ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ12A-Юан улсын дээд нийслэл шант ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ12A-Юан улсын дээд нийслэл шант

ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ12A-Юан улсын дээд нийслэл шант

ᠠᠩᠭᠢᠯᠠᠯ:ᠲᠡᠦᠬᠡ ᠰᠣᠶᠣᠯ
2025-07-02

2189

ᠠᠷᠪᠠᠨ ᠬᠣᠶᠠᠷ ᠱᠠᠩᠳᠤ ᠶ᠋ᠢᠨ ᠠᠭᠤᠯᠠ ᠤᠰᠤ ᠪᠠ ᠲᠡᠭᠦᠨ ᠦ᠌ ᠦᠯᠢᠭᠡᠷ ᠳᠣᠮᠣᠭ

ᠱᠠᠩᠳᠤ ᠨᠡᠢᠰᠯᠡᠯ ᠪᠠ ᠱᠠᠩᠳᠤ ᠶ᠋ᠢᠨ ᠡᠷᠭᠢᠨ ᠲᠣᠭᠣᠷᠢᠨ ᠳ᠋ᠤ᠌ ᠪᠠᠢᠭ᠎ᠠ ᠠᠭᠤᠯᠠ ᠤᠰᠤᠨ ᠳ᠋ᠤ᠌ ᠶᠡᠬᠡ ᠶᠤᠸᠠᠨ ᠤᠯᠤᠰ ᠤ᠋ᠨ ᠦᠶ᠎ᠡ ᠶ᠋ᠢᠨ ᠬᠣᠲᠠ ᠪᠠᠯᠭᠠᠳ᠂ᠥᠷᠲᠡᠭᠡ ᠪᠠᠭᠤᠳᠠᠯ᠂ᠰᠦᠮ᠎ᠡ ᠬᠡᠢᠳ᠂ᠣᠩᠭᠣᠨ ᠪᠤᠯᠠᠰᠢ᠂ᠠᠢᠯ ᠲᠣᠰᠬᠣᠨ ᠤ᠋ ᠬᠠᠭᠤᠴᠢ ᠪᠠᠭᠤᠷᠢ᠂ᠮᠠᠯᠵᠢᠯ ᠤ᠋ᠨ ᠲᠠᠯᠠᠪᠠᠢ᠂ᠲᠠᠷᠢᠶᠠᠯᠠᠩ ᠤ᠋ᠨ ᠳᠣᠪᠣ᠂ᠴᠡᠷᠢᠭ ᠦ᠋ᠨ ᠬᠤᠸᠠᠷᠠᠨ ᠤ᠋ ᠰᠠᠭᠤᠷᠢᠨ ᠪᠠᠭᠤᠴᠠ ᠣᠯᠠᠨ ᠪᠠᠢᠬᠤ ᠪᠥᠭᠡᠳ ᠪᠠᠰᠠ ᠲᠤᠬᠠᠢ ᠶ᠋ᠢᠨ ᠦᠶ᠎ᠡ ᠶ᠋ᠢᠨ ᠡᠵᠡᠳ ᠬᠠᠭᠠᠳ᠂ᠵᠠᠩᠵᠤᠨ ᠴᠡᠷᠢᠭ᠂ᠡᠷᠳᠡᠮᠲᠡᠨ ᠮᠡᠷᠭᠡᠳ ᠦ᠋ᠨ ᠠᠶᠠᠨ ᠲᠡᠢᠨ᠂ᠠᠵᠢᠯ ᠠᠮᠢᠳᠤᠷᠠᠯ᠂ᠰᠢᠨᠵᠢᠯᠡᠯ ᠰᠤᠳᠤᠯᠤᠯ᠂ᠰᠢᠲᠦᠭᠡᠨ ᠲᠠᠬᠢᠯᠭ᠎ᠠ ᠲᠠᠢ ᠬᠣᠯᠪᠣᠭᠳᠠᠭᠰᠠᠨ ᠦᠯᠢᠭᠡᠷ ᠳᠣᠮᠣᠭ ᠴᠤ᠌ ᠠᠷᠪᠢᠨ ᠪᠠᠢᠬᠤ ᠶᠤᠮ᠃
        ᠰᠢᠷ᠎ᠠ ᠲᠠᠯ᠎ᠠ
   ᠱᠠᠩᠳᠤ ᠶ᠋ᠢᠨ ᠰᠢᠷ᠎ᠠ ᠲᠠᠯ᠎ᠠ ᠪᠣᠯ ᠰᠢᠯᠤᠭᠤᠨ ᠬᠥᠬᠡ ᠬᠤᠰᠢᠭᠤᠨ ᠤ᠋ ᠬᠠᠮᠤᠭ ᠤ᠋ᠨ ᠶᠡᠬᠡ ᠲᠠᠯ᠎ᠠ ᠪᠣᠯᠬᠤ ᠪᠥᠭᠡᠳ ᠪᠠᠰᠠ ᠱᠠᠩᠳᠤ ᠶ᠋ᠢᠨ ᠭᠣᠣᠯ ᠤ᠋ᠨ ᠳᠡᠭᠡᠳᠦ ᠤᠷᠤᠰᠬᠠᠯ ᠣᠷᠣᠨ ᠤ᠋ ᠬᠠᠮᠤᠭ ᠤ᠋ᠨ ᠶᠡᠬᠡ ᠲᠠᠯ᠎ᠠ ᠪᠣᠯᠤᠨ᠎ᠠ᠃ᠵᠠᠭᠤᠭᠠᠳ ᠭᠠᠵᠠᠷ ᠤᠷᠲᠤ᠂ᠬᠣᠷᠢᠭᠠᠳ ᠭᠠᠵᠠᠷ ᠥᠷᠭᠡᠨ᠂ᠤᠷᠲᠤ ᠳᠥᠷᠪᠡᠯᠵᠢᠨ ᠲᠠᠯ᠎ᠠ ᠨᠢ ᠶᠡᠬᠡ ᠪᠠᠭ᠎ᠠ ᠬᠤᠷᠠᠬᠤ ᠶ᠋ᠢᠨ ᠠᠭᠤᠯᠠ ᠨᠢᠷᠤᠭᠤᠨ ᠤ᠋ ᠡᠩᠭᠡᠷ ᠬᠣᠷᠮᠣᠢ ᠪᠠᠷ ᠤᠭᠠᠯᠵᠠᠯᠠᠨ ᠴᠡᠩᠬᠡᠷᠯᠡᠵᠦ ᠤᠷᠤᠰᠤᠭ᠎ᠠ ᠭᠣᠣᠯ ᠤ᠋ᠨ ᠤᠷᠤᠰᠬᠠᠯ ᠳᠠᠭᠠᠤ ᠪᠠᠷᠠᠭᠤᠨ ᠡᠮᠦᠨ᠎ᠡ ᠡᠴᠡ ᠵᠡᠭᠦᠨ ᠬᠣᠢᠰᠢ ᠦᠷᠭᠦᠯᠵᠢᠯᠡᠨ᠎ᠡ᠃ᠰᠢᠷ᠎ᠠ ᠲᠠᠯ᠎ᠠ ᠨᠢ ᠡᠷᠲᠡᠨ ᠡᠳᠦᠭᠡ ᠶ᠋ᠢᠨ ᠲᠡᠦᠬᠡ ᠰᠤᠳᠤᠷ ᠲᠤ᠌ ᠠᠯᠳᠠᠷ ᠨᠡᠷ᠎ᠡ ᠪᠡᠨ ᠲᠡᠮᠳᠡᠭᠯᠡᠭᠦᠯᠦᠭᠰᠡᠨ ᠬᠠᠭᠤᠴᠢ ᠳᠤᠷᠠᠰᠬᠠᠯ ᠣᠯᠠᠨ ᠲᠠᠢ ᠭᠠᠵᠠᠷ ᠤ᠋ᠨ ᠨᠢᠭᠡ ᠶᠤᠮ᠃ᠡᠮᠦᠨ᠎ᠡ ᠬᠠᠪᠢ ᠳ᠋ᠤᠨᠢ ᠪᠣᠷᠤᠬᠣᠲᠠ᠂ᠯᠢ ᠯᠢᠩ ᠲᠡᠢ᠂ᠸᠧᠢ ᠯᠦ᠍ ᠶᠢ ᠥᠷᠲᠡᠭᠡ᠂ᠳᠤᠮᠳᠠ ᠬᠠᠪᠢ ᠳ᠋ᠤᠨᠢ ᠰᠢᠨ᠎ᠡ ᠬᠣᠸᠠᠨᠵᠸᠤ᠂ᠳᠡᠷᠡᠰᠦᠨ ᠪᠠᠯᠭᠠᠰᠤ᠂ ᠬᠣᠢᠨ᠎ᠠ ᠬᠠᠪᠢ ᠳ᠋ᠤᠨᠢ ᠱᠠᠩᠳᠤ ᠨᠡᠢᠰᠯᠡᠯ᠂ᠳᠥᠰᠢ ᠶ᠋ᠢᠨ ᠰᠦᠮ᠎ᠡ᠂ᠴᠠᠭᠠᠨ ᠬᠣᠲᠠ ᠶ᠋ᠢᠨ ᠬᠠᠭᠤᠴᠢ ᠪᠠᠭᠤᠷᠢ ᠨᠤᠭᠤᠳ ᠪᠠᠢᠵᠤ ᠳᠣᠲᠣᠭᠠᠳᠤ ᠭᠠᠳᠠᠭᠠᠳᠤ ᠶ᠋ᠢᠨ ᠬᠠᠭᠤᠴᠢ ᠰᠤᠳᠤᠯᠤᠭᠴᠢᠳ ᠤ᠋ᠨ ᠠᠩᠬᠠᠷᠤᠯ ᠰᠣᠨᠢᠷᠬᠠᠯ ᠢ᠋ ᠶᠡᠬᠡᠳᠡ ᠲᠠᠲᠠᠭᠰᠠᠭᠠᠷ ᠪᠠᠢᠭ᠎ᠠ ᠪᠢᠯᠡ᠃ᠰᠢᠷ᠎ᠠ ᠲᠠᠯ᠎ᠠ  ᠶ᠋ᠢ ᠮᠣᠩᠭᠣᠯ ᠰᠤᠷᠪᠤᠯᠵᠢ ᠲᠡᠦᠬᠡ ᠰᠤᠳᠤᠷ ᠲᠤ᠌《ᠱᠠᠩᠳᠤ ᠶ᠋ᠢᠨ ᠰᠢᠷ᠎ᠠ ᠲᠠᠯ᠎ᠠ》ᠭᠡᠮᠡᠨ ᠲᠡᠮᠳᠡᠭᠯᠡᠵᠦ ᠴᠢᠩ ᠤᠯᠤᠰ ᠤ᠋ᠨ ᠲᠡᠦᠬᠡ ᠳ᠋ᠦ᠍《ᠥᠷᠥᠭᠡᠰᠦᠨ ᠴᠢᠯᠠᠭᠤᠨ ᠬᠠᠭᠠᠯᠭ᠎ᠠ ᠶ᠋ᠢᠨ ᠭᠠᠳᠠᠨᠠᠬᠢ ᠡᠷᠲᠡᠨ ᠦ᠌ ᠬᠤᠸᠠᠨᠵᠸᠤ ᠵᠢᠨ ᠭᠠᠵᠠᠷ》ᠭᠡᠮᠡᠨ ᠲᠣᠳᠣᠷᠬᠠᠢᠯᠠᠵᠤ《ᠱᠤᠸᠠᠨ ᠵᠧᠩ ᠪᠠᠯᠭᠠᠰᠤ ᠶ᠋ᠢᠨ ᠴᠠᠳᠢᠭ》 ᠲᠤ᠌《ᠶᠦᠩ ᠵᠧᠦ ᠡᠴᠡ ᠪᠠᠷᠠᠭᠤᠨ ᠬᠣᠢᠨ᠎ᠠ ᠪᠠᠢᠬᠤ ᠠᠯᠲᠠᠨ ᠤᠯᠤᠰ ᠤ᠋ᠨ ᠱᠢᠽᠦᠩ ᠬᠠᠭᠠᠨ ᠤ᠋ ᠵᠤᠰᠠᠯᠠᠩ ᠤ᠋ᠨ ᠭᠠᠵᠠᠷ ᠢ᠋ ᠰᠢᠷ᠎ᠠ ᠲᠠᠯ᠎ᠠ ᠬᠡᠮᠡᠮᠦᠢ᠃ᠯᠢᠩᠬᠤ᠎ᠠ ᠮᠡᠲᠦ ᠴᠠᠴᠤᠭᠲᠤ ᠰᠢᠷ᠎ᠠ ᠴᠡᠴᠡᠭ ᠶᠡᠬᠡᠳᠡ ᠳᠡᠯᠭᠡᠷᠡᠳᠡᠭ ᠲᠤᠯᠠ ᠲᠡᠢᠨᠬᠦ ᠨᠡᠷᠡᠯᠡᠵᠦᠬᠦᠢ》 ᠬᠡᠮᠡᠪᠡ᠃ᠪᠠᠰᠠ ᠠᠯᠲᠠᠨ ᠤᠯᠤᠰ ᠤ᠋ᠨ ᠲᠡᠦᠬᠡ ᠳ᠋ᠦ᠍《ᠳᠡ ᠳ᠋ᠢᠩ ᠦ᠋ᠨ ᠨᠠᠢ᠍ᠮᠠᠳᠤᠭᠠᠷ ᠣᠨ ᠳ᠋ᠤ᠌ ᠬᠤᠷᠠᠬᠤ ᠶ᠋ᠢᠨ ᠵᠡᠭᠦᠨ ᠲᠠᠯ᠎ᠠ ᠶ᠋ᠢ ᠰᠢᠷ᠎ᠠ ᠲᠠᠯ᠎ᠠ ᠭᠡᠮᠡᠨ ᠨᠡᠷᠡᠯᠡᠪᠡᠢ᠃ᠡᠷᠲᠡᠨ ᠦ᠌ ᠬᠠᠭᠤᠴᠢ ᠦᠯᠡᠳᠡᠭᠳᠡᠯ ᠪᠣᠢ᠃ᠱᠢᠽᠦᠩ ᠬᠠᠭᠠᠨ᠄《ᠯᠢᠩᠬᠤ᠎ᠠ ᠮᠡᠲᠦ ᠰᠢᠷ᠎ᠠ ᠴᠡᠴᠡᠭ ᠦᠷᠭᠦᠯᠵᠢᠯᠡᠯᠦᠭᠡ᠃ᠲᠡᠭᠦᠨ ᠦ᠌ ᠠᠯᠲᠠᠨ ᠴᠣᠮᠣᠷᠯᠢᠭ ᠬᠠᠰ ᠨᠠᠪᠴᠢ ᠶ᠋ᠢᠨ ᠤᠳᠬ᠎ᠠ ᠶ᠋ᠢ ᠠᠪᠴᠤ ᠨᠠᠷᠠᠯᠠᠪᠠᠢ》ᠭᠡᠮᠡᠨ ᠥᠭᠦᠯᠡᠨ ᠲᠠᠢᠯᠪᠤᠷᠢᠯᠠᠭᠰᠠᠨ ᠶᠤᠮ᠃
   ᠲᠠᠪᠤᠨ ᠬᠡᠯᠲᠡᠰᠲᠦ ᠰᠢᠷ᠎ᠠ ᠴᠡᠴᠡᠭ᠂ᠴᠡᠩᠬᠡᠷ ᠢᠷᠭᠤᠢ᠂ᠬᠥᠬᠡ ᠪᠡᠷᠢ᠂ᠬᠦᠷᠡᠩ ᠰᠤᠪᠤᠳ᠂ᠴᠠᠭᠠᠨ ᠤᠯᠠᠯᠵᠢ ᠴᠡᠴᠡᠭ ᠠᠯᠠᠭᠯᠠᠨ ᠱᠠᠩᠳᠤ ᠶ᠋ᠢᠨ ᠰᠢᠷ᠎ᠠ ᠲᠠᠯ᠎ᠠ ᠶ᠋ᠢ ᠴᠢᠮᠡᠭᠯᠡᠵᠦ᠂ᠳᠠᠨᠠᠨ ᠴᠠᠭᠠᠨ ᠮᠣᠩᠭᠣᠯ ᠭᠡᠷ ᠦ᠋ᠳ ᠤᠭᠠᠯᠵᠠᠨ ᠱᠠᠩᠳᠤ ᠶ᠋ᠢᠨ ᠠᠭᠤᠳᠠᠮ ᠬᠥᠨᠳᠡᠢ ᠳ᠋ᠦ᠍ ᠡᠩᠨᠡᠷᠡᠨ ᠴᠠᠢᠯᠵᠠᠵᠤ ᠰᠦᠷᠦᠭ ᠰᠦᠷᠦᠭ ᠬᠣᠨᠢ᠂ᠦᠬᠡᠷ᠂ᠠᠳᠤᠭᠤ ᠲᠠᠯ᠎ᠠ ᠪᠦᠷᠬᠦᠨ ᠨᠡᠭᠦᠳᠡᠯᠯᠡᠬᠦᠶ᠎ᠡ ᠮᠣᠩᠭᠣᠯ ᠤᠭᠰᠠᠭᠠᠲᠠᠨ ᠤ᠋ ᠵᠢᠷᠦᠬᠡ ᠪᠣᠯᠤᠨ ᠴᠣᠬᠢᠯᠠᠵᠤ ᠪᠠᠢᠭᠰᠠᠨ ᠳᠡᠭᠡᠳᠦ ᠨᠡᠢᠰᠯᠡᠯ ᠦ᠋ᠨ ᠲᠠᠯ᠎ᠠ ᠮᠢᠨᠢ ᠤᠯᠠᠮ ᠭᠤᠸ᠎ᠠ ᠦᠵᠡᠰᠬᠦᠯᠡᠩ᠂ᠥᠨᠢᠷ ᠪᠠᠶᠠᠯᠢᠭ ᠠᠭᠤᠳᠠᠮ ᠲᠡᠨᠢᠭᠡᠷ ᠬᠠᠷᠠᠭᠳᠠᠬᠤ ᠠᠵᠢ᠃
        ᠱᠠᠩᠳᠤ ᠶ᠋ᠢᠨ ᠭᠣᠣᠯ
   ᠴᠢᠨ ᠤᠯᠤᠰ ᠠ᠋ᠴᠠ ᠡᠮᠦᠨ᠎ᠡ( ᠨᠡᠢᠲᠡ ᠶ᠋ᠢᠨ ᠣᠨ ᠲᠣᠭᠠᠯᠠᠯ ᠠ᠋ᠴᠠ ᠡᠮᠦᠨᠡᠬᠢ21 ᠳ᠋ᠦ᠍ᠭᠡᠷ ᠵᠠᠭᠤᠨ ᠠ᠋ᠴᠠ ᠨᠡᠢᠲᠡ ᠶ᠋ᠢᠨ ᠣᠨ ᠲᠣᠭᠠᠯᠠᠯ ᠤ᠋ᠨ3 ᠳ᠋ᠤᠭᠠᠷ ᠵᠠᠭᠤᠨ ᠤ᠋ ᠡᠬᠢ ᠬᠦᠷᠲᠡᠯ᠎ᠡ)ᠱᠠᠩᠳᠤ ᠶ᠋ᠢᠨ ᠭᠣᠣᠯ ᠤ᠋ᠨ ᠤᠷᠤᠰᠬᠠᠯ ᠣᠷᠣᠨ ᠨᠢ  ᠲᠦ ᠹᠠᠩ ᠠᠢᠮᠠᠭ ᠤ᠋ᠨ ᠨᠤᠲᠤᠭ ᠪᠠᠢᠪᠠ᠃ ᠲᠦ ᠹᠠᠩ ᠬᠡᠮᠡᠭᠴᠢ ᠬᠦᠢᠪᠡᠩ ᠣᠪᠣᠭᠲᠠᠨ ᠪᠤᠶᠤ᠃ᠪᠠᠷᠠᠭᠤᠨ ᠬᠠᠨ ᠤᠯᠤᠰ ᠤ᠋ᠨ ᠦᠶ᠎ᠡ(ᠣᠨ ᠲᠣᠭᠠᠯᠠᠯ ᠠ᠋ᠴᠠ—ᠡᠮᠦᠨᠡᠬᠢ206ᠣᠨ—ᠣᠨ ᠲᠣᠭᠠᠯᠠᠯ ᠤ᠋ᠨ8 ᠳ᠋ᠤᠭᠠᠷ ᠣᠨ) ᠾᠦᠩᠨᠦ ᠶ᠋ᠢᠨ ᠮᠣᠳᠣᠨ ᠬᠠᠭᠠᠨ ᠤ᠋ ᠠᠢᠮᠠᠭ ᠤ᠋ᠨ ᠵᠡᠭᠦᠨ ᠵᠠᠬ᠎ᠠ ᠶ᠋ᠢᠨ ᠨᠤᠲᠤᠭ ᠵᠡᠭᠦᠨ ᠬᠠᠨ ᠤᠯᠤᠰ ᠤ᠋ᠨ ᠦᠶᠡᠰ ᠰᠢᠪᠡᠭᠡ ᠠᠢᠮᠠᠭ ᠤ᠋ᠨ ᠰᠠᠯᠪᠤᠷᠢ ᠪᠣᠯᠬᠤ ᠦᠬᠤᠸᠠᠨ ᠤ᠋ ᠭᠠᠵᠠᠷ᠃ᠰᠢᠪᠡᠭᠡ ᠦᠬᠤᠸᠠᠨ ᠪᠣᠯᠪᠠᠰᠤ ᠵᠡᠭᠦᠨ ᠬᠤᠴᠤᠳ ᠤ᠋ᠨ ᠤᠭᠰᠠᠭ᠎ᠠ ᠪᠢᠯᠡ᠃ᠵᠢᠨ ᠤᠯᠤᠰ ᠤ᠋ᠨ ᠦᠶ᠎ᠡ ᠰᠢᠪᠡᠭᠡ ᠠᠢᠮᠠᠭ ᠤ᠋ᠨ ᠢᠦᠢ ᠸᠧᠨ ᠣᠪᠣᠭᠲᠠᠨ ᠡᠵᠡᠮᠰᠢᠵᠦ ᠬᠣᠵᠢᠮ ᠨᠢ ᠮᠦᠸᠧ ᠿᠦᠩ ᠣᠪᠣᠭᠲᠠᠨ ᠡᠵᠡᠯᠡᠪᠡ᠃ᠳᠠᠩ ᠤᠯᠤᠰ ᠠ᠋ᠴᠠ ᠬᠣᠢᠰᠢ ᠦ ᠯᠤᠸᠠᠨ ᠱᠦᠢ ᠤᠰᠤ ᠭᠡᠮᠡᠨ ᠲᠡᠮᠳᠡᠭᠯᠡᠵᠡᠢ᠃ᠡᠨᠡ ᠨᠢ ᠣᠯᠠᠨ ᠤᠰᠤ ᠪᠤᠶᠤ ᠣᠯᠠᠨ ᠭᠣᠣᠯ ᠬᠡᠮᠡᠭᠰᠡᠨ ᠮᠣᠩᠭᠣᠯ ᠨᠡᠷ᠎ᠡ ᠦᠭᠡ ᠪᠠᠢᠵᠤ ᠮᠡᠳᠡᠬᠦ ᠶᠤᠮ᠃ᠡᠷᠲᠡᠨ ᠦ᠌ ᠱᠦᠢ ᠵᠢᠩ ᠵᠧᠦ ᠪᠢᠴᠢᠭ ᠲᠦ᠍ ᠴᠤ᠌ ᠱᠠᠩᠳᠤ ᠶ᠋ᠢᠨ ᠭᠣᠣᠯ ᠢ᠋ ᠷᠤᠸᠠᠨ ᠱᠦᠢ ᠤᠰᠤ ᠭᠡᠮᠡᠨ ᠲᠡᠮᠳᠡᠭᠯᠡᠭᠰᠡᠨ ᠢ᠋ᠶ᠋ᠡᠷ ᠦᠵᠡᠬᠦ ᠳ᠋ᠦ᠍ ᠱᠠᠩᠳᠤ ᠶ᠋ᠢᠨ ᠭᠣᠣᠯ ᠨᠢ ᠶᠡᠬᠡ ᠡᠷᠲᠡ ᠴᠠᠭ ᠠ᠋ᠴᠠ ᠮᠣᠩᠭᠣᠯ ᠤ᠋ᠨ ᠥᠨᠳᠥᠷᠯᠢᠭ ᠦ᠋ᠨ ᠨᠡᠭᠦᠳᠡᠯᠴᠢᠨ ᠠᠢᠮᠠᠭ ᠤ᠋ᠳ ᠤ᠋ᠨ ᠤᠤᠭᠠᠨ ᠨᠤᠲᠤᠭ ᠪᠠᠢᠭᠰᠠᠨ ᠨᠢ ᠲᠣᠳᠣᠷᠬᠠᠢ ᠶᠤᠮ᠃ᠳᠠᠷᠠᠭ᠎ᠠ ᠨᠢ ᠭᠢᠳᠠᠨᠴᠤᠤᠯ ᠨᠤᠲᠤᠭᠰᠢᠵᠠᠢ᠃ᠯᠢᠶᠣᠣ ᠤᠯᠤᠰ ᠤ᠋ᠨ ᠦᠶᠡᠰ ᠰᠢ ᠵᠢᠩ ᠴᠥᠯᠭᠡ ᠶ᠋ᠢᠨ ᠹᠧᠩ ᠴᠧᠩ ᠵᠧᠦ ᠳ᠋ᠦ᠍ ᠬᠠᠷᠢᠶᠠᠯᠠᠭᠳᠠᠵᠤ ᠪᠠᠢᠪᠠ᠃ᠪᠣᠷᠣᠬᠣᠲᠠ ᠪᠣᠯᠪᠠᠰᠤ ᠸᠠᠩ ᠤ᠋ᠨ ᠣᠷᠳᠣᠨ ᠨᠢ ᠪᠤᠶᠤ᠃ᠰᠡᠷᠢᠭᠦᠨ ᠤᠷᠲᠤ ᠬᠠᠷᠰᠢ ᠪᠠᠢᠬᠤ ᠲᠤᠯᠠ ᠡᠨᠳᠡ ᠵᠤᠰᠠᠳᠠᠭ ᠠᠵᠢ᠃ᠠᠯᠲᠠᠨ ᠤᠯᠤᠰ ᠤ᠋ᠨ ᠦᠶᠡᠰ ᠰᠢ ᠵᠢᠩ ᠴᠥᠯᠭᠡ ᠶ᠋ᠢᠨ ᠬᠤᠸᠠᠨᠵᠸᠤ ᠳ᠋ᠤ᠌ ᠵᠠᠬᠢᠷᠤᠭᠳᠠᠪᠠ᠃ᠶᠤᠸᠠᠨ ᠤᠯᠤᠰ ᠤ᠋ᠨ ᠡᠬᠢᠨ ᠦ᠌ ᠦᠶᠡᠰ ᠵᠠᠯᠠᠢᠷ ᠠᠢᠮᠠᠭ ᠤ᠋ᠨ ᠥᠯᠥᠭ(ᠶᠡᠬᠡ)ᠵᠢᠶᠦ᠋ᠨ ᠸᠠᠩ ᠰᠤᠬᠤᠨᠴᠠ ᠶ᠋ᠢᠨ ᠡᠵᠡᠮᠰᠢᠯ ᠭᠠᠵᠠᠷ᠂ᠵᠠᠯᠠᠢᠷ ᠤ᠋ᠨ ᠰᠠᠯᠪᠤᠷᠢ ᠣᠪᠣᠭ ᠠᠢᠮᠠᠭ ᠤ᠋ᠳ ᠨᠡᠭᠦᠳᠡᠯᠯᠡᠨ ᠮᠠᠯᠵᠢᠵᠤ ᠪᠠᠢᠵᠤᠬᠤᠢ᠃1256 ᠣᠨ ᠳ᠋ᠤ᠌ ᠬᠤᠪᠢᠯᠠᠢ᠂ᠡᠨᠳᠡ ᠬᠡᠢᠪᠣᠩ ᠪᠠᠯᠭᠠᠳ ᠪᠠᠢᠭᠤᠯᠵᠤ ᠳᠠᠷᠠᠭ᠎ᠠ ᠨᠢ ᠮᠣᠩᠭᠣᠯ ᠤ᠋ᠨ ᠶᠡᠬᠡ ᠬᠠᠭᠠᠨ ᠣᠷᠣ ᠰᠠᠭᠤᠭᠠᠳ ᠳᠡᠭᠡᠳᠦ ᠨᠡᠢᠰᠯᠡᠯ ᠡᠷᠭᠦᠮᠵᠢᠯᠡᠭᠰᠡᠨ ᠤᠴᠢᠷ ᠤᠤᠯ ᠤ᠋ᠨ ᠯᠤᠸᠠᠨ ᠾᠧ ᠭᠣᠣᠯ ᠢ ᠳᠡᠭᠡᠳᠦ ᠨᠡᠢᠰᠯᠡᠯ ᠦ᠋ᠨ ᠭᠣᠣᠯ ᠱᠠᠩᠳᠤ ᠶ᠋ᠢᠨ ᠭᠣᠣᠯ ᠭᠡᠵᠦ ᠨᠡᠷᠡᠯᠡᠬᠦ ᠪᠣᠯᠪᠠ᠃ ᠲᠡᠷᠡ ᠦᠶᠡᠰ ᠡᠴᠡ ᠲᠡᠦᠬᠡ ᠰᠤᠳᠤᠷ ᠲᠤ᠌ ᠱᠠᠩᠳᠤ ᠶ᠋ᠢᠨ ᠭᠣᠣᠯ ᠭᠡᠮᠡᠨ ᠲᠡᠮᠳᠡᠭᠯᠡᠭᠳᠡᠨ ᠡᠳᠦᠭᠡ ᠳ᠋ᠦ᠍ᠷ ᠬᠦᠷᠴᠦᠬᠦᠢ᠃
   ᠱᠠᠩᠳᠤ ᠶ᠋ᠢᠨ ᠭᠣᠣᠯ ᠨᠢ ᠬᠡᠷᠡᠮ ᠦ᠋ᠨ ᠭᠠᠳᠠᠨᠠᠬᠢ ᠦᠬᠡᠷᠴᠢ ᠶ᠋ᠢᠨ ᠠᠭᠤᠯᠠ ᠠ᠋ᠴᠠ ᠡᠬᠢ ᠠᠪᠴᠤ ᠵᠡᠭᠦᠨ ᠬᠣᠢᠰᠢ ᠮᠤᠷᠤᠯᠵᠠᠨ ᠤᠷᠤᠰᠤᠭᠰᠠᠭᠠᠷ ᠪᠣᠷᠣᠬᠣᠲᠠ ᠮᠠᠯᠵᠢᠯ ᠤ᠋ᠨ ᠲᠠᠯᠠᠪᠠᠢ ᠶ᠋ᠢᠨ ᠵᠠᠰᠠᠮᠠᠯ ᠵᠠᠮ ᠤ᠋ᠨ ᠬᠥᠭᠥᠷᠭᠡ ᠪᠡᠷ ᠰᠢᠯᠤᠭᠤᠨ ᠬᠥᠬᠡ ᠬᠤᠰᠢᠭᠤᠨ ᠤ᠋ ᠨᠤᠲᠤᠭ ᠲᠤ᠌ ᠤᠷᠤᠰᠤᠨ ᠣᠷᠣᠨ᠎ᠠ᠃ ᠱᠠᠩᠳᠤ ᠶ᠋ᠢᠨ ᠭᠣᠣᠯ ᠨᠢ ᠰᠢᠯᠤᠭᠤᠨ ᠬᠥᠬᠡ ᠬᠤᠰᠢᠭᠤᠨ ᠤ᠋ ᠰᠢᠷ᠎ᠠ ᠲᠠᠯ᠎ᠠ ᠶ᠋ᠢ ᠲᠤᠭᠤᠯᠤᠨ ᠲᠤᠭᠤᠷᠴᠠᠭ ᠤ᠋ᠨ ᠠᠭᠤᠯᠠ ᠶ᠋ᠢ ᠣᠷᠢᠶᠠᠵᠤ ᠡᠷᠲᠡᠨ ᠦ᠌ ᠴᠠᠭᠠᠨ ᠬᠣᠲᠠ ᠪᠠᠷ ᠲᠤᠯᠤᠨ ᠨᠣᠣᠷ ᠰᠢᠶᠠᠨ ᠤ᠋ ᠵᠠᠭᠠᠭ ᠲᠤ᠌ ᠣᠷᠣᠨ᠎ᠠ᠃ᠡᠨᠳᠡ ᠬᠣᠢᠨ᠎ᠠ ᠠ᠋ᠴᠠ ᠤᠷᠤᠰᠤᠨ ᠢᠷᠡᠭᠰᠡᠨ ᠬᠡᠢᠪᠣᠩ ᠭᠣᠣᠯ ᠲᠠᠢ ᠨᠡᠢᠯᠡᠵᠦ ᠯᠤᠸᠠᠨ ᠾᠧ ᠭᠣᠣᠯ ᠨᠡᠷᠡᠢᠳᠦᠭ᠌ᠳᠠᠨ ᠡᠮᠦᠨᠡᠰᠢ ᠤᠷᠤᠰᠬᠤ ᠪᠥᠯᠥᠭᠡ᠃ ᠱᠠᠩᠳᠤ ᠶ᠋ᠢᠨ ᠭᠣᠣᠯ ᠮᠢᠨᠢ ᠠᠯᠳᠠᠷ ᠴᠤᠤᠲᠤ ᠨᠡᠷᠡᠯᠡᠯ ᠢ᠋ᠶ᠋ᠠᠷ ᠢ᠋ᠶ᠋ᠠᠨ᠂ ᠠᠷᠢᠭᠤᠨ ᠲᠤᠩᠭᠠᠯᠠᠭ ᠤᠷᠤᠰᠬᠠᠯ ᠢ᠋ᠶ᠋ᠠᠷ ᠢ᠋ᠶ᠋ᠠᠨ ᠮᠣᠩᠭᠣᠯ ᠲᠤᠭᠤᠷᠭᠠᠲᠠᠨ ᠤ᠋ ᠨᠢᠭᠡᠨ ᠦᠶ᠎ᠡ ᠶ᠋ᠢᠨ ᠶᠡᠬᠡ ᠨᠢᠭᠡᠳᠦᠯ᠂ᠢᠳᠡᠷᠬᠡᠭ ᠮᠠᠨᠳᠤᠯ ᠢ᠋ ᠰᠢᠷ᠎ᠠ ᠲᠠᠯ᠎ᠠ ᠳ᠋ᠤ᠌ ᠪᠢᠴᠢᠭᠯᠡᠨ ᠵᠢᠷᠤᠭᠯᠠᠵᠤ ᠱᠠᠰᠲᠢᠷ ᠲᠡᠦᠬᠡᠨ᠎ᠡ ᠲᠡᠮᠳᠡᠭᠯᠡᠨ ᠦᠯᠡᠳᠡᠭᠡᠵᠦᠬᠦᠢ᠃ ᠲᠡᠭᠦᠨ ᠦ᠌ ᠬᠣᠶᠠᠷ ᠬᠥᠪᠡᠭᠡ ᠪᠡᠷ ᠮᠣᠩᠭᠣᠯ ᠲᠤᠭᠤᠷᠭᠠᠲᠠᠨ ᠤ᠋ ᠤᠬᠠᠭᠠᠨ ᠡᠷᠳᠡᠮ᠂ᠤᠷ᠎ᠠ ᠮᠡᠷᠭᠡᠵᠢᠯ ᠢ᠋ᠶ᠋ᠡᠷ ᠪᠠᠢᠭᠤᠯᠤᠭᠰᠠᠨ ᠱᠠᠩᠳᠤ ᠨᠡᠢᠰᠯᠡᠯ᠂ ᠴᠠᠭᠠᠨ ᠬᠣᠲᠠ᠂ᠦᠬᠤᠸᠠᠨ ᠪᠠᠯᠭᠠᠳ᠂ᠪᠣᠷᠣᠬᠣᠲᠠ᠂ᠲᠠᠢᠪᠤᠩ ᠴᠠᠢᠵᠠ᠂ᠳᠡᠷᠡᠰᠦᠨ ᠪᠠᠯᠭᠠᠳ᠂ᠳᠥᠰᠢ ᠶ᠋ᠢᠨ ᠰᠦᠮ᠎ᠡ ᠪᠠᠳᠠᠷᠠᠯᠲᠤ ᠦᠶ᠎ᠡ ᠪᠡᠨ ᠠᠯᠳᠠᠵᠤ ᠪᠠᠯᠭᠠᠰᠤ ᠪᠠᠭᠤᠷᠢ ᠪᠣᠯᠤᠭᠰᠠᠨ ᠪᠣᠯᠪᠠᠴᠤ ᠮᠠᠨ ᠤ᠋ ᠦᠨᠳᠦᠰᠦᠲᠡᠨ᠂ᠶᠡᠬᠡ ᠳᠡᠭᠡᠷᠡᠩᠭᠦᠢ ᠦᠵᠡᠯᠲᠡᠨ ᠦ᠌ ᠮᠠᠭᠤᠴᠢᠯᠠᠨ ᠬᠡᠯᠡᠳᠡᠭ ᠰᠢᠭ ᠲᠡᠢᠮᠦ ᠲᠡᠨᠡᠭ ᠮᠣᠩᠭᠣᠯ ᠪᠤᠰᠤ ᠭᠡᠳᠡᠭ ᠢ᠋ ᠳᠡᠯᠡᠬᠡᠢ  ᠳ᠋ᠠᠬᠢᠨ᠎ᠠ ᠲᠤᠩᠬᠠᠭᠯᠠᠭᠰᠠᠭᠠᠷ ᠪᠠᠢᠨ᠎ᠠ᠃
   18 ᠳ᠋ᠤᠭᠠᠷ ᠵᠠᠭᠤᠨ ᠤ᠋ ᠰᠡᠭᠦᠯᠴᠢ ᠶ᠋ᠢᠨ ᠦᠶ᠎ᠡ ᠶ᠋ᠢᠨ ᠠᠩᠭ᠌ᠯᠢ ᠶ᠋ᠢᠨ ᠠᠯᠳᠠᠷᠲᠤ ᠰᠢᠯᠦᠭᠴᠢᠨ ᠺᠸᠯᠸᠯᠦᠢᡁᠢ ᠱᠠᠩᠳᠤ ᠨᠡᠢᠰᠯᠡᠯ ᠦ᠋ᠨ ᠲᠤᠬᠠᠢ ᠰᠢᠯᠦᠭ ᠪᠢᠴᠢᠭᠰᠡᠨ ᠢ᠋ᠶ᠋ᠡᠷ ᠠᠩᠭ᠌ᠯᠢ ᠳᠠᠶᠠᠭᠠᠷ ᠱᠠᠩᠳᠤ ᠨᠡᠢᠰᠯᠡᠯ ᠢ ᠮᠡᠳᠡᠬᠦ ᠦᠭᠡᠢ ᠬᠥᠮᠦᠨ ᠦᠭᠡᠢ ᠪᠣᠯᠪᠠ ᠭᠡᠳᠡᠭ᠃ᠲᠡᠭᠦᠨ ᠦ᠌ ᠪᠢᠴᠢᠭᠰᠡᠨ ᠰᠢᠯᠦᠭ ᠦ᠋ᠨ ᠡᠬᠢᠨ ᠦ᠌ ᠪᠠᠳᠠᠭ ᠲᠤ᠌《ᠬᠤᠪᠢᠯᠠᠢ ᠬᠠᠭᠠᠨ ᠳᠡᠭᠡᠳᠦ ᠨᠡᠢᠰᠯᠡᠯ ᠢ᠋ ᠴᠣᠭᠴᠠᠯᠠᠨ ᠪᠠᠢᠭᠤᠯᠬᠤ ᠶ᠋ᠢ ᠵᠠᠷᠯᠠᠬᠤᠶ᠎ᠠ᠂ᠬᠣᠪᠣᠷ ᠬᠡᠭᠡᠨᠴᠡᠷ ᠣᠷᠳᠣᠨ ᠬᠠᠷᠰᠢ ᠥᠩᠭᠡ ᠢᠯᠭᠠᠷᠠᠨ ᠵᠢᠭᠳᠡᠷᠡᠪᠡᠢ᠃ᠬᠤᠪᠢᠯᠭᠠᠨ ᠤᠰᠤ ᠠᠷᠪᠢᠨ ᠭᠣᠣᠯ ᠳᠣᠭᠰᠢᠨ ᠳᠠᠪᠠᠯᠭᠠᠨ ᠢ᠋ᠶ᠋ᠠᠷ ᠡᠷᠭᠢᠯᠳᠦᠨ᠂ᠬᠣᠩᠭᠢᠯ ᠬᠠᠪᠴᠢᠯ ᠭᠦᠨ ᠵᠢᠯᠠᠭ᠎ᠠ ᠪᠠᠷ ᠠᠶᠤᠩᠭ᠎ᠠ ᠨᠢᠵᠢᠭᠢᠨᠡᠨ ᠳᠣᠪᠲᠣᠯᠤᠭᠰᠠᠭᠠᠷ᠂ᠬᠤᠷᠮᠤᠰᠲᠠ ᠨᠠᠷᠠ ᠦᠯᠦ ᠦᠵᠡᠭᠳᠡᠬᠦ ᠠᠨᠠᠪᠠᠳ ᠳᠠᠯᠠᠢ ᠳ᠋ᠤᠷ ᠴᠢᠳᠬᠤᠯᠠᠪᠠᠢ····》 ᠬᠡᠮᠡᠬᠦ ᠪᠠᠳᠠᠭ ᠨᠢ ᠳᠡᠭᠡᠳᠦ ᠨᠡᠢᠰᠯᠡᠯ ᠦ᠋ᠨ ᠥᠩᠭᠡ ᠦᠵᠡᠮᠵᠢ᠂ ᠱᠠᠩᠳᠤ ᠶ᠋ᠢᠨ ᠭᠣᠣᠯ ᠤ᠋ᠨ ᠰᠦᠷ ᠵᠢᠪᠬᠤᠭ᠎ᠠ ᠶ᠋ᠢ ᠭᠦᠢᠴᠡᠳ ᠳᠦᠷᠰᠦᠯᠡᠭᠰᠡᠨ ᠠᠵᠠᠢ᠃
     ᠬᠤᠷᠠᠬᠤ ᠶ᠋ᠢᠨ ᠠᠭᠤᠯᠠ
   ᠤᠭᠠᠯᠵᠠᠨ ᠱᠠᠩᠳᠤ ᠶ᠋ᠢ ᠠᠷᠤᠯᠠᠨ᠂ᠤᠭ᠌ᠶᠤᠨ ᠡᠯᠡᠰᠦ ᠶ᠋ᠢ ᠬᠠᠰᠢᠵᠤ ᠰᠦᠨᠳᠡᠷᠯᠡᠭᠰᠡᠨ ᠬᠤᠷᠠᠬᠤ ᠶ᠋ᠢᠨ ᠠᠭᠤᠯᠠᠰ᠂ᠪᠠᠷᠠᠭᠤᠨ ᠬᠣᠢᠰᠢ ᠠᠪᠤᠷᠭᠤ ᠮᠤᠨᠢ ᠲᠠᠢ ᠵᠠᠯᠭᠠᠯᠳᠤᠨ᠂ᠵᠡᠭᠦᠨ ᠡᠮᠦᠨᠡᠰᠢ ᠠᠯᠲᠠᠨ ᠬᠢᠩᠭᠠᠨ ᠲᠠᠢ ᠦᠷᠭᠦᠯᠵᠢᠯᠡᠭᠡᠳ ᠤᠷᠭᠤᠬᠤ ᠨᠠᠷᠠ ᠶ᠋ᠢ ᠤᠭᠲᠤᠨ ᠳᠡᠯ ᠰᠡᠭᠦᠯ ᠪᠣᠰᠬᠠᠨ ᠡᠭᠦᠯᠡ ᠰᠠᠮᠤᠷᠳᠠᠨ ᠤᠢᠯᠠᠨ ᠴᠣᠢᠯᠠᠨ ᠳᠠᠪᠬᠢᠯᠳᠤᠭᠰᠠᠨ ᠠᠵᠢᠨᠠᠢ ᠬᠦᠯᠦᠭ ᠦ᠋ᠨ ᠰᠦᠷᠦᠭ ᠮᠡᠲᠦ ᠰᠦᠷ ᠶᠡᠬᠡᠮᠰᠦᠭ᠂ᠦᠵᠡᠰᠬᠦᠯᠡᠩ ᠭᠤᠸ᠎ᠠ ᠠᠵᠠᠢ᠃ᠠᠭᠤᠯᠠ ᠶ᠋ᠢᠨ ᠡᠮᠦᠨ᠎ᠡ ᠪᠠᠯ ᠳ᠋ᠤ᠌ ᠠᠯᠲᠠᠨ ᠤᠯᠤᠰ ᠤ᠋ᠨ ᠰᠢᠨ᠎ᠡ ᠬᠤᠸᠠᠨᠵᠸᠦ ᠪᠠᠯᠭᠠᠳ᠂ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠬᠣᠲᠠ᠂ᠳᠡᠷᠡᠰᠦᠨ ᠪᠠᠯᠭᠠᠰᠤ᠂ᠠᠭᠤᠯᠠ ᠶ᠋ᠢᠨ ᠠᠷᠤ ᠬᠣᠷᠮᠣᠢ ᠳ᠋ᠤ᠌ ᠦᠬᠤᠸᠠᠨ ᠬᠣᠲᠠ᠂ᠬᠠᠭᠤᠴᠢᠨ ᠬᠤᠸᠠᠨᠵᠸᠦ᠂ᠪᠤᠮᠪᠠᠨ ᠵᠠᠪᠰᠠᠷ ᠤ᠋ᠨ ᠶᠡᠬᠡ ᠣᠩᠭᠣᠨ ᠪᠣᠢ᠃ᠪᠠᠰᠠ ᠡᠷᠲᠡᠨ ᠦ᠌ ᠬᠥᠮᠦᠨ ᠦ᠌ ᠨᠤᠲᠤᠭ ᠪᠠᠭᠤᠴᠠ ᠶ᠋ᠢᠨ ᠬᠠᠭᠤᠴᠢ ᠪᠠᠭᠤᠷᠢ ᠨᠤᠭᠤᠳ ᠠᠭᠤᠯᠠ ᠶ᠋ᠢᠨ ᠥᠷᠭᠡᠨ ᠵᠢᠯᠠᠭ᠎ᠠ᠂ᠥᠨᠳᠥᠷ ᠠᠰᠬ᠎ᠠ ᠪᠠᠷ ᠪᠣᠢ᠃《ᠴᠢᠩ ᠤᠯᠤᠰ ᠤ᠋ᠨ ᠨᠢᠭᠡᠳᠦᠮᠡᠯ ᠲᠡᠦᠬᠡ》 ᠳ᠋ᠦ᠍ 《ᠱᠠᠩᠳᠤ ᠮᠠᠯᠵᠢᠯ ᠤ᠋ᠨ ᠲᠠᠯᠠᠪᠠᠢ ᠶ᠋ᠢᠨ ᠬᠣᠢᠨ᠎ᠠ᠂ᠥᠷᠥᠭᠡᠰᠦᠨ ᠴᠢᠯᠠᠭᠤᠨ ᠬᠠᠭᠠᠯᠭ᠎ᠠ ᠠ᠋ᠴᠠ ᠵᠡᠭᠦᠨ ᠬᠣᠢᠰᠢ230 ᠭᠠᠵᠠᠷ ᠤ᠋ᠨ ᠵᠠᠢ ᠳ᠋ᠤ᠌ ᠶᠡᠬᠡ ᠬᠤᠷᠠᠬᠤ ᠶ᠋ᠢᠨ ᠠᠭᠤᠯᠠ ᠪᠣᠢ᠂ᠬᠡᠪᠲᠡᠭᠡ ᠯᠤᠤ ᠠᠭᠤᠯᠠ ᠨᠢᠷᠤᠭᠤ ᠪᠣᠯᠠᠢ》᠂《235 ᠭᠠᠵᠠᠷ ᠤ᠋ᠨ ᠵᠠᠢ ᠳ᠋ᠤ᠌ ᠪᠠᠭ᠎ᠠ ᠬᠤᠷᠠᠬᠤ ᠶ᠋ᠢᠨ ᠠᠭᠤᠯᠠ ᠪᠣᠢ᠃ᠠᠭᠤᠯᠠ ᠶ᠋ᠢᠨ ᠭᠣᠣᠯ ᠡᠩᠭᠡᠷ ᠲᠦ᠍ ᠵᠣᠣ ᠨᠠᠢ᠍ᠮᠠᠨ ᠰᠦᠮ᠎ᠡ ᠬᠣᠲᠠ ᠶ᠋ᠢ ᠪᠠᠢᠭᠤᠯᠤᠭᠰᠠᠨ ᠠᠵᠠᠢ》᠂《ᠱᠠᠩᠳᠤ ᠮᠠᠯᠵᠢᠯ ᠤ᠋ᠨ ᠲᠠᠯᠠᠪᠠᠢ ᠶ᠋ᠢᠨ ᠬᠣᠢᠨ᠎ᠠ ᠬᠠᠭᠤᠴᠢᠨ ᠬᠡᠢᠪᠦᠩ ᠬᠣᠲᠠ ᠶ᠋ᠢᠨ ᠪᠠᠷᠠᠭᠤᠨ ᠡᠮᠦᠨ᠎ᠡ ᠨᠤᠲᠤᠭ ᠤ᠋ᠨ ᠬᠥᠮᠦᠨ ᠦ᠌ ᠬᠦᠷᠢᠶᠡᠲᠦ ᠪᠠᠯᠭᠠᠰᠤᠨ ᠭᠡᠮᠡᠨ ᠳᠠᠭᠤᠳᠠᠳᠠᠭ ᠬᠤᠸᠠᠨᠵᠸᠦ ᠪᠠᠯᠭᠠᠳ ᠪᠣᠢ᠂ᠬᠣᠲᠠ ᠶ᠋ᠢᠨ ᠠᠷᠤ ᠳ᠋ᠤ᠌ ᠳᠣᠪᠣ᠂ᠳᠣᠪᠣ ᠶ᠋ᠢᠨ ᠠᠷᠤ ᠪᠠᠷ ᠶᠡᠬᠡ ᠬᠤᠷᠠᠬᠤ ᠶ᠋ᠢᠨ ᠠᠭᠤᠯᠠ ᠪᠠ ᠪᠠᠭ᠎ᠠ ᠬᠤᠷᠠᠬᠤ ᠶ᠋ᠢᠨ ᠠᠭᠤᠯᠠᠨ ᠤ᠋ ᠠᠭᠤᠯᠵᠠᠭᠤᠷ ᠠᠮᠠ ᠪᠤᠶᠤ》ᠭᠡᠵᠡᠢ᠃ᠳᠠᠩ ᠤᠯᠤᠰ ᠤ᠋ᠨ ᠦᠶ᠎ᠡ ᠳ᠋ᠦ᠍ ᠬᠦᠮᠦᠬᠢ᠂ᠭᠢᠳᠠᠨᠴᠤᠤᠯ ᠤ᠋ᠨ ᠨᠤᠲᠤᠭ ᠪᠠᠢᠵᠠᠢ᠃ᠠᠯᠲᠠᠨ ᠤᠯᠤᠰ᠂ᠭᠢᠳᠠᠨᠴᠤᠤᠯ ᠢ᠋ ᠢᠯᠠᠵᠤ ᠬᠤᠸᠠᠨᠵᠸᠦ ᠪᠠᠯᠭᠠᠳ ᠪᠠᠢᠭᠤᠯᠪᠠ᠃ᠶᠤᠸᠠᠨ ᠤᠯᠤᠰ ᠤ᠋ᠨ ᠡᠬᠢᠨ ᠦ᠌ ᠦᠶ᠎ᠡ ᠳ᠋ᠦ᠍ ᠵᠠᠯᠠᠢᠷ ᠠᠢᠮᠠᠭ ᠤ᠋ᠨ ᠦᠯᠦᠭ ᠵᠢᠶᠦ᠋ᠨ ᠸᠠᠩ ᠰᠤᠬᠤᠨᠴᠠ ᠶ᠋ᠢᠨ ᠨᠤᠲᠤᠭ ᠪᠡᠯᠴᠢᠭᠡᠷ ᠪᠤᠶᠤ᠃ᠰᠣᠬᠣᠨᠴᠨ ᠬᠠᠷᠠᠬᠠᠨ ᠪᠠᠭ᠎ᠠ ᠠ᠋ᠴᠠ ᠪᠠᠨ ᠲᠥᠪ ᠴᠢᠩᠭ᠎ᠠ ᠡᠷᠡᠯᠬᠡᠭ ᠪᠠᠭᠠᠲᠤᠷᠯᠢᠭ ᠬᠥᠮᠦᠨ ᠪᠠᠢᠵᠠᠢ᠃ᠥᠭᠡᠳᠡᠢ ᠬᠠᠭᠠᠨ ᠢ᠋ ᠳᠠᠭᠠᠵᠤ ᠠᠯᠲᠠᠨ ᠤᠯᠤᠰ ᠢ᠋ ᠳᠠᠢᠯᠠᠭᠰᠠᠨ ᠭᠠᠪᠢᠶ᠎ᠠ ᠲᠠᠢ᠃ᠰᠢᠷᠠᠭᠴᠢᠨ ᠭᠠᠬᠠᠢ ᠵᠢᠯ᠂ ᠠᠬ᠎ᠠ ᠳᠡᠰ ᠦ᠋ᠨ ᠢ᠋ᠶ᠋ᠡᠨ ᠵᠡᠷᠭᠡ ᠶ᠋ᠢ ᠵᠠᠯᠭᠠᠮᠵᠢᠯᠠᠵᠤ ᠭᠤᠸ᠎ᠠ ᠸᠠᠩ ᠪᠤᠶᠤ ᠤᠯᠤᠰ ᠤ᠋ᠨ ᠸᠠᠩ ᠡᠷᠭᠦᠮᠵᠢᠯᠡᠭᠳᠡᠪᠡ᠃ᠬᠤᠸᠠᠨᠵᠸᠣ ᠪᠠᠯᠭᠠᠳ ᠤ᠋ᠨ ᠪᠠᠷᠠᠭᠤᠨ ᠪᠡᠶ᠎ᠡ ᠳ᠋ᠦ᠍ ᠪᠠᠢᠬᠤ ᠠᠷᠴᠠᠲᠤ ᠳ᠋ᠤ᠌ ᠪᠠᠭᠤᠵᠤ ᠮᠣᠩᠭᠣᠯ ᠬᠢᠲᠠᠳ ᠴᠡᠷᠢᠭ ᠢ᠋ ᠶᠡᠷᠦᠩᠬᠡᠢᠯᠡᠨ ᠵᠠᠰᠠᠬᠤ ᠪᠥᠯᠥᠭᠡ᠃ᠲᠡᠭᠦᠨ ᠦ᠌ ᠵᠠᠰᠠᠭ ᠶᠠᠪᠤᠭᠤᠯᠬᠤ ᠱᠠᠩᠨᠠᠯ ᠰᠢᠢᠳᠬᠡᠯ ᠲᠣᠳᠣᠷᠬᠠᠢ ᠤᠴᠢᠷ ᠬᠥᠮᠦᠰ ᠠᠶᠤᠮᠰᠢᠭ ᠦᠭᠡᠢ ᠦᠯᠦ ᠵᠥᠷᠢᠴᠡᠨ᠎ᠡ᠃ᠥᠭᠡᠳᠡᠢ ᠬᠠᠭᠠᠨ ᠤ᠋ ᠡᠯᠴᠢ᠂ᠰᠤᠬᠣᠨᠴᠨ ᠥᠯᠥᠭ ᠵᠢᠶᠦ᠋ᠨ ᠸᠠᠩ ᠤ᠋ᠨ ᠵᠠᠰᠠᠭ ᠵᠠᠬᠢᠷᠭ᠎ᠠ ᠴᠢᠩᠭ᠎ᠠ ᠡᠮᠬᠢ ᠳᠢᠭᠯᠢᠮ ᠲᠡᠢ ᠶ᠋ᠢ ᠡᠵᠡᠨ ᠳ᠋ᠦ᠍ ᠠᠢᠯᠠᠳᠬᠠᠭᠰᠠᠨ᠎ᠠ ᠥᠭᠡᠳᠡᠢ ᠬᠠᠭᠠᠨ《ᠦᠨᠡᠬᠡᠷ ᠮᠤᠬᠤᠯᠠᠢ ᠶ᠋ᠢᠨ ᠤᠳᠤᠮ ᠤᠭᠰᠠᠭᠠᠨ ᠤ᠋ ᠦᠷ᠎ᠡ ᠠᠴᠢ ᠠᠵᠤᠭᠤ》 ᠭᠡᠮᠡᠨ ᠮᠠᠭᠲᠠᠪᠠᠢ᠃
       《ᠶᠤᠸᠠᠨ ᠤᠯᠤᠰ ᠤ᠋ᠨ ᠲᠡᠦᠬᠡ᠂ᠭᠠᠵᠠᠷ ᠵᠦᠢ ᠶ᠋ᠢᠨ ᠲᠡᠮᠳᠡᠭᠯᠡᠯ》 ᠳ᠋ᠦ᠍ ᠲᠣᠳᠣᠷᠬᠠᠢᠯᠠᠭᠰᠠᠨ ᠢ᠋ᠶ᠋ᠠᠷ ᠪᠣᠯ ᠮᠥᠩᠬᠡ ᠬᠠᠭᠠᠨ ᠤ᠋ ᠲᠠᠪᠤᠳᠤᠭᠠᠷ ᠣᠨ ᠳ᠋ᠤ᠌ ᠡᠨᠡ ᠬᠦ᠌ ᠣᠷᠣᠨ ᠢ᠋ ᠬᠤᠪᠢᠯᠠᠢ ᠳ᠋ᠤ᠌ ᠬᠠᠷᠢᠶᠠᠯᠠᠭᠤᠯᠤᠨ ᠥᠭᠴᠡᠢ᠃ᠳᠠᠷᠠᠭ᠎ᠠ ᠵᠢᠯ ᠨᠢ ᠬᠤᠪᠢᠯᠠᠢ ᠶ᠋ᠢᠨ ᠵᠠᠷᠯᠢᠭ ᠢ᠋ᠶ᠋ᠠᠷ ᠬᠤᠸᠠᠨᠵᠸᠤ ᠶ᠋ᠢᠨ ᠵᠡᠭᠦᠨ᠂ᠯᠤᠸᠠᠨ ᠱᠦᠢ ᠤᠰᠤᠨ ᠤ᠋ ᠤᠮᠠᠷ᠎ᠠ ᠳ᠋ᠠᠬᠢ ᠯᠤᠤ ᠶ᠋ᠢᠨ ᠳᠣᠪᠣᠴᠠᠭ ᠲᠤᠷ ᠤᠷᠲᠤ ᠬᠠᠷᠰᠢ ᠪᠠᠢᠭᠤᠯᠪᠠᠢ᠃ᠵᠦᠩ ᠲᠦᠩ ᠦ᠋ᠨ ᠲᠡᠷᠢᠭᠦᠨ ᠣᠨ ᠤ᠋ ᠵᠤᠨ ᠤ᠋ ᠲᠡᠷᠢᠭᠦᠨ ᠰᠠᠷ᠎ᠠ ᠶ᠋ᠢᠨ ᠠᠷᠪᠠᠨ ᠤ᠋ ᠴᠠᠭᠠᠭᠴᠢᠨ ᠬᠣᠨᠢᠨ ᠡᠳᠦᠷ᠂ᠬᠤᠪᠢᠯᠠᠢ ᠲᠡᠷᠭᠡ ᠪᠡᠷ ᠪᠠᠯᠭᠠᠳ ᠲᠤᠷ ᠣᠷᠣᠵᠤ ᠬᠠᠭᠠᠨ ᠰᠠᠭᠣᠷᠢᠨ᠎ᠠ ᠰᠠᠭᠤᠵᠤᠬᠤᠢ᠃《ᠲᠣᠭᠣᠨᠲᠡᠮᠦᠷ ᠬᠠᠭᠠᠨ ᠤ᠋ ᠲᠡᠮᠳᠡᠭᠯᠡᠯ》 ᠳ᠋ᠦ᠍《ᡁᠢ ᠶᠤᠸᠠᠨ ᠤ᠋ ᠬᠣᠶᠠᠳᠤᠭᠠᠷ ᠣᠨ ᠳ᠋ᠤᠷ ᠬᠠᠭᠠᠨ ᠲᠡᠷᠭᠡ ᠪᠡᠷ ᠯᠤᠤ ᠶ᠋ᠢᠨ ᠳᠣᠪᠣᠴᠠᠭ ᠲᠤᠷ ᠬᠦᠷᠴᠦ ᠭᠡᠭᠦᠦ ᠶ᠋ᠢᠨ ᠰᠦᠨ ᠰᠠᠴᠤᠯᠢ ᠡᠷᠭᠦᠨ ᠲᠠᠬᠢᠯᠭ᠎ᠠ ᠬᠢᠪᠡ》ᠭᠡᠵᠡᠢ᠃ᠮᠠᠨ ᠤ᠋ ᠡᠪᠦᠭᠡ ᠳᠡᠭᠡᠳᠦᠰ ᠮᠣᠩᠭᠣᠯ ᠤᠭᠰᠠᠭᠠᠲᠠᠨ᠂ᠬᠤᠪᠢᠯᠠᠢ ᠶ᠋ᠢᠨ ᠶᠡᠬᠡ ᠬᠠᠭᠠᠨ ᠣᠷᠣ ᠵᠠᠯᠭᠠᠮᠵᠢᠯᠠᠭᠰᠠᠨ ᠦᠪᠡᠳᠡᠭᠰᠢ《ᠬᠤᠷᠠᠯᠳᠠᠢ ᠨᠠᠢᠷ》 ᠢ᠋ ᠡᠨᠡ ᠬᠦ᠌ ᠯᠤᠤ ᠨᠢᠷᠤᠭᠤ ᠶ᠋ᠢ ᠪᠥᠵᠢᠭᠯᠡᠲᠡᠯ᠎ᠡ ᠬᠢᠪᠡ ᠤᠤ᠂ᠯᠤᠸᠠᠨ ᠾᠧ ᠭᠣᠣᠯ ᠢ᠋ ᠢᠨᠢᠶᠡᠲᠡᠯ᠎ᠡ ᠬᠢᠪᠡ ᠤᠤ᠂ᠬᠤᠷᠠᠬᠤ ᠠᠭᠤᠯᠠ ᠶ᠋ᠢᠨ ᠠᠯᠳᠠᠷ᠎ᠠ ᠨᠡᠷ᠎ᠡ ᠬᠠᠭᠤᠳᠠᠰᠤ ᠲᠡᠦᠬᠡᠨ᠎ᠡ ᠲᠡᠮᠳᠡᠭᠯᠡᠭᠳᠡᠨ ᠳᠤᠷᠠᠰᠤᠭᠳᠠᠵᠠᠢ᠃1986ᠣᠨ ᠤ᠋ ᠵᠤᠨ᠂ᠠᠯᠲᠠᠨ ᠣᠳᠣᠨ ᠢ᠋ᠶ᠋ᠠᠷ ᠱᠠᠩᠨᠠᠭᠳᠠᠵᠤ ᠠᠯᠳᠠᠷ ᠴᠣᠯᠠ ᠪᠠᠨ ᠮᠠᠨᠳᠤᠭᠤᠯᠵᠤ ᠶᠠᠪᠤᠭᠰᠠᠨ ᠠᠯᠳᠠᠷᠲᠤ ᠳᠠᠭᠤᠴᠢᠨ ᠴᠢᠯᠠᠭᠤ ᠶ᠋ᠢᠨ ᠴᠢᠨᠳᠠᠷ ᠢ᠋ ᠨᠤᠲᠤᠭ ᠤ᠋ᠨ ᠬᠢᠨᠢ ᠮᠠᠯᠴᠢᠳ᠂ᠶᠡᠬᠡ ᠬᠤᠷᠠᠬᠤ ᠶ᠋ᠢᠨ ᠠᠭᠤᠯᠠᠨ ᠤ᠋ ᠰᠢᠷ᠎ᠠ ᠬᠠᠳᠠᠨ ᠤ᠋ ᠡᠩᠭᠡᠷ ᠲᠦ᠍ ᠪᠤᠮᠪᠠᠯᠠᠪᠠ᠃ᠲᠡᠭᠦᠨ ᠦ᠌ ᠬᠠᠮ ᠬᠣᠭᠣᠯᠠᠢ ᠪᠠᠷ ᠰᠢᠷ᠎ᠠ ᠲᠠᠯ᠎ᠠ ᠶ᠋ᠢ ᠳᠣᠷᠭᠢᠲᠠᠯ᠎ᠠ᠂ᠱᠠᠩᠳᠤ ᠭᠣᠣᠯ ᠢ᠋ ᠴᠠᠯᠭᠢᠯᠠᠲᠠᠯ᠎ᠠ《ᠴᠠᠰᠤᠲᠤ ᠴᠠᠭᠠᠨ ᠠᠭᠤᠯᠠᠨ ᠤ᠋ ᠣᠷᠣᠢ ᠳᠡᠭᠡᠷ᠎ᠡ᠂ᠴᠠᠭᠠᠨ ᠠᠷᠰᠯᠠᠨ ᠬᠦᠷᠬᠢᠷᠡᠬᠦ ᠶ᠋ᠢᠨ ᠬᠢᠨᠢ ᠣᠮᠣᠭ ᠲᠠᠢ ᠬᠥᠶ᠎ᠡ᠂ᠴᠠᠭ ᠤ᠋ᠨ ᠢᠷᠦᠭᠡᠯ ᠢ᠋ᠶ᠋ᠡᠷ ᠤᠴᠠᠷᠠᠭᠰᠠᠨ ᠠᠬ᠎ᠠ ᠳᠡᠭᠦᠦ ᠲᠠ ᠨᠠᠷ ᠲᠠᠭᠠᠨ᠂ᠴᠠᠭᠠᠨ ᠠᠷᠢᠬᠢ ᠪᠠᠨ ᠪᠠᠷᠢᠨ ᠪᠠᠷᠢᠨ ᠨᠠᠢᠷᠯᠠᠶ᠎ᠠ ᠬᠥᠶ᠎ᠡ》ᠭᠡᠮᠡᠨ ᠬᠦᠩᠭᠢᠨᠡᠭᠦᠯᠦᠨ ᠳᠠᠭᠤᠯᠠᠭᠰᠠᠨ ᠬᠤᠪᠢᠯᠠᠢ ᠬᠠᠭᠠᠨ ᠤ᠋ ᠣᠷᠳᠣᠨ ᠤ᠋ ᠳᠠᠭᠤᠤ ᠶ᠋ᠢᠨ ᠢᠷᠠᠭᠤ ᠲᠣᠳᠣᠬᠠᠨ ᠡᠭᠡᠰᠢᠭ ᠰᠢᠷ᠎ᠠ ᠬᠠᠳᠠ᠂ᠬᠥᠬᠡ ᠲᠣᠯᠣᠭᠠᠢ᠂ᠤᠯᠠᠭᠠᠨ ᠣᠪᠣᠭ᠎ᠠ᠂ ᠬᠤᠷᠠᠬᠤ ᠶ᠋ᠢᠨ ᠠᠭᠤᠯᠠᠰ᠂ᠬᠤᠯᠠᠨ ᠰᠢᠷᠭ᠎ᠠ ᠳᠠᠬᠢ ᠶ᠋ᠢᠨ ᠡᠯᠡᠰᠦ ᠮᠠᠩᠬ᠎ᠠ ᠪᠠᠷ ᠴᠤᠤᠷᠢᠶᠠᠲᠤᠨ᠂ᠲᠥᠷᠥᠭᠰᠡᠨ ᠠᠭᠤᠯᠠ ᠤᠰᠤ ᠲᠠᠢ ᠪᠠᠨ ᠬᠠᠮᠲᠤ ᠮᠥᠩᠬᠡᠷᠡᠭᠰᠡᠨ ᠠᠵᠢ᠃
ᠲᠡᠷᠡ ᠥᠪᠡᠷ ᠦ᠋ᠨ ᠬᠥᠰᠢᠶ᠎ᠡ ᠳᠤᠷᠠᠰᠬᠠᠯ ᠢ᠋ᠶ᠋ᠠᠨ ᠡᠬᠡ ᠣᠷᠣᠨ᠂ᠡᠯᠢᠭᠡᠨ ᠲᠦᠮᠡᠨ ᠢ᠋ᠶ᠋ᠡᠨ ᠡᠩᠬᠦᠷᠡᠢᠯᠡᠨ ᠬᠠᠢᠷᠠᠯᠠᠵᠤ᠂ ᠡᠭᠡᠰᠢᠭᠯᠡᠨ ᠮᠠᠭᠲᠠᠭᠰᠠᠨ ᠳᠠᠭᠤᠤ ᠪᠠᠷ ᠪᠤᠰᠬᠠᠵᠠᠢ᠃ᠬᠤᠷᠠᠬᠤ ᠶ᠋ᠢᠨ ᠠᠭᠤᠯᠠᠨ ᠤ᠋ ᠬᠦᠦ ᠶ᠋ᠢᠨ ᠳᠠᠭᠤᠤ ᠨᠢ ᠬᠥᠰᠢᠶ᠎ᠡ᠂ᠬᠥᠰᠢᠶ᠎ᠡ ᠨᠢ ᠳᠠᠭᠤᠤ ᠰᠠᠨ᠃
            ᠬᠤᠸᠠᠨᠵᠸᠤ ᠪᠠᠯᠭᠠᠳ
    ᠶᠡᠬᠡ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠬᠡᠢᠪᠣᠩ ᠪᠠᠯᠭᠠᠳ ᠠ᠋ᠴᠠ ᠪᠠᠷᠠᠭᠤᠨ ᠡᠮᠦᠨ᠎ᠡ 45ᠭᠠᠵᠠᠷ ᠤ᠋ᠨ ᠵᠠᠢ ᠳ᠋ᠤ᠌ ᠪᠠᠢᠭ᠎ᠠ ᠬᠠᠭᠤᠴᠢᠨ ᠬᠣᠲᠠ ᠶ᠋ᠢᠨ ᠰᠠᠭᠤᠷᠢ ᠪᠣᠯ ᠠᠯᠲᠠᠨ ᠤᠯᠤᠰ ᠤ᠋ᠨ ᠦᠶ᠎ᠡ ᠶ᠋ᠢᠨ ᠬᠤᠸᠠᠨᠵᠸᠤ ᠪᠠᠯᠭᠠᠳ ᠪᠣᠯᠤᠨ᠎ᠠ᠃ᠬᠣᠲᠠ ᠶ᠋ᠢ ᠠᠭᠤᠯᠠ ᠲᠦᠰᠢᠭᠦᠯᠦᠨ ᠤᠰᠤ ᠠᠷᠤᠯᠠᠭᠤᠯᠵᠤ ᠪᠠᠢᠭᠤᠯᠤᠭᠰᠠᠨ ᠠᠵᠢ᠃ᠬᠣᠲᠠ ᠶ᠋ᠢᠨ ᠠᠷᠤ ᠳ᠋ᠤ᠌ ᠵᠢᠵᠢᠭᠬᠡᠨ ᠵᠢᠷᠦᠬᠡᠨ ᠪᠣᠷᠣ ᠳᠣᠪᠣ ᠬᠥᠬᠡᠷᠡᠵᠦ ᠲᠡᠭᠦᠨ ᠦ᠌ ᠬᠣᠢᠭᠤᠷ ᠶᠡᠬᠡ ᠬᠤᠷᠠᠬᠤ ᠶ᠋ᠢᠨ ᠠᠭᠤᠯᠠ ᠪᠠ ᠪᠠᠭ᠎ᠠ ᠬᠤᠷᠠᠬᠤ ᠶ᠋ᠢᠨ ᠠᠭᠤᠯᠠ ᠵᠠᠯᠭᠠᠯᠳᠤᠨ᠂ᠪᠠᠷᠠᠭᠤᠨ ᠡᠮᠦᠨ᠎ᠡ ᠡᠴᠡ ᠵᠡᠭᠦᠨ ᠬᠣᠢᠰᠢ ᠬᠥᠨᠳᠡᠯᠢᠳᠦᠨ᠎ᠡ᠃ᠬᠣᠲᠠ ᠶ᠋ᠢᠨ ᠤᠷᠳᠤᠭᠤᠷ ᠭᠠᠵᠠᠷ ᠢᠯᠡᠭᠦᠦ ᠶ᠋ᠢᠨ ᠵᠠᠢ ᠳ᠋ᠤ᠌ ᠱᠠᠩᠳᠤ ᠶ᠋ᠢᠨ ᠭᠣᠣᠯ ᠤᠭᠠᠯᠵᠠᠯᠠᠨ ᠤᠷᠤᠰᠴᠤ ᠵᠡᠭᠦᠨ ᠬᠣᠢᠰᠢ ᠬᠡᠢᠪᠣᠩ ᠱᠠᠩᠳᠤ ᠶ᠋ᠢ ᠵᠦᠭᠯᠡᠨ ᠮᠥᠩᠭᠥᠨ ᠯᠤᠤ ᠭᠦᠷᠪᠡᠯᠵᠡᠨ᠎ᠡ᠃ ᠬᠤᠸᠠᠨᠵᠸᠤ ᠪᠣᠯ ᠶᠤᠸᠠᠨ ᠤᠯᠤᠰ ᠤ᠋ᠨ ᠦᠶ᠎ᠡ ᠶ᠋ᠢᠨ ᠳᠡᠭᠡᠳᠦ ᠨᠡᠢᠰᠯᠡᠯ ᠱᠠᠩᠳᠤ ᠠ᠋ᠴᠠ ᠶᠡᠬᠡ ᠨᠡᠢᠰᠯᠡᠯ ᠳᠠᠢᠳᠤ ᠪᠡᠭᠡᠵᠢᠩ ᠬᠦᠷᠬᠦ ᠥᠷᠲᠡᠭᠡ ᠵᠠᠮ ᠤ᠋ᠨ ᠨᠢᠭᠡᠳᠦᠭᠡᠷ ᠥᠷᠲᠡᠭᠡ ᠪᠢᠯᠡ᠃
      ᠬᠤᠸᠠᠨᠵᠸᠤ ᠬᠣᠲᠠ ᠶ᠋ᠢᠨ ᠠᠭᠤᠵᠢᠮ ᠡᠷᠭᠢᠨ ᠲᠣᠭᠣᠷᠢᠨ8ᠭᠠᠵᠠᠷ ᠢᠯᠡᠭᠦᠦ᠂ᠲᠡᠭᠰᠢ ᠳᠥᠷᠪᠡᠯᠵᠢᠨ ᠬᠡᠯᠪᠡᠷᠢᠲᠡᠢ᠂ᠬᠡᠷᠡᠮ ᠦ᠋ᠨ ᠳᠥᠷᠪᠡᠨ ᠥᠨᠴᠥᠭ ᠲᠡᠭᠡᠨ ᠬᠠᠯᠬᠠᠪᠴᠢ ᠴᠤᠯᠴᠠᠩ ᠪᠦᠬᠦᠢ1 ᠵᠠᠩ ᠥᠷᠭᠡᠨ᠂2 ᠵᠠᠩ ᠥᠨᠳᠥᠷ ᠰᠢᠷᠣᠢ ᠶ᠋ᠢᠨ ᠬᠡᠷᠡᠮ ᠲᠡᠢ ᠪᠠᠢᠵᠠᠢ᠃ᠡᠷᠲᠡᠨ ᠳ᠋ᠡᠭᠡᠨ ᠮᠣᠩᠭᠣᠯᠴᠤᠳ ᠬᠦᠷᠢᠶᠡᠲᠦ ᠪᠠᠯᠭᠠᠰᠤᠨ ᠭᠡᠮᠡᠨ ᠳᠠᠭᠤᠳᠠᠳᠠᠭ ᠭᠡᠳᠡᠭ᠃ᠪᠠᠰᠠ ᠳᠥᠷᠥᠭᠡ ᠬᠣᠲᠠ ᠭᠡᠳᠡᠭ ᠬᠡᠯᠡᠯᠭᠡ ᠪᠣᠢ᠃《ᠠᠯᠲᠠᠨ ᠤᠯᠤᠰ ᠤ᠋ᠨ ᠲᠡᠦᠬᠡ》 ᠶ᠋ᠢᠨ ᠲᠡᠮᠳᠡᠭᠯᠡᠯ ᠢ᠋ ᠦᠨᠳᠦᠰᠦᠯᠡᠪᠡᠯ ᠬᠤᠸᠠᠨᠵᠸᠤ ᠪᠣᠯ ᠠᠯᠲᠠᠨ ᠤᠯᠤᠰ ᠤ᠋ᠨ ᠱ᠌ᠢᠼᠦ᠋ᠩ  ᠤ᠋ᠨ ᠲᠠᠪᠤᠳᠤᠭᠠᠷ ᠣᠨ(1166ᠣᠨ) ᠳ᠋ᠤ᠌ ᠡᠭᠦᠰᠬᠡᠨ ᠪᠠᠢᠭᠤᠯᠪᠠ᠃ᠠᠯᠲᠠᠨ ᠤᠯᠤᠰ ᠤ᠋ᠨ ᠪᠠᠷᠠᠭᠤᠨ ᠬᠣᠢᠲᠤ ᠳ᠋ᠠᠬᠢᠨ ᠢ᠋ ᠳᠠᠢᠯᠠᠨ ᠳᠠᠭᠠᠭᠤᠯᠬᠤ ᠵᠣᠣ ᠲᠤᠤ ᠰᠧ ᠶ᠋ᠢᠨ ᠵᠠᠬᠢᠷᠭ᠎ᠠ ᠶ᠋ᠢᠨ ᠭᠠᠵᠠᠷ᠂ᠡᠷᠲᠡᠨ ᠦ᠌ ᠦᠬᠤᠸᠠᠨᠴᠤᠳ ᠤ᠋ᠨ ᠨᠡᠭᠦᠳᠡᠯ ᠮᠠᠯᠵᠢᠯ ᠤ᠋ᠨ ᠣᠷᠣᠨ ᠪᠠᠢᠭᠰᠠᠨ ᠤᠴᠢᠷ ᠬᠤᠸᠠᠨᠵᠸᠤ ᠭᠡᠮᠡᠨ ᠨᠡᠷᠡᠯᠡᠵᠦᠬᠦᠢ᠃ᠠᠯᠲᠠᠨ ᠤᠯᠤᠰ ᠬᠢᠯᠢ ᠬᠢᠵᠠᠭᠠᠷ ᠳᠠᠭᠤ ᠪᠠᠨ38 ᠵᠧᠦ ᠪᠠᠢᠭᠤᠯᠵᠤ ᠴᠡᠷᠢᠭ ᠰᠠᠭᠤᠯᠭᠠᠨ ᠰᠠᠬᠢᠭᠤᠯᠤᠭᠰᠠᠨ ᠶᠤᠮ᠃ᠲᠡᠭᠦᠨ ᠦ᠌ ᠳᠣᠲᠣᠷᠠᠬᠢ1ᠵᠧᠦ ᠨᠢ ᠳᠠᠷᠤᠢ ᠬᠤᠸᠠᠨᠵᠸᠤ ᠪᠣᠯᠤᠨ᠎ᠠ᠃ᠬᠣᠲᠠ ᠶ᠋ᠢᠨ ᠰᠠᠭᠤᠭᠠᠯᠢ ᠢᠷᠭᠡᠳ ᠦ᠋ᠨ ᠣᠯᠠᠩᠬᠢ ᠨᠢ ᠴᠡᠷᠢᠭ᠂ᠡᠭᠡᠯ ᠠᠷᠠᠳ ᠵᠥᠪᠬᠡᠨ 578 ᠡᠷᠦᠬᠡ ᠪᠠᠢᠪᠠ᠃ᠬᠤᠸᠠᠨᠵᠸᠤ ᠶ᠋ᠢᠨ ᠪᠠᠷᠠᠭᠤᠨ ᠡᠮᠦᠨᠡᠬᠢ ᠴᠠᠩ ᠵᠧᠦ(ᠲᠠᠢᠫᠤᠰᠧ ᠬᠤᠰᠢᠭᠤᠨ ᠤ᠋ ᠴᠠᠭᠠᠨ ᠬᠣᠲᠠ)ᠪᠣᠯᠤᠨ ᠹᠦᠵᠧᠦ( ᠵᠠᠩᠪᠸᠢ ᠰᠢᠶᠠᠨ) ᠪᠣᠯ ᠬᠤᠸᠠᠨᠵᠸᠤ ᠶ᠋ᠢᠨ ᠬᠠᠷᠢᠶ᠎ᠠ ᠰᠢᠶᠠᠨ ᠤ᠋ ᠪᠠᠯᠭᠠᠳ ᠶᠤᠮ᠃ᠬᠤᠸᠠᠨᠵᠸᠤ ᠪᠣᠯᠤᠨ ᠲᠡᠭᠦᠨ ᠦ᠌ ᠣᠷᠴᠢᠨ ᠲᠣᠭᠣᠷᠢᠨ ᠪᠣᠯ ᠠᠯᠲᠠᠨ ᠤᠯᠤᠰ ᠤ᠋ᠨ ᠠᠳᠤᠭᠤ ᠮᠠᠯᠵᠢᠯ ᠤ᠋ᠨ ᠴᠢᠬᠤᠯᠠ ᠲᠠᠯᠠᠪᠤᠷ᠂ ᠠᠯᠲᠠᠨ ᠤᠯᠤᠰ ᠤ᠋ᠨ ᠬᠠᠭᠠᠳ ᠤ᠋ᠨ ᠵᠤᠨ ᠤ᠋ ᠵᠤᠰᠠᠯᠠᠩ᠂ᠠᠪᠠ ᠬᠣᠮᠣᠷᠭ᠎ᠠ ᠶ᠋ᠢᠨ ᠭᠠᠵᠠᠷ᠃ᠬᠤᠸᠠᠨᠵᠸᠤ ᠪᠠᠯᠭᠠᠳ ᠨᠢ ᠠᠯᠲᠠᠨ ᠤᠯᠤᠰ ᠤ᠋ᠨ ᠬᠠᠭᠠᠳ ᠤ᠋ᠨ ᠨᠡᠭᠦᠳᠡᠯ ᠣᠷᠳᠣᠨ ᠪᠠᠢᠭᠰᠠᠨ ᠤᠴᠢᠷ ᠲᠠᠯ᠎ᠠ ᠨᠤᠲᠤᠭ ᠤ᠋ᠨ ᠴᠢᠬᠤᠯᠠ ᠪᠠᠯᠭᠠᠰᠤ ᠪᠣᠯᠵᠤ ᠪᠠᠢᠪᠠ᠃ᠬᠤᠸᠠᠨᠵᠸᠤ ᠬᠣᠲᠠ ᠳ᠋ᠤ᠌ ᠵᠤᠰᠠᠯᠠᠩ ᠤ᠋ᠨ ᠰᠡᠷᠢᠭᠦᠨ ᠣᠷᠳᠣᠨ ᠵᠢᠩ ᠮᠢᠩ ᠣᠷᠳᠣᠨ᠂ᠯᠢᠶᠠᠨ ᠵᠢᠩ ᠬᠠᠷᠰᠢ᠂ᠶᠠᠩ ᠡᠦ ᠳ᠋ᠢᠶᠠᠨ ᠬᠠᠷᠰᠢ ᠵᠡᠷᠭᠡ ᠦᠵᠡᠰᠬᠦᠯᠡᠩ ᠰᠠᠢᠬᠠᠨ ᠤᠷᠲᠤ ᠬᠠᠷᠰᠢ ᠶ᠋ᠢ ᠪᠠᠢᠭᠤᠯᠤᠭᠰᠠᠨ ᠪᠠᠢᠵᠠᠢ᠃
    ᠳ᠋ᠤᠰᠰᠤᠨ ᠤ᠋《ᠮᠣᠩᠭᠣᠯ ᠤ᠋ᠨ ᠲᠡᠦᠬᠡ》 ᠳ᠋ᠦ᠍《ᠬᠣᠸᠠᠨᠵᠸᠤ ᠪᠠᠯᠭᠠᠳ ᠢ᠋ 810ᠣᠨ ᠳ᠋ᠤ᠌ ᠬᠢᠳᠠᠨᠴᠤᠤᠨ ᠪᠠᠢᠭᠤᠯᠵᠠᠢ᠃ᠦᠬᠡᠷ ᠴᠢᠯᠠᠭᠤᠨ ᠠᠮᠠ  ᠠ᠋ᠴᠠ ᠵᠡᠭᠦᠨ ᠬᠣᠢᠰᠢ 19 ᠣᠨᠣᠯᠭ᠎ᠠ ᠶ᠋ᠢᠨ ᠭᠠᠵᠠᠷ᠂ᠲᠤᠯᠤᠨ ᠨᠣᠤᠷ ᠠ᠋ᠴᠠ ᠪᠠᠷᠠᠭᠤᠨ ᠡᠮᠦᠨ᠎ᠡ  ᠪᠣᠢ᠃ᠮᠣᠩᠭᠣᠯᠴᠤᠳ 
ᠬᠦᠤᠲ᠋ᠦ᠋ᠩ ᠪᠠᠯᠭᠠᠰᠤ ᠭᠡᠳᠡᠭ》ᠭᠡᠵᠦ ᠲᠡᠮᠳᠡᠭᠯᠡᠵᠡᠢ᠃ᠬᠢᠳᠠᠨ ᠬᠥᠮᠦᠨ ᠶᠸᠯᠤᠢ ᠠᠬᠠᠢ᠂ᠶᠸᠯᠤᠢ ᠲᠤᠬᠠᠸ᠋᠎ᠡ ᠠᠬ᠎ᠠ ᠳᠡᠭᠦᠦ ᠬᠣᠶᠠᠷ ᠬᠤᠸᠠᠨᠵᠸᠤ ᠬᠣᠲᠠ ᠳ᠋ᠤ᠌ ᠰᠠᠭᠤᠵᠤ ᠰᠥᠩ ᠤᠯᠤᠰ᠂ᠠᠯᠲᠠᠨ ᠤᠯᠤᠰ ᠤ᠋ᠨ ᠪᠠᠢᠳᠠᠯ ᠢ᠋ ᠮᠣᠩᠭᠣᠯ ᠤ᠋ᠨ ᠬᠠᠷᠠᠬᠣᠷᠣᠮ ᠳ᠋ᠤ᠌ ᠮᠡᠳᠡᠭᠦᠯᠵᠦ ᠪᠠᠢᠭᠰᠠᠨ ᠭᠡᠳᠡᠭ᠃1215ᠣᠨ ᠳ᠋ᠤ᠌ ᠴᠢᠩᠭᠢᠰ ᠬᠠᠭᠠᠨ ᠬᠤᠸᠠᠨᠵᠸᠤ ᠪᠠᠯᠭᠠᠰᠤᠨ ᠳ᠋ᠤ᠌ ᠵᠤᠰᠠᠵᠠᠢ᠃ᠶᠤᠸᠠᠨ ᠤᠯᠤᠰ ᠨᠡᠷᠡᠯᠡᠭᠰᠡᠨ ᠦ᠌ ᠬᠣᠶᠠᠳᠤᠭᠠᠷ ᠣᠨ ᠳ᠋ᠤ᠌ ᠬᠤᠸᠠᠨᠵᠸᠤ ᠪᠠᠯᠭᠠᠳ ᠢ᠋ ᠳᠠᠬᠢᠨ ᠰᠡᠷᠭᠦᠭᠡᠵᠦ ᠱᠠᠩᠳᠤ ᠴᠥᠯᠭᠡ ᠳ᠋ᠦ᠍ ᠬᠠᠷᠢᠶᠠᠯᠠᠭᠤᠯᠤᠨ ᠰᠢᠨ᠎ᠡ ᠬᠣᠲᠠ ᠬᠡᠮᠡᠪᠡ᠃ᠮᠢᠩ ᠤᠯᠤᠰ ᠤ᠋ᠨ ᠡᠬᠢᠨ ᠳ᠋ᠦ᠍ ᠬᠤᠸᠠᠨᠵᠸᠤ ᠥᠷᠲᠡᠭᠡ ᠪᠣᠯᠭᠠᠵᠤ ᠱᠠᠩᠳᠤ ᠬᠡᠢᠪᠣᠩ ᠠ᠋ᠴᠠ ᠪᠠᠷᠠᠭᠤᠨ ᠡᠮᠦᠨᠡᠬᠢ ᠨᠢᠭᠡᠳᠦᠭᠡᠷ ᠥᠷᠲᠡᠭᠡ ᠭᠡᠵᠦ ᠨᠡᠷᠡᠯᠡᠵᠡᠢ᠃ᠮᠢᠩ ᠤᠯᠤᠰ ᠤ᠋ᠨ ᠲᠠᠢ ᠴᠠᠩ ᠤ᠋ᠨ ᠳᠣᠯᠣᠳᠤᠭᠠᠷ ᠣᠨ ᠳ᠋ᠤ᠌ ᠵᠧᠦ ᠰᠢᠶᠠᠨ ᠤ᠋ ᠴᠡᠷᠢᠭ ᠦ᠋ᠨ ᠽᠢ ᠱᠢ ᠲᠦᠰᠢᠮᠡᠯ ᠦ᠋ᠨ ᠵᠠᠬᠢᠷᠭ᠎ᠠ ᠪᠣᠯᠭᠠᠪᠠ᠃《ᠴᠢᠩ ᠤᠯᠤᠰ ᠤ᠋ᠨ ᠨᠢᠭᠡᠳᠦᠮᠡᠯ ᠤᠢᠯᠠᠯᠭ᠎ᠠ》 ᠳ᠋ᠤ᠌《ᠱᠠᠩᠳᠤ ᠮᠠᠯᠵᠢᠯ ᠤ᠋ᠨ ᠲᠠᠯᠠᠪᠠᠢ ᠶ᠋ᠢᠨ ᠬᠣᠢᠨ᠎ᠠ ᠬᠠᠭᠤᠴᠢᠨ ᠬᠡᠢᠪᠣᠩ ᠪᠠᠯᠭᠠᠳ ᠤ᠋ᠨ ᠪᠠᠷᠠᠭᠤᠨ ᠡᠮᠦᠨ᠎ᠡ᠂ᠨᠤᠲᠤᠭ ᠤ᠋ᠨ ᠬᠥᠮᠦᠨ ᠦ᠌ ᠬᠦᠷᠢᠶᠡᠲᠦ ᠪᠠᠯᠭᠠᠰᠤ ᠬᠡᠮᠡᠭᠴᠢ ᠬᠣᠲᠠ ᠪᠣᠢ᠃ᠥᠷᠥᠭᠡᠰᠦᠨ ᠴᠢᠯᠠᠭᠤᠨ ᠬᠠᠭᠠᠯᠭ᠎ᠠ ᠠ᠋ᠴᠠ ᠵᠡᠭᠦᠨ ᠬᠣᠢᠰᠢ186 ᠭᠠᠵᠠᠷ ᠬᠣᠯᠠ᠂ᠬᠣᠲᠠ ᠶ᠋ᠢᠨ ᠡᠷᠭᠢᠨ ᠲᠣᠭᠣᠷᠢᠨ8ᠭᠠᠵᠠᠷ᠂ᠯᠤᠸᠠᠨ ᠾᠧ ᠭᠣᠣᠯ ᠡᠮᠦᠨᠡᠭᠦᠷ ᠨᠢ ᠤᠷᠤᠰᠤᠨ᠂ᠵᠡᠭᠦᠨ ᠬᠣᠢᠰᠢ ᠮᠤᠷᠤᠢᠵᠤ ᠬᠡᠢᠪᠣᠩ ᠬᠣᠲᠠ ᠶ᠋ᠢᠨ ᠤᠷᠳᠤᠭᠤᠷ ᠥᠩᠭᠡᠷᠡᠨ᠎ᠡ᠃ᠬᠣᠲᠠ ᠶ᠋ᠢᠨ ᠠᠷᠤ ᠳ᠋ᠤ᠌ ᠰᠢᠷᠣᠢ ᠶ᠋ᠢᠨ ᠳᠣᠪᠣ ᠪᠣᠢ᠂ᠳᠣᠪᠣ ᠶ᠋ᠢᠨ ᠬᠣᠢᠭᠤᠷ ᠶᠡᠬᠡ ᠬᠤᠷᠠᠬᠤ ᠶ᠋ᠢᠨ ᠠᠭᠤᠯᠠ ᠪᠠ ᠪᠠᠭ᠎ᠠ ᠬᠤᠷᠠᠬᠤ ᠶ᠋ᠢᠨ ᠠᠭᠤᠯᠠ ᠵᠠᠯᠭᠠᠯᠳᠤᠬᠤ ᠠᠮᠠ ᠪᠤᠶᠤ᠃ᠶᠤᠸᠠᠨ ᠤ᠋ ᠦᠶᠡᠰ ᠰᠢᠨ᠎ᠡ ᠬᠣᠲᠠ ᠬᠡᠮᠡᠵᠦ᠂ ᠮᠢᠩ ᠤᠯᠤᠰ ᠤ᠋ᠨ ᠡᠬᠢᠨ ᠦ᠌ ᠦᠶ᠎ᠡ ᠪᠡᠷ ᠬᠤᠸᠠᠨᠵᠸᠤ ᠥᠷᠲᠡᠭᠡ ᠪᠣᠯᠭᠠᠵᠤ ᠬᠡᠢᠪᠣᠩ ᠤ᠋ᠨ ᠪᠠᠷᠠᠭᠤᠨ ᠡᠮᠦᠨᠡᠬᠢ ᠨᠢᠭᠡᠳᠦᠭᠡᠷ ᠥᠷᠲᠡᠭᠡ ᠬᠡᠮᠡᠵᠦᠬᠦᠢ᠃》
    ᠬᠤᠸᠠᠨᠵᠸᠤ ᠪᠠᠯᠭᠠᠳ ᠨᠢ ᠱᠠᠩᠳᠤ ᠶ᠋ᠢᠨ ᠰᠢᠷ᠎ᠠ ᠲᠠᠯ᠎ᠠ ᠶ᠋ᠢᠨ ᠳᠤᠮᠳᠠ ᠬᠠᠪᠢ ᠶ᠋ᠢᠨ ᠲᠡᠭᠰᠢ ᠲᠠᠯ᠎ᠠ ᠳᠡᠭᠡᠷ᠎ᠡ ᠪᠠᠢᠷᠢᠯᠠᠵᠤ ᠪᠠᠢᠨ᠎ᠠ᠃ᠬᠣᠲᠠ ᠶ᠋ᠢᠨ ᠠᠷᠤ ᠳ᠋ᠤ᠌ ᠶᠡᠬᠡ ᠬᠤᠷᠠᠬᠤ ᠶ᠋ᠢᠨ ᠠᠭᠤᠯᠠ ᠰᠦᠨᠳᠡᠷᠯᠡᠵᠦ ᠬᠣᠲᠠ ᠶ᠋ᠢᠨ ᠡᠮᠦᠨᠡᠭᠦᠷ ᠱᠠᠩᠳᠤ ᠶ᠋ᠢᠨ ᠭᠣᠣᠯ ᠤᠭᠠᠯᠵᠠᠯᠠᠨ᠎ᠠ᠃ᠡᠪᠡᠰᠦ ᠪᠡᠯᠴᠢᠭᠡᠷ ᠰᠠᠬᠤᠯᠢᠭ᠂ᠮᠠᠯ ᠮᠠᠯᠵᠢᠬᠤ ᠳ᠋ᠤ᠌ ᠲᠣᠬᠢᠷᠠᠮᠵᠢᠲᠠᠢ ᠭᠠᠵᠠᠷ ᠪᠢᠯᠡ᠃ᠬᠤᠸᠠᠨᠵᠸᠤ ᠨᠢ ᠡᠷᠲᠡ ᠳᠡᠭᠡᠳᠦ ᠦᠶ᠎ᠡ ᠡᠴᠡ ᠵᠠᠮ ᠨᠡᠪᠲᠡᠷᠡᠯᠭᠡ ᠶ᠋ᠢᠨ ᠪᠣᠭᠣᠮᠲᠠ ᠪᠠᠢᠵᠠᠢ᠃ᠥᠷᠲᠡᠭᠡ ᠵᠠᠮ ᠨᠢ ᠬᠤᠸᠠᠨᠵᠸᠤ ᠠ᠋ᠴᠠ ᠵᠡᠭᠦᠨᠰᠢ ᠳᠡᠭᠡᠳᠦ ᠨᠡᠢᠰᠯᠡᠯ ᠱᠠᠩᠳᠤ ᠶ᠋ᠢ ᠳᠠᠭᠠᠷᠢᠨ᠂ᠴᠠᠭᠠᠨ ᠬᠣᠲᠠ( ᠯᠢᠶᠠᠨ ᠲᠢᠩ) ᠪᠡᠷ ᠥᠩᠭᠡᠷᠡᠵᠦ ᠳᠡ ᠨᠢᠩ ᠬᠦᠷᠦᠨ᠎ᠡ᠂ᠮᠣᠩᠭᠣᠯ ᠤ᠋ᠨ ᠵᠡᠭᠦᠨ ᠬᠢᠵᠠᠭᠠᠷ ᠪᠤᠶᠤ᠃ᠪᠠᠷᠠᠭᠤᠨ ᠡᠮᠦᠨᠡᠰᠢ ᠪᠣᠷᠣᠬᠣᠲᠠ᠂ᠮᠢᠩᠭᠠᠨ ᠪᠠᠯᠭᠠᠳ᠂ᠤᠯᠠᠭᠠᠨ ᠬᠣᠲᠠ ᠪᠠᠷ ᠳᠠᠭᠠᠷᠢᠨ ᠥᠷᠥᠭᠡᠰᠦᠨ ᠴᠢᠯᠠᠭᠤᠨ ᠬᠠᠭᠠᠯᠭ᠎ᠠ ᠪᠠᠷ ᠪᠡᠭᠡᠵᠢᠩ ᠣᠷᠣᠨ᠎ᠠ᠃ᠪᠠᠷᠠᠭᠤᠨᠰᠢ ᠲᠠᠢᠫᠢᠩ ᠬᠣᠲᠠ ᠶ᠋ᠢ ᠳᠠᠭᠠᠷᠢᠨ ᠶᠢᠰᠦᠨ ᠬᠣᠯᠪᠣᠭ᠎ᠠ ᠬᠣᠲᠠ(ᠴᠠᠭᠠᠨᠨᠠᠭᠤᠷ ᠬᠣᠲᠠ ᠪᠣᠯᠤᠯᠲᠠᠢ)᠂ᠬᠠᠷ᠎ᠠ ᠪᠠᠯᠭᠠᠰᠤ( ᠵᠠᠩᠪᠸᠢ)᠂ᠴᠢᠭᠤᠯᠤᠯᠲᠤ ᠬᠠᠭᠠᠯᠭ᠎ᠠ ᠬᠦᠷᠦᠨ᠎ᠡ᠃ᠬᠣᠢᠰᠢ ᠬᠦᠷᠢᠶ᠎ᠡ ᠰᠢᠷ᠎ᠠ ᠵᠠᠮ ᠢ᠋ᠶ᠋ᠠᠷ ᠬᠠᠷᠠᠬᠣᠷᠣᠮ᠂ᠵᠡᠭᠦᠨ ᠬᠣᠢᠰᠢ ᠳᠠᠬᠢ ᠶ᠋ᠢᠨ ᠮᠠᠩᠬᠠᠨ ᠤ᠋ ᠬᠣᠷᠮᠣᠢ ᠪᠠᠷ ᠪᠠᠷᠰ ᠬᠣᠲᠠ ᠬᠦᠷᠦᠨ᠎ᠡ᠃ᠵᠠᠮ ᠳᠠᠭᠠᠤ ᠭᠠᠵᠠᠷ ᠲᠠᠯᠪᠢᠭᠤ᠂ᠯᠤᠸᠠᠨ ᠾᠧ ᠭᠣᠣᠯ ᠤ᠋ᠨ ᠤᠷᠤᠰᠬᠠᠯ ᠣᠷᠣᠨ ᠪᠤᠶᠤ ᠲᠠᠯᠠᠷᠬᠠᠭ ᠭᠠᠵᠠᠷ ᠠᠵᠢ᠃ᠬᠤᠸᠠᠨᠵᠸᠣ ᠨᠢ ᠲᠤᠬᠠᠢ ᠶ᠋ᠢᠨ ᠦᠶᠡᠰ ᠡᠮᠦᠨ᠎ᠡ ᠤᠮᠠᠷ᠎ᠠ᠂ᠵᠡᠭᠦᠨ ᠪᠠᠷᠠᠭᠤᠨ ᠤᠯᠤᠰ ᠣᠷᠣᠨ ᠢ᠋ ᠬᠣᠯᠪᠣᠭᠰᠠᠨ ᠣᠯᠠᠨ ᠵᠠᠮ ᠤ᠋ᠨ ᠠᠭᠤᠯᠵᠠᠭᠤᠷ ᠳᠡᠭᠡᠷ᠎ᠡ ᠪᠠᠢᠷᠢᠯᠠᠵᠤ ᠰᠠᠬᠢᠪᠠᠰᠤ ᠴᠡᠷᠢᠭ ᠲᠡᠢᠨ ᠦ᠌ ᠪᠠᠲᠤ ᠴᠠᠢᠵᠠ᠂ᠲᠠᠭᠠᠷᠢᠪᠠᠰᠤ ᠠᠷᠤ ᠬᠠᠩᠭᠠᠯᠭ᠎ᠠ ᠶ᠋ᠢᠨ ᠰᠠᠩ ᠪᠣᠯᠵᠤ ᠪᠠᠢᠪᠠ᠃ᠴᠠᠭᠠᠭᠴᠢᠨ ᠬᠣᠨᠢᠨ ᠵᠢᠯ᠂ᠠᠯᠲᠠᠨ ᠤᠯᠤᠰ ᠢ᠋ ᠪᠠᠢᠯᠳᠤᠬᠤ ᠳ᠋ᠤ᠌ ᠰᠥᠪᠠᠭᠡᠳᠡᠢ ᠤᠷᠢᠳ ᠢ᠋ᠶ᠋ᠠᠷ ᠬᠤᠸᠠᠨᠵᠸᠣ ᠪᠠᠯᠭᠠᠳ ᠢ᠋ ᠪᠠᠢᠯᠳᠤᠨ ᠡᠵᠡᠯᠡᠵᠦ ᠵᠥᠩᠲᠦ ᠬᠣᠲᠠ ᠶ᠋ᠢ ᠴᠣᠬᠢᠬᠤ ᠰᠠᠭᠤᠷᠢᠨ ᠭᠠᠵᠠᠷ ᠪᠣᠯᠭᠠᠵᠤᠬᠤᠢ᠃ᠶᠤᠸᠠᠨ ᠤᠯᠤᠰ ᠤ᠋ᠨ ᠡᠬᠢᠨ ᠦ᠌ ᠦᠶ᠎ᠡ ᠳ᠋ᠦ᠍ ᠵᠧᠦ ᠶ᠋ᠢ ᠬᠠᠰᠤᠵᠤ ᡁᠢ ᠶᠤᠸᠠᠨ ᠤ᠋ ᠬᠣᠶᠠᠳᠤᠭᠠᠷ ᠣᠨ ᠳ᠋ᠤ᠌ ᠳᠠᠬᠢᠨ ᠰᠡᠷᠭᠦᠭᠡᠵᠡᠢ᠃ᠮᠢᠩ ᠤᠯᠤᠰ ᠤ᠋ᠨ ᠦᠶᠡᠰ ᠱᠢ ᠯᠠᠩ ᠲᠦᠰᠢᠮᠡᠯ ᠦ᠋ᠨ ᠵᠠᠬᠢᠷᠭ᠎ᠠ ᠪᠠᠢᠵᠤ ᠪᠠᠢᠪᠠ᠃ᠡᠨᠡ ᠬᠦ᠌ ᠤᠮᠠᠷᠠᠲᠤ ᠶ᠋ᠢᠨ ᠨᠡᠭᠦᠳᠡᠯᠴᠢᠨ ᠠᠢᠮᠠᠭ ᠤ᠋ᠳ ᠪᠠ ᠮᠣᠩᠭᠣᠯ ᠲᠤᠭᠤᠷᠭᠠᠲᠠᠨ ᠤ᠋ ᠤᠬᠠᠭᠠᠨ ᠡᠷᠳᠡᠮ᠂ᠤᠷ᠎ᠠ ᠬᠥᠳᠡᠯᠮᠦᠷᠢ ᠪᠡᠷ ᠴᠣᠭᠴᠠᠯᠠᠨ ᠪᠠᠢᠭᠤᠯᠤᠭᠰᠠᠨ ᠬᠤᠸᠠᠨᠵᠸᠣ ᠪᠠᠯᠭᠠᠳ ᠡᠳᠦᠭᠡ ᠪᠣᠷᠣ ᠪᠠᠭᠤᠷᠠᠢ ᠪᠣᠯᠤᠭᠰᠠᠨ ᠪᠤᠶᠤ᠃ᠭᠠᠢᠬᠠᠨ ᠰᠣᠨᠢᠷᠬᠠᠯᠲᠠᠢ ᠨᠢ ᠲᠡᠭᠦᠨ ᠦ᠌ ᠤᠤᠯ ᠨᠡᠷ᠎ᠡ ᠶ᠋ᠢ ᠥᠭᠡᠷᠡᠴᠢᠯᠡᠨ ᠰᠧ ᠯᠠᠩ ᠴᠧᠩ ᠪᠣᠯᠭᠠᠭᠰᠠᠨ ᠨᠢ ᠶᠠᠮᠠᠷ ᠲᠡᠦᠬᠡᠨ ᠤᠴᠢᠷ ᠤᠳᠬ᠎ᠠ᠂ᠤᠬᠠᠭᠠᠨ ᠰᠠᠨᠠᠭ᠎ᠠ ᠪᠠᠢᠬᠤ ᠶ᠋ᠢ ᠪᠠᠢᠴᠠᠭᠠᠨ ᠲᠣᠳᠣᠷᠬᠠᠢᠯᠠᠵᠤ ᠴᠢᠳᠠᠭᠰᠠᠨ ᠦᠭᠡᠢ ᠪᠢᠯᠡ ᠬᠤᠸᠠᠨᠵᠸᠣ ᠶ᠋ᠢ ᠴᠢᠩ ᠤᠯᠤᠰ ᠤ᠋ᠨ ᠦᠶᠡᠰ ᠪᠣᠭᠣᠮᠲᠠ ᠶ᠋ᠢᠨ ᠭᠠᠳᠠᠨᠠᠬᠢ ᠴᠠᠬᠠᠷ ᠤ᠋ᠨ ᠵᠡᠭᠦᠨ ᠵᠢᠭᠦᠷ ᠦ᠋ᠨ ᠮᠠᠯᠵᠢᠬᠤ ᠣᠷᠣᠨ ᠤ᠋ ᠨᠤᠲᠤᠭ ᠪᠣᠯᠭᠠᠵᠠᠢ᠃ᠬᠣᠵᠢᠮ ᠨᠢ ᠲᠠᠢᠫᠤᠰᠧ ᠪᠠᠷᠠᠭᠤᠨ ᠭᠠᠷ ᠰᠦᠷᠦᠭ ᠨᠡᠭᠦᠳᠡᠯᠯᠡᠨ ᠢᠷᠡᠵᠦ ᠨᠤᠲᠤᠭᠰᠢᠭᠠᠳ ᠡᠳᠦᠭᠡ ᠪᠣᠯᠪᠠᠢ᠃ᠬᠤᠸᠠᠨᠵᠸᠣ ᠨᠢ ᠰᠢᠯᠤᠭᠤᠨ ᠬᠥᠬᠡ ᠬᠤᠰᠢᠭᠤᠨ ᠤ᠋ ᠭᠣᠣᠯᠳᠠᠯᠭ᠎ᠠ ᠲᠠᠢ ᠬᠠᠮᠠᠭᠠᠯᠠᠬᠤ ᠬᠠᠭᠤᠴᠢ ᠳᠤᠷᠠᠰᠬᠠᠯ ᠤ᠋ᠨ ᠨᠢᠭᠡ ᠪᠣᠯᠵᠤ ᠪᠠᠢᠨ᠎ᠠ᠃
             ᠰᠠᠭᠠᠳᠠᠭ ᠠᠭᠤᠯᠠ ᠶ᠋ᠢᠨ ᠳᠣᠮᠣᠭ
      ᠱᠠᠩᠳᠤ ᠨᠡᠢᠰᠯᠡᠯ ᠡᠴᠡ ᠡᠮᠦᠨᠡᠰᠢ᠂ᠴᠠᠭᠠᠨ ᠭᠡᠷ ᠲᠡᠢ ᠥᠷᠲᠡᠭᠡᠨ ᠡᠴᠡ ᠵᠡᠭᠦᠨᠰᠢ10 ᠰᠢᠬᠠᠮ ᠭᠠᠵᠠᠷ ᠤ᠋ᠨ ᠵᠠᠢ ᠳ᠋ᠤ᠌ ᠪᠠᠢᠬᠤ ᠥᠨᠳᠥᠷ ᠣᠷᠭᠢᠯ ᠢ᠋ ᠰᠠᠭᠠᠳᠠᠭ ᠠᠭᠤᠯᠠ ᠭᠡᠳᠡᠭ᠃ᠡᠷᠲᠡ ᠴᠠᠭ ᠲᠤ᠌ ᠡᠵᠡᠨ ᠴᠢᠩᠭᠢᠰ ᠬᠠᠭᠠᠨ᠂ᠠᠯᠲᠠᠨ ᠤᠯᠤᠰ ᠢ᠋ ᠠᠩᠬ᠎ᠠ ᠳᠠᠢᠯᠠᠨ ᠶᠠᠪᠤᠬᠤ ᠳ᠋ᠠᠭᠠᠨ ᠡᠨᠡ ᠬᠦ᠌ ᠦᠵᠡᠰᠬᠦᠯᠡᠩ ᠰᠠᠢᠬᠠᠨ ᠠᠭᠤᠯᠠᠨ ᠣᠷᠣᠢ ᠳᠡᠭᠡᠷ᠎ᠡ ᠠᠮᠠᠷᠠᠨ ᠰᠠᠭᠠᠲᠠᠭᠰᠠᠨ ᠶᠤᠮ ᠭᠡᠨ᠎ᠡ᠃ᠲᠡᠭᠡᠭᠡᠳ ᠠᠭᠲᠠ ᠬᠦᠯᠦᠭ ᠲᠡᠭᠡᠨ ᠮᠣᠷᠳᠠᠬᠤ ᠭᠡᠲᠡᠯ᠎ᠡ ᠰᠠᠭᠠᠳᠠᠭ ᠨᠢ ᠰᠠᠭᠠᠷᠠᠭᠰᠠᠨ ᠪᠠᠢᠵᠠᠢ᠃ᠴᠢᠩᠭᠢᠰ ᠬᠠᠭᠠᠨ᠄《ᠰᠠᠭᠠᠳᠠᠭ ᠰᠠᠭᠠᠷᠠᠭᠰᠠᠨ ᠠᠭᠤᠯᠠ ᠪᠤᠶᠤ᠂ᠰᠠᠭᠠᠳᠠᠮᠠᠷ ᠰᠠᠢᠬᠠᠨ ᠭᠠᠵᠠᠷ ᠪᠤᠶᠤ》 ᠭᠡᠮᠡᠨ ᠮᠠᠭᠲᠠᠨ ᠰᠢᠯᠦᠭᠯᠡᠵᠡᠢ᠃ᠬᠣᠵᠢᠮ ᠨᠢ ᠴᠢᠩᠭᠢᠰ ᠬᠠᠭᠠᠨ ᠤ᠋ ᠰᠠᠭᠠᠲᠠᠨ ᠰᠠᠭᠤᠵᠤ ᠰᠠᠭᠠᠳᠠᠭ ᠰᠠᠭᠠᠷᠠᠭᠰᠠᠨ ᠤᠴᠢᠷ ᠢ᠋ ᠳᠤᠷᠠᠰᠬᠠᠵᠤ《ᠰᠠᠭᠠᠳᠠᠭ ᠠᠭᠤᠯᠠ》 ᠭᠡᠮᠡᠨ ᠬᠦᠨᠳᠦᠳᠬᠡᠨ ᠨᠡᠷᠡᠯᠡᠵᠦ ᠳᠡᠭᠡᠷ᠎ᠡ ᠨᠢ ᠣᠪᠣᠭ᠎ᠠ ᠪᠤᠰᠬᠠᠨ ᠲᠠᠬᠢᠪᠠ᠃ᠲᠡᠭᠦᠨ ᠡᠴᠡ ᠨᠠᠭᠠᠰᠢ ᠭᠣᠪᠢ ᠶ᠋ᠢᠨ ᠠᠷᠤ ᠥᠪᠥᠷ ᠦ᠋ᠨ ᠮᠣᠩᠭᠣᠯ ᠲᠤᠭᠤᠷᠭᠠᠲᠠᠨ ᠴᠡᠷᠢᠭ ᠦ᠋ᠨ ᠰᠣᠷᠢᠯᠲᠠ ᠬᠢᠬᠦ ᠳ᠋ᠦ᠍ ᠰᠠᠭᠠᠳᠠᠭ ᠠᠭᠤᠯᠠᠨ ᠳ᠋ᠤ᠌ ᠴᠤᠭᠯᠠᠷᠠᠨ ᠪᠣᠯᠪᠠᠰᠤᠷᠠᠯ ᠬᠢᠵᠦ ᠵᠠᠩᠵᠤᠨ ᠴᠡᠷᠢᠭ ᠢ᠋ᠶ᠋ᠡᠨ ᠰᠢᠯᠭᠠᠨ ᠦᠵᠡᠳᠡᠭ ᠶᠤᠮ ᠭᠡᠨ᠎ᠡ ᠭᠡᠳᠡᠭ ᠬᠠᠭᠤᠴᠢ ᠤᠯᠠᠮᠵᠢᠯᠠᠯ ᠶᠠᠷᠢᠶ᠎ᠠ ᠪᠠᠢᠳᠠᠭ ᠪᠢᠯᠡ᠃
       ᠮᠣᠷᠢᠨ ᠡᠪᠴᠢᠭᠦᠦ ᠠᠭᠤᠯᠠ
     《ᠪᠣᠯᠣᠷ ᠡᠷᠢᠭᠡ》 ᠵᠡᠷᠭᠡ ᠮᠣᠩᠭᠣᠯ ᠲᠡᠦᠬᠡ ᠰᠤᠳᠤᠷ ᠲᠤ᠌ ᠲᠡᠮᠳᠡᠭᠯᠡᠭᠳᠡᠭᠰᠡᠨ ᠮᠣᠷᠢᠨ ᠡᠪᠴᠢᠭᠦᠦ ᠠᠭᠤᠯᠠ ᠪᠣᠯ ᠶᠡᠬᠡ ᠶᠤᠸᠠᠨ ᠤᠯᠤᠰ ᠤ᠋ᠨ ᠦᠶ᠎ᠡ ᠶ᠋ᠢᠨ ᠳᠡᠭᠡᠳᠦ ᠨᠡᠢᠰᠯᠡᠯ ᠱᠠᠩᠳᠤ ᠠ᠋ᠴᠠ ᠳᠠᠢᠳᠤ ᠪᠡᠭᠡᠵᠢᠩ ᠬᠦᠷᠬᠦ ᠥᠷᠲᠡᠭᠡ ᠵᠠᠮ ᠤ᠋ᠨ ᠨᠢᠭᠡ ᠪᠠᠭᠤᠳᠠᠯ ᠪᠣᠯᠤᠨ᠎ᠠ᠃ᠪᠠᠰᠠ ᠡᠮᠦᠨᠡᠲᠦ ᠬᠠᠯᠬᠠᠪᠴᠢ ᠠᠭᠤᠯᠠ ᠭᠡᠳᠡᠭ ᠪᠠᠢᠵᠠᠢ᠃ᠶᠤᠸᠠᠨ ᠤᠯᠤᠰ ᠤ᠋ᠨ ᠲᠡᠦᠬᠡ ᠳ᠋ᠦ᠍ ᠮᠣᠷᠢᠨ ᠡᠪᠴᠢᠭᠦᠦ ᠠᠭᠤᠯᠠ ᠶ᠋ᠢ《ᠱᠠᠩᠳᠤ ᠬᠣᠲᠠ ᠶ᠋ᠢᠨ ᠡᠮᠦᠨᠡᠬᠢ ᠬᠠᠯᠬᠠᠪᠴᠢ ᠠᠭᠤᠯᠠ》᠂《ᠡᠮᠦᠨᠡᠲᠦ ᠳᠣᠪᠣ》᠂《ᠯᠤᠤ ᠶ᠋ᠢᠨ ᠳᠣᠪᠣᠴᠠᠭ ᠠ᠋ᠴᠠ ᠡᠮᠦᠨᠡᠰᠢ ᠳᠠᠯᠠᠨ ᠭᠠᠵᠠᠷ ᠬᠣᠯᠠ》ᠭᠡᠮᠡᠨ ᠣᠯᠠᠨᠲᠠ ᠲᠡᠮᠳᠡᠭᠯᠡᠭᠰᠡᠨᠶᠤᠮ᠃ᠲᠤᠬᠠᠢ ᠶ᠋ᠢᠨ ᠦᠶᠡᠰ ᠡᠨᠳᠡ ᠥᠷᠲᠡᠭᠡ ᠪᠠᠭᠤᠳᠠᠯ᠂ᠰᠢᠲᠦᠭᠡᠨ ᠲᠠᠬᠢᠯᠭ᠎ᠠ ᠶ᠋ᠢᠨ ᠭᠠᠵᠠᠷ ᠪᠦᠷᠢᠨ ᠪᠠᠢᠪᠠ᠃《ᠶᠤᠸᠠᠨ ᠤᠯᠤᠰ ᠤ᠋ᠨ ᠲᠡᠦᠬᠡ᠂ᠭᠡᠭᠡᠨ ᠬᠠᠭᠠᠨ ᠱᠤᠳᠪᠠᠯᠠ ᠶ᠋ᠢᠨ ᠲᠡᠮᠳᠡᠭᠯᠡᠯ》 ᠳ᠋ᠦ᠍《ᡁᠢ ᠶᠤᠸᠠᠨ ᠤ᠋ ᠭᠤᠷᠪᠠᠳᠤᠭᠠᠷ ᠣᠨ ᠤ᠋ ᠨᠠᠮᠤᠷ ᠤ᠋ᠨ ᠳᠤᠮᠳᠠᠳᠤ ᠰᠠᠷ᠎ᠠ ᠳ᠋ᠤᠷ ᠬᠠᠭᠠᠨ ᠱᠠᠩᠳᠤ ᠠ᠋ᠴᠠ ᠳᠠᠢᠳᠤ ᠳ᠋ᠤᠷ ᠢᠷᠡᠬᠦᠢ ᠳ᠋ᠡᠭᠡᠨ ᠡᠮᠦᠨᠡᠲᠦ ᠳᠣᠪᠣ ᠨᠡᠷᠡᠲᠦ ᠭᠠᠵᠠᠷ ᠪᠠᠭᠤᠪᠠ》 ᠭᠡᠰᠡᠨ ᠪᠠ ᠪᠠᠰᠠ《ᠶᠠᠩ ᠶᠦᠩ ᠹᠦ ᠶ᠋ᠢᠨ ᠰᠢᠯᠦᠭ ᠦ᠋ᠨ ᠲᠠᠢᠯᠪᠤᠷᠢ》 ᠳ᠋ᠤ᠌《ᠱᠤᠳᠪᠠᠯᠠ ᠭᠡᠭᠡᠨ ᠬᠠᠭᠠᠨ ᠡᠮᠦᠨᠡᠲᠦ ᠳᠣᠪᠣ ᠳ᠋ᠤᠷ ᠳᠠᠢᠯᠠᠯᠭ᠎ᠠ ᠲᠠᠯᠪᠢᠵᠤᠬᠤᠢ》ᠬᠡᠮᠡᠪᠡ᠃ ᠴᠡᠭᠡ ᠰᠥᠩᠨᠡᠭᠰᠡᠨ ᠨᠠᠢᠷ ᠤ᠋ᠨ ᠳᠣᠪᠣ᠂ᠴᠢᠯᠡᠭᠡ ᠳᠡᠢᠯᠦᠭᠰᠡᠨ ᠮᠣᠷᠢᠨ ᠪᠠᠭᠤᠳᠠᠯ᠂ᠴᠡᠷᠢᠭ ᠬᠤᠸᠠᠷᠠᠩᠨᠠᠭᠰᠠᠨ ᠡᠮᠦᠨᠡᠲᠦ ᠬᠠᠯᠬᠠᠪᠴᠢ᠂ᠴᠡᠴᠡᠭ ᠮᠢᠷᠠᠯᠵᠠᠭᠰᠠᠨ ᠦᠵᠡᠰᠬᠦᠯᠡᠩᠲᠦ ᠠᠭᠤᠯᠠ᠂ᠡᠷᠲᠡᠨ ᠦ᠌ ᠲᠡᠦᠬᠡ ᠶ᠋ᠢᠨ ᠥᠷᠲᠡᠭᠡ᠂ᠡᠳᠦᠭᠡ ᠶ᠋ᠢᠨ ᠵᠤᠭᠠᠴᠠᠯ ᠤ᠋ᠨ ᠴᠡᠴᠡᠷᠯᠢᠭ᠃
                  ᠲᠦᠰᠢ ᠬᠠᠢᠷᠬᠠᠨ ᠤ᠋ ᠳᠣᠮᠣᠭ
    ᠶᠡᠬᠡ ᠶᠤᠸᠠᠨ ᠤᠯᠤᠰ ᠤ᠋ᠨ ᠳᠡᠭᠡᠳᠦ ᠨᠡᠢᠰᠯᠡᠯ ᠬᠡᠢᠪᠣᠩ ᠱᠠᠩᠳᠤ ᠠ᠋ᠴᠠ ᠵᠡᠭᠦᠨᠰᠢ24 ᠭᠠᠵᠠᠷ ᠤ᠋ᠨ ᠵᠠᠢ ᠳ᠋ᠤ᠌ ᠲᠦᠰᠢ ᠬᠠᠢᠷᠬᠠᠨ ᠪᠣᠢ᠃ᠬᠠᠭᠤᠴᠢ ᠤᠯᠠᠮᠵᠢᠯᠠᠯ ᠶᠠᠷᠢᠶᠠᠨ ᠳ᠋ᠤ᠌ ᠬᠤᠪᠢᠯᠠᠢ ᠰᠡᠴᠡᠨ ᠬᠠᠭᠠᠨ ᠤ᠋ 20 ᠲᠦᠮᠡᠨ ᠴᠡᠷᠢᠭ ᠦ᠋ᠨ ᠵᠢᠳᠠ ᠰᠡᠯᠡᠮ᠎ᠡ ᠶ᠋ᠢ ᠡᠨᠡ ᠬᠦ᠌ ᠬᠠᠢᠷᠬᠠᠨ ᠤ᠋ ᠣᠷᠣᠢ ᠳᠡᠭᠡᠷᠡᠬᠢ ᠲᠣᠮᠣ ᠲᠦᠰᠢ ᠳᠡᠭᠡᠷ᠎ᠡ ᠬᠠᠲᠠᠭᠠᠨ ᠳᠠᠪᠲᠠᠭᠰᠠᠨ ᠶᠤᠮ ᠭᠡᠨ᠎ᠡ᠃ ᠲᠡᠭᠡᠭᠡᠳ ᠣᠯᠠᠨ ᠳᠠᠷᠬᠠᠨ ᠤ᠋ ᠭᠠᠷ ᠲᠤ᠌ ᠣᠷᠣᠢ ᠨᠢ ᠳᠩᠰᠢᠷᠡᠨ ᠬᠠᠪᠲᠠᠭᠠᠢᠷᠠᠵᠤ᠂ᠣᠨ ᠵᠢᠯ ᠦ᠋ᠨ ᠤᠳᠠᠭᠠᠨ ᠳ᠋ᠤ᠌ ᠲᠦᠰᠢ ᠨᠢ ᠭᠠᠵᠠᠷ ᠲᠤ᠌ ᠰᠢᠭᠢᠳᠦᠭᠰᠡᠨ ᠪᠠᠢᠵᠠᠢ᠃ᠬᠣᠢᠴᠢ ᠦᠶ᠎ᠡ ᠳ᠋ᠡᠭᠡᠨ ᠦᠯᠡᠳᠡᠭᠡᠭᠰᠡᠨ ᠡᠨᠡ ᠬᠦ᠌ ᠲᠣᠮᠣ ᠳᠥᠰᠢ ᠳᠡᠭᠡᠷ᠎ᠡ ᠬᠣᠵᠢᠮ ᠨᠢ ᠰᠦᠮ᠎ᠡ ᠪᠠᠢᠭᠤᠯᠵᠤ ᠲᠠᠬᠢᠪᠠ᠃ᠴᠢᠩ ᠭᠦᠷᠦᠨ ᠦ᠌ ᠦᠶ᠎ᠡ ᠳ᠋ᠦ᠍ ᠲᠤᠯᠤᠨ ᠨᠤᠤᠷ ᠤ᠋ᠨ ᠲᠣᠮᠣ ᠫᠦᠰᠡ ᠮᠠᠢᠮᠠᠢ᠂5 ᠯᠠᠭᠤᠰᠠ ᠬᠥᠯᠦᠭᠰᠡᠨ ᠲᠡᠮᠦᠷ ᠲᠡᠷᠭᠡᠨ ᠳ᠋ᠦ᠍ ᠡᠨᠡ ᠬᠦ᠌ ᠯᠤᠲᠤ ᠶᠡᠬᠡ ᠲᠡᠮᠦᠷ ᠳᠥᠰᠢ ᠶ᠋ᠢ ᠲᠡᠭᠡᠭᠡᠵᠦ ᠠᠭᠤᠯᠠᠨ ᠠ᠋ᠴᠠ ᠪᠠᠭᠤᠯᠭᠠᠵᠤ᠂ᠶᠠᠪᠤᠲᠠᠯ᠎ᠠ ᠲᠡᠷᠭᠡᠨ ᠲᠡᠩᠭᠡᠯᠢᠭ ᠨᠢ ᠬᠤᠭᠤᠷᠠᠵᠤ ᠠᠷᠠᠯ ᠨᠢ ᠵᠠᠭᠠᠷᠠᠵᠠᠢ᠃ᠫᠦᠰᠡ ᠶ᠋ᠢᠨ ᠵᠠᠩᠭᠤᠢᠳᠠ《ᠠᠪᠤᠷᠭᠤ ᠲᠦᠰᠢ ᠠᠭᠤᠯᠠᠨ ᠠ᠋ᠴᠠ ᠪᠠᠭᠤᠬᠤ ᠴᠠᠭ ᠨᠢ ᠪᠣᠯᠤᠭᠠᠳᠤᠢ ᠶᠤᠮ ᠪᠠᠢᠨ᠎ᠠ》ᠭᠡᠳ ᠠᠭᠤᠯᠠ ᠶ᠋ᠢᠨ ᠬᠠᠭᠠᠰ ᠲᠤ᠌ ᠣᠷᠬᠢᠵᠠᠢ᠃50 ᠊ᠭᠠᠳ 
ᠣᠨ ᠤ᠋ ᠰᠡᠭᠦᠯᠴᠢ ᠪᠡᠷ ᠡᠨᠡ ᠬᠦ᠌ ᠮᠢᠩᠭᠠᠨ ᠣᠨ ᠤ᠋ ᠬᠠᠪᠤᠷ ᠨᠠᠮᠤᠷ ᠢ᠋ ᠦᠵᠡᠭᠰᠡᠨ ᠲᠡᠦᠬᠡᠲᠦ ᠳᠥᠰᠢ ᠶ᠋ᠢ ᠲᠣᠮᠣ ᠲᠷᠠᠺᠲ᠋ᠣᠷ ᠢ᠋ᠶ᠋ᠠᠷ ᠳᠡᠭᠡᠬᠡᠨ ᠠᠭᠤᠯᠠᠨ ᠠ᠋ᠴᠠ ᠪᠠᠭᠤᠯᠭᠠᠵᠤ᠂ᠪᠣᠯᠣᠳ ᠲᠡᠮᠦᠷ ᠬᠠᠢᠯᠤᠭᠤᠯᠬᠤ ᠡᠭᠦᠷᠭᠡ ᠨᠣᠷᠮ᠎ᠠ ᠶ᠋ᠢᠨ ᠣᠷᠣᠨ ᠳ᠋ᠤ᠌ ᠥᠭᠴᠦ ᠠᠯᠪᠠ ᠬᠠᠰᠢᠭᠰᠠᠨ ᠭᠡᠨ᠎ᠡ ᠪᠢᠯᠡ᠃ᠲᠦᠰᠢ ᠬᠠᠢᠷᠬᠠᠨ ᠲᠦᠰᠢ ᠦᠭᠡᠢ ᠪᠣᠯᠪᠠᠢ᠂ᠲᠡᠦᠬᠡ ᠰᠤᠳᠤᠷ ᠲᠤ᠌ ᠬᠣᠭᠣᠰᠣᠨ ᠨᠡᠷ᠎ᠡ ᠦᠯᠡᠳᠡᠵᠦᠬᠦᠢ᠃ᠲᠡᠮᠦᠷ ᠳᠠᠪᠲᠠᠬᠤ ᠤᠷᠠᠨ ᠳᠠᠷᠬᠠᠳ ᠮᠣᠩᠭᠣᠯ ᠳ᠋ᠤᠷ ᠠᠮᠤᠢ ᠤᠤ? ᠳᠥᠰᠢ ᠬᠠᠢᠷᠬᠠᠨ ᠤ᠋ ᠬᠥᠪᠡᠭᠦᠳ ᠬᠠᠮᠢᠭᠠᠰᠢ ᠣᠳᠤᠭᠰᠠᠨ ᠪᠣᠢ!
                ᠮᠢᠩᠭᠠᠨ ᠥᠷᠲᠡᠭᠡ
    《ᠴᠢᠩ ᠤᠯᠤᠰ ᠤ᠋ᠨ ᠨᠢᠭᠡᠳᠦᠮᠡᠯ ᠲᠡᠦᠬᠡ》 ᠳ᠋ᠦ᠍《ᠲᠠᠢᠫᠤᠰᠧ ᠮᠠᠯᠵᠢᠯ ᠤ᠋ᠨ ᠲᠠᠯᠠᠪᠠᠢ ᠶ᠋ᠢᠨ ᠪᠠᠷᠠᠭᠤᠨ ᠡᠮᠦᠨ᠎ᠡ ᠨᠤᠲᠤᠭ ᠤ᠋ᠨ ᠬᠥᠮᠦᠨ ᠦ᠌ ᠤᠯᠠᠭᠠᠨ ᠪᠠᠯᠭᠠᠳ ᠭᠡᠵᠦ ᠬᠡᠯᠡᠳᠡᠭ ᠬᠠᠭᠤᠴᠢᠨ ᠬᠣᠲᠠ ᠶ᠋ᠢᠨ ᠪᠠᠭᠤᠷᠢ ᠪᠣᠢ᠃ᠬᠣᠲᠠ ᠶ᠋ᠢᠨ ᠡᠷᠭᠢᠨ ᠲᠣᠭᠣᠷᠢᠨ2 ᠭᠠᠵᠠᠷ᠂200ᠠᠯᠬᠤᠮ᠂ᠬᠠᠵᠠᠭᠤ ᠶ᠋ᠢᠨ ᠬᠠᠭᠠᠯᠭ᠎ᠠ 2 ᠪᠣᠢ᠃ᠬᠡᠢᠪᠣᠩ ᠱᠠᠩᠳᠤ ᠶ᠋ᠢᠨ ᠪᠠᠷᠠᠭᠤᠨ ᠡᠮᠦᠨᠡᠬᠢ ᠭᠤᠷᠪᠠᠳᠤᠭᠠᠷ ᠥᠷᠲᠡᠭᠡ ᠪᠤᠶᠤ᠃ᠲᠡᠭᠦᠨ ᠦ᠌ ᠪᠠᠷᠠᠭᠤᠨ ᠲᠠᠯ᠎ᠠ ᠳ᠋ᠤ᠌ ᠵᠤᠰᠠᠯᠠᠩ ᠤ᠋ᠨ ᠰᠡᠷᠢᠭᠦᠨ ᠲᠢᠩᠬᠢᠮ ᠦ᠋ᠨ ᠪᠠᠭᠤᠷᠢ ᠪᠣᠢ᠂ᠪᠠᠰᠠ ᠴᠠᠭᠠᠨᠠᠭᠤᠷ ᠪᠣᠢ ᠪᠣᠯᠠᠢ》ᠭᠡᠵᠡᠢ᠃《ᠠᠯᠲᠠᠨ ᠤᠯᠤᠰ ᠤ᠋ᠨ ᠢᠦ ᡁᠢ ᠶ᠋ᠢᠨ ᠤᠮᠠᠷᠠᠰᠢ ᠳᠠᠢᠯᠠᠭᠰᠠᠨ ᠲᠡᠮᠳᠡᠭᠯᠡᠯ》 ᠳ᠋ᠦ᠍《ᠳᠣᠯᠣᠭᠠᠨ ᠰᠠᠷ᠎ᠠ ᠶ᠋ᠢᠨ ᠳᠣᠯᠣᠭᠠᠨ ᠳ᠋ᠤ᠌ ᠮᠢᠩᠭᠠᠨ ᠥᠷᠲᠡᠭᠡᠨ ᠡᠴᠡ ᠮᠣᠷᠳᠠᠵᠤ ᠶᠤᠸᠠᠨ ᠤᠯᠤᠰ ᠤ᠋ᠨ ᠪᠠᠷᠠᠭᠤᠨ ᠰᠡᠷᠢᠭᠦᠨ ᠲᠠᠩᠬᠢᠮ ᠤ᠋ᠨ ᠬᠠᠭᠤᠴᠢᠨ ᠪᠠᠭᠤᠷᠢ ᠳ᠋ᠤᠷ ᠬᠦᠷᠪᠡᠢ᠃ᠬᠣᠲᠠ ᠶ᠋ᠢᠨ ᠴᠢᠯᠠᠭᠤᠨ ᠬᠡᠷᠡᠮ ᠣᠭᠲᠣ ᠡᠪᠳᠡᠷᠡᠵᠦ ᠨᠤᠷᠠᠭᠰᠠᠨ ᠦᠭᠡᠢ ᠪᠠᠯᠭᠠᠳ ᠤ᠋ᠨ ᠲᠣᠭᠣᠷᠢᠭ ᠳᠠᠬᠢ ᠲᠠᠷᠢᠮᠠᠯ ᠮᠠᠢᠯᠠᠰᠤ᠂ᠵᠠᠢᠯᠠᠮᠠᠯ ᠠᠷᠴᠠ᠂ᠦᠰᠦᠨ ᠴᠡᠯᠭᠡᠷᠡᠵᠦ ᠣᠷᠳᠣᠨ ᠢ᠋ ᠪᠦᠰᠡᠯᠡᠨ ᠵᠠᠮ ᠢ᠋ ᠬᠠᠪᠴᠢᠭᠠᠳ ᠦᠶ᠎ᠡ ᠦᠶ᠎ᠡ ᠬᠥᠬᠡᠷᠡᠮᠦᠢ᠃ᠭᠠᠭᠴᠠ ᠬᠦ᠌ ᠣᠷᠳᠣᠨ ᠪᠠᠯᠭᠠᠳ ᠢᠯᠢᠮ ᠵᠢᠯᠢᠮ᠂ᠲᠥᠷᠥᠭᠳᠡᠯ ᠦᠭᠡᠢ ᠪᠠᠢᠵᠤ ᠬᠡᠷᠬᠢᠨ ᠴᠢᠳᠠᠬᠤ ᠠᠵᠢ!ᠮᠢᠩᠭᠠᠨ ᠥᠷᠲᠡᠭᠡ ᠶ᠋ᠢ ᠡᠳᠦᠭᠡ ᠶ᠋ᠢᠨ ᠬᠥᠮᠦᠰ ᠤᠯᠠᠭᠠᠨ ᠬᠣᠲᠠ ᠬᠡᠮᠡᠮᠦᠢ᠃ᠮᠣᠩᠭᠣᠯᠴᠤᠳ ᠨᠣᠬᠠᠢ ᠶ᠋ᠢᠨ ᠬᠣᠰᠢᠭᠤ ᠭᠡᠵᠦ ᠨᠡᠷᠡᠯᠡᠳᠡᠭ᠃ ᠥᠷᠥᠭᠡᠰᠦᠨ ᠴᠢᠯᠠᠭᠤᠨ ᠬᠠᠭᠠᠯᠭ᠎ᠠ ᠠ᠋ᠴᠠ100 ᠭᠠᠵᠠᠷ ᠵᠠᠢᠲᠠᠢ》 ᠭᠡᠵᠡᠢ᠃
              ᠭᠤᠷᠪᠠᠨ ᠬᠦᠯᠢᠶᠡᠨ ᠦ᠌ ᠳᠣᠮᠣᠭ
     ᠱᠠᠩᠳᠤ ᠨᠡᠢᠰᠯᠡᠯ ᠡᠴᠡ ᠪᠠᠷᠠᠭᠤᠨᠰᠢ100 ᠭᠠᠷᠤᠢ ᠭᠠᠵᠠᠷ ᠤ᠋ᠨ ᠵᠠᠢ ᠳ᠋ᠤ᠌ ᠪᠠᠢᠬᠤ ᠪᠣᠱᠣᠣᠳᠠᠢ ᠨᠠᠭᠤᠷ ᠤ᠋ᠨ ᠡᠮᠦᠨᠡᠭᠦᠷ ᠪᠠᠢᠬᠤ ᠠᠯᠲᠠᠨ ᠰᠢᠷᠭᠠᠯ ᠬᠡᠳᠦᠨ ᠮᠠᠩᠬ᠎ᠠ ᠶ᠋ᠢ ᠭᠤᠷᠪᠠᠨ ᠬᠦᠯᠢᠶᠡᠨ ᠭᠡᠳᠡᠭ᠃ᠡᠷᠲᠡ ᠤᠷᠢᠳᠤ ᠶ᠋ᠢᠨ ᠴᠠᠭ ᠲᠤ᠌ ᠶᠤᠮ ᠭᠡᠨ᠎ᠡ᠃ᠡᠵᠡᠨ ᠴᠢᠩᠭᠢᠰ ᠡᠮᠦᠨᠡᠰᠢ ᠳᠠᠢᠯᠠᠵᠤ ᠶᠠᠪᠤᠬᠤ ᠳ᠋ᠠᠭᠠᠨ ᠡᠨᠳᠡ ᠪᠠᠭᠤᠳᠠᠯᠯᠠᠵᠤ ᠦᠳᠡᠯᠡᠭᠰᠡᠨ ᠪᠠᠢᠵᠠᠢ᠃ᠭᠤᠷᠪᠠᠨ ᠬᠦᠯᠢᠶᠡᠨ ᠪᠣᠯ ᠴᠢᠩᠭᠢᠰ ᠬᠠᠭᠠᠨ ᠤ᠋ ᠲᠣᠭᠣᠭ᠎ᠠ ᠪᠠᠨ ᠲᠤᠯᠤᠭᠰᠠᠨ ᠭᠤᠷᠪᠠᠨ ᠬᠦᠷᠵᠡ ᠰᠢᠷᠣᠢ ᠨᠢ ᠶᠤᠮ ᠭᠡᠨ᠎ᠡ᠃ᠭᠤᠷᠪᠠᠨ ᠬᠦᠯᠢᠶᠡᠨ ᠰᠢᠯᠵᠢᠨ ᠨᠡᠭᠦᠳᠡᠯᠯᠡᠭᠰᠡᠭᠡᠷ ᠪᠣᠱᠣᠣᠳᠠᠢ ᠨᠠᠭᠤᠷ ᠲᠤ᠌ ᠨᠡᠭᠦᠨ ᠣᠷᠣᠪᠠᠯ ᠨᠢᠭᠡ ᠭᠠᠯᠪᠠ ᠪᠣᠯᠬᠤ ᠶᠤᠮ ᠭᠡᠨ᠎ᠡ ᠭᠡᠳᠡᠭ᠃
              ᠴᠠᠩᠲᠤ ᠣᠪᠣᠭᠠᠨ ᠤ᠋ ᠳᠣᠮᠣᠭ
     ᠱᠠᠩᠳᠤ ᠬᠣᠲᠠ ᠶ᠋ᠢᠨ ᠠᠷᠤ ᠪᠠᠷ ᠬᠥᠨᠳᠡᠯᠢᠳᠦᠭᠰᠡᠨ ᠬᠤᠷᠠᠬᠤ ᠠᠭᠤᠯᠠᠨ ᠤ᠋ ᠬᠣᠢᠲᠤ ᠬᠠᠪᠢ ᠳ᠋ᠤ᠌ ᠪᠠᠢᠭ᠎ᠠ ᠴᠠᠩᠲᠤ ᠣᠪᠣᠭ᠎ᠠ ᠪᠣᠯ ᠪᠡᠷᠬᠡ ᠪᠠᠷᠲᠠᠭ᠎ᠠ ᠶᠡᠬᠡ ᠲᠡᠢ᠂ᠪᠢᠲᠡᠭᠦᠦ ᠨᠠᠷᠠᠰᠤᠨ ᠣᠢ ᠲᠠᠢ᠂ᠪᠣᠯᠣᠷ ᠲᠤᠩᠭᠠᠯᠠᠭ ᠪᠤᠯᠠᠭ ᠲᠠᠢ᠂ᠪᠤᠮᠪᠠᠨ ᠬᠡᠯᠪᠡᠷᠢ ᠲᠡᠢ ᠠᠭᠤᠯᠠ ᠶᠤᠮ᠃ᠡᠷᠲᠡ ᠤᠷᠢᠳᠤ ᠶ᠋ᠢᠨ ᠴᠠᠭ ᠲᠤ᠌ ᠡᠨᠡ ᠠᠭᠤᠯᠠᠨ ᠣᠷᠣᠢ ᠠ᠋ᠴᠠ ᠨᠢᠭᠡᠨ ᠠᠯᠲᠠᠨ ᠳ᠋ᠤᠭ ᠲᠠᠢ᠂ ᠠᠪᠤᠷᠭᠤ ᠲᠣᠮᠣ ᠬᠦᠷᠡᠯ ᠴᠠᠩ ᠭᠠᠷᠤᠭᠰᠠᠨ ᠶᠤᠮ ᠭᠡᠨ᠎ᠡ᠃ᠲᠡᠭᠡᠭᠡᠳ ᠴᠠᠩᠲᠤ ᠣᠪᠣᠭ᠎ᠠ ᠨᠡᠷ᠎ᠡ ᠪᠡᠷ ᠬᠣᠯᠠ ᠣᠢᠷ᠎ᠠ ᠳ᠋ᠤ᠌ ᠠᠯᠳᠠᠷᠰᠢᠵᠠᠢ᠃ᠲᠡᠷᠡ ᠬᠦ᠌ ᠴᠠᠩ ᠤ᠋ᠨ ᠳᠠᠭᠤᠨ ᠨᠢ ᠢᠩᠭᠡᠨ ᠲᠡᠮᠡᠭᠡᠨ ᠦ᠌ ᠪᠣᠢᠯᠠᠭ᠎ᠠ ᠲᠠᠢ᠂ᠶᠢᠰᠦᠨ ᠨᠤᠭᠤᠯᠤᠭ᠎ᠠ ᠴᠤᠤᠷᠢᠶ᠎ᠠ ᠲᠠᠢ᠂
2ᠮᠥᠴᠡ ᠬᠦᠩᠭᠢᠨᠡᠳᠡᠭ᠂20 ᠭᠠᠵᠠᠷ ᠰᠣᠨᠣᠰᠳᠠᠳᠠᠭ᠃10000 ᠴᠡᠷᠢᠭ ᠦ᠋ᠨ ᠴᠠᠩ ᠶᠤᠮ ᠭᠡᠨ᠎ᠡ᠃ᠬᠣᠵᠢᠮ ᠨᠢ ᠡᠨᠡ ᠬᠦ᠌ ᠠᠪᠤᠷᠭᠤ ᠴᠠᠩ ᠢ  ᠲᠤᠯᠤᠨ ᠨᠤᠤᠷ ᠤ᠋ᠨ ᠬᠥᠬᠡ ᠰᠦᠮ᠎ᠡ ᠳ᠋ᠦ᠍ ᠬᠠᠳᠠᠭᠠᠯᠠᠵᠤ ᠪᠠᠢᠵᠠᠢ᠃ᠴᠡᠴᠡᠭ ᠨᠠᠪᠴᠢ ᠲᠠᠯ᠎ᠠ ᠶ᠋ᠢ ᠪᠦᠷᠬᠦᠨ᠂ ᠴᠡᠭᠴᠡᠦᠬᠡᠢ ᠵᠢᠷᠭᠢᠮᠡᠯ ᠬᠥᠭᠵᠢᠮ ᠡᠷᠭᠦᠭᠰᠡᠨ ᠲᠠᠪᠤᠳᠤᠭᠠᠷ ᠰᠠᠷ᠎ᠠ ᠳ᠋ᠤ᠌ ᠴᠠᠩᠲᠤ ᠣᠪᠣᠭᠠᠨ ᠤ᠋ ᠵᠡᠭᠦᠨ ᠰᠤᠭᠤ ᠪᠠᠷ ᠵᠤᠰᠠᠯᠠᠩ ᠤ᠋ᠨ ᠴᠠᠭᠠᠨ ᠮᠣᠩᠭᠣᠯ ᠭᠡᠷ ᠦ᠋ᠳ ᠰᠡᠷᠢᠭᠦᠨ ᠳᠡᠨᠵᠢᠨ ᠳ᠋ᠦ᠍ ᠴᠠᠢᠷᠠᠵᠤ᠂ᠨᠠᠷᠠᠨ ᠪᠤᠯᠠᠭ ᠤ᠋ᠨ ᠬᠣᠶᠠᠷ ᠬᠥᠪᠡᠭᠡ ᠪᠡᠷ ᠬᠣᠨᠢ᠂ᠦᠬᠡᠷ᠂ ᠠᠳᠤᠭᠤ ᠰᠦᠷᠦᠭ ᠰᠦᠷᠦᠭ ᠢ᠋ᠶ᠋ᠡᠷ ᠠᠯᠠᠭᠯᠠᠨ ᠪᠡᠯᠴᠢᠭᠡᠷᠯᠡᠬᠦᠶ᠎ᠡ ᠡᠮᠦᠨᠡᠰᠢ ᠨᠢᠳᠦ ᠠᠯᠳᠠᠮ᠎ᠠ ᠬᠠᠯᠢᠭᠤᠲᠠᠢ ᠶ᠋ᠢᠨ ᠲᠠᠯ᠎ᠠ ᠴᠡᠩᠬᠡᠷᠯᠡᠵᠦ᠂ ᠤᠮᠠᠷᠠᠰᠢ ᠡᠭᠦᠯᠡᠨ ᠳ᠋ᠦ᠍ ᠰᠢᠷᠭᠤᠮ᠎ᠠ ᠦᠬᠡᠷᠴᠢᠨ ᠣᠪᠣᠭ᠎ᠠ ᠰᠦᠨᠳᠡᠷᠯᠡᠨ ᠮᠣᠩᠭᠣᠯ ᠨᠤᠲᠤᠭ ᠤ᠋ᠨ ᠭᠤᠸ᠎ᠠ ᠰᠠᠢᠬᠠᠨ᠂ᠪᠠᠶᠠᠨ ᠲᠠᠩᠰᠤᠭ᠂ᠥᠨᠢᠷ ᠦᠵᠡᠰᠬᠦᠯᠡᠩ ᠊ᠢ ᠭᠠᠢᠬᠠᠭᠤᠯᠤᠨ᠎ᠠ᠃ᠰᠢᠭᠤᠭᠰᠠᠨ ᠭᠡᠷ ᠦ᠋ᠨ ᠬᠠᠶᠠᠭ᠎ᠠ ᠪᠠᠷ ᠴᠡᠴᠡᠭ ᠦ᠋ᠨ ᠦᠨᠦᠷ ᠤᠲᠤᠵᠤ᠂ ᠱᠤᠤᠭᠢᠭᠰᠠᠨ ᠠᠢᠷᠠᠭ ᠤ᠋ᠨ ᠬᠥᠭᠡᠰᠦᠷᠬᠡᠭ ᠢ᠋ᠶ᠋ᠡᠷ ᠰᠠᠭᠠᠯᠢ ᠶ᠋ᠢᠨ ᠰᠠᠷᠬᠤᠳ ᠬᠠᠩᠬᠤᠯᠤᠨ᠎ᠠ᠃ᠰᠤᠷᠤᠭᠰᠠᠨ ᠠᠷᠠᠳ ᠤ᠋ᠨ ᠳᠠᠭᠤᠤ ᠪᠠᠷ ᠨᠤᠲᠤᠭ ᠤᠰᠤ ᠪᠠᠨ ᠮᠠᠭᠲᠠᠬᠤ ᠳ᠋ᠤ᠌ ᠰᠤᠩᠭᠠᠭᠰᠠᠨ ᠤᠷᠭ᠎ᠠ ᠶ᠋ᠢᠨ ᠦᠵᠦᠭᠦᠷ ᠲᠦ᠍ ᠲᠦᠮᠡᠨ ᠰᠦᠷᠦᠭ ᠬᠤᠢᠯᠠᠷᠠᠨ᠎ᠠ᠃ᠰᠦᠯᠳᠡ ᠲᠠᠬᠢᠯᠭᠠᠲᠤ ᠴᠠᠩᠲᠤ ᠣᠪᠣᠭ᠎ᠠ ᠪᠤᠶᠤ᠂ᠰᠦᠷᠦᠭ ᠦ᠋ᠨ ᠳᠠᠯᠠᠢ᠂ᠰᠦ ᠶ᠋ᠢᠨ ᠪᠤᠯᠠᠭ ᠪᠤᠶᠤ᠃ᠦᠬᠤᠸᠠᠨ ᠳᠡᠭᠡᠳᠦ ᠨᠡᠢᠰᠯᠡᠯ ᠱᠠᠩᠳᠤ ᠪᠠᠯᠭᠠᠳ᠎ᠠ᠋ᠴᠠ ᠪᠠᠷᠠᠭᠤᠨ ᠬᠣᠢᠰᠢ20ᠭᠠᠷᠤᠢ ᠭᠠᠵᠠᠷ ᠤ᠋ᠨ ᠵᠠᠢ ᠳ᠋ᠤ᠌ ᠪᠠᠢᠬᠤ ᠥᠨᠳᠥᠷ ᠠᠭᠤᠯᠠ ᠪᠣᠯ ᠡᠷᠲᠡᠨ ᠦ᠌ ᠦᠬᠤᠸᠠᠨ ᠠᠭᠤᠯᠠ ᠪᠣᠯᠤᠨ᠎ᠠ᠃ᠪᠠᠰᠠ ᠠᠷᠪᠠᠨ ᠭᠤᠷᠪᠠᠨ ᠭᠡᠭᠡᠨ ᠣᠪᠣᠭ᠎ᠠ ᠴᠤ᠌ ᠭᠡᠳᠡᠭ᠃ᠦᠬᠤᠸᠠᠨ ᠠᠭᠤᠯᠠ ᠨᠢ ᠪᠠᠭ᠎ᠠ ᠬᠤᠷᠠᠬᠤ ᠶ᠋ᠢᠨ ᠠᠭᠤᠯᠠ ᠨᠢᠷᠤᠭᠤᠨ ᠤ᠋ ᠭᠣᠣᠯ ᠣᠷᠭᠢᠯ ᠤ᠋ᠨ ᠨᠢᠭᠡ ᠪᠠᠢᠵᠤ ᠳᠠᠯᠠᠢ ᠶ᠋ᠢᠨ ᠲᠦᠪᠰᠢᠨ ᠡᠴᠡ1573.4ᠮᠧᠲ᠋ᠷ ᠥᠨᠳᠥᠷ ᠡᠷᠭᠦᠭᠳᠡᠭᠰᠡᠨ ᠶᠤᠮ᠃ᠠᠭᠤᠯᠠ ᠶ᠋ᠢᠨ ᠡᠩᠭᠡᠷ ᠲᠦ᠍ ᠨᠢᠭᠡᠨ ᠡᠷᠲᠡᠨ ᠦ᠌ ᠬᠣᠲᠠ ᠶ᠋ᠢᠨ ᠬᠠᠭᠤᠴᠢ ᠪᠠᠭᠤᠷᠢ ᠪᠠᠢᠭ᠎ᠠ᠃ᠲᠡᠷᠡ ᠪᠣᠯ ᠬᠠᠨ ᠤᠯᠤᠰ ᠤ᠋ᠨ ᠦᠶ᠎ᠡ ᠶ᠋ᠢᠨ ᠤᠮᠠᠷᠠᠲᠤ ᠶ᠋ᠢᠨ ᠨᠡᠭᠦᠳᠡᠯᠴᠢᠨ ᠠᠢᠮᠠᠭ ᠰᠢᠪᠡᠭᠡ ᠦᠬᠤᠸᠠᠨ ᠣᠪᠣᠭᠲᠠᠨ ᠤ᠋ ᠪᠠᠢᠭᠤᠯᠤᠭᠰᠠᠨ ᠦᠬᠤᠸᠠᠨ ᠬᠣᠲᠠ ᠠᠵᠠᠢ᠃《ᠪᠣᠭᠣᠮᠲᠠ ᠶ᠋ᠢᠨ ᠭᠠᠳᠠᠨᠠᠬᠢ ᠭᠤᠷᠪᠠᠨ ᠲᠢᠩᠬᠢᠮ ᠦ᠋ᠨ ᠲᠡᠮᠳᠡᠭᠯᠡᠯ》 ᠳ᠋ᠦ᠍《ᠬᠤᠸᠠᠨᠵᠸᠤ ᠴᠥᠯᠭᠡ ᠡᠴᠡ25 ᠭᠠᠵᠠᠷ ᠤ᠋ᠨ ᠵᠠᠢ ᠳ᠋ᠤ᠌ ᠡᠮᠡᠭᠡᠯ ᠬᠠᠢᠷᠬᠠᠨ ᠪᠣᠢ᠃ᠨᠤᠲᠤᠭ ᠤ᠋ᠨ ᠲᠡᠮᠳᠡᠭᠯᠡᠯ ᠢ᠋ ᠦᠨᠳᠦᠰᠦᠯᠡᠪᠡᠯ ᠬᠠᠨ ᠤᠯᠤᠰ ᠤ᠋ᠨ ᠦᠶ᠎ᠡ ᠳ᠋ᠦ᠍ ᠪᠠᠢᠭᠤᠯᠤᠭᠰᠠᠨ ᠦᠬᠤᠸᠠᠨ ᠬᠣᠲᠠ ᠲᠡᠨᠳᠡ ᠪᠤᠶᠤ》 ᠬᠢᠵᠡᠢ᠃ᠦᠬᠤᠸᠠᠨ ᠰᠢᠪᠡᠭᠡ ᠪᠣᠯ ᠮᠣᠩᠭᠣᠯ ᠤ᠋ᠨ ᠥᠨᠳᠥᠷᠯᠢᠭ ᠦ᠋ᠨ ᠣᠯᠠᠨ ᠣᠪᠣᠭ ᠠᠢᠮᠠᠭ ᠤ᠋ᠨ ᠨᠢᠭᠡ ᠰᠠᠯᠠᠭ᠎ᠠ ᠪᠣᠯᠤᠨ᠎ᠠ᠃ᠡᠷᠲᠡ ᠦᠶ᠎ᠡ ᠳ᠋ᠦ᠍ ᠬᠠᠷᠠᠮᠦ᠋ᠷᠡᠨ ᠦ᠌ ᠤᠷᠤᠰᠬᠠᠯ ᠳᠠᠭᠠᠤ ᠨᠤᠲᠤᠭᠯᠠᠭᠰᠠᠨ ᠰᠠᠯᠪᠤᠷᠢ ᠨᠢ ᠥᠪᠡᠷᠰᠡᠳ ᠢ᠋ ᠪᠡᠨ ᠦᠬᠤᠸᠠᠨ ᠭᠡᠮᠡᠨ ᠨᠡᠷᠡᠯᠡᠭᠰᠡᠨ ᠪᠠᠢᠵᠠᠢ᠃ᠲᠤᠬᠠᠢ ᠶ᠋ᠢᠨ ᠦᠶᠡᠰ ᠬᠠᠷᠠᠮᠦ᠋ᠷᠡᠨ ᠢ᠋ ᠦᠬᠤᠸᠠᠨ ᠭᠣᠣᠯ ᠭᠡᠵᠦ ᠳᠠᠭᠤᠳᠠᠳᠠᠭ ᠪᠠᠢᠭᠰᠠᠨ ᠪᠠᠢᠵᠠᠢ᠃ᠲᠡᠳᠡ ᠭᠣᠣᠯ ᠤ᠋ᠨ ᠨᠡᠷ᠎ᠡ ᠪᠡᠷ ᠣᠪᠣᠭ ᠢ᠋ᠶ᠋ᠠᠨ ᠪᠣᠯᠭᠠᠭᠰᠠᠨ ᠠᠵᠢ᠃ᠦᠬᠤᠸᠠᠨ ᠰᠢᠪᠡᠭᠡ ᠪᠣᠯ ᠤᠤᠯ᠎ᠠ᠋ᠴᠠ ᠪᠠᠨ ᠨᠢᠭᠡ ᠤᠭᠰᠠᠭᠠᠲᠠᠨ ᠶᠤᠮ᠃ ᠦᠬᠤᠸᠠᠨᠴᠤᠳ ᠱᠠᠩ ᠬᠦ ᠪᠣᠭᠣᠮᠲᠠ ᠶ᠋ᠢᠨ ᠭᠠᠳᠠᠨ᠎ᠠ ᠨᠡᠭᠦᠳᠡᠯᠯᠡᠨ ᠢᠷᠡᠵᠦ ᠨᠤᠲᠤᠭᠯᠠᠭᠠᠳ ᠦᠬᠤᠸᠠᠨ ᠬᠣᠲᠠ ᠶ᠋ᠢ ᠪᠠᠢᠭᠤᠯᠤᠭᠰᠠᠨ ᠪᠠ ᠬᠣᠵᠢᠮ ᠨᠢ ᠤᠯᠠᠮ ᠢ᠋ᠶ᠋ᠠᠷ ᠮᠣᠩᠭᠣᠯ ᠤ᠋ᠨ ᠪᠠᠷᠠᠭᠤᠨ ᠬᠢᠵᠠᠭᠠᠷ ᠥᠭᠡᠳᠡ ᠨᠡᠭᠦᠳᠡᠯᠯᠡᠭᠰᠡᠨ ᠪᠢᠯᠡ᠃
               ᠳᠣᠶᠢᠩ ᠬᠠᠢᠷᠬᠠᠨ ᠤ᠋ ᠳᠣᠮᠣᠭ 
ᠡᠷᠲᠡ ᠤᠷᠢᠳᠤ ᠴᠠᠭ ᠲᠤ᠌ ᠡᠵᠡᠨ ᠴᠢᠩᠭᠢᠰ ᠬᠠᠭᠠᠨ᠂ᠬᠥᠷᠥᠰᠥᠲᠦ ᠠᠯᠲᠠᠨ ᠳᠡᠯᠡᠬᠡᠢ ᠶ᠋ᠢ ᠬᠦᠯᠦᠭ ᠦ᠋ᠨ ᠳᠠᠪᠬᠢᠶ᠎ᠠ ᠪᠠᠷ ᠳᠣᠩᠰᠣᠯᠭᠠᠵᠤ᠂ᠬᠥᠬᠡ ᠮᠣᠩᠭᠣᠯ ᠲᠤᠭᠤᠷᠭᠠᠲᠠᠨ ᠢ᠋ ᠨᠢᠭᠡᠨ ᠵᠢᠯᠤᠭᠤᠨ ᠳ᠋ᠤ᠌ ᠬᠤᠮᠢᠵᠤ ᠶᠠᠪᠤᠭᠰᠠᠭᠠᠷ ᠠᠯᠤᠰ ᠬᠣᠯᠠ ᠭᠣᠪᠢ ᠶ᠋ᠢᠨ ᠡᠮᠦᠨ᠎ᠡ ᠭᠠᠷᠴᠠᠢ᠃ᠡᠨᠡ ᠦᠶᠡᠰ ᠲᠦ᠍ ᠥᠷᠥᠰᠢᠶᠡᠯᠲᠦ ᠡᠵᠢ ᠥᠭᠡᠯᠦᠨ ᠦᠵᠢᠨ ᠨᠠᠰᠤ ᠪᠠᠷᠠᠭᠰᠠᠨ ᠭᠠᠰᠢᠭᠤᠳᠠᠯ ᠤ᠋ᠨ ᠴᠢᠮᠡᠭᠡ ᠰᠣᠨᠣᠰᠳᠠᠵᠠᠢ᠃ᠠᠩᠭᠢᠷ ᠤᠭᠤᠷᠠᠭ ᠢ᠋ᠶ᠋ᠠᠨ ᠰᠢᠮᠡᠭᠦᠯᠵᠦ ᠠᠰᠠᠷᠠᠨ ᠪᠠᠢᠵᠤ ᠥᠰᠬᠡᠭᠰᠡᠨ᠂ᠠᠯᠲᠠᠨ ᠲᠠᠪᠤᠨ ᠰᠤᠮᠤᠨ ᠢ᠋ᠶ᠋ᠠᠷ ᠠᠳᠠᠯᠢᠳᠬᠠᠨ ᠪᠠᠢᠵᠤ ᠰᠤᠷᠭᠠᠭᠰᠠᠨ ᠠᠰᠠᠷᠠᠯᠲᠤ ᠡᠵᠢ ᠶ᠋ᠢᠨ ᠢ᠋ᠶ᠋ᠡᠨ ᠠᠩᠭᠢᠵᠢᠷᠠᠨ ᠣᠳᠤᠭᠰᠠᠨ ᠳ᠋ᠤ᠌ ᠠᠶᠤᠤᠯᠢᠬᠠᠢ ᠳᠦᠭᠦᠷᠡᠩ ᠭᠠᠰᠢᠭᠤᠳᠠᠭᠰᠠᠨ ᠴᠢᠩᠭᠢᠰ ᠬᠠᠭᠠᠨ᠂ᠠᠭᠤᠯᠠ ᠶ᠋ᠢᠨ ᠬᠠᠮᠤᠭ ᠥᠨᠳᠥᠷ ᠡᠨᠡ ᠬᠦ᠌ ᠳᠣᠶᠢᠩ ᠬᠠᠢᠷᠬᠠᠨ ᠳᠡᠭᠡᠷ᠎ᠡ ᠭᠠᠷᠴᠤ ᠠᠯᠤᠰ ᠬᠣᠢᠲᠤ ᠵᠦᠭ ᠬᠠᠨᠳᠤᠨ ᠰᠥᠭᠥᠳᠵᠦ ᠠᠴᠢᠲᠤ ᠡᠵᠢ ᠪᠡᠨ ᠭᠠᠰᠢᠭᠤᠳᠠᠨ ᠨᠠᠮᠠᠨᠴᠢᠯᠠᠭᠰᠠᠨ ᠭᠡᠳᠡᠭ᠃ᠲᠡᠭᠡᠭᠡᠳ ᠡᠷᠭᠦᠭᠰᠡᠨ ᠰᠠᠴᠤᠯᠢ ᠨᠢ ᠠᠭᠤᠯᠠ ᠶ᠋ᠢᠨ ᠡᠷᠭᠢᠨ ᠲᠣᠭᠣᠷᠢᠨ ᠳ᠋ᠤ᠌ ᠨᠠᠭᠤᠷ ᠪᠦᠷᠢᠳᠦ ᠲᠣᠭᠲᠠᠵᠤ ᠲᠠᠬᠢᠬᠰᠠᠨ ᠳᠣᠶᠢᠩ ᠨᠢ ᠡᠳ᠋ ᠡᠷᠳᠡᠨᠢᠰ ᠬᠤᠪᠢᠯᠵᠤ ᠡᠨᠡ ᠨᠤᠲᠤᠭ ᠥᠭᠭᠢᠶᠡᠮᠦᠷ ᠪᠠᠶᠠᠨ᠂ᠥᠨᠢᠷ ᠦᠵᠡᠰᠬᠦᠯᠡᠩ ᠪᠣᠯᠤᠭᠰᠠᠨ ᠶᠤᠮ ᠭᠡᠨ᠎ᠡ ᠪᠢᠯᠡ᠃ᠬᠣᠵᠢᠮ ᠨᠢ ᠴᠠᠬᠠᠷ ᠭᠦᠯᠦ ᠴᠠᠭᠠᠨ ᠬᠣᠨᠢᠨ ᠰᠦᠷᠦᠭ᠂ᠰᠦᠷᠦᠭ ᠦ᠋ᠨ ᠣᠪᠣᠭ᠎ᠠ ᠪᠠᠨ ᠣᠷᠣᠢ ᠳᠡᠭᠡᠷ᠎ᠡ ᠨᠢ ᠪᠤᠰᠬᠠᠨ᠂ᠵᠢᠯ ᠪᠦᠷᠢ ᠶ᠋ᠢᠨ ᠲᠠᠪᠤᠳᠤᠭᠠᠷ ᠰᠠᠷ᠎ᠠ ᠳ᠋ᠤ᠌ ᠣᠪᠣᠭ᠎ᠠ ᠪᠠᠨ ᠲᠡᠭᠡᠵᠦ ᠡᠷ᠎ᠡ ᠶ᠋ᠢᠨ ᠭᠤᠷᠪᠠᠨ ᠨᠠᠭᠠᠳᠤᠮ ᠮᠥᠷᠥᠢᠴᠡᠳᠡᠭ ᠪᠣᠯᠪᠠ᠃ᠲᠩᠷᠢ ᠬᠤᠷ᠎ᠠ ᠬᠠᠢᠷᠠᠯᠠᠵᠤ ᠳᠡᠯᠡᠬᠡᠢ ᠴᠡᠴᠡᠭ ᠠᠯᠠᠭᠯᠠᠵᠤ ᠳᠡᠯᠭᠡᠷ ᠰᠠᠢᠬᠠᠨ ᠵᠤᠨ ᠪᠣᠯᠳᠠᠭ ᠰᠠᠨ᠃
ᠬᠡᠢᠪᠦᠩ ᠭᠣᠣᠯ
ᠬᠡᠢᠪᠦᠩ ᠦ᠋ᠨ ᠭᠣᠣᠯ ᠪᠣᠯ ᠡᠷᠲᠡᠨ ᠦ᠌ ᠷᠤᠸᠠᠨ ᠱᠦᠢ ᠤᠰᠤ᠂ᠡᠳᠦᠭᠡ ᠶ᠋ᠢᠨ ᠯᠤᠸᠠᠨ ᠾᠧ ᠭᠣᠣᠯ ᠤ᠋ᠨ ᠳᠡᠭᠡᠳᠦ ᠤᠷᠤᠰᠬᠠᠯ ᠤ᠋ᠨ ᠭᠣᠣᠯ ᠰᠠᠯᠪᠤᠷᠢ ᠪᠣᠯᠤᠨ᠎ᠠ᠃ᠬᠡᠢᠪᠦᠩ ᠭᠣᠣᠯ ᠨᠢ ᠰᠢᠯᠤᠭᠤᠨ ᠬᠥᠬᠡ ᠬᠤᠰᠢᠭᠤᠨ ᠤ᠋ ᠤᠰᠤᠲᠤᠴᠠᠭᠠᠨ ᠰᠤᠮᠤ ᠶ᠋ᠢᠨ ᠪᠠᠷᠠᠭᠤᠨ ᠡᠮᠦᠨᠡᠬᠢ ᠵᠤᠰᠠᠯᠠᠩ ᠤ᠋ᠨ ᠬᠤᠯᠤᠲᠤ ᠶ᠋ᠢᠨ ᠮᠠᠩᠬᠠᠨ ᠤ᠋ ᠬᠣᠷᠮᠣᠢ ᠠ᠋ᠴᠠ ᠣᠷᠭᠢᠯᠤᠭᠰᠠᠨ ᠮᠤᠬᠤᠷ ᠪᠤᠯᠠᠭ ᠠ᠋ᠴᠠ ᠡᠬᠢ ᠠᠪᠴᠤ ᠤᠷᠤᠰᠬᠤ ᠳ᠋ᠠᠭᠠᠨ ᠬᠥᠨᠳᠡᠯᠡᠨ ᠪᠤᠯᠠᠭ᠂ᠬᠤᠯᠤᠰᠤᠲᠠᠢ ᠶ᠋ᠢᠨ ᠪᠤᠯᠠᠭ᠂ᠨᠠᠷᠠᠰᠤᠳᠠᠢ ᠶ᠋ᠢᠨ ᠪᠤᠯᠠᠭ᠂ᠤᠰᠤᠲᠤ ᠶ᠋ᠢᠨ ᠪᠤᠯᠠᠭ᠂ᠬᠤᠰᠤᠲᠤ ᠶ᠋ᠢᠨ ᠪᠤᠯᠠᠭ᠂ᠤᠯᠢᠶᠠᠰᠤᠲᠠᠢ ᠶ᠋ᠢᠨ ᠪᠤᠯᠠᠭ᠂ᠴᠠᠩᠲᠤ ᠣᠪᠣᠭᠠᠨ ᠭᠣᠣᠯ᠂ᠸᠠᠳ ᠤ᠋ᠨ ᠭᠣᠣᠯ᠂ᠨᠠᠷᠠᠨᠪᠤᠯᠠᠭ᠂ᠪᠠᠶᠠᠨᠪᠤᠯᠠᠭ᠂ᠢᠵᠠᠭᠠᠷ ᠭᠣᠣᠯ ᠲᠠᠢ ᠤᠷᠤᠰᠬᠠᠯ ᠨᠡᠢᠯᠡᠨ ᠤᠰᠤ ᠨᠢ ᠶᠡᠬᠡᠲᠡᠭᠰᠡᠭᠡᠷ ᠡᠷᠲᠡᠨ ᠦ᠌ ᠴᠠᠭᠠᠨ ᠬᠣᠲᠠ ᠶ᠋ᠢᠨ ᠠᠷᠤ ᠪᠠᠷ ᠬᠡᠢᠪᠦᠩ ᠬᠦᠷᠢᠶ᠎ᠡ ᠲᠠᠲᠠᠭᠰᠠᠭᠠᠷ ᠱᠠᠩᠳᠤ ᠶ᠋ᠢᠨ ᠭᠣᠣᠯ ᠲᠠᠢ ᠤᠷᠤᠰᠬᠠᠯ ᠨᠡᠢᠯᠡᠵᠦ ᠯᠤᠸᠠᠨ ᠾᠧ ᠭᠣᠣᠯ ᠨᠡᠷᠡᠢᠳᠦᠭᠳᠡᠨ ᠡᠮᠦᠨᠡᠰᠢ ᠤᠷᠤᠰᠬᠤ ᠪᠥᠯᠥᠭᠡ᠃
       ᠡᠷᠲᠡᠨ ᠦ᠌ ᠮᠣᠩᠭᠣᠯ ᠰᠤᠷᠪᠤᠯᠵᠢ ᠲᠡᠦᠬᠡ ᠰᠤᠳᠤᠷ ᠲᠤ᠌ ᠱᠠᠩᠳᠤ ᠨᠡᠢᠰᠯᠡᠯ ᠦ᠋ᠨ ᠨᠡᠷ᠎ᠡ ᠶ᠋ᠢ ᠬᠡᠢᠪᠦᠩ ᠭᠣᠣᠯ ᠲᠠᠢ ᠬᠣᠯᠪᠣᠨ《 ᠬᠡᠢᠪᠦᠩ ᠱᠠᠩᠳᠤ》ᠬᠡᠮᠡᠬᠦ ᠨᠡᠷ᠎ᠡ ᠪᠡᠷ ᠲᠡᠮᠳᠡᠭᠯᠡᠭᠰᠡᠨ ᠢ᠋ ᠠᠩᠬᠠᠷᠤᠭᠤᠰᠢᠲᠠᠢ᠂ᠰᠤᠳᠤᠯᠤᠭᠤᠰᠢᠲᠠᠢ ᠶᠤᠮ᠃《ᠡᠷᠲᠡᠨ ᠦ᠌ ᠮᠣᠩᠭᠣᠯ ᠤ᠋ᠨ ᠬᠠᠳ ᠤ᠋ᠨ ᠦᠨᠳᠦᠰᠦᠨ ᠦ᠌ ᠶᠡᠬᠡ ᠰᠢᠷ᠎ᠠ ᠲᠣᠭᠣᠵᠢ》 ᠳ᠋ᠤ᠌《ᠱᠠᠩᠳᠤ ᠬᠡᠢᠪᠦᠩ ᠬᠦᠷᠳᠦ ᠪᠠᠯᠭᠠᠰᠤᠨ》᠂ᠰᠠᠨᠠᠭᠠᠨ ᠰᠡᠴᠡᠨ ᠦ᠌《ᠡᠷᠳᠡᠨᠢ ᠶ᠋ᠢᠨ ᠲᠣᠪᠴᠢ 》 ᠳ᠋ᠤ᠌《ᠵᠤᠨ ᠤ᠋ ᠵᠤᠰᠠᠯᠠᠩ ᠱᠠᠩᠳᠤ ᠬᠡᠢᠪᠦᠩ ᠬᠦᠷᠳᠦ ᠪᠠᠯᠭᠠᠰᠤᠨ》 ᠭᠡᠮᠡᠨ ᠲᠣᠳᠣᠷᠬᠠᠢ ᠲᠡᠮᠳᠡᠭᠯᠡᠭᠰᠡᠨ ᠪᠢᠯᠡ᠃ᠣᠷᠣᠰᠢᠨ ᠰᠠᠭᠤᠭ᠎ᠠ ᠨᠤᠲᠤᠭ ᠤᠰᠤᠨ ᠤ᠋ ᠪᠠᠨ ᠨᠡᠷ᠎ᠡ ᠪᠡᠷ ᠬᠣᠲᠠ ᠪᠠᠯᠭᠠᠰᠤ ᠪᠠᠨ ᠨᠡᠷᠡᠯᠡᠳᠡᠭ ᠨᠢ ᠮᠣᠩᠭᠣᠯᠴᠤᠳ ᠤ᠋ᠨ ᠤᠯᠠᠮᠵᠢᠯᠠᠯᠲᠤ ᠵᠠᠩᠰᠢᠯ᠃ᠤᠮᠠᠷᠠᠲᠤ ᠨᠡᠢᠰᠯᠡᠯ ᠬᠠᠷᠠᠬᠣᠷᠣᠮ ᠪᠣᠯ ᠠᠭᠤᠯᠠᠨ ᠤ᠋ ᠨᠡᠷ᠎ᠡ᠂ᠳᠤᠮᠳᠠ ᠨᠡᠢᠰᠯᠡᠯ ᠴᠠᠭᠠᠨᠠᠭᠤᠷ ᠪᠣᠯ ᠨᠠᠭᠤᠷ ᠤ᠋ᠨ ᠨᠡᠷ᠎ᠡ ᠪᠢᠯᠡ᠃ᠮᠣᠩᠭᠣᠯᠴᠤᠳ ᠥᠪᠡᠷ ᠦ᠋ᠨ ᠭᠠᠷ ᠢ᠋ᠶ᠋ᠠᠷ ᠢ᠋ᠶ᠋ᠠᠨ ᠪᠠᠷᠢᠭᠰᠠᠨ ᠬᠣᠲᠠ ᠪᠠᠯᠭᠠᠳ ᠲᠠᠭᠠᠨ ᠬᠠᠷᠢ ᠤᠯᠤᠰ ᠦᠨᠳᠦᠰᠦᠲᠡᠨ ᠦ᠌ ᠨᠡᠷ᠎ᠡ ᠶ᠋ᠢ ᠵᠢᠭᠡᠯᠡᠨ ᠬᠡᠷᠡᠭᠯᠡᠬᠦ ᠵᠠᠩᠰᠢᠯ ᠶᠡᠷᠦ ᠡᠴᠡ ᠪᠠᠢᠳᠠᠭ ᠦᠭᠡᠢ᠃ 
ᠬᠡᠢᠪᠦᠩ ᠭᠣᠣᠯ ᠨᠢ ᠰᠢᠯᠤᠭᠤᠨ ᠬᠥᠬᠡ ᠬᠤᠰᠢᠭᠤᠨ ᠤ᠋ ᠬᠢᠵᠠᠭᠠᠷ ᠳᠣᠲᠣᠷ᠎ᠠ40 ᠭᠠᠷᠤᠢ ᠭᠠᠵᠠᠷ ᠤᠷᠤᠰᠳᠠᠭ᠂ᠡᠨᠡ ᠬᠦ᠌ ᠤᠷᠤᠰᠬᠠᠯ ᠤ᠋ᠨ ᠣᠷᠣᠨ ᠨᠢ ᠪᠠᠯᠠᠷ ᠣᠢ᠂ᠪᠢᠲᠡᠭᠦᠦ ᠰᠢᠭᠤᠢ ᠪᠠᠷ ᠬᠤᠴᠢᠭᠳᠠᠵᠤ ᠬᠡᠭᠡᠷ᠎ᠡ ᠶ᠋ᠢᠨ ᠵᠡᠷᠯᠢᠭ ᠠᠷᠢᠶᠠᠲᠠᠨ ᠵᠢᠭᠦᠷᠲᠡᠨ ᠨᠤᠲᠤᠭᠰᠢᠭᠰᠠᠨ ᠪᠠᠢᠭᠠᠯᠢ ᠶ᠋ᠢᠨ ᠭᠣᠶᠣᠬᠠᠨ ᠴᠡᠴᠡᠷᠯᠢᠭ ᠶᠦ᠍ᠮ᠃ᠵᠤᠨ ᠤ᠋ ᠤᠯᠠᠷᠢᠯ ᠪᠣᠯᠵᠤ ᠵᠦᠢᠯ ᠦ᠋ᠨ ᠴᠡᠴᠡᠭ ᠳᠡᠯᠭᠡᠷᠡᠵᠦ ᠵᠤᠰᠠᠯᠠᠩ ᠤ᠋ᠨ ᠴᠠᠭᠠᠨ ᠮᠣᠩᠭᠣᠯ ᠭᠡᠷ ᠦ᠋ᠳ ᠬᠡᠢᠪᠦᠩ ᠭᠣᠣᠯ ᠤ᠋ᠨ ᠬᠣᠶᠠᠷ ᠬᠥᠪᠡᠭᠡᠨ ᠦ᠌ ᠴᠠᠭᠠᠨ ᠮᠠᠩᠬ᠎ᠠ᠂ᠨᠣᠭᠣᠭᠠᠨ ᠤᠳᠠᠨ ᠤ᠋
ᠴᠢᠯᠥᠭᠡᠨ ᠳ᠋ᠡᠬᠢ ᠰᠡᠷᠢᠭᠦᠨ ᠳᠡᠨᠵᠢ ᠪᠡᠷ ᠡᠩᠨᠡᠷᠡᠨ ᠴᠠᠢᠷᠠᠵᠤ ᠭᠣᠣᠯ ᠤ᠋ᠨ ᠲᠣᠬᠣᠢ᠂ᠮᠠᠩᠬ᠎ᠠ ᠶ᠋ᠢᠨ ᠠᠷᠤ ᠥᠪᠥᠷ ᠢ᠋ᠶ᠋ᠡᠷ ᠰᠦᠷᠦᠭ ᠰᠦᠷᠦᠭ ᠦᠬᠡᠷ᠂ᠬᠣᠨᠢ᠂ᠠᠳᠤᠭᠤ᠂ᠠᠯᠠᠭᠯᠠᠨ ᠪᠡᠯᠴᠢᠭᠡᠷᠯᠡᠬᠦ ᠨᠢ ᠨᠣᠭᠣᠭᠠᠨ ᠬᠡᠮᠡᠷᠯᠢᠭ ᠳᠡᠭᠡᠷ᠎ᠡ ᠱ᠌ᠢᠷᠦ ᠰᠤᠪᠤᠳ ᠰᠠᠴᠤᠭᠰᠠᠨ ᠮᠡᠲᠦ ᠦᠵᠡᠰᠬᠦᠯᠡᠩ᠃ᠭᠣᠣᠯ ᠤ᠋ᠨ ᠤᠷᠤᠰᠬᠠᠯ ᠳᠠᠭᠠᠤ ᠨᠠᠷᠠᠰᠤ ᠮᠠᠢᠯᠠᠰᠤ᠂ᠤᠳᠠ ᠤᠯᠢᠶᠠᠰᠤ ᠦᠷᠭᠦᠯᠵᠢᠯᠡᠵᠦ ᠪᠤᠭᠤ ᠬᠠᠨᠳᠠᠭᠠᠢ ᠣᠷᠣᠮᠳᠠᠨ ᠬᠥᠬᠥᠭᠡ ᠭᠤᠷᠭᠤᠤᠯᠳᠠᠢ ᠳᠣᠩᠭᠣᠳᠤᠭᠠᠳ ᠶᠡᠬᠡ ᠪᠠᠢᠭᠠᠯᠢ ᠶ᠋ᠢᠨ ᠨᠠᠢᠷᠠᠯ ᠬᠥᠭᠵᠢᠮ ᠢ᠋ᠶ᠋ᠡᠷ ᠰᠡᠳᠬᠢᠯ ᠢ᠋ ᠪᠠᠶᠠᠰᠬᠠᠨ ᠴᠡᠩᠭᠡᠭ ᠠᠮᠢᠰᠬᠤᠯ ᠢ᠋ᠶ᠋ᠠᠷ ᠲᠠᠮᠢᠷᠵᠢᠯ ᠢ᠋ ᠲᠡᠵᠢᠭᠡᠬᠦ ᠠᠵᠢ᠃ᠬᠣᠲᠠ ᠶ᠋ᠢᠨ ᠪᠣᠬᠢᠷᠳᠠᠯ ᠠ᠋ᠴᠠ ᠵᠠᠢᠯᠠᠨ᠂ᠬᠣᠯᠠ ᠶ᠋ᠢᠨ ᠵᠤᠭᠠᠴᠠᠯ ᠢ᠋ᠶ᠋ᠠᠷ ᠵᠣᠷᠴᠢᠭᠰᠠᠳ ᠮᠢᠨᠢ ᠬᠡᠢᠪᠣᠩ ᠭᠣᠣᠯ ᠢ᠋ᠶ᠋ᠠᠷ ᠠᠢᠯᠴᠢᠯᠠᠵᠤ ᠵᠤᠭᠠᠴᠠᠪᠠᠯ ᠠᠮᠢᠳᠤᠷᠠᠯ ᠳ᠋ᠤ᠌ ᠴᠢᠨᠢ ᠵᠢᠷᠭᠠᠯ ᠨᠡᠮᠡᠷᠢᠯᠡᠵᠦ ᠠᠵᠢᠯ ᠳ᠋ᠤ᠌ ᠴᠢᠨᠢ ᠡᠷᠴᠢ ᠨᠡᠮᠡᠬᠦ ᠶᠤᠮ ᠰᠢᠦ!
                ᠮᠣᠩᠴᠤᠭᠳᠤ ᠮᠠᠩᠬ᠎ᠠ ᠶ᠋ᠢᠨ ᠳᠣᠮᠣᠭ
       1215 ᠣᠨ ᠤ᠋ ᠵᠤᠨ᠂ᠴᠢᠩᠭᠢᠰ ᠬᠠᠭᠠᠨ ᠠᠯᠲᠠᠨ ᠤᠯᠤᠰ ᠤ᠋ᠨ ᠵᠥᠩᠲᠦ ᠶ᠋ᠢ ᠴᠣᠬᠢᠬᠤ ᠭᠡᠮᠡᠨ ᠵᠡᠭᠦᠨᠰᠢ ᠴᠡᠷᠢᠭ ᠣᠷᠣᠵᠤ ᠠᠯᠲᠠᠨ ᠤᠯᠤᠰ ᠤ᠋ᠨ ᠬᠣᠸᠠᠨᠵᠸᠤ ᠪᠠᠯᠭᠠᠳ ᠲᠤ᠌ ᠢᠷᠡᠵᠦ ᠵᠤᠰᠠᠵᠠᠢ᠃ᠴᠢᠩᠭᠢᠰ ᠬᠠᠭᠠᠨ ᠤ᠋ ᠵᠥᠭᠡᠭᠡᠪᠦᠷᠢ ᠶ᠋ᠢᠨ ᠲᠡᠮᠡᠭᠡᠨ ᠠᠶᠠᠨ ᠨᠢ ᠱᠠᠩᠳᠤ ᠶ᠋ᠢᠨ ᠭᠣᠣᠯ ᠤ᠋ᠨ ᠡᠮᠦᠨ᠎ᠡ ᠬᠥᠪᠡᠭᠡᠨ ᠦ᠌ ᠮᠠᠩᠬᠠᠨ ᠳ᠋ᠤ᠌ ᠪᠠᠭᠤᠳᠠᠯᠯᠠᠭᠰᠠᠨ ᠪᠠᠢᠵᠠᠢ᠃ᠲᠡᠷᠡ ᠰᠥᠨᠢ ᠶᠡᠬᠡ ᠰᠠᠯᠬᠢᠨ ᠪᠣᠰᠴᠤ ᠡᠯᠡᠰᠦᠨ ᠰᠢᠭᠤᠷᠭ᠎ᠠ ᠭᠠᠷᠴᠤ ᠵᠥᠭᠡᠭᠡᠪᠦᠷᠢ ᠶ᠋ᠢᠨ ᠲᠡᠮᠡᠭᠡᠳ ᠦ᠋ᠨ ᠬᠦᠵᠦᠭᠦᠨ ᠳ᠋ᠦ᠍ ᠵᠡᠭᠦᠭᠰᠡᠨ ᠬᠣᠩᠬᠣᠨ ᠳ᠋ᠤᠨᠢ ᠡᠯᠡᠰᠦ ᠬᠤᠷᠠᠵᠤ ᠳᠦᠭᠦᠷᠦᠭᠰᠡᠨ ᠪᠠᠢᠪᠠ᠃ᠴᠢᠩᠭᠢᠰ ᠬᠠᠭᠠᠨ ᠦᠵᠡᠭᠡᠳ《ᠮᠤᠨᠳᠠᠭ ᠶᠡᠬᠡ ᠮᠤᠩᠴᠤᠭᠳᠤ ᠮᠠᠩᠬ᠎ᠠ》ᠭᠡᠮᠡᠨ ᠨᠡᠷᠡᠢᠳᠦᠭᠰᠡᠨ ᠭᠡᠳᠡᠭ᠃
                 ᠬᠤᠶᠠᠭᠲᠤ ᠪᠠ ᠰᠠᠩ ᠲᠣᠯᠣᠭᠠᠢ
        ᠭᠣᠶᠣ ᠰᠠᠢᠬᠠᠨ ᠭᠣᠭᠣᠰᠤᠲᠠᠢ ᠶ᠋ᠢᠨ ᠭᠣᠣᠯ᠂ᠭᠣᠪᠢ ᠮᠠᠩᠬ᠎ᠠ ᠶ᠋ᠢᠨ ᠳᠤᠮᠳᠠᠭᠤᠷ  ᠬᠥᠬᠡ ᠤᠰᠤᠨ ᠤᠭᠠᠯᠵᠠ ᠲᠠᠲᠠᠭᠰᠠᠭᠠᠷ᠂
ᠬᠥᠭᠵᠢᠮ ᠡᠷᠭᠦᠨ ᠳᠠᠭᠤᠤ ᠪᠠᠷᠢᠭᠰᠠᠭᠠᠷ ᠬᠣᠯᠠ ᠶ᠋ᠢᠨ ᠬᠣᠯᠠ ᠳ᠋ᠤ᠌ ᠠᠶᠠᠯᠠᠨ᠎ᠠ᠃ᠲᠡᠭᠦᠨ ᠦ᠌ ᠡᠬᠢ ᠠᠪᠤᠭᠰᠠᠨ ᠳᠠᠭᠠᠭᠠᠴᠠ ᠠ᠋ᠴᠠ ᠪᠠᠷᠠᠭᠤᠨᠰᠢ10ᠭᠠᠷᠤᠢ ᠭᠠᠵᠠᠷ ᠤ᠋ᠨ ᠠᠯᠤᠰ ᠲᠤ᠌ ᠨᠣᠮᠢᠨ ᠭᠣᠣᠯ ᠢᠰᠬᠦᠯᠦᠨ ᠨᠣᠭᠣᠭᠠᠨ ᠮᠠᠩᠬ᠎ᠠ ᠲᠦᠰᠢᠵᠦ ᠬᠤᠶᠠᠭᠲᠤ ᠶ᠋ᠢᠨ ᠰᠦᠮ᠎ᠡ ᠰᠦᠨᠳᠡᠷᠯᠡᠭᠡᠳ ᠴᠡᠴᠡᠭᠲᠦ ᠲᠠᠯ᠎ᠠ᠂ᠴᠡᠯᠡᠭᠡᠷ ᠣᠢ᠂ᠴᠡᠩᠬᠡᠷ ᠭᠣᠷᠣᠬ᠎ᠠ ᠲᠠᠢ ᠥᠩᠭᠡ ᠠᠯᠠᠭᠯᠠᠨ ᠬᠤᠪᠢ ᠶ᠋ᠢᠨ ᠭᠠᠳᠠᠨ᠎ᠠ ᠦᠵᠡᠰᠬᠦᠯᠡᠩ ᠲᠡᠢ ᠬᠠᠷᠠᠭᠳᠠᠨ᠎ᠠ᠃ᠪᠠᠷᠠᠭᠤᠨᠰᠢ ᠬᠡᠳᠦᠨ ᠭᠠᠵᠠᠷ ᠤ᠋ᠨ ᠵᠠᠢ ᠳ᠋ᠤ᠌ ᠪᠠᠢᠬᠤ ᠡᠷᠲᠡᠨ ᠦ᠌ ᠬᠠᠭᠤᠴᠢ ᠪᠠᠭᠤᠷᠢ ᠶ᠋ᠢ ᠴᠢᠩᠭᠢᠰ ᠬᠠᠭᠠᠨ ᠤ᠋ ᠴᠡᠷᠢᠭ ᠬᠤᠸᠠᠷᠠᠩᠨᠠᠭᠰᠠᠨ ᠨᠤᠲᠤᠭ ᠴᠤ᠌ ᠭᠡᠳᠡᠭ ᠪᠢᠯᠡ᠃ᠤᠯᠠᠮᠵᠢᠯᠠᠯ ᠳᠣᠮᠣᠭ ᠶᠠᠷᠢᠶ᠎ᠠ ᠳ᠋ᠤ᠌ ᠡᠵᠡᠨ ᠴᠢᠩᠭᠢᠰ ᠡᠮᠦᠨᠡᠰᠢ ᠳᠠᠢᠯᠠᠵᠤ ᠰᠢᠷ᠎ᠠ ᠵᠠᠮ ᠢ᠋ ᠡᠪᠬᠡᠨ᠂ᠰᠢᠷᠭᠠᠯ ᠭᠣᠪᠢ ᠶ᠋ᠢ ᠲᠤᠭᠤᠯᠵᠤ ᠠᠶᠠᠯᠠᠵᠤ ᠶᠠᠪᠤᠬᠤ ᠳ᠋ᠠᠭᠠᠨ ᠡᠨᠡ ᠬᠦ᠌ ᠤᠰᠤ ᠨᠢ ᠪᠣᠯᠣᠷ ᠲᠤᠩᠭᠠᠯᠠᠭ᠂ᠤᠳᠠ ᠨᠢ ᠪᠢᠲᠡᠭᠦᠦ ᠪᠠᠯᠠᠷ ᠦᠵᠡᠰᠬᠦᠯᠡᠩ ᠰᠠᠢᠬᠠᠨ ᠭᠠᠵᠠᠷ ᠢ᠋ ᠲᠣᠭᠣᠵᠤ ᠠᠯᠲᠠᠨ ᠬᠤᠶᠠᠭ ᠢ᠋ᠶ᠋ᠠᠨ ᠲᠠᠢᠯᠵᠤ ᠠᠭᠲᠠ ᠬᠦᠯᠦᠭ ᠢ᠋ᠶ᠋ᠡᠨ ᠠᠮᠠᠷᠠᠭᠠᠵᠤ ᠪᠡᠶ᠎ᠡ ᠶ᠋ᠢᠨ ᠠᠯᠵᠢᠶᠠᠯ ᠢ᠋ᠶ᠋ᠠᠨ ᠲᠠᠢᠯᠤᠭᠰᠠᠨ ᠭᠡᠨ᠎ᠡ᠃ᠲᠡᠭᠡᠭᠡᠳ ᠡᠨᠳᠡ ᠡᠴᠡ ᠲᠠᠭᠢᠨ ᠬᠤᠶᠠᠭᠯᠠᠵᠤ ᠮᠣᠷᠳᠠᠬᠤ ᠳ᠋ᠠᠭᠠᠨ ᠡᠮᠦᠨ᠎ᠡ ᠪᠠᠢᠭ᠎ᠠ ᠥᠨᠳᠥᠷ ᠮᠠᠩᠬᠠᠨ ᠳᠡᠭᠡᠷ᠎ᠡ ᠭᠠᠷᠴᠤ ᠭᠠᠩᠭ᠎ᠠ ᠠᠭᠢ ᠰᠢᠲᠠᠭᠠᠨ ᠰᠠᠩ ᠲᠠᠯᠪᠢᠵᠤ ᠭᠠᠵᠠᠷ ᠲᠩᠷᠢ ᠪᠡᠨ ᠲᠡᠭᠡᠵᠦ᠂ᠭᠠᠷᠬᠤ ᠪᠡᠯᠭᠡ ᠪᠡᠨ ᠦᠵᠡᠵᠦ ᠭᠠᠩᠭᠠᠩ ᠰᠢᠷᠭ᠎ᠠ ᠮᠣᠷᠢᠨ ᠳ᠋ᠠᠭᠠᠨ ᠮᠣᠷᠳᠠᠭᠰᠠᠨ ᠶᠤᠮ ᠭᠡᠨ᠎ᠡ᠃ᠮᠣᠩᠭᠣᠯᠴᠤᠳ᠂ᠡᠵᠡᠨ ᠴᠢᠩᠭᠢᠰ ᠦ᠋ᠨ ᠢ᠋ᠶ᠋ᠡᠨ ᠬᠥᠬᠡ ᠲᠩᠷᠢ ᠪᠡᠨ ᠲᠠᠬᠢᠵᠤ᠂ᠠᠯᠲᠠᠨ ᠬᠤᠶᠠᠭ ᠢ᠋ᠶ᠋ᠠᠨ ᠡᠮᠦᠰᠦᠭᠰᠡᠨ ᠲᠡᠦᠬᠡᠲᠦ ᠭᠠᠵᠠᠷ ᠢ᠋ ᠳᠤᠷᠠᠰᠬᠠᠵᠤ ᠡᠨᠡ ᠬᠦ᠌ ᠳᠦᠭᠦᠷᠡᠩ ᠲᠠᠯ᠎ᠠ ᠶ᠋ᠢ ᠬᠤᠶᠠᠭᠲᠤ ᠶ᠋ᠢᠨ ᠲᠠᠯ᠎ᠠ᠂ᠥᠨᠳᠥᠷ ᠮᠠᠩᠬ᠎ᠠ ᠶ᠋ᠢ ᠰᠠᠩ ᠲᠣᠯᠣᠭᠠᠢ ᠭᠡᠵᠦ ᠨᠡᠷᠡᠢᠳᠴᠡᠢ᠃ᠬᠣᠵᠢᠮ ᠨᠢ ᠥᠭᠡᠯᠡᠳᠴᠤᠳ ᠨᠤᠲᠤᠭᠯᠠᠭᠰᠠᠨ ᠤ᠋ ᠳᠠᠷᠠᠭ᠎ᠠ ᠰᠦᠮ᠎ᠡ ᠪᠠᠢᠭᠤᠯᠤᠨ ᠣᠪᠣᠭ᠎ᠠ ᠪᠣᠰᠬᠠᠵᠤ ᠤᠯᠠᠮᠵᠢᠯᠠᠯᠲᠤ ᠵᠠᠩᠰᠢᠯ ᠢ᠋ᠶ᠋ᠠᠷ ᠢ᠋ᠶ᠋ᠠᠨ ᠬᠤᠶᠠᠭᠲᠤ ᠶ᠋ᠢᠨ ᠰᠦᠮ᠎ᠡ᠂ᠰᠠᠩ ᠲᠣᠯᠣᠭᠠᠢ ᠶ᠋ᠢᠨ ᠣᠪᠣᠭ᠎ᠠ ᠭᠡᠵᠦ ᠡᠷᠭᠦᠮᠵᠢᠯᠡᠨ ᠳᠠᠭᠤᠳᠠᠭᠰᠠᠨ ᠠᠵᠢ᠃
         ᠵᠢᠯ ᠪᠦᠷᠢ ᠶ᠋ᠢᠨ ᠪᠢᠯᠢᠭ ᠦ᠋ᠨ ᠤᠯᠠᠷᠢᠯ ᠤ᠋ᠨ ᠲᠠᠪᠤᠳᠤᠭᠠᠷ ᠰᠠᠷ᠎ᠠ ᠶ᠋ᠢᠨ ᠬᠣᠷᠢᠨ ᠬᠣᠶᠠᠷ ᠲᠤ᠌ ᠥᠭᠡᠯᠡᠳᠴᠤᠳ ᠰᠠᠩ ᠲᠣᠯᠣᠭᠠᠢ ᠶ᠋ᠢᠨ ᠣᠪᠣᠭ᠎ᠠ ᠪᠠᠨ ᠲᠠᠬᠢᠵᠤ ᠪᠥᠬᠡ ᠪᠠᠷᠢᠯᠳᠤᠨ ᠮᠣᠷᠢ ᠤᠷᠤᠯᠳᠤᠵᠤ ᠰᠤᠷ ᠬᠠᠷᠪᠤᠭᠠᠳ ᠡᠷ᠎ᠡ ᠶ᠋ᠢᠨ ᠭᠤᠷᠪᠠᠨ ᠨᠠᠭᠠᠳᠤᠮ ᠢ᠋ᠶ᠋ᠠᠷ ᠡᠵᠡᠨ ᠴᠢᠩᠭᠢᠰ ᠦ᠋ᠨ ᠢ᠋ᠶ᠋ᠡᠨ ᠤᠯᠠ ᠮᠥᠷ ᠰᠢᠩᠭᠡᠭᠰᠡᠨ ᠨᠤᠲᠤᠭ ᠤᠰᠤ ᠪᠠᠨ ᠪᠠᠶᠠᠰᠬᠠᠵᠤ ᠨᠠᠢᠷ ᠬᠤᠷᠢᠮ ᠢ᠋ᠶ᠋ᠠᠨ ᠥᠷᠨᠢᠭᠦᠯᠳᠡᠭ ᠪᠢᠯᠡ᠃
                ᠴᠢᠩᠭᠢᠰ ᠦ᠋ᠨ ᠮᠣᠷᠢᠨ ᠮᠥᠷ
ᠪᠣᠱᠥᠤᠳᠠᠢ ᠨᠠᠭᠤᠷ ᠲᠤ᠌ ᠴᠢᠳᠬᠤᠬᠤ ᠬᠦᠢᠰᠦ ᠶ᠋ᠢᠨ ᠭᠣᠣᠯ ᠪᠣᠯ ᠡᠷᠲᠡᠨ ᠦ᠌ ᠰᠢᠷ᠎ᠠ ᠵᠠᠮ ᠭᠠᠷᠤᠭᠰᠠᠨ ᠬᠠᠮᠠᠷ ᠳᠠᠪᠠᠭᠠᠨ ᠤ᠋ ᠡᠮᠦᠨᠡᠬᠢ ᠥᠨᠳᠥᠷ ᠠᠭᠤᠯᠠ ᠠ᠋ᠴᠠ ᠡᠬᠢ ᠠᠪᠤᠭᠰᠠᠨ ᠶᠤᠮ᠃ᠲᠠᠩᠨᠠᠢ ᠲᠡᠰᠢᠮ᠎ᠡ ᠬᠦᠢᠲᠡᠨ ᠤᠰᠤ᠂ᠠᠭᠤᠯᠠᠨ ᠣᠷᠣᠢ ᠠ᠋ᠴᠠ ᠣᠷᠭᠢᠯᠵᠤ ᠠᠷᠤ ᠰᠢᠯᠢ ᠪᠡᠨ ᠳᠠᠭᠠᠵᠤ᠂ᠬᠠᠳᠠᠨ ᠠᠰᠬ᠎ᠠ᠂ᠪᠤᠲᠠ ᠰᠢᠭᠤᠢ᠂ᠭᠣᠪᠢ ᠵᠢᠯᠠᠭ᠎ᠠ ᠶ᠋ᠢᠨ ᠪᠡᠷᠬᠡ ᠪᠠᠷᠲᠠᠭ᠎ᠠ ᠶ᠋ᠢ ᠳᠠᠮᠵᠢᠨ ᠳᠣᠷᠣᠭᠰᠢ ᠱᠤᠤᠭᠢᠨ ᠤᠷᠤᠰᠬᠤ ᠨᠢ ᠶᠠᠭ ᠯᠠ ᠴᠡᠩᠬᠡᠷ ᠲᠣᠷᠭ᠎ᠠ ᠶ᠋ᠢ ᠲᠩᠷᠢ ᠶ᠋ᠢᠨ ᠮᠠᠨᠳᠠᠯ ᠠ᠋ᠴᠠ ᠡᠯᠭᠦᠭᠰᠡᠨ ᠮᠡᠲᠦ ᠭᠤᠸ᠎ᠠ ᠦᠵᠡᠰᠬᠦᠯᠡᠩ᠃ᠪᠤᠯᠠᠭ ᠤ᠋ᠨ ᠡᠮᠦᠨ᠎ᠡ ᠵᠡᠷᠭᠡᠴᠡᠨ ᠰᠦᠨᠳᠡᠷᠯᠡᠭᠡ ᠥᠨᠳᠥᠷ ᠠᠭᠤᠯᠠ ᠶ᠋ᠢᠨ ᠬᠠᠳᠠ ᠴᠢᠯᠠᠭᠤᠨ ᠳᠡᠭᠡᠷ᠎ᠡ ᠠᠭᠲᠠ ᠮᠣᠷᠢᠨ ᠤ᠋ ᠮᠥᠷ ᠳᠦᠭᠦᠷᠡᠩ ᠠᠷᠠᠢᠬᠣ ᠨᠢ ᠨᠤᠲᠤᠭ ᠤᠰᠤᠨ ᠤ᠋ ᠰᠣᠨᠢᠨ ᠰᠠᠢᠬᠠᠨ ᠳ᠋ᠤ᠌ ᠪᠠᠰᠠ ᠨᠢᠭᠡᠨ ᠬᠤᠪᠢ ᠷᠢᠳᠢ ᠰᠢᠳᠢ ᠶ᠋ᠢᠨ ᠥᠩᠭᠡ ᠦᠵᠡᠮᠵᠢ ᠨᠡᠮᠡᠷᠢᠯᠡᠨ᠎ᠡ᠃ᠠᠷᠠᠳ ᠤ᠋ᠨ ᠤᠯᠠᠮᠵᠢᠯᠠᠯ ᠶᠠᠷᠢᠶ᠎ᠠ ᠳ᠋ᠤ᠌ ᠴᠢᠩᠭᠢᠰ ᠬᠠᠭᠠᠨ᠂ᠴᠡᠷᠢᠭ ᠵᠠᠩᠵᠤᠨ ᠢ᠋ᠶ᠋ᠠᠨ ᠳᠠᠭᠠᠭᠤᠯᠤᠨ ᠡᠨᠡ ᠬᠦ᠌ ᠰᠢᠷ᠎ᠠ ᠵᠠᠮ ᠢ᠋ᠶ᠋ᠠᠷ ᠠᠶᠠᠯᠠᠵᠤ ᠶᠠᠪᠤᠬᠤ ᠳ᠋ᠠᠭᠠᠨ ᠲᠠᠷᠢᠬᠢ ᠶ᠋ᠢᠨ ᠪᠤᠯᠠᠭ ᠤ᠋ᠨ ᠠᠭᠤᠯᠠᠰ ᠲᠤ᠌ ᠵᠤᠭᠠᠴᠠᠨ᠂ ᠠᠷᠪᠠᠨ ᠭᠤᠷᠪᠠᠨ ᠭᠡᠭᠡᠨ ᠣᠪᠣᠭᠠᠨ ᠳ᠋ᠤ᠌ ᠭᠠᠷᠴᠤ ᠠᠯᠤᠰ ᠤ᠋ᠨ ᠪᠠᠷ᠎ᠠ ᠬᠠᠷᠠᠨ ᠵᠣᠭᠰᠣᠭᠰᠠᠨ ᠶᠤᠮ ᠭᠡᠨ᠎ᠡ᠃ᠲᠡᠭᠡᠭᠡᠳ ᠠᠭᠲᠠ ᠮᠣᠷᠢᠨ ᠤ᠋ ᠬᠢᠨᠢ ᠮᠥᠷ ᠠᠰᠬ᠎ᠠ ᠬᠠᠳᠠᠨ ᠳᠡᠭᠡᠷ᠎ᠡ ᠲᠠᠮᠠᠭᠠᠯᠠᠭᠳᠠᠨ ᠦᠯᠡᠳᠡᠵᠡᠢ ᠭᠡᠳᠡᠭ ᠬᠠᠭᠤᠴᠢ ᠳᠣᠮᠣᠭ ᠳᠡᠯᠭᠡᠷᠡᠵᠦ ᠪᠠᠢᠳᠠᠭ᠃ᠪᠣᠷᠣᠭᠠᠨ ᠤ᠋ ᠳᠠᠷᠠᠭ᠎ᠠ ᠬᠠᠳᠠ ᠠᠰᠬ᠎ᠠ ᠬᠠᠪᠲᠠᠭᠠᠢ ᠴᠢᠯᠠᠭᠤᠨ ᠳᠡᠭᠡᠷ᠎ᠡ ᠠᠭᠲᠠ ᠶ᠋ᠢᠨ ᠲᠤᠭᠤᠷᠠᠢ ᠶ᠋ᠢᠨ ᠮᠥᠷ ᠳᠦᠭᠦᠷᠡᠩ ᠢᠷᠠᠢᠵᠤ ᠭᠦᠨ ᠳ᠋ᠦ᠍ᠨᠢ ᠤᠰᠤ ᠲᠣᠭᠲᠠᠨ ᠭᠥᠶᠦᠬᠡᠨ ᠨᠢ ᠲᠣᠳᠣ ᠠ᠋ᠴᠠ ᠲᠣᠳᠣ ᠳᠤᠷᠠᠢᠬᠤ ᠨᠢ ᠶᠢᠷᠲᠢᠨᠴᠦ ᠶ᠋ᠢᠨ ᠰᠣᠨᠢᠨ᠂ᠪᠠᠢᠭᠠᠯᠢ ᠶ᠋ᠢᠨ ᠭᠠᠢᠬᠠᠮᠰᠢᠭ ᠪᠣᠯᠠᠢ᠃
ᠡᠷᠳᠡᠨᠢ ᠶ᠋ᠢᠨ ᠭᠣᠣᠯ ᠪᠠ ᠠᠯᠲᠠᠨ ᠵᠢᠭᠠᠰᠤ 
ᠱᠠᠩᠳᠤ ᠨᠡᠢᠰᠯᠡᠯ ᠡᠴᠡ ᠵᠡᠭᠦᠨ ᠡᠮᠦᠨᠡᠰᠢ100ᠰᠢᠬᠠᠮ ᠭᠠᠵᠠᠷ ᠤ᠋ᠨ ᠵᠠᠢ ᠳ᠋ᠤ᠌ ᠪᠠᠢᠬᠤ ᠭᠣᠣᠯ ᠤᠰᠤ ᠡᠯᠪᠡᠭ᠂ᠡᠪᠡᠰᠦ ᠪᠡᠯᠴᠢᠭᠡᠷ ᠰᠠᠬᠤᠯᠢᠭ᠂ᠮᠠᠯ ᠮᠠᠯᠵᠢᠬᠤ ᠳ᠋ᠤ᠌ ᠲᠣᠬᠢᠷᠠᠮᠵᠢᠲᠠᠢ ᠴᠠᠭᠠᠨ ᠰᠢᠷᠡᠭᠡ ᠨᠤᠲᠤᠭ ᠪᠣᠯ ᠰᠦᠷᠦᠭ ᠦ᠋ᠨ ᠭᠠᠵᠠᠷ ᠶᠤᠮ᠃ ᠰᠢᠷᠡᠭᠡ ᠰᠢᠯᠢ ᠶ᠋ᠢᠨ ᠪᠠᠷᠠᠭᠤᠨ ᠬᠣᠢᠨ᠎ᠠ ᠥᠨᠳᠥᠷ ᠠᠭᠤᠯᠠ ᠠ᠋ᠴᠠ ᠡᠬᠢ ᠠᠪᠤᠭᠰᠠᠨ ᠡᠷᠳᠡᠨᠢ ᠶ᠋ᠢᠨ ᠭᠣᠣᠯ᠂ᠴᠠᠭᠠᠨ ᠰᠢᠷᠡᠭᠡᠨ ᠦ᠌ ᠠᠷᠤ ᠪᠠᠷ ᠬᠦᠷᠢᠶᠡᠯᠡᠨ ᠲᠣᠭᠣᠷᠢᠵᠤ ᠤᠷᠤᠰᠬᠤᠶ᠎ᠠ ᠢᠷᠣᠭᠠᠷ ᠲᠤᠨᠢ ᠪᠠᠢᠭ᠎ᠠ ᠥᠩᠭᠡ ᠪᠦᠷᠢ ᠶ᠋ᠢᠨ ᠬᠠᠢᠷ ᠴᠢᠯᠠᠭᠤ ᠪᠤᠲᠠ ᠪᠤᠲᠠ ᠴᠡᠴᠡᠭ ᠬᠤᠸᠠᠷ ᠮᠡᠲᠦ᠂ᠴᠣᠯᠭᠢᠨ ᠢᠷᠭᠠᠯᠠᠭ᠎ᠠ ᠵᠢᠭᠠᠰᠤ ᠵᠢᠷᠠᠭᠠᠬᠠᠢ ᠰᠣᠨᠢᠨ ᠭᠠᠢᠬᠠᠮᠰᠢᠭᠲᠤ ᠵᠢᠷᠤᠭ ᠠᠳᠠᠯᠢ᠃
ᠡᠷᠲᠡ ᠤᠷᠢᠳᠤ ᠶ᠋ᠢᠨ ᠴᠠᠭ ᠲᠤ᠌᠂ᠡᠵᠡᠨ ᠴᠢᠩᠭᠢᠰ ᠬᠠᠭᠠᠨ᠂ᠠᠶᠠᠨ ᠲᠡᠢᠨ ᠢ᠋ᠶ᠋ᠡᠷ ᠠᠶᠠᠯᠠᠵᠤ ᠶᠠᠪᠤᠭᠰᠠᠭᠠᠷ ᠶᠡᠬᠡᠳᠡ ᠤᠮᠳᠠᠭᠠᠰᠤᠭᠰᠠᠨ ᠭᠡᠨ᠎ᠡ᠃ᠲᠡᠭᠡᠭᠡᠳ ᠤᠰᠤ ᠣᠯᠵᠤ ᠤᠤᠭᠤᠭᠰᠠᠨ ᠪᠣᠯ ᠳᠠ ᠭᠡᠮᠡᠨ ᠬᠡᠯᠡᠲᠡᠯ᠎ᠡ ᠠᠷᠭᠤᠮᠠᠭ ᠬᠦᠯᠦᠭ ᠮᠣᠷᠢ ᠨᠢ ᠠᠯᠲᠠᠨ ᠲᠤᠭᠤᠷᠠᠢ ᠪᠠᠨ ᠡᠷᠭᠦᠨ ᠬᠡᠳᠦᠨᠲᠡ ᠴᠠᠪᠴᠢᠭᠰᠠᠨ ᠳ᠋ᠤ᠌ ᠷᠠᠰᠢᠶᠠᠨ ᠪᠤᠯᠠᠭ ᠣᠷᠬᠢᠯᠵᠤ ᠠᠮᠲᠠᠲᠤ ᠤᠰᠤ ᠤᠷᠤᠰᠤᠭᠠᠳ ᠵᠡᠭᠦᠨᠰᠢ ᠬᠡᠢᠪᠤᠡᠭ ᠭᠣᠣᠯ ᠳ᠋ᠤ᠌ ᠴᠢᠳᠬᠤᠭᠰᠠᠨ ᠭᠡᠨ᠎ᠡ᠃ᠮᠣᠩᠭᠣᠯᠴᠤᠳ ᠡᠷᠳᠡᠨᠢ ᠶ᠋ᠢᠨ ᠬᠦᠯᠦᠭ ᠦ᠋ᠨ ᠨᠡᠭᠡᠭᠡᠭᠰᠡᠨ ᠤᠰᠤ᠂ᠡᠵᠡᠨ ᠴᠢᠩᠭᠢᠰ ᠦ᠋ᠨ ᠤᠮᠳᠠᠯᠠᠭᠰᠠᠨ ᠷᠠᠰᠢᠶᠠᠨ ᠭᠡᠮᠡᠨ ᠡᠷᠬᠢᠮᠯᠡᠨ ᠬᠦᠨᠳᠦᠳᠬᠡᠵᠦ《ᠡᠷᠳᠡᠨᠢ ᠶ᠋ᠢᠨ ᠭᠣᠣᠯ》 ᠡᠷᠭᠦᠮᠵᠢᠯᠡᠨ ᠨᠡᠷᠡᠯᠡᠭᠰᠡᠨ ᠭᠡᠳᠡᠭ ᠪᠢᠯᠡ᠃
ᠡᠷᠳᠡᠨᠢ ᠶ᠋ᠢᠨ ᠭᠣᠣᠯ ᠤ᠋ᠨ ᠤᠰᠤᠨ ᠳ᠋ᠤᠨᠢ ᠲᠣᠭᠯᠠᠭᠰᠠᠨ ᠠᠯᠲᠠᠨ ᠵᠢᠭᠠᠰᠤ ᠭᠠᠢᠬᠠᠮᠰᠢᠭ ᠢ᠋ᠶ᠋ᠠᠷ ᠢ᠋ᠶ᠋ᠠᠨ ᠠᠯᠳᠠᠷᠰᠢᠵᠤ ᠠᠭᠤᠯᠠᠨ ᠳ᠋ᠤᠨᠢ ᠳᠡᠯᠭᠡᠷᠡᠭᠰᠡᠨ ᠰᠠᠷᠠᠨ᠎ᠠ ᠴᠡᠴᠡᠭ ᠦᠵᠡᠰᠬᠦᠯᠡᠩ ᠢ᠋ᠶ᠋ᠡᠷ ᠢ᠋ᠶ᠋ᠡᠨ ᠬᠡᠲᠦᠢᠳᠦᠭᠡᠳ ᠨᠤᠲᠤᠭ ᠤᠰᠤᠨ ᠤ᠋ ᠰᠦᠷ ᠰᠦᠯᠳᠡ᠂ ᠴᠢᠮᠡᠭ ᠵᠢᠮᠰᠡᠭ ᠪᠣᠯᠤᠭᠰᠠᠨ ᠠᠵᠠᠢ᠃
ᠦᠬᠡᠷᠴᠢᠨ ᠣᠪᠣᠭ᠎ᠠ
ᠦᠬᠡᠷᠴᠢᠨ ᠣᠪᠣᠭ᠎ᠠ ᠪᠣᠯ ᠨᠠᠷᠠᠰᠤᠨ ᠣᠢ ᠴᠡᠯᠭᠡᠷᠡᠵᠦ ᠨᠠᠷᠢᠨ ᠭᠣᠷᠣᠬ᠎ᠠ ᠬᠤᠷᠴᠢᠭᠢᠨᠠᠨ᠂ᠵᠦᠢᠯ ᠦ᠋ᠨ ᠰᠢᠪᠠᠭᠤᠳ ᠳᠣᠩᠭᠣᠳᠴᠤ ᠵᠦᠷ ᠭᠤᠷ᠎ᠠ ᠤᠷᠤᠮᠳᠠᠭᠰᠠᠨ ᠪᠠᠢᠭᠠᠯᠢ ᠶ᠋ᠢᠨ ᠭᠣᠶᠣᠬᠠᠨ ᠴᠡᠴᠡᠷᠯᠢᠭ᠂ᠪᠠᠢᠴᠠ ᠰᠦᠷᠯᠢᠭ ᠪᠠᠭ᠎ᠠ ᠬᠤᠷᠠᠬᠤ ᠶ᠋ᠢᠨ ᠠᠭᠤᠯᠠᠨ ᠤ᠋ ᠵᠡᠭᠦᠨ ᠵᠢᠭᠦᠷ ᠦ᠋ᠨ ᠬᠠᠮᠤᠭ ᠥᠨᠳᠥᠷ ᠣᠷᠭᠢᠯ ᠶᠤᠮ᠃
         ᠶᠡᠬᠡ ᠶᠤᠸᠠᠨ ᠤᠯᠤᠰ ᠤ᠋ᠨ ᠦᠶᠡᠰ᠂ᠬᠠᠭᠠᠨ ᠤ᠋ ᠠᠪᠠ ᠶ᠋ᠢᠨ ᠬᠦᠷᠢᠶᠡᠨ ᠦ᠌ ᠠᠷᠤ ᠬᠠᠯᠬᠠᠪᠴᠢ᠂ᠱᠠᠩᠳᠤ ᠨᠡᠢᠰᠯᠡᠯ ᠦ᠋ᠨ ᠴᠡᠴᠡᠷᠯᠢᠭ ᠬᠣᠲᠠ ᠶ᠋ᠢᠨ ᠬᠣᠢᠲᠤ ᠵᠠᠬ᠎ᠠ ᠶ᠋ᠢᠨ ᠠᠭᠤᠯᠠ᠃ᠬᠤᠪᠢᠯᠠᠢ ᠬᠠᠭᠠᠨ ᠠᠪᠠ ᠬᠣᠮᠣᠷᠭ᠎ᠠ ᠲᠠᠯᠪᠢᠬᠤ ᠳ᠋ᠠᠭᠠᠨ ᠦᠷᠭᠦᠯᠵᠢ ᠭᠠᠷᠳᠠᠭ ᠤᠴᠢᠷ ᠲᠦᠮᠡᠨ ᠨᠠᠰᠤᠲᠤ ᠶ᠋ᠢᠨ ᠠᠭᠤᠯᠠ ᠭᠡᠮᠡᠨ ᠡᠷᠭᠦᠮᠵᠢᠯᠡᠨ ᠳᠠᠭᠤᠳᠠᠳᠠᠭ ᠪᠠᠢᠵᠠᠢ᠃ᠣᠷᠳᠣᠨ ᠬᠠᠷᠰᠢ ᠶ᠋ᠢᠨ ᠳᠡᠭᠡᠷ᠎ᠡ ᠡᠴᠡ ᠥᠩᠭᠡᠢᠵᠦ ᠬᠠᠷᠠᠭᠳᠠᠮᠠᠷ ᠭᠠᠵᠠᠷ ᠲᠤ᠌ ᠡᠷᠭᠢᠨ ᠲᠣᠭᠣᠷᠢᠨ ᠪᠠᠷᠤᠭ16 ᠮᠢᠯ ᠭᠠᠵᠠᠷ ᠠᠷᠢᠶᠠᠲᠠᠨ ᠭᠥᠷᠦᠭᠡᠰᠦᠨ ᠦ᠌ ᠶᠡᠬᠡ ᠬᠦᠷᠢᠶᠡᠯᠡᠩ ᠲᠡᠢ᠃ᠬᠤᠪᠢᠯᠠᠢ ᠬᠠᠭᠠᠨ ᠡᠨᠳᠡ ᠠᠪᠠ ᠬᠣᠮᠣᠷᠭ᠎ᠠ ᠬᠢᠳᠡᠭ᠃ᠬᠤᠪᠢᠯᠠᠢ ᠬᠠᠷᠴᠠᠭᠠᠢ ᠣᠷᠬᠢᠬᠤ ᠪᠠᠷ ᠭᠠᠷᠬᠤ ᠳ᠋ᠠᠭᠠᠨ ᠳᠥᠷᠪᠡᠨ ᠵᠠᠭᠠᠨ ᠬᠥᠯᠦᠭᠰᠡᠨ ᠮᠣᠳᠣᠨ ᠠᠰᠠᠷᠲᠤ ᠲᠡᠷᠭᠡᠨ ᠳ᠋ᠦ᠍ ᠰᠠᠭᠤᠳᠠᠭ ᠪᠠᠢᠵᠠᠢ᠃ᠬᠣᠵᠢᠮ ᠨᠢ ᠭᠦᠯᠦ ᠴᠠᠭᠠᠨ ᠦᠬᠡᠷᠴᠢᠨ ᠰᠦᠷᠦᠭ ᠣᠪᠣᠭ᠎ᠠ ᠪᠣᠰᠬᠠᠨ ᠰᠦᠯᠳᠡᠯᠡᠨ ᠳᠠᠬᠢᠭᠠᠳ ᠬᠣᠯᠠ ᠣᠢᠷ᠎ᠠ ᠳ᠋ᠤ᠌ ᠦᠬᠡᠷᠴᠢᠨ ᠣᠪᠣᠭ᠎ᠠ ᠨᠡᠷ᠎ᠡ ᠪᠡᠷ ᠠᠯᠳᠠᠷᠰᠢᠪᠠ᠃ᠦᠬᠡᠷᠴᠢᠨ ᠣᠪᠣᠭᠠᠨ ᠳᠡᠭᠡᠷ᠎ᠡ ᠭᠠᠷᠪᠠᠯ ᠬᠣᠢᠰᠢ ᠬᠤᠯᠠᠨ ᠰᠢᠷᠭ᠎ᠠ ᠳᠠᠬᠢ ᠶ᠋ᠢᠨ ᠡᠯᠡᠰᠦ ᠮᠠᠩᠬ᠎ᠠ ᠳᠠᠪᠠᠯᠭᠠᠯᠠᠨ ᠤᠨᠢᠶᠠᠷᠲᠤᠵᠤ᠂ᠡᠮᠦᠨᠡᠰᠢ ᠬᠠᠨ ᠬᠠᠢᠷᠬᠠᠨ ᠤ᠋ ᠠᠭᠤᠯᠠᠰ ᠲᠩᠷᠢ ᠪᠠᠭᠠᠨᠠᠳᠠᠨ ᠰᠦᠨᠳᠡᠷᠯᠡᠵᠦ᠂ᠪᠠᠷᠠᠭᠤᠨᠰᠢ ᠪᠣᠱᠣᠤᠳᠠᠢ ᠨᠠᠭᠤᠷ ᠠᠯᠲᠠᠨ ᠠᠶᠠᠭ᠎ᠠ ᠲᠠᠢ ᠰᠦ ᠮᠡᠲᠦ ᠮᠡᠯᠲᠡᠯᠵᠡᠨ ᠴᠠᠢᠯᠵᠠᠵᠤ᠂ᠵᠡᠭᠦᠨᠰᠢ ᠮᠠᠨᠳᠠ ᠰᠢᠯᠢ ᠠᠪᠠ ᠶ᠋ᠢᠨ ᠠᠭᠤᠯᠠ ᠳᠠᠪᠬᠤᠷᠯᠠᠨ ᠬᠥᠬᠡᠷᠡᠭᠡᠳ ᠬᠥᠯ ᠳᠣᠣᠷ᠎ᠠ ᠠᠭᠤᠯᠠᠰ ᠡᠩᠨᠡᠷᠡᠵᠦ᠂ᠣᠷᠣᠢ ᠳᠡᠭᠡᠷ᠎ᠡ ᠡᠭᠦᠯᠡᠰ ᠬᠥᠪᠦᠯᠵᠡᠨ᠂ᠬᠡᠭᠡᠷ᠎ᠡ ᠶ᠋ᠢᠨ ᠰᠠᠯᠬᠢ ᠴᠡᠴᠡᠭ ᠦ᠋ᠨ ᠦᠨᠦᠷ ᠢ᠋ᠶ᠋ᠡᠷ ᠤᠲᠤᠵᠤ ᠰᠡᠳᠬᠢᠯ ᠢ᠋ ᠰᠡᠷᠭᠦᠭᠡᠨ ᠪᠠᠶᠠᠰᠬᠠᠵᠤ ᠵᠦᠳᠡᠷᠡᠯ ᠴᠢᠯᠡᠭᠡ ᠶ᠋ᠢ ᠲᠠᠢᠯᠬᠤ ᠪᠤᠶᠤ᠃
        ᠦᠬᠡᠷᠴᠢᠨ ᠣᠪᠣᠭ᠎ᠠ ᠪᠣᠯ ᠪᠠᠰᠠ ᠴᠤ᠌ ᠡᠪᠡᠰᠦᠨ ᠡᠮ ᠦ᠋ᠨ ᠣᠷᠣᠨ ᠶᠤᠮ᠃ᠤᠯᠤᠰ ᠤ᠋ᠨ ᠳᠣᠲᠣᠭᠠᠳᠤ ᠭᠠᠳᠠᠭᠠᠳᠤ ᠳ᠋ᠤ᠌ ᠠᠯᠳᠠᠷᠰᠢᠭᠰᠠᠨ ᠬᠤᠨᠴᠢᠷ᠂ᠮᠠᠨᠴᠢᠨ ᠵᠢᠴᠢ ᠰᠢᠬᠢᠷ ᠡᠪᠡᠰᠦ᠂ᠰᠢᠷ᠎ᠠ ᠪᠠᠪᠤ᠂ᠭᠦᠢᠯᠡᠰᠦ᠂ᠳ᠋ᠢᠭᠢᠤᠨ ᠵᠡᠷᠭᠡ60 ᠭᠠᠷᠤᠢ ᠲᠥᠷᠥᠯ ᠦ᠋ᠨ ᠡᠪᠡᠰᠦᠨ ᠡᠮ ᠤᠷᠭᠤᠵᠤ ᠪᠠᠢᠳᠠᠭ᠃ᠲᠡᠢᠮᠦ ᠡᠴᠡ ᠦᠬᠡᠷᠴᠢᠨ ᠣᠪᠣᠭ᠎ᠠ ᠶ᠋ᠢ ᠪᠠᠰᠠ ᠡᠮᠴᠢ ᠣᠪᠣᠭ᠎ᠠ ᠭᠡᠳᠡᠭ᠃ᠵᠢᠯ ᠪᠦᠷᠢ ᠶ᠋ᠢᠨ ᠲᠠᠯ᠎ᠠ ᠴᠡᠯᠭᠡᠷᠡᠵᠦ ᠮᠠᠯ ᠲᠠᠷᠭᠤᠯᠠᠭᠰᠠᠨ ᠵᠤᠨ ᠤ᠋ ᠤᠯᠠᠷᠢᠯ ᠳ᠋ᠤ᠌ ᠣᠪᠣᠭᠠᠨ ᠲᠠᠬᠢᠯᠭ᠎ᠠ ᠶ᠋ᠢᠨ ᠨᠠᠢᠷ ᠬᠢᠵᠦ ᠪᠥᠬᠡ ᠪᠠᠷᠢᠯᠳᠤᠨ ᠮᠣᠷᠢ ᠤᠷᠤᠯᠳᠤᠵᠤ ᠲᠥᠷᠥᠭᠰᠡᠨ ᠨᠤᠲᠤᠭ ᠤ᠋ᠨ ᠢ᠋ᠶ᠋ᠠᠨ ᠬᠡᠢᠮᠣᠷᠢ ᠰᠦᠯᠳᠡ ᠶ᠋ᠢ ᠮᠠᠨᠳᠤᠭᠤᠯᠤᠨ᠂ᠲᠦᠮᠡᠨ ᠣᠯᠠᠨ ᠤ᠋ ᠪᠠᠨ ᠬᠥᠷ ᠪᠠᠶᠠᠰᠤᠯ ᠢ᠋ ᠣᠷᠭᠢᠯᠤᠭᠤᠯᠳᠠᠭ ᠪᠢᠯᠡ᠃