ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ13-Юан улсын дээд нийслэл шант ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ13-Юан улсын дээд нийслэл шант

ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ13-Юан улсын дээд нийслэл шант

ᠠᠩᠭᠢᠯᠠᠯ:ᠲᠡᠦᠬᠡ ᠰᠣᠶᠣᠯ
2025-07-21

1847

ᠠᠷᠪᠠᠨ ᠭᠤᠷᠪᠠ ᠶᠡᠬᠡ ᠬᠡᠷᠡᠭ ᠦ᠋ᠨ ᠲᠡᠮᠳᠡᠭᠯᠡᠯ

1211 ᠣᠨ 
3 ᠳ᠋ᠤᠭᠠᠷ    ᠰᠠᠷ᠎ᠠ ᠶᠡᠬᠡ ᠮᠣᠩᠭᠣᠯ ᠤᠯᠤᠰ ᠤ᠋ᠨ ᠪᠣᠭᠳᠠ ᠡᠵᠡᠨ ᠴᠢᠩᠭᠢᠰ ᠬᠠᠭᠠᠨ᠂ᠴᠡᠷᠢᠭ ᠳᠠᠢᠴᠢᠯᠠᠨ ᠰᠠᠭᠠᠷᠢ ᠬᠡᠭᠡᠷ᠎ᠡ ᠡᠴᠡ ᠮᠣᠷᠳᠠᠵᠤ ᠥᠷᠭᠡᠨ ᠭᠣᠪᠢ ᠶ᠋ᠢ ᠲᠤᠭᠤᠯᠤᠨ ᠮᠤᠨᠠ ᠠᠭᠤᠯᠠ ᠶ᠋ᠢᠨ ᠠᠷᠤ ᠳ᠋ᠠᠬᠢ ᠣᠩᠭᠣᠳ ᠠᠢᠮᠠᠭ ᠲᠤ᠌ ᠢᠷᠡᠵᠦ ᠵᠤᠰᠠᠭᠠᠳ ᠵᠡᠭᠦᠨᠰᠢ ᠳᠠᠢᠯᠠᠬᠤ ᠠᠶᠠᠨ ᠲᠡᠢᠨ ᠦ᠌ ᠠᠩᠬᠠᠨ ᠤ᠋ ᠬᠠᠭᠤᠳᠠᠰᠤ ᠶ᠋ᠢ ᠰᠡᠬᠦᠪᠡ᠃
  7 ᠳ᠋ᠤᠭᠠᠷ   ᠰᠠᠷ᠎ᠠ ᠴᠢᠩᠭᠢᠰ ᠦ᠋ᠨ ᠶᠢᠰᠦᠨ ᠥᠷᠯᠥᠭ ᠵᠠᠩᠵᠤᠨ ᠤ᠋ ᠨᠢᠭᠡ ᠪᠣᠯᠬᠤ ᠪᠠᠰᠤᠳ ᠤ᠋ᠨ ᠵᠡᠪᠡ᠂ᠴᠡᠷᠢᠭ ᠤᠳᠤᠷᠢᠳᠤᠨ ᠤᠷᠤᠭᠰᠢᠯᠠᠵᠤ ᠲᠤᠯᠤᠨ ᠨᠤᠤᠷ ᠨᠤᠲᠤᠭ ᠠ᠋ᠴᠠ ᠡᠮᠦᠨᠡᠰᠢ ᠪᠠᠢᠭ᠎ᠠ ᠥᠱᠠᠪᠣᠤ᠂ᠦᠶᠤᠸᠠᠨᠶᠢᠩ ᠴᠠᠢᠵᠠ ᠶ᠋ᠢ ᠡᠵᠡᠯᠡᠨ ᠠᠪᠴᠤ ᠹᠦᠵᠧᠦ ᠶ᠋ᠢ ᠪᠦᠰᠡᠯᠡᠪᠡ᠃ᠹᠦᠵᠧᠦ ᠶ᠋ᠢᠨ ᠰᠠᠬᠢᠭᠤᠯ ᠵᠠᠩᠵᠤᠨ ᠴᠢᠶᠠᠨ ᠵᠢᠶᠠ ᠨᠦ᠂ᠬᠣᠲᠠ ᠴᠠᠢᠵᠠ ᠪᠠᠨ ᠣᠷᠬᠢᠨ᠂ ᠦᠨᠡᠭᠡᠨ ᠳᠠᠪᠠᠭ᠎ᠠ ᠥᠭᠡᠳᠡ ᠤᠬᠤᠷᠢᠵᠠᠢ᠃ᠮᠣᠩᠭᠣᠯ ᠴᠡᠷᠢᠭ ᠦᠨᠡᠭᠡᠨ ᠳᠠᠪᠠᠭ᠎ᠠ ᠪᠠᠷ ᠥᠩᠭᠡᠷᠡᠨ᠂ᠾᠦᠢ ᠾᠧ ᠪᠤᠤ ᠴᠠᠢᠵᠠ ᠳ᠋ᠤ᠌ ᠠᠯᠲᠠᠨ ᠤᠯᠤᠰ ᠤ᠋ᠨ ᠴᠡᠷᠢᠭ ᠢ᠋ ᠪᠤᠲᠠ ᠴᠣᠬᠢᠵᠤ ᠰᠢᠦᠸᠠᠨ ᠳᠧ ᠹᠦ ᠶ᠋ᠢ ᠡᠵᠡᠯᠡᠭᠡᠳ ᠴᠠᠪᠴᠢᠶᠠᠯ ᠪᠣᠭᠣᠮᠲᠠ ᠤᠷᠤᠭᠤ ᠴᠢᠭᠯᠡᠪᠡ᠃
  11 ᠳ᠋ᠦ᠍ᠭᠡᠷ   ᠰᠠᠷ᠎ᠠ ᠵᠡᠪᠡ ᠵᠠᠩᠵᠤᠨ ᠠᠯᠭᠢᠨᠴᠢᠯᠠᠨ ᠤᠷᠤᠭᠰᠢᠯᠠᠵᠤ ᠴᠠᠪᠴᠢᠶᠠᠯ ᠪᠣᠭᠣᠮᠲᠠ ᠶ᠋ᠢᠨ30ᠲᠦᠮᠡᠨ ᠴᠡᠷᠢᠭ ᠢ᠋ ᠤᠰᠠᠳᠬᠠᠨ᠂ᠠᠯᠲᠠᠨ ᠤᠯᠤᠰ ᠤ᠋ᠨ ᠳᠤᠮᠳᠠᠳᠤ ᠨᠡᠢᠰᠯᠡᠯ ᠵᠥᠩᠲᠦ ᠬᠣᠲᠠ ᠶ᠋ᠢ ᠬᠣᠲᠠ ᠬᠠᠳᠠ ᠬᠣᠶᠠᠷ ᠵᠠᠩᠵᠤᠨ ᠤ᠋ ᠤᠳᠤᠷᠢᠳᠤᠭᠰᠠᠨ ᠰᠢᠯᠢᠳᠡᠭ ᠴᠡᠷᠢᠭ ᠳᠠᠪᠬᠤᠷ ᠳᠠᠪᠬᠤᠷ ᠪᠦᠰᠡᠯᠡᠨ ᠠᠪᠴᠠᠢ᠃ᠴᠢᠩᠭᠢᠰ ᠬᠠᠭᠠᠨ ᠨᠠᠨᠺᠤᠤ ᠶ᠋ᠢᠨ ᠰᠢᠷ᠎ᠠ ᠳᠡᠭᠲᠡᠷ
ᠲᠦ᠍ ᠣᠷᠳᠣᠨ ᠪᠠᠭᠤᠪᠠ᠃

     1214 ᠣᠨ
      3—4 ᠳ᠋ᠦ᠍ᠭᠡᠷ   ᠰᠠᠷ᠎ᠠ ᠴᠢᠩᠭᠢᠰ ᠬᠠᠭᠠᠨ ᠤ᠋ ᠭᠤᠷᠪᠠᠨ ᠵᠠᠮ ᠤ᠋ᠨ ᠴᠡᠷᠢᠭ᠂ᠬᠠᠲᠤᠨ ᠭᠣᠣᠯ ᠠ᠋ᠴᠠ ᠤᠮᠠᠷᠠᠰᠢᠬᠢ100ᠰᠢᠬᠠᠮ ᠬᠣᠲᠠ ᠪᠠᠯᠭᠠᠳ ᠢ᠋ ᠡᠵᠡᠯᠡᠨ ᠡᠴᠦᠰ ᠲᠦ᠍ ᠳᠤᠮᠳᠠᠳᠤ ᠨᠡᠢᠰᠯᠡᠯ ᠵᠥᠩᠲᠦ ᠶ᠋ᠢ ᠪᠦᠰᠡᠯᠡᠨ ᠠᠪᠤᠪᠠ᠃ᠴᠢᠩᠭᠢᠰ ᠬᠠᠭᠠᠨ ᠠᠯᠲᠠᠨ ᠤᠯᠤᠰ ᠤ᠋ᠨ ᠡᠪᠰᠡᠬᠦ ᠭᠤᠶᠤᠴᠢᠯᠠᠯ ᠢ᠋ ᠬᠦᠯᠢᠶᠡᠨ᠂ᠶᠡᠬᠡ ᠬᠡᠮᠵᠢᠶᠡᠨ ᠦ᠌ ᠠᠯᠲᠠ ᠮᠥᠩᠭᠥ᠂ᠡᠳ᠋ ᠡᠷᠳᠡᠨᠢᠰ᠂ᠲᠣᠷᠭ᠎ᠠ ᠳᠤᠷᠳᠤᠩ ᠤ᠋ᠨ ᠪᠡᠯᠡᠭ ᠢ᠋ ᠠᠪᠴᠤ ᠳᠤᠮᠳᠠᠳᠤ ᠨᠡᠢᠰᠯᠡᠯ ᠵᠥᠩᠲᠦ ᠶ᠋ᠢᠨ ᠳᠡ ᠺᠧᠦ ᠳ᠋ᠦ᠍ ᠴᠡᠷᠢᠭ ᠢ᠋ᠶ᠋ᠡᠨ ᠴᠤᠭᠯᠠᠭᠤᠯᠤᠨ ᠮᠣᠷᠢᠨ ᠵᠢᠯᠣᠭᠣ ᠡᠷᠭᠢᠭᠦᠯᠵᠦ ᠮᠣᠩᠭᠣᠯ ᠨᠤᠲᠤᠭ ᠲᠠᠭᠠᠨ ᠪᠤᠴᠠᠵᠠᠢ᠃
       6 ᠳ᠋ᠤᠭᠠᠷ ᠰᠠᠷ᠎ᠠ      ᠴᠢᠩᠭᠢᠰ ᠬᠠᠭᠠᠨ ᠠᠯᠲᠠᠨ ᠤᠯᠤᠰ ᠤ᠋ᠨ ᠨᠡᠢᠰᠯᠡᠯ ᠢ᠋ᠶ᠋ᠡᠨ ᠡᠮᠦᠨᠡᠰᠢ ᠨᠠᠨᠵᠢᠩ ᠳ᠋ᠤ᠌ ᠨᠡᠭᠦᠯᠭᠡᠭᠰᠡᠨ ᠳ᠋ᠦ᠍ ᠬᠢᠯᠢᠩᠯᠡᠵᠦ᠄《ᠨᠢᠭᠡᠨᠲᠡ ᠡᠶᠡᠳᠡᠴᠢᠭᠡᠳ ᠪᠠᠰᠠ ᠡᠮᠦᠨᠡᠰᠢ ᠨᠡᠭᠦᠮᠦᠢ᠂ᠰᠡᠵᠢᠭ ᠠᠮᠤᠢ᠂ᠡᠶᠡᠳᠡᠬᠦ ᠪᠡᠷ ᠨᠠᠮᠠᠶ᠋ᠢ ᠬᠠᠭᠤᠷᠴᠤᠬᠤᠢ》 ᠭᠡᠮᠡᠨ ᠬᠣᠶᠠᠳᠠᠬᠢ ᠤᠳᠠᠭ᠎ᠠ ᠠᠯᠲᠠᠨ ᠤᠯᠤᠰ ᠢ᠋ ᠳᠠᠢᠯᠠᠪᠠ᠃ᠴᠢᠩᠭᠢᠰ ᠬᠠᠭᠠᠨ ᠬᠤᠸᠠᠨᠵᠸᠦ ᠪᠠᠯᠭᠠᠳ(ᠰᠢᠯᠤᠭᠤᠨ ᠬᠥᠬᠡ ᠬᠤᠰᠢᠭᠤᠨ ᠤ᠋ ᠲᠥᠪ ᠳᠤᠮᠳᠠᠬᠣᠲᠠ  ᠪᠠᠯᠭᠠᠰᠤ  ᠤ᠋  ᠠᠷᠤ  ᠳ᠋ᠤ᠌  ᠨᠢᠭᠡ ᠺᠢᠯᠣᠮᠧᠲ᠋ᠷ  ᠦ᠋ᠨ ᠵᠠᠢ ᠳ᠋ᠤ᠌ ᠪᠣᠢ) ᠳ᠋ᠤ᠌ ᠣᠷᠳᠣᠨ ᠪᠠᠭᠤᠭᠠᠳ  ᠰᠠᠯᠵᠢᠭᠤᠳ  
ᠣᠪᠣᠭᠲᠠᠨ ᠰᠠᠮᠤᠭ᠎ᠠ ᠪᠠᠭᠠᠲᠤᠷ ᠢ᠋ᠶ᠋ᠠᠷ ᠮᠣᠩᠭᠣᠯ ᠴᠡᠷᠢᠭ ᠢ᠋᠂ᠬᠢᠳᠠᠨ ᠣᠪᠣᠭᠲᠠᠨ ᠮᠢᠩᠭᠠᠨ ᠢ᠋ᠶ᠋ᠠᠷ  ᠵᠦᠷᠴᠢᠨ ᠴᠡᠷᠢᠭ ᠢ᠋ ᠳᠠᠢᠴᠢᠯᠠᠭᠤᠯᠤᠨ
50000 ᠶᠡᠬᠡ ᠴᠡᠷᠢᠭ ᠢ᠋ᠶ᠋ᠡᠷ ᠳᠤᠮᠳᠠᠳᠤ ᠨᠡᠢᠰᠯᠡᠯ ᠵᠥᠩᠲᠦ ᠶ᠋ᠢ ᠪᠦᠰᠡᠯᠡᠪᠡ᠃ᠴᠢᠩᠭᠢᠰ ᠬᠠᠭᠠᠨ ᠳᠤᠮᠳᠠᠳᠤ ᠨᠡᠢᠰᠯᠡᠯ ᠵᠥᠩᠲᠦ ᠶ᠋ᠢ ᠡᠵᠡᠯᠡᠭᠰᠡᠨ ᠦ᠌ ᠳᠠᠷᠠᠭ᠎ᠠ ᠮᠢᠩᠭᠠᠨ ᠢ᠋ ᠰᠠᠬᠢᠭᠴᠢ ᠨᠣᠶᠠᠨ ᠪᠠ ᠮᠣᠩᠭᠣᠯ ᠬᠢᠲᠠᠳ ᠴᠡᠷᠢᠭ ᠦ᠋ᠨ ᠶᠡᠷᠦᠩᠬᠡᠢ ᠵᠠᠬᠢᠷᠤᠭᠴᠢ ᠵᠠᠩᠵᠤᠨ ᠢ᠋ᠶ᠋ᠠᠷ ᠲᠣᠮᠢᠯᠠᠵᠠᠢ᠃
           1236 ᠣᠨ
        3 ᠳ᠋ᠤᠭᠠᠷ ᠰᠠᠷ᠎ᠠ   ᠲᠦᠮᠡᠨ ᠥᠯᠥᠭᠡᠢ(ᠲᠠᠪᠤᠨ ᠯᠠᠩ) ᠤ᠋ᠨ ᠬᠡᠮᠵᠢᠶᠡᠨ ᠦ᠌ ᠪᠠᠷᠯᠠᠭᠰᠠᠨ ᠵᠣᠭᠣᠰ ᠢ᠋ ᠮᠣᠩᠭᠣᠯ ᠳ᠋ᠤ᠌ ᠠᠩᠬ᠎ᠠ ᠲᠠᠷᠬᠠᠭᠠᠨ ᠬᠡᠷᠡᠭᠯᠡᠪᠡ᠃
           1251 ᠣᠨ(ᠮᠥᠩᠬᠡ ᠬᠠᠭᠠᠨ ᠤ᠋ ᠲᠡᠷᠢᠭᠦᠨ ᠣᠨ)
      ᠶᠡᠬᠡ ᠮᠣᠩᠭᠣᠯ ᠤᠯᠤᠰ ᠤ᠋ᠨ ᠮᠥᠩᠬᠡ ᠬᠠᠭᠠᠨ ᠬᠠᠭᠠᠨᠲᠤ ᠤᠯᠤᠰ ᠢ᠋ᠶ᠋ᠠᠨ ᠵᠡᠭᠦᠨ ᠪᠠᠷᠠᠭᠤᠨ ᠬᠣᠶᠠᠷ ᠭᠠᠷ ᠬᠤᠪᠢᠶᠠᠵᠤ᠂ᠳᠡᠭᠦᠦ ᠬᠤᠪᠢᠯᠠᠢ ᠳ᠋ᠠᠭᠠᠨ ᠵᠡᠭᠦᠨ ᠭᠠᠷ ᠤ᠋ᠨ ᠶᠡᠷᠦᠩᠬᠡᠢ ᠶᠡᠬᠡ ᠵᠠᠬᠢᠷᠤᠭᠴᠢ ᠨᠣᠶᠠᠨ ᠤ᠋ ᠲᠤᠰᠢᠶᠠᠯ ᠥᠭᠴᠦ ᠭᠣᠪᠢ ᠶ᠋ᠢᠨ ᠡᠮᠦᠨᠡᠬᠢ ᠭᠠᠵᠠᠷ ᠪᠠ ᠤᠮᠠᠷᠠᠲᠤ ᠬᠢᠲᠠᠳ ᠢ᠋ ᠪᠠᠭᠲᠠᠭᠠᠭᠰᠠᠨ ᠥᠷᠭᠡᠨ ᠠᠭᠤᠳᠠᠮ ᠣᠷᠣᠨ ᠤ᠋ ᠴᠡᠷᠢᠭ ᠠᠷᠠᠳ ᠢ᠋ ᠬᠠᠮᠢᠶᠠᠷᠤᠭᠤᠯᠵᠠᠢ᠃
ᠬᠤᠪᠢᠯᠠᠢ ᠨᠡᠭᠦᠳᠡᠯ ᠣᠷᠳᠣᠨ ᠢ᠋ᠶ᠋ᠠᠨ ᠰᠢᠷ᠎ᠠ ᠲᠠᠯ᠎ᠠ ᠳ᠋ᠤ᠌ ᠪᠠᠢᠭᠤᠯᠵᠤ ᠭᠣᠪᠢ ᠶ᠋ᠢᠨ ᠠᠷᠤ ᠡᠮᠦᠨ᠎ᠡ᠂ᠬᠡᠷᠡᠮ ᠦ᠋ᠨ ᠳᠣᠲᠣᠨ᠎ᠠ ᠭᠠᠳᠠᠨᠠᠬᠢ ᠶ᠋ᠢ ᠬᠣᠯᠪᠣᠭᠰᠠᠨ ᠴᠢᠬᠤᠯᠠ ᠠᠭᠤᠯᠵᠠᠭᠤᠷ ᠪᠣᠭᠣᠮᠲᠠ ᠳᠡᠭᠡᠷ᠎ᠡ ᠰᠠᠭᠤᠷᠢᠰᠢᠭᠰᠠᠨ ᠪᠢᠯᠡ᠃

              1253 ᠣᠨ
      12 ᠳ᠋ᠤᠭᠠᠷ ᠰᠠᠷ᠎ᠠ    ᠬᠤᠪᠢᠯᠠᠢ ᠡᠮᠦᠨᠡᠲᠦ ᠣᠷᠣᠨ ᠤ᠋ ᠳ᠋ᠠᠯᠢ ᠤᠯᠤᠰ ᠢ᠋ ᠲᠦᠪᠰᠢᠳᠬᠡᠭᠡᠳ ᠤᠷᠢᠶᠠᠩᠬᠠᠳᠠᠢ ᠵᠠᠩᠵᠤᠨ ᠢ᠋ ᠶᠦᠨᠨᠠᠨ ᠳ᠋ᠤ᠌ ᠦᠯᠡᠳᠡᠭᠡᠨ ᠰᠠᠬᠢᠭᠣᠯᠵᠣ ᠶᠡᠬᠡ ᠴᠡᠷᠢᠭ ᠢ᠋ᠶ᠋ᠡᠨ ᠠᠪᠴᠤ ᠰᠠᠭᠤᠷᠢᠰᠢᠯ ᠣᠷᠣᠨ ᠳ᠋ᠠᠭᠠᠨ ᠪᠤᠴᠠᠪᠠ᠃
               1256 ᠣᠨ
       ᠶᠡᠬᠡ ᠮᠣᠩᠭᠣᠯ ᠤᠯᠤᠰ ᠤ᠋ᠨ ᠮᠥᠩᠬᠡ ᠬᠠᠭᠠᠨ ᠳᠡᠭᠦᠦ ᠬᠤᠪᠢᠯᠠᠢ ᠳ᠋ᠠᠭᠠᠨ᠄《ᠬᠣᠲᠠ ᠪᠤᠰᠬᠠᠵᠤ ᠬᠤᠳᠠᠯᠳᠤᠭᠠᠨ ᠤ᠋ ᠭᠠᠵᠠᠷ ᠭᠠᠷᠭᠠᠨ᠂ᠣᠷᠳᠣᠨ ᠬᠠᠷᠰᠢ ᠴᠣᠭᠴᠠᠯᠠᠵᠤ ᠪᠠᠢᠭᠤᠯᠤᠭᠠᠳ ᠪᠦᠭᠦᠳᠡ ᠶ᠋ᠢᠨ ᠬᠤᠷᠠᠵᠤ ᠴᠤᠭᠯᠠᠷᠠᠬᠤ ᠭᠠᠵᠠᠷ ᠪᠤᠯᠭ᠎ᠠ》 ᠭᠡᠮᠡᠨ ᠵᠠᠷᠯᠢᠭ ᠪᠣᠯᠪᠠ᠃ᠬᠤᠪᠢᠯᠠᠢ ᠰᠢᠳᠠᠷ ᠯᠢᠦ ᠪᠢᠩ ᠵᠦᠩ ᠢ᠋ᠶ᠋ᠡᠷ ᠭᠠᠵᠠᠷ ᠰᠣᠩᠭᠣᠭᠤᠯᠤᠨ ᠬᠤᠸᠠᠨᠵᠸᠣ ᠪᠠᠯᠭᠠᠳ ᠤ᠋ᠨ ᠵᠡᠭᠦᠨ᠂ᠯᠤᠸᠠᠨ ᠾᠧ ᠤᠰᠤᠨ ᠤ᠋ ᠠᠷᠤ ᠳ᠋ᠠᠬᠢ ᠯᠤᠤ ᠶ᠋ᠢᠨ ᠳᠣᠪᠣᠴᠠᠭ ᠲᠤ᠌ ᠬᠣᠲᠠ ᠪᠠᠢᠭᠤᠯᠵᠤ ᠡᠬᠢᠯᠡᠪᠡ᠃ᠪᠠᠷᠢᠯᠭ᠎ᠠ ᠶ᠋ᠢ ᠠᠷᠢᠬᠪᠤᠬ᠎ᠡ
ᠵᠠᠬᠢᠷᠴᠤ ᠵᠠ ᠵᠢᠦᠢ ᠰᠢᠶᠠ᠂ᠰᠢᠶᠧ ᠵᠦᠩ ᠸᠧᠨ ᠬᠠᠷᠢᠭᠤᠴᠠᠵᠠᠢ᠃
6 ᠳ᠋ᠤᠭᠠᠷ ᠰᠠᠷ᠎ᠠ    ᠮᠥᠩᠬᠡ ᠬᠠᠭᠠᠨ ᠪᠡᠶ᠎ᠡ ᠪᠡᠷ ᠢ᠋ᠶ᠋ᠡᠨ ᠡᠮᠦᠨᠡᠲᠦ ᠰᠥᠩ ᠤᠯᠤᠰ ᠢ᠋ ᠳᠠᠢᠯᠠᠬᠤ ᠰᠢᠢᠳᠪᠦᠷᠢ ᠶ᠋ᠢ ᠶᠡᠬᠡ ᠬᠤᠷᠠᠯᠲᠠᠢ ᠪᠠᠷ ᠪᠠᠲᠤᠯᠠᠪᠠ᠃ᠲᠤᠬᠠᠢ ᠶ᠋ᠢᠨ ᠦᠶᠡᠰ ᠮᠣᠩᠭᠣᠯ ᠤᠯᠤᠰ ᠤ᠋ᠨ ᠴᠡᠷᠢᠭ ᠡᠮᠦᠨᠡᠲᠦ ᠰᠥᠩ ᠢ᠋ ᠡᠮᠦᠨ᠎ᠡ᠂ ᠬᠣᠢᠨ᠎ᠠ᠂ᠪᠠᠷᠠᠭᠤᠨ ᠭᠤᠷᠪᠠᠨ ᠲᠠᠯ᠎ᠠ ᠠ᠋ᠴᠠ ᠨᠢ ᠪᠦᠰᠡᠯᠡᠨ ᠠᠪᠴᠤ ᠠᠯᠤᠰ ᠳᠣᠷᠣᠨ᠎ᠠ ᠳ᠋ᠤ᠌ ᠳᠤᠲᠠᠭᠠᠬᠤ᠂ᠪᠠᠷᠠᠭᠤᠨᠰᠢ ᠰᠧᠴᠤᠸᠠᠨ ᠤ᠋ ᠪᠡᠷᠬᠡ ᠪᠠᠷᠲᠠᠭ᠎ᠠ ᠳ᠋ᠤ᠌ ᠰᠢᠷᠭᠤᠬᠤ ᠵᠠᠮ ᠢ᠋ ᠨᠢ ᠨᠢᠭᠡᠨᠲᠡ ᠲᠠᠰᠤᠯᠤᠭᠰᠠᠨ ᠶᠤᠮ᠃
               1260 ᠣᠨ( ᠵᠦᠩ ᠲᠦᠩ ᠦ᠋ᠨ ᠲᠡᠷᠢᠭᠦᠨ ᠣᠨ)
      3 ᠳ᠋ᠤᠭᠠᠷ ᠰᠠᠷ᠎ᠠ ᠶ᠋ᠢᠨ24   ᠬᠤᠪᠢᠯᠠᠢ ᠬᠡᠢᠪᠣᠩ ᠣᠷᠳᠣᠨ ᠳ᠋ᠠᠭᠠᠨ ᠪᠤᠴᠠᠨ ᠢᠷᠡᠪᠡ᠃ᠴᠢᠩ ᠸᠠᠩ ᠬᠠᠳᠠᠨ᠂ᠠᠶᠠᠴᠢ ᠨᠠᠷ ᠪᠠᠷᠠᠭᠤᠨ ᠵᠠᠮ ᠤ᠋ᠨ ᠸᠠᠩ ᠤ᠋ᠳ ᠢ᠋ ᠳᠠᠭᠠᠭᠤᠯᠤᠨ᠂ᠳᠠᠴᠠᠷ᠂ᠶᠢᠰᠦᠩᠭᠡ᠂ᠬᠤᠷᠬᠤᠷ᠂ᠵᠣᠲᠣ ᠨᠠᠷ ᠵᠡᠭᠦᠨ ᠵᠠᠮ ᠤ᠋ᠨ ᠸᠠᠩ ᠤ᠋ᠳ ᠢ᠋ ᠳᠠᠭᠠᠭᠤᠯᠤᠨ ᠢᠷᠡᠵᠦ ᠴᠤᠭᠯᠠᠷᠠᠨ᠂ᠣᠯᠠᠨ ᠰᠠᠢᠳ ᠲᠦᠰᠢᠮᠡᠳ ᠦ᠋ᠨ ᠬᠠᠮᠲᠤ ᠬᠤᠪᠢᠯᠠᠢ ᠳ᠋ᠤ᠌ ᠪᠠᠷᠠᠯᠠᠨ᠂ᠬᠠᠭᠠᠨ ᠰᠢᠷᠡᠭᠡᠨ ᠳ᠋ᠦ᠍ ᠵᠠᠯᠠᠪᠠ᠃ᠡᠵᠡᠨ ᠭᠤᠷᠪᠠᠨᠲᠠ ᠨᠠᠢᠷ ᠲᠠᠯᠪᠢᠭᠰᠠᠨ ᠪᠣᠯᠪᠠᠴᠤ ᠣᠯᠠᠨ ᠲᠦᠰᠢᠮᠡᠳ ᠰᠠᠢᠳ ᠴᠥᠬᠥᠷᠡᠯ ᠦᠭᠡᠢ ᠤᠷᠢᠭᠰᠠᠨ ᠢ᠋ᠶ᠋ᠠᠷ ᠴᠠᠭᠠᠭᠴᠢᠨ ᠲᠠᠤᠯᠠᠢ ᠡᠳᠦᠷ᠂ᠬᠤᠪᠢᠯᠠᠢ ᠬᠠᠭᠠᠨ ᠣᠷᠣ ᠰᠠᠭᠤᠵᠤ ᠳᠡᠯᠡᠬᠡᠢ ᠳ᠋ᠠᠬᠢᠨ᠎ᠠ ᠲᠤᠩᠬᠠᠭᠯᠠᠪᠠ᠃ᠲᠡᠷᠡ ᠵᠢᠯ ᠬᠤᠪᠢᠯᠠᠢ46
ᠨᠠᠰᠤᠨ ᠰᠡᠭᠦᠳᠡᠷ ᠲᠡᠢ᠃ᠴᠠᠭᠠᠨ ᠪᠡᠴᠢᠨ ᠵᠢᠯ ᠦ᠋ᠨ5 ᠳ᠋ᠤᠭᠠᠷ ᠰᠠᠷ᠎ᠠ ᠶ᠋ᠢᠨ19 ᠬᠤᠪᠢᠯᠠᠢ ᠬᠠᠭᠠᠨ ᠣᠨ ᠤ᠋ ᠴᠣᠯᠠ ᠪᠠᠨ ᠵᠦᠩ ᠲᠦᠩ ᠭᠡᠮᠡᠨ ᠨᠡᠷᠡᠢᠳᠴᠦ ᠲᠥᠪ ᠲᠦ᠍ ᠲᠥᠪᠯᠡᠷᠡᠭᠰᠡᠨ ᠵᠠᠰᠠᠭ ᠶᠠᠪᠤᠭᠤᠯᠪᠠ᠃ᠪᠠᠰᠠ ᠵᠦᠩ ᠲᠦᠩ ᠦ᠋ᠨ ᠴᠠᠭᠠᠰᠤᠨ ᠵᠣᠭᠣᠰ ᠢ ᠬᠡᠷᠡᠭᠯᠡᠬᠦ ᠪᠡᠷ ᠲᠣᠭᠲᠠᠭᠠᠵᠤ ᠮᠣᠩᠭᠣᠯ ᠬᠥᠮᠦᠨ ᠠᠩᠬ᠎ᠠ ᠤᠳᠠᠭ᠎ᠠ ᠳᠡᠯᠡᠬᠡᠢ ᠳ᠋ᠠᠬᠢᠨ ᠳ᠋ᠤ᠌ ᠴᠠᠭᠠᠰᠤᠨ ᠵᠣᠭᠣᠰ ᠲᠠᠷᠬᠠᠭᠠᠨ ᠵᠠᠷᠤᠵᠠᠢ᠃ᠲᠤᠬᠠᠢ ᠶ᠋ᠢᠨ ᠦᠶᠡᠰ2 ᠬᠡᠯᠬᠢᠶ᠎ᠡ ᠭᠠᠤᠯᠢᠨ ᠵᠣᠭᠣᠰ1ᠯᠠᠩ ᠮᠥᠩᠭᠥ ᠲᠡᠢ ᠲᠡᠩᠴᠡᠭᠦᠦ᠂15 ᠬᠡᠯᠬᠢᠶ᠎ᠡ ᠭᠠᠤᠯᠢᠨ ᠵᠣᠭᠣᠰ1ᠯᠠᠩ ᠠᠯᠲᠠ ᠲᠠᠢ ᠲᠡᠩᠴᠡᠭᠦᠦ ᠪᠠᠢᠵᠠᠢ᠃ᠶᠡᠬᠡ ᠶᠤᠸᠠᠨ ᠤᠯᠤᠰ ᠤ᠋ᠨ ᠴᠠᠭᠠᠰᠤᠨ ᠵᠣᠭᠣᠰ ᠨᠢ ᠲᠤᠬᠠᠢ ᠶ᠋ᠢᠨ ᠦᠶᠡᠰ ᠳᠡᠯᠡᠬᠡᠢ ᠳ᠋ᠠᠬᠢᠨ ᠳ᠋ᠤ᠌ ᠬᠠᠮᠤᠭ ᠤ᠋ᠨ ᠠᠩᠬᠠᠨ ᠤ᠋ ᠬᠠᠮᠤᠭ ᠤ᠋ᠨ ᠪᠦᠷᠢᠨ ᠪᠦᠲᠦᠨ ᠴᠠᠭᠠᠰᠤᠨ ᠵᠣᠭᠣᠰ ᠪᠣᠯᠤᠨ᠎ᠠ᠃
      6 ᠳ᠋ᠤᠭᠠᠷ ᠰᠠᠷ᠎ᠠ ᠶ᠋ᠢᠨ4      ᠬᠤᠪᠢᠯᠠᠢ ᠭᠡᠢᠪᠣᠩ ᠪᠠᠯᠭᠠᠳ ᠤ᠋ᠨ ᠣᠷᠳᠣᠨ ᠳ᠋ᠠᠭᠠᠨ ᠬᠠᠭᠠᠨ ᠣᠷᠣ ᠰᠠᠭᠤᠭᠰᠠᠨ ᠦᠪᠡᠳᠡᠭᠰᠢ ᠶᠡᠬᠡ ᠨᠠᠢᠷ ᠬᠢᠪᠡ᠃8 ᠡᠳᠦᠷ ᠦ᠋ᠨ ᠬᠤᠷᠢᠮ ᠲᠠᠯᠪᠢᠵᠤ᠂ᠰᠢᠨ᠎ᠡ ᠬᠠᠭᠠᠨ ᠠᠯᠲᠠ ᠮᠥᠩᠭᠥ᠂ᠲᠣᠷᠭ᠎ᠠ ᠳᠤᠷᠳᠤᠩ ᠢ᠋ ᠲᠡᠷᠭᠡ ᠲᠡᠷᠭᠡ ᠪᠡᠷ ᠠᠪᠴᠢᠷᠠᠨ ᠰᠠᠢᠳ ᠲᠦᠰᠢᠮᠡᠯ᠂ᠴᠡᠷᠢᠭ ᠵᠠᠩᠵᠤᠨ᠂ᠰᠠᠳᠤᠨ ᠲᠥᠷᠥᠯ᠂ᠬᠠᠲᠤᠳ ᠠᠪᠠᠬᠠᠢ ᠨᠠᠷ ᠲᠠᠭᠠᠨ ᠱᠠᠩᠨᠠᠪᠠ᠃
      12 ᠳ᠋ᠤᠭᠠᠷ ᠰᠠᠷ᠎ᠠ      ᠬᠤᠪᠢᠯᠠᠢ ᠬᠠᠭᠠᠨ ᠲᠥᠪᠡᠳ ᠦ᠋ᠨ ᠰᠠᠰᠬᠢᠶ᠎ᠠ ᠪᠦᠯᠦᠭ ᠦ᠋ᠨ ᠲᠠᠪᠤᠳᠤᠭᠠᠷ ᠪᠣᠭᠳᠠ ᠫᠠᠭᠪᠠ ᠯᠠᠮᠠ ᠶ᠋ᠢ ᠤᠯᠤᠰ ᠤ᠋ᠨ ᠪᠠᠭᠰᠢ ᠡᠷᠭᠦᠮᠵᠢᠯᠡᠨ ᠵᠠᠯᠠᠵᠤ ᠮᠣᠩᠭᠣᠯ ᠭᠦᠷᠦᠨ ᠦ᠌ ᠰᠢᠨ᠎ᠡ ᠦᠰᠦᠭ ᠵᠣᠬᠢᠶᠠᠯᠭᠠᠪᠠ᠃ᠬᠣᠵᠢᠮ ᠨᠢ ᠫᠠᠭᠪᠠ ᠦᠰᠦᠭ ᠭᠡᠮᠡᠨ ᠲᠡᠦᠬᠡᠨ᠎ᠡ ᠲᠡᠮᠳᠡᠭᠯᠡᠭᠳᠡᠭᠰᠡᠨ ᠪᠢᠯᠡ᠃
              1261 ᠣᠨ
       11 ᠳ᠋ᠦ᠍ᠭᠡᠷ ᠰᠠᠷ᠎ᠠ     ᠬᠤᠪᠢᠯᠠᠢ ᠬᠠᠭᠠᠨ ᠴᠡᠷᠢᠭ ᠦ᠋ᠨ ᠵᠤᠷᠭᠠᠨ ᠶᠠᠮᠤᠨ ᠤ᠋ ᠡᠷᠭᠢᠨ ᠰᠠᠢᠳ ᠲᠦᠭᠡᠨ ᠲᠡᠮᠦᠷ ᠢ᠋ᠶ᠋ᠡᠷ ᠴᠡᠷᠢᠭ ᠳᠠᠢᠴᠢᠯᠠᠭᠤᠯᠤᠨ ᠥᠭᠡᠳᠡᠢ ᠶ᠋ᠢᠨ ᠬᠥᠪᠡᠭᠦᠨ ᠮᠢᠶᠠᠯᠢᠲᠠ ᠶ᠋ᠢᠨ ᠬᠣᠢᠴᠢ ᠦᠶ᠎ᠡ ᠶᠠᠩ ᠵᠠᠢ ᠸᠠᠩ ᠠᠯᠣᠬᠣᠢ ᠲᠡᠮᠦᠷ  ᠢ ᠲᠣᠰᠴᠤ ᠪᠠᠢᠯᠳᠤᠭᠤᠯᠪᠠ᠃ᠲᠦᠭᠡᠨ ᠲᠡᠮᠦᠷ ᠢᠯᠠᠭᠳᠠᠵᠤ ᠭᠡᠢᠪᠣᠩ ᠪᠠᠯᠭᠠᠳ ᠲᠤ᠌ ᠳᠤᠲᠠᠭᠠᠨ ᠣᠷᠣᠵᠠᠢ᠃
        ᠵᠢᠯ ᠦ᠋ᠨ ᠡᠴᠦᠰ    ᠬᠤᠪᠢᠯᠠᠢ ᠠᠷᠢᠭᠪᠣᠬ᠎ᠠ ᠠᠬ᠎ᠠ ᠳᠡᠭᠦᠦ ᠬᠣᠶᠠᠭᠤᠯᠠ ᠭᠣᠪᠢ ᠴᠦᠯ ᠦ᠋ᠨ ᠬᠢᠵᠠᠭᠠᠷ ᠲᠤ᠌ ᠬᠤᠴᠠ ᠪᠣᠯᠳᠠᠭ ᠠᠭᠤᠯᠠᠰ ᠪᠠ ᠰᠢᠮᠣᠯᠲᠠᠢ ᠨᠠᠭᠤᠷ ᠣᠷᠴᠢᠮ ᠳ᠋ᠠᠬᠢ ᠠᠯᠴᠢᠶ᠎ᠠ ᠬᠣᠩᠬᠣᠷ ᠲᠤ᠌ ᠳᠠᠢᠯᠠᠯᠳᠤᠪᠠ᠃10ᠡᠳᠦᠷ ᠦ᠋ᠨ ᠳᠠᠷᠠᠭ᠎ᠠ ᠰᠢᠯᠬᠢᠯᠢᠭ ᠥᠨᠳᠥᠷ ᠦ᠋ᠨ ᠣᠷᠴᠢᠮ ᠰᠢᠨᠠᠭᠠᠨ ᠪᠠᠭᠣᠯ ᠤᠨ ᠠᠯᠲᠠ ᠭᠡᠳᠡᠭ ᠡᠯᠡᠰᠦᠲᠦ ᠪᠠᠯᠠᠷ ᠤ᠋ᠨ ᠨᠢᠭᠡ ᠥᠨᠴᠥᠭ ᠬᠢᠵᠠᠭᠠᠷ ᠢ᠋ᠶ᠋ᠠᠷ ᠬᠣᠶᠠᠳᠠᠬᠢ ᠤᠳᠠᠭᠠᠨ ᠤ᠋ ᠲᠡᠢᠨ ᠬᠢᠵᠡᠢ᠃ᠬᠤᠪᠢᠯᠠᠢ3 ᠵᠠᠮ ᠤ᠋ᠨ ᠶᠡᠬᠡ ᠴᠡᠷᠢᠭ ᠢ᠋ᠶ᠋ᠡᠨ30 ᠠᠩᠭᠢ ᠰᠠᠯᠭᠠᠵᠤ ᠳᠠᠢᠰᠤᠨ ᠤ᠋ ᠵᠢᠭᠰᠠᠭᠠᠯ ᠢ᠋ ᠪᠦᠰᠡᠯᠡᠪᠡ᠃ᠲᠡᠷᠡ4ᠵᠠᠭᠠᠨ ᠳ᠋ᠤ᠌ ᠠᠴᠢᠭᠰᠠᠨ ᠮᠣᠳᠣᠨ ᠠᠰᠠᠷ ᠳᠣᠲᠣᠷ᠎ᠠ ᠰᠠᠭᠤᠵᠤ ᠵᠠᠭᠠᠨ ᠳ᠋ᠠᠭᠠᠨ ᠠᠷᠠᠰᠤᠨ ᠬᠤᠶᠠᠭ ᠡᠮᠦᠰᠬᠡᠨ ᠳᠡᠭᠡᠭᠦᠷ ᠨᠢ ᠬᠡᠮᠡᠷᠯᠢᠭ ᠦ᠋ᠨ ᠳᠤᠬᠤᠰᠢ ᠲᠣᠬᠢᠷᠠᠭᠤᠯᠵᠤ ᠠᠰᠠᠷ ᠳᠡᠭᠡᠷ᠎ᠡ ᠨᠢ ᠬᠣᠯᠬᠣᠪᠴᠢ ᠨᠤᠮᠤ ᠪᠠᠷᠢᠭᠰᠠᠨ ᠬᠤᠷᠴᠠ ᠨᠤᠮᠤᠴᠢᠨ ᠢ᠋ ᠵᠢᠭᠰᠠᠭᠠᠨ ᠪᠠᠰᠠ ᠬᠠᠭᠠᠨ ᠤ᠋ ᠨᠠᠷᠠᠨ ᠰᠠᠷᠠᠨ ᠬᠢᠭᠢᠷᠢ ᠶ᠋ᠢ ᠥᠨᠳᠥᠷ ᠲᠦ᠍ ᠬᠡᠢᠰᠬᠡᠨ ᠮᠠᠨᠳᠤᠭᠤᠯᠤᠭᠰᠠᠨ ᠪᠠᠢᠪᠠ᠃ᠴᠡᠷᠢᠭ ᠦ᠋ᠨ ᠵᠢᠭᠰᠠᠭᠠᠯ ᠢ᠋ ᠵᠢᠭᠰᠠᠭᠠᠵᠤ ᠳᠠᠭᠤᠰᠤᠮᠠᠭᠴᠠ ᠶᠠᠩᠵᠤ ᠪᠦᠷᠢ ᠶ᠋ᠢᠨ ᠬᠥᠭᠵᠢᠮ ᠢ᠋ᠶ᠋ᠡᠷ ᠠᠶ᠎ᠠ ᠬᠥᠭᠵᠢᠮ ᠡᠭᠦᠰᠬᠡᠨ᠂ᠳᠠᠷᠠᠭ᠎ᠠ ᠪᠠᠷ ᠨᠢ ᠴᠡᠷᠢᠭ ᠦ᠋ᠨ ᠳᠠᠭᠤᠤ ᠳᠠᠭᠤᠯᠠᠵᠠᠭᠠᠯ᠎ᠠ᠃ᠲᠡᠭᠡᠭᠡᠳ ᠬᠡᠩᠭᠡᠷᠭᠡ ᠬᠠᠷᠠᠩᠭ᠎ᠠ ᠳᠡᠯᠡᠳᠴᠦ ᠪᠠᠢᠯᠳᠤᠭᠠᠨ ᠡᠬᠢᠯᠡᠭᠡᠳ ᠠᠭᠠᠳᠠᠷ ᠪᠣᠷᠣᠭᠠᠨ ᠠᠰᠬᠠᠬᠤ ᠮᠡᠲᠦ ᠨᠢᠭᠡᠨ ᠵᠡᠷᠭᠡ ᠰᠤᠮᠤ ᠬᠠᠷᠪᠤᠪᠠ᠃ᠬᠠᠷᠪᠤᠯᠭ᠎ᠠ ᠳᠠᠭᠤᠰᠤᠮᠠᠭᠴᠠ ᠢᠯᠳᠦ ᠵᠢᠳᠠ ᠪᠠ ᠮᠠᠨᠴᠤᠷᠭ᠎ᠠ ᠳᠠᠯᠠᠢᠭᠰᠠᠨ ᠪᠠᠢᠯᠳᠤᠭᠴᠢᠳ ᠰᠢᠷᠭᠤᠯᠠᠨ ᠳᠠᠭᠠᠷᠢᠵᠠᠢ᠃
1264 ᠣᠨ   
ᠬᠠᠭᠠᠨ ᠤ᠋ ᠣᠷᠳᠣᠨ ᠪᠣᠢ ᠲᠤᠯᠠ ᠬᠡᠢᠪᠣᠩ ᠣᠷᠳᠣᠨ ᠢ᠋ ᠳᠡᠭᠡᠳᠦ ᠨᠡᠢᠰᠯᠡᠯ ᠱᠠᠩᠳᠤ ᠭᠡᠮᠡᠨ ᠡᠷᠭᠦᠮᠵᠢᠯᠡᠵᠦ ᠣᠨ ᠤ᠋ ᠴᠣᠯᠠ ᠪᠠᠨ ᡁᠢ ᠶᠤᠸᠠᠨ ᠭᠡᠮᠡᠨ ᠬᠠᠯᠠᠪᠠᠢ᠃ᠡᠯ᠎ᠡ ᠠᠷᠠᠰᠤᠲᠠᠨ ᠶᠠᠰᠤᠲᠠᠨ ᠤ᠋ ᠦᠷ᠎ᠡ ᠬᠡᠦᠬᠡᠳ ᠪᠢᠴᠢᠭ ᠤᠩᠰᠢᠵᠤ ᠦᠰᠦᠭ ᠳᠠᠨᠢᠬᠰᠡᠳ 
ᠪᠣᠯᠪᠠᠰᠤ ᠲᠤᠰ ᠪᠡᠶ᠎ᠡ ᠶ᠋ᠢᠨ ᠡᠯ᠎ᠡ ᠵᠦᠢᠯ ᠦ᠋ᠨ ᠠᠯᠪᠠ ᠶ᠋ᠢ ᠬᠡᠯᠲᠦᠷᠢᠭᠦᠯᠦᠨ ᠬᠠᠰᠤᠬᠤ ᠪᠠᠷ ᠲᠣᠭᠲᠠᠭᠠᠨ ᠵᠠᠷᠯᠠᠭᠰᠠᠨ ᠠᠵᠢ᠃
     ᠬᠤᠪᠢᠯᠠᠢ ᠬᠠᠭᠠᠨ ᠶᠠᠨ ᠵᠢᠩ ᠢ᠋ ᠳᠠᠬᠢᠨ ᠵᠥᠩᠲᠦ ᠭᠡᠮᠡᠨ ᠨᠡᠷᠡᠢᠳᠵᠡᠢ᠃ᠠᠷᠢᠬᠪᠣᠬ᠎ᠠ ᠠᠷᠭ᠎ᠠ ᠪᠤᠰᠤ ᠪᠠᠢᠳᠠᠯ ᠳᠣᠣᠷ᠎ᠠ ᠳᠡᠭᠡᠳᠦ ᠨᠡᠢᠰᠯᠡᠯ ᠱᠠᠩᠳᠤ ᠳ᠋ᠤ᠌ ᠢᠷᠡᠵᠦ ᠬᠤᠪᠢᠯᠠᠢ ᠳ᠋ᠤ᠌ ᠪᠠᠭᠤᠨ ᠥᠭᠴᠡᠢ᠃ᠬᠤᠪᠢᠯᠠᠢ ᠳᠡᠭᠦᠦ ᠪᠡᠨ ᠠᠭᠤᠴᠢᠯᠠᠵᠤ ᠳᠠᠭᠠᠭᠰᠠᠳ ᠢ᠋ ᠨᠢ ᠴᠠᠭᠠᠵᠠᠯᠠᠪᠠ᠃
         ᠰᠣᠯᠣᠩᠭ᠎ᠠ ᠤᠯᠤᠰ ᠤ᠋ᠨ ᠸᠠᠩ ᠸᠠᠩᠵᠢ ᠵᠠᠷᠯᠢᠭ ᠢ᠋ᠶ᠋ᠠᠷ ᠳᠡᠭᠡᠳᠦ ᠨᠡᠢᠰᠯᠡᠯ ᠱᠠᠩᠳᠤ ᠳ᠋ᠤ᠌ ᠢᠷᠡᠵᠦ ᠬᠤᠪᠢᠯᠠᠢ ᠰᠡᠴᠡᠨ ᠬᠠᠭᠠᠨ ᠳ᠋ᠤ᠌ ᠪᠠᠷᠠᠯᠠᠪᠠ᠃
              1268 ᠣᠨ
ᠱᠠᠩᠳᠤ ᠴᠢᠯᠥᠭᠡ ᠶ᠋ᠢᠨ ᠶᠡᠷᠦᠩᠬᠡᠢ ᠵᠠᠬᠢᠷᠭ᠎ᠠ ᠶ᠋ᠢ ᠪᠠᠢᠭᠤᠯᠪᠠ᠃
1269 ᠣᠨ
ᠫᠠᠭᠪᠠ ᠯᠠᠮᠠ ᠶ᠋ᠢᠨ ᠵᠣᠬᠢᠶᠠᠭᠰᠠᠨ ᠮᠣᠩᠭᠣᠯ ᠰᠢᠨ᠎ᠡ ᠦᠰᠦᠭ(ᠳᠥᠷᠪᠡᠯᠵᠢᠨ ᠦᠰᠦᠭ) ᠢ᠋ ᠤᠯᠤᠰ ᠤ᠋ᠨ ᠦᠰᠦᠭ ᠪᠢᠴᠢᠭ ᠪᠣᠯᠭᠠᠨ ᠨᠡᠢᠲᠡᠯᠡᠵᠦ ᠵᠢᠩᠬᠢᠨᠢ ᠪᠡᠷ ᠬᠡᠷᠡᠭᠵᠢᠭᠦᠯᠪᠡ᠃ᠪᠠᠰᠠ ᠪᠦᠬᠦ ᠤᠯᠤᠰ ᠤ᠋ᠨ ᠡᠯ᠎ᠡ ᠮᠣᠵᠢ᠂ ᠴᠥᠯᠭᠡ ᠳ᠋ᠦ᠍ ᠪᠦᠷ ᠮᠣᠩᠭᠣᠯ ᠦᠰᠦᠭ ᠦ᠋ᠨ ᠰᠤᠷᠭᠠᠭᠤᠯᠢ ᠶ᠋ᠢ ᠪᠠᠢᠭᠤᠯᠵᠠᠢ᠃ᠮᠣᠩᠭᠣᠯ ᠰᠢᠨ᠎ᠡ ᠦᠰᠦᠭ ᠪᠠ ᠮᠣᠩᠭᠣᠯ ᠦᠰᠦᠭ ᠦ᠋ᠨ ᠰᠤᠷᠭᠠᠭᠤᠯᠢ ᠨᠢ ᠮᠣᠩᠭᠣᠯ ᠰᠣᠶᠣᠯ ᠤᠷᠠᠯᠢᠭ ᠤ᠋ᠨ ᠳᠡᠯᠭᠡᠷᠡᠭᠦᠯᠦᠯᠲᠡ ᠳ᠋ᠦ᠍ ᠯᠤᠲᠤ ᠶᠡᠬᠡ ᠦᠢᠯᠡᠳᠦᠯ ᠭᠠᠷᠭᠠᠵᠤ᠂ᠭᠠᠳᠠᠭᠠᠳᠤ ᠳᠣᠲᠣᠭᠠᠳᠤ ᠶ᠋ᠢᠨ ᠰᠣᠶᠣᠯ ᠤ᠋ᠨ ᠰᠣᠯᠢᠯᠴᠠᠭᠠᠨ ᠳ᠋ᠤ᠌ ᠳᠠᠪᠰᠢᠩᠭᠤᠢ ᠦᠢᠯᠡᠳᠦᠯ ᠦᠵᠡᠭᠦᠯᠦᠭᠰᠡᠨ ᠠᠵᠢ᠃
1271 ᠣᠨ( ᡁᠢ ᠶᠤᠸᠠᠨ ᠤ᠋ ᠨᠠᠢ᠍ᠮᠠᠳᠤᠭᠠᠷ ᠣᠨ)
ᠳᠡᠭᠡᠳᠦ ᠨᠡᠢᠰᠯᠡᠯ ᠱᠠᠩᠳᠤ ᠳ᠋ᠤ᠌ ᠣᠳᠣᠨ ᠣᠷᠣᠨ ᠤ᠋ ᠰᠤᠳᠤᠯᠤᠯ ᠤ᠋ᠨ ᠣᠷᠭᠢᠯ ᠪᠠᠢᠭᠤᠯᠬᠤ ᠬᠤᠪᠢᠯᠠᠢ ᠬᠠᠭᠠᠨ ᠤ᠋ ᠵᠠᠷᠯᠢᠭ ᠢ᠋ᠶ᠋ᠠᠷ《ᠤᠮᠠᠷᠠᠲᠤ ᠶ᠋ᠢᠨ ᠣᠳᠣᠨ ᠣᠷᠣᠨ ᠤ᠋ ᠰᠤᠳᠤᠯᠤᠯ ᠤ᠋ᠨ ᠣᠷᠭᠢᠯ》 ᠢ᠋ ᠱᠠᠩᠳᠤ ᠳ᠋ᠤ᠌ ᠪᠠᠢᠭᠤᠯᠤᠭᠠᠳ ᠵᠠᠮᠠᠯᠠ— ᠳ᠋ᠢᠨ ᠢ᠋ᠶ᠋ᠡᠷ ᠳᠠᠷᠤᠭᠠᠯᠠᠭᠤᠯᠪᠠ᠃
          ᠬᠤᠪᠢᠯᠠᠢ ᠬᠠᠭᠠᠨ ᠤᠯᠤᠰ ᠤ᠋ᠨ ᠴᠣᠯᠠ ᠪᠠᠨ ᠶᠤᠸᠠᠨ ᠭᠡᠮᠡᠨ ᠬᠠᠯᠠᠭᠰᠠᠨ ᠢ᠋ᠶ᠋ᠠᠷ ᠲᠡᠦᠬᠡᠨ ᠳᠡᠭᠡᠷ᠎ᠡ ᠶᠡᠬᠡ ᠶᠤᠸᠠᠨ ᠤᠯᠤᠰ ᠳᠠᠷᠤᠢ ᠲᠠᠢᠶᠤᠸᠠᠨ ᠤᠯᠤᠰ ᠭᠡᠵᠦ ᠠᠯᠳᠠᠷᠰᠢᠭᠰᠠᠨ ᠪᠢᠯᠡ᠃
              1272 ᠣᠨ
         ᠬᠤᠪᠢᠯᠠᠢ ᠬᠠᠭᠠᠨ ᠵᠠᠷᠯᠢᠭ ᠪᠠᠭᠤᠯᠭᠠᠵᠤ ᠳᠤᠮᠳᠠᠳᠤ ᠨᠡᠢᠰᠯᠡᠯ ᠵᠥᠩᠲᠦ ᠶ᠋ᠢ《ᠶᠡᠬᠡ ᠨᠡᠢᠰᠯᠡᠯ ᠳᠠᠢᠳᠤ》ᠭᠡᠮᠡᠨ ᠬᠠᠯᠠᠵᠤ᠂ᠬᠣᠶᠠᠷ ᠨᠡᠢᠰᠯᠡᠯ ᠦ᠋ᠨ ᠳᠦᠷᠢᠮ ᠢ᠋ ᠬᠡᠷᠡᠭᠵᠢᠭᠦᠯᠬᠦ ᠪᠡᠨ ᠠᠯᠪᠠᠨ ᠶᠣᠰᠣᠭᠠᠷ ᠨᠡᠢᠲᠡᠯᠡᠪᠡ᠃ᠮᠣᠩᠭᠣᠯ ᠤᠯᠤᠰ ᠤ᠋ᠨ ᠨᠡᠷ᠎ᠡ ᠪᠡᠨ《ᠶᠡᠬᠡ ᠶᠤᠸᠠᠨ ᠤᠯᠤᠰ》ᠭᠡᠮᠡᠨ ᠬᠠᠯᠠᠵᠤ᠂ᠬᠢᠲᠠᠳ ᠣᠷᠣᠨ ᠤ᠋ ᠳᠥᠷᠪᠡᠨ ᠬᠢᠵᠠᠭᠠᠷ ᠢ᠋ ᠲᠣᠭᠲᠠᠭᠠᠨ ᠨᠣᠶᠠᠷᠬᠠᠭᠰᠠᠨ ᠢ᠋ᠶ᠋ᠠᠨ ᠲᠤᠩᠬᠠᠭᠯᠠᠵᠠᠢ᠃
1273 ᠣᠨ
ᠶᠡᠬᠡ ᠶᠤᠸᠠᠨ ᠤᠯᠤᠰ ᠤ᠋ᠨ ᠲᠠᠷᠢᠶᠠᠯᠠᠩ ᠢ᠋ ᠬᠠᠮᠢᠶᠠᠷᠬᠤ ᠲᠣᠪᠴᠢᠶᠠᠨ ᠠ᠋ᠴᠠ《ᠲᠠᠷᠢᠶᠠᠯᠠᠩ ᠢᠯᠠᠮ᠎ᠠ ᠶ᠋ᠢᠨ ᠲᠣᠪᠬᠢᠮᠠᠯ》 ᠬᠡᠮᠡᠬᠦ ᠲᠠᠷᠢᠶᠠᠯᠠᠩ ᠤ᠋ᠨ ᠪᠢᠴᠢᠭ ᠢ᠋ ᠨᠠᠢᠷᠠᠭᠤᠯᠤᠨ ᠭᠠᠷᠭᠠᠵᠤ ᠲᠠᠷᠢᠶᠠᠴᠢᠳ ᠲᠤ᠌ ᠲᠦᠭᠡᠭᠡᠨ᠂ᠰᠢᠨᠵᠢᠯᠡᠬᠦ ᠤᠬᠠᠭᠠᠨᠴᠢ ᠪᠠᠷ ᠲᠠᠷᠢᠶᠠᠯᠠᠬᠤᠢ ᠶ᠋ᠢ ᠰᠤᠷᠲᠠᠯᠴᠢᠯᠠᠭᠰᠠᠨ ᠶᠤᠮ᠃ᠡᠨᠡ ᠪᠣᠯ ᠮᠠᠨ ᠤ᠋ ᠤᠯᠤᠰ ᠤ᠋ᠨ ᠲᠡᠦᠬᠡᠨ ᠳ᠋ᠡᠬᠢ ᠬᠠᠮᠤᠭ ᠡᠷᠲᠡ ᠨᠠᠢᠷᠠᠭᠤᠯᠤᠨ ᠲᠠᠷᠬᠠᠭᠠᠭᠰᠠᠨ ᠲᠠᠷᠢᠶᠠᠯᠠᠩ ᠤ᠋ᠨ ᠲᠤᠬᠠᠢ ᠪᠢᠴᠢᠭ ᠪᠣᠯᠤᠨ᠎ᠠ᠃ ᠲᠤᠰ ᠪᠢᠴᠢᠭ ᠨᠢ ᠦᠷ᠎ᠡ ᠰᠣᠩᠭᠣᠬᠤ᠂ ᠤᠯᠠᠷᠢᠯ ᠢ᠋ ᠠᠮᠵᠢᠬᠤ᠂ᠬᠥᠷᠥᠰᠥ ᠰᠢᠷᠣᠢ ᠶ᠋ᠢ ᠲᠣᠬᠢᠷᠠᠭᠤᠯᠬᠤ ᠠᠯᠢ ᠣᠯᠠᠨ ᠰᠢᠯᠢᠳᠡᠭ ᠠᠷᠭ᠎ᠠ ᠪᠠᠷᠢᠯ ᠢ᠋ ᠪᠢᠴᠢᠵᠦ ᠣᠷᠣᠭᠤᠯᠤᠭᠰᠠᠨ ᠪᠠᠢᠪᠠ᠃
    ᠬᠤᠪᠢᠯᠠᠢ ᠬᠠᠭᠠᠨ ᠵᠠᠷᠯᠢᠭ ᠪᠠᠭᠤᠯᠭᠠᠵᠤ ᠪᠢᠴᠢᠭ ᠦ᠋ᠨ ᠶᠠᠮᠤᠨ ᠢ᠋ ᠪᠠᠢᠭᠤᠯᠵᠤ ᠰᠢᠨᠵᠢᠯᠡᠬᠦ ᠤᠬᠠᠭᠠᠨ᠂ ᠰᠣᠶᠣᠯ ᠤ᠋ᠨ ᠡᠮᠬᠢᠳᠬᠡᠨ ᠰᠣᠳᠣᠯᠠᠬᠤ ᠠᠵᠢᠯ ᠢ᠋ ᠴᠢᠩᠭᠠᠳᠬᠠᠨ ᠵᠠᠮᠠᠯᠠ— ᠳ᠋ᠢᠨ ᠢ᠋ ᠳᠠᠷᠤᠭᠠᠴᠢ ᠪᠠᠷ ᠲᠣᠮᠢᠯᠠᠪᠠ᠃
         1275 ᠣᠨ
    ᠢᠲ᠋ᠠᠯᠢ ᠶ᠋ᠢᠨ ᠠᠯᠳᠠᠷᠲᠤ ᠵᠢᠭᠤᠯᠴᠢᠨ ᠮᠠᠷᠺᠣ ᠫᠣᠯᠣ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠬᠣᠲᠠ ᠳ᠋ᠤ᠌ ᠢᠷᠡᠵᠦ ᠬᠤᠪᠢᠯᠠᠢ ᠬᠠᠭᠠᠨ ᠳ᠋ᠤ᠌ ᠪᠠᠷᠠᠯᠠᠪᠠ᠃ᠲᠡᠷᠡ ᠬᠤᠪᠢᠯᠠᠢ ᠬᠠᠭᠠᠨ ᠤ᠋ ᠢᠲᠡᠭᠡᠯ ᠢ᠋ ᠭᠦᠨ ᠣᠯᠵᠤ ᠣᠷᠳᠣᠨ ᠳ᠋ᠤ᠌17 ᠵᠢᠯ ᠠᠯᠪᠠ ᠬᠠᠭᠠᠵᠤ ᠳᠤᠮᠳᠠᠳᠤ ᠤᠯᠤᠰ ᠤ᠋ᠨ ᠶᠡᠬᠡ ᠬᠠᠭᠠᠰ ᠢ᠋ ᠲᠣᠭᠣᠷᠢᠭᠰᠠᠨ ᠪᠢᠯᠡ᠃ᠤᠯᠤᠰ ᠲᠠᠭᠠᠨ ᠪᠤᠴᠠᠭᠰᠠᠨ ᠤ᠋ ᠰᠡᠭᠦᠯᠡᠷ《ᠮᠠᠷᠺᠣ ᠫᠣᠯᠣ ᠶ᠋ᠢᠨ ᠵᠢᠭᠤᠯᠴᠢᠯᠠᠯ ᠤ᠋ᠨ ᠲᠡᠮᠳᠡᠭᠯᠡᠯ》 ᠢ᠋ ᠪᠢᠴᠢᠭᠰᠡᠨ ᠢ᠋ᠶ᠋ᠡᠷ ᠳᠡᠯᠡᠬᠡᠢ ᠳ᠋ᠠᠬᠢᠨ᠎ᠠ ᠨᠡᠷ᠎ᠡ ᠠᠯᠳᠠᠷᠰᠢᠪᠠ᠃ᠮᠠᠷᠺᠣ ᠫᠣᠯᠣ ᠱᠠᠩᠳᠤ ᠨᠡᠢᠰᠯᠡᠯ ᠦ᠋ᠨ ᠲᠤᠬᠠᠢ ᠪᠢᠴᠢᠬᠦ ᠳ᠋ᠡᠭᠡᠨ᠄《ᠡᠨᠡ ᠬᠣᠲᠠ ᠶ᠋ᠢ ᠣᠳᠣ ᠶ᠋ᠢᠨ ᠬᠤᠪᠢᠯᠠᠢ ᠬᠠᠭᠠᠨ ᠪᠠᠢᠭᠤᠯᠤᠭᠰᠠᠨ ᠶᠤᠮ᠁ ᠭᠠᠨᠲᠢᠭ ᠴᠢᠯᠠᠭᠤ ᠬᠢᠭᠡᠳ ᠪᠤᠰᠤᠳ ᠴᠢᠯᠠᠭᠤᠯᠢᠭ ᠢ᠋ᠶ᠋ᠠᠷ ᠠᠰᠤᠷᠤ ᠲᠣᠮᠣ ᠣᠷᠳᠣᠨ ᠬᠠᠷᠰᠢ ᠶ᠋ᠢ ᠪᠠᠢᠭᠤᠯᠤᠭᠰᠠᠨ ᠶᠤᠮ᠃ ᠥᠷᠭᠥᠭᠡ ᠲᠠᠩᠬᠢᠮ ᠪᠦᠬᠦᠨ ᠢ᠋ ᠠᠯᠲᠠ ᠪᠠᠷ ᠰᠢᠷᠲᠡᠵᠦ ᠶᠠᠩᠵᠤ ᠪᠦᠷᠢ ᠶ᠋ᠢᠨ ᠠᠷᠢᠶᠠᠲᠠᠨ ᠵᠢᠭᠦᠷᠲᠡᠨ᠂ᠮᠣᠳᠣ ᠴᠡᠴᠡᠭ ᠢ᠋ ᠤᠷᠠᠯᠠᠨ ᠵᠢᠷᠤᠵᠤ ᠴᠢᠮᠡᠭᠯᠡᠭᠰᠡᠨ ᠪᠠᠢᠳᠠᠭ᠃ᠦᠨᠡᠬᠡᠷ ᠴᠦ᠍ ᠨᠢᠳᠦ ᠡᠷᠢᠶᠡᠯᠵᠡᠮ᠎ᠡ ᠭᠠᠢᠬᠠᠮᠰᠢᠭ ᠲᠠᠢ ᠰᠠᠢᠬᠠᠨ ᠤᠷᠠᠯᠠᠨ ᠴᠢᠮᠡᠭᠰᠡᠨ ᠠᠵᠢ᠃ᠡᠨᠡ ᠬᠦ᠌ ᠣᠷᠳᠣᠨ ᠬᠠᠷᠰᠢ ᠨᠢ ᠬᠣᠲᠠ ᠶ᠋ᠢᠨ ᠲᠥᠪ ᠲᠦ᠍ ᠪᠣᠢ᠃ᠭᠠᠳᠠᠭᠤᠷ ᠨᠢ ᠬᠣᠲᠠ ᠶ᠋ᠢᠨ ᠬᠡᠷᠡᠮ ᠬᠦᠷᠢᠶᠡᠯᠡᠵᠦ ᠨᠢᠭᠡ ᠲᠠᠯ᠎ᠠ ᠠ᠋ᠴᠠ ᠨᠥᠭᠦᠭᠡ ᠲᠠᠯ᠎ᠠ ᠬᠦᠷᠲᠡᠯ᠎ᠡ ᠲᠠᠲᠠᠬᠤ ᠳ᠋ᠠᠭᠠᠨ16 ᠮᠢᠯ ᠭᠠᠵᠠᠷ ᠠᠭᠤᠵᠢᠮ᠃ᠳᠣᠲᠣᠷ᠎ᠠ ᠨᠢ ᠣᠯᠠᠨ ᠠᠷᠪᠢᠨ ᠭᠣᠷᠣᠬ᠎ᠠ ᠪᠤᠯᠠᠭ ᠬᠤᠷᠴᠢᠭᠢᠨᠠᠨ ᠤᠷᠤᠰᠴᠤ ᠡᠪᠡᠰᠦ ᠪᠡᠯᠴᠢᠭᠡᠷ ᠰᠠᠬᠤᠯᠢᠭ᠃ᠣᠷᠳᠣᠨ ᠠ᠋ᠴᠠ ᠭᠠᠷᠬᠤ ᠦᠭᠡᠢ ᠪᠣᠯ ᠡᠨᠡ ᠴᠡᠴᠡᠷᠯᠢᠭ ᠲᠦ᠍ ᠣᠴᠢᠵᠤ ᠴᠢᠳᠠᠬᠤ ᠦᠭᠡᠢ᠃ᠡᠨᠡ ᠬᠣᠲᠠ ᠶ᠋ᠢᠨ ᠬᠡᠷᠡᠮ ᠳᠣᠲᠣᠷᠠᠬᠢ ᠴᠡᠴᠡᠷᠯᠢᠭ ᠦ᠋ᠨ ᠲᠥᠪ ᠲᠦ᠍ ᠪᠠᠰᠠ ᠨᠢᠭᠡᠨ ᠮᠠᠰᠢ ᠰᠠᠢᠬᠠᠨ ᠣᠢ ᠰᠢᠭᠤᠢ ᠪᠣᠢ᠃ᠶᠡᠬᠡ ᠬᠠᠭᠠᠨ ᠲᠡᠨᠳᠡ ᠥᠭᠡᠷ᠎ᠡ ᠨᠢᠭᠡᠨ ᠲᠣᠮᠣ ᠣᠷᠳᠣᠨ ᠢ᠋ ᠥᠪᠴᠢ ᠬᠤᠯᠤᠰᠤ ᠪᠠᠷ ᠪᠠᠷᠢᠭᠤᠯᠤᠭᠰᠠᠨ ᠶᠤᠮ᠃ᠮᠤᠬᠤᠯᠠᠭ ᠮᠠᠶᠢᠭ ᠤ᠋ᠨ ᠪᠠᠷᠢᠯᠭ᠎ᠠ᠂ᠭᠣᠶᠣᠮᠰᠣᠭ ᠰᠠᠢᠬᠠᠨ ᠵᠢᠷᠤᠵᠤ ᠪᠤᠳᠤᠭᠯᠠᠭᠰᠠᠨ ᠣᠯᠠᠨ ᠲᠤᠯᠭᠠᠭᠤᠷᠢ ᠲᠠᠢ᠃ᠲᠤᠯᠭᠠᠭᠤᠷᠢ ᠶ᠋ᠢᠨ ᠣᠷᠣᠢ ᠣᠷᠴᠢᠮ ᠯᠤᠤ ᠮᠠᠭᠰᠢᠵᠤ ᠰᠡᠭᠦᠯ ᠢ᠋ᠶ᠋ᠡᠷ ᠢ᠋ᠶ᠋ᠡᠨ ᠲᠤᠯᠭᠠᠭᠤᠷᠢ ᠶ᠋ᠢᠨ ᠪᠡᠶ᠎ᠡ ᠶ᠋ᠢ ᠮᠤᠰᠬᠢᠷᠠᠨ ᠣᠷᠢᠶᠠᠭᠠᠳ ᠬᠣᠶᠠᠷ ᠬᠥᠯ ᠢ᠋ᠶ᠋ᠡᠨ ᠵᠡᠭᠦᠨᠰᠢ ᠪᠠᠷᠠᠭᠤᠨᠰᠢ ᠰᠤᠩᠭᠠᠵᠤ ᠲᠣᠯᠣᠭᠠᠢ ᠪᠠᠷ ᠢ᠋ᠶ᠋ᠠᠨ ᠣᠷᠳᠣᠨ ᠤ᠋ ᠳᠡᠭᠡᠪᠦᠷ ᠢ᠋ ᠲᠤᠯᠤᠭᠰᠠᠨ ᠪᠠᠢᠳᠠᠭ᠃ᠣᠷᠳᠣᠨ ᠤ᠋ ᠳᠣᠲᠣᠭᠠᠳᠤ ᠶ᠋ᠢ ᠴᠥᠮ ᠠᠯᠲᠠ ᠪᠠᠷ ᠰᠢᠷᠳᠡᠵᠦ ᠲᠤᠢᠯ ᠤ᠋ᠨ ᠤᠷᠠᠨ ᠨᠠᠷᠢᠨ ᠢ᠋ᠶ᠋ᠠᠷ ᠠᠷᠢᠶᠠᠲᠠᠨ ᠵᠢᠭᠦᠷᠲᠡᠨ ᠢ᠋ ᠳᠦᠷᠰᠦᠯᠡᠨ ᠵᠢᠷᠤᠵᠤ ᠴᠢᠮᠡᠭᠯᠡᠭᠰᠡᠨ ᠪᠢᠯᠡ》 ᠭᠡᠵᠡᠢ᠃
        1276 ᠣᠨ
    ᠵᠤᠨ ᠤ᠋ ᠳᠤᠮᠳᠠᠳᠤ ᠰᠠᠷ᠎ᠠ ᠪᠠᠶᠠᠨ ᠴᠢᠩᠰᠠᠩ ᠰᠥᠩ ᠤᠯᠤᠰ ᠤ᠋ᠨ ᠬᠠᠭᠠᠨ ᠵᠣᠣ ᠰᠢ ᠶ᠋ᠢ ᠳᠠᠭᠠᠭᠤᠯᠤᠨ ᠢᠷᠡᠵᠦ ᠶᠤᠸᠠᠨ ᠤᠯᠤᠰ ᠲᠤ᠌ ᠪᠠᠭᠤᠵᠤ ᠥᠭᠪᠡ᠃ᠬᠤᠪᠢᠯᠠᠢ ᠰᠡᠴᠡᠨ ᠬᠠᠭᠠᠨ ᠱᠠᠩᠳᠤ ᠨᠡᠢᠰᠯᠡᠯ ᠦ᠋ᠨ ᠶᠡᠬᠡ ᠠᠮᠤᠭᠤᠯᠠᠩ ᠬᠠᠷᠰᠢ ᠳ᠋ᠤ᠌ ᠵᠣᠣ ᠰᠢ ᠬᠠᠭᠠᠨ ᠤ᠋ ᠮᠥᠷᠭᠥᠯ ᠢ ᠬᠦᠯᠢᠶᠡᠨ ᠠᠪᠴᠤ ᠶᠡᠬᠡ ᠬᠤᠷᠢᠮ ᠲᠠᠯᠪᠢᠨ ᠵᠣᠴᠢᠯᠠᠵᠤ ᠵᠣᠣ ᠰᠢ ᠶ᠋ᠢ ᠢᠩ ᠭᠦᠸᠧ ᠬᠦᠩ ᠡᠷᠭᠦᠮᠵᠢᠯᠡᠪᠡᠢ᠃ᠪᠠᠰᠠ ᠣᠷᠳᠣᠨ ᠬᠠᠷᠰᠢ ᠭᠡᠷ ᠬᠦᠷᠢᠶᠡᠯᠡᠩ ᠱᠠᠩᠨᠠᠪᠠ᠃
        1279 ᠣᠨ
    3 ᠳ᠋ᠤᠭᠠᠷ ᠰᠠᠷ᠎ᠠ ᠶ᠋ᠢᠨ19 ᠦ᠌ ᠡᠳᠦᠷ ᠶᠡᠬᠡ ᠶᠤᠸᠠᠨ ᠤᠯᠤᠰ ᠳᠥᠷᠪᠡᠨ ᠬᠢᠵᠠᠭᠠᠷ ᠢ᠋ ᠲᠣᠭᠲᠠᠭᠠᠨ ᠨᠢᠭᠡᠳᠬᠡᠪᠡ᠃
ᠶᠡᠬᠡ ᠶᠤᠸᠠᠨ ᠤᠯᠤᠰ ᠨᠢ ᠲᠡᠦᠬᠡᠨ ᠳ᠋ᠦ᠍ ᠤᠷᠢᠳᠤ ᠡᠮᠦᠨ᠎ᠡ ᠭᠠᠷᠤᠭᠠᠳᠤᠢ ᠥᠷᠭᠡᠨ ᠠᠭᠤᠳᠠᠮ ᠨᠤᠲᠤᠭ ᠳᠡᠪᠢᠰᠬᠡᠷ ᠲᠡᠢ᠂
ᠦᠢ ᠣᠯᠠᠨ ᠦᠨᠳᠦᠰᠦᠲᠡᠨ ᠤᠭᠰᠠᠭᠠᠲᠠᠨ ᠢ᠋ ᠨᠢᠭᠡᠨ ᠭᠡᠷ ᠪᠦᠯᠢ ᠳ᠋ᠦ᠍ ᠪᠠᠭᠲᠠᠭᠠᠭᠰᠠᠨ ᠶᠡᠬᠡ ᠤᠯᠤᠰ ᠢ᠋ ᠪᠦᠷᠢᠯᠳᠦᠭᠦᠯᠪᠡ᠃
ᠶᠡᠬᠡ ᠶᠤᠸᠠᠨ ᠤᠯᠤᠰ ᠤ᠋ᠨ ᠨᠤᠲᠤᠭ ᠳᠡᠪᠢᠰᠬᠡᠷ ᠨᠢ ᠣᠳᠣᠬᠢ ᠳᠤᠮᠳᠠᠳᠤ ᠤᠯᠤᠰ᠂ᠮᠣᠩᠭᠣᠯ ᠠᠷᠠᠳ ᠤᠯᠤᠰ ᠢ᠋ ᠬᠠᠮᠤᠷᠴᠤ ᠬᠣᠢᠰᠢ ᠰᠢᠪᠧᠷᠢᠶ᠎ᠡ᠂ᠡᠮᠦᠨᠡᠰᠢ ᠡᠮᠦᠨᠡᠲᠦ ᠳᠠᠯᠠᠢ᠂ᠪᠠᠷᠠᠭᠤᠨᠰᠢ ᠳᠤᠮᠳᠠᠳᠤ ᠠᠽᠢᠶ᠎ᠠ᠂ᠵᠡᠭᠦᠨᠰᠢ ᠰᠣᠯᠣᠩᠭᠣᠰ ᠢ᠋ ᠪᠠᠭᠲᠠᠭᠠᠵᠤ ᠸᠢᠶᠧᠲ᠋ᠨᠠᠮ᠂ᠪᠢᠷᠮᠠ᠂ᠰᠣᠯᠣᠩᠭᠣᠰ ᠵᠡᠷᠭᠡ ᠤᠯᠤᠰ ᠴᠤ᠌ ᠶᠤᠸᠠᠨ ᠤᠯᠤᠰ ᠤ᠋ᠨ ᠬᠠᠷᠢᠶᠠᠲᠤ ᠪᠣᠯᠪᠠ᠃ᠲᠥᠪᠡᠳ᠂
ᠲᠠᠢᠸᠠᠨ ᠣᠷᠣᠨ ᠨᠢ ᠶᠡᠬᠡ ᠶᠤᠸᠠᠨ ᠤᠯᠤᠰ ᠤ᠋ᠨ ᠦᠶ᠎ᠡ ᠡᠴᠡ ᠡᠬᠢᠯᠡᠨ ᠰᠠᠶᠢ ᠶᠡᠬᠡ ᠶᠤᠸᠠᠨ ᠤᠯᠤᠰ ᠤ᠋ᠨ ᠬᠠᠷᠢᠶᠠᠨ ᠳ᠋ᠤ᠌ ᠣᠷᠣᠵᠤ ᠰᠢᠭᠤᠳ ᠵᠠᠬᠢᠷᠤᠭᠳᠠᠭᠰᠠᠨ ᠶᠤᠮ᠃ᠲᠤᠬᠠᠢ ᠶ᠋ᠢᠨ ᠦᠶᠡᠰ ᠬᠤᠷᠢᠶᠠᠩᠭᠤᠢᠯᠠᠨ ᠳᠥᠷᠪᠡᠨ ᠬᠠᠷᠢ᠂ᠲᠠᠪᠤᠨ ᠥᠩᠭᠡ ᠭᠡᠳᠡᠭ᠃ᠥᠨᠥᠳᠥᠷ ᠦ᠋ᠨ ᠳᠤᠮᠳᠠᠳᠤ ᠤᠯᠤᠰ ᠤ᠋ᠨ ᠨᠤᠲᠤᠭ ᠳᠡᠪᠢᠰᠬᠡᠷ ᠦ᠋ᠨ ᠲᠦᠯᠦᠪᠰᠢᠷᠡᠯ ᠦ᠋ᠨ ᠰᠠᠭᠤᠷᠢ ᠶ᠋ᠢ ᠶᠡᠬᠡ ᠶᠤᠸᠠᠨ ᠤᠯᠤᠰ ᠤ᠋ᠨ ᠦᠶ᠎ᠡ ᠳ᠋ᠦ᠍ ᠯᠡ ᠲᠠᠯᠪᠢᠵᠤ ᠦᠭᠭᠦᠭᠰᠡᠨ ᠶᠤᠮ᠃
1280 ᠣᠨ
ᠶᠤᠸᠠᠨ ᠤᠯᠤᠰ ᠤ᠋ᠨ ᡁᠢ ᠶᠤᠸᠠᠨ ᠤ᠋ ᠠᠷᠪᠠᠨ ᠳᠣᠯᠣᠳᠤᠭᠠᠷ ᠣᠨ ᠤ᠋ ᠠᠷᠪᠠᠨ ᠬᠣᠶᠠᠷ ᠰᠠᠷ᠎ᠠ ᠶ᠋ᠢᠨ ᠠᠷᠪᠠ ᠶᠢᠰᠦᠨ ᠦ᠌ ᠡᠳᠦᠷ ᠶᠤᠸᠠᠨ ᠤᠯᠤᠰ ᠤ᠋ᠨ ᠰᠢᠽᠣ ᠬᠤᠪᠢᠯᠠᠢ ᠰᠡᠴᠡᠨ ᠬᠠᠭᠠᠨ ᠵᠠᠷᠯᠢᠭ ᠪᠠᠭᠤᠯᠭᠠᠵᠤ ᠳᠠᠷᠠᠭ᠎ᠠ ᠵᠢᠯ ᠡᠴᠡ ᠨᠢ ᠡᠬᠢᠯᠡᠨ ᠪᠦᠬᠦ ᠤᠯᠤᠰ ᠲᠤ᠌ ᠰᠢᠨ᠎ᠡ ᠣᠨ ᠲᠣᠭᠠᠯᠠᠯ ᠤ᠋ᠨ ᠠᠷᠭ᠎ᠠ ᠶ᠋ᠢᠨ《ᠴᠠᠭ ᠤᠯᠠᠷᠢᠯ ᠤ᠋ᠨ ᠪᠢᠴᠢᠭ》 ᠢ᠋ ᠬᠡᠷᠡᠭᠵᠢᠭᠦᠯᠬᠦ ᠪᠡᠷ ᠵᠠᠷᠯᠠᠪᠠ᠃
ᠶᠤᠸᠠᠨ ᠤᠯᠤᠰ ᠤ᠋ᠨ ᠦᠶ᠎ᠡ
ᠶᠡᠬᠡ ᠶᠤᠸᠠᠨ ᠤᠯᠤᠰ ᠤ᠋ᠨ ᠦᠶ᠎ᠡ ᠳ᠋ᠦ᠍ ᠲᠥᠪᠡᠳ ᠣᠷᠣᠨ ᠶᠤᠸᠠᠨ ᠤᠯᠤᠰ ᠤ᠋ᠨ ᠵᠠᠬᠢᠷᠭᠠᠨ ᠳ᠋ᠤ᠌ ᠬᠠᠷᠢᠶᠠᠯᠠᠭᠳᠠᠭᠰᠠᠨ ᠪᠥᠭᠡᠳ ᠬᠠᠲᠤᠨ ᠭᠣᠣᠯ ᠤ᠋ᠨ ᠡᠬᠢ ᠠᠪᠤᠭᠰᠠᠨ ᠭᠠᠵᠠᠷ ᠢ᠋ ᠬᠠᠢᠨ ᠪᠠᠢᠴᠠᠭᠠᠵᠤ ᠲᠣᠳᠣᠯᠠᠭᠰᠠᠨ ᠶᠤᠮ᠃ ᠳᠤᠮᠳᠠᠳᠤ ᠤᠯᠤᠰ ᠤ᠋ᠨ ᠲᠡᠦᠬᠡᠨ ᠳ᠋ᠦ᠍ ᠬᠠᠮᠤᠭ ᠲᠦᠷᠦᠭᠦᠦ ᠬᠠᠲᠤᠨ ᠭᠣᠣᠯ ᠤ᠋ᠨ ᠡᠬᠢ ᠶ᠋ᠢ ᠪᠠᠢᠴᠠᠭᠠᠨ ᠲᠣᠳᠣᠯᠠᠭᠰᠠᠨ ᠬᠥᠮᠦᠨ ᠪᠣᠯ ᠮᠣᠩᠭᠣᠯᠴᠤᠳ ᠪᠣᠯᠤᠨ᠎ᠠ᠃
                1289 ᠣᠨ
      7 ᠳ᠋ᠤᠭᠠᠷ ᠰᠠᠷ᠎ᠠ    ᠬᠤᠪᠢᠯᠠᠢ ᠰᠡᠴᠡᠨ ᠬᠠᠭᠠᠨ ᠳᠡᠭᠡᠳᠦ ᠨᠡᠢᠰᠯᠡᠯ ᠱᠠᠩᠳᠤ ᠪᠠᠯᠭᠠᠳ ᠠ᠋ᠴᠠ ᠪᠠᠷᠠᠭᠤᠨ ᠬᠢᠯᠢ ᠳ᠋ᠦ᠍ ᠮᠣᠷᠳᠠᠪᠠ᠃ᠬᠠᠢᠲᠤ ᠶ᠋ᠢᠨ ᠤᠷᠪᠠᠯᠭᠠᠨ ᠢ᠋ ᠲᠦᠪᠰᠢᠳᠬᠡᠵᠡᠢ᠃
                1290 ᠣᠨ
      ᠳᠡᠭᠡᠳᠦ ᠨᠡᠢᠰᠯᠡᠯ ᠱᠠᠩᠳᠤ ᠪᠠᠯᠭᠠᠳ ᠲᠤ᠌ ᠠᠷᠢᠬᠢ ᠨᠡᠷᠡᠬᠦ ᠶ᠋ᠢ ᠴᠢᠩᠭ᠎ᠠ ᠴᠠᠭᠠᠵᠠᠯᠠᠪᠠ᠃      
1292 ᠣᠨ
ᠳᠡᠭᠡᠳᠦ ᠨᠡᠢᠰᠯᠡᠯ ᠱᠠᠩᠳᠤ ᠪᠠᠯᠭᠠᠳ ᠲᠤ᠌ ᠬᠣᠲᠣᠩ ᠡᠮ ᠦ᠋ᠨ ᠬᠣᠷᠢᠶ᠎ᠠ ᠪᠠᠢᠭᠤᠯᠵᠤ ᠬᠣᠲᠣᠩ ᠡᠮ ᠡᠮᠨᠡᠯᠭᠡ ᠶ᠋ᠢᠨ ᠦᠢᠯᠡᠰ ᠢ᠋ ᠡᠷᠬᠢᠯᠡᠪᠡ᠃
                1294 ᠣᠨ
      ᠴᠠᠭᠠᠨ ᠰᠠᠷ᠎ᠠ ᠶ᠋ᠢᠨ22 ᠬᠤᠪᠢᠯᠠᠢ ᠰᠡᠴᠡᠨ ᠬᠠᠭᠠᠨ ᠲᠠᠢᠳᠤ ᠨᠡᠢᠰᠯᠡᠯ ᠳ᠋ᠦ᠍ ᠡᠪᠡᠳᠴᠢᠨ ᠢ᠋ᠶ᠋ᠡᠷ ᠲᠩᠷᠢ ᠳ᠋ᠦ᠍ ᠬᠠᠯᠢᠪᠠ᠃ ᠬᠤᠪᠢᠯᠠᠢ35ᠵᠢᠯ ᠲᠥᠷᠥ ᠪᠠᠷᠢᠵᠤ81 ᠨᠠᠰᠤᠨ ᠰᠡᠭᠦᠳᠡᠷ ᠲᠡᠢ ᠲᠠᠭᠠᠯᠠᠯ ᠲᠡᠭᠦᠰᠦᠭᠰᠡᠨ ᠠᠵᠢ᠃
      4 ᠳ᠋ᠦ᠍ᠭᠡᠷ ᠰᠠᠷ᠎ᠠ ᠶ᠋ᠢᠨ10   ᠳᠡᠭᠡᠳᠦ ᠨᠡᠢᠰᠯᠡᠯ ᠱᠠᠩᠳᠤ ᠪᠠᠯᠭᠠᠳ ᠲᠤ᠌ ᠬᠠᠭᠠᠨ ᠰᠣᠩᠭᠣᠬᠤ ᠶᠡᠬᠡ ᠬᠤᠷᠠᠯᠲᠠᠢ ᠪᠣᠯᠪᠠ᠃ᠪᠠᠶᠠᠨ ᠴᠢᠩᠰᠠᠩ ᠤ᠋ᠨ ᠳᠤᠷᠠᠳᠤᠯᠭ᠎ᠠ ᠪᠠᠷ ᠲᠡᠮᠦᠷ ᠬᠠᠭᠠᠨ ᠣᠷᠣ ᠰᠠᠭᠤᠵᠤ ᠶᠡᠬᠡ ᠠᠮᠤᠭᠤᠯᠠᠩ ᠬᠠᠷᠰᠢ ᠳ᠋ᠤ᠌ ᠳᠡᠭᠦᠦ ᠭᠠᠮᠠᠯᠠ ᠪᠣᠯᠤᠨ ᠪᠢᠴᠢᠭ ᠴᠡᠷᠢᠭ ᠦ᠋ᠨ ᠣᠯᠠᠨ ᠰᠠᠢᠳ ᠲᠦᠰᠢᠮᠡᠯ ᠦ᠋ᠨ ᠵᠣᠯᠭᠠᠯᠲᠠ ᠶᠣᠰᠣᠯᠠᠯ ᠢ᠋ ᠬᠦᠯᠢᠶᠡᠨ ᠠᠪᠤᠪᠠ᠃ ᠲᠡᠮᠦᠷ ᠥᠪᠡᠷ ᠢ᠋ ᠪᠡᠨ ᠥᠯᠵᠡᠢᠲᠦ ᠬᠠᠭᠠᠨ ᠴᠣᠯᠠᠯᠠᠵᠤ ᠴᠢᠩᠭᠢᠮ᠂ᠬᠤᠪᠢᠯᠠᠢ ᠬᠠᠭᠠᠨ᠂ᠴᠢᠮᠪᠠᠢ ᠬᠠᠲᠤᠨ ᠳ᠋ᠤ᠌ ᠳᠤᠷᠠᠰᠬᠠᠯ ᠤ᠋ᠨ ᠣᠷᠳᠣᠨ ᠪᠠᠢᠭᠤᠯᠵᠠᠢ᠃
               1298 ᠣᠨ( ᠳᠠ ᠳᠧ ᠶ᠋ᠢᠨ ᠬᠣᠶᠠᠳᠤᠭᠠᠷ ᠣᠨ)
       2 ᠳ᠋ᠤᠭᠠᠷ ᠰᠠᠷ᠎ᠠ    ᠳᠡᠭᠡᠳᠦ ᠨᠡᠢᠰᠯᠡᠯ ᠱᠠᠩᠳᠤ ᠪᠠᠯᠭᠠᠳ ᠤ᠋ᠨ ᠲᠢᠶᠧ ᠹᠠᠩ ᠭᠠᠩ ᠤᠰᠤᠨ ᠰᠤᠪᠠᠭ ᠢ᠋ ᠡᠷᠬᠢᠯᠡᠨ ᠮᠠᠯᠲᠠᠲᠤᠭᠠᠢ ᠭᠡᠮᠡᠨ ᠭᠦᠸᠧ ᠱᠧᠦ ᠵᠢᠩ ᠳ᠋ᠦ᠍ᠷ ᠵᠣᠣ ᠪᠢᠴᠢᠭ ᠪᠠᠭᠤᠯᠭᠠᠪᠠᠢ᠃
1303 ᠣᠨ
7 ᠳ᠋ᠤᠭᠠᠷ ᠰᠠᠷ᠎ᠠ    ᠬᠠᠢᠳᠣ ᠶ᠋ᠢᠨ ᠬᠥᠪᠡᠭᠦᠨ ᠴᠡᠪᠡᠷ ᠡᠯᠴᠢ ᠲᠣᠮᠢᠯᠠᠨ ᠳᠡᠭᠡᠳᠦ ᠨᠡᠢᠰᠯᠡᠯ ᠱᠠᠩᠳᠤ ᠳ᠋ᠤ᠌ ᠢᠷᠡᠭᠦᠯᠵᠦ ᠡᠪᠰᠡᠬᠦ ᠶ᠋ᠢ ᠭᠤᠶᠤᠴᠢᠯᠠᠪᠠ᠃
187
1304 ᠣᠨ
ᠬᠠᠪᠤᠷ ᠤ᠋ᠨ ᠲᠡᠷᠢᠭᠦᠨ ᠰᠠᠷ᠎ᠠ     ᠥᠯᠵᠡᠢᠲᠦ ᠬᠠᠭᠠᠨ ᠲᠡᠮᠦᠷ ᠵᠣᠣ ᠪᠢᠴᠢᠭ ᠪᠠᠭᠤᠯᠭᠠᠨ ᠥᠷᠥᠰᠢᠶᠡᠯ ᠦᠵᠡᠭᠦᠯᠵᠦ ᠱᠠᠩᠳᠤ ᠵᠡᠷᠭᠡ ᠴᠥᠯᠭᠡ ᠶ᠋ᠢᠨ ᠭᠠᠵᠠᠷ ᠬᠥᠳᠡᠯᠦᠯᠲᠡ ᠳ᠋ᠦ᠍ ᠭᠠᠮᠰᠢᠭᠳᠠᠭᠰᠠᠨ ᠡᠷᠦᠬᠡ ᠶ᠋ᠢᠨ2ᠵᠢᠯ ᠦ᠋ᠨ ᠠᠯᠪᠠ ᠭᠠᠢᠯᠢ ᠶ᠋ᠢ ᠭᠡᠯᠳᠦᠷᠢᠭᠦᠯᠪᠡ᠃
        2 ᠳ᠋ᠤᠭᠠᠷ ᠰᠠᠷ᠎ᠠ    ᠳᠡᠭᠡᠳᠦ ᠨᠡᠢᠰᠯᠡᠯ ᠱᠠᠩᠳᠤ ᠳ᠋ᠠᠬᠢ ᠤᠯᠤᠰ ᠤ᠋ᠨ ᠬᠥᠪᠡᠭᠦᠳ ᠦ᠋ᠨ ᠰᠤᠷᠭᠠᠭᠤᠯᠢ ᠶ᠋ᠢ ᠰᠠᠯᠭᠠᠨ ᠡᠷᠬᠢᠯᠡᠬᠦ ᠵᠠᠷᠯᠢᠭ ᠪᠠᠭᠤᠯᠭᠠᠪᠠ᠃
               1307 ᠣᠨ
        ᠬᠤᠪᠢ ᠰᠠᠷ᠎ᠠ ᠶ᠋ᠢᠨ ᠨᠠᠢ᠍ᠮᠠᠨ     ᠥᠯᠵᠡᠢᠲᠦ ᠬᠠᠭᠠᠨ ᠰᠠᠭᠤᠷᠢᠨ ᠳ᠋ᠤ᠌14 ᠣᠨ ᠪᠣᠯᠵᠤ44 ᠨᠠᠰᠤᠨ ᠰᠡᠭᠦᠳᠡᠷ ᠲᠡᠢ ᠳᠠᠢᠳᠤ ᠨᠡᠢᠰᠯᠡᠯ ᠳ᠋ᠦ᠍ ᠲᠩᠷᠢ ᠪᠣᠯᠪᠠ᠃
        ᠬᠠᠢᠰᠠᠩ ᠭᠣᠪᠢ ᠶ᠋ᠢᠨ ᠠᠷᠤ ᠠ᠋ᠴᠠ ᠶᠡᠬᠡ ᠴᠡᠷᠢᠭ ᠳᠠᠭᠠᠭᠤᠯᠵᠤ ᠳᠡᠭᠡᠳᠦ ᠨᠡᠢᠰᠯᠡᠯ ᠱᠠᠩᠳᠤ ᠳ᠋ᠤ᠌  ᠢᠷᠡᠪᠡ᠃ ᠬᠠᠢᠰᠠᠩ ᠤ᠋ᠨ ᠡᠬᠡ ᠪᠣᠯᠤᠨ ᠳᠡᠭᠦᠦ ᠠᠶᠤᠷᠪᠠᠷᠪᠠᠳᠠ ᠳᠠᠢᠳᠤ ᠠ᠋ᠴᠠ ᠳᠡᠭᠡᠳᠦ ᠨᠡᠢᠰᠯᠡᠯ ᠳ᠋ᠦ᠍ ᠢᠷᠡᠵᠦ ᠠᠭᠤᠯᠵᠠᠯᠳᠤᠪᠠ᠃ ᠱᠠᠩᠳᠤ ᠳ᠋ᠤ᠌ ᠶᠡᠬᠡ ᠬᠤᠷᠠᠯᠲᠠᠢ ᠪᠣᠯᠵᠤ ᠬᠠᠭᠠᠨ ᠤᠭᠰᠠᠭᠠᠨ ᠤ᠋ ᠸᠠᠩ ᠲᠤᠤᠯᠠ ᠲᠠᠢ ᠠᠷᠭ᠎ᠠ ᠵᠥᠪᠯᠡᠨ ᠲᠥᠷᠥ ᠶ᠋ᠢᠨ ᠬᠤᠪᠢᠰᠤᠯ ᠡᠳᠦᠬᠦ ᠪᠡᠷ ᠬᠤᠤᠪᠢᠯᠳᠤᠭᠰᠠᠨ ᠠᠨᠠᠨᠳᠠ ᠶ᠋ᠢᠨ ᠰᠦᠯᠪᠡᠭᠡᠲᠡᠨ ᠠᠭᠤᠳᠠᠢ ᠨᠠᠷ ᠢ᠋ ᠱᠠᠩᠳᠤ ᠬᠣᠲᠠᠨ᠎ᠡ ᠠᠯᠠᠪᠠ᠃ᠬᠠᠢᠰᠠᠩ ᠬᠠᠭᠠᠨ ᠰᠠᠭᠤᠷᠢᠨ᠎ᠡ ᠰᠠᠭᠤᠵᠤ ᠶᠡᠬᠡ ᠠᠮᠤᠭᠤᠯᠠᠩ ᠬᠠᠷᠰᠢ ᠳ᠋ᠤ᠌ ᠪᠢᠴᠢᠭ ᠴᠡᠷᠢᠭ ᠦ᠋ᠨ ᠣᠯᠠᠨ ᠰᠠᠢᠳ ᠲᠦᠰᠢᠮᠡᠯ ᠦ᠋ᠨ ᠶᠣᠰᠣᠯᠠᠯ ᠢ᠋ ᠬᠦᠯᠢᠶᠡᠨ ᠠᠪᠴᠠᠢ᠃
       6 ᠳ᠋ᠤᠭᠠᠷ ᠰᠠᠷ᠎ᠠ    ᠠᠶᠤᠷᠪᠠᠷᠪᠠᠳᠠ ᠶ᠋ᠢ ᠬᠠᠭᠠᠨ ᠰᠠᠭᠤᠷᠢᠨ ᠢ᠋ ᠵᠠᠯᠭᠠᠮᠵᠢᠯᠠᠬᠤ ᠲᠠᠢᠽᠢ ᠡᠷᠭᠦᠮᠵᠢᠯᠡᠨ ᠲᠣᠭᠲᠠᠭᠠᠪᠠ᠃
              1310 ᠣᠨ( ᡁᠢ ᠳᠡ ᠶ᠋ᠢᠨ ᠭᠤᠷᠪᠠᠳᠤᠭᠠᠷ ᠣᠨ)
        9 ᠳ᠋ᠦ᠍ᠭᠡᠷ ᠰᠠᠷ᠎ᠠ  ᠱᠠᠩᠳᠤ ᠬᠣᠲᠠ ᠶ᠋ᠢᠨ ᠠᠷᠠᠳ ᠢᠷᠭᠡᠳ ᠥᠯᠥᠰᠬᠦᠯᠡᠩ ᠭᠠᠴᠢᠭ ᠲᠤ᠌ ᠤᠴᠠᠷᠠᠪᠠ᠃ᠬᠠᠭᠠᠨ ᠣᠷᠳᠣᠨ10 000 ᠳ᠋ᠠᠨ ᠨᠠᠷᠢᠮᠤ ᠭᠠᠷᠭᠠᠵᠤ ᠦᠨ᠎ᠡ ᠶ᠋ᠢ ᠨᠢ ᠪᠠᠭᠤᠷᠠᠭᠤᠯᠤᠨ ᠬᠤᠳᠠᠯᠳᠤᠨ ᠥᠭᠴᠦ ᠠᠷᠠᠳ ᠢᠷᠭᠡᠳ ᠢ᠋ ᠲᠡᠳᠬᠦᠪᠡ᠃
 1311 ᠣᠨ
ᠢᠯᠡᠭᠦᠦ7 ᠳ᠋ᠤᠭᠠᠷ ᠰᠠᠷ᠎ᠠ  ᠶᠡᠬᠡ ᠶᠤᠸᠠᠨ ᠤᠯᠤᠰ ᠤ᠋ᠨ ᠬᠠᠢᠰᠠᠩ ᠬᠦᠯᠦᠭ ᠬᠠᠭᠠᠨ ᠱᠠᠩᠳᠤ ᠠ᠋ᠴᠠ ᠳᠠᠢᠳᠤ ᠳ᠋ᠠᠭᠠᠨ ᠪᠤᠴᠠᠵᠤ ᠬᠠᠷᠢᠭᠠᠳ ᠡᠪᠡᠳᠴᠢᠨ ᠢ᠋ᠶ᠋ᠡᠷ ᠲᠡᠭᠷᠢ ᠪᠣᠯᠪᠠ᠃ ᠱᠠᠩᠳᠤ ᠳ᠋ᠤ᠌ ᠵᠠᠮ ᠨᠡᠪᠲᠡᠷᠡᠯᠭᠡ ᠶ᠋ᠢᠨ ᠶᠠᠮᠤᠨ ᠪᠠᠢᠭᠤᠯᠵᠤ ᠮᠣᠩᠭᠣᠯ ᠤᠯᠠᠭ᠎ᠠ ᠥᠷᠲᠡᠭᠡᠨ ᠦ᠌ ᠦᠢᠯᠡ ᠶ᠋ᠢ ᠬᠠᠮᠢᠶᠠᠷᠤᠭᠤᠯᠵᠠᠢ᠃ ᠠᠶᠤᠷᠪᠠᠷᠪᠠᠳᠠ ᠶᠡᠬᠡ ᠨᠡᠢᠰᠯᠡᠯ ᠳᠠᠢᠳᠤ ᠳ᠋ᠤ᠌ ᠬᠠᠭᠠᠨ ᠣᠷᠣ ᠰᠠᠭᠤᠪᠠ᠃ᠬᠠᠭᠠᠨ ᠤ᠋ ᠴᠣᠯᠠ ᠶ᠋ᠢ ᠪᠤᠶᠠᠨᠲᠤ᠂ ᠣᠨ ᠤ᠋ ᠴᠣᠯᠠ ᠪᠠᠨ ᠬᠤᠸᠠᠩ ᠴᠢᠩ ᠬᠡᠮᠡᠪᠡᠢ᠃
       1320 ᠣᠨ( ᠶᠠᠨ ᠢᠦ ᠶ᠋ᠢᠨ ᠳᠣᠯᠣᠳᠤᠭᠠᠷ ᠣᠨ)
    3 ᠳ᠋ᠤᠭᠠᠷ ᠰᠠᠷ᠎ᠠ ᠶ᠋ᠢᠨ11  ᠱᠤᠳᠪᠠᠯᠠ ᠶᠡᠬᠡ ᠨᠡᠢᠰᠯᠡᠯ ᠳᠠᠢᠳᠤ ᠳ᠋ᠤ᠌ ᠬᠠᠭᠠᠨ ᠣᠷᠣ ᠰᠠᠭᠤᠪᠠ᠃ᠬᠠᠭᠠᠨ ᠤ᠋ ᠴᠣᠯᠠ ᠶ᠋ᠢ ᠭᠡᠭᠡᠨ ᠬᠡᠮᠡᠪᠡᠢ᠃
    7 ᠳ᠋ᠤᠭᠠᠷ ᠰᠠᠷ᠎ᠠ   ᠭᠡᠭᠡᠨ ᠬᠠᠭᠠᠨ ᠱᠤᠳᠪᠠᠯᠠ ᠪᠢᠴᠢᠭ ᠴᠡᠷᠢᠭ ᠦ᠋ᠨ ᠣᠯᠠᠨ ᠲᠦᠰᠢᠮᠡᠳ ᠢ᠋ ᠳᠠᠭᠠᠭᠤᠯᠵᠤ ᠱᠠᠩᠳᠤ ᠠ᠋ᠴᠠ ᠮᠣᠷᠳᠠᠨ ᠶᠡᠬᠡ ᠭᠣᠪᠢ ᠶ᠋ᠢᠨ ᠤᠮᠠᠷ᠎ᠠ ᠶ᠋ᠢ ᠪᠠᠢᠴᠠᠭᠠᠨ ᠦᠵᠡᠪᠡ᠃
    8 ᠳ᠋ᠤᠭᠠᠷ ᠰᠠᠷ᠎ᠠ    ᠭᠡᠭᠡᠨ ᠬᠠᠭᠠᠨ ᠱᠤᠳᠪᠠᠯᠠ ᠭᠣᠪᠢ ᠶ᠋ᠢᠨ ᠤᠮᠠᠷ᠎ᠠ ᠶ᠋ᠢ ᠪᠠᠢᠴᠠᠭᠠᠨ ᠲᠣᠭᠣᠷᠢᠭᠠᠳ ᠱᠠᠩᠳᠤ ᠪᠠᠯᠭᠠᠳ ᠲᠤ᠌ ᠪᠤᠴᠠᠨ ᠢᠷᠡᠪᠡᠢ᠃
       1321 ᠣᠨ( ᡁᠢ ᡁᠢ ᠶ᠋ᠢᠨ ᠲᠡᠷᠢᠭᠦᠨ ᠣᠨ)
    ᠴᠠᠭᠠᠨ ᠰᠠᠷ᠎ᠠ   ᠭᠠᠤᠯᠢ ᠤᠯᠤᠰ ᠤ᠋ᠨ ᠸᠠᠩ ᠸᠠᠩ ᠵᠠᠩ ᠳᠡᠭᠡᠳᠦ ᠨᠡᠢᠰᠯᠡᠯ ᠱᠠᠩᠳᠤ ᠪᠠᠯᠭᠠᠳ ᠲᠤ᠌ ᠢᠷᠡᠵᠦ ᠭᠡᠭᠡᠨ ᠬᠠᠭᠠᠨ ᠱᠤᠳᠪᠠᠯᠠ ᠳ᠋ᠤ᠌ ᠪᠠᠷᠠᠯᠠᠪᠠ᠃
    8 ᠳ᠋ᠤᠭᠠᠷ ᠰᠠᠷ᠎ᠠ  ᠬᠤᠸᠠᠩᠬᠡᠦ ᠬᠠᠲᠤᠨ ᠤ᠋ ᠪᠤᠭᠤᠲᠤ ᠬᠠᠷᠰᠢ ᠶ᠋ᠢ ᠪᠠᠢᠭᠤᠯᠤᠨ ᠳᠠᠭᠤᠰᠪᠠ᠃
       1323 ᠣᠨ
    9 ᠳ᠋ᠦ᠍ᠭᠡᠷ ᠰᠠᠷ᠎ᠠ  ᠱᠤᠳᠪᠠᠯᠠ ᠭᠡᠭᠡᠨ ᠬᠠᠭᠠᠨ ᠱᠠᠩᠳᠤ ᠪᠠᠯᠭᠠᠳ ᠠ᠋ᠴᠠ ᠡᠮᠦᠨᠡᠰᠢ ᠳᠠᠢᠳᠤ ᠳ᠋ᠤ᠌ ᠪᠤᠴᠠᠬᠤ ᠵᠠᠮ ᠳ᠋ᠠᠭᠠᠨ ᠮᠣᠷᠢᠨ ᠡᠪᠴᠢᠭᠦᠨ ᠠᠭᠤᠯᠠ(ᠨᠠᠨ ᠫᠦᠸᠧ) ᠶ᠋ᠢᠨ ᠪᠠᠭᠤᠳᠠᠯ ᠳ᠋ᠤ᠌ ᠬᠣᠨᠣᠭᠯᠠᠭᠰᠠᠨ ᠰᠥᠨᠢ᠂ᠲᠦᠰᠢ ᠴᠡᠷᠢᠭ ᠦ᠋ᠨ ᠵᠤᠷᠭᠠᠨ ᠶᠠᠮᠤᠨ ᠤ᠋ ᠬᠡᠷᠡᠭ ᠡᠷᠬᠢᠯᠡᠭᠴᠢ ᠡᠰᠡᠨᠲᠡᠮᠦᠷ ᠪᠠ ᠬᠠᠭᠠᠨ ᠤᠭᠰᠠᠭᠠᠨ ᠤ᠋ ᠸᠠᠩ ᠠᠯᠲᠠᠢ ᠪᠤᠬ᠎ᠠ ᠲᠠᠢ ᠬᠤᠤᠪᠢᠯᠳᠤᠨ ᠬᠤᠪᠢᠰᠤᠯ ᠭᠠᠷᠭᠠᠵᠤ ᠳᠥᠰᠢ ᠶ᠋ᠢᠨ ᠬᠠᠷᠢᠶᠠᠨ ᠤ᠋ ᠠᠰᠤᠳ ᠭᠠᠷᠤᠯᠲᠠᠢ ᠴᠡᠷᠢᠭ ᠦ᠋ᠳ ᠢ᠋ᠶ᠋ᠡᠷ ᠭᠠᠳᠠᠭᠤᠷ ᠨᠢ ᠪᠦᠰᠡᠯᠡᠭᠦᠯᠵᠦ ᠤᠷᠢᠳ ᠢ᠋ᠶ᠋ᠠᠷ ᠴᠢᠩᠰᠠᠩ ᠪᠠᠢᠵᠤ ᠶ᠋ᠢ ᠠᠯᠠᠭᠠᠳ ᠳᠠᠷᠠᠭ᠎ᠠ ᠨᠢ ᠬᠠᠭᠠᠨ ᠤ᠋ ᠥᠷᠥᠭᠡᠨ ᠳ᠋ᠦ᠍ ᠰᠢᠭᠤᠳ ᠳᠠᠭᠠᠷᠢᠨ ᠣᠷᠣᠵᠤ 
ᠱᠤᠳᠪᠠᠯᠠ ᠬᠠᠭᠠᠨ ᠢ᠋ ᠣᠷᠣ ᠳᠡᠭᠡᠷ᠎ᠡ ᠨᠢ ᠬᠣᠷᠣᠭᠠᠪᠠ᠃ᠶᠢᠰᠦᠨᠲᠡᠮᠦᠷ 30ᠨᠠᠰᠤᠨ ᠳ᠋ᠤᠷ ᠢ᠋ᠶ᠋ᠠᠨ ᠬᠥᠳᠡᠭᠡ ᠠᠷᠠᠯ ᠬᠡᠮᠡᠬᠦ ᠭᠠᠵᠠᠷ ᠶᠡᠬᠡ ᠬᠠᠭᠠᠨ ᠣᠷᠣ ᠰᠠᠭᠤᠪᠠ᠃
       1324 ᠣᠨ( ᠳᠠᠢᠳᠢᠩ ᠤ᠋ᠨ ᠲᠡᠷᠢᠭᠦᠨ ᠣᠨ)
    ᠶᠡᠬᠡ ᠶᠤᠸᠠᠨ ᠤᠯᠤᠰ ᠤ᠋ᠨ ᠵᠠᠰᠠᠭ ᠤ᠋ᠨ ᠭᠠᠵᠠᠷ ᠠ᠋ᠴᠠ ᠮᠠᠯᠴᠢᠳ ᠲᠤ᠌ ᠶᠠᠳᠠᠭᠤ ᠪᠠᠶᠠᠨ ᠤ᠋ ᠪᠠᠷᠢᠮᠵᠢᠶ᠎ᠠ ᠲᠣᠭᠲᠠᠭᠠᠵᠤ ᠠᠳᠤᠭᠤ ᠲᠡᠮᠡᠭᠡ20ᠲᠣᠯᠣᠭᠠᠢ ᠬᠦᠷᠬᠦ ᠦᠭᠡᠢ᠂ᠬᠣᠨᠢ50 ᠲᠣᠯᠣᠭᠠᠢ ᠬᠦᠷᠬᠦ ᠦᠭᠡᠢ ᠪᠣᠯ ᠶᠠᠳᠠᠭᠤ ᠪᠠᠷ ᠲᠣᠭᠠᠴᠠᠵᠤ ᠭᠠᠢᠯᠢ ᠬᠡᠯᠲᠦᠷᠢᠭᠦᠯᠬᠦ ᠪᠠ ᠡᠳᠡᠭᠡᠷ ᠡᠷᠦᠬᠡ ᠨᠢ ᠬᠡᠷᠪᠡ ᠥᠷᠲᠡᠭᠡᠴᠢᠨ ᠪᠣᠯ ᠵᠠᠰᠠᠭ ᠤ᠋ᠨ ᠭᠠᠵᠠᠷ ᠠ᠋ᠴᠠ ᠮᠠᠯ ᠢ᠋ᠶ᠋ᠠᠷ ᠲᠡᠳᠬᠦᠮᠵᠢ ᠣᠯᠭᠣᠬᠤ ᠪᠠᠷ ᠲᠣᠭᠲᠠᠭᠠᠭᠰᠠᠨ ᠪᠥᠭᠡᠳ ᠨᠤᠲᠤᠭ ᠪᠡᠯᠴᠢᠭᠡᠷ ᠢ᠋ ᠬᠠᠮᠠᠭᠠᠯᠠᠬᠤ᠂ᠭᠠᠯ ᠲᠦᠢᠮᠡᠷ ᠢ᠋ ᠰᠡᠷᠭᠡᠢᠯᠡᠬᠦ᠂ ᠠᠲᠠᠷ ᠬᠠᠭᠠᠯᠪᠤᠷᠢᠯᠠᠬᠤ ᠶ᠋ᠢ ᠬᠣᠷᠢᠭᠯᠠᠵᠤ᠂ᠬᠤᠷᠠᠭ᠎ᠠ ᠲᠤᠭᠤᠯ ᠨᠢᠲᠤᠯᠠᠬᠤ ᠶ᠋ᠢ ᠴᠠᠭᠠᠵᠠᠯᠠᠬᠤ ᠵᠡᠷᠭᠡ ᠵᠠᠷᠯᠢᠭ ᠭᠠᠷᠭᠠᠵᠤ ᠮᠠᠯ ᠰᠦᠷᠦᠭ ᠢ᠋ ᠶᠡᠬᠡ ᠪᠡᠷ ᠥᠰᠬᠡᠬᠦ ᠶ᠋ᠢ ᠬᠥᠬᠢᠭᠦᠯᠦᠭᠰᠡᠨ ᠠᠷᠭ᠎ᠠ ᠬᠡᠮᠵᠢᠶ᠎ᠡ ᠠᠪᠴᠠᠢ᠃
        1325 ᠣᠨ
    ᠢᠯᠡᠭᠦᠦ ᠲᠡᠷᠢᠭᠦᠨ ᠰᠠᠷ᠎ᠠ    ᠦᠨᠡᠭᠡᠨ ᠳᠠᠪᠠᠭ᠎ᠠ᠂ᠰᠡᠭᠦᠵᠢ᠂ᠰᠠᠩᠭᠠᠨ ᠨᠢᠷᠤᠭᠤᠨ ᠤ᠋ ᠠᠭᠤᠯᠠᠨ ᠵᠠᠮ ᠢ᠋ ᠵᠠᠰᠠᠵᠤ ᠰᠢᠯᠤᠭᠤᠳᠬᠠᠪᠠ᠃ᠳᠠᠷᠠᠭ᠎ᠠ ᠵᠢᠯ ᠨᠢ ᠴᠡᠷᠢᠭ ᠲᠣᠮᠢᠯᠠᠨ ᠭᠤᠷᠪᠠᠨ ᠳᠠᠪᠠᠭ᠎ᠠ ᠶ᠋ᠢᠨ ᠵᠠᠮ ᠢ᠋ ᠳᠠᠬᠢᠨ ᠵᠠᠰᠠᠵᠤ ᠨᠠᠭᠠᠰᠢ ᠴᠠᠭᠠᠰᠢ ᠶᠠᠪᠤᠬᠤᠢ ᠳ᠋ᠤᠷ ᠳᠥᠭᠥᠮ ᠪᠣᠯᠭᠠᠪᠠᠢ᠃
        1328 ᠣᠨ( ᠲᠢᠶᠠᠨ ᠯᠢ ᠶ᠋ᠢᠨ ᠲᠡᠷᠢᠭᠦᠨ ᠣᠨ)
    7 ᠳ᠋ᠤᠭᠠᠷ ᠰᠠᠷ᠎ᠠ ᠶ᠋ᠢᠨ10    ᠡᠰᠡᠨᠲᠡᠮᠦᠷ ᠬᠠᠭᠠᠨ ᠶᠡᠬᠡ ᠰᠠᠭᠤᠷᠢᠨ ᠳ᠋ᠤ᠌6ᠣᠨ ᠪᠣᠯᠵᠤ᠂ᠳᠡᠭᠡᠳᠦ ᠨᠡᠢᠰᠯᠡᠯ ᠱᠠᠩᠳᠤ ᠬᠣᠲᠠ ᠳ᠋ᠤ᠌ ᠡᠪᠡᠳᠴᠢᠨ ᠢ᠋ᠶ᠋ᠡᠷ ᠲᠠᠭᠠᠯᠠᠯ ᠲᠡᠭᠦᠰᠪᠡ᠃ᠴᠢᠩᠰᠠᠩ ᠳᠣᠯᠣᠭᠠᠨᠱᠠᠭ᠎ᠠ ᠬᠠᠭᠠᠨ ᠤ᠋ ᠢᠵᠠᠭᠤᠷᠲᠤᠳᠣᠭᠲᠣᠬᠤ
ᠸᠠᠩ᠂ᠸᠠᠩᠴᠢᠨ ᠨᠠᠷ ᠶᠢᠰᠦᠨᠲᠡᠮᠦᠷ ᠬᠠᠭᠠᠨ ᠤ᠋9 ᠨᠠᠰᠤᠲᠠᠢ ᠬᠦᠦ ᠠᠰᠤᠬᠢᠸ᠎ᠠ ᠶ᠋ᠢ ᠬᠠᠭᠠᠨ ᠰᠠᠭᠤᠷᠢᠨ ᠳ᠋ᠤ᠌ ᠰᠠᠭᠤᠯᠭᠠᠪᠠ᠃
ᠳᠠᠢᠳᠤ ᠨᠡᠢᠰᠯᠡᠯ ᠢ᠋ ᠰᠠᠬᠢᠵᠤ ᠪᠠᠢᠭᠰᠠᠨ ᠴᠢᠬᠤᠯᠠ ᠨᠢᠭᠤᠴᠠ ᠬᠦᠷᠢᠶᠡᠯᠡᠩ ᠦ᠋ᠨ ᠬᠡᠷᠡᠭ ᠮᠡᠳᠡᠭᠴᠢ ᠶᠡᠬᠡ ᠲᠡᠮᠦᠷ᠂ᠰᠢ ᠠᠨ ᠸᠠᠩ ᠷᠠᠳᠨᠠᠰᠢᠷᠠ ᠵᠠᠪᠰᠢᠶᠠᠨ ᠢ᠋ ᠳᠠᠯᠢᠮᠳᠠᠭᠤᠯᠤᠨ ᠬᠠᠢᠰᠠᠩ ᠬᠦᠯᠦᠭ ᠬᠠᠭᠠᠨ ᠤ᠋ ᠬᠥᠪᠡᠭᠦᠨ ᠲᠥᠭᠲᠡᠮᠣᠷ ᠢ ᠰᠠᠭᠤᠷᠢᠨ ᠳ᠋ᠤ᠌ ᠭᠠᠷᠭᠠᠬᠤ ᠪᠠᠷ ᠣᠷᠳᠣᠨ ᠤ᠋ ᠬᠤᠪᠢᠰᠤᠯ ᠭᠠᠷᠭᠠᠪᠠ᠃
    9 ᠳ᠋ᠦ᠍ᠭᠡᠷ ᠰᠠᠷ᠎ᠠ  ᠲᠥᠭᠲᠡᠮᠣᠷ ᠶᠡᠬᠡ ᠨᠡᠢᠰᠯᠡᠯ ᠳᠠᠢᠳᠤ ᠳ᠋ᠤ᠌ ᠬᠠᠭᠠᠨ ᠰᠠᠭᠤᠷᠢᠨ ᠰᠠᠭᠤᠪᠠ᠃ᠱᠠᠩᠳᠤ ᠶ᠋ᠢᠨ ᠲᠣᠮᠢᠯᠠᠭᠰᠠᠨ ᠴᠡᠷᠢᠭ ᠳᠠᠢᠳᠤ ᠶ᠋ᠢᠨ ᠲᠤᠰᠤᠭᠰᠠᠨ ᠴᠡᠷᠢᠭ ᠲᠡᠢ ᠣᠯᠠᠨ ᠤᠳᠠᠭᠠᠨ ᠤ᠋ ᠰᠢᠷᠦᠭᠦᠨ ᠲᠤᠯᠤᠯᠳᠤᠭᠠᠨ ᠬᠢᠵᠡᠢ᠃
    10 ᠳ᠋ᠤᠭᠠᠷ ᠰᠠᠷ᠎ᠠ   ᠴᠢ ᠸᠠᠩ ᠶᠣᠯᠲᠡᠮᠤᠷ ᠵᠡᠭᠦᠨ ᠵᠠᠮ ᠤ᠋ᠨ ᠮᠣᠩᠭᠣᠯ ᠴᠡᠷᠢᠭ ᠦ᠋ᠨ ᠶᠤᠸᠠᠨᠱᠤᠸᠠᠢ ᠪᠣᠬᠠᠲᠡᠮᠤᠷ ᠨᠠᠷ ᠴᠡᠷᠢᠭ ᠠᠪᠴᠤ ᠳᠡᠭᠡᠳᠦ ᠨᠡᠢᠰᠯᠡᠯ ᠱᠠᠩᠳᠤ ᠶ᠋ᠢ ᠭᠡᠨᠡᠳᠡᠭᠦᠯᠦᠨ ᠳᠠᠭᠠᠷᠢᠪᠠ᠃ᠳᠣᠯᠤᠭᠠᠨᠱᠠᠭ᠎ᠠ ᠨᠠᠷ ᠠᠯᠪᠠᠳᠠᠯᠭ᠎ᠠ ᠳᠣᠣᠷ᠎ᠠ ᠬᠠᠭᠠᠨ ᠤ᠋ ᠬᠠᠰ ᠲᠠᠮᠠᠭ᠎ᠠ ᠪᠠᠨ ᠡᠷᠭᠦᠨ ᠪᠠᠷᠢᠵᠤ ᠪᠠᠭᠤᠨ ᠥᠭᠭᠦᠭᠰᠡᠨ ᠪᠠ ᠠᠰᠣᠬᠢᠤ᠎ᠠ ᠬᠠᠭᠠᠨ ᠠᠯᠠᠭ᠎ᠠ ᠪᠣᠯᠪᠠ᠃
        1329 ᠣᠨ
    ᠵᠤᠨ ᠤ᠋ ᠡᠬᠢᠨ ᠰᠠᠷ᠎ᠠ ᠶ᠋ᠢᠨ ᠰᠢᠨ᠎ᠡ ᠶ᠋ᠢᠨ3    ᠬᠠᠢᠰᠠᠩ ᠬᠦᠯᠦᠭ ᠬᠠᠭᠠᠨ ᠤ᠋ ᠶᠡᠬᠡ ᠬᠥᠪᠡᠭᠦᠨ ᠬᠦᠰᠡᠯ ᠪᠠᠷᠠᠭᠤᠨ ᠡᠲᠡᠭᠡᠳ ᠲᠣᠷ ᠠᠯᠳᠠᠷ ᠬᠦᠴᠦᠨ ᠲᠡᠭᠦᠰᠴᠦ ᠢᠷᠡᠭᠰᠡᠨ ᠳ᠋ᠦ᠍ᠷ ᠶᠡᠬᠡ ᠬᠠᠰᠪᠣᠣ ᠲᠠᠮᠠᠭ᠎ᠠ ᠶ᠋ᠢ ᠠᠯ ᠲᠡᠮᠦᠷ ᠵᠠᠢᠰᠠᠩ ᠠᠯᠳᠠᠭᠤᠯᠵᠤ ᠠᠪᠤᠭᠠᠳ ᠤᠭᠲᠤᠵᠤ ᠡᠷᠭᠦᠨ ᠣᠷᠣᠵᠤ ᠥᠭᠪᠡᠢ᠃ᠬᠦᠰᠡᠯ ᠴᠡᠴᠡᠭ ᠨᠠᠭᠤᠷ ᠲᠤ᠌ ᠶᠡᠬᠡ ᠬᠠᠭᠠᠨ ᠣᠷᠣ ᠰᠠᠭᠤᠪᠠ᠃ᠲᠥᠭᠲᠡᠮᠣᠷ ᠬᠠᠭᠠᠨ ᠰᠠᠭᠤᠷᠢᠨ ᠠ᠋ᠴᠠ ᠪᠠᠭᠤᠵᠤᠬᠤᠢ᠃ᠲᠡᠭᠦᠨ ᠢ᠋ ᠬᠠᠭᠠᠨ ᠤ᠋ ᠲᠠᠢᠽᠢ ᠪᠣᠯᠭᠠᠵᠤ ᠲᠠᠮᠠᠭ᠎ᠠ ᠰᠣᠶᠣᠷᠬᠠᠭᠰᠠᠨ ᠠᠵᠢ᠃
    8 ᠳ᠋ᠤᠭᠠᠷ ᠰᠠᠷ᠎ᠠ ᠶ᠋ᠢᠨ ᠰᠢᠨ᠎ᠡ ᠶ᠋ᠢᠨ6   ᠣᠩᠭᠣᠴᠠᠲᠤ ᠬᠡᠮᠡᠬᠦ ᠭᠠᠵᠠᠷ ᠶᠡᠬᠡ ᠲᠡᠮᠦᠷ ᠬᠤᠲᠤᠭᠲᠤ ᠬᠠᠭᠠᠨ ᠬᠦᠰᠡᠯ  ᠳ᠋ᠦ᠍ ᠬᠣᠣᠷ ᠥᠭᠴᠦ ᠬᠣᠷᠣᠭᠠᠪᠠ᠃ᠳᠡᠭᠡᠳᠦ ᠨᠡᠢᠰᠯᠡᠯ ᠦ᠋ᠨ ᠡᠮᠦᠨ᠎ᠡ ᠨᠠᠨ ᠫᠦᠸᠧ ᠪᠠᠭᠤᠳᠠᠯ ᠳ᠋ᠤ᠌ ᠪᠠᠢᠭᠰᠠᠨ ᠲᠥᠭᠲᠡᠮᠣᠷ ᠵᠡᠭᠦᠨᠰᠢ ᠪᠤᠴᠠᠵᠤ ᠱᠠᠩᠳᠤ ᠪᠠᠯᠭᠠᠳ ᠲᠤ᠌ ᠬᠦᠷᠴᠦ ᠶᠡᠬᠡ ᠠᠮᠤᠭᠤᠯᠠᠩ ᠬᠠᠷᠰᠢ ᠳ᠋ᠤ᠌ ᠳᠠᠬᠢᠨ ᠬᠠᠭᠠᠨ ᠣᠷᠣ ᠰᠠᠭᠤᠪᠠᠢ᠃ᠣᠨ ᠤ᠋ ᠴᠣᠯᠠ ᠶ᠋ᠢ ᠶᠤᠸᠠᠨ ᠲᠦᠩ᠂ᠬᠠᠭᠠᠨ ᠤ᠋ ᠴᠣᠯᠠ ᠶ᠋ᠢ ᠵᠠᠶᠠᠭᠠᠲᠤ ᠬᠡᠮᠡᠵᠦᠬᠦᠢ᠃
       1332 ᠣᠨ( ᡁᠢ ᠱᠦᠨ ᠦ᠌ ᠭᠤᠳᠤᠭᠠᠷ ᠣᠨ)
    8 ᠳ᠋ᠤᠭᠠᠷ ᠰᠠᠷ᠎ᠠ ᠶ᠋ᠢᠨ12    ᠵᠠᠶᠠᠭᠠᠲᠤ ᠬᠠᠭᠠᠨ ᠲᠥᠭᠲᠡᠮᠣᠷ ᠳᠡᠭᠡᠳᠦ ᠨᠡᠢᠰᠯᠡᠯ ᠱᠠᠩᠳᠤ ᠳ᠋ᠤ᠌ ᠡᠪᠡᠳᠴᠢᠨ ᠢ᠋ᠶ᠋ᠡᠷ ᠲᠩᠷᠢ ᠪᠣᠯᠪᠠ᠃ᠪᠠᠭ᠎ᠠ ᠬᠥᠪᠡᠭᠦᠨ ᠷᠢᠨᠴᠢᠨᠪᠡᠯ  ᠢ ᠬᠠᠭᠠᠨ ᠰᠠᠭᠤᠷᠢᠨ ᠰᠠᠭᠤᠯᠭᠠᠬᠤ ᠶ᠋ᠢ ᠭᠡᠷᠢᠶᠡᠰᠯᠡᠪᠡᠢ᠃
       10 ᠳ᠋ᠤᠭᠠᠷ ᠰᠠᠷ᠎ᠠ ᠶ᠋ᠢᠨ4      ᠷᠢᠨᠴᠢᠨᠪᠡᠯ ᠶᠡᠬᠡ ᠨᠡᠢᠰᠯᠡᠯ ᠳᠠᠢᠳᠤ ᠳ᠋ᠤ᠌ ᠶᠡᠬᠡ ᠬᠠᠭᠠᠨ ᠣᠷᠣ ᠰᠠᠭᠤᠵᠤ ᠳᠠ ᠮᠢᠩ ᠳ᠋ᠢᠶᠠᠨ ᠬᠠᠷᠰᠢ ᠳ᠋ᠤ᠌ ᠪᠢᠴᠢᠭ ᠴᠡᠷᠢᠭ ᠦ᠋ᠨ ᠣᠯᠠᠨ ᠲᠦᠰᠢᠮᠡᠳ ᠦ᠋ᠨ ᠶᠣᠰᠣᠯᠠᠯ ᠢ ᠬᠦᠯᠢᠶᠡᠨ ᠠᠪᠤᠪᠠ᠃
       11 ᠳ᠋ᠦ᠍ᠭᠡᠷ ᠰᠠᠷ᠎ᠠ ᠶ᠋ᠢᠨ26       ᠷᠢᠨᠴᠢᠨᠪᠡᠯ ᠬᠠᠭᠠᠨ ᠶᠡᠬᠡ ᠨᠡᠢᠰᠯᠡᠯ ᠳᠠᠢᠳᠤ ᠳ᠋ᠤ᠌ ᠡᠪᠡᠳᠴᠢᠨ ᠢ᠋ᠶ᠋ᠡᠷ ᠬᠠᠯᠢᠪᠠ᠃
             1335 ᠣᠨ( ᠶᠤᠸᠠᠨ ᠲᠦᠩ ᠦ᠋ᠨ ᠲᠡᠷᠢᠭᠦᠨ ᠣᠨ)6 ᠳ᠋ᠤᠭᠠᠷ ᠰᠠᠷ᠎ᠠ ᠶ᠋ᠢᠨ8     ᠵᠠᠶᠠᠭᠠᠲᠤ ᠬᠠᠭᠠᠨ ᠤ᠋
ᠶᠡᠬᠡ ᠬᠥᠪᠡᠭᠦᠨ ᠲᠣᠭᠤᠨᠲᠡᠮᠦᠷ ᠳᠡᠭᠡᠳᠦ ᠨᠡᠢᠰᠯᠡᠯ ᠱᠠᠩᠳᠤ ᠳ᠋ᠤ᠌ ᠶᠡᠬᠡ ᠬᠠᠭᠠᠨ ᠣᠷᠣ ᠰᠠᠭᠤᠪᠠ᠃ᠣᠨ ᠤ᠋ ᠴᠣᠯᠠ ᠶ᠋ᠢ ᠶᠤᠸᠠᠨ ᠲᠦᠩ᠂ᠬᠠᠭᠠᠨ ᠤ᠋ ᠴᠣᠯᠠ ᠶ᠋ᠢ ᠤᠬᠠᠭᠠᠨᠲᠤ ᠬᠡᠮᠡᠪᠡᠢ᠃
              1335 ᠣᠨ
       6 ᠳ᠋ᠤᠭᠠᠷ ᠰᠠᠷ᠎ᠠ      ᠲᠠᠷᠢᠨᠳᠠᠷᠢ ᠴᠡᠷᠢᠭ ᠡᠭᠦᠰᠬᠡᠨ ᠲᠡᠷᠰᠯᠡᠨ ᠪᠠᠢᠯᠳᠤᠭᠠᠳ ᠪᠠᠷᠢᠭᠳᠠᠵᠤ ᠳᠡᠭᠡᠳᠦ ᠨᠡᠢᠰᠯᠡᠯ ᠱᠠᠩᠳᠤ ᠪᠠᠯᠭᠠᠳ ᠲᠤ᠌ ᠠᠯᠠᠭᠳᠠᠵᠠᠢ᠃
       7 ᠳ᠋ᠤᠭᠠᠷ ᠰᠠᠷ᠎ᠠ     ᠬᠠᠭᠠᠨ ᠤ᠋ ᠬᠠᠲᠤᠨ᠂ᠠᠬ᠎ᠠ ᠶ᠋ᠢᠨ ᠢ᠋ᠶ᠋ᠡᠨ ᠣᠷᠳᠣᠨ ᠤ᠋ ᠬᠤᠪᠢᠰᠤᠯ ᠭᠠᠷᠭᠠᠬᠤ ᠳ᠋ᠤ᠌ ᠣᠷᠣᠯᠴᠠᠭᠰᠠᠨ ᠪᠣᠯᠬᠣᠷ ᠬᠠᠭᠠᠨ ᠲᠡᠭᠦᠨ ᠢ ᠣᠷᠳᠣᠨ ᠠ᠋ᠴᠠ ᠦᠯᠳᠡᠨ ᠭᠠᠷᠭᠠᠪᠠ᠃ᠪᠠᠶᠠᠨ ᠬᠠᠲᠤᠨ ᠲᠠᠨᠠᠰᠢᠯᠠ  ᠶ᠋ᠢ ᠱᠠᠩᠳᠤ ᠨᠡᠢᠰᠯᠡᠯ ᠦ᠋ᠨ ᠣᠢᠷᠠᠬᠠᠨ ᠠᠢᠯ ᠳᠡᠭᠡᠷ᠎ᠡ ᠠᠯᠠᠭᠤᠯᠪᠠ᠃
             1348 ᠣᠨ( ᡁᠢ ᠵᠧᠩ ᠦ᠋ᠨ ᠨᠠᠢ᠍ᠮᠠᠳᠤᠭᠠᠷ ᠣᠨ)
        6 ᠳ᠋ᠤᠭᠠᠷ ᠰᠠᠷ᠎ᠠ     ᠣᠳᠣᠨ ᠣᠷᠣᠨ ᠤ᠋ ᠰᠤᠳᠤᠯᠤᠯ ᠤ᠋ᠨ ᠰᠧ ᠶ᠋ᠢ ᠱᠠᠩᠳᠤ ᠪᠠᠯᠭᠠᠳ ᠲᠤ᠌ ᠪᠠᠢᠭᠤᠯᠪᠠ᠃
             1358 ᠣᠨ
        12 ᠳ᠋ᠤᠭᠠᠷ ᠰᠠᠷ᠎ᠠ     ᠤᠯᠠᠭᠠᠨ ᠠᠯᠴᠢᠭᠤᠷᠲᠠᠨ ᠤ᠋ ᠪᠣᠰᠤᠯᠭ᠎ᠠ ᠶ᠋ᠢᠨ ᠴᠡᠷᠢᠭ ᠦ᠋ᠨ ᠭᠤᠸᠠᠨ ᠰᠢᠶᠠᠨᠱᠧᠩ᠂ᠫᠦᠸᠧ ᠲᠧᠦ ᠹᠠᠨ ᠨᠠᠷ ᠳ᠋ᠠᠲ᠋ᠦ᠋ᠩ ᠡᠴᠡ ᠬᠣᠶᠠᠷ ᠵᠠᠮ ᠢ᠋ᠶ᠋ᠠᠷ ᠴᠡᠷᠢᠭᠯᠡᠨ ᠱᠠᠩᠳᠤ ᠪᠠᠯᠭᠠᠳ ᠢ᠋ ᠰᠢᠭᠤᠳ ᠳᠠᠭᠠᠷᠢᠪᠠ᠃ᠬᠣᠲᠠ ᠶ᠋ᠢ ᠡᠵᠡᠯᠡᠭᠰᠡᠨ ᠦ᠌ ᠰᠡᠭᠦᠯᠡᠷ ᠤᠷᠲᠤ ᠬᠠᠷᠰᠢ ᠶ᠋ᠢ ᠭᠠᠯᠳᠠᠨ ᠰᠢᠲᠠᠭᠠᠵᠤ 7 ᠬᠣᠨᠣᠭ ᠲᠠᠯᠬᠢᠳᠠᠪᠠ᠃
1360 ᠣᠨ
10 ᠳ᠋ᠤᠭᠠᠷ ᠰᠠᠷ᠎ᠠ   ᠤᠯᠠᠭᠠᠨ ᠠᠯᠴᠢᠭᠤᠷᠲᠡᠨ ᠦ᠌ ᠪᠣᠰᠤᠯᠭ᠎ᠠ ᠶ᠋ᠢᠨ ᠴᠡᠷᠢᠭ ᠪᠠᠰᠠ ᠨᠢᠭᠡᠨ ᠤᠳᠠᠭ᠎ᠠ ᠳᠡᠭᠡᠳᠦ ᠨᠡᠢᠰᠯᠡᠯ ᠱᠠᠩᠳᠤ ᠶ᠋ᠢ ᠳᠠᠭᠠᠷᠢᠨ ᠴᠣᠬᠢᠪᠠ᠃ᠶᠤᠸᠠᠨ ᠤᠯᠤᠰ ᠤ᠋ᠨ ᠴᠡᠷᠢᠭ ᠤᠭᠲᠤᠨ ᠪᠠᠢᠯᠳᠤᠭᠠᠳ ᠢᠯᠠᠭᠳᠠᠭᠰᠠᠨ ᠪᠣᠯᠠᠢ᠃
ᠠᠯᠤᠬᠤᠢ ᠲᠡᠮᠦᠷ᠂ᠬᠡᠳᠦᠨ ᠠᠷᠪᠠᠨ ᠲᠦᠮᠡᠨ ᠶᠡᠬᠡ ᠴᠡᠷᠢᠭ ᠠᠪᠴᠤ ᠱᠠᠩᠳᠤ ᠨᠡᠢᠰᠯᠡᠯ ᠢ᠋ ᠰᠢᠬᠠᠮᠳᠠᠭᠤᠯᠤᠨ ᠬᠠᠭᠠᠨ ᠰᠠᠭᠤᠷᠢᠨ ᠢ᠋ ᠪᠤᠯᠢᠶᠠᠬᠤ ᠪᠠᠷ ᠭᠣᠷᠢᠯᠠᠪᠠ᠃ᠴᠢᠬᠤᠯᠠ ᠨᠢᠭᠤᠴᠠ ᠬᠦᠷᠢᠶᠡᠯᠡᠩ ᠦ᠋ᠨ ᠬᠡᠷᠡᠭ ᠮᠡᠳᠡᠭᠴᠢ ᠲᠦᠰᠢᠮᠡᠯ ᠲᠦᠰᠢᠲᠡᠮᠣᠷ ᠴᠡᠷᠢᠭ ᠠᠪᠴᠤ ᠲᠣᠰᠣᠨ ᠪᠠᠢᠯᠳᠤᠭᠠᠳ ᠢᠯᠠᠭᠳᠠᠨ ᠱᠠᠩᠳᠤ ᠪᠠᠯᠭᠠᠳ ᠲᠠᠭᠠᠨ ᠪᠤᠴᠠᠨ ᠣᠷᠣᠵᠤ ᠰᠠᠬᠢᠪᠠ᠃
              1361 ᠣᠨ
       9 ᠳ᠋ᠦ᠍ᠭᠡᠷ ᠰᠠᠷ᠎ᠠ    ᠠᠯᠣᠬᠣᠢ ᠲᠡᠮᠦᠷ ᠢ᠋ ᠪᠠᠷᠢᠪᠴᠢᠯᠠᠨ ᠠᠪᠴᠤ ᠶᠡᠬᠡ ᠨᠡᠢᠰᠯᠡᠯ ᠳᠠᠢᠳᠤ ᠳ᠋ᠤ᠌ ᠬᠦᠷᠭᠡᠨ ᠠᠯᠠᠪᠠ᠃
              1363 ᠣᠨ
       ᠬᠠᠪᠤᠷ     ᠭᠤᠸᠠᠨ ᠰᠢᠶᠠᠨᠱᠧᠩ ᠦ᠋ᠨ ᠦᠯᠡᠳᠡᠭᠳᠡᠯ ᠴᠡᠷᠢᠭ᠂ᠭᠠᠤᠯᠢ ᠤᠯᠤᠰ ᠠ᠋ᠴᠠ ᠪᠤᠴᠠᠬᠤ ᠳ᠋ᠠᠭᠠᠨ ᠱᠠᠩᠳᠤ ᠶ᠋ᠢ ᠭᠡᠨᠡᠳᠲᠡ ᠲᠠᠭᠠᠷᠢᠬᠤᠶ᠎ᠠ ᠪᠣᠯᠣᠳᠲᠡᠮᠣᠷ ᠲᠣᠰᠣᠨ ᠪᠠᠢᠯᠳᠤᠵᠤ ᠢᠯᠠᠭᠠᠳ ᠪᠠᠭᠤᠯᠭᠠᠨ ᠠᠪᠤᠪᠠᠢ᠃
              1368 ᠣᠨ
       8 ᠳ᠋ᠤᠭᠠᠷ ᠰᠠᠷ᠎ᠠ ᠶ᠋ᠢᠨ15      ᠲᠣᠭᠣᠨᠲᠡᠮᠤᠷ ᠬᠠᠭᠠᠨ ᠶᠡᠬᠡ ᠨᠡᠢᠰᠯᠡᠯ ᠳᠠᠢᠳᠤ ᠪᠠᠨ ᠬᠤᠸᠠᠢ ᠸᠠᠩ ᠲᠡᠮᠦᠷᠪᠣᠬ᠎ᠠ᠂ ᠴᠢᠩᠰᠠᠩ ᠴᠢᠩ ᠲᠦᠩ ᠳ᠋ᠦ᠍ ᠲᠤᠰᠢᠶᠠᠵᠤ ᠬᠠᠰᠪᠣᠤ ᠲᠠᠮᠠᠭ᠎ᠠ ᠪᠠᠨ ᠠᠪᠴᠤ ᠬᠠᠲᠤᠳ ᠲᠠᠲᠠᠪᠤᠷᠢ᠂ᠬᠥᠪᠡᠭᠦᠳ ᠥᠬᠢᠳ᠂ᠰᠠᠢᠳ ᠲᠦᠰᠢᠮᠡᠳ ᠪᠠ ᠴᠡᠷᠢᠭ ᠠᠩᠭᠢ ᠪᠠᠨ ᠳᠠᠭᠠᠭᠤᠯᠤᠨ ᠰᠥᠨᠢ ᠳᠦᠯᠢ ᠪᠡᠷ ᠵᠢᠶᠠᠨ ᠳᠧ ᠮᠸᠨ ᠬᠠᠭᠠᠯᠭ᠎ᠠ ᠪᠠᠷ ᠳᠤᠲᠠᠭᠠᠨ ᠭᠠᠷᠴᠤ ᠱᠠᠩᠳᠤ ᠪᠠᠯᠭᠠᠳ ᠲᠤ᠌ ᠬᠦᠷᠴᠦ ᠢᠷᠡᠪᠡ᠂ᠱᠠᠩᠳᠤ ᠶ᠋ᠢᠨ ᠤᠷᠲᠤ ᠬᠠᠷᠰᠢ ᠰᠢᠲᠠᠭᠳᠠᠭᠰᠠᠨ ᠤᠴᠢᠷ ᠴᠢᠬᠤᠯᠠ ᠨᠢᠭᠤᠴᠠ ᠬᠦᠷᠢᠶᠡᠯᠡᠩ ᠦ᠋ᠨ ᠵᠠᠬᠢᠷᠭ᠎ᠠ ᠶ᠋ᠢ ᠴᠠᠭᠠᠨᠨᠠᠭᠤᠷ ᠲᠤ᠌ ᠪᠠᠢᠷᠢᠯᠠᠭᠤᠯᠵᠠᠢ᠃
9 ᠳ᠋ᠦ᠍ᠭᠡᠷ ᠰᠠᠷ᠎ᠠ    ᠭᠠᠤᠯᠢ ᠤᠯᠤᠰ ᠤ᠋ᠨ ᠸᠠᠩ ᠳ᠋ᠤ᠌ ᠵᠣᠣ ᠪᠢᠴᠢᠭ ᠪᠠᠭᠤᠯᠭᠠᠵᠤ ᠴᠡᠷᠢᠭ ᠠᠩᠭᠢ ᠪᠠᠨ ᠱᠠᠩᠳᠤ ᠨᠡᠢᠰᠯᠡᠯ ᠳ᠋ᠦ᠍ ᠢᠷᠡᠭᠦᠯᠲᠦᠭᠡᠢ ᠭᠡᠮᠡᠨ ᠵᠠᠷᠯᠢᠭᠳᠠᠪᠠ᠃
       1369 ᠣᠨ
    6 ᠳ᠋ᠤᠭᠠᠷ ᠰᠠᠷ᠎ᠠ    ᠳᠤᠭᠤᠨᠳᠡᠮᠣᠷ ᠬᠠᠭᠠᠨ ᠣᠯᠠᠨ ᠢ᠋ᠶ᠋ᠠᠨ ᠠᠪᠴᠤ ᠱᠠᠩᠳᠤ ᠠ᠋ᠴᠠ ᠪᠠᠷᠰ ᠬᠣᠲᠠ( ᠢᠩ ᠴᠠᠩ ᠹᠦ) ᠳ᠋ᠦ᠍ᠷ ᠶᠠᠪᠤᠪᠠ᠃ᠮᠢᠩ ᠤᠯᠤᠰ ᠤ᠋ᠨ ᠶᠡᠬᠡ ᠴᠡᠷᠢᠭ ᠳᠡᠭᠡᠳᠦ ᠨᠡᠢᠰᠯᠡᠯ ᠱᠠᠩᠳᠤ ᠶ᠋ᠢ ᠳᠠᠬᠢᠨ ᠡᠵᠡᠯᠡᠪᠡ᠃
ᠱᠠᠩᠳᠤ ᠣᠷᠣᠨ ᠤᠮᠠᠷᠠᠲᠤ ᠶᠤᠸᠠᠨ ᠪᠣᠯᠤᠨ ᠮᠢᠩ ᠤᠯᠤᠰ ᠤ᠋ᠨ ᠪᠤᠯᠢᠶᠠᠯᠳᠤᠨ ᠲᠡᠮᠡᠴᠡᠯᠳᠦᠬᠦ ᠴᠡᠷᠢᠭ ᠲᠡᠢᠨ ᠦ᠌ ᠪᠣᠭᠣᠮᠲᠠ ᠴᠠᠢᠵᠠ ᠪᠣᠯᠪᠠ᠃ᠶᠤᠸᠠᠨ ᠤᠯᠤᠰ ᠤ᠋ᠨ ᠴᠢᠩᠰᠠᠩ ᠶᠢᠰᠣᠨᠳᠡᠮᠤᠷ ᠬᠣᠶᠠᠷ ᠤᠳᠠᠭ᠎ᠠ ᠲᠦᠩᠵᠸᠤ ᠶ᠋ᠢ ᠴᠣᠬᠢᠵᠤ ᠪᠡᠭᠡᠵᠢᠩ ᠬᠣᠲᠠ ᠶ᠋ᠢ ᠡᠭᠡᠭᠦᠯᠦᠨ ᠠᠪᠬᠤ ᠪᠠᠷ ᠳᠠᠭᠠᠷᠢᠪᠠ᠃ᠮᠢᠩ ᠤᠯᠤᠰ ᠤ᠋ᠨ ᠶᠡᠬᠡ ᠵᠠᠩᠵᠤᠨ ᠴᠠᠩ ᠢᠦᠢ ᠴᠦᠨ ᠴᠡᠷᠢᠭ ᠠᠪᠴᠤ ᠶᠢᠰᠣᠨᠳᠡᠮᠤᠷ ᠢ᠋ ᠴᠣᠬᠢᠨ ᠢᠯᠠᠭᠠᠳ ᠱᠠᠩᠳᠤ ᠬᠣᠲᠠ ᠳ᠋ᠤ᠌ ᠳᠠᠬᠢᠨ ᠴᠣᠬᠢᠵᠤ ᠣᠷᠣᠪᠠ᠃
        1430 ᠣᠨ
    ᠰᠢᠦᠸᠠᠨ ᠳᠧ ᠶ᠋ᠢᠨ ᠲᠠᠪᠤᠳᠤᠭᠠᠷ ᠣᠨ ᠳ᠋ᠤ᠌   ᠮᠢᠩ ᠤᠯᠤᠰ᠂ ᠬᠡᠢᠪᠣᠩ ᠬᠠᠷᠠᠭᠤᠯ ᠤ᠋ᠨ ᠭᠠᠵᠠᠷ ᠢ᠋ᠶ᠋ᠠᠨ ᠠᠷᠭ᠎ᠠ ᠪᠤᠰᠤ ᠬᠣᠢᠰᠢ ᠲᠠᠲᠠᠵᠤ ᠥᠷᠥᠭᠡᠰᠦᠨ ᠴᠢᠯᠠᠭᠤᠨ ᠬᠠᠭᠠᠯᠭ᠎ᠠ ᠳ᠋ᠤ᠌ ᠰᠢᠯᠵᠢᠭᠦᠯᠦᠨ ᠠᠪᠠᠴᠢᠭᠰᠠᠨ ᠢ᠋ᠶ᠋ᠠᠷ ᠬᠤᠷᠠᠬᠤ ᠶ᠋ᠢᠨ ᠠᠭᠤᠯᠠᠨ ᠤ᠋ ᠪᠠᠷᠲᠠᠭ᠎ᠠ ᠪᠠᠨ ᠠᠯᠳᠠᠵᠤ300 ᠭᠠᠵᠠᠷ ᠤᠬᠤᠷᠢᠭᠰᠠᠨ ᠪᠢᠯᠡ᠃ᠱᠠᠩᠳᠤ ᠨᠡᠢᠰᠯᠡᠯ ᠦ᠋ᠨ ᠣᠷᠣᠨ ᠬᠣᠭᠣᠰᠣᠷᠠᠵᠤ ᠮᠣᠩᠭᠣᠯᠴᠤᠳ ᠠᠭᠠᠵᠢᠮ ᠢ᠋ᠶ᠋ᠠᠷ ᠡᠮᠦᠨᠡᠰᠢ ᠲᠦᠷᠢᠨ ᠣᠷᠣᠪᠠ᠃
1632 ᠣᠨ
ᠮᠠᠨᠵᠤ ᠴᠢᠩ ᠤᠯᠤᠰ ᠤ᠋ᠨ ᠰᠡᠴᠡᠨ ᠬᠠᠭᠠᠨ ᠬᠣᠩ ᠲᠠᠢᠵᠢ᠂ ᠴᠠᠬᠠᠷ ᠤ᠋ᠨ ᠯᠢᠭᠳᠡᠨ ᠬᠤᠲᠤᠭᠲᠤ ᠬᠠᠭᠠᠨ ᠢ᠋ ᠳᠠᠢᠯᠠᠵᠤ ᠱᠠᠩᠳᠤ ᠪᠠᠷ ᠳᠠᠭᠠᠷᠢᠨ ᠥᠩᠭᠡᠷᠡᠬᠦ ᠳ᠋ᠡᠭᠡᠨ ᠳᠡᠭᠡᠳᠦ ᠨᠡᠢᠰᠯᠡᠯ ᠦ᠋ᠨ ᠤᠷᠲᠤ ᠬᠠᠷᠰᠢ ᠶ᠋ᠢ ᠶᠡᠬᠡ ᠪᠡᠷ ᠡᠪᠳᠡᠨ ᠰᠦᠮ᠎ᠡ ᠬᠡᠢᠳ ᠢ᠋ ᠨᠢ ᠰᠦᠢᠳᠬᠡᠭᠰᠡᠨ ᠠᠵᠢ᠃
              1893 ᠣᠨ
       5 ᠳ᠋ᠤᠭᠠᠷ ᠰᠠᠷ᠎ᠠ ᠶ᠋ᠢᠨ23 ᠤ᠋ ᠡᠳᠦᠷ      ᠣᠷᠣᠰ ᠤ᠋ᠨ ᠠᠯᠳᠠᠷᠲᠤ ᠵᠢᠭᠤᠯᠴᠢᠨ ᠠ᠂ ᠮᠠ᠊᠂  ᠫᠣᠰᠲᠸᠨᠢᠶᠸᠸ ᠱᠠᠩᠳᠤ ᠨᠡᠢᠰᠯᠡᠯ ᠦ᠋ᠨ ᠬᠠᠭᠤᠴᠢ ᠪᠠᠭᠤᠷᠢ ᠶ᠋ᠢ ᠬᠠᠢᠨ ᠪᠠᠢᠴᠠᠭᠠᠬᠤ ᠳ᠋ᠠᠭᠠᠨ《ᠵᠣᠣ ᠨᠠᠢ᠍ᠮᠠᠨ ᠰᠦᠮ᠎ᠡ ᠬᠣᠲᠠ ᠪᠣᠯ ᠨᠢᠭᠡᠨ ᠰᠠᠭᠤᠷᠢ ᠡᠷᠲᠡᠨ ᠦ᠌ ᠳᠤᠮᠳᠠᠳᠤ ᠤᠯᠤᠰ ᠤ᠋ᠨ ᠮᠣᠩᠭᠣᠯ ᠬᠣᠲᠠ ᠪᠣᠯᠤᠨ᠎ᠠ᠃ᠡᠬᠢᠨ ᠦ᠌ ᠦᠶᠡᠰ ᠲᠦ᠍ ᠶᠤᠸᠠᠨ ᠤᠯᠤᠰ ᠤ᠋ᠨ ᠬᠠᠭᠠᠨ ᠲᠥᠷᠥ ᠶ᠋ᠢᠨ ᠨᠡᠢᠰᠯᠡᠯ ᠬᠣᠲᠠ ᠪᠠᠢᠵᠠᠢ᠃ᠶᠤᠸᠠᠨ ᠤᠯᠤᠰ ᠮᠥᠬᠥᠭᠰᠡᠨ ᠦ᠌ ᠳᠠᠷᠠᠭ᠎ᠠ ᠪᠠᠭᠤᠷᠠᠨ ᠳᠣᠷᠣᠢᠲᠠᠵᠤ ᠳᠤᠮᠳᠠᠳᠤ ᠤᠯᠤᠰ ᠤ᠋ᠨ ᠶᠡᠷᠦ ᠶ᠋ᠢᠨ ᠪᠣᠭᠣᠮᠲᠠ ᠴᠠᠢᠵᠠ ᠬᠢᠯᠢ ᠶ᠋ᠢᠨ ᠬᠠᠷᠠᠭᠤᠯ ᠤ᠋ᠨ ᠭᠠᠵᠠᠷ ᠪᠣᠯᠪᠠ᠃ᠳᠤᠮᠳᠠᠳᠤ ᠤᠯᠤᠰ ᠤ᠋ᠨ ᠬᠥᠮᠦᠨ ᠡᠨᠳᠡ ᠡᠴᠡ ᠬᠢᠯᠢ ᠶ᠋ᠢᠨ ᠭᠠᠳᠠᠨᠠᠬᠢ ᠮᠣᠩᠭᠣᠯᠴᠤᠳ ᠢ᠋ ᠬᠢᠨᠠᠨ ᠰᠡᠷᠭᠡᠢᠯᠡᠵᠦ ᠲᠦᠢᠪᠡᠭᠡᠨ ᠰᠠᠮᠠᠭᠤᠷᠠᠭᠤᠯᠵᠤ ᠪᠠᠢᠪᠠ᠃ᠵᠣᠣ ᠨᠠᠢ᠍ᠮᠠᠨ ᠰᠦᠮ᠎ᠡ ᠶ᠋ᠢ ᠤᠳᠬᠠᠴᠢᠯᠠᠨ ᠣᠷᠴᠢᠭᠤᠯᠪᠠᠯ( ᠵᠠᠭᠤ ᠪᠥᠭᠡᠳ ᠨᠠᠢ᠍ᠮᠠᠨ ᠰᠦᠮ᠎ᠡ)᠃ᠡᠨᠡ ᠬᠦ᠌ ᠬᠠᠭᠤᠴᠢ ᠪᠠᠭᠤᠷᠢ ᠨᠢ ᠡᠳᠦᠭᠡ ᠮᠥᠨ ᠯᠡ ᠪᠣᠳᠠᠲᠠᠢ ᠣᠷᠣᠰᠢᠵᠤ ᠪᠠᠢᠭᠰᠠᠨ ᠦᠶ᠎ᠡ ᠶ᠋ᠢᠨ ᠢ᠋ᠶ᠋ᠡᠨ ᠨᠡᠷ᠎ᠡ ᠪᠡᠨ ᠬᠡᠷᠡᠭᠯᠡᠭᠰᠡᠭᠡᠷ ᠪᠣᠢ᠃ᠵᠢᠱ᠌ᠢᠶᠡᠯᠡᠪᠡᠯ ᠳᠤᠮᠳᠠᠳᠤᠴᠤᠳ ᠱᠠᠩᠳᠤ ᠨᠡᠢᠰᠯᠡᠯ ᠭᠡᠪᠡᠯ ᠬᠥᠮᠦᠨ ᠪᠦᠬᠦᠨ ᠮᠡᠳᠡᠳᠡᠭ᠃ᠤᠴᠢᠷ ᠨᠢ ᠤᠷᠢᠳᠤ ᠬᠤᠪᠢᠯᠠᠢ ᠬᠠᠭᠠᠨ ᠤ᠋ ᠤᠮᠠᠷᠠᠲᠤ ᠨᠡᠢᠰᠯᠡᠯ ᠪᠠᠢᠪᠠ᠃ᠬᠣᠵᠢᠮ ᠨᠢ ᠬᠡᠢᠪᠦᠩ ᠣᠷᠳᠣᠨ ᠭᠡᠵᠦ ᠨᠡᠷᠡᠯᠡᠵᠡᠢ᠃ᠬᠡᠢᠪᠦᠩ ᠣᠷᠳᠣᠨ ᠪᠣᠯ ᠶᠤᠸᠠᠨ ᠤᠯᠤᠰ ᠤ᠋ᠨ ᠨᠡᠢᠰᠯᠡᠯ ᠬᠣᠲᠠ—ᠱᠠᠩᠳᠤ ᠶ᠋ᠢᠨ ᠤᠤᠯ ᠨᠡᠷ᠎ᠡ  ᠶᠤᠮ᠃ᠬᠠᠭᠤᠴᠢ ᠪᠠᠭᠤᠷᠢ ᠶ᠋ᠢᠨ ᠬᠡᠮᠵᠢᠶ᠎ᠡ ᠨᠡᠯᠢᠶᠡᠳ ᠶᠡᠬᠡ᠂ᠬᠦᠷᠢᠶ᠎ᠡ ᠬᠡᠷᠡᠮ ᠳᠡᠭᠡᠷ᠎ᠡ ᠡᠴᠡ ᠪᠠᠷᠠᠯᠠᠪᠠᠯ ᠵᠣᠣ ᠨᠠᠢ᠍ᠮᠠᠨ ᠰᠦᠮ᠎ᠡ ᠬᠣᠲᠠ ᠨᠢ ᠭᠤᠷᠪᠠᠨ ᠳᠠᠪᠬᠤᠷ ᠬᠣᠲᠠ ᠪᠠᠷ ᠪᠦᠷᠢᠯᠳᠦᠭᠰᠡᠨ ᠨᠢ ᠨᠢᠳᠦᠨ ᠦ᠌ ᠡᠮᠦᠨ᠎ᠡ ᠢᠪ ᠢᠯᠡᠬᠡᠨ᠂ᠬᠣᠲᠠ ᠪᠦᠷᠢ ᠨᠢ ᠲᠤᠰᠬᠠᠢ ᠬᠦᠷᠢᠶ᠎ᠡ ᠬᠡᠷᠡᠮ ᠲᠡᠢ᠂ᠪᠢ ᠮᠣᠷᠢ ᠤᠨᠤᠵᠤ ᠬᠣᠲᠠ ᠶ᠋ᠢᠨ ᠭᠠᠳᠠᠭᠤᠷ ᠨᠢᠭᠡ ᠤᠳᠠᠭ᠎ᠠ ᠲᠣᠭᠣᠷᠢᠬᠤ ᠳ᠋ᠤ᠌3ᠴᠠᠭ ᠬᠠᠭᠠᠰ ᠬᠡᠷᠡᠭᠯᠡᠪᠡ᠃ᠭᠠᠳᠠᠷ ᠬᠣᠲᠠ ᠶ᠋ᠢᠨ ᠡᠷᠭᠢᠨ ᠲᠣᠭᠣᠷᠢᠨ ᠬᠠᠮᠤᠭ ᠪᠠᠭ᠎ᠠ ᠳ᠋ᠠᠭᠠᠨ12 ᠣᠷᠣᠰ ᠭᠠᠵᠠᠷ ᠪᠣᠢ》 ᠭᠡᠵᠡᠢ᠃
1913 ᠣᠨ
7 ᠳ᠋ᠤᠭᠠᠷ ᠰᠠᠷ᠎ᠠ ᠶ᠋ᠢᠨ13 ᠤ᠋ ᠡᠳᠦᠷ  ᠭᠠᠨᠵᠣᠷᠣ᠎ᠠ ᠬᠤᠲᠤᠭᠲᠤ ᠶ᠋ᠢᠨ ᠳᠥᠷᠪᠡᠳᠦᠭᠡᠷ ᠳᠦᠷᠢ ᠱᠠᠩᠳᠤ ᠪᠠᠯᠭᠠᠳ ᠤ᠋ᠨ ᠡᠭᠦᠳᠡᠨ ᠡᠮᠦᠨ᠎ᠡ ᠪᠠᠷᠢᠭᠰᠠᠨ ᠭᠠᠨᠵᠤᠤᠷ ᠰᠦᠮ᠎ᠡ ᠳ᠋ᠡᠭᠡᠨ ᠬᠡᠳᠦᠨ ᠰᠠᠬᠢᠭᠤᠯ ᠱᠠᠪᠢ ᠶ᠋ᠢᠨ ᠢ᠋ᠶ᠋ᠡᠨ ᠬᠠᠮᠲᠤ ᠭᠠᠯᠳᠠᠭᠳᠠᠨ ᠦᠬᠦᠪᠡ᠃ᠦᠬᠡᠷ ᠵᠢᠯ ᠦ᠋ᠨ ᠦᠢᠮᠡᠭᠡᠨ ᠳ᠋ᠦ᠍ ᠢᠯᠠᠭᠳᠠᠭᠰᠠᠨ ᠬᠠᠷ᠎ᠠ ᠴᠡᠷᠢᠭ ᠭᠠᠨᠵᠣᠷᠣ᠎ᠠ ᠶ᠋ᠢ ᠬᠣᠷᠣᠰᠤᠨ ᠵᠠᠨᠤᠵᠤ ᠳᠤᠭᠠᠩ ᠳ᠋ᠤᠨᠢ ᠬᠣᠷᠢᠵᠤ ᠭᠠᠯᠳᠠᠭᠰᠠᠨ ᠪᠠᠢᠪᠠ᠃
1935 ᠣᠨ
ᠶᠠᠫᠣᠨ ᠤ᠋ ᠬᠠᠢᠨ ᠪᠠᠢᠴᠠᠭᠠᠬᠤ ᠠᠩᠭᠢ ᠶᠤᠸᠠᠨ ᠤ᠋ ᠱᠠᠩᠳᠤ ᠨᠡᠢᠰᠯᠡᠯ ᠢ᠋ ᠬᠠᠢᠨ ᠪᠠᠢᠴᠠᠭᠠᠵᠤ《ᠱᠠᠩᠳᠤ—ᠲᠤᠯᠤᠨ ᠨᠠᠭᠤᠷ ᠤ᠋ᠨ ᠶᠤᠸᠠᠨ ᠤ᠋ ᠦᠶᠡᠰ ᠦᠨ ᠬᠠᠭᠤᠴᠢ ᠪᠠᠭᠤᠷᠠᠢ ᠶ᠋ᠢᠨ ᠬᠠᠢᠨ ᠪᠠᠢᠴᠠᠭᠠᠯᠲᠠ》ᠬᠡᠮᠡᠬᠦ ᠪᠢᠴᠢᠭ ᠢ᠋ ᠪᠢᠴᠢᠵᠦ ᠳᠠᠷᠤᠮᠠᠯᠯᠠᠪᠠ᠃
        1939 ᠣᠨ
    ᠶᠠᠫᠣᠨ ᠤ᠋ ᠬᠠᠢᠨ ᠰᠢᠨᠵᠢᠬᠦ ᠠᠩᠭᠢ᠂ᠳᠡᠭᠡᠳᠦ ᠨᠡᠢᠰᠯᠡᠯ ᠦ᠋ᠨ ᠪᠠᠭᠤᠷᠠᠢ ᠶ᠋ᠢ ᠶᠡᠬᠡ ᠪᠡᠷ ᠮᠠᠯᠲᠠᠵᠠᠢ᠃ᠱᠠᠩᠳᠤ ᠪᠠᠯᠭᠠᠳ ᠠ᠋ᠴᠠ ᠡᠮᠦᠨ᠎ᠡ ᠪᠠᠢᠭᠰᠠᠨ ᠴᠠᠭᠠᠨᠪᠠᠭᠠᠲᠣᠷ ᠤ᠋ᠨ ᠬᠥᠰᠢᠶ᠎ᠡ ᠵᠡᠷᠭᠡ ᠶ᠋ᠢ ᠠᠪᠴᠤ ᠶᠠᠪᠤᠪᠠ᠃
        1958 ᠣᠨ
    ᠵᠤᠨ   ᠱᠠᠩᠳᠤ ᠨᠡᠢᠰᠯᠡᠯ ᠦ᠋ᠨ ᠬᠠᠭᠤᠴᠢ ᠪᠠᠭᠤᠷᠢ ᠶ᠋ᠢᠨ ᠭᠠᠳᠠᠨᠠᠬᠢ ᠲᠠᠲᠠᠮᠠᠯ ᠭᠣᠣᠯ ᠢ᠋ ᠳᠠᠭᠠᠭᠤᠯᠤᠨ ᠰᠤᠪᠠᠭ ᠮᠠᠯᠲᠠᠬᠤ ᠦᠶᠡᠰ ᠶᠡᠬᠡ ᠬᠡᠮᠵᠢᠶᠡᠨ ᠦ᠌ ᠲᠡᠦᠬᠡ ᠳᠤᠷᠠᠰᠬᠠᠯ ᠤ᠋ᠨ ᠵᠦᠢᠯ ᠢᠯᠡᠷᠡᠪᠡ᠃ ᠵᠢᠷᠭᠤᠭᠠᠨ ᠰᠠᠨᠵᠢ ᠲᠠᠢ ᠲᠣᠮᠣ ᠲᠣᠭᠣᠭ᠎ᠠ ᠶ᠋ᠢ ᠪᠠᠭᠲᠠᠭᠠᠭᠰᠠᠨ ᠲᠡᠦᠬᠡ ᠳᠤᠷᠠᠰᠬᠠᠯ ᠤ᠋ᠨ ᠵᠦᠢᠯ ᠢ᠋ ᠣᠷᠣᠨ ᠤ᠋ ᠮᠦᠽᠧᠢ ᠳ᠋ᠦ᠍ ᠬᠦᠷᠭᠡᠵᠡᠢ᠃
        1983 ᠣᠨ
    7 ᠳ᠋ᠤᠭᠠᠷ ᠰᠠᠷ᠎ᠠ     ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠱᠦᠵᠢ ᠲᠢᠩ ᠮᠣᠤ᠂ ᠰᠢᠯᠤᠭᠤᠨ ᠬᠥᠬᠡ ᠬᠤᠰᠢᠭᠤᠨ ᠳ᠋ᠤ᠌ ᠢᠷᠡᠵᠦ ᠠᠵᠢᠯ ᠪᠠᠢᠴᠠᠭᠠᠬᠤ ᠳ᠋ᠠᠭᠠᠨ ᠶᠤᠸᠠᠨ ᠤᠯᠤᠰ ᠤ᠋ᠨ ᠱᠠᠩᠳᠤ ᠨᠡᠢᠰᠯᠡᠯ ᠢ᠋ ᠲᠣᠭᠣᠷᠢᠨ ᠦᠵᠡᠵᠦ ᠰᠣᠨᠢᠷᠬᠠᠪᠠ᠃
    9 ᠳ᠋ᠦ᠍ᠭᠡᠷ ᠰᠠᠷ᠎ᠠ     ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠡᠷᠢᠭᠦᠯᠡᠭᠴᠢ ᠪᠥᠬᠡ᠂ ᠰᠢᠯᠤᠭᠤᠨ ᠬᠥᠬᠡ ᠬᠤᠰᠢᠭᠤᠨ ᠤ᠋ ᠱᠦᠵᠢ ᠲᠤᠭᠠᠷ ᠲᠠᠢ ᠬᠠᠮᠲᠤ ᠱᠠᠩᠳᠤ ᠨᠡᠢᠰᠯᠡᠯ ᠦ᠋ᠨ ᠬᠠᠭᠤᠴᠢ ᠪᠠᠭᠤᠷᠢ ᠶ᠋ᠢ ᠲᠣᠭᠣᠷᠢᠨ ᠦᠵᠡᠵᠦ ᠪᠠᠢᠴᠠᠭᠠᠪᠠ᠃
    10 ᠳ᠋ᠤᠭᠠᠷ ᠰᠠᠷ᠎ᠠ ᠶ᠋ᠢᠨ23 ᠤ᠋   ᠡᠳᠦᠷ ᠥᠪᠡᠷᠲᠡᠭᠡᠨ ᠵᠠᠰᠠᠬᠤ ᠣᠷᠣᠨ ᠤ᠋ ᠬᠠᠨ ᠹᠧᠩ ᠨᠥᠬᠥᠷ᠂ᠰᠢᠯᠢ ᠶ᠋ᠢᠨ ᠭᠣᠣᠯ ᠠᠢᠮᠠᠭ ᠤ᠋ᠨ ᠳᠠᠷᠤᠭ᠎ᠠ ᠬᠡᠸᠠ ᠪᠣᠯᠤᠨ ᠰᠢᠯᠤᠭᠤᠨ ᠬᠥᠬᠡ ᠬᠤᠰᠢᠭᠤᠨ ᠤ᠋ ᠤᠬᠠᠭᠤᠯᠬᠤ ᠬᠡᠯᠲᠡᠰ ᠦ᠋ᠨ ᠳᠠᠷᠤᠭ᠎ᠠ 
ᠭᠠᠯᠳᠠᠳ ᠰᠣᠳᠤᠰᠡᠴᠡᠨ ᠨᠠᠷ ᠲᠠᠢ ᠱᠠᠩᠳᠤ ᠨᠡᠢᠰᠯᠡᠯ ᠦ᠋ᠨ ᠬᠠᠭᠤᠴᠢ ᠪᠠᠭᠤᠷᠢ ᠶ᠋ᠢ ᠲᠣᠭᠣᠷᠢᠨ ᠦᠵᠡᠪᠡ᠃
1987 ᠣᠨ
7 ᠳ᠋ᠤᠭᠠᠷ ᠰᠠᠷ᠎ᠠ   ᠠᠯᠳᠠᠷᠲᠤ ᠲᠡᠦᠬᠡᠴᠢᠨ ᠰᠠᠷᠲᠠᠭᠤᠳ ᠪᠠᠶᠠᠨᠪᠣᠣ ᠰᠠᠢᠰᠢᠶᠠᠯ᠂ᠡᠷᠳᠡᠮᠲᠡᠨ ᠬᠦᠢᠳ ᠵᠣ· ᠲᠡᠮᠤᠷᠴᠡᠷᠡᠩ᠂ᠬᠡᠪᠯᠡᠯ ᠦ᠋ᠨ ᠦᠢᠯᠡᠰ ᠦ᠋ᠨ ᠭᠠᠪᠢᠶᠠᠲᠤ ᠵᠢᠳᠬᠦᠯᠲᠡᠨ ᠰᠣᠳᠨᠣᠮᠵᠤᠨᠴᠣᠤ ᠨᠠᠷ ᠱᠠᠩᠳᠤ ᠨᠡᠢᠰᠯᠡᠯ ᠦ᠋ᠨ ᠬᠠᠭᠤᠴᠢ ᠪᠠᠭᠤᠷᠢ ᠶ᠋ᠢ ᠬᠠᠢᠨ ᠪᠠᠢᠴᠠᠭᠠᠵᠤ ᠰᠠᠴᠤᠯᠢ ᠡᠷᠭᠦᠪᠡ᠃
        1988 ᠣᠨ
    ᠲᠥᠷᠥ ᠶ᠋ᠢᠨ ᠶᠠᠪᠤᠳᠠᠯ ᠤ᠋ᠨ ᠬᠣᠷᠢᠶᠠᠨ ᠠ᠋ᠴᠠ《ᠶᠤᠸᠠᠨ ᠤᠯᠤᠰ ᠤ᠋ᠨ ᠱᠠᠩᠳᠤ ᠨᠡᠢᠰᠯᠡᠯ ᠢ᠋ ᠤᠯᠤᠰ ᠤ᠋ᠨ ᠭᠣᠣᠯᠳᠠᠯᠭ᠎ᠠ 
ᠲᠠᠢ ᠬᠠᠮᠠᠭᠠᠯᠠᠬᠤ ᠬᠠᠭᠤᠴᠢ ᠪᠠᠭᠤᠷᠢ》 ᠪᠠᠷ ᠲᠣᠭᠲᠠᠭᠠᠪᠠ᠃ᠲᠥᠪ ᠦ᠋ᠨ ᠠᠵᠤ ᠠᠬᠤᠢ ᠶ᠋ᠢᠨ ᠯᠠᠪᠯᠠᠯᠲᠠ ᠶ᠋ᠢᠨ ᠰᠣᠨᠢᠨ ᠤ᠋ ᠰᠤᠷᠪᠤᠯᠵᠢᠯᠠᠭᠴᠢ ᠱᠠᠩᠳᠤ ᠨᠡᠢᠰᠯᠡᠯ ᠦ᠋ᠨ ᠬᠠᠭᠤᠴᠢ ᠪᠠᠭᠤᠷᠢ ᠶ᠋ᠢ ᠪᠠᠢᠴᠠᠭᠠᠨ ᠰᠤᠷᠪᠤᠯᠵᠢᠯᠠᠵᠤ 《ᠳᠡᠭᠡᠳᠦ ᠨᠡᠢᠰᠯᠡᠯ ᠦ᠋ᠨ ᠬᠠᠭᠤᠴᠢ ᠪᠠᠭᠤᠷᠢ ᠶ᠋ᠢ ᠡᠷᠢᠨ ᠰᠤᠷᠪᠤᠯᠵᠢᠯᠠᠭᠰᠠᠨ ᠨᠢ》ᠬᠡᠮᠡᠬᠦ ᠤᠷᠲᠤ ᠴᠢᠮᠡᠭᠡᠯᠡᠯ ᠪᠢᠴᠢᠵᠦ《ᠠᠯᠳᠠᠭᠰᠠᠨ ᠢ᠋ᠶ᠋ᠠᠨ ᠲᠠᠬᠢᠵᠤ ᠪᠠᠰᠠ ᠠᠯᠳᠠᠵᠤ ᠪᠣᠯᠬᠤ ᠦᠭᠡᠢ》 ᠭᠡᠮᠡᠨ ᠤᠷᠢᠶᠠᠯᠠᠪᠠ᠃
    5 ᠳ᠋ᠤᠭᠠᠷ ᠰᠠᠷ᠎ᠠ  ᠮᠣᠩᠭᠣᠯ ᠤᠯᠤᠰ ᠤ᠋ᠨ ᠡᠷᠳᠡᠮᠲᠡᠨ ᠴᠢ᠊᠂ᠳᠠᠯᠠᠢ᠂ᠠᠯᠳᠠᠷᠲᠤ ᠲᠡᠦᠬᠡᠴᠢᠨ ᠰᠠᠷᠲᠠᠭᠣᠳ  ᠪᠠᠶᠠᠨᠪᠦᠦ 
ᠰᠠᠢᠰᠢᠶᠠᠯ᠂ᠰᠣᠶᠣᠯ ᠤ᠋ᠨ ᠵᠢᠳᠬᠦᠯᠲᠡᠨ ᠭᠠᠯᠳᠠᠳ ᠰᠤᠳᠤᠰᠡᠴᠡᠨ ᠦ᠌ ᠬᠠᠮᠲᠤ ᠳᠡᠭᠡᠳᠦ ᠨᠡᠢᠰᠯᠡᠯ ᠱᠠᠩᠳᠤ ᠶ᠋ᠢᠨ ᠬᠠᠭᠤᠴᠢ 
ᠪᠠᠭᠤᠷᠢ ᠶ᠋ᠢ ᠪᠠᠢᠴᠠᠭᠠᠨ ᠦᠵᠡᠪᠡ᠃
1992 ᠣᠨ
8——10 ᠳ᠋ᠤᠭᠠᠷ ᠰᠠᠷ᠎ᠠ   ᠥᠪᠥᠷ ᠮᠣᠩᠭᠣᠯ ᠤ᠋ᠨ ᠬᠠᠭᠤᠴᠢ ᠰᠤᠳᠤᠯᠬᠤ ᠭᠠᠵᠠᠷ ᠨᠢ ᠰᠢᠯᠢ ᠶ᠋ᠢᠨ ᠭᠣᠣᠯ ᠠᠢᠮᠠᠭ ᠤ᠋ᠨ ᠲᠡᠦᠬᠡ ᠳᠤᠷᠠᠰᠬᠠᠯᠲᠤ ᠵᠦᠢᠯ  ᠢ ᠬᠠᠮᠠᠭᠠᠯᠠᠬᠤ ᠥᠷᠲᠡᠭᠡ ᠲᠡᠢ ᠬᠠᠮᠲᠤᠷᠠᠵᠤ ᠱᠠᠩᠳᠤ ᠨᠡᠢᠰᠯᠡᠯ ᠡᠴᠡ ᠪᠠᠷᠠᠭᠤᠨᠰᠢ ᠪᠠᠢᠬᠤ ᠪᠤᠮᠪᠠᠨ ᠵᠠᠪᠰᠠᠷ ᠲᠤ᠌ ᠠᠭᠤᠳᠠᠯᠤᠯᠲᠠ ᠬᠢᠵᠦ 《ᠮᠣᠩᠭᠣᠯ ᠬᠠᠭᠠᠳ ᠤ᠋ᠨ ᠲᠠᠬᠢᠯᠭ᠎ᠠ ᠶ᠋ᠢᠨ ᠪᠠᠭᠤᠷᠢ ᠶ᠋ᠢ ᠢᠯᠡᠷᠡᠭᠦᠯᠪᠡ》ᠭᠡᠮᠡᠨ ᠨᠡᠢᠲᠡᠯᠡᠪᠡ᠃ᠡᠨᠡ ᠨᠢ ᠮᠢᠩ ᠤᠯᠤᠰ ᠠ᠋ᠴᠠ ᠨᠠᠭᠠᠰᠢ ᠤᠳᠠᠭ᠎ᠠ ᠳᠠᠷᠠᠭᠠᠯᠠᠨ ᠡᠪᠳᠡᠭᠳᠡᠭᠰᠡᠨ ᠮᠣᠩᠭᠣᠯ ᠤᠭᠰᠠᠭᠠᠲᠠᠨ ᠤ᠋ ᠡᠷᠲᠡᠨ ᠦ᠌ ᠦᠶ᠎ᠡ ᠶ᠋ᠢᠨ ᠾᠦᠩᠨᠦ᠂ᠲᠦᠷᠭᠦᠳ᠂ᠶᠤᠸᠠᠨ ᠤᠯᠤᠰ ᠤ᠋ᠨ ᠲᠠᠬᠢᠯᠭ᠎ᠠ ᠶ᠋ᠢᠨ ᠭᠠᠵᠠᠷ ᠶᠤᠮ᠃
       ᠢᠯᠠᠩᠭᠤᠶ᠎ᠠ ᠲᠠᠪᠢᠭᠠᠳ ᠣᠨ ᠠ᠋ᠴᠠ ᠨᠠᠭᠠᠰᠢ ᠬᠦᠨᠳᠦ ᠰᠦᠷᠡᠬᠡᠢ ᠡᠪᠳᠡᠭᠳᠡᠨ ᠰᠦᠢᠳᠦᠭᠰᠡᠨ ᠪᠢᠯᠡ᠃ᠨᠢᠭᠡᠳᠦᠭᠡᠷ ᠨᠣᠮᠧᠷᠲᠦ ᠲᠠᠬᠢᠯ ᠤ᠋ᠨ ᠪᠠᠭᠤᠷᠢ ᠲᠣᠭᠣᠷᠢᠭ ᠵᠤᠤᠪᠠᠩ ᠬᠦᠷᠢᠶ᠎ᠡ ᠲᠡᠢ᠂ᠴᠢᠯᠠᠭᠤᠨ ᠬᠦᠷᠢᠶ᠎ᠡ ᠶ᠋ᠢᠨ ᠥᠨᠳᠥᠷ 1.50ᠮᠧᠲ᠋ᠷ᠂ᠥᠷᠭᠡᠨ1.40
ᠮᠧᠲ᠋ᠷ᠂ᠵᠡᠭᠦᠨᠰᠢ ᠪᠠᠷᠠᠭᠤᠨᠰᠢ 3 ᠮᠧᠲ᠋ᠷ᠂ᠡᠮᠦᠨᠡᠰᠢ ᠬᠣᠢᠰᠢ 30ᠮᠧᠲ᠋ᠷ᠃ᠵᠡᠭᠦᠨᠰᠢ ᠬᠠᠨᠳᠤᠭᠰᠠᠨ ᠡᠭᠦᠳᠡ ᠲᠡᠢ᠃ᠬᠡᠷᠡᠮ ᠦ᠋ᠨ ᠳᠣᠲᠣᠷ᠎ᠠ ᠵᠡᠭᠦᠨ ᠲᠠᠯ᠎ᠠ ᠳ᠋ᠤᠨᠢ ᠭᠠᠨᠲᠢᠭ ᠴᠢᠯᠠᠭᠤᠨ ᠱᠤᠭᠤᠮᠠᠯ ᠬᠥᠮᠦᠨ᠂ᠲᠣᠯᠣᠭᠠᠢ ᠦᠭᠡᠢ᠂ᠪᠡᠶ᠎ᠡ ᠶ᠋ᠢᠨ ᠥᠨᠳᠥᠷ 1.35ᠮᠧᠲ᠋ᠷ᠂ᠵᠡᠭᠦᠨᠰᠢ ᠨᠠᠷᠠ ᠮᠠᠨᠳᠤᠬᠤ ᠵᠦᠭ ᠬᠠᠨᠳᠤᠵᠤ᠂ᠠᠶᠠᠭ᠎ᠠ ᠰᠠᠪᠠ ᠪᠠᠷᠢᠭᠰᠠᠨ ᠪᠠᠷᠠᠭᠤᠨ ᠭᠠᠷ ᠢ᠋ᠶ᠋ᠠᠨ ᠡᠪᠦᠳᠦᠭ ᠳᠡᠭᠡᠷ᠎ᠡ ᠪᠡᠨ ᠲᠠᠯᠪᠢᠨ ᠬᠡ ᠤᠭᠠᠯᠵᠠᠲᠤ ᠳᠤᠭᠤᠢ ᠬᠡᠯᠪᠡᠷᠢ ᠶ᠋ᠢᠨ ᠲᠦᠰᠢᠯᠭᠡᠲᠦ ᠰᠠᠨᠳᠠᠯᠢ ᠳᠡᠭᠡᠷ᠎ᠡ ᠰᠠᠭᠤᠵᠠᠢ᠃ᠪᠡᠶ᠎ᠡ ᠳ᠋ᠡᠭᠡᠨ ᠯᠤᠤ ᠶ᠋ᠢᠨ ᠬᠤᠸᠠᠷ ᠲᠠᠢ᠂ᠵᠥᠪ ᠡᠩᠭᠡᠷ ᠲᠡᠢ ᠤᠷᠲᠤ ᠳᠡᠪᠡᠯ ᠡᠮᠦᠰᠴᠦ ᠬᠥᠯ ᠳ᠋ᠡᠭᠡᠨ ᠵᠤᠵᠠᠭᠠᠨ ᠤᠯᠠ ᠪᠦᠬᠦᠢ ᠡᠭᠡᠳᠡᠨ ᠭᠤᠲᠤᠯ ᠢᠰᠬᠦᠯᠵᠦ᠂ᠪᠥᠰᠡᠨ ᠳ᠋ᠡᠭᠡᠨ ᠮᠣᠩᠭᠣᠯ ᠬᠢᠲᠤᠭ᠎ᠠ᠂ᠳᠥᠷᠪᠡᠯᠵᠢᠨ ᠬᠡᠲᠡ ᠶ᠋ᠢ ᠵᠡᠭᠦᠨ ᠲᠠᠯ᠎ᠠ ᠳ᠋ᠠᠭᠠᠨ ᠵᠡᠭᠦᠵᠦ᠂ᠪᠥᠬᠥᠩ ᠭᠥᠷᠦᠭᠡᠰᠦᠨ ᠦ᠌ ᠡᠪᠡᠷ ᠵᠡᠷᠭᠡ ᠬᠡᠷᠡᠭᠰᠡᠯ  ᠢ ᠪᠠᠷᠠᠭᠤᠨ ᠲᠠᠯ᠎ᠠ ᠳ᠋ᠠᠭᠠᠨ ᠵᠡᠭᠦᠵᠡᠢ᠃ᠲᠥᠪ ᠶᠡᠬᠡᠮᠰᠦᠭ᠂ᠪᠡᠶ᠎ᠡ ᠲᠡᠭᠰᠢ᠂ᠨᠢᠷᠤᠭᠤ ᠭᠡᠳᠡᠭᠡᠷ ᠰᠠᠭᠠᠲᠠᠭᠰᠠᠨ ᠪᠣᠯᠠᠢ᠃ᠴᠢᠯᠠᠭᠤᠨ ᠬᠥᠮᠦᠨ ᠨᠢ ᠳᠥᠷᠪᠡᠯᠵᠢᠨ ᠬᠡᠯᠪᠡᠷᠢ ᠶ᠋ᠢᠨ ᠲᠠᠬᠢᠯ ᠤ᠋ᠨ ᠲᠠᠪᠴᠠᠩ ᠤ᠋ᠨ ᠡᠮᠦᠨ᠎ᠡ ᠪᠠᠢᠷᠢᠯᠠᠭᠤᠯᠵᠤ ᠲᠠᠪᠴᠠᠩ ᠤ᠋ᠨ ᠳᠡᠭᠡᠷ᠎ᠡ ᠮᠣᠩᠭᠣᠯ ᠭᠡᠷ ᠦ᠋ᠨ ᠬᠡᠯᠪᠡᠷᠢ ᠲᠡᠢ ᠪᠤᠶᠤ ᠮᠤᠬᠤᠯᠠᠭ ᠬᠡᠯᠪᠡᠷᠢ ᠲᠡᠢ ᠥᠷᠥᠭᠡ ᠪᠠᠢᠪᠠ᠃ᠠᠭᠤᠳᠠᠯᠤᠯᠲᠠ ᠪᠠᠷ ᠶᠤᠸᠠᠨ ᠤ᠋ ᠬᠥᠬᠡ ᠬᠤᠸᠠᠷ ᠲᠠᠢ ᠫᠢᠯᠠ ᠰᠠᠪᠠ᠂ᠴᠢᠯᠠᠭᠤᠨ ᠪᠤᠷᠬᠠᠳ ᠭᠠᠷᠤᠭᠰᠠᠨ ᠢ᠋ ᠬᠥᠮᠥᠷᠭᠡ ᠳ᠋ᠦ᠍ ᠬᠠᠳᠠᠭᠠᠯᠠᠭᠰᠠᠨ ᠪᠣᠯᠤᠯᠲᠠᠢ᠂ᠡᠳᠦᠭᠡ ᠪᠣᠯᠲᠠᠯ᠎ᠠ ᠦᠵᠡᠰᠬᠦᠯᠡᠩ ᠳ᠋ᠦ᠍ ᠲᠠᠯᠪᠢᠭᠰᠠᠨ ᠦᠭᠡᠢ᠃
1993 ᠣᠨ
ᠵᠢᠯ ᠦ᠋ᠨ ᠡᠬᠢᠨ     ᠶᠤᠸᠠᠨ ᠤ᠋ ᠳᠡᠭᠡᠳᠦ ᠨᠡᠢᠰᠯᠡᠯ ᠱᠠᠩᠳᠤ ᠪᠠᠯᠭᠠᠳ ᠢ᠋ ᠤᠯᠤᠰ ᠤ᠋ᠨ ᠳᠡᠰ ᠦ᠋ᠨ ᠲᠡᠦᠬᠡ ᠳᠤᠷᠠᠰᠬᠠᠯ
 ᠤ᠋ᠨ ᠬᠠᠮᠠᠭᠠᠯᠠᠯᠲᠠ ᠶ᠋ᠢᠨ ᠬᠠᠭᠤᠴᠢ ᠪᠠᠭᠤᠷᠢ ᠪᠠᠷ ᠲᠣᠭᠲᠠᠭᠠᠪᠠ᠃
8 ᠳ᠋ᠤᠭᠠᠷ ᠰᠠᠷ᠎ᠠ   ᠰᠢᠨᠬᠤᠸᠠ ᠬᠣᠷᠢᠶᠠᠨ ᠤ᠋ ᠰᠤᠷᠪᠤᠯᠵᠢᠯᠠᠭᠴᠢ ᠵᠣ᠌ ᠶᠢᠣ᠌ ᠳᠢ᠂ᠠᠷᠠᠳ ᠤ᠋ᠨ ᠡᠳᠦᠷ ᠦ᠋ᠨ ᠰᠣᠨᠢᠨ ᠤ᠋ ᠰᠤᠷᠪᠤᠯᠵᠢᠯᠠᠭᠴᠢ ᠯᠢ ᠬᠣᠩ ᠪᠢᠩ᠂ᠱᠠᠩᠳᠤ ᠶ᠋ᠢᠨ ᠬᠠᠭᠤᠴᠢ ᠪᠠᠭᠤᠷᠢ ᠪᠠᠷ ᠲᠣᠭᠣᠷᠢᠨ ᠰᠤᠷᠪᠤᠯᠵᠢᠯᠠᠵᠤ《ᠱᠠᠩᠳᠤ ᠶ᠋ᠢᠨ ᠡᠷᠢᠯ》᠂《ᠰᠢᠷ᠎ᠠ ᠲᠠᠯ᠎ᠠ ᠳ᠋ᠤ᠌ ᠨᠢᠭᠡᠨ ᠡᠷᠲᠡᠨ ᠦ᠌ ᠨᠡᠢᠰᠯᠡᠯ ᠬᠣᠲᠠ ᠪᠣᠢ》ᠬᠡᠮᠡᠬᠦ ᠨᠠᠢᠢᠷᠠᠭᠤᠯᠤᠯ ᠪᠢᠴᠢᠵᠦ《ᠠᠷᠠᠳ ᠤ᠋ᠨ ᠡᠳᠦᠷ ᠦ᠋ᠨ ᠰᠣᠨᠢᠨ》᠂《ᠰᠢᠨᠬᠤᠸᠠ ᠡᠳᠦᠷ ᠪᠦᠷᠢ ᠶ᠋ᠢᠨ ᠴᠠᠬᠢᠯᠭᠠᠨ ᠮᠡᠳᠡᠭᠡ》 ᠳ᠋ᠦ᠍ ᠨᠡᠢᠲᠡᠯᠡᠪᠡ᠃
1994 ᠣᠨ
ᠴᠠᠭᠠᠨ ᠰᠠᠷ᠎ᠠ  ᠲᠥᠪ ᠦ᠋ᠨ ᠵᠤᠭᠠᠴᠠᠯ ᠤ᠋ᠨ ᠦᠢᠯᠡᠰ ᠦ᠋ᠨ ᠲᠣᠪᠴᠢᠶ᠎ᠠ ᠪᠣᠯᠤᠨ ᠤᠯᠤᠰ ᠤ᠋ᠨ ᠲᠡᠦᠬᠡ ᠳᠤᠷᠠᠰᠬᠠᠯ ᠤ᠋ᠨ ᠲᠣᠪᠴᠢᠶ᠎ᠠ《1994ᠣᠨ ᠤ᠋ ᠳᠤᠮᠳᠠᠳᠤ ᠤᠯᠤᠰ ᠤ᠋ᠨ ᠲᠡᠦᠬᠡ ᠳᠤᠷᠠᠰᠬᠠᠯ ᠬᠠᠭᠤᠴᠢ ᠪᠠᠭᠤᠷᠢ ᠶ᠋ᠢᠨ ᠵᠤᠭᠠᠴᠠᠯ》 ᠤ᠋ᠨ ᠲᠤᠰᠬᠠᠢ ᠬᠥᠲᠥᠯᠪᠦᠷᠢ ᠥᠷᠨᠢᠭᠦᠯᠬᠦ ᠠᠵᠢᠯᠯᠠᠭ᠎ᠠ ᠶ᠋ᠢᠨ ᠬᠥᠰᠢᠭᠡ ᠶ᠋ᠢ ᠪᠡᠭᠡᠵᠢᠩ ᠦ᠋ᠨ ᠬᠠᠭᠠᠨ ᠤ᠋ ᠣᠷᠳᠣᠨ ᠳ᠋ᠤ᠌ ᠨᠡᠭᠡᠭᠡᠪᠡ᠃ᠰᠢᠯᠤᠭᠤᠨ ᠬᠥᠬᠡ ᠬᠤᠰᠢᠭᠤᠨ ᠤ᠋ ᠱᠠᠩᠳᠤ ᠨᠡᠢᠰᠯᠡᠯ ᠦ᠋ᠨ ᠬᠠᠭᠤᠴᠢ ᠪᠠᠭᠤᠷᠢ ᠶ᠋ᠢ ᠠᠷᠪᠠᠨ ᠳᠥᠷᠪᠡᠨ ᠵᠤᠷᠪᠤᠰ ᠵᠤᠭᠠᠴᠠᠯ ᠤ᠋ᠨ ᠱᠤᠭᠤᠮ ᠤ᠋ᠨ ᠨᠢᠭᠡ—670 ᠵᠢᠯ ᠦ᠋ᠨ ᠡᠮᠦᠨ᠎ᠡ ᠮᠠᠷᠺᠣ ᠫᠣᠯᠣ ᠶ᠋ᠢᠨ ᠳᠤᠮᠳᠠᠳᠤ ᠤᠯᠤᠰ ᠲᠤ᠌ ᠠᠶᠠᠯᠠᠭᠰᠠᠨ ᠠᠶᠠᠯᠠᠯ ᠤ᠋ᠨ ᠡᠬᠢᠨ ᠦ᠌  ᠴᠡᠭ ᠢ᠋ᠶ᠋ᠠᠷ ᠲᠣᠭᠲᠠᠭᠠᠪᠠ᠃ ᠠᠶᠠᠯᠠᠯ ᠤ᠋ᠨ ᠱᠤᠭᠤᠮ ᠨᠢ ᠮᠠᠷᠺᠣ ᠫᠣᠯᠣ ᠶ᠋ᠢᠨ ᠵᠢᠭᠤᠯᠴᠢᠯᠠᠭᠰᠠᠨ ᠤᠯᠠ ᠮᠥᠷ ᠢ᠋  ᠳᠠᠭᠠᠨ ᠱᠠᠩᠳᠤ ᠨᠡᠢᠰᠯᠡᠯ ᠡᠴᠡ ᠡᠬᠢᠯᠡᠵᠦ ᠥᠪᠥᠷ ᠮᠣᠩᠭᠣᠯ— ᠪᠡᠭᠡᠵᠢᠩ— ᠱᠡᠨᠰᠢ— ᠵᠢᠶᠠᠩᠰᠦ— ᠵᠧᠵᠢᠶᠠᠩ— ᠹᠦᠵᠢᠶᠠᠨ ᠵᠡᠷᠭᠡ 6 ᠮᠣᠵᠢ ᠣᠷᠣᠨ ᠢ᠋ ᠬᠠᠮᠤᠷᠤᠨ30 ᠭᠠᠷᠤᠢ ᠵᠤᠭᠠᠴᠠᠯ ᠤ᠋ᠨ ᠴᠡᠭ  ᠢ᠋ ᠥᠩᠭᠡᠷᠡᠭᠡᠬᠦ ᠪᠣᠯᠤᠨ᠎ᠠ᠃
1996 ᠣᠨ
ᠬᠠᠪᠤᠷ    ᠤᠯᠤᠰ ᠤ᠋ᠨ ᠲᠡᠦᠬᠡ ᠳᠤᠷᠠᠰᠬᠠᠯᠲᠤ ᠵᠦᠢᠯ ᠦ᠋ᠨ ᠲᠣᠪᠴᠢᠶ᠎ᠠ ᠶ᠋ᠢᠨ ᠵᠥᠪᠰᠢᠶᠡᠷᠡᠯ ᠢ᠋ᠶ᠋ᠡᠷ ᠥᠪᠥᠷ ᠮᠣᠩᠭᠣᠯ ᠤ᠋ᠨ ᠰᠣᠶᠣᠯ ᠤ᠋ᠨ ᠲᠢᠩᠬᠢᠮ᠂ᠥᠪᠡᠷᠲᠡᠭᠡᠨ ᠵᠠᠰᠠᠬᠤ ᠣᠷᠣᠨ ᠤ᠋ ᠲᠡᠦᠬᠡ ᠶ᠋ᠢᠨ ᠳᠤᠷᠠᠰᠬᠠᠯᠲᠤ ᠵᠦᠢᠯ ᠬᠠᠭᠤᠴᠢ ᠰᠤᠳᠤᠯᠬᠤ ᠭᠠᠵᠠᠷ ᠤ᠋ᠨ ᠲᠤᠰᠬᠠᠢ ᠮᠡᠷᠭᠡᠵᠢᠯᠲᠡᠳ ᠢ᠋ ᠵᠣᠬᠢᠶᠠᠨ ᠪᠠᠢᠭᠤᠯᠵᠤ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠶ᠋ᠢᠨ ᠪᠠᠭᠤᠷᠢ ᠳ᠋ᠤ᠌ ᠬᠠᠭᠤᠴᠢ ᠰᠤᠳᠤᠯᠤᠯ ᠤ᠋ᠨ ᠮᠠᠯᠲᠠᠯᠭ᠎ᠠ ᠬᠢᠵᠦ ᠴᠢᠬᠤᠯᠠ ᠰᠢᠨ᠎ᠡ ᠢᠯᠡᠷᠡᠭᠦᠯᠦᠯᠲᠡ ᠭᠠᠷᠭᠠᠪᠠ᠃
        ᠶᠤᠸᠠᠨ ᠤᠯᠤᠰ ᠤ᠋ᠨ ᠳᠡᠭᠡᠳᠦ ᠨᠡᠢᠰᠯᠡᠯ ᠦ᠋ᠨ ᠬᠠᠭᠠᠨ ᠤ᠋ ᠬᠣᠲᠠ— ᠳᠣᠲᠣᠷ᠎ᠠ ᠬᠣᠲᠠ ᠶ᠋ᠢᠨ ᠣᠷᠳᠣᠨ ᠬᠠᠷᠰᠢ ᠶ᠋ᠢᠨ ᠣᠷᠣᠨ ᠤ᠋ ᠰᠢᠷᠣᠢ ᠶ᠋ᠢᠨ ᠣᠪᠣᠭᠠᠨ ᠳᠤᠮᠳᠠ ᠠ᠋ᠴᠠ ᠬᠠᠭᠤᠴᠢ ᠰᠤᠳᠤᠯᠤᠯ ᠤ᠋ᠨ ᠠᠵᠢᠯᠲᠠᠳ ᠶᠤᠸᠠᠨ ᠤᠯᠤᠰ ᠤ᠋ᠨ ᠬᠠᠭᠠᠨ ᠤ᠋ ᠣᠷᠳᠣᠨ ᠤ᠋ ᠰᠠᠭᠤᠷᠢ ᠶ᠋ᠢᠨ ᠭᠠᠨᠲᠢᠭ ᠴᠢᠯᠠᠭᠤᠨ ᠳᠡᠭᠲᠡᠷ᠂ ᠰᠠᠭᠤᠷᠢ ᠴᠢᠯᠠᠭᠤ ᠪᠣᠯᠤᠨ ᠭᠢᠯᠠᠰᠤᠮ᠎ᠠ ᠥᠩᠭᠡ ᠪᠣᠳᠣᠭ ᠲᠠᠢ ᠰᠢᠷᠲᠡᠢ ᠸᠠᠭᠠᠷ ᠢ᠋ ᠢᠯᠡᠷᠡᠭᠦᠯᠪᠡ᠃ᠡᠳᠡᠭᠡᠷ ᠦ᠋ᠨ ᠵᠢᠷᠤᠭ ᠳᠦᠷᠰᠦ ᠳ᠋ᠦ᠍ᠨᠢ ᠵᠢᠭᠦᠷᠲᠡᠢ ᠠᠪᠤᠷᠭᠤ ᠬᠦᠷᠪᠡᠯ ᠬᠢᠭᠡᠳ ᠰᠢᠳᠢᠲᠦ ᠠᠮᠢᠲᠠᠳ ᠪᠣᠢ᠃ᠡᠭᠦᠨ ᠡᠴᠡ ᠭᠠᠳᠠᠨ᠎ᠠ ᠪᠠᠰᠠ ᠨᠡᠯᠢᠶᠡᠳ ᠣᠯᠠᠨ ᠨᠠᠢ(内) ᠦᠰᠦᠭ ᠲᠡᠢ ᠲᠣᠮᠣ ᠲᠣᠭᠣᠰᠬ᠎ᠠ ᠢᠯᠡᠷᠡᠵᠦ ᠡᠨᠡ ᠬᠦ᠌ ᠣᠷᠳᠣᠨ ᠬᠠᠷᠰᠢ ᠨᠢ ᠶᠤᠸᠠᠨ ᠤᠯᠤᠰ ᠤ᠋ᠨ ᠦᠶ᠎ᠡ ᠶ᠋ᠢᠨ ᠳᠣᠲᠣᠭᠠᠳᠤ ᠣᠷᠳᠣᠨ ᠤ᠋ ᠪᠠᠷᠢᠯᠭ᠎ᠠ ᠪᠣᠯᠬᠤ ᠶ᠋ᠢ ᠭᠡᠷᠡᠴᠢᠯᠡᠪᠡ᠃ᠡᠨᠡ ᠤᠳᠠᠭᠠᠨ ᠤ᠋ ᠬᠠᠭᠤᠴᠢ ᠰᠤᠳᠤᠯᠤᠯ ᠤ᠋ᠨ ᠮᠠᠯᠲᠠᠯᠭ᠎ᠠ ᠪᠠᠷ ᠭᠠᠵᠠᠷ ᠤ᠋ᠨ ᠭᠠᠳᠠᠷᠭᠤ ᠠ᠋ᠴᠠ ᠬᠣᠶᠠᠷ ᠮᠧᠲ᠋ᠷ ᠳᠣᠣᠷ᠎ᠠ ᠠᠯᠢ ᠣᠯᠠᠨ ᠲᠣᠮᠣ ᠬᠡᠰᠡᠭᠲᠦ ᠭᠠᠨᠲᠢᠭ ᠴᠢᠯᠠᠭᠤ ᠪᠠᠢᠬᠤ ᠶ᠋ᠢ ᠣᠯᠵᠤ ᠢᠯᠡᠷᠡᠭᠦᠯᠦᠭᠰᠡᠨᠶᠤᠮ᠃ᠲᠡᠳᠡᠭᠡᠷ ᠭᠠᠨᠲᠢᠭ ᠴᠢᠯᠠᠭᠤ ᠨᠢ ᠬᠡᠰᠡᠭ ᠬᠡᠰᠡᠭ ᠢ᠋ᠶ᠋ᠡᠷ ᠵᠡᠷᠭᠡᠯᠡᠵᠦ100 ᠭᠠᠷᠤᠢ ᠮᠧᠲ᠋ᠷ ᠦᠷᠭᠦᠯᠵᠢᠯᠡᠭᠡᠳ ᠳᠥᠷᠪᠡᠯᠵᠢᠨ ᠬᠡᠯᠪᠡᠷᠢᠲᠦ ᠰᠠᠭᠤᠷᠢ ᠪᠣᠯᠵᠠᠢ᠃ᠰᠠᠭᠤᠷᠢ ᠴᠢᠯᠠᠭᠤᠨ ᠳᠡᠭᠡᠷᠡᠬᠢ ᠭᠠᠨᠲᠢᠭ ᠴᠢᠯᠠᠭᠤᠨ ᠳᠡᠭᠲᠡᠷ᠂ ᠬᠠᠰᠢᠯᠭ᠎ᠠ ᠲᠦᠰᠢᠯᠭᠡ ᠵᠡᠷᠭᠡ ᠳ᠋ᠦ᠍ᠨᠢ ᠰᠢᠳᠢᠲᠦ ᠠᠮᠢᠲᠠᠨ ᠯᠤᠤ ᠶ᠋ᠢᠨ ᠳᠦᠷᠰᠦ ᠶ᠋ᠢ ᠰᠡᠢᠯᠪᠡ᠃ᠪᠠᠷᠢᠯᠭ᠎ᠠ ᠳ᠋ᠤ᠌ ᠭᠠᠨᠲᠢᠭ ᠴᠢᠯᠠᠭᠤ ᠶ᠋ᠢ ᠣᠯᠠᠨ ᠬᠡᠷᠡᠭᠯᠡᠭᠰᠡᠨ ᠨᠢ《ᠮᠠᠷᠺᠣ ᠫᠣᠯᠣ ᠶ᠋ᠢᠨ ᠵᠢᠭᠤᠯᠴᠢᠯᠠᠯ ᠤ᠋ᠨ ᠲᠡᠮᠳᠡᠭᠯᠡᠯ》 ᠲᠡᠢ ᠶᠠᠭ ᠲᠣᠬᠢᠷᠠᠪᠠ᠃ᠳᠡᠭᠡᠳᠦ ᠨᠡᠢᠰᠯᠡᠯ ᠦ᠋ᠨ ᠬᠠᠭᠠᠨ ᠣᠷᠳᠣᠨ ᠳ᠋ᠤ᠌ ᠠᠩᠬ᠎ᠠ ᠤᠳᠠᠭ᠎ᠠ ᠶᠡᠬᠡ ᠬᠡᠪᠴᠢᠶᠡᠨ ᠦ᠌ ᠠᠭᠤᠳᠠᠯᠤᠯᠭ᠎ᠠ ᠬᠢᠵᠦ ᠲᠡᠨᠳᠡ ᠡᠴᠡ ᠶᠡᠬᠡ ᠬᠡᠮᠵᠢᠶᠡᠨ ᠦ᠌ ᠴᠢᠨᠳᠠᠭᠠᠨ ᠴᠢᠯᠠᠭᠤᠨ ᠪᠠᠷᠢᠯᠭ᠎ᠠ ᠪᠣᠯᠤᠨ ᠭᠠᠨᠲᠢᠭ ᠴᠢᠯᠠᠭᠤᠨ ᠤ᠋ ᠪᠠᠷᠢᠯᠭ᠎ᠠ ᠶ᠋ᠢᠨ ᠮᠠᠲ᠋ᠧᠷᠢᠶᠠᠯ ᠢ᠋ ᠢᠯᠡᠷᠡᠭᠦᠯᠦᠭᠰᠡᠨ ᠡᠴᠡ ᠶᠤᠸᠠᠨ ᠤ᠋ ᠮᠠᠨᠳᠤᠯ ᠤ᠋ᠨ ᠦᠶ᠎ᠡ ᠶ᠋ᠢᠨ ᠬᠠᠭᠠᠨ ᠣᠷᠳᠣᠨ ᠤ᠋ ᠳᠣᠲᠣᠭᠠᠳᠤ ᠪᠠᠢᠳᠠᠯ ᠢ᠋ ᠰᠤᠳᠤᠯᠬᠤ ᠳ᠋ᠤ᠌ ᠬᠣᠪᠣᠷ ᠨᠠᠨᠳᠢᠨ ᠮᠠᠲ᠋ᠧᠷᠢᠶᠠᠯ ᠬᠠᠩᠭᠠᠵᠠᠢ᠃
                 1997 ᠣᠨ
      ᠵᠤᠨ   ᠰᠡᠳᠬᠦᠯᠴᠢ᠂ᠵᠣᠬᠢᠶᠠᠯᠴᠢ ᠯᠢᠭᠳᠡᠨ ᠨᠥᠬᠥᠷ ᠵᠠᠯᠠᠭᠤ ᠵᠣᠬᠢᠶᠠᠯᠴᠢᠳ ᠤ᠋ᠨ ᠬᠠᠮᠲᠤ ᠱᠠᠩᠳᠤ ᠶ᠋ᠢᠨ ᠬᠠᠭᠤᠴᠢ ᠪᠠᠭᠤᠷᠢ ᠶ᠋ᠢ ᠲᠣᠭᠣᠷᠢᠨ ᠦᠵᠡᠵᠦ ᠵᠣᠬᠢᠶᠠᠯ ᠪᠦᠲᠦᠭᠡᠯ ᠦ᠋ᠨ ᠲᠤᠬᠠᠢ ᠶᠠᠷᠢᠯᠴᠠᠪᠠ᠃
      7 ᠳ᠋ᠤᠭᠠᠷ ᠰᠠᠷ᠎ᠠ    ᠶᠠᠫᠣᠨ ᠤᠯᠤᠰ ᠤ᠋ᠨ ᠳᠣᠷᠣᠨᠠᠳᠠᠬᠢᠨ ᠤ᠋ ᠶᠡᠬᠡ ᠰᠤᠷᠭᠠᠭᠤᠯᠢ ᠶ᠋ᠢᠨ ᠳ᠋ᠣᠺᠲ᠋ᠣᠷ ᠰᠸᠺᠠᠨᠥᠢ᠍ᠮ ᠠᠺᠡᠷᠠ ᠨᠠᠷ ᠰᠢᠯᠤᠭᠤᠨ ᠬᠥᠬᠡ ᠬᠤᠰᠢᠭᠤᠨ ᠤ᠋ ᠠᠬᠠᠮᠠᠳ ᠰᠣᠶᠣᠯ ᠤ᠋ᠨ ᠵᠢᠳᠬᠦᠯᠲᠡᠨ ᠭᠠᠯᠳᠠᠳ ᠰᠣᠳᠣᠰᠡᠴᠡᠨ ᠦ᠌ ᠳᠠᠭᠠᠭᠤᠯᠭ᠎ᠠ ᠪᠠᠷ ᠶᠤᠸᠠᠨ ᠤᠯᠤᠰ ᠤ᠋ᠨ ᠱᠠᠩᠳᠤ ᠨᠡᠢᠰᠯᠡᠯ ᠢ᠋ ᠲᠣᠭᠣᠷᠢᠨ ᠦᠵᠡᠪᠡ᠃
                 1998 ᠣᠨ
      8 ᠳ᠋ᠤᠭᠠᠷ ᠰᠠᠷ᠎ᠠ    ᠳᠤᠮᠳᠠᠳᠤ ᠤᠯᠤᠰ ᠤ᠋ᠨ ᠮᠣᠩᠭᠣᠯ ᠲᠡᠦᠬᠡ ᠰᠤᠳᠤᠯᠭᠠᠨ ᠤ᠋ ᠨᠡᠢᠭᠡᠮᠯᠢᠭ ᠦ᠋ᠨ ᠭᠡᠰᠢᠭᠦᠳ ᠦ᠋ᠨ ᠴᠢᠭᠤᠯᠭᠠᠨ ᠬᠢᠭᠡᠳ ᠱᠠᠩᠳᠤ ᠨᠡᠢᠰᠯᠡᠯ ᠦ᠋ᠨ ᠡᠷᠳᠡᠮ ᠰᠢᠨᠵᠢᠯᠡᠭᠡᠨ ᠦ᠌ ᠬᠤᠷᠠᠯ ᠨᠢ ᠰᠢᠯᠤᠭᠤᠨ ᠬᠥᠬᠡ ᠬᠤᠰᠢᠭᠤᠨ ᠤ᠋ ᠲᠥᠪ ᠳᠤᠮᠳᠠᠬᠣᠳᠠ ᠪᠠᠯᠭᠠᠰᠤᠨ᠎ᠠ ᠶᠠᠪᠤᠭᠳᠠᠪᠠ᠃ᠤᠯᠤᠰ ᠤ᠋ᠨ ᠳᠣᠲᠣᠷ᠎ᠠ ᠭᠠᠳᠠᠨᠠᠬᠢ80 ᠭᠠᠷᠤᠢ ᠡᠷᠳᠡᠮᠲᠡᠨ ᠮᠡᠷᠭᠡᠳ ᠬᠤᠷᠠᠯᠳᠤᠭᠠᠨ ᠳ᠋ᠤ᠌ ᠣᠷᠣᠯᠴᠠᠵᠤ ᠡᠷᠳᠡᠮ ᠰᠢᠨᠵᠢᠯᠡᠭᠡᠨ ᠦ᠌ ᠥᠭᠦᠯᠡᠯ ᠢ᠋ᠶ᠋ᠡᠨ ᠨᠡᠢᠲᠡᠯᠡᠭᠰᠡᠨ ᠪᠠᠢᠨ᠎ᠠ᠂ᠬᠤᠷᠠᠯ ᠳ᠋ᠤ᠌ ᠣᠷᠣᠯᠴᠠᠭᠰᠠᠨ ᠪᠦᠬᠦ ᠨᠥᠬᠥᠳ ᠱᠠᠩᠳᠤ ᠨᠡᠢᠰᠯᠡᠯ ᠦ᠋ᠨ ᠬᠠᠭᠤᠴᠢ ᠪᠠᠭᠤᠷᠢ ᠶ᠋ᠢ ᠲᠣᠭᠣᠷᠢᠨ᠂ᠬᠠᠢᠨ ᠪᠠᠢᠴᠠᠭᠠᠵᠤ ᠰᠤᠳᠤᠯᠤᠨ ᠶᠠᠷᠢᠯᠴᠠᠪᠠ᠃
                1999 ᠣᠨ
      ᠵᠤᠨ    ᠱᠠᠩᠳᠤ ᠨᠡᠢᠰᠯᠡᠯ ᠦ᠋ᠨ ᠵᠡᠭᠦᠨ ᠡᠮᠦᠨ᠎ᠡ ᠪᠠᠢᠭ᠎ᠠ ᠲᠦᠰᠢ ᠬᠠᠢᠷᠬᠠᠨ ᠤ᠋ ᠣᠩᠭᠣᠨ ᠪᠤᠯᠠᠰᠢ ᠶ᠋ᠢᠨ ᠭᠠᠵᠠᠷ ᠳᠠᠬᠢ ᠨᠢᠭᠡ ᠣᠩᠭᠣᠨ ᠢ᠋ ᠠᠭᠤᠳᠠᠯᠤᠨ ᠴᠡᠪᠡᠷᠯᠡᠵᠦ ᠶᠤᠸᠠᠨ ᠤᠯᠤᠰ ᠤ᠋ᠨ ᠦᠶ᠎ᠡ ᠶ᠋ᠢᠨ ᠠᠯᠲᠠᠨ ᠵᠣᠭᠣᠰ᠂ᠬᠢᠲᠤᠭ᠎ᠠ ᠰᠡᠯᠡᠮ᠎ᠡ᠂ᠠᠶᠠᠭ᠎ᠠ ᠰᠠᠪᠬ᠎ᠠ ᠶ᠋ᠢ ᠢᠯᠡᠷᠡᠭᠦᠯᠪᠡ᠃ᠡᠳᠡᠭᠡᠷ ᠬᠣᠪᠣᠷ ᠨᠠᠨᠳᠢᠨ ᠲᠡᠦᠬᠡ ᠳᠤᠷᠠᠰᠬᠠᠯ ᠤ᠋ᠨ ᠵᠦᠢᠯᠡᠰ ᠢ᠋ ᠳᠡᠯᠭᠡᠨ ᠦᠵᠡᠭᠦᠯᠬᠦ ᠪᠡᠷ ᠪᠡᠯᠡᠳᠬᠡᠵᠦ ᠪᠣᠢ᠃
      8 ᠳ᠋ᠤᠭᠠᠷ ᠰᠠᠷ᠎ᠠ      ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠳᠡᠳ᠋ ᠲᠡᠷᠢᠭᠦᠯᠡᠭᠴᠢ ᠣᠶᠤᠨᠴᠢᠮᠡᠭ᠂ ᠰᠢᠯᠤᠭᠤᠨ ᠬᠥᠬᠡ ᠬᠤᠰᠢᠭᠤᠨ ᠳ᠋ᠤ᠌ ᠠᠵᠢᠯ ᠪᠠᠢᠴᠠᠭᠠᠵᠤ᠂ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠪᠠᠯᠭᠠᠳ ᠤ᠋ᠨ ᠬᠠᠭᠤᠴᠢ ᠪᠠᠭᠤᠷᠢ ᠶ᠋ᠢ ᠲᠣᠭᠣᠷᠢᠨ ᠦᠵᠡᠬᠦ ᠳ᠋ᠡᠭᠡᠨ᠄《ᠰᠠᠭᠤᠭᠠᠯᠢ ᠠᠢᠯ ᠢ᠋ ᠳᠠᠷᠤᠢᠬᠠᠨ ᠨᠡᠭᠦᠯᠭᠡᠨ ᠭᠠᠷᠭᠠᠵᠤ ᠬᠠᠮᠠᠭᠠᠯᠠᠬᠤ ᠠᠵᠢᠯ ᠢ᠋ ᠦᠨᠡᠨ ᠬᠦ᠌ ᠪᠣᠳᠠᠲᠠᠢᠵᠢᠭᠤᠯᠬᠤ ᠬᠡᠷᠡᠭᠲᠡᠢ》 ᠭᠡᠵᠦ ᠴᠢᠬᠤᠯᠠᠴᠢᠯᠠᠨ ᠵᠢᠭᠠᠪᠤᠷᠢᠯᠠᠪᠠ᠃
      ᠮᠣᠩᠭᠣᠯ ᠦᠨᠳᠦᠰᠦᠲᠡᠨ ᠦ᠌ ᠣᠳᠣ ᠦᠶ᠎ᠡ ᠶ᠋ᠢᠨ ᠠᠯᠳᠠᠷᠲᠤ ᠰᠢᠯᠦᠭᠴᠢᠨ ᠰᠢ᠊᠂ᠮᠥᠷᠡᠨ ᠲᠥᠪ ᠦ᠋ᠨ ᠦᠨᠳᠦᠰᠦᠲᠡᠨ ᠦ᠌ ᠳᠡᠭᠡᠳᠦ ᠰᠤᠷᠭᠠᠭᠤᠯᠢ ᠶ᠋ᠢᠨ ᠫᠷᠣᠹᠧᠰᠰᠣᠷ ᠴᠢ᠊᠂ ᠬᠡᠰᠢᠭ᠌ᠲᠣᠭᠲᠠᠬᠤ ᠲᠥᠪ ᠦ᠋ᠨ ᠲᠧᠯᠸᠢᠰ ᠬᠣᠷᠢᠶᠠᠨ ᠤ᠋ ᠰᠤᠷᠪᠤᠯᠵᠢᠯᠠᠭᠴᠢ ᠶ᠋ᠢᠨ ᠬᠠᠮᠲᠤ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠪᠠᠯᠭᠠᠳ ᠢ᠋ ᠲᠣᠭᠣᠷᠢᠨ ᠦᠵᠡᠵᠦ ᠡᠪᠦᠭᠡ ᠳᠡᠭᠡᠳᠦᠰ ᠦ᠋ᠨ ᠢ᠋ᠶ᠋ᠡᠨ ᠣᠪᠣᠭ᠎ᠠ ᠪᠤᠩᠬᠤᠨ ᠳ᠋ᠤ᠌ ᠰᠠᠴᠤᠯᠠ ᠡᠷᠭᠦᠨ ᠮᠥᠷᠭᠥᠪᠡ᠃
       2000ᠣᠨ5 ᠳ᠋ᠤᠭᠠᠷ ᠰᠠᠷ᠎ᠠ ᠶ᠋ᠢᠨ13 ᠤ᠋ ᠡᠳᠦᠷ    ᠲᠥᠷᠥ  ᠶ᠋ᠢᠨ  ᠶᠠᠪᠤᠳᠠᠯ ᠤ᠋ᠨ ᠶᠡᠷᠦᠩᠬᠡᠢ  ᠰᠠᠢᠳ  ᠵᠣ᠌ ᠷᠦᠩ ᠵᠢᠢ᠂
ᠥᠪᠡᠷᠲᠡᠭᠡᠨ ᠵᠠᠰᠠᠬᠤ ᠣᠷᠣᠨ ᠤ᠋ ᠱᠦᠵᠢ ᠯᠢᠦ ᠮᠢᠩ ᠽᠦ᠍ ᠶ᠋ᠢᠨ ᠪᠠᠷ᠎ᠠ ᠪᠣᠯᠤᠯᠭ᠎ᠠ ᠲᠠᠢ ᠪᠠᠷ ᠶᠡᠬᠡ ᠶᠤᠸᠠᠨ ᠤᠯᠤᠰ ᠤ᠋ᠨ ᠱᠠᠩᠳᠤ ᠨᠡᠢᠰᠯᠡᠯ ᠢ᠋ ᠲᠣᠭᠣᠷᠢᠨ ᠦᠵᠡᠵᠦ ᠱᠠᠩᠳᠤ ᠨᠡᠢᠰᠯᠡᠯ ᠦ᠋ᠨ ᠣᠷᠴᠢᠨ ᠠᠬᠤᠢ ᠶ᠋ᠢ ᠬᠠᠮᠠᠭᠠᠯᠠᠬᠤ᠂ᠡᠯᠡᠰᠦᠵᠢᠬᠦ ᠶ᠋ᠢ ᠰᠡᠷᠭᠡᠢᠯᠡᠬᠦ ᠲᠤᠬᠠᠢ ᠪᠣᠳᠠᠲᠠᠢ ᠵᠢᠭᠠᠪᠤᠷᠢ ᠥᠭᠪᠡ᠃
ᠬᠣᠢᠨᠠᠬᠢ ᠦᠭᠡ
ᠮᠢᠨᠦ ᠲᠥᠷᠥᠭᠰᠡᠨ ᠨᠤᠲᠤᠭ ᠱᠠᠩᠳᠤ ᠶ᠋ᠢᠨ ᠰᠢᠷ᠎ᠠ ᠲᠠᠯ᠎ᠠ ᠳ᠋ᠤ᠌ ᠨᠢᠭᠡᠨ ᠵᠢᠷᠦᠬᠡ ᠮᠥᠩᠬᠡ ᠨᠣᠢᠷᠰᠤᠵᠠᠢ᠃740 ᠵᠢᠯ ᠦ᠋ᠨ ᠡᠮᠦᠨ᠎ᠡ ᠮᠣᠩᠭᠣᠯ ᠲᠤᠭᠤᠷᠭᠠᠲᠠᠨ ᠤ᠋ ᠵᠢᠷᠦᠬᠡ ᠪᠣᠯᠤᠨ ᠴᠣᠬᠢᠯᠠᠵᠤ ᠳᠡᠯᠡᠬᠡᠢ ᠳ᠋ᠠᠬᠢᠨ ᠠᠯᠳᠠᠷ ᠴᠤᠤ ᠪᠠᠨ ᠮᠠᠨᠳᠤᠭᠤᠯᠵᠤ ᠶᠠᠪᠤᠭᠰᠠᠨ ᠳᠡᠭᠡᠳᠦ ᠨᠡᠢᠰᠯᠡᠯ ᠱᠠᠩᠳᠤ ᠡᠨᠳᠡ ᠮᠥᠩᠬᠡ ᠨᠣᠢᠷᠰᠤᠵᠠᠢ᠃ᠲᠡᠭᠦᠨ ᠦ᠌ ᠠᠮᠢᠳᠤ ᠰᠡᠷᠡᠭᠦᠨ ᠦᠶ᠎ᠡ ᠶ᠋ᠢᠨ ᠰᠦᠷ ᠰᠦᠯᠳᠡ᠂ᠴᠣᠭ ᠵᠢᠪᠬᠤᠭ᠎ᠠ᠂ᠭᠡᠷᠡᠯ ᠰᠠᠴᠤᠷᠠᠩᠭᠤᠢ ᠳᠦᠷᠢ ᠲᠥᠷᠬᠦ ᠶ᠋ᠢ ᠨᠢ ᠰᠡᠷᠭᠦᠭᠡᠨ ᠵᠢᠷᠤᠭᠯᠠᠬᠤ ᠭᠡᠵᠦ ᠮᠢᠨᠦ ᠪᠡᠶ᠎ᠡ ᠭᠠᠷ  ᠲᠤᠷ ᠥᠷᠳᠡᠭᠰᠡᠨ ᠳᠣᠲᠣᠭᠠᠳᠤ ᠭᠠᠳᠠᠭᠠᠳᠤ ᠶ᠋ᠢᠨ ᠰᠤᠷᠪᠤᠯᠵᠢ ᠲᠡᠦᠬᠡ ᠶ᠋ᠢ ᠤᠩᠰᠢᠨ ᠰᠢᠭᠦᠵᠦ᠂ᠬᠠᠭᠤᠴᠢ ᠪᠠᠭᠤᠷᠢ ᠳ᠋ᠤᠨᠢ ᠣᠯᠠᠨᠲᠠ ᠬᠦᠷᠴᠦ ᠪᠠᠢᠴᠠᠭᠠᠨ ᠦᠵᠡᠵᠦ᠂ᠨᠤᠲᠤᠭ ᠤ᠋ᠨ ᠪᠤᠭᠤᠷᠤᠯᠴᠤᠳ ᠢ᠋ ᠰᠤᠷᠪᠤᠯᠵᠢᠯᠠᠨ ᠡᠷᠢᠵᠦ ᠰᠤᠷᠠᠵᠤ ᠲᠡᠮᠳᠡᠭᠯᠡᠭᠰᠡᠭᠡᠷ ᠡᠨᠡ ᠬᠦ᠌《ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ》 ᠬᠡᠮᠡᠬᠦ ᠪᠢᠴᠢᠭ ᠢ᠋ ᠡᠮᠬᠢᠳᠬᠡᠨ ᠭᠠᠷᠭᠠᠭᠠᠳ ᠲᠠ ᠪᠦᠬᠦᠨ ᠳ᠋ᠦ᠍ ᠲᠣᠯᠢᠯᠠᠭᠤᠯᠬᠤ ᠪᠣᠯᠤᠭᠰᠠᠨ ᠳ᠋ᠠᠭᠠᠨ ᠪᠠᠶᠠᠷᠯᠠᠵᠤ ᠪᠣᠢ᠃ᠭᠡᠪᠡᠴᠦ ᠮᠠᠲ᠋ᠧᠷᠢᠶᠠᠯ ᠤ᠋ᠨ ᠴᠤᠬᠠᠭ᠂ᠮᠡᠳᠡᠯᠭᠡ ᠶ᠋ᠢᠨ ᠮᠡᠬᠦᠰ᠂ᠪᠢᠴᠢᠬᠦ ᠴᠢᠳᠠᠪᠤᠷᠢ ᠶ᠋ᠢᠨ ᠬᠢᠵᠠᠭᠠᠷᠯᠠᠯ ᠠ᠋ᠴᠠ ᠪᠣᠯᠤᠭᠠᠳ ᠠᠯᠳᠠᠵᠤ ᠭᠡᠭᠡᠭᠰᠡᠨ ᠨᠢ ᠣᠯᠠᠨᠲᠠᠢ ᠪᠠᠢᠬ᠎ᠠ᠂ᠵᠢᠭᠠᠨ ᠵᠠᠯᠠᠷᠠᠭᠤᠯᠬᠤ ᠶ᠋ᠢ ᠬᠦᠰᠡᠨᠡᠮ᠃
       ᠮᠢᠨᠦ ᠠᠩᠬᠠᠨ ᠤ᠋ ᠡᠬᠡ ᠨᠣᠣᠷᠠᠭ ᠢ᠋ ᠱᠦᠭᠦᠨ ᠤᠩᠰᠢᠵᠤ ᠬᠡᠪᠯᠡᠭᠦᠯᠬᠦ ᠶ᠋ᠢ ᠵᠣᠷᠢᠭᠵᠢᠭᠤᠯᠤᠭᠰᠠᠨ ᠠᠯᠲᠠᠡᠣ᠋ᠷᠭᠢᠯ ᠪᠠᠭᠰᠢ᠂ ᠡᠷᠬᠢᠮ ᠨᠠᠨᠳᠢᠨ ᠰᠠᠨᠠᠯ ᠵᠥᠪᠯᠡᠯᠭᠡ ᠪᠠ ᠰᠡᠭᠦᠳᠡᠷ ᠢ᠋ᠶ᠋ᠡᠨ ᠬᠠᠢᠷᠠᠯᠠᠭᠰᠠᠨ ᠰᠣᠶᠣᠯ ᠤ᠋ᠨ ᠵᠢᠳᠬᠦᠯᠲᠡᠨ ᠭᠠᠯᠳᠠᠳ ᠰᠣᠳᠣᠰᠡᠴᠡᠨ ᠨᠠᠷ ᠲᠤ᠌ ᠭᠦᠨ ᠲᠠᠯᠠᠷᠬᠠᠯ ᠢ᠋ᠶ᠋ᠠᠨ ᠳᠡᠪᠰᠢᠭᠦᠯᠦᠶ᠎ᠡ᠃

ᠶᠤᠸᠠᠨ ᠤᠯᠤᠰ ᠤ᠋ᠨ ᠳᠡᠭᠡᠳᠦ ᠨᠡᠢᠰᠯᠡᠯ ᠢ᠋ ᠪᠢᠴᠢᠬᠦ ᠳ᠋ᠦ᠍ ᠯᠠᠪᠯᠠᠯᠲᠠ ᠪᠣᠯᠭᠠᠭᠰᠠᠨ ᠰᠤᠷᠪᠤᠯᠵᠢ ᠲᠡᠦᠬᠡ᠂ᠰᠤᠳᠤᠷ ᠨᠣᠮ ᠤ᠋ᠳ
1᠂《ᠶᠤᠸᠠᠨ ᠤᠯᠤᠰ ᠤ᠋ᠨ ᠲᠡᠦᠬᠡ》(ᠬᠢᠲᠠᠳ)
2᠂《ᠮᠣᠩᠭᠣᠯ ᠦᠨᠳᠦᠰᠦᠲᠡᠨ ᠦ᠌ ᠨᠡᠪᠲᠡᠷᠬᠡᠢ ᠲᠡᠦᠬᠡ》
3᠂《 ᠯᠤᠪᠰᠠᠩᠳᠠᠨᠵᠠᠨ ᠤ᠋ ᠠᠯᠲᠠᠨ ᠲᠣᠪᠴᠢ》
4᠂《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ》
5᠂《ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠲᠡᠦᠬᠡ》
6᠂《ᠮᠣᠩᠭᠣᠯ ᠤ᠋ᠨ ᠨᠢᠭᠤᠴᠠ ᠲᠣᠪᠴᠢᠶᠠᠨ》
7᠂ ᠰᠠᠨᠠᠭᠠᠨ ᠰᠡᠴᠡᠨ ᠦ᠌《ᠡᠷᠳᠡᠨᠢ  ᠶ᠋ᠢᠨ ᠲᠣᠪᠴᠢ》
8᠂ ᠫᠯᠡᠮ ᠺᠠᠷᠪᠢᠨ᠂ᠸᠢᠯᠢᠶᠡᠮ ᠷᠦᠪᠷᠥᠢ᠍ᠩ ᠦ᠋ᠨ《ᠮᠣᠩᠭᠣᠯ ᠳ᠋ᠤ᠌ ᠵᠢᠭᠤᠯᠴᠢᠯᠠᠭᠰᠠᠨ ᠲᠡᠮᠳᠡᠭᠯᠡᠯ》
9᠂《ᠮᠠᠷᠺᠣ ᠫᠣᠯᠣ ᠶ᠋ᠢᠨ ᠵᠢᠭᠤᠯᠴᠢᠯᠠᠯ ᠤ᠋ᠨ ᠲᠡᠮᠳᠡᠭᠯᠡᠯ》
10᠂ ᠷᠠᠰᠢᠳ᠋ ᠠᠳ᠋ ᠳ᠋ᠢᠨ ᠦ᠌《ᠰᠤᠳᠤᠷ ᠤ᠋ᠨ ᠴᠢᠭᠤᠯᠭᠠᠨ》(ᠬᠢᠲᠠᠳ)
11᠂《ᠠᠯᠲᠠᠨ ᠣᠷᠳᠣᠨ ᠤ᠋ ᠳᠠᠢᠯᠭ᠎ᠠ》
12᠂《ᠡᠷᠲᠡᠨ ᠦ᠌ ᠮᠣᠩᠭᠣᠯ ᠤ᠋ᠨ ᠬᠠᠳ ᠤ᠋ᠨ ᠦᠨᠳᠦᠰᠦᠨ ᠦ᠌ ᠶᠡᠬᠡ ᠰᠢᠷ᠎ᠠ ᠲᠣᠭᠣᠵᠢ ᠣᠷᠣᠰᠢᠪᠠ》
13᠂《ᠪᠣᠯᠣᠷ ᠲᠣᠯᠢ》
14᠂《ᠴᠢᠩᠭᠢᠰ ᠬᠠᠭᠠᠨ ᠤ᠋ ᠲᠣᠪᠴᠢᠶᠠᠨ》
15.《ᠴᠠᠬᠠᠷ ᠮᠣᠩᠭᠣᠯ》
16.《ᠮᠣᠩᠭᠣᠯ ᠱᠠᠰᠢᠨ ᠰᠤᠷᠲᠠᠬᠤᠨ ᠤ᠋ ᠲᠣᠢᠮᠣ》
17.《ᠴᠧᠨ ᠭᠣᠣ ᠬᠤᠸᠠ ᠶ᠋ᠢᠨ ᠱᠠᠩᠳᠤ ᠬᠣᠲᠠ》(ᠬᠢᠲᠠᠳ)
18.《ᠶᠤᠸᠠᠨ ᠤᠯᠤᠰ ᠤ᠋ᠨ ᠰᠢᠯᠦᠭ ᠳᠠᠭᠤᠯᠠᠯ》(ᠬᠢᠲᠠᠳ)
19.《ᠣᠲ᠋ᠡᠬᠢ ᠮᠠᠼᠥ᠋ᠧᠣ᠋ ᠶ᠋ᠢᠨ《ᠬᠤᠪᠢᠯᠠᠢ ᠬᠠᠭᠠᠨ》
20.《ᠪᠣᠭᠣᠮᠲᠠ ᠶ᠋ᠢᠨ ᠠᠷᠤ ᠳᠠᠬᠢ ᠭᠤᠷᠪᠠᠨ ᠲᠢᠩᠬᠢᠮ  ᠦ᠋ᠨ ᠲᠡᠮᠳᠡᠭᠯᠡᠯ》
21.《ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ》
22. ᠨ᠂ᠠᠯᠲᠠᠨᠱᠠ ᠶ᠋ᠢᠨ《ᠥᠴᠥᠭᠡᠳᠦᠷ ᠦ᠋ᠨ ᠤᠯᠠ ᠮᠥᠷ》

  ᠤᠩᠰᠢᠭᠴᠢ᠄ ᠨᠠᠷᠠᠨᠴᠢᠮᠡᠭ   
  ᠦᠰᠦᠭ  ᠠᠮᠢᠯᠠᠭᠤᠯᠦᠭ᠍ᠴᠢ᠄  ᠤᠤᠭᠠᠨᠵᠢᠳ ᠂ ᠣᠶᠤᠨᠴᠢᠮᠡᠭ᠂ ᠣᠶᠤᠨ᠂ᠰᠢᠵᠢᠷᠮᠠᠨᠲᠤᠯ᠎ᠠ  
  ᠬᠢᠨᠡᠭ᠍ᠴᠢ᠄  ᠨᠠᠷᠠᠩᠭᠤᠸ᠎ᠠ  ᠮᠤᠩᠭᠤᠯᠵᠠᠶᠠᠭ᠎ᠠ