ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ08Юан улсын дээд нийслэл шант ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ08Юан улсын дээд нийслэл шант

ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ08Юан улсын дээд нийслэл шант

ᠠᠩᠭᠢᠯᠠᠯ:ᠲᠡᠦᠬᠡ ᠰᠣᠶᠣᠯ
2025-05-05

1941

ᠨᠠᠢ᠍ᠮᠠ ᠶᠤᠸᠠᠨ ᠤᠯᠤᠰ ᠤ᠋ᠨ ᠰᠢᠨᠵᠢᠯᠡᠬᠦ ᠤᠬᠠᠭᠠᠨ

   ᠶᠤᠸᠠᠨ ᠤᠯᠤᠰ ᠤ᠋ᠨ ᠡᠬᠢᠨ ᠦᠶ᠎ᠡ ᠪᠣᠯ ᠳᠤᠮᠳᠠᠳᠤ ᠤᠯᠤᠰ ᠤ᠋ᠨ ᠰᠢᠨᠵᠢᠯᠡᠬᠦ ᠤᠬᠠᠭᠠᠨ ᠤ᠋ ᠲᠡᠦᠬᠡᠨ ᠳᠡᠭᠡᠷᠡᠬᠢ ᠶᠡᠬᠡ ᠬᠥᠭᠵᠢᠯᠲᠡ ᠶ᠋ᠢᠨ ᠨᠢᠭᠡᠨ ᠨᠣᠶᠠᠨ ᠣᠷᠭᠢᠯ ᠪᠣᠯᠤᠨ᠎ᠠ᠃ᠡᠨᠡ ᠨᠢ ᠬᠤᠪᠢᠯᠠᠢ᠂ᠲᠡᠮᠦᠷ ᠵᠡᠷᠭᠡ ᠬᠡᠳᠦᠨ ᠦᠶ᠎ᠡ ᠶ᠋ᠢᠨ ᠮᠣᠩᠭᠣᠯ ᠬᠠᠭᠠᠳ ᠤ᠋ᠨ ᠰᠢᠨᠵᠢᠯᠡᠬᠦ ᠤᠬᠠᠭᠠᠨᠲᠠᠳ ᠢ᠋ ᠬᠦᠨᠳᠦᠳᠬᠡᠨ ᠬᠡᠷᠡᠭᠯᠡᠬᠦ᠂ᠬᠥᠬᠢᠭᠦᠯᠦᠨ ᠱᠠᠩᠨᠠᠬᠤ᠂ᠠᠵᠢᠯᠯᠠᠬᠤ ᠨᠥᠬᠥᠴᠡᠯ ᠪᠦᠷᠢᠯᠳᠦᠭᠦᠯᠦᠨ ᠥᠭᠬᠦ ᠵᠢᠴᠢ ᠪᠤᠰᠤᠳ ᠤᠯᠤᠰ ᠦᠨᠳᠦᠰᠦᠲᠡᠨ ᠦ᠌ ᠲᠡᠷᠢᠭᠦᠨ ᠦ᠌ ᠬᠥᠭᠵᠢᠭᠰᠡᠨ ᠰᠢᠨᠵᠢᠯᠡᠬᠦ ᠤᠬᠠᠭᠠᠨ ᠤ᠋ ᠦᠷ᠎ᠡ ᠪᠦᠲᠦᠭᠡᠯ ᠢ᠋ ᠢᠳᠡᠪᠬᠢᠲᠡᠢ ᠪᠡᠷ ᠰᠢᠩᠭᠡᠬᠡᠨ ᠠᠪᠬᠤ ᠵᠡᠷᠭᠡ ᠲᠥᠷᠥ ᠶ᠋ᠢᠨ ᠪᠣᠳᠣᠯᠭ᠎ᠠ ᠶ᠋ᠢ ᠬᠡᠷᠡᠭᠵᠢᠭᠦᠯᠦᠭᠰᠡᠨ ᠦ᠌ ᠦᠷ᠎ᠡ ᠪᠦᠲᠦᠭᠡᠯ ᠶᠤᠮ᠃ᠣᠳᠣᠨ ᠣᠷᠣᠨ ᠤ᠋ ᠰᠤᠳᠤᠯᠤᠯ᠂ᠤᠰᠤᠨ ᠠᠰᠢᠭᠯᠠᠯᠲᠠ᠂ᠭᠠᠵᠠᠷ ᠤ᠋ᠨ ᠵᠢᠷᠤᠭ ᠢ᠋ ᠬᠡᠮᠵᠢᠨ ᠵᠢᠷᠤᠭᠯᠠᠬᠤ ᠵᠡᠷᠭᠡ ᠣᠯᠠᠨ ᠵᠦᠢᠯ ᠦ᠋ᠨ ᠰᠢᠨᠵᠢᠯᠡᠬᠦ ᠤᠬᠠᠭᠠᠨ ᠤ᠋ ᠬᠦᠷᠢᠶ᠎ᠡ ᠬᠡᠪᠴᠢᠶᠡᠨ ᠳ᠋ᠦ᠍ ᠢᠯᠠᠭᠤᠭᠰᠠᠨ ᠠᠮᠵᠢᠯᠲᠠ ᠣᠯᠵᠠᠢ᠃
             ᠱᠠᠩᠳᠤ ᠶ᠋ᠢᠨ ᠣᠳᠣᠨ ᠣᠷᠣᠨ ᠤ᠋ ᠰᠤᠳᠤᠯᠤᠯ ᠤ᠋ᠨ ᠲᠥᠪ
    ᠳᠡᠭᠡᠳᠦ ᠨᠡᠢᠰᠯᠡᠯ ᠱᠠᠩᠳᠤ ᠪᠣᠯ ᠪᠦᠬᠦᠢᠯᠡ ᠮᠣᠩᠭᠣᠯᠴᠤᠳ ᠤ᠋ᠨ ᠴᠠᠭ ᠦᠶ᠎ᠡ ᠶ᠋ᠢᠨ ᠭᠤᠷᠪᠠᠨ ᠶᠡᠬᠡ ᠣᠳᠣᠨ ᠣᠷᠣᠨ ᠤ᠋ ᠰᠤᠳᠤᠯᠤᠯ ᠤ᠋ᠨ ᠲᠥᠪ ᠣᠷᠭᠢᠯ ᠤ᠋ᠨ ᠨᠢᠭᠡ ᠶᠤᠮ᠃
    ᠬᠤᠪᠢᠯᠠᠢ ᠰᠡᠴᠡᠨ ᠬᠠᠭᠠᠨ ᠪᠣᠯ ᠣᠳᠣᠨ ᠣᠷᠣᠨ ᠤ᠋ ᠰᠢᠨᠵᠢᠯᠡᠯ᠂ᠴᠠᠭ ᠤᠯᠠᠷᠢᠯ᠂ᠵᠢᠷᠤᠬᠠᠢ ᠪᠣᠳᠣᠯᠭ᠎ᠠ ᠶ᠋ᠢᠨ ᠠᠵᠢᠯ ᠢ᠋ ᠣᠨᠴᠠᠯᠠᠨ ᠠᠩᠬᠠᠷᠴᠤ ᠰᠢᠭᠤᠳ ᠵᠢᠯᠣᠭᠣᠳᠤᠨ ᠬᠢᠭᠰᠡᠨ ᠲᠥᠯᠥᠭᠡᠯᠡᠭᠴᠢ ᠬᠠᠭᠠᠨ ᠶᠤᠮ᠃ᠲᠡᠷᠡ ᠵᠠᠷᠯᠢᠭ ᠪᠠᠭᠤᠯᠭᠠᠨ ᠣᠳᠣᠨ ᠣᠷᠣᠨ ᠤ᠋ ᠡᠷᠳᠡᠮᠲᠡᠨ ᠨᠠᠷ ᠢ᠋ ᠳᠡᠭᠡᠳᠦ ᠨᠡᠢᠰᠯᠡᠯ ᠱᠠᠩᠳᠤ ᠳ᠋ᠤ᠌ ᠴᠤᠭᠯᠠᠭᠤᠯᠤᠨ ᠵᠣᠬᠢᠶᠠᠨ ᠪᠠᠢᠭᠤᠯᠵᠤ᠂ᠤᠷᠢᠳᠤᠬᠢ ᠤᠯᠤᠰ ᠭᠦᠷᠦᠨ ᠦ᠌ ᠡᠷᠳᠡᠮᠲᠡᠨ ᠮᠡᠷᠭᠡᠳ ᠦ᠋ᠨ ᠰᠤᠳᠤᠯᠤᠯ ᠰᠢᠨᠵᠢᠯᠡᠯ ᠦ᠋ᠨ ᠥᠪ ᠢ᠋ ᠵᠠᠯᠭᠠᠮᠵᠢᠯᠠᠨ ᠠᠪᠴᠤ᠂ᠠᠷᠠᠪ ᠤ᠋ᠨ ᠣᠳᠣᠨ ᠣᠷᠣᠨ ᠤ᠋ ᠰᠤᠳᠤᠯᠤᠯ ᠤ᠋ᠨ ᠲᠡᠷᠢᠭᠦᠨ ᠦ᠌ ᠮᠡᠳᠡᠯᠭᠡ ᠶ᠋ᠢ ᠰᠢᠩᠭᠡᠬᠡᠨ ᠢᠳᠡᠭᠡᠰᠢᠭᠦᠯᠵᠦ᠂ᠮᠠᠨ ᠤ᠋ ᠤᠯᠤᠰ ᠤ᠋ᠨ ᠣᠳᠣᠨ ᠣᠷᠣᠨ ᠤ᠋ ᠰᠤᠳᠤᠯᠤᠯ ᠢ᠋ ᠲᠤᠬᠠᠢ ᠶ᠋ᠢᠨ ᠦᠶᠡᠰ ᠳᠡᠯᠡᠬᠡᠢ ᠶ᠋ᠢᠨ ᠣᠷᠭᠢᠯ ᠳ᠋ᠤ᠌ ᠬᠦᠷᠭᠡᠭᠰᠡᠨ ᠪᠢᠯᠡ᠃ᠡᠨᠡ ᠬᠦ᠌ ᠠᠵᠢᠯ ᠨᠢ ᠣᠳᠣᠨ ᠣᠷᠣᠨ ᠤ᠋ ᠰᠤᠳᠤᠯᠤᠯ ᠤ᠋ᠨ ᠬᠦᠷᠢᠶᠡᠯᠡᠩ ᠪᠠᠢᠭᠤᠯᠬᠤ᠂ᠣᠳᠣᠨ ᠣᠷᠣᠨ ᠢ᠋ ᠬᠠᠢᠨ ᠰᠢᠨᠵᠢᠬᠦ ᠰᠢᠨ᠎ᠡ ᠪᠠᠭᠠᠵᠢ ᠬᠡᠮᠵᠢᠭᠦᠷ ᠦᠢᠯᠡᠳᠬᠦ᠂ᠥᠷᠭᠡᠨ ᠬᠡᠪᠴᠢᠶ᠎ᠡ  ᠪᠡᠷ ᠥᠷᠲᠡᠭᠡᠯᠡᠨ ᠬᠠᠢᠨ ᠰᠢᠨᠵᠢᠬᠦ᠂ᠴᠠᠭ ᠤᠯᠠᠷᠢᠯ ᠤ᠋ᠨ ᠵᠢᠷᠤᠬᠠᠢ ᠪᠠ ᠵᠢᠷᠤᠬᠠᠢ ᠪᠣᠳᠣᠯᠭ᠎ᠠ ᠶ᠋ᠢᠨ ᠪᠢᠴᠢᠭ ᠨᠠᠢᠷᠠᠭᠤᠯᠤᠨ ᠭᠠᠷᠭᠠᠬᠤ ᠳᠥᠷᠪᠡᠨ ᠠᠯᠬᠤᠮ ᠢ᠋ᠶ᠋ᠠᠷ ᠶᠠᠪᠤᠭᠳᠠᠭᠰᠠᠨ ᠪᠠᠢᠵᠠᠢ᠃
ᠬᠤᠪᠢᠯᠠᠢ ᠰᠡᠴᠡᠨ ᠬᠠᠭᠠᠨ ᠤ᠋ ᠵᠠᠷᠯᠢᠭ ᠢ᠋ᠶ᠋ᠠᠷ ᡁᠢ ᠶᠤᠸᠠᠨ ᠤ᠋ ᠨᠠᠢ᠍ᠮᠠᠳᠤᠭᠠᠷ ᠣᠨ ᠳ᠋ᠤ᠌ ᠳᠡᠭᠡᠳᠦ ᠨᠡᠢᠰᠯᠡᠯ ᠱᠠᠩᠳᠤ ᠳ᠋ᠤ᠌ ᠣᠳᠣᠨ ᠣᠷᠣᠨ ᠤ᠋ ᠰᠢᠨᠵᠢᠯᠡᠯ ᠦ᠋ᠨ ᠭᠠᠵᠠᠷ ᠢ᠋ ᠡᠬᠢᠯᠡᠨ ᠪᠠᠢᠭᠤᠯᠤᠭᠰᠠᠨ ᠪᠥᠭᠡᠳ ᠵᠠᠮᠠᠯᠡ—ᠳ᠋ᠢᠨ ᠢ᠋ ᠳᠠᠷᠤᠭᠠᠴᠢ ᠲᠦᠰᠢᠮᠡᠯ ᠢ᠋ᠶ᠋ᠡᠷ ᠲᠣᠮᠢᠯᠠᠭᠰᠠᠨ ᠶᠤᠮ᠃ ᠵᠠᠮᠠᠯᠠ— ᠳ᠋ᠢᠨ ᠪᠣᠯ ᠠᠷᠠᠪ ᠤ᠋ᠨ ᠣᠳᠣᠨ ᠣᠷᠣᠨ ᠤ᠋ ᠰᠤᠳᠤᠯᠭᠠᠲᠠᠨ ᠪᠢᠯᠡ᠃ᠲᠡᠷᠡ ᡁᠢ ᠶᠤᠸᠠᠨ ᠤ᠋ ᠳᠥᠷᠪᠡᠳᠦᠭᠡᠷ ᠣᠨ(1267ᠣᠨ) ᠳ᠋ᠤ᠌ ᠥᠪᠡᠷ ᠦ᠋ᠨ ᠲᠤᠭᠤᠷᠪᠢᠵᠤ ᠪᠢᠴᠢᠭᠰᠡᠨ ᠴᠠᠭ ᠤᠯᠠᠷᠢᠯ ᠤ᠋ᠨ ᠪᠢᠴᠢᠭ ᠢ᠋ᠶ᠋ᠡᠨ ᠬᠤᠪᠢᠯᠠᠢ ᠬᠠᠭᠠᠨ ᠳ᠋ᠤ᠌ ᠡᠷᠭᠦᠭᠰᠡᠨ ᠨᠢ ᠲᠤᠬᠠᠢ ᠶ᠋ᠢᠨ ᠦᠶᠡᠰ ᠮᠠᠨ ᠤ᠋ ᠤᠯᠤᠰ ᠲᠤ᠌ ᠤᠯᠠᠮᠵᠢᠯᠠᠭᠳᠠᠨ ᠳᠡᠯᠭᠡᠷᠡᠭᠰᠡᠨ ᠶᠦ᠍ᠮ᠃
     ᠱᠠᠩᠳᠤ ᠳ᠋ᠠᠬᠢ ᠣᠳᠣᠨ ᠣᠷᠣᠨ ᠤ᠋ ᠰᠢᠨᠵᠢᠯᠡᠯ ᠦ᠋ᠨ ᠭᠠᠵᠠᠷ ᠤ᠋ᠨ ᠪᠠᠭᠠᠵᠢ ᠬᠡᠷᠡᠭᠰᠡᠯ ᠨᠣᠮ ᠰᠤᠳᠤᠷ ᠨᠢ ᠭᠣᠣᠯᠳᠠᠭᠤ ᠠᠷᠠᠪ ᠠ᠋ᠴᠠ ᠢᠷᠡᠯ ᠲᠡᠢ ᠪᠠᠢᠵᠠᠢ᠃242 ᠪᠣᠳᠢ ᠨᠣᠮ ᠪᠢᠴᠢᠭ᠂ᠲᠡᠮᠳᠡᠭᠯᠡᠯ ᠦ᠋ᠨ ᠣᠯᠠᠩᠬᠢ ᠨᠢ ᠠᠷᠠᠪ ᠬᠡᠯᠡ ᠪᠡᠷ ᠪᠢᠴᠢᠵᠦ ᠲᠡᠮᠳᠡᠭᠯᠡᠭᠰᠡᠨ ᠪᠠᠢᠪᠠ᠃ᠶᠤᠸᠠᠨ ᠤᠯᠤᠰ ᠤ᠋ᠨ ᠬᠠᠭᠠᠨ ᠣᠷᠳᠣᠨ ᠤ᠋ ᠨᠣᠮ ᠤ᠋ᠨ ᠰᠠᠩ ᠳ᠋ᠤ᠌ ᠠᠯᠢ ᠴᠤ᠌ ᠲᠥᠷᠥ ᠡᠴᠡ ᠠᠭᠤᠯᠭ᠎ᠠ ᠪᠠᠷ ᠪᠠᠶᠠᠯᠢᠭ᠂ᠲᠥᠷᠥᠯ ᠢ᠋ᠶ᠋ᠡᠷ ᠣᠯᠠᠨ ᠠᠷᠠᠪ ᠤ᠋ᠨ ᠰᠢᠨᠵᠢᠯᠡᠬᠦ ᠤᠬᠠᠭᠠᠨ ᠤ᠋ ᠨᠣᠮ ᠰᠤᠳᠤᠷ ᠢ᠋ ᠬᠠᠳᠠᠭᠠᠯᠠᠵᠤ ᠪᠠᠢᠭᠰᠠᠨ ᠶᠤᠮ᠃ᠵᠥᠪᠬᠡᠨ ᠱᠠᠩᠳᠤ ᠶ᠋ᠢᠨ ᠣᠳᠣᠨ ᠣᠷᠣᠨ ᠤ᠋ ᠰᠤᠳᠤᠯᠤᠯ ᠤ᠋ᠨ ᠲᠥᠪ ᠣᠷᠭᠢᠯ ᠳ᠋ᠤ᠌ ᠬᠠᠳᠠᠭᠠᠯᠠᠵᠤ ᠪᠠᠢᠭᠰᠠᠨ ᠫᠧᠷᠰ᠂ᠠᠷᠠᠪ ᠬᠡᠯᠡᠨ ᠦ᠌ ᠨᠣᠮ ᠪᠢᠴᠢᠭ 23 ᠵᠦᠢᠯ ᠪᠠᠢᠵᠤ ᠡᠭᠦᠨ ᠦ᠌ ᠳᠣᠲᠣᠷ᠎ᠠ ᠣᠳᠣᠨ ᠣᠷᠣᠨ᠂ᠤᠯᠠᠷᠢᠯ ᠤ᠋ᠨ ᠵᠦᠢ᠂ᠲᠣᠭᠠᠨ ᠤ᠋ ᠤᠬᠠᠭᠠᠨ᠂ᠵᠢᠷᠤᠬᠠᠢ ᠶ᠋ᠢᠨ ᠤᠬᠠᠭᠠᠨ ᠤ᠋ ᠪᠢᠴᠢᠭ14 ᠲᠥᠷᠥᠯ ᠵᠦᠢᠯ ᠪᠠᠢᠵᠠᠢ᠃ᠵᠠᠮᠠᠯᠠ— ᠳ᠋ᠢᠨ᠂ᠬᠤᠪᠢᠯᠠᠢ ᠬᠠᠭᠠᠨ ᠤ᠋ ᠵᠠᠷᠯᠢᠭ ᠵᠢᠭᠠᠪᠤᠷᠢ ᠪᠠᠷ ᠣᠳᠣᠨ ᠣᠷᠣᠨ ᠤ᠋ ᠰᠤᠳᠤᠯᠤᠯ ᠳ᠋ᠤ᠌ ᠬᠡᠷᠡᠭᠯᠡᠬᠦ ᠣᠯᠠᠨ ᠴᠠᠭᠠᠷᠢᠭᠲᠤ ᠵᠠᠭᠪᠤᠷ᠂ᠣᠷᠣᠨ ᠪᠠᠢᠷᠢ ᠶ᠋ᠢᠨ ᠵᠠᠭᠪᠤᠷ᠂ᠥᠷᠭᠡᠷᠢᠭ ᠢ᠋ ᠲᠣᠭᠲᠠᠭᠠᠬᠤ ᠪᠠᠭᠠᠵᠢ᠂ᠥᠷᠭᠡᠷᠢᠭ ᠢ᠋ ᠬᠤᠪᠢᠶᠠᠬᠤ ᠪᠠᠭᠠᠵᠢ᠂ᠣᠳᠣᠨ ᠣᠷᠣᠨ ᠤ᠋ ᠵᠠᠭᠪᠤᠷ᠂ᠳᠡᠯᠡᠬᠡᠢ ᠶ᠋ᠢᠨ ᠪᠥᠮᠪᠥᠷᠴᠡᠭ ᠦ᠋ᠨ ᠵᠠᠭᠪᠤᠷ᠂ᠲᠩᠷᠢ ᠰᠢᠨᠵᠢᠯᠡᠬᠦ ᠵᠠᠭᠪᠤᠷ ᠵᠡᠷᠭᠡ7ᠵᠦᠢᠯ ᠦ᠋ᠨ ᠪᠠᠭᠠᠵᠢ ᠪᠠ ᠵᠠᠭᠪᠤᠷ ᠡᠭᠦᠳᠦᠨ ᠪᠦᠲᠦᠭᠡᠵᠦ ᠣᠳᠣᠨ ᠣᠷᠣᠨ ᠤ᠋ ᠰᠤᠳᠤᠯᠤᠯ ᠤ᠋ᠨ ᠦᠢᠯᠡᠰ ᠲᠦ᠍ ᠰᠢᠨ᠎ᠡ ᠬᠤᠪᠢ ᠨᠡᠮᠡᠭᠦᠷᠢ ᠦᠵᠡᠭᠦᠯᠵᠡᠢ᠃ᠣᠳᠣᠨ ᠣᠷᠣᠨ ᠤ᠋ ᠰᠤᠳᠤᠯᠭᠠᠲᠠᠨ ᠭᠦᠸᠧ ᠱᠧᠦ ᠵᠢᠩ᠂ᠵᠠᠮᠠᠯᠠ—
ᠳ᠋ᠢᠨ ᠦ᠌ ᠣᠯᠠᠨ ᠴᠠᠭᠠᠷᠢᠭᠲᠤ ᠣᠳᠣᠨ ᠣᠷᠣᠨ ᠤ᠋ ᠵᠠᠭᠪᠤᠷ ᠤ᠋ᠨ ᠰᠡᠩᠬᠡᠷᠡᠭᠦᠯᠦᠯ ᠨᠥᠯᠥᠭᠡᠯᠡᠯ ᠢ᠋ ᠬᠦᠯᠢᠶᠡᠨ ᠠᠪᠴᠤ᠂ᠣᠳᠣᠨ ᠣᠷᠣᠨ ᠤ᠋ ᠵᠠᠭᠪᠤᠷ ᠲᠤ᠌ ᠴᠢᠬᠤᠯᠠ ᠶᠡᠬᠡ ᠥᠭᠡᠷᠡᠴᠢᠯᠡᠯᠲᠡ ᠬᠢᠭᠰᠡᠨ ᠰᠠᠭᠤᠷᠢᠨ ᠳᠡᠭᠡᠷ᠎ᠡ ᠳᠥᠭᠥᠮ ᠵᠠᠭᠪᠤᠷ ᠢ᠋ ᠡᠭᠦᠳᠦᠨ ᠪᠦᠲᠦᠭᠡᠪᠡ᠃ᠲᠡᠭᠦᠨ ᠦ᠌ ᠵᠣᠬᠢᠶᠠᠭᠰᠠᠨ ᠳᠥᠭᠥᠮ ᠵᠠᠭᠪᠤᠷ ᠨᠢ ᠳᠡᠯᠡᠬᠡᠢ ᠳᠡᠭᠡᠷ᠎ᠡ ᠠᠩᠬᠠᠳᠠᠭᠴᠢ ᠤᠳᠠᠭ᠎ᠠ ᠬᠢᠭᠰᠡᠨ ᠳᠡᠯᠡᠬᠡᠢ ᠶ᠋ᠢᠨ ᠪᠦᠰᠡᠯᠡᠭᠦᠷ ᠦ᠋ᠨ ᠵᠠᠭᠪᠤᠷ ᠪᠣᠯᠤᠨ᠎ᠠ᠃ᠭᠦᠸᠧ ᠱᠧᠦ ᠵᠢᠩ  ᠪᠠᠰᠠ ᠨᠠᠷᠠᠨ ᠤ᠋ ᠬᠡᠮᠨᠡᠭᠦᠷ᠂ᠨᠠᠷᠠ ᠬᠬᠢᠷᠳᠣᠬᠦ ᠶ᠋ᠢ ᠰᠢᠨᠵᠢᠬᠦ ᠵᠡᠷᠭᠡ13ᠵᠦᠢᠯ ᠦ᠋ᠨ ᠪᠠᠭᠠᠵᠢ ᠬᠡᠷᠡᠭᠰᠡᠯ ᠢ᠋ ᠰᠢᠨ᠎ᠡ ᠪᠡᠷ ᠡᠭᠦᠳᠦᠨ ᠪᠦᠲᠦᠭᠡᠵᠦ ᠶᠤᠸᠠᠨ ᠤᠯᠤᠰ ᠤ᠋ᠨ ᠣᠳᠣᠨ ᠣᠷᠣᠨ ᠤ᠋ ᠬᠠᠢᠨ ᠰᠢᠨᠵᠢᠯᠡᠯ ᠳ᠋ᠦ᠍ ᠯᠤᠲᠤ ᠶᠡᠬᠡ ᠵᠢᠳᠬᠦᠯ ᠭᠠᠷᠭᠠᠵᠠᠢ᠃ᠶᠤᠸᠠᠨ ᠤᠯᠤᠰ ᠤ᠋ᠨ ᠦᠶᠡᠰ ᠮᠠᠨ ᠤ᠋ ᠤᠯᠤᠰ ᠤ᠋ᠨ ᠣᠯᠵᠤ ᠮᠡᠳᠡᠵᠦ ᠲᠡᠮᠳᠡᠭᠯᠡᠵᠦ ᠳ᠋ᠤᠭᠠᠷᠯᠠᠭᠰᠠᠨ ᠰᠠᠨᠰᠠᠷ ᠤ᠋ᠨ ᠣᠳᠣᠨ ᠭᠠᠷᠠᠭ ᠨᠢ ᠤᠤᠯ ᠤ᠋ᠨ1464 ᠭᠠᠷᠤᠢ ᠠ᠋ᠴᠠ ᠪᠠᠨ ᠨᠢᠭᠡ ᠳᠠᠬᠢᠨ ᠢ᠋ᠶ᠋ᠠᠷ ᠨᠡᠮᠡᠭᠳᠡᠨ 2500 ᠭᠠᠷᠤᠢ ᠪᠣᠯᠤᠭᠰᠠᠨ ᠶᠤᠮ᠃ᠡᠭᠦᠨ ᠳ᠋ᠦ᠍ ᠳᠡᠯᠡᠬᠡᠢ ᠳᠡᠭᠡᠷ᠎ᠡ ᠠᠩᠬᠠᠳᠠᠭᠴᠢ ᠤᠳᠠᠭ᠎ᠠ ᠮᠣᠩᠭᠣᠯ ᠤ᠋ᠨ ᠲᠠᠯ᠎ᠠ ᠨᠤᠲᠤᠭ ᠲᠤ᠌ ᠪᠠᠢᠭᠤᠯᠤᠭᠰᠠᠨ ᠱᠠᠩᠳᠤ ᠶ᠋ᠢᠨ ᠣᠳᠣᠨ ᠣᠷᠣᠨ ᠤ᠋ ᠰᠢᠨᠵᠢᠯᠡᠯ ᠦ᠋ᠨ ᠭᠠᠵᠠᠷ ᠤ᠋ᠨ ᠪᠠᠯᠠᠷᠠᠰᠢ ᠦᠭᠡᠢ ᠭᠠᠪᠢᠶ᠎ᠠ ᠵᠢᠳᠬᠦᠯ ᠢ᠋ ᠬᠡᠷᠬᠢᠨ ᠭᠠᠯ ᠳ᠋ᠤ᠌ ᠲᠦᠯᠡᠭᠰᠡᠨ ᠮᠡᠲᠦ ᠦᠭᠡᠢᠰᠬᠡᠵᠦ ᠪᠣᠯᠬᠤ ᠠᠵᠢ᠃
                ᠣᠨ ᠲᠣᠭᠠᠯᠠᠯ᠂ᠴᠠᠭ ᠤᠯᠠᠷᠢᠯ
     ᠮᠣᠩᠭᠣᠯ ᠤ᠋ᠨ ᠥᠨᠳᠥᠷᠯᠢᠭ ᠲᠦ᠍ ᠥᠰᠴᠦ ᠲᠥᠷᠥᠵᠦ᠂ ᠥᠭᠡᠳᠡᠯᠡᠨ ᠬᠥᠭᠵᠢᠵᠦ᠂ᠥᠷᠨᠢᠨ ᠮᠠᠨᠳᠤᠭᠰᠠᠨ ᠮᠠᠨ ᠤ᠋ ᠮᠣᠩᠭᠣᠯ ᠤᠭᠰᠠᠭᠠᠲᠠᠨ ᠡᠷᠲᠡ ᠳᠡᠭᠡᠳᠦᠰ ᠡᠴᠡ ᠪᠡᠨ ᠨᠡᠭᠦᠳᠡᠯ ᠮᠠᠯᠵᠢᠯ᠂ᠠᠪᠠ ᠠᠩᠨᠠᠯ ᠢ᠋ ᠲᠦᠰᠢᠵᠦ ᠲᠠᠪᠤᠨ ᠬᠣᠰᠢᠭᠤ ᠮᠠᠯ ᠪᠠ ᠲᠡᠭᠦᠨ ᠦ᠌ ᠠᠰᠢᠭ ᠰᠢᠮ᠎ᠡ᠂ᠲᠠᠩᠰᠤᠭ ᠪᠠᠶᠠᠨ ᠠᠩ ᠬᠦᠷᠦᠭᠡ ᠪᠠ ᠲᠡᠭᠦᠨ ᠦ᠌ ᠰᠤᠷ ᠳᠡᠭᠡᠵᠢ ᠪᠡᠷ ᠠᠮᠢᠳᠤᠷᠠᠯ ᠤ᠋ᠨ ᠢ᠋ᠶ᠋ᠠᠨ ᠡᠬᠢ ᠪᠤᠯᠠᠭ ᠪᠣᠯᠭᠠᠭᠰᠠᠭᠠᠷ ᠢᠷᠡᠭᠰᠡᠨ ᠲᠡᠦᠬᠡ ᠲᠡᠢ ᠪᠢᠯᠡ᠃ᠲᠡᠭᠡᠭᠡᠳ ᠥᠨᠢ ᠤᠳᠠᠭᠠᠨ ᠤ᠋ ᠨᠡᠭᠦᠳᠡᠯ ᠮᠠᠯᠵᠢᠯ ᠤ᠋ᠨ ᠶᠠᠪᠤᠴᠠ ᠳ᠋ᠠᠭᠠᠨ ᠮᠣᠩᠭᠣᠯ ᠦᠨᠳᠦᠰᠦᠲᠡᠨ ᠳ᠋ᠦ᠍ ᠯᠡ ᠪᠠᠢᠳᠠᠭ ᠥᠪᠡᠷᠮᠢᠴᠡ ᠣᠨᠴᠠᠯᠢᠭ ᠪᠦᠬᠦᠢ ᠮᠠᠯᠵᠢᠯ ᠤ᠋ᠨ ᠰᠣᠶᠣᠯ ᠢ᠋ ᠡᠭᠦᠳᠦᠨ ᠪᠦᠲᠦᠭᠡᠵᠦ ᠰᠢᠮᠡᠵᠢᠭᠦᠯᠦᠨ ᠳᠡᠭᠡᠭᠰᠢᠯᠡᠭᠦᠯᠵᠦ ᠳᠡᠯᠡᠬᠡᠢ ᠳ᠋ᠠᠬᠢᠨ᠎ᠠ ᠲᠠᠷᠬᠠᠭᠠᠨ ᠳᠡᠯᠭᠡᠷᠡᠭᠦᠯᠵᠦ ᠬᠥᠮᠦᠨ ᠲᠥᠷᠥᠯᠬᠢᠲᠡᠨ ᠦ᠌ ᠪᠣᠯᠪᠠᠰᠤᠨ ᠤ᠋ ᠪᠦᠲᠦᠭᠡᠨ ᠪᠠᠢᠭᠤᠯᠤᠯᠲᠠ ᠳ᠋ᠤ᠌ ᠪᠠᠯᠠᠷᠠᠰᠢ ᠦᠭᠡᠢ ᠭᠠᠪᠢᠶ᠎ᠠ ᠵᠢᠳᠬᠦᠯ ᠨᠡᠮᠡᠷᠢᠯᠡᠭᠰᠡᠨ ᠭᠡᠬᠦ ᠳ᠋ᠦ᠍ ᠬᠡᠲᠦᠷᠡᠬᠦ ᠦᠭᠡᠢ ᠪᠢᠵᠡ᠃ᠵᠥᠪᠬᠡᠨ ᠡᠳᠦᠷ ᠳᠣᠳᠣᠮ ᠤ᠋ᠨ ᠠᠮᠢᠳᠤᠷᠠᠯ ᠳ᠋ᠤ᠌ ᠪᠠᠢᠩᠭᠤ ᠬᠡᠷᠡᠭᠯᠡᠭᠳᠡᠵᠦ ᠪᠠᠢᠭ᠎ᠠ ᠣᠨ ᠲᠣᠭᠠᠯᠠᠯ᠂ᠴᠠᠭ ᠤᠯᠠᠷᠢᠯ ᠤ᠋ᠨ ᠨᠡᠷᠡᠯᠡᠯ ᠨᠢ ᠴᠦ᠍ ᠮᠣᠩᠭᠣᠯ ᠮᠠᠯᠵᠢᠯ ᠤ᠋ᠨ ᠰᠣᠶᠣᠯ ᠤ᠋ᠨ ᠪᠦᠷᠢᠯᠳᠦᠬᠦᠨ ᠦ᠌ ᠨᠢᠭᠡ ᠰᠢᠷᠬᠡᠭ ᠨᠢ ᠪᠣᠯᠬᠤ ᠶᠤᠮ᠃
   ᠡᠷᠲᠡᠨ ᠦ᠌ ᠮᠣᠩᠭᠣᠯᠴᠤᠳ᠂ᠨᠤᠲᠤᠭ ᠤ᠋ᠨ ᠢ᠋ᠶ᠋ᠠᠨ ᠳᠥᠷᠪᠡᠨ ᠤᠯᠠᠷᠢᠯ ᠤ᠋ᠨ ᠬᠤᠪᠢᠷᠠᠯᠲᠠ ᠶ᠋ᠢ ᠦᠨᠳᠦᠰᠦᠯᠡᠵᠦ ᠲᠤᠰ ᠤᠯᠠᠷᠢᠯ ᠤ᠋ᠨ ᠬᠠᠮᠤᠭ ᠤ᠋ᠨ ᠬᠥᠭᠵᠢᠯ ᠲᠡᠢ ᠠᠮᠢᠲᠠᠨ ᠤᠷᠭᠤᠮᠠᠯ ᠢ᠋ᠶ᠋ᠠᠷ ᠡᠨᠡ ᠤᠯᠠᠷᠢᠯ ᠢ᠋ᠶ᠋ᠠᠨ ᠨᠡᠷᠡᠯᠡᠨ ᠳᠠᠭᠤᠳᠠᠳᠠᠭ ᠵᠠᠩᠰᠢᠯ ᠲᠠᠢ ᠪᠠᠢᠵᠠᠢ᠃ᠬᠠᠪᠤᠷ ᠤ᠋ᠨ ᠤᠷᠢ ᠣᠷᠣᠵᠤ ᠬᠠᠢᠯ ᠤᠷᠤᠰᠤᠨ ᠠᠭᠢ ᠨᠢᠳᠦᠯᠡᠭᠡᠳ ᠨᠡᠭᠦᠳᠡᠯ ᠦ᠋ᠨ ᠪᠦᠪᠤᠭᠡᠯᠵᠢᠨ(ᠥᠭᠡᠯᠵᠢᠨ)ᠢᠷᠡᠵᠦ ᠳᠣᠩᠭᠣᠳᠳᠠᠭ ᠪᠣᠯᠬᠣᠷ ᠭᠤᠷᠪᠠᠨ ᠰᠠᠷ᠎ᠠ ᠶ᠋ᠢ ᠥᠭᠡᠯᠵᠢᠨ ᠰᠠᠷ᠎ᠠ ᠭᠡᠳᠡᠭ᠃ᠵᠤᠨ ᠤ᠋ ᠡᠬᠢᠨ ᠰᠠᠷ᠎ᠠ ᠳ᠋ᠤ᠌ ᠲᠠᠯ᠎ᠠ ᠴᠡᠯᠭᠡᠷᠡᠨ ᠮᠠᠯ ᠲᠡᠷᠯᠡᠵᠦ᠂ᠬᠥᠬᠥᠭᠡ ᠤᠶᠠᠩᠭᠠᠯᠠᠳᠠᠭ ᠤᠴᠢᠷ ᠳᠥᠷᠪᠡᠨ ᠰᠠᠷ᠎ᠠ ᠶ᠋ᠢ ᠬᠥᠬᠥᠭᠡ ᠰᠠᠷ᠎ᠠ ᠭᠡᠳᠡᠭ᠃ᠲᠠᠪᠤ ᠵᠢᠷᠭᠤᠭᠠᠨ ᠰᠠᠷ᠎ᠠ ᠪᠣᠯ ᠮᠠᠯ ᠰᠦᠷᠦᠭ ᠦ᠋ᠨ ᠤᠰᠤᠨ ᠲᠠᠷᠭᠤ ᠠᠪᠬᠤ ᠤᠯᠠᠷᠢᠯ᠂ᠠᠳᠤᠭᠤ ᠬᠣᠨᠢ ᠭᠣᠣᠯᠴᠢᠯᠠᠨ ᠮᠠᠯᠵᠢᠳᠠᠭ ᠮᠣᠩᠭᠣᠯᠴᠤᠳ᠂ᠲᠠᠪᠤ ᠵᠢᠷᠭᠤᠭᠠᠨ ᠰᠠᠷ᠎ᠠ ᠶ᠋ᠢ ᠠᠷᠪᠠᠨ ᠬᠣᠶᠠᠷ ᠵᠢᠯ ᠦ᠋ᠨ ᠮᠣᠷᠢ᠂ᠬᠣᠨᠢ ᠪᠠᠷ ᠨᠡᠷᠡᠯᠡᠭᠰᠡᠨ ᠨᠢ ᠮᠥᠨ ᠴᠦ᠍ ᠲᠡᠭᠦᠨ ᠦ᠌ ᠪᠠᠳᠠᠷᠠᠯ ᠤ᠋ᠨ ᠦᠶ᠎ᠡ ᠶ᠋ᠢ ᠠᠩᠬᠠᠷᠤᠭᠰᠠᠨ ᠤᠴᠢᠷ ᠲᠠᠢ᠃ᠳᠣᠯᠣᠭ᠎ᠠ ᠨᠠᠢ᠍ᠮᠠᠨ ᠰᠠᠷ᠎ᠠ ᠪᠣᠯ ᠬᠡᠭᠡᠷ᠎ᠡ ᠶ᠋ᠢᠨ ᠬᠤᠯᠠᠨ᠂ᠣᠢ ᠶ᠋ᠢᠨ ᠪᠤᠭᠤ ᠰᠦᠷᠦᠭᠯᠡᠬᠦ᠂ᠣᠷᠣᠭᠠᠯᠠᠬᠤ ᠬᠤᠭᠤᠴᠠᠭ᠎ᠠ᠂ᠡᠷᠲᠡᠨ ᠦ᠌ ᠮᠣᠩᠭᠣᠯᠴᠤᠳ ᠳᠣᠯᠣᠭ᠎ᠠ ᠨᠠᠢ᠍ᠮᠠᠨ ᠰᠠᠷ᠎ᠠ ᠶ᠋ᠢ ᠬᠤᠯᠠᠨ ᠰᠠᠷ᠎ᠠ᠂ ᠪᠤᠭᠤ ᠰᠠᠷ᠎ᠠ ᠬᠡᠮᠡᠭᠰᠡᠨ ᠨᠢ ᠴᠣᠬᠣᠮ ᠬᠦ᠌ ᠣᠨᠣᠭᠠᠭᠰᠠᠨ ᠳᠠᠭᠤᠳᠠᠯᠭ᠎ᠠ ᠠᠵᠢ᠃ᠲᠡᠦᠬᠡᠨ ᠳᠡᠭᠡᠷ᠎ᠡ ᠶᠢᠰᠦᠨ ᠰᠠᠷ᠎ᠠ ᠶ᠋ᠢ ᠪᠠᠰᠠ ᠬᠤᠴᠠ ᠰᠠᠷ᠎ᠠ ᠭᠡᠳᠡᠭ᠂ᠪᠣᠳᠣᠪᠠᠯ ᠶᠢᠰᠦᠨ ᠰᠠᠷ᠎ᠠ ᠪᠣᠯ ᠬᠣᠨᠢ ᠮᠠᠯ ᠤ᠋ᠨ ᠣᠷᠣᠭᠠᠨ ᠤ᠋ ᠬᠤᠭᠤᠴᠠᠭ᠎ᠠ᠂ᠬᠤᠴᠠ ᠪᠠᠨ ᠰᠦᠷᠦᠭ ᠲᠦ᠍ ᠨᠡᠢᠯᠡᠭᠦᠯᠬᠦ ᠲᠤᠯᠠ ᠶᠢᠰᠦᠨ ᠰᠠᠷ᠎ᠠ ᠶ᠋ᠢ ᠬᠤᠴᠠ ᠰᠠᠷ᠎ᠠ ᠭᠡᠰᠡᠨ ᠪᠢᠵᠡ᠃ᠶᠢᠰᠦᠨ ᠰᠠᠷ᠎ᠠ ᠪᠣᠯ ᠡᠷᠲᠡᠨ ᠦ᠌ ᠮᠣᠩᠭᠣᠯᠴᠤᠳ ᠤ᠋ᠨ ᠴᠠᠭᠠᠨ ᠰᠠᠷ᠎ᠠ᠃ᠰᠠᠭᠠᠯᠢ ᠰᠦ᠂ᠠᠢᠷᠠᠭ ᠴᠠᠭ᠎ᠠ ᠡᠯᠪᠡᠭ ᠳᠡᠯᠪᠡᠭ ᠪᠠᠶᠠᠨ ᠳᠡᠯᠭᠡᠷ ᠨᠠᠮᠤᠷ ᠤ᠋ᠨ ᠠᠳᠠᠭ ᠰᠠᠷ᠎ᠠ ᠶ᠋ᠢ ᠡᠷᠲᠡ ᠦᠶ᠎ᠡ ᠳ᠋ᠦ᠍ ᠵᠢᠯ ᠦ᠋ᠨ ᠡᠬᠢᠨ ᠴᠠᠭᠠᠨ ᠰᠠᠷ᠎ᠠ ᠪᠣᠯᠭᠠᠵᠤ ᠪᠡᠯᠭᠡᠯᠡᠨ ᠨᠠᠢᠷᠯᠠᠳᠠᠭ ᠪᠠᠢᠵᠠᠢ᠃ᠠᠷᠪᠠ ᠠᠷᠪᠠᠨ ᠨᠢᠭᠡ ᠠᠷᠪᠠᠨ ᠬᠣᠶᠠᠷ ᠰᠠᠷ᠎ᠠ ᠪᠣᠯ ᠮᠥᠰᠥ ᠴᠠᠰᠤ ᠠᠭᠤᠯᠠ ᠲᠠᠯ᠎ᠠ ᠶ᠋ᠢ ᠪᠦᠷᠬᠦᠵᠦ ᠮᠥᠩᠭᠥᠨ ᠳᠡᠯᠡᠬᠡᠢ ᠪᠣᠯᠤᠭᠰᠠᠨ ᠡᠪᠦᠯ ᠦ᠋ᠨ ᠤᠯᠠᠷᠢᠯ᠃ᠬᠤᠷᠢᠶᠠᠭᠰᠠᠨ ᠢ᠋ᠶ᠋ᠠᠨ ᠢᠳᠡᠵᠦ ᠬᠤᠷ ᠲᠠᠷᠭᠤ ᠪᠠᠨ ᠬᠠᠮᠠᠭᠠᠯᠠᠨ《ᠬᠠᠬᠢᠷ ᠭᠤᠷᠪᠠᠨ ᠲᠠᠯ᠎ᠠ》 ᠶ᠋ᠢ ᠲᠤᠭᠤᠯᠵᠤ 《ᠬᠠᠲᠠᠭᠤ ᠭᠤᠷᠪᠠᠨ ᠳᠠᠪᠠᠭ᠎ᠠ》ᠶ᠋ᠢ ᠳᠠᠪᠠᠨ᠂ᠣᠨ ᠳ᠋ᠤ᠌ ᠮᠡᠨᠳᠦ ᠣᠷᠣᠬᠤ ᠶ᠋ᠢ ᠬᠢᠴᠢᠶᠡᠭᠰᠡᠨ ᠭᠠᠬᠠᠢ᠂ᠬᠤᠯᠤᠭᠠᠨ᠎ᠠ᠂ᠦᠬᠡᠷ ᠢ᠋ᠶ᠋ᠡᠷ ᠨᠠᠷᠠᠯᠠᠨ ᠳᠠᠭᠤᠳᠠᠭᠰᠠᠨ ᠨᠢ ᠶᠠᠮᠠᠷ ᠰᠠᠢᠬᠠᠨ ᠲᠣᠬᠢᠷᠠᠮᠵᠢ ᠲᠠᠢ ᠪᠣᠢ᠃
    ᠬᠠᠷᠢᠨ ᠤᠯᠠᠷᠢᠯ ᠢ᠋ ᠪᠣᠯ ᠤᠷᠭᠤᠮᠠᠯ ᠤ᠋ᠨ ᠤᠷᠭᠤᠴᠠ ᠪᠠᠷ ᠨᠡᠷᠡᠯᠡᠬᠦ ᠵᠠᠩᠰᠢᠯ ᠮᠣᠩᠭᠣᠯ ᠤᠭᠰᠠᠭᠠᠲᠠᠨ ᠤ᠋ ᠳᠣᠲᠣᠷ᠎ᠠ ᠶᠡᠬᠡ ᠲᠦᠭᠡᠮᠡᠯ᠃ᠮᠥᠩᠭᠥᠨ ᠬᠤᠶᠠᠭ ᠠᠭᠰᠤᠭᠰᠠᠨ ᠮᠣᠩᠭᠣᠯ ᠨᠤᠲᠤᠭ ᠤ᠋ᠨ ᠢ᠋ᠶ᠋ᠠᠨ ᠡᠪᠦᠯ ᠢ᠋ 《ᠲᠥᠭᠥᠷᠢᠭ ᠭᠤᠷᠪᠠᠨ ᠴᠠᠢᠳᠠᠮ》ᠭᠡᠬᠦ᠂ᠡᠰᠡᠨᠢᠨ ᠮᠡᠨᠳᠦᠯᠡᠬᠦ ᠶ᠋ᠢᠨ ᠦᠨᠳᠦᠰᠦ ᠨᠠᠬᠢᠶ᠎ᠠ ᠥᠨᠳᠡᠯᠵᠡᠭᠰᠡᠨ ᠬᠠᠪᠤᠷ ᠢ᠋ ᠪᠣᠯ 《ᠲᠥᠷᠥᠬᠦ ᠭᠤᠷᠪᠠᠨ ᠡᠬᠡ》 ᠭᠡᠬᠦ᠂ ᠡᠪᠡᠰᠦ ᠨᠣᠭᠣᠭ᠎ᠠ ᠥᠷᠨᠢᠨ ᠳᠡᠯᠭᠡᠷᠡᠭᠰᠡᠨ ᠵᠤᠨ ᠤ᠋ ᠰᠠᠢᠬᠠᠨ ᠴᠠᠭ ᠢ᠋ ᠪᠣᠯ 《ᠴᠡᠴᠡᠭᠲᠦ ᠭᠤᠷᠪᠠᠨ ᠲᠠᠯ᠎ᠠ》 ᠭᠡᠬᠦ᠂ ᠲᠦᠮᠡᠨ ᠪᠣᠳᠠᠰ ᠦᠷᠡᠯᠡᠨ ᠪᠣᠯᠪᠠᠰᠤᠷᠠᠭᠰᠠᠨ ᠪᠠᠶᠠᠨ ᠲᠠᠩᠰᠤᠭ ᠰᠢᠵᠢᠷ ᠠᠯᠲᠠᠨ ᠨᠠᠮᠤᠷ ᠢ᠋ ᠪᠣᠯ《ᠵᠢᠮᠢᠰᠲᠦ ᠭᠤᠷᠪᠠᠨ ᠮᠣᠳᠣ》ᠭᠡᠬᠦ᠃ᠬᠣᠵᠢᠮ ᠨᠢ ᠮᠣᠩᠭᠣᠯ ᠲᠤᠭᠤᠷᠭᠠᠲᠠᠨ ᠤ᠋ ᠶᠡᠬᠡ ᠨᠡᠭᠦᠳᠡᠯ ᠰᠢᠯᠵᠢᠯᠲᠡ᠂ᠠᠶᠠᠨ ᠲᠡᠢᠨ ᠢ᠋ ᠳᠠᠭᠠᠯᠳᠤᠨ ᠣᠨ ᠵᠢᠯ᠂ᠰᠠᠷ᠎ᠠ ᠡᠳᠦᠷ᠂ᠴᠠᠭ ᠮᠥᠴᠡ ᠶ᠋ᠢ ᠠᠮᠢᠲᠠᠨ ᠠᠳᠤᠭᠤᠰᠤ ᠪᠠᠷ ᠨᠡᠷᠡᠯᠡᠬᠦ ᠵᠠᠩᠰᠢᠯ ᠪᠤᠰᠤᠳ ᠦᠨᠳᠦᠰᠦᠲᠡᠨ  ᠤᠭᠰᠠᠭᠠᠲᠠᠨ᠂ᠭᠠᠵᠠᠷ ᠨᠤᠲᠤᠭ ᠲᠤ᠌ ᠲᠦᠭᠡᠨ ᠳᠡᠯᠭᠡᠷᠡᠵᠡᠢ᠃ᠲᠡᠭᠦᠨ ᠦ᠌ ᠨᠢᠭᠡ ᠵᠢᠱ᠌ᠢᠶ᠎ᠡ ᠨᠢ ᠠᠷᠪᠠᠨ ᠬᠣᠶᠠᠷ ᠵᠢᠯ ᠦ᠋ᠨ ᠣᠨ ᠲᠣᠭᠠᠯᠠᠯ ᠳᠤᠮᠳᠠᠳᠤ ᠤᠯᠤᠰ ᠲᠤ᠌ ᠳᠡᠯᠭᠡᠷᠡᠭᠰᠡᠨ ᠶᠠᠪᠤᠳᠠᠯ ᠪᠣᠯᠤᠨ᠎ᠠ᠃
     ᠬᠢᠲᠠᠳ ᠤ᠋ᠨ ᠲᠡᠦᠬᠡᠨ ᠰᠤᠷᠪᠤᠯᠵᠢ ᠪᠢᠴᠢᠭ ᠲᠦ᠍ ᠲᠣᠳᠣᠷᠬᠠᠢᠯᠠᠨ ᠲᠡᠮᠳᠡᠭᠯᠡᠭᠰᠡᠨ ᠢ᠋ᠶ᠋ᠡᠷ ᠬᠠᠨ ᠤᠯᠤᠰ ᠠ᠋ᠴᠠ ᠡᠮᠦᠨ᠎ᠡ ᠳᠤᠮᠳᠠᠳᠤ ᠭᠦᠷᠦᠨ ᠳ᠋ᠦ᠍ ᠣᠨ ᠲᠣᠭᠠᠯᠠᠯ᠂ᠴᠠᠭ ᠮᠥᠴᠡ ᠶ᠋ᠢ ᠠᠮᠢᠲᠠᠨ ᠢ᠋ᠶ᠋ᠠᠷ ᠨᠠᠷᠠᠯᠠᠨ ᠳᠠᠭᠤᠳᠠᠳᠠᠭ ᠵᠠᠩᠰᠢᠯ ᠪᠠᠢᠭᠰᠠᠨ ᠦᠭᠡᠢ᠂ᠤᠴᠢᠷ ᠨᠢ ᠣᠨ ᠲᠣᠭᠠᠯᠠᠯ᠂ᠴᠠᠭ ᠮᠥᠴᠡ ᠶ᠋ᠢ ᠠᠮᠢᠲᠠᠨ ᠢ᠋ᠶ᠋ᠠᠷ ᠨᠠᠷᠠᠯᠠᠨ ᠳᠠᠭᠤᠳᠠᠳᠠᠭ ᠵᠠᠩᠰᠢᠯ ᠨᠢ ᠤᠮᠠᠷᠠᠲᠤ ᠶ᠋ᠢᠨ ᠨᠡᠭᠦᠳᠡᠯᠴᠢᠨ ᠦᠨᠳᠦᠰᠦᠲᠡᠨ ᠦ᠌ ᠳᠠᠳᠬᠠᠯ ᠶᠤᠮ᠃ᠬᠣᠵᠢᠮ ᠨᠢ ᠾᠦᠩᠨᠦᠴᠣᠳ ᠭᠣᠪᠢ ᠶ᠋ᠢᠨ ᠠᠷᠤ ᠠ᠋ᠴᠠ ᠡᠮᠦᠨᠡᠰᠢ ᠨᠡᠭᠦᠳᠡᠯᠯᠡᠨ ᠦᠶᠦᠸᠠᠨ ᠵᠡᠷᠭᠡ ᠭᠠᠵᠠᠷ ᠢᠷᠡᠵᠦ ᠨᠤᠲᠤᠭᠰᠢᠭᠰᠠᠨ ᠠ᠋ᠴᠠ ᠬᠣᠢᠰᠢ ᠰᠠᠶᠢ ᠣᠨ ᠲᠣᠭᠠᠯᠠᠯ᠂ᠴᠠᠭ ᠮᠥᠴᠡ ᠶ᠋ᠢ ᠠᠮᠢᠲᠠᠨ ᠢ᠋ᠶ᠋ᠠᠷ ᠨᠡᠷᠡᠯᠡᠳᠡᠭ ᠵᠠᠩᠰᠢᠯ ᠳᠤᠮᠳᠠᠳᠤ ᠭᠦᠷᠦᠨ ᠳ᠋ᠦ᠍ ᠨᠡᠪᠲᠡᠷᠡᠨ ᠣᠷᠣᠵᠤ ᠤᠯᠠᠮ ᠢ᠋ᠶ᠋ᠠᠷ ᠳᠡᠯᠭᠡᠷᠡᠨ ᠬᠣᠢᠲᠤ ᠬᠠᠨ ᠤᠯᠤᠰ ᠤ᠋ᠨ ᠦᠶ᠎ᠡ ᠳ᠋ᠦ᠍ ᠶᠡᠬᠡ ᠪᠡᠷ ᠬᠥᠭᠵᠢᠭᠰᠡᠨ ᠪᠠᠢᠵᠠᠢ ᠬᠡᠮᠡᠪᠡ᠃ᠣᠨ ᠲᠣᠭᠠᠯᠠᠯ᠂ᠴᠠᠭ ᠮᠥᠴᠡ ᠶ᠋ᠢ ᠠᠮᠢᠲᠠᠨ ᠢ᠋ᠶ᠋ᠠᠷ ᠨᠠᠷᠠᠯᠠᠨ ᠬᠤᠯᠤᠭᠠᠨ᠎ᠠ᠂ᠦᠬᠡᠷ᠂ᠪᠠᠷᠰ᠂ᠲᠠᠤᠯᠠᠢ᠁ᠭᠡᠮᠡᠨ ᠲᠣᠭᠠᠯᠠᠳᠠᠭ ᠨᠢ ᠦᠨᠡᠬᠡᠷ ᠮᠣᠩᠭᠣᠯ ᠤᠭᠰᠠᠭᠠᠲᠠᠨ ᠤ᠋ ᠡᠭᠦᠳᠦᠯᠲᠡ ᠪᠠᠢᠭᠰᠠᠨ ᠢ᠋ ᠲᠤᠬᠠᠢ ᠶ᠋ᠢᠨ ᠦᠶᠡᠰ ᠴᠢᠳᠬᠤᠭᠰᠠᠨ ᠾᠦᠩᠨᠦ ᠶ᠋ᠢᠨ ᠠᠷᠪᠠᠨ ᠬᠣᠶᠠᠷ ᠵᠢᠯ ᠦ᠋ᠨ ᠳᠦᠷᠰᠦ ᠵᠢᠷᠤᠭ ᠪᠦᠬᠦᠢ ᠬᠦᠷᠡᠯ ᠵᠣᠭᠣᠰ᠂ᠮᠣᠩᠭᠣᠯ ᠤ᠋ᠨ ᠥᠨᠳᠥᠷᠯᠢᠭ ᠲᠦ᠍ ᠢᠯᠡᠷᠡᠭᠰᠡᠨ ᠠᠷᠪᠠᠨ ᠬᠣᠶᠠᠷ ᠵᠢᠯ ᠦ᠋ᠨ ᠬᠠᠳᠠᠨ ᠵᠢᠷᠤᠭ ᠳᠠᠪᠬᠤᠷ ᠭᠡᠷᠡᠴᠢᠯᠡᠭᠰᠡᠨ ᠪᠢᠯᠡ᠃
    1201ᠣᠨ ᠠ᠋ᠴᠠ ᠬᠣᠢᠰᠢ ᠬᠤᠯᠤᠭᠠᠨ᠎ᠠ ᠦᠬᠡᠷ ᠪᠠᠷᠰ ᠲᠠᠤᠯᠠᠢ ᠯᠤᠤ ᠮᠣᠭᠠᠢ ᠮᠣᠷᠢ ᠬᠣᠨᠢ ᠪᠡᠴᠢ ᠲᠠᠬᠢᠶ᠎ᠠ ᠨᠣᠬᠠᠢ ᠭᠠᠬᠠᠢ ᠭᠡᠬᠦ ᠠᠷᠪᠠᠨ ᠬᠣᠶᠠᠷ ᠵᠢᠯ ᠦ᠋ᠨ ᠳᠠᠷᠠᠭᠠᠯᠠᠯ ᠢ᠋ᠶ᠋ᠠᠷ ᠣᠨ ᠲᠣᠭᠠᠯᠠᠯ ᠢ᠋ ᠲᠡᠮᠳᠡᠭᠯᠡᠬᠦ ᠶᠠᠪᠤᠳᠠᠯ ᠲᠦᠭᠡᠮᠡᠯᠵᠢᠨ ᠳᠡᠯᠭᠡᠷᠡᠵᠦ ᠲᠥᠯᠥᠪᠵᠢᠨ ᠲᠣᠭᠲᠠᠪᠠ᠃ᠴᠢᠩᠭᠢᠰ ᠬᠠᠭᠠᠨ ᠶᠡᠬᠡ ᠮᠣᠩᠭᠣᠯ ᠤᠯᠤᠰ ᠢ᠋ ᠪᠠᠢᠭᠤᠯᠤᠭᠰᠠᠨ ᠤ᠋ ᠳᠠᠷᠠᠭ᠎ᠠ ᠠᠷᠪᠠᠨ ᠬᠣᠶᠠᠷ ᠵᠢᠯ ᠢ᠋ᠶ᠋ᠡᠷ ᠣᠨ ᠲᠣᠭᠠᠯᠠᠯ ᠪᠣᠯᠭᠠᠨ ᠨᠢᠭᠡᠳᠦᠯᠲᠡᠢ ᠬᠡᠷᠡᠭᠵᠢᠭᠦᠯᠦᠭᠰᠡᠨ ᠶᠦ᠍ᠮ᠃1220ᠣᠨ ᠠ᠋ᠴᠠ ᠡᠬᠢᠯᠡᠨ ᠬᠥᠬᠡ ᠬᠥᠬᠡᠭᠴᠢᠨ ᠤᠯᠠᠭᠠᠨ ᠤᠯᠠᠭᠴᠢᠨ᠁ᠭᠡᠬᠦ ᠠᠷᠪᠠᠨ ᠥᠩᠭᠡ ᠶ᠋ᠢ ᠠᠷᠪᠠᠨ ᠬᠣᠶᠠᠷ ᠵᠢᠯ ᠲᠡᠢ ᠬᠠᠮᠲᠤᠷᠠᠭᠤᠯᠤᠨ ᠣᠨ ᠵᠢᠯ ᠢ᠋ ᠲᠡᠮᠳᠡᠭᠯᠡᠬᠦ ᠪᠣᠯᠵᠤ᠂ᠬᠢᠳᠠᠨ ᠦᠨᠳᠦᠰᠦᠲᠡᠨ ᠦ᠌ ᠡᠰᠢ ᠡᠷᠬᠡᠲᠡᠨ ᠢ᠋ᠶ᠋ᠡᠷ ᠣᠨ ᠵᠢᠯ ᠢ᠋ ᠲᠡᠮᠳᠡᠭᠯᠡᠬᠦ ᠠᠷᠭ᠎ᠠ ᠪᠠᠷ ᠮᠣᠩᠭᠣᠯ ᠤ᠋ᠨ ᠠᠷᠪᠠᠨ ᠬᠣᠶᠠᠷ ᠵᠢᠯ ᠦ᠋ᠨ ᠣᠨ ᠲᠣᠭᠠᠯᠠᠯ ᠢ᠋ᠶ᠋ᠠᠨ ᠤᠯᠠᠮ ᠲᠡᠭᠦᠯᠳᠡᠷᠵᠢᠭᠦᠯᠦᠭᠰᠡᠨ ᠶᠦ᠍ᠮ᠃1227ᠣᠨ ᠳ᠋ᠤ᠌ ᠴᠢᠩᠭᠢᠰ ᠬᠠᠭᠠᠨ᠂ᠵᠢᠯ ᠪᠦᠷᠢ ᠶ᠋ᠢᠨ ᠴᠠᠭᠠᠨ ᠰᠠᠷ᠎ᠠ ᠶ᠋ᠢ ᠪᠠᠷᠰ ᠰᠠᠷ᠎ᠠ ᠭᠡᠵᠦ ᠲᠣᠭᠲᠠᠭᠠᠭᠠᠳ ᠳᠠᠷᠠᠭᠠᠯᠠᠨ ᠲᠠᠤᠯᠠᠢ ᠰᠠᠷ᠎ᠠ᠂ᠯᠤᠤ ᠰᠠᠷ᠎ᠠ᠂ᠮᠣᠭᠠᠢ ᠰᠠᠷ᠎ᠠ ᠭᠡᠵᠦ ᠲᠣᠭᠠᠯᠠᠬᠤ ᠪᠣᠯᠤᠭᠰᠠᠨ ᠪᠢᠯᠡ᠃ᠶᠤᠸᠠᠨ ᠤᠯᠤᠰ ᠪᠠᠢᠭᠤᠯᠤᠭᠳᠠᠭᠰᠠᠨ ᠤ᠋ ᠳᠠᠷᠠᠭ᠎ᠠ ᠣᠳᠣᠨ ᠣᠷᠣᠨ ᠤ᠋ ᠰᠤᠳᠤᠯᠤᠯ ᠤ᠋ᠨ ᠭᠦᠨᠵᠡᠭᠡᠢᠷᠡᠯᠲᠡ ᠶ᠋ᠢ ᠳᠠᠭᠠᠯᠳᠤᠨ ᠣᠨ ᠲᠣᠭᠠᠯᠠᠯ᠂ᠴᠠᠭ ᠤᠯᠠᠷᠢᠯ ᠤ᠋ᠨ ᠬᠤᠪᠢᠶᠠᠷᠢᠯᠠᠯ ᠤᠯᠠᠮ ᠢ᠋ᠶ᠋ᠠᠷ ᠨᠠᠷᠢᠰᠴᠤ ᠨᠡᠭᠦᠳᠡᠯ ᠮᠠᠯᠵᠢᠯ᠂ᠴᠡᠷᠢᠭ ᠲᠡᠢᠨ᠂ᠲᠠᠷᠢᠶᠠᠯᠠᠬᠤᠢ ᠳ᠋ᠤ᠌ ᠦᠢᠯᠡᠴᠢᠯᠡᠬᠦ ᠴᠢᠳᠠᠪᠤᠷᠢ ᠤᠯᠠᠮ ᠳᠡᠭᠡᠭᠰᠢᠯᠡᠵᠡᠢ᠃ᠲᠤᠬᠠᠢ ᠶ᠋ᠢᠨ ᠦᠶᠡᠰ ᠣᠳᠣᠨ ᠣᠷᠣᠨ ᠤ᠋ ᠰᠤᠳᠤᠯᠤᠯ᠂ᠵᠢᠷᠤᠬᠠᠢ ᠪᠢᠴᠢᠭ᠂ᠲᠡᠦᠬᠡ ᠱᠠᠰᠲᠢᠷ ᠲᠤ᠌ ᠨᠡᠪᠲᠡᠷᠡᠭᠰᠡᠨ ᠶᠡᠬᠡ ᠡᠷᠳᠡᠮᠲᠡᠨ ᠲᠦᠮᠡᠴᠢ᠂ᠶᠡᠬᠡᠰᠦᠨ᠂ᠯᠢ ᠳᠡ ᡂᠢ ᠨᠠᠷ ᠠᠯᠳᠠᠷ ᠴᠤᠤ ᠮᠠᠨᠳᠤᠭᠰᠠᠨ ᠪᠠᠢᠪᠠ᠃
   ᠬᠤᠪᠢᠯᠠᠢ ᠰᠡᠴᠡᠨ ᠬᠠᠭᠠᠨ᠂ᠵᠢᠷᠤᠬᠠᠢ ᠶ᠋ᠢ ᠵᠠᠰᠠᠬᠤ ᠲᠤᠬᠠᠢ ᠯᠢᠦ ᠪᠢᠩ ᠵᠦᠩ ᠦ᠋ᠨ ᠰᠠᠨᠠᠭᠤᠯᠭ᠎ᠠ ᠶ᠋ᠢ ᠠᠪᠴᠤ ᡁᠢ ᠶᠤᠸᠠᠨ ᠤ᠋ ᠠᠷᠪᠠᠨ ᠭᠤᠷᠪᠠᠳᠤᠭᠠᠷ ᠣᠨ(1276ᠣᠨ) ᠳ᠋ᠤ᠌ ᠲᠠᠢ ᠱᠢ ᠲᠣᠪᠴᠢᠶ᠎ᠠ(ᠬᠣᠵᠢᠮ ᠨᠢ ᠲᠡᠢ ᠱᠢ ᠬᠦᠷᠢᠶᠡᠯᠡᠩ ᠬᠡᠮᠡᠪᠡ) ᠶ᠋ᠢ ᠪᠠᠢᠭᠤᠯᠵᠤ ᠭᠦᠸᠧ ᠱᠧᠦ ᠵᠢᠩ᠂ᠰᠢᠦᠢ ᠾᠧᠩ᠂ᠸᠠᠩ ᠰᠢᠶᠦ᠋ᠨ᠂ᠶᠠᠩ ᠬᠦᠩ ᠢᠦᠢ ᠨᠠᠷ ᠢᠶᠠᠷ ᠰᠢᠨ᠎ᠡ ᠵᠢᠷᠤᠬᠠᠢ ᠵᠠᠰᠠᠵᠤ ᠨᠠᠢᠷᠠᠭᠤᠯᠬᠤ ᠠᠵᠢᠯ ᠢ᠋ ᠡᠷᠭᠢᠯᠡᠭᠦᠯᠵᠡᠢ᠃ᠣᠳᠣᠨ ᠣᠷᠣᠨ᠂ᠲᠣᠭᠠᠨ ᠤ᠋ ᠤᠬᠠᠭᠠᠨ᠂ᠤᠰᠤᠨ ᠠᠰᠢᠭᠯᠠᠯᠲᠠ ᠳ᠋ᠤ᠌ ᠨᠡᠪᠲᠡᠷᠬᠡᠢ ᠡᠷᠳᠡᠮᠲᠡᠨ ᠭᠦᠸᠧ ᠱᠧᠦ ᠵᠢᠩ᠂ᡁᠢ ᠶᠤᠸᠠᠨ ᠤ᠋ ᠠᠷᠪᠠᠨ ᠵᠢᠷᠭᠤᠳᠤᠭᠠᠷ ᠣᠨ ᠤ᠋ ᠭᠤᠷᠪᠠᠳᠤᠭᠠᠷ ᠰᠠᠷ᠎ᠠ ᠶ᠋ᠢᠨ ᠴᠠᠭᠠᠭᠴᠢᠨ ᠨᠣᠬᠠᠢ ᠡᠳᠦᠷ ᠵᠠᠷᠯᠢᠭ ᠢ᠋ᠶ᠋ᠠᠷ ᠣᠳᠣᠨ ᠰᠢᠨᠵᠢᠭᠴᠢ14 ᠲᠦᠰᠢᠮᠡᠯ ᠢ᠋ ᠳᠠᠭᠠᠭᠤᠯᠤᠨ ᠱᠠᠩᠳᠤ ᠠ᠋ᠴᠠ ᠮᠣᠷᠳᠠᠵᠤ ᠳᠣᠷᠤᠨᠠᠰᠢ ᠭᠠᠤᠯᠢ᠂ᠥᠷᠦᠨᠡᠰᠢ ᠲᠩᠷᠢ ᠨᠠᠭᠤᠷ᠂ᠡᠮᠦᠨᠡᠰᠢ ᠵᠣ᠌ ᠶᠠ᠂ᠤᠮᠠᠷᠠᠰᠢ ᠲᠣᠯᠢ ᠬᠦᠷᠲᠡᠯ᠎ᠡ ᠵᠡᠭᠦᠨᠰᠢ ᠪᠠᠷᠠᠭᠤᠨᠰᠢ6000 ᠭᠠᠷᠤᠢ ᠭᠠᠵᠠᠷ᠂ᠡᠮᠦᠨᠡᠰᠢ ᠬᠣᠢᠰᠢ11000ᠭᠠᠷᠤᠢ ᠭᠠᠵᠠᠷ ᠤ᠋ᠨ ᠵᠠᠢ ᠳ᠋ᠤ᠌ 27 ᠰᠠᠭᠤᠷᠢ ᠰᠢᠨᠵᠢᠯᠡᠭᠡᠨ ᠤ ᠥᠷᠲᠡᠭᠡ ᠪᠠᠢᠭᠤᠯᠤᠨ ᠥᠷᠭᠡᠨ ᠬᠡᠪᠴᠢᠶᠡᠨ ᠦ᠌ ᠪᠣᠳᠠᠲᠤ ᠬᠡᠮᠵᠢᠯᠲᠡ ᠬᠢᠵᠦ᠂ᠵᠢᠷᠤᠬᠠᠢ ᠶ᠋ᠢᠨ ᠪᠢᠴᠢᠭ ᠲᠦ᠍ ᠴᠢᠬᠤᠯᠠ ᠬᠡᠷᠡᠭᠴᠡᠭᠡ ᠲᠡᠢ ᠰᠢᠨᠵᠢᠯᠡᠬᠦ ᠤᠬᠠᠭᠠᠨ ᠤ᠋ ᠲᠣᠭ᠎ᠠ ᠪᠠᠷᠢᠮᠲᠠ ᠶ᠋ᠢ ᠪᠦᠷᠢᠨ ᠣᠯᠤᠭᠰᠠᠨ ᠪᠠᠢᠨ᠎ᠠ᠃ᠣᠳᠣᠨ ᠣᠷᠣᠨ ᠤ᠋ ᠰᠢᠨᠵᠢᠯᠡᠭᠡᠨ ᠦ᠌ ᠡᠷᠳᠡᠮᠲᠡᠳ ᠦ᠋ᠨ ᠰᠢᠷᠭᠠᠭᠤ ᠴᠢᠷᠮᠠᠢᠯᠲᠠ᠂ᠠᠵᠢᠭᠯᠠᠯᠲᠠ ᠪᠠ ᠰᠤᠳᠤᠯᠤᠯᠲᠠ ᠶ᠋ᠢᠨ ᠦᠷ᠎ᠡ ᠪᠡᠷ ᡁᠢ ᠶᠤᠸᠠᠨ ᠤ᠋ ᠠᠷᠪᠠᠨ ᠳᠣᠯᠣᠳᠤᠭᠠᠷ ᠣᠨ(1280ᠣᠨ) ᠤ᠋ ᠡᠪᠦᠯ ᠰᠢᠨ᠎ᠡ ᠴᠠᠭ ᠤᠯᠠᠷᠢᠯ ᠤ᠋ᠨ ᠪᠢᠴᠢᠭ ᠮᠡᠨᠳᠦᠯᠡᠪᠡ᠃ᠬᠤᠪᠢᠯᠠᠢ ᠬᠠᠭᠠᠨ ᠡᠨᠡ ᠬᠦ᠌ ᠰᠢᠨ᠎ᠡ ᠴᠠᠭ ᠤᠯᠠᠷᠢᠯ ᠤ᠋ᠨ ᠪᠢᠴᠢᠭ ᠢ᠋《ᠴᠠᠭ ᠢ᠋ ᠮᠡᠳᠡᠭᠦᠯᠬᠦ ᠵᠢᠷᠤᠬᠠᠢ》ᠭᠡᠮᠡᠨ ᠨᠡᠷ᠎ᠡ ᠰᠣᠶᠣᠷᠬᠠᠵᠤ  ᠥᠨᠳᠥᠷ ᠢ᠋ᠶ᠋ᠡᠷ ᠦᠨᠡᠯᠡᠭᠰᠡᠨ ᠪᠥᠭᠡᠳ ᠳᠠᠷᠠᠭ᠎ᠠ ᠵᠢᠯ ᠳ᠋ᠦ᠍ᠨᠢ ᠪᠦᠬᠦ ᠤᠯᠤᠰ ᠤ᠋ᠨ ᠬᠡᠪᠴᠢᠶᠡᠨ᠎ᠡ ᠲᠠᠷᠬᠠᠭᠠᠨ ᠬᠡᠷᠡᠭᠵᠢᠭᠦᠯᠪᠡ᠃ᠴᠠᠭ ᠢ᠋ ᠮᠡᠳᠡᠭᠦᠯᠬᠦ ᠵᠢᠷᠤᠬᠠᠢ ᠨᠢ ᠬᠡᠳᠦᠨ ᠮᠢᠩᠭᠠᠨ ᠵᠢᠯ ᠦ᠋ᠨ ᠤᠯᠠᠮᠵᠢᠯᠠᠯᠲᠤ ᠣᠨ ᠵᠢᠯ ᠬᠤᠷᠠᠮᠳᠤᠭᠤᠯᠬᠤ ᠪᠣᠯᠤᠨ ᠨᠠᠷᠠᠨ ᠠᠷᠭ᠎ᠠ ᠶ᠋ᠢ ᠲᠡᠪᠴᠢᠨ᠂ᠣᠨ ᠲᠡᠮᠳᠡᠭᠯᠡᠬᠦ ᠰᠢᠨ᠎ᠡ ᠠᠷᠭ᠎ᠠ ᠶ᠋ᠢ ᠠᠪᠴᠤ ᠡᠭᠦᠳᠦᠨ ᠪᠦᠲᠦᠭᠡᠭᠰᠡᠨ ᠢ᠋ᠶ᠋ᠡᠷ ᠴᠠᠭ ᠤᠯᠠᠷᠢᠯ ᠤ᠋ᠨ ᠲᠡᠦᠬᠡᠨ ᠳᠡᠭᠡᠷ᠎ᠡ ᠨᠢᠭᠡᠨ ᠤᠳᠠᠭᠠᠨ ᠤ᠋ ᠯᠤᠲᠤ ᠶᠡᠬᠡ ᠰᠢᠨᠡᠴᠢᠯᠡᠯᠲᠡ ᠪᠣᠯᠪᠠ᠃ᠢᠯᠠᠩᠭᠤᠶ᠎ᠠ ᠳᠡᠯᠡᠬᠡᠢ ᠶ᠋ᠢᠨ ᠪᠥᠮᠪᠥᠷᠴᠡᠭ᠂ᠨᠠᠷᠠ ᠶ᠋ᠢ ᠪᠦᠬᠦᠯᠢ ᠨᠢᠭᠡ ᠲᠣᠭᠣᠷᠢᠨ ᠡᠷᠭᠢᠬᠦ ᠳ᠋ᠦ᠍ ᠪᠣᠳᠠᠲᠤ ᠬᠡᠷᠡᠭᠰᠡᠬᠦ ᠴᠠᠭ ᠢ᠋ 365.2425 ᠡᠳᠦᠷ ᠬᠦᠷᠲᠡᠯ᠎ᠡ ᠨᠠᠷᠢᠪᠴᠢᠯᠠᠨ ᠪᠣᠳᠣᠵᠤ ᠭᠠᠷᠭᠠᠭᠰᠠᠨ ᠦᠷ᠎ᠡ ᠳ᠋ᠦᠩ ᠨᠢ ᠣᠳᠣ ᠶ᠋ᠢᠨ ᠳᠡᠯᠡᠬᠡᠢ ᠨᠡᠢᠲᠡ ᠶ᠋ᠢᠨ ᠬᠡᠷᠡᠭᠯᠡᠵᠦ ᠪᠠᠢᠭ᠎ᠠ ᠭᠸᠯᠢᠭᠸᠯᠢ ᠶ᠋ᠢᠨ ᠴᠠᠭ ᠤᠯᠠᠷᠢᠯ ᠤ᠋ᠨ ᠪᠢᠴᠢᠭ ᠦ᠋ᠨ ᠨᠢᠭᠡ ᠵᠢᠯ ᠦ᠋ᠨ ᠡᠷᠭᠢᠯᠲᠡ ᠶ᠋ᠢᠨ ᠴᠠᠭ ᠲᠠᠢ ᠦᠨᠳᠦᠰᠦᠨ ᠳ᠋ᠡᠭᠡᠨ ᠠᠳᠠᠯᠢᠪᠲᠤᠷ ᠪᠠᠢᠵᠤ ᠳᠡᠯᠡᠬᠡᠢ ᠶ᠋ᠢᠨ ᠪᠥᠮᠪᠥᠷᠴᠡᠭ᠂ᠨᠠᠷᠠ ᠶ᠋ᠢ ᠨᠢᠭᠡ ᠤᠳᠠᠭ᠎ᠠ ᠲᠣᠭᠣᠷᠢᠨ ᠡᠷᠭᠢᠬᠦ ᠳ᠋ᠦ᠍ ᠬᠡᠷᠡᠭᠰᠡᠬᠦ ᠪᠣᠳᠠᠲᠤ ᠴᠠᠭ ᠲᠠᠢ 26 ᠰᠸᠺᠦᠨᠳ᠋ ᠵᠥᠷᠢᠭᠰᠡᠨ ᠪᠢᠯᠡ᠃ᠭᠸᠯᠢᠭᠸᠯᠢ ᠶ᠋ᠢᠨ ᠴᠠᠭ ᠤᠯᠠᠷᠢᠯ ᠤ᠋ᠨ ᠪᠢᠴᠢᠭ ᠡᠴᠡ 300 ᠵᠢᠯ ᠦ᠋ᠨ ᠡᠮᠦᠨ᠎ᠡ ᠪᠣᠳᠣᠵᠤ ᠭᠠᠷᠭᠠᠭᠰᠠᠨ ᠡᠨᠡ ᠬᠦ᠌ ᠭᠠᠷᠮᠠᠭᠠᠢ ᠦᠷ᠎ᠡ ᠪᠦᠲᠦᠭᠡᠯ ᠨᠢ ᠲᠤᠬᠠᠢ ᠶ᠋ᠢᠨ ᠦᠶᠡᠰ ᠣᠳᠣᠨ ᠣᠷᠣᠨ ᠤ᠋ ᠰᠤᠳᠤᠯᠤᠯ᠂ ᠴᠠᠭ ᠤᠯᠠᠷᠢᠯ ᠤ᠋ᠨ ᠬᠡᠮᠵᠢᠯᠲᠡ ᠪᠣᠳᠣᠯᠲᠠ ᠨᠢ ᠳᠡᠯᠡᠬᠡᠢ ᠳ᠋ᠠᠬᠢᠨ ᠤ᠋ ᠲᠡᠷᠢᠭᠦᠨ ᠳ᠋ᠦ᠍ ᠪᠠᠢᠭᠰᠠᠨ ᠢ᠋ ᠢᠯᠡᠳᠲᠡ ᠦᠵᠡᠭᠦᠯᠦᠭᠰᠡᠨ ᠠᠵᠢ᠃
     ᠶᠤᠸᠠᠨ ᠤᠯᠤᠰ ᠤ᠋ᠨ ᠦᠶ᠎ᠡ ᠶ᠋ᠢᠨ ᠣᠳᠣᠨ ᠣᠷᠣᠨ ᠤ᠋ ᠰᠢᠨᠵᠢᠯᠡᠭᠡᠨ ᠦ᠌ ᠭᠠᠵᠠᠷ ᠵᠥᠪᠬᠡᠨ ᠱᠠᠩᠳᠤ ᠨᠡᠢᠰᠯᠡᠯ ᠳ᠋ᠦ᠍ ᠯᠡ ᠪᠠᠢᠭᠰᠠᠨ ᠪᠤᠰᠤ᠂ᠣᠳᠣ ᠦᠯᠡᠳᠡᠭᠳᠡᠵᠦ ᠪᠠᠢᠬᠤ ᠠ᠋ᠴᠠ ᠾᠧᠨᠠᠨ ᠤ᠋ ᠳ᠋ᠧᠩ ᠹᠧᠩ ᠰᠢᠶᠠᠨ ᠤ᠋ ᠭᠣᠣ ᠴᠧᠩ ᠳ᠋ᠡᠬᠢ ᠣᠳᠣᠨ ᠣᠷᠣᠨ ᠤ᠋ ᠰᠢᠨᠵᠢᠯᠡᠭᠡᠨ ᠦ᠌ ᠥᠷᠲᠡᠭᠡ ᠪᠠ ᠪᠡᠭᠡᠵᠢᠩ ᠦ᠋ᠨ ᠣᠳᠣᠨ ᠭᠠᠷᠠᠭ ᠤ᠋ᠨ ᠦᠵᠡᠭᠳᠡᠯ ᠢ᠋ ᠰᠢᠨᠵᠢᠯᠡᠬᠦ ᠥᠷᠲᠡᠭᠡ᠂ᠡᠦ ᠱᠠᠨ ᠤ᠋ ᡁᠢ ᠳᠧ ᠭᠤᠸᠠᠨ ᠳ᠋ᠠᠬᠢ ᠣᠳᠣᠨ ᠣᠷᠣᠨ ᠤ᠋ ᠰᠢᠨᠵᠢᠯᠡᠭᠡᠨ ᠦ᠌ ᠥᠷᠲᠡᠭᠡ ᠪᠣᠢ᠃ᠰᠡᠭᠦᠯ ᠦ᠋ᠨ ᠡᠨᠡ ᠬᠦ᠌ ᠥᠷᠲᠡᠭᠡ ᠶᠢ ᠶᠤᠸᠠᠨ ᠤᠯᠤᠰ ᠤ᠋ᠨ ᠴᠢᠩᠰᠠᠩ ᠲᠠᠰᠢᠲᠡᠮᠤᠷ ᠪᠠᠢᠭᠤᠯᠤᠭᠰᠠᠨ ᠶᠤᠮ᠃《ᠪᠥᠭᠡᠷᠡᠩᠬᠡᠢ ᠲᠩᠷᠢ ᠶ᠋ᠢᠨ ᠵᠠᠭᠪᠤᠷ ᠢ᠋ᠶ᠋ᠠᠷ ᠰᠢᠯᠭᠠᠨ ᠠᠵᠢᠭᠯᠠᠬᠤ ᠭᠠᠵᠠᠷ ᠪᠣᠢ》 ᠬᠡᠮᠡᠬᠦ ᠲᠡᠮᠳᠡᠭᠯᠡᠯ ᠰᠤᠷᠪᠤᠯᠵᠢ ᠲᠡᠦᠬᠡᠨ᠎ᠡ ᠦᠯᠡᠳᠡᠵᠦᠬᠦᠢ᠃
           ᠲᠢᠶᠧ ᠹᠠᠩ ᠭᠠᠩ ᠦᠶᠡᠷ ᠦ᠋ᠨ ᠰᠤᠪᠠᠭ ᠬᠠᠰᠢᠯᠭ᠎ᠠ 
      ᠠᠷᠤ ᠶ᠋ᠢᠨ ᠬᠤᠷᠠᠬᠤ ᠠᠭᠤᠯᠠᠨ ᠤ᠋ ᠶᠡᠬᠡ ᠦᠶᠡᠷ᠂ᠡᠮᠦᠨ᠎ᠡ ᠶ᠋ᠢᠨ ᠱᠠᠩᠳᠤ ᠶ᠋ᠢᠨ ᠭᠣᠣᠯ ᠤ᠋ᠨ ᠲᠡᠯᠡᠷᠡᠯ᠂ᠳᠡᠭᠡᠳᠦ ᠨᠡᠢᠰᠯᠡᠯ ᠢ᠋ ᠤᠰᠤᠨ ᠭᠠᠮᠰᠢᠭ ᠢ᠋ᠶ᠋ᠠᠷ ᠰᠦᠷᠳᠡᠭᠦᠯᠵᠦ ᠪᠠᠢᠯ᠎ᠠ᠃ᠳ᠋ᠠ ᠳ᠋ᠧ ᠶ᠋ᠢᠨ ᠬᠣᠶᠠᠳᠤᠭᠠᠷ ᠣᠨ(1298ᠣᠨ) ᠳ᠋ᠤ᠌ ᠶᠡᠬᠡ ᠶᠤᠸᠠᠨ ᠤᠯᠤᠰ ᠤ᠋ᠨ ᠥᠯᠵᠡᠢᠲᠦ ᠬᠠᠭᠠᠨ ᠲᠡᠮᠦᠷ᠂ᠲᠤᠬᠠᠢ ᠶ᠋ᠢᠨ ᠦᠶ᠎ᠡ ᠶ᠋ᠢᠨ ᠠᠯᠳᠠᠷᠲᠤ ᠰᠢᠨᠵᠢᠯᠡᠬᠦ ᠤᠬᠠᠭᠠᠨᠲᠠᠨ ᠭᠦᠸᠧ ᠱᠧᠦ ᠵᠢᠩ ᠢ᠋ ᠳᠡᠭᠡᠳᠦ ᠨᠡᠢᠰᠯᠡᠯ ᠱᠠᠩᠳᠤ ᠬᠣᠲᠠᠨ᠎ᠡ ᠳᠠᠭᠤᠳᠠᠨ ᠢᠷᠡᠭᠦᠯᠵᠦ ᠲᠡᠭᠦᠨ ᠦ᠌ ᠲᠢᠶᠧ ᠹᠠᠩ ᠭᠠᠩ ᠦᠶᠡᠷ ᠰᠡᠷᠭᠡᠢᠯᠡᠬᠦ ᠬᠠᠰᠢᠯᠭ᠎ᠠ ᠰᠤᠪᠠᠭ ᠪᠠᠷᠢᠬᠤ ᠰᠠᠨᠠᠯ ᠢ᠋ ᠰᠣᠨᠣᠰᠪᠠ᠃ᠭᠦᠸᠧ ᠱᠧᠦ ᠵᠢᠩ᠂ᠵᠢᠯ ᠵᠢᠯ ᠦ᠋ᠨ ᠵᠤᠨ᠂ᠨᠠᠮᠤᠷ ᠤ᠋ᠨ ᠠᠭᠤᠯᠠᠨ ᠠ᠋ᠴᠠ ᠪᠠᠭᠤᠬᠤ ᠲᠣᠭᠰᠢᠨ ᠦᠶᠡᠷ ᠦ᠋ᠨ ᠰᠦᠷ ᠬᠦᠴᠦᠨ ᠢ᠋ ᠪᠠᠢᠴᠠᠭᠠᠨ ᠬᠡᠮᠵᠢᠵᠦ ᠦᠶᠡᠷ ᠦ᠋ᠨ ᠰᠤᠪᠠᠭ ᠢ᠋ ᠡᠷᠬᠡᠪᠰᠢ 50 ᠠ᠋ᠴᠠ70 ᠠᠯᠬᠤᠮ ᠥᠷᠭᠡᠨ᠂ᠬᠠᠰᠢᠯᠭ᠎ᠠ ᠶ᠋ᠢ ᠵᠠᠩ ᠢᠯᠡᠭᠦᠦ ᠥᠨᠳᠥᠷ᠂10 ᠰᠢᠬᠠᠮ ᠭᠠᠵᠠᠷ ᠤᠷᠲᠤ ᠪᠠᠷᠢᠯ ᠦᠭᠡᠢ ᠪᠣᠯᠬᠤ ᠦᠭᠡᠢ ᠭᠡᠮᠡᠨ ᠠᠢᠯᠠᠳᠬᠠᠵᠠᠢ᠃
    ᠬᠠᠳᠠᠨᠳᠠᠢ ᠠᠭᠤᠯᠠᠨ ᠣᠷᠣᠢ ᠠ᠋ᠴᠠ ᠳᠣᠷᠣᠭᠰᠢ ᠪᠠᠷᠠᠯᠠᠪᠠᠰᠤ ᠲᠢᠶᠧ ᠹᠠᠩ ᠭᠠᠩ ᠰᠤᠪᠠᠭ ᠤ᠋ᠨ ᠬᠠᠭᠤᠴᠢ ᠦᠯᠡᠳᠡᠭᠳᠡᠯ ᠲᠣᠳᠣ ᠠ᠋ᠴᠠ ᠲᠣᠳᠣ ᠬᠠᠷᠠᠭᠳᠠᠨ᠎ᠠ᠃ᠬᠣᠲᠠ ᠶ᠋ᠢᠨ ᠪᠠᠷᠠᠭᠤᠨ ᠳ᠋ᠠᠬᠢ ᠬᠠᠭᠤᠴᠢᠨ ᠰᠤᠪᠠᠭ ᠤ᠋ᠨ ᠤᠷᠲᠤ ᠨᠢ10ᠭᠠᠵᠠᠷ ᠣᠷᠴᠢᠮ᠂ᠰᠤᠪᠠᠭ ᠤ᠋ᠨ ᠵᠡᠭᠦᠨ ᠬᠥᠪᠡᠭᠡ ᠪᠡᠷ 4ᠮᠧᠲ᠋ᠷ ᠥᠨᠳᠥᠷ ᠰᠢᠷᠣᠢ ᠶ᠋ᠢᠨ ᠬᠡᠷᠡᠮ ᠪᠣᠰᠬᠠᠵᠠᠢ᠃ᠬᠣᠲᠣᠭᠣᠷ ᠭᠠᠵᠠᠷ ᠢ᠋ᠶ᠋ᠠᠷ ᠥᠩᠭᠡᠷᠡᠬᠦ ᠰᠤᠪᠠᠭ ᠤ᠋ᠨ ᠭᠠᠳᠠᠭᠤᠷ ᠪᠠᠰᠠ ᠬᠣᠶᠠᠷ ᠵᠤᠷᠪᠤᠰ ᠦᠶᠡᠷ ᠬᠠᠰᠢᠬᠤ ᠳᠠᠯᠠᠩ ᠪᠤᠰᠬᠠᠵᠤ ᠰᠤᠪᠠᠭ ᠤ᠋ᠨ ᠦᠶᠡᠷ ᠲᠦ᠍ ᠳᠠᠭᠠᠷᠢᠭᠳᠠᠨ ᠰᠡᠲᠡᠷᠡᠬᠦ ᠶ᠋ᠢ ᠰᠡᠷᠭᠡᠢᠯᠡᠵᠡᠢ᠃ᠬᠣᠲᠠ ᠶ᠋ᠢᠨ ᠠᠷᠤ ᠳ᠋ᠤ᠌ ᠮᠠᠯᠲᠠᠭᠰᠠᠨ ᠥᠭᠡᠷ᠎ᠡ ᠨᠢᠭᠡᠨ ᠵᠤᠷᠪᠤᠰ ᠤᠷᠲᠤ ᠰᠤᠪᠠᠭ ᠭᠠᠵᠠᠷ ᠤ᠋ᠨ ᠨᠡᠯᠦ ᠶ᠋ᠢ ᠲᠠᠭᠠᠨ ᠦᠷᠭᠦᠯᠵᠢᠯᠡᠵᠦ ᠵᠡᠭᠦᠨ ᠡᠮᠦᠨᠡᠰᠢ ᠰᠣᠨᠵᠢᠬᠤᠢ᠃ᠬᠣᠶᠠᠷ ᠵᠤᠷᠪᠤᠰ ᠰᠤᠪᠠᠭ ᠨᠢ ᠪᠦᠷ ᠬᠣᠲᠠ ᠶ᠋ᠢᠨ ᠪᠠᠷᠠᠭᠤᠨ ᠬᠣᠢᠨᠠᠬᠢ 5 ᠭᠠᠵᠠᠷ ᠤ᠋ᠨ ᠵᠠᠢ ᠳ᠋ᠠᠬᠢ ᠠᠭᠤᠯᠠ ᠠ᠋ᠴᠠ ᠡᠬᠢ ᠠᠪᠴᠤ ᠬᠣᠶᠠᠷ ᠵᠤᠷᠪᠤᠰ ᠠᠭᠤᠯᠠ ᠨᠢᠷᠤᠭᠤᠨ ᠤ᠋ ᠦᠶᠡᠷ ᠢ᠋ ᠬᠣᠲᠠ ᠶ᠋ᠢᠨ ᠭᠠᠳᠠᠭᠤᠷ ᠱᠠᠩᠳᠤ ᠶ᠋ᠢᠨ ᠭᠣᠣᠯ ᠳ᠋ᠤ᠌ ᠴᠢᠳᠬᠤᠬᠤ ᠪᠠᠷ ᠲᠣᠬᠢᠷᠠᠭᠤᠯᠵᠠᠢ᠃ᠡᠳᠦᠭᠡ ᠪᠠᠰᠠ ᠰᠢᠷᠣᠢ ᠪᠠᠷ ᠬᠠᠩᠳᠠᠵᠤ ᠴᠢᠯᠠᠭᠤ ᠪᠠᠷ ᠵᠢᠭᠢᠷᠢᠭᠯᠡᠨ ᠪᠠᠷᠢᠭᠰᠠᠨ ᠬᠠᠰᠢᠯᠭ᠎ᠠ ᠶ᠋ᠢᠨ ᠲᠠᠰᠤᠷᠬᠠᠢ ᠬᠡᠷᠡᠮ ᠠᠭᠤᠯᠠ ᠶ᠋ᠢᠨ ᠳᠡᠪᠰᠡᠭ ᠢ᠋ᠶ᠋ᠡᠷ ᠭᠦᠷᠪᠡᠢᠨ᠎ᠡ᠃ᠪᠦᠬᠦᠢᠯᠡ ᠬᠠᠰᠢᠯᠭ᠎ᠠ ᠰᠤᠪᠠᠭ ᠤ᠋ᠨ ᠪᠠᠷᠢᠯᠭ᠎ᠠ ᠨᠢ ᠳᠡᠪᠢᠭᠦᠷ ᠦ᠋ᠨ ᠬᠡᠯᠪᠡᠷᠢ ᠲᠡᠢ᠂ᠪᠠᠷᠠᠭᠤᠨ ᠬᠣᠢᠨ᠎ᠠ ᠠ᠋ᠴᠠ ᠵᠡᠭᠦᠨ ᠡᠮᠦᠨᠡᠰᠢ ᠦᠷᠭᠦᠯᠵᠢᠯᠡᠵᠡᠢ᠃
     ᠲᠢᠶᠧ ᠹᠠᠩ ᠭᠠᠩ ᠰᠤᠪᠠᠭ ᠢ᠋ ᠪᠠᠷᠢᠵᠤ ᠪᠠᠷᠠᠭᠰᠠᠨ ᠤ᠋ ᠬᠣᠶᠠᠳᠤᠭᠠᠷ ᠵᠢᠯ ᠵᠦᠰᠡᠷ ᠪᠣᠷᠣᠭᠠᠨ ᠦᠷᠭᠦᠯᠵᠢᠯᠡᠵᠦ ᠠᠭᠤᠯᠠᠨ ᠦᠶᠡᠷ ᠪᠠᠭᠤᠭᠰᠠᠨ᠎ᠠ ᠱᠠᠩᠳᠤ ᠬᠣᠲᠠ ᠶ᠋ᠢᠨ ᠪᠠᠷᠠᠭᠤᠨ ᠲᠡᠭᠦᠷᠭᠡ ᠶᠡᠬᠡ ᠤᠰᠤᠨ ᠳ᠋ᠤ᠌ ᠠᠪᠲᠠᠭᠳᠠᠵᠤ᠂ᠯᠤᠤ ᠶ᠋ᠢᠨ ᠳᠣᠪᠣᠴᠠᠭ ᠲᠤ᠌ ᠪᠠᠢᠭᠤᠯᠤᠭᠰᠠᠨ ᠥᠯᠵᠡᠢᠲᠦ ᠲᠡᠮᠦᠷ ᠬᠠᠭᠠᠨ ᠤ᠋ ᠨᠡᠭᠦᠳᠡᠯ ᠣᠷᠳᠣᠨ ᠴᠤ᠌ ᠶᠡᠬᠡ ᠦᠶᠡᠷ ᠲᠣᠭᠰᠢᠨ ᠳᠠᠪᠠᠯᠭᠠᠨ ᠳ᠋ᠤ᠌ ᠳᠠᠭᠠᠷᠢᠭᠳᠠᠬᠤ ᠳ᠋ᠤ᠌ ᠬᠦᠷᠴᠡᠢ᠃ᠥᠯᠵᠡᠢᠲᠦ ᠲᠡᠮᠦᠷ ᠬᠠᠭᠠᠨ ᠬᠠᠵᠠᠭᠤ ᠳ᠋ᠤ᠌ ᠳᠠᠭᠠᠯᠳᠤᠵᠤ ᠪᠠᠢᠭᠰᠠᠨ ᠰᠢᠳᠠᠷ ᠲᠦᠰᠢᠮᠡᠳ ᠲᠡᠭᠡᠨ᠄《ᠭᠦᠸᠧ ᠲᠠᠢᠱᠢ᠂ᠬᠡᠷᠡᠭ ᠤᠴᠢᠷ ᠢ᠋ ᠪᠣᠳᠣᠬᠤ ᠠᠨᠤ ᠦᠨᠡᠬᠡᠷ ᠰᠠᠬᠢᠭᠤᠯᠰᠤᠨ ᠮᠡᠲᠦ ᠪᠤᠶᠤ᠂ᠲᠡᠭᠦᠨ ᠦ᠌ ᠦᠭᠡ ᠶ᠋ᠢ ᠬᠢᠴᠢᠶᠡᠩᠭᠦᠢᠯᠡᠨ ᠰᠣᠨᠣᠰᠤᠭᠰᠠᠨ ᠦᠭᠡᠢ ᠢᠨᠤ ᠶᠠᠭᠤᠲᠠᠢ ᠬᠠᠷᠠᠮᠰᠠᠯᠲᠠᠢ ᠠᠵᠢ》ᠭᠡᠮᠡᠨ ᠰᠢᠭᠤᠳ ᠰᠢᠯᠤᠭᠤᠨ ᠥᠭᠦᠯᠡᠭᠰᠡᠨ ᠪᠢᠯᠡ᠃ᠤᠴᠢᠷ ᠨᠢ ᠲᠢᠶᠧ ᠹᠠᠩ ᠭᠠᠩ ᠦᠶᠡᠷ ᠰᠡᠷᠭᠡᠢᠯᠡᠬᠦ ᠬᠠᠰᠢᠯᠭ᠎ᠠ ᠰᠤᠪᠠᠭ ᠢ᠋ ᠲᠡᠭᠦᠨ ᠦ᠌ ᠲᠥᠯᠥᠪᠯᠡᠵᠦ ᠵᠢᠷᠤᠭᠰᠠᠨ ᠶᠣᠰᠣᠭᠠᠷ ᠮᠠᠯᠲᠠᠵᠤ ᠪᠠᠷᠢᠭᠰᠠᠨ ᠦᠭᠡᠢ᠂ᠭᠤᠷᠪᠠᠨ ᠤ᠋ ᠨᠢᠭᠡ ᠪᠡᠷ ᠪᠠᠭᠠᠰᠬᠠᠭᠰᠠᠨ ᠪᠣᠯᠬᠣᠷ ᠳᠣᠭᠰᠢᠨ ᠦᠶᠡᠷ ᠦ᠋ᠨ ᠳᠠᠭᠠᠷᠢᠯᠲᠠ ᠶ᠋ᠢ ᠪᠠᠭᠲᠠᠭᠠᠵᠤ ᠳᠡᠢᠯᠦᠭᠰᠡᠨ ᠦᠭᠡᠢ ᠰᠡᠲᠡᠷᠡᠵᠦ ᠬᠥᠮᠦᠨ ᠮᠠᠯ ᠢ᠋ ᠤᠷᠤᠰᠬᠠᠨ᠂ᠬᠠᠭᠠᠨ ᠣᠷᠳᠣᠨ ᠢ᠋ ᠴᠦ᠍ ᠰᠦᠷᠳᠡᠭᠦᠯᠦᠭᠰᠡᠨ ᠶᠦ᠍ᠮ᠃ᠲᠢᠶᠧ ᠹᠠᠩ ᠭᠠᠩ ᠦᠶᠡᠷ ᠰᠡᠷᠭᠡᠢᠯᠡᠬᠦ ᠰᠤᠪᠠᠭ ᠬᠠᠰᠢᠯᠭ᠎ᠠ700ᠭᠠᠷᠤᠢ ᠵᠢᠯ ᠦ᠋ᠨ ᠰᠠᠯᠬᠢᠨ ᠪᠣᠷᠣᠭᠠᠨ᠂ᠦᠶᠡᠷ ᠤᠰᠤᠨ ᠤ᠋ ᠡᠯᠡ ᠬᠠᠯᠠ ᠶ᠋ᠢ ᠦᠵᠡᠭᠰᠡᠨ ᠪᠣᠯᠪᠠᠴᠤ ᠤᠤᠯ ᠤ᠋ᠨ ᠲᠡᠷᠡ ᠬᠦ᠌ ᠳᠦᠷᠢ ᠲᠥᠷᠬᠦ ᠡᠳᠦᠭᠡ ᠪᠠᠰᠠ ᠬᠡᠪ ᠢ᠋ᠶ᠋ᠡᠷ ᠪᠠᠢᠭᠰᠠᠭᠠᠷ᠃ᠬᠠᠳᠠᠨᠲᠠᠢ ᠠᠭᠤᠯᠠ ᠶ᠋ᠢᠨ ᠣᠷᠣᠢ ᠳ᠋ᠤ᠌ 2ᠮᠧᠲ᠋ᠷ ᠤᠷᠲᠤ᠂ᠮᠧᠲ᠋ᠷ ᠥᠷᠭᠡᠨ᠂ᠳᠤᠮᠳᠠ ᠪᠠᠨ2ᠨᠦᠬᠡ ᠲᠡᠢ ᠨᠢᠭᠡᠨ ᠴᠠᠭᠠᠨ ᠴᠢᠯᠠᠭᠤ ᠪᠣᠢ᠃ᠲᠤᠬᠠᠢ ᠶ᠋ᠢᠨ ᠦᠶ᠎ᠡ ᠶ᠋ᠢᠨ ᠵᠠᠭᠠᠳᠤ ᠰᠠᠭᠤᠳᠠᠯ ᠴᠢᠯᠠᠭᠤ ᠪᠤᠶᠤ᠃ᠤᠯᠠᠮᠵᠢᠯᠠᠯ ᠶᠠᠷᠢᠶ᠎ᠠ ᠪᠠᠷ ᠲᠡᠷᠡ ᠬᠦ᠌ ᠴᠢᠯᠠᠭᠤᠨ ᠤ᠋ ᠳᠤᠮᠳᠠ ᠬᠡᠳᠦᠨ ᠠᠷᠪᠠᠨ ᠵᠠᠩ ᠥᠨᠳᠥᠷ ᠲᠢᠶᠧ ᠹᠠᠩ ᠭᠠᠩ ᠪᠠᠭᠠᠨ᠎ᠠ ᠪᠣᠰᠬᠠᠭᠳᠠᠵᠤ ᠪᠠᠢᠭᠰᠠᠨ ᠭᠡᠨ᠎ᠡ ᠭᠡᠳᠡᠭ᠃ᠦᠵᠡᠰᠬᠦᠯᠡᠩᠲᠦ ᠬᠣᠲᠠ ᠱᠠᠩᠳᠤ ᠨᠡᠢᠰᠯᠡᠯ ᠢ᠋ ᠦᠶᠡᠷ ᠦ᠋ᠨ ᠠᠶᠤᠯ ᠠ᠋ᠴᠠ ᠬᠠᠮᠠᠭᠠᠯᠠᠬᠤ ᠪᠠᠷ ᠪᠠᠢᠭᠤᠯᠤᠭᠰᠠᠨ ᠲᠢᠶᠧ ᠹᠠᠩ ᠭᠠᠩ ᠬᠠᠰᠢᠯᠭ᠎ᠠ ᠰᠤᠪᠠᠭ᠂ᠲᠠᠯ᠎ᠠ ᠨᠤᠲᠤᠭ ᠲᠤ᠌ ᠴᠣᠭᠴᠠᠯᠠᠭᠰᠠᠨ ᠠᠩᠬᠠᠳᠠᠭᠴᠢ ᠦᠶᠡᠷ ᠰᠡᠷᠭᠡᠢᠯᠡᠬᠦ ᠪᠠᠷᠢᠯᠭ᠎ᠠ ᠶ᠋ᠢᠨ ᠳᠡᠭᠡᠵᠢ ᠠᠵᠢ᠃ᠡᠳᠦᠭᠡ ᠶ᠋ᠢᠨ ᠵᠤᠭᠠᠴᠠᠨ ᠰᠣᠨᠢᠷᠬᠠᠭᠰᠠᠳ ᠲᠤ᠌ ᠰᠢᠨᠵᠢᠯᠡᠬᠦ ᠤᠬᠠᠭᠠᠨ ᠢ᠋ ᠰᠢᠲᠦᠵᠦ ᠨᠤᠲᠤᠭ ᠤᠰᠤ ᠪᠠᠨ ᠴᠡᠴᠡᠭᠯᠡᠭᠦᠯᠬᠦ ᠶ᠋ᠢ ᠰᠤᠷᠲᠠᠯᠴᠢᠯᠠᠭᠰᠠᠭᠠᠷ ᠠᠪᠠᠢ᠃
                  ᠵᠢᠲᠡᠪ 
   ᠵᠢᠲᠡᠪ ᠪᠣᠯ ᠶᠡᠬᠡ ᠶᠤᠸᠠᠨ ᠤᠯᠤᠰ ᠤ᠋ᠨ ᠦᠶ᠎ᠡ ᠶ᠋ᠢᠨ ᠤᠰᠤᠨ ᠠᠰᠢᠭᠯᠠᠯᠲᠠ ᠶ᠋ᠢᠨ ᠰᠢᠯᠭᠠᠷᠠᠭᠰᠠᠨ ᠡᠷᠳᠡᠮᠲᠡᠨ ᠦ᠌ ᠨᠢᠭᠡ ᠪᠣᠯᠤᠨ᠎ᠠ᠃ᠲᠡᠷᠡ ᠶᠤᠸᠠᠨ ᠱᠦᠨ ᠳ᠋ᠢ ᠲᠣᠭᠣᠨᠲᠡᠮᠤᠷ ᠬᠠᠭᠠᠨ ᠤ᠋ ᠵᠠᠷᠯᠢᠭ ᠢ᠋ᠶ᠋ᠠᠷ ᠣᠨ ᠵᠢᠯ ᠤᠳᠠᠵᠤ ᠵᠠᠰᠠᠪᠤᠷᠢ ᠠᠯᠳᠠᠭᠰᠠᠨ ᠠ᠋ᠴᠠ ᠪᠣᠯᠵᠤ ᠵᠢᠯ ᠪᠦᠷᠢ ᠰᠡᠳᠡᠷᠡᠳᠡᠭ ᠳ᠋ᠦ᠋ ᠵᠢᠶᠠᠩ ᠶᠠᠨ ᠬᠠᠰᠢᠯᠭ᠎ᠠ ᠶ᠋ᠢ ᠰᠢᠨᠡᠳᠬᠡᠨ ᠵᠠᠰᠠᠬᠤ ᠪᠠᠷᠢᠯᠭ᠎ᠠ ᠶ᠋ᠢᠨ ᠠᠵᠢᠯ ᠢ᠋ ᠤᠳᠤᠷᠢᠳᠴᠠᠢ᠃ᠲᠡᠷᠡ ᠳ᠋ᠦ᠋ ᠵᠢᠶᠠᠩ ᠶᠠᠨ ᠬᠠᠰᠢᠯᠭ᠎ᠠ ᠶ᠋ᠢ ᠰᠢᠨᠡᠳᠬᠡᠨ ᠵᠠᠰᠠᠬᠤ ᠳ᠋ᠠᠭᠠᠨ ᠴᠢᠯᠠᠭᠤᠨ ᠬᠡᠷᠡᠮ ᠪᠠᠢᠭᠤᠯᠤᠨ ᠬᠠᠰᠢᠯᠭ᠎ᠠ ᠶ᠋ᠢ ᠬᠠᠮᠠᠭᠠᠯᠠᠭᠰᠠᠨ ᠤ᠋ ᠬᠠᠮᠲᠤ ᠬᠠᠰᠢᠯᠭ᠎ᠠ ᠶ᠋ᠢᠨ ᠣᠷᠴᠢᠨ ᠠᠬᠤᠢ ᠶ᠋ᠢ ᠬᠠᠮᠠᠭᠠᠯᠠᠬᠤ ᠶ᠋ᠢᠨ ᠲᠥᠯᠥᠭᠡ ᠡᠪᠡᠰᠦ ᠮᠣᠳᠣ ᠳᠠᠷᠢᠨ ᠬᠥᠷᠥᠰᠥᠵᠢᠭᠦᠯᠵᠦ ᠪᠡᠬᠢᠵᠢᠭᠦᠯᠬᠦ ᠠᠷᠭ᠎ᠠ ᠪᠠᠷᠢᠯ ᠢ᠋ ᠪᠦᠲᠦᠭᠡᠯᠴᠢ ᠪᠡᠷ ᠬᠡᠷᠡᠭᠯᠡᠭᠡᠳ ᠬᠠᠰᠢᠯᠭ᠎ᠠ ᠶ᠋ᠢ ᠰᠢᠨᠡᠳᠬᠡᠨ ᠵᠠᠰᠠᠬᠤ ᠡᠭᠦᠷᠭᠡ ᠪᠡᠨ ᠭᠢᠯᠠᠯᠵᠠᠲᠠᠯ᠎ᠠ ᠠᠮᠵᠢᠯᠲᠠ ᠲᠠᠢ ᠪᠡᠶᠡᠯᠡᠭᠦᠯᠵᠡᠢ᠃ᠵᠢᠲᠡᠪ ᠦ᠋ᠨ ᠳ᠋ᠦ᠋ ᠵᠢᠶᠠᠩ ᠶᠠᠨ ᠬᠠᠰᠢᠯᠭ᠎ᠠ ᠶ᠋ᠢ ᠰᠡᠯᠪᠢᠨ ᠵᠠᠰᠠᠭᠰᠠᠨ ᠭᠠᠷᠮᠠᠭᠠᠢ ᠦᠢᠯᠡ ᠠᠵᠢᠯᠭ᠎ᠠ ᠨᠢ ᠬᠠᠰᠢᠯᠭ᠎ᠠ ᠶ᠋ᠢᠨ ᠡᠷᠭᠢᠨ ᠲᠣᠭᠣᠷᠢᠨ ᠤ᠋ ᠲᠠᠷᠢᠶᠠᠴᠢᠨ ᠲᠦᠮᠡᠨ ᠦ᠌ ᠠᠮᠤᠷ ᠲᠦᠪᠰᠢᠨ ᠢ᠋ ᠪᠠᠲᠤᠯᠠᠭᠰᠠᠨ ᠪᠥᠭᠡᠳ ᠲᠠᠷᠢᠶᠠᠯᠠᠩ ᠠᠵᠤ ᠠᠬᠤᠢ ᠶ᠋ᠢᠨ ᠦᠢᠯᠡᠰ ᠦ᠋ᠨ ᠬᠥᠭᠵᠢᠯᠲᠡ ᠶ᠋ᠢ ᠶᠡᠬᠡᠳᠡ ᠠᠬᠢᠭᠤᠯᠤᠭᠰᠠᠨ ᠪᠢᠯᠡ᠃
           ᠶᠤᠸᠠᠨ ᠤᠯᠤᠰ ᠤ᠋ᠨ ᠦᠶᠡᠰ ᠴᠢᠯᠠᠭᠤᠨ ᠲᠣᠰᠣ ᠶ᠋ᠢ ᠨᠡᠭᠡᠭᠡᠨ ᠠᠰᠢᠭᠯᠠᠪᠠ
   ᠶᠡᠬᠡ ᠶᠤᠸᠠᠨ ᠤᠯᠤᠰ ᠤ᠋ᠨ ᠦᠶ᠎ᠡ ᠳ᠋ᠦ᠍ ᠯᠢᠴᠢᠩ ᠢ᠋ ᠬᠠᠯᠠᠭᠠᠵᠤ ᠸᠠᠭᠠᠷ ᠰᠠᠪᠠ ᠶ᠋ᠢᠨ ᠠᠩ ᠴᠠᠪᠠ᠂ᠨᠦᠬᠡ ᠶ᠋ᠢ ᠪᠥᠭᠯᠡᠵᠦ ᠭᠠᠩᠨᠠᠨ᠂ᠭᠣᠭᠣᠵᠢᠬᠤ ᠦᠭᠡᠢ ᠪᠡᠬᠢᠯᠢᠭ ᠰᠠᠢᠬᠠᠨ ᠪᠣᠯᠭᠠᠳᠠᠭ ᠪᠠᠢᠭᠰᠠᠨ ᠢ᠋ ᠰᠤᠷᠪᠤᠯᠵᠢ ᠲᠡᠦᠬᠡᠨ ᠮᠠᠲ᠋ᠧᠷᠢᠶᠠᠯ ᠳ᠋ᠤ᠌ ᠲᠡᠮᠳᠡᠭᠯᠡᠭᠰᠡᠨ ᠶᠦ᠍ᠮ᠃ᠯᠢᠴᠢᠩ ᠪᠣᠯ ᠴᠢᠯᠠᠭᠤᠨ ᠲᠣᠰᠣᠨ ᠠ᠋ᠴᠠ ᠭᠠᠷᠳᠠᠭ ᠪᠣᠳᠠᠰ ᠪᠣᠯᠤᠨ᠎ᠠ᠃ᠯᠢᠴᠢᠩ ᠢ᠋ ᠪᠣᠯᠪᠠᠰᠤᠷᠠᠭᠤᠯᠤᠨ ᠭᠠᠷᠭᠠᠵᠤ ᠬᠡᠷᠡᠭᠯᠡᠵᠦ ᠪᠠᠢᠭᠰᠠᠨ ᠨᠢ ᠴᠢᠯᠠᠭᠤᠨ ᠲᠣᠰᠣ ᠶ᠋ᠢ ᠨᠢᠭᠡᠨᠲᠡ ᠨᠡᠭᠡᠭᠡᠨ ᠠᠰᠢᠭᠯᠠᠭᠰᠠᠨ ᠢ᠋ ᠬᠡᠷᠴᠢᠯᠡᠵᠦ ᠪᠠᠢᠭ᠎ᠠ ᠪᠢᠯᠡ᠃ᠡᠨᠡ ᠨᠢ ᠥᠷᠥᠨᠡᠳᠠᠬᠢᠨ ᠤ᠋ ᠴᠢᠯᠠᠭᠤᠨ ᠲᠣᠰᠣ ᠶ᠋ᠢ ᠨᠡᠭᠡᠭᠡᠨ ᠠᠰᠢᠭᠯᠠᠭᠰᠠᠨ ᠠ᠋ᠴᠠ600 ᠵᠢᠯ ᠦ᠋ᠨ ᠡᠮᠦᠨᠡᠬᠢ ᠬᠡᠷᠡᠭ ᠪᠠᠢᠪᠠ᠃
             ᠯᠤᠤᠲᠤ ᠣᠩᠭᠣᠴᠠ
  《ᠶᠤᠸᠠᠨ ᠤᠯᠤᠰ ᠤ᠋ᠨ ᠲᠡᠦᠬᠡ》 ᠳ᠋ᠦ᠍ ᠲᠡᠮᠳᠡᠭᠯᠡᠭᠰᠡᠨ ᠢ᠋ ᠦᠨᠳᠦᠰᠦᠯᠡᠪᠡᠯ ᠶᠤᠸᠠᠨ ᠱᠦᠨ ᠳ᠋ᠢ ᠲᠣᠭᠣᠨᠲᠡᠮᠥᠷ ᠬᠠᠭᠠᠨ ᠯᠤᠤᠲᠤ ᠣᠩᠭᠣᠴᠠ ᠵᠣᠬᠢᠶᠠᠭᠰᠠᠨ ᠪᠠᠢᠵᠠᠢ᠃ᠲᠡᠭᠦᠨ ᠦ᠌ ᠵᠣᠬᠢᠶᠠᠭᠰᠠᠨ ᠯᠤᠤᠲᠤ ᠣᠩᠭᠣᠴᠠ ᠳᠡᠭᠡᠷᠡᠬᠢ ᠯᠤᠤ ᠶ᠋ᠢᠨ ᠨᠢᠳᠦ᠂ ᠠᠮᠠ᠂ᠲᠣᠯᠣᠭᠠᠢ᠂ᠰᠡᠭᠦᠯ ᠨᠢ ᠴᠥᠮ ᠬᠥᠳᠡᠯᠵᠦ ᠪᠠᠢᠬᠤ ᠮᠡᠲᠦ ᠬᠠᠷᠠᠭᠳᠠᠳᠠᠭ ᠠᠵᠢ᠃ᠯᠤᠤ ᠶ᠋ᠢᠨ ᠰᠠᠪᠠᠷ ᠨᠢ ᠣᠩᠭᠣᠴᠠᠨ ᠤ ᠳᠣᠲᠣᠭᠠᠳᠤ ᠳ᠋ᠠᠬᠢ ᠠᠭᠰᠢᠬᠤ ᠮᠠᠰᠢᠨ ᠤ᠋ ᠬᠦᠴᠦᠨ ᠢ᠋ᠶ᠋ᠡᠷ ᠠᠶᠠᠨᠳᠠᠭᠠᠨ ᠤᠰᠤ ᠰᠡᠯᠢᠵᠦ ᠴᠢᠳᠠᠳᠠᠭ᠃ᠲᠣᠭᠣᠨᠲᠡᠮᠥᠷ ᠬᠠᠭᠠᠨ ᠰᠢᠨᠵᠢᠯᠡᠬᠦ ᠤᠬᠠᠭᠠᠨ ᠳ᠋ᠤ᠌ ᠪᠠᠬᠠᠲᠠᠢ ᠬᠥᠮᠦᠨ ᠪᠠᠢᠵᠠᠢ᠃ᠤᠬᠠᠭᠠᠨᠲᠤ ᠬᠠᠭᠠᠨ ᠬᠡᠮᠡᠭᠰᠡᠨ ᠨᠢ ᠵᠦᠢ ᠪᠢᠯᠡ᠃

  ᠤᠩᠰᠢᠭᠴᠢ᠄ ᠨᠠᠷᠠᠨᠴᠢᠮᠡᠭ   
  ᠦᠰᠦᠭ  ᠠᠮᠢᠯᠠᠭᠤᠯᠦᠭ᠍ᠴᠢ᠄  ᠤᠤᠭᠠᠨᠵᠢᠳ᠂ ᠣᠶᠤᠨᠴᠢᠮᠡᠭ᠂ ᠣᠶᠤᠨ᠂ᠰᠢᠵᠢᠷᠮᠠᠨᠲᠤᠯ᠎ᠠ  
  ᠬᠢᠨᠡᠭ᠍ᠴᠢ᠄  ᠨᠠᠷᠠᠩᠭᠤᠸ᠎ᠠ᠂ ᠮᠣᠩᠭᠣᠯᠵᠠᠶᠠᠭ᠎ᠠ