ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠳᠥᠷᠪᠡ Үүрийн туяа III – Б ᠂ Ренчин Гуравдугаар дэвтэр "Баялдаж олсон эх орон"-14 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠳᠥᠷᠪᠡ Үүрийн туяа III – Б ᠂ Ренчин Гуравдугаар дэвтэр "Баялдаж олсон эх орон"-14

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠳᠥᠷᠪᠡ Үүрийн туяа III – Б ᠂ Ренчин Гуравдугаар дэвтэр "Баялдаж олсон эх орон"-14

ᠠᠩᠭᠢᠯᠠᠯ:ᠲᠤᠭᠤᠵᠢ ᠷᠣᠮᠠᠨ
2025-05-29

183

ᠠᠷᠪᠠᠨ ᠳᠥᠷᠪᠡ ᠂ ᠡᠯᠢᠭᠡ ᠪᠦᠲᠦᠨ ᠠᠢᠯ


            ᠣᠷᠴᠢᠨ ᠲᠣᠭᠣᠷᠢᠨ ᠳ᠋ᠤ᠌ ᠮᠢᠨᠢ ᠪᠢᠳᠡᠨ ᠦ᠌    
            ᠤᠷᠢ ᠵᠠᠯᠠᠭᠤ ᠶ᠋ᠢᠨ ᠳᠠᠯᠠᠢ ᠴᠠᠯᠭᠢᠯᠠᠵᠤ ᠪᠠᠢᠬᠤ ᠳ᠋ᠤ᠌   
            ᠥᠲᠡᠯᠦᠨ᠎ᠡ ᠭᠡᠵᠦ ᠪᠢᠳᠡ ᠠᠶᠤᠬᠤ ᠤᠤ ᠳᠠ? ᠁           
                           ᠨ· ᠲᠢᠬᠤᠨᠤᠸ      

       — ᠡᠢᠮᠦ ᠬᠥᠮᠦᠨ ᠶᠦᠮ ᠪᠣᠢ ᠪᠢ? ᠭᠡᠵᠦ ᠴᠡᠷᠡᠨ ᠵᠤᠤᠪᠠᠩ ᠲᠣᠯᠢᠨ ᠳ᠋ᠤ᠌ ᠴᠢᠷᠠᠢ ᠪᠠᠨ ᠬᠠᠷᠠᠵᠤ ᠯᠠ ᠨᠠᠮ ᠳᠠᠭᠤ ᠪᠠᠷ ᠬᠡᠯᠡᠭᠡᠳ᠂ ᠲᠣᠯᠢ ᠤᠷᠤᠭᠤ ᠪᠠᠨ ᠬᠠᠷᠠᠬᠤ ᠳ᠋ᠤᠨᠢ( ᠳ᠋ᠤ᠌ ᠨᠢ)᠂ ᠥᠭᠡᠳᠡ ᠡᠴᠡ ᠨᠢ ᠦᠷᠴᠢᠢᠯᠭᠡ ᠣᠷᠣᠬᠤ ᠰᠢᠨᠵᠢᠲᠡᠢ᠂ ᠥᠨᠳᠥᠷ ᠮᠠᠩᠨᠠᠢ ᠲᠠᠢ᠂ ᠨᠠᠷᠢᠨ ᠬᠠᠷ᠎ᠠ ᠬᠥᠮᠥᠰᠬᠡ ᠲᠡᠢ᠂ ᠪᠤᠷᠭᠠᠰᠤᠨ ᠤ᠋ ᠨᠠᠪᠴᠢ ᠮᠡᠲᠦ ᠤᠷᠲᠤᠯᠢᠭ ᠰᠡᠷᠭᠦᠯᠡᠩ ᠨᠢᠳᠦ ᠲᠡᠢ᠂ ᠮᠣᠩᠬᠣᠷ ᠬᠠᠮᠠᠷ ᠲᠠᠢ᠂ ᠬᠥᠷᠥᠰᠥᠯᠢᠭ ᠬᠦᠷᠡᠩ ᠴᠢᠷᠠᠢ ᠲᠠᠢ ᠠᠶᠠᠲᠠᠢᠬᠠᠨ ᠡᠮᠡᠭᠲᠡᠢ ᠬᠥᠮᠦᠨ ᠲᠣᠯᠢᠨ ᠳ᠋ᠤᠨᠢ( ᠳ᠋ᠤ᠌ ᠨᠢ) ᠬᠠᠷᠠᠭᠳᠠᠭᠰᠠᠨ ᠳ᠋ᠤ᠌ ᠬᠣᠷᠢᠭᠠᠳ ᠵᠢᠯ ᠦ᠋ᠨ ᠡᠮᠦᠨ᠎ᠡ ᠪᠢ ᠵᠥᠪ ᠵᠦᠭᠡᠷ ᠪᠠᠢᠵᠠᠢ ᠳᠠ ᠭᠡᠵᠦ ᠪᠣᠳᠣᠲᠠᠯ᠎ᠠ ᠪᠠᠨ ᠭᠡᠨᠡᠳᠲᠡ ᠢᠴᠢᠩᠭᠦᠷᠡᠰᠬᠢᠵᠦ ᠲᠣᠯᠢ ᠪᠠᠨ ᠨᠡᠭᠡᠭᠡᠯᠲᠡ ᠲᠡᠢ ᠠᠪᠳᠠᠷ᠎ᠠ ᠤᠷᠤᠭᠤ ᠪᠠᠨ ᠶᠠᠭᠠᠷᠠᠨ ᠬᠢᠴᠢᠵᠡᠢ(ᠬᠢᠴᠢᠬᠡᠵᠡᠢ)᠃ ᠲᠡᠭᠡᠭᠡᠳ᠂ ᠭᠡᠷ ᠲᠦ᠍ ᠬᠥᠮᠦᠨ ᠬᠠᠷ᠎ᠠ ᠦᠭᠡᠢ ᠪᠠᠢᠭ᠎ᠠ ᠨᠢ ᠶᠠᠭᠠᠮᠠᠢ᠃ ᠬᠠᠷᠠᠪᠠᠯ ᠠᠮᠢᠲᠠᠨ ᠱᠣᠣᠯᠠᠯ ᠦᠭᠡᠢ ᠶᠠᠭᠠᠬᠢᠬᠤ ᠪᠣᠢ᠃ ᠡᠬᠡᠨᠡᠷ ᠬᠥᠮᠦᠨ᠂ ᠬᠥᠭᠰᠢᠨ ᠬᠥᠮᠦᠨ ᠮᠥᠷᠲᠡᠭᠡᠨ ᠲᠣᠯᠢᠨ ᠤ᠋ ᠡᠮᠦᠨ᠎ᠡ ᠢᠩᠭᠢᠵᠦ ᠰᠠᠪᠠᠭ᠎ᠠ ᠦᠭᠡᠢᠳᠡᠬᠦ ᠭᠡᠵᠦ ᠮᠠᠭᠤ ᠬᠡᠯᠡᠨ᠎ᠡ ᠰᠢᠦ ᠳᠡ ᠭᠡᠵᠦ ᠪᠣᠳᠣᠭᠠᠳ ᠠᠪᠳᠠᠷ᠎ᠠ ᠠ᠋ᠴᠠ ᠪᠠᠨ ᠳᠡᠪᠡᠯ ᠦ᠋ᠨ ᠬᠠᠷ᠎ᠠ ᠬᠥᠬᠡ ᠫᠦᠦᠰᠦᠦ᠂ ᠬᠦᠷᠡᠩ ᠳᠤᠷᠳᠤᠩ ᠬᠣᠶᠠᠷ ᠢ᠋ ᠳᠠᠬᠢᠨ ᠭᠠᠷᠭᠠᠵᠤ ᠳᠡᠯᠭᠡᠭᠡᠳ ᠦᠵᠡᠵᠡᠢ᠃ ᠲᠣᠯᠢ᠂ ᠲᠣᠷᠭ᠎ᠠ ᠳᠤᠷᠳᠤᠩ ᠨᠢ ᠴᠥᠮ ᠠᠪᠤ ᠡᠵᠢ ᠬᠣᠶᠠᠷ ᠲᠠᠭᠠᠨ( ᠲᠤ ᠪᠠᠨ) ᠠᠶᠠᠨᠴᠢᠨ ᠢ᠋ᠶ᠋ᠠᠷ ᠬᠣᠲᠠ ᠠ᠋ᠴᠠ ᠲᠡᠮᠦᠷ ᠬᠦᠦ ᠶ᠋ᠢᠨ ᠶᠠᠪᠤᠭᠤᠯᠤᠭᠰᠠᠨ ᠪᠡᠯᠡᠭ ᠪᠠᠢᠵᠠᠢ᠃ ᠠᠵᠢᠯ ᠬᠢᠵᠦ ᠰᠠᠭᠠᠷᠢᠲᠤᠭᠰᠠᠨ ᠰᠢᠷᠦᠭᠦᠨ ᠬᠤᠷᠤᠭᠤ ᠪᠠᠷ ᠢ᠋ᠶ᠋ᠠᠨ ᠬᠦᠦ ᠶ᠋ᠢᠨ ᠢ᠋ᠶ᠋ᠡᠨ ᠪᠡᠯᠡᠭ ᠢ᠋ ᠢᠯᠢᠭᠡᠳ ᠳᠠᠬᠢᠨ ᠠᠪᠳᠠᠷ᠎ᠠ ᠳ᠋ᠠᠭᠠᠨ( ᠳ᠋ᠤ᠌ ᠪᠠᠨ) ᠠᠶᠠᠲᠠᠢᠬᠠᠨ ᠭᠡᠭᠴᠢ ᠪᠡᠷ ᠬᠢᠵᠦ ᠪᠣᠳᠣᠯᠭ᠎ᠠ ᠪᠣᠳᠣᠵᠠᠢ᠃  
       ᠲᠡᠮᠦᠷ ᠬᠦᠦ ᠨᠢ ᠪᠠᠭᠠᠲᠤᠷ ᠤ᠋ᠨ ᠬᠣᠲᠠ ᠳ᠋ᠤ᠌ ᠳᠤᠮᠳᠠᠳᠤ ᠰᠤᠷᠭᠠᠭᠤᠯᠢ ᠳ᠋ᠤ᠌ ᠣᠷᠣᠭᠰᠠᠭᠠᠷ ᠭᠤᠷᠪᠠᠨ ᠵᠢᠯ ᠦ᠋ᠨ ᠨᠢᠭᠤᠷ ᠦᠵᠡᠵᠡᠢ᠃  ᠠᠩᠬᠠᠨ ᠤ᠋ ᠵᠢᠯ ᠳ᠋ᠦ᠍ ᠬᠦᠦ ᠪᠡᠨ ᠶᠡᠬᠡᠯ᠎ᠡ( ᠶᠡᠬᠡ ᠯᠡ) ᠰᠠᠨᠠᠳᠠᠭ ᠪᠠᠢᠯ᠎ᠠ᠃ ᠰᠥᠨᠢ ᠰᠡᠷᠢᠭᠡᠳ᠂ ᠳᠡᠷ᠎ᠡ ᠶ᠋ᠢᠨ ᠳᠣᠣᠷ᠎ᠠ ᠠ᠋ᠴᠠ ᠪᠠᠨ ᠬᠦᠦ ᠶ᠋ᠢᠨ ᠢ᠋ᠶ᠋ᠡᠨ ᠦᠨᠦᠷ ᠨᠢ ᠰᠠᠯᠤᠭ᠎ᠠ ᠦᠭᠡᠢ ᠴᠠᠮᠴᠠ ᠶ᠋ᠢ ᠭᠠᠷᠭᠠᠵᠤ᠂ ᠲᠦᠮᠡᠨ ᠬᠥᠮᠦᠨ ᠦ᠌ ᠳᠤᠮᠳᠠ ᠠ᠋ᠴᠠ ᠠᠨᠳᠤᠰᠢ ᠦᠭᠡᠢ ᠲᠠᠨᠢᠬᠤ ᠲᠡᠷᠡ ᠰᠠᠢᠬᠠᠨ ᠦᠨᠦᠷ ᠢ᠋ ᠨᠢ ᠰᠢᠩᠰᠢᠳᠡᠭ ᠪᠠᠢᠯ᠎ᠠ᠃ 
       ᠲᠡᠭᠡᠭᠡᠳ ᠬᠣᠢᠲᠤᠨ ᠬᠠᠪᠤᠷ ᠨᠢ ᠥᠷᠲᠡᠭᠡ ᠪᠡᠷ ᠤᠯᠠᠭᠠᠴᠢ ᠳᠠᠭᠠᠭᠤᠯᠤᠨ᠂ ᠠᠯᠪᠠᠨ ᠤ᠋ ᠡᠯᠴᠢ ᠰᠢᠭ ᠬᠦᠷᠴᠦ ᠢᠷᠡᠬᠦ  ᠳ᠋ᠦ᠍ᠨᠢ( ᠳ᠋ᠦ᠍ ᠨᠢ) ᠪᠠᠶᠠᠷᠯᠠᠭᠰᠠᠨ ᠢ᠋ᠶ᠋ᠠᠨ ᠬᠡᠯᠡᠭᠡᠳ ᠪᠠᠷᠠᠬᠤ ᠤᠤ? ᠲᠣᠮᠣ ᠪᠣᠯᠴᠢᠬᠰᠠᠨ( ᠪᠣᠯᠴᠢᠬᠠᠭᠰᠠᠨ) ᠢ᠋ ᠨᠢ ᠭᠠᠢᠬᠠᠭᠠᠳ ᠪᠠᠷᠠᠬᠤ ᠤᠤ? ᠥᠨᠳᠥᠷ ᠴᠢᠯᠭᠡᠷ ᠪᠡᠶ᠎ᠡ ᠲᠡᠢ ᠪᠠᠷᠤᠭ ᠨᠢᠷᠤᠭᠤ ᠪᠠᠷ ᠢ᠋ᠶ᠋ᠠᠨ ᠡᠴᠢᠭᠡ ᠡᠴᠡ ᠪᠡᠨ ᠳᠤᠲᠠᠭᠤ ᠦᠭᠡᠢ᠂ ᠣᠳᠣ ᠯᠠᠪ ᠡᠬᠡ ᠡᠴᠡ ᠪᠡᠨ ᠥᠨᠳᠥᠷ ᠪᠣᠯᠤᠭᠰᠠᠨ ᠪᠣᠢ᠃ ᠰᠠᠨᠠᠬᠤ ᠳ᠋ᠤ᠌ ᠰᠠᠶᠢᠬᠠᠨ ᠯᠠ ᠬᠥᠬᠥ ᠪᠡᠨ ᠬᠥᠬᠥᠭᠦᠯᠵᠦ ᠪᠦᠪᠡᠢᠯᠡᠵᠦ᠂ ᠬᠠᠮᠢᠶ᠎ᠠ ᠦᠭᠡᠢ ᠬᠥᠮᠦᠨ ᠡᠴᠡ ᠬᠥᠯ ᠬᠣᠷᠢᠵᠤ ᠪᠠᠢᠭᠰᠠᠨ ᠰᠢᠦ ᠳᠡ᠃ ᠴᠠᠭ ᠶᠠᠪᠤᠬᠤ ᠨᠢ ᠮᠥᠨ ᠴᠦ᠍ ᠲᠦᠷᠭᠡᠨ ᠶᠦᠮ ᠳᠠᠭ ᠠ᠋᠃ 
       ᠠᠢᠯ ᠤ᠋ᠨ ᠡᠮᠡᠭᠡᠨ᠂ ᠬᠦᠦ ᠶ᠋ᠢ ᠠᠶᠤᠵᠤ ᠰᠣᠴᠢᠨ ᠤᠬᠢᠯᠠᠪᠠᠯ ᠬᠡᠷᠡᠭᠯᠡᠭᠡᠷᠡᠢ ᠭᠡᠵᠦ ᠬᠠᠷ᠎ᠠ ᠲᠣᠮ ᠵᠢᠭᠠᠵᠤ ᠪᠠᠢᠭᠰᠠᠨ ᠢ᠋ ᠰᠠᠨᠠᠭᠠᠳ ᠴᠡᠷᠡᠨ ᠦ᠌ ᠢᠨᠢᠶᠡᠳᠦ ᠨᠢ ᠬᠦᠷᠴᠡᠢ᠃ ᠣᠷᠣᠨ ᠳᠣᠣᠷ᠎ᠠ ᠠ᠋ᠴᠠ ᠪᠠᠨ ᠨᠢᠭᠡ ᠴᠢᠮᠬᠢ ᠰᠢᠷᠣᠢ᠂ ᠲᠤᠯᠭᠠᠨ ᠤ᠋ ᠳᠥᠷᠪᠡᠨ ᠲᠠᠯ᠎ᠠ ᠠ᠋ᠴᠠ ᠨᠢᠭᠡ ᠨᠢᠭᠡ ᠴᠢᠮᠬᠢ ᠰᠢᠷᠣᠢ᠂ ᠪᠣᠱᠣᠭᠠᠨ ᠤ᠋ ᠲᠡᠨᠳᠡ ᠡᠴᠡ ᠨᠢᠭᠡ ᠴᠢᠮᠬᠢ ᠰᠢᠷᠣᠢ ᠲᠤᠰ ᠲᠤᠰ ᠠᠪᠤᠭᠠᠳ ᠤᠰᠤ ᠲᠠᠢ ᠱᠠᠵᠠᠩ( ᠱᠠᠭᠠᠵᠠᠩ) ᠠᠶᠠᠭᠠᠨ ᠳ᠋ᠤ᠌ ᠬᠢᠭᠡᠳ᠂ ᠭᠠᠳᠠᠭ᠎ᠠ ᠭᠠᠷᠭᠠᠵᠤ ᠤᠰᠤ ᠶ᠋ᠢ ᠨᠢ ᠰᠠᠴᠤᠭᠠᠳ᠂ ᠠᠶᠠᠭ᠎ᠠ ᠪᠠᠨ ᠪᠠᠷᠠᠭᠤᠨ ᠡᠮᠦᠨ᠎ᠡ ᠵᠠᠪᠠᠭ ᠲᠤ᠌ ᠬᠥᠮᠥᠷᠢᠭᠦᠯᠦᠨ ᠬᠢᠭᠡᠷᠡᠢ ᠭᠡᠵᠦ ᠵᠢᠭᠠᠭᠰᠠᠨ ᠪᠢᠯᠡ᠃ ᠲᠡᠮᠦᠷ ᠢ᠋ ᠭᠡᠨᠡᠳᠲᠡ ᠤᠬᠢᠯᠠᠬᠤ ᠳ᠋ᠤ᠌᠂ ᠲᠡᠷᠡ ᠲᠣᠮ ᠢ᠋ ᠰᠡᠮᠡᠬᠡᠨ ᠬᠡᠷᠡᠭᠯᠡᠵᠦ ᠪᠠᠢᠭᠰᠠᠨ ᠢ᠋ᠶ᠋ᠠᠨ ᠲᠣᠭᠠᠯᠠᠪᠠᠯ ᠨᠡᠯᠢᠶᠡᠳ ᠣᠯᠠᠨ ᠤᠳᠠᠭ᠎ᠠ ᠦᠵᠡᠭᠰᠡᠨ ᠪᠠᠢᠬᠤ᠃ ᠰᠠᠨᠠᠭ᠎ᠠ ᠳᠠᠭᠠᠳᠠᠭ ᠴᠤ᠌ ᠶᠤᠮ ᠤᠤ ᠪᠤᠤ ᠮᠡᠳᠡ᠂ ᠤᠬᠢᠯᠠᠬᠤ ᠪᠠᠨ ᠵᠣᠭᠰᠣᠳᠠᠭ ᠰᠢᠭ᠋ ᠰᠠᠨᠠᠭᠳᠠᠳᠠᠭ ᠰᠠᠨ᠃ ᠣᠳᠣ ᠲᠡᠮᠦᠷ ᠲᠣᠮᠣ ᠪᠣᠯᠴᠢᠭᠠᠳ( ᠪᠣᠯᠴᠢᠬᠠᠭᠠᠳ) ᠠᠪᠤ ᠠ᠋ᠴᠠ ᠪᠠᠨ ᠢᠯᠡᠭᠦᠦ ᠶᠠᠭᠤᠮ᠎ᠠ ᠮᠡᠳᠡᠳᠡᠭ ᠪᠣᠯᠵᠠᠢ᠃ ᠨᠢᠳᠤᠨᠤᠨ ᠵᠤᠨ᠂ ᠠᠢᠯ ᠠᠬ᠎ᠠ ᠳᠡᠭᠦᠦ ᠴᠥᠮ ᠢ᠋ᠶ᠋ᠡᠷ ᠢ᠋ᠶ᠋ᠡᠨ ᠴᠤᠭᠯᠠᠵᠤ᠂ ᠲᠡᠮᠦᠷ ᠢ᠋ ᠰᠢᠯ ᠲᠡᠢ ᠤᠰᠤᠨ ᠠ᠋ᠴᠠ ᠨᠢᠭᠡ ᠰᠢᠯ ᠠᠶᠠᠭᠠᠨ ᠳ᠋ᠤ᠌ ᠬᠢᠬᠦ ᠳ᠋ᠦ᠍ᠨᠢ( ᠳ᠋ᠦ᠍ ᠨᠢ) ᠭᠡᠨᠡᠳᠲᠡ  ᠲᠡᠷᠡ ᠤᠰᠤ ᠨᠢ ᠶᠠᠭᠠᠨ ᠤᠯᠠᠭᠠᠨ ᠪᠣᠯᠴᠢᠳᠠᠭ( ᠪᠣᠯᠴᠢᠬᠠᠳᠠᠭ) ᠶᠢᠯᠸᠢ ᠰᠢᠭ ᠰᠣᠨᠢᠨ ᠶᠠᠭᠤᠮ᠎ᠠ ᠶ᠋ᠢ ᠶᠡᠬᠡ ᠰᠣᠨᠢᠷᠬᠠᠵᠤ ᠪᠢᠯᠡ᠃ ᠨᠢᠭᠡ ᠡᠳᠦᠷ ᠡᠪᠦᠭᠡᠨ ᠢ᠋᠂ ᠲᠠ ᠪᠦᠭᠦᠳᠡ ᠶ᠋ᠢᠨ ᠭᠠᠩᠰᠠᠨ ᠤ᠋ ᠤᠲᠤᠭ᠎ᠠ ᠶ᠋ᠢ ᠪᠢ ᠡᠨᠡ ᠳ᠋ᠢᠽᠢ ᠪᠡᠷ ᠪᠥᠭᠯᠡᠭᠡᠰᠦᠲᠡᠢ ᠰᠢᠯ ᠠᠶᠠᠭᠠᠨ ᠳ᠋ᠤ᠌ ᠲᠡᠳᠡᠨ ᠬᠤᠷᠢᠶᠠᠨ᠎ᠠ ᠭᠡᠵᠦ ᠭᠠᠢᠬᠠᠭᠤᠯᠤᠭᠠᠳ ᠣᠯᠠᠨ ᠢ᠋ ᠬᠠᠷᠠᠭᠰᠠᠭᠠᠷ ᠪᠠᠢᠲᠠᠯ᠎ᠠ᠂ ᠳ᠋ᠢᠽᠢ ᠪᠡᠨ ᠡᠷᠭᠢᠭᠦᠯᠦᠭᠡᠳ ᠢᠷᠣᠭᠠᠷ ᠢ᠋ᠶ᠋ᠠᠷ ᠨᠢ ᠰᠢᠯ ᠠᠶᠠᠭ᠎ᠠ ᠪᠠᠨ ᠪᠦᠲᠡᠭᠡᠮᠡᠭᠴᠡ ᠴᠠᠭᠠᠨ ᠤᠲᠤᠭ᠎ᠠ ᠳᠣᠲᠣᠭᠰᠢ ᠨᠢ ᠰᠣᠷᠣᠨ ᠲᠠᠲᠠᠭᠰᠠᠨ ᠶᠤᠮ ᠰᠢᠭ᠋ ᠲᠡᠷᠡ ᠰᠢᠯ ᠠᠶᠠᠭᠠᠨ ᠤ᠋ ᠢᠷᠣᠭᠠᠷ ᠤᠷᠤᠭᠤ ᠬᠠᠷᠪᠤᠨ ᠣᠷᠣᠵᠤ ᠪᠢᠯᠡ᠃ ᠲᠡᠭᠡᠭᠡᠳ ᠬᠤᠪᠢᠯᠬᠤᠢ ᠤᠬᠠᠭᠠᠨ ᠭᠡᠵᠦ ᠰᠣᠨᠢᠨ ᠰᠠᠢᠬᠠᠨ ᠤᠬᠠᠭᠠᠨ ᠪᠠᠢᠳᠠᠭ ᠶᠤᠮ ᠭᠡᠵᠦ ᠲᠡᠷᠡ ᠶᠢᠯᠸᠢ ᠰᠢᠭ ᠶᠠᠭᠤᠮ᠎ᠠ ᠶ᠋ᠢᠨ ᠢ᠋ᠶ᠋ᠡᠨ ᠤᠴᠢᠷ ᠢ᠋ ᠲᠠᠢᠯᠪᠤᠷᠢᠯᠠᠨ ᠬᠡᠯᠡᠵᠦ ᠪᠢᠯᠡ᠃ ᠡᠪᠦᠭᠡᠳ ᠭᠠᠢᠬᠠᠨ ᠰᠣᠨᠣᠰᠤᠭᠠᠳ᠂ ᠤᠷᠢᠳᠤ ᠬᠥᠬᠡ ᠰᠠᠷᠯᠤᠭᠲᠤ ᠪᠠᠳᠢᠷᠴᠢᠨ ᠭᠡᠵᠦ ᠨᠢᠭᠡ ᠬᠥᠮᠦᠨ ᠶᠠᠪᠤᠳᠠᠭ ᠰᠠᠨ᠃ ᠬᠣᠵᠢᠮ ᡀᠠ ᠪᠡᠢᠯᠡ ᠳ᠋ᠦ᠍ ᠬᠣᠣᠷᠯᠠᠭᠤᠯᠵᠤ ᠦᠬᠦᠭᠰᠡᠨ᠃ ᠲᠡᠷᠡ ᠪᠠᠳᠢᠷᠴᠢᠨ ᠢ᠋ ᠲᠦᠩᠫᠸᠡ ᠲᠡᠢ ᠤᠰᠤᠨ ᠳ᠋ᠤ᠌ ᠲᠤᠭᠤᠯᠭ᠎ᠠ ᠬᠠᠶᠠᠬᠤ ᠳ᠋ᠤᠨᠢ( ᠳ᠋ᠤ᠌ ᠨᠢ)᠂ ᠬᠤᠷᠴᠠ ᠴᠠᠭᠠᠨ ᠭᠠᠯ ᠪᠠᠳᠠᠷᠠᠨ ᠤᠰᠤᠨ ᠳᠡᠭᠡᠭᠦᠷ ᠳᠠᠪᠬᠢᠨ ᠰᠢᠲᠠᠳᠠᠭ ᠰᠣᠨᠢᠨ ᠶᠢᠯᠸᠢ ᠰᠢᠭ ᠶᠠᠭᠤᠮ᠎ᠠ ᠦᠵᠡᠭᠦᠯᠵᠦ ᠮᠡᠷᠭᠡᠯᠡᠳᠡᠭ ᠰᠠᠨ ᠭᠡᠬᠦ ᠳ᠋ᠦ᠍ᠨᠢ( ᠳ᠋ᠦ᠍ ᠨᠢ) ᠲᠡᠮᠦᠷ ᠰᠣᠨᠣᠰᠤᠭᠠᠳ ᠢᠨᠢᠶᠡᠵᠦ᠂ ᠮᠠᠨ ᠤ᠋ ᠰᠤᠷᠭᠠᠭᠤᠯᠢ ᠳ᠋ᠤ᠌ ᠬᠢᠴᠢᠶᠡᠯ ᠳᠡᠭᠡᠷ᠎ᠡ ᠲᠡᠷᠡ ᠲᠤᠷᠰᠢᠯᠭ᠎ᠠ ᠦᠵᠡᠭᠦᠯᠳᠡᠭ ᠶᠦᠮ ᠳᠡ ᠭᠡᠬᠦ ᠳ᠋ᠦ᠍ ᠲᠡᠷᠡ ᠲᠠᠨᠢ ᠲᠤᠭᠤᠯᠭ᠎ᠠ ᠪᠢᠰᠢ ᠨᠠᠲ᠋᠂᠂᠂ ᠨᠠᠲ᠂᠂᠂ ᠶᠠᠭᠤ ᠭᠡᠵᠦ ᠬᠡᠯᠡᠯ᠎ᠡ ᠳᠡ᠂ ᠬᠡᠯᠡᠨ ᠳ᠋ᠦ᠍ ᠣᠷᠣᠵᠤ ᠥᠭᠬᠦ ᠦᠭᠡᠢ ᠨᠢᠭᠡ ᠨᠡᠷ᠎ᠡ ᠬᠡᠯᠡᠭᠰᠡᠨ ᠪᠢᠯᠡ᠃ ᠲᠡᠭᠡᠭᠡᠳ ᠲᠡᠷᠡ ᠪᠠᠳᠢᠷᠴᠢᠨ ᠢ᠋ ᠰᠢᠳᠢ ᠲᠡᠢ ᠬᠥᠮᠦᠨ ᠪᠢᠰᠢ᠂ ᠣᠯᠠᠨ ᠤ᠋ ᠬᠠᠷᠠᠩᠭᠤᠢ ᠪᠦᠳᠦᠭᠦᠯᠢᠭ ᠢ᠋ ᠠᠰᠢᠭᠯᠠᠨ ᠵᠠᠪᠰᠢᠵᠤ᠂ ᠬᠥᠮᠦᠨ ᠠᠮᠢᠲᠠᠨ ᠢ᠋ ᠮᠡᠬᠡᠯᠡᠵᠦ ᠶᠠᠪᠤᠭᠰᠠᠨ ᠬᠥᠮᠦᠨ ᠪᠠᠢᠵᠠᠢ ᠭᠡᠵᠦ ᠲᠠᠢᠯᠪᠤᠷᠢᠯᠠᠵᠤ ᠬᠡᠯᠡᠬᠦ ᠳ᠋ᠦ᠍ᠨᠢ( ᠳ᠋ᠦ᠍ ᠨᠢ) ᠡᠪᠦᠭᠡᠳ ᠨᠡᠭᠡᠷᠡᠨ ᠯᠡ ᠲᠡᠢᠮᠦ ᠪᠠᠢᠵᠤ ᠯᠠ ᠳᠠ ᠭᠡᠵᠦ ᠢᠲᠡᠭᠡᠭᠰᠡᠨ ᠪᠢᠯᠡ᠃   ᠬᠦᠦ ᠶ᠋ᠢᠨ ᠢ᠋ᠶ᠋ᠡᠨ ᠲᠡᠭᠡᠵᠦ ᠶᠠᠷᠢᠵᠤ ᠪᠠᠢᠬᠤ ᠳ᠋ᠤ᠌ ᠶᠠᠭᠤᠲᠠᠢ ᠪᠠᠬᠠᠳᠤᠨ ᠰᠣᠨᠣᠰᠳᠠᠭ ᠪᠠᠢᠯ᠎ᠠ᠃ ᠣᠳᠣ ᠤᠤᠭᠠᠨ ᠬᠦᠦ ᠮᠢᠨᠢ ᠠᠯᠤᠰ ᠬᠣᠯᠠ ᠶ᠋ᠢᠨ ᠮᠣᠰᠺᠸᠠ ᠣᠷᠣᠬᠤ ᠭᠡᠵᠦ ᠪᠠᠢᠨ᠎ᠠ ᠰᠢᠦ᠃ ᠪᠠᠭ᠎ᠠ ᠳ᠋ᠠᠭᠠᠨ( ᠳ᠋ᠤ᠌ ᠪᠠᠨ) ᠪᠢ ᠮᠣᠰᠺᠸᠠ ᠣᠷᠣᠵᠤ ᠰᠤᠷᠭᠠᠭᠤᠯᠢ ᠬᠢᠨ᠎ᠡ ᠭᠡᠵᠦ ᠪᠠᠢᠳᠠᠭ ᠨᠢ᠂ ᠣᠳᠣ ᠲᠡᠷᠡ ᠪᠠᠭ᠎ᠠ ᠶ᠋ᠢᠨ ᠬᠦᠰᠡᠯ ᠶᠣᠰᠣᠭᠠᠷ ᠪᠣᠯᠵᠠᠢ ᠭᠡᠵᠦ ᠪᠣᠳᠣᠵᠤ ᠪᠠᠢᠲᠠᠯ᠎ᠠ ᠪᠠᠨ᠂ ᠠᠷᠠᠳ ᠤ᠋ᠨ ᠵᠠᠰᠠᠭ ᠤ᠋ᠨ ᠭᠠᠵᠠᠷ ᠠ᠋ᠴᠠ ᠠᠩᠬ᠎ᠠ ᠮᠣᠰᠺᠸᠠ ᠳ᠋ᠤ᠌ ᠰᠤᠷᠭᠠᠭᠤᠯᠢ ᠬᠢᠯᠭᠡᠬᠦ ᠭᠡᠵᠦ ᠬᠡᠳᠦᠨ ᠬᠥᠮᠦᠨ ᠶᠠᠪᠤᠭᠤᠯᠬᠤ ᠳ᠋ᠤ᠌᠂ ᠨᠣᠶᠠᠳ ᠯᠠᠮᠠ ᠨᠠᠷ ᠰᠦᠷᠲᠡᠢ ᠴᠤᠤ ᠦᠭᠡ ᠲᠠᠷᠬᠠᠭᠠᠨ ᠬᠡᠯᠡᠯᠴᠡᠵᠦ ᠪᠠᠢᠭᠰᠠᠨ ᠨᠢ ᠰᠠᠨᠠᠭᠠᠨ ᠳ᠋ᠤᠨᠢ( ᠳ᠋ᠤ᠌ ᠨᠢ) ᠣᠷᠣᠵᠠᠢ᠃ ᠰᠤᠷᠭᠠᠭᠤᠯᠢ ᠳ᠋ᠤ᠌ ᠣᠷᠣᠭᠤᠯᠤᠨ᠎ᠠ ᠭᠡᠵᠦ ᠰᠤᠷᠤᠭᠴᠢᠳ ᠢ᠋ ᠮᠡᠬᠡᠯᠡᠵᠦ ᠠᠪᠠᠴᠢᠭᠠᠳ᠂ ᠤᠯᠠᠭᠠᠨ ᠣᠷᠣᠰ ᠤ᠋ᠨ ᠰᠦᠯᠳᠡ ᠲᠠᠬᠢᠬᠰᠠᠨ ᠶᠤᠮ ᠠ᠋᠃ ᠣᠳᠣ ᠲᠡᠷᠡ ᠰᠤᠷᠤᠭᠴᠢᠳ ᠠ᠋ᠴᠠ ᠠᠮᠢᠳᠤ ᠦᠯᠡᠳᠡᠭᠰᠡᠨ ᠬᠥᠮᠦᠨ ᠨᠢᠭᠡ ᠴᠦ᠍ ᠠᠯᠠᠭ᠎ᠠ ᠭᠡᠵᠦ ᠬᠡᠯᠡᠯᠴᠡᠳᠡᠭ ᠪᠠᠢᠵᠤ ᠪᠢᠯᠡ᠃  
       ᠦᠨᠡᠨ ᠬᠤᠳᠠᠯ ᠢ᠋ ᠨᠢ ᠭᠠᠢᠬᠠᠵᠤ ᠪᠠᠲᠤᠪᠠᠶᠠᠷ ᠡᠪᠦᠭᠡᠨ ᠡᠴᠡ ᠴᠣᠬᠣᠮ ᠤᠴᠢᠷ ᠢ᠋ ᠠᠰᠠᠭᠤᠬᠤ ᠭᠡᠵᠦ ᠣᠴᠢᠭᠰᠠᠨ ᠢ᠋ᠶ᠋ᠠᠨ ᠴᠡᠷᠡᠨ ᠰᠠᠨᠠᠵᠠᠢ᠃ ᠲᠡᠷᠡ ᠦᠶ᠎ᠡ ᠳ᠋ᠦ᠍ ᠪᠠᠲᠤᠪᠠᠶᠠᠷ ᠡᠪᠦᠭᠡ ᠶ᠋ᠢᠨ ᠳ᠋ᠦ᠍ ᠢᠸᠠᠨ ᠡᠪᠦᠭᠡᠨ ᠭᠤᠸᠠᠢ ᠠᠢᠯᠴᠢᠯᠠᠵᠤ ᠪᠠᠢᠭᠰᠠᠨ ᠪᠢᠯᠡ᠃ 
       ᠬᠣᠶᠠᠷ ᠡᠪᠦᠭᠡᠳ᠂ ᠴᠡᠷᠡᠨ ᠦ᠌ ᠲᠡᠷᠡ ᠴᠤᠤᠷᠬᠠᠯ ᠦᠭᠡ ᠶ᠋ᠢ ᠰᠣᠨᠣᠰᠤᠭᠰᠠᠨ ᠢ᠋ᠶ᠋ᠠᠨ ᠰᠠᠨᠳᠤᠷᠤᠨ ᠬᠡᠯᠡᠬᠦ ᠳ᠋ᠦ᠍ᠨᠢ( ᠳ᠋ᠦ᠍ ᠨᠢ) ᠰᠣᠨᠣᠰᠤᠭᠠᠳ᠂ ᠨᠢᠳᠦᠨ ᠡᠴᠡ ᠪᠡᠨ ᠨᠢᠯᠪᠤᠰᠤ ᠭᠠᠷᠲᠠᠯ᠎ᠠ ᠪᠠᠨ ᠢᠨᠢᠶᠡᠭᠰᠡᠨ ᠨᠢ ᠰᠠᠨᠠᠭᠠᠨ  ᠳ᠋ᠤᠨᠢ( ᠳ᠋ᠤ᠌ ᠨᠢ) ᠣᠷᠣᠵᠤ ᠢᠨᠢᠶᠡᠮᠰᠦᠭᠯᠡᠯ᠎ᠡ᠃ ᠲᠡᠭᠡᠭᠡᠳ ᠢᠨᠢᠶᠡᠵᠦ ᠢᠨᠢᠶᠡᠵᠦ᠂ ᠬᠣᠶᠠᠷ ᠡᠪᠦᠭᠡᠳ ᠦ᠋ᠨ ᠲᠠᠢᠯᠪᠤᠷᠢᠯᠠᠵᠤ ᠬᠡᠯᠡᠭᠰᠡᠨ ᠨᠢ᠂ ᠤᠯᠠᠭᠠᠨ ᠣᠷᠣᠰ ᠤ᠋ᠨ ᠶᠣᠰᠣᠨ ᠳ᠋ᠤ᠌ ᠲᠡᠢᠮᠦ ᠵᠡᠷᠯᠢᠭ ᠮᠠᠭᠤᠬᠠᠢ ᠶᠣᠰᠣ ᠪᠠᠢᠳᠠᠭ ᠦᠭᠡᠢ ᠶᠦᠮ᠃ ᠠᠷᠠᠳ ᠤ᠋ᠨ ᠬᠤᠪᠢᠰᠬᠠᠯ ᠳ᠋ᠤ᠌ ᠳᠤᠷ᠎ᠠ ᠦᠭᠡᠢ ᠤᠯᠤᠰ ᠲᠡᠭᠡᠵᠦ ᠬᠤᠳᠠᠯ ᠴᠤᠤ ᠦᠭᠡ ᠵᠣᠬᠢᠶᠠᠵᠤ᠂ ᠣᠯᠠᠨ ᠤ᠋ ᠰᠡᠳᠬᠢᠯ ᠦᠢᠮᠡᠭᠦᠯᠵᠦ ᠪᠠᠢᠭ᠎ᠠ ᠶᠤᠮ ᠰᠢᠭ᠋ ᠭᠡᠵᠦ ᠬᠡᠯᠡᠭᠰᠡᠨ ᠨᠢ ᠰᠠᠨᠠᠭᠳᠠᠵᠤ᠂ ᠴᠡᠷᠡᠨ ᠭᠠᠢᠬᠠᠨ ᠪᠣᠳᠣᠯᠭ᠎ᠠ ᠪᠣᠯᠵᠠᠢ᠃ ᠮᠥᠨ ᠴᠦ᠍ ᠰᠣᠨᠢᠨ ᠴᠠᠭ ᠪᠣᠯᠵᠤ ᠪᠠᠢᠭ᠎ᠠ ᠶᠤᠮ ᠠ᠋ ᠳᠠ᠃ ᠤᠷᠢᠳᠤ ᠶ᠋ᠢᠨ ᠴᠠᠭ ᠲᠤ᠌ ᠯᠠᠮᠠ ᠨᠠᠷ ᠢ᠋ ᠠᠮᠢᠲᠠᠨ ᠴᠥᠮ ᠪᠠᠭᠰᠢ ᠭᠡᠵᠦ ᠰᠢᠲᠦᠨ᠂ ᠲᠡᠳᠡᠨ ᠦ᠌ ᠬᠡᠯᠡᠵᠦ ᠵᠢᠭᠠᠭᠰᠠᠨ ᠢ᠋ ᠳᠠᠭᠠᠵᠤ᠂ ᠦᠭᠡ ᠪᠦᠷᠢ ᠶ᠋ᠢ ᠨᠢ ᠦᠨᠡᠮᠰᠢᠨ ᠢᠲᠡᠭᠡᠵᠦ ᠪᠠᠢᠳᠠᠭ ᠰᠠᠨ᠃ ᠣᠳᠣ ᠪᠣᠯᠲᠠᠯ᠎ᠠ ᠯᠠᠮᠠ ᠪᠠᠭᠰᠢ ᠶ᠋ᠢᠨ ᠦᠭᠡ ᠭᠡᠳᠡᠭ ᠢ᠋ ᠢᠲᠡᠭᠡᠬᠦ ᠳ᠋ᠦ᠍ ᠬᠡᠴᠡᠭᠦᠦ᠂ ᠦᠨᠡᠨ ᠬᠤᠳᠠᠯ ᠢ᠋ ᠨᠢ ᠡᠰᠡ ᠮᠠᠭᠠᠳᠯᠠᠪᠠᠯ ᠭᠣᠷᠢ ᠦᠭᠡᠢ ᠪᠣᠯᠴᠢᠬᠠᠵᠠᠢ ᠭᠡᠵᠦ ᠪᠣᠳᠣᠵᠤ ᠰᠠᠭᠤᠲᠠᠯ᠎ᠠ ᠨᠢ ᠭᠡᠷ ᠦ᠋ᠨ ᠭᠠᠳᠠᠭ᠎ᠠ ᠬᠥᠮᠦᠨ ᠦ᠌ ᠠᠯᠬᠤᠬᠤ ᠴᠢᠮᠡᠭᠡ ᠰᠣᠨᠣᠰᠳᠠᠵᠤ᠂ ᠠᠢᠯ ᠤ᠋ᠨ ᠬᠢᠨᠢ ᠬᠥᠮᠦᠨ᠂ ᠴᠠᠭᠠᠨ ᠮᠥᠭᠥ ᠰᠢᠭ ᠴᠢᠭᠢᠷᠠᠭ ᠴᠢᠩᠭ᠎ᠠ ᠪᠡᠶ᠎ᠡ ᠲᠡᠢ᠂ ᠠᠷᠪᠠᠨ ᠲᠠᠪᠤᠨ ᠤ᠋ ᠰᠠᠷᠠ ᠰᠢᠭ᠋ ᠲᠣᠪ ᠲᠣᠭᠣᠷᠢᠭ ᠴᠢᠷᠠᠢ ᠲᠠᠢ᠂ ᠨᠠᠷᠠᠨ ᠳ᠋ᠤ᠌ ᠭᠠᠩᠳᠠᠭᠰᠠᠨ ᠬᠥᠷᠥᠰᠥᠯᠢᠭ ᠬᠦᠷᠡᠩ ᠨᠢᠭᠤᠷ ᠤ᠋ᠨ ᠬᠣᠶᠠᠷ ᠬᠠᠴᠠᠷ ᠤᠪ ᠤᠯᠠᠭᠠᠨ᠂  ᠠᠳᠢᠶ᠎ᠠ ᠭᠡᠳᠡᠭ ᠡᠷᠡᠭᠦᠯ ᠰᠠᠢᠬᠠᠨ ᠵᠠᠯᠠᠭᠤ ᠡᠬᠡᠨᠡᠷ ᠣᠷᠣᠵᠤ ᠢᠷᠡᠯ᠎ᠡ᠃ ᠲᠡᠷᠡ ᠵᠠᠯᠠᠭᠤ ᠡᠮᠡᠭᠲᠡᠢ ᠶ᠋ᠢᠨ ᠥᠳᠬᠡᠨ ᠭᠡᠭᠴᠢ ᠶ᠋ᠢᠨ ᠬᠥᠮᠥᠰᠬᠡ ᠨᠢ ᠤᠷᠲᠤᠯᠢᠭ ᠲᠣᠷᠮᠣᠭᠣᠷ ᠨᠢᠳᠦ ᠶ᠋ᠢ ᠨᠢ ᠤᠯᠠᠮ ᠭᠠᠯ ᠲᠠᠢ ᠰᠦᠷᠲᠡᠢ ᠪᠣᠯᠭᠠᠵᠤ᠂ ᠴᠢᠪᠠᠭ᠎ᠠ ᠤᠯᠠᠭᠠᠨ ᠤᠷᠤᠭᠤᠯ ᠤ᠋ᠨ ᠴᠠᠭᠠᠨ᠎ᠠ ᠠ᠋ᠴᠠ ᠰᠢᠳᠦ ᠮᠠᠭᠤᠲᠠᠢ ᠬᠣᠲᠠ ᠶ᠋ᠢᠨ ᠬᠥᠮᠦᠨ ᠦ᠌ ᠬᠣᠷᠣᠬᠠᠢ ᠬᠦᠷᠦᠮᠡᠷ ᠭᠢᠯᠠᠯᠵᠠᠭᠰᠠᠨ ᠰᠠᠢᠬᠠᠨ ᠲᠤᠩ ᠴᠠᠭᠠᠨ ᠰᠢᠳᠦ ᠦᠵᠡᠭᠳᠡᠬᠦ ᠠᠵᠢ᠃ 
       ᠮᠠᠨ ᠤ᠋ ᠲᠠᠷᠠᠭ ᠪᠦᠷᠢᠯᠳᠦᠵᠦ ᠥᠭᠬᠦ ᠦᠭᠡᠢ ᠪᠠᠢᠨ᠎ᠠ᠃ ᠲᠠᠷᠠᠭ ᠤ᠋ᠨ ᠢ᠋ᠶ᠋ᠠᠨ ᠬᠥᠷᠥᠩᠭᠡ ᠡᠴᠡ ᠥᠭᠭᠦᠨ᠎ᠡ ᠤᠤ? ᠦᠬᠡᠷ ᠦ᠋ᠨ ᠨᠣᠢᠲᠠᠨ ᠪᠠᠭᠠᠰᠤ ᠪᠡᠷ ᠴᠦ᠍ ᠲᠠᠷᠠᠭ ᠪᠦᠷᠢᠵᠦ ᠶᠠᠳᠠᠯ᠎ᠠ᠃ ᠶᠡᠷᠦ ᠪᠣᠯᠬᠤ ᠪᠠᠨ ᠪᠠᠢᠵᠠᠢ᠂ ᠯᠠᠮᠠ ᠵᠠᠯᠠᠵᠤ ᠠᠯᠲᠠᠨᠭᠡᠷᠡᠯ ᠦ᠋ᠨ ᠰᠤᠳᠤᠷ ᠤᠩᠰᠢᠭᠤᠯᠤᠮᠠᠷ ᠪᠣᠯᠤᠭᠠᠳ ᠪᠠᠢᠨ᠎ᠠ ᠰᠢᠦ ᠭᠡᠬᠦ  ᠳ᠋ᠦ᠍ᠨᠢ( ᠳ᠋ᠦ᠍ ᠨᠢ)᠂  
       — ᠲᠠᠷᠠᠭ ᠪᠦᠷᠢᠳᠡᠭ ᠰᠠᠪᠠ ᠪᠠᠨ ᠰᠠᠢᠨ ᠤᠬᠢᠶᠠᠵᠤ ᠴᠡᠪᠡᠷᠯᠡ᠃ ᠨᠢᠳᠤᠨᠤᠨ ᠵᠢᠯ ᠮᠠᠨ ᠤ᠋ ᠲᠠᠷᠠᠭ ᠪᠠᠰᠠ ᠪᠦᠷᠢᠯᠳᠦᠬᠦ ᠪᠡᠨ ᠪᠠᠢᠭᠠᠳ᠂ ᠭᠠᠢᠬᠠᠰᠢ ᠪᠠᠨ ᠪᠠᠷᠠᠵᠤ ᠪᠠᠢᠬᠤ ᠳ᠋ᠤ᠌᠂ ᠲᠡᠮᠦᠷ᠂ ᠰᠠᠪᠠ ᠪᠠᠨ ᠰᠠᠢᠨ ᠴᠡᠪᠡᠷᠯᠡ᠂ ᠰᠠᠪᠠ ᠮᠠᠭᠤᠬᠠᠢ ᠪᠣᠯᠤᠭᠠᠳ ᠢᠷᠡᠪᠡᠯ ᠬᠣᠣᠷᠲᠠᠢ ᠪᠠᠺᠲ᠋ᠧᠷᠢ ᠪᠣᠢ ᠪᠣᠯᠵᠤ ᠲᠠᠷᠠᠭ ᠪᠦᠷᠢᠯᠳᠦᠳᠡᠭ ᠦᠭᠡᠢ ᠶᠦᠮ ᠭᠡᠵᠦ ᠬᠡᠯᠡᠵᠦ ᠥᠭᠭᠦᠭᠰᠡᠨ ᠪᠢᠯᠡ᠃ ᠨᠠᠮ᠎ᠠ ᠶ᠋ᠢ ᠢᠲᠡᠭᠡᠬᠦ ᠦᠭᠡᠢ ᠳ᠋ᠦ᠍᠂ ᠥᠪᠡᠷ ᠢ᠋ᠶ᠋ᠡᠨ ᠲᠡᠷᠡ ᠰᠠᠪᠠ ᠶ᠋ᠢ ᠲᠠᠰᠤ ᠤᠬᠢᠶᠠᠵᠤ᠂ ᠪᠤᠴᠠᠯᠤᠭᠰᠠᠨ ᠤᠰᠤ ᠪᠠᠷ ᠰᠢᠯᠵᠠᠯᠤᠭᠠᠳ ᠥᠭᠭᠦᠭᠰᠡᠨ ᠨᠢ ᠲᠠᠷᠠᠭ ᠪᠦᠷᠢᠭᠡᠳ ᠦᠵᠡᠪᠡᠯ᠂ ᠵᠢᠭᠲᠡᠢᠬᠡᠨ ᠰᠠᠢᠬᠠᠨ ᠲᠠᠷᠠᠭ ᠪᠣᠯᠵᠤ ᠪᠢᠯᠡ᠃ ᠤᠷᠢᠳᠤ ᠶ᠋ᠢᠨ ᠤᠯᠤᠰ᠂ ᠮᠠᠭᠤ ᠵᠦᠭ ᠦ᠋ᠨ ᠶᠠᠭᠤᠮ᠎ᠠ ᠰᠠᠪᠠ ᠪᠤᠵᠠᠷᠯᠠᠭᠠᠳ ᠲᠠᠷᠠᠭ ᠪᠦᠷᠢᠯᠳᠦᠵᠦ ᠥᠭᠳᠡᠭ ᠦᠭᠡᠢ ᠭᠡᠵᠦ ᠬᠡᠯᠡᠯᠴᠡᠳᠡᠭ ᠪᠠᠢᠭᠰᠠᠨ ᠰᠢᠦ ᠳᠡ᠃ ᠲᠡᠷᠡ ᠱᠠᠯ ᠬᠤᠳᠠᠯ ᠪᠠᠢᠵᠠᠢ ᠭᠡᠵᠦ ᠴᠡᠷᠡᠨ᠂ ᠠᠳᠢᠶ᠎ᠠ ᠶ᠋ᠢᠨ ᠢᠷᠡᠬᠦ ᠶ᠋ᠢᠨ ᠡᠮᠦᠨ᠎ᠡ ᠪᠣᠳᠣᠵᠤ ᠪᠠᠢᠭᠰᠠᠨ ᠪᠣᠳᠣᠯᠭ᠎ᠠ ᠶ᠋ᠢᠨ ᠢ᠋ᠶ᠋ᠡᠨ ᠰᠡᠳᠬᠢᠭᠳᠡᠯ ᠢ᠋ᠶ᠋ᠡᠷ ᠶᠠᠷᠢᠵᠠᠢ᠃ 
       ᠴᠡᠷᠡᠨ ᠦ᠌ ᠴᠡᠪᠡᠷᠬᠡᠨ ᠭᠡᠭᠴᠢ ᠶ᠋ᠢᠨ ᠤᠬᠢᠶᠠᠭᠰᠠᠨ ᠮᠣᠳᠣᠨ ᠪᠣᠷᠲᠣᠭᠣ ᠠ᠋ᠴᠠ ᠲᠠᠷᠠᠭ ᠬᠢᠵᠦ ᠥᠭᠬᠦ ᠳ᠋ᠦ᠍᠂ ᠠᠳᠢᠶ᠎ᠠ ᠰᠠᠪᠠ ᠲᠣᠰᠤᠭᠠᠳ᠂   
       —  ᠯᠠᠮᠠ ᠨᠠᠷ᠂ ᠰᠠᠪᠠ ᠪᠠᠨ ᠤᠬᠢᠶᠠᠪᠠᠯ ᠪᠤᠶᠠᠨ ᠬᠡᠰᠢᠭ ᠢ᠋ᠶ᠋ᠡᠨ ᠤᠬᠢᠶᠠᠴᠢᠬᠠᠨ᠎ᠠ ᠭᠡᠳᠡᠭ ᠪᠢᠯᠡ ᠯᠠ ᠬᠡᠮᠡᠪᠡᠰᠦ᠂  
       —  ᠶᠠᠳᠠᠭᠤ ᠬᠥᠮᠦᠨ ᠰᠠᠪᠠ ᠪᠠᠨ ᠤᠬᠢᠶᠠᠬᠤ ᠦᠭᠡᠢ ᠡᠴᠡ ᠪᠣᠯᠵᠤ ᠪᠤᠶᠠᠨ ᠬᠡᠰᠢᠭ ᠨᠢ ᠨᠡᠮᠡᠭᠳᠡᠭᠰᠡᠨ ᠢ᠋ ᠶᠡᠷᠦ ᠬᠥᠮᠦᠨ ᠠᠮᠢᠲᠠᠨ ᠲᠣᠭᠣᠯᠤᠭ᠎ᠠ ᠦᠭᠡᠢ ᠪᠠᠢᠬᠤ᠃ ᠬᠠᠷ᠎ᠠ ᠪᠤᠷᠲᠠᠭ ᠠ᠋ᠴᠠ ᠬᠥᠮᠦᠨ ᠡᠪᠡᠳᠴᠢᠨ ᠣᠯᠵᠤ᠂ ᠲᠠᠷᠠᠭ ᠬᠦᠷᠲᠡᠯ᠎ᠡ ᠪᠦᠷᠢᠯᠳᠦᠳᠡᠭ ᠦᠭᠡᠢ ᠶᠦᠮ ᠭᠡᠵᠦ ᠬᠦᠦ ᠮᠢᠨᠢ ᠨᠠᠳᠠ ᠳ᠋ᠤ᠌ ᠬᠡᠯᠡᠵᠦ ᠥᠭᠭᠦᠭᠰᠡᠨ᠃ ᠲᠡᠭᠦᠨ ᠢ᠋ ᠬᠦᠦ ᠳ᠋ᠦ᠍ ᠮᠢᠨᠢ ᠡᠷᠳᠡᠮ ᠲᠡᠢ ᠤᠯᠤᠰ᠂ ᠪᠠᠭᠰᠢ ᠨᠠᠷ ᠨᠢ ᠬᠡᠯᠡᠵᠦ ᠥᠭᠭᠦᠭᠰᠡᠨ ᠪᠢᠯᠡ ᠭᠡᠲᠡᠯ᠎ᠡ ᠨᠢ᠂ 
       —  ᠮᠠᠨ ᠤ᠋ ᠡᠮᠡᠭᠡ᠂ ᠰᠠᠪᠠ ᠰᠠᠭᠠᠯᠢ ᠪᠠᠨ ᠤᠬᠢᠶᠠᠬᠤ ᠲᠤᠩ ᠴᠤ᠌ ᠳᠤᠷ᠎ᠠ ᠦᠭᠡᠢ ᠪᠠᠢᠳᠠᠭ ᠶᠤᠮ ᠳᠠ ᠭᠡᠵᠦ ᠠᠳᠢᠶ᠎ᠠ ᠰᠠᠨᠠᠭ᠎ᠠ ᠠᠯᠳᠠᠭᠠᠳ᠂ ᠡᠮᠡᠭᠡ ᠮᠠᠨᠢ ᠢᠷᠡᠵᠦ ᠶᠠᠪᠤᠬᠤ ᠰᠢᠪ ᠳᠡ ᠭᠡᠵᠡᠢ᠃ 
       ᠬᠥᠯ ᠢ᠋ᠶ᠋ᠡᠨ ᠴᠢᠷᠦᠭᠰᠡᠭᠡᠷ᠂ ᠠᠯᠲᠠᠨ ᠯᠤᠤ ᠰᠡᠢᠯᠦᠮᠡᠯ ᠪᠠᠷᠢᠭᠤᠯᠲᠠᠢ ᠵᠢᠷᠭᠤᠭᠠᠲᠠᠢ ᠲᠠᠶᠠᠭ ᠲᠤᠯᠤᠭᠰᠠᠨ᠂ ᠮᠠᠰᠢ ᠥᠲᠡᠯᠦᠭᠰᠡᠨ ᠡᠮᠡᠭᠡᠨ ᠣᠷᠣᠵᠤ ᠢᠷᠡᠮᠡᠭᠴᠡ ᠠᠳᠢᠶ᠎ᠠ᠂ ᠡᠮᠡᠭᠡ  ᠳ᠋ᠡᠭᠡᠨ( ᠳ᠋ᠦ᠍ ᠪᠡᠨ) ᠴᠡᠷᠡᠨ ᠦ᠌ ᠣᠷᠣ ᠶ᠋ᠢᠨ ᠵᠦᠭ ᠵᠠᠮ ᠲᠠᠯᠪᠢᠵᠤ ᠥᠭᠭᠦᠭᠡᠳ ᠭᠠᠳᠠᠭᠰᠢ ᠪᠠᠨ ᠭᠠᠷᠴᠠᠢ᠃ ᠡᠮᠡᠭᠡᠨ ᠶᠣᠣᠯᠠᠭᠰᠠᠭᠠᠷ ᠣᠷᠣ ᠳᠡᠭᠡᠷ᠎ᠡ ᠰᠠᠭᠤᠭᠠᠳ ᠰᠣᠬᠣᠭᠤᠷ ᠨᠢᠳᠦ ᠪᠡᠨ ᠠᠨᠢᠪ ᠠᠨᠢᠪ ᠬᠢᠭᠰᠡᠭᠡᠷ ᠴᠡᠷᠡᠨ ᠡᠴᠡ᠂ 
       — ᠬᠡᠦᠬᠡ ᠠ᠋᠂ ᠫᠠᠭᠮ᠎ᠠ ᠴᠢᠮ᠎ᠠ ᠠ᠋ᠴᠠ ᠨᠢᠭᠡ ᠶᠠᠭᠤᠮ᠎ᠠ ᠣᠯᠵᠤ ᠥᠭᠭᠦᠭᠡᠴᠢ ᠭᠡᠵᠦ ᠨᠠᠳᠠ ᠳ᠋ᠤ᠌ ᠵᠠᠬᠢᠭᠰᠠᠨ ᠪᠢᠯᠡ᠃ ᠠᠴᠢ ᠲᠠᠢ ᠪᠣᠯᠬᠤ ᠭᠣᠷᠢᠳᠠᠯᠭ᠎ᠠ ᠲᠠᠢ ᠪᠣᠯᠤᠭᠠᠳ᠂ ᠡᠯᠢᠭᠡ ᠪᠦᠲᠦᠨ ᠠᠢᠯ ᠠ᠋ᠴᠠ ᠬᠡᠦᠬᠡᠳ ᠦ᠋ᠨ ᠬᠤᠪᠴᠠᠰᠤ ᠣᠯᠵᠤ ᠥᠭᠭᠦᠨ᠎ᠡ ᠤᠤ ᠭᠡᠵᠦ ᠨᠠᠳᠠ ᠳ᠋ᠤ᠌ ᠠᠯᠢ ᠬᠡᠳᠦᠢᠨ ᠵᠠᠬᠢᠭᠰᠠᠨ  ᠶᠤᠮᠰᠠᠨ( ᠶᠤᠮ ᠰᠠᠨ) ᠭᠡᠬᠦ ᠳ᠋ᠦ᠍ᠨᠢ( ᠳ᠋ᠦ᠍ ᠨᠢ)᠂ ᠴᠡᠷᠡᠨ ᠨᠤᠲᠤᠭ ᠤᠰᠤᠨ ᠤ᠋ ᠠᠬ᠎ᠠ ᠳᠡᠭᠦᠦ ᠨᠠᠷ ᠲᠤ᠌《 ᠡᠯᠢᠭᠡ ᠪᠦᠲᠦᠨ ᠠᠢᠯ》 ᠭᠡᠵᠦ ᠬᠡᠯᠡᠯᠴᠡᠭᠦᠯᠵᠦ ᠪᠠᠢᠬᠤ ᠳ᠋ᠠᠭᠠᠨ( ᠳ᠋ᠤ᠌ ᠪᠠᠨ) ᠳᠣᠲᠣᠷ᠎ᠠ ᠨᠢ ᠰᠠᠢᠬᠠᠨ ᠮᠡᠲᠦ ᠰᠠᠨᠠᠭᠳᠠᠪᠠᠴᠤ᠂ ᠪᠠᠰᠠ ᠲᠡᠭᠡᠵᠦ ᠬᠡᠯᠡᠯᠴᠡᠳᠡᠭ ᠡᠴᠡ ᠪᠠᠬᠠᠨ ᠡᠮᠢᠶᠡᠬᠦ ᠰᠡᠳᠬᠢᠯ ᠬᠠᠮᠲᠤ ᠲᠥᠷᠥᠯᠴᠡᠨ᠂ ᠨᠢᠭᠡᠨᠲᠡ ᠬᠥᠮᠦᠨ ᠭᠤᠶᠤᠵᠤ ᠪᠠᠢᠭ᠎ᠠ ᠠ᠋ᠴᠠ ᠬᠣᠢᠰᠢ ᠶᠠᠭᠠᠬᠢᠶ᠎ᠠ ᠭᠡᠬᠦ ᠪᠣᠢ ᠭᠡᠵᠦ ᠪᠣᠳᠣᠭᠠᠳ ᠠᠪᠳᠠᠷ᠎ᠠ ᠪᠠᠨ ᠠᠭᠤᠳᠠᠯᠵᠤ᠂ ᠲᠡᠮᠦᠷ ᠦ᠋ᠨ ᠪᠠᠭ᠎ᠠ ᠶ᠋ᠢᠨ ᠥᠮᠥᠳᠥ ᠭᠠᠷᠭᠠᠭᠠᠳ ᠥᠭᠬᠦ  ᠳ᠋ᠦ᠍ᠨᠢ(  ᠳ᠋ᠦ᠍ ᠨᠢ)᠂ 
       — ᠠ᠋᠂ ᠶᠠᠭᠠᠬᠢᠭᠰᠠᠨ ᠰᠠᠢᠨ ᠶᠤᠮ ᠪᠣᠢ? ᠤᠷᠲᠤ ᠨᠠᠰᠤᠲᠠᠢ ᠤᠳᠠᠭᠠᠨ ᠵᠢᠷᠭᠠᠯᠲᠠᠢ ᠪᠣᠯᠤᠭᠠᠷᠠᠢ! ᠫᠠᠭᠮ᠎ᠠ ᠶᠡᠬᠡᠯ᠎ᠡ (ᠶᠡᠬᠡ ᠯᠡ) ᠪᠠᠶᠠᠷᠯᠠᠨ᠎ᠠ ᠳᠡ᠃ ᠶᠣᠬᠣ ᠳᠠ᠂ ᠬᠥᠯ ᠶᠠᠩᠭᠢᠨᠠᠵᠤ ᠪᠠᠢᠨ᠎ᠠ᠃ ᠲᠩᠷᠢ ᠮᠠᠭᠤᠬᠠᠢ ᠪᠣᠯᠬᠤ ᠨᠢ ᠤᠤ ᠳᠠ ᠭᠡᠳ ᠡᠯᠡᠩᠬᠡᠢ ᠬᠠᠭᠤᠴᠢᠨ ᠭᠤᠲᠤᠯ ᠲᠠᠢ ᠬᠥᠯ ᠢ᠋ᠶ᠋ᠡᠨ ᠴᠢᠷᠦᠭᠰᠡᠭᠡᠷ ᠡᠭᠦᠳᠡᠨ ᠦ᠌ ᠵᠦᠭ ᠬᠠᠨᠳᠤᠲᠠᠯ᠎ᠠ᠂ ᠭᠠᠳᠠᠨ᠎ᠠ ᠠ᠋ᠴᠠ ᠠᠳᠢᠶ᠎ᠠ ᠳᠤᠤᠭᠠᠷᠴᠤ᠂ 
       — ᠰᠢᠷᠴᠢᠨ ᠭᠤᠸᠠᠢ ᠢᠷᠡᠵᠦ ᠶᠠᠪᠤᠨ᠎ᠠ! ᠪᠢ ᠬᠠᠯᠠᠭᠤᠨ ᠴᠠᠢ ᠠᠪᠴᠢᠷᠠᠶ᠎ᠠ᠃ ᠮᠠᠨ ᠤ᠋ ᠴᠠᠢ ᠰᠡᠪ ᠰᠠᠶᠢᠬᠠᠨ ᠪᠤᠴᠠᠯᠤᠭᠰᠠᠨ ᠭᠡᠵᠡᠢ᠃  
       ᠴᠡᠷᠡᠨ ᠨᠥᠬᠥᠷ ᠦ᠋ᠨ ᠢ᠋ᠶ᠋ᠡᠨ ᠥᠭᠡᠳᠡ ᠡᠴᠡ ᠤᠭᠲᠤᠷ᠎ᠠ ᠭᠠᠷᠪᠠᠰᠤ᠂ ᠰᠢᠷᠴᠢᠨ ᠶᠡᠬᠡᠯ᠎ᠡ(  ᠶᠡᠬᠡ ᠯᠡ) ᠪᠠᠶᠠᠷᠲᠠᠢ ᠬᠥᠭᠵᠢᠯᠲᠡᠢ ᠪᠡᠷ ᠠᠢᠯ ᠭᠡᠷ ᠦ᠋ᠨ ᠬᠢᠨ ᠦ᠌ ᠪᠡᠨ ᠮᠡᠨᠳᠦ ᠶ᠋ᠢ ᠮᠡᠳᠡᠭᠡᠳ᠂  
       — ᠮᠠᠨᠠᠢᠬᠢᠨ (ᠮᠠᠨ ᠤ᠋ ᠬᠢᠨ) ᠢ᠋ᠶ᠋ᠡᠷ ᠳᠠᠭᠠᠷᠢᠭᠠᠳ ᠭᠠᠷᠤᠭᠰᠠᠨ ᠠᠶᠠᠨᠴᠢᠨ ᠲᠠᠢ ᠵᠠᠮ ᠳ᠋ᠠᠭᠠᠨ ( ᠳ᠋ᠤ᠌ ᠪᠠᠨ) ᠠᠭᠤᠯᠵᠠᠯ᠎ᠠ᠃ ᠬᠦᠦ ᠪᠡᠨ ᠬᠣᠢᠰᠢ ᠪᠠᠨ ᠰᠤᠷᠭᠠᠭᠤᠯᠢ ᠳ᠋ᠤ᠌ ᠶᠠᠪᠤᠬᠤ ᠨᠢ ᠭᠡᠵᠦ ᠳᠤᠭᠤᠯᠤᠭᠠᠳ ᠶᠡᠬᠡ ᠪᠠᠶᠠᠷᠯᠠᠯ᠎ᠠ᠃ ᠥᠴᠥᠭᠡᠳᠦᠷ ᠥᠷᠲᠡᠭᠡᠨ ᠦ᠌ ᠪᠡᠨ ᠠᠯᠪᠠ ᠬᠠᠭᠠᠬᠤ ᠬᠤᠭᠤᠴᠠᠭ᠎ᠠ ᠶ᠋ᠢ ᠭᠦᠢᠴᠡᠭᠡᠳ ᠠᠭᠲᠠ ᠪᠠᠨ ᠠᠳᠤᠭᠤᠨ ᠳ᠋ᠠᠭᠠᠨ( ᠳ᠋ᠤ᠌ ᠪᠠᠨ) ᠨᠡᠢᠯᠡᠭᠦᠯᠦᠭᠡᠳ᠂ ᠰᠤᠷᠭᠠᠭᠤᠯᠢ ᠪᠠᠷ ᠳᠠᠭᠠᠷᠢᠭᠠᠳ᠂ ᠵᠢᠷᠭᠠᠯ ᠬᠦᠦ ᠲᠡᠢ ᠪᠡᠨ ᠠᠭᠤᠯᠵᠠᠭᠠᠳ ᠢᠷᠡᠯ᠎ᠡ᠃ ᠪᠡᠶ᠎ᠡ ᠰᠠᠢᠨ᠂ ᠨᠣᠮ ᠢ᠋ᠶ᠋ᠠᠨ ᠰᠠᠢᠨ ᠦᠵᠡᠵᠦ ᠪᠠᠢᠨ᠎ᠠ᠃ 
       ᠠᠳᠢᠶ᠎ᠠ ᠠᠭᠤᠷ ᠰᠠᠪᠰᠠᠭᠰᠠᠨ ᠳᠣᠩᠪᠣ ᠲᠠᠢ ᠬᠠᠯᠠᠭᠤᠨ ᠴᠠᠢ ᠠᠪᠴᠢᠷᠠᠭᠠᠳ ᠵᠢᠭᠠᠯᠬᠠᠨ ᠰᠠᠭᠤᠵᠤ ᠪᠠᠢᠭᠠᠳ ᠭᠠᠷᠴᠤ ᠣᠳᠤᠯ᠎ᠠ᠃ ᠴᠡᠷᠡᠨ᠂ ᠲᠡᠮᠦᠷ ᠦ᠋ᠨ ᠪᠢᠴᠢᠭ ᠭᠠᠷᠭᠠᠭᠠᠳ ᠰᠢᠷᠴᠢᠨ ᠳ᠋ᠦ᠍ ᠦᠭᠪᠡᠰᠦ᠂ ᠲᠣᠭᠳᠣᠢ ᠶ᠋ᠢ ᠨᠢ ᠵᠠᠳᠠᠯᠵᠤ ᠤᠩᠰᠢᠭᠰᠠᠨ ᠨᠢ᠂ 
                        ᠬᠦᠦ ᠲᠡᠮᠦᠷ ᠬᠢᠴᠢᠶᠡᠩᠭᠦᠢᠯᠡᠨ᠂      
       ᠠᠴᠢᠲᠤ ᠠᠪᠤ ᠡᠵᠢ᠂ ᠳᠡᠭᠦᠦ ᠵᠢᠷᠭᠠᠯ ᠤ᠋ᠨ ᠠᠮᠤᠷ ᠢ᠋ ᠡᠷᠢᠮᠦᠢ᠃ ᠠᠪᠤ ᠡᠵᠢ᠂ ᠳᠡᠭᠦᠦ ᠴᠥᠮ ᠮᠡᠨᠳᠦ ᠪᠣᠢ ᠵ᠎ᠠ᠃ ᠪᠢ ᠡᠨᠳᠡ ᠮᠡᠨᠳᠦ ᠪᠠᠢᠨ᠎ᠠ᠃ ᠨᠠᠮᠠᠶ᠋ᠢ( ᠨᠠᠮ᠎ᠠ ᠶ᠋ᠢ )ᠨᠥᠬᠥᠳ ᠦ᠋ᠨ ᠬᠠᠮᠲᠤ ᠪᠠᠷ ᠬᠣᠯᠪᠣᠭᠠᠲᠤ ᠤᠯᠤᠰ ᠤ᠋ᠨ ᠨᠡᠢᠰᠯᠡᠯ ᠮᠣᠰᠺᠸᠠ ᠶᠠᠪᠤᠭᠤᠯᠬᠤ ᠪᠣᠯᠵᠤ᠂ ᠮᠢᠨᠦ ᠬᠡᠳᠦ ᠶ᠋ᠢᠨ ᠬᠦᠰᠡᠯ ᠰᠡᠳᠬᠢᠯᠴᠢᠯᠡᠨ ᠪᠦᠲᠦᠵᠡᠢ᠃ ᠡᠮᠴᠢ᠂ ᠪᠢᠳᠡ ᠪᠦᠭᠦᠳᠡ ᠶ᠋ᠢ ᠦᠵᠡᠭᠡᠳ᠂ ᠶᠠᠪᠤᠵᠤ ᠪᠣᠯᠤᠨ᠎ᠠ ᠬᠡᠮᠡᠵᠡᠢ᠃ ᠪᠢᠳᠡᠨ ᠳ᠋ᠦ᠍ ᠪᠡᠶ᠎ᠡ ᠬᠠᠮᠠᠭᠠᠯᠠᠬᠤ ᠪᠢᠴᠢᠭ᠂ ᠵᠠᠮ ᠤ᠋ᠨ ᠵᠠᠷᠤᠳᠠᠯ᠂ ᠬᠤᠪᠴᠠᠰᠤ ᠬᠤᠨᠠᠷ ᠠᠪᠬᠤ ᠮᠥᠩᠭᠥ ᠲᠠᠯᠪᠢᠨ ᠣᠯᠭᠣᠵᠤ᠂ ᠮᠠᠷᠭᠠᠰᠢ ᠮᠠᠰᠢᠨ ᠢ᠋ᠶ᠋ᠠᠷ ᠠᠷᠤ ᠬᠢᠶᠠᠭᠲᠤ ᠬᠡᠮᠡᠬᠦ ᠬᠣᠲᠠ ᠣᠷᠣᠬᠤ ᠪᠣᠯᠤᠯ᠎ᠠ᠃ ᠲᠡᠨᠳᠡ ᠠ᠋ᠴᠠ ᠳᠡᠭᠡᠳᠦ — ᠡᠭᠦᠳᠡ ᠬᠣᠲᠠ ᠬᠦᠷᠲᠡᠯ᠎ᠡ ᠶᠠᠪᠤᠳᠠᠭ ᠭᠠᠯᠲᠤ ᠣᠩᠭᠣᠴᠠᠨ ᠳ᠋ᠤ᠌ ᠰᠠᠭᠤᠵᠤ᠂ ᠳᠡᠭᠡᠳᠦ — ᠡᠭᠦᠳᠡ ᠡᠴᠡ ᠭᠠᠯᠲᠤ ᠲᠡᠷᠭᠡ ᠪᠡᠷ ᠶᠠᠪᠤᠬᠤ ᠪᠣᠯᠤᠨ᠎ᠠ᠃ ᠬᠣᠯᠠ ᠭᠠᠵᠠᠷ ᠶᠠᠪᠤᠵᠤ᠂  ᠰᠣᠨᠢᠨ ᠰᠠᠢᠬᠠᠨ ᠶᠠᠭᠤᠮ᠎ᠠ ᠦᠵᠡᠨ᠎ᠡ ᠭᠡᠵᠦ ᠪᠢᠳᠡ ᠪᠦᠭᠦᠳᠡ ᠮᠠᠰᠢ ᠪᠠᠶᠠᠷᠯᠠᠵᠤ ᠪᠠᠢᠨ᠎ᠠ᠃ 
       ᠶᠠᠪᠤᠬᠤ ᠰᠢᠢᠳ ᠭᠠᠷᠬᠤ  ᠶ᠋ᠢᠨ ᠡᠮᠦᠨ᠎ᠡ᠂ ᠪᠢ ᠬᠡᠪᠯᠡᠬᠦ ᠶ᠋ᠢ ᠵᠠᠪᠳᠤᠨ ᠪᠣᠢ ᠬᠡᠳᠦᠨ ᠰᠤᠷᠬᠤ ᠪᠢᠴᠢᠭ ᠨᠣᠣᠷᠠᠭ ᠠ᠋ᠴᠠ ᠨᠢ ᠰᠡᠢᠷᠡᠭᠦᠯᠦᠨ ᠪᠢᠴᠢᠵᠦ᠂ ᠣᠯᠤᠭᠰᠠᠨ ᠮᠥᠩᠭᠥ ᠪᠡᠷ ᠢ᠋ᠶ᠋ᠡᠨ ᠲᠠ ᠪᠦᠬᠦᠨ ᠳ᠋ᠦ᠍ ᠥᠴᠦᠬᠡᠨ ᠪᠡᠯᠡᠭ ᠪᠣᠯᠭᠠᠵᠤ᠂ ᠠᠪᠤ ᠳ᠋ᠤ᠌ ᠳᠤᠷᠳᠤᠩ ᠪᠦᠰᠡ᠂ ᠡᠵᠢ ᠳ᠋ᠦ᠍ ᠲᠣᠯᠢ᠂ ᠳᠡᠪᠡᠯ ᠦ᠋ᠨ ᠫᠦᠦᠰᠦᠦ᠂ ᠳᠡᠭᠦᠦ ᠳ᠋ᠦ᠍ ᠴᠢᠪᠠᠭ᠎ᠠ᠂ ᠪᠢᠴᠢᠭ ᠦ᠋ᠨ ᠰᠠᠪᠠ ᠶᠠᠪᠤᠭᠤᠯᠤᠯ᠎ᠠ᠃ ᠠᠴᠢᠲᠤ ᠠᠪᠤ ᠡᠵᠢ ᠮᠢᠨᠢ ᠠ᠋! ᠮᠢᠨᠦ ᠬᠣᠢᠨ᠎ᠠ ᠠ᠋ᠴᠠ ᠰᠡᠳᠬᠢᠯ ᠰᠠᠨᠠᠭ᠎ᠠ ᠪᠠᠨ ᠪᠢᠲᠡᠭᠡᠢ ᠵᠣᠪᠠᠭᠠᠷᠠᠢ᠃ ᠪᠢ ᠣᠨᠴᠠ ᠰᠠᠢᠨ ᠰᠤᠷᠤᠭᠠᠳ᠂ ᠬᠠᠪᠤᠷ ᠰᠤᠷᠭᠠᠭᠤᠯᠢ ᠶ᠋ᠢᠨ ᠴᠢᠯᠥᠭᠡ ᠪᠡᠷ ᠭᠡᠷ ᠲᠡᠭᠡᠨ( ᠲᠤ ᠪᠡᠨ) ᠬᠠᠷᠢᠨ᠎ᠠ᠃ ᠮᠣᠰᠺᠸᠠ ᠬᠦᠷᠦᠭᠡᠳ᠂ ᠴᠣᠬᠣᠮ ᠬᠠᠮᠢᠭ᠎ᠠ ᠪᠠᠭᠤᠵᠤ ᠪᠠᠢᠷᠢᠯᠠᠭᠰᠠᠨ ᠢ᠋ᠶ᠋ᠠᠨ ᠲᠣᠳᠣᠷᠬᠠᠢ ᠪᠢᠴᠢᠨ᠎ᠡ᠃  
                         ᠬᠢᠴᠢᠶᠡᠩᠭᠦᠢᠯᠡᠨ ᠶᠣᠰᠣᠯᠠᠭᠴᠢ ᠬᠦᠦ ᠲᠡᠮᠦᠷ ᠦᠨᠡᠨ  
ᠭᠡᠵᠦ ᠪᠢᠴᠢᠭᠰᠡᠨ ᠢ᠋ ᠨᠢ ᠤᠩᠰᠢᠭᠠᠳ᠂ ᠵᠠᠬᠢᠶ᠎ᠠ ᠶ᠋ᠢ ᠨᠢ ᠲᠣᠭᠳᠣᠢ ᠳ᠋ᠤ᠌ ᠠᠶᠠᠲᠠᠢᠬᠠᠨ ᠡᠪᠬᠡᠵᠦ ᠬᠢᠭᠡᠳ᠂ ᠳᠡᠷ᠎ᠡ ᠶ᠋ᠢᠨ ᠲᠤᠰᠢᠶ᠎ᠠ ᠪᠠᠨ ᠣᠨᠢᠨ ᠠ᠋ᠴᠠ ᠬᠠᠪᠴᠢᠭᠤᠯᠤᠨ᠂ ᠭᠡᠭᠡᠨ ᠵᠠᠰᠠᠭ ᠤ᠋ᠨ ᠮᠠᠨᠢ ᠠᠴᠢ ᠳᠠ ᠭᠡᠵᠦ ᠠᠶᠠᠷᠬᠠᠨ ᠬᠡᠯᠡᠭᠡᠳ᠂ ᠬᠠᠨᠴᠤᠢ ᠪᠠᠷ ᠢ᠋ᠶ᠋ᠠᠨ ᠳᠣᠭᠣᠯᠠᠩ ᠨᠢᠯᠪᠤᠰᠤ ᠪᠠᠨ ᠠᠷᠴᠢᠵᠠᠢ᠃ 
       ᠴᠡᠷᠡᠨ᠂ ᠬᠦᠦ ᠶ᠋ᠢᠨ ᠢ᠋ᠶ᠋ᠡᠨ ᠶᠠᠪᠤᠭᠤᠯᠤᠭᠰᠠᠨ ᠳᠤᠷᠳᠤᠩ ᠪᠦᠰᠡ ᠰᠢᠷᠴᠢᠨ ᠳ᠋ᠦ᠍ ᠬᠣᠶᠠᠷ ᠭᠠᠷ ᠢ᠋ᠶ᠋ᠠᠷ ᠢ᠋ᠶ᠋ᠠᠨ ᠪᠠᠷᠢᠵᠤ᠂ ᠰᠢᠷᠴᠢᠨ ᠳᠤᠷᠳᠤᠩ ᠢ᠋ ᠳᠡᠯᠭᠡᠭᠡᠳ ᠥᠯᠵᠡᠢ ᠤᠲᠠᠰᠤ ᠨᠡᠬᠡᠭᠰᠡᠨ ᠬᠡ ᠶ᠋ᠢ ᠨᠢ ᠲᠠᠭᠠᠰᠢᠶᠠᠨ᠂ ᠣᠷᠣ ᠶ᠋ᠢᠨ ᠢ᠋ᠶ᠋ᠡᠨ ᠳᠡᠷ᠎ᠡ ᠳᠡᠭᠡᠷ᠎ᠡ ᠲᠠᠯᠪᠢᠨ᠂ ᠲᠡᠮᠦᠷ ᠦ᠋ᠨ ᠡᠵᠢ ᠳ᠋ᠡᠭᠡᠨ( ᠳ᠋ᠦ᠍ ᠪᠡᠨ) ᠭᠡᠵᠦ ᠶᠠᠪᠤᠭᠤᠯᠤᠭᠰᠠᠨ ᠴᠢᠯᠭᠡᠷ ᠬᠥᠬᠡ ᠫᠦᠦᠰᠦᠦ ᠶ᠋ᠢ ᠢᠯᠢᠭᠡᠳ᠂  
       — ᠴᠢ ᠪᠢᠳᠡ ᠬᠣᠶᠠᠷ᠂ ᠤᠤᠭᠠᠨ ᠬᠦᠦ ᠪᠡᠨ ᠲᠦᠮᠡᠨ ᠦ᠌ ᠭᠠᠵᠠᠷ ᠡᠷᠳᠡᠮ ᠨᠣᠮ ᠤ᠋ᠨ ᠬᠣᠢᠨ᠎ᠠ ᠠ᠋ᠴᠠ ᠶᠠᠪᠤᠨ᠎ᠠ᠂ ᠶᠠᠪᠤᠬᠤ ᠳ᠋ᠠᠭᠠᠨ( ᠳ᠋ᠤ᠌ ᠪᠠᠨ) ᠪᠠᠰᠠ ᠮᠠᠰᠢᠨ᠎ᠠ᠂ ᠭᠠᠯᠲᠤ ᠣᠩᠭᠣᠴᠠ᠂ ᠭᠠᠯᠲᠤ ᠲᠡᠷᠭᠡ ᠪᠡᠷ ᠶᠠᠪᠤᠨ᠎ᠠ ᠭᠡᠵᠦ ᠶᠡᠷᠦ ᠵᠡᠭᠦᠳᠦᠨ ᠳ᠋ᠡᠭᠡᠨ( ᠳ᠋ᠦ᠍ ᠪᠡᠨ) ᠴᠦ᠍ ᠵᠡᠭᠦᠳᠦᠯᠡᠵᠦ ᠦᠵᠡᠭᠡ ᠦᠭᠡᠢ ᠪᠢᠯᠡ᠃ ᠣᠳᠣ ᠠᠶᠠᠭᠦᠢᠳᠡᠪᠡᠯ ᠮᠣᠰᠺᠸᠠ ᠠ᠋ᠴᠠ ᠣᠩᠭᠣᠴᠠ ᠪᠠᠷ ᠨᠠᠭᠠᠰᠢ ᠪᠠᠨ ᠬᠥᠮᠦᠨ ᠨᠢᠰᠬᠦ ᠪᠣᠯᠵᠤ ᠮᠠᠭᠠᠳ ᠦᠭᠡᠢ ᠪᠠᠢᠬ᠎ᠠ᠂ ᠰᠣᠨᠣᠰᠪᠠᠯ᠂ ᠳᠡᠭᠡᠳᠦ —  ᠡᠭᠦᠳᠡ ᠬᠣᠲᠠ ᠠ᠋ᠴᠠ ᠪᠠᠭᠠᠲᠤᠷ ᠤ᠋ᠨ ᠬᠣᠲᠠ ᠬᠦᠷᠲᠡᠯ᠎ᠡ ᠣᠩᠭᠣᠴᠠ ᠪᠠᠷ ᠨᠢᠰᠬᠦ ᠪᠣᠯᠤᠭᠰᠠᠨ ᠭᠡᠨ᠎ᠡ ᠪᠢᠯᠡ ᠭᠡᠬᠦ ᠳ᠋ᠦ᠍ᠨᠢ( ᠳ᠋ᠦ᠍ ᠨᠢ)᠂ ᠴᠡᠷᠡᠨ ᠦ᠌ ᠰᠡᠳᠬᠢᠯ ᠤᠶᠠᠷᠠᠵᠤ᠂ 
       — ᠬᠡᠦᠬᠡᠳ ᠦ᠋ᠨ ᠮᠠᠨᠢ ᠵᠢᠷᠭᠠᠯ ᠤ᠋ᠨ ᠵᠠᠮ ᠨᠡᠭᠡᠭᠡᠭᠳᠡᠵᠦ ᠳᠡ᠃ ᠪᠢᠳᠡᠨ ᠢ᠋ ᠪᠡᠨ ᠪᠣᠳᠣᠪᠠᠯ᠂ ᠱᠠᠯ ᠥᠮᠨᠥᠭᠡ ᠤᠯᠤᠰ ᠪᠣᠯᠤᠨ᠎ᠠ ᠳᠠ᠃  ᠠᠷᠪᠠᠭᠠᠳ ᠵᠢᠯ ᠦ᠋ᠨ ᠡᠮᠦᠨ᠎ᠡ ᠪᠢ ᠶᠡᠷᠦ ᠳᠡᠯᠡᠬᠡᠢ ᠳᠡᠭᠡᠷ᠎ᠡ ᠮᠣᠰᠺᠸᠠ ᠭᠡᠳᠡᠭ ᠬᠣᠲᠠ ᠪᠠᠢᠳᠠᠭ ᠢ᠋ ᠣᠭᠲᠣ ᠮᠡᠳᠡᠳᠡᠭ ᠦᠭᠡᠢ ᠰᠠᠨ᠃ ᠣᠳᠣ ᠬᠦᠦ ᠪᠡᠨ ᠮᠣᠰᠺᠸᠠ ᠳ᠋ᠤ᠌ ᠰᠤᠷᠭᠠᠭᠤᠯᠢ ᠬᠢᠨ᠎ᠡ ᠭᠡᠵᠦ ᠪᠣᠳᠣᠬᠤ ᠳ᠋ᠤ᠌᠂ ᠮᠢᠨᠦ ᠰᠡᠳᠬᠢᠯ ᠳ᠋ᠦ᠍ ᠶᠡᠬᠡᠯ᠎ᠡ(ᠶᠡᠬᠡ ᠯᠡ) ᠳᠣᠲᠣᠨᠣ ᠰᠠᠢᠬᠠᠨ ᠬᠣᠲᠠ ᠰᠢᠭ᠋ ᠰᠠᠨᠠᠭᠳᠠᠵᠤ ᠪᠠᠢᠨ᠎ᠠ᠃ ᠪᠢ ᠨᠢᠭᠡ ᠶᠠᠭᠤᠮ᠎ᠠ ᠲᠠᠨ ᠠ᠋ᠴᠠ  ᠭᠤᠶᠤᠶ᠎ᠠ᠃ ᠤᠯᠤᠰ ᠪᠢᠳᠡ ᠪᠦᠬᠦᠨ ᠦ᠌ ᠰᠠᠢᠬᠠᠨ ᠵᠢᠷᠭᠠᠯᠠᠩᠲᠤ ᠵᠠᠮ ᠢ᠋ ᠵᠢᠭᠠᠵᠤ ᠥᠭᠭᠦᠭᠰᠡᠨ ᠯᠧᠨᠢᠨ᠂ ᠰᠲ᠋ᠠᠯᠢᠨ ᠬᠣᠶᠠᠷ ᠤ᠋ᠨ ᠵᠢᠷᠤᠭ ᠢ᠋ ᠨᠠᠳᠠᠳᠤ(ᠨᠠᠳᠠ ᠳ᠋ᠤ᠌) ᠣᠯᠵᠤ ᠥᠭᠭᠦᠨ᠎ᠡ ᠤᠤ? ᠪᠢ ᠭᠦᠩᠭᠠᠷᠠᠪᠠ ᠶ᠋ᠢᠨ ᠢ᠋ᠶ᠋ᠡᠨ ᠲᠡᠨᠳᠡ ᠲᠠᠯᠪᠢᠶ᠎ᠠ ᠭᠡᠳ ᠰᠢᠷᠴᠢᠨ ᠦ᠌ ᠪᠡᠨ ᠥᠭᠡᠳᠡ ᠡᠴᠡ ᠬᠦᠰᠡᠨ ᠬᠠᠷᠠᠭᠠᠳ᠂ ᠲᠡᠳᠡᠨ ᠦ᠌ ᠠᠴᠢ ᠪᠠᠷ ᠮᠠᠨ ᠤ᠋ ᠡᠷᠦᠬᠡ ᠭᠡᠷ ᠭᠡᠢᠵᠦ᠂ ᠦᠷ᠎ᠡ ᠬᠡᠦᠬᠡᠳ ᠮᠠᠨᠢ ᠰᠠᠢᠬᠠᠨ ᠡᠷᠳᠡᠮ ᠰᠤᠷᠴᠤ ᠪᠠᠢᠨ᠎ᠠ ᠯᠠ ᠭᠡᠬᠦ ᠳ᠋ᠦ᠍ᠨᠢ( ᠳ᠋ᠦ᠍ ᠨᠢ)᠂ 
       — ᠲᠡᠷᠡ ᠴᠢᠨᠢ ᠵᠥᠪ ᠵᠦᠢᠲᠡᠢ ᠰᠠᠨᠠᠯ ᠪᠠᠢᠨ᠎ᠠ᠃ ᠦᠭᠡᠢ ᠶᠡᠷᠦᠨᠢ ᠬᠦᠦ ᠳ᠋ᠡᠭᠡᠨ( ᠳ᠋ᠦ᠍ ᠪᠡᠨ) ᠮᠣᠰᠺᠸᠠ ᠤᠷᠤᠭᠤ ᠪᠢᠴᠢᠭ ᠢ᠋ᠶ᠋ᠡᠷ ᠵᠠᠬᠢᠵᠤ᠂ ᠬᠠᠮᠤᠭ ᠤ᠋ᠨ ᠰᠠᠢᠬᠠᠨ ᠵᠢᠷᠤᠭ ᠣᠯᠵᠤ ᠶᠠᠪᠤᠭᠤᠯᠤᠭ ᠭᠡᠵᠦ ᠪᠢᠴᠢᠪᠡᠯ ᠶᠠᠭᠠᠬᠢᠨ᠎ᠠ ᠳᠠ? ᠬᠦᠦ ᠶ᠋ᠢᠨ ᠢ᠋ᠶ᠋ᠡᠨ ᠶᠠᠪᠤᠭᠤᠯᠤᠭᠰᠠᠨ ᠵᠢᠷᠤᠭ ᠢ᠋ ᠬᠠᠷᠠᠵᠤ ᠰᠠᠭᠤᠬᠤ ᠳ᠋ᠠᠭᠠᠨ( ᠳ᠋ᠤ᠌ ᠪᠠᠨ)᠂ ᠯᠧᠨᠢᠨ ᠦ᠌ ᠰᠠᠭᠤᠵᠤ ᠪᠠᠢᠭᠰᠠᠨ᠂ ᠣᠳᠣ ᠰᠲ᠋ᠠᠯᠢᠨ ᠤ᠋ ᠲᠥᠷᠥ ᠶ᠋ᠢᠨ ᠢ᠋ᠶ᠋ᠡᠨ ᠵᠢᠯᠣᠭᠣ ᠪᠠᠷᠢᠨ ᠰᠠᠭᠤᠳᠠᠭ ᠬᠣᠲᠠ ᠳ᠋ᠤ᠌ ᠬᠦᠦ ᠮᠠᠨᠢ ᠰᠠᠭᠤᠵᠤ ᠪᠠᠢᠭ᠎ᠠ ᠶᠤᠮ ᠭᠡᠵᠦ ᠪᠣᠳᠣᠵᠤ ᠰᠠᠭᠤᠬᠤ ᠳ᠋ᠤ᠌ ᠰᠠᠢᠬᠠᠨ  ᠪᠠᠢᠬᠤ ᠪᠢᠰᠢᠦ( ᠪᠢᠰᠢ ᠤᠤ)? ᠭᠡᠳ᠂ ᠠᠯᠢ ᠠ᠋᠂ ᠬᠦᠦ ᠶ᠋ᠢᠨ ᠢ᠋ᠶ᠋ᠡᠨ ᠶᠠᠪᠤᠭᠤᠯᠤᠭᠰᠠᠨ ᠲᠣᠯᠢᠨ ᠳ᠋ᠤ᠌ ᠨᠢᠭᠡ ᠬᠠᠷᠠᠶ᠎ᠠ ᠭᠡᠵᠦ᠂ ᠲᠣᠯᠢ ᠠᠪᠴᠤ ᠬᠠᠷᠠᠬᠤ ᠳ᠋ᠠᠭᠠᠨ( ᠳ᠋ᠤ᠌ ᠪᠠᠨ)᠂ ᠲᠡᠮᠦᠷ ᠦ᠋ᠨ ᠠᠪᠤ ᠭᠡᠳᠡᠭ ᠨᠢ ᠡᠢᠮᠦ ᠬᠥᠮᠦᠨ ᠪᠠᠢᠭ᠎ᠠ ᠶᠤᠮ ᠪᠣᠢ? ᠠᠩᠬ᠎ᠠ ᠯᠠ ᠪᠡᠶ᠎ᠡ ᠪᠡᠨ ᠲᠣᠯᠢᠨ ᠳ᠋ᠤ᠌ ᠬᠠᠷᠠᠵᠤ ᠪᠠᠢᠨ᠎ᠠ ᠰᠢᠦ᠃ ᠨᠢᠭᠡ ᠶᠡᠬᠡ ᠰᠠᠢᠬᠠᠨ ᠬᠥᠮᠦᠨ ᠭᠡᠬᠦ ᠳ᠋ᠦ᠍ ᠬᠠᠮᠢᠭᠠᠰᠢ ᠪᠠᠨ ᠶᠤᠮ ᠪᠣᠢ᠂ ᠪᠠᠰᠠ ᠮᠤᠤᠬᠠᠢ( ᠮᠠᠭᠤᠬᠠᠢ)ᠴᠤ᠌ ᠭᠡᠬᠦ ᠳ᠋ᠦ᠍ ᠬᠠᠮᠢᠭᠠᠰᠢ ᠪᠠᠨ ᠶᠤᠮ ᠪᠣᠢ᠂ ᠠᠷᠠᠢ ᠴᠤ᠌ ᠲᠡᠢᠮᠦ ᠮᠠᠭᠤᠬᠠᠢ ᠠᠪᠤ ᠲᠠᠢ ᠪᠢᠰᠢ ᠶᠦᠮ ᠪᠣᠯᠤᠯᠲᠠᠢ᠂  ᠬᠦᠦ ᠮᠢᠨᠢ ᠭᠡᠵᠦ ᠢᠨᠢᠶᠡᠵᠡᠢ᠃ 
       — ᠪᠢ ᠴᠦ᠍ ᠪᠠᠰᠠ ᠬᠥᠮᠦᠨ ᠪᠣᠯᠤᠭᠰᠠᠭᠠᠷ ᠰᠠᠢ᠍ᠢ( ᠰᠠᠶᠢ) ᠴᠢᠷᠠᠢ ᠪᠠᠨ ᠲᠣᠯᠢᠨ ᠳ᠋ᠤ᠌ ᠬᠠᠷᠠᠵᠤ ᠦᠵᠡᠯ᠎ᠡ ᠭᠡᠵᠦ ᠴᠡᠷᠡᠨ ᠦ᠌ ᠬᠡᠯᠡᠬᠦ ᠳ᠋ᠦ᠍᠂   
       — ᠴᠢ ᠪᠢᠳᠡ ᠬᠣᠶᠠᠷ᠂ ᠬᠡᠦᠬᠡᠳ ᠰᠢᠭ ᠲᠣᠯᠢᠨ ᠳ᠋ᠤ᠌ ᠪᠡᠶ᠎ᠡ ᠪᠡᠨ ᠦᠵᠡᠨ ᠲᠣᠭᠯᠠᠵᠤ ᠪᠠᠢᠨᠠᠤ( ᠪᠠᠢᠨ᠎ᠠ ᠤᠤ) ᠳᠠ? ᠠᠢᠯ ᠤ᠋ᠨ ᠬᠥᠮᠦᠨ ᠬᠠᠷᠠᠪᠠᠯ᠂ ᠥᠲᠡᠯᠦᠭᠰᠡᠨ ᠡᠨᠡ ᠬᠣᠶᠠᠷ ᠵᠥᠨᠥᠭᠯᠡᠪᠡᠦ᠂ ᠶᠠᠭᠠᠬᠢᠪᠠ? ᠭᠡᠬᠦ ᠪᠠᠢᠬᠤ ᠭᠡᠵᠦ ᠮᠠᠰᠢ ᠵᠢᠷᠭᠠᠭᠰᠠᠨ ᠪᠠᠢᠳᠠᠯ ᠲᠠᠢ ᠪᠠᠷ ᠢᠨᠢᠶᠡᠭᠡᠳ᠂ ᠡᠬᠡᠨᠡᠷ ᠦ᠋ᠨ ᠢ᠋ᠶ᠋ᠡᠨ ᠭᠠᠷ ᠢᠯᠢᠵᠦ᠂  
       — ᠨᠠᠮᠠᠶ᠋ᠢ( ᠨᠠᠮ᠎ᠠ ᠶ᠋ᠢ) ᠲᠡᠷᠡ ᠵᠢᠯ ᠴᠡᠷᠢᠭ ᠲᠦ᠍ ᠮᠣᠷᠳᠠᠭᠤᠯᠤᠭᠰᠠᠨ ᠢ᠋ᠶ᠋ᠠᠨ ᠰᠠᠨᠠᠵᠤ ᠪᠠᠢᠨᠠᠤ( ᠪᠠᠢᠨ᠎ᠠ ᠤᠤ)?ᠴᠢ ᠪᠢᠳᠡ ᠬᠣᠶᠠᠷ ᠰᠤᠨᠤᠮ ᠵᠠᠩᠭᠢ ᠶ᠋ᠢᠨ ᠲᠡᠮᠡᠭᠡ ᠪᠡᠷ ᠶᠠᠪᠤᠵᠤ᠂ ᠪᠢ ᠴᠢᠨᠦ ᠳᠤᠯᠠᠭᠠᠬᠠᠨ ᠭᠠᠷ ᠢ᠋ ᠢᠯᠢᠵᠦ ᠶᠠᠪᠤᠭᠰᠠᠨ ᠪᠢᠯᠡ᠃ ᠵᠠᠯᠠᠭᠤ ᠴᠤ᠌ ᠪᠠᠢᠵᠠᠢ ᠳᠠ ᠴᠢ ᠪᠢᠳᠡ ᠬᠣᠶᠠᠷ ᠲᠡᠭᠡᠬᠦ ᠳ᠋ᠦ᠍᠂ ᠲᠡᠭᠡᠵᠦ ᠶᠠᠪᠤᠬᠤ ᠳ᠋ᠠᠭᠠᠨ( ᠳ᠋ᠤ᠌ ᠪᠠᠨ) ᠠᠮᠢᠳᠤ ᠶ᠋ᠢᠨ ᠵᠢᠷᠭᠠᠯ ᠭᠡᠵᠦ ᠶᠠᠪᠤᠭᠰᠠᠨ ᠢ᠋ᠶ᠋ᠠᠨ ᠴᠢ ᠰᠠᠨᠠᠵᠤ ᠪᠠᠢᠨᠠᠤ(ᠪᠠᠢᠨ᠎ᠠ ᠤᠤ) ? ᠡᠷᠭᠢᠴᠡᠭᠦᠯᠵᠦ ᠪᠣᠳᠣᠪᠠᠯ᠂ ᠣᠳᠣ ᠯᠠ ᠴᠢ ᠪᠢᠳᠡ ᠬᠣᠶᠠᠷ ᠰᠠᠢ᠍ᠢ(ᠰᠠᠶᠢ) ᠶᠣᠰᠣᠲᠠᠢ ᠵᠢᠷᠭᠠᠯ ᠢ᠋ᠶ᠋ᠠᠨ ᠡᠳ᠋ᠯᠡᠵᠦ ᠪᠠᠢᠭ᠎ᠠ ᠶᠤᠮ ᠪᠠᠢᠨ᠎ᠠ ᠰᠢᠦ ᠳᠡ ᠭᠡᠵᠦ ᠠᠶᠠᠷᠬᠠᠨ ᠳᠤᠤᠭᠠᠷᠤᠭᠠᠳ᠂ ᠠᠵᠢᠯ ᠬᠥᠳᠡᠯᠮᠦᠷᠢ ᠶᠡᠬᠡ ᠬᠢᠭᠰᠡᠨ ᠴᠢᠩᠭ᠎ᠠ ᠪᠢᠴᠢᠬᠠᠨ ᠭᠠᠷ ᠢ᠋ ᠨᠢ ᠠᠳᠬᠤᠵᠤ᠂ ᠪᠢ ᠴᠢᠮ᠎ᠠ ᠳ᠋ᠠᠭᠠᠨ( ᠳ᠋ᠤ᠌ ᠪᠠᠨ) ᠲᠡᠷᠡ ᠦᠶ᠎ᠡ ᠶ᠋ᠢᠨ ᠬᠢ ᠰᠢᠭ ᠢ᠋ᠶ᠋ᠡᠨ  ᠯᠡ ᠬᠠᠢᠷᠠᠲᠠᠢ᠂ ᠲᠡᠷᠡ ᠦᠶ᠎ᠡ ᠶ᠋ᠢᠨ ᠬᠢ ᠡᠴᠡ ᠴᠦ᠍ ᠪᠦᠷ ᠢᠯᠡᠭᠦᠦ ᠬᠠᠢᠷᠠᠲᠠᠢ᠃ ᠬᠣᠩᠭᠣᠷ ᠦᠷ᠎ᠡ ᠶ᠋ᠢᠨ ᠮᠢᠨᠢ ᠡᠬᠡ ᠭᠡᠵᠦ ᠪᠣᠳᠣᠬᠤ ᠳ᠋ᠤ᠌ ᠤᠯᠠᠮ ᠤᠯᠠᠮ ᠬᠠᠢᠷᠠᠲᠠᠢ ᠳᠠ ᠭᠡᠬᠦ ᠳ᠋ᠦ᠍ᠨᠢ( ᠳ᠋ᠦ᠍ ᠨᠢ)᠂  
       — ᠪᠢ ᠲᠡᠷᠡ ᠵᠢᠯ ᠲᠡᠭᠡᠵᠦ ᠶᠠᠪᠤᠭᠰᠠᠨ ᠪᠦᠭᠦᠳᠡ ᠶ᠋ᠢ ᠰᠠᠨᠠᠵᠤ ᠪᠠᠢᠨ᠎ᠠ ᠭᠡᠵᠦ ᠴᠡᠷᠡᠨ— ᠬᠠᠴᠠᠷ ᠨᠢ ᠴᠢᠰ ᠤᠯᠠᠭᠠᠨ ᠪᠣᠯᠵᠤ᠂ ᠨᠥᠬᠥᠷ ᠦ᠋ᠨ ᠢ᠋ᠶ᠋ᠡᠨ ᠭᠠᠷ ᠢ᠋ ᠠᠶᠠᠷᠬᠠᠨ ᠠᠳᠬᠤᠭᠠᠳ᠂ ᠪᠢ ᠴᠦ᠍ ᠪᠠᠰᠠ ᠤᠷᠢᠳᠤ ᠤᠷᠢᠳᠤ ᠶ᠋ᠢᠨ ᠬᠢ ᠡᠴᠡ ᠪᠡᠨ ᠤᠯᠠᠮ ᠬᠠᠢᠷᠠᠲᠠᠢ ᠪᠣᠯᠴᠢᠬᠰᠠᠨ(ᠪᠣᠯᠴᠢᠬᠠᠭᠰᠠᠨ) ᠭᠡᠳ ᠲᠣᠯᠣᠭᠠᠢ ᠪᠠᠨ ᠳᠠᠷᠤᠵᠤ᠂ ᠠᠶᠠᠷᠬᠠᠨ ᠭᠡᠭᠴᠢ ᠪᠡᠷ ᠰᠢᠪᠡᠨᠡᠨ᠂ ᠪᠢ ᠪᠠᠰᠠᠯᠠ᠁ ᠬᠡᠦᠬᠡᠳ ᠲᠡᠢ ᠪᠣᠯᠴᠢᠯ᠎ᠠ( ᠪᠣᠯᠴᠢᠬᠠᠯ᠎ᠠ) ᠰᠢᠦ᠃ ᠲᠡᠭᠡᠭᠡᠳ᠁ ᠲᠡᠭᠡᠭᠡᠳ ᠣᠳᠣ ᠡᠨᠡ ᠤᠳᠠᠭ᠎ᠠ᠁ ᠥᠬᠢᠨ ᠭᠠᠷᠤᠭᠠᠰᠠᠢ ᠭᠡᠵᠦ ᠪᠣᠳᠣᠵᠤ ᠪᠠᠢᠨ᠎ᠠ ᠭᠡᠬᠦ ᠳ᠋ᠦ᠍ᠨᠢ( ᠳ᠋ᠦ᠍ ᠨᠢ)᠂ 
       — ᠪᠢ ᠴᠦ᠍ ᠪᠠᠰᠠ ᠥᠬᠢᠨ ᠭᠠᠷᠬᠤ ᠳ᠋ᠤ᠌ ᠳᠤᠷᠠᠲᠠᠢ ᠯᠠ ᠪᠠᠢᠨ᠎ᠠ ᠳᠠ ᠭᠡᠵᠦ ᠬᠡᠯᠡᠭᠡᠳ᠂ ᠰᠢᠷᠴᠢᠨ ᠭᠠᠷ ᠢ᠋ ᠨᠢ ᠠᠶᠠᠷᠬᠠᠨ ᠢᠯᠢᠵᠡᠢ᠃ 
       ᠴᠡᠷᠡᠨ ᠲᠣᠯᠣᠭᠠᠢ ᠪᠠᠨ ᠥᠨᠳᠡᠢᠯᠭᠡᠭᠡᠳ᠂ ᠨᠥᠬᠥᠷ ᠥᠭᠡᠳᠡ ᠡᠴᠡ ᠪᠡᠨ ᠮᠠᠰᠢ ᠢᠨᠠᠭ ᠬᠠᠢᠷᠠᠲᠠᠢ ᠬᠠᠷᠠᠴᠠ ᠪᠠᠷ ᠬᠠᠷᠠᠭᠠᠳ᠂ 
       — ᠲᠡᠭᠡᠪᠡᠯ᠂ ᠯᠧᠨᠢᠨᠮ᠎ᠠ ᠭᠡᠵᠦ ᠨᠡᠷ᠎ᠡ ᠥᠭᠬᠦ ᠤᠤ? ᠭᠡᠬᠦ ᠳ᠋ᠦ᠍ᠨᠢ( ᠳ᠋ᠦ᠍ ᠨᠢ) ᠰᠢᠷᠴᠢᠨ᠂  
       — ᠯᠧᠨᠢᠨᠮ᠎ᠠ ᠭᠡᠵᠦ ᠰᠢᠪᠡᠨᠡᠭᠡᠳ ᠰᠡᠳᠬᠢᠯ ᠳᠦᠭᠦᠷᠡᠩ ᠡᠯᠢᠭᠡ ᠪᠦᠷᠢᠨ ᠠᠢᠯ ᠤ᠋ᠨ ᠲᠡᠷᠡ ᠬᠣᠶᠠᠷ ᠬᠥᠮᠦᠨ ᠴᠢᠮᠡᠭᠡ ᠦᠭᠡᠢ ᠭᠠᠷ ᠭᠠᠷ ᠢ᠋ᠶ᠋ᠠᠨ ᠪᠠᠷᠢᠯᠴᠠᠨ ᠰᠠᠭᠤᠵᠠᠢ᠃    

         ᠦᠰᠦᠭ ᠠᠮᠢᠯᠠᠭᠤᠯᠤᠭᠴᠢ᠄ ᠤᠢᠭᠤᠷᠵᠢᠨ·ᠣᠳᠬᠣᠨᠪᠠᠪᠠ᠂ ᠪᠠᠯ᠂ ᠪᠠᠳᠮᠠᠰᠡᠴᠡᠨ  
            ᠬᠢᠨᠠᠭᠴᠢ᠄ ᠲ·ᠬᠦᠮᠦᠵᠢᠯᠲᠦ᠂ ᠣᠳᠬᠣᠨᠴᠡᠴᠡᠭ᠂ ᠪᠠᠯ 
            ᠤᠩᠰᠢᠭᠴᠢ᠄ ᠨᠠᠰᠤᠨ᠌ᠦ᠌ᠯᠵᠡᠢ