ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠨᠢᠭᠡ Үүрийн туяа III – Б ᠂ Ренчин Гуравдугаар дэвтэр "Баялдаж олсон эх орон"-11
ᠠᠷᠪᠠᠨ ᠨᠢᠭᠡ᠂ ᠪᠠᠯᠠᠷ ᠴᠠᠭ ᠤ᠋ᠨ ᠪᠠᠯᠠᠮᠠᠳ ᠦᠯᠡᠳᠡᠭᠳᠡᠯ
ᠪᠠᠯᠠᠷ ᠬᠠᠷᠠᠩᠭᠤᠢ ᠰᠠᠷᠨᠢᠵᠤ᠂
ᠲᠩᠷᠢ ᠴᠡᠯᠮᠡᠭᠡᠳ᠂ ᠪᠠᠳᠠᠷᠠᠩᠭᠤᠢ ᠨᠠᠷᠠᠨ
ᠮᠠᠨᠳᠤᠬᠤ ᠴᠠᠭ ᠣᠢᠷᠠᠲᠤᠭᠠᠳ᠂
ᠰᠥᠨᠢ ᠶ᠋ᠢᠨ ᠪᠤᠭ ᠠᠶᠤᠯ ᠦᠭᠡᠢ ᠪᠣᠯᠪᠠ᠃
ᠱᠤᠲ᠋ᠠ ᠷᠦᠰᠲ᠋ᠡᠸᠧᠯ ᠦ᠋ᠨ᠂ ᠪᠠᠷᠰ ᠤ᠋ᠨ
ᠠᠷᠠᠰᠤᠲᠤ ᠪᠠᠭᠠᠲᠤᠷ ᠭᠡᠳᠡᠭ ᠡᠴᠡ
ᠬᠠᠷᠠᠭᠴᠢᠨ ᠭᠠᠬᠠᠢ* ᠵᠢᠯ ᠦ᠋ᠨ ᠡᠪᠦᠯ ᠮᠠᠰᠢ ᠬᠦᠢᠲᠡᠨ ᠪᠠᠢᠵᠠᠢ᠃ ᠰᠢᠷᠴᠢᠨ᠂ ᠲᠠᠩᠰᠤᠭ ᠡᠮᠡᠭᠡᠨ᠂ ᠶᠣᠨᠳᠣᠨ ᠡᠪᠦᠭᠡᠨ ᠲᠡᠢ ᠲᠡᠷᠡ ᠡᠪᠦᠯ ᠦᠬᠡᠷ ᠴᠢᠯᠠᠭᠤᠲᠤ ᠶ᠋ᠢᠨ ᠠᠮᠠᠨ ᠳ᠋ᠤ᠌ ᠡᠪᠦᠯᠵᠢᠵᠡᠢ᠃
ᠴᠡᠷᠡᠨ᠂ ᠠᠷᠤᠭ ᠳᠦᠭᠦᠷᠡᠩ ᠴᠠᠰᠤ ᠲᠠᠢ᠂ ᠭᠡᠷ ᠤᠷᠤᠭᠤ ᠪᠠᠨ ᠪᠤᠴᠠᠵᠤ ᠶᠠᠪᠤᠲᠠᠯ᠎ᠠ᠂ ᠨᠢᠭᠡ ᠲᠡᠮᠡᠭᠡ ᠲᠡᠢ ᠬᠥᠮᠦᠨ ᠭᠠᠳᠠᠨ᠎ᠠ ᠨᠢ ᠬᠦᠷᠴᠦ ᠢᠷᠡᠬᠦ ᠶ᠋ᠢ ᠦᠵᠡᠪᠡᠰᠦ᠂ ᠲᠡᠮᠡᠭᠡ ᠪᠡᠨ ᠤᠶᠠᠭᠠᠳ ᠴᠠᠩᠳᠤᠮᠠᠯᠠᠭᠰᠠᠨ ᠭᠤᠷᠪᠠᠨ ᠭᠡᠷ ᠦ᠋ᠨ ᠳᠤᠮᠳᠠᠬᠢ ᠰᠢᠷᠴᠢᠨ ᠦ᠌ ᠭᠡᠷ ᠦ᠋ᠨ ᠵᠦᠭ ᠮᠠᠰᠢ ᠶᠠᠭᠠᠷᠠᠯ ᠦᠭᠡᠢ ᠨᠠᠢᠭᠤᠨ ᠠᠯᠬᠤᠪᠠ᠃ ᠰᠢᠷ᠎ᠠ ᠳᠡᠪᠡᠯ᠂ ᠮᠠᠯᠠᠭᠠᠢ ᠶ᠋ᠢᠨ ᠪᠠᠢᠳᠠᠯ ᠢ᠋ ᠦᠵᠡᠪᠡᠯ᠂ ᠶᠠᠮᠠᠷ ᠨᠢᠭᠡᠨ ᠯᠠᠮᠠ ᠬᠥᠮᠦᠨ ᠪᠣᠯᠤᠯᠲᠠᠢ᠃
— ᠵᠠ᠂ ᠡᠨᠡ ᠬᠡᠨ ᠭᠡᠭᠴᠢ ᠨᠢ ᠬᠦᠷᠴᠦ ᠢᠷᠡᠪᠡ? ᠰᠢᠷᠴᠢᠨ ᠡᠵᠡᠭᠦᠢ᠃ ᠮᠠᠨ ᠤ᠋ ᠳ᠋ᠤ᠌ ᠲᠠᠩᠰᠤᠭ ᠬᠡᠦᠬᠡᠳ ᠦ᠋ᠨ ᠳᠡᠷᠭᠡᠳᠡ ᠰᠠᠭᠤᠵᠤ ᠪᠠᠢᠭ᠎ᠠ ᠪᠠᠢᠬᠤ ᠭᠡᠵᠦ ᠪᠣᠳᠣᠭᠠᠳ ᠠᠶᠠᠷᠬᠠᠨ ᠠᠯᠬᠤᠯᠠᠵᠤ᠂ ᠭᠡᠷ ᠦ᠋ᠨ ᠭᠠᠳᠠᠨ᠎ᠠ ᠬᠦᠷᠴᠦ ᠢᠷᠠᠪᠠᠰᠤ᠂ ᠲᠡᠷᠡ ᠬᠥᠮᠦᠨ ᠦ᠌ ᠰᠥᠭᠡᠩᠭᠢ ᠳᠠᠭᠤ᠂ ᠤᠷᠢᠳᠤ ᠰᠣᠨᠣᠰᠤᠭᠰᠠᠨ ᠮᠡᠲᠦ᠃ ᠲᠠᠨᠢᠵᠤ ᠶᠠᠳᠠᠨ᠂ ᠳᠡᠮᠡᠢ ᠯᠡ ᠴᠠᠰᠤ ᠲᠠᠢ ᠠᠷᠤᠭ ᠢ᠋ ᠭᠡᠷ ᠦ᠋ᠨ ᠬᠠᠶᠠᠭᠠᠨ ᠳ᠋ᠤ᠌ ᠲᠦᠰᠢᠭᠦᠯᠦᠨ᠂ ᠡᠭᠦᠳᠡ ᠰᠡᠬᠦᠵᠦ ᠣᠷᠣᠪᠠᠯ᠂ ᠬᠦᠷᠢ ᠬᠣᠷᠣᠬᠠᠢ ᠮᠡᠲᠦ ᠦᠰᠦᠯᠢᠭ ᠬᠥᠮᠥᠰᠬᠡ ᠶ᠋ᠢᠨ ᠳᠣᠣᠷᠠᠬᠢ ᠨᠢᠳᠦᠨ ᠦ᠌ ᠤᠬᠤᠷᠬᠠᠢ ᠶ᠋ᠢᠨ ᠳᠡᠭᠡᠳᠦ ᠢᠷᠮᠡᠭ ᠶᠠᠰᠤ ᠮᠠᠰᠢ ᠲᠥᠪᠥᠢᠭᠰᠡᠨ᠂ ᠮᠠᠩᠨᠠᠢ ᠮᠠᠰᠢ ᠪᠢᠴᠢᠬᠠᠨ᠂ ᠬᠠᠮᠠᠷ ᠨᠠᠬᠢᠭᠤ ᠰᠠᠷᠮᠠᠭᠠᠷ᠂ ᠬᠥᠬᠡ ᠴᠢᠷᠠᠢ ᠲᠠᠢ ᠯᠠᠮᠠ ᠬᠥᠮᠦᠨ ᠬᠣᠢᠮᠣᠷ ᠰᠠᠭᠤᠵᠤ᠂ ᠠᠯᠲᠠ ᠪᠠᠷ ᠳᠣᠲᠣᠷᠯᠠᠭᠰᠠᠨ ᠭᠠᠪᠠᠯᠠ ᠭᠡᠳᠡᠭ ᠬᠥᠮᠦᠨ ᠦ᠌ ᠲᠣᠯᠣᠭᠠᠢ ᠶ᠋ᠢᠨ ᠶᠠᠰᠤᠨ ᠠᠶᠠᠭ᠎ᠠ ᠪᠠᠷ ᠰᠦᠷ ᠪᠠᠳᠠᠷᠠᠭᠤᠯᠤᠨ ᠴᠠᠢ ᠤᠤᠭᠤᠵᠤ ᠪᠠᠢᠭᠰᠠᠨ ᠢ᠋ᠶ᠋ᠠᠨ ᠴᠡᠷᠡᠨ ᠥᠭᠡᠳᠡ ᠶᠡᠬᠡ ᠵᠠᠩᠲᠠᠢ ᠪᠠᠷ ᠬᠠᠷᠠᠮᠠᠭᠴᠠ᠂
— ᠬᠠᠮᠰᠤᠮ ᠪᠠᠳᠢᠷᠴᠢ! ᠭᠡᠵᠦ ᠴᠡᠷᠡᠨ ᠦ᠌ ᠰᠣᠴᠢᠨ ᠲᠠᠨᠢᠬᠤ ᠳ᠋ᠤ᠌᠂
— ᠮᠥᠨ᠂ ᠪᠢ ᠪᠣᠯᠪᠠᠯ ᠰᠠᠷᠲᠠᠭᠤᠯ ᠸᠠᠩ ᠤ᠋ᠨ ᠬᠤᠰᠢᠭᠤᠨ ᠤ᠋ ᠬᠠᠮᠰᠤᠮ ᠪᠠᠳᠢᠷᠴᠢ ᠭᠡᠳᠡᠭ᠃ ᠣᠳᠣ ᠠᠷᠠᠳ ᠤ᠋ᠨ ᠨᠠᠮ ᠤ᠋ᠨ ᠪᠠᠲᠤ ᠣᠷᠣᠰᠢᠯ ᠳ᠋ᠤ᠌ ᠵᠣᠷᠢᠭᠤᠯᠵᠤ᠂ ᠨᠠᠶᠠᠨ ᠲᠣᠬᠣᠢ ᠥᠨᠳᠥᠷ ᠰᠢᠳᠢᠲᠦ ᠪᠤᠷᠬᠠᠨ ᠪᠦᠲᠦᠭᠡᠬᠦ ᠭᠡᠵᠦ ᠪᠠᠳᠢᠷ ᠪᠠᠷᠢᠵᠤ ᠶᠠᠪᠤᠨ᠎ᠠ ᠭᠡᠲᠡᠯ᠎ᠡ ᠴᠡᠷᠡᠨ᠂ ᠲᠡᠷᠡ ᠯᠠᠮᠠ ᠶ᠋ᠢᠨ ᠬᠥᠮᠦᠨ ᠭᠥᠷᠥᠭᠡᠰᠦ ᠰᠢᠭ ᠪᠦᠳᠦᠭᠦᠯᠢᠭ ᠬᠦᠳᠡᠭᠢ ᠬᠥᠬᠡ ᠴᠢᠷᠠᠢ ᠶ᠋ᠢ ᠰᠢᠷᠲᠡᠨ ᠬᠠᠷᠠᠵᠤ᠂
— ᠴᠠᠭᠠᠭᠴᠢᠨ ᠲᠠᠬᠢᠶ᠎ᠠ ᠵᠢᠯ᠂ ᠪᠣᠭᠳᠠ ᠶ᠋ᠢᠨ ᠪᠠᠲᠤ ᠣᠷᠣᠰᠢᠯ ᠳ᠋ᠤ᠌ ᠵᠣᠷᠢᠭᠤᠯᠤᠨ ᠨᠠᠶᠠᠨ ᠲᠣᠬᠣᠢ ᠪᠤᠷᠬᠠᠨ ᠪᠦᠲᠦᠭᠡᠨ᠎ᠡ ᠭᠡᠵᠦ ᠪᠠᠳᠢᠷᠯᠠᠵᠤ ᠶᠠᠪᠤᠭᠰᠠᠨ ᠢ᠋ᠶ᠋ᠠᠨ ᠪᠦᠲᠦᠭᠡᠵᠦ ᠭᠦᠢᠴᠡᠭᠰᠡᠨ ᠪᠢᠯᠡ ᠤᠤ? ᠭᠡᠵᠦ ᠠᠰᠠᠭᠤᠪᠠ᠃
— ᠦᠭᠡᠢ ᠭᠡᠵᠦ ᠪᠠᠬᠠᠨ ᠰᠠᠨᠳᠤᠷᠤᠰᠬᠢᠭᠡᠳ᠂ ᠲᠡᠷᠡ ᠯᠠᠮᠠ ᠥᠭᠦᠯᠡᠷᠦᠨ᠂ ᠪᠢᠳᠡᠨ ᠦ᠌ ᠯᠠᠮᠠ ᠨᠠᠷ᠂ ᠠᠷᠠᠳ ᠭᠡᠰᠡᠨ ᠦᠰᠦᠭ ᠲᠦ᠍ ᠨᠢᠭᠡᠨ ᠠᠳᠠᠯᠢ ᠪᠠᠭᠲᠠᠬᠤ ᠲᠤᠯᠠ ᠮᠢᠨᠦ ᠪᠡᠶ᠎ᠡ᠂ ᠲᠡᠷᠡ ᠪᠤᠷᠬᠠᠨ ᠢ᠋ᠶ᠋ᠠᠨ ᠣᠳᠣ ᠠᠷᠠᠳ ᠤ᠋ᠨ ᠨᠠᠮ ᠤ᠋ᠨ ᠪᠠᠲᠤ ᠣᠷᠣᠰᠢᠨ ᠪᠠᠳᠠᠷᠠᠬᠤ ᠶ᠋ᠢᠨ ᠦᠢᠯᠡᠰ ᠲᠦ᠍ ᠵᠣᠷᠢᠭᠤᠯᠬᠤ ᠭᠡᠵᠦ ᠪᠠᠢᠭ᠎ᠠ ᠬᠡᠮᠡᠪᠡᠰᠦ ᠲᠠᠩᠰᠤᠭ᠂ ᠴᠡᠷᠡᠨ ᠡᠴᠡ ᠠᠰᠠᠭᠤᠷᠤᠨ᠂
— ᠲᠠ ᠡᠨᠡ ᠪᠠᠳᠢᠷᠴᠢ ᠯᠠᠮᠠ ᠶ᠋ᠢ ᠲᠠᠨᠢᠬᠤ ᠶᠤᠮ ᠪᠠᠢᠵᠠᠢ? ᠲᠠᠨ ᠤ᠋ ᠦᠭᠡᠨ ᠦ᠌ ᠥᠩᠭᠡ ᠶ᠋ᠢ ᠦᠵᠡᠪᠡᠯ᠂ ᠤᠷᠢᠳ ᠲᠡᠷᠡ ᠪᠤᠷᠬᠠᠨ ᠪᠦᠲᠦᠭᠡᠬᠦ ᠭᠡᠵᠦ ᠪᠠᠳᠢᠷᠯᠠᠬᠤ ᠳ᠋ᠤᠨᠢ ( ᠳ᠋ᠤ᠌ ᠨᠢ) ᠡᠷᠭᠦᠯ ᠪᠠᠷᠢᠴᠠ ᠪᠠᠷᠢᠭᠰᠠᠨ ᠪᠠᠢᠬᠤ ᠨᠢ ᠠ᠋? ᠬᠡᠮᠡᠪᠡᠰᠦ᠂ ᠯᠠᠮᠠ᠂ ᠴᠡᠷᠡᠨ ᠥᠭᠡᠳᠡ ᠡᠴᠡ ᠬᠠᠷᠠᠬᠤ ᠠ᠋ᠴᠠ ᠨᠢᠳᠦ ᠬᠠᠯᠲᠤᠷᠢᠵᠤ᠂
— ᠡᠨᠡ ᠥᠭᠯᠢᠭᠡ ᠶ᠋ᠢᠨ ᠡᠵᠡᠨ ᠦ᠌ ᠮᠢᠨᠦ ᠪᠠᠳᠢᠷ ᠲᠤ᠌ ᠨᠡᠮᠡᠷᠢ ᠪᠣᠯᠭᠠᠵᠤ ᠪᠠᠢᠭᠰᠠᠨ ᠢ᠋ ᠰᠠᠨᠠᠬᠤ ᠦᠭᠡᠢ ᠪᠠᠢᠨ᠎ᠠ ᠭᠡᠵᠦ ᠪᠤᠯᠲᠠᠷᠢᠨ ᠵᠠᠢᠯᠠᠬᠤ ᠶ᠋ᠢ ᠤᠷᠤᠯᠳᠤᠪᠠᠰᠤ᠂
— ᠴᠠᠭᠠᠭᠴᠢᠨ ᠲᠠᠬᠢᠶ᠎ᠠ ᠵᠢᠯ᠂ ᠨᠠᠮᠠᠶ᠋ᠢ( ᠨᠠᠮ᠎ᠠ ᠶ᠋ᠢ) ᠭᠡᠷ ᠲᠦ᠍ ᠮᠢᠨᠢ ᠬᠦᠯᠢᠵᠦ ᠪᠠᠢᠭᠠᠳ ᠠᠯᠪᠠ ᠶ᠋ᠢᠨ ᠬᠠᠷ᠎ᠠ ᠪᠠᠷ ᠮᠢᠨᠦ ᠭᠠᠭᠴᠠ ᠠᠯᠲᠠᠨ ᠪᠦᠯᠡᠵᠡᠭ ᠢ᠋ ᠨᠠᠶᠠᠨ ᠲᠣᠬᠣᠢ ᠪᠤᠷᠬᠠᠨ ᠪᠦᠲᠦᠭᠡᠬᠦ ᠦᠢᠯᠡᠰ ᠲᠦ᠍ ᠭᠡᠵᠦ ᠪᠤᠯᠢᠶᠠᠨ ᠠᠪᠤᠭᠰᠠᠨ ᠢ᠋ᠶ᠋ᠠᠨ ᠰᠠᠨᠠᠬᠤ ᠦᠭᠡᠢ ᠪᠠᠢᠨ᠎ᠠ ᠭᠡᠵᠦ ᠤᠤ? ᠭᠡᠵᠦ ᠲᠡᠷᠡ ᠯᠠᠮᠠ ᠶ᠋ᠢᠨ ᠥᠭᠡᠳᠡ ᠴᠡᠷᠡᠨ ᠦ᠌ ᠰᠢᠷᠳᠡᠬᠦ ᠳ᠋ᠦ᠍᠂ ᠲᠠᠩᠰᠤᠭ ᠶᠡᠷᠦ ᠡᠴᠡ ᠤᠤᠭᠠᠨ ᠬᠦᠦ ᠴᠤᠢᠮᠪᠠᠯ ᠢ᠋ ᠬᠣᠰᠢᠭᠤ ᠬᠡᠢᠳ ᠲᠦ᠍ ᠬᠤᠸᠠᠷᠠᠭ ᠪᠣᠯᠭᠠᠵᠤ ᠥᠭᠭᠦᠭᠡᠳ ᠬᠠᠷᠭᠢᠰ ᠪᠠᠭᠰᠢ ᠶ᠋ᠢᠨ ᠵᠣᠲᠣᠭᠣᠷ ᠠ᠋ᠴᠠ ᠪᠣᠯᠵᠤ ᠤᠷᠭᠤᠨ ᠪᠣᠰᠴᠤ᠂ ᠴᠢᠨᠣ᠎ᠠ ᠳ᠋ᠤ᠌ ᠢᠳᠡᠭᠦᠯᠦᠭᠰᠡᠨ ᠡᠴᠡ ᠬᠣᠢᠰᠢ᠂ ᠯᠠᠮᠠ ᠨᠠᠷ ᠲᠤ᠌ ᠰᠦᠰᠦᠭ ᠠᠯᠳᠠᠵᠤ᠂ ᠶᠡᠬᠡᠯ᠎ᠡ( ᠶᠡᠬᠡ ᠯᠡ) ᠳᠤᠷ᠎ᠠ ᠦᠭᠡᠢ ᠪᠣᠯᠤᠭᠰᠠᠨ ᠤ᠋ ᠳᠡᠭᠡᠷ᠎ᠡ᠂ ᠴᠡᠷᠡᠨ ᠦ᠌ ᠲᠡᠷᠡ ᠦᠭᠡ ᠶ᠋ᠢ ᠰᠣᠨᠣᠰᠤᠭᠠᠳ᠂ ᠰᠢᠷ᠎ᠠ ᠰᠢᠯᠮᠦᠦᠰᠦ ᠳ᠋ᠦ᠍ ᠭᠠᠯ ᠪᠠᠷᠢᠭᠰᠠᠨ ᠠᠳᠠᠯᠢ᠂ ᠠᠭᠤᠷ ᠬᠢᠯᠢᠩ ᠰᠢᠳᠡᠵᠦ᠂
— ᠠ ᠲᠡᠢᠮᠦ ᠶᠦᠮ ᠪᠣᠢ? ᠡᠨᠡ ᠪᠠᠳᠢᠷᠴᠢᠨ᠂ ᠪᠤᠷᠬᠠᠨ ᠪᠦᠲᠦᠭᠡᠨ᠎ᠡ ᠭᠡᠵᠦ ᠬᠥᠮᠦᠨ ᠢ᠋ ᠪᠤᠰᠤᠷᠮᠠᠭᠯᠠᠨ ᠳᠠᠷᠤᠯᠠᠵᠤ᠂ ᠠᠢᠯ ᠲᠣᠨᠣᠵᠤ᠂ ᠠᠮᠢᠲᠠᠨ ᠢ᠋ ᠦᠢᠮᠡᠭᠦᠯᠵᠦ ᠶᠠᠪᠤᠭᠰᠠᠨ ᠠᠮᠢᠲᠠᠨ ᠶᠤᠮ ᠪᠣᠢ? ᠪᠢ ᠲᠡᠢᠮᠦ ᠶ᠋ᠢ ᠨᠢ ᠮᠡᠳᠡᠭᠰᠡᠨ ᠦᠭᠡᠢ᠂ ᠨᠠᠷᠠ ᠣᠷᠣᠬᠤ ᠥᠭᠡᠳᠡ ᠪᠡᠨ ᠬᠠᠷᠠᠭᠰᠠᠨ ᠡᠷᠦᠬᠡ ᠲᠡᠢ᠂ ᠬᠥᠮᠦᠨ ᠣᠷᠣᠬᠤ ᠤᠷᠤᠭᠰᠢ ᠪᠠᠨ ᠬᠠᠷᠠᠭᠰᠠᠨ ᠡᠭᠦᠳᠡ ᠲᠡᠢ ᠠᠢᠯ ᠳ᠋ᠤ᠌ ᠣᠷᠣᠵᠤ ᠢᠷᠡᠭᠰᠡᠨ ᠭᠡᠢᠴᠢᠨ ᠭᠡᠵᠦ᠂ ᠴᠠᠢ ᠢᠳᠡᠭᠡ ᠪᠠᠷᠢᠵᠤ ᠪᠠᠢᠭ᠎ᠠ ᠰᠢᠦ ᠭᠡᠳ ᠪᠠᠳᠢᠷᠴᠢ ᠶ᠋ᠢᠨ ᠵᠦᠭ ᠬᠠᠨᠳᠤᠵᠤ᠂ ᠣᠳᠣ ᠴᠢ ᠪᠣᠭᠳᠠ ᠶ᠋ᠢ ᠪᠡᠨ ᠪᠠᠭᠤᠷᠠᠭᠰᠠᠨ ᠭᠡᠵᠦ᠂ ᠠᠷᠠᠳ ᠤ᠋ᠨ ᠨᠠᠮ ᠤ᠋ᠨ ᠨᠡᠷ᠎ᠡ ᠪᠠᠷᠢᠵᠤ᠂ ᠠᠮᠢᠲᠠᠨ ᠢ᠋ ᠱᠤᠯᠤᠵᠤ ᠶᠠᠪᠤᠭ᠎ᠠ ᠶᠤᠮ ᠤᠤ? ᠪᠢ ᠬᠤᠰᠢᠭᠤᠨ ᠤ᠋ ᠠᠷᠠᠳ ᠤ᠋ᠨ ᠬᠤᠷᠠᠯ ᠤ᠋ᠨ ᠭᠡᠰᠢᠭᠦᠨ ᠪᠢᠯᠡ᠃ ᠴᠢ ᠶᠠᠮᠠᠷ ᠭᠠᠵᠠᠷ ᠠ᠋ᠴᠠ ᠰᠢᠢᠳᠬᠡᠨ ᠣᠯᠭᠣᠭᠰᠠᠨ ᠪᠢᠴᠢᠭ ᠦ᠋ᠨ ᠶᠣᠰᠣᠭᠠᠷ ᠪᠠᠳᠢᠷ ᠪᠠᠷᠢᠵᠤ ᠶᠠᠪᠤᠳᠠᠭ ᠬᠥᠮᠦᠨ ᠪᠣᠢ? ᠦᠵᠡᠭᠦᠯ᠃ ᠬᠥᠮᠦᠨ᠂ ᠬᠡᠵᠢᠶ᠎ᠡ ᠴᠢᠮᠠᠲᠤ (ᠴᠢᠮ᠎ᠠ ᠳ᠋ᠤ᠌ )ᠣᠯᠭᠣᠭᠰᠠᠨ ᠪᠣᠢ? ᠭᠡᠵᠦ ᠵᠠᠩᠳᠠᠨ ᠠᠰᠠᠭᠤᠪᠠᠯ᠂ ᠥᠨᠥᠬᠢ ᠪᠠᠳᠢᠷᠴᠢ ᠠᠩᠬ᠎ᠠ ᠣᠷᠣᠵᠤ ᠢᠷᠡᠬᠦ ᠳ᠋ᠡᠭᠡᠨ( ᠳ᠋ᠦ᠍ ᠪᠡᠨ)᠂ ᠪᠠᠷᠤᠭᠲᠠᠢᠬᠠᠨ ᠬᠤᠪᠴᠠᠰᠤ ᠲᠠᠢ ᠡᠨᠡ ᠨᠠᠰᠤᠲᠠᠢ ᠡᠬᠡᠨᠡᠷ ᠯᠠᠪ ᠲᠣᠭᠣᠭ᠎ᠠ ᠲᠤᠯᠭ᠎ᠠ ᠪᠠᠷ ᠨᠣᠴᠣᠯᠳᠤᠭᠰᠠᠨ ᠪᠦᠳᠦᠭᠦᠯᠢᠭ ᠬᠦᠳᠡᠭᠢ ᠬᠥᠳᠡᠭᠡᠨ ᠦ᠌ ᠡᠬᠡᠨᠡᠷ ᠭᠡᠵᠦ ᠲᠣᠭᠣᠮᠰᠠᠷ ᠦᠭᠡᠢ ᠪᠠᠢᠭᠰᠠᠨ ᠨᠢ᠂ ᠬᠤᠰᠢᠭᠤᠨ ᠤ᠋ ᠠᠷᠠᠳ ᠤ᠋ᠨ ᠬᠤᠷᠠᠯ ᠤ᠋ᠨ ᠭᠡᠰᠢᠭᠦᠨ᠂ ᠣᠷᠣᠨ ᠨᠤᠲᠤᠭ ᠲᠠᠬᠢ ᠠᠷᠠᠳ ᠤ᠋ᠨ ᠵᠠᠰᠠᠭ ᠵᠠᠬᠢᠷᠭᠠᠨ ᠤ᠋ ᠡᠷᠬᠡ ᠪᠠᠷᠢᠭᠴᠢ ᠬᠥᠮᠦᠨ ᠭᠡᠵᠦ ᠰᠣᠨᠣᠰᠤᠭᠠᠳ ᠴᠣᠴᠢᠨ ᠡᠮᠢᠶᠡᠵᠦ᠂ ᠪᠠᠰᠠ ᠬᠢᠯᠢᠩ ᠪᠠᠳᠠᠷᠠᠭᠰᠠᠨ ᠲᠠᠩᠰᠤᠭ ᠤ᠋ᠨ ᠬᠠᠲᠠᠭᠤ ᠰᠢᠷᠦᠭᠦᠨ ᠦᠭᠡ ᠶ᠋ᠢ ᠰᠣᠨᠣᠰᠪᠠᠯ᠂ ᠲᠡᠷᠡ ᠵᠢᠯ ᠭᠡᠷ ᠲᠦ᠋ᠨᠢ( ᠲᠤ ᠨᠢ )ᠬᠦᠯᠢᠵᠦ ᠪᠠᠢᠭᠠᠳ ᠠᠯᠲᠠᠨ ᠪᠦᠯᠡᠵᠡᠭ ᠪᠤᠯᠢᠶᠠᠨ ᠠᠪᠤᠭᠰᠠᠨ ᠥᠨᠥᠬᠢ ᠡᠬᠡᠨᠡᠷ ᠦ᠋ᠨ ᠡᠷ᠎ᠡ ᠨᠥᠬᠥᠷ ᠨᠢ ᠮᠥᠨ ᠬᠤᠰᠢᠭᠤᠨ ᠤ᠋ ᠠᠷᠠᠳ ᠤ᠋ᠨ ᠬᠤᠷᠠᠯ ᠤ᠋ᠨ ᠭᠡᠰᠢᠭᠦᠨ ᠭᠡᠵᠦ ᠰᠣᠨᠣᠰᠤᠭᠠᠳ ᠪᠦᠷ ᠴᠦ᠍ ᠬᠤᠯᠴᠢᠢᠵᠤ᠂
— ᡀᠠ ᠪᠡᠢᠯᠡ ᠨᠣᠶᠠᠨᠲᠠᠨ ᠤ᠋ ᠬᠠᠢᠷᠠᠯᠠᠭᠰᠠᠨ ᠠᠯᠪᠠᠨ ᠤ᠋ ᠪᠢᠴᠢᠭ᠂ ᠤᠯᠠᠭ᠎ᠠ ᠶ᠋ᠢᠨ ᠵᠠᠷ ᠢ᠋ᠶ᠋ᠠᠷ ᠪᠢ ᡀᠠ ᠪᠡᠢᠯᠡ ᠨᠣᠶᠠᠨᠲᠠᠨ ᠤ᠋ ᠬᠤᠰᠢᠭᠤᠨ ᠳ᠋ᠤ᠌ ᠪᠠᠳᠢᠷ ᠪᠠᠷᠢᠵᠤ ᠶᠠᠪᠤᠭᠰᠠᠨ ᠪᠢᠯᠡ ᠭᠡᠵᠦ ᡀᠠ ᠪᠡᠢᠯᠡ ᠶ᠋ᠢᠨ ᠬᠣᠰᠢᠭᠤ ᠵᠠᠬᠢᠷᠤᠭᠴᠢ ᠲᠠᠮᠠᠭ᠎ᠠ ᠪᠦᠬᠦᠢ ᠤᠯᠠᠭᠠᠨ ᠱᠤᠭᠤᠮ ᠲᠠᠢ ᠪᠢᠴᠢᠭ ᠭᠠᠷᠭᠠᠵᠤ᠂ ᠲᠠᠩᠰᠤᠭ ᠲᠤ᠌ ᠥᠭᠪᠡᠯ᠂
— ᠪᠤᠷᠬᠠᠨ ᠰᠦᠮ᠎ᠡ ᠪᠦᠲᠦᠭᠡᠬᠦ ᠵᠡᠷᠭᠡ ᠶ᠋ᠢᠨ ᠱᠠᠰᠢᠨ ᠤ᠋ ᠬᠡᠷᠡᠭ ᠶᠠᠪᠤᠳᠠᠯ ᠢ᠋ ᠠᠷᠠᠳ ᠤ᠋ᠨ ᠬᠤᠪᠢᠰᠬᠠᠯ ᠠ᠋ᠴᠠ ᠬᠣᠢᠰᠢ ᠬᠡᠳᠦᠢᠨ ᠲᠥᠷᠥ ᠡᠴᠡ ᠲᠤᠰᠠᠭᠠᠷᠯᠠᠭᠰᠠᠨ ᠲᠤᠯᠠ ᡀᠠ ᠪᠡᠢᠯᠡ ᠶ᠋ᠢᠨ ᠬᠤᠰᠢᠭᠤᠨ ᠳ᠋ᠤ᠌ ᠤᠯᠠᠭ᠎ᠠ ᠬᠡᠷᠡᠭᠯᠡᠵᠦ ᠪᠠᠳᠢᠷ ᠪᠠᠷᠢᠬᠤ ᠡᠷᠬᠡ ᠴᠢᠮᠠᠲᠤ( ᠴᠢᠮ᠎ᠠ ᠳ᠋ᠤ᠌ )ᠣᠯᠭᠣᠭᠰᠠᠨ ᠲᠡᠷᠡ ᠪᠢᠴᠢᠭ ᠬᠦᠴᠦᠨ ᠦᠭᠡᠢ ᠪᠣᠯᠵᠠᠢ᠃ ᠣᠳᠣ ᡀᠠ ᠪᠡᠢᠯᠡ ᠶ᠋ᠢᠨ ᠬᠣᠰᠢᠭᠤ ᠴᠤ᠌ ᠭᠡᠵᠦ ᠪᠠᠢᠬᠤ ᠦᠭᠡᠢ᠂ ᠬᠤᠲᠤᠭ— ᠥᠨᠳᠥᠷ ᠠᠭᠤᠯᠠ ᠶ᠋ᠢᠨ ᠬᠣᠰᠢᠭᠤ ᠪᠣᠢ᠃ ᠮᠠᠨ ᠤ᠋ ᠤᠯᠤᠰ ᠤ᠋ᠨ ᠣᠯᠠᠨ ᠬᠤᠰᠢᠭᠤᠨ ᠤ᠋ ᠳᠠᠩᠰᠠᠨ ᠳ᠋ᠤ᠌ ᡀᠠ ᠪᠡᠢᠯᠡ ᠨᠡᠷ᠎ᠡ ᠲᠡᠢ ᠵᠠᠰᠠᠭ ᠳᠠᠷᠤᠭ᠎ᠠ ᠣᠳᠣ ᠪᠠᠢᠬᠤ ᠦᠭᠡᠢ᠃ ᠴᠢᠮᠠᠶ᠋ᠢ( ᠴᠢᠮ᠎ᠠ ᠶ᠋ᠢ) ᠡᠷᠭᠦᠨ ᠲᠡᠳᠬᠦᠳᠡᠭ ᠲᠡᠷᠡ ᡀᠠ ᠪᠡᠢᠯᠡ ᠴᠢᠨᠢ ᠠᠷᠠᠳ ᠤ᠋ᠨ ᠲᠥᠷᠥ ᠳ᠋ᠦ᠍ ᠬᠠᠷᠰᠢᠲᠠᠢ ᠶᠠᠪᠤᠳᠠᠯ ᠡᠭᠦᠰᠬᠡᠵᠦ᠂ ᠲᠠᠪᠤᠨ ᠵᠢᠯ ᠬᠣᠷᠢᠭᠳᠠᠬᠤ ᠶᠠᠯ᠎ᠠ ᠵᠢᠭᠠᠭᠳᠠᠭᠰᠠᠨ ᠪᠢᠯᠡ᠃ ᠲᠡᠷᠡ ᠤᠴᠢᠷ ᠠ᠋ᠴᠠ᠂ ᠲᠡᠷᠡ ᠶᠠᠯᠠᠲᠤ ᡀᠠ ᠪᠡᠢᠯᠡ ᠶ᠋ᠢᠨ ᠴᠢᠮᠠᠲᠤ (ᠴᠢᠮ᠎ᠠ ᠳ᠋ᠤ᠌) ᠰᠢᠢᠳᠬᠡᠨ ᠣᠯᠭᠣᠭᠰᠠᠨ ᠡᠨᠡ ᠪᠢᠴᠢᠭ ᠢ᠋ ᠪᠢ ᠴᠢᠮᠠᠲᠤ( ᠴᠢᠮ᠎ᠠ ᠳ᠋ᠤ᠌ )ᠥᠭᠬᠦ ᠦᠭᠡᠢ᠃ ᠬᠡᠷᠪᠡ ᠴᠢ ᠠᠪᠬᠤ ᠳᠤᠷᠠᠲᠠᠢ ᠶᠤᠮ ᠪᠣᠯᠪᠠᠯ᠂ ᠬᠣᠰᠢᠭᠤ ᠲᠠᠮᠠᠭ᠎ᠠ ᠶ᠋ᠢᠨ ᠭᠠᠵᠠᠷ ᠠ᠋ᠴᠠ ᠣᠯᠵᠤ ᠠᠪᠤᠭᠠᠷᠠᠢ ᠭᠡᠵᠦ ᠬᠡᠯᠡᠭᠡᠳ᠂ ᠴᠡᠷᠡᠨ ᠦ᠌ ᠵᠦᠭ ᠲᠣᠯᠣᠭᠠᠢ ᠳᠣᠬᠢᠨ᠂ ᠬᠡᠷᠪᠡ ᠪᠠᠳᠢᠷᠴᠢ ᠴᠢᠮᠠᠶ᠋ᠢ( ᠴᠢᠮ᠎ᠠ ᠶ᠋ᠢ )ᠲᠡᠷᠡ ᠵᠢᠯ ᠬᠠᠷ᠎ᠠ ᠬᠦᠴᠦ ᠪᠡᠷ ᠠᠯᠲᠠᠨ ᠪᠦᠯᠡᠵᠡᠭ ᠪᠦᠯᠢᠶᠡᠨ ᠠᠪᠤᠭᠰᠠᠨ ᠬᠡᠷᠡᠭ ᠢ᠋ ᠬᠣᠰᠢᠭᠤ ᠲᠠᠮᠠᠭ᠎ᠠ ᠶ᠋ᠢᠨ ᠭᠠᠵᠠᠷ ᠡᠨᠡ ᠬᠥᠮᠦᠨ ᠵᠠᠷᠭᠤᠯᠳᠤᠨ ᠮᠡᠳᠡᠭᠦᠯᠦᠶ᠎ᠡ ᠭᠡᠪᠡᠯ᠂ ᠵᠡᠷᠭᠡᠯᠡᠳᠡᠭᠡ ᠠᠢᠯ ᠤ᠋ᠨ ᠴᠠᠭᠳᠠᠭ᠎ᠠ ᠳᠠᠭᠤᠳᠠᠨ ᠢᠷᠡᠭᠦᠯᠵᠦ᠂ ᠴᠢᠮᠠᠶ᠋ᠢ( ᠴᠢᠮ᠎ᠠ ᠶ᠋ᠢ) ᠲᠡᠷᠡ ᠶᠠᠯᠠᠲᠤ ᡀᠠ ᠪᠡᠢᠯᠡ ᠶ᠋ᠢᠨ ᠰᠢᠢᠳᠬᠡᠨ ᠣᠯᠭᠣᠭᠰᠠᠨ ᠪᠢᠴᠢᠭ ᠦ᠋ᠨ ᠬᠠᠮᠲᠤ ᠬᠣᠰᠢᠭᠤ ᠲᠠᠮᠠᠭ᠎ᠠ ᠶ᠋ᠢᠨ ᠭᠠᠵᠠᠷ ᠬᠦᠷᠭᠡᠭᠦᠯᠵᠤ᠂ ᠤᠴᠢᠷ ᠢ᠋ ᠨᠢᠭᠲᠠᠯᠠᠭᠤᠯᠤᠨᠠ ᠬᠡᠮᠡᠪᠡᠰᠦ ᠬᠠᠮᠰᠤᠮ ᠪᠠᠳᠢᠷᠴᠢ ᠶᠠᠭᠠᠷᠠᠨ ᠡᠪᠦᠷ ᠡᠴᠡ ᠨᠢᠭᠡᠨ ᠬᠠᠳᠠᠭ ᠭᠠᠷᠭᠠᠵᠤ᠂ ᠲᠠᠩᠰᠤᠭ ᠲᠤ᠌ ᠬᠣᠶᠠᠷ ᠭᠠᠷ ᠢ᠋ᠶ᠋ᠠᠷ ᠮᠠᠰᠢ ᠬᠦᠨᠳᠦᠳᠬᠡᠨ ᠡᠷᠭᠦᠵᠦ᠂
— ᠥᠴᠦᠬᠡᠨ ᠮᠢᠨᠦ ᠪᠡᠶ᠎ᠡ ᠶ᠋ᠢ ᠥᠷᠥᠰᠢᠶᠡᠵᠦ ᠬᠠᠢᠷᠠᠯᠠ! ᠲᠡᠷᠡ ᠵᠢᠯ᠂ ᠨᠠᠮᠠᠶ᠋ᠢ( ᠨᠠᠮ᠎ᠠ ᠶ᠋ᠢ) ᠡᠳᠡᠨ ᠦ᠌ ᠭᠡᠷ ᠲᠦ᠍ ᠣᠷᠣᠵᠤ ᠪᠠᠳᠢᠷ ᠪᠠᠷᠢᠬᠤ ᠳ᠋ᠤ᠌᠂ ᠨᠢᠭᠡᠨ ᠴᠠᠭ ᠤ᠋ᠨ ᠮᠤᠩᠬᠠᠭ ᠢ᠋ᠶ᠋ᠠᠷ ᠥᠴᠦᠬᠡᠨ ᠭᠡᠯᠦᠩ ᠮᠢᠨᠦ ᠪᠡᠶ᠎ᠡ᠂ ᠡᠷᠬᠢᠮ ᠥᠭᠯᠢᠭᠡ ᠶ᠋ᠢᠨ ᠡᠵᠡᠨ ᠪᠦᠰᠡᠭᠦᠢ ᠶ᠋ᠢ ᠰᠠᠨᠠᠮᠰᠠᠷ ᠦᠭᠡᠢ ᠭᠤᠮᠤᠳᠠᠭᠤᠯᠤᠭᠰᠠᠨ ᠪᠠᠢᠨ᠎ᠠ ᠭᠡᠵᠦ ᠭᠣᠶᠣᠪᠠᠰᠤ᠂ ᠲᠠᠩᠰᠤᠭ ᠥᠭᠦᠯᠡᠷᠦᠨ᠂
— ᠪᠢ ᠴᠢᠨᠦ ᠪᠤᠵᠠᠷ ᠭᠠᠷ ᠢ᠋ᠶ᠋ᠠᠷ ᠪᠠᠷᠢᠭᠰᠠᠨ ᠲᠡᠷᠡ ᠬᠠᠳᠠᠭ ᠠᠪᠬᠤ ᠦᠭᠡᠢ᠂ ᠴᠠᠭᠠᠰᠢ ᠨᠢ ᠬᠢ ᠭᠡᠳ᠂ ᠴᠢᠮᠠᠲᠤ (ᠴᠢᠮ᠎ᠠ ᠳ᠋ᠤ᠌ )ᠰᠠᠷᠲᠠᠭᠤᠯ ᠸᠠᠩ ᠠ᠋ᠴᠠ ᠪᠠᠳᠢᠷ ᠪᠠᠷᠢᠬᠤ᠂ ᠥᠷᠲᠡᠭᠡ ᠤᠯᠠᠭ᠎ᠠ ᠬᠡᠷᠡᠭᠯᠡᠬᠦ ᠪᠢᠴᠢᠭ ᠣᠯᠭᠣᠭᠰᠠᠨ ᠵᠦᠢᠯ ᠪᠣᠢ ᠤᠤ ᠦᠭᠡᠢ ᠤᠤ? ᠭᠡᠪᠡᠯ᠂
— ᠵᠠ᠂ ᠪᠣᠢ! ᠭᠡᠳ ᠲᠡᠷᠡ ᠪᠠᠳᠢᠷᠴᠢ ᠡᠪᠦᠷ ᠢ᠋ᠶ᠋ᠡᠨ ᠠᠭᠤᠳᠠᠯᠵᠤ᠂ ᠲᠠᠮᠠᠭ᠎ᠠ ᠳᠠᠷᠤᠭᠰᠠᠨ ᠤᠯᠠᠭᠠᠨ ᠱᠤᠭᠤᠮ ᠲᠠᠢ ᠨᠢᠭᠡᠨ ᠪᠢᠴᠢᠭ ᠭᠠᠷᠭᠠᠵᠤ ᠬᠣᠶᠠᠷ ᠭᠠᠷ ᠢ᠋ᠶ᠋ᠠᠷ ᠡᠷᠭᠦᠨ ᠪᠠᠷᠢᠪᠠᠰᠤ᠂
— ᠴᠢᠨᠦ ᠡᠨᠡ ᠥᠷᠲᠡᠭᠡ ᠤᠯᠠᠭ᠎ᠠ ᠬᠡᠷᠡᠭᠯᠡᠬᠦ ᠪᠡᠷ᠂ ᠪᠠᠳᠢᠷ ᠪᠠᠷᠢᠬᠤ ᠪᠢᠴᠢᠭ ᠰᠡᠯᠲᠡ ᠶ᠋ᠢ ᠬᠣᠰᠢᠭᠤ ᠲᠠᠮᠠᠭ᠎ᠠ ᠶ᠋ᠢᠨ ᠭᠠᠵᠠᠷ ᠬᠦᠷᠭᠡᠵᠦ ᠥᠭᠭᠦᠨ᠎ᠡ᠃ ᠴᠢ ᠬᠠᠷᠢᠨ ᠦᠷᠦ ᠨᠢᠮᠭᠡᠨ ᠲᠡᠢ ᠡᠮ᠎ᠡ ᠬᠥᠮᠦᠨ ᠲᠡᠢ ᠠᠭᠤᠯᠵᠠᠭᠰᠠᠨ ᠲᠥᠯᠥᠭᠡ ᠳ᠋ᠡᠭᠡᠨ ( ᠳ᠋ᠦ᠍ ᠪᠡᠨ) ᠰᠠᠬᠢᠭᠤᠯᠰᠤᠨ ᠳ᠋ᠠᠭᠠᠨ ( ᠳ᠋ᠤ᠌ ᠪᠠᠨ) ᠵᠠᠯᠪᠠᠷᠢᠲᠤᠭᠠᠢ᠃ ᠬᠡᠷᠪᠡ ᠡᠨᠡ ᠡᠷᠦᠬᠡ ᠶ᠋ᠢᠨ ᠲᠡᠷᠢᠭᠦᠯᠡᠭᠴᠢ ᠬᠤᠰᠢᠭᠤᠨ ᠤ᠋ ᠠᠷᠠᠳ ᠤ᠋ᠨ ᠬᠤᠷᠠᠯ ᠤ᠋ᠨ ᠭᠡᠰᠢᠭᠦᠨ ᠭᠡᠷ ᠲᠡᠭᠡᠨ( ᠲᠤ ᠪᠡᠨ) ᠪᠠᠢᠭᠰᠠᠨ ᠪᠣᠯᠪᠠᠯ᠂ ᠴᠢᠮᠠᠶ᠋ᠢ( ᠴᠢᠮ᠎ᠠ ᠶ᠋ᠢ) ᠲᠡᠢᠮᠦ ᠠᠮᠠᠷᠬᠠᠨ ᠲᠠᠯᠪᠢᠬᠤ ᠦᠭᠡᠢ ᠰᠠᠨ ᠪᠠᠢᠬᠤ᠃ ᠡᠷᠲᠡᠬᠡᠨ ᠠᠷᠢᠯᠪᠠᠯ ᠠᠷᠢᠯ ᠭᠡᠬᠦ ᠳ᠋ᠦ᠍᠂ ᠬᠠᠮᠰᠣᠮ ᠰᠡᠩᠳᠡᠨ ᠮᠡᠩᠳᠡᠨ ᠦᠭᠡ ᠳᠠᠭᠤ ᠦᠭᠡᠢ ᠪᠣᠰᠤᠭᠠᠳ᠂ ᠠᠢᠯ ᠤ᠋ᠨ ᠰᠦ ᠳᠣᠯᠢᠶᠠᠭᠰᠠᠨ ᠨᠣᠬᠠᠢ ᠰᠢᠭ᠋ ᠲᠣᠯᠣᠭᠠᠢ ᠪᠠᠨ ᠪᠥᠬᠥᠢᠨ ᠶᠠᠭᠠᠷᠠᠨ ᠭᠠᠷᠪᠠ᠃ ᠤᠳᠠᠯ ᠦᠭᠡᠢ᠂ ᠮᠣᠷᠢᠨ ᠤ᠋ ᠤᠶᠠᠭᠠᠨ ᠤ᠋ ᠳᠡᠷᠭᠡᠳᠡ ᠲᠡᠮᠡᠭᠡ ᠪᠡᠨ ᠰᠥᠬᠥ ᠰᠥᠬᠥ ᠭᠡᠵᠦ ᠪᠤᠢᠯᠠᠭᠤᠯᠬᠤ ᠴᠢᠮᠡᠭᠡ ᠰᠣᠨᠣᠰᠳᠠᠪᠠ᠃
ᠴᠡᠷᠡᠨ᠂ ᠠᠪᠴᠢᠷᠠᠭᠰᠠᠨ ᠠᠷᠤᠭ ᠲᠠᠢ ᠴᠠᠰᠤ ᠪᠠᠨ ᠣᠷᠣᠭᠤᠯᠬᠤ ᠭᠡᠵᠦ ᠭᠠᠳᠠᠭ᠎ᠠ ᠭᠠᠷᠤᠭᠠᠳ ᠥᠨᠥᠬᠢ ᠶᠡᠬᠡ ᠵᠠᠩᠲᠠᠢ ᠪᠠᠳᠢᠷᠴᠢ ᠶ᠋ᠢ ᠬᠠᠷᠠᠪᠠᠯ᠂ ᠲᠡᠮᠡᠭᠡ ᠪᠡᠨ ᠤᠷᠲᠤ ᠲᠠᠰᠢᠭᠤᠷ ᠢ᠋ᠶ᠋ᠠᠷ ᠭᠤᠶᠠᠳᠠᠨ᠂ ᠭᠡᠳᠡᠷᠭᠦ ᠡᠷᠭᠢᠵᠦ ᠬᠠᠷᠠᠬᠤ ᠴᠢᠯᠥᠭᠡ ᠦᠭᠡᠢ ᠵᠢᠭᠤᠲᠠᠨ ᠣᠳᠬᠤ ᠶ᠋ᠢ ᠦᠵᠡᠭᠡᠳ᠂ ᠭᠡᠷ ᠲᠡᠭᠡᠨ( ᠲᠤ ᠪᠡᠨ )ᠣᠷᠣᠵᠤ ᠲᠠᠩᠰᠤᠭ ᠲᠤ᠌ ᠢᠨᠢᠶᠡᠨ ᠥᠭᠦᠯᠡᠷᠦᠨ᠂
— ᠲᠠ᠂ ᠲᠡᠷᠡ ᠣᠮᠣᠭᠲᠠᠢ ᠪᠠᠳᠢᠷᠴᠢ ᠶ᠋ᠢᠨ ᠵᠢᠷᠦᠬᠡ ᠶ᠋ᠢ ᠬᠡᠯᠡ ᠪᠡᠷ ᠢ᠋ᠶ᠋ᠡᠨ ᠦᠬᠦᠭᠦᠯᠦᠭᠡᠳ ᠣᠳᠣ ᠲᠡᠷᠡ ᠠᠮᠢᠲᠠᠨ᠂ ᠤᠨᠠᠭᠰᠠᠨ ᠮᠠᠯᠠᠭᠠᠢ ᠪᠠᠨ ᠠᠪᠬᠤ ᠴᠢᠯᠥᠭᠡ ᠦᠭᠡᠢ᠂ ᠲᠡᠮᠡᠭᠡ ᠪᠡᠨ ᠨᠢᠭᠤᠷ ᠨᠢᠳᠦ ᠦᠭᠡᠢ ᠨᠦᠳᠦᠭᠰᠡᠭᠡᠷ ᠮᠠᠨᠠᠢᠬᠢ(ᠮᠠᠨ ᠤ᠋ ᠬᠢ ) ᠡᠴᠡ ᠪᠤᠷᠤᠭᠤᠯᠠᠨ ᠵᠠᠢᠯᠠᠪᠠ ᠭᠡᠬᠦ ᠳ᠋ᠦ᠍ ᠲᠠᠩᠰᠤᠭ ᠥᠭᠦᠯᠡᠷᠦᠨ᠂
— ᠯᠠᠮᠠ ᠪᠠᠭᠰᠢ ᠨᠠᠷ ᠭᠡᠵᠦ ᠮᠤᠬᠤᠷ ᠰᠣᠬᠣᠷ ᠢ᠋ᠶ᠋ᠠᠷ ᠪᠢᠰᠢᠷᠡᠳᠡᠭ ᠰᠦᠰᠦᠭ ᠮᠢᠨᠢ ᠠᠯᠳᠠᠷᠠᠭᠰᠠᠨ ᠢ᠋ ᠡᠢᠮᠦ ᠯᠠᠮᠠ ᠨᠠᠷ ᠢ᠋ ᠠᠯᠲᠠᠨ ᠳᠡᠯᠡᠬᠡᠢ ᠳ᠋ᠦ᠍ ᠪᠠᠢᠯᠭᠠᠳᠠᠭ ᠪᠤᠷᠬᠠᠨ ᠲᠩᠷᠢ ᠪᠠᠢᠳᠠᠭ ᠯᠠ ᠶᠤᠮ ᠪᠣᠯᠪᠠᠯ᠂ ᠨᠠᠮᠠᠶ᠋ᠢ(ᠨᠠᠮ᠎ᠠ ᠶ᠋ᠢ)ᠥᠷᠥᠰᠢᠶᠡᠨ᠎ᠡ ᠪᠢᠵᠡ ᠳᠡ᠃ ᠴᠢᠨᠦ ᠪᠦᠯᠡᠵᠡᠭ ᠢ᠋ ᠲᠡᠷᠡ ᠬᠠᠮᠰᠣᠮ ᠢ᠋ ᠪᠤᠯᠢᠶᠠᠵᠤ ᠠᠪᠤᠭᠰᠠᠨ ᠭᠡᠵᠦ ᠰᠣᠨᠣᠰᠤᠮᠠᠭᠴᠠ ᠠᠭᠤᠷ ᠰᠢᠲᠠᠵᠤ᠂ ᠠᠶᠠᠨ ᠤ᠋ ᠬᠥᠮᠦᠨ ᠢ᠋ ᠯᠠᠮᠠ ᠬᠠᠷ᠎ᠠ᠂ ᠬᠠᠷᠢ ᠬᠠᠯᠠᠭᠤᠨ ᠢ᠋ ᠢᠯᠭᠠᠯ ᠦᠭᠡᠢ ᠣᠷᠣᠵᠤ ᠢᠷᠡᠬᠦ ᠳ᠋ᠦ᠍ᠨᠢ( ᠳ᠋ᠦ᠍ ᠨᠢ) ᠤᠮᠳᠠ ᠶ᠋ᠢ ᠨᠢ ᠬᠣᠷᠢᠭᠤᠯᠵᠤ᠂ ᠴᠠᠢ ᠬᠣᠭᠣᠯᠠ ᠬᠢᠵᠦ ᠥᠭᠳᠡᠭ ᠶᠣᠰᠣᠲᠠᠢ ᠶ᠋ᠢ ᠮᠠᠷᠲᠠᠵᠤ ᠣᠷᠬᠢᠯ᠎ᠠ ᠭᠡᠲᠡᠯ᠎ᠡ᠂ ᠦᠭᠡᠢ᠂ ᠲᠡᠷᠡ ᠪᠠᠳᠢᠷᠴᠢᠨ ᠴᠢᠨᠢ ᠬᠤᠰᠢᠭᠤᠨ ᠤ᠋ ᠠᠷᠠᠳ ᠤ᠋ᠨ ᠬᠤᠷᠠᠯ ᠤ᠋ᠨ ᠨᠡᠷ᠎ᠡ ᠰᠣᠨᠣᠰᠤᠭᠠᠳ ᠠᠶᠤᠵᠤ ᠰᠠᠨᠳᠤᠷᠬᠤ ᠶ᠋ᠢᠨ ᠢ᠋ᠶ᠋ᠡᠨ ᠶᠡᠬᠡ ᠳ᠋ᠦ᠍ ᠥᠨᠥᠬᠢ ᠠᠯᠲᠠ ᠪᠠᠷ ᠳᠣᠲᠣᠷᠯᠠᠭᠰᠠᠨ ᠰᠦᠷᠡᠬᠡᠢ ᠭᠠᠪᠠᠯᠠ ᠠᠶᠠᠭ᠎ᠠ ᠪᠠᠨ ᠣᠷᠬᠢᠭᠠᠳ ᠶᠠᠪᠤᠴᠢᠬᠠᠵᠤ ᠰᠢᠪ᠃ ᠴᠢᠨᠦ ᠪᠦᠯᠡᠵᠡᠭ ᠦ᠋ᠨ ᠦᠨ᠎ᠡ ᠶ᠋ᠢ ᠬᠡᠳᠦᠨ ᠵᠢᠯ ᠦ᠋ᠨ ᠬᠦᠦ ᠲᠡᠢ ᠬᠠᠷᠢᠭᠤᠯᠵᠤ ᠰᠢᠪ ᠳᠡ ᠭᠡᠵᠦ ᠢᠨᠢᠶᠡᠮᠰᠦᠭᠯᠡᠨ᠂ ᠲᠡᠷᠡ ᠭᠠᠪᠠᠯᠠ ᠠᠶᠠᠭ᠎ᠠ ᠶ᠋ᠢ ᠰᠣᠨᠢᠷᠬᠠᠨ ᠠᠪᠴᠤ ᠦᠵᠡᠪᠡᠯ᠂ ᠴᠡᠷᠡᠨ᠂
— ᠡᠨᠡ ᠠᠶᠠᠭ᠎ᠠ ᠶ᠋ᠢ ᠨᠢ ᠶᠠᠭᠠᠬᠢᠳᠠᠭ ᠶᠤᠮ ᠪᠢᠯᠡ᠂ ᠪᠤᠴᠠᠭᠠᠵᠤ ᠥᠭᠬᠦ ᠶᠦᠮ ᠰᠠᠨ ᠭᠡᠪᠡᠯ ᠲᠠᠩᠰᠤᠭ ᠥᠭᠦᠯᠡᠷᠦᠨ᠄
— ᠪᠤᠴᠠᠭᠠᠵᠤ ᠥᠭᠭᠦᠭᠡᠳ ᠶᠠᠭᠠᠬᠢᠳᠠᠭ ᠶᠤᠮ ᠪᠣᠢ? ᠲᠡᠷᠡ ᠪᠠᠳᠢᠷᠴᠢᠨ᠂ ᠬᠥᠮᠦᠨ ᠢ᠋ ᠮᠥᠯᠵᠢᠨ ᠲᠣᠨᠣᠵᠤ ᠠᠪᠤᠭᠰᠠᠨ ᠶᠠᠭᠤᠮᠠᠨ ᠠ᠋ᠴᠠ ᠭᠠᠭᠴᠠ ᠠᠶᠠᠭ᠎ᠠ ᠯᠠ ᠠᠯᠳᠠᠵᠤ ᠪᠠᠢᠭ᠎ᠠ ᠶᠤᠮ ᠪᠢᠵᠡ᠃ ᠬᠥᠮᠦᠨ ᠦ᠌ ᠮᠠᠷᠲᠠᠭᠰᠠᠨ ᠶᠠᠭᠤᠮ᠎ᠠ ᠶ᠋ᠢ ᠤᠷᠢᠳᠤ ᠶ᠋ᠢᠨ ᠤᠯᠤᠰ ᠪᠤᠴᠠᠭᠠᠵᠤ ᠥᠭᠬᠦ ᠳᠤᠷ᠎ᠠ ᠦᠭᠡᠢ᠂ ᠬᠡᠰᠢᠭ ᠬᠦᠷᠲᠡᠭᠡᠪᠡ ᠭᠡᠵᠦ ᠪᠡᠯᠭᠡᠰᠢᠶᠡᠳᠡᠭ ᠰᠠᠨ᠃ ᠴᠢ ᠳᠠᠯᠳᠠ ᠬᠢ ᠡᠨᠡ ᠭᠠᠪᠠᠯᠠ ᠠᠶᠠᠭ᠎ᠠ ᠶ᠋ᠢ᠃ ᠲᠡᠷᠡ ᠮᠠᠭᠤ ᠪᠠᠳᠢᠷᠴᠢ᠂ ᠨᠠᠭᠠᠳᠤᠬᠢ ᠶ᠋ᠢ ᠴᠢᠨᠢ ᠨᠡᠬᠡᠵᠦ ᠢᠷᠡᠬᠦ ᠵᠢᠷᠦᠬᠡ ᠠᠯᠠᠭ᠎ᠠ ᠭᠡᠪᠡ᠃ ᠰᠢᠷᠴᠢᠨ ᠣᠷᠣᠢ ᠢᠷᠡᠵᠦ᠂ ᠤᠷᠢᠳᠤ ᠬᠣᠰᠢᠭᠤ ᠣᠯᠠᠨ ᠢ᠋ ᠰᠠᠨᠠᠭᠠᠨ ᠤ᠋ ᠵᠣᠷᠢᠭ ᠢ᠋ᠶ᠋ᠠᠷ ᠳᠠᠷᠤᠯᠠᠨ ᠬᠡᠯᠮᠡᠭᠳᠡᠭᠦᠯᠵᠦ ᠪᠠᠢᠭᠰᠠᠨ ᠲᠡᠷᠡ ᠰᠦᠷᠡᠬᠡᠢ ᠪᠠᠳᠢᠷᠴᠢᠨ ᠢ᠋ ᠠᠯᠲᠠ ᠪᠠᠷ ᠳᠣᠲᠣᠷᠯᠠᠭᠰᠠᠨ ᠭᠠᠪᠠᠯᠠ ᠠᠶᠠᠭ᠎ᠠ ᠪᠠᠨ ᠬᠦᠷᠲᠡᠯ᠎ᠡ ᠬᠠᠶᠠᠭᠠᠳ᠂ ᠰᠡᠩᠳᠡᠨ ᠮᠡᠩᠳᠡᠨ ᠵᠢᠭᠤᠲᠠᠭᠰᠠᠨ ᠢ᠋ ᠰᠣᠨᠣᠰᠤᠭᠠᠳ ᠶᠡᠬᠡᠯ᠎ᠡ( ᠶᠡᠬᠡ ᠯᠡ )ᠢᠨᠢᠶᠡᠵᠦ ᠥᠭᠦᠯᠡᠷᠦᠨ᠂
— ᠲᠡᠷᠡ ᠬᠠᠮᠰᠣᠮ ᠰᠢᠭ᠋ ᠬᠥᠮᠦᠨ᠂ ᠣᠳᠣ ᠪᠠᠯᠠᠷ ᠡᠵᠡᠷᠬᠡᠭ ᠦ᠋ᠨ ᠪᠠᠯᠠᠮᠠᠳ ᠦᠯᠡᠳᠡᠭᠳᠡᠯ ᠰᠥᠨᠢ ᠶ᠋ᠢᠨ ᠪᠤᠭ ᠪᠣᠯᠵᠤ᠂ ᠡᠵᠡᠷᠬᠡᠨ ᠳᠠᠷᠤᠯᠠᠬᠤ ᠴᠠᠭ ᠨᠢ ᠬᠡᠳᠦᠢᠨ ᠥᠩᠭᠡᠷᠡᠵᠡᠢ᠃ ᠪᠢ ᠥᠨᠥᠳᠥᠷ ᠮᠠᠨ ᠤ᠋ ᠬᠤᠰᠢᠭᠤᠨ ᠤ᠋ ᠵᠢᠩᠴᠢᠨ ᠢ᠋ ᠬᠢᠶᠠᠭᠲᠤ ᠣᠷᠣᠭᠠᠳ ᠪᠤᠴᠠᠵᠤ ᠶᠠᠪᠤᠬᠤ ᠳ᠋ᠤᠨᠢ ( ᠳ᠋ᠤ᠌ ᠨᠢ ) ᠳᠠᠭᠠᠷᠢᠯᠳᠤᠵᠤ᠂ ᠪᠢᠳᠡ ᠪᠦᠭᠦᠳᠡ ᠶ᠋ᠢᠨ ᠮᠡᠳᠡᠳᠡᠭ ᠥᠨᠥᠬᠢ ᠵᠠᠮᠰᠦ᠋ᠷᠦᠩᠵᠠᠪ ᠲᠠᠢᠵᠢ ᠭᠡᠭᠴᠢ ᠭᠠᠢᠬᠠᠯ ᠤ᠋ᠨ ᠰᠤᠷᠠᠭ ᠰᠣᠨᠣᠰᠤᠯ᠎ᠠ᠃ ᠪᠠᠷᠣᠨ ᠤ᠋ ᠦᠶ᠎ᠡ ᠳ᠋ᠦ᠍ ᠭᠠᠪᠢᠶ᠎ᠠ ᠪᠠᠢᠭᠤᠯᠵᠤ ᠵᠡᠷᠭᠡ ᠬᠡᠷᠬᠡᠮ ᠳᠡᠪᠰᠢᠬᠦ ᠭᠡᠵᠦ ᠤᠷᠤᠯᠳᠤᠵᠤ ᠪᠠᠢᠭᠰᠠᠨ ᠢ᠋ᠶ᠋ᠠᠨ ᠨᠢᠭᠤᠬᠤ ᠭᠡᠵᠦ᠂ ᡀᠠ ᠪᠡᠢᠯᠡ ᠪᠡᠷ ᠬᠤᠳᠠᠯ ᠪᠢᠴᠢᠭ ᠬᠢᠯᠭᠡᠵᠦ᠂ ᠪᠡᠶ᠎ᠡ ᠪᠡᠨ ᠮᠠᠨᠵᠤ ᠠ᠋ᠴᠠ ᠲᠤᠰᠠᠭᠠᠷᠯᠠᠬᠤ ᠦᠶᠡᠰ᠂ ᠤᠯᠢᠶᠠᠰᠤᠲᠠᠢ ᠶ᠋ᠢᠨ ᠮᠠᠨᠵᠤ ᠵᠠᠩᠵᠤᠨ ᠴᠡᠷᠢᠭ ᠢ᠋ ᠦᠯᠳᠡᠨ ᠬᠥᠭᠡᠭᠡᠬᠦ ᠴᠡᠷᠢᠭ ᠡᠯᠰᠡᠭᠦᠯᠵᠦ᠂ ᠴᠠᠭᠠᠭᠴᠢᠨ ᠭᠠᠬᠠᠢ ᠵᠢᠯ ᠮᠣᠩᠭᠣᠯ ᠤᠯᠤᠰ ᠲᠤ᠌ ᠬᠦᠴᠦᠨ ᠵᠢᠳᠬᠦᠭᠰᠡᠨ ᠪᠣᠯᠵᠠᠢ᠃ ᡀᠠ ᠪᠡᠢᠯᠡ᠂ ᠲᠡᠷᠡ ᠪᠢᠴᠢᠭ ᠲᠡᠭᠡᠨ ( ᠲᠤ ᠪᠡᠨ) ᠵᠠᠮᠰᠦ᠋ᠷᠦᠩᠵᠠᠪ ᠲᠠᠢᠵᠢ ᠶ᠋ᠢ ᠪᠠᠷᠣᠨ ᠤ᠋ ᠦᠶᠡᠰ ᠬᠣᠰᠢᠭᠤ ᠨᠡᠢᠭᠡᠮ ᠢ᠋ ᠦᠢᠮᠡᠭᠦᠯᠵᠦ ᠶᠠᠪᠤᠭᠰᠠᠨ ᠢ᠋ ᠬᠠᠷᠢᠨ ᠬᠢᠲᠠᠳ ᠤ᠋ᠨ ᠲᠦᠷᠢᠮᠡᠬᠡᠢᠯᠡᠨ ᠡᠵᠡᠯᠡᠭᠴᠢ ᠭᠠᠮᠢᠩ ᠢ᠋ ᠡᠰᠡᠷᠭᠦᠴᠡᠬᠦ ᠠᠷᠠᠳ ᠤ᠋ᠨ ᠵᠢᠷᠤᠮ ᠤ᠋ᠨ ᠴᠡᠷᠢᠭ ᠢ᠋ ᠪᠠᠢᠭᠤᠯᠬᠤ ᠭᠡᠵᠦ ᠵᠢᠳᠬᠦᠭᠰᠡᠨ ᠪᠣᠯᠭᠠᠵᠤ᠂ ᠮᠠᠭᠤ ᠶ᠋ᠢ ᠰᠠᠢᠨ ᠪᠣᠯᠭᠠᠵᠤ᠂ ᠶᠠᠯ᠎ᠠ ᠶ᠋ᠢ ᠭᠠᠪᠢᠶ᠎ᠠ ᠪᠣᠯᠭᠠᠭᠰᠠᠨ ᠲᠡᠢᠮᠦ ᠪᠢᠴᠢᠭ ᠣᠯᠭᠣᠭᠰᠠᠨ ᠪᠠᠢᠵᠠᠢ᠃ ᠲᠡᠭᠦᠨ ᠦ᠌ ᠬᠦᠴᠦ ᠪᠡᠷ ᠤᠮᠠᠷ᠎ᠠ ᠵᠦᠭ ᠦ᠋ᠨ ᠠᠯᠤᠰᠯᠠᠭᠰᠠᠨ ᠨᠢᠭᠡᠨ ᠬᠣᠰᠢᠭᠤᠨ᠎ᠠ ᠣᠴᠢᠵᠤ᠂ ᠲᠠᠮᠠᠭ᠎ᠠ ᠶ᠋ᠢᠨ ᠭᠠᠵᠠᠷ ᠠᠯᠪᠠᠨ ᠬᠠᠭᠠᠬᠤ ᠶ᠋ᠢᠨ ᠳᠡᠯᠢᠮ ᠢ᠋ᠶ᠋ᠡᠷ᠂ ᠲᠡᠷᠡ ᠬᠤᠰᠢᠭᠤᠨ ᠤ᠋ ᠨᠠᠮ ᠤ᠋ᠨ ᠡᠭᠦᠷ ᠲᠦ᠍ ᠰᠢᠷᠭᠤᠨ ᠣᠷᠣᠵᠠᠢ᠃
ᠲᠡᠭᠡᠭᠡᠳ᠂ ᠭᠠᠳᠠᠨ᠎ᠠ ᠪᠠᠨ ᠨᠢᠭᠡ ᠶᠡᠬᠡ ᠭᠠᠯ ᠤᠯᠠᠭᠠᠨ ᠬᠤᠪᠢᠰᠬᠠᠯᠴᠢ ᠬᠥᠮᠦᠨ ᠦ᠌ ᠳᠦᠷᠢᠮ ᠦᠵᠡᠭᠦᠯᠵᠦ᠂ ᠳᠣᠲᠣᠷ᠎ᠠ ᠪᠠᠨ ᠬᠠᠷᠢᠨ ᠠᠷᠠᠳ ᠣᠯᠠᠨ ᠢ᠋ ᠵᠢᠭᠰᠢᠭᠦᠯᠵᠦ᠂ ᠠᠷᠠᠳ ᠤ᠋ᠨ ᠵᠠᠰᠠᠭ ᠲᠤ᠌ ᠰᠡᠳᠬᠢᠯ ᠢ᠋ ᠠᠯᠳᠠᠭᠳᠠᠭᠤᠯᠬᠤ ᠬᠣᠣᠷᠲᠤ ᠪᠣᠳᠣᠯᠭ᠎ᠠ ᠡᠪᠦᠷᠯᠡᠭᠰᠡᠨ ᠪᠠᠢᠵᠠᠢ᠃
ᠵᠢᠩᠴᠢᠨ ᠡᠴᠡ ᠰᠣᠨᠣᠰᠪᠠᠯ᠂ ᠲᠡᠷᠡ ᠬᠤᠰᠢᠭᠤᠨ ᠤ᠋ ᠬᠡᠢᠳ ᠲᠦ᠍ ᠣᠴᠢᠵᠤ᠂ ᠴᠣᠭᠴᠢᠨ ᠳᠤᠭᠠᠩ ᠤ᠋ᠨ ᠬᠠᠭᠠᠯᠭ᠎ᠠ ᠶ᠋ᠢ ᠵᠢᠷᠤᠭ ᠢ᠋ᠶ᠋ᠠᠷ ᠪᠢᠲᠡᠭᠦᠮᠵᠢᠯᠡᠭᠰᠡᠨ ᠭᠡᠰᠡᠨ ᠭᠡᠨ᠎ᠡ᠃ ᠲᠠᠨᠠᠷ(ᠲᠠ ᠨᠠᠷ) ᠲᠡᠢᠮᠦ ᠵᠢᠷᠤᠭ ᠦᠵᠡᠭᠰᠡᠨ ᠪᠠᠢᠯ ᠦᠭᠡᠢ ᠳᠡ᠃ ᠠᠴᠢᠶ᠎ᠠ ᠲᠠᠢ ᠬᠥᠰᠬᠡ ᠲᠡᠢ ᠠᠶᠠᠨᠴᠢᠨ ᠵᠢᠩᠴᠢᠨ ᠢ᠋ ᠠᠮᠢᠳᠤ ᠪᠠᠷ ᠵᠠᠯᠭᠢᠵᠤ ᠪᠠᠢᠭ᠎ᠠ ᠨᠢᠭᠡᠨ ᠬᠣᠪᠳᠣᠭ ᠰᠢᠨᠤᠬᠠᠢ ᠰᠢᠷ᠎ᠠ ᠬᠠᠷᠭᠢᠰ ᠹᠧᠣᠳᠠᠯ ᠤ᠋ᠨ ᠠᠮᠠ ᠶ᠋ᠢ ᠲᠣᠮᠣ ᠭᠡᠭᠴᠢ ᠶ᠋ᠢᠨ ᠴᠣᠣᠵᠢ ᠪᠠᠷ ᠨᠢᠭᠡᠨ ᠪᠠᠭᠠᠲᠤᠷ ᠴᠣᠣᠵᠢᠯᠠᠭᠰᠠᠨ ᠵᠢᠷᠤᠭ ᠪᠠᠢᠳᠠᠭ ᠰᠢᠦ ᠳᠡ᠃ ᠲᠡᠢᠮᠦ ᠵᠢᠷᠤᠭ ᠠᠪᠠᠴᠢᠵᠤ᠂ ᠳᠤᠭᠠᠩ ᠤ᠋ᠨ ᠬᠠᠭᠠᠯᠭ᠎ᠠ ᠶ᠋ᠢ ᠪᠢᠲᠡᠭᠦᠮᠵᠢᠯᠡᠨ ᠨᠠᠭᠠᠭᠰᠠᠨ ᠢ᠋ ᠯᠠᠮᠠ ᠨᠠᠷ ᠬᠤᠷᠠᠯ ᠬᠤᠷᠠᠬᠤ ᠭᠡᠵᠦ ᠢᠷᠡᠭᠡᠳ᠂ ᠬᠣᠶᠠᠷ ᠯᠠᠮᠠ ᠬᠠᠭᠠᠯᠭ᠎ᠠ ᠲᠦᠯᠬᠢᠨ᠂ ᠲᠡᠳᠡ ᠪᠢᠲᠡᠭᠦᠮᠵᠢᠯᠡᠭᠰᠡᠨ ᠵᠢᠷᠤᠭ ᠢ᠋ ᠲᠠᠰᠤ ᠲᠠᠲᠠᠭᠠᠳ ᠬᠠᠶᠠᠵᠠᠢ᠃ ᠵᠠᠮᠰᠦ᠋ᠷᠦᠩᠵᠠᠪ ᠲᠡᠭᠦᠨ ᠢ᠋ ᠰᠣᠨᠣᠰᠤᠮᠠᠭᠴᠠ᠂ ᠰᠠᠨᠠᠭᠠᠨ ᠤ᠋ ᠵᠣᠷᠢᠭ ᠢ᠋ᠶ᠋ᠠᠷ ᠤᠯᠤᠰ ᠲᠥᠷᠥ ᠶ᠋ᠢᠨ ᠴᠢᠬᠤᠯᠠ ᠵᠢᠷᠤᠭ ᠢ᠋ ᠡᠪᠳᠡᠪᠡ ᠭᠡᠵᠦ ᠲᠡᠷᠡ ᠯᠠᠮᠠ ᠨᠠᠷ ᠢ᠋ ᠪᠠᠷᠢᠨ ᠬᠦᠯᠢᠵᠦ᠂ ᠴᠠᠮᠴᠠ ᠶ᠋ᠢ ᠨᠢ ᠲᠠᠢᠯᠵᠤ᠂ ᠬᠣᠶᠠᠷ ᠭᠠᠷ ᠢ᠋ ᠨᠢ ᠠᠷᠭᠠᠮᠵᠢ ᠪᠠᠷ ᠭᠡᠷ ᠦ᠋ᠨ ᠬᠠᠨ᠎ᠠ ᠠ᠋ᠴᠠ ᠲᠡᠯᠡᠵᠦ᠂ ᠭᠠᠯ ᠥᠷᠳᠡᠭᠡᠳ᠂ ᠭᠠᠯ ᠤ᠋ᠨ ᠨᠥᠯᠡ ᠪᠡᠷ ᠰᠢᠷᠠᠵᠤ᠂ ᠲᠠᠨᠠᠷ( ᠲᠠ ᠨᠠᠷ) ᠠᠷᠠᠳ ᠤ᠋ᠨ ᠵᠠᠰᠠᠭ ᠲᠤ᠌ ᠬᠣᠷᠣᠰᠤᠨ ᠳᠠᠢᠰᠤᠩᠨᠠᠭᠰᠠᠨ ᠶᠠᠯ᠎ᠠ ᠪᠠᠨ ᠬᠦᠯᠢᠶᠡ ᠭᠡᠵᠦ ᠰᠢᠬᠠᠵᠠᠢ᠃ ᠡᠷᠡᠭᠦᠦ ᠰᠢᠭᠦᠯᠲᠡ ᠳ᠋ᠦ᠍ ᠡᠷᠡᠰᠳᠡᠭᠰᠡᠨ ᠲᠡᠷᠡ ᠬᠣᠶᠠᠷ ᠬᠥᠮᠦᠨ ᠦ᠌ ᠡᠯᠢᠭᠡ ᠬᠡᠩᠬᠦᠳᠡᠭ ᠨᠢ ᠭᠠᠯ ᠤ᠋ᠨ ᠬᠠᠯᠠᠭᠤᠨ ᠨᠥᠯᠡ ᠳ᠋ᠦ᠍ ᠴᠦᠪᠦᠷᠢᠭᠦᠲᠦᠭᠰᠡᠨ ᠪᠣᠯᠪᠠᠴᠤ ᠬᠢᠯᠢᠰ ᠲᠤᠯᠭᠠᠭᠰᠠᠨ ᠬᠡᠷᠡᠭ ᠢ᠋ ᠣᠭᠲᠣ ᠬᠦᠯᠢᠶᠡᠬᠦ ᠦᠭᠡᠢ᠂ ᠡᠪᠦᠭᠡᠨ ᠳᠤᠭᠠᠩᠴᠢ ᠯᠠᠮᠠ ᠳᠤᠭᠠᠩ ᠤ᠋ᠨ ᠬᠠᠭᠠᠯᠭᠠᠨ ᠳ᠋ᠤ᠌ ᠨᠢᠭᠡ ᠲᠣᠮᠣ ᠵᠢᠷᠤᠭ ᠨᠠᠭᠠᠯᠳᠤᠭᠤᠯᠤᠭᠰᠠᠨ ᠢ᠋ ᠦᠵᠡᠭᠡᠳ᠂ ᠳᠦᠷᠰᠦ ᠦᠭᠡᠢ ᠵᠢᠭᠠᠯ ᠪᠠᠨᠳᠢ ᠨᠠᠷ ᠲᠣᠮᠣᠭ᠎ᠠ ᠦᠭᠡᠢᠷᠬᠡᠵᠦ ᠶᠠᠭᠤᠮ᠎ᠠ ᠨᠠᠭᠠᠭᠰᠠᠨ ᠪᠢᠵᠡ ᠭᠡᠵᠦ ᠨᠥᠭᠦᠭᠡ ᠲᠠᠬᠢᠯᠴᠢ ᠶ᠋ᠢᠨ ᠬᠠᠮᠲᠤ ᠳᠤᠭᠠᠩ ᠤ᠋ᠨ ᠬᠠᠭᠠᠯᠭ᠎ᠠ ᠲᠦᠯᠬᠢᠵᠦ ᠨᠡᠭᠡᠭᠡᠬᠦ ᠳ᠋ᠦ᠍᠂ ᠲᠡᠷᠡ ᠵᠢᠷᠤᠭ ᠲᠠᠰᠤᠷᠠᠵᠠᠢ ᠭᠡᠵᠦ ᠥᠴᠢᠭ ᠮᠡᠳᠡᠭᠦᠯᠦᠭᠡᠳ᠂
— ᠨᠠᠮᠠᠶ᠋ᠢ( ᠨᠠᠮ᠎ᠠ ᠶ᠋ᠢ )ᠲᠦᠮᠡᠨ ᠬᠡᠰᠡᠭ ᠣᠭᠲᠣᠯᠤᠭᠰᠠᠨ ᠴᠤ᠌ ᠡᠨᠡ ᠯᠡ ᠦᠭᠡ ᠶ᠋ᠢ ᠣᠭᠲᠣ ᠥᠭᠡᠷᠡᠴᠢᠯᠡᠬᠦ ᠦᠭᠡᠢ᠃ ᠪᠢ ᠶᠡᠷᠦ ᠵᠠᠰᠠᠭ ᠲᠤ᠌ ᠥᠰᠢᠵᠦ ᠶᠠᠪᠤᠭᠰᠠᠨ ᠤᠳᠠᠭ᠎ᠠ ᠦᠭᠡᠢ᠃ ᠬᠡᠳᠦᠢᠪᠡᠷ ᠮᠢᠨᠦ ᠪᠡᠶ᠎ᠡ ᠭᠡᠯᠦᠩ ᠦ᠋ᠨ ᠰᠡᠲᠡᠷ ᠵᠡᠭᠦᠭᠰᠡᠨ᠂ ᠡᠷᠳᠡᠮ ᠨᠣᠮ ᠦᠭᠡᠢ ᠬᠥᠳᠡᠭᠡᠨ ᠦ᠌ ᠨᠢᠭᠡ ᠮᠤᠩᠬᠠᠭ ᠮᠠᠭᠤ ᠡᠪᠦᠭᠡᠨ ᠪᠣᠯᠪᠠᠴᠤ ᠥᠭᠡᠷ᠎ᠡ ᠪᠤᠰᠤᠳ ᠢ᠋ ᠲᠦᠮᠡᠨ ᠬᠢᠯᠢᠰ ᠢ᠋ᠶ᠋ᠡᠷ ᠬᠤᠳᠠᠯ ᠮᠡᠳᠡᠭᠦᠯᠵᠦ ᠬᠡᠷᠬᠢᠪᠡᠴᠦ ᠰᠡᠳᠬᠢᠯ ᠲᠦᠪᠳᠡᠬᠦ ᠦᠭᠡᠢ᠃ ᠠᠶ᠎ᠠ᠂ ᠨᠠᠮᠠᠶ᠋ᠢ(ᠨᠠᠮ᠎ᠠ ᠶ᠋ᠢ )ᠢᠩᠭᠢᠵᠦ ᠵᠣᠪᠠᠭᠠᠨ ᠲᠠᠮᠤᠯᠠᠬᠤ ᠶ᠋ᠢ ᠵᠣᠭᠰᠣᠭᠠᠵᠤ᠂ ᠰᠤᠯᠠᠯᠠᠨ ᠳᠡᠯᠪᠢ᠃ ᠨᠠᠳᠠᠳᠤ( ᠨᠠᠳᠠ ᠳ᠋ᠤ᠌ )ᠬᠢᠭᠰᠡᠨ ᠶᠠᠯ᠎ᠠ ᠭᠡᠮ ᠠᠯᠠᠭ᠎ᠠ ᠠ᠋ ᠭᠡᠵᠦ ᠶᠣᠣᠯᠠᠨ ᠪᠠᠷᠬᠢᠷᠠᠵᠠᠢ᠃
ᠲᠡᠷᠡ ᠴᠠᠭ᠂ ᠮᠠᠨ ᠤ᠋ ᠬᠤᠰᠢᠭᠤᠨ ᠤ᠋ ᠵᠢᠩᠴᠢᠨ ᠪᠤᠴᠠᠬᠤ ᠵᠠᠮ ᠳ᠋ᠠᠭᠠᠨ( ᠳ᠋ᠤ᠌ ᠪᠠᠨ)᠂ ᠴᠢᠪ ᠭᠡᠮᠡᠨ ᠲᠡᠷᠡ ᠬᠡᠢᠳ ᠲᠦ᠍᠂ ᠥᠨᠥᠬᠢ ᠵᠠᠮᠰᠦ᠋ᠷᠦᠩᠵᠠᠪ ᠲᠠᠢᠵᠢ ᠶ᠋ᠢᠨ ᠬᠥᠮᠦᠨ ᠰᠢᠭᠦᠵᠦ ᠪᠠᠢᠭᠰᠠᠨ ᠭᠠᠵᠠᠷ ᠤ᠋ᠨ ᠬᠠᠪᠢ ᠳ᠋ᠤ᠌ ᠪᠠᠭᠤᠵᠠᠢ᠃ ᠳᠠᠸᠠ ᠭᠡᠳᠡᠭ ᠵᠠᠯᠠᠭᠤᠴᠤᠳ ᠤ᠋ᠨ ᠭᠡᠰᠢᠭᠦᠨ ᠨᠢᠭᠡᠨ ᠵᠣᠷᠢᠭ ᠲᠠᠢ ᠵᠠᠯᠠᠭᠤ᠂ ᠨᠢᠭᠡ ᠭᠡᠷ ᠡᠴᠡ ᠠᠮᠢᠲᠠᠨ ᠶᠣᠣᠯᠠᠬᠤ᠂ ᠬᠥᠮᠦᠨ ᠵᠠᠩᠳᠤᠷᠤᠨ ᠪᠠᠢᠴᠠᠭᠠᠬᠤ ᠴᠢᠮᠡᠭᠡ ᠰᠣᠨᠣᠰᠤᠭᠠᠳ᠂ ᠳᠣᠭᠰᠢᠨ ᠲᠦᠰᠢᠮᠡᠯ ᠦ᠋ᠨ ᠭᠣᠩᠰᠢᠶ᠎ᠠ ᠳᠠᠭᠤ ᠳᠠᠩᠴᠤ ᠲᠠᠨᠢᠬᠤ ᠮᠡᠲᠦ ᠰᠠᠨᠠᠭᠳᠠᠵᠤ᠂ ᠲᠡᠷᠡ ᠬᠠᠪᠢ ᠶ᠋ᠢᠨ ᠭᠡᠯᠮᠡᠭᠳᠡᠭᠰᠡᠨ ᠯᠠᠮᠠ ᠨᠠᠷ ᠤ᠋ᠨ ᠢᠳᠬᠠᠨ ᠬᠣᠷᠢᠪᠠᠴᠤ᠂ ᠪᠢ ᠰᠠᠮ ᠣᠴᠢᠵᠤ ᠦᠵᠡᠭᠡᠳ ᠢᠷᠡᠶ᠎ᠡ ᠭᠡᠵᠦ ᠲᠡᠷᠡ ᠭᠡᠷ ᠦ᠋ᠨ ᠲᠣᠲᠣᠭᠣᠨ ᠳᠡᠭᠡᠭᠦᠷ ᠰᠠᠮ ᠱᠠᠭᠠᠢᠵᠤ ᠦᠵᠡᠪᠡᠯ᠂ ᠥᠨᠥᠬᠢ ᠪᠠᠢᠴᠠᠭᠠᠵᠤ ᠪᠠᠢᠭ᠎ᠠ ᠲᠦᠰᠢᠮᠡᠯ ᠨᠢ ᠭᠠᠷᠴᠠᠭ᠎ᠠ ᠦᠭᠡᠢ ᠵᠠᠮᠰᠦ᠋ᠷᠦᠩᠵᠠᠪ ᠲᠠᠢᠵᠢ ᠪᠡᠶ᠎ᠡ ᠪᠡᠷ ᠢ᠋ᠶ᠋ᠡᠨ ᠮᠥᠨ ᠭᠡᠨ᠎ᠡ ᠳᠡ᠃ ᠲᠡᠷᠡ ᠵᠢᠯ ᠪᠠᠷᠣᠨ ᠤ᠋ ᠴᠡᠷᠢᠭ ᠲᠦ᠍ ᠳᠠᠸᠠ ᠶ᠋ᠢ ᠳᠠᠢᠴᠢᠯᠠᠬᠤ ᠭᠡᠬᠦ ᠳ᠋ᠦ᠍ᠨᠢ( ᠳ᠋ᠦ᠍ ᠨᠢ)᠂ ᠠᠷᠠᠢ ᠴᠤᠤ ᠭᠡᠵᠦ ᠤᠷᠭᠤᠵᠤ ᠠᠮᠢ ᠪᠤᠯᠲᠠᠭᠰᠠᠨ ᠲᠤᠯᠠ ᠳᠠᠸᠠ ᠲᠡᠷᠡ ᠵᠠᠮᠰᠦ᠋ᠷᠦᠩᠵᠠᠪ ᠢ᠋ ᠬᠠᠷᠠᠮᠠᠭᠴᠠ ᠲᠠᠨᠢᠵᠠᠢ᠃ ᠲᠡᠭᠡᠭᠡᠳ᠂ ᠶᠠᠭᠠᠷᠠᠨ ᠨᠥᠬᠥᠳ ᠳᠡᠭᠡᠷ᠎ᠡ ᠪᠡᠨ ᠡᠷᠭᠢᠵᠦ ᠢᠷᠡᠭᠡᠳ᠂ ᠲᠡᠷᠡ ᠲᠠᠢᠵᠢ ᠶ᠋ᠢ ᠡᠷᠡᠭᠦᠦ ᠰᠢᠭᠦᠯᠲᠡ ᠲᠤᠯᠭᠠᠵᠤ᠂ ᠬᠥᠮᠦᠨ ᠢ᠋ ᠭᠠᠯ ᠳ᠋ᠤ᠌ ᠰᠢᠷᠠᠵᠤ᠂ ᠨᠢᠭᠡᠨ ᠡᠪᠦᠭᠡᠨ ᠭᠡᠯᠦᠩ ᠬᠢᠯᠢᠰ ᠶᠠᠯ᠎ᠠ ᠬᠦᠯᠢᠶᠡᠵᠦ ᠴᠢᠳᠠᠬᠤ ᠦᠭᠡᠢ᠂ ᠨᠠᠮᠠᠶ᠋ᠢ (ᠨᠠᠮ᠎ᠠ ᠶ᠋ᠢ) ᠰᠤᠯᠠᠯᠠᠨ ᠳᠡᠯᠪᠢ᠂ ᠰᠤᠯᠠᠯᠠᠨ ᠳᠡᠯᠪᠢ ᠭᠡᠵᠦ ᠪᠠᠷᠬᠢᠷᠠᠵᠤ ᠪᠠᠢᠭ᠎ᠠ ᠶ᠋ᠢ ᠶᠠᠷᠢᠪᠠ᠃
ᠵᠢᠩᠴᠢᠨ ᠦ᠌ ᠪᠠᠭᠤᠭᠰᠠᠨ ᠲᠡᠷᠡ ᠬᠠᠰᠢᠶᠠᠨ ᠤ᠋ ᠡᠵᠡᠨ ᠡᠪᠦᠭᠡᠨ᠂ ᠥᠨᠥᠬᠢ ᠲᠣᠭᠰᠢᠨ ᠲᠦᠰᠢᠮᠡᠯ ᠢ᠋ ᠪᠠᠷᠣᠨ ᠤ᠋ ᠴᠡᠷᠢᠭ ᠲᠦ᠍ ᠶᠠᠪᠤᠵᠤ ᠶᠠᠪᠤᠭᠰᠠᠨ ᠬᠠᠷᠭᠢᠰ ᠲᠦᠰᠢᠮᠡᠯ ᠮᠥᠨ ᠭᠡᠭᠴᠢ ᠶ᠋ᠢ ᠣᠯᠵᠤ ᠰᠣᠨᠣᠰᠤᠮᠠᠭᠴᠠ᠂ ᠵᠠᠮᠰᠦ᠋ᠷᠦᠩᠵᠠᠪ ᠲᠠᠢᠵᠢ ᠳ᠋ᠤ᠌ ᠲᠠᠮᠤᠯᠠᠭᠤᠯᠵᠤ ᠪᠠᠢᠭ᠎ᠠ ᠲᠡᠷᠡ ᠬᠣᠶᠠᠷ ᠶᠠᠳᠠᠭᠤ ᠡᠪᠦᠭᠡᠨ ᠢ᠋ ᠰᠤᠯᠠᠯᠠᠨ ᠲᠠᠯᠪᠢᠭᠤᠯᠬᠤ ᠲᠠᠯ᠎ᠠ ᠪᠠᠷ ᠠᠷᠭ᠎ᠠ ᠲᠤᠰᠠ ᠶᠠᠭᠤ ᠪᠠᠢᠨ᠎ᠠ ᠭᠡᠵᠦ ᠭᠤᠶᠤᠭᠠᠳ᠂ ᠵᠠᠰᠠᠭ ᠤ᠋ᠨ ᠭᠠᠵᠠᠷ ᠤ᠋ᠨ ᠲᠥᠯᠥᠭᠡᠯᠡᠭᠴᠢ᠂ ᠬᠣᠰᠢᠭᠤ ᠲᠠᠮᠠᠭ᠎ᠠ ᠶ᠋ᠢᠨ ᠭᠠᠵᠠᠷ᠂ ᠡᠨᠳᠡ ᠡᠴᠡ ᠨᠢᠭᠡ ᠥᠷᠲᠡᠭᠡ ᠬᠢᠷᠢ ᠲᠡᠢ ᠭᠠᠵᠠᠷ ᠬᠦᠷᠴᠦ ᠢᠷᠡᠭᠡᠳ ᠪᠠᠢᠭ᠎ᠠ᠃ ᠯᠠᠮᠠ ᠨᠠᠷ ᠣᠴᠢᠵᠤ ᠤᠴᠢᠷ ᠢ᠋ ᠭᠠᠷᠭᠠᠬᠤ ᠭᠡᠳ ᠵᠢᠷᠦᠬᠡ ᠬᠦᠷᠦᠭᠰᠡᠨ ᠦᠭᠡᠢ᠃ ᠲᠡᠷᠡ ᠲᠣᠭᠰᠢᠨ ᠵᠠᠮᠰᠦ᠋ᠷᠦᠩᠵᠠᠪ ᠲᠦᠰᠢᠮᠡᠯ᠂ ᠨᠢᠭᠡ ᠵᠢᠷᠤᠭ ᠲᠠᠰᠤ ᠲᠠᠲᠠᠭᠰᠠᠨ ᠬᠡᠷᠡᠭ ᠲᠦ᠍ ᠬᠥᠮᠦᠨ ᠢ᠋ ᠰᠢᠷᠠᠨ ᠰᠢᠭᠦᠵᠦ ᠪᠠᠢᠭ᠎ᠠ ᠶ᠋ᠢ ᠦᠵᠡᠪᠡᠯ᠂ ᠲᠡᠭᠦᠨ ᠢ᠋ ᠵᠠᠭᠠᠯᠳᠤᠵᠤ ᠬᠡᠷᠡᠭ ᠮᠡᠳᠡᠭᠦᠯᠦᠭᠰᠡᠨ ᠬᠥᠮᠦᠨ ᠢ᠋ ᠪᠦᠷ ᠴᠦ᠍ ᠰᠦᠢᠳ ᠪᠣᠯᠭᠠᠬᠤ ᠶᠤᠮ ᠪᠠᠢᠯ ᠦᠭᠡᠢ ᠳᠡ ᠭᠡᠵᠦ ᠪᠡᠷᠬᠡᠰᠢᠶᠡᠭᠰᠡᠨ ᠢ᠋ ᠬᠡᠯᠡᠵᠡᠢ᠃
ᠡᠪᠯᠡᠯ ᠦ᠋ᠨ ᠭᠡᠰᠢᠭᠦᠨ ᠳᠠᠸᠠ᠂ ᠲᠡᠭᠦᠨ ᠢ᠋ ᠰᠣᠨᠣᠰᠤᠭᠠᠳ᠂ ᠠᠯᠢ ᠲᠠᠨᠠᠷ( ᠲᠠ ᠨᠠᠷ)᠂ ᠨᠠᠳᠠᠳᠤ (ᠨᠠᠳᠠ ᠳ᠋ᠤ᠌) ᠰᠠᠢᠨ ᠮᠣᠷᠢ ᠣᠯᠵᠤ ᠥᠭ᠃ ᠪᠢ ᠨᠢᠰᠦᠭᠡᠳ ᠢᠷᠡᠶ᠎ᠡ᠃ ᠠᠷᠠᠳ ᠤ᠋ᠨ ᠬᠠᠷ᠎ᠠ ᠳᠠᠢᠰᠤᠨ ᠢ᠋ ᠢᠩᠭᠢᠵᠦ ᠣᠯᠠᠨ ᠤ᠋ ᠰᠠᠨᠠᠭ᠎ᠠ ᠰᠡᠳᠬᠢᠯ ᠢ᠋ ᠠᠯᠳᠠᠭᠳᠠᠭᠤᠯᠵᠤ᠂ ᠮᠠᠨ ᠤ᠋ ᠭᠡᠭᠡᠨ ᠵᠠᠰᠠᠭ ᠤ᠋ᠨ ᠪᠣᠳᠣᠯᠭ᠎ᠠ ᠶ᠋ᠢ ᠭᠤᠢᠪᠢᠭᠤᠯᠵᠤ ᠪᠠᠢᠬᠤ ᠳ᠋ᠤ᠌᠂ ᠮᠢᠨᠦ ᠰᠡᠳᠬᠢᠯ ᠲᠦᠪᠳᠡᠬᠦ ᠦᠭᠡᠢ ᠪᠠᠢᠨ᠎ᠠ ᠭᠡᠵᠡᠢ᠃ ᠲᠡᠭᠡᠬᠦ ᠳ᠋ᠦ᠍ᠨᠢ( ᠳ᠋ᠦ᠍ ᠨᠢ) ᠡᠳᠦᠷ ᠲᠦ᠍ ᠮᠢᠩᠭᠠᠨ ᠤ᠋ ᠭᠠᠵᠠᠷ ᠳᠠᠪᠬᠢᠬᠤ ᠯᠤᠤ ᠰᠢᠭ᠋ ᠰᠦᠷᠡᠬᠡᠢ ᠮᠣᠷᠢ ᠣᠯᠵᠤ ᠥᠭᠴᠡᠢ᠃ ᠳᠠᠸᠠ ᠬᠦᠦ ᠤᠬᠤᠰᠬᠢᠭᠠᠳ᠂ ᠵᠠᠰᠠᠭ ᠤ᠋ᠨ ᠭᠠᠵᠠᠷ ᠤ᠋ᠨ ᠲᠥᠯᠥᠭᠡᠯᠡᠭᠴᠢ ᠶ᠋ᠢ ᠶᠠᠭ ᠮᠣᠷᠳᠠᠬᠤ ᠭᠡᠵᠦ ᠪᠠᠢᠬᠤ ᠳ᠋ᠤᠨᠢ( ᠳ᠋ᠤ᠌ ᠨᠢ) ᠬᠦᠷᠴᠦ᠂ ᠤᠴᠢᠷ ᠢ᠋ ᠵᠦᠢ ᠵᠦᠢ ᠪᠡᠷ ᠬᠡᠯᠡᠵᠦ᠂ ᠵᠠᠮᠰᠦ᠋ᠷᠦᠩᠵᠠᠪ ᠤ᠋ᠨ ᠤᠷᠢᠳᠤ ᠶ᠋ᠢᠨ ᠶᠠᠪᠤᠳᠠᠯ ᠢ᠋ ᠨᠢᠭᠡᠳ ᠨᠢᠭᠡᠨ ᠢ᠋ᠶ᠋ᠡᠷ ᠲᠣᠭᠠᠴᠢᠪᠠ᠃ ᠲᠡᠷᠡ ᠬᠣᠰᠢᠭᠤ ᠲᠠᠮᠠᠭ᠎ᠠ ᠶ᠋ᠢᠨ ᠬᠢᠨ ᠵᠠᠮᠰᠦ᠋ᠷᠦᠩᠵᠠᠪ ᠤ᠋ᠨ ᠤᠷᠢᠳᠤ ᠶ᠋ᠢᠨ ᠦᠵᠡᠭᠦᠯᠵᠦ ᠪᠠᠢᠭᠰᠠᠨ ᠪᠢᠴᠢᠭ ᠬᠠᠷ᠎ᠠ ᠴᠥᠮ ᠬᠤᠳᠠᠯ ᠪᠣᠯᠤᠭᠰᠠᠨ᠂ ᠪᠠᠭᠠᠲᠤᠷ ᠵᠢᠳᠬᠦᠯ ᠭᠠᠪᠢᠶ᠎ᠠ ᠪᠠᠢᠭᠤᠯᠵᠤ᠂ ᠠᠷᠠᠳ ᠤ᠋ᠨ ᠵᠢᠷᠤᠮ ᠤ᠋ᠨ ᠴᠡᠷᠢᠭ ᠡᠯᠰᠡᠭᠦᠯᠵᠦ ᠶᠠᠪᠤᠭᠰᠠᠨ ᠭᠡᠳᠡᠭ ᠨᠢ ᠴᠥᠮ ᠨᠢᠳᠦ ᠴᠢᠬᠢ ᠬᠠᠭᠤᠷᠤᠭᠰᠠᠨ ᠣᠷᠣ ᠦᠭᠡᠢ ᠬᠤᠳᠠᠯ ᠪᠣᠯᠤᠭᠰᠠᠨ ᠢ᠋ ᠰᠠᠢ᠍ᠢ( ᠰᠠᠶᠢ) ᠮᠡᠳᠡᠵᠡᠢ᠃
ᠲᠥᠯᠥᠭᠡᠯᠡᠭᠴᠢ ᠨᠢ ᠳᠠᠸᠠ ᠶ᠋ᠢᠨ ᠲᠡᠷᠡ ᠦᠭᠡ ᠶ᠋ᠢ ᠰᠣᠨᠣᠰᠤᠮᠠᠭᠴᠠ᠂ ᠲᠡᠷᠡ ᠬᠣᠶᠠᠷ ᠯᠠᠮᠠ ᠶ᠋ᠢ ᠰᠤᠯᠠᠯᠠᠵᠤ᠂ ᠵᠠᠯᠢ ᠲᠠᠢ ᠵᠠᠮᠰᠦ᠋ᠷᠦᠩᠵᠠᠪ ᠢ᠋ ᠪᠠᠷᠢᠪᠴᠢᠯᠠᠬᠤ ᠲᠤᠬᠠᠢ ᠪᠢᠴᠢᠭ ᠪᠢᠴᠢᠵᠦ᠂ ᠳᠠᠸᠠ ᠶ᠋ᠢ ᠳᠠᠭᠠᠯᠳᠤᠭᠤᠯᠤᠨ ᠲᠤᠰᠬᠠᠢ ᠡᠯᠴᠢ ᠳᠣᠪᠲᠣᠯᠭᠠᠵᠤ᠂ ᠥᠨᠥ ᠬᠣᠶᠠᠷ ᠮᠠᠭᠤ ᠡᠪᠦᠭᠡᠨ ᠢ᠋ ᠰᠤᠯᠠᠯᠠᠭᠤᠯᠤᠭᠠᠳ᠂ ᠲᠡᠳᠡᠨ ᠢ᠋ ᠭᠠᠯ ᠳ᠋ᠤ᠌ ᠰᠢᠷᠠᠵᠤ ᠪᠠᠢᠭᠰᠠᠨ ᠭᠡᠷ ᠲᠦ᠍ ᠵᠠᠮᠰᠦ᠋ᠷᠦᠩᠵᠠᠪ ᠢ᠋ ᠥᠪᠡᠷ ᠢ᠋ ᠨᠢ ᠴᠢᠩᠳᠠᠯᠠᠨ ᠬᠣᠷᠢᠭᠤᠯᠵᠠᠢ᠃ ᠡᠯᠴᠢ ᠶ᠋ᠢᠨ ᠬᠣᠢᠨ᠎ᠠ ᠠ᠋ᠴᠠ ᠵᠠᠰᠠᠭ ᠤ᠋ᠨ ᠭᠠᠵᠠᠷ ᠤ᠋ᠨ ᠲᠥᠯᠥᠭᠡᠯᠡᠭᠴᠢ ᠬᠦᠷᠴᠦ ᠢᠷᠡᠭᠡᠳ᠂ ᠵᠠᠯᠢ ᠲᠠᠢ ᠵᠠᠮᠰᠦ᠋ᠷᠦᠩᠵᠠᠪ ᠢ᠋ ᠲᠡᠷᠡ ᠵᠢᠩᠴᠢᠨ ᠨᠦ᠍ᠭᠦᠳ ᠲᠡᠢ ᠨᠢᠭᠤᠷ ᠲᠤᠯᠭᠠᠵᠤ ᠭᠡᠨ᠎ᠡ᠃ ᠵᠢᠩᠴᠢᠨ ᠨᠦ᠍ᠭᠦᠳ᠂ ᠵᠠᠮᠰᠥ᠋ᠷᠦᠩᠵᠠᠪ ᠢ᠋ ᠮᠠᠨ ᠤ᠋ ᠬᠤᠰᠢᠭᠤᠨ ᠤ᠋ ᠲᠠᠢᠵᠢ᠃ ᠮᠠᠨᠵᠤ ᠶ᠋ᠢᠨ ᠦᠶ᠎ᠡ ᠳ᠋ᠦ᠍ ᠲᠡᠭᠦᠨ ᠦ᠌ ᠠᠷᠢᠬᠢ᠂ ᠰᠠᠮᠠᠭᠤᠨ ᠶᠠᠪᠤᠳᠠᠯ ᠤ᠋ᠨ ᠥᠷᠢ ᠰᠢᠷᠢ ᠶ᠋ᠢ ᠪᠢᠳᠡ ᠦᠢᠯᠡ ᠪᠡᠨ ᠦᠵᠡᠵᠦ ᠦᠰᠦ ᠪᠡᠨ ᠲᠣᠭᠠᠯᠠᠵᠤ᠂ ᠵᠢᠯ ᠪᠦᠷᠢ ᠲᠥᠯᠥᠵᠦ ᠪᠠᠢᠭᠰᠠᠨ ᠤᠯᠤᠰ ᠠ᠋᠃ ᠠᠦ᠋ᠲ᠋ᠣᠨᠣᠮᠢ ᠶ᠋ᠢᠨ ᠦᠶᠡᠰ᠂ ᠬᠤᠳᠠᠯ ᠦᠨᠡᠨ ᠢ᠋ᠶ᠋ᠡᠷ ᠳᠡᠭᠡᠭᠦᠷ ᠳᠣᠭᠤᠤᠷ ᠭᠦᠶᠦᠵᠦ ᠬᠦᠩ ᠦ᠋ᠨ ᠵᠡᠷᠭᠡ ᠣᠯᠤᠭᠠᠳ᠂ ᠭᠠᠮᠢᠩ ᠤ᠋ᠨ ᠦᠶᠡᠰ ᠲᠦ᠍ ᠲᠡᠳᠡᠨ ᠦ᠌ ᠲᠠᠯ᠎ᠠ ᠳ᠋ᠤ᠌ ᠣᠷᠣᠵᠤ᠂ ᠪᠠᠢᠰᠠ ᠶ᠋ᠢᠨ ᠵᠡᠷᠭᠡ ᠱᠠᠩᠨᠠᠭᠤᠯᠤᠭᠠᠳ᠂ ᠪᠠᠷᠤᠨ ᠤ᠋ ᠦᠶᠡᠰ᠂ ᠰᠦᠬᠡᠪᠠᠭᠠᠲᠤᠷ᠂ ᠴᠣᠢᠪᠠᠯᠰᠠᠩ ᠤ᠋ᠨ ᠠᠷᠠᠳ ᠤ᠋ᠨ ᠵᠢᠷᠤᠮᠲᠤ ᠴᠡᠷᠢᠭ ᠢ᠋ ᠳᠠᠢᠯᠠᠬᠤ ᠪᠠᠷᠣᠨ ᠤ᠋ ᠴᠡᠷᠢᠭ ᠲᠦ᠍ ᠬᠥᠮᠦᠨ ᠢ᠋ ᠠᠯᠪᠠᠲᠠᠨ ᠲᠠᠲᠠᠬᠤ ᠭᠡᠵᠦ ᠶᠠᠪᠤᠵᠤ ᠪᠠᠢᠭᠰᠠᠨ ᠬᠠᠮᠤᠭ ᠪᠤᠵᠠᠷ ᠪᠣᠯᠠᠢ ᠶᠠᠪᠤᠳᠠᠯ ᠢ᠋ ᠨᠢ ᠨᠢᠭᠡᠳ ᠨᠢᠭᠡᠨ ᠦᠭᠡᠢ ᠢᠷᠣᠭᠠᠷ ᠠᠭᠤᠳᠠᠯᠤᠨ ᠭᠠᠷᠭᠠᠵᠠᠢ᠃ ᠲᠡᠷᠡ ᠵᠢᠩᠴᠢᠨ ᠦ᠌ ᠳᠤᠮᠳᠠ᠂ ᠤᠷᠢᠳᠤ ᠵᠠᠮᠰᠥ᠋ᠷᠦᠩᠵᠠᠪ ᠤ᠋ᠨ ᠬᠠᠮᠵᠢᠯᠭ᠎ᠠ ᠶᠠᠪᠤᠭᠰᠠᠨ ᠬᠥᠮᠦᠨ ᠪᠠᠰᠠ ᠪᠠᠢᠵᠤ᠂ ᠲᠡᠭᠦᠨ ᠦ᠌ ᠪᠤᠷᠤᠩᠬᠤᠢ ᠪᠤᠵᠠᠷ ᠢ᠋ ᠠᠨᠳᠠᠬᠤ ᠦᠭᠡᠢ ᠪᠠᠢᠵᠠᠢ᠃ ᠵᠠᠰᠠᠭ ᠤ᠋ᠨ ᠭᠠᠵᠠᠷ ᠤ᠋ᠨ ᠲᠥᠯᠥᠭᠡᠯᠡᠭᠴᠢ᠂ ᠲᠡᠷᠡ ᠪᠦᠭᠦᠳᠡ ᠶ᠋ᠢ ᠦᠭᠡ ᠦᠰᠦᠭ ᠬᠡᠭᠡᠯ ᠦᠭᠡᠢ᠂ ᠨᠢᠭᠡᠳ ᠨᠢᠭᠡᠨ ᠦᠭᠡᠢ ᠲᠡᠮᠳᠡᠭᠯᠡᠨ᠂ ᠵᠢᠩᠴᠢᠨ ᠦ᠌ ᠬᠤᠸᠠᠶᠣᠣᠷ ᠳᠠᠷᠤᠭᠤᠯᠵᠤ ᠠᠪᠤᠭᠠᠳ᠂ ᠲᠡᠷᠡ ᠬᠡᠢᠳ ᠦ᠋ᠨ ᠯᠠᠮᠠ ᠨᠠᠷ᠂ ᠮᠥᠨ ᠲᠡᠷᠡ ᠡᠳᠦᠷ ᠬᠡᠢᠳ ᠲᠦ᠍ ᠬᠦᠷᠴᠦ ᠢᠷᠡᠭᠰᠡᠨ ᠬᠠᠷᠠᠴᠤᠤᠯ ᠢ᠋ ᠬᠤᠷᠠᠯᠳᠤᠭᠤᠯᠤᠭᠠᠳ᠂ ᠡᠪᠯᠡᠯ ᠦ᠋ᠨ ᠭᠡᠰᠢᠭᠦᠨ ᠬᠥᠮᠦᠨ ᠦ᠌ ᠰᠣᠨᠣᠷ ᠰᠡᠷᠡᠮᠵᠢ ᠲᠡᠢ ᠶ᠋ᠢᠨ ᠠᠴᠢ ᠪᠠᠷ ᠠᠷᠠᠳ ᠤ᠋ᠨ ᠳᠠᠢᠰᠤᠨ ᠢ᠋ ᠢᠯᠡᠷᠡᠭᠦᠯᠦᠭᠰᠡᠨ ᠤᠴᠢᠷ ᠢ᠋ ᠲᠠᠨᠢᠭᠤᠯᠵᠠᠢ᠃ ᠲᠡᠭᠡᠭᠡᠳ ᠮᠠᠨ ᠤ᠋ ᠵᠢᠩᠴᠢᠨ ᠨᠦ᠍ᠭᠦᠳ ᠢ᠋᠂ ᠢᠯᠠᠩᠭᠤᠶ᠎ᠠ ᠡᠪᠯᠡᠯ ᠦ᠋ᠨ ᠭᠡᠰᠢᠭᠦᠨ ᠳᠠᠸᠠ ᠶ᠋ᠢ ᠣᠯᠠᠨ ᠤ᠋ ᠡᠮᠦᠨ᠎ᠡ ᠲᠠᠯᠠᠷᠬᠠᠨ ᠪᠠᠶᠠᠷ ᠬᠦᠷᠭᠡᠵᠦ ᠭᠡᠨ᠎ᠡ᠃
ᠲᠡᠷᠡ ᠭᠡᠰᠢᠭᠦᠨ ᠳᠠᠸᠠ ᠦᠨᠡᠬᠡᠷ ᠵᠣᠯᠪᠣᠭ᠎ᠠ ᠲᠠᠢ ᠵᠠᠯᠠᠭᠤ ᠰᠢᠦ᠃ ᠲᠡᠷᠡ᠂ ᠬᠤᠷᠠᠯ ᠳᠡᠭᠡᠷ᠎ᠡ ᠬᠠᠷᠢᠭᠤ ᠦᠭᠡ ᠬᠡᠯᠡᠬᠦ ᠳ᠋ᠡᠭᠡᠨ( ᠳ᠋ᠦ᠍ ᠪᠡᠨ)᠂ ᠬᠤᠪᠢᠰᠬᠠᠯᠲᠤ ᠵᠠᠯᠠᠭᠤᠴᠤᠳ ᠤ᠋ᠨ ᠭᠡᠰᠢᠭᠦᠨ ᠦ᠌ ᠬᠤᠪᠢ ᠪᠠᠷ ᠤᠯᠤᠰ ᠠᠷᠠᠳ ᠤ᠋ᠨ ᠡᠮᠦᠨ᠎ᠡ ᠰᠢᠳᠤᠷᠭᠤ ᠵᠢᠷᠤᠮ ᠢ᠋ ᠭᠦᠢᠴᠡᠳᠬᠡᠵᠦ ᠪᠠᠢᠨ᠎ᠠ ᠭᠡᠵᠦ ᠬᠡᠯᠡᠭᠡᠳ᠂ ᠠᠷᠠᠳ ᠤ᠋ᠨ ᠬᠤᠪᠢᠰᠬᠠᠯ ᠤ᠋ᠨ ᠤᠳᠤᠷᠢᠳᠤᠭᠴᠢ ᠵᠠᠩᠵᠤᠨ ᠰᠦᠬᠡᠪᠠᠭᠠᠲᠤᠷ ᠤ᠋ᠨ ᠰᠤᠷᠭᠠᠯ᠂ ᠪᠢᠳᠡᠨ ᠦ᠌ ᠠᠷᠠᠳ ᠤ᠋ᠨ ᠲᠡᠮᠡᠴᠡᠨ ᠣᠯᠵᠤ ᠠᠪᠤᠭᠰᠠᠨ ᠡᠷᠬᠡ ᠴᠢᠯᠥᠭᠡ ᠶ᠋ᠢ ᠭᠠᠳᠠᠭᠠᠳᠤ ᠶ᠋ᠢᠨ ᠡᠵᠡᠷᠬᠡᠭ ᠲᠦᠷᠢᠮᠡᠬᠡᠢ᠂ ᠳᠣᠲᠣᠭᠠᠳᠤ ᠶ᠋ᠢᠨ ᠹᠧᠣᠳᠠᠯ ᠤ᠋ᠨ ᠬᠠᠯᠳᠠᠨ ᠥᠩᠭᠡᠯᠵᠡᠬᠦ ᠡᠴᠡ ᠬᠢᠴᠢᠶᠡᠨ ᠬᠠᠮᠠᠭᠠᠯᠠᠵᠤ᠂ ᠬᠤᠪᠢᠰᠬᠠᠯ ᠢ᠋ ᠭᠦᠨᠵᠡᠭᠡᠢᠷᠡᠭᠦᠯᠬᠦ ᠶ᠋ᠢ ᠰᠤᠷᠭᠠᠨ ᠬᠡᠯᠡᠭᠰᠡᠨ ᠢ᠋ ᠳᠤᠷᠠᠳᠤᠨ᠂ ᠳᠠᠢᠰᠤᠨ ᠡᠲᠡᠭᠡᠳ ᠦ᠋ᠨ ᠡᠯᠳᠡᠪ ᠮᠠᠭᠤ ᠠᠷᠭ᠎ᠠ ᠪᠠᠭᠠᠰᠢ ᠳ᠋ᠤ᠌ ᠠᠪᠲᠠᠭᠳᠠᠬᠤ ᠦᠭᠡᠢ᠂ ᠰᠣᠨᠣᠷ ᠰᠡᠷᠡᠮᠵᠢ ᠲᠡᠢ ᠪᠠᠶ᠋ᠢᠬᠤ ᠶᠢᠨ ᠴᠢᠬᠤᠯᠠ ᠶᠢ ᠬᠡᠯᠡᠵᠡᠢ᠃
ᠮᠠᠨ ᠤ ᠬᠣᠰᠢᠭᠤᠨ ᠤ ᠵᠢᠩᠴᠢᠨ ᠡᠴᠡ ᠥᠨᠥᠳᠥᠷ ᠮᠢᠨᠦ ᠣᠯᠵᠤ ᠰᠣᠨᠣᠰᠤᠭᠰᠠᠨ ᠰᠣᠨᠢᠨ ᠡᠨᠡ ᠳ᠋ᠡ ᠭᠡᠵᠦ ᠰᠣᠨᠢᠨ ᠢ ᠶᠠᠷᠢᠵᠤ ᠭᠦᠢᠴᠡᠬᠦ ᠳᠡᠭᠡᠨ ( ᠳᠦ ᠪᠡᠨ )ᠰᠢᠷᠴᠢᠨ ᠭᠠᠩᠰᠠᠨ ᠳᠠᠭᠠᠨ ( ᠳᠤ ᠪᠠᠨ )ᠭᠠᠯᠵᠠᠭᠤ ᠤᠯᠠᠭᠠᠨ ᠲᠠᠮᠠᠬᠢ ᠪᠠᠨ ᠭᠠᠭᠴᠠ ᠨᠢᠭᠡ ᠨᠡᠷᠡᠵᠦ᠂ ᠭᠠᠩ ᠪᠣᠯᠣᠳ ᠬᠡᠲᠡ ᠪᠡᠨ ᠭᠠᠭᠴᠠ ᠨᠢᠭᠡ ᠬᠠᠪᠢᠷᠴᠤ ᠰᠠᠭᠤᠬᠤ ᠳ᠋ᠠᠭᠠᠨ( ᠳᠤ ᠪᠠᠨ)᠂ ᠣᠳᠣ ᠠᠷᠠᠳ ᠠᠮᠢᠲᠠᠨ ᠤ ᠨᠢᠳᠦ ᠨᠡᠭᠡᠭᠡᠭᠳᠡᠵᠦ᠂ ᠶᠠᠮᠠᠷ ᠴᠤ᠌ ᠬᠠᠮᠰᠣᠮ᠂ ᠵᠠᠮᠰᠦ᠋ᠷᠦᠩᠵᠠᠪ ᠨᠠᠷ ᠬᠣᠷᠢᠭ ᠬᠢᠵᠦ ᠴᠢᠳᠠᠬᠤ ᠪᠠᠨ ᠪᠠᠶ᠋ᠢᠵᠠᠢ ᠭᠡᠵᠦ ᠪᠠᠬᠠᠷᠬᠠᠨ ᠬᠡᠯᠡᠵᠡᠢ᠃
— — — —
* ᠠᠷᠭ᠎ᠠ ᠶ᠋ᠢᠨ1923—24 ᠣᠨ᠃
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠤᠢᠭᠤᠷᠵᠢᠨ·ᠣᠳᠬᠣᠨᠪᠠᠪᠠ᠂ ᠴᠤᠯᠮᠤᠨᠭᠡᠷᠡᠯ
ᠬᠢᠨᠠᠭᠴᠢ᠄ ᠣᠳᠬᠣᠨᠴᠡᠴᠡᠭ᠂ ᠲ ᠬᠦᠮᠦᠵᠢᠯᠲᠦ᠂ ᠪᠠᠯ
ᠤᠩᠰᠢᠭᠴᠢ᠄ ᠨᠠᠰᠤᠨ᠌ᠦ᠌ᠯᠵᠡᠢ
