ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠳᠦᠷᠪᠡ> Хан мунын сүүрс < доорд > – Мөнх зохиоов ᠂Дөдгөөр бодь – Хоёрдугаар бүлэг <14> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠳᠦᠷᠪᠡ> Хан мунын сүүрс < доорд > – Мөнх зохиоов ᠂Дөдгөөр бодь – Хоёрдугаар бүлэг <14>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠳᠦᠷᠪᠡ> Хан мунын сүүрс < доорд > – Мөнх зохиоов ᠂Дөдгөөр бодь – Хоёрдугаар бүлэг <14>

ᠠᠩᠭᠢᠯᠠᠯ:ᠲᠤᠭᠤᠵᠢ ᠷᠣᠮᠠᠨ
2025-06-10

310

ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠳᠦᠷᠪᠡ>


                ᠠᠷᠪᠠᠨ ᠳᠥᠷᠪᠡ  

       ᠡᠨᠡ ᠨᠠᠮᠤᠷ ᠪᠣᠷᠣᠭᠠᠨ ᠬᠤᠰᠠᠷᠠᠵᠤ᠂ ᠠᠭᠤᠯᠠ ᠲᠠᠯ᠎ᠠ ᠴᠢᠷᠠᠢ ᠠᠯᠳᠠᠵᠤ ᠥᠩᠭᠡ ᠨᠢ ᠤᠨᠠᠭᠰᠠᠨ ᠵᠢᠷᠤᠭ ᠰᠢᠭ᠋ ᠬᠤᠵᠢᠭᠠᠷ᠁ 
       ᠨᠠᠮᠤᠷ ᠤ᠋ᠨ ᠬᠤᠭᠤᠰ ᠰᠠᠷ᠎ᠠ ᠶ᠋ᠢᠨ ᠥᠯᠵᠡᠢᠲᠦ ᠡᠳᠦᠷ ᠢ᠋ ᠰᠤᠩᠭᠤᠵᠤ ᠡᠯᠳᠡᠩᠭᠡ ᠠᠴᠢ ᠬᠡᠦᠬᠡᠨ ᠮᠠᠨᠤᠬᠤᠸᠠᠷ ᠢ᠋ᠶ᠋ᠠᠨ ᠮᠣᠷᠳᠠᠭᠤᠯᠬᠤ ᠨᠢᠵᠢᠭᠡᠷ ᠶᠡᠬᠡ ᠨᠠᠢᠷ ᠬᠤᠷᠢᠮ ᠪᠠᠵᠠᠭᠠᠵᠠᠢ᠃ ᠬᠣᠯᠠ ᠣᠢᠷ᠎ᠠ ᠶ᠋ᠢᠨ ᠲᠥᠷᠥᠯ ᠰᠠᠳᠤᠨ᠂ ᠠᠬ᠎ᠠ ᠳᠡᠭᠦᠦ ᠨᠠᠢᠵᠠ ᠠᠨᠳᠠ ᠭᠡᠳ ᠤᠴᠢᠷ ᠦᠭᠡᠢ ᠣᠯᠠᠨ ᠭᠡᠢᠴᠢᠨ ᠵᠣᠴᠢᠨ ᠢᠷᠡᠪᠡ᠃ ᠡᠯᠳᠡᠩᠭᠡ ᠶ᠋ᠢᠨ ᠬᠠᠶᠠᠭᠠᠨ ᠳ᠋ᠤ᠌ ᠮᠠᠢᠬᠠᠨ ᠴᠠᠴᠠᠷ ᠪᠣᠰᠬᠠᠭᠳᠠᠨ ᠮᠣᠷᠢ ᠲᠡᠮᠡᠭᠡ᠂ ᠤᠨᠤᠭ᠎ᠠ ᠬᠥᠰᠬᠡ ᠬᠥᠭᠯᠡᠷᠡᠵᠦ ᠪᠠᠭᠠᠬᠠᠨ ᠨᠠᠢᠷ ᠨᠠᠭᠠᠳᠤᠮ ᠪᠣᠯᠵᠤ ᠪᠠᠢᠭ᠎ᠠ ᠰᠢᠭ᠋ ᠬᠥᠯ ᠬᠥᠭᠡᠷᠴᠡᠭ ᠪᠣᠯᠵᠤ ᠪᠠᠢᠪᠠ᠃ ᠬᠡᠦᠬᠡᠨ ᠬᠦᠷᠭᠡᠵᠦ ᠬᠠᠷᠢ ᠳ᠋ᠤ᠌ ᠮᠣᠷᠳᠠᠭᠤᠯᠬᠤ ᠪᠠᠷ ᠶᠠᠪᠤᠯᠴᠠᠬᠤ ᠬᠣᠲᠠ ᠶ᠋ᠢᠨ ᠲᠦᠷᠦᠭᠦᠦ᠂ ᠬᠡᠯᠡᠮᠦᠷᠴᠢ ᠳᠠᠭᠤᠴᠢ᠂ ᠪᠡᠷᠭᠡᠳ ᠡᠴᠡ ᠠᠪᠤᠭᠠᠳ ᠭᠠᠯᠴᠢ ᠲᠣᠭᠣᠭᠠᠴᠢ᠂ ᠰᠥᠩᠴᠢ᠂ ᠠᠷᠢᠬᠢ ᠪᠠᠷᠢᠬᠤ ᠥᠬᠢᠳ ᠪᠡᠷᠢᠶᠡᠳ᠂ ᠠᠷᠭᠠᠯ ᠲᠦᠯᠡᠭᠡ ᠣᠢᠷᠠᠲᠤᠭᠤᠯᠬᠤ᠂ ᠴᠠᠢ ᠤᠰᠤ ᠪᠤᠴᠠᠯᠭᠠᠵᠤ ᠵᠥᠭᠡᠭᠡᠬᠦ᠂ ᠠᠭᠳᠠᠴᠢ ᠮᠠᠨᠠᠭᠠᠴᠢ ᠳ᠋ᠠᠭᠠᠨ ᠬᠦᠷᠲᠡᠯ᠎ᠡ ᠲᠢᠭ ᠲᠠᠭ ᠪᠣᠯᠪᠠ᠃  ᠬᠤᠷᠢᠮ ᠤ᠋ᠨ ᠶᠠᠪᠤᠳᠠᠯ ᠳ᠋ᠤ᠌ ᠢᠩᠭᠢᠵᠦ ᠬᠤᠪᠢ ᠬᠣᠪᠢᠨ ᠤ᠋ ᠠᠵᠢᠯ ᠬᠤᠪᠢᠶᠠᠷᠢ ᠲᠠᠢ ᠲᠥᠪᠬᠢᠨᠡᠭᠰᠡᠨ ᠢ᠋ ᠬᠡᠯᠡᠬᠦ ᠶᠠᠭᠤᠨ᠃ 
       ᠬᠤᠯᠤᠭᠠᠨ᠎ᠠ ᠴᠠᠭ ᠲᠤ ᠬᠦᠷᠭᠡᠨ ᠲᠠᠯ᠎ᠠ ᠶ᠋ᠢᠨ ᠬᠢᠨ ᠦ᠌ ᠳᠣᠷᠵᠢᠰᠦ᠋ᠷᠦᠩ ᠭᠡᠳᠡᠭ ᠵᠢᠷᠮᠡᠢᠬᠰᠠᠨ ᠬᠠᠷ᠎ᠠ ᠰᠠᠬᠠᠯ ᠲᠠᠢ ᠡᠪᠦᠭᠡᠨ ᠬᠤᠷᠢᠮ ᠤ᠋ᠨ ᠲᠦᠷᠦᠭᠦᠦ ᠪᠡᠷ ᠠᠬᠠᠯᠠᠵᠤ᠂ ᠬᠦᠷᠭᠡᠨ ᠬᠦᠦ᠂ ᠳᠠᠭᠠᠭᠤᠷ ᠬᠦᠷᠭᠡᠨ᠂ ᠬᠡᠯᠡᠮᠦᠷᠴᠢ ᠬᠡᠰᠢᠭᠳᠡᠯᠭᠡᠷ᠂ ᠮᠥᠷᠭᠥᠭᠦᠯᠦᠭᠰᠡᠨ ᠪᠡᠷᠭᠡᠨ ᠵᠡᠷᠭᠡ ᠵᠠᠪᠠᠯ ᠶᠠᠪᠤᠯᠴᠠᠳᠠᠭ ᠠᠮᠠ ᠬᠡᠯᠡᠨ ᠳ᠋ᠡᠭᠡᠨ ᠰᠠᠢᠨ᠂ ᠠᠷᠢᠬᠢ ᠳᠡᠷᠡᠰᠦᠨ ᠳ᠋ᠦ᠍ ᠴᠦ᠍ ᠳᠠᠭᠠᠭᠠᠴᠠᠲᠠᠢ ᠠᠷᠪᠠᠭᠠᠳ ᠬᠥᠮᠦᠰ᠂ ᠳᠤᠮᠳᠠ ᠭᠣᠣᠯ ᠤ᠋ᠨ ᠠᠮᠠᠨ ᠳ᠋ᠤ᠌ ᠪᠠᠢᠭ᠎ᠠ ᠡᠯᠳᠡᠩᠭᠡ ᠶ᠋ᠢᠨ ᠬᠠᠶᠠᠭᠠᠨ ᠳ᠋ᠤ᠌ ᠪᠠᠭᠤᠪᠠ᠃ 
       ᠭᠣᠣᠯ ᠬᠤᠷᠢᠮ ᠤ᠋ᠨ ᠴᠠᠴᠠᠷ ᠮᠠᠢᠬᠠᠨ ᠠ᠋ᠴᠠ ᠨᠡᠯᠢᠶᠡᠳ ᠵᠠᠢᠰᠬᠠᠨ ᠲᠠᠯ᠎ᠠ ᠳᠡᠭᠡᠷ᠎ᠡ ᠢᠰᠡᠭᠡᠢ ᠳᠡᠪᠢᠰᠴᠦ ᠤᠭᠲᠤᠯᠭ᠎ᠠ ᠶ᠋ᠢᠨ ᠰᠢᠷᠡᠭᠡ ᠪᠠᠢᠵᠠᠭᠠᠭᠰᠠᠨ ᠪᠠᠢᠨ᠎ᠠ᠃ ᠬᠣᠶᠠᠷ ᠬᠡᠯᠡᠮᠦᠷᠴᠢ ᠡᠴᠡ ᠰᠡᠷᠵᠢᠮ ᠡᠷᠭᠦᠵᠦ ᠤᠷᠠᠨ ᠦᠭᠡ ᠶ᠋ᠢᠨ ᠰᠡᠴᠡᠨ ᠪᠤᠯᠢᠶᠠᠯᠳᠤᠵᠤ ᠡᠬᠢᠯᠡᠪᠡ:  
       ᠬᠡᠦᠬᠡᠨ ᠦ᠌ ᠲᠠᠯ᠎ᠠ ᠶ᠋ᠢᠨ ᠬᠡᠯᠡᠮᠦᠷᠴᠢ ᠵᠣᠳᠪᠠ᠄ 
           ᠣᠮ ᠰᠠᠢᠨ ᠠᠮᠤᠭᠤᠯᠠᠩᠳᠠᠨ ᠪᠣᠯᠲᠤᠭᠠᠢ! 
           ᠡᠩᠬᠡ ᠰᠠᠢᠨ ᠵᠢᠷᠭᠠᠯᠠᠩᠲᠠᠨ ᠪᠣᠯᠲᠤᠭᠠᠢ! 
           ᠪᠠᠭ ᠤᠯᠠᠭᠠᠨ ᠵᠠᠯᠭ᠎ᠠ ᠲᠠᠢ 
           ᠪᠠᠳᠮᠠᠷᠠᠭ ᠬᠦᠷᠡᠩ ᠵᠢᠩᠰᠡ ᠲᠡᠢ 
           ᠰᠢᠬᠦᠷ ᠤᠯᠠᠭᠠᠨ ᠵᠠᠯᠠᠭ᠎ᠠ ᠲᠠᠢ 
           ᠱ᠌ᠢᠷᠦᠨ ᠡᠷᠳᠡᠨᠢ ᠶ᠋ᠢᠨ ᠵᠢᠩᠰᠡ ᠲᠡᠢ 
           ᠲᠣᠳᠣ ᠰᠠᠢᠬᠠᠨ ᠪᠠᠢᠳᠠᠯ ᠲᠠᠢ 
           ᠲᠣᠭᠣᠰ ᠤ᠋ᠨ ᠥᠲᠥᠨ ᠤᠲᠤᠭ᠎ᠠ ᠲᠠᠢ 
           ᠲᠣᠮᠣᠭᠠᠲᠠᠢᠬᠠᠨ ᠠᠮᠪᠠᠨ ᠨᠠᠷ 
           ᠳᠠᠶᠠᠭᠠᠷ ᠪᠦᠭᠦᠳᠡᠭᠡᠷ ᠢ᠋ᠶ᠋ᠡᠨ ᠠᠮᠤᠷᠬᠠᠨ ᠤᠤ? ᠭᠡᠵᠦ ᠡᠪᠦᠳᠦᠭ ᠨᠤᠭᠤᠯᠤᠨ ᠰᠥᠬᠥᠷᠡᠨ᠎ᠡ᠃  
       ᠬᠦᠷᠭᠡᠨ ᠦ᠌ ᠲᠠᠯ᠎ᠠ ᠶ᠋ᠢᠨ ᠬᠡᠯᠡᠮᠦᠷᠴᠢ ᠭᠡᠰᠢᠭᠳᠡᠯᠭᠡᠷ᠄ 
           ᠣᠮ ᠰᠠᠢᠨ ᠠᠮᠤᠭᠤᠯᠠᠩᠳᠠᠨ ᠪᠣᠯᠲᠤᠭᠠᠢ! 
           ᠡᠩᠬᠡ ᠰᠠᠢᠨ ᠵᠢᠷᠭᠠᠯᠠᠩᠳᠠᠨ ᠪᠣᠯᠲᠤᠭᠠᠢ! 
           ᠪᠠᠲᠤ ᠰᠠᠢᠬᠠᠨ ᠪᠠᠢᠳᠠᠯ ᠲᠠᠢ 
           ᠪᠠᠵᠠᠷ ᠣᠯᠠᠨ ᠲᠥᠷᠥᠯ ᠲᠡᠢ 
           ᠪᠠᠶᠠᠨ ᠥᠯᠵᠡᠢ ᠨᠤᠲᠤᠭ ᠲᠠᠢ 
           ᠪᠠᠳᠠᠷᠠᠬᠤ ᠰᠢᠨᠵᠢ ᠲᠡᠢ 

           ᠲᠥᠪ ᠰᠠᠢᠬᠠᠨ ᠪᠠᠢᠳᠠᠯ ᠲᠠᠢ 
           ᠲᠡᠭᠦᠰ ᠦᠨᠦᠷ ᠲᠥᠷᠥᠯ ᠲᠡᠢ 
           ᠲᠦᠪᠰᠢᠨ ᠳᠡᠭᠡᠳᠦᠰ ᠠᠮᠪᠠᠰ ᠬᠤᠳᠠᠭᠠᠢ ᠨᠠᠷ 
           ᠳᠠᠶᠠᠭᠠᠷ ᠪᠦᠭᠦᠳᠡ ᠠᠮᠤᠷᠬᠠᠨ ᠤᠤ? ᠭᠡᠵᠦ ᠬᠠᠷᠢᠭᠤᠯᠤᠨ ᠰᠥᠬᠥᠷᠡᠪᠡ᠃  
       ᠵᠣᠳᠪᠠ᠄ 
           —᠁  
           ᠤᠭ ᠨᠤᠲᠤᠭ ᠬᠠᠮᠢᠭᠠᠭᠤᠷ ᠪᠣᠢ? 
           ᠤᠳᠤᠮ ᠰᠠᠳᠤᠨ ᠬᠡᠨ ᠦ᠌ ᠬᠢ ᠪᠣᠢ?  
           ᠲᠥᠷᠥᠭᠰᠡᠨ ᠨᠤᠲᠤᠭ ᠬᠠᠮᠢᠭᠠᠭᠤᠷ ᠪᠣᠢ? 
           ᠲᠥᠷᠥᠯ ᠤᠳᠤᠮ ᠬᠡᠨ ᠦ᠌ ᠬᠢ ᠪᠣᠢ?  
       ᠬᠡᠰᠢᠭᠳᠡᠯᠭᠡᠷ᠄ 
           —᠁  
           ᠤᠭ ᠨᠤᠲᠤᠭ ᠬᠥᠯᠥᠨ ᠪᠤᠢᠷ  
           ᠤᠳᠤᠮ ᠰᠠᠳᠤᠨ ᠪᠤᠷᠬᠠᠢ ᠵᠠᠰᠠᠭ ᠭᠤᠷᠪᠠᠨ ᠬᠦᠩ  
           ᠲᠥᠷᠥᠭᠰᠡᠨ ᠨᠤᠲᠤᠭ ᠬᠥᠯᠥᠨ ᠪᠤᠢᠷ  
           ᠲᠥᠷᠥᠯ ᠤᠳᠤᠮ ᠬᠠᠪᠤᠲᠤ ᠬᠠᠰᠠᠷ ᠤ᠋ᠨ ᠦᠷ᠎ᠡ  
           ᠡᠳᠦᠬᠡ — 
           ᠬᠠᠨ ᠮᠤᠨᠠ ᠶ᠋ᠢᠨ ᠥᠪᠥᠷ ᠲᠦ᠍  
           ᠬᠠᠲᠤᠨ ᠭᠣᠣᠯ ᠤ᠋ᠨ ᠬᠥᠪᠡᠭᠡ ᠳ᠋ᠦ᠍  
           ᠠᠪᠤ ᠡᠵᠢ ᠶ᠋ᠢᠨ ᠢ᠋ᠶ᠋ᠡᠨ ᠪᠤᠶᠠᠨ ᠬᠡᠰᠢᠭᠲᠦ  
           ᠠᠭᠠᠷᠤᠳᠠᠢ ᠠᠭᠤᠯᠠ ᠶ᠋ᠢᠨ ᠡᠩᠭᠡᠷ ᠲᠦ᠍ ᠪᠣᠢ᠁  
       ᠵᠣᠳᠪᠠ᠄ 
           — ᠁  
           ᠬᠠᠷᠠᠩᠭᠤᠢ ᠰᠥᠨᠢ ᠪᠡᠷ 
           ᠬᠠᠪ ᠵᠢᠪ ᠳᠣᠣᠭᠤᠷᠳᠠᠭ 
           ᠦᠦᠷ ᠴᠦᠦᠷ ᠢ᠋ᠶ᠋ᠡᠷ 
           ᠥᠪᠥᠷ ᠴᠥᠪᠥᠷ ᠶᠠᠪᠤᠳᠠᠭ 
           ᠶᠠᠭᠤᠨ ᠤ᠋ ᠬᠥᠮᠦᠰ ᠪᠣᠢ?  
       ᠬᠡᠰᠢᠭᠳᠡᠯᠭᠡᠷ᠄ 
           — ᠬᠠᠷᠠᠩᠭᠤᠢ ᠰᠥᠨᠢ 
           ᠬᠠᠪ ᠵᠢᠪ ᠳᠤᠤᠭᠠᠷᠪᠠᠴᠤ 
           ᠬᠠᠯᠠᠭᠤᠨ ᠤᠷᠤᠭ ᠴᠢᠨᠢ ᠪᠠᠢᠨ᠎ᠠ  
           ᠦᠦᠷ ᠴᠦᠦᠷ ᠢ᠋ᠶ᠋ᠡᠷ  
           ᠥᠪᠥᠷ ᠴᠥᠪᠥᠷ ᠶᠠᠪᠤᠪᠠᠴᠤ  
           ᠥᠪᠡᠷ ᠦ᠋ᠨ ᠴᠢᠨᠢ ᠤᠷᠤᠭ ᠪᠠᠢᠨ᠎ᠠ!  
           ᠡᠭᠦᠳᠡ ᠬᠠᠭᠠᠯᠭ᠎ᠠ ᠪᠠᠨ ᠳᠠᠷᠤᠭᠠᠳ 
           ᠥᠪᠥᠷ ᠲᠦᠪᠦᠷ ᠭᠡᠳ ᠪᠠᠢᠳᠠᠭ ᠨᠢ ᠶᠠᠭᠤ ᠪᠣᠢ ᠭᠡᠬᠦ ᠳ᠋ᠦ᠍ ᠴᠠᠭᠠᠨ᠎ᠠ ᠨᠢ ᠪᠠᠰᠠ《ᠰᠥᠩ ᠴᠠᠯᠭᠢᠭᠤᠯᠤᠨᠠᠮ》 ᠭᠡᠵᠦ ᠬᠦᠷᠭᠡᠨ ᠲᠠᠯ᠎ᠠ ᠶ᠋ᠢᠨ ᠰᠣᠵᠢᠭ ᠲᠡᠢ ᠰᠥᠩ ᠢ᠋ ᠠᠯᠳᠠᠭᠤᠯᠬᠤ ᠭᠡᠵᠦ ᠪᠤᠯᠢᠶᠠᠯᠳᠤᠨ ᠪᠤᠵᠢᠭᠢᠨᠠᠨ᠎ᠠ᠃

       ᠵᠣᠳᠪᠠ᠄ 
           —᠁ 
           ᠳᠣᠯᠣᠭᠠᠨ ᠡᠷᠳᠡᠨᠢ 
           ᠨᠠᠢ᠍ᠮᠠᠨ ᠲᠠᠬᠢᠯᠲᠤ 
           ᠲᠣᠷᠭᠠᠨ ᠬᠠᠳᠠᠭ 
           ᠨᠠᠷᠠ ᠶ᠋ᠢ ᠪᠦᠷᠬᠦᠬᠦ 
           ᠨᠢᠨᠳᠠᠷ ᠬᠠᠳᠠᠭ 
           ᠰᠠᠷᠠ ᠶ᠋ᠢ ᠪᠦᠷᠬᠦᠬᠦ 
           ᠰᠠᠮᠪᠠᠢ ᠬᠠᠳᠠᠭ 
           ᠣᠳᠣᠨ ᠢ᠋ ᠪᠦᠷᠬᠦᠬᠦ ᠸᠴᠢᠷ ᠬᠠᠳᠠᠭ ᠠᠪᠴᠢᠷᠠᠪᠠ ᠤᠤ?  
       ᠬᠡᠰᠢᠭᠳᠡᠯᠭᠡᠷ᠄ 
           —᠁  
           ᠳᠣᠯᠣᠭᠠᠨ ᠡᠷᠳᠡᠨᠢ 
           ᠨᠠᠢ᠍ᠮᠠᠨ ᠲᠠᠬᠢᠯᠲᠤ 
           ᠲᠣᠷᠭᠠᠨ ᠬᠠᠳᠠᠭ ᠤ᠋ᠨ ᠣᠷᠣᠨ ᠳ᠋ᠤᠨᠢ 
           ᠳᠣᠯᠣᠭᠠᠨ ᠳᠣᠭᠰᠢᠳ 
           ᠨᠠᠢ᠍ᠮᠠᠨ ᠪᠣᠳᠢᠰᠠᠳ᠋ᠸ᠎ᠠ ᠨᠠᠷ 
           ᠴᠢᠩᠭᠢᠰ ᠪᠣᠭᠳᠠ ᠶ᠋ᠢᠨ ᠠᠳᠢᠰᠯᠠᠭᠰᠠᠨ 
           ᠴᠡᠩᠬᠡᠷ ᠲᠣᠷᠭᠠᠨ ᠬᠠᠳᠠᠭ 
           ᠨᠠᠷᠠᠨ ᠪᠠᠨᠴᠢᠨ ᠤ᠋ ᠠᠳᠢᠰᠯᠠᠭᠰᠠᠨ  
           ᠨᠠᠷᠠ ᠪᠦᠷᠬᠦᠬᠦ ᠨᠢᠨᠳᠠᠷ ᠬᠠᠳᠠᠭ 
           ᠰᠠᠷᠠᠨ ᠪᠠᠨᠴᠢᠨ ᠤ᠋ ᠠᠳᠢᠰᠯᠠᠭᠰᠠᠨ 
           ᠰᠠᠷᠠ ᠶ᠋ᠢ ᠪᠦᠷᠬᠦᠬᠦ ᠰᠠᠮᠪᠠᠢ ᠬᠠᠳᠠᠭ 
           ᠸᠴᠢᠷᠪᠠᠨᠢ ᠶ᠋ᠢᠨ ᠠᠳᠢᠰᠯᠠᠭᠰᠠᠨ 
           ᠸᠴᠢᠷ ᠲᠡᠢ ᠲᠣᠯᠣᠭᠠᠢ ᠬᠠᠳᠠᠭ 
           ᠴᠥᠮ ᠠᠪᠴᠢᠷᠠᠭᠰᠠᠨ ᠭᠡᠵᠦ ᠮᠡᠳᠡᠭᠦᠯᠵᠦ ᠪᠠᠢᠨ᠎ᠠ᠃  
       ᠵᠣᠳᠪᠠ᠄ 
           —᠁  
           ᠶᠡᠷᠦ ᠶ᠋ᠢᠨ ᠭᠤᠷᠪᠠᠨ ᠲᠣᠪᠴᠢ 
           ᠶᠢᠷᠲᠢᠨᠴᠦ ᠶ᠋ᠢᠨ ᠳᠥᠷᠪᠡᠨ ᠲᠣᠪᠴᠢ  
           ᠡᠨᠡ ᠳᠣᠯᠣᠭᠠᠨ ᠲᠣᠪᠴᠢ ᠭᠡᠭᠴᠢ ᠨᠢ 
           ᠶᠠᠭᠤ ᠶᠠᠭᠤ ᠪᠣᠢ? 
           ᠲᠠᠢᠯᠵᠤ ᠬᠠᠷᠢᠭᠤᠯ!  
       ᠬᠡᠰᠢᠭᠳᠡᠯᠭᠡᠷ᠄ 
           — ᠶᠡᠷᠦ ᠶ᠋ᠢᠨ ᠭᠤᠷᠪᠠᠨ ᠲᠣᠪᠴᠢ ᠭᠡᠪᠡᠯ᠄  

           ᠥᠨᠳᠥᠷ ᠢ᠋ ᠲᠣᠪᠴᠢᠯᠠᠭᠰᠠᠨ  
           ᠰᠦᠮᠪᠦᠷ ᠠᠭᠤᠯᠠ ᠨᠢᠭᠡ ᠲᠣᠪᠴᠢ᠃  
           ᠥᠷᠭᠡᠨ ᠢ᠋ ᠲᠣᠪᠴᠢᠯᠠᠭᠰᠠᠨ 
           ᠰᠦᠨ ᠳᠠᠯᠠᠢ ᠨᠢᠭᠡ ᠲᠣᠪᠴᠢ᠃ 
           ᠦᠨᠳᠦᠰᠦ ᠶ᠋ᠢ ᠲᠣᠪᠴᠢᠯᠠᠭᠰᠠᠨ 
           ᠭᠠᠯᠪᠠᠷᠠᠭᠴᠠ ᠽᠠᠨᠳᠠᠨ ᠮᠣᠳᠣ ᠨᠢᠭᠡ ᠲᠣᠪᠴᠢ᠃  
           ᠡᠢᠮᠦ ᠭᠤᠷᠪᠠᠨ ᠲᠣᠪᠴᠢ ᠪᠣᠯᠠᠢ!  
           ᠶᠢᠷᠲᠢᠨᠴᠦ ᠶ᠋ᠢᠨ ᠳᠥᠷᠪᠡᠨ ᠲᠣᠪᠴᠢ ᠭᠡᠪᠡᠯ᠄  
           ᠣᠭᠲᠠᠷᠭᠤᠢ ᠶ᠋ᠢ ᠲᠣᠪᠴᠢᠯᠠᠭᠰᠠᠨ  
           ᠨᠠᠷᠠᠨ ᠰᠠᠷᠠᠨ ᠬᠣᠶᠠᠷ ᠲᠣᠪᠴᠢ᠃  
           ᠣᠷᠴᠢᠯᠠᠩ ᠢ᠋ ᠲᠣᠪᠴᠢᠯᠠᠭᠰᠠᠨ  
           ᠲᠥᠷᠥ ᠱᠠᠰᠢᠨ ᠬᠣᠶᠠᠷ ᠲᠣᠪᠴᠢ᠃  
           ᠭᠤᠷᠪᠠ ᠳᠥᠷᠪᠡ ᠶ᠋ᠢᠨ  
           ᠳᠣᠯᠣᠭᠠᠨ ᠲᠣᠪᠴᠢ ᠡᠨᠡ ᠪᠣᠯᠠᠢ᠁ ᠭᠡᠳ ᠬᠦᠷᠭᠡᠨ ᠲᠠᠯ᠎ᠠ ᠶ᠋ᠢᠨ ᠭᠡᠢᠴᠢᠳ ᠬᠠᠰᠢᠯᠭ᠎ᠠ ᠨᠢ ᠰᠡᠲᠡᠷᠡᠭᠰᠡᠨ ᠤᠰᠤ ᠰᠢᠭ᠋ ᠨᠥᠷᠢᠨ ᠢᠷᠡᠬᠦ ᠳ᠋ᠦ᠍ ᠡᠭᠦᠳᠡ ᠶ᠋ᠢᠨ ᠬᠥᠮᠦᠰ ᠴᠦ᠍ ᠠᠷᠭ᠎ᠠ ᠪᠤᠶᠤ ᠡᠭᠦᠳᠡ ᠪᠡᠨ ᠣᠩᠭᠣᠢᠯᠭᠠᠨ ᠬᠦᠷᠭᠡᠨ ᠲᠠᠯ᠎ᠠ ᠶ᠋ᠢᠨ ᠭᠡᠢᠴᠢᠳ ᠢ᠋ ᠮᠠᠢᠬᠠᠨ ᠳ᠋ᠤ᠌ ᠣᠷᠣᠭᠤᠯᠤᠨ᠎ᠠ᠃  
       ᠡᠢᠨ ᠬᠦ᠌ ᠤᠷᠠᠳ ᠮᠣᠩᠭᠣᠯ ᠤ᠋ᠨ ᠶᠣᠰᠣᠭᠠᠷ ᠬᠤᠷᠢᠮ ᠤ᠋ᠨ ᠵᠠᠩ ᠵᠢᠷᠤᠮ ᠲᠢᠭ ᠲᠠᠭ ᠶᠠᠪᠤᠭᠳᠠᠵᠤ᠂ ᠠᠷᠢᠬᠢ ᠰᠥᠩᠨᠡᠨ ᠰᠠᠪᠠ ᠰᠠᠭᠠᠯᠢ ᠲᠠᠯᠪᠢᠵᠤ᠂ ᠰᠥᠩ ᠦ᠋ᠨ ᠬᠠᠷᠢᠭᠤ ᠬᠠᠷᠢᠭᠤ ᠠᠷᠢᠬᠢ ᠪᠠᠷᠢᠭᠰᠠᠨ ᠤ᠋ ᠳᠠᠷᠠᠭ᠎ᠠ ᠬᠦᠷᠭᠡᠨ ᠲᠠᠯ᠎ᠠ ᠶ᠋ᠢᠨ ᠮᠠᠩᠨᠠᠢ ᠳᠠᠭᠤᠴᠢᠨ ᠭᠤᠷᠪᠠᠨ ᠳᠠᠭᠤᠤ ᠶ᠋ᠢᠨ ᠠᠶ᠎ᠠ ᠡᠷᠭᠦᠨ᠎ᠡ᠃ 
       ᠵᠠᠯᠭᠠᠭᠠᠳ ᠬᠡᠦᠬᠡᠨ ᠮᠣᠷᠳᠠᠭᠤᠯᠬᠤ ᠭᠣᠣᠯ ᠨᠠᠢᠷ ᠡᠬᠢᠯᠡᠵᠦ《ᠭᠤᠷᠪᠠᠨ ᠪᠤᠶᠠᠨ》 ᠤ᠋ ᠠᠶ᠎ᠠ ᠠ᠋ᠴᠠ ᠡᠬᠢ ᠠᠪᠴᠤ ᠰᠢᠯᠦᠭ ᠳᠠᠭᠤᠤ ᠶ᠋ᠢᠨ ᠤᠷᠲᠤ ᠠᠶ᠎ᠠ ᠮᠠᠢᠬᠠᠨ ᠭᠡᠷ ᠢ᠋ ᠡᠷᠭᠦᠮ᠎ᠡ ᠬᠠᠩᠭᠢᠨᠠᠵᠤ ᠰᠣᠨᠣᠰᠳᠠᠬᠤ ᠰᠠᠢᠬᠠᠨ᠁ ᠵᠠᠯᠭᠠᠭᠠᠳ᠄  
           ᠭᠤᠷᠪᠠᠨ(ᠴᠦ᠍) ᠰᠠᠢᠬᠠᠨ ᠬᠡᠭᠡᠷ ᠮᠣᠷᠢ 
           ᠭᠣᠪᠢᠯ ᠲᠠᠢ ᠰᠠᠢᠬᠠᠨ ᠲᠠᠷᠭᠤᠨ ᠪᠠᠢᠨ᠎ᠠ ᠣᠨᠣᠶᠤ ᠭᠡᠰᠡᠨ ᠶᠦᠮ ᠠ᠋  
           ᠡᠭᠡᠴᠢ ᠳᠡᠭᠦᠦ ᠭᠤᠷᠪᠠᠭᠤᠯᠠ ᠶ᠋ᠢ ᠠᠳᠠᠯᠢᠬᠠᠨ ᠥᠰᠬᠡᠭᠰᠡᠨ  
           ᠠᠪᠤ ᠡᠵᠢ ᠬᠣᠶᠠᠷ ᠶᠤᠮ ᠠ᠋᠁ ᠭᠡᠵᠦ ᠰᠢᠷᠦᠩᠬᠠᠢᠯᠠᠵᠤ ᠡᠯᠭᠦᠭᠡᠳ ᠠᠶ᠎ᠠ ᠰᠢᠯᠦᠭ ᠲᠡᠭᠦᠰᠬᠦ ᠶ᠋ᠢᠨ ᠲᠣᠯᠣᠭᠠᠢ ᠳᠡᠭᠡᠷ᠎ᠡ《ᠠᠶ᠎ᠠ ᠪᠠᠨ ᠰᠡᠭᠡᠭᠡ! ᠰᠠᠢᠬᠠᠨ ᠪᠠᠢᠨ᠎ᠠ》 ᠭᠡᠵᠦ ᠨᠢᠭᠡ ᠨᠢ ᠠᠶ᠎ᠠ ᠡᠯᠭᠦᠬᠦ ᠳ᠋ᠦ᠍ ᠨᠠᠢᠷ ᠤ᠋ᠨ ᠰᠢᠷᠡᠭᠡᠨ ᠦ᠌ ᠬᠥᠭᠰᠢᠨ ᠵᠠᠯᠠᠭᠤ ᠪᠦᠭᠦᠳᠡᠭᠡᠷ᠄ 
           ᠠᠶ᠎ᠠ ᠪᠠᠨ ᠰᠡᠬᠡᠭᠡᠳ ᠪᠠᠢᠨ᠎ᠠ ᠳᠠ 
           ᠨᠠᠢᠷᠯᠠᠨ ᠰᠠᠭᠤᠵᠠᠢ ᠠ᠋ 
           ᠠᠰᠢᠳᠠ ᠶ᠋ᠢᠨ ᠠᠮᠤᠷ ᠵᠢᠷᠭᠠᠶ᠎ᠠ᠁ ᠭᠡᠵᠦ ᠲᠦᠷᠠᠨ ᠳᠠᠭᠤᠯᠠᠯᠳᠤᠵᠠᠭᠠᠨ᠎ᠠ᠃  
       ᠰᠠᠷᠬᠤᠳ ᠤ᠋ᠨ ᠬᠠᠯᠠᠭᠤᠨ ᠳ᠋ᠤ᠌ ᠰᠡᠳᠬᠢᠯ ᠰᠠᠭᠠᠭᠰᠠᠨ ᠬᠥᠮᠦᠰ《ᠨᠠᠢᠷ ᠤᠷᠲᠤ ᠪᠣᠯ ᠨᠠᠰᠤ ᠤᠷᠲᠤ ᠠ᠋》 ᠭᠡᠵᠦ ᠰᠥᠨᠢᠵᠢᠨ  ᠨᠠᠢᠷᠯᠠᠬᠤ ᠳ᠋ᠠᠭᠠᠨ ᠠᠮᠠ ᠬᠡᠯᠡᠨ ᠦ᠌ ᠮᠡᠷᠭᠡ᠂ ᠠᠪᠢᠶᠠᠰ ᠪᠢᠯᠢᠭ ᠦ᠋ᠨ ᠮᠥᠷᠥᠢ᠂ ᠠᠷᠢᠬᠢ ᠰᠠᠷᠬᠤᠳ ᠤ᠋ᠨ ᠰᠡᠴᠡ ᠪᠤᠯᠢᠶᠠᠯᠳᠤᠨ ᠳᠡᠭᠡᠷ᠎ᠡ ᠳᠣᠣᠷ᠎ᠠ ᠪᠠᠨ ᠣᠷᠣᠬᠤ ᠦᠭᠡᠢ᠂ ᠨᠢᠭᠡ ᠨᠢ ᠨᠥᠭᠦᠭᠡ ᠪᠡᠨ ᠰᠣᠭᠲᠣᠭᠠᠬᠤ ᠭᠡᠵᠦ ᠨᠣᠣᠷᠠᠯᠳᠤᠭᠠᠳ ᠪᠠᠢᠳᠠᠭ ᠨᠢ ᠬᠤᠷᠢᠮ ᠨᠠᠢᠷ ᠤ᠋ᠨ ᠪᠠᠰᠠ ᠨᠢᠭᠡ ᠳᠤᠲᠠᠵᠤ ᠪᠣᠯᠳᠠᠭ ᠦᠭᠡᠢ ᠠᠭᠤᠯᠭ᠎ᠠ ᠶᠤᠮ ᠪᠠᠢᠨ᠎ᠠ᠃ ᠨᠠᠢᠷ ᠤ᠋ᠨ ᠰᠢᠷᠡᠭᠡ ᠨᠣᠵᠣᠭᠣᠷᠠᠵᠤ ᠨᠡᠯᠢᠶᠡᠳ ᠬᠥᠭ ᠪᠣᠯᠬᠤ ᠳ᠋ᠤ᠌ ᠬᠤᠷᠢᠮ ᠤ᠋ᠨ ᠲᠦᠷᠦᠭᠦᠦ ᠡᠴᠡ ᠳᠠᠭᠤᠴᠢ ᠳ᠋ᠤ᠌ ᠬᠡᠪ ᠦ᠋ᠨ ᠴᠠᠢ ᠬᠠᠳᠠᠭ ᠲᠠᠢ ᠱᠠᠩᠨᠠᠵᠤ᠄ 
         《ᠬᠤᠨ ᠭᠠᠯᠠᠭᠤ ᠰᠢᠭ᠋ ᠳᠠᠭᠤᠨ ᠲᠠᠢ ᠶᠠᠪᠤ  
           ᠬᠤᠯᠤᠰᠤᠨ ᠯᠢᠩᠪᠣᠨ ᠬᠣᠭᠣᠯᠠᠢ ᠲᠠᠢ ᠶᠠᠪᠤ  
           ᠳᠠᠯᠠᠨ ᠡᠬᠡ ᠲᠡᠢ ᠳᠠᠭᠤᠤ ᠶ᠋ᠢ 
           ᠳᠠᠩ ᠳᠠᠩ ᠢ᠋ᠶ᠋ᠠᠷ ᠳᠠᠭᠤᠯᠠᠵᠤ ᠶᠠᠪᠤ  
           ᠳᠠᠯᠠᠢ ᠣᠯᠠᠨ ᠠᠬ᠎ᠠ ᠳᠡᠭᠦᠦ ᠪᠡᠨ 
           ᠬᠥᠭᠵᠢᠭᠡᠲᠡᠯ᠎ᠡ ᠳᠠᠭᠤᠯᠠᠵᠤ ᠶᠠᠪᠤ᠁》 ᠭᠡᠵᠦ ᠢᠷᠥᠭᠡᠨ᠎ᠡ᠃
       ᠰᠢᠭᠦᠰᠦ ᠤᠭᠤᠴᠠ ᠣᠷᠣᠵᠤ᠂ ᠰᠢᠭᠦᠰᠦᠨ ᠦ᠌ ᠢᠷᠦᠭᠡᠯ ᠲᠠᠯᠪᠢᠨ ᠳᠠᠭᠤᠤ ᠶ᠋ᠢᠨ ᠠᠶ᠎ᠠ ᠳᠠᠬᠢᠭᠠᠳ ᠦᠷᠭᠦᠯᠵᠢᠯᠡᠵᠦ ᠮᠠᠰᠢ ᠤᠳᠠᠭᠠᠨ ᠰᠤᠨᠵᠢᠷᠠᠨ᠎ᠠ᠁ 

       ᠦᠦᠷ ᠬᠠᠶᠠᠭᠠᠷᠠᠵᠤ ᠬᠡᠦᠬᠡᠨ ᠮᠣᠷᠳᠠᠬᠤ ᠴᠠᠭ ᠪᠣᠯᠪᠠ᠃ 
       ᠰᠢᠨ᠎ᠡ ᠬᠦᠷᠭᠡᠨ ᠴᠣᠭᠪᠠᠭᠠᠲᠦᠷ ᠦ᠋ᠨ ᠪᠢᠷ᠎ᠠ ᠪᠢᠯᠢᠭ ᠢ᠋ ᠲᠡᠩᠰᠡᠬᠦ ᠭᠡᠵᠦ ᠪᠣᠭᠣᠯᠵᠠᠭᠤᠷ ᠮᠤᠰᠬᠢᠭᠤᠯᠪᠠ᠃ ᠴᠣᠭᠪᠠᠭᠠᠲᠦᠷ ᠠᠪᠠᠯᠢ ᠡᠬᠡᠨᠡᠷ ᠢ᠋ᠶ᠋ᠡᠨ ᠪᠠᠭᠤᠯᠭᠠᠬᠤ ᠳ᠋ᠤ᠌ ᠴᠤ᠌ ᠡᠨᠡ ᠬᠦ᠌ ᠶᠠᠪᠤᠳᠠᠯ ᠲᠣᠬᠢᠶᠠᠯᠳᠤᠭᠰᠠᠨ ᠪᠣᠯᠬᠣᠷ ᠡᠳᠡᠭᠡᠷ ᠶᠣᠰᠣ ᠭᠣᠷᠢᠮ ᠢ᠋ ᠤᠬᠠᠭᠠᠯᠠᠬᠤ ᠳ᠋ᠤ᠌ ᠶᠣᠰᠣᠲᠠᠢ ᠨᠠᠭᠠᠳᠤᠮ ᠰᠢᠭ᠋ ᠰᠠᠨᠠᠭᠳᠠᠨ᠎ᠠ᠃ ᠲᠡᠷᠡ ᠬᠣᠮᠣᠷᠢᠯᠳᠤᠭᠰᠠᠨ ᠣᠯᠠᠨ᠎ᠠ ᠰᠢᠳᠢ ᠪᠡᠨ ᠭᠠᠢᠬᠠᠭᠤᠯᠬᠤ ᠶᠤᠮᠰᠠᠨ ᠭᠡᠵᠦ ᠲᠠᠰᠢᠶᠠᠨ ᠠ᠋ᠴᠠ ᠪᠠᠨ ᠮᠥᠩᠭᠥᠨ ᠬᠤᠢ ᠲᠠᠢ ᠶᠠᠰᠤᠨ ᠪᠠᠷᠢᠭᠤᠯᠲᠤ ᠬᠢᠲᠤᠭ᠎ᠠ ᠪᠠᠨ ᠰᠤᠭᠤᠯᠵᠤ ᠪᠣᠭᠣᠯᠵᠠᠭᠤᠷ ᠤ᠋ᠨ ᠨᠤᠭᠤᠰᠤᠨ ᠲᠠᠯ᠎ᠠ ᠠ᠋ᠴᠠ ᠨᠢ ᠬᠢᠲᠤᠭᠠᠨ ᠤ᠋ ᠡᠰᠢ ᠪᠡᠷ ᠡᠪᠯᠡᠩᠬᠡᠨ ᠴᠢᠴᠢᠭᠰᠡᠨ ᠳ᠋ᠦ᠍ ᠨᠤᠭᠤᠰᠤᠨ ᠤ᠋ ᠣᠷᠣᠨ ᠳ᠋ᠤ᠌ ᠰᠢᠷᠭᠤᠭᠤᠯᠤᠭᠰᠠᠨ ᠰᠢᠭᠡᠵᠡᠢ ᠬᠤᠷᠤᠭᠤ ᠬᠢᠷᠢᠲᠡᠢ ᠤᠯᠠᠭᠠᠨ ᠰᠤᠬᠠᠢ ᠶ᠋ᠢᠨ ᠭᠣᠣᠯ ᠮᠤᠯᠲᠤ ᠦᠰᠦᠷᠪᠡ᠃ ᠴᠣᠭᠪᠠᠭᠠᠲᠦᠷ ᠫᠢᠷᠳ᠋ ᠭᠡᠲᠡᠯ᠎ᠡ ᠪᠣᠭᠣᠯᠵᠠᠭᠤᠷ ᠬᠦᠵᠦᠭᠦᠦ ᠶ᠋ᠢ ᠮᠤᠰᠬᠢᠪᠡᠯ《ᠰᠠᠢᠨ ᠡᠷ᠎ᠡ!》 ᠭᠡᠵᠦ ᠬᠥᠮᠦᠰ ᠱᠤᠤᠭᠢᠯᠳᠤᠬᠤ ᠳ᠋ᠤ᠌ ᠵᠣᠳᠪᠠ ᠮᠡᠢᠷᠡᠨ ᠴᠦ᠍《ᠮᠠᠨ ᠤ᠋ ᠴᠣᠭᠪᠠᠭᠠᠲᠦᠷ ᠨᠣᠶᠠᠨ ᠤ᠋ ᠬᠡᠢ ᠮᠣᠷᠢ ᠨᠢ ᠳᠡᠭᠳᠡᠬᠦ ᠶᠦᠮ ᠪᠠᠢᠨ᠎ᠠ᠁》 ᠭᠡᠵᠦ ᠬᠤᠨᠳᠠᠭ᠎ᠠ ᠲᠠᠢ ᠪᠠᠨ ᠡᠷᠭᠦᠵᠦ《ᠠᠬ᠎ᠠ ᠳᠡᠭᠦᠦ ᠨᠠᠷ ᠠ᠋! ᠪᠢᠳᠡ ᠳᠠᠶᠠᠭᠠᠷ ᠢ᠋ᠶ᠋ᠠᠨ ᠴᠣᠭᠪᠠᠭᠠᠲᠦᠷ ᠨᠣᠶᠠᠨ ᠤ᠋ ᠪᠠᠶᠠᠷ ᠲᠤ ᠨᠢᠭᠡ ᠭᠡᠮ ᠤᠤᠭᠤᠶ᠎ᠠ! ᠭᠡᠵᠦ ᠣᠯᠠᠨ ᠳ᠋ᠤ᠌ ᠳᠦᠷᠢᠮᠯᠡᠨ ᠬᠥᠨᠲᠥᠷᠵᠦ ᠣᠷᠬᠢᠪᠠ᠃ 
       ᠢᠩᠭᠢᠲᠡᠯ᠎ᠡ ᠬᠡᠦᠬᠡᠨ ᠲᠠᠯ᠎ᠠ ᠶ᠋ᠢᠨ ᠪᠡᠷᠭᠡᠨ ᠫᠤᠩᠰᠣᠭᠳᠤᠯᠮ᠎ᠠ ᠰᠠᠨᠳᠤᠷᠴᠤ᠄ 
       — ᠵᠠ! ᠬᠦᠷᠭᠡᠨ ᠪᠣᠭᠣᠯᠵᠠᠭᠤᠷ ᠢ᠋ ᠴᠦ᠍ ᠪᠣᠯ ᠰᠠᠢᠬᠠᠨ ᠮᠤᠰᠬᠢᠴᠢᠬᠠᠯ᠎ᠠ! ᠣᠳᠣ ᠨᠢᠭᠡ ᠣᠨᠢᠰᠣᠭ᠎ᠠ ᠲᠠᠭᠠᠯᠭᠠᠵᠤ ᠪᠣᠯᠬᠤ ᠤᠤ? ᠭᠡᠰᠡᠨ ᠳ᠋ᠦ᠍ ᠬᠥᠮᠦᠰ᠄ 
       — ᠶᠠᠭ ᠳᠠ! ᠣᠨᠢᠰᠣᠭ᠎ᠠ ᠶ᠋ᠢ ᠳᠠᠭᠠᠵᠤ ᠲᠡᠢᠯᠬᠦ ᠦᠭᠡᠢ ᠪᠣᠯ ᠪᠢᠳᠡ ᠬᠡᠦᠬᠡᠨ ᠢ᠋ᠶ᠋ᠡᠨ ᠥᠭᠬᠦ ᠦᠭᠡᠢ ᠠ᠋! ᠭᠡᠵᠡᠭᠡᠨ᠎ᠡ᠃ ᠫᠤᠩᠰᠤᠭᠳᠤᠯᠮ᠎ᠠ ᠪᠡᠷᠭᠡᠨ ᠭᠡᠭᠴᠢ ᠵᠣᠮᠪᠣᠯᠵᠠᠭᠰᠠᠨ ᠪᠣᠷᠣ ᠪᠦᠰᠡᠭᠦᠢ᠃ ᠠᠮᠠ ᠬᠡᠯᠡ ᠬᠤᠷᠴᠠ᠂ ᠣᠯᠠᠨ ᠬᠤᠷᠢᠮ ᠨᠠᠢᠷ ᠲᠤ ᠪᠡᠷᠭᠡᠨ ᠢ᠋ᠶ᠋ᠡᠷ ᠶᠠᠪᠤᠵᠤ ᠴᠠᠭᠠᠷᠠᠭᠰᠠᠨ ᠲᠣᠯᠣᠭᠠᠢ᠃ ᠬᠡᠦᠬᠡᠨ ᠦ᠌ ᠲᠠᠯ᠎ᠠ ᠶ᠋ᠢ ᠥᠮᠥᠭᠯᠡᠵᠦ᠂ ᠬᠦᠷᠭᠡᠨ ᠬᠦᠦ ᠶ᠋ᠢ ᠭᠠᠴᠢᠵᠤ ᠰᠠᠨᠳᠤᠷᠤᠭᠤᠯᠤᠨ ᠬᠤᠷᠢᠮ ᠨᠠᠢᠷ ᠲᠤ ᠬᠥᠭ ᠨᠡᠮᠡᠨ ᠨᠠᠢᠷ ᠬᠥᠭᠵᠢᠭᠡᠳᠡᠭ ᠤᠬᠠᠭᠠᠨ ᠲᠠᠢ᠃ ᠲᠡᠭᠡᠭᠡᠳ ᠫᠣᠩᠰᠤᠭᠳᠤᠯᠮ᠎ᠠ ᠪᠡᠷᠭᠡᠨ᠄ 
       — ᠠᠯᠤᠩᠭᠤᠸ᠎ᠠ ᠬᠠᠲᠤᠨ 
       ᠠᠷᠪᠠᠨ ᠬᠣᠶᠠᠷ ᠳᠠᠭᠠᠯᠲᠠ ᠲᠠᠢ 
       ᠠᠶᠤᠰᠢ ᠳᠤᠷᠳᠤᠩ ᠠᠯᠴᠢᠭᠤᠷ ᠲᠠᠢ 
       ᠨᠢᠭᠡ ᠮᠥᠩᠭᠥᠨ ᠬᠠᠯᠪᠠᠭ᠎ᠠ ᠲᠠᠢ᠃ ᠡᠨᠡ ᠶᠠᠭᠤ ᠪᠣᠢ? ᠭᠡᠰᠡᠨ ᠳ᠋ᠦ᠍ ᠴᠣᠭᠪᠠᠭᠠᠲᠦᠷ ᠨᠢᠭᠡ ᠬᠡᠰᠡᠭ ᠪᠣᠳᠣᠯᠬᠢᠯᠠᠭᠰᠠᠨ ᠢ᠋ᠶ᠋ᠠᠨ᠄ 
       — ᠵᠠ ᠪᠠᠢᠵᠠ ᠳᠠ᠁ ᠶᠠᠭᠤ ᠪᠢᠯᠡ? ᠭᠡᠵᠦ ᠳᠠᠭᠠᠵᠤ ᠳᠡᠢᠯᠬᠦ ᠦᠭᠡᠢ ᠪᠣᠯᠤᠭᠰᠠᠨ ᠢ᠋ ᠮᠡᠳᠡᠭᠰᠡᠨ ᠵᠣᠳᠪᠠ ᠭᠤᠸᠠᠢ ᠲᠡᠭᠦᠨ ᠦ᠌ ᠠᠷᠤ ᠠ᠋ᠴᠠ ᠰᠡᠮᠡᠬᠡᠷ《ᠡᠪᠴᠢᠭᠦᠦ》 ᠭᠡᠵᠦ ᠰᠠᠨᠠᠭᠤᠯᠤᠭᠰᠠᠨ ᠳ᠋ᠤ᠌ ᠫᠣᠩᠰᠣᠭᠳᠤᠯᠮ᠎ᠠ ᠪᠡᠷᠭᠡᠨ ᠬᠡᠨ ᠡᠴᠡ ᠴᠦ᠍ ᠤᠷᠢᠳ ᠢ᠋ᠶ᠋ᠠᠷ ᠣᠯᠵᠤ ᠰᠣᠨᠣᠰᠤᠭᠠᠳ᠄
       — ᠠ᠂ ᠪᠣᠯᠬᠤ ᠦᠭᠡᠢ᠂ ᠪᠣᠯᠬᠤ ᠦᠭᠡᠢ᠃ ᠵᠣᠳᠪᠠ ᠭᠤᠸᠠᠢ ᠠᠷᠤ ᠠ᠋ᠴᠠ ᠨᠢ ᠬᠡᠯᠡᠪᠡ᠃ ᠲᠡᠭᠦᠨ ᠢ᠋ ᠭᠤᠷᠪᠠᠨ ᠭᠡᠮ ᠠᠷᠢᠬᠢ ᠪᠠᠷ ᠲᠣᠷᠭᠠᠨ᠎ᠠ! ᠭᠡᠰᠡᠨ ᠳ᠋ᠦ᠍ ᠴᠠᠭᠠᠨ᠎ᠠ ᠨᠢ ᠠᠯᠢ ᠬᠡᠳᠦᠢᠨ ᠭᠤᠷᠪᠠᠨ ᠮᠥᠩᠭᠥᠨ ᠴᠥᠭᠥᠴᠡ ᠠᠷᠢᠬᠢ ᠳᠦᠭᠦᠷᠭᠡᠵᠦ ᠲᠠᠯᠪᠢᠭᠰᠠᠨ ᠢ᠋ ᠵᠣᠳᠪᠠ ᠭᠤᠸᠠᠢ ᠶᠠᠭᠤ ᠴᠦ᠍ ᠬᠡᠯᠡᠭᠰᠡᠨ ᠦᠭᠡᠢ ᠤᠤᠭᠤᠪᠠ᠃  ᠤᠭᠰᠠᠷᠠᠭ᠎ᠠ ᠭᠤᠷᠪᠠᠨ ᠴᠥᠭᠥᠴᠡ ᠠᠷᠢᠬᠢ ᠬᠥᠨᠲᠥᠷᠦᠭᠰᠡᠨ ᠵᠣᠳᠪᠠ ᠠᠮᠠ ᠪᠠᠨ ᠢᠷᠪᠠᠢᠯᠭᠠᠨ《ᠠ᠂ ᠮᠥᠨ ᠴᠦ᠍ ᠴᠢᠩᠭ᠎ᠠ ᠡᠳ᠋ ᠠ᠋!》 ᠭᠡᠵᠦ ᠤᠷᠤᠭᠤᠯ ᠢ᠋ᠶ᠋ᠠᠨ ᠠᠷᠴᠢᠩᠭᠠᠨ ᠡᠷᠡᠦ ᠪᠡᠨ ᠰᠢᠪᠲᠤᠷᠠᠪᠠ᠃  
       ᠡᠨᠡ ᠦᠶ᠎ᠡ ᠳ᠋ᠦ᠍ ᠫᠤᠩᠰᠤᠭᠳᠤᠯᠮ᠎ᠠ ᠪᠡᠷᠭᠡᠨ ᠣᠯᠠᠨ ᠤ᠋ ᠳᠤᠮᠳᠠ ᠪᠠᠨ ᠢᠯᠠᠭᠴᠢ ᠶ᠋ᠢᠨ ᠪᠠᠢᠷᠢ ᠲᠠᠢ ᠪᠠᠷ ᠣᠭᠰᠣᠯᠵᠠᠵᠤ᠄ 
       — ᠵᠠ᠂ ᠣᠳᠣ ᠶᠡᠬᠡ ᠣᠨᠢᠰᠣᠭ᠎ᠠ᠁ ᠭᠡᠵᠦ ᠬᠡᠯᠡᠬᠦ ᠳ᠋ᠦ᠍ ᠵᠣᠳᠪᠠ ᠲᠣᠰᠴᠤ᠄ 
       — ᠫᠤᠩᠰᠤᠭᠳᠤᠯᠮ᠎ᠠ ᠠ᠋! ᠬᠣᠶᠠᠭᠤᠯᠠ ᠤᠷᠢᠳ ᠢ᠋ᠶ᠋ᠠᠷ ᠨᠢᠭᠡ ᠭᠡᠮ ᠴᠢᠴᠠᠤᠯᠠᠵᠤ ᠤᠤᠭᠤᠶ᠎ᠠ! ᠭᠡᠳ ᠨᠢᠳᠦ ᠨᠢ ᠶᠠᠯᠢ ᠦᠭᠡᠢ ᠰᠡᠢᠮᠡᠢᠵᠦ ᠪᠠᠢᠭᠰᠠᠨ ᠴᠦ᠍ ᠴᠠᠭᠠᠨ᠎ᠠ ᠪᠠᠨ《ᠫᠤᠩᠰᠤᠭᠳᠤᠯᠮ᠎ᠠ ᠠ᠋᠂ ᠴᠢ ᠬᠢᠷᠢ ᠪᠠᠷᠤᠭᠲᠠᠢᠬᠠᠨ ᠪᠠᠢ!  ᠴᠣᠭ ᠨᠣᠶᠠᠨ ᠤ᠋ ᠪᠡᠷᠢ ᠪᠠᠭᠤᠯᠭᠠᠬᠤ ᠴᠠᠭ ᠢ᠋ ᠰᠠᠭᠠᠲᠠᠭᠠᠪᠠᠯ ᠶᠠᠭᠤ ᠪᠣᠯᠤᠨ᠎ᠠ ᠭᠡᠳᠡᠭ ᠢ᠋ ᠴᠢ ᠥᠪᠡᠷ ᠢ᠋ᠶ᠋ᠡᠨ ᠪᠣᠳᠣ! ᠣᠨᠢᠰᠣᠭ᠎ᠠ ᠶ᠋ᠢ ᠴᠢᠨᠢ ᠳᠠᠭᠠᠵᠤ ᠳᠡᠢᠯᠬᠦ ᠦᠭᠡᠢ ᠣᠯᠠᠨ ᠤ᠋ ᠡᠮᠦᠨ᠎ᠡ ᠲᠣᠷᠭᠠᠭᠳᠠᠵᠤ ᠵᠣᠭᠰᠣᠭ᠎ᠠ ᠬᠦᠷᠭᠡᠨ ᠬᠦᠦ ᠥᠭᠡᠷ᠎ᠡ ᠬᠥᠮᠦᠨ ᠪᠢᠰᠢ ᠰᠢᠦ! ᠪᠠᠷᠠᠭᠤᠨ ᠬᠦᠩ ᠦ᠋ᠨ ᠰᠸᠯᠢᠩ ᠨᠣᠶᠠᠨ ᠪᠠᠢᠨ᠎ᠠ᠁》 ᠭᠡᠰᠡᠨ ᠳᠣᠭᠰᠢᠨ ᠦᠭᠡᠰ ᠦᠰᠦᠷᠬᠢᠯᠡᠵᠦ ᠪᠠᠢᠭ᠎ᠠ ᠰᠢᠭ᠋ ᠬᠠᠷᠠᠭᠳᠠᠭᠰᠠᠨ ᠳ᠋ᠤ᠌ ᠫᠤᠩᠰᠤᠭᠳᠤᠯᠮ᠎ᠠ ᠰᠠᠨᠳᠤᠷᠵᠤ ᠮᠠᠩᠨᠠᠢ ᠳ᠋ᠤᠨᠢ ᠬᠦᠢᠲᠡᠨ ᠬᠥᠯᠥᠰᠥ ᠪᠠᠳᠬᠤᠨ᠎ᠠ᠃  
       ᠵᠣᠳᠪᠠ ᠮᠡᠢᠷᠡᠨ ᠫᠤᠩᠰᠣᠭᠳᠤᠯᠮ᠎ᠠ ᠪᠡᠷᠭᠡᠨ ᠲᠡᠢ ᠴᠢᠴᠠᠤᠯᠠᠭᠰᠠᠨ ᠠᠷᠢᠬᠢ ᠶ᠋ᠢ ᠭᠠᠭᠴᠠᠬᠠᠨ ᠬᠦᠨᠳᠦᠷᠴᠦ ᠣᠷᠬᠢᠭᠰᠠᠨ ᠳ᠋ᠤ᠌ ᠬᠤᠷᠢᠮ ᠤ᠋ᠨ ᠬᠥᠮᠦᠰ《ᠵᠣᠳᠪᠠ ᠭᠤᠸᠠᠢ ᠭᠡᠵᠦ ᠠᠷᠢᠬᠢ ᠶ᠋ᠢ ᠰᠠᠢᠬᠠᠨ ᠤᠤᠭᠤᠵᠤ᠂ ᠦᠭᠡ ᠶ᠋ᠢ ᠴᠦ᠍ ᠡᠪᠲᠡᠢ ᠬᠡᠯᠡᠳᠡᠭ ᠶᠦᠮ ᠠ᠋!》 ᠭᠡᠰᠡᠨ ᠳ᠋ᠦ᠍᠂  ᠪᠡᠷᠭᠡᠳ᠂ ᠳᠠᠭᠠᠭᠤᠷ ᠬᠦᠷᠭᠡᠨ ᠠᠬᠠᠢᠲᠠᠨ ᠨᠠᠷ ᠲᠦᠷᠳ᠋ᠬᠢᠨ ᠪᠢᠴᠢᠭᠢᠨᠡᠵᠦ ᠶᠠᠭᠠᠷᠠᠯᠳᠤᠬᠤ ᠨᠢ ᠮᠣᠷᠳᠠᠯᠭ᠎ᠠ ᠶ᠋ᠢᠨ ᠴᠠᠭ ᠪᠣᠯᠤᠯ᠎ᠠ ᠭᠡᠰᠡᠨ ᠢ᠋ ᠮᠡᠳᠡᠭᠳᠡᠵᠦ᠂ ᠬᠡᠦᠬᠡᠨ ᠲᠠᠯ᠎ᠠ ᠠ᠋ᠴᠠ ᠬᠦᠷᠭᠡᠨ ᠲᠠᠯ᠎ᠠ ᠶ᠋ᠢᠨ ᠬᠢᠨ ᠳ᠋ᠦ᠍ ᠠᠷᠢᠬᠢ ᠱᠣᠭᠰᠢᠭᠤᠯᠵᠤ ᠡᠬᠢᠯᠡᠯ᠎ᠡ᠁  
           ᠠᠯᠢᠮ᠎ᠠ ᠶ᠋ᠢᠨ ᠬᠢᠨᠢ ᠮᠣᠳᠣᠨ ᠳ᠋ᠠᠭᠠᠨ 
           ᠠᠯᠢᠮ᠎ᠠ ᠶᠤᠭᠠᠨ ᠰᠠᠭᠤᠭᠠᠳᠤᠢ  
           ᠠᠭᠠᠰᠢ ᠵᠠᠩ ᠢ᠋ᠶ᠋ᠠᠨ ᠰᠣᠷᠣᠭᠠᠳᠤᠢ  
           ᠬᠡᠦᠬᠡᠨ ᠦᠷ᠎ᠡ ᠬᠥᠮᠦᠨ ᠦ᠌ ᠯᠡ ᠶᠦᠮ ᠠ᠋ ᠬᠦ  
           ᠦᠵᠦᠮ ᠦ᠋ᠨ ᠢ᠋ᠶ᠋ᠡᠨ ᠮᠣᠳᠣᠨ ᠳ᠋ᠠᠭᠠᠨ  
           ᠦᠵᠦᠮ ᠶᠦ᠍ᠭᠡᠨ ᠰᠠᠭᠤᠭᠠᠳᠤᠢ  
           ᠤᠴᠢᠷ ᠶᠣᠰᠣ ᠪᠠᠨ ᠮᠡᠳᠡᠭᠡᠳᠦᠢ  
           ᠬᠡᠦᠬᠡᠨ ᠦᠷ᠎ᠡ ᠬᠥᠮᠦᠨ ᠦ᠌ ᠯᠡ ᠶᠦᠮ ᠠ᠋ ᠬᠦ᠁ ᠭᠡᠵᠦ ᠤᠶᠠᠷᠠᠯᠲᠠᠢ ᠳᠠᠭᠤᠯᠠᠬᠤ ᠳ᠋ᠤ᠌ ᠬᠡᠦᠬᠡᠨ ᠦ᠌ ᠡᠬᠡ ᠲᠦᠷᠦᠭᠦᠯᠡᠨ ᠡᠮᠡᠭᠡ ᠡᠬᠡ᠂ ᠶᠡᠬᠡ ᠠᠪᠠᠭ᠎ᠠ ᠪᠡᠷᠭᠡᠨ᠂  ᠨᠠᠭ᠎ᠠ᠂ ᠠᠪᠠᠭ᠎ᠠ ᠡᠭᠡᠴᠢ ᠨᠠᠷ ᠨᠢ ᠡᠪᠬᠡᠷᠡᠯᠳᠦᠨ ᠤᠬᠢᠯᠠᠯᠳᠤᠵᠤ ᠨᠢᠭᠡ ᠪᠥᠭᠡᠮ ᠪᠣᠯᠤᠨ ᠪᠥᠭᠡᠮᠨᠡᠷᠡᠯᠳᠦᠪᠡ᠃  ᠡᠨᠡ ᠦᠶ᠎ᠡ ᠳ᠋ᠦ᠍ ᠬᠦᠷᠭᠡᠨ ᠬᠦᠦ ᠳ᠋ᠦ᠍ ᠤᠯᠠᠭᠠᠨ ᠳᠤᠷᠳᠤᠩ ᠪᠦᠰᠡ ᠪᠦᠰᠡᠯᠡᠭᠦᠯᠦᠨ ᠬᠥᠬᠦᠦᠷ ᠦ᠋ᠨ ᠳᠠᠯᠢᠩ ᠵᠡᠭᠦᠯᠭᠡᠵᠦ ᠪᠡᠷᠭᠡᠳ ᠰᠦᠷᠡᠬᠡᠢ ᠶᠠᠭᠠᠷᠠᠯᠳᠤᠬᠤ ᠨᠢ ᠴᠣᠭᠨᠢᠭᠤᠨ ᠬᠠᠷᠠᠭᠳᠠᠨ᠎ᠠ᠃
       ᠬᠤᠷᠢᠮ ᠤ᠋ᠨ ᠲᠦᠷᠦᠭᠦᠦ ᠳᠣᠷᠵᠢᠰᠦᠷᠦᠩ ᠡᠪᠦᠭᠡᠨ ᠲᠠᠤᠯᠠᠢ ᠴᠠᠭ ᠤ᠋ᠨ ᠳᠣᠬᠢᠶ᠎ᠠ ᠠᠨᠢᠷᠲᠤᠭᠰᠠᠨ ᠪᠣᠯᠤᠯᠲᠠᠢ ᠬᠤᠨᠳᠠᠭᠠᠨ ᠳ᠋ᠤ᠌ ᠠᠷᠢᠬᠢ ᠰᠥᠩᠨᠡᠵᠦ《ᠠᠯᠲᠠᠢ ᠬᠠᠩᠭᠠᠢ》 ᠶ᠋ᠢ ᠡᠬᠢᠯᠡᠭᠦᠯᠪᠡᠯ ᠭᠡᠷ ᠳᠦᠭᠦᠷᠡᠩ ᠬᠥᠮᠦᠰ ᠬᠣᠷᠮᠣᠢ ᠳ᠋ᠤᠨᠢ ᠬᠡᠢ ᠣᠷᠣᠭᠰᠠᠨ ᠰᠢᠭ᠋ ᠳᠦᠷᠳ᠋ ᠬᠢᠨ ᠪᠣᠰᠴᠤ ᠬᠤᠷᠢᠮ ᠤ᠋ᠨ ᠲᠦᠷᠦᠭᠦᠦ ᠶ᠋ᠢᠨ ᠡᠬᠢᠯᠡᠭᠦᠯᠦᠭᠰᠡᠨ《ᠠᠯᠲᠠᠢ ᠬᠠᠩᠭᠠᠢ》 ᠶ᠋ᠢᠨ ᠠᠶ᠎ᠠ ᠶ᠋ᠢ ᠵᠠᠯᠭᠠᠭᠤᠯᠬᠤ ᠠᠪᠤᠭᠠᠳ ᠳᠠᠭᠤᠯᠠᠯᠳᠤᠭᠰᠠᠭᠠᠷ ᠬᠥᠳᠡᠯᠪᠡ᠃ ᠬᠤᠷᠢᠮ ᠤ᠋ᠨ ᠲᠦᠷᠦᠭᠦᠦ ᠳᠣᠷᠵᠢᠰᠦ᠋ᠷᠦᠩ ᠡᠪᠦᠭᠡᠨ ᠦᠳᠡᠯᠭᠡ ᠶ᠋ᠢᠨ ᠠᠷᠢᠬᠢᠨ ᠠ᠋ᠴᠠ《ᠳᠡᠭᠡᠳᠦ ᠲᠩᠷᠢ ᠶ᠋ᠢᠨ ᠬᠡᠰᠢᠭ᠂ ᠡᠬᠡ ᠳᠡᠯᠡᠬᠡᠢ ᠶ᠋ᠢᠨ ᠪᠤᠶᠠᠨ᠂ ᠡᠵᠡᠨ ᠴᠢᠩᠭᠢᠰ ᠦ᠋ᠨ ᠬᠤᠪᠢ᠁》 ᠭᠡᠵᠦ ᠭᠤᠷᠪᠠᠨᠲᠠ ᠡᠷᠭᠦᠭᠡᠳ ᠠᠷᠢᠬᠢᠨ ᠤ᠋ ᠦᠨᠦᠷ ᠲᠦ᠍ ᠴᠣᠪᠬᠣᠴᠢᠭᠰᠠᠨ ᠮᠣᠷᠢᠨ ᠤ᠋ ᠮᠠᠩᠨᠠᠢ ᠳ᠋ᠤ᠌ ᠭᠤᠷᠪᠠᠨ ᠭᠡᠮ ᠠᠷᠢᠬᠢ ᠮᠢᠯᠢᠶᠠᠨ᠂ ᠥᠪᠡᠷ ᠢ᠋ᠶ᠋ᠡᠨ ᠭᠤᠷᠪᠠᠨ ᠮᠥᠩᠭᠥᠨ ᠴᠥᠭᠥᠴᠡ ᠬᠥᠨᠲᠥᠷᠦᠭᠦᠯᠵᠦ ᠶᠣᠰᠣᠲᠠᠢ ᠭᠠᠷ ᠥᠭᠡᠳᠡ ᠭᠠᠨᠵᠤᠭ᠎ᠠ ᠳᠦᠭᠦᠷᠡᠩ ᠦ᠋ᠨ ᠣᠮᠣᠭᠯᠠᠩ ᠲᠠᠢ ᠮᠣᠷᠳᠠᠪᠠ᠃ ᠠᠷᠢᠬᠢᠨ ᠤ᠋ ᠰᠣᠳᠣᠨ ᠬᠤᠷᠴᠠ ᠦᠨᠦᠷ ᠲᠦ᠍ ᠰᠠᠭᠠᠭᠰᠠᠨ ᠮᠣᠷᠢᠳ ᠲᠣᠯᠣᠭᠠᠢ ᠭᠠᠩᠬᠤᠨ ᠳᠥᠷᠥᠭᠡ ᠪᠤᠯᠢᠶᠠᠯᠴᠠᠵᠤ ᠡᠲᠡᠭᠡᠳ ᠰᠦᠷ ᠵᠢᠪᠬᠤᠭᠠᠲᠠᠢ ᠠᠵᠤᠭᠤ᠃ ᠬᠡᠦᠬᠡᠨ ᠲᠠᠯ᠎ᠠ ᠶ᠋ᠢᠨ ᠬᠢᠨ ᠦ᠌ ᠦᠶ᠎ᠡ ᠬᠤᠷᠠᠭ ᠤ᠋ᠨ ᠵᠠᠯᠠᠭᠤᠰ ᠴᠦ᠍ ᠬᠦᠷᠭᠡᠨ ᠬᠦᠦ ᠶ᠋ᠢᠨ ᠮᠣᠷᠢ ᠤᠨᠤᠭ᠎ᠠ ᠶ᠋ᠢ ᠨᠢᠭᠤᠵᠤ᠂ ᠴᠠᠭ ᠰᠠᠭᠠᠲᠠᠭᠠᠬᠤ ᠲᠣᠭᠯᠠᠭᠠᠮ ᠢ᠋ ᠳᠥᠭᠥᠮ ᠶᠠᠪᠤᠭᠳᠠᠭᠤᠯᠳᠠᠭ ᠤ᠋ᠨ ᠰᠢᠯᠲᠠᠭ ᠨᠢ ᠴᠣᠭᠪᠠᠭᠠᠲᠦᠷ ᠨᠣᠶᠠᠨ ᠤ᠋ ᠵᠡᠷᠭᠡ ᠬᠡᠷᠬᠡᠮ ᠳ᠋ᠦ᠍ᠨᠢ ᠰᠦᠷᠳᠡᠬᠦ ᠲᠡᠢ᠂ ᠲᠠᠯ᠎ᠠ ᠬᠠᠷᠠᠬᠤ ᠲᠠᠢ ᠲᠡᠭᠦᠰᠬᠦ ᠳ᠋ᠦ᠍᠂ ᠬᠥᠮᠦᠰ ᠦ᠋ᠨ ᠰᠠᠨᠠᠭᠠᠨ ᠳ᠋ᠤ᠌ ᠶᠠᠭᠤ ᠨᠢᠭᠡ ᠶᠠᠭᠤᠮ᠎ᠠ ᠲᠠᠲᠠᠭᠳᠠᠭᠰᠠᠨ ᠰᠢᠭ᠋ ᠬᠠᠨᠤᠮᠵᠢ ᠦᠭᠡᠢ ᠬᠣᠴᠣᠷᠤᠭᠰᠠᠨ ᠢ᠋ ᠶᠠᠷᠢᠬᠤ ᠶᠠᠭᠤᠨ ᠪᠢᠯᠡ᠃ ᠡᠢᠨ ᠬᠦ᠌ ᠬᠦᠷᠭᠡᠨ ᠲᠠᠯ᠎ᠠ ᠶ᠋ᠢᠨ ᠬᠢᠨ ᠰᠢᠨ᠎ᠡ ᠬᠥᠮᠦᠨ ᠢ᠋ᠶ᠋ᠡᠨ ᠪᠣᠭᠲᠣᠯᠠᠵᠤ ᠠᠪᠤᠭᠠᠳ ᠣᠯᠵᠠ ᠣᠮᠣᠭᠲᠠᠢ ᠮᠣᠷᠳᠠᠵᠠᠭᠠᠬᠤ ᠳ᠋ᠤ᠌ ᠬᠡᠦᠬᠡᠨ ᠢ᠋ᠶ᠋ᠡᠨ ᠤᠬᠢᠯᠠᠨ ᠬᠠᠢᠯᠠᠨ ᠮᠣᠷᠳᠠᠭᠤᠯᠵᠤ ᠬᠠᠷᠢᠯᠠᠭᠤᠯᠤᠭᠰᠠᠨ ᠡᠯᠳᠡᠩᠭᠡ ᠶ᠋ᠢᠨ ᠬᠢᠨ ᠦ᠌ ᠲᠥᠷᠥᠯ ᠰᠠᠳᠤᠨ᠂ ᠡᠬᠡ ᠡᠭᠡᠴᠢᠮᠡᠳ ᠦ᠋ᠨ ᠰᠡᠳᠬᠢᠯ ᠬᠠᠩᠭᠠᠢᠷᠠᠨ᠁ ᠭᠠᠭᠴᠠ ᠡᠯᠳᠡᠩᠭᠡ ᠶ᠋ᠢᠨ ᠡᠷ᠎ᠡ ᠪᠤᠭᠤᠷᠤᠯ ᠰᠡᠳᠬᠢᠯ ᠳ᠋ᠦ᠍ ᠨᠢᠭᠡ ᠯᠡ ᠣᠯᠵᠠᠷᠬᠠᠭ ᠰᠠᠨᠠᠭᠳᠠᠵᠤ ᠳᠣᠲᠣᠷ᠎ᠠ ᠣᠩᠭᠣᠢᠭᠰᠠᠨ ᠢ᠋ ᠶᠠᠭᠤ ᠪᠠᠷ ᠵᠦᠢᠷᠯᠡᠬᠦ ᠪᠢᠯᠡ⁈ 
          ᠁  
       ᠬᠣᠷᠯᠣ᠎ᠠ ᠴᠣᠷᠭᠢᠯ ᠨᠠᠷᠠ ᠬᠣᠷᠸ᠎ᠠ ᠶ᠋ᠢᠨ ᠰᠣᠨᠢᠨ ᠰᠠᠢᠬᠠᠨ ᠢ᠋ ᠣᠯᠵᠠᠷᠬᠠᠨ ᠬᠠᠷᠠᠬᠤ ᠭᠡᠵᠦ ᠵᠡᠭᠦᠨ ᠬᠥᠲᠥᠯ ᠦ᠋ᠨ ᠴᠠᠭᠠᠨ᠎ᠠ ᠠ᠋ᠴᠠ ᠵᠤᠤᠮᠠᠯᠵᠠᠨ ᠮᠢᠰᠢᠶᠡᠭᠰᠡᠭᠡᠷ ᠮᠠᠨᠳᠤᠯ᠎ᠠ᠃ ᠡᠵᠡᠨ ᠲᠡᠢ ᠪᠡᠨ ᠠᠳᠠᠯᠢᠬᠠᠨ ᠠᠷᠢᠬᠢᠨ ᠳ᠋ᠤ᠌ ᠭᠠᠯᠵᠠᠭᠤᠷᠠᠭᠰᠠᠨ ᠮᠣᠷᠢᠳ ᠤ᠋ᠨ ᠵᠢᠯᠣᠭᠣ ᠰᠤᠭᠰᠤᠷᠤᠨ ᠠᠩᠭᠠᠯᠵᠠᠬᠤ ᠳ᠋ᠤ᠌ ᠨᠠᠷᠠᠨ ᠤ᠋ ᠤᠯᠠᠪᠤᠷ ᠭᠡᠷᠡᠯ ᠳ᠋ᠦ᠍ ᠶᠠᠭᠠᠨ ᠴᠠᠭᠠᠨ ᠲᠣᠭᠣᠰᠣ ᠳᠡᠭᠳᠡᠨ ᠰᠣᠯᠣᠩᠭ᠎ᠠ ᠲᠠᠲᠠᠬᠤ ᠨᠢ ᠶᠠᠭᠤᠲᠠᠢ ᠭᠣᠶᠣ ᠠᠵᠢ ᠠ᠋! ᠮᠣᠩᠭᠣᠯ ᠤᠭᠰᠠᠭᠠᠲᠠᠨ ᠭᠠᠯᠪᠠ ᠶ᠋ᠢᠨ ᠮᠠᠩᠨᠠᠢ ᠶ᠋ᠢ ᠲᠣᠭᠰᠢᠵᠤ ᠭᠠᠵᠠᠷ ᠤ᠋ᠨ ᠬᠦᠢᠰᠦ ᠶ᠋ᠢ ᠳᠡᠯᠡᠳᠦᠨ ᠳᠣᠪᠲᠣᠯᠬᠤ ᠨᠢ ᠶᠠᠭᠤ ᠨᠢᠭᠡ ᠶ᠋ᠢ ᠪᠣᠳᠣᠭᠳᠠᠭᠤᠯᠬᠤ ᠮᠡᠲᠦ᠃ 
       ᠪᠢᠯᠵᠤᠤᠬᠠᠢ ᠶ᠋ᠢᠨ ᠪᠤᠯᠤᠩ ᠤ᠋ᠨ ᠳᠠᠷᠠᠰᠤ ᠶ᠋ᠢ ᠲᠤᠭᠤᠯᠵᠤ ᠲᠠᠨᠠᠭᠠᠯᠵᠢ ᠶ᠋ᠢᠨ ᠲᠠᠯ᠎ᠠ ᠬᠦᠷᠬᠦ ᠳ᠋ᠦ᠍ ᠴᠣᠭᠪᠠᠭᠠᠲᠦᠷ ᠦ᠋ᠨ ᠮᠣᠷᠢᠨ ᠤ᠋ ᠬᠣᠶᠠᠷ ᠲᠠᠯ᠎ᠠ ᠪᠠᠷ ᠬᠣᠶᠠᠷ ᠡᠷ᠎ᠡ ᠱᠤᠩᠭᠤᠯᠠᠨ ᠢᠷᠡᠵᠦ ᠡᠯᠢᠶ᠎ᠡ ᠰᠢᠪᠠᠭᠤ ᠰᠢᠭᠦᠷᠡᠬᠦ ᠰᠢᠭ ᠳᠡᠷᠪᠡᠯᠵᠡᠭᠡᠳ ᠠᠪᠤᠪᠠ᠃《ᠮᠠᠯᠠᠭᠠᠢ ᠶ᠋ᠢᠨ ᠪᠦᠴᠡ ᠡᠴᠡ ᠨᠢ᠁》᠂《ᠦᠭᠡᠢ ᠠ᠋᠂  ᠮᠤᠯᠲᠤ ᠲᠡᠳᠡ!》 ᠭᠡᠵᠦ ᠬᠠᠰᠬᠢᠷᠤᠨ ᠬᠦᠷᠭᠡᠨ ᠦ᠌ ᠮᠠᠯᠠᠭᠠᠢ ᠪᠤᠯᠢᠶᠠᠬᠤ ᠭᠡᠵᠦ ᠰᠢᠷᠦᠭᠦᠨ《ᠪᠠᠢᠯᠳᠤᠭᠠᠨ》 ᠪᠣᠯᠪᠠ᠃ ᠬᠦᠷᠭᠡᠨ ᠬᠠᠮᠠᠭᠠᠯᠠᠵᠤ ᠶᠠᠪᠤᠭᠰᠠᠨ ᠳᠠᠭᠠᠭᠤᠷ ᠬᠦᠷᠭᠡᠨ ᠵᠢᠭᠠᠬᠠᠨ ᠠᠶᠤᠤᠷ ᠰᠥᠩᠴᠢ ᠰᠣᠯᠣᠭᠠᠢ ᠵᠠᠮᠪᠠᠯ ᠬᠣᠶᠠᠷ ᠴᠦ᠍ ᠮᠣᠷᠢᠨ ᠨᠢᠷᠤᠭᠤᠨ ᠳ᠋ᠤ᠌ ᠬᠥᠯᠪᠡᠷᠢᠵᠦ ᠨᠠᠭᠠᠳᠬᠤ ᠳ᠋ᠠᠭᠠᠨ ᠬᠠᠷᠴᠠᠭᠠᠢ ᠰᠢᠪᠠᠭᠤ ᠰᠢᠭ᠋ ᠬᠥᠩᠭᠡᠨ ᠪᠠᠢᠳᠠᠭ ᠶᠤᠮ᠃ ᠴᠣᠭᠪᠠᠭᠠᠲᠦᠷ ᠵᠣ ᠥᠨᠳᠥᠷ ᠬᠦᠵᠦᠭᠦᠦ ᠤᠷᠲᠤ ᠮᠣᠷᠢ ᠤᠨᠤᠭᠰᠠᠨ ᠤ᠋ ᠬᠤᠪᠢ ᠳ᠋ᠤ᠌ ᠨᠥᠭᠦᠭᠡ ᠬᠣᠶᠠᠷ ᠡᠷ᠎ᠡ ᠴᠣᠭᠪᠠᠭᠠᠲᠦᠷ ᠦ᠋ᠨ ᠮᠥᠷᠡᠨ ᠳ᠋ᠦ᠍ ᠭᠠᠷ ᠬᠦᠷᠴᠦ ᠠᠮᠵᠢᠪᠠᠴᠤ᠂ ᠮᠠᠯᠠᠭᠠᠢ ᠶ᠋ᠢᠨ ᠪᠦᠴᠡ ᠶ᠋ᠢ ᠰᠢᠭᠦᠷᠡᠵᠦ ᠠᠷᠠᠢ ᠬᠦᠷᠳᠡᠭ ᠦᠭᠡᠢ᠃ ᠭᠡᠪᠡᠴᠦ ᠰᠠᠮᠵᠠ ᠰᠢᠭ᠋ ᠵᠢᠭᠠᠬᠠᠨ ᠠᠶᠤᠤᠷ ᠤ᠋ᠨ ᠬᠥᠳᠡᠯᠭᠡᠭᠡᠨ ᠭᠠᠢᠬᠠᠯᠲᠠᠢ! ᠲᠡᠷᠡ ᠵᠥᠪ ᠲᠠᠯ᠎ᠠ ᠪᠠᠷ ᠨᠢ ᠱᠤᠩᠭᠤᠯᠠᠨ ᠪᠣᠷᠣ ᠮᠣᠷᠢᠨ ᠤ᠋ ᠵᠢᠯᠣᠭᠣ ᠠ᠋ᠴᠠ ᠬᠥᠲᠥᠯᠵᠦ ᠪᠤᠷᠤᠭᠤᠯᠠᠨ ᠳᠠᠪᠬᠢᠨ᠎ᠠ᠃ ᠪᠤᠷᠤᠭᠤ ᠲᠠᠯ᠎ᠠ ᠪᠠᠷ ᠳᠠᠪᠬᠢᠬᠤ ᠵᠡᠭᠡᠷ᠎ᠡ ᠶ᠋ᠢᠨ ᠰᠢᠯᠪᠢᠲᠦ ᠴᠠᠪᠢᠳᠠᠷ ᠮᠣᠷᠢᠨ ᠳᠡᠭᠡᠷ᠎ᠡ ᠣᠭᠣᠯᠢ ᠶ᠋ᠢᠨ ᠰᠢᠷ᠎ᠠ ᠨᠢᠳᠦᠲᠦ᠂ ᠮᠡᠭᠵᠢᠭᠡᠷ ᠮᠥᠷᠥ ᠲᠡᠢ ᠲᠤᠷᠠᠩᠬᠠᠢ ᠡᠷ᠎ᠡ ᠪᠡᠭᠡᠪᠡᠢᠨ ᠰᠠᠭᠤᠵᠤ᠂ ᠮᠣᠷᠢᠨ ᠳᠡᠭᠡᠷ᠎ᠡ ᠡᠴᠡ ᠬᠥᠳᠡᠯᠵᠦ ᠪᠠᠷᠢᠬᠤ ᠨᠢ ᠬᠡᠴᠡᠭᠦᠦ ᠱᠤᠮ ᠲᠠᠢ ᠬᠠᠷᠠᠭᠳᠠᠨ᠎ᠠ᠃ ᠲᠡᠷᠡ ᠡᠷ᠎ᠡ ᠪᠤᠷᠤᠭᠤ ᠲᠠᠯ᠎ᠠ ᠶ᠋ᠢᠨ ᠳᠥᠷᠥᠭᠡ ᠪᠡᠨ ᠮᠤᠯᠲᠤᠯᠤᠨ ᠥᠷᠥᠭᠡᠰᠦᠨ ᠬᠥᠯ ᠳᠡᠭᠡᠷ᠎ᠡ ᠪᠡᠨ ᠵᠣᠭᠰᠣᠵᠤ ᠳᠠᠬᠢᠭᠠᠳ ᠬᠦᠷᠭᠡᠨ ᠦ᠌ ᠰᠢᠯᠢᠨ ᠳ᠋ᠦ᠍ ᠬᠡᠢᠰᠦᠭᠰᠡᠨ ᠮᠠᠯᠠᠭᠠᠢ ᠶ᠋ᠢᠨ ᠪᠦᠴᠡ ᠡᠴᠡ ᠰᠢᠭᠦᠷᠡᠬᠦ ᠭᠡᠵᠦ ᠰᠠᠷᠪᠠᠢᠨ᠎ᠠ᠃  ᠡᠨᠡ ᠦᠶ᠎ᠡ ᠳ᠋ᠦ᠍ ᠰᠣᠯᠣᠭᠠᠢ ᠨᠠᠮᠵᠢᠯ ᠤ᠋ᠨ ᠴᠠᠬᠢᠯᠭᠠᠨ ᠬᠠᠯᠢᠭᠤᠨ ᠰᠤᠮᠤ ᠰᠢᠭ᠋ ᠬᠠᠷᠪᠤᠨ ᠢᠷᠡᠵᠦ ᠰᠣᠯᠣᠭᠠᠢ ᠨᠠᠮᠵᠢᠯ ᠬᠠᠢᠳ᠋ ᠭᠡᠳ ᠲᠤᠷᠠᠩᠬᠠᠢ ᠡᠷ᠎ᠡ ᠶ᠋ᠢᠨ ᠥᠷᠥᠭᠡᠰᠦᠨ ᠬᠥᠯ ᠡᠴᠡ ᠬᠡᠢᠳᠡᠭᠦᠯᠦᠭᠡᠳ ᠡᠷᠭᠦᠪᠡᠯ ᠲᠡᠷᠡ ᠡᠷ᠎ᠡ ᠰᠠᠨᠠᠭᠠᠨ ᠳ᠋ᠤ᠌ ᠦᠭᠡᠢ ᠲᠡᠩᠴᠡᠭᠦᠷᠢ ᠪᠡᠨ ᠠᠯᠳᠠᠵᠤ ᠮᠣᠷᠢᠨ ᠤ᠋ ᠪᠠᠨ ᠴᠠᠭᠠᠭᠤᠷ ᠬᠥᠯᠪᠡᠷᠢᠨ ᠳᠥᠷᠦᠭᠡᠨ ᠳ᠋ᠦ᠍ ᠪᠡᠨ ᠴᠢᠷᠦᠭᠳᠡᠪᠡ᠃ ᠬᠣᠶᠠᠷ ᠭᠠᠷ ᠨᠢ ᠭᠠᠵᠠᠷ ᠰᠢᠭᠦᠷᠡᠨ ᠰᠡᠷᠪᠡᠯᠵᠡᠵᠦ᠂ ᠬᠤᠷᠳᠤᠨ ᠮᠣᠷᠢᠨ ᠤ᠋ ᠲᠤᠭᠤᠷᠠᠢ ᠳ᠋ᠤ᠌ ᠬᠠᠮᠤᠭᠳᠠᠭᠰᠠᠨ ᠬᠤᠮᠠᠭ ᠰᠢᠷᠣᠢ᠂ ᠬᠠᠴᠠᠷ ᠨᠢᠭᠤᠷ ᠢ᠋ ᠨᠢ ᠬᠠᠯᠠ ᠲᠠᠢ ᠴᠣᠬᠢᠨ᠎ᠠ᠃《ᠰᠣᠯᠣᠭᠠᠢ ᠨᠠᠮᠵᠢᠯ ᠠ᠋! ᠪᠠᠢᠭ ᠭᠡᠮ! ᠠᠮᠢᠨ ᠳ᠋ᠤ᠌ ᠣᠷᠣᠬᠤ ᠨᠢ ᠤᠤ᠁》 ᠭᠡᠵᠦ ᠭᠣᠩᠰᠢᠬᠤ ᠳᠠᠭᠤᠨ ᠢ᠋ ᠰᠣᠨᠣᠰᠤᠭᠰᠠᠨ ᠰᠣᠯᠣᠭᠠᠢ ᠨᠠᠮᠵᠢᠯ ᠳᠣᠲᠣᠷ᠎ᠠ ᠪᠠᠨ《ᠡᠨᠡ ᠮᠠᠭᠤ ᠶ᠋ᠢ ᠨᠢᠭᠡ ᠬᠠᠰᠢᠷᠠᠭᠠᠶ᠎ᠠ》 ᠭᠡᠵᠦ ᠪᠣᠳᠣᠭᠰᠠᠨ ᠴᠦ᠍《ᠣᠳᠣ ᠶᠠᠭᠠᠬᠢᠨ᠎ᠠ ᠪᠣᠢ? ᠮᠣᠷᠢᠨ ᠤ᠋ ᠪᠠᠨ ᠵᠢᠯᠣᠭᠣ ᠶ᠋ᠢ ᠵᠥᠪ ᠲᠠᠢᠰᠢ ᠨᠢ ᠤᠮᠠᠷᠠᠲᠠᠯ᠎ᠠ ᠲᠡᠳᠡ᠂ ᠲᠡᠳᠡ ᠠ᠋! ᠶᠠᠮᠠᠷ ᠭᠡᠨᠡᠨ ᠪᠣᠢ? ᠮᠠᠯᠠᠭᠠᠢ ᠲᠣᠯᠣᠭᠠᠢ ᠭᠡᠭᠰᠡᠭᠡᠷ ᠪᠠᠢᠵᠤ ᠠᠮᠢ ᠲᠠᠢ ᠪᠠᠨ ᠲᠣᠭᠯᠠᠭᠠᠮ ᠬᠢᠴᠢᠬᠡᠳᠡᠭ ᠶᠠᠮᠠᠷ ᠡᠷ᠎ᠡ ᠪᠣᠢ ᠴᠢ᠁ ᠪᠠᠢᠵᠠ᠂  ᠪᠢ ᠮᠣᠷᠢ ᠶ᠋ᠢ ᠴᠢᠨᠢ ᠬᠠᠰᠢᠭᠠᠳ ᠠᠪᠤᠶ᠎ᠠ᠂ ᠴᠢ ᠵᠢᠭᠠᠬᠠᠨ ᠲᠡᠰᠴᠦ ᠪᠠᠢ ᠳᠠ!》 ᠭᠡᠳ ᠴᠠᠬᠢᠯᠭᠠᠨ ᠬᠠᠯᠢᠭᠤᠨ ᠢ᠋ᠶ᠋ᠠᠨ ᠳᠠᠪᠢᠷᠠᠵᠤ ᠴᠠᠪᠢᠳᠠᠷ ᠮᠣᠷᠢᠨ ᠤ᠋ ᠡᠮᠦᠨᠡᠭᠦᠷ ᠬᠥᠨᠳᠡᠯᠢᠳᠦᠨ《ᠵᠢᠭᠠᠬᠠᠨ ᠲᠡᠰᠴᠦ ᠪᠠᠢ ᠳᠠ!》 ᠭᠡᠵᠦ ᠬᠡᠯᠡᠪᠡᠯ᠂ ᠥᠨᠥᠬᠢ ᠲᠤᠷᠠᠩᠬᠠᠢ ᠡᠷ᠎ᠡ《 ᠦᠨᠡᠬᠡᠷ ᠠᠯᠠᠬᠤ ᠨᠢ ᠠ᠋ ᠨᠠᠮᠠᠶ᠋ᠢ! ᠵᠢᠭᠠᠬᠠᠨ ᠲᠡᠰᠴᠦ ᠪᠠᠢ ᠭᠡᠳᠡᠭ ᠴᠢᠨᠢ ᠶᠠᠭᠤ ᠭᠡᠰᠡᠨ ᠦᠭᠡ ᠪᠣᠢ?》 ᠭᠡᠵᠦ ᠳᠣᠲᠣᠷ᠎ᠠ ᠪᠠᠨ ᠪᠠᠴᠢᠮᠳᠠᠪᠠᠴᠤ ᠰᠣᠯᠣᠭᠠᠢ ᠨᠠᠮᠵᠢᠯ ᠠ᠋ᠴᠠ ᠠᠪᠤᠷᠠᠯ ᠭᠣᠶᠣᠭ᠎ᠠ ᠶᠤᠮ ᠪᠣᠯᠬᠣᠷ ᠠᠭᠰᠤᠮᠨᠠᠵᠤ ᠴᠢᠳᠠᠭᠰᠠᠨ ᠦᠭᠡᠢ᠃ ᠰᠣᠯᠣᠭᠠᠢ ᠨᠠᠮᠵᠢᠯ《ᠨᠠᠭᠠᠳᠤᠮ ᠴᠦ᠍ ᠨᠠᠭᠠᠳᠤᠮ᠂ ᠨᠡᠮᠦᠰ ᠪᠣᠯᠴᠢᠬᠠᠪᠠᠯ ᠬᠠᠷᠢᠨ ᠮᠠᠭᠤᠬᠠᠢ ᠶᠤᠮ ᠳᠠ》 ᠭᠡᠳ ᠥᠨᠥᠬᠢ ᠲᠤᠷᠠᠩᠬᠠᠢ ᠡᠷ᠎ᠡ ᠶ᠋ᠢ ᠪᠦᠷᠭᠦᠳ ᠪᠣᠯᠵᠣᠮᠣᠷ ᠰᠢᠭᠦᠷᠡᠬᠦ ᠰᠢᠭ ᠡᠯᠭᠦᠵᠦ ᠠᠪᠤᠭᠠᠳ ᠮᠣᠷᠢᠨ ᠳᠡᠭᠡᠷ᠎ᠡ ᠨᠢ ᠬᠠᠪᠬᠢᠲᠡᠯ᠎ᠡ ᠬᠠᠶᠠᠵᠤ ᠣᠷᠬᠢᠪᠠ᠃  
       ᠬᠡᠦᠬᠡᠨ ᠠᠪᠤᠭᠰᠠᠨ ᠬᠥᠮᠦᠰ ᠠᠷᠢᠬᠢᠨ ᠤ᠋ ᠬᠠᠯᠠᠰᠠᠭᠠᠳ᠂ ᠮᠣᠷᠢᠨ ᠤ᠋ ᠬᠤᠷᠳᠤ ᠶ᠋ᠢᠨ ᠰᠠᠢᠨ ᠢ᠋ᠶ᠋ᠠᠷ ᠬᠣᠶᠠᠷᠬᠤᠳᠳᠤᠭ ᠤ᠋ᠨ ᠵᠣ᠂ ᠠᠭᠤᠢᠲᠤ᠂ ᠬᠤᠯᠤᠰᠤᠲᠠᠢ ᠶ᠋ᠢᠨ ᠳᠡᠪᠰᠡᠭ ᠦ᠋ᠨ ᠦᠵᠦᠭᠦᠷ ᠢ᠋ ᠲᠤᠭᠤᠯᠵᠤ ᠰᠤᠨᠤᠯᠵᠠᠨ᠎ᠠ᠁  
       ᠰᠠᠯᠲᠠᠭ᠎ᠠ ᠨᠢ ᠣᠩᠭᠣᠢᠲᠠᠯ᠎ᠠ ᠳᠠᠪᠬᠢᠭᠰᠠᠨ ᠮᠣᠷᠢᠳ ᠤ᠋ᠨ ᠬᠠᠮᠠᠷ ᠨᠢ ᠣᠩᠭᠣᠯᠵᠠᠵᠤ᠂ ᠬᠤᠯᠤᠭᠤ ᠶ᠋ᠢ ᠨᠢ ᠳᠠᠭᠠᠭᠠᠳ ᠬᠥᠯᠥᠰᠥ ᠤᠷᠤᠰᠤᠨ᠎ᠠ᠃ 
       ᠤᠭᠲᠤᠯᠭ᠎ᠠ ᠶ᠋ᠢᠨ ᠰᠢᠷᠡᠭᠡ ᠲᠣᠭᠣᠷᠢᠭᠠᠳ ᠣᠯᠠᠨ ᠬᠥᠮᠥᠰ ᠠᠪᠠᠭᠠᠷᠠᠯᠳᠤᠨ᠎ᠠ᠃ ᠬᠠᠶᠠᠭᠠᠨ ᠠ᠋ᠴᠠ ᠰᠢᠨ᠎ᠡ ᠬᠥᠮᠦᠨ ᠦ᠌ ᠭᠡᠷ ᠦ᠋ᠨ ᠡᠭᠦᠳᠡ ᠬᠦᠷᠲᠡᠯ᠎ᠡ ᠳᠡᠪᠢᠰᠦᠭᠰᠡᠨ ᠰᠤᠮᠤᠨ ᠴᠠᠭᠠᠨ ᠢᠰᠡᠭᠡᠢ ᠬᠠᠮᠤᠭ ᠠᠷᠢᠭᠤᠨ ᠴᠡᠪᠡᠷ ᠦ᠋ᠨ ᠬᠤᠪᠢ ᠪᠠᠷ ᠰᠢᠨ᠎ᠡ ᠪᠡᠷᠢ ᠶ᠋ᠢᠨ ᠥᠯᠮᠡᠢ ᠶ᠋ᠢ  ᠰᠢᠷᠤᠢᠳᠠᠭᠤᠯᠤᠯ᠎ᠠ ᠦᠭᠡᠢ ᠪᠣᠭᠲᠣᠯᠠᠵᠤ᠂ ᠡᠨᠡ ᠠᠢᠯ ᠤ᠋ᠨ ᠡᠭᠦᠳᠡ ᠡᠷᠦᠬᠡ᠂ ᠭᠠᠯ ᠭᠣᠯᠣᠮᠲᠠ ᠶ᠋ᠢ ᠥᠭᠡᠳᠡ ᠡᠰᠡᠷᠡᠭ ᠠᠪᠴᠤ ᠶᠠᠪᠤᠬᠤ᠂ ᠠᠮᠢᠳᠤᠷᠠᠯ ᠤ᠋ᠨ ᠤᠷᠲᠤ ᠠᠶᠠᠨ ᠤ᠋ ᠠᠩᠬᠠᠨ ᠤ᠋ ᠠᠯᠬᠤᠭ᠎ᠠ ᠪᠠᠨ ᠡᠨᠳᠡ ᠡᠬᠢᠯᠡᠨ᠎ᠡ ᠭᠡᠰᠡᠨ ᠵᠦᠩ ᠪᠡᠯᠭᠡ ᠶ᠋ᠢᠨ ᠥᠯᠵᠡᠢ ᠮᠥᠷ ᠲᠡᠢ ᠵᠠᠮ ᠪᠣᠯᠵᠤ ᠳᠤᠷᠠᠢᠨ᠎ᠠ᠁ 
       — ᠰᠢᠨ᠎ᠡ ᠪᠡᠷᠢ ᠢᠷᠡᠯ᠎ᠡ! ᠢᠷᠡᠯ᠎ᠡ! ᠭᠡᠵᠦ ᠬᠠᠰᠬᠢᠷᠤᠯᠳᠤᠬᠤ ᠪᠠᠷ ᠬᠡᠦᠬᠡᠨ ᠪᠠᠭᠤᠯᠭᠠᠭᠰᠠᠨ ᠬᠤᠷᠢᠮ ᠤ᠋ᠨ ᠲᠦᠷᠦᠭᠦᠦ ᠨᠠᠷᠠᠨ ᠵᠥᠪ ᠲᠣᠭᠣᠷᠢᠨ ᠭᠡᠷ ᠢ᠋ ᠭᠤᠷᠪᠠ ᠡᠷᠭᠢᠵᠦ ᠤᠶᠠᠭᠠᠨ ᠳᠡᠭᠡᠷ᠎ᠡ ᠬᠦᠷᠬᠦ ᠳ᠋ᠦ᠍ ᠬᠠᠳᠠᠭ ᠤᠶᠠᠭᠰᠠᠨ ᠪᠠᠭᠠᠨ᠎ᠠ ᠶ᠋ᠢ ᠤᠷᠳᠤᠭᠤᠷ ᠨᠢ ᠰᠢᠲᠠᠵᠤ ᠬᠠᠶᠠᠪᠠ᠃  ᠰᠢᠨ᠎ᠡ ᠪᠡᠷᠢ ᠶ᠋ᠢ ᠳᠡᠪᠢᠰᠦᠭᠰᠡᠨ ᠢᠰᠡᠭᠡᠢ ᠳᠡᠭᠡᠷ᠎ᠡ ᠪᠠᠭᠤᠯᠭᠠᠬᠤ ᠠ᠋ᠴᠠ ᠡᠮᠦᠨ᠎ᠡ ᠪᠡᠷᠭᠡᠨ ᠢᠷᠡᠵᠦ ᠪᠡᠷᠢ ᠳ᠋ᠦ᠍ ᠮᠥᠩᠭᠥᠨ ᠴᠥᠭᠥᠴᠡ ᠳᠦᠭᠦᠷᠡᠩ ᠮᠡᠯᠮᠡᠯᠵᠡᠭᠰᠡᠨ ᠲᠠᠷᠠᠭ ᠠᠮᠰᠠᠭᠤᠯᠵᠤ ᠰᠢᠨ᠎ᠡ ᠪᠡᠷᠢ ᠶ᠋ᠢ ᠡᠮᠡᠭᠡᠯ ᠲᠡᠢ ᠨᠢ ᠬᠣᠯᠪᠣᠷᠢᠭᠤᠯᠤᠨ ᠲᠣᠰᠴᠤ ᠠᠪᠤᠯ᠎ᠠ᠁  
       ᠮᠠᠨᠤᠨᠪᠠᠳᠮ᠎ᠠ ᠶ᠋ᠢᠨ ᠳ᠋ᠦ᠍ ᠨᠢᠵᠢᠭᠢᠷ ᠶᠡᠬᠡ ᠬᠤᠷᠢᠮ ᠡᠭᠦᠰᠴᠦ᠂ ᠰᠢᠨ᠎ᠡ ᠪᠡᠷᠢ ᠪᠡᠨ ᠭᠠᠯ ᠪᠤᠷᠬᠠᠨ ᠳ᠋ᠤ᠌ ᠮᠥᠷᠭᠥᠭᠦᠯᠦᠨ ᠬᠠᠷ᠎ᠠ ᠦᠰᠦ ᠶ᠋ᠢ ᠨᠢ ᠬᠠᠭᠠᠯᠤᠨ ᠪᠤᠨᠲᠤᠤ ᠪᠣᠭᠣᠵᠤ᠂ ᠣᠷᠬᠢᠭᠤᠯ ᠰᠢᠷᠪᠢᠭᠦᠯ ᠲᠡᠢ ᠪᠦᠷᠢᠨ ᠵᠠᠰᠠᠯᠲᠦ ᠠᠯᠲᠠ ᠪᠤᠯᠬᠠᠭᠰᠠᠨ ᠲᠣᠯᠣᠭᠠᠢ ᠶ᠋ᠢᠨ ᠡᠳ᠋ᠯᠡᠯ ᠵᠡᠭᠦᠯᠭᠡᠨ ᠤᠤᠵᠢᠩᠬᠠᠢ ᠡᠮᠦᠰᠦᠭᠦᠯᠦᠨ ᠱ᠌ᠢᠷᠦ ᠰᠤᠪᠤᠳ᠂ ᠠᠯᠲᠠ ᠮᠥᠩᠭᠥ ᠪᠡᠷ ᠴᠢᠮᠡᠭᠯᠡᠭᠰᠡᠨ ᠴᠡᠴᠡᠭ ᠰᠢᠭ ᠭᠣᠶᠣᠯᠠᠵᠤ ᠵᠠᠰᠠᠭᠰᠠᠨ ᠢ᠋ ᠥᠬᠢᠳ ᠪᠡᠷᠢᠶᠡᠳ ᠬᠠᠷᠠᠭᠠᠳ《ᠨᠠᠳᠠ ᠡᠢᠮᠦ ᠬᠤᠪᠢ ᠲᠠᠪᠢᠯᠠᠩ ᠪᠠᠢᠳᠠᠭ ᠴᠦ᠍ ᠪᠣᠯᠤᠭᠠᠰᠠᠢ》 ᠭᠡᠵᠦ ᠭᠣᠷᠢᠳᠠᠯᠭ᠎ᠠ ᠡᠪᠦᠷᠯᠡᠨ ᠰᠠᠨᠠᠵᠤ ᠪᠠᠢᠳᠠᠭ ᠪᠣᠯ᠂《ᠶᠠᠮᠠᠷ ᠪᠤᠶᠠᠨ ᠲᠠᠢ ᠠᠪᠤ ᠶ᠋ᠢᠨ ᠦᠷ᠎ᠡ ᠠᠴᠢᠷ ᠭᠡᠭᠴᠢ ᠡᠢᠮᠦ ᠬᠤᠪᠢ ᠵᠠᠶᠠᠭ᠎ᠠ ᠲᠠᠢ ᠲᠥᠷᠥᠳᠡᠭ ᠶᠦᠮ》 ᠭᠡᠵᠦ ᠪᠡᠷᠢᠶᠡᠳ ᠪᠦᠰᠡᠭᠦᠢᠴᠦᠦᠯ ᠳᠣᠲᠣᠷ᠎ᠠ ᠪᠠᠨ ᠠᠲᠠᠭᠠᠷᠬᠠᠵᠤ ᠰᠠᠨᠠᠭᠰᠠᠨ ᠢ᠋ ᠬᠡᠯᠡᠬᠦ ᠦᠭᠡᠢ᠃ 
       ᠬᠤᠷᠢᠮ ᠨᠠᠢᠷ ᠦᠷᠭᠦᠯᠵᠢᠯᠡᠵᠦ ᠪᠠᠢᠯ᠎ᠠ᠃  
       ᠨᠠᠷᠠ ᠡᠷᠭᠢᠬᠦ ᠳ᠋ᠦ᠍ ᠬᠠᠷᠢ ᠶ᠋ᠢᠨ ᠭᠡᠢᠴᠢᠳ ᠪᠤᠴᠠᠳᠠᠭ ᠨᠢ ᠪᠤᠴᠠᠵᠤ᠂ ᠬᠣᠯᠠ ᠶ᠋ᠢᠨ ᠭᠡᠢᠴᠢᠳ ᠴᠦ᠍ ᠶᠠᠪᠤᠳᠠᠭ ᠨᠢ ᠶᠠᠪᠤᠵᠤ ᠬᠣᠴᠣᠷᠳᠠᠭ ᠨᠢ ᠬᠣᠴᠣᠷᠵᠤ ᠨᠠᠢᠷ ᠵᠥᠩᠳᠡᠭᠡᠨ ᠨᠠᠷᠭᠢᠶᠠᠨ ᠲᠠᠢ ᠪᠠᠢᠪᠠ᠃  
       ᠫᠤᠩᠰᠤᠭᠳᠤᠯᠮ᠎ᠠ ᠪᠡᠷᠭᠡᠨ ᠰᠢᠨ᠎ᠡ ᠬᠥᠮᠦᠨ ᠦ᠌ ᠭᠡᠷ ᠲᠦ᠍ ᠢᠷᠡᠵᠦ ᠬᠡᠦᠬᠡᠨ ᠦ᠌ ᠬᠣᠮ ᠠᠷᠢᠭᠤᠯᠠᠬᠤ ᠶᠣᠰᠣ ᠬᠢᠬᠦ ᠪᠡᠷ ᠪᠣᠯᠪᠠ᠃ ᠰᠢᠨ᠎ᠡ ᠬᠥᠮᠦᠨ ᠦ᠌ ᠰᠢᠨ᠎ᠡ ᠭᠡᠷ ᠲᠦ᠍ ᠨᠢ ᠥᠯᠵᠡᠢ ᠵᠠᠩᠭᠢᠶ᠎ᠠ ᠬᠠᠳᠬᠤᠵᠤ ᠤᠷᠠᠯᠠᠭᠰᠠᠨ ᠬᠣᠮ(ᠰᠢᠷᠢᠳᠡᠭ) ᠳᠡᠪᠢᠰᠴᠦ ᠬᠡᠦᠬᠡᠨ ᠦ᠌ ᠤᠨᠲᠠᠬᠤ ᠣᠷᠣ ᠶ᠋ᠢ ᠠᠷᠢᠭᠤᠳᠬᠠᠬᠤ ᠪᠠᠷ ᠭᠠᠯ ᠤ᠋ᠨ ᠴᠣᠭ ᠲᠤ ᠠᠷᠴᠠ ᠤᠬᠤᠭᠢᠭᠤᠯᠤᠨ᠎ᠡ᠃ ᠡᠨᠡ ᠦᠶ᠎ᠡ ᠳ᠋ᠦ᠍ ᠰᠢᠨ᠎ᠡ ᠪᠡᠷᠢ ᠮᠠᠨᠤᠬᠤᠸᠠᠷ ᠴᠠᠭᠠᠰᠢ ᠪᠠᠨ ᠬᠠᠷᠠᠵᠤ ᠨᠠᠭᠠᠨ᠎ᠠ ᠨᠢ ᠬᠣᠶᠠᠷ ᠢᠨᠵᠢ ᠬᠡᠦᠬᠡᠨ ᠰᠢᠨ᠎ᠡ ᠪᠡᠷᠢ ᠳ᠋ᠦ᠍ ᠪᠠᠷ᠎ᠠ ᠪᠣᠯᠵᠤ ᠰᠠᠭᠤᠨ᠎ᠠ᠃ ᠮᠠᠨᠤᠨᠪᠠᠳᠮ᠎ᠠ ᠬᠥᠭᠰᠢᠨ ᠰᠢᠨ᠎ᠡ ᠬᠥᠮᠦᠨ ᠦ᠌ ᠣᠷᠣ ᠶ᠋ᠢᠨ ᠲᠣᠯᠣᠭᠠᠢ ᠳᠡᠭᠡᠷ᠎ᠡ ᠬᠠᠳᠠᠮ ᠡᠬᠡ ᠪᠣᠯᠵᠤ ᠵᠣᠮᠪᠣᠢᠨ᠎ᠠ᠃  
       ᠫᠤᠩᠰᠤᠭᠳᠤᠯᠮ᠎ᠠ ᠪᠡᠷᠭᠡᠨ ᠰᠢᠨ᠎ᠡ ᠬᠥᠮᠦᠨ ᠦ᠌ ᠬᠣᠮ ᠢ᠋ ᠨᠢᠭᠡᠨᠲᠡ ᠠᠷᠢᠭᠤᠯᠠᠵᠤ ᠮᠠᠨᠤᠨᠪᠠᠳᠮ᠎ᠠ ᠬᠥᠭᠰᠢᠨ ᠦ᠌ ᠡᠮᠦᠨ᠎ᠡ ᠢᠷᠡᠵᠦ ᠰᠥᠬᠥᠷᠡᠨ《ᠠᠮᠤᠷᠬᠠᠨ ᠤᠤ ᠲᠠ?》 ᠭᠡᠬᠦ ᠳ᠋ᠦ᠍ ᠮᠠᠨᠤᠨᠪᠠᠳᠮ᠎ᠠ ᠬᠥᠭᠰᠢᠨ ᠠᠵᠢᠭ ᠴᠦ᠍ ᠦᠭᠡᠢ ᠳᠣᠮᠪᠣᠢᠵᠤ ᠰᠠᠭᠤᠨ᠎ᠠ᠃ ᠫᠤᠩᠰᠤᠭᠳᠤᠯᠮ᠎ᠠ ᠪᠡᠷᠭᠡᠨ ᠬᠡᠦᠬᠡᠨ ᠦ᠌ ᠣᠷᠣ ᠶ᠋ᠢ ᠬᠣᠶᠠᠷᠲᠠ ᠠᠷᠢᠭᠤᠯᠠᠵᠤ ᠰᠥᠬᠥᠷᠡᠩᠭᠡᠨ《ᠠᠮᠤᠷᠬᠠᠨ ᠤᠤ ᠲᠠ?》 ᠭᠡᠰᠡᠨ ᠳ᠋ᠦ᠍ ᠮᠠᠨᠤᠨᠪᠠᠳᠮ᠎ᠠ ᠬᠥᠭᠰᠢᠨ ᠮᠥᠨ ᠯᠡ ᠰᠣᠨᠣᠰᠤᠭᠰᠠᠨ ᠦᠭᠡᠢ ᠰᠢᠭ ᠳᠤᠤᠭᠠᠷᠬᠤ ᠦᠭᠡᠢ᠃ ᠲᠡᠷᠡ ᠪᠡᠷ ᠰᠢᠨ᠎ᠡ ᠬᠥᠮᠦᠨ ᠦ᠌ ᠬᠣᠮ ᠰᠢᠷᠢᠳᠡᠭ᠂ ᠣᠷᠣ ᠳᠡᠪᠢᠰᠬᠡᠷ ᠢ᠋ ᠭᠤᠷᠪᠠᠨᠲᠠ ᠠᠷᠢᠭᠤᠯᠠᠭᠠᠳ ᠮᠠᠨᠤᠨᠪᠠᠳᠮ᠎ᠠ ᠬᠥᠭᠰᠢᠨ ᠦ᠌ ᠡᠮᠦᠨ᠎ᠡ ᠴᠣᠮᠴᠣᠢᠨ ᠰᠥᠬᠥᠷᠡᠵᠦ《 ᠬᠠᠳᠠᠮ ᠡᠵᠢ ᠠᠮᠤᠷᠬᠠᠨ ᠤᠤ ᠲᠠ?》 ᠭᠡᠰᠡᠨ ᠳ᠋ᠦ᠍ ᠮᠨᠤᠨᠪᠠᠳᠮ᠎ᠠ ᠬᠥᠭᠰᠢᠨ ᠪᠠᠰᠠ ᠬᠠᠷᠢᠭᠤ ᠦᠭᠡᠢ ᠮᠥᠷᠲᠡᠭᠡᠨ ᠳᠣᠲᠣᠷ᠎ᠠ ᠪᠠᠨ《ᠲᠣᠢᠭ ᠴᠢᠨᠢ ᠡᠪᠡᠳᠳᠡᠭ ᠦᠭᠡᠢ ᠰᠠᠨ ᠪᠣᠯ ᠰᠥᠬᠥᠷᠡᠬᠦ ᠪᠡᠨ ᠮᠡᠳᠡ! ᠬᠣᠩᠰᠢᠶᠠᠷ ᠴᠢᠨᠢ ᠡᠯᠢᠭᠡᠳᠡᠳᠡᠭ ᠦᠭᠡᠢ ᠰᠠᠨ ᠪᠣᠯ ᠠᠮᠤᠷ ᠡᠷᠢᠬᠦ ᠪᠡᠨ ᠮᠡᠳᠡ ᠠ᠋! ᠥᠨᠥᠳᠥᠷ ᠴᠢ ᠮᠢᠨᠦ ᠴᠢᠷᠠᠢ ᠳᠡᠭᠡᠷ᠎ᠡ ᠡᠴᠡ ᠢᠨᠢᠶᠡᠳᠦ ᠣᠯᠵᠤ ᠬᠠᠷᠠᠬᠤ ᠭᠡᠵᠦ ᠤᠤ? ᠪᠠᠢᠴᠢᠬ᠎ᠠ! ᠬᠥᠭᠡᠷᠦᠬᠦᠢ!》 ᠭᠡᠵᠦ ᠶᠡᠬᠡᠮᠰᠦᠭ ᠠᠪᠤᠷᠢᠯᠠᠨ ᠶᠣᠰᠣᠲᠠᠢ ᠬᠠᠳᠠᠮ ᠡᠬᠡ ᠶ᠋ᠢᠨ ᠬᠠᠲᠠᠭᠤ ᠶ᠋ᠢ ᠲᠠᠨᠢᠭᠤᠯᠬᠤ ᠭᠡᠰᠡᠨ ᠰᠢᠭ ᠨᠠᠮᠪᠠᠭ᠎ᠠ ᠲᠠᠢ ᠯᠠ ᠪᠠᠢᠨ᠎ᠠ᠃ ᠫᠤᠩᠰᠤᠭᠳᠤᠯᠮ᠎ᠠ ᠪᠡᠷᠭᠡᠨ ᠴᠦ᠍ ᠢᠷᠣ᠎ᠠ ᠶ᠋ᠢᠨ ᠬᠥᠮᠦᠨ ᠦ᠌ ᠨᠢᠭᠡ᠃ ᠲᠠᠰᠢᠶ᠎ᠠ ᠬᠤᠨᠳᠣᠴᠠᠭ ᠢ᠋ ᠮᠤᠰᠭᠢᠯᠳᠤᠭᠤᠯᠤᠨ᠂ ᠨᠠᠬᠢᠰ ᠨᠠᠬᠢᠰ ᠠᠯᠬᠤᠯᠠᠨ ᠨᠠᠢᠭᠤᠵᠤ ᠶᠠᠪᠤᠨ ᠮᠠᠨᠤᠨᠪᠠᠳᠮ᠎ᠠ ᠬᠥᠭᠰᠢᠨ ᠦ᠌ ᠡᠮᠦᠨ᠎ᠡ ᠣᠴᠢᠵᠤ ᠴᠣᠮᠴᠣᠢᠨ ᠰᠥᠬᠥᠷᠡᠭᠡᠳ᠄ 
       — ᠬᠠᠳᠠᠮ ᠡᠵᠢ ᠠᠮᠤᠷᠬᠠᠨ ᠤᠤ ᠲᠠ? ᠬᠥᠭᠰᠢᠨ ᠬᠠᠳᠠᠮ ᠡᠵᠢ ᠲᠠ ᠬᠥᠭᠡᠷᠦᠬᠦᠨ ᠵᠢᠲᠥᠭᠡᠷ ᠪᠡᠷᠢ ᠪᠡᠨ ᠬᠠᠢᠷᠠᠯᠠᠬᠤ ᠳ᠋ᠠᠭᠠᠨ《ᠠᠭᠠᠭ ᠡᠮᠬᠦᠭᠰᠡᠨ ᠰᠠᠨ ᠪᠣᠯ ᠵᠠᠯᠭᠢᠵᠤ ᠬᠠᠢᠷᠠᠯᠠ ᠳᠠ! ᠠᠷᠪᠠᠢ ᠡᠮᠬᠦᠭᠰᠡᠨ ᠰᠠᠨ ᠪᠣᠯ ᠳᠣᠷᠭᠢᠵᠤ ᠬᠠᠢᠷᠠᠯᠠ ᠳᠠ!》 ᠭᠡᠰᠡᠨ ᠳ᠋ᠦ᠍ ᠬᠠᠵᠠᠭᠤ ᠶ᠋ᠢᠨ ᠬᠥᠮᠦᠰ ᠫᠥᠰᠬᠢᠲᠡᠯ᠎ᠡ ᠢᠨᠢᠶᠡᠳᠦ ᠠᠯᠳᠠᠪᠠ᠃ ᠮᠠᠨᠤᠨᠪᠠᠳᠮ᠎ᠠ ᠬᠥᠭᠰᠢᠨ ᠴᠦ᠍ ᠲᠡᠭᠦᠨ ᠦ᠌ ᠢᠩᠭᠢᠵᠦ ᠬᠡᠯᠡᠭᠰᠡᠨ ᠳ᠋ᠦ᠍ ᠲᠡᠰᠦᠭᠰᠡᠨ ᠦᠭᠡᠢ ᠠᠮᠠ ᠪᠠᠨ ᠲᠠᠭᠯᠠᠨ ᠢᠨᠢᠶᠡᠪᠡ᠃  
       ᠨᠡᠯᠢᠶᠡᠳ ᠣᠷᠣᠢ ᠪᠣᠯᠪᠠ᠃  
       ᠬᠦᠷᠭᠡᠨ ᠦ᠌ ᠲᠠᠯ᠎ᠠ ᠶ᠋ᠢᠨ ᠪᠡᠷᠭᠡᠨ ᠰᠢᠨ᠎ᠡ ᠬᠥᠮᠦᠨ ᠦ᠌ ᠣᠷᠣ ᠰᠢᠷᠢᠳᠡᠭ ᠢ᠋ ᠳᠡᠪᠢᠰᠴᠦ ᠬᠤᠪᠴᠠᠰᠤ ᠬᠤᠨᠠᠷ ᠢ᠋ ᠨᠢ ᠲᠠᠢᠯᠬᠤ ᠭᠡᠬᠦ ᠳ᠋ᠦ᠍ ᠲᠣᠪᠴᠢ ᠨᠢ ᠲᠠᠢᠯᠤᠭᠳᠠᠳᠠᠭ ᠦᠭᠡᠢ᠃ ᠰᠤᠭᠤᠨ ᠤ᠋ ᠬᠢᠨᠢ ᠲᠣᠪᠴᠢ ᠰᠢᠯᠪᠢ ᠶ᠋ᠢ ᠨᠢ ᠦᠬᠦᠯᠦᠭᠦᠲᠡ ᠣᠶᠣᠭᠰᠠᠨ ᠪᠠᠢᠪᠠ᠃ 
       — ᠶᠣᠰᠣᠨ ᠲᠡᠳᠦᠢ ᠪᠣᠯ ᠪᠣᠯᠴᠢᠬᠠᠨ᠎ᠠ ᠳᠠ! ᠬᠥᠮᠦᠨ ᠠᠮᠢᠲᠠᠨ ᠢ᠋ ᠵᠣᠪᠠᠭᠠᠵᠤ ᠶᠠᠭᠤ ᠬᠢᠬᠦ ᠪᠣᠢ?  ᠴᠣᠭ ᠨᠣᠶᠠᠨ ᠬᠠᠷᠢᠵᠤ ᠢᠷᠡᠬᠦ ᠳ᠋ᠦ᠍ ᠶᠠᠭᠤᠮ᠎ᠠ ᠬᠡᠦᠮ᠎ᠡ ᠪᠡᠯᠡᠨ ᠪᠢᠰᠢ ᠪᠣᠯ ᠠᠭᠤᠷᠯᠠᠨ᠎ᠠ ᠰᠢᠦ! ᠭᠡᠵᠦ ᠨᠥᠭᠦᠭᠡ ᠬᠣᠶᠠᠷ ᠢᠨᠵᠢ ᠬᠡᠦᠬᠡᠨ ᠡᠴᠡ《ᠠᠪᠤᠷᠠᠯ》 ᠭᠤᠶᠤᠭᠰᠠᠨ ᠳ᠋ᠤ᠌ ᠲᠡᠷᠡ ᠬᠣᠶᠠᠷ ᠬᠡᠦᠬᠡᠨ ᠨᠢᠭᠡ ᠨᠢᠭᠡᠨ ᠢ᠋ᠶ᠋ᠡᠨ ᠬᠠᠷᠠᠭᠠᠳ ᠰᠡᠮᠡᠬᠡᠷ ᠢᠨᠢᠶᠡᠪᠡ᠃  
       ᠮᠠᠨᠤᠬᠤᠸᠠᠷ ᠴᠠᠭᠠᠰᠢ ᠬᠠᠷᠠᠵᠤ ᠰᠠᠭᠤᠭᠰᠠᠨ ᠢ᠋ᠶ᠋ᠠᠷ ᠢ᠋ᠶ᠋ᠠᠨ ᠰᠡᠮᠡᠬᠡᠷ ᠤᠬᠢᠯᠠᠵᠤ ᠪᠠᠢᠯ᠎ᠠ᠃ 
      《᠁ ᠠᠭᠤᠯᠠᠨᠬᠦᠦ ᠠ᠋᠂ ᠴᠢ ᠥᠨᠥ ᠰᠥᠨᠢ ᠳ᠋ᠡᠭᠡᠨ᠁ ᠦᠭᠡᠢ᠂ ᠠᠳᠠᠭ ᠨᠢ ᠦᠦᠷ ᠴᠠᠢᠬᠤ ᠳ᠋ᠤ᠌ ᠢᠷᠡᠬᠦ ᠦᠭᠡᠢ ᠶᠦᠮ ᠪᠣᠯ ᠠᠯᠢᠪᠠ ᠶᠠᠪᠤᠳᠠᠯ ᠪᠦᠷ ᠳᠠᠭᠤᠰᠤᠨ᠎ᠠ ᠠ᠋! ᠪᠡᠷᠲᠡᠭᠰᠡᠨ ᠬᠥᠯ ᠴᠢᠨᠢ ᠶᠠᠭᠠᠬᠢᠭ᠎ᠠ ᠪᠣᠯ?》 ᠭᠡᠵᠦ ᠪᠣᠳᠣᠵᠤ ᠰᠠᠭᠤᠭᠰᠠᠨ ᠮᠠᠨᠤᠬᠤᠸᠠᠷ ᠥᠪᠡᠷ ᠦ᠋ᠨ ᠬᠤᠪᠢ ᠲᠠᠪᠢᠯᠠᠩ ᠪᠠ ᠠᠭᠤᠯᠠᠨᠬᠦᠦ ᠶ᠋ᠢᠨ ᠲᠤᠬᠠᠢ ᠡᠨᠡ ᠲᠡᠷᠡ ᠶ᠋ᠢ ᠪᠣᠳᠣᠵᠤ ᠱᠣᠭᠰᠢᠷᠠᠨ᠎ᠠ᠁  
       ᠭᠠᠳᠠᠨ᠎ᠠ ᠰᠣᠭᠲᠣᠭᠤ ᠬᠥᠯᠴᠥᠭᠦᠦ ᠬᠥᠮᠦᠨ ᠦ᠌ ᠲᠡᠨᠲᠦᠷ ᠮᠥᠨᠳᠥᠷ ᠭᠢᠰᠬᠢᠯᠡᠬᠦ ᠴᠢᠮᠡᠭᠡ ᠪᠠ ᠬᠠᠶᠠ ᠳᠡᠭᠡᠷ᠎ᠡ ᠳᠣᠣᠷ᠎ᠠ ᠳᠠᠭᠤᠨ ᠢ᠋ᠶ᠋ᠠᠷ ᠣᠷᠢᠯᠠᠵᠤ ᠬᠠᠰᠬᠢᠷᠬᠤ ᠴᠢᠮᠡᠭᠡ ᠳᠤᠭᠤᠯᠳᠠᠨ᠎ᠠ᠃ ᠰᠢᠪᠡᠷ ᠨᠠᠢᠷ ᠲᠠᠷᠬᠠᠵᠤ ᠪᠠᠢᠭ᠎ᠠ ᠪᠣᠯᠤᠯᠲᠠᠢ᠃ 
       ᠮᠠᠨᠤᠬᠤᠸᠠᠷ ᠤ᠋ᠨ ᠳᠣᠲᠣᠷ᠎ᠠ ᠠᠢᠳᠠᠰ ᠲᠥᠷᠥᠵᠦ《ᠴᠣᠭᠪᠠᠭᠠᠲᠦᠷ ᠬᠠᠷᠢᠵᠤ ᠢᠷᠡᠪᠡᠯ ᠪᠦᠬᠦ ᠶᠠᠭᠤᠮ᠎ᠠ ᠳᠠᠭᠤᠰᠤᠨ᠎ᠠ᠁》 ᠭᠡᠵᠦ ᠲᠦᠭ ᠲᠠᠭ ᠶᠠᠭᠤᠮ᠎ᠠ ᠪᠣᠳᠣᠵᠤ ᠵᠠᠪᠳᠤᠲᠠᠯ᠎ᠠ ᠭᠠᠳᠠᠨ᠎ᠠ᠄ 
      — ᠬᠡᠩ᠂ ᠡᠯᠳᠡᠩᠭᠡ ᠨᠠᠮᠠᠶ᠋ᠢ ᠪᠠᠷ ᠨᠠᠭᠠᠳᠬᠤ ᠭᠡᠵᠦ ᠤᠤ? ᠨᠣᠬᠠᠢ ᠳᠣᠯᠢᠶᠠᠭ ᠴᠠᠭᠠᠰᠢ!××× ᠭᠡᠳᠡᠭ ᠶᠦᠮ! ᠠᠴᠢ ᠥᠬᠢᠨ ᠢ᠋ ᠨᠢ ᠪᠢ ᠵᠢᠲᠥᠭᠡᠷ ᠬᠠᠲᠤᠨ ᠢ᠋ᠶ᠋ᠠᠨ ᠪᠣᠯᠭᠠᠭᠠᠳ ᠠᠪᠴᠢᠬᠠᠯ᠎ᠠ᠁ ᠣᠳᠣ ᠲᠡᠷᠡ ᠶᠠᠭᠠᠬᠢᠬᠤ ᠪᠣᠢ?  ᠬᠡᠩ! ᠭᠡᠵᠦ ᠴᠣᠭᠪᠠᠭᠠᠲᠦᠷ ᠦ᠋ᠨ ᠬᠠᠬᠢᠷ ᠳᠠᠭᠤᠨ ᠭᠠᠷᠬᠤ ᠳ᠋ᠤ᠌ ᠬᠠᠵᠠᠭᠤ ᠠ᠋ᠴᠠ ᠨᠢ《ᠴᠣ ᠨᠣᠶᠠᠨ ᠲᠠ᠂ ᠲᠠ ᠰᠣᠭᠲᠣᠴᠢᠬᠠᠵᠠᠢ᠃ ᠬᠠᠷᠢᠵᠤ ᠠᠮᠠᠷᠠ! ᠵᠢᠲᠥᠭᠡᠷ ᠬᠠᠲᠤᠨ ᠴᠢᠨᠢ ᠬᠦᠯᠢᠶᠡᠵᠦ ᠪᠠᠢᠨ᠎ᠠ ᠰᠢᠦ!》 ᠭᠡᠵᠦ ᠳᠠᠭᠠᠯᠲᠠ ᠴᠡᠷᠢᠭ ᠨᠢ ᠲᠡᠭᠦᠨ ᠢ᠋ ᠠᠷᠭᠠᠳᠠᠬᠤ ᠳᠠᠭᠤᠨ ᠰᠣᠨᠣᠰᠳᠠᠨ᠎ᠠ᠃ 
       ᠮᠠᠨᠤᠬᠤᠸᠠᠷ《ᠪᠡᠶ᠎ᠡ ᠵᠠᠰᠠᠬᠤ ᠪᠠᠷ ᠭᠠᠷᠤᠶ᠎ᠠ》 ᠭᠡᠬᠦ ᠳ᠋ᠦ᠍ ᠬᠣᠶᠠᠷ ᠢᠨᠵᠢ ᠬᠡᠦᠬᠡᠨ ᠳᠠᠭᠠᠯᠳᠤᠨ ᠭᠠᠷᠪᠠ᠃  ᠮᠠᠨᠤᠬᠤᠸᠠᠷ ᠭᠠᠳᠠᠨ᠎ᠠ ᠭᠠᠷᠬᠤ ᠳ᠋ᠤ᠌ ᠴᠠᠭᠠᠳᠤ ᠨᠠᠢᠷ ᠤ᠋ᠨ ᠥᠷᠥᠭᠡᠨ ᠦ᠌ ᠨᠠᠭᠠᠨ᠎ᠠ ᠬᠡᠷᠡᠮ ᠦ᠋ᠨ ᠢᠷᠣᠭᠠᠷ ᠲᠤ ᠬᠡᠳᠦᠨ ᠬᠥᠮᠦᠨ ᠪᠥᠭᠡᠮᠨᠡᠷᠡᠵᠦ ᠪᠠᠢᠬᠤ ᠨᠢ ᠴᠣᠭᠪᠠᠭᠠᠲᠦᠷ ᠬᠡᠳᠦ ᠬᠡᠳᠦᠨ ᠬᠥᠮᠦᠨ ᠢ᠋ᠶ᠋ᠡᠷ ᠲᠦᠰᠢᠭᠦᠯᠵᠦ᠂ ᠭᠠᠷ ᠡᠷᠭᠢᠭᠦᠯᠦᠨ ᠳᠡᠭᠡᠷ᠎ᠡ ᠳᠣᠣᠷ᠎ᠠ ᠪᠠᠷᠬᠢᠷᠠᠨ ᠬᠠᠷᠢᠶᠠᠯ ᠲᠠᠯᠪᠢᠵᠤ ᠶᠠᠪᠤᠨ᠎ᠠ᠃   
       ᠮᠠᠨᠤᠬᠤᠸᠠᠷ ᠶᠡᠬᠡ ᠭᠡᠷ ᠦ᠋ᠨ ᠵᠡᠭᠦᠨ ᠲᠠᠯ᠎ᠠ ᠪᠠᠷ ᠮᠤᠷᠤᠢᠵᠤ ᠶᠠᠪᠤᠭᠠᠳ ᠨᠥᠭᠦᠭᠡ ᠬᠣᠶᠠᠷ ᠢᠨᠵᠢ ᠬᠡᠦᠬᠡᠨ ᠤᠷᠤᠭᠤ ᠬᠠᠷᠠᠵᠤ᠄ 
       — ᠲᠠ ᠬᠣᠶᠠᠷ ᠡᠨᠳᠡ ᠨᠠᠮᠠᠶ᠋ᠢ ᠬᠦᠯᠢᠶᠡᠵᠦ ᠪᠠᠢ᠃ ᠪᠢ ᠴᠠᠭᠠᠳᠤ ᠭᠣᠣ ᠳ᠋ᠤ᠌ ᠰᠢᠩᠭᠡᠨ ᠮᠥᠷ ᠦᠵᠡᠭᠡᠳ ᠢᠷᠡᠶ᠎ᠡ ᠭᠡᠰᠡᠨ ᠳ᠋ᠦ᠍ ᠨᠥᠭᠦᠭᠡ ᠬᠣᠶᠠᠷ᠄ 
       — ᠵᠠ! ᠮᠡᠳᠡᠯ᠎ᠡ᠂ ᠭᠡᠪᠡ᠃ 
       ᠭᠡᠨᠡᠳᠲᠡ ᠨᠣᠬᠠᠢ ᠬᠣᠷᠭᠣᠭᠣᠨ ᠦᠢᠮᠡᠯᠳᠦᠵᠦ᠂ ᠮᠣᠷᠢᠨ ᠳᠦᠷᠪᠡᠭᠡᠨ ᠪᠢᠴᠢᠭᠢᠨᠡᠵᠦ ᠠᠪᠤᠭᠠᠳ ᠴᠠᠭᠠᠰᠢ ᠲᠠᠴᠢᠭᠢᠨᠠᠨ ᠬᠣᠯᠠᠳᠠᠪᠠ᠁  


               ᠲᠡᠭᠦᠰᠪᠡ

         ᠦᠰᠦᠭ ᠠᠮᠢᠯᠠᠭᠤᠯᠤᠭᠰᠠᠨ ᠨᠢ᠄ ᠲᠡᠭᠷᠢ ᠡᠵᠢ