1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ10-11Юан улсын дээд нийслэл шант

ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ10-11Юан улсын дээд нийслэл шант

ᠠᠩᠭᠢᠯᠠᠯ:ᠲᠡᠥᠬᠡ ᠰᠣᠶᠣᠯ
2025-06-04

1802

ᠠᠷᠪᠠ ᠮᠣᠩᠭᠣᠯ ᠠᠨᠠᠭᠠᠬᠤ ᠤᠬᠠᠭᠠᠨ

    ᠮᠣᠩᠭᠣᠯ ᠦᠨᠳᠦᠰᠦᠲᠡᠨ ᠦ᠌ ᠬᠥᠮᠦᠨ ᠡᠮᠨᠡᠯᠭᠡ ᠶ᠋ᠢᠨ ᠠᠨᠠᠭᠠᠬᠤ ᠤᠬᠠᠭᠠᠨ ᠪᠣᠯ ᠥᠨᠢ ᠤᠳᠠᠭᠠᠨ ᠲᠡᠦᠬᠡ ᠲᠡᠢ ᠤᠯᠠᠮᠵᠢᠯᠠᠭᠰᠠᠨ ᠴᠢᠨᠠᠷ ᠲᠠᠢ ᠶᠤᠮ᠃
    ᠡᠷᠲᠡ ᠳᠡᠭᠡᠳᠦᠰ ᠡᠴᠡ ᠶᠠᠰᠤ ᠪᠡᠷᠲᠡᠬᠦ ᠶ᠋ᠢ ᠪᠠᠷᠢᠬᠤ᠂ᠭᠠᠳᠠᠷ ᠰᠢᠷᠬ᠎ᠠ ᠶ᠋ᠢ ᠲᠥᠭᠡᠨᠡᠬᠦ᠂ᠦᠶ᠎ᠡ ᠭᠡᠰᠢᠭᠦᠨ ᠦ᠌ ᠡᠪᠡᠳᠴᠢᠨ ᠢ᠋ ᠰᠠᠪᠰᠠᠯᠠᠬᠦ᠂ᠬᠠᠯᠠᠭᠤᠨ ᠬᠦᠢᠲᠡᠨ ᠵᠢᠩ ᠲᠠᠯᠪᠢᠬᠤ᠂ᠴᠢᠰᠤᠨ ᠤ᠋ ᠭᠡᠮ ᠢ᠋ ᠬᠠᠨᠠᠬᠤ᠂ᠴᠤᠯᠤ ᠰᠠᠪᠠ ᠰᠢᠯᠵᠢᠬᠦ ᠶ᠋ᠢ ᠢᠯᠢᠬᠦ᠂ᠰᠢᠷ᠎ᠠ ᠤᠰᠤᠨ ᠤ᠋ ᠭᠡᠮ ᠢ᠋ ᠬᠠᠯᠠᠭᠤᠨ ᠬᠦᠢᠲᠡᠨ ᠷᠠᠰᠢᠶᠠᠨ ᠤᠰᠤ ᠪᠠᠷ ᠵᠠᠰᠠᠬᠤ᠂ᠢᠳᠡᠭᠡᠨ ᠤᠮᠳᠠᠭᠠᠨ ᠤ᠋ ᠵᠠᠰᠠᠯ ᠵᠡᠷᠭᠡ ᠤᠯᠠᠮᠵᠢᠯᠠᠯᠲᠤ ᠠᠷᠭ᠎ᠠ ᠪᠠᠷᠢᠯ ᠢ᠋ᠶ᠋ᠠᠷ ᠣᠯᠠᠨ ᠵᠦᠢᠯ ᠦ᠋ᠨ ᠠᠷᠬᠠᠭ ᠭᠡᠮ ᠢ᠋ ᠠᠨᠠᠭᠠᠵᠤ ᠪᠠᠢᠪᠠ᠃
    ᠷᠠᠰᠢᠳ᠋ ᠠᠳ᠋ ᠳ᠋ᠢᠠ ᠤ 《ᠰᠤᠳᠤᠷ ᠤ᠋ᠨ ᠴᠢᠭᠤᠯᠭᠠᠨ》 ᠳ᠋ᠤ᠌ ᠮᠣᠩᠭᠣᠯᠴᠤᠳ《ᠺᠠᠳ᠋ᠷ》 ᠬᠡᠮᠡᠬᠦ ᠨᠢᠭᠡᠨ ᠵᠦᠢᠯ ᠦ᠋ᠨ ᠲᠣᠭᠰᠢᠨ ᠴᠢᠨᠠᠷᠲᠠᠢ ᠡᠮ ᠢ᠋ᠶ᠋ᠡᠷ ᠡᠪᠡᠳᠴᠢᠨ ᠵᠠᠰᠠᠵᠤ ᠪᠠᠢᠭᠰᠠᠨ ᠢ᠋ ᠲᠡᠮᠳᠡᠭᠯᠡᠵᠦ᠂ᠪᠠᠰᠠ ᠣᠷᠰᠤᠳ ᠲᠠᠯᠠᠩᠭᠦᠳ ᠵᠡᠷᠭᠡ ᠣᠢ ᠶ᠋ᠢᠨ ᠢᠷᠭᠡᠳ ᠮᠣᠩᠭᠣᠯ ᠡᠮ ᠨᠠᠢᠷᠠᠬᠤ ᠶ᠋ᠢ ᠨᠡᠪᠲᠡᠷᠡᠲᠡᠯ᠎ᠡ ᠮᠡᠳᠡᠳᠡᠭ ᠪᠠᠢᠭᠰᠠᠨ ᠢ᠋ ᠪᠢᠴᠢᠭᠰᠡᠨ ᠪᠢᠯᠡ᠃ᠴᠠᠩ ᠴᠦᠨ ᠪᠣᠮᠪᠣ ᠶ᠋ᠢᠨ《ᠪᠠᠷᠠᠭᠤᠨᠰᠢ ᠵᠣᠷᠴᠢᠭᠰᠠᠨ ᠲᠡᠮᠳᠡᠭᠯᠡᠯ》 ᠳ᠋ᠦ᠍ ᠮᠣᠩᠭᠣᠯ ᠬᠥᠮᠦᠨ ᠴᠠᠭᠠᠨ ᠭᠣᠶᠣᠣ ᠪᠠᠷ ᠡᠪᠡᠳᠴᠢᠨ ᠵᠠᠰᠠᠭᠰᠠᠨ ᠢ᠋ ᠪᠠᠰᠠ ᠮᠡᠳᠡᠭᠡᠯᠡᠭᠰᠡᠨ ᠪᠠᠢᠪᠠ᠃
    ᠮᠣᠩᠭᠣᠯ ᠴᠡᠷᠢᠭ ᠦ᠋ᠨ ᠳᠣᠲᠣᠷ᠎ᠠ ᠳᠡᠯᠭᠡᠷᠡᠭᠰᠡᠨ ᠬᠠᠯᠳᠠᠪᠤᠷᠢᠲᠤ ᠬᠢᠵᠢᠭ ᠡᠪᠡᠳᠴᠢᠨ ᠢ᠋ ᠭᠢᠰᠢᠭᠦᠨ᠎ᠡ ᠪᠡᠷ ᠵᠠᠰᠠᠭᠠᠳ ᠢᠯᠠᠷᠢ ᠪᠣᠯᠭᠠᠭᠰᠠᠨ ᠲᠡᠮᠳᠡᠭᠯᠡᠯ ᠴᠦ᠍ ᠪᠣᠢ᠃
    ᠵᠦᠩ ᠲᠦᠩ ᠦ᠋ᠨ ᠳᠥᠷᠪᠡᠳᠦᠭᠡᠷ ᠣᠨ ᠳ᠋ᠤ᠌ ᠱᠠᠩᠳᠤ ᠬᠣᠲᠠᠨ᠎ᠠ ᠢᠷᠭᠡᠳ ᠢ ᠢᠪᠡᠭᠡᠬᠦ ᠶᠠᠮᠤᠨ ᠢ᠋ ᠪᠠᠢᠭᠤᠯᠤᠭᠠᠳ ᠡᠮ ᠦ᠋ᠨ ᠦᠨᠳᠦᠰᠦ ᠠᠪᠴᠤ ᠵᠣᠷ ᠨᠠᠢᠷᠠᠭᠤᠯᠤᠨ ᠡᠭᠡᠯ ᠠᠷᠠᠳ ᠢᠷᠭᠡᠳ ᠦ᠋ᠨ ᠡᠪᠡᠳᠴᠢᠨ ᠭᠡᠮ ᠢ᠋ ᠡᠮᠨᠡᠪᠡ᠃ᠲᠥᠪ ᠲᠦ᠍ ᠡᠮᠴᠢ ᠶ᠋ᠢ ᠵᠠᠬᠢᠷᠬᠤ ᠶᠠᠮᠤᠨ ᠵᠡᠷᠭᠡ ᠪᠠᠢᠭᠤᠯᠤᠮᠵᠢ ᠶ᠋ᠢ ᠪᠠᠢᠭᠤᠯᠵᠤ ᠡᠮᠨᠡᠵᠦ ᠵᠠᠰᠠᠬᠤ ᠶ᠋ᠢ ᠲᠤᠰᠬᠠᠢᠯᠠᠨ ᠬᠠᠮᠢᠶᠠᠷᠤᠭᠤᠯᠤᠭᠰᠠᠨ ᠪᠠᠢᠪᠠ᠃ᠲᠡᠳᠡ ᠬᠠᠭᠠᠨ ᠣᠷᠳᠣᠨ ᠳ᠋ᠤ᠌ ᠡᠮ ᠨᠠᠢᠷᠠᠵᠤ ᠬᠠᠭᠠᠨ ᠪᠠ ᠣᠯᠠᠨ ᠸᠠᠩ᠂ ᠭᠠᠪᠢᠶᠠᠲᠤ ᠰᠠᠢᠳ ᠰᠢᠳᠠᠷ ᠲᠦᠰᠢᠮᠡᠯ ᠦ᠋ᠨ ᠡᠪᠡᠳᠴᠢᠨ ᠡᠮᠭᠡᠭ ᠢ᠋ ᠵᠠᠰᠠᠭᠤᠯᠵᠤ ᠪᠠᠢᠭᠰᠠᠨ ᠠᠵᠢ᠃ᡁᠢ ᠶᠤᠸᠠᠨ ᠤ᠋ ᠵᠢᠷᠭᠤᠳᠤᠭᠠᠷ ᠣᠨ《1269 ᠣᠨ》ᠳ᠋ᠤ᠌ ᠬᠣᠪᠣᠷ ᠴᠤᠬᠠᠭ ᠦᠨᠡᠲᠦ ᠡᠮ ᠪᠠ ᠬᠡᠷᠡᠭᠰᠡᠯ ᠦ᠋ᠨ ᠶᠠᠮᠤᠨ ᠢ᠋ ᠪᠠᠢᠭᠤᠯᠵᠤ ᠪᠣᠳᠠᠲᠠᠢ ᠭᠠᠷᠲᠠᠬᠤ ᠲᠤᠰᠬᠠᠢ ᠪᠠᠢᠭᠤᠯᠤᠮᠵᠢ ᠭᠠᠷᠭᠠᠵᠠᠢ᠃ᡁᠢ ᠶᠤᠸᠠᠨ ᠤ᠋ ᠬᠣᠷᠢᠨ ᠨᠢᠭᠡᠳᠦᠭᠡᠷ ᠣᠨ ᠳ᠋ᠤ᠌ ᠶᠡᠬᠡ ᠡᠮᠴᠢ ᠰᠡᠯᠢᠮᠡᠨ ᠡᠮᠲᠦ ᠤᠷᠭᠤᠮᠠᠯ ᠤ᠋ᠨ ᠵᠦᠢᠯ ᠢ᠋ ᠨᠡᠮᠡᠵᠦ ᠪᠦᠷᠢᠳᠬᠡᠨ ᠲᠡᠮᠳᠡᠭᠯᠡᠵᠦ ᠡᠯ᠎ᠡ ᠮᠣᠵᠢ ᠶ᠋ᠢᠨ ᠠᠨᠠᠭᠠᠬᠤ ᠤᠬᠠᠭᠠᠨ ᠤ᠋ ᠡᠷᠳᠡᠮᠲᠡᠳ ᠦ᠋ᠨ ᠬᠠᠮᠲᠤ ᠶ᠋ᠢᠨ ᠴᠢᠷᠮᠠᠢᠯᠭ᠎ᠠ ᠪᠠᠷ ᠭᠤᠷᠪᠠᠨ ᠵᠢᠯ ᠳ᠋ᠦ᠍ ᠪᠢᠴᠢᠵᠦ ᠳᠠᠭᠤᠰᠬᠠᠭᠠᠳ ᠬᠤᠪᠢᠯᠠᠢ ᠬᠠᠭᠠᠨ ᠤ᠋《ᠡᠪᠡᠰᠦ ᠤᠷᠭᠤᠮᠠᠯ ᠤ᠋ᠨ ᠪᠢᠴᠢᠭ》 ᠢ᠋ ᠨᠡᠮᠡᠵᠦ ᠵᠠᠰᠠᠪᠤᠷᠢᠯᠠᠬᠤ ᠬᠡᠷᠡᠭᠲᠡᠢ ᠭᠡᠰᠡᠨ ᠵᠠᠷᠯᠢᠭ ᠢ᠋ ᠭᠦᠢᠴᠡᠳᠬᠡᠭᠰᠡᠨ ᠶᠦ᠍ᠮ᠃
    ᡁᠢ ᠶᠤᠸᠠᠨ ᠤ᠋ ᠬᠣᠷᠢ ᠶᠢᠰᠦᠳᠦᠭᠡᠷ ᠣᠨ(1292ᠣᠨ) ᠳ᠋ᠤ᠌ ᠱᠠᠩᠳᠤ ᠬᠣᠲᠠᠨ᠎ᠠ ᠬᠣᠲᠣᠩ ᠡᠮ ᠬᠡᠷᠡᠭᠰᠡᠯ ᠦ᠋ᠨ ᠶᠠᠮᠤᠨ ᠢ᠋ ᠪᠠᠢᠭᠤᠯᠵᠤ ᠬᠣᠲᠣᠩ ᠡᠮ ᠡᠮᠨᠡᠯᠭᠡ ᠶ᠋ᠢᠨ ᠦᠢᠯᠡᠰ ᠢ᠋ ᠡᠷᠬᠢᠯᠡᠵᠡᠢ᠃
    ᠶᠤᠸᠠᠨ ᠤᠯᠤᠰ ᠤ᠋ᠨ ᠦᠶᠡᠰ ᠮᠣᠩᠭᠣᠯ ᠠᠨᠠᠭᠠᠬᠤ ᠤᠬᠠᠭᠠᠨ ᠰᠢᠨ᠎ᠡ ᠬᠥᠭᠵᠢᠯᠲᠡ ᠶ᠋ᠢ ᠣᠯᠵᠤ ᠤᠤᠯ ᠤ᠋ᠨ ᠤᠯᠠᠮᠵᠢᠯᠠᠯᠲᠤ ᠲᠤᠷᠰᠢᠯᠭ᠎ᠠ ᠪᠠᠨ ᠡᠮᠬᠢᠳᠬᠡᠨ᠂ᠪᠤᠰᠤᠳ ᠤᠭᠰᠠᠭ᠎ᠠ ᠦᠨᠳᠦᠰᠦᠲᠡᠨ ᠦ᠌ ᠳᠠᠪᠠᠭᠤ ᠲᠠᠯ᠎ᠠ ᠶ᠋ᠢ ᠰᠢᠩᠭᠡᠬᠡᠨ ᠢᠳᠡᠭᠡᠰᠢᠭᠦᠯᠵᠦ ᠰᠢᠨ᠎ᠡ ᠨᠢᠭᠡᠨ ᠱᠠᠲᠤᠨ ᠳ᠋ᠤ᠌ ᠠᠬᠢᠭᠤᠯᠤᠭᠠᠳ ᠮᠣᠩᠭᠣᠯ ᠠᠨᠠᠭᠠᠬᠤ ᠤᠬᠠᠭᠠᠨ ᠢ᠋ ᠤᠯᠠᠮ ᠨᠢᠭᠡᠨ ᠠᠯᠬᠤᠮ ᠲᠡᠭᠦᠯᠳᠡᠷᠵᠢᠭᠦᠯᠦᠭᠰᠡᠨ ᠶᠦ᠍ᠮ᠃ᠡᠭᠦᠨ ᠦ᠌ ᠬᠠᠮᠲᠤ ᠮᠣᠩᠭᠣᠯ ᠦᠨᠳᠦᠰᠦᠲᠡᠨ ᠦ᠌ ᠤᠳᠠᠭᠠᠨ ᠵᠢᠯ ᠦ᠋ᠨ ᠲᠡᠦᠬᠡ ᠲᠡᠢ ᠶᠠᠰᠤ ᠪᠡᠷᠲᠡᠬᠦ ᠶ᠋ᠢ ᠪᠠᠷᠢᠬᠤ ᠡᠯᠪᠡᠭ ᠪᠠᠶᠠᠯᠢᠭ ᠲᠤᠷᠰᠢᠯᠭ᠎ᠠ ᠨᠢ ᠴᠦ᠍ ᠪᠤᠰᠤᠳ ᠤᠯᠤᠰ ᠦᠨᠳᠦᠰᠦᠲᠡᠨ ᠳ᠋ᠦ᠍ ᠤᠯᠠᠮᠵᠢᠯᠠᠭᠳᠠᠨ ᠳᠡᠯᠭᠡᠷᠡᠭᠰᠡᠨ ᠠᠵᠢ᠃
                 ᠰᠠ ᠴᠢᠶᠠᠨ ᠵᠠᠢ
    ᠰᠠ ᠴᠢᠶᠠᠨ ᠵᠠᠢ ᠪᠣᠯ ᠶᠡᠬᠡ ᠶᠤᠸᠠᠨ ᠤᠯᠤᠰ ᠤ᠋ᠨ ᠦᠶ᠎ᠡ ᠶ᠋ᠢᠨ ᠠᠯᠳᠠᠷᠲᠤ ᠠᠨᠠᠭᠠᠬᠤ ᠤᠬᠠᠭᠠᠨ ᠤ᠋ ᠡᠷᠳᠡᠮᠲᠡᠨ᠃ᠲᠡᠷᠡ1326 ᠣᠨ ᠳ᠋ᠤ᠌《ᠿᠦᠢ ᠼᠦ᠍ ᠳᠠᠩ ᠤ᠋ᠨ ᠲᠤᠷᠰᠢᠯᠭ᠎ᠠ ᠵᠣᠷ》 ᠬᠡᠮᠡᠬᠦ ᠨᠣᠮ ᠢ᠋ ᠨᠠᠢᠷᠠᠭᠤᠯᠤᠨ ᠵᠣᠬᠢᠶᠠᠪᠠ᠃ᠮᠢᠩ ᠤᠯᠤᠰ ᠤ᠋ᠨ ᠠᠯᠳᠠᠷᠲᠤ ᠡᠮᠴᠢ ᠯᠢ ᠱᠢ ᠵᠧᠨ《ᠡᠪᠡᠰᠦᠨ ᠡᠮ ᠦ᠋ᠨ ᠠᠩᠭᠢᠯᠠᠯ》 ᠳ᠋ᠠᠭᠠᠨ ᠲᠤᠰ ᠨᠣᠮ ᠤ᠋ᠨ ᠶᠡᠬᠡᠩᠬᠢ ᠠᠭᠤᠯᠭ᠎ᠠ ᠶ᠋ᠢ ᠪᠠᠭᠲᠠᠭᠠᠨ ᠣᠷᠣᠭᠤᠯᠪᠠ᠃ᠿᠦᠢ ᠼᠦ᠍ ᠳᠠᠩ ᠤ᠋ᠨ ᠲᠤᠷᠰᠢᠯᠭ᠎ᠠ ᠵᠣᠷ ᠨᠢ ᠲᠤᠬᠠᠢ ᠶ᠋ᠢᠨ ᠦᠶ᠎ᠡ ᠶ᠋ᠢᠨ ᠮᠣᠩᠭᠣᠯ ᠣᠷᠣᠨ ᠤ᠋ ᠤᠯᠠᠮᠵᠢᠯᠠᠯᠲᠤ ᠵᠣᠷ ᠤᠳ ᠢ᠋ ᠲᠡᠭᠦᠪᠦᠷᠢᠯᠡᠨ ᠣᠷᠣᠭᠤᠯᠵᠤ ᠪᠥᠷᠢᠨᠰᠢᠭᠥᠯᠥᠨ ᠨᠠᠢᠷᠠᠭᠤᠯᠤᠭᠰᠠᠨ ᠤᠴᠢᠷ ᠬᠠᠮᠤᠭ ᠣᠨᠣᠪᠴᠢᠲᠠᠢ ᠡᠮ ᠦ᠋ᠨ ᠵᠣᠷ ᠪᠣᠯᠵᠤ ᠮᠣᠩᠭᠣᠯ ᠦᠨᠳᠦᠰᠦᠲᠡᠨ ᠪᠠ ᠣᠷᠣᠨ ᠨᠤᠲᠤᠭ ᠤ᠋ᠨ ᠣᠨᠴᠠᠯᠢᠭ ᠢ᠋ ᠬᠠᠳᠠᠭᠠᠯᠠᠪᠠ᠃ᠬᠣᠵᠢᠮ ᠨᠢ ᠶᠠᠫᠣᠨ ᠳ᠋ᠤ᠌ ᠤᠯᠠᠮᠵᠢᠯᠠᠭᠳᠠᠨ ᠳᠡᠯᠭᠡᠷᠡᠵᠦ ᠳᠡᠯᠡᠬᠡᠢ ᠳ᠋ᠠᠬᠢᠨ᠎ᠠ  ᠠᠯᠳᠠᠷᠰᠢᠪᠠ᠃

ᠠᠷᠪᠠᠨ ᠨᠢᠭᠡ ᠢᠳᠡᠭᠡᠨ ᠤᠮᠳᠠᠭᠠᠨ᠂ ᠬᠤᠪᠴᠠᠰᠤ ᠵᠠᠰᠠᠯ᠂ᠣᠷᠣᠨ ᠰᠠᠭᠤᠴᠠ

    ᠮᠣᠩᠭᠣᠯᠴᠤᠳ ᠲᠠᠪᠤᠨ ᠬᠣᠰᠢᠭᠤ ᠮᠠᠯ ᠤ᠋ᠨ ᠭᠠᠷᠤᠯᠲᠠ ᠰᠢᠮ᠎ᠡ ᠪᠡᠷ ᠠᠮᠢᠳᠤᠷᠠᠯ ᠤ᠋ᠨ ᠢ᠋ᠶ᠋ᠠᠨ ᠭᠣᠣᠯ ᠢᠷᠡᠯᠲᠡ ᠪᠣᠯᠭᠠᠵᠤ ᠰᠠᠭᠠᠯᠢ ᠰᠦ ᠪᠡᠷ ᠢᠳᠡᠭᠡᠨ ᠤᠮᠳᠠᠭᠠᠨ ᠬᠢᠵᠦ᠂ᠠᠷᠠᠰᠤ ᠰᠢᠷᠢ ᠪᠡᠷ ᠨᠢ ᠬᠤᠪᠴᠠᠰᠤ ᠬᠤᠨᠠᠷ ᠣᠶᠣᠵᠤ᠂ᠤᠩᠭᠠᠰᠤ ᠨᠣᠣᠰᠣ ᠪᠠᠷ ᠨᠢ ᠢᠰᠡᠭᠡᠢ ᠰᠢᠷᠲᠡᠭ ᠦᠢᠯᠡᠳᠦᠨ ᠢᠳᠡᠬᠦ᠂ᠡᠮᠦᠰᠬᠦ᠂ ᠰᠠᠭᠤᠬᠤ ᠪᠠᠨ ᠰᠢᠢᠳᠪᠦᠷᠢᠯᠡᠵᠦ ᠢᠷᠡᠭᠰᠡᠨ ᠲᠡᠦᠬᠡ ᠲᠡᠢ ᠪᠢᠯᠡ᠃ᠦᠬᠡᠷ ᠬᠣᠨᠢᠨ ᠤ᠋ ᠮᠢᠬ᠎ᠠ ᠶ᠋ᠢ ᠭᠣᠣᠯ ᠢᠳᠡᠭᠡᠨ ᠪᠣᠯᠭᠠᠬᠤ ᠠ᠋ᠴᠠ ᠭᠠᠳᠠᠨ᠎ᠠ ᠦᠬᠡᠷ ᠬᠣᠨᠢ ᠢᠮᠠᠭᠠᠨ ᠤ᠋ ᠰᠦ ᠪᠡᠷ ᠬᠤᠷᠤᠳ ᠪᠢᠰᠢᠯᠠᠭ᠂ᠠᠭᠠᠷᠤᠤᠯ ᠡᠭᠡᠵᠡᠭᠡᠢ᠂ᠥᠷᠥᠮ᠎ᠡ ᠰᠢᠷ᠎ᠠ ᠲᠣᠰᠣ᠂ᠴᠥᠴᠥᠭᠡᠢ( ᠴᠠᠭᠠᠨ ᠲᠣᠰᠣ) ᠪᠣᠯᠪᠠᠰᠤᠷᠠᠭᠤᠯᠵᠤ ᠢᠳᠡᠳᠡᠭ᠃ᠵᠤᠨ ᠤ᠋ ᠤᠯᠠᠷᠢᠯ ᠪᠣᠯ ᠰᠠᠭᠠᠯᠢ ᠰᠦ ᠡᠯᠪᠡᠭ ᠳᠡᠯᠪᠡᠭ ᠴᠠᠭ ᠪᠣᠯᠬᠣᠷ ᠭᠣᠣᠯ ᠢᠳᠡᠭᠡᠨ ᠤᠮᠳᠠᠭᠠᠨ ᠪᠣᠯᠭᠠᠳᠠᠭ ᠪᠠᠢᠵᠠᠢ᠃ ᠭᠡᠭᠦᠦ ᠪᠠᠷᠢᠵᠤ ᠤᠨᠠᠭ᠎ᠠ ᠵᠡᠯᠡᠯᠡᠨ᠂ ᠭᠡᠭᠦᠦ ᠶ᠋ᠢᠨ ᠰᠦ ᠪᠡᠷ ᠨᠡᠷᠡᠭᠰᠡᠨ ᠬᠣᠮᠢᠰ ᠤᠮᠳᠠᠭᠠᠨ ᠢ᠋ ᠶᠡᠬᠡ ᠤᠤᠭᠤᠵᠠᠭᠠᠨ᠎ᠠ᠃ ᠪᠠᠰᠠ ᠭᠡᠭᠦᠦ ᠶ᠋ᠢᠨ ᠰᠦ ᠶ᠋ᠢ ᠬᠥᠷᠥᠩᠭᠡᠯᠡᠨ ᠢᠰᠬᠡᠵᠦ ᠴᠡᠭᠡ ᠨᠡᠷᠡᠳᠡᠭ᠃ ᠳᠣᠯᠣᠭ᠎ᠠ ᠨᠠᠢ᠍ᠮᠠᠨ ᠡᠳᠦᠷ ᠢᠰᠬᠡᠵᠦ ᠪᠦᠯᠢᠭᠰᠡᠨ ᠴᠡᠭᠡ ᠶ᠋ᠢ ᠤᠤᠭᠤᠬᠤ ᠳ᠋ᠤ᠌ ᠰᠠᠢᠬᠠᠨ᠂ᠦᠨᠦᠷ ᠠᠮᠲᠠ ᠪᠠᠷ ᠰᠠᠢᠨ᠂ ᠥᠩᠭᠡ ᠪᠡᠷ ᠲᠤᠩᠭᠠᠯᠠᠭ᠂ᠣᠬᠢ ᠰᠠᠢᠨ ᠰᠡᠷᠢᠭᠦᠨ ᠤᠮᠳᠠᠭᠠᠨ ᠪᠣᠯᠤᠨ᠎ᠠ᠃ ᠴᠡᠭᠡ ᠪᠣᠯ ᠤᠮᠳᠠᠭᠠᠨ ᠪᠣᠯᠬᠤ ᠪᠠᠷ ᠪᠠᠷᠠᠬᠤ ᠦᠭᠡᠢ ᠢᠳᠡᠭᠡᠨ ᠴᠦ᠍ ᠪᠣᠯᠳᠠᠭ᠃ᠥᠯ ᠰᠢᠮ᠎ᠡ ᠰᠠᠢᠲᠠᠢ᠃ᠬᠡᠢ ᠶ᠋ᠢ ᠬᠥᠭᠡᠭᠡᠬᠦ᠂ᠴᠢᠰᠤᠨ ᠡᠷᠭᠢᠯᠲᠡ ᠶ᠋ᠢ ᠰᠠᠢᠵᠢᠷᠠᠭᠤᠯᠬᠤ᠂ᠰᠢᠷᠪᠥᠰᠥ ᠶ᠋ᠢ ᠲᠠᠯᠪᠢᠭᠤᠯᠬᠤ᠂ᠳᠣᠲᠣᠷ ᠪᠥᠭᠡᠷ᠎ᠡ ᠶ᠋ᠢ ᠲᠠᠮᠢᠷᠵᠢᠭᠤᠯᠬᠤ᠂ᠰᠢᠩᠭᠡᠭᠡᠯᠲᠡ ᠶ᠋ᠢ ᠲᠣᠬᠢᠷᠠᠭᠤᠯᠬᠤ᠂ ᠪᠡᠶ᠎ᠡ ᠶ᠋ᠢ ᠲᠡᠵᠢᠭᠡᠵᠦ ᠰᠢᠮᠡᠵᠢᠭᠦᠯᠬᠦ ᠦᠢᠯᠡᠳᠦᠯ ᠲᠡᠢ ᠳᠡᠭᠡᠳᠦ ᠤᠮᠳᠠᠭᠠᠨ ᠶᠤᠮ᠃ ᠴᠡᠭᠡ ᠶ᠋ᠢᠨ ᠲᠤᠬᠠᠢ ᠰᠤᠷᠪᠤᠯᠵᠢ ᠲᠡᠦᠬᠡ ᠰᠤᠳᠤᠷ ᠲᠤ᠌ ᠠᠯᠢ ᠡᠷᠲᠡ ᠶ᠋ᠢᠨ ᠲᠡᠮᠳᠡᠭᠯᠡᠯ ᠨᠢ《ᠭᠡᠭᠦᠦ ᠶ᠋ᠢᠨ ᠰᠦ ᠶ᠋ᠢ ᠡᠳᠦᠷ ᠦ᠋ᠨ ᠭᠣᠣᠯ ᠳ᠋ᠤᠷ ᠤᠨᠠᠭ᠎ᠠ ᠳ᠋ᠤᠷ ᠭᠥᠭᠦᠭᠦᠯᠦᠮᠦᠢ᠂ᠦᠳᠡᠰᠢ ᠪᠣᠯᠤᠭᠰᠠᠨ ᠬᠣᠢᠨ᠎ᠠ ᠭᠡᠭᠦᠦ ᠶ᠋ᠢ ᠴᠤᠭᠯᠠᠭᠤᠯᠤᠨ ᠰᠠᠭᠠᠵᠤ ᠰᠦ ᠶ᠋ᠢ ᠢᠨᠣ ᠠᠷᠠᠰᠤᠨ ᠪᠣᠳᠣᠩ ᠳ᠋ᠤᠷ ᠬᠢᠵᠦ ᠬᠡᠳᠦᠨ ᠬᠣᠨᠣᠭ ᠢᠰᠬᠡᠵᠦ ᠪᠠᠬᠠᠨ ᠢᠰᠬᠦᠯᠡᠩ ᠦᠨᠦᠷ ᠲᠡᠢ ᠪᠣᠯᠪᠠᠰᠤ ᠤᠤᠭᠤᠵᠤ ᠪᠣᠯᠤᠮᠤᠢ᠂ᠡᠭᠦᠨ ᠢ᠋ ᠴᠡᠭᠡ ᠬᠡᠮᠡᠮᠦᠢ》 ᠭᠡᠵᠡᠢ᠃ᠴᠡᠬᠡ ᠢᠰᠬᠡᠬᠦ ᠳ᠋ᠦ᠍ ᠵᠣᠷᠢᠭᠤᠯᠤᠭᠰᠠᠨ ᠲᠤᠰᠬᠠᠢ ᠴᠡᠬᠡ ᠶ᠋ᠢᠨ ᠠᠳᠤᠭᠤᠨ ᠰᠦᠷᠦᠭ ᠮᠠᠯᠵᠢᠵᠤ ᠪᠠᠢᠪᠠ᠃
      ᠶᠤᠸᠠᠨ ᠤᠯᠤᠰ ᠤ᠋ᠨ ᠬᠠᠭᠠᠨ ᠣᠷᠳᠣᠨ ᠳ᠋ᠤ᠌ ᠴᠡᠭᠡ ᠪᠦᠯᠢᠬᠦ ᠲᠤᠰᠬᠠᠢ ᠬᠥᠮᠦᠨ ᠪᠠᠢᠵᠠᠢ᠃ᠵᠤᠨ ᠤ᠋ ᠤᠯᠠᠷᠢᠯ ᠳ᠋ᠤ᠌ ᠬᠠᠷ᠎ᠠ ᠭᠡᠭᠦᠳ ᠢ᠋ ᠰᠦᠷᠦᠭ ᠢ᠋ᠶ᠋ᠡᠷ ᠰᠠᠭᠠᠵᠤ ᠴᠡᠭᠡ ᠢᠰᠬᠡᠨ ᠬᠠᠭᠠᠨ ᠣᠷᠳᠣᠨ ᠤ᠋ ᠤᠮᠳᠠᠭᠠᠨ ᠪᠣᠯᠭᠠᠳᠠᠭ᠃《ᠣᠨ ᠣᠨ ᠤ᠋ ᠲᠣᠭᠲᠠᠮᠠᠯ ᠴᠠᠭ ᠲᠤᠷ ᠴᠡᠬᠡ ᠪᠦᠯᠢᠵᠦ ᠳᠡᠭᠡᠭᠰᠢ ᠡᠷᠭᠦᠮᠦᠢ᠂ ᠴᠡᠬᠡ ᠢᠨᠣ ᠥᠩᠭᠡ ᠭᠡᠭᠡᠨ ᠪᠥᠭᠡᠳ ᠶᠡᠬᠡᠯ᠎ᠡ ᠠᠮᠲᠠᠲᠠᠢ᠂ᠲᠡᠭᠦᠨ ᠢ᠋ ᠬᠠᠷ᠎ᠠ ᠭᠡᠭᠦᠦ ᠶ᠋ᠢᠨ ᠰᠦ ᠬᠡᠮᠡᠮᠦᠢ》ᠭᠡᠵᠦ ᠶᠤᠸᠠᠨ ᠤ᠋ ᠰᠤᠳᠤᠷ ᠲᠤ᠌ ᠲᠡᠮᠳᠡᠭᠯᠡᠭᠰᠡᠨ ᠶᠦ᠍ᠮ᠃ᠲᠤᠬᠠᠢ ᠶ᠋ᠢᠨ ᠦᠶᠡᠰ ᠵᠣᠴᠢᠳ ᠭᠡᠷ ᠲᠦ᠍ ᠣᠷᠣᠮᠠᠭᠴᠠ ᠭᠦᠦᠷ ᠲᠡᠢ ᠴᠡᠭᠡ ᠶ᠋ᠢ ᠬᠡᠳᠦ ᠪᠦᠯᠢᠵᠦ ᠭᠡᠷ ᠦ᠋ᠨ ᠡᠵᠡᠨ ᠳ᠋ᠦ᠍ ᠬᠦᠨᠳᠦᠳᠬᠡᠯ ᠢ᠋ᠶ᠋ᠡᠨ ᠳᠡᠪᠰᠢᠭᠦᠯᠵᠦ ᠪᠠᠢᠭ᠎ᠠ ᠪᠠᠨ ᠢᠯᠡᠳᠬᠡᠳᠡᠭ ᠪᠠᠢᠪᠠ᠃ᠬᠤᠪᠢᠯᠠᠢ ᠬᠠᠭᠠᠨ ᠪᠠᠰᠠ ᠠᠯᠲᠠᠨ ᠠᠶᠠᠭᠠᠨ ᠳ᠋ᠤ᠌ ᠴᠡᠭᠡ ᠨᠡᠷᠡᠵᠦ ᠥᠷᠯᠥᠭ ᠵᠠᠩᠵᠤᠨ ᠭᠠᠪᠢᠶᠠᠲᠤ ᠲᠦᠰᠢᠮᠡᠯ ᠳ᠋ᠡᠭᠡᠨ ᠰᠣᠶᠣᠷᠬᠠᠵᠤ ᠪᠠᠢᠭᠰᠠᠨ ᠭᠡᠨ᠎ᠡ᠃ᠶᠤᠸᠠᠨ ᠤᠯᠤᠰ ᠤ᠋ᠨ ᠦᠶ᠎ᠡ ᠶ᠋ᠢᠨ ᠳᠥᠷᠪᠡᠨ ᠴᠠᠭ ᠤ᠋ᠨ ᠬᠤᠷᠢᠮ ᠤ᠋ᠨ ᠨᠠᠮᠤᠷ ᠤ᠋ᠨ ᠨᠣᠭᠲᠣ ᠰᠢᠷᠬᠡ ᠶ᠋ᠢᠨ ᠬᠤᠷᠢᠮ ᠨᠢ ᠳᠠᠷᠤᠢ ᠭᠡᠭᠦᠦ ᠪᠠᠷᠢᠵᠤ ᠤᠨᠠᠭ᠎ᠠ ᠵᠡᠯᠡᠯᠡᠬᠦ ᠪᠡᠨ ᠵᠣᠭᠰᠣᠭᠰᠠᠨ ᠢ᠋ᠶ᠋ᠠᠨ ᠵᠠᠷᠯᠠᠵᠤ᠂ ᠠᠢᠷᠠᠭ ᠴᠡᠬᠡ ᠡᠯᠪᠡᠭ ᠳᠡᠯᠪᠡᠭ ᠴᠠᠯᠭᠢᠯᠠᠨ ᠠᠵᠢᠯ ᠠᠮᠢᠳᠤᠷᠠᠯ ᠡᠩᠬᠡ ᠠᠮᠤᠭᠤᠯᠠᠩ ᠵᠢᠷᠭᠠᠭᠰᠠᠨ ᠢ᠋ᠶ᠋ᠠᠨ ᠪᠡᠯᠡᠳᠬᠡᠵᠦ ᠬᠢᠭᠰᠡᠨ ᠨᠠᠢᠷ ᠶᠤᠮ᠃ ᠨᠠᠮᠤᠷ ᠤ᠋ᠨ ᠡᠴᠦᠰ ᠨᠣᠬᠠᠢ ᠰᠠᠷ᠎ᠠ ᠶ᠋ᠢᠨ ᠠᠷᠪᠠᠨ ᠬᠣᠶᠠᠷ ᠲᠤᠷ ᠤᠨᠠᠭᠠᠨ ᠤ᠋ ᠴᠢᠭᠲᠠ ᠰᠢᠯᠪᠢ ᠶ᠋ᠢ ᠠᠨᠤ ᠡᠪᠬᠡᠭᠰᠡᠨ ᠢ᠋ᠶ᠋ᠡᠷ ᠨᠣᠭᠳᠠ ᠰᠢᠷᠬᠡ ᠶ᠋ᠢᠨ ᠬᠤᠷᠢᠮ ᠢ᠋ ᠲᠡᠷᠡ ᠡᠳᠦᠷ ᠦᠢᠯᠡᠳᠳᠡᠭ ᠪᠠᠢᠵᠠᠢ᠃ᠡᠭᠡᠳᠡᠮ ᠰᠦ ᠪᠣᠯ ᠣᠬᠢ ᠰᠠᠢᠨ ᠤᠮᠳᠠᠭᠠᠨ ᠳ᠋ᠤ᠌ ᠣᠷᠣᠳᠠᠭ᠃ ᠬᠤᠷᠢᠮ ᠨᠠᠢᠷ ᠤ᠋ᠨ ᠰᠢᠷᠡᠭᠡᠨ ᠳᠡᠭᠡᠷ᠎ᠡ ᠡᠭᠡᠳᠡᠮ ᠰᠦ ᠳᠤᠲᠠᠭᠳᠠᠵᠤ ᠪᠣᠯᠣᠰᠢ ᠦᠭᠡᠢ ᠤᠮᠳᠠᠭᠠᠨ ᠢ᠋ᠶ᠋ᠠᠷ ᠲᠣᠭᠠᠴᠠᠭᠳᠠᠳᠠᠭ ᠪᠢᠯᠡ᠃ᠡᠪᠡᠷᠡᠭᠡᠵᠦ ᠬᠠᠲᠠᠭᠠᠭᠰᠠᠨ ᠰᠦᠨ ᠬᠤᠷᠤᠳ᠂ ᠠᠭᠠᠷᠤᠤᠯ ᠡᠭᠡᠵᠡᠭᠡᠢ᠂ ᠭᠦᠵᠡᠭᠡᠯᠡᠭᠰᠡᠨ ᠰᠢᠷ᠎ᠠ ᠲᠣᠰᠣ ᠶ᠋ᠢ ᠡᠪᠦᠯ ᠬᠠᠪᠤᠷ ᠨᠥᠭᠡᠴᠡᠯᠡᠵᠦ ᠢᠳᠡᠳᠡᠭ᠃ ᠶᠤᠸᠠᠨ ᠤ᠋ ᠦᠶᠡᠰ ᠭᠣᠪᠢ ᠶ᠋ᠢᠨ ᠠᠷᠤ ᠡᠮᠦᠨ᠎ᠡ ᠲᠠᠷᠢᠶᠠᠯᠠᠩ ᠤ᠋ᠨ ᠳᠣᠪᠣ ᠭᠠᠷᠭᠠᠭᠰᠠᠨ ᠢ᠋ᠶ᠋ᠠᠷ ᠮᠣᠩᠭᠣᠯᠴᠤᠳ ᠮᠣᠩᠭᠣᠯ ᠠᠮᠤ᠂ ᠲᠤᠲᠤᠷᠭ᠎ᠠ᠂ ᠪᠤᠭᠤᠳᠠᠢ᠂ ᠪᠤᠳᠠᠭ᠎ᠠ ᠢᠳᠡᠬᠦ ᠪᠣᠯᠵᠤ ᠰᠦ ᠲᠡᠢ ᠪᠤᠳᠠᠭ᠎ᠠ ᠴᠢᠨᠠᠨ ᠵᠤᠲᠠᠩ ᠢᠳᠡᠳᠡᠭ ᠪᠠᠢᠵᠠᠢ᠃ᠣᠢ ᠶ᠋ᠢᠨ ᠢᠷᠡᠭᠡᠳ ᠨᠢ ᠠᠩ ᠬᠦᠷᠦᠭᠡ ᠶ᠋ᠢᠨ ᠮᠢᠬ᠎ᠠ ᠶ᠋ᠢ ᠶᠡᠬᠡ ᠢᠳᠡᠨ᠎ᠡ᠃
      ᠮᠣᠩᠭᠣᠯᠴᠤᠳ ᠰᠠᠭᠠᠯᠢ ᠶ᠋ᠢᠨ ᠰᠠᠷᠬᠤᠳ ᠠ᠋ᠴᠠ ᠭᠠᠳᠠᠨ᠎ᠠ ᠦᠵᠦᠮ ᠢ᠋ᠶ᠋ᠡᠷ ᠳᠠᠷᠠᠰᠤ ᠨᠡᠷᠡᠵᠦ᠂ᠠᠮᠤ᠂ᠪᠤᠭᠤᠳᠠᠢ᠂ᠪᠠᠯ ᠢ᠋ᠶ᠋ᠠᠷ ᠤᠮᠳᠠᠭᠠᠨ ᠨᠡᠷᠡᠵᠦ ᠤᠤᠭᠤᠵᠤ ᠪᠠᠢᠪᠠ᠃
      ᠡᠷᠲᠡᠨ ᠦ᠌ ᠦᠶ᠎ᠡ ᠶ᠋ᠢᠨ ᠮᠣᠩᠭᠣᠯᠴᠤᠳ ᠣᠲᠣᠭ ᠪᠠᠷᠢᠬᠤ ᠵᠠᠩᠰᠢᠯ ᠢ᠋ ᠶᠡᠬᠡᠳᠡ ᠡᠷᠬᠢᠮᠯᠡᠳᠡᠭ᠃ᠣᠲᠣᠭ ᠪᠠᠷᠢᠬᠤ ᠭᠡᠳᠡᠭ ᠨᠢ ᠠᠷᠢᠬᠢ ᠰᠠᠷᠬᠤᠳ ᠪᠠᠷᠢᠬᠤ ᠶ᠋ᠢ ᠬᠡᠯᠡᠳᠡᠭ ᠪᠠᠢᠵᠠᠢ᠃ᠶᠤᠸᠠᠨ ᠤᠯᠤᠰ ᠤ᠋ᠨ ᠦᠶᠡᠰ ᠬᠠᠭᠠᠨ ᠣᠷᠳᠣᠨ ᠳ᠋ᠤ᠌ ᠦᠪᠡᠳᠡᠭᠰᠢ ᠶᠡᠬᠡ ᠬᠤᠷᠢᠮ ᠨᠠᠢᠷ ᠪᠣᠯᠬᠤ ᠪᠦᠷᠢ ᠣᠲᠣᠭ ᠪᠠᠷᠢᠬᠤ ᠶᠣᠰᠣᠯᠠᠯ ᠶᠠᠪᠤᠭᠤᠯᠳᠠᠭ᠃ᠲᠥᠷᠥ ᠶ᠋ᠢᠨ ᠳᠠᠢᠯᠠᠯᠭ᠎ᠠ ᠳ᠋ᠤ᠌ ᠬᠠᠭᠠᠨ ᠡᠵᠡᠨ ᠡᠴᠡ ᠠᠪᠤᠭᠠᠳ ᠸᠠᠩ ᠨᠣᠶᠠᠳ ᠬᠦᠷᠲᠡᠯ᠎ᠡ ᠬᠤᠨᠳᠠᠭ᠎ᠠ ᠡᠷᠭᠦᠯᠴᠡᠨ ᠬᠠᠷᠢᠯᠴᠠᠨ ᠢᠷᠦᠭᠡᠯ ᠲᠠᠯᠪᠢᠨ᠎ᠠ᠃ᠡᠭᠦᠨ ᠢ᠋ ᠣᠲᠣᠭ ᠬᠡᠮᠡᠮᠦᠢ᠃ᠮᠣᠩᠭᠣᠯᠴᠤᠳ ᠤ᠋ᠨ ᠳᠤᠮᠳᠠ ᠣᠲᠣᠭ ᠪᠠᠷᠢᠬᠤ ᠵᠠᠩᠰᠢᠯ ᠥᠷᠭᠡᠨ ᠳᠡᠯᠭᠡᠷᠡᠭᠰᠡᠨ ᠠᠵᠠᠢ ᠃ ᠭᠡᠷ ᠪᠦᠯᠢ ᠶ᠋ᠢᠨ ᠨᠠᠢᠷ ᠬᠤᠷᠢᠮ ᠬᠢᠵᠦ ᠭᠡᠷ ᠦ᠋ᠨ ᠡᠵᠡᠨ ᠣᠲᠣᠭ ᠪᠠᠷᠢᠬᠤ ᠦᠶᠡᠰ ᠨᠢᠭᠡᠨ ᠵᠠᠷᠤᠴᠠ ᠨᠢ ᠬᠥᠶᠢ ᠭᠡᠮᠡᠨ ᠬᠠᠰᠬᠢᠷᠪᠠᠯ ᠬᠥᠭᠵᠢᠮᠴᠢᠳ ᠬᠥᠭᠵᠢᠮ ᠡᠭᠦᠰᠬᠡᠨ᠎ᠡ᠃ᠬᠥᠮᠦᠰ ᠬᠥᠭᠵᠢᠮ ᠦ᠋ᠨ ᠠᠶᠠᠰ ᠢ᠋ ᠳᠠᠭᠠᠨ ᠠᠯᠠᠭ᠎ᠠ ᠲᠡᠰᠢᠵᠦ ᠪᠥᠵᠢᠭᠯᠡᠳᠡᠭ᠂ᠭᠡᠷ ᠦ᠋ᠨ ᠡᠵᠡᠨ ᠢ᠋ ᠳᠠᠭᠠᠯᠳᠤᠨ ᠤᠤᠭᠤᠵᠤ ᠪᠠᠷᠠᠪᠠᠯ ᠵᠠᠷᠤᠴᠠ ᠨᠢ ᠪᠠᠰᠠ ᠬᠠᠰᠬᠢᠷᠪᠠᠯ ᠬᠥᠭᠵᠢᠮ ᠵᠣᠭᠰᠣᠨ᠎ᠠ᠃ᠵᠠᠯᠭᠠᠭᠠᠳ ᠣᠯᠠᠨ ᠢ᠋ᠶ᠋ᠠᠷ ᠢ᠋ᠶ᠋ᠠᠨ ᠤᠤᠭᠤᠯᠴᠠᠳᠠᠭ᠃
    《ᠮᠠᠷᠺᠣ ᠫᠣᠯᠣ ᠶ᠋ᠢᠨ ᠵᠢᠭᠤᠯᠴᠢᠯᠠᠯ ᠤ᠋ᠨ ᠲᠡᠮᠳᠡᠭᠯᠡᠯ》 ᠳ᠋ᠦ᠍《ᠶᠡᠬᠡ ᠬᠠᠭᠠᠨ ᠳ᠋ᠤ᠌ ᠥᠴᠦᠬᠡᠨ ᠴᠦ᠍ ᠥᠭᠡᠷ᠎ᠡ ᠥᠩᠭᠡ ᠬᠣᠯᠢᠯᠴᠠᠭ᠎ᠠ ᠦᠭᠡᠢ᠂ᠨᠢᠭᠡ ᠯᠡ ᠠᠳᠠᠯᠢ ᠴᠣᠯ ᠴᠠᠭᠠᠨ ᠠᠳᠤᠭᠤᠨ ᠰᠦᠷᠦᠭ ᠪᠠᠢᠭ᠎ᠠ ᠶᠤᠮ᠃ᠲᠡᠭᠦᠨ ᠦ᠌ ᠲᠣᠭ᠎ᠠ ᠲᠣᠯᠣᠭᠠᠢ ᠨᠢ ᠠᠢᠬᠤᠪᠲᠤᠷ ᠣᠯᠠᠨ ᠪᠥᠭᠡᠳ ᠵᠥᠪᠬᠡᠨ ᠭᠡᠭᠦᠦ ᠨᠢ ᠲᠦᠮᠡ ᠭᠠᠷᠤᠢ ᠪᠠᠢᠳᠠᠭ ᠶᠤᠮ᠃ᠡᠳᠡᠭᠡᠷ ᠭᠡᠭᠦᠦ ᠶ᠋ᠢᠨ ᠰᠦ ᠶ᠋ᠢ ᠬᠠᠭᠠᠨ ᠤ᠋ ᠢᠵᠠᠭᠤᠷᠲᠠᠨ ᠪᠤᠶᠤ ᠥᠭᠡᠷ᠎ᠡ ᠪᠡᠷ ᠬᠡᠯᠡᠪᠡᠯ ᠴᠢᠩᠭᠢᠰ ᠬᠠᠭᠠᠨ ᠤ᠋ ᠲᠥᠷᠥᠯ ᠤᠭᠰᠠᠭᠠᠲᠠᠨ ᠠ᠋ᠴᠠ ᠥᠭᠡᠷ᠎ᠡ ᠬᠥᠮᠦᠰ ᠤᠤᠭᠤᠵᠤ ᠦᠯᠦ ᠪᠣᠯᠤᠨ᠎ᠠ᠃ᠭᠠᠭᠴᠠ ᠬᠦ᠌ ᠬᠣᠷᠢᠶᠠᠳ ᠭᠡᠳᠡᠭ ᠠᠢᠮᠠᠭ ᠤ᠋ᠨ ᠬᠢᠨ ᠡᠨᠡ ᠰᠦᠨ ᠡᠴᠡ ᠤᠤᠭᠤᠵᠤ ᠪᠣᠯᠬᠤ ᠶ᠋ᠢ ᠵᠥᠪᠰᠢᠶᠡᠷᠡᠭᠰᠡᠨ ᠪᠠᠢᠵᠠᠢ᠃ᠤᠴᠢᠷ ᠨᠢ ᠡᠨᠡ ᠬᠦ᠌ ᠠᠢᠮᠠᠭ ᠤ᠋ᠨ ᠬᠢᠨ ᠡᠷᠲᠡ ᠴᠠᠭ ᠲᠤ᠌ ᠲᠡᠢᠨ ᠪᠠᠢᠯᠳᠤᠭᠠᠨ ᠳ᠋ᠤ᠌ ᠴᠢᠩᠭᠢᠰ ᠬᠠᠭᠠᠨ ᠢ᠋ ᠲᠡᠳᠬᠦᠨ ᠲᠤᠰᠠᠯᠠᠵᠤ ᠶᠡᠬᠡ ᠭᠠᠪᠢᠶ᠎ᠠ ᠪᠠᠢᠭᠤᠯᠤᠭᠰᠠᠨ ᠢ᠋ᠶ᠋ᠠᠷ ᠰᠠᠶᠢ ᠡᠢᠮᠦᠷᠬᠦᠦ ᠬᠦᠨᠳᠦᠲᠦ ᠠᠯᠳᠠᠷ ᠢ᠋ ᠣᠯᠭᠣᠭᠰᠠᠨ ᠠᠵᠢ》 ᠭᠡᠵᠦ ᠲᠡᠮᠳᠡᠭᠯᠡᠪᠡ᠃ᠬᠣᠵᠢᠮ ᠨᠢ ᠴᠢᠩᠭᠢᠰ ᠬᠠᠭᠠᠨ ᠢ᠋ ᠳᠤᠷᠠᠰᠬᠠᠬᠤ ᠬᠠᠮᠤᠭ ᠶᠡᠬᠡ ᠳᠠᠢᠯᠭ᠎ᠠ— ᠴᠠᠭᠠᠨ ᠰᠦᠷᠦᠭ ᠦ᠋ᠨ ᠶᠡᠬᠡ ᠳᠠᠢᠯᠭ᠎ᠠ ᠪᠣᠢ ᠪᠣᠯᠵᠤ ᠡᠳᠦᠭᠡ ᠳ᠋ᠦ᠍ᠷ ᠬᠦᠷᠲᠡᠯ᠎ᠡ ᠤᠯᠠᠮᠵᠢᠯᠠᠭᠳᠠᠭᠰᠠᠨ ᠪᠢᠯᠡ᠃
ᠭᠣᠪᠢ ᠶ᠋ᠢᠨ ᠠᠷᠤ ᠡᠮᠦᠨ᠎ᠡ᠂ᠱᠠᠩᠳᠤ ᠨᠡᠢᠰᠯᠡᠯ ᠦ᠋ᠨ ᠡᠷᠭᠢᠨ ᠲᠣᠭᠣᠷᠢᠨ ᠳ᠋ᠤ᠌ ᠲᠠᠷᠢᠶᠠᠯᠠᠩ ᠤ᠋ᠨ ᠳᠣᠪᠣ ᠭᠠᠷᠭᠠᠵᠤ《ᠪᠠᠭᠠᠷᠢᠨ ᠲᠠᠷᠢᠶ᠎ᠠ》 ᠲᠠᠷᠢᠭᠤᠯᠤᠭᠰᠠᠨ ᠤ᠋ ᠤᠯᠠᠮ ᠠ᠋ᠴᠠ ᠮᠣᠩᠭᠣᠯᠴᠤᠳ ᠤ᠋ᠨ ᠢᠳᠡᠭᠡᠨ ᠤᠮᠳᠠᠭᠠᠨ ᠳ᠋ᠤ᠌ ᠪᠠᠰᠠ ᠬᠤᠪᠢᠷᠠᠯᠲᠠ ᠭᠠᠷᠴᠤ ᠮᠢᠬ᠎ᠠ ᠰᠦ ᠢᠳᠡᠬᠦ ᠳᠠᠩ ᠴᠤᠯᠭᠤᠢ ᠲᠠᠯ᠎ᠠ ᠦᠭᠡᠢᠰᠬᠡᠭᠳᠡᠨ ᠠᠮᠤ ᠪᠤᠳᠠᠭ᠎ᠠ ᠬᠣᠯᠢᠰᠢᠨ ᠢᠳᠡᠭᠡᠨ ᠢᠳᠡᠬᠦ ᠪᠣᠯᠪᠠ᠃ᠶᠤᠸᠠᠨ ᠤᠯᠤᠰ ᠤ᠋ᠨ ᠦᠶ᠎ᠡ ᠶ᠋ᠢᠨ ᠢᠳᠡᠭᠡᠨ ᠤᠮᠳᠠᠭᠠᠨ ᠤ᠋ ᠪᠢᠴᠢᠭ ᠰᠤᠳᠤᠷ—《ᠢᠳᠡᠭᠡᠨ ᠤᠮᠳᠠᠭᠠᠨ ᠤ᠋ ᠵᠢᠩᠬᠢᠨᠢ ᠲᠣᠪᠴᠢ》᠂《ᠠᠢᠯ ᠡᠷᠦᠬᠡ ᠶ᠋ᠢᠨ ᠡᠷᠬᠡᠪᠰᠢ ᠪᠡᠯᠡᠳᠬᠡᠬᠦ ᠵᠦᠢᠯ ᠦ᠋ᠨ ᠪᠦᠷᠢᠳᠬᠡᠯ》 ᠵᠡᠷᠭᠡ ᠳ᠋ᠦ᠍ ᠮᠠᠨᠲᠠᠤ ᠶ᠋ᠢ ᠲᠡᠮᠳᠡᠭᠯᠡᠭᠰᠡᠨ ᠪᠠᠢᠪᠠ᠃ᠣᠷᠳᠣᠨ ᠤ᠋ ᠮᠠᠨᠲᠠᠤ ᠨᠢ ᠦᠬᠡᠷ ᠬᠣᠨᠢᠨ ᠤ᠋ ᠮᠢᠬ᠎ᠠ ᠲᠠᠢ ᠠᠳᠠᠯᠢᠬᠠᠨ ᠳᠤᠷᠠᠲᠠᠢ ᠢᠳᠡᠭᠡᠨ ᠦ᠌ ᠨᠢᠭᠡ ᠪᠠᠢᠵᠠᠢ᠃ᠡᠳᠡᠭᠡᠷ ᠮᠠᠨᠲᠠᠤ ᠳ᠋ᠤ᠌ ᠬᠠᠢᠴᠢᠨ ᠬᠤᠸᠠᠷ ᠲᠠᠢ ᠮᠠᠨᠲᠠᠤ᠂ ᠬᠠᠰᠢ ᠶ᠋ᠢᠨ ᠮᠠᠨᠲᠠᠤ᠂ᠪᠤᠭᠤ ᠶ᠋ᠢᠨ ᠤᠭᠤᠷᠠᠭ ᠰᠦᠨ ᠦ᠌ ᠮᠠᠨᠲᠠᠤ ᠪᠠᠢᠵᠤ ᠰᠢᠶᠠᠨᠽᠢ ᠨᠢ ᠬᠣᠨᠢᠨ ᠮᠢᠬ᠎ᠠ᠂ᠥᠭᠡᠬᠦ᠂ᠪᠤᠭᠤ ᠶ᠋ᠢᠨ ᠥᠭᠡᠬᠦ ᠪᠣᠯᠤᠨ ᠬᠠᠰᠢ ᠭᠣᠣᠯᠳᠠᠭᠤ ᠪᠠᠢᠪᠠ᠃ᠡᠭᠡᠯ ᠠᠷᠠᠳ ᠢᠷᠭᠡᠳ ᠴᠦ᠍ ᠮᠠᠨᠲᠠᠤ ᠢᠳᠡᠬᠦ ᠳᠤᠷᠠᠲᠠᠢ ᠪᠠᠢᠵᠠᠢ᠃《ᠠᠢᠯ ᠡᠷᠦᠬᠡ ᠶ᠋ᠢᠨ ᠡᠷᠬᠡᠪᠰᠢ ᠪᠡᠯᠡᠳᠬᠡᠬᠦ ᠵᠦᠢᠯ ᠦ᠋ᠨ ᠪᠦᠷᠢᠳᠬᠡᠯ》 ᠦ᠋ᠨ ᠰᠢᠶᠠᠨᠽᠢ ᠲᠠᠢ ᠢᠳᠡᠭᠡᠨ ᠦ᠌ ᠵᠦᠢᠯ ᠳ᠋ᠦ᠍ ᠲᠠᠨᠢᠯᠴᠠᠭᠤᠯᠤᠭᠰᠠᠨ ᠢ᠋ᠶ᠋ᠠᠷ ᠠᠷᠠᠳ ᠢᠷᠭᠡᠳ ᠦ᠋ᠨ ᠬᠢᠭᠰᠡᠨ ᠮᠠᠨᠲᠠᠤ ᠪᠣᠯ ᠤᠷᠢᠳ ᠢ᠋ᠶ᠋ᠠᠷ ᠭᠤᠯᠢᠷ ᠢ᠋ᠶ᠋ᠠᠨ ᠢᠰᠬᠡᠵᠦ᠂ᠳᠠᠷᠠᠭ᠎ᠠ ᠨᠢ ᠭᠤᠯᠢᠷ ᠨᠡᠮᠡᠨ ᠵᠢᠭᠤᠷᠠᠵᠤ ᠭᠢᠯᠠᠵᠤ ᠬᠦᠪᠦᠷᠯᠡᠭᠡᠳ ᠰᠢᠶᠠᠨᠽᠢ ᠪᠠᠨ ᠪᠣᠭᠣᠵᠤ ᠵᠢᠩᠨᠡᠭᠡᠳ ᠪᠣᠯᠭᠠᠪᠠᠯ ᠳᠠᠷᠤᠢ ᠮᠠᠨᠲᠠᠤ᠃ ᠲᠤᠬᠠᠢ ᠶ᠋ᠢᠨ ᠦᠶ᠎ᠡ ᠶ᠋ᠢᠨ ᠮᠠᠨᠲᠠᠤ ᠨᠢ ᠡᠳᠦᠭᠡ ᠴᠠᠭ ᠤ᠋ᠨ ᠪᠤᠤᠰᠠ ᠠᠵᠢ᠃ᠶᠤᠸᠠᠨ ᠤᠯᠤᠰ ᠤ᠋ᠨ ᠦᠶ᠎ᠡ ᠳ᠋ᠦ᠍ ᠳᠡᠭᠡᠳᠦ ᠨᠡᠢᠰᠯᠡᠯ ᠱᠠᠩᠳᠤ ᠬᠣᠲᠠ ᠶ᠋ᠢᠨ ᠣᠷᠴᠢᠮ ᠰᠠᠭᠠᠭ ᠶᠡᠬᠡᠳᠡ ᠲᠠᠷᠢᠵᠤ ᠪᠠᠢᠵᠠᠢ᠃《 ᠱᠦᠨ ᠴᠧᠩ ᠬᠠᠭᠠᠯᠭ᠎ᠠ ᠶ᠋ᠢᠨ ᠭᠠᠳᠠᠨ᠎ᠠ᠂ᠰᠠᠭᠠᠭ ᠤ᠋ᠨ ᠦᠨᠦᠷ ᠠᠩᠬᠢᠯᠤᠮᠤᠢ》 ᠬᠡᠮᠡᠭᠰᠡᠨ ᠪᠠᠳᠠᠭ ᠨᠢ ᠰᠠᠭᠠᠭ ᠲᠠᠷᠢᠭᠰᠠᠨ ᠤ᠋ ᠭᠡᠷᠡᠴᠢ ᠶᠦ᠍ᠮ᠃ᠲᠠᠷᠢᠶᠠᠯᠠᠩ ᠤ᠋ᠨ ᠪᠢᠴᠢᠭ ᠲᠦ᠍ ᠰᠠᠭᠠᠭ ᠢᠳᠡᠬᠦ ᠠᠷᠭ᠎ᠠ ᠶ᠋ᠢ ᠲᠠᠨᠢᠯᠴᠠᠭᠤᠯᠬᠤ ᠳ᠋ᠠᠭᠠᠨ《ᠬᠠᠯᠢᠰᠤ ᠶ᠋ᠢ ᠨᠢ ᠤᠨᠠᠭᠠᠨ ᠲᠠᠯᠬᠠᠳᠠᠨ ᠭᠤᠯᠢᠷ ᠪᠣᠯᠭᠠᠮᠤᠢ᠃ᠬᠠᠭᠠᠷᠢᠮᠠᠭ ᠬᠢᠵᠦ ᠰᠠᠷᠢᠮᠰᠠᠭ ᠲᠠᠢ ᠢᠳᠡᠳᠡᠭ᠃ᠪᠠᠰᠠ ᠱᠥᠯᠥ ᠲᠡᠢ ᠭᠤᠯᠢᠷ ᠬᠢᠵᠦ ᠢᠳᠡᠨ᠎ᠡ᠃ᠡᠭᠦᠨ ᠢ᠋ ᠾᠧ ᠯᠧ ᠭᠡᠳᠡᠭ》ᠭᠡᠵᠡᠢ᠃ᠲᠠᠷᠢᠶᠠᠯᠠᠩ ᠤ᠋ᠨ ᠪᠢᠴᠢᠭ ᠲᠦ᠍ ᠰᠠᠭᠠᠭ ᠢ᠋ ᠠᠮᠤ ᠪᠤᠳᠠᠭᠠᠨ ᠤ᠋ ᠲᠡᠷᠢᠭᠦᠨ ᠳ᠋ᠦ᠍ ᠵᠢᠭᠰᠠᠭᠠᠭᠰᠠᠨ ᠨᠢ ᠲᠤᠬᠠᠢ ᠶ᠋ᠢᠨ ᠦᠶ᠎ᠡ ᠶ᠋ᠢᠨ ᠬᠥᠮᠦᠰ ᠰᠠᠭᠠᠭ ᠢ᠋ ᠲᠤᠩ ᠴᠢᠬᠤᠯᠠ ᠢᠳᠡᠭᠡᠨ ᠦ᠌ ᠵᠦᠢᠯ ᠪᠣᠯᠭᠠᠵᠤ ᠪᠠᠢᠭᠰᠠᠨ ᠢ᠋ ᠬᠠᠷᠠᠭᠤᠯᠵᠤ ᠪᠠᠢᠭ᠎ᠠ ᠪᠢᠯᠡ᠃ᠰᠠᠭᠠᠭ ᠢ᠋ ᠶᠤᠸᠠᠨ ᠤᠯᠤᠰ ᠤ᠋ᠨ ᠦᠶ᠎ᠡ ᠳ᠋ᠦ᠍《ᠮᠥᠬᠥᠯᠢᠭ》ᠭᠡᠮᠡᠨ ᠨᠡᠷᠡᠯᠡᠨ ᠳᠠᠭᠤᠳᠠᠵᠤ ᠪᠠᠢᠵᠠᠢ᠃
ᠵᠤᠮ᠎ᠠ ᠶ᠋ᠢᠨ ᠬᠤᠷᠢᠮ 
ᠮᠣᠩᠭᠣᠯᠴᠤᠳ ᠤ᠋ᠨ ᠦᠭᠡ ᠬᠡᠯᠡ᠂ᠦᠰᠦᠭ ᠪᠢᠴᠢᠭ᠂ᠤᠯᠠᠮᠵᠢᠯᠠᠯᠲᠤ ᠤᠭᠰᠠᠭ᠎ᠠ ᠲᠡᠦᠬᠡ᠂ᠵᠠᠩ ᠦᠢᠯᠡ᠂ᠶᠣᠰᠣ ᠰᠤᠷᠲᠠᠬᠤᠨ ᠢ᠋ ᠳᠡᠮᠡᠢ ᠤᠬᠠᠬᠤ ᠦᠭᠡᠢ ᠬᠥᠮᠦᠨ ᠪᠠᠰᠠ ᠮᠣᠩᠭᠣᠯ ᠲᠤᠭᠤᠷᠭᠠᠲᠠᠨ ᠤ᠋ ᠰᠣᠶᠣᠯ ᠲᠡᠦᠬᠡ᠂ᠢᠳᠡᠭᠡᠨ ᠤᠮᠳᠠᠭᠠᠨ᠂ᠡᠮᠦᠰᠴᠦ ᠵᠡᠭᠦᠬᠦ᠂ᠶᠠᠪᠤᠵᠤ ᠰᠠᠭᠤᠬᠤ ᠲᠤᠬᠠᠢ ᠵᠠᠬ᠎ᠠ ᠵᠤᠬ᠎ᠠ ᠠ᠋ᠴᠠ ᠨᠢ ᠲᠡᠮᠳᠡᠭᠯᠡᠴᠢᠭᠡᠳ ᠳᠡᠯᠡᠬᠡᠢ ᠳ᠋ᠠᠬᠢᠨ ᠳ᠋ᠤᠷ ᠮᠣᠩᠭᠣᠯ ᠤ᠋ᠨ ᠰᠤᠳᠤᠯᠭᠠᠲᠠᠨ ᠢ᠋ᠶ᠋ᠠᠷ ᠮᠠᠨᠳᠤᠵᠤ ᠶᠠᠪᠤᠬᠤ ᠠᠨᠤ ᠰᠣᠨᠢᠨ᠃ᠲᠡᠭᠡᠭᠡᠳ ᠣᠯᠠᠨ ᠵᠢᠯ ᠰᠤᠳᠤᠯᠵᠤ ᠶᠠᠪᠤᠭᠰᠠᠨ ᠰᠡᠳᠦᠪ ᠦ᠋ᠨ ᠬᠢᠨᠢ ᠨᠢᠭᠡ ᠨᠢ ᠵᠤᠮ᠎ᠠ ᠶᠤᠮ ᠭᠡᠨ᠎ᠡ᠃ᠵᠥᠪᠬᠡᠨ ᠢᠳᠡᠭᠡᠨ ᠦ᠌ ᠨᠢᠭᠡ ᠯᠡ ᠵᠦᠢᠯ ᠪᠣᠯᠬᠤ ᠵᠤᠮ᠎ᠠ ᠶ᠋ᠢᠨ ᠲᠤᠬᠠᠢ ᠰᠤᠳᠤᠯᠤᠭᠠᠳ ᠵᠦᠭ ᠭᠠᠷᠬᠤ ᠦᠭᠡᠢ ᠪᠠᠢᠬᠤ ᠠ᠋ᠴᠠ ᠲᠡᠳᠡᠨ ᠦ᠌ ᠮᠣᠩᠭᠣᠯ ᠤ᠋ᠨ ᠲᠤᠬᠠᠢ ᠣᠢᠯᠠᠭᠠᠭᠳᠠᠬᠤᠨ ᠬᠡᠴᠢᠨᠡᠨ ᠭᠥᠶᠦᠬᠡᠨ ᠢ᠋ ᠮᠡᠳᠡᠵᠦ ᠪᠣᠯᠬᠤ ᠪᠢᠯᠡ᠃
ᠵᠤᠮ᠎ᠠ ᠶ᠋ᠢᠨ ᠬᠤᠷᠢᠮ ᠪᠣᠯ ᠶᠤᠸᠠᠨ ᠤᠯᠤᠰ ᠤ᠋ᠨ ᠬᠠᠭᠠᠨ ᠣᠷᠳᠣᠨ ᠳ᠋ᠠᠬᠢ ᠲᠤᠢᠯ ᠤ᠋ᠨ ᠰᠦᠷᠯᠢᠭ ᠳᠠᠯᠠᠢ ᠶᠡᠬᠡ ᠨᠠᠢᠷ ᠪᠣᠯᠤᠨ᠎ᠠ᠃
ᠶᠤᠸᠠᠨ ᠤ᠋ ᠬᠠᠭᠠᠳ ᠰᠡᠦᠬᠡ ᠲᠡᠷᠭᠡ ᠪᠡᠷ ᠱᠠᠩᠳᠤ ᠨᠡᠢᠰᠯᠡᠯ ᠳ᠋ᠦ᠍ ᠮᠣᠷᠢᠯᠠᠨ ᠢᠷᠡᠵᠦ ᠵᠤᠰᠠᠬᠤ ᠳ᠋ᠠᠭᠠᠨ ᠵᠢᠯ ᠵᠢᠯ ᠦ᠋ᠨ ᠵᠢᠷᠭᠤᠳᠤᠭᠠᠷ ᠰᠠᠷ᠎ᠠ ᠶ᠋ᠢᠨ ᠥᠯᠵᠡᠢᠲᠦ ᠡᠳᠦᠷ ᠢ᠋ ᠰᠣᠩᠭᠣᠵᠤ ᠵᠤᠮ᠎ᠠ ᠶ᠋ᠢᠨ ᠨᠠᠢᠷ ᠬᠢᠳᠡᠭ ᠪᠠᠢᠵᠠᠢ᠃ᠬᠠᠭᠠᠨ ᠣᠷᠳᠣᠨ ᠤ᠋ ᠬᠡᠪᠲᠡᠭᠦᠯ᠂ᠰᠢᠳᠠᠷ ᠳᠠᠭᠠᠯᠲᠠ᠂ᠰᠠᠢᠳ ᠲᠦᠰᠢᠮᠡᠯ ᠨᠠᠷ ᠡᠵᠡᠨ ᠦ᠌ ᠰᠣᠶᠣᠷᠬᠠᠭᠰᠠᠨ ᠵᠢᠰᠦᠨ ᠬᠤᠪᠴᠠᠰᠤ᠂ᠳᠡᠪᠡᠯ ᠮᠠᠯᠠᠭᠠᠢ᠂ᠭᠤᠲᠤᠯ ᠪᠦᠰᠡ ᠶ᠋ᠢ ᠡᠮᠦᠰᠴᠦ ᠰᠤᠪᠤᠳ ᠲᠠᠨ᠎ᠠ᠂ᠠᠯᠲᠠ ᠮᠥᠩᠭᠥ᠂ᠱ᠌ᠢᠷᠦ ᠬᠠᠰ ᠤ᠋ᠨ ᠵᠠᠰᠠᠯ ᠵᠢᠮᠰᠡᠭ ᠢ᠋ᠶ᠋ᠡᠷ ᠭᠣᠶᠣᠯᠠᠨ᠂ᠠᠵᠢᠨᠠᠢ ᠬᠦᠯᠦᠭ ᠦ᠋ᠨ ᠢ᠋ᠶ᠋ᠡᠨ ᠳᠡᠯ ᠰᠡᠭᠦᠯ ᠢ᠋ ᠵᠠᠰᠠᠵᠤ ᠪᠣᠭᠣᠭᠠᠳ ᠠᠳᠬᠤᠨ ᠰᠡᠯᠡᠮ᠎ᠡ᠂ᠤᠨᠵᠢᠯᠭ᠎ᠠ ᠪᠢᠯᠠᠭᠤ ᠪᠠᠨ ᠰᠤᠢᠷᠠᠨ ᠪᠠᠶᠠᠷ ᠤ᠋ᠨ ᠵᠢᠭᠰᠠᠭᠠᠯ ᠢ᠋ᠶ᠋ᠠᠷ ᠬᠠᠭᠠᠨ ᠣᠷᠳᠣᠨ ᠳ᠋ᠤ᠌ ᠥᠷᠯᠥᠭᠡ ᠡᠷᠲᠡ ᠣᠷᠣᠳᠠᠭ ᠪᠣᠯᠠᠢ᠃ᠢᠦᠢ ᠲᠢᠶᠠᠨ ᠮᠸᠨ ᠬᠠᠭᠠᠯᠭ᠎ᠠ ᠬᠦᠷᠪᠡᠯ ᠡᠵᠡᠨ ᠡᠴᠡ ᠪᠤᠰᠤᠳ ᠪᠦᠭᠦᠳᠡ ᠲᠦᠰᠢᠮᠡᠯ ᠮᠣᠷᠢᠨ ᠠ᠋ᠴᠠ ᠪᠠᠭᠤᠵᠤ ᠶᠠᠪᠠᠭᠠᠨ ᠢ᠋ᠶ᠋ᠠᠷ ᠳᠣᠲᠣᠭᠰᠢ ᠣᠷᠣᠨ᠎ᠠ᠃ᠬᠥᠭᠵᠢᠮ ᠪᠥᠵᠢᠭ ᠦ᠋ᠨ ᠠᠩᠭᠢ ᠵᠢᠭᠰᠠᠭᠠᠯ ᠤ᠋ᠨ ᠡᠮᠦᠨ᠎ᠡ ᠵᠠᠮ ᠤᠳᠤᠷᠢᠳᠤᠨ ᠳᠠᠭᠤᠯᠠᠵᠤ ᠪᠥᠵᠢᠭᠯᠡᠨ ᠶᠠᠪᠤᠬᠤ ᠪᠥᠭᠡᠳ《ᠲᠥᠷᠥ ᠲᠦᠪᠰᠢᠨ》 ᠬᠡᠮᠡᠬᠦ ᠦᠰᠦᠭ ᠦ᠋ᠨ ᠳᠦᠷᠰᠦ ᠭᠠᠷᠭᠠᠨ ᠤᠷᠤᠭᠰᠢᠯᠠᠨ᠎ᠠ᠃
     ᠵᠤᠮ᠎ᠠ ᠶ᠋ᠢᠨ ᠬᠤᠷᠢᠮ ᠳ᠋ᠤ᠌ ᠬᠣᠨᠢᠨ ᠰᠢᠭᠦᠰᠦ ᠪᠡᠷ ᠭᠣᠣᠯ ᠪᠣᠯᠭᠠᠨ ᠡᠯᠳᠡᠪ ᠵᠦᠢᠯ ᠦ᠋ᠨ ᠰᠣᠨᠢᠨ ᠠᠮᠢᠲᠠᠨ ᠤ᠋ ᠮᠢᠬ᠎ᠠ ᠶ᠋ᠢ ᠰᠢᠷᠡᠭᠡ ᠳᠦᠭᠦᠷᠡᠩ ᠦᠷᠦᠳᠡᠭ ᠠᠵᠢ᠃ᠰᠢᠷᠡᠭᠡ ᠵᠠᠰᠠᠵᠤ ᠪᠠᠷᠠᠪᠠᠯ ᠶᠣᠰᠣᠯᠠᠯ ᠤ᠋ᠨ ᠲᠦᠰᠢᠮᠡᠯ ᠪᠣᠰᠴᠤ ᠴᠢᠩᠭᠢᠰ ᠬᠠᠭᠠᠨ ᠤ᠋ ᠶᠡᠬᠡ ᠵᠠᠰᠠᠭ ᠢ᠋ ᠤᠩᠰᠢᠨ᠎ᠠ᠃ᠵᠤᠮ᠎ᠠ ᠶ᠋ᠢᠨ ᠨᠠᠢᠷ ᠲᠤ᠌ ᠪᠥᠵᠢᠭ ᠬᠥᠭᠵᠢᠮ ᠦ᠋ᠨ ᠶᠠᠮᠤᠨ ᠤ᠋ ᠭᠤᠸ᠎ᠠ ᠥᠬᠢᠳ ᠰᠠᠴᠤᠭᠲᠤ ᠮᠠᠯᠠᠭᠠᠢ ᠵᠡᠭᠦᠨ᠂ᠬᠡᠮᠡᠷᠯᠢᠭ ᠬᠤᠪᠴᠠᠰᠤ ᠡᠮᠦᠰᠦᠭᠡᠳ ᠬᠤᠷᠠᠭᠰᠠᠨ ᠵᠣᠴᠢᠳ ᠢ᠋ ᠳᠠᠢᠯᠠᠨ ᠬᠤᠨᠳᠠᠭ᠎ᠠ ᠭᠡᠮ ᠪᠠᠷᠢᠵᠤ《ᠴᠠᠨ᠎ᠠ ᠴᠡᠴᠡᠭ ᠦ᠋ᠨ ᠳᠠᠭᠤᠤ》 ᠶ᠋ᠢ ᠬᠠᠩᠭᠢᠨᠠᠭᠤᠯᠤᠨ᠎ᠠ᠃ᠳᠣᠲᠣᠭᠠᠳᠤ ᠣᠷᠳᠣᠨ ᠤ᠋ ᠨᠣᠶᠠᠳ ᠲᠤ᠌ ᠦᠵᠦᠮ ᠦ᠋ᠨ ᠠᠷᠢᠬᠢ ᠬᠡᠮᠨᠡᠭᠰᠡᠨ ᠦ᠌ ᠳᠠᠷᠠᠭ᠎ᠠ ᠰᠠᠭᠠᠯᠢ ᠶ᠋ᠢᠨ ᠰᠠᠷᠬᠤᠳ ᠪᠠᠷᠢᠨ᠎ᠠ᠃ᠬᠠᠭᠠᠨ ᠣᠷᠳᠣᠨ ᠤ᠋ ᠰᠥᠩᠴᠢ ᠲᠦᠰᠢᠮᠡᠯ ᠪᠢᠰᠬᠢᠭᠦᠷ ᠬᠥᠭᠵᠢᠮ ᠦ᠋ᠨ ᠠᠶᠠᠰ ᠳᠤᠮᠳᠠᠭᠤᠷ ᠰᠥᠩ ᠡᠷᠭᠦᠬᠦ ᠳ᠋ᠦ᠍ ᠪᠥᠵᠢᠭᠴᠢᠨ ᠥᠬᠢᠳ ᠰᠣᠯᠣᠩᠭᠠᠨ ᠬᠤᠸᠠᠷᠲᠤ ᠥᠲᠥᠨ ᠳᠡᠪᠡᠯ ᠦ᠋ᠨ ᠪᠥᠵᠢᠭ ᠦᠰᠦᠷᠴᠦ ᠬᠤᠷᠠᠭᠰᠠᠨ ᠣᠯᠠᠨ ᠢ᠋ ᠪᠠᠶᠠᠰᠤᠭᠤᠯᠤᠨ ᠬᠤᠷᠢᠮ ᠨᠠᠢᠷ ᠢ᠋ ᠬᠥᠭᠵᠢᠭᠦᠯᠦᠨ᠎ᠡ᠃ᠸᠠᠩ ᠨᠣᠶᠠᠳ᠂ᠰᠠᠢᠳ ᠲᠦᠰᠢᠮᠡᠯ ᠨᠠᠷ ᠬᠥᠭᠵᠢᠮ ᠦ᠋ᠨ ᠠᠶᠠᠰ ᠢ᠋ᠶ᠋ᠠᠷ ᠪᠥᠵᠢᠭᠯᠡᠨ ᠨᠠᠷᠭᠢᠵᠤ ᠬᠠᠭᠠᠨ ᠡᠵᠡᠨ ᠪᠠ ᠬᠠᠲᠤᠳ ᠠᠪᠠᠬᠠᠢ ᠨᠠᠷ ᠤ᠋ᠨ ᠤᠷᠲᠤ ᠨᠠᠰᠤᠯᠠᠵᠤ ᠤᠳᠠᠭᠠᠨ ᠵᠢᠷᠭᠠᠬᠤ ᠶ᠋ᠢ ᠢᠷᠦᠭᠡᠵᠡᠭᠡᠨ ᠳᠦᠭᠦᠷᠡᠩ ᠭᠡᠮ ᠳᠡᠪᠰᠢᠭᠦᠯᠦᠨ᠎ᠡ᠃
ᠠᠯᠲᠠᠨ ᠳᠠᠪᠰᠢ ᠮᠥᠩᠭᠥᠨ ᠲᠠᠪᠠᠭ ᠲᠤ᠌ ᠵᠤᠮ᠎ᠠ ᠶ᠋ᠢᠨ ᠮᠥᠴᠢ ᠣᠪᠣᠭᠠᠯᠠᠭᠳᠠᠨ᠂ᠠᠮᠲᠠᠲᠤ ᠵᠠᠭᠤᠰᠢ ᠰᠢᠮᠡᠲᠦ ᠳᠠᠷᠠᠰᠤ ᠰᠢᠷᠡᠭᠡ ᠳᠦᠭᠦᠷᠡᠩ ᠥᠷᠦᠭᠳᠡᠨ᠎ᠡ᠂ ᠠᠰᠤᠷᠤ ᠬᠥᠭᠵᠢᠮ ᠦ᠋ᠨ ᠢᠷᠠᠭᠤᠬᠠᠨ ᠠᠶᠠᠰ ᠣᠷᠳᠣᠨ ᠤ᠋ ᠳᠣᠲᠣᠷ᠎ᠠ ᠳᠠᠭᠤᠷᠢᠰᠴᠤ᠂ ᠠᠮᠤᠭᠤᠯᠠᠩ ᠲᠥᠷᠥ ᠶ᠋ᠢᠨ ᠵᠤᠮ᠎ᠠ ᠶ᠋ᠢᠨ ᠨᠠᠢᠷ ᠢᠷᠦᠭᠡᠯ ᠦ᠋ᠨ ᠳᠤᠮᠳᠠ ᠥᠨᠳᠥᠷᠯᠡᠨ᠎ᠡ᠃ᠶᠤᠸᠠᠨ ᠤ᠋ ᠪᠢᠴᠢᠭ ᠦ᠋ᠨ ᠬᠥᠮᠦᠨ ᠦ᠌ ᠲᠡᠮᠳᠡᠭᠯᠡᠭᠰᠡᠨ ᠢ᠋ᠶ᠋ᠡᠷ ᠨᠢᠭᠡ ᠤᠳᠠᠭᠠᠨ ᠤ᠋ ᠵᠤᠮ᠎ᠠ ᠶ᠋ᠢᠨ ᠬᠤᠷᠢᠮ ᠳ᠋ᠤ᠌2 000 ᠬᠣᠨᠢ ᠣᠷᠣᠭᠰᠠᠨ ᠭᠡᠵᠡᠢ᠃ ᠡᠨᠡ ᠨᠢ ᠥᠰᠬᠡᠨ ᠲᠥᠰᠬᠡᠨ ᠲᠡᠢ ᠪᠠᠢᠵᠤ ᠴᠤ᠌ ᠮᠡᠳᠡᠬᠦ ᠶᠦ᠍ᠮ᠃ᠲᠤᠬᠠᠢ ᠶ᠋ᠢᠨ ᠦᠶᠡᠰ ᠵᠤᠮ᠎ᠠ ᠪᠡᠯᠡᠳᠬᠡᠬᠦ ᠳ᠋ᠦ᠍ ᠵᠣᠷᠢᠭᠤᠯᠤᠭᠰᠠᠨ ᠵᠤᠮ᠎ᠠ ᠶ᠋ᠢᠨ ᠰᠦᠷᠦᠭ ᠭᠠᠷᠭᠠᠨ ᠮᠠᠯᠵᠢᠵᠤ ᠪᠠᠢᠭᠰᠠᠨ ᠶᠤᠮ᠃ᠬᠣᠵᠢᠮ ᠤ᠋ᠨ ᠳ᠋ᠸ ᠬᠦᠩ ᠰᠦᠷᠦᠭ ᠪᠣᠯ ᠣᠷᠳᠣᠨ ᠤ᠋ ᠵᠤᠮ᠎ᠠ ᠪᠡᠯᠡᠳᠬᠡᠬᠦ ᠳ᠋ᠦ᠍ ᠵᠣᠷᠢᠭᠤᠯᠤᠭᠰᠠᠨ ᠮᠠᠯᠵᠢᠯ ᠤ᠋ᠨ ᠰᠦᠷᠦᠭ ᠪᠠᠢᠭᠰᠠᠨ ᠪᠢᠯᠡ᠃
         ᠳᠥᠷᠪᠡᠨ ᠴᠠᠭ ᠤ᠋ᠨ ᠬᠤᠷᠢᠮ
   ᠶᠤᠸᠠᠨ ᠤᠯᠤᠰ ᠤ᠋ᠨ ᠦᠶ᠎ᠡ ᠳ᠋ᠦ᠍ ᠴᠢᠩᠭᠢᠰ ᠬᠠᠭᠠᠨ ᠤ᠋ ᠴᠢᠬᠤᠯᠠ ᠴᠢᠬᠤᠯᠠ ᠦᠢᠯᠡ ᠦᠢᠯᠡᠳᠦᠭᠰᠡᠨ ᠡᠳᠦᠷ ᠢ᠋ ᠲᠣᠬᠢᠶᠠᠯᠳᠤᠭᠤᠯᠤᠨ ᠳᠤᠷᠠᠰᠬᠠᠵᠤ᠂ᠳᠥᠷᠪᠡᠨ
ᠴᠠᠭ ᠤ᠋ᠨ ᠬᠤᠷᠢᠮ ᠬᠢᠳᠡᠭ ᠵᠤᠷᠰᠢᠯ ᠲᠠᠢ ᠪᠠᠢᠵᠠᠢ᠃ᠬᠤᠪᠢᠯᠠᠢ ᠰᠡᠴᠡᠨ ᠬᠠᠭᠠᠨ ᠴᠢᠩᠭᠢᠰ ᠬᠠᠭᠠᠨ ᠢ᠋ ᠳᠤᠷᠠᠰᠬᠠᠬᠤ《ᠳᠥᠷᠪᠡᠨ ᠴᠠᠭ ᠤ᠋ᠨ ᠬᠤᠷᠢᠮ ᠢ᠋ ᠦᠢᠯᠡᠳᠰᠦᠭᠡᠢ》ᠬᠡᠮᠡᠭᠰᠡᠨ ᠵᠠᠷᠯᠢᠭ ᠪᠠᠭᠤᠯᠭᠠᠵᠤ ᠳᠠᠢᠯᠭ᠎ᠠ ᠶᠣᠰᠣᠯᠠᠯ ᠤ᠋ᠨ ᠨᠠᠷᠢᠨ ᠲᠣᠳᠣᠷᠬᠠᠢ ᠬᠠᠤᠯᠢ ᠳᠦᠷᠢᠮ ᠲᠣᠭᠲᠠᠭᠠᠵᠤ ᠨᠠᠢ᠍ᠮᠠᠨ ᠶᠠᠮᠤᠳᠡᠳ ᠢ ᠪᠠᠢᠭᠤᠯᠤᠭᠰᠠᠨ
ᠶᠤᠮ᠃
    《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ》 ᠳ᠋ᠦ᠍《ᠬᠠᠪᠤᠷ ᠤ᠋ᠨ ᠡᠴᠦᠰ ᠥᠭᠡᠯᠵᠢᠨ ᠯᠤᠤ ᠰᠠᠷ᠎ᠠ ᠶ᠋ᠢᠨ ᠬᠣᠷᠢᠨ ᠨᠢᠬᠡᠨ᠎ᠡ ᠴᠢᠩᠭᠢᠰ ᠬᠠᠭᠠᠨ ᠶᠡᠷᠡ ᠶᠢᠰᠦᠨ ᠭᠡᠭᠦᠳ ᠢ᠋ᠶ᠋ᠡᠨ ᠤᠶᠠᠵᠤ ᠴᠠᠭᠠᠨ ᠰᠠᠴᠤᠯᠢ ᠪᠠᠨ ᠰᠠᠴᠤᠭᠰᠠᠨ ᠢ᠋ᠶ᠋ᠠᠷ ᠬᠠᠪᠤᠷ ᠤ᠋ᠨ ᠴᠠᠭᠠᠨ ᠰᠦᠷᠦᠭ ᠦ᠋ᠨ ᠬᠤᠷᠢᠮ ᠢ᠋ ᠲᠡᠷᠡ ᠡᠳᠦᠷ ᠦᠢᠯᠡᠳᠬᠦ᠃ᠵᠤᠨ ᠤ᠋ ᠳᠤᠮᠳᠠᠳᠤ ᠮᠣᠷᠢᠨ ᠰᠠᠷ᠎ᠠ ᠶ᠋ᠢᠨ ᠠᠷᠪᠠᠨ ᠵᠢᠷᠭᠤᠭᠠᠨ᠎ᠠ ᠶᠢᠷᠲᠢᠨᠴᠦ ᠶ᠋ᠢᠨ ᠰᠢᠲᠦᠭᠡᠨ ᠳᠡᠯᠭᠡᠷ ᠡᠬᠡ ᠲᠣᠨᠠᠭ ᠲᠠᠯᠪᠢᠵᠤ ᠶᠡᠷᠡ ᠶᠢᠰᠦᠨ ᠴᠠᠬᠠᠭᠴᠥᠳ ᠢ᠋ᠶ᠋ᠡᠨ  ᠤᠬᠤᠷᠠᠭ  ᠦᠷᠡᠰ ᠢ᠋ ᠭᠠᠷᠭᠠᠭᠰᠠᠨ ᠢ᠋ᠶ᠋ᠠᠷ ᠵᠤᠨ ᠤ᠋ ᠠᠭᠤᠷ ᠤ᠋ᠨ ᠬᠤᠷᠢᠮ ᠢ᠋ ᠲᠡᠷᠡ ᠡᠳᠦᠷ ᠦᠢᠯᠡᠳᠬᠦ᠃ᠨᠠᠮᠤᠷ ᠤ᠋ᠨ ᠡᠴᠦᠰ ᠦ᠋ᠨ ᠨᠣᠬᠠᠢ ᠰᠠᠷ᠎ᠠ ᠶ᠋ᠢᠨ ᠠᠷᠪᠠᠨ ᠬᠣᠶᠠᠷ᠎ᠠ ᠤᠨᠠᠭᠠᠨ ᠤ᠋ ᠴᠢᠭᠲᠠ ᠰᠢᠯᠪᠢ  ᠶ᠋ᠢ ᠠᠨᠤ ᠡᠪᠬᠡᠭᠰᠡᠨ ᠢ᠋ᠶ᠋ᠡᠷ ᠨᠣᠭᠳᠠ ᠰᠢᠷᠭᠡ ᠶ᠋ᠢᠨ ᠬᠤᠷᠢᠮ ᠢ᠋ ᠲᠡᠷᠡ ᠡᠳᠦᠷ ᠦᠢᠯᠡᠳᠬᠦ᠃ᠡᠪᠦᠯ ᠦ᠋ᠨ ᠳᠤᠮᠳᠠᠳᠤ ᠬᠤᠯᠤᠭᠠᠨ᠎ᠠ ᠰᠠᠷ᠎ᠠ ᠶ᠋ᠢᠨ ᠬᠣᠨᠢᠨ ᠰᠢᠨᠢᠲᠡ ᠴᠢᠩᠭᠢᠰ ᠬᠠᠭᠠᠨ ᠮᠢᠯᠢᠶᠠᠬᠤᠳ ᠢ᠋ ᠬᠢᠭᠰᠡᠨ ᠢ᠋ᠶ᠋ᠡᠷ ᠡᠪᠦᠯ ᠦ᠋ᠨ ᠲᠠᠰᠠᠮ᠎ᠠ ᠲᠠᠯᠪᠢᠬᠤᠢ ᠶ᠋ᠢᠨ ᠬᠤᠷᠢᠮ ᠢ᠋ ᠲᠡᠷᠡ ᠡᠳᠦᠷ ᠦᠢᠯᠡᠳᠬᠦ》ᠭᠡᠵᠦ ᠳᠥᠷᠪᠡᠨ ᠴᠠᠭ ᠤ᠋ᠨ ᠬᠤᠷᠢᠮ ᠤ᠋ᠨ ᠬᠢᠬᠦ ᠰᠠᠷ᠎ᠠ ᠡᠳᠦᠷ᠂ᠠᠭᠤᠯᠭ᠎ᠠ ᠶ᠋ᠢ ᠲᠣᠳᠣᠷᠬᠠᠢᠯᠠᠨ ᠲᠡᠮᠳᠡᠭᠯᠡᠵᠡᠢ᠃ᠡᠨᠡ ᠨᠢ ᠬᠠᠪᠤᠷ ᠤ᠋ᠨ ᠤᠯᠠᠷᠢᠯ ᠤ᠋ᠨ ᠡᠰᠦᠭ ᠦ᠋ᠨ ᠳᠠᠢᠯᠭ᠎ᠠ᠂ᠵᠤᠨ ᠤ᠋ ᠤᠯᠠᠷᠢᠯ ᠤ᠋ᠨ ᠨᠠᠭᠤᠷ ᠤ᠋ᠨ ᠳᠠᠢᠯᠭ᠎ᠠ᠂ᠨᠠᠮᠤᠷ ᠤ᠋ᠨ ᠤᠯᠠᠷᠢᠯ ᠤ᠋ᠨ ᠱᠥᠷᠭᠡ ᠶ᠋ᠢᠨ ᠳᠠᠢᠯᠭ᠎ᠠ᠂ᠡᠪᠦᠯ ᠦ᠋ᠨ ᠤᠯᠠᠷᠢᠯ ᠤ᠋ᠨ ᠲᠠᠰᠠᠮᠠᠨ ᠳᠠᠢᠯᠭ᠎ᠠ ᠪᠣᠯᠤᠨ᠎ᠠ᠃
    ᠡᠰᠦᠭ ᠦ᠋ᠨ ᠳᠠᠢᠯᠭ᠎ᠠ ᠶ᠋ᠢ ᠬᠤᠪᠢᠯᠠᠢ ᠬᠠᠭᠠᠨ ᠤ᠋ ᠲᠣᠭᠲᠠᠭᠠᠭᠰᠠᠨ ᠬᠠᠤᠯᠢ ᠳᠦᠷᠢᠮ ᠢ᠋ᠶ᠋ᠡᠷ ᠡᠰᠦᠭ ᠦ᠋ᠨ ᠰᠠᠴᠤᠯᠭ᠎ᠠ᠂ᠴᠢᠩᠭᠢᠰ ᠦ᠋ᠨ ᠠᠯᠲᠠᠨ ᠣᠷᠳᠣᠨ ᠤ᠋ ᠳᠣᠲᠣᠷ᠎ᠠ ᠭᠠᠳᠠᠨᠠᠬᠢ ᠶᠡᠬᠡ ᠳᠠᠢᠯᠭ᠎ᠠ᠂ᠦᠳᠡᠰᠢ ᠶ᠋ᠢᠨ ᠵᠣᠲᠠᠢ ᠰᠢᠩᠭᠡᠭᠡᠬᠦ᠂ᠳᠠᠯᠠᠯᠭ᠎ᠠ ᠳᠠᠯᠠᠯᠬᠤ ᠶᠡᠬᠡ ᠳᠠᠢᠯᠭ᠎ᠠ ᠬᠢᠳᠡᠭ᠃ᠳᠠᠢᠯᠭ᠎ᠠ ᠳᠡᠭᠡᠷ᠎ᠡ ᠢᠷᠦᠭᠡᠯ᠂ᠰᠠᠩ ᠥᠴᠢᠭ᠂ᠮᠢᠯᠢᠶᠠᠭᠤᠳ ᠤ᠋ᠨ ᠥᠴᠢᠭ ᠤᠩᠰᠢᠵᠤ ᠳᠠᠯᠠᠯᠭ᠎ᠠ ᠶ᠋ᠢᠨ ᠳᠠᠭᠤᠤ ᠳᠠᠭᠤᠯᠠᠳᠠᠭ᠃ᠡᠨᠡ ᠳᠠᠢᠯᠭ᠎ᠠ ᠨᠢ ᠭᠤᠷᠪᠠᠳᠤᠭᠠᠷ ᠰᠠᠷ᠎ᠠ ᠶ᠋ᠢᠨ ᠬᠣᠷᠢᠨ ᠨᠢᠭᠡᠨ ᠳ᠋ᠦ᠍ ᠶᠠᠪᠤᠭᠳᠠᠨ᠎ᠠ᠃
    ᠵᠤᠨ ᠤ᠋ ᠤᠯᠠᠷᠢᠯ ᠤ᠋ᠨ ᠨᠠᠭᠤᠷ ᠤ᠋ᠨ ᠶᠡᠬᠡ ᠲᠠᠢᠯᠭ᠎ᠠ ᠶ᠋ᠢᠨ ᠳᠡᠰ ᠳᠠᠷᠠᠭ᠎ᠠ ᠨᠢ ᠪᠤᠰᠤᠳ ᠬᠡᠳᠦᠨ ᠤᠯᠠᠷᠢᠯ ᠤ᠋ᠨ ᠢ᠋ᠶ᠋ᠠᠨ ᠲᠠᠢᠯᠭ᠎ᠠ ᠶᠣᠰᠣᠯᠠᠯ ᠲᠠᠢ ᠠᠳᠠᠯᠢ ᠪᠣᠯᠪᠠᠴᠤ ᠡᠨᠡ ᠲᠠᠢᠯᠭ᠎ᠠ  ᠳᠡᠭᠡᠷ᠎ᠡ ᠶᠡᠬᠡ ᠮᠠᠩᠯᠠᠢ ᠲᠦᠭᠡᠭᠡᠯ ᠳᠠᠭᠤᠳᠠᠵᠤ ᠵᠢᠷᠠᠨ ᠶᠠᠮᠤ ᠳ᠋ᠤ᠌ ᠬᠡᠰᠢᠭ ᠬᠦᠷᠲᠡᠭᠡᠳᠡᠭ ᠪᠢᠯᠡ᠃ᠡᠨᠡ ᠲᠠᠢᠯᠭ᠎ᠠ ᠲᠠᠪᠤᠳᠤᠭᠠᠷ ᠰᠠᠷ᠎ᠠ ᠶ᠋ᠢᠨ ᠠᠷᠪᠠᠨ ᠲᠠᠪᠤᠨ ᠤ᠋ ᠡᠳᠦᠷ ᠶᠠᠪᠤᠭᠳᠠᠨ᠎ᠠ᠃
    ᠨᠠᠮᠤᠷ ᠤ᠋ᠨ ᠤᠯᠠᠷᠢᠯ ᠤ᠋ᠨ ᠱᠥᠷᠭᠡ ᠶ᠋ᠢᠨ ᠲᠠᠢᠯᠭ᠎ᠠ ᠨᠢ ᠭᠡᠭᠦᠦ ᠶ᠋ᠢᠨ ᠰᠠᠭᠠᠯᠢ ᠪᠠᠨ ᠵᠣᠭᠰᠣᠵᠤ ᠤᠨᠠᠭᠠᠨ ᠤ᠋ ᠱᠥᠷᠭᠡ ᠶ᠋ᠢ ᠨᠢ ᠠᠪᠴᠤ ᠨᠣᠭᠲᠣ ᠴᠢᠭᠲᠠ ᠠ᠋ᠴᠠ ᠮᠤᠯᠲᠤᠯᠤᠨ ᠵᠡᠯ᠎ᠡ ᠪᠡᠨ ᠡᠪᠬᠡᠵᠦ ᠬᠤᠷᠢᠶᠠᠳᠠᠭ᠃ᠡᠨᠡ ᠲᠠᠢᠯᠭ᠎ᠠ  ᠨᠠᠢ᠍ᠮᠠᠳᠤᠭᠠᠷ ᠰᠠᠷ᠎ᠠ ᠶ᠋ᠢᠨ ᠠᠷᠪᠠᠨ ᠬᠣᠶᠠᠷ ᠤ᠋ᠨ ᠡᠳᠦᠷ ᠶᠠᠪᠤᠭᠳᠠᠨ᠎ᠠ᠃
ᠡᠪᠦᠯ ᠦ᠋ᠨ ᠤᠯᠠᠷᠢᠯ ᠤ᠋ᠨ ᠲᠠᠰᠠᠮᠠᠨ ᠳᠠᠢᠯᠭ᠎ᠠ ᠨᠢ ᠴᠢᠩᠭᠢᠰ ᠦ᠋ᠨ ᠬᠦᠢᠰᠦ ᠶ᠋ᠢ ᠨᠢ ᠲᠠᠰᠠᠮ᠎ᠠ ᠪᠠᠷ ᠪᠣᠭᠣᠵᠤ ᠬᠦᠭᠡᠨᠴᠤᠭ᠌ ᠨᠢ ᠴᠦᠭᠯᠦᠢᠳᠦᠭᠰᠡᠨ ᠢ᠋ ᠳᠤᠷᠠᠰᠬᠠᠭᠰᠠᠨ ᠳᠠᠢᠯᠭ᠎ᠠ ᠬᠢᠳᠡᠭ᠃ ᠡᠨᠡ ᠳᠠᠢᠯᠭ᠎ᠠ ᠨᠢ ᠠᠷᠪᠠᠳᠤᠭᠠᠷ ᠰᠠᠷ᠎ᠠ ᠶ᠋ᠢᠨ ᠰᠢᠨ᠎ᠡ ᠶ᠋ᠢᠨ ᠭᠤᠷᠪᠠᠨ ᠳ᠋ᠤ᠌ ᠶᠠᠪᠤᠭᠳᠠᠨ᠎ᠠ᠃
           ᠬᠠᠯᠠᠭᠤᠨ ᠲᠣᠭᠣᠭᠠᠨ ᠤ᠋ ᠢᠷᠡᠯ ᠭᠠᠷᠤᠯ
     ᠬᠤᠪᠢᠯᠠᠢ ᠰᠡᠴᠡᠨ ᠬᠠᠭᠠᠨ ᠴᠡᠷᠢᠭ ᠳᠠᠢᠴᠢᠯᠠᠨ ᠳᠠᠭᠠᠭᠤᠯᠵᠤ ᠲᠡᠢᠨ ᠪᠠᠢᠯᠳᠤᠭᠠᠨ ᠬᠢᠵᠦ ᠶᠠᠪᠤᠭᠰᠠᠭᠠᠷ ᠶᠠᠳᠠᠷᠠᠵᠤ ᠴᠢᠯᠡᠬᠦ ᠳ᠋ᠡᠭᠡᠨ ᠰᠢᠨ᠎ᠡ ᠰᠣᠷᠭᠣᠭ ᠬᠣᠨᠢᠨ ᠮᠢᠬ᠎ᠠ ᠴᠢᠨᠠᠵᠤ ᠢᠳᠡᠵᠦ ᠱᠥᠯᠥ ᠤᠤᠭᠤᠶ᠎ᠠ ᠭᠡᠵᠦ ᠰᠠᠨᠠᠪᠠ᠃ᠲᠡᠭᠡᠭᠡᠳ ᠪᠠᠭᠤᠷᠴᠢ ᠨᠢ ᠬᠣᠨᠢ ᠵᠠᠷᠤᠵᠤ ᠨᠢᠲᠤᠯᠤᠭᠠᠳ ᠲᠤᠶᠠᠴᠢᠵᠤ ᠪᠠᠷᠠᠲᠠᠯ᠎ᠠ ᠬᠠᠷᠠᠭᠤᠯ ᠤ᠋ᠨ ᠴᠡᠷᠢᠭ ᠮᠣᠷᠢᠨ ᠳᠡᠯ ᠳᠡᠭᠡᠭᠦᠷ ᠳᠠᠪᠬᠢᠨ ᠢᠷᠡᠵᠦ ᠳᠠᠢᠰᠤᠨ ᠤ᠋ ᠶᠡᠬᠡ ᠴᠡᠷᠢᠭ ᠠᠭᠤᠯᠠ ᠲᠠᠯ᠎ᠠ ᠪᠦᠷᠬᠦᠨ ᠳᠣᠪᠲᠣᠯᠤᠨ ᠠᠢᠰᠤᠢ ᠭᠡᠵᠦ ᠮᠡᠳᠡᠭᠦᠯᠪᠡ᠃ᠤᠬᠠᠭᠠᠨ ᠬᠤᠷᠴᠠ᠂ᠠᠷᠭ᠎ᠠ ᠰᠠᠮᠪᠠᠭ᠎ᠠ ᠦᠯᠡᠮᠵᠢ ᠪᠠᠭᠤᠷᠴᠢ ᠮᠢᠬ᠎ᠠ ᠴᠢᠨᠠᠵᠤ ᠱᠥᠯᠥ ᠤᠤᠭᠤᠵᠤ ᠠᠮᠵᠢᠬᠤ ᠦᠭᠡᠢ ᠪᠠᠴᠢᠮ ᠪᠣᠯᠤᠭᠰᠠᠨ ᠢ᠋ ᠦᠵᠡᠭᠡᠳ ᠬᠣᠨᠢᠨ ᠮᠢᠬ᠎ᠠ ᠪᠠᠨ ᠴᠠᠭᠠᠰᠤ ᠰᠢᠭ᠋ ᠨᠢᠮᠭᠡᠨ ᠨᠢᠮᠭᠡᠨ ᠬᠠᠯᠢᠮᠠᠯ ᠬᠡᠷᠴᠢᠵᠦ ᠳᠠᠷᠭᠢᠯᠠᠨ ᠪᠤᠴᠠᠯᠤᠭᠰᠠᠨ ᠲᠣᠭᠣᠭ᠎ᠠ ᠲᠠᠢ ᠤᠰᠤᠨ ᠳ᠋ᠠᠭᠠᠨ ᠣᠢᠵᠤ ᠪᠤᠴᠠᠯᠭᠠᠮᠠᠭᠴᠠ ᠠᠶᠠᠭᠠᠯᠠᠨ ᠳᠠᠪᠤᠰᠤ ᠦᠷᠡᠵᠦ ᠬᠤᠪᠢᠯᠠᠢ ᠬᠠᠭᠠᠨ ᠳ᠋ᠤ᠌ ᠡᠷᠭᠦᠨ ᠪᠠᠷᠢᠵᠠᠢ᠃ᠬᠤᠪᠢᠯᠠᠢ ᠬᠠᠭᠠᠨ ᠵᠠᠩᠵᠤᠨ ᠴᠡᠷᠢᠭ ᠦ᠋ᠳ ᠲᠡᠢ ᠪᠡᠨ ᠰᠢᠨ᠎ᠡ ᠮᠢᠬ᠎ᠠ ᠴᠠᠳᠲᠠᠯ᠎ᠠ ᠢᠳᠡᠵᠦ ᠰᠢᠨ᠎ᠡ ᠱᠥᠯᠥ ᠬᠠᠨᠲᠠᠯ᠎ᠠ ᠤᠤᠭᠤᠵᠤ᠂ᠳᠠᠢᠰᠤᠨ ᠢ᠋ ᠤᠭᠲᠤᠨ ᠭᠠᠷᠴᠤ ᠪᠠᠢᠯᠳᠤᠭᠠᠨ ᠶᠡᠬᠡ  ᠪᠡᠷ ᠢᠯᠠᠭᠰᠠᠨ ᠠᠵᠠᠢ᠃ ᠳᠠᠢᠰᠤᠨ ᠢ᠋ᠶ᠋ᠠᠨ ᠳᠠᠷᠤᠵᠤ ᠳᠠᠷᠬᠠᠨ ᠴᠣᠯᠠ ᠪᠠᠨ ᠮᠠᠨᠳᠤᠭᠤᠯᠤᠨ ᠣᠷᠳᠣᠨ ᠳ᠋ᠠᠭᠠᠨ ᠪᠤᠴᠠᠭᠰᠠᠨ ᠤ᠋ ᠳᠠᠷᠠᠭ᠎ᠠ ᠲᠡᠷᠡ ᠬᠦ᠌ ᠲᠡᠢᠨ ᠦ᠌ ᠡᠮᠦᠨᠡᠬᠢ ᠪᠠᠭᠤᠷᠴᠢ ᠶ᠋ᠢᠨ ᠬᠢᠭᠰᠡᠨ ᠢᠳᠡᠭᠡᠨ ᠢ᠋ ᠰᠠᠨᠠᠵᠤ ᠣᠯᠤᠭᠠᠳ ᠪᠠᠭᠤᠷᠴᠢ ᠪᠠᠷ ᠢ᠋ᠶ᠋ᠠᠨ ᠳᠠᠬᠢᠨ ᠬᠢᠯᠭᠡᠵᠦ ᠨᠠᠢᠷ ᠤ᠋ᠨ ᠵᠣᠭᠣᠭ ᠢᠳᠡᠭᠡᠨ ᠪᠣᠯᠭᠠᠵᠤ《ᠬᠠᠯᠠᠭᠤᠨ ᠲᠣᠭᠣᠭ᠎ᠠ ᠬᠠᠯᠢᠮᠠᠯ ᠮᠢᠬ᠎ᠠ》 ᠭᠡᠮᠡᠨ ᠨᠡᠷ᠎ᠡ ᠬᠠᠢᠷᠠᠯᠠᠪᠠ᠃ᠲᠡᠭᠦᠨ ᠡᠴᠡ ᠬᠣᠢᠰᠢ ᠬᠠᠯᠠᠭᠤᠨ ᠲᠣᠭᠣᠭ᠎ᠠ ᠬᠠᠯᠢᠮᠠᠯ ᠮᠢᠬᠠᠨ ᠬᠣᠭᠣᠯᠠ ᠮᠣᠩᠭᠣᠯ ᠳᠠᠶᠠᠭᠠᠷ ᠳᠡᠯᠭᠡᠷᠡᠵᠡᠢ᠃
                 ᠮᠦᠰᠤᠮᠡᠯᠵᠢ
     ᠶᠡᠬᠡ ᠶᠤᠸᠠᠨ ᠤᠯᠤᠰ ᠤ᠋ᠨ ᠦᠶ᠎ᠡ ᠳ᠋ᠦ᠍ ᠬᠤᠪᠢᠯᠠᠢ ᠰᠡᠴᠡᠨ ᠬᠠᠭᠠᠨ ᠤ᠋ ᠣᠷᠳᠤᠨ᠎ᠠ ᠬᠠᠮᠤᠭ ᠠᠩᠬᠠᠨ ᠤ᠋ ᠮᠦᠰᠤᠮᠡᠯᠵᠢ ᠬᠢᠬᠦ ᠠᠷᠭ᠎ᠠ ᠶ᠋ᠢ ᠡᠭᠦᠳᠦᠨ ᠪᠦᠲᠦᠭᠡᠪᠡ᠃ᠢᠲ᠋ᠠᠯᠢ ᠶ᠋ᠢᠨ ᠠᠯᠳᠠᠷᠲᠤ ᠵᠢᠭᠤᠯᠴᠢᠨ ᠮᠠᠷᠺᠣ ᠫᠣᠯᠣ ᠶᠤᠸᠠᠨ ᠤᠯᠤᠰ ᠠ᠋ᠴᠠ ᠠᠶᠠᠷᠯᠠᠨ ᠮᠣᠷᠳᠠᠬᠤ ᠦᠶ᠎ᠡ ᠳ᠋ᠦ᠍ ᠬᠤᠪᠢᠯᠠᠢ ᠬᠠᠭᠠᠨ ᠡᠨᠡ ᠬᠦ᠌ ᠡᠷᠬᠢᠮ ᠰᠠᠢᠬᠠᠨ ᠬᠦᠢᠲᠡᠨ ᠤᠮᠳᠠᠭᠠᠨ ᠤ᠋ ᠬᠢᠬᠦ ᠠᠷᠭ᠎ᠠ ᠶ᠋ᠢ ᠲᠡᠭᠦᠨ ᠳ᠋ᠦ᠍ ᠪᠡᠯᠭᠡᠯᠡᠵᠡᠢ᠃ᠮᠠᠷᠺᠣ ᠫᠣᠯᠣ ᠨᠤᠲᠤᠭ ᠲᠠᠭᠠᠨ ᠪᠤᠴᠠᠭᠰᠠᠨ ᠤ᠋ ᠳᠠᠷᠠᠭ᠎ᠠ ᠲᠡᠭᠦᠨ ᠢ᠋ ᠢᠲ᠋ᠠᠯᠢ ᠶ᠋ᠢᠨ ᠸᠠᠩ ᠤ᠋ᠨ ᠣᠷᠳᠣᠨ ᠳ᠋ᠤ᠌ ᠡᠷᠭᠦᠨ ᠪᠠᠷᠢᠪᠠ᠃1500ᠣᠨ ᠠ᠋ᠴᠠ ᠧᠦ᠋ᠷᠣᠫᠠ ᠳ᠋ᠠᠬᠢᠨ ᠳ᠋ᠤ᠌ ᠳᠡᠯᠭᠡᠷᠡᠵᠦ1777ᠣᠨ ᠠ᠋ᠴᠠ ᠠᠮᠧᠷᠢᠺᠠ ᠲᠢᠪ ᠲᠦ᠍ ᠤᠯᠠᠮᠵᠢᠯᠠᠭᠳᠠᠨ ᠲᠠᠷᠬᠠᠵᠠᠢ᠃
                        ᠢᠳᠡᠭᠡᠨ ᠤᠮᠳᠠᠭᠠᠨ ᠤ᠋ ᠰᠢᠮ᠎ᠡ ᠶ᠋ᠢᠨ ᠡᠷᠳᠡᠮᠲᠡᠨ ᠬᠦᠰᠡᠬᠦᠢ
      ᠶᠡᠬᠡ ᠶᠤᠸᠠᠨ ᠤᠯᠤᠰ ᠤ᠋ᠨ ᠬᠠᠭᠠᠨ ᠣᠷᠳᠣᠨ ᠤ᠋ ᠢᠳᠡᠭᠡᠨ ᠤᠮᠳᠠᠭᠠᠨ ᠢ᠋ ᠬᠠᠮᠢᠶᠠᠷᠤᠭᠴᠢ ᠡᠮᠴᠢ ᠬᠦᠰᠡᠬᠦᠢ ᠪᠣᠯ ᠰᠢᠮ᠎ᠡ ᠲᠡᠵᠢᠭᠡᠯ ᠦ᠋ᠨ ᠠᠯᠳᠠᠷᠲᠤ ᠡᠷᠳᠡᠮᠲᠡᠨ ᠪᠣᠯᠤᠨ᠎ᠠ᠃ᠲᠡᠷᠡ ᠬᠠᠭᠠᠨ ᠣᠷᠳᠣᠨ ᠤ᠋ ᠢᠳᠡᠭᠡᠨ ᠤᠮᠳᠠᠭᠠᠨ ᠢ᠋ ᠲᠣᠬᠢᠷᠠᠭᠤᠯᠤᠨ ᠬᠢᠬᠦ ᠦᠢᠯᠡᠳᠦᠯᠭᠡ ᠳᠤᠮᠳᠠ ᠪᠠᠨ ᠡᠯ᠎ᠡ ᠵᠦᠢᠯ ᠦ᠋ᠨ ᠰᠢᠮ᠎ᠡ ᠲᠡᠵᠢᠭᠡᠯᠲᠦ ᠢᠳᠡᠭᠡᠨ ᠤᠮᠳᠠᠭᠠᠨ᠂ᠰᠢᠮ᠎ᠡ ᠲᠡᠵᠢᠭᠡᠯ ᠦ᠋ᠨ ᠡᠮ᠂ᠢᠳᠡᠭᠡᠨ ᠤᠮᠳᠠᠭᠠᠨ ᠤ᠋ ᠠᠷᠢᠭᠤᠨ ᠴᠡᠪᠡᠷ᠂ᠢᠳᠡᠭᠡᠨ ᠦ᠌ ᠬᠣᠣᠷᠳᠠᠯᠭ᠎ᠠ ᠵᠡᠷᠭᠡ ᠶ᠋ᠢ ᠨᠠᠷᠢᠨ ᠨᠢᠮᠪᠠᠢ ᠭᠦᠨ ᠭᠦᠨᠵᠡᠭᠡᠢ ᠰᠤᠳᠤᠯᠤᠭᠰᠠᠨ ᠠᠵᠠᠢ᠃ᠬᠦᠰᠡᠬᠦᠢ ᠲᠦᠷᠦᠭᠦᠦ ᠭᠦᠷᠦᠨ ᠲᠥᠷᠥ ᠨᠦ᠍ᠭᠦᠳ ᠦ᠋ᠨ ᠣᠬᠢ ᠰᠣᠳᠣ ᠢᠳᠡᠭᠡᠨ ᠤᠮᠳᠠᠭᠠᠨ ᠬᠢᠬᠦ ᠠᠷᠭ᠎ᠠ ᠮᠡᠷᠭᠡᠵᠢᠯ᠂ᠲᠤᠷᠰᠢᠯᠭᠠᠲᠤ ᠵᠣᠷ᠂ ᠨᠢᠭᠤᠴᠠ ᠵᠣᠷ᠂ᠡᠩ ᠦ᠋ᠨ ᠢᠳᠡᠭᠡᠨ ᠤᠮᠳᠠᠭᠠᠨ ᠤ᠋ ᠠᠮᠲᠠ ᠰᠢᠮᠲᠡ ᠶ᠋ᠢ ᠵᠣᠬᠢᠴᠠᠭᠤᠯᠬᠤ ᠠᠷᠭ᠎ᠠ ᠳᠠᠮ ᠢ᠋ ᠡᠮᠬᠢᠳᠬᠡᠨ《ᠢᠳᠡᠭᠡᠨ ᠤᠮᠳᠠᠭᠠᠨ ᠤ᠋ ᠵᠢᠩᠬᠢᠨᠢ ᠲᠣᠪᠴᠢ》 ᠬᠡᠮᠡᠬᠦ ᠨᠣᠮ ᠢ᠋ ᠪᠢᠴᠢᠵᠦ ᠭᠠᠷᠭᠠᠵᠠᠢ᠃ᠲᠡᠷᠡ ᠡᠨᠡ ᠬᠦ᠌ ᠨᠣᠮ ᠳ᠋ᠠᠭᠠᠨ《ᠳᠥᠷᠪᠡᠨ ᠤᠯᠠᠷᠢᠯ ᠳ᠋ᠤ᠌ ᠵᠣᠬᠢᠴᠠᠭᠤᠯᠤᠨ ᠢᠳᠡᠭᠡᠨ ᠤᠮᠳᠠᠭᠠᠨ ᠤ᠋ ᠬᠡᠮᠵᠢᠶ᠎ᠡ ᠶ᠋ᠢ ᠲᠣᠬᠢᠷᠠᠭᠤᠯᠵᠤ ᠴᠢᠳᠠᠪᠠᠯ ᠰᠠᠶᠢ ᠶᠠᠪᠤᠳᠠᠯ ᠮᠥᠷ ᠰᠠᠮᠠᠭᠤᠷᠠᠬᠤ ᠦᠭᠡᠢ᠂ᠲᠠᠪᠤᠨ ᠴᠤᠯᠤ ᠵᠢᠷᠭᠤᠭᠠᠨ ᠰᠠᠪᠠ ᠶ᠋ᠢ ᠠᠮᠲᠠ ᠰᠢᠮᠳᠠ ᠪᠠᠷ ᠡᠶᠡᠯᠳᠡᠭᠦᠯᠦᠨ ᠲᠡᠵᠢᠭᠡᠪᠡᠰᠦ ᠴᠤᠯᠤ ᠰᠠᠪᠠ ᠲᠤᠩᠭᠠᠯᠠᠭᠰᠢᠨ ᠰᠠᠢᠵᠢᠷᠠᠵᠤ᠂ᠬᠡᠢ ᠴᠢᠰᠤ ᠰᠢᠮᠡᠵᠢᠨ ᠲᠥᠯᠵᠢᠵᠦ ᠴᠣᠭ ᠰᠦᠯᠳᠡ ᠪᠠᠳᠠᠷᠠᠩᠭᠤᠢ᠂ᠰᠠᠨᠠᠭ᠎ᠠ ᠰᠡᠳᠬᠢᠯ ᠰᠠᠷᠠᠭᠤᠯ ᠪᠣᠯᠬᠤ ᠲᠤᠯᠠ ᠡᠯ᠎ᠡ ᠵᠦᠢᠯ ᠦ᠋ᠨ ᠭᠡᠮ ᠠᠷᠬᠠᠭ ᠪᠡᠶ᠎ᠡ ᠳ᠋ᠦ᠍ ᠦᠯᠦ ᠨᠡᠷᠪᠡᠵᠦ᠂ᠬᠠᠯᠠᠭᠤᠨ ᠬᠦᠢᠲᠡᠨ ᠦ᠌ ᠬᠣᠣᠷᠲᠤ ᠠᠮᠢᠰᠬᠤᠯ ᠳ᠋ᠤ᠌ ᠴᠤ᠌ ᠦᠯᠦ ᠠᠪᠲᠠᠭᠳᠠᠬᠤ ᠤᠴᠢᠷ ᠬᠥᠮᠦᠨ ᠦ᠌ ᠪᠡᠶ᠎ᠡ ᠠᠶᠠᠨᠳᠠᠭᠠᠨ ᠡᠷᠡᠭᠦᠯ ᠴᠢᠬᠢᠷᠠᠭ ᠪᠣᠯᠵᠤ ᠴᠢᠳᠠᠬᠤ ᠶᠤᠮ》ᠭᠡᠮᠡᠨ ᠥᠭᠦᠯᠡᠭᠰᠡᠨ ᠪᠠᠢᠵᠠᠢ᠃ᠬᠦᠰᠡᠬᠦᠢ ᠰᠢᠮ᠎ᠡ ᠲᠡᠵᠢᠭᠡᠯ ᠢ᠋ ᠲᠣᠬᠢᠷᠠᠭᠤᠯᠤᠨ ᠢᠳᠡᠭᠡᠨ ᠤᠮᠳᠠᠭᠠᠨ ᠢ᠋ᠶ᠋ᠠᠷ ᠪᠡᠶ᠎ᠡ ᠰᠤᠪᠢᠯᠠᠬᠤ ᠶ᠋ᠢ ᠴᠢᠬᠤᠯᠠᠴᠢᠯᠠᠵᠤ᠂ ᠤᠷᠢᠳ ᠢ᠋ᠶ᠋ᠠᠷ ᠡᠪᠡᠳᠴᠢᠨ ᠰᠡᠷᠭᠡᠢᠯᠡᠵᠦ ᠢᠳᠡᠭᠡᠨ ᠤᠮᠳᠠᠭᠠᠨ ᠢ᠋ᠶ᠋ᠠᠨ ᠵᠣᠬᠢᠴᠠᠭᠤᠯᠬᠤ ᠨᠢ ᠡᠪᠡᠳᠴᠢᠨ ᠣᠯᠤᠭᠰᠠᠨ ᠤ᠋ ᠳᠠᠷᠠᠭ᠎ᠠ ᠡᠮ ᠳᠠᠩ ᠢ᠋ᠶ᠋ᠠᠷ ᠵᠠᠰᠠᠭᠰᠠᠨ ᠠ᠋ᠴᠠ ᠬᠣᠯᠠ ᠢᠯᠡᠭᠦᠦ ᠠᠴᠢ ᠲᠤᠰᠠ ᠲᠠᠢ ᠪᠠᠢᠳᠠᠭ ᠵᠢᠮ᠎ᠡ ᠶᠣᠰᠣ ᠶ᠋ᠢ ᠥᠭᠦᠯᠡᠭᠰᠡᠨ ᠪᠥᠭᠡᠳ ᠰᠡᠷᠭᠡᠢᠯᠡᠬᠦ ᠶ᠋ᠢ ᠲᠡᠷᠢᠭᠦᠨ ᠳ᠋ᠦ᠍ ᠲᠠᠯᠪᠢᠵᠤ ᠡᠮᠴᠢᠯᠡᠬᠦ ᠶ᠋ᠢ ᠳᠡᠳ᠋ ᠲᠦ᠍ ᠲᠠᠯᠪᠢᠭᠰᠠᠨ ᠪᠢᠯᠡ᠃ᠲᠡᠷᠡ《ᠢᠳᠡᠭᠡᠨ ᠤᠮᠳᠠᠭᠠᠨ ᠤ᠋ ᠵᠢᠩᠬᠢᠨᠢ ᠲᠣᠪᠴᠢ》 ᠳ᠋ᠠᠭᠠᠨ ᠭᠡᠷ ᠦ᠋ᠨ ᠪᠣᠯᠤᠨ ᠬᠡᠭᠡᠷ᠎ᠡ ᠶ᠋ᠢᠨ ᠠᠮᠢᠲᠠᠨ ᠤᠷᠭᠤᠮᠠᠯ ᠤ᠋ᠨ ᠮᠠᠰᠢ ᠣᠯᠠᠨ ᠵᠡᠭᠦᠯᠲᠡ ᠵᠢᠷᠤᠭ ᠢ᠋ ᠬᠠᠲᠠᠵᠤ ᠲᠡᠳᠡᠭᠡᠷ ᠦ᠋ᠨ ᠭᠠᠳᠠᠷ ᠬᠡᠯᠪᠡᠷᠢ᠂ᠰᠢᠨᠵᠢ ᠬᠡᠯᠪᠡᠷᠢ᠂ ᠰᠢᠨᠵᠢ ᠴᠢᠨᠠᠷ᠂ᠬᠥᠮᠦᠨ ᠦ᠌ ᠪᠡᠶ᠎ᠡ ᠳ᠋ᠦ᠍ ᠣᠯᠭᠣᠬᠤ ᠰᠢᠮ᠎ᠡ ᠲᠡᠵᠢᠭᠡᠯ᠂ᠡᠪᠡᠳᠴᠢᠨ ᠡᠮᠭᠡᠭ ᠢ᠋ ᠵᠠᠰᠠᠬᠤ ᠴᠢᠳᠠᠯ ᠵᠡᠷᠭᠡ ᠶ᠋ᠢ ᠨᠢᠭᠡ ᠨᠢᠭᠡ ᠪᠡᠷ ᠲᠣᠳᠣᠷᠬᠠᠢᠯᠠᠨ ᠲᠠᠢᠯᠪᠤᠷᠢᠯᠠᠵᠠᠢ᠃ᠪᠠᠰᠠ ᠢᠳᠡᠭᠡᠨ ᠤᠮᠳᠠᠭᠠᠨ ᠤ᠋ ᠠᠷᠢᠭᠤᠨ ᠴᠡᠪᠡᠷ ᠪᠣᠯᠤᠨ ᠠᠮᠢᠳᠤᠷᠠᠯ ᠤ᠋ᠨ ᠳᠤᠮᠳᠠᠬᠢ ᠠᠷᠢᠭᠤᠨ ᠴᠡᠪᠡᠷ ᠢ᠋ ᠡᠷᠬᠢᠮᠯᠡᠵᠦ ᠬᠣᠭᠣᠯᠠ ᠴᠠᠢ ᠶ᠋ᠢᠨ ᠳᠠᠷᠠᠭ᠎ᠠ ᠠᠮᠠ ᠪᠠᠨ ᠵᠠᠢᠯᠠᠵᠤ ᠰᠢᠳᠦ ᠪᠡᠨ ᠤᠬᠢᠶᠠᠬᠤ᠂ ᠣᠷᠣᠢ ᠳ᠋ᠠᠭᠠᠨ ᠬᠥᠯ ᠢ᠋ᠶ᠋ᠡᠨ ᠤᠬᠢᠶᠠᠬᠤ᠂ᠠᠮᠲᠠᠲᠤ ᠢᠳᠡᠭᠡᠨ ᠢ᠋ ᠴᠥᠭᠡᠴᠢᠯᠡᠬᠦ᠂ ᠠᠭᠤᠷ ᠣᠮᠣᠭ ᠢ᠋ ᠳᠠᠷᠤᠬᠤ ᠲᠤᠬᠠᠢ ᠥᠭᠦᠯᠡᠭᠰᠡᠨ ᠨᠢ ᠰᠢᠨᠵᠢᠯᠡᠬᠦ ᠤᠬᠠᠭᠠᠨᠴᠢ ᠪᠠᠢᠪᠠ᠃
     ᠬᠦᠰᠡᠬᠦᠢ ᠪᠣᠯ ᠮᠣᠩᠭᠣᠯ ᠦᠨᠳᠦᠰᠦᠲᠡᠨ ᠦ᠌ ᠰᠢᠮ᠎ᠡ ᠲᠡᠵᠢᠭᠡᠯ ᠦ᠋ᠨ ᠤᠬᠠᠭᠠᠨ ᠤ᠋ ᠰᠤᠳᠤᠯᠤᠯ ᠤ᠋ᠨ ᠤᠤᠭᠠᠨ ᠬᠠᠭᠤᠳᠠᠰᠤ ᠶ᠋ᠢ ᠪᠢᠴᠢᠵᠦ᠂ᠮᠠᠨ ᠤ᠋ ᠤᠯᠤᠰ ᠪᠠ ᠳᠡᠯᠡᠬᠡᠢ ᠶ᠋ᠢᠨ ᠰᠢᠮ᠎ᠡ ᠲᠡᠵᠢᠭᠡᠯ ᠦ᠋ᠨ ᠶᠡᠬᠡ ᠦᠢᠯᠡᠰ ᠲᠦ᠍ ᠨᠡᠮᠡᠷᠢ ᠬᠠᠨᠳᠢᠪ ᠭᠠᠷᠭᠠᠭᠰᠠᠨ ᠡᠷᠳᠡᠮᠲᠡᠨ ᠪᠣᠯᠬᠤ ᠶ᠋ᠢ ᠲᠡᠭᠦᠨ ᠦ᠌《 ᠢᠳᠡᠭᠡᠨ ᠤᠮᠳᠠᠭᠠᠨ ᠤ᠋ ᠵᠢᠩᠬᠢᠨᠢ ᠲᠣᠪᠴᠢ》 ᠭᠡᠷᠡᠴᠢᠯᠡᠭᠰᠡᠨ ᠶᠦ᠍ᠮ᠃
                                ᠵᠢᠰᠦᠨ ᠬᠤᠪᠴᠠᠰᠤ
     ᠶᠤᠸᠠᠨ ᠤ᠋ ᠦᠶ᠎ᠡ ᠳ᠋ᠦ᠍ ᠬᠤᠷᠠᠯᠲᠠᠢ ᠬᠤᠷᠠᠬᠤ᠂ᠪᠠᠶᠠᠷ ᠨᠠᠢᠷ ᠬᠢᠬᠦ᠂ᠸᠠᠩ ᠨᠣᠶᠠᠳ ᠬᠠᠭᠠᠨ ᠳ᠋ᠤ᠌ ᠪᠠᠷᠠᠯᠠᠬᠤ᠂ᠬᠠᠭᠠᠳ ᠡᠵᠡᠳ ᠱᠠᠩᠳᠤ ᠳ᠋ᠤ᠌ ᠵᠤᠰᠠᠬᠤ᠂ᠠᠪᠠᠯᠠᠵᠤ ᠵᠤᠭᠠᠯᠠᠬᠤ ᠳ᠋ᠤ᠌ ᠪᠦᠷ ᠶᠡᠬᠡ ᠬᠤᠷᠢᠮ ᠲᠠᠯᠪᠢᠳᠠᠭ ᠪᠠᠢᠵᠠᠢ᠃ᠬᠤᠷᠢᠮ ᠳ᠋ᠤ᠌ ᠣᠴᠢᠭᠰᠠᠳ ᠨᠢ ᠡᠷᠬᠡᠪᠰᠢ ᠬᠠᠭᠠᠨ ᠤ᠋ ᠰᠣᠶᠣᠷᠬᠠᠭᠰᠠᠨ ᠬᠤᠷᠢᠮ ᠨᠠᠢᠷ ᠤ᠋ᠨ ᠵᠢᠰᠦᠨ ᠬᠤᠪᠴᠠᠰᠤ ᠶ᠋ᠢ ᠡᠮᠦᠰᠴᠦ ᠨᠠᠢᠷ ᠲᠤ᠌ ᠬᠦᠷᠳᠡᠭ ᠪᠢᠯᠡ᠃ᠵᠢᠰᠦᠨ ᠬᠤᠪᠴᠠᠰᠤ ᠨᠢ ᠥᠪᠡᠷᠮᠢᠴᠡ ᠶᠠᠩᠵᠤᠲᠠᠢ ᠨᠢᠭᠡ ᠵᠦᠢᠯ ᠦ᠋ᠨ ᠶᠣᠰᠣᠯᠠᠯ ᠤ᠋ᠨ ᠬᠤᠪᠴᠠᠰᠤ ᠪᠣᠯᠤᠨ᠎ᠠ᠃ᠵᠢᠰᠦᠨ ᠭᠡᠳᠡᠭ ᠨᠢ ᠠᠳᠠᠯᠢ ᠥᠩᠭᠡ ᠢᠵᠢᠯ ᠵᠢᠰᠦᠲᠡᠢ ᠶ᠋ᠢ ᠬᠡᠯᠡᠭᠰᠡᠨ ᠶᠦ᠍ᠮ᠃ᠶᠤᠸᠠᠨ ᠤᠯᠤᠰ ᠤ᠋ᠨ ᠬᠠᠭᠠᠨ ᠤ᠋ ᠡᠮᠦᠰᠴᠦ ᠪᠠᠢᠭᠰᠠᠨ ᠡᠪᠦᠯ ᠦ᠋ᠨ ᠵᠢᠰᠦᠨ ᠬᠤᠪᠴᠠᠰᠤᠨ ᠳ᠋ᠤ᠌ ᠰᠢᠷ᠎ᠠ ᠬᠡᠮᠡᠷᠯᠢᠭ᠂ᠰᠡᠩᠰᠡᠨ ᠳᠡᠪᠡᠯ᠂ᠭᠦᠨ ᠤᠯᠠᠭᠠᠨ ᠲᠣᠷᠭᠠᠨ ᠳᠡᠪᠡᠯ᠂ ᠲᠣᠭᠣᠷ ᠤ᠋ᠨ ᠤᠯᠠᠭᠠᠨ ᠲᠣᠷᠭ᠎ᠠ᠂ᠬᠦᠷᠡᠩ ᠪᠣᠷᠣ ᠲᠣᠷᠭ᠎ᠠ᠂ᠨᠣᠭᠣᠭᠠᠨ ᠪᠣᠷᠣ ᠲᠣᠷᠭ᠎ᠠ ᠪᠠᠷ ᠬᠢᠭᠰᠡᠨ ᠠᠷᠪᠠᠨ ᠨᠢᠭᠡᠨ ᠲᠥᠷᠥᠯ ᠦ᠋ᠨ ᠬᠤᠪᠴᠠᠰᠤ ᠪᠠᠭᠲᠠᠨ᠎ᠠ᠃ᠵᠤᠨ ᠤ᠋ ᠬᠤᠪᠴᠠᠰᠤᠨ ᠳ᠋ᠤᠨᠢ ᠲᠠᠨᠠᠳᠤ ᠬᠡᠮᠡᠷᠯᠢᠭ᠂ ᠰᠤᠪᠤᠳᠯᠢᠭ ᠬᠡᠮᠡᠷᠯᠢᠭ᠂ᠰᠢᠷ᠎ᠠ ᠬᠡᠮᠡᠷᠯᠢᠭ᠂ᠱ᠌ᠢᠷᠦ ᠰᠤᠪᠤᠳ ᠤ᠋ᠨ ᠰᠢᠭᠢᠳᠬᠡᠭᠡᠲᠡᠢ ᠪᠣᠷᠣ ᠤᠯᠠᠭᠠᠨ ᠲᠠᠨᠠᠳᠤ ᠲᠣᠷᠭ᠎ᠠ᠂ᠭᠦᠨ ᠤᠯᠠᠭᠠᠨ ᠲᠣᠷᠭ᠎ᠠ᠂ᠨᠣᠭᠣᠭᠠᠨ ᠪᠣᠷᠣ᠂ᠦᠨᠡᠰᠦᠨ ᠪᠣᠷᠣ᠂ᠴᠢᠪᠠᠭᠠᠨ ᠤᠯᠠᠭᠠᠨ᠂ᠠᠯᠲᠠᠨ ᠤᠲᠠᠰᠤᠨ ᠬᠠᠳᠬᠤᠮᠠᠯᠲᠠᠢ ᠲᠠᠪᠤᠨ ᠥᠩᠭᠡ ᠶ᠋ᠢᠨ ᠯᠤᠤᠲᠤ ᠰᠡᠢᠮᠡᠬᠡᠢ ᠲᠣᠷᠭ᠎ᠠ ᠪᠠᠷ ᠬᠢᠭᠰᠡᠨ ᠠᠷᠪᠠᠨ ᠲᠠᠪᠤᠨ ᠲᠥᠷᠥᠯ ᠦ᠋ᠨ ᠬᠤᠪᠴᠠᠰᠤ ᠪᠠᠭᠲᠠᠨ᠎ᠠ᠃
      ᠶᠤᠸᠠᠨ ᠤᠯᠤᠰ ᠤ᠋ᠨ ᠬᠠᠭᠠᠨ ᠡᠵᠡᠨ ᠦ᠌ ᠵᠡᠭᠦᠵᠦ ᠪᠠᠢᠭᠰᠠᠨ ᠮᠠᠯᠠᠭᠠᠢ ᠶ᠋ᠢ ᠲᠢᠲᠢᠮ᠂ᠮᠠᠯᠠᠭᠠᠢ᠂ᠪᠦᠷᠬᠦ ᠭᠡᠬᠦ ᠭᠤᠷᠪᠠᠨ ᠲᠥᠷᠥᠯ ᠢ᠋ᠶ᠋ᠡᠷ ᠬᠤᠪᠢᠶᠠᠳᠠᠭ᠃ ᠮᠠᠯᠠᠭᠠᠢ ᠨᠢ ᠰᠢᠷ᠎ᠠ ᠬᠡᠮᠡᠷᠯᠢᠭ ᠦ᠋ᠨ ᠳᠤᠯᠠᠭᠠᠨ ᠮᠠᠯᠠᠭᠠᠢ᠂ᠳᠣᠯᠣᠭᠠᠨ ᠡᠷᠳᠡᠨᠢ ᠶ᠋ᠢᠨ ᠳᠠᠪᠬᠤᠷ ᠸᠴᠢᠷ ᠲᠡᠢ ᠮᠠᠯᠠᠭᠠᠢ᠂ᠠᠯᠲᠠᠨ ᠰᠢᠭᠢᠳᠬᠡᠭᠡᠲᠡᠢ ᠤᠯᠠᠭᠠᠨ ᠮᠠᠯᠠᠭᠠᠢ᠂ᠠᠯᠲᠠᠨ ᠰᠢᠭᠢᠳᠬᠡᠭᠡᠲᠡᠢ ᠴᠠᠭᠠᠨ ᠮᠠᠯᠠᠭᠠᠢ᠂ᠴᠠᠭᠠᠨ ᠬᠡᠷᠡᠮᠦ ᠶ᠋ᠢᠨ ᠠᠷᠠᠰᠤᠨ ᠮᠠᠯᠠᠭᠠᠢ᠂ ᠠᠯᠲᠠᠨ ᠸᠴᠢᠷᠲᠦ ᠭᠠᠷᠤᠳᠢ ᠶ᠋ᠢᠨ ᠪᠦᠷᠬᠦ᠂ᠰᠤᠪᠤᠳ ᠤ᠋ᠨ ᠰᠢᠭᠢᠳᠬᠡᠭᠡᠲᠡᠢ ᠡᠭᠦᠯᠡᠨ ᠲᠢᠲᠢᠮ᠂ᠰᠤᠪᠤᠳ ᠤ᠋ᠨ ᠡᠮᠵᠢᠶᠡᠷᠢᠲᠦ ᠪᠦᠷᠭᠦ ᠵᠡᠷᠭᠡ ᠣᠯᠠᠨ ᠶᠠᠩᠵᠤ ᠶ᠋ᠢᠨ ᠮᠠᠯᠠᠭᠠᠢ ᠪᠠᠢᠵᠠᠢ᠃ ᠮᠠᠯᠠᠭᠠᠢ ᠵᠡᠭᠦᠬᠦ ᠲᠤᠬᠠᠢ ᠵᠣᠬᠢᠬᠤ ᠲᠣᠭᠲᠠᠭᠠᠯ ᠲᠠᠢ᠂ᠭᠣᠣᠯ ᠨᠢ ᠡᠮᠦᠰᠬᠦ ᠬᠤᠪᠴᠠᠰᠤᠨ ᠳ᠋ᠠᠭᠠᠨ ᠵᠣᠬᠢᠴᠠᠭᠤᠯᠵᠤ᠂ᠶᠠᠮᠠᠷ ᠶᠠᠩᠵᠤ ᠶ᠋ᠢᠨ ᠵᠢᠰᠦᠨ ᠬᠤᠪᠴᠠᠰᠤ ᠡᠮᠦᠰᠪᠡᠯ ᠲᠡᠢᠮᠦ ᠶᠠᠩᠵᠤ ᠶ᠋ᠢᠨ ᠬᠤᠪᠴᠠᠰᠤᠨ ᠳ᠋ᠤ᠌ ᠲᠠᠭᠠᠷᠠᠵᠤ ᠵᠣᠬᠢᠷᠠᠬᠤ ᠮᠠᠯᠠᠭᠠᠢ ᠵᠡᠭᠦᠳᠡᠭ᠂ᠡᠪᠦᠯ ᠴᠠᠭᠠᠨ ᠬᠡᠷᠡᠮᠦ ᠶ᠋ᠢᠨ ᠵᠢᠰᠦᠨ ᠬᠤᠪᠴᠠᠰᠤ ᠡᠮᠦᠰᠪᠡᠯ ᠡᠷᠬᠡᠪᠰᠢ ᠴᠠᠭᠠᠨ ᠬᠡᠷᠡᠮᠦᠨ ᠮᠠᠯᠠᠭᠠᠢ ᠵᠡᠭᠦᠬᠦ ᠬᠡᠷᠡᠭᠲᠡᠢ᠃ᠵᠤᠨ ᠳᠠᠨᠠᠲᠣ ᠬᠡᠮᠡᠷᠯᠢᠭ ᠲᠡᠷᠯᠢᠭ ᠡᠮᠦᠰᠪᠡᠯ ᠡᠷᠬᠡᠪᠰᠢ ᠠᠯᠲᠠᠨ ᠸᠠᠴᠢᠷᠲᠦ ᠭᠠᠷᠤᠳᠢ ᠶ᠋ᠢᠨ ᠪᠦᠷᠬᠦ ᠵᠡᠭᠦᠬᠦ ᠬᠡᠷᠡᠭᠲᠡᠢ᠃ᠬᠠᠭᠠᠨ ᠤᠯᠠᠭᠠᠨ ᠲᠣᠷᠭᠠᠨ ᠵᠤᠯᠤᠭ ᠲᠠᠢ ᠥᠨᠳᠥᠷ ᠲᠦᠷᠡᠢ ᠲᠡᠢ ᠭᠤᠲᠤᠯ ᠡᠮᠦᠰᠳᠡᠭ᠃
     ᠣᠯᠠᠨ ᠲᠦᠰᠢᠮᠡᠳ ᠦ᠋ᠨ ᠡᠪᠦᠯ ᠡᠮᠦᠰᠬᠦ ᠵᠢᠰᠦᠨ ᠬᠤᠪᠴᠠᠰᠤ ᠨᠢ ᠭᠦᠨ ᠤᠯᠠᠭᠠᠨ ᠬᠡᠮᠡᠷᠯᠢᠭ ᠭᠦᠨ ᠤᠯᠠᠭᠠᠨ ᠲᠣᠷᠭ᠎ᠠ᠂ᠬᠦᠷᠡᠩ ᠤᠯᠠᠭᠠᠨ ᠭᠦᠩᠵᠦ ᠵᠡᠷᠭᠡ ᠪᠡᠷ ᠬᠢᠭᠰᠡᠨ ᠶᠢᠰᠦᠨ ᠵᠦᠢᠯ ᠦ᠋ᠨ ᠬᠤᠪᠴᠠᠰᠤ ᠪᠠᠢᠳᠠᠭ᠃ᠵᠤᠨ ᠤ᠋ ᠡᠮᠦᠰᠬᠦ ᠵᠢᠰᠦᠨ ᠬᠤᠪᠴᠠᠰᠤᠨ ᠳ᠋ᠤᠨᠢ ᠴᠠᠭᠠᠨ ᠬᠡᠮᠡᠷᠯᠢᠭ ᠤᠲᠠᠰᠤᠨ ᠣᠷᠢᠶᠠᠮᠠᠯ ᠲᠠᠢ ᠪᠣᠷᠣ ᠬᠡᠮᠡᠷᠯᠢᠭ᠂ᠴᠢᠪᠠᠭᠠᠨ ᠥᠩᠭᠡᠲᠡᠢ ᠬᠣᠯᠢᠮᠠᠭ ᠠᠯᠲᠠᠨ ᠤᠲᠠᠰᠤ ᠭᠦᠶᠦᠯᠭᠡᠭᠰᠡᠨ ᠬᠠᠵᠣ᠂ᠬᠦᠷᠡᠩ ᠤᠯᠠᠭᠠᠨ ᠪᠦᠰᠡᠲᠡᠢ ᠪᠣᠷᠣ ᠲᠣᠷᠭ᠎ᠠ ᠪᠠᠷ ᠣᠶᠣᠭᠰᠠᠨ ᠠᠷᠪᠠᠨ ᠳᠥᠷᠪᠡᠨ ᠲᠥᠷᠥᠯ ᠦ᠋ᠨ ᠬᠤᠪᠴᠠᠰᠤ ᠪᠠᠢᠳᠠᠭ᠃ ᠬᠤᠷᠢᠮ ᠨᠠᠢᠷ ᠤ᠋ᠨ ᠵᠢᠰᠦᠨ ᠬᠤᠪᠴᠠᠰᠤ ᠨᠢ ᠤᠯᠠᠭᠠᠨ ᠥᠩᠭᠡ ᠪᠡᠷ ᠭᠣᠣᠯ ᠪᠣᠯᠭᠠᠨ ᠣᠯᠠᠨ ᠶᠠᠩᠵᠤ ᠶ᠋ᠢᠨ ᠭᠤᠸ᠎ᠠ ᠰᠠᠢᠬᠠᠨ ᠳᠡᠪᠡᠯ ᠲᠡᠷᠯᠢᠭ ᠡᠮᠦᠰᠳᠡᠭ ᠠᠵᠢ᠃
       ᠶᠤᠸᠠᠨ ᠤ᠋ ᠦᠶᠡᠰ ᠮᠣᠩᠭᠣᠯᠴᠤᠳ ᠳᠡᠯᠡᠬᠡᠢ ᠶ᠋ᠢᠨ ᠣᠯᠠᠨ ᠤᠯᠤᠰ ᠦᠨᠳᠦᠰᠦᠲᠡᠨ᠂ᠭᠠᠵᠠᠷ ᠣᠷᠣᠨ ᠤ᠋ ᠰᠣᠶᠣᠯ ᠪᠣᠯᠪᠠᠰᠤᠷᠠᠯ ᠲᠠᠢ ᠥᠷᠭᠡᠨ ᠢ᠋ᠶ᠋ᠡᠷ ᠵᠣᠯᠭᠠᠨ ᠲᠠᠨᠢᠯᠴᠠᠵᠤ ᠲᠡᠳᠡᠨ ᠤ᠋ ᠲᠡᠷᠢᠭᠦᠨ ᠦ᠌ ᠰᠣᠶᠣᠯ ᠪᠣᠯᠪᠠᠰᠤᠨ ᠢ᠋ ᠤᠬᠠᠮᠰᠠᠷ ᠲᠠᠢ ᠪᠠᠷ ᠰᠢᠩᠭᠡᠭᠡᠨ ᠠᠪᠤᠭᠠᠳ ᠥᠪᠡᠷ ᠦ᠋ᠨ ᠢᠳᠡᠭᠡᠨ ᠤᠮᠳᠠᠭᠠᠨ᠂ᠬᠤᠪᠴᠠᠰᠤ ᠬᠤᠨᠠᠷ᠂ᠣᠷᠣᠨ ᠰᠠᠭᠤᠴᠠ ᠪᠠᠨ ᠴᠠᠭ ᠳᠠᠷᠤᠢ ᠳ᠋ᠤᠨᠢ ᠥᠭᠡᠷᠡᠴᠢᠯᠡᠨ ᠬᠤᠪᠢᠷᠠᠭᠤᠯᠵᠤ ᠮᠣᠩᠭᠣᠯ ᠤ᠋ᠨ ᠰᠣᠶᠣᠯ ᠢ᠋ᠶ᠋ᠠᠨ ᠲᠡᠭᠦᠯᠳᠡᠷᠵᠢᠭᠦᠯᠦᠨ ᠳᠡᠭᠡᠭᠰᠢᠯᠡᠭᠦᠯᠵᠦ ᠪᠠᠶᠠᠯᠢᠭ ᠠᠭᠤᠯᠭ᠎ᠠ ᠲᠠᠢ᠂ᠥᠪᠡᠷᠮᠢᠴᠡ ᠬᠡᠪ ᠨᠠᠮᠪᠠ ᠲᠠᠢ᠂ᠴᠠᠭ ᠦᠶ᠎ᠡ ᠶ᠋ᠢᠨ ᠢᠯᠭᠤᠮ ᠲᠣᠳᠣ ᠥᠩᠭᠡ ᠪᠣᠳᠣᠭ ᠲᠠᠢ ᠮᠣᠩᠭᠣᠯ ᠤ᠋ᠨ ᠰᠣᠶᠣᠯ ᠢ᠋ ᠡᠭᠦᠳᠦᠨ ᠪᠦᠲᠦᠭᠡᠭᠰᠡᠨ ᠶᠦ᠍ᠮ᠃ᠲᠡᠭᠦᠨ ᠦ᠌ ᠨᠢᠭᠡ ᠵᠢᠱ᠌ᠢᠶ᠎ᠡ ᠨᠢ ᠬᠤᠪᠴᠠᠰᠤ ᠬᠤᠨᠠᠷ ᠪᠣᠯᠤᠨ᠎ᠠ᠃ᠶᠤᠸᠠᠨ ᠤ᠋ ᠡᠮᠡᠭᠲᠡᠢᠴᠦᠳ ᠨᠢ ᠭᠠᠤᠯᠢ ᠶ᠋ᠢᠨ ᠡᠮᠡᠭᠲᠡᠢᠴᠦᠳ ᠦ᠋ᠨ ᠬᠤᠪᠴᠠᠰᠤᠨ ᠠ᠋ᠴᠠ ᠦᠯᠢᠭᠡᠷ ᠠᠪᠴᠤ ᠳᠥᠷᠪᠡᠯᠵᠢᠨ ᠵᠠᠭᠠᠮ᠎ᠠ ᠲᠠᠢ ᠮᠣᠩᠭᠣᠯ ᠳᠡᠪᠡᠯ ᠡᠰᠬᠡᠵᠦ ᠡᠮᠦᠰᠦᠭᠡᠳ ᠳᠡᠯᠭᠡᠷᠡᠭᠦᠯᠦᠭᠰᠡᠨ ᠪᠢᠯᠡ᠃ᠲᠤᠬᠠᠢ ᠶ᠋ᠢᠨ ᠦᠶᠡᠰ ᠮᠠᠯᠠᠭᠠᠢ ᠳ᠋ᠤᠷ ᠢ᠋ᠶ᠋ᠠᠨ ᠠᠯᠲᠠᠨ ᠸᠴᠢᠷ ᠲᠠᠭᠠᠷᠠᠭᠤᠯᠵᠤ ᠣᠭᠴᠣᠷ  ᠢ᠋ᠶ᠋ᠠᠨ ᠪᠦᠰᠡᠯᠡᠭᠦᠷ ᠢ᠋ᠶ᠋ᠡᠷ ᠢᠨᠦ ᠱᠠᠭᠯᠠᠨ ᠣᠶᠣᠭᠠᠳ ᠡᠷᠲᠡᠭᠡᠷ ᠬᠣᠩᠰᠢᠶᠠᠷ ᠲᠠᠢ ᠭᠤᠲᠤᠯ ᠡᠮᠦᠰᠴᠦ᠂ ᠭᠤᠸ᠎ᠠ ᠰᠠᠢᠬᠠᠨ ᠬᠤᠪᠴᠠᠰᠤᠯᠠᠬᠤ ᠨᠢ ᠴᠠᠭ ᠤ᠋ᠨ ᠥᠩᠭᠡ᠂ᠨᠡᠢᠭᠡᠮ ᠦ᠋ᠨ ᠤᠷᠤᠰᠬᠠᠯ ᠪᠠᠢᠪᠠ᠃ᠮᠣᠩᠭᠣᠯ ᠬᠥᠮᠦᠨ ᠦ᠌ ᠵᠡᠭᠦᠳᠡᠭ ᠪᠦᠷᠬᠦ ᠨᠢ ᠠᠩᠬᠠᠨ ᠳ᠋ᠠᠭᠠᠨ ᠡᠮᠦᠨ᠎ᠡ ᠰᠠᠷᠠᠪᠴᠢ ᠪᠠᠢᠭᠰᠠᠨ ᠦᠭᠡᠢ᠃ᠬᠤᠪᠢᠯᠠᠢ ᠬᠠᠭᠠᠨ ᠳᠡᠭᠡᠳᠦ ᠨᠡᠢᠰᠯᠡᠯ ᠱᠠᠩᠳᠤ ᠳ᠋ᠤ᠌ ᠵᠤᠰᠠᠵᠤ ᠪᠠᠢᠬᠤ ᠳ᠋ᠠᠭᠠᠨ ᠭᠠᠳᠠᠨ᠎ᠠ ᠶᠠᠪᠤᠪᠠᠯ ᠨᠢᠳᠦ ᠨᠢ ᠨᠠᠷᠠᠨ ᠳ᠋ᠤ᠌ ᠭᠢᠯᠠᠰᠳᠠᠭ ᠪᠠᠢᠵᠠᠢ᠃ ᠬᠠᠲᠤᠨ ᠳ᠋ᠠᠭᠠᠨ ᠨᠢᠳᠦ ᠭᠢᠯᠠᠰᠴᠤ ᠪᠠᠢᠭ᠎ᠠ ᠪᠠᠨ ᠶᠠᠷᠢᠭᠰᠠᠨ ᠳ᠋ᠤ᠌ ᠴᠠᠪᠢ ᠬᠠᠲᠤᠨ ᠡᠮᠦᠨ᠎ᠡ ᠪᠡᠨ ᠰᠠᠷᠠᠪᠴᠢ ᠲᠠᠢ ᠨᠢᠭᠡᠨ ᠵᠦᠢᠯ ᠦ᠋ᠨ ᠪᠦᠷᠭᠦ ᠮᠠᠯᠠᠭᠠᠢ ᠣᠶᠣᠵᠤ ᠥᠭᠪᠡ᠃ᠬᠤᠪᠢᠯᠠᠢ ᠡᠨᠡ ᠬᠦ᠌ ᠮᠠᠯᠠᠭᠠᠢ ᠶ᠋ᠢ ᠵᠡᠭᠦᠭᠰᠡᠨ ᠡᠴᠡ ᠬᠣᠢᠰᠢ ᠨᠢᠳᠦ ᠨᠢ ᠭᠢᠯᠠᠰᠬᠤ ᠦᠭᠡᠢ ᠪᠣᠯᠵᠠᠢ᠃ᠴᠠᠪᠢ ᠬᠠᠲᠤᠨ᠂ᠮᠠᠨ ᠤ᠋ ᠤᠯᠤᠰ ᠤ᠋ᠨ ᠬᠤᠪᠴᠠᠰᠤᠨ ᠤ᠋ ᠲᠡᠦᠬᠡᠨ ᠳᠡᠭᠡᠷ᠎ᠡ ᠠᠩᠬᠠᠳᠤᠭᠴᠢ ᠤᠳᠠᠭ᠎ᠠ ᠰᠠᠷᠠᠪᠴᠢ ᠲᠠᠢ ᠮᠠᠯᠠᠭᠠᠢ ᠶ᠋ᠢ ᠵᠢᠷᠤᠵᠤ ᠲᠥᠯᠥᠪᠯᠡᠵᠦ᠂ ᠣᠶᠣᠵᠤ ᠦᠢᠯᠡᠳᠦᠭᠰᠡᠨ ᠡᠭᠦᠳᠦᠭᠴᠢ ᠬᠥᠮᠦᠨ ᠪᠣᠯᠤᠭᠰᠠᠨ ᠶᠤᠮ᠃ᠶᠤᠸᠠᠨ ᠤ᠋ ᠦᠶᠡᠰ ᠶᠡᠬᠡ ᠬᠤᠷᠢᠮ ᠨᠠᠢᠷ ᠲᠤ᠌ ᠢᠵᠢᠯ ᠥᠩᠭᠡ᠂ ᠠᠳᠠᠯᠢ ᠵᠢᠰᠦᠨ ᠦ᠌ ᠬᠤᠪᠴᠠᠰᠤ ᠵᠠᠰᠠᠯ ᠡᠮᠦᠰᠴᠦ ᠵᠡᠭᠦᠵᠦ ᠣᠴᠢᠳᠠᠭ ᠪᠣᠯᠬᠣᠷ ᠶᠡᠬᠡ ᠬᠤᠷᠢᠮ ᠨᠠᠢᠷ ᠢ᠋ ᠪᠠᠰᠠ ᠵᠢᠰᠦᠨ ᠬᠤᠷᠢᠮ ᠭᠡᠳᠡᠭ ᠪᠠᠢᠵᠠᠢ᠃
                              ᠣᠷᠣᠨ ᠰᠠᠭᠤᠴᠠ
     ᠶᠡᠬᠡ ᠶᠤᠸᠠᠨ ᠤᠯᠤᠰ ᠤ᠋ᠨ ᠦᠶ᠎ᠡ ᠳ᠋ᠦ᠍ ᠮᠣᠩᠭᠣᠯᠴᠤᠳ ᠤ᠋ᠨ ᠣᠷᠣᠨ ᠰᠠᠭᠤᠴᠠ ᠨᠢ ᠦᠨᠳᠦᠰᠦᠨ ᠳ᠋ᠡᠭᠡᠨ ᠢᠰᠡᠭᠡᠢ ᠭᠡᠷ ᠪᠠᠢᠵᠤ ᠲᠠᠯ᠎ᠠ ᠶ᠋ᠢᠨ ᠮᠠᠯᠴᠢᠳ ᠮᠣᠩᠭᠣᠯ ᠭᠡᠷ᠂ᠣᠢ ᠶ᠋ᠢᠨ ᠢᠷᠭᠡᠳ ᠪᠥᠷᠭᠡ ᠭᠡᠷ ᠲᠦ᠍ ᠰᠠᠭᠤᠳᠠᠭ ᠪᠠᠢᠪᠠ᠃ᠢᠰᠡᠭᠡᠢ ᠭᠡᠷ ᠨᠢ ᠪᠠᠷᠢᠵᠤ ᠪᠠᠭᠤᠯᠭᠠᠬᠤ ᠳ᠋ᠤ᠌ ᠳᠥᠭᠥᠮ᠂ᠠᠴᠢᠵᠤ ᠵᠥᠭᠡᠭᠡᠬᠦ ᠳ᠋ᠦ᠍ ᠬᠥᠩᠭᠡᠨ᠂ᠨᠡᠭᠦᠳᠡᠯᠯᠡᠵᠦ ᠪᠠᠭᠤᠳᠠᠯᠯᠠᠬᠤ ᠳ᠋ᠤ᠌ ᠲᠣᠬᠢᠷᠠᠭᠰᠠᠨ ᠪᠠᠢᠳᠠᠭ ᠪᠢᠯᠡ᠃ᠢᠰᠡᠭᠡᠢ ᠭᠡᠷ ᠦ᠋ᠨ ᠬᠡᠮᠵᠢᠶ᠎ᠡ ᠠᠳᠠᠯᠢ ᠦᠭᠡᠢ᠂ ᠪᠠᠭ᠎ᠠ ᠨᠢ ᠨᠢᠭᠡ ᠬᠣᠣᠰ ᠠᠯᠲᠠ ᠬᠦᠷᠬᠦ ᠦᠭᠡᠢ ᠪᠠᠢᠬᠤ ᠳ᠋ᠤ᠌ ᠶᠡᠬᠡ ᠨᠢ2000 ᠬᠥᠮᠦᠨ ᠦ᠌ ᠪᠠᠭᠲᠠᠭᠠᠮᠵᠢ ᠲᠠᠢ ᠠᠭᠤᠵᠢᠮ ᠪᠠᠢᠵᠠᠢ᠃ᠬᠠᠷᠢᠨ ᠱᠠᠩᠳᠤ ᠨᠡᠢᠰᠯᠡᠯ᠂ᠸᠠᠩ ᠨᠣᠶᠠᠳ ᠤ᠋ᠨ ᠰᠠᠭᠤᠷᠢᠰᠢᠯ ᠰᠠᠭᠤᠷᠢᠨ ᠳ᠋ᠤ᠌ ᠭᠣᠶᠣᠯᠠᠵᠤ ᠴᠢᠮᠡᠭᠰᠡᠨ ᠲᠣᠮᠣ ᠬᠡᠮᠵᠢᠶᠡᠨ ᠦ᠌ ᠬᠥᠯᠲᠥᠷᠭᠡ ᠲᠡᠢ ᠣᠷᠳᠣᠨ ᠭᠡᠷ ᠣᠯᠠᠨ ᠢ᠋ᠶ᠋ᠠᠷ ᠪᠣᠢ ᠪᠣᠯᠤᠭᠰᠠᠨ ᠶᠤᠮ᠃ᠡᠢᠮᠦ ᠭᠡᠷ ᠨᠢ ᠬᠠᠳᠬᠤᠭᠤᠷ ᠲᠣᠭᠣᠨᠣ ᠲᠠᠢ᠂ᠪᠣᠷᠣ ᠢᠷᠪᠢᠰ ᠦ᠋ᠨ ᠠᠷᠠᠰᠤᠨ ᠲᠤᠭᠤᠷᠭ᠎ᠠ᠂ ᠪᠠᠷᠰ ᠤ᠋ᠨ ᠠᠷᠠᠰᠤᠨ ᠳᠡᠭᠡᠪᠦᠷ ᠬᠢᠵᠦ ᠳᠣᠲᠣᠷᠯᠠᠵᠤ ᠭᠠᠳᠠᠷᠯᠠᠭᠰᠠᠨ ᠪᠣᠯᠬᠣᠷ ᠰᠠᠯᠬᠢ ᠰᠢᠭᠤᠷᠭᠠᠨ ᠳ᠋ᠤ᠌ ᠲᠣᠪ ᠳᠤᠯᠠᠭᠠᠬᠠᠨ ᠪᠠᠢᠳᠠᠭ᠃ᠡᠨᠡ ᠬᠦ᠌ ᠣᠷᠳᠣᠨ ᠭᠡᠷ ᠢ᠋ ᠪᠠᠰᠠ ᠰᠢᠷ᠎ᠠ ᠣᠷᠳᠣᠨ᠂ᠠᠯᠲᠠᠨ ᠣᠷᠳᠣᠨ᠂ᠠᠯᠲᠠᠨ ᠲᠠᠷᠠᠮ ᠭᠡᠳᠡᠭ ᠠᠵᠠᠢ᠃ᠪᠠᠰᠠ ᠠᠶᠠᠨ ᠵᠠᠮ ᠳ᠋ᠤ᠌ ᠶᠠᠪᠤᠬᠤ ᠳ᠋ᠤ᠌ ᠲᠣᠬᠢᠷᠠᠮᠵᠢᠲᠠᠢ ᠭᠡᠷ ᠲᠡᠷᠭᠡ ᠭᠡᠳᠡᠭ ᠰᠠᠭᠤᠴᠠ ᠪᠠᠢᠵᠠᠢ᠃ᠭᠡᠷ ᠲᠡᠷᠭᠡ ᠨᠢ ᠶᠡᠷᠦ ᠶ᠋ᠢᠨ ᠭᠡᠷ ᠰᠢᠭ ᠪᠠᠷᠢᠵᠤ ᠪᠠᠭᠤᠯᠭᠠᠳᠠᠭ ᠦᠭᠡᠢ᠂ᠬᠠᠷᠢᠨ ᠲᠤᠰᠬᠠᠢ ᠲᠡᠷᠭᠡᠨ ᠳᠡᠭᠡᠷ᠎ᠡ ᠪᠠᠷᠢᠵᠤ ᠪᠡᠬᠢᠯᠡᠭᠰᠡᠨ ᠪᠠᠢᠳᠠᠭ᠃ᠪᠠᠰᠠ ᠬᠡᠷᠯᠦᠭ ᠭᠡᠮᠡᠨ ᠨᠡᠷᠡᠯᠡᠨ᠎ᠡ᠃ᠡᠢᠮᠦ ᠭᠡᠷ ᠢ᠋ ᠥᠷᠭᠡᠨ ᠬᠡᠷᠡᠭᠯᠡᠵᠦ ᠪᠠᠢᠵᠠᠢ᠃ᠬᠠᠷᠢᠨ ᠬᠠᠭᠠᠳ ᠨᠣᠶᠠᠳ ᠤ᠋ᠨ ᠬᠡᠷᠡᠭᠯᠡᠳᠡᠭ ᠣᠷᠳᠣᠨ ᠭᠡᠷ ᠲᠡᠷᠭᠡ ᠪᠣᠯ ᠬᠡᠮᠵᠢᠶ᠎ᠡ ᠪᠡᠷ ᠲᠣᠮᠣ᠂ᠣᠷᠣᠴᠠ ᠪᠠᠷ ᠶᠡᠬᠡ ᠪᠠᠢᠵᠠᠢ᠃
     ᠮᠣᠩᠭᠣᠯᠴᠤᠳ ᠭᠡᠷ ᠢ᠋ᠶ᠋ᠡᠨ ᠵᠠᠪᠠᠯ ᠵᠡᠭᠦᠨ ᠡᠮᠦᠨ᠎ᠡ ᠨᠠᠷᠠ ᠮᠠᠨᠳᠤᠬᠤ ᠵᠦᠭ ᠲᠦ᠍ ᠬᠠᠷᠠᠭᠤᠯᠤᠨ ᠪᠠᠷᠢᠳᠠᠭ᠃ᠡᠭᠦᠳᠡ ᠬᠠᠷᠠᠭᠰᠠᠨ ᠵᠦᠭ ᠢ᠋ᠶ᠋ᠡᠨ ᠡᠮᠦᠨ᠎ᠡ ᠵᠦᠭ ᠭᠡᠳᠡᠭ᠃ᠮᠣᠩᠭᠣᠯ ᠭᠡᠷ ᠲᠦ᠍ ᠭᠡᠷ ᠦ᠋ᠨ ᠡᠵᠡᠨ ᠬᠣᠢᠮᠣᠷ᠂ ᠪᠦᠰᠡᠭᠦᠢᠴᠦᠦᠯ ᠵᠡᠭᠦᠨ ᠢ᠋ᠶ᠋ᠡᠷ ᠰᠠᠭᠤᠯᠴᠠᠳᠠᠭ᠃ᠶᠤᠸᠠᠨ ᠤᠯᠤᠰ ᠪᠠᠢᠭᠤᠯᠤᠭᠳᠠᠬᠤ ᠶ᠋ᠢᠨ ᠤᠷᠢᠳ ᠬᠣᠵᠢᠳ ᠢ᠋ᠶ᠋ᠠᠷ ᠣᠩᠭᠣᠳ᠂ᠬᠣᠩᠭᠢᠷᠠᠳ ᠠᠢᠮᠠᠭ ᠤ᠋ᠨ ᠲᠠᠷᠢᠶᠠᠯᠠᠩ ᠲᠠᠢ ᠬᠠᠪᠢᠳᠠᠭᠰᠠᠨ ᠬᠡᠰᠡᠭ ᠪᠦᠯᠦᠭ ᠨᠢ ᠪᠠᠢᠰᠢᠩ ᠭᠡᠷ ᠲᠦ᠍ ᠰᠠᠭᠤᠬᠤ ᠪᠣᠯᠪᠠ᠃ᠶᠡᠷᠦ ᠨᠢ ᠮᠣᠩᠭᠣᠯ ᠨᠤᠲᠤᠭ ᠤ᠋ᠨ ᠪᠠᠷᠠᠭᠤᠨ ᠢ᠋ᠶ᠋ᠠᠷ ᠢ᠋ᠶ᠋ᠠᠨ ᠲᠠᠷᠮᠠᠨ ᠭᠡᠷᠲᠡᠨ᠂ᠲᠡᠮᠡᠭᠡᠨ ᠠᠴᠢᠶᠠᠳᠠᠨ ᠣᠯᠠᠨ᠂ᠬᠣᠢᠭᠤᠷ ᠢ᠋ᠶ᠋ᠠᠨ ᠠᠷᠠᠰᠤᠨ ᠭᠡᠷᠲᠡᠨ᠂ ᠠᠩᠴᠢᠨ ᠠᠮᠢᠳᠤᠷᠠᠯᠳᠠᠨ ᠠᠷᠪᠢᠨ᠂ᠵᠡᠭᠦᠨ ᠢ᠋ᠶ᠋ᠡᠷ ᠢ᠋ᠶ᠋ᠡᠨ ᠮᠣᠩᠭᠣᠯ ᠭᠡᠷᠲᠡᠨ᠂ᠮᠣᠷᠢᠨ ᠤᠨᠤᠭᠠᠳᠠᠨ ᠶᠡᠬᠡ ᠪᠠᠢᠭᠰᠠᠨ ᠪᠤᠶᠤ᠃