ᠶᠤᠸᠠᠨ ᠤᠯᠤᠰ ᠤᠨ ᠳᠡᠭᠡᠳᠦ ᠨᠡᠢᠰᠯᠡᠯ ᠱᠠᠩᠳᠤ09Юан улсын дээд нийслэл шант
ᠶᠢᠰᠦ ᠰᠢᠲᠦᠭᠡᠨ ᠲᠠᠬᠢᠯᠭ᠎ᠠ᠂ᠵᠠᠩ ᠵᠠᠩᠰᠢᠯ
ᠶᠤᠸᠠᠨ ᠤᠯᠤᠰ ᠢ᠋ ᠡᠭᠦᠰᠬᠡᠨ ᠪᠠᠢᠭᠤᠯᠤᠭᠴᠢ ᠬᠤᠪᠢᠯᠠᠢ ᠬᠠᠭᠠᠨ ᠪᠣᠯ ᠲᠥᠷᠥ ᠱᠠᠰᠢᠨ ᠢ᠋ ᠲᠡᠭᠰᠢ ᠪᠠᠷᠢᠵᠤ ᠱᠠᠰᠢᠨ ᠢ᠋ ᠨᠡᠪᠲᠡᠷᠡᠭᠦᠯᠦᠨ ᠳᠡᠯᠭᠡᠷᠡᠭᠦᠯᠦᠭᠰᠡᠨ ᠰᠣᠶᠣᠯ ᠤ᠋ᠨ ᠵᠢᠳᠬᠦᠯᠲᠡᠨ ᠶᠦ᠍ᠮ᠃ᠲᠡᠷᠡ ᠯᠠᠮᠠ ᠶ᠋ᠢᠨ ᠱᠠᠰᠢᠨ ᠢ᠋ ᠰᠢᠲᠦᠭᠰᠡᠨ ᠡᠴᠡ ᠬᠣᠢᠰᠢ ᠵᠢᠯ ᠪᠦᠷᠢ᠂ᠤᠯᠠᠷᠢᠯ ᠪᠦᠷᠢ᠂ᠰᠠᠷ᠎ᠠ ᠪᠦᠷᠢ ᠴᠥᠮ ᠲᠣᠭᠲᠠᠮᠠᠯ ᠪᠤᠶᠤ ᠲᠣᠭᠲᠠᠮᠠᠯ ᠪᠤᠰᠤ ᠬᠤᠭᠤᠴᠠᠭᠠᠨ ᠤ᠋ ᠱᠠᠰᠢᠨ ᠤ᠋ ᠶᠣᠰᠣᠯᠠᠯ ᠪᠠ ᠨᠣᠮ ᠤ᠋ᠨ ᠬᠤᠷᠠᠯ ᠬᠢᠳᠡᠭ ᠪᠠᠢᠵᠢ᠃ᠲᠥᠷᠥ ᠭᠦᠷᠦᠨ ᠦ᠌ ᠶᠠᠮᠠᠷ ᠨᠢᠭᠡᠨ ᠴᠢᠬᠤᠯᠠ ᠶᠠᠪᠤᠳᠠᠯ ᠢ᠋ ᠬᠢᠬᠦ ᠪᠦᠷᠢ ᠳ᠋ᠦ᠍ ᠦᠪᠡᠳᠡᠭᠰᠢ ᠶᠡᠬᠡ ᠱᠠᠰᠢᠨ ᠤ᠋ ᠶᠣᠰᠣᠯᠠᠯ ᠶᠠᠪᠤᠭᠤᠯᠳᠠᠭ᠃ᠬᠠᠭᠠᠳ ᠲᠡᠷᠢᠭᠦᠯᠡᠨ ᠬᠠᠲᠤᠳ ᠨᠣᠶᠠᠳ ᠠᠪᠢᠰᠢᠭ᠌ ᠠᠪᠬᠤ᠂ᠨᠡᠢᠰᠯᠡᠯ ᠡᠴᠡ ᠭᠠᠷᠴᠤ ᠣᠷᠣᠬᠤ᠂ᠴᠡᠷᠢᠭ ᠮᠣᠷᠳᠠᠬᠤ᠂ᠪᠠᠶᠠᠷ ᠳᠤᠷᠠᠰᠬᠠᠯ ᠥᠩᠭᠡᠷᠡᠭᠦᠯᠬᠦ᠂ᠨᠠᠰᠤᠨ ᠪᠠᠶᠠᠷ᠂ ᠲᠥᠷᠥᠭᠰᠡᠨ ᠡᠳᠦᠷ ᠢ᠋ᠶ᠋ᠡᠨ ᠪᠡᠯᠭᠡᠯᠡᠬᠦ᠂ᠠᠭᠤᠯᠵᠠᠯᠲᠠ ᠵᠣᠯᠭᠠᠯᠲᠠ᠂ᠡᠯᠴᠢ ᠲᠣᠮᠢᠯᠠᠬᠤ᠂ᠵᠡᠷᠭᠡ ᠲᠠᠪᠰᠢᠬᠤ ᠳ᠋ᠤ᠌ ᠪᠦᠷ ᠱᠠᠰᠢᠨ ᠤ᠋ ᠶᠣᠰᠣᠯᠠᠯ ᠬᠢᠳᠡᠭ᠂ ᠡᠪᠡᠳᠴᠢᠨ ᠲᠠᠬᠤᠯ᠂ᠭᠠᠢ ᠭᠠᠮᠰᠢᠭ ᠪᠣᠯᠬᠤ ᠪᠦᠷᠢ ᠨᠣᠮ ᠤ᠋ᠨ ᠬᠤᠷᠠᠯ ᠬᠤᠷᠠᠳᠠᠭ ᠪᠤᠶᠤ᠃ᠡᠨᠡ ᠬᠦ᠌ ᠪᠠᠢᠳᠠᠯ ᠢ᠋ ᠱᠠᠩᠳᠤ ᠶ᠋ᠢᠨ ᠰᠦᠮ᠎ᠡ ᠬᠡᠢᠳ ᠰᠢᠲᠦᠭᠡᠨ ᠲᠠᠬᠢᠯᠭ᠎ᠠ ᠠ᠋ᠴᠠ ᠣᠯᠵᠤ ᠬᠠᠷᠠᠬᠤ ᠶᠤᠮ᠃ᠲᠤᠬᠠᠢ ᠶ᠋ᠢᠨ ᠦᠶᠡᠰ ᠶᠤᠸᠠᠨ ᠤ᠋ ᠨᠡᠢᠰᠯᠡᠯ ᠦ᠋ᠨ ᠨᠢᠭᠡ ᠪᠣᠯᠤᠭᠰᠠᠨ ᠱᠠᠩᠳᠤ ᠳ᠋ᠤ᠌ ᠴᠣᠬᠣᠮ ᠬᠡᠳᠦᠢ ᠰᠦᠮ᠎ᠡ ᠬᠡᠢᠳ ᠪᠠᠢᠭᠰᠠᠨ ᠲᠤᠬᠠᠢ ᠲᠣᠳᠣᠷᠬᠠᠢ ᠲᠡᠮᠳᠡᠭᠯᠡᠯ ᠬᠠᠷᠠᠬᠠᠨ ᠣᠯᠳᠠᠭᠠᠳᠤᠢ᠃《ᠶᠤᠸᠠᠨ ᠤ᠋ ᠲᠡᠦᠬᠡ》 ᠳ᠋ᠦ᠍ ᠣᠯᠠᠨ ᠰᠦᠮ᠎ᠡ ᠬᠡᠢᠳ ᠪᠠᠢᠯ᠎ᠠ ᠭᠡᠮᠡᠨ ᠬᠡᠢᠰᠪᠦᠷᠢᠯᠡᠨ ᠲᠡᠮᠳᠡᠭᠯᠡᠭᠰᠡᠨ ᠡᠴᠡ ᠪᠢᠰᠢ ᠲᠣᠯᠣᠭᠠᠢ ᠳᠠᠷᠠᠭᠠᠯᠠᠨ ᠲᠣᠭᠠᠴᠠᠨ ᠪᠢᠴᠢᠭᠰᠡᠨ ᠦᠭᠡᠢ ᠶᠦ᠍ᠮ᠃ᠶᠤᠸᠠᠨ ᠤᠯᠤᠰ ᠤ᠋ᠨ ᠵᠠᠶᠠᠭᠠᠲᠤ ᠬᠠᠭᠠᠨ ᠸᠸᠨᠽᠦ᠋ᠩ ᠲᠦᠭᠲᠡᠮᠦᠷ ᠦ᠋ᠨ ᡁᠢ ᠱᠦᠨ ᠦ᠌ ᠲᠡᠷᠢᠭᠦᠨ ᠣᠨ(1330ᠣᠨ) ᠤ᠋ ᠢᠯᠡᠭᠦᠦ ᠳᠣᠯᠣᠭᠠᠨ ᠰᠠᠷ᠎ᠠ ᠳ᠋ᠤ᠌ ᠲᠥᠪ ᠮᠣᠵᠢ ᠶ᠋ᠢᠨ ᠲᠦᠰᠢᠮᠡᠯ ᠠᠢᠯᠠᠳᠬᠠᠯ ᠡᠷᠭᠦᠵᠦ᠄《ᠭᠠᠳᠠᠨ᠎ᠠ ᠳᠣᠲᠣᠨ᠎ᠠ ᠶ᠋ᠢᠨ ᠰᠦᠮ᠎ᠡ ᠬᠡᠢᠳ367ᠰᠠᠭᠤᠷᠢ ᠪᠣᠢ᠃ᠠᠯᠲᠠ᠂ᠮᠥᠩᠭᠥ᠂ᠴᠠᠭᠠᠰᠤᠨ ᠵᠣᠭᠣᠰ ᠢ᠋ ᠬᠡᠷᠡᠭᠯᠡᠬᠦ ᠢᠨᠦ ᠲᠣᠭ᠎ᠠ ᠦᠭᠡᠢ᠃ᠡᠳᠦᠭᠡ ᠤᠯᠤᠰ ᠭᠦᠷᠦᠨ ᠪᠠᠰᠠ ᠬᠦᠷᠦᠯᠴᠡᠭᠡ ᠦᠭᠡᠢ ᠲᠤᠯᠠ ᠵᠦᠢ ᠵᠣᠬᠢᠰ ᠲᠠᠢ ᠬᠠᠰᠤᠬᠤ ᠪᠣᠯᠪᠠᠤ》ᠭᠡᠮᠡᠨ ᠬᠠᠭᠠᠨ ᠲᠥᠷᠥ ᠳ᠋ᠦ᠍ ᠱᠠᠰᠢᠨ ᠤ᠋ ᠵᠠᠷᠤᠳᠠᠯ ᠢ᠋ ᠪᠠᠭᠠᠰᠬᠠᠬᠤ ᠶ᠋ᠢ ᠰᠠᠨᠠᠭᠤᠯᠪᠠ᠃ᠡᠨᠳᠡ ᠬᠡᠯᠡᠭᠰᠡᠨ ᠰᠦᠮ᠎ᠡ ᠬᠡᠢᠳ ᠦ᠋ᠨ ᠲᠣᠭ᠎ᠠ ᠨᠢ ᠭᠠᠳᠠᠨ᠎ᠠ ᠳᠣᠲᠣᠨ᠎ᠠ ᠶ᠋ᠢᠨ ᠪᠦᠬᠦ ᠰᠦᠮ᠎ᠡ ᠬᠡᠢᠳ ᠦ᠋ᠨ ᠲᠣᠭ᠎ᠠ ᠪᠣᠯᠬᠤ ᠠ᠋ᠴᠠ ᠪᠢᠰᠢ ᠭᠠᠭᠴᠠᠬᠠᠨ ᠱᠠᠩᠳᠤ ᠬᠣᠲᠠ ᠶ᠋ᠢᠨ ᠰᠦᠮ᠎ᠡ ᠬᠡᠢᠳ ᠦ᠋ᠨ ᠲᠣᠭ᠎ᠠ ᠪᠢᠰᠢ ᠶᠦ᠍ᠮ᠃ᠶᠤᠸᠠᠨ ᠤ᠋ ᠲᠡᠦᠬᠡᠨ ᠳ᠋ᠦ᠍ ᠮᠣᠩᠭᠣᠯ ᠤ᠋ᠨ ᠬᠠᠭᠠᠳ᠂ᠱᠠᠩᠳᠤ ᠳ᠋ᠤ᠌ ᠵᠤᠰᠠᠵᠤ ᠵᠠᠰᠠᠭᠯᠠᠵᠤ ᠪᠠᠢᠬᠤ ᠬᠤᠭᠤᠴᠠᠭᠠᠨ ᠳ᠋ᠠᠭᠠᠨ165 ᠤᠳᠠᠭ᠎ᠠ ᠱᠠᠰᠢᠨ ᠤ᠋ ᠠᠵᠢᠯᠯᠠᠭ᠎ᠠ ᠬᠢᠳᠡᠭ ᠭᠡᠵᠡᠢ᠃ᠡᠭᠦᠨ ᠢ᠋165 ᠰᠦᠮ᠎ᠡ ᠬᠡᠢᠳ ᠪᠠᠢᠯ᠎ᠠ ᠭᠡᠮᠡᠨ ᠣᠢᠯᠠᠭᠠᠵᠤ ᠨᠡᠩ ᠴᠦ᠍ ᠪᠣᠯᠬᠤ ᠦᠭᠡᠢ ᠪᠢᠵᠡ᠃ᠮᠣᠩᠭᠣᠯ ᠤ᠋ᠨ ᠦᠶ᠎ᠡ ᠦᠶ᠎ᠡ ᠶ᠋ᠢᠨ ᠬᠠᠭᠠᠳ᠂ᠲᠥᠷᠥ ᠱᠠᠰᠢᠨ ᠢ᠋ ᠲᠡᠭᠰᠢᠳᠡ ᠪᠠᠷᠢᠬᠤ ᠪᠣᠳᠣᠯᠭ᠎ᠠ ᠠᠪᠤᠭᠰᠠᠨ ᠤᠴᠢᠷ ᠡᠯ᠎ᠡ ᠲᠥᠷᠥᠯ ᠦ᠋ᠨ ᠱᠠᠰᠢᠨ ᠰᠤᠷᠲᠠᠬᠤᠨ ᠮᠣᠩᠭᠣᠯ ᠣᠷᠣᠨ᠎ᠠ ᠨᠡᠯᠢᠶᠡᠳ ᠴᠢᠯᠥᠭᠡᠲᠡᠢ ᠳᠡᠯᠭᠡᠷᠡᠵᠦ ᠱᠠᠩᠳᠤ ᠨᠡᠢᠰᠯᠡᠯ ᠳ᠋ᠦ᠍ ᠪᠤᠷᠬᠠᠨ ᠤ᠋ ᠰᠦᠮ᠎ᠡ᠂ᠪᠣᠮᠪᠣ ᠶ᠋ᠢᠨ ᠰᠦᠮ᠎ᠡ᠂ᠬᠣᠲᠣᠩ ᠤ᠋ᠨ ᠰᠦᠮ᠎ᠡ ᠵᠡᠷᠭᠡ ᠡᠯ᠎ᠡ ᠲᠥᠷᠥᠯ ᠦ᠋ᠨ ᠱᠠᠰᠢᠨ ᠤ᠋ ᠰᠦᠮ᠎ᠡ ᠬᠡᠢᠳ ᠤᠷᠢᠳ ᠬᠣᠵᠢᠳ ᠪᠠᠢᠭᠤᠯᠤᠭᠳᠠᠭᠰᠠᠨ ᠶᠤᠮ᠃ᠡᠭᠦᠨ ᠳ᠋ᠦ᠍ ᠪᠤᠷᠬᠠᠨ ᠤ᠋ ᠱᠠᠰᠢᠨ ᠤ᠋ ᠤᠯᠠᠭᠠᠨ ᠤ᠋ ᠱᠠᠰᠢᠨ ᠭᠣᠣᠯ ᠪᠠᠢᠷᠢ ᠶ᠋ᠢ ᠡᠵᠡᠯᠡᠨ᠂ᠣᠯᠠᠨ ᠰᠦᠮ᠎ᠡ ᠬᠡᠢᠳ ᠳᠠᠷᠠᠭ᠎ᠠ ᠳᠠᠷᠠᠭ᠎ᠠ ᠪᠠᠷ ᠪᠠᠢᠭᠤᠯᠤᠭᠳᠠᠵᠤ ᠤᠯᠠᠭᠠᠨ ᠤ᠋ ᠱᠠᠰᠢᠨ ᠤ᠋ ᠲᠦᠷᠦᠭᠦᠦ᠂ᠬᠠᠭᠠᠨ ᠤ᠋ ᠪᠠᠭᠰᠢ᠂ᠤᠯᠤᠰ ᠤ᠋ᠨ ᠪᠠᠭᠰᠢ ᠡᠷᠭᠦᠮᠵᠢᠯᠡᠭᠳᠡᠭᠰᠡᠨ ᠪᠢᠯᠡ᠃ᠶᠤᠸᠠᠨ ᠤᠯᠤᠰ ᠤ᠋ᠨ ᠲᠡᠦᠬᠡ ᠳ᠋ᠦ᠍ ᠲᠡᠮᠳᠡᠭᠯᠡᠭᠳᠡᠭᠰᠡᠨ ᠪᠤᠷᠬᠠᠨ ᠤ᠋ ᠰᠦᠮ᠎ᠡ ᠠᠷᠪᠠ ᠭᠠᠷᠤᠢ᠂ᠡᠭᠦᠨ ᠳ᠋ᠦ᠍ ᠶᠡᠬᠡ ᠰᠢᠭ ᠨᠢ ᠳᠣᠯᠣᠭ᠎ᠠ ᠨᠠᠢ᠍ᠮᠠᠨ᠂ᠪᠣᠮᠪᠣ ᠶ᠋ᠢᠨ ᠰᠦᠮ᠎ᠡ ᠳᠥᠷᠪᠡ᠂ᠬᠣᠲᠣᠩ ᠤ᠋ᠨ ᠰᠦᠮ᠎ᠡ ᠨᠢᠭᠡ ᠪᠠᠢᠵᠤ ᠪᠦᠬᠦ ᠰᠦᠮ᠎ᠡ ᠬᠡᠢᠳ ᠦ᠋ᠨ ᠲᠣᠭ᠎ᠠ ᠨᠢ ᠬᠣᠷᠢ ᠬᠦᠷᠬᠦ ᠦᠭᠡᠢ ᠪᠠᠢᠵᠠᠢ᠃
( ᠨᠢᠭᠡ ) ᠰᠦᠮ᠎ᠡ ᠬᠡᠢᠳ
ᠯᠦᠩ ᠭᠤᠸᠠᠩ ᠬᠤᠸᠠ ᠶᠠᠨ ᠰᠧ ᠬᠡᠢᠳ
1256ᠣᠨ ᠳ᠋ᠤ᠌ ᠬᠡᠢᠪᠦᠩ ᠣᠷᠳᠣᠨ ᠤ᠋ ᠰᠠᠭᠤᠷᠢ ᠶ᠋ᠢ ᠲᠠᠯᠪᠢᠭᠰᠠᠨ ᠤᠯᠠᠭᠠᠨ ᠯᠤᠤ ᠵᠢᠯ᠂ᠯᠦᠩ ᠭᠤᠸᠠᠩ ᠬᠤᠸᠠ ᠶᠠᠨ ᠰᠧ ᠬᠡᠢᠳ ᠢ᠋ ᠳᠣᠲᠣᠷ᠎ᠠ ᠣᠷᠳᠣᠨ ᠤ᠋ ᠵᠡᠭᠦᠨ ᠬᠣᠢᠲᠤ ᠲᠠᠯ᠎ᠠ ᠳ᠋ᠤ᠌ ᠪᠠᠢᠭᠤᠯᠵᠠᠢ᠃ᠡᠨᠡ ᠨᠢ ᠱᠠᠩᠳᠤ ᠨᠡᠢᠰᠯᠡᠯ ᠳ᠋ᠦ᠍ ᠪᠠᠷᠢᠭᠰᠠᠨ ᠠᠩᠬᠠᠳᠠᠭᠴᠢ ᠰᠦᠮ᠎ᠡ ᠶᠦ᠍ᠮ᠃ᠰᠢᠷ᠎ᠠ ᠮᠣᠷᠢᠨ ᠵᠢᠯ᠂ᠬᠤᠪᠢᠯᠠᠢ ᠬᠠᠭᠠᠨ ᠵᠠᠯᠠᠷᠠᠨ ᠰᠠᠭᠠᠲᠠᠵᠤ ᠲᠠᠬᠢᠯᠭ᠎ᠠ ᠳ᠋ᠤ᠌ ᠣᠷᠣᠯᠴᠠᠵᠠᠢ᠃ᠬᠣᠵᠢᠮ ᠨᠢ ᠬᠣᠶᠠᠷ ᠤᠳᠠᠭ᠎ᠠ ᠥᠷᠭᠡᠳᠬᠡᠨ ᠵᠠᠰᠠᠭᠰᠠᠨ ᠪᠢᠯᠡ᠃ᠪᠤᠶᠠᠨᠲᠤ ᠬᠠᠭᠠᠨ ᠠᠶᠤᠷᠪᠠᠷᠪᠠᠳᠠ ᠶ᠋ᠢᠨ ᠦᠶ᠎ᠡ ᠳ᠋ᠦ᠍ ᠡᠬᠢᠯᠡᠵᠦ ᠠᠷᠪᠠ ᠭᠠᠷᠤᠢ ᠵᠢᠯ ᠵᠠᠰᠠᠭᠠᠳ ᠭᠡᠭᠡᠨ ᠬᠠᠭᠠᠨ ᠱᠤᠳᠪᠠᠯᠠ ᠶ᠋ᠢᠨ ᠭᠠᠷ ᠳᠡᠭᠡᠷ᠎ᠡ ᠰᠠᠶᠢ ᠵᠠᠰᠠᠵᠤ ᠳᠠᠭᠤᠰᠬᠠᠭᠰᠠᠨ ᠶᠤᠮ᠃
ᠴᠢᠶᠠᠨ ᠶᠤᠸᠠᠨ ᠰᠧ ᠬᠡᠢᠳ
ᠴᠢᠶᠠᠨ ᠶᠤᠸᠠᠨ ᠰᠧ ᠬᠡᠢᠳ ᠢ᠋ ᡁᠢ ᠶᠤᠸᠠᠨ ᠤ᠋ ᠠᠷᠪᠠᠨ ᠨᠢᠭᠡᠳᠦᠭᠡᠷ ᠣᠨ(1274 ᠣᠨ) ᠳ᠋ᠤ᠌ ᠳᠣᠲᠣᠷ᠎ᠠ ᠣᠷᠳᠣᠨ ᠤ᠋ ᠪᠠᠷᠠᠭᠤᠨ ᠬᠣᠢᠲᠤ ᠲᠠᠯ᠎ᠠ ᠳ᠋ᠤ᠌ ᠪᠠᠢᠭᠤᠯᠤᠭᠰᠠᠨ ᠶᠤᠮ᠃ᠰᠦᠮ᠎ᠡ ᠳ᠋ᠦ᠍ ᠮᠠᠬᠠᠺᠠᠯᠠ ᠪᠤᠷᠬᠠᠨ ᠢ᠋ ᠭᠣᠣᠯ ᠰᠢᠲᠦᠭᠡᠨ ᠪᠣᠯᠭᠠᠨ ᠲᠠᠬᠢᠵᠠᠢ᠃ᠴᠢᠶᠠᠨ ᠶᠤᠸᠠᠨ ᠰᠧ ᠬᠡᠢᠳ ᠢ᠋ ᠶᠤᠸᠠᠨ ᠤ᠋ ᠦᠶ᠎ᠡ ᠶ᠋ᠢᠨ ᠠᠯᠳᠠᠷᠲᠤ ᠱᠤᠭᠤᠮᠠᠯᠴᠢᠨ ᠠᠨᠢᠬᠡ ᠡᠷᠬᠢᠯᠡᠨ ᠪᠠᠷᠢᠵᠤ ᠳᠣᠲᠣᠷᠠᠬᠢ ᠪᠤᠷᠬᠠᠨ ᠤ᠋ ᠱᠤᠭᠤᠮᠠᠯ᠂ᠪᠠᠷᠢᠮᠠᠯ᠂ᠵᠢᠷᠤᠮᠠᠯ ᠬᠥᠷᠥᠭ ᠢ᠋ ᠪᠦᠲᠦᠭᠡᠭᠰᠡᠨ ᠶᠦ᠍ᠮ᠃ᠴᠢᠶᠠᠨ ᠶᠤᠸᠠᠨ ᠰᠧ ᠬᠡᠢᠳ ᠨᠢ ᠱᠠᠩᠳᠤ ᠳ᠋ᠠᠬᠢ ᠰᠦᠮ᠎ᠡ ᠬᠡᠢᠳ ᠦ᠋ᠨ ᠳᠤᠮᠳᠠ ᠪᠠᠢᠷᠢ ᠰᠠᠭᠤᠷᠢ ᠪᠠᠷ ᠳᠣᠪᠣᠢᠮ᠎ᠠ ᠪᠠᠢᠵᠠᠢ᠃ᠳ᠋ᠡ ᠳᠧ ᠶ᠋ᠢᠨ ᠳᠥᠷᠪᠡᠳᠦᠭᠡᠷ ᠣᠨ ᠳ᠋ᠤ᠌ ᠥᠯᠵᠡᠢᠲᠦ ᠬᠠᠭᠠᠨ ᠲᠡᠮᠦᠷ᠂ᠴᠢᠶᠠᠨ ᠶᠤᠸᠠᠨ ᠰᠧ ᠬᠡᠢᠳ ᠲᠦ᠍ 90 ᠴᠢᠩ ᠲᠠᠷᠢᠶ᠎ᠠ᠂15000ᠬᠡᠰᠡᠭ ᠮᠥᠩᠭᠥ ᠰᠣᠶᠣᠷᠬᠠᠪᠠ᠃
ᠶᠠᠨ ᠢᠦ ᠶ᠋ᠢᠨ ᠵᠢᠷᠭᠤᠳᠤᠭᠠᠷ ᠣᠨ ᠳ᠋ᠤ᠌ ᠴᠢᠶᠠᠨ ᠶᠤᠸᠠᠨ ᠰᠧ ᠬᠡᠢᠳ ᠲᠦ᠍ ᠴᠠᠭᠠᠰᠤᠨ ᠵᠣᠭᠣᠰ10000 ᠬᠡᠰᠡᠭ ᠰᠣᠶᠣᠷᠬᠠᠵᠤ ᠵᠠᠰᠠᠪᠤᠷᠢ ᠬᠢᠬᠦ ᠵᠠᠷᠤᠳᠠᠯ
ᠪᠣᠯᠭᠠᠵᠠᠢ᠃ᠲᠠᠢᠳᠢᠩ ᠤ᠋ᠨ ᠬᠣᠶᠠᠳᠤᠭᠠᠷ ᠣᠨ(1325ᠣᠨ) ᠳ᠋ᠤ᠌ ᠴᠢᠶᠠᠨ ᠶᠤᠸᠠᠨ ᠰᠧ ᠬᠡᠢᠳ ᠢ᠋ ᠵᠠᠰᠠᠪᠠ᠃ ᠭᠤᠷᠪᠠᠳᠤᠭᠠᠷ ᠣᠨ ᠳ᠋ᠤᠨᠢ ᠲᠠᠢᠳᠢᠩ
ᠬᠠᠭᠠᠨ ᠶᠢᠰᠤᠨᠲᠡᠮᠤᠷ ᠴᠢᠶᠠᠨ ᠶᠤᠸᠠᠨ ᠰᠧ ᠬᠡᠢᠳ ᠲᠦ᠍ ᠮᠣᠷᠢᠯᠠᠨ ᠰᠠᠭᠠᠲᠠᠵᠤ ᠲᠠᠪᠤᠨ ᠣᠷᠣᠨ ᠤ᠋ ᠪᠤᠷᠬᠠᠨ ᠱᠤᠭᠤᠵᠤ ᠪᠦᠲᠦᠭᠡᠬᠦ ᠵᠠᠷᠯᠢᠭ ᠪᠣᠯᠪᠠ᠃ᠬᠣᠵᠢᠮ ᠨᠢ ᡁᠢ ᠶᠤᠸᠠᠨ ᠤ᠋ ᠭᠤᠷᠪᠠᠳᠤᠭᠠᠷ ᠣᠨ(1266ᠣᠨ) ᠤ᠋ ᠳᠣᠯᠣᠳᠤᠭᠠᠷ ᠰᠠᠷ᠎ᠠ ᠳ᠋ᠤ᠌ ᠲᠢᠶᠠᠨᠱᠥ᠋ᠨ ᠬᠠᠭᠠᠨ ᠠᠰᠤᠬᠢᠤᠡ ᠮᠣᠷᠢᠯᠠᠨ ᠰᠠᠭᠠᠳᠠᠵᠠᠢ᠃ᡁᠢ ᠵᠧᠩ ᠦ᠋ᠨ ᠳᠣᠯᠣᠳᠤᠭᠠᠷ ᠣᠨ(1347ᠣᠨ) ᠤ᠋ ᠭᠤᠷᠪᠠᠳᠤᠭᠠᠷ ᠰᠠᠷ᠎ᠠ ᠳ᠋ᠤ᠌ ᠡᠯᠴᠢ ᠲᠣᠮᠢᠯᠠᠨ ᠱᠠᠩᠳᠤ ᠶ᠋ᠢᠨ ᠴᠢᠶᠠᠨ ᠶᠤᠸᠠᠨ ᠰᠧ ᠬᠡᠢᠳ ᠢ᠋ ᠶᠡᠬᠡᠳᠡ ᠵᠠᠰᠠᠵᠤᠬᠤᠢ᠃
ᠺᠠᠢ ᠶᠤᠸᠠᠨ ᠰᠧ ᠬᠡᠢᠳ
ᠶᠤᠸᠠᠨ ᠤᠯᠤᠰ ᠤ᠋ᠨ ᠪᠤᠶᠠᠨᠲᠤ ᠬᠠᠭᠠᠨ ᠠᠶᠤᠷᠪᠠᠷᠪᠠᠳᠠ ᠶᠠᠨ ᠢᠦ ᠶ᠋ᠢᠨ ᠭᠤᠷᠪᠠᠳᠤᠭᠠᠷ ᠣᠨ ᠤ᠋ ᠴᠠᠭᠠᠨ ᠰᠠᠷ᠎ᠠ ᠳ᠋ᠤ᠌ ᠱᠠᠩᠳᠤ ᠶ᠋ᠢᠨ ᠺᠠᠢ ᠶᠤᠸᠠᠨ ᠰᠧ ᠬᠡᠢᠳ ᠲᠦ᠍ 200 ᠴᠢᠩ ᠲᠠᠷᠢᠶ᠎ᠠ ᠰᠣᠶᠣᠷᠬᠠᠪᠠ᠃
ᠬᠤᠸᠠᠩ ᠮᠧᠢ ᠰᠧ ᠬᠡᠢᠳ
ᠶᠤᠸᠠᠨ ᠤᠯᠤᠰ ᠤ᠋ᠨ ᡁᠢ ᠶᠤᠸᠠᠨ ᠤ᠋ ᠬᠣᠷᠢᠨ ᠬᠣᠶᠠᠳᠤᠭᠠᠷ ᠣᠨ(1285ᠣᠨ) ᠳ᠋ᠤ᠌ ᠬᠤᠪᠢᠯᠠᠢ ᠬᠠᠭᠠᠨ᠄《ᠲᠥᠪᠡᠳ ᠨᠣᠮ ᠰᠤᠳᠤᠷ ᠤᠯᠠᠮᠵᠢᠯᠠᠭᠳᠠᠨ ᠳᠡᠯᠭᠡᠷᠡᠭᠰᠡᠨ ᠢᠨᠦ ᠥᠨᠢ ᠤᠳᠠᠪᠠᠢ᠃ᠲᠠᠩᠭᠤᠳ ᠬᠢᠲᠠᠳ ᠣᠷᠴᠢᠭᠤᠯᠭ᠎ᠠ ᠶ᠋ᠢ ᠠᠷᠢᠭᠤᠳᠬᠠᠵᠤ ᠬᠠᠷᠢᠯᠴᠠᠨ ᠬᠠᠷᠭᠤᠭᠤᠯᠰᠤᠭᠠᠢ》 ᠭᠡᠮᠡᠨ ᠵᠠᠷᠯᠢᠭ ᠪᠣᠯᠪᠠ᠃
ᠡᠨᠡᠳᠬᠡᠭ ᠤᠨᠰᠠᠨᠰᠺᠷᠢᠲ ᠬᠡᠯᠡ᠂ᠲᠠᠩᠭᠤᠳ ᠬᠡᠯᠡ᠂ᠤᠢᠭᠤᠷ ᠬᠡᠯᠡ ᠪᠣᠯᠤᠨ ᠬᠢᠲᠠᠳ ᠬᠡᠯᠡᠨ ᠦ᠌ ᠪᠤᠷᠬᠠᠨ ᠤ᠋ ᠨᠣᠮ ᠰᠤᠳᠤᠷ ᠢ᠋ ᠬᠠᠷᠢᠯᠴᠠᠨ ᠬᠠᠷᠭᠤᠭᠤᠯᠬᠤ ᠠᠵᠢᠯ ᠢ᠋ ᠭᠤᠷᠪᠠᠨ ᠵᠢᠯ ᠬᠢᠵᠡᠢ᠃ᠬᠤᠸᠠᠩ ᠮᠧᠢ ᠰᠧ ᠬᠡᠢᠳ ᠦ᠋ᠨ ᠡᠵᠡᠨ ᠯᠠᠮᠠ ᠲᠦᠩ ᠾᠦᠢ ᠪᠠᠭᠰᠢ ᠡᠨᠡ ᠬᠦ᠌ ᠠᠵᠢᠯ ᠳ᠋ᠤ᠌ ᠣᠷᠣᠯᠴᠠᠵᠤ ᠱᠠᠭᠵᠠᠮᠤᠨᠢ ᠶ᠋ᠢᠨ ᠶᠡᠬᠡ ᠭᠦᠯᠭᠡᠨ ᠰᠤᠳᠤᠷ᠂ᠢᠷᠦᠭᠡᠯ ᠮᠠᠭᠲᠠᠭᠠᠯ ᠪᠠ ᠰᠡᠳᠬᠢᠯ ᠢ᠋ ᠵᠠᠰᠠᠬᠤ ᠲᠤᠬᠠᠢ ᠲᠠᠢᠯᠪᠤᠷᠢᠯᠠᠵᠠᠢ᠃
ᠴᠢᠩ ᠠᠨ ᠰᠧ ᠬᠡᠢᠳ
ᠳᠡ ᠳᠧ ᠶ᠋ᠢᠨ ᠳᠣᠯᠣᠳᠤᠭᠠᠷ ᠣᠨ(1303ᠣᠨ) ᠳ᠋ᠤ᠌ ᠬᠠᠭᠠᠨ ᠤ᠋ ᠪᠠᠭᠰᠢ ᠲᠠᠮᠪᠠ (ᠭᠦᠩᠭᠠᠵᠠᠯᠰᠠᠨ)᠂ᠴᠢᠩ ᠠᠨ ᠰᠧ ᠬᠡᠢᠳ ᠦ᠋ᠨ ᠮᠠᠢᠳᠠᠷᠢ ᠭᠠᠷᠪᠤ ᠳ᠋ᠤ᠌ ᠲᠠᠭᠠᠯᠠᠯ ᠲᠡᠭᠦᠰᠴᠦ ᠵᠠᠩᠴᠢ ᠠᠷᠠᠯᠵᠢᠪᠠ᠃ᠲᠡᠭᠦᠨ ᠦ᠌ ᠱᠠᠷᠢᠯ ᠢ᠋ ᠬᠡᠢᠳ ᠦ᠋ᠨ ᠬᠠᠵᠠᠭᠤ ᠳ᠋ᠤ᠌ ᠰᠤᠪᠤᠷᠭᠠᠯᠠᠨ ᠣᠷᠣᠰᠢᠭᠤᠯᠵᠠᠢ᠃
ᠸᠠᠨ ᠠᠨ ᠰᠧ ᠬᠡᠢᠳ
ᠸᠠᠨ ᠠᠨ ᠰᠧ ᠬᠡᠢᠳ ᠲᠦ᠍ ᠳᠡ ᠳᠧ ᠶ᠋ᠢᠨ ᠳᠥᠷᠪᠡᠳᠦᠭᠡᠷ ᠣᠨ ᠳ᠋ᠤ᠌ ᠰᠠᠢᠨ ᠲᠠᠷᠢᠶ᠎ᠠ60 ᠴᠢᠩ᠂ᠮᠥᠩᠭᠥ10000 ᠬᠡᠰᠡᠭ ᠰᠣᠶᠣᠷᠬᠠᠪᠠ᠃
ᠨᠠᠨ ᠰᠧ ᠬᠡᠢᠳ
ᠨᠠᠨ ᠰᠧ ᠬᠡᠢᠳ ᠲᠦ᠍ ᠮᠥᠨ ᠳᠡ ᠳᠧ ᠶ᠋ᠢᠨ ᠳᠥᠷᠪᠡᠳᠦᠭᠡᠷ ᠣᠨ ᠳ᠋ᠤ᠌ ᠰᠠᠢᠨ ᠲᠠᠷᠢᠶ᠎ᠠ120ᠴᠢᠩ᠂ᠴᠠᠭᠠᠨ ᠮᠥᠩᠭᠥ10000 ᠬᠡᠰᠡᠭ ᠰᠣᠶᠣᠷᠬᠠᠵᠤ ᠶᠠᠨ ᠢᠦ ᠶ᠋ᠢᠨ ᠵᠢᠷᠭᠤᠳᠤᠭᠠᠷ ᠣᠨ ᠳ᠋ᠤ᠌ ᠪᠠᠰᠠ10000 ᠬᠡᠰᠡᠭ ᠮᠥᠩᠭᠥ ᠰᠣᠶᠣᠷᠬᠠᠵᠤ ᠵᠠᠰᠠᠭᠤᠯᠪᠠ᠃ᠡᠭᠦᠨ ᠡᠴᠡ ᠭᠠᠳᠠᠨ᠎ᠠ ᠬᠣᠩ ᠵᠧᠩ ᠰᠧ ᠬᠡᠢᠳ᠂ᠮᠢ ᠲᠦᠸᠧ ᠶᠤᠸᠠᠨ᠂ᠳ᠋ᠢ ᠱᠢ ᠰᠧ ᠬᠡᠢᠳ ᠵᠡᠷᠭᠡ ᠪᠣᠢ᠃
ᠭᠤᠷᠪᠠᠨ ᠬᠠᠭᠠᠨ ᠤ᠋ ᠰᠦᠮ᠎ᠡ
ᠥᠯᠵᠡᠢᠲᠦ ᠲᠡᠮᠦᠷ ᠬᠠᠭᠠᠨ ᠤ᠋ ᠶᠤᠸᠠᠨ ᠵᠸᠨ ᠦ᠌ ᠲᠡᠷᠢᠭᠦᠨ ᠣᠨ ᠳ᠋ᠤ᠌ ᠱᠠᠩᠳᠤ ᠶ᠋ᠢᠨ ᠭᠤᠷᠪᠠᠨ ᠬᠠᠭᠠᠨ ᠰᠦᠮ᠎ᠡ ᠶ᠋ᠢ ᠪᠠᠢᠭᠤᠯᠪᠠ᠃ ᠰᠦᠮ᠎ᠡ ᠶ᠋ᠢᠨ ᠳᠣᠲᠣᠷᠠᠬᠢ ᠱᠤᠭᠤᠮᠠᠯ ᠪᠠᠷᠢᠮᠠᠯ ᠣᠯᠠᠨ ᠪᠤᠷᠬᠠᠨ ᠢ᠋ ᠯᠢᠦ ᠶᠤᠸᠠᠨ ᠪᠦᠲᠦᠭᠡᠵᠦᠬᠦᠢ᠃
ᠴᠧᠩ ᠬᠤᠸᠠᠩ ᠮᠢᠶᠣᠤ ᠰᠦᠮ᠎ᠡ
ᡁᠢ ᠶᠤᠸᠠᠨ ᠤ᠋ ᠲᠠᠪᠤᠳᠤᠭᠠᠷ ᠣᠨ ᠳ᠋ᠤ᠌ ᠳᠡᠭᠡᠳᠦ ᠨᠡᠢᠰᠯᠡᠯ ᠱᠠᠩᠳᠤ ᠳ᠋ᠤ᠌ ᠴᠧᠩ ᠬᠤᠸᠠᠩ ᠮᠢᠶᠣᠤ ᠰᠦᠮ᠎ᠡ ᠶ᠋ᠢ ᠪᠠᠢᠭᠤᠯᠪᠠ᠃
ᠬᠠᠭᠠᠨ ᠤ᠋ ᠪᠠᠭᠰᠢ ᠶ᠋ᠢᠨ ᠰᠦᠮ᠎ᠡ
ᠭᠡᠭᠡᠨ ᠬᠠᠭᠠᠨ ᠱᠣᠳᠪᠡᠯᠨ ᠶᠢᠨ ᡁᠢ ᡁᠢ ᠶ᠋ᠢᠨ ᠲᠡᠷᠢᠭᠦᠨ ᠣᠨ(1321ᠣᠨ) ᠤ᠋ ᠲᠠᠪᠤᠳᠤᠭᠠᠷ ᠰᠠᠷ᠎ᠠ ᠳ᠋ᠤ᠌ ᠱᠠᠩᠳᠤ ᠬᠣᠲᠠᠨ᠎ᠠ ᠶᠤᠸᠠᠨ ᠤᠯᠤᠰ ᠤ᠋ᠨ ᠬᠠᠭᠠᠨ ᠤ᠋ ᠪᠠᠭᠰᠢ ᠶ᠋ᠢᠨ ᠰᠦᠮ᠎ᠡ ᠶ᠋ᠢ ᠪᠠᠢᠭᠤᠯᠪᠠ᠃ᠭᠤᠷᠪᠠᠳᠤᠭᠠᠷ ᠣᠨ(1323 ᠣᠨ) ᠤ᠋ ᠬᠣᠶᠠᠳᠤᠭᠠᠷ ᠰᠠᠷ᠎ᠠ ᠳ᠋ᠤ᠌ ᠬᠠᠭᠠᠨ ᠤ᠋ ᠪᠠᠭᠰᠢ ᠫᠠᠭᠪᠠ ᠶ᠋ᠢᠨ ᠰᠦᠮ᠎ᠡ ᠶ᠋ᠢ ᠵᠠᠰᠠᠵᠤ ᠪᠠᠢᠭᠤᠯᠵᠠᠢ᠃
ᠪᠣᠮᠪᠣ ᠶ᠋ᠢᠨ ᠱᠠᠰᠢᠨ
ᠶᠤᠸᠠᠨ ᠤᠯᠤᠰ ᠤ᠋ᠨ ᠡᠬᠢᠨ ᠦᠶ᠎ᠡ ᠪᠡᠷ ᠪᠣᠮᠪᠣ ᠶ᠋ᠢᠨ ᠱᠠᠰᠢᠨ ᠤ᠋ ᠴᠢᠤᠸᠠᠨ ᠵᠸᠨ ᠳ᠋ᠣᠣ ᠬᠡᠮᠡᠬᠦ ᠪᠦᠯᠦᠭ ᠨᠢ ᠮᠣᠩᠭᠣᠯ ᠤ᠋ᠨ ᠬᠠᠭᠠᠳ ᠢ᠋ ᠳᠡᠮᠵᠢᠵᠦ ᠬᠦᠴᠦ ᠪᠡᠨ ᠡᠷᠭᠦᠭᠰᠡᠨ ᠢ᠋ᠶ᠋ᠡᠷ ᠶᠤᠸᠠᠨ ᠤᠯᠤᠰ ᠤ᠋ᠨ ᠬᠠᠭᠠᠨ ᠲᠥᠷᠥ ᠶ᠋ᠢᠨ ᠬᠦᠨᠳᠦᠳᠬᠡᠯ ᠢ᠋ ᠣᠯᠵᠤ᠂ᠳᠠᠪᠠᠭᠤᠯᠢᠭ ᠪᠠᠢᠷᠢ ᠶ᠋ᠢ ᠡᠵᠡᠯᠡᠨ ᠭᠤᠴᠢ ᠳᠥᠴᠢᠨ ᠵᠢᠯ ᠦ᠋ᠨ ᠤᠷᠲᠤ ᠬᠤᠭᠤᠴᠠᠭ᠎ᠠ ᠪᠠᠷ ᠲᠣᠭᠲᠠᠭᠤᠨ ᠬᠥᠭᠵᠢᠨ ᠳᠡᠯᠭᠡᠷᠡᠭᠰᠡᠨ ᠪᠠᠢᠪᠠ᠃ ᠲᠡᠭᠦᠨ ᠦ᠌ ᠠᠯᠳᠠᠷᠲᠤ ᠲᠥᠯᠥᠭᠡᠯᠡᠭᠴᠢ ᠬᠥᠮᠦᠨ ᠪᠣᠯ ᠪᠣᠮᠪᠣ ᠶ᠋ᠢᠨ ᠱᠠᠰᠢᠨ ᠤ᠋ ᠰᠢᠯᠭᠠᠷᠠᠭᠰᠠᠨ ᠵᠢᠳᠬᠦᠯᠲᠡᠨ ᠴᠠᠩ ᠴᠦᠨ ᠠᠷᠰᠢ ᠴᠢᠦ ᠴᠦ᠍ ᠵᠢᠢ ᠪᠣᠯᠤᠨ᠎ᠠ᠃
ᠴᠠᠩ ᠴᠦᠨ ᠬᠦᠩ
ᠱᠠᠩᠳᠤ ᠬᠣᠲᠠ ᠳ᠋ᠤ᠌ ᠬᠠᠮᠤᠭ ᠡᠷᠲᠡ ᠪᠠᠷᠢᠭᠰᠠᠨ ᠪᠣᠮᠪᠣ ᠶ᠋ᠢᠨ ᠰᠦᠮ᠎ᠡ ᠪᠣᠯ ᠴᠠᠩ ᠴᠦᠨ ᠬᠦᠩ ᠶᠦ᠍ᠮ᠃ ᠵᠦᠩ ᠲᠦᠩ ᠦ᠋ᠨ ᠬᠣᠶᠠᠳᠤᠭᠠᠷ ᠣᠨ(1261 ᠣᠨ) ᠤ᠋ ᠳᠥᠷᠪᠡᠳᠦᠭᠡᠷ ᠰᠠᠷ᠎ᠠ ᠳ᠋ᠤ᠌ ᠬᠤᠪᠢᠯᠠᠢ ᠬᠠᠭᠠᠨ ᠵᠠᠷᠯᠢᠭ ᠪᠠᠭᠤᠯᠭᠠᠨ᠂ ᠴᠠᠩ ᠴᠦᠨ ᠬᠦᠩ ᠳ᠋ᠦ᠍ᠷ ᠭᠤᠷᠪᠠᠨ ᠰᠥᠨᠢ ᠭᠤᠷᠪᠠᠨ ᠡᠳᠦᠷ ᠦ᠋ᠨ ᠲᠠᠬᠢᠯ ᠰᠠᠴᠤᠯᠢ ᠡᠷᠭᠦᠵᠦ ᠢᠷᠭᠡᠳ ᠦ᠋ᠨ ᠠᠮᠤᠷ ᠠᠮᠤᠭᠤᠯᠠᠩ ᠢ᠋ ᠳᠠᠭᠠᠳᠬᠠᠪᠠᠢ᠃
ᠽᠦᠩ ᠵᠸᠠ ᠸᠠᠨ ᠱᠤ᠌ ᠬᠦᠩ
ᡁᠢ ᠶᠤᠸᠠᠨ ᠤ᠋ ᠠᠷᠪᠠᠨ ᠳᠥᠷᠪᠡᠳᠦᠭᠡᠷ ᠣᠨ ᠤ᠋ ᠦᠶᠡᠰ ᠽᠦᠩ ᠵᠸᠨ ᠸᠠᠨ ᠱᠤ᠌ ᠬᠦᠩ ᠰᠦᠮ᠎ᠡ ᠶ᠋ᠢ ᠱᠠᠩᠳᠤ ᠬᠣᠲᠠᠨ᠎ᠡ ᠪᠠᠢᠭᠤᠯᠪᠠ᠃ ᠪᠣᠮᠪᠣ ᠶ᠋ᠢᠨ ᠱᠠᠰᠢᠨ ᠢ᠋ ᠰᠤᠷᠲᠠᠯᠴᠢᠯᠠᠨ ᠳᠡᠯᠭᠡᠷᠡᠭᠦᠯᠬᠦ ᠬᠠᠮᠤᠭ ᠶᠡᠬᠡ ᠭᠣᠣᠯ ᠰᠦᠮ᠎ᠡ ᠨᠢ ᠪᠣᠯᠵᠤ ᠪᠠᠢᠵᠠᠢ᠃ᠬᠠᠭᠠᠨ ᠢ᠋ ᠳᠠᠭᠠᠵᠤ ᠱᠠᠩᠳᠤ ᠳ᠋ᠤ᠌ ᠢᠷᠡᠭᠰᠡᠨ ᠪᠣᠮᠪᠣ ᠨᠠᠷ ᠽᠦᠩ ᠵᠸᠠ ᠸᠠᠨ ᠱᠤ᠌ ᠬᠦᠩ ᠣᠷᠳᠣᠨ ᠳ᠋ᠤ᠌ ᠰᠠᠭᠤᠵᠤ ᠪᠠᠢᠵᠠᠢ᠃ᠪᠤᠷᠬᠠᠨ ᠤ᠋ ᠱᠠᠰᠢᠨ ᠪᠣᠯᠤᠨ ᠪᠣᠮᠪᠣ ᠶ᠋ᠢᠨ ᠰᠤᠷᠲᠠᠬᠤᠨ ᠤ᠋ ᠬᠣᠭᠣᠷᠣᠨᠳᠣᠬᠢ ᠵᠥᠷᠢᠴᠡᠯ ᠢ᠋ ᠡᠪᠰᠡᠭᠦᠯᠬᠦ ᠬᠣᠶᠠᠳᠠᠬᠢ ᠤᠳᠠᠭᠠᠨ ᠤ᠋ ᠲᠥᠯᠥᠭᠡᠯᠡᠭᠴᠢ ᠬᠥᠮᠦᠰ ᠦ᠋ᠨ ᠬᠤᠷᠠᠯ ᠢ᠋ ᠱᠠᠩᠳᠤ ᠬᠣᠲᠠ ᠳ᠋ᠤ᠌ ᠬᠢᠭᠰᠡᠨ ᠪᠠ ᠳᠠᠷᠠᠭ᠎ᠠ ᠨᠢ ᠭᠤᠷᠪᠠᠳᠠᠬᠢ ᠤᠳᠠᠭᠠᠨ ᠤ᠋ ᠬᠤᠷᠠᠯ ᠢ᠋ ᠳᠠᠢᠳᠤ ᠪᠡᠭᠡᠵᠢᠩ ᠳ᠋ᠦ᠍ ᠬᠢᠵᠦ᠂ ᠬᠡᠷᠡᠭ ᠡᠳᠦᠭᠰᠡᠨ ᠪᠣᠮᠪᠣ ᠶ᠋ᠢᠨ ᠰᠤᠷᠲᠠᠬᠤᠨ ᠤ᠋ ᠵᠠᠷᠢᠮ ᠪᠣᠮᠪᠣ ᠨᠢ ᠠᠯᠠᠭᠳᠠᠵᠤ ᠴᠥᠭᠡᠨ ᠬᠡᠳᠦᠨ ᠪᠣᠮᠪᠣ ᠶ᠋ᠢ ᠠᠯᠪᠠᠲᠠᠨ ᠦᠰᠦ ᠶ᠋ᠢ ᠨᠢ ᠬᠤᠰᠤᠵᠤ ᠬᠤᠤᠱᠠᠩ ᠪᠣᠯᠭᠠᠪᠠ᠃ᠪᠣᠮᠪᠣ ᠶ᠋ᠢᠨ ᠰᠤᠷᠲᠠᠬᠤᠨ ᠤ᠋ ᠶᠣᠰᠣ ᠰᠤᠷᠲᠠᠬᠤᠨ ᠤ᠋ ᠨᠣᠮ ᠠ᠋ᠴᠠ ᠪᠤᠰᠤᠳ ᠨᠣᠮ ᠢ᠋ ᠨᠢ ᠵᠠᠷᠯᠢᠭ ᠢ᠋ᠶ᠋ᠠᠷ ᠰᠢᠲᠠᠭᠠᠪᠠ᠃ᠡᠭᠦᠨ ᠡᠴᠡ ᠬᠣᠢᠰᠢ ᠪᠣᠮᠪᠣ ᠶ᠋ᠢᠨ ᠰᠤᠷᠲᠠᠬᠤᠨ ᠤ᠋ ᠳᠡᠯᠭᠡᠷᠡᠯ ᠪᠠ ᠨᠥᠯᠥᠭᠡ ᠨᠢ ᠪᠠᠭᠤᠷᠠᠵᠤ ᠪᠠᠭᠠᠰᠴᠠᠢ᠃ ᡁᠢ ᡁᠢ ᠶ᠋ᠢᠨ ᠬᠣᠶᠠᠳᠤᠭᠠᠷ ᠣᠨ(1322 ᠣᠨ) ᠳ᠋ᠤ᠌ ᠪᠣᠮᠪᠣ ᠨᠠᠷ ᠬᠠᠭᠠᠨ ᠢ᠋ ᠳᠠᠭᠠᠵᠤ ᠱᠠᠩᠳᠤ ᠬᠣᠲᠠᠨ᠎ᠡ ᠶᠠᠪᠤᠬᠤ ᠶ᠋ᠢ ᠵᠣᠭᠰᠣᠭᠠᠵᠠᠢ᠃
ᠱᠧᠦ ᠨᠢᠩ ᠬᠦᠩ
ᡁᠢ ᠶᠤᠸᠠᠨ ᠤ᠋ ᠠᠷᠪᠠᠨ ᠨᠠᠢ᠍ᠮᠠᠳᠤᠭᠠᠷ ᠣᠨ(1281) ᠦ᠌ ᠨᠠᠢ᠍ᠮᠠᠳᠤᠭᠠᠷ ᠰᠠᠷ᠎ᠠ ᠳ᠋ᠤ᠌ ᠬᠤᠪᠢᠯᠠᠢ ᠬᠠᠭᠠᠨ᠂ ᠱᠧᠦ ᠨᠢᠩ ᠬᠦᠩ ᠳ᠋ᠦ᠍ ᠲᠠᠬᠢᠯ ᠲᠠᠯᠪᠢᠵᠤ ᠰᠠᠴᠤᠯᠢ ᠡᠷᠭᠦᠪᠡ᠃ ᡁᠢ ᠶᠤᠸᠠᠨ ᠤ᠋ ᠭᠤᠴᠢᠨ ᠨᠢᠭᠡᠳᠦᠭᠡᠷ ᠣᠨ ᠤ᠋ ᠳᠥᠷᠪᠡᠳᠦᠭᠡᠷ ᠰᠠᠷ᠎ᠠ ᠳ᠋ᠤ᠌ ᠥᠯᠵᠡᠢᠲᠦ ᠬᠠᠭᠠᠨ ᠲᠡᠮᠦᠷ ᠱᠠᠩᠳᠤ ᠬᠣᠲᠠᠨ᠎ᠠ ᠶᠡᠬᠡ ᠬᠠᠭᠠᠨ ᠣᠷᠣ ᠰᠠᠭᠤᠪᠠ᠃ᠲᠠᠪᠤᠳᠤᠭᠠᠷ ᠰᠠᠷ᠎ᠠ ᠳ᠋ᠤ᠌ ᠱᠧᠦ ᠨᠢᠩ ᠬᠦᠩ ᠳ᠋ᠦ᠍ ᠲᠠᠬᠢᠯ ᠲᠠᠯᠪᠢᠵᠠᠢ᠃
ᠲᠠᠶ ᠶᠢ ᠬᠦᠩ
ᠱᠠᠩᠳᠤ ᠬᠣᠲᠠ ᠶ᠋ᠢᠨ ᠡᠮᠣᠨᠡᠲᠡᠬᠢ ᠬᠠᠯᠬᠠᠪᠴᠢ ᠠᠭᠤᠯᠠᠨ᠎ᠠ ᠯᠢᠦ ᠪᠢᠩ ᠵᠦᠩ ᠦ᠋ᠨ ᠲᠠᠬᠢᠯ ᠤ᠋ᠨ ᠲᠠᠢᠰᠠ ᠪᠠᠷᠢᠭᠰᠠᠨ ᠭᠠᠵᠠᠷ᠂ ᠪᠣᠮᠪᠣ ᠶ᠋ᠢᠨ ᠰᠤᠷᠲᠠᠬᠤᠨ ᠤ᠋ ᠲᠠᠢ ᠶᠢ ᠬᠦᠩ ᠰᠦᠮ᠎ᠡ ᠶ᠋ᠢ ᠪᠠᠢᠭᠤᠯᠵᠠᠢ᠃ᡁᠢ ᠶᠤᠸᠠᠨ ᠤ᠋ ᠠᠷᠪᠠᠨ ᠨᠢᠭᠡᠳᠦᠭᠡᠷ ᠣᠨ ᠳ᠋ᠤ᠌ ᠱᠠᠩᠳᠤ ᠶ᠋ᠢᠨ ᠡᠮᠦᠨᠡᠲᠦ ᠬᠠᠯᠬᠠᠪᠴᠢ ᠠᠭᠤᠯᠠᠨ ᠳ᠋ᠤ᠌ ᠯᠢᠦ ᠪᠢᠩ ᠵᠦᠩ ᠦ᠋ᠨ ᠬᠠᠭᠤᠴᠢᠨ ᠰᠠᠭᠤᠴᠠ ᠣᠷᠳᠣᠨ ᠢ᠋ ᠪᠠᠢᠭᠤᠯᠵᠤ ᠲᠡᠷᠢᠭᠦᠨ ᠦ᠌ ᠭᠠᠪᠢᠶ᠎ᠠ ᠵᠢᠳᠬᠦᠯ ᠢ᠋ ᠳᠤᠷᠠᠰᠬᠠᠵᠠᠢ᠃
ᠢᠰᠯᠠᠮ ᠤ᠋ᠨ ᠱᠠᠰᠢᠨ
《ᠶᠤᠸᠠᠨ ᠤᠯᠤᠰ ᠤ᠋ᠨ ᠲᠡᠦᠬᠡ》 ᠳ᠋ᠦ᠍ ᠲᠠᠢᠳᠢᠩ ᠤ᠋ᠨ ᠲᠡᠷᠢᠭᠦᠨ ᠣᠨ(1324 ᠣᠨ) ᠤ᠋ ᠵᠢᠷᠭᠤᠳᠤᠭᠠᠷ ᠰᠠᠷ᠎ᠠ ᠳ᠋ᠤ᠌ ᠱᠠᠩᠳᠤ ᠶ᠋ᠢᠨ ᠢᠰᠯᠠᠮ ᠤ᠋ᠨ ᠰᠦᠮ᠎ᠡ ᠳ᠋ᠦ᠍ ᠮᠥᠷᠭᠥᠯ ᠬᠢᠭᠰᠡᠨ ᠢ᠋ ᠲᠡᠮᠳᠡᠭᠯᠡᠭᠰᠡᠨ ᠨᠢ ᠢᠰᠯᠠᠮ ᠤ᠋ᠨ ᠱᠠᠰᠢᠨ ᠪᠠᠰᠠ ᠳᠡᠯᠭᠡᠷᠡᠵᠦ ᠪᠠᠢᠭᠰᠠᠨ ᠤ᠋ ᠭᠡᠷᠡᠴᠢ ᠶᠦ᠍ᠮ᠃ᠬᠤᠪᠢᠯᠠᠢ ᠶ᠋ᠢᠨ ᠠᠴᠢ ᠠᠨᠠᠨᠳᠠ᠂ᠬᠠᠷᠠᠬᠠᠨ ᠪᠠᠭ᠎ᠠ ᠠ᠋ᠴᠠ ᠪᠠᠨ ᠬᠣᠲᠣᠩ ᠬᠥᠮᠦᠨ ᠦ᠌ ᠭᠠᠷ ᠳᠡᠭᠡᠷ᠎ᠡ ᠥᠰᠴᠦ ᠥᠭᠡᠯᠡᠢ ᠪᠣᠯᠤᠭᠰᠠᠨ ᠲᠡᠷᠡ ᠺᠣᠷᠠᠨ ᠨᠣᠮ ᠤᠩᠰᠢᠵᠤ᠂ᠨᠠᠮᠠᠨᠴᠢᠯᠠᠯ ᠬᠢᠵᠦ ᠮᠥᠷᠭᠥᠬᠦ ᠶ᠋ᠢ ᠪᠠᠬᠠᠳᠤᠨ ᠪᠢᠰᠢᠷᠡᠵᠦ ᠢᠰᠯᠠᠮ ᠤ᠋ᠨ ᠱᠠᠰᠢᠨ ᠰᠢᠲᠦᠭᠰᠡᠨ ᠪᠠᠢᠵᠠᠢ᠃ᡁᠢ ᠶᠤᠸᠠᠨ ᠤ᠋ ᠠᠷᠪᠠᠨ ᠳᠣᠯᠣᠳᠤᠭᠠᠷ ᠣᠨ(1280ᠣᠨ) ᠳ᠋ᠤ᠌ ᠠᠨᠠᠨᠳᠠ ᠥᠷᠥᠨ᠎ᠡ ᠶ᠋ᠢ ᠲᠦᠪᠰᠢᠳᠬᠡᠭᠴᠢ ᠸᠠᠩ ᠤ᠋ᠨ ᠵᠡᠷᠭᠡ ᠶ᠋ᠢ ᠵᠠᠯᠭᠠᠮᠵᠢᠯᠠᠨ ᠴᠡᠷᠢᠭ ᠵᠠᠬᠢᠷᠪᠠ᠃ᠲᠡᠷᠡ ᠥᠪᠡᠷ ᠦ᠋ᠨ ᠵᠠᠬᠢᠷᠤᠯ ᠳᠣᠣᠷᠠᠬᠢ150 000ᠴᠡᠷᠢᠭ ᠢ᠋ᠶ᠋ᠡᠨ ᠢᠰᠯᠠᠮ ᠤ᠋ᠨ ᠱᠠᠰᠢᠨ ᠰᠢᠲᠦᠭᠦᠯᠵᠡᠢ᠃ᠥᠯᠵᠡᠢᠲᠦ ᠬᠠᠭᠠᠨ ᠲᠡᠮᠦᠷ ᠲᠡᠭᠦᠨ ᠦ᠌ ᠠᠵᠢᠯᠯᠠᠭ᠎ᠠ ᠶ᠋ᠢ ᠡᠰᠡᠷᠭᠦᠴᠡᠨ ᠬᠣᠷᠢᠭᠯᠠᠭᠰᠠᠨ ᠪᠣᠯᠪᠠᠴᠤ ᠬᠣᠵᠢᠮ ᠨᠢ ᠨᠠᠢᠷ ᠲᠠᠯᠪᠢᠵᠠᠢ᠃
ᠾᠷᠢᠰᠲ᠋ᠣᠰ ᠤ᠋ᠨ ᠱᠠᠰᠢᠨ
ᠶᠤᠸᠠᠨ ᠤᠯᠤᠰ ᠤ᠋ᠨ ᠵᠠᠰᠠᠭ ᠲᠥᠷᠥ ᠨᠢ ᠷᠣᠮ ᠤ᠋ᠨ ᠱᠠᠰᠢᠨ ᠤ᠋ ᠲᠥᠷᠥ ᠲᠡᠢ ᠰᠢᠭᠤᠳ ᠬᠠᠷᠢᠯᠴᠠᠵᠤ ᠪᠠᠢᠭᠰᠠᠨ ᠢ᠋ᠶ᠋ᠠᠷ ᠺᠠᠲ᠋ᠣᠯᠢᠭ ᠱᠠᠰᠢᠨ ᠤ᠋ ᠮᠥᠷᠭᠥᠯᠴᠢᠳ ᠶᠤᠸᠠᠨ ᠤᠯᠤᠰ ᠲᠤ᠌ ᠢᠷᠡᠵᠡᠭᠡᠪᠡ᠃ᠭᠡᠪᠡᠴᠦ ᠨᠥᠯᠥᠭᠡ ᠨᠢ ᠶᠡᠬᠡ ᠳᠣᠣᠷ᠎ᠠ ᠪᠠᠢᠵᠠᠢ᠃ ᠬᠠᠷᠢᠨ ᠨᠸᠰᠲ᠋ᠤᠷᠢ ᠶ᠋ᠢᠨ ᠱᠠᠰᠢᠨ ᠳᠤᠮᠳᠠᠳᠤ ᠠᠽᠢᠶ᠎ᠠ ᠠ᠋ᠴᠠ ᠶᠤᠸᠠᠨ ᠤᠯᠤᠰ ᠲᠤ᠌ ᠤᠯᠠᠮᠵᠢᠯᠠᠭᠳᠠᠨ ᠣᠷᠣᠵᠤ ᠥᠷᠭᠡᠵᠢᠨ ᠳᠡᠯᠭᠡᠷᠡᠪᠡ᠃ᠲᠡᠭᠦᠨ ᠦ᠌ ᠨᠥᠯᠥᠭᠡ ᠨᠢ ᠺᠠᠲ᠋ᠣᠯᠢᠭ ᠱᠠᠰᠢᠨ ᠠ᠋ᠴᠠ ᠥᠷᠭᠡᠨ ᠪᠠᠢᠪᠠ᠃ ᠬᠢᠲᠠᠳ ᠮᠣᠩᠭᠣᠯ ᠰᠤᠷᠪᠤᠯᠵᠢ ᠰᠤᠳᠤᠷ ᠲᠡᠦᠬᠡᠨ ᠳ᠋ᠦ᠍ ᠨᠸᠰᠲ᠋ᠤᠷᠢ ᠶ᠋ᠢ ᠡᠷᠬᠡᠭᠦᠳ ᠭᠡᠮᠡᠨ ᠲᠡᠮᠳᠡᠭᠯᠡᠵᠦ ᡁᠢ ᠶᠤᠸᠠᠨ ᠤ᠋ ᠬᠣᠷᠢᠨ ᠵᠢᠷᠭᠤᠳᠤᠭᠠᠷ ᠣᠨ(1289 ᠣᠨ) ᠳ᠋ᠤ᠌ ᠡᠷᠬᠡᠭᠦᠳ ᠱᠠᠰᠢᠨ ᠢ᠋ ᠬᠠᠮᠢᠶᠠᠷᠬᠤ ᠬᠡᠰᠡᠭ ᠢᠪᠡᠭᠡᠭᠴᠢ ᠶᠠᠮᠤᠨ ᠪᠠᠢᠭᠤᠯᠤᠭᠳᠠᠵᠠᠢ᠃ ᠣᠩᠭᠣᠳ ᠠᠢᠮᠠᠭ ᠨᠢ ᠨᠸᠰᠲ᠋ᠤᠷᠢ ᠶ᠋ᠢᠨ ᠱᠠᠰᠢᠨ ᠢ᠋ ᠶᠡᠬᠡᠳᠡ ᠰᠢᠲᠦᠳᠡᠭ ᠨᠡᠷ᠎ᠡ ᠴᠤᠤᠲᠠᠨ ᠪᠠᠢᠪᠠ᠃ ᠣᠩᠭᠣᠳ ᠠᠢᠮᠠᠭ ᠤ᠋ᠨ ᠨᠣᠶᠠᠨ ᠭᠦᠷᠭᠢᠰ ᠦ᠋ᠨ ᠬᠢᠨ ᠦ᠌ ᠸᠠᠩ ᠤ᠋ᠨ ᠣᠷᠳᠣᠨ ᠨᠸᠰᠲ᠋ᠤᠷᠢ ᠶ᠋ᠢᠨ ᠱᠠᠰᠢᠨ ᠤ᠋ ᠰᠠᠭᠤᠷᠢᠨ ᠭᠠᠵᠠᠷ ᠤ᠋ᠨ ᠨᠢᠭᠡ ᠪᠠᠢᠭᠰᠠᠨ ᠶᠤᠮ᠃
ᠮᠠᠷᠺᠣ ᠫᠣᠯᠣ ᠶ᠋ᠢᠨ ᠵᠢᠭᠤᠯᠴᠢᠯᠠᠯ ᠤ᠋ᠨ ᠲᠡᠮᠳᠡᠭᠯᠡᠯ ᠳ᠋ᠦ᠍ ᠨᠢᠺᠦᠯᠣ᠋ ᠮᠡᠲ᠋ᠲ᠋ᠸᠦ ᠠᠬ᠎ᠠ ᠳᠡᠭᠦᠦ ᠬᠣᠶᠠᠭᠤᠯᠠ ᠳ᠋ᠤ᠌ ᠬᠤᠪᠢᠯᠠᠢ ᠬᠠᠭᠠᠨ ᠠᠯᠲᠠᠨ ᠫᠠᠢᠰᠠ ᠰᠣᠶᠣᠷᠬᠠᠵᠤ᠂ᠷᠣᠮ ᠤ᠋ᠨ ᠱᠠᠰᠢᠨ ᠤ᠋ ᠫᠠᠫᠠ ᠯᠠᠮᠠ ᠶ᠋ᠢᠨ ᠳᠡᠷᠭᠡᠳᠡ ᠬᠦᠷᠬᠦ ᠡᠯᠴᠢ ᠪᠡᠷ ᠲᠣᠮᠢᠯᠠᠨ《ᠾᠷᠢᠰᠲ᠋ᠣᠰ ᠤ᠋ᠨ ᠱᠠᠰᠢᠨ ᠤ᠋ ᠶᠣᠰᠣ ᠰᠤᠷᠲᠠᠬᠤᠨ ᠨᠢ ᠲᠤᠰ ᠣᠷᠣᠨ ᠳ᠋ᠤ᠌ ᠪᠦᠬᠦᠢ ᠶᠣᠰᠣ ᠰᠤᠷᠲᠠᠬᠤᠨ ᠠ᠋ᠴᠠ ᠨᠡᠩ ᠳᠠᠪᠠᠭᠤᠯᠢᠭ ᠪᠣᠯᠬᠤ ᠶ᠋ᠢ ᠦᠨᠡᠨ ᠶᠣᠰᠣᠨ ᠤ᠋ ᠡᠭᠦᠳᠡᠨ ᠡᠴᠡ ᠲᠣᠳᠣᠷᠬᠠᠢᠯᠠᠵᠤ ᠴᠢᠳᠠᠭᠴᠢ》 ᠲᠡᠢᠮᠦ100 ᠬᠥᠮᠦᠨ ᠲᠣᠮᠢᠯᠠᠨ ᠢᠷᠡᠭᠦᠯᠬᠦ ᠶ᠋ᠢ ᠬᠦᠰᠡᠭᠰᠡᠨ ᠵᠠᠬᠢᠳᠠᠯ ᠤ᠋ᠨ ᠬᠠᠮᠲᠤ ᠢᠯᠡᠭᠡᠭᠰᠡᠨ ᠢ᠋ ᠲᠡᠮᠳᠡᠭᠯᠡᠭᠰᠡᠨ ᠪᠠᠢᠪᠠ᠃ᠲᠡᠷᠡ ᠬᠣᠶᠠᠷ 3 ᠵᠢᠯ ᠭᠠᠷᠤᠢ ᠶ᠋ᠢᠨ ᠠᠶᠠᠨ ᠵᠠᠮ ᠬᠥᠭᠡᠭᠡᠵᠦ ᠷᠣᠮ ᠤ᠋ᠨ ᠱᠠᠰᠢᠨ ᠤ᠋ ᠬᠠᠭᠠᠨ ᠲᠠᠢ ᠠᠭᠤᠯᠵᠠᠵᠤ᠂ᠵᠢᠭᠤᠬᠤ ᠪᠢᠴᠢᠭ ᠬᠢᠭᠡᠳ ᠫᠠᠫᠠ ᠯᠠᠮᠠ ᠶ᠋ᠢᠨ ᠵᠠᠬᠢᠳᠠᠯ ᠢ᠋ ᠠᠪᠴᠤ ᠱᠠᠩᠳᠤ ᠨᠡᠢᠰᠯᠡᠯ ᠳ᠋ᠦ᠍ ᠪᠤᠴᠠᠨ ᠢᠷᠡᠵᠦ ᠬᠤᠪᠢᠯᠠᠢ ᠬᠠᠭᠠᠨ ᠳ᠋ᠤ᠌ ᠡᠷᠭᠦᠭᠰᠡᠨ ᠪᠠᠢᠪᠠ᠃
(ᠬᠣᠶᠠᠷ) ᠪᠥᠬᠡ ᠶ᠋ᠢᠨ ᠱᠠᠰᠢᠨ
ᠲᠩᠷᠢ ᠳ᠋ᠦ᠍ ᠮᠥᠷᠭᠥᠬᠦ
ᠮᠥᠩᠬᠡ ᠬᠥᠬᠡ ᠲᠩᠷᠢ ᠶ᠋ᠢ ᠰᠢᠲᠦᠳᠡᠭ ᠮᠣᠩᠭᠣᠯᠴᠤᠳ ᠤ᠋ᠨ ᠤᠯᠠᠮᠵᠢᠯᠠᠯᠲᠤ ᠶᠣᠰᠣᠨ ᠤ᠋ ᠨᠢᠭᠡ ᠪᠣᠯ ᠲᠩᠷᠢ ᠳ᠋ᠦ᠍ ᠮᠥᠷᠭᠥᠬᠦ ᠶᠠᠪᠤᠳᠠᠯ ᠪᠣᠯᠤᠨ᠎ᠠ᠃ ᠲᠩᠷᠢ ᠳ᠋ᠦ᠍ ᠮᠥᠷᠭᠥᠬᠦ ᠳ᠋ᠦ᠍ ᠵᠠᠪᠠᠯ ᠪᠠᠷᠠᠭᠤᠨ ᠬᠣᠢᠲᠤ ᠵᠦᠭ ᠲᠦ᠍ ᠭᠠᠷᠴᠤ ᠮᠥᠷᠭᠥᠳᠡᠭ᠃ᠥᠭᠡᠷ᠎ᠡ ᠵᠦᠭ ᠲᠦ᠍ ᠭᠠᠷᠴᠤ ᠮᠥᠷᠭᠥᠭᠰᠡᠨ ᠲᠡᠮᠳᠡᠭᠯᠡᠯ ᠬᠠᠷᠠᠭᠳᠠᠳᠠᠭ ᠦᠭᠡᠢ ᠪᠢᠯᠡ᠃ᠶᠡᠬᠡ ᠶᠤᠸᠠᠨ ᠤᠯᠤᠰ ᠤ᠋ᠨ ᠬᠤᠪᠢᠯᠠᠢ ᠰᠡᠴᠡᠨ ᠬᠠᠭᠠᠨ᠂ᠵᠦᠩ ᠲᠦᠩ ᠦ᠋ᠨ ᠬᠣᠶᠠᠳᠤᠭᠠᠷ ᠣᠨ(1261ᠣᠨ) ᠳ᠋ᠤ᠌ ᠠᠯᠲᠠᠨ ᠤᠯᠤᠰ ᠤ᠋ᠨ ᠦᠶ᠎ᠡ ᠶ᠋ᠢᠨ ᠬᠤᠸᠠᠨᠵᠸᠤ ᠬᠣᠲᠠ ᠶ᠋ᠢᠨ ᠪᠠᠷᠠᠭᠤᠨ᠎ᠠ ᠣᠴᠢᠵᠤ ᠲᠩᠷᠢ ᠳ᠋ᠦ᠍ ᠮᠥᠷᠭᠥᠨ ᠰᠠᠴᠤᠯᠢ ᠡᠷᠭᠦᠪᠡ᠃ᠲᠩᠷᠢ ᠳ᠋ᠦ᠍ ᠮᠥᠷᠭᠥᠬᠦ ᠶᠣᠰᠣᠯᠠᠯ ᠳ᠋ᠤ᠌ ᠮᠣᠩᠭᠣᠯᠴᠤᠳ ᠤ᠋ᠨ ᠡᠷᠲᠡ ᠳᠡᠭᠡᠳᠦᠰ ᠡᠴᠡ ᠪᠡᠨ ᠤᠯᠠᠮᠵᠢᠯᠠᠵᠤ ᠢᠷᠡᠭᠰᠡᠨ ᠵᠠᠩᠰᠢᠯ ᠶᠣᠰᠣ ᠪᠠᠷ ᠢ᠋ᠶ᠋ᠠᠨ ᠬᠠᠭᠠᠨ ᠤᠭᠰᠠᠭᠠᠲᠠᠨ ᠠ᠋ᠴᠠ ᠪᠤᠰᠤ ᠬᠥᠮᠦᠨ ᠢ᠋ ᠣᠭᠲᠣ ᠣᠷᠣᠭᠤᠯᠤᠭᠰᠠᠨ ᠦᠭᠡᠢ ᠪᠣᠯᠠᠢ᠃
ᠪᠥᠬᠡ ᠶᠢ ᠲᠩᠷᠢ ᠶ᠋ᠢᠨ ᠰᠠᠨᠠᠭ᠎ᠠ ᠵᠣᠷᠢᠯ ᠢ᠋ ᠣᠢᠯᠠᠭᠠᠵᠤ ᠳᠠᠬᠢᠵᠤ ᠪᠠᠢᠭ᠎ᠠ ᠰᠠᠬᠢᠭᠤᠯᠰᠤᠨ ᠤ᠋ ᠳᠦᠷᠢ ᠶ᠋ᠢ ᠣᠯᠵᠤ ᠦᠵᠡᠨ ᠲᠡᠭᠦᠨ ᠦ᠌ ᠪᠠᠶᠠᠷᠯᠠᠬᠤ ᠬᠢᠯᠢᠩᠯᠡᠬᠦ ᠶ᠋ᠢ ᠮᠡᠳᠡᠳᠡᠭ ᠭᠡᠮᠡᠨ ᠦᠵᠡᠳᠡᠭ ᠲᠤᠯᠠ ᠬᠠᠭᠠᠳ ᠡᠵᠡᠳ ᠨᠢ ᠬᠥᠬᠡ ᠲᠩᠷᠢ ᠶ᠋ᠢ ᠰᠢᠳᠦᠨ᠂ᠬᠥᠯᠴᠢᠨ ᠴᠢᠳᠬᠥᠷ ᠡᠴᠡ ᠡᠮᠢᠶᠡᠵᠦ ᠲᠩᠷᠢ ᠳ᠋ᠦ᠍ ᠮᠥᠷᠭᠥᠬᠦ ᠶᠣᠰᠣ ᠵᠦᠢ ᠶ᠋ᠢ ᠭᠦᠢᠴᠡᠳᠬᠡᠳᠡᠭ᠃ᠡᠨᠡ ᠪᠣᠯ ᠶᠤᠸᠠᠨ ᠤᠯᠤᠰ ᠤ᠋ᠨ ᠬᠠᠭᠠᠳ ᠤ᠋ᠨ ᠦᠶ᠎ᠡ ᠤᠯᠠᠷᠢᠨ ᠤᠯᠠᠮᠵᠢᠯᠠᠨ ᠬᠢᠭᠰᠡᠨ ᠨᠢᠭᠡ ᠵᠦᠢᠯ ᠦ᠋ᠨ ᠲᠠᠬᠢᠯᠭ᠎ᠠ ᠪᠣᠯᠤᠨ᠎ᠠ᠃
ᠳᠡᠭᠡᠳᠦᠰ ᠦ᠋ᠨ ᠰᠦᠮ᠎ᠡ ᠳ᠋ᠡᠭᠡᠨ ᠮᠥᠷᠭᠥᠬᠦ
ᠶᠤᠸᠠᠨ ᠤᠯᠤᠰ ᠤ᠋ᠨ ᠦᠶ᠎ᠡ ᠳ᠋ᠦ᠍ ᠬᠠᠭᠠᠳ ᠡᠵᠡᠳ ᠱᠠᠩᠳᠤ ᠨᠡᠢᠰᠯᠡᠯ ᠳ᠋ᠦ᠍ ᠮᠣᠷᠢᠯᠠᠨ ᠪᠠᠭᠤᠵᠤ᠂ᠳᠡᠭᠡᠳᠦᠰ ᠦ᠋ᠨ ᠰᠦᠮ᠎ᠡ ᠪᠡᠨ ᠲᠠᠬᠢᠬᠤ᠂ᠡᠪᠦᠭᠡ ᠳᠡᠭᠡᠳᠦᠰ ᠢ᠋ᠶ᠋ᠡᠨ ᠲᠠᠬᠢᠬᠤ ᠳ᠋ᠤ᠌ ᠪᠦᠷ ᠪᠥᠬᠡ ᠨᠠᠷ ᠲᠠᠬᠢᠯᠭ᠎ᠠ ᠲᠠᠪᠢᠯᠭ᠎ᠠ ᠶ᠋ᠢ ᠡᠷᠬᠢᠯᠡᠵᠦ ᠪᠠᠢᠵᠠᠢ᠃ᠶᠤᠸᠠᠨ ᠤᠯᠤᠰ ᠤ᠋ᠨ ᠲᠡᠦᠬᠡ ᠳ᠋ᠦ᠍ ᠮᠣᠩᠭᠣᠯ ᠪᠥᠬᠡ ᠵᠤᠯᠠᠴᠢᠨ ᠨᠠᠷ ᠤ᠋ᠨ ᠥᠴᠢᠯ ᠥᠴᠢᠬᠦ ᠢᠨᠤ ᠤᠯᠤᠰ ᠭᠦᠷᠦᠨ ᠦ᠌ ᠵᠠᠩᠰᠢᠯ ᠪᠣᠯᠠᠢ ᠭᠡᠵᠡᠢ᠃ᠮᠣᠩᠭᠣᠯ ᠪᠥᠬᠡ ᠵᠤᠯᠠᠴᠢᠳ ᠠ᠋ᠴᠠ ᠭᠠᠳᠠᠨ᠎ᠠ ᠪᠠᠰᠠ ᠮᠣᠩᠭᠣᠯ ᠤ᠋ᠨ ᠶᠡᠬᠡ ᠵᠤᠯᠠᠴᠢᠨ ᠳᠠᠬᠢᠯᠴᠢᠨ ᠭᠡᠵᠦ ᠪᠠᠢᠳᠠᠭ᠂ᠲᠡᠳᠡᠨ ᠦ᠌ ᠲᠤᠰᠢᠶᠠᠯ ᠨᠢ ᠶᠣᠰᠣᠯᠠᠯ ᠬᠢᠨᠠᠭᠴᠢ ᠲᠦᠰᠢᠮᠡᠯ ᠲᠡᠢ ᠲᠡᠩᠴᠡᠳᠡᠭ ᠪᠠᠢᠪᠠ᠃
ᠳᠡᠭᠡᠳᠦᠰ ᠦ᠋ᠨ ᠰᠦᠮ᠎ᠡ ᠪᠡᠨ ᠵᠢᠯ ᠳ᠋ᠦ᠍ ᠳᠥᠷᠪᠡ ᠤᠳᠠᠭ᠎ᠠ ᠲᠠᠬᠢᠨ᠎ᠠ᠃ᠪᠥᠬᠡ ᠵᠤᠯᠠᠴᠢᠨ ᠨᠠᠷ ᠮᠣᠩᠭᠣᠯ ᠬᠡᠯᠡ ᠪᠡᠷ ᠰᠠᠬᠢᠭᠤᠯᠰᠤᠨ ᠨᠠᠷ ᠲᠤ᠌ ᠥᠴᠢᠯ ᠥᠴᠢᠵᠦ ᠵᠠᠯᠪᠠᠷᠢᠯ ᠭᠦᠢᠴᠡᠳᠬᠡᠭᠰᠡᠨ ᠬᠣᠢᠨ᠎ᠠ ᠶᠡᠬᠡ ᠳᠠᠬᠢᠯᠴᠢᠨ ᠨᠠᠷ ᠭᠠᠷ ᠲᠠᠭᠠᠨ ᠲᠠᠬᠢᠯ ᠤ᠋ᠨ ᠪᠠᠷᠢᠴᠠ ᠪᠠᠷᠢᠵᠤ᠂ᠵᠤᠯᠠ ᠶ᠋ᠢᠨ ᠡᠮᠦᠨ᠎ᠡ ᠣᠴᠢᠬᠤ ᠳ᠋ᠤ᠌ ᠡᠷᠭᠦᠴᠡ ᠶ᠋ᠢᠨ ᠨᠣᠶᠠᠳ ᠲᠦᠰᠢᠮᠡᠯ ᠡᠴᠡ ᠳᠣᠷᠣᠭᠰᠢ ᠣᠯᠠᠨ ᠲᠦᠰᠢᠮᠡᠯ ᠳᠠᠯᠠᠯᠠᠭ᠎ᠠ ᠶ᠋ᠢᠨ ᠫᠠᠢᠰᠠ ᠪᠠᠨ ᠪᠠᠷᠢᠵᠤ ᠮᠥᠷᠭᠥᠨ ᠵᠠᠯᠪᠠᠷᠢᠪᠠᠯ ᠲᠠᠬᠢᠯ ᠤ᠋ᠨ ᠶᠣᠰᠣᠯᠠᠯ ᠳᠠᠭᠤᠰᠳᠠᠭ᠃
ᠶᠤᠸᠠᠨ ᠤ᠋ ᠬᠠᠭᠠᠳ ᠨᠢ ᠠᠷᠪᠠᠳᠤᠭᠠᠷ ᠰᠠᠷ᠎ᠠ ᠳ᠋ᠤ᠌ ᠳᠡᠭᠡᠳᠦᠰ ᠦ᠋ᠨ ᠰᠦᠮ᠎ᠡ ᠳ᠋ᠡᠭᠡᠨ ᠲᠠᠬᠢᠯ ᠡᠷᠭᠦᠵᠦ ᠮᠥᠷᠭᠥᠳᠡᠭ᠃ᠭᠣᠣᠯ ᠨᠢ ᠴᠠᠭᠠᠨ ᠢ᠋ᠶ᠋ᠠᠷ ᠳᠠᠬᠢᠳᠠᠭ ᠪᠠᠢᠪᠠ᠃
ᠳᠡᠭᠡᠳᠦᠰ ᠦ᠋ᠨ ᠰᠦᠮ᠎ᠡ ᠪᠣᠯ ᠲᠠᠭᠠᠯᠠᠯ ᠲᠡᠭᠦᠰᠴᠦ ᠬᠠᠯᠢᠭᠰᠠᠨ ᠬᠠᠭᠠᠳ ᠤ᠋ᠨ ᠬᠥᠷᠥᠭ ᠢ᠋ ᠲᠠᠬᠢᠭᠰᠠᠨ ᠰᠦᠮ᠎ᠡ ᠪᠣᠯᠤᠨ᠎ᠠ᠃ᠲᠠᠯᠢᠢᠭᠴᠢ ᠬᠠᠭᠠᠨ ᠤ᠋ ᠬᠥᠷᠥᠭ ᠢ᠋ ᠨᠡᠬᠡᠮᠡᠯ ᠲᠣᠷᠭᠠᠨ ᠳᠡᠭᠡᠷ᠎ᠡ ᠤᠤᠯ ᠳᠦᠷᠢ ᠪᠡᠷ ᠨᠢ ᠬᠠᠳᠬᠤᠮᠠᠯᠯᠠᠵᠤ ᠪᠦᠲᠦᠭᠡᠭᠰᠡᠨ ᠲᠤᠯᠠ ᠠᠮᠢᠳᠤ ᠮᠡᠲᠦ ᠰᠦᠷ ᠵᠢᠪᠬᠤᠭ᠎ᠠ ᠲᠡᠭᠦᠯᠳᠡᠷ᠂ᠦᠵᠡᠰᠬᠦᠯᠡᠩ ᠰᠠᠢᠬᠠᠨ᠃ ᠬᠤᠪᠢᠯᠠᠢ ᠰᠡᠴᠡᠨ ᠬᠠᠭᠠᠨ ᠤ᠋ ᠬᠥᠷᠥᠭ ᠢ᠋3 ᠵᠢᠯ ᠬᠠᠳᠬᠤᠮᠠᠯᠯᠠᠨ ᠪᠠᠢᠵᠤ ᠰᠠᠶᠢ ᠪᠦᠲᠦᠭᠡᠭᠰᠡᠨ ᠠᠵᠢ᠃
ᠰᠠᠴᠤᠯᠢ ᠡᠷᠭᠦᠬᠦ
ᠶᠤᠸᠠᠨ ᠤᠯᠤᠰ ᠤ᠋ᠨ ᠬᠠᠭᠠᠳ ᠵᠢᠯ ᠪᠦᠷᠢ ᠶ᠋ᠢᠨ ᠵᠤᠨ ᠤ᠋ ᠭᠤᠷᠪᠠᠨ ᠰᠠᠷ᠎ᠠ ᠳ᠋ᠤ᠌ ᠵᠤᠰᠠᠵᠤ ᠵᠠᠰᠠᠭᠯᠠᠬᠤ ᠪᠠᠷ ᠳᠡᠭᠡᠳᠦ ᠨᠡᠢᠰᠯᠡᠯ ᠱᠠᠩᠳᠤ ᠬᠣᠲᠠ ᠳ᠋ᠤ᠌ ᠢᠷᠡᠵᠦ ᠵᠤᠰᠠᠳᠠᠭ᠃ᠵᠢᠷᠭᠤᠳᠤᠭᠠᠷ ᠰᠠᠷ᠎ᠠ ᠶ᠋ᠢᠨ ᠬᠣᠷᠢᠨ ᠳᠥᠷᠪᠡᠨ ᠦ᠌ ᠡᠳᠦᠷ ᠲᠠᠬᠢᠯᠭ᠎ᠠ ᠲᠠᠯᠪᠢᠵᠤ ᠰᠠᠴᠤᠯᠢ ᠡᠷᠭᠦᠬᠦ ᠵᠤᠷᠰᠢᠯ ᠲᠠᠢ᠃ ᠮᠣᠷᠢ ᠨᠢᠭᠡ᠂ᠢᠷᠭᠡ ᠨᠠᠢ᠍ᠮᠠ᠂ᠲᠣᠷᠭ᠎ᠠ ᠳᠤᠷᠳᠤᠩ᠂ ᠬᠡᠮᠡᠷᠯᠢᠭ᠂ᠴᠠᠭᠠᠨ ᠱᠣ᠋ ᠲᠤᠰ ᠪᠦᠷᠢ ᠶᠢᠰᠦᠨ ᠬᠡᠰᠡᠭ᠂ᠴᠠᠭᠠᠨ ᠬᠣᠨᠢᠨ ᠨᠣᠣᠰᠣᠨ ᠤᠲᠠᠰᠤ ᠪᠠᠷ ᠣᠷᠢᠶᠠᠭᠰᠠᠨ ᠲᠠᠷᠢᠶᠠᠨ ᠲᠦᠷᠦᠭᠦᠦ ᠶᠢᠰᠦᠨ ᠬᠥᠬᠥᠯ᠂ᠪᠤᠯᠠᠭ᠎ᠠ ᠬᠡᠷᠡᠮᠦ ᠶ᠋ᠢᠨ ᠠᠷᠠᠰᠤ ᠭᠤᠷᠪᠠ ᠭᠤᠷᠪᠠ ᠶ᠋ᠢ ᠪᠡᠯᠡᠳᠬᠡᠵᠦ ᠮᠣᠩᠭᠣᠯ ᠪᠥᠬᠡ ᠪᠠ ᠮᠣᠩᠭᠣᠯ ᠬᠢᠲᠠᠳ ᠪᠢᠴᠢᠭ ᠦ᠋ᠨ ᠡᠷᠳᠡᠮᠲᠡᠨ4ᠲᠦᠰᠢᠮᠡᠯ ᠵᠠᠷᠯᠢᠭ ᠢ᠋ᠶ᠋ᠠᠷ ᠰᠠᠴᠤᠯᠢ ᠡᠷᠭᠦᠨ ᠲᠩᠷᠢ ᠳ᠋ᠦ᠍ ᠮᠥᠷᠭᠥᠵᠦ ᠰᠠᠴᠤᠯᠢ ᠶ᠋ᠢᠨ ᠦᠢᠯᠡ ᠶ᠋ᠢ ᠭᠦᠢᠴᠡᠳᠬᠡᠳᠡᠭ᠃ᠪᠥᠬᠡ ᠨᠢ ᠪᠠᠰᠠ ᠲᠠᠢᠽᠦ ᠴᠢᠩᠭᠢᠰ ᠬᠠᠭᠠᠨ ᠤ᠋ ᠶᠡᠬᠡ ᠠᠯᠳᠠᠷ ᠢ᠋ ᠳᠤᠷᠠᠰᠤᠨ《ᠲᠩᠷᠢᠯᠢᠭ ᠪᠣᠭᠳᠠ ᠶ᠋ᠢᠨ ᠬᠡᠰᠢᠭ ᠢᠪᠡᠭᠡᠯ ᠳ᠋ᠦ᠍ᠷ ᠵᠠᠯᠪᠠᠷᠢᠵᠤ ᠣᠨ ᠣᠨ ᠲᠠᠬᠢᠯ ᠡᠷᠭᠦᠨ ᠨᠠᠮᠠᠨᠴᠢᠯᠠᠮᠤ》ᠭᠡᠮᠡᠨ ᠥᠴᠢᠯ ᠥᠴᠢᠳᠡᠭ᠃ᠶᠣᠰᠣᠯᠠᠯ ᠳᠠᠭᠤᠰᠤᠭᠰᠠᠨ ᠤ᠋ ᠳᠠᠷᠠᠭ᠎ᠠ ᠲᠠᠬᠢᠯ ᠳ᠋ᠤ᠌ ᠲᠠᠯᠪᠢᠭᠰᠠᠨ ᠲᠣᠷᠭ᠎ᠠ ᠳᠤᠷᠳᠤᠩ ᠠ᠋ᠴᠠ4ᠲᠦᠰᠢᠮᠡᠯ ᠳ᠋ᠦ᠍ ᠳᠡᠪᠡᠯ ᠦ᠋ᠨ ᠳᠣᠲᠣᠷ ᠭᠠᠳᠠᠷ ᠤ᠋ᠨ ᠪᠠᠷᠠᠭ᠎ᠠ ᠲᠤᠰ ᠪᠦᠷᠢ ᠨᠢᠭᠡ ᠬᠤᠪᠢ ᠥᠭᠴᠦ᠂ᠰᠣᠶᠣᠷᠬᠠᠵᠤ ᠦᠯᠡᠳᠡᠭᠰᠡᠨ ᠲᠣᠷᠭ᠎ᠠ ᠳᠤᠷᠳᠤᠩ ᠪᠠ ᠲᠠᠬᠢᠯ ᠤ᠋ᠨ ᠶᠠᠭᠤᠮᠠᠰ ᠢ᠋ ᠨᠢ ᠰᠠᠴᠤᠯᠢ ᠳ᠋ᠤ᠌ ᠣᠷᠣᠯᠴᠠᠭᠰᠠᠨ ᠬᠥᠮᠦᠨ ᠪᠦᠬᠦᠨ ᠳ᠋ᠦ᠍ ᠲᠦᠭᠡᠭᠡᠨ ᠥᠭᠳᠡᠭ ᠪᠠᠢᠵᠠᠢ᠃ᠲᠠᠬᠢᠯᠭ᠎ᠠ ᠰᠠᠴᠤᠯᠢ ᠶ᠋ᠢᠨ ᠠᠳᠤᠭᠤ ᠨᠢ ᠴᠢᠨᠳᠠᠭᠠᠨ ᠴᠠᠭᠠᠨ ᠵᠢᠰᠦᠮ ᠦ᠋ᠨ ᠪᠠᠢᠳᠠᠭ᠃ᠳᠤᠷ᠎ᠠ ᠪᠠᠷ ᠠᠷᠠᠯᠵᠢᠶᠠᠯᠠᠵᠤ ᠰᠣᠯᠢᠵᠤ ᠪᠣᠯᠳᠠᠭ ᠦᠭᠡᠢ᠂ ᠠᠷᠠᠴᠢᠯᠠᠵᠤ ᠮᠠᠯᠵᠢᠵᠤ ᠯᠠ ᠪᠠᠢᠳᠠᠭ᠃ᠴᠠᠰᠤ ᠴᠠᠭᠠᠨ ᠠᠭᠲᠠ ᠶ᠋ᠢ ᠨᠢ ᠬᠠᠭᠠᠨ ᠡᠵᠡᠨ ᠯᠡ ᠤᠨᠤᠵᠤ ᠬᠥᠯᠥᠭᠯᠡᠳᠡᠭ ᠪᠢᠯᠡ᠃
ᠳᠥᠷᠪᠡᠳᠦᠭᠡᠷ ᠰᠠᠷ᠎ᠠ ᠶ᠋ᠢᠨ ᠶᠢᠰᠦᠨ ᠪᠠ ᠶᠢᠰᠦᠳᠦᠭᠡᠷ ᠰᠠᠷ᠎ᠠ ᠶ᠋ᠢᠨ ᠶᠢᠰᠦᠨ ᠪᠣᠯᠬᠤ ᠪᠦᠷᠢ ᠣᠯᠠᠨ ᠸᠠᠩ ᠨᠣᠶᠠᠳ᠂ ᠶᠠᠵᠠᠩ ᠬᠡᠮᠡᠬᠦ ᠶᠡᠬᠡ ᠴᠠᠴᠠᠷ ᠮᠠᠢᠬᠠᠨ ᠳ᠋ᠤ᠌ ᠴᠤᠭᠯᠠᠷᠠᠵᠤ ᠴᠠᠰᠤ ᠴᠠᠭᠠᠨ ᠭᠡᠭᠦᠦ ᠶ᠋ᠢᠨ ᠰᠦ ᠪᠡᠷ ᠰᠠᠴᠤᠯᠢ ᠡᠷᠭᠦᠨ ᠲᠠᠬᠢᠯᠭ᠎ᠠ ᠬᠢᠳᠡᠭ ᠪᠠᠢᠵᠠᠢ᠃ᠮᠠᠷᠺᠣ ᠫᠣᠯᠣ ᠶ᠋ᠢᠨ ᠵᠢᠭᠤᠯᠴᠢᠯᠠᠯ ᠤ᠋ᠨ ᠲᠡᠮᠳᠡᠭᠯᠡᠯ ᠳ᠋ᠦ᠍ ᠪᠠᠰᠠ《ᠨᠠᠢ᠍ᠮᠠᠳᠤᠭᠠᠷ ᠰᠠᠷ᠎ᠠ ᠶ᠋ᠢᠨ ᠬᠣᠷᠢᠨ ᠨᠠᠢ᠍ᠮᠠᠨ ᠤ᠋ ᠡᠳᠦᠷ ᠴᠠᠭᠠᠨ ᠭᠡᠭᠦᠦ ᠶ᠋ᠢᠨ ᠴᠡᠬᠡ ᠶ᠋ᠢ ᠪᠤᠷᠬᠠᠨ ᠰᠠᠬᠢᠭᠤᠯᠰᠤᠨ ᠳ᠋ᠤ᠌ ᠠᠮᠰᠠᠭᠤᠯᠬᠤ ᠪᠠᠷ ᠬᠥᠷᠥᠰᠥᠲᠦ ᠳᠡᠯᠡᠬᠡᠢ ᠳᠡᠭᠡᠷ᠎ᠡ ᠪᠤᠶᠤ ᠠᠰᠤᠷᠢ ᠲᠩᠷᠢ ᠥᠭᠡᠳᠡ ᠰᠠᠴᠤᠯᠢ ᠰᠡᠷᠵᠢᠮ ᠡᠷᠭᠦᠵᠦ ᠪᠠᠢᠬᠤ ᠬᠡᠷᠡᠭᠲᠡᠢ ᠭᠡᠵᠦ᠂ᠣᠩᠭᠣᠳ ᠤ᠋ᠨ ᠰᠢᠲᠦᠭᠡᠨᠲᠠᠨ ᠪᠣᠯᠤᠨ ᠲᠥᠯᠭᠡᠴᠢᠨ ᠦᠵᠡᠯᠭᠡᠴᠢᠨ ᠡᠴᠡ ᠶᠡᠬᠡ ᠬᠠᠭᠠᠨ ᠳ᠋ᠤ᠌ ᠠᠢᠯᠠᠳᠬᠠᠯ ᠳᠡᠪᠰᠢᠭᠦᠯᠦᠭᠰᠡᠨ ᠪᠠᠢᠵᠠᠢ᠃ᠰᠠᠴᠤᠯᠢ ᠲᠠᠬᠢᠯᠭ᠎ᠠ ᠬᠢᠬᠦ ᠶ᠋ᠢᠨ ᠲᠤᠯᠠᠳᠠ ᠶᠡᠬᠡ ᠬᠠᠭᠠᠨ ᠱᠠᠩᠳᠤ ᠠ᠋ᠴᠠ ᠮᠣᠷᠳᠠᠵᠤ ᠭᠠᠳᠠᠭᠰᠢ ᠶᠠᠪᠤᠳᠠᠭ ᠪᠠᠢᠵᠠᠢ》 ᠭᠡᠮᠡᠨ ᠲᠡᠮᠳᠡᠭᠯᠡᠭᠰᠡᠨ ᠶᠦ᠍ᠮ᠃
ᠱᠠᠩᠳᠤ ᠨᠡᠢᠰᠯᠡᠯ ᠡᠴᠡ ᠪᠠᠷᠠᠭᠤᠨᠰᠢ60—70 ᠭᠠᠵᠠᠷ ᠤ᠋ᠨ ᠵᠠᠢ ᠳ᠋ᠤ᠌ ᠪᠠᠢᠬᠤ ᠰᠡᠭᠦᠵᠢ ᠶ᠋ᠢᠨ ᠬᠥᠲᠥᠯ᠂ᠬᠤᠸᠠ ᠲᠣᠯᠣᠭᠠᠢ᠂ᠪᠤᠮᠪᠠᠨ ᠵᠠᠪᠰᠠᠷ ᠠ᠋ᠴᠠ ᠭᠠᠷᠤᠭᠰᠠᠨ ᠨᠠᠷᠢᠨ ᠰᠡᠢᠯᠪᠦᠷᠢ ᠲᠡᠢ ᠭᠠᠨᠲᠢᠭ ᠴᠢᠯᠠᠭᠤᠨ ᠬᠥᠮᠦᠨ ᠪᠣᠯ ᠶᠤᠸᠠᠨ ᠤ᠋ ᠦᠶ᠎ᠡ ᠶ᠋ᠢᠨ ᠳᠡᠭᠡᠳᠦᠰ ᠦ᠋ᠨ ᠲᠠᠬᠢᠯᠭ᠎ᠠ ᠶ᠋ᠢᠨ ᠨᠢᠭᠡᠨ ᠣᠷᠣᠨ ᠲᠣᠭᠣᠷᠢᠭ ᠪᠠᠢᠭᠰᠠᠨ ᠢ᠋ ᠬᠡᠷᠴᠢᠯᠡᠭᠰᠡᠨ ᠪᠢᠯᠡ᠃ᠪᠠᠰᠠ ᠪᠤᠷᠬᠠᠳ ᠤ᠋ᠨ ᠬᠥᠨᠳᠡᠢ ᠭᠡᠳᠡᠭ᠃
《ᠭᠤᠷᠪᠠ》 ᠵᠠᠩ ᠵᠠᠩᠰᠢᠯ
ᠲᠥᠷᠥᠵᠦ ᠦᠬᠦᠬᠦ ᠳ᠋ᠦ᠍ ᠬᠣᠯᠪᠣᠭᠳᠠᠭᠰᠠᠨ ᠵᠠᠩ ᠦᠢᠯᠡ
ᠶᠤᠸᠠᠨ ᠤᠯᠤᠰ ᠤ᠋ᠨ ᠦᠶᠡᠰ ᠮᠣᠩᠭᠣᠯᠴᠤᠳ ᠬᠡᠦᠬᠡᠳ ᠲᠥᠷᠥᠪᠡᠯ ᠲᠦᠭᠡᠭᠡᠯ ᠲᠠᠯᠪᠢᠳᠠᠭ ᠵᠠᠩᠰᠢᠯ ᠲᠠᠢ ᠪᠠᠢᠵᠠᠢ᠃ᠬᠠᠭᠠᠨ ᠬᠦᠦ ᠲᠡᠢ ᠪᠣᠯᠬᠤ ᠪᠤᠶᠤ ᠠᠴᠢ ᠬᠦᠦ ᠲᠡᠢ ᠪᠣᠯᠪᠠᠯ ᠣᠯᠠᠨ ᠰᠠᠢᠳ ᠲᠦᠰᠢᠮᠡᠯ ᠳ᠋ᠡᠭᠡᠨ ᠠᠯᠲᠠ ᠮᠥᠩᠭᠥ ᠲᠣᠷᠭ᠎ᠠ ᠳᠤᠷᠳᠤᠩ ᠰᠣᠶᠣᠷᠬᠠᠵᠤ ᠲᠦᠭᠡᠭᠡᠯ ᠲᠠᠯᠪᠢᠳᠠᠭ᠃ᠲᠥᠷᠥᠵᠦ ᠰᠠᠷ᠎ᠠ ᠳ᠋ᠤ᠌ ᠰᠠᠭᠤᠬᠤ ᠡᠮᠡᠭᠲᠡᠢ ᠶ᠋ᠢ ᠤᠤᠯ ᠤ᠋ᠨ ᠭᠡᠷ ᠡᠴᠡ ᠨᠢ ᠰᠢᠯᠵᠢᠭᠦᠯᠦᠨ ᠥᠭᠡᠷ᠎ᠡ ᠮᠣᠩᠭᠣᠯ ᠭᠡᠷ ᠲᠦ᠍ ᠰᠠᠭᠤᠯᠭᠠᠳᠠᠭ᠃ ᠬᠠᠭᠠᠨ ᠤ᠋ ᠬᠠᠲᠤᠨ ᠴᠤ᠌ ᠠᠳᠠᠯᠢ᠃ᠰᠠᠷ᠎ᠠ ᠳᠦᠭᠦᠷᠦᠭᠰᠡᠨ ᠬᠣᠢᠨ᠎ᠠ ᠰᠠᠶᠢ ᠤᠤᠯ ᠭᠡᠷ ᠲᠤᠨᠢ ᠪᠤᠴᠠᠭᠠᠨ ᠠᠪᠴᠢᠷᠠᠨ᠎ᠠ᠃ᠬᠠᠭᠠᠨ ᠤ᠋ ᠬᠠᠲᠤᠨ ᠪᠣᠯ ᠳᠣᠲᠣᠭᠠᠳᠤ ᠣᠷᠳᠣᠨ ᠳ᠋ᠠᠭᠠᠨ ᠪᠤᠴᠠᠵᠤ ᠬᠠᠷᠢᠳᠠᠭ᠃
ᠡᠭᠡᠯ ᠠᠷᠠᠳ ᠡᠩ ᠦ᠋ᠨ ᠬᠥᠮᠦᠨ ᠨᠠᠰᠤ ᠨᠥᠭᠴᠢᠪᠡᠯ ᠦᠵᠡᠵᠦ ᠲᠣᠭᠣᠭᠰᠠᠨ ᠭᠠᠵᠠᠷ ᠲᠠᠭᠠᠨ ᠨᠦᠬᠡ ᠮᠠᠯᠲᠠᠵᠤ ᠲᠠᠯᠢᠢᠭᠴᠢ ᠶ᠋ᠢ ᠮᠠᠢᠬᠠᠨ ᠭᠡᠷ ᠲᠦ᠍ ᠰᠠᠭᠤᠯᠭᠠᠨ ᠣᠷᠣᠰᠢᠭᠤᠯᠬᠤ ᠪᠥᠭᠡᠳ ᠤᠨᠠᠭ᠎ᠠ ᠲᠠᠢ ᠭᠡᠭᠦᠦ ᠨᠢᠭᠡ᠂ᠡᠮᠡᠭᠡᠯ ᠬᠠᠵᠠᠭᠠᠷ ᠲᠠᠢ ᠠᠭᠲᠠ ᠮᠣᠷᠢ ᠨᠢᠭᠡ ᠶ᠋ᠢ ᠳᠠᠭᠠᠯᠳᠤᠭᠤᠯᠤᠨᠣᠷᠣᠰᠢᠭᠤᠯᠵᠤ ᠨᠥᠭᠦᠭᠡ ᠶᠢᠷᠲᠢᠨᠴᠦ ᠳ᠋ᠦ᠍ ᠣᠴᠢᠭᠰᠠᠨ ᠬᠣᠢᠨ᠎ᠠ ᠰᠠᠭᠤᠬᠤ ᠠ᠋ᠴᠠ ᠭᠡᠷ ᠲᠡᠢ᠂ᠤᠤᠭᠤᠬᠤ ᠠ᠋ᠴᠠ ᠰᠦ ᠲᠡᠢ᠂ᠤᠨᠤᠬᠤ ᠠ᠋ᠴᠠ ᠮᠣᠷᠢ ᠲᠠᠢ ᠪᠠᠢᠬᠤ ᠰᠠᠨᠠᠭ᠎ᠠ ᠪᠠᠨ ᠢᠯᠡᠳᠬᠡᠨ᠎ᠡ᠃ᠨᠠᠰᠤ ᠪᠠᠷᠠᠭᠰᠠᠳ ᠤ᠋ᠨ ᠡᠮᠦᠨ᠎ᠡ ᠰᠦ ᠴᠠᠭᠠᠨ ᠢᠳᠡᠭᠡᠨ᠂ ᠮᠢᠬ᠎ᠠ ᠲᠣᠰᠣ ᠥᠷᠥᠵᠦ ᠲᠠᠬᠢᠯ ᠲᠠᠯᠪᠢᠨ᠎ᠠ᠂ᠣᠢᠷ᠎ᠠ ᠲᠥᠷᠥᠯ ᠠᠨᠳᠠ ᠨᠥᠬᠥᠳ ᠨᠢ ᠢᠳᠡᠭᠡ ᠪᠠᠷᠢᠨ᠎ᠠ᠃ᠬᠠᠭᠠᠨ ᠤ᠋ ᠬᠠᠲᠤᠨ ᠨᠠᠰᠤ ᠪᠠᠷᠠᠪᠠᠯ ᠪᠡᠶ᠎ᠡ ᠶ᠋ᠢᠨ ᠬᠢᠨᠢ ᠶᠡᠬᠡ ᠪᠠᠭ᠎ᠠ ᠳ᠋ᠤᠷ ᠲᠠᠭᠠᠷᠠᠭᠤᠯᠤᠨ ᠬᠣᠶᠠᠷ ᠬᠡᠰᠡᠭ ᠮᠣᠳᠣ ᠶ᠋ᠢ ᠣᠩᠭᠤᠴᠠᠯᠠᠨ ᠤᠬᠤᠵᠤ᠂ᠬᠡᠭᠦᠷ ᠢ᠋ ᠢᠨᠦ ᠬᠢᠭᠡᠳ ᠰᠢᠷ ᠰᠠᠭᠤᠯᠭᠠᠭᠰᠠᠨ ᠬᠣᠢᠨ᠎ᠠ ᠠᠯᠲᠠᠨ ᠴᠠᠭᠠᠷᠢᠭ ᠢ᠋ᠶ᠋ᠠᠷ ᠭᠤᠷᠪᠠᠨ ᠳᠠᠪᠬᠤᠷ ᠣᠷᠢᠶᠠᠮᠤᠢ᠃ ᠡᠰᠡᠬᠦᠯ᠎ᠡ ᠨᠠᠷᠢᠨ ᠠᠭᠠᠷᠤ ᠮᠣᠳᠣ ᠪᠠᠷ ᠠᠪᠰᠠ ᠦᠢᠯᠡᠳᠴᠦ ᠳᠤᠮᠳᠠᠭᠤᠷ ᠠᠨᠤ ᠵᠦᠰᠦᠵᠦ ᠬᠥᠮᠦᠨ ᠦ᠌ ᠪᠡᠶ᠎ᠡ ᠶ᠋ᠢᠨ ᠬᠡᠮᠵᠢᠶ᠎ᠡ ᠪᠡᠷ ᠣᠩᠭᠤᠴᠠᠯᠠᠨ ᠤᠬᠤᠵᠤ ᠥᠷᠭᠡᠨ ᠨᠠᠷᠢᠨ ᠥᠨᠳᠥᠷ ᠪᠣᠭᠣᠨᠢ ᠶ᠋ᠢ ᠬᠡᠭᠦᠷ ᠪᠠᠭᠲᠠᠬᠤ ᠬᠡᠮᠵᠢᠶ᠎ᠡ ᠪᠡᠷ ᠬᠥᠨᠳᠡᠢᠯᠡᠮᠦᠢ᠃ᠠᠪᠰᠠᠯᠠᠨ ᠣᠷᠣᠰᠢᠭᠤᠯᠬᠤ ᠳ᠋ᠠᠭᠠᠨ ᠪᠤᠯᠠᠭ᠎ᠠ ᠶ᠋ᠢᠨ ᠣᠭᠴᠣᠷ᠂ ᠠᠷᠠᠰᠤᠨ ᠮᠠᠯᠠᠭᠠᠢ᠂ ᠭᠤᠲᠤᠯ ᠣᠢᠮᠣᠰᠤ᠂ ᠪᠦᠰᠡ᠂ ᠪᠠᠭᠪᠤᠷ ᠵᠡᠷᠭᠡ ᠶ᠋ᠢ ᠬᠡᠷᠡᠭᠯᠡᠨ᠎ᠡ᠃ ᠪᠠᠰᠠ ᠬᠣᠶᠠᠷ ᠠᠯᠲᠠᠨ ᠬᠤᠪᠢᠩ᠂ ᠨᠢᠭᠡ ᠬᠤᠨᠳᠠᠭ᠎ᠠ᠂ ᠨᠢᠵᠡᠭᠡᠳ ᠠᠶᠠᠭ᠎ᠠ ᠲᠠᠪᠠᠭ᠂ ᠬᠠᠯᠪᠠᠭ᠎ᠠ ᠰᠠᠪᠬ᠎ᠠ ᠶ᠋ᠢ ᠳᠠᠭᠠᠯᠳᠤᠭᠤᠯᠤᠨ ᠣᠷᠣᠰᠢᠭᠤᠯᠤᠨ᠎ᠠ᠃ ᠬᠡᠭᠦᠷ ᠢ᠋ ᠠᠪᠰᠠᠯᠠᠭᠠᠳ ᠭᠠᠳᠠᠭᠤᠷ ᠨᠢ ᠳᠥᠷᠪᠡᠨ ᠰᠢᠷᠬᠡᠭ ᠠᠯᠲᠠᠨ ᠴᠠᠭᠠᠷᠢᠭ ᠢ᠋ᠶ᠋ᠠᠷ ᠣᠷᠢᠶᠠᠮᠤᠢ᠃
ᠮᠣᠩᠭᠣᠯ ᠤ᠋ᠨ ᠬᠠᠭᠠᠨ ᠬᠠᠮᠢᠭ᠎ᠠ ᠠᠯᠢ ᠭᠠᠵᠠᠷ ᠬᠠᠯᠢᠭᠰᠠᠨ ᠴᠤ᠌ ᠰᠠᠷ᠎ᠠ ᠵᠢᠯ ᠦ᠋ᠨ ᠬᠣᠯᠠ ᠵᠠᠮ ᠬᠥᠭᠡᠭᠡᠯ᠎ᠡ ᠴᠦ᠍ ᠭᠡᠰᠡᠨ ᠲᠡᠭᠦᠨ ᠦ᠌ ᠴᠢᠨᠳᠠᠷ ᠱᠠᠷᠢᠯ ᠢ᠋ ᠵᠠᠪᠠᠯ ᠭᠣᠪᠢ ᠶ᠋ᠢᠨ ᠠᠷᠤ ᠳ᠋ᠠᠬᠢ ᠤᠤᠭᠠᠯ ᠨᠤᠲᠤᠭ ᠲᠤᠨᠢ ᠬᠦᠷᠭᠡᠬᠦ ᠶᠣᠰᠣᠲᠠᠢ᠃ᠨᠢᠭᠡ ᠮᠣᠩᠭᠣᠯ ᠪᠥᠬᠡ ᠡᠮᠦᠨ᠎ᠡ ᠢᠨᠤ ᠶᠠᠪᠤᠵᠤ ᠵᠠᠮ ᠤᠳᠤᠷᠢᠳᠤᠮᠤᠢ᠃ᠲᠡᠷᠡ ᠪᠡᠷ ᠰᠢᠨ᠎ᠡ ᠳᠡᠪᠡᠯ ᠡᠮᠦᠰᠴᠦ ᠠᠭᠲᠠ ᠬᠦᠯᠦᠭ ᠤᠨᠤᠨ ᠬᠥᠲᠥᠯᠦᠭᠡ ᠮᠣᠷᠢ ᠲᠠᠢ ᠶᠠᠪᠤᠮᠤᠢ᠃ᠬᠥᠲᠥᠯᠦᠭᠡ ᠮᠣᠷᠢᠨ ᠳ᠋ᠤᠷ ᠠᠯᠲᠠᠨ ᠡᠮᠡᠭᠡᠯ ᠬᠠᠵᠠᠭᠠᠷ ᠲᠠᠭᠠᠷᠠᠭᠤᠯᠵᠤ ᠳᠡᠭᠡᠷ᠎ᠡ ᠢᠨᠦ ᠬᠡᠮᠡᠷᠯᠢᠭ ᠳᠤᠬᠤᠮᠤᠢ᠃ᠲᠡᠷᠡᠬᠦ ᠮᠣᠷᠢ ᠶ᠋ᠢ ᠠᠯᠲᠠᠨ ᠱᠠᠷᠢᠯ ᠤ᠋ᠨ ᠮᠣᠷᠢ ᠬᠡᠮᠡᠮᠦᠢ᠃ᠴᠢᠨᠳᠠᠷ ᠱᠠᠷᠢᠯ ᠢ᠋ ᠴᠢᠨᠣ᠎ᠠ ᠶ᠋ᠢᠨ ᠭᠣᠣ(ᠴᠢ ᠨᠢᠶᠠᠨ ᠭᠦ᠋) ᠭᠡᠳᠡᠭ ᠬᠠᠪᠴᠢᠯ ᠵᠢᠯᠠᠭ᠎ᠠ ᠳ᠋ᠤ᠌ ᠠᠪᠠᠴᠢᠵᠤ ᠣᠷᠣᠰᠢᠭᠤᠯᠤᠨ᠎ᠠ᠃ᠣᠷᠣᠰᠢᠭᠤᠯᠭ᠎ᠠ ᠶ᠋ᠢᠨ ᠭᠠᠵᠠᠷ ᠲᠠᠭᠠᠨ ᠬᠦᠷᠦᠭᠰᠡᠨ ᠬᠣᠢᠨ᠎ᠠ ᠴᠢᠨᠳᠠᠷ ᠤ᠋ᠨ ᠨᠦᠬᠡ ᠮᠠᠯᠲᠠᠨ᠎ᠠ᠃ᠡᠪᠡᠰᠦᠯᠢᠭ ᠬᠥᠷᠥᠰᠥ ᠶ᠋ᠢ ᠨᠢ ᠬᠡᠰᠡᠭ ᠬᠡᠰᠡᠭ ᠢ᠋ᠶ᠋ᠡᠷ ᠤᠯᠠᠯᠠᠨ ᠠᠪᠤᠭᠠᠳ ᠠᠪᠰᠠ ᠶ᠋ᠢ ᠣᠷᠣᠰᠢᠭᠤᠯᠤᠭᠰᠠᠨ ᠤ᠋ ᠳᠠᠷᠠᠭ᠎ᠠ ᠨᠢᠮᠪᠠᠢ ᠪᠤᠯᠠᠵᠤ ᠳᠡᠭᠡᠷ᠎ᠡ ᠨᠢ ᠤᠤᠯ ᠬᠥᠷᠥᠰᠥ ᠶ᠋ᠢ ᠨᠢ ᠵᠡᠷᠭᠡᠯᠡᠭᠦᠯᠦᠨ ᠥᠷᠥᠵᠦ ᠲᠠᠯᠪᠢᠨ᠎ᠠ᠃ᠴᠢᠨᠳᠠᠷ ᠬᠦᠷᠭᠡᠵᠦ ᠢᠷᠡᠭᠰᠡᠨ ᠲᠦᠰᠢᠮᠡᠯ ᠡᠴᠡ3 ᠬᠥᠮᠦᠨ ᠦᠯᠡᠳᠡᠵᠦ᠂5 ᠭᠠᠵᠠᠷ ᠤ᠋ᠨ ᠵᠠᠢ ᠲᠠᠢ ᠰᠠᠬᠢᠵᠤ ᠰᠠᠭᠤᠭᠠᠳ ᠡᠳᠦᠷ ᠪᠦᠷᠢ ᠳᠣᠶᠢᠩ ᠰᠢᠲᠠᠭᠠᠵᠤ ᠲᠠᠬᠢᠯ ᠡᠷᠭᠦᠨ᠎ᠡ᠃3 ᠵᠢᠯ ᠰᠠᠬᠢᠵᠤ ᠰᠠᠭᠤᠭᠠᠳ ᠰᠠᠶᠢ ᠪᠤᠴᠠᠳᠠᠭ᠃《ᠽᠣᠤ ᠮᠦ᠍ ᠽᠢ ᠬᠡᠮᠡᠬᠦ ᠪᠢᠴᠢᠭ》 ᠲᠦ᠍《ᠮᠣᠩᠭᠣᠯ ᠬᠥᠮᠦᠨ ᠣᠷᠣᠰᠢᠭᠤᠯᠭ᠎ᠠ ᠬᠢᠬᠦ ᠳ᠋ᠡᠭᠡᠨ ᠰᠢᠷᠣᠢ ᠣᠪᠣᠭᠠᠯᠠᠬᠤ ᠦᠭᠡᠢ᠂ᠣᠷᠣᠰᠢᠭᠤᠯᠤᠭᠰᠠᠨ ᠬᠣᠢᠨ᠎ᠠ ᠠᠳᠤᠭᠤ ᠪᠠᠷ ᠭᠢᠰᠬᠢᠭᠦᠯᠵᠦ ᠳᠠᠪ ᠲᠡᠭᠰᠢᠬᠡᠨ ᠪᠣᠯᠭᠠᠳᠠᠭ᠃ᠳᠠᠷᠠᠭ᠎ᠠ ᠵᠢᠯ ᠦ᠋ᠨ ᠬᠢᠨᠢ ᠬᠠᠪᠤᠷ ᠴᠢᠨᠳᠠᠷ ᠣᠷᠣᠰᠢᠭᠤᠯᠤᠭᠰᠠᠨ ᠭᠠᠵᠠᠷ ᠨᠣᠭᠣᠭᠠᠷᠠᠨ ᠴᠡᠯᠭᠡᠷᠡᠵᠦ ᠣᠭᠲᠣᠬᠠᠨ ᠴᠤ᠌ ᠣᠷᠣ ᠮᠥᠷ ᠬᠠᠷᠠᠭᠳᠠᠬᠤ ᠦᠭᠡᠢ ᠪᠣᠯᠬᠤ ᠲᠤᠯᠠ ᠡᠵᠡᠨ ᠦ᠌ ᠣᠩᠭᠣᠨ ᠢ᠋ ᠴᠣᠬᠣᠮ ᠬᠠᠮᠢᠭ᠎ᠠ ᠪᠠᠢᠬᠤ ᠶ᠋ᠢ ᠬᠡᠨ ᠴᠦ᠍ ᠮᠡᠳᠡᠬᠦ ᠦᠭᠡᠢ ᠪᠣᠯᠳᠠᠭ᠃ᠲᠠᠢᠨᠬᠦ ᠴᠢᠨᠳᠠᠷ ᠢ᠋ ᠣᠷᠣᠰᠢᠭᠤᠯᠤᠭᠰᠠᠨ ᠲᠡᠷᠡ ᠭᠠᠵᠠᠷ ᠨᠢᠭᠡᠨ ᠪᠣᠲᠣᠭᠣ ᠲᠠᠢ ᠢᠩᠭᠡ ᠶ᠋ᠢ ᠬᠥᠲᠥᠯᠦᠨ ᠠᠪᠠᠴᠢᠵᠤ ᠪᠣᠲᠣᠭᠣ ᠶ᠋ᠢ ᠨᠢ ᠠᠯᠠᠵᠤ ᠲᠡᠨᠳᠡ ᠬᠠᠮᠲᠤ ᠣᠷᠣᠰᠢᠭᠤᠯᠤᠭᠰᠠᠨ ᠪᠣᠯᠬᠣᠷ ᠳᠠᠷᠠᠭ᠎ᠠ ᠵᠢᠯ ᠳ᠋ᠦ᠍ᠨᠢ ᠢᠩᠭᠡ ᠪᠡᠷ ᠵᠠᠮᠴᠢᠯᠠᠭᠤᠯᠤᠨ ᠣᠴᠢᠵᠤ ᠲᠠᠬᠢᠯ ᠡᠷᠭᠦᠳᠡᠭ᠃ ᠪᠣᠲᠣᠭᠣ ᠶ᠋ᠢ ᠨᠢ ᠪᠤᠯᠠᠭᠰᠠᠨ ᠭᠠᠵᠠᠷ ᠢᠩᠭᠡ ᠡᠷᠭᠢᠴᠡᠨ ᠪᠤᠢᠯᠠᠬᠤ ᠲᠤᠯᠠ ᠡᠵᠡᠨ ᠦ᠌ ᠣᠩᠭᠣᠨ ᠴᠢᠨᠳᠠᠷ ᠤ᠋ᠨ ᠭᠠᠵᠠᠷ ᠭᠡᠵᠦ ᠮᠡᠳᠡᠳᠡᠭ ᠪᠢᠯᠡ᠃ᠬᠠᠭᠠᠨ ᠤ᠋ ᠲᠠᠢᠽᠢ ᠦᠬᠦᠪᠡᠯ ᠮᠥᠨ ᠡᠵᠡᠨ ᠦ᠌ ᠣᠩᠭᠣᠨ ᠤ᠋ ᠬᠠᠵᠠᠭᠤ ᠳ᠋ᠤ᠌ ᠣᠷᠣᠰᠢᠭᠤᠯᠤᠨ᠎ᠠ᠃ᠮᠥᠨ ᠣᠷᠳᠣᠨ ᠤ᠋ ᠰᠠᠢᠳ ᠲᠦᠰᠢᠮᠡᠳ ᠠᠯᠪᠠ ᠬᠠᠭᠠᠭᠴᠢ58 ᠬᠥᠮᠦᠨ ᠲᠠᠢᠽᠢ ᠶ᠋ᠢᠨ ᠱᠠᠷᠢᠯ ᠢ᠋ ᠬᠦᠷᠭᠡᠨ ᠣᠴᠢᠵᠤ ᠬᠡᠳᠦᠨ ᠬᠥᠮᠦᠨ ᠦᠯᠡᠳᠡᠵᠦ ᠰᠠᠬᠢᠬᠤ ᠪᠠ ᠲᠤᠶᠠᠩ ᠲᠦᠯᠡᠰᠢ ᠡᠷᠭᠦᠳᠡᠭ ᠪᠤᠶᠤ 》 ᠭᠡᠵᠦ ᠲᠡᠮᠳᠡᠭᠡᠯᠡᠵᠡᠢ᠃
ᠮᠣᠩᠭᠣᠯᠴᠤᠳ ᠳᠣᠶᠢᠩ ᠲᠦᠯᠡᠰᠢ ᠰᠢᠲᠠᠭᠠᠬᠤ ᠳᠠᠳᠬᠠᠯ ᠵᠠᠩᠰᠢᠯ ᠲᠠᠢ᠃ᠬᠠᠭᠠᠨ ᠳ᠋ᠤ᠌3ᠵᠢᠯ᠂ᠬᠠᠲᠤᠨ ᠳ᠋ᠤ᠌49 ᠬᠣᠨᠣᠭ᠂ᠶᠡᠷᠦ ᠶ᠋ᠢᠨ ᠢᠷᠡᠭᠡᠳ3 ᠬᠣᠨᠣᠭ᠂7ᠬᠣᠨᠣᠭ᠂21ᠬᠣᠨᠣᠭ ᠠᠳᠠᠯᠢ ᠦᠭᠡᠢ ᠳᠣᠶᠢᠩ ᠲᠦᠯᠡᠰᠢ ᠰᠢᠲᠠᠭᠠᠵᠤ ᠲᠠᠬᠢᠯ ᠡᠷᠭᠦᠳᠡᠭ᠃ᠡᠪᠦᠭᠡ ᠳᠡᠭᠡᠳᠦᠰ ᠲᠡᠭᠡᠨ ᠴᠦ᠍ ᠳᠣᠶᠢᠩ ᠲᠠᠬᠢᠯ ᠡᠷᠭᠦᠳᠡᠭ᠃ᠵᠢᠯ ᠪᠦᠷᠢ ᠶ᠋ᠢᠨ ᠶᠢᠰᠦᠳᠦᠭᠡᠷ ᠰᠠᠷ᠎ᠠ ᠪᠠ ᠠᠷᠪᠠᠨ ᠬᠣᠶᠠᠳᠤᠭᠠᠷ ᠰᠠᠷ᠎ᠠ ᠶ᠋ᠢᠨ ᠠᠷᠪᠠᠨ ᠵᠢᠷᠭᠤᠭᠠᠨ ᠤ᠋ ᠡᠳᠦᠷ ᠡᠴᠡ ᠬᠣᠢᠰᠢ ᠳᠣᠶᠢᠩ ᠲᠦᠯᠡᠰᠢ ᠶ᠋ᠢᠨ ᠶᠠᠮᠤᠨ ᠳ᠋ᠤᠷ ᠨᠢᠭᠡ ᠮᠣᠷᠢ᠂ᠭᠤᠷᠪᠠᠨ ᠬᠣᠨᠢ ᠵᠢᠴᠢ ᠠᠷᠢᠬᠢ ᠴᠡᠬᠡ᠂ᠠᠯᠲᠠᠨ ᠤᠲᠠᠰᠤ ᠭᠦᠶᠦᠯᠭᠡᠭᠰᠡᠨ ᠤᠯᠠᠭᠠᠨ ᠨᠡᠬᠡᠮᠡᠯ ᠲᠣᠷᠭ᠎ᠠ ᠪᠠᠷ ᠣᠷᠢᠶᠠᠮᠠᠯ ᠱᠣ᠋ ᠲᠤᠰ ᠲᠤᠰ ᠭᠤᠷᠪᠠᠨ ᠬᠡᠰᠡᠭ ᠢ᠋ ᠪᠡᠯᠡᠳᠬᠡᠵᠦ᠂ ᠮᠣᠩᠭᠣᠯ ᠰᠠᠢᠳ ᠠ᠋ᠴᠠ ᠨᠢᠭᠡᠨ ᠬᠥᠮᠦᠨ ᠢ᠋ ᠮᠣᠩᠭᠣᠯ ᠪᠥᠬᠡ ᠢᠳᠤᠭᠠᠨ ᠯᠤᠭ᠎ᠠ ᠴᠣᠭ ᠢᠯᠡᠭᠡᠵᠦ᠂ᠭᠠᠵᠠᠷ ᠢ᠋ ᠡᠷᠦᠭᠦᠯᠦᠨ ᠮᠢᠬ᠎ᠠ ᠶ᠋ᠢ ᠰᠢᠷᠠᠭᠤᠯᠤᠭᠠᠳ ᠠᠷᠢᠬᠢ ᠴᠡᠬᠡ ᠵᠡᠷᠭᠡ ᠶ᠋ᠢ ᠬᠠᠮᠲᠤᠷᠠᠭᠤᠯᠤᠨ ᠭᠠᠯ ᠳ᠋ᠤᠷ ᠡᠷᠭᠦᠵᠦ ᠳᠣᠶᠢᠩ ᠲᠦᠯᠡᠰᠢ ᠥᠭᠭᠦᠮᠦᠢ᠃ᠪᠥᠬᠡ ᠢᠳᠤᠭᠠᠨ ᠠᠨᠤ ᠣᠯᠠᠨ ᠬᠠᠭᠠᠳ ᠤ᠋ᠨ ᠨᠡᠷ᠎ᠡ ᠶ᠋ᠢ ᠤᠯᠤᠰ ᠤ᠋ᠨ ᠬᠡᠯᠡ ᠪᠡᠷ ᠳᠤᠷᠠᠰᠴᠤ ᠲᠠᠬᠢᠯ ᠡᠷᠭᠦᠮᠦᠢ᠃ᠠᠯᠠᠰᠢ ᠭᠠᠷᠭᠠᠬᠤ᠂ᠴᠡᠭᠡ ᠰᠠᠴᠤᠬᠤ᠂ᠥᠴᠢᠯᠭᠡ ᠥᠴᠢᠬᠦ ᠪᠣᠯ ᠶᠤᠸᠠᠨ ᠤᠯᠤᠰ ᠤ᠋ᠨ ᠨᠡᠢᠳᠡᠮ ᠦ᠋ᠨ ᠵᠠᠩᠰᠢᠯ ᠪᠠᠢᠪᠠ᠃
ᠮᠣᠩᠭᠣᠯᠴᠤᠳ ᠭᠡᠷ ᠲᠦ᠍ ᠣᠷᠣᠬᠤ ᠳ᠋ᠠᠭᠠᠨ ᠬᠠᠲᠠᠪᠴᠢ ᠳᠡᠭᠡᠷ᠎ᠡ ᠨᠢ ᠭᠢᠰᠬᠢᠵᠦ ᠪᠣᠯᠬᠤ ᠦᠭᠡᠢ᠂ᠪᠦᠷᠬᠦ ᠮᠠᠯᠠᠭᠠᠢ ᠪᠠᠨ ᠮᠠᠢᠬᠠᠨ ᠭᠡᠷ ᠦ᠋ᠨ ᠳᠡᠭᠡᠪᠦᠷ ᠲᠦ᠍ ᠲᠤᠯᠭᠠᠵᠤ ᠪᠣᠯᠬᠤ ᠦᠭᠡᠢ᠃ᠪᠦᠰᠡᠲᠡᠢ ᠬᠥᠮᠦᠨ ᠭᠡᠷ ᠲᠦ᠍ ᠣᠷᠣᠪᠠᠯ ᠬᠤᠶᠠᠭ ᠳᠤᠭᠤᠯᠠᠭ᠎ᠠ᠂ᠨᠤᠮᠤ ᠰᠤᠮᠤ᠂ᠰᠠᠭᠠᠳᠠᠭ ᠬᠣᠷᠣᠮᠰᠠᠭ᠎ᠠ ᠪᠠᠨ ᠪᠦᠰᠡᠭᠦᠢᠴᠦᠳ ᠦ᠋ᠨ ᠰᠠᠭᠤᠳᠠᠭ ᠣᠷᠣ— ᠮᠠᠢᠬᠠᠨ ᠭᠡᠷ ᠦ᠋ᠨ ᠵᠡᠭᠦᠨ ᠬᠠᠶᠠᠭ᠎ᠠ ᠪᠠᠷ ᠡᠯᠭᠦᠵᠦ ᠲᠠᠯᠪᠢᠵᠤ ᠪᠣᠯᠬᠤ ᠦᠭᠡᠢ᠃ᠰᠦ ᠴᠠᠭ᠎ᠠ᠂ᠢᠳᠡᠭᠡᠨ ᠤᠮᠳᠠᠭᠠᠨ ᠢ᠋ ᠬᠥᠰᠡᠷ ᠠᠰᠬᠠᠵᠤ ᠴᠢᠳᠬᠤᠬᠤ᠂ ᠪᠦᠷᠢᠯᠭᠡᠵᠦ ᠰᠦᠢᠳᠬᠡᠬᠦ ᠶ᠋ᠢ ᠴᠡᠭᠡᠷᠯᠡᠨ᠎ᠡ᠃ᠭᠠᠯ ᠢ᠋ᠶ᠋ᠠᠨ ᠪᠤᠵᠠᠷᠯᠠᠬᠤ ᠶ᠋ᠢ ᠣᠨᠴᠠ ᠴᠡᠭᠡᠷᠯᠡᠳᠡᠭ᠃
ᠶᠢᠰᠦ ᠶ᠋ᠢ ᠬᠦᠨᠳᠦᠳᠬᠡᠵᠦ ᠴᠠᠭᠠᠨ ᠢ᠋ ᠡᠷᠬᠢᠮᠯᠡᠬᠦ ᠵᠠᠩᠰᠢᠯ
ᠮᠣᠩᠭᠣᠯᠴᠤᠳ ᠶᠢᠰᠦ ᠶ᠋ᠢ ᠥᠯᠵᠡᠢᠲᠦ ᠲᠣᠭ᠎ᠠ᠂ᠴᠠᠭᠠᠨ ᠢ᠋ ᠠᠷᠢᠭᠤᠨ ᠥᠩᠭᠡ ᠭᠡᠮᠡᠨ ᠦᠵᠡᠳᠡᠭ ᠵᠠᠩᠰᠢᠯ ᠶᠡᠬᠡ ᠡᠷᠲᠡ ᠳᠡᠭᠡᠳᠦᠰ ᠡᠴᠡ ᠤᠯᠠᠮᠵᠢᠯᠠᠯ ᠲᠠᠢ ᠪᠠᠢᠵᠠᠢ᠃《ᠮᠣᠩᠭᠣᠯ ᠤ᠋ᠨ ᠨᠢᠭᠤᠴᠠ ᠲᠣᠪᠴᠢᠶᠠᠨ》ᠳ᠋ᠤ᠌ 《ᠲᠡᠮᠦᠵᠢᠨ ᠪᠤᠷᠬᠠᠨ ᠳᠡᠭᠡᠷ᠎ᠡ ᠡᠴᠡ ᠪᠠᠭᠤᠵᠤ᠁ᠭᠠᠷ ᠢ᠋ᠶ᠋ᠠᠨ ᠡᠪᠴᠢᠭᠦᠨ ᠳ᠋ᠦ᠍ᠷ ᠢ᠋ᠶ᠋ᠡᠨ ᠮᠦᠬᠡᠯᠡᠳᠴᠤ ᠨᠠᠷᠠᠨ ᠵᠦᠭ ᠶᠢᠰᠦᠨᠲᠡ ᠰᠥᠭᠥᠳᠴᠦ ᠰᠠᠴᠤᠯᠢ ᠦᠴᠢᠭᠦᠯᠢ ᠥᠭᠭᠦᠭᠰᠡᠨ》ᠪᠠ ᠪᠠᠭᠠᠷᠢᠨ ᠤ᠋ ᠤᠰᠤᠨ ᠡᠪᠦᠭᠡᠨ ᠢ᠋ ᠪᠡᠬᠢ ᠡᠷᠭᠦᠮᠵᠢᠯᠡᠭᠡᠳ《ᠴᠠᠭᠠᠨ ᠳᠡᠪᠡᠯ ᠡᠮᠦᠰᠴᠦ ᠴᠠᠭᠠᠨ ᠠᠭᠲᠠ ᠤᠨᠤᠵᠤ》ᠶᠠᠪᠤᠬᠤ ᠳᠠᠷᠬᠠᠨ ᠡᠷᠬᠡ ᠣᠯᠭᠣᠭᠰᠠᠨ ᠢ᠋ ᠲᠡᠮᠳᠡᠭᠯᠡᠭᠰᠡᠨ ᠶᠦ᠍ᠮ᠃1206ᠣᠨ ᠳ᠋ᠤ᠌ ᠲᠡᠮᠦᠵᠢᠨ ᠴᠢᠩᠭᠢᠰ᠂ᠮᠣᠩᠭᠣᠯ ᠤ᠋ᠨ ᠶᠡᠬᠡ ᠬᠠᠭᠠᠨ ᠣᠷᠣ ᠰᠠᠭᠤᠬᠤ ᠳ᠋ᠠᠭᠠᠨ ᠪᠠᠰᠠ ᠶᠢᠰᠦᠨ ᠬᠥᠬᠥᠯᠲᠦ ᠴᠠᠭᠠᠨ ᠲᠤᠭ ᠢ᠋ ᠠᠩᠬ᠎ᠠ ᠪᠣᠰᠬᠠᠭᠰᠠᠨ ᠪᠠᠢᠯ᠎ᠠ᠃《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡᠨ》 ᠳ᠋ᠦ᠍《ᠴᠢᠩᠭᠢᠰ ᠬᠠᠭᠠᠨ ᠶᠡᠷᠡ ᠶᠢᠰᠦᠨ ᠭᠡᠭᠦᠳ ᠢ᠋ᠶ᠋ᠡᠨ ᠤᠶᠠᠵᠤ ᠴᠠᠭᠠᠨ ᠰᠠᠴᠤᠯᠢ ᠪᠠᠨ ᠰᠠᠴᠤᠭᠰᠠᠨ ᠢ᠋ᠶ᠋ᠠᠷ ᠬᠠᠪᠤᠷ ᠤ᠋ᠨ ᠴᠠᠭᠠᠨ ᠰᠦᠷᠦᠭ ᠦ᠋ᠨ ᠬᠤᠷᠢᠮ》 ᠢ᠋ ᠥᠭᠡᠯᠵᠢᠨ ᠰᠠᠷ᠎ᠠ ᠶ᠋ᠢᠨ ᠬᠣᠷᠢᠨ ᠨᠢᠭᠡᠨ ᠳ᠋ᠦ᠍ ᠦᠢᠯᠡᠳᠳᠡᠭ ᠪᠣᠯᠤᠭᠰᠠᠨ ᠢ᠋ ᠲᠡᠮᠳᠡᠭᠯᠡᠪᠡ᠃《ᠶᠤᠸᠠᠨ ᠤᠯᠤᠰ ᠤ᠋ᠨ ᠲᠡᠦᠬᠡ》 ᠳ᠋ᠦ᠍ ᠴᠢᠩᠭᠢᠰ ᠬᠠᠭᠠᠨ ᠶᠢᠯᠢᠥᠢ ᠯᠢᠥᠬᠸ ᠦ᠋ᠨ ᠬᠠᠲᠤᠨ ᠢ᠋ ᠲᠣᠬᠣᠨᠢᠭᠤᠯᠵᠤ ᠶᠢᠰᠦ ᠶᠢᠰᠦ ᠶ᠋ᠢ ᠪᠦᠷᠢᠳᠦᠭᠦᠯᠵᠦ ᠰᠣᠶᠣᠷᠬᠠᠭᠰᠠᠨ᠂ᠬᠠᠭᠠᠨ ᠣᠷᠳᠣᠨ ᠤ᠋ ᠲᠠᠬᠢᠯᠭ᠎ᠠ ᠳ᠋ᠤ᠌ ᠦᠷᠭᠦᠯᠵᠢ ᠶᠢᠰᠦ ᠶᠢᠰᠦ ᠶ᠋ᠢᠨ ᠲᠣᠭ᠎ᠠ ᠪᠠᠷ ᠲᠠᠬᠢᠯ ᠰᠠᠴᠤᠯᠢ ᠪᠡᠯᠡᠳᠬᠡᠭᠰᠡᠨ ᠪᠠ ᠰᠠᠷ᠎ᠠ ᠡᠳᠦᠷ ᠦ᠋ᠨ ᠶᠢᠰᠦ ᠶ᠋ᠢ ᠴᠦ᠍ ᠰᠣᠩᠭᠣᠨ ᠶᠢᠰᠦᠳᠦᠭᠡᠷ ᠰᠠᠷ᠎ᠠ ᠶ᠋ᠢᠨ ᠶᠢᠰᠦᠨ᠂ᠳᠥᠷᠪᠡᠳᠦᠭᠡᠷ ᠰᠠᠷ᠎ᠠ ᠶ᠋ᠢᠨ ᠶᠢᠰᠦᠨ ᠳ᠋ᠦ᠍ ᠰᠠᠴᠤᠯᠢ ᠡᠷᠭᠦᠭᠰᠡᠨ ᠢ᠋ ᠲᠡᠮᠳᠡᠭᠯᠡᠭᠰᠡᠨ ᠪᠢᠯᠡ᠃
ᠮᠣᠩᠭᠣᠯᠴᠤᠳ ᠤ᠋ᠨ ᠪᠡᠯᠡᠭ ᠪᠠᠷᠢᠴᠠ ᠳ᠋ᠤ᠌ ᠶᠢᠰᠦᠨ ᠴᠠᠭᠠᠨ ᠤ᠋ ᠪᠡᠯᠡᠭ᠂ ᠶᠢᠰᠦ ᠶᠢᠰᠦ ᠶ᠋ᠢᠨ ᠨᠠᠶᠠᠨ ᠨᠢᠭᠡ ᠶ᠋ᠢᠨ ᠪᠡᠯᠡᠭ ᠪᠣᠯ ᠬᠠᠮᠤᠭ ᠤ᠋ᠨ ᠳᠡᠭᠡᠳᠦ᠂ᠬᠠᠮᠤᠭ ᠤ᠋ᠨ ᠬᠦᠨᠳᠦ ᠪᠡᠯᠡᠭ ᠪᠣᠯᠤᠨ᠎ᠠ᠃ᠡᠷ᠎ᠡ ᠶ᠋ᠢᠨ ᠭᠤᠷᠪᠠᠨ ᠨᠠᠭᠠᠳᠤᠮ ᠤ᠋ᠨ ᠮᠠᠩᠯᠠᠢ ᠪᠥᠬᠡ ᠳ᠋ᠦ᠍ ᠶᠢᠰᠦᠨ ᠴᠠᠭᠠᠨ ᠤ᠋ ᠱᠠᠩ᠂ᠡᠰᠡᠬᠦᠯ᠎ᠡ ᠶᠢᠰᠦ ᠶᠢᠰᠦ ᠶ᠋ᠢᠨ ᠨᠠᠶᠠᠨ ᠨᠢᠭᠡᠨ ᠦ᠌ ᠱᠠᠩ ᠥᠭᠳᠡᠭ ᠵᠠᠩᠰᠢᠯ ᠲᠦᠭᠡᠮᠡᠯ ᠳᠡᠯᠭᠡᠷᠡᠭᠰᠡᠨ ᠨᠢ ᠡᠷᠲᠡ ᠳᠡᠭᠡᠳᠦᠰ ᠡᠴᠡ ᠶᠢᠰᠦ ᠶ᠋ᠢ ᠬᠦᠨᠳᠦᠳᠬᠡᠵᠦ ᠴᠠᠭᠠᠨ ᠢ᠋ ᠡᠷᠬᠢᠮᠯᠡᠭᠰᠡᠨ ᠦ᠌ ᠦᠷᠭᠦᠯᠵᠢᠯᠡᠯ ᠪᠠᠢᠭ᠎ᠠ ᠪᠢᠵᠡ ᠠ᠋᠃ᡁᠢ ᠶᠤᠸᠠᠨ ᠤ᠋ ᠳᠣᠯᠣᠳᠤᠭᠠᠷ ᠣᠨ(1270ᠣᠨ) ᠳ᠋ᠤ᠌ ᠬᠤᠪᠢᠯᠠᠢ ᠰᠡᠴᠡᠨ ᠬᠠᠭᠠᠨ᠂ᠡᠵᠡᠨ ᠦ᠌ ᠪᠠᠭᠰᠢ ᠫᠠᠭᠪᠠ ᠯᠠᠮᠠ ᠶ᠋ᠢᠨ ᠵᠠᠬᠢᠶ᠎ᠠ ᠶ᠋ᠢ ᠳᠠᠭᠠᠵᠤ ᠭᠡᠭᠡᠨ ᠬᠠᠷᠰᠢ ᠳᠠ ᠮᠢᠩ ᠳ᠋ᠢᠶᠠᠨ ᠳ᠋ᠠᠬᠢ ᠬᠠᠭᠠᠨ ᠤ᠋ ᠰᠢᠷᠡᠭᠡᠨ ᠳᠡᠭᠡᠷ᠎ᠡ ᠪᠡᠨ ᠴᠠᠭᠠᠨ ᠲᠣᠷᠭᠠᠨ ᠣᠷᠣᠢ ᠲᠠᠢ᠂ᠠᠯᠲᠠᠨ ᠰᠠᠨᠰᠺᠷᠢᠲ ᠦᠰᠦᠭ ᠲᠡᠢ ᠴᠠᠭᠠᠨ ᠰᠢᠬᠦᠷ ᠪᠣᠰᠬᠠᠵᠠᠢ᠃ᠲᠡᠭᠡᠭᠡᠳ ᠪᠤᠭ ᠴᠢᠳᠬᠥᠷ ᠢ᠋ ᠳᠠᠷᠤᠵᠤ ᠤᠯᠤᠰ ᠭᠦᠷᠦᠨ ᠢ᠋ ᠠᠮᠤᠭᠤᠯᠬᠤ ᠬᠡᠢᠳ ᠨᠠᠷᠠᠯᠠᠪᠠ᠃ᠲᠡᠭᠦᠨ ᠡᠴᠡ ᠬᠣᠢᠰᠢ ᠵᠢᠯ ᠪᠦᠷᠢ ᠶ᠋ᠢᠨ ᠬᠣᠶᠠᠳᠤᠭᠠᠷ ᠰᠠᠷ᠎ᠠ ᠶ᠋ᠢᠨ ᠠᠷᠪᠠᠨ ᠲᠠᠪᠤᠨ ᠳ᠋ᠤ᠌ ᠭᠡᠭᠡᠨ ᠬᠠᠷᠰᠢ ᠳᠠ ᠮᠢᠩ ᠳ᠋ᠢᠶᠠᠨ ᠳ᠋ᠤ᠌ ᠴᠠᠭᠠᠨ ᠰᠢᠭᠦᠷ ᠪᠣᠰᠬᠠᠬᠤ ᠪᠤᠷᠬᠠᠨ ᠤ᠋ ᠦᠢᠯᠡ ᠶ᠋ᠢ ᠭᠦᠢᠴᠡᠳᠬᠡᠬᠦ ᠪᠣᠯᠪᠠ᠃
ᠬᠠᠭᠠᠨ ᠡᠵᠡᠨ ᠶᠠᠪᠤᠵᠤ ᠢᠷᠡᠬᠦ ᠳ᠋ᠡᠭᠡᠨ ᠨᠢᠭᠡ ᠯᠡ ᠵᠠᠮ ᠢ᠋ᠶ᠋ᠠᠷ ᠶᠠᠪᠤᠵᠤ ᠢᠷᠡᠳᠡᠭ ᠦᠭᠡᠢ᠃ᠶᠠᠪᠤᠭᠰᠠᠨ ᠵᠠᠮ ᠠ᠋ᠴᠠ ᠪᠠᠨ ᠥᠭᠡᠷ᠎ᠡ ᠵᠠᠮ ᠢ᠋ᠶ᠋ᠠᠷ ᠪᠤᠴᠠᠳᠠᠭ᠃ᠳᠠᠢᠳᠤ ᠪᠡᠭᠡᠵᠢᠩ ᠡᠴᠡ ᠱᠠᠩᠳᠤ ᠨᠡᠢᠰᠯᠡᠯ ᠳ᠋ᠦ᠍ ᠢᠷᠡᠬᠦ ᠳ᠋ᠡᠭᠡᠨ ᠵᠡᠭᠦᠨ ᠵᠠᠮ ᠢ᠋ᠶ᠋ᠠᠷ ᠢᠷᠡᠵᠦ ᠪᠠᠷᠠᠭᠤᠨ ᠵᠠᠮ ᠢ᠋ᠶ᠋ᠠᠷ ᠪᠤᠴᠠᠳᠠᠭ᠃
ᠭᠡᠵᠢᠭᠡ ᠦᠰᠦᠨ ᠦ᠌ ᠬᠡᠯᠪᠡᠷᠢ ᠶᠠᠩᠵᠤ
ᠭᠡᠵᠢᠭᠡ ᠦᠰᠦ ᠪᠡᠨ ᠶᠠᠩᠵᠤᠯᠠᠵᠤ ᠵᠠᠰᠠᠬᠤ ᠪᠣᠯ ᠬᠥᠮᠦᠰ ᠦ᠋ᠨ ᠳᠣᠲᠣᠭᠠᠳᠤ ᠰᠡᠳᠬᠢᠯ ᠦ᠋ᠨ ᠭᠤᠸ᠎ᠠ ᠲᠠᠭᠠᠰᠢᠶᠠᠯ ᠤ᠋ᠨ ᠲᠤᠰᠬᠠᠯ ᠶᠤᠮ᠃ ᠶᠤᠸᠠᠨ ᠤᠯᠤᠰ ᠤ᠋ᠨ ᠦᠶᠡᠰ ᠮᠣᠩᠭᠣᠯᠴᠤᠳ ᠵᠤᠯᠠᠢ ᠭᠡᠵᠢᠭᠡ᠂ᠵᠠᠳᠠᠭᠠᠢ ᠭᠡᠵᠢᠭᠡ᠂ᠰᠠᠯᠠᠭ᠎ᠠ ᠭᠡᠵᠢᠭᠡ᠂ ᠶᠡᠬᠡ ᠳᠦᠭᠦᠷᠡᠩ ᠭᠡᠵᠢᠭᠡ᠂ᠪᠠᠭ᠎ᠠ ᠳᠦᠭᠦᠷᠡᠩ ᠭᠡᠵᠢᠭᠡ ᠭᠡᠬᠦ ᠮᠡᠲᠦ ᠪᠡᠷ ᠣᠯᠠᠨ ᠶᠠᠩᠵᠤ ᠶ᠋ᠢᠨ ᠭᠡᠵᠢᠭᠡ ᠲᠠᠯᠪᠢᠳᠠᠭ ᠪᠠᠢᠵᠠᠢ᠃ᠪᠦᠰᠡᠲᠡᠢᠴᠦᠳ ᠨᠢ ᠵᠤᠯᠠᠢ ᠳᠡᠭᠡᠷᠡᠬᠢ ᠭᠡᠵᠢᠭᠡ ᠪᠡᠨ ᠬᠤᠰᠤᠵᠤ ᠭᠤᠷᠪᠠᠨ ᠪᠤᠲᠠ ᠭᠡᠵᠢᠭᠡ ᠦᠯᠡᠳᠡᠭᠡᠨ᠂ᠡᠮᠦᠨᠡᠬᠢ ᠪᠤᠲᠠ ᠪᠠᠨ ᠮᠣᠷᠢᠨ ᠳᠡᠯ ᠰᠢᠭ ᠵᠠᠰᠠᠵᠤ ᠵᠡᠭᠦᠨ ᠪᠠᠷᠠᠭᠤᠨ ᠰᠠᠨᠴᠢᠭ ᠤ᠋ᠨ ᠭᠡᠵᠢᠭᠡ ᠪᠡᠨ ᠲᠠᠰᠢᠭᠤᠷ ᠰᠢᠭ᠋ ᠬᠦᠷᠦᠵᠦ ᠭᠤᠷᠪᠠ ᠳᠥᠷᠪᠡ ᠡᠪᠬᠡᠭᠡᠳ ᠴᠢᠬᠢᠨ ᠦ᠌ ᠪᠡᠨ ᠠᠷᠤ ᠳ᠋ᠤ᠌ ᠤᠨᠵᠢᠭᠤᠯᠤᠨᠠ᠃ᠡᠭᠦᠨ ᠢ᠋ᠶ᠋ᠡᠨ ᠰᠢᠪᠡᠷᠬᠡᠯ ᠭᠡᠳᠡᠭ᠃ ᠵᠠᠷᠢᠮ ᠨᠢ ᠭᠠᠭᠴᠠᠬᠠᠨ ᠰᠠᠯᠠᠭ᠎ᠠ ᠭᠡᠵᠢᠭᠡ ᠬᠦᠷᠦᠭᠡᠳ ᠠᠷᠤ ᠳᠤᠬᠤ ᠤᠷᠤᠭᠤ ᠪᠠᠨ ᠤᠨᠵᠢᠭᠤᠯᠳᠠᠭ᠃ᠪᠦᠰᠡᠭᠦᠢᠴᠦᠳ ᠨᠢ ᠬᠣᠶᠠᠷ ᠰᠠᠯᠠᠭ᠎ᠠ ᠭᠡᠵᠢᠭᠡ ᠬᠦᠷᠦᠭᠡᠳ ᠳᠣᠷᠣᠭᠰᠢ ᠤᠨᠵᠢᠭᠤᠯᠵᠤ ᠨᠢᠭᠤᠷ ᠴᠢᠷᠠᠢ ᠳ᠋ᠠᠭᠠᠨ ᠶᠠᠩᠵᠤ ᠶ᠋ᠢᠨ ᠲᠣᠰᠣᠯᠢᠭ ᠣ ᠡᠩᠭᠡᠰᠬᠡ ᠳᠦᠷᠭᠢᠨ ᠬᠦᠢᠲᠡᠨ ᠰᠠᠯᠬᠢᠨ ᠠ᠋ᠴᠠ ᠴᠢᠷᠠᠢ ᠵᠢᠰᠦ ᠪᠡᠨ ᠬᠠᠮᠠᠭᠠᠯᠠᠳᠠᠭ ᠪᠠᠢᠵᠠᠢ᠃ᠨᠠᠰᠤᠨ ᠳ᠋ᠤ᠌ ᠬᠦᠷᠦᠭᠰᠡᠨ ᠡᠷᠡᠭᠲᠡᠢᠴᠦᠳ ᠰᠠᠬᠠᠯ ᠲᠠᠯᠪᠢᠬᠤ ᠶ᠋ᠢ ᠶᠡᠬᠡᠳᠡ ᠬᠢᠴᠢᠶᠡᠳᠡᠭ ᠠᠵᠢ᠃ᠨᠣᠶᠠᠨ ᠰᠠᠭᠤᠭᠰᠠᠳ ᠠᠨᠤ《ᠭᠦᠷᠦᠮᠡᠯ ᠭᠡᠵᠢᠭᠡ ᠲᠠᠯᠪᠢᠬᠤ ᠪᠤᠶᠤ ᠭᠡᠵᠢᠭᠡ ᠪᠡᠨ ᠱᠠ ᠪᠥᠰ ᠢ᠋ᠶ᠋ᠡᠷ ᠣᠷᠢᠶᠠᠮᠤᠢ᠂ ᠬᠠᠷᠠᠴᠤ ᠢᠷᠭᠡᠳ ᠪᠣᠯᠪᠠᠰᠤ ᠣᠷᠢᠶᠠᠮᠠᠯ ᠭᠡᠵᠢᠭᠡ ᠲᠠᠯᠪᠢᠮᠤᠢ》᠃ᠴᠣᠬᠣᠮ ᠬᠦ᠌ ᠬᠣᠶᠠᠷ ᠰᠠᠯᠠᠭ᠎ᠠ ᠤᠳᠠ ᠶ᠋ᠢᠨ ᠨᠠᠢᠯᠵᠠᠭᠤᠷ᠂ᠬᠤᠪᠢ ᠶ᠋ᠢᠨ ᠭᠠᠳᠠᠨ᠎ᠠ ᠡᠲᠡᠭᠡᠳ ᠶᠠᠩᠵᠤ ᠶ᠋ᠢᠨ ᠭᠦᠷᠦᠮᠡᠯ ᠪᠤᠶᠤ᠃
ᠤᠩᠰᠢᠭᠴᠢ᠄ ᠨᠠᠷᠠᠨᠴᠢᠮᠡᠭ
ᠦᠰᠦᠭ ᠠᠮᠢᠯᠠᠭᠤᠯᠦᠭ᠍ᠴᠢ᠄ ᠤᠤᠭᠠᠨᠵᠢᠳ ᠂ ᠣᠶᠤᠨᠴᠢᠮᠡᠭ᠂ ᠣᠶᠤᠨ᠂ᠰᠢᠵᠢᠷᠮᠠᠨᠲᠤᠯ᠎ᠠ
ᠬᠢᠨᠡᠭ᠍ᠴᠢ᠄ ᠨᠠᠷᠠᠩᠭᠤᠸ᠎ᠠ ᠮᠤᠩᠭᠤᠯᠵᠠᠶᠠᠭ᠎ᠠ