ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠵᠢᠷᠭᠤᠭ᠎ᠠ Үүрийн туяа III – Б ᠂ Ренчин Гуравдугаар дэвтэр "Баялдаж олсон эх орон"-16
ᠠᠷᠪᠠᠨ ᠵᠢᠷᠭᠤᠭ᠎ᠠ᠂ ᠳᠠᠬᠤᠨ ᠳᠣᠣᠷ᠎ᠠ ᠡᠷ᠎ᠡ᠂ᠳᠠᠬᠢ( ᠳᠠᠭᠠᠬᠢ) ᠶ᠋ᠢᠨ ᠳᠣᠣᠷ᠎ᠠ ᠬᠦᠯᠦᠭ
ᠡᠢᠮᠦ ᠬᠥᠮᠦᠨ ᠢ᠋ᠶ᠋ᠡᠷ ᠬᠠᠳᠠᠭᠠᠰᠤ ᠬᠢᠪᠡᠯ ᠤᠤ ᠳᠠ᠂
ᠶᠢᠷᠲᠢᠨᠴᠦ ᠳ᠋ᠦ᠍ ᠲᠡᠭᠦᠨ ᠰᠢᠭ ᠪᠥᠬᠡ ᠬᠠᠳᠠᠭᠠᠰᠤ ᠪᠠᠢᠬᠤ ᠦᠭᠡᠢ ᠰᠠᠨ᠃
ᠨ· ᠲᠢᠬᠣᠨᠧ
— ᠲᠡᠷᠡ ᠣᠨᠢ ᠬᠥᠲᠥᠯ ᠢ᠋ᠶ᠋ᠡᠷ ᠳᠠᠪᠠᠪᠠᠯ᠂ ᠪᠠᠬᠠᠨ ᠲᠦᠳᠡ ᠪᠣᠯᠪᠠᠤ(ᠪᠣᠯᠪᠠ ᠤᠤ)? ᠥᠨᠥᠳᠥᠷ ᠶᠡᠬᠡᠯ᠎ᠡ(ᠶᠡᠬᠡ ᠯᠡ) ᠪᠦᠭᠴᠢᠮ ᠬᠠᠯᠠᠭᠤᠨ ᠡᠳᠦᠷ ᠪᠣᠯᠬᠤ ᠰᠢᠨᠵᠢᠲᠡᠶᠠ ᠭᠡᠵᠦ ᠡᠪᠦᠭᠡᠨ ᠬᠡᠭᠡᠷ᠎ᠡ ᠶ᠋ᠢᠨ ᠪᠣᠷᠣ᠂ ᠨᠠᠷᠠ ᠥᠭᠡᠳᠡ ᠡᠷᠭᠢᠵᠦ ᠬᠠᠷᠠᠭᠠᠳ᠂ ᠮᠣᠷᠢ ᠶ᠋ᠢᠨ ᠵᠢᠯᠣᠭᠣ ᠶ᠋ᠢ ᠣᠨᠢ ᠬᠥᠲᠥᠯ ᠦ᠋ᠨ ᠵᠦᠭ ᠵᠠᠯᠠᠵᠠᠢ᠃
— ᠵᠠ! ᠭᠡᠵᠦ ᠪᠠᠭ ᠤ᠋ᠨ ᠳᠠᠷᠤᠭ᠎ᠠ᠂ ᠡᠪᠦᠭᠡᠨ ᠰᠢᠷᠠᠪ ᠣᠯᠠᠨ ᠲᠠᠪᠤᠨ ᠦᠭᠡ ᠦᠭᠡᠢ ᠵᠥᠪᠰᠢᠶᠡᠷᠡᠭᠡᠳ᠂ ᠳᠥᠷᠥᠭᠡ ᠵᠢᠭᠢᠨ ᠥᠨᠳᠡᠢᠰᠬᠢᠵᠦ᠂ ᠬᠡᠭᠡᠷ᠎ᠡ ᠶ᠋ᠢᠨ ᠪᠣᠷᠣ ᠲᠠᠢ ᠵᠤᠤᠵᠠᠢ ᠵᠡᠷᠭᠡᠴᠡᠨ᠂ ᠲᠡᠷᠡ ᠣᠨᠢ ᠬᠥᠲᠥᠯ ᠦ᠋ᠨ ᠵᠦᠭ ᠳᠠᠪᠬᠢᠯᠳᠤᠪᠠ᠃
ᠡᠪᠦᠭᠡᠨ ᠬᠡᠭᠡᠷ᠎ᠡ ᠶ᠋ᠢᠨ ᠪᠣᠷᠣ ᠲᠡᠷᠡ ᠵᠢᠯ᠂ ᠡᠪᠦᠭᠡᠨ ᠢᠸᠠᠨ ᠤ᠋ ᠬᠦᠦ ᠨᠡᠬᠡᠢᠲᠦ ᠶ᠋ᠢ ᠭᠤᠷᠪᠠᠨ ᠵᠢᠯ ᠳᠠᠭᠠᠯᠳᠤᠨ ᠰᠤᠷᠤᠯᠴᠠᠭᠠᠳ᠂ ᠳᠠᠷᠠᠭ᠎ᠠ ᠪᠠᠷ ᠤᠯᠠᠭᠠᠨᠪᠠᠭᠠᠲᠤᠷ ᠲᠤ᠌ ᠪᠠᠭ᠎ᠠ ᠡᠮᠴᠢ ᠨᠠᠷ ᠤ᠋ᠨ ᠲᠦᠷ ᠰᠤᠷᠭᠠᠭᠤᠯᠢ ᠬᠢᠯᠴᠡᠵᠦ᠂ ᠪᠠᠭ᠎ᠠ ᠡᠮᠴᠢ ᠶ᠋ᠢᠨ ᠦᠨᠡᠮᠯᠡᠬᠦ ᠲᠡᠢ ᠲᠡᠭᠦᠰᠬᠡᠵᠦ ᠪᠢᠯᠡ᠃ ᠴᠢᠩᠭᠢᠭᠡᠳ᠂ ᠰᠤᠮᠤᠨ ᠳ᠋ᠠᠭᠠᠨ( ᠳ᠋ᠤ᠌ ᠪᠠᠨ) ᠪᠠᠭ᠎ᠠ ᠡᠮᠴᠢ ᠶ᠋ᠢᠨ ᠭᠠᠵᠠᠷ ᠢ᠋ ᠡᠷᠬᠢᠯᠡᠨ ᠠᠵᠢᠯᠯᠠᠵᠤ᠂ ᠰᠤᠪᠢᠯᠠᠭᠴᠢ ᠰᠠᠨᠢᠲ᠋ᠠᠷᠴᠢ ᠨᠠᠷ ᠢ᠋ ᠳᠠᠭᠠᠯᠳᠤᠭᠤᠯᠤᠨ ᠰᠤᠷᠭᠠᠵᠤ᠂ ᠰᠤᠮᠤᠨ ᠤ᠋ ᠡᠮᠨᠡᠯᠭᠡ ᠶ᠋ᠢᠨ ᠠᠵᠢᠯ ᠢ᠋ ᠬᠠᠷᠢᠭᠤᠴᠠᠨ ᠬᠢᠳᠡᠭ ᠪᠣᠯᠵᠠᠢ᠃ ᠡᠪᠡᠳᠴᠢᠲᠡᠢ ᠬᠥᠮᠦᠨ ᠢ᠋ ᠦᠵᠡᠬᠦ ᠰᠤᠪᠢᠯᠠᠬᠤ ᠳ᠋ᠠᠭᠠᠨ( ᠳ᠋ᠤ᠌ ᠪᠠᠨ)᠂ ᠡᠳᠦᠷ ᠰᠥᠨᠢ ᠶ᠋ᠢᠨ ᠠᠯᠢ ᠴᠤ᠌ ᠴᠠᠭ ᠲᠤ᠌ ᠬᠥᠮᠦᠨ ᠢ᠋ ᠤᠨᠤᠭ᠎ᠠ ᠬᠥᠰᠬᠡ ᠠᠪᠴᠤ ᠬᠦᠷᠴᠦ ᠢᠷᠡᠬᠦ ᠳ᠋ᠦ᠍᠂ ᠨᠠᠰᠤ ᠳᠡᠭᠡᠷ᠎ᠡ ᠭᠠᠷᠤᠭᠰᠠᠨ ᠢ᠋ᠶ᠋ᠠᠨ ᠦᠯᠦ ᠪᠣᠳᠣᠨ᠂ ᠲᠡᠷᠡ ᠳᠣᠣᠷ᠎ᠠ ᠨᠢ ᠮᠣᠷᠳᠠᠳᠠᠭ ᠪᠠᠢᠵᠤ ᠪᠢᠯᠡ᠃
ᠵᠠᠷᠢᠮ ᠬᠥᠮᠦᠨ ᠢ᠋᠂ ᠡᠪᠦᠭᠡᠨ ᠢ᠋ ᠲᠡᠢᠮᠦ ᠨᠠᠰᠤᠲᠠᠢ ᠬᠥᠮᠦᠨ ᠮᠥᠷᠲᠡᠭᠡᠨ᠂ ᠲᠠ ᠶᠠᠭᠠᠬᠢᠵᠤ ᠰᠥᠨᠢ ᠬᠦᠷᠲᠡᠯ᠎ᠡ ᠴᠠᠰᠤ ᠪᠣᠷᠣᠭᠠᠨ ᠳᠤᠮᠳᠠᠭᠤᠷ ᠡᠪᠡᠳᠴᠢᠲᠡᠨ ᠢ᠋ ᠦᠵᠡᠨ᠎ᠡ ᠭᠡᠵᠦ ᠪᠡᠶ᠎ᠡ ᠪᠡᠨ ᠠᠯᠵᠢᠶᠠᠬᠤ ᠵᠣᠪᠠᠬᠤ ᠶ᠋ᠢ ᠪᠣᠳᠣᠳᠠᠭ ᠦᠭᠡᠢ ᠶᠠᠪᠤᠳᠠᠭ ᠪᠢᠯᠡ ᠭᠡᠵᠦ ᠭᠠᠢᠬᠠᠨ ᠠᠰᠠᠭᠤᠬᠤ ᠳ᠋ᠤ᠌᠂
— ᠵᠥᠪᠯᠡᠯᠲᠦ ᠶ᠋ᠢᠨ ᠡᠮᠴᠢ᠂ ᠨᠠᠳᠠᠳᠤ( ᠨᠠᠳᠠ ᠳ᠋ᠤ᠌) ᠵᠢᠭᠠᠵᠤ ᠰᠤᠷᠭᠠᠬᠤ ᠳ᠋ᠠᠭᠠᠨ( ᠳ᠋ᠤ᠌ ᠪᠠᠨ)᠂ ᠬᠥᠮᠦᠨ ᠳ᠋ᠦ᠍ ᠡᠮᠨᠡᠯᠭᠡ ᠶ᠋ᠢᠨ ᠲᠤᠰᠠᠯᠠᠮᠵᠢ ᠦᠵᠡᠭᠦᠯᠬᠦ ᠳ᠋ᠡᠭᠡᠨ( ᠳ᠋ᠦ᠍ ᠪᠡᠨ) ᠡᠮᠴᠢ ᠬᠥᠮᠦᠨ ᠡᠳᠦᠷ ᠰᠥᠨᠢ ᠶ᠋ᠢᠨ ᠳᠥᠷᠪᠡᠨ ᠴᠠᠭ ᠲᠤ᠌ ᠬᠡᠵᠢᠶ᠎ᠡ ᠴᠦ᠍ ᠪᠡᠯᠡᠨ ᠵᠠᠯᠠᠨ ᠪᠠᠢᠬᠤ ᠶᠣᠰᠣᠲᠠᠢ᠃ ᠪᠡᠶ᠎ᠡ ᠶ᠋ᠢᠨ ᠴᠢᠯᠡᠬᠦ ᠵᠦᠳᠡᠷᠡᠬᠦ ᠪᠡᠷ ᠰᠢᠯᠲᠠᠭ ᠬᠢᠵᠦ ᠬᠣᠢᠰᠢ ᠰᠠᠭᠤᠵᠤ᠂ ᠡᠮᠴᠢ ᠬᠥᠮᠦᠨ ᠶᠡᠷᠦ ᠪᠣᠯᠬᠤ ᠦᠭᠡᠢ ᠭᠡᠳᠡᠭ ᠰᠠᠨ᠃ ᠥᠷᠯᠥᠭᠡ ᠪᠣᠯᠭᠠᠶ᠎ᠠ ᠭᠡᠵᠦ ᠬᠣᠢᠰᠢᠯᠠᠭᠤᠯᠤᠭᠠᠳ ᠣᠴᠢᠬᠤ ᠳ᠋ᠤ᠌᠂ ᠲᠡᠷᠡ ᠬᠥᠮᠦᠨ ᠦᠬᠦᠵᠦ ᠪᠠᠢᠭᠰᠠᠨ ᠪᠠᠢᠪᠠᠯ᠂ ᠳᠡᠷᠭᠡᠳᠡᠬᠢ ᠤᠯᠤᠰ ᠨᠢ ᠴᠦ᠍ ᠶᠠᠭᠤ ᠭᠡᠵᠦ ᠪᠣᠳᠣᠬᠤ ᠪᠢᠯᠡ᠃ ᠪᠢ ᠴᠦ᠍ ᠥᠪᠡᠷ ᠢ᠋ᠶ᠋ᠡᠨ ᠪᠠᠰᠠ ᠶᠠᠭᠤ ᠭᠡᠵᠦ ᠪᠣᠳᠣᠵᠤ᠂ ᠬᠥᠮᠦᠨ ᠦ᠌ ᠨᠢᠭᠤᠷ ᠬᠠᠷᠠᠵᠤ ᠶᠠᠪᠤᠬᠤ ᠪᠣᠢ? ᠭᠡᠳᠡᠭ ᠪᠠᠢᠵᠠᠢ᠃ ᠣᠳᠣ ᠴᠤ᠌ ᠭᠡᠰᠡᠨ ᠡᠪᠦᠭᠡᠨ ᠡᠮᠴᠢ᠂ ᠪᠠᠭ ᠤ᠋ᠨ ᠳᠠᠷᠤᠭ᠎ᠠ ᠶ᠋ᠢᠨ ᠬᠦᠦ ᠶ᠋ᠢ ᠮᠣᠷᠢᠨ ᠠ᠋ᠴᠠ ᠣᠢᠴᠢᠵᠤ ᠬᠥᠯ ᠢ᠋ᠶ᠋ᠡᠨ ᠬᠤᠭᠤᠯᠵᠤ ᠭᠡᠵᠦ ᠡᠪᠦᠭᠡᠨ ᠡᠴᠢᠭᠡ ᠨᠢ ᠢᠷᠡᠬᠦ ᠳ᠋ᠦ᠍ ᠣᠴᠢᠭᠠᠳ᠂ ᠶᠡᠷᠦ ᠡᠴᠡ ᠪᠡᠨ ᠠᠯᠢ ᠬᠡᠳᠦᠢᠨ ᠦ᠌ ᠰᠠᠢᠨ ᠪᠠᠷᠢᠶᠠᠴᠢ ᠲᠤᠯᠠ ᠡᠨᠡ ᠤᠳᠠᠭ᠎ᠠ ᠴᠤ᠌ ᠡᠪᠦᠭᠡᠨ ᠦ᠌ ᠬᠦᠦ ᠶ᠋ᠢᠨ ᠬᠥᠯ ᠢ᠋ ᠴᠢᠳᠠᠮᠠᠭᠠᠢ ᠪᠠᠷ ᠪᠠᠷᠢᠵᠤ᠂ ᠴᠢᠭ ᠪᠠᠷᠢᠵᠤ ᠬᠣᠨᠣᠭᠠᠳ᠂ ᠰᠤᠮᠤᠨ ᠤ᠋ ᠪᠠᠨ ᠡᠮᠨᠡᠯᠭᠡ ᠳ᠋ᠦ᠍ ᠪᠤᠴᠠᠵᠤ ᠶᠠᠪᠤᠭᠰᠠᠨ ᠪᠢᠯᠡ᠃
ᠣᠨᠢ ᠬᠥᠲᠥᠯ ᠳᠡᠭᠡᠷ᠎ᠡ ᠭᠠᠷᠤᠭᠠᠳ᠂ ᠬᠣᠶᠠᠷ ᠡᠪᠦᠭᠡᠨ ᠮᠣᠷᠢ ᠠ᠋ᠴᠠ ᠪᠠᠨ ᠪᠠᠭᠤᠵᠤ ᠴᠥᠮᠴᠥᠢᠨ ᠰᠠᠭᠤᠭᠠᠳ᠂ ᠭᠠᠩᠰᠠ ᠪᠠᠨ ᠭᠠᠷᠭᠠᠵᠤ ᠲᠠᠮᠠᠬᠢ ᠪᠠᠨ ᠨᠡᠷᠡᠵᠦ᠂ ᠭᠠᠭᠴᠠ ᠨᠢᠭᠡ ᠦᠭᠡ ᠬᠡᠯᠡᠯᠴᠡᠨ ᠲᠠᠮᠠᠬᠢ ᠲᠠᠲᠠᠪᠠ᠃
ᠡᠪᠦᠭᠡᠨ ᠰᠢᠷᠠᠪ ᠬᠣᠯᠠ ᠬᠠᠷᠠᠳᠠᠭ ᠬᠤᠷᠴᠠ ᠨᠢᠳᠦ ᠪᠡᠨ ᠠᠨᠢᠰᠬᠢᠭᠡᠳ ᠠᠯᠤᠰ ᠢ᠋ ᠰᠢᠷᠲᠡᠲᠡᠯᠡ᠂ ᠲᠡᠷᠲᠡᠭᠡ ᠳᠡᠨᠵᠢ ᠳᠡᠭᠡᠷ᠎ᠡ ᠦᠵᠡᠭᠳᠡᠵᠦ ᠪᠠᠢᠭ᠎ᠠ ᠨᠢᠭᠡ ᠠᠢᠯ ᠵᠢᠭᠠᠵᠤ᠂
— ᠲᠡᠷᠡ ᠠᠢᠯ ᠳ᠋ᠤ᠌ ᠯᠠᠪ ᠨᠢᠭᠡ ᠶᠠᠭᠤᠮ᠎ᠠ ᠪᠣᠯᠵᠤ ᠳᠠ᠃ ᠭᠡᠷ ᠡᠴᠡ ᠨᠢᠭᠡ ᠬᠥᠮᠦᠨ ᠭᠠᠷᠤᠭᠠᠳ ᠬᠡᠳᠦ ᠠᠯᠬᠤᠭᠠᠳ ᠣᠢᠴᠢᠵᠠᠢ ᠭᠡᠬᠦ ᠳ᠋ᠦ᠍ᠨᠢ( ᠳ᠋ᠦ᠍ ᠨᠢ)᠂ ᠬᠡᠭᠡᠷ᠎ᠡ ᠶ᠋ᠢᠨ ᠪᠣᠷᠣ ᠭᠠᠩᠰᠠ ᠪᠠᠨ ᠶᠠᠭᠠᠷᠠᠨ ᠲᠣᠭᠰᠢᠵᠤ ᠲᠦᠷᠡᠢᠯᠡᠭᠡᠳ᠂
— ᠲᠡᠷᠡ ᠠᠢᠯ ᠳ᠋ᠤ᠌ ᠳᠠᠭᠠᠷᠢᠵᠤ ᠦᠵᠡᠯ ᠦᠭᠡᠢ ᠭᠣᠷᠢ ᠦᠭᠡᠢ ᠪᠣᠯᠤᠯ᠎ᠠ ᠭᠡᠵᠦ ᠬᠣᠶᠠᠷ ᠡᠪᠦᠭᠡᠳ ᠮᠣᠷᠢᠨ ᠤ᠋ ᠪᠠᠨ ᠣᠯᠣᠩ ᠢ᠋ ᠴᠢᠩᠭᠠᠯᠠᠭᠠᠳ᠂ ᠲᠡᠷᠡ ᠳᠡᠨᠵᠢ ᠶ᠋ᠢᠨ ᠠᠢᠯ ᠲᠡᠢᠰᠢ ᠬᠠᠲᠠᠷᠢᠭᠤᠯᠵᠠᠢ᠃ ᠭᠠᠳᠠᠭ᠎ᠠ ᠨᠢ ᠬᠦᠷᠴᠦ ᠣᠴᠢᠭᠠᠳ᠂
— ᠱᠠᠷᠢ ᠭᠤᠸᠠᠢ! ᠭᠡᠵᠦ ᠬᠡᠭᠡᠷ᠎ᠡ ᠶ᠋ᠢᠨ ᠪᠣᠷᠣ᠂ ᠤᠰᠤᠨ ᠤ᠋ ᠬᠠᠪᠴᠢᠭ ᠤ᠋ᠨ ᠬᠠᠪᠢ ᠳ᠋ᠤ᠌ ᠬᠥᠰᠡᠷ ᠬᠡᠪᠲᠡᠵᠦ ᠪᠠᠢᠭᠰᠠᠨ ᠲᠡᠷᠡ ᠬᠥᠮᠦᠨ ᠢ᠋ ᠳᠠᠭᠤᠳᠠᠵᠠᠢ᠃ ᠲᠡᠭᠡᠭᠡᠳ ᠬᠣᠶᠠᠷ ᠡᠪᠦᠭᠡᠳ ᠶᠠᠭᠠᠷᠠᠨ ᠲᠡᠷᠡ ᠡᠮᠡᠭᠡᠨ ᠦ᠌ ᠳᠡᠷᠭᠡᠳᠡ ᠬᠦᠷᠴᠦ᠂ ᠬᠡᠭᠡᠷ᠎ᠡ ᠶ᠋ᠢᠨ ᠪᠣᠷᠣ᠂ ᠲᠠ ᠲᠦᠷ ᠮᠢᠨᠦ ᠮᠣᠷᠢ ᠪᠠᠷᠢᠵᠤ ᠪᠠᠢᠨᠠᠤ(ᠪᠠᠢᠨ᠎ᠠ ᠤᠤ)? ᠭᠡᠵᠦ ᠬᠡᠯᠡᠭᠡᠳ ᠮᠣᠷᠢᠨ ᠠ᠋ᠴᠠ ᠪᠠᠭᠤᠵᠤ᠂ ᠭᠠᠵᠠᠷ ᠬᠡᠪᠲᠡᠵᠦ ᠪᠠᠢᠭᠰᠠᠨ ᠡᠮᠡᠭᠡᠨ ᠦ᠌ ᠳᠡᠷᠭᠡᠳᠡ ᠶᠠᠪᠠᠭᠠᠨ ᠰᠠᠭᠤᠵᠤ᠂
— ᠱᠠᠷᠢ ᠭᠤᠸᠠᠢ᠂ ᠲᠠ ᠶᠠᠭᠠᠬᠢᠴᠢᠬᠠᠪᠠ? ᠭᠡᠵᠦ ᠠᠰᠠᠭᠤᠲᠠᠯ᠎ᠠ᠂ ᠲᠡᠷᠡ ᠡᠮᠡᠭᠡᠨ ᠤᠬᠠᠭᠠᠨ ᠰᠣᠯᠢᠶᠠᠷᠠᠵᠤ᠂ ᠠᠮᠠᠨ ᠳᠣᠲᠣᠷ᠎ᠠ ᠪᠠᠨ ᠳᠡᠮᠡᠢ ᠯᠡ ᠨᠢᠭᠡ ᠶᠠᠭᠤᠮ᠎ᠠ ᠬᠦᠩᠭᠢᠨᠡᠬᠦ ᠠᠵᠢ᠃ ᠵᠢᠰᠦ ᠴᠢᠷᠠᠢ᠂ ᠬᠦᠵᠦᠭᠦᠦ᠂ ᠭᠠᠷ ᠨᠢ ᠬᠥᠪ ᠬᠥᠬᠡ ᠥᠩᠭᠡᠲᠡᠢ ᠪᠣᠯᠵᠤ᠂ ᠨᠢᠳᠦᠨ ᠦ᠌ ᠬᠢᠨᠢ ᠴᠠᠭᠠᠨ ᠤᠯᠠᠢᠵᠠᠢ᠃ ᠲᠣᠯᠣᠭᠠᠢ ᠶ᠋ᠢ ᠳᠥᠰᠢᠨ ᠡᠷᠭᠦᠵᠦ ᠳᠤᠬᠤ ᠶ᠋ᠢ ᠨᠢ ᠪᠠᠷᠢᠵᠤ ᠦᠵᠡᠪᠡᠯ᠂ ᠶᠡᠬᠡ ᠯᠡ ᠬᠠᠯᠠᠭᠤᠨ ᠲᠠᠢ ᠪᠣᠯᠤᠯᠲᠠᠢ᠃ ᠡᠪᠦᠭᠡᠨ᠂ ᠱᠠᠷᠢ ᠡᠮᠡᠭᠡᠨ ᠢ᠋ ᠬᠡᠦᠬᠡᠳ ᠰᠢᠭ ᠡᠷᠭᠦᠭᠡᠳ᠂ ᠭᠡᠷ ᠦ᠋ᠨ ᠵᠦᠭ ᠠᠯᠬᠤᠨ᠂ ᠥᠷᠥᠭᠡᠰᠦᠨ ᠭᠠᠷ ᠢ᠋ᠶ᠋ᠠᠷ ᠡᠭᠦᠳᠡ ᠶ᠋ᠢ ᠰᠡᠬᠦᠵᠦ᠂ ᠥᠨᠥᠬᠢ ᠭᠡᠨᠡᠳᠲᠡ ᠬᠠᠨᠢᠶᠠᠵᠤ ᠡᠬᠢᠯᠡᠭᠰᠡᠨ ᠡᠮᠡᠭᠡᠨ ᠢ᠋ ᠡᠷᠭᠦᠭᠰᠡᠭᠡᠷ ᠳᠣᠲᠣᠭᠰᠢ ᠣᠷᠣᠭᠠᠳ ᠨᠢᠭᠡᠨ ᠬᠡᠰᠡᠭ ᠪᠣᠯᠬᠤ ᠳ᠋ᠤᠨᠢ( ᠳ᠋ᠤ᠌ ᠨᠢ)᠂ ᠰᠢᠷᠠᠪ ᠡᠪᠦᠭᠡᠨ ᠮᠣᠷᠢ ᠪᠠᠨ ᠲᠤᠱᠠᠵᠤ ᠭᠡᠷ ᠦ᠋ᠨ ᠵᠦᠭ ᠠᠯᠬᠤᠲᠠᠯ᠎ᠠ᠂
— ᠰᠢᠷᠠᠪ ᠭᠤᠸᠠᠢ᠂ ᠲᠠ ᠲᠦᠷ ᠭᠠᠳᠠᠭ᠎ᠠ ᠬᠦᠯᠢᠶᠡᠵᠦ ᠪᠠᠢ ᠭᠡᠵᠦ ᠭᠡᠷ ᠳᠣᠲᠣᠷ᠎ᠠ ᠠ᠋ᠴᠠ ᠬᠡᠭᠡᠷ᠎ᠡ ᠶ᠋ᠢᠨ ᠪᠣᠷᠣ ᠳᠤᠤᠭᠠᠷᠤᠭᠠᠳ᠂ ᠤᠳᠠᠯ ᠦᠭᠡᠢ ᠭᠡᠷ ᠡᠴᠡ ᠭᠠᠷᠴᠤ᠂
— ᠡᠨᠡ ᠭᠡᠷ ᠲᠦ᠍ ᠨᠢᠭᠡ ᠬᠡᠦᠬᠡᠳ ᠦᠬᠦᠭᠡᠳ᠂ ᠡᠬᠡ ᠨᠢ ᠦᠬᠦᠵᠦ ᠪᠠᠢᠭ᠎ᠠ ᠶᠤᠮ ᠪᠠᠢᠨ᠎ᠠ᠃ ᠮᠢᠨᠦ ᠪᠣᠳᠣᠬᠤ ᠳ᠋ᠤ᠌᠂ ᠥᠨᠥᠬᠢ ᠲᠠᠷᠪᠠᠭᠠᠨ ᠲᠠᠬᠤᠯ ᠭᠡᠭᠴᠢ ᠨᠢ ᠶᠦᠮ ᠪᠣᠯᠤᠯᠲᠠᠢ᠃ ᠲᠠ ᠰᠤᠮᠤᠨ ᠤ᠋ ᠳᠠᠷᠤᠭ᠎ᠠ ᠳ᠋ᠤ᠌ ᠡᠨᠡ ᠤᠴᠢᠷ ᠢ᠋ ᠶᠠᠭᠠᠷᠠᠨ ᠮᠡᠳᠡᠭᠳᠡᠵᠦ᠂ ᠪᠠᠰᠠ ᠡᠨᠡ ᠬᠠᠪᠢ ᠪᠠᠷ ᠠᠮᠢᠲᠠᠨ ᠤ᠋ ᠬᠥᠯ ᠬᠣᠷᠢᠵᠤ ᠦᠵᠡ ᠭᠡᠬᠦ ᠳ᠋ᠦ᠍ᠨᠢ( ᠳ᠋ᠦ᠍ ᠨᠢ)᠂ ᠰᠢᠷᠠᠪ ᠡᠪᠦᠭᠡᠨ ᠭᠢᠷᠳᠡᠭᠢᠨ ᠰᠣᠴᠢᠵᠤ᠂
— ᠲᠠ ᠶᠠᠭᠠᠬᠢᠳᠠᠭ ᠪᠢᠯᠡ? ᠭᠡᠪᠡ᠃
ᠪᠢ᠂ ᠡᠪᠡᠳᠴᠢᠨ ᠬᠠᠯᠳᠠᠭᠰᠠᠨ ᠬᠥᠮᠦᠨ ᠢ᠋ ᠡᠭᠦᠷᠴᠦ᠂ ᠯᠠᠪ ᠥᠪᠡᠷ ᠢ᠋ᠶ᠋ᠡᠨ ᠬᠠᠯᠳᠠᠭᠰᠠᠨ ᠲᠤᠯᠠ᠂ ᠠᠷᠭ᠎ᠠ ᠪᠤᠶᠤ ᠡᠨᠡ ᠭᠡᠷ ᠦ᠋ᠨ ᠵᠣᠪᠠᠯᠠᠩᠲᠠᠨ ᠳ᠋ᠤ᠌ ᠠᠯᠢ ᠪᠣᠯᠬᠣᠷ ᠵᠣᠪᠠᠯᠠᠩ ᠢ᠋ ᠨᠢ ᠨᠢᠮᠭᠡᠯᠡᠵᠦ ᠰᠤᠪᠢᠯᠠᠭᠰᠠᠭᠠᠷ᠂ ᠨᠢᠭᠡ ᠶ᠋ᠢ ᠪᠡᠨ ᠦᠵᠡᠬᠦ ᠡᠴᠡ ᠥᠭᠡᠷ᠎ᠡ ᠠᠷᠭ᠎ᠠ ᠦᠭᠡᠢ ᠪᠣᠯᠤᠯ᠎ᠠ᠃ ᠲᠠ᠂ ᠮᠢᠨᠦ ᠪᠣᠭᠴᠣ ᠠ᠋ᠴᠠ ᠰᠠᠪᠠ ᠲᠠᠢ ᠡᠮ ᠢ᠋ ᠮᠢᠨᠢ ᠠᠪᠤᠭᠠᠳ ᠲᠠᠯᠪᠢᠭᠠᠷᠠᠢ᠃ ᠲᠡᠭᠡᠭᠡᠳ᠂ ᠲᠠ ᠡᠷᠲᠡᠬᠡᠨ ᠶᠠᠪᠤᠵᠤ ᠦᠵᠡ ᠳᠡ ᠭᠡᠬᠦ ᠳ᠋ᠦ᠍ᠨᠢ( ᠳ᠋ᠦ᠍ ᠨᠢ)᠂
— ᠲᠠ᠂ ᠡᠪᠡᠳᠴᠢᠨ ᠬᠠᠯᠳᠠᠭᠠ ᠦᠭᠡᠢ ᠴᠦ᠍ ᠪᠠᠢᠵᠤ ᠪᠣᠯᠵᠣᠰᠢ ᠦᠭᠡᠢ᠂ ᠲᠠᠨ ᠤ᠋ ᠡᠨᠡ ᠬᠠᠢᠷᠴᠠᠭ ᠲᠠᠢ ᠡᠮ ᠳᠣᠲᠣᠷ᠎ᠠ ᠬᠠᠯᠳᠠᠪᠤᠷᠢ ᠠᠷᠢᠭᠤᠳᠬᠠᠬᠤ ᠡᠮ ᠪᠠᠢᠳᠠᠭ ᠪᠣᠯᠪᠠᠯ᠂ ᠭᠠᠷ ᠨᠢᠭᠤᠷ ᠢ᠋ᠶ᠋ᠠᠨ ᠠᠷᠴᠢᠵᠤ ᠠᠷᠢᠭᠤᠳᠬᠠᠭᠠᠳ᠂ ᠳᠡᠪᠡᠯ ᠮᠠᠯᠠᠭᠠᠢ ᠪᠠᠨ ᠡᠪᠡᠳᠴᠢᠨ ᠦ᠌ ᠬᠠᠯᠳᠠᠪᠤᠷᠢ ᠲᠠᠢ ᠭᠡᠪᠡᠯ᠂ ᠲᠠᠢᠴᠢᠵᠤ ᠣᠷᠬᠢᠭᠠᠳ ᠶᠠᠪᠤᠬᠤ ᠶᠤᠮ ᠪᠢᠰᠢᠦ? ᠵᠠᠮ ᠳ᠋ᠠᠭᠠᠨ( ᠳ᠋ᠤ᠌ ᠪᠠᠨ)ᠳᠡᠪᠡᠯ ᠣᠯᠵᠤ ᠪᠣᠯᠤᠨ᠎ᠠ ᠰᠢᠦ ᠳᠡ᠂ ᠠ? ᠭᠡᠵᠦ ᠰᠢᠷᠠᠪ ᠡᠪᠦᠭᠡᠨ ᠦ᠌ ᠵᠣᠪᠠᠨᠢᠨ ᠬᠡᠯᠡᠬᠦ ᠳ᠋ᠦ᠍᠂
— ᠦᠭᠡᠢ᠂ ᠦᠭᠡᠢ᠂ ᠰᠢᠷᠠᠪ ᠭᠤᠸᠠᠢ ᠮᠢᠨᠢ᠂ ᠡᠨᠡ ᠶᠡᠬᠡ ᠠᠶᠤᠯᠲᠠᠢ ᠡᠪᠡᠳᠴᠢᠨ᠃ ᠪᠢ ᠲᠡᠭᠡᠵᠦ ᠲᠠᠨ ᠳ᠋ᠤ᠌᠂ ᠮᠥᠨ ᠪᠤᠰᠤᠳ ᠲᠤ᠌ ᠠᠶᠤᠯ ᠤᠴᠠᠷᠠᠭᠤᠯᠬᠤ ᠶ᠋ᠢ ᠰᠡᠳᠬᠢᠯ ᠲᠦᠪᠳᠡᠬᠦ ᠦᠭᠡᠢ ᠪᠠᠢᠨ᠎ᠠ᠃ ᠪᠢ ᠡᠨᠳᠡ ᠪᠠᠨ ᠯᠠ ᠬᠣᠴᠣᠷᠴᠤ᠂ ᠡᠮᠴᠢ ᠬᠥᠮᠦᠨ ᠦ᠌ ᠨᠠᠷᠢᠨ ᠰᠤᠪᠢᠯᠠᠬᠤ ᠵᠢᠷᠤᠮ ᠢ᠋ ᠭᠦᠢᠴᠡᠳᠬᠡᠶ᠎ᠡ᠃ ᠲᠠ ᠪᠠᠰᠠ ᠨᠤᠲᠤᠭ ᠣᠯᠠᠨ ᠤ᠋ ᠡᠷᠡᠭᠦᠯ ᠮᠡᠨᠳᠦ ᠶ᠋ᠢ ᠪᠣᠳᠣᠵᠤ᠂ ᠵᠢᠭᠠᠪᠤᠷᠢ ᠶᠣᠰᠣᠭᠠᠷ ᠬᠥᠯ ᠬᠣᠷᠢᠬᠤ᠂ ᠲᠥᠪ ᠦ᠋ᠨ ᠭᠠᠵᠠᠷ ᠮᠡᠳᠡᠭᠳᠡᠬᠦ ᠡᠭᠦᠷᠭᠡ ᠪᠡᠨ ᠭᠦᠢᠴᠡᠳᠬᠡᠵᠦ ᠦᠵᠡ᠃ ᠲᠠ ᠮᠢᠨᠢ ᠱᠠᠯᠠᠪᠬᠠᠨ ᠶᠠᠪᠤ᠃
ᠴᠠᠭᠠᠨ᠎ᠠ ᠲᠠᠨᠢ ᠪᠠᠰᠠ ᠤᠯᠤᠰ ᠠᠢᠰᠤᠢ᠃ ᠲᠡᠳᠡᠨ ᠳ᠋ᠦ᠍ ᠪᠤᠰᠢᠭᠤᠬᠠᠨ ᠮᠡᠳᠡᠭᠳᠡᠵᠦ᠂ ᠡᠨᠡ ᠤᠷᠤᠭᠤ ᠪᠢᠲᠡᠭᠡᠢ ᠣᠢᠷᠠᠲᠤᠭᠤᠯ ᠭᠡᠬᠦ ᠳ᠋ᠦ᠍ᠨᠢ( ᠳ᠋ᠦ᠍ ᠨᠢ)᠂ ᠰᠢᠷᠠᠪ ᠡᠪᠦᠭᠡᠨ ᠪᠣᠭᠴᠣ ᠠ᠋ᠴᠠ ᠨᠢ ᠡᠪᠦᠭᠡᠨ ᠪᠣᠷᠣ ᠶ᠋ᠢᠨ ᠠᠪᠴᠤ ᠶᠠᠪᠤᠳᠠᠭ ᠬᠠᠢᠷᠴᠠᠭ ᠲᠠᠢ ᠡᠮ ᠢ᠋ ᠭᠠᠷᠭᠠᠵᠤ ᠭᠠᠵᠠᠷ ᠲᠠᠯᠪᠢᠭᠠᠳ᠂ ᠰᠠᠢᠨ ᠶᠠᠪᠤᠭᠠᠷᠠᠢ ᠭᠡᠵᠦ ᠡᠪᠦᠭᠡᠨ ᠡᠮᠴᠢ ᠶ᠋ᠢᠨ ᠰᠠᠯᠬᠤ ᠶᠣᠰᠣ ᠬᠢᠬᠦ ᠳ᠋ᠦ᠍᠂ ᠵᠠ᠂ ᠲᠠ ᠰᠠᠢᠨ ᠪᠠᠢᠭᠠᠷᠠᠢ᠂ ᠮᠠᠭᠤ ᠶᠠᠭᠤᠮ᠎ᠠ ᠲᠠᠨ ᠳ᠋ᠤ᠌ ᠪᠦᠦ ᠬᠠᠯᠳᠠᠭᠠᠰᠠᠢ ᠭᠡᠳ ᠶᠠᠭᠠᠷᠠᠨ ᠳᠣᠪᠲᠣᠯᠤᠨ ᠣᠳᠪᠠ᠃
ᠬᠡᠭᠡᠷ᠎ᠡ ᠶ᠋ᠢᠨ ᠪᠣᠷᠣ᠂ ᠡᠪᠦᠭᠡᠨ ᠦ᠌ ᠬᠣᠢᠨ᠎ᠠ ᠠ᠋ᠴᠠ ᠪᠣᠳᠣᠯᠭ᠎ᠠ ᠪᠣᠯᠵᠤ᠂ ᠪᠠᠬᠠᠨ ᠬᠠᠷᠠᠵᠤ ᠵᠣᠭᠰᠣᠭᠠᠳ᠂ ᠬᠠᠢᠷᠴᠠᠭ ᠲᠠᠢ ᠡᠮ ᠢ᠋ᠶ᠋ᠡᠨ ᠠᠪᠴᠤ᠂ ᠬᠤᠷᠳᠤᠨ ᠴᠠᠭᠠᠨ ᠤ᠋ ᠠᠭᠤᠰᠤᠮᠠᠯ ᠢ᠋ᠶ᠋ᠠᠷ ᠭᠠᠷ ᠢ᠋ᠶ᠋ᠠᠨ ᠤᠬᠢᠶᠠᠵᠤ᠂ ᠨᠢᠭᠤᠷ ᠢ᠋ᠶ᠋ᠠᠨ ᠬᠠᠯᠳᠠᠪᠤᠷᠢ ᠠᠷᠢᠭᠤᠳᠬᠠᠭᠴᠢ ᠰᠢᠩᠭᠡᠨ ᠶᠠᠭᠤᠮ᠎ᠠ ᠬᠥᠪᠥᠩ ᠳ᠋ᠦ᠍ ᠰᠢᠩᠭᠡᠬᠡᠨ ᠠᠷᠴᠢᠭᠠᠳ᠂ ᠡᠮᠡᠭᠡᠨ ᠦ᠌ ᠳᠡᠪᠡᠯ ᠦ᠋ᠨ ᠡᠩᠭᠡᠷ ᠲᠦ᠍ ᠬᠠᠯᠲᠠᠷᠯᠠᠨ ᠬᠠᠲᠠᠭᠰᠠᠨ ᠬᠦᠷᠡᠩ ᠮᠡᠩᠭᠡᠷ᠂ ᠬᠦᠷᠡᠩ ᠳᠡᠪᠡᠯ ᠦ᠋ᠨ ᠥᠩᠭᠡ ᠡᠴᠡ ᠪᠠᠷᠤᠭ ᠢᠯᠭᠠᠷᠠᠬᠤ ᠦᠭᠡᠢ ᠪᠠᠢᠭᠰᠠᠨ ᠨᠢ ᠰᠠᠨᠠᠭᠠᠨ ᠳ᠋ᠤᠨᠢ( ᠳ᠋ᠤ᠌ ᠨᠢ) ᠣᠷᠣᠵᠤ᠂ ᠪᠠᠰᠠ ᠡᠭᠦᠳᠡ ᠪᠡᠷ ᠣᠷᠣᠬᠤ ᠭᠡᠵᠦ ᠪᠥᠬᠥᠢᠬᠦ ᠳ᠋ᠦ᠍ᠨᠢ( ᠳ᠋ᠦ᠍ ᠨᠢ) ᠨᠢᠭᠤᠷ ᠠᠮᠠ ᠥᠭᠡᠳᠡ ᠨᠢ ᠰᠢᠯᠦᠰᠦ ᠪᠡᠨ ᠥᠰᠥᠷᠬᠡᠨ ᠬᠠᠨᠢᠶᠠᠭᠰᠠᠨ ᠢ᠋ ᠰᠠᠨᠠᠮᠠᠭᠴᠠ᠂ ᠡᠮᠴᠢ ᠳ᠋ᠣᠺᠲ᠋ᠣᠷ ᠤ᠋ᠨ ᠵᠢᠭᠠᠵᠤ ᠪᠠᠢᠭᠰᠠᠨ ᠶᠣᠰᠣᠭᠠᠷ ᠪᠣᠯ ᠪᠢ ᠴᠦ᠍ ᠯᠠᠪ ᠲᠠᠬᠤᠯ ᠬᠠᠯᠳᠠᠵᠤ ᠭᠦᠢᠴᠡᠯ᠎ᠡ ᠭᠡᠵᠦ ᠪᠣᠳᠣᠭᠠᠳ᠂ ᠠᠮᠠ ᠬᠠᠮᠠᠷ ᠢ᠋ᠶ᠋ᠠᠨ ᠬᠠᠮᠠᠭᠠᠯᠠᠬᠤ ᠪᠣᠭᠣᠯᠲᠠ ᠪᠠᠷ ᠣᠷᠢᠶᠠᠵᠤ ᠰᠤᠷᠤᠭᠰᠠᠨ ᠳ᠋ᠠᠭᠠᠨ᠂ ᠲᠡᠷᠡ ᠪᠣᠭᠣᠯᠲᠠ ᠪᠠᠨ ᠬᠡᠷᠡᠭᠯᠡᠵᠦ᠂ ᠷᠧᠽᠢᠨ ᠪᠡᠭᠡᠯᠢ ᠪᠠᠷᠢᠭᠠᠳ ᠭᠡᠷ ᠦ᠋ᠨ ᠡᠭᠦᠳᠡ ᠰᠡᠬᠦᠵᠦ ᠣᠷᠣᠪᠠ᠃
ᠠᠷᠪᠠᠭᠠᠳ ᠨᠠᠰᠤ ᠲᠠᠢ ᠦᠬᠦᠭᠰᠡᠨ ᠬᠦᠦ ᠪᠠᠷᠠᠭᠤᠨ ᠬᠠᠶᠠᠭᠠᠨ ᠳᠡᠭᠡᠷᠡᠬᠢ ᠣᠷᠣᠨ ᠳᠡᠭᠡᠷ᠎ᠡ ᠬᠡᠪᠲᠡᠵᠦ᠂ ᠣᠷᠣᠨ ᠤ᠋ ᠨᠠᠭᠠᠨ᠎ᠠ ᠨᠢ ᠰᠢᠷᠲᠡᠭ ᠳᠡᠭᠡᠷ᠎ᠡ᠂ ᠠᠶᠤᠯᠲᠤ ᠡᠪᠡᠳᠴᠢᠨ ᠳ᠋ᠦ᠍ ᠦᠵᠡᠰᠬᠦᠯᠡᠩ ᠭᠤᠸ᠎ᠠ ᠨᠢ ᠳᠠᠷᠤᠭᠳᠠᠭ᠎ᠠ ᠦᠭᠡᠢ᠂ ᠭᠤᠴᠢᠭᠠᠳ ᠨᠠᠰᠤᠨ ᠤ᠋ ᠡᠬᠡᠨᠡᠷ ᠬᠥᠮᠦᠨ ᠬᠥᠳᠡᠯᠬᠦ ᠲᠡᠩᠬᠡᠯ ᠦᠭᠡᠢ ᠬᠡᠪᠲᠡᠵᠦ᠂ ᠤᠲᠠᠰᠤᠨ ᠴᠢᠨᠡᠭᠡ ᠤᠯᠠᠭᠠᠨ ᠭᠣᠣᠯ ᠨᠢ ᠲᠠᠰᠤᠷᠠᠭ᠎ᠠ ᠦᠭᠡᠢ ᠠᠮᠢᠳᠤ ᠪᠠᠢᠭ᠎ᠠ ᠨᠢ ᠭᠠᠭᠴᠠᠬᠦ( ᠭᠠᠭᠴᠠ ᠬᠦ᠌) ᠤᠷᠤᠭᠤᠯ ᠬᠠᠶᠠ ᠬᠥᠳᠡᠯᠬᠦ ᠪᠡᠷ ᠮᠡᠳᠡᠭᠳᠡᠵᠦ ᠪᠠᠢᠯ᠎ᠠ᠃
ᠬᠡᠭᠡᠷ᠎ᠡ ᠶ᠋ᠢᠨ ᠪᠣᠷᠣ ᠶ᠋ᠢᠨ ᠡᠷᠭᠦᠵᠦ ᠣᠷᠣᠭᠤᠯᠤᠭᠠᠳ ᠵᠡᠭᠦᠨ ᠬᠠᠶᠠᠭᠠᠨ ᠳ᠋ᠠᠬᠢ ᠣᠷᠣᠨ ᠳᠡᠭᠡᠷ᠎ᠡ ᠬᠡᠪᠲᠡᠭᠦᠯᠦᠭᠰᠡᠨ ᠲᠡᠷᠡ ᠡᠮᠡᠭᠡᠨ ᠬᠠᠯᠠᠭᠤᠨᠲᠠᠢ᠂ ᠭᠢᠯᠠᠯᠵᠠᠭᠰᠠᠨ ᠨᠢᠳᠦ ᠪᠡᠷ ᠡᠪᠦᠭᠡᠨ ᠦ᠌ ᠥᠭᠡᠳᠡ ᠡᠴᠡ ᠬᠠᠷᠠᠵᠤ ᠲᠠᠨᠢᠭᠠᠳ᠂ ᠦᠭᠡ ᠲᠠᠰᠤᠯᠳᠠᠨ᠂ ᠠᠷᠠᠢ ᠴᠣ ᠭᠡᠵᠦ ᠰᠢᠪᠡᠨᠡᠨ ᠥᠭᠦᠯᠡᠷᠦᠨ᠂
— ᠪᠣᠷᠣ ᠭᠤᠸᠠᠢ᠂ ᠲᠠ ᠳᠡᠮᠡᠢ ᠨᠠᠮᠠᠶ᠋ᠢ( ᠨᠠᠮ᠎ᠠ ᠶ᠋ᠢ) ᠡᠷᠭᠦᠵᠦ ᠡᠨᠳᠡ ᠣᠷᠣᠭᠤᠯᠬᠤ ᠭᠡᠵᠦ᠁ ᠪᠡᠶ᠎ᠡ ᠳ᠋ᠡᠭᠡᠨ( ᠳ᠋ᠦ᠍ ᠪᠡᠨ) ᠡᠪᠡᠳᠴᠢᠨ ᠬᠠᠯᠳᠠᠭᠠᠪᠠ ᠠ᠋ ᠳᠠ᠁ ᠮᠠᠨᠠᠢᠬᠢᠨ( ᠮᠠᠨ ᠤ᠋ ᠬᠢᠨ) ᠳ᠋ᠦ᠍᠁ ᠲᠠᠷᠪᠠᠭᠠᠨ ᠤ᠋ ᠲᠠᠬᠤᠯ ᠲᠤᠰᠴᠠᠢ᠁ ᠠᠴᠢ ᠬᠦᠦ᠁ ᠪᠠᠯᠴᠢᠷᠳᠠᠭᠠᠳ ᠬᠣᠨᠢ ᠬᠠᠷᠢᠭᠤᠯᠵᠤ ᠶᠠᠪᠤᠬᠤ ᠳ᠋ᠠᠭᠠᠨ( ᠳ᠋ᠤ᠌ ᠪᠠᠨ)᠁ ᠨᠢᠭᠡ ᠨᠣᠮᠣᠬᠠᠨ ᠲᠠᠷᠪᠠᠭ᠎ᠠ ᠪᠠᠷᠢᠵᠤ᠁ ᠰᠢᠷᠠᠵᠤ ᠢᠳᠡᠭᠰᠡᠨ ᠪᠠᠢᠵᠠᠢ᠃ ᠪᠢᠳᠡ᠁ ᠰᠡᠭᠦᠯ ᠳ᠋ᠦ᠍ ᠮᠡᠳᠡᠵᠦ ᠠᠪᠤᠭᠰᠠᠨ᠃ ᠠᠴᠢ ᠬᠦᠦ᠂ ᠥᠴᠥᠭᠡᠳᠦᠷ ᠣᠷᠣᠢ ᠨᠠᠰᠤ ᠪᠠᠷᠠᠭᠰᠠᠨ᠃ ᠡᠬᠡ ᠨᠢ ᠠᠮᠢ ᠲᠠᠰᠤᠯᠳᠠᠬᠤ ᠭᠡᠵᠦ ᠪᠠᠢᠨ᠎ᠠ᠁ ᠴᠠᠩᠭᠠᠵᠤ ᠬᠠᠲᠠᠵᠤ ᠪᠠᠢᠭ᠎ᠠ ᠪᠠᠢᠬᠤ᠁ ᠭᠡᠬᠦ ᠳ᠋ᠦ᠍ᠨᠢ( ᠳ᠋ᠦ᠍ ᠨᠢ) ᠡᠪᠦᠭᠡᠨ᠂ ᠲᠣᠭᠣᠭ᠎ᠠ ᠳᠠᠩᠬᠤ᠂ ᠳᠣᠮᠪᠣ ᠳ᠋ᠤ᠌ ᠴᠤ᠌ ᠴᠠᠢ ᠳᠤᠰᠤᠯ ᠲᠡᠳᠦᠢ ᠯᠡ ᠪᠠᠢᠬᠤ ᠦᠭᠡᠢ ᠶ᠋ᠢ ᠦᠵᠡᠭᠡᠳ᠂ ᠲᠣᠭᠣᠭ᠎ᠠ ᠳᠠᠩᠬᠤ ᠶ᠋ᠢ ᠭᠠᠳᠠᠭ᠎ᠠ ᠭᠠᠷᠭᠠᠵᠤ᠂ ᠬᠠᠪᠴᠢᠭ ᠲᠠᠢ ᠤᠰᠤ ᠠ᠋ᠴᠠ ᠠᠪᠴᠤ᠂ ᠴᠠᠢ ᠴᠢᠨᠠᠬᠤ ᠵᠠᠭᠤᠷ᠎ᠠ ᠣᠷᠴᠢᠨ ᠲᠣᠭᠣᠷᠢᠨ ᠢ᠋ ᠬᠠᠷᠠᠪᠠᠯ᠂ ᠨᠠᠷᠠᠨ ᠤ᠋ ᠢᠯᠴᠢ ᠨᠡᠯᠢᠶᠡᠳ ᠴᠢᠩᠭ᠎ᠠ ᠪᠣᠯᠵᠤ᠂ ᠬᠡᠭᠡᠷ᠎ᠡ ᠶ᠋ᠢᠨ ᠵᠡᠷᠭᠡᠯᠭᠡ ᠶ᠋ᠢᠨ ᠴᠠᠭᠠᠭᠤᠷ ᠬᠤᠷᠳᠤᠨ ᠬᠥᠯᠲᠦ ᠰᠦᠷᠦᠭ ᠵᠡᠭᠡᠷ᠎ᠡ ᠶ᠋ᠢᠨ ᠪᠡᠯᠴᠢᠵᠦ ᠶᠠᠪᠤᠭ᠎ᠠ ᠨᠢ ᠵᠢᠷᠪᠢᠭᠢᠨᠡᠨ ᠬᠠᠷᠠᠭᠳᠠᠵᠤ᠂ ᠣᠷᠴᠢᠨ ᠲᠣᠭᠣᠷᠢᠨ ᠨᠢᠳᠦ ᠠᠯᠳᠠᠮ᠎ᠠ ᠠᠭᠤᠳᠠᠮ ᠲᠠᠯ᠎ᠠ ᠳ᠋ᠤ᠌ ᠶᠡᠷᠦ ᠨᠢᠭᠡᠴᠦ(ᠨᠢᠭᠡ ᠴᠤ᠌) ᠬᠥᠮᠦᠨ ᠠᠮᠢᠲᠠᠨ ᠤ᠋ ᠪᠠᠷ᠎ᠠ ᠦᠵᠡᠭᠳᠡᠬᠦ ᠦᠭᠡᠢ᠂ ᠭᠠᠭᠴᠠᠬᠦ(ᠭᠠᠭᠴᠠ ᠬᠦ᠌) ᠵᠡᠷᠭᠡᠯᠡᠳᠡᠭᠡ ᠭᠡᠷ ᠲᠦ᠍ ᠬᠣᠶᠠᠷ ᠠᠮᠢᠲᠠᠨ ᠤᠬᠠᠭᠠᠨ ᠰᠠᠷᠠᠭᠤᠯ ᠲᠤᠩᠭᠠᠯᠠᠭ ᠬᠡᠪ ᠢ᠋ᠶ᠋ᠡᠷ ᠦᠬᠦᠵᠦ ᠪᠠᠢᠭ᠎ᠠ ᠨᠢ᠂ ᠠᠮᠠ ᠴᠠᠩᠭᠠᠵᠤ ᠵᠣᠪᠠᠯᠠᠩ ᠳᠡᠭᠡᠷ᠎ᠡ ᠨᠢ ᠨᠡᠷᠮᠡᠭᠡᠰᠦᠯᠡᠵᠦ ᠪᠠᠢᠭ᠎ᠠ ᠠᠵᠢ᠃ ᠡᠪᠦᠭᠡᠨ ᠲᠡᠭᠦᠨ ᠢ᠋ ᠪᠣᠳᠣᠭᠠᠳ ᠤᠳᠠᠬᠤ ᠦᠭᠡᠢ ᠪᠢ ᠴᠦ᠍ ᠪᠠᠰᠠ ᠡᠳᠡᠨ ᠦ᠌ ᠨᠢᠭᠡᠨ ᠠᠳᠠᠯᠢ ᠵᠣᠪᠠᠨ ᠲᠠᠷᠴᠢᠯᠠᠵᠤ᠂ ᠥᠩᠭᠡᠲᠦ ᠡᠨᠡ ᠶᠢᠷᠲᠢᠨᠴᠦ ᠶ᠋ᠢ ᠨᠢᠳᠦ ᠮᠢᠨᠢ ᠬᠠᠷᠠᠬᠤ ᠪᠠᠨ ᠪᠠᠢᠬᠤ ᠴᠠᠭ ᠬᠣᠯᠠ ᠦᠭᠡᠢ ᠭᠡᠵᠦ ᠪᠣᠳᠣᠭᠠᠳ᠂ ᠲᠥᠷᠥᠭᠰᠡᠨ ᠪᠦᠬᠦᠨ ᠦᠬᠦᠭᠡ ᠤᠤ᠃ ᠣᠷᠴᠢᠯᠠᠩ ᠤ᠋ᠨ ᠵᠢᠮ᠎ᠡ ᠶᠣᠰᠣᠨ ᠲᠡᠢᠮᠦ ᠪᠤᠶᠤ ᠭᠡᠵᠦ ᠮᠡᠷᠭᠡᠨ ᠲᠡᠨᠡᠭ ᠦ᠋ᠨ ᠦᠯᠢᠭᠡᠷ ᠭᠡᠳᠡᠭ ᠰᠤᠳᠤᠷ ᠠ᠋ᠴᠠ ᠪᠠᠭ᠎ᠠ ᠨᠠᠰᠤᠨ ᠳ᠋ᠠᠭᠠᠨ( ᠳ᠋ᠤ᠌ ᠪᠠᠨ) ᠰᠣᠨᠣᠰᠤᠭᠰᠠᠨ ᠦᠭᠡ ᠰᠡᠳᠬᠢᠯ( ᠳ᠋ᠦ᠍ ᠨᠢ) ᠣᠷᠣᠵᠤ ᠢᠷᠡᠪᠡ᠃
ᠴᠠᠢ ᠪᠠᠨ ᠪᠠᠬᠠᠨ ᠬᠥᠷᠥᠭᠡᠭᠡᠳ᠂ ᠬᠠᠢᠷᠴᠠᠭ ᠲᠠᠢ ᠡᠮ ᠢ᠋ᠶ᠋ᠡᠨ ᠠᠭᠤᠳᠠᠯᠵᠤ᠂ ᠱᠥᠯᠥ ᠤᠤᠭᠤᠳᠠᠭ ᠬᠠᠯᠪᠠᠭ᠎ᠠ ᠪᠠᠨ ᠭᠠᠷᠭᠠᠵᠤ᠂ ᠭᠡᠷ ᠲᠦ᠍ ᠠᠮᠠ ᠴᠠᠩᠭᠠᠨ ᠬᠠᠲᠠᠵᠤ ᠪᠠᠢᠭ᠎ᠠ ᠥᠨᠥ ᠬᠣᠶᠠᠷ ᠬᠥᠮᠦᠨ ᠳᠡᠭᠡᠷ᠎ᠡ ᠣᠷᠣᠭᠠᠳ᠂ ᠤᠷᠢᠳᠠᠪᠡᠷ(ᠤᠷᠢᠳ ᠢ᠋ᠶ᠋ᠠᠷ) ᠲᠡᠷᠡ ᠬᠡᠦᠬᠡᠳ ᠦ᠋ᠨ ᠡᠬᠡ ᠶ᠋ᠢ ᠠᠶᠠᠷᠬᠠᠨ ᠢ᠋ᠶ᠋ᠠᠷ ᠬᠠᠯᠪᠠᠭ᠎ᠠ ᠪᠠᠷ ᠪᠦᠯᠢᠶᠡᠨ ᠴᠠᠢ ᠤᠤᠭᠤᠯᠭᠠᠪᠠᠰᠤ᠂ ᠠᠮᠢ ᠨᠢ ᠲᠠᠰᠤᠷᠠᠵᠤ ᠠᠮᠢᠰᠬᠤᠯ ᠬᠤᠷᠢᠶᠠᠬᠤ ᠰᠢᠬᠠᠭᠰᠠᠨ ᠲᠡᠷᠡ ᠬᠥᠭᠡᠷᠦᠬᠦᠢ᠂ ᠨᠢᠳᠦᠨ ᠡᠴᠡ ᠨᠢᠯᠪᠤᠰᠤ ᠮᠡᠯᠲᠡᠭᠡᠨᠡᠨ᠂ ᠡᠪᠦᠭᠡᠨ ᠦ᠌ ᠡᠨᠡᠷᠢᠨ ᠰᠤᠪᠢᠯᠠᠭᠰᠠᠨ ᠠᠴᠢ ᠶ᠋ᠢ ᠨᠢ ᠶᠡᠬᠡᠯ᠎ᠡ(ᠶᠡᠬᠡ ᠯᠡ) ᠪᠢᠰᠢᠷᠡᠭᠰᠡᠨ ᠪᠠᠢᠳᠠᠯ ᠲᠠᠢ᠂ ᠥᠭᠡᠳᠡ ᠡᠴᠡ ᠨᠢ ᠨᠢᠭᠡ ᠶᠡᠬᠡ ᠰᠠᠢᠬᠠᠨ ᠢ᠋ᠶ᠋ᠠᠷ ᠬᠠᠷᠠᠭᠠᠳ᠂ ᠲᠡᠩᠬᠡᠯ ᠲᠠᠮᠢᠷ ᠲᠠᠰᠤᠷᠠᠭᠰᠠᠨ ᠰᠢᠨᠵᠢᠲᠡᠢ ᠨᠢᠳᠦ ᠪᠡᠨ ᠠᠨᠢᠵᠤ᠂ ᠲᠡᠨᠢᠭᠡᠷ ᠰᠠᠢᠬᠠᠨ ᠮᠠᠩᠨᠠᠢ ᠳ᠋ᠤᠨᠢ( ᠳ᠋ᠤ᠌ ᠨᠢ) ᠬᠥᠯᠥᠰᠥ ᠪᠤᠷᠵᠢᠢᠨ ᠭᠠᠷᠤᠯ᠎ᠠ᠃
ᠡᠪᠦᠭᠡᠨ ᠴᠠᠢ ᠬᠠᠯᠪᠠᠭ᠎ᠠ ᠪᠠᠨ ᠪᠠᠷᠢᠭᠠᠳ᠂ ᠤᠷᠤᠭᠤᠯ ᠢ᠋ᠶ᠋ᠠᠨ ᠰᠢᠪᠡᠨᠡᠬᠦ ᠠᠳᠠᠯᠢ ᠬᠥᠳᠡᠯᠭᠡᠨ ᠬᠡᠪᠲᠡᠵᠦ ᠪᠠᠢᠭᠰᠠᠨ ᠱᠠᠷᠢ ᠶ᠋ᠢᠨ ᠳᠡᠷᠭᠡᠳᠡ ᠣᠴᠢᠵᠤ ᠬᠠᠯᠪᠠᠭ᠎ᠠ ᠪᠠᠷ ᠤᠤᠭᠤᠯᠭᠠᠪᠠᠰᠤ ᠠᠮᠠᠨ ᠤ᠋ ᠴᠠᠩᠭᠠᠭ᠎ᠠ ᠬᠠᠷᠢᠭᠤᠯᠤᠭᠠᠳ᠂ ᠬᠡᠭᠡᠷ᠎ᠡ ᠶ᠋ᠢᠨ ᠪᠣᠷᠣ ᠶ᠋ᠢᠨ ᠵᠦᠭ ᠰᠢᠪᠡᠨᠡᠨ ᠥᠭᠦᠯᠡᠷᠦᠨ᠂
— ᠬᠦᠦ ᠮᠢᠨᠢ᠂ ᠡᠨᠡ ᠨᠠᠮᠤᠷ ᠴᠡᠷᠢᠭ ᠡᠴᠡ ᠪᠠᠭᠤᠵᠤ ᠢᠷᠡᠬᠦ ᠶᠣᠰᠣᠲᠠᠢ ᠶᠤᠮᠰᠠᠨ( ᠶᠤᠮ ᠰᠠᠨ)᠃ ᠪᠢᠳᠡ ᠭᠤᠷᠪᠠ ᠶ᠋ᠢᠨ ᠠᠵᠠ ᠳᠤᠲᠠᠵᠤ᠂ ᠤᠯᠠᠭᠠᠨ ᠴᠢᠷᠠᠢ ᠶ᠋ᠢ ᠨᠢ ᠦᠵᠡᠵᠦ ᠴᠢᠳᠠᠬᠤ ᠦᠭᠡᠢ ᠪᠣᠯᠵᠠᠢ᠃ ᠭᠠᠳᠠᠨ᠎ᠠ ᠬᠤᠷᠢᠶᠠᠭᠰᠠᠨ ᠪᠠᠷᠠᠭᠠᠨ ᠳ᠋ᠤ᠌ ᠬᠦᠦ ᠶ᠋ᠢᠨ ᠠᠩ ᠬᠢᠬᠦ ᠳ᠋ᠡᠭᠡᠨ( ᠳ᠋ᠦ᠍ ᠪᠡᠨ) ᠠᠪᠴᠤ ᠶᠠᠪᠤᠳᠠᠭ ᠪᠢᠴᠢᠬᠠᠨ ᠮᠠᠢᠬᠠᠨ ᠪᠣᠢ᠃ ᠲᠠ ᠲᠡᠭᠦᠨ ᠢ᠋ ᠰᠢᠭᠠᠵᠤ᠂ ᠲᠡᠷᠡ ᠮᠠᠢᠬᠠᠨ ᠳ᠋ᠤ᠌ ᠣᠷᠣᠵᠤ ᠦᠵᠡ᠃ ᠡᠨᠳᠡ ᠦᠬᠦᠵᠦ ᠪᠠᠢᠭ᠎ᠠ ᠪᠢᠳᠡᠨ ᠢ᠋ ᠰᠠᠬᠢᠵᠤ ᠬᠤᠳᠬᠤᠯᠳᠤᠭᠠᠳ ᠶᠠᠭᠤ ᠬᠢᠬᠦ ᠪᠣᠢ? ᠪᠡᠷᠢ ᠪᠢᠳᠡ ᠬᠣᠶᠠᠷ᠂ ᠣᠳᠣ ᠨᠢᠭᠡ ᠶᠡᠬᠡ ᠤᠳᠠᠭᠠᠨ ᠵᠣᠪᠠᠬᠤ ᠦᠭᠡᠢ ᠪᠣᠯᠤᠭᠰᠠᠨ ᠪᠠᠢᠬᠤ᠃ ᠲᠠ ᠭᠠᠳᠠᠭᠰᠢ ᠪᠠᠨ ᠨᠠᠷᠠ ᠰᠠᠯᠬᠢᠨ ᠳ᠋ᠤ᠌ ᠭᠠᠷᠴᠤ᠂ ᠳᠠᠬᠢᠵᠤ ᠡᠨᠡ ᠤᠷᠤᠭᠤ ᠣᠷᠣᠵᠤ ᠢᠷᠡᠭᠡᠳ ᠶᠠᠭᠠᠬᠢᠬᠤ ᠶᠤᠮ᠃ ᠲᠩᠷᠢ ᠬᠠᠷᠠᠵᠤ᠂ ᠲᠠᠨ ᠳ᠋ᠤ᠌ ᠲᠠᠬᠤᠯ ᠲᠤᠰᠬᠤ ᠦᠭᠡᠢ ᠴᠦ᠍ ᠶᠠᠭᠤᠨ ᠤ᠋ ᠮᠠᠭᠠᠳ᠃ ᠲᠠ ᠡᠨᠳᠡ ᠡᠴᠡ ᠵᠠᠢᠯᠠ ᠳᠠ ᠭᠡᠵᠦ ᠬᠡᠭᠡᠷ᠎ᠡ ᠶ᠋ᠢᠨ ᠪᠣᠷᠣ ᠶ᠋ᠢ ᠬᠥᠮᠦᠨ ᠦᠬᠦᠵᠦ ᠪᠠᠢᠭ᠎ᠠ ᠭᠡᠷ ᠡᠴᠡ ᠵᠠᠢᠯᠠᠨ ᠣᠳ ᠭᠡᠵᠦ ᠭᠠᠷ ᠢ᠋ᠶ᠋ᠠᠷ ᠵᠠᠩᠭᠠᠪᠠ᠃
ᠡᠪᠦᠭᠡᠨ ᠭᠡᠷ ᠡᠴᠡ ᠭᠠᠷᠴᠤ᠂ ᠭᠠᠳᠠᠨ᠎ᠠ ᠬᠤᠷᠢᠶᠠᠭᠰᠠᠨ ᠪᠠᠷᠠᠭᠠᠨ ᠳᠤᠮᠳᠠ ᠠ᠋ᠴᠠ ᠦᠨᠡᠬᠡᠷ ᠤᠲᠤᠭ᠎ᠠ ᠭᠬᠢᠷ ᠪᠣᠯᠤᠭᠰᠠᠨ ᠪᠢᠴᠢᠬᠠᠨ ᠮᠠᠢᠬᠠᠨ ᠣᠯᠤᠭᠠᠳ ᠭᠡᠷ ᠡᠴᠡ ᠪᠠᠬᠠᠨ ᠵᠠᠢᠰ ᠰᠢᠭᠠᠵᠤ᠂ ᠢᠰᠡᠭᠡᠢ ᠡᠴᠡ ᠳᠡᠪᠢᠰᠦᠭᠡᠳ᠂ ᠬᠠᠢᠷᠴᠠᠭ ᠲᠠᠢ ᠡᠮ ᠢ᠋ᠶ᠋ᠡᠨ ᠮᠠᠢᠬᠠᠨ ᠳ᠋ᠠᠭᠠᠨ(ᠳ᠋ᠤ᠌ ᠪᠠᠨ) ᠲᠠᠯᠪᠢᠵᠤ᠂ ᠴᠠᠢ ᠠ᠋ᠴᠠ ᠤᠤᠭᠤᠵᠤ᠂ ᠠᠮᠠᠨ ᠤ᠋ ᠪᠠᠨ ᠴᠠᠩᠭᠠᠭ᠎ᠠ ᠶ᠋ᠢ ᠬᠠᠷᠢᠭᠤᠯᠵᠠᠢ᠃
ᠲᠡᠷᠡ ᠵᠠᠪᠰᠠᠷ ᠦᠳᠡ ᠥᠩᠭᠡᠷᠡᠵᠦ᠂ ᠥᠨᠥᠬᠢ ᠬᠦᠦ ᠶ᠋ᠢᠨ ᠡᠬᠡ ᠨᠠᠰᠤ ᠨᠥᠭᠴᠢᠴᠢᠪᠡ (ᠨᠥᠭᠴᠢᠴᠢᠬᠡᠪᠡ)᠃ ᠣᠷᠣᠢ ᠳᠠᠰᠢ᠂ ᠠᠯᠤᠰ ᠬᠣᠯᠠ ᠠ᠋ᠴᠠ ᠬᠡᠳᠦᠨ ᠮᠣᠷᠢ ᠲᠠᠢ ᠬᠥᠮᠦᠨ ᠦ᠌ ᠪᠠᠷ᠎ᠠ ᠬᠠᠷᠠᠭᠳᠠᠬᠤ ᠦᠶ᠎ᠡ ᠪᠡᠷ ᠡᠮᠡᠭᠡᠨ ᠱᠠᠷᠢ ᠨᠠᠰᠤᠨ ᠠ᠋ᠴᠠ ᠨᠥᠭᠴᠢᠵᠦ᠂ ᠪᠣᠷᠣ ᠡᠪᠦᠭᠡᠨ ᠭᠡᠷ ᠦ᠋ᠨ ᠡᠷᠦᠬᠡ ᠶ᠋ᠢ ᠲᠠᠲᠠᠵᠤ᠂ ᠡᠭᠦᠳᠡ ᠶ᠋ᠢ ᠨᠢ ᠪᠠᠭᠤᠯᠭᠠᠪᠠ᠃ ᠲᠡᠭᠡᠭᠡᠳ ᠬᠡᠳᠦᠨ ᠮᠣᠷᠢ ᠲᠠᠢ ᠬᠥᠮᠦᠨ ᠦ᠌ ᠠᠢᠰᠤᠢ ᠶᠠᠪᠤᠭ᠎ᠠ ᠶ᠋ᠢ ᠬᠠᠷᠠᠪᠠᠯ᠂ ᠨᠢᠭᠡ ᠨᠢ ᠡᠪᠦᠭᠡᠨ ᠰᠢᠷᠠᠪ ᠪᠠᠢᠵᠠᠢ᠃
— ᠲᠠ᠂ ᠪᠢᠲᠡᠭᠡᠢ ᠶᠡᠬᠡ ᠣᠢᠷᠠᠲᠤᠭᠠᠷᠠᠢ᠃ ᠡᠨᠡ ᠭᠡᠷ ᠦ᠋ᠨ ᠬᠢᠨ ᠴᠥᠮ ᠢ᠋ᠶ᠋ᠡᠷ ᠢ᠋ᠶ᠋ᠡᠨ ᠦᠬᠦᠭᠰᠡᠨ ᠰᠢᠦ᠃ ᠲᠠᠨ ᠤ᠋ ᠠᠵᠢᠯ ᠶᠠᠭᠤ ᠪᠣᠯᠵᠤ ᠪᠠᠢᠨ᠎ᠠ ᠭᠡᠵᠦ ᠬᠡᠭᠡᠷ᠎ᠡ ᠶ᠋ᠢᠨ ᠪᠣᠷᠣ ᠶ᠋ᠢᠨ ᠬᠣᠯᠠ ᠠ᠋ᠴᠠ ᠠᠰᠠᠭᠤᠬᠤ ᠳ᠋ᠤ᠌᠂
— ᠪᠠᠭ ᠤ᠋ᠨ ᠠᠷᠠᠳ ᠤ᠋ᠳ ᠲᠤ᠌ ᠪᠦᠭᠦᠳᠡ ᠳ᠋ᠦ᠍ᠨᠢ( ᠳ᠋ᠦ᠍ ᠨᠢ) ᠵᠠᠷᠯᠠᠵᠤ ᠮᠡᠳᠡᠭᠳᠡᠯ᠎ᠡ᠃ ᠡᠨᠡ ᠭᠠᠵᠠᠷ ᠠ᠋ᠴᠠ ᠵᠦᠭ ᠵᠦᠭ ᠳᠠᠰᠢ ᠨᠢᠭᠡ ᠰᠠᠢᠨ ᠥᠷᠲᠡᠭᠡ ᠬᠢᠷᠢ ᠲᠡᠢ ᠭᠠᠵᠠᠷ ᠨᠢᠭᠡᠴᠦ(ᠨᠢᠭᠡ ᠴᠤ᠌) ᠠᠢᠯ ᠦᠭᠡᠢ ᠪᠣᠯᠤᠭᠰᠠᠨ᠃ ᠰᠤᠮᠤᠨ ᠠ᠋ᠴᠠ ᠠᠢᠮᠠᠭ ᠣᠷᠣᠭᠰᠠᠨ ᠡᠯᠴᠢ ᠪᠤᠴᠠᠵᠤ ᠢᠷᠡᠭᠡᠳ᠂ ᠠᠢᠮᠠᠭ ᠤ᠋ᠨ ᠶᠠᠮᠤᠨ ᠠ᠋ᠴᠠ ᠬᠣᠲᠠ ᠤᠷᠤᠭᠤ ᠶᠠᠭᠠᠷᠠᠯᠲᠠᠢ ᠴᠠᠬᠢᠯᠭᠠᠨ ᠮᠡᠳᠡᠭᠡ ᠶᠠᠪᠤᠭᠤᠯᠤᠭᠰᠠᠨ ᠢ᠋ ᠬᠡᠯᠡᠵᠦ ᠢᠷᠡᠭᠰᠡᠨ᠃ ᠣᠳᠣ ᠲᠠᠨ ᠤ᠋ ᠨᠢᠭᠡ ᠰᠠᠨᠢᠲ᠋ᠠᠷᠴᠢ ᠮᠥᠳᠳᠥᠬᠡᠨ ᠢᠷᠡᠨ᠎ᠡ᠃ ᠲᠠᠨ ᠳ᠋ᠤ᠌ ᠴᠠᠢ ᠬᠣᠭᠣᠯᠠ ᠬᠢᠵᠦ᠂ ᠲᠠᠨ ᠤ᠋ ᠣᠢᠷ᠎ᠠ ᠬᠠᠪᠢ ᠪᠠᠢᠬᠤ ᠶᠤᠮ ᠭᠡᠨ᠎ᠡ ᠪᠢᠯᠡ᠃ ᠪᠢ ᠪᠠᠭ ᠤ᠋ᠨ ᠠᠷᠠᠳ ᠢ᠋ ᠨᠡᠭᠦᠯᠭᠡᠬᠦ ᠭᠡᠵᠦ ᠶᠠᠭᠠᠷᠠᠵᠤ ᠶᠠᠪᠤᠭᠰᠠᠭᠠᠷ᠂ ᠲᠠᠨ ᠳ᠋ᠤ᠌ ᠢᠳᠡᠭᠡ ᠤᠮᠳᠠ ᠡᠳᠦᠷ ᠢᠷᠡᠭᠦᠯᠵᠦ ᠴᠢᠳᠠᠭᠰᠠᠨ ᠦᠭᠡᠢ ᠪᠠᠬᠠᠨ ᠤᠰᠤᠯᠲᠠᠯ᠎ᠠ᠃ ᠬᠦᠦ ᠶ᠋ᠢᠨ ᠪᠡᠶ᠎ᠡ ᠵᠦᠭᠡᠷ ᠪᠠᠢᠭᠰᠠᠨ ᠪᠣᠯᠪᠠᠯ᠂ ᠬᠠᠮᠢᠭ᠎ᠠ ᠠ᠋ᠴᠠ ᠲᠡᠢᠮᠦ ᠪᠠᠢᠬᠤ ᠪᠢᠯᠡ᠃ ᠥᠨᠥᠳᠥᠷ ᠪᠠᠬᠠᠨ ᠰᠠᠮᠭᠠᠷᠳᠠᠯᠠ ᠭᠡᠵᠦ ᠡᠪᠦᠭᠡᠨ ᠰᠢᠷᠠᠪ ᠬᠦᠯᠢᠴᠡᠯ ᠥᠴᠢᠵᠦ᠂ ᠬᠠᠮᠲᠤ ᠢᠷᠡᠭᠰᠡᠨ ᠨᠢᠭᠡ ᠬᠥᠮᠦᠨ ᠢ᠋ ᠠᠪᠴᠤ ᠢᠷᠡᠭᠰᠡᠨ ᠳᠣᠩᠪᠣ ᠲᠠᠢ ᠴᠠᠢ᠂ ᠲᠠᠪᠠᠭ ᠲᠠᠢ ᠢᠳᠡᠭᠡ ᠪᠡᠨ ᠭᠠᠵᠠᠷ ᠳᠡᠯᠪᠢ ᠭᠡᠵᠦ ᠲᠠᠯᠪᠢᠭᠤᠯᠤᠭᠠᠳ᠂
— ᠡᠨᠡ ᠭᠡᠷ ᠢ᠋ ᠰᠢᠲᠠᠭᠠᠵᠤ ᠣᠷᠬᠢᠪᠠᠯ ᠵᠦᠭᠡᠷ ᠶᠤᠮᠰᠠᠨ᠂ ᠠᠷᠭᠠᠯ ᠳᠥᠭᠥᠭᠦᠯᠬᠦ ᠠᠷᠭ᠎ᠠ ᠪᠣᠢ ᠪᠣᠯᠪᠠᠤ? ᠭᠡᠵᠦ ᠬᠡᠭᠡᠷ᠎ᠡ ᠶ᠋ᠢᠨ ᠪᠣᠷᠣ ᠶ᠋ᠢᠨ ᠠᠰᠠᠭᠤᠬᠤ ᠳ᠋ᠤ᠌᠂
— ᠪᠢ ᠤᠯᠤᠰ ᠲᠤ᠌ ᠵᠠᠬᠢᠵᠤ᠂ ᠠᠷᠭᠠᠯ ᠠᠴᠢᠭᠤᠯᠤᠭᠰᠠᠨ᠃ ᠣᠳᠣ ᠢᠷᠡᠵᠦ ᠶᠠᠪᠤᠭ᠎ᠠ᠃ ᠥᠷᠯᠥᠭᠡ ᠪᠣᠯᠲᠠᠯ᠎ᠠ ᠨᠡᠯᠢᠶᠡᠳ ᠠᠷᠭᠠᠯ ᠪᠠᠭᠤᠯᠭᠠᠬᠤ ᠪᠠᠢᠬᠤ ᠭᠡᠵᠦ ᠬᠠᠷᠢᠭᠤᠯᠪᠠᠯ᠂ ᠡᠪᠦᠭᠡᠨ ᠪᠣᠷᠣ᠂
— ᠲᠠ ᠰᠠᠨᠢᠲ᠋ᠠᠷᠴᠢ ᠶ᠋ᠢ ᠮᠠᠢᠬᠠᠨ ᠢ᠋ᠶ᠋ᠠᠨ ᠬᠣᠯᠠᠬᠠᠨ ᠰᠢᠭᠠ ᠭᠡᠵᠦ ᠵᠠᠬᠢᠭᠠᠷᠠᠢ᠃ ᠨᠠᠳᠠᠳᠤ(ᠨᠠᠳᠠ ᠳ᠋ᠤ᠌) ᠢᠳᠡᠬᠦ ᠤᠤᠭᠤᠬᠤ ᠶᠠᠭᠤᠮ᠎ᠠ ᠵᠠᠯᠭᠠᠭᠤᠯᠬᠤ ᠳ᠋ᠠᠭᠠᠨ( ᠳ᠋ᠤ᠌ ᠪᠠᠨ)᠂ ᠳᠦᠷᠢᠮ ᠦ᠋ᠨ ᠶᠣᠰᠣᠭᠠᠷ ᠪᠠᠢᠪᠠᠯ ᠵᠣᠬᠢᠨ᠎ᠠ ᠰᠢᠦ᠃ ᠶᠡᠷᠦ ᠬᠠᠮᠢᠶ᠎ᠠ ᠦᠭᠡᠢ ᠣᠢᠷᠠᠳᠴᠤ ᠪᠣᠯᠬᠤ ᠦᠭᠡᠢ᠂ ᠶᠡᠬᠡ ᠠᠶᠤᠯᠲᠠᠢ ᠡᠪᠡᠳᠴᠢᠨ᠃ ᠡᠨᠡ ᠬᠠᠪᠢ ᠳ᠋ᠤ᠌ ᠴᠢᠯᠠᠭᠤ ᠪᠠᠷ ᠨᠢᠭᠡ ᠰᠢᠪᠡ ᠪᠣᠰᠬᠠᠵᠤ ᠲᠡᠭᠦᠨ ᠡᠴᠡ ᠳᠣᠲᠣᠭᠰᠢ ᠣᠷᠣᠵᠤ ᠪᠣᠯᠬᠤ ᠦᠭᠡᠢ ᠭᠡᠵᠦ ᠵᠠᠬᠢᠪᠠᠯ ᠲᠠᠭᠠᠷᠠᠨ᠎ᠠ᠃ ᠪᠡᠶ᠎ᠡ ᠪᠡᠨ ᠠᠶᠤᠯ ᠠ᠋ᠴᠠ ᠠᠷᠠᠴᠢᠯᠠᠨ ᠬᠠᠮᠠᠭᠠᠯᠠᠬᠤ ᠬᠡᠷᠡᠭᠲᠡᠢ ᠭᠡᠵᠦ ᠮᠠᠰᠢ ᠰᠠᠮᠪᠠᠭᠠᠲᠠᠢ᠂ ᠲᠠᠢᠪᠤᠩ ᠠᠮᠤᠷᠯᠢᠩᠭᠤᠢ ᠪᠠᠷ ᠵᠠᠬᠢᠵᠤ ᠵᠢᠭᠠᠪᠤᠷᠢ ᠥᠭᠴᠦ ᠪᠠᠢᠯ᠎ᠠ᠃ ᠡᠪᠦᠭᠡᠨ ᠡᠮᠴᠢ ᠳ᠋ᠦ᠍ ᠴᠠᠢ᠂ ᠲᠠᠪᠠᠭᠲᠠᠢ ᠥᠷᠥᠮ᠎ᠡ᠂ ᠬᠤᠷᠤᠳ᠂ ᠠᠭᠠᠷᠤᠤᠯ ᠠᠪᠴᠢᠷᠠᠭᠰᠠᠨ ᠡᠪᠯᠡᠯ ᠦ᠋ᠨ ᠭᠡᠰᠢᠭᠦᠨ ᠵᠠᠯᠠᠭᠤ ᠬᠦᠦ᠂ ᠲᠡᠷᠡ ᠡᠪᠦᠭᠡᠨ ᠢ᠋ ᠣᠭᠲᠣ ᠥᠪᠡᠷ ᠦ᠋ᠨ ᠪᠡᠶ᠎ᠡ ᠬᠠᠮᠢᠭᠠᠰᠢ ᠪᠣᠯᠬᠤ ᠶ᠋ᠢ ᠪᠣᠳᠣᠯ ᠦᠭᠡᠢ᠂ ᠪᠤᠰᠤᠳ ᠤ᠋ᠨ ᠪᠡᠶ᠎ᠡ ᠳ᠋ᠦ᠍ ᠠᠶᠤᠯ ᠬᠣᠣᠷ ᠤᠴᠠᠷᠠᠬᠤ ᠦᠭᠡᠢ ᠶ᠋ᠢ ᠴᠢᠬᠤᠯᠠᠴᠢᠯᠠᠨ ᠪᠣᠳᠣᠵᠤ ᠪᠠᠢᠭᠰᠠᠨ ᠢ᠋ ᠦᠵᠡᠭᠡᠳ᠂ ᠡᠪᠦᠭᠡᠨ ᠡᠮᠴᠢ ᠶ᠋ᠢ ᠮᠠᠰᠢ ᠶᠡᠬᠡ ᠬᠦᠨᠳᠦᠳᠬᠡᠨ᠂ ᠲᠤᠢᠯ ᠤ᠋ᠨ ᠪᠢᠰᠢᠷᠡᠨ ᠪᠠᠬᠠᠳᠤᠭᠰᠠᠨ ᠪᠠᠢᠳᠠᠯ ᠲᠠᠢ ᠰᠢᠷᠳᠡᠨ ᠵᠣᠭᠰᠣᠵᠤ ᠪᠠᠢᠭᠰᠠᠨ ᠪᠢᠯᠡ᠃
ᠨᠠᠷᠠᠨ ᠰᠢᠩᠭᠡᠬᠦ ᠶ᠋ᠢᠨ ᠠᠯᠲᠠ ᠳ᠋ᠤ᠌ ᠠᠷᠭᠠᠯ ᠠᠪᠴᠢᠷᠠᠵᠠᠢ᠃ ᠰᠠᠨᠢᠲ᠋ᠠᠷᠴᠢ ᠷᠧᠽᠢᠨ ᠭᠤᠲᠤᠯ᠂ ᠪᠷᠧᠽᠧᠨ᠋ᠲ ᠥᠮᠥᠳᠥ ᠴᠠᠮᠴᠠ᠂ ᠪᠠᠭ ᠡᠮᠦᠰᠴᠦ᠂ ᠥᠨᠥᠬᠢ ᠠᠷᠭᠠᠯ ᠠᠪᠴᠢᠷᠠᠭᠰᠠᠨ ᠮᠠᠯᠴᠢᠨ ᠢ᠋ ᠰᠦᠷᠲᠡᠢ ᠲᠡᠷᠡ ᠬᠤᠪᠴᠠᠰᠤ ᠪᠠᠭ ᠢ᠋ᠶ᠋ᠠᠷ ᠭᠠᠢᠬᠠᠭᠤᠯᠵᠤ᠂ ᠠᠴᠢᠵᠤ ᠢᠷᠡᠭᠰᠡᠨ ᠠᠷᠭᠠᠯ ᠢ᠋ ᠨᠢ ᠥᠨᠥᠬᠢ ᠭᠡᠷ ᠦ᠋ᠨ ᠣᠢᠷ᠎ᠠ ᠠᠪᠴᠢᠷᠠᠨ ᠪᠠᠭᠤᠯᠭᠠᠵᠤ᠂ ᠡᠪᠦᠭᠡᠨ ᠡᠮᠴᠢ ᠶ᠋ᠢᠨ ᠵᠢᠭᠠᠪᠤᠷᠢ ᠶᠣᠰᠣᠭᠠᠷ ᠭᠡᠷ ᠦ᠋ᠨ ᠳᠣᠲᠣᠷᠠᠬᠢ ᠬᠠᠮᠤᠭ ᠶᠠᠭᠤᠮ᠎ᠠ ᠬᠡᠦᠮ᠎ᠡ ᠲᠡᠢ᠂ ᠬᠡᠭᠦᠷ ᠦ᠋ᠨ ᠬᠠᠮᠲᠤ ᠪᠠᠷ ᠰᠢᠲᠠᠭᠠᠵᠠᠢ᠃
ᠡᠪᠦᠭᠡᠨ ᠰᠢᠷᠠᠪ ᠣᠷᠣᠢ ᠬᠦᠷᠴᠦ ᠢᠷᠡᠭᠡᠳ᠂ ᠬᠠᠪᠢ ᠣᠷᠴᠢᠨ ᠳ᠋ᠤ᠌ ᠬᠣᠷᠢᠭᠤᠯ ᠲᠠᠯᠪᠢᠭᠰᠠᠨ ᠢ᠋ ᠪᠣᠷᠣ ᠠᠪᠤᠭᠠᠢ ᠳ᠋ᠤ᠌ ᠮᠡᠳᠡᠭᠳᠡᠵᠦ᠂ ᠰᠤᠮᠤᠨ ᠤ᠋ ᠬᠡᠮᠵᠢᠶ᠎ᠡ ᠪᠡᠷ ᠴᠥᠮ ᠥᠯᠵᠡᠢ ᠲᠡᠢ᠃ ᠥᠭᠡᠷ᠎ᠡ ᠭᠠᠵᠠᠷ ᠶᠡᠷᠦ ᠮᠠᠭᠤ ᠶᠠᠭᠤᠮ᠎ᠠ ᠶ᠋ᠢᠨ ᠰᠤᠷᠠᠭ ᠠᠯᠠᠭ᠎ᠠ ᠭᠡᠵᠦ ᠬᠡᠯᠡᠪᠡ᠃ ᠠᠢᠮᠠᠭ ᠤ᠋ᠨ ᠡᠷᠡᠭᠦᠯ ᠢ ᠬᠠᠮᠠᠭᠠᠯᠠᠬᠤ ᠬᠡᠯᠲᠡᠰ ᠡᠴᠡ ᠬᠦᠷᠴᠦ ᠢᠷᠡᠭᠰᠡᠨ ᠬᠥᠮᠦᠨ᠂ ᠬᠣᠲᠠ ᠠ᠋ᠴᠠ ᠡᠮᠴᠢ ᠨᠠᠷ ᠮᠠᠰᠢᠨ ᠢ᠋ᠶ᠋ᠠᠷ ᠶᠠᠭᠠᠷᠠᠨ ᠭᠠᠷᠤᠭᠰᠠᠨ ᠢ᠋ ᠡᠪᠦᠭᠡᠨ ᠳ᠋ᠦ᠍ ᠰᠣᠨᠣᠰᠬᠠᠵᠠᠢ᠃
ᠬᠣᠢᠲᠤ ᠥᠷᠯᠥᠭᠡ ᠡᠪᠦᠭᠡᠨ ᠦ᠌ ᠪᠡᠶ᠎ᠡ ᠲᠡᠩᠬᠡᠭᠡ ᠲᠠᠮᠢᠷ ᠲᠠᠰᠤᠷᠠᠵᠤ᠂ ᠶᠡᠬᠡᠯ᠎ᠡ (ᠶᠡᠬᠡ ᠯᠡ) ᠠᠯᠵᠢᠶᠠᠷᠠᠨ ᠶᠠᠳᠠᠷᠠᠭᠰᠠᠨ ᠮᠡᠲᠦ ᠭᠠᠷ ᠬᠥᠯ ᠴᠡᠴᠡᠷᠡᠨ ᠲᠣᠯᠣᠭᠠᠢ ᠡᠪᠡᠳᠴᠡᠢ᠃ ᠰᠠᠨᠢᠲ᠋ᠠᠷᠴᠢ ᠴᠢᠨᠠᠭᠰᠠᠨ ᠴᠠᠢ ᠠᠪᠴᠢᠷᠠᠵᠤ ᠲᠠᠯᠪᠢᠳᠠᠭ᠂ ᠲᠤᠰᠬᠠᠢ ᠰᠢᠪᠡ ᠪᠣᠰᠬᠠᠭᠰᠠᠨ ᠭᠠᠵᠠᠷ ᠨᠢ ᠨᠠᠢᠭᠤᠵᠤ ᠰᠢᠷᠪᠠᠭᠰᠠᠭᠠᠷ ᠴᠤᠤ ᠴᠢᠮᠠᠢ ᠬᠦᠷᠴᠦ ᠢᠷᠡᠬᠦ ᠳ᠋ᠦ᠍ᠨᠢ(ᠳ᠋ᠦ᠍ ᠨᠢ )ᠴᠠᠢ ᠪᠠᠨ ᠲᠠᠯᠪᠢᠭᠠᠳ ᠴᠢᠨᠠᠭᠰᠢ ᠪᠠᠨ ᠵᠠᠢᠯᠠᠭᠰᠠᠨ ᠰᠠᠨᠢᠲ᠋ᠠᠷᠴᠢ᠂
— ᠲᠠ ᠰᠠᠢᠨ ᠬᠣᠨᠣᠪᠠ ᠤᠤ? ᠭᠡᠵᠦ ᠡᠪᠦᠭᠡᠨ ᠦ᠌ ᠲᠡᠷᠡ ᠪᠠᠢᠳᠠᠯ ᠢ᠋ ᠦᠵᠡᠭᠡᠳ ᠵᠣᠪᠠᠨᠢᠨ ᠠᠰᠠᠭᠤᠵᠠᠢ᠃
— ᠪᠠᠷᠤᠭᠲᠠᠢᠬᠠᠨ ᠬᠣᠨᠣᠯ᠎ᠠ᠂ ᠲᠡᠩᠬᠡᠭᠡ ᠲᠠᠮᠢᠷ ᠠᠯᠳᠠᠷᠠᠵᠤ᠂ ᠪᠡᠶ᠎ᠡ ᠴᠡᠴᠡᠷᠡᠨ᠂ ᠳᠠᠭᠠᠷᠠᠳᠠᠰᠤ ᠬᠦᠷᠦᠭᠡᠳ ᠪᠠᠢᠨ᠎ᠠ ᠭᠡᠳ ᠳᠠᠩᠬᠤ ᠲᠠᠢ ᠴᠠᠢ ᠪᠠᠨ ᠠᠪᠬᠤ ᠳ᠋ᠠᠭᠠᠨ(ᠳ᠋ᠤ᠌ ᠪᠠᠨ) ᠪᠠᠰᠠ ᠬᠣᠱᠣᠩᠨᠠᠬᠤ ᠰᠠᠨᠠᠭ᠎ᠠ ᠲᠠᠢ᠂ ᠡᠷᠯᠢᠭ ᠦ᠋ᠨ ᠡᠯᠴᠢ ᠨᠠᠮᠠᠶ᠋ᠢ(ᠨᠠᠮ᠎ᠠ ᠶ᠋ᠢ)ᠳᠠᠭᠤᠳᠠᠭᠠᠳ ᠪᠠᠢᠭ᠎ᠠ ᠪᠣᠯᠤᠯᠲᠠᠢ ᠭᠡᠵᠦ ᠬᠡᠯᠡᠭᠡᠳ᠂ ᠴᠠᠢ ᠪᠠᠨ ᠠᠪᠴᠤ ᠬᠡᠳᠦ ᠠᠯᠬᠤᠲᠠᠯ᠎ᠠ ᠭᠡᠨᠡᠳᠲᠡ ᠡᠷᠭᠢᠵᠦ᠂ ᠰᠠᠨᠢᠲ᠋ᠠᠷᠴᠢ ᠳ᠋ᠤ᠌᠂ ᠲᠠ ᠬᠡᠷᠬᠢᠪᠡᠴᠦ ᠮᠢᠨᠦ ᠳᠡᠷᠭᠡᠳᠡ ᠪᠢᠲᠡᠭᠡᠢ ᠣᠢᠷᠠᠳ᠃ ᠬᠠᠷᠢᠨ ᠡᠮᠴᠢ ᠨᠠᠷ ᠢᠷᠡᠪᠡᠯ᠂ ᠲᠡᠳᠡᠨ ᠦ᠌ ᠵᠢᠭᠠᠪᠤᠷᠢ ᠪᠠᠷ ᠡᠨᠡ ᠤᠷᠤᠭᠤ ᠣᠷᠣᠵᠤ ᠢᠷᠡᠬᠦ ᠳ᠋ᠦ᠍ ᠶᠠᠭᠠᠬᠢᠬᠤ ᠪᠣᠢ᠃ ᠲᠡᠷᠡ ᠬᠦᠷᠲᠡᠯ᠎ᠡ ᠪᠣᠯᠬᠤ ᠦᠭᠡᠢ ᠰᠢᠦ᠃ ᠪᠠᠰᠠ ᠬᠥᠮᠦᠨ ᠬᠠᠷ᠎ᠠ ᠮᠠᠲᠠᠯ ᠦᠭᠡᠢ ᠡᠨᠡ ᠤᠷᠤᠭᠤ ᠣᠷᠣᠵᠤ ᠢᠷᠡᠬᠦ ᠮᠠᠭᠠᠳ ᠦᠭᠡᠢ ᠭᠡᠵᠦ ᠰᠡᠷᠭᠡᠢᠯᠡᠵᠦ ᠪᠠᠢᠭᠠᠷᠠᠢ᠃ ᠪᠢ ᠬᠠᠯᠠᠭᠤᠷᠠᠭᠠᠳ ᠳᠡᠮᠡᠢᠷᠡᠵᠦ᠂ ᠡᠯᠳᠡᠪ ᠶᠠᠭᠤᠮ᠎ᠠ ᠳᠣᠩᠭᠣᠰᠴᠤ᠂ ᠴᠢᠷᠠᠯᠠᠵᠤ ᠪᠠᠷᠬᠢᠷᠠᠵᠤ ᠮᠠᠭᠠᠳ ᠦᠭᠡᠢ᠃ ᠲᠡᠭᠡᠭᠰᠡᠨ ᠴᠦ᠍ ᠴᠢ ᠣᠢᠷᠠᠳᠴᠤ ᠪᠣᠯᠬᠤ ᠦᠭᠡᠢ ᠰᠢᠦ᠃ ᠬᠠᠷᠢᠨ ᠲᠠᠬᠤᠯ ᠬᠠᠯᠳᠠᠭᠠᠳ ᠪᠠᠰᠠ ᠥᠷᠥᠭᠡᠯ ᠪᠤᠰᠤᠳ ᠲᠤ᠌ ᠬᠠᠯᠳᠠᠭᠠᠬᠤ ᠠᠶᠤᠯ ᠲᠠᠢ ᠬᠡᠷᠡᠭ ᠪᠣᠯᠤᠨ᠎ᠠ᠃ ᠮᠡᠳᠡᠪᠡ ᠤᠤ? ᠭᠡᠵᠦ ᠵᠠᠬᠢᠬᠤ ᠳ᠋ᠤᠨᠢ(ᠳ᠋ᠤ᠌ ᠨᠢ) ᠰᠠᠨᠢᠲ᠋ᠠᠷᠴᠢ ᠨᠢ ᠡᠪᠦᠭᠡᠨ ᠢ᠋ ᠬᠠᠲᠠᠭᠤ ᠦᠭᠡ ᠲᠡᠢ᠂ ᠡᠷᠡᠰᠢᠭᠦᠳ ᠵᠠᠩᠲᠠᠢ ᠶ᠋ᠢ ᠨᠢ᠂ ᠪᠠᠰᠠ ᠬᠥᠮᠦᠨ ᠠᠮᠢᠲᠠᠨ ᠳ᠋ᠤ᠌ ᠲᠤᠰᠠᠯᠠᠬᠤ ᠶ᠋ᠢ ᠪᠣᠳᠣᠵᠤ ᠶᠠᠪᠤᠳᠠᠭ ᠢ᠋ ᠨᠢ ᠮᠡᠳᠡᠳᠡᠭ᠂ ᠰᠡᠳᠬᠢᠯ ᠳᠣᠲᠣᠷ᠎ᠠ ᠪᠠᠨ ᠶᠡᠬᠡᠯ᠎ᠡ (ᠶᠡᠬᠡ ᠯᠡ) ᠣᠢᠰᠢᠶᠠᠨ ᠬᠦᠨᠳᠦᠳᠬᠡᠳᠡᠭ ᠲᠤᠯᠠ ᠡᠪᠦᠭᠡᠨ ᠪᠠᠭ᠎ᠠ ᠡᠮᠴᠢ ᠶ᠋ᠢ ᠶᠡᠬᠡᠯ᠎ᠡ(ᠶᠡᠬᠡ ᠯᠡ) ᠦᠷᠦ ᠡᠪᠡᠳᠦᠨ ᠬᠠᠢᠷᠠᠯᠠᠵᠤ᠂ ᠣᠭᠵᠣᠮ ᠪᠣᠭᠣᠨᠢ ᠳᠠᠭᠤ ᠪᠠᠷ ᠵᠠ! ᠭᠡᠵᠦ ᠬᠡᠯᠡᠭᠡᠳ᠂ ᠬᠣᠢᠨ᠎ᠠ ᠠ᠋ᠴᠠ ᠨᠢ ᠡᠯᠢᠭᠡ ᠡᠮᠲᠡᠷᠡᠨ ᠬᠠᠷᠠᠭᠰᠠᠭᠠᠷ ᠵᠣᠭᠰᠣᠵᠠᠢ᠃
ᠡᠪᠦᠭᠡᠨ ᠪᠠᠭ᠎ᠠ ᠡᠮᠴᠢ ᠠᠮᠢᠰᠬᠤᠭᠠᠳᠠᠨ᠂ ᠨᠠᠢᠭᠤᠵᠤ ᠰᠢᠷᠪᠠᠭᠰᠠᠭᠠᠷ ᠮᠠᠢᠬᠠᠨ ᠳ᠋ᠠᠭᠠᠨ( ᠳ᠋ᠤ᠌ ᠪᠠᠨ) ᠬᠦᠷᠦᠭᠡᠳ᠂ ᠳᠡᠪᠢᠰᠦᠭᠰᠡᠨ ᠢᠰᠡᠭᠡᠢ ᠳᠡᠭᠡᠷ᠎ᠡ ᠪᠡᠨ ᠲᠡᠩᠬᠡᠭᠡ ᠲᠠᠰᠤᠷᠠᠨ ᠰᠠᠭᠤᠵᠤ᠂ ᠠᠮᠢᠰᠬᠤᠭ᠎ᠠ ᠪᠠᠨ ᠳᠠᠷᠤᠵᠤ ᠠᠪᠤᠭᠠᠳ᠂ ᠴᠤ᠌ (ᠴᠤᠤ) ᠴᠢᠮᠠᠢ ᠨᠢᠭᠡ ᠠᠶᠠᠭ᠎ᠠ ᠵᠦᠬᠡᠭ ᠴᠠᠢ ᠤᠤᠭᠤᠭᠠᠳ ᠳᠠᠩᠬᠤ ᠪᠠᠨ ᠬᠠᠵᠠᠭᠤ ᠳᠠᠰᠢ ᠨᠢ ᠲᠠᠯᠪᠢᠵᠤ᠂ ᠠᠶᠠᠭ᠎ᠠ ᠪᠠᠨ ᠮᠠᠷᠠᠯ ᠢ᠋ᠶ᠋ᠠᠷ ᠨᠢᠮᠪᠠᠢᠯᠠᠨ ᠪᠦᠲᠡᠭᠡᠭᠡᠳ᠂ ᠳᠡᠪᠢᠰᠦᠭᠰᠡᠨ ᠢᠰᠡᠭᠡᠢ ᠳᠡᠭᠡᠷ᠎ᠡ ᠪᠡᠨ ᠬᠡᠪᠲᠡᠵᠡᠢ᠃ ᠲᠣᠯᠣᠭᠠᠢ ᠡᠪᠡᠳᠬᠦ ᠨᠢ ᠵᠠᠭᠠᠳᠠᠰᠤ ᠪᠠᠷ ᠢ᠋ᠶ᠋ᠠᠨ ᠰᠠᠯᠬᠤ ᠭᠡᠵᠦ ᠪᠠᠢᠭ᠎ᠠ ᠶᠤᠮ ᠰᠢᠭ᠋᠃ ᠪᠠᠰᠠ ᠲᠠᠯᠤᠨ ᠳᠣᠭᠤᠤᠷ ᠬᠠᠳᠬᠤᠵᠤ᠂ ᠪᠠᠢᠨ ᠪᠠᠢᠨ ᠠᠮᠢᠰᠬᠤᠭ᠎ᠠ ᠪᠦᠲᠡᠬᠦ ᠰᠢᠭ ᠮᠡᠲᠦ ᠪᠣᠯᠬᠤ ᠳ᠋ᠤ᠌᠂ ᠳᠠᠢᠴᠢᠯᠠᠨ ᠲᠠᠷᠴᠢᠯᠠᠵᠤ ᠰᠠᠨᠳᠤᠷᠪᠠ᠃ ᠤᠬᠠᠭᠠᠨ ᠨᠢ ᠨᠢᠭᠡ ᠣᠷᠣᠵᠤ ᠨᠢᠭᠡ ᠭᠠᠷᠴᠤ᠂ ᠠᠯᠠᠭ ᠴᠣᠬᠣᠷ ᠮᠡᠳᠡᠭᠡ ᠲᠡᠢ ᠪᠣᠯᠤᠭᠠᠳ᠂ ᠥᠷᠯᠥᠭᠡ ᠦᠳᠡᠰᠢ ᠶ᠋ᠢᠨ ᠠᠯᠢᠨ ᠪᠣᠯᠵᠤ ᠪᠠᠢᠭ᠎ᠠ ᠶ᠋ᠢ ᠮᠡᠳᠡᠬᠦ ᠪᠡᠨ ᠪᠠᠢᠵᠠᠢ᠃ ᠠᠭᠤᠰᠬᠢ ᠬᠣᠷᠣᠰᠲᠠᠯᠠ ᠬᠠᠨᠢᠶᠠᠯᠭᠠᠵᠤ᠂ ᠬᠦᠷᠡᠩ ᠤᠯᠠᠭᠠᠨ ᠴᠠᠷ ᠨᠠᠯᠳᠠᠭᠠ ᠬᠠᠨᠢᠶᠠᠬᠤ ᠳ᠋ᠤ᠌ ᠭᠠᠷᠬᠤ ᠪᠣᠯᠵᠤ᠂ ᠬᠣᠪᠬᠣᠷᠠᠬᠤ ᠨᠤᠯᠮᠤᠬᠤ ᠨᠢ ᠤᠯᠠᠮ ᠬᠦᠨᠳᠦ ᠪᠡᠷᠬᠡ ᠪᠣᠯᠪᠠ᠃
ᠬᠣᠢᠲᠤ ᠥᠷᠯᠥᠭᠡ ᠨᠢ ᠬᠡᠭᠡᠷ᠎ᠡ ᠶ᠋ᠢᠨ ᠪᠣᠷᠣ ᠶ᠋ᠢᠨ ᠲᠡᠩᠬᠡᠯ ᠪᠦᠷ ᠳᠣᠷᠣᠢᠲᠠᠵᠤ᠂ ᠮᠠᠰᠢᠨ᠎ᠠ ᠶ᠋ᠢᠨ ᠮᠣᠲ᠋ᠣᠷ ᠤ᠋ᠨ ᠴᠢᠮᠡᠭᠡ ᠰᠣᠨᠣᠰᠤᠭᠠᠳ ᠴᠤ᠌ (ᠴᠤᠤ) ᠴᠢᠮᠠᠢ ᠥᠨᠳᠡᠢᠪᠡᠴᠦ ᠲᠠᠮᠢᠷᠳᠠᠭᠠᠳ ᠳᠠᠬᠢᠨ ᠬᠡᠪᠲᠡᠵᠦ᠂ ᠬᠣᠲᠠ ᠠ᠋ᠴᠠ ᠡᠮᠴᠢ ᠨᠠᠷ ᠢᠷᠡᠭᠰᠡᠨ ᠪᠣᠯᠪᠠᠤ? ᠭᠡᠵᠦ ᠰᠡᠳᠬᠢᠯ ᠳ᠋ᠦ᠍ᠨᠢ( ᠳ᠋ᠦ᠍ ᠨᠢ) ᠣᠷᠣᠵᠤ᠂ ᠵᠥᠪᠯᠡᠯᠲᠦ ᠶ᠋ᠢᠨ ᠡᠮᠴᠢ ᠨᠠᠷ ᠭᠡᠵᠦ ᠪᠣᠳᠣᠬᠤ ᠳ᠋ᠤᠨᠢ( ᠳ᠋ᠤ᠌ ᠨᠢ) ᠤᠷᠢᠳ ᠰᠥᠨᠢ ᠲᠡᠳᠡᠨ ᠲᠡᠢ ᠠᠭᠤᠯᠵᠠᠵᠤ᠂ ᠶᠠᠷᠢᠵᠤ ᠪᠠᠢᠭᠰᠠᠨ ᠰᠢᠭ᠋ ᠰᠠᠨᠠᠭᠳᠠᠪᠠ᠃ ᠲᠠᠷᠢᠶ᠎ᠠ ᠬᠢᠬᠦ ᠶ᠋ᠢ ᠰᠤᠷᠭᠠᠵᠤ᠂ ᠡᠪᠡᠳᠴᠢᠲᠡᠨ ᠢ᠋ ᠡᠪᠡᠳᠴᠢᠨ ᠢ᠋ᠶ᠋ᠡᠨ ᠪᠦᠷ ᠬᠣᠭ ᠰᠢᠪᠬᠠᠷᠤᠤ ᠦᠭᠡᠢ ᠪᠣᠯᠲᠠᠯ᠎ᠠ ᠡᠮᠴᠢᠯᠡᠭᠦᠯᠬᠦ ᠶ᠋ᠢ ᠱᠠᠭᠠᠷᠳᠠᠨ ᠰᠤᠷᠭᠠᠳᠠᠭ᠂ ᠥᠩᠭᠡᠨ ᠦ᠌ ᠡᠪᠡᠳᠴᠢᠨ ᠦ᠌ ᠳ᠋ᠣᠺᠲ᠋ᠣᠷ᠂ ᠥᠨᠳᠥᠷ ᠴᠢᠭᠢᠷᠠᠭ ᠪᠡᠶ᠎ᠡ ᠲᠡᠢ᠂ ᠵᠤᠭ᠎ᠠ ᠲᠠᠢ ᠬᠥᠬᠢᠭᠦᠨ ᠵᠠᠩᠲᠠᠢ ᠣᠷᠯᠤᠸ᠂ ᠬᠥᠳᠡᠭᠡ ᠬᠣᠯᠠ ᠨᠤᠲᠤᠭ ᠠ᠋ᠴᠠ ᠬᠦᠷᠲᠡᠯ᠎ᠡ ᠡᠮᠴᠢᠯᠡᠭᠦᠯᠬᠦ ᠭᠡᠵᠦ ᠵᠦᠭ ᠵᠦᠭ ᠡᠴᠡ ᠬᠥᠮᠦᠨ ᠢᠷᠡᠳᠡᠭ᠂ ᠰᠠᠢᠬᠠᠨ ᠵᠠᠩ ᠲᠠᠢ ᠰᠠᠢᠨ ᠰᠠᠨᠠᠭ᠎ᠠ ᠲᠠᠢ ᠡᠪᠦᠭᠡᠨ᠂ ᠳᠣᠲᠣᠷ ᠤ᠋ᠨ ᠡᠮᠴᠢ ᠱᠠᠰᠲ᠋ᠢᠨ᠂ ᠲᠠᠷᠪᠠᠭᠠᠨ ᠲᠠᠬᠤᠯ ᠢ᠋ ᠡᠰᠡᠷᠭᠦᠴᠡᠬᠦ ᠳ᠋ᠣᠺᠲ᠋ᠣᠷ᠂ ᠥᠨᠳᠥᠷ ᠨᠢᠷᠤᠭᠤ ᠲᠠᠢ᠂ ᠤᠢᠳᠬᠠᠷ ᠦᠭᠡᠢ ᠵᠤᠭ᠎ᠠ ᠲᠠᠢ ᠪᠧᠷᠯᠢᠨ ᠦ᠌ ᠵᠡᠷᠭᠡ ᠡᠮᠴᠢ ᠨᠠᠷ ᠦᠬᠦᠯ ᠵᠣᠪᠠᠯᠠᠩ ᠲᠠᠢ ᠲᠡᠮᠡᠴᠡᠭᠴᠢ ᠪᠠᠭᠠᠲᠤᠷ ᠵᠣᠷᠢᠭᠲᠤ᠂ ᠳᠠᠷᠤᠤ ᠵᠠᠩᠲᠠᠢ ᠬᠥᠮᠦᠰ᠂ ᠬᠣᠲᠠ ᠬᠥᠳᠡᠭᠡ ᠦᠭᠡᠢ ᠣᠯᠠᠨ ᠮᠢᠩᠭᠠᠨ ᠡᠴᠢᠭᠡ ᠡᠬᠡ ᠪᠣᠯᠤᠭᠰᠠᠨ ᠬᠥᠮᠦᠨ ᠦ᠌ ᠢᠷᠦᠭᠡᠯ ᠦ᠋ᠨ ᠰᠠᠢᠨ ᠢ᠋ ᠬᠦᠷᠲᠡᠵᠦ᠂ ᠮᠣᠩᠭᠣᠯ ᠤ᠋ᠨ ᠲᠦᠮᠡᠨ ᠠᠷᠠᠳ ᠤ᠋ᠨ ᠡᠷᠡᠭᠦᠯ ᠮᠡᠨᠳᠦ ᠶ᠋ᠢᠨ ᠲᠥᠯᠥᠭᠡ ᠦᠨᠡᠨ ᠰᠡᠳᠬᠢᠯ ᠡᠴᠡ ᠬᠦᠴᠦ ᠪᠡᠨ ᠰᠢᠪᠬᠠᠨ ᠵᠢᠳᠬᠦᠭᠴᠢ ᠲᠡᠳᠡᠨ ᠲᠡᠢ ᠡᠪᠦᠭᠡᠨ ᠬᠡᠭᠡᠷ᠎ᠡ ᠶ᠋ᠢᠨ ᠪᠣᠷᠣ᠂ ᠤᠷᠢᠳ ᠰᠥᠨᠢ ᠨᠢᠭᠤᠷ ᠵᠣᠯᠭᠠᠵᠤ ᠦᠭᠡ ᠶᠠᠷᠢᠭᠰᠠᠨ ᠰᠢᠭ᠋᠂ ᠵᠢᠰᠦ ᠴᠢᠷᠠᠢ ᠨᠢ ᠰᠡᠳᠬᠢᠯ ᠳ᠋ᠦ᠍ᠨᠢ( ᠳ᠋ᠦ᠍ ᠨᠢ) ᠲᠣᠳᠣᠬᠠᠨ ᠦᠵᠡᠭᠳᠡᠵᠦ ᠬᠡᠪᠲᠡᠨ ᠠᠲᠠᠯ᠎ᠠ᠂ ᠭᠢᠰᠬᠢᠨ ᠠᠯᠬᠤᠬᠤ ᠬᠥᠯ ᠦ᠋ᠨ ᠴᠢᠮᠡᠭᠡ ᠰᠣᠨᠣᠰᠳᠠᠵᠤ᠂ ᠡᠪᠦᠭᠡᠨ ᠦ᠌ ᠨᠢᠭᠡ ᠮᠡᠳᠡᠬᠦᠨ᠎ᠡ᠂ ᠮᠠᠢᠬᠠᠨ ᠤ᠋ ᠠᠮᠠᠰᠠᠷ ᠲᠤ᠌ ᠴᠠᠭᠠᠨ ᠶᠠᠭᠤᠮ᠎ᠠ ᠪᠠᠷ ᠠᠮᠠ ᠬᠠᠮᠠᠷ ᠢ᠋ᠶ᠋ᠠᠨ ᠪᠣᠭᠣᠭᠰᠠᠨ᠂ ᠪᠷᠸᠽᠢᠨᠲ ᠬᠤᠪᠴᠠᠰᠤ᠂ ᠤᠷᠲᠤ ᠲᠦᠷᠡᠢ ᠲᠡᠢ ᠷᠧᠽᠢᠨ ᠭᠤᠲᠤᠯ ᠡᠮᠦᠰᠦᠭᠰᠡᠨ ᠬᠣᠶᠠᠷ ᠬᠥᠮᠦᠨ ᠦᠵᠡᠭᠳᠡᠭᠰᠡᠨ ᠲᠤᠯᠠ᠂ ᠬᠡᠭᠡᠷ᠎ᠡ ᠶ᠋ᠢᠨ ᠪᠣᠷᠣ ᠭᠠᠷ ᠢ᠋ᠶ᠋ᠠᠨ ᠵᠠᠩᠭᠠᠵᠤ᠂
— ᠳ᠋ᠣᠺᠲ᠋ᠣᠷ᠂ ᠲᠠ ᠬᠣᠯᠠᠬᠠᠨ ᠪᠠᠢᠵᠤ ᠦᠵᠡ ᠭᠡᠵᠦ ᠬᠣᠲᠠ ᠠ᠋ᠴᠠ ᠢᠷᠡᠭᠰᠡᠨ ᠳ᠋ᠣᠺᠲ᠋ᠣᠷ ᠢ᠋ ᠲᠠᠨᠢᠭᠠᠳ᠂ ᠪᠢ ᠡᠪᠡᠳᠴᠢᠨ ᠬᠠᠯᠳᠠᠵᠠᠢ᠃ ᠪᠣᠳᠣᠪᠠᠯ ᠠᠭᠤᠰᠬᠢᠨ ᠳ᠋ᠤ᠌ ᠲᠤᠰᠤᠭᠰᠠᠨ ᠪᠣᠯᠤᠯᠲᠠᠢ ᠭᠡᠬᠦ ᠳ᠋ᠦ᠍ᠨᠢ( ᠳ᠋ᠦ᠍ ᠨᠢ)᠂
— ᠬᠠᠷᠢᠨ᠂ ᠪᠢ ᠲᠠᠨ ᠤ᠋ ᠡᠪᠡᠳᠦᠭᠰᠡᠨ ᠢ᠋ ᠮᠡᠳᠡᠭᠡᠳ᠂ ᠡᠪᠡᠳᠬᠦ ᠵᠣᠪᠠᠬᠤ ᠶ᠋ᠢ ᠲᠠᠨᠢ ᠨᠠᠮᠳᠠᠭᠤᠯᠵᠤ ᠦᠵᠡᠶ᠎ᠡ ᠭᠡᠵᠦ ᠢᠷᠡᠯ᠎ᠡ ᠰᠢᠦ ᠬᠡᠮᠡᠪᠡᠰᠦ᠂
— ᠠ᠋᠂ ᠳ᠋ᠣᠺᠲ᠋ᠣᠷ ᠮᠢᠨᠢ᠂ ᠪᠣᠳᠣᠪᠠᠯ ᠮᠢᠨᠦ ᠨᠠᠰᠤᠨ ᠤ᠋ ᠬᠡᠮᠵᠢᠶ᠎ᠡ ᠭᠦᠢᠴᠡᠭᠰᠡᠨ ᠪᠣᠯᠤᠯᠲᠠᠢ᠂ ᠪᠢ ᠦᠬᠦᠬᠦ ᠳ᠋ᠡᠭᠡᠨ( ᠳ᠋ᠦ᠍ ᠪᠡᠨ) ᠠᠶᠤᠬᠤ ᠦᠭᠡᠢ᠂ ᠭᠠᠭᠴᠠ ᠠᠴᠢᠲᠤ ᠪᠠᠭᠰᠢ ᠨᠥᠬᠥᠳ ᠪᠣᠯᠤᠭᠰᠠᠨ ᠵᠥᠪᠯᠡᠯᠲᠦ ᠶ᠋ᠢᠨ ᠡᠮᠴᠢ ᠲᠠ ᠨᠠᠷ ᠲᠠᠭᠠᠨ(ᠲᠤ ᠪᠠᠨ) ᠡᠪᠡᠳᠴᠢᠨ ᠬᠠᠯᠳᠠᠭᠤᠵᠠᠢ ᠭᠡᠵᠦ ᠠᠶᠤᠵᠤ ᠪᠠᠢᠨ᠎ᠠ᠃ ᠡᠮᠡᠭᠡᠨ ᠱᠠᠷᠢ ᠶ᠋ᠢᠨ ᠵᠢᠭᠠᠯ ᠬᠦᠦ ᠨᠢ ᠬᠣᠨᠢ ᠬᠠᠷᠢᠭᠤᠯᠵᠤ ᠶᠠᠪᠤᠭᠠᠳ᠂ ᠨᠢᠭᠡ ᠨᠣᠮᠣᠬᠠᠨ ᠲᠠᠷᠪᠠᠭ᠎ᠠ ᠪᠠᠷᠢᠵᠤ ᠮᠢᠬ᠎ᠠ ᠶ᠋ᠢ ᠨᠢ ᠰᠢᠷᠠᠵᠤ ᠢᠳᠡᠭᠰᠡᠨ ᠶᠦᠮ ᠪᠠᠢᠵᠠᠢ᠃ ᠲᠡᠭᠡᠭᠡᠳ᠂ ᠨᠥᠭᠥᠭᠡᠳᠦᠷ ᠨᠢ ᠡᠬᠡ ᠲᠡᠢ᠂ ᠡᠮᠡᠭᠡ ᠡᠬᠡ ᠲᠡᠢᠭᠡᠨ( ᠲᠡᠢ ᠪᠡᠨ) ᠭᠤᠷᠪᠠᠭᠤᠯᠠ ᠪᠠᠨ ᠡᠪᠡᠳᠴᠢᠨ ᠲᠣᠰᠴᠤ᠂ ᠵᠢᠭᠠᠯ ᠬᠦᠦ᠂ ᠨᠢᠭᠡ ᠬᠣᠨᠣᠭᠠᠳ ᠦᠬᠦᠵᠦ᠂ ᠬᠣᠢᠲᠤ ᠡᠳᠦᠷ ᠨᠢ ᠡᠬᠡ᠂ ᠡᠮᠡᠭᠡ ᠡᠬᠡ ᠬᠣᠶᠠᠷ ᠨᠢ ᠦᠬᠦᠵᠡᠢ᠃ ᠪᠤᠰᠤᠳ ᠤᠴᠢᠷ ᠪᠠᠢᠳᠠᠯ ᠢ᠋ ᠰᠢᠷᠠᠪ ᠠᠪᠤᠭᠠᠢ ᠲᠠᠨ ᠳ᠋ᠤ᠌ ᠬᠡᠯᠡᠵᠦ ᠥᠭᠬᠦ ᠪᠢᠵᠡ᠃ ᠥᠴᠥᠭᠡᠳᠦᠷ ᠡᠴᠡ ᠡᠬᠢᠯᠡᠭᠡᠳ ᠮᠢᠨᠦ ᠪᠡᠶ᠎ᠡ ᠮᠠᠭᠤ᠂ ᠡᠪᠡᠳᠴᠢᠨ ᠬᠦᠷᠦᠭᠰᠡᠨ ᠪᠠᠢᠳᠠᠯ ᠢᠯᠡᠷᠬᠡᠢ᠂ ᠣᠳᠣ ᠦᠬᠦᠨ᠎ᠡ ᠪᠠᠢᠬᠤ ᠭᠡᠬᠦ ᠳ᠋ᠦ᠍ᠨᠢ( ᠳ᠋ᠦ᠍ ᠨᠢ)᠂
— ᠰᠢᠷᠠᠪ ᠠᠪᠤᠭᠠᠢ ᠲᠠᠨ ᠤ᠋ ᠵᠢᠭᠠᠪᠤᠷᠢ ᠶᠣᠰᠣᠭᠠᠷ ᠬᠥᠯ ᠬᠣᠷᠢᠵᠤ᠂ ᠣᠢᠷ᠎ᠠ ᠬᠠᠪᠢ ᠶ᠋ᠢᠨ ᠠᠷᠠᠳ ᠤ᠋ᠳ ᠢ᠋ ᠡᠪᠡᠳᠴᠢᠨ ᠦ᠌ ᠠᠶᠤᠯ ᠪᠦᠬᠦᠢ ᠭᠠᠵᠠᠷ ᠠ᠋ᠴᠠ ᠨᠡᠭᠦᠯᠭᠡᠨ ᠵᠠᠢᠯᠠᠭᠤᠯᠬᠤ ᠠᠵᠢᠯ ᠵᠣᠬᠢᠶᠠᠭᠰᠠᠨ ᠢ᠋ᠶ᠋ᠠᠨ ᠪᠢᠳᠡᠨ ᠳ᠋ᠦ᠍ ᠬᠡᠯᠡᠵᠦ ᠥᠭᠭᠦᠭᠰᠡᠨ᠂ ᠲᠡᠭᠡᠵᠦ ᠴᠠᠭ ᠲᠤᠬᠠᠢ ᠳ᠋ᠤᠨᠢ( ᠳ᠋ᠤ᠌ ᠨᠢ) ᠬᠥᠯ ᠬᠣᠷᠢᠭᠰᠠᠨ ᠢ᠋ᠶ᠋ᠠᠷ᠂ ᠬᠣᠷᠰᠢᠶᠠᠨ ᠤ᠋ ᠨᠢᠭᠡ ᠲᠣᠮᠣ ᠰᠠᠭᠤᠷᠢ ᠮᠠᠯ ᠡᠭᠦᠪᠡᠷ ᠥᠩᠭᠡᠷᠡᠬᠦ ᠭᠡᠵᠦ ᠪᠠᠢᠭᠰᠠᠨ ᠢ᠋ ᠬᠠᠷᠢᠨ ᠵᠣᠭᠰᠣᠭᠠᠭᠰᠠᠨ ᠪᠢᠯᠡ᠃ ᠮᠠᠯ ᠲᠠᠭᠤᠵᠤ ᠶᠠᠪᠤᠭᠰᠠᠨ ᠤᠯᠤᠰ ᠨᠢ ᠡᠨᠳᠡ ᠲᠠᠬᠤᠯ ᠭᠠᠷᠤᠭᠰᠠᠨ ᠢ᠋ ᠣᠭᠲᠣ ᠮᠠᠲᠠᠯ ᠦᠭᠡᠢ᠂ ᠲᠡᠷᠡ ᠲᠠᠬᠤᠯ ᠲᠣᠰᠴᠤ ᠪᠠᠯᠠᠷᠠᠭᠰᠠᠨ ᠠᠢᠯ ᠳᠡᠭᠡᠷ᠎ᠡ ᠢᠷᠡᠵᠦ ᠪᠠᠭᠤᠬᠤ ᠭᠡᠵᠦ ᠶᠠᠪᠤᠭᠰᠠᠨ ᠶᠤᠮ ᠪᠠᠢᠵᠠᠢ᠃ ᠨᠥᠬᠥᠷ ᠪᠣᠷᠣ ᠲᠠ᠂ ᠡᠪᠡᠳᠴᠢᠨ ᠢ᠋ ᠴᠠᠭ ᠲᠤᠬᠠᠢ ᠳ᠋ᠤᠨᠢ( ᠳ᠋ᠤ᠌ ᠨᠢ )ᠲᠠᠨᠢᠵᠤ᠂ ᠰᠡᠷᠭᠡᠢᠯᠡᠬᠦ ᠠᠵᠢᠯ ᠵᠣᠬᠢᠶᠠᠭᠰᠠᠨ ᠢ᠋ᠶ᠋ᠠᠷ ᠠᠶᠤᠯᠲᠤ ᠡᠪᠡᠳᠴᠢᠨ ᠢ᠋ ᠭᠠᠳᠠᠭᠰᠢ ᠲᠠᠷᠬᠠᠵᠤ ᠲᠦᠭᠡᠬᠦ ᠶ᠋ᠢ ᠲᠠᠰᠤᠯᠤᠨ ᠴᠢᠳᠠᠵᠠᠢ ᠭᠡᠵᠦ ᠲᠠᠷᠪᠠᠭᠠᠨ ᠲᠠᠬᠤᠯ ᠢ᠋ ᠡᠰᠡᠷᠭᠦᠴᠡᠭᠴᠢ ᠳ᠋ᠣᠺᠲ᠋ᠣᠷ᠂ ᠡᠪᠦᠭᠡᠨ ᠪᠣᠷᠣ ᠶ᠋ᠢᠨ ᠠᠴᠢ ᠭᠠᠪᠢᠶ᠎ᠠ ᠶ᠋ᠢ ᠪᠠᠬᠠᠷᠬᠠᠨ ᠬᠡᠯᠡᠪᠡ᠃
— ᠮᠢᠨᠦ ᠠᠪᠴᠤ ᠶᠠᠪᠤᠳᠠᠭ ᠬᠠᠢᠷᠴᠠᠭ ᠲᠠᠢ ᠡᠮ ᠳ᠋ᠦ᠍ ᠡᠪᠡᠳᠬᠦ ᠶ᠋ᠢ ᠨᠠᠮᠳᠠᠭᠤᠯᠬᠤ᠂ ᠬᠠᠯᠠᠭᠤᠨ ᠢ᠋ ᠳᠠᠷᠤᠬᠤ ᠪᠠᠭ᠎ᠠ ᠰᠠᠭ᠎ᠠ ᠡᠮ ᠪᠠᠢᠭᠰᠠᠨ ᠢ᠋ ᠲᠡᠷᠡ ᠲᠠᠯᠢᠢᠭᠴᠢ ᠱᠠᠷᠢ ᠡᠮᠡᠭᠡᠨ ᠳ᠋ᠦ᠍ ᠥᠭᠴᠦ᠂ ᠡᠨᠡᠯᠦᠨ ᠵᠣᠪᠠᠬᠤ ᠶ᠋ᠢ ᠨᠢ ᠪᠠᠭᠠᠬᠠᠨ ᠴᠤ᠌ ᠭᠡᠰᠡᠨ ᠨᠢᠮᠭᠡᠯᠡᠵᠦ ᠥᠭᠬᠦ ᠭᠡᠵᠦ ᠤᠷᠤᠯᠳᠤᠵᠤ ᠦᠵᠡᠭᠰᠡᠨ ᠪᠢᠯᠡ᠃ ᠪᠦᠷ ᠠᠨᠠᠭᠠᠵᠤ ᠴᠢᠳᠠᠬᠤ ᠦᠭᠡᠢ ᠪᠣᠯᠪᠠᠴᠤ᠂ ᠲᠦᠷ ᠴᠦ᠍ ᠲᠤᠰᠠ ᠪᠣᠯᠬᠤ ᠶᠤᠮᠰᠠᠨ ᠭᠡᠵᠦ ᠣᠷᠣᠯᠳᠣᠭᠰᠠᠨ᠃ ᠲᠡᠭᠡᠭᠡᠳ ᠲᠡᠳᠡᠨ ᠦ᠌ ᠬᠡᠭᠦᠷ ᠢ᠋ ᠵᠢᠭᠠᠪᠤᠷᠢ ᠶᠣᠰᠣᠭᠠᠷ ᠬᠠᠮᠲᠤ ᠰᠢᠲᠠᠭᠠᠯᠭᠠᠯᠠ ᠭᠡᠬᠦ ᠳ᠋ᠦ᠍ᠨᠢ( ᠳ᠋ᠦ᠍ ᠨᠢ)᠂
— ᠵᠠ ᠵᠠ᠃ ᠣᠳᠣ ᠪᠢᠳᠡ ᠲᠠᠨ ᠢ᠋ ᠪᠠᠢᠳᠠᠭ ᠴᠢᠳᠠᠯ ᠢ᠋ᠶ᠋ᠠᠷ ᠢ᠋ᠶ᠋ᠠᠨ ᠠᠷᠭᠠᠯᠠᠨ ᠰᠤᠪᠢᠯᠠᠵᠤ ᠦᠵᠡᠶ᠎ᠡ ᠭᠡᠵᠦ ᠡᠮᠴᠢ ᠶ᠋ᠢᠨ ᠬᠡᠯᠡᠬᠦ ᠳ᠋ᠦ᠍᠂
— ᠪᠢ᠂ ᠤᠷᠢᠳ ᠲᠠᠨ ᠤ᠋ ᠬᠢᠴᠢᠶᠡᠯ ᠳ᠋ᠦ᠍ ᠶᠡᠬᠡ ᠬᠢᠴᠢᠶᠡᠨ ᠰᠣᠨᠣᠰᠴᠤ ᠰᠠᠭᠤᠳᠠᠭ ᠰᠠᠨ ᠳ᠋ᠣᠺᠲ᠋ᠣᠷ ᠮᠢᠨᠢ᠃ ᠲᠡᠭᠡᠭᠡᠳ ᠠᠷᠭᠠᠯᠠᠭᠠᠳ ᠠᠷᠭᠠᠯᠠᠭᠠᠳ᠂ ᠣᠳᠣ ᠭᠣᠷᠢ ᠦᠭᠡᠢ ᠭᠡᠭᠴᠢ ᠶ᠋ᠢ ᠪᠢ ᠮᠡᠳᠡᠵᠦ ᠪᠠᠢᠨ᠎ᠠ᠃ ᠡᠨᠡ ᠲᠠᠬᠤᠯ ᠨᠠᠳᠠ ᠪᠠᠷ ᠰᠢᠪᠲᠤᠷᠠᠬᠤ ᠪᠣᠯᠲᠤᠭᠠᠢ᠃ ᠮᠢᠨᠦ ᠭᠠᠭᠴᠠ ᠵᠣᠪᠠᠬᠤ ᠵᠦᠢᠯ ᠭᠡᠪᠡᠯ᠂ ᠲᠠ ᠪᠦᠬᠦᠨ ᠢ᠋ ᠯᠡ ᠪᠡᠶ᠎ᠡ ᠪᠡᠨ ᠶᠡᠬᠡᠯ᠎ᠡ(ᠶᠡᠬᠡ ᠯᠡ)ᠪᠣᠯᠭᠣᠮᠵᠢᠯᠠᠭᠠᠰᠠᠢ ᠭᠡᠵᠦ ᠵᠣᠪᠠᠵᠤ ᠪᠠᠢᠨ᠎ᠠ᠃ ᠲᠠ ᠪᠦᠬᠦᠨ᠂ ᠵᠥᠪᠯᠡᠯᠲᠦ ᠶ᠋ᠢᠨ ᠬᠥᠮᠦᠰ᠂ ᠮᠠᠨᠠᠢ ᠵᠠᠰᠠᠭ ᠤ᠋ᠨ ᠭᠠᠵᠠᠷ ᠤ᠋ᠨ ᠤᠷᠢᠵᠤ ᠢᠷᠡᠭᠰᠡᠨ ᠡᠷᠬᠢᠮ ᠮᠡᠷᠭᠡᠵᠢᠯᠲᠡᠨ ᠨᠦ᠍ᠭᠦᠳ᠂ ᠦᠬᠦᠬᠦ ᠭᠡᠵᠦ ᠪᠠᠢᠭ᠎ᠠ ᠨᠠᠮᠠᠶ᠋ᠢ ᠲᠦᠷ ᠡᠪᠡᠳᠬᠦ ᠵᠣᠪᠠᠬᠤ ᠶ᠋ᠢ ᠨᠠᠮᠳᠠᠭᠤᠯᠬᠤ ᠭᠡᠵᠦ ᠪᠠᠢᠭᠠᠳ ᠨᠠᠳᠠ ᠠ᠋ᠴᠠ ᠲᠠᠬᠤᠯ ᠬᠠᠯᠳᠠᠪᠠᠯ᠂ ᠮᠢᠨᠦ ᠰᠡᠳᠬᠢᠯ ᠬᠡᠷᠬᠢᠪᠡᠴᠦ ᠲᠦᠪᠳᠡᠬᠦ ᠦᠭᠡᠢ᠃ ᠨᠠᠳᠠᠳᠤ(ᠨᠠᠳᠠ ᠳ᠋ᠤ᠌) ᠶᠠᠭᠤ ᠴᠤ᠌ ᠬᠡᠷᠡᠭ ᠦᠭᠡᠢ᠃ ᠲᠠ ᠪᠦᠬᠦᠨ ᠯᠡ ᠡᠷᠡᠭᠦᠯ ᠮᠡᠨᠳᠦ ᠪᠠᠢᠪᠠᠯ᠂ ᠥᠭᠡᠷ᠎ᠡ ᠮᠢᠨᠦ ᠬᠦᠰᠡᠬᠦ ᠵᠦᠢᠯ ᠠᠯᠠᠭ᠎ᠠ ᠭᠡᠵᠡᠢ*᠃
ᠡᠪᠦᠭᠡᠨ ᠭᠠᠷ ᠢ᠋ᠶ᠋ᠠᠨ ᠡᠪᠦᠷ ᠲᠡᠭᠡᠨ( ᠳ᠋ᠦ᠍ ᠪᠡᠨ) ᠬᠢᠭᠡᠳ ᠠᠶᠠᠲᠠᠢᠬᠠᠨ ᠡᠪᠬᠡᠭᠰᠡᠨ ᠨᠢᠭᠡ ᠪᠢᠴᠢᠭ ᠭᠠᠷᠭᠠᠭᠠᠳ ᠪᠠᠬᠠᠨ ᠬᠠᠷᠠᠵᠤ᠂ ᠳ᠋ᠣᠺᠲ᠋ᠣᠷ ᠤ᠋ᠨ ᠵᠦᠭ ᠬᠠᠨᠳᠤᠭᠠᠳ᠂
— ᠪᠢ ᠨᠠᠮ ᠤ᠋ᠨ ᠢ᠋ᠶ᠋ᠠᠨ ᠡᠭᠦᠷ ᠦ᠋ᠨ ᠨᠠᠷᠢᠨ ᠪᠢᠴᠢᠭ ᠦ᠋ᠨ ᠳᠠᠷᠤᠭ᠎ᠠ ᠳ᠋ᠤ᠌ ᠭᠡᠰᠢᠭᠦᠨ ᠳ᠋ᠦ᠍ ᠡᠯᠰᠡᠬᠦ ᠭᠡᠰᠡᠨ ᠡᠷᠭᠦᠳᠡᠯ ᠢ᠋ᠶ᠋ᠡᠨ ᠥᠭᠬᠦ ᠭᠡᠵᠦ ᠪᠡᠯᠡᠨ ᠪᠣᠯᠭᠠᠭᠠᠳ ᠠᠪᠴᠤ ᠶᠠᠪᠤᠭᠰᠠᠨ ᠬᠥᠮᠦᠨ ᠶᠦᠮ᠃ ᠠᠷᠠᠢ ᠠᠮᠠ ᠮᠥᠴᠢᠳ ᠬᠣᠵᠢᠮᠳᠠᠴᠢᠬᠠᠯᠠ ᠳᠠ᠃ ᠨᠠᠮ ᠤ᠋ᠨ ᠡᠭᠦᠷ ᠦ᠋ᠨ ᠳᠠᠷᠤᠭ᠎ᠠ᠂ ᠮᠢᠨᠦ ᠣᠴᠢᠵᠤ ᠠᠭᠤᠯᠵᠠᠬᠤ ᠶ᠋ᠢᠨ ᠤᠷᠢᠳᠬᠠᠨ ᠬᠣᠲᠠ ᠣᠷᠣᠭᠠᠳ᠂ ᠪᠢ ᠪᠤᠴᠠᠵᠤ ᠢᠷᠡᠬᠦ ᠶ᠋ᠢ ᠨᠢ ᠬᠦᠯᠢᠶᠡᠯ ᠦᠭᠡᠢ ᠡᠢᠮᠦ ᠪᠣᠯᠴᠢᠬᠠᠯ᠎ᠠ ᠳᠠ᠃ ᠡᠷᠭᠦᠳᠡᠯ ᠢ᠋ᠶ᠋ᠡᠨ ᠴᠦ᠍ ᠪᠠᠰᠠ ᠥᠪᠡᠷ ᠲᠡᠢ ᠪᠠᠨ ᠯᠠ ᠬᠠᠮᠲᠤ ᠰᠢᠲᠠᠭᠠᠯᠭᠠᠬᠤ ᠠ᠋ᠴᠠ ᠳᠠ᠃ ᠳ᠋ᠣᠺᠲ᠋ᠣᠷ ᠭᠤᠸᠠᠢ ᠮᠢᠨᠢ᠂ ᠲᠠ ᠮᠠᠨ ᠤ᠋ ᠰᠤᠮᠤᠨ ᠤ᠋ ᠨᠠᠮ ᠤ᠋ᠨ ᠡᠭᠦᠷ ᠦ᠋ᠨ ᠳᠠᠷᠤᠭ᠎ᠠ ᠶ᠋ᠢ ᠬᠣᠲᠠ ᠠ᠋ᠴᠠ ᠪᠤᠴᠠᠵᠤ ᠢᠷᠡᠬᠦ ᠳ᠋ᠦ᠍ᠨᠢ( ᠳ᠋ᠦ᠍ ᠨᠢ) ᠨᠠᠮ᠎ᠠ ᠶ᠋ᠢ ᠨᠠᠮ ᠤ᠋ᠨ ᠢ᠋ᠶ᠋ᠠᠨ ᠰᠤᠷᠭᠠᠨ ᠬᠥᠮᠦᠵᠢᠭᠦᠯᠦᠭᠰᠡᠨ ᠶᠣᠰᠣᠭᠠᠷ ᠡᠭᠦᠷᠭᠡ ᠪᠡᠨ ᠰᠢᠳᠤᠷᠭᠤ ᠪᠠᠷ ᠭᠦᠢᠴᠡᠳᠬᠡᠭᠰᠡᠭᠡᠷ ᠦᠬᠦᠭᠰᠡᠨ ᠭᠡᠵᠦ ᠬᠡᠯᠡᠭᠡᠷᠡᠢ ᠭᠡᠬᠦ ᠳ᠋ᠦ᠍ᠨᠢ( ᠳ᠋ᠦ᠍ ᠨᠢ) ᠳ᠋ᠣᠺᠲ᠋ᠣᠷ ᠤ᠋ᠨ ᠰᠡᠳᠬᠢᠯ ᠳᠣᠲᠣᠷ᠎ᠠ ᠲᠡᠰᠬᠡᠯ ᠦᠭᠡᠢ ᠤᠶᠠᠷᠠᠨ ᠬᠣᠭᠣᠯᠠᠢ ᠨᠢ ᠴᠡᠴᠡᠷᠬᠢᠯᠡᠨ᠂
— ᠵᠠ ᠪᠢ ᠲᠠᠨ ᠤ᠋ ᠡᠨᠡ ᠦᠭᠡ ᠶ᠋ᠢ ᠲᠤᠩ ᠮᠠᠷᠲᠠᠬᠤ ᠦᠭᠡᠢ᠂ ᠨᠢᠭᠡᠳ ᠨᠢᠭᠡᠨ ᠦᠭᠡᠢ ᠤᠯᠠᠮᠵᠢᠯᠠᠭᠠᠳ ᠠᠮᠢ ᠪᠡᠶ᠎ᠡ ᠬᠠᠢᠷᠠᠯᠠᠯ ᠦᠭᠡᠢ ᠵᠢᠳᠬᠦᠭᠰᠡᠨ ᠢ᠋ ᠴᠢᠨᠢ ᠬᠡᠯᠡᠵᠦ ᠥᠭᠭᠦᠨ᠎ᠡ᠃
ᠳᠤᠮᠳᠠᠳᠤ ᠡᠷᠲᠡᠨ ᠦ᠌ ᠦᠶᠡᠰ ᠧᠦ᠋ᠷᠣᠫᠠ ᠵᠦᠭ ᠦ᠋ᠨ ᠬᠢᠨ ᠦ᠌《ᠬᠠᠷ᠎ᠠ ᠦᠬᠦᠯ》 ᠭᠡᠵᠦ ᠶᠡᠬᠡ ᠠᠶᠤᠳᠠᠭ ᠲᠡᠷᠡ ᠲᠠᠬᠤᠯ ᠤ᠋ᠨ ᠠᠶᠤᠯ ᠨᠠᠮᠲᠠᠨ ᠳᠠᠷᠤᠭᠳᠠᠭᠰᠠᠨ ᠢ᠋ ᠣᠯᠵᠤ ᠰᠣᠨᠣᠰᠤᠭᠠᠳ᠂ ᠡᠪᠦᠭᠡᠨ ᠪᠠᠭ᠎ᠠ ᠡᠮᠴᠢ ᠶ᠋ᠢᠨ ᠳᠣᠲᠣᠷ᠎ᠠ ᠨᠢ ᠣᠩᠭᠣᠢᠵᠤ᠂ ᠲᠡᠷᠡ ᠣᠷᠣᠢ ᠳ᠋ᠠᠭᠠᠨ( ᠳ᠋ᠤ᠌ ᠪᠠᠨ) ᠤᠬᠠᠭᠠᠨ ᠰᠠᠷᠠᠭᠤᠯ ᠲᠤᠩᠭᠠᠯᠠᠭ ᠬᠡᠪ ᠢ᠋ᠶ᠋ᠡᠷ ᠠᠭᠰᠠᠭᠠᠷ ᠨᠠᠰᠤᠨ ᠠ᠋ᠴᠠ ᠨᠥᠭᠴᠢᠵᠡᠢ᠃ ᠠᠷᠠᠳ ᠤ᠋ᠨ ᠬᠤᠪᠢᠰᠬᠠᠯ ᠤ᠋ᠨ ᠠᠴᠢ ᠪᠠᠷ ᠡᠷᠬᠡ ᠴᠢᠯᠥᠭᠡᠲᠦ ᠬᠥᠳᠡᠯᠮᠦᠷᠢ ᠶ᠋ᠢᠨ ᠲᠠᠭᠠᠲᠠᠢ ᠪᠠᠬᠠᠳᠤᠯ ᠢ᠋ ᠲᠠᠨᠢᠭᠠᠳ᠂ ᠠᠷᠠᠳ ᠲᠦᠮᠡᠨ ᠳ᠋ᠦ᠍ ᠮᠠᠨᠢ ᠰᠢᠨ᠎ᠡ ᠰᠠᠢᠬᠠᠨ ᠪᠠᠢᠳᠠᠯ ᠢ᠋ ᠵᠣᠬᠢᠶᠠᠬᠤ ᠳ᠋ᠤ᠌ ᠲᠤᠰᠠᠯᠠᠵᠤ ᠪᠠᠢᠭ᠎ᠠ ᠵᠥᠪᠯᠡᠯᠲᠦ ᠶ᠋ᠢᠨ ᠬᠥᠮᠦᠨ ᠠᠷᠠᠳ ᠤ᠋ᠨ ᠶᠡᠬᠡ ᠠᠴᠢ ᠭᠠᠪᠢᠶ᠎ᠠ ᠶ᠋ᠢ ᠲᠠᠯᠠᠷᠬᠠᠨ ᠪᠣᠳᠣᠵᠤ ᠶᠠᠪᠤᠳᠠᠭ ᠲᠡᠷᠡ ᠡᠪᠦᠭᠡᠨ ᠠᠷᠠᠳ ᠦᠬᠦᠬᠦ ᠡᠴᠡ ᠠᠶᠤᠨ ᠡᠮᠢᠶᠡᠳᠡᠭ ᠦᠭᠡᠢ ᠵᠣᠷᠢᠭᠲᠤ ᠪᠠᠭᠠᠲᠤᠷ ᠴᠢᠩ ᠵᠢᠷᠤᠮᠲᠤ ᠡᠷ᠎ᠡ ᠪᠠᠢᠵᠠᠢ᠃
— — — —
* ᠡᠨᠡ ᠶᠠᠪᠤᠳᠠᠯ ᠵᠣᠬᠢᠶᠠᠮᠠᠯ ᠪᠢᠰᠢ᠂ ᠦᠨᠡᠨ ᠬᠡᠷᠡᠭ᠃
ᠪᠢ ᠭᠠᠭᠴᠠ ᠬᠦ᠌ ᠬᠣᠵᠢᠮ ᠲᠡᠷᠡ ᠬᠥᠮᠦᠨ ᠦ᠌ ᠲᠤᠬᠠᠢ ᠲᠤᠰᠬᠠᠢᠯᠠᠨ ᠨᠠᠢᠷᠠᠭᠤᠯᠤᠨ ᠪᠢᠴᠢᠬᠦ ᠭᠡᠵᠦ᠂ ᠡᠨᠳᠡ ᠨᠡᠷ᠎ᠡ ᠶ᠋ᠢ ᠥᠭᠡᠷᠡᠴᠢᠯᠡᠵᠦ ᠪᠢᠴᠢᠭᠰᠡᠨ ᠪᠢᠯᠡ᠃
ᠦᠰᠦᠭ ᠠᠮᠢᠯᠠᠭᠤᠯᠤᠭᠴᠢ᠄ ᠪᠠᠯ᠂ ᠤᠢᠭᠤᠷᠵᠢᠨ·ᠣᠳᠬᠣᠨᠪᠠᠪᠠ᠂ ᠴᠤᠯᠮᠤᠨᠭᠡᠷᠡᠯ᠂ ᠪᠠᠳᠮᠠᠰᠡᠴᠡᠨ
ᠬᠢᠨᠠᠭᠴᠢ᠄ ᠣᠳᠬᠣᠨᠴᠡᠴᠡᠭ᠂ ᠴᠤᠯᠮᠤᠨᠭᠡᠷᠡᠯ᠂ ᠲ ᠬᠦᠮᠦᠵᠢᠯᠲᠦ᠂ ᠪᠠᠯ
ᠤᠩᠰᠢᠭᠴᠢ᠄ ᠨᠠᠰᠤᠨ᠌ᠦ᠌ᠯᠵᠡᠢ
