ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠭᠤᠷᠪᠠ> Хан мунын сүүрс < доорд > – Мөнх зохиоов ᠂Дөдгөөр бодь – Хоёрдугаар бүлэг <13>
ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠭᠤᠷᠪᠠ>
ᠮᠠᠨᠤᠬᠤᠸᠠᠷ᠂ ᠠᠭᠤᠯᠠᠨᠭᠦᠦ ᠶ᠋ᠢᠨ ᠬᠤᠪᠢ ᠵᠠᠶᠠᠭ᠎ᠠ ᠶᠠᠮᠠᠷ ᠪᠣᠯᠤᠭᠰᠠᠨ ᠢ᠋ ᠶᠠᠭᠠᠬᠢᠵᠤ ᠮᠡᠳᠡᠬᠦ ᠪᠢᠯᠡ⁈ ᠠᠭᠤᠯᠠᠨᠭᠦᠦ ᠬᠣᠰᠢᠭᠤ ᠣᠪᠣᠭᠠᠨ ᠤ᠋ ᠨᠠᠢᠷ ᠲᠤ᠌ ᠮᠢᠩᠭᠠᠨ ᠤ᠋ ᠲᠡᠮᠦᠷᠳᠦ᠋ᠰᠢ ᠶ᠋ᠢ ᠬᠠᠶᠠᠵᠤ ᠦᠵᠦᠭᠦᠷᠯᠡᠭᠰᠡᠨ ᠡᠴᠡ ᠬᠥᠮᠥᠨ ᠪᠣᠯᠭᠠᠨ ᠤ᠋ ᠨᠢᠲᠤᠨ ᠳ᠋ᠤ᠌ ᠬᠠᠢᠷᠠᠯᠠᠭᠳᠠᠬᠤ ᠪᠣᠯᠣᠭᠰᠠᠨ᠃ ᠲᠡᠢᠨ ᠬᠦ᠌ ᠬᠦᠩ ᠦ᠋ᠨ ᠶᠠᠮᠤᠨ ᠠ᠋ᠴᠠ ᠠᠭᠤᠯᠡᠨᠭᠦᠦ ᠶ᠋ᠢ ᠶᠡᠬᠡᠳᠡ ᠡᠩᠬᠦᠷᠡᠢᠯᠡᠵᠦ ᠨᠣᠶᠠᠨ ᠰᠠᠩ ᠤ᠋ᠨ ᠦᠬᠡᠷ ᠦ᠋ᠨ ᠮᠣᠳᠣᠷ ᠲᠤ ᠦᠷᠬᠦᠢ ᠰᠠᠭᠤᠯᠭᠠᠳᠠᠭ ᠪᠠᠢᠯ᠎ᠠ᠃
ᠬᠠᠶᠠ ᠦᠬᠡᠷ ᠬᠣᠨᠢᠨ ᠤ᠋ ᠪᠡᠯᠴᠢᠭᠡᠷ ᠢ᠋ᠶ᠋ᠡᠷ ᠵᠣᠷᠢᠭᠤᠳᠠ ᠨᠢᠭᠡ ᠶᠠᠪᠤᠵᠤ ᠠᠭᠤᠯᠵᠠᠳᠠᠭ ᠪᠣᠯᠪᠠᠴᠤ ᠦᠯᠢᠭᠡᠷ ᠥᠪᠯᠡᠬᠦ ᠭᠣᠭᠴᠣᠭ᠎ᠠ ᠶᠡᠷᠦ ᠣᠯᠳᠠᠳᠠᠭ ᠦᠭᠡᠢ᠃
ᠮᠠᠨᠤᠬᠤᠸᠠᠷ ᠢ᠋ ᠬᠠᠷᠢᠯᠠᠬᠤ ᠬᠤᠷᠢᠮ ᠤᠨ ᠡᠳᠦᠷ ᠦᠵᠡᠵᠦ ᠪᠠᠢᠲᠠᠯ᠎ᠠ ᠣᠢᠷᠠᠳᠴᠤ ᠪᠠᠢᠯ᠎ᠠ᠃
ᠡᠪᠦᠭᠡ ᠨᠢ ᠲᠡᠭᠦᠨ ᠢ᠋ ᠴᠤᠠᠨᠪᠠᠭᠠᠲᠤᠷ ᠲᠤ ᠶᠠᠮᠠᠷ ᠨᠢᠭᠡ ᠵᠣᠯᠢᠶᠠᠨ ᠤ᠋ ᠤᠷᠤᠭ ᠲᠤ ᠠᠮᠠᠯᠳᠠᠴᠢᠬᠠᠭᠠᠳ ᠡᠷᠭᠢᠭᠡᠳ ᠠᠭᠤᠯᠠᠨᠭᠦᠤ ᠶ᠋ᠢ ᠡᠨᠡ ᠲᠡᠷᠡ ᠭᠡᠵᠦ ᠬᠠᠭᠤᠷᠴᠤ ᠭᠠᠴᠢᠬᠤ ᠶ᠋ᠢᠨ ᠤᠬᠠᠭᠠᠨ ᠢ᠋ ᠭᠠᠷᠭᠠᠬᠤ ᠳ᠋ᠤᠨᠢ ᠮᠠᠨᠤᠬᠤᠸᠠᠷ ᠡᠪᠦᠭᠡ ᠳ᠋ᠡᠭᠡᠨ ᠳᠤᠷ᠎ᠠ ᠦᠭᠡᠢᠴᠡᠬᠦ ᠪᠣᠯᠪᠠᠴᠤ ᠳᠤᠤᠭᠠᠷᠴᠤ ᠴᠢᠳᠠᠳᠠᠭ ᠦᠭᠡᠢ᠃
ᠠᠭᠤᠯᠠᠨᠭᠦᠦ᠂ ᠲᠡᠭᠦᠨ ᠦ᠌ ᠡᠪᠦᠭᠡ ᠶ᠋ᠢᠨ ᠬᠢᠨᠢ 《᠁ ᠮᠢᠩᠭᠠᠨ ᠬᠤᠰᠢᠭᠤᠨ ᠤ᠋ ᠨᠠᠭᠠᠳᠤᠮ ᠳ᠋ᠤ᠌ ᠣᠴᠢᠵᠤ ᠠᠪᠤᠷᠭᠤ ᠪᠥᠬᠡ ᠲᠡᠮᠦᠷᠳᠦ᠋ᠰᠢ ᠶ᠋ᠢ ᠬᠠᠶᠠᠵᠤ ᠪᠥᠬᠡ ᠶ᠋ᠢᠨ ᠲᠦᠷᠦᠭᠦᠦ ᠱᠠᠩ ᠠᠪᠤᠭᠠᠳ ᠢᠷᠡᠪᠡᠯ》 ᠭᠡᠰᠡᠨ ᠳ᠋ᠤᠨᠢ ᠬᠠᠭᠤᠷᠲᠠᠵᠤ ᠶᠠᠪᠤᠭᠠᠳ ᠪᠠᠷ᠎ᠠ ᠰᠤᠷᠠᠭ ᠦᠭᠡᠢ ᠪᠣᠯᠪᠠ᠃
— ᠠᠭᠤᠯᠠᠨᠬᠦᠦ ᠮᠢᠩᠭᠠᠨ ᠤ᠋ ᠪᠥᠬᠡ ᠲᠡᠮᠦᠷᠳᠦ᠋ᠰᠢ ᠳ᠋ᠦ᠍ ᠬᠢᠭᠳᠡᠴᠢᠬᠡᠯᠡ ᠁
— ᠱᠠᠭ᠎ᠠ ᠪᠠᠨ ᠬᠠᠯᠭᠠ ᠢᠰᠭᠦᠯᠦᠭᠦᠯᠵᠤ ᠬᠠᠵᠠᠭᠠᠷ ᠲᠣᠭᠤᠯᠠᠩ ᠪᠣᠯᠴᠢᠬᠠᠯ᠎ᠠ᠃
— ᠠᠭᠤᠯᠠᠨᠭᠦᠦ᠂ ᠡᠯᠳᠡᠩᠭᠡ ᠲᠡᠢ ᠠᠨᠳᠠᠭᠠᠢ ᠲᠠᠯᠪᠢᠭᠰᠠᠨ ᠮᠥᠷᠥᠢ ᠳ᠋ᠡᠭᠡᠨ ᠱᠦᠭᠦᠭᠳᠡᠭᠡᠳ ᠡᠷᠭᠢᠵᠦ ᠢᠷᠠᠨ ᠲᠡᠭᠦᠨ ᠲᠡᠢ ᠠᠭᠤᠯᠵᠠᠬᠤ ᠨᠢᠭᠤᠷ ᠦᠭᠡᠢ ᠪᠣᠯᠴᠢᠬᠠᠯ᠎ᠠ ᠁ ᠭᠡᠵᠦ ᠬᠥᠮᠥᠰ ᠶᠠᠩᠵᠤ ᠪᠠᠷ ᠶᠠᠷᠢᠨ᠎ᠠ᠃
ᠮᠠᠨᠤᠬᠤᠸᠠᠷ ᠥᠪᠡᠷ ᠦ᠋ᠨ ᠭᠡᠷ ᠪᠦᠯᠢ᠂ ᠤᠷᠤᠭ ᠬᠤᠷᠢᠮ᠂ ᠬᠤᠪᠢ ᠶᠠᠶᠠᠭᠠᠨ ᠳ᠋ᠠᠭᠠᠨ ᠭᠣᠮᠣᠷᠬᠠᠵᠤ ᠰᠥᠨᠢᠵᠢᠨ ᠣᠷᠣᠨ ᠳ᠋ᠠᠭᠠᠨ ᠣᠭᠢᠯᠠᠭᠰᠠᠭᠠᠷ ᠪᠠᠢᠵᠤ ᠨᠢᠯᠪᠤᠰᠤ ᠨᠢ ᠰᠢᠷᠭᠢᠬᠦ ᠳ᠋ᠦ᠍ ᠲᠤᠯᠪᠠ᠃ ᠰᠠᠨᠠᠭᠰᠠᠨ ᠬᠠᠢᠷᠠᠯᠠᠭᠰᠠᠨ ᠦᠶ᠎ᠡ ᠬᠤᠷᠠᠭ ᠤ᠋ᠨ ᠬᠥᠮᠦᠨ ᠳ᠋ᠡᠭᠡᠨ ᠬᠠᠢᠷ᠎ᠠ ᠳᠤᠷ᠎ᠠ ᠪᠠᠨ ᠥᠭᠴᠦ ᠪᠣᠯᠳᠠᠭ ᠦᠭᠡᠢ ᠬᠠᠷᠢᠨ ᠶᠠᠪᠤᠵᠤ ᠶᠠᠪᠤᠵᠤ ᠪᠡᠶ᠎ᠡ ᠡᠴᠡ ᠨᠢ ᠬᠣᠷᠢᠨ ᠨᠠᠰᠤ ᠠᠬ᠎ᠠ᠂ ᠠᠪᠤ ᠶ᠋ᠢᠨ ᠬᠢᠨᠢ ᠦᠶ᠎ᠡ ᠬᠤᠷᠠᠭ ᠤ᠋ᠨ ᠬᠥᠮᠦᠨ ᠳ᠋ᠦ᠍ ᠮᠣᠷᠳᠠᠬᠤ ᠭᠡᠭᠴᠢ ᠁ ᠭᠡᠵᠦ ᠪᠣᠳᠣᠬᠤ ᠠᠴᠠ ᠪᠠᠨ ᠵᠢᠷᠦᠬᠡ ᠬᠠᠯᠢᠷᠠᠨ᠎ᠠ᠃
ᠲᠡᠭᠡᠭᠡᠳ ᠠᠭᠤᠯᠠᠨᠭᠦᠦ ᠳ᠋ᠦ᠍ ᠬᠠᠢᠷᠠᠲᠠᠢ ᠪᠣᠯᠤᠭᠰᠠᠨ ᠡᠴᠡ ᠬᠤᠢᠰᠢ ᠴᠤᠬᠪᠠᠭᠠᠲᠤᠷ ᠢ᠋ ᠪᠣᠳᠣᠭᠰᠠᠭᠠᠷ ᠵᠢᠭᠰᠢᠨ᠎ᠡ᠃
ᠡᠨᠡ ᠡᠳᠦᠷ ᠲᠡᠷᠡ ᠵᠣᠷᠢᠯᠭ᠎ᠠ ᠦᠭᠡᠢ ᠶᠠᠪᠤᠨ ᠶᠠᠪᠤᠭᠰᠠᠭᠠᠷ ᠳᠥᠭᠥᠮ ᠦ᠋ᠨ ᠨᠠᠭᠤᠷ ᠤ᠋ᠨ ᠬᠥᠪᠡᠭᠡᠨ ᠳ᠋ᠦ᠍ ᠢᠷᠡᠵᠦ ᠪᠣᠳᠣᠯᠭ᠎ᠠ ᠠᠯᠳᠠᠨ᠎ᠠ᠁
ᠨᠠᠭᠤᠷ ᠤ᠋ᠨ ᠤᠰᠤ ᠮᠠᠯᠲᠠᠢᠵᠤ᠂ ᠠᠷᠴᠢᠭᠰᠠᠨ ᠲᠣᠯᠢ ᠰᠢᠭ᠋ ᠲᠤᠩᠭᠠᠯᠠᠭ᠃ ᠬᠠᠶᠠ ᠦᠨᠦᠰᠬᠦ ᠬᠣᠩᠭᠣᠷ ᠰᠠᠯᠬᠢᠨ ᠤ᠋ ᠥᠬᠦᠭᠡᠷᠳᠡᠯ ᠳ᠋ᠦ᠍ ᠨᠠᠭᠤᠷ ᠤ᠋ᠨ ᠤᠰᠤ ᠶᠠᠭ ᠯᠠ ᠰᠡᠳᠬᠢᠯ ᠤᠨ ᠢᠶᠠᠨ ᠬᠠᠢᠷᠠᠲᠦ ᠬᠥᠮᠥᠨ ᠢᠶᠡᠷ ᠢᠶᠡᠨ ᠠᠩᠬ᠎ᠠ ᠲᠡᠪᠡᠷᠢᠭᠦᠯᠦᠭᠰᠡᠨ ᠬᠡᠦᠬᠡᠨ ᠦ ᠢᠴᠢᠩᠭᠦᠢᠷᠡᠬᠦ ᠴᠢᠷᠠᠢ ᠰᠢᠭ᠋ ᠥᠯᠥ ᠮᠡᠳᠡᠭ ᠠᠷ ᠲᠠᠲᠠᠨ ᠬᠤᠨᠢᠶᠠᠷᠠᠯᠳᠤᠨᠠ᠃ ᠨᠠᠭᠤᠷ ᠤ᠋ᠨ ᠴᠡᠩᠬᠡᠷ ᠮᠡᠯᠮᠡᠢ ᠳ᠋ᠦ᠍ ᠤᠷᠠᠨ ᠬᠠᠵᠢᠨ ᠰᠢᠪᠠᠭᠤ ᠪᠣᠷᠣ ᠠᠯᠠᠭ ᠨᠤᠭᠤᠰᠤ ᠨᠤᠭᠤᠳ ᠬᠣᠣᠰ ᠬᠣᠣᠰ ᠢᠶᠠᠷ ᠢᠨᠠᠭᠰᠢᠨ ᠤᠮᠪᠠᠬᠤ ᠨᠢ ᠠᠮᠢᠳᠤᠷᠠᠯ ᠶᠠᠭᠤᠲᠠᠢ ᠰᠠᠢᠬᠠᠨ ᠴᠡᠪᠡᠷ ᠬᠠᠢᠷ᠎ᠠ ᠪᠠᠷ ᠢᠪᠢᠯᠦᠨ᠎ᠡ ᠪᠢᠯᠡ ! ᠭᠡᠬᠦ ᠰᠢᠭ ᠪᠠᠢᠯ᠎ᠠ᠃
ᠡᠨᠡ ᠪᠦᠬᠦᠨ ᠢ᠋ ᠬᠠᠷᠠᠵᠤ ᠵᠣᠭᠰᠣᠭᠰᠠᠨ ᠮᠠᠨᠤᠬᠤᠸᠠᠷ ᠤ᠋ᠨ ᠨᠢᠳᠦᠨ ᠳ᠋ᠦ᠍ ᠵᠠᠢᠷ ᠭᠦᠶᠦᠵᠦ ᠠᠮᠢᠳᠤᠷᠠᠯ ᠬᠠᠢᠷ᠎ᠠ ᠪᠠᠷ ᠢᠪᠢᠯᠳᠡᠭ ᠪᠠᠢᠭ᠎ᠠ ᠳᠤ ᠢᠪᠢᠯᠦᠭᠰᠡᠨ ᠬᠠᠢᠷ᠎ᠠ ᠶ᠋ᠢ ᠮᠢᠨᠢ ᠴᠢ ᠶᠠᠭᠠᠬᠢᠭᠠᠳ ᠲᠡᠪᠡᠷᠢᠳᠡᠭ ᠦᠭᠡᠢ ᠪᠣᠢ 》 ᠭᠡᠵᠦ ᠬᠠᠢᠷ᠎ᠠ ᠶ᠋ᠢ ᠨᠢ ᠰᠡᠮᠡᠬᠡᠷ ᠬᠡᠵᠢᠭᠡᠳᠡᠭᠰᠡᠨ ᠠᠭᠤᠯᠠᠨᠭᠦᠦ ᠶ᠋ᠢ ᠰᠠᠨᠠᠬᠤ ᠳ᠋ᠠᠭᠠᠨ ᠰᠡᠳᠭᠢᠯ ᠡᠪᠬᠡᠷᠡᠨᠠ᠃ ᠮᠠᠨᠤᠬᠤᠸᠠᠷ ᠲᠥᠬᠥᠮ ᠦ᠋ᠨ ᠨᠠᠭᠤᠷ ᠤ᠋ᠨ ᠵᠡᠭᠡᠰᠦᠨ ᠲᠣᠲᠣᠷ᠎ᠠ ᠡᠴᠡ ᠶᠠᠭᠤ ᠪᠠᠨ ᠬᠡᠭᠡᠴᠢᠬᠡᠭᠰᠡᠨ ᠰᠢᠭ ᠶᠡᠬᠡ ᠤᠳᠠᠭᠠᠨ ᠡᠷᠢᠯ ᠲᠠᠯᠪᠢᠭᠠᠳ ᠶᠠᠭᠤ ᠴᠦ᠍ ᠣᠯᠤᠭ᠎ᠠ ᠦᠭᠡᠢ᠃ ᠴᠡᠴᠡᠭ ᠨᠢ ᠵᠤᠯᠭᠠᠷᠠᠭᠰᠠᠨ ᠨᠢᠭᠡ ᠪᠤᠲᠠ ᠴᠠᠬᠢᠷᠮ᠎ᠠ ᠶᠢᠨ ᠰᠢᠷᠪᠦᠰᠦᠯᠢᠭ ᠬᠠᠲᠠᠭᠤ ᠨᠠᠪᠴᠢ ᠠ᠋ᠴᠠ ᠨᠢᠭᠡ ᠰᠢᠷᠬᠡᠭ ᠲᠠᠰᠤᠳᠠᠵᠤ 《ᠡᠷ᠎ᠡ ᠶᠢᠨ ᠰᠣᠷᠭᠣᠭ ᠦᠨᠦᠷ ᠴᠢᠨᠢ ᠡᠨᠳᠡ ᠰᠢᠩᠭᠡᠭᠰᠡᠨ ᠪᠠᠢᠭ᠎ᠠ ᠶᠠᠳᠠᠬᠤ ᠦᠭᠡᠢ ᠁ 》 ᠭᠡᠵᠦ ᠴᠠᠬᠢᠷᠮ᠎ᠠ ᠶᠢᠨ ᠨᠠᠪᠴᠢ ᠶ᠋ᠢ ᠦᠨᠦᠰᠦᠩᠭᠡᠨ ᠬᠠᠯᠢᠰᠤᠯᠠᠭᠰᠠᠨ ᠰᠣᠩᠭᠢᠨ᠎ᠠ ᠰᠢᠭ᠋ ᠨᠠᠷᠢᠬᠠᠨ ᠤᠷᠲᠤ ᠬᠤᠷᠤᠭᠤ ᠪᠠᠨ ᠣᠷᠢᠶᠠᠵᠤ ᠨᠠᠭᠤᠷ ᠤᠨ ᠬᠥᠪᠡᠭᠡ ᠪᠠᠷ ᠵᠣᠷᠢᠯᠭ᠎ᠠ ᠦᠭᠡᠢ ᠬᠡᠶᠤᠷᠠᠵᠤ ᠶᠠᠪᠣᠲᠠᠯᠠ ᠭᠡᠨᠡᠳᠲᠡ ᠬᠠᠮᠢᠭ᠎ᠠ ᠠᠴᠠ ᠨᠢ ᠶᠦᠮ ᠪᠤᠤ ᠮᠡᠳᠡ᠂
— ᠮᠠᠨᠤᠨ ᠠ᠋! ᠭᠡᠬᠦ ᠶᠠᠭᠠᠬᠢᠬᠤ ᠠᠷᠭ᠎ᠠ ᠦᠭᠡᠢ ᠲᠠᠨᠢᠯ ᠳᠠᠰᠤᠯ ᠡᠷ᠎ᠡ ᠬᠣᠩᠭᠣᠷ ᠳᠠᠭᠤᠨ ᠰᠣᠨᠤᠰᠳᠠᠪᠠ᠃ ᠮᠠᠨᠤᠬᠤᠸᠠᠷ ᠴᠢᠬᠢ ᠪᠡᠨ ᠢᠲᠡᠭᠡᠵᠤ ᠶᠠᠳᠠᠨ ᠲᠡᠷᠡ ᠵᠦᠭ ᠰᠢᠷᠲᠡᠭᠰᠡᠨ ᠳ᠋ᠦ᠍ ᠵᠡᠭᠡᠰᠦᠨ ᠦ᠌ ᠴᠠᠭᠠᠨ᠎ᠠ ᠡᠴᠡ ᠠᠭᠤᠯᠠᠨᠬᠦᠦ ᠠᠢᠰᠤᠢ᠃ ᠬᠡᠩᠬᠦᠯᠵᠡᠨ ᠠᠯᠬᠤᠬᠤ ᠠᠭᠤᠯᠠᠨᠬᠦᠦ ᠶ᠋ᠢ ᠬᠠᠷᠠᠭᠠᠳ ᠮᠠᠨᠤᠬᠤᠸᠠᠷ 《ᠠᠠᠭᠤᠠᠯᠡᠭᠦᠦ⁈》 ᠭᠡᠵᠦ ᠰᠡᠮᠬᠡᠨ ᠳᠦᠳᠤᠨᠡᠵᠤ ᠨᠢᠳᠦ ᠪᠡᠨ ᠢᠳᠡᠭᠡᠬᠦ ᠦᠭᠡᠢ 《ᠪᠢ ᠴᠢᠨᠢ ᠵᠡᠭᠡᠰᠦᠨ ᠲᠣᠲᠣᠷ᠎ᠠ ᠡᠴᠡ ᠶᠠᠭᠤ ᠣᠯᠤᠭᠠᠳ ᠬᠠᠷᠠᠴᠢᠬᠠᠪᠠ ?》 ᠭᠡᠵᠦ ᠪᠣᠳᠣᠨ ᠠᠭᠱᠠᠨ ᠵᠠᠭᠤᠷ᠎ᠠ ᠶᠠᠭᠠᠬᠢᠵᠤ ᠡᠢᠬᠦ ᠪᠡᠨ ᠣᠯᠬᠤ ᠦᠭᠡᠢ ᠲᠦᠭᠳᠡᠷᠠᠪᠠ᠃
— ᠮᠠᠨᠤᠨ ᠠ᠋᠂ ᠴᠢ ᠠᠳᠠ ᠶᠠᠭᠤ ᠬᠢᠬᠦ ᠪᠡᠷ ᠢᠷᠡᠪᠡ? ᠭᠡᠵᠦ ᠠᠭᠤᠯᠠᠨᠬᠦᠦ ᠲᠡᠭᠦᠨ ᠢ ᠴᠢᠭᠯᠡᠨ ᠢᠷᠡᠭᠰᠡᠨ ᠳ᠋ᠦ᠍ ᠮᠠᠨᠤᠬᠤᠸᠠᠷ᠄
— ᠠᠭᠤᠯᠠᠨᠭᠦᠦ ᠠ᠋! ᠭᠡᠳ ᠲᠡᠭᠦᠨ ᠵᠦᠭ ᠡᠵᠢ ᠪᠡᠨ ᠲᠤᠰᠤᠭᠰᠠᠨ ᠬᠡᠦᠬᠡᠳ ᠰᠢᠭ ᠦᠰᠦᠷᠬᠢᠯᠡᠨ ᠭᠦᠶᠦᠪᠡ᠃ ᠲᠡᠷᠡ ᠳᠣᠣᠷ᠎ᠠ ᠪᠠᠨ ᠠᠭᠤᠯᠠᠨᠭᠦᠦ ᠶ᠋ᠢᠨ ᠬᠦᠵᠦᠭᠦᠨ ᠡᠴᠡ ᠨᠢ ᠲᠡᠪᠡᠷᠢᠭᠡᠳ ᠠᠪᠬᠤ ᠭᠡᠵᠦ ᠬᠥᠭᠡᠷᠦᠨ ᠭᠦᠶᠦᠭᠰᠡᠨ ᠮᠠᠨᠤᠬᠤᠸᠠᠷ ᠠᠯᠬᠤᠮ ᠵᠠᠢᠲᠠᠢ ᠬᠦᠷᠴᠦ ᠣᠴᠢᠴᠢᠬᠠᠭᠠᠳ ᠲᠡᠭᠡᠵᠦ ᠴᠢᠳᠠᠭᠰᠠᠨ ᠦᠭᠡᠢ ᠴᠢᠷᠠᠢ ᠨᠢ ᠴᠢᠰ ᠤᠯᠠᠢᠨ ᠢᠴᠢᠩᠭᠦᠷᠡᠨ ᠵᠣᠭᠰᠣᠪᠠ᠃ ᠠᠭᠤᠯᠠᠨᠬᠦᠦ ᠴᠦ᠍ ᠬᠡᠦᠬᠡᠳ ᠰᠢᠭ ᠠᠯᠢᠶᠠᠯᠠᠵᠤ ᠥᠭᠡᠳᠡ ᠡᠴᠡ ᠨᠢ ᠭᠦᠶᠦᠭᠡᠳ ᠢᠷᠡᠬᠦᠯᠡᠷ ᠶᠠᠭᠵᠠᠢᠲᠠᠯᠠ ᠲᠡᠪᠡᠷᠢᠵᠦ ᠠᠪᠤᠭᠠᠳ ᠦᠭᠦᠭᠡᠷᠲᠡᠨ ᠦᠨᠦᠰᠬᠦ ᠶᠤᠮᠰᠠᠨ ᠭᠡᠵᠦ ᠪᠣᠳᠣᠭᠰᠠᠨ ᠪᠣᠯᠪᠠᠴᠤ ᠶᠠᠭ ᠡᠮᠦᠨ᠎ᠡ ᠨᠢ ᠲᠤᠯᠵᠤ ᠢᠷᠡᠬᠦᠯᠡᠷ ᠬᠠᠷᠢᠨ ᠲᠡᠭᠡᠵᠦ ᠴᠢᠳᠠᠭᠰᠠᠨ ᠦᠭᠡᠢ᠃
ᠮᠠᠨᠤᠬᠤᠸᠠᠷ ᠤᠷᠲᠤ ᠬᠠᠷ᠎ᠠ ᠭᠡᠵᠢᠭᠡᠨ ᠦ᠌ ᠪᠡᠨ ᠦᠵᠦᠭᠦᠷ ᠢ ᠠᠮᠠᠨ ᠳ᠋ᠠᠭᠠᠨ ᠡᠮᠬᠦᠵᠦ ᠠᠷᠭ᠎ᠠ ᠠᠭᠠᠰᠢ ᠨᠢ ᠠᠯᠳᠠᠷᠠᠨ ᠳᠡᠮᠡᠢ ᠦᠭᠡ ᠦᠬᠡᠢ ᠳᠣᠷᠤᠭᠰᠢ ᠬᠠᠷᠠᠨ᠎ᠠ᠃ ᠠᠭᠤᠯᠠᠨᠭᠦᠤ ᠲᠡᠭᠦᠨ ᠦ᠌ ᠭᠦ᠋ ᠬᠠᠷ᠎ᠠ ᠭᠡᠵᠢᠭᠡ ᠶ᠋ᠢ ᠥᠬᠥᠭᠡᠷᠳᠡᠨ ᠦᠨᠦᠰᠴᠦ᠄
— ᠮᠠᠨᠤᠨ ᠠ᠋᠂ ᠪᠢᠳᠠ ᠬᠣᠶᠠᠷ ᠬᠤᠪᠢ ᠵᠠᠶᠠᠭ᠎ᠠ ᠪᠠᠷᠢᠯᠳᠤᠬᠤ ᠢᠷᠦᠭᠡᠯ ᠲᠠᠪᠢᠯᠠᠩ ᠪᠠᠢᠬᠤ ᠦᠭᠡᠢ ᠶᠤᠮ ᠪᠠᠢᠨ᠎ᠠ᠁ ᠭᠡᠪᠡ᠃
— ᠶᠠᠭᠠᠬᠢᠭᠠᠳ ᠭᠡᠵᠦ ᠮᠠᠨᠤᠬᠤᠸᠠᠷ ᠠᠭᠤᠯᠠᠨᠭᠦᠦ ᠶ᠋ᠢ ᠤᠳᠠᠲᠠᠯ᠎ᠠ ᠰᠢᠷᠲᠡᠵᠦ ᠵᠣᠭᠰᠣᠭᠰᠠᠨ ᠢ᠋ᠶ᠋ᠠᠨ ᠭᠡᠨᠡᠳᠲᠡ ᠲᠡᠭᠦᠨ ᠦ᠌ ᠡᠪᠦᠷ ᠲᠦ᠍ ᠨᠠᠭᠠᠯᠳᠤᠨ ᠤᠬᠢᠯᠠᠪᠠ᠃
— ᠮᠢᠩᠭᠠᠨ ᠤ᠋ ᠪᠥᠬᠡ ᠲᠡᠮᠦᠷᠳᠦ᠋ᠰᠢ ᠳ᠋ᠦ᠍ ᠱᠠᠭ᠎ᠠ ᠪᠠᠨ ᠪᠠᠯᠪᠠ ᠢᠰᠭᠦᠯᠦᠭᠦᠯᠵᠦ ᠪᠥᠬᠡ ᠶ᠋ᠢᠨ ᠲᠦᠷᠦᠭᠦᠦ ᠠᠯᠳᠠᠭᠰᠠᠨ ᠢ᠋ ᠪᠤᠤ ᠬᠡᠯᠡ᠂ ᠡᠰᠡ ᠯᠡ ᠵᠡᠮᠲᠡᠭ ᠪᠣᠯᠴᠢᠬᠠᠬᠤ ᠰᠢᠬᠠᠯ᠎ᠠ ᠁
— ᠢᠯᠡᠢ ! ᠶᠠᠮᠠᠷ ᠰᠦᠷᠡᠬᠡᠢ ᠬᠠᠷᠠᠲᠠᠢ ᠢᠰᠬᠦᠯᠪᠡ ?
— ᠪᠥᠬᠡ ᠬᠦᠮᠳ ᠨᠢᠭᠡ ᠨᠢᠭᠡᠨ ᠦ᠌ ᠪᠡᠨ ᠢᠰᠭᠦᠯᠵᠦ ᠬᠤᠰᠤᠬᠤ ᠶᠢ ᠳᠠᠭᠠᠭᠠᠠ ᠯᠠ ᠳ᠋ᠠ! ᠬᠡᠯᠡᠬᠦ ᠡᠴᠡ ᠲᠡᠮᠤᠷᠳᠤᠷᠰᠢ ᠶ᠋ᠢᠨ ᠮᠠᠭᠤ ᠤᠬᠠᠭᠠᠨ ᠳ᠋ᠤ᠌ ᠭᠡᠷᠰᠠᠤ ᠳᠤᠲᠠᠭᠤᠳᠠᠭᠰᠠᠨ ᠠ᠋ᠴᠠ ᠢᠩᠭᠢᠯ᠎ᠡ᠃
— ᠦᠭᠡᠢ ᠡᠨᠡ ᠤᠯᠤᠰ ᠤᠳ ᠶᠠᠮᠠᠷ ᠬᠠᠮᠢᠭᠠᠰᠢ ᠪᠡᠨ ᠭᠡᠭᠴᠢ ᠪᠣᠢ⁈᠃ ᠨᠠᠢᠷ ᠨᠠᠭᠠᠳᠤᠮ ᠳ᠋ᠤ᠌ ᠮᠠᠭᠤ ᠤᠬᠠᠭᠠᠨ ᠢ᠋ᠶ᠋ᠠᠷ ᠶᠠᠭᠠᠬᠢᠬᠤ ᠨᠢ ᠪᠣᠢ ? ᠭᠡᠵᠦ ᠬᠡᠯᠡᠭᠡᠳ ᠮᠠᠨᠤᠬᠤᠸᠠᠷ ᠠᠭᠤᠯᠠᠨᠬᠦᠦ ᠶ᠋ᠢ ᠵᠦ᠋ᠭᠡᠯᠠᠨ ᠰᠢᠷᠲᠡᠵᠦ 《ᠳᠡᠬᠡᠭᠡᠳ ᠴᠤᠬᠤᠮ ᠶᠠᠭᠠᠬᠢᠪᠠ?》ᠭᠡᠪᠡ᠃
— ᠣᠪᠣᠭᠠᠨ ᠤ᠋ ᠨᠠᠢᠷ ᠲᠤ ᠲᠡᠮᠦᠷᠳᠦ᠋ᠰᠢ ᠨᠠᠲᠨ ᠳ᠋ᠤ᠌ ᠬᠠᠶᠠᠭᠳᠠᠭᠰᠠᠨ ᠢ᠋ᠶ᠋ᠠᠨ 《ᠨᠢᠭᠡ ᠮᠠᠭᠤ ᠬᠡᠦᠬᠡᠳ ᠪᠥᠬᠡ ᠳ᠋ᠦ᠍ ᠡᠨᠳᠡᠯᠠ⁈》 ᠭᠡᠵᠦ ᠭᠠᠰᠠᠯᠠᠤᠨ ᠦᠰ ᠪᠣᠳᠣᠵᠤ ᠮᠢᠩᠭᠠᠨ ᠤ ᠨᠠᠢᠷ ᠲᠤ ᠬᠤᠷᠴᠠ ᠮᠡᠰᠡ ᠡᠮᠬᠦᠭᠦᠯᠵᠦ ᠤᠯᠠᠯᠠᠭᠰᠠᠨ ᠭᠤᠲᠤᠯ ᠲᠠᠢ ᠲᠦᠭᠦᠬᠡᠢ ᠪᠥᠬᠡ ᠲᠠᠢ ᠲᠠᠭᠠᠷᠠᠭᠤᠯᠵᠤ ᠨᠠᠳᠠ ᠳ᠋ᠤ᠌ ᠳᠠᠯᠳᠠᠭᠤᠷ ᠬᠠᠷ᠎ᠠ ᠬᠢᠵᠡᠢ᠃ ᠲᠡᠷᠡ ᠵᠡᠰ ᠴᠢᠳᠬᠠᠤᠮᠠᠯ ᠰᠢᠭ᠋ ᠴᠣᠯ ᠲᠦᠭᠦᠬᠡᠢ ᠪᠥᠬᠡ ᠪᠠᠷᠢᠴᠠ ᠠᠪᠬᠤ ᠶᠢ ᠮᠡᠳᠡᠬᠦ ᠦᠭᠡᠢ ᠱᠣᠩ ᠲᠣᠭᠣᠷᠢᠭᠠᠳ ᠴᠣᠪᠬᠣᠴᠢᠭᠰᠠᠨ ᠠᠭᠲᠠ ᠰᠢᠭ᠋ ᠡᠨᠳᠡ ᠲᠡᠨᠳᠡ ᠡᠴᠡ ᠦᠰᠦᠷᠬᠢᠯᠡᠵᠦ ᠢᠷᠡᠨ ᠡᠪᠦᠳᠦᠭ᠂ ᠱᠠᠭ᠎ᠠ᠂ ᠪᠣᠷᠪᠢ ᠤᠷᠤᠭᠤ ᠢᠰᠬᠦᠯᠦᠨ᠎ᠡ᠃ ᠨᠢᠭᠡ ᠮᠡᠳᠡᠬᠦ ᠳ᠋ᠦ᠍ ᠪᠠᠷᠠᠭᠤᠨ ᠥᠰᠥᠭᠡᠢ ᠡᠴᠡ ᠬᠠᠯᠠᠭᠤ ᠣᠷᠭᠢᠬᠤ ᠰᠢᠭ᠋ ᠪᠣᠯᠵᠤ ᠭᠤᠳᠤᠯ ᠤ᠋ᠨ ᠤᠯᠠ ᠬᠣᠯᠠ ᠦᠰᠦᠷᠪᠡ᠃
— ᠢᠢ᠂ ᠬᠠᠷᠠᠯ᠎ᠠ ᠳᠠ ! ᠭᠡᠵᠦ ᠮᠠᠨᠤᠬᠤᠸᠠᠷ ᠠᠭᠤᠯᠠᠨᠭᠦᠤ ᠶ᠋ᠢᠨ ᠭᠤᠲᠤᠯ ᠢ᠋ ᠬᠠᠷᠠᠵᠤ ᠥᠪᠡᠷ ᠦ᠋ᠨ ᠬᠥᠯ ᠨᠢ ᠡᠪᠡᠳᠦᠭᠰᠡᠨ ᠰᠢᠭ ᠴᠢᠷᠠᠢ ᠨᠢ ᠦᠷᠴᠢᠢᠪᠡ᠃
— ᠲᠡᠭᠡᠭᠡᠳ ᠪᠣᠷᠪᠢ ᠡᠰᠭᠡᠭᠳᠡᠵᠦ ᠱᠠᠭ᠎ᠠ ᠶ᠋ᠢᠨ ᠶᠠᠰᠤ ᠪᠢᠴᠠᠷᠠᠵᠤ᠂ ᠡᠪᠦᠳᠦᠭ ᠡᠴᠡ ᠳᠣᠷᠣᠭᠰᠢ ᠮᠡᠳᠡᠭᠡ ᠠᠯᠳᠠᠪᠠ ᠁
— ᠶᠠᠮᠠᠷ ᠬᠣᠷᠣᠲᠠᠢ ᠲᠠᠢ ᠤᠯᠤᠰ ᠪᠣᠢ? ᠢᠯᠡᠢ᠂ ᠬᠥᠭᠡᠷᠦᠬᠦᠢ ! ᠣᠳᠣ ᠲᠡᠭᠡᠭᠡᠳ ᠬᠥᠯ ᠴᠢᠨᠢ ᠭᠠᠢᠭᠤᠢ ᠤᠤ ?
— ᠬᠥᠯ ᠴᠦ᠍ ᠶᠠᠭᠠᠬᠢᠬᠤ ᠪᠣᠢ᠂ ᠭᠠᠢᠭᠤᠢ᠂ ᠭᠠᠢᠭᠤᠢ᠃ ᠬᠥᠯ ᠪᠠᠷᠲᠡᠭᠰᠠᠨ ᠤ᠋ ᠭᠤᠷᠪᠠᠳᠠᠬᠢ ᠡᠳᠦᠷ ᠵᠠᠪᠳᠤᠵᠤ ᠮᠡᠷᠭᠡᠨ ᠴᠠᠭᠠᠨ ᠯᠠᠮᠠᠬᠠᠢ ᠳᠡᠭᠡᠷ᠎ᠡ ᠣᠴᠢᠪᠠ᠃ ᠯᠠᠮᠠᠬᠠᠢ ᠣᠭᠣᠴᠢ ᠠᠷᠢᠬᠢ ᠦᠯᠢᠶᠡᠵᠦ 《ᠡᠮ ᠪᠣᠯ ᠂ ᠲᠣᠮ ᠪᠣᠯ᠂ ᠡᠨᠡ ᠬᠥᠯ ᠴᠢᠨᠢ ᠡᠳᠡᠭᠡᠷᠡᠭ ! 》ᠭᠡᠵᠦ ᠬᠡᠳᠦ ᠢᠮᠡᠷᠴᠦ ᠢᠮᠠᠷᠦᠭᠡᠳ 《 ᠵᠠ᠂ ᠣᠳᠣ ᠪᠣᠰ ! ᠴᠠᠭᠠᠰᠢ ᠪᠠᠨ ᠠᠯᠠᠬᠤᠵᠤ ᠦᠵᠡ ! 》 ᠭᠡᠬᠦ ᠪᠡᠷ ᠨᠢ ᠪᠣᠰᠤᠭᠠᠳ ᠠᠯᠬᠤᠭᠰᠠᠨ ᠴᠢᠨᠢ ᠪᠤᠯᠴᠢᠩ ᠰᠢᠷᠪᠥᠰᠥ ᠤᠷᠤᠭᠤ ᠦᠯᠦ ᠮᠡᠳᠡᠭ ᠬᠠᠯᠠᠭᠤ ᠣᠷᠭᠢᠬᠤ ᠰᠢᠳᠬᠠᠨ ᠪᠣᠯᠪᠠ᠃ ᠪᠡᠷᠲᠡᠭᠰᠡᠨ ᠬᠥᠯ ᠮᠢᠨᠢ ᠳᠡᠷᠡᠨ ᠳᠣᠣᠷ᠎ᠠ ᠪᠠᠨ ᠬᠣᠭ ᠦᠭᠡᠢ ᠡᠳᠡᠭᠡᠷᠡᠭᠰᠡᠨ ᠳ᠋ᠦ᠍ ᠪᠠᠶᠠᠷᠯᠠᠵᠤ ᠮᠡᠷᠭᠡᠨ ᠴᠠᠭᠠᠨ ᠯᠠᠮᠠᠬᠠᠢ ᠳ᠋ᠤ᠌ ᠮᠥᠷᠭᠥᠵᠦ᠂
— ᠪᠠᠭᠰᠢ ᠯᠠᠮᠠᠬᠠᠢ ᠳᠤ ᠪᠠᠶᠠᠷᠯᠠᠯ᠎ᠠ ! ᠬᠣᠵᠢᠮ ᠪᠥᠬᠡ ᠪᠠᠷᠢᠯᠳᠤᠬᠤ ᠳ᠋ᠤ᠌ ᠭᠡᠮ ᠦᠭᠡᠢ ᠪᠢᠵᠡ ? ᠭᠡᠰᠡᠨ ᠳ᠋ᠦ᠍ ᠲᠡᠷᠡ᠄
— ᠵᠠ᠂ ᠪᠣᠰ ! ᠠᠵᠢᠭ ᠦᠭᠡᠢ᠂ ᠳᠣᠯᠣᠭᠠᠨ ᠳᠣᠯᠣᠭ᠎ᠠ ᠳᠥᠴᠢ ᠶᠢᠰᠦ ᠬᠣᠨᠣᠭ ᠳᠡᠭᠡᠷ᠎ᠡ ᠪᠡᠨ ᠬᠦᠦ ᠮᠢᠨᠢ ᠲᠠᠬᠢᠭᠠᠳ ᠬᠦᠷᠦᠭᠡᠳ ᠢᠷ᠎ᠡ᠂ ᠪᠢ ᠪᠠᠰᠠ ᠣᠭᠣᠴᠢ ᠠᠷᠢᠬᠢ ᠦᠯᠢᠶᠡᠵᠦ ᠲᠣᠮᠨᠣᠵᠤ ᠥᠭᠭᠦᠶ᠎ᠡ᠂ ᠲᠡᠭᠡᠪᠡᠯ ᠰᠡᠪ ᠦᠭᠡᠢ ᠰᠠᠢᠨ ᠪᠣᠯᠴᠢᠬᠠᠬᠤ ᠶᠤᠮ ! ᠭᠡᠵᠦ ᠭᠤᠷᠪᠠᠨ ᠪᠣᠭᠣᠯᠲᠠ ᠡᠮ ᠥᠭᠪᠡ᠃ ᠲᠡᠭᠡᠭᠡᠳ ᠪᠢ ᠯᠠᠮᠠᠬᠠᠢ ᠶ᠋ᠢᠨ ᠬᠡᠯᠡᠭᠰᠡᠨ ᠢ᠋ᠶ᠋ᠠᠷ ᠵᠠᠭᠤ ᠬᠣᠨᠣᠭ ᠤ᠋ᠨ ᠴᠡᠭᠡᠷ ᠰᠠᠬᠢᠵᠤ ᠪᠡᠷᠲᠡᠭᠰᠡᠨ ᠬᠥᠯ ᠢᠶᠡᠨ ᠰᠤᠪᠢᠯᠠᠵᠤ ᠶᠠᠪᠤᠬᠤ ᠪᠠᠷ ᠨᠡᠩᠳᠡ ᠬᠢᠴᠢᠶᠡᠪᠡ᠃ ᠳᠣᠯᠣᠭᠠᠨ ᠳᠣᠯᠣᠭ᠎ᠠ ᠳᠥᠴᠢ ᠶᠢᠰᠦᠨ ᠬᠣᠨᠣᠭ ᠳᠡᠭᠡᠷ᠎ᠡ ᠪᠡᠨ ᠮᠡᠷᠭᠡᠨ ᠴᠠᠭᠠᠨ ᠯᠠᠮᠠᠬᠠᠢ ᠶᠢᠨ ᠳ᠋ᠤ᠌ ᠣᠴᠢᠭᠠᠳ ᠠᠭᠤᠯᠵᠠᠵᠤ ᠴᠢᠳᠠᠭᠰᠠᠨ ᠦᠭᠡᠢ᠃ ᠲᠡᠳᠡ ᠭᠤᠸᠠᠢ ᠶᠠᠭᠤᠮ᠎ᠠ ᠬᠣᠮᠠ ᠪᠠᠨ ᠠᠪᠤᠭᠠᠳ ᠨᠢᠭᠡ ᠲᠠᠢᠰᠢ ᠶᠠᠪᠤᠴᠢᠬᠠᠵᠠᠢ᠃ ᠰᠠᠭᠤᠳᠠᠭ ᠬᠠᠳᠠᠨ ᠬᠣᠩᠭᠢᠯ ᠨᠢ ᠡᠯᠡᠢ ᠬᠤᠯᠠᠢ᠃ ᠶᠡᠬᠡ ᠤᠳᠠᠭᠠᠨ ᠬᠥᠮᠥᠨ ᠬᠠᠷ᠎ᠠ ᠣᠷᠣᠩᠨᠠᠭᠰᠠᠨ ᠪᠠᠢᠳᠠᠯ ᠦᠭᠡᠢ ᠭᠡᠳ ᠠᠭᠤᠯᠠᠨᠬᠦᠦ ᠰᠠᠨᠠᠭ᠎ᠠ ᠠᠯᠳᠠᠪᠠ᠃
— ᠬᠠᠮᠢᠭᠠᠰᠢ ᠪᠠᠨ ᠶᠠᠪᠤᠴᠢᠬᠠᠭᠰᠠᠨ ᠪᠣᠢ?᠂ ᠢᠱᠢ᠂ ᠮᠡᠷᠭᠡᠨ ᠴᠠᠭᠠᠨ ᠯᠠᠮᠬᠠᠢ ᠪᠠᠷ ᠪᠠᠰᠠ ᠨᠢᠭᠡ ᠤᠳᠠᠭ᠎ᠠ ᠳᠣᠮ ᠬᠢᠯᠭᠡᠭᠰᠡᠨ ᠪᠣᠯ ᠤᠯᠠᠮ ᠰᠠᠢᠨ ᠪᠠᠢᠭᠰᠠᠨ᠃ ᠮᠣᠩᠭᠣᠯᠴᠤᠳ ᠨᠠᠭᠠᠳᠤᠮ ᠨᠠᠢᠷ ᠲᠤ᠌ ᠡᠷ᠎ᠡ ᠶ᠋ᠢᠨ ᠰᠠᠢᠨ ᠤᠬᠠᠭ᠎ᠠ ᠲᠠᠮᠢᠷ ᠢ᠋ᠶ᠋ᠠᠷ ᠢ᠋ᠶ᠋ᠠᠨ ᠰᠢᠯᠭᠠᠷᠠᠬᠤ ᠠ᠋ᠴᠠ ᠪᠢᠰᠢ᠂ ᠬᠠᠷᠢᠨ ᠡᠢᠮᠦ ᠰᠠᠨᠠᠭᠠᠨ ᠳ᠋ᠤ᠌ ᠦᠭᠡᠢ ᠪᠣᠯᠠᠢ ᠶᠠᠪᠤᠳᠠᠯ ᠬᠢᠨ᠎ᠡ ᠭᠡᠭᠴᠢ ᠳᠠᠩᠴᠤ ᠳᠡᠩᠳᠡᠭᠦᠦ᠃
— ᠶᠠᠰᠤ ᠬᠤᠭᠤᠷᠠᠬᠤ ᠠ᠋ᠴᠠ ᠨᠡᠷ᠎ᠡ ᠬᠤᠭᠤᠷᠠᠬᠤ ᠦᠭᠡᠢ ᠭᠡᠳᠡᠭ ᠨᠢ ᠡᠷ᠎ᠡ ᠬᠥᠮᠥᠨ ᠦ ᠭᠡᠨᠡᠨ ᠡᠮᠵᠡᠭ ᠭᠠᠵᠠᠷ ᠳᠠ! ᠲᠡᠮᠦᠷᠳᠦ᠋ᠰᠢ ᠤᠷᠠᠳ ᠤ᠋ᠨ ᠪᠠᠷᠠᠭᠤᠨ ᠬᠦᠩ ᠦ᠋ᠨ ᠪᠥᠬᠡ ᠶ᠋ᠢᠨ ᠲᠦᠷᠦᠭᠦᠦ ᠱᠠᠩ ᠵᠢᠷᠣᠭ᠎ᠠ ᠬᠠᠯᠢᠭᠤᠨ ᠢ᠋ ᠬᠥᠲᠥᠯᠦᠨ᠎ᠡ ᠭᠡᠵᠦ ᠨᠣᠭᠲᠣ ᠭᠠᠨᠵᠤᠭᠠᠯᠠᠵᠤ ᠢᠷᠡᠭᠡᠳ ᠡᠴᠦᠰ ᠲᠦ᠍ ᠨᠡᠷ᠎ᠡ ᠪᠡᠨ ᠬᠤᠭᠤᠯᠤᠨ ᠨᠤᠲᠤᠭ ᠲᠠᠭᠠᠨ ᠪᠣᠴᠠᠭᠰᠠᠨ᠃ ᠢᠴᠢᠭᠰᠡᠨ ᠬᠥᠮᠦᠨ ᠬᠥᠮᠥᠨ ᠠᠯᠠᠨ᠎ᠠ ᠭᠡᠭᠴᠢ ᠪᠡᠷ ᠲᠡᠭᠦᠨ ᠦ᠌ ᠬᠣᠷᠣ ᠠᠲᠠᠭ᠎ᠠ ᠨᠠᠳᠠ ᠳ᠋ᠤ᠌ ᠢᠩᠬᠢᠵᠦ ᠲᠣᠰᠴᠠᠢ᠃ ᠵᠠ ᠡᠨᠡ ᠴᠦ᠍ ᠶᠠᠭᠠᠬᠢᠬᠤ ᠪᠣᠢ ! ᠪᠥᠬᠡ ᠬᠥᠮᠥᠨ ᠦ ᠬᠤᠪᠢ ᠳ᠋ᠤ᠌ ᠢᠩᠭᠢᠵᠦ ᠪᠠᠢᠵᠤ ᠡᠷ᠎ᠡ ᠰᠢᠷᠪᠤᠰᠤ ᠲᠠᠮᠢᠷᠵᠢᠨ ᠡᠷᠢᠶᠠᠨ ᠬᠣᠷᠸ᠎ᠠ ᠳ᠋ᠤ᠌ ᠪᠥᠬᠡᠵᠢᠵᠦ ᠶᠠᠪᠤᠬᠤ ᠨᠢ ᠵᠦᠢ ! ᠨᠢᠭᠡ ᠭᠡᠨᠡᠳᠡᠪᠯ ᠨᠢᠭᠡ ᠤᠬᠠᠭᠠᠷᠠᠨ᠎ᠠ ᠭᠡᠳᠡᠭ ᠢ᠋ᠶ᠋ᠡᠷ ᠪᠢ ᠲᠡᠮᠦᠷᠳᠦ᠋ᠰᠢ ᠶ᠋ᠢ ᠨᠠᠳᠠ ᠬᠠᠷ᠎ᠠ ᠰᠠᠨᠠᠯ᠎ᠠ ᠭᠡᠵᠦ ᠶᠡᠷᠦ ᠬᠣᠷᠣᠰᠬᠤ ᠦᠭᠡᠢ᠃ ᠬᠠᠷᠢᠨ ᠨᠠᠳᠠ ᠬᠠᠰᠢᠷ ᠤ᠋ᠨ ᠤᠬᠠᠭ᠎ᠠ ᠲᠠᠨᠢᠭᠤᠯᠤᠭᠰᠠᠨ ᠬᠠᠲᠠᠭᠤᠬᠠᠨ ᠬᠢᠴᠢᠶᠡᠯᠯᠡᠭᠡ ᠬᠢᠪᠡ ᠭᠡᠵᠦ ᠪᠣᠳᠣᠨ᠎ᠠ᠃
— ᠠᠢ ᠳᠠ᠂ ᠡᠨᠡ ᠬᠣᠷᠸ᠎ᠠ ᠶ᠋ᠢᠨ ᠬᠠᠲᠠᠭᠤ ᠲᠣᠭᠯᠠᠭᠠᠮ᠂ ᠳᠡᠭᠡᠷ᠎ᠡ ᠡᠴᠡ ᠨᠢ ᠡᠷᠡᠴᠦᠦᠯ ᠤ᠋ᠨ ᠠᠲᠠᠭ᠎ᠠ ᠵᠢᠲᠥᠭᠡ ᠲᠡᠢ ᠮᠥᠷᠥᠢᠴᠡᠭᠡᠨ ᠳ᠋ᠦ᠍ ᠡᠮ᠎ᠡ ᠬᠥᠮᠦᠨ ᠦ᠌ ᠵᠠᠶᠠᠭ᠎ᠠ ᠨᠢᠮᠬᠡᠷᠡᠬᠦ ᠶ᠋ᠢᠨ ᠵᠣᠪᠠᠯᠠᠩ᠃ ᠳᠠᠩᠴᠤ ᠳᠡᠷᠨ ᠤᠳᠠᠭ᠎ᠠ ᠴᠢᠮᠠᠶ᠋ᠢ ᠶᠠᠪᠤᠭᠰᠠᠨ ᠤ᠋ ᠳᠠᠷᠠᠭ᠎ᠠ ᠡᠪᠥᠭᠡ ᠪᠣᠯᠤᠨ ᠭᠡᠷ ᠦ᠋ᠨ ᠬᠥᠮᠦᠰ ᠴᠣᠭᠪᠠᠭᠠᠲᠣᠷ ᠰᠸᠯᠢᠩ ᠳᠦ ᠨᠠᠮᠠᠶ᠋ᠢ ᠪᠣᠭᠲᠣᠯᠠᠵᠤ ᠥᠭᠬᠦ ᠭᠡᠵᠦ ᠶᠠᠭᠠᠷᠠᠭᠰᠠᠨ ᠨᠢ ᠨᠢᠭᠡ ᠯᠡ ᠤᠴᠢᠷ ᠲᠠᠢ ᠪᠠᠢᠵᠢ ᠳ᠋ᠨ᠃ ᠠᠭᠤᠯᠠᠨᠬᠦᠦ ᠡ ᠂ ᠴᠢ ᠪᠢᠳᠡ ᠬᠣᠶᠠᠷ ᠲᠦᠷᠭᠡᠨ ᠰᠢᠭ ᠤᠬᠠᠭᠠᠨ ᠬᠢᠬᠦ ᠦᠭᠡᠢ ᠪᠣᠯ ᠬᠤᠪᠢ ᠶᠠᠶᠠᠭᠠ ᠨᠢᠭᠡᠮᠦᠰᠦᠨ ᠪᠤᠷᠤᠭᠤ ᠪᠠᠷ ᠡᠷᠭᠢᠬᠦ ᠪᠣᠯᠤᠨ᠎ᠠ᠁
— ᠴᠠᠭᠠᠳᠤᠭᠤᠯᠠ ᠴᠢᠨᠢ ᠪᠤᠷᠤᠭᠤ ᠪᠠᠷ ᠡᠷᠭᠢᠭᠦᠯᠬᠦ ᠪᠡᠷ ᠣᠷᠤᠯᠳᠣᠵᠤ ᠪᠠᠢᠭ᠎ᠠ ᠶᠤᠮ ᠴᠢᠨᠢ ᠲᠡᠷᠡ ᠲᠠᠪᠢᠯᠠᠩ ᠠ᠋ᠴᠠ ᠮᠤᠯᠲᠤᠷᠠᠵᠤ ᠴᠢᠳᠠᠨ᠎ᠠ ᠤᠤ ᠳ᠋ᠠ ᠴᠢ ᠪᠢᠳᠡ ᠬᠣᠶᠠᠷ⁈ ᠡᠪᠦᠭᠡᠨ ᠳᠤᠰᠠᠯᠠᠭᠴᠢ ᠡᠯᠳᠡᠩᠭᠡ ᠭᠤᠸᠠᠢ ᠴᠢᠮᠠᠶ᠋ᠢ ᠨᠠᠳᠠ ᠪᠣᠭᠲᠤᠯᠠᠬᠤ ᠳᠤᠷ᠎ᠠ ᠦᠭᠡᠢ ᠳ᠋ᠠᠭᠡᠨ ᠤᠳᠠᠭ᠎ᠠ ᠪᠣᠯᠭᠠᠨ ᠤ᠋ ᠬᠠᠲᠠᠭᠤ ᠰᠢᠯᠭᠠᠯᠲᠠ ᠪᠠᠷ ᠨᠠᠮᠠᠶ᠋ᠢ ᠭᠠᠴᠢᠵᠤ ᠪᠠᠢᠭ᠎ᠠ ᠨᠢ ᠳᠡᠷᠨ᠃ ᠠᠩᠬ᠎ᠠ ᠤᠳᠠᠭ᠎ᠠ ᠪᠡᠶ᠎ᠡ ᠪᠢᠯᠳᠠᠷ ᠤ᠋ᠨ ᠥᠨᠳᠥᠷ ᠪᠣᠭᠣᠨᠢ᠂ ᠦᠰᠦ ᠭᠡᠵᠢᠭᠡᠨ ᠦ ᠶᠠᠩᠵᠦ ᠲᠥᠯᠥᠪ ᠠᠪ ᠠᠳᠠᠯᠢᠬᠠᠨ ᠶᠢᠰᠦᠨ ᠬᠡᠦᠬᠡᠨ ᠢ ᠴᠠᠭᠠᠰᠢ ᠬᠠᠷᠠᠭᠤᠯᠵᠤ ᠵᠣᠭᠰᠤᠭᠠᠴᠢᠬᠠᠭᠠᠳ ᠰᠢᠪᠠᠭ᠎ᠠ ᠰᠤᠭᠤᠯᠠᠭᠤᠯᠠᠬᠤ ᠶᠤᠮ ᠰᠢᠭ᠋ 《ᠵᠠ᠂ ᠴᠢ ᠮᠢᠨᠦ ᠠᠴᠢ ᠥᠬᠢᠨ ᠢ᠋ ᠠᠷᠤ ᠠ᠋ᠴᠠ ᠨᠢ ᠲᠠᠨᠢᠵᠤ ᠴᠢᠳᠠᠪᠠᠯ ᠲᠡᠭᠡᠭᠡᠳ ᠪᠣᠭᠲᠤᠯᠠᠵᠤ ᠠᠪᠤᠭᠠᠳ ᠶᠠᠪᠤ ! ᠬᠡᠯᠡᠬᠦ ᠶᠠᠭᠤᠮ᠎ᠠ ᠠᠯᠠᠭ᠎ᠠ! 》 ᠭᠡᠰᠡᠨ ᠶᠦᠮ᠃ ᠲᠡᠭᠡᠭᠡᠳ ᠶᠠᠭᠠᠬᠢᠪᠠ ? ᠠᠷᠤ ᠠ᠋ᠴᠠ ᠴᠢᠨᠢ ᠲᠠᠭᠠᠭᠠᠴᠢᠬᠠᠬᠤᠯᠠᠷ ᠡᠪᠦᠭᠡ ᠴᠢᠨᠢ ᠦᠭᠡ ᠪᠡᠨ ᠮᠡᠯᠵᠢᠵᠦ 《ᠮᠢᠩᠭᠠᠨ ᠬᠣᠰᠢᠭᠤᠨ ᠤ ᠨᠠᠭᠠᠳᠤᠮ ᠳᠡᠭᠡᠷ᠎ᠡ ᠪᠥᠬᠡ ᠶ᠋ᠢᠨ ᠲᠦᠷᠦᠭᠦᠦ ᠠᠪᠴᠢᠬᠠᠪᠠᠯ ᠠᠴᠢ ᠥᠬᠢᠨ ᠢ᠋ᠶ᠋ᠡᠨ ᠴᠢᠮ᠎ᠠ ᠳ᠋ᠤ᠌ ᠥᠭᠬᠦᠶ᠎ᠡ ! 》 ᠭᠡᠵᠦ ᠪᠠᠰᠠ ᠨᠢᠭᠡ ᠬᠠᠲᠠᠭᠤ ᠮᠥᠷᠥᠢ ᠨᠡᠮᠡᠵᠦ ᠥᠭᠪᠡ᠃ ᠣᠳᠣ ᠡᠪᠦᠭᠡ ᠶ᠋ᠢᠨ ᠴᠢᠨᠢ ᠲᠠᠪᠠ ᠨᠢ ᠬᠠᠨᠵᠤ ᠲᠠᠩᠨᠠᠢ ᠪᠠᠨ ᠳᠠᠭᠰᠢᠭᠰᠠᠨ ᠪᠠᠢᠯᠭᠦᠢ! ᠴᠢᠮᠠᠶ᠋ᠢ ᠲᠠᠭᠠᠯᠠᠯ ᠤᠨ ᠢᠶᠠᠨ ᠬᠥᠮᠥᠨ ᠳᠦ ᠪᠣᠭᠲᠣᠯᠠᠵᠤ ᠠᠮᠠᠷᠠᠨ᠎ᠠ ᠪᠢᠵᠡ᠃ ᠪᠢ ᠴᠦ᠍ ᠶᠠᠭᠠᠬᠢᠬᠤ ᠪᠣᠢ ᠂ ᠪᠥᠬᠡ ᠶ᠋ᠢᠨ ᠲᠦᠷᠦᠭᠦᠦ ᠪᠠᠢᠳᠤᠭᠠᠢ᠂ ᠠᠩᠬᠠᠨ ᠤ᠋ ᠨᠤᠭᠤᠯᠤᠭᠠᠨ ᠳ᠋ᠤ᠌ ᠪᠣᠷᠪᠢ᠂ ᠱᠠᠭ᠎ᠠ ᠪᠠᠨ ᠪᠠᠯᠪᠠ ᠢᠰᠬᠦᠯᠦᠭᠦᠯᠦᠭᠰᠡᠨ ᠬᠥᠮᠦᠨ ᠶᠠᠮᠠᠷ ᠨᠢᠭᠤᠷ ᠢᠶᠠᠷ ᠢᠶᠠᠨ ᠡᠪᠦᠭᠡ ᠲᠡᠢ ᠴᠢᠨᠢ ᠣᠯᠵᠤ ᠠᠭᠤᠯᠵᠠᠬᠤ ᠪᠣᠢ? ᠭᠡᠵᠦ ᠬᠡᠯᠡᠬᠦ ᠳ᠋ᠦ᠍ ᠠᠭᠤᠯᠠᠨᠬᠦᠦ ᠶᠢᠨ ᠰᠢᠨ᠎ᠡ ᠶ᠋ᠢᠨ ᠬᠢᠨᠢ ᠰᠤᠳᠠᠰᠤ ᠬᠦᠷᠪᠡᠯᠵᠡᠨᠡ᠃
— ᠲᠡᠷᠡ ᠴᠢᠨᠢ ᠪᠦᠷ ᠡᠪᠦᠭᠡ ᠶ᠋ᠢᠨ ᠵᠠᠯᠢ ! ᠡᠪᠦᠭᠡ ᠴᠢᠮᠠᠶ᠋ᠢ ᠲᠣᠭᠣᠬᠤ ᠦᠭᠡᠢ ᠳ᠋ᠡᠭᠡᠨ ᠲᠡᠭᠡᠵᠦ ᠲᠠᠬᠢᠨ ᠳᠠᠬᠢᠨ ᠭᠠᠴᠢᠯᠠᠯ ᠦᠵᠡᠭᠦᠯᠵᠦ ᠪᠠᠢᠭ᠎ᠠ ᠪᠢᠰᠢ ! ᠠᠮᠠᠨ ᠳᠡᠭᠡᠷ᠎ᠡ ᠪᠡᠨ ᠬᠡᠯᠡᠵᠦ ᠴᠢᠳᠠᠳᠠᠭ ᠦᠭᠡᠢ ᠳᠦ ᠠᠷᠭ᠎ᠠ ᠤᠬᠠᠭᠠᠨ ᠢᠶᠠᠷ ᠨᠢ ᠠᠪᠤᠭᠠᠳ ᠶᠠᠪᠤ ᠭᠡᠰᠡᠨ ᠤᠬᠠᠭᠠᠨ ᠪᠠᠢᠯᠭᠦᠢ᠃ ᠴᠠᠭᠠᠨ᠎ᠠ ᠨᠢ ᠴᠣᠭᠪᠠᠭᠠᠲᠤᠷ ᠰᠸᠯᠢᠩ ᠲᠠᠢ ᠵᠣᠯᠢᠶ᠎ᠠ ᠲᠠᠢ ᠬᠤᠳᠠ ᠤᠷᠤᠭ ᠪᠣᠯᠬᠤ ᠭᠡᠵᠦ ᠬᠤᠤᠪᠢᠯᠳᠤᠵᠤ ᠪᠠᠢᠭ᠎ᠠ ᠶ᠋ᠢ ᠶᠠᠭᠤ ᠶ᠋ᠢ ᠨᠢ ᠨᠢᠭᠤᠬᠤ ᠪᠣᠢ ! ᠬᠣᠶᠠᠭᠤᠯᠠ ᠣᠳᠣ ᠲᠦᠷᠭᠡᠬᠡᠨ ᠤᠬᠠᠭᠠᠨ ᠬᠢᠬᠦ ᠦᠭᠡᠢ ᠪᠣᠯ ᠣᠷᠣᠢᠲᠠᠨᠠ ᠁ ᠭᠡᠵᠦ ᠬᠡᠯᠡᠬᠦ ᠳ᠋ᠦ᠍ ᠮᠠᠨᠤᠬᠤᠸᠠᠷ ᠤ᠋ᠨ ᠨᠢᠯᠪᠤᠰᠤ ᠬᠡᠯᠬᠢᠶ᠎ᠡ ᠨᠢ ᠳᠠᠰᠤᠷᠠᠭᠰᠠᠨ ᠰᠤᠪᠤᠳ ᠰᠢᠭ᠋ ᠰᠤᠪᠤᠷᠠᠨ᠎ᠠ ᠁
ᠠᠭᠤᠯᠡᠨᠭᠦᠦ᠂ ᠮᠠᠨᠤᠬᠤᠸᠠᠷ ᠢ᠋ ᠡᠯᠢᠭᠡᠨ ᠳ᠋ᠡᠭᠡᠨ ᠴᠢᠩᠭ᠎ᠠ ᠲᠡᠪᠡᠷᠢᠨ 《ᠲᠡᠭᠡᠶ᠎ᠡ᠂ ᠬᠣᠶᠠᠭᠤᠯᠠ ᠨᠢᠭᠡ ᠠᠷᠭ᠎ᠠ ᠪᠣᠳᠣᠶ᠎ᠠ ! 》 ᠭᠡᠳ ᠦᠨᠦᠰᠦᠯᠳᠦᠪᠡ ᠁
ᠦᠰᠦᠭ ᠠᠮᠢᠯᠠᠭᠤᠯᠤᠭᠰᠠᠨ ᠨᠢ᠄ <ᠬᠡᠯᠡ ᠪᠢᠴᠢᠭ> ᠬᠣᠯᠪᠣᠭ᠎ᠠ
