ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠬᠣᠶᠠᠷ> Хан мунын сүүрс < доорд > – Мөнх зохиоов ᠂Дөдгөөр бодь – Хоёрдугаар бүлэг <12> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠬᠣᠶᠠᠷ> Хан мунын сүүрс < доорд > – Мөнх зохиоов ᠂Дөдгөөр бодь – Хоёрдугаар бүлэг <12>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠬᠣᠶᠠᠷ> Хан мунын сүүрс < доорд > – Мөнх зохиоов ᠂Дөдгөөр бодь – Хоёрдугаар бүлэг <12>

ᠠᠩᠭᠢᠯᠠᠯ:ᠲᠤᠭᠤᠵᠢ ᠷᠣᠮᠠᠨ
2025-05-27

197

ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠬᠣᠶᠠᠷ>


                ᠠᠷᠪᠠᠨ ᠬᠣᠶᠠᠷ      

       ᠳᠥᠭᠥᠮ ᠦ᠋ᠨ ᠨᠠᠭᠤᠷ ᠤ᠋ᠨ ᠪᠠᠷᠠᠭᠤᠨ ᠠᠯᠭᠠᠭ ᠤ᠋ᠨ ᠳᠡᠷᠡᠰᠦᠨ ᠪᠤᠯᠤᠩ ᠳ᠋ᠤ᠌ ᠠᠭᠤᠯᠠᠨᠬᠦᠦ ᠦᠬᠡᠷ ᠢ᠋ᠶ᠋ᠡᠨ ᠲᠣᠭᠲᠠᠭᠠᠵᠤ ᠬᠡᠳᠦᠨ ᠪᠤᠲᠠ ᠴᠠᠬᠢᠷᠮ᠎ᠠ ᠶ᠋ᠢᠨ ᠬᠠᠵᠠᠭᠤ ᠳ᠋ᠤ᠌ ᠲᠩᠷᠢ ᠬᠠᠷᠠᠨ ᠬᠡᠪᠲᠡᠨ᠎ᠡ᠃ ᠳᠡᠭᠡᠰᠦᠯᠡᠨ ᠨᠢᠰᠬᠦ ᠭᠠᠯᠠᠭᠤᠰ ᠤ᠋ᠨ ᠭᠠᠩᠭᠠᠷ ᠭᠤᠩᠭᠠᠷ ᠳᠠᠭᠤᠯᠠᠯᠴᠠᠨ ᠣᠳᠬᠤ ᠶ᠋ᠢ  ᠰᠢᠷᠲᠡᠭᠡᠳ ᠠᠭᠤᠯᠠᠨᠬᠦᠦ ᠶ᠋ᠢᠨ ᠰᠡᠳᠬᠢᠯ ᠨᠢᠭᠡ ᠯᠡ ᠬᠣᠭᠣᠰᠣᠷᠠᠵᠤ ᠮᠠᠨᠤᠬᠤᠸᠠᠷ ᠢ᠋ ᠦᠭᠡᠢᠯᠡᠨ᠎ᠡ᠃ 
       — ᠠᠭᠤᠯᠠᠨᠬᠦᠦ ᠠ᠋! ᠭᠡᠵᠦ ᠳᠠᠷᠠᠰᠤ ᠵᠡᠭᠡᠰᠦᠨ ᠳᠣᠲᠣᠷ᠎ᠠ ᠠ᠋ᠴᠠ ᠮᠠᠨᠤᠬᠤᠸᠠᠷ ᠤ᠋ᠨ ᠳᠠᠭᠤᠨ ᠭᠠᠷᠬᠤ ᠳ᠋ᠤ᠌ ᠲᠡᠷᠡ ᠦᠰᠦᠷᠦᠨ ᠪᠣᠰᠴᠤ ᠵᠦᠭ ᠪᠦᠬᠦᠨ ᠢ᠋ ᠠᠵᠢᠭᠯᠠᠪᠠ᠁  
       — ᠮᠥᠮᠥ ᠠ᠋!ᠪᠢ ᠡᠯᠳᠡᠩᠭᠡ ᠭᠤᠸᠠᠢ ᠶ᠋ᠢᠨ ᠳ᠋ᠦ᠍ ᠪᠡᠶ᠎ᠡ ᠪᠡᠷ ᠢ᠋ᠶ᠋ᠡᠨ ᠣᠴᠢᠬᠤ ᠤᠤ!ᠭᠡᠵᠦ ᠠᠭᠤᠯᠠᠨᠬᠦᠦ ᠬᠡᠯᠡᠭᠰᠡᠨ ᠳ᠋ᠦ᠍᠄  
       — ᠵᠠ᠂ ᠬᠦᠦ ᠮᠢᠨᠢ ᠲᠡᠭᠡᠬᠦ ᠪᠡᠨ ᠴᠦ᠍ ᠪᠣᠯᠢ! ᠡᠯᠳᠡᠩᠭᠡ ᠲᠤᠰᠠᠯᠠᠭᠴᠢ ᠶ᠋ᠢᠨ ᠠᠴᠢ ᠥᠬᠢᠨ ᠢ᠋ ᠰᠠᠨᠠᠭᠠᠷᠬᠠᠪᠠ ᠭᠡᠭᠴᠢ ᠶᠣᠰᠣᠲᠠᠢ ᠯᠠ ᠬᠤᠳᠳᠤᠭ ᠤ᠋ᠨ ᠮᠡᠯᠡᠬᠡᠢ ᠬᠤᠨ ᠰᠢᠪᠠᠭᠤᠨ ᠳ᠋ᠤ᠌ ᠭᠣᠷᠢᠯᠠᠭᠰᠠᠨ ᠶᠠᠪᠤᠳᠠᠯ᠃ ᠲᠡᠷᠡ ᠤᠯᠤᠰ ᠤ᠋ᠳ ᠴᠢᠨᠢ ᠵᠡᠷᠭᠡ ᠵᠢᠩᠰᠡ ᠴᠢᠴᠠᠤᠯᠠᠵᠤ᠂ ᠡᠭᠦᠳᠡ ᠡᠷᠦᠬᠡ ᠲᠡᠩᠴᠡᠭᠦᠯᠦᠨ᠎ᠡ᠃ ᠮᠠᠨ ᠤ᠋ ᠮᠡᠲᠦ ᠶ᠋ᠢᠨ ᠬᠠᠷᠠᠵᠤ ᠴᠠᠭᠠᠴᠢ ᠶ᠋ᠢᠨ ᠡᠭᠦᠳᠡᠨ ᠳ᠋ᠦ᠍ ᠲᠥᠷᠥᠭᠰᠡᠨ ᠬᠥᠮᠦᠨ ᠲᠡᠳᠡᠨᠦᠰ ᠲᠡᠢ ᠶᠠᠭᠠᠬᠢᠵᠤ ᠲᠡᠩᠴᠡᠬᠦ ᠪᠣᠢ!? ᠭᠡᠬᠦ ᠪᠣᠯᠪᠠᠴᠤ ᠬᠦᠦ ᠶ᠋ᠢᠨ ᠢ᠋ᠶ᠋ᠡᠨ ᠰᠠᠨᠠᠭ᠎ᠠ ᠶ᠋ᠢ ᠦᠲᠡᠭᠡᠷᠬᠡᠬᠦ ᠶ᠋ᠢ ᠦᠯᠦ ᠬᠦᠰᠡᠨ ᠰᠠᠪᠠ ᠰᠠᠭᠠᠯᠢ ᠪᠠᠵᠠᠭᠠᠵᠤ᠂ ᠡᠯᠳᠡᠩᠭᠡ ᠶ᠋ᠢᠨ ᠠᠴᠢ ᠬᠡᠦᠬᠡᠨ ᠢ᠋ ᠰᠤᠷᠠᠬᠤ ᠪᠠᠷ ᠬᠥᠨᠳᠡᠯᠡᠨ ᠦ᠌ ᠬᠥᠮᠦᠨ ᠶᠠᠪᠤᠭᠤᠯᠵᠠᠢ᠃ 
       ᠠᠭᠤᠯᠠᠨᠬᠦᠦ᠂ ᠬᠥᠨᠳᠡᠯᠡᠨ ᠦ᠌ ᠬᠥᠮᠦᠨ ᠪᠠ ᠰᠠᠪᠠ ᠲᠠᠯᠪᠢᠬᠤ ᠬᠥᠮᠦᠨ ᠭᠤᠷᠪᠠᠭᠤᠯᠠ ᠪᠣᠯᠵᠤ ᠡᠯᠳᠡᠨᠭᠡ ᠶ᠋ᠢᠨ ᠤᠶᠠᠭᠠᠨ ᠳᠡᠭᠡᠷ᠎ᠡ ᠪᠠᠭᠤᠪᠠᠯ ᠮᠠᠨᠤᠬᠤᠸᠠᠷ ᠲᠣᠰᠴᠤ ᠢᠷᠡᠭᠡᠳ ᠨᠣᠬᠠᠢ ᠬᠣᠷᠢᠵᠤ ᠵᠣᠴᠢᠨ ᠲᠠᠢ ᠪᠠᠨ ᠮᠡᠨᠳᠦ ᠮᠡᠨᠳᠦᠯᠡᠭᠡᠳ ᠠᠭᠤᠯᠠᠨᠬᠦᠦ ᠳ᠋ᠦ᠍᠄  
       — ᠡᠪᠦᠭᠡ ᠥᠨᠥᠳᠥᠷ ᠬᠡᠭᠵᠡᠭᠦᠨ ᠴᠢᠷᠠᠢ ᠲᠠᠢ ᠪᠠᠢᠨ᠎ᠠ ᠳᠠ!ᠡᠪ ᠢ ᠨᠢ ᠰᠠᠢᠬᠠᠨ ᠦᠵᠡᠭᠡᠷᠡᠢ ᠭᠡᠵᠦ ᠬᠡᠯᠡᠭᠡᠳ ᠵᠣᠴᠢᠨ ᠢ᠋ᠶ᠋ᠠᠨ ᠭᠣᠣᠯ ᠭᠡᠷ ᠤᠷᠤᠭᠤ ᠵᠠᠯᠠᠪᠠ᠃ 
       ᠱᠤᠤᠮᠠᠰᠠ ᠳᠠᠯᠢᠩ ᠡᠭᠦᠷᠦᠭᠰᠡᠨ ᠥᠨᠥᠬᠢ ᠭᠤᠷᠪᠠᠭᠤᠯᠠ ᠭᠣᠣᠯ ᠭᠡᠷ ᠦ᠋ᠨ ᠡᠭᠦᠳᠡᠨ ᠳ᠋ᠦ᠍ ᠬᠦᠷᠬᠦ ᠳ᠋ᠦ᠍ ᠳᠣᠲᠣᠷ᠎ᠠ ᠠ᠋ᠴᠠ ᠵᠠᠷᠤᠴᠠ ᠬᠡᠦᠬᠡᠨ ᠭᠠᠷᠴᠤ ᠢᠷᠡᠭᠡᠳ᠄ 
       — ᠵᠠ᠂ ᠲᠠ ᠨᠠᠷ ᠰᠠᠢᠨ ᠶᠠᠪᠤᠵᠤ ᠪᠠᠢᠨ᠎ᠠ ᠤᠤ? ᠭᠡᠵᠦ ᠥᠭᠡᠳᠡ ᠡᠴᠡ ᠨᠢ ᠠᠮᠤᠷ ᠮᠡᠨᠳᠦᠯᠡᠭᠡᠳ《ᠲᠠ ᠨᠠᠷ ᠡᠢᠰᠢ ᠪᠡᠨ! ᠬᠠᠵᠠᠭᠤ ᠶ᠋ᠢᠨ ᠭᠡᠷ ᠲᠦ᠍ ᠰᠠᠭᠠᠲᠠᠭᠠᠷᠠᠢ᠃ ᠨᠣᠶᠠᠨ ᠭᠤᠸᠠᠢ ᠡᠨᠳᠡ ᠪᠣᠢ!》 ᠭᠡᠵᠦ ᠭᠠᠷ ᠵᠠᠩᠭᠠᠨ ᠤᠷᠢᠪᠠ᠃ 
       ᠡᠯᠳᠡᠩᠭᠡ ᠬᠠᠵᠠᠭᠤ ᠶ᠋ᠢᠨ ᠭᠡᠷ ᠦ᠋ᠨ ᠬᠣᠢᠮᠣᠷ ᠲᠤ᠌ ᠤᠷᠲᠤ ᠭᠠᠩᠰᠠ ᠵᠠᠭᠤᠵᠤ ᠤᠲᠤᠭ᠎ᠠ ᠪᠠᠭᠠᠭᠢᠭᠤᠯᠤᠨ ᠰᠠᠭᠤᠵᠤ ᠪᠠᠢᠯ᠎ᠠ᠃ 
       — ᠡᠪᠦᠭᠡᠨ ᠲᠤᠰᠠᠯᠠᠭᠴᠢ ᠭᠤᠸᠠᠢ ᠶ᠋ᠢᠨ ᠪᠡᠶ᠎ᠡ ᠯᠠᠭᠱᠠᠨ ᠲᠤᠩᠭᠠᠯᠠᠭ᠂ ᠠᠮᠤᠭᠤᠯᠠᠩ ᠰᠠᠢᠨ ᠪᠠᠢᠨ᠎ᠠ ᠤᠤ? ᠭᠡᠵᠦ ᠭᠤᠷᠪᠠᠭᠤᠯᠠ ᠪᠠᠷᠤᠭ ᠵᠡᠷᠭᠡ ᠪᠡᠷ ᠡᠪᠦᠳᠦᠭ ᠰᠥᠬᠥᠷᠡᠨ ᠠᠮᠤᠷ ᠠᠢᠯᠠᠳᠬᠠᠭᠰᠠᠨ ᠳ᠋ᠤ᠌ ᠡᠯᠳᠡᠩᠭᠡ ᠮᠥᠩᠭᠥᠨ ᠲᠣᠭᠣᠭᠠᠨ ᠳ᠋ᠤ᠌ ᠭᠠᠩᠰᠠᠨ ᠤ᠋ ᠲᠣᠯᠣᠭᠠᠢ ᠪᠠᠨ ᠲᠣᠭᠰᠢᠵᠤ ᠦᠨᠡᠰᠦ ᠶ᠋ᠢ ᠨᠢ ᠭᠦᠪᠢᠭᠡᠳ ᠵᠢᠭᠠᠰᠤᠨ ᠤ᠋ ᠬᠠᠪᠢᠷᠭ᠎ᠠ ᠰᠢᠭ᠋ ᠨᠠᠷᠢᠬᠠᠨ ᠮᠥᠩᠭᠥᠨ ᠬᠡ ᠲᠡᠢ ᠰᠢᠭᠢᠴᠢᠯᠡᠭᠦᠷ ᠢ᠋ᠶ᠋ᠡᠷ ᠭᠠᠩᠰᠠᠨ ᠤ᠋ ᠪᠣᠬᠢ ᠶ᠋ᠢ ᠰᠢᠭᠢᠴᠡᠵᠦ᠄ 
       — ᠰᠠᠢᠨ᠂ ᠰᠠᠢᠨ!ᠲᠠ ᠨᠠᠷ ᠰᠠᠢᠨ ᠢᠷᠡᠪᠡ ᠤᠤ? ᠰᠠᠭᠤ᠂ ᠰᠠᠭᠤ!ᠭᠡᠵᠦ ᠬᠠᠢᠩᠭᠤᠬᠠᠨ ᠬᠠᠷᠢᠭᠤ ᠮᠡᠨᠳᠦᠯᠡᠭᠡᠳ《ᠦᠭᠡᠢ ᠲᠠ ᠨᠠᠷ ᠶᠠᠭᠤᠨ ᠤ᠋ ᠤᠯᠤᠰ ᠪᠣᠢ?》ᠭᠡᠰᠡᠨ ᠰᠢᠦᠬᠡᠨ ᠲᠣᠭᠣᠮᠰᠠᠷ ᠮᠠᠭᠤᠲᠠᠢ ᠳᠤᠤᠭᠠᠷᠪᠠ᠃ 
       ᠵᠠᠷᠤᠴᠠ ᠬᠡᠦᠬᠡᠨ ᠭᠡᠢᠴᠢᠨ ᠳ᠋ᠦ᠍ ᠴᠠᠢ ᠠᠶᠠᠭᠠᠯᠠᠵᠤ ᠪᠤᠳᠠᠭ᠎ᠠ ᠪᠣᠭᠣᠷᠰᠣᠭ ᠵᠡᠷᠭᠡ ᠢᠳᠡᠭᠡᠨ ᠣᠢᠷᠠᠲᠤᠭᠤᠯᠪᠠ᠃ 
       ᠴᠠᠢ ᠠᠮᠰᠠᠭᠰᠠᠨ ᠬᠥᠨᠳᠡᠯᠡᠨ ᠦ᠌ ᠲᠡᠷᠡ ᠬᠥᠮᠦᠨ ᠡᠯᠳᠡᠩᠭᠡ ᠶ᠋ᠢᠨ ᠬᠡᠭᠵᠡᠭᠦᠨ ᠴᠢᠷᠠᠢ ᠠ᠋ᠴᠠ ᠰᠦᠷᠳᠡᠵᠦ ᠵᠢᠷᠦᠬᠡᠰᠢᠶᠡᠭᠰᠡᠨ ᠨᠢ ᠢᠯᠡᠳᠲᠡ᠁ ᠲᠡᠷᠡ ᠪᠡᠷ ᠲᠤᠰᠠᠯᠠᠭᠴᠢ ᠨᠣᠶᠠᠨ ᠤ᠋ ᠠᠴᠢ ᠥᠬᠢᠨ ᠢ᠋ ᠰᠤᠷᠠᠬᠤ ᠪᠠᠷ ᠢᠷᠡᠭᠰᠡᠨ ᠲᠤᠬᠠᠢ ᠨᠢᠭᠡ ᠵᠠᠮ ᠪᠣᠳᠣᠵᠤ ᠡᠪᠯᠡᠭᠦᠯᠦᠭᠰᠡᠨ ᠬᠡᠳᠦᠨ ᠦᠭᠡ ᠪᠡᠨ ᠬᠡᠯᠡᠵᠦ ᠴᠢᠳᠠᠬᠤ ᠦᠭᠡᠢ ᠮᠡᠩᠳᠡᠪᠡ᠃ 
       — ᠵᠠ᠂ ᠲᠤᠰᠠᠯᠠᠭᠴᠢ ᠭᠤᠸᠠᠢ ᠠ᠋!ᠬᠠᠳᠠᠭ᠁ᠭᠡᠳ ᠬᠣᠶᠠᠷ ᠠᠯᠠᠭᠠᠨ ᠳ᠋ᠠᠭᠠᠨ ᠳᠡᠯᠭᠡᠭᠰᠡᠨ ᠬᠠᠳᠠᠭ ᠢ᠋ᠶ᠋ᠠᠨ ᠡᠯᠳᠡᠩᠭᠡ ᠳ᠋ᠦ᠍ ᠰᠢᠭᠤᠳ ᠡᠷᠭᠦᠨ ᠪᠠᠷᠢᠪᠠ᠃ 
       — ᠶᠠᠭᠤᠨ ᠤ᠋ ᠬᠠᠳᠠᠭ ᠪᠣᠢ?ᠡᠨᠡ ᠴᠢᠨᠢ? 
       — ᠠ᠂ ᠠ᠁ᠲᠤᠰᠠᠯᠠᠭᠴᠢ ᠨᠣᠶᠠᠨ ᠤ᠋ ᠠᠴᠢ ᠥᠬᠢᠨ ᠮᠠᠨᠤᠬᠤᠸᠠᠷ ᠢ ᠠᠭᠤᠯᠠᠨᠬᠦᠦ ᠳ᠋ᠦ᠍᠁ᠭᠡᠵᠦ ᠬᠡᠯᠡᠬᠦ ᠭᠡᠲᠡᠯ᠎ᠡ ᠡᠯᠳᠡᠩᠭᠡ ᠲᠣᠰᠴᠤ᠄ 
      — ᠵᠠ᠂ ᠪᠠᠢᠵᠠ! ᠰᠠᠭᠤ᠂ ᠣᠷᠣᠨ ᠳᠤ ᠪᠡᠨ ᠰᠠᠭᠤ! ᠤᠴᠢᠷ ᠰᠢᠯᠲᠠᠭᠠᠨ ᠦᠭᠡᠢ ᠲᠠᠲᠠᠭᠰᠠᠨ ᠬᠠᠳᠠᠭ ᠢ ᠪᠢ ᠶᠠᠭᠠᠬᠢᠵᠤ ᠲᠤᠰᠬᠤ ᠪᠣᠢ!ᠭᠡᠳ ᠬᠠᠳᠠᠭ ᠢ ᠲᠤᠰᠤᠭᠰᠠᠨ ᠦᠭᠡᠢ᠃ 
       ᠨᠥᠭᠦᠭᠡ ᠬᠥᠨᠳᠡᠯᠡᠨ ᠦ᠌ ᠬᠥᠮᠦᠨ ᠦ᠌ ᠴᠢᠷᠠᠢ ᠨᠢ ᠴᠢᠰ ᠤᠯᠠᠢᠵᠤ ᠬᠠᠵᠠᠭᠤᠳᠠᠬᠢ ᠰᠠᠪᠠ ᠲᠠᠯᠪᠢᠬᠤ ᠬᠥᠮᠦᠨ ᠢ᠋ ᠳᠣᠣᠭᠤᠷ ᠰᠡᠮᠡᠬᠡᠷ ᠰᠢᠷᠳᠡᠵᠦ《ᠵᠠ᠂ ᠡᠨᠡ ᠴᠦ᠍  ᠨᠢᠭᠡ ᠶᠠᠭᠤᠮ᠎ᠠ ᠪᠣᠯᠤᠭᠰᠠᠨ ᠠ᠋ !  ᠬᠠᠳᠠᠭ ᠲᠤᠰᠬᠤ ᠦᠭᠡᠢ ᠴᠢᠨᠢ ᠳᠤᠷ᠎ᠠ ᠦᠭᠡᠢ ᠭᠡᠰᠡᠨ ᠦᠭᠡ ᠰᠢᠦ!》ᠭᠡᠵᠦ ᠨᠢᠳᠦ ᠪᠡᠷ ᠢ᠋ᠶ᠋ᠡᠨ ᠬᠡᠯᠡᠭᠡᠳ ᠣᠷᠣᠨ ᠳ᠋ᠠᠭᠠᠨ ᠣᠴᠢᠵᠤ ᠬᠠᠮᠰᠢᠨ ᠰᠠᠭᠤᠪᠠ᠃  
       ᠨᠥᠭᠦᠭᠡ ᠰᠠᠪᠠ ᠲᠠᠯᠪᠢᠬᠤ ᠬᠥᠮᠦᠨ ᠬᠥᠨᠳᠡᠯᠡᠨ ᠦ᠌ ᠬᠥᠮᠦᠨ ᠦ᠌ ᠰᠠᠨᠠᠭ᠎ᠠ ᠶ᠋ᠢ ᠣᠢᠯᠠᠭᠠᠵᠤ ᠲᠠᠯᠢᠡᠩ ᠰᠠᠪᠠ ᠪᠠᠨ ᠠᠭᠤᠳᠠᠯᠤᠨ ᠴᠠᠢ ᠰᠢᠭᠦᠰᠦ᠁ ᠳᠥᠷᠪᠡᠨ ᠪᠣᠭᠣᠷᠰᠣᠭ ᠡᠨᠡ ᠲᠡᠷᠡ ᠶᠠᠭᠤᠮ᠎ᠠ ᠭᠠᠷᠭᠠᠵᠤ᠄ 
       — ᠲᠤᠰᠠᠯᠠᠭᠴᠢ ᠨᠣᠶᠠᠨ ᠠ᠋ ! ᠪᠢᠳᠡ ᠰᠠᠪᠠ ᠪᠠᠨ ᠲᠠᠯᠪᠢᠶ᠎ᠠ ! ᠲᠠ ᠨᠢᠭᠡ ᠰᠠᠪᠠ ᠁ ᠭᠡᠰᠡᠨ ᠳ᠋ᠦ᠍ ᠡᠯᠳᠡᠩᠭᠡ ᠁ ᠰᠠᠪᠠ ᠰᠠᠭᠠᠯᠢ ᠲᠠᠯᠪᠢᠬᠤ ᠬᠡᠷᠡᠭ ᠦᠭᠡᠢ᠂ ᠵᠦᠭᠡᠷ ᠲᠠ ᠨᠠᠷ ᠢᠷᠡᠭᠡᠳ᠂ ᠴᠠᠢ ᠠᠮᠰᠠᠵᠤ ᠴᠢᠷᠠᠢ ᠪᠠᠨ ᠦᠵᠡᠭᠦᠯᠦᠭᠡᠳ ᠶᠠᠪᠤᠵᠠᠭ᠎ᠠ ! ᠭᠡᠪᠡ᠃ ᠬᠥᠨᠳᠡᠯᠡᠨ ᠦ᠌ ᠬᠥᠮᠦᠨ ᠠᠭᠤᠯᠠᠨᠬᠦᠦ ᠡᠨᠡ ᠭᠤᠷᠪᠠᠭᠤᠯᠠ ᠶ᠋ᠢᠨ ᠳᠣᠲᠣᠷ᠎ᠠ ᠮᠥᠰᠥ ᠵᠠᠯᠭᠢᠭ᠌ᠰᠠᠨ ᠰᠢᠭ᠋ ᠮᠥᠯᠡᠢᠭᠡᠳ ᠶᠠᠪᠤᠴᠢᠬᠠᠪᠠ᠃  《ᠭᠡᠷ ᠲᠡᠭᠡᠨ ᠢᠷᠡᠭᠰᠡᠨ ᠭᠡᠢᠴᠢᠨ ᠦ᠌ ᠪᠡᠨ ᠭᠡᠳᠡᠰᠦ ᠶ᠋ᠢ ᠬᠠᠭᠠᠯᠠᠪᠡ ᠭᠡᠭᠴᠢ ᠡᠨᠡ ᠤᠤ ⁈ ᠡᠯᠳᠡᠩᠭᠡ ᠴᠢ ᠁ 》 ᠭᠡᠵᠦ ᠬᠡᠳᠦᠭᠦᠯᠡ ᠡᠯᠳᠡᠩᠭᠡ ᠳ᠋ᠦ᠍ ᠳᠤᠷ᠎ᠠ ᠦᠭᠡᠢᠯᠡᠨ ᠭᠠᠷᠴᠤ ᠶᠠᠪᠤᠬᠤ ᠭᠡᠬᠦ ᠳ᠋ᠦ᠍ ᠡᠯᠳᠡᠩᠭᠡ᠄ 
       — ᠠ᠂ ᠪᠠᠶᠵᠨ! ᠠᠭᠤᠯᠠᠨᠭᠦᠦ ᠴᠢ ᠰᠠᠢᠨ ᠪᠥᠬᠡ ᠪᠣᠯᠬᠤ ᠰᠢᠨᠵᠢᠲᠡᠢ ᠳ᠋ᠦ᠍ ᠪᠢ ᠴᠢᠮ᠎ᠠ ᠳ᠋ᠤ᠌ ᠬᠠᠲᠠᠭᠤᠬᠠᠨ ᠰᠢᠯᠭᠠᠯᠲᠠ ᠣᠨᠣᠭᠠᠵᠤ ᠥᠭᠭᠦᠶ᠎ᠡ ! ᠭᠡᠪᠡ᠃
       —  ᠵᠠ ᠲᠡᠭᠡᠶ᠎ᠡ ! ᠲᠤᠰᠠᠯᠬᠠᠴᠢ ᠨᠣᠶᠠᠨ ᠲᠠ ᠠᠢᠯᠠᠳᠬᠠᠨ ᠰᠣᠶᠣᠷᠬᠠᠭᠠᠴᠢ ! ᠭᠡᠵᠦ ᠡᠬᠡ ᠶ᠋ᠢᠨ ᠢ᠋ᠶ᠋ᠡᠨ ᠵᠠᠬᠢᠭᠰᠠᠨ ᠢ᠋ᠶ᠋ᠠᠷ ᠠᠭᠤᠯᠠᠨᠬᠦᠦ ᠬᠡᠯᠡᠭᠰᠡᠨ ᠳᠦ ᠡᠯᠳᠡᠩᠭᠡ᠄
       — ᠭᠤᠷᠪᠠᠨ ᠡᠳᠦᠷ ᠦ᠋ᠨ ᠳᠠᠷᠠᠭ᠎ᠠ ᠯᠤᠤ ᠴᠠᠭ ᠲᠤ᠌ ᠬᠦᠷᠦᠭᠡᠳ ᠢᠷ᠎ᠡ ! ᠪᠢ ᠠᠪ ᠠᠳᠠᠯᠢᠬᠠᠨ ᠶᠢᠰᠦᠨ ᠬᠡᠦᠬᠡᠨ ᠢ᠋ ᠴᠠᠭᠠᠰᠢ ᠬᠠᠷᠠᠭᠤᠯᠵᠤ ᠵᠣᠭᠰᠣᠭᠠᠶ᠎ᠠ ! ᠴᠢ ᠠᠷᠤ ᠠ᠋ᠴᠠ ᠨᠢ ᠬᠠᠷᠠᠭᠠᠳ ᠮᠢᠨᠦ ᠠᠴᠢ ᠥᠬᠢᠨ ᠮᠠᠨᠤᠬᠤᠸᠠᠷ ᠢ᠋ ᠲᠠᠨᠢᠭᠠᠳ ᠠᠪᠤᠪᠠᠯ ᠲᠠ ᠬᠣᠶᠠᠷ ᠢᠷᠦᠭᠡᠯ ᠲᠡᠢ ᠭᠡᠵᠦ ᠪᠣᠳᠣᠶ᠎ᠠ ! ᠡᠰᠡ ᠲᠡᠶᠮᠤ ᠪᠣᠯ ᠬᠤᠪᠢ ᠵᠠᠶᠠᠭ᠎ᠠ ᠮᠠᠭᠤ ᠳ᠋ᠠᠭᠠᠨ ᠭᠣᠮᠣᠳᠠ! ᠭᠡᠳ ᠲᠠᠰᠤ ᠬᠡᠯᠡᠭᠡᠳ ᠭᠠᠷᠴᠤ ᠶᠠᠪᠤᠪᠠ᠃  
       ᠠᠭᠤᠯᠠᠨᠬᠦᠦ ᠡᠳᠡᠨ ᠡᠯᠳᠡᠩᠭᠡ ᠶ᠋ᠢᠨ ᠳ᠋ᠦ᠍ ᠣᠴᠢᠭᠠᠭᠠᠨ ᠰᠠᠪᠠ ᠪᠠᠨ ᠴᠦ᠍ ᠲᠠᠯᠪᠢᠵᠤ ᠲᠡᠶᠯᠦᠭᠰᠠᠨ ᠦᠭᠡᠢ ᠬᠠᠳᠠᠭᠠᠰᠤ ᠮᠥᠷᠭᠥᠭᠡᠳ ᠪᠤᠴᠠᠵᠤ ᠢᠷᠡᠭᠰᠡᠨ ᠳ᠋ᠦ᠍ ᠪᠯᠠᠮᠤ᠄ 
       — ᠪᠢ ᠬᠡᠯᠡᠭᠰᠡᠨ ᠦᠭᠡᠢ ᠤᠤ! ᠡᠯᠳᠡᠩᠭᠡ ᠲᠤᠰᠠᠯᠠᠭᠴᠢ ᠲᠠᠢ ᠪᠢᠳᠡ ᠡᠷᠦᠬᠡ ᠡᠭᠦᠳᠡ ᠲᠡᠩᠴᠡᠬᠦ ᠦᠬᠡᠷ ᠶᠦᠮ ᠬᠦᠦ ᠮᠢᠨᠢ! ᠭᠡᠵᠦ ᠤᠷᠮ᠎ᠠ ᠦᠭᠡᠢ ᠬᠡᠯᠡᠪᠡᠯ ᠠᠭᠤᠯᠠᠨᠬᠦᠦ᠄ 
       — ᠮᠠᠨᠤᠬᠤᠸᠠᠷ ᠥᠪᠡᠷ ᠢ᠋ᠶ᠋ᠡᠨ ᠤᠴᠢᠷ ᠦᠭᠡᠢ ᠳᠤᠷᠠᠲᠠᠢ ᠶᠤᠮ ᠴᠢᠨᠢ ᠁ ᠭᠡᠪᠡ᠃  
       — ᠶᠢᠰᠦᠨ ᠬᠡᠦᠬᠡᠨ ᠢ᠋ ᠠᠳᠠᠯᠢᠬᠠᠨ ᠵᠠᠰᠠᠵᠤ ᠬᠤᠪᠴᠠᠯᠠᠭᠠᠳ ᠠᠷᠤ ᠠ᠋ᠴᠠ ᠨᠢ ᠲᠠᠨᠢ ᠭᠡᠳᠡᠭ ᠴᠢᠨᠢ ᠡᠯᠳᠡᠩᠭᠡ ᠲᠤᠰᠠᠯᠠᠭᠴᠢ ᠶ᠋ᠢᠨ ᠪᠠᠰᠢᠷ᠃ ᠠᠴᠢ ᠥᠬᠢᠨ ᠢ᠋ᠶ᠋ᠡᠨ ᠴᠢᠮ᠎ᠠ ᠳ᠋ᠤ᠌ ᠥᠭᠬᠦ ᠦᠭᠡᠢ ᠭᠡᠰᠡᠨ ᠳᠠᠯᠳᠠ ᠶ᠋ᠢᠨ ᠳᠣᠬᠢᠶ᠎ᠠ ᠮᠥᠨ ᠭᠡᠵᠦ ᠪᠯᠠᠮᠤ ᠶ᠋ᠢ ᠬᠡᠯᠡᠲᠡᠯ᠎ᠡ ᠵᠠᠩᠴᠤᠪ ᠲᠣᠰᠴᠤ᠄ 
       — ᠬᠦᠦ ᠮᠢᠨᠢ ᠴᠢ ᠲᠡᠷᠡ ᠬᠡᠦᠬᠡᠨ ᠢ᠋ ᠠᠷᠤ ᠠ᠋ᠴᠠ ᠨᠢ ᠲᠠᠨᠢᠴᠢᠬᠠᠯ᠎ᠠ ᠭᠡᠰᠡᠨ ᠴᠦ᠍ ᠠᠯᠳᠡᠩᠬᠡ ᠳᠠᠬᠢᠭᠠᠳ ᠪᠠᠰᠠ ᠴᠢᠮᠠᠶ᠋ᠢ ᠭᠠᠴᠢᠬᠤ ᠶᠠᠭᠤᠮ᠎ᠠ ᠶᠠᠷᠢᠬᠤ ᠠ᠋ᠴᠠ ᠪᠤᠴᠠᠬᠤ ᠦᠭᠡᠢ ᠭᠡᠪᠡ᠃ 
       — ᠶᠠᠭ ᠳᠠ ! ᠮᠢᠨᠦ ᠬᠦᠦ ᠲᠡᠷᠡ ᠬᠡᠦᠬᠡᠨ ᠲᠡᠢ ᠪᠠᠢᠴᠢᠬ᠎ᠠ ! ᠭᠡᠵᠦ ᠪᠯᠠᠮᠤ ᠵᠠᠩᠴᠤᠪ ᠤ᠋ᠨ ᠬᠡᠯᠡᠭᠰᠡᠨ ᠢ᠋ ᠵᠥᠪᠲᠦᠭᠡᠵᠦ ᠬᠡᠯᠡᠭᠰᠡᠨ ᠳ᠋ᠦ᠍ ᠵᠠᠩᠴᠤᠪ᠄  
       — ᠶᠠᠮᠠᠷ ᠲᠠᠭᠠᠨ ᠬᠡᠦᠬᠡᠨ ᠣᠯᠳᠠᠬᠤ ᠦᠭᠡᠢ ᠴᠦ᠍ ᠪᠢᠰᠢ ᠬᠦᠦ ᠮᠢᠨᠢ ! ᠮᠠᠨᠤᠬᠤᠸᠠᠷ ᠢ᠋ ᠠᠰᠠᠭᠤᠬᠤ ᠪᠠᠨ ᠪᠠᠢᠴᠬ᠎ᠠ ! ᠡᠯᠳᠡᠩᠭᠡ ᠰᠠᠪᠠ ᠲᠣᠰᠳᠠᠭ ᠦᠭᠡᠢ ᠴᠢᠨᠢ ᠳᠤᠷ᠎ᠠ ᠦᠭᠡᠢ ᠭᠡᠰᠡᠨ ᠨᠢ ᠢᠪ ᠢᠯᠡᠬᠡᠨ᠂ ᠰᠣᠨᠣᠰᠬᠤ ᠳ᠋ᠤ᠌ ᠡᠯᠳᠡᠩᠭᠡ ᠲᠤᠰᠠᠯᠠᠭᠴᠢ ᠠᠴᠢ ᠦᠭᠡᠨ ᠢ᠋ᠶ᠋ᠡᠨ  ᠴᠣᠭᠪᠠᠭᠠᠲᠤᠷ ᠰᠸᠯᠢᠩ ᠳ᠋ᠦ᠍ ᠪᠣᠭᠲᠣᠯᠠᠬᠤ ᠶ᠋ᠢ ᠠᠮᠠ ᠠᠯᠳᠠᠭᠰᠠᠨ ᠭᠡᠨ᠎ᠡ ᠭᠡᠵᠦ ᠬᠥᠮᠦᠰ ᠴᠠᠭᠠᠭᠤᠷ ᠱᠤᠤᠭᠢᠵᠤ ᠪᠠᠢᠨ᠎ᠠ ᠁ ᠭᠡᠪᠡ᠃ 
       —ᠲᠠᠢᠮᠤ ᠪᠣᠯ ᠤᠯᠠᠮ ᠶᠠᠷᠰᠢᠭ ᠪᠣᠯᠤᠨ᠎ᠠ ᠁ ᠭᠡᠵᠦ ᠡᠬᠡ ᠨᠢ ᠪᠯᠠᠮᠤ ᠬᠡᠯᠡᠭᠰᠡᠨ ᠢ᠋ ᠠᠭᠤᠯᠠᠨᠭᠦᠦ ᠶᠠᠭᠤᠮ᠎ᠠ ᠪᠣᠯᠭᠠᠭᠰᠠᠨ ᠦᠭᠡᠢ 《ᠮᠠᠨᠤᠬᠤᠸᠠᠷ ᠨᠠᠳᠠ ᠬᠠᠢᠷᠠᠲᠠᠢ ᠶᠤᠮ ᠴᠢᠨᠢ ᠁》 ᠭᠡᠳ ᠭᠠᠷᠴᠤ ᠶᠠᠪᠤᠪᠠ᠃  
       ᠠᠭᠤᠯᠠᠨᠬᠦᠦ ᠭᠡᠷ ᠦ᠋ᠨ ᠶᠡᠬᠡᠴᠦᠦᠯ ᠦ᠋ᠨ ᠢ᠋ᠶ᠋ᠡᠨ ᠬᠡᠯᠡᠬᠦ ᠶ᠋ᠢ ᠶᠠᠭᠤᠮ᠎ᠠ ᠪᠣᠯᠭᠠᠭᠰᠠᠨ ᠦᠭᠡᠢ ᠰᠢᠭᠤᠳ ᠮᠡᠷᠭᠡᠨ ᠴᠠᠭᠠᠨ ᠯᠠᠮᠠᠬᠠᠢ ᠳᠡᠭᠡᠷ᠎ᠡ ᠣᠴᠢᠪᠠ᠃ ᠠᠭᠤᠯᠠᠨᠭᠦᠦ ᠮᠠᠨᠤᠬᠤᠸᠠᠷ ᠬᠡᠦᠬᠡᠨ ᠳ᠋ᠦ᠍ ᠬᠠᠢᠷᠠᠲᠠᠢ ᠪᠣᠯᠤᠭᠰᠠᠨ ᠪᠠ ᠲᠡᠷᠡ ᠬᠡᠦᠬᠡᠨ ᠴᠦ᠍ ᠳᠤᠷᠠᠲᠠᠢ ᠪᠠᠢᠬᠤ ᠶ᠋ᠢ ᠨᠠᠷᠢᠨ ᠲᠣᠭᠠᠴᠢᠵᠤ᠂ ᠡᠯᠳᠡᠩᠭᠡ ᠶᠠᠭᠤ ᠶᠠᠭᠤ ᠭᠡᠵᠦ ᠬᠡᠯᠡᠭᠰᠡᠨ ᠬᠦᠷᠲᠡᠯ᠎ᠡ ᠮᠡᠷᠭᠡᠨ ᠴᠠᠭᠠᠨ ᠯᠠᠮᠠᠬᠠᠢ ᠳ᠋ᠤ᠌ ᠬᠡᠯᠡᠵᠦ《ᠶᠠᠭᠠᠬᠢᠪᠠᠯ ᠪᠣᠯᠤᠨ᠎ᠠ ᠪᠣᠢ ?》 ᠭᠡᠵᠦ ᠠᠰᠠᠭᠤᠵᠠᠢ᠃  
       ᠮᠡᠷᠭᠡᠨ ᠴᠠᠭᠠᠨ ᠯᠠᠮᠠᠬᠠᠢ ᠨᠢᠳᠦ ᠪᠡᠨ ᠡᠠᠨᠢᠵᠤ ᠨᠢᠭᠡ ᠬᠡᠰᠡᠭ ᠪᠣᠳᠣᠭᠠᠳ᠄ 
       — ᠲᠠ ᠬᠣᠶᠠᠷ ᠤ᠋ᠨ ᠤᠷᠤᠭ ᠲᠥᠷᠥᠯ ᠦ᠋ᠨ ᠤᠴᠢᠷ ᠨᠡᠯᠢᠶᠡᠳ ᠰᠠᠭᠠᠳ ᠲᠦᠪᠡᠭ ᠲᠣᠬᠢᠶᠠᠯᠳᠤᠬᠤ ᠶᠤᠮ ᠪᠠᠢᠨ᠎ᠠ᠂ ᠭᠡᠬᠦ ᠳ᠋ᠦ᠍ ᠶᠠᠭᠠᠬᠢᠬᠤ ᠪᠣᠢ᠂ ᠰᠠᠢᠨ ᠶᠠᠭᠤᠮᠠᠨ ᠳ᠋ᠤ᠌ ᠰᠠᠭᠠᠳ ᠣᠯᠠᠨ ᠭᠡᠲᠩ ᠁ ᠵᠠ ᠪᠠᠢᠵᠠ ! ᠠᠪ ᠠᠳᠠᠯᠢᠬᠠᠨ ᠶᠢᠰᠦᠨ ᠬᠡᠦᠬᠡᠨ ᠢ᠋ ᠴᠠᠭᠠᠰᠢ ᠨᠢ ᠬᠠᠷᠠᠭᠤᠯᠵᠤ ᠵᠣᠭᠰᠣᠭᠠᠴᠢᠬᠠᠭᠠᠳ ᠴᠢᠮ᠎ᠠ ᠪᠠᠷ ᠮᠠᠨᠤᠬᠤᠸᠠᠷ ᠢ᠋ ᠲᠠᠨᠢᠭᠤᠯᠤᠨ᠎ᠠ ᠭᠡᠳᠡᠭ ᠴᠢᠨᠢ ᠪᠠᠰᠠ ᠴᠦ᠍ ᠠᠮᠠᠷ ᠦᠭᠡᠢ ᠶᠠᠪᠤᠳᠠᠯ ᠠ᠋ ! ᠡᠨᠡ ᠪᠠᠰᠢᠷ ᠪᠣᠯ ᠡᠯᠳᠡᠩᠭᠡ ᠴᠢᠮᠠᠶ᠋ᠢ ᠵᠣᠷᠢᠭᠤᠳᠠ ᠭᠠᠴᠢᠵᠤ ᠪᠠᠢᠨ᠎ᠠ ᠭᠡᠰᠡᠨ ᠬᠡᠷᠡᠭ ᠰᠢᠦ ᠭᠡᠪᠡ᠃ 
       — ᠦᠭᠡᠢ ᠁ ᠭᠡᠵᠦ ᠠᠭᠤᠯᠠᠨᠭᠦᠦ ᠶ᠋ᠢ ᠶᠠᠭᠤ ᠬᠡᠯᠡᠬᠦ ᠪᠣᠢ ᠭᠡᠰᠡᠨ ᠳ᠋ᠦ᠍ ᠮᠡᠷᠭᠡᠨ ᠴᠠᠭᠠᠨ ᠯᠠᠮᠠᠬᠠᠢ᠄ 
       — ᠪᠠᠢᠵᠠ᠂ ᠨᠢᠭᠡ ᠠᠷᠭ᠎ᠠ ᠪᠠᠢᠨ᠎ᠠ᠃ ᠴᠢ ᠲᠡᠷᠡ ᠶᠢᠰᠦᠨ ᠬᠡᠦᠬᠡᠨ ᠡᠴᠡ ᠲᠤᠰ ᠲᠤᠰ ᠢᠩᠭᠢᠵᠦ ᠠᠰᠠᠭᠤ᠄《ᠶᠠᠮᠠᠷ ᠮᠢᠬ᠎ᠠ ᠢᠳᠡᠬᠦ ᠳ᠋ᠦ᠍ ᠠᠮᠲᠠᠲᠠᠢ ᠪᠣᠢ?》 ᠲᠡᠭᠡᠬᠦ ᠳ᠋ᠦ᠍ ᠴᠠᠭᠠᠳᠤᠭᠤᠯᠠ ᠴᠢᠨᠢ ᠶᠠᠩᠵᠤ ᠶᠠᠩᠵᠤ ᠪᠠᠷ ᠬᠠᠷᠢᠭᠤᠯᠬᠤ ᠪᠠᠢᠬ᠎ᠠ! ᠡᠯᠳᠡᠩᠭᠡ ᠲᠤᠰᠠᠯᠠᠭᠴᠢ ᠶ᠋ᠢᠨ ᠬᠢ ᠪᠠᠶᠠᠨ ᠠᠢᠯ ᠪᠣᠯᠬᠣᠷ ᠮᠠᠨᠣᠠᠬᠣᠸᠠᠷ ᠬᠡᠦᠬᠡᠨ《ᠤᠭᠤᠴᠠᠨ ᠤ᠋ ᠮᠢᠬ᠎ᠠ ᠶ᠋ᠢ ᠤᠷᠠᠵᠤ ᠢᠳᠡᠬᠦ ᠳ᠋ᠦ᠍ ᠠᠮᠲᠠᠲᠠᠢ》 ᠭᠡᠬᠦ ᠶᠦᠮ᠃ ᠲᠡᠭᠡᠬᠦ ᠳ᠋ᠦ᠍ ᠲᠡᠷᠡ ᠨᠢ ᠣᠨᠣᠭᠣᠬᠰᠠᠠ ᠦᠭᠡ ᠶᠦᠮ ᠰᠢᠦ ᠳᠡ! ᠭᠡᠳ ᠢᠨᠢᠶᠡᠪᠡ᠃ 
       ᠠᠭᠣᠯᠠᠠᠬᠦᠦ ᠥᠨᠥᠬᠢ ᠬᠥᠨᠳᠡᠯᠡᠨ ᠦ᠌ ᠬᠥᠮᠦᠨ ᠲᠡᠢ ᠬᠡᠳᠦᠭᠦᠯᠡ ᠪᠣᠯᠵᠤ ᠰᠠᠪᠠ ᠰᠠᠭᠠᠯᠢ ᠭᠠᠠᠵᠣᠭᠣᠯᠠᠠ ᠯᠤᠤ ᠴᠠᠭ ᠢ᠋ ᠪᠠᠷᠢᠮᠲᠠᠯᠠᠵᠤ ᠡᠯᠳᠡᠩᠭᠡ ᠶᠢᠨ ᠳ᠋ᠤ᠌ ᠲᠠᠯᠪᠢᠭᠠᠳ ᠬᠦᠷᠪᠡ᠃ 
       ᠠᠷᠪᠠᠨ ᠬᠠᠨ᠎ᠠ ᠲᠠᠢ ᠶᠡᠬᠡ ᠭᠡᠷ ᠦ᠋ᠨ ᠬᠢᠨᠢ ᠡᠭᠦᠳᠡ ᠵᠢᠷᠲᠠᠢᠲᠠᠯ᠎ᠠ ᠣᠩᠭᠣᠢᠵᠤ ᠵᠠᠷᠤᠴᠠ ᠢᠨᠵᠢ ᠥᠬᠢᠳ ᠡᠭᠦᠳᠡ ᠬᠠᠭᠠᠯᠤᠨ ᠵᠣᠭᠰᠣᠭᠠᠳ᠄ 
       — ᠳᠣᠲᠣᠭᠰᠢ ᠪᠠᠨ ᠰᠠᠭᠠᠲᠠ! ᠭᠡᠳ ᠢᠷᠡᠭᠰᠡᠨ ᠵᠣᠴᠢᠨ ᠢ᠋ᠶ᠋ᠠᠨ ᠶᠣᠰᠣᠷᠬᠠᠭ ᠤᠭᠲᠤᠵᠤ ᠪᠠᠢᠨ᠎ᠠ᠃ 
       ᠬᠠᠲᠠᠪᠴᠢ ᠠᠯᠬᠤᠬᠤ ᠲᠠᠢ ᠵᠡᠷᠭᠡ ᠭᠡᠷ ᠳᠣᠲᠣᠷ᠎ᠠ ᠠ᠋ᠴᠠ ᠳᠠᠭᠤᠴᠢᠨ 《ᠭᠤᠷᠪᠠᠨ ᠰᠠᠢᠬᠠᠨ ᠬᠡᠭᠡᠷ》 ᠢ᠋ ᠣᠶᠠᠩᠭᠠᠳᠠᠢᠬᠠᠠ ᠳᠠᠭᠤᠯᠠᠨ᠎ᠠ᠃  
       ᠬᠣᠢᠮᠣᠷ ᠲᠤ᠌ ᠠᠭᠠᠷᠤ ᠽᠠᠨᠳᠠᠨ ᠰᠤᠮᠤᠨ ᠰᠢᠷᠡᠭᠡ ᠶ᠋ᠢ ᠵᠡᠷᠭᠡᠯᠡᠨ ᠵᠠᠰᠠᠵᠤ ᠪᠤᠳᠠᠭ᠎ᠠ ᠪᠣᠭᠣᠷᠰᠣᠭ᠂ ᠮᠢᠬ᠎ᠠ ᠰᠢᠭᠦᠰᠦ᠂ ᠥᠷᠥᠮ᠎ᠡ ᠲᠣᠰᠣ᠂ ᠠᠭᠠᠷᠤᠤᠯ ᠬᠤᠷᠤᠳ᠁ ᠵᠡᠷᠭᠡ ᠢᠳᠡᠭᠡᠨ ᠤᠮᠳᠠᠭᠠᠨ ᠢ᠋ ᠡᠯᠪᠡᠭ ᠳᠡᠯᠪᠡᠭ ᠥᠷᠥᠵᠦ ᠲᠠᠯᠪᠢᠭᠰᠠᠨ ᠢ᠋ ᠪᠠᠶᠠᠨ ᠨᠣᠶᠠᠨ ᠠᠢᠯ ᠤ᠋ᠨ ᠲᠠᠷᠭᠤᠨ ᠲᠠᠩᠰᠤᠭ ᠢ᠋ ᠠᠷᠭ᠎ᠠ ᠦᠭᠡᠢ ᠭᠠᠢᠬᠠᠭᠤᠯᠵᠤ ᠪᠠᠢᠯ᠎ᠠ᠃ ᠡᠩ ᠦ᠋ᠨ ᠬᠥᠮᠦᠨ ᠳ᠋ᠦ᠍ ᠪᠣᠯ ᠨᠠᠨ ᠨᠢ ᠶᠠᠭ ᠯᠠ ᠬᠤᠷᠢᠮ ᠨᠠᠢᠷ ᠭᠡᠰᠡᠨ ᠦᠭᠡ᠃ 
       ᠭᠣᠣᠯ ᠭᠡᠷ ᠲᠦ᠍ ᠰᠢᠷᠡᠭᠡ ᠬᠣᠢᠮᠣᠷᠯᠠᠵᠣ ᠰᠠᠭᠤᠭᠰᠠᠨ ᠡᠯᠳᠡᠩᠭᠡ ᠲᠦᠷᠦᠭᠦᠳᠠᠢ ᠲᠣᠮᠣᠭᠠᠠᠳᠠᠳ ᠶᠡᠬᠡᠳᠡ ᠶᠠᠮᠪᠠᠲᠠᠢ ᠰᠠᠭᠠᠳᠠᠨ᠎ᠠ᠃ 
       ᠲᠡᠷᠢᠭᠦᠨ ᠢ᠋ᠶ᠋ᠡᠨ ᠤᠯᠠᠭᠠᠨ ᠳᠤᠷᠳᠤᠩ ᠢ᠋ᠶ᠋ᠠᠷ ᠪᠦᠲᠦᠭᠡᠭᠰᠡᠨ ᠠᠪ ᠠᠳᠠᠯᠢᠬᠠᠨ ᠵᠠᠰᠠᠯ ᠵᠢᠮᠰᠡᠭ ᠲᠡᠢ ᠶᠢᠰᠦᠨ ᠬᠡᠦᠬᠡᠨ ᠢ᠋ ᠶᠢᠰᠦᠨ ᠬᠠᠨ᠎ᠠ ᠡᠰᠡᠷᠭᠦᠯᠠᠠ ᠵᠣᠭᠰᠣᠭᠠᠭᠰᠠᠨ ᠪᠠᠢᠪᠠ᠃ 
       ᠠᠭᠣᠯᠠᠠᠬᠦᠦ ᠣᠷᠣᠵᠤ ᠣᠴᠢᠮᠠᠭᠴᠠ ᠡᠳᠡᠭᠡᠷ ᠢ᠋ ᠰᠢᠷᠪᠢᠵᠦ ᠬᠠᠷᠠᠭᠠᠳ ᠫᠠᠯ ᠬᠢᠵᠦ ᠠᠪᠤᠭᠰᠠᠨ ᠪᠣᠯᠪᠠᠴᠤ ᠮᠡᠷᠭᠡᠨ ᠴᠠᠭᠠᠨ ᠯᠠᠮᠠᠬᠠᠢ ᠶᠢᠨ ᠬᠡᠯᠡᠭᠰᠡᠨ ᠦᠭᠡ ᠴᠢᠬᠢᠨ ᠳ᠋ᠦ᠍ᠨᠢ ᠬᠠᠩᠭᠢᠨᠠᠬᠤ ᠳ᠋ᠤ᠌ ᠳᠣᠲᠣᠷ᠎ᠠ ᠨᠢ ᠲᠠᠢᠪᠤᠰᠢᠷᠠᠨ᠎ᠠ᠃ 
       — ᠳᠠᠶᠠᠭᠠᠷ ᠢ᠋ᠶ᠋ᠠᠨ ᠠᠮᠤᠷᠬᠠᠨ ᠰᠠᠢᠨ ᠤᠤ? ᠭᠡᠵᠦ ᠠᠭᠣᠯᠠᠠᠬᠦᠦ ᠬᠣᠶᠠᠷ ᠠᠯᠠᠭ᠎ᠠ ᠪᠠᠨ ᠳᠡᠯᠭᠡᠨ ᠡᠪᠦᠳᠦᠭ ᠰᠥᠬᠥᠷᠡᠨ ᠠᠮᠤᠷ ᠠᠢᠯᠠᠳᠬᠠᠰᠠᠠ ᠳ᠋ᠤ᠌ ᠬᠣᠢᠮᠣᠷ ᠳᠠᠬᠢ ᠲᠣᠮᠣᠭᠠᠳᠠᠳ《ᠰᠠᠢᠨ᠂ ᠰᠠᠢᠨ ᠤᠤ?》 ᠭᠡᠵᠡᠭᠡᠪᠡ᠃ 
       ᠠᠭᠣᠯᠠᠠᠬᠦᠦ ᠡᠯᠳᠡᠩᠭᠡ ᠶ᠋ᠢ ᠬᠣᠷᠣᠮᠬᠠᠨ ᠰᠢᠷᠪᠢᠭᠰᠡᠨ ᠳ᠋ᠦ᠍ ᠲᠡᠭᠦᠨ ᠦ᠌ ᠶᠡᠬᠡᠮᠰᠦᠭ ᠴᠢᠷᠠᠢ ᠳ᠋ᠤ᠌《ᠵᠠ᠂ ᠠᠭᠣᠯᠠᠠᠬᠦᠦ ᠠ᠋᠂ ᠡᠨᠡ ᠶᠢᠰᠦᠨ ᠬᠡᠦᠬᠡᠨ ᠦ᠌ ᠳᠣᠲᠣᠷ᠎ᠠ ᠠ᠋ᠴᠠ ᠮᠠᠨᠤᠬᠤᠸᠠᠷ ᠢ᠋ ᠮᠢᠨᠢ ᠦᠵᠡᠵᠦ ᠲᠠᠨᠢᠭᠰᠠᠨ ᠪᠣᠯ ᠁ 》 ᠭᠡᠰᠡᠨ ᠰᠠᠨᠠᠭ᠎ᠠ ᠪᠦᠷᠦᠭ ᠪᠠᠷᠤᠭ ᠬᠠᠷᠠᠭᠳᠠᠬᠤ ᠰᠢᠭ᠋ ᠪᠣᠯᠤᠯ᠎ᠠ᠃ ᠲᠡᠷᠡ ᠳᠣᠲᠣᠷ᠎ᠠ ᠪᠠᠨ 《ᠤᠭᠤᠴᠠᠨ ᠤ᠋ ᠮᠢᠬ᠎ᠠ ᠶ᠋ᠢ ᠤᠷᠠᠵᠤ ᠢᠳᠡᠬᠦ ᠳ᠋ᠦ᠍ ᠠᠮᠲᠠᠲᠠᠢ 》 ᠭᠡᠬᠦ ᠳ᠋ᠦ᠍ ᠮᠠᠨᠤᠬᠤᠸᠠᠷ ᠮᠢᠨᠦ ᠡᠪᠦᠷ ᠲᠦ᠍ ᠁ ᠭᠡᠵᠦ ᠠᠭᠱᠠᠨ᠎ᠠ ᠪᠣᠳᠣᠵᠤ ᠵᠠᠪᠠᠳᠤᠭᠠᠳ ᠵᠣᠷᠢᠭ ᠣᠷᠣᠪᠠ᠃ 
       ᠡᠨᠡ ᠦᠶ᠎ᠡ ᠳ᠋ᠦ᠍ ᠴᠠᠭᠠᠨ᠎ᠠ ᠳᠠᠭᠤᠴᠢᠨ᠄  
             ᠁    
          ᠶᠢᠰᠦᠨ 《ᠴᠦ᠍ 》ᠰᠠᠢᠬᠠᠨ ᠬᠡᠭᠡᠷ ᠮᠣᠷᠢ ᠪᠠᠢᠨ᠎ᠠ 
          ᠭᠤᠮᠪᠢᠯ ᠲᠠᠢ ᠲᠠᠷᠭᠤᠨ ᠤᠨᠤᠶᠤ ᠭᠡᠰᠡᠨ ᠶᠦᠮ 
          ᠡᠭᠡᠴᠢ ᠳᠡᠭᠦᠦ ᠶᠢᠰᠦᠭᠦᠯᠡ ᠶ᠋ᠢ ᠠᠳᠠᠯᠢᠬᠠᠨ ᠥᠰᠬᠡᠭᠰᠡᠨ   
          ᠠᠪᠤ ᠡᠵᠢ ᠬᠣᠶᠠᠷ ᠶᠤᠮ ᠠ᠋ ᠭᠡᠵᠦ ᠳᠠᠭᠤᠯᠠᠭᠰᠠᠨ ᠳ᠋ᠤ᠌ ᠵᠤᠳᠪᠠ ᠭᠤᠸᠠᠢ ᠮᠣᠷᠢᠨ ᠴᠠᠭᠠᠨ ᠰᠢᠳᠦ ᠪᠡᠨ ᠢᠷᠠᠯᠵᠠᠭᠤᠯᠤᠨ ᠢᠨᠢᠶᠡᠵᠦ᠄ 
       — ᠵᠠ᠂  ᠠᠭᠤᠯᠠᠨᠬᠦᠦ ᠮᠢᠨᠢ ᠡᠨᠡ ᠰᠠᠢᠬᠠᠨ ᠶᠢᠰᠦᠨ ᠬᠡᠦᠬᠡᠨ ᠡᠴᠡ ᠠᠯᠢ ᠶ᠋ᠢ ᠨᠢ ᠲᠣᠭᠣᠭᠰᠠᠨ ᠪᠣᠯ ᠲᠡᠭᠡᠭᠡᠳ ᠰᠣᠩᠭᠣ᠂ ᠴᠢᠨᠦ ᠤᠬᠠᠭ᠎ᠠ ᠲᠠᠮᠢᠷ ᠮᠡᠳᠡᠭᠰᠡᠨ ᠬᠡᠷᠡᠭ ! ᠭᠡᠪᠡ᠃ 
       ᠠᠭᠤᠯᠠᠨᠭᠦᠦ ᠡᠨᠡ ᠬᠦ᠌ ᠬᠠᠭ᠎ᠠ ᠡᠰᠡᠷᠭᠦᠯᠡᠨ ᠵᠣᠭᠰᠣᠭᠰᠠᠨ ᠠᠪ ᠠᠳᠠᠯᠢᠬᠠᠨ ᠶᠢᠰᠦᠨ ᠬᠡᠦᠬᠡᠨ ᠢ᠋ ᠡᠭᠡᠯᠵᠢᠯᠡᠨ ᠬᠠᠷᠠᠬᠤ ᠳ᠋ᠤ᠌ ᠨᠢᠳᠦ ᠨᠢ ᠡᠷᠢᠶᠡᠯᠵᠡᠨ᠎ᠡ᠃ ᠲᠡᠷᠡ ᠪᠡᠷ ᠬᠣᠢᠮᠤᠷ ᠤ᠋ᠨ ᠪᠠᠷᠠᠭᠤᠨ ᠬᠠᠨ᠎ᠠ ᠡᠰᠡᠷᠭᠦᠯᠡᠵᠦ ᠵᠣᠭᠰᠣᠭᠠᠭᠰᠠᠨ ᠬᠡᠦᠬᠡᠨ ᠡᠴᠡ ᠡᠬᠢᠯᠡᠭᠦᠯᠵᠦ
       — ᠡᠷᠲᠡ ᠢᠵᠠᠭᠤᠷ ᠠ᠋ᠴᠠ ᠮᠣᠩᠭᠣᠯ ᠬᠥᠮᠦᠨ ᠮᠢᠬ᠎ᠠ ᠪᠠᠷ ᠭᠣᠣᠯᠳᠠᠭᠤ ᠥᠯ ᠪᠣᠯᠭᠠᠳᠠᠭ ᠪᠣᠯᠬᠣᠷ ᠶᠠᠮᠠᠷ ᠮᠢᠬ᠎ᠠ ᠨᠢ ᠠᠮᠲᠠᠲᠠᠢ ᠪᠠᠢᠳᠠᠭ ᠪᠣᠢ ? ᠭᠡᠵᠦ ᠠᠰᠠᠭᠤᠪᠠ᠃ 
       — ᠮᠢᠬ᠎ᠠ ᠶ᠋ᠢ ᠰᠢᠭᠦᠷᠭᠡᠢ ᠢᠳᠡᠬᠦ ᠳ᠋ᠦ᠍ ᠠᠮᠲᠠᠲᠠᠢ ᠪᠠᠢᠳᠠᠭ᠃ 
       — ᠰᠡᠭᠡᠷ ᠦ᠋ᠨ ᠮᠢᠬ᠎ᠠ ᠶ᠋ᠢ ᠰᠠᠢᠯᠵᠤ ᠢᠳᠡᠪᠡᠯ ᠠᠮᠲᠠᠲᠠᠢ᠃  
       —  ᠪᠥᠭᠡᠩ ᠴᠥᠭᠡᠩ ᠮᠢᠬ᠎ᠠ᠂ ᠪᠦᠯᠦᠭ ᠴᠦᠯᠦᠭ ᠥᠭᠡᠬᠦ ᠢᠳᠡᠬᠦ ᠳ᠋ᠦ᠍ ᠠᠮᠲᠠᠲᠠᠢ᠃ 
       — ᠲᠠᠯᠤᠨ ᠤ᠋ ᠮᠢᠬ᠎ᠠ ᠶ᠋ᠢ ᠳᠠᠶᠠᠭᠠᠷ ᠢᠳᠡᠬᠦ ᠳ᠋ᠦ᠍ ᠠᠮᠲᠠᠲᠠᠢ᠃  
       — ᠬᠣᠨᠢᠨ ᠤ᠋ ᠰᠡᠭᠦᠯ ᠢ᠋ ᠵᠦᠰᠦᠵᠦ ᠢᠳᠡᠬᠦ ᠳ᠋ᠦ᠍ ᠠᠮᠲᠠᠲᠠᠢ᠃ 
       — ᠶᠠᠰᠤ ᠨᠠᠭᠠᠯᠳᠤᠭᠰᠠᠨ ᠮᠢᠬ᠎ᠠ ᠶ᠋ᠢ ᠮᠥᠯᠵᠢᠵᠦ ᠢᠳᠡᠬᠦ ᠳ᠋ᠦ᠍ ᠠᠮᠲᠠᠲᠠᠢ᠃ 
       — ᠁  ᠭᠡᠵᠦ ᠥᠨᠥᠬᠢ ᠶᠢᠰᠦᠨ ᠬᠡᠦᠬᠡᠨ ᠲᠤᠰ ᠲᠤᠰ ᠢᠩᠭᠢᠵᠦ(ᠬᠣᠶᠠᠷ ᠨᠢ ᠳᠠᠪᠬᠤᠴᠠᠵᠤ) ᠬᠠᠷᠢᠭᠤᠯᠤᠭᠰᠠᠨ ᠳ᠋ᠤ᠌ ᠠᠭᠤᠯᠠᠨᠬᠦᠦ ᠳᠣᠲᠣᠷ᠎ᠠ ᠪᠠᠨ《< ᠬᠣᠨᠢᠨ ᠤ᠋ ᠰᠡᠭᠦᠯ ᠢ᠋ ᠵᠦᠰᠦᠵᠦ ᠢᠳᠡᠬᠦ ᠳ᠋ᠦ᠍ ᠠᠮᠲᠠᠲᠠᠢ> ᠭᠡᠵᠦ ᠬᠠᠷᠢᠭᠤᠯᠤᠭᠰᠠᠨ ᠲᠠᠪᠤᠳᠠᠬᠢ ᠬᠡᠦᠬᠡᠨ ᠮᠠᠨᠤᠬᠤᠸᠠᠷ ᠮᠥᠨ ᠴᠦ᠍ ᠶᠦᠮ ᠤᠤ?》 ᠭᠡᠵᠦ ᠡᠷᠡᠭᠡᠯᠵᠡᠵᠦ ᠠᠪᠤᠪᠠ᠃  ᠭᠡᠬᠦ ᠳ᠋ᠦ᠍《ᠤᠭᠤᠴᠠᠨ ᠤ᠋ ᠮᠢᠬ᠎ᠠ ᠶ᠋ᠢ ᠤᠷᠠᠵᠤ ᠢᠳᠡᠬᠦ ᠳ᠋ᠦ᠍ ᠠᠮᠲᠠᠲᠠᠢ》 ᠭᠡᠵᠦ ᠬᠡᠯᠡᠭᠰᠡᠨ ᠬᠥᠮᠦᠨ ᠭᠠᠷᠤᠭ᠎ᠠ ᠦᠭᠡᠢ᠃ ᠨᠥᠭᠦᠭᠡ《< ᠪᠥᠭᠡᠩ ᠴᠥᠬᠡᠩ ᠮᠢᠬ᠎ᠠ᠂  ᠪᠦᠯᠦᠭ ᠴᠦᠯᠦᠭ ᠥᠭᠡᠬᠦ>᠂< ᠶᠠᠰᠤ ᠨᠠᠭᠠᠯᠳᠤᠭᠰᠠᠨ ᠮᠢᠬ᠎ᠠ ᠶ᠋ᠢ ᠮᠥᠯᠵᠢᠵᠦ ᠢᠳᠡᠬᠦ ᠳ᠋ᠦ᠍ ᠠᠮᠲᠠᠲᠠᠢ> ᠭᠡᠳᠡᠭ ᠨᠢ ᠪᠦᠷ ᠶᠠᠳᠠᠭᠤ ᠵᠦᠳᠡᠭᠦᠦ ᠠᠢᠯ ᠳ᠋ᠤ᠌ ᠥᠰᠦᠭᠰᠡᠨ ᠬᠡᠦᠬᠡᠨ ᠶᠦᠮ ᠪᠠᠢᠨ᠎ᠠ》 ᠭᠡᠬᠦ ᠪᠣᠳᠣᠯ ᠲᠡᠭᠦᠨ ᠦ᠌ ᠲᠠᠷᠢᠬᠢᠨ ᠳ᠋ᠤ᠌ ᠬᠠᠷᠪᠤᠨ ᠣᠷᠣᠵᠤ《ᠮᠠᠨᠤᠬᠤᠸᠠᠷ ᠡᠨᠡ ᠳᠣᠲᠣᠷ᠎ᠠ ᠪᠠᠢᠬᠤ ᠦᠭᠡᠢ᠁》 ᠭᠡᠵᠦ ᠮᠡᠷᠭᠡᠨ ᠴᠠᠭᠠᠨ ᠯᠠᠮᠠᠬᠠᠢ ᠳᠠᠯᠳᠠ ᠠ᠋ᠴᠠ ᠲᠡᠭᠦᠨ ᠢ᠋ ᠰᠠᠨᠠᠭᠤᠯᠬᠤ ᠶᠤᠮ ᠰᠢᠭ᠋ ᠪᠣᠯᠪᠠ᠃ ᠲᠡᠢᠨ ᠬᠦ᠌ ᠠᠭᠤᠯᠠᠨᠬᠦᠤ ᠲᠡᠷᠡ ᠬᠦ᠌ ᠬᠣᠢᠮᠣᠷ ᠳᠠᠷᠤᠵᠤ ᠰᠠᠭᠤᠭᠰᠠᠨ ᠡᠯᠳᠡᠩᠭᠡ ᠭᠤᠸᠠᠢ ᠶ᠋ᠢᠨ ᠡᠮᠦᠨ᠎ᠡ ᠰᠥᠬᠥᠷᠡᠵᠦ᠄ 
       — ᠡᠨᠡ ᠶᠢᠰᠦᠨ ᠬᠡᠦᠬᠡᠨ ᠳᠣᠲᠣᠷ᠎ᠠ ᠲᠠᠨ ᠤ᠋ ᠠᠴᠢ ᠥᠬᠢᠨ ᠮᠠᠨᠤᠬᠤᠸᠠᠷ ᠪᠠᠢᠬᠤ ᠦᠭᠡᠢ ᠭᠡᠵᠦ ᠡᠷᠡᠰ ᠲᠠᠰᠤ ᠬᠡᠯᠡᠪᠡ᠃ 
       — ᠬᠠ᠂ ᠬᠠ᠁ ᠭᠡᠵᠦ ᠡᠯᠳᠡᠩᠭᠡ ᠭᠤᠨᠢᠷᠠᠨ ᠢᠨᠢᠶᠡᠭᠡᠳ《ᠴᠢ ᠦᠨᠡᠬᠡᠷ ᠤᠬᠠᠭᠠᠨᠲᠠᠢ ᠬᠦᠦ ᠪᠠᠢᠨ᠎ᠠ᠃ ᠪᠢ ᠴᠢᠨᠦ ᠤᠬᠠᠭᠠᠨ ᠢ᠋ ᠴᠢᠨᠢ ᠲᠡᠩᠰᠡᠶ᠎ᠡ ᠭᠡᠰᠡᠨ ᠶᠦᠮ》 ᠭᠡᠳ ᠡᠢᠰᠢ ᠲᠠᠢᠰᠢ ᠬᠠᠷᠠᠨ ᠢᠨᠢᠶᠡᠮᠰᠦᠭᠯᠡᠬᠦ ᠳ᠋ᠦ᠍ ᠬᠠᠵᠠᠭᠤ ᠳ᠋ᠠᠬᠢ ᠲᠣᠮᠣᠭᠣᠲᠠᠳ ᠨᠢ《ᠥᠨᠥ ᠬᠦᠦ ᠪᠥᠬᠡ ᠴᠦ᠍ ᠰᠠᠢᠨ ᠪᠠᠷᠢᠯᠳᠤᠳᠠᠭ ᠢ᠋ᠶ᠋ᠠᠷ ᠦᠯᠦ ᠪᠠᠷᠠᠮ ᠰᠡᠴᠡᠨ ᠤᠬᠠᠭᠠᠨ ᠲᠠᠢ ᠬᠦᠦ ᠪᠠᠢᠨ᠎ᠠ ᠬᠦ》ᠭᠡᠵᠦ ᠨᠢᠭᠡ ᠨᠢᠭᠡᠨ ᠳ᠋ᠡᠭᠡᠨ ᠲᠣᠯᠣᠭᠠᠢ ᠳᠣᠬᠢᠨ ᠮᠡᠬᠦᠯᠵᠡᠨ᠎ᠡ᠃ 
       — ᠵᠠ᠂ ᠣᠳᠣ ᠰᠠᠶᠢ ᠵᠢᠩᠬᠢᠨᠢ ᠰᠢᠯᠭᠠᠯᠲᠠ ᠡᠬᠢᠯᠡᠨ᠎ᠡ ᠰᠢᠦ! ᠭᠡᠵᠦ ᠵᠤᠳᠪᠠ ᠭᠤᠸᠠᠢ ᠬᠡᠯᠡᠭᠰᠡᠨ ᠳ᠋ᠦ᠍ ᠥᠨᠥᠬᠢ ᠶᠢᠰᠦᠨ ᠬᠡᠦᠬᠡᠨ ᠵᠡᠭᠦᠨ ᠪᠠᠷᠠᠭᠤᠨ ᠭᠠᠷ ᠤ᠋ᠨ ᠬᠠᠨ᠎ᠠ ᠠ᠋ᠴᠠ ᠬᠣᠣᠰ ᠬᠣᠣᠰ ᠢ᠋ᠶ᠋ᠠᠷ ᠬᠠᠲᠠᠪᠴᠢ ᠠᠯᠬᠤᠨ ᠭᠠᠳᠠᠭᠰᠢ ᠴᠤᠪᠤᠷᠠᠪᠠ᠃ ᠡᠨᠡ ᠶᠢᠰᠦᠨ ᠬᠡᠦᠬᠡᠨ ᠦ᠌ ᠬᠠᠮᠤᠭ ᠰᠡᠭᠦᠯᠴᠢ ᠶ᠋ᠢᠨ ᠨᠢᠭᠡ ᠨᠢ ᠭᠠᠷᠴᠤ ᠶᠠᠪᠤᠬᠤ ᠲᠠᠢ ᠵᠡᠷᠭᠡ ᠪᠠᠰᠠ ᠠᠪ ᠠᠳᠠᠯᠢᠬᠠᠨ ᠵᠠᠰᠠᠯ ᠵᠢᠮᠰᠡᠭ ᠲᠡᠢ ᠲᠡᠷᠢᠭᠦᠨ ᠢ᠋ᠶ᠋ᠡᠨ ᠪᠦᠲᠡᠭᠡᠭᠰᠡᠨ ᠶᠢᠰᠦᠨ ᠬᠡᠦᠬᠡᠨ ᠵᠥᠷᠢᠵᠦ ᠣᠷᠣᠵᠤ ᠢᠷᠡᠭᠡᠳ ᠣᠷᠣ ᠣᠷᠣᠨ ᠳ᠋ᠠᠭᠠᠨ ᠴᠠᠭᠠᠰᠢ ᠬᠠᠷᠠᠨ ᠵᠣᠭᠰᠣᠪᠠ᠃  ᠠᠭᠤᠯᠠᠨᠬᠦᠦ ᠡᠨᠡ ᠬᠦ᠌ ᠶᠢᠰᠦᠨ ᠬᠡᠦᠬᠡᠨ ᠢ᠋ ᠡᠩᠨᠡᠭᠦᠯᠦᠨ ᠬᠠᠷᠠᠵᠤ ᠠᠪᠤᠭᠠᠳ ᠳᠠᠩ ᠭᠣᠣᠯ ᠳ᠋ᠤᠨᠢ ᠵᠣᠭᠰᠣᠭ᠎ᠠ ᠬᠡᠦᠬᠡᠨ ᠦ᠌ ᠠᠷᠤ ᠳ᠋ᠤᠨᠢ ᠣᠴᠢᠵᠤ ᠵᠣᠭᠰᠣᠭᠠᠳ᠄  
       — ᠶᠠᠮᠠᠷ ᠮᠢᠬ᠎ᠠ ᠢᠳᠡᠬᠦ ᠳ᠋ᠦ᠍ ᠠᠮᠲᠠᠲᠠᠢ ᠪᠣᠢ? ᠭᠡᠰᠡᠨ ᠳ᠋ᠦ᠍ ᠲᠡᠷᠡ ᠬᠡᠦᠬᠡᠨ᠄ 
       — ᠤᠭᠤᠴᠠᠨ ᠤ᠋ ᠮᠢᠬ᠎ᠠ ᠶ᠋ᠢ ᠤᠷᠠᠵᠤ ᠢᠳᠡᠬᠦ ᠳ᠋ᠦ᠍ ᠠᠮᠲᠠᠲᠠᠢ ᠭᠡᠵᠦ ᠰᠢᠪ ᠰᠢᠯᠤᠭᠤᠨ ᠬᠠᠷᠢᠭᠤᠯᠤᠭᠰᠠᠨ ᠳᠠᠭᠤ ᠨᠢ ᠵᠠᠮᠬᠠᠷᠠᠵᠤ ᠳᠠᠭᠤᠰᠤᠭ᠎ᠠ ᠦᠭᠡᠢ ᠳ᠋ᠦ᠍ ᠠᠭᠤᠯᠠᠨᠬᠦᠦ᠄ 
       — ᠵᠠ᠂ ᠮᠠᠨᠤᠬᠤᠸᠠᠷ ᠡᠨᠡ ᠮᠥᠨ! ᠭᠡᠵᠦ ᠡᠯᠳᠡᠩᠭᠡ ᠶ᠋ᠢᠨ ᠡᠮᠦᠨ᠎ᠡ ᠬᠠᠳᠠᠭ ᠳᠡᠯᠭᠡᠨ ᠪᠠᠷᠢᠪᠠ᠃  ᠡᠯᠳᠡᠩᠭᠡ ᠶ᠋ᠢᠨ ᠨᠢᠳᠦ ᠨᠢ ᠪᠤᠯᠲᠠᠢᠵᠤ ᠶᠠᠭᠤ ᠬᠡᠯᠡᠬᠦ ᠭᠡᠰᠡᠨ ᠢ᠋ᠶ᠋ᠡᠨ ᠵᠠᠯᠭᠢᠵᠤ ᠵᠡᠭᠦᠨ ᠭᠠᠷ ᠢ᠋ᠶ᠋ᠠᠨ ᠭᠠᠳᠠᠭᠰᠢ ᠵᠠᠩᠭᠠᠨ ᠥᠨᠥᠬᠢ ᠬᠡᠦᠬᠡᠨ ᠨᠦ᠍ᠭᠦᠳ ᠢ᠋ ᠭᠠᠷ ᠭᠡᠰᠡᠨ ᠳᠣᠬᠢᠶ᠎ᠠ ᠥᠭᠬᠦ ᠳ᠋ᠦ᠍ ᠬᠡᠦᠬᠡᠨᠴᠦᠳ ᠴᠤᠪᠤᠷᠠᠨ ᠭᠠᠷᠴᠠᠭᠠᠪᠠ᠃   ᠭᠡᠷ ᠳᠣᠲᠣᠷ᠎ᠠ ᠨᠠᠮ ᠵᠢᠮ᠃  
       — ᠵᠠ᠂ ᠠᠭᠤᠯᠠᠨᠬᠦᠦ ᠮᠢᠨᠢ! ᠠᠩᠬᠠᠨ ᠤ᠋ ᠳᠠᠪᠠᠭ᠎ᠠ ᠰᠢᠯᠭᠠᠯᠲᠠ ᠶ᠋ᠢ ᠴᠢ ᠰᠡᠪ ᠦᠭᠡᠢ ᠳᠠᠪᠠᠴᠢᠬᠠᠯ᠎ᠠ! ᠬᠡᠯᠡᠬᠦ ᠶᠠᠭᠤᠮ᠎ᠠ ᠠᠯᠠᠭ᠎ᠠ᠃ ᠠᠮᠠᠨ ᠳ᠋ᠤ᠌ ᠣᠷᠣᠲᠠᠯ᠎ᠠ ᠠᠷᠪᠠᠨ ᠳᠠᠪᠠᠭ᠎ᠠ ᠭᠡᠳᠡᠭ ᠰᠢᠦ ᠭᠡᠬᠦ ᠳ᠋ᠦ᠍ ᠬᠣᠢᠮᠣᠷ ᠲᠡᠪᠡᠷᠢᠭᠰᠡᠨ ᠨᠥᠭᠦᠭᠡ ᠲᠣᠮᠣᠭᠣᠲᠠᠳ᠄  
       — ᠲᠡᠢᠮᠦ ᠠ᠋ ᠭᠡᠵᠡᠭᠡᠨ ᠡᠯᠳᠡᠩᠭᠡ ᠳ᠋ᠦ᠍ ᠰᠠᠢᠮᠰᠤᠷᠠᠨ ᠪᠥᠬᠥᠯᠵᠡᠨ᠎ᠡ᠃  
       —  ᠠᠭᠤᠯᠠᠨᠬᠦᠦ ᠠ᠋! ᠭᠡᠵᠦ ᠡᠯᠳᠡᠩᠭᠡ ᠲᠡᠭᠦᠨ ᠢ᠋ ᠮᠠᠰᠢᠳᠠ ᠡᠨᠡᠷᠢᠨ ᠳᠠᠭᠤᠳᠠᠭᠰᠠᠨ ᠳ᠋ᠤ᠌ ᠠᠭᠤᠯᠠᠨᠬᠦᠦ᠄ 
       — ᠵᠠ! ᠭᠡᠵᠦ ᠮᠡᠬᠦᠢᠨ ᠳᠤᠤᠭᠠᠷᠪᠠ᠃ 
       — ᠮᠢᠩᠭᠠᠨ ᠬᠤᠰᠢᠭᠤᠨ ᠤ᠋ ᠨᠠᠭᠠᠳᠤᠮ ᠤ᠋ᠨ ᠤᠷᠢᠯᠭ᠎ᠠ ᠡᠨᠳᠡ ᠪᠠᠢᠨ᠎ᠠ᠃ ᠴᠢ ᠶᠠᠪᠤᠵᠤ ᠮᠢᠩᠭᠠᠨ ᠬᠤᠰᠢᠭᠤᠨ ᠤ᠋ ᠨᠠᠢᠷ ᠤ᠋ᠨ ᠪᠥᠬᠡ ᠶ᠋ᠢᠨ ᠮᠥᠷᠥᠢᠴᠡᠭᠡᠨ ᠳ᠋ᠦ᠍ ᠮᠢᠩᠭᠠᠨ ᠤ᠋ ᠲᠡᠮᠦᠷᠳᠦ᠋ᠰᠢ ᠶ᠋ᠢ ᠪᠠᠰᠠ ᠨᠢᠭᠡ ᠰᠢᠷᠤᠢᠳᠠᠭᠤᠯᠴᠢᠬᠠᠭᠠᠳ ᠪᠥᠬᠡ ᠶ᠋ᠢᠨ ᠲᠡᠷᠢᠭᠦᠨ ᠢ᠋ ᠠᠪᠤᠭᠠᠳ ᠢᠷᠡᠪᠡᠯ ᠪᠢ ᠠᠴᠢ ᠥᠬᠢᠨ ᠮᠠᠨᠤᠬᠤᠸᠠᠷ ᠢ᠋ᠶ᠋ᠠᠨ ᠱᠠᠩ ᠤ᠋ᠨ ᠨᠠᠢᠷ ᠬᠢᠵᠦ ᠬᠠᠳᠠᠭ ᠰᠡᠬᠦᠬᠦ ᠪᠡᠯᠡᠭ ᠪᠠᠷᠢᠨ᠎ᠠ! ᠴᠢ ᠴᠢᠳᠠᠨ᠎ᠠ ᠤᠤ? ᠲᠡᠢᠮᠦ ᠵᠣᠷᠢᠭ ᠪᠠᠢᠨ᠎ᠠ ᠤᠤ? ᠭᠡᠪᠡ᠃ 
       — ᠵᠠ᠂ ᠪᠢ ᠪᠠᠷᠠᠭᠤᠨ ᠬᠦᠩ ᠦ᠋ᠨ ᠬᠣᠰᠢᠭᠤ᠂ ᠪᠠᠰᠠ ᠨᠣᠶᠠᠨ ᠲᠠᠨ ᠤ᠋ ᠡᠮᠦᠨ᠎ᠡ ᠡᠴᠡ ᠴᠢᠷᠮᠠᠢᠨ᠎ᠠ᠁ ᠵᠠ᠂ ᠲᠡᠭᠡᠪᠡᠯ ᠰᠠᠢᠨ ᠪᠠᠢᠨ᠎ᠠ ᠭᠡᠰᠡᠨ ᠳ᠋ᠦ᠍ ᠠᠭᠤᠯᠠᠨᠬᠦᠦ ᠲᠡᠨᠳᠡ ᠡᠴᠡ ᠠᠶᠠᠷᠯᠠᠬᠤ ᠳ᠋ᠠᠭᠠᠨ ᠡᠯᠳᠡᠩᠭᠡ ᠶ᠋ᠢ ᠬᠠᠷᠠᠨ《ᠲᠡᠮᠦᠷᠳᠦ᠋ᠰᠢ ᠶ᠋ᠢ ᠬᠠᠶᠠᠵᠤ ᠲᠦᠷᠦᠭᠦᠦ ᠱᠠᠩ ᠢ᠋ ᠠᠪᠤᠭᠠᠳ ᠢᠷᠡᠬᠦ ᠳ᠋ᠦ᠍ ᠲᠠ ᠦᠭᠡ ᠪᠡᠨ ᠮᠡᠯᠵᠢᠬᠦ ᠦᠭᠡᠢ ᠪᠢᠵᠡ⁈ ᠡᠰᠡᠪᠡᠰᠦ ᠪᠠᠰᠠ ᠭᠤᠷᠪᠠᠳᠠᠬᠢ ᠬᠠᠲᠠᠭᠤ ᠳᠠᠪᠠᠭ᠎ᠠ ᠪᠠᠢᠳᠠᠭ ᠰᠠᠨ ᠪᠣᠯ ᠤᠤ ?!》 ᠭᠡᠰᠡᠨ ᠳ᠋ᠦ᠍ ᠡᠯᠳᠡᠩᠭᠡ ᠠᠭᠤᠯᠠᠨᠬᠦᠦ ᠶ᠋ᠢᠨ ᠡᠮᠦᠨ᠎ᠡ ᠡᠴᠡ ᠶᠠᠯᠢ ᠦᠭᠡᠢ ᠢᠨᠢᠶᠡᠵᠦ《᠁ ᠭᠤᠷᠪᠠᠳᠠᠬᠢ ᠬᠠᠲᠠᠭᠤ ᠳᠠᠪᠠᠭ᠎ᠠ ᠪᠠᠢᠳᠠᠭ ᠰᠠᠨ ᠪᠣᠯ ᠠᠴᠢ ᠬᠦᠷᠭᠡᠨ ᠪᠣᠯᠤᠭᠰᠠᠨ ᠴᠢᠮᠠᠶ᠋ᠢ ᠪᠠᠨ ᠮᠠᠩᠨᠠᠢ ᠳᠡᠭᠡᠷ᠎ᠡ ᠴᠢᠨᠢ ᠦᠨᠦᠰᠬᠦ<ᠬᠠᠲᠠᠭᠤ> ᠳᠠᠪᠠᠭ᠎ᠠ ᠪᠣᠯᠤᠨ᠎ᠠ᠁ ᠳᠠᠪᠠᠭᠠᠰᠠᠢ!》 ᠭᠡᠳ ᠶᠡᠬᠡ ᠯᠡ ᠬᠠᠨᠤᠮᠵᠢᠲᠠᠢ ᠬᠥᠬᠥᠷᠡᠨ᠎ᠡ ᠁   


         ᠦᠰᠦᠭ ᠠᠮᠢᠯᠠᠭᠤᠯᠤᠭᠰᠠᠨ ᠨᠢ᠄ <ᠬᠡᠯᠡ ᠪᠢᠴᠢᠭ> ᠬᠣᠯᠪᠣᠭ᠎ᠠ