ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠶᠢᠰᠦ> Хан мунын сүүрс < доорд > – Мөнх зохиоов ᠂Дөдгөөр бодь – Хоёрдугаар бүлэг <9>
ᠲᠦᠲᠦᠭᠡᠷ ᠪᠣᠲᠢ – ᠬᠣᠶᠠᠳᠤᠭᠠᠷ ᠪᠦᠯᠦᠭ <ᠶᠢᠰᠦ>
ᠠᠷᠪᠠᠭᠠᠳ ᠮᠣᠷᠢᠲᠠᠳ ᠬᠣᠶᠠᠷᠬᠤᠳᠳᠤᠭ ᠠ᠋ᠴᠠ ᠪᠠᠷᠠᠭᠤᠨ ᠬᠣᠢᠰᠢ ᠰᠤᠪᠤᠷᠠᠵᠤ᠂ ᠮᠣᠷᠢᠳ ᠨᠢ ᠲᠣᠭᠣᠰᠣᠨ ᠠ᠋ᠴᠠ ᠪᠠᠨ ᠦᠷᠭᠦᠭᠰᠡᠨ ᠶᠦᠮ ᠰᠢᠭ ᠣᠮ ᠬᠣᠮ ᠦᠭᠡᠢ ᠳᠠᠪᠬᠢᠯᠳᠤᠨ᠎ᠠ᠃ ᠡᠨᠡ ᠪᠣᠯ ᠨᠠᠢ᠍ᠮᠠᠨᠵᠢᠩ᠂ ᠲᠣᠭᠲᠠᠭᠤᠨᠪᠢᠯᠢᠭ᠌᠂ ᠳᠠᠯᠠᠨᠲᠠᠢ᠂ ᠰᠣᠳᠨᠠᠮ ᠨᠠᠷ᠂ ᠮᠥᠨ᠃ ᠡᠳᠡᠨᠥᠰ ᠴᠣᠭᠪᠠᠭᠠᠲᠤᠷ ᠢ᠋ ᠰᠥᠨᠥᠭᠡᠴᠢᠬᠡᠯᠡ ᠭᠡᠵᠦ ᠬᠥᠭᠡᠷᠦᠯᠳᠦᠨ ᠪᠠᠷᠬᠢᠷᠠᠯᠳᠤᠵᠤ ᠮᠣᠷᠢᠨ ᠤ᠋ ᠪᠠᠨ ᠬᠠᠷ᠎ᠠ ᠬᠤᠷᠳᠤ ᠪᠠᠷ ᠲᠦᠳᠡᠬᠡᠨ ᠪᠠᠶᠠᠨᠪᠤᠯᠠᠭ ᠤ᠋ᠨ ᠳᠡᠪᠰᠡᠭ ᠢ᠋ ᠳᠠᠪᠠᠪᠠ᠃
ᠡᠳᠡᠨᠥᠰ ᠦ᠋ᠨ ᠠᠷᠤ ᠠ᠋ᠴᠠ ᠨᠡᠬᠡᠭᠦᠯ ᠦ᠋ᠨ ᠴᠡᠷᠢᠭ ᠦ᠋ᠳ ᠫᠤᠤ ᠲᠠᠴᠢᠭᠢᠨᠠᠭᠤᠯᠤᠭᠰᠠᠭᠠᠷ ᠪᠤᠵᠢᠭᠢᠨᠠᠯᠳᠤᠨ᠎ᠠ᠃
ᠰᠣᠯᠣᠭᠠᠢ ᠨᠠᠮᠵᠢᠯ ᠲᠡᠨᠳᠡ ᠡᠴᠡ ᠪᠤᠯᠲᠠᠵᠤ ᠭᠠᠷᠤᠭᠠᠳ ᠴᠡᠷᠢᠭ ᠦ᠋ᠨ ᠳᠣᠲᠣᠷ᠎ᠠ ᠠ᠋ᠴᠠ ᠪᠣᠰᠤᠯᠭ᠎ᠠ ᠭᠠᠷᠭᠠᠭᠰᠠᠳ ᠢ᠋ ᠳᠠᠷᠤᠩᠭᠤᠢᠯᠠᠬᠤ ᠭᠡᠵᠦ ᠴᠡᠷᠢᠭ ᠮᠣᠷᠢ ᠴᠡᠭᠴᠡᠯᠡᠨ᠂ ᠨᠠᠢ᠍ᠮᠠᠨᠵᠢᠩ᠂ ᠲᠣᠭᠲᠠᠭᠤᠨᠪᠢᠯᠢᠭ᠌ ᠨᠠᠷ ᠢ᠋ ᠨᠡᠬᠡᠵᠦ ᠶᠠᠪᠤᠭ᠎ᠠ ᠨᠢ ᠡᠨᠡ᠃ ᠨᠡᠬᠡᠭᠦᠯ ᠦ᠋ᠨ ᠴᠡᠷᠢᠭ ᠪᠠᠶᠠᠨᠪᠤᠯᠠᠭ ᠤ᠋ᠨ ᠳᠡᠪᠰᠡᠭ ᠳᠡᠭᠡᠷ᠎ᠡ ᠭᠠᠷᠴᠤ ᠣᠴᠢᠬᠤ ᠳ᠋ᠤ᠌ ᠥᠨᠥᠬᠢ ᠨᠦ᠍ᠭᠦᠳ ᠮᠡᠷᠭᠡᠨ ᠭᠣᠣᠯ ᠥᠭᠡᠳᠡᠯᠡᠭᠡᠳ ᠪᠠᠷ᠎ᠠ ᠰᠤᠷᠠᠭ ᠦᠭᠡᠢ ᠪᠣᠯᠤᠭᠰᠠᠨ ᠪᠠᠢᠪᠠ᠃
ᠭᠡᠨᠡᠳᠲᠡ ᠪᠠᠶᠠᠨᠪᠤᠯᠠᠭ ᠤ᠋ᠨ ᠪᠠᠷᠠᠭᠤᠨ ᠵᠢᠯᠠᠭ᠎ᠠ ᠶ᠋ᠢᠨ ᠬᠠᠷ᠎ᠠ ᠬᠠᠳᠠᠨ ᠠ᠋ᠴᠠ ᠫᠤᠤ ᠰᠤᠮᠤ ᠱᠤᠤᠭᠢᠵᠤ ᠨᠡᠬᠡᠭᠦᠯ ᠦ᠋ᠨ ᠮᠣᠷᠢᠨ ᠴᠡᠷᠢᠭ ᠦ᠋ᠨ ᠬᠢᠨ ᠢ᠋ ᠲᠣᠯᠣᠭᠠᠢ ᠲᠣᠭᠠᠯᠠᠨ ᠣᠨᠣᠭᠠᠵᠤ ᠬᠡᠳᠦ ᠬᠡᠳᠦ ᠶ᠋ᠢ ᠨᠢ ᠲᠣᠩᠭᠣᠷᠠᠭᠤᠯᠤᠭᠰᠠᠨ ᠳ᠋ᠤ᠌᠂ ᠲᠡᠳᠡᠨ ᠵᠢᠯᠣᠭᠣ ᠡᠷᠭᠢᠭᠦᠯᠦᠨ ᠵᠠᠮ ᠪᠤᠷᠤᠭᠤᠯᠠᠪᠠ᠃ ᠡᠨᠡ ᠦᠶ᠎ᠡ ᠳ᠋ᠦ᠍ ᠨᠠᠢ᠍ᠮᠠᠨᠵᠢᠩ᠂ ᠲᠣᠭᠲᠠᠭᠤᠨ ᠨᠠᠷ ᠮᠡᠷᠭᠡᠨ ᠭᠣᠣᠯ ᠥᠭᠡᠳᠡᠯᠡᠵᠦ ᠨᠡᠯᠢᠶᠡᠳ ᠵᠠᠮ ᠬᠣᠷᠣᠭᠠᠭᠰᠠᠨ ᠪᠠᠢᠯ᠎ᠠ᠃
ᠴᠣᠭᠪᠠᠭᠠᠲᠤᠷ ᠢ᠋ ᠠᠯᠠᠴᠢᠬᠠᠯ᠎ᠠ ᠭᠡᠵᠦ ᠪᠠᠶᠠᠷᠯᠠᠭᠰᠠᠨ ᠪᠣᠰᠤᠯᠭ᠎ᠠ ᠶ᠋ᠢᠨ ᠴᠡᠷᠢᠭ ᠦ᠋ᠳ ᠮᠣᠷᠢᠨ ᠳ᠋ᠠᠭᠠᠨ ᠲᠠᠰᠢᠭᠤᠷ ᠥᠭᠭᠦᠨ ᠠᠭᠤᠯᠠ ᠶ᠋ᠢᠨ ᠪᠠᠷᠲᠠᠭ᠎ᠠ ᠲᠠᠢ ᠵᠠᠮ ᠢ᠋ᠶ᠋ᠠᠷ ᠲᠠᠴᠢᠭᠢᠨᠠᠭᠤᠯᠤᠨᠠ᠃ ᠰᠣᠯᠣᠭᠠᠢ ᠨᠠᠮᠵᠢᠯ ᠤ᠋ᠨ ᠰᠤᠮᠤᠨ ᠳ᠋ᠤ᠌ ᠡᠯᠢᠭᠡ ᠪᠡᠨ ᠰᠦᠪᠡᠯᠡᠭᠦᠯᠦᠭᠰᠡᠨ ᠴᠠᠭᠠᠨᠬᠤᠷᠠᠭᠠ ᠮᠣᠷᠢᠨ ᠳᠡᠭᠡᠷ᠎ᠡ ᠪᠡᠨ ᠲᠣᠭᠲᠠᠵᠤ ᠶᠠᠳᠠᠨ ᠶᠣᠣᠯᠠᠵᠤ ᠶᠠᠪᠤᠨ᠎ᠠ᠃
— ᠨᠠᠢ᠍ᠮᠠᠨᠵᠢᠩ ᠠ᠋᠂ ᠬᠦᠷᠢ ᠳᠡᠭᠦᠦ ᠴᠢᠨᠢ ᠰᠢᠷᠬᠠᠳᠤᠭᠠᠳ ᠶᠣᠣᠯᠠᠵᠤ ᠪᠠᠢᠨ᠎ᠠ ᠭᠡᠵᠦ ᠬᠡᠨ ᠨᠢᠭᠡ ᠨᠢ ᠵᠠᠮ ᠤᠳᠤᠷᠢᠳᠤᠨ ᠳᠣᠪᠲᠣᠯᠭᠠᠭᠰᠠᠨ ᠨᠠᠢ᠍ᠮᠠᠨᠵᠢᠩ ᠳ᠋ᠤ᠌ ᠬᠡᠯᠡᠪᠡ᠃
ᠨᠠᠢ᠍ᠮᠠᠨᠵᠢᠩ ᠮᠣᠷᠢᠨ ᠤ᠋ ᠵᠢᠯᠣᠭᠣ ᠪᠠᠨ ᠳᠠᠷᠤᠵᠤ ᠬᠦᠷᠢ ᠳᠡᠭᠦᠦ ᠶ᠋ᠢᠨ ᠢ᠋ᠶ᠋ᠡᠨ ᠴᠢᠰᠤ ᠴᠤᠪᠤᠷᠠᠭᠰᠠᠨ ᠰᠢᠷᠬ᠎ᠠ ᠶ᠋ᠢ ᠶᠣᠷᠣᠭ ᠰᠢᠲᠠᠭᠠᠨ ᠪᠣᠭᠣᠵᠤ᠂ ᠮᠣᠷᠢᠨ ᠳᠡᠭᠡᠷ᠎ᠡ ᠪᠡᠨ ᠰᠤᠨᠳᠠᠯᠠᠵᠤ ᠮᠣᠷᠢ ᠶ᠋ᠢ ᠨᠢ ᠬᠥᠲᠥᠯᠦᠭᠡᠳ ᠨᠥᠭᠥᠭᠡᠳᠦᠭᠦᠯᠡ ᠶ᠋ᠢᠨ ᠢ᠋ᠶ᠋ᠡᠨ ᠠᠷᠤ ᠠ᠋ᠴᠠ ᠳᠣᠪᠲᠣᠯᠭᠠᠨ᠎ᠠ᠃ ᠬᠠᠳᠠ ᠴᠢᠯᠠᠭᠤ᠂ ᠳᠠᠷᠭᠢᠯ ᠲᠠᠢ ᠬᠠᠲᠠᠭᠤ ᠵᠠᠮ ᠢ᠋ᠶ᠋ᠠᠷ ᠬᠣᠶᠠᠷ ᠲᠣᠮᠣ ᠬᠥᠮᠦᠨ ᠨᠢᠭᠡ ᠮᠣᠷᠢᠨ ᠳ᠋ᠤ᠌ ᠰᠤᠨᠳᠠᠯᠠᠵᠤ ᠤᠨᠤᠭᠰᠠᠨ ᠠ᠋ᠴᠠ ᠨᠠᠢ᠍ᠮᠠᠨᠵᠢᠩ ᠤ᠋ᠨ ᠮᠣᠷᠢᠨ ᠤ᠋ ᠬᠤᠷᠳᠤ ᠤᠳᠠᠭᠠᠰᠢᠷᠠᠵᠤ ᠡᠮᠦᠨᠡᠬᠢ ᠮᠣᠷᠢᠨ ᠲᠤᠭᠤᠷᠠᠢ ᠶ᠋ᠢᠨ ᠴᠢᠮᠡᠭᠡ ᠶ᠋ᠢ ᠰᠣᠨᠣᠰᠬᠤ ᠠ᠋ᠴᠠ ᠪᠢᠰᠢ᠂ ᠪᠠᠷ᠎ᠠ ᠶ᠋ᠢ ᠨᠢ ᠣᠯᠵᠤ ᠬᠠᠷᠠᠬᠤ ᠦᠭᠡᠢ ᠪᠣᠯᠤᠯ᠎ᠠ᠃ ᠬᠡᠳᠦᠢ ᠢᠩᠭᠢᠵᠦ ᠶᠠᠭᠠᠷᠠᠬᠤ ᠳᠣᠳᠣᠮ ᠤᠨᠤᠭᠰᠠᠨ ᠮᠣᠷᠢ ᠨᠢ ᠬᠤᠷᠳᠤᠯᠠᠳᠠᠭ ᠶᠠᠭᠤᠮ᠎ᠠ ᠪᠢᠰᠢ᠂ ᠲᠦᠷᠦᠭᠦᠦ ᠳᠠᠪᠬᠢᠯᠳᠤᠭᠰᠠᠨ ᠬᠥᠮᠦᠰ ᠦ᠋ᠨ ᠮᠣᠷᠢᠨ ᠲᠦᠪᠡᠷᠭᠡᠨ ᠴᠦ᠍ ᠠᠭᠠᠵᠢᠮ ᠢ᠋ᠶ᠋ᠠᠷ ᠬᠣᠯᠠᠳᠪᠠ᠁ ᠬᠡᠴᠡᠭᠦᠦ ᠡᠪᠡᠳᠬᠦ ᠲᠠᠷᠴᠢᠯᠠᠭᠠᠯ ᠪᠠ ᠳᠠᠪᠬᠢᠶ᠎ᠠ ᠮᠣᠷᠢᠨ ᠤ᠋ ᠳᠣᠩᠰᠣᠯᠭᠠᠨ ᠳ᠋ᠤ᠌ ᠲᠡᠰᠪᠦᠷᠢᠯᠡᠰᠢ ᠦᠭᠡᠢ ᠵᠣᠪᠠᠨᠢᠭᠰᠠᠨ ᠴᠠᠭᠠᠨᠬᠤᠷᠠᠭᠠ《 ᠶᠣ᠂ ᠶᠣ᠁》 ᠭᠡᠵᠦ ᠤᠬᠢᠯᠠᠩᠨᠠᠨ ᠶᠣᠣᠯᠠᠬᠤ ᠨᠢ ᠡᠯᠢᠭᠡ ᠵᠢᠷᠦᠬᠡ ᠤᠷᠠᠵᠤ ᠪᠠᠢᠭ᠎ᠠ ᠰᠢᠭ᠋ ᠦᠷᠦ ᠡᠪᠡᠳᠦᠯᠲᠡᠢ ᠪᠠᠢᠯ᠎ᠠ᠃ ᠭᠡᠨᠡᠳᠲᠡ ᠠᠷᠤ ᠠ᠋ᠴᠠ ᠨᠢ ᠮᠣᠷᠢᠨ ᠤ᠋ ᠲᠤᠭᠤᠷᠠᠢ ᠲᠠᠴᠢᠭᠢᠨᠠᠵᠤ᠂ ᠶᠠᠪᠤᠬᠤ ᠳᠣᠳᠣᠮ ᠣᠢᠷᠠᠬᠠᠨ ᠪᠣᠯᠪᠠ᠃ ᠨᠠᠢ᠍ᠮᠠᠨᠵᠢᠩ ᠳᠣᠲᠣᠷ᠎ᠠ ᠪᠠᠨ《ᠣᠳᠣ ᠴᠦ᠍ ᠪᠠᠷᠠᠭᠰᠠᠨ ᠠ᠋! ᠨᠡᠬᠡᠭᠦᠯ ᠴᠡᠷᠢᠭ ᠲᠦ᠍ ᠠᠮᠢᠳᠤ ᠪᠠᠷ ᠢ᠋ᠶ᠋ᠠᠨ ᠲᠠᠮᠤᠯᠠᠭᠳᠠᠬᠤ ᠨᠢ ᠠ᠋!》 ᠭᠡᠵᠦ ᠪᠣᠳᠣᠨ᠄
— ᠬᠤᠷᠠᠭ᠎ᠠ ᠠ᠋! ᠰᠢᠲᠦ ᠪᠡᠨ ᠵᠠᠭᠤᠭᠠᠳ ᠲᠡᠰᠪᠦᠷᠢᠯᠡᠵᠦ ᠪᠠᠢ! ᠠᠷᠤ ᠠ᠋ᠴᠠ ᠬᠥᠮᠦᠨ ᠨᠡᠬᠡᠵᠦ ᠢᠷᠡᠯ᠎ᠡ! ᠭᠡᠳ ᠵᠠᠮ ᠪᠤᠷᠤᠭᠤᠯᠠᠨ ᠪᠠᠷᠠᠭᠤᠨ ᠵᠢᠯᠠᠭ᠎ᠠ ᠶ᠋ᠢᠨ ᠮᠣᠳᠣᠨ ᠳ᠋ᠤ᠌ ᠰᠢᠷᠭᠤᠪᠠ᠃
— ᠵᠠ᠂ ᠵᠠ᠂ ᠶᠣ᠁ ᠶᠣ᠁ ᠤᠬᠢᠯᠠᠩᠨᠠᠨ ᠶᠣᠣᠯᠠᠭᠰᠠᠨ ᠴᠠᠭᠠᠨᠬᠤᠷᠠᠭᠠ ᠨᠢᠭᠡᠮᠦᠰᠦᠨ ᠪᠡᠶ᠎ᠡ ᠪᠡᠨ ᠲᠠᠯᠪᠢᠨ ᠭᠤᠯᠵᠢᠭᠠᠨᠠᠪᠠ᠃
ᠲᠡᠭᠦᠨ ᠦ᠌ ᠶᠣᠣᠯᠠᠬᠤ ᠨᠢ ᠤᠯᠠᠮ ᠴᠢᠩᠭᠠᠷᠠᠭᠰᠠᠨ ᠳ᠋ᠤ᠌ ᠨᠠᠢ᠍ᠮᠠᠨᠵᠢᠩ᠄
— ᠴᠢ ᠡᠷ᠎ᠡ ᠬᠥᠮᠦᠨ ᠶᠦᠮ ᠤᠤ? ᠡᠮ᠎ᠡ ᠬᠥᠮᠦᠨ ᠤᠤ? ᠭᠡᠵᠦ ᠵᠠᠩᠳᠤᠷᠪᠠ᠃
— ᠠᠶ᠎ᠠ᠂ ᠬᠦᠷᠭᠡᠨ ᠠᠬ᠎ᠠ ᠠ᠋! ᠪᠢ ᠦᠨᠡᠬᠡᠷ ᠲᠡᠰᠬᠦ ᠪᠡᠨ ᠪᠠᠢᠯ᠎ᠠ ᠳᠠ! ᠶᠣ᠁ ᠶᠣ᠁
— ᠁
— ᠬᠦᠷᠭᠡᠨ ᠠᠬ᠎ᠠ ᠠ᠋! ᠲᠠ ᠡᠵᠢ ᠳ᠋ᠦ᠍ ᠮᠢᠨᠢ᠁ ᠭᠡᠵᠦ ᠬᠡᠯᠡᠬᠦ ᠶ᠋ᠢ ᠰᠣᠨᠣᠰᠤᠭᠰᠠᠨ ᠨᠠᠢ᠍ᠮᠠᠨᠵᠢᠩ᠄
— ᠪᠢᠲᠡᠭᠡᠢ ᠪᠡᠯᠭᠡ ᠥᠬᠡᠢ ᠶᠠᠭᠤᠮ᠎ᠠ ᠶᠠᠷᠢᠭᠠᠳ ᠪᠠᠢ! ᠠᠷᠤ ᠮᠡᠷᠭᠡᠨ ᠢ᠋ ᠳᠣᠭᠣᠯᠤᠭᠰᠠᠭᠠᠷ ᠤᠴᠢᠷ ᠨᠢ ᠣᠯᠳᠠᠬᠤ ᠪᠠᠢᠯᠭᠦᠢ᠃ ᠠᠢᠯ ᠤ᠋ᠨ ᠪᠠᠷ᠎ᠠ ᠬᠠᠷᠠᠭᠰᠠᠭᠠᠷ ᠴᠢᠮᠠᠶ᠋ᠢ ᠲᠡᠨᠳᠡ᠁ ᠭᠡᠵᠦ ᠨᠠᠢ᠍ᠮᠠᠨᠵᠢᠩ ᠢ᠋ ᠬᠡᠯᠡᠲᠡᠯ᠎ᠡ ᠴᠠᠭᠠᠨᠬᠤᠷᠠᠭᠠ ᠮᠣᠷᠢᠨ ᠤ᠋ ᠬᠣᠨᠳᠣᠯᠠᠢ ᠠ᠋ᠴᠠ ᠭᠤᠯᠭᠤᠷᠢᠨ ᠣᠢᠴᠢᠪᠠ᠃
ᠠᠷᠤ ᠠ᠋ᠴᠠ ᠳᠣᠪᠲᠣᠯᠤᠭᠰᠠᠨ ᠮᠣᠷᠢᠨ ᠤ᠋ ᠲᠤᠭᠤᠷᠠᠢ ᠣᠢᠷᠠᠬᠠᠨ ᠲᠠᠴᠢᠭᠢᠨᠠᠭᠠᠳ ᠬᠣᠰᠢᠭᠤ ᠳᠤᠭᠤᠢᠯᠠᠵᠤ ᠲᠡᠭᠦᠨ ᠦ᠌ ᠬᠠᠵᠠᠭᠤ ᠪᠠᠷ ᠰᠢᠪᠲᠤ ᠳᠠᠭᠠᠷᠢᠨ ᠭᠠᠷᠪᠠ᠃
ᠨᠠᠢ᠍ᠮᠠᠨᠵᠢᠩ ᠪᠡᠯᠡᠲᠡᠨ ᠰᠠᠨᠳᠤᠷᠴᠤ᠄
— ᠬᠤᠷᠠᠭ᠎ᠠ ᠠ᠋᠂ ᠶᠠᠭᠠᠬᠢᠵᠤ ᠪᠠᠢᠨ᠎ᠠ? ᠭᠠᠢᠭᠤᠢ ᠤᠤ? ᠭᠡᠪᠡ᠃
— ᠬᠦᠷᠭᠡᠨ ᠠᠬ᠎ᠠ ᠠ᠋! ᠪᠢ ᠪᠣᠯᠬᠤ ᠪᠠᠨ ᠪᠠᠢᠯ᠎ᠠ᠁ ᠲᠠ ᠨᠠᠮᠠᠶ᠋ᠢ ᠮᠥᠨ ᠡᠨᠳᠡ ᠲᠦᠷᠭᠡᠯᠡᠴᠢᠬᠡ!᠁ ᠪᠢ ᠲᠠᠨᠤᠰ ᠳᠤ ᠯᠠᠨᠴᠢᠭ ᠪᠠᠢᠨ᠎ᠠ᠁ ᠲᠡᠭᠡᠭᠡᠳ ᠲᠠ ᠰᠢᠯᠤᠭᠤᠬᠠᠨ ᠴᠠᠭᠠᠰᠢ ᠶᠠᠪᠤ!᠁ ᠨᠢᠭᠡ ᠮᠣᠷᠢᠨ ᠳᠡᠭᠡᠷ᠎ᠡ ᠰᠤᠨᠳᠠᠯᠠᠭᠰᠠᠨ ᠬᠣᠶᠠᠭᠤᠯᠠ ᠦᠬᠦᠬᠦ ᠡᠴᠡ ᠪᠢᠰᠢ᠁ ᠲᠠ ᠮᠢᠨᠢ ᠶᠠᠪᠤ! ᠡᠵᠢ ᠳ᠋ᠦ᠍ ᠮᠢᠨᠢ ᠨᠠᠮᠠᠶ᠋ᠢ ᠡᠨᠳᠡᠯ᠎ᠡ ᠭᠡᠵᠦ ᠪᠢᠲᠡᠭᠡᠢ ᠬᠡᠯᠡ! ᠵᠠ᠂ ᠱᠠᠯᠠᠪᠬᠠᠨ ᠫᠤᠤᠳᠠ᠁ ᠭᠡᠳ ᠴᠠᠭᠠᠨᠬᠤᠷᠠᠭᠠ ᠨᠠᠢ᠍ᠮᠠᠨᠵᠢᠩ ᠢ᠋ ᠭᠤᠶᠤᠭᠰᠠᠨ ᠵᠠᠬᠢᠷᠤᠭᠰᠠᠨ ᠨᠢ ᠦᠯᠦ ᠮᠡᠳᠡᠭᠳᠡᠨ ᠬᠡᠯᠡᠪᠡ᠃
ᠨᠠᠢ᠍ᠮᠠᠨᠵᠢᠩ ᠤ᠋ᠨ ᠳᠣᠲᠣᠷ᠎ᠠ ᠬᠠᠴᠢᠨ ᠪᠣᠯᠵᠤ ᠬᠦᠷᠢ ᠳᠡᠭᠦᠦ ᠪᠡᠨ ᠠᠪᠤᠷᠠᠵᠤ ᠴᠣ ᠪᠣᠯᠬᠤ ᠦᠭᠡᠢ ᠠᠯᠠᠵᠤ ᠴᠣ ᠪᠣᠯᠬᠤ ᠦᠭᠡᠢ ᠵᠣᠪᠠᠨᠢᠨ ᠳᠣᠣᠷᠠᠲᠤ ᠤᠷᠤᠭᠤᠯ ᠢ᠋ᠶ᠋ᠠᠨ ᠴᠢᠰᠤ ᠭᠠᠷᠲᠠᠯ᠎ᠠ ᠬᠠᠵᠠᠬᠤ ᠳ᠋ᠤ᠌᠂ ᠨᠢᠳᠦᠨ ᠳ᠋ᠦ᠍ᠨᠢ ᠭᠦᠶᠦᠭᠰᠡᠨ ᠵᠠᠢᠷ ᠬᠠᠮᠠᠷ ᠢ᠋ ᠨᠢ ᠬᠠᠪᠴᠢᠨ ᠤᠷᠤᠰᠪᠠ᠃《ᠬᠦᠷᠢ ᠳᠡᠭᠦᠦ ᠮᠢᠨᠢ ᠠ᠋! ᠴᠢ<ᠰᠠᠢᠨ ᠶᠠᠪᠤᠭᠠᠷᠠᠢ!>᠂ ᠪᠢ ᠡᠵᠢ ᠶ᠋ᠢ ᠴᠢᠨᠢ ᠡᠵᠢ ᠲᠡᠢ ᠪᠡᠨ ᠠᠳᠠᠯᠢᠬᠠᠨ ᠬᠠᠷᠠᠵᠤ ᠦᠵᠡᠨ᠎ᠡ᠂ ᠴᠢ ᠰᠠᠨᠠᠭ᠎ᠠ ᠠᠮᠤᠷ ᠪᠠᠢ!᠁》 ᠭᠡᠵᠦ ᠨᠠᠢ᠍ᠮᠠᠨᠵᠢᠩ ᠪᠤᠷᠤᠭᠤ ᠬᠠᠷᠠᠵᠤ ᠫᠤᠤ ᠪᠠᠨ ᠵᠠᠮᠤᠭᠯᠠᠬᠤ ᠳ᠋ᠤ᠌ ᠭᠠᠷ ᠨᠢ ᠰᠠᠯᠭᠠᠨᠠᠵᠤ ᠪᠠᠢᠪᠠ᠃
ᠴᠠᠭᠠᠨᠬᠤᠷᠠᠭᠠ ᠶ᠋ᠢᠨ ᠴᠢᠷᠠᠢ ᠨᠢ ᠬᠤᠵᠢᠢᠨ ᠴᠠᠢᠵᠤ ᠮᠡᠳᠡᠭᠡ ᠠᠯᠳᠠᠪᠠ᠃
ᠬᠥᠬᠡᠴᠢᠯᠠᠭᠤᠲᠠᠢ ᠶ᠋ᠢᠨ ᠳᠠᠷᠭᠢᠯ ᠵᠠᠮ ᠳᠡᠭᠡᠷ᠎ᠡ ᠴᠠᠭᠠᠨᠬᠤᠷᠠᠭᠠ ᠶ᠋ᠢ ᠳᠥᠬᠥᠮᠬᠡᠨ ᠣᠷᠣᠰᠢᠭᠤᠯᠬᠤ ᠭᠡᠵᠦ ᠲᠡᠭᠦᠨ ᠢ᠋ ᠲᠡᠪᠡᠷᠢᠨ ᠬᠣᠶᠠᠷ ᠪᠦᠳᠦᠭᠦᠨ ᠴᠢᠯᠠᠭᠤᠨ ᠤ᠋ ᠬᠣᠭᠣᠷᠣᠨᠳᠣ ᠲᠩᠷᠢ ᠬᠠᠨᠳᠤᠭᠤᠯᠤᠨ ᠬᠡᠪᠲᠡᠭᠦᠯᠦᠭᠰᠡᠨ ᠳ᠋ᠦ᠍ ᠴᠠᠭᠠᠨᠬᠤᠷᠠᠭᠠ ᠦᠯᠦ ᠮᠡᠳᠡᠭ ᠢᠨᠢᠶᠡᠮᠰᠦᠭ ᠴᠢᠷᠠᠢ ᠲᠠᠢ ᠪᠠᠢᠪᠠ᠃《 ᠬᠦᠷᠭᠡᠨ ᠠᠬ᠎ᠠ ᠮᠢᠨᠢ᠂ ᠰᠠᠢᠨ ᠪᠣᠯᠤᠯ᠎ᠠ᠁ ᠬᠤᠷᠳᠤᠨ ᠳᠤᠲᠠᠭ᠎ᠠ! ᠡᠰᠡ ᠲᠡᠢᠮᠦ ᠪᠣᠯ ᠪᠠᠷᠢᠭᠳᠠᠵᠤ ᠲᠠᠮᠤ ᠪᠠᠨ ᠦᠵᠡᠨ᠎ᠡ ᠳᠡ! ᠡᠵᠢ ᠶ᠋ᠢᠨ ᠮᠢᠨᠢ ᠬᠣᠰᠢᠭᠤ ᠪᠠᠷ ᠮᠠᠩᠨᠠᠢ ᠪᠠᠨ ᠮᠢᠨᠦ ᠣᠷᠣᠨ ᠳ᠋ᠤ᠌ ᠦᠨᠦᠰᠦᠭᠦᠯᠦᠭᠡᠴᠢ! ᠡᠵᠢ ᠮᠢᠨᠢ ᠬᠦᠦ ᠪᠡᠨ ᠦᠨᠦᠰᠦᠯ᠎ᠡ ᠭᠡᠵᠦ ᠰᠠᠨᠠᠬᠤ ᠪᠠᠢᠯᠭᠦᠢ! ᠪᠢ ᠡᠵᠢ ᠳ᠋ᠡᠭᠡᠨ ᠵᠡᠭᠦᠳᠦ ᠥᠭᠴᠦ ᠵᠥᠩᠨᠡᠭᠦᠯᠦᠨᠡ᠁ ᠣᠳᠣ ᠬᠤᠷᠳᠤᠨ ᠶᠠᠪᠤ! ᠶᠠᠪᠤᠭᠠᠴᠢ ᠳᠠ! ᠠᠷᠤ ᠠ᠋ᠴᠠ ᠨᠡᠬᠡᠭᠦᠯ ᠢᠷᠡᠯ᠎ᠡ᠁》 ᠭᠡᠵᠦ ᠬᠡᠯᠡᠬᠦ ᠰᠢᠭ ᠬᠠᠷᠠᠭᠳᠠᠯ᠎ᠠ᠃
ᠨᠠᠢ᠍ᠮᠠᠨᠵᠢᠩ᠂ ᠬᠦᠷᠢ ᠳᠡᠭᠦᠦ ᠶ᠋ᠢᠨ ᠢ᠋ᠶ᠋ᠡᠨ ᠬᠡᠭᠦᠷ ᠳᠡᠭᠡᠷ᠎ᠡ ᠪᠦᠳᠦᠭᠦᠨ ᠬᠠᠪᠲᠠᠭᠠᠢ ᠬᠥᠬᠡ ᠴᠢᠯᠠᠭᠤ ᠳᠠᠨᠳᠠᠢᠯᠠᠵᠤ ᠲᠠᠯᠪᠢᠭᠠᠳ《ᠴᠠᠭᠠᠨᠬᠤᠷᠠᠭᠠ ᠮᠢᠨᠢ᠂ ᠠᠮᠤᠷᠯᠢᠩᠭᠤᠢ ᠨᠣᠢᠷᠰᠤᠭᠠᠷᠠᠢ!》 ᠭᠡᠳ ᠮᠣᠷᠳᠠᠪᠠ᠃ ᠠᠷᠤ ᠠ᠋ᠴᠠ ᠲᠠᠴᠢᠭᠢᠨᠠᠭᠰᠠᠨ ᠮᠣᠷᠢᠨ ᠤ᠋ ᠲᠤᠭᠤᠷᠠᠢ ᠶᠠᠭ ᠲᠤᠯᠤᠭᠠᠳ ᠢᠷᠡᠬᠦ ᠳ᠋ᠦ᠍ ᠮᠣᠷᠢᠨ ᠳ᠋ᠠᠭᠠᠨ ᠲᠠᠰᠢᠭᠤᠷ ᠥᠭᠴᠦ《ᠣᠳᠣ ᠨᠢᠭᠡ ᠯᠡ ᠥᠨᠳᠡᠢᠬᠦ ᠳ᠋ᠦ᠍ ᠨᠢᠭᠡ ᠬᠣᠰᠢᠭᠤ ᠳᠤᠭᠤᠢᠯᠠᠨᠠ ᠳᠠ! ᠲᠡᠭᠡᠪᠡᠯ ᠴᠢ ᠮᠢᠨᠦ ᠮᠣᠷᠢᠨ ᠤ᠋ ᠲᠣᠭᠣᠰᠣ ᠶ᠋ᠢ ᠴᠦ᠍ ᠦᠨᠦᠷᠯᠡᠵᠦ ᠴᠢᠳᠠᠬᠤ ᠦᠭᠡᠢ ᠠ᠋!》 ᠭᠡᠵᠦ ᠰᠤᠮᠤᠨ ᠳ᠋ᠤ᠌ ᠣᠨᠣᠭᠳᠠᠬᠤ ᠠ᠋ᠴᠠ ᠬᠢᠴᠢᠶᠡᠵᠦ᠂ ᠡᠮᠡᠭᠡᠯ ᠦ᠋ᠨ ᠢ᠋ᠶ᠋ᠡᠨ ᠪᠤᠷᠤᠭᠤ ᠲᠠᠯ᠎ᠠ ᠪᠠᠷ ᠬᠥᠯᠪᠡᠷᠢᠨ ᠳᠣᠪᠲᠣᠯᠭᠠᠪᠠ᠃
ᠭᠡᠨᠡᠳᠲᠡ ᠬᠠᠮᠢᠭ᠎ᠠ ᠨᠢᠭᠡ ᠮᠣᠷᠢ ᠲᠤᠷᠭᠢᠬᠤ ᠴᠢᠮᠡᠭᠡ ᠭᠠᠷᠤᠭᠰᠠᠨ ᠳ᠋ᠤ᠌ ᠨᠠᠢ᠍ᠮᠠᠨᠵᠢᠩ ᠬᠢᠷᠳ᠋ᠬᠢᠵᠦ ᠠᠪᠤᠪᠠ᠃
— ᠨᠠᠢ᠍ᠮᠠᠨᠵᠢᠩ ᠠ᠋᠂ ᠭᠡᠵᠦ ᠨᠢᠭᠡ ᠬᠥᠮᠦᠨ ᠬᠠᠰᠬᠢᠷᠬᠤ ᠳ᠋ᠤ᠌ ᠲᠡᠷᠡ ᠡᠮᠡᠭᠡᠯ ᠳᠡᠭᠡᠷ᠎ᠡ ᠪᠡᠨ ᠰᠠᠭᠤᠨ ᠡᠷᠭᠢᠵᠦ ᠬᠠᠷᠠᠪᠠᠯ ᠬᠡᠭᠡᠷ ᠮᠣᠷᠢ ᠤᠨᠤᠭᠰᠠᠨ ᠵᠠᠩᠴᠤᠪ ᠪᠠᠢᠯ᠎ᠠ᠃
ᠤᠤᠯ ᠨᠢ ᠠᠩᠴᠢᠨᠵᠠᠪ ᠵᠠᠩᠴᠤᠪ ᠬᠣᠶᠠᠷ ᠳᠤᠭᠠᠷᠵᠠᠪ᠂ ᠨᠠᠢ᠍ᠮᠠᠨᠵᠢᠩ ᠨᠠᠷ ᠢ᠋ ᠶᠠᠪᠤᠭᠤᠯᠴᠢᠬᠠᠭᠠᠳ ᠬᠣᠶᠠᠭᠤᠯᠠ ᠮᠣᠩᠭᠣᠯ ᠠᠢᠯ ᠳ᠋ᠤ᠌ ᠬᠣᠶᠠᠷ ᠬᠣᠨᠣᠭᠠᠳ ᠰᠡᠳᠬᠢᠯ ᠲᠦᠪᠳᠡᠬᠦ ᠦᠭᠡᠢ ᠰᠢᠲᠦᠭᠡᠨ ᠠᠭᠤᠯᠠᠨ ᠤ᠋ ᠡᠩᠭᠡᠷ ᠢ᠋ ᠵᠣᠷᠢᠪᠠ᠃
ᠭᠤᠷᠪᠠᠳᠠᠬᠢ ᠡᠳᠦᠷ ᠦ᠋ᠨ ᠨᠠᠷᠠ ᠰᠤᠪᠤᠷᠠᠬᠤ ᠳ᠋ᠤ᠌ ᠠᠩᠴᠢᠨᠵᠠᠪ ᠵᠠᠩᠴᠤᠪ ᠬᠣᠶᠠᠷ ᠰᠢᠲᠦᠭᠡᠨ ᠠᠭᠤᠯᠠ ᠶ᠋ᠢᠨ ᠡᠩᠭᠡᠷ ᠲᠦ᠍ ᠮᠣᠷᠢ ᠪᠠᠨ ᠴᠣᠮᠣᠵᠤ ᠲᠠᠯᠪᠢᠭᠠᠳ ᠬᠥᠬᠡ ᠲᠡᠷᠯᠢᠭ ᠦ᠋ᠨ ᠢ᠋ᠶ᠋ᠡᠨ ᠠᠷᠤ ᠬᠣᠷᠮᠣᠢ ᠶ᠋ᠢ ᠤᠷᠠᠵᠤ ᠤᠷᠭᠠᠨ ᠤ᠋ ᠦᠵᠦᠭᠦᠷ ᠲᠦ᠍ ᠳᠠᠯᠪᠠᠭᠠᠯᠠᠨ ᠤᠶᠠᠵᠤ ᠡᠮᠦᠨ᠎ᠡ ᠡᠴᠡ ᠭᠠᠷᠴᠤ ᠢᠷᠡᠬᠦ ᠪᠣᠯᠣᠮᠵᠢᠲᠠᠢ ᠮᠣᠷᠢᠲᠠᠳ ᠢ᠋ ᠨᠢᠳᠦ ᠪᠡᠨ ᠴᠢᠯᠡᠲᠡᠯ᠎ᠡ ᠬᠠᠷᠠᠵᠤ ᠰᠠᠭᠤᠨ᠎ᠠ᠁ ᠦᠳᠡ ᠬᠡᠯᠪᠡᠢᠵᠦ᠂ ᠨᠠᠷᠠ ᠲᠡᠰᠢᠲᠡᠯᠡ ᠬᠦᠯᠢᠶᠡᠯ᠎ᠡ᠂ ᠥᠨᠥᠬᠢ ᠴᠣᠭᠪᠠᠭᠠᠲᠤᠷ ᠢ᠋ ᠪᠠᠷᠢᠬᠤ ᠪᠠᠷ ᠬᠥᠳᠡᠯᠦᠭᠰᠡᠨ ᠳᠤᠭᠠᠷᠵᠠᠪ᠂ ᠨᠠᠢ᠍ᠮᠠᠨᠵᠢᠩ ᠨᠠᠷ ᠤ᠋ᠨ ᠪᠠᠷ᠎ᠠ ᠨᠢ ᠴᠦ᠍ ᠠᠯᠠᠭ᠎ᠠ᠃
ᠠᠩᠴᠢᠨᠵᠠᠪ ᠳᠣᠲᠣᠷ᠎ᠠ ᠪᠠᠨ《ᠡᠨᠡ ᠬᠡᠳᠦᠨ ᠴᠦᠯᠢᠰ ᠠᠮᠢᠲᠠᠨ ᠴᠣᠭᠪᠠᠭᠠᠲᠤᠷ ᠢ᠋ ᠠᠮᠢᠳᠤ ᠪᠠᠷ ᠨᠢ ᠪᠠᠷᠢᠬᠤ ᠭᠡᠳ ᠳᠡᠢᠯᠦᠭᠰᠡᠨ ᠦᠭᠡᠢ ᠭᠡᠳᠡᠷᠭᠦ ᠪᠡᠨ ᠬᠢᠭᠳᠡᠴᠢᠬᠡᠭᠰᠡᠨ ᠪᠢᠰᠢ ᠪᠢᠵᠡ⁈ ᠠᠷᠠᠢ ᠴᠦ᠍ ᠲᠡᠭᠡᠮᠡᠷ ᠦᠭᠡᠢ ᠶᠦᠮ! ᠴᠣᠬᠣᠮ ᠶᠠᠭᠠᠬᠢᠭᠰᠠᠨ ᠪᠣᠯ ᠳᠠ⁈》 ᠭᠡᠵᠦ ᠰᠠᠨᠠᠭᠠᠰᠢᠷᠠᠨ ᠵᠣᠪᠠᠬᠤ ᠪᠣᠯᠪᠠᠴᠤ ᠲᠡᠳᠡᠨᠦᠰ ᠦ᠋ᠨ ᠢ᠋ᠶ᠋ᠡᠨ ᠬᠥᠬᠡ ᠳᠠᠯᠪᠠᠭ᠎ᠠ ᠬᠡᠢᠰᠬᠡᠨ ᠪᠤᠴᠠᠵᠤ ᠢᠷᠡᠬᠦ ᠶ᠋ᠢ ᠬᠠᠷᠠᠬᠤ ᠭᠣᠷᠢᠳᠠᠯᠭ᠎ᠠ ᠪᠠᠨ ᠣᠷᠬᠢᠬᠤ ᠦᠭᠡᠢ ᠯᠡ ᠪᠠᠢᠯ᠎ᠠ᠃
ᠨᠠᠷᠠ ᠰᠢᠩᠭᠡᠬᠦ ᠶ᠋ᠢᠨ ᠠᠯᠲᠠ ᠪᠠᠷ ᠵᠠᠩᠴᠤᠪ ᠲᠡᠨᠳᠡ ᠡᠴᠡ ᠬᠥᠳᠡᠯᠵᠦ ᠳᠤᠭᠠᠷᠵᠠᠪ᠂ ᠨᠠᠢ᠍ᠮᠠᠨᠵᠢᠩ ᠨᠠᠷ ᠤ᠋ᠨ ᠠᠷᠤ ᠠ᠋ᠴᠠ ᠶᠠᠪᠤᠪᠠ᠃
ᠵᠠᠩᠴᠤᠪ ᠰᠥᠨᠢᠵᠢᠨ ᠶᠠᠪᠤᠵᠤ ᠮᠠᠷᠭᠠᠲᠤᠷ ᠤ᠋ᠨ ᠬᠢᠨᠢ ᠥᠷᠯᠥᠭᠡ ᠡᠷᠲᠡ ᠥᠪᠥᠷ ᠮᠡᠷᠭᠡᠨ ᠦ᠌ ᠠᠮᠠᠨ ᠠ᠋ᠴᠠ ᠭᠠᠷᠴᠤ ᠪᠠᠶᠠᠨᠪᠤᠯᠠᠭ ᠤ᠋ᠨ ᠪᠠᠷᠠᠭᠤᠨ ᠵᠢᠯᠠᠭ᠎ᠠ ᠶ᠋ᠢᠨ ᠬᠠᠷ᠎ᠠ ᠬᠠᠳᠠᠨ ᠳ᠋ᠤ᠌ ᠨᠢᠭᠤᠭᠳᠠᠵᠠᠢ᠃ ᠦᠳᠡ ᠬᠡᠯᠪᠡᠢᠬᠦ ᠳ᠋ᠦ᠍ ᠬᠣᠶᠠᠷᠬᠤᠳᠳᠤᠭ ᠠ᠋ᠴᠠ ᠰᠤᠪᠤᠷᠠᠵᠤ ᠭᠠᠷᠤᠭᠰᠠᠨ ᠠᠷᠪᠠᠭᠠᠳ ᠮᠣᠷᠢᠲᠠᠳ ᠲᠣᠭᠣᠰᠣ ᠮᠠᠨᠠᠷᠠᠭᠠᠨ ᠳᠠᠪᠬᠢᠵᠤ ᠠᠢᠰᠤᠢ ᠶ᠋ᠢ ᠬᠠᠷᠠᠭᠠᠳ ᠵᠠᠩᠴᠤᠪ ᠶᠠᠭᠤ ᠪᠣᠯᠤᠭᠰᠠᠨ ᠢ᠋ ᠲᠣᠳᠣᠷᠬᠠᠢ ᠮᠡᠳᠡᠪᠡ᠃ ᠡᠳᠡᠨᠥᠰ ᠤᠳᠠᠭᠰᠠᠨ ᠦᠭᠡᠢ ᠪᠠᠶᠠᠨᠪᠤᠯᠠᠭ ᠤ᠋ᠨ ᠳᠡᠪᠰᠡᠭ ᠳᠡᠭᠡᠷ᠎ᠡ ᠭᠠᠷᠴᠤ ᠢᠷᠡᠭᠰᠡᠨ ᠳ᠋ᠦ᠍ ᠮᠣᠷᠢᠨ ᠤ᠋ ᠬᠢᠨᠢ ᠵᠢᠰᠦᠮ ᠢ᠋ᠶ᠋ᠡᠷ ᠨᠠᠢ᠍ᠮᠠᠨᠵᠢᠩ᠂ ᠲᠣᠭᠲᠠᠭᠤᠨᠪᠢᠯᠢᠭ᠌ ᠨᠠᠷ ᠮᠥᠨ ᠭᠡᠳᠡᠭ ᠢ᠋ ᠲᠠᠨᠢᠪᠠ᠃ ᠬᠠᠰᠬᠢᠷᠤᠯᠳᠤᠬᠤ ᠪᠠᠷ ᠨᠢ ᠦᠵᠡᠪᠡᠯ ᠶᠠᠪᠤᠳᠠᠯ ᠤᠴᠢᠷ ᠤᠷᠤᠭᠰᠢᠲᠠᠢ ᠪᠣᠯᠤᠭᠰᠠᠨ ᠨᠢ ᠲᠣᠳᠣᠷᠬᠠᠢ᠃ ᠭᠡᠬᠦ ᠳ᠋ᠦ᠍ ᠳᠤᠭᠠᠷᠵᠠᠪ ᠤ᠋ᠨ ᠪᠣᠷᠣ ᠮᠣᠷᠢ ᠬᠠᠷᠠᠭᠳᠠᠬᠤ ᠦᠭᠡᠢ ᠳ᠋ᠦ᠍《ᠳᠤᠭᠠᠷᠵᠠᠪ ᠭᠡᠨᠡᠳᠡᠭᠰᠡᠨ ᠤᠤ?》 ᠭᠡᠬᠦ ᠪᠣᠳᠣᠯ ᠵᠠᠩᠴᠤᠪ ᠤ᠋ᠨ ᠲᠠᠷᠢᠬᠢᠨ ᠳ᠋ᠤ᠌ ᠬᠠᠷᠪᠤᠪᠠ᠃
ᠨᠠᠢ᠍ᠮᠠᠨᠵᠢᠩ ᠡᠳᠡᠨᠥᠰ ᠢ᠋ ᠮᠡᠷᠭᠡᠨ ᠭᠣᠣᠯ ᠤ᠋ᠨ ᠠᠮᠠ ᠪᠠᠷ ᠣᠷᠣᠲᠠᠯ᠎ᠠ ᠬᠣᠶᠠᠷᠬᠤᠳᠳᠤᠭ ᠤ᠋ᠨ ᠵᠣ ᠠ᠋ᠴᠠ ᠲᠣᠭᠣᠰᠣ ᠳᠡᠭᠳᠡᠪᠡ᠃ ᠬᠠᠷᠠᠬᠤᠯ᠎ᠠ ᠨᠡᠬᠡᠭᠦᠯ ᠦ᠋ᠨ ᠴᠡᠷᠢᠭ ᠦ᠋ᠳ ᠪᠣᠯᠤᠯᠲᠠᠢ ᠫᠤᠤ ᠲᠠᠴᠢᠭᠢᠨᠠᠭᠤᠯᠤᠨ ᠱᠤᠤᠭᠢᠭᠤᠯᠵᠤ ᠠᠢᠰᠤᠢ᠃
ᠵᠠᠩᠴᠤᠪ ᠨᠡᠬᠡᠭᠦᠯ ᠦ᠋ᠨ ᠴᠡᠷᠢᠭ ᠦ᠋ᠳ ᠢ᠋ ᠫᠤᠤᠳᠠᠵᠤ ᠰᠢᠭᠤᠳ ᠬᠡᠭᠡᠷ ᠮᠣᠷᠢᠨ ᠳ᠋ᠠᠭᠠᠨ ᠮᠣᠷᠳᠠᠶ᠎ᠠ ᠭᠡᠰᠡᠨ ᠳ᠋ᠦ᠍ ᠤᠲᠤᠭ᠎ᠠ ᠤᠨᠢᠶᠠᠷ ᠲᠤ ᠪᠣᠭᠣᠭᠳᠠᠭᠰᠠᠨ ᠬᠣᠶᠠᠷᠬᠤᠳᠳᠤᠭ ᠠ᠋ᠴᠠ ᠰᠡᠦᠬᠡ ᠲᠡᠷᠭᠡ ᠤᠨᠤᠭ᠎ᠠ ᠬᠥᠰᠬᠡ᠂ ᠨᠡᠯᠢᠶᠡᠳ ᠮᠣᠷᠢᠲᠠᠢ ᠬᠥᠮᠦᠰ ᠵᠡᠭᠦᠨᠰᠢᠯᠡᠪᠡ᠃ ᠵᠠᠩᠴᠤᠪ ᠳᠣᠲᠣᠷ᠎ᠠ ᠪᠠᠨ《ᠮᠠᠨ ᠤ᠋ ᠬᠢᠨ ᠴᠣᠭᠪᠠᠭᠠᠲᠤᠷ ᠢ᠋ ᠪᠠᠷᠢᠵᠤ ᠳᠡᠢᠯᠦᠭᠰᠡᠨ ᠦᠭᠡᠢ ᠪᠠᠢᠨ᠎ᠠ ᠰᠢᠳᠡ! ᠣᠳᠣ ᠴᠦ᠍ ᠶᠣᠰᠣᠲᠠᠢ ᠵᠥᠭᠡᠢ ᠶ᠋ᠢᠨ ᠡᠭᠦᠷ ᠢ᠋ ᠰᠡᠭᠴᠢᠭᠰᠡᠨ ᠬᠡᠷᠡᠭ ᠪᠣᠯᠵᠤ ᠲᠠᠭᠠᠷᠠᠯ᠎ᠠ》 ᠭᠡᠵᠦ ᠠᠶᠤᠮᠰᠢᠭ ᠲᠠᠢ ᠶᠠᠭᠤᠮ᠎ᠠ ᠪᠣᠳᠣᠵᠤ ᠵᠠᠪᠳᠤᠪᠠ᠃
ᠨᠡᠬᠡᠭᠦᠯ ᠦ᠋ᠨ ᠴᠡᠷᠢᠭ ᠬᠡᠳᠦ ᠬᠡᠳᠦᠨ ᠬᠥᠮᠦᠨ ᠮᠣᠷᠢ ᠪᠠᠨ ᠭᠡᠨᠡᠳᠡᠭᠦᠯᠦᠭᠰᠡᠨ ᠳ᠋ᠡᠭᠡᠨ ᠪᠠᠶᠠᠨᠪᠤᠯᠠᠭ ᠤ᠋ᠨ ᠳᠡᠪᠰᠡᠭ ᠦ᠋ᠨ ᠴᠢᠨᠠᠳᠤ ᠦᠵᠦᠭᠦᠷ ᠢ᠋ ᠣᠷᠢᠶᠠᠨ ᠳᠣᠪᠲᠣᠯᠭᠠᠪᠠ᠃ ᠡᠨᠡ ᠬᠣᠭᠣᠷᠣᠨᠳᠣ ᠵᠠᠩᠴᠤᠪ ᠲᠡᠳᠡᠨᠦᠰ ᠦ᠋ᠨ ᠢ᠋ᠶ᠋ᠡᠨ ᠠᠷᠤ ᠠ᠋ᠴᠠ ᠬᠦᠯᠦᠭ ᠦ᠋ᠨ ᠰᠠᠢᠨ ᠢ᠋ᠶ᠋ᠠᠷ ᠬᠥᠨᠲᠥᠷᠦᠭᠦᠯᠵᠦ ᠶᠠᠪᠤᠭ᠎ᠠ ᠠᠵᠢ!
ᠴᠣᠭᠪᠠᠭᠠᠲᠤᠷ ᠨᠡᠭᠡᠷᠡᠨ ᠦᠬᠦᠭᠰᠡᠨ ᠦᠭᠡᠢ᠃ ᠪᠣᠰᠤᠯᠭ᠎ᠠ ᠶ᠋ᠢᠨ ᠴᠡᠷᠢᠭ ᠦ᠋ᠳ ᠭᠡᠷ ᠨᠡᠩᠵᠢᠨ ᠫᠤᠤᠳᠠᠬᠤ ᠠ᠋ᠴᠠ ᠬᠡᠷᠰᠡᠦᠯᠡᠬᠦ ᠳ᠋ᠡᠭᠡᠨ ᠲᠡᠷᠡ ᠦᠬᠦᠭᠰᠡᠨ ᠬᠥᠩᠬᠥᠷ ᠵᠠᠮᠪᠠᠯ ᠤ᠋ᠨ ᠮᠠᠩᠨᠠᠢ ᠠ᠋ᠴᠠ ᠴᠣᠷᠭᠢᠭᠰᠠᠨ ᠴᠢᠰᠤ ᠶ᠋ᠢ ᠨᠢᠭᠤᠷ ᠴᠢᠷᠠᠢ ᠳ᠋ᠠᠭᠠᠨ ᠪᠢᠯᠳᠠᠵᠤ ᠲᠤᠯᠭᠠᠨ ᠤ᠋ ᠦᠨᠡᠰᠦᠨ ᠡᠴᠡ ᠲᠣᠯᠣᠭᠠᠢ ᠳ᠋ᠠᠭᠠᠨ ᠴᠠᠴᠤᠨ ᠦᠬᠦᠭᠰᠡᠨ ᠢ᠋ᠶ᠋ᠡᠷ ᠣᠪᠯᠠᠨ ᠭᠤᠯᠳᠤᠢᠨ ᠬᠡᠪᠲᠡᠵᠦ᠂ ᠦᠬᠦᠳᠡᠯ ᠰᠢᠯᠭᠠᠬᠤ ᠪᠠᠷ ᠣᠷᠣᠭᠰᠠᠨ ᠨᠠᠢ᠍ᠮᠠᠨᠵᠢᠩ ᠲᠣᠭᠲᠠᠭᠤᠨ ᠬᠣᠶᠠᠷ ᠤ᠋ᠨ ᠨᠢᠳᠦ ᠶ᠋ᠢ ᠬᠠᠭᠤᠷᠴᠤ ᠴᠢᠳᠠᠪᠠ᠃
— ᠲᠠ ᠨᠠᠷ ᠴᠣᠭᠪᠠᠭᠠᠲᠤᠷ ᠢ᠋ ᠤᠬᠠᠭᠠᠯᠠᠵᠤ ᠳᠡᠢᠯᠦᠭᠰᠡᠨ ᠦᠭᠡᠢ! ᠥᠨᠥᠬᠢ ᠴᠢᠨᠢ ᠠᠭᠠᠷᠤᠲᠠᠢ ᠤᠷᠤᠭᠤ ᠪᠠᠨ ᠵᠡᠭᠦᠨᠰᠢᠯᠡᠴᠢᠬᠡᠯᠡ᠁ ᠣᠳᠣ ᠴᠦ᠍ ᠬᠠᠷ᠎ᠠ ᠪᠣᠷᠣ ᠴᠡᠷᠢᠭ ᠲᠡᠢ ᠬᠣᠯᠪᠣᠭᠠᠯᠠᠵᠤ ᠢᠷᠡᠭᠡᠳ ᠰᠦᠢᠳ ᠪᠣᠯᠤᠨ᠎ᠠ ᠳᠠ!
— ᠲᠡᠭᠡᠪᠡᠯ ᠣᠳᠣ ᠶᠠᠭᠠᠬᠢᠨ᠎ᠠ ᠪᠣᠢ? ᠭᠡᠵᠦ ᠨᠠᠢ᠍ᠮᠨᠨᠵᠢᠩ ᠮᠥᠰᠥ ᠵᠠᠯᠭᠢᠭᠰᠠᠨ ᠰᠢᠭ᠋ ᠰᠠᠨᠳᠤᠷᠪᠠ᠃
— ᠶᠠᠭᠠᠬᠢᠬᠤ ᠪᠣᠢ? ᠬᠣᠯᠠ ᠳᠤᠲᠠᠭᠠᠬᠤ ᠠ᠋ᠴᠠ ᠯᠠ᠁
— ᠪᠦᠰᠡᠭᠦᠢ ᠬᠡᠦᠬᠡᠳ ᠢ᠋ᠶ᠋ᠡᠨ᠁
— ᠵᠠ᠂ ᠶᠠᠭᠠᠬᠢᠬᠤ ᠪᠣᠢ? ᠠᠩᠴᠢᠨᠵᠠᠪ ᠲᠠᠢ ᠠᠭᠤᠯᠵᠠᠮᠠᠭᠴᠠ ᠭᠡᠷ ᠲᠡᠷᠭᠡ᠂ ᠪᠦᠰᠡᠭᠦᠢ ᠬᠡᠦᠬᠡᠳ ᠢ᠋ᠶ᠋ᠡᠨ ᠪᠤᠰᠢᠭᠤᠬᠠᠨ ᠨᠡᠭᠦᠯᠭᠡᠬᠦ ᠦᠭᠡᠢ ᠪᠣᠯᠬᠤ ᠦᠭᠡᠢ ᠠ᠋! ᠭᠡᠵᠦ ᠬᠣᠶᠠᠭᠤᠯᠠ ᠮᠣᠷᠢᠨ ᠤ᠋ ᠪᠠᠨ ᠬᠤᠷᠳᠤ ᠪᠠᠷ ᠵᠣᠷᠢᠭᠰᠠᠨ ᠵᠦᠭ ᠲᠡᠭᠡᠨ ᠲᠡᠮᠡᠦᠯᠦᠨ᠎ᠡ᠁
ᠠᠩᠴᠢᠨᠵᠠᠪ ᠲᠠᠢ ᠤᠷᠢᠲᠠᠵᠤ ᠠᠭᠤᠯᠵᠠᠭᠰᠠᠨ ᠲᠣᠭᠲᠠᠭᠤᠨ᠂ ᠳᠠᠯᠠᠨᠲᠠᠢ ᠨᠠᠷ《ᠴᠣᠭᠪᠠᠭᠠᠲᠤᠷ ᠢ᠋ ᠠᠯᠠᠴᠢᠬᠠᠯ᠎ᠠ᠁ ᠬᠡᠨ ᠬᠡᠨ ᠶᠠᠭᠠᠬᠢᠵᠤ ᠫᠤᠤᠳᠠᠭᠠᠳ ᠴᠣᠭᠪᠠᠭᠠᠲᠤᠷ᠂ ᠬᠥᠩᠬᠥᠷ ᠵᠠᠮᠪᠠᠯ᠂ ᠸᠠᠩ ᠰᠦ᠍ ᠳᠧ ᠨᠠᠷ ᠢ᠋ ᠶᠠᠭᠠᠬᠢᠵᠤ ᠶᠠᠭᠠᠬᠢᠵᠤ ᠫᠤᠤᠳᠠᠭᠰᠠᠨ ᠪᠠ ᠰᠣᠯᠣᠭᠠᠢ ᠨᠠᠮᠵᠢᠯ ᠶᠠᠭᠠᠬᠢᠵᠤ ᠳᠤᠲᠠᠭᠠᠭᠰᠠᠨ᠁》 ᠭᠡᠳ ᠬᠦᠦᠷᠨᠢᠯᠳᠦᠨ ᠪᠠᠶᠠᠷᠯᠠᠵᠤ᠂ ᠮᠠᠷᠭᠠᠲᠤᠷ ᠠ᠋ᠴᠠ ᠨᠠᠢ᠍ᠮᠨᠨᠵᠢᠩ᠂ ᠵᠠᠩᠴᠤᠪ ᠨᠠᠷ ᠲᠠᠢ ᠠᠭᠤᠯᠵᠠᠭᠰᠠᠭᠠᠷ ᠦᠯᠡᠮᠵᠢ ᠨᠠᠢᠷ ᠬᠢᠬᠦ ᠪᠡᠷ ᠪᠡᠯᠡᠬᠡᠨ ᠪᠣᠯᠪᠠ᠃
ᠮᠠᠷᠭᠠᠲᠤᠷ ᠤ᠋ᠨ ᠬᠢᠨᠢ ᠨᠠᠷᠠ ᠭᠠᠷᠬᠤ ᠳ᠋ᠤ᠌ ᠰᠢᠲᠦᠭᠡᠨ ᠠᠭᠤᠯᠠ ᠶ᠋ᠢᠨ ᠡᠩᠭᠡᠷ ᠦ᠋ᠨ ᠥᠪᠥᠷ ᠳᠣᠪᠣᠴᠠᠭ ᠳᠡᠭᠡᠷ᠎ᠡ ᠬᠣᠶᠠᠷ ᠮᠣᠷᠢᠲᠠᠨ ᠬᠠᠷᠠᠭᠳᠠᠪᠠ᠃
— ᠨᠠᠢ᠍ᠮᠠᠨᠵᠢᠩ ᠵᠠᠩᠴᠤᠪ ᠬᠣᠶᠠᠷ ᠲᠡᠨᠳᠡ ᠬᠦᠷᠦᠭᠡᠳ ᠢᠷᠡᠭᠰᠡᠨ ᠪᠠᠢᠨ᠎ᠠ ᠭᠡᠵᠦ ᠬᠠᠷᠠᠭᠤᠯ ᠤ᠋ᠨ ᠴᠡᠷᠢᠭ ᠠᠩᠴᠢᠨᠵᠠᠪ ᠲᠤ ᠮᠡᠳᠡᠭᠦᠯᠦᠭᠡᠳ ᠪᠦᠭᠦᠳᠡᠭᠡᠷ ᠢ᠋ᠶ᠋ᠡᠨ ᠲᠡᠳᠡ ᠬᠣᠶᠠᠷ ᠢ᠋ ᠤᠭᠲᠤᠨ ᠬᠥᠬᠡ ᠳᠠᠷᠴᠤᠭ ᠢ᠋ᠶ᠋ᠠᠨ ᠳᠡᠷᠪᠡᠯᠵᠡᠭᠦᠯᠦᠨ ᠳᠣᠪᠲᠣᠯᠭᠠᠨ᠎ᠠ᠃
ᠨᠠᠢ᠍ᠮᠠᠨᠵᠢᠩ ᠵᠠᠩᠴᠤᠪ ᠬᠣᠶᠠᠷ ᠲᠡᠷᠲᠡᠭᠡ ᠠᠢᠯ ᠤ᠋ᠨ ᠬᠠᠶᠠᠭᠠᠨ ᠠ᠋ᠴᠠ ᠬᠥᠬᠡ ᠳᠠᠷᠴᠤᠭ ᠬᠡᠢᠰᠬᠡᠨ ᠠᠢᠰᠤᠢ ᠬᠥᠮᠦᠰ ᠦ᠋ᠨ ᠡᠮᠦᠨ᠎ᠡ ᠡᠴᠡ ᠭᠬᠢᠷᠲᠡᠢ ᠴᠠᠭᠠᠨ ᠳᠠᠪᠤᠤ ᠬᠠᠨᠲᠠᠭᠠᠰᠤ ᠪᠠᠨ ᠤᠷᠠᠵᠤ ᠳᠠᠯᠪᠠᠭ᠎ᠠ ᠪᠣᠯᠭᠠᠨ ᠬᠤᠷᠤᠢᠯᠠᠵᠤ《ᠪᠢᠳᠡᠨ ᠦ᠌ ᠦᠢᠯᠡᠳᠦᠭᠰᠡᠨ ᠶᠠᠪᠤᠳᠠᠯ ᠢᠯᠠᠭᠳᠠᠪᠠ᠃ ᠣᠳᠣ ᠬᠤᠷᠳᠤᠨ ᠡᠨᠳᠡ ᠡᠴᠡ ᠵᠠᠢᠯᠠᠬᠤ ᠦᠭᠡᠢ ᠪᠣᠯᠬᠤ ᠦᠭᠡᠢ》 ᠭᠡᠰᠡᠨ ᠳᠣᠬᠢᠶ᠎ᠠ ᠲᠡᠮᠳᠡᠭ ᠢ᠋ᠶ᠋ᠡᠷ ᠭᠤᠨᠢᠭᠲᠠᠢ ᠠᠭᠤᠯᠵᠠᠵᠠᠭᠠᠯᠠ᠁
ᠡᠳᠡᠨᠥᠰ ᠬᠣᠷᠢᠭᠠᠳ ᠬᠥᠮᠦᠨ ᠪᠣᠯᠵᠤ ᠠᠩᠴᠢᠨᠵᠠᠪ ᠤ᠋ᠨ ᠤᠳᠤᠷᠢᠳᠤᠯᠭ᠎ᠠ ᠪᠠᠷ ᠵᠦᠭ ᠵᠦᠭ ᠲᠡᠭᠡᠨ ᠬᠥᠳᠡᠯᠬᠦ ᠪᠡᠷ ᠡᠭᠦᠷᠭᠡ ᠪᠡᠨ ᠬᠤᠪᠢᠶᠠᠯᠴᠠᠪᠠ᠃
ᠳᠠᠯᠠᠨᠲᠠᠢ᠂ ᠰᠣᠳᠨᠠᠮ ᠨᠠᠷ ᠨᠤᠲᠤᠭ ᠲᠠᠭᠠᠨ ᠪᠤᠴᠠᠵᠤ ᠭᠡᠷ ᠲᠡᠷᠭᠡ᠂ ᠮᠠᠯ ᠤᠨᠤᠭ᠎ᠠ ᠪᠠᠨ ᠨᠢᠭᠡ ᠲᠠᠢᠰᠢ ᠬᠠᠨᠳᠤᠭᠤᠯᠵᠤ᠂ ᠲᠣᠭᠲᠠᠭᠤᠨᠪᠢᠯᠢᠭ᠌ ᠬᠡᠳᠦᠨ ᠴᠡᠷᠢᠭ ᠠᠪᠴᠤ ᠳᠤᠭᠠᠷᠵᠠᠪ ᠤ᠋ᠨ ᠰᠤᠷᠠᠭ ᠢ᠋ ᠬᠠᠢᠨ ᠴᠣᠭᠪᠠᠭᠠᠲᠤᠷ ᠤ᠋ᠨ ᠴᠡᠷᠢᠭ ᠦ᠋ᠨ ᠬᠥᠳᠡᠯᠦᠯ ᠪᠠᠷᠢᠯ ᠢ᠋ ᠠᠵᠢᠭᠯᠠᠬᠤ ᠪᠠᠷ ᠪᠣᠯᠪᠠ᠃
ᠦᠰᠦᠭ ᠠᠮᠢᠯᠠᠭᠤᠯᠤᠭᠰᠠᠨ ᠨᠢ᠄ ᠭᠠᠷᠮ᠎ᠠ
