ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠨᠢᠭᠡ> Хан мунын сүүрс < доорд > – Мөнх зохиоов ᠂Дөдгөөр бодь – Хоёрдугаар бүлэг <11>
ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠᠨ ᠨᠢᠭᠡ>
ᠠᠷᠪᠠᠨ ᠨᠢᠭᠡ
ᠡᠭᠦᠯᠡ ᠭᠣᠭᠴᠣᠭᠠᠷᠠᠭᠰᠠᠨ ᠪᠤᠳᠠᠯᠠᠩ ᠤ᠋ᠨ ᠣᠷᠣᠢ ᠳ᠋ᠤ᠌ ᠮᠠᠨᠠᠨ ᠬᠦᠳᠡᠩ ᠣᠷᠢᠶᠠᠯᠳᠤᠨᠠ᠃ ᠮᠡᠷᠭᠡᠨ ᠴᠠᠭᠠᠨ ᠯᠠᠮᠠᠬᠠᠢ ᠥᠷᠯᠥᠭᠡ ᠡᠷᠲᠡ ᠪᠤᠳᠠᠯᠠᠩ ᠤ᠋ᠨ ᠣᠷᠣᠢ ᠳ᠋ᠤ᠌ ᠭᠠᠷᠴᠤ ᠠᠯᠤᠰ ᠢ᠋ ᠪᠠᠷᠠᠯᠠᠨ ᠦᠭᠡ ᠳᠠᠭᠤᠨ ᠦᠭᠡᠢ ᠵᠣᠭᠰᠣᠨ᠎ᠠ᠃ ᠶᠠᠭ ᠯᠠ ᠠᠷᠢᠭᠤᠨ ᠰᠠᠩ ᠬᠦᠵᠢᠰ ᠦ᠋ᠨ ᠤᠲᠤᠭᠠᠨ ᠳ᠋ᠤ᠌ ᠪᠡᠶ᠎ᠡ ᠪᠡᠨ ᠠᠷᠢᠭᠤᠯᠠᠨ ᠨᠠᠮᠠᠨᠴᠢᠯᠠᠭᠰᠠᠨ ᠠᠷᠢᠶᠠᠪᠠᠯᠤ ᠪᠤᠷᠬᠠᠨ ᠰᠢᠭ᠋ ᠬᠠᠷᠠᠭᠳᠠᠬᠤ ᠨᠢ ᠰᠣᠨᠢᠬᠠᠨ!
ᠣᠷᠴᠢᠮ ᠠ᠋ᠴᠠ ᠮᠡᠷᠭᠡᠨ ᠴᠠᠭᠠᠨ ᠯᠠᠮᠠᠬᠠᠢ ᠲᠠᠩᠳᠠ ᠢᠩᠭᠢᠵᠦ ᠪᠤᠳᠠᠯᠠᠩ ᠤ᠋ᠨ ᠣᠷᠣᠢ ᠳ᠋ᠤ᠌ ᠭᠠᠷᠴᠤ ᠵᠣᠭᠰᠣᠭᠠᠳ ᠶᠠᠭᠤ ᠨᠢᠭᠡ ᠶ᠋ᠢᠨ ᠪᠠᠷ᠎ᠠ ᠬᠠᠷᠠᠳᠠᠭ ᠪᠣᠯᠪᠠ᠃
ᠲᠡᠭᠦᠨ ᠦ᠌ ᠬᠠᠪᠢ ᠪᠠᠷ ᠦᠷᠬᠦᠢ ᠪᠠᠢᠳᠠᠭ ᠥᠨᠥᠬᠢ ᠴᠢᠨᠣ᠎ᠠ ᠴᠦ᠍ ᠪᠠᠷ᠎ᠠ ᠰᠤᠷᠠᠭ ᠦᠭᠡᠢ ᠪᠣᠯᠵᠠᠢ᠃
ᠠᠯᠤᠰ ᠲᠤ ᠬᠥᠬᠡᠷᠡᠬᠦ ᠮᠠᠨᠠᠨ ᠲᠠᠢ ᠰᠢᠷ᠎ᠠ ᠣᠷᠣᠢ ᠶ᠋ᠢ ᠪᠠᠷᠠᠯᠠᠭᠠᠳ《 ᠭᠦᠦᠭ — ᠬᠥᠥᠭ᠁》 ᠭᠡᠵᠦ ᠬᠥᠥᠭᠯᠡᠨ ᠳᠠᠭᠤᠳᠠᠭᠰᠠᠨ ᠳ᠋ᠤ᠌ ᠬᠠᠮᠢᠭ᠎ᠠ ᠬᠣᠯᠠ ᠶ᠋ᠢᠨ ᠮᠠᠨᠠᠨ ᠬᠦᠳᠡᠩ ᠦ᠋ᠨ ᠳᠠᠯᠳᠠ ᠠ᠋ᠴᠠ《 ᠦᠦ᠋ — ᠦᠦ᠋》 ᠭᠡᠬᠦ ᠴᠢᠨᠣ᠎ᠠ ᠣᠯᠢᠬᠤ ᠳᠠᠭᠤᠨ ᠪᠦᠦᠷ ᠲᠦᠦᠷ ᠰᠣᠨᠣᠰᠳᠠᠨ᠎ᠠ᠁
《᠁ ᠠ᠂ ᠬᠣᠯᠠ ᠶᠠᠪᠤᠴᠢᠬᠠᠵᠠᠢ!》 ᠭᠡᠵᠦ ᠰᠢᠪᠡᠨᠡᠨ᠂ ᠲᠡᠷᠡ ᠬᠦ᠌ ᠰᠢᠪᠠᠭᠤᠲᠤ ᠶ᠋ᠢᠨ ᠳᠡᠭᠡᠳᠦ ᠳᠣᠣᠷᠠᠲᠤ ᠭᠣᠣᠯ᠂ ᠥᠯᠥᠩᠲᠦ ᠶ᠋ᠢᠨ ᠡᠬᠢᠨ᠂ ᠴᠡᠩᠬᠡᠷ ᠴᠣᠩᠬᠢᠶᠠᠯ ᠤ᠋ᠨ ᠳᠡᠪᠬᠡᠷᠭᠡᠲᠦ ᠬᠠᠳᠠ ᠵᠡᠷᠭᠡ ᠭᠠᠵᠠᠷ ᠢ᠋ᠶ᠋ᠠᠷ ᠬᠠᠮᠢᠭ᠎ᠠ ᠠ᠋ᠴᠠ ᠨᠢ ᠴᠦ᠍ ᠶᠤᠮ ᠪᠦᠦ ᠮᠡᠳᠡ᠂ ᠨᠢᠭᠡ ᠯᠡ ᠣᠯᠠᠨ ᠪᠣᠯᠵᠣᠮᠣᠷ ᠰᠢᠭ᠋ ᠪᠣᠷᠣ ᠴᠡᠷᠢᠭ ᠦ᠋ᠳ ᠨᠠᠭᠠᠰᠢ ᠴᠠᠭᠠᠰᠢ ᠰᠦᠯᠵᠢᠯᠳᠦᠨ ᠬᠠᠳᠠ ᠴᠢᠯᠠᠭᠤ ᠣᠩᠭᠢᠴᠢᠵᠤ᠂ ᠮᠣᠳᠣ ᠰᠢᠪᠡᠭᠡ ᠣᠭᠲᠣᠯᠤᠨ ᠮᠠᠢᠬᠠᠨ ᠣᠪᠣᠬᠠᠢ ᠪᠤᠰᠬᠠᠨ ᠪᠤᠵᠢᠭᠢᠨᠠᠭᠰᠠᠨ ᠢ᠋ ᠬᠠᠷᠠᠭᠠᠳ《ᠡᠨᠡ ᠶᠠᠭᠤᠨ ᠤ᠋ ᠬᠠᠮᠢᠭ᠎ᠠ ᠠ᠋ᠴᠠ ᠢᠷᠡᠭᠰᠡᠨ ᠪᠣᠷᠣ ᠴᠡᠷᠢᠭ ᠦ᠋ᠳ ᠪᠣᠯᠴᠢᠬᠠᠪᠠ? ᠶᠠᠭᠠᠬᠢᠬᠤ ᠳ᠋ᠠᠭᠠᠨ ᠢᠩᠭᠢᠵᠦ ᠡᠷᠦᠢ ᠬᠤᠷᠤᠢ ᠦᠭᠡᠢ ᠠᠭᠤᠯᠠ ᠣᠩᠭᠢᠴᠢᠵᠤ ᠪᠠᠢᠭᠠᠯᠢ ᠡᠪᠳᠡᠳᠡᠭ ᠪᠢᠯᠡ?》 ᠭᠡᠵᠦ ᠰᠢᠪᠡᠨᠡᠭᠡᠳ ᠤᠷᠲᠤ ᠭᠡᠭᠴᠢ ᠰᠠᠨᠠᠭ᠎ᠠ ᠠᠯᠳᠠᠪᠠ᠃
ᠲᠡᠷᠲᠡᠭᠡ ᠠᠯᠤᠰ ᠤ᠋ᠨ ᠲᠩᠷᠢ ᠶ᠋ᠢᠨ ᠬᠠᠶᠠᠭᠠᠨ ᠠ᠋ᠴᠠ ᠨᠠᠷᠠ ᠰᠤᠪᠤᠷᠠᠨ ᠳᠡᠭᠳᠡᠬᠦ ᠳ᠋ᠦ᠍ ᠮᠤᠨᠠ ᠶ᠋ᠢᠨ ᠰᠢᠷ᠎ᠠ ᠣᠷᠣᠢ ᠶ᠋ᠢᠨ ᠬᠡᠢ ᠮᠣᠷᠢ ᠶ᠋ᠢᠨ ᠰᠦᠯᠳᠡ ᠶ᠋ᠢᠨ ᠠᠯᠲᠠᠨ ᠯᠠᠪᠷᠢ ᠠ᠋ᠴᠠ ᠰᠢᠵᠢᠷ ᠲᠤᠶᠠᠭ᠎ᠠ ᠵᠤᠷᠪᠤᠰᠯᠠᠨ ᠰᠠᠴᠤᠷᠠᠵᠤ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠴᠠᠭᠠᠨ ᠰᠤᠪᠤᠷᠭ᠎ᠠ ᠶ᠋ᠢᠨ ᠠᠯᠲᠠᠨ ᠭᠠᠨᠵᠢᠷ᠎ᠠ ᠠ᠋ᠴᠠ ᠣᠴᠢᠯᠠᠭᠰᠠᠨ ᠰᠠᠴᠤᠷᠠᠭ ᠲᠠᠢ ᠣᠴᠢ ᠬᠠᠷᠪᠤᠨ ᠨᠡᠢᠯᠡᠬᠦ ᠳ᠋ᠦ᠍ ᠨᠢᠳᠦ ᠭᠢᠯᠠᠰᠤᠨᠠ᠁ ᠡᠨᠡ ᠬᠦ᠌ ᠵᠤᠷᠪᠤᠰ ᠵᠤᠷᠪᠤᠰ ᠰᠠᠴᠤᠷᠠᠬᠤ ᠠᠯᠲᠠᠨ ᠲᠤᠶᠠᠭ᠎ᠠ ᠶ᠋ᠢ ᠬᠠᠷᠠᠭᠰᠠᠨ ᠮᠡᠷᠭᠡᠨ ᠴᠠᠭᠠᠨ ᠯᠠᠮᠠᠬᠠᠢ ᠶ᠋ᠢᠨ ᠴᠢᠷᠠᠢ ᠳ᠋ᠤ᠌ ᠦᠯᠦ ᠮᠡᠳᠡᠭ ᠪᠠᠶᠠᠰᠤᠯ ᠲᠡᠮᠳᠡᠭᠷᠡᠬᠦ ᠰᠢᠭ ᠪᠣᠯᠤᠭᠰᠠᠨ ᠪᠣᠯᠪᠠᠴᠤ ᠳᠠᠬᠢᠭᠠᠳ ᠪᠠᠷᠠᠭᠠᠨ ᠪᠣᠯᠪᠠ᠃
ᠭᠡᠨᠡᠳᠲᠡ ᠬᠠᠳᠠᠨ ᠤ᠋ ᠰᠠᠯᠬᠢ ᠬᠤᠤᠭᠢᠬᠤ ᠰᠢᠭ᠋ ᠮᠠᠭᠤᠬᠠᠢ ᠵᠢᠪᠡᠭᠦᠨ ᠳᠠᠭᠤᠨ ᠭᠠᠷᠪᠠ᠃ ᠬᠠᠷᠠᠬᠤᠯ᠎ᠠ ᠴᠡᠩᠬᠡᠷ ᠴᠣᠩᠬᠢᠶᠠᠯ ᠠ᠋ᠴᠠ ᠠᠪᠤᠷᠭᠤ ᠨᠣᠭᠣᠭᠠᠨ ᠮᠣᠭᠠᠢ ᠭᠠᠷᠴᠤ ᠢᠷᠡᠭᠡᠳ ᠴᠣᠩᠬᠢᠶᠠᠯ ᠤ᠋ᠨ ᠤᠰᠤᠨ ᠳ᠋ᠤ᠌ ᠮᠣᠭᠵᠣᠢᠭᠰᠠᠨ ᠰᠡᠭᠦᠯ ᠢ᠋ᠶ᠋ᠡᠨ ᠨᠠᠭᠠᠰᠢ ᠴᠠᠭᠠᠰᠢ ᠬᠡᠳᠦᠨᠲᠡ ᠭᠤᠶᠠᠳᠠᠯᠠᠭᠰᠠᠨ ᠳ᠋ᠤ᠌ ᠬᠠᠳᠠᠨ ᠤ᠋ ᠰᠠᠯᠬᠢ ᠡᠭᠦᠰᠴᠦ ᠪᠠᠢᠭ᠎ᠠ ᠨᠢ ᠡᠨᠡ!
ᠲᠡᠷᠡ ᠠᠪᠤᠷᠭᠤ ᠮᠣᠭᠠᠢ ᠶ᠋ᠢᠨ ᠬᠠᠢᠴᠢᠨ ᠦᠵᠦᠭᠦᠷᠲᠦ ᠬᠠᠷ᠎ᠠ ᠬᠡᠯᠡ ᠶ᠋ᠢᠨ ᠦᠶ᠎ᠡ ᠦᠶ᠎ᠡ ᠭᠢᠯᠪᠠᠰᠬᠤ ᠨᠢ ᠬᠠᠷ᠎ᠠ ᠴᠠᠬᠢᠯᠭᠠᠨ ᠴᠠᠬᠢᠯᠠᠬᠤ ᠮᠡᠲᠦ᠃ ᠳᠡᠮᠡᠢ ᠤᠳᠠᠭᠰᠠᠨ ᠦᠭᠡᠢ ᠰᠢᠷ ᠱᠠᠷ ᠬᠢᠭᠰᠡᠨ ᠳᠠᠭᠤᠨ ᠭᠠᠷᠴᠤ᠂ ᠣᠪᠣᠢᠭᠰᠠᠨ ᠮᠠᠢᠬᠠᠨ ᠤ᠋ ᠵᠡᠭᠦᠨ ᠰᠤᠵᠠᠭ ᠲᠤ ᠬᠠᠷᠠᠭᠤᠯ ᠵᠣᠭᠰᠣᠭᠰᠠᠨ ᠪᠣᠷᠣ ᠴᠡᠷᠢᠭ ᠦ᠋ᠨ ᠨᠢᠭᠡ ᠨᠢ ᠥᠨᠥ ᠠᠩᠭᠠᠯᠵᠠᠭᠰᠠᠨ ᠠᠪᠤᠷᠭᠤ ᠮᠣᠭᠠᠢ ᠶ᠋ᠢᠨ ᠠᠮᠠ ᠤᠷᠤᠭᠤ ᠨᠡᠭᠦᠵᠦ ᠶᠠᠪᠤᠨ᠎ᠠ᠁ ᠠᠪᠤᠷᠭᠤ ᠮᠣᠭᠠᠢ ᠪᠣᠷᠣ ᠴᠡᠷᠢᠭ ᠡᠴᠡ ᠪᠠᠰᠠ ᠨᠢᠭᠡ ᠶ᠋ᠢ ᠰᠣᠷᠣᠴᠢᠬᠠᠯᠠ᠃ ᠪᠣᠷᠣ ᠴᠡᠷᠢᠭ ᠡᠴᠡ ᠡᠳᠦᠷ ᠦ᠋ᠨ ᠨᠢᠭᠡ ᠶ᠋ᠢ ᠵᠠᠯᠭᠢᠳᠠᠭ ᠪᠣᠯᠤᠭᠰᠠᠨ ᠠᠪᠤᠷᠭᠤ ᠮᠣᠭᠠᠢ ᠥᠨᠥᠳᠥᠷ ᠦ᠋ᠨ ᠡᠭᠦᠷᠭᠡ ᠪᠡᠨ ᠪᠡᠶᠡᠯᠡᠭᠦᠯᠪᠡ ᠭᠡᠰᠡᠨ ᠰᠢᠭ ᠲᠡᠷᠡ ᠳᠣᠣᠷ᠎ᠠ ᠪᠠᠨ ᠴᠡᠩᠬᠡᠷ ᠴᠣᠩᠬᠢᠶᠠᠯ ᠤ᠋ᠨ ᠤᠰᠤᠨ ᠳ᠋ᠤ᠌ ᠭᠤᠯᠭᠤᠨ ᠣᠷᠣᠵᠤ ᠳᠠᠯᠳᠠᠷᠠᠪᠠ᠃
ᠤᠤᠯ ᠨᠢ ᠠᠪᠤᠷᠭᠤ ᠮᠣᠭᠠᠢ ᠴᠣᠩᠬᠢᠶᠠᠯ ᠤ᠋ᠨ ᠤᠰᠤᠨ ᠳ᠋ᠤ᠌ ᠨᠢᠭᠤᠭᠳᠠᠨ ᠬᠡᠪᠲᠡᠭᠡᠳ ᠳᠡᠪᠬᠡᠷᠭᠡᠲᠦ ᠬᠠᠳᠠᠨ ᠳᠡᠭᠡᠷ᠎ᠡ ᠡᠴᠡ ᠴᠣᠩᠬᠢᠶᠠᠯ ᠤ᠋ᠨ ᠤᠰᠤᠨ ᠳᠣᠲᠣᠷᠠᠬᠢ ᠠᠯᠲᠠ ᠮᠥᠩᠭᠥ᠂ ᠡᠷᠳᠡᠨᠢᠰ ᠲᠦ᠍ ᠭᠣᠷᠢᠳᠠᠨ ᠥᠩᠭᠡᠢᠭᠰᠡᠨ ᠪᠣᠷᠣ ᠴᠡᠷᠢᠭ ᠢ᠋ ᠵᠠᠯᠭᠠᠭ᠎ᠠ ᠪᠠᠷ ᠬᠡᠳᠦ ᠶ᠋ᠢ ᠰᠣᠷᠣᠵᠤ ᠢᠳᠡᠭᠰᠡᠨ ᠢ᠋ ᠴᠠᠭᠠᠳᠤᠭᠤᠯᠠ ᠨᠢ ᠶᠠᠭᠤ ᠪᠣᠯᠵᠤ ᠪᠠᠢᠭ᠎ᠠ ᠶ᠋ᠢᠨ ᠤᠬᠠᠭᠠᠨ ᠢ᠋ ᠨᠢ ᠶᠠᠭ ᠮᠡᠳᠡᠭᠰᠡᠨ ᠦᠭᠡᠢ ᠪᠠᠢᠵᠠᠢ᠃ ᠡᠳᠡᠭᠡᠷ ᠪᠣᠷᠣ ᠴᠡᠷᠢᠭ ᠦ᠋ᠳ ᠭᠡᠭᠴᠢ ᠬᠠᠷ᠎ᠠ ᠴᠡᠷᠢᠭ᠂ ᠰᠢᠷ᠎ᠠ ᠴᠡᠷᠢᠭ ᠢ᠋ ᠪᠣᠳᠣᠪᠠᠯ ᠬᠡᠴᠡᠭᠦᠦ! ᠬᠡᠳᠦ ᠬᠡᠳᠦ ᠪᠡᠨ ᠤᠰᠤᠨ ᠳ᠋ᠤ᠌ ᠤᠨᠠᠭᠠᠴᠢᠬᠠᠭᠠᠳ ᠪᠠᠰᠠ ᠬᠠᠰᠢᠷᠠᠬᠤ ᠦᠭᠡᠢ ᠮᠥᠨ ᠯᠡ ᠡᠨᠳᠡ ᠲᠡᠨᠳᠡ ᠡᠴᠡ ᠨᠢ ᠥᠩᠭᠡᠢᠵᠦ ᠴᠡᠩᠬᠡᠷ ᠴᠣᠩᠬᠢᠶᠠᠯ ᠳᠣᠲᠣᠷᠠᠬᠢ ᠠᠯᠲᠠ ᠮᠥᠩᠭᠥ᠂ ᠡᠷᠳᠡᠨᠢᠰ ᠦ᠋ᠨ ᠵᠦᠢᠯ ᠢ᠋ ᠠᠪᠬᠤ ᠭᠡᠵᠦ ᠡᠯᠳᠡᠪ ᠠᠷᠭ᠎ᠠ ᠰᠦᠪᠡᠭᠴᠢᠯᠡᠨ᠎ᠡ᠃ ᠠᠯᠲᠠ ᠮᠥᠩᠭᠥ ᠶ᠋ᠢ ᠠᠷᠭᠠᠯᠠᠵᠤ ᠤᠰᠤᠨ ᠤ᠋ ᠬᠥᠪᠡᠭᠡᠨ ᠳᠡᠭᠡᠷ᠎ᠡ ᠭᠠᠷᠭᠠᠵᠤ ᠢᠷᠡᠬᠦᠯᠡᠷ ᠬᠠᠮᠢᠭ᠎ᠠ ᠠ᠋ᠴᠠ ᠨᠢ ᠴᠦ᠍ ᠶᠦᠮ ᠪᠦᠦ ᠮᠡᠳᠡ᠂ ᠭᠡᠨᠡᠳᠲᠡ ᠬᠠᠳᠠᠨ ᠤ᠋ ᠰᠠᠯᠬᠢ ᠬᠤᠤᠭᠢᠬᠤ ᠳ᠋ᠤ᠌ ᠥᠨᠥᠬᠢ ᠠᠯᠲᠠ ᠮᠥᠩᠭᠥ ᠨᠢ ᠭᠡᠳᠡᠷᠭᠦ ᠪᠡᠨ ᠤᠰᠤᠨ ᠳ᠋ᠤ᠌ ᠤᠨᠠᠵᠤ᠂ ᠪᠣᠷᠣ ᠴᠡᠷᠢᠭ ᠦ᠋ᠨ ᠳᠣᠲᠣᠷ᠎ᠠ ᠠ᠋ᠴᠠ ᠵᠠᠪᠠᠯ ᠨᠢᠭᠡ ᠨᠢ ᠳᠡᠪᠬᠡᠷᠭᠡᠲᠦ ᠬᠠᠳᠠᠨ ᠠ᠋ᠴᠠ ᠬᠡᠢᠰᠴᠦ ᠤᠨᠠᠳᠠᠭ ᠪᠠᠢᠵᠠᠢ᠃ ᠡᠨᠡ ᠨᠢ ᠠᠪᠤᠷᠭᠤ ᠮᠣᠭᠠᠢ ᠮᠥᠩᠭᠥᠨ ᠳ᠋ᠦ᠍ ᠭᠣᠷᠢᠳᠠᠭᠰᠠᠳ ᠤ᠋ᠨ ᠨᠢᠭᠡ ᠶ᠋ᠢ ᠰᠣᠷᠣᠵᠤ ᠢᠳᠡᠭᠰᠡᠨ ᠢ᠋ ᠲᠡᠳᠡ ᠶᠠᠭᠠᠬᠢᠵᠤ ᠮᠡᠳᠡᠬᠦ ᠪᠣᠢ᠃ ᠡᠢᠨ ᠬᠦ᠌ ᠪᠣᠷᠣ ᠴᠡᠷᠢᠭ ᠦ᠋ᠳ ᠬᠠᠳᠠᠨ ᠳᠡᠭᠡᠷ᠎ᠡ ᠡᠴᠡ ᠴᠣᠩᠬᠢᠶᠠᠯ ᠤᠷᠤᠭᠤ ᠥᠩᠭᠡᠢᠯᠴᠡᠬᠦ ᠪᠠᠨ ᠪᠣᠯᠢᠵᠤ ᠴᠡᠩᠬᠡᠷ ᠴᠣᠩᠬᠢᠶᠠᠯ ᠤ᠋ᠨ ᠬᠠᠵᠠᠭᠤ ᠲᠠᠯ᠎ᠠ ᠠ᠋ᠴᠠ ᠬᠠᠳᠠ ᠶ᠋ᠢ ᠨᠢ ᠴᠣᠭᠣᠯᠵᠤ ᠴᠣᠩᠬᠢᠶᠠᠯ ᠤ᠋ᠨ ᠤᠰᠤ ᠶ᠋ᠢ ᠨᠢ ᠭᠠᠳᠠᠭᠰᠢ ᠤᠷᠤᠰᠬᠠᠵᠤ ᠳᠣᠣᠷᠠᠬᠢ ᠠᠯᠲᠠ ᠮᠥᠩᠭᠥ ᠶ᠋ᠢ ᠨᠢ ᠠᠪᠬᠤ ᠰᠠᠨᠠᠭ᠎ᠠ ᠲᠠᠢ ᠬᠠᠳᠠ ᠴᠣᠭᠣᠯᠵᠤ ᠡᠬᠢᠯᠡᠪᠡ᠃
ᠬᠡᠳᠦᠨ ᠡᠳᠦᠷ ᠶᠠᠭᠤᠮ᠎ᠠ ᠣᠯᠵᠤ ᠰᠤᠷᠤᠭᠰᠠᠨ ᠦᠭᠡᠢ ᠠᠪᠤᠷᠭᠤ ᠮᠣᠭᠠᠢ ᠬᠠᠮᠢᠭ᠎ᠠ ᠨᠢᠭᠡ ᠭᠠᠵᠠᠷ ᠳ᠋ᠢᠩ ᠳ᠋ᠠᠩ᠂ ᠳ᠋ᠢᠩᠭᠠᠷ ᠳ᠋ᠠᠩᠭᠠᠷ ᠳᠠᠭᠤᠨ ᠭᠠᠷᠴᠤ ᠴᠣᠩᠬᠢᠶᠠᠯ ᠤ᠋ᠨ ᠤᠰᠤ ᠶ᠋ᠢ ᠳᠣᠷᠭᠢᠭᠤᠯᠤᠭᠰᠠᠨ ᠳ᠋ᠤ᠌《ᠶᠠᠭᠤ ᠪᠣᠯᠵᠤ ᠪᠠᠢᠨ᠎ᠠ?》 ᠭᠡᠰᠡᠨ ᠰᠢᠭ ᠥᠨᠥ ᠥᠷᠯᠥᠭᠡᠭᠦᠷ ᠨᠠᠷᠠ ᠮᠠᠨᠳᠤᠬᠤ ᠠ᠋ᠴᠠ ᠡᠮᠦᠨ᠎ᠡ ᠴᠣᠩᠬᠢᠶᠠᠯ ᠤ᠋ᠨ ᠢᠷᠮᠡᠭ ᠲᠦ᠍ ᠭᠠᠷᠴᠤ ᠢᠷᠡᠭᠡᠳ ᠪᠣᠷᠣ ᠴᠡᠷᠢᠭ ᠦ᠋ᠨ ᠪᠠᠰᠠ ᠨᠢᠭᠡ ᠶ᠋ᠢ ᠰᠣᠷᠣᠵᠠᠢ᠃ ᠡᠨᠡ ᠮᠡᠲᠦ ᠪᠡᠷ ᠬᠡᠳᠦᠨ ᠡᠳᠦᠷ ᠳᠠᠷᠠᠭᠠᠯᠠᠨ ᠪᠣᠷᠣ ᠴᠡᠷᠢᠭ ᠦ᠋ᠨ ᠬᠡᠳᠦ ᠬᠡᠳᠦᠨ ᠴᠡᠷᠢᠭ ᠨᠢ ᠶᠠᠮᠠᠷ ᠴᠦ᠍ ᠰᠢᠯᠲᠠᠭ ᠦᠭᠡᠢ ᠪᠡᠷ ᠣᠷᠣ ᠮᠥᠷ ᠦᠭᠡᠢ ᠠᠯᠠᠭ᠎ᠠ ᠪᠣᠯᠴᠢᠬᠠᠳᠠᠭ ᠲᠤ ᠭᠠᠢᠬᠠᠰᠢ ᠲᠥᠷᠥᠵᠦ《ᠦᠭᠡᠢ᠂ ᠡᠨᠡ ᠶᠠᠮᠠᠷ ᠠᠳᠠ ᠲᠠᠢ ᠭᠠᠵᠠᠷ ᠪᠣᠢ?》 ᠭᠡᠵᠦ ᠳᠣᠲᠣᠷ᠎ᠠ ᠪᠠᠨ ᠢᠪᠢᠷ ᠰᠢᠪᠢᠷ ᠬᠡᠯᠡᠯᠴᠡᠬᠦ ᠡᠴᠡ ᠪᠢᠰᠢ ᠡᠨᠡ ᠬᠡᠷᠡᠭ ᠡᠴᠡ ᠠᠶᠤᠵᠤ ᠰᠦᠷᠳᠡᠭᠰᠡᠨ ᠮᠠᠶᠢᠭ ᠦᠭᠡᠢ᠂ ᠮᠥᠨ ᠯᠡ ᠬᠢᠳᠡᠭ ᠢ᠋ᠶ᠋ᠡᠨ ᠬᠢᠵᠦ ᠬᠠᠳᠠ ᠴᠢᠯᠠᠭᠤ ᠪᠠᠨ ᠮᠠᠯᠲᠠᠳᠠᠭ ᠢ᠋ᠶ᠋ᠠᠨ ᠮᠠᠯᠲᠠᠵᠤ ᠯᠠ ᠪᠠᠢᠪᠠ᠃
ᠨᠢᠭᠡ ᠥᠷᠯᠥᠭᠡ ᠡᠷᠲᠡ ᠮᠡᠷᠭᠡᠨ ᠴᠠᠭᠠᠨ ᠯᠠᠮᠠᠬᠠᠢ ᠪᠤᠳᠠᠯᠠᠩ ᠤ᠋ᠨ ᠣᠷᠣᠢ ᠳᠡᠭᠡᠷ᠎ᠡ ᠡᠴᠡ ᠪᠠᠭᠤᠵᠤ ᠢᠷᠡᠬᠦ ᠳ᠋ᠦ᠍ ᠥᠨᠥᠬᠢ ᠠᠪᠤᠷᠭᠤ ᠮᠣᠭᠠᠢ ᠬᠠᠳᠠᠨ ᠬᠣᠩᠭᠢᠯ ᠳᠣᠲᠣᠷ᠎ᠠ ᠣᠷᠢᠶᠠᠯᠳᠤᠨ ᠬᠡᠪᠲᠡᠵᠦ᠂ ᠬᠠᠢᠴᠢᠨ ᠦᠵᠦᠭᠦᠷ ᠲᠡᠢ ᠬᠠᠷ᠎ᠠ ᠬᠡᠯᠡ ᠨᠢ ᠭᠤᠯᠪᠠᠰ ᠭᠤᠯᠪᠠᠰ ᠬᠥᠳᠡᠯᠬᠦ ᠶ᠋ᠢ ᠬᠠᠷᠠᠭᠠᠳ ᠲᠡᠷᠡ ᠳᠣᠣᠷ᠎ᠠ ᠪᠠᠨ ᠠᠯᠠᠭ᠎ᠠ ᠪᠠᠨ ᠬᠠᠮᠲᠤᠳᠬᠠᠨ ᠨᠢᠳᠦ ᠪᠡᠨ ᠠᠨᠢᠵᠤ ᠨᠠᠮᠠᠨᠴᠢᠯᠠᠨ ᠵᠣᠭᠰᠣᠪᠠ᠃ ᠡᠨᠡᠭᠦᠬᠡᠨ ᠵᠠᠭᠤᠷ᠎ᠠ᠄
ᠭᠠᠯᠪᠠ ᠶ᠋ᠢᠨ ᠣᠩᠭᠣᠨ ᠬᠥᠷᠥᠰᠥᠨ ᠳ᠋ᠦ᠍
ᠬᠠᠷ᠎ᠠ ᠲᠡᠷᠢᠭᠦᠲᠡᠨ ᠦ᠌ ᠨᠢᠭᠦᠯ ᠰᠢᠮᠡᠳᠴᠦ
ᠭᠠᠮᠰᠢᠭ ᠪᠤᠯᠠᠭᠰᠠᠨ ᠭᠠᠰᠢᠭᠤᠨ ᠦᠷ᠎ᠡ ᠶ᠋ᠢ
ᠥᠪᠡᠷ ᠢ᠋ᠶ᠋ᠡᠨ ᠳᠤᠷᠠᠲᠠᠶ᠎ᠠ ᠰᠠᠴᠤᠭᠰᠠᠨᠠ
ᠭᠠᠩ ᠤ᠋ᠨ ᠤᠯᠠᠭᠠᠨ ᠲᠣᠭᠣᠰᠣ
ᠰᠢᠮᠡᠳᠦ ᠤᠷᠭᠤᠮᠠᠯ ᠢ᠋ ᠬᠤᠢᠬᠠᠯᠠᠵᠤ
ᠭᠠᠩᠭᠠᠩ ᠪᠠᠢᠭᠠᠯᠢ ᠶ᠋ᠢᠨ ᠬᠡᠦᠬᠡᠨ ᠴᠢᠷᠠᠢ
ᠡᠮᠰᠢᠭᠡᠷ ᠡᠮᠡᠭᠡᠨ ᠪᠣᠯᠵᠤᠬᠤᠢ
ᠬᠠᠷ᠎ᠠ ᠲᠡᠷᠢᠭᠦᠲᠡᠳ ᠦ᠋ᠨ ᠬᠣᠪᠳᠣᠭ ᠰᠠᠨᠠᠭ᠎ᠠ
ᠬᠣᠮᠣᠬᠠᠢ ᠰᠡᠳᠬᠢᠯ ᠬᠡᠲᠦᠢᠳᠴᠦ
ᠬᠠᠮᠤᠭ ᠠᠮᠢᠲᠠᠳ ᠤ᠋ᠨ ᠪᠤᠶᠠᠨ ᠤ᠋
ᠰᠠᠪᠠ ᠢᠷᠣᠭᠠᠷ ᠨᠢ ᠴᠣᠭᠣᠷᠠᠪᠠᠢ
ᠬᠠᠷ᠎ᠠ ᠲᠠᠩᠭᠢᠰ ᠤ᠋ᠨ ᠯᠤᠤᠰ ᠤ᠋ᠨ ᠰᠠᠪᠳᠠᠭ
ᠰᠠᠨᠠᠭ᠎ᠠ ᠠᠯᠲᠠᠨ ᠰᠡᠭᠦᠷᠡᠰᠦᠯᠡᠬᠦᠶᠡ
ᠬᠠᠨ ᠮᠤᠨᠠ ᠪᠠᠭᠠᠲᠤᠷ ᠡᠷ᠎ᠡ ᠶ᠋ᠢᠨ
ᠰᠣᠷᠮᠤᠤᠰᠤ ᠶ᠋ᠢᠨ ᠰᠡᠵᠢᠭᠦᠷ ᠨᠢᠯᠪᠤᠰᠤ ᠲᠠᠢ᠁ ᠭᠡᠵᠦ ᠬᠡᠨ ᠨᠢᠭᠡ ᠬᠥᠮᠦᠨ ᠰᠢᠯᠦᠭᠯᠡᠭᠰᠡᠨ ᠳ᠋ᠦ᠍ ᠮᠡᠷᠭᠡᠨ ᠴᠠᠭᠠᠨ ᠯᠠᠮᠠᠬᠠᠢ ᠨᠢᠳᠦ ᠪᠡᠨ ᠠᠯᠭᠤᠷᠬᠠᠨ ᠨᠡᠭᠡᠭᠡᠪᠡᠯ ᠬᠠᠳᠠᠨ ᠬᠣᠩᠭᠢᠯ ᠳ᠋ᠤ᠌ ᠮᠠᠨᠠᠨ ᠬᠦᠳᠡᠩ ᠣᠷᠢᠶᠠᠯᠳᠤᠨ ᠠᠯᠤᠰ ᠠ᠋ᠴᠠ ᠤᠰᠤᠨ ᠤ᠋ ᠱᠤᠤᠭᠢᠯ ᠰᠣᠨᠣᠰᠳᠠᠨ᠎ᠠ᠃ ᠲᠡᠷᠡ ᠪᠡᠷ ᠤᠢᠰᠤᠨ ᠬᠠᠪᠴᠢ ᠠ᠋ᠴᠠ ᠢᠰᠦᠭᠰᠡᠨ ᠪᠤᠭᠤ ᠶ᠋ᠢᠨ ᠠᠢᠷᠠᠭ ᠤᠳᠬᠤᠵᠤ ᠠᠪᠤᠷᠭᠤ ᠮᠣᠭᠠᠢ ᠶ᠋ᠢᠨ ᠲᠡᠷᠢᠭᠦᠨ ᠳ᠋ᠦ᠍ ᠮᠢᠯᠢᠶᠠᠨ ᠰᠡᠷᠵᠢᠮᠯᠡᠵᠦ《᠁ ᠯᠤᠤᠰ ᠤ᠋ᠨ ᠡᠵᠡᠨ ᠦ᠌ ᠨᠠᠪᠳᠠᠭ ᠰᠠᠪᠳᠠᠭ ᠮᠢᠨᠢ ᠠ᠋! ᠤᠸᠮ ᠮᠠ᠋ ᠬᠣᠩ᠂ ᠤᠸᠮ ᠮᠠ᠋ ᠬᠣᠩ᠁》 ᠭᠡᠵᠦ ᠡᠷᠬᠡ ᠦᠭᠡᠢ ᠰᠢᠪᠡᠨᠡᠨ᠎ᠡ᠁
ᠬᠠᠳᠠᠨ ᠬᠣᠩᠭᠢᠯ ᠳ᠋ᠤ᠌ ᠮᠤᠰᠬᠢᠷᠠᠯᠳᠤᠭᠰᠠᠨ ᠠᠪᠤᠷᠭᠤ ᠨᠣᠭᠣᠭᠠᠨ ᠮᠣᠭᠠᠢ ᠠᠶᠠᠷᠬᠠᠨ ᠭᠤᠯᠭᠤᠨ ᠬᠥᠳᠡᠯᠬᠦ ᠳ᠋ᠦ᠍ ᠮᠠᠨᠠᠨ ᠬᠦᠳᠡᠩ ᠬᠠᠳᠠᠨ ᠬᠣᠩᠭᠢᠯ ᠤ᠋ᠨ ᠰᠡᠵᠢᠭᠦᠷ ᠢ᠋ᠶ᠋ᠡᠷ ᠭᠠᠳᠠᠭᠰᠢ ᠰᠠᠷᠨᠢᠨ ᠪᠤᠲᠠᠷᠠᠨ᠎ᠠ᠃ ᠥᠨᠥᠬᠢ ᠠᠪᠤᠷᠭᠤ ᠮᠣᠭᠠᠢ ᠬᠠᠳᠠᠨ ᠬᠣᠩᠭᠢᠯ ᠠ᠋ᠴᠠ ᠨᠠᠮᠤᠭᠤᠬᠠᠨ ᠭᠠᠳᠠᠭᠰᠢᠯᠠᠬᠤ ᠳ᠋ᠠᠭᠠᠨ《ᠡᠨᠳᠡ ᠡᠴᠡ ᠡᠷᠲᠡᠬᠡᠨ ᠵᠠᠢᠯᠠᠭᠠᠴᠢ ᠲᠠ! ᠡᠨᠡ ᠪᠤᠵᠠᠷ ᠳᠠᠭᠠᠷᠢᠭᠰᠠᠨ ᠪᠣᠷᠣ ᠴᠡᠷᠢᠭ ᠦ᠋ᠨ ᠠᠶᠤᠯ ᠳ᠋ᠤ᠌ ᠪᠦᠬᠦ ᠶᠠᠭᠤᠮ᠎ᠠ ᠳᠠᠭᠤᠰᠤᠨ᠎ᠠ᠁ ᠱᠠᠯᠠᠪᠬᠠᠨ ᠶᠠᠪᠤᠭᠠᠴᠢ! ᠴᠣᠩᠬᠢᠶᠠᠯ ᠤ᠋ᠨ ᠤᠰᠤ ᠤᠳᠠᠯ ᠦᠭᠡᠢ ᠰᠢᠷᠭᠢᠵᠦ ᠬᠠᠳᠠᠨ᠎ᠠ᠁》 ᠭᠡᠵᠦ ᠬᠡᠯᠡᠬᠦ ᠰᠢᠭ ᠪᠣᠯᠤᠭᠠᠳ ᠱᠣᠷᠳ᠋ ᠬᠢᠨ ᠰᠢᠷᠦᠭᠦᠨ ᠰᠠᠯᠬᠢ ᠲᠡᠳᠡᠨ ᠨᠢᠳᠦᠨ ᠳᠠᠯᠳᠠ ᠣᠷᠣᠪᠠ᠃
ᠪᠣᠷᠣ ᠴᠡᠷᠢᠭ ᠦ᠋ᠨ ᠬᠢᠨ ᠦ᠌ ᠠᠭᠤᠯᠠ ᠴᠥᠯᠪᠡᠵᠦ᠂ ᠠᠭᠤᠷᠬᠠᠢ ᠬᠠᠢᠨ ᠡᠳ᠋ ᠡᠷᠳᠡᠨᠢᠰ ᠮᠠᠯᠲᠠᠳᠠᠭ ᠣᠲ᠋ᠷᠢᠶᠠᠳ᠋ ᠤ᠋ᠨ ᠨᠣᠶᠠᠯᠠᠭᠴᠢ ᠳᠠᠷᠤᠭ᠎ᠠ ᠮᠤᠵᠠᠭ ᠭᠡᠳᠡᠭ ᠳᠤᠮᠳᠠ ᠶ᠋ᠢᠨ ᠪᠡᠶ᠎ᠡ᠂ ᠤᠯᠠᠭᠠᠨ ᠬᠠᠴᠠᠷ ᠳᠥᠷᠪᠡᠯᠵᠢᠨ ᠡᠷᠡᠦ ᠲᠡᠢ ᠬᠠᠯᠲᠠᠷ ᠡᠷ᠎ᠡ ᠠᠵᠢᠯ ᠳ᠋ᠠᠭᠠᠨ ᠬᠠᠲᠠᠭᠤ ᠨᠢᠰ ᠵᠠᠩ ᠲᠠᠢ ᠬᠢᠵᠢᠶᠡᠯ ᠨᠠᠰᠤᠨ ᠤ᠋ ᠬᠥᠮᠦᠨ ᠪᠠᠢᠪᠠ᠃ ᠲᠦᠷᠦᠭᠦᠦ ᠣᠷᠣᠢ ᠨᠢ ᠭᠥᠷᠦᠭᠡᠰᠦᠨ ᠦ᠌ ᠮᠢᠬ᠎ᠠ ᠬᠡᠲᠦᠷᠡᠲᠡᠯ᠎ᠡ ᠢᠳᠡᠵᠦ ᠭᠡᠳᠡᠰᠦ ᠨᠢ ᠬᠢᠮᠤᠷᠠᠭᠰᠠᠨ ᠠ᠋ᠴᠠ ᠡᠷᠲᠡ ᠪᠣᠰᠴᠤ ᠮᠠᠢᠬᠠᠨ ᠤ᠋ ᠪᠠᠨ ᠵᠡᠭᠦᠨ ᠬᠠᠳᠠᠨ ᠰᠤᠵᠠᠭ ᠲᠤ ᠥᠳᠬᠡᠨ ᠮᠥᠷ ᠭᠠᠷᠭᠠᠨ᠎ᠠ᠃ ᠡᠨᠡ ᠮᠤᠵᠠᠭ ᠨᠣᠶᠠᠨ ᠥᠳᠬᠡᠨ ᠮᠥᠷ ᠬᠠᠷᠠᠬᠤ ᠪᠣᠯᠭᠠᠨ ᠶᠡᠬᠡ ᠤᠳᠠᠭᠠᠨ ᠰᠠᠭᠤᠳᠠᠭ ᠮᠠᠭᠤ ᠵᠠᠩ ᠲᠠᠢ᠃ ᠳᠦᠯᠢᠵᠦ ᠨᠢᠭᠡ ᠦᠵᠡᠨ᠎ᠡ᠂ ᠢᠨᠴᠠᠭᠯᠠᠵᠤ ᠨᠢᠭᠡ ᠦᠵᠡᠨ᠎ᠡ᠂ ᠲᠡᠭᠡᠬᠦ ᠮᠥᠷᠲᠡᠭᠡᠨ ᠪᠣᠷᠣ ᠶᠣᠷᠣᠭ ᠬᠠᠪᠲᠠᠭ᠎ᠠ ᠲᠠᠢ ᠭᠠᠩᠰᠠ ᠪᠠᠨ ᠪᠡᠶ᠎ᠡ ᠡᠴᠡ ᠪᠡᠨ ᠰᠠᠯᠭᠠᠳᠠᠭ ᠦᠭᠡᠢ᠃ ᠲᠡᠷᠡ ᠬᠠᠷ᠎ᠠ ᠨᠢᠳᠦ ᠪᠡᠨ ᠨᠡᠭᠡᠭᠡᠭᠰᠡᠭᠡᠷ ᠭᠠᠩᠰᠠ ᠪᠠᠨ ᠵᠠᠭᠤᠵᠤ ᠤᠲᠤᠭ᠎ᠠ ᠪᠠᠭᠠᠭᠢᠭᠤᠯᠬᠤ ᠦᠭᠡᠢ ᠪᠣᠯ ᠡᠪᠦᠳᠦᠭ ᠨᠢ ᠨᠤᠭᠤᠷᠠᠭᠠᠳ ᠠᠯᠬᠤᠵᠤ ᠳᠡᠢᠯᠳᠡᠭ ᠦᠭᠡᠢ ᠭᠡᠳᠡᠭ᠃ ᠲᠡᠭᠡᠬᠦᠯᠡᠷ ᠮᠤᠵᠠᠭ ᠨᠣᠶᠠᠨ《ᠲᠠᠮᠠᠬᠢᠨ ᠤ᠋ ᠴᠢᠳᠬᠥᠷ》 ᠬᠣᠴᠢ ᠲᠠᠢ ᠪᠣᠯᠵᠠᠢ᠃ ᠡᠢᠨ ᠬᠦ᠌ ᠥᠳᠬᠡᠨ ᠮᠥᠷ ᠬᠠᠷᠠᠵᠤ ᠰᠠᠭᠤᠬᠤ ᠳ᠋ᠠᠭᠠᠨ ᠲᠠᠮᠠᠬᠢᠯᠠᠳᠠᠭ ᠨᠢ ᠲᠡᠭᠦᠨ ᠦ᠌ ᠴᠠᠭ ᠵᠠᠭᠤᠷ᠎ᠠ ᠶ᠋ᠢᠨ ᠵᠢᠷᠭᠠᠯ ᠠᠵᠤᠭᠤ᠃ ᠡᠨᠡ ᠦᠶ᠎ᠡ ᠳ᠋ᠦ᠍ ᠦᠦᠷ ᠮᠠᠩᠬᠠᠢᠲᠠᠯ᠎ᠠ ᠴᠠᠢᠵᠤ᠂ ᠠᠭᠤᠯᠠ ᠬᠠᠳᠠᠨ ᠤ᠋ ᠰᠡᠵᠢᠭᠦᠷ᠂ ᠮᠣᠳᠣ ᠰᠢᠭᠤᠢ ᠶ᠋ᠢᠨ ᠪᠠᠷ᠎ᠠ ᠴᠦ᠍ ᠢᠳᠡᠭ ᠢᠳᠡᠭ ᠢ᠋ᠶ᠋ᠡᠷ ᠲᠣᠳᠣᠷᠠᠨ᠎ᠠ᠃ ᠮᠤᠵᠠᠭ ᠨᠣᠶᠠᠨ ᠭᠠᠩᠰᠠ ᠪᠠᠨ ᠪᠣᠷᠣ ᠶᠣᠷᠣᠭ ᠬᠠᠪᠲᠠᠭᠠᠨ ᠳ᠋ᠠᠭᠠᠨ ᠬᠢᠭᠡᠳ ᠪᠣᠰᠬᠤ ᠭᠡᠲᠡᠯ᠎ᠡ ᠶᠠᠮᠠᠷ ᠨᠢᠭᠡ ᠱᠤᠤᠭᠢᠬᠤ ᠴᠢᠮᠡᠭᠡ ᠳᠤᠭᠤᠯᠳᠠᠬᠤ ᠲᠠᠢ ᠵᠡᠷᠭᠡ ᠪᠡᠶ᠎ᠡ ᠨᠢ ᠦᠯᠦ ᠮᠡᠳᠡᠭ ᠨᠠᠢᠭᠤᠵᠤ ᠲᠦᠷᠦᠭᠦᠰᠢ ᠪᠡᠨ ᠨᠡᠭᠦᠬᠦ ᠰᠢᠭ ᠲᠥᠷᠥᠭᠳᠡᠯ ᠥᠭᠴᠡᠢ᠃ ᠮᠤᠵᠠᠭ ᠨᠣᠶᠠᠨ ᠤ᠋ ᠪᠡᠶ᠎ᠡ ᠥᠪᠡᠷ ᠦ᠋ᠨ ᠮᠠᠲᠠᠯ ᠢ᠋ᠶ᠋ᠠᠨ ᠠᠯᠳᠠᠵᠤ ᠬᠡᠢ ᠨᠢᠭᠡ ᠳᠡᠭᠳᠡᠵᠦ ᠭᠠᠵᠠᠷ ᠲᠤ ᠨᠢᠭᠡ ᠴᠢᠷᠦᠯᠳᠦᠨ ᠱᠤᠤᠭᠢᠯ ᠳᠠᠭᠤᠨ ᠤ᠋ ᠵᠦᠭ ᠳᠥᠭᠥᠵᠦ ᠪᠠᠢᠯ᠎ᠠ᠁ ᠭᠡᠨᠡᠳᠲᠡ ᠲᠡᠭᠦᠨ ᠦ᠌ ᠨᠢᠳᠦᠨ ᠳ᠋ᠦ᠍ ᠠᠪᠤᠷᠭᠤ ᠮᠣᠭᠠᠢ ᠶ᠋ᠢᠨ ᠠᠩᠭᠠᠯᠵᠠᠭᠰᠠᠨ ᠠᠮᠠᠨ ᠠ᠋ᠴᠠ ᠬᠠᠢᠴᠢᠨ ᠦᠵᠦᠭᠦᠷ ᠲᠡᠢ ᠬᠠᠷ᠎ᠠ ᠬᠡᠯᠡ ᠭᠤᠯᠪᠠᠰ ᠭᠤᠯᠪᠠᠰ ᠴᠠᠬᠢᠯᠠᠵᠤ ᠦᠵᠡᠭᠳᠡᠭᠰᠡᠨ ᠳ᠋ᠦ᠍ ᠲᠡᠷᠡ ᠠᠶᠤᠬᠤ ᠳ᠋ᠠᠭᠠᠨ《ᠠᠪᠤᠷᠭᠤ ᠮᠣᠭᠠᠢ᠁ ᠠᠪᠤᠷᠭᠤ ᠮᠣᠭᠠᠢ᠁》 ᠭᠡᠵᠦ ᠬᠠᠰᠬᠢᠷᠤᠭᠰᠠᠨ ᠪᠣᠯᠪᠠᠴᠤ ᠠᠮᠠ ᠨᠢ ᠳᠡᠮᠡᠢ ᠡᠭᠡᠷᠡᠨ ᠠᠩᠭᠠᠯᠵᠠᠬᠤ ᠠ᠋ᠴᠠ ᠪᠢᠰᠢ ᠠᠪᠢᠶ᠎ᠠ ᠦᠯᠦ ᠭᠠᠷᠤᠨ᠂᠂ ᠬᠠᠷᠠᠵᠤ ᠪᠠᠢᠲᠠᠯ᠎ᠠ ᠠᠪᠤᠷᠭᠤ ᠮᠣᠭᠠᠢ ᠶ᠋ᠢᠨ ᠠᠮᠠᠨ ᠳ᠋ᠤ᠌ ᠣᠷᠣᠪᠠ᠁
ᠮᠤᠵᠠᠭ ᠨᠣᠶᠠᠨ ᠢ᠋ ᠠᠮᠢᠳᠤ ᠪᠠᠷ ᠨᠢ ᠵᠠᠯᠭᠢᠭᠰᠠᠨ ᠠᠪᠤᠷᠭᠤ ᠮᠣᠭᠠᠢ ᠪᠡᠶ᠎ᠡ ᠪᠡᠨ ᠬᠡᠳᠦ ᠠᠲᠤᠷᠢᠯᠳᠤᠭᠤᠯᠵᠤ ᠠᠪᠤᠭᠠᠳ᠂ ᠰᠠᠶᠢ ᠶ᠋ᠢᠨ ᠵᠠᠯᠭᠢᠭᠰᠠᠨ《ᠢᠳᠡᠰᠢ》 ᠪᠡᠨ ᠭᠤᠯᠭᠢᠵᠤ ᠭᠠᠷᠭᠠᠪᠠ᠃ ᠪᠠᠷᠤᠭ ᠠᠮᠢᠰᠬᠤᠯ ᠨᠢ ᠪᠦᠲᠡᠬᠦ ᠰᠢᠬᠠᠭᠰᠠᠨ ᠮᠤᠵᠠᠭ ᠤ᠋ᠨ ᠪᠡᠶ᠎ᠡ ᠡᠩᠭᠡᠷ ᠬᠠᠳᠠᠨ ᠠ᠋ᠴᠠ ᠪᠠᠷᠠᠭᠤᠨᠰᠢ ᠪᠥᠮᠪᠥᠷᠢᠨ ᠮᠠᠢᠬᠠᠨ ᠤ᠋ ᠡᠮᠦᠨ᠎ᠡ ᠬᠦᠷᠴᠦ ᠮᠣᠳᠣᠨ ᠳ᠋ᠤ᠌ ᠲᠣᠷᠣᠯᠳᠤᠨ ᠲᠡᠭᠡᠭᠡᠭᠯᠡᠪᠡ᠃ ᠴᠢᠰᠤ ᠨᠣᠵᠣᠭᠣᠷᠠᠭᠰᠠᠨ ᠰᠢᠯᠦᠰᠦ ᠰᠠᠯᠠᠢ ᠳ᠋ᠤ᠌ ᠪᠣᠭᠣᠭᠳᠠᠭᠰᠠᠨ ᠮᠤᠵᠠᠭ ᠬᠡᠳᠦᠢ ᠮᠡᠷ ᠮᠡᠷ ᠠᠮᠢᠰᠬᠤᠯ ᠲᠠᠢ ᠪᠣᠯᠪᠠᠴᠤ ᠡᠭᠡᠲᠡᠢ ᠪᠤᠤᠳᠠᠢ ᠪᠣᠯᠵᠤ ᠤᠬᠠᠭ᠎ᠠ ᠦᠭᠡᠢ ᠰᠤᠯᠳᠠᠢᠨᠠ᠃ ᠴᠣᠬᠣᠮ ᠶᠠᠭᠤ ᠪᠣᠯᠵᠤ ᠶᠠᠭᠠᠬᠢᠭᠰᠠᠨ ᠲᠤᠬᠠᠢ ᠤᠴᠢᠷ ᠤᠬᠠᠭᠠᠨ ᠢ᠋ ᠨᠢ ᠮᠡᠳᠡᠳᠡᠭ ᠦᠭᠡᠢ ᠪᠣᠷᠣ ᠴᠡᠷᠢᠭ ᠦ᠋ᠳ ᠴᠢᠭᠢᠭ ᠦ᠋ᠨ ᠰᠢᠷᠭᠤᠯᠵᠢ ᠰᠢᠭ᠋ ᠨᠢᠭᠡ ᠳᠣᠣᠷ᠎ᠠ ᠪᠥᠭᠡᠮᠨᠡᠷᠡᠯᠳᠦᠨ《ᠡᠨᠡ᠂ ᠲᠡᠷᠡ》 ᠭᠡᠵᠦ ᠳᠡᠮᠡᠢ ᠮᠡᠳᠡᠮᠡᠬᠡᠢᠷᠡᠨᠡ᠃
—᠁ ᠮᠣᠭᠠᠢ᠂ ᠮᠣᠭᠠᠢ᠁ ᠠᠪᠤᠷᠭᠤ ᠮᠣᠭᠠᠢ᠁ ᠭᠡᠵᠦ ᠮᠤᠵᠠᠭ ᠨᠣᠶᠠᠨ ᠭᠡᠨᠡᠳᠲᠡ ᠬᠠᠰᠬᠢᠷᠤᠨ ᠪᠣᠰᠪᠠ᠃ ᠥᠨᠥᠬᠢ ᠪᠣᠷᠣ ᠴᠡᠷᠢᠭ ᠦ᠋ᠳ ᠤᠯᠠᠮ ᠴᠦ᠍ ᠮᠡᠯᠡᠷᠡᠨ ᠭᠠᠢᠬᠠᠵᠤ ᠮᠤᠵᠠᠭ ᠨᠣᠶᠠᠨ ᠢ᠋ᠶ᠋ᠠᠨ ᠰᠣᠯᠢᠶ᠎ᠠ ᠪᠠᠯᠠᠢ ᠶᠠᠷᠢᠪᠠ ᠭᠡᠵᠦ ᠳᠣᠲᠣᠷ᠎ᠠ ᠳᠣᠲᠣᠷ᠎ᠠ ᠪᠠᠨ ᠵᠢᠮᠡᠯᠡᠩᠭᠦᠢ ᠪᠣᠳᠣᠪᠠ᠃
ᠬᠠᠷᠠᠵᠤ ᠪᠠᠢᠲᠠᠯ᠎ᠠ ᠮᠣᠭᠠᠢ ᠳ᠋ᠤ᠌ ᠠᠮᠢᠳᠤ ᠪᠠᠷ ᠢ᠋ᠶ᠋ᠠᠨ ᠵᠠᠯᠭᠢᠬᠳᠠᠴᠢᠬᠠᠭᠰᠠᠨ ᠪᠠᠢᠲᠠᠯ᠎ᠠ ᠶᠠᠭᠠᠬᠢᠭᠠᠳ ᠮᠠᠢᠬᠠᠨ ᠤ᠋ ᠪᠠᠨ ᠡᠭᠦᠳᠡᠨ ᠳᠡᠭᠡᠷ᠎ᠡ ᠮᠡᠳᠡᠭᠡ ᠰᠡᠭᠡᠭᠡ ᠦᠭᠡᠢ ᠬᠡᠪᠲᠡᠵᠦ ᠪᠠᠢᠭ᠎ᠠ ᠪᠠᠨ ᠥᠪᠡᠷ ᠢ᠋ᠶ᠋ᠡᠨ ᠴᠦ᠍ ᠮᠡᠳᠡᠬᠦ ᠦᠭᠡᠢ ᠪᠠᠢᠪᠠ᠃ ᠶᠠᠭ ᠯᠠ ᠬᠠᠷ᠎ᠠ ᠳᠠᠷᠤᠭᠰᠠᠨ ᠵᠡᠭᠦᠳᠦ ᠰᠢᠭ ᠯᠡ ᠬᠡᠢ ᠶᠠᠭᠤᠮ᠎ᠠ ᠪᠣᠳᠣᠭᠳᠠᠬᠤ ᠰᠢᠭ᠋ ᠪᠣᠯᠪᠠᠴᠤ ᠬᠡᠯᠡ ᠨᠢ ᠭᠤᠯᠪᠠᠰ ᠭᠤᠯᠪᠠᠰ ᠴᠠᠬᠢᠯᠠᠭᠰᠠᠨ ᠠᠪᠤᠷᠭᠤ ᠮᠣᠭᠠᠢ ᠶ᠋ᠢᠨ ᠠᠩᠭᠠᠯᠵᠠᠭᠰᠠᠨ ᠠᠮᠠ ᠶ᠋ᠢ ᠰᠠᠨᠠᠬᠤ ᠳ᠋ᠤ᠌ ᠪᠡᠶ᠎ᠡ ᠨᠢ ᠬᠦᠢᠲᠡᠨ ᠬᠥᠯᠥᠰᠥ ᠠᠰᠬᠠᠨ᠎ᠠ᠃
— ᠲᠡᠷᠡ᠁ ᠲᠡᠷᠡ ᠴᠣᠩᠬᠢᠶᠠᠯ ᠤ᠋ᠨ ᠨᠠᠭᠠᠳᠤ ᠢᠷᠮᠡᠭ ᠬᠠᠳᠠᠨ ᠳᠡᠭᠡᠷ᠎ᠡ ᠡᠴᠡ ᠠᠪᠤᠷᠭᠤ ᠮᠣᠭᠠᠢ ᠨᠠᠮᠠᠶ᠋ᠢ ᠠᠮᠢᠳᠤ ᠪᠠᠷ ᠵᠠᠯᠭᠢᠪᠠ᠁ ᠭᠡᠵᠦ ᠮᠤᠵᠠᠭ ᠨᠣᠶᠠᠨ ᠡᠭᠡᠷᠡᠭ ᠲᠡᠭᠡᠷᠡᠭ ᠶᠠᠭᠤᠮ᠎ᠠ ᠬᠡᠯᠡᠬᠦ ᠳ᠋ᠦ᠍ ᠨᠥᠭᠦᠭᠡ ᠪᠣᠷᠣ ᠴᠡᠷᠢᠭ ᠦ᠋ᠳ ᠲᠡᠭᠦᠨ ᠦ᠌ ᠵᠢᠭᠠᠭᠰᠠᠨ ᠵᠦᠭ ᠲᠦ᠍ ᠣᠴᠢᠪᠠᠯ ᠶᠠᠭᠤ ᠴᠦ᠍ ᠪᠠᠢᠳᠠᠭ ᠦᠭᠡᠢ᠃ ᠶᠠᠮᠠᠷ ᠴᠦ᠍ ᠰᠡᠵᠢᠭ ᠠᠵᠢᠭ ᠤ᠋ᠨ ᠣᠷᠣᠮ ᠣᠯᠤᠭᠰᠠᠨ ᠦᠭᠡᠢ᠃ ᠪᠣᠷᠣ ᠴᠡᠷᠢᠭ ᠦ᠋ᠳ ᠮᠤᠵᠠᠭ ᠨᠣᠶᠠᠨ ᠢ᠋ᠶ᠋ᠠᠨ ᠰᠣᠯᠢᠶ᠎ᠠ ᠶᠠᠷᠢᠪᠠ ᠭᠡᠳ ᠳᠡᠮᠡᠢ ᠶᠠᠭᠤᠮᠠᠨ ᠳ᠋ᠤ᠌ ᠪᠣᠳᠣᠭᠰᠠᠨ ᠦᠭᠡᠢ ᠥᠩᠭᠡᠷᠡᠪᠡ᠃
ᠵᠠᠯᠭᠠᠭ᠎ᠠ ᠪᠠᠷ ᠬᠡᠳᠦᠨ ᠡᠳᠦᠷ ᠪᠣᠷᠣ ᠴᠡᠷᠢᠭ ᠦ᠋ᠨ ᠳᠣᠲᠣᠷ᠎ᠠ ᠠ᠋ᠴᠠ ᠮᠥᠨ ᠡᠳᠦᠷ ᠦ᠋ᠨ ᠨᠢᠭᠡ ᠬᠥᠮᠦᠨ ᠠᠯᠠᠭ᠎ᠠ ᠪᠣᠯᠤᠭᠰᠠᠭᠠᠷ ᠪᠠᠢᠪᠠ᠃
ᠮᠤᠵᠠᠭ ᠨᠣᠶᠠᠨ ᠬᠡᠳᠦᠨ ᠡᠳᠦᠷ ᠬᠡᠪᠲᠡᠯᠭᠡ ᠳ᠋ᠦ᠍ ᠣᠷᠣᠪᠠ᠃ ᠭᠠᠭᠴᠠᠭᠠᠷ ᠢ᠋ᠶ᠋ᠠᠨ ᠪᠠᠢᠲᠤᠭᠠᠢ ᠬᠡᠳᠦᠨ ᠬᠥᠮᠦᠨ ᠪᠠᠷ᠎ᠠ ᠪᠣᠯᠤᠭᠰᠠᠨ ᠴᠦ᠍ ᠭᠠᠳᠠᠨ᠎ᠠ ᠭᠠᠷᠬᠤ ᠵᠣᠷᠢᠭ ᠦᠭᠡᠢ᠂《ᠠᠪᠤᠷᠭᠤ ᠮᠣᠭᠠᠢ᠁》 ᠭᠡᠳ ᠳᠦᠳᠦᠨᠡᠭᠡᠳ ᠪᠠᠢᠨ ᠪᠠᠢᠨ ᠴᠡᠴᠡᠷᠡᠵᠦ ᠳᠠᠭᠵᠢᠨ᠎ᠠ᠃ ᠰᠥᠨᠢ ᠳ᠋ᠡᠭᠡᠨ ᠨᠣᠢᠷ ᠦᠭᠡᠢ᠃ ᠨᠢᠳᠦ ᠪᠡᠨ ᠪᠦᠯᠲᠡᠩ ᠪᠦᠯᠲᠡᠩ ᠭᠡᠳ ᠤᠨᠲᠠᠳᠠᠭ ᠦᠭᠡᠢ᠃ ᠪᠠᠭ᠎ᠠ ᠯᠠ ᠳᠤᠭᠵᠢᠷᠠᠭᠰᠠᠭᠠᠷ ᠬᠠᠷ᠎ᠠ ᠳᠠᠷᠤᠵᠤ ᠰᠣᠴᠢᠨ ᠰᠠᠷᠠᠨ᠎ᠠ᠃ ᠲᠡᠷᠡ ᠰᠥᠨᠢ ᠮᠤᠵᠠᠭ ᠨᠣᠶᠠᠨ ᠭᠡᠨᠡᠳᠲᠡ ᠵᠡᠭᠦᠳᠦᠨ ᠡᠴᠡ ᠪᠡᠨ ᠰᠣᠴᠢᠨ ᠰᠡᠷᠡᠵᠦ《ᠠᠪᠤᠷᠭᠤ ᠮᠣᠭᠠᠢ ᠭᠠᠷᠴᠤ ᠢᠷᠡᠯ᠎ᠡ! ᠬᠤᠷᠳᠤᠨ ᠫᠤᠤᠳᠠ! ᠫᠤᠤᠳᠠ!》 ᠭᠡᠵᠦ ᠵᠠᠷᠯᠢᠭ ᠪᠣᠯᠪᠠ᠃
ᠪᠣᠷᠣ ᠴᠡᠷᠢᠭ ᠦ᠋ᠳ ᠮᠤᠵᠠᠭ ᠨᠣᠶᠠᠨ ᠤ᠋ ᠵᠠᠷᠯᠢᠭ ᠬᠦᠯᠢᠶᠡᠵᠦ ᠰᠥᠨᠢ ᠳᠦᠯᠢ ᠪᠡᠷ ᠥᠪᠴᠢ ᠵᠡᠪᠰᠡᠭᠯᠡᠭᠡᠳ ᠡᠭᠦᠳᠡᠨ ᠦ᠌ ᠡᠮᠦᠨ᠎ᠡ ᠴᠤᠭᠯᠠᠷᠠᠵᠠᠭᠠᠪᠠ᠁
ᠫᠤᠤ ᠳ᠋ᠠᠭᠠᠨ ᠴᠠᠳᠲᠠᠯ᠎ᠠ ᠰᠤᠮᠤ ᠴᠡᠨᠡᠭᠯᠡᠭᠰᠡᠨ ᠪᠣᠷᠣ ᠴᠡᠷᠢᠭ ᠦ᠋ᠳ ᠮᠠᠢᠬᠠᠨ ᠤ᠋ ᠡᠭᠦᠳᠡ᠂ ᠴᠡᠩᠬᠡᠷ ᠴᠣᠩᠬᠢᠶᠠᠯ ᠤ᠋ᠨ ᠢᠷᠮᠡᠭ ᠬᠠᠳᠠᠨ ᠳᠡᠭᠡᠭᠦᠷ ᠪᠤᠷᠵᠠᠢᠲᠠᠯᠠ ᠵᠣᠭᠰᠣᠵᠤ ᠶᠠᠭᠤ ᠨᠢᠭᠡ ᠳᠠᠢᠰᠤᠨ ᠭᠠᠷᠤᠭᠠᠳ ᠢᠷᠡᠪᠡᠯ ᠫᠤᠤᠳᠠᠬᠤ ᠳ᠋ᠤ᠌ ᠪᠡᠯᠡᠬᠡᠨ᠃
ᠦᠦᠷ ᠴᠠᠢᠵᠤ ᠪᠠᠢᠪᠠ᠃ ᠠᠭᠤᠯᠠ ᠶ᠋ᠢᠨ ᠮᠠᠨᠠᠨ ᠥᠭᠰᠥᠵᠦ ᠵᠠᠪᠳᠤᠭ᠎ᠠ ᠦᠭᠡᠢ᠂ ᠮᠣᠳᠣᠨ ᠤ᠋ ᠣᠷᠣᠢ ᠬᠠᠳᠠᠨ ᠤ᠋ ᠰᠡᠵᠢᠭᠦᠷ ᠢ᠋ ᠣᠷᠢᠶᠠᠨ ᠤᠭᠠᠯᠵᠠᠷᠠᠵᠤ᠂ ᠣᠨᠴᠠ ᠶ᠋ᠢᠨ ᠰᠠᠢᠬᠠᠨ ᠦᠵᠡᠮᠵᠢ ᠪᠦᠷᠢᠳᠴᠡᠢ᠃
ᠲᠣᠭᠲᠠᠭᠤᠬᠠᠨ ᠣᠷᠢᠶᠠᠯᠳᠤᠭᠰᠠᠨ ᠴᠡᠩᠬᠡᠷ ᠴᠠᠭᠠᠨ ᠮᠠᠨᠠᠨ ᠪᠠᠢᠭᠠᠯᠢ ᠶ᠋ᠢᠨ ᠢ᠋ᠶ᠋ᠡᠨ ᠵᠢᠮ᠎ᠡ ᠪᠡᠷ ᠠᠭᠤᠯᠠ ᠲᠤᠯᠤᠭᠠᠳ ᠢ᠋ᠶ᠋ᠠᠨ ᠴᠢᠮᠡᠭᠯᠡᠨ ᠣᠷᠣᠩᠨᠠᠬᠤ ᠳ᠋ᠤ᠌ ᠭᠡᠨᠡᠳᠲᠡ ᠶᠠᠮᠠᠷ ᠨᠢᠭᠡ ᠤᠰᠤᠨ ᠱᠤᠤᠭᠢᠯ ᠳᠠᠭᠤᠨ ᠳ᠋ᠤ᠌ ᠵᠢᠮ᠎ᠡ ᠪᠡᠨ ᠠᠯᠳᠠᠵᠤ ᠬᠡᠰᠡᠭ ᠪᠠᠭᠯᠠᠷᠠᠨ ᠬᠡᠰᠡᠭ ᠰᠠᠷᠨᠢᠨ ᠥᠭᠰᠥᠵᠦ ᠪᠤᠳᠠᠩ ᠲᠠᠲᠠᠪᠠ᠃
—᠁ ᠠ᠁ ᠠ᠁ ᠭᠡᠬᠦ ᠳᠠᠭᠤᠨ ᠭᠠᠷᠬᠤ ᠳ᠋ᠤ᠌ ᠪᠠᠰᠠ ᠨᠢᠭᠡ ᠪᠣᠷᠣ ᠴᠡᠷᠢᠭ ᠭᠠᠷ ᠬᠥᠯ ᠨᠢ ᠰᠠᠷᠪᠠᠯᠵᠠᠭᠰᠠᠭᠠᠷ ᠠᠪᠤᠷᠭᠤ ᠮᠣᠭᠠᠢ ᠶ᠋ᠢᠨ ᠢᠳᠡᠰᠢ ᠪᠣᠯᠪᠠ᠃ ᠡᠨᠡ ᠦᠵᠡᠭᠳᠡᠯ ᠢ᠋ ᠮᠡᠷᠭᠡᠨ ᠴᠠᠭᠠᠨ ᠯᠠᠮᠠᠬᠠᠢ ᠪᠤᠳᠠᠯᠠᠩ ᠤ᠋ᠨ ᠣᠷᠣᠢ ᠳᠡᠭᠡᠷ᠎ᠡ ᠡᠴᠡ ᠲᠣᠪ ᠲᠣᠳᠣᠬᠠᠨ ᠣᠯᠵᠤ ᠬᠠᠷᠠᠵᠠᠢ᠃
《ᠠ᠁ ᠠ᠁》 ᠭᠡᠵᠦ ᠡᠢᠯᠦᠭᠰᠡᠨ ᠳᠠᠭᠤᠨ ᠢ᠋ ᠰᠣᠨᠣᠰᠤᠭᠰᠠᠨ ᠮᠤᠵᠠᠭ ᠨᠣᠶᠠᠨ᠄
— ᠲᠡᠷᠡ ᠵᠦᠭ ᠲᠦ᠍ ᠫᠤᠤᠳᠠ! ᠭᠡᠵᠦ ᠮᠠᠢᠬᠠᠨ ᠳᠣᠲᠣᠷ᠎ᠠ ᠠ᠋ᠴᠠ ᠬᠠᠰᠬᠢᠷᠤᠭᠰᠠᠨ ᠳ᠋ᠤ᠌ ᠭᠠᠳᠠᠨ᠎ᠠ ᠡᠨᠳᠡ ᠲᠡᠨᠳᠡ ᠦᠭᠡᠢ ᠫᠤᠤ ᠲᠠᠴᠢᠭᠢᠨᠠᠪᠠ᠁
ᠪᠠᠭ᠎ᠠ ᠦᠳᠡ ᠪᠣᠯᠬᠤ ᠳ᠋ᠤ᠌ ᠪᠣᠷᠣ ᠴᠡᠷᠢᠭ ᠦ᠋ᠳ ᠴᠣᠩᠬᠢᠶᠠᠯ ᠤ᠋ᠨ ᠢᠷᠮᠡᠭ ᠳᠡᠭᠡᠷᠡᠬᠢ ᠬᠠᠳᠠᠨ ᠤ᠋ ᠡᠩᠭᠡᠷ ᠡᠴᠡ ᠢᠨᠢᠶᠡᠯᠳᠦᠨ ᠪᠤᠵᠢᠭᠢᠨᠠᠯᠳᠤᠭᠰᠠᠭᠠᠷ ᠪᠠᠭᠤᠵᠤ ᠢᠷᠡᠵᠡᠭᠡᠪᠡ᠃
ᠪᠣᠷᠣ ᠴᠡᠷᠢᠭ ᠦ᠋ᠳ ᠤᠯᠠᠭᠠᠨ ᠵᠠᠭᠠᠯ ᠪᠣᠯᠲᠠᠯ᠎ᠠ ᠰᠡᠭᠴᠢᠭᠦᠯᠦᠭᠰᠡᠨ ᠠᠪᠤᠷᠭᠤ ᠮᠣᠭᠠᠢ ᠶ᠋ᠢ ᠬᠠᠳᠠ ᠲᠠᠢ ᠡᠩᠭᠡᠷ ᠡᠴᠡ ᠲᠦᠷᠴᠢᠭᠢᠨᠡᠲᠡᠯ᠎ᠡ ᠴᠢᠷᠦᠨᠡ᠃
— ᠲᠩᠷᠢ ᠶ᠋ᠢᠨ ᠯᠤᠤ᠂ ᠤᠰᠤᠨ ᠤ᠋ ᠯᠤᠤᠰ᠂ ᠭᠠᠵᠠᠷ ᠤ᠋ᠨ ᠡᠯᠵᠢᠭᠡᠨ ᠦ᠌ ᠮᠢᠬ᠎ᠠ ᠭᠡᠭᠴᠢ ᠡᠨᠡ ᠨᠠᠰᠤᠨ ᠳ᠋ᠤ᠌ ᠣᠯᠳᠠᠰᠢ ᠦᠭᠡᠢ ᠡᠷᠳᠡᠨᠢ ᠰᠢᠦ!
— ᠠ᠂ ᠶᠠᠭ ᠳᠠ! ᠡᠨᠡ ᠠᠪᠤᠷᠭᠤ ᠮᠣᠭᠠᠢ ᠶ᠋ᠢᠨ ᠮᠢᠬ᠎ᠠ ᠠ᠋ᠴᠠ ᠢᠳᠡᠪᠡᠯ ᠮᠥᠩᠬᠡᠷᠡᠵᠦ ᠮᠡᠳᠡᠨ᠎ᠡ ᠰᠢᠦ! ᠭᠡᠵᠦ ᠪᠣᠷᠣ ᠴᠡᠷᠢᠭ ᠦ᠋ᠳ ᠡᠨᠳᠡ ᠲᠡᠨᠳᠡ ᠡᠴᠡ ᠡᠷᠦᠢ ᠬᠤᠷᠤᠢ ᠦᠭᠡᠢ ᠪᠠᠷᠬᠢᠷᠠᠯᠴᠠᠨ ᠯᠤᠤᠰ ᠮᠣᠭᠠᠢ ᠶ᠋ᠢᠨ ᠮᠢᠬ᠎ᠠ ᠢᠳᠡᠨ᠎ᠡ ᠭᠡᠳ ᠥᠨᠥᠬᠢ ᠴᠣᠩᠬᠢᠶᠠᠯ ᠤ᠋ᠨ ᠬᠠᠨᠠᠨ ᠬᠠᠳᠠ ᠶ᠋ᠢ ᠴᠣᠭᠣᠯᠵᠤ ᠣᠩᠭᠢᠴᠢᠬᠤ ᠪᠠᠨ ᠪᠣᠯᠢᠵᠤ ᠠᠪᠤᠷᠭᠤ ᠮᠣᠭᠠᠢ ᠶ᠋ᠢᠨ ᠠᠷᠠᠰᠤ ᠶ᠋ᠢ ᠱᠠᠭᠠᠯᠵᠤ ᠪᠤᠵᠢᠭᠢᠨᠠᠯᠳᠤᠨ᠎ᠠ᠃
— ᠤᠰᠤᠨ ᠤ᠋ ᠠᠮᠢᠲᠠᠨ ᠢ᠋ ᠮᠥᠨ ᠲᠡᠷᠡ ᠤᠰᠤᠨ ᠳ᠋ᠤᠨᠢ ᠴᠢᠨᠠᠳᠠᠭ ᠶᠤᠮ᠃ ᠲᠡᠭᠡᠪᠡᠯ ᠠᠮᠲᠠ ᠲᠠᠢ ᠭᠡᠳ ᠨᠢᠭᠡ ᠨᠢ ᠴᠣᠩᠬᠢᠶᠠᠯ ᠤ᠋ᠨ ᠤᠰᠤᠨ ᠠ᠋ᠴᠠ ᠤᠰᠤ ᠤᠳᠬᠤᠵᠤ ᠠᠪᠤᠭᠠᠳ ᠢᠷᠡᠪᠡ᠃ ᠵᠠᠷᠢᠮ ᠨᠢ ᠲᠦᠯᠡᠭᠡ ᠮᠣᠳᠣ ᠴᠠᠪᠴᠢᠵᠤ ᠭᠠᠯ ᠬᠥᠰᠥ ᠬᠢᠨ᠎ᠡ᠃ ᠵᠠᠷᠢᠮ ᠨᠢ ᠢᠩᠭᠢᠳᠡᠭ ᠶᠦᠮ᠂ ᠴᠢᠩᠭᠢᠳᠡᠭ ᠶᠦᠮ ᠭᠡᠵᠦ ᠨᠢᠭᠡ ᠨᠢᠭᠡᠨ ᠳ᠋ᠡᠭᠡᠨ ᠪᠠᠭᠰᠢᠯᠠᠵᠤ ᠪᠠᠢᠨ᠎ᠠ᠃
— ᠮᠣᠭᠠᠢ ᠶ᠋ᠢᠨ ᠮᠢᠬ᠎ᠠ ᠶ᠋ᠢ ᠱᠥᠯᠥ ᠲᠡᠢ ᠨᠢ ᠤᠤᠭᠤᠪᠠᠯ ᠰᠢᠮ᠎ᠡ ᠲᠡᠢ ᠭᠡᠨ᠎ᠡ᠃
— ᠦᠭᠡᠢ᠂ ᠭᠠᠯ ᠳ᠋ᠤ᠌ ᠰᠢᠷᠠᠵᠤ ᠢᠳᠡᠪᠡᠯ ᠪᠠᠰᠠ ᠨᠢᠭᠡ ᠠᠮᠲᠠ ᠰᠢᠦ!
— ᠰᠢᠷ᠎ᠠ ᠪᠤᠳᠠᠭ᠎ᠠ ᠱᠦᠭᠦᠵᠦ ᠬᠠᠯᠠᠭᠤᠨ ᠠᠭᠤᠷ ᠳᠡᠭᠡᠷ᠎ᠡ ᠨᠢ ᠮᠣᠭᠠᠢ ᠶ᠋ᠢᠨ ᠮᠢᠬ᠎ᠠ ᠶ᠋ᠢ ᠵᠢᠩᠨᠡᠪᠡᠯ ᠲᠣᠰᠣ ᠨᠢ ᠪᠤᠳᠠᠭᠠᠨ ᠳ᠋ᠤ᠌ ᠰᠢᠮᠡᠳᠴᠦ ᠭᠣᠶᠣ ᠶᠠᠭᠤᠮ᠎ᠠ ᠪᠣᠯᠤᠨ᠎ᠠ ᠰᠢᠦ!
— ᠵᠥᠪ᠂ ᠵᠥᠪ! ᠢᠩᠭᠢᠪᠡᠯ ᠰᠢᠷ᠎ᠠ ᠪᠤᠳᠠᠭ᠎ᠠ ᠶ᠋ᠢ ᠨᠢ ᠢᠳᠡᠬᠦ ᠳ᠋ᠦ᠍ ᠲᠣᠰᠣᠷᠬᠠᠭ ᠮᠥᠷᠲᠡᠭᠡᠨ ᠠᠮᠲᠠᠲᠠᠢ᠂ ᠮᠣᠭᠠᠢ ᠶ᠋ᠢᠨ ᠮᠢᠬ᠎ᠠ ᠨᠢ ᠴᠦ᠍ ᠵᠥᠭᠡᠯᠡᠨ ᠮᠥᠷᠲᠡᠭᠡᠨ ᠰᠢᠮ᠎ᠡ ᠲᠠᠢ ᠳᠠ! ᠭᠡᠵᠦ ᠨᠢᠭᠡ ᠨᠢ ᠬᠡᠯᠡᠭᠰᠡᠨ ᠳ᠋ᠦ᠍ ᠪᠦᠭᠦᠳᠡᠭᠡᠷ ᠲᠡᠭᠦᠨ ᠦ᠌ ᠰᠠᠨᠠᠯ ᠢ᠋ ᠵᠥᠪᠰᠢᠶᠡᠷᠡᠵᠦ ᠲᠡᠭᠡᠬᠦ ᠪᠡᠷ ᠪᠣᠯᠪᠠ᠃
ᠪᠣᠷᠣ ᠴᠡᠷᠢᠭ ᠦ᠋ᠳ ᠮᠣᠭᠠᠢ ᠶ᠋ᠢᠨ ᠰᠡᠭ ᠳᠡᠭᠡᠷ᠎ᠡ ᠠᠪᠠᠭᠠᠷᠠᠯᠳᠤᠭᠰᠠᠨ ᠰᠢᠷᠭᠤᠯᠵᠢ ᠰᠢᠭ᠋ ᠨᠢᠭᠡ ᠡᠳᠦᠷ ᠪᠤᠵᠢᠭᠢᠨᠠᠯᠳᠤᠭᠠᠳ ᠠᠭᠤᠯᠠ ᠶ᠋ᠢᠨ ᠰᠡᠭᠦᠳᠡᠷ ᠡᠷᠭᠢᠬᠦ ᠳ᠋ᠦ᠍ ᠨᠢᠭᠡ ᠵᠦᠭ ᠪᠣᠯᠵᠤ ᠲᠣᠰᠣ ᠱᠦᠭᠦᠷᠡᠭᠰᠡᠨ ᠮᠣᠭᠠᠢ ᠶ᠋ᠢᠨ ᠮᠢᠬᠠᠨ ᠳ᠋ᠤ᠌ ᠬᠣᠪᠳᠣᠭ ᠲᠠᠢ ᠪᠠᠭᠤᠵᠠᠭᠠᠪᠠ᠃
ᠠᠪᠤᠷᠭᠤ ᠮᠣᠭᠠᠢ ᠶ᠋ᠢᠨ ᠠᠷᠠᠰᠤ ᠶ᠋ᠢ ᠨᠢ ᠱᠠᠭᠠᠯᠵᠤ᠂ ᠠᠶᠠᠭᠠᠨ ᠳᠣᠲᠣᠷ᠎ᠠ ᠮᠢᠬ᠎ᠠ ᠶ᠋ᠢ ᠨᠢ ᠪᠣᠷᠣᠯᠠᠭᠤᠯᠵᠤ ᠡᠮᠦᠨ᠎ᠡ ᠪᠡᠨ ᠲᠠᠯᠪᠢᠴᠢᠬᠠᠭᠠᠳ ᠮᠤᠵᠠᠭ ᠨᠣᠶᠠᠨ᠄
— ᠬᠡᠨ ᠨᠢ ᠬᠡᠨ ᠢ᠋ᠶ᠋ᠡᠨ ᠵᠠᠯᠭᠢᠳᠠᠭ ᠪᠣᠯᠪᠠ? ᠲᠩᠷᠢ ᠶ᠋ᠢᠨ ᠯᠤᠤ᠂ ᠤᠰᠤᠨ ᠤ᠋ ᠯᠤᠤᠰ᠂ ᠭᠠᠵᠠᠷ ᠤ᠋ᠨ ᠡᠯᠵᠢᠭᠡ ᠶ᠋ᠢᠨ ᠮᠢᠬ᠎ᠠ ᠡᠷᠳᠡᠨᠢ ᠭᠡᠳᠡᠭ᠃ ᠡᠯᠵᠢᠭᠡ ᠶ᠋ᠢᠨ ᠮᠢᠬ᠎ᠠ ᠶ᠋ᠢ ᠴᠦ᠍ ᠢᠳᠡᠬᠦ ᠪᠡᠷ ᠢ᠋ᠶ᠋ᠡᠨ ᠪᠣᠯᠤᠭᠰᠠᠨ᠃ ᠣᠳᠣ ᠤᠰᠤᠨ ᠤ᠋ ᠯᠤᠤᠰ ᠤ᠋ᠨ ᠮᠢᠬ᠎ᠠ ᠠ᠋ᠴᠠ ᠠᠮᠲᠠᠯᠠᠬᠤ ᠵᠠᠪᠰᠢᠶᠠᠨ ᠪᠣᠯᠤᠯ᠎ᠠ᠁ ᠭᠡᠵᠦ ᠬᠡᠯᠡᠬᠦ ᠳ᠋ᠦ᠍ ᠲᠡᠭᠦᠨ ᠦ᠌ ᠴᠢᠷᠠᠢ ᠪᠦᠬᠦᠨ ᠢ᠋ ᠢᠯᠠᠭᠴᠢ ᠪᠦᠷᠢᠯᠸ᠎ᠠ ᠣᠷᠣᠰᠢᠭᠰᠠᠨ ᠰᠢᠭ᠋ ᠣᠮᠣᠭᠯᠠᠩ ᠬᠠᠷᠠᠭᠳᠠᠨ᠎ᠠ᠃
— ᠮᠤᠵᠠᠭ ᠨᠣᠶᠠᠨ ᠲᠦᠮᠡᠨ ᠨᠠᠰᠤᠯᠠ! ᠭᠡᠵᠦ ᠪᠣᠷᠣ ᠴᠡᠷᠢᠭ ᠦ᠋ᠳ ᠳᠠᠩᠬᠠᠷ ᠬᠠᠷ᠎ᠠ ᠱᠠᠭᠠᠵᠠᠩ ᠤ᠋ᠨ ᠢᠷᠮᠡᠭ ᠲᠤᠯᠭᠠᠵᠤ ᠠᠷᠢᠬᠢ ᠬᠥᠨᠲᠥᠷᠴᠢᠬᠡᠪᠡ᠃
ᠳᠣᠣᠷᠠᠬᠢ ᠴᠡᠷᠢᠭ ᠦ᠋ᠳ ᠲᠡᠭᠡᠨ《 ᠲᠦᠮᠡᠨ ᠨᠠᠰᠤᠯᠠ!》 ᠭᠡᠵᠦ ᠬᠤᠷᠤᠢᠯᠠᠭᠤᠯᠤᠭᠰᠠᠨ ᠮᠤᠵᠠᠭ ᠨᠣᠶᠠᠨ ᠤ᠋ ᠰᠡᠳᠬᠢᠯ ᠨᠢ ᠬᠥᠭᠰᠡᠨ᠂ ᠲᠣᠯᠣᠭᠠᠢ ᠨᠢ ᠪᠦᠳᠦᠭᠦᠷᠡᠭᠡᠳ᠄
— ᠠᠬ᠎ᠠ ᠳᠡᠭᠦᠦ ᠨᠠᠷ ᠠ᠋! ᠥᠨᠥ ᠣᠷᠣᠢ ᠲᠠᠨᠤᠰ ᠰᠠᠢᠨ ᠢᠳᠡ᠂ ᠰᠠᠢᠨ ᠤᠤᠭᠤ! ᠮᠠᠷᠭᠠᠲᠤᠷ ᠠ᠋ᠴᠠ ᠴᠣᠩᠬᠢᠶᠠᠯ ᠤ᠋ᠨ ᠳᠣᠣᠷᠠᠬᠢ ᠠᠯᠲᠠ ᠮᠥᠩᠭᠥ᠂ ᠡᠳ᠋ ᠡᠷᠳᠡᠨᠢᠰ ᠢ᠋ ᠠᠭᠤᠳᠠᠯᠵᠤ ᠭᠠᠷᠭᠠᠭᠠᠳ ᠪᠦᠭᠦᠳᠡ ᠶ᠋ᠢ ᠬᠠᠭᠤᠷᠠᠢᠯᠠᠨᠠ ᠭᠡᠳᠡᠭ ᠪᠣᠯ ᠶᠢᠷᠲᠢᠨᠴᠦ ᠳ᠋ᠦ᠍ ᠬᠣᠣᠰ ᠦᠭᠡᠢ ᠵᠢᠷᠭᠠᠯ ᠲᠡᠷᠡ ᠭᠡᠰᠡᠨ ᠳ᠋ᠦ᠍ ᠣᠯᠠᠨ ᠢ᠋ᠶ᠋ᠠᠷ ᠢ᠋ᠶ᠋ᠠᠨ᠄
— ᠲᠦᠮᠡᠨ ᠨᠠᠰᠤᠯᠠ ᠠ᠋! ᠲᠦᠮᠡᠨ ᠲᠦᠮᠡ ᠨᠠᠰᠤᠯᠠ ᠠ᠋! ᠭᠡᠵᠦ ᠨᠠᠷᠠ ᠵᠢᠷᠭᠠᠲᠠᠯ᠎ᠠ ᠣᠷᠢᠯᠠᠯᠳᠤᠨᠠ᠁
ᠰᠢᠷ᠎ᠠ ᠪᠦᠷᠦᠢ ᠲᠠᠰᠤᠷᠠᠵᠤ᠂ ᠤᠳᠠᠭᠰᠠᠨ ᠦᠭᠡᠢ ᠠᠭᠤᠯᠠ ᠶ᠋ᠢᠨ ᠲᠦᠩᠬᠦᠭ ᠭᠠᠵᠠᠷ ᠦᠳᠡᠰᠢ ᠶ᠋ᠢᠨ ᠬᠥᠰᠢᠭᠡ ᠪᠠᠭᠤᠵᠤ ᠣᠭᠲᠠᠷᠭᠤᠢ ᠳ᠋ᠤ᠌ ᠣᠳᠣᠳ ᠪᠠᠷᠢᠯᠳᠤᠪᠠ᠃
ᠪᠣᠷᠣ ᠴᠡᠷᠢᠭ ᠦ᠋ᠳ ᠲᠣᠰᠣ ᠲᠠᠢ ᠪᠤᠳᠠᠭ᠎ᠠ᠂ ᠮᠣᠭᠠᠢ ᠶ᠋ᠢᠨ ᠮᠢᠬ᠎ᠠ᠂ ᠬᠠᠷ᠎ᠠ ᠠᠷᠢᠬᠢ ᠭᠤᠷᠪᠠ ᠶ᠋ᠢᠨ ᠢᠳᠡᠨ ᠳ᠋ᠦ᠍ ᠠᠪᠲᠠᠵᠤ᠂ ᠮᠠᠩᠰᠢᠭᠤᠷᠠᠳᠠᠭ ᠨᠢ ᠮᠠᠩᠰᠢᠭᠤᠷᠠᠵᠤ᠂ ᠱᠠᠩᠳᠠᠭᠤᠷᠠᠳᠠᠭ ᠨᠢ ᠱᠠᠩᠳᠠᠭᠤᠷᠠᠵᠤ᠂ ᠰᠣᠭᠲᠣᠳᠠᠭ ᠨᠢ ᠰᠣᠭᠲᠣᠭᠠᠳ ᠮᠠᠢᠬᠠᠨ ᠳᠣᠲᠣᠷ᠎ᠠ ᠵᠡᠭᠦᠨᠰᠢ ᠪᠠᠷᠠᠭᠤᠨᠰᠢ ᠪᠠᠨ ᠬᠥᠨᠳᠡᠯᠡᠨ ᠭᠤᠯᠳᠤ ᠪᠣᠯᠪᠠ᠃ ᠮᠠᠢᠬᠠᠨ ᠤ᠋ ᠳᠣᠲᠣᠷ᠎ᠠ ᠭᠠᠳᠠᠨ᠎ᠠ ᠲᠤᠯᠭ᠎ᠠ ᠲᠣᠭᠣᠭ᠎ᠠ ᠪᠠᠷ ᠴᠠᠢᠷᠠᠲᠠᠯᠠ ᠮᠥᠯᠵᠢᠭᠰᠡᠨ ᠮᠣᠭᠠᠢ ᠶ᠋ᠢᠨ ᠶᠠᠰᠤ ᠡᠨᠳᠡ ᠲᠡᠨᠳᠡ ᠦᠭᠡᠢ ᠬᠠᠶᠠᠭᠳᠠᠭᠰᠠᠨ ᠪᠠᠢᠪᠠ᠁
ᠰᠥᠨᠢ᠂ ᠠᠶᠤᠩᠭ᠎ᠠ ᠨᠢᠵᠢᠭᠢᠨᠡᠨ ᠠᠵᠢᠷᠭᠠᠨ ᠪᠣᠷᠣᠭᠠᠨ ᠴᠢᠳᠬᠤᠯᠠᠪᠠ᠃
ᠠᠶᠤᠩᠭ᠎ᠠ ᠶ᠋ᠢᠨ ᠳᠠᠭᠤᠨ ᠴᠡᠩᠬᠡᠷ ᠴᠣᠩᠬᠢᠶᠠᠯ ᠤ᠋ᠨ ᠳᠡᠪᠬᠡᠷᠭᠡᠲᠦ ᠬᠠᠳᠠᠳ ᠢ᠋ ᠮᠥᠷᠭᠥᠵᠦ ᠳᠡᠰ ᠬᠢᠵᠦ ᠬᠠᠲᠠᠭᠤ ᠳᠤᠤᠭᠠᠷᠤᠭᠠᠳ ᠵᠣᠭᠰᠣᠬᠤ ᠲᠠᠢ ᠵᠡᠷᠭᠡ ᠳᠠᠬᠢᠨ ᠲᠩᠷᠢ ᠶ᠋ᠢᠨ ᠴᠡᠭᠡᠯ ᠳ᠋ᠦ᠍ ᠪᠣᠰᠤᠭ᠎ᠠ ᠯᠤᠤ ᠡᠷᠪᠡᠯᠵᠡᠭᠰᠡᠨ ᠮᠡᠲᠦ ᠤᠷᠲᠤ ᠴᠠᠭᠠᠨ ᠭᠡᠷᠡᠯ ᠭᠢᠯᠠᠰᠴᠤ᠂ ᠠᠭᠤᠯᠠ ᠬᠠᠳᠠ ᠴᠤᠤᠷᠢᠶᠠᠲᠤᠨ ᠲᠩᠷᠢ ᠭᠠᠵᠠᠷ ᠶᠡᠭᠦᠷᠡᠬᠦ ᠰᠢᠭ ᠨᠦᠵᠢᠭᠢᠨᠡᠨᠡ᠃ ᠪᠥᠬᠡ ᠤᠨᠲᠠᠭᠰᠠᠨ ᠪᠣᠷᠣ ᠴᠡᠷᠢᠭ ᠦ᠋ᠳ ᠦ᠋ᠨ ᠣᠯᠠᠩᠬᠢ ᠨᠢ ᠶᠠᠭᠤ ᠴᠦ᠍ ᠮᠡᠳᠡᠭᠰᠡᠨ ᠦᠭᠡᠢ᠃ ᠭᠠᠭᠴᠠ ᠨᠢᠭᠡ ᠬᠣᠶᠠᠷ ᠰᠡᠷᠡᠭᠦᠨ ᠬᠡᠪᠲᠡᠭᠰᠡᠨ ᠴᠡᠷᠢᠭ ᠪᠠ ᠮᠤᠵᠠᠭ ᠨᠣᠶᠠᠨ ᠠᠶᠤᠩᠭ᠎ᠠ ᠨᠦᠵᠢᠭᠢᠨᠡᠬᠦ ᠡᠴᠡ ᠦᠬᠦᠲᠡᠯ᠎ᠡ ᠪᠡᠨ ᠠᠶᠤᠵᠤ ᠮᠠᠢᠬᠠᠨ ᠤ᠋ ᠨᠢᠭᠡ ᠪᠤᠯᠤᠩ ᠢ᠋ ᠪᠠᠷᠢᠨ ᠪᠡᠮᠪᠡᠭᠡᠨᠡᠨᠡ᠃ ᠮᠠᠢᠬᠠᠨ ᠤ᠋ ᠣᠷᠣᠢ ᠶ᠋ᠢ ᠫᠢᠳ ᠫᠢᠳ ᠴᠣᠬᠢᠭᠰᠠᠨ ᠪᠣᠷᠣᠭᠠᠨ ᠤ᠋ ᠳᠤᠰᠤᠯ ᠤᠳᠠᠭᠰᠠᠨ ᠦᠭᠡᠢ ᠰᠢᠷᠦᠭᠦᠨ ᠱᠠᠭᠢᠵᠤ᠂ ᠰᠠᠭᠤᠯᠠᠭ᠎ᠠ ᠰᠠᠪᠠ ᠪᠠᠷ ᠴᠢᠳᠬᠤᠬᠤ ᠰᠢᠭ᠋ ᠰᠢᠷᠦᠭᠦᠰᠪᠡ᠃
ᠠᠶᠤᠩᠭ᠎ᠠ ᠭᠤᠷᠪᠠᠨᠲᠠ ᠨᠦᠵᠢᠭᠢᠨᠡᠨ ᠴᠠᠬᠢᠯᠭᠠᠨ ᠬᠡᠳᠦᠨᠲᠡ ᠴᠠᠬᠢᠯᠠᠭᠰᠠᠨ ᠳ᠋ᠤ᠌ ᠭᠠᠳᠠᠨ᠎ᠠ ᠳᠣᠲᠣᠨ᠎ᠠ ᠵᠠᠮᠪᠠᠷᠠᠭ᠎ᠠ ᠦᠭᠡᠢ ᠬᠠᠶᠠᠭᠳᠠᠭᠰᠠᠨ ᠮᠣᠭᠠᠢ ᠶ᠋ᠢᠨ ᠶᠠᠰᠤ ᠳᠣᠭᠰᠢᠨ ᠠᠶᠤᠩᠭ᠎ᠠ ᠶ᠋ᠢᠨ ᠳᠠᠭᠤᠨ ᠳ᠋ᠤ᠌ ᠠᠮᠢ ᠣᠷᠣᠵᠤ ᠬᠣᠭᠣᠷᠣᠨᠳᠣ ᠪᠠᠨ ᠬᠣᠯᠪᠣᠯᠳᠤᠨ ᠲᠦᠳᠡᠯ ᠦᠭᠡᠢ ᠠᠪᠤᠷᠭᠤ ᠨᠣᠭᠣᠭᠠᠨ ᠮᠣᠭᠠᠢ ᠪᠣᠯᠵᠤ ᠬᠤᠪᠢᠯᠪᠠ᠃
ᠠᠪᠤᠷᠭᠤ ᠮᠣᠭᠠᠢ ᠬᠠᠢᠴᠢᠨ ᠬᠠᠷ᠎ᠠ ᠬᠡᠯᠡ ᠡᠴᠡ ᠪᠡᠨ ᠬᠠᠷ᠎ᠠ ᠴᠠᠬᠢᠯᠭᠠᠨ ᠭᠢᠯᠠᠰᠤᠭᠤᠯᠵᠤ ᠳᠥᠵᠢᠷᠡᠲᠡᠯᠡ ᠤᠨᠲᠠᠭᠰᠠᠨ ᠪᠣᠷᠣ ᠴᠡᠷᠢᠭ ᠦ᠋ᠳ ᠦ᠋ᠨ ᠳᠡᠭᠡᠭᠦᠷ ᠭᠤᠯᠭᠤᠵᠤ ᠶᠠᠪᠤᠨ ᠮᠠᠢᠬᠠᠨ ᠤ᠋ ᠮᠤᠬᠤᠷ ᠳᠠᠬᠢ ᠠᠶᠤᠨ ᠳᠠᠭᠵᠢᠭᠰᠠᠨ ᠮᠤᠵᠠᠭ ᠨᠣᠶᠠᠨ ᠢ᠋ ᠴᠢᠭᠯᠡᠪᠡ᠃
ᠮᠤᠵᠠᠭ ᠨᠣᠶᠠᠨ ᠬᠡᠰᠡᠭ ᠬᠠᠷᠠᠩᠭᠤᠢᠯᠠᠵᠤ᠂ ᠬᠡᠰᠡᠭ ᠴᠠᠬᠢᠯᠠᠨ ᠬᠡᠷᠡᠯᠳᠦᠬᠦ ᠴᠠᠭᠠᠨ ᠭᠡᠷᠡᠯ ᠳ᠋ᠦ᠍ ᠠᠪᠤᠷᠭᠤ ᠮᠣᠭᠠᠢ ᠶ᠋ᠢᠨ ᠠᠩᠭᠠᠯᠵᠠᠨ ᠢᠷᠡᠬᠦ ᠶ᠋ᠢ ᠬᠠᠷᠠᠭᠠᠳ ᠠᠶᠤᠬᠤ ᠳ᠋ᠠᠭᠠᠨ ᠥᠳᠬᠡᠨ ᠰᠢᠩᠭᠡᠨ ᠢ᠋ᠶ᠋ᠡᠨ ᠠᠯᠳᠠᠪᠠ᠃
ᠥᠨᠥᠬᠢ ᠠᠪᠤᠷᠭᠤ ᠮᠣᠭᠠᠢ ᠮᠤᠵᠠᠭ ᠨᠣᠶᠠᠨ ᠤ᠋ ᠡᠮᠦᠨ᠎ᠡ ᠬᠦᠷᠬᠦ ᠳ᠋ᠦ᠍ ᠱᠠᠯ ᠦᠮᠡᠬᠡᠢ ᠲᠠᠮᠠᠬᠢᠨ ᠤ᠋ ᠪᠣᠬᠢ ᠦᠨᠦᠷᠲᠦᠭᠰᠡᠨ ᠳ᠋ᠦ᠍ ᠵᠢᠭᠰᠢᠵᠦ ᠵᠠᠢᠯᠠᠬᠤ ᠳ᠋ᠠᠭᠠᠨ ᠮᠣᠭᠵᠣᠭ ᠰᠡᠭᠦᠯ ᠢ᠋ᠶ᠋ᠡᠷ ᠢ᠋ᠶ᠋ᠡᠨ ᠲᠡᠭᠦᠨ ᠢ᠋ ᠫᠢᠰ ᠬᠢᠲᠡᠯ᠎ᠡ ᠭᠤᠶᠠᠳᠠᠭᠰᠠᠨ ᠳ᠋ᠤ᠌ ᠭᠠᠳᠠᠨ᠎ᠠ ᠨᠢᠷ᠂ ᠨᠢᠷ ᠬᠢᠨ ᠠᠶᠤᠩᠭ᠎ᠠ ᠨᠦᠵᠢᠭᠢᠨᠡᠨ ᠮᠠᠢᠬᠠᠨ ᠳᠣᠲᠣᠷ᠎ᠠ ᠳᠦᠷᠳ᠋ ᠬᠢᠨ ᠭᠠᠯ ᠠᠪᠤᠯᠴᠠᠪᠠ᠃
ᠠᠶᠤᠩᠭᠠᠨ ᠳ᠋ᠤ᠌ ᠨᠢᠷᠭᠡᠭᠳᠡᠭᠰᠡᠨ ᠮᠤᠵᠠᠭ ᠨᠣᠶᠠᠨ ᠤ᠋ ᠪᠡᠶ᠎ᠡ ᠬᠥᠬᠡ ᠴᠢᠯᠳᠡᠩ ᠪᠣᠯᠵᠤ ᠡᠯᠢᠭᠡ ᠲᠦᠷᠦᠭᠦᠯᠡᠨ ᠬᠡᠪᠲᠡᠭᠰᠡᠨ ᠡᠴᠡ ᠮᠤᠵᠠᠭ ᠤ᠋ᠨ ᠨᠢᠷᠤᠭᠤᠨ ᠳᠡᠭᠡᠷ᠎ᠡ《ᠪᠠᠢᠭᠠᠯᠢ ᠠᠬᠤᠢ ᠶ᠋ᠢᠨ ᠵᠢᠮ᠎ᠡ ᠶ᠋ᠢ ᠲᠡᠷᠰᠯᠡᠭᠴᠢ ᠬᠠᠷ᠎ᠠ ᠲᠡᠷᠢᠭᠦᠲᠡᠨ ᠦ᠌ ᠲᠡᠭᠦᠰᠬᠡᠯ ᠡᠨᠡ ᠪᠣᠯᠠᠢ!》 ᠭᠡᠰᠡᠨ ᠲᠩᠷᠢ ᠶ᠋ᠢᠨ ᠪᠢᠴᠢᠭ ᠲᠠᠮᠠᠭᠠᠯᠠᠭᠳᠠᠵᠠᠢ᠃
ᠵᠣᠭᠰᠣᠭ᠎ᠠ ᠦᠭᠡᠢ ᠴᠢᠳᠬᠤᠯᠠᠭᠰᠠᠨ ᠠᠵᠢᠷᠭᠠᠨ ᠪᠣᠷᠣᠭᠠᠨ ᠠᠶᠤᠯ ᠪᠣᠯᠵᠤ ᠰᠢᠪᠠᠭᠤᠲᠤ ᠶ᠋ᠢᠨ ᠭᠣᠣᠯ᠂ ᠥᠯᠥᠩᠲᠦ ᠶ᠋ᠢᠨ ᠡᠬᠢ ᠪᠡᠷ ᠦᠬᠡᠷ ᠴᠢᠯᠠᠭᠤ ᠪᠥᠮᠪᠥᠷᠢᠭᠰᠡᠨ ᠰᠦᠷᠲᠡᠢ ᠦᠶᠡᠷ ᠪᠠᠭᠤᠪᠠ᠃ ᠤᠳᠠᠭᠰᠠᠨ ᠦᠭᠡᠢ ᠴᠡᠩᠬᠡᠷ ᠴᠣᠩᠬᠢᠶᠠᠯ ᠤ᠋ᠨ ᠤᠰᠤ ᠢᠷᠮᠡᠭ ᠢ᠋ᠶ᠋ᠡᠨ ᠲᠡᠯᠡᠵᠦ ᠯᠡᠪᠡᠷᠡᠭᠡᠳ ᠪᠠᠷᠠᠭᠤᠨ ᠰᠤᠵᠠᠭ ᠤ᠋ᠨ ᠬᠠᠵᠠᠭᠠᠢ ᠳ᠋ᠤ᠌ ᠡᠨᠳᠡ ᠲᠡᠨᠳᠡ ᠪᠤᠰᠬᠠᠭᠰᠠᠨ ᠪᠣᠷᠣ ᠴᠡᠷᠢᠭ ᠦ᠋ᠨ ᠮᠠᠢᠬᠠᠨ ᠣᠪᠣᠬᠠᠢ ᠶ᠋ᠢ ᠬᠤᠮᠢᠨ ᠤᠷᠤᠰᠬᠠᠪᠠ᠁
ᠮᠤᠨᠠ ᠠᠭᠤᠯᠠ ᠲᠡᠦᠬᠡᠨ ᠳ᠋ᠦ᠍ ᠦᠭᠡᠢ ᠶᠡᠬᠡ ᠦᠶᠡᠷᠯᠡᠪᠡ ᠭᠡᠵᠦ ᠬᠥᠮᠦᠰ ᠱᠤᠤᠭᠢᠯᠳᠤᠨ᠎ᠠ᠃
ᠦᠶᠡᠷ ᠲᠦ᠍ ᠶᠠᠪᠤᠭᠰᠠᠨ ᠪᠣᠷᠣ ᠴᠡᠷᠢᠭ ᠦ᠋ᠨ ᠦᠬᠦᠭᠡᠷ ᠨᠢᠭᠡ ᠴᠦ᠍ ᠣᠯᠳᠠᠭᠰᠠᠨ ᠦᠭᠡᠢ᠃ ᠭᠠᠭᠴᠠ ᠯᠤᠤᠰ ᠮᠣᠭᠠᠢ ᠶ᠋ᠢᠨ ᠮᠢᠬᠠᠨ ᠠ᠋ᠴᠠ ᠵᠢᠭᠵᠢᠭᠦᠷᠬᠡᠵᠦ ᠰᠡᠵᠢᠭ ᠰᠦᠵᠢᠭ ᠠᠪᠴᠤ ᠮᠢᠬ᠎ᠠ ᠶ᠋ᠢ ᠨᠢ ᠢᠳᠡᠭᠰᠡᠨ ᠦᠭᠡᠢ ᠭᠠᠯᠴᠢ ᠡᠪᠦᠭᠡᠨ ᠢ᠋ ᠳᠡᠪᠰᠡᠭ ᠦ᠋ᠨ ᠰᠦᠮ᠎ᠡ ᠶ᠋ᠢᠨ ᠬᠠᠢᠷ ᠳᠡᠭᠡᠷ᠎ᠡ ᠵᠠᠢᠮᠤᠴᠢᠵᠤ ᠬᠠᠶᠠᠭᠰᠠᠨ ᠠ᠋ᠴᠠ ᠲᠡᠷᠡ ᠯᠠ ᠮᠡᠨᠳᠦ ᠭᠠᠷᠴᠠᠢ᠃
ᠮᠠᠷᠭᠠᠲᠤᠷ ᠥᠷᠯᠥᠭᠡᠭᠦᠷ ᠨᠢ ᠲᠣᠪ ᠲᠤᠩᠭᠠᠯᠠᠭ᠃ ᠶᠠᠭ ᠯᠠ ᠥᠴᠥᠭᠡᠳᠦᠷ ᠰᠥᠨᠢ ᠶᠠᠭᠤ ᠴᠦ᠍ ᠪᠣᠯᠤᠭ᠎ᠠ ᠦᠭᠡᠢ ᠰᠢᠭ ᠪᠠᠢᠪᠠ᠃
ᠥᠨᠥᠬᠢ ᠠᠮᠢ ᠶᠡᠬᠡ ᠲᠡᠢ ᠭᠠᠯᠴᠢ ᠡᠪᠦᠭᠡᠨ ᠴᠢᠷᠮᠡᠨ ᠱᠠᠯᠳᠠᠩ ᠢ᠋ᠶ᠋ᠠᠷ ᠭᠦᠶᠦᠵᠦ ᠳᠡᠪᠰᠡᠭ ᠦ᠋ᠨ ᠰᠦᠮ᠎ᠡ ᠶ᠋ᠢᠨ ᠶᠡᠬᠡ ᠳᠤᠭᠠᠩ ᠤ᠋ᠨ ᠱᠠᠭᠵᠠᠮᠤᠨᠢ ᠪᠤᠷᠬᠠᠨ ᠤ᠋ ᠡᠮᠦᠨ᠎ᠡ ᠰᠥᠭᠥᠳᠴᠦ《ᠪᠤᠷᠬᠠᠨ ᠲᠩᠷᠢ ᠮᠢᠨᠢ ᠠ᠋!》 ᠭᠡᠵᠦ ᠳᠠᠬᠢᠨ ᠳᠠᠬᠢᠨ ᠮᠥᠷᠭᠥᠵᠦ ᠠᠮᠠᠨ ᠳ᠋ᠠᠭᠠᠨ ᠨᠢᠭᠡ ᠶᠠᠭᠤᠮ᠎ᠠ ᠪᠠᠪᠠᠲᠤᠨᠠᠨᠠ᠁
ᠲᠡᠭᠦᠨ ᠡᠴᠡ ᠬᠣᠢᠰᠢ ᠮᠤᠨᠠ ᠠᠭᠤᠯᠠ ᠶ᠋ᠢᠨ ᠱᠠᠩᠳᠠ ᠪᠤᠯᠠᠭ ᠰᠢᠷᠭᠢᠵᠦ᠂ ᠪᠣᠷᠣᠭᠠᠨ ᠬᠤᠷ᠎ᠠ ᠲᠠᠲᠠᠷᠠᠭᠰᠠᠨ ᠢ᠋ᠶ᠋ᠠᠷ ᠡᠪᠡᠰᠦ ᠤᠷᠭᠤᠮᠠᠯ᠂ ᠣᠢ ᠮᠣᠳᠣ ᠨᠢ ᠬᠣᠷᠣᠬᠠᠢᠲᠤᠵᠤ ᠬᠠᠲᠠᠭᠠᠳ ᠥᠩᠭᠡ ᠦᠵᠡᠮᠵᠢ ᠪᠡᠨ ᠶᠡᠬᠡᠳᠡ ᠠᠯᠳᠠᠭᠰᠠᠨ ᠭᠡᠵᠦ ᠬᠣᠵᠢᠮ ᠤ᠋ᠨ ᠬᠥᠮᠦᠰ ᠬᠡᠯᠡᠯᠴᠡᠳᠡᠭ ᠪᠣᠯᠵᠠᠢ᠃
ᠴᠡᠩᠬᠡᠷ ᠴᠣᠩᠬᠢᠶᠠᠯ ᠤ᠋ᠨ ᠤᠰᠤ ᠨᠢ ᠬᠠᠲᠠᠵᠤ ᠰᠢᠷᠭᠢᠭᠡᠳ ᠮᠡᠷᠭᠡᠨ ᠴᠠᠭᠠᠨ ᠯᠠᠮᠠᠬᠠᠢ ᠶ᠋ᠢᠨ ᠪᠠᠷ᠎ᠠ ᠴᠦ᠍ ᠬᠠᠷᠠᠭᠳᠠᠬᠤ ᠪᠠᠨ ᠪᠣᠯᠢᠪᠠ᠃
ᠦᠰᠦᠭ ᠠᠮᠢᠯᠠᠭᠤᠯᠤᠭᠰᠠᠨ ᠨᠢ᠄ ᠭᠠᠷᠮ᠎ᠠ
