᠷ ᠰᠢᠷᠭᠠᠯ ᠪᠣᠷᠵᠢᠨ ᠴᠢᠯᠠᠭᠤ᠂ᠨᠢᠳᠦ ᠴᠢᠬᠢ ᠬᠠᠮᠠᠷ ᠠᠮᠠ ᠶ᠋ᠢ ᠴᠦᠴᠡᠳᠡᠵᠦ ᠰᠡᠢᠯᠦᠭᠰᠡᠨ ᠨᠢ ᠳᠥᠭᠥᠮ ᠲᠦᠳᠡ᠂ᠣᠷᠣᠮ ᠲᠡᠳᠦᠢ᠃ᠣᠨ ᠤᠳᠠᠭᠠᠨ ᠤ᠋ ᠰᠠᠯᠬᠢᠨ ᠪᠣᠷᠣᠭᠠᠨ ᠤ᠋ ᠢᠳᠡᠭᠳᠡᠯ ᠳ᠋ᠦ᠍ ᠤᠤᠯ ᠲᠥᠷᠬᠦ ᠪᠡᠨ ᠠᠯᠳᠠᠭᠰᠠᠨ ᠪᠣᠯᠪᠠ ᠤᠤ ᠭᠡᠮᠡᠷ᠃ᠨᠤᠲᠤᠭ ᠤ᠋ᠨ ᠬᠥᠮᠦᠨ ᠦ᠌ ᠤᠯᠠᠮᠵᠢᠯᠠᠯ ᠶᠠᠷᠢᠶ᠎ᠠ ᠳ᠋ᠤ᠌ ᠡᠷᠲᠡᠨ ᠦ᠌ ᠣᠩᠭᠣᠨ ᠪᠤᠯᠠᠰᠢ ᠭᠡᠮᠡᠨ ᠬᠡᠯᠡᠯᠴᠡᠳᠡᠭ᠃ᠠᠭᠤᠳᠠᠯᠵᠤ ᠮᠠᠯᠲᠠᠭᠰᠠᠨ ᠳ᠋ᠤ᠌ ᠴᠢᠯᠠᠭᠤᠨ ᠣᠪᠣᠭᠠᠨ ᠤ᠋ ᠳᠣᠲᠣᠷ᠎ᠠ ᠬᠡᠭᠦᠷ ᠪᠦᠯᠡᠰᠢ ᠪᠠᠢᠭᠰᠠᠨ ᠦᠭᠡᠢ᠂ᠬᠠᠷᠢᠨ ᠬᠠᠪᠲᠠᠭᠠᠢ ᠴᠢᠯᠠᠭᠤᠨ ᠳᠡᠭᠡᠷ᠎ᠡ ᠪᠦᠷᠭᠦᠳ ᠰᠢᠪᠠᠭᠤᠨ ᠤ᠋ ᠪᠦᠬᠦᠯᠢ ᠶᠠᠰᠤ ᠶ᠋ᠢ ᠤᠷᠭᠤᠬᠤ ᠨᠠᠷᠠᠨ ᠵᠦᠭ ᠬᠠᠨᠳᠤᠭᠤᠯᠤᠨ ᠲᠠᠯᠪᠢᠵᠤ ᠳᠥᠷᠪᠡᠨ ᠲᠠᠯ᠎ᠠ ᠪᠠᠷ ᠨᠢ ᠴᠢᠯᠠᠭᠤ ᠪᠠᠷ ᠬᠠᠢᠷᠴᠠᠭᠯᠠᠨ ᠬᠠᠰᠢᠵᠤ ᠣᠩᠭᠣᠯᠠᠭᠰᠠᠨ ᠣᠷᠣᠰᠢᠭᠤᠯᠭ᠎ᠠ ᠪᠠᠢᠪᠠ᠃ᠮᠣᠩᠭᠣᠯ ᠤ᠋ᠨ ᠡᠷᠲᠡᠨ ᠦ᠌ ᠤᠯᠠᠮᠵᠢᠯᠠᠯᠲᠤ ᠵᠠᠩᠰᠢᠯ ᠢ᠋ᠶ᠋ᠠᠷ ᠦᠵᠡᠪᠡᠯ ᠡᠷᠲᠡᠨ ᠦ᠌ ᠰᠢᠪᠠᠭᠤᠨ ᠰᠢᠲᠦᠯᠭᠡᠲᠡᠨ ᠠᠢᠮᠠᠭ ᠤ᠋ᠨ ᠰᠦᠯᠳᠡ ᠣᠪᠣᠭ᠎ᠠ ᠪᠤᠶᠤ ᠰᠢᠪᠠᠭᠤᠴᠢ ᠣᠪᠣᠭᠲᠠᠨ ᠤ᠋ ᠰᠦᠯᠳᠡ ᠲᠠᠬᠢᠯᠭ᠎ᠠ ᠪᠠᠢᠵᠤ ᠮᠡᠳᠡᠬᠦ ᠶᠤᠮ᠃ᠰᠢᠯᠤᠭᠤᠨ ᠬᠥᠬᠡ ᠬᠤᠰᠢᠭᠤᠨ ᠳ᠋ᠤ᠌ ᠰᠢᠪᠠᠭᠤᠴᠢ ᠶ᠋ᠢᠨ ᠣᠪᠣᠭ᠎ᠠ ᠪᠠᠢᠳᠠᠭ ᠪᠢᠯᠡ᠃ᠵᠡᠭᠦᠨ ᠱᠠᠩᠰᠢᠲᠣ ᠶ᠋ᠢᠨ ᠪᠠᠷᠠᠭᠤᠨ ᠳᠣᠣᠷ᠎ᠠ ᠪᠠᠢᠬᠤ ᠬᠣᠶᠠᠷ ᠴᠢᠯᠠᠭᠤᠨ ᠬᠥᠮᠦᠨ ᠦ᠌ ᠪᠠᠷᠠᠭᠤᠨᠳᠠᠬᠢ ᠨᠢ ᠡᠮᠡᠭᠲᠡᠢ᠂ᠵᠡᠭᠦᠨᠳᠡᠬᠢ ᠨᠢ ᠡᠷᠡᠭᠲᠡᠢ᠂5 ᠲᠣᠬᠣᠢ ᠣᠷᠴᠢᠮ ᠬᠠᠷ᠎ᠠ ᠬᠥᠬᠡ ᠪᠣᠷᠵᠢᠨ ᠴᠢᠯᠠᠭᠤ ᠶ᠋ᠢ ᠴᠦᠴᠡᠳᠡᠵᠦ ᠵᠠᠰᠠᠨ ᠭᠠᠷ ᠬᠥᠯ᠂ᠨᠢᠳᠦ ᠴᠢᠬᠢ᠂ᠬᠠᠮᠠᠷ ᠠᠮᠠ᠂ᠬᠣᠶᠠᠷ ᠬᠥᠬᠥ ᠶ᠋ᠢ ᠰᠡᠢᠯᠦᠭᠰᠡᠨ ᠨᠢ ᠳᠥᠭᠥᠮ ᠲᠦᠳᠡ᠂ᠲᠣᠳᠣ ᠲᠣᠮᠣᠷᠠᠭᠤᠨ᠃
ᠬᠣᠶᠠᠷ ᠱᠠᠩᠰᠢᠲᠣ ᠶ᠋ᠢᠨ ᠳᠤᠮᠳᠠᠬᠢ ᠰᠢᠯᠢ ᠳᠡᠭᠡᠷ᠎ᠡ ᠨᠢᠭᠡᠨ ᠰᠠᠭᠤᠷᠢ ᠡᠷᠲᠡᠨ ᠦ᠌ ᠬᠣᠲᠠ ᠪᠠᠯᠭᠠᠰᠤ ᠶ᠋ᠢᠨ ᠪᠠᠭᠤᠷᠢ ᠪᠣᠢ᠃ᠬᠠᠭᠤᠴᠢ ᠪᠠᠭᠤᠷᠢ ᠳᠡᠭᠡᠷ᠎ᠡ ᠬᠠᠷ᠎ᠠ ᠪᠤᠳᠠᠭ᠎ᠠ ᠴᠠᠢᠯᠭᠠᠬᠤ ᠳ᠋ᠤ᠌ ᠬᠡᠷᠡᠭᠯᠡᠭᠰᠡᠨ ᠪᠣᠯᠪᠠ ᠤᠤ ᠭᠡᠮᠡᠷ ᠴᠢᠯᠠᠭᠤᠨ ᠢᠩ ᠲᠡᠭᠡᠷᠮ᠎ᠡ ᠪᠠ ᠣᠩᠭᠣᠴᠠ ᠨᠡᠯᠢᠶᠡᠳ ᠪᠦᠲᠦᠨ ᠦᠯᠡᠳᠡᠵᠦ ᠪᠠᠢᠨ᠎ᠠ᠃ᠳᠤᠭᠤᠢᠯᠠᠨ ᠦᠷᠦᠭᠰᠡᠨ ᠴᠢᠯᠠᠭᠤᠨ ᠣᠩᠭᠣᠴᠠ ᠨᠢ ᠵᠢᠷᠭᠤᠭᠠᠨ ᠬᠠᠨ᠎ᠠ ᠲᠠᠢ ᠮᠣᠩᠭᠣᠯ ᠭᠡᠷ ᠦ᠋ᠨ ᠪᠠᠭᠤᠴᠠ ᠮᠡᠲᠦ᠂ᠲᠡᠭᠦᠨ ᠦ᠌ ᠬᠠᠵᠠᠭᠤ ᠳ᠋ᠤ᠌5 ᠲᠣᠬᠣᠢ ᠳ᠋ᠢᠶᠠᠮᠧᠲᠷ ᠪᠦᠬᠦᠢ ᠴᠢᠯᠠᠭᠤᠨ ᠲᠡᠭᠡᠷᠮ᠎ᠡ ᠬᠡᠪᠲᠡᠨ᠎ᠡ᠃ᠣᠢᠷ᠎ᠠ ᠬᠠᠪᠢ ᠳ᠋ᠤᠨᠢ ᠮᠤᠨᠳᠠᠭ ᠲᠣᠮᠣ ᠴᠢᠯᠠᠭᠤᠨ ᠣᠭᠣᠷ ᠮᠠᠨᠴᠤ ᠪᠠᠢᠭᠰᠠᠨ ᠭᠡᠵᠦ ᠨᠤᠲᠤᠭ ᠤ᠋ᠨ ᠪᠤᠭᠤᠷᠤᠯ ᠤ᠋ᠳ ᠬᠠᠭᠤᠴᠢᠯᠠᠳᠠᠭ ᠶᠤᠮ᠃
ᠱᠠᠩᠰᠢᠳᠣ ᠨᠡᠷ᠎ᠡ ᠲᠡᠢ ᠭᠠᠵᠠᠷ ᠴᠢᠯᠠᠭᠤᠨ ᠬᠥᠮᠦᠨ ᠪᠠᠢᠵᠤ ᠴᠢᠯᠠᠭᠤᠨ ᠬᠥᠮᠦᠨ ᠲᠡᠢ ᠭᠠᠵᠠᠷ ᠱᠠᠩᠰᠢᠳᠣ ᠨᠡᠷ᠎ᠡ ᠠᠪᠤᠭᠰᠠᠨ ᠨᠢ ᠰᠢᠯᠤᠭᠤᠨ ᠬᠥᠬᠡ ᠬᠤᠰᠢᠭᠤᠨ ᠳ᠋ᠤ᠌ ᠬᠣᠶᠠᠷᠬᠠᠨ ᠪᠢᠰᠢ ᠠ᠋᠂ᠰᠠᠩ ᠤ᠋ᠨ ᠳᠠᠯᠠᠢ ᠰᠤᠮᠤᠨ ᠤ᠋ ᠵᠢᠪᠬᠤᠯᠠᠩᠲᠤ ᠭᠠᠴᠠᠭᠠᠨ ᠳ᠋ᠤ᠌ ᠪᠠᠰᠠ ᠱᠠᠩᠰᠢ ᠶ᠋ᠢᠨ ᠲᠠᠯ᠎ᠠ ᠶ᠋ᠢᠨ ᠭᠡᠵᠦ ᠪᠣᠢ᠃ᠲᠠᠯ᠎ᠠ ᠶ᠋ᠢᠨ ᠡᠬᠢᠨ ᠦ᠌ ᠵᠢᠷᠦᠬᠡᠨ ᠪᠣᠷᠣ ᠳᠣᠪᠣ ᠶ᠋ᠢᠨ ᠡᠩᠭᠡᠷ ᠲᠦ᠍ ᠨᠠᠷᠠ ᠮᠠᠨᠳᠤᠬᠤ ᠵᠦᠭ ᠪᠠᠷᠠᠯᠠᠭᠰᠠᠨ ᠴᠢᠯᠠᠭᠤᠨ ᠬᠥᠮᠦᠨ ᠵᠣᠭᠰᠣᠨ᠎ᠠ᠃ᠰᠤᠮᠤᠨ ᠲᠠᠯ᠎ᠠ ᠶ᠋ᠢᠨ ᠡᠷᠭᠢᠨ ᠲᠣᠭᠣᠷᠢᠨ ᠳ᠋ᠤᠨᠢ ᠬᠠᠢᠯᠠᠰᠤ ᠪᠠᠭᠯᠠᠷᠠᠵᠤ ᠪᠤᠷᠭᠠᠰᠤ ᠰᠢᠭᠤᠢᠷᠠᠭᠰᠠᠨ ᠠ᠋ᠴᠠ ᠪᠢᠰᠢ ᠱᠠᠩᠰᠢ ᠮᠣᠳᠣ ᠨᠢᠭᠡ ᠪᠤᠲᠠ ᠴᠤ᠌ ᠤᠷᠭᠤᠭᠰᠠᠨ ᠦᠭᠡᠢ ᠶᠤᠮ᠃ᠮᠣᠩᠭᠣᠯ᠂ᠮᠠᠨᠵᠤ᠂ᠬᠢᠲᠠᠳ
ᠭᠤᠷᠪᠠᠨ ᠬᠡᠯᠡᠨ ᠳ᠋ᠦ᠍ ᠨᠡᠪᠲᠡᠷᠬᠡᠢ ᠨᠤᠲᠤᠭ ᠤ᠋ᠨ ᠪᠤᠭᠤᠷᠤᠯ ᠰᠠᠮᠹᠢᠯᠳᠣᠩᠷᠤᠪ ᠨᠠᠰᠤᠲᠠᠨ ᠤ᠋ ᠬᠡᠯᠡᠬᠦ ᠪᠡᠷ ᠪᠣᠯ ᠱᠠᠩᠰᠢᠲᠣ ᠬᠡᠮᠡᠬᠦ ᠨᠡᠷ᠎ᠡ ᠲᠠᠷᠢᠶᠠᠯᠠᠩ ᠲᠠᠢ ᠬᠣᠯᠪᠣᠭᠳᠠᠨ᠎ᠠ᠃ᠮᠣᠩᠭᠣᠯ ᠬᠥᠮᠦᠨ ᠦ᠌ ᠬᠠᠷ᠎ᠠ ᠪᠤᠳᠠᠭ᠎ᠠ ᠮᠣᠩᠭᠣᠯ ᠠᠮᠤ ᠲᠠᠷᠢᠶᠠᠯᠠᠭᠰᠠᠨ ᠲᠠᠢ ᠬᠣᠯᠪᠣᠭᠳᠠᠨ᠎ᠠ ᠭᠡᠨ᠎ᠡ᠃ᠱᠠᠩᠰᠢᠲᠣ ᠪᠣᠯ ᠰᠢᠶᠠᠨ ᠱᠢ ᠲᠧᠦ(仙石头) ᠭᠡᠰᠡᠨ ᠬᠢᠲᠠᠳ ᠨᠡᠷ᠎ᠡ ᠦᠭᠡᠨ ᠦ᠌ ᠮᠣᠩᠭᠣᠯᠵᠢᠭᠤ ᠳᠠᠭᠤᠳᠠᠯᠭ᠎ᠠ᠂ ᠴᠣᠬᠣᠮ ᠳ᠋ᠠᠭᠠᠨ ᠠᠮᠤ ᠪᠤᠳᠠᠭ᠎ᠠ ᠡᠯᠪᠡᠭ ᠲᠥᠷᠥᠬᠦ ᠶ᠋ᠢ ᠪᠡᠯᠭᠡᠳᠡᠨ ᠲᠠᠬᠢᠭ᠍ᠰᠡᠨ ᠴᠢᠯᠠᠭᠤᠨ ᠰᠠᠬᠢᠭᠤᠯᠰᠤᠨ ᠪᠤᠶᠤ᠃
ᠡᠷᠲᠡᠨ ᠦᠶ᠎ᠡ ᠳ᠋ᠦ᠍ ᠨᠠᠮᠤᠷ ᠤ᠋ᠨ ᠲᠠᠷᠢᠶ᠎ᠠ ᠬᠠᠨᠳᠤᠬᠤ ᠦᠶᠡᠰ ᠠᠢᠯ ᠬᠣᠲᠠᠨ ᠤ᠋ ᠮᠣᠩᠭᠣᠯᠴᠤᠳ᠂ᠲᠠᠷᠢᠶ᠎ᠠ ᠬᠠᠷᠠᠭᠰᠠᠨ ᠬᠥᠮᠦᠨ ᠢ᠋ᠶ᠋ᠡᠨ ᠴᠢᠯᠠᠭᠤᠨ ᠰᠠᠬᠢᠭᠤᠯᠰᠤᠨ ᠤ᠋ ᠪᠠᠨ ᠡᠮᠦᠨ᠎ᠡ ᠰᠠᠭᠤᠯᠭᠠᠵᠤ ᠰᠦ ᠵᠥᠭᠡᠬᠡᠢ ᠪᠡᠷ ᠬᠤᠳᠬᠤᠭᠰᠠᠨ ᠪᠤᠳᠠᠭ᠎ᠠ ᠪᠠᠷ ᠤᠷᠢᠳ ᠢ᠋ᠶ᠋ᠠᠷ ᠴᠢᠯᠠᠭᠤᠨ ᠰᠠᠬᠢᠭᠤᠯᠰᠤᠨ ᠢ᠋ᠶ᠋ᠠᠨ᠂ᠳᠠᠷᠠᠭ᠎ᠠ ᠨᠢ ᠲᠠᠷᠢᠶ᠎ᠠ ᠬᠠᠷᠠᠭᠰᠠᠨ ᠬᠥᠮᠦᠨ ᠦ᠌ ᠪᠡᠨ ᠠᠮᠠ ᠶ᠋ᠢ ᠮᠢᠯᠢᠶᠠᠳᠠᠭ᠃ᠮᠢᠯᠢᠶᠠᠯᠲᠠ ᠶ᠋ᠢᠨ ᠨᠠᠢᠷ ᠥᠨᠳᠥᠷᠯᠡᠪᠡᠯ ᠲᠠᠷᠢᠶ᠎ᠠ ᠬᠠᠳᠤᠵᠤ ᠡᠬᠢᠯᠡᠳᠡᠭ᠃ᠡᠷᠲᠡ ᠳᠡᠭᠡᠷ᠎ᠡ ᠦᠶ᠎ᠡ ᠳ᠋ᠦ᠍ ᠮᠣᠩᠭᠣᠯᠴᠤᠳ ᠪᠠᠭ᠎ᠠ ᠬᠡᠮᠵᠢᠶᠡᠨ ᠦ᠌ ᠲᠠᠷᠢᠶᠠᠯᠠᠩ ᠡᠷᠬᠢᠯᠡᠵᠦ ᠬᠠᠷ᠎ᠠ ᠪᠤᠳᠠᠭ᠎ᠠ᠂ᠮᠣᠩᠭᠣᠯ ᠠᠮᠤ᠂ᠠᠷᠪᠠᠢ ᠲᠠᠷᠢᠵᠤ ᠪᠠᠢᠭᠰᠠᠨ ᠲᠤᠬᠠᠢ ᠲᠡᠮᠳᠡᠭᠯᠡᠯ ᠳᠣᠲᠣᠭᠠᠳᠤ ᠭᠠᠳᠠᠭᠠᠳᠤ ᠶ᠋ᠢᠨ ᠰᠤᠷᠪᠤᠯᠵᠢ ᠪᠢᠴᠢᠭ ᠰᠤᠳᠤᠷ ᠲᠤ᠌ ᠲᠡᠮᠳᠡᠭᠯᠡᠵᠦ ᠪᠠᠢᠳᠠᠭ ᠶᠤᠮ᠃
ᠢᠯᠠᠩᠭᠤᠶ᠎ᠠ ᠶᠤᠸᠠᠨ ᠤᠯᠤᠰ ᠤ᠋ᠨ ᠦᠶᠡᠰ ᠱᠠᠩᠳᠤ ᠨᠡᠢᠰᠯᠡᠯ ᠦ᠋ᠨ ᠣᠷᠴᠢᠮ ᠴᠠᠭᠠᠨᠨᠠᠭᠤᠷ ᠵᠡᠷᠭᠡ ᠭᠠᠵᠠᠷ ᠲᠤ᠌ ᠠᠲᠠᠷ ᠬᠠᠭᠠᠯᠪᠤᠷᠢᠯᠠᠨ ᠲᠠᠷᠢᠶᠠᠯᠠᠭᠰᠠᠨ ᠲᠡᠮᠳᠡᠭᠯᠡᠯ ᠪᠠᠢᠬᠤ ᠪᠥᠭᠡᠳ ᠲᠠᠷᠢᠶᠠᠴᠢᠨ ᠡᠷᠦᠬᠡ ᠡᠴᠡ ᠭᠠᠳᠠᠨ᠎ᠠ ᠴᠡᠷᠢᠭ ᠠᠩᠭᠢ ᠪᠠᠰᠠ ᠬᠤᠸᠠᠷᠠᠨ ᠤ᠋ ᠪᠠᠨ ᠣᠢᠷ᠎ᠠ ᠣᠷᠴᠢᠮ ᠠᠲᠠᠷ ᠬᠠᠭᠠᠯᠪᠤᠷᠢᠯᠠᠨ ᠲᠠᠷᠢᠶᠠᠯᠠᠵᠤ ᠪᠠᠢᠭᠰᠠᠨ ᠲᠡᠮᠳᠡᠭᠯᠡᠯ ᠴᠤ᠌ ᠪᠠᠢᠳᠠᠭ ᠪᠢᠯᠡ᠃ᠱᠠᠩᠳᠤ ᠨᠡᠢᠰᠯᠡᠯ ᠦ᠋ᠨ ᠪᠠᠷᠠᠭᠤᠨ ᠬᠣᠢᠲᠤ ᠳᠣᠣᠷ᠎ᠠ ᠦᠬᠡᠷᠴᠢᠨ ᠣᠪᠣᠭᠠᠨ ᠰᠤᠭᠤ ᠳ᠋ᠤ᠌ ᠬᠤᠤᠳᠤᠭ ᠮᠠᠯᠲᠠᠭᠰᠠᠨ ᠳ᠋ᠤ᠌ 5ᠲᠣᠬᠣᠢ ᠳᠣᠣᠷ᠎ᠠ ᠠ᠋ᠴᠠ ᠲᠠᠷᠢᠶᠠᠨ ᠠᠨᠵᠢᠰᠤ ᠪᠠ ᠲᠠᠷᠢᠶᠠᠨ ᠰᠦᠷᠡᠯ ᠵᠡᠷᠭᠡ ᠭᠠᠷᠤᠭᠰᠠᠨ ᠨᠢ ᠶᠤᠸᠠᠨ ᠠ᠋ᠴᠠ ᠡᠯᠦᠨᠡ ᠬᠣᠢᠨ᠎ᠠ ᠡᠨᠡ ᠣᠷᠴᠢᠮ ᠲᠠᠷᠢᠶᠠᠯᠠᠭᠰᠠᠨ ᠤ᠋ ᠭᠡᠷᠡᠴᠢ ᠶᠤᠮ᠃ᠵᠥᠭᠡᠯᠡᠨ ᠭᠣᠣᠯ ᠪᠠ ᠰᠠᠩ ᠤ᠋ᠨ ᠳᠠᠯᠠᠢ ᠶ᠋ᠢᠨ ᠱᠠᠩᠰᠢᠳᠤ ᠪᠣᠯ ᠮᠣᠩᠭᠣᠯ ᠤ᠋ᠨ ᠥᠨᠳᠥᠷᠯᠢᠭ ᠲᠦ᠍ ᠮᠣᠩᠭᠣᠯ ᠲᠤᠭᠤᠷᠭᠠᠲᠠᠨ ᠲᠠᠷᠢᠶᠠᠯᠠᠩ ᠡᠷᠬᠢᠯᠡᠭᠰᠡᠨ ᠦ᠌ ᠲᠡᠦᠬᠡᠨ ᠪᠠᠷᠢᠮᠲᠠ ᠪᠣᠯᠬᠤ ᠶᠤᠮ᠃
ᠪᠤᠮᠪᠠᠨ ᠵᠠᠪᠰᠠᠷ ᠤ᠋ᠨ ᠴᠢᠯᠠᠭᠤᠨ ᠬᠥᠮᠦᠨ
ᠱᠠᠩᠳᠤ ᠨᠡᠢᠰᠯᠡᠯ ᠡᠴᠡ ᠪᠠᠷᠠᠭᠤᠨᠰᠢ70 ᠰᠢᠬᠠᠮ ᠭᠠᠵᠠᠷ ᠤ᠋ᠨ ᠵᠠᠢ ᠳ᠋ᠤ᠌ ᠡᠷᠲᠡᠨ ᠦ᠌ ᠪᠤᠮᠪᠠᠨ ᠵᠠᠪᠰᠠᠷ ᠬᠡᠮᠡᠬᠦ ᠣᠩᠭᠣᠨ ᠰᠢᠲᠦᠭᠡᠨ ᠦ᠌ ᠲᠠᠬᠢᠯᠭ᠎ᠠ ᠶ᠋ᠢᠨ ᠭᠠᠵᠠᠷ ᠪᠣᠢ᠃ᠪᠤᠮᠪᠠᠨ ᠵᠠᠪᠰᠠᠷ ᠨᠢ ᠠᠷᠤ ᠳ᠋ᠠᠭᠠᠨ ᠵᠡᠭᠦᠨᠰᠢ ᠪᠠᠷᠠᠭᠤᠨᠰᠢ ᠬᠥᠨᠳᠡᠯᠢᠳᠦᠭᠰᠡᠨ ᠬᠠᠳᠠᠨ ᠬᠤᠰᠢᠭᠤᠨ ᠤ᠋ ᠠᠭᠤᠯᠠ ᠨᠢᠷᠤᠭᠤ ᠶ᠋ᠢ ᠲᠦᠰᠢᠵᠦ ᠡᠮᠦᠨ᠎ᠡ ᠪᠡᠨ ᠤᠰᠤ ᠭᠣᠣᠯ ᠰᠦᠯᠵᠢᠯᠳᠦᠭᠰᠡᠨ ᠴᠡᠯᠡᠭᠡᠷ ᠲᠠᠯ᠎ᠠ ᠶ᠋ᠢ ᠢᠰᠬᠦᠯᠵᠡᠢ᠃ᠤᠯᠠᠮᠵᠢᠯᠠᠯ ᠶᠠᠷᠢᠶ᠎ᠠ ᠪᠠ ᠨᠤᠲᠤᠭ ᠤ᠋ᠨ ᠪᠤᠭᠤᠷᠤᠯᠴᠤᠳ ᠤ᠋ᠨ ᠬᠡᠯᠡᠬᠦ ᠪᠡᠷ ᠡᠨᠳᠡ ᠤᠤᠯ ᠨᠢ ᠴᠢᠯᠠᠭᠤᠨ ᠬᠥᠮᠦᠨ᠂ᠴᠢᠯᠠᠭᠤᠨ ᠬᠥᠰᠢᠶ᠎ᠡ ᠡᠩᠨᠡᠷᠡᠵᠦ ᠪᠠᠢᠵᠠᠢ᠃ᠮᠣᠩᠭᠣᠯ ᠬᠥᠮᠦᠨ᠂ᠪᠤᠮᠪᠠᠨ ᠵᠠᠪᠰᠠᠷ ᠤ᠋ᠨ ᠣᠷᠴᠢᠮ ᠨᠤᠲᠤᠭᠯᠠᠳᠠᠭ ᠦᠭᠡᠢ ᠪᠣᠯᠬᠣᠷ ᠠᠭᠤᠯᠠ ᠤᠰᠤ ᠨᠢ ᠦᠵᠡᠰᠬᠦᠯᠡᠩ᠂ᠤᠷᠭᠤᠮᠠᠯ ᠪᠡᠯᠴᠢᠭᠡᠷ ᠨᠢ ᠰᠠᠬᠤᠯᠢᠭ ᠵᠡᠯᠢᠭᠦᠳ ᠠᠲᠠᠷ ᠪᠠᠢᠪᠠ᠃ᠣᠯᠠᠨ ᠲᠥᠷᠥ ᠶ᠋ᠢᠨ ᠮᠠᠨᠳᠤᠯ ᠪᠠᠭᠤᠷᠠᠯ ᠤ᠋ᠨ ᠲᠡᠮᠡᠴᠡᠭᠡᠨ᠂ᠣᠨ ᠤᠳᠠᠭᠠᠨ ᠤ᠋ ᠰᠠᠯᠬᠢᠨ ᠪᠣᠷᠣᠭᠠᠨ ᠤ᠋ ᠢᠳᠡᠭᠳᠡᠯ᠂ᠬᠥᠮᠦᠨ ᠪᠠ ᠪᠠᠢᠭᠠᠯᠢ ᠶ᠋ᠢᠨ ᠡᠪᠳᠡᠯᠡᠭᠡ ᠡᠴᠡ ᠪᠣᠯᠤᠭᠠᠳ ᠪᠤᠮᠪᠠᠨ ᠵᠠᠪᠰᠠᠷ ᠤ᠋ᠨ ᠣᠩᠭᠣᠨ ᠠᠭᠤᠳᠠᠯᠤᠭᠳᠠᠵᠤ᠂ᠴᠢᠯᠠᠭᠤᠨ ᠬᠥᠮᠦᠨ ᠴᠢᠯᠠᠭᠤᠨ ᠬᠥᠰᠢᠶ᠎ᠡ ᠨᠢ ᠡᠳᠦᠷ ᠡᠴᠡ ᠡᠳᠦᠷ ᠴᠥᠭᠡᠷᠡᠯᠡ᠃ᠰᠡᠭᠦᠯᠴᠢ ᠶ᠋ᠢᠨ ᠵᠢᠯ ᠦ᠋ᠳ ᠲᠦ᠍ ᠲᠡᠢᠨ ᠳᠠᠵᠢᠨ ᠠ᠋ᠴᠠ ᠳᠦᠷᠪᠡᠵᠦ ᠥᠯᠥᠰᠬᠦᠯᠡᠩ ᠭᠠᠴᠢᠭ ᠠ᠋ᠴᠠ ᠵᠠᠢᠯᠠᠭᠰᠠᠨ ᠲᠡᠨᠦᠭᠦᠯ ᠠᠷᠠᠳ ᠡᠬᠢᠯᠡᠨ ᠪᠤᠮᠪᠠᠨ ᠵᠠᠪᠰᠠᠷ ᠲᠤ᠌ ᠰᠠᠭᠤᠷᠢᠰᠢᠵᠤ᠂ᠣᠩᠭᠣᠨ ᠤ᠋ ᠪᠠᠷᠢᠯᠭ᠎ᠠ ᠶ᠋ᠢ ᠪᠠᠭᠤᠯᠭᠠᠨ ᠭᠡᠷ ᠪᠠᠢᠰᠢᠩ ᠪᠠᠷᠢᠵᠤ ᠴᠢᠯᠠᠭᠤᠨ ᠬᠥᠮᠦᠨ ᠦ᠌ ᠬᠢᠨᠢ ᠲᠣᠯᠣᠭᠠᠢ ᠶ᠋ᠢ ᠮᠤᠯᠲᠤᠯᠤᠨ ᠲᠠᠷᠢᠶ᠎ᠠ ᠴᠣᠬᠢᠬᠤ ᠪᠤᠯᠤ ᠴᠢᠯᠠᠭᠤ ᠪᠣᠯᠭᠠᠵᠤ ᠴᠢᠯᠠᠭᠤᠨ ᠬᠥᠰᠢᠶ᠎ᠡ ᠪᠡᠷ ᠨᠢ ᠬᠡᠷᠡᠮ ᠬᠠᠰᠢᠶᠠᠨ ᠤ᠋ ᠰᠠᠭᠤᠷᠢ ᠴᠢᠯᠠᠭᠤ ᠡᠭᠦᠳᠡᠨ ᠬᠠᠰᠢᠯᠭ᠎ᠠ ᠪᠣᠯᠭᠠᠵᠠᠢ᠃ᠢᠯᠠᠩᠭᠤᠶ᠎ᠠ1958ᠣᠨ ᠤ᠋ ᠶᠡᠬᠡ ᠦᠰᠦᠷᠦᠩᠭᠦᠢ ᠳᠡᠪᠰᠢᠯᠲᠡ ᠶ᠋ᠢᠨ ᠵᠢᠯ ᠦ᠋ᠳ ᠲᠦ᠍ ᠬᠦᠢᠰᠦ ᠭᠣᠣ ᠶ᠋ᠢᠨ ᠤᠰᠤᠨ ᠴᠥᠭᠥᠷᠥᠮ ᠢ᠋ ᠪᠠᠢᠭᠤᠯᠬᠤ ᠳ᠋ᠤ᠌ ᠪᠤᠮᠪᠠᠨ ᠵᠠᠪᠰᠠᠷ ᠤ᠋ᠨ ᠣᠩᠭᠣᠨ ᠶᠡᠬᠡ ᠪᠡᠷ ᠡᠪᠳᠡᠭᠳᠡᠵᠦ ᠤᠰᠤᠨ ᠴᠥᠭᠥᠷᠥᠮ ᠪᠣᠯᠪᠠ᠃ᠬᠡᠳᠦᠨ ᠵᠠᠭᠤ ᠮᠢᠩᠭᠠᠨ ᠵᠢᠯ ᠦ᠋ᠨ ᠲᠠᠯᠬᠢᠳᠠᠯ ᠢ᠋ ᠥᠩᠭᠡᠷᠡᠭᠡᠭᠡᠳ ᠬᠥᠷᠥᠰᠥᠨ ᠦ᠌ ᠭᠦᠨ ᠳ᠋ᠦ᠍ ᠪᠤᠯᠠᠭᠳᠠᠭᠰᠠᠨ ᠴᠥᠭᠡᠨ ᠲᠣᠭᠠᠨ ᠤ᠋ ᠣᠩᠭᠣᠨ ᠪᠤᠯᠠᠰᠢ ᠶ᠋ᠢ ᠭᠠᠷᠭᠠᠪᠠᠯ ᠢᠯᠡ ᠪᠠᠢᠭᠰᠠᠨ ᠲᠠᠬᠢᠯᠭ᠎ᠠ ᠶ᠋ᠢᠨ ᠰᠦᠮ᠎ᠡ ᠳᠤᠭᠠᠩ᠂ᠲᠠᠢᠰᠠ ᠲᠠᠪᠴᠠᠩ᠂ᠴᠢᠯᠠᠭᠤᠨ ᠬᠥᠮᠦᠨ ᠴᠢᠯᠠᠭᠤᠨ ᠬᠥᠰᠢᠶ᠎ᠡ ᠪᠦᠷ ᠡᠪᠳᠡᠷᠡᠯ ᠳ᠋ᠦ᠍ ᠤᠴᠠᠷᠠᠵᠤ ᠲᠠᠮᠲᠤᠭᠷᠠᠵᠠᠢ᠃ᠵᠣᠯ ᠢ᠋ᠶ᠋ᠠᠷ ᠬᠡᠭᠡᠷ᠎ᠡ ᠲᠠᠯ᠎ᠠ ᠳ᠋ᠤ᠌ ᠪᠤᠯᠠᠭᠳᠠᠨ ᠪᠦᠲᠦᠨ ᠪᠠᠢᠭᠰᠠᠨ ᠰᠡᠭᠦᠵᠢ ᠶ᠋ᠢᠨ ᠴᠢᠯᠠᠭᠤᠨ ᠬᠥᠮᠦᠨ᠂ᠬᠤᠸᠠ ᠲᠣᠯᠣᠭᠠᠢ ᠶ᠋ᠢᠨ ᠴᠢᠯᠠᠭᠤᠨ ᠬᠥᠮᠦᠨ᠂ᠰᠣᠶᠣᠯ ᠤ᠋ᠨ ᠶᠡᠬᠡ ᠬᠤᠪᠢᠰᠬᠠᠯ ᠤ᠋ᠨ ᠬᠥᠨᠥᠭᠡᠯ ᠳ᠋ᠦ᠍ ᠤᠴᠠᠷᠠᠯ᠎ᠠ᠃ᠡᠪᠦᠭᠡ ᠳᠡᠭᠡᠳᠦᠰ ᠢ᠋ᠶ᠋ᠡᠨ ᠬᠦᠨᠳᠦᠳᠬᠡᠳᠡᠭ ᠦᠭᠡᠢ᠂ᠰᠣᠶᠣᠯ ᠲᠡᠦᠬᠡ ᠶ᠋ᠢ ᠬᠦᠨᠳᠦᠳᠬᠡᠳᠡᠭ ᠦᠭᠡᠢ ᠪᠣᠯᠬᠢ ᠬᠥᠮᠦᠰ᠂ᠴᠢᠯᠠᠭᠤᠨ ᠬᠥᠮᠦᠨ ᠢ᠋ ᠤᠤᠯ ᠣᠷᠣᠨ ᠠ᠋ᠴᠠ ᠨᠢ ᠰᠢᠯᠵᠢᠭᠦᠯᠦᠨ ᠨᠡᠭᠦᠯᠭᠡᠵᠦ᠂ᠡᠷᠦᠬᠡ ᠶ᠋ᠢᠨ ᠴᠡᠷᠢᠭ ᠦ᠋ᠨ ᠪᠣᠯᠪᠠᠰᠤᠷᠠᠯ ᠤ᠋ᠨ ᠫᠤᠤᠳᠠᠬᠤ ᠫᠠᠢᠰᠠ ᠪᠠ ᠵᠤᠰᠠᠯᠠᠩ ᠤ᠋ᠨ ᠬᠣᠨᠢᠨ ᠬᠠᠰᠢᠶᠠᠨ ᠤ᠋ ᠰᠥᠨᠢ ᠶ᠋ᠢᠨ ᠮᠠᠨᠠᠭ᠎ᠠ ᠪᠣᠯᠭᠠᠨ ᠬᠡᠷᠡᠭᠯᠡᠵᠡᠢ᠃ᠢᠩᠭᠢᠭᠡᠳ ᠴᠢᠯᠠᠭᠤᠨ ᠬᠥᠮᠦᠨ ᠪᠠᠰᠠ ᠨᠤᠲᠤᠭ ᠣᠷᠣᠨ ᠢ᠋ᠶ᠋ᠠᠨ ᠠᠯᠳᠠᠵᠤ ᠲᠡᠨᠦᠭᠦᠯ ᠪᠣᠯᠪᠠ᠃
ᠳᠡᠭᠡᠳᠦᠰ ᠮᠢᠨᠢ᠂ᠴᠢᠯᠠᠭᠤᠨ ᠬᠥᠮᠦᠨ ᠢ᠋ ᠶᠠᠭᠤᠨ ᠳ᠋ᠤ᠌ ᠡᠨᠡ ᠬᠦ᠌ ᠠᠭᠤᠯᠠᠨ ᠡᠩᠭᠡᠷ ᠲᠦ᠍ ᠨᠠᠷᠠ ᠵᠦᠭ ᠬᠠᠨᠳᠤᠭᠤᠯᠤᠨ ᠪᠣᠰᠬᠠᠭᠰᠠᠨ ᠪᠢᠯᠡ?ᠥᠷᠥᠵᠦ ᠵᠢᠭᠰᠠᠭᠠᠭᠰᠠᠨ ᠳᠠᠷᠠᠭᠠᠯᠠᠯ ᠨᠢ ᠶᠠᠭᠤ ᠶ᠋ᠢ ᠬᠠᠷᠠᠭᠤᠯᠤᠭᠰᠠᠨ ᠪᠢᠯᠡ?ᠤᠤᠯ ᠤ᠋ᠨ ᠲᠡᠦᠬᠡᠨ ᠪᠠᠢᠳᠠᠯ ᠨᠢᠭᠡᠨᠲᠡ ᠡᠪᠳᠡᠭᠳᠡᠭᠡᠳ ᠠᠯᠢ ᠣᠯᠠᠨ ᠰᠤᠳᠤᠯᠭᠠᠨ ᠤ᠋ ᠠᠰᠠᠭᠤᠯᠲᠠ ᠳ᠋ᠤ᠌ ᠬᠠᠷᠢᠭᠤᠯᠲᠠ ᠥᠭᠬᠦ ᠡᠷᠢᠯ ᠰᠦᠪᠡᠭᠴᠢᠯᠡᠯ ᠲᠠᠭᠵᠢᠷᠠᠵᠠᠢ᠃ᠰᠢᠷᠬ᠎ᠠ ᠰᠣᠷᠪᠢ ᠪᠠᠷ ᠳᠦᠭᠦᠷᠦᠭᠰᠡᠨ ᠬᠥᠭᠡᠷᠦᠬᠦᠢ ᠨᠢᠭᠡ ᠴᠢᠯᠠᠭᠤᠨ ᠬᠥᠮᠦᠨ᠂ᠱᠠᠩᠳᠤ ᠪᠠᠯᠭᠠᠳ ᠤ᠋ᠨ ᠪᠠᠭᠤᠷᠢ ᠳᠡᠭᠡᠷ᠎ᠡ ᠲᠡᠷᠢᠭᠦᠨ ᠳᠠᠷᠤᠨ ᠪᠡᠶ᠎ᠡ ᠪᠥᠬᠥᠢᠵᠦ ᠬᠣᠯᠠ ᠶ᠋ᠢᠨ ᠭᠡᠢᠴᠢᠨ᠂ᠣᠢᠷ᠎ᠠ ᠶ᠋ᠢᠨ ᠵᠣᠴᠢᠨ ᠠ᠋ᠴᠠ ᠠᠶᠠᠭ᠎ᠠ ᠲᠣᠰᠴᠤ ᠪᠠᠳᠠᠷᠢᠯᠠᠨᠠ!
ᠲᠡᠷᠡ ᠤᠤᠯ ᠨᠢ ᠨᠡᠢᠰᠯᠡᠯ ᠦ᠋ᠨ ᠳᠣᠲᠣᠷ᠎ᠠ ᠣᠷᠳᠣᠨ ᠳ᠋ᠤ᠌ ᠪᠠᠢᠭᠰᠠᠨ ᠦᠭᠡᠢ ᠨᠢ ᠯᠠᠪᠲᠠᠢ᠂ᠬᠠᠮᠢᠭ᠎ᠠ ᠠ᠋ᠴᠠ ᠲᠡᠨᠡᠭᠦᠴᠢᠯᠡᠨ ᠢᠷᠡᠭᠰᠡᠨ ᠪᠣᠯ?ᠪᠤᠮᠪᠠᠨ ᠵᠠᠪᠰᠠᠷ ᠠ᠋ᠴᠠ ᠤᠤ?ᠠᠯᠳᠠᠷᠲᠤ ᠶ᠋ᠢᠨ ᠣᠩᠭᠣᠨ ᠠ᠋ᠴᠠ ᠤᠤ?ᠠᠯᠢ ᠡᠰᠡᠬᠦᠯ᠎ᠡ ᠱᠠᠩᠰᠢᠲᠤ ᠠ᠋ᠴᠠ ᠤᠤ?
ᠣᠷᠴᠢᠮ ᠤ᠋ᠨ ᠬᠡᠳᠦᠨ ᠵᠢᠯ ᠬᠠᠭᠤᠴᠢ ᠰᠤᠳᠤᠯᠤᠭᠴᠢᠳ ᠶᠤᠸᠠᠨ ᠤᠯᠤᠰ ᠤ᠋ᠨ ᠱᠠᠩᠳᠤ ᠨᠡᠢᠰᠯᠡᠯ ᠪᠠ ᠪᠤᠮᠪᠠᠨ ᠵᠠᠪᠰᠠᠷ ᠤ᠋ᠨ ᠣᠩᠭᠣᠨ ᠢ᠋ ᠮᠠᠯᠲᠠᠨ ᠠᠭᠤᠳᠠᠯᠵᠤ ᠶᠤᠸᠠᠨ ᠤ᠋ ᠦᠶ᠎ᠡ ᠶ᠋ᠢᠨ ᠬᠠᠭᠠᠨ ᠤᠭᠰᠠᠭᠠᠨ ᠤ᠋ ᠳᠠᠬᠢᠯᠠᠭ᠎ᠠ ᠶ᠋ᠢᠨ ᠭᠠᠵᠠᠷ》 ᠢ᠋ ᠣᠯᠵᠤ ᠢᠯᠡᠷᠡᠭᠦᠯᠪᠡ ᠭᠡᠮᠡᠨ ᠰᠣᠨᠢᠨ ᠰᠡᠳᠬᠦᠯ ᠳ᠋ᠦ᠍ ᠨᠡᠢᠲᠡᠯᠡᠵᠦ ᠪᠤᠮᠪᠠᠨ ᠵᠠᠪᠰᠠᠷ ᠤ᠋ᠨ ᠣᠩᠭᠣᠨ ᠳ᠋ᠤ᠌ ᠳ᠋ᠦᠩᠨᠡᠯᠲᠡ ᠲᠠᠯᠪᠢᠪᠠ᠃ᠣᠩᠭᠣᠨ ᠤ᠋ ᠲᠠᠬᠢᠯᠭ᠎ᠠ ᠶ᠋ᠢᠨ ᠭᠠᠵᠠᠷ ᠭᠡᠬᠦ ᠨᠢ ᠦᠨᠡᠨ ᠲᠡᠢ᠂ᠵᠥᠪᠬᠡᠨ ᠶᠤᠸᠠᠨ ᠤ᠋ ᠭᠡᠬᠦ ᠨᠢ ᠰᠡᠵᠢᠬᠯᠡᠯᠲᠠᠢ ᠪᠢᠯᠡ᠃ᠤᠴᠢᠷ ᠨᠢ《ᠮᠣᠩᠭᠣᠯ ᠤ᠋ᠨ ᠨᠢᠭᠤᠴᠠ ᠲᠣᠪᠴᠢᠶᠠᠨ》 ᠪᠠ ᠪᠤᠰᠤᠳ ᠠᠯᠢ ᠣᠯᠠᠨ ᠰᠤᠷᠪᠤᠯᠵᠢ ᠲᠡᠦᠬᠡ ᠳ᠋ᠦ᠍ ᠮᠣᠩᠭᠣᠯ ᠬᠠᠭᠠᠳ ᠲᠠᠬᠢᠯᠭ᠎ᠠ ᠶ᠋ᠢᠨ ᠭᠠᠵᠠᠷ ᠭᠠᠷᠭᠠᠵᠤ ᠴᠢᠯᠠᠭᠤᠨ ᠬᠥᠮᠦᠨ ᠴᠢᠯᠠᠭᠤᠨ ᠬᠥᠰᠢᠶ᠎ᠡ ᠪᠣᠰᠬᠠᠨ ᠲᠠᠬᠢᠯᠭ᠎ᠠ ᠲᠠᠯᠪᠢᠭᠰᠠᠨ ᠲᠡᠮᠳᠡᠭᠯᠡᠯ ᠬᠠᠷᠠᠭᠳᠠᠳᠠᠭ ᠦᠭᠡᠢ᠃ ᠢᠯᠠᠩᠭᠤᠶ᠎ᠠ ᠶᠡᠬᠡ ᠶᠤᠸᠠᠨ ᠤᠯᠤᠰ ᠤ᠋ᠨ ᠲᠡᠦᠬᠡ ᠳ᠋ᠦ᠍ ᠮᠣᠩᠭᠣᠯ ᠬᠠᠭᠠᠳ ᠭᠡᠭᠦᠦ ᠶ᠋ᠢᠨ ᠰᠦᠨ ᠰᠠᠴᠤᠯᠢ ᠡᠷᠭᠦᠨ ᠲᠠᠬᠢᠯᠭ᠎ᠠ ᠲᠠᠯᠪᠢᠭᠰᠠᠨ ᠲᠡᠮᠳᠡᠭᠯᠡᠯ ᠯᠡ ᠪᠠᠢᠳᠠᠭ ᠠ᠋ᠴᠠ ᠪᠢᠰᠢ ᠣᠩᠭᠣᠨ ᠤ᠋ ᠭᠠᠵᠠᠷ ᠲᠤ᠌ ᠲᠠᠬᠢᠯᠭ᠎ᠠ ᠶ᠋ᠢᠨ ᠴᠢᠯᠠᠭᠤᠨ ᠬᠥᠮᠦᠨ ᠴᠢᠯᠠᠭᠤᠨ ᠬᠥᠰᠢᠶ᠎ᠡ ᠰᠡᠢᠯᠵᠦ ᠪᠣᠰᠬᠠᠭᠰᠠᠨ ᠲᠡᠮᠳᠡᠭᠯᠡᠯ᠂ᠶᠡᠷᠦ ᠪᠠᠢᠳᠠᠭ ᠦᠭᠡᠢ᠃ᠨᠢᠭᠡᠨ ᠦᠶ᠎ᠡ ᠶ᠋ᠢᠨ ᠲᠩᠷᠢᠯᠢᠭ ᠬᠥᠪᠡᠭᠦᠨ ᠴᠢᠩᠭᠢᠰ ᠬᠠᠭᠠᠨ ᠤ᠋ ᠣᠷᠣᠰᠢᠭᠤᠯᠭ᠎ᠠ ᠶ᠋ᠢᠨ ᠭᠠᠵᠠᠷ ᠲᠤ᠌ ᠴᠢᠯᠠᠭᠤᠨ ᠬᠥᠮᠦᠨ ᠴᠢᠯᠠᠭᠤᠨ ᠬᠥᠰᠢᠶ᠎ᠡ ᠪᠠᠢᠲᠤᠭᠠᠢ᠂ ᠣᠩᠭᠣᠨ ᠤ᠋ ᠣᠷᠣ ᠮᠥᠷ ᠴᠦ᠍ ᠭᠠᠷᠭᠠᠭᠰᠠᠨ ᠦᠭᠡᠢ ᠶᠤᠮ᠃ᠭᠡᠲᠡᠯ᠎ᠡ ᠬᠣᠵᠢᠮ ᠤ᠋ᠨ ᠮᠣᠩᠭᠣᠯ ᠬᠠᠭᠠᠨ ᠨᠢ ᠳᠡᠭᠡᠳᠦᠰ ᠦ᠋ᠨ ᠢ᠋ᠶ᠋ᠡᠨ ᠤᠯᠠᠮᠵᠢᠯᠠᠯᠲᠤ ᠲᠠᠬᠢᠯᠭ᠎ᠠ ᠶ᠋ᠢᠨ ᠵᠠᠩ ᠦᠢᠯᠡ ᠡᠴᠡ ᠵᠥᠷᠢᠴᠡᠵᠦ ᠲᠠᠬᠢᠯᠭ᠎ᠠ ᠶ᠋ᠢᠨ ᠲᠤᠰᠬᠠᠢ ᠭᠠᠵᠠᠷ ᠭᠠᠷᠭᠠᠭᠰᠠᠨ ᠭᠡᠵᠡᠢ ᠤᠤ?ᠭᠠᠢᠬᠠᠭᠤᠰᠢᠲᠠᠢ᠂ᠰᠤᠳᠤᠯᠤᠭᠤᠰᠢᠲᠠᠢ
ᠪᠤᠰᠤ ᠤᠤ᠃ᠬᠠᠷᠢᠨ ᠶᠤᠸᠠᠨ ᠤᠯᠤᠰ ᠮᠡᠨᠳᠦᠯᠡᠭᠰᠡᠨ ᠦ᠌ ᠳᠠᠷᠠᠭ᠎ᠠ ᠳᠡᠭᠡᠳᠦ ᠨᠡᠢᠰᠯᠡᠯ ᠱᠠᠩᠳᠤ ᠪᠠᠯᠭᠠᠳ ᠲᠤ᠌ ᠬᠤᠪᠢᠯᠠᠢ ᠬᠠᠭᠠᠨ ᠠ᠋ᠴᠠ ᠡᠮᠦᠨᠡᠬᠢ ᠳᠥᠷᠪᠡᠨ ᠬᠠᠭᠠᠨ ᠪᠠ ᠡᠪᠦᠭᠡ ᠳᠡᠭᠡᠳᠦᠰ ᠢ᠋ ᠲᠡᠭᠡᠵᠦ ᠨᠠᠢ᠍ᠮᠠᠨ ᠣᠷᠳᠣᠨ ᠭᠡᠷ ᠪᠠᠢᠭᠤᠯᠵᠤ ᠳᠦᠷᠢ ᠶ᠋ᠢ ᠨᠢ ᠬᠥᠷᠥᠭᠯᠡᠵᠦ ᠲᠠᠬᠢᠭ᠍ᠰᠡᠨ ᠯᠠ ᠲᠡᠮᠳᠡᠭᠯᠡᠯ ᠪᠠᠢᠳᠠᠭ ᠰᠠᠨ᠃ᠬᠠᠷᠢᠨ ᠴᠢᠯᠠᠭᠤᠨ ᠳᠦᠷᠢ ᠪᠦᠲᠦᠭᠡᠵᠦ ᠲᠠᠯᠪᠢᠭᠰᠠᠨ ᠲᠡᠮᠳᠡᠭᠯᠡᠯ ᠪᠠᠢᠳᠠᠭ ᠦᠭᠡᠢ ᠪᠢᠯᠡ᠃ᠡᠨᠡ ᠨᠢ ᠶᠤᠸᠠᠨ ᠤᠯᠤᠰ ᠤ᠋ᠨ ᠦᠶ᠎ᠡ ᠳ᠋ᠦ᠍ ᠬᠡᠭᠦᠷ ᠣᠩᠭᠣᠨ ᠳᠡᠭᠡᠷ᠎ᠡ ᠸᠠᠭᠠᠷ ᠲᠣᠭᠣᠰᠬ᠎ᠠ ᠪᠠᠷ ᠭᠡᠷ ᠪᠠᠢᠰᠢᠩ ᠪᠠᠷᠢᠬᠤ ᠶ᠋ᠢ ᠴᠠᠭᠠᠵᠠᠯᠠᠭᠰᠠᠨ ᠤ᠋ ᠬᠠᠷᠠᠭ᠎ᠠ ᠪᠢᠵᠡ᠃
ᠪᠤᠮᠪᠠᠨ ᠵᠠᠪᠰᠠᠷ ᠤ᠋ᠨ ᠣᠩᠭᠣᠨ ᠢ᠋ ᠶᠤᠸᠠᠨ ᠤᠯᠤᠰ ᠤ᠋ᠨ ᠦᠶ᠎ᠡ ᠳ᠋ᠦ᠍ ᠱᠣᠢᠨᠢᠪ ᠭᠡᠮᠡᠨ ᠲᠡᠮᠳᠡᠭᠯᠡᠵᠡᠢ᠃ᠡᠨᠡ ᠨᠡᠷ᠎ᠡ ᠦᠭᠡ ᠨᠢ ᠡᠷᠲᠡᠨ ᠦ᠌ ᠾᠦᠩᠨᠦ ᠪᠤᠶᠤ ᠲᠡᠭᠦᠨ ᠦ᠌ ᠳᠠᠷᠠᠭᠠᠬᠢ ᠲᠦᠷᠭᠦᠳ ᠳᠠᠭᠤᠳᠠᠯᠭ᠎ᠠ ᠨᠡᠷ᠎ᠡ ᠦᠭᠡ ᠪᠣᠯᠤᠯᠲᠠᠢ᠃ᠶᠤᠸᠠᠨ ᠤᠯᠤᠰ ᠤ᠋ᠨ ᠵᠠᠶᠠᠭᠠᠲᠤ ᠬᠠᠭᠠᠨ ᠸᠸᠨᠽᠥ᠋ᠩ ᠲᠦᠭᠲᠡᠮᠣᠷ ᠤ᠋ᠨ ᠦᠶ᠎ᠡ ᠳ᠋ᠦ᠍ ᠨᠡᠢᠰᠯᠡᠯ ᠦ᠋ᠨ ᠰᠠᠬᠢᠭᠤᠯ ᠵᠠᠩᠵᠤᠨ ᠶᠡᠨᠳᠡᠮᠣᠷ᠄《ᠱᠠᠩᠳᠤ ᠨᠡᠢᠰᠯᠡᠯ ᠡᠴᠡ ᠪᠠᠷᠠᠭᠤᠨᠰᠢ ᠳᠠᠯᠠᠭᠠᠳ ᠭᠠᠵᠠᠷ ᠤ᠋ᠨ ᠵᠠᠢ ᠲᠠᠢ ᠪᠠᠢᠬᠤ ᠱᠣᠢᠨᠢᠪ ᠲᠤ᠌ ᠬᠦᠷᠴᠦ ᠡᠷᠲᠡᠨ ᠦ᠌ ᠳᠡᠭᠡᠳᠦᠰ ᠴᠢᠯᠠᠭᠤᠨ ᠬᠥᠮᠦᠨ ᠢ᠋ ᠲᠠᠬᠢᠵᠤ ᠴᠡᠭᠡ ᠡᠷᠭᠦᠨ ᠴᠢᠳᠬᠤᠵᠤ ᠰᠢᠭᠦᠰᠦ ᠴᠣᠩᠬᠣᠷ ᠢ᠋ᠶ᠋ᠠᠷ ᠲᠠᠬᠢᠯᠭ᠎ᠠ ᠲᠠᠯᠪᠢᠨ ᠴᠢᠯᠠᠭᠤᠨ ᠬᠥᠮᠦᠨ ᠢ᠋ ᠥᠭᠡᠬᠦ ᠮᠢᠬ᠎ᠠ ᠪᠠᠷ ᠪᠢᠯᠳᠠᠪᠠ》ᠭᠡᠵᠡᠢ᠃ᠶᠡᠨᠳᠡᠮᠣᠷ ᠪᠣᠯ ᠪᠠᠷᠠᠭᠤᠨᠰᠢ ᠨᠡᠭᠦᠳᠡᠯᠯᠡᠭᠰᠡᠨ ᠲᠦᠷᠭᠦᠳ ᠤᠭᠰᠠᠭᠠᠲᠠᠨ ᠤ᠋ ᠬᠣᠢᠴᠢ ᠦᠶ᠎ᠡ ᠶᠤᠮ᠃ ᠥᠪᠡᠷ ᠦ᠋ᠨ ᠣᠪᠣᠭ ᠡᠠᠢᠮᠠᠭ ᠤ᠋ᠨ ᠢ᠋ᠶ᠋ᠠᠨ ᠤᠯᠠᠮᠵᠢᠯᠠᠯᠲᠤ ᠵᠠᠩᠰᠢᠯ ᠢ᠋ᠶ᠋ᠠᠷ ᠢ᠋ᠶ᠋ᠠᠨ ᠡᠪᠦᠭᠡ ᠳᠡᠭᠡᠳᠦᠰ ᠪᠣᠯᠬᠤ ᠴᠢᠯᠠᠭᠤᠨ ᠬᠥᠮᠦᠨ ᠢ᠋ᠶ᠋ᠡᠨ
ᠲᠠᠬᠢᠬᠰᠠᠨ ᠪᠠᠢᠵᠠᠢ᠃ᠡᠨᠡ ᠨᠢ ᠡᠷᠲᠡᠨ ᠦ᠌ ᠱᠣᠢᠨᠢᠪ ᠡᠳᠦᠭᠡ ᠶ᠋ᠢᠨ ᠪᠤᠮᠪᠠᠨ ᠵᠠᠪᠰᠠᠷ ᠤ᠋ᠨ ᠴᠢᠯᠠᠭᠤᠨ ᠬᠥᠮᠦᠨ ᠴᠢᠯᠠᠭᠤᠨ ᠬᠥᠰᠢᠶ᠎ᠡ ᠨᠢ ᠶᠤᠸᠠᠨ ᠤᠯᠤᠰ ᠤ᠋ᠨ ᠦᠶ᠎ᠡ ᠬᠢ ᠪᠢᠰᠢ ᠬᠣᠯᠠ ᠡᠷᠲᠡᠨ ᠦ᠌ ᠬᠢ ᠪᠣᠯᠬᠤ ᠶ᠋ᠢ ᠳᠠᠪᠬᠤᠷ ᠭᠡᠷᠡᠴᠢᠯᠡᠭ᠌ᠰᠠᠨ ᠪᠢᠯᠡ ᠤᠷᠢᠳᠤ ᠶ᠋ᠢᠨ ᠮᠣᠩᠭᠣᠯᠴᠤᠳ ᠴᠢᠯᠠᠭᠤᠨ ᠰᠠᠬᠢᠭᠤᠯᠰᠤᠨ ᠢ᠋ ᠲᠠᠬᠢᠬᠤ ᠳ᠋ᠠᠭᠠᠨ ᠪᠦᠬᠦ ᠪᠡᠶ᠎ᠡ ᠶ᠋ᠢ ᠨᠢ ᠥᠭᠡᠬᠦ ᠲᠣᠰᠣ ᠪᠠᠷ ᠪᠢᠯᠳᠠᠵᠤ ᠪᠠᠢᠭᠰᠠᠨ ᠪᠣᠯ ᠣᠳᠣ ᠶ᠋ᠢᠨ ᠮᠣᠩᠭᠣᠯᠴᠤᠳ ᠵᠥᠪᠬᠡᠨ ᠠᠮᠠ ᠬᠠᠮᠠᠷ᠂ᠮᠠᠩᠨᠠᠢ ᠶ᠋ᠢ ᠨᠢ ᠥᠭᠡᠬᠦ ᠲᠣᠰᠣ ᠪᠠᠷ ᠪᠢᠯᠳᠠᠵᠤ ᠮᠢᠯᠢᠶᠠᠳᠠᠭ ᠪᠣᠯᠵᠠᠢ᠃ᠮᠣᠩᠭᠣᠯ ᠲᠤᠭᠤᠷᠭᠠᠲᠠᠨ ᠤ᠋ ᠲᠠᠬᠢᠯᠭ᠎ᠠ ᠶ᠋ᠢᠨ ᠵᠠᠩ ᠦᠢᠯᠡ ᠳ᠋ᠦ᠍ ᠣᠯᠠᠨ ᠬᠤᠪᠢᠷᠠᠯᠲᠠ ᠭᠠᠷᠤᠭᠰᠠᠨ ᠪᠣᠯᠪᠠᠴᠤ ᠭᠠᠯ ᠲᠠᠬᠢᠬᠣ ᠳ᠋ᠤ᠌ ᠲᠤᠯᠭ᠎ᠠ ᠶ᠋ᠢᠨ ᠲᠣᠳᠣᠭ ᠢ᠋ ᠥᠭᠡᠬᠦ ᠲᠣᠰᠣ ᠪᠠᠷ ᠪᠦᠷᠢᠵᠦ ᠪᠢᠯᠳᠠᠬᠤ᠂ ᠣᠪᠣᠭ᠎ᠠ ᠲᠡᠬᠢᠬᠤ ᠳ᠋ᠤ᠌ ᠣᠪᠣᠭᠠᠨ ᠴᠢᠯᠠᠭᠤ ᠶ᠋ᠢ ᠲᠣᠰᠣᠳᠠᠵᠤ ᠮᠢᠯᠢᠶᠠᠬᠤ᠂ᠠᠷᠢᠬᠢ ᠰᠦ ᠲᠤᠰᠣᠭᠠᠵᠣ ᠴᠢᠳᠬᠤᠬᠤ ᠵᠠᠩᠰᠢᠯ ᠮᠥᠨ ᠯᠡ ᠤᠯᠠᠮᠵᠢᠯᠠᠭᠳᠠᠭᠰᠠᠭᠠᠷ ᠪᠠᠢᠨ᠎ᠠ᠃
ᠣᠩᠭᠣᠨ ᠪᠤᠯᠠᠰᠢ ᠶ᠋ᠢᠨ ᠡᠮᠦᠨ᠎ᠡ ᠴᠢᠯᠠᠭᠤᠨ ᠬᠥᠮᠦᠨ ᠴᠢᠯᠠᠭᠤᠨ ᠬᠥᠰᠢᠶ᠎ᠡ ᠪᠤᠰᠬᠠᠵᠤ ᠣᠷᠣᠰᠢᠭᠤᠯᠳᠠᠭ ᠵᠠᠩ ᠦᠢᠯᠡ ᠡᠷᠲᠡᠨ ᠦ᠌ ᠳᠦᠷᠭᠦᠳ ᠦ᠋ᠨ ᠦᠶ᠎ᠡ ᠳ᠋ᠦ᠍ ᠬᠠᠷᠢᠨ ᠶᠡᠬᠡᠳᠡ ᠳᠡᠯᠭᠡᠷᠡᠵᠦ ᠪᠠᠢᠵᠠᠢ᠃ᠬᠠᠭᠠᠳ ᠢᠵᠠᠭᠤᠷᠲᠠᠨ ᠤ᠋ ᠪᠤᠯᠠᠰᠢᠨ ᠳᠡᠭᠡᠷ᠎ᠡ ᠰᠦᠮ᠎ᠡ ᠳᠤᠭᠠᠩ ᠪᠠᠷᠢᠵᠤ ᠵᠢᠯ ᠪᠦᠷᠢ ᠲᠠᠬᠢᠯᠭ᠎ᠠ ᠬᠢᠳᠡᠭ᠃ᠪᠤᠯᠠᠰᠢᠨ ᠳ᠋ᠤ᠌ ᠣᠷᠣᠰᠢᠭᠤᠯᠤᠭᠰᠠᠨ ᠬᠥᠮᠦᠨ ᠦ᠌ ᠳᠦᠷᠢ ᠶ᠋ᠢ ᠴᠢᠯᠠᠭᠤ ᠪᠠᠷ ᠰᠡᠢᠯᠵᠦ ᠲᠠᠯᠪᠢᠭᠠᠳ ᠲᠡᠭᠦᠨ ᠦ᠌ ᠡᠮᠦᠨ᠎ᠡ ᠨᠠᠷᠠ ᠭᠠᠷᠬᠤ ᠵᠦᠭ ᠬᠠᠨᠳᠤᠭᠤᠯᠤᠨ ᠴᠢᠯᠠᠭᠤ ᠴᠤᠪᠤᠷᠠᠭᠤᠯᠵᠤ ᠵᠢᠭᠰᠠᠭᠠᠨ ᠲᠠᠯᠪᠢᠳᠠᠭ᠃ᠡᠢᠮᠦ ᠵᠢᠭᠰᠠᠭᠠᠭᠰᠠᠨ ᠴᠢᠯᠠᠭᠤᠳ ᠢ᠋ ᠪᠠᠯᠪᠠᠯ ᠭᠡᠳᠡᠭ᠃ᠪᠠᠯᠪᠠᠯ ᠤ᠋ᠨ ᠲᠣᠭ᠎ᠠ ᠨᠢ ᠠᠮᠢᠳᠤ ᠰᠡᠷᠢᠭᠦᠨ ᠪᠠᠢᠬᠤ ᠳ᠋ᠠᠭᠠᠨ ᠤᠰᠠᠳᠬᠠᠭᠰᠠᠨ ᠳᠠᠢᠰᠤᠨ ᠤ᠋ ᠲᠣᠭ᠎ᠠ ᠠᠵᠢ᠃ᠳᠠᠢᠯᠠᠨ ᠳᠠᠭᠠᠭᠤᠯᠵᠤ ᠠᠪᠤᠭᠰᠠᠨ ᠠᠢᠮᠠᠭ ᠤ᠋ᠨ ᠡᠵᠡᠳ ᠢ᠋ ᠠᠯᠠᠵᠤ ᠲᠡᠭᠦᠨ ᠦ᠌ ᠨᠡᠷ᠎ᠡ ᠲᠠᠮᠠᠭ᠎ᠠ ᠶ᠋ᠢ ᠰᠡᠢᠯᠦᠭᠰᠡᠨ ᠴᠢᠯᠠᠭᠤᠨ ᠬᠥᠰᠢᠶ᠎ᠡ ᠶ᠋ᠢ ᠣᠯᠠᠨ ᠪᠠᠯᠪᠠᠯ ᠤ᠋ᠨ ᠡᠬᠢᠨ ᠳ᠋ᠦ᠍ᠨᠢ ᠲᠠᠯᠪᠢᠳᠠᠭ ᠪᠤᠶᠤ᠃ᠮᠣᠩᠭᠣᠯ ᠨᠤᠲᠤᠭ ᠤ᠋ᠨ ᠵᠡᠭᠦᠨ ᠵᠠᠬ᠎ᠠ ᠠᠯᠲᠠᠨ ᠬᠢᠩᠭᠠᠨ ᠠ᠋ᠴᠠ ᠳᠤᠮᠳᠠᠳᠤ ᠠᠽᠢᠶ᠎ᠠ ᠬᠦᠷᠲᠡᠯᠡᠬᠢ ᠥᠷᠭᠡᠨ ᠠᠭᠤᠳᠠᠮ ᠭᠠᠵᠠᠷ ᠲᠤ᠌ ᠶᠡᠬᠡᠩᠬᠢ ᠨᠢ ᠵᠣᠭᠰᠣᠭ᠎ᠠ ᠪᠠᠢᠳᠠᠯ ᠲᠠᠢ ᠬᠡᠲᠡ ᠬᠢᠲᠤᠭ᠎ᠠ᠂ᠬᠠᠪᠲᠠᠭ᠎ᠠ ᠰᠣᠶᠣᠭ᠎ᠠ ᠵᠡᠭᠦᠭᠰᠡᠨ ᠴᠢᠯᠠᠭᠤᠨ ᠬᠥᠮᠦᠨ ᠴᠢᠯᠠᠭᠤᠨ ᠬᠥᠰᠢᠶ᠎ᠡ ᠲᠠᠷᠬᠠᠭᠰᠠᠨ ᠪᠠᠢᠪᠠ᠃ ᠪᠤᠮᠪᠠᠨ ᠵᠠᠪᠰᠠᠷ ᠤ᠋ᠨ ᠴᠢᠯᠠᠭᠤᠨ ᠬᠥᠮᠦᠨ ᠦ᠌ ᠤᠷ᠎ᠠ ᠳᠠᠷᠬ᠎ᠠ ᠶ᠋ᠢᠨ ᠬᠡᠪ ᠨᠠᠮᠪᠠ᠂ᠳᠦᠷᠢ ᠲᠥᠷᠬᠦ ᠶ᠋ᠢᠨ ᠬᠡᠯᠪᠡᠷᠢ ᠶᠠᠩᠵᠤ ᠨᠢ ᠰᠤᠷᠪᠤᠯᠵᠢ ᠲᠡᠦᠬᠡᠨ ᠳ᠋ᠦ᠍ ᠲᠡᠮᠳᠡᠭᠯᠡᠭᠳᠡᠭᠰᠡᠨ ᠲᠦᠷᠭᠦᠳ ᠦ᠋ᠨ ᠴᠢᠯᠠᠭᠤᠨ ᠬᠥᠮᠦᠨ ᠴᠢᠯᠠᠭᠤᠨ ᠬᠥᠰᠢᠶ᠎ᠡ ᠲᠡᠢ ᠢᠵᠢᠯᠢ ᠲᠠᠯ᠎ᠠ ᠣᠯᠠᠨ ᠪᠠᠢᠭ᠎ᠠ ᠪᠢᠯᠡ᠃ᠲᠡᠭᠦᠨ ᠢ᠋ ᠶᠤᠸᠠᠨ ᠤᠯᠤᠰ ᠤ᠋ᠨ ᠦᠶ᠎ᠡ ᠶ᠋ᠢᠨ ᠬᠠᠭᠠᠨ ᠤᠭᠰᠠᠭᠠᠨ ᠤ᠋ ᠲᠠᠬᠢᠯᠭ᠎ᠠ ᠶ᠋ᠢᠨ ᠭᠠᠵᠠᠷ ᠭᠡᠬᠦ ᠨᠢ ᠮᠣᠩᠭᠣᠯ ᠲᠤᠭᠤᠷᠭᠠᠲᠠᠨ ᠤ᠋ ᠣᠳᠣ ᠪᠣᠯᠲᠠᠯᠠᠬᠢ ᠤᠯᠠᠮᠵᠢᠯᠠᠯᠲᠤ ᠣᠷᠣᠰᠢᠭᠤᠯᠭ᠎ᠠ ᠶ᠋ᠢᠨ ᠵᠠᠩ ᠦᠢᠯᠡ ᠲᠡᠢ ᠶᠡᠬᠡᠳᠡ ᠵᠦᠷᠢᠶᠡᠨ ᠲᠡᠢ ᠪᠡᠷ ᠦᠯᠦ ᠪᠠᠷᠠᠮ ᠰᠤᠷᠪᠤᠯᠵᠢ ᠲᠡᠦᠬᠡᠨ ᠲᠡᠮᠳᠡᠭᠯᠡᠯ ᠲᠡᠢ ᠴᠤ᠌ ᠶᠡᠬᠡᠳᠡ ᠵᠦᠷᠢᠶᠡᠨ ᠲᠡᠢ ᠪᠠᠢᠭ᠎ᠠ ᠶ᠋ᠢ ᠠᠩᠬᠠᠷᠤᠭᠤᠰᠢᠲᠠᠢ ᠶᠤᠮ᠃ᠲᠦᠷᠦᠭᠦᠦ ᠬᠡᠳᠦᠨ ᠵᠢᠯ ᠮᠣᠩᠭᠣᠯ ᠤ᠋ᠨ ᠲᠡᠦᠬᠡ ᠶ᠋ᠢ ᠰᠤᠳᠤᠯᠤᠭᠰᠠᠨ ᠨᠢᠭᠡᠨ ᠡᠷᠳᠡᠮᠲᠡᠨ ᠱᠠᠩᠳᠤ ᠨᠡᠢᠰᠯᠡᠯ ᠢ᠋ ᠪᠠᠢᠴᠠᠭᠠᠬᠤ ᠦᠶᠡᠰ《ᠲᠦᠷᠬᠥᠳᠴᠤᠳ ᠲᠣᠯᠣᠭᠠᠢ ᠦᠭᠡᠢ ᠬᠥᠮᠦᠨ ᠰᠡᠢᠯᠵᠦ ᠣᠩᠭᠣᠨ ᠪᠤᠯᠠᠰᠢ ᠪᠠᠨ ᠳᠠᠬᠢᠳᠠᠭ ᠪᠠᠢᠭᠰᠠᠨ》ᠭᠡᠮᠡᠨ ᠮᠡᠷᠭᠡᠯᠡᠪᠡ᠃ᠲᠡᠭᠦᠨ ᠳ᠋ᠦ᠍ ᠶᠠᠮᠠᠷ ᠪᠠᠷᠢᠮᠲᠠ ᠪᠠᠢᠬᠤ ᠪᠠᠨ ᠬᠡᠯᠡᠭᠰᠡᠨ ᠦᠭᠡᠢ ᠪᠣᠯᠬᠣᠷ ᠲᠤᠰ ᠭᠠᠵᠠᠷ500 ᠯᠠᠩ ᠮᠥᠩᠭᠥ ᠪᠤᠯᠠᠭᠰᠠᠨ ᠯᠠ ᠬᠡᠷᠡᠭ ᠪᠣᠯᠵᠠᠢ᠃
ᠴᠢᠯᠠᠭᠤᠨ ᠬᠥᠮᠦᠨ ᠦ᠌ ᠲᠣᠯᠣᠭᠠᠢ ᠶᠠᠭᠠᠬᠢᠭᠰᠠᠨ ᠪᠣᠢ?ᠮᠢᠩ ᠴᠢᠩ ᠤᠯᠤᠰ ᠤ᠋ᠨ ᠰᠤᠷᠪᠤᠯᠵᠢ ᠲᠡᠦᠬᠡ ᠲᠡᠮᠳᠡᠭᠯᠡᠯ ᠳ᠋ᠦ᠍ ᠮᠡᠳᠡᠭᠡᠯᠡᠭᠰᠡᠨ ᠢ᠋ᠶ᠋ᠡᠷ ᠪᠣᠯ ᠶᠤᠸᠠᠨ ᠤᠯᠤᠰ ᠤ᠋ᠨ ᠦᠶ᠎ᠡ ᠶ᠋ᠢᠨ ᠰᠦᠮ᠎ᠡ ᠬᠡᠢᠳ᠂ᠤᠷᠲᠤ ᠬᠠᠷᠰᠢ᠂ᠬᠠᠭᠤᠴᠢ ᠳᠤᠷᠠᠰᠬᠠᠯ᠂ᠬᠥᠰᠢᠶ᠎ᠡ ᠫᠠᠢᠰᠠ ᠵᠡᠷᠭᠡ ᠶ᠋ᠢ ᠲᠥᠰᠥᠪ ᠲᠥᠯᠥᠪᠯᠡᠭᠡ ᠲᠡᠢ ᠪᠡᠷ ᠠᠯᠬᠤᠮ ᠳᠠᠷᠠᠭ᠎ᠠ ᠲᠠᠢ ᠪᠠᠷ ᠡᠪᠳᠡᠵᠦ ᠨᠤᠷᠠᠭᠠᠬᠤ ᠬᠡᠷᠡᠭᠲᠡᠢ ᠭᠡᠮᠡᠨ ᠮᠢᠩ ᠦ᠋ᠨ ᠬᠠᠭᠠᠳ ᠵᠠᠷᠯᠢᠭ ᠪᠠᠭᠤᠯᠭᠠᠭᠰᠠᠨ ᠢ᠋ᠶ᠋ᠠᠷ ᠪᠡᠭᠡᠵᠢᠩ ᠳ᠋ᠦ᠍ ᠪᠠᠢᠭᠤᠯᠤᠭᠰᠠᠨ ᠮᠣᠩᠭᠣᠯ ᠤ᠋ᠨ ᠠᠯᠢ ᠣᠯᠠᠨ ᠲᠡᠦᠬᠡ ᠳᠤᠷᠠᠰᠬᠠᠯ ᠤ᠋ᠨ ᠤᠷᠲᠤ ᠬᠠᠷᠰᠢ᠂ᠰᠦᠮ᠎ᠡ ᠬᠡᠢᠳ ᠪᠦᠷ ᠣᠷᠣ ᠮᠥᠷ ᠦᠭᠡᠢ ᠪᠣᠯᠲᠠᠯ᠎ᠠ ᠴᠡᠪᠡᠷᠯᠡᠭᠳᠡᠭᠰᠡᠨ ᠪᠠᠢᠪᠠ᠃ᠲᠡᠷᠡᠴᠢᠯᠡᠨ ᠠᠯᠤᠰ ᠬᠣᠯᠠ ᠲᠠᠯ᠎ᠠ ᠨᠤᠲᠤᠭ ᠲᠤ᠌ ᠪᠠᠢᠭᠰᠠᠨ ᠱᠠᠩᠳᠤ ᠨᠡᠢᠰᠯᠡᠯ ᠴᠤ᠌ ᠰᠢᠲᠠᠭᠳᠠᠬᠤ᠂ᠡᠪᠳᠡᠯᠡᠭᠳᠡᠬᠦ ᠬᠤᠪᠢ ᠵᠠᠶᠠᠭᠠᠨ ᠠ᠋ᠴᠠ ᠮᠤᠯᠲᠤᠷᠠᠵᠤ ᠴᠢᠳᠠᠭᠰᠠᠨ ᠦᠭᠡᠢ᠃ᠲᠠᠷᠢᠶᠠᠴᠢᠨ ᠤ᠋ ᠪᠣᠰᠤᠯᠭ᠎ᠠ ᠶ᠋ᠢᠨ ᠴᠡᠷᠢᠭ ᠱᠠᠩᠳᠤ ᠨᠡᠢᠰᠯᠡᠯ ᠢ᠋ ᠤᠷᠢᠳ ᠬᠣᠵᠢᠳ ᠬᠣᠶᠠᠷ ᠤᠳᠠᠭ᠎ᠠ ᠲᠦᠢᠮᠡᠷᠳᠡᠵᠦ ᠰᠦᠢᠳᠬᠡᠭᠰᠡᠨ ᠶᠤᠮ᠃ᠬᠣᠵᠢᠮ ᠨᠢ ᠪᠠᠰᠠ ᠠᠶᠠᠨ ᠲᠡᠢᠨ ᠢ᠋ᠶ᠋ᠡᠷ ᠤᠮᠠᠷᠠᠰᠢ ᠳᠠᠢᠯᠠᠬᠤ ᠳ᠋ᠠᠭᠠᠨ ᠵᠠᠮ ᠳ᠋ᠤ᠌ ᠲᠠᠭᠠᠷᠠᠯᠳᠤᠭᠰᠠᠨ ᠮᠣᠩᠭᠣᠯ ᠤ᠋ᠨ ᠣᠩᠭᠣᠨ ᠪᠤᠯᠠᠰᠢ ᠬᠥᠰᠢᠶ᠎ᠡ ᠫᠠᠢᠰᠠ ᠪᠦᠬᠦᠨ ᠢ᠋ ᠴᠡᠷᠢᠭ ᠭᠠᠷᠭᠠᠨ ᠪᠠᠯᠪᠠᠴᠢᠨ ᠡᠪᠳᠡᠵᠦ ᠭᠣᠣᠯ ᠤᠰᠤᠨ ᠳ᠋ᠤ᠌ ᠬᠠᠶᠠᠨ ᠴᠣᠬᠣᠮ ᠬᠦ᠌ ᠥᠷᠲᠥᠭᠰᠡᠨ ᠢ᠋ᠶ᠋ᠡᠨ ᠦᠷᠡᠵᠦ ᠦᠵᠡᠭᠳᠡᠭᠰᠡᠨ ᠢ᠋ᠶ᠋ᠡᠨ ᠰᠦᠢᠳᠬᠡᠵᠡᠢ᠃ᠡᠨᠡ ᠬᠦ᠌ ᠶᠡᠬᠡ ᠡᠪᠳᠡᠯᠡᠭᠡ᠂ᠶᠡᠬᠡ ᠲᠦᠢᠮᠡᠷᠳᠡᠯᠭᠡ ᠳ᠋ᠦ᠍ ᠱᠠᠩᠳᠤ ᠨᠡᠢᠰᠯᠡᠯ ᠪᠠ ᠲᠡᠭᠦᠨ ᠦ᠌ ᠣᠷᠴᠢᠨ ᠲᠣᠭᠣᠷᠢᠨ ᠤ᠋ ᠪᠠᠯᠠᠷ ᠣᠢ ᠦᠨᠡᠰᠦ ᠪᠣᠯᠵᠤ ᠰᠦᠮ᠎ᠡ ᠬᠡᠢᠳ ᠪᠠᠭᠤᠷᠠᠢ ᠦᠯᠡᠳᠡᠵᠦ ᠴᠢᠯᠠᠭᠤᠨ ᠬᠥᠮᠦᠨ ᠦ᠌ ᠣᠯᠠᠩᠬᠢ ᠴᠤ᠌ ᠲᠡᠷᠢᠭᠦᠨ ᠢ᠋ᠶ᠋ᠡᠨ ᠠᠯᠳᠠᠯ᠎ᠠ!ᠵᠣᠯ ᠢ᠋ᠶ᠋ᠠᠷ ᠡᠨᠳᠡ ᠲᠡᠨᠳᠡ ᠨᠢᠭᠤᠭᠳᠠᠨ ᠦᠯᠡᠳᠡᠭᠡᠰᠡ ᠴᠥᠭᠡᠨ ᠬᠡᠳᠦᠨ ᠴᠢᠯᠠᠭᠤᠨ ᠬᠥᠮᠦᠨ ᠰᠡᠭᠦᠯᠴᠢ ᠶ᠋ᠢᠨ ᠵᠢᠯ ᠦ᠋ᠳ ᠲᠦ᠍ ᠲᠡᠨᠦᠭᠦᠯ ᠠᠷᠠᠳ ᠲᠡᠨᠡᠭ ᠮᠣᠩᠭᠣᠯ ᠤ᠋ᠨ ᠭᠠᠷ ᠲᠤ᠌ ᠪᠠᠰᠠ ᠲᠡᠷᠢᠭᠦᠨ ᠢ᠋ᠶ᠋ᠡᠨ ᠠᠪᠤᠭᠤᠯᠪᠠ᠃ᠪᠢᠳᠡ ᠴᠢᠨᠢ ᠳᠡᠭᠡᠳᠦᠰ ᠢ᠋ᠶ᠋ᠡᠨ ᠴᠢᠰᠤ ᠦᠭᠡᠢ ᠠᠯᠠᠬᠤ ᠦᠷ᠎ᠡ ᠬᠡᠦᠬᠡᠳ ᠪᠠᠢᠵᠠᠢ ᠰᠢᠦ!
ᠪᠤᠮᠪᠠᠨ ᠵᠠᠪᠰᠠᠷ ᠤ᠋ᠨ ᠴᠢᠯᠠᠭᠤᠨ ᠬᠥᠮᠦᠨ ᠦ᠌ ᠳᠦᠷᠢ ᠪᠠᠢᠳᠠᠯ ᠶᠡᠬᠡᠮᠰᠦᠭ᠃ᠪᠡᠶ᠎ᠡ ᠳ᠋ᠦ᠍ ᠡᠭᠦᠯᠡ ᠡᠪᠬᠡᠷᠡᠭᠦᠯᠦᠨ ᠯᠤᠤ ᠮᠠᠭᠰᠢᠭᠰᠠᠨ ᠬᠤᠸᠠᠷ ᠲᠠᠢ ᠠᠭᠤᠵᠢᠮ ᠬᠠᠯᠠᠭᠠᠷ ᠳᠡᠪᠡᠯ᠂ᠬᠥᠯ ᠳ᠋ᠦ᠍ ᠤᠭᠠᠯᠵᠠ ᠬᠡ ᠲᠠᠯᠪᠢᠭᠰᠠᠨ ᠤᠷᠲᠤ ᠳᠤᠷᠠᠢ ᠲᠠᠢ ᠭᠤᠲᠤᠯ ᠡᠮᠦᠰᠴᠦ ᠪᠠᠷᠠᠭᠤᠨ ᠲᠠᠰᠢᠶᠠᠨ ᠳ᠋ᠠᠭᠠᠨ ᠬᠡᠲᠡ ᠬᠢᠲᠤᠭ᠎ᠠ᠂ᠵᠡᠭᠦᠨ ᠲᠠᠰᠢᠶᠠᠨ ᠳ᠋ᠠᠭᠠᠨ ᠬᠠᠪᠲᠠᠭ᠎ᠠ ᠰᠣᠶᠣᠭ᠎ᠠ ᠵᠡᠭᠦᠭᠡᠳ ᠲᠦᠰᠢᠯᠭᠡᠲᠦ ᠢᠰᠡᠷᠢ ᠳᠡᠭᠡᠷ᠎ᠡ ᠲᠠᠯᠪᠢᠭᠠᠳ ᠰᠠᠭᠠᠳᠠᠵᠠᠢ᠃ᠵᠥᠪ ᠭᠠᠷ ᠲᠠᠭᠠᠨ ᠠᠶᠠᠭ᠎ᠠ ᠪᠠᠷᠢᠨ ᠡᠮᠦᠨ᠎ᠡ ᠪᠡᠨ ᠡᠷᠭᠦᠵᠦ ᠪᠤᠷᠤᠭᠤ ᠭᠠᠷ ᠢ᠋ᠶ᠋ᠠᠨ ᠡᠪᠦᠳᠦᠭ ᠳᠡᠭᠡᠷ᠎ᠡ ᠪᠡᠨ ᠲᠠᠯᠪᠢᠵᠠᠢ᠃ᠳᠦᠷᠢ ᠪᠠᠢᠳᠠᠯ ᠡᠷᠬᠢᠮᠰᠦᠭ᠃ᠡᠷᠲᠡᠨ ᠦ᠌ ᠬᠥᠬᠡ ᠲᠦᠷᠭᠦᠳ ᠪᠣᠯᠪᠠᠤ ᠭᠡᠮᠡᠷ᠃ᠪᠤᠮᠪᠠᠨ ᠵᠠᠪᠰᠠᠷ ᠤ᠋ᠨ ᠠᠷᠤ ᠰᠤᠵᠠᠭ ᠢ᠋ ᠬᠠᠷ᠎ᠠ ᠭᠣᠣ ᠭᠡᠳᠡᠭ᠂ᠡᠨᠳᠡ ᠨᠢᠭᠡᠨ ᠬᠡᠦᠬᠡᠳ ᠲᠡᠪᠡᠷᠢᠭᠰᠡᠨ ᠬᠡᠪᠲᠡᠭᠡ ᠡᠮᠡᠭᠲᠡᠢ ᠴᠢᠯᠠᠭᠤᠨ ᠬᠥᠮᠦᠨ ᠪᠠᠢᠵᠠᠢ᠃ᠴᠢᠯᠠᠭᠤ ᠨᠢ ᠬᠠᠢᠷ ᠪᠣᠯᠬᠣᠷ ᠨᠤᠲᠤᠭ ᠤ᠋ᠨ ᠬᠥᠮᠦᠰ ᠬᠢᠲᠤᠭ᠎ᠠ ᠰᠠᠨᠳᠤᠤ ᠢᠷᠯᠡᠵᠦ ᠲᠠᠯᠠᠯᠠᠬᠤ ᠭᠡᠮᠡᠨ ᠬᠡᠰᠡᠭ ᠬᠡᠰᠡᠭ ᠢ᠋ᠶ᠋ᠡᠷ ᠬᠠᠭᠠᠯᠤᠨ ᠠᠪᠤᠭᠰᠠᠭᠠᠷ ᠲᠡᠮᠦᠯᠡᠨ ᠠᠯᠠᠪᠠ᠃ᠲᠡᠭᠦᠨ ᠡᠴᠡ ᠵᠡᠭᠦᠨ ᠡᠮᠦᠨ᠎ᠡ ᠶᠡᠬᠡ ᠵᠠᠮ ᠤ᠋ᠨ ᠬᠠᠵᠠᠭᠤ ᠳ᠋ᠤ᠌ ᠪᠠᠰᠠ ᠨᠢᠭᠡᠨ ᠨᠢᠴᠦᠭᠦᠨ ᠡᠮᠡᠭᠲᠡᠢ ᠴᠢᠯᠠᠭᠤᠨ ᠬᠥᠮᠦᠨ ᠵᠣᠭᠰᠣᠵᠤ ᠪᠠᠢᠵᠠᠢ᠃ᠴᠠᠰᠤ ᠴᠠᠭᠠᠨ ᠭᠠᠨᠲᠢᠭ ᠴᠢᠯᠠᠭᠤ᠂ᠤᠷᠠᠨ ᠨᠠᠷᠢᠨ ᠰᠡᠢᠯᠦᠮᠡᠯ᠂ᠨᠢᠭᠡᠨ ᠴᠢᠷᠠᠢ ᠵᠢᠰᠦ ᠭᠤᠸ᠎ᠠ ᠦᠵᠡᠰᠬᠦᠯᠡᠩ᠂ᠪᠡᠶ᠎ᠡ ᠴᠣᠭᠴᠠ ᠭᠤᠪᠠᠢ ᠬᠡᠭᠡᠨᠴᠢᠷ᠂ᠪᠣᠨᠲᠣᠭᠣᠷ ᠬᠥᠬᠥ᠂ᠨᠠᠷᠢᠨ ᠪᠡᠯᠬᠡᠭᠦᠰᠦ᠂ᠥᠷᠭᠡᠨ ᠲᠠᠰᠢᠶ᠎ᠠ ᠪᠦᠬᠦᠢ ᠡᠮᠡᠭᠲᠡᠢ ᠳᠦᠷᠢ ᠶ᠋ᠢ ᠤᠷᠠᠯᠠᠨ ᠰᠡᠢᠯᠵᠦ ᠪᠦᠲᠦᠭᠡᠭᠰᠡᠨ ᠨᠢ ᠠᠮᠢᠳᠤ ᠬᠥᠮᠦᠨ ᠮᠡᠲᠦ᠃ᠪᠤᠮᠪᠠᠨ ᠵᠠᠪᠰᠠᠷ ᠤ᠋ᠨ ᠵᠡᠭᠦᠨ ᠨᠢᠷᠤᠭᠤ ᠶ᠋ᠢ ᠲᠠᠷᠭᠤᠨ ᠰᠢᠯᠢ᠂ᠵᠡᠭᠦᠨ ᠵᠢᠯᠠᠭ᠎ᠠ ᠶ᠋ᠢ ᠨᠢ ᠤᠯᠠᠭᠠᠨ ᠭᠣᠣ ᠭᠡᠳᠡᠭ᠃ᠰᠢᠯᠢ ᠶ᠋ᠢᠨ ᠡᠩᠭᠡᠷ ᠭᠣᠣ ᠶ᠋ᠢᠨ ᠬᠥᠪᠡᠭᠡᠨ ᠳᠡᠭᠡᠷ᠎ᠡ ᠪᠣᠰᠬᠠᠭᠰᠠᠨ ᠤᠯᠠᠪᠤᠷ ᠰᠢᠷ᠎ᠠ ᠴᠢᠯᠠᠭᠤᠨ ᠬᠥᠮᠦᠨ ᠦ᠌ ᠪᠡᠶ᠎ᠡ ᠶ᠋ᠢᠨ ᠥᠨᠳᠥᠷ 3ᠲᠣᠬᠣᠢ᠂ᠲᠣᠢᠮᠣᠭ ᠲᠣᠯᠣᠭᠠᠢ᠂ᠯᠠᠮᠠ ᠵᠠᠰᠠᠯ᠂ᠬᠣᠶᠠᠷ ᠠᠯᠠᠭ᠎ᠠ ᠪᠠᠨ ᠴᠡᠭᠡᠵᠢᠨ ᠡᠮᠦᠨ᠎ᠡ ᠪᠡᠨ ᠬᠠᠪᠰᠤᠷᠤᠨ ᠵᠠᠯᠪᠠᠷᠢᠵᠤ ᠰᠦᠰᠦᠭᠯᠡᠨ ᠰᠥᠭᠥᠳᠴᠡᠢ᠃ᠬᠠᠪᠢᠷᠭ᠎ᠠ ᠥᠷᠲᠡᠭᠡ ᠵᠠᠮ᠂ᠠᠶᠠᠨ ᠤ᠋ ᠯᠤᠭᠠᠷ ᠵᠠᠮ ᠠ᠋ᠴᠠ ᠣᠢᠷ᠎ᠠ ᠤᠴᠢᠷ ᠠᠶᠠᠨᠴᠢᠳ ᠲᠠᠬᠢᠵᠤ ᠮᠢᠯᠢᠶᠠᠭᠰᠠᠭᠠᠷ ᠴᠢᠯᠠᠭᠤᠨ ᠬᠥᠮᠦᠨ ᠦ᠌ ᠠᠮᠠ ᠬᠠᠮᠠᠷ ᠥᠭᠡᠬᠦ ᠲᠣᠰᠣᠨ ᠳ᠋ᠤ᠌ ᠪᠢᠯᠳᠠᠭᠳᠠᠨ ᠬᠠᠷᠠᠯᠠᠭᠰᠠᠨ ᠪᠠ ᠰᠠᠯᠬᠢᠨ ᠪᠣᠷᠣᠭᠠᠨ ᠳ᠋ᠤ᠌ ᠢᠳᠡᠭᠳᠡᠨ ᠳᠦᠷᠢ ᠲᠥᠷᠬᠦ ᠤᠤᠯ ᠤ᠋ᠨ ᠬᠡᠪ ᠶᠠᠩᠵᠤ ᠪᠠᠨ ᠶᠡᠬᠡᠳᠡ ᠠᠯᠳᠠᠵᠠᠢ᠃ᠪᠤᠮᠪᠠᠨ ᠵᠠᠪᠰᠠᠷ ᠠ᠋ᠴᠠ ᠵᠡᠭᠦᠨᠰᠢ8ᠭᠠᠵᠠᠷ ᠣᠷᠴᠢᠮ ᠤ᠋ᠨ ᠵᠠᠢ ᠳ᠋ᠤ᠌ ᠰᠡᠭᠦᠵᠢ ᠶ᠋ᠢᠨ ᠬᠥᠲᠥᠯ ᠬᠡᠮᠡᠬᠦ ᠪᠣᠷᠣ ᠨᠢᠷᠤᠭᠤ ᠪᠠᠢᠳᠠᠭ᠃ᠬᠥᠲᠥᠯ ᠦ᠋ᠨ ᠡᠮᠦᠨᠡᠬᠢ ᠡᠩᠭᠡᠷ ᠲᠦ᠍ ᠤᠷᠭᠤᠬᠤ ᠨᠠᠷᠠ ᠶ᠋ᠢ ᠪᠠᠷᠠᠯᠠᠨ ᠵᠣᠭᠰᠣᠭᠰᠠᠨ ᠭᠠᠨᠲᠢᠭ ᠴᠢᠯᠠᠭᠤᠨ ᠬᠥᠮᠦᠨ ᠪᠣᠯ ᠯᠠᠮᠠ ᠬᠤᠸᠠᠷᠠᠭ ᠪᠤᠶᠤ᠃ᠵᠠᠰᠠᠯ ᠵᠢᠮᠰᠡᠭ ᠵᠥᠷᠢᠭᠦᠦ ᠵᠠᠭᠠᠮ᠎ᠠ᠂ᠵᠥᠪ ᠡᠩᠭᠡᠷ ᠪᠦᠬᠦᠢ ᠯᠠᠮᠠ ᠳᠡᠪᠡᠯ ᠲᠡᠢ᠃ᠴᠢᠯᠠᠭᠤᠨ ᠬᠤᠸᠠᠷᠠᠭ ᠢ᠋ ᠤᠤᠯ ᠨᠢ ᠣᠩᠭᠣᠨ ᠪᠤᠯᠠᠰᠢ ᠶ᠋ᠢᠨ ᠡᠮᠦᠨ᠎ᠡ ᠪᠣᠰᠬᠠᠭᠰᠠᠨ ᠪᠠᠢᠵᠠᠢ᠃ᠳᠣᠪᠣ ᠶ᠋ᠢᠨ ᠨᠠᠷᠠᠨ ᠡᠩᠭᠡᠷ ᠲᠦ᠍ ᠬᠣᠲᠠ ᠪᠠᠯᠭᠠᠰᠤ ᠪᠠᠢᠭᠰᠠᠨ ᠪᠣᠯᠤᠯᠲᠠᠢ᠂ᠥᠷᠭᠡᠨ ᠢ᠋ᠶ᠋ᠡᠷ ᠢ᠋ᠶ᠋ᠡᠨ 70 ᠰᠢᠬᠠᠮ ᠠᠯᠬᠤᠮ᠂ᠤᠷᠲᠤ ᠪᠠᠷ ᠢ᠋ᠶ᠋ᠠᠨ 120 ᠰᠢᠬᠠᠮ ᠠᠯᠬᠤᠮ ᠤ᠋ᠨ ᠤᠷᠲᠤ ᠳᠥᠷᠪᠡᠯᠵᠢᠨ ᠬᠠᠭᠤᠴᠢ ᠪᠠᠭᠤᠷᠢ ᠲᠠᠯᠠᠩᠯᠠᠵᠤ ᠬᠠᠷᠠᠭᠳᠠᠨ᠎ᠠ᠃ᠰᠡᠭᠦᠵᠢ ᠶ᠋ᠢᠨ ᠠᠷᠤ ᠪᠠᠷ ᠵᠡᠭᠦᠨᠰᠢ ᠪᠠᠷᠠᠭᠤᠨᠰᠢ ᠦᠷᠭᠦᠯᠵᠢᠯᠡᠭᠰᠡᠨ ᠳᠠᠷᠠᠰᠤᠲᠤ ᠲᠠᠯ᠎ᠠ ᠴᠡᠯᠭᠡᠷᠡᠵᠦ ᠨᠠᠷᠢᠨ ᠭᠣᠣᠯ ᠤᠷᠤᠰᠤᠨ᠎ᠠ᠃ᠭᠣᠣᠯ ᠤ᠋ᠨ ᠤᠷᠤᠰᠬᠠᠯ᠂ᠦᠶᠡᠷ ᠦ᠋ᠨ ᠢᠳᠡᠭᠳᠡᠯ ᠢ᠋ᠶ᠋ᠡᠷ ᠭᠠᠷᠤᠭᠰᠠᠨ ᠡᠷᠭᠢ ᠭᠠᠩᠭ᠎ᠠ ᠪᠠᠷ ᠡᠷᠲᠡᠨ ᠦ᠌ ᠬᠠᠭᠤᠴᠢ ᠪᠠᠭᠤᠷᠢ᠂
ᠣᠩᠭᠣᠨ ᠪᠤᠯᠠᠰᠢ ᠢᠯᠡᠷᠡᠵᠦ ᠰᠢᠷ ᠲᠡᠢ ᠰᠢᠷ ᠦᠭᠡᠢ ᠣᠯᠠᠨ ᠶᠠᠩᠵᠤ ᠶ᠋ᠢᠨ ᠸᠠᠭᠠᠷ ᠰᠠᠪᠠ ᠶ᠋ᠢᠨ ᠬᠠᠭᠠᠷᠬᠠᠢ ᠪᠤᠲᠠᠷᠠᠨ᠎ᠠ᠃
ᠲᠡᠭᠦᠨ ᠦ᠌ ᠳᠣᠲᠣᠷ᠎ᠠ《ᠳᠣᠲᠣᠭᠠᠳᠤ ᠣᠷᠳᠣᠨ(内府)》ᠬᠡᠮᠡᠬᠦ ᠦᠰᠦᠭ ᠪᠦᠬᠦᠢ ᠴᠢᠯᠠᠭᠤᠨ ᠸᠠᠭᠠᠷ ᠤ᠋ᠨ ᠬᠡᠯᠲᠡᠷᠬᠡᠢ ᠴᠦ᠍ ᠭᠠᠷᠤᠭᠰᠠᠨ ᠪᠢᠯᠡ᠃ᠰᠤᠷᠪᠤᠯᠵᠢ ᠲᠡᠦᠬᠡ ᠲᠡᠮᠳᠡᠭᠯᠡᠯ ᠢ᠋ ᠦᠨᠳᠦᠰᠦᠯᠡᠪᠡᠯ ᠠᠯᠲᠠᠨ ᠤᠯᠤᠰ ᠤ᠋ᠨ ᠬᠠᠭᠤᠴᠢᠨ ᠬᠤᠸᠠᠨᠵᠸᠦ ᠬᠣᠲᠠ ᠡᠨᠡ ᠣᠷᠴᠢᠮ ᠪᠠᠢᠬᠤ ᠶᠣᠰᠣᠲᠠᠢ ᠰᠠᠨ᠃
ᠬᠤᠰᠤᠨ ᠪᠤᠯᠠᠭ ᠤ᠋ᠨ ᠴᠢᠯᠠᠭᠤᠨ ᠬᠥᠮᠦᠨ
ᠰᠢᠯᠤᠭᠤᠨ ᠬᠥᠬᠡ ᠬᠤᠰᠢᠭᠤᠨ ᠤ᠋ ᠬᠡᠷᠡᠰᠦᠲᠠᠢ ᠰᠤᠮᠤᠨ ᠤ᠋ ᠪᠠᠶᠠᠨᠨᠠᠭᠤᠷ ᠭᠠᠴᠠᠭᠠᠨ ᠤ᠋ ᠰᠢᠷ᠎ᠠ ᠲᠠᠯ᠎ᠠ ᠶ᠋ᠢᠨ ᠬᠥᠯ ᠳ᠋ᠦ᠍ ᠬᠤᠰᠤᠨ ᠪᠤᠯᠠᠭ ᠠ᠋ᠴᠠ ᠣᠢᠷᠠᠬᠠᠨ ᠨᠢᠭᠡᠨ ᠤᠯᠠᠪᠠᠷ ᠰᠢᠷᠭᠠᠯ ᠴᠢᠯᠠᠭᠤᠨ ᠬᠥᠮᠦᠨ ᠪᠣᠢ᠃ᠪᠡᠶ᠎ᠡ ᠶ᠋ᠢᠨ ᠥᠨᠳᠥᠷ 3ᠲᠣᠬᠣᠢ ᠢᠯᠡᠭᠦᠦ᠃ᠮᠣᠩᠭᠣᠯ ᠤ᠋ᠨ ᠤᠯᠠᠮᠵᠢᠯᠠᠯᠲᠤ ᠵᠠᠩᠰᠢᠯ ᠢ᠋ᠶ᠋ᠠᠷ ᠵᠡᠭᠦᠨ ᠬᠥᠯ ᠢ᠋ᠶ᠋ᠡᠨ ᠨᠤᠭᠤᠯᠤᠨ᠂ᠴᠣᠮᠴᠣᠢᠵᠤ ᠰᠠᠭᠤᠭᠠᠳ ᠵᠡᠭᠦᠨ ᠭᠠᠷ ᠢ᠋ᠶ᠋ᠠᠨ ᠡᠪᠦᠳᠦᠭ ᠳᠡᠭᠡᠷ᠎ᠡ ᠪᠡᠨ ᠲᠠᠯᠪᠢᠨ ᠪᠠᠷᠠᠭᠤᠨ ᠭᠠᠷ ᠢ᠋ᠶ᠋ᠠᠨ ᠴᠡᠭᠡᠵᠢᠨ ᠡᠮᠦᠨ᠎ᠡ ᠪᠡᠨ ᠵᠠᠯᠪᠠᠷᠢᠵᠠᠢ᠃ᠴᠢᠯᠠᠭᠤᠨ ᠬᠥᠮᠦᠨ ᠡᠴᠡ ᠵᠡᠭᠦᠨ ᠬᠣᠢᠲᠤ ᠳᠣᠣᠷ᠎ᠠ ᠰᠢᠷ᠎ᠠ ᠮᠠᠩᠬ᠎ᠠ ᠶ᠋ᠢᠨ ᠡᠩᠭᠡᠷ ᠲᠦ᠍ ᠡᠷᠲᠡᠨ ᠦ᠌ ᠠᠢᠯ ᠬᠣᠲᠠ ᠪᠠᠢᠭᠰᠠᠨ ᠪᠣᠯᠪᠠ ᠤᠤ ᠭᠡᠮᠡᠷ ᠬᠠᠭᠤᠴᠢ ᠪᠠᠷᠢᠯᠭ᠎ᠠ ᠶ᠋ᠢᠨ ᠪᠠᠭᠤᠴᠠ ᠣᠷᠣᠮ ᠪᠣᠢ᠃ᠳᠥᠷᠪᠡᠨ ᠨᠦᠬᠡ ᠲᠡᠢ ᠴᠢᠯᠠᠭᠤᠨ ᠤᠶᠠᠭ᠎ᠠ ᠬᠣᠶᠠᠷ ᠪᠠᠢᠪᠠ᠃ᠬᠠᠭᠤᠴᠢᠨ ᠤᠯᠠᠭ᠎ᠠ ᠥᠷᠲᠡᠭᠡ ᠶ᠋ᠢᠨ ᠵᠠᠮ ᠡᠨᠳᠡ ᠡᠴᠡ ᠣᠢᠷᠠᠬᠠᠨ ᠠᠵᠢ᠃ᠬᠤᠰᠤᠨ ᠪᠤᠯᠠᠭ ᠤ᠋ᠨ ᠴᠢᠯᠠᠭᠤᠨ ᠬᠥᠮᠦᠨ ᠪᠣᠯ ᠱᠠᠩᠳᠤ ᠨᠡᠢᠰᠯᠡᠯ ᠡᠴᠡ ᠵᠡᠭᠦᠨ ᠬᠣᠢᠰᠢ60ᠰᠢᠬᠠᠮ ᠭᠠᠵᠠᠷ ᠤ᠋ᠨ ᠵᠠᠢ ᠳ᠋ᠤ᠌ ᠪᠠᠢᠵᠤ ᠱᠠᠩᠳᠤ ᠠ᠋ᠴᠠ ᠪᠠᠷᠰ ᠬᠣᠲᠠ ᠬᠦᠷᠬᠦ ᠲᠡᠷᠭᠡᠨ ᠵᠠᠮ ᠣᠷᠴᠢᠮ ᠪᠠᠢᠭ᠎ᠠ ᠣᠯᠠᠨ ᠬᠣᠲᠠ ᠪᠠᠯᠭᠠᠳ᠂ᠬᠠᠭᠤᠴᠢ ᠪᠠᠭᠤᠷᠢ ᠶ᠋ᠢᠨ ᠨᠢᠭᠡ ᠶᠤᠮ᠃ᠰᠢᠯᠤᠭᠤᠨ ᠬᠥᠬᠡ ᠬᠤᠰᠢᠭᠤᠨ ᠳ᠋ᠤ᠌ ᠲᠠᠷᠬᠠᠵᠤ ᠪᠠᠢᠭ᠎ᠠ 20ᠭᠠᠷᠤᠢ ᠴᠢᠯᠠᠭᠤᠨ ᠬᠥᠮᠦᠨ ᠨᠢ ᠡᠷᠲᠡᠨ ᠦ᠌ ᠨᠡᠭᠦᠳᠡᠯᠴᠢᠨ ᠦᠨᠳᠦᠰᠦᠲᠡᠨ ᠦ᠌ ᠬᠡᠳᠦᠨ ᠮᠢᠩᠭᠠᠨ ᠵᠢᠯ ᠦ᠋ᠨ ᠲᠤᠷᠰᠢᠬᠢ ᠣᠯᠠᠨ ᠦᠶ᠎ᠡ ᠶ᠋ᠢᠨ ᠰᠣᠶᠣᠯ ᠤᠷᠠᠯᠢᠭ᠂ᠵᠠᠩ ᠦᠢᠯᠡ᠂ᠱᠠᠰᠢᠨ ᠰᠢᠲᠦᠯᠭᠡ᠂ᠬᠤᠪᠴᠠᠰᠤ ᠵᠠᠰᠠᠯ᠂ᠳᠤᠷ᠎ᠠ ᠰᠣᠨᠢᠷᠬᠠᠯ ᠢ᠋ ᠳᠤᠰᠬᠠᠭᠰᠠᠨ ᠦᠨᠡᠲᠦ ᠴᠢᠬᠤᠯᠠ ᠡᠷᠳᠡᠨᠢ ᠪᠣᠯᠬᠤ ᠶᠤᠮ᠃ᠲᠡᠷᠡ ᠨᠢ ᠡᠷᠲᠡᠨ ᠦ᠌ ᠬᠦᠮᠦᠳ᠂ᠲᠦᠷᠭᠦᠳ ᠵᠢᠴᠢ ᠶᠤᠸᠠᠨ ᠭᠦᠷᠦᠨ ᠦ᠌ ᠬᠡᠴᠢᠨᠡᠨ ᠦᠶ᠎ᠡ ᠶ᠋ᠢᠨ ᠴᠢᠯᠠᠭᠤᠨ ᠬᠥᠮᠦᠨ ᠶᠤᠮ᠃ᠲᠡᠭᠦᠨ ᠊ᠢ ᠬᠠᠢᠷᠠᠯᠠᠨ ᠬᠠᠮᠠᠭᠠᠯᠠᠬᠤ᠂ᠨᠢᠭᠲᠠᠯᠠᠨ ᠰᠤᠳᠤᠯᠬᠤ ᠶᠡᠬᠡ ᠰᠡᠳᠦᠪ ᠮᠠᠨ ᠤ᠋ ᠡᠮᠦᠨ᠎ᠡ ᠲᠠᠯᠪᠢᠭᠳᠠᠵᠤ ᠪᠠᠢᠨ᠎ᠠ᠃ᠵᠥᠪᠬᠡᠨ ᠶᠤᠸᠠᠨ ᠤᠯᠤᠰ ᠤ᠋ᠨ ᠬᠠᠭᠠᠨ ᠤᠭᠰᠠᠭᠠᠨ ᠤ᠋ ᠳᠡᠭᠡᠳᠦᠰ ᠦ᠋ᠨ ᠲᠠᠬᠢᠯᠭ᠎ᠠ ᠶ᠋ᠢᠨ ᠭᠠᠵᠠᠷ ᠯᠠ ᠭᠡᠵᠦ ᠬᠡᠯᠡᠭᠡᠳ ᠪᠣᠯᠬᠤ ᠶᠤᠮ ᠪᠢᠰᠢ ᠠ᠋᠃
ᠴᠤᠯᠴᠠᠩ ᠴᠠᠢᠵᠠ
ᠲᠡᠷᠢᠭᠦᠨ ᠡᠷᠭᠦᠨ ᠪᠠᠷᠠᠯᠠᠬᠤᠶ᠎ᠠ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠪᠠᠯᠭᠠᠳ ᠤ᠋ᠨ ᠡᠷᠭᠢᠨ ᠲᠣᠭᠣᠷᠢᠨ ᠤ᠋ ᠠᠭᠤᠯᠠᠰ ᠤ᠋ᠨ ᠣᠷᠣᠢ ᠳᠡᠭᠡᠷ᠎ᠡ《ᠣᠪᠣᠭ᠎ᠠ》ᠴᠢᠯᠠᠭᠤ ᠣᠯᠠᠨ ᠬᠠᠷᠠᠭᠳᠠᠬᠤ ᠪᠤᠶᠤ᠃ᠭᠠᠷᠴᠤ ᠦᠵᠡᠪᠡᠯ ᠰᠢᠲᠦᠭᠡᠨ ᠲᠠᠬᠢᠯᠭ᠎ᠠ ᠶ᠋ᠢᠨ ᠣᠪᠣᠭ᠎ᠠ ᠪᠤᠰᠤ᠂ᠬᠠᠷᠢᠨ ᠬᠠᠷᠠᠭᠤᠯ ᠤ᠋ᠨ ᠴᠤᠯᠴᠠᠩ ᠴᠠᠢᠵᠠ᠂ᠳᠣᠬᠢᠶᠠᠨ ᠴᠢᠨᠣᠨᠴᠢᠷ ᠤ᠋ᠨ ᠬᠠᠭᠤᠴᠢ ᠪᠠᠭᠤᠷᠢ ᠠᠷᠪᠢᠨ ᠪᠠᠢᠭᠰᠠᠨ ᠠᠵᠢ᠃
ᠪᠠᠭ᠎ᠠ ᠬᠤᠷᠠᠬᠤ ᠶ᠋ᠢᠨ ᠠᠭᠤᠯᠠᠨ ᠨᠢᠷᠤᠭᠤᠨ ᠤ᠋ ᠨᠣᠶᠠᠨ ᠣᠷᠭᠢᠯ ᠱᠣᠷᠣᠩ ᠠᠭᠤᠯᠠ ᠲᠠᠢ ᠵᠡᠭᠦᠨᠰᠢ ᠵᠠᠯᠭᠠᠯᠳᠤᠭᠰᠠᠨ ᠴᠤᠯᠴᠠᠩ ᠴᠠᠢᠵᠠ ᠠᠭᠤᠯᠠ ᠪᠣᠯ ᠲᠡᠭᠦᠨ ᠦ᠌ ᠳᠣᠲᠣᠷᠠᠬᠢ ᠨᠢᠭᠡ ᠨᠢ ᠪᠣᠯᠤᠨ᠎ᠠ᠃ᠡᠨᠡ ᠬᠦ᠌ ᠳᠠᠯᠠᠢ ᠶ᠋ᠢᠨ ᠲᠦᠪᠰᠢᠨ ᠡᠴᠡ ᠳᠡᠭᠡᠭᠰᠢ 1542 ᠮᠧᠲ᠋ᠷ ᠥᠨᠳᠥᠷ ᠡᠷᠭᠦᠭᠳᠡᠭᠰᠡᠨ ᠠᠭᠤᠯᠠᠨ ᠣᠷᠣᠢ ᠳᠡᠭᠡᠷ᠎ᠡ 3 ᠠ᠋ᠴᠠ 5 ᠵᠠᠩ ᠪᠠᠢᠰᠢᠩ ᠪᠠᠷᠢᠯᠭ᠎ᠠ ᠶ᠋ᠢᠨ ᠪᠠᠭᠤᠷᠢ ᠪᠣᠢ᠃ᠭᠣᠣᠯ ᠨᠢ ᠨᠡᠢᠰᠯᠡᠯ ᠦ᠋ᠨ ᠰᠠᠬᠢᠭᠤᠯ ᠴᠡᠷᠢᠭ ᠰᠠᠭᠤᠷᠢᠰᠢᠭᠰᠠᠨ ᠬᠠᠷᠠᠭᠤᠯ ᠤ᠋ᠨ ᠴᠤᠯᠴᠠᠩ ᠴᠠᠢᠵᠠ ᠪᠠᠢᠵᠠᠢ᠃
ᠴᠢᠨᠣᠨᠴᠢᠷ
ᠱᠠᠩᠳᠤ ᠬᠣᠲᠠ ᠶ᠋ᠢᠨ ᠣᠷᠴᠢᠨ ᠲᠣᠭᠣᠷᠢᠨ ᠠ᠋ᠴᠠ ᠠᠯᠤᠰ ᠬᠣᠯᠠ ᠬᠦᠷᠲᠡᠯ᠎ᠡ ᠪᠠᠷ᠎ᠠ ᠪᠠᠷ᠎ᠠ ᠪᠠᠨ ᠬᠠᠷᠠᠭᠰᠠᠨ ᠠᠭᠤᠯᠠᠰ ᠤ᠋ᠨ ᠣᠷᠣᠢ ᠪᠠᠷ ᠲᠦᠩᠬᠦᠢᠨ ᠬᠠᠷᠠᠭᠳᠠᠭ᠎ᠠ ᠤᠪᠤᠭᠠᠳ ᠤ᠋ᠨ ᠨᠢᠭᠡ ᠬᠡᠰᠡᠭ ᠨᠢ ᠶᠤᠸᠠᠨ ᠤᠯᠤᠰ ᠤ᠋ᠨ ᠦᠶ᠎ᠡ ᠶ᠋ᠢᠨ ᠴᠡᠷᠢᠭ ᠦ᠋ᠨ ᠳᠣᠬᠢᠶ᠎ᠠ ᠲᠠᠯᠪᠢᠳᠠᠭ ᠴᠢᠨᠣᠨᠴᠢᠷ ᠪᠢᠯᠡ᠃ᠲᠤᠬᠠᠢ ᠶ᠋ᠢᠨ ᠦᠶᠡᠰ ᠳᠡᠭᠡᠳᠦ ᠨᠡᠢᠰᠯᠡᠯ ᠱᠠᠩᠳᠤ ᠠ᠋ᠴᠠ ᠶᠡᠬᠡ ᠨᠡᠢᠰᠯᠡᠯ ᠳᠠᠢᠳᠤ ᠪᠡᠭᠡᠵᠢᠩ ᠬᠦᠷᠲᠡᠯ᠎ᠡ 40ᠭᠠᠵᠠᠷ ᠠᠯᠤᠰᠯᠠᠬᠤ ᠪᠦᠷᠢ ᠨᠢᠭᠡ ᠴᠢᠨᠣᠨᠴᠢᠷ ᠪᠣᠰᠬᠠᠭᠰᠠᠨ ᠪᠠᠢᠵᠠᠢ᠃ᠳᠣᠲᠣᠭᠠᠳᠤ ᠭᠠᠳᠠᠭᠠᠳᠤ ᠶ᠋ᠢᠨ ᠳᠠᠢᠰᠤᠨ ᠳᠣᠪᠲᠣᠯᠤᠭᠰᠠᠨ ᠪᠠᠴᠢᠮ ᠪᠠᠢᠳᠠᠯ ᠲᠤᠯᠭᠠᠷᠠᠵᠤ ᠭᠡᠨᠡᠳᠲᠡ ᠶ᠋ᠢᠨ ᠳᠠᠭᠠᠷᠢᠯᠲᠠ ᠳ᠋ᠤ᠌ ᠤᠴᠠᠷᠠᠪᠠᠯ ᠳᠠᠷᠤᠢᠬᠠᠨ ᠴᠢᠨᠣᠨᠴᠢᠷ ᠲᠠᠭᠠᠨ ᠤᠲᠤᠭ᠎ᠠ ᠲᠠᠯᠪᠢᠨ ᠳᠠᠮ ᠳᠠᠮ ᠳᠣᠬᠢᠶ᠎ᠠ ᠥᠭᠴᠦ ᠬᠡᠳᠦᠬᠡᠨ ᠮᠥᠴᠡ ᠶ᠋ᠢᠨ ᠬᠣᠭᠣᠷᠣᠨᠳᠣ ᠬᠡᠳᠦᠨ ᠵᠠᠭᠤ ᠮᠢᠩᠭᠠᠨ ᠤ᠋ ᠭᠠᠵᠠᠷ ᠲᠤ᠌ ᠴᠢᠮᠡᠭᠡ ᠳᠠᠮᠵᠢᠭᠤᠯᠵᠤ ᠠᠮᠵᠢᠳᠠᠭ ᠪᠠᠢᠵᠠᠢ᠃
ᠨᠢᠭᠡᠨ ᠤᠳᠠᠭ᠎ᠠ᠂ᠬᠤᠪᠢᠯᠠᠢ ᠶ᠋ᠢᠨ ᠵᠠᠩᠵᠤᠨ ᠴᠠᠭᠠᠨᠲᠡᠮᠣᠷ᠂ᠴᠡᠷᠢᠭ ᠦ᠋ᠨ ᠰᠣᠷᠢᠯᠲᠠ ᠬᠢᠵᠦ ᠬᠡᠰᠢᠭᠲᠡᠨ ᠴᠡᠷᠢᠭ ᠦ᠋ᠨ ᠲᠡᠢᠨ ᠦ᠌ ᠪᠡᠯᠡᠳᠬᠡᠯ ᠪᠠ ᠰᠣᠨᠣᠷ ᠰᠡᠷᠡᠮᠵᠢ ᠶ᠋ᠢ ᠣᠢᠯᠠᠭᠠᠨ ᠮᠡᠳᠡᠬᠦ ᠶ᠋ᠢᠨ ᠲᠤᠰᠠᠳᠠ ᠴᠢᠨᠣᠨᠴᠢᠷ ᠲᠠᠭᠠᠨ ᠭᠡᠨᠡᠳᠲᠡ ᠤᠲᠤᠭ᠎ᠠ ᠲᠠᠯᠪᠢᠪᠠ᠃
ᠬᠣᠷᠣᠮᠬᠠᠨ ᠵᠠᠭᠤᠷ᠎ᠠ ᠶ᠋ᠢᠨ ᠬᠣᠭᠣᠷᠣᠨᠳᠣ ᠬᠣᠯᠠ ᠣᠢᠷ᠎ᠠ ᠶ᠋ᠢᠨ ᠠᠭᠤᠯᠠᠨ ᠣᠷᠣᠢ ᠠ᠋ᠴᠠ ᠴᠠᠭᠠᠨ ᠤᠲᠤᠭ᠎ᠠ ᠠᠰ ᠪᠣᠰᠤᠨ ᠰᠤᠭᠤᠨᠠᠭᠯᠠᠵᠤ ᠴᠤᠯᠴᠠᠩ ᠴᠠᠢᠵᠠ᠂ᠴᠡᠷᠢᠭ ᠦ᠋ᠨ ᠬᠤᠸᠠᠷᠠᠨ ᠳ᠋ᠤ᠌ ᠬᠦᠯᠦᠭ ᠮᠣᠷᠢᠳ ᠢᠨᠴᠠᠭᠠᠨ᠂ᠵᠢᠳᠠ ᠰᠡᠯᠡᠮ᠎ᠡ ᠭᠢᠯᠠᠯᠵᠠᠵᠤ ᠠᠷᠪᠠᠨ ᠲᠦᠮᠡᠨ ᠴᠡᠷᠢᠭ ᠭᠱᠠᠨ ᠵᠠᠭᠤᠷ᠎ᠠ ᠬᠤᠷᠠᠨ ᠴᠤᠭᠯᠠᠷᠠᠪᠠᠢ᠃ᠴᠢᠨᠣᠨᠴᠢᠷ ᠤ᠋ᠨ ᠳᠣᠬᠢᠶ᠎ᠠ ᠪᠠᠷ ᠱᠠᠩᠳᠤ ᠨᠡᠢᠰᠯᠡᠯ ᠦ᠋ᠨ ᠳᠣᠲᠣᠷ᠎ᠠ ᠭᠠᠳᠠᠨᠠᠬᠢ ᠬᠡᠪᠲᠡᠭᠦᠯ ᠪᠠ ᠰᠠᠬᠢᠭᠤᠯ ᠤ᠋ᠨ ᠵᠠᠩᠵᠤᠨ ᠴᠡᠷᠢᠭ ᠪᠡᠶ᠎ᠡ ᠬᠤᠶᠠᠭᠯᠠᠨ ᠮᠣᠷᠢ ᠡᠮᠡᠭᠡᠯᠯᠡᠵᠦ ᠳᠠᠢᠴᠢᠨ ᠪᠠᠢᠷᠢ ᠳ᠋ᠠᠭᠠᠨ ᠵᠢᠭᠰᠠᠭᠠᠳ ᠳᠠᠢᠨᠳᠤᠬᠤ ᠳ᠋ᠤ᠌ ᠪᠡᠯᠡᠬᠡᠨ ᠪᠣᠯᠤᠭᠰᠠᠨ ᠠᠵᠢ᠃
