ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠳᠣᠯᠣᠭ᠎ᠠ Үүрийн туяа III – Б ᠂ Ренчин Гуравдугаар дэвтэр "Баялдаж олсон эх орон"-17 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠳᠣᠯᠣᠭ᠎ᠠ Үүрийн туяа III – Б ᠂ Ренчин Гуравдугаар дэвтэр "Баялдаж олсон эх орон"-17

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠳᠣᠯᠣᠭ᠎ᠠ Үүрийн туяа III – Б ᠂ Ренчин Гуравдугаар дэвтэр "Баялдаж олсон эх орон"-17

ᠠᠩᠭᠢᠯᠠᠯ:ᠲᠤᠭᠤᠵᠢ ᠷᠣᠮᠠᠨ
2025-06-26

162

ᠠᠷᠪᠠᠨ ᠳᠣᠯᠣᠭ᠎ᠠ᠂ ᠥᠭᠡᠳᠡ ᠦᠭᠡᠢ ᠵᠣᠴᠢᠨ

         
                 ᠮᠠᠭᠤ ᠠ᠋ᠴᠠ ᠮᠠᠭᠤ᠂ ᠮᠣᠳᠣᠨ ᠠ᠋ᠴᠠ ᠬᠦ᠃   
                           ᠠᠷᠠᠳ ᠤ᠋ᠨ ᠰᠡᠴᠡᠨ ᠦᠭᠡ      

       ᠳ᠋ᠤᠢᠩᠬᠤᠷ᠂ ᠭᠡᠷ ᠦ᠋ᠨ ᠬᠣᠢᠮᠣᠷ ᠲᠤ᠌ ᠭᠠᠷᠴᠤ ᠵᠠᠪᠢᠯᠠᠩᠬᠠᠨ ᠰᠠᠭᠤᠭᠠᠳ ᠶᠣᠰᠣ ᠬᠡᠮᠡᠵᠦ᠂ ᠮᠠᠯ ᠰᠦᠷᠦᠭ ᠦ᠋ᠨ ᠮᠡᠨᠳᠦ ᠶ᠋ᠢ ᠳᠤᠲᠠᠭᠤ ᠬᠠᠭᠠᠰ ᠠᠰᠠᠭᠤᠬᠤᠢᠴᠠ ᠪᠣᠯᠤᠭᠠᠳ ᠰᠢᠷᠴᠢᠨ ᠦ᠌ ᠳᠡᠷ᠎ᠡ ᠶ᠋ᠢᠨ ᠦᠵᠦᠭᠦᠷ ᠲᠦ᠍ ᠠᠪᠳᠠᠷ᠎ᠠ ᠳᠡᠭᠡᠷ᠎ᠡ ᠪᠡᠨ ᠠᠶᠠᠲᠠᠢᠬᠠᠨ ᠬᠤᠷᠢᠶᠠᠭᠰᠠᠨ ᠰᠣᠨᠢᠨ ᠲᠠᠢᠰᠢ ᠭᠠᠷ ᠢ᠋ᠶ᠋ᠠᠨ ᠰᠠᠷᠪᠠᠢᠵᠤ᠂ 
       — ᠠ ᠴᠢ᠂ ᠰᠣᠨᠢᠨ ᠪᠠᠰᠠ ᠵᠠᠬᠢᠳᠠᠭ ᠬᠥᠮᠦᠨ ᠪᠣᠢ? ᠭᠡᠬᠦ ᠳ᠋ᠦ᠍ᠨᠢ( ᠳ᠋ᠦ᠍ ᠨᠢ)᠂  
       — ᠲᠡᠭᠡᠳᠡᠭ ᠠ᠋᠂ ᠭᠠᠭᠴᠠ ᠵᠠᠷᠢᠮ ᠳ᠋ᠤᠭᠠᠷ ᠨᠢ ᠢᠷᠡᠳᠡᠭ ᠦᠭᠡᠢ ᠵᠠᠮ ᠳ᠋ᠠᠭᠠᠨ(ᠳ᠋ᠤ᠌ ᠪᠠᠨ)ᠭᠡᠭᠡᠭᠳᠡᠴᠢᠬᠡᠳᠡᠭ ᠪᠣᠯᠤᠯᠲᠠᠢ ᠭᠡᠲᠡᠯ᠎ᠡ ᠨᠢ᠂  
       — ᠰᠡᠭᠦᠯᠴᠢ ᠶ᠋ᠢᠨ ᠳ᠋ᠦ᠍ᠭᠡᠷ ᠨᠢ ᠶᠠᠮᠠᠷ ᠳ᠋ᠤᠭᠠᠷ ᠪᠠᠢᠭᠰᠠᠨ ᠪᠣᠢ? ᠭᠡᠵᠦ ᠠᠰᠠᠭᠤᠵᠠᠢ᠃  
       — ᠪᠤᠤ ᠮᠡᠳᠡ᠃ ᠦᠨᠡᠨ ᠢ᠋ᠶ᠋ᠡᠨ ᠬᠡᠯᠡᠬᠦ ᠳ᠋ᠦ᠍᠂ ᠪᠢ ᠶᠡᠷᠦ ᠳ᠋ᠦ᠍ᠭᠡᠷ ᠢ᠋ ᠨᠢ ᠴᠡᠭᠡᠵᠢᠯᠡᠳᠡᠭ ᠦᠭᠡᠢ ᠰᠢᠦ ᠭᠡᠬᠦ ᠳ᠋ᠦ᠍ᠨᠢ( ᠳ᠋ᠦ᠍ ᠨᠢ)᠂  
       — ᠲᠡᠭᠡᠪᠡᠯ᠂ ᠰᠣᠨᠢᠨ ᠳ᠋ᠤ᠌ ᠳ᠋ᠤᠭᠠᠷ ᠶᠠᠭᠠᠬᠢᠬᠤ ᠭᠡᠵᠦ ᠲᠠᠯᠪᠢᠳᠠᠭ ᠶᠤᠮ ᠪᠣᠢ ᠭᠡᠵᠦ ᠪᠣᠳᠣᠵᠤ ᠪᠠᠢᠨ᠎ᠠ? ᠭᠡᠵᠦ ᠠᠰᠠᠭᠤᠵᠠᠢ᠃ 
       ᠰᠢᠷᠴᠢᠨ ᠨᠢᠭᠤᠷ ᠳᠡᠭᠡᠷ᠎ᠡ ᠨᠢ ᠪᠠᠲᠠᠭᠠᠨ᠎ᠠ ᠰᠠᠭᠤᠭᠰᠠᠨ ᠶᠤᠮ ᠰᠢᠭ᠋ ᠢᠷᠪᠠᠢᠰᠬᠢᠭᠡᠳ ᠬᠠᠷᠢᠭᠤ ᠳᠤᠤᠭᠠᠷᠤᠭᠰᠠᠨ ᠦᠭᠡᠢ᠃ ᠪᠢᠴᠢᠬᠠᠨ ᠯᠸᠨᠢᠨᠮ᠎ᠡ᠂ ᠮᠣᠢᠯ ᠬᠠᠷ᠎ᠠ ᠨᠢᠳᠦ ᠪᠡᠷ ᠢ᠋ᠶ᠋ᠡᠨ ᠦᠯᠦ ᠲᠠᠭᠠᠯᠠᠬᠤ ᠵᠣᠴᠢᠨ ᠢ᠋ ᠰᠢᠷᠳᠡᠨ᠂ ᠦᠯᠦ ᠣᠢᠰᠢᠶᠠᠬᠤ ᠪᠠᠢᠳᠠᠯ ᠦᠵᠡᠭᠦᠯᠵᠦ᠂  
       — ᠠᠪᠤ ᠶ᠋ᠢᠨ ᠰᠣᠨᠢᠨ ᠭᠡᠵᠦ ᠳᠤᠤᠭᠠᠷᠬᠤ ᠳ᠋ᠤᠨᠢ( ᠳ᠋ᠤ᠌ ᠨᠢ) ᠳ᠋ᠤᠢᠩᠬᠤᠷ᠂  
       — ᠴᠢᠨᠦ ᠠᠪᠤ ᠮᠠᠭᠤ! ᠭᠡᠵᠡᠢ᠃ 
       — ᠮᠢᠨᠦ ᠠᠪᠤ ᠮᠠᠭᠤ ᠪᠢᠰᠢ᠂ ᠲᠠ ᠮᠠᠭᠤ ᠭᠡᠵᠦ ᠯᠸᠨᠢᠨᠮ᠎ᠡ ᠶ᠋ᠢᠨ ᠬᠡᠯᠡᠬᠦ ᠳ᠋ᠦ᠍᠂  
       — ᠬᠡᠦᠬᠡ ᠲᠡᠭᠡᠳᠡᠭ ᠦᠭᠡᠢ ᠶᠦᠮ ᠰᠢᠦ ᠭᠡᠳ ᠴᠡᠷᠡᠨ᠂ ᠵᠢᠭᠠᠯ ᠥᠬᠢᠨ ᠢ᠋ᠶ᠋ᠡᠨ ᠡᠪᠦᠷ ᠳᠡᠭᠡᠷ᠎ᠡ ᠪᠡᠨ ᠰᠠᠭᠤᠯᠭᠠᠭᠠᠳ ᠢᠯᠡᠭᠦᠦ ᠳᠤᠲᠠᠭᠤ ᠬᠠᠲᠠᠭᠤ ᠰᠢᠷᠦᠭᠦᠨ ᠦᠭᠡ ᠪᠢᠲᠡᠭᠡᠢ ᠬᠡᠯᠡ ᠳᠡ ᠭᠡᠰᠡᠨ ᠶᠦᠮ ᠰᠢᠭ᠂ ᠨᠥᠬᠥᠷ ᠦ᠋ᠨ ᠢ᠋ᠶ᠋ᠡᠨ ᠥᠭᠡᠳᠡ ᠡᠴᠡ ᠵᠣᠪᠠᠨᠢᠨ ᠬᠠᠷᠠᠵᠠᠢ᠃ ᠴᠡᠷᠡᠨ᠂ ᠥᠬᠢᠨ ᠦ᠌ ᠨᠢᠭᠡ ᠠᠳᠠᠯᠢ ᠪᠠᠭ ᠤ᠋ᠨ ᠢ᠋ᠶ᠋ᠠᠨ ᠲᠡᠷᠡ ᠰᠢᠨ᠎ᠡ ᠳᠠᠷᠤᠭ᠎ᠠ ᠶ᠋ᠢ ᠬᠠᠷᠠᠬᠤ ᠳ᠋ᠤ᠌ ᠨᠢᠳᠦᠨ ᠳ᠋ᠦ᠍ ᠨᠢᠭᠡ ᠯᠡ ᠬᠦᠢᠲᠡᠨ ᠦᠵᠡᠭᠳᠡᠳᠡᠭ ᠪᠠᠢᠵᠠᠢ᠃ ᠲᠡᠷᠡ ᠵᠢᠯ ᠦ᠋ᠨ ᠬᠠᠪᠤᠷ ᠸᠠᠩ ᠣᠪᠣᠭᠲᠤ ᠬᠣᠶᠠᠳᠤᠭᠠᠷ ᠬᠦᠦ ᠭᠡᠳᠡᠭ ᠡᠪᠦᠭᠡᠨ ᠢ᠋ ᠣᠯᠵᠤ ᠴᠢᠬᠢ ᠶ᠋ᠢ ᠨᠢ ᠲᠤᠰᠢᠶᠠ ᠭᠡᠵᠦ ᠰᠢᠷᠴᠢᠨ ᠢ᠋ ᠰᠢᠬᠠᠭᠠᠳ᠂ ᠬᠠᠳᠠᠨ ᠪᠠᠭᠠᠲᠤᠷ ᠮᠠᠭᠰᠤᠷᠵᠠᠪ ᠲᠤ᠌ ᠰᠢᠢᠳᠬᠡᠭᠦᠯᠦᠨ ᠪᠠᠨᠰᠠᠳᠠᠭᠤᠯᠤᠭᠰᠠᠨ ᠠ᠋ᠴᠠ ᠬᠣᠢᠰᠢ ᠰᠢᠷᠴᠢᠨ ᠳ᠋ᠦ᠍ ᠥᠰᠢᠶᠡᠲᠡᠢ ᠪᠣᠯᠤᠭᠰᠠᠨ ᠢ᠋ ᠨᠢ ᠰᠠᠨᠠᠭᠠᠳ ᠴᠡᠷᠡᠨ ᠦ᠌ ᠳᠣᠲᠣᠷ᠎ᠠ ᠨᠢ ᠠᠶ᠎ᠠ ᠦᠭᠡᠢ ᠪᠣᠯᠵᠤ ᠰᠠᠭᠤᠲᠠᠯ᠎ᠠ᠂ ᠳ᠋ᠣᠢᠩᠬᠣᠷ ᠲᠦᠷᠦᠭᠦᠨ ᠠᠰᠠᠭᠤᠭᠰᠠᠨ ᠢ᠋ᠶ᠋ᠠᠨ ᠯᠠᠪᠳᠠᠭᠠᠬᠤ ᠰᠠᠨᠠᠭᠠᠲᠠᠢ ᠪᠠᠷ ᠳᠠᠬᠢᠨ ᠠᠰᠠᠭᠤᠵᠤ᠂ 
       — ᠵᠠ᠂ ᠳ᠋ᠤᠭᠠᠷ ᠢ᠋ ᠨᠢ ᠴᠢ ᠲᠣᠭᠲᠠᠭᠠᠳᠠᠭ ᠦᠭᠡᠢ ᠶᠦᠮ ᠪᠠᠢᠵᠠᠢ᠂ ᠲᠡᠭᠡᠭᠰᠡᠨ ᠴᠦ᠍᠂ ᠰᠡᠭᠦᠯᠴᠢ ᠶ᠋ᠢᠨ ᠳ᠋ᠤᠭᠠᠷ ᠲᠤᠨᠢ( ᠲᠤ ᠨᠢ) ᠴᠣᠬᠣᠮ ᠶᠠᠭᠤ ᠭᠡᠵᠦ ᠪᠢᠴᠢᠭᠡᠰᠦᠲᠡᠢ ᠪᠠᠢᠭᠰᠠᠨ ᠪᠣᠢ? ᠬᠡᠮᠡᠪᠡᠰᠦ᠂ 
       — ᠪᠢ ᠪᠦᠭᠦᠳᠡ ᠶ᠋ᠢ ᠨᠢ ᠦᠵᠡᠭᠡ ᠦᠭᠡᠢ᠃ ᠣᠯᠠᠨ ᠤᠯᠤᠰ ᠤ᠋ᠨ ᠪᠠᠢᠳᠠᠯ ᠠ᠋ᠴᠠ ᠯᠠ ᠬᠣᠯᠪᠣᠭᠠᠲᠤ ᠤᠯᠤᠰ ᠲᠤ᠌ ᠦᠢᠯᠡᠳᠪᠦᠷᠢ ᠲᠤᠩ ᠶᠡᠬᠡ ᠬᠥᠭᠵᠢᠵᠦ ᠪᠠᠢᠭ᠎ᠠ ᠶ᠋ᠢ᠂ ᠮᠥᠨ ᠬᠢᠲᠠᠳ ᠤ᠋ᠨ ᠠᠷᠠᠳ ᠲᠦᠮᠡᠨ ᠶᠠᠫᠣᠨ ᠤ᠋ ᠬᠠᠷᠭᠢᠰ ᠡᠵᠡᠷᠬᠡᠭ ᠲᠦᠷᠢᠮᠡᠬᠡᠢ ᠶ᠋ᠢ ᠤᠯᠠᠮ ᠤᠯᠠᠮ ᠡᠰᠡᠷᠭᠦᠴᠡᠵᠦ ᠪᠠᠢᠭ᠎ᠠ ᠶ᠋ᠢ ᠤᠷᠢᠲᠠᠵᠤ ᠰᠣᠨᠢᠷᠬᠠᠨ ᠦᠵᠡᠭᠰᠡᠨ ᠳᠡ ᠭᠡᠵᠦ ᠰᠢᠷᠴᠢᠨ ᠦ᠌ ᠬᠠᠷᠢᠭᠤᠯᠬᠤ ᠳ᠋ᠤ᠌ ᠳ᠋ᠣᠢᠩᠬᠣᠷ ᠢᠷᠪᠠᠢᠵᠤ᠂ ᠪᠠᠭ ᠤ᠋ᠨ ᠳᠠᠷᠤᠭ᠎ᠠ ᠪᠣᠯᠤᠭᠰᠠᠨ ᠠ᠋ᠴᠠ ᠬᠣᠢᠰᠢ᠂ ᠡᠳᠦᠷ ᠰᠥᠨᠢ ᠴᠦ᠍ ᠭᠡᠰᠡᠨ ᠪᠡᠶ᠎ᠡ ᠡᠴᠡ ᠪᠡᠨ ᠬᠣᠯᠠᠳᠠᠭᠤᠯᠳᠠᠭ ᠦᠭᠡᠢ᠂ ᠫᠢᠭ ᠳᠦᠭᠦᠷᠡᠩ ᠪᠢᠴᠢᠭ ᠴᠠᠭᠠᠰᠤ ᠴᠢᠬᠢᠭᠰᠡᠨ ᠴᠡᠷᠢᠭ ᠦ᠋ᠨ ᠳᠠᠷᠤᠭ᠎ᠠ ᠶ᠋ᠢᠨ ᠰᠢᠷ᠎ᠠ ᠪᠤᠯᠢᠭᠠᠷᠢ ᠰᠦᠮᠺ ᠢ᠋ᠶ᠋ᠡᠨ ᠢᠯᠢᠯᠬᠢᠯᠡᠨ ᠯᠠᠪ ᠶᠠᠮᠠᠷᠬᠠᠨ ᠨᠢᠭᠡ ᠬᠥᠮᠦᠨ ᠦ᠌ ᠦᠭᠡ ᠬᠡᠯᠡᠬᠦ ᠪᠠᠢᠳᠠᠯ ᠢ᠋ ᠳᠠᠭᠤᠷᠢᠶᠠᠨ ᠥᠭᠦᠯᠡᠷᠦᠨ᠂ 
       — ᠬᠡᠨ ᠲᠡᠭᠡᠵᠦ ᠰᠣᠨᠢᠨ ᠦᠵᠡᠳᠡᠭ ᠶᠦᠮ ᠪᠣᠢ? ᠰᠣᠨᠢᠨ ᠤ᠋ ᠳ᠋ᠤᠭᠠᠷ ᠢ᠋ ᠪᠦᠬᠦ ᠨᠡᠢᠲᠡᠯᠡᠭᠰᠡᠨ ᠵᠦᠢᠯ ᠦ᠋ᠨ ᠭᠠᠷᠴᠠᠭ ᠢ᠋ ᠳᠡᠰ ᠳᠠᠷᠠᠭᠠᠪᠠᠷ(ᠳᠠᠷᠠᠭ᠎ᠠ ᠪᠠᠷ) ᠨᠢ ᠴᠡᠭᠡᠵᠢᠯᠡᠳᠡᠭ ᠶᠣᠰᠣᠲᠠᠢ ᠶᠤᠮ᠃ ᠠ ᠴᠢ ᠬᠣᠴᠣᠷᠤᠭᠳᠠᠭᠰᠠᠨ ᠬᠥᠮᠦᠨ ᠪᠠᠢᠨ᠎ᠠ᠃ ᠢ ᠲᠡᠭᠡᠭᠡᠳ᠂ ᠲᠠᠨ ᠤ᠋ ᠬᠥᠮᠦᠨ᠂ ᠢᠰᠡᠬᠡᠢᠮᠦᠦᠰ ᠭᠡᠳᠡᠭ ᠢ᠋ ᠴᠦ᠍ ᠲᠣᠭᠣᠯᠤᠭ᠎ᠠ ᠦᠭᠡᠢ ᠪᠠᠢᠯ ᠦᠭᠡᠢ ᠳᠡ᠂ ᠠ? ᠭᠡᠬᠦ ᠳ᠋ᠦ᠍ᠨᠢ( ᠳ᠋ᠦ᠍ ᠨᠢ)᠂  
       — ᠢᠰᠡᠬᠡᠢᠮᠦᠦᠰ ᠭᠡᠵᠦ ᠪᠢ ᠶᠡᠷᠦ ᠮᠡᠳᠡᠬᠦ ᠦᠭᠡᠢ ᠶᠦᠮ ᠪᠠᠢᠨ᠎ᠠ ᠳᠠ᠃ ᠰᠣᠨᠢᠨ ᠳ᠋ᠤ᠌ ᠴᠤ᠌ ᠭᠡᠰᠡᠨ ᠮᠤᠤᠰ ᠭᠡᠵᠦ ᠲᠡᠢᠮᠦ ᠶᠠᠭᠤᠮ᠎ᠠ ᠪᠠᠢᠳᠠᠭ ᠭᠡᠵᠦ ᠨᠠᠳᠠᠳᠤ(ᠨᠠᠳᠠ ᠳ᠋ᠤ᠌) ᠲᠠᠭᠠᠷᠢᠯᠳᠤᠭᠰᠨ ᠦᠭᠡᠢ᠃ ᠶᠠᠭᠤ ᠬᠢᠳᠡᠭ ᠶᠦᠮ ᠪᠣᠢ ᠲᠡᠷᠡ ᠮᠤᠤᠰ ᠢ᠋ᠶ᠋ᠠᠷ? ᠭᠡᠬᠦ ᠳ᠋ᠦ᠍ᠨᠢ( ᠳ᠋ᠦ᠍ ᠨᠢ) ᠳ᠋ᠣᠢᠩᠬᠣᠷ ᠨᠢᠭᠡ ᠶᠡᠬᠡ ᠮᠡᠳᠡᠮᠡᠬᠡᠢᠷᠡᠭᠰᠡᠨ ᠪᠠᠢᠳᠠᠯ ᠲᠠᠢ᠄ 
       — ᠢᠰᠡᠬᠡᠢᠮᠤᠤᠰ ᠭᠡᠵᠦ ᠤᠯᠤᠰ ᠪᠠᠢᠳᠠᠯ ᠶᠤᠮ᠃ ᠮᠠᠨᠠᠢᠬᠢᠨ ᠤ᠋ ᠳᠠᠬᠤ ᠰᠢᠭ᠋ ᠦᠰᠦ ᠶ᠋ᠢ ᠨᠢ ᠭᠠᠳᠠᠭᠰᠢ ᠨᠢ ᠬᠠᠷᠠᠭᠤᠯᠤᠭᠰᠠᠨ ᠳᠡᠪᠡᠯ ᠬᠤᠪᠴᠠᠰᠤ ᠲᠠᠢ᠂ ᠢ ᠲᠡᠭᠦᠨ ᠢ᠋ᠶ᠋ᠡᠨ ᠡᠳᠦᠷ ᠰᠥᠨᠢ ᠶᠡᠷᠦ ᠲᠠᠢᠯᠳᠠᠭ ᠦᠭᠡᠢ ᠪᠠ ᠢᠰᠡᠭᠡᠢ ᠪᠣᠯᠲᠠᠯ᠎ᠠ ᠡᠮᠦᠰᠦᠭᠰᠡᠭᠡᠷ ᠢᠰᠡᠭᠡᠢᠮᠦᠦᠰ ᠭᠡᠵᠦ ᠨᠡᠷᠡᠲᠡᠢ ᠪᠣᠯᠤᠭᠰᠠᠨ ᠶᠤᠮ᠃ ᠤᠮᠠᠷᠠᠲᠤ ᠲᠤᠢᠯ ᠤ᠋ᠨ ᠴᠠᠭᠠᠷᠢᠭ ᠤ᠋ᠨ ᠲᠡᠷᠲᠡᠭᠡ ᠴᠠᠰᠤᠨ ᠭᠡᠷ ᠲᠦ᠍ ᠰᠠᠭᠤᠳᠠᠭ ᠪᠠ ᠶᠡᠷᠦ ᠳᠤᠯᠠᠭᠠᠨ ᠭᠠᠵᠠᠷ ᠪᠠᠢᠵᠤ ᠴᠢᠳᠠᠳᠠᠭ ᠦᠭᠡᠢ ᠶᠦᠮ᠃ ᠠ ᠮᠠᠨ ᠤ᠋ ᠡᠨᠳᠡ ᠲᠡᠳᠡᠨ ᠢ᠋ ᠠᠪᠴᠢᠷᠠᠪᠠᠯ᠂ ᠶᠠᠭ ᠯᠠ ᠬᠣᠶᠠᠷ ᠴᠠᠭ ᠪᠣᠯᠤᠭᠠᠳ ᠢ ᠦᠬᠦᠨ᠎ᠡ᠃ ᠡᠨᠳᠡᠬᠢ ᠠᠭᠤᠷ ᠠᠮᠢᠰᠬᠤᠯ ᠲᠡᠳᠡᠨ ᠳ᠋ᠦ᠍ ᠵᠣᠬᠢᠬᠤ ᠦᠭᠡᠢ ᠭᠡᠬᠦ ᠳ᠋ᠦ᠍ᠨᠢ( ᠳ᠋ᠦ᠍ ᠨᠢ) ᠴᠡᠷᠡᠨ ᠦᠯᠦ ᠢᠳᠡᠭᠡᠨ᠂  
       —  ᠬᠠᠮᠢᠭ᠎ᠠ ᠠ᠋ᠴᠠ ᠲᠡᠢᠮᠦ ᠶᠠᠭᠤᠮ᠎ᠠ ᠪᠠᠢᠬᠤ ᠭᠡᠵᠦ ᠳᠡ᠃ ᠲᠠᠨ ᠤ᠋ ᠲᠡᠷᠡ ᠢᠰᠡᠭᠡᠢᠮᠦᠦᠰ ᠴᠢᠨᠢ ᠢᠰᠡᠭᠡᠢᠮᠦᠦᠰ ᠪᠢᠰᠢ᠂ ᠥᠨᠥᠬᠢ ᠡᠰᠺᠢᠮᠥᠰ ᠭᠡᠳᠡᠭ ᠤᠯᠤᠰ ᠪᠠᠢᠬᠤ ᠰᠢᠪ ᠳᠡ᠃ ᠨᠠ᠊ ᠪᠠᠭᠰᠢ᠂ ᠲᠡᠷᠡ ᠡᠰᠺᠢᠮᠥᠰ ᠨᠠᠷ ᠢ᠋ ᠪᠢᠳᠡᠨ ᠲᠡᠢ ᠵᠢᠰᠦ ᠴᠢᠷᠠᠢ ᠲᠥᠰᠦᠷᠬᠡᠦ ᠤᠯᠤᠰ᠃ ᠮᠣᠩᠭᠣᠯᠴᠤᠳ᠂ ᠲᠡᠳᠡᠨ ᠢ᠋ ᠨᠣᠬᠠᠢ ᠡᠷᠡᠲᠡᠨ ᠭᠡᠵᠦ ᠪᠠᠷᠤᠭ ᠮᠢᠩᠭᠠᠭᠠᠳ ᠵᠢᠯ ᠨᠡᠷᠡᠯᠡᠭᠰᠡᠭᠡᠷ᠂ ᠲᠡᠳᠡᠨ ᠦ᠌ ᠲᠤᠬᠠᠢ ᠡᠯᠳᠡᠪ ᠬᠤᠳᠠᠯ ᠦᠨᠡᠨ ᠳᠣᠮᠣᠭ ᠦᠭᠡ ᠬᠡᠯᠡᠯᠴᠡᠭᠰᠡᠭᠡᠷ ᠢᠷᠡᠵᠦ ᠭᠡᠵᠦ ᠬᠡᠯᠡᠳᠡᠭ ᠰᠠᠨ᠃ ᠪᠢ ᠴᠦ᠍ ᠭᠡᠰᠡᠨ ᠪᠠᠭ᠎ᠠ ᠳ᠋ᠠᠭᠠᠨ( ᠳ᠋ᠤ᠌ ᠪᠠᠨ) ᠨᠣᠬᠠᠢ ᠡᠷᠡᠲᠡᠨ ᠦ᠌ ᠲᠤᠬᠠᠢ ᠲᠤᠭᠤᠯᠬᠤ ᠳ᠋ᠠᠭᠠᠨ( ᠳ᠋ᠤ᠌ ᠪᠠᠨ)᠂ ᠡᠷᠲᠡ ᠳᠡᠭᠡᠷ᠎ᠡ ᠴᠠᠭ ᠲᠤ᠌ ᠪᠤᠲᠠᠨᠴᠢᠷ ᠣᠪᠣᠭ ᠤ᠋ᠨ ᠠᠩᠴᠢᠨ ᠴᠡᠷᠢᠭ᠂ ᠬᠡᠨᠲᠡᠢ ᠬᠠᠨ ᠠᠭᠤᠯᠠ ᠬᠠᠮᠢᠭ᠎ᠠ ᠬᠦᠷᠳᠡᠭ ᠶᠦᠮ ᠪᠣᠯ ᠭᠡᠵᠦ ᠦᠵᠡᠬᠦ ᠭᠡᠳ ᠥᠪᠥᠷ ᠢ᠋ᠶ᠋ᠡᠷ ᠨᠢ ᠳᠠᠭᠠᠭᠰᠠᠭᠠᠷ᠂ ᠵᠡᠭᠦᠨ ᠬᠣᠢᠰᠢ ᠪᠠᠨ ᠶᠠᠪᠤᠵᠤ ᠦᠵᠡᠭᠰᠡᠨ ᠶᠦᠮ ᠭᠡᠵᠦ ᠲᠤᠭᠤᠯᠤᠭᠰᠠᠨ ᠪᠢᠯᠡ᠃ ᠶᠠᠪᠤᠵᠤ ᠶᠠᠪᠤᠵᠤ᠂ ᠵᠠᠮ ᠳ᠋ᠠᠭᠠᠨ( ᠳ᠋ᠤ᠌ ᠪᠠᠨ) ᠡᠯᠳᠡᠪ ᠦ᠋ᠨ ᠶᠠᠭᠤᠮ᠎ᠠ ᠲᠠᠢ ᠳᠠᠭᠠᠷᠢᠯᠳᠤᠵᠤ᠂ ᠬᠡᠯᠡ ᠪᠤᠷᠤᠭᠤ ᠲᠠᠢ ᠣᠯᠠᠨ ᠠᠢᠮᠠᠭ ᠤ᠋ᠨ ᠬᠥᠮᠦᠨ ᠲᠡᠢ ᠲᠤᠯᠤᠭᠰᠠᠭᠠᠷ᠂ ᠴᠢᠯᠠᠭᠤᠨ ᠵᠡᠪᠡ᠂ ᠶᠠᠰᠤᠨ ᠵᠡᠪᠡ ᠲᠡᠢ ᠰᠤᠮᠤᠨ ᠳ᠋ᠤᠨᠢ( ᠳ᠋ᠤ᠌ ᠨᠢ)᠂ ᠠᠩ ᠠᠷᠢᠶᠠᠲᠠᠨ ᠳ᠋ᠤ᠌ ᠵᠠᠷᠢᠮ ᠨᠢᠭᠡ ᠨᠢ ᠠᠮᠢ ᠦᠷᠡᠭᠳᠡᠵᠦ᠂ ᠬᠠᠷᠢ ᠭᠠᠵᠠᠷ ᠶᠠᠰᠤ ᠪᠠᠨ ᠲᠠᠯᠪᠢᠭᠰᠠᠨ ᠪᠣᠯᠪᠠᠴᠤ ᠠᠮᠢᠳᠤ ᠦᠯᠡᠳᠡᠭᠰᠡᠨ ᠨᠥᠬᠥᠳ ᠨᠢ ᠪᠡᠷᠬᠡ ᠶ᠋ᠢ ᠵᠣᠷᠢᠭᠯᠠᠨ ᠳᠠᠪᠠᠵᠤ᠂ ᠠᠭᠤᠯᠠ ᠶ᠋ᠢᠨ ᠢ᠋ᠶ᠋ᠡᠨ ᠬᠣᠷᠮᠣᠢ ᠳᠠᠭᠠᠭᠰᠠᠭᠠᠷ ᠭᠠᠳᠠᠭᠠᠳᠤ ᠶᠡᠬᠡ ᠳᠠᠯᠠᠢ ᠶ᠋ᠢᠨ ᠡᠷᠭᠢ ᠳ᠋ᠦ᠍ ᠬᠦᠷᠴᠦ᠂ ᠬᠡᠨᠲᠡᠢ ᠬᠠᠨ ᠠᠭᠤᠯᠠ ᠶ᠋ᠢᠨ ᠦᠵᠦᠭᠦᠷ ᠨᠢ ᠳᠠᠯᠠᠢ ᠳ᠋ᠤ᠌ ᠲᠤᠯᠤᠭᠰᠠᠨ ᠢ᠋ ᠦᠵᠡᠵᠦ ᠮᠡᠳᠡᠭᠰᠡᠨ ᠭᠡᠵᠦ ᠬᠡᠯᠡᠯᠴᠡᠬᠦ ᠶ᠋ᠢ ᠲᠤᠭᠤᠯᠤᠭᠰᠠᠨ ᠪᠢᠯᠡ᠃ ᠪᠤᠲᠠᠨᠴᠢᠷ ᠣᠪᠣᠭ ᠤ᠋ᠨ ᠲᠡᠷᠡ ᠵᠣᠷᠢᠭᠲᠠᠨ ᠡᠷᠡᠴᠦᠦᠯ᠂ ᠭᠠᠳᠠᠭᠠᠳᠤ ᠳᠠᠯᠠᠢ ᠶ᠋ᠢᠨ ᠵᠠᠬ᠎ᠠ ᠳ᠋ᠤ᠌ ᠭᠠᠢᠬᠠᠮᠰᠢᠭᠲᠠᠢ ᠶᠠᠭᠤᠮ᠎ᠠ ᠦᠵᠡᠵᠦ ᠭᠡᠨ᠎ᠡ᠃ ᠡᠷᠲᠡᠨ ᠦ᠌ ᠦᠯᠢᠭᠡᠷ ᠲᠡᠦᠬᠡᠨ ᠳ᠋ᠦ᠍᠂ ᠪᠠᠭᠠᠲᠤᠷ ᠰᠠᠢᠨ ᠡᠷᠡᠰ ᠲᠡᠢ ᠲᠤᠯᠳᠠᠭ ᠬᠣᠣᠷᠲᠠᠨ ᠮᠠᠩᠭᠤᠰ᠂ ᠡᠳᠦᠷ ᠠᠩ ᠬᠥᠷᠥᠭᠡᠨ ᠳ᠋ᠦ᠍ ᠶᠠᠪᠤᠬᠤ ᠳ᠋ᠠᠭᠠᠨ ( ᠳ᠋ᠤ᠌ ᠪᠠᠨ)᠂ ᠭᠠᠳᠠᠭᠠᠳᠤ ᠶᠡᠬᠡ ᠳᠠᠯᠠᠢ ᠶ᠋ᠢᠨ ᠵᠠᠬ᠎ᠠ ᠳ᠋ᠠᠬᠢ ᠲᠡᠷᠡ ᠠᠭᠤᠯᠠᠨ ᠳ᠋ᠤ᠌ ᠭᠠᠯ ᠲᠦᠳᠡᠭ ᠢ᠋ᠶ᠋ᠡᠨ ᠮᠠᠨᠠᠳᠠᠭ ᠪᠠᠢᠵᠤ᠂ ᠲᠡᠭᠡᠭᠡᠳ ᠲᠡᠷᠡ ᠭᠠᠯ ᠮᠠᠨᠠᠭᠰᠠᠨ ᠠᠭᠤᠯᠠᠨ ᠳ᠋ᠤᠨᠢ( ᠳ᠋ᠤ᠌ ᠨᠢ)᠂ ᠶᠡᠬᠡ ᠨᠣᠷᠮ᠎ᠠ ᠠ᠋ᠴᠠ ᠨᠢ ᠤᠲᠤᠭ᠎ᠠ ᠰᠤᠭᠤᠨᠠᠭᠯᠠᠨ ᠦᠵᠡᠭᠳᠡᠳᠡᠭ ᠪᠠᠢᠵᠠᠢ᠃ ᠥᠨᠥᠬᠢ ᠠᠩᠴᠢᠨ ᠨᠤᠭᠤᠳ᠂ ᠡᠳᠦᠷ ᠨᠢ ᠲᠡᠷᠡ ᠠᠭᠤᠯᠠᠨ ᠳ᠋ᠤ᠌ ᠮᠣᠷᠢ ᠲᠠᠢ ᠭᠠᠷᠴᠤ ᠴᠢᠳᠠᠭᠰᠠᠨ ᠦᠭᠡᠢ᠃ ᠰᠥᠨᠢ ᠭᠠᠯ ᠬᠠᠷᠠᠭᠳᠠᠬᠤ ᠶ᠋ᠢ ᠦᠵᠡᠭᠡᠳ᠂ ᠮᠠᠩᠭᠤᠰ ᠠᠩ ᠬᠦᠷᠦᠭᠡ ᠡᠴᠡ ᠪᠡᠨ ᠪᠠᠭᠤᠵᠤ ᠢᠷᠡᠭᠡᠳ᠂ ᠬᠣᠭᠣᠯᠠ ᠤᠮᠳᠠ ᠪᠠᠨ ᠬᠢᠵᠦ ᠪᠠᠢᠭ᠎ᠠ ᠶᠤᠮ ᠪᠠᠢᠨ᠎ᠠ ᠭᠡᠵᠦ ᠮᠡᠳᠡᠵᠡᠢ᠃ ᠲᠡᠷᠡ ᠦᠯᠡᠮᠵᠢ ᠪᠡᠶᠡᠳᠡᠨ ᠮᠠᠩᠭᠤᠰ ᠤ᠋ᠨ ᠦᠯᠡᠮᠵᠢ ᠶᠡᠬᠡ ᠲᠦᠳᠡᠭ ᠦ᠋ᠨ ᠭᠠᠯ ᠳ᠋ᠤ᠌ ᠠᠭᠤᠯᠠ ᠶ᠋ᠢᠨ ᠴᠢᠯᠠᠭᠤ ᠬᠦᠷᠲᠡᠯ᠎ᠡ ᠬᠠᠢᠯᠤᠨ ᠤᠷᠤᠰᠴᠤ ᠪᠠᠢᠳᠠᠭ ᠢ᠋ ᠦᠵᠡᠵᠦ ᠭᠡᠨ᠎ᠡ᠃ ᠲᠡᠭᠡᠭᠡᠳ  ᠮᠠᠨ ᠤ᠋ ᠡᠨᠳᠡ ᠴᠦ᠍ ᠭᠡᠰᠡᠨ᠂ ᠡᠷᠲᠡ ᠴᠠᠭ ᠲᠤ᠌ ᠮᠠᠩᠭᠤᠰ ᠤ᠋ᠨ ᠭᠠᠯ ᠮᠠᠨᠠᠭᠰᠠᠨ ᠠᠭᠤᠯᠠ ᠪᠠᠢᠭᠰᠠᠨ ᠢ᠋ ᠲᠡᠭᠦᠪᠡᠷ ᠲᠠᠨᠢᠵᠤ ᠮᠡᠳᠡᠭᠰᠡᠨ ᠶᠦᠮ ᠭᠡᠨ᠎ᠡ ᠯᠡ᠃ ᠮᠠᠩᠭᠤᠰ ᠤ᠋ᠨ ᠲᠡᠷᠡ ᠭᠠᠯ ᠭᠣᠯᠣᠮᠲᠠ ᠨᠢ ᠶᠠᠭᠠᠬᠢᠭᠠᠳ ᠦᠭᠡᠢ ᠪᠣᠯᠤᠭᠰᠠᠨ ᠶᠤᠮ ᠪᠣᠢ ᠭᠡᠪᠡᠯ᠂  ᠮᠠᠨ ᠤ᠋ ᠡᠷᠲᠡᠨ ᠦ᠌ ᠪᠠᠭᠠᠲᠤᠷ᠂ ᠡᠷ᠎ᠡ ᠶ᠋ᠢᠨ ᠰᠠᠢᠨ ᠡᠷᠡᠰ᠂ ᠲᠡᠳᠡᠨ ᠦ᠌ ᠦᠨᠳᠦᠰᠦ ᠶ᠋ᠢ ᠲᠠᠰᠤᠯᠵᠤ᠂ ᠭᠠᠯ ᠭᠣᠯᠣᠮᠲᠠ ᠶ᠋ᠢ ᠨᠢ ᠤᠨᠲᠠᠷᠠᠭᠠᠭᠰᠠᠨ ᠶᠤᠮ ᠭᠡᠵᠦ ᠬᠠᠭᠤᠴᠢᠨ ᠤᠯᠤᠰ ᠶᠠᠷᠢᠳᠠᠭ ᠪᠠᠢᠵᠠᠢ᠃ 
       — ᠭᠠᠳᠠᠭᠠᠳᠤ ᠳᠠᠯᠠᠢ ᠶ᠋ᠢᠨ ᠵᠠᠬ᠎ᠠ ᠳ᠋ᠤ᠌ ᠬᠦᠷᠦᠭᠰᠡᠨ ᠲᠡᠷᠡ ᠵᠣᠷᠢᠭᠲᠠᠨ ᠡᠷᠡᠰ᠂ ᠨᠣᠬᠠᠢ ᠡᠷᠡᠲᠡᠨ ᠤᠯᠤᠰ ᠤ᠋ᠨ ᠣᠯᠠᠨ ᠠᠢᠯ ᠡᠷᠦᠬᠡ ᠪᠡᠷ ᠣᠷᠣᠵᠤ ᠦᠵᠡᠭᠰᠡᠨ ᠪᠠᠢᠵᠠᠢ᠃ ᠲᠡᠭᠡᠬᠦ ᠳ᠋ᠦ᠍ ᠶᠡᠷᠦ᠂ ᠡᠬᠡᠨᠡᠷ ᠬᠡᠦᠬᠡᠳ ᠳᠠᠭᠠᠷᠢᠯᠳᠤᠬᠤ ᠠ᠋ᠴᠠ ᠪᠢᠰᠢ᠂ ᠡᠷ᠎ᠡ ᠬᠥᠮᠦᠨ ᠦᠵᠡᠭᠳᠡᠭᠰᠡᠨ ᠦᠭᠡᠢ᠂ ᠡᠷ᠎ᠡ ᠬᠦᠢᠰᠦᠲᠡᠨ ᠡᠴᠡ ᠭᠠᠭᠴᠠ ᠨᠣᠬᠠᠢ ᠯᠠ  ᠣᠯᠠᠨ ᠳᠠᠭᠠᠷᠢᠯᠳᠤᠵᠤ᠂ ᠪᠠᠰᠠ ᠬᠡᠭᠡᠷ᠎ᠡ ᠴᠦ᠍ ᠭᠡᠰᠡᠨ ᠲᠡᠷᠡ ᠨᠣᠬᠠᠢ ᠪᠠᠨ ᠴᠢᠷᠭ᠎ᠠ ᠳ᠋ᠤ᠌ ᠬᠥᠯᠦᠭᠡᠳ ᠶᠠᠪᠤᠬᠤ ᠡᠮ᠎ᠡ ᠬᠥᠮᠦᠨ ᠲᠡᠢ ᠣᠯᠠᠨ ᠳᠠᠭᠠᠷᠢᠯᠳᠤᠭᠠᠳ᠂ ᠪᠤᠲᠠᠨᠴᠢᠷ ᠤ᠋ᠨ ᠲᠡᠷᠡ ᠴᠡᠷᠢᠭ ᠡᠷᠡᠰ᠂ ᠲᠡᠷᠡ ᠤᠯᠤᠰ ᠢ᠋ ᠡᠮ᠎ᠡ ᠬᠥᠮᠦᠨ ᠨᠢ ᠨᠣᠬᠠᠢ ᠡᠷ᠎ᠡ ᠲᠡᠢ ᠪᠠᠢᠳᠠᠭ ᠶᠤᠮ ᠪᠠᠢᠨ᠎ᠠ ᠭᠡᠵᠦ ᠪᠣᠳᠣᠭᠠᠳ ᠨᠣᠬᠠᠢ ᠡᠷᠡᠲᠡᠨ ᠭᠡᠵᠦ ᠲᠡᠳᠡᠨ ᠢ᠋ ᠥᠪᠡᠷ ᠵᠠᠭᠤᠷ᠎ᠠ ᠪᠠᠨ ᠭᠠᠢᠬᠠᠨ ᠨᠡᠷᠡᠯᠡᠭᠰᠡᠨ ᠪᠠᠢᠵᠠᠢ᠃ ᠲᠡᠷᠡ ᠨᠣᠬᠠᠢ ᠡᠷᠡᠲᠡᠨ ᠦ᠌ ᠬᠡᠦᠬᠡᠨ ᠡᠴᠡ ᠴᠦ᠍ ᠠᠪᠴᠢᠷᠠᠭᠰᠠᠨ ᠪᠠᠢᠵᠠᠢ᠃ ᠳᠦᠷᠢ ᠴᠢᠷᠠᠢ ᠮᠣᠩᠭᠣᠯ ᠬᠥᠮᠦᠨ ᠰᠢᠭ᠂ ᠰᠦᠷᠡᠬᠡᠢ ᠴᠢᠷᠠᠢᠯᠢᠭ ᠬᠡᠦᠬᠡᠨ ᠨᠦ᠍ᠭᠦᠳ ᠴᠦ᠍ ᠪᠠᠢᠭᠰᠠᠨ ᠶᠤᠮ ᠭᠡᠨ᠎ᠡ ᠯᠡ᠃ ᠨᠤᠲᠤᠭ ᠢ᠋ᠶ᠋ᠠᠨ ᠯᠠ ᠶᠡᠬᠡ ᠰᠠᠨᠠᠳᠠᠭ ᠪᠠᠢᠵᠤ᠂ ᠪᠠᠰᠠ ᠪᠠᠭ᠎ᠠ ᠠ᠋ᠴᠠ ᠪᠠᠨ ᠲᠡᠰᠴᠦ ᠰᠤᠷᠤᠭᠰᠠᠨ ᠬᠣᠭᠣᠯᠠ ᠤᠮᠳᠠ ᠪᠠᠨ ᠰᠠᠨᠠᠵᠤ᠂ ᠬᠥᠯᠳᠡᠭᠦᠦ ᠵᠢᠭᠠᠰᠤ ᠵᠣᠷᠴᠤ ᠲᠦᠭᠦᠬᠡᠢ ᠪᠡᠷ ᠨᠢ ᠢᠳᠡᠬᠦ᠂ ᠦᠨᠡᠰᠦ ᠲᠡᠢ ᠪᠤᠴᠠᠯᠭᠠᠭᠰᠠᠨ ᠤᠰᠤ ᠤᠤᠭᠤᠬᠤ ᠳᠤᠷᠠᠲᠠᠢ ᠪᠠᠢᠭᠰᠠᠨ ᠶᠤᠮ ᠭᠡᠵᠦ ᠬᠡᠯᠡᠯᠴᠡᠳᠡᠭ ᠪᠢᠯᠡ ᠯᠠ᠃ ᠲᠡᠭᠡᠬᠦ ᠳ᠋ᠦ᠍᠂ ᠲᠠ ᠲᠡᠳᠡᠨ ᠢ᠋ ᠬᠣᠶᠠᠷᠬᠠᠨ ᠴᠠᠭ ᠪᠣᠯᠤᠭᠠᠳ ᠦᠬᠦᠳᠡᠭ ᠭᠡᠵᠦ ᠳᠡᠮᠡᠢ ᠶᠠᠭᠤᠮ᠎ᠠ ᠬᠡᠯᠡᠵᠦ ᠪᠠᠢᠨ᠎ᠠ᠃ ᠬᠠᠮᠢᠭ᠎ᠠ ᠠ᠋ᠴᠠ ᠲᠡᠭᠡᠬᠦ ᠭᠡᠵᠦ ᠳᠡ᠃ ᠴᠠᠰᠤᠨ ᠭᠡᠷ ᠲᠦ᠍ ᠰᠠᠭᠤᠳᠠᠭ ᠪᠣᠯᠪᠠᠴᠤ᠂ ᠴᠠᠰᠤ ᠪᠠᠷ ᠪᠦᠲᠦᠭᠰᠡᠨ ᠪᠢᠰᠢ᠂ ᠪᠢᠳᠡᠨ ᠲᠠᠢ ᠯᠠ ᠠᠳᠠᠯᠢ ᠮᠢᠬ᠎ᠠ ᠴᠢᠰᠤ ᠪᠠᠷ ᠪᠦᠲᠦᠭᠰᠡᠨ ᠤᠯᠤᠰ ᠪᠠᠢᠯ ᠦᠭᠡᠢ ᠶᠠᠭᠠᠬᠢᠬᠤ ᠪᠣᠢ? ᠭᠡᠬᠦ ᠳ᠋ᠦ᠍ᠨᠢ( ᠳ᠋ᠦ᠍ ᠨᠢ) ᠳ᠋ᠤᠢᠩᠬᠤᠷ᠂  
       — ᠲᠡᠷᠡ ᠨᠣᠬᠠᠢ ᠡᠷᠡᠳᠡᠨ ᠭᠡᠳᠡᠭ᠂ ᠢᠰᠡᠭᠡᠢᠮᠤᠤᠰ ᠪᠢᠰᠢ ᠴᠦ᠍ ᠪᠠᠢᠵᠤ ᠪᠣᠯᠤᠨ᠎ᠠ ᠰᠢᠦ ᠳᠡ ᠭᠡᠵᠦ ᠰᠤᠯᠠᠬᠠᠨ ᠰᠢᠭ᠋ ᠢ᠋ᠶ᠋ᠡᠷ ᠳᠤᠤᠭᠠᠷᠤᠭᠠᠳ᠂ ᠣᠨᠳᠣᠣ ᠶᠠᠭᠤᠮ᠎ᠠ ᠤᠷᠤᠭᠤ ᠶᠠᠷᠢᠶ᠎ᠠ ᠪᠠᠨ ᠬᠠᠨᠳᠤᠭᠤᠯᠬᠤ ᠭᠡᠵᠦ ᠲᠠᠰᠤ ᠡᠯᠡᠭᠳᠡᠴᠢᠭᠰᠡᠨ ᠬᠠᠭᠤᠴᠢᠨ ᠰᠣᠨᠢᠨ ᠮᠣᠨᠢᠨ᠂ ᠲᠠᠪᠤᠨ ᠥᠩᠭᠡ ᠶ᠋ᠢᠨ ᠬᠠᠷᠠᠨᠳᠠ ᠮᠠᠷᠠᠨᠳᠠ ᠴᠢᠬᠢᠭᠰᠡᠨ ᠰᠦᠮᠺ ᠢ᠋ᠶ᠋ᠡᠨ ᠨᠡᠭᠡᠭᠡᠵᠦ᠂ ᠪᠠᠭ ᠤ᠋ᠨ ᠵᠠᠬᠢᠷᠭᠠᠨ ᠤ᠋ ᠪᠢᠴᠢᠬᠠᠨ ᠲᠡᠮᠳᠡᠭ ᠭᠠᠷᠭᠠᠭᠠᠳ᠂ ᠠᠯᠠᠭ᠎ᠠ ᠶ᠋ᠢᠨ ᠳᠡᠭᠡᠷ᠎ᠡ ᠪᠡᠨ ᠴᠣᠬᠢᠭᠠᠳ᠂ ᠰᠢᠷᠴᠢᠨ ᠴᠡᠷᠡᠨ ᠬᠣᠶᠠᠷ ᠲᠤ᠌ ᠲᠡᠷᠡ ᠲᠡᠮᠳᠡᠭ ᠢ᠋ᠶ᠋ᠡᠨ ᠭᠠᠢᠬᠠᠭᠤᠯᠤᠨ ᠦᠵᠡᠭᠦᠯᠵᠦ᠂ 
       — ᠡᠢᠮᠦ ᠵᠢᠭᠠᠬᠠᠨ ᠶᠠᠭᠤᠮ᠎ᠠ ᠮᠥᠷᠲᠡᠭᠡᠨ ᠪᠦᠬᠦ ᠪᠠᠭ ᠢ᠋ ᠵᠠᠬᠢᠷᠴᠤ᠂ ᠠᠯᠪᠠᠨ ᠪᠢᠴᠢᠭ ᠢ᠋ ᠬᠦᠴᠦᠨ ᠲᠡᠭᠦᠯᠳᠡᠷ ᠪᠣᠯᠭᠠᠳᠠᠭ᠂ ᠠ ᠮᠥᠨ ᠴᠦ᠍ ᠴᠢᠳᠠᠯᠲᠠᠢ ᠶᠤᠮ ᠰᠢᠦ! ᠠ ᠣᠳᠣ ᠡᠵᠡᠨ ᠨᠢ ᠪᠢ ᠪᠠᠢᠨ᠎ᠠ ᠰᠢᠦ ᠳᠡ᠃ ᠪᠠᠭ ᠤ᠋ᠨ ᠳᠠᠷᠤᠭ᠎ᠠ ᠮᠢᠨᠦ ᠪᠡᠶ᠎ᠡ ᠠ ᠳᠤᠷ᠎ᠠ ᠪᠠᠨ ᠬᠦᠷᠪᠡᠯ᠂ ᠢ ᠲᠡᠮᠳᠡᠭ ᠢ᠋ᠶ᠋ᠡᠨ ᠳᠠᠷᠤᠨ᠎ᠠ᠂ ᠠ ᠳᠤᠷ᠎ᠠ ᠪᠠᠨ ᠡᠰᠡ ᠬᠦᠷᠪᠡᠯ᠂ ᠶᠠᠭᠠᠬᠢᠭᠰᠠᠨ ᠴᠤ᠌ ᠳᠠᠷᠤᠬᠤ ᠦᠭᠡᠢ ᠭᠡᠵᠦ ᠰᠦᠷ ᠪᠠᠳᠠᠷᠠᠭᠤᠯᠤᠨ ᠬᠡᠯᠡᠵᠡᠢ᠃ 
       ᠴᠡᠷᠡᠨ ᠰᠢᠷᠡᠮᠦᠨ ᠲᠣᠭᠣᠭᠠᠨ ᠠ᠋ᠴᠠ ᠪᠠᠨ ᠪᠤᠴᠠᠯᠤᠭᠰᠠᠨ ᠴᠠᠢ ᠶ᠋ᠢ ᠵᠡᠰ ᠳᠠᠩᠬᠤ ᠳ᠋ᠤ᠌ ᠬᠢᠵᠦ᠂ ᠠᠢᠯᠴᠢᠨ ᠳ᠋ᠤ᠌ ᠴᠠᠢ ᠪᠠᠷᠢᠯ᠎ᠠ᠃ ᠳ᠋ᠤᠢᠩᠬᠤᠷ ᠥᠨᠥᠬᠢ ᠲᠡᠮᠳᠡᠭ ᠢ᠋ᠶ᠋ᠡᠨ ᠡᠪᠦᠷ ᠲᠡᠭᠡᠨ ᠬᠢᠭᠡᠳ᠂ ᠠᠶᠠᠭ᠎ᠠ ᠲᠠᠢ ᠴᠠᠢ ᠠ᠋ᠴᠠ ᠱᠣᠷᠬᠢᠲᠠᠯ᠎ᠠ ᠰᠣᠷᠣᠵᠤ ᠰᠢᠷᠴᠢᠨ ᠦ᠌ ᠵᠦᠭ ᠶᠡᠬᠡ ᠵᠠᠩᠲᠠᠢ ᠪᠠᠷ ᠥᠭᠦᠯᠡᠷᠦᠨ᠂ 
       — ᠮᠠᠨᠠᠢ(ᠮᠠᠨ ᠤ᠋) ᠡᠨᠳᠡ ᠮᠥᠳᠳᠥ ᠬᠣᠯᠪᠣᠭᠠᠲᠤ ᠤᠯᠤᠰ ᠤ᠋ᠨ ᠬᠢ ᠲᠡᠢ ᠠᠳᠠᠯᠢ ᠬᠣᠮᠮᠥ᠋ᠨ ᠪᠠᠢᠭᠤᠯᠤᠭᠳᠠᠨ᠎ᠠ᠃ ᠥᠨᠥᠳᠥᠷ ᠮᠠᠨᠠᠢᠳᠤ ᠬᠣᠲᠠ ᠠ᠋ᠴᠠ ᠢᠷᠡᠭᠰᠡᠨ ᠨᠢᠭᠡ ᠠᠢᠯᠴᠢᠨ ᠬᠣᠨᠣᠵᠤ᠂ ᠬᠤᠷᠰᠢᠶ᠎ᠠ ᠶ᠋ᠢᠨ ᠶᠡᠷᠦᠩᠬᠡᠢ ᠬᠣᠷᠢᠶᠠᠨ ᠤ᠋ ᠭᠡᠰᠢᠭᠦᠨ ᠵᠢᠭᠵᠢᠳ ᠭᠡᠳᠡᠭ ᠮᠢᠨᠦ ᠨᠠᠢᠵᠠ᠂ ᠶᠡᠬᠡ ᠬᠥᠮᠦᠨ ᠰᠢᠦ᠂ ᠬᠡᠯᠲᠡᠰ ᠦ᠋ᠨ ᠳᠠᠷᠤᠭ᠎ᠠ᠂ ᠠ ᠶᠡᠷᠦᠩᠬᠡᠢ ᠬᠣᠷᠢᠶᠠᠨ ᠤ᠋ ᠭᠡᠰᠢᠭᠦᠨ᠃ ᠠ ᠲᠡᠷᠡ ᠬᠥᠮᠦᠨ ᠨᠠᠳᠠᠳᠤ(ᠨᠠᠳᠠ ᠳ᠋ᠤ᠌) ᠲᠡᠭᠡᠵᠦ ᠬᠡᠯᠡᠭᠰᠡᠨ ᠶᠦᠮ ᠭᠡᠬᠦ ᠳ᠋ᠦ᠍ᠨᠢ( ᠳ᠋ᠦ᠍ ᠨᠢ)᠂ ᠲᠡᠷᠡ ᠶᠡᠬᠡ ᠵᠠᠩᠲᠠᠢ ᠲᠦᠰᠢᠮᠡᠯ ᠢ᠋ ᠮᠡᠳᠡᠳᠡᠭ ᠰᠢᠷᠴᠢᠨ ᠭᠠᠢᠬᠠᠰᠬᠢᠵᠦ᠂ 
       — ᠲᠡᠷᠡ ᠬᠠᠵᠠᠭᠠᠷ ᠵᠢᠭᠵᠢᠳ ᠤᠤ? ᠡᠪᠦᠯ ᠨᠠᠮᠠᠶ᠋ᠢ ᠥᠷᠲᠡᠭᠡᠨ ᠳ᠋ᠦ᠍ ᠪᠠᠢᠬᠤ ᠳ᠋ᠤ᠌᠂ ᠪᠢ ᠲᠠᠭᠠᠷᠠᠵᠤ ᠪᠠᠢᠨ᠎ᠠ᠂ ᠴᠢ ᠰᠥᠨᠢ ᠭᠠᠯ ᠲᠦᠯᠡᠵᠦ ᠬᠣᠨᠣ ᠭᠡᠵᠦ ᠨᠠᠳᠠᠳᠤ(ᠨᠠᠳᠠ ᠳ᠋ᠤ᠌) ᠲᠤᠰᠢᠶᠠᠵᠤ ᠪᠢᠯᠡ᠃ ᠪᠢ ᠤᠷᠢᠳᠤ ᠰᠥᠨᠢ ᠨᠢ ᠬᠡᠭᠡᠷ᠎ᠡ ᠶ᠋ᠢᠨ ᠨᠣᠬᠠᠢ ᠠ᠋ᠴᠠ ᠪᠣᠯᠭᠣᠮᠵᠢᠯᠠᠵᠤ᠂ ᠠᠳᠤᠭᠤ ᠪᠠᠨ ᠮᠠᠨᠠᠭᠠᠳ᠂ ᠨᠣᠢᠷ ᠦᠭᠡᠢ ᠬᠣᠨᠣᠭᠰᠠᠨ ᠤ᠋ ᠳᠡᠭᠡᠷ᠎ᠡ᠂ ᠲᠡᠷᠡ ᠵᠢᠭᠵᠢᠳ ᠲᠦ᠍ ᠭᠠᠯ ᠥᠷᠳᠡᠵᠦ᠂ ᠪᠠᠰᠠ ᠨᠢᠭᠡ ᠰᠥᠨᠢ ᠶ᠋ᠢᠨ ᠨᠣᠢᠷ ᠠᠯᠳᠠᠭᠰᠠᠨ ᠪᠢᠯᠡ᠃ ᠲᠤᠩ ᠶᠠᠩᠪᠠᠷᠠᠬᠤ(ᠶᠠᠮᠪᠠᠷᠬᠠᠭ) ᠳᠠᠷᠤᠭ᠎ᠠ ᠪᠠᠢᠵᠤ ᠪᠢᠯᠡ᠃ ᠵᠥᠭᠡᠯᠡᠨ ᠳᠡᠪᠢᠰᠬᠡᠷ ᠵᠠᠰᠠ ᠭᠡᠵᠦ ᠬᠡᠳᠦᠨ ᠢᠰᠡᠭᠡᠢ ᠳᠡᠪᠢᠰᠦᠭᠦᠯᠵᠦ ᠪᠠᠰᠠ ᠰᠥᠨᠢ ᠬᠤᠴᠢᠯᠭ᠎ᠠ ᠶ᠋ᠢ ᠮᠢᠨᠢ ᠵᠠᠰᠠᠵᠤ ᠪᠠᠢ ᠭᠡᠵᠦ  ᠨᠠᠳᠠ ᠳ᠋ᠤ᠌ ᠲᠤᠰᠢᠶᠠᠵᠤ ᠪᠠᠢᠭᠰᠠᠨ ᠭᠡᠬᠦ ᠳ᠋ᠦ᠍ᠨᠢ( ᠳ᠋ᠦ᠍ ᠨᠢ) ᠳ᠋ᠤᠢᠩᠬᠤᠷ᠂ 
       — ᠠ ᠲᠡᠷᠡ ᠬᠥᠮᠦᠨ᠂ ᠲᠤᠩ ᠶᠡᠬᠡ ᠬᠥᠮᠦᠨ ᠰᠢᠦ᠃ ᠬᠡᠨᠳᠡᠨ ᠰᠠᠢᠳ ᠤ᠋ᠨ ᠳ᠋ᠤ᠌ ᠡᠳᠦᠷ ᠪᠦᠷᠢ ᠠᠢᠯᠴᠢᠯᠠᠵᠤ ᠣᠴᠢᠳᠠᠭ ᠶᠤᠮ ᠭᠡᠨ᠎ᠡ ᠯᠡ᠃ ᠪᠢ ᠵᠢᠭᠵᠢᠳ ᠭᠤᠸᠠᠢ ᠶ᠋ᠢ ᠮᠠᠨᠠᠢᠳᠤ(ᠮᠠᠨ ᠤ᠋ ᠳ᠋ᠤ᠌) ᠬᠣᠨᠣᠭᠠᠳ ᠶᠠᠪᠤᠬᠤ ᠳ᠋ᠤᠨᠢ( ᠳ᠋ᠤ᠌ ᠨᠢ)᠂ ᠨᠢᠭᠡ ᠭᠦᠵᠡᠭᠡ ᠰᠠᠢᠬᠠᠨ ᠰᠢᠷ᠎ᠠ ᠲᠣᠰᠣ᠂ ᠠ ᠪᠠᠰᠠ ᠬᠤᠷᠠᠭᠠᠨ ᠳᠣᠲᠣᠷ᠂ ᠢ ᠨᠢᠭᠡ ᠦᠬᠡᠷ ᠦ᠋ᠨ ᠲᠠᠷᠭᠤᠨ ᠮᠢᠬ᠎ᠠ ᠪᠡᠯᠡᠭ ᠥᠭᠭᠦᠭᠰᠡᠨ ᠶᠦᠮ᠃  ᠲᠠᠨᠢᠯ ᠲᠠᠢ ᠬᠥᠮᠦᠨ ᠲᠠᠯ᠎ᠠ ᠶ᠋ᠢᠨ ᠴᠢᠨᠡᠭᠡ᠂ ᠠ ᠲᠠᠨᠢᠯ ᠦᠭᠡᠢ ᠬᠥᠮᠦᠨ ᠠᠳᠬᠤ ᠶ᠋ᠢᠨ ᠴᠢᠨᠡᠭᠡ ᠭᠡᠳᠡᠭ᠃ ᠪᠢ ᠬᠣᠲᠠ ᠣᠷᠣᠪᠠᠯ᠂ ᠵᠢᠭᠵᠢᠳ ᠭᠤᠸᠠᠢ ᠶ᠋ᠢᠨ ᠳ᠋ᠦ᠍ ᠰᠢᠯᠦᠨ ᠪᠠᠢᠰᠢᠩ ᠳ᠋ᠤᠨᠢ( ᠳ᠋ᠤ᠌ ᠨᠢ) ᠲᠠᠪᠠ ᠪᠠᠷ ᠢ᠋ᠶ᠋ᠠᠨ ᠠᠢᠯᠠᠴᠢᠯᠠᠵᠤ ᠪᠠᠢᠬᠤ ᠪᠣᠯᠤᠨ᠎ᠠ᠃ ᠠ ᠴᠢᠮ᠎ᠠ ᠶ᠋ᠢ ᠣᠴᠢᠪᠠᠯ᠂ ᠭᠠᠯ ᠲᠣᠭᠣᠭ᠎ᠠ ᠶ᠋ᠢᠨ ᠢ᠋ᠶ᠋ᠡᠨ ᠪᠠᠢᠰᠢᠩ ᠠ᠋ᠴᠠ ᠴᠢᠨᠠᠭᠰᠢ ᠣᠷᠣᠭᠤᠯᠬᠤ ᠭᠡᠵᠦ ᠤᠤ ᠳᠠ? ᠭᠡᠬᠦ ᠳ᠋ᠦ᠍ᠨᠢ ( ᠳ᠋ᠦ᠍ ᠨᠢ)᠂ 
       — ᠨᠡᠭᠡᠷᠡᠨ ᠴᠦ᠍ ᠲᠡᠭᠡᠬᠦ ᠪᠠᠢᠯ ᠦᠭᠡᠢ ᠳᠡ᠃ ᠪᠢ ᠲᠡᠭᠡᠭᠦᠯᠬᠦ ᠭᠡᠵᠦ ᠲᠡᠳᠡᠨᠡᠢᠳᠦ( ᠲᠡᠳᠡᠨ ᠦ᠌ ᠳ᠋ᠦ᠍ )ᠣᠷᠣᠭᠠᠳ ᠴᠤ᠌ ᠶᠠᠭᠠᠬᠢᠬᠤᠪ ᠳᠠ? ᠭᠡᠵᠡᠢ᠃  
       — ᠬᠣᠮᠮᠥᠢ᠍ᠨ ᠳ᠋ᠦ᠍ ᠣᠷᠣᠭᠰᠠᠨ ᠬᠥᠮᠦᠨ᠂ ᠰᠢᠯᠦᠨ ᠪᠠᠢᠰᠢᠩ ᠳ᠋ᠤ᠌ ᠰᠠᠭᠤᠵᠤ ᠢ ᠡᠳᠦᠷ ᠲᠦ᠍ ᠲᠠᠪᠤᠨ ᠤᠳᠠᠭ᠎ᠠ ᠲᠠᠷᠭᠤᠨ ᠬᠣᠨᠢᠨ  ᠤ᠋ ᠮᠢᠬ᠎ᠠ᠂ ᠠ ᠶᠠᠩᠵᠤ ᠪᠦᠷᠢ ᠶ᠋ᠢᠨ ᠨᠠᠷᠢᠨ ᠬᠣᠭᠣᠯᠠ ᠢᠳᠡᠬᠦ ᠪᠣᠯᠤᠨ᠎ᠠ᠃ ᠬᠣᠲᠠ ᠠ᠋ᠴᠠ ᠵᠣᠷᠢᠭᠤᠳᠠ ᠲᠣᠭᠣᠭᠠᠴᠢ ᠬᠢᠲᠠᠳ ᠢ᠋ ᠶᠠᠪᠤᠭᠤᠯᠤᠨ᠎ᠠ᠂ ᠢ ᠡᠮᠡᠭᠲᠡᠢᠴᠦᠳ ᠢ᠋ ᠲᠣᠭᠣᠭ᠎ᠠ ᠶ᠋ᠢᠨ ᠬᠠᠷ᠎ᠠ ᠠᠵᠢᠯ ᠠ᠋ᠴᠠ ᠮᠤᠯᠲᠤᠯᠤᠨ᠎ᠠ᠃ ᠵᠢᠭᠵᠢᠳ ᠭᠤᠸᠠᠢ ᠨᠠᠳᠠᠳᠤ(ᠨᠠᠳᠠ ᠳ᠋ᠤ᠌) ᠲᠡᠭᠡᠵᠦ ᠬᠡᠯᠡᠭᠰᠡᠨ ᠭᠡᠬᠦ ᠳ᠋ᠦ᠍ᠨᠢ( ᠳ᠋ᠦ᠍ ᠨᠢ) ᠴᠡᠷᠡᠨ᠂  
       — ᠲᠡᠷᠡ ᠣᠯᠠᠨ ᠠᠮᠢᠲᠠᠨ ᠢ᠋ ᠡᠳᠦᠷ ᠲᠦ᠍ ᠲᠠᠪᠤᠨ ᠤᠳᠠᠭ᠎ᠠ ᠬᠣᠨᠢᠨ ᠤ᠋ ᠲᠠᠷᠭᠤᠨ ᠮᠢᠬ᠎ᠠ ᠪᠠᠷ ᠰᠢᠬᠠᠬᠤ ᠲᠡᠷᠡ ᠬᠣᠨᠢ ᠨᠢ ᠬᠠᠮᠢᠭ᠎ᠠ ᠠ᠋ᠴᠠ ᠣᠯᠳᠠᠳᠠᠭ ᠪᠢᠯᠡ? ᠭᠡᠬᠦ ᠳ᠋ᠦ᠍ᠨᠢ( ᠳ᠋ᠦ᠍ ᠨᠢ)᠂ 
       — ᠠ ᠰᠢᠷ᠎ᠠ ᠬᠠᠷ᠎ᠠ ᠹᠧᠣᠳᠠᠯ ᠠ᠋ᠴᠠ ᠬᠤᠷᠢᠶᠠᠭᠰᠠᠨ ᠮᠠᠯ ᠶᠠᠭᠠᠬᠢᠭ᠎ᠠ ᠪᠣᠢ? ᠲᠡᠭᠦᠨ ᠢ᠋ ᠪᠠᠨ ᠯᠠ ᠢᠳᠡᠵᠦ ᠭᠠᠷᠤᠨ᠎ᠠ᠂ ᠹᠧᠣᠳᠠᠯ ᠤ᠋ᠨ ᠮᠠᠯ ᠢ᠋ ᠬᠠᠢᠷᠠᠯᠠᠨ ᠬᠠᠮᠠᠭᠠᠯᠠᠵᠤ᠂ ᠠᠷᠠᠴᠢᠯᠠᠵᠤ ᠮᠠᠯᠯᠠᠭᠰᠠᠨ ᠤ᠋ ᠬᠡᠷᠡᠭ ᠠᠯᠠᠭ᠎ᠠ᠃ ᠶᠠᠮᠠᠷ᠂ ᠹᠧᠣᠳᠠᠯ ᠳ᠋ᠤ᠌ ᠳᠠᠬᠢᠨ ᠳᠠᠷᠤᠯᠠᠭᠤᠯᠵᠤ ᠪᠠᠢᠭ᠎ᠠ ᠶᠤᠮ ᠪᠢᠰᠢ ᠭᠡᠬᠦ ᠳ᠋ᠦ᠍ᠨᠢ( ᠳ᠋ᠦ᠍ ᠨᠢ) ᠴᠡᠷᠡᠨ ᠰᠢᠷᠭᠠᠵᠤ(ᠰᠢᠷᠭᠠᠭᠠᠵᠤ)᠂  
       — ᠹᠧᠣᠳᠠᠯ ᠤ᠋ᠨ ᠢ᠋ᠶ᠋ᠠᠨ ᠮᠠᠯ ᠢᠳᠡ ᠢᠳᠡᠭᠰᠡᠭᠡᠷ ᠳᠠᠭᠤᠰᠴᠢᠪᠠᠯ(ᠳᠠᠭᠤᠰᠴᠢᠬᠠᠪᠠᠯ) ᠶᠠᠭᠤ ᠪᠠᠨ ᠢᠳᠡᠬᠦ ᠪᠣᠯᠬᠤ ᠪᠣᠢ? ᠭᠡᠬᠦ ᠳ᠋ᠦ᠍ᠨᠢ( ᠳ᠋ᠦ᠍ ᠨᠢ)᠂  
       — ᠠ ᠲᠡᠭᠡᠪᠡᠯ᠂ ᠨᠢᠳᠤᠷᠭᠠᠨ ᠪᠠᠶᠠᠴᠤᠳ ᠤ᠋ᠨ ᠮᠠᠯ ᠢ᠋ ᠬᠤᠷᠢᠶᠠᠨ᠎ᠠ᠂ ᠲᠡᠭᠡᠭᠡᠳ ᠲᠠᠢᠵᠢ ᠨᠠᠷ ᠤ᠋ᠨ ᠮᠠᠯ ᠢ᠋ ᠬᠤᠷᠢᠶᠠᠨ᠎ᠠ᠃  ᠮᠠᠨᠠᠢ(ᠮᠠᠨ ᠤ᠋) ᠬᠦᠵᠦᠭᠦᠨ ᠳᠡᠭᠡᠷ᠎ᠡ ᠰᠠᠭᠤᠵᠤ᠂ ᠮᠠᠨᠠᠢ( ᠮᠠᠨ ᠤ᠋) ᠬᠥᠮᠦᠨ ᠠᠮᠠ ᠶ᠋ᠢ ᠳᠠᠷᠤᠯᠠᠵᠤ ᠪᠠᠢᠭᠰᠠᠨ ᠢ᠋ ᠨᠢ ᠡᠴᠦᠰ ᠪᠣᠯᠭᠠᠨ᠎ᠠ᠃ ᠮᠢᠨᠦ ᠡᠨᠡ ᠰᠦᠮᠺ ᠲᠦ᠍ ᠪᠦᠬᠦ ᠪᠠᠭ ᠤ᠋ᠨ ᠨᠢᠳᠤᠷᠭᠠᠨ ᠪᠠᠶᠠᠴᠤᠳ᠂ ᠠ ᠲᠠᠢᠵᠢ ᠹᠧᠣᠳᠠᠯ ᠬᠡᠳᠦ ᠬᠡᠴᠢᠨᠡᠨ ᠡᠷᠦᠬᠡ᠂ ᠬᠡᠳᠦ ᠬᠡᠴᠢᠨᠡᠨ ᠮᠠᠯ ᠲᠠᠢ ᠨᠢ ᠴᠥᠮ ᠳᠠᠩᠰᠠ ᠲᠠᠢ᠃ ᠮᠠᠯ ᠢ᠋ᠶ᠋ᠠᠷ ᠬᠣᠮᠮᠥ᠋ᠨ ᠦ᠌ ᠬᠢᠨ ᠳᠤᠲᠠᠭᠳᠠᠬᠤ ᠦᠭᠡᠢ᠃ ᠨᠠᠭᠠᠳᠤ ᠵᠠᠬ᠎ᠠ ᠨᠢ ᠲᠠᠨᠠᠢᠬᠢ( ᠲᠠᠨ ᠤ᠋ ᠬᠢ) ᠡᠴᠡ ᠮᠠᠯ ᠬᠤᠷᠢᠶᠠᠨ᠎ᠠ᠃ ᠲᠠᠨᠠᠢᠬᠢ( ᠲᠠᠨ ᠤ᠋ ᠬᠢ )ᠳᠥᠷᠪᠡᠨ ᠵᠠᠭᠤᠨ ᠬᠣᠨᠢ ᠲᠠᠢ —— ᠶᠣᠰᠣᠲᠠᠢ ᠨᠢᠳᠤᠷᠭᠠᠨ ᠪᠠᠶᠠᠨ ᠠᠢᠯ᠃ ᠠᠢ᠂ ᠲᠡᠭᠡᠭᠡᠳ ᠪᠠᠰᠠ᠂ ᠬᠠᠭᠤᠴᠢᠨ ᠡᠵᠡᠷᠬᠡᠭ ᠵᠠᠰᠠᠭ ᠤ᠋ᠨ ᠦᠶ᠎ᠡ ᠳ᠋ᠦ᠍ ᠰᠠᠢᠨ ᠳᠤᠷ᠎ᠠ ᠪᠠᠷ ᠢ᠋ᠶ᠋ᠠᠨ ᠴᠡᠷᠢᠭ ᠲᠦ᠍ ᠶᠠᠪᠤᠵᠤ᠂ ᠵᠢᠩᠰᠡ ᠤᠲᠤᠭ᠎ᠠ ᠱᠠᠩᠨᠠᠭᠤᠯᠵᠤ ᠪᠠᠢᠭᠰᠠᠨ ᠢ᠋ ᠴᠢᠨᠢ ᠦᠵᠡᠪᠡᠯ ᠯᠡ ᠶᠣᠰᠣᠲᠠᠢ ᠬᠠᠷᠭᠢᠰ ᠲᠦᠰᠢᠮᠡᠯ ᠭᠡᠬᠦ ᠳ᠋ᠦ᠍ ᠦᠯᠦ ᠪᠣᠯᠬᠤ ᠭᠠᠵᠠᠷ ᠦᠭᠡᠢ᠃ ᠠ ᠲᠡᠢᠮᠦ ᠬᠥᠮᠦᠨ ᠰᠣᠩᠭᠣᠭᠤᠯᠢ ᠶ᠋ᠢᠨ  ᠡᠷᠬᠡ ᠦᠭᠡᠢ ᠪᠣᠯᠤᠨ᠎ᠠ᠃ ᠮᠢᠨᠦ ᠡᠨᠳᠡ ᠪᠦᠭᠦᠳᠡ ᠲᠡᠮᠳᠡᠭᠯᠡᠭᠡᠰᠦᠲᠡᠢ ᠭᠡᠵᠦ ᠰᠦᠮᠺ ᠢ᠋ᠶ᠋ᠡᠨ ᠠᠯᠠᠭᠠᠳᠠᠭᠠᠳ᠂ ᠠ᠂ ᠴᠢ ᠬᠠᠷᠢᠨ ᠨᠠᠳᠠ ᠲᠠᠢ ᠰᠠᠢᠨ ᠪᠠᠢᠬᠤ ᠶᠤᠮ ᠪᠣᠯ᠂ ᠠᠶᠤᠬᠤ ᠢᠴᠢᠬᠦ ᠶᠦᠮ ᠠᠯᠠᠭ᠎ᠠ᠃ ᠬᠣᠮᠮᠥ᠋ᠨ ᠳ᠋ᠦ᠍ ᠴᠦ᠍ ᠴᠢᠮᠠᠶ᠋ᠢ( ᠴᠢᠮ᠎ᠠ ᠶ᠋ᠢ) ᠣᠷᠣᠭᠤᠯᠵᠤ ᠪᠣᠯᠤᠨ᠎ᠠ᠃ ᠮᠢᠨᠦ ᠪᠡᠶ᠎ᠡ ᠪᠠᠭ ᠤ᠋ᠨ ᠳᠠᠷᠤᠭ᠎ᠠ ᠮᠥᠨ ᠦ᠌ ᠲᠤᠯᠠ᠂ ᠮᠢᠨᠦ ᠦᠭᠡ ᠵᠢᠩᠲᠡᠢ ᠰᠢᠦ᠃ ᠬᠣᠲᠠ ᠳ᠋ᠤ᠌ ᠪᠢ ᠳᠡᠭᠡᠭᠦᠷ ᠨᠢᠭᠤᠷ ᠲᠠᠢ᠂ ᠲᠣᠮᠣᠴᠤᠤᠯ ᠳ᠋ᠤ᠌ ᠲᠠᠯ᠎ᠠ ᠲᠠᠢ ᠬᠥᠮᠦᠨ ᠰᠢᠦ᠃ ᠠ ᠴᠢ ᠪᠢᠳᠡ ᠬᠣᠶᠠᠷ ᠠᠢᠯ ᠠᠬ᠎ᠠ ᠳᠡᠭᠦᠦ ᠶᠣᠰᠣᠭᠠᠷ᠂ ᠡᠢ ᠡᠪ ᠨᠠᠢᠷᠠᠮᠳᠠᠯᠲᠠᠢ ᠰᠠᠭᠤᠬᠤ ᠪᠣᠯᠤᠨ᠎ᠠ᠃ ᠴᠢ ᠨᠠᠳᠠᠳᠤ( ᠨᠠᠳᠠ ᠳ᠋ᠤ᠌) ᠵᠢᠷᠣᠭ᠎ᠠ ᠤᠯᠠᠭᠠᠨ ᠢ᠋ᠶ᠋ᠠᠨ ᠪᠡᠯᠡᠭᠯᠡ᠂ ᠮᠢᠨᠦ ᠵᠣᠷᠢᠵᠤ ᠢᠷᠡᠭᠰᠡᠨ ᠬᠡᠷᠡᠭ ᠲᠡᠷᠡ ᠠ᠋᠃ ᠲᠡᠷᠡ ᠵᠢᠷᠣᠭ᠎ᠠ ᠮᠣᠷᠢ ᠴᠢᠨᠢ᠂ ᠲᠤᠩ ᠰᠠᠢᠨ ᠮᠣᠷᠢ ᠰᠢᠦ ᠭᠡᠬᠦ ᠳ᠋ᠦ᠍ᠨᠢ( ᠳ᠋ᠦ᠍ ᠨᠢ)᠂  
       — ᠰᠠᠢᠨ ᠪᠣᠯᠪᠠᠴᠤ ᠲᠠᠨ ᠳ᠋ᠤ᠌ ᠬᠦᠷᠲᠡᠭᠡᠯ ᠦᠭᠡᠢ ᠪᠠᠢᠬ᠎ᠠ ᠭᠡᠵᠦ ᠰᠢᠷᠴᠢᠨ ᠦ᠌ ᠵᠢᠪᠡᠭᠦᠦ ᠨᠢ ᠬᠦᠷᠴᠡᠢ᠃  
       — ᠠ᠂ ᠡᠢᠮᠦ ᠪᠣᠢ? ᠵᠠ ᠲᠡᠭᠡᠪᠡᠯ᠂ ᠨᠢᠳᠤᠷᠭᠠᠨ  ᠪᠠᠶᠠᠨ ᠭᠡᠵᠦ ᠡᠷᠬᠡ ᠪᠡᠨ ᠬᠠᠰᠤᠭᠤᠯᠤᠭᠠᠳ᠂ ᠡᠯᠳᠡᠪ ᠮᠠᠭᠤ ᠪᠠᠨ ᠦᠵᠡᠬᠦ ᠳ᠋ᠡᠭᠡᠨ( ᠳ᠋ᠦ᠍ ᠪᠡᠨ) ᠤᠬᠠᠭᠠᠨ ᠣᠷᠣᠬᠤ ᠪᠣᠢ ᠳᠠ᠂ ᠴᠢ᠃ ᠠ ᠲᠡᠷᠡ ᠴᠠᠭ ᠲᠤ᠌ ᠨᠠᠳᠠ ᠶ᠋ᠢ ᠠᠵᠢᠷᠭ᠎ᠠ ᠪᠠᠷ ᠠᠳᠤᠭᠤ  ᠲᠠᠭᠤᠵᠤ ᠪᠡᠯᠡᠭᠯᠡᠭᠰᠡᠨ ᠴᠦ᠍ ᠪᠢ ᠠᠪᠬᠤ ᠦᠭᠡᠢ ᠰᠢᠦ! ᠭᠡᠵᠦ ᠰᠦᠷᠳᠡᠭᠦᠯᠵᠦ ᠬᠡᠯᠡᠭᠡᠳ ᠳᠤᠲᠠᠭᠤ ᠤᠤᠭᠤᠭᠰᠠᠨ ᠠᠶᠠᠭ᠎ᠠ ᠲᠠᠢ ᠴᠠᠢ ᠪᠠᠨ ᠬᠣᠢᠰᠢ ᠲᠠᠯᠪᠢᠵᠤ᠂ ᠭᠡᠷ ᠦ᠋ᠨ ᠡᠭᠦᠳᠡ ᠳᠡᠰ ᠬᠢᠲᠡᠯ᠎ᠡ ᠣᠷᠬᠢᠵᠤ ᠭᠠᠷᠬᠤ ᠳ᠋ᠤᠨᠢ ( ᠳ᠋ᠤ᠌ ᠨᠢ) ᠪᠤᠷᠤᠭᠤ ᠡᠭᠦᠳᠡ᠂ ᠭᠠᠳᠠᠨ᠎ᠠ ᠠ᠋ᠴᠠ ᠨᠢᠭᠡᠨ ᠶᠠᠭᠤᠮ᠎ᠠ ᠣᠷᠣᠬᠤ ᠭᠡᠰᠡᠨ ᠰᠢᠭ ᠰᠡᠬᠦᠭᠳᠡᠵᠡᠢ᠃  
       —  ᠳ᠋ᠤᠢᠩᠬᠤᠷ ᠤ᠋ᠨ ᠬᠣᠢᠨ᠎ᠠ ᠠ᠋ᠴᠠ ᠪᠤᠷᠤᠭᠤ ᠡᠭᠦᠳᠡ ᠪᠡᠷ ᠪᠤᠭ ᠠᠳᠠ ᠣᠷᠣᠭᠰᠠᠨ ᠶᠤᠮ ᠰᠢᠭ᠋᠂ ᠡᠨᠡ ᠤᠰᠤᠨ ᠮᠥᠷᠲᠦ ᠠᠮᠢᠲᠠᠨ ᠡᠯᠳᠡᠪ ᠲᠦᠪᠡᠭ ᠲᠠᠲᠠᠬᠤ ᠭᠡᠵᠦ ᠣᠷᠣᠯᠳᠣᠬᠤ ᠪᠠᠢᠬᠤ ᠳᠠ᠃ ᠮᠠᠭᠤ ᠠ᠋ᠴᠠ ᠮᠠᠭᠤ᠂ ᠮᠣᠳᠣᠨ ᠠ᠋ᠴᠠ ᠬᠦ ᠭᠡᠵᠦ ᠶᠡᠷᠦ ᠨᠢ ᠡᠨᠡ ᠮᠠᠭᠤ ᠠᠮᠢᠲᠠᠨ ᠲᠠᠢ ᠮᠠᠭᠤᠳᠠᠯᠴᠠᠭᠰᠠᠨ ᠤ᠋ ᠬᠡᠷᠡᠭ ᠪᠠᠢᠨᠠᠤ(ᠪᠠᠢᠨ᠎ᠠ ᠤᠤ) ᠳᠠ? ᠡᠯᠳᠡᠪ ᠬᠣᠪ ᠭᠦᠳᠬᠡᠯᠭᠡᠨ ᠳ᠋ᠦ᠍ᠨᠢ( ᠳ᠋ᠦ᠍ ᠨᠢ) ᠬᠥᠮᠦᠨ ᠴᠢᠷᠦᠭᠳᠡᠬᠦ ᠪᠣᠯᠤᠨ᠎ᠠ᠃ ᠵᠢᠷᠣᠭ᠎ᠠ ᠤᠯᠠᠭᠠᠨ ᠢ᠋ᠶ᠋ᠠᠨ ᠥᠭᠭᠦᠭᠡᠳ ᠰᠠᠯᠬᠤ ᠶᠤᠮ ᠪᠢᠰᠢ ᠤᠤ ᠳᠠ? ᠭᠡᠵᠦ ᠴᠡᠷᠡᠨ ᠦ᠌ ᠬᠡᠯᠡᠬᠦ ᠳ᠋ᠦ᠍᠂ 
       — ᠦᠭᠡᠢ᠂ ᠪᠢ ᠲᠡᠭᠦᠨ ᠳ᠋ᠦ᠍ ᠶᠠᠭᠠᠬᠢᠭᠰᠠᠨ ᠴᠤ᠌ ᠮᠣᠷᠢ ᠪᠠᠨ ᠥᠭᠬᠦ ᠦᠭᠡᠢ᠃ ᠴᠢ ᠵᠠᠩ ᠢ᠋ ᠨᠢ ᠮᠡᠳᠡᠬᠦ ᠦᠭᠡᠢ ᠭᠡᠵᠦ ᠤᠤ? ᠮᠣᠷᠢ ᠪᠠᠨ ᠥᠭᠪᠡᠯ ᠤᠯᠠᠮ ᠠᠮᠲᠠᠰᠢᠭᠠᠳ᠂ ᠪᠠᠰᠠ ᠶᠠᠭᠤᠮ᠎ᠠ ᠨᠡᠬᠡᠭᠡᠳ ᠰᠠᠯᠬᠤ ᠦᠭᠡᠢ ᠭᠡᠵᠦ ᠰᠢᠷᠴᠢᠨ ᠬᠠᠷᠢᠭᠤᠯᠵᠠᠢ᠃ ᠲᠡᠭᠡᠪᠡᠯ ᠶᠠᠭᠠᠬᠢᠳᠠᠭ ᠪᠢᠯᠡ? ᠪᠢᠳᠡᠨ ᠳ᠋ᠦ᠍ ᠶᠠᠮᠠᠷ ᠤᠷᠰᠢᠭ ᠲᠦᠪᠡᠭ ᠲᠠᠲᠠᠳᠠᠭ ᠪᠣᠯ? ᠭᠡᠳ ᠯᠡ ᠬᠦᠯᠢᠶᠡᠵᠦ ᠰᠠᠭᠤᠬᠤ ᠤᠤ ᠳᠠ? ᠭᠡᠵᠦ ᠴᠡᠷᠡᠨ ᠦ᠌ ᠠᠰᠠᠭᠤᠬᠤ ᠳ᠋ᠤ᠌᠂ ᠰᠢᠷᠴᠢᠨ᠂ ᠲᠦᠷᠡᠢ ᠡᠴᠡ ᠪᠡᠨ ᠭᠠᠩᠰᠠ ᠪᠠᠨ ᠭᠠᠷᠭᠠᠵᠤ ᠬᠡᠳᠦ ᠰᠤᠷᠤᠭᠠᠳ ᠪᠠᠬᠠᠨ ᠪᠣᠳᠣᠯᠭ᠎ᠠ ᠪᠣᠯᠵᠤ᠂  
       — ᠠᠷᠠᠢ ᠯᠠ ᠡᠢᠮᠦ ᠪᠠᠢᠬᠤ ᠶᠣᠰᠣ ᠦᠭᠡᠢ ᠶᠤᠮᠰᠠᠨ ( ᠶᠤᠮ ᠰᠠᠨ)᠃ ᠳᠠᠢᠰᠤᠨ ᠡᠲᠡᠭᠡᠳ ᠣᠯᠠᠨ ᠤ᠋ ᠰᠡᠳᠬᠢᠯ ᠠᠯᠳᠠᠭᠳᠠᠭᠤᠯᠵᠤ᠂ ᠠᠷᠠᠳ ᠤ᠋ᠨ ᠵᠠᠰᠠᠭ ᠲᠤ᠌ ᠥᠰᠢᠶ᠎ᠡ ᠲᠡᠢ ᠪᠣᠯᠭᠠᠬᠤ ᠭᠡᠵᠦ ᠬᠠᠳᠬᠤᠨ ᠬᠣᠣᠷᠯᠠᠬᠤ ᠭᠡᠵᠦ ᠪᠠᠢᠭ᠎ᠠ ᠶᠤᠮ ᠪᠢᠰᠢ ᠪᠠᠢᠭ᠎ᠠ ᠳᠠ? ᠲᠡᠷᠡ ᠵᠢᠯ ᠬᠣᠰᠢᠭᠤ ᠰᠤᠷᠭᠠᠭᠤᠯᠢ ᠳ᠋ᠤ᠌ ᠢᠷᠡᠵᠦ ᠪᠠᠢᠭᠰᠠᠨ ᠥᠨᠥᠬᠢ ᠰᠠᠢᠳ ᠪᠠᠭᠰᠢ ᠶ᠋ᠢ ᠴᠢ ᠰᠠᠨᠠᠵᠤ ᠪᠠᠢᠨᠠᠤ?(ᠪᠠᠢᠨ᠎ᠠ ᠤᠤ)ᠲᠡᠷᠡ ᠴᠢᠨᠢ ᠥᠨᠥᠬᠢ ᠣᠯᠢᠭᠲᠤ ᠪᠠᠷᠠᠭᠤᠨ ᠭᠡᠭᠴᠢ ᠨᠢ ᠪᠠᠢᠭᠰᠠᠨ ᠶᠤᠮ ᠭᠡᠬᠦ ᠰᠢᠭ ᠪᠢᠯᠡ᠃ ᠣᠳᠣ ᠵᠡᠭᠦᠨᠲᠡᠨ ᠭᠡᠳᠡᠭ ᠨᠢ ᠪᠠᠰᠠ ᠨᠤᠭᠤᠯᠵᠤ ᠬᠤᠭᠤᠯᠵᠤ ᠪᠠᠢᠭ᠎ᠠ ᠶᠤᠮ ᠪᠢᠰᠢ ᠪᠢᠵᠡ ᠭᠡᠵᠡᠢ᠃ 
       —  ᠪᠠ᠊ ᠶᠧ ᠰᠡᠷᠡᠭᠦᠨ ᠲᠤᠩᠭᠠᠯᠠᠭ ᠪᠠᠢᠭᠰᠠᠨ ᠪᠣᠯ᠂ ᠤᠴᠢᠷ ᠢ᠋ ᠮᠡᠳᠡᠬᠦ ᠶᠤᠮᠰᠠᠨᠵᠠᠢ( ᠶᠤᠮ ᠰᠠᠨᠵᠠᠢ) ᠳᠠ ᠭᠡᠵᠦ ᠪᠠᠲᠤᠪᠠᠶᠠᠷ ᠭᠤᠸᠠᠢ ᠶ᠋ᠢ ᠶᠡᠬᠡᠳᠡ ᠪᠢᠰᠢᠷᠡᠨ ᠬᠦᠨᠳᠦᠳᠬᠡᠳᠡᠭ ᠴᠡᠷᠡᠨ ᠰᠡᠭᠦᠷᠡᠰᠦ ᠠᠯᠲᠠᠨ ᠥᠭᠦᠯᠡᠷᠦᠨ᠂ ᠮᠠᠯ ᠢ᠋ᠶ᠋ᠠᠨ ᠪᠡᠯᠴᠢᠭᠡᠭᠡᠳ᠂ ᠪᠤᠴᠠᠬᠤ ᠵᠠᠮ ᠳ᠋ᠠᠭᠠᠨ( ᠳ᠋ᠤ᠌ ᠪᠠᠨ) ᠥᠷᠯᠥᠭᠡ ᠪᠢ ᠯᠣᠳᠣᠢ ᠪᠠᠶᠠᠨ ᠤ᠋ ᠳᠡᠭᠦᠦ ᠵᠠᠩᠲᠠᠢ ᠴᠢᠪᠠᠭᠠᠨᠴᠠ ᠲᠠᠢ ᠳᠠᠭᠠᠷᠢᠯᠳᠤᠵᠤ᠂ ᠶᠠᠭᠤ ᠭᠡᠰᠡᠨ ᠮᠠᠭᠤ ᠠᠭᠠᠰᠢ ᠲᠠᠢ ᠬᠥᠮᠦᠨ ᠪᠣᠢ? ᠶᠠᠭᠤᠮᠠᠨ ᠤ᠋ ᠲᠦᠷᠦᠭᠦᠨ ᠳ᠋ᠦ᠍ ᠭᠡᠵᠢᠭᠡ ᠪᠡᠨ ᠠᠪᠴᠤ᠂ ᠮᠤᠬᠤᠷ ᠲᠣᠯᠣᠭᠠᠢ ᠲᠠᠢ ᠪᠣᠯᠤᠭᠰᠠᠨ ᠥᠨᠥᠬᠢ ᠲᠠᠢᠵᠢ ᠨᠠᠷ ᠢ᠋ ᠴᠥᠮ ᠢ᠋ ᠨᠢ ᠱᠣᠷᠣᠩ ᠳ᠋ᠤ᠌ ᠬᠢᠴᠢᠬᠡᠭᠰᠡᠨ ᠰᠢᠦ᠃ ᠣᠳᠣ ᠲᠡᠳᠡ ᠴᠢᠨᠢ ᠮᠤᠬᠤᠷ ᠲᠣᠯᠣᠭᠠᠢ ᠪᠠᠷ ᠪᠠᠷᠠᠬᠤ ᠦᠭᠡᠢ ᠲᠣᠯᠣᠭᠠᠢ ᠦᠭᠡᠢ ᠴᠢᠳᠬᠥᠷ ᠪᠣᠯᠬᠤ ᠨᠢ ᠳᠡ᠃ ᠲᠠ ᠨᠠᠷ ᠴᠤ᠌ ᠨᠢᠭᠡ ᠶᠡᠬᠡ ᠤᠳᠠᠭᠠᠨ ᠢᠩᠭᠢᠵᠦ ᠶᠠᠪᠤᠬᠤ ᠦᠭᠡᠢ᠂ ᠮᠤᠬᠤᠷ ᠲᠣᠯᠣᠭᠠᠢᠲᠠᠨ᠂ ᠮᠠᠨᠠᠢ(ᠮᠠᠨ ᠤ᠋) ᠶᠠᠭᠤᠮ᠎ᠠ ᠦᠭᠡᠢ ᠬᠢᠵᠦ ᠪᠠᠷᠠᠭᠰᠠᠨ ᠲᠠᠢ ᠪᠠᠨ ᠠᠳᠠᠯᠢ᠂ ᠲᠠᠨᠠᠢ( ᠲᠠᠨ ᠤ᠋) ᠶᠠᠭᠤᠮ᠎ᠠ ᠪᠠᠰᠠ ᠳᠠᠭᠤᠰᠤᠨ᠎ᠠ ᠳᠠ᠃ ᠤᠳᠠᠬᠤ ᠦᠭᠡᠢ᠂ ᠤᠳᠠᠬᠤ ᠦᠭᠡᠢ᠃ ᠲᠠ ᠨᠠᠷ ᠴᠥᠮ ᠢ᠋ᠶ᠋ᠡᠷ ᠢ᠋ᠶ᠋ᠡᠨ ᠮᠠᠨᠠᠢ(ᠮᠠᠨ ᠤ᠋) ᠯᠣᠳᠣᠢ ᠠᠬ᠎ᠠ ᠶ᠋ᠢᠨ ᠣᠷᠣᠭᠰᠠᠨ ᠭᠠᠵᠠᠷ ᠣᠷᠣᠨ᠎ᠠ ᠳᠠ ᠭᠡᠵᠦ ᠵᠠᠩᠨᠠᠭᠠᠳ᠂ ᠨᠠᠮᠠᠶ᠋ᠢ(ᠨᠠᠮ᠎ᠠ ᠶ᠋ᠢ)ᠮᠣᠷᠢ ᠪᠠᠨ ᠡᠷᠭᠢᠭᠦᠯᠵᠦ ᠵᠠᠢᠯᠠᠬᠤ ᠳ᠋ᠤ᠌᠂ ᠬᠣᠢᠨ᠎ᠠ ᠠ᠋ᠴᠠ ᠮᠢᠨᠢ ᠨᠤᠯᠮᠤᠵᠤ᠂ ᠬᠠᠷᠢᠶᠠᠯ ᠰᠢᠷᠢᠶᠠᠯ ᠲᠠᠯᠪᠢᠵᠤ ᠪᠢᠯᠡ᠃ ᠲᠡᠷᠡ ᠬᠡᠳᠦᠨ ᠬᠥᠭᠡᠷᠦᠬᠦᠢ ᠬᠣᠬᠢ ᠲᠠᠢᠵᠢ ᠶ᠋ᠢ ᠱᠣᠷᠣᠩ ᠳ᠋ᠤ᠌ ᠶᠠᠭᠠᠬᠢᠬᠤ ᠴᠤ᠌ ᠭᠡᠵᠦ ᠬᠢᠭᠰᠡᠨ ᠶᠦᠮ ᠪᠣᠯ ᠳᠠ? ᠯᠣᠳᠣᠢ ᠪᠠᠢᠰᠠ᠂ ᡀᠠ ᠪᠡᠢᠯᠡ ᠰᠢᠭ ᠮᠠᠭᠤᠬᠠᠢ ᠬᠠᠷᠭᠢᠰ ᠪᠠᠢᠭᠰᠠᠨ ᠪᠣᠯ ᠴᠤ᠌ ᠶᠠᠭᠠᠬᠢᠶ᠎ᠠ ᠭᠡᠬᠦ ᠪᠣᠢ᠂ ᠲᠠᠢᠵᠢ ᠢᠵᠠᠭᠤᠷᠲᠠᠢ ᠭᠡᠵᠦ ᠲᠡᠳᠡᠨ ᠢ᠋ ᠳᠡᠮᠡᠢ ᠴᠦ᠍ ᠲᠡᠭᠡᠭᠰᠡᠨ ᠪᠢᠰᠢ ᠤᠤ ᠳᠠ? ᠭᠡᠬᠦ ᠳ᠋ᠦ᠍ᠨᠢ( ᠳ᠋ᠦ᠍ ᠨᠢ)᠂ 
       — ᠨᠢᠳᠦ ᠲᠡᠢ ᠵᠠᠰᠠᠭ᠂ ᠤᠴᠢᠷ ᠢ᠋ ᠨᠢ ᠣᠯᠬᠤ ᠶᠤᠮ ᠪᠠᠢᠯ ᠦᠭᠡᠢ ᠶᠠᠭᠠᠬᠢᠬᠤ ᠪᠣᠢ? ᠴᠣᠢᠪᠠᠯᠰᠠᠩ ᠵᠠᠩᠵᠤᠨ ᠤᠴᠢᠷ ᠤᠬᠠᠭᠠᠨ ᠢ᠋ ᠨᠢ ᠵᠠᠪᠠᠯ ᠣᠯᠤᠨ᠎ᠠ ᠬᠡᠮᠡᠪᠡᠰᠦ᠂ 
       — ᠵᠠᠩᠵᠤᠨ ᠭᠠᠭᠴᠠᠭᠠᠷᠳᠠᠵᠤ ᠪᠠᠢᠭ᠎ᠠ ᠶᠤᠮ ᠪᠢᠰᠢ ᠪᠠᠢᠭ᠎ᠠ ᠳᠠ? ᠳ᠋ᠣᠢᠩᠬᠣᠷ ᠢ᠋ ᠵᠢᠭᠵᠢᠳ ᠲᠡᠢ ᠲᠠᠨᠢᠯ ᠭᠡᠵᠦ ᠰᠠᠭᠰᠠᠭᠤᠷᠠᠵᠤ᠂ ᠲᠡᠷᠡ ᠶ᠋ᠢ ᠪᠡᠨ ᠬᠡᠨᠳᠡᠨ ᠰᠠᠢᠳ ᠲᠤ᠌ ᠨᠢᠭᠤᠷ ᠲᠠᠢ ᠭᠡᠵᠦ ᠪᠠᠢᠭ᠎ᠠ ᠶ᠋ᠢ ᠲᠠ ᠲᠤᠭᠤᠯᠤᠭᠰᠠᠨ ᠪᠢᠵᠡ ᠳᠡ ᠭᠡᠵᠦ ᠴᠡᠷᠡᠨ ᠦ᠌ ᠰᠡᠭᠦᠷᠡᠰᠦ ᠠᠯᠳᠠᠬᠤ ᠳ᠋ᠤ᠌᠂ 
       — ᠵᠠᠩᠵᠤᠨ ᠭᠠᠭᠴᠠᠭᠠᠷᠳᠠᠬᠤ ᠬᠥᠮᠦᠨ ᠪᠢᠰᠢ᠂ ᠠᠷᠠᠳ ᠲᠦᠮᠡᠨ᠂ ᠠᠷᠠᠳ ᠤ᠋ᠨ ᠬᠤᠪᠢᠰᠬᠠᠯᠲᠤ ᠨᠠᠮ᠂ ᠵᠠᠩᠵᠤᠨ ᠤ᠋ ᠠᠮᠲᠤ ᠰᠢᠦ ᠳᠡ ᠭᠡᠬᠦ ᠳ᠋ᠦ᠍ᠨᠢ(ᠳ᠋ᠦ᠍ ᠨᠢ)᠂ 
       — ᠲᠠ ᠨᠠᠮ ᠳ᠋ᠤ᠌ ᠡᠯᠰᠡᠪᠡᠯ ᠳᠡᠭᠡᠷ᠎ᠡ ᠶᠦᠮ ᠪᠢᠰᠢ ᠪᠠᠢᠭ᠎ᠠ? ᠨᠠᠭᠠᠳᠤ ᠵᠠᠬ᠎ᠠ ᠨᠢ᠂ ᠳ᠋ᠤᠢᠩᠬᠣᠷ ᠮᠡᠲᠦ ᠶ᠋ᠢᠨ ᠠᠮᠢᠲᠠᠨ ᠦᠭᠡᠯᠡᠬᠦ ᠬᠠᠯᠳᠠᠬᠤ᠂ ᠤᠯᠠ ᠱᠠᠭᠠᠢᠬᠤ ᠨᠢ ᠭᠠᠢ ᠦᠭᠡᠢ ᠪᠣᠯᠬᠤ ᠰᠠᠨ ᠪᠠᠢᠬᠤ ᠭᠡᠬᠦ ᠳ᠋ᠦ᠍ᠨᠢ( ᠳ᠋ᠦ᠍ ᠨᠢ)᠂ ᠰᠢᠷᠴᠢᠨ ᠭᠠᠩᠰᠠ ᠪᠠᠨ ᠦᠨᠡᠰᠦᠨ ᠦ᠌ ᠰᠠᠪᠠ ᠶ᠋ᠢᠨ ᠪᠢᠴᠢᠬᠠᠨ ᠳᠣᠪᠣᠭᠣᠷ ᠲᠤ᠌ ᠲᠣᠭᠰᠢᠭᠠᠳ᠂ ᠦᠨᠡᠨ ᠭᠣᠣᠯ ᠠ᠋ᠴᠠ ᠪᠠᠨ ᠥᠭᠦᠯᠡᠷᠦᠨ᠂ 
       — ᠪᠢ ᠴᠣᠢᠪᠠᠯᠰᠠᠩ ᠵᠠᠩᠵᠤᠨ ᠤ᠋ ᠪᠠᠨ ᠲᠥᠯᠥᠭᠡ᠂ ᠠᠷᠠᠳ ᠤ᠋ᠨ ᠢ᠋ᠶ᠋ᠠᠨ ᠨᠠᠮ ᠵᠠᠰᠠᠭ ᠤ᠋ᠨ ᠲᠥᠯᠥᠭᠡ ᠠᠮᠢ ᠪᠠᠨ ᠥᠭᠬᠦ ᠡᠴᠡ ᠪᠡᠨ ᠪᠤᠴᠠᠬᠤ ᠦᠭᠡᠢ᠃ ᠮᠠᠨᠵᠤ ᠬᠠᠭᠠᠨ ᠤ᠋ ᠲᠡᠷᠡ ᠴᠡᠷᠢᠭ ᠲᠡᠢ᠂ ᠶᠤᠸᠠᠨᠱ᠍ᠢᠬᠠᠢ ᠶ᠋ᠢᠨ ᠳ᠋ᠥ᠋ᠵᠢᠶᠥ᠋ᠨ ᠨᠦ᠍ᠭᠦᠳ ᠦ᠋ᠨ ᠬᠠᠷ᠎ᠠ ᠴᠡᠷᠢᠭ ᠲᠡᠢ ᠳᠠᠢᠳᠤᠵᠤ ᠶᠠᠪᠤᠭᠰᠠᠨ ᠠ᠋ᠴᠠ ᠪᠠᠨ ᠠᠷᠪᠠᠨ ᠬᠤᠪᠢ ᠢᠯᠡᠭᠦᠦ ᠬᠦᠴᠦ ᠵᠣᠷᠢᠭ ᠭᠠᠷᠭᠠᠵᠤ ᠡᠨᠡ ᠭᠡᠭᠡᠨ ᠵᠠᠰᠠᠭ ᠤ᠋ᠨ ᠢ᠋ᠶ᠋ᠠᠨ ᠲᠥᠯᠥᠭᠡ ᠪᠠᠢᠯᠳᠤᠬᠤ ᠳ᠋ᠤ᠌ ᠪᠡᠯᠡᠬᠡᠨ᠃ ᠦᠷ᠎ᠡ ᠬᠡᠦᠬᠡᠳ ᠦ᠋ᠨ ᠢ᠋ᠶ᠋ᠡᠨ ᠬᠡᠳᠦ ᠶ᠋ᠢᠨ ᠵᠢᠷᠭᠠᠯ ᠤ᠋ᠨ ᠲᠥᠯᠥᠭᠡ ᠡᠨᠡ ᠪᠡᠶ᠎ᠡ ᠶ᠋ᠢᠨ ᠬᠦᠴᠦ ᠲᠡᠩᠬᠡᠭᠡ ᠲᠠᠰᠤᠷᠠᠭ᠎ᠠ ᠦᠭᠡᠢ ᠴᠠᠭ ᠲᠤ᠌ ᠴᠤᠴᠠᠯᠲᠠ ᠦᠭᠡᠢ ᠵᠢᠳᠬᠦᠬᠦ ᠳ᠋ᠦ᠍ ᠪᠡᠯᠡᠬᠡᠨ᠃ ᠭᠠᠭᠴᠠ᠂ ᠨᠠᠮ ᠳ᠋ᠤ᠌ ᠡᠯᠰᠡᠨ᠎ᠡ ᠭᠡᠬᠦ ᠳ᠋ᠦ᠍᠂ ᠶᠠᠮᠠᠷ ᠶᠡᠬᠡ ᠭᠠᠪᠢᠶ᠎ᠠ ᠪᠠᠢᠭᠤᠯᠤᠭᠰᠠᠨ ᠭᠡᠵᠦ ᠡᠯᠰᠡᠨ᠎ᠡ ᠭᠡᠬᠦ ᠪᠢᠯᠡ? ᠠᠮᠢᠨ ᠤ᠋ ᠪᠠᠨ ᠠᠷᠪᠠ ᠲᠠᠪᠤᠨ ᠮᠠᠯ ᠤ᠋ᠨ ᠬᠣᠢᠨ᠎ᠠ ᠠ᠋ᠴᠠ ᠨᠣᠬᠠᠢ ᠰᠢᠭ᠋ ᠳᠠᠭᠠᠵᠤ᠂ ᠬᠦᠢᠲᠡᠨ ᠳ᠋ᠦ᠍ ᠲᠠᠭᠠᠷᠠᠵᠤ᠂ ᠬᠠᠯᠠᠭᠤᠨ ᠳ᠋ᠤ᠌ ᠬᠠᠯᠠᠵᠤ ᠶᠠᠪᠤᠭᠰᠠᠨ ᠢ᠋ᠶ᠋ᠠᠨ ᠭᠠᠪᠢᠶ᠎ᠠ ᠭᠡᠬᠦ ᠤᠤ? ᠠᠮᠢᠨ ᠤ᠋ ᠪᠠᠨ ᠮᠠᠯ ᠢ᠋ ᠳᠥᠷᠪᠡᠨ ᠵᠠᠭᠤ ᠪᠣᠯᠭᠠᠭᠰᠠᠨ ᠢ᠋ᠶ᠋ᠠᠨ ᠭᠠᠪᠢᠶ᠎ᠠ ᠭᠡᠵᠦ ᠭᠠᠢᠬᠠᠭᠤᠯᠬᠤ ᠤᠤ? ᠲᠡᠭᠦᠨ ᠳ᠋ᠦ᠍ ᠶᠠᠮᠠᠷ ᠭᠠᠪᠢᠶ᠎ᠠ ᠪᠠᠢᠬᠤ ᠪᠣᠢ᠃ ᠡᠨᠡ ᠳ᠋ᠣᠢᠩᠬᠣᠷ ᠮᠡᠲᠦ ᠶ᠋ᠢᠨ ᠠᠮᠢᠲᠠᠨ ᠠ᠋ᠴᠠ ᠠᠮᠢ ᠪᠠᠨ ᠬᠠᠭᠠᠴᠠᠢᠯᠠᠬᠤ ᠭᠡᠵᠦ ᠨᠠᠮ ᠳ᠋ᠤ᠌ ᠶᠠᠮᠠᠷ ᠨᠢᠭᠤᠷ ᠢ᠋ᠶ᠋ᠠᠷ ᠡᠯᠰᠡᠬᠦ  ᠪᠢᠯᠡ? ᠦᠭᠡᠢ᠂ ᠲᠡᠭᠡᠵᠦ ᠪᠣᠯᠬᠤ ᠦᠭᠡᠢ ᠰᠢᠦ᠂ ᠬᠣᠩᠭᠣᠷ ᠮᠢᠨᠢ ᠭᠡᠬᠦ ᠳ᠋ᠦ᠍ᠨᠢ(ᠳ᠋ᠦ᠍ ᠨᠢ)᠂ 
       — ᠲᠠᠨ ᠤ᠋ ᠲᠡᠷᠡ  ᠲᠦᠮᠡᠨ ᠵᠥᠪ᠂ ᠲᠡᠨᠡᠭ ᠬᠥᠮᠦᠨ ᠦ᠌ ᠠᠮᠠ ᠠ᠋ᠴᠠ ᠭᠠᠷᠤᠭᠰᠠᠨ ᠶᠠᠭᠤᠮ᠎ᠠ  ᠲᠡᠷᠭᠡ ᠲᠡᠮᠡᠭᠡᠨ ᠳ᠋ᠦ᠍ ᠪᠠᠭᠲᠠᠬᠤ ᠦᠭᠡᠢ ᠭᠡᠳᠡᠭ᠃ ᠮᠤᠩᠬᠠᠭ ᠪᠢ ᠡᠰᠡ ᠤᠬᠠᠵᠤ᠂ ᠤᠴᠢᠷ ᠢ᠋ ᠪᠣᠳᠣᠯ ᠦᠭᠡᠢ ᠡᠨᠳᠡᠭᠦᠷᠡᠯ᠎ᠡ ᠭᠡᠵᠦ ᠬᠡᠯᠡᠭᠡᠳ ᠴᠡᠷᠡᠨ᠂ ᠡᠪᠦᠳᠦᠭ ᠳᠡᠭᠡᠷ᠎ᠡ ᠪᠡᠨ ᠭᠠᠷᠤᠭᠰᠠᠨ ᠵᠢᠭᠠᠯ ᠬᠡᠦᠬᠡᠳ ᠢ᠋ᠶ᠋ᠡᠨ ᠡᠯᠢᠭᠡᠨ ᠳ᠋ᠡᠭᠡᠨ( ᠳ᠋ᠦ᠍ ᠪᠡᠨ) ᠲᠡᠪᠡᠷᠢᠵᠡᠢ᠃  


        ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠪᠠᠯ᠂ ᠤᠢᠭᠤᠷᠵᠢᠨ· ᠣᠳᠬᠣᠨᠪᠠᠪᠠ᠂ ᠪᠠᠳᠮᠠᠰᠡᠴᠡᠨ
           ᠬᠢᠨᠠᠭᠴᠢ᠄ ᠣᠳᠬᠣᠨᠴᠡᠴᠡᠭ᠂ ᠤᠢᠭᠤᠷᠵᠢᠨ· ᠣᠳᠬᠣᠨᠪᠠᠪᠠ᠂ ᠴᠤᠯᠮᠤᠨᠭᠡᠷᠡᠯ᠂ ᠪᠠᠯ 
           ᠤᠩᠰᠢᠭᠴᠢ᠄ ᠨᠠᠰᠤᠨ᠌ᠦ᠌ᠯᠵᠡᠢ