ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠ> Хан мунын сүүрс < доорд > – Мөнх зохиоов ᠂Дөдгөөр бодь – Хоёрдугаар бүлэг <10>
ᠲᠦᠲᠦᠭᠡᠷ ᠪᠣᠲᠢ – ᠬᠣᠶᠠᠳᠤᠭᠠᠷ ᠪᠦᠯᠦᠭ <ᠠᠷᠪᠠ>
ᠠᠩᠴᠢᠨᠵᠠᠪ᠂ ᠵᠠᠩᠴᠤᠪ᠂ ᠲᠡᠮᠦᠷᠰᠦᠢ᠍ᠬᠡ ᠨᠠᠷ ᠣᠷᠪᠣᠭ ᠤ᠋ᠨ ᠵᠣ ᠶ᠋ᠢ ᠲᠤᠭᠤᠯᠵᠤ ᠳᠡᠪᠰᠡᠭ ᠦ᠋ᠨ ᠠᠭᠤᠯᠠᠨ ᠤ᠋ ᠪᠠᠷᠠᠭᠤᠨ ᠬᠣᠢᠲᠤ ᠬᠢᠷ᠎ᠠ ᠳᠡᠭᠡᠷ᠎ᠡ ᠭᠠᠷᠴᠤ ᠢᠷᠡᠪᠡᠯ ᠬᠠᠷ᠎ᠠ ᠤᠲᠤᠭ᠎ᠠ ᠬᠤᠢᠯᠠᠷᠠᠵᠤ᠂ ᠴᠡᠪᠡᠷ ᠣᠭᠲᠠᠷᠭᠤᠢ ᠶ᠋ᠢᠨ ᠴᠡᠭᠡᠯ ᠳ᠋ᠦ᠍ ᠪᠣᠬᠢᠷ ᠪᠤᠷᠵᠠᠩ ᠮᠠᠨᠠᠨᠲᠤᠨᠠ᠃
— ᠮᠠᠭᠤ ᠰᠠᠢᠨ ᠵᠠᠨᠠᠭ ᠤ᠋ᠳ ᠳᠡᠪᠰᠡᠭ ᠦ᠋ᠨ ᠰᠦᠮ᠎ᠡ ᠳ᠋ᠦ᠍ ᠭᠠᠯ ᠲᠠᠯᠪᠢᠴᠢᠬᠠᠭᠰᠠᠨ ᠶᠤᠮ ᠪᠣᠯᠪᠠ ᠤᠤ? ᠭᠡᠵᠦ ᠠᠩᠴᠢᠨᠵᠠᠪ ᠲᠡᠷᠡ ᠵᠦᠭ ᠲᠦ᠍ ᠳᠤᠷᠠᠨᠳᠠᠪᠠ᠃
ᠸᠠᠩ ᠰᠣᠬᠣᠷ ᠤ᠋ᠨ ᠬᠠᠷ᠎ᠠ ᠲᠠᠮᠠᠬᠢᠨ ᠤ᠋ ᠡᠭᠦᠷ ᠪᠣᠯᠤᠭᠰᠠᠨ ᠬᠣᠶᠠᠷ ᠳᠠᠪᠬᠤᠷᠭᠠᠲᠤ ᠮᠣᠳᠣᠨ ᠲᠠᠭᠲᠤ ᠨᠢ ᠭᠠᠯ ᠠᠪᠤᠯᠴᠠᠭᠰᠠᠨ ᠪᠠᠢᠪᠠ᠃ ᠳᠡᠪᠰᠡᠭ ᠦ᠋ᠨ ᠰᠦᠮ᠎ᠡ ᠶ᠋ᠢᠨ ᠲᠣᠭᠣᠷᠢᠨ ᠪᠠ ᠭᠠᠯ ᠠᠪᠤᠯᠴᠠᠭᠰᠠᠨ ᠮᠣᠳᠣᠨ ᠲᠠᠭᠲᠤ ᠶ᠋ᠢᠨ ᠬᠠᠪᠢ ᠪᠠᠷ ᠢᠲᠠᠭᠤ ᠰᠢᠭ᠋ ᠪᠣᠷᠣ ᠪᠣᠷᠣ ᠬᠤᠪᠴᠠᠰᠤ ᠲᠠᠢ ᠴᠡᠷᠢᠭ ᠦ᠋ᠳ ᠤᠴᠢᠷ ᠢ᠋ᠶ᠋ᠠᠨ ᠣᠯᠬᠤ ᠦᠭᠡᠢ ᠨᠠᠭᠠᠰᠢ ᠴᠠᠭᠠᠰᠢ ᠭᠦᠶᠦᠯᠳᠦᠨ᠎ᠡ᠃
— ᠪᠣᠷᠣ ᠴᠡᠷᠢᠭ ᠦ᠋ᠳ ᠸᠠᠩ ᠰᠣᠬᠣᠷ ᠤ᠋ᠨ ᠬᠠᠷ᠎ᠠ ᠲᠠᠮᠠᠬᠢᠨ ᠤ᠋ ᠡᠭᠦᠷ ᠲᠦ᠍ ᠭᠠᠯ ᠲᠠᠯᠪᠢᠴᠢᠬᠠᠵᠠᠢ ᠭᠡᠳ ᠠᠩᠴᠢᠨᠵᠠᠪ ᠳᠤᠷᠠᠨ ᠢ᠋ᠶ᠋ᠠᠨ ᠵᠠᠩᠴᠤᠪ ᠲᠤ ᠥᠭᠪᠡ᠃
ᠵᠠᠩᠴᠤᠪ ᠤᠲᠤᠭ᠎ᠠ ᠮᠠᠨᠠᠷᠠᠭᠰᠠᠨ ᠵᠦᠭ ᠳᠤᠷᠠᠨᠳᠠᠵᠤ᠄
— ᠡᠨᠡ ᠴᠣᠬᠣᠮ ᠶᠠᠭᠤ ᠪᠣᠯᠵᠤ ᠪᠠᠢᠨ᠎ᠠ? ᠪᠣᠷᠣ ᠴᠡᠷᠢᠭ ᠬᠠᠷ᠎ᠠ ᠴᠡᠷᠢᠭ ᠬᠣᠶᠠᠷ ᠤᠯᠠᠭᠠᠨ ᠬᠠᠲᠤᠨ ᠤ᠋ ᠨᠠᠭᠠᠨ᠎ᠠ ᠴᠠᠭᠠᠨ᠎ᠠ ᠠ᠋ᠴᠠ ᠰᠦᠯᠪᠡᠭᠡ ᠠᠪᠴᠤ ᠬᠠᠮᠲᠤᠷᠠᠭᠠᠳ ᠰᠢᠷ᠎ᠠ ᠴᠡᠷᠢᠭ ᠢ᠋ ᠳᠠᠢᠳᠤᠵᠤ ᠬᠥᠭᠡᠭᠡᠵᠦ ᠶᠠᠪᠤᠭᠤᠯᠤᠭᠠᠳ ᠣᠳᠣ ᠬᠣᠭᠣᠷᠣᠨᠳᠣ ᠪᠠᠨ ᠵᠣᠳᠣᠯᠳᠤᠳᠠᠭ ᠨᠢ ᠪᠣᠯᠵᠢ ᠤᠤ⁈ ᠴᠣᠬᠣᠮ ᠠᠯᠢᠨ ᠤ᠋ ᠬᠢᠨᠢ ᠵᠥᠪ ᠪᠣᠯ⁈ ᠭᠡᠪᠡ᠃
— ᠬᠡᠩ᠂ ᠬᠡᠨ ᠠᠯᠢᠨ ᠨᠢ ᠬᠦᠴᠦᠷᠬᠡᠭ ᠪᠣᠯ ᠶᠣᠰᠣ ᠵᠥᠪ ᠬᠣᠶᠠᠷ ᠲᠡᠭᠦᠨ ᠳ᠋ᠦ᠍ ᠨᠠᠭᠠᠯᠳᠤᠨ᠎ᠠ᠃ ᠡᠨᠡ ᠪᠣᠯ ᠬᠣᠷᠸ᠎ᠠ ᠶ᠋ᠢᠨ ᠵᠢᠮ᠎ᠡ ᠶᠣᠰᠣ᠃ ᠥᠭᠡᠷ᠎ᠡ ᠶᠠᠷᠢᠬᠤ ᠶᠠᠭᠤᠮ᠎ᠠ ᠠᠯᠠᠭ᠎ᠠ᠃
— ᠶᠠᠭᠤ ᠴᠦ᠍ ᠪᠣᠷᠣ ᠴᠡᠷᠢᠭ ᠦ᠋ᠳ ᠬᠠᠷ᠎ᠠ ᠴᠡᠷᠢᠭ ᠢ᠋ ᠪᠤᠭᠤᠲᠤ ᠠ᠋ᠴᠠ ᠦᠯᠳᠡᠵᠦ ᠬᠥᠭᠡᠭᠡᠭᠡᠳ ᠪᠣᠷᠣᠲᠣᠬᠣᠢ ᠤᠷᠤᠭᠤ ᠶᠠᠪᠤᠭᠤᠯᠴᠢᠬᠠᠯ᠎ᠠ᠁ ᠪᠣᠷᠣ ᠴᠡᠷᠢᠭ ᠲᠦ᠍ ᠢᠩᠭᠢᠵᠦ ᠬᠠᠷᠠᠳᠠᠭᠤᠯᠤᠭᠰᠠᠨ ᠳ᠋ᠤ᠌ ᠪᠠᠨ ᠸᠠᠩ ᠰᠣᠬᠣᠷ ᠤ᠋ᠨ ᠣᠮᠣᠭ ᠨᠢ ᠣᠳᠣ ᠪᠠᠭᠤᠷᠠᠭᠰᠠᠨ ᠪᠢᠵᠡ⁈
— ᠲᠡᠷᠡ ᠴᠦ᠍ ᠲᠡᠢᠮᠦ ᠪᠠᠢᠬ᠎ᠠ᠃ ᠡᠯᠵᠢᠭᠡ ᠬᠤᠳᠠᠷᠭᠠᠨ ᠳ᠋ᠠᠭᠠᠨ ᠵᠢᠷᠣᠭᠠᠯᠠᠨᠠ ᠭᠡᠳᠡᠭ ᠶᠦᠮ᠃ ᠮᠠᠭᠤ ᠸᠠᠩ ᠰᠣᠬᠣᠷ ᠪᠣᠷᠣ ᠴᠡᠷᠢᠭ ᠢ᠋ᠶ᠋ᠡᠷ ᠢᠩᠭᠢᠵᠦ ᠬᠠᠷᠠᠳᠠᠭᠤᠯᠬᠤ ᠳ᠋ᠠᠭᠠᠨ ᠲᠠᠭᠠᠷᠠᠨ᠎ᠠ᠃ ᠮᠣᠩᠭᠣᠯ ᠨᠤᠲᠤᠭ ᠲᠤ ᠢᠷᠡᠵᠦ ᠬᠥᠮᠦᠨ ᠠᠷᠠᠳ ᠢ᠋ ᠲᠣᠨᠣᠵᠤ ᠲᠠᠢᠯᠵᠤ ᠰᠤᠷᠤᠭᠰᠠᠨ ᠬᠣᠮᠣᠬᠠᠢ ᠠᠮᠢᠲᠠᠨ ᠢ᠋ ᠠᠮᠢᠳᠤ ᠪᠠᠷ ᠠᠷᠠᠰᠤ ᠶ᠋ᠢ ᠨᠢ ᠱᠠᠭᠠᠯᠪᠠᠴᠤ ᠬᠣᠷᠣᠰᠤᠯ ᠲᠠᠢᠯᠤᠭᠳᠠᠬᠤ ᠦᠭᠡᠢ᠃
— ᠪᠣᠷᠣ ᠴᠡᠷᠢᠭ ᠨᠢ ᠨᠥᠭᠦᠭᠡ ᠬᠠᠷ᠎ᠠ᠂ ᠰᠢᠷ᠎ᠠ ᠴᠡᠷᠢᠭ ᠦ᠋ᠳ ᠢ᠋ᠶ᠋ᠡᠨ ᠪᠣᠳᠣᠪᠠᠯ ᠠᠷᠠᠢ ᠭᠠᠢᠭᠤᠢ ᠴᠦ᠍ ᠶᠤᠮ ᠤᠤ? ᠶᠠᠭᠤ ᠴᠦ᠍ ᠭᠡᠰᠡᠨ ᠲᠣᠨᠣᠭ᠎ᠠ ᠳᠡᠭᠡᠷᠡᠮ ᠬᠢᠭᠰᠡᠨ ᠰᠤᠷᠠᠭ ᠭᠠᠷᠤᠭᠰᠠᠨ ᠦᠭᠡᠢ᠃
— ᠫᠤᠤ ᠵᠡᠪᠰᠡᠭ ᠲᠡᠢ ᠤᠯᠤᠰ ᠢ᠋ ᠬᠠᠷᠢᠨ ᠬᠡᠯᠡᠵᠦ ᠮᠡᠳᠡᠬᠦ ᠦᠭᠡᠢ ᠳᠡ! ᠲᠡᠷᠡ ᠴᠢᠨᠢ ᠬᠥᠨᠳᠡᠯᠡᠨ ᠡᠭᠦᠷᠦᠭᠰᠡᠨ ᠬᠥᠬᠡ ᠲᠡᠮᠦᠷ ᠡᠷᠳᠦᠵᠦ ᠰᠠᠨᠠᠭ᠎ᠠ ᠨᠢ ᠥᠭᠡᠷᠡᠳᠳᠡᠭ ᠰᠢᠦ! ᠬᠥᠮᠦᠨ ᠭᠡᠳᠡᠭ ᠠᠮᠢᠲᠠᠨ ᠰᠣᠨᠢᠨ ᠶᠤᠮ᠃ ᠥᠪᠡᠷ ᠦ᠋ᠨ ᠪᠡᠶ᠎ᠡ ᠶ᠋ᠢᠨ ᠢ᠋ᠶ᠋ᠡᠨ ᠠᠰᠢᠭ ᠬᠣᠨᠵᠢᠩ ᠤ᠋ᠨ ᠡᠮᠦᠨ᠎ᠡ ᠡᠴᠡ ᠳᠠᠢᠰᠤᠩᠨᠠᠭᠴᠢ ᠪᠠᠨ ᠥᠳᠥᠭᠡᠨ ᠳᠠᠢᠳᠤᠵᠤ ᠶᠠᠪᠤᠳᠠᠭ ᠨᠢ ᠬᠠᠷ᠎ᠠ ᠲᠡᠷᠢᠭᠦᠲᠡᠨ ᠦ᠌ ᠲᠥᠷᠥᠯᠬᠢ ᠠᠪᠬᠠᠯᠵᠢ ᠵᠠᠩ᠃ ᠲᠡᠭᠡᠬᠦᠯᠡᠷ ᠡᠨᠡ ᠪᠣᠷᠣ ᠴᠡᠷᠢᠭ ᠦ᠋ᠳ ᠬᠠᠷ᠎ᠠ ᠴᠡᠷᠢᠭ ᠲᠡᠢ ᠬᠠᠮᠵᠢᠵᠤ ᠰᠢᠷ᠎ᠠ ᠴᠡᠷᠢᠭ ᠢ᠋ ᠦᠯᠳᠡᠵᠦ ᠬᠥᠭᠡᠭᠡᠭᠡᠳ᠂ ᠣᠳᠣ ᠥᠨᠥᠬᠢ ᠬᠠᠷ᠎ᠠ ᠴᠡᠷᠢᠭ ᠦ᠋ᠳ ᠲᠡᠢ ᠪᠡᠨ ᠤᠮᠠᠷᠠᠲᠠᠯᠠ ᠳᠠᠢᠳᠤᠵᠤ ᠪᠠᠢᠭ᠎ᠠ ᠨᠢ ᠴᠠᠭᠠᠨ᠎ᠠ ᠪᠠᠨ ᠨᠢᠭᠡ ᠤᠴᠢᠷ ᠪᠠᠢᠯᠭᠦᠢ᠃
— ᠲᠡᠷᠡ ᠦᠨᠡᠨ! ᠶᠠᠮᠠᠷ ᠴᠦ᠍ ᠪᠠᠢᠭᠰᠠᠨ ᠴᠡᠷᠢᠭ ᠦ᠋ᠨ ᠬᠥᠯ ᠳ᠋ᠦ᠍ ᠪᠦᠬᠦ ᠶᠠᠭᠤᠮ᠎ᠠ ᠲᠠᠯᠬᠢᠳᠠᠭᠳᠠᠵᠤ ᠳᠠᠭᠤᠰᠤᠨ᠎ᠠ᠃ ᠣᠳᠣ ᠡᠨᠡ ᠳᠡᠪᠰᠡᠭ ᠦ᠋ᠨ ᠰᠦᠮ᠎ᠡ᠂ ᠳᠡᠪᠰᠡᠭ ᠦ᠋ᠨ ᠠᠭᠤᠯᠠ ᠪᠣᠷᠣ ᠴᠡᠷᠢᠭ ᠦ᠋ᠨ ᠬᠥᠯ ᠳ᠋ᠦ᠍ ᠶᠠᠭᠠᠬᠢᠳᠠᠭ ᠪᠣᠯ⁈ ᠭᠡᠬᠦ ᠳ᠋ᠦ᠍ ᠠᠩᠴᠢᠨᠵᠠᠪ᠄
— ᠠᠶ᠎ᠠ ᠦᠭᠡᠢ ᠪᠣᠯ ᠡᠨᠡ ᠪᠣᠷᠣ ᠴᠡᠷᠢᠭ ᠦ᠋ᠳ ᠰᠢᠪᠠᠭᠤᠲᠤ ᠶ᠋ᠢᠨ ᠳᠡᠭᠡᠳᠦ ᠭᠠᠴᠠᠭᠠᠨ ᠤ᠋ ᠴᠡᠩᠬᠡᠷ ᠴᠣᠩᠬᠢᠶᠠᠯ ᠳ᠋ᠠᠬᠢ ᠠᠯᠲᠠ ᠮᠥᠩᠭᠥᠨ ᠳ᠋ᠦ᠍ ᠰᠢᠨᠤᠵᠤ ᠶᠠᠪᠤᠭ᠎ᠠ ᠶᠠᠳᠠᠬᠤ ᠦᠭᠡᠢ ᠠ᠋! ᠭᠡᠪᠡ᠃
ᠬᠢᠷ᠎ᠠ ᠬᠥᠲᠥᠯ ᠦ᠋ᠨ ᠵᠢᠪᠡᠭᠦᠨ ᠵᠢᠪᠠᠷ ᠮᠣᠷᠢᠳ ᠤ᠋ᠨ ᠬᠥᠯᠥᠰᠥ ᠶ᠋ᠢ ᠡᠪᠡᠷᠡᠭᠡᠵᠦ ᠵᠠᠪᠳᠤᠬᠤ ᠳ᠋ᠤ᠌ ᠬᠡᠢ ᠮᠣᠷᠢ ᠳᠠᠬᠢᠭᠠᠳ ᠰᠡᠷᠭᠦᠪᠡ᠃ ᠠᠩᠴᠢᠨᠵᠠᠪ ᠤ᠋ᠨ ᠬᠤᠸᠠ ᠮᠣᠷᠢ ᠫᠦᠷᠳ᠋ ᠬᠢᠨ ᠬᠦᠴᠦᠲᠡᠢ ᠳᠣᠷᠭᠢᠵᠤ ᠡᠵᠡᠨ ᠳ᠋ᠡᠭᠡᠨ ᠶᠠᠮᠠᠷ ᠨᠢᠭᠡ ᠳᠣᠬᠢᠶ᠎ᠠ ᠥᠭᠭᠦᠭᠰᠡᠨ ᠮᠡᠲᠦ ᠪᠣᠯᠬᠤ ᠳ᠋ᠤ᠌ ᠲᠡᠷᠡ ᠮᠣᠷᠢᠨ ᠤ᠋ ᠪᠠᠨ ᠲᠣᠯᠣᠭᠠᠢ ᠪᠠᠷ ᠢ᠋ᠶ᠋ᠠᠨ ᠭᠠᠩᠬᠤᠨ ᠨᠠᠭᠠᠳᠴᠤ ᠪᠠᠢᠬᠤ ᠶ᠋ᠢ ᠬᠠᠷᠠᠭᠠᠳ᠄
— ᠵᠠ᠂ ᠶᠠᠪᠤᠵᠠᠭᠠᠶ᠎ᠠ! ᠡᠨᠳᠡ ᠡᠴᠡ ᠲᠦᠷᠭᠡᠨ ᠵᠠᠢᠯᠠᠶ᠎ᠠ! ᠸᠠᠩ ᠰᠣᠬᠣᠷ ᠡᠨᠳᠡ ᠬᠣᠷᠭᠣᠳᠠᠮᠠᠷ ᠦᠭᠡᠢ᠃ ᠡᠨᠳᠡ ᠪᠡᠨ ᠪᠠᠢᠭᠰᠠᠨ ᠪᠣᠯ ᠪᠣᠷᠣ ᠴᠡᠷᠢᠭ ᠲᠦ᠍ ᠪᠠᠯᠢᠩ ᠲᠠᠬᠢᠯ ᠢ᠋ᠶ᠋ᠠᠨ ᠬᠤᠷᠢᠶᠠᠯᠭᠠᠴᠢᠬᠠᠭᠰᠠᠨ ᠪᠠᠢᠯᠭᠦᠢ! ᠭᠡᠳ ᠮᠣᠷᠢᠨ ᠳ᠋ᠠᠭᠠᠨ ᠮᠣᠷᠳᠠᠵᠠᠭᠠᠪᠠ᠃
ᠠᠩᠴᠢᠨᠵᠠᠪ ᠢ᠋ᠶ᠋ᠠᠷ ᠲᠦᠷᠦᠭᠦᠯᠡᠭᠦᠯᠦᠭᠰᠡᠨ ᠠᠷᠪᠠᠭᠠᠳ ᠮᠣᠷᠢᠲᠠᠨ ᠠᠭᠤᠯᠠ ᠶ᠋ᠢᠨ ᠬᠢᠷ᠎ᠠ ᠠ᠋ᠴᠠ ᠪᠠᠷᠠᠭᠤᠨᠰᠢᠯᠠᠨ ᠫᠠᠴᠢᠭᠢᠨᠠᠵᠤ ᠣᠳᠪᠠ᠃
ᠭᠤᠷᠪᠠᠳᠠᠬᠢ ᠡᠳᠦᠷ ᠨᠢ ᠠᠩᠴᠢᠨᠵᠠᠪ ᠡᠳᠡᠨᠥᠰ ᠬᠠᠷ᠎ᠠ ᠴᠡᠷᠢᠭ ᠦ᠋ᠨ ᠰᠠᠭᠤᠷᠢᠰᠢᠭᠰᠠᠨ ᠦᠶᠦᠸᠠᠨ ᠪᠠᠯᠭᠠᠰᠤᠨ ᠤ᠋ ᠠᠷᠤ ᠠᠭᠤᠯᠠ ᠶ᠋ᠢᠨ ᠤᠤᠪᠤᠯᠠᠭ ᠤ᠋ᠨ ᠭᠣᠣᠯ ᠳ᠋ᠤ᠌ ᠨᠢᠭᠤᠭᠳᠠᠵᠤ ᠰᠡᠭᠦᠳᠡᠷ ᠤᠨᠠᠭᠠᠪᠠ᠃ ᠰᠢᠷ᠎ᠠ ᠪᠦᠷᠦᠢ ᠲᠠᠰᠤᠷᠠᠵᠤ ᠠᠯᠤᠰ ᠤ᠋ᠨ ᠪᠠᠷ᠎ᠠ ᠪᠥᠷᠲᠥᠯᠵᠡᠬᠦ ᠲᠡᠢ ᠵᠡᠷᠭᠡ ᠡᠨᠳᠡ ᠡᠴᠡ ᠵᠦᠭ ᠵᠦᠭ ᠲᠡᠭᠡᠨ ᠬᠥᠳᠡᠯᠬᠦ ᠪᠡᠷ ᠪᠣᠯᠵᠣᠭᠰᠠᠨ ᠪᠣᠯᠬᠣᠷ ᠬᠥᠮᠦᠨ ᠮᠣᠷᠢ ᠭᠡᠰᠡᠨ ᠦᠭᠡᠢ ᠲᠦᠷᠳ᠋ ᠬᠢᠵᠦ ᠪᠣᠰᠬᠤ ᠳ᠋ᠤ᠌ ᠪᠡᠯᠡᠬᠡᠨ ᠪᠠᠢᠪᠠ᠃ ᠲᠡᠭᠡᠲᠡᠯ᠎ᠡ ᠡᠮᠦᠨ᠎ᠡ ᠵᠦᠭ ᠡᠴᠡ ᠮᠣᠷᠢᠨ ᠤ᠋ ᠲᠦᠪᠡᠷᠭᠡᠨ ᠲᠠᠴᠢᠭᠢᠨᠠᠨ ᠰᠣᠨᠣᠰᠳᠠᠵᠤ ᠪᠦᠷᠦᠭ ᠪᠠᠷᠤᠭ ᠲᠤ ᠬᠣᠶᠠᠷ ᠮᠣᠷᠢᠲᠠᠨ ᠠᠢᠰᠤᠢ ᠬᠠᠷᠠᠭᠳᠠᠨ᠎ᠠ᠃ ᠲᠤᠷᠰᠢᠭᠤᠯ ᠳ᠋ᠤ᠌ ᠶᠠᠪᠤᠭᠰᠠᠨ ᠲᠡᠮᠦᠷᠰᠦᠢ᠍ᠬᠡ ᠨᠥᠭᠦᠭᠡ ᠨᠢᠭᠡ ᠬᠥᠮᠦᠨ ᠲᠡᠢ ᠪᠡᠨ ᠢᠷᠡᠵᠦ ᠪᠠᠢᠯ᠎ᠠ᠃
ᠬᠥᠯᠥᠰᠥ ᠪᠠᠭᠠᠭᠢᠨ ᠠᠭᠠᠬᠢᠯᠵᠠᠭᠰᠠᠨ ᠮᠣᠷᠢ ᠪᠠᠨ ᠬᠠᠷᠠᠭᠠᠳ᠂
— ᠸᠠᠩ ᠰᠣᠬᠣᠷ ᠡᠨᠳᠡ ᠪᠡᠨ ᠪᠠᠢᠬᠤ ᠦᠭᠡᠢ ᠪᠠᠢᠨ᠎ᠠ ᠭᠡᠪᠡ᠃
— ᠬᠠᠮᠢᠭᠠᠰᠢ ᠪᠠᠨ ᠵᠢᠯᠢᠢᠴᠢᠬᠡᠭᠰᠡᠨ ᠪᠣᠯ?
— ᠮᠡᠳᠡᠬᠦ ᠦᠭᠡᠢ᠃ ᠥᠨᠥᠬᠢ ᠢᠮᠠᠭᠠᠨ ᠳᠠᠭᠤᠲᠤ ᠴᠢᠨᠢ ᠬᠠᠷᠢᠨ ᠪᠠᠢᠬᠤ ᠰᠤᠷᠠᠭ ᠲᠠᠢ᠃
— ᠴᠢᠭᠢᠶᠡᠲᠦᠷᠦᠦ᠂ ᠤᠬᠠᠭᠠᠨ ᠳ᠋ᠤᠨᠢ ᠰᠢᠮᠨᠤᠰ ᠡᠭᠦᠷᠯᠡᠴᠢᠬᠡᠭᠰᠡᠨ ᠵᠣᠯᠢᠭ ᠶᠤᠮ ᠠ᠋! ᠪᠣᠷᠣ ᠴᠡᠷᠢᠭ ᠲᠦ᠍ ᠮᠤᠯᠲᠤ ᠠᠪᠤᠭᠤᠯᠴᠢᠬᠠᠭᠠᠳ ᠪᠠᠰᠠ ᠬᠠᠰᠢᠷᠠᠳᠠᠭ ᠦᠭᠡᠢ ᠲᠣᠯᠣᠭᠠᠢ᠁ ᠪᠠᠢᠵᠠ! ᠤᠷᠢᠳ ᠢ᠋ᠶ᠋ᠠᠷ ᠡᠨᠡ ᠢᠮᠠᠭᠠᠨ ᠳᠠᠭᠤᠲᠤ ᠥᠯᠵᠡᠢᠰᠠᠩ ᠢ᠋ ᠤᠬᠠᠭᠠᠨ ᠬᠢᠴᠢᠬᠡᠭᠡᠳ ᠪᠣᠯᠤᠶ᠎ᠠ! ᠵᠠ᠂ ᠲᠠ ᠬᠣᠶᠠᠷ ᠭᠣᠣᠯ ᠢ᠋ᠶ᠋ᠠᠨ ᠵᠢᠭᠠᠯ ᠵᠢᠭᠤᠯ ᠨᠣᠷᠭᠠᠵᠤ᠂ ᠮᠣᠷᠢ ᠪᠠᠨ ᠵᠢᠭᠠᠬᠠᠨ ᠠᠮᠠᠷᠠᠭᠠᠭᠠᠳ ᠠᠪ! ᠭᠡᠳ ᠠᠩᠴᠢᠨᠵᠠᠪ ᠭᠠᠩᠰᠠ ᠪᠠᠨ ᠨᠠᠷᠠᠨ ᠲᠠᠮᠠᠬᠢᠯᠠᠪᠠ᠃
— ᠶᠠᠭᠠᠷᠠᠬᠤ ᠶᠠᠭᠤ ᠪᠣᠢ! ᠥᠨᠥᠬᠢ ᠴᠢᠨᠢ ᠥᠨᠥ ᠣᠷᠣᠢ ᠦᠶᠦᠸᠠᠨ ᠪᠠᠯᠭᠠᠰᠤᠨ ᠤ᠋ ᠪᠠᠶᠠᠨ ᠲᠠᠩᠨᠠᠢ ᠭᠤᠸᠠᠨᠰᠠᠨ ᠳ᠋ᠤ᠌ ᠬᠠᠷ᠎ᠠ ᠲᠠᠮᠠᠬᠢᠨ ᠤ᠋ ᠵᠠᠩ ᠢ᠋ ᠲᠠᠢᠯᠬᠤ ᠶᠤᠮ ᠭᠡᠨ᠎ᠡ᠃
— ᠬᠠᠷ᠎ᠠ ᠲᠠᠮᠠᠬᠢᠨ ᠤ᠋ ᠵᠠᠩ ᠭᠡᠨ᠎ᠡ⁈
— ᠳᠡᠪᠰᠡᠭ ᠦ᠋ᠨ ᠠᠭᠤᠯᠠᠨ ᠳ᠋ᠠᠬᠢ ᠬᠤᠷᠤᠭᠤᠪᠴᠢᠨ ᠴᠢᠷᠠᠢᠲᠤ ᠬᠠᠷ᠎ᠠ ᠲᠠᠮᠠᠬᠢᠨ ᠤ᠋ ᠵᠠᠩᠭᠤᠢᠳᠠ ᠠ᠋! ᠭᠡᠵᠦ ᠲᠡᠮᠦᠷᠰᠦᠢ᠍ᠬᠡ ᠬᠠᠵᠠᠭᠤ ᠠ᠋ᠴᠠ ᠨᠢ ᠬᠡᠯᠡᠭᠰᠡᠨ ᠳ᠋ᠦ᠍᠄
— ᠠ᠂ ᠮᠡᠳᠡᠯ᠎ᠡ! ᠬᠠᠷ᠎ᠠ ᠲᠠᠮᠠᠬᠢᠨ ᠤ᠋ ᠡᠭᠦᠷ ᠨᠢ ᠪᠣᠷᠣ ᠴᠡᠷᠢᠭ ᠲᠦ᠍ ᠭᠠᠯᠳᠠᠭᠳᠠᠭᠰᠠᠨ ᠶᠤᠮ ᠴᠢᠨᠢ᠂ ᠸᠠᠩ ᠰᠣᠬᠣᠷ ᠢ᠋ᠶ᠋ᠠᠨ ᠡᠷᠢᠵᠦ ᠣᠴᠢᠭᠰᠠᠨ ᠪᠠᠢᠯᠭᠦᠢ! ᠭᠡᠪᠡ᠃
— ᠶᠠᠭ ᠳᠠ! ᠭᠡᠳ ᠪᠣᠷᠴᠠ ᠬᠡᠮᠡᠯᠢᠵᠦ ᠰᠠᠭᠤᠭᠰᠠᠨ ᠨᠠᠢ᠍ᠮᠡᠨᠵᠢᠩ ᠲᠡᠭᠦᠨ ᠦ᠌ ᠦᠭᠡ ᠶ᠋ᠢ ᠵᠥᠪᠲᠦᠭᠡᠵᠦ ᠬᠡᠯᠡᠨ᠎ᠡ᠃
— ᠥᠯᠵᠡᠢᠰᠠᠩ ᠥᠨᠥ ᠣᠷᠣᠢ ᠬᠤᠷᠤᠭᠤᠪᠴᠢᠨ ᠴᠢᠷᠠᠢᠲᠤ ᠵᠠᠩ ᠢ᠋ ᠳᠠᠢᠯᠠᠬᠤ ᠭᠡᠰᠡᠨ ᠨᠢ ᠯᠠᠪ ᠤᠤ?
— ᠯᠠᠪ ᠂ ᠯᠠᠪ᠃ ᠪᠠᠶᠠᠨ ᠲᠠᠩᠨᠠᠢ ᠭᠤᠸᠨᠨᠰᠠᠨ ᠤ᠋ ᠵᠠᠩᠭᠤᠢᠳᠠ ᠨᠢ ᠶᠠᠩ ᠣᠪᠣᠭ ᠲᠠᠢ ᠱᠠᠨᠰᠢ ᠬᠢᠲᠠᠳ ᠶᠤᠮ᠃ ᠮᠢᠨᠦ ᠲᠠᠨᠢᠯ ᠤ᠋ᠨ ᠠᠬ᠎ᠠ ᠳᠡᠭᠦᠦ ᠶᠦᠮ ᠴᠢᠨᠢ ᠠᠷᠠᠢ ᠬᠤᠳᠠᠯ ᠬᠡᠯᠡᠬᠦ ᠦᠭᠡᠢ ᠪᠠᠢᠯᠭᠦᠢ ᠭᠡᠰᠡᠨ ᠳ᠋ᠦ᠍ ᠠᠩᠴᠢᠨᠵᠠᠪ ᠮᠣᠷᠢᠨ ᠤ᠋ ᠪᠠᠨ ᠣᠯᠣᠩ ᠢ᠋ ᠴᠢᠩᠭᠠᠯᠠᠵᠤ《ᠵᠠ᠂ ᠶᠠᠪᠤᠶ᠎ᠠ!》 ᠭᠡᠵᠦ ᠵᠠᠩᠴᠤᠪ᠂ ᠨᠠᠢ᠍ᠮᠠᠨᠵᠢᠩ᠂ ᠲᠡᠮᠦᠷᠰᠦᠢ᠍ᠬᠡ ᠨᠠᠷ ᠢ᠋ ᠳᠠᠭᠠᠭᠤᠯᠵᠤ ᠡᠮᠦᠨᠡᠰᠢᠯᠡᠬᠦ ᠪᠡᠷ ᠪᠣᠯᠤᠭᠠᠳ ᠨᠥᠭᠥᠭᠡᠳᠦᠭᠦᠯᠡ ᠪᠡᠨ《ᠲᠠ ᠨᠠᠷ ᠬᠡᠳᠦ ᠬᠡᠳᠦ ᠪᠡᠷ ᠢ᠋ᠶ᠋ᠡᠨ ᠴᠤᠪᠤᠷᠠᠵᠤ ᠶᠠᠪᠤᠨ ᠪᠣᠯᠬᠤ ᠶ᠋ᠢᠨ ᠳᠣᠲᠣᠷ᠎ᠠ ᠭᠡᠷ ᠲᠡᠷᠭᠡ᠂ ᠪᠦᠰᠡᠭᠦᠢ ᠬᠡᠦᠬᠡᠳ ᠢ᠋ᠶ᠋ᠡᠨ ᠡᠪᠲᠡᠢ ᠲᠣᠬᠢᠷᠠᠭᠤᠯᠵᠤ ᠵᠠᠢᠯᠠᠭᠤᠯ! ᠴᠣᠭᠪᠠᠭᠠᠲᠤᠷ ᠤ᠋ᠨ ᠴᠡᠷᠢᠭ ᠲᠦ᠍ ᠥᠷᠲᠥᠬᠦ ᠡᠴᠡ ᠬᠡᠷᠰᠡᠦᠯᠡᠵᠦ ᠶᠠᠪᠤ! ᠪᠣᠯᠪᠠᠯ ᠳᠤᠭᠠᠷᠵᠠᠪ ᠲᠠᠢ ᠬᠣᠯᠪᠣᠭ᠎ᠠ ᠪᠠᠷᠢᠬᠤ ᠶ᠋ᠢ ᠪᠣᠳᠣᠭᠠᠷᠠᠢ!》 ᠭᠡᠳ ᠪᠦᠷᠦᠭ ᠬᠠᠷᠠᠩᠭᠤᠢ ᠳ᠋ᠤ᠌ ᠲᠦᠳᠡᠬᠡᠨ ᠳᠠᠪᠬᠢᠵᠤ ᠣᠳᠪᠠ᠃ ᠬᠠᠳᠠ ᠴᠢᠯᠠᠭᠤ ᠪᠠᠷᠲᠠᠭ᠎ᠠ ᠶᠡᠬᠡᠲᠡᠢ ᠤᠤᠪᠤᠯᠠᠭ ᠤ᠋ᠨ ᠭᠣᠣᠯ ᠢ᠋ᠶ᠋ᠠᠷ ᠳᠣᠪᠲᠣᠯᠤᠭᠰᠠᠨ ᠲᠠᠬ᠎ᠠ ᠲᠠᠢ ᠮᠣᠷᠢᠳ ᠤ᠋ᠨ ᠲᠤᠭᠤᠷᠠᠢ ᠠ᠋ᠴᠠ ᠣᠴᠢ ᠦᠰᠦᠷᠬᠢᠯᠡᠵᠦ᠂ ᠠᠩᠴᠢᠨᠵᠠᠪ ᠤ᠋ᠨ ᠤᠨᠤᠭᠰᠠᠨ ᠬᠤᠸᠠ ᠮᠣᠷᠢᠨ ᠤ᠋ ᠴᠠᠪᠢ ᠨᠢ《 ᠬᠣᠯ᠂ ᠬᠣᠯ᠁》 ᠭᠡᠵᠦ ᠠᠢᠵᠠᠮᠲᠠᠢ ᠳᠤᠤᠭᠠᠷᠬᠤ ᠨᠢ ᠡᠵᠡᠨ ᠦ᠌ ᠪᠡᠨ ᠵᠣᠷᠢᠭ ᠵᠣᠯᠪᠣᠭ᠎ᠠ ᠶ᠋ᠢ ᠰᠡᠷᠭᠦᠭᠡᠵᠦ ᠪᠠᠢᠭ᠎ᠠ ᠰᠢᠭ᠋ ᠠᠵᠢ᠃
ᠸᠠᠩ ᠬᠦᠩ ᠨᠣᠶᠠᠳ ᠢ᠋ ᠵᠣᠰᠣᠬᠣᠷᠬᠠᠵᠤ ᠮᠠᠯᠴᠢᠨ ᠠᠷᠠᠳ ᠢ᠋ ᠬᠢᠬᠠᠨ ᠳᠠᠷᠤᠯᠠᠳᠠᠭ ᠮᠠᠭᠤ ᠰᠣᠬᠣᠷ ᠳᠠᠮᠰᠢᠭ ᠴᠢ ᠥᠨᠥᠳᠥᠷ ᠴᠡᠷᠢᠭ ᠦ᠋ᠨ ᠬᠤᠸᠠᠷᠠᠨ ᠳ᠋ᠠᠭᠠᠨ ᠡᠵᠡᠭᠦᠢ ᠬᠠᠮᠢᠭ᠎ᠠ ᠲᠣᠨᠢᠯᠪᠠ? ᠠᠵᠠ ᠶ᠋ᠢᠨ ᠲᠩᠷᠢ ᠴᠢᠮᠠᠶ᠋ᠢ ᠭᠠᠭᠴᠠᠭᠠᠷ ᠢ᠋ ᠢᠪᠡᠭᠡᠵᠡᠢ᠃ ᠡᠰᠡ ᠲᠡᠢᠮᠦ ᠪᠣᠯ ᠥᠨᠥᠳᠥᠷ ᠴᠢᠮ᠎ᠠ ᠳ᠋ᠤ᠌ ᠨᠢᠭᠡ ᠶ᠋ᠢ ᠦᠵᠡᠭᠦᠯᠬᠦ ᠰᠠᠨ᠁ ᠴᠢᠭᠢᠶᠡᠲᠦᠷᠦᠦ! ᠤᠷᠠᠳ ᠮᠣᠩᠭᠣᠯ ᠤ᠋ᠨ ᠭᠠᠵᠠᠷ ᠨᠤᠲᠤᠭ ᠠ᠋ᠴᠠ ᠬᠢᠮᠤᠰᠤᠯᠠᠵᠤ ᠮᠥᠩᠭᠥᠨ ᠦ᠌ ᠲᠤᠯᠤᠮ ᠳ᠋ᠠᠭᠠᠨ ᠢᠵᠠᠷᠠᠲᠠᠯ᠎ᠠ ᠰᠠᠪᠠᠯᠠᠭᠰᠠᠨ ᠴᠢᠨᠢ ᠠᠯᠢ ᠨᠢᠭᠡ ᠡᠳᠦᠷ ᠳᠡᠯᠪᠡᠷᠡᠬᠦ ᠪᠣᠢ! ᠭᠡᠵᠦ ᠸᠠᠩ ᠰᠣᠬᠣᠷ ᠢ᠋ ᠵᠠᠨᠤᠵᠤ᠂ ᠬᠡᠰᠡᠭ ᠴᠣᠭᠭᠢᠭᠤᠯᠵᠤ᠂ ᠬᠡᠰᠡᠭ ᠬᠠᠲᠠᠷᠢᠭᠤᠯᠤᠨ ᠶᠠᠪᠤᠵᠤ ᠨᠢᠭᠡ ᠮᠡᠳᠡᠬᠦ ᠳ᠋ᠦ᠍ ᠦᠶᠦᠸᠠᠨ ᠪᠠᠯᠭᠠᠰᠤᠨ ᠤ᠋ ᠠᠷᠤ ᠵᠣ ᠳ᠋ᠤ᠌ ᠢᠷᠡᠭᠰᠡᠨ ᠪᠠᠢᠪᠠ᠃
ᠪᠠᠯᠭᠠᠰᠤᠨ ᠤ᠋ ᠬᠣᠢᠲᠤ ᠵᠠᠬ᠎ᠠ ᠬᠠᠶᠠᠭᠠᠯᠠᠭᠰᠠᠨ ᠪᠣᠭᠣᠨᠢ ᠪᠣᠭᠣᠨᠢ ᠰᠠᠷᠠᠪᠴᠢ ᠲᠠᠢ ᠰᠢᠪᠠᠷ ᠪᠠᠢᠰᠢᠩ ᠤ᠋ᠨ ᠠᠷᠤ ᠬᠡᠷᠡᠮ ᠡᠴᠡ ᠵᠠᠢᠰᠬᠠᠨ ᠭᠠᠵᠠᠷ ᠮᠣᠷᠢᠳ ᠢ᠋ᠶ᠋ᠠᠨ ᠴᠣᠮᠣᠵᠤ ᠲᠠᠯᠪᠢᠭᠠᠳ ᠬᠡᠳᠦᠭᠦᠯᠡ ᠪᠠᠶᠠᠨ ᠲᠠᠩᠨᠠᠢ ᠭᠤᠸᠠᠨᠰᠠ ᠤᠷᠤᠭᠤ ᠱᠠᠯᠠᠪ ᠬᠥᠳᠡᠯᠪᠡ᠃
ᠲᠣᠰᠬᠣᠨ ᠤ᠋ ᠨᠣᠬᠠᠳ ᠰᠢᠩᠭᠡᠨ ᠳᠠᠭᠤ ᠪᠠᠷ ᠶᠠᠩᠰᠢᠨ ᠬᠣᠷᠭᠣᠭᠣᠬᠤ ᠨᠢ ᠡᠳᠡᠨᠥᠰ ᠲᠦ᠍ ᠶᠣᠣᠵᠠ ᠦᠭᠡᠢ ᠰᠣᠨᠣᠰᠳᠠᠨ᠎ᠠ᠃
— ᠪᠠᠯᠭᠠᠰᠤᠨ ᠤ᠋ ᠭᠣᠣᠯ ᠵᠡᠭᠡᠯᠢ ᠶ᠋ᠢᠨ ᠪᠠᠷᠠᠭᠤᠨ ᠬᠠᠶᠠᠭᠠᠨ ᠳ᠋ᠤ᠌ ᠥᠩᠭᠡᠢᠭᠰᠡᠨ ᠥᠨᠳᠥᠷ ᠰᠠᠷᠠᠪᠴᠢ᠂ ᠮᠠᠢᠬᠠᠨ ᠣᠷᠣᠢᠲᠠᠢ ᠲᠣᠭᠣᠰᠬᠠᠨ ᠭᠡᠷ ᠦ᠋ᠨ ᠡᠭᠦᠳᠡᠨ ᠳ᠋ᠦ᠍《ᠪᠠᠶᠠᠨ ᠲᠠᠩᠨᠠᠢ》 ᠭᠡᠰᠡᠨ ᠳᠥᠷᠪᠡᠯᠵᠢᠨ ᠦᠰᠦᠭ ᠲᠡᠢ ᠬᠣᠶᠠᠷ ᠤᠯᠠᠭᠠᠨ ᠳ᠋ᠧᠩᠯᠦ ᠡᠯᠭᠦᠵᠦ᠂ ᠭᠡᠷ ᠳᠣᠲᠣᠷ᠎ᠠ ᠤᠯᠠᠪᠤᠷ ᠯᠠ ᠶ᠋ᠢᠨ ᠰᠦᠮᠡᠯᠵᠡᠬᠦ ᠭᠡᠷᠡᠯ ᠳ᠋ᠦ᠍ ᠵᠠᠭᠤᠰᠢ ᠰᠠᠪᠬᠠᠯᠠᠵᠤ᠂ ᠬᠤᠨᠳᠠᠭ᠎ᠠ ᠡᠷᠭᠦᠭᠰᠡᠨ ᠨᠡᠯᠢᠶᠡᠳ ᠬᠡᠳᠦᠨ ᠬᠥᠮᠦᠨ ᠦ᠌ ᠲᠣᠯᠣᠭᠠᠢ ᠵᠢᠲᠡᠪ ᠵᠠᠳᠠᠪ ᠬᠠᠷᠠᠭᠳᠠᠨ᠎ᠠ᠃ ᠰᠢᠷᠡᠭᠡᠨ ᠦ᠌ ᠬᠣᠢᠮᠣᠷ ᠥᠨᠥᠬᠢ ᠬᠤᠷᠤᠭᠤᠪᠴᠢᠨ ᠴᠢᠷᠠᠢ ᠲᠠᠢ ᠵᠠᠩ ᠵᠠᠩᠭᠤᠢᠳᠠ ᠭᠡᠳᠡᠭ ᠨᠢ ᠪᠣᠯᠤᠯᠲᠠᠢ ᠶᠡᠬᠡ ᠯᠡ ᠯᠠᠷᠵᠢᠶᠠᠲᠠᠢ ᠭᠡᠳᠡᠢᠵᠦ ᠲᠡᠭᠦᠨ ᠦ᠌ ᠬᠠᠵᠠᠭᠤ ᠳ᠋ᠤ᠌ ᠥᠯᠵᠡᠢᠰᠠᠩ ᠪᠥᠬᠥᠯᠵᠡᠵᠦ ᠪᠣᠢ᠃
ᠲᠡᠮᠦᠷᠰᠦᠢ᠍ᠬᠡ ᠪᠤᠴᠠᠭᠠᠳ ᠮᠣᠷᠢᠳ ᠢ᠋ᠶ᠋ᠠᠨ ᠨᠠᠭᠠᠰᠢᠯᠠᠭᠤᠯᠬᠤ ᠪᠠᠷ ᠭᠦᠶᠦᠪᠡ᠃
— ᠴᠢ ᠳᠣᠲᠣᠷ᠎ᠠ ᠣᠷᠣᠵᠤ ᠶᠠᠩ ᠵᠠᠩᠭᠤᠢᠳᠠ ᠪᠠᠷ ᠢ᠋ᠶ᠋ᠠᠨ ᠥᠯᠵᠡᠢᠰᠠᠩ ᠢ᠋ ᠭᠠᠳᠠᠨ᠎ᠠ ᠬᠥᠮᠦᠨ ᠳᠠᠭᠤᠳᠠᠵᠤ ᠪᠣᠢ ᠭᠡᠳ ᠬᠡᠯᠡ ᠥᠭᠭᠦᠭᠡᠳ ᠠᠵᠢᠭ ᠴᠦ᠍ ᠦᠭᠡᠢ ᠭᠠᠷᠴᠤ ᠶᠠᠪᠤ! ᠭᠡᠬᠦ ᠳ᠋ᠡᠭᠡᠨ ᠬᠡᠷᠰᠡᠦᠯᠡ᠂ ᠴᠠᠭᠠᠳᠤᠭᠤᠯᠠ ᠳ᠋ᠠᠭᠠᠨ ᠪᠢᠲᠡᠭᠡᠢ ᠰᠡᠵᠢᠭ ᠠᠪᠤᠭᠤᠯ! ᠭᠡᠵᠦ ᠠᠩᠴᠢᠨᠵᠠᠪ ᠨᠠᠢ᠍ᠮᠨᠨᠵᠢᠩ ᠳ᠋ᠤ᠌ ᠵᠠᠬᠢᠴᠢᠬᠠᠭᠠᠳ ᠵᠠᠩᠴᠣᠪ ᠲᠠᠢ ᠬᠣᠶᠠᠭᠤᠯᠠ ᠭᠤᠸᠠᠨᠰᠠᠨ ᠤ᠋ ᠬᠠᠭᠠᠯᠭᠠᠨ ᠤ᠋ ᠬᠣᠶᠠᠷ ᠲᠠᠯ᠎ᠠ ᠶ᠋ᠢ ᠠᠪᠴᠤ ᠵᠣᠭᠰᠣᠪᠠ᠃
ᠨᠢᠭᠡ ᠲᠠᠮᠠᠬᠢᠯᠠᠬᠤ ᠵᠠᠪ ᠪᠣᠯᠤᠭᠰᠠᠨ ᠦᠭᠡᠢ ᠥᠯᠵᠡᠢᠰᠠᠩ ᠡᠭᠦᠳᠡ ᠳᠥᠭᠥᠵᠦ ᠢᠷᠡᠪᠡ᠃
ᠬᠠᠭᠠᠯᠭᠠᠨ ᠤ᠋ ᠬᠣᠶᠠᠷ ᠲᠠᠯ᠎ᠠ ᠶ᠋ᠢ ᠠᠮᠠᠳᠠᠵᠤ ᠵᠣᠭᠰᠣᠭᠰᠠᠨ ᠲᠡᠳᠡ ᠬᠣᠶᠠᠷ ᠥᠯᠵᠡᠢᠰᠠᠩ ᠢ᠋ ᠡᠭᠦᠳᠡ ᠪᠡᠷ ᠲᠣᠯᠣᠭᠠᠢ ᠪᠠᠨ ᠪᠤᠯᠲᠠᠢᠯᠭᠠᠮᠠᠭᠴᠠ ᠬᠦᠵᠦᠭᠦᠳᠡᠵᠦ ᠠᠪᠤᠭᠠᠳ ᠠᠮᠠᠨ ᠳ᠋ᠤᠨᠢ ᠶᠣᠷᠣᠭ ᠴᠢᠬᠢᠵᠦ ᠲᠣᠯᠣᠭᠠᠢ ᠳ᠋ᠤᠨᠢ ᠰᠤᠮᠠᠯ ᠤᠭᠯᠠᠭᠠᠳ ᠵᠠᠭᠵᠠᠢᠲᠠᠯᠠ ᠬᠦᠯᠢᠪᠡ᠃ ᠲᠡᠭᠡᠲᠡᠯ᠎ᠡ ᠲᠡᠮᠦᠷᠰᠦᠢ᠍ᠬᠡ ᠴᠦ᠍ ᠮᠣᠷᠢᠳ ᠢ᠋ ᠣᠢᠷᠠᠳᠤᠭᠤᠯᠵᠤ ᠢᠷᠡᠪᠡ᠃ ᠠᠩᠴᠢᠨᠵᠠᠪ ᠨᠥᠭᠦᠭᠡ ᠬᠥᠲᠥᠯᠦᠭᠡ ᠮᠣᠷᠢᠨ ᠳᠡᠭᠡᠷ᠎ᠡ ᠪᠡᠨ ᠥᠯᠵᠡᠢᠰᠠᠩ ᠢ᠋ ᠦᠬᠦᠭᠡᠷ ᠠᠴᠢᠭᠰᠠᠨ ᠶᠤᠮ ᠰᠢᠭ᠋ ᠭᠠᠨᠵᠤᠭ᠎ᠠ ᠪᠠᠷ ᠨᠢ ᠴᠢᠩᠭ᠎ᠠ ᠤᠶᠠᠵᠤ ᠳᠠᠷᠤᠭᠤᠯᠤᠭᠠᠳ ᠵᠡᠭᠦᠨᠰᠢ ᠮᠠᠨᠠᠷᠠᠭᠠᠪᠠ᠃
ᠬᠣᠭᠣᠰᠣᠨ ᠡᠮᠡᠭᠡᠯ ᠳᠡᠭᠡᠷ᠎ᠡ ᠬᠥᠨᠳᠡᠯᠢᠳᠦᠭᠦᠯᠦᠨ ᠠᠴᠢᠭᠳᠠᠭᠰᠠᠨ ᠥᠯᠵᠡᠢᠰᠠᠩ ᠮᠣᠷᠢᠨ ᠤ᠋ ᠳᠠᠪᠬᠢᠶᠠᠨ ᠳ᠋ᠤ᠌ ᠡᠯᠢᠭᠡ ᠠᠭᠤᠰᠬᠢ ᠨᠢ ᠰᠠᠪᠠᠭᠳᠠᠵᠤ ᠰᠤᠮᠠᠯ ᠳᠣᠲᠣᠷ᠎ᠠ ᠠᠭᠠᠬᠢᠯᠠᠬᠤ ᠠ᠋ᠴᠠ ᠴᠠᠭᠠᠰᠢ ᠦᠭᠡᠢ᠃《ᠶᠠᠮᠠᠷ ᠬᠥᠮᠦᠨ ᠨᠠᠮᠠᠶ᠋ᠢ ᠢᠩᠭᠢᠵᠦ ᠠᠮᠢᠳᠤ ᠪᠠᠷ ᠲᠠᠮᠤᠯᠠᠵᠤ ᠪᠠᠢᠭ᠎ᠠ ᠨᠢ ᠡᠨᠡ ᠪᠣᠢ⁈》 ᠭᠡᠵᠦ ᠳᠡᠮᠡᠢ ᠯᠡ ᠰᠡᠵᠢᠭ ᠡᠪᠦᠷᠯᠡᠵᠦ ᠪᠢᠲᠡᠭᠦᠬᠡᠨ ᠠᠭᠤᠷᠯᠠᠬᠤ ᠠ᠋ᠴᠠ ᠥᠭᠡᠷ᠎ᠡ ᠶᠠᠮᠠᠷ ᠴᠦ᠍ ᠠᠷᠭ᠎ᠠ ᠦᠭᠡᠢ ᠪᠠᠢᠯ᠎ᠠ᠃
ᠡᠨᠡ ᠰᠠᠢᠨ ᠡᠷᠡᠰ ᠦ᠋ᠳ ᠰᠥᠨᠢᠵᠢᠨ ᠮᠣᠷᠳᠠᠭᠠᠳ ᠮᠠᠷᠭᠠᠲᠤᠷ ᠤ᠋ᠨ ᠬᠢᠨᠢ ᠪᠠᠭ᠎ᠠ ᠦᠳᠡ ᠶ᠋ᠢᠨ ᠠᠯᠲᠠ ᠳ᠋ᠤ᠌ ᠥᠯᠥᠩᠲᠦ ᠶ᠋ᠢᠨ ᠡᠬᠢ ᠳ᠋ᠦ᠍ ᠭᠠᠷᠪᠠ᠃
ᠴᠤᠴᠠᠯᠲᠠ ᠦᠭᠡᠢ ᠳᠠᠪᠬᠢᠭᠰᠠᠨ ᠮᠣᠷᠢᠳ ᠤᠰᠤᠨ ᠬᠤᠯᠤᠭᠠᠨ᠎ᠠ ᠪᠣᠯᠵᠤ ᠰᠠᠮᠰᠠ ᠨᠢ ᠰᠡᠷᠡᠢᠭᠰᠡᠨ ᠬᠠᠮᠠᠷ ᠨᠢ ᠠᠮᠢᠰᠬᠤᠯ ᠢ᠋ ᠨᠢ ᠳᠠᠭᠠᠭᠠᠳ ᠣᠩᠭᠣᠯᠵᠠᠨᠠ᠃
ᠨᠠᠮᠤᠷ ᠤ᠋ᠨ ᠮᠣᠷᠢᠳ ᠢ᠋ ᠢᠩᠭᠢᠵᠦ ᠰᠢᠪᠠᠷ ᠬᠥᠯᠥᠰᠥ ᠶ᠋ᠢ ᠨᠢ ᠰᠢᠪᠬᠠᠵᠤ ᠳᠠᠪᠬᠢᠭᠤᠯᠬᠤ ᠨᠢ ᠦᠨᠡᠨ ᠳ᠋ᠡᠭᠡᠨ ᠮᠠᠭᠤ ᠶᠤᠮ ᠭᠡᠰᠡᠨ ᠪᠣᠯᠤᠯᠲᠠᠢ ᠮᠣᠷᠢᠨ ᠤ᠋ ᠪᠠᠨ ᠣᠯᠣᠩ ᠢ᠋ ᠰᠤᠯᠠᠯᠠᠵᠤ ᠨᠢᠷᠤᠭᠤᠨ ᠤ᠋ ᠬᠢᠨᠢ ᠬᠥᠯᠥᠰᠥ ᠶ᠋ᠢ ᠶᠠᠯᠢ ᠦᠭᠡᠢ ᠰᠡᠪᠢᠵᠦ ᠡᠮᠡᠭᠡᠯ ᠢ᠋ ᠨᠢ ᠵᠠᠰᠠᠵᠤ ᠵᠣᠭᠰᠣᠭᠰᠠᠨ ᠵᠠᠩᠴᠤᠪ ᠢ᠋ ᠠᠩᠴᠢᠨᠵᠠᠪ ᠬᠠᠷᠠᠭᠠᠳ ᠵᠢᠷᠦᠬᠡ ᠨᠢ ᠡᠪᠡᠳᠦᠭᠰᠡᠨ ᠪᠣᠯᠪᠠᠴᠤ ᠡᠨᠡ ᠬᠡᠳᠦᠨ ᠡᠳᠦᠷ ᠳᠡᠮᠡᠢ ᠡᠪᠡᠰᠦ ᠬᠠᠵᠠᠯᠠᠭᠤᠯᠤᠭᠰᠠᠨ ᠦᠭᠡᠢ ᠶᠦᠮ ᠴᠢᠨᠢ ᠠᠷᠠᠢ ᠭᠠᠢᠭᠤᠢ ᠪᠠᠢᠬ᠎ᠠ ᠠ᠋! ᠭᠡᠵᠦ ᠬᠤᠸᠠ ᠮᠣᠷᠢᠨ ᠤ᠋ ᠪᠠᠨ ᠴᠤᠯᠪᠤᠭᠤᠷ ᠢ᠋ ᠲᠡᠮᠦᠷᠰᠦᠢ᠍ᠬᠡ ᠳ᠋ᠦ᠍ ᠥᠭᠴᠦ《ᠮᠢᠨᠦ ᠬᠦᠦ ᠡᠨᠡ ᠬᠡᠳᠦᠨ ᠮᠣᠷᠢᠨ ᠤ᠋ ᠬᠥᠯᠥᠰᠥ ᠶ᠋ᠢ ᠨᠢ ᠰᠡᠪᠢᠵᠦ ᠬᠥᠯ ᠨᠢᠷᠤᠭᠤ ᠶ᠋ᠢ ᠨᠢ ᠵᠢᠭᠠᠬᠠᠨ ᠰᠢᠯᠭᠡᠭᠡᠭᠡᠳ ᠠᠪ!》 ᠭᠡᠳ ᠥᠨᠥᠬᠢ ᠥᠯᠵᠡᠢᠰᠠᠩ ᠢ᠋ ᠮᠣᠷᠢᠨ ᠳᠡᠭᠡᠷ᠎ᠡ ᠡᠴᠡ ᠪᠠᠭᠤᠯᠭᠠᠪᠠ᠃
ᠮᠣᠷᠢᠨ ᠳᠡᠭᠡᠷ᠎ᠡ ᠨᠢᠭᠡ ᠰᠥᠨᠢ ᠨᠦᠳᠦᠭᠦᠯᠵᠦ ᠲᠡᠪᠴᠢᠶᠡᠷᠢ ᠠᠯᠳᠠᠭᠰᠠᠨ ᠥᠯᠵᠡᠢᠰᠠᠩ ᠪᠠᠷᠤᠭ ᠦᠬᠦᠬᠦ ᠶ᠋ᠢᠨ ᠨᠠᠭᠠᠭᠤᠷ ᠶᠠᠭᠤᠮ᠎ᠠ ᠪᠣᠯᠵᠤ ᠬᠡᠢ ᠨᠢ ᠲᠠᠯᠪᠢᠭᠳᠠᠭᠰᠠᠨ ᠳᠠᠪᠤᠰᠠᠩ ᠰᠢᠭ᠋ ᠬᠠᠮᠰᠢᠢᠨ ᠪᠠᠢᠪᠠ᠃ ᠨᠠᠢ᠍ᠮᠠᠨᠵᠢᠩ ᠲᠡᠭᠦᠨ ᠦ᠌ ᠬᠦᠯᠢᠶᠡᠰᠦ ᠶ᠋ᠢ ᠠᠯᠳᠠᠷᠠᠭᠠᠵᠤ ᠠᠮᠠᠨ ᠤ᠋ ᠪᠥᠭᠯᠡᠭᠡ ᠶ᠋ᠢ ᠨᠢ ᠠᠪᠤᠭᠰᠠᠨ ᠴᠦ᠍ ᠮᠥᠨ ᠯᠡ ᠠᠨᠢᠷ ᠦᠭᠡᠢ ᠨᠠᠪᠲᠠᠢᠨᠠ᠃
— ᠥᠯᠵᠡᠢᠰᠠᠩ᠂ ᠴᠢ ᠪᠣᠰ! ᠡᠨᠡ ᠬᠠᠮᠢᠭ᠎ᠠ ᠢᠷᠡᠪᠡ? ᠭᠡᠵᠦ ᠠᠩᠴᠢᠨᠵᠠᠪ ᠵᠠᠩᠳᠤᠷᠤᠭᠰᠠᠨ ᠳ᠋ᠤ᠌ ᠲᠡᠷᠡ ᠰᠣᠴᠢᠬᠤ ᠳ᠋ᠠᠭᠠᠨ ᠰᠢᠭᠡᠰᠦ ᠠᠯᠳᠠᠪᠠ᠃ ᠥᠯᠵᠡᠢᠰᠠᠩ ᠠᠩᠴᠢᠨᠵᠠᠪ ᠢ᠋ ᠬᠤᠯᠠᠭᠠᠢᠴᠢ ᠨᠣᠬᠠᠢ ᠰᠢᠭ᠋ ᠳᠣᠣᠭᠤᠷ ᠬᠠᠷᠠᠵᠤ《ᠠᠩᠴᠢᠨᠵᠠᠪ》 ᠭᠡᠵᠦ ᠰᠢᠪᠡᠨᠡᠭᠡᠳ ᠳᠠᠭᠠᠷᠠᠳᠠᠰᠤ ᠬᠦᠷᠴᠦ ᠪᠡᠶ᠎ᠡ ᠳ᠋ᠦ᠍ᠨᠢ ᠪᠤᠮᠠᠨ ᠪᠢᠵᠢᠷᠡᠦ ᠭᠠᠷᠴᠤ ᠥᠪᠡᠷ ᠦ᠋ᠨ ᠡᠷᠬᠡ ᠦᠭᠡᠢ ᠲᠠᠭᠵᠢᠪᠠ᠃
ᠨᠠᠢᠮᠠᠨᠵᠢᠩ ᠥᠯᠵᠡᠢᠰᠠᠩ ᠢ᠋ ᠵᠠᠭᠠᠮᠠᠳᠠᠵᠤ ᠪᠣᠰᠬᠠᠬᠤ ᠭᠡᠪᠡᠯ ᠬᠥᠯ ᠨᠢ ᠡᠪᠦᠳᠦᠭ ᠢ᠋ᠶ᠋ᠡᠷ ᠢ᠋ᠶ᠋ᠡᠨ ᠨᠤᠭᠤᠷᠠᠵᠤ ᠭᠤᠯᠢᠷ ᠢ᠋ᠶ᠋ᠠᠷ ᠨᠤᠬᠤᠭᠰᠠᠨ ᠶᠤᠮ ᠰᠢᠭ᠋ ᠭᠤᠯᠵᠢᠭᠠᠨᠠᠭᠠᠳ ᠵᠣᠭᠰᠣᠵᠤ ᠶᠠᠭ ᠳᠡᠢᠯᠬᠦ ᠦᠭᠡᠢ ᠪᠠᠢᠯ᠎ᠠ᠃
— ᠵᠣᠭᠰᠣᠵᠤ ᠳᠡᠢᠯᠬᠦ ᠦᠭᠡᠢ ᠪᠣᠯ ᠬᠤᠪᠴᠠᠰᠤ ᠬᠤᠨᠠᠷ ᠢ᠋ ᠨᠢ ᠲᠠᠢᠯᠵᠤ ᠣᠷᠭᠢ! ᠭᠡᠰᠡᠨ ᠳ᠋ᠦ᠍ ᠥᠯᠵᠡᠢᠰᠠᠩ ᠭᠡᠨᠡᠳᠲᠡ ᠭᠠᠵᠠᠷ ᠮᠠᠯᠲᠠᠨ ᠮᠥᠯᠬᠥᠵᠦ ᠠᠩᠴᠢᠨᠵᠠᠪ ᠤ᠋ᠨ ᠬᠥᠯ ᠢ᠋ ᠲᠡᠪᠡᠷᠢᠨ᠄
— ᠠᠶ᠎ᠠ᠂ ᠡᠴᠢ᠁ ᠡᠴᠢᠭᠡ ᠮᠢᠨᠢ ᠠ᠋! ᠠ᠁ ᠠᠮᠢ ᠶ᠋ᠢ ᠮᠢᠨᠢ ᠦᠯᠡ᠁ ᠦᠯᠡᠳᠡᠭᠡᠴᠢᠬᠡ᠁ ᠪᠢ ᠳᠠᠬᠢ᠁ ᠳᠠᠬᠢᠭᠠᠳ ᠲᠡᠭᠡ᠁ ᠲᠡᠭᠡᠬᠦ ᠦᠭᠡᠢ᠁ ᠭᠡᠵᠦ ᠤᠬᠢᠯᠠᠩᠨᠠᠨ ᠵᠠᠭᠤᠷᠠᠪᠠ᠃
— ᠲᠣᠨᠢᠯ! ᠴᠠᠭᠠᠰᠢ ᠪᠠᠨ! ᠮᠠᠭᠤ ᠵᠣᠯᠪᠢᠩ᠁ ᠭᠡᠵᠦ ᠠᠩᠴᠢᠨᠵᠠᠪ ᠥᠯᠵᠡᠢᠰᠠᠩ ᠢ᠋ ᠢᠰᠬᠦᠯᠦᠭᠰᠡᠨ ᠳ᠋ᠦ᠍ ᠡᠩᠭᠡᠷ ᠬᠠᠵᠠᠭᠤ ᠤᠷᠤᠭᠤ ᠪᠥᠮᠪᠥᠷᠢᠪᠡ᠃ ᠥᠯᠵᠡᠢᠰᠠᠩ ᠠᠩᠴᠢᠨᠵᠠᠪ ᠤᠷᠤᠭᠤ ᠳᠠᠬᠢᠨ ᠮᠥᠯᠬᠥᠵᠦ ᠮᠠᠯᠲᠠᠨ ᠬᠥᠯ ᠳᠣᠣᠷ᠎ᠠ ᠨᠢ ᠰᠥᠭᠥᠳᠦᠭᠡᠳ᠄
— ᠪᠢ᠁ ᠪᠢ᠁ ᠶᠠᠯᠠᠲᠠᠢ᠁ ᠪᠢ᠁ ᠪᠢ᠁ ᠶᠠᠯᠠᠲᠠᠢ᠁ ᠭᠡᠵᠦ ᠳᠠᠬᠢᠨ ᠳᠣᠯᠣᠭᠠᠨ ᠦᠭᠡ ᠪᠡᠨ ᠨᠤᠷᠰᠢᠨ ᠣᠷᠢᠯᠠᠵᠤ ᠰᠣᠯᠢᠶ᠎ᠠ ᠭᠠᠯᠵᠠᠭᠤ ᠲᠠᠢ ᠶᠤᠮ ᠰᠢᠭ᠋ ᠲᠦᠭᠦᠰᠢ ᠪᠡᠨ ᠠᠯᠠᠭᠠᠳᠠᠨ᠎ᠠ᠃
— ᠡᠨᠡ ᠮᠠᠭᠤ ᠵᠣᠯᠪᠢᠩ ᠢ᠋ ᠬᠤᠪᠴᠠᠰᠤ ᠶ᠋ᠢ ᠨᠢ ᠲᠠᠢᠯᠵᠤ ᠱᠠᠯᠳᠠᠩᠯᠠᠭᠠᠳ ᠲᠡᠷᠡ ᠪᠤᠷᠤᠭᠤ ᠬᠠᠷᠠᠭᠰᠠᠨ ᠪᠣᠷᠵᠢᠨ ᠬᠠᠳᠠᠨ ᠤ᠋ ᠡᠩᠭᠡᠷ ᠲᠡᠬᠢ ᠮᠤᠬᠤᠷ ᠬᠠᠢᠯᠠᠰᠤᠨ ᠠ᠋ᠴᠠ ᠡᠯᠭᠦ! ᠶᠠᠮᠠᠷ ᠰᠠᠢᠨ ᠳ᠋ᠠᠭᠠᠨ ᠵᠢᠯᠢᠢᠭᠴᠢ ᠮᠠᠨᠴᠤᠷᠭ᠎ᠠ ᠴᠢᠮᠠᠶ᠋ᠢ ᠡᠨᠡ ᠪᠢᠲᠡᠭᠦᠦ ᠬᠠᠷ᠎ᠠ ᠠᠭᠤᠯᠠᠨ ᠳ᠋ᠤ᠌ ᠠᠪᠴᠢᠷᠠᠵᠤ ᠮᠣᠳᠣᠨ ᠠ᠋ᠴᠠ ᠳᠡᠭᠦᠵᠢᠯᠡᠵᠦ ᠣᠷᠬᠢᠪᠠ⁈ ᠴᠢᠭᠢᠶᠡᠲᠦᠷᠦᠦ! ᠭᠡᠰᠡᠨ ᠳ᠋ᠦ᠍ ᠥᠯᠵᠡᠢᠰᠠᠩ᠄
—᠁ ᠮᠠᠨ᠁ ᠮᠠᠨᠴᠤᠷᠭ᠎ᠠ ᠶ᠋ᠢ ᠪᠢ᠁ ᠪᠢ᠁ ᠦᠭᠡᠢ ᠬᠢᠭᠰᠡᠨ᠁ ᠭᠡᠨ᠎ᠡ᠃
— ᠪᠣᠯᠢ! ᠶᠠᠩᠰᠢᠬᠤ ᠬᠡᠷᠡᠭ ᠦᠭᠡᠢ᠃ ᠮᠠᠨᠴᠤᠷᠭ᠎ᠠ ᠶ᠋ᠢ ᠬᠡᠨ ᠳᠠᠯᠳᠠᠭᠤᠷ ᠬᠠᠷ᠎ᠠ ᠬᠢᠭᠰᠡᠨ ᠢ᠋ ᠴᠢ ᠥᠪᠡᠷ ᠢ᠋ᠶ᠋ᠡᠨ ᠮᠡᠳᠡᠨ᠎ᠡ᠃ ᠲᠩᠷᠢ ᠪᠤᠷᠬᠠᠨ ᠴᠦ᠍ ᠲᠣᠪ ᠲᠣᠳᠣᠷᠬᠠᠢ ᠮᠡᠳᠡᠨ᠎ᠡ᠃ ᠥᠨᠥᠳᠥᠷ ᠪᠢ ᠴᠢᠮ᠎ᠠ ᠲᠠᠢ ᠡᠨᠡ ᠲᠡᠷᠡ ᠭᠡᠵᠦ ᠢᠯᠡᠭᠦᠦ ᠳᠤᠲᠠᠭᠤ ᠶᠠᠭᠤᠮ᠎ᠠ ᠬᠡᠯᠡᠯᠴᠡᠬᠦ ᠦᠭᠡᠢ᠃ ᠠᠮᠠ ᠪᠤᠵᠠᠷᠳᠠᠨᠠ᠁ ᠭᠡᠰᠡᠨ ᠳ᠋ᠦ᠍ ᠨᠠᠢ᠍ᠮᠠᠨᠵᠢᠩ ᠵᠠᠩᠴᠤᠪ ᠬᠣᠶᠠᠷ ᠥᠯᠵᠡᠢᠰᠠᠩ ᠢ᠋ ᠲᠦᠳᠡᠬᠡᠨ ᠵᠠᠭᠤᠷ᠎ᠠ ᠥᠨᠥᠬᠢ ᠬᠠᠢᠯᠠᠰᠤᠨ ᠮᠣᠳᠣᠨ ᠠ᠋ᠴᠠ ᠳᠡᠭᠦᠵᠢᠯᠡᠵᠦ ᠣᠷᠬᠢᠪᠠ᠃
—᠁ ᠢᠩᠭᠢ᠁ ᠢᠩᠭᠢᠬᠦ ᠶ᠋ᠢᠨ ᠣᠷᠣᠨ ᠳ᠋ᠤ᠌᠁ ᠲᠠ ᠨᠠᠷ ᠨᠠ᠁ ᠨᠠ᠁ ᠨᠠᠮᠠᠶ᠋ᠢ ᠲᠦᠷᠭᠡᠯᠡᠴᠢᠭᠡ! ᠭᠡᠵᠦ ᠥᠯᠵᠡᠢᠰᠠᠩ ᠤᠬᠢᠯᠠᠩᠨᠠᠨ ᠰᠠᠷᠪᠠᠭᠠᠨᠠᠭᠰᠠᠨ ᠳ᠋ᠤ᠌ ᠠᠩᠴᠢᠨᠵᠠᠪ᠄
— ᠬᠠᠮᠢᠭ᠎ᠠ ᠭᠠᠵᠠᠷ ᠤ᠋ᠨ ᠮᠠᠭᠤ ᠶᠣᠳᠠᠷ ᠢ᠋ᠶ᠋ᠠᠨ ᠴᠢᠷᠦᠭᠰᠡᠨ ᠭᠤᠢᠷᠠᠨᠴᠢ ᠶ᠋ᠢ ᠬᠦ᠂ ᠤᠷᠠᠳ ᠮᠣᠩᠭᠣᠯ ᠤ᠋ᠨ ᠤᠬᠢᠶᠠᠳᠠᠰᠤ ᠳᠣᠯᠢᠶᠠᠵᠤ ᠭᠡᠳᠡᠰᠦ ᠨᠢ ᠴᠠᠢᠭᠰᠠᠨ ᠳᠠᠮᠰᠢᠭ ᠶᠤᠮ ᠠ᠋ ᠴᠢ! ᠬᠡᠷᠡᠭ ᠦ᠋ᠨ ᠮᠠᠭᠤ ᠶ᠋ᠢ ᠦᠢᠯᠡᠳᠴᠦ ᠬᠥᠮᠦᠨ ᠠᠮᠢᠲᠠᠨ ᠢ᠋ ᠳᠡᠩᠰᠡᠯᠭᠡᠵᠦ ᠶᠠᠪᠤᠬᠤ ᠳ᠋ᠠᠭᠠᠨ ᠶᠠᠭᠠᠬᠢᠵᠤ ᠵᠢᠷᠭᠠᠵᠤ ᠪᠠᠢᠪᠠ⁈ ᠡᠷᠭᠢᠬᠦ ᠨᠢᠭᠡ ᠡᠳᠦᠷ ᠡᠨᠡ ᠵᠠᠶᠠᠭᠠᠨ ᠳ᠋ᠠᠭᠠᠨ ᠳᠠᠭᠤᠰᠬᠤ ᠪᠣᠯᠤᠭᠰᠠᠨ ᠢ᠋ᠶ᠋ᠠᠨ ᠪᠣᠳᠣᠵᠤ ᠥᠩᠭᠡᠷᠡᠪᠡ ᠤᠤ⁈ ᠭᠡᠪᠡ᠃
— ᠦᠭᠡᠢ᠂ ᠦᠭᠡᠢ᠁ ᠨᠠᠮᠠᠶ᠋ᠢ ᠨᠢᠭᠡ ᠯᠡ ᠰᠦ᠍᠁ ᠰᠤᠮᠤ ᠪᠠᠷ ᠲᠦᠷᠭᠡᠯᠡᠴᠢᠬᠡ ᠭᠡᠵᠦ ᠭᠣᠩᠰᠢᠭᠰᠠᠨ ᠳ᠋ᠤ᠌ ᠠᠩᠴᠢᠨᠵᠠᠪ᠄
— ᠭᠠᠭᠴᠠ ᠰᠤᠮᠤ ᠪᠠᠷ ᠴᠢᠮᠠᠶ᠋ᠢ ᠤᠨᠠᠭᠠᠵᠤ ᠪᠣᠯᠤᠨ᠎ᠠ᠂ ᠭᠡᠪᠡᠴᠦ ᠪᠢ ᠲᠡᠭᠡᠬᠦ ᠦᠭᠡᠢ᠂ ᠤᠴᠢᠷ ᠨᠢ ᠴᠢ ᠳᠠᠩᠴᠤ ᠵᠢᠷᠭᠠᠯᠲᠠᠢ ᠦᠬᠦᠨ᠎ᠡ᠃ ᠮᠥᠨ ᠴᠦ᠍ ᠭᠠᠷ ᠳᠠᠭᠠᠭᠠᠬᠤ ᠦᠭᠡᠢ ᠮᠠᠭᠤ ᠵᠣᠪᠠᠯᠭ᠎ᠠ ᠶ᠋ᠢ ᠫᠤᠤᠳᠠᠵᠤ ᠠᠯᠠᠪᠠ ᠭᠡᠰᠡᠨ ᠮᠠᠭᠤ ᠨᠡᠷ᠎ᠡ ᠨᠠᠳᠠ ᠬᠠᠯᠳᠠᠵᠤ ᠬᠡᠢ ᠮᠣᠷᠢ ᠬᠡᠪᠲᠡᠵᠦ ᠮᠡᠳᠡᠨ᠎ᠡ ᠭᠡᠪᠡ᠃
— ᠢᠩᠭᠢᠵᠦ ᠦ᠁ ᠬᠥᠬᠥ᠁ ᠦᠢ᠁ ᠯᠡᠷ ᠲᠡᠢ᠁ ᠭᠡᠵᠦ ᠢᠮᠠᠭᠠᠨ ᠳᠠᠭᠤ ᠪᠡᠷ ᠣᠷᠢᠯᠠᠭᠰᠠᠨ ᠨᠢ ᠥᠯᠥᠩᠲᠦ ᠶ᠋ᠢᠨ ᠡᠬᠢ ᠳ᠋ᠦ᠍ ᠰᠣᠯᠣᠭᠠᠢᠷᠠᠨ ᠰᠣᠨᠣᠰᠳᠠᠨ᠎ᠠ᠃
— ᠴᠢᠳᠠᠯ ᠴᠢᠨᠢ ᠪᠠᠢᠪᠠᠯ ᠴᠢᠨᠡᠭᠡ ᠪᠡᠷ ᠢ᠋ᠶ᠋ᠡᠨ ᠣᠷᠢᠯᠠ᠂ ᠪᠠᠰᠠ ᠨᠢᠭᠡ ᠪᠤᠷᠬᠠᠨ ᠰᠡᠳᠬᠢᠯ ᠲᠡᠢ ᠰᠠᠢᠨ ᠡᠷ᠎ᠡ ᠢᠷᠡᠵᠦ ᠴᠢᠮᠠᠶ᠋ᠢ ᠠᠪᠤᠷᠠᠵᠤ ᠮᠠᠭᠠᠳ᠃ ᠨᠢᠭᠡ ᠪᠣᠯ ᠦᠨᠡᠭᠡ ᠴᠢᠨᠣ᠎ᠠ ᠳᠠᠭᠤᠳᠠᠵᠤ ᠢᠷᠡᠭᠡᠳ ᠮᠠᠭᠤ ᠵᠣᠪᠠᠯᠭ᠎ᠠ ᠪᠠᠨ ᠰᠡᠭᠴᠢᠭᠦᠯᠦᠨᠡ ᠳᠡ! ᠪᠢ ᠭᠤᠷᠪᠠᠳᠠᠬᠢ ᠡᠳᠦᠷ ᠦ᠋ᠨ ᠡᠨᠡ ᠮᠥᠴᠡ ᠳ᠋ᠦ᠍ ᠡᠷᠭᠢᠵᠦ ᠢᠷᠡᠨ᠎ᠡ᠃ ᠲᠡᠷᠡ ᠪᠣᠯᠲᠠᠯ᠎ᠠ ᠠᠮᠢ ᠲᠠᠢ ᠪᠠᠢᠪᠠᠯ ᠠᠩᠴᠢᠨᠵᠠᠪ ᠪᠢ ᠴᠢᠮᠠᠶ᠋ᠢ ᠪᠠᠰᠠ ᠨᠢᠭᠡ ᠤᠳᠠᠭ᠎ᠠ ᠠᠮᠢ ᠶ᠋ᠢ ᠴᠢᠨᠢ ᠠᠪᠤᠷᠠᠶ᠎ᠠ! ᠲᠡᠭᠡᠪᠡᠯ ᠪᠤᠷᠬᠠᠨ ᠲᠩᠷᠢ ᠴᠢᠮᠠᠶ᠋ᠢ ᠢᠪᠡᠭᠡᠯᠡ ᠭᠡᠵᠦ ᠰᠠᠨᠠᠭᠠᠷᠠᠢ᠃ ᠡᠰᠡ ᠲᠡᠢᠮᠦ ᠪᠣᠯ ᠴᠢᠨᠣ᠎ᠠ ᠶ᠋ᠢᠨ ᠬᠣᠭᠣᠯᠠ ᠪᠣᠯᠤᠭ! ᠭᠡᠵᠦ ᠠᠩᠴᠢᠨᠵᠠᠪ ᠲᠡᠮᠦᠷᠰᠦᠢ᠍ᠬᠡ ᠶ᠋ᠢᠨ ᠭᠠᠷ ᠠ᠋ᠴᠠ ᠮᠣᠷᠢᠨ ᠤ᠋ ᠴᠤᠯᠪᠤᠭᠤᠷ ᠢ᠋ ᠠᠪᠬᠤ ᠳ᠋ᠤ᠌ ᠵᠠᠩᠴᠤᠪ ᠲᠣᠰᠴᠤ᠄
— ᠡᠨᠡ ᠬᠡᠷᠢᠶ᠎ᠡ ᠳᠣᠩᠰᠢᠭᠠᠳ ᠴᠢᠰᠤ ᠭᠠᠷᠬᠤ ᠦᠭᠡᠢ ᠰᠡᠷᠢᠰᠦ ᠪᠣᠯᠤᠭᠰᠠᠨ ᠵᠣᠪᠠᠯᠭ᠎ᠠ ᠶ᠋ᠢ ᠬᠠᠷᠢᠨ ᠬᠡᠯᠡᠵᠦ ᠮᠡᠳᠡᠬᠦ ᠦᠭᠡᠢ ᠰᠢᠦ! ᠦᠨᠡᠭᠡ ᠴᠢᠨᠣ᠎ᠠ ᠴᠦ᠍ ᠲᠡᠭᠦᠨ ᠢ᠋ ᠭᠣᠯᠣᠭᠠᠳ ᠰᠢᠩᠰᠢᠬᠦ ᠦᠭᠡᠢ ᠥᠩᠭᠡᠷᠡᠵᠦ ᠮᠡᠳᠡᠨ᠎ᠡ ᠭᠡᠪᠡ᠃
— ᠲᠡᠢᠮᠦ ᠴᠦ᠍ ᠪᠣᠯ ᠥᠯᠵᠡᠢᠰᠠᠩ ᠠᠮᠢ ᠪᠥᠭᠡᠳᠡᠢ᠂ ᠠᠵᠠᠲᠠᠢ ᠪᠣᠯᠤᠯ᠎ᠠ ᠭᠡᠵᠦ ᠪᠣᠳᠣᠭᠠᠷᠠᠢ! ᠵᠠ᠂ ᠶᠠᠪᠤᠶ᠎ᠠ ᠭᠡᠳ ᠮᠣᠷᠳᠠᠵᠠᠭᠠᠪᠠ᠃
ᠡᠨᠡ ᠬᠡᠳᠦᠭᠦᠯᠡ ᠪᠤᠷᠭᠠᠰᠤ ᠭᠠᠯᠲᠤᠰᠤ ᠪᠢᠲᠡᠭᠦᠦ ᠤᠷᠭᠤᠭᠰᠠᠨ ᠥᠯᠥᠩᠲᠦ ᠶ᠋ᠢᠨ ᠭᠣᠣᠯ ᠢ᠋ᠶ᠋ᠠᠷ ᠤᠷᠤᠭᠤᠳᠠᠬᠤ ᠳ᠋ᠤ᠌ ᠠᠷᠤ ᠳ᠋ᠤᠨᠢ《ᠠᠩ᠁ ᠴᠢᠨᠵᠠᠪ ᠠ᠋᠂ ᠠ᠁ ᠮᠢ᠁ ᠠᠪᠤ᠁ ᠠᠪᠤᠷᠠ᠁》 ᠭᠡᠬᠦ ᠢᠮᠠᠭᠠᠨ ᠳᠠᠭᠤ ᠴᠢᠬᠢ ᠬᠠᠳᠬᠤᠨ ᠶᠠᠩᠭᠢᠨᠠᠨᠠ᠃
ᠭᠤᠷᠪᠠᠳᠠᠬᠢ ᠡᠳᠦᠷ ᠦ᠋ᠨ ᠥᠷᠯᠥᠭᠡ ᠮᠤᠨᠠ ᠶ᠋ᠢᠨ ᠰᠢᠷ᠎ᠠ ᠣᠷᠣᠢ ᠶ᠋ᠢᠨ ᠱᠣᠷᠣᠩ ᠲᠣᠯᠣᠭᠠᠢ ᠳ᠋ᠤ᠌ ᠨᠠᠷᠠ ᠡᠷᠲᠡ ᠲᠣᠰᠴᠤ ᠡᠯᠢᠭᠡᠨ ᠬᠦᠷᠡᠩ ᠬᠠᠳᠠ ᠨᠢ ᠬᠤᠷᠴᠠ ᠨᠠᠷᠠᠨ ᠤ᠋ ᠲᠤᠶᠠᠭᠠᠨ ᠳ᠋ᠤ᠌ ᠰᠢᠵᠢᠷ ᠪᠣᠳᠣᠭ ᠭᠢᠯᠠᠰᠬᠤ ᠨᠢ ᠰᠠᠢᠬᠠᠨ᠃ ᠠᠩᠴᠢᠨᠵᠠᠪ ᠵᠠᠩᠴᠤᠪ ᠬᠣᠶᠠᠷ ᠥᠯᠥᠩᠲᠦ ᠶ᠋ᠢᠨ ᠬᠣᠢᠲᠤ ᠬᠠᠮᠠᠷ ᠳᠡᠭᠡᠷ᠎ᠡ ᠭᠠᠷᠴᠤ ᠢᠷᠡᠬᠦ ᠳ᠋ᠦ᠍ ᠥᠯᠥᠩᠲᠦ ᠶ᠋ᠢᠨ ᠡᠬᠢ ᠳ᠋ᠦ᠍ ᠬᠡᠷᠢᠶ᠎ᠡ ᠭᠤᠸᠠᠭᠯᠠᠵᠤ᠂ ᠬᠠᠶᠠ ᠨᠢᠭᠡ ᠬᠣᠶᠠᠷ ᠡᠯᠢᠶ᠎ᠡ ᠡᠷᠭᠢᠨ᠎ᠡ᠃
— ᠵᠠ᠂ ᠶᠠᠮᠠᠷ ᠪᠣᠢ? ᠥᠨᠥᠬᠢ ᠢᠮᠠᠭᠠᠨ ᠳᠠᠭᠤᠲᠤ ᠴᠢᠨᠢ ᠶᠠᠪᠤᠳᠠᠭ ᠭᠠᠵᠠᠷ ᠲᠠᠭᠠᠨ ᠶᠠᠪᠤᠴᠢᠬᠠᠵᠠᠢ ᠭᠡᠵᠦ ᠬᠡᠯᠡᠭᠰᠡᠨ ᠳ᠋ᠦ᠍ ᠠᠩᠴᠢᠨᠵᠠᠪ᠄
— ᠮᠠᠨᠴᠤᠷᠭ᠎ᠠ ᠶ᠋ᠢᠨ ᠰᠦᠨᠡᠰᠦ ᠨᠢᠭᠡ ᠬᠣᠷᠣᠰᠤᠯ ᠢ᠋ᠶ᠋ᠠᠨ ᠲᠠᠢᠯᠵᠤ ᠠᠮᠠᠷᠠᠵᠠᠢ ᠳᠠ ᠭᠡᠳ ᠬᠣᠶᠠᠭᠤᠯᠠ ᠮᠣᠷᠢ ᠪᠠᠨ ᠬᠥᠲᠥᠯᠦᠨ ᠥᠯᠥᠩᠲᠦ ᠶ᠋ᠢᠨ ᠵᠡᠭᠦᠨ ᠬᠥᠲᠥᠯ ᠢ᠋ᠶ᠋ᠡᠷ ᠬᠢᠷᠠᠯᠠᠨ ᠶᠠᠪᠤᠵᠤ ᠪᠤᠷᠤᠭᠤ ᠬᠠᠷᠠᠭᠰᠠᠨ ᠪᠣᠷᠵᠢᠨ ᠬᠠᠳᠠᠨ ᠤ᠋ ᠡᠩᠭᠡᠷ ᠳᠥᠭᠥᠵᠦ ᠣᠴᠢᠭᠠᠳ ᠥᠨᠥᠬᠢ ᠮᠤᠬᠤᠷ ᠬᠠᠢᠯᠠᠰᠤ ᠵᠦᠭ ᠳᠤᠷᠠᠨᠳᠠᠪᠠᠯ ᠥᠯᠵᠡᠢᠰᠠᠩ ᠤ᠋ᠨ ᠬᠣᠶᠠᠷ ᠲᠠᠬᠢᠷ ᠴᠠᠷᠪᠠᠭᠤ ᠨᠢ ᠮᠣᠳᠣᠨ ᠠ᠋ᠴᠠ ᠳᠡᠭᠦᠵᠢᠯᠡᠭᠰᠡᠨ ᠰᠤᠷ ᠳᠡᠭᠡᠰᠦᠨ ᠳ᠋ᠡᠭᠡᠨ ᠬᠡᠢ ᠡᠯᠭᠦᠭᠳᠡᠵᠦ᠂ ᠲᠣᠯᠣᠭᠠᠢ ᠨᠢ ᠭᠠᠵᠠᠷ ᠤᠨᠠᠵᠤ ᠤᠷᠤᠭ ᠰᠢᠩᠭᠡᠨ ᠭᠡᠵᠢᠭᠡ ᠨᠢ ᠵᠠᠮᠪᠠᠷᠠᠭ᠎ᠠ ᠦᠭᠡᠢ ᠪᠤᠲᠠᠷᠠᠵᠤ ᠬᠡᠷᠢᠶ᠎ᠡ ᠲᠣᠩᠰᠢᠭᠰᠠᠨ ᠤᠬᠤᠷᠬᠠᠢ ᠶ᠋ᠢ ᠨᠢ ᠶᠠᠯᠢ ᠦᠭᠡᠢ ᠪᠦᠲᠡᠭᠡᠭᠰᠡᠨ ᠪᠠᠢᠪᠠ᠃
ᠲᠡᠷᠡ ᠬᠣᠶᠠᠷ ᠥᠯᠥᠩᠲᠦ ᠶ᠋ᠢᠨ ᠵᠡᠭᠦᠨ ᠬᠥᠲᠥᠯ ᠡᠴᠡ ᠪᠠᠭᠤᠵᠤ ᠭᠣᠣᠯ ᠤᠷᠤᠭᠤᠳᠠᠨ ᠲᠠᠢᠪᠤᠭᠤᠬᠠᠨ ᠶᠥᠷᠭᠡᠭᠦᠯᠵᠦ ᠶᠠᠪᠤᠲᠠᠯ᠎ᠠ ᠳᠣᠣᠷᠠᠲᠤ ᠭᠣᠣᠯ ᠠ᠋ᠴᠠ ᠮᠣᠷᠢᠨ ᠲᠦᠪᠡᠷᠭᠡᠨ ᠲᠠᠴᠢᠭᠢᠨᠠᠵᠤ ᠨᠢᠭᠡ ᠮᠡᠳᠡᠬᠦ ᠳ᠋ᠦ᠍ ᠫᠤᠤ ᠵᠡᠪᠰᠡᠭ ᠲᠡᠢ ᠤᠯᠤᠰ ᠣᠢᠷᠠᠬᠠᠨ ᠲᠤᠯᠵᠤ ᠢᠷᠡᠪᠡ᠃
ᠠᠩᠴᠢᠨᠵᠠᠪ ᠵᠠᠩᠴᠤᠪ ᠬᠣᠶᠠᠷ ᠤ᠋ᠨ ᠬᠡᠳᠦᠨ ᠲᠠᠯ᠎ᠠ ᠠ᠋ᠴᠠ ᠫᠤᠤ ᠶ᠋ᠢᠨ ᠨᠦᠬᠡ ᠣᠩᠭᠣᠯᠵᠠᠵᠤ《ᠪᠤᠤ ᠬᠥᠳᠡᠯ! ᠬᠥᠳᠡᠯᠦᠭᠰᠡᠭᠡᠷ ᠫᠤᠤᠳᠠᠯ᠎ᠠ!》 ᠭᠡᠵᠦ ᠣᠷᠢᠯᠠᠯᠳᠤᠪᠠ᠃
ᠠᠩᠴᠢᠨᠵᠠᠪ ᠮᠣᠷᠢᠨ ᠠ᠋ᠴᠠ ᠪᠠᠨ ᠪᠠᠭᠤᠵᠤ ᠵᠢᠯᠣᠭᠣ ᠶ᠋ᠢ ᠪᠦᠭᠦᠷᠭᠡᠨ ᠳ᠋ᠦ᠍ᠨᠢ ᠡᠪᠬᠡᠵᠦ᠄
— ᠮᠣᠩᠭᠣᠯ ᠠᠬ᠎ᠠ ᠳᠡᠭᠦᠦ ᠨᠠᠷ ᠪᠢᠰᠢ ᠤᠤ! ᠫᠤᠤ ᠶ᠋ᠢᠨ ᠠᠮᠠ ᠪᠠᠨ ᠴᠠᠭᠠᠰᠢ ᠬᠠᠨᠳᠤᠭᠤᠯ᠂ ᠨᠢᠭᠦᠯ ᠪᠠᠢᠳᠠᠭ ᠶᠤᠮ! ᠭᠡᠵᠦ ᠬᠡᠯᠡᠭᠰᠡᠨ ᠳ᠋ᠦ᠍ ᠴᠣᠭᠪᠠᠭᠠᠲᠤᠷ ᠡᠮᠦᠨ᠎ᠡ ᠡᠴᠡ ᠨᠢ ᠲᠤᠯᠵᠤ ᠢᠷᠡᠨ᠄
— ᠬᠡᠰᠢᠭᠲᠡᠢ ᠴᠢ ᠣᠯᠠᠨ ᠲᠠᠪᠤᠨ ᠶᠠᠭᠤᠮ᠎ᠠ ᠶᠠᠩᠰᠢᠬᠤ ᠬᠡᠷᠡᠭ ᠦᠭᠡᠢ᠃ ᠪᠥᠭᠰᠡ ᠪᠡᠨ ᠬᠠᠪᠴᠢᠭᠠᠳ ᠫᠤᠤ ᠪᠠᠨ ᠲᠤᠰᠢᠶ᠎ᠠ! ᠭᠠᠷ ᠢ᠋ᠶ᠋ᠠᠨ ᠡᠷᠭᠦ! ᠭᠡᠵᠦ ᠬᠡᠭᠵᠡᠭᠦᠨ ᠳᠤᠤᠭᠠᠷᠤᠭᠰᠠᠨ ᠳ᠋ᠤ᠌ ᠪᠤᠰᠤᠳ ᠨᠢ《ᠫᠤᠤ ᠪᠠᠨ ᠲᠤᠰᠢᠶ᠎ᠠ!》 ᠭᠡᠵᠦ ᠠᠩᠴᠢᠨᠵᠠᠪ ᠢ᠋ ᠨᠥᠷᠢᠨ ᠢᠷᠡᠪᠡ᠃ ᠬᠡᠳᠦ ᠬᠡᠳᠦᠨ ᠫᠤᠤ ᠶ᠋ᠢᠨ ᠬᠠᠷ᠎ᠠ ᠠᠮᠠ ᠣᠩᠭᠣᠯᠵᠠᠵᠤ ᠲᠡᠭᠦᠨ ᠦ᠌ ᠲᠣᠯᠣᠭᠠᠢ ᠶ᠋ᠢ ᠳᠡᠯᠪᠡ ᠫᠤᠤᠳᠠᠬᠤ ᠳ᠋ᠤ᠌ ᠪᠡᠯᠡᠬᠡᠨ ᠪᠠᠢᠯ᠎ᠠ᠃
ᠠᠩᠴᠢᠨᠵᠠᠪ ᠡᠳᠡᠨᠥᠰ ᠡᠴᠡ ᠥᠴᠦᠬᠡᠨ ᠴᠦ᠍ ᠠᠶᠤᠵᠤ ᠭᠡᠯᠮᠡᠭᠳᠡᠭᠰᠡᠨ ᠦᠭᠡᠢ ᠠᠬᠤᠷ ᠫᠤᠤ ᠪᠠᠨ ᠬᠥᠰᠡᠷ ᠬᠠᠶᠠᠵᠤ ᠡᠪᠦᠷ ᠡᠴᠡ ᠪᠡᠨ ᠱ᠌ᠢᠷᠦᠨ ᠵᠢᠩᠰᠡ ᠲᠡᠢ ᠮᠠᠨᠤᠬᠤᠨ ᠬᠥᠬᠦᠦᠷ ᠭᠠᠷᠭᠠᠵᠤ᠄
— ᠲᠠ ᠨᠠᠷ ᠰᠠᠢᠨ ᠶᠠᠪᠤᠵᠠᠭᠠᠵᠤ ᠪᠠᠢᠨ᠎ᠠ ᠤᠤ? ᠭᠡᠵᠦ ᠬᠡᠳᠦᠨ ᠲᠠᠢᠰᠢ ᠪᠠᠨ ᠰᠢᠷᠲᠡᠨ ᠬᠥᠬᠦᠦᠷ ᠡᠷᠭᠦᠨ ᠮᠡᠨᠳᠦ ᠪᠠᠷᠢᠵᠤ ᠳᠠᠬᠢᠨ ᠴᠣᠭᠪᠠᠭᠠᠲᠤᠷ ᠤ᠋ᠨ ᠡᠮᠦᠨ᠎ᠡ ᠬᠦᠷᠴᠦ᠄
— ᠴᠣᠭᠪᠠᠭᠠᠲᠤᠷ ᠰᠸᠯᠢᠩ ᠰᠠᠢᠨ ᠶᠠᠪᠤᠵᠤ ᠪᠠᠢᠨ᠎ᠠ ᠤᠤ? ᠭᠡᠵᠦ ᠱ᠌ᠢᠷᠦᠨ ᠤᠯᠠᠭᠠᠨ ᠵᠢᠩᠰᠡ ᠲᠡᠢ ᠮᠠᠨᠤᠬᠤᠨ ᠬᠥᠬᠦᠦᠷ ᠢ᠋ᠶ᠋ᠡᠨ ᠲᠡᠭᠦᠨ ᠳ᠋ᠦ᠍ ᠥᠭᠴᠦ ᠮᠡᠨᠳᠦ ᠪᠠᠷᠢᠭᠰᠠᠨ ᠳ᠋ᠤ᠌ ᠴᠣᠭᠪᠠᠭᠠᠲᠤᠷ ᠶᠠᠭᠤ ᠪᠣᠳᠣᠭᠰᠠᠨ ᠢ᠋ ᠮᠡᠳᠡᠬᠦ ᠦᠭᠡᠢ ᠨᠢᠭᠡ ᠬᠡᠰᠡᠭ ᠮᠡᠯᠡᠷᠡᠨ ᠵᠣᠭᠰᠣᠵᠤ ᠠᠩᠴᠢᠨᠵᠠᠪ ᠢ᠋ ᠣᠷᠣᠢ ᠠ᠋ᠴᠠ ᠤᠯᠠ ᠳ᠋ᠤᠨᠢ ᠲᠤᠯᠲᠠᠯ᠎ᠠ ᠰᠢᠨᠵᠢᠵᠦ ᠠᠪᠤᠭᠠᠳ ᠴᠠᠭᠠᠳᠤᠭᠤᠯᠠ ᠳ᠋ᠠᠭᠠᠨ《ᠫᠤᠤ ᠪᠠᠨ ᠬᠤᠷᠢᠶᠠᠴᠢᠬ᠎ᠠ!》 ᠭᠡᠰᠡᠨ ᠳᠣᠬᠢᠶ᠎ᠠ ᠥᠭᠭᠦᠭᠰᠡᠨ ᠳ᠋ᠦ᠍《ᠫᠡᠷ᠂ ᠬᠤᠸᠠᠷ》 ᠬᠢᠨ ᠫᠤᠤ ᠶ᠋ᠢᠨ ᠵᠠᠮᠤᠭ ᠢ᠋ ᠨᠢ ᠲᠠᠢᠯᠵᠤ ᠬᠤᠷᠢᠶᠠᠪᠠ᠃
— ᠬᠡᠰᠢᠭᠲᠡᠢ ᠠ᠋᠂ ᠴᠢ᠁ ᠦᠭᠡᠢ ᠠ᠋᠁ ᠲᠠ ᠠᠩᠴᠢᠨᠵᠠᠪ᠁ ᠭᠡᠵᠦ ᠳᠦᠳᠦᠨᠡᠨ ᠠᠩᠴᠢᠨᠵᠠᠪ ᠤ᠋ᠨ ᠭᠡᠷᠡᠯ ᠴᠣᠷᠭᠢᠭᠰᠠᠨ ᠨᠢᠳᠦ ᠶ᠋ᠢ ᠴᠠᠪᠴᠢᠯ ᠦᠭᠡᠢ ᠰᠢᠷᠲᠡᠵᠦ ᠡᠪᠦᠷ ᠡᠴᠡ ᠪᠡᠨ ᠮᠠᠨᠤᠬᠤᠨ ᠬᠥᠬᠦᠦᠷ ᠭᠠᠷᠭᠠᠨ ᠬᠣᠶᠠᠭᠤᠯᠠ ᠬᠥᠬᠦᠦᠷ ᠰᠣᠯᠢᠯᠴᠠᠨ《ᠰᠠᠢᠨ ᠪᠠᠢᠨ᠎ᠠ ᠤᠤ?》 ᠭᠡᠵᠦ ᠵᠢᠷᠦᠬᠡᠨ ᠳ᠋ᠡᠭᠡᠨ ᠰᠡᠮᠬᠡᠨ ᠰᠢᠪᠡᠨᠡᠵᠦ ᠮᠡᠨᠳᠦ ᠮᠡᠨᠳᠦᠯᠡᠪᠡ᠃
ᠮᠠᠨᠤᠬᠤᠨ ᠬᠥᠬᠦᠦᠷ ᠦ᠋ᠨ ᠱ᠌ᠢᠷᠦᠨ ᠲᠠᠭ ᠤ᠋ᠨ ᠮᠥᠩᠭᠥᠨ ᠬᠡᠯᠡ ᠪᠡᠷ ᠲᠠᠮᠠᠬᠢ ᠤᠳᠬᠤᠬᠤ ᠡᠷᠡᠬᠡᠢ ᠬᠤᠷᠤᠭᠤᠨ ᠤ᠋ ᠬᠢᠮᠤᠰᠤᠨ ᠲᠣᠯᠢᠨ ᠳ᠋ᠤ᠌ ᠴᠢᠮᠬᠢ ᠬᠢᠷᠢᠲᠡᠢ ᠤᠨᠠᠭᠠᠭᠠᠳ ᠡᠭᠡᠯᠵᠢᠯᠡᠨ ᠦᠨᠦᠰᠦᠨ᠎ᠡ᠃
ᠡᠪᠦᠭᠡ ᠳᠡᠭᠡᠳᠦᠰ ᠦ᠋ᠨ ᠬᠢᠨᠢ ᠲᠡᠦᠬᠡ ᠴᠠᠳᠢᠭ ᠢ᠋ ᠰᠢᠩᠭᠡᠭᠰᠡᠨ ᠡᠬᠡᠭᠦᠨ ᠲᠠᠮᠠᠬᠢᠨ ᠤ᠋ ᠴᠢᠨᠠᠷ ᠠᠩᠴᠢᠨᠵᠠᠪ ᠴᠣᠭᠪᠠᠭᠠᠲᠤᠷ ᠬᠣᠶᠠᠷ ᠤ᠋ᠨ ᠰᠠᠮᠰᠠ ᠶ᠋ᠢ ᠨᠢ ᠭᠣᠪᠣᠭᠣᠨᠠᠭᠤᠯᠵᠤ ᠬᠦᠴᠦᠲᠡᠢ ᠨᠠᠢᠲᠠᠭᠠᠯᠭᠠᠪᠠ᠁
ᠲᠡᠳᠡ ᠬᠣᠶᠠᠷ ᠥᠪᠡᠷ ᠥᠪᠡᠷ ᠦ᠋ᠨ ᠢ᠋ᠶ᠋ᠡᠨ ᠬᠥᠬᠦᠦᠷ ᠢ᠋ ᠠᠪᠴᠤ ᠡᠪᠦᠷᠲᠦᠯᠡᠬᠦ ᠳ᠋ᠡᠭᠡᠨ ᠦᠭᠡ ᠳᠠᠭᠤᠨ ᠦᠭᠡᠢ ᠨᠢᠭᠡ ᠨᠢᠭᠡᠨ ᠢ᠋ᠶ᠋ᠡᠨ ᠮᠡᠯᠡᠷᠡᠨ ᠰᠢᠷᠳᠡᠨ᠎ᠡ᠃
《᠁ ᠴᠢ ᠨᠠᠮᠠᠶ᠋ᠢ ᠬᠡᠰᠢᠭᠲᠡᠢ ᠲᠡᠢ ᠰᠠᠢᠨ ᠢ᠋ ᠠᠳᠠ ᠦᠵᠡᠵᠦ᠂ ᠥᠨᠥᠳᠥᠷ ᠮᠢᠨᠦ ᠵᠠᠮ ᠢ᠋ ᠲᠤᠰᠬᠤ ᠶᠠᠭᠤ ᠪᠣᠢ? ᠠᠯᠢ ᠨᠢᠭᠡ ᠡᠳᠦᠷ ᠴᠢ ᠬᠡᠰᠢᠭᠲᠡᠢ ᠶ᠋ᠢ ᠴᠣᠬᠣᠮ ᠬᠡᠨ ᠪᠣᠯᠬᠤ ᠶ᠋ᠢ ᠮᠡᠳᠡᠭᠰᠡᠨ ᠴᠠᠭ ᠲᠤ ᠭᠡᠮᠰᠢᠬᠦ ᠪᠣᠢ᠃ ᠨᠠᠮᠠᠶ᠋ᠢ ᠬᠣᠣᠷᠯᠠᠬᠤ ᠴᠢᠨᠢ ᠭᠠᠢᠭᠤᠢ ᠬᠡᠷᠡᠭ᠂ ᠬᠡᠰᠢᠭᠲᠡᠢ ᠶ᠋ᠢ ᠶᠠᠭᠠᠬᠢᠭᠰᠠᠨ ᠴᠦ᠍ ᠬᠣᠣᠷᠯᠠᠵᠤ ᠪᠣᠯᠬᠤ ᠦᠭᠡᠢ᠃ ᠲᠡᠭᠡᠬᠦ ᠶᠦᠮ ᠪᠣᠯ ᠪᠤᠷᠬᠠᠨ ᠲᠩᠷᠢ ᠪᠤᠷᠤᠭᠤ ᠪᠠᠷ ᠦᠵᠡᠬᠦ ᠶ᠋ᠢ ᠬᠡᠯᠡᠬᠦ ᠦᠭᠡᠢ ᠡᠴᠢᠭᠡ ᠳᠡᠭᠡᠳᠦᠭᠦᠯᠡ ᠶ᠋ᠢᠨ ᠴᠢᠨᠢ ᠰᠦᠨᠡᠰᠦ ᠴᠦ᠍ ᠴᠢᠮᠠᠶ᠋ᠢ ᠠᠭᠤᠴᠢᠯᠠᠬᠤ ᠦᠭᠡᠢ!》 ᠭᠡᠵᠦ ᠪᠠᠭ᠎ᠠ ᠬᠠᠲᠤᠨ ᠤ᠋ ᠬᠡᠯᠡᠭᠰᠡᠨ ᠦᠭᠡ ᠴᠣᠭᠪᠠᠭᠠᠲᠤᠷ ᠲᠤ ᠪᠠᠢᠨ ᠪᠠᠢᠨ ᠰᠣᠨᠣᠰᠳᠠᠵᠤ᠂ ᠬᠠᠳᠠᠨ ᠤ᠋ ᠴᠤᠤᠷᠠᠢ ᠰᠢᠭ᠋ ᠪᠤᠴᠠᠨ ᠪᠤᠴᠠᠨ ᠴᠢᠬᠢ ᠶ᠋ᠢ ᠨᠢ ᠳᠡᠯᠡᠳᠦᠨ᠎ᠡ᠁
ᠠᠩᠴᠢᠨᠵᠠᠪ ᠡᠮᠦᠨ᠎ᠡ ᠨᠢ ᠵᠣᠭᠰᠣᠭᠰᠠᠨ ᠡᠨᠡ ᠬᠦ᠌ ᠴᠡᠷᠢᠭ ᠦ᠋ᠨ ᠨᠣᠶᠠᠨ ᠤ᠋ ᠵᠠᠰᠠᠯ ᠲᠠᠢ ᠴᠣᠭᠪᠠᠭᠠᠲᠤᠷ ᠤ᠋ᠨ ᠨᠣᠮᠣᠬᠠᠷᠠᠭᠰᠠᠨ ᠳᠦᠷᠢ ᠶ᠋ᠢ ᠬᠠᠷᠠᠭᠠᠳ ᠶᠠᠭᠤ ᠪᠣᠳᠣᠭᠰᠠᠨ ᠢ᠋ ᠪᠦᠦ ᠮᠡᠳᠡ᠂ ᠬᠠᠷᠠᠴᠠ ᠪᠠᠨ ᠰᠢᠯᠵᠢᠭᠦᠯᠦᠨ ᠲᠡᠷᠲᠡᠭᠡ ᠡᠯᠢᠭᠡᠨ ᠬᠦᠷᠡᠩ ᠬᠠᠳᠠ ᠲᠠᠢ ᠠᠭᠤᠯᠠ ᠲᠤᠯᠤᠭᠠᠳ ᠤ᠋ᠨ ᠣᠷᠣᠢ ᠪᠠᠷ ᠰᠡᠮᠡᠵᠡᠷᠡᠬᠦ ᠴᠠᠭᠠᠨ ᠡᠭᠦᠯᠡ ᠶ᠋ᠢ ᠰᠢᠷᠲᠡᠬᠦ ᠳ᠋ᠦ᠍ ᠨᠢᠳᠦ ᠳᠦᠭᠦᠷᠡᠩ ᠵᠠᠢᠷ ᠮᠡᠯᠲᠡᠭᠡᠨᠡᠨ᠎ᠡ᠃ ᠲᠡᠭᠦᠨ ᠦ᠌ ᠨᠢᠳᠦᠨ ᠳ᠋ᠦ᠍ ᠬᠠᠢᠷᠠᠲᠤ ᠰᠡᠷᠭᠦᠮ᠎ᠡ ᠨᠢ ᠪᠥᠷᠲᠥᠯᠵᠡᠨ ᠬᠠᠷᠠᠭᠳᠠᠬᠤ ᠰᠢᠭ᠋᠁ ᠬᠠᠳᠠᠭᠠᠨᠠᠨ ᠢᠨᠢᠶᠡᠬᠦ ᠰᠢᠭ᠂ ᠬᠠᠵᠠᠩᠭᠠᠨ ᠦᠨᠦᠰᠬᠦ ᠰᠢᠭ᠁ ᠪᠣᠯᠪᠠ᠃ ᠭᠡᠨᠡᠳᠲᠡ ᠲᠡᠭᠦᠨ ᠦ᠌ ᠴᠢᠬᠢᠨ ᠳ᠋ᠦ᠍᠂
ᠴᠡᠩᠬᠡᠷ ᠴᠠᠭᠠᠨ ᠡᠭᠦᠯᠡ ᠨᠢ ᠭᠠᠷᠪᠠᠯ
ᠴᠢᠭᠢᠭ ᠨᠢ ᠤᠨᠠᠳᠠᠭ ᠶᠤᠮ ᠠ᠋
ᠴᠢᠩᠳᠠ ᠰᠡᠳᠬᠢᠯ ᠵᠠᠩ ᠢ᠋ᠶ᠋ᠠᠷ ᠢ᠋ᠶ᠋ᠠᠨ ᠪᠠᠢᠪᠠᠯ
ᠴᠢᠭᠯᠡᠭᠡᠳ ᠢᠷᠡᠯᠭᠦᠢ ᠳᠡ
ᠪᠠᠳᠠᠷᠠᠩᠭᠤᠢ ᠡᠭᠦᠯᠡ ᠨᠢ ᠭᠠᠷᠪᠠᠯ
ᠪᠣᠷᠣᠭᠠᠨ ᠨᠢ ᠪᠠᠭᠤᠳᠠᠭ ᠶᠤᠮ ᠠ᠋
ᠪᠠᠲᠤ ᠰᠡᠳᠬᠢᠯ ᠵᠠᠩ ᠢ᠋ᠶ᠋ᠠᠷ ᠢ᠋ᠶ᠋ᠠᠨ ᠪᠠᠢᠪᠠᠯ
ᠪᠤᠴᠠᠭᠠᠳ ᠢᠷᠡᠯᠭᠦᠢ ᠳᠡ᠁ ᠭᠡᠵᠦ ᠬᠥᠭᠰᠢᠨ ᠪᠤᠭᠤᠷᠤᠯ ᠡᠵᠢ ᠨᠢ ᠳᠠᠭᠤᠯᠠᠬᠤ ᠰᠢᠭ᠋ ᠪᠣᠯᠤᠯ᠎ᠠ᠃
᠁
ᠴᠣᠭᠪᠠᠭᠠᠲᠤᠷ ᠤ᠋ᠨ ᠴᠢᠷᠠᠢ ᠭᠡᠨᠡᠳᠲᠡ ᠪᠠᠷᠤᠢᠵᠤ᠄
— ᠢᠩᠭᠢᠬᠦ ᠪᠡᠷ ᠦᠵᠡᠬᠦ ᠳ᠋ᠦ᠍ ᠴᠢ ᠨᠠᠳᠠ ᠠᠬ᠎ᠠ ᠪᠣᠯᠤᠨ᠎ᠠ ᠰᠢᠦ ᠳᠡ! ᠭᠡᠰᠡᠨ ᠳ᠋ᠦ᠍ ᠠᠩᠴᠢᠨᠵᠠᠪ《ᠡᠩ》 ᠭᠡᠵᠦ ᠲᠣᠯᠣᠭᠠᠢ ᠲᠣᠬᠢᠨ᠎ᠠ᠃
— ᠲᠡᠭᠡᠭᠡᠳ ᠴᠢ ᠶᠠᠭᠤ ᠭᠡᠵᠦ ᠴᠡᠷᠢᠭ ᠥᠳᠥᠭᠡᠨ ᠨᠠᠮᠠᠶ᠋ᠢ ᠭᠡᠨᠡᠳᠡᠭᠦᠯᠵᠦ ᠬᠣᠣᠷᠯᠠᠬᠤ ᠭᠡᠪᠡ? ᠭᠡᠵᠦ ᠥᠨᠳᠥᠷ ᠳᠠᠭᠤ ᠪᠠᠷ ᠵᠠᠩᠳᠤᠷᠤᠭᠰᠠᠨ ᠳ᠋ᠤ᠌ ᠣᠢ ᠶ᠋ᠢᠨ ᠮᠣᠳᠣᠨ ᠳ᠋ᠤ᠌ ᠰᠠᠭᠤᠭᠰᠠᠨ ᠰᠢᠪᠠᠭᠤᠳ ᠦᠷᠭᠦᠨ ᠨᠢᠰᠦᠨ᠎ᠡ᠃ ᠨᠥᠭᠦᠭᠡ ᠬᠤᠮᠢᠷᠠᠯᠳᠤᠭᠰᠠᠨ ᠴᠡᠷᠢᠭ ᠦ᠋ᠳ ᠲᠡᠷᠡ ᠳᠣᠣᠷ᠎ᠠ ᠪᠠᠨ ᠫᠠᠷᠳ᠋᠂ ᠲᠠᠷᠳ᠋ ᠬᠢᠨ ᠫᠤᠤ ᠵᠠᠮᠤᠭᠯᠠᠵᠤ ᠬᠡᠳᠦᠨ ᠲᠠᠯ᠎ᠠ ᠠ᠋ᠴᠠ ᠨᠥᠷᠢᠨ ᠢᠷᠡᠪᠡ᠃ ᠴᠣᠭᠪᠠᠭᠠᠲᠤᠷ ᠭᠠᠷ ᠢ᠋ᠶ᠋ᠠᠨ ᠵᠠᠩᠭᠠᠨ《ᠪᠠᠢᠭ! ᠫᠤᠤ ᠵᠡᠪᠰᠡᠭ ᠪᠢᠲᠡᠭᠡᠢ ᠬᠥᠳᠡᠯᠭᠡ!》 ᠭᠡᠰᠡᠨ ᠳᠣᠬᠢᠶ᠎ᠠ ᠪᠠᠷ ᠴᠠᠭᠠᠳᠤᠭᠤᠯᠠ ᠨᠢ ᠵᠡᠪᠰᠡᠭ ᠢ᠋ᠶ᠋ᠡᠨ ᠬᠤᠷᠢᠶᠠᠵᠤ ᠠᠷᠤᠨᠰᠢ ᠪᠠᠨ ᠴᠤᠬᠤᠷᠢᠪᠠ᠃
— ᠪᠢ ᠴᠢᠮᠠᠶ᠋ᠢ ᠠᠯᠠᠬᠤ ᠦᠭᠡᠢ᠃ ᠠᠯᠠᠶ᠎ᠠ ᠭᠡᠵᠦ ᠪᠣᠳᠣᠭ᠎ᠠ ᠴᠦ᠍ ᠦᠭᠡᠢ᠃ ᠬᠠᠷᠢᠨ ᠬᠠᠮᠠᠭᠤ ᠰᠢᠭ᠋ ᠬᠠᠯᠳᠠᠵᠤ ᠢᠷᠡᠳᠡᠭ ᠬᠠᠷᠢ ᠶ᠋ᠢᠨ ᠥᠩᠭᠡᠯᠵᠡᠭᠦᠷ ᠢ᠋ ᠬᠣᠭ ᠦᠭᠡᠢ ᠠᠷᠢᠯᠭᠠᠶ᠎ᠠ ᠭᠡᠵᠦ ᠵᠣᠷᠢᠳᠠᠭ ᠠ᠋ᠴᠠ ᠪᠢᠰᠢ ᠬᠠᠪᠢᠷᠭ᠎ᠠ ᠨᠠᠭᠠᠯᠳᠤᠭᠰᠠᠨ ᠬᠠᠮᠰᠠᠭᠠᠲᠠᠨ ᠰᠠᠳᠤᠨ ᠢ᠋ᠶ᠋ᠠᠨ ᠬᠠᠳᠤᠷᠤᠶᠠ ᠭᠡᠵᠦ ᠶᠡᠷᠦ ᠡᠴᠡ ᠪᠣᠳᠣᠭ᠎ᠠ ᠦᠭᠡᠢ᠃
— ᠦᠭᠡᠢ᠂ ᠡᠨᠡ ᠴᠢᠨᠢ ᠨᠠᠮᠠᠶ᠋ᠢ ᠲᠠᠭᠠᠷᠢᠭᠤᠯᠵᠤ᠂ ᠴᠣᠭᠪᠠᠭᠠᠲᠤᠷ ᠬᠠᠨᠢᠲᠠᠨ ᠢ᠋ᠶ᠋ᠠᠨ ᠬᠠᠳᠤᠷᠴᠤ ᠬᠠᠮᠰᠠᠭᠠᠲᠠᠨ ᠢ᠋ᠶ᠋ᠠᠨ ᠬᠠᠵᠠᠪᠠ ᠭᠡᠰᠡᠨ ᠦᠭᠡ ᠤᠤ? ᠭᠡᠵᠦ ᠠᠩᠴᠢᠨᠵᠠᠪ ᠤ᠋ᠨ ᠦᠭᠡ ᠶ᠋ᠢ ᠠᠮᠠᠳᠠᠵᠤ ᠠᠰᠠᠭᠤᠪᠠ᠃
— ᠶᠠᠭ ᠳᠠ! ᠴᠢ ᠶᠠᠭᠤ ᠭᠡᠵᠦ ᠪᠠᠭ᠎ᠠ ᠬᠠᠲᠤᠨ ᠰᠸᠯᠢᠩ ᠢ᠋ ᠬᠣᠣᠷᠯᠠᠭᠰᠠᠨ ᠪᠣᠢ? ᠲᠡᠷᠡ ᠴᠢᠮᠠᠶ᠋ᠢ ᠶᠠᠭᠠᠬᠢᠪᠠ⁈ ᠵᠢᠷᠦᠬᠡᠨ ᠳ᠋ᠦ᠍ ᠴᠢᠨᠢ ᠦᠨᠡᠬᠡᠷ ᠦᠰᠦ ᠣᠷᠭᠣᠴᠢᠬᠠᠵᠠᠢ᠃
— ᠠᠩᠴᠢᠨᠵᠠᠪ ᠴᠢ⁈ ᠭᠡᠵᠦ ᠴᠣᠭᠪᠠᠭᠠᠲᠤᠷ ᠠᠭᠰᠤᠮᠨᠠᠨ ᠪᠣᠰᠤᠭᠰᠠᠨ ᠳ᠋ᠤ᠌ ᠬᠠᠵᠠᠭᠤ ᠶ᠋ᠢᠨ ᠴᠡᠷᠢᠭ ᠦ᠋ᠳ ᠪᠠᠰᠠ ᠯᠠ ᠬᠤᠮᠢᠷᠠᠯᠳᠤᠨ ᠣᠢᠷᠠᠳᠴᠤ ᠠᠩᠴᠢᠨᠵᠠᠪ ᠲᠤ ᠫᠤᠤ ᠲᠤᠯᠭᠠᠬᠤ ᠭᠡᠪᠡ᠃ ᠴᠣᠭᠪᠠᠭᠠᠲᠤᠷ ᠴᠡᠷᠢᠭ ᠦ᠋ᠳ ᠢ᠋ᠶ᠋ᠡᠨ ᠬᠣᠷᠢᠵᠤ᠄
— ᠬᠡᠩ᠂ ᠮᠢᠨᠦ ᠬᠢᠷᠢ ᠶ᠋ᠢ ᠦᠵᠡᠬᠦ ᠰᠠᠨᠠᠭᠠᠲᠠᠢ᠃ ᠪᠠᠭ᠎ᠠ ᠬᠠᠲᠤᠨ ᠪᠠᠷᠠᠭᠤᠨ ᠬᠦᠩ ᠳ᠋ᠦ᠍ ᠶᠠᠮᠠᠷ ᠶᠠᠯ᠎ᠠ ᠨᠢᠭᠦᠯ ᠬᠢᠭᠰᠡᠨ ᠢ᠋ ᠴᠢ ᠮᠡᠳᠡᠨ᠎ᠡ ᠤᠤ? ᠭᠡᠪᠡ᠃
— ᠪᠢ ᠥᠨᠥᠳᠥᠷ ᠬᠡᠨ ᠢ᠋ ᠴᠦ᠍ ᠲᠠᠭᠠᠷᠢᠭᠤᠯᠵᠤ ᠲᠣᠭᠰᠢᠭᠠᠳ ᠬᠢᠷᠢ ᠶ᠋ᠢ ᠨᠢ ᠦᠵᠡᠶ᠎ᠡ ᠭᠡᠰᠡᠨ ᠦᠭᠡᠢ᠃
— ᠲᠡᠭᠡᠭᠡᠳ ᠭᠠᠷ ᠳᠣᠣᠷᠠᠬᠢ ᠤᠯᠤᠰ ᠴᠢᠨᠢ ᠪᠣᠰᠤᠯᠭ᠎ᠠ ᠭᠠᠷᠭᠠᠵᠤ ᠨᠠᠮᠠᠶ᠋ᠢ ᠴᠠᠭᠠᠰᠢᠯᠠᠭᠤᠯᠬᠤ ᠰᠢᠬᠠᠭᠰᠠᠨ ᠢ᠋ ᠶᠠᠭᠤ ᠭᠡᠬᠦ ᠪᠣᠢ?
— ᠴᠢᠨᠦ ᠳᠣᠣᠷᠠᠬᠢ ᠬᠠᠷᠭᠢᠰ ᠵᠠᠮᠪᠠᠯ ᠢ᠋ ᠠᠯᠠᠵᠤ ᠴᠢᠮᠠᠶ᠋ᠢ ᠠᠮᠢᠳᠤ ᠪᠠᠷ ᠨᠢ ᠪᠠᠷᠢᠵᠤ ᠠᠪᠠᠴᠢᠨ ᠬᠡᠯᠡᠯᠴᠡᠭᠡᠷ ᠬᠢᠬᠦ ᠭᠡᠰᠡᠨ ᠶᠦᠮ᠃
— ᠬᠡᠯᠡᠯᠴᠡᠭᠡᠷ ᠠ᠋? ᠶᠠᠭᠤᠨ ᠤ᠋ ᠬᠡᠯᠡᠯᠴᠡᠭᠡᠷ?
— ᠪᠢ ᠴᠢᠮᠠᠶ᠋ᠢ ᠤᠯᠠᠭᠠᠨ ᠡᠷᠭᠢ ᠭᠡᠳᠡᠭ ᠭᠠᠵᠠᠷ ᠠᠪᠠᠴᠢᠵᠤ ᠸᠠᠩ ᠰᠣᠬᠣᠷ ᠶᠠᠭᠠᠬᠢᠵᠤ ᠤᠷᠠᠳ ᠮᠣᠩᠭᠣᠯ ᠤ᠋ᠨ ᠨᠤᠲᠤᠭ ᠪᠡᠯᠴᠢᠭᠡᠷ ᠢ᠋ ᠬᠠᠭᠠᠯᠵᠤ ᠬᠠᠮᠪᠠᠭᠠᠷᠬᠠᠵᠤ ᠪᠠᠢᠬᠤ ᠶ᠋ᠢ ᠨᠢᠳᠦ ᠪᠡᠷ ᠴᠢᠨᠢ ᠦᠵᠡᠭᠦᠯᠵᠦ ᠮᠡᠳᠡᠭᠦᠯᠦᠶ᠎ᠡ ᠭᠡᠰᠡᠨ᠁
— ᠬᠡᠩ᠂ ᠤᠯᠠᠭᠠᠨ ᠡᠷᠭᠢ ᠶ᠋ᠢᠨ ᠤᠴᠢᠷ ᠢ᠋ ᠶᠠᠷᠢᠬᠤ ᠶᠤᠮ ᠪᠣᠯ ᠠᠩᠴᠢᠨᠵᠠᠪ ᠴᠢᠨᠦ ᠠᠮᠢ ᠨᠠᠰᠤᠨ ᠤ᠋ ᠵᠣᠯᠢᠶᠠᠨ ᠤ᠋ ᠤᠴᠢᠷ᠃ ᠨᠠᠳᠠ ᠬᠠᠷᠢᠭᠤᠴᠠᠯᠭ᠎ᠠ ᠪᠠᠢᠬᠤ ᠦᠭᠡᠢ᠃
— ᠴᠢᠮ᠎ᠠ ᠳ᠋ᠤ᠌ ᠬᠠᠷᠢᠭᠤᠴᠠᠯᠭ᠎ᠠ ᠪᠠᠢᠬᠤ ᠦᠭᠡᠢ ᠭᠡᠨ᠎ᠡ ᠤᠤ?
— ᠲᠡᠢᠮᠦ᠂ ᠲᠡᠷᠡ ᠪᠣᠯ ᠪᠠᠭ᠎ᠠ ᠬᠠᠲᠤᠨ ᠰᠸᠯᠢᠩ ᠴᠢᠮᠠᠶ᠋ᠢ ᠭᠢᠨᠳᠠᠨ ᠠ᠋ᠴᠠ ᠭᠠᠷᠭᠠᠬᠤ ᠳ᠋ᠤ᠌ ᠸᠠᠩ ᠰᠣᠬᠣᠷ ᠲᠠᠢ ᠵᠣᠯᠢᠶ᠎ᠠ ᠬᠢᠭᠰᠡᠨ ᠤᠴᠢᠷ ᠠ᠋ᠴᠠ ᠪᠢᠰᠢ ᠨᠠᠳᠠ ᠶᠠᠮᠠᠷ ᠳᠠᠯᠵᠢ ᠲᠠᠢ ᠪᠣᠢ?
— ᠤᠯᠠᠭᠠᠨ ᠡᠷᠭᠢ ᠶ᠋ᠢᠨ ᠭᠠᠵᠠᠷ ᠢ᠋ ᠸᠠᠩ ᠰᠣᠬᠣᠷ ᠲᠤ ᠳᠡᠭᠡᠰᠦᠯᠡᠵᠦ ᠥᠭᠬᠦ ᠭᠠᠷᠳᠠᠮ ᠢ᠋ ᠴᠢ ᠭᠦᠢᠴᠡᠳᠬᠡᠭᠰᠡᠨ ᠪᠢᠰᠢ ᠤᠤ?
— ᠠᠷᠭ᠎ᠠ ᠦᠭᠡᠢ᠃ ᠪᠠᠭ᠎ᠠ ᠬᠠᠲᠤᠨ ᠵᠠᠩᠵᠤᠨ ᠶᠠᠮᠤᠨ ᠤ᠋ ᠡᠵᠡᠨ ᠨᠣᠶᠠᠨ ᠳ᠋ᠤ᠌ ᠠᠮᠠ ᠠᠯᠳᠠᠭᠰᠠᠨ ᠤᠴᠢᠷ ᠢ᠋ ᠬᠡᠨ ᠪᠦᠲᠦᠭᠡᠬᠦ ᠦᠭᠡᠢ ᠪᠠᠢᠵᠤ ᠴᠢᠳᠠᠬᠤ ᠪᠣᠢ?
— ᠮᠣᠩᠭᠣᠯᠴᠤᠳ ᠮᠥᠨ ᠢᠩᠭᠢᠭᠡᠳ ᠯᠡ ᠭᠠᠵᠠᠷ ᠨᠤᠲᠤᠭ ᠢ᠋ᠶ᠋ᠠᠨ ᠶᠠᠮᠠᠷ ᠴᠦ᠍ ᠦᠨ᠎ᠡ ᠲᠥᠯᠥᠪᠦᠷᠢ ᠦᠭᠡᠢ ᠠᠯᠳᠠᠭᠠᠳ ᠪᠠᠢᠬᠤ ᠶᠤᠮ ᠪᠣᠯ ᠤᠳᠠᠬᠤ ᠦᠭᠡᠢ ᠤᠷᠤᠭᠤᠳᠠᠬᠤ ᠵᠠᠮ ᠳ᠋ᠠᠭᠠᠨ ᠣᠷᠣᠨ᠎ᠠ᠃
— ᠵᠠᠩᠵᠤᠨ ᠶᠠᠮᠤᠨ ᠤ᠋ ᠡᠵᠡᠨ ᠨᠣᠶᠠᠨ ᠤ᠋ ᠲᠠᠮᠠᠭᠠᠲᠤ ᠪᠢᠴᠢᠭ ᠲᠡᠢ ᠬᠠᠲᠠᠭᠤ ᠵᠠᠷᠯᠢᠭ ᠢ᠋ ᠸᠠᠩ ᠰᠣᠬᠣᠷ ᠪᠠᠷᠢᠭᠠᠳ ᠢᠷᠡᠬᠦ ᠳ᠋ᠦ᠍ ᠴᠢ ᠶᠠᠭᠠᠬᠢᠨ᠎ᠠ ᠪᠣᠢ⁈ ᠭᠡᠰᠡᠨ ᠳ᠋ᠦ᠍ ᠠᠩᠴᠢᠨᠵᠠᠪ᠄
— ᠸᠠᠩ ᠰᠣᠬᠣᠷ! ᠸᠠᠩ ᠰᠣᠬᠣᠷ ᠢ᠋᠁ ᠭᠡᠵᠦ ᠦᠭᠡ ᠪᠡᠨ ᠳᠤᠲᠠᠭᠤ ᠬᠡᠯᠡᠭᠡᠳ ᠰᠢᠳᠦ ᠪᠡᠨ ᠵᠠᠭᠤᠵᠤ《ᠲᠡᠢᠮᠦ ᠪᠣᠯ ᠴᠣᠭᠪᠠᠭᠠᠲᠤᠷ ᠴᠢ ᠨᠠᠮᠠᠶ᠋ᠢ ᠪᠠᠷᠢᠵᠤ ᠬᠦᠯᠢᠭᠡᠴᠢ! ᠪᠢ ᠴᠠᠭᠠᠰᠢ ᠬᠡᠯᠡᠬᠦ ᠶᠠᠭᠤᠮ᠎ᠠ ᠠᠯᠠᠭ᠎ᠠ!》 ᠭᠡᠳ ᠮᠣᠷᠢᠨ ᠴᠤᠯᠪᠤᠭᠤᠷ ᠢ᠋ᠶ᠋ᠠᠨ ᠥᠭᠬᠦ ᠳ᠋ᠦ᠍ ᠬᠠᠵᠠᠭᠤ ᠠ᠋ᠴᠠ ᠬᠡᠳᠦᠨ ᠴᠡᠷᠢᠭ ᠱᠠᠯᠠᠮᠠᠭᠠᠢ ᠢᠷᠡᠵᠦ ᠴᠤᠯᠪᠤᠭᠤᠷ ᠢ᠋ ᠮᠤᠯᠲᠤ ᠲᠡᠳᠡᠨ ᠠᠪᠴᠤ ᠠᠩᠴᠢᠨᠵᠠᠪ ᠤ᠋ᠨ ᠭᠠᠷ ᠢ᠋ ᠮᠤᠰᠬᠢᠵᠦ ᠬᠦᠯᠢᠬᠦ ᠵᠠᠪᠳᠤᠬᠤ ᠳ᠋ᠤ᠌ ᠴᠣᠭᠪᠠᠭᠠᠲᠤᠷ᠄
— ᠪᠠᠢᠵᠠ! ᠲᠡᠭᠦᠨ ᠢ᠋ ᠳᠡᠯᠪᠢ! ᠭᠡᠵᠦ ᠵᠠᠩᠳᠤᠷᠤᠨ《ᠮᠣᠷᠢᠨ ᠳ᠋ᠠᠭᠠᠨ ᠮᠣᠷᠳᠠᠵᠤ ᠪᠣᠷᠣ ᠮᠥᠷ ᠢ᠋ᠶ᠋ᠡᠷ ᠢ᠋ᠶ᠋ᠡᠨ ᠪᠤᠴᠠᠵᠠᠭᠠ!》 ᠭᠡᠰᠡᠨ ᠳ᠋ᠦ᠍ ᠨᠥᠭᠦᠭᠡ ᠴᠡᠷᠢᠭ ᠦ᠋ᠳ ᠲᠡᠭᠦᠨ ᠦ᠌ ᠵᠠᠷᠯᠢᠭ ᠢ᠋ᠶ᠋ᠠᠷ ᠲᠦᠳᠡᠯ ᠦᠭᠡᠢ ᠭᠣᠣᠯ ᠤᠷᠤᠭᠤᠳᠠᠨ ᠳᠠᠪᠬᠢᠵᠠᠭᠠᠪᠠ᠃
ᠴᠣᠭᠪᠠᠭᠠᠲᠤᠷ ᠲᠡᠨᠳᠡ ᠬᠣᠴᠣᠷᠵᠤ ᠨᠡᠯᠢᠶᠡᠳ ᠤᠳᠠᠭᠠᠨ ᠬᠦᠯᠢᠭᠡᠯᠵᠡᠭᠰᠡᠨ ᠪᠣᠯᠪᠠᠴᠤ ᠶᠠᠭᠤ ᠴᠦ᠍ ᠬᠡᠯᠡᠭᠰᠡᠨ ᠦᠭᠡᠢ᠃ ᠠᠩᠴᠢᠨᠵᠠᠪ ᠢ᠋ ᠴᠣᠭᠣᠷᠠᠲᠠᠯ᠎ᠠ ᠰᠢᠷᠳᠡᠨ ᠳᠣᠲᠣᠷ᠎ᠠ ᠪᠠᠨ ᠲᠡᠭᠦᠨ ᠢ᠋ ᠪᠢᠰᠢᠷᠡᠨ《ᠴᠢ ᠦᠨᠡᠬᠡᠷ ᠮᠢᠩᠭᠠᠨᠪᠤᠤ ᠶ᠋ᠢᠨ ᠬᠦᠦ ᠪᠠᠢᠨ᠎ᠠ᠃ ᠪᠢᠳᠡ ᠶᠠᠪᠤᠭᠠᠨ ᠳ᠋ᠠᠭᠠᠨ ᠶᠠᠰᠤ ᠮᠥᠰᠥ ᠪᠡᠨ ᠲᠠᠨᠢᠨ᠎ᠠ ᠳᠠ! ᠤᠷᠠᠳ ᠤᠳᠤᠮ᠂ ᠶᠠᠰᠤ ᠴᠢᠰᠤᠨ ᠤ᠋ ᠤᠭᠰᠠᠭ᠎ᠠ ᠨᠢᠭᠡᠲᠡᠢ ᠶ᠋ᠢᠨ ᠬᠤᠪᠢ ᠳ᠋ᠤ᠌ ᠪᠢ ᠡᠨᠡ ᠤᠳᠠᠭ᠎ᠠ ᠠᠮᠢ ᠶ᠋ᠢ ᠴᠢᠨᠢ ᠬᠡᠯᠲᠦᠷᠢᠭᠦᠯᠦᠶᠡ᠂ ᠮᠡᠳᠡᠵᠦ ᠶᠠᠪᠤᠭᠠᠷᠠᠢ!》 ᠭᠡᠵᠦ ᠬᠠᠲᠠᠭᠤᠬᠠᠨ ᠦᠭᠡ ᠤᠨᠠᠭᠠᠵᠤ ᠴᠠᠭᠠᠰᠢ ᠮᠣᠷᠳᠠᠪᠠ᠃
ᠠᠩᠴᠢᠨᠵᠠᠪ᠂ ᠴᠣᠭᠪᠠᠭᠠᠲᠤᠷ ᠤ᠋ᠨ ᠬᠠᠷᠠᠴᠠ ᠠ᠋ᠴᠠ ᠶᠠᠭᠤ ᠪᠦᠬᠦᠨ ᠢ᠋ ᠨᠡᠪᠲᠡ ᠣᠢᠯᠠᠭᠠᠵᠤ ᠲᠡᠭᠦᠨ ᠦ᠌ ᠠᠷᠤ ᠠ᠋ᠴᠠ᠄
— ᠴᠣᠭᠪᠠᠭᠠᠲᠤᠷ ᠠ᠋! ᠪᠠᠢᠵᠠ᠁ ᠭᠡᠰᠡᠨ ᠳ᠋ᠦ᠍ ᠴᠣᠭᠪᠠᠭᠠᠲᠤᠷ ᠮᠣᠷᠢᠨ ᠤ᠋ ᠴᠤᠯᠪᠤᠭᠤᠷ ᠢ᠋ ᠴᠣᠴᠢᠮᠠᠭᠬᠠᠨ ᠬᠤᠮᠢᠵᠤ《ᠶᠠᠭᠤ ᠪᠣᠢ? ᠲᠦᠷᠭᠡᠨ ᠬᠡᠯᠡ!》 ᠭᠡᠰᠡᠨ ᠰᠢᠦᠬᠡᠨ ᠮᠣᠷᠢᠨ ᠳᠡᠭᠡᠷ᠎ᠡ ᠪᠡᠨ ᠲᠠᠰᠢᠶᠠᠯᠳᠤᠨ ᠨᠠᠢᠭᠤᠨ᠎ᠠ᠃
— ᠴᠢ ᠮᠢᠩᠭᠠᠨᠪᠤᠤ ᠲᠤᠰᠠᠯᠠᠭᠴᠢ ᠶ᠋ᠢᠨ ᠬᠦᠦ ᠶᠦᠮ ᠪᠣᠯ ᠮᠣᠩᠭᠣᠯ ᠮᠣᠷᠢᠨ ᠤ᠋ ᠭᠠᠩ ᠳᠥᠷᠦᠭᠡᠨ ᠳᠡᠭᠡᠷ᠎ᠡ ᠲᠡᠭᠰᠢᠬᠡᠨ ᠰᠢᠭ ᠰᠠᠭᠤᠵᠤ᠂ ᠤᠷᠠᠳ ᠮᠣᠩᠭᠣᠯ ᠨᠤᠲᠤᠭ᠂ ᠮᠠᠯᠴᠢᠨ ᠲᠦᠮᠡᠨ ᠳ᠋ᠡᠭᠡᠨ ᠲᠤᠰᠠᠲᠠᠢ ᠶᠠᠭᠤᠮ᠎ᠠ ᠬᠢᠵᠦ ᠶᠠᠪᠤ! ᠭᠡᠰᠡᠨ ᠳ᠋ᠦ᠍ ᠴᠣᠭᠪᠠᠭᠠᠲᠤᠷ ᠮᠣᠷᠢᠨ ᠳᠡᠭᠡᠷᠡᠬᠢ ᠨᠠᠮᠪᠠᠭ᠎ᠠ ᠪᠠᠨ ᠲᠡᠭᠰᠢᠯᠡᠵᠦ ᠳᠥᠷᠥᠭᠡ ᠪᠡᠨ ᠢᠰᠬᠦᠯᠦᠩᠭᠦᠲᠡ ᠥᠨᠳᠡᠢᠵᠦ᠄
— ᠶᠠᠭᠤ ᠪᠢᠯᠡ⁈ ᠰᠢᠭᠤᠳ ᠶᠠᠷᠢ! ᠭᠡᠪᠡ᠃
— ᠸᠠᠩ ᠰᠣᠬᠣᠷ ᠤ᠋ᠨ ᠪᠠᠯᠢᠩ ᠲᠠᠬᠢᠯ ᠢ᠋ ᠨᠢ ᠬᠤᠷᠢᠶᠠᠶ᠎ᠠ!
— ᠵᠠ᠂ ᠲᠡᠭᠡᠶ᠎ᠡ! ᠭᠡᠵᠦ ᠴᠣᠭᠪᠠᠭᠠᠲᠤᠷ ᠬᠠᠷᠢᠭᠤ ᠬᠡᠯᠡᠩᠭᠦᠲᠡ ᠴᠠᠭᠠᠰᠢ ᠳᠣᠪᠲᠣᠯᠵᠤ ᠠᠷᠢᠯᠪᠠ᠁
ᠠᠩᠴᠢᠨᠵᠠᠪ ᠵᠠᠩᠴᠤᠪ ᠬᠣᠶᠠᠷ ᠬᠣᠢᠲᠤ ᠬᠢᠷ᠎ᠠ ᠳᠡᠭᠡᠷ᠎ᠡ ᠭᠠᠷᠴᠤ ᠣᠴᠢᠬᠤ ᠳ᠋ᠤ᠌ ᠨᠠᠷᠠ ᠪᠠᠷᠠᠭᠤᠨᠰᠢ ᠬᠡᠯᠪᠡᠢᠵᠡᠢ᠃
ᠮᠠᠷᠭᠠᠲᠤᠷ ᠤ᠋ᠨ ᠬᠢᠨᠢ ᠦᠳᠡ ᠶ᠋ᠢᠨ ᠦᠶᠡᠰ ᠢ᠋ᠶ᠋ᠡᠷ ᠰᠢᠵᠠᠷᠭᠠᠨ ᠤ᠋ ᠳᠠᠪᠠᠭᠠᠨ ᠳᠡᠭᠡᠷ᠎ᠡ ᠠᠩᠴᠢᠨᠵᠠᠪ ᠵᠠᠩᠴᠤᠪ ᠬᠣᠶᠠᠷ ᠳᠣᠭᠲᠣᠭᠤᠨᠪᠢᠯᠢᠭ᠌᠂ ᠳᠤᠭᠠᠷᠵᠠᠪ ᠨᠠᠷ ᠲᠠᠢ ᠠᠭᠤᠯᠵᠠᠪᠠ᠃
ᠴᠢᠷᠠᠢ ᠨᠢᠭᠤᠷ ᠨᠢ ᠬᠥᠬᠡ ᠪᠠᠯᠠᠭ ᠪᠣᠯᠤᠭᠰᠠᠨ ᠳᠤᠭᠠᠷᠵᠠᠪ ᠢ᠋ ᠬᠠᠷᠠᠭᠠᠳ ᠠᠩᠴᠢᠨᠵᠠᠪ᠄
— ᠳᠤᠭᠠᠷᠵᠠᠪ ᠴᠢ ᠬᠠᠯᠠ ᠠᠮᠰᠠᠯ᠎ᠠ ᠪᠠ⁈ ᠭᠡᠪᠡ᠃
— ᠶᠠᠭᠠᠬᠢᠬᠤ ᠪᠣᠢ ᠳᠠ! ᠠᠷᠠᠰᠤ ᠮᠢᠬ᠎ᠠ ᠰᠢᠯᠪᠤᠷᠠᠭᠰᠠᠨ ᠴᠦ᠍ ᠠᠮᠠᠨ ᠥᠴᠢᠭ ᠢ᠋ᠶ᠋ᠡᠨ ᠥᠭᠭᠦᠭᠡ ᠦᠭᠡᠢ ᠪᠢ!
— ᠶᠠᠭ ᠳᠠ! ᠮᠥᠨ ᠰᠠᠢᠨ ᠡᠷ᠎ᠡ ᠶᠦᠮ ᠠ᠋! ᠭᠡᠰᠡᠨ ᠳ᠋ᠦ᠍ ᠳᠣᠭᠲᠣᠭᠤᠨᠪᠢᠯᠢᠭ᠌᠄
— ᠲᠠᠷᠭᠤᠨ ᠰᠢᠷ᠎ᠠ ᠡᠮ᠎ᠡ ᠳ᠋ᠦ᠍ ᠬᠣᠷᠭᠣᠳᠠᠭᠠᠳ ᠰᠠᠢᠨ ᠢ᠋ᠶ᠋ᠠᠨ ᠦᠵᠡᠪᠡ ᠤᠤ ᠴᠢ? ᠭᠡᠵᠦ ᠳᠤᠭᠠᠷᠵᠠᠪ ᠢ᠋ᠶ᠋ᠠᠷ ᠱᠣᠭ ᠪᠣᠯᠭᠠᠨ ᠢᠨᠢᠶᠡᠬᠦ ᠳ᠋ᠦ᠍ ᠳᠤᠭᠠᠷᠵᠠᠪ᠄
— ᠪᠠᠢᠶ᠎ᠠ᠂ ᠪᠠᠢᠶ᠎ᠠ! ᠳᠠᠬᠢᠵᠤ ᠡᠮ᠎ᠡ ᠳ᠋ᠦ᠍ ᠰᠢᠨᠤᠵᠤ ᠡᠯᠳᠡᠪᠯᠡᠬᠦ ᠪᠡᠨ ᠪᠠᠢᠶ᠎ᠠ᠂ ᠴᠣᠬᠣᠮ ᠦᠢᠯᠡ ᠪᠠᠢᠨ᠎ᠠ᠁ ᠲᠠ ᠨᠠᠷ ᠮᠢᠨᠦ ᠪᠤᠬᠤᠷ ᠢ᠋ ᠦᠵᠡ! ᠭᠡᠳ ᠥᠮᠥᠳᠥ ᠪᠡᠨ ᠰᠢᠪᠲᠤᠯᠤᠨ ᠲᠣᠩᠭᠣᠢᠪᠠ᠃
ᠳᠤᠭᠠᠷᠵᠠᠪ ᠤ᠋ᠨ ᠪᠠᠨᠰᠠᠳᠠᠭᠤᠯᠤᠭᠰᠠᠨ ᠪᠤᠬᠤᠷ ᠤ᠋ᠨ ᠬᠡᠰᠡᠭ ᠬᠡᠰᠡᠭ ᠮᠢᠬ᠎ᠠ ᠨᠢ ᠲᠠᠰᠤᠷᠠᠵᠤ᠂ ᠴᠢᠰᠤ ᠨᠥᠵᠢ ᠪᠢᠯᠳᠠᠵᠤ ᠰᠢᠯᠪᠤᠷᠠᠭᠰᠠᠨ ᠪᠠᠢᠯ᠎ᠠ᠃ ᠲᠡᠭᠡᠲᠡᠯ᠎ᠡ ᠨᠢᠭᠡ ᠨᠢ ᠬᠡᠳᠦᠢᠨ ᠡᠨᠡ ᠰᠢᠷᠬᠠᠨ ᠳ᠋ᠤ᠌ ᠡᠷ᠎ᠡ ᠬᠥᠮᠦᠨ ᠦ᠌ ᠰᠢᠭᠡᠰᠦ ᠰᠠᠢᠨ ᠪᠠᠢᠳᠠᠭ ᠶᠤᠮ ᠭᠡᠳ ᠳᠤᠭᠠᠷᠵᠠᠪ ᠤ᠋ᠨ ᠰᠢᠯᠪᠤᠷᠠᠭᠰᠠᠨ ᠪᠤᠬᠤᠷ ᠳᠡᠭᠡᠷ᠎ᠡ ᠱᠣᠷᠴᠢᠭᠢᠨᠠᠲᠠᠯᠠ ᠰᠢᠭᠡᠪᠡ᠁
ᠬᠤᠵᠢᠷᠯᠢᠭ ᠱᠣᠷᠪᠣᠭ ᠰᠢᠭᠡᠰᠦᠨ ᠦ᠌ ᠬᠣᠣᠷ ᠲᠤ ᠢᠷᠬᠢᠷᠡᠵᠦ ᠡᠪᠡᠳᠦᠭᠰᠡᠨ ᠳᠤᠭᠠᠷᠵᠠᠪ᠄《ᠶᠣ᠂ ᠶᠣ᠁ ᠬᠠᠯᠠᠬᠠᠢ ᠴᠢᠨᠢ!》 ᠭᠡᠵᠦ ᠰᠠᠨᠳᠤᠷᠤᠨ᠎ᠠ᠃
— ᠴᠣᠭᠪᠠᠭᠠᠲᠤᠷ ᠤ᠋ᠨ ᠴᠡᠷᠢᠭ ᠢ᠋ᠶ᠋ᠡᠷ ᠪᠠᠨᠰᠠᠳᠠᠭᠤᠯᠤᠭᠰᠠᠨ ᠰᠢᠭ᠋ ᠡᠪᠡᠳᠴᠦ ᠪᠠᠢᠨ᠎ᠠ ᠤᠤ? ᠭᠡᠬᠦ ᠳ᠋ᠦ᠍᠂
— ᠦᠭᠡᠢ᠂ ᠦᠭᠡᠢ! ᠴᠣᠭᠪᠠᠭᠠᠲᠤᠷ ᠶᠠᠭᠠᠬᠢᠬᠤ ᠳ᠋ᠠᠭᠠᠨ ᠨᠢᠭᠡ ᠪᠤᠷᠬᠠᠨ ᠰᠡᠳᠬᠢᠯ ᠡᠪᠦᠷᠯᠡᠵᠦ ᠮᠢᠨᠦ ᠠᠮᠢ ᠶ᠋ᠢ ᠬᠡᠯᠲᠦᠷᠢᠭᠦᠯᠦᠭᠰᠡᠨ ᠢ᠋ ᠪᠦᠦ ᠮᠡᠳᠡ᠃《ᠬᠡᠰᠢᠭᠲᠡᠢ ᠶ᠋ᠢ ᠠᠮᠢᠳᠤ ᠪᠠᠷ ᠪᠠᠷᠢᠬᠤ ᠦᠭᠡᠢ ᠪᠣᠯ ᠴᠢᠨᠦ ᠠᠮᠢ ᠶ᠋ᠢ ᠣᠷᠣᠨ ᠳ᠋ᠤᠨᠢ ᠵᠣᠯᠢᠶᠠᠯᠠᠨᠠ》 ᠭᠡᠵᠦ ᠬᠠᠰᠬᠢᠷᠴᠤ ᠪᠠᠢᠭᠰᠠᠨ ᠭᠡᠳ ᠠᠯᠴᠠᠭᠴᠠᠨ ᠪᠣᠰᠴᠤ ᠥᠮᠥᠳᠥ ᠪᠡᠨ ᠲᠡᠯᠡᠢᠯᠡᠨᠡ᠃
ᠠᠩᠴᠢᠨᠵᠠᠪ ᠵᠠᠩᠴᠤᠪ ᠬᠣᠶᠠᠷ ᠨᠢᠭᠡ ᠨᠢᠭᠡᠨ ᠢ᠋ᠶ᠋ᠡᠨ ᠬᠠᠷᠠᠭᠠᠳ ᠬᠥᠬᠥᠷᠡᠯᠳᠦᠪᠡ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠦ
