ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠲᠠᠪᠤ Үүрийн туяа III – Б ᠂ Ренчин Гуравдугаар дэвтэр "Баялдаж олсон эх орон"-15 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠲᠠᠪᠤ Үүрийн туяа III – Б ᠂ Ренчин Гуравдугаар дэвтэр "Баялдаж олсон эх орон"-15

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠲᠠᠪᠤ Үүрийн туяа III – Б ᠂ Ренчин Гуравдугаар дэвтэр "Баялдаж олсон эх орон"-15

ᠠᠩᠭᠢᠯᠠᠯ:ᠲᠤᠭᠤᠵᠢ ᠷᠣᠮᠠᠨ
2025-06-12

165

ᠠᠷᠪᠠᠨ ᠲᠠᠪᠤ᠂ ᠹᠧᠣᠳᠠᠯ ‍ᠤᠨ ᠲᠣᠯᠣᠭᠠᠢ ᠳᠡᠭᠡᠷ᠎ᠡ ᠪᠠᠰᠠ ᠨᠢᠭᠡ ᠴᠣᠬᠢᠯᠲᠠ ᠪᠠᠭᠤᠵᠠᠢ


            《ᠪᠠᠢᠴᠠᠭᠠᠪᠠᠰᠤ᠂ ᠪᠢᠳᠡᠨ ᠦ᠌ ᠮᠣᠩᠭᠣᠯ ᠤ᠋ᠨ ᠤᠷᠢᠳᠤ ᠶ᠋ᠢᠨ ᠵᠠᠰᠠᠭ ᠸᠠᠩ  
            《ᠬᠦᠩ ᠬᠤᠲᠤᠭᠲᠤ ᠬᠤᠪᠢᠯᠭᠠᠳ ᠪᠣᠯᠪᠠᠰᠤ ᠣᠯᠠᠨ ᠣᠨ ᠳ᠋ᠤ᠌ ᠦᠶ᠎ᠡ  
            《ᠤᠯᠠᠷᠢᠵᠤ᠂ ᠠᠷᠠᠳ ᠲᠦᠮᠡᠨ ᠢ᠋ ᠳᠠᠷᠤᠩᠭᠤᠢᠯᠠᠨ ᠵᠠᠬᠢᠷᠴᠤ ᠶᠠᠪᠤᠬᠤ ᠴᠠᠭ 
            《ᠦᠶᠡᠰ ᠲᠦ᠍᠂ ᠮᠥᠨ ᠠᠷᠠᠳ ᠲᠦᠮᠡᠨ ᠦ᠌ ᠬᠥᠷᠥᠩᠭᠡ ᠬᠣᠭᠰᠢᠯ ᠢ᠋ ᠠᠯᠪᠠᠨ ᠲᠠᠲᠠᠪᠤᠷᠢ  
            《ᠭᠡᠬᠦ ᠮᠡᠲᠦ ᠶ᠋ᠢᠨ ᠢᠯᠡ ᠳᠠᠯᠳᠠ ᠣᠯᠠᠨ ᠵᠦᠢᠯ ᠦ᠋ᠨ ᠠᠷᠭ᠎ᠠ ᠤᠪ ᠢ᠋ᠶ᠋ᠠᠷ    
            《ᠮᠥᠯᠵᠢᠨ ᠬᠣᠬᠢᠷᠠᠭᠤᠯᠵᠤ ᠠᠮᠢᠨ ᠬᠤᠪᠢᠰ ᠲᠤ᠌ ᠰᠢᠩᠭᠡᠬᠡᠨ᠂ ᠥᠪᠡᠷᠰᠡᠳ ᠦ᠋ᠨ 
            《ᠬᠥᠷᠥᠩᠭᠡ ᠵᠥᠭᠡᠷᠢ ᠶ᠋ᠢ ᠵᠤᠵᠠᠭᠠᠳᠬᠠᠨ᠂ ᠬᠡᠲᠦᠷᠡᠲᠡᠯ᠎ᠡ ᠪᠠᠶᠠᠵᠢᠭᠰᠠᠨ 
            《ᠪᠣᠯᠬᠤ ᠲᠡᠳᠦᠢ ᠦᠭᠡᠢ᠂ ᠮᠥᠨ ᠬᠦ᠌ ᠬᠤᠷᠠᠮᠳᠤᠯᠠᠭᠤᠯᠤᠭᠰᠠᠨ ᠬᠥᠷᠥᠩᠭᠡ  
            《 ᠡᠴᠡ ᠡᠷᠬᠡᠲᠡᠨ ᠲᠠᠷᠠᠭᠲᠠᠨ ᠭᠡᠳᠡᠭ ᠨᠡᠷᠡᠢᠳᠦᠯ ᠢ᠋ᠶ᠋ᠡᠷ ᠡᠷᠬᠡ   
            《ᠰᠦᠷ ᠢ᠋ ᠳᠠᠯᠠᠢᠯᠭᠠᠨ᠂ ᠠᠯᠪᠠᠨ ᠲᠠᠲᠠᠪᠤᠷᠢ ᠭᠠᠷᠭᠠᠬᠤ ᠦᠭᠡᠢ ᠪᠠ  
            《ᠮᠥᠨ ᠠᠯᠪᠠᠨ ᠲᠠᠲᠠᠪᠤᠷᠢ ᠶ᠋ᠢᠨ ᠪᠤᠶᠤ ᠬᠥᠷᠥᠩᠭᠡ ᠶ᠋ᠢᠨ ᠡᠷᠬᠡ ᠪᠡᠷ ᠠᠷᠠᠳ  
            《ᠲᠦᠮᠡᠨ ᠢ᠋ ᠪᠣᠭᠣᠯᠴᠢᠯᠠᠨ ᠵᠠᠷᠤᠴᠠᠯᠠᠵᠤ᠂ ᠵᠣᠪᠠᠭᠠᠨ ᠴᠢᠷᠦᠭᠳᠡᠭᠦᠯᠬᠦ  
            《ᠵᠡᠷᠭᠡ ᠪᠡᠷ ᠲᠡᠳᠡᠨ ᠦ᠌ ᠠᠵᠤ ᠠᠮᠢᠳᠤᠷᠠᠯ ᠢ᠋ ᠠᠯᠳᠠᠭᠳᠠᠭᠤᠯᠤᠨ᠂ ᠰᠣᠶᠣᠯ 
            《ᠪᠣᠯᠪᠠᠰᠤᠷᠠᠯ ᠢ᠋ ᠬᠣᠴᠣᠷᠣᠭᠳᠠᠭᠤᠯᠵᠤ᠂ ᠬᠠᠷᠠᠩᠭᠤᠢ ᠮᠤᠩᠬᠠᠭ ᠪᠥᠭᠡᠳ   
            《ᠬᠣᠭᠣᠰᠣᠨ ᠶᠠᠳᠠᠭᠤ ᠶ᠋ᠢᠨ ᠵᠣᠪᠠᠯᠠᠩ ᠳ᠋ᠤ᠌ ᠳᠠᠪᠬᠤᠷ ᠳᠠᠪᠬᠤᠷ  
            《ᠤᠴᠠᠷᠠᠭᠤᠯᠤᠭᠰᠠᠨ ᠨᠢ ᠲᠤᠢᠯ ᠤ᠋ᠨ ᠵᠠᠨᠤᠯ ᠲᠠᠢ ᠁》  
                    (ᠲᠤᠰ ᠤᠯᠤᠰ ᠤ᠋ᠨ ᠹᠧᠣᠳᠠᠯ ᠨᠠᠷ ᠤ᠋ᠨ ᠬᠥᠷᠥᠩᠭᠡ ᠶ᠋ᠢ ᠬᠤᠷᠢᠶᠠᠬᠤ ᠲᠤᠬᠠᠢ ᠲᠣᠭᠲᠠᠭᠠᠯ ᠠ᠋ᠴᠠ)       

       ᠨᠢᠷᠪᠠ ᠯᠠᠮᠠ᠂ ᠲᠠᠷᠭᠤᠨ ᠭᠡᠭᠴᠢ ᠶ᠋ᠢᠨ ᠬᠣᠨᠢᠨ ᠤ᠋ ᠮᠢᠬ᠎ᠠ ᠲᠠᠢ ᠭᠤᠯᠢᠷ ᠲᠠᠢ ᠬᠣᠭᠣᠯᠠ ᠢᠳᠡᠵᠦ ᠴᠠᠳᠤᠭᠠᠳ᠂ ᠠᠷᠰᠯᠠᠨ ᠵᠠᠭᠠᠨ  ᠤ᠋ ᠬᠤᠪᠠ ᠰᠢᠷ᠎ᠠ ᠶᠠᠰᠤ ᠪᠠᠷ ᠬᠢᠭᠰᠡᠨ ᠰᠠᠪᠬ᠎ᠠ ᠪᠠᠨ ᠳᠣᠯᠢᠶᠠᠵᠤ᠂ ᠲᠣᠷᠭᠠᠨ ᠠᠯᠴᠢᠭᠤᠷ ᠢ᠋ᠶ᠋ᠠᠷ ᠰᠠᠢᠲᠤᠷ ᠠᠷᠴᠢᠭᠠᠳ᠂ ᠲᠠᠨ᠎ᠠ ᠰᠢᠭᠢᠳᠬᠡᠭᠰᠡᠨ ᠰᠡᠢᠯᠦᠮᠡᠯ ᠬᠠᠷ᠎ᠠ ᠥᠩᠭᠡᠲᠦ ᠮᠣᠳᠣᠨ ᠰᠢᠷᠡᠭᠡᠨ ᠦ᠌ ᠰᠢᠷᠭᠤᠤᠯᠭᠠᠨ ᠳ᠋ᠤ᠌ ᠨᠢᠮᠪᠠᠢᠯᠠᠨ ᠬᠢᠭᠡᠳ᠂ ᠤᠴᠢᠷ ᠮᠡᠳᠡᠬᠦ ᠦᠭᠡᠢ ᠬᠥᠮᠦᠨ ᠦ᠌ ᠨᠢᠳᠦᠨ ᠳ᠋ᠦ᠍ ᠵᠦᠭᠡᠷ ᠨᠢᠭᠡ ᠮᠣᠳᠣᠨ ᠠᠶᠠᠭ᠎ᠠ ᠰᠢᠭ᠋ ᠦᠵᠡᠭᠳᠡᠬᠦ ᠶᠡᠬᠡ ᠦᠨ᠎ᠡ ᠲᠡᠢ ᠵᠠᠪᠢᠶ᠎ᠠ ᠮᠣᠳᠣᠨ ᠠᠶᠠᠭ᠎ᠠ ᠪᠠᠨ ᠶᠠᠭᠠᠷᠠᠯ ᠦᠭᠡᠢ ᠰᠢᠭ ᠳᠣᠯᠢᠶᠠᠭᠠᠳ᠂ ᠳᠥᠷᠪᠡᠯᠵᠢᠨ ᠵᠡᠰ ᠬᠦᠵᠡ ᠡᠴᠡ ᠴᠠᠢ ᠬᠢᠵᠡᠢ᠃《 ᠮᠤᠬᠤᠷ ᠲᠣᠯᠣᠭᠠᠢᠲᠠᠨ ᠤ᠋》 ᠨᠢᠳᠦᠨ ᠦ᠌ ᠬᠣᠷᠣᠬᠠᠢ ᠣᠷᠣᠭᠤᠵᠢᠨ ᠭᠡᠵᠦ ᠨᠢᠷᠪᠠ ᠯᠠᠮᠠ ᠭᠤᠸᠠᠢ ᠤᠷᠢᠳᠤ ᠬᠡᠷᠡᠭᠯᠡᠵᠦ ᠪᠠᠢᠭᠰᠠᠨ ᠭᠣᠶᠣ ᠰᠠᠢᠬᠠᠨ ᠠᠯᠲᠠ ᠮᠥᠩᠭᠥᠨ ᠬᠡᠷᠡᠭᠯᠡᠯ ᠢ᠋ᠶ᠋ᠡᠨ ᠴᠥᠮ ᠢ᠋ ᠳᠠᠯᠳᠠ ᠬᠢᠵᠦ᠂ ᠣᠷᠣᠨ ᠴᠠᠭ ᠤ᠋ᠨ ᠪᠠᠢᠳᠠᠯ ᠳ᠋ᠤ᠌ ᠲᠠᠭᠠᠷᠠᠭᠤᠯᠵᠤ᠂ ᠢᠯᠡᠭᠦᠦ ᠳᠤᠲᠠᠭᠤ ᠶᠠᠭᠤᠮ᠎ᠠ ᠪᠠᠨ  ᠴᠠᠭᠠᠰᠢ ᠨᠠᠭᠠᠰᠢ  ᠬᠢᠭᠰᠡᠨ ᠤᠴᠢᠷ᠂ ᠥᠩᠭᠡ ᠮᠠᠭᠤᠲᠠᠢ ᠰᠢᠭ᠋ ᠪᠣᠯᠪᠠᠴᠤ ᠦᠨᠡᠲᠡᠢ ᠮᠣᠳᠣᠨ ᠠᠶᠠᠭ᠎ᠠ ᠲᠠᠢ ᠴᠠᠢ ᠪᠠᠨ ᠬᠥᠷᠥᠭᠦᠵᠢᠨ ᠭᠡᠵᠦ ᠣᠷᠣᠢ ᠳᠡᠭᠡᠷ᠎ᠡ ᠪᠡᠨ ᠱ᠌ᠢᠷᠦᠨ ᠪᠠᠷᠢᠭᠤᠯ ᠲᠠᠢ᠂ ᠴᠠᠭᠠᠨ ᠲᠤᠭᠤᠯᠭᠠᠨ ᠨᠡᠭᠡᠯᠡᠬᠡᠢ ᠪᠡᠷ ᠲᠠᠭᠯᠠᠭᠠᠳ᠂ ᠬᠠᠢᠷᠠᠲᠠᠢ ᠭᠠᠩᠰᠠ ᠪᠠᠨ ᠣᠷᠣᠨ ᠳᠡᠭᠡᠷ᠎ᠡ ᠡᠴᠡ ᠪᠡᠨ ᠰᠡᠷᠪᠡᠢᠨ ᠠᠪᠤᠪᠠ᠃ ᠲᠡᠷᠡ ᠭᠠᠩᠰᠠ ᠲᠠᠢ ᠨᠢ ᠲᠡᠩᠴᠡᠬᠦ ᠤᠷᠲᠤ ᠭᠠᠩᠰᠠ ᠶᠡᠷᠦ ᠤᠷᠢᠳᠤ ᠰᠠᠢᠨ ᠨᠣᠶᠠᠨ ᠬᠠᠨ᠂ ᠣᠳᠣ ᠴᠡᠴᠡᠷᠯᠢᠭ ᠮᠠᠨᠳᠠᠯ ᠭᠡᠳᠡᠭ ᠪᠣᠯᠤᠭᠰᠠᠨ ᠠᠢᠮᠠᠭ ᠳᠠᠶᠠᠭᠠᠷ ᠲᠤ᠌ ᠪᠠᠢᠬᠤ ᠦᠭᠡᠢ ᠲᠡᠢᠮᠦ ᠤᠷᠲᠤ ᠰᠣᠨᠢᠨ ᠬᠠᠴᠢᠨ ᠭᠠᠩᠰᠠ ᠪᠠᠢᠵᠠᠢ᠃ 
       ᠬᠠᠢᠷᠠᠲᠠᠢ ᠲᠡᠷᠡ ᠭᠠᠩᠰᠠ ᠪᠠᠷ ᠢ᠋ᠶ᠋ᠠᠨ ᠶᠡᠨᠯᠢᠶᠤᠤ ᠨᠠᠢᠷᠠᠭᠤᠯᠤᠭᠰᠠᠨ᠂ ᠰᠡᠩᠭᠢᠨᠡᠭᠰᠡᠨ ᠦᠨᠦᠷ ᠲᠡᠢ ᠰᠠᠢᠬᠠᠨ ᠳ᠋ᠦᠩᠰᠧᠩ(ᠲᠦᠩᠰᠡᠨ) ᠲᠠᠮᠠᠬᠢ ᠨᠡᠷᠡᠵᠦ᠂ ᠲᠡᠷᠡ ᠳ᠋ᠦᠩᠰᠧᠩ (ᠳᠦᠩᠰᠡᠨ)ᠲᠠᠮᠠᠬᠢ ᠣᠳᠣ ᠠᠷᠠᠳ ᠤ᠋ᠨ ᠬᠠᠷᠢᠯᠴᠠᠨ ᠲᠤᠰᠠᠯᠠᠯᠴᠠᠬᠤ ᠬᠣᠷᠰᠢᠶ᠎ᠠ᠂ ᠪᠠᠩᠬᠢ ᠶ᠋ᠢᠨ ᠰᠠᠯᠪᠤᠷᠢ ᠭᠡᠭᠴᠢ ᠨᠢ ᠡᠳᠦᠢ ᠲᠡᠳᠦᠢ ᠪᠡᠷ ᠪᠣᠢ ᠪᠣᠯᠵᠤ᠂ ᠲᠦᠩᠰᠢ ᠨᠠᠷ ᠢ᠋ ᠬᠠᠪᠴᠢᠨ ᠰᠢᠬᠠᠭᠰᠠᠭᠠᠷ ᠬᠢᠲᠠᠳ  ᠬᠠᠭᠠᠭᠠᠭᠳᠠᠭᠰᠠᠨ ᠠ᠋ᠴᠠ ᠬᠣᠢᠰᠢ ᠬᠣᠪᠣᠷᠳᠠᠵᠤ᠂ ᠣᠳᠣ ᠴᠠᠭ ᠤ᠋ᠨ ᠲᠡᠷᠡ ᠶᠠᠩᠵᠤ ᠪᠦᠷᠢ ᠶ᠋ᠢᠨ《ᠫᠣᠷᠬᠢᠷᠤᠰ᠂ ᠴᠠᠷᠬᠢᠷᠠᠰ》 ᠭᠡᠳᠡᠭ ᠲᠠᠮᠠᠬᠢ ᠳᠠᠩᠴᠢ ᠬᠠᠲᠠᠭᠤ᠂ ᠤᠤᠯ ᠠ᠋ᠴᠠ ᠲᠠᠲᠠᠵᠤ ᠰᠤᠷᠤᠭ᠎ᠠ ᠦᠭᠡᠢ ᠶᠦᠮ ᠳᠡ᠃ ᠡᠨᠡ ᠲᠠᠲᠠᠵᠤ ᠳᠠᠰᠤᠭᠰᠠᠨ ᠳ᠋ᠦᠩᠰᠧᠩ(ᠲᠦᠩᠰᠡᠨ) ᠲᠠᠮᠠᠬᠢ᠂ ᠲᠩᠷᠢ ᠶ᠋ᠢᠨ ᠥᠷᠥᠰᠢᠶᠡᠯ ᠢ᠋ᠶ᠋ᠡᠷ ᠭᠡᠭᠡᠨ ᠰᠠᠩ ᠳ᠋ᠤ᠌᠂ ᠮᠢᠨᠦ ᠡᠨᠡ ᠨᠠᠰᠤᠨ ᠳ᠋ᠤ᠌ ᠡᠯᠪᠡᠭ ᠬᠦᠷᠬᠦ ᠪᠡᠷ ᠪᠣᠢ᠃ ᠶᠡᠷᠦ ᠤᠷᠢᠳᠤ ᠶ᠋ᠢᠨ ᠪᠡᠭᠡᠵᠢᠩ᠂ ᠬᠥᠬᠡᠬᠣᠲᠠ ᠶ᠋ᠢᠨ ᠨᠡᠷᠡᠲᠡᠢ ᠨᠡᠷᠡᠲᠡᠢ ᠫᠦᠰᠡ ᠳ᠋ᠦ᠍ ᠪᠠᠢᠳᠠᠭ ᠰᠣᠨᠢᠨ ᠬᠣᠪᠣᠷ ᠵᠦᠢᠯ ᠴᠥᠮ ᠮᠢᠨᠦ ᠬᠢᠴᠢᠶᠡᠯ ᠵᠢᠳᠬᠦᠯ ᠢ᠋ᠶ᠋ᠡᠷ ᠭᠡᠭᠡᠨ ᠰᠠᠩ ᠳ᠋ᠤ᠌ ᠪᠦᠷᠢᠨ ᠪᠣᠢ ᠭᠡᠵᠦ ᠪᠠᠬᠠᠷᠬᠠᠨ ᠪᠣᠳᠣᠵᠤ᠂ ᠨᠢᠷᠪᠠ ᠯᠠᠮᠠ ᠭᠤᠸᠠᠢ ᠰᠠᠭᠤᠷᠢᠨ ᠠ᠋ᠴᠠ ᠪᠠᠨ ᠪᠣᠰᠤᠯ ᠦᠭᠡᠢ᠂ ᠤᠷᠲᠤ ᠭᠠᠩᠰᠠᠨ ᠤ᠋ ᠲᠣᠯᠣᠭᠠᠢ ᠶ᠋ᠢ ᠰᠢᠷᠡᠮᠦᠨ ᠵᠤᠤᠬᠠᠨ ᠤ᠋ ᠠᠮᠠᠰᠠᠷ ᠤ᠋ᠨ ᠬᠠᠯᠬᠠᠪᠴᠢ ᠶ᠋ᠢᠨ ᠲᠣᠭᠣᠷᠢᠭ ᠨᠦᠬᠡ ᠪᠡᠷ ᠰᠢᠷᠭᠤᠭᠤᠯᠤᠨ ᠲᠠᠮᠠᠬᠢ ᠪᠠᠨ ᠠᠰᠠᠭᠠᠵᠤ ᠬᠣᠶᠠᠷ ᠭᠤᠷᠪᠠ ᠰᠤᠷᠤᠭᠠᠳ᠂ ᠰᠠᠢᠬᠠᠨ ᠬᠣᠭᠣᠯᠠ ᠴᠠᠳᠲᠠᠯ᠎ᠠ ᠢᠳᠡᠪᠡᠴᠦ᠂ ᠰᠡᠳᠬᠢᠯ ᠡᠴᠡ ᠭᠠᠷᠳᠠᠭ ᠦᠭᠡᠢ ᠬᠣᠨᠣᠭᠰᠢᠭᠰᠠᠨ ᠭᠤᠨᠢᠭᠲᠤ ᠪᠣᠳᠣᠯᠭ᠎ᠠ ᠪᠠᠨ ᠪᠣᠳᠣᠵᠠᠢ᠃ 
       ᠭᠡᠭᠡᠨ ᠰᠠᠩ ᠤ᠋ᠨ ᠰᠦᠷᠦᠭ ᠮᠠᠯᠯᠠᠵᠤ ᠪᠠᠢᠭᠰᠠᠨ ᠬᠣᠨᠢᠴᠢᠨ᠂ ᠦᠬᠡᠷᠴᠢᠨ᠂ ᠠᠳᠤᠭᠤᠴᠢᠨ᠂ ᠲᠡᠮᠡᠭᠡᠴᠢᠨ ᠵᠠᠷᠤᠴᠠ ᠨᠠᠷ ᠲᠠᠢ ᠠᠷᠭ᠎ᠠ ᠦᠭᠡᠢ ᠭᠡᠷ᠎ᠡ ᠬᠢᠵᠦ᠂ ᠰᠠᠷ᠎ᠠ ᠪᠦᠷᠢ ᠶ᠋ᠢᠨ ᠴᠠᠯᠢᠩ ᠬᠥᠯᠥᠰᠥ ᠣᠯᠭᠣᠵᠤ᠂ ᠪᠠᠰᠠ ᠵᠢᠯ ᠦ᠋ᠨ ᠳᠥᠷᠪᠡᠨ ᠤᠯᠠᠷᠢᠯ ᠳ᠋ᠤ᠌ ᠠᠵᠢᠯ ᠤ᠋ᠨ ᠬᠤᠪᠴᠠᠰᠤ᠂ ᠬᠦᠴᠦᠨ ᠦᠨᠡᠯᠡᠭᠴᠢᠳ ᠦ᠋ᠨ ᠬᠥᠳᠡᠯᠮᠦᠷᠢ ᠶ᠋ᠢᠨ ᠰᠢᠨ᠎ᠡ ᠳᠦᠷᠢᠮ ᠦ᠋ᠨ ᠶᠣᠰᠣᠭᠠᠷ ᠣᠯᠭᠣᠬᠤ ᠳ᠋ᠤ᠌ ᠬᠦᠷᠴᠡᠢ᠃ ᠮᠥᠨ ᠬᠡᠴᠡᠭᠦᠦ ᠭᠠᠷᠤᠯᠭ᠎ᠠ ᠲᠠᠢ ᠶᠣᠮ᠎ᠠ ᠳᠡ᠃ ᠲᠡᠷᠡ ᠣᠯᠠᠨ ᠵᠠᠷᠤᠴᠠ ᠦᠭᠡᠢ ᠪᠠᠢᠶ᠎ᠠ ᠭᠡᠬᠦ ᠳ᠋ᠦ᠍᠂ ᠭᠡᠭᠡᠨ ᠰᠠᠩ ᠤ᠋ᠨ ᠮᠥᠩᠬᠡ ᠰᠦᠷᠦᠭ ᠢ᠋ ᠬᠡᠨ ᠮᠠᠯᠯᠠᠬᠤ ᠪᠣᠢ? ᠬᠥᠮᠦᠨ ᠵᠠᠷᠤᠶ᠎ᠠ ᠭᠡᠬᠦ ᠡᠢᠮᠦ ᠬᠡᠴᠡᠭᠦᠦ᠃ ᠣᠳᠣ ᠶ᠋ᠢᠨ ᠬᠠᠤᠯᠢ ᠴᠠᠭᠠᠵᠠ ᠴᠥᠮ ᠲᠡᠷᠡ ᠶᠠᠳᠠᠭᠤ ᠬᠣᠭᠣᠰᠣᠨ ᠵᠠᠷᠤᠴᠠ ᠶ᠋ᠢ ᠬᠠᠮᠠᠭᠠᠯᠠᠬᠤ ᠬᠠᠤᠯᠢ ᠪᠣᠯᠴᠢᠵᠠᠢ( ᠪᠣᠯᠴᠢᠬᠠᠵᠠᠢ)᠃ ᠪᠠᠰᠠ ᠠᠯᠪᠠᠨ ᠲᠠᠲᠠᠪᠤᠷᠢ ᠶ᠋ᠢᠨ ᠬᠦᠨᠳᠦ ᠶ᠋ᠢ ᠬᠡᠯᠡᠭᠡᠳ ᠬᠡᠯᠡᠭᠡᠳ  ᠪᠠᠷᠠᠬᠤ ᠤᠤ? ᠭᠡᠵᠦ ᠨᠢᠷᠪᠠ ᠯᠠᠮᠠ ᠭᠤᠸᠠᠢ ᠠᠯᠪᠠᠨ ᠲᠠᠲᠠᠪᠤᠷᠢ ᠶ᠋ᠢ ᠰᠠᠨᠠᠮᠠᠭᠴᠠ ᠪᠤᠬᠢᠨᠢᠳᠤᠵᠤ᠂ ᠭᠠᠩᠰᠠ ᠪᠠᠨ ᠫᠡᠷ ᠫᠡᠷ ᠰᠣᠷᠣᠵᠤ ᠡᠬᠢᠯᠡᠪᠡ᠃ ᠠᠶ᠎ᠠ᠂ ᠲᠡᠷᠡ ᠠᠯᠪᠠᠨ ᠲᠠᠲᠠᠪᠤᠷᠢ ᠶ᠋ᠢ ᠬᠤᠷᠢᠶᠠᠯᠭᠠᠵᠤ ᠰᠠᠯᠬᠤ ᠭᠡᠵᠦ ᠮᠠᠯ ᠢ᠋ᠶ᠋ᠠᠨ ᠬᠤᠳᠠᠯᠳᠤᠵᠤ᠂ ᠨᠢᠭᠡ ᠪᠡᠷ ᠨᠢ ᠨᠥᠭᠦᠭᠡ ᠶ᠋ᠢᠨ ᠢ᠋ᠶ᠋ᠡᠨ ᠲᠠᠲᠠᠪᠤᠷᠢ ᠶ᠋ᠢ ᠨᠥᠬᠥᠬᠦ ᠳ᠋ᠦ᠍ ᠬᠦᠷᠦᠯ᠎ᠡ᠃ ᠮᠠᠯ ᠤ᠋ᠨ ᠲᠣᠭ᠎ᠠ ᠳᠠᠷᠤᠶ᠎ᠠ ᠭᠡᠬᠦ ᠳ᠋ᠦ᠍ ᠶᠡᠷᠦ ᠠᠷᠭ᠎ᠠ ᠰᠠᠮ᠎ᠠ ᠨᠢ ᠣᠯᠳᠠᠵᠤ ᠥᠭᠬᠦ ᠦᠭᠡᠢ᠃ ᠲᠡᠷᠡ ᠣᠯᠠᠨ ᠵᠠᠷᠤᠴᠠ ᠨᠠᠷ᠂ ᠳᠠᠷᠤᠪᠠ ᠭᠡᠵᠦ ᠮᠡᠳᠡᠪᠡᠯ ᠳᠣᠣᠷ᠎ᠠ ᠨᠢ ᠵᠣᠬᠢᠬᠤ ᠭᠠᠵᠠᠷ ᠠᠯᠲᠠᠨ ᠬᠣᠰᠢᠭᠤ ᠡᠷᠭᠦᠵᠦ᠂ ᠬᠥᠮᠦᠨ ᠢ᠋ ᠰᠢᠢᠳᠬᠡᠭᠦᠯᠵᠦ ᠬᠠᠷᠠᠯᠠᠭᠤᠯᠤᠨ᠎ᠠ᠃ ᠣᠳᠣ ᠴᠠᠭ ᠤ᠋ᠨ ᠡᠨᠡ ᠠᠷᠠᠳ ᠤ᠋ᠨ ᠰᠢᠭᠦᠬᠦ ᠭᠡᠳᠡᠭ ᠨᠢ ᠤᠷᠢᠳᠤ ᠶ᠋ᠢᠨ ᠴᠠᠭ ᠤ᠋ᠨ ᠰᠢᠭᠦᠬᠦ ᠲᠡᠢ ᠠᠳᠠᠯᠢ ᠦᠭᠡᠢ᠂ ᠪᠠᠶᠠᠨ ᠨᠣᠶᠠᠨ᠂ ᠯᠠᠮᠠ ᠬᠥᠮᠦᠨ ᠳ᠋ᠦ᠍ ᠤᠯᠠᠮ ᠴᠤ᠌ ᠰᠢᠷᠦᠭᠦᠨ ᠶᠦᠮ ᠰᠢᠪ ᠳᠡ᠃ ᠬᠡᠷᠡᠭ ᠰᠢᠭᠦᠵᠦ ᠲᠠᠰᠤᠯᠬᠤ ᠳ᠋ᠠᠭᠠᠨ( ᠳ᠋ᠤ᠌ ᠪᠠᠨ)᠂ ᠶᠡᠷᠦ ᠬᠤᠲᠤᠭᠲᠤ ᠬᠤᠪᠢᠯᠭᠠᠨ ᠢ᠋ ᠴᠦ᠍ ᠶᠠᠭᠤᠮ᠎ᠠ ᠭᠡᠵᠦ ᠪᠣᠳᠣᠬᠤ ᠪᠠᠨ ᠪᠠᠢᠵᠤ ᠯᠠ ᠳᠠ᠃ ᠤᠯᠠᠭᠠᠨᠪᠠᠭᠠᠲᠤᠷ ᠲᠤ᠌ ᠵᠠᠶᠠᠭ᠎ᠠ ᠶ᠋ᠢᠨ ᠭᠡᠭᠡᠨ ᠦ᠌ ᠬᠡᠷᠡᠭ ᠢ᠋ ᠲᠠᠰᠤᠯᠤᠨ  ᠰᠢᠢᠳᠬᠡᠵᠦ᠂ ᠠᠷᠠᠳ ᠤ᠋ᠨ ᠡᠨᠡ ᠵᠠᠰᠠᠭ ᠲᠤ᠌ ᠳᠤᠷ᠎ᠠ ᠦᠭᠡᠢ ᠪᠠᠢᠭᠠᠳ ᠬᠡᠳᠦᠨ ᠬᠥᠮᠦᠨ ᠲᠡᠢ ᠰᠠᠮ ᠰᠠᠨᠠᠭ᠎ᠠ ᠨᠡᠢᠯᠡᠨ ᠬᠤᠤᠪᠢᠯᠳᠤᠭᠰᠠᠨ ᠭᠡᠵᠦ ᠫᠤᠤᠳᠠᠨ ᠠᠯᠠᠬᠤ ᠶᠠᠯ᠎ᠠ ᠤᠨᠠᠭᠠᠵᠤ᠂ ᠴᠠᠭᠠᠵᠠ ᠪᠠᠷ ᠠᠪᠠᠴᠢᠭᠰᠠᠨ ᠪᠢᠯᠡ᠃ ᠬᠣᠵᠢᠮ ᠯᠠᠮᠠ ᠱᠠᠪᠢ ᠨᠠᠷ ᠨᠢ ᠵᠠᠶᠠᠭ᠎ᠠ ᠶ᠋ᠢᠨ ᠭᠡᠭᠡᠨ ᠢ᠋ ᠳᠠᠬᠢᠨ ᠠᠮᠢᠯᠠᠭᠰᠠᠨ᠃ ᠬᠥᠳᠡᠭᠡ ᠡᠭᠦᠪᠡᠷ ᠲᠡᠭᠦᠪᠡᠷ ᠬᠥᠮᠦᠨ ᠠᠮᠢᠲᠠᠨ ᠵᠠᠶᠠᠭ᠎ᠠ ᠶ᠋ᠢᠨ ᠭᠡᠭᠡᠨ ᠲᠡᠢ ᠠᠭᠤᠯᠵᠠᠭᠰᠠᠨ ᠭᠡᠵᠦ ᠶᠠᠷᠢᠵᠤ ᠪᠠᠢᠭᠰᠠᠨ ᠪᠢᠯᠡ᠃ ᠲᠠᠷᠠᠴᠤ (ᠲᠡᠷᠡ ᠴᠦ᠍)ᠬᠤᠳᠠᠯ᠃ ᠵᠠᠶᠠᠭ᠎ᠠ ᠶ᠋ᠢᠨ ᠭᠡᠭᠡᠨ  ᠫᠤᠤᠳᠠᠭᠤᠯᠤᠭᠠᠳ ᠳᠠᠬᠢᠵᠤ ᠠᠮᠢᠯᠠᠭᠰᠠᠨ ᠦᠭᠡᠢ᠃ ᠱᠠᠪᠢ ᠨᠠᠷ ᠨᠢ ᠰᠥᠨᠢ ᠬᠡᠭᠦᠷ ᠢ᠋ ᠨᠢ ᠰᠠᠮ ᠬᠤᠯᠠᠭᠤᠨ ᠠᠪᠠᠴᠢᠵᠤ᠂ ᠭᠡᠭᠡᠨ ᠢ᠋ ᠠᠮᠢᠯᠠᠭᠰᠠᠨ ᠭᠡᠵᠦ ᠴᠤᠤ ᠦᠭᠡ ᠲᠠᠷᠬᠠᠭᠠᠭᠰᠠᠨ ᠪᠢᠯᠡ᠃ ᠯᠠᠮᠠ ᠶ᠋ᠢᠨ ᠭᠡᠭᠡᠨ ᠥᠪᠡᠷ ᠢ᠋ᠶ᠋ᠡᠨ ᠨᠠᠳᠠᠳᠤ(ᠨᠠᠳᠠ ᠳ᠋ᠤ᠌) ᠲᠡᠭᠡᠵᠦ ᠠᠢᠯᠠᠳᠴᠤ ᠪᠠᠢᠭᠰᠠᠨ ᠳ᠋ᠠᠭ᠃ 
       ᠣᠳᠣ ᠰᠣᠨᠣᠰᠪᠠᠯ᠂ ᠠᠷᠠᠳ ᠤ᠋ᠨ ᠬᠢᠨ᠂ ᠹᠧᠣᠳᠠᠯ ᠤ᠋ᠨ ᠬᠥᠷᠥᠩᠭᠡ ᠬᠣᠭᠰᠢᠯ ᠬᠤᠷᠢᠶᠠᠵᠤ ᠪᠠᠢᠭ᠎ᠠ ᠰᠤᠷᠠᠭᠲᠠᠢ᠂ ᠠᠳᠠᠭ ᠤ᠋ᠨ ᠮᠠᠭᠤ ᠴᠠᠭ ᠢᠷᠡᠵᠦ ᠳᠠ᠃ ᠠᠮᠢᠲᠠᠨ ᠬᠥᠮᠦᠨ᠂ ᠯᠠᠮᠠ ᠪᠠᠭᠰᠢ ᠳ᠋ᠠᠭᠠᠨ( ᠳ᠋ᠤ᠌ ᠪᠠᠨ )ᠢᠲᠡᠭᠡᠬᠦ ᠰᠦᠰᠦᠭᠯᠡᠬᠦ ᠦᠭᠡᠢ ᠪᠣᠯᠵᠤ᠂ ᠪᠠᠭᠠᠴᠤᠳ ᠪᠠᠨᠳᠢ ᠨᠠᠷ ᠬᠡᠢᠳ ᠡᠴᠡ ᠣᠷᠭᠣᠵᠠᠭᠠᠨ᠂ ᠬᠣᠰᠢᠭᠤ ᠪᠠᠭ᠎ᠠ ᠰᠤᠷᠭᠠᠭᠤᠯᠢ ᠳ᠋ᠤ᠌ ᠣᠷᠵᠠᠭᠠᠬᠤ ᠪᠣᠯᠵᠠᠢ᠃ ᠨᠠᠰᠤ ᠢᠳᠡᠷ ᠵᠠᠯᠠᠭᠤ ᠯᠠᠮᠠ ᠪᠠᠨᠳᠢ ᠨᠠᠷ ᠬᠠᠷ᠎ᠠ ᠪᠣᠯᠵᠤ᠂ ᠠᠷᠲ᠋ᠧᠯ ᠭᠡᠳᠡᠭ ᠨᠢᠭᠡ ᠶᠠᠭᠤᠮᠠᠨ ᠳ᠋ᠤ᠌ ᠣᠷᠣᠵᠠᠭᠠᠵᠤ᠂ ᠰᠠᠩ ᠵᠢᠰᠠ ᠠ᠋ᠴᠠ ᠲᠡᠳᠡᠨ ᠳ᠋ᠦ᠍ ᠪᠠᠰᠠ ᠬᠥᠷᠥᠩᠭᠡ ᠬᠤᠪᠢ ᠣᠯᠭᠣᠬᠤ ᠳ᠋ᠤ᠌ ᠬᠦᠷᠴᠦ ᠪᠠᠢᠨ᠎ᠠ ᠭᠡᠵᠦ ᠪᠣᠳᠣᠭᠠᠳ᠂ ᠨᠢᠷᠪᠠ ᠯᠠᠮᠠ ᠭᠤᠸᠠᠢ ᠭᠠᠩᠰᠠᠨ ᠤ᠋ ᠦᠨᠡᠰᠦ ᠶ᠋ᠢ ᠶᠡᠬᠡᠯ᠎ᠡ( ᠶᠡᠬᠡ ᠯᠡ) ᠠᠭᠤᠷᠲᠠᠢ ᠪᠠᠷ ᠲᠣᠭᠰᠢᠵᠤ ᠴᠣᠬᠢᠭᠠᠳ᠂ ᠳᠠᠬᠢᠨ ᠲᠠᠮᠠᠬᠢ ᠨᠡᠷᠡᠲᠡᠯ᠎ᠡ ᠬᠠᠭᠠᠯᠭ᠎ᠠ ᠴᠢᠮᠡᠭᠡ ᠦᠭᠡᠢ ᠨᠡᠭᠡᠭᠡᠭᠳᠡᠵᠦ᠂ ᠭᠡᠭᠡᠨ ᠦ᠌ ᠬᠠᠢᠷᠠᠲᠠᠢ ᠵᠠᠯᠠᠭᠤ ᠪᠠᠨᠳᠢ ᠣᠷᠣᠵᠤ ᠢᠷᠡᠭᠡᠳ ᠠᠯᠠᠭ᠎ᠠ ᠪᠠᠨ ᠬᠦᠨᠳᠦᠳᠬᠡᠨ ᠬᠠᠪᠰᠤᠷᠭᠠᠵᠤ᠂ ᠨᠢᠷᠪᠠ ᠯᠠᠮᠠ ᠭᠤᠸᠠᠢ ᠶ᠋ᠢᠨ ᠡᠮᠦᠨ᠎ᠡ ᠪᠦᠬᠦᠢᠰᠭᠡᠨ᠂  
       — ᠭᠡᠭᠡᠨᠲᠡᠨ᠂ ᠲᠠᠨ ᠢ᠋ ᠣᠳᠣᠬᠠᠨ ᠬᠦᠷᠦᠭᠡᠳ ᠢᠷᠠᠮᠤ ᠭᠡᠵᠦ ᠪᠠᠢᠨ᠎ᠠ᠃ ᠬᠤᠰᠢᠭᠤᠨ ᠠ᠋ᠴᠠ ᠠᠯᠪᠠᠨ ᠤ᠋ ᠬᠥᠮᠦᠨ ᠢᠷᠡᠵᠡᠢ ᠭᠡᠳ ᠰᠢᠪᠡᠨᠡᠨ ᠥᠭᠦᠯᠡᠷᠦᠨ᠂ ᠭᠡᠭᠡᠨ ᠰᠠᠩ ᠤ᠋ᠨ ᠬᠥᠷᠥᠩᠭᠡ ᠬᠣᠭᠰᠢᠯ ᠢ᠋ ᠲᠡᠢᠵᠡᠳᠡᠨ ᠬᠤᠷᠢᠶᠠᠬᠤ ᠭᠡᠵᠦ ᠪᠠᠢᠭ᠎ᠠ ᠰᠢᠨᠵᠢᠲᠡᠢ ᠬᠡᠮᠡᠪᠡᠰᠦ᠂ ᠨᠢᠷᠪᠠ ᠯᠠᠮᠠ ᠭᠤᠸᠠᠢ ᠶ᠋ᠢᠨ ᠬᠣᠶᠠᠷ ᠴᠢᠮᠠᠷᠬᠠᠢ ᠥᠭᠡᠳᠡ ᠴᠢᠰᠤ ᠯᠤᠭᠰᠢᠨ ᠬᠥᠭᠡᠷᠴᠦ᠂ ᠲᠠᠮᠠᠬᠢ ᠨᠡᠷᠡᠭᠰᠡᠨ ᠭᠠᠩᠰᠠ ᠪᠠᠨ ᠶᠠᠭᠠᠷᠠᠨ ᠬᠣᠢᠰᠢ ᠲᠠᠯᠪᠢᠭᠠᠳ᠂ ᠶᠣᠢᠯᠠᠨ ᠶᠣᠬᠣᠢᠯᠠᠨ ᠮᠢᠬᠠᠯᠢᠭ ᠪᠡᠶ᠎ᠡ ᠪᠡᠨ ᠠᠷᠠᠢ ᠭᠡᠵᠦ ᠳᠠᠭᠠᠭᠠᠵᠤ ᠪᠣᠰᠤᠭᠠᠳ᠂ ᠥᠷᠭᠡᠨ ᠡᠩᠲᠡᠢ ᠬᠦᠷᠡᠩ ᠤᠯᠠᠭᠠᠨ ᠣᠷᠬᠢᠮᠵᠢ ᠪᠠᠨ ᠶᠠᠭᠠᠷᠠᠨ ᠨᠥᠮᠥᠷᠴᠦ᠂ ᠲᠣᠬᠢᠯᠢᠭ ᠰᠠᠢᠬᠠᠨ ᠭᠡᠷ ᠡᠴᠡ ᠪᠡᠨ ᠭᠠᠷᠴᠤ᠂ ᠬᠠᠭᠠᠯᠭ᠎ᠠ ᠶ᠋ᠢ ᠨᠢ ᠯᠠᠮᠠ ᠶ᠋ᠢᠨ ᠭᠡᠭᠡᠨ ᠳ᠋ᠦ᠍ ᠤᠷᠢᠳᠤ ᡀᠠ ᠪᠡᠢᠯᠡ ᠨᠣᠶᠠᠨᠲᠠᠨ ᠤ᠋ ᠡᠷᠭᠦᠭᠰᠡᠨ ᠪᠠᠲᠤ ᠭᠡᠳᠡᠭ ᠮᠥᠩᠭᠦᠴᠢ ᠳᠠᠷᠬᠠᠨ ᠤ᠋ ᠬᠢᠭᠰᠡᠨ ᠮᠥᠩᠭᠥᠨ ᠴᠣᠣᠵᠢ ᠪᠠᠷ ᠣᠨᠢᠰᠤᠯᠠᠲᠠᠯ᠎ᠠ᠂ ᠲᠡᠷᠡ ᠭᠣᠶᠣ ᠴᠣᠣᠵᠢᠨ ᠤ᠋ ᠭᠠᠩ ᠪᠣᠯᠣᠳ ᠥᠷᠭᠡᠰᠦ ᠨᠢ ᠬᠠᠩ ᠭᠡᠵᠦ ᠳᠤᠤᠭᠠᠷᠪᠠᠰᠤ᠂ ᠤᠷᠢᠳᠤ᠂ ᠭᠡᠭᠡᠨ ᠦ᠌ ᠶᠡᠬᠡ ᠰᠠᠩ ᠤ᠋ᠨ ᠲᠦᠮᠡᠨ ᠲᠡᠮᠡᠭᠡᠨ ᠦ᠌ ᠶᠡᠬᠡ ᠪᠤᠤᠷᠠᠨ ᠳ᠋ᠤ᠌ ᠮᠥᠩᠭᠥᠨ ᠪᠤᠢᠯᠠ ᠤᠷᠠᠯᠠᠨ ᠪᠦᠲᠦᠭᠡᠭᠰᠡᠨ ᠲᠡᠷᠡ ᠡᠪᠦᠭᠡᠨ ᠮᠥᠩᠭᠦᠴᠢ ᠳᠠᠷᠬᠠᠨ᠂ ᠨᠢᠷᠪᠠ ᠶ᠋ᠢᠨ ᠰᠡᠳᠬᠢᠯ ᠰᠠᠨᠠᠭᠠᠨ ᠳ᠋ᠤ᠌ ᠣᠷᠣᠵᠤ᠂ ᠪᠤᠷᠬᠠᠨ ᠨᠣᠮ ᠳ᠋ᠤ᠌  ᠰᠦᠰᠦᠭ ᠲᠡᠢ ᠨᠣᠮᠣᠬᠠᠨ ᠳᠥᠯᠭᠡᠨ ᠡᠪᠦᠭᠡᠨ ᠶᠣᠰᠣᠲᠠᠢ ᠬᠣᠷᠣᠬᠠᠢ ᠳ᠋ᠤ᠌ ᠬᠣᠣᠷ ᠦᠭᠡᠢ ᠠᠮᠢᠲᠠᠨ ᠳᠠ᠃ ᠬᠥᠳᠡᠭᠡ ᠪᠥᠭᠯᠡᠭᠦᠦ ᠪᠣᠢᠳᠠ ᠨᠤᠲᠤᠭ ᠲᠤ᠌ ᠰᠠᠭᠤᠵᠤ᠂ ᠭᠠᠢᠬᠠᠯᠲᠠᠢ ᠤᠷᠠᠨ ᠶᠠᠭᠤᠮ᠎ᠠ ᠬᠢᠵᠦ ᠰᠠᠭᠤᠳᠠᠭ ᠬᠥᠮᠦᠨ ᠳᠡ᠃ ᠬᠡᠷᠪᠡ ᠠᠮᠢᠲᠠᠨ ᠴᠥᠮ ᠲᠡᠷᠡ ᠡᠪᠦᠭᠡᠨ ᠪᠠᠲᠤ ᠰᠢᠭ᠋ ᠲᠡᠢᠮᠦ ᠨᠣᠮᠣᠬᠠᠨ᠂ ᠪᠤᠷᠬᠠᠨ ᠨᠣᠮ᠂ ᠯᠠᠮᠠ ᠪᠠᠭᠰᠢ ᠳ᠋ᠠᠭᠠᠨ( ᠳ᠋ᠤ᠌ ᠪᠠᠨ )ᠰᠦᠰᠦᠭ ᠲᠡᠢ ᠪᠠᠢᠳᠠᠭ ᠪᠣᠯ ᠶᠠᠭᠤ ᠪᠢᠯᠡ? ᠭᠡᠵᠦ ᠪᠣᠳᠣᠭᠰᠠᠭᠠᠷ᠂ ᠭᠡᠭᠡᠨ ᠦ᠌ ᠭᠣᠶᠣ ᠰᠠᠢᠬᠠᠨ ᠥᠷᠥᠭᠡᠨ ᠦ᠌ ᠪᠣᠱᠣᠭ᠎ᠠ ᠠᠯᠬᠤᠮᠠᠭᠴᠠ᠂ ᠬᠣᠰᠢᠭᠤ ᠠ᠋ᠴᠠ ᠢᠷᠡᠭᠰᠡᠨ ᠠᠯᠪᠠᠨ ᠤ᠋ ᠬᠡᠳᠦᠨ ᠬᠥᠮᠦᠨ ᠦ᠌ ᠲᠡᠷᠢᠭᠦᠨ ᠳ᠋ᠦ᠍ᠨᠢ( ᠳ᠋ᠦ᠍ ᠨᠢ) ᠲᠡᠷᠡ ᠮᠥᠩᠭᠥᠴᠢ ᠡᠪᠦᠭᠡᠨ ᠳᠠᠷᠬᠠᠨ ᠪᠠᠲᠤ ᠰᠠᠭᠤᠵᠤ ᠪᠠᠢᠬᠤ ᠠᠵᠢ᠃ ᠨᠣᠮᠣᠬᠠᠨ ᠳᠤᠭᠤᠯᠭᠠᠪᠤᠷᠢᠲᠠᠢ ᠭᠡᠵᠦ ᠪᠣᠳᠣᠵᠤ ᠪᠠᠢᠭᠰᠠᠨ ᠨᠢᠷᠪᠠ ᠶ᠋ᠢᠨ ᠰᠠᠨᠠᠭ᠎ᠠ ᠳᠣᠣᠷ᠎ᠠ ᠪᠠᠨ ᠬᠤᠪᠢᠯᠵᠤ ᠳᠣᠲᠣᠷ᠎ᠠ ᠪᠠᠨ ᠲᠡᠷᠡ ᠡᠪᠦᠭᠡᠨ ᠢ᠋ ᠪᠤᠷᠤᠭᠤᠰᠢᠶᠠᠵᠤ᠂ ᠣᠷᠢᠶᠠᠯ ᠦᠭᠡᠢ ᠣᠷᠣᠵᠤ ᠢᠷᠡᠭᠰᠡᠨ ᠲᠡᠷᠡ ᠵᠣᠴᠢᠳ ᠢ᠋ ᠠᠷᠭ᠎ᠠ ᠪᠤᠶᠤ᠂ ᠠᠶ᠎ᠠ ᠲᠠᠢ ᠰᠠᠢᠨ ᠢ᠋ᠶ᠋ᠠᠷ ᠶᠣᠰᠣᠯᠠᠵᠤ᠂ ᠡᠭᠦᠳᠡᠨ ᠲᠤᠰᠢᠶ᠎ᠠ ᠪᠣᠰᠤᠭ᠎ᠠ ᠪᠠᠨᠳᠢ ᠶ᠋ᠢᠨ ᠪᠣᠷᠪᠢᠨ ᠳᠡᠭᠡᠭᠦᠷ᠂ ᠰᠠᠭᠤᠭ᠎ᠠ ᠪᠠᠨᠳᠢ ᠶ᠋ᠢᠨ ᠰᠤᠭᠤᠨ ᠳᠣᠣᠭᠤᠷ ᠠᠮᠤᠷ ᠢ᠋ ᠨᠢ ᠡᠷᠢᠭᠡᠳ᠂ ᠵᠤᠤᠬᠠᠨ ᠲᠤᠰᠢᠶ᠎ᠠ ᠵᠡᠭᠦᠨ ᠡᠮᠦᠨ᠎ᠡ ᠣᠴᠢᠵᠤ᠂ ᠭᠡᠭᠡᠨ ᠦ᠌ ᠵᠠᠷᠯᠢᠭ ᠠᠢᠯᠠᠳᠪᠤᠷᠢ ᠶ᠋ᠢ ᠬᠦᠯᠢᠶᠡᠨ᠂ ᠠᠯᠠᠭ᠎ᠠ ᠪᠠᠨ ᠬᠠᠪᠰᠤᠷᠭᠠᠨ ᠰᠠᠭᠤᠲᠠᠯ᠎ᠠ᠂ ᠯᠠᠮᠠ ᠶ᠋ᠢᠨ ᠭᠡᠭᠡᠨ ᠡᠷᠦᠬᠡ ᠪᠡᠷ ᠥᠭᠡᠳᠡ ᠪᠡᠨ ᠨᠢᠭᠡ ᠶᠠᠭᠤᠮ᠎ᠠ ᠬᠠᠷᠠᠭᠰᠠᠨ ᠶᠤᠮ ᠰᠢᠭ᠋ ᠠᠯᠤᠰ ᠢ᠋ ᠰᠢᠷᠲᠡᠵᠦ᠂ ᠨᠠᠮ ᠳᠠᠭᠤ ᠪᠠᠷ᠂  
       — ᠤᠯᠤᠰ ᠤ᠋ᠨ ᠳᠡᠭᠡᠳᠦ ᠭᠠᠵᠠᠷ ᠤ᠋ᠨ ᠲᠣᠭᠲᠠᠭᠠᠯ ᠶᠣᠰᠣᠭᠠᠷ ᠬᠥᠷᠥᠩᠭᠡ ᠬᠤᠷᠢᠶᠠᠬᠤ ᠺᠣᠮᠢᠰ᠂ ᠬᠣᠰᠢᠭᠤ ᠲᠠᠮᠠᠭ᠎ᠠ ᠶ᠋ᠢᠨ ᠭᠠᠵᠠᠷ ᠠ᠋ᠴᠠ ᠢᠷᠡᠵᠡᠢ᠃ ᠰᠠᠩ ᠳ᠋ᠤ᠌ ᠪᠠᠢᠭ᠎ᠠ ᠪᠦᠬᠦ ᠶᠠᠭᠤᠮ᠎ᠠ ᠶ᠋ᠢ ᠡᠳᠡᠨ ᠳ᠋ᠦ᠍ ᠲᠠ ᠦᠵᠡᠭᠦᠯᠵᠦ᠂ ᠮᠠᠯ ᠬᠥᠷᠥᠩᠭᠡ ᠶ᠋ᠢᠨ ᠪᠦᠬᠦ ᠳᠠᠩᠰᠠ ᠶ᠋ᠢ ᠰᠢᠯᠵᠢᠭᠦᠯᠵᠦ ᠥᠭᠭᠦᠮᠦ ᠬᠡᠮᠡᠪᠡᠰᠦ ᠡᠪᠦᠭᠡᠨ ᠨᠢᠷᠪᠠ ᠯᠠᠮᠪᠠᠭᠠᠢ ᠶ᠋ᠢᠨ ᠮᠢᠬ᠎ᠠ ᠮᠠᠷᠢᠶ᠎ᠠ ᠶᠡᠬᠡᠲᠡᠢ᠂ ᠬᠦᠨᠳᠦ ᠨᠦᠰᠡᠷ ᠪᠡᠶ᠎ᠡ ᠨᠢ ᠭᠡᠨᠡᠳᠲᠡ ᠲᠡᠩᠬᠡᠯ ᠲᠠᠮᠢᠷ ᠨᠢᠭᠡᠮᠦᠰᠦᠨ ᠲᠠᠰᠤᠷᠠᠭᠰᠠᠨ ᠰᠢᠭ᠋ ᠪᠣᠯᠵᠤ᠂ 
       — ᠵᠠ! ᠭᠡᠵᠦ ᠮᠡᠬᠦᠢᠨ ᠠᠯᠠᠭ᠎ᠠ ᠬᠠᠪᠰᠤᠷᠭᠠᠨ ᠥᠴᠢᠪᠡ᠃   
    ᠪᠠᠲᠤ ᠳᠠᠷᠬᠠᠨ ᠢ᠋ ᠡᠪᠦᠭᠡᠨ ᠶᠡᠬᠡ ᠨᠠᠰᠤᠲᠠᠢ ᠭᠡᠵᠦ ᠬᠦᠨᠳᠦᠳᠬᠡᠨ᠂ ᠳᠣᠣᠷ᠎ᠠ ᠨᠢ ᠰᠠᠭᠤᠵᠤ ᠪᠠᠢᠭᠰᠠᠨ ᠺᠣᠮᠢᠰ ᠤ᠋ᠨ ᠳᠠᠷᠤᠭ᠎ᠠ᠂ ᠬᠣᠭᠣᠯᠠᠢ ᠪᠠᠨ ᠵᠠᠰᠠᠭᠠᠳ᠂ 
       — ᠪᠠᠭ᠎ᠠ ᠬᠤᠷᠠᠯ᠂ ᠵᠠᠰᠠᠭ ᠤ᠋ᠨ ᠭᠠᠵᠠᠷ ᠤ᠋ᠨ ᠲᠣᠭᠲᠠᠭᠠᠯ ᠶᠣᠰᠣᠭᠠᠷ ᠹᠧᠣᠳᠠᠯ ᠤ᠋ᠨ ᠬᠥᠷᠥᠩᠭᠡ ᠬᠤᠷᠢᠶᠠᠬᠤ ᠵᠢᠭᠠᠪᠤᠷᠢ ᠶ᠋ᠢᠨ ᠳᠣᠲᠣᠷ᠎ᠠ᠂ ᠤᠭ ᠬᠤᠷᠢᠶᠠᠪᠠᠯ ᠵᠣᠬᠢᠬᠤ ᠬᠥᠷᠥᠩᠭᠡ ᠶ᠋ᠢ ᠬᠡᠷᠬᠢᠪᠡᠴᠦ ᠨᠢᠭᠤᠨ ᠳᠠᠷᠤᠭᠳᠠᠭᠤᠯᠵᠤ ᠪᠣᠯᠬᠤ ᠦᠭᠡᠢ᠃ ᠴᠢᠩᠭᠢᠭᠰᠡᠨ ᠡᠲᠡᠭᠡᠳ ᠢ᠋ ᠬᠠᠤᠯᠢ ᠶᠣᠰᠣᠭᠠᠷ ᠬᠦᠨᠳᠦᠳᠡ ᠰᠢᠢᠳᠬᠡᠬᠦ ᠳᠦᠷᠢᠮ ᠵᠢᠭᠠᠪᠤᠷᠢ ᠪᠣᠢ ᠶ᠋ᠢ ᠳᠠᠬᠢᠨ ᠳᠠᠪᠲᠠᠨ ᠰᠣᠨᠣᠰᠬᠠᠶ᠎ᠠ ᠬᠡᠮᠡᠪᠡᠰᠦ᠂ 
       — ᠵᠠ ᠭᠡᠵᠦ ᠭᠡᠭᠡᠨ ᠨᠣᠮᠣᠬᠠᠨ ᠳᠤᠭᠤᠯᠭᠠᠪᠤᠷᠢ ᠲᠠᠢ ᠪᠠᠷ ᠨᠠᠮ ᠳᠠᠭᠤ ᠪᠠᠷ ᠥᠴᠢᠪᠡ᠃ ᠤᠷᠢᠳᠤ ᠶ᠋ᠢᠨ ᠴᠠᠭ ᠲᠤ᠌ ᠡᠳᠦᠢ ᠲᠡᠳᠦᠢ ᠣᠯᠠᠨ ᠠᠯᠪᠠᠲᠤ ᠱᠠᠪᠢ ᠲᠠᠢ᠂ ᠡᠷᠬᠡ ᠶᠠᠩᠪᠠ ᠭᠦᠢᠴᠡᠳ᠂ ᠠᠤᠭ᠎ᠠ ᠴᠢᠳᠠᠯ ᠬᠦᠴᠦᠨ ᠲᠡᠭᠦᠯᠳᠡᠷ ᠭᠡᠭᠡᠨ ᠢ᠋ ᠲᠡᠢᠮᠦ ᠰᠤᠯᠠᠬᠠᠨ ᠪᠠᠭᠤᠷᠠᠢ ᠳᠠᠭᠤ ᠪᠠᠷ ᠵᠠ ᠭᠡᠵᠦ ᠬᠠᠭᠤᠴᠢᠨ ᠪᠣᠭᠣᠯ ᠱᠠᠪᠢ ᠨᠠᠷ ᠤ᠋ᠨ ᠢ᠋ᠶ᠋ᠠᠨ ᠡᠮᠦᠨ᠎ᠡ ᠠᠯᠠᠭ᠎ᠠ ᠬᠠᠪᠰᠤᠷᠤᠨ ᠥᠴᠢᠵᠦ ᠪᠠᠢᠬᠤ ᠶ᠋ᠢ ᠦᠵᠡᠭᠡᠳ᠂ ᠭᠡᠭᠡᠨ ᠢ᠋ᠶ᠋ᠡᠨ ᠬᠠᠮᠤᠭ ᠢ᠋ ᠴᠢᠳᠠᠭᠴᠢ᠂ ᠬᠠᠮᠤᠭ ᠢ᠋ ᠠᠢᠯᠠᠳᠤᠭᠴᠢ᠂ ᠡᠷᠬᠡ ᠰᠦᠷ ᠲᠡᠭᠦᠰ ᠶᠡᠬᠡ ᠪᠠᠭᠰᠢ ᠯᠠᠮᠠ ᠭᠡᠵᠦ ᠨᠢᠭᠡ ᠨᠠᠰᠤ ᠪᠠᠷ ᠪᠢᠰᠢᠷᠡᠨ ᠳᠠᠭᠠᠵᠤ᠂ ᠭᠡᠭᠡᠨ ᠰᠠᠩ ᠤ᠋ᠨ ᠡᠳ᠋ ᠡᠷᠳᠡᠨᠢᠰ ᠬᠡᠴᠢᠨᠡᠨ ᠶᠡᠬᠡ ᠪᠣᠯᠵᠤ ᠪᠠᠢᠪᠠᠯ᠂ ᠮᠢᠨᠦ ᠡᠷᠬᠡ ᠲᠥᠴᠢᠨᠡᠨ ᠶᠡᠬᠡ ᠪᠣᠯᠳᠠᠭ ᠶᠤᠮ᠃ ᠤᠷᠢᠳᠤ ᠶ᠋ᠢᠨ ᠴᠠᠭ ᠲᠤ᠌ ᠬᠣᠰᠢᠭᠤ ᠵᠠᠰᠠᠭ ᠨᠣᠶᠠᠳ ᠴᠤ᠌ ᠭᠡᠰᠡᠨ ᠮᠢᠨᠦ ᠡᠮᠦᠨ᠎ᠡ ᠲᠣᠯᠣᠭᠠᠢ ᠪᠥᠬᠥᠢᠨ ᠶᠣᠰᠣᠯᠠᠵᠤ ᠪᠠᠢᠭᠰᠠᠨ ᠤᠳᠠᠭ᠎ᠠ ᠪᠣᠢ ᠭᠡᠵᠦ ᠡᠷᠡᠮᠰᠢᠨ ᠪᠣᠳᠣᠵᠤ ᠶᠠᠪᠤᠳᠠᠭ ᠨᠢᠷᠪᠠ ᠯᠠᠮᠪᠠᠭᠠᠢ ᠶ᠋ᠢᠨ ᠳᠣᠲᠣᠷ᠎ᠠ ᠨᠢ ᠫᠠᠯ ᠬᠢᠵᠡᠢ᠃  
       ᠡᠪᠦᠭᠡᠨ ᠪᠠᠲᠤ᠂ ᠭᠡᠭᠡᠨ ᠳ᠋ᠦ᠍ ᡀᠠ ᠵᠠᠰᠠᠭ ᠨᠣᠶᠠᠨ ᠤ᠋ ᠪᠡᠯᠡᠭ ᠪᠣᠯᠭᠠᠵᠤ ᠥᠭᠭᠦᠭᠰᠡᠨ ᠪᠣᠭᠣᠯ ᠶᠠᠪᠤᠭᠰᠠᠨ ᠬᠥᠮᠦᠨ ᠪᠢᠰᠢ᠂ ᠨᠢᠭᠡ ᠨᠠᠰᠤ ᠪᠠᠷ ᠶᠠᠩᠵᠤ ᠪᠦᠷᠢ ᠶ᠋ᠢᠨ ᠭᠡᠭᠡᠨᠴᠤᠳ ᠤ᠋ᠨ ᠬᠥᠷᠥᠩᠭᠡ ᠬᠣᠭᠰᠢᠯ ᠬᠤᠷᠢᠶᠠᠵᠤ ᠶᠠᠪᠤᠭᠰᠠᠨ ᠬᠥᠮᠦᠨ ᠰᠢᠭ ᠮᠠᠰᠢ ᠠᠢᠪᠡᠭ ᠳᠠᠢᠪᠠᠩ ᠳᠠᠭᠤ ᠪᠠᠷ ᠭᠡᠭᠡᠨ ᠦ᠌ ᠵᠦᠭ ᠬᠠᠨᠳᠤᠵᠤ᠂  
       — ᠵᠠ᠂ ᠭᠡᠭᠡᠨᠲᠡᠨ᠂ ᠣᠳᠣ ᠪᠢᠳᠡ ᠲᠠᠨ ᠤ᠋ ᠦᠷᠭᠦᠭᠡᠨ ᠳᠣᠲᠣᠷᠠᠬᠢ ᠠᠪᠳᠠᠷ᠎ᠠ ᠰᠠᠪᠠ ᠶ᠋ᠢ ᠲᠡᠢᠵᠡᠳᠡᠨ᠎ᠡ ᠳᠡ᠃ ᠬᠣᠵᠢᠮ ᠬᠥᠷᠥᠩᠭᠡ ᠬᠣᠭᠰᠢᠯ ᠤ᠋ᠨ ᠳᠠᠩᠰᠠ ᠲᠠᠢ ᠲᠤᠯᠭᠠᠭᠤᠯᠤᠨ ᠪᠦᠷᠢᠳᠬᠡᠬᠦ ᠳ᠋ᠡᠭᠡᠨ( ᠳ᠋ᠦ᠍ ᠪᠡᠨ)᠂ ᠲᠠᠨ ᠳ᠋ᠤ᠌ ᠬᠠᠤᠯᠢ ᠶᠣᠰᠣᠭᠠᠷ ᠨᠣᠭᠳᠠᠨ ᠦᠯᠡᠳᠡᠬᠦ ᠬᠤᠪᠢ ᠶ᠋ᠢ ᠪᠣᠳᠣᠵᠤ᠂ ᠵᠢᠭᠠᠪᠤᠷᠢ ᠶᠣᠰᠣᠭᠠᠷ ᠭᠠᠷᠭᠠᠵᠤ ᠥᠭᠭᠦᠨ᠎ᠡ ᠭᠡᠪᠡᠯ ᠭᠡᠭᠡᠨ ᠪᠠᠰᠠ ᠯᠠ ᠵᠠ! ᠭᠡᠵᠦ ᠰᠤᠯᠠᠬᠠᠨ ᠭᠡᠭᠴᠢ ᠪᠡᠷ ᠭᠦᠩᠭᠦᠨᠡᠨ ᠳᠤᠤᠭᠠᠷᠪᠠ᠃ 
       ᠺᠣᠮᠢᠰ ᠤ᠋ᠨ ᠭᠡᠰᠢᠭᠦᠳ ᠭᠡᠷ ᠳᠣᠲᠣᠷᠠᠬᠢ ᠠᠪᠳᠠᠷ᠎ᠠ ᠰᠠᠪᠠ ᠲᠠᠢ ᠶᠠᠭᠤᠮ᠎ᠠ ᠶ᠋ᠢ ᠲᠡᠢᠵᠡᠳᠡᠭᠡᠳ᠂ ᠲᠣᠭᠠᠯᠠᠵᠤ ᠳᠠᠩᠰᠠᠯᠠᠨ ᠪᠦᠷᠢᠳᠬᠡᠵᠦ᠂ ᠠᠪᠳᠠᠷ᠎ᠠ ᠪᠦᠷᠢ ᠳ᠋ᠦ᠍ ᠳ᠋ᠦ᠍ᠭᠡᠷ ᠢ᠋ ᠠᠶᠠᠲᠠᠢᠬᠠᠨ ᠭᠡᠭᠴᠢ ᠪᠡᠷ ᠨᠠᠭᠠᠯᠳᠤᠭᠤᠯᠤᠨ ᠲᠣᠷᠭᠣᠭᠠᠳ᠂ ᠨᠢᠷᠪᠠ ᠶ᠋ᠢᠨ ᠭᠡᠷ ᠲᠦ᠍ ᠣᠷᠣᠪᠠᠯ᠂ ᠲᠣᠭᠣᠭᠠᠨ ᠤ᠋ ᠭᠡᠷ ᠠ᠋ᠴᠠ ᠪᠢᠴᠢᠬᠠᠨ ᠵᠠᠷᠤᠴᠠ ᠪᠠᠨᠳᠢ ᠰᠠᠢᠬᠠᠨ ᠰᠦᠯᠡᠭᠰᠡᠨ᠂ ᠠᠭᠤᠷ ᠰᠠᠪᠰᠠᠭᠰᠠᠨ ᠭᠦᠴᠡ ᠲᠡᠢ ᠴᠠᠢ ᠠᠪᠴᠤ ᠬᠣᠢᠨ᠎ᠠ ᠠ᠋ᠴᠠ ᠨᠢ ᠣᠷᠣᠭᠠᠳ᠂ ᠡᠵᠡᠷᠬᠡᠭ ᠨᠢᠷᠪᠠ ᠭᠤᠸᠠᠢ ᠶ᠋ᠢᠨ ᠭᠡᠷ ᠲᠦ᠍᠂ ᠡᠵᠡᠨ ᠬᠥᠮᠦᠨ ᠰᠢᠭ ᠬᠠᠮᠤᠭ ᠶᠠᠭᠤᠮ᠎ᠠ ᠶ᠋ᠢ ᠲᠡᠢᠵᠡᠳᠡᠨ ᠪᠠᠢᠭ᠎ᠠ ᠬᠠᠴᠢᠨ ᠰᠣᠨᠢᠨ ᠵᠣᠴᠢᠳ ᠢ᠋ ᠦᠵᠡᠭᠡᠳ ᠶᠡᠬᠡᠯ᠎ᠡ( ᠶᠡᠬᠡ ᠯᠡ) ᠭᠠᠢᠬᠠᠨ ᠰᠠᠨᠳᠤᠷᠴᠤ ᠳᠡᠮᠡᠢ ᠯᠡ ᠪᠦᠯᠲᠡᠢᠨ ᠵᠣᠭᠰᠣᠬᠤ ᠳ᠋ᠠᠭᠠᠨ( ᠳ᠋ᠤ᠌ ᠪᠠᠨ)᠂ ᠭᠦᠴᠡ ᠶ᠋ᠢᠨ ᠬᠣᠰᠢᠭᠤ ᠠ᠋ᠴᠠ ᠴᠠᠢ ᠭᠣᠭᠣᠵᠢᠵᠤ ᠡᠬᠢᠯᠡᠭᠰᠡᠨ ᠢ᠋ ᠣᠭᠲᠣ ᠠᠵᠢᠭᠯᠠᠭᠰᠠᠨ ᠦᠭᠡᠢ᠃  
       — ᠴᠠᠢ ᠴᠢᠨᠢ ᠭᠣᠭᠣᠵᠢᠵᠤ ᠪᠠᠢᠨ᠎ᠠ ᠬᠡᠦᠬᠡ ᠠ᠋ ᠭᠡᠵᠦ ᠨᠢᠷᠪᠠ ᠯᠠᠮᠪᠠᠭᠠᠢ ᠶ᠋ᠢᠨ ᠳᠤᠤᠭᠠᠷᠬᠤ ᠳ᠋ᠤ᠌᠂ ᠲᠡᠷᠡ ᠵᠢᠭᠠᠯ ᠪᠠᠨᠳᠢ᠂ ᠶᠡᠷᠦ ᠶ᠋ᠢᠨ ᠴᠠᠭ ᠲᠤ᠌ ᠠᠭᠤᠷᠯᠠᠨ ᠤᠴᠠᠭᠠᠷᠯᠠᠳᠠᠭ ᠯᠠᠮᠠ ᠶ᠋ᠢᠨ ᠲᠡᠢᠮᠦ ᠳᠥᠯᠭᠡᠨ ᠵᠥᠭᠡᠯᠡᠨ ᠠᠪᠤᠷᠢ ᠲᠠᠢ ᠪᠠᠢᠬᠤ ᠳ᠋ᠤ᠌ ᠤᠯᠠᠮ ᠴᠤ᠌ ᠭᠠᠢᠬᠠᠵᠤ᠂ ᠭᠦᠴᠡ ᠲᠡᠢ ᠴᠠᠢ ᠪᠠᠨ ᠵᠤᠤᠬᠠᠨ ᠳᠡᠭᠡᠷ᠎ᠡ ᠲᠠᠯᠪᠢᠭᠠᠳ ᠯᠠ ᠯᠠᠴᠠ ᠪᠠᠷᠢᠵᠤ᠂ ᠠᠪᠳᠠᠷ᠎ᠠ ᠰᠠᠪᠠ ᠯᠠᠴᠠᠳᠠᠵᠤ ᠪᠠᠢᠭᠰᠠᠨ ᠲᠡᠷᠡ ᠵᠢᠭᠲᠡᠡᠢ ᠵᠣᠴᠢᠳ ᠢ᠋ ᠳᠡᠮᠡᠢ ᠯᠡ ᠠᠮᠠ ᠪᠠᠨ ᠠᠩᠭᠠᠢᠨ ᠬᠠᠷᠠᠵᠤ ᠵᠣᠭᠰᠣᠪᠠ᠃ 
       — ᠪᠢᠳᠡ ᠣᠳᠣ ᠴᠠᠢ ᠤᠤᠭᠤᠬᠤ ᠦᠭᠡᠢ᠂ ᠰᠡᠭᠦᠯ ᠳ᠋ᠦ᠍ ᠤᠤᠭᠤᠨ᠎ᠠ ᠭᠡᠵᠦ ᠡᠪᠦᠭᠡᠨ ᠪᠠᠲᠤ ᠶ᠋ᠢᠨ ᠬᠡᠯᠡᠬᠦ ᠳ᠋ᠦ᠍᠂ ᠨᠢᠷᠪᠠ ᠯᠠᠮᠠ᠂ ᠴᠠᠢ ᠪᠠᠨ ᠠᠪᠠᠴᠢ᠂ ᠴᠠᠢ ᠪᠠᠨ ᠠᠪᠠᠴᠢ! ᠭᠡᠵᠦ ᠲᠡᠷᠡ ᠵᠢᠭᠠᠯ ᠪᠠᠨᠳᠢ ᠶ᠋ᠢ ᠴᠠᠢ ᠲᠠᠢ ᠨᠢ ᠶᠠᠪᠤᠭᠤᠯᠵᠤ᠂ ᠭᠡᠷ ᠦ᠋ᠨ ᠳᠣᠲᠣᠷᠠᠬᠢ ᠶ᠋ᠢ ᠪᠢᠲᠡᠭᠦᠮᠵᠢᠯᠡᠵᠦ ᠭᠦᠢᠴᠡᠮᠡᠭᠴᠡ ᠳᠠᠩᠰᠠ ᠬᠠᠷ᠎ᠠ ᠶ᠋ᠢ ᠲᠤᠰᠢᠶᠠᠭᠠᠳ᠂ ᠺᠣᠮᠢᠰ ᠢ᠋ ᠳᠠᠭᠠᠭᠤᠯᠤᠨ ᠭᠡᠭᠡᠨ ᠱᠠᠩ ᠤ᠋ᠨ ᠡᠳ᠋ ᠠᠭᠤᠯᠬᠤ ᠰᠠᠩ ᠬᠥᠮᠥᠷᠭᠡ ᠶ᠋ᠢ ᠦᠵᠡᠭᠦᠯᠬᠦ ᠪᠡᠷ ᠣᠳᠪᠠ᠃ 
       — ᠭᠡᠭᠡᠨ ᠱᠠᠩ ᠤ᠋ᠨ ᠠᠵᠢᠯ ᠬᠢᠭᠴᠢ ᠪᠠᠨᠳᠢ ᠨᠠᠷ ᠢ᠋ ᠵᠣᠴᠢᠳ ᠲᠤ᠌ ᠰᠠᠩ ᠠ᠋ᠴᠠ ᠭᠡᠷ ᠪᠤᠰᠢᠭᠤ ᠪᠠᠷᠢᠵᠤ ᠥᠭ ᠭᠡᠵᠦ ᠰᠡᠭᠦᠯᠴᠢ ᠶ᠋ᠢᠨ ᠢ᠋ᠶ᠋ᠡᠨ ᠲᠤᠰᠢᠶᠠᠯ ᠥᠭᠭᠦᠭᠡᠳ᠂ ᠨᠢᠷᠪᠠ ᠯᠠᠮᠪᠠᠭᠠᠢ ᠶ᠋ᠢᠨ᠂ ᠺᠣᠮᠢᠰ ᠤ᠋ᠨ ᠭᠡᠰᠢᠭᠦᠨ ᠦ᠌ ᠬᠠᠮᠲᠤ ᠰᠠᠩ ᠬᠥᠮᠥᠷᠭᠡ ᠪᠡᠷ ᠣᠷᠣᠵᠤ᠂ ᠡᠭᠦᠳᠡ ᠰᠦᠪᠡ ᠶ᠋ᠢ ᠪᠢᠲᠡᠭᠦᠮᠵᠢᠯᠡᠨ ᠶᠠᠪᠤᠵᠤ᠂ ᠲᠦᠯᠬᠢᠭᠦᠷ ᠴᠣᠣᠵᠢ ᠶ᠋ᠢ ᠲᠤᠰᠢᠶᠠᠭᠰᠠᠭᠠᠷ ᠭᠦᠢᠴᠡᠲᠡᠯ᠎ᠡ᠂ ᠬᠡᠳᠦᠨ ᠪᠠᠨᠳᠢ ᠨᠠᠷ ᠵᠣᠴᠢᠳ ᠤ᠋ᠨ ᠪᠠᠭᠤᠬᠤ ᠭᠡᠷ ᠪᠠᠷᠢᠵᠤ ᠠᠯᠢ ᠬᠡᠳᠦᠢᠨ ᠭᠦᠢᠴᠡᠪᠡ᠃ 
       ᠴᠢᠩᠭᠢᠭᠡᠳ ᠡᠷᠬᠢᠯᠡᠨ ᠮᠡᠳᠡᠵᠦ ᠪᠠᠢᠭᠰᠠᠨ ᠬᠠᠮᠤᠭ ᠶᠠᠭᠤᠮ᠎ᠠ ᠪᠠᠨ ᠲᠤᠰᠢᠶᠠᠵᠤ ᠭᠦᠢᠴᠡᠭᠡᠳ᠂ ᠨᠢᠷᠪᠠ ᠯᠠᠮᠪᠠᠭᠠᠢ ᠶ᠋ᠢᠨ᠂ ᠭᠡᠭᠡᠨ ᠦ᠌ ᠦᠷᠭᠦᠭᠡᠨ ᠳ᠋ᠦ᠍ ᠣᠷᠣᠵᠤ᠂ ᠪᠠᠢᠳᠠᠭ ᠢ᠋ᠶ᠋ᠠᠨ ᠲᠤᠰᠢᠶᠠᠵᠤ ᠭᠦᠢᠴᠡᠭᠰᠡᠨ ᠢ᠋ ᠠᠢᠯᠠᠳᠬᠠᠪᠠᠯ᠂ ᠯᠠᠮᠠ ᠶ᠋ᠢᠨ ᠭᠡᠭᠡᠨ᠂ ᠨᠢᠷᠪᠠ ᠶ᠋ᠢᠨ ᠭᠤᠳᠤᠷᠠᠨ ᠪᠠᠷᠤᠢᠭᠰᠠᠨ ᠴᠢᠷᠠᠢ ᠶ᠋ᠢ ᠬᠠᠷᠠᠵᠤ᠂  
       — ᠮᠠᠨ ᠤ᠋ ᠠᠷᠢᠭᠤᠨ ᠱᠠᠰᠢᠨ ᠤ᠋ ᠨᠣᠮ ᠰᠤᠳᠤᠷ ᠲᠤ᠌ ᠣᠷᠣᠨ ᠴᠠᠭ ᠤ᠋ᠨ ᠪᠠᠢᠳᠠᠯ ᠳ᠋ᠤ᠌ ᠵᠣᠬᠢᠴᠠᠭᠤᠯᠤᠨ ᠦᠢᠯᠡᠳ ᠭᠡᠵᠦ ᠰᠤᠷᠭᠠᠳᠠᠭ ᠪᠢᠯᠡ᠃ ᠨᠠᠳᠠᠳᠤ(ᠨᠠᠳᠠ ᠳ᠋ᠤ᠌) ᠱᠠᠪᠢ ᠨᠠᠷ ᠣᠯᠠᠨ ᠪᠠᠢᠪᠠᠯ ᠪᠠᠷᠠᠪᠠ᠃ ᠡᠳ᠋ ᠬᠥᠷᠥᠩᠭᠡ᠂ ᠠᠳᠠᠯ ᠮᠠᠯ ᠠᠯᠳᠠᠬᠤ ᠣᠯᠬᠤ ᠨᠢ ᠥᠴᠦᠬᠡᠨ ᠬᠡᠷᠡᠭ᠃ ᠲᠠ ᠨᠠᠳᠠᠳᠤ(ᠨᠠᠳᠠ ᠳ᠋ᠤ᠌) ᠨᠣᠬᠠᠢ ᠮᠣᠷᠢᠨ ᠤ᠋ ᠬᠦᠴᠦ ᠭᠠᠷᠭᠠᠵᠤ᠂ ᠦᠨᠡᠨ ᠭᠣᠣᠯ ᠠ᠋ᠴᠠ ᠵᠢᠳᠬᠦᠭᠰᠡᠭᠡᠷ ᠢᠷᠡᠭᠰᠡᠨ ᠪᠣᠯᠪᠠᠴᠤ ᠲᠩᠷᠢ ᠶ᠋ᠢᠨ ᠴᠢᠬᠤᠯᠠ ᠨᠢᠭᠤᠴᠠ ᠶ᠋ᠢ ᠣᠳᠣ ᠲᠠᠨ ᠳ᠋ᠤ᠌ ᠵᠠᠳᠠᠷᠠᠭᠤᠯᠤᠨ ᠬᠡᠯᠡᠬᠦ ᠴᠠᠭ ᠬᠠᠷᠠᠬᠠᠨ ᠪᠣᠯᠤᠭ᠎ᠠ ᠦᠭᠡᠢ ᠭᠡᠬᠦ ᠳ᠋ᠦ᠍ᠨᠢ( ᠳ᠋ᠦ᠍ ᠨᠢ)᠂ ᠨᠢᠷᠪᠠ ᠯᠠᠮᠠ ᠶ᠋ᠢᠨ ᠲᠣᠯᠣᠭᠠᠢ ᠨᠢ ᠡᠷᠭᠢᠵᠦ᠂ ᠤᠴᠢᠷ ᠢ᠋ᠶ᠋ᠠᠨ ᠣᠯᠬᠤ ᠶ᠋ᠢ ᠪᠠᠢᠯ᠎ᠠ᠃  ᠳᠡᠮᠡᠢ ᠯᠡ ᠭᠤᠷᠪᠠ ᠰᠥᠭᠥᠳᠴᠦ ᠮᠥᠷᠭᠥᠭᠡᠳ ᠤᠬᠤᠷᠢᠨ ᠭᠠᠷᠴᠤ᠂ ᠵᠠᠮ ᠳ᠋ᠤᠨᠢ( ᠳ᠋ᠤ᠌ ᠨᠢ) ᠳᠠᠭᠠᠷᠢᠯᠳᠤᠭᠰᠠᠨ ᠪᠠᠨᠳᠢ ᠨᠠᠷ ᠢ᠋ ᠴᠦ᠍ ᠬᠠᠷᠠᠯ ᠦᠭᠡᠢ ᠨᠢᠳᠦ ᠪᠠᠯᠠᠢ ᠶᠠᠭᠤ ᠴᠤ᠌ ᠠᠵᠢᠭᠯᠠᠬᠤ ᠦᠭᠡᠢ ᠮᠠᠨᠠᠷᠠᠨ ᠠᠯᠬᠤᠭᠰᠠᠭᠠᠷ ᠭᠡᠷ ᠲᠡᠭᠡᠨ ᠢᠷᠡᠵᠦ ᠨᠢᠳᠦ ᠪᠡᠨ ᠰᠡᠬᠦᠨ ᠬᠠᠭᠠᠯᠭ᠎ᠠ ᠪᠠᠨ ᠲᠦᠯᠬᠢᠪᠡᠰᠦ᠂ ᠴᠣᠣᠵᠢ ᠲᠠᠢ ᠲᠤᠯᠠ ᠲᠦᠯᠬᠢᠭᠦᠷ ᠢ᠋ᠶ᠋ᠡᠨ ᠡᠪᠦᠷ ᠲᠡᠭᠡᠨ ᠡᠷᠢᠵᠦ᠂ ᠣᠯᠵᠤ ᠶᠠᠳᠠᠭᠠᠳ᠂ ᠬᠠᠶᠠᠵᠤ  ᠣᠷᠬᠢᠪᠠ ᠤᠤ? ᠶᠠᠭᠠᠬᠢᠪᠠ᠂ ᠡᠨᠡ ᠴᠢᠨᠢ? ᠲᠦᠯᠬᠢᠭᠦᠷ ᠢ᠋ᠶ᠋ᠡᠨ ᠬᠠᠮᠢᠭ᠎ᠠ  ᠬᠠᠶᠠᠳᠠᠭ ᠪᠢᠯᠡ? ᠭᠡᠵᠦ ᠭᠠᠢᠬᠠᠨ ᠡᠭᠦᠳᠡᠨ ᠦ᠌ ᠴᠠᠭᠠᠨ᠎ᠠ ᠠ᠋ᠴᠠ ᠤᠬᠤᠷᠢᠨ ᠭᠠᠷᠴᠤ᠂ ᠲᠦᠯᠬᠢᠭᠦᠷ ᠢ᠋ᠶ᠋ᠡᠨ ᠶᠠᠭᠠᠬᠢᠭᠰᠠᠨ ᠢ᠋ ᠳᠡᠮᠡᠢ ᠯᠡ ᠰᠠᠨᠠᠭᠠᠯᠵᠠᠨ ᠵᠣᠭᠰᠣᠪᠠᠰᠤ᠂ ᠬᠠᠵᠠᠭᠤ ᠳ᠋ᠤᠨᠢ( ᠳ᠋ᠤ᠌ ᠨᠢ) ᠬᠥᠮᠦᠨ ᠦ᠌ ᠬᠥᠯ ᠦ᠋ᠨ ᠴᠢᠮᠡᠭᠡ ᠭᠠᠷᠴᠤ᠂ ᠦᠳᠡᠰᠢ ᠶ᠋ᠢᠨ ᠪᠦᠷᠦᠢ ᠳ᠋ᠦ᠍ ᠭᠦᠴᠡ ᠪᠠᠷᠢᠭᠰᠠᠨ ᠨᠢᠭᠡᠨ ᠵᠢᠭᠠᠯ ᠪᠠᠨᠳᠢ ᠬᠦᠷᠴᠦ ᠢᠷᠡᠭᠡᠳ᠂  
       — ᠬᠠᠯᠠᠭᠤᠨ ᠴᠠᠢ ᠠᠪᠴᠢᠷᠠᠪᠠ ᠬᠡᠮᠡᠪᠡᠰᠦ᠂  
       — ᠲᠦᠯᠬᠢᠬᠡᠷ ᠠᠯᠠᠭ᠎ᠠ᠂ ᠬᠠᠮᠢᠭ᠎ᠠ ᠬᠠᠶᠠᠭᠰᠠᠨ ᠢ᠋ᠶ᠋ᠠᠨ ᠪᠦᠦ ᠮᠡᠳᠡ ᠭᠡᠬᠦ ᠳ᠋ᠦ᠍ᠨᠢ( ᠳ᠋ᠦ᠍ ᠨᠢ) ᠲᠡᠷᠡ ᠵᠢᠭᠠᠯ᠂   
       — ᠲᠠ ᠪᠤᠰᠤᠳ ᠲᠦᠯᠬᠢᠭᠦᠷ ᠦ᠋ᠨ ᠬᠠᠮᠲᠤ ᠺᠣᠮᠢᠰ ᠲᠤ᠌ ᠥᠭᠴᠦ ᠣᠷᠬᠢᠭᠰᠠᠨ ᠪᠠᠢᠯ ᠦᠭᠡᠢ ᠳᠡ ᠬᠡᠮᠡᠪᠡᠰᠦ᠂  
       — ᠠ᠂ ᠲᠡᠢᠮᠦ᠂ ᠲᠡᠢᠮᠦ! ᠭᠡᠵᠦ ᠰᠠᠢ᠍ᠢ ᠤᠴᠢᠷ ᠢ᠋ ᠣᠯᠵᠤ᠂ ᠲᠡᠷᠡ ᠵᠢᠭᠠᠯ ᠢ᠋ ᠪᠤᠰᠢᠭᠤᠬᠠᠨ ᠭᠦᠶᠦᠵᠦ ᠣᠴᠢᠭᠠᠳ᠂ ᠲᠡᠷᠡ ᠺᠣᠮᠢᠰ ᠠ᠋ᠴᠠ ᠮᠢᠨᠦ ᠭᠡᠷ ᠦ᠋ᠨ ᠲᠦᠯᠬᠢᠭᠦᠷ ᠠᠪᠴᠤ ᠢᠷ᠎ᠡ ᠭᠡᠵᠦ ᠶᠠᠪᠤᠭᠤᠯᠪᠠ᠃ 
       ᠭᠡᠷ ᠲᠦ᠋ᠨᠢ( ᠲᠤ ᠨᠢ)᠂ ᠯᠡ ᠶ᠋ᠢᠨ ᠭᠡᠷᠡᠯ ᠳ᠋ᠦ᠍ ᠠᠪᠳᠠᠷ᠎ᠠ ᠰᠠᠪᠠᠨ ᠳ᠋ᠤ᠌ ᠳ᠋ᠤᠭᠠᠷ ᠪᠦᠬᠦᠢ ᠵᠤᠷᠪᠤᠰ ᠴᠠᠭᠠᠰᠤ ᠨᠠᠭᠠᠭᠰᠠᠨ᠂ ᠯᠠᠴᠠ ᠲᠠᠢᠵᠠ ᠳᠠᠷᠤᠭᠰᠠᠨ ᠪᠠᠢᠳᠠᠯ ᠨᠢᠳᠦᠨ ᠳ᠋ᠦ᠍ ᠶᠡᠬᠡᠯ᠎ᠡ(ᠶᠡᠬᠡ ᠯᠡ) ᠰᠣᠨᠢᠨ᠂ ᠰᠡᠳᠬᠢᠯ ᠳ᠋ᠦ᠍ᠨᠢ( ᠳ᠋ᠦ᠍ ᠨᠢ)  ᠶᠡᠬᠡᠯ᠎ᠡ(ᠶᠡᠬᠡ ᠯᠡ) ᠡᠪ ᠦᠭᠡᠢ ᠰᠠᠨᠠᠭᠳᠠᠵᠤ᠂ ᠴᠠᠢ ᠠᠪᠴᠢᠷᠠᠭᠰᠠᠨ ᠵᠢᠭᠠᠯ ᠪᠠᠨᠳᠢ ᠶ᠋ᠢ ᠶᠠᠪᠤᠭᠤᠯᠤᠭᠠᠳ ᠨᠢᠷᠪᠠ ᠯᠠᠮᠠ᠂ ᠥᠷᠭᠡᠨ ᠣᠷᠣ ᠳᠡᠭᠡᠷ᠎ᠡ ᠪᠡᠨ ᠯᠦᠰ ᠬᠢᠲᠡᠯ᠎ᠡ ᠰᠠᠭᠤᠵᠤ᠂ ᠳᠥᠴᠢᠨ ᠵᠢᠯ ᠡᠳ᠋ ᠡᠷᠳᠡᠨᠢ ᠶ᠋ᠢᠨ ᠵᠦᠢᠯ ᠢ᠋ ᠭᠡᠭᠡᠨ ᠰᠠᠩ(ᠱᠠᠩ) ᠳ᠋ᠤ᠌ ᠣᠬᠣᠳᠤᠨ᠎ᠠ ᠬᠤᠯᠤᠭᠠᠨ᠎ᠠ ᠰᠢᠭ᠋ ᠬᠤᠷᠢᠶᠠᠵᠤ ᠬᠤᠷᠢᠶᠠᠵᠤ᠂ ᠡᠴᠦᠰ ᠰᠡᠭᠦᠯ  ᠳ᠋ᠦ᠍ᠨᠢ( ᠳ᠋ᠦ᠍ ᠨᠢ) ᠢᠩᠭᠢᠵᠦ ᠬᠠᠷ᠎ᠠ ᠨᠣᠬᠠᠢ ᠶ᠋ᠢᠨ ᠢᠳᠡᠰᠢ ᠪᠣᠯᠬᠤ ᠶ᠋ᠢ ᠬᠡᠨ ᠮᠡᠳᠡᠪᠡ ᠭᠡᠵᠦ ᠬᠣᠷᠣᠰᠤᠨ ᠪᠣᠳᠣᠪᠠ᠃ 
       ᠡᠪᠦᠭᠡᠨ ᠨᠢᠷᠪᠠ ᠶ᠋ᠢᠨ ᠨᠢᠳᠦᠨ ᠳ᠋ᠦ᠍ ᠡᠳ᠋ ᠥᠯᠥᠭᠡᠢ ᠶ᠋ᠢᠨ ᠵᠦᠢᠯ ᠴᠢᠬᠢᠭᠡᠰᠦᠲᠡᠢ ᠭᠡᠭᠡᠨ ᠱᠠᠩ ᠤ᠋ᠨ ᠠᠪᠳᠠᠷ᠎ᠠ ᠰᠠᠪᠠ ᠦᠵᠡᠭᠳᠡᠪᠡ᠃ ᠭᠡᠭᠡᠨ ᠱᠠᠩ ᠳ᠋ᠤ᠌ ᠪᠠᠢᠭ᠎ᠠ ᠵᠠᠬ᠎ᠠ ᠲᠣᠷᠭ᠎ᠠ ᠳᠣᠳᠣᠮ᠂ ᠡᠷᠢᠭᠡ ᠶ᠋ᠢᠨ ᠪᠥᠭᠡᠷ᠎ᠡ ᠮᠥᠬᠥᠯᠢᠭ ᠳᠣᠳᠣᠮ᠂ ᠬᠠᠰ ᠡᠷᠳᠡᠨᠢ ᠪᠡᠷ ᠬᠢᠭᠰᠡᠨ ᠰᠠᠭᠠᠯᠢ ᠰᠠᠪᠠᠨ ᠤ᠋ ᠵᠦᠢᠯ ᠪᠦᠬᠦᠨ᠂ ᠳᠥᠴᠢᠨ ᠵᠢᠯ ᠭᠠᠷ ᠳᠡᠭᠡᠷ᠎ᠡ ᠨᠢ ᠪᠠᠢᠭᠰᠠᠨ ᠶᠠᠭᠤᠮ᠎ᠠ ᠪᠦᠬᠦᠨ ᠴᠥᠮ ᠨᠢᠭᠡᠳ ᠨᠢᠭᠡᠨ ᠦᠭᠡᠢ ᠴᠡᠭᠡᠵᠢᠨ ᠳ᠋ᠦ᠍ᠨᠢ( ᠳ᠋ᠦ᠍ ᠨᠢ) ᠲᠣᠪ ᠲᠣᠳᠣᠷᠬᠠᠢ ᠰᠠᠨᠠᠭᠳᠠᠪᠠ᠃  
       ᠭᠡᠭᠡᠨ ᠱᠠᠩ ᠳ᠋ᠤ᠌ ᠣᠷᠣᠭᠰᠠᠨ ᠶᠠᠭᠤᠮ᠎ᠠ ᠪᠦᠭᠦᠳᠡ ᠶ᠋ᠢ ᠶᠠᠭᠠᠬᠢᠵᠤ ᠣᠷᠣᠵᠤ ᠢᠷᠡᠭᠰᠡᠨ ᠲᠡᠦᠬᠡ ᠶ᠋ᠢ ᠰᠢᠷᠬᠡᠭ ᠳᠠᠷᠠᠭᠠᠯᠠᠨ ᠮᠡᠳᠡᠳᠡᠭ ᠲᠤᠯᠠ᠂ ᠭᠡᠭᠡᠨ ᠳ᠋ᠦ᠍ ᠠᠯᠲᠠ ᠮᠥᠩᠭᠥ᠂ ᠡᠳ᠋ ᠡᠷᠳᠡᠨᠢ᠂ ᠲᠣᠷᠭ᠎ᠠ ᠲᠣᠷᠭᠠᠮᠰᠤᠭ ᠤ᠋ᠨ ᠵᠦᠢᠯ ᠪᠡᠯᠡᠭᠯᠡᠵᠦ ᠪᠠᠢᠭᠰᠠᠨ ᠨᠣᠶᠠᠳ ᠪᠠᠶᠠᠳ᠂ ᠬᠢᠲᠠᠳ ᠲᠦᠩᠰᠢ ᠨᠠᠷ ᠨᠢᠷᠪᠠ ᠶ᠋ᠢᠨ ᠨᠢᠳᠦᠨ ᠳ᠋ᠦ᠍ ᠦᠵᠡᠭᠳᠡᠬᠦ ᠰᠢᠭ ᠲᠣᠳᠣᠷᠬᠠᠢ ᠰᠠᠨᠠᠭᠳᠠᠵᠤ᠂ ᠦᠨ᠎ᠡ ᠶᠡᠬᠡᠲᠦ ᠡᠳ᠋ ᠦᠯᠦᠭ᠂ ᠬᠠᠩᠪᠤ ᠲᠣᠷᠭ᠎ᠠ᠂ ᠡᠨᠡᠳᠬᠡᠭ ᠲᠥᠪᠡᠳ ᠠᠯᠲᠠᠨ ᠬᠣᠷᠭᠣᠢ ᠪᠠᠷ ᠭᠡᠭᠡᠨ ᠳ᠋ᠦ᠍ ᠬᠤᠪᠴᠠᠰᠤ ᠬᠤᠨᠠᠷ ᠵᠠᠩᠴᠢ ᠪᠠᠷᠢᠨᠲᠠᠭ ᠣᠶᠣᠵᠤ᠂ ᠡᠪᠦᠯ ᠦ᠋ᠨ ᠰᠥᠨᠢ ᠶ᠋ᠢᠨ ᠤᠷᠲᠤ ᠳ᠋ᠤ᠌ ᠪᠦᠳᠡᠭᠢ ᠭᠡᠷᠡᠯ ᠳ᠋ᠦ᠍ ᠲᠣᠰᠣᠨ ᠳ᠋ᠧᠩ ᠰᠦᠮᠡᠯᠵᠡᠭᠦᠯᠦᠨ ᠨᠢᠳᠦ ᠪᠡᠨ ᠮᠠᠭᠤᠳᠠᠲᠠᠯ᠎ᠠ ᠣᠴᠢᠭ ᠱᠠᠭᠠᠢᠭᠰᠠᠨ ᠬᠤᠪᠴᠠᠰᠤ ᠬᠤᠨᠠᠷ ᠮᠠᠭᠤᠲᠠᠢ᠂ ᠦᠷᠴᠢᠢᠬᠡᠷ ᠡᠴᠡᠩᠭᠢᠷ ᠴᠢᠷᠠᠢ ᠲᠠᠢ ᠦᠢᠯᠡᠴᠢᠨ ᠡᠮᠡᠭᠲᠡᠢᠴᠦᠳ ᠦᠵᠡᠭᠳᠡᠬᠦ ᠰᠢᠭ ᠪᠣᠯᠵᠤ᠂ ᠬᠣᠭᠣᠯᠠ ᠬᠣᠴᠢ ᠮᠠᠭᠤᠲᠠᠢ᠂ ᠨᠠᠰᠤ ᠪᠠᠷ ᠢ᠋ᠶ᠋ᠠᠨ ᠥᠯᠥᠨ ᠶᠠᠪᠤᠳᠠᠭ ᠤᠢᠯᠠᠴᠢ ᠶ᠋ᠢᠨ ᠤᠷᠠᠨ ᠭᠠᠷ ᠢ᠋ᠶ᠋ᠠᠷ ᠣᠶᠣᠵᠤ ᠪᠦᠲᠦᠭᠡᠭᠰᠡᠨ ᠪᠦᠳᠡᠭᠢ ᠭᠡᠷᠡᠯᠲᠦ ᠰᠤᠪᠤᠳ ᠡᠷᠳᠡᠨᠢ ᠶ᠋ᠢᠨ ᠤᠭᠠᠯᠵᠠ ᠲᠠᠢ ᠡᠯᠳᠡᠪ ᠬᠡᠷᠡᠭᠯᠡᠯ᠂ ᠨᠣᠮ ᠤ᠋ᠨ ᠬᠤᠪᠴᠠᠰᠤ᠂ ᠭᠡᠭᠡᠨ ᠰᠠᠩ(ᠱᠠᠩ) ᠤ᠋ᠨ ᠬᠣᠨᠢ ᠠᠳᠤᠭᠤ᠂ ᠦᠬᠡᠷ᠂ ᠲᠡᠮᠡᠭᠡᠨ ᠥᠳᠬᠡᠨ ᠰᠦᠷᠦᠭ᠂ ᠡᠪᠦᠭᠡᠨ ᠨᠢᠷᠪᠠ ᠯᠠᠮᠪᠠᠭᠠᠢ(ᠯᠠᠮᠠᠪᠤᠭᠠᠢ) ᠶ᠋ᠢᠨ ᠨᠢᠳᠦᠨ ᠡᠮᠦᠨ᠎ᠡ ᠴᠤᠪᠤᠷᠠᠨ ᠥᠩᠭᠡᠷᠡᠬᠦ ᠰᠢᠭ ᠰᠠᠨᠠᠭᠳᠠᠵᠤ᠂ ᠲᠡᠷᠡ ᠪᠦᠭᠦᠳᠡ ᠣᠳᠣ ᠡᠨᠡ ᠭᠤᠢᠯᠭᠠᠴᠢᠨ ᠨᠣᠬᠠᠢ ᠶ᠋ᠢᠨ ᠢᠳᠡᠰᠢ ᠪᠣᠯᠵᠠᠢ! ᠡᠳ᠋ ᠮᠠᠯ ᠬᠥᠷᠥᠩᠭᠡ ᠬᠣᠭᠰᠢᠯ ᠢ᠋ ᠠᠯᠳᠠᠬᠤ ᠣᠯᠬᠤ ᠨᠢ ᠥᠴᠦᠬᠡᠨ ᠬᠡᠷᠡᠭ ᠭᠡᠵᠦ ᠭᠡᠭᠡᠨ ᠬᠡᠯᠡᠵᠡᠢ᠃ ᠶᠠᠭᠤᠮ᠎ᠠ ᠣᠯᠬᠤ ᠭᠡᠳᠡᠭ ᠢ᠋ ᠦᠵᠡᠭᠡ ᠦᠭᠡᠢ ᠬᠥᠮᠦᠨ ᠦ᠌ ᠦᠭᠡ ᠳᠡ᠃ ᠡᠨᠡ ᠭᠡᠭᠡᠨ ᠳᠠᠩᠴᠢ(ᠳᠠᠩᠴᠤ) ᠶᠠᠭᠤᠮ᠎ᠠ ᠮᠡᠳᠡᠳᠡᠭ ᠦᠭᠡᠢ᠃ ᠡᠷᠢᠬᠡᠨ ᠦ᠌ ᠮᠥᠬᠥᠯᠢᠭ ᠪᠤᠤᠷᠴᠠᠭ ᠢ᠋ ᠭᠠᠵᠠᠷ ᠤᠨᠠᠭᠠᠬᠤ ᠳ᠋ᠤ᠌ ᠪᠥᠬᠥᠢᠨ ᠠᠪᠴᠤ ᠦᠵᠡᠭᠡ ᠦᠭᠡᠢ ᠬᠥᠮᠦᠨ᠂ ᠳᠥᠴᠢᠨ ᠵᠢᠯ ᠮᠢᠨᠦ ᠬᠥᠮᠦᠨ ᠠᠮᠢᠲᠠᠨ ᠲᠠᠢ ᠮᠠᠢᠮᠠᠢᠴᠢᠯᠳᠤᠵᠤ(ᠮᠠᠢᠮᠠᠢᠴᠠᠯᠳᠤᠵᠤ)᠂ ᠠᠮᠢᠲᠠᠨ ᠢ᠋ ᠮᠡᠬᠡᠯᠡᠬᠦ ᠵᠠᠯᠢᠯᠠᠬᠤ ᠡᠯᠳᠡᠪ ᠠᠷᠭ᠎ᠠ ᠬᠡᠷᠡᠭᠯᠡᠵᠦ᠂ ᠶᠠᠳᠠᠭᠤ ᠬᠣᠭᠣᠰᠣᠨ ᠠᠮᠢᠲᠠᠨ ᠢ᠋ ᠠᠶᠠᠭ᠎ᠠ ᠬᠣᠭᠣᠯᠠ ᠠ᠋ᠴᠠ ᠨᠢ ᠰᠠᠯᠭᠠᠵᠤ᠂ ᠪᠣᠷᠣᠭ᠎ᠠ ᠰᠢᠭᠤᠷᠭᠠᠨ ᠢ᠋ᠶ᠋ᠠᠷ ᠰᠠᠢᠨ ᠬᠥᠮᠦᠨ ᠢ᠋ ᠮᠠᠭᠤ ᠭᠥᠯᠥᠭᠡ ᠪᠡᠨ ᠬᠦᠷᠲᠡᠯ᠎ᠡ ᠭᠠᠳᠠᠨ᠎ᠠ ᠭᠠᠷᠭᠠᠬᠤ ᠶ᠋ᠢ ᠬᠠᠢᠷᠠᠯᠠᠬᠤ ᠳ᠋ᠤ᠌᠂ ᠮᠠᠭᠤ ᠰᠠᠢᠨ ᠬᠣᠨᠢᠴᠢᠨ᠂ ᠦᠬᠡᠷᠴᠢᠨ ᠢ᠋ ᠭᠡᠭᠡᠨ ᠰᠠᠩ(ᠱᠠᠩ) ᠤ᠋ᠨ ᠮᠥᠩᠬᠡ ᠰᠦᠷᠦᠭ ᠢ᠋ ᠪᠣᠳᠣᠵᠤ᠂ ᠲᠠᠭᠠᠷᠠᠬᠤ ᠨᠣᠷᠬᠤ ᠶ᠋ᠢᠨ ᠵᠣᠪᠠᠯᠠᠩ ᠢ᠋ ᠠᠮᠰᠠᠭᠤᠯᠤᠨ ᠬᠥᠭᠡᠭᠡᠵᠦ ᠪᠠᠢᠭᠰᠠᠨ ᠢ᠋ ᠭᠡᠭᠡᠨ ᠶᠠᠭᠠᠬᠢᠵᠤ ᠮᠡᠳᠡᠬᠦ ᠪᠣᠢ᠃ ᠮᠢᠨᠦ ᠳᠥᠴᠢᠨ ᠵᠢᠯ ᠳ᠋ᠦ᠍ ᠭᠡᠭᠡᠨ ᠳ᠋ᠦ᠍ ᠣᠯᠵᠤ ᠥᠭᠭᠦᠭᠰᠡᠨ ᠶᠠᠭᠤᠮ᠎ᠠ ᠶ᠋ᠢ ᠭᠡᠭᠡᠨ ᠲᠠᠪᠤᠨ ᠵᠠᠭᠤᠨ ᠲᠥᠷᠥᠯ ᠳ᠋ᠡᠭᠡᠨ( ᠳ᠋ᠦ᠍ ᠪᠡᠨ) ᠴᠦ᠍ ᠬᠤᠷᠢᠶᠠᠵᠤ ᠴᠢᠳᠠᠬᠤ ᠦᠭᠡᠢ ᠭᠡᠵᠦ ᠲᠠᠴᠢᠶᠠᠳᠠᠨ ᠪᠣᠳᠣᠪᠠ᠃ 
       ᠮᠢᠨᠦ ᠭᠡᠷ ᠲᠦ᠍᠂ ᠡᠭᠦᠳᠡᠨ ᠡᠴᠡ ᠨᠢᠭᠡ ᠠᠯᠬᠤᠮ ᠠᠬᠢᠵᠤ ᠳᠡᠭᠡᠭᠰᠢ ᠪᠡᠨ ᠰᠠᠭᠤᠵᠤ ᠦᠵᠡᠭᠡ ᠦᠭᠡᠢ ᠲᠡᠷᠡ ᠮᠥᠩᠭᠥᠴᠢ ᠳᠠᠷᠬᠠᠨ ᠬᠥᠭᠰᠢᠨ ᠪᠣᠭᠣᠯ ᠥᠨᠥᠳᠥᠷ ᠭᠡᠭᠡᠨ ᠦ᠌ ᠦᠷᠭᠦᠭᠡᠨ ᠳ᠋ᠦ᠍ ᠣᠷᠣᠭᠠᠳ᠂ ᠳᠥᠴᠢᠨ ᠵᠢᠯ ᠮᠢᠨᠦ ᠰᠠᠭᠤᠵᠤ ᠦᠵᠡᠬᠦ ᠪᠠᠢᠲᠤᠭᠠᠢ ᠭᠡᠭᠡᠨ ᠲᠡᠢ ᠠᠳᠠᠯᠢ ᠪᠣᠯᠵᠤ ᠰᠠᠭᠤᠨ᠎ᠠ ᠭᠡᠵᠦ ᠨᠢᠳᠦ ᠢᠷᠮᠡᠬᠦ ᠶ᠋ᠢᠨ ᠵᠠᠭᠤᠷ᠎ᠠ ᠴᠣ ᠰᠠᠨᠠᠵᠤ ᠦᠵᠡᠭᠡ ᠦᠭᠡᠢ ᠬᠣᠢᠮᠣᠷ ᠲᠤ᠌ ᠰᠠᠭᠤᠵᠤ ᠪᠠᠢᠭᠰᠠᠨ ᠨᠢ ᠬᠣᠷᠣᠰᠤᠯᠳᠠᠶ᠎ᠠ᠃ ᠴᠢᠩᠭᠢᠬᠦ ᠳ᠋ᠦ᠍᠂ ᠤᠷᠢᠳᠤ ᠶ᠋ᠢᠨ ᠴᠠᠭ ᠲᠤ᠌ ᠴᠢᠩᠭᠢᠰ ᠪᠣᠭᠳᠠ ᠶ᠋ᠢᠨ ᠢᠵᠠᠭᠤᠷ ᠲᠠᠢ᠂ ᠵᠢᠯ ᠪᠦᠷᠢ ᠵᠢᠩᠰᠡ ᠨᠡᠮᠡᠭᠳᠡᠵᠦ᠂ ᠣᠨ ᠪᠦᠷᠢ ᠤᠲᠤᠭ᠎ᠠ ᠨᠡᠮᠡᠭᠳᠡᠵᠦ ᠪᠠᠢᠭᠰᠠᠨ ᠵᠠᠰᠠᠭ ᠨᠣᠶᠠᠳ ᠬᠦᠷᠲᠡᠯ᠎ᠡ᠂ ᠭᠡᠭᠡᠨ ᠰᠠᠩ(ᠱᠠᠩ) ᠤ᠋ᠨ ᠬᠠᠮᠤᠭ ᠢ᠋ ᠪᠠᠷᠢᠭᠴᠢ ᠨᠢᠷᠪᠠ ᠨᠠᠳᠠᠳᠤ(ᠨᠠᠳᠠ ᠳ᠋ᠤ᠌) ᠮᠡᠬᠦᠢᠨ ᠶᠣᠰᠣᠯᠠᠵᠤ ᠪᠠᠢᠭᠰᠠᠨ ᠠᠲᠠᠯ᠎ᠠ᠂ ᠨᠠᠮᠠᠶ᠋ᠢ(ᠨᠠᠮ᠎ᠠ ᠶ᠋ᠢ) ᠰᠠᠭᠤᠵᠤ ᠦᠵᠡᠭᠡ ᠦᠭᠡᠢ ᠭᠠᠵᠠᠷ᠂ ᠲᠡᠷᠡ ᠡᠪᠦᠭᠡᠨ ᠪᠣᠭᠣᠯ ᠥᠨᠥᠳᠥᠷ ᠰᠠᠭᠤᠵᠤ᠂ ᠥᠪᠡᠷ ᠦ᠋ᠨ ᠢ᠋ᠶ᠋ᠡᠨ ᠪᠠᠷᠵᠠᠭᠠᠷ ᠪᠠᠬᠢᠷ ᠭᠠᠷ ᠢ᠋ᠶ᠋ᠠᠷ ᠭᠡᠭᠡᠨ ᠦ᠌ ᠦᠷᠭᠦᠭᠡᠨ ᠳ᠋ᠦ᠍ᠨᠢ( ᠳ᠋ᠦ᠍ ᠨᠢ) ᠠᠪᠳᠠᠷ᠎ᠠ ᠰᠠᠪᠠ ᠶ᠋ᠢ ᠨᠢ ᠲᠡᠢᠵᠡᠳᠡᠵᠦ ᠪᠠᠢᠬᠤ ᠳ᠋ᠤ᠌᠂ ᠭᠡᠭᠡᠨ ᠲᠡᠷᠡ ᠠᠳᠠᠭ ᠤ᠋ᠨ ᠮᠠᠭᠤ ᠪᠣᠭᠣᠯ ᠤ᠋ᠨ ᠡᠮᠦᠨ᠎ᠡ ᠬᠤᠯᠴᠢᠢᠵᠤ ᠢᠷᠵᠠᠢᠨ ᠢᠨᠢᠶᠡᠮᠰᠦᠭᠯᠡᠵᠦ᠂ ᠴᠢᠷᠠᠢ ᠠᠯᠳᠠᠵᠤ ᠪᠠᠢᠭᠰᠠᠨ ᠨᠢ ᠶᠠᠭᠤᠲᠠᠢ ᠬᠣᠷᠣᠰᠤᠯ᠂ ᠶᠠᠭᠤᠲᠠᠢ ᠬᠣᠷᠣᠰᠤᠯ! ᠭᠡᠵᠦ ᠪᠣᠳᠣᠭᠠᠳ ᠲᠡᠢᠵᠡᠳᠡᠬᠦ ᠭᠡᠵᠦ ᠯᠡ ᠪᠠᠷᠢᠭᠰᠠᠨ ᠨᠢ ᠱ᠋ᠢᠭᠠᠨᠠᠵᠤ᠂ ᠳᠥᠷᠪᠡᠯᠵᠢᠨ ᠳᠥᠷᠪᠡᠯᠵᠢᠨ ᠬᠠᠲᠠᠭᠤ ᠴᠠᠭᠠᠰᠤᠨ ᠳᠡᠭᠡᠷ᠎ᠡ ᠯᠠᠴᠠ ᠰᠢᠷ ᠰᠢᠷ ᠰᠢᠷᠴᠢᠭᠢᠨᠡᠨ ᠳᠤᠰᠤᠯᠠᠵᠤ ᠪᠠᠢᠭ᠎ᠠ ᠨᠢ ᠴᠢᠬᠢᠨ ᠳ᠋ᠦ᠍ ᠰᠣᠨᠣᠰᠳᠠᠬᠤ ᠰᠢᠭ᠋ ᠪᠣᠯᠵᠤ᠂ ᠲᠡᠷᠡ ᠯᠠᠴᠠ ᠴᠠᠭᠠᠰᠤᠨ ᠳᠡᠭᠡᠷ᠎ᠡ ᠱ᠋ᠢᠭᠠᠨᠠᠨ ᠳᠤᠰᠤᠯᠠᠭᠰᠠᠨ ᠪᠢᠰᠢ᠂ ᠨᠢᠷᠪᠠ ᠶ᠋ᠢᠨ ᠵᠢᠷᠦᠬᠡᠨ ᠳᠡᠭᠡᠷ᠎ᠡ ᠱ᠋ᠢᠭᠠᠨᠠᠨ ᠳᠤᠰᠤᠯᠠᠵᠤ ᠴᠣᠷᠭᠢᠨ ᠲᠦᠯᠡᠵᠦ ᠪᠠᠢᠭᠰᠠᠨ ᠰᠢᠭ᠋᠂ ᠵᠢᠷᠦᠬᠡ ᠨᠢ ᠰᠢᠮᠰᠢᠷᠡᠵᠦ ᠰᠢᠲᠦ ᠵᠠᠭᠤᠨ ᠶᠣᠣᠯᠠᠪᠠᠯ᠂ ᠨᠢᠭᠡ ᠮᠡᠳᠡᠬᠦᠨ᠎ᠡ ᠰᠢᠳᠦ ᠲᠠᠴᠢᠭᠢᠨᠠᠨ ᠪᠦᠬᠦ ᠪᠡᠶ᠎ᠡ ᠲᠡᠰᠬᠡᠯ ᠦᠭᠡᠢ ᠴᠡᠴᠡᠷᠡᠨ ᠳᠠᠭᠵᠢᠵᠤ ᠪᠠᠢᠪᠠ᠃ 
       ᠭᠠᠳᠠᠨ᠎ᠠ ᠠ᠋ᠴᠠ ᠵᠢᠭᠠᠯ ᠪᠠᠨᠳᠢ ᠶ᠋ᠢ ᠶᠠᠨᠲᠤᠩ ᠰᠤᠭᠤᠯᠵᠤ᠂ ᠡᠷᠦᠬᠡ ᠪᠦᠲᠡᠭᠡᠬᠦ ᠭᠡᠵᠦ ᠣᠷᠣᠵᠤ ᠢᠷᠡᠭᠰᠡᠨ ᠳ᠋ᠦ᠍᠂ ᠪᠦᠬᠦ ᠪᠡᠶ᠎ᠡ ᠶ᠋ᠢᠨ ᠴᠡᠴᠡᠷᠡᠨ ᠲᠠᠭᠵᠢᠬᠤ ᠶ᠋ᠢ ᠬᠠᠲᠠᠭᠤᠵᠢᠨ ᠪᠠᠷᠢᠬᠤ ᠭᠡᠵᠦ ᠤᠷᠤᠯᠳᠤᠵᠤ᠂  
       —  ᠨᠢᠭᠡ ᠠᠶᠠᠭ᠎ᠠ ᠬᠠᠷ᠎ᠠ ᠱᠥᠯᠥ! ᠭᠡᠵᠦ ᠲᠤᠰᠢᠶᠠᠵᠠᠢ᠃ 
       ᠹᠧᠣᠳᠠᠯ ᠤ᠋ᠨ ᠬᠥᠷᠥᠩᠭᠡ ᠬᠤᠷᠢᠶᠠᠬᠤ ᠬᠤᠰᠢᠭᠤᠨ ᠤ᠋ ᠺᠣᠮᠢᠰ᠂ ᠯᠠᠮᠠ ᠶ᠋ᠢᠨ ᠭᠡᠭᠡᠨ ᠦ᠌ ᠰᠠᠩ ᠬᠥᠷᠥᠩᠭᠡ ᠶ᠋ᠢᠨ ᠳᠠᠩᠰᠠ ᠬᠠᠷ᠎ᠠ ᠶ᠋ᠢ ᠪᠦᠲᠦᠨ ᠳᠣᠯᠣᠭᠠᠨ ᠬᠣᠨᠣᠭ ᠰᠢᠯᠭᠠᠨ᠂ ᠬᠥᠷᠥᠩᠭᠡ ᠶ᠋ᠢ ᠪᠦᠷᠢᠳᠬᠡᠵᠦ᠂ ᠠᠩᠭᠢ ᠵᠦᠢᠯ ᠢᠯᠭᠠᠨ ᠤᠯᠤᠰ ᠤ᠋ᠨ ᠲᠥᠪ ᠲᠦ᠍ ᠶᠠᠪᠤᠭᠤᠯᠬᠤ ᠵᠦᠢᠯ ᠢ᠋ ᠵᠢᠴᠢ ᠢᠯᠭᠠᠵᠤ᠂ ᠪᠠᠩᠬᠢ ᠶ᠋ᠢᠨ ᠰᠠᠯᠪᠤᠷᠢ ᠳ᠋ᠤ᠌ ᠰᠢᠯᠵᠢᠭᠦᠯᠵᠦ᠂ ᠮᠥᠩᠭᠥ ᠲᠥᠭᠥᠷᠢᠭ ᠪᠣᠯᠭᠠᠬᠤ ᠵᠦᠢᠯ᠂ ᠶᠠᠳᠠᠭᠤ ᠠᠷᠠᠳ ᠤ᠋ᠳ ᠲᠤ᠌ ᠣᠯᠭᠣᠬᠤ ᠵᠦᠢᠯ᠂ ᠬᠣᠪᠣᠷ ᠴᠢᠬᠤᠯᠠ ᠪᠥᠭᠡᠳ ᠲᠡᠦᠬᠡ ᠶ᠋ᠢᠨ ᠬᠣᠯᠪᠣᠭᠳᠠᠯ ᠪᠦᠬᠦᠢ ᠲᠤᠯᠠ ᠮᠦᠽᠧᠢ ᠳ᠋ᠦ᠍ ᠰᠢᠯᠵᠢᠭᠦᠯᠬᠦ ᠵᠦᠢᠯ ᠭᠡᠵᠦ ᠵᠦᠢᠯ ᠠᠩᠭᠢ ᠳᠠᠷᠠᠭᠠᠯᠠᠨ ᠢᠯᠭᠠᠵᠠᠢ᠃ 
       ᠬᠤᠰᠢᠭᠤᠨ ᠤ᠋ ᠨᠠᠮ ᠡᠪᠯᠡᠯ᠂ ᠦᠢᠯᠡᠳᠪᠦᠷᠢᠴᠢᠨ ᠦ᠌ ᠪᠠᠢᠭᠤᠯᠤᠯᠭ᠎ᠠ᠂ ᠵᠠᠷᠤᠴᠠ᠂ ᠶᠠᠳᠠᠭᠤ᠂ ᠳᠤᠮᠳᠠ ᠠᠷᠠᠳ ᠤ᠋ᠨ ᠳᠤᠮᠳᠠ ᠰᠤᠷᠲᠠᠯ ᠨᠡᠪᠲᠡᠷᠡᠭᠦᠯᠵᠦ᠂ ᠹᠧᠣᠳᠠᠯ ᠤ᠋ᠨ ᠬᠥᠷᠥᠩᠭᠡ ᠬᠤᠷᠢᠶᠠᠬᠤ ᠲᠤᠬᠠᠢ ᠪᠠᠭ᠎ᠠ ᠬᠤᠷᠠᠯ ᠤ᠋ᠨ ᠳᠠᠷᠤᠭ᠎ᠠ ᠴᠣᠢᠪᠠᠯᠰᠠᠩ ᠤ᠋ᠨ ᠭᠠᠷ ᠤ᠋ᠨ ᠦᠰᠦᠭ ᠵᠢᠷᠤᠭᠰᠠᠨ ᠴᠢᠬᠤᠯᠠ ᠲᠣᠭᠲᠠᠭᠠᠯ ᠤ᠋ᠨ ᠤᠴᠢᠷ ᠤᠳᠬ᠎ᠠ᠂ ᠤᠯᠤᠰ ᠲᠥᠷᠥ ᠶ᠋ᠢᠨ ᠭᠦᠨᠵᠡᠭᠡᠢ ᠪᠣᠳᠣᠯᠭ᠎ᠠ ᠠᠭᠤᠯᠭ᠎ᠠ ᠶ᠋ᠢ ᠲᠠᠢᠯᠪᠤᠷᠢᠯᠠᠨ ᠲᠠᠨᠢᠭᠤᠯᠵᠠᠢ᠃ ᠶᠠᠳᠠᠭᠤ ᠬᠣᠭᠣᠰᠣᠨ ᠠᠷᠠᠳ ᠤ᠋ᠨ ᠬᠤᠷᠠᠯ ᠢ᠋ᠶ᠋ᠠᠷ ᠦᠭᠡᠢᠭᠦᠦ ᠬᠣᠭᠣᠰᠣᠨ ᠠᠷᠠᠳ ᠤ᠋ᠳ᠂ ᠹᠧᠣᠳᠠᠯ ᠤ᠋ᠨ ᠬᠥᠷᠥᠩᠭᠡ ᠡᠴᠡ ᠬᠤᠪᠢ ᠣᠯᠭᠣᠬᠤ ᠮᠠᠯ ᠬᠥᠷᠥᠩᠭᠡ ᠶ᠋ᠢ ᠨᠡᠢᠲᠡ ᠳᠤᠮᠳᠠ ᠶ᠋ᠢᠨ ᠥᠮᠴᠢ ᠪᠣᠯᠭᠠᠨ ᠨᠢᠭᠡᠳᠬᠡᠵᠦ᠂ ᠠᠷᠠᠳ ᠤ᠋ᠨ ᠨᠥᠬᠥᠷᠯᠡᠯ ᠠᠷᠲ᠋ᠧᠯ ᠵᠡᠷᠭᠡ ᠶ᠋ᠢ ᠪᠠᠢᠭᠤᠯᠬᠤ ᠪᠠᠷ ᠬᠡᠯᠡᠯᠴᠡᠨ ᠲᠣᠭᠲᠠᠵᠠᠭᠠᠵᠤ᠂ ᠨᠥᠬᠥᠷᠯᠡᠯ ᠳ᠋ᠦ᠍ ᠨᠢᠭᠡᠳᠴᠡᠭᠡᠵᠦ ᠪᠠᠢᠯ᠎ᠠ᠃ 
       ᠯᠠᠮᠠ ᠶ᠋ᠢᠨ ᠭᠡᠭᠡᠨ ᠦ᠌ ᠰᠠᠩ ᠤ᠋ᠨ ᠮᠥᠩᠬᠡ ᠰᠦᠷᠦᠭ ᠭᠡᠭᠴᠢ ᠶ᠋ᠢ ᠨᠣᠬᠠᠢ ᠰᠢᠭ᠋ ᠳᠠᠭᠠᠵᠤ᠂ ᠨᠢᠭᠡ ᠨᠠᠰᠤ ᠪᠠᠷ ᠢ᠋ᠶ᠋ᠠᠨ ᠬᠠᠷᠢᠭᠤᠯᠵᠤ ᠶᠠᠪᠤᠭᠰᠠᠨ ᠬᠡᠳᠦᠨ ᠠᠷᠪᠠᠨ ᠦᠭᠡᠢᠭᠦᠦ ᠬᠣᠭᠣᠰᠣᠨ ᠵᠠᠷᠤᠴᠠ ᠠᠷᠠᠳ ᠤ᠋ᠳ᠂ ᠡᠷᠦᠬᠡ ᠳᠣᠳᠣᠮ ᠳ᠋ᠤ᠌ ᠲᠠᠪᠤ ᠲᠠᠪᠤᠨ ᠪᠤᠲᠠ ᠮᠠᠯ ᠣᠯᠭᠣᠬᠤ ᠬᠤᠪᠢ ᠪᠠᠨ ᠣᠯᠬᠤ ᠭᠡᠵᠦ ᠬᠤᠷᠠᠯ ᠳ᠋ᠤ᠌ ᠢᠷᠡᠵᠡᠭᠡᠵᠦ᠂ ᠲᠡᠷᠡ ᠰᠦᠷᠦᠭᠴᠢᠨ ᠦ᠌ ᠳᠤᠮᠳᠠ ᠬᠡᠳᠦᠨ ᠬᠣᠨᠢᠴᠢᠨ ᠡᠪᠦᠭᠡᠨ ᠢᠷᠭᠡᠨ ᠢᠷᠡᠵᠡᠭᠡᠵᠡᠢ᠃  
       ᠬᠤᠰᠢᠭᠤᠨ ᠤ᠋ ᠺᠣᠮᠢᠰ ᠤ᠋ᠨ ᠳᠠᠷᠤᠭ᠎ᠠ᠂ ᠬᠤᠷᠠᠯᠳᠤᠭᠰᠠᠳ ᠲᠤ᠌ ᠤᠴᠢᠷ ᠤᠳᠬ᠎ᠠ ᠶ᠋ᠢ ᠲᠠᠢᠯᠪᠤᠷᠢᠯᠠᠵᠤ ᠬᠡᠯᠡᠬᠦ ᠳ᠋ᠡᠭᠡᠨ( ᠳ᠋ᠦ᠍ ᠪᠡᠨ)᠂ ᠵᠠᠰᠠᠭ ᠤ᠋ᠨ ᠭᠠᠵᠠᠷ ᠤ᠋ᠨ ᠲᠣᠭᠲᠠᠭᠠᠯ ᠢ᠋ ᠦᠨᠳᠦᠰᠦᠯᠡᠵᠦ ᠲᠤᠰ ᠺᠣᠮᠢᠰ᠂ ᠯᠠᠮᠠ ᠶ᠋ᠢᠨ ᠭᠡᠭᠡᠨ ᠦ᠌ ᠰᠠᠩ ᠠ᠋ᠴᠠ ᠬᠤᠷᠢᠶᠠᠭᠰᠠᠨ ᠬᠥᠷᠥᠩᠭᠡ ᠮᠠᠯ ᠠ᠋ᠴᠠ ᠶᠠᠭᠤᠨ ᠤ᠋ ᠡᠮᠦᠨ᠎ᠡ ᠭᠡᠭᠡᠨ ᠱᠠᠩ ᠤ᠋ᠨ ᠮᠠᠯ ᠰᠦᠷᠦᠭ ᠢ᠋ ᠮᠠᠯᠯᠠᠵᠤ ᠪᠠᠢᠭᠰᠠᠨ ᠶᠠᠳᠠᠭᠤᠴᠤᠳ ᠲᠤ᠌ ᠡᠷᠦᠬᠡ ᠲᠤᠰ ᠪᠦᠷᠢ ᠳ᠋ᠦ᠍ ᠲᠠᠪᠤᠭᠠᠳ ᠪᠤᠲᠠ ᠮᠠᠯ ᠣᠯᠭᠣᠵᠤ᠂ ᠠᠵᠤ ᠠᠬᠤᠢ ᠶ᠋ᠢᠨ ᠵᠡᠪᠰᠡᠭ ᠪᠠᠭᠠᠵᠢ᠂ ᠡᠪᠡᠰᠦᠨ ᠦ᠌ ᠮᠠᠰᠢᠨ᠂ ᠠᠨᠵᠢᠰᠤ ᠵᠡᠷᠭᠡ ᠶ᠋ᠢ  ᠬᠤᠳᠠᠯᠳᠤᠨ ᠠᠪᠴᠤ᠂ ᠨᠡᠢᠲᠡ ᠳᠤᠮᠳᠠ ᠪᠠᠨ ᠬᠡᠷᠡᠭᠯᠡᠬᠦ ᠵᠦᠢᠯ ᠳ᠋ᠦ᠍ ᠵᠣᠬᠢᠬᠤ ᠬᠥᠷᠥᠩᠭᠡ ᠮᠥᠩᠭᠥ ᠣᠯᠭᠣᠵᠤ᠂ ᠪᠠᠰᠠ ᠬᠦ᠌ ᠬᠤᠪᠴᠠᠰᠤ ᠬᠤᠨᠠᠷ ᠵᠡᠷᠭᠡ ᠪᠡᠷ ᠭᠠᠴᠢᠭᠳᠠᠯᠲᠠᠢ ᠳ᠋ᠤᠨᠢ( ᠳ᠋ᠤ᠌ ᠨᠢ) ᠭᠤᠲᠤᠯ ᠬᠤᠪᠴᠠᠰᠤ ᠣᠯᠭᠣᠬᠤ ᠪᠠᠷ ᠪᠣᠯᠤᠭᠰᠠᠨ ᠢ᠋ ᠰᠣᠨᠣᠰᠤᠭᠠᠳ᠂ ᠶᠠᠳᠠᠭᠤ ᠠᠷᠠᠳ ᠵᠠᠷᠤᠴᠠ ᠲᠠ ᠪᠦᠬᠦᠨ ᠢ᠋ ᠵᠠᠰᠠᠭ ᠤ᠋ᠨ ᠭᠠᠵᠠᠷ ᠤ᠋ᠨ ᠲᠣᠭᠲᠠᠭᠠᠯ ᠳ᠋ᠤ᠌ ᠬᠦᠰᠡᠨ ᠳᠤᠷᠠᠳᠤᠭᠰᠠᠨ ᠶᠣᠰᠣᠭᠠᠷ᠂ ᠮᠠᠯ ᠢ᠋ᠶ᠋ᠠᠨ ᠨᠡᠢᠲᠡ ᠳᠤᠮᠳᠠ ᠪᠠᠨ ᠥᠰᠬᠡᠨ ᠠᠰᠢᠭᠯᠠᠬᠤ ᠠᠷᠠᠳ ᠤ᠋ᠨ ᠨᠥᠬᠥᠷᠯᠡᠯ ᠠᠷᠲ᠋ᠧᠯ ᠪᠠᠢᠭᠤᠯᠬᠤ ᠪᠣᠯᠪᠠ ᠤᠤ ᠭᠡᠵᠦ ᠰᠠᠨᠠᠭᠤᠯᠤᠨ ᠰᠣᠨᠣᠰᠬᠠᠶ᠎ᠠ ᠭᠡᠵᠦ ᠦᠭᠡ ᠪᠡᠨ ᠲᠡᠭᠦᠰᠬᠡᠬᠦ ᠳ᠋ᠦ᠍ᠨᠢ( ᠳ᠋ᠦ᠍ ᠨᠢ)᠂ ᠨᠢᠭᠡᠨ ᠡᠪᠦᠭᠡᠨ ᠬᠢᠲᠠᠳ ᠬᠣᠨᠢᠴᠢᠨ ᠪᠣᠰᠴᠤ᠂ ᠲᠦᠭᠳᠡᠷᠡᠰᠬᠢᠨ ᠠᠰᠠᠭᠤᠷᠤᠨ᠂  
       — ᠪᠢᠳᠡᠨ ᠳ᠋ᠦ᠍ ᠣᠯᠭᠣᠭᠰᠠᠨ ᠮᠠᠯ ᠢ᠋ ᠨᠢᠷᠪᠠ ᠯᠠᠮᠠ ᠳᠠᠬᠢᠨ ᠬᠣᠷᠢᠶᠠᠨ ᠠᠪᠬᠤ ᠦᠭᠡᠢ ᠪᠢᠵᠡ? ᠪᠢ ᠡᠨᠡ ᠭᠠᠵᠠᠷ ᠤ᠋ᠨ ᠬᠥᠮᠦᠨ ᠪᠢᠰᠢ᠂ ᠪᠣᠭᠣᠯ ᠬᠢᠲᠠᠳ ᠭᠡᠵᠦ ᠬᠡᠯᠡᠭᠦᠯᠳᠡᠭ ᠶᠠᠳᠠᠭᠤ ᠮᠠᠭᠤ ᠳᠣᠲᠣᠷ᠎ᠠ ᠡᠪᠦᠭᠡᠨ ᠰᠢᠦ ᠳᠡ ᠬᠡᠮᠡᠪᠡᠰᠦ᠂ ᠡᠪᠦᠭᠡᠨ ᠬᠣᠨᠢᠴᠢᠨ ᠴᠡᠮᠪᠡᠢ ᠥᠳᠬᠡᠨ ᠳᠠᠭᠤ ᠪᠠᠷ ᠬᠦᠩᠭᠢᠨᠡᠨ᠂ 
       — ᠪᠢᠳᠡ ᠴᠢᠮᠠᠶ᠋ᠢ(ᠴᠢᠮ᠎ᠠ ᠶ᠋ᠢ) ᠪᠡᠨ ᠪᠣᠭᠣᠯ ᠬᠢᠲᠠᠳ ᠭᠡᠵᠦ ᠴᠢᠩᠭᠢᠵᠦ ᠳᠠᠷᠤᠯᠠᠭᠤᠯᠬᠤ ᠳ᠋ᠤ᠌ ᠭᠥᠷᠦᠭᠦᠯᠬᠦ ᠦᠭᠡᠢ ᠰᠢᠦ᠂ ᠯᠢ ᠡᠪᠦᠭᠡᠨ ᠮᠢᠨᠢ᠃ ᠮᠠᠨ ᠤ᠋ ᠠᠷᠠᠳ ᠤ᠋ᠨ ᠵᠠᠰᠠᠭ ᠤ᠋ᠨ ᠦᠶ᠎ᠡ ᠳ᠋ᠦ᠍ ᠶᠠᠳᠠᠭᠤ ᠠᠷᠠᠳ ᠢ᠋ ᠬᠥᠮᠦᠨ ᠦ᠌ ᠥᠪᠡᠷ ᠦ᠋ᠨ ᠭᠡᠵᠦ ᠢᠯᠭᠠᠳᠠᠭ ᠶᠣᠰᠣ ᠠᠯᠠᠭ᠎ᠠ᠃ ᠬᠠᠷᠢᠨ ᠮᠥᠯᠵᠢᠮᠡᠲᠡᠭᠡᠢ ᠳᠠᠩᠵᠢᠶᠠᠳ᠂ ᠹᠧᠣᠳᠠᠯ ᠤ᠋ᠳ᠂ ᠴᠢ ᠪᠢᠳᠡᠨ ᠳ᠋ᠦ᠍ ᠶᠣᠰᠣᠲᠠᠢ ᠬᠥᠮᠦᠨ ᠦ᠌ ᠬᠦᠢᠲᠡᠨ ᠤᠯᠤᠰ ᠰᠢᠦ ᠭᠡᠵᠡᠢ᠃  
       — ᠲᠠ ᠨᠠᠷ ᠲᠤ᠌ ᠣᠯᠭᠣᠭᠰᠠᠨ ᠡᠳ᠋ ᠮᠠᠯ ᠢ᠋ ᠹᠧᠣᠳᠠᠯ ᠤ᠋ᠳ ᠳᠠᠬᠢᠨ ᠡᠭᠡᠭᠦᠯᠦᠨ ᠬᠤᠷᠢᠶᠠᠬᠤ ᠡᠷᠬᠡ ᠪᠠᠢᠬᠤ ᠦᠭᠡᠢ᠃ ᠨᠥᠬᠥᠷ ᠴᠡᠮᠪᠡᠢ ᠲᠤᠩ ᠵᠥᠪ ᠬᠡᠯᠡᠵᠡᠢ᠃ ᠠᠷᠠᠳ ᠤ᠋ᠳ᠂ ᠭᠠᠭᠴᠠ ᠬᠦ᠌ ᠮᠥᠯᠵᠢᠮᠡᠲᠡᠭᠡᠢ ᠳᠠᠩᠵᠢᠶᠠᠳ ᠹᠧᠣᠳᠠᠯ ᠢ᠋ ᠬᠥᠮᠦᠨ ᠦ᠌ ᠬᠦᠢᠲᠡᠨ ᠤᠯᠤᠰ ᠭᠡᠵᠦ ᠦᠵᠡᠬᠦ ᠡᠴᠡ ᠪᠢᠰᠢ᠂ ᠨᠢᠭᠡ ᠶᠠᠳᠠᠭᠤ ᠠᠷᠠᠳ ᠨᠢ ᠨᠥᠭᠦᠭᠡ ᠶᠠᠳᠠᠭᠤ ᠠᠷᠠᠳ ᠢ᠋ᠶ᠋ᠠᠨ ᠳᠣᠲᠣᠷ᠎ᠠ ᠮᠣᠩᠭᠣᠯ ᠭᠡᠵᠦ ᠢᠯᠭᠠᠬᠤ ᠶᠣᠰᠣ ᠦᠭᠡᠢ᠃ ᠮᠠᠨ ᠤ᠋ ᠠᠷᠠᠳ ᠤ᠋ᠨ ᠵᠠᠰᠠᠭ᠂ ᠬᠠᠷ᠎ᠠ ᠰᠢᠷ᠎ᠠ ᠹᠧᠣᠳᠠᠯ ᠤ᠋ᠨ ᠬᠥᠷᠥᠩᠭᠡ ᠶ᠋ᠢ ᠬᠤᠷᠢᠶᠠᠬᠤ ᠳ᠋ᠠᠭᠠᠨ( ᠳ᠋ᠤ᠌ ᠪᠠᠨ) ᠴᠣᠬᠣᠮ ᠬᠦ᠌ ᠲᠡᠷᠡ ᠬᠥᠷᠥᠩᠭᠡ ᠪᠡᠷ ᠹᠧᠣᠳᠠᠯ ᠤ᠋ᠨ ᠳᠠᠯᠠᠢᠯᠭᠠᠨ ᠳᠠᠷᠤᠯᠠᠵᠤ᠂ ᠠᠷᠠᠳ ᠣᠯᠠᠨ ᠢ᠋ ᠮᠥᠯᠵᠢᠬᠦ ᠠᠷᠭ᠎ᠠ ᠨᠥᠬᠥᠴᠡᠯ ᠢ᠋ ᠨᠢ ᠲᠠᠰᠤᠯᠬᠤ ᠭᠡᠵᠦ ᠬᠤᠷᠢᠶᠠᠵᠤ ᠪᠠᠢᠭ᠎ᠠ ᠬᠡᠷᠡᠭ ᠰᠢᠦ᠃ ᠮᠠᠨ ᠤ᠋ ᠠᠷᠠᠳ ᠤᠯᠤᠰ ᠲᠤ᠌ ᠬᠥᠳᠡᠯᠮᠦᠷᠢᠴᠢᠨ ᠪᠦᠬᠦᠨ᠂ ᠦᠨᠳᠦᠰᠦ ᠤᠭᠰᠠᠭ᠎ᠠ᠂ ᠬᠥᠭᠰᠢᠨ ᠵᠠᠯᠠᠭᠤ᠂ ᠡᠷ᠎ᠡ ᠡᠮ᠎ᠡ ᠭᠡᠵᠦ ᠢᠯᠭᠠᠬᠤ ᠦᠭᠡᠢ ᠴᠥᠮ ᠠᠳᠠᠯᠢ ᠲᠡᠭᠰᠢ ᠡᠷᠬᠡᠲᠡᠢ ᠪᠥᠭᠡᠳ ᠪᠢᠳᠡᠨ ᠦ᠌ ᠤᠯᠤᠰ ᠲᠤ᠌ ᠶᠠᠳᠠᠭᠤ ᠢᠷᠭᠡᠨ ᠠᠷᠠᠳ᠂ ᠶᠠᠳᠠᠭᠤ ᠮᠣᠩᠭᠣᠯ ᠠᠷᠠᠳ ᠭᠡᠵᠦ ᠢᠯᠭᠠᠬᠤ ᠵᠦᠢᠯ ᠦᠭᠡᠢ᠃ ᠹᠧᠣᠳᠠᠯ ᠤ᠋ᠳ ᠯᠠ ᠴᠢᠩᠭᠢᠰ ᠦ᠋ᠨ ᠦᠶ᠎ᠡ ᠳ᠋ᠦ᠍ ᠳᠤᠮᠳᠠᠳᠤ ᠤᠯᠤᠰ ᠢ᠋ ᠪᠣᠭᠣᠯ ᠬᠢᠲᠠᠳ ᠪᠣᠯᠭᠠᠭᠰᠠᠨ ᠢ᠋ᠶ᠋ᠠᠨ ᠮᠠᠷᠲᠠᠭ᠎ᠠ ᠦᠭᠡᠢ ᠲᠡᠭᠡᠵᠦ ᠳᠠᠷᠤᠯᠠᠨ ᠳᠣᠷᠣᠮᠵᠢᠯᠠᠵᠤ ᠪᠠᠢᠭᠰᠠᠨ ᠶᠤᠮ ᠭᠡᠵᠦ ᠺᠣᠮᠢᠰ ᠤ᠋ᠨ ᠳᠠᠷᠤᠭ᠎ᠠ ᠲᠠᠢᠯᠪᠤᠷᠢᠯᠠᠨ ᠬᠡᠯᠡᠵᠡᠢ᠃ 
      — ᠭᠡᠭᠡᠨ ᠬᠥᠮᠦᠨ ᠦ᠌ ᠡᠳ᠋ ᠮᠠᠯ ᠢ᠋ ᠬᠤᠷᠢᠶᠠᠵᠤ ᠠᠪᠤᠭᠠᠳ ᠰᠢᠩᠭᠡᠭᠡᠬᠦ ᠳ᠋ᠦ᠍ ᠨᠢᠭᠦᠯ ᠪᠣᠯᠬᠤ ᠦᠭᠡᠢ ᠶᠦᠮ ᠪᠢᠵᠡ ᠳᠡ?  ᠤᠷᠢᠳ(ᠤᠷᠢᠳᠤ) ᠯᠠᠮᠠ ᠪᠠᠭᠰᠢ ᠨᠠᠷ ᠬᠥᠮᠦᠨ ᠪᠠᠢᠲᠤᠭᠠᠢ ᠨᠣᠬᠠᠢ ᠴᠤ᠌ ᠭᠡᠰᠡᠨ ᠯᠠᠮᠠ ᠬᠤᠸᠠᠷᠠᠭ ᠬᠥᠮᠦᠨ ᠦ᠌ ᠶᠠᠭᠤᠮ᠎ᠠ ᠢᠳᠡᠪᠡᠯ ᠭᠣᠷᠳᠠᠳᠠᠭ᠂ ᠨᠣᠬᠠᠢ ᠶ᠋ᠢᠨ ᠦᠰᠦ ᠨᠢ ᠬᠦᠷᠲᠡᠯ᠎ᠡ ᠬᠠᠯᠴᠠᠷᠠᠳᠠᠭ ᠭᠡᠳᠡᠭ ᠰᠠᠨ᠃ ᠲᠡᠷᠡ ᠶ᠋ᠢ ᠪᠣᠳᠣᠬᠤ ᠳ᠋ᠤ᠌ ᠪᠠᠬᠠᠨ ᠠᠢᠳᠠᠰ ᠬᠦᠷᠬᠦ ᠪᠠᠢᠨ᠎ᠠ ᠭᠡᠵᠦ ᠬᠡᠯᠡᠭᠡᠳ ᠨᠢᠭᠡᠨ ᠶᠠᠳᠠᠭᠤ ᠦᠢᠯᠡᠴᠢᠨ ᠡᠮᠡᠭᠡᠨ ᠣᠯᠠᠨ ᠠ᠋ᠴᠠ ᠢᠴᠢᠭᠦᠷᠢᠰᠬᠢᠨ᠂ ᠨᠢᠭᠤᠷ ᠢ᠋ᠶ᠋ᠠᠨ ᠳᠡᠪᠡᠯ ᠦ᠋ᠨ ᠬᠠᠨᠴᠤᠢ ᠪᠠᠷ ᠪᠥᠭᠯᠡᠪᠡᠰᠦ᠂ ᠡᠪᠦᠭᠡᠨ ᠴᠡᠮᠪᠡᠢ᠂ 
       — ᠴᠢ ᠪᠢᠲᠡᠭᠡᠢ ᠬᠤᠯᠴᠢᠢ᠃ ᠣᠳᠣ ᠬᠠᠷ᠎ᠠ ᠰᠢᠷ᠎ᠠ ᠹᠧᠣᠳᠠᠯ ᠤ᠋ᠳ ᠭᠣᠷᠳᠠᠵᠤ ᠦᠰᠦ ᠨᠢ ᠬᠠᠯᠴᠠᠷᠠᠬᠤ ᠴᠠᠭ ᠢᠷᠡᠵᠡᠢ᠃ ᠮᠠᠨ ᠤ᠋ ᠬᠦᠵᠦᠭᠦᠨ ᠳᠡᠭᠡᠷ᠎ᠡ ᠬᠤᠪᠢᠯᠵᠠ ᠰᠢᠭ᠋ ᠰᠠᠭᠤᠭᠰᠠᠭᠠᠷ ᠬᠠᠭᠠᠷᠠᠲᠠᠯ᠎ᠠ ᠪᠠᠨ ᠲᠠᠷᠭᠤᠯᠠᠭᠰᠠᠨ ᠨᠢ ᠪᠢᠰᠢ ᠪᠣᠯᠵᠤ ᠪᠠᠢᠭ᠎ᠠ ᠬᠡᠷᠡᠭ᠃ 
       ᠪᠢ ᠭᠡᠭᠡᠨ ᠱᠠᠩ ᠤ᠋ᠨ ᠬᠣᠨᠢᠴᠢᠨ ᠪᠣᠯᠤᠭᠠᠳ ᠳᠥᠴᠢ ᠭᠠᠷᠤᠢ ᠵᠢᠯ ᠪᠣᠯᠵᠤ ᠪᠠᠢᠨ᠎ᠠ᠃ ᠡᠨᠡ ᠳᠥᠴᠢ ᠭᠠᠷᠤᠢ ᠵᠢᠯ ᠦ᠋ᠨ ᠳᠣᠲᠣᠷ᠎ᠠ ᠬᠣᠶᠠᠷ ᠭᠡᠭᠡᠨ ᠦ᠌ ᠡᠮᠦᠨ᠎ᠡ ᠪᠥᠬᠥᠢᠨ ᠪᠥᠬᠥᠢᠭᠰᠡᠭᠡᠷ ᠪᠥᠭᠡᠲᠥᠷ (ᠪᠥᠭᠲᠥᠷ)ᠪᠣᠯᠤᠭᠰᠠᠨ ᠨᠢᠷᠤᠭᠤ ᠶ᠋ᠢ ᠮᠢᠨᠢ ᠭᠠᠭᠴᠠ ᠬᠦ᠌ ᠠᠷᠠᠳ ᠤ᠋ᠨ ᠭᠡᠭᠡᠨ ᠵᠠᠰᠠᠭ ᠲᠡᠨᠢᠢᠯᠭᠡᠵᠦ ᠥᠭᠭᠦᠯ᠎ᠡ᠃  
       ᠬᠤᠲᠤᠭᠲᠤ ᠬᠤᠪᠢᠯᠭᠠᠨ᠂ ᠶᠠᠩᠵᠤ ᠪᠦᠷᠢ ᠶ᠋ᠢᠨ ᠭᠡᠭᠡᠴᠦᠳ ᠦ᠋ᠨ ᠣᠢᠷ᠎ᠠ ᠨᠢ ᠪᠠᠢᠵᠤ᠂ ᠦᠵᠡᠰᠢ ᠦᠭᠡᠢ ᠪᠤᠵᠠᠷ ᠰᠠᠳᠤᠷ ᠢ᠋ ᠨᠢ ᠦᠵᠡᠵᠦ ᠭᠦᠢᠴᠡᠯ᠎ᠡ᠃ ᠽᠠᠮᠪᠤᠯᠢᠩ ᠳ᠋ᠤ᠌ ᠲᠡᠳᠡᠨ ᠡᠴᠡ ᠪᠤᠵᠠᠷ ᠶᠠᠪᠤᠳᠠᠯ ᠲᠠᠢ ᠬᠥᠮᠦᠨ ᠪᠠᠢᠭ᠎ᠠ ᠭᠡᠵᠦ ᠤᠤ? ᠲᠡᠳᠡᠨ ᠦ᠌ ᠡᠭᠦᠳᠡ ᠶ᠋ᠢ ᠨᠢ ᠡᠷᠭᠦᠵᠦ᠂ ᠡᠷᠦᠬᠡ ᠶ᠋ᠢ ᠨᠢ ᠰᠡᠬᠦᠵᠦ ᠶᠠᠪᠤᠭᠰᠠᠨ ᠪᠢᠳᠡ ᠲᠡᠭᠦᠨ ᠢ᠋ ᠡᠰᠡ ᠮᠡᠳᠡᠪᠡᠯ᠂ ᠬᠡᠨ ᠮᠡᠳᠡᠬᠦ ᠪᠣᠢ? ᠪᠠᠶᠠᠨ ᠨᠣᠶᠠᠨ᠂ ᠡᠷᠬᠡ ᠶᠠᠮᠪᠠ ᠪᠠᠷ ᠢ᠋ᠶ᠋ᠠᠨ ᠪᠢᠳᠡᠨ ᠢ᠋ ᠳᠠᠷᠤᠯᠠᠨ ᠮᠥᠯᠵᠢᠵᠦ ᠪᠠᠢᠭᠰᠠᠨ ᠬᠠᠷ᠎ᠠ ᠰᠢᠷ᠎ᠠ ᠹᠧᠣᠳᠠᠯ ᠤ᠋ᠨ ᠡᠳ᠋ ᠬᠥᠷᠥᠩᠭᠡ ᠶ᠋ᠢ ᠬᠤᠷᠢᠶᠠᠵᠤ᠂ ᠪᠢᠳᠡᠨ ᠢ᠋ ᠡᠳ᠋ ᠬᠥᠷᠥᠩᠭᠡ ᠶ᠋ᠢᠨ ᠰᠦᠷ ᠢ᠋ᠶ᠋ᠡᠷ ᠳᠠᠷᠤᠯᠠᠨ ᠮᠥᠯᠵᠢᠳᠡᠭ ᠢ᠋ ᠨᠢ ᠪᠦᠷᠢᠮᠦᠰᠦᠨ ᠲᠠᠰᠤᠯᠵᠤ ᠥᠭᠭᠦᠭᠰᠡᠨ ᠨᠠᠮ ᠵᠠᠰᠠᠭ ᠲᠠᠭᠠᠨ ( ᠲᠤ ᠪᠠᠨ) ᠪᠠᠶᠠᠷᠯᠠᠵᠤ᠂ ᠡᠷᠬᠡ ᠴᠢᠯᠥᠭᠡ ᠲᠡᠢ ᠰᠠᠢᠬᠠᠨ ᠪᠠᠢᠳᠠᠯ ᠢ᠋ᠶ᠋ᠠᠨ ᠵᠣᠬᠢᠶᠠ ᠭᠡᠵᠦ ᠪᠢᠳᠡᠨ ᠳ᠋ᠦ᠍ ᠮᠠᠯ ᠬᠥᠷᠥᠩᠭᠡ ᠥᠭᠴᠦ ᠪᠠᠢᠭ᠎ᠠ ᠳ᠋ᠤᠨᠢ( ᠳ᠋ᠤ᠌ ᠨᠢ )ᠦᠨᠡᠨ ᠰᠡᠳᠬᠢᠯ ᠡᠴᠡ ᠰᠦᠰᠦᠭᠯᠡᠨ ᠲᠠᠯᠠᠷᠬᠠᠬᠤ ᠨᠢ ᠲᠦᠮᠡᠨ ᠵᠦᠢ ᠪᠢᠰᠢ ᠤᠤ? ᠺᠣᠮᠢᠰ ᠤ᠋ᠨ ᠳᠠᠷᠤᠭ᠎ᠠ ᠪᠢᠳᠡᠨ ᠳ᠋ᠦ᠍ ᠵᠠᠰᠠᠭ ᠤ᠋ᠨ ᠭᠠᠵᠠᠷ ᠤ᠋ᠨ ᠲᠣᠭᠲᠠᠭᠠᠯ ᠠ᠋ᠴᠠ ᠶᠠᠳᠠᠭᠤ ᠠᠷᠠᠳ ᠪᠢᠳᠡᠨ ᠢ᠋ ᠨᠥᠬᠥᠷᠯᠡᠯ ᠠᠷᠲ᠋ᠧᠯ ᠪᠠᠢᠭᠤᠯᠤᠨ ᠨᠢᠭᠡᠳᠪᠡᠯ ᠵᠦᠢᠲᠡᠢ ᠭᠡᠵᠦ ᠳᠤᠷᠠᠳᠤᠭᠰᠠᠨ ᠢ᠋ ᠲᠠᠢᠯᠪᠤᠷᠢᠯᠠᠨ ᠤᠩᠰᠢᠵᠤ ᠥᠭᠭᠦᠭᠰᠡᠨ ᠰᠢᠦ ᠳᠡ᠃ ᠡᠢᠮᠦ ᠳ᠋ᠦ᠍ ᠮᠢᠨᠦ ᠪᠡᠶ᠎ᠡ᠂ ᠯᠠᠮᠠ ᠶ᠋ᠢᠨ ᠭᠡᠭᠡᠨ ᠦ᠌ ᠮᠥᠩᠬᠡ ᠰᠦᠷᠦᠭ ᠢ᠋ ᠬᠠᠷᠢᠭᠤᠯᠵᠤ ᠪᠠᠢᠭᠰᠠᠨ ᠶᠠᠳᠠᠭᠤ ᠠᠷᠠᠳ ᠢ᠋ ᠨᠢᠭᠡᠳᠬᠡᠵᠦ ᠠᠷᠲ᠋ᠧᠯ ᠪᠠᠢᠭᠤᠯᠬᠤ ᠰᠠᠨᠠᠯ ᠭᠠᠷᠭᠠᠶ᠎ᠠ᠃ ᠤᠷᠢᠳᠤ ᠪᠢᠳᠡ ᠪᠦᠭᠦᠳᠡᠭᠡᠷ ᠢ᠋ᠶ᠋ᠡᠨ ᠭᠡᠭᠡᠨ ᠱᠠᠩ ᠤ᠋ᠨ ᠰᠦᠷᠦᠭ ᠬᠠᠷᠢᠭᠤᠯᠵᠤ᠂ ᠬᠣᠨᠢ ᠬᠤᠷᠠᠭᠠᠯᠠᠬᠤ ᠦᠶᠡᠰ ᠬᠤᠷᠠᠭ᠎ᠠ ᠶ᠋ᠢ ᠨᠢ ᠭᠡᠷ ᠲᠡᠭᠡᠨ( ᠲᠤ ᠪᠡᠨ) ᠣᠷᠣᠭᠤᠯᠤᠭᠠᠳ᠂ ᠥᠪᠡᠷᠰᠡᠳ ᠢ᠋ᠶ᠋ᠡᠨ ᠭᠠᠳᠠᠨ᠎ᠠ ᠴᠠᠰᠤᠨ ᠳᠡᠭᠡᠷ᠎ᠡ ᠬᠣᠨᠣᠳᠠᠭ ᠪᠠᠢᠭᠰᠠᠨ ᠪᠣᠯ ᠣᠳᠣ ᠠᠷᠠᠳ ᠤ᠋ᠨ ᠭᠡᠭᠡᠨ ᠵᠠᠰᠠᠭ ᠤ᠋ᠨ ᠠᠴᠢ ᠪᠠᠷ ᠮᠠᠨ ᠤ᠋ ᠥᠪᠡᠷᠰᠡᠳ ᠦ᠋ᠨ ᠪᠣᠯᠤᠭᠰᠠᠨ ᠮᠠᠯ ᠰᠦᠷᠦᠭ ᠢ᠋ ᠪᠦᠭᠦᠳᠡᠭᠡᠷ ᠡᠯᠪᠡᠨ ᠨᠡᠢᠯᠡᠵᠦ᠂ ᠬᠠᠮᠲᠤ ᠬᠠᠷᠢᠭᠤᠯᠤᠨ ᠠᠮᠢᠳᠤᠷᠠᠵᠤ᠂ ᠨᠢᠭᠡᠨ ᠭᠡᠷ ᠮᠡᠲᠦ ᠡᠪᠲᠡᠢ ᠰᠠᠢᠬᠠᠨ ᠢ᠋ᠶ᠋ᠠᠷ ᠠᠵᠤ ᠲᠥᠷᠥᠬᠦ ᠳ᠋ᠦ᠍ ᠶᠠᠭᠠᠬᠢᠭᠠᠳ ᠪᠣᠯᠳᠠᠭ ᠦᠭᠡᠢ ᠶᠦᠮ ᠪᠣᠢ? ᠨᠢᠭᠡ ᠨᠠᠰᠤ ᠪᠠᠷ ᠢ᠋ᠶ᠋ᠠᠨ ᠵᠠᠷᠤᠴᠠ ᠶᠠᠪᠤᠭᠰᠠᠨ ᠡᠪᠦᠭᠡᠨ ᠮᠠᠯᠴᠢᠨ᠂ ᠣᠳᠣ ᠠᠷᠠᠳ ᠤ᠋ᠨ ᠬᠤᠪᠢᠰᠬᠠᠯᠲᠤ ᠨᠠᠮ ᠤ᠋ᠨ ᠭᠡᠰᠢᠭᠦᠨ ᠮᠢᠨᠦ ᠪᠡᠶ᠎ᠡ ᠠᠷᠲ᠋ᠧᠯ ᠳ᠋ᠦ᠍ ᠡᠯᠰᠡᠵᠦ᠂ ᠰᠢᠨ᠎ᠡ ᠰᠠᠢᠬᠠᠨ ᠠᠮᠢᠳᠤᠷᠠᠯ ᠢ᠋ᠶ᠋ᠠᠨ ᠵᠣᠬᠢᠶᠠᠵᠤ᠂ ᠰᠡᠳᠬᠢᠯ ᠬᠦᠴᠦ ᠪᠡᠨ ᠰᠢᠪᠬᠠᠨ ᠵᠢᠳᠬᠦᠬᠦ ᠳ᠋ᠦ᠍ ᠪᠡᠯᠡᠬᠡᠨ ᠪᠠᠢᠨ᠎ᠠ᠃ ᠮᠢᠨᠦ ᠰᠠᠨᠠᠯ ᠢ᠋ ᠵᠥᠪᠰᠢᠶᠡᠷᠡᠬᠦ ᠨᠥᠬᠥᠳ  ᠪᠠᠢᠨ᠎ᠠ ᠤᠤ ᠭᠡᠬᠦ ᠳ᠋ᠦ᠍ᠨᠢ( ᠳ᠋ᠦ᠍ ᠨᠢ)᠂ 
       — ᠪᠠᠢᠨ᠎ᠠ᠂ ᠪᠠᠢᠨ᠎ᠠ᠂ ᠪᠠᠢᠨ᠎ᠠ᠃ ᠪᠢ᠂ ᠪᠢ᠂ ᠪᠢ ᠭᠡᠵᠦ ᠤᠯᠤᠰ ᠡᠨᠳᠡ ᠲᠡᠨᠳᠡ ᠦᠭᠡᠢ ᠳᠤᠤᠭᠠᠷᠴᠤ᠂ ᠨᠠᠷᠠ ᠰᠠᠯᠬᠢᠨ ᠳ᠋ᠤ᠌ ᠭᠠᠩᠳᠠᠭᠰᠠᠨ᠂ ᠰᠠᠭᠠᠷᠢᠲᠤᠭᠰᠠᠨ ᠭᠠᠷ ᠢ᠋ᠶ᠋ᠠᠨ ᠡᠷᠭᠦᠵᠡᠭᠡᠵᠡᠢ᠃ 
       ᠬᠤᠷᠠᠯ ᠤ᠋ᠨ ᠳᠠᠷᠤᠭ᠎ᠠ᠂ ᠠᠷᠲ᠋ᠧᠯ ᠦ᠋ᠨ ᠭᠡᠰᠢᠭᠦᠨ ᠪᠣᠯᠬᠤ ᠬᠦᠰᠡᠯᠲᠡᠢ ᠬᠥᠮᠦᠨ ᠦ᠌ ᠨᠡᠷᠡᠰ ᠢ᠋ ᠪᠦᠷᠢᠳᠬᠡᠵᠦ ᠠᠪᠤᠭᠠᠳ ᠳᠠᠷᠤᠭ᠎ᠠ ᠲᠡᠷᠢᠭᠦᠯᠡᠭᠴᠢ ᠶ᠋ᠢ ᠰᠣᠩᠭᠣᠮᠤ ᠭᠡᠵᠦ ᠰᠠᠨᠠᠯ ᠭᠠᠷᠭᠠᠭᠰᠠᠨ ᠳ᠋ᠤ᠌᠂ ᠠᠷᠲ᠋ᠧᠯ ᠦ᠋ᠨ ᠳᠠᠷᠤᠭ᠎ᠠ ᠳ᠋ᠤ᠌ ᠪᠦᠭᠦᠳᠡ ᠶ᠋ᠢᠨ ᠨᠢᠭᠡᠨ ᠰᠠᠨᠠᠯ ᠢ᠋ᠶ᠋ᠠᠷ ᠴᠡᠮᠪᠡᠢ ᠡᠪᠦᠭᠡᠨ ᠮᠠᠯᠴᠢᠨ ᠢ᠋ ᠰᠣᠩᠭᠣᠨ ᠲᠣᠬᠣᠭᠠᠵᠤ᠂ ᠶᠡᠷᠦᠩᠬᠡᠢ ᠬᠣᠷᠢᠶᠠᠨ ᠤ᠋ ᠨᠢᠭᠡ ᠭᠡᠰᠢᠭᠦᠨ ᠳ᠋ᠦ᠍ᠨᠢ( ᠳ᠋ᠦ᠍ ᠨᠢ )ᠡᠪᠦᠭᠡᠨ ᠢᠷᠭᠡᠨ ᠯᠢ ᠶ᠋ᠢ ᠰᠣᠩᠭᠣᠭᠰᠠᠨ ᠳ᠋ᠤ᠌᠂ ᠨᠠᠰᠤ ᠪᠠᠷ ᠢ᠋ᠶ᠋ᠠᠨ ᠬᠥᠮᠦᠨ ᠳ᠋ᠦ᠍ ᠵᠠᠷᠤᠭᠳᠠᠵᠤ ᠶᠠᠪᠤᠭᠰᠠᠨ ᠲᠡᠷᠡ ᠶᠠᠳᠠᠭᠤ ᠡᠪᠦᠭᠡᠨ ᠦ᠌ ᠦᠷᠴᠢᠭᠢᠷ ᠨᠢᠭᠤᠷ ᠢ᠋ᠶ᠋ᠠᠷ ᠪᠠᠶᠠᠷ ᠤ᠋ᠨ ᠨᠢᠯᠪᠤᠰᠤ ᠬᠡᠯᠬᠢᠶ᠎ᠡ ᠲᠠᠰᠤᠷᠠᠭᠰᠠᠨ ᠰᠤᠪᠤᠳ ᠮᠡᠲᠦ ᠪᠥᠮᠪᠥᠷᠢᠨ᠂  
       — ᠲᠡᠢᠮᠦ ᠡᠷᠬᠢᠮ ᠲᠤᠰᠢᠶᠠᠯ ᠬᠦᠯᠢᠶᠡᠬᠦ ᠴᠢᠳᠠᠯ ᠨᠠᠳᠠᠳᠤ( ᠨᠠᠳᠠ ᠳ᠋ᠤ᠌) ᠬᠠᠮᠢᠭ᠎ᠠ ᠪᠠᠢᠨ᠎ᠠ? ᠪᠢ ᠦᠰᠦᠭ ᠪᠢᠴᠢᠭ ᠮᠡᠳᠡᠬᠦ ᠦᠭᠡᠢ ᠬᠥᠮᠦᠨ ᠭᠡᠵᠦ ᠬᠣᠭᠣᠯᠠᠢ ᠪᠠᠨ ᠵᠠᠩᠭᠢᠷᠠᠭᠤᠯᠤᠨ ᠳᠤᠤᠭᠠᠷᠴᠠᠢ᠃  
       — ᠪᠢᠳᠡᠨ ᠦ᠌ ᠵᠠᠷᠤᠴᠠ ᠨᠠᠷ ᠤ᠋ᠨ ᠬᠡᠨ ᠮᠠᠨᠢ ᠴᠤ᠌ ᠭᠡᠰᠡᠨ ᠪᠢᠴᠢᠭ ᠮᠡᠳᠡᠬᠦ ᠦᠭᠡᠢ ᠶ᠋ᠢᠨ ᠲᠠᠯ᠎ᠠ ᠪᠠᠷ ᠠᠳᠠᠯᠢᠬᠠᠨ! ᠣᠳᠣ ᠯᠠ ᠪᠦᠭᠦᠳᠡᠭᠡᠷ ᠢ᠋ᠶ᠋ᠠᠨ ᠰᠤᠷᠤᠨ᠎ᠠ ᠳᠠ᠂ ᠯᠢ ᠭᠤᠸᠠᠢ ᠮᠢᠨᠢ! ᠭᠡᠵᠦ ᠤᠯᠤᠰ ᠳᠤᠤᠭᠠᠷᠴᠠᠭᠠᠵᠤ ᠪᠢᠯᠡ᠃   
       ᠬᠤᠰᠢᠭᠤᠨ ᠤ᠋ ᠺᠣᠮᠢᠰ ᠤ᠋ᠨ ᠳᠠᠷᠤᠭ᠎ᠠ᠂ ᠲᠤᠰ ᠠᠷᠲ᠋ᠧᠯ ᠳ᠋ᠦ᠍ ᠡᠷᠦᠬᠡ ᠳᠣᠳᠣᠮ ᠳ᠋ᠤ᠌ ᠲᠠᠪᠤᠭᠠᠳ ᠪᠤᠲᠠ ᠮᠠᠯ ᠨᠣᠭᠳᠠᠭᠤᠯᠤᠨ ᠰᠢᠯᠵᠢᠭᠦᠯᠪᠡᠰᠦ ᠵᠣᠬᠢᠬᠤ ᠮᠠᠯ ᠤ᠋ᠨ ᠲᠣᠭ᠎ᠠ ᠤᠩᠰᠢᠨ ᠰᠣᠨᠣᠰᠬᠠᠵᠤ᠂ ᠪᠠᠰᠠ ᠤᠭ ᠤ᠋ᠨ ᠹᠧᠣᠳᠠᠯ ᠤ᠋ᠨ ᠬᠤᠷᠢᠶᠠᠭᠳᠠᠮᠠᠯ ᠬᠥᠷᠥᠩᠭᠡ ᠡᠴᠡ ᠣᠯᠭᠣᠪᠠᠯ ᠵᠣᠬᠢᠬᠤ ᠭᠡᠷ ᠪᠠᠢᠰᠢᠩ᠂ ᠪᠠᠷᠢᠯᠭ᠎ᠠ᠂ ᠵᠢᠴᠢ ᠠᠨᠵᠢᠰᠤ᠂ ᠡᠪᠡᠰᠦ ᠬᠠᠳᠤᠬᠤ ᠮᠠᠰᠢᠨ ᠵᠡᠷᠭᠡ ᠶ᠋ᠢ ᠬᠤᠳᠠᠯᠳᠤᠨ ᠠᠪᠬᠤ ᠳ᠋ᠤ᠌ ᠵᠣᠷᠢᠭᠤᠯᠤᠭᠰᠠᠨ ᠮᠥᠩᠭᠥ ᠲᠥᠭᠥᠷᠢᠭ ᠣᠯᠭᠣᠬᠤ ᠲᠤᠬᠠᠢ ᠶ᠋ᠢᠨ ᠲᠣᠭᠲᠠᠭᠠᠯ ᠤᠩᠰᠢᠨ ᠰᠣᠨᠣᠰᠬᠠᠭᠠᠳ᠂ ᠪᠠᠰᠠ ᠭᠤᠲᠤᠯ ᠬᠤᠪᠴᠠᠰᠤ ᠪᠠᠷ ᠭᠠᠴᠢᠭᠳᠠᠨ ᠪᠠᠢᠭ᠎ᠠ ᠬᠥᠮᠦᠨ᠂ ᠰᠢᠨ᠎ᠡ ᠪᠠᠢᠭᠤᠯᠤᠭᠰᠠᠨ ᠠᠷᠲ᠋ᠧᠯ ᠳ᠋ᠦ᠍ ᠪᠣᠢ ᠠᠪᠠᠰᠤ᠂ ᠠᠷᠲ᠋ᠧᠯ ᠦ᠋ᠨ ᠳᠠᠷᠤᠭ᠎ᠠ ᠨᠥᠬᠥᠷ ᠴᠡᠮᠪᠡᠢ ᠳ᠋ᠦ᠍ ᠨᠡᠷ᠎ᠡ ᠪᠡᠨ ᠪᠦᠷᠢᠳᠬᠡᠭᠦᠯᠵᠦ᠂ ᠨᠡᠷ᠎ᠡ ᠶ᠋ᠢᠨ ᠵᠢᠭᠰᠠᠭᠠᠯᠲᠠ ᠶ᠋ᠢᠨ ᠶᠣᠰᠣᠭᠠᠷ ᠬᠡᠷᠡᠭᠯᠡᠬᠦ ᠵᠦᠢᠯ ᠢ᠋ ᠠᠪᠤᠪᠠᠯ ᠪᠣᠯᠬᠤ ᠶ᠋ᠢ ᠵᠠᠷᠯᠠᠨ ᠰᠣᠨᠣᠰᠬᠠᠭᠰᠠᠨ ᠤ᠋ ᠳᠠᠷᠠᠭ᠎ᠠ᠂ ᠰᠠᠢ᠍ᠢ( ᠰᠠᠶᠢ) ᠪᠠᠢᠭᠤᠯᠤᠭᠰᠠᠨ ᠠᠷᠲ᠋ᠧᠯ ᠦ᠋ᠨ ᠳᠠᠷᠤᠭ᠎ᠠ ᠨᠥᠬᠥᠷ ᠴᠡᠮᠪᠡᠢ ᠦᠭᠡ ᠬᠡᠯᠡᠬᠦ ᠵᠥᠪᠰᠢᠶᠡᠷᠡᠯ ᠠᠪᠴᠤ᠂ 
       — ᠮᠠᠨ ᠤ᠋ ᠡᠨᠡ ᠠᠷᠲ᠋ᠧᠯ ᠦ᠋ᠨ ᠪᠦᠬᠦ ᠭᠡᠰᠢᠭᠦᠳ ᠦ᠋ᠨ ᠡᠮᠦᠨ᠎ᠡ ᠡᠴᠡ ᠤᠯᠤᠰ ᠤ᠋ᠨ ᠪᠠᠭ᠎ᠠ ᠬᠤᠷᠠᠯ ᠤ᠋ᠨ ᠳᠠᠷᠤᠭ᠎ᠠ ᠴᠣᠢᠪᠠᠯᠰᠠᠩ ᠳ᠋ᠤ᠌ ᠪᠢᠴᠢᠭ ᠶᠠᠪᠤᠭᠤᠯᠵᠤ᠂ ᠵᠠᠷᠤᠴᠠ ᠶᠠᠳᠠᠭᠤ ᠠᠷᠠᠳ ᠪᠢᠳᠡᠨ ᠦ᠌ ᠲᠥᠯᠥᠭᠡ ᠡᠴᠢᠭᠡ ᠶᠣᠰᠣᠨ ᠤ᠋ ᠬᠠᠯᠠᠮᠵᠢᠲᠤ ᠰᠠᠨᠠᠭ᠎ᠠ ᠲᠠᠯᠪᠢᠵᠤ ᠪᠠᠢᠭ᠎ᠠ ᠶ᠋ᠢᠨ ᠬᠠᠷᠢᠭᠤ ᠪᠠᠶᠠᠷ ᠬᠦᠷᠭᠡᠪᠡᠯ ᠶᠠᠮᠠᠷ ᠪᠣᠢ? ᠭᠡᠬᠦ ᠳ᠋ᠦ᠍ᠨᠢ( ᠳ᠋ᠦ᠍ ᠨᠢ)᠂  
       — ᠵᠦᠢᠲᠡᠢ᠂ ᠵᠦᠢᠲᠡᠢ ᠭᠡᠵᠦ ᠤᠯᠤᠰ ᠪᠠᠶᠠᠷᠯᠠᠨ ᠳᠤᠤᠭᠠᠷᠴᠠᠭᠠᠪᠠ᠃ 
       ᠡᠪᠦᠭᠡᠨ ᠴᠡᠮᠪᠡᠢ ᠦᠭᠡ ᠪᠡᠨ ᠦᠷᠭᠦᠯᠵᠢᠯᠡᠭᠦᠯᠦᠨ ᠥᠭᠦᠯᠡᠷᠦᠨ᠂ ᠪᠢᠳᠡᠨ ᠳ᠋ᠦ᠍ ᠣᠳᠣ ᠵᠥᠪᠯᠡᠯᠲᠦ ᠬᠣᠯᠪᠣᠭᠠᠲᠤ ᠤᠯᠤᠰ ᠤ᠋ᠨ ᠬᠥᠳᠡᠯᠮᠦᠷᠢᠴᠢᠨ ᠲᠦᠮᠡᠨ ᠠᠷᠠᠳ ᠤ᠋ᠨ ᠰᠠᠢᠬᠠᠨ ᠦᠯᠢᠭᠡᠷ ᠵᠢᠱ᠌ᠢᠶ᠎ᠡ ᠨᠢ ᠤᠯᠠᠮ ᠵᠣᠷᠢᠭ ᠣᠷᠣᠭᠤᠯᠵᠤ᠂ ᠮᠠᠨ ᠤ᠋ ᠤᠯᠤᠰ ᠲᠥᠷᠥ᠂ ᠠᠵᠤ ᠠᠬᠤᠢ᠂ ᠡᠷᠳᠡᠮ ᠰᠣᠶᠣᠯ ᠤ᠋ᠨ ᠬᠥᠭᠵᠢᠯ ᠳ᠋ᠦ᠍ ᠵᠥᠪᠯᠡᠯᠲᠦ ᠤᠯᠤᠰ ᠠ᠋ᠴᠠ ᠶᠡᠬᠡ ᠲᠤᠰᠠᠯᠠᠮᠵᠢ ᠦᠵᠡᠭᠦᠯᠵᠦ ᠪᠠᠢᠭ᠎ᠠ ᠨᠢ ᠦᠨᠡᠬᠡᠷ ᠪᠠᠶᠠᠷᠯᠠᠪᠠᠴᠤ ᠪᠠᠷᠠᠰᠢ ᠦᠭᠡᠢ ᠰᠠᠢᠬᠠᠨ ᠪᠠᠢᠨ᠎ᠠ᠃ ᠡᠢᠮᠦ ᠳ᠋ᠦ᠍ ᠪᠢᠳᠡᠨ ᠦ᠌ ᠵᠠᠷᠤᠴᠠ ᠶᠠᠳᠠᠭᠤ ᠠᠷᠠᠳ ᠤ᠋ᠳ ᠵᠣᠷᠢᠭ ᠬᠦᠴᠦ ᠪᠡᠨ ᠭᠠᠷᠭᠠᠵᠤ᠂ ᠨᠢᠷᠪᠠ ᠯᠠᠮᠪᠠᠭᠠᠢ ᠶ᠋ᠢᠨ ᠰᠢᠬᠠᠯᠲᠠ᠂  ᠹᠧᠣᠳᠠᠯ ᠤ᠋ᠳ ᠤ᠋ᠨ ᠨᠣᠶᠠᠷᠬᠠᠯ ᠦᠭᠡᠢ ᠪᠡᠷ ᠥᠪᠡᠷᠰᠡᠳ ᠢ᠋ᠶ᠋ᠡᠨ ᠤᠯᠠᠮ ᠰᠠᠢᠨ ᠰᠠᠢᠬᠠᠨ ᠢ᠋ᠶ᠋ᠠᠷ ᠠᠵᠢᠯ ᠬᠢᠵᠦ ᠴᠢᠳᠠᠬᠤ ᠴᠢᠳᠠᠯ ᠢ᠋ᠶ᠋ᠠᠨ ᠦᠵᠡᠭᠦᠯᠬᠦ ᠬᠡᠷᠡᠭᠲᠡᠢ ᠪᠣᠯᠤᠯ᠎ᠠ᠃ ᠹᠧᠣᠳᠠᠯ ᠪᠣᠯᠪᠠᠯ ᠪᠢᠳᠡᠨ ᠦ᠌ ᠵᠠᠷᠤᠴᠠ ᠶᠠᠳᠠᠭᠤ ᠠᠷᠠᠳ ᠢ᠋ ᠲᠤᠷᠰᠢᠯᠭ᠎ᠠ ᠴᠢᠳᠠᠯ ᠮᠡᠬᠦᠰ᠂ ᠲᠣᠯᠣᠭᠠᠢ ᠪᠠᠨ ᠳᠠᠭᠠᠭᠠᠵᠤ ᠠᠵᠢᠯᠯᠠᠬᠤ ᠴᠢᠳᠠᠯ ᠦᠭᠡᠢ ᠲᠤᠯᠠ᠂ ᠹᠧᠣᠳᠠᠯ ᠤ᠋ᠨ ᠤᠳᠤᠷᠢᠳᠤᠯᠭ᠎ᠠ ᠵᠢᠭᠠᠪᠤᠷᠢ ᠦᠭᠡᠢ ᠪᠡᠷ ᠠᠵᠤ ᠲᠥᠷᠥᠵᠦ ᠴᠢᠳᠠᠬᠤ ᠦᠭᠡᠢ ᠭᠡᠵᠦ ᠡᠯᠳᠡᠪ ᠱᠠᠯᠳᠠᠪ ᠦᠭᠡ ᠴᠤᠤᠷᠬᠠᠯ ᠲᠠᠷᠬᠠᠭᠠᠵᠤ ᠪᠠᠢᠳᠠᠭ ᠪᠠᠢᠨ᠎ᠠ᠃ ᠡᠢᠮᠦ ᠳ᠋ᠦ᠍ ᠨᠥᠬᠥᠳ ᠮᠢᠨᠢ᠂ ᠪᠢᠳᠡ ᠨᠠᠮ ᠵᠠᠰᠠᠭ ᠤ᠋ᠨ ᠢ᠋ᠶ᠋ᠠᠨ᠂ ᠨᠥᠬᠥᠷ ᠴᠣᠢᠪᠠᠯᠰᠠᠩ ᠤ᠋ᠨ ᠢ᠋ᠶ᠋ᠠᠨ ᠢᠲᠡᠭᠡᠯ ᠨᠠᠢᠳᠠᠪᠤᠷᠢ ᠶ᠋ᠢ ᠪᠡᠶᠡᠯᠡᠭᠦᠯᠵᠦ᠂ ᠬᠠᠷ᠎ᠠ ᠰᠢᠷ᠎ᠠ ᠹᠧᠣᠳᠠᠯ ᠤ᠋ᠨ ᠡᠯᠳᠡᠪ ᠱᠠᠯᠳᠠᠪ ᠭᠦᠳᠬᠡᠯᠭᠡ ᠭᠦᠵᠢᠷᠳᠡᠯᠭᠡ ᠶ᠋ᠢ ᠬᠦᠴᠦᠨ ᠦᠭᠡᠢ ᠪᠣᠯᠭᠠᠨ ᠨᠢᠴᠤᠭᠠᠵᠤ᠂ ᠡᠷᠬᠡ ᠴᠢᠯᠥᠭᠡᠲᠦ ᠰᠠᠢᠬᠠᠨ ᠬᠥᠳᠡᠯᠮᠦᠷᠢ ᠶ᠋ᠢᠨ ᠬᠥᠮᠦᠨ ᠠᠷᠠᠳ ᠭᠠᠢᠬᠠᠮᠰᠢᠭᠲᠤ ᠪᠦᠲᠦᠭᠡᠯ ᠦᠵᠡᠭᠦᠯᠵᠦ ᠴᠢᠳᠠᠳᠠᠭ ᠢ᠋ ᠬᠠᠷᠠᠭᠤᠯᠤᠶ᠎ᠠ! ᠭᠡᠬᠦ ᠳ᠋ᠦ᠍ᠨᠢ( ᠳ᠋ᠦ᠍ ᠨᠢ)᠂ ᠬᠤᠷᠠᠯᠳᠤᠭᠰᠠᠳ ᠴᠥᠮ᠂  
       — ᠵᠦᠢᠲᠡᠢ᠂ ᠵᠦᠢᠲᠡᠢ! ᠪᠢᠳᠡ ᠴᠢᠳᠠᠯ ᠢ᠋ᠶ᠋ᠠᠷ ᠢ᠋ᠶ᠋ᠠᠨ ᠵᠢᠳᠬᠦᠨ᠎ᠡ᠃ ᠠᠷᠲ᠋ᠧᠯ ᠦ᠋ᠨ ᠲᠡᠷᠢᠭᠦᠯᠡᠭᠴᠢᠳ᠂ ᠨᠥᠬᠥᠷ ᠴᠣᠢᠪᠠᠯᠰᠠᠩ ᠳ᠋ᠤ᠌ ᠶᠠᠪᠤᠭᠤᠯᠬᠤ ᠵᠠᠬᠢᠶ᠎ᠠ ᠶ᠋ᠢ ᠪᠣᠯᠪᠠᠰᠤᠷᠠᠭᠤᠯᠤᠨ ᠵᠣᠬᠢᠶᠠᠪᠠᠯ ᠵᠦᠢᠲᠡᠢ᠃ ᠵᠠᠬᠢᠳᠠᠯ ᠤ᠋ᠨ ᠦᠭᠡ ᠪᠦᠷᠢ ᠨᠢ ᠦᠨᠡᠨ ᠰᠡᠳᠬᠢᠯ ᠦ᠋ᠨ ᠦᠭᠡ ᠪᠠᠢᠬᠤ ᠶᠣᠰᠣᠲᠠᠢ ᠰᠢᠦ! ᠭᠡᠵᠡᠢ᠃  

            ᠦᠰᠦᠭ ᠠᠮᠢᠯᠠᠭᠤᠯᠤᠭᠴᠢ᠄ ᠤᠢᠭᠤᠷᠵᠢᠨ·ᠣᠳᠬᠣᠨᠪᠠᠪᠠ᠂ ᠪᠠᠳᠮᠠᠰᠡᠴᠡᠨ᠂ ᠪᠠᠯ 
               ᠬᠢᠨᠠᠭᠴᠢ᠄ ᠣᠳᠬᠣᠨᠴᠡᠴᠡᠭ᠂ ᠲ·ᠬᠦᠮᠦᠵᠢᠯᠲᠦ᠂ ᠪᠠᠯ 
               ᠤᠩᠰᠢᠭᠴᠢ᠄ ᠨᠠᠰᠤᠨ᠌ᠦ᠌ᠯᠵᠡᠢ