ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠨᠠᠢ᠍ᠮᠠ> Хан мунын сүүрс < доорд > – Мөнх зохиоов ᠂Дөдгөөр бодь – Хоёрдугаар бүлэг <8>
ᠲᠦᠲᠦᠭᠡᠷ ᠪᠣᠲᠢ – ᠬᠣᠶᠠᠳᠤᠭᠠᠷ ᠪᠦᠯᠦᠭ <ᠨᠠᠢ᠍ᠮᠠ>
ᠨᠠᠢ᠍ᠮᠠ
ᠳᠤᠭᠠᠷᠵᠠᠪ᠂ ᠨᠠᠢ᠍ᠮᠠᠨᠵᠢᠩ᠂ ᠳᠣᠭᠲᠠᠭᠤᠨᠪᠢᠯᠢᠭ᠌ ᠨᠠᠷ ᠠᠩᠴᠢᠨᠵᠠᠪ ᠲᠤ᠌ ᠠᠨᠳᠠᠭᠠᠢ ᠲᠠᠯᠪᠢᠵᠤ ᠠᠶᠠᠷᠯᠠᠵᠤ ᠶᠠᠪᠤᠭᠠᠳ ᠳᠠᠯᠠᠨ ᠳᠠᠪᠬᠤᠷ ᠳᠠᠪᠠᠭ᠎ᠠ᠂ ᠨᠠᠶᠠᠨ ᠨᠢᠭᠡᠨ ᠳᠣᠪᠣᠷᠴᠠᠭ ᠲᠠᠢ ᠮᠤᠨᠠ ᠠᠭᠤᠯᠠ ᠶ᠋ᠢᠨ ᠥᠪᠥᠷ ᠢ ᠵᠣᠷᠢᠨ ᠳᠣᠪᠲᠣᠯᠭᠠᠨ᠎ᠠ᠃
ᠮᠣᠷᠢᠨ ᠤ᠋ ᠨᠢᠷᠤᠭᠤᠨ ᠳ᠋ᠤ᠌ ᠲᠠᠰᠢᠶᠠᠯᠳᠠᠵᠤ ᠰᠠᠭᠤᠭᠰᠠᠨ ᠳᠤᠭᠠᠷᠵᠠᠪ ᠲᠦᠷᠦᠭᠦᠲᠠᠢ ᠬᠡᠳᠦᠨ ᠡᠷ᠎ᠡ《ᠴᠠᠭᠠᠳᠤ ᠡᠳᠦᠷ ᠦ᠋ᠨ ᠨᠠᠷᠠ ᠤᠷᠭᠤᠬᠤ ᠳ᠋ᠤ᠌ ᠶᠠᠮᠠᠷ ᠰᠢᠤᠬᠠᠨ ᠵᠢᠷᠭᠠᠯ ᠠᠮᠲᠠᠯᠠᠭᠳᠠᠳᠠᠭ ᠪᠣᠯ ᠠ᠋!》 ᠭᠡᠵᠦ ᠶᠡᠬᠡ ᠰᠠᠨᠠᠭᠰᠠᠨ ᠳ᠋ᠠᠭᠠᠨ ᠣᠮᠣᠭᠣᠯᠠᠩ! ᠨᠠᠷᠠ ᠲᠠᠰᠢᠬᠤ ᠶ᠋ᠢ ᠵᠠᠪᠳᠤᠵᠤ ᠡᠳᠡᠨᠥᠰ ᠣᠷᠪᠣᠭ ᠤ᠋ᠨ ᠠᠭᠤᠯᠠᠨ ᠤ᠋ ᠪᠠᠯ ᠳ᠋ᠠᠬᠢ ᠣᠲᠣᠷ ᠤ᠋ᠨ ᠠᠢᠯ ᠳ᠋ᠤ᠌ ᠬᠣᠨᠣᠭᠯᠠᠪᠠ᠃ ᠲᠡᠷᠡ ᠠᠢᠯ ᠤ᠋ᠨ ᠡᠵᠡᠭᠲᠡᠢ ᠭᠡᠭᠴᠢ ᠣᠯᠠᠨ ᠬᠡᠦᠬᠡᠳ ᠲᠡᠢ ᠲᠠᠷᠭᠤᠨ ᠴᠠᠳᠬᠤᠯᠠᠩ ᠠᠪᠠᠭᠠᠢ ᠪᠣᠢ᠃ ᠲᠡᠳᠡᠨᠦᠰ ᠢ ᠣᠴᠢᠬᠤ ᠳ᠋ᠤ᠌ ᠥᠭᠡᠬᠦᠨ ᠰᠢᠷ᠎ᠠ ᠴᠢᠷᠠᠢ ᠳ᠋ᠤᠨᠢ ᠢᠨᠢᠶᠡᠳᠦ ᠬᠠᠯᠭᠢᠵᠤ《ᠡᠨᠡ ᠮᠠᠭᠤ ᠵᠣᠯᠢᠭ ᠢ ᠭᠦ᠂ ᠴᠢ ᠪᠠᠰᠠ ᠡᠷᠭᠢᠵᠦ ᠢᠷᠡᠳᠡᠭ ᠡᠳᠦᠷ ᠪᠠᠢᠳᠠᠭ ᠪᠠᠢᠵᠠᠢ!》 ᠭᠡᠵᠦ ᠳᠤᠭᠠᠷᠵᠠᠪ ᠢ ᠪᠤᠷᠤᠭᠤᠰᠢᠶᠠᠭᠰᠠᠨ ᠪᠣᠯᠪᠠᠴᠤ ᠳᠣᠲᠣᠷ᠎ᠠ ᠨᠢ ᠪᠠᠶᠠᠰᠤᠯ ᠳ᠋ᠠᠭᠠᠨ ᠰᠢᠳᠡᠵᠦ《ᠥᠨᠥ ᠰᠥᠨᠢ ᠵᠣᠯᠲᠠᠢ ᠴᠢᠮ᠎ᠠ ᠲᠠᠢ ᠪᠠᠨ ᠨᠢᠭᠡ ᠵᠢᠷᠭᠠᠵᠤ ᠬᠣᠨᠣᠬᠤ ᠶᠤᠮ ᠪᠠᠢᠨ᠎ᠠ》 ᠭᠡᠵᠦ ᠲᠠᠷᠭᠤᠨ ᠰᠢᠷ᠎ᠠ ᠡᠬᠡᠨᠡᠷ ᠳᠤᠭᠠᠷᠵᠠᠪ ᠲᠤ᠌ ᠳᠣᠲᠣᠨᠣᠰᠢᠨ ᠪᠦᠳᠦᠭᠦᠨ ᠰᠡᠷᠬᠡ ᠵᠠᠰᠠᠵᠤ ᠪᠤᠳᠠᠭ᠎ᠠ ᠲᠠᠷᠢᠶ᠎ᠠ ᠬᠢᠵᠦ ᠶᠠᠭᠠᠷᠠᠪᠠ᠃ ᠳᠤᠭᠠᠷᠵᠠᠪ ᠤ᠋ᠨ ᠡᠨᠡ ᠤᠳᠠᠭ᠎ᠠ ᠢᠷᠡᠭᠰᠡᠨ ᠨᠢ ᠲᠠᠷᠭᠤᠨ ᠡᠬᠡᠨᠡᠷ ᠲᠡᠢ ᠵᠢᠷᠭᠠᠶ᠎ᠠ ᠭᠡᠵᠦ ᠪᠣᠳᠣᠭ᠎ᠠ ᠦᠭᠡᠢ᠃ ᠲᠡᠭᠦᠨ ᠳ᠋ᠦ᠍ ᠲᠠᠯ᠎ᠠ ᠬᠠᠷᠠᠵᠤ ᠴᠡᠷᠢᠭ ᠮᠣᠷᠢᠨ ᠤ᠋ ᠬᠥᠯ ᠢ ᠠᠮᠠᠷᠠᠭᠠᠵᠤ ᠮᠠᠷᠭᠠᠲᠤᠷ ᠥᠷᠯᠥᠭᠡ ᠡᠷᠲᠡ ᠶᠠᠪᠤᠬᠤ ᠪᠠᠷ ᠲᠥᠯᠥᠪᠯᠡᠭᠰᠡᠨ ᠪᠠᠢᠵᠠᠢ᠃ ᠳᠤᠭᠠᠷᠵᠠᠪ ᠵᠢᠯ ᠲᠣᠭᠣᠷᠢᠨ ᠡᠳᠡᠨ ᠦ᠌ ᠳ᠋ᠦ᠍ ᠢᠷᠡᠭᠡ ᠦᠭᠡᠢ ᠳ᠋ᠦ᠍ ᠰᠢᠷ᠎ᠠ ᠡᠬᠡᠨᠡᠷ《᠁ ᠴᠢ ᠪᠠᠰᠠ ᠡᠷᠭᠢᠵᠦ ᠢᠷᠡᠳᠡᠭ ᠡᠳᠦᠷ ᠪᠠᠢᠳᠠᠭ ᠪᠠᠢᠵᠠᠢ!》 ᠳᠤᠭᠠᠷᠵᠠᠪ ᠢ ᠪᠤᠷᠤᠭᠤᠳᠬᠠᠳᠠᠭ ᠨᠢ ᠴᠠᠭᠠᠨ᠎ᠠ ᠪᠠᠨ ᠤᠴᠢᠷ ᠲᠠᠢ᠃ ᠳᠤᠭᠠᠷᠵᠠᠪ ᠰᠢᠷ᠎ᠠ ᠡᠬᠡᠨᠡᠷ ᠢ ᠢᠷᠠᠭᠯᠠᠭᠤᠯᠵᠤ ᠬᠣᠨᠣᠬᠤ ᠶᠤᠮᠰᠠᠨ ᠭᠡᠵᠦ ᠶᠡᠬᠡ ᠶ᠋ᠢ ᠰᠠᠨᠠᠵᠤ ᠢᠷᠡᠭᠰᠡᠨ ᠲᠡᠷᠡ ᠰᠥᠨᠢ ᠲᠠᠷᠭᠤᠨ ᠡᠬᠡᠨᠡᠷ ᠥᠨᠥᠬᠢ ᠪᠡᠨ ᠡᠭᠦᠯᠡᠳᠦᠭᠦᠯᠬᠦ ᠦᠭᠡᠢ ᠬᠠᠪᠴᠢᠭᠠᠨᠠᠬᠤ ᠳ᠋ᠤᠨᠢ ᠳᠤᠭᠠᠷᠵᠠᠪ᠄
一 ᠶᠠᠭᠠᠬᠢᠪᠠ? ᠤᠳᠠᠭᠠᠨ ᠬᠡᠷᠡᠭᠯᠡᠭᠰᠡᠨ ᠦᠭᠡᠢ ᠥᠨᠥᠬᠢ ᠴᠢᠨᠢ ᠥᠲᠦᠴᠢᠭᠡᠭᠰᠨ ᠶᠦᠮ ᠤᠤ⁈ ᠭᠡᠵᠡᠢ᠃
一 ᠡᠴᠢᠭᠡ ᠶ᠋ᠢᠨ ᠴᠢᠨᠢ᠁ ᠭᠡᠳ ᠲᠠᠷᠭᠤᠨ ᠰᠢᠷ᠎ᠠ ᠡᠬᠡᠨᠡᠷ ᠳᠤᠭᠠᠷᠵᠠᠪ ᠢ ᠥᠬᠥᠭᠡᠷᠳᠡᠨ ᠴᠢᠮᠬᠢᠵᠦ《ᠬᠡᠭᠡᠷ ᠮᠣᠷᠢ ᠪᠠᠨ ᠣᠨᠣᠴᠢᠬᠠᠯᠠ! ᠥᠨᠥᠳᠥᠷ ᠪᠣᠯᠬᠤ ᠦᠭᠡᠢ ᠨᠢ ᠠ᠋!》 ᠭᠡᠳ ᠢᠯᠴᠠᠭᠠᠷ ᠲᠠᠷᠭᠤᠨ ᠬᠠᠴᠠᠷ ᠢ᠋ᠶ᠋ᠠᠨ ᠬᠠᠴᠠᠷ ᠲᠤᠨᠢ ᠨᠠᠭᠠᠵᠤ ᠡᠷᠬᠡᠯᠡᠪᠡ᠃ ᠳᠤᠭᠠᠷᠵᠠᠪ ᠲᠠᠷᠭᠤᠨ ᠰᠢᠷ᠎ᠠ ᠡᠬᠡᠨᠡᠷ ᠦ᠋ᠨ《᠁ ᠥᠨᠥᠳᠥᠷ ᠪᠣᠯᠬᠤ ᠦᠭᠡᠢ ᠨᠢ ᠠ᠋!》 ᠭᠡᠰᠡᠨ ᠳ᠋ᠦ᠍ ᠠᠷᠭ᠎ᠠ ᠪᠤᠰᠤ ᠢᠬᠡᠷ᠎ᠡ ᠪᠥᠵᠥᠩ ᠬᠡᠪᠲᠡᠭᠰᠡᠨ ᠰᠢᠭ ᠶᠣᠯᠬᠣᠭᠣᠷ ᠬᠣᠶᠠᠷ ᠬᠥᠬᠥ ᠶ᠋ᠢ ᠨᠢ ᠨᠤᠬᠤᠯᠠᠨ ᠪᠠᠢᠵᠤ᠂ ᠥᠨᠥᠬᠢ ᠶ᠋ᠢᠨ ᠬᠢᠨᠢ ᠵᠠᠭᠠᠲᠤᠨᠠᠭ᠎ᠠ ᠨᠢ ᠬᠥᠳᠡᠯᠦᠭᠡᠳ ᠪᠣᠯᠳᠠᠭ ᠦᠭᠡᠢ ᠳ᠋ᠦ᠍ᠨᠢ ᠰᠥᠨᠢ ᠳᠤᠮᠳᠠ ᠪᠠᠷ ᠪᠣᠰᠴᠤ ᠦᠭᠡ ᠳᠠᠭᠤ ᠦᠭᠡᠢ ᠮᠣᠷᠳᠠᠵᠤ ᠠᠷᠢᠯᠪᠠ᠃ ᠲᠡᠭᠡᠭᠰᠡᠨ ᠡᠴᠡ ᠬᠣᠢᠰᠢ ᠳᠠᠬᠢᠵᠤ ᠢᠷᠡᠭᠰᠡᠨ ᠦᠭᠡᠢ ᠨᠡᠯᠢᠶᠡᠳ ᠤᠳᠠᠵᠠᠢ᠃ ᠥᠨᠥᠳᠥᠷ ᠲᠠᠷᠭᠤᠨ ᠡᠬᠡᠨᠡᠷ ᠨᠢᠭᠤᠴᠠ ᠠᠮᠠᠷᠠᠭ ᠳᠤᠭᠠᠷᠵᠠᠪ ᠢ᠋ᠶ᠋ᠠᠨ ᠶᠡᠬᠡ ᠤᠳᠠᠭᠠᠨ ᠢᠷᠡᠭᠡ ᠦᠭᠡᠢ ᠭᠡᠵᠦ ᠦᠨᠡᠷᠬᠡᠬᠦ ᠪᠣᠯᠪᠠᠴᠤ ᠴᠠᠭᠠᠨ᠎ᠠ ᠪᠠᠨ ᠶᠡᠬᠡ ᠪᠠᠶᠠᠷᠯᠠᠵᠤ ᠬᠥᠯ ᠨᠢ ᠭᠠᠵᠠᠷ ᠬᠦᠷᠬᠦ ᠦᠭᠡᠢ ᠪᠠᠢᠯ᠎ᠠ᠃ ᠳ᠋ᠧᠩ ᠲᠠᠯᠪᠢᠬᠤ ᠳ᠋ᠤ᠌ ᠴᠢᠳᠬᠤᠭᠰᠠᠨ ᠭᠡᠳᠡᠰᠦ ᠳᠣᠲᠣᠷ ᠣᠷᠣᠭᠤᠯᠵᠤ ᠲᠡᠭᠦᠨ ᠦ᠌ ᠳᠠᠷᠠᠭ᠎ᠠ ᠪᠣᠷᠣᠯᠠᠭᠤᠯᠤᠭᠰᠠᠨ ᠲᠠᠷᠭᠤᠨ ᠮᠢᠬ᠎ᠠ ᠰᠢᠭᠦᠰᠦ ᠭᠠᠷᠭᠠᠵᠤ᠂ ᠢᠷᠡᠭᠰᠡᠨ ᠵᠣᠴᠢᠳ ᠢ᠋ᠶ᠋ᠠᠨ ᠪᠠᠶᠠᠨ ᠲᠠᠩᠰᠤᠭ ᠳᠠᠢᠯᠠᠭᠰᠠᠨ ᠲᠠᠷᠭᠤᠨ ᠰᠢᠷ᠎ᠠ ᠡᠬᠡᠨᠡᠷ ᠦ᠋ᠨ ᠰᠡᠳᠬᠢᠯ ᠨᠢᠭᠡ ᠯᠡ ᠥᠶᠥᠭ ᠪᠠᠢᠪᠠ᠃ ᠠᠶᠠᠨ ᠬᠥᠭᠡᠭᠡᠵᠦ ᠶᠠᠳᠠᠷᠠᠭᠰᠠᠨ ᠪᠠ ᠲᠠᠷᠭᠤᠨ ᠮᠢᠬ᠎ᠠ ᠱᠥᠯᠥ ᠴᠦᠷᠳᠡᠢᠲᠡᠯᠡ ᠠᠪᠴᠠᠭᠠᠭᠰᠠᠨ ᠬᠡᠳᠦᠭᠦᠯᠡ ᠮᠠᠷᠭᠠᠲᠤᠷ ᠤ᠋ᠨ ᠬᠢᠨᠢ ᠦᠦᠷ ᠬᠠᠷᠠᠩᠭᠤᠢ ᠪᠠᠷ ᠬᠥᠳᠡᠯᠬᠦ ᠬᠦᠨᠳᠦ ᠡᠭᠦᠷᠭᠡ ᠳ᠋ᠡᠭᠡᠨ ᠳᠠᠷᠤᠭᠳᠠᠨ ᠡᠷᠲᠡ ᠬᠠᠪᠲᠠᠭᠠᠢᠵᠠᠭᠠᠪᠠ᠃ ᠮᠢᠬ᠎ᠠ ᠢᠳᠡᠵᠦ ᠤᠤᠭᠤᠬᠤ ᠵᠠᠭᠤᠷ᠎ᠠ ᠲᠠᠷᠭᠤᠨ ᠡᠬᠡᠨᠡᠷ《ᠲᠠ ᠨᠠᠷ ᠵᠡᠨᠵᠡᠢ ᠦᠭᠡᠢ ᠰᠠᠢᠨ ᠢᠳᠡᠴᠢᠬᠡ!》 ᠭᠡᠬᠦ ᠪᠣᠯᠪᠠᠴᠤ ᠳᠤᠭᠠᠷᠵᠠᠪ ᠲᠤ᠌ ᠪᠠᠢᠨ ᠪᠠᠢᠨ ᠳᠡᠭᠵᠢᠨ ᠨᠢᠳᠦ ᠭᠦᠶᠦᠯᠭᠡᠨ《ᠴᠢ ᠮᠢᠬ᠎ᠠ ᠠ᠋ᠴᠠ ᠨᠢ ᠰᠠᠢᠨ ᠢᠳᠡ᠂ ᠠᠷᠢᠬᠢ ᠠ᠋ᠴᠠ ᠨᠢ ᠪᠠᠭ᠎ᠠ ᠤᠤᠭᠤ! ᠪᠢᠲᠡᠭᠡᠢ ᠨᠢᠭᠡ ᠠᠷᠢᠬᠢ ᠦᠵᠡᠭᠰᠡᠭᠡᠷ ᠨᠡᠷ᠎ᠡ ᠵᠢᠯ ᠢ᠋ᠶ᠋ᠡᠨ ᠮᠡᠳᠡᠬᠦ ᠦᠭᠡᠢ ᠪᠣᠯᠲᠠᠯ᠎ᠠ ᠬᠣᠪᠳᠣᠭᠯᠠ! ᠣᠷᠣᠢ ᠡᠳᠡᠨᠥᠰ ᠢ᠋ ᠲᠤᠭ ᠨᠣᠢᠷ ᠲᠤᠨᠢ ᠣᠷᠣᠭᠤᠯᠤᠭᠠᠳ᠁ ᠬᠣᠶᠠᠭᠤᠯᠠ ᠪᠠᠨ ᠨᠢᠭᠡ ᠰᠡᠯᠡᠭᠦᠦ ᠵᠢᠷᠭᠠᠬᠤ ᠦᠭᠡᠢ ᠊ᠦᠦ ᠳᠡ! ᠪᠢᠲᠡᠭᠡᠢ ᠯᠡ ᠠᠷᠢᠬᠢᠨ ᠳ᠋ᠠᠭᠠᠨ ᠳᠡᠢᠯᠳᠡᠭᠡᠳ ᠪᠠᠢᠳᠠᠭ ᠬᠡᠷᠡᠭ ᠢ᠋ᠶ᠋ᠡᠨ ᠮᠠᠷᠲᠠᠴᠢᠬ᠎ᠠ ᠳᠠ!》 ᠭᠡᠬᠦ ᠰᠢᠭ ᠵᠢᠯ ᠲᠣᠭᠣᠷᠢᠨ ᠠᠭᠤᠯᠵᠠᠵᠤ ᠴᠡᠩᠭᠡᠭᠡ ᠦᠭᠡᠢ ᠰᠡᠳᠬᠢᠯ ᠦ᠋ᠨ ᠠᠮᠠᠷᠠᠭ ᠲᠠᠢ ᠪᠠᠨ ᠥᠨᠥ ᠣᠷᠣᠢ ᠡᠭᠦᠯᠡᠨ ᠴᠢᠯᠥᠭᠡ ᠪᠡᠷ ᠵᠢᠷᠭᠠᠬᠤ ᠶᠤᠮᠰᠠᠨ ᠭᠡᠳᠡᠭ ᠲᠦ᠍ ᠪᠣᠳᠣᠯ ᠠᠯᠳᠠᠨ᠎ᠠ᠃ ᠮᠢᠬ᠎ᠠ ᠲᠣᠰᠣᠨ ᠳ᠋ᠤ᠌ ᠮᠠᠩᠰᠢᠭᠤᠷᠠᠨ ᠨᠠᠩᠴᠢᠳ ᠲᠤ᠌ ᠬᠠᠯᠠᠮᠰᠠᠭᠰᠠᠨ ᠨᠥᠭᠦᠭᠡ ᠬᠡᠳᠦᠭᠦᠯᠡ ᠳᠡᠷᠡ ᠲᠣᠯᠣᠭᠠᠢ ᠨᠡᠢᠯᠡᠮᠡᠭᠴᠡ ᠶᠠᠩᠵᠤ ᠶ᠋ᠢᠨ ᠠᠪᠲᠠᠯ ᠢ᠋ᠶ᠋ᠠᠷ ᠬᠤᠷᠬᠢᠷᠠᠵᠠᠭᠠᠪᠠ᠃ ᠡᠳᠡᠨᠥᠰ ᠦ᠋ᠨ ᠲᠠᠯᠪᠢᠭᠤᠨ ᠰᠠᠢᠬᠠᠨ ᠤᠨᠲᠠᠭᠰᠠᠨ ᠢ᠋ ᠵᠠᠪᠰᠢᠵᠤ ᠳᠤᠭᠠᠷᠵᠠᠪ ᠰᠡᠮᠡᠭᠡᠷᠬᠡᠨ ᠪᠣᠰᠴᠤ ᠨᠥᠭᠦᠭᠡ ᠭᠡᠷ ᠲᠦ᠍ ᠭᠤᠯᠭᠤᠨ ᠣᠷᠣᠪᠠ᠃ ᠳᠤᠭᠠᠷᠵᠠᠪ ᠤ᠋ᠨ ᠬᠠᠵᠠᠭᠤ ᠪᠠᠷ ᠤᠨᠲᠠᠭᠰᠠᠨ ᠨᠠᠢᠮᠠᠨᠵᠢᠩ ᠳᠠᠯᠠᠨᠲᠠᠢ ᠶ᠋ᠢ ᠨᠢᠳᠤᠷᠴᠤ ᠰᠡᠷᠡᠭᠡᠭᠡᠳ᠄
一 ᠬᠥᠶᠢ! ᠳᠤᠭᠠᠷᠵᠠᠪ ᠥᠨᠥᠬᠢ ᠲᠠᠷᠭᠤᠨ ᠰᠢᠷ᠎ᠠ ᠡᠬᠡᠨᠡᠷ ᠳᠡᠭᠡᠷ᠎ᠡ ᠪᠡᠨ ᠶᠠᠪᠤᠭᠰᠠᠨ! ᠭᠡᠵᠦ ᠴᠢᠬᠢᠨ ᠳ᠋ᠦ᠍ᠨᠢ ᠰᠡᠮᠡᠬᠡᠷ ᠰᠢᠪᠡᠨᠡᠪᠡᠯ ᠳᠠᠯᠠᠨᠲᠠᠢ᠄
一 ᠦᠭᠡᠢ᠂ ᠴᠢ ᠶᠠᠭᠠᠬᠢᠬᠤ ᠳ᠋ᠠᠭᠠᠨ ᠬᠣᠪᠳᠤᠭᠤᠨᠠᠭᠠᠳ ᠵᠦᠭᠡᠷ ᠤᠨᠲᠠᠳᠠᠭ ᠦᠭᠡᠢ ᠵᠣᠯᠢᠭ ᠤ᠋ᠨ ᠠᠮᠢᠲᠠᠨ ᠪᠣᠢ⁈ ᠭᠡᠨ᠎ᠡ᠃
— ᠦᠭᠡᠢ ᠠ᠋᠂ ᠥᠨᠥᠬᠢ ᠴᠢᠨᠢ ᠭᠠᠷᠤᠭᠠᠳ ᠶᠠᠪᠤᠴᠢᠬᠠᠭᠰᠠᠨ ᠠ᠋! ᠲᠠᠷᠭᠤᠨ ᠰᠢᠷ᠎ᠠ ᠡᠬᠡᠨᠡᠷ ᠤᠷᠤᠭᠤ᠁
— ᠬᠡᠨ ᠶᠠᠭᠠᠬᠢᠯ᠎ᠠ ᠭᠡᠨ᠎ᠡ? ᠭᠡᠵᠦ ᠨᠣᠢᠷ ᠲᠠᠭᠠᠨ ᠠᠬᠠᠷᠴᠢᠯᠠᠭᠰᠠᠨ ᠳᠠᠯᠠᠨᠲᠠᠢ ᠡᠭᠳᠡᠭᠦᠴᠡᠨ ᠳᠤᠤᠭᠠᠷᠤᠭᠰᠠᠨ ᠳ᠋ᠤ᠌ ᠨᠠᠢᠮᠠᠨᠵᠢᠩ᠄
一 ᠳᠤᠭᠠᠷᠵᠠᠪ ᠡᠬᠡᠨᠡᠷ ᠳᠡᠭᠡᠷ᠎ᠡ ᠣᠴᠢᠭᠰᠠᠨ᠁ ᠬᠣᠶᠠᠭᠤᠯᠠ ᠬᠠᠶᠠᠭ᠎ᠠ ᠶ᠋ᠢ ᠨᠢ ᠢᠷᠡᠵᠦ ᠴᠢᠩᠨᠠᠶᠠ! ᠲᠠᠷᠭᠤᠨ ᠰᠢᠷ᠎ᠠ ᠡᠬᠡᠨᠡᠷ ᠢ᠋ ᠶᠠᠭᠠᠬᠢᠵᠤ ᠴᠤ᠌ ᠪᠠᠷᠬᠢᠷᠠᠭᠤᠯᠳᠠᠭ ᠪᠣᠯ? ᠭᠡᠪᠡ᠃
一 ᠴᠢ ᠶᠠᠭᠠᠬᠢᠭᠰᠠᠨ ᠬᠡᠷᠡᠭ ᠲᠦ᠍ ᠳᠤᠷᠠᠲᠠᠢ ᠬᠥᠮᠦᠨ ᠪᠣᠢ? ᠤᠨᠲᠠ ᠤᠨᠲᠠ! ᠳᠤᠷᠠᠲᠠᠢ ᠪᠣᠯ ᠶᠠᠭᠠᠬᠢᠪᠠᠯ ᠶᠠᠭᠠᠬᠢᠵᠤ ᠯᠠ ᠪᠠᠢᠭ! ᠭᠡᠳ ᠳᠠᠯᠠᠨᠲᠠᠢ ᠪᠡᠶ᠎ᠡ ᠡᠷᠭᠢᠨ ᠨᠣᠢᠷ ᠢ᠋ᠶ᠋ᠠᠨ ᠬᠠᠷᠠᠮᠨᠠᠨ ᠬᠡᠪᠲᠡᠨ᠎ᠡ᠃
ᠨᠠᠢᠮᠠᠨᠵᠢᠩ ᠮᠤᠤᠷ ᠰᠢᠭ᠋ ᠰᠠᠮ ᠰᠠᠮ ᠠᠯᠬᠤᠵᠤ ᠨᠥᠭᠦᠭᠡ ᠭᠡᠷ ᠦ᠋ᠨ ᠬᠠᠶᠠᠭ᠎ᠠ ᠨᠠᠯᠠᠵᠤ ᠭᠡᠷ ᠳᠣᠲᠣᠷᠠᠬᠢ ᠶ᠋ᠢ ᠴᠢᠩᠨᠠᠵᠤ ᠵᠣᠭᠰᠣᠪᠠ᠃ ᠨᠢᠭᠡ ᠬᠡᠰᠡᠭ ᠵᠣᠭᠰᠣᠭᠠᠳ ᠶᠠᠭᠤ ᠴᠤ᠌ ᠣᠯᠵᠤ ᠰᠣᠨᠣᠰᠬᠤ ᠦᠭᠡᠢ ᠪᠣᠯᠬᠣᠷ ᠪᠥᠰᠡᠨ ᠡᠴᠡ ᠪᠡᠨ ᠬᠢᠲᠤᠭ᠎ᠠ ᠪᠠᠨ ᠰᠤᠭᠤᠯᠵᠤ ᠭᠡᠷ ᠦ᠋ᠨ ᠪᠥᠷᠢᠭᠡᠰᠦ ᠶ᠋ᠢ ᠥᠴᠦᠬᠡᠨ ᠵᠦᠰᠦᠵᠦ ᠵᠢᠵᠢᠭᠬᠡᠨ ᠨᠢᠳᠦ ᠭᠠᠷᠭᠠᠭᠠᠳ ᠴᠢᠩᠨᠠᠪᠠ᠃
一 ᠲᠡᠷᠡ ᠤᠳᠠᠭ᠎ᠠ《 ᠪᠣᠯᠳᠠᠭ ᠦᠭᠡᠢ ᠨᠢ ᠠ᠋!》 ᠭᠡᠬᠦ ᠳ᠋ᠦ᠍ ᠴᠢ ᠳᠤᠷ᠎ᠠ ᠦᠭᠡᠢᠴᠡᠭᠰᠡᠨ ᠪᠢᠵᠡ⁈
一 ᠶᠠᠭᠤᠨ ᠳ᠋ᠤ᠌ ᠲᠡᠭᠡᠬᠦ ᠪᠣᠢ!
一 ᠲᠡᠭᠡᠭᠡᠳ ᠶᠠᠭᠤ ᠭᠡᠵᠦ ᠰᠥᠨᠢ ᠳᠦᠯᠢ ᠪᠡᠷ ᠭᠡᠨᠡᠳᠲᠡ ᠪᠣᠰᠤᠭᠠᠳ ᠠᠷᠢᠯᠪᠠ?
一 ᠠᠷᠢᠯᠤᠨ᠎ᠠ ᠴᠤ᠌ ᠭᠡᠵᠢ ᠳᠡ᠂ ᠪᠣᠯᠳᠠᠭ ᠦᠭᠡᠢ ᠶᠠᠭᠤᠮᠠᠨ ᠤ᠋ ᠲᠥᠯᠥᠭᠡ ᠪᠡᠶ᠎ᠡ ᠪᠡᠨ ᠪᠣᠭᠣᠵᠤ ᠶᠠᠭᠤ ᠬᠢᠬᠦ ᠪᠣᠢ! ᠴᠡᠨᠡᠭ ᠲᠡᠢ ᠳᠠᠷᠢ ᠳᠡᠯᠪᠡᠷᠡᠬᠦ ᠭᠡᠳ ᠪᠡᠶ᠎ᠡ ᠪᠡᠨ ᠵᠣᠪᠠᠭᠠᠵᠤ ᠬᠣᠨᠣᠬᠤ ᠶ᠋ᠢᠨ ᠣᠷᠣᠨ ᠳ᠋ᠤ᠌ ᠡᠷᠲᠡᠬᠡᠨ ᠵᠠᠢᠳᠠᠭᠰᠠᠨ ᠨᠢ ᠳᠡᠭᠡᠷ᠎ᠡ ᠭᠡᠳ ᠥᠨᠳᠡᠢᠴᠢᠬᠡᠭᠰᠡᠨ ᠶᠦᠮ ᠠ᠋!
一 ᠮᠠᠭᠤ ᠰᠠᠢᠨ ᠡᠷᠡᠰ ᠦ᠋ᠳ ᠡᠢᠮᠦ ᠯᠡ ᠣᠯᠢᠭ ᠦᠭᠡᠢ ᠰᠢᠦ! ᠲᠡᠪᠴᠢᠶᠡᠷᠢ ᠦᠭᠡᠢ ᠭᠡᠳᠡᠭ ᠨᠢ᠃
一 ᠤᠬᠤᠨ᠎ᠠ ᠶ᠋ᠢᠨ ᠵᠣᠪᠠᠯᠠᠩ ᠢ᠋ ᠢᠰᠢᠭᠡ ᠮᠡᠳᠡᠬᠦ ᠦᠭᠡᠢ ᠭᠡᠳᠡᠭ ᠢ᠋ᠶ᠋ᠡᠷ ᠡᠮᠡᠰ ᠦ᠋ᠳ ᠡᠷ᠎ᠡ ᠶ᠋ᠢᠨ ᠵᠣᠪᠠᠯᠠᠩ ᠢ᠋ ᠶᠠᠭᠠᠬᠢᠵᠤ ᠮᠡᠳᠡᠬᠦ ᠪᠣᠢ! ᠴᠢᠮᠠᠶ᠋ᠢ ᠪᠠᠨ ᠭᠡᠵᠦ ᠲᠡᠷᠡ ᠬᠣᠯᠠ ᠠ᠋ᠴᠠ ᠰᠠᠢᠬᠠᠨ ᠶᠠᠭᠤᠮ᠎ᠠ ᠰᠠᠨᠠᠵᠤ ᠢᠷᠡᠬᠦ ᠪᠡᠷ ᠪᠦᠬᠦ ᠶᠠᠭᠤᠮ᠎ᠠ ᠰᠠᠨᠠᠭ᠎ᠠ ᠪᠠᠷ ᠦᠭᠡᠢ ᠳ᠋ᠦ᠍ ᠬᠡᠨ ᠶᠠᠭᠤᠮ᠎ᠠ ᠪᠣᠳᠣᠬᠤ ᠦᠭᠡᠢ ᠪᠣᠢ⁈
— ᠲᠡᠭᠡᠭᠡᠳ ᠲᠡᠭᠦᠨ ᠦ᠌ ᠪᠡᠨ ᠬᠠᠷᠢᠭᠤ ᠳ᠋ᠤ᠌ ᠨᠠᠮᠠᠶ᠋ᠢ ᠭᠠᠴᠢᠵᠤ ᠵᠢᠯ ᠢ᠋ᠶ᠋ᠡᠷ ᠢᠷᠡᠬᠦ ᠪᠡᠨ ᠪᠣᠯᠢᠭᠰᠠᠨ ᠬᠡᠷᠡᠭ ᠊ᠤᠤ? ᠣᠯᠢᠭ ᠦᠭᠡᠢ ᠮᠠᠭᠤ ᠶᠠᠭᠤᠮ᠎ᠠ! ᠭᠡᠳ ᠲᠠᠷᠭᠤᠨ ᠰᠢᠷ᠎ᠠ ᠡᠬᠡᠨᠡᠷ ᠳᠤᠭᠠᠷᠵᠠᠪ ᠤ᠋ᠨ ᠬᠠᠴᠠᠷ ᠠᠮᠠ ᠶ᠋ᠢ ᠨᠢ ᠮᠥᠯᠵᠢᠴᠢᠬᠡᠮᠡᠷ ᠰᠢᠨᠤᠭᠯᠠᠨ ᠦᠨᠦᠰᠬᠦ ᠳ᠋ᠦ᠍ ᠱᠣᠪ ᠱᠣᠪ ᠳᠠᠭᠤ ᠭᠠᠷᠤᠨ᠎ᠠ᠁
一 ᠭᠠᠭᠴᠠᠭᠠᠷ ᠢ᠋ᠶ᠋ᠠᠨ ᠢᠷᠡᠬᠦ ᠪᠡᠨ ᠶᠠᠭᠠᠬᠢᠭᠰᠠᠨ ᠪᠣᠢ? ᠴᠠᠭᠠᠳᠤᠭᠤᠯᠠ ᠴᠢᠨᠢ ᠮᠠᠷᠭᠠᠲᠤᠷ ᠶᠠᠪᠤᠴᠢᠬᠠᠪᠠᠯ ᠴᠢ ᠬᠡᠳᠦ ᠬᠣᠨᠣᠨ᠎ᠠ ᠪᠢᠵᠡ⁈
一 ᠦᠭᠡᠢ ᠮᠠᠷᠭᠠᠲᠤᠷ ᠡᠷᠲᠡ ᠶᠠᠪᠤᠨ᠎ᠠ᠃
— ᠴᠢᠮᠠᠶ᠋ᠢ ᠶᠠᠪᠤᠭᠤᠯᠬᠤ ᠦᠭᠡᠢ᠃ ᠬᠡᠳᠦ ᠬᠣᠨᠣᠭᠠᠳ ᠶᠠᠪᠤᠬᠤ ᠳ᠋ᠤ᠌ ᠶᠠᠭᠠᠬᠢᠳᠠᠭ ᠶᠤᠮ? ᠣᠳᠣ ᠢᠩᠭᠢᠭᠡᠳ ᠲᠣᠨᠢᠯᠪᠠᠯ ᠳᠠᠬᠢᠵᠤ ᠬᠡᠵᠢᠶ᠎ᠡ ᠴᠦ᠍ ᠢᠷᠡᠬᠦ ᠶᠦᠮ⁈
— ᠪᠣᠯᠬᠤ ᠦᠭᠡᠢ! ᠪᠢᠳᠡ ᠮᠠᠷᠭᠠᠲᠤᠷ ᠴᠡᠷᠢᠭ ᠦ᠋ᠨ ᠬᠠᠲᠠᠭᠤ ᠵᠠᠷᠯᠢᠭ ᠢ᠋ᠶ᠋ᠠᠷ ᠴᠣᠭᠪᠠᠭᠠᠲᠤᠷ ᠢ᠋ ᠪᠠᠷᠢᠬᠤ ᠭᠡᠵᠦ ᠶᠠᠪᠤᠨ᠎ᠠ᠃ ᠪᠤᠴᠠᠯᠭᠠᠨ ᠳ᠋ᠠᠭᠠᠨ ᠬᠡᠳᠦ ᠬᠣᠨᠣᠶ᠎ᠠ!
一 ᠵᠠ᠂ ᠪᠤᠯᠢᠭᠠᠴᠢ! ᠪᠤᠷᠬᠠᠨ ᠮᠢᠨᠢ ᠠ᠋᠂ ᠴᠢ ᠮᠢᠨᠢ ᠪᠢᠲᠡᠭᠡᠢ ᠬᠥᠮᠦᠨ ᠬᠠᠷ᠎ᠠ ᠠᠯᠠᠵᠤ ᠪᠤᠯᠠᠬᠤ ᠶ᠋ᠢᠨ ᠨᠢᠭᠦᠯ ᠬᠢ!᠁
ᠨᠠᠢᠮᠠᠨᠵᠢᠩ ᠭᠠᠳᠠᠨ᠎ᠠ ᠠ᠋ᠴᠠ ᠳᠤᠭᠠᠷᠵᠠᠪ ᠲᠠᠷᠭᠤᠨ ᠰᠢᠷ᠎ᠠ ᠡᠬᠡᠨᠡᠷ ᠬᠣᠶᠠᠷ ᠤ᠋ᠨ ᠬᠠᠢᠷᠠᠯᠠᠯᠴᠠᠬᠤ ᠶ᠋ᠢ ᠴᠢᠩᠨᠠᠵᠤ ᠵᠣᠭᠰᠣᠬᠤ ᠳ᠋ᠠᠭᠠᠨ ᠥᠪᠡᠷ ᠦ᠋ᠨ ᠬᠢᠨᠢ ᠪᠡᠶ᠎ᠡ ᠶ᠋ᠢᠨ ᠪᠤᠯᠴᠢᠩ ᠰᠢᠷᠪᠥᠰᠥ ᠨᠢ ᠴᠢᠩᠭᠠᠷᠠᠵᠤ ᠴᠠᠬᠢᠯᠭᠠᠨ ᠭᠦᠶᠦᠭᠰᠡᠨ ᠰᠢᠭ ᠡᠷᠪᠡᠭᠡᠨᠡᠨᠡ᠃ ᠡᠢᠨ ᠬᠦ ᠲᠡᠷᠡ《ᠡᠨᠡ ᠮᠠᠭᠤ ᠳᠤᠭᠠᠷᠵᠠᠪ ᠵᠣᠯᠢᠭ ᠬᠣᠨᠵᠢᠶ᠎ᠠ ᠲᠠᠢ ᠠᠵᠢᠯ ᠬᠢᠵᠡᠢ! ᠮᠢᠬ᠎ᠠ ᠢᠳᠡᠵᠦ ᠠᠷᠢᠬᠢ ᠤᠤᠭᠤᠴᠢᠬᠠᠭᠠᠳ ᠪᠠᠰᠠ ᠲᠠᠷᠭᠤᠨ ᠰᠢᠷ᠎ᠠ ᠶ᠋ᠢᠨ ᠪᠤᠷᠭᠠᠰᠤᠲᠠᠢ ᠶ᠋ᠢᠨ ᠭᠣᠣᠯ ᠳ᠋ᠤ᠌ ᠪᠣᠷᠣ ᠠᠵᠢᠷᠭ᠎ᠠ ᠪᠠᠨ ᠤᠰᠤᠯᠠᠨ᠎ᠠ ᠠ᠋!᠁》 ᠭᠡᠵᠦ ᠠᠲᠠᠭᠠᠷᠬᠠᠨ ᠵᠣᠭᠰᠣᠵᠤ ᠪᠠᠢᠲᠠᠯ᠎ᠠ ᠡᠭᠦᠳᠡ ᠨᠡᠭᠡᠭᠡᠬᠦ ᠳᠠᠭᠤᠨ ᠢ᠋ᠶ᠋ᠠᠷ ᠨᠢᠭᠡ ᠬᠥᠮᠦᠨ ᠴᠦᠯ ᠴᠦᠯ ᠭᠦᠶᠦᠵᠦ ᠨᠡᠯᠢᠶᠡᠳ ᠵᠠᠢᠳᠠᠭᠤᠬᠠᠨ ᠣᠴᠣᠢᠨ ᠰᠠᠭᠤᠪᠠ᠃ ᠲᠡᠷᠡ ᠨᠢ ᠳᠤᠭᠠᠷᠵᠠᠪ ᠪᠠᠢᠯ᠎ᠠ᠃ ᠳᠤᠭᠠᠷᠵᠠᠪ ᠭᠡᠨᠡᠳᠲᠡ ᠭᠡᠳᠡᠰᠦ ᠨᠢ ᠮᠤᠰᠬᠢᠵᠦ ᠴᠢᠴᠠᠭ᠎ᠠ ᠠᠯᠳᠠᠪᠠ᠃
ᠡᠨᠡ ᠬᠣᠭᠣᠷᠣᠨᠳᠣ ᠨᠠᠢᠮᠠᠨᠵᠢᠩ ᠣᠷᠣᠨ ᠳ᠋ᠠᠭᠠᠨ ᠪᠤᠴᠠᠵᠤ ᠬᠡᠪᠲᠡᠪᠡ᠃
ᠳᠤᠭᠠᠷᠵᠠᠪ ᠥᠳᠬᠡᠨ ᠮᠥᠷ ᠦᠵᠡᠴᠢᠬᠡᠭᠡᠳ ᠣᠷᠣᠨ ᠳ᠋ᠠᠭᠠᠨ ᠣᠴᠢᠭᠰᠠᠨ ᠳ᠋ᠤ᠌ ᠨᠠᠢᠮᠠᠨᠵᠢᠩ᠄
一 ᠬᠥᠶᠢ᠂ ᠴᠢ ᠰᠠᠶᠢ ᠬᠠᠮᠢᠭ᠎ᠠ ᠶᠠᠪᠤᠪᠠ? ᠭᠡᠵᠦ ᠠᠰᠠᠭᠤᠪᠠ᠃
一 ᠠᠶ᠎ᠠ᠂ ᠭᠡᠨᠡᠳᠲᠡ ᠭᠡᠳᠡᠰᠦ ᠮᠤᠰᠬᠢᠵᠦ ᠡᠪᠡᠳᠦᠭᠡᠳ ᠲᠡᠰᠬᠦ ᠦᠭᠡᠢ ᠭᠠᠷᠴᠤ ᠢᠷᠡᠯ᠎ᠡ᠃ ᠡᠴᠢᠭᠡ ᠶ᠋ᠢᠨ ᠴᠢᠨᠢ ᠭᠡᠳᠡᠰᠦ ᠮᠤᠰᠬᠢᠭᠠᠳ᠁ ᠲᠠᠷᠭᠤᠨ ᠰᠢᠷ᠎ᠠ ᠡᠮ᠎ᠡ ᠶ᠋ᠢᠨ ᠭᠡᠳᠡᠰᠦᠨ ᠬᠡᠢ ᠴᠣᠬᠢᠴᠢᠬᠠᠭᠠᠳ ᠢᠷᠡᠯ᠎ᠡ ᠪᠢᠵᠡ?
一 ᠨᠠᠢᠮᠠᠨᠵᠢᠩ ᠴᠢ ᠠᠮᠠ ᠪᠠᠨ ᠣᠯᠵᠤ ᠲᠣᠩᠭᠣᠰ! ᠬᠥᠮᠦᠨ ᠭᠡᠳᠡᠰᠦ ᠡᠪᠡᠳᠦᠭᠡᠳ ᠶᠠᠭᠠᠬᠢᠶ᠎ᠠ ᠭᠡᠵᠦ ᠪᠠᠢᠬᠤ ᠳ᠋ᠤ᠌᠁ ᠭᠡᠵᠦ ᠲᠠᠮᠢᠷ ᠮᠠᠭᠤᠲᠠᠢ ᠳᠤᠤᠭᠠᠷᠤᠭᠰᠠᠨ ᠳ᠋ᠤ᠌ ᠨᠠᠢᠮᠠᠨᠵᠢᠩ ᠳᠤᠭᠠᠷᠵᠠᠪ ᠤ᠋ᠨ ᠮᠠᠩᠨᠠᠢ ᠳ᠋ᠤ᠌ ᠭᠠᠷ ᠢ᠋ᠶ᠋ᠠᠨ ᠲᠠᠯᠪᠢᠵᠤ ᠦᠵᠡᠭᠰᠡᠨ ᠳ᠋ᠦ᠍ ᠦᠨᠡᠬᠡᠷ ᠬᠦᠢᠲᠡᠨ ᠬᠥᠯᠥᠰᠥ ᠪᠠᠳᠬᠤᠵᠤ ᠪᠠᠢᠪᠠ᠃
一 ᠵᠠ᠂ ᠡᠨᠡ ᠮᠠᠭᠤ ᠵᠣᠯᠢᠭ ᠵᠢᠩᠨᠨᠡᠴᠢᠭᠡᠵᠡᠢ! ᠢᠮᠠᠭᠠᠨ ᠮᠢᠬ᠎ᠠ ᠢᠳᠡᠴᠢᠬᠡᠭᠡᠳ ᠲᠣᠮᠣᠭ᠎ᠠ ᠲᠠᠢ ᠤᠨᠲᠠᠬᠤ ᠦᠭᠡᠢ ᠲᠠᠷᠭᠤᠨ ᠰᠢᠷ᠎ᠠ ᠡᠬᠡᠨᠡᠷ ᠲᠡᠢ ᠡᠯᠳᠡᠪᠯᠡᠭᠡᠳ ᠬᠤᠯᠠᠭᠠᠢ ᠵᠢᠪᠠᠷ ᠲᠤ᠌ ᠴᠣᠬᠢᠭᠤᠯᠤᠭᠰᠠᠨ ᠪᠠᠢᠯᠭᠦᠢ ᠭᠡᠳ ᠪᠣᠰᠴᠤ ᠳ᠋ᠧᠩ ᠨᠣᠴᠣᠭᠠᠪᠠ᠃
ᠳᠤᠭᠠᠷᠵᠠᠪ ᠦᠨᠡᠬᠡᠷ ᠪᠡᠶ᠎ᠡ ᠨᠢ ᠠᠶ᠎ᠠ ᠦᠭᠡᠢ ᠪᠠᠢᠯ᠎ᠠ᠃ ᠴᠢᠷᠠᠢ ᠨᠢ ᠬᠤᠵᠢᠢᠵᠤ ᠬᠠᠷᠠᠭᠳᠠᠨ᠎ᠠ᠃ ᠨᠠᠢᠮᠠᠨᠵᠢᠩ ᠤ᠋ᠨ ᠱᠣᠣᠯᠠᠵᠤ ᠬᠡᠯᠡᠭᠰᠡᠨ ᠦᠭᠡ ᠶ᠋ᠢ ᠴᠣᠬᠢᠬᠤ ᠬᠠᠷᠢᠭᠤ ᠴᠤ᠌ ᠠᠯᠠᠭ᠎ᠠ ᠨᠠᠪᠲᠠᠢᠨᠠ᠃
ᠨᠠᠢᠮᠨᠨᠵᠢᠩ ᠲᠠᠷᠭᠤᠨ ᠰᠢᠷ᠎ᠠ ᠡᠬᠡᠨᠡᠷ ᠢ᠋ ᠳᠠᠭᠤᠳᠠᠵᠤ ᠢᠷᠡᠭᠡᠳ ᠳᠤᠭᠠᠷᠵᠠᠪ ᠤ᠋ᠨ ᠠᠷᠪᠠᠨ ᠬᠤᠷᠤᠭᠤ ᠶ᠋ᠢ ᠰᠢᠪᠲᠤᠷᠠᠵᠤ ᠬᠠᠳᠬᠤᠨ ᠮᠠᠭᠤ ᠴᠠᠰᠤ ᠶ᠋ᠢ ᠨᠢ ᠲᠠᠯᠪᠢᠪᠠ᠃
ᠦᠦᠷ ᠴᠠᠢᠬᠤ ᠳ᠋ᠤ᠌ ᠳᠤᠭᠠᠷᠵᠠᠪ ᠤ᠋ᠨ ᠪᠡᠶ᠎ᠡ ᠨᠢ ᠵᠢᠭᠠᠬᠠᠨ ᠲᠠᠯᠪᠢᠭᠤᠷᠠᠭᠰᠠᠨ ᠪᠣᠯᠪᠠᠴᠤ ᠶᠠᠭ ᠲᠠᠮᠢᠷ ᠦᠭᠡᠢ ᠲᠤᠯᠠ ᠨᠥᠭᠦᠭᠡᠬᠡᠳᠦᠭᠦᠯᠡ ᠨᠢ ᠲᠡᠭᠦᠨ ᠢ᠋ ᠡᠨᠳᠡ ᠣᠷᠬᠢᠭᠠᠳ ᠴᠠᠭᠠᠰᠢ ᠪᠠᠨ ᠥᠪᠥᠷ ᠳᠤᠭᠤᠯᠪᠠ᠃
ᠳᠠᠷᠠᠭ᠎ᠠ ᠡᠳᠦᠷ ᠦ᠋ᠨ ᠨᠠᠷᠠ ᠬᠡᠯᠪᠡᠢᠬᠦ ᠳ᠋ᠦ᠍ ᠴᠡᠷᠢᠭ ᠦ᠋ᠨ ᠬᠤᠸᠠᠷᠠᠨ ᠳ᠋ᠠᠭᠠᠨ ᠬᠦᠷᠪᠡ᠃ ᠳᠤᠭᠠᠷᠵᠠᠪ ᠤ᠋ᠨ ᠰᠢᠨᠤᠯ ᠰᠢᠲᠠᠭᠰᠠᠨ ᠲᠠᠷᠭᠤᠨ ᠰᠢᠷ᠎ᠠ ᠡᠬᠡᠨᠡᠷ ᠦ᠋ᠨ ᠳ᠋ᠦ᠍ ᠬᠣᠨᠣᠭᠰᠠᠨ ᠦᠭᠡᠢ ᠲᠡᠷᠡ ᠰᠥᠨᠢ ᠳ᠋ᠡᠭᠡᠨ ᠥᠪᠥᠷ ᠲᠤᠭᠤᠯᠤᠭᠰᠠᠨ ᠪᠣᠯ ᠴᠣᠭᠪᠠᠭᠠᠲᠤᠷ ᠢ᠋ ᠪᠠᠷᠢᠴᠢᠬᠠᠬᠤ ᠪᠠᠢᠭᠰᠠᠨ᠁ ᠮᠥᠨ ᠲᠡᠷᠡ ᠡᠳᠦᠷ ᠴᠣᠭᠪᠠᠭᠠᠲᠤᠷ ᠤᠯᠠᠯᠵᠢᠨ ᠠ᠋ᠴᠠ ᠬᠦᠩ ᠦ᠋ᠨ ᠶᠠᠮᠤᠨ ᠳ᠋ᠠᠭᠠᠨ ᠪᠤᠴᠠᠬᠤ ᠵᠠᠮ ᠢ᠋ᠶ᠋ᠠᠷ ᠢ᠋ᠶ᠋ᠠᠨ ᠰᠣᠯᠣᠭᠠᠢ ᠨᠠᠮᠵᠢᠯ ᠤ᠋ᠨ ᠳ᠋ᠤ᠌ ᠦᠳᠡᠯᠡᠭᠡᠳ ᠭᠠᠷᠤᠭᠰᠠᠨ ᠰᠤᠷᠠᠭ ᠳᠤᠭᠤᠯᠳᠠᠪᠠ᠃《ᠲᠡᠭᠡᠬᠦ ᠳ᠋ᠦ᠍ᠨᠢ ᠭᠠᠷ ᠬᠥᠳᠡᠯᠦᠭᠰᠡᠨ ᠪᠣᠯ ᠠᠰᠢᠲᠠᠢ ᠪᠠᠢᠵᠢ ᠳᠠ! ᠠᠢ!》 ᠭᠡᠵᠦ ᠨᠠᠢᠮᠠᠨᠵᠢᠩ᠂ ᠲᠣᠭᠲᠠᠭᠤᠨᠪᠢᠯᠢᠭ᠌᠂ ᠳᠠᠯᠠᠨᠲᠠᠢ ᠬᠡᠳᠦᠭᠦᠯᠡ ᠲᠣᠭ᠎ᠠ ᠦᠭᠡᠢ ᠭᠠᠰᠠᠯᠤᠨ᠎ᠠ᠃
ᠬᠣᠢᠨ᠎ᠠ ᠠ᠋ᠴᠠ ᠨᠢ ᠬᠥᠭᠡᠭᠡᠵᠦ ᠣᠴᠢᠭᠠᠳ ᠬᠦᠩ ᠦ᠋ᠨ ᠶᠠᠮᠤᠨ ᠳᠡᠭᠡᠷ᠎ᠡ ᠲᠡᠭᠦᠨ ᠳ᠋ᠦ᠍ ᠭᠠᠷ ᠲᠥᠷᠥᠬᠦ ᠭᠡᠭᠴᠢ ᠬᠢᠯᠪᠠᠷ ᠪᠢᠰᠢ᠃ ᠳᠠᠪᠬᠤᠷ ᠳᠠᠪᠬᠤᠷ ᠬᠠᠷᠠᠭᠤᠯ ᠮᠠᠨᠠᠭ᠎ᠠ ᠲᠠᠢ ᠶ᠋ᠢ ᠬᠡᠯᠡᠬᠦ ᠦᠭᠡᠢ ᠶᠠᠮᠠᠷ ᠴᠤ᠌ ᠰᠢᠯᠲᠠᠭ ᠦᠭᠡᠢ ᠪᠡᠷ ᠶᠠᠮᠤᠨ ᠤ᠋ ᠡᠭᠦᠳᠡ ᠪᠡᠷ ᠶᠠᠭᠠᠬᠢᠵᠤ ᠳᠤᠷ᠎ᠠ ᠪᠠᠷ ᠢ᠋ᠶ᠋ᠠᠨ ᠣᠷᠣᠵᠤ ᠭᠠᠷᠬᠤ ᠪᠢᠯᠡ! ᠠᠷᠭ᠎ᠠ ᠪᠤᠰᠤ ᠴᠣᠭᠪᠠᠭᠠᠲᠤᠷ ᠢ᠋ ᠪᠤᠴᠠᠯᠭᠠᠨ ᠳ᠋ᠠᠭᠠᠨ ᠬᠣᠶᠠᠷᠬᠤᠳᠳᠠᠭ ᠲᠤ᠌ ᠦᠯᠡᠳᠡᠭᠡᠳ ᠶᠠᠪᠤᠳᠠᠭ ᠪᠣᠯᠤᠭᠠᠰᠠᠢ ᠭᠡᠵᠦ ᠪᠤᠷᠬᠠᠨ ᠲᠩᠷᠢ ᠳ᠋ᠡᠭᠡᠨ ᠵᠠᠯᠪᠠᠷᠢᠨ ᠬᠦᠯᠢᠶᠡᠬᠦ ᠯᠡ ᠪᠣᠯᠵᠠᠢ᠃
ᠦᠨᠡᠬᠡᠷ ᠡᠳᠡᠨᠥᠰ ᠦ᠋ᠨ ᠰᠠᠨᠠᠭᠰᠠᠨ ᠢ᠋ᠶ᠋ᠠᠷ ᠮᠠᠷᠭᠠᠲᠤᠷ ᠴᠣᠭᠪᠠᠭᠠᠲᠤᠷ ᠬᠣᠶᠠᠷᠬᠤᠳᠳᠠᠭ ᠲᠤ᠌ ᠪᠠᠭᠤᠵᠤ ᠰᠣᠯᠣᠭᠠᠢ ᠨᠠᠮᠵᠢᠯ ᠤ᠋ᠨ ᠳ᠋ᠤ᠌ ᠦᠳᠡᠯᠡᠨ ᠬᠠᠷ᠎ᠠ ᠲᠠᠮᠠᠬᠢ ᠲᠠᠲᠠᠵᠤ ᠪᠡᠶ᠎ᠡ ᠰᠡᠳᠬᠢᠯ ᠢ᠋ᠶ᠋ᠡᠨ ᠲᠠᠢᠪᠤᠰᠢᠷᠠᠭᠤᠯᠤᠨᠠ᠃
ᠪᠠᠭ᠎ᠠ ᠬᠠᠲᠤᠨ ᠠ᠋ᠴᠠ ᠬᠣᠢᠰᠢ ᠪᠠᠷᠠᠭᠤᠨ ᠬᠦᠩ ᠦ᠋ᠨ ᠰᠧᠯᠢᠩ ᠨᠣᠶᠠᠨ ᠢ᠋ ᠣᠷᠣᠯᠠᠵᠤ ᠶᠠᠪᠤᠭ᠎ᠠ ᠴᠣᠭᠪᠠᠭᠠᠲᠤᠷ ᠢ᠋ ᠡᠨᠳᠡ ᠪᠠᠭᠤᠵᠤ ᠪᠠᠢᠬᠤ ᠳ᠋ᠤ᠌᠂ ᠪᠣᠬᠤᠷᠴᠢᠯᠠᠵᠤ ᠵᠣᠰᠣᠬᠤᠷᠬᠠᠬᠤ ᠬᠥᠮᠦᠰ ᠦ᠋ᠨ ᠡᠯᠳᠡᠪ ᠢ᠋ᠶ᠋ᠡᠷ ᠠᠭᠠᠰᠢᠯᠠᠬᠤ ᠶ᠋ᠢ ᠬᠡᠯᠡᠬᠦ ᠶᠠᠭᠤᠨ!《ᠦᠳᠡ ᠶ᠋ᠢᠨ ᠳᠠᠢᠯᠠᠯᠭ᠎ᠠ ᠳ᠋ᠤ᠌ ᠳᠠᠭᠤᠴᠢ ᠡᠮ᠎ᠡ ᠣᠢᠷᠠᠲᠤᠭᠤᠯᠬᠤ ᠊ᠤᠤ? ᠤᠭᠤᠴᠠ ᠰᠢᠭᠦᠰᠦ ᠪᠠᠵᠠᠭᠠᠶᠠ᠁》 ᠭᠡᠵᠦ ᠰᠣᠯᠣᠭᠠᠢ ᠨᠠᠮᠵᠢᠯ ᠤ᠋ᠨ ᠡᠮᠦᠨ᠎ᠡ ᠡᠴᠡ ᠵᠢᠷᠣᠭᠠᠯᠠᠳᠠᠭ ᠵᠠᠷᠤᠴᠠ ᠨᠤᠭᠤᠳ ᠳᠠᠢᠯᠠᠯᠭ᠎ᠠ ᠬᠣᠭᠣᠯᠠ ᠪᠠᠵᠠᠭᠠᠵᠤ ᠬᠥᠯ ᠪᠣᠯᠤᠨ᠎ᠠ᠃
ᠡᠨᠳᠡ ᠤᠳᠠᠯ ᠦᠭᠡᠢ ᠴᠡᠷᠢᠭ ᠦ᠋ᠨ ᠪᠣᠰᠤᠯᠭ᠎ᠠ ᠭᠠᠷᠴᠤ ᠴᠣᠭᠪᠠᠭᠠᠲᠤᠷ ᠰᠧᠯᠢᠩ ᠢ᠋ ᠠᠮᠢᠳᠤ ᠪᠠᠷ ᠨᠢ ᠪᠠᠷᠢᠨ᠎ᠠ᠂ ᠡᠰᠡᠪᠡᠰᠦ ᠮᠠᠩᠨᠠᠢ ᠤᠷᠤᠭᠤ ᠨᠢ ᠫᠤᠤ ᠶ᠋ᠢᠨ ᠤᠩᠬᠢ ᠴᠣᠷᠭᠢᠨ᠎ᠠ ᠭᠡᠳᠡᠭ ᠢ᠋ ᠡᠳᠡᠨᠥᠰ ᠶᠠᠭᠠᠬᠢᠵᠤ ᠮᠡᠳᠡᠬᠦ ᠪᠣᠢ! ᠰᠧᠯᠢᠩ ᠨᠣᠶᠠᠨ ᠳ᠋ᠠᠭᠠᠨ ᠵᠤᠰᠤᠬᠤᠷᠬᠠᠭᠴᠢ ᠶ᠋ᠢᠨ ᠰᠢᠳᠢ ᠶ᠋ᠢ ᠭᠠᠢᠬᠠᠭᠤᠯᠬᠤ ᠭᠡᠵᠦ ᠨᠡᠷ᠎ᠡ ᠨᠠᠰᠤ ᠪᠠᠨ ᠴᠤ᠌ ᠮᠡᠳᠡᠬᠦ ᠪᠡᠨ ᠪᠣᠯᠢᠭᠰᠠᠨ ᠬᠥᠮᠦᠰ ᠦ᠋ᠨ ᠲᠠᠷᠢᠬᠢ ᠲᠣᠯᠣᠭᠠᠢ ᠵᠠᠷᠢᠮ ᠳ᠋ᠠᠭᠠᠨ ᠢᠩᠭᠢᠵᠦ ᠲᠦᠵᠢᠷᠡᠳᠡᠭ ᠶᠦᠮ ᠪᠠᠢᠨ᠎ᠠ᠃
ᠨᠠᠢᠮᠠᠨᠵᠢᠩ᠂ ᠳᠠᠯᠠᠨᠲᠠᠢ᠂ ᠲᠣᠭᠲᠠᠭᠤᠨᠪᠢᠯᠢᠭ᠌ ᠨᠠᠷ ᠪᠣᠰᠤᠯᠭ᠎ᠠ ᠶ᠋ᠢᠨ ᠴᠡᠷᠢᠭ ᠲᠡᠭᠡᠨ ᠳᠠᠮ ᠳᠠᠮ ᠴᠢᠮᠡᠭᠡ ᠥᠭᠴᠦ ᠪᠠᠢᠰᠢᠩ ᠤ᠋ᠨ ᠣᠷᠣᠢ᠂ ᠬᠡᠷᠡᠮ ᠦ᠋ᠨ ᠥᠨᠴᠥᠭ᠂ ᠭᠡᠷ ᠦ᠋ᠨ ᠡᠭᠦᠳᠡ ᠶ᠋ᠢ ᠲᠦᠭᠵᠢᠬᠦ ᠪᠠ ᠳᠣᠲᠣᠭᠰᠢ ᠪᠠᠨ ᠰᠢᠷᠦᠭᠦᠨ ᠭᠠᠯᠯᠠᠬᠤ ᠪᠠᠷ ᠪᠡᠯᠡᠬᠡᠨ ᠪᠣᠯᠪᠠ᠃ ᠨᠠᠢᠮᠠᠨᠵᠢᠩ ᠰᠣᠯᠣᠭᠠᠢ ᠨᠠᠮᠵᠢᠯ ᠤ᠋ᠨ ᠭᠡᠷ ᠲᠦ᠍ ᠣᠷᠣᠬᠤ ᠭᠡᠰᠡᠨ ᠮᠠᠶᠢᠭᠲᠠᠢ ᠠᠵᠢᠭ ᠴᠤ᠌ ᠦᠭᠡᠢ ᠶᠠᠪᠤᠨ ᠡᠭᠦᠳᠡ ᠮᠠᠨᠠᠭᠰᠠᠨ ᠴᠡᠷᠢᠭ ᠦ᠋ᠨ ᠠᠮᠠ ᠶ᠋ᠢ ᠳᠠᠷᠤᠨ ᠫᠤᠤ ᠶ᠋ᠢ ᠨᠢ ᠮᠤᠰᠬᠢᠵᠦ ᠠᠪᠤᠪᠠ᠃ ᠲᠡᠭᠡᠲᠡᠯ᠎ᠡ ᠤᠷᠲᠤ ᠭᠡᠷ ᠦ᠋ᠨ ᠣᠷᠣᠢ ᠳ᠋ᠤ᠌ ᠬᠡᠪᠲᠡᠭᠰᠡᠨ ᠳᠠᠯᠠᠨᠲᠠᠢ ᠰᠣᠯᠣᠭᠠᠢ ᠨᠠᠮᠵᠢᠯ ᠤ᠋ᠨ ᠭᠡᠷ ᠤᠷᠤᠭᠤ ᠰᠢᠷᠦᠭᠦᠨ ᠭᠠᠯᠯᠠᠪᠠ᠃
一 ᠫᠤᠤ ᠪᠠᠨ ᠴᠣᠩᠬᠣ ᠪᠠᠷ ᠬᠠᠶᠠ! ᠫᠤᠤ ᠪᠠᠨ ᠬᠠᠶᠠᠬᠤ ᠦᠭᠡᠢ ᠪᠣᠯ ᠫᠤᠤᠳᠠᠯ᠎ᠠ᠁ ᠭᠡᠵᠦ ᠲᠣᠭᠲᠠᠭᠤᠨᠪᠢᠯᠢᠭ᠌ ᠤ᠋ᠨ ᠬᠠᠰᠬᠢᠷᠤᠭᠰᠠᠨ ᠢ᠋ ᠭᠡᠷ ᠳᠣᠲᠣᠷᠠᠬᠢ ᠰᠣᠯᠣᠭᠠᠢ ᠨᠠᠮᠵᠢᠯ ᠳᠠᠭᠤ ᠪᠠᠷ ᠨᠢ ᠲᠠᠨᠢᠵᠤ᠄
一 ᠲᠣᠭᠲᠠᠭᠤᠨ ᠠ᠋! ᠴᠢ᠁ ᠭᠡᠵᠦ ᠳᠣᠲᠣᠷ᠎ᠠ ᠠ᠋ᠴᠠ ᠰᠣᠯᠣᠭᠠᠢ ᠨᠠᠮᠵᠢᠯ ᠢ᠋ ᠨᠢᠭᠡ ᠶᠠᠭᠤᠮ᠎ᠠ ᠬᠡᠯᠡᠬᠦ ᠭᠡᠲᠡᠯ᠎ᠡ ᠴᠣᠩᠬᠣᠨ ᠤ᠋ ᠭᠠᠳᠠᠨ᠎ᠠ ᠠ᠋ᠴᠠ᠄
一 ᠢᠯᠡᠭᠦᠦ ᠳᠤᠲᠠᠭᠤ ᠶᠠᠭᠤᠮ᠎ᠠ ᠳᠣᠩᠭᠣᠰᠬᠤ ᠬᠡᠷᠡᠭ ᠦᠭᠡᠢ᠂ ᠫᠤᠤ ᠪᠠᠨ ᠭᠠᠳᠠᠭᠰᠢ ᠪᠠᠨ ᠬᠠᠶᠠ! ᠭᠡᠵᠦ ᠬᠠᠰᠬᠢᠷᠤᠨ᠎ᠠ᠃
一 ᠴᠡᠷᠢᠭ ᠦ᠋ᠳ ᠳᠣᠲᠣᠷ᠎ᠠ ᠪᠠᠨ ᠪᠣᠰᠤᠯᠴᠠᠭᠰᠠᠨ ᠶᠠᠩᠵᠤᠲᠠᠢ ᠪᠠᠢᠨ᠎ᠠ᠂ ᠣᠳᠣ ᠶᠠᠭᠠᠬᠢᠨ᠎ᠠ ᠪᠣᠢ? ᠭᠡᠵᠦ ᠰᠣᠯᠣᠭᠠᠢ ᠨᠠᠮᠵᠢᠯ ᠴᠣᠭᠪᠠᠭᠠᠲᠤᠷ ᠰᠧᠯᠢᠩ ᠳ᠋ᠦ᠍ ᠶᠡᠬᠡᠳᠡ ᠠᠶᠤᠵᠤ ᠲᠡᠪᠡᠳᠡᠭᠰᠡᠨ ᠪᠠᠢᠳᠠᠯ ᠲᠠᠢ ᠬᠡᠯᠡᠬᠦ ᠳ᠋ᠦ᠍ ᠴᠣᠭᠪᠠᠭᠠᠲᠤᠷ᠄
一 ᠵᠠᠮᠪᠠᠯ ᠠ᠋᠂ ᠴᠢᠨᠦ ᠴᠡᠷᠢᠭ ᠦ᠋ᠳ ᠢᠩᠭᠢᠵᠦ ᠰᠠᠮᠠᠭᠤᠷᠠᠨ ᠡᠴᠢᠭᠡ ᠶ᠋ᠢᠨ ᠢ᠋ᠶ᠋ᠡᠨ ᠲᠣᠯᠣᠭᠠᠢ ᠤᠷᠤᠭᠤ ᠰᠤᠮᠤ ᠱᠤᠤᠭᠢᠭᠤᠯᠵᠤ ᠪᠠᠢᠭ᠎ᠠ ᠳ᠋ᠤ᠌ ᠴᠢ ᠶᠠᠭᠠᠬᠢᠭᠠᠳ ᠬᠥᠳᠡᠯᠳᠡᠭ ᠦᠭᠡᠢ ᠴᠡᠴᠡᠷᠡᠭᠡᠳ ᠪᠠᠢᠳᠠᠭ ᠶᠤᠮ? ᠭᠡᠵᠦ ᠬᠥᠩᠬᠥᠷ ᠵᠠᠮᠪᠠᠯ ᠤᠷᠤᠭᠤ ᠵᠠᠩᠳᠤᠷᠪᠠᠯ ᠲᠡᠷᠡ ᠨᠢ ᠠᠶᠤᠨ ᠪᠡᠮᠪᠡᠭᠡᠨᠡᠵᠦ᠄
一 ᠲᠣᠭᠲᠠᠭᠤᠨᠪᠢᠯᠢᠭ᠌ ᠋ᠠ᠋᠂ ᠴᠢ ᠶᠠᠭᠠᠬᠢᠬᠤ ᠰᠠᠨᠠᠭᠠᠲᠠᠢ ᠪᠣᠢ? ᠡᠬᠡ ᠪᠡᠨ ᠨᠤᠬᠤᠭᠰᠠᠨ ᠲᠣᠯᠣᠭᠠᠢ ᠴᠢᠨᠢ ᠡᠷᠭᠢᠵᠦ ᠪᠠᠢᠨ᠎ᠠ ᠊ᠤᠤ? ᠠ! ᠭᠡᠬᠦ ᠳ᠋ᠦ᠍ ᠭᠠᠳᠠᠨ᠎ᠠ ᠠ᠋ᠴᠠ᠄
— ᠡᠴᠢᠭᠡ ᠶ᠋ᠢᠨ ᠴᠢᠨᠢ ᠬᠠᠷ᠎ᠠ ᠲᠣᠯᠣᠭᠠᠢ! ᠴᠢ ᠨᠣᠮᠣᠬᠠᠨ ᠪᠠᠢᠬᠤ ᠦᠭᠡᠢ ᠪᠣᠯ ᠊ᠤᠤ? ᠮᠠᠭᠤ ᠨᠣᠬᠠᠢ ᠶ᠋ᠢᠨ ᠲᠣᠯᠣᠭᠠᠢ ᠴᠢᠨᠢ ᠬᠠᠭ᠎ᠠ ᠫᠤᠤᠳᠠᠨ᠎ᠠ᠃ ᠫᠤᠤ ᠪᠠᠨ ᠭᠠᠳᠠᠭᠰᠢ ᠪᠠᠨ ᠬᠠᠶᠠ! ᠭᠡᠵᠦ ᠲᠣᠭᠲᠠᠭᠤᠨᠪᠢᠯᠢᠭ᠌᠂ ᠨᠠᠢᠮᠠᠨᠵᠢᠩ ᠨᠠᠷ ᠤ᠋ᠨ ᠬᠠᠷᠢᠶᠠᠯ ᠵᠦᠬᠡᠯ᠂ ᠱᠤᠤᠭᠢᠬᠤ ᠰᠤᠮᠤ ᠲᠠᠢ ᠠᠢᠵᠠᠮ ᠬᠠᠪᠰᠤᠷᠭᠠᠨ ᠰᠣᠨᠣᠰᠳᠠᠨ᠎ᠠ᠃
ᠬᠥᠩᠬᠥᠷ ᠵᠠᠮᠪᠠᠯ ᠴᠠᠭᠠᠰᠤ ᠨᠢ ᠨᠠᠪᠲᠠᠷᠠᠭᠰᠠᠨ ᠡᠭᠦᠳᠡᠨ ᠦ᠌ ᠣᠩᠭᠣᠷᠬᠠᠢ ᠪᠠᠷ ᠭᠠᠳᠠᠭᠰᠢ ᠪᠠᠨ ᠱᠠᠭᠠᠢᠵᠤ᠄
一 ᠠᠬ᠎ᠠ ᠳᠡᠭᠦᠦ ᠨᠠᠷ ᠠ᠋! ᠪᠢᠲᠡᠭᠡᠢ ᠫᠤᠤᠳᠠ᠂ ᠪᠢᠲᠡᠭᠡᠢ ᠫᠤᠤᠳᠠ᠁ ᠶᠠᠮᠠᠷ ᠤᠴᠢᠷ ᠪᠠᠢᠪᠠᠯ᠁ ᠬᠡᠯᠡᠯᠴᠡᠵᠦ ᠪᠠᠢᠭᠠᠳ ᠰᠢᠢᠳᠪᠦᠷᠢᠯᠡᠶ᠎ᠡ! ᠭᠡᠵᠦ ᠴᠣᠭᠪᠠᠭᠠᠲᠤᠷ ᠬᠡᠯᠡᠲᠡᠯ᠎ᠡ ᠳᠡᠰ ᠳᠡᠰ ᠲᠠᠴᠢᠭᠢᠨᠠᠭᠰᠠᠨ ᠫᠤᠤ ᠶ᠋ᠢᠨ ᠳᠠᠭᠤᠨ ᠳ᠋ᠤ᠌ ᠬᠥᠩᠬᠥᠷ ᠵᠠᠮᠪᠠᠯ ᠬᠠᠭᠠᠯᠭ᠎ᠠ ᠲᠡᠪᠡᠷᠢᠨ ᠭᠤᠯᠵᠢᠭᠠᠨᠠᠨ ᠤᠨᠠᠪᠠ᠁
ᠰᠣᠯᠣᠭᠠᠢ ᠨᠠᠮᠵᠢᠯ ᠴᠣᠩᠬᠣ ᠪᠠᠷ ᠱᠤᠤᠭᠢᠨ ᠢᠷᠡᠬᠦ ᠰᠤᠮᠤᠨ ᠤ᠋ ᠴᠢᠯᠥᠭᠡᠨ ᠳ᠋ᠦ᠍ ᠨᠥᠭᠦᠭᠡ ᠪᠠᠢᠰᠢᠩ ᠤ᠋ᠨ ᠣᠷᠣᠢ ᠳᠡᠭᠡᠷ᠎ᠡ ᠡᠯᠢᠭᠡᠳᠡᠨ ᠬᠡᠪᠲᠡᠭᠰᠡᠨ ᠨᠢᠭᠡ ᠶ᠋ᠢ ᠫᠤᠤᠳᠠᠵᠤ ᠤᠨᠠᠭᠠᠭᠰᠠᠨ ᠳ᠋ᠤ᠌ ᠰᠢᠷᠦᠭᠦᠨ ᠭᠠᠯᠯᠠᠭᠰᠠᠨ ᠫᠤᠤ ᠶ᠋ᠢᠨ ᠳᠠᠭᠤᠨ ᠠᠷᠠᠢ ᠬᠢᠵᠦ ᠨᠠᠮᠵᠢᠪᠠ᠃
一 ᠠᠩᠴᠢᠨᠵᠪ ᠤ᠋ᠨ ᠳᠣᠣᠷᠠᠬᠢ ᠴᠡᠷᠢᠭ ᠦ᠋ᠳ ᠶᠦᠮ ᠴᠢᠷᠠᠢ! ᠲᠣᠭᠲᠠᠭᠤᠨᠪᠢᠯᠢᠭ᠌᠂ ᠨᠠᠢᠮᠠᠨᠵᠢᠩ ᠨᠠᠷ ᠲᠦᠷᠦᠭᠦᠲᠠᠢ᠁ ᠴᠢᠭᠢᠶᠡᠲᠦᠷᠦᠦ! ᠴᠢ ᠭᠠᠷᠴᠤ ᠪᠣᠰᠤᠯᠭ᠎ᠠ ᠶ᠋ᠢᠨ ᠲᠦᠷᠦᠭᠦᠦ ᠶ᠋ᠢ ᠨᠢ ᠲᠣᠨᠢᠯᠭ᠎ᠠ! ᠭᠡᠵᠦ ᠴᠣᠭᠪᠠᠭᠠᠲᠤᠷ ᠬᠡᠯᠡᠲᠡᠯ᠎ᠡ ᠫᠤᠤ ᠶ᠋ᠢᠨ ᠳᠠᠭᠤᠨ ᠳᠠᠬᠢᠭᠠᠳ ᠰᠢᠷᠦᠭᠦᠰᠪᠡ᠃
一 ᠴᠣ ᠰᠧᠯᠢᠩ ᠲᠠ᠂ ᠲᠠ ᠡᠨᠡ ᠡᠭᠦᠳᠡᠨ ᠦ᠌ ᠮᠤᠬᠤᠷ ᠢ᠋ ᠠᠪᠴᠤ ᠪᠡᠶ᠎ᠡ ᠪᠡᠨ ᠬᠠᠮᠠᠭᠠᠯᠠ! ᠪᠢ ᠭᠠᠷᠴᠤ ᠦᠵᠡᠶ᠎ᠡ! ᠭᠡᠳ ᠰᠣᠯᠣᠭᠠᠢ ᠨᠠᠮᠵᠢᠯ ᠴᠣᠩᠬᠣᠨ ᠤ᠋ ᠪᠤᠯᠤᠩ ᠰᠠᠬᠢᠭᠰᠠᠨ ᠸᠠᠩ ᠰᠦ᠍ ᠳᠧ( ᠴᠣᠭᠪᠠᠭᠠᠲᠤᠷ ᠤ᠋ᠨ ᠰᠢᠳᠠᠷ ᠳᠠᠭᠠᠯᠲᠠ) ᠳ᠋ᠤ᠌ ᠴᠣᠭᠪᠠᠭᠠᠲᠤᠷ ᠨᠣᠶᠠᠨ ᠤ᠋ ᠴᠡᠷᠢᠭ ᠬᠤᠪᠴᠠᠰᠤ᠂ ᠮᠠᠯᠠᠭᠠᠢ ᠶ᠋ᠢ ᠡᠮᠦᠰᠦᠭᠦᠯᠵᠦ ᠭᠠᠳᠠᠭᠰᠢ ᠰᠢᠪᠲᠤᠯᠬᠤ ᠪᠠᠷ ᠪᠡᠯᠡᠳᠬᠡᠭᠡᠳ ᠬᠠᠭᠠᠯᠭ᠎ᠠ ᠶ᠋ᠢ ᠣᠩᠭᠣᠢᠯᠭᠠᠨ᠄
一 ᠠᠬ᠎ᠠ ᠳᠡᠭᠦᠦ ᠨᠠᠷ ᠠ᠋! ᠪᠢᠲᠡᠭᠡᠢ ᠫᠤᠤᠳᠠ᠂ ᠪᠢᠳᠡ ᠪᠠᠭᠤᠵᠤ ᠥᠭᠭᠦᠶ᠎ᠡ᠂ ᠫᠤᠤ ᠰᠤᠮᠤ ᠪᠠᠨ ᠴᠤ᠌ ᠲᠤᠰᠢᠶᠠᠶ᠎ᠠ᠁ ᠲᠠ ᠨᠠᠷ ᠨᠠᠭᠠᠰᠢ ᠣᠷᠣᠵᠤ ᠢᠷ᠎ᠡ! ᠭᠡᠵᠦ ᠬᠠᠰᠬᠢᠷᠤᠨ ᠬᠥᠩᠬᠥᠷ ᠵᠠᠮᠪᠠᠯ ᠤ᠋ᠨ ᠫᠤᠤ ᠰᠤᠮᠤ ᠪᠠ ᠬᠡᠷᠡᠮ ᠳ᠋ᠦ᠍ ᠡᠯᠭᠦᠭᠡᠰᠦᠲᠡᠢ ᠫᠤᠤ ᠰᠤᠮᠤ ᠶ᠋ᠢ ᠭᠠᠳᠠᠭᠰᠢ ᠰᠢᠳᠡᠪᠡ᠃
ᠡᠨᠡ ᠦᠶ᠎ᠡ ᠳ᠋ᠦ᠍ ᠫᠤᠤ ᠶ᠋ᠢᠨ ᠳᠠᠭᠤᠨ ᠲᠦᠷ ᠵᠣᠭᠰᠣᠪᠠ᠃ ᠲᠡᠭᠡᠬᠦ ᠳ᠋ᠦ᠍ ᠡᠭᠦᠳᠡᠨ ᠦ᠌ ᠪᠠᠷᠠᠭᠤᠨ ᠠᠮᠠ ᠶ᠋ᠢ ᠨᠠᠯᠠᠵᠤ ᠵᠣᠭᠰᠣᠭᠰᠠᠨ ᠴᠠᠭᠠᠨᠬᠤᠷᠠᠭᠠ ᠪᠤᠯᠲᠠᠰᠬᠢᠭᠰᠡᠨ ᠳ᠋ᠦ᠍ ᠰᠣᠯᠣᠭᠠᠢ ᠨᠠᠮᠵᠢᠯ ᠲᠡᠭᠦᠨ ᠦ᠌ ᠵᠡᠭᠦᠨ ᠮᠥᠷᠥ ᠶ᠋ᠢ ᠴᠥᠮᠥ ᠫᠤᠤᠳᠠᠪᠠ᠃ ᠴᠠᠭᠠᠨᠬᠤᠷᠠᠭᠠ《ᠠᠶ᠎ᠠ!》 ᠭᠡᠳ ᠲᠣᠩᠭᠣᠷᠠᠵᠤ ᠤᠨᠠᠪᠠ᠃ ᠸᠠᠩ ᠰᠦ᠍ ᠳᠧ ᠡᠨᠡ ᠳᠡᠯᠢᠮ ᠢ᠋ ᠠᠯᠳᠠᠭᠰᠠᠨ ᠦᠭᠡᠢ ᠭᠡᠷ ᠡᠴᠡ ᠱᠠᠯᠠᠪ ᠭᠠᠷᠴᠤ ᠬᠡᠷᠡᠮ ᠦ᠋ᠨ ᠢᠷᠣᠭᠠᠷ ᠢ᠋ᠶ᠋ᠠᠷ ᠪᠥᠬᠴᠥᠭᠡᠨᠡᠨ ᠪᠠᠷᠠᠭᠤᠨᠰᠢ ᠭᠦᠶᠦᠪᠡ᠃ ᠡᠭᠦᠳᠡᠨ ᠦ᠌ ᠵᠡᠭᠦᠨ ᠠᠮᠠ ᠶ᠋ᠢ ᠠᠪᠴᠤ ᠵᠣᠭᠰᠣᠭᠰᠠᠨ ᠨᠢᠭᠡ ᠨᠢ ᠸᠠᠩ ᠰᠦ᠍ ᠳᠧ ᠶ᠋ᠢᠨ ᠠᠷᠤ ᠠ᠋ᠴᠠ ᠫᠤᠤ ᠣᠨᠢᠯᠠᠵᠤ ᠪᠠᠢᠭᠰᠠᠨ ᠢ᠋ ᠰᠣᠯᠣᠭᠠᠢ ᠨᠠᠮᠵᠢᠯ ᠠᠬᠤᠷ ᠫᠤᠤ ᠶ᠋ᠢᠨ ᠪᠥᠭᠰᠡ ᠪᠡᠷ ᠳᠤᠬᠤ ᠤᠷᠤᠭᠤ ᠨᠢ ᠨᠢᠭᠡ ᠯᠡ ᠰᠢᠭᠠᠵᠤ ᠵᠡᠭᠦᠨ ᠬᠡᠷᠡᠮ ᠢ᠋ ᠬᠠᠷᠠᠢᠨ ᠳᠠᠯᠳᠠ ᠣᠷᠣᠪᠠ᠃ ᠪᠠᠢᠰᠢᠩ ᠤ᠋ᠨ ᠣᠷᠣᠢ ᠳᠡᠭᠡᠷ᠎ᠡ ᠪᠦᠭᠭᠦᠭᠰᠡᠨ ᠪᠣᠰᠤᠯᠭ᠎ᠠ ᠶ᠋ᠢᠨ ᠴᠡᠷᠢᠭ ᠦ᠋ᠳ ᠪᠠᠢᠳᠠᠯ ᠮᠠᠭᠤ ᠪᠣᠯᠤᠭᠰᠠᠨ ᠢ᠋ ᠪᠠᠷᠤᠭᠯᠠᠭᠠᠳ ᠸᠠᠩ ᠰᠦ᠍ ᠳᠧ ᠤᠷᠤᠭᠤ ᠰᠢᠷᠦᠭᠦᠨ ᠭᠠᠯᠯᠠᠨ᠎ᠠ᠃ ᠸᠠᠩ ᠰᠦ᠍ ᠳᠧ ᠬᠠᠷᠪᠤᠬᠤ ᠳ᠋ᠠᠭᠠᠨ ᠰᠠᠢᠨ ᠪᠣᠯᠪᠠᠴᠤ ᠣᠨᠢᠯᠠᠵᠤ ᠴᠤ᠌ ᠵᠠᠪᠳᠤᠭᠰᠠᠨ ᠦᠭᠡᠢ ᠵᠦᠭ ᠵᠦᠭ ᠡᠴᠡ ᠱᠤᠤᠭᠢᠵᠤ ᠢᠷᠡᠭᠰᠡᠨ ᠰᠤᠮᠤᠨ ᠳ᠋ᠤ᠌ ᠡᠯᠢᠭᠡ ᠵᠢᠷᠦᠬᠡ ᠪᠡᠨ ᠵᠥᠭᠡᠢ ᠶ᠋ᠢᠨ ᠡᠭᠦᠷ ᠪᠣᠯᠲᠠᠯ᠎ᠠ ᠰᠦᠪᠡᠯᠡᠭᠦᠯᠪᠡ᠁
一 ᠣ! ᠴᠣᠭᠪᠠᠭᠠᠲᠤᠷ ᠢ᠋ ᠠᠯᠠᠴᠢᠬᠠᠯ᠎ᠠ! ᠴᠣᠭᠪᠠᠭᠠᠲᠤᠷ ᠲᠣᠩᠭᠣᠷᠠᠴᠢᠬᠠᠭᠰᠠᠨ ᠠ᠋! ᠭᠡᠵᠦ ᠪᠠᠢᠰᠢᠩ ᠤ᠋ᠨ ᠣᠷᠣᠢ ᠳᠡᠭᠡᠷᠡᠬᠢ ᠰᠣᠳᠨᠠᠮ᠂ ᠳᠠᠯᠠᠨᠲᠠᠢ ᠨᠠᠷ ᠪᠠᠷᠬᠢᠷᠠᠯᠴᠠᠨ ᠪᠣᠰᠪᠠ᠃
— ᠬᠤᠷᠳᠤᠨ ᠬᠡᠪᠲᠡ! ᠦᠬᠦᠬᠦ ᠴᠢᠨᠢ ᠳᠤᠲᠠᠵᠤ ᠪᠠᠢᠨ᠎ᠠ ᠊ᠤᠤ? ᠥᠨᠥᠬᠢ ᠴᠢᠨᠢ ᠴᠣᠭᠪᠠᠭᠠᠲᠤᠷ ᠪᠢᠰᠢ! ᠭᠡᠵᠦ ᠨᠠᠢᠮᠠᠨᠵᠢᠩ ᠨᠥᠭᠦᠭᠡ ᠬᠣᠶᠠᠷ ᠢ᠋ ᠵᠠᠩᠳᠤᠷᠴᠤ ᠬᠡᠪᠲᠡᠭᠦᠯᠪᠡ᠃
一 ᠴᠣᠭᠪᠠᠭᠠᠲᠤᠷ ᠦᠬᠦᠭᠰᠡᠨ ᠦᠭᠡᠢ᠃ ᠲᠡᠷᠡ ᠳᠠᠭᠠᠯᠲᠠ ᠪᠠᠨ ᠭᠠᠳᠠᠭᠰᠢ ᠭᠠᠷᠭᠠᠭᠰᠠᠨ ᠨᠢ ᠪᠠᠰᠠ ᠶᠠᠮᠠᠷ ᠵᠠᠯᠢ ᠮᠡᠬᠡ ᠬᠡᠷᠡᠭᠯᠡᠵᠦ ᠪᠠᠢᠭ᠎ᠠ ᠶᠤᠮ ᠪᠣᠯ⁈ ᠭᠡᠵᠦ ᠲᠣᠭᠲᠠᠭᠤᠨᠪᠢᠯᠢᠭ᠌ ᠨᠠᠢᠮᠠᠨᠵᠢᠩ ᠢ᠋ ᠶᠣᠪᠣᠷᠴᠤ《ᠶᠠᠪᠤᠶ᠎ᠠ᠂ ᠬᠣᠶᠠᠭᠤᠯᠠ ᠳᠣᠲᠣᠷ᠎ᠠ ᠨᠢ ᠦᠵᠡᠶ᠎ᠡ! ᠠᠮᠢᠳᠤ ᠪᠠᠷ ᠨᠢ ᠪᠠᠷᠢᠶ᠎ᠠ》 ᠭᠡᠳ ᠪᠠᠢᠰᠢᠩ ᠤ᠋ᠨ ᠣᠷᠣᠢ ᠳᠡᠭᠡᠷ᠎ᠡ ᠡᠴᠡ ᠪᠠᠭᠤᠪᠠ᠃
ᠪᠣᠰᠤᠯᠭ᠎ᠠ ᠶ᠋ᠢᠨ ᠴᠡᠷᠢᠭ ᠦ᠋ᠳ ᠴᠣᠭᠪᠠᠭᠠᠲᠤᠷ ᠰᠧᠯᠢᠩ ᠦ᠋ᠨ ᠴᠡᠷᠢᠭ ᠦ᠋ᠨ ᠬᠤᠪᠴᠠᠰᠤ ᠬᠤᠨᠠᠷ ᠢ᠋ ᠡᠮᠦᠰᠦᠭᠰᠡᠨ ᠸᠠᠩ ᠰᠦ᠍ ᠳᠧ ᠶ᠋ᠢ ᠫᠤᠤᠳᠠᠵᠤ ᠠᠯᠠᠭᠰᠠᠨ ᠢ᠋ᠶ᠋ᠠᠨ ᠴᠣᠭᠪᠠᠭᠠᠲᠤᠷ ᠢ᠋ ᠠᠯᠠᠴᠢᠬᠠᠯ᠎ᠠ! ᠭᠡᠵᠦ ᠡᠰᠡ ᠯᠡ ᠬᠠᠭᠤᠷᠲᠠᠬᠤ ᠰᠢᠬᠠᠪᠠ᠃
ᠲᠣᠭᠲᠠᠭᠤᠨᠪᠢᠯᠢᠭ᠌ ᠨᠠᠢᠮᠠᠨᠵᠢᠩ ᠬᠣᠶᠠᠷ ᠴᠣᠩᠬᠣᠨ ᠤ᠋ ᠵᠡᠭᠦᠨ ᠪᠠᠷᠠᠭᠤᠨ ᠲᠠᠯ᠎ᠠ ᠶ᠋ᠢ ᠪᠠᠷᠢᠵᠤ ᠭᠡᠷ ᠤᠷᠤᠭᠤ ᠭᠠᠷᠨᠠᠲᠠ ᠰᠢᠲᠠᠪᠠ᠃ ᠥᠨᠥᠬᠢ ᠰᠢᠳᠡᠵᠦ ᠣᠷᠣᠭᠤᠯᠤᠭᠰᠠᠨ ᠭᠠᠷᠨᠠᠲᠠ ᠶ᠋ᠢᠨ ᠪᠥᠭᠰᠡᠨ ᠡᠴᠡ ᠬᠥᠬᠡ ᠤᠲᠤᠭᠠᠨ ᠴᠣᠷᠭᠢᠨ ᠱᠠᠷᠴᠢᠭᠢᠨᠠᠵᠤ᠂ ᠬᠠᠨᠵᠤᠨ ᠳᠡᠭᠡᠷ᠎ᠡ ᠡᠭᠡᠷᠡᠭᠦᠯ ᠰᠢᠭ ᠡᠷᠭᠢᠯᠳᠦᠵᠦ ᠪᠠᠢᠭᠰᠠᠨ ᠢ᠋ ᠴᠣᠭᠪᠠᠭᠠᠲᠤᠷ ᠰᠢᠭᠦᠷᠡᠨ ᠠᠪᠴᠤ ᠭᠠᠳᠠᠭᠰᠢ ᠰᠢᠲᠠᠪᠠ᠃ ᠴᠣᠩᠬᠣᠨ ᠤ᠋ ᠴᠤᠭᠤᠷᠬᠠᠢ ᠪᠠᠷ ᠨᠢᠰᠦᠨ ᠭᠠᠷᠤᠭᠰᠠᠨ ᠭᠠᠷᠨᠠᠲᠠ ᠬᠥᠰᠡᠷ ᠤᠨᠠᠬᠤ ᠠ᠋ᠴᠠ ᠡᠮᠦᠨ᠎ᠡ ᠳᠡᠯᠪᠡᠷᠡᠪᠡ᠃ ᠪᠣᠷᠣ ᠰᠠᠭᠠᠷᠠᠯ ᠤᠲᠤᠭᠠᠨ ᠳ᠋ᠤ᠌ ᠪᠠᠭᠯᠠᠭᠳᠠᠭᠰᠠᠨ ᠪᠥᠭᠡᠮ ᠭᠠᠯ ᠠᠭᠠᠷ ᠲᠤ᠌ ᠬᠤᠢᠯᠠᠷᠠᠨ ᠮᠠᠨᠠᠨᠲᠤᠨᠠ᠃ ᠭᠠᠳᠠᠨ᠎ᠠ ᠬᠡᠳᠦ ᠬᠡᠳᠦᠨ ᠴᠡᠷᠢᠭ ᠳᠡᠯᠪᠡᠴᠢᠭᠳᠡᠵᠦ ᠦᠬᠦᠵᠡᠢ᠃
一 ᠡᠨᠡ ᠭᠠᠢᠬᠠᠯ ᠰᠦᠷᠡᠬᠡᠢ ᠵᠠᠯᠢ ᠲᠠᠢ ᠠᠮᠢᠲᠠᠨ! ᠠᠮᠢᠳᠤ ᠪᠠᠷ ᠨᠢ ᠪᠠᠷᠢᠬᠤ ᠭᠡᠭᠴᠢ ᠬᠡᠴᠡᠭᠦᠦ ᠪᠠᠢᠨ᠎ᠠ ᠳᠠ᠃ ᠣᠳᠣ ᠶᠠᠭᠠᠬᠢᠨ᠎ᠠ ᠪᠣᠢ? ᠭᠡᠵᠦ ᠨᠠᠢᠮᠠᠨᠵᠢᠩ ᠲᠣᠭᠲᠠᠭᠤᠨᠪᠢᠯᠢᠭ᠌ ᠢ᠋ ᠠᠷᠭ᠎ᠠ ᠶᠠᠳᠠᠭᠰᠠᠨ ᠪᠠᠢᠳᠠᠯ ᠲᠠᠢ ᠬᠠᠷᠠᠪᠠᠯ᠂ ᠲᠣᠭᠲᠠᠭᠤᠨᠪᠢᠯᠢᠭ᠌᠄
一 ᠣᠳᠣ ᠲᠡᠭᠦᠨ ᠦ᠌ ᠠᠮᠢ ᠶ᠋ᠢ ᠨᠢ ᠠᠪᠬᠤ ᠠ᠋ᠴᠠ ᠨᠠᠭᠠᠰᠢ ᠳᠤᠲᠠᠭᠤ ᠳᠣᠷᠭᠣᠨ ᠪᠤᠴᠠᠵᠤ ᠯᠠ ᠪᠣᠯᠬᠤ ᠦᠭᠡᠢ ᠭᠡᠰᠡᠨ ᠳ᠋ᠦ᠍ ᠨᠠᠢᠮᠠᠨᠵᠢᠩ ᠵᠣᠷᠢᠭ ᠣᠷᠣᠵᠤ《ᠡᠩ》 ᠭᠡᠵᠦ ᠲᠣᠯᠣᠭᠠᠢ ᠳᠣᠬᠢᠪᠠ᠃
— ᠴᠣᠭᠪᠠᠭᠠᠲᠤᠷ ᠠ᠋! ᠴᠢ ᠫᠤᠤ ᠪᠠᠨ ᠬᠠᠶᠠᠵᠤ ᠭᠠᠷ ᠢ᠋ᠶ᠋ᠠᠨ ᠡᠷᠭᠦᠭᠡᠳ ᠭᠠᠷᠴᠤ ᠢᠷᠡᠪᠡᠯ ᠠᠮᠢ ᠶ᠋ᠢ ᠴᠢᠨᠢ ᠦᠯᠡᠳᠡᠭᠡᠶ᠎ᠡ! ᠦᠭᠡᠢ ᠶᠦᠮ ᠪᠣᠯ ᠭᠡᠷ ᠤᠷᠤᠭᠤ ᠴᠢᠨᠢ ᠪᠠᠰᠠ ᠭᠠᠷᠨᠠᠲᠠ ᠰᠢᠲᠠᠨ᠎ᠠ ᠰᠢᠦ! ᠭᠡᠵᠦ ᠲᠣᠭᠲᠠᠭᠤᠨᠪᠢᠯᠢᠭ᠌ ᠨᠠᠢᠮᠠᠨᠵᠢᠩ ᠬᠣᠶᠠᠷ ᠵᠡᠷᠭᠡ ᠪᠡᠷ ᠬᠠᠰᠬᠢᠷᠪᠠ᠃
ᠳᠣᠲᠣᠷ᠎ᠠ ᠠ᠋ᠴᠠ ᠬᠠᠷᠢᠭᠤ ᠳᠤᠤᠭᠠᠷᠤᠭᠰᠠᠨ ᠦᠭᠡᠢ᠂ ᠶᠠᠮᠠᠷ ᠴᠤ᠌ ᠴᠢᠮᠡᠭᠡ ᠠᠨᠢᠷ ᠦᠭᠡᠢ ᠪᠠᠢᠯ᠎ᠠ᠃
ᠪᠠᠢᠰᠢᠩ ᠤ᠋ᠨ ᠣᠷᠣᠢ ᠳᠡᠭᠡᠷ᠎ᠡ ᠪᠦᠭᠭᠦᠭᠰᠡᠨ ᠴᠡᠷᠢᠭ ᠦ᠋ᠳ ᠨᠢᠭᠡ ᠨᠢᠭᠡ ᠪᠡᠷ ᠢ᠋ᠶ᠋ᠡᠨ ᠮᠠᠰᠢ ᠬᠢᠴᠢᠶᠡᠮᠵᠢᠲᠡᠢ ᠪᠠᠭᠤᠵᠤ ᠪᠠᠢᠯ᠎ᠠ᠃ ᠭᠠᠳᠠᠨ᠎ᠠ ᠠ᠋ᠴᠠ ᠨᠠᠢᠮᠠᠨᠵᠢᠩ ᠨᠠᠷ ᠶᠠᠭᠠᠬᠢᠵᠤ ᠥᠳᠥᠭᠡᠨ ᠬᠠᠰᠬᠢᠷᠤᠭᠰᠠᠨ ᠴᠤ᠌ ᠭᠡᠷ ᠳᠣᠲᠣᠷ᠎ᠠ ᠠ᠋ᠴᠠ ᠬᠠᠷᠢᠭᠤ ᠴᠢᠮᠡᠭᠡ ᠦᠭᠡᠢ ᠳ᠋ᠦ᠍ ᠲᠣᠭᠲᠠᠭᠤᠨᠪᠢᠯᠢᠭ᠌᠄
一 ᠣᠳᠣ ᠨᠢᠭᠡ ᠭᠠᠷᠨᠠᠲᠠ ᠰᠢᠲᠠᠵᠤ ᠣᠷᠣᠭᠤᠯᠤᠶ᠎ᠠ! ᠲᠠ ᠨᠠᠷ ᠵᠠᠢᠲᠠᠢ ᠪᠦᠭᠭᠦᠵᠦ ᠪᠠᠢ ᠭᠡᠳ ᠪᠦᠰᠡᠯᠡᠭᠦᠷ ᠡᠴᠡ ᠪᠡᠨ ᠨᠢᠭᠡ ᠭᠠᠷᠨᠠᠲᠠ ᠰᠤᠭᠤᠯᠵᠤ ᠰᠢᠳᠦ ᠪᠡᠷ ᠢ᠋ᠶ᠋ᠡᠨ ᠲᠠᠭ ᠢ᠋ ᠨᠢ ᠣᠩᠭᠢᠯᠵᠤ ᠨᠡᠭᠡᠭᠡᠭᠡᠳ ᠭᠠᠷᠠᠬ᠎ᠠ ᠲᠠᠢ ᠪᠢᠯᠳᠠ ᠶ᠋ᠢ ᠨᠢ ᠲᠠᠰᠤᠯᠤᠨ ᠨᠡᠯᠢᠶᠡᠳ ᠤᠳᠠᠭᠠᠨ ᠤᠲᠤᠭ᠎ᠠ ᠴᠣᠷᠭᠢᠭᠤᠯᠵᠤ ᠪᠠᠢᠭᠠᠳ ᠳᠣᠲᠣᠭᠰᠢ ᠨᠢ ᠰᠢᠲᠠᠪᠠ᠃
ᠡᠨᠡ ᠦᠶ᠎ᠡ ᠳ᠋ᠦ᠍ ᠴᠣᠭᠪᠠᠭᠠᠲᠤᠷ ᠬᠠᠭᠠᠯᠭ᠎ᠠ ᠪᠣᠯᠤᠨ ᠴᠣᠩᠬᠣᠨ ᠤ᠋ ᠳᠤᠮᠳᠠᠬᠢ ᠲᠤᠯᠭᠠᠭᠤᠷ ᠬᠡᠷᠡᠮ ᠢ᠋ ᠢᠪ ᠨᠠᠭᠠᠯᠳᠤᠨ ᠪᠡᠶ᠎ᠡ ᠬᠠᠯᠬᠠᠯᠠᠵᠤ ᠪᠠᠢᠭᠰᠠᠨ ᠢ᠋ᠶ᠋ᠠᠨ ᠭᠡᠨᠡᠳᠲᠡ ᠭᠡᠷ ᠲᠦ᠍ ᠤᠲᠤᠭ᠎ᠠ ᠴᠣᠷᠭᠢᠭᠰᠠᠨ ᠭᠠᠷᠨᠠᠲᠠ ᠣᠷᠣᠵᠤ ᠢᠷᠡᠭᠰᠡᠨ ᠢ᠋ ᠬᠠᠷᠠᠭᠠᠳ ᠳᠣᠲᠣᠷ᠎ᠠ ᠪᠠᠨ《ᠵᠠ! ᠣᠳᠣ ᠴᠤ᠌ ᠳᠦᠭᠦᠷᠴᠡᠢ》 ᠭᠡᠵᠦ ᠪᠣᠳᠣᠵᠤ ᠠᠮᠵᠢᠭᠠᠳ ᠱᠠᠯᠠᠪᠬᠠᠨ ᠬᠠᠨᠵᠤᠨ ᠤ᠋ ᠢᠷᠣᠭᠠᠷ ᠲᠤ᠌ ᠰᠤᠨᠤᠨ ᠬᠡᠪᠲᠡᠪᠡ᠃ ᠭᠠᠷᠨᠠᠲᠠ ᠬᠠᠨᠵᠤᠨ ᠳᠡᠭᠡᠷ᠎ᠡ ᠲᠤᠰᠤᠮᠠᠭᠴᠠ ᠳᠡᠯᠪᠡᠷᠡᠵᠡᠢ᠃
ᠨᠢᠭᠡ ᠬᠡᠰᠡᠭ ᠤᠳᠠᠭᠠᠳ ᠭᠠᠳᠠᠨ᠎ᠠ ᠫᠤᠤ ᠳᠠᠭᠤᠨ ᠴᠤ᠌ ᠨᠠᠮᠵᠢᠪᠠ᠃ ᠬᠥᠮᠦᠰ ᠦ᠋ᠨ ᠭᠦᠶᠦᠯᠳᠦᠬᠦ ᠴᠢᠮᠡᠭᠡ ᠪᠦᠦᠷ ᠲᠦᠦᠷ ᠳᠤᠭᠤᠯᠳᠠᠨ᠎ᠠ᠃ ᠭᠡᠷ ᠳᠣᠲᠣᠷ᠎ᠠ ᠴᠤ᠌ ᠴᠢᠮᠡᠭᠡ ᠢᠮᠡᠭᠡ ᠦᠭᠡᠢ᠃
ᠣᠩᠭᠣᠢᠲᠠᠯ᠎ᠠ ᠳᠡᠯᠪᠡᠴᠢᠭᠳᠡᠭᠰᠡᠨ ᠭᠡᠷ ᠦ᠋ᠨ ᠣᠷᠣᠢ ᠪᠠ ᠤᠷᠠᠩ ᠰᠡᠷᠡᠩ ᠪᠣᠯᠲᠠᠯ᠎ᠠ ᠪᠠᠯᠪᠠᠴᠢᠭᠳᠠᠭᠰᠠᠨ ᠴᠣᠩᠬᠣᠨ ᠤ᠋ ᠣᠩᠭᠣᠷᠬᠠᠢ ᠪᠠᠷ ᠪᠣᠬᠢᠷ ᠬᠠᠷ᠎ᠠ ᠤᠲᠤᠭ᠎ᠠ ᠪᠠᠭᠠᠭᠢᠵᠤ᠂ ᠭᠠᠰᠢᠭᠤᠨ ᠮᠠᠭᠤᠬᠠᠢ ᠳᠠᠷᠢ ᠶ᠋ᠢᠨ ᠦᠨᠦᠷ ᠬᠠᠩᠬᠤᠯᠤᠨ᠎ᠠ᠃
一 ᠵᠠ᠂ ᠣᠳᠣ ᠴᠤ᠌ ᠦᠬᠦᠭᠰᠡᠨ ᠪᠠᠢᠯᠭᠦᠢ! ᠴᠢᠭᠢᠶᠡᠲᠦᠷᠦᠦ᠁ ᠭᠡᠵᠦ ᠨᠠᠢᠮᠠᠨᠵᠢᠩ ᠢ᠋ ᠬᠡᠯᠡᠪᠡᠯ ᠲᠣᠭᠲᠠᠭᠤᠨᠪᠢᠯᠢᠭ᠌ ᠢᠨᠢᠶᠡᠪᠬᠢᠯᠡᠨ᠄
一 ᠣᠳᠣ ᠦᠬᠦᠬᠦ ᠦᠭᠡᠢ ᠬᠠᠮᠢᠭ᠎ᠠ ᠶᠠᠪᠤᠳᠠᠭ ᠶᠤᠮ? ᠭᠡᠷ ᠦ᠋ᠨ ᠬᠢᠨᠢ ᠣᠷᠣᠢ ᠨᠢ ᠬᠦᠷᠲᠡᠯ᠎ᠡ ᠣᠩᠭᠣᠢᠴᠢᠬᠠᠭᠰᠠᠨ ᠪᠠᠢᠲᠠᠯ᠎ᠠ᠁ ᠭᠡᠬᠦ ᠳ᠋ᠦ᠍ ᠳᠠᠯᠠᠨᠲᠠᠢ᠄
一 ᠪᠢ ᠣᠷᠣᠵᠤ ᠦᠵᠡᠶ᠎ᠡ! ᠦᠬᠦᠭᠡ ᠦᠭᠡᠢ ᠪᠣᠯ ᠨᠢᠭᠡ ᠰᠤᠮᠤ ᠱᠠᠩᠨᠠᠴᠢᠬᠠᠶᠠ! ᠭᠡᠳ ᠫᠤᠤ ᠪᠠᠨ ᠵᠠᠮᠤᠭᠯᠠᠨ ᠭᠡᠷ ᠲᠦ᠍ ᠣᠷᠣᠵᠤ ᠣᠴᠢᠪᠠ᠃
ᠭᠡᠷ ᠳᠣᠲᠣᠷ᠎ᠠ ᠤᠲᠤᠭ᠎ᠠ ᠮᠠᠨᠠᠷᠠᠨ ᠶᠠᠭᠤ ᠴᠤ᠌ ᠦᠵᠡᠭᠳᠡᠬᠦ ᠦᠭᠡᠢ᠃ ᠬᠤᠭᠤᠷᠠᠵᠤ ᠣᠢᠴᠢᠭᠰᠠᠨ ᠣᠨᠢᠨ ᠤ᠋ ᠲᠣᠯᠣᠭᠠᠢ ᠳ᠋ᠤ᠌ ᠭᠠᠯ ᠤ᠋ᠨ ᠰᠤᠷ ᠠᠪᠤᠯᠴᠠᠵᠤ ᠠᠮᠢᠰᠬᠤᠭ᠎ᠠ ᠪᠥᠭᠯᠡᠷᠡᠨ᠎ᠡ᠃ ᠳᠠᠯᠠᠨᠲᠠᠢ ᠭᠡᠷ ᠲᠦ᠍ ᠣᠷᠣᠵᠤ ᠡᠢᠰᠢ ᠲᠡᠢᠰᠢ ᠳᠡᠮᠡᠢ ᠬᠡᠳᠦ ᠰᠦᠷ ᠪᠠᠳᠠᠷᠠᠭᠤᠯᠤᠨ ᠫᠤᠤᠳᠠᠵᠤ᠂ ᠶᠠᠮᠠᠷ ᠴᠤ᠌ ᠴᠢᠮᠡᠭᠡ ᠠᠨᠢᠷ ᠦᠭᠡᠢ ᠪᠣᠯᠬᠣᠷ ᠪᠤᠴᠠᠨ ᠭᠠᠷᠪᠠ᠃
一 ᠭᠡᠷ ᠳᠣᠲᠣᠷ᠎ᠠ ᠭᠠᠯ ᠠᠪᠤᠯᠴᠠᠴᠢᠬᠠᠵᠠᠢ᠃ ᠤᠲᠤᠭ᠎ᠠ ᠪᠠᠭᠠᠭᠢᠭᠠᠳ ᠶᠠᠭᠤ ᠴᠤ᠌ ᠦᠵᠡᠭᠳᠡᠬᠦ ᠦᠭᠡᠢ ᠭᠡᠵᠦ ᠳᠠᠯᠠᠨᠲᠠᠢ ᠣᠮᠣᠭᠲᠠᠢ ᠬᠡᠯᠡᠬᠦ ᠳ᠋ᠦ᠍ ᠨᠠᠢᠮᠠᠨᠵᠢᠩ᠄
一 ᠦᠬᠦᠬᠦ ᠨᠢ ᠲᠦᠮᠡᠨ ᠵᠥᠪ! ᠵᠠ᠂ ᠣᠳᠣ ᠲᠠ ᠨᠠᠷ ᠪᠤᠰᠢᠭᠤ ᠬᠥᠳᠡᠯᠬᠦ ᠪᠡᠷ ᠪᠠᠵᠠᠭ᠎ᠠ ᠭᠡᠰᠡᠨ ᠳ᠋ᠦ᠍ ᠪᠦᠭᠦᠳᠡᠭᠡᠷ᠄
一 ᠴᠣᠭᠪᠠᠭᠠᠲᠤᠷ ᠦᠬᠦᠴᠢᠬᠡᠵᠡᠢ! ᠪᠦᠷ ᠦᠬᠦᠴᠢᠬᠡᠵᠡᠢ ᠠ᠋! ᠬᠤᠷᠳᠤᠨ ᠮᠣᠷᠢᠨ ᠳ᠋ᠠᠭᠠᠨ ᠮᠣᠷᠳᠠᠵᠠᠭᠠ᠁ ᠭᠡᠳ ᠪᠤᠵᠢᠭᠢᠨᠠᠯᠳᠤᠨ᠎ᠠ᠃
ᠨᠠᠢᠮᠠᠨᠵᠢᠩ ᠲᠣᠭᠲᠠᠭᠤᠨᠪᠢᠯᠢᠭ᠌ ᠬᠣᠶᠠᠷ ᠴᠠᠭᠠᠳᠤ ᠬᠡᠷᠡᠮ ᠦ᠋ᠨ ᠥᠨᠴᠥᠭ ᠳᠤᠭᠤᠢᠯᠠᠵᠤ ᠭᠠᠷᠴᠢᠬᠠᠭᠠᠳ ᠶᠠᠭᠤ ᠪᠣᠳᠣᠵᠤ ᠣᠯᠤᠭᠰᠠᠨ ᠢ᠋ ᠪᠤᠤ ᠮᠡᠳᠡ《ᠡᠨᠡ ᠵᠠᠯᠢᠲᠠᠢ ᠠᠮᠢᠲᠠᠨ ᠰᠢᠷᠬᠠᠨ ᠳ᠋ᠠᠭᠠᠨ ᠪᠣᠭᠣᠭᠳᠠᠭᠠᠳ ᠦᠬᠦᠭᠰᠡᠨ ᠦᠭᠡᠢ ᠪᠠᠢᠵᠤ ᠮᠡᠳᠡᠨ᠎ᠡ᠂ ᠬᠣᠶᠠᠭᠤᠯᠠ ᠣᠷᠣᠵᠤ ᠦᠵᠡᠶ᠎ᠡ!》 ᠭᠡᠳ ᠭᠡᠳᠡᠷᠭᠦ ᠪᠡᠨ ᠭᠡᠷ ᠦ᠋ᠨ ᠡᠭᠦᠳᠡ ᠶ᠋ᠢ ᠢᠰᠬᠦᠯᠦᠨ ᠣᠷᠣᠪᠠᠯ ᠴᠣᠭᠪᠠᠭᠠᠲᠤᠷ ᠱᠠᠯᠠ ᠳᠤᠮᠳᠠ ᠴᠢᠷᠠᠢ ᠨᠢᠭᠤᠷ ᠨᠢ ᠴᠢᠰᠤ ᠨᠥᠵᠢᠨ ᠳ᠋ᠦ᠍ ᠪᠢᠯᠳᠠᠭᠳᠠᠵᠤ᠂ ᠦᠰᠦ ᠭᠡᠵᠢᠭᠡ ᠨᠢ ᠥᠷᠪᠥᠢᠨ ᠦᠨᠡᠰᠦ ᠰᠢᠷᠣᠢ ᠪᠣᠯᠵᠤ ᠭᠤᠯᠳᠤᠢᠨᠠ᠃
ᠨᠠᠢᠮᠠᠨᠵᠢᠩ ᠴᠣᠭᠪᠠᠭᠠᠲᠤᠷ ᠤ᠋ᠨ ᠲᠣᠯᠣᠭᠠᠢ ᠤᠷᠤᠭᠤ ᠢᠰᠬᠦᠯᠵᠦ᠄
一 ᠴᠣᠭᠪᠠᠭᠠᠲᠤᠷ ᠴᠢ ᠶᠣᠰᠣᠲᠠᠢ ᠦᠬᠦᠬᠦ ᠶ᠋ᠢᠨ ᠮᠠᠭᠤ ᠪᠠᠷ ᠦᠬᠦᠵᠡᠢ! ᠭᠡᠰᠡᠨ ᠳ᠋ᠦ᠍ ᠲᠣᠭᠲᠠᠭᠤᠨᠪᠢᠯᠢᠭ᠌᠄
一 ᠴᠢᠮ᠎ᠠ ᠳ᠋ᠤ᠌ ᠪᠠᠰᠠ ᠢᠩᠭᠢᠳᠡᠭ ᠡᠳᠦᠷ ᠪᠠᠢᠵᠢ ᠳᠠ! ᠣᠳᠣ ᠪᠢᠳᠡ ᠠᠩᠴᠢᠨᠵᠠᠪ ᠤ᠋ᠨ ᠴᠢᠬᠢᠨ ᠳ᠋ᠦ᠍ ᠶᠠᠮᠠᠷ ᠰᠢᠤᠬᠠᠨ ᠶᠠᠭᠤᠮ᠎ᠠ ᠠᠪᠠᠴᠢᠵᠤ ᠰᠣᠨᠣᠰᠬᠠᠨ᠎ᠠ ᠭᠡᠵᠦ ᠰᠠᠨᠠᠨ᠎ᠠ᠁ ᠴᠢᠭᠢᠶᠡᠲᠦᠷᠦᠦ!
一 ᠬᠡᠩ᠂ ᠴᠠᠭᠠᠳᠤ ᠰᠠᠢᠨ ᠡᠷ᠎ᠡ ᠴᠢᠨᠢ ᠰᠢᠲᠦᠭᠡᠨ ᠠᠭᠤᠯᠠ ᠶ᠋ᠢᠨ ᠡᠩᠭᠡᠷ ᠲᠦ᠍ ᠰᠠᠢᠨ ᠴᠢᠮᠡᠭᠡ ᠰᠣᠨᠣᠰᠬᠤ ᠭᠡᠵᠦ ᠬᠡᠳᠦᠨ ᠡᠳᠦᠷ ᠬᠦᠯᠢᠶᠡᠵᠦ ᠶᠠᠳᠠᠵᠤ ᠪᠠᠢᠭ᠎ᠠ ᠪᠠᠢᠬ᠎ᠠ! ᠵᠠ᠂ ᠶᠠᠪᠤᠵᠠᠭᠠᠶ᠎ᠠ! ᠭᠡᠳ ᠨᠠᠢᠮᠠᠨᠵᠢᠩ ᠲᠣᠭᠲᠠᠭᠤᠨᠪᠢᠯᠢᠭ᠌ ᠢ᠋ ᠡᠷᠡᠦ ᠪᠡᠷ ᠢ᠋ᠶ᠋ᠡᠨ ᠭᠠᠳᠠᠭᠰᠢ ᠳᠣᠬᠢᠵᠤ ᠬᠣᠶᠠᠭᠤᠯᠠ ᠰᠠᠨᠠᠭᠰᠠᠨ ᠳ᠋ᠠᠭᠠᠨ ᠬᠦᠷᠦᠭᠰᠡᠨ ᠳ᠋ᠡᠭᠡᠨ ᠬᠠᠨᠤᠮᠵᠢᠲᠠᠢᠬᠠᠨ ᠢᠨᠢᠶᠡᠵᠢ ᠪᠢᠯᠡ!
ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ
