ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠳᠣᠯᠣᠭ᠎ᠠ> Хан мунын сүүрс < доорд > – Мөнх зохиоов ᠂Дөдгөөр бодь – Хоёрдугаар бүлэг <7> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠳᠣᠯᠣᠭ᠎ᠠ> Хан мунын сүүрс < доорд > – Мөнх зохиоов ᠂Дөдгөөр бодь – Хоёрдугаар бүлэг <7>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠳᠣᠯᠣᠭ᠎ᠠ> Хан мунын сүүрс < доорд > – Мөнх зохиоов ᠂Дөдгөөр бодь – Хоёрдугаар бүлэг <7>

ᠠᠩᠭᠢᠯᠠᠯ:ᠲᠤᠭᠤᠵᠢ ᠷᠣᠮᠠᠨ
2025-05-09

217

ᠲᠦᠲᠦᠭᠡᠷ ᠪᠣᠲᠢ – ᠬᠣᠶᠠᠳᠤᠭᠠᠷ ᠪᠦᠯᠦᠭ <ᠳᠣᠯᠣᠭ᠎ᠠ>

 
            ᠳᠣᠯᠣᠭ᠎ᠠ    

       ᠪᠣᠯᠵᠣᠭᠠᠨ ᠠ᠋ᠴᠠ ᠪᠠᠨ ᠪᠠᠰᠠ ᠳᠣᠯᠣᠭ᠎ᠠ ᠬᠣᠨᠣᠭ ᠬᠡᠲᠦᠷᠡᠭᠦᠯᠵᠦ ᠠᠷᠪᠠᠨ ᠳᠥᠷᠪᠡᠳᠦᠭᠡᠷ ᠡᠳᠦᠷ ᠦ᠋ᠨ ᠣᠷᠣᠢ ᠬᠦᠯᠢᠶᠡᠵᠦ ᠶᠠᠳᠠᠭᠰᠠᠨ ᠠᠩᠴᠢᠨᠵᠠᠪ ᠵᠠᠩᠴᠢᠬᠦᠦ ᠶ᠋ᠢᠨ ᠳᠠᠪᠠᠭᠠᠨ ᠳᠡᠭᠡᠷ᠎ᠡ ᠲᠡᠮᠦᠷᠰᠥ᠋ᠬᠡ ᠶ᠋ᠢᠨ ᠭᠠᠨᠵᠤᠭᠠᠯᠠᠵᠤ ᠢᠷᠡᠭᠰᠡᠨ《ᠪᠠᠭ᠎ᠠ ᠬᠠᠲᠤᠨ ᠬᠣᠣᠷᠯᠠᠭᠳᠠᠪᠠ》 ᠭᠡᠰᠡᠨ ᠭᠠᠰᠢᠭᠤᠨ ᠴᠢᠮᠡᠭᠡ ᠶ᠋ᠢ ᠳᠤᠰᠴᠤ ᠰᠦᠷᠡᠬᠡᠢ ᠡᠮᠬᠢᠨᠡᠪᠡ᠁  
       ᠠᠩᠴᠢᠨᠵᠠᠪ ᠡᠩᠭᠡᠷ ᠦ᠋ᠨ ᠲᠣᠪᠴᠢ ᠪᠠᠨ ᠠᠯᠳᠠᠷᠠᠭᠠᠵᠤ ᠪᠦᠰᠡ ᠪᠡᠨ ᠲᠠᠢᠯᠤᠭᠠᠳ ᠵᠢᠯᠢᠢᠭᠴᠢ ᠰᠡᠷᠭᠦᠮ᠎ᠡ ᠳ᠋ᠦ᠍ ᠭᠠᠰᠢᠭᠤᠳᠠᠵᠤ᠂ ᠰᠠᠯᠠᠭ᠎ᠠ ᠵᠠᠮ ᠤ᠋ᠨ ᠠᠭᠤᠯᠵᠠᠷ ᠳᠡᠭᠡᠷ᠎ᠡ ᠨᠤᠲᠤᠭ ᠤ᠋ᠨ ᠵᠦᠭ ᠬᠠᠷᠠᠵᠤ ᠤᠳᠠᠲᠠᠯ᠎ᠠ ᠮᠡᠯᠡᠷᠡᠨ ᠵᠣᠭᠰᠣᠪᠠ᠃  
       ᠁ ᠣᠳᠣᠳ ᠠᠨᠢᠪᠠᠯᠵᠠᠨ ᠵᠢᠷᠢᠯᠵᠡᠵᠦ᠂ ᠠᠯᠢ ᠭᠡᠷᠡᠯ ᠲᠡᠢ ᠨᠢᠭᠡ ᠣᠳᠣ ᠨᠢ ᠰᠣᠯᠢᠷ ᠪᠣᠯᠤᠨ ᠤᠨᠠᠭᠰᠠᠨ ᠨᠢ ᠠᠮᠠᠷᠠᠭ ᠰᠡᠷᠭᠦᠮ᠎ᠡ ᠶ᠋ᠢᠨ ᠠᠮᠢᠨ ᠣᠳᠣ ᠨᠢ ᠤᠨᠠᠵᠤ ᠬᠠᠯᠢᠭᠰᠠᠨ ᠰᠢᠭ᠋ ᠲᠡᠭᠦᠨ ᠳ᠋ᠦ᠍ ᠰᠠᠨᠠᠭᠳᠠᠵᠠᠢ᠃ ᠲᠡᠷᠡ ᠣᠳᠣᠳ ᠤ᠋ᠨ ᠳᠣᠲᠣᠷ᠎ᠠ ᠠ᠋ᠴᠠ ᠮᠥᠩᠭᠥ ᠱ᠌ᠢᠷᠦᠨ ᠤᠨᠵᠢᠯᠭ᠎ᠠ ᠲᠠᠢ ᠲᠣᠯᠣᠭᠠᠢ ᠶ᠋ᠢᠨ ᠵᠢᠮᠰᠡᠭ ᠦ᠋ᠨ ᠵᠠᠰᠠᠯ ᠲᠠᠢ ᠰᠡᠷᠭᠦᠮ᠎ᠡ ᠰᠤᠭᠤᠷᠠᠵᠤ ᠢᠰᠪᠡᠯᠵᠡᠨ ᠢᠨᠢᠶᠡᠭᠡᠳ ᠢᠷᠡᠬᠦ ᠰᠢᠭ᠁ ᠥᠪᠴᠢ ᠴᠡᠷᠢᠭ ᠬᠤᠪᠴᠠᠰᠤ ᠲᠠᠢ ᠰᠧᠯᠢᠩ ᠬᠠᠲᠤᠨ ᠬᠤᠪᠢᠯᠤᠨ ᠲᠡᠭᠦᠨ ᠢ᠋ ᠲᠣᠰᠤᠭᠠᠳ ᠠᠢᠰᠤᠢ᠁ ᠲᠡᠭᠦᠨ ᠦ᠌ ᠬᠦᠵᠦᠭᠦᠦ ᠶ᠋ᠢ ᠲᠡᠪᠡᠷᠢᠭᠡᠳ ᠰᠠᠬᠠᠯᠲᠠᠢ ᠤᠷᠤᠭᠤᠯ ᠢ᠋ ᠨᠢ ᠬᠠᠵᠠᠨ ᠬᠠᠵᠠᠨ ᠦᠨᠦᠰᠬᠦ ᠰᠢᠭ᠁ ᠠᠩᠴᠢᠨᠵᠠᠪ ᠬᠡᠴᠢᠨᠡᠭᠡᠨ ᠤᠳᠠᠭᠠᠨ ᠪᠣᠳᠣᠯᠭ᠎ᠠ ᠪᠣᠯᠵᠤ ᠵᠣᠪᠠᠭᠤᠷᠢᠯᠠᠨ ᠬᠡᠪᠲᠡᠭᠰᠡᠨ ᠢ᠋ ᠪᠤᠤ ᠮᠡᠳᠡ᠂ ᠨᠢᠭᠡ ᠮᠡᠳᠡᠬᠦ ᠳ᠋ᠦ᠍ ᠪᠡᠶ᠎ᠡ ᠨᠢ ᠳᠠᠭᠠᠷᠠᠳᠠᠰᠤ ᠭᠦᠷᠦᠨ ᠵᠢᠭᠡᠭᠦᠰᠪᠡ᠃ 
       ᠦᠦᠷ ᠬᠠᠶᠠᠭᠠᠷᠠᠵᠤ ᠪᠠᠢᠯ᠎ᠠ᠃  
       ᠲᠡᠷᠲᠡᠭᠡ ᠴᠢᠳᠥᠷ ᠲᠡᠢ ᠮᠣᠷᠢᠳ ᠡᠪᠡᠰᠦ ᠬᠠᠵᠠᠯᠠᠬᠤ ᠴᠢᠮᠡᠭᠡ ᠭᠠᠷᠤᠨ᠎ᠠ᠃ ᠲᠣᠬᠣᠮ ᠢ᠋ᠶ᠋ᠠᠨ ᠳᠡᠪᠢᠰᠴᠦ ᠡᠮᠡᠭᠡᠯ ᠢ᠋ᠶ᠋ᠡᠨ ᠳᠡᠷᠡᠯᠡᠨ ᠪᠦᠬᠦᠯᠢ ᠪᠡᠷ ᠢ᠋ᠶ᠋ᠡᠨ ᠨᠤᠭᠳᠤᠢᠨ ᠬᠡᠪᠲᠡᠭᠰᠡᠨ ᠲᠡᠮᠦᠷᠰᠥ᠋ᠬᠡ ᠶ᠋ᠢ ᠬᠠᠷᠠᠭᠠᠳ ᠠᠩᠴᠢᠨᠵᠠᠪ ᠦᠷᠦ ᠡᠪᠡᠳᠴᠦ᠄ 
       一 ᠬᠥᠭᠡᠷᠦᠬᠦᠢ ᠳᠡ᠂ ᠨᠠᠮᠠᠶ᠋ᠢ ᠳᠠᠭᠠᠵᠤ ᠦᠢᠯᠡ ᠲᠠᠮᠤ ᠪᠠᠨ ᠦᠵᠡᠯ᠎ᠡ ᠭᠡᠳ ᠳᠡᠭᠡᠷ᠎ᠡ ᠨᠢ ᠬᠤᠴᠢᠯᠭ᠎ᠠ ᠶ᠋ᠢ ᠨᠢ ᠳᠠᠪᠬᠤᠷᠯᠠᠨ ᠨᠥᠮᠥᠷᠢᠭᠦᠯᠪᠡ᠃  
       ᠨᠠᠷᠠ ᠰᠤᠪᠤᠷᠠᠬᠤ ᠳ᠋ᠤ᠌ ᠬᠥᠲᠥᠯᠦᠭᠡ ᠮᠣᠷᠢ ᠲᠠᠢ ᠬᠣᠶᠠᠷ ᠬᠥᠮᠦᠨ ᠳᠣᠪᠲᠣᠯᠭᠠᠵᠤ ᠶᠠᠪᠤᠨ᠎ᠠ᠃  
       ᠠᠩᠴᠢᠨᠵᠠᠪ᠂ ᠰᠡᠷᠭᠦᠮ᠎ᠡ ᠲᠡᠢ ᠪᠡᠨ ᠠᠭᠤᠯᠵᠠᠭᠰᠠᠨ ᠪᠣᠯ ᠠᠷᠤ ᠲᠠᠢᠰᠢ ᠪᠠᠨ ᠭᠤᠨᠠᠨ ᠪᠠᠨᠲᠠᠢ ᠲᠠᠢ ᠠᠭᠤᠯᠵᠠᠬᠤ ᠪᠠᠷ ᠬᠣᠯᠠ ᠶᠠᠪᠤᠮᠠᠷ ᠵᠢᠱ᠌ᠢᠵᠦ ᠪᠠᠢᠯ᠎ᠠ᠃ ᠲᠡᠭᠡᠬᠦ ᠳ᠋ᠦ᠍ ᠰᠠᠨᠠᠭᠠᠨ ᠳ᠋ᠤ᠌ ᠦᠭᠡᠢ ᠶᠠᠪᠤᠳᠠᠯ ᠪᠣᠯᠵᠤ ᠲᠡᠭᠦᠨ ᠦ᠌ ᠬᠣᠢᠰᠢᠯᠠᠬᠤ ᠵᠣᠷᠢᠯᠭ᠎ᠠ ᠶ᠋ᠢ ᠪᠤᠴᠠᠭᠠᠵᠤ ᠤᠷᠠᠳ ᠨᠤᠲᠤᠭ ᠲᠠᠭᠠᠨ ᠦᠳᠲᠡᠷ ᠬᠦᠷᠬᠦ ᠭᠡᠵᠦ ᠶᠠᠭᠠᠷᠠᠪᠴᠢᠯᠠᠨ ᠶᠠᠪᠤᠭ᠎ᠠ ᠨᠢ ᠡᠨᠡ ᠠᠵᠤᠭᠤ᠃  
       ᠠᠩᠴᠢᠨᠵᠠᠪ ᠲᠡᠮᠦᠷᠰᠥ᠋ᠬᠡ ᠬᠣᠶᠠᠷ ᠠᠷᠤ ᠵᠠᠮ ᠢ᠋ ᠪᠠᠷᠢᠵᠤ ᠶᠠᠪᠤᠪᠠ᠃ ᠴᠠᠬᠠᠷ ᠬᠣᠰᠢᠭᠤ᠂ ᠳᠥᠷᠪᠡᠳ᠂ ᠮᠢᠩᠭᠠᠨ ᠤ᠋ ᠲᠠᠯ᠎ᠠ ᠶ᠋ᠢ ᠲᠤᠭᠤᠯᠤᠨ ᠰᠢᠲᠦᠭᠡᠨ ᠠᠭᠤᠯᠠ ᠶ᠋ᠢᠨ ᠡᠩᠭᠡᠷ ᠲᠡᠬᠢ ᠨᠢᠭᠡ ᠮᠣᠩᠭᠣᠯ ᠠᠢᠯ ᠳ᠋ᠤ᠌ ᠪᠠᠭᠤᠵᠤ ᠲᠡᠨᠳᠡ ᠨᠢᠭᠡ ᠡᠳᠦᠷ ᠠᠮᠠᠷᠠᠨ ᠮᠣᠷᠢᠳ ᠤ᠋ᠨ ᠢ᠋ᠶ᠋ᠠᠨ ᠨᠢᠷᠤᠭᠤ ᠶ᠋ᠢ ᠰᠡᠯᠭᠦᠭᠡᠵᠡᠢ᠃  
       ᠮᠠᠷᠭᠠᠲᠤᠷ ᠨᠢ ᠲᠡᠨᠳᠡ ᠡᠴᠡ ᠬᠣᠶᠠᠭᠤᠯᠠ ᠰᠠᠯᠵᠤ ᠲᠡᠮᠦᠷᠰᠥ᠋ᠬᠡ ᠡᠮᠦᠨᠡᠰᠢᠯᠡᠵᠦ ᠵᠠᠩᠴᠣᠪ ᠲᠤ᠌ ᠬᠡᠯᠡ ᠬᠦᠷᠭᠡᠨ ᠳᠠᠷᠠᠭ᠎ᠠ ᠥᠷᠯᠥᠭᠡ ᠡᠷᠲᠡ ᠪᠡᠷ ᠤᠯᠠᠭᠠᠨ ᠡᠷᠭᠢ ᠶ᠋ᠢᠨ ᠣᠭᠣᠷᠴᠣᠭ ᠤ᠋ᠨ ᠣᠪᠣᠭᠠᠨ ᠳᠡᠭᠡᠷ᠎ᠡ ᠠᠭᠤᠯᠵᠠᠬᠤ ᠪᠠᠷ ᠪᠣᠯᠪᠠ᠃  
       ᠠᠩᠴᠢᠨᠵᠠᠪ ᠰᠢᠲᠦᠭᠡᠨ ᠠᠭᠤᠯᠠ ᠶ᠋ᠢᠨ ᠪᠠᠯ ᠳᠠᠭᠠᠵᠤ ᠰᠢᠭᠤᠳ ᠪᠠᠷᠠᠭᠤᠨᠰᠢᠯᠠᠨ ᠳᠤᠭᠠᠷᠵᠠᠪ᠂ ᠨᠠᠢᠮᠠᠨᠵᠢᠩ ᠨᠠᠷ ᠤ᠋ᠨ ᠭᠡᠷ ᠢ᠋ᠶ᠋ᠡᠷ ᠳᠠᠭᠠᠷᠢᠵᠤ ᠲᠡᠳᠡᠨᠦᠰ ᠲᠡᠢ ᠬᠣᠯᠪᠣᠭ᠎ᠠ ᠪᠠᠷᠢᠬᠤ ᠪᠠᠷ ᠲᠦᠷᠭᠡᠯᠡᠪᠡ᠃ ᠬᠡᠨ ᠲᠡᠢ ᠴᠦ᠍ ᠠᠭᠤᠯᠵᠠᠵᠤ ᠬᠡᠯᠡ ᠬᠣᠯᠪᠣᠭ᠎ᠠ ᠠᠪᠴᠤ ᠴᠢᠳᠠᠭᠰᠠᠨ ᠦᠭᠡᠢ᠂ ᠵᠥᠪᠬᠡᠨ《ᠪᠣᠯᠤᠮᠵᠢ ᠪᠠᠢᠪᠠᠯ ᠮᠠᠷᠭᠠᠲᠤᠷ ᠡᠷᠲᠡ ᠣᠭᠣᠷᠴᠣᠭ ᠤ᠋ᠨ ᠣᠪᠣᠭᠠᠨ ᠳᠡᠭᠡᠷ᠎ᠡ ᠠᠭᠤᠯᠵᠠᠶ᠎ᠠ》 ᠭᠡᠵᠦ ᠭᠡᠷ ᠦ᠋ᠨ ᠬᠥᠮᠦᠰ ᠲᠦ᠋ᠨᠢ ᠬᠡᠯᠡ ᠦᠯᠡᠳᠡᠭᠡᠪᠡ᠃ 
       ᠠᠩᠴᠢᠨᠵᠠᠪ᠂ ᠵᠠᠩᠴᠣᠪ ᠪᠣᠯᠵᠣᠭᠰᠠᠨ ᠴᠠᠭ ᠲᠠᠭᠠᠨ ᠤᠯᠠᠭᠠᠨ ᠡᠷᠭᠢ ᠶ᠋ᠢᠨ ᠣᠭᠣᠷᠴᠣᠭ ᠤ᠋ᠨ ᠣᠪᠣᠭᠠᠨ ᠳᠡᠭᠡᠷ᠎ᠡ ᠠᠭᠤᠯᠵᠠᠪᠠ᠃  
       ᠨᠠᠷᠠ ᠦᠨᠦᠷᠲᠦᠭᠰᠡᠨ ᠨᠠᠮᠤᠷ ᠤ᠋ᠨ ᠴᠡᠯᠮᠡᠭ ᠰᠠᠢᠬᠠᠨ ᠡᠳᠦᠷ ᠪᠠᠢᠯ᠎ᠠ᠃ ᠬᠠᠶᠠ ᠬᠠᠶᠠ ᠬᠠᠴᠠᠷ ᠦᠨᠦᠰᠦᠨ ᠢᠯᠪᠢᠬᠦ ᠬᠣᠩᠭᠣᠷ ᠰᠠᠯᠬᠢᠨ ᠡᠪᠡᠰᠦᠨ ᠦ᠌ ᠲᠣᠯᠣᠭᠠᠢ᠂ ᠮᠠᠯ ᠤ᠋ᠨ ᠥᠩᠭᠡᠨ ᠳ᠋ᠦ᠍ ᠲᠣᠰᠣ ᠴᠠᠷᠳᠠᠬᠤ ᠰᠢᠭ᠋ ᠨᠣᠵᠣᠭᠣᠷᠠᠬᠤ ᠨᠢ ᠰᠡᠳᠬᠢᠯ ᠳ᠋ᠦ᠍ ᠨᠢᠭᠡ ᠥᠶᠥᠭ᠃ ᠲᠣᠰᠣᠨ ᠲᠠᠷᠭᠤ ᠶ᠋ᠢᠨ ᠰᠣᠢᠯᠭ᠎ᠠ ᠠᠪᠤᠭᠰᠠᠨ ᠬᠣᠨᠢᠳ ᠪᠡᠯᠴᠢᠭᠡᠷ ᠰᠠᠯᠬᠢᠳᠠᠵᠤ ᠴᠠᠢᠷᠠᠬᠤ ᠨᠢ ᠰᠤᠪᠤᠳ ᠰᠠᠴᠤᠭᠰᠠᠨ ᠮᠡᠲᠦ᠃ ᠭᠡᠨᠡᠳᠲᠡ ᠮᠣᠷᠢᠳ ᠤ᠋ᠨ ᠲᠤᠷᠭᠢᠬᠤ ᠴᠢᠮᠡᠭᠡ ᠪᠡᠷ ᠬᠣᠨᠢᠳ ᠦᠷᠭᠦᠵᠦ ᠬᠠᠪᠬᠠᠭᠠᠰᠤ ᠪᠦᠳᠦᠭᠦᠨ ᠰᠡᠭᠦᠯ ᠢ᠋ᠶ᠋ᠡᠷ ᠢ᠋ᠶ᠋ᠡᠨ ᠪᠥᠭᠰᠡ ᠠᠯᠠᠭᠠᠳᠠᠵᠤ ᠭᠦᠶᠦᠯᠳᠦᠨ᠎ᠡ᠃ ᠡᠨᠳᠡ ᠲᠡᠨᠳᠡ ᠨᠢᠭᠡ ᠴᠢᠳᠥᠷ ᠲᠡᠢ ᠮᠣᠷᠢ ᠴᠠᠳᠬᠤᠯᠳᠠᠵᠤ ᠤᠩᠭᠤᠰᠤ ᠠᠯᠳᠠᠴᠢᠬᠠᠭᠠᠳ《ᠶᠠᠭᠤ ᠪᠣᠯᠴᠢᠬᠠᠪᠠ?》 ᠭᠡᠰᠡᠨ ᠰᠢᠦᠬᠡᠨ ᠪᠡᠶ᠎ᠡ ᠡᠴᠡ ᠪᠡᠨ ᠨᠠᠳᠬᠤᠵᠤ ᠦᠷᠭᠦᠬᠦ ᠶ᠋ᠢ ᠬᠠᠷᠠᠪᠠᠯ ᠢᠨᠢᠶᠡᠳᠦ ᠬᠦᠷᠦᠮ᠎ᠡ ᠠᠵᠢ᠃ ᠤᠷᠠᠳ ᠤ᠋ᠨ ᠲᠠᠯ᠎ᠠ ᠨᠠᠯᠠᠭᠠᠷᠬᠠᠨ ᠨᠠᠮᠤᠷᠵᠢᠵᠤ ᠪᠠᠢᠯ᠎ᠠ᠃ 
       ᠤᠷᠠᠳ ᠨᠤᠲᠤᠭ ᠤ᠋ᠨ ᠢ᠋ᠶ᠋ᠠᠨ ᠡᠢᠮᠦ ᠰᠠᠢᠬᠠᠨ ᠪᠡᠯᠴᠢᠭᠡᠷ ᠡᠪᠡᠰᠦ᠂ ᠥᠩᠭᠡ ᠦᠵᠡᠮᠵᠢ ᠶ᠋ᠢ ᠬᠠᠷᠠᠭᠠᠳ ᠠᠩᠴᠢᠨᠵᠠᠪ ᠰᠡᠳᠬᠢᠯ ᠪᠠᠬᠠᠳᠤᠭᠰᠠᠨ ᠦᠭᠡᠢ᠂ ᠬᠠᠷᠢᠨ ᠤᠯᠠᠭᠠᠨ ᠡᠷᠭᠢ ᠶ᠋ᠢᠨ ᠡᠮᠦᠨ᠎ᠡ ᠵᠠᠬ᠎ᠠ ᠠ᠋ᠴᠠ ᠬᠠᠷ᠎ᠠ ᠴᠡᠷᠢᠭ ᠦ᠋ᠳ ᠠᠨᠵᠢᠰᠤᠨ ᠤ᠋ ᠬᠣᠰᠢᠭᠤ ᠪᠠᠷ ᠰᠠᠨᠳᠠᠯᠠᠵᠤ ᠭᠠᠵᠠᠷ ᠨᠤᠲᠤᠭ ᠶᠡᠬᠡ ᠪᠡᠷ ᠡᠪᠳᠡᠭᠰᠡᠨ ᠢ᠋ ᠦᠵᠡᠭᠡᠳ ᠠᠭᠤᠷ ᠨᠢ ᠬᠦᠷᠴᠦ ᠠᠮᠢᠰᠬᠤᠭ᠎ᠠ ᠨᠢ ᠳᠠᠪᠬᠤᠴᠠᠨ᠎ᠠ᠃  
       一 ᠵᠠᠩᠴᠣᠪ ᠠᠬ᠎ᠠ ᠲᠠ ᠰᠡᠷᠭᠦᠮ᠎ᠡ ᠶ᠋ᠢᠨ ᠬᠣᠣᠷᠯᠠᠭᠳᠠᠭᠰᠠᠨ ᠢ᠋ ᠳᠤᠭᠤᠯᠪᠠ ᠊ᠤᠤ? 
       一 ᠲᠤᠭᠤᠯᠤᠭᠰᠠᠨ ᠠ᠋᠃  
       一 ᠴᠣᠭᠪᠠᠭᠠᠲᠤᠷ᠂ ᠡᠯᠳᠡᠩᠭᠡ ᠨᠠᠷ ᠶᠠᠮᠠᠷ ᠬᠠᠷ᠎ᠠ ᠬᠣᠷᠣᠲᠠᠢ ᠤᠯᠤᠰ ᠪᠣᠢ⁈ ᠳᠣᠲᠣᠷ᠎ᠠ ᠪᠠᠨ ᠠᠪᠤᠯᠴᠠᠬᠤ ᠠ᠋ᠴᠠ ᠪᠢᠰᠢ ᠭᠠᠳᠠᠨ᠎ᠠ ᠠ᠋ᠴᠠ ᠥᠩᠭᠡᠯᠵᠡᠭᠰᠡᠨ ᠢ᠋ ᠲᠤᠯᠵᠤ ᠡᠰᠡᠷᠭᠦᠴᠡᠳᠡᠭ ᠦᠭᠡᠢ ᠮᠥᠨ ᠰᠣᠨᠢᠨ ᠤᠯᠤᠰ ᠠ᠋! 
       一 ᠡᠷᠬᠡ ᠠᠰᠢᠭ ᠬᠣᠶᠠᠷ ᠯᠠ ᠲᠣᠯᠣᠭᠠᠢ ᠶ᠋ᠢ ᠨᠢ ᠡᠷᠭᠢᠯᠳᠦᠭᠦᠯᠵᠦ ᠪᠠᠢᠨ᠎ᠠ᠃ ᠴᠣᠭᠪᠠᠭᠠᠲᠤᠷ ᠪᠦᠲᠦᠯ ᠦᠭᠡᠢ ᠲᠣᠯᠣᠭᠠᠢ! ᠲᠡᠭᠦᠨ ᠢ᠋᠁ ᠭᠡᠵᠦ ᠬᠡᠯᠡᠲᠡᠯ᠎ᠡ ᠠᠩᠴᠢᠨᠵᠠᠪ ᠲᠣᠰᠴᠤ᠄  
       一 ᠠᠬ᠎ᠠ ᠳᠡᠭᠦᠦ ᠨᠠᠷ ᠬᠣᠷᠰᠢᠵᠤ ᠴᠣᠭᠪᠠᠭᠠᠲᠤᠷ ᠢ᠋ ᠠᠮᠢᠳᠤ ᠪᠠᠷ ᠨᠢ ᠪᠠᠷᠢᠵᠤ ᠠᠪᠤᠭᠠᠳ ᠤᠴᠢᠷ ᠢ᠋ᠶ᠋ᠠᠨ ᠣᠯᠤᠯᠴᠠᠶ᠎ᠠ᠃ ᠤᠷᠢᠳ ᠢ᠋ᠶ᠋ᠠᠷ ᠲᠡᠭᠦᠨ ᠦ᠌ ᠡᠷᠬᠡ ᠬᠦᠴᠦ ᠶ᠋ᠢ ᠠᠰᠢᠭᠯᠠᠵᠤ ᠬᠠᠮᠤᠭ ᠬᠣᠣᠷ ᠤ᠋ᠨ ᠦᠨᠳᠦᠰᠦ ᠬᠠᠷ᠎ᠠ ᠴᠡᠷᠢᠭ ᠦ᠋ᠨ ᠲᠦᠷᠦᠭᠦᠦ ᠸᠠᠩ ᠰᠣᠬᠣᠷ ᠢ᠋ ᠨᠢᠭᠡ ᠤᠬᠠᠭᠠᠨ ᠬᠢᠶ᠎ᠡ ᠭᠡᠰᠡᠨ ᠳ᠋ᠦ᠍ ᠵᠠᠩᠴᠣᠪ ᠲᠡᠭᠦᠨ ᠦ᠌ ᠰᠠᠨᠠᠯ ᠢ᠋ ᠳᠠᠭᠠᠪᠠ᠃  
       ᠤᠯᠠᠭᠠᠨ ᠡᠷᠭᠢ ᠶ᠋ᠢᠨ ᠵᠡᠭᠦᠨ ᠰᠤᠭᠤ ᠪᠠᠷ ᠮᠡᠯᠮᠡᠯᠵᠡᠨ ᠤᠷᠤᠰᠤᠭᠰᠠᠨ ᠰᠣᠯᠢ ᠶ᠋ᠢᠨ ᠭᠣᠣᠯ ᠤ᠋ᠨ ᠵᠦᠯᠭᠡᠲᠦ ᠳᠡᠨᠵᠢᠨ ᠳᠡᠭᠡᠷ᠎ᠡ ᠬᠣᠶᠠᠷ ᠡᠷ᠎ᠡ ᠵᠠᠪᠢᠯᠠᠵᠤ ᠰᠠᠭᠤᠨ ᠳᠦᠩᠭᠢᠨᠡᠲᠡᠯ᠎ᠡ ᠶᠠᠷᠢᠯᠴᠠᠨ᠎ᠠ᠃ ᠲᠡᠳᠡ ᠬᠣᠶᠠᠷ ᠠ᠋ᠴᠠ ᠤᠷᠭ᠎ᠠ ᠰᠢᠭᠦᠷᠡᠮ᠎ᠡ ᠵᠠᠢᠰᠬᠠᠨ ᠰᠣᠯᠢ ᠶ᠋ᠢᠨ ᠭᠣᠣᠯ ᠤ᠋ᠨ ᠲᠤᠩᠭᠠᠯᠠᠭ ᠤᠰᠤᠨ ᠳ᠋ᠤ᠌ ᠪᠡᠶ᠎ᠡ ᠶ᠋ᠢ ᠨᠢ ᠲᠣᠯᠢᠳᠠᠨ ᠲᠣᠩᠭᠣᠷᠠᠵᠤ ᠬᠠᠷᠠᠭᠳᠠᠭᠰᠠᠨ ᠥᠨᠳᠥᠷ ᠴᠡᠭᠡᠵᠢ᠂ ᠤᠷᠲᠤ ᠵᠣ ᠲᠠᠢ ᠬᠡᠭᠡᠷ ᠮᠣᠷᠢ ᠮᠤᠨᠳᠠᠭ᠎ᠠ ᠪᠠᠨ ᠴᠡᠴᠡᠷᠡᠭᠦᠯᠵᠦ ᠬᠠᠶᠠ ᠴᠢᠬᠢ ᠬᠠᠢᠴᠢᠯᠠᠨ ᠠᠯᠤᠰ ᠢ᠋ ᠪᠠᠷᠠᠯᠠᠬᠤ ᠨᠢ ᠬᠣᠯᠠ ᠭᠦᠶᠦᠭᠴᠢ ᠬᠠᠲᠠᠭᠤ ᠰᠢᠨᠳᠠᠰᠤ ᠲᠠᠢ ᠭᠡᠳᠡᠭ ᠢ᠋ᠶ᠋ᠡᠨ ᠬᠥᠮᠦᠨ ᠠᠮᠢᠲᠠᠨ ᠳ᠋ᠤ᠌ ᠶᠠᠭᠠᠬᠢᠬᠤ ᠠᠷᠭ᠎ᠠ ᠦᠭᠡᠢ ᠲᠠᠨᠢᠭᠤᠯᠤᠨ᠎ᠠ᠃   
       ᠡᠨᠡ ᠬᠡᠭᠡᠷ ᠢ᠋ ᠰᠥᠨᠢ ᠴᠢᠳᠥᠷᠯᠡᠭᠡᠳ ᠲᠠᠯᠪᠢᠪᠠᠯ ᠥᠷᠯᠥᠭᠡ ᠠᠯᠠᠭ᠎ᠠ ᠪᠣᠯᠴᠢᠬᠠᠳᠠᠭ ᠵᠢᠭᠲᠡᠢ ᠠᠮᠢᠲᠠᠨ! ᠭᠡᠵᠦ ᠵᠠᠩᠴᠣᠪ ᠬᠡᠯᠡᠬᠦ ᠳ᠋ᠦ᠍ ᠠᠩᠴᠢᠨᠵᠠᠪ᠄  
       一 ᠬᠣᠯᠠ ᠤᠳᠤᠮ ᠲᠠᠢ ᠬᠦᠯᠦᠭ ᠶᠦᠮ ᠠ᠋᠂ ᠨᠤᠲᠤᠭ ᠥᠭᠡᠷᠡᠯᠬᠡᠵᠦ ᠰᠠᠯᠬᠢᠳᠠᠵᠤ ᠪᠠᠢᠯᠭᠦᠢ ᠳᠡ! ᠠᠷᠭ᠎ᠠ ᠴᠤ᠌ ᠦᠭᠡᠢ᠂ ᠮᠣᠷᠢ ᠭᠡᠳᠡᠭ ᠠᠮᠢᠲᠠᠨ ᠬᠥᠮᠦᠨ ᠳᠣᠲᠣᠷ᠎ᠠ ᠲᠠᠢ ᠠᠳᠤᠭᠤᠰᠤ ᠶᠤᠮ᠃  
       一 ᠬᠠᠷᠢᠨ ᠭᠡᠮ᠂ ᠨᠠᠮᠤᠷ ᠠᠨᠢᠷᠲᠤᠭᠰᠠᠭᠠᠷ ᠨᠤᠲᠤᠭ ᠥᠭᠡᠷᠡᠯᠬᠡᠭᠡᠳ ᠬᠣᠢᠰᠢ ᠶᠠᠪᠤᠬᠤ ᠭᠡᠳ ᠪᠠᠢᠬᠤ ᠶᠤᠮ ᠭᠡᠬᠦ ᠳ᠋ᠦ᠍ ᠬᠡᠭᠡᠷ ᠮᠣᠷᠢ ᠴᠤ᠌ ᠡᠵᠡᠨ ᠦ᠌ ᠪᠡᠨ ᠬᠡᠯᠡᠭᠰᠡᠨ ᠢ᠋ ᠣᠢᠯᠠᠭᠠᠭᠰᠠᠨ ᠰᠢᠭ᠋ ᠲᠡᠷᠡ ᠠᠯᠤᠰ ᠤ᠋ᠨ ᠪᠠᠷ᠎ᠠ ᠶ᠋ᠢ ᠰᠢᠷᠲᠡᠭᠡᠳ ᠬᠠᠩᠭᠢᠨᠠᠲᠠᠯ᠎ᠠ ᠦᠦᠷᠰᠡᠪᠡ᠃  
       ᠶᠠᠭ ᠪᠣᠯᠬᠤ ᠦᠭᠡᠢ ᠪᠣᠯ ᠰᠣᠷᠮᠤᠤᠰᠤ ᠶ᠋ᠢ ᠨᠢ ᠬᠠᠢᠴᠢᠯᠠᠴᠢᠬ᠎ᠠ! ᠲᠡᠭᠡᠪᠡᠯ ᠬᠣᠯᠠᠳᠴᠤ ᠴᠢᠳᠠᠬᠤ ᠦᠭᠡᠢ᠃  
       一 ᠶᠠᠭᠠᠬᠢᠬᠤ ᠪᠣᠢ ᠳᠠ᠂ ᠪᠠᠢᠵᠤ ᠯᠠ ᠪᠠᠢᠭ! ᠬᠡᠭᠡᠷ ᠮᠣᠷᠢᠨ ᠤ᠋ ᠪᠠᠨ ᠬᠥᠯᠥᠰᠥ ᠶ᠋ᠢ ᠨᠢ ᠬᠠᠰᠠᠷ ᠤᠨᠠᠭᠠᠬᠤ ᠠ᠋ᠴᠠ ᠬᠠᠷᠠᠮᠨᠠᠬᠤ ᠶᠤᠮ ᠠ᠋ ᠰᠣᠷᠮᠤᠤᠰᠤ ᠶ᠋ᠢ ᠨᠢ ᠬᠠᠢᠴᠢᠯᠠᠴᠢᠬᠠᠪᠠᠯ ᠰᠥᠨᠢ ᠶᠠᠪᠤᠬᠤ ᠳ᠋ᠤ᠌ ᠴᠦᠮᠴᠦᠷᠡᠭᠡᠳ ᠭᠠᠵᠠᠷ ᠳᠥᠭᠥᠬᠦ ᠦᠭᠡᠢ ᠪᠣᠯᠤᠨ᠎ᠠ᠃ ᠬᠥᠭᠡᠷᠦᠬᠦᠢ ᠳᠡ᠂ ᠰᠠᠢᠨ ᠠᠭᠲᠠ ᠰᠠᠢᠨ ᠡᠷ᠎ᠡ ᠬᠣᠶᠠᠷ ᠯᠠ ᠨᠢᠳᠦᠨ ᠦ᠌ ᠴᠢᠮᠡᠭ ᠰᠡᠳᠬᠢᠯ ᠦ᠋ᠨ ᠣᠮᠣᠭ ᠶᠤᠮ ᠠ᠋! ᠰᠠᠯᠬᠢ ᠰᠢᠭ᠋ ᠬᠤᠷᠳᠤᠨ ᠭᠦᠶᠦᠳᠡᠯ ᠲᠡᠢ ᠡᠨᠡ ᠬᠡᠭᠡᠷ ᠮᠣᠷᠢᠨ ᠤ᠋ ᠨᠢᠷᠤᠭᠤᠨ ᠳᠡᠭᠡᠷ᠎ᠡ ᠭᠠᠷᠤᠭᠠᠳ ᠰᠠᠭᠤᠴᠢᠬᠠᠬᠤ ᠳ᠋ᠤ᠌ ᠨᠢᠭᠡ ᠮᠡᠳᠡᠬᠦᠯ᠎ᠡ ᠵᠣᠷᠢᠭᠰᠠᠨ ᠭᠠᠵᠠᠷ ᠲᠠᠭᠠᠨ ᠬᠦᠷᠴᠢᠬᠡᠭᠰᠡᠨ ᠯᠡ ᠪᠠᠢᠳᠠᠭ ᠰᠠᠨ᠃  
       一 ᠢᠵᠢᠯᠢ ᠵᠢᠰᠦᠮ ᠦ᠋ᠨ ᠬᠣᠶᠠᠷ ᠬᠡᠭᠡᠷ ᠦ᠋ᠨ ᠨᠢᠭᠡ ᠶ᠋ᠢ ᠨᠢ ᠮᠠᠨᠴᠤᠷᠭ᠎ᠠ ᠳ᠋ᠤ᠌ ᠥᠭᠬᠦ ᠭᠡᠵᠦ ᠲᠡᠷᠡ ᠵᠢᠯ ᠬᠠᠷ᠎ᠠ ᠳᠠᠪᠠᠭᠠᠨ ᠳᠡᠭᠡᠷ᠎ᠡ ᠮᠠᠭᠤ ᠭᠠᠷᠯᠢᠭ ᠬᠠᠷ᠎ᠠ ᠨᠢᠳᠦᠲᠦ ᠶ᠋ᠢᠨ ᠲᠤᠨᠤᠭᠠᠨ ᠳ᠋ᠤ᠌ ᠶᠡᠭᠦᠯᠡᠵᠦ ᠣᠷᠬᠢᠭᠠᠳ᠁ ᠲᠡᠭᠡᠭᠡᠳ ᠣᠳᠣ ᠢᠵᠢᠯᠢ ᠬᠡᠭᠡᠷ ᠦ᠋ᠨ ᠨᠥᠭᠦᠭᠡ ᠥᠷᠥᠭᠡᠰᠦᠨ ᠨᠢ ᠴᠣᠬᠣᠮ ᠬᠠᠮᠢᠭ᠎ᠠ ᠪᠠᠢᠳᠠᠭ ᠰᠠᠨ ᠪᠣᠯ⁈ ᠬᠠᠢᠷᠠᠨ ᠡᠷ᠎ᠡ ᠬᠠᠢᠷᠠᠨ ᠮᠣᠷᠢ᠁  
       一 ᠦᠨᠡᠬᠡᠷ ᠮᠠᠨᠴᠤᠷᠭ᠎ᠠ ᠬᠠᠢᠷᠠᠨ ᠡᠷ᠎ᠡ ᠰᠢᠦ! ᠬᠠᠷ᠎ᠠ ᠨᠢᠳᠦᠲᠦ ᠳ᠋ᠦ᠍ ᠴᠢᠳᠠᠭᠳᠠᠭᠰᠠᠨ᠁ ᠬᠥᠭᠡᠷᠦᠬᠦᠢ ᠳᠡ! ᠬᠡᠯᠡᠬᠦ ᠡᠴᠡ ᠲᠡᠢᠮᠦ ᠯᠡ ᠣᠬᠣᠷ ᠨᠠᠰᠤ ᠲᠠᠢ ᠬᠥᠮᠦᠨ ᠪᠠᠢᠭᠰᠠᠨ ᠪᠠᠢᠵᠢ ᠳᠠ!  
       一 ᠣᠬᠣᠷ ᠨᠠᠰᠤ ᠲᠠᠢ ᠭᠡᠵᠦ ᠶᠠᠭᠤ ᠪᠠᠢᠨ᠎ᠠ ᠳᠠ? ᠬᠠᠯᠠᠭᠤᠨ ᠡᠯᠢᠭᠡ ᠲᠡᠢ ᠵᠢᠷᠤᠮ ᠤ᠋ᠨ ᠠᠬ᠎ᠠ ᠳᠡᠭᠦᠦᠰ ᠢ᠋ᠶ᠋ᠡᠨ ᠴᠦ᠍ ᠬᠠᠢᠷ᠎ᠠ ᠨᠠᠢᠷ ᠦᠭᠡᠢ ᠬᠠᠳᠤᠷᠳᠠᠭ ᠬᠦᠢᠲᠡᠨ ᠴᠢᠰᠤ ᠲᠠᠢ ᠬᠠᠷ᠎ᠠ ᠨᠢᠳᠦᠲᠦ ᠶ᠋ᠢᠨ ᠴᠢᠨᠠᠷ ᠢ᠋ ᠲᠠᠨᠢᠬᠤ ᠦᠭᠡᠢ ᠮᠣᠩᠭᠣᠯ ᠬᠥᠮᠦᠨ ᠦ᠌ ᠴᠠᠭᠠᠨ ᠰᠠᠨᠠᠭᠠᠨ ᠠ᠋ᠴᠠ ᠪᠣᠯᠤᠭᠰᠠᠨ ᠪᠠᠢᠬᠤ ᠦᠭᠡᠢ ᠊ᠦᠦ⁈ 
       一 ᠡᠷᠭᠢᠭᠦᠦ ᠰᠢᠳᠠᠮ ᠡᠵᠡᠨ ᠳ᠋ᠡᠭᠡᠨ ᠭᠡᠳᠡᠭ ᠪᠢᠰᠢ ᠊ᠦᠦ! ᠮᠠᠭᠤ ᠨᠢᠭᠦᠯ ᠦ᠋ᠨ ᠲᠤᠯᠤᠮ ᠬᠠᠷ᠎ᠠ ᠨᠢᠳᠦᠲᠦ ᠶ᠋ᠢ ᠴᠢ ᠬᠠᠷᠢᠨ ᠵᠦᠭ ᠢ᠋ ᠨᠢ ᠵᠢᠭᠠᠵᠤ ᠬᠣᠷᠣᠰᠤᠯ ᠳᠡᠢᠯᠦᠯ᠎ᠡ᠃   ᠁ ᠦᠭᠡᠢ ᠴᠦ᠍ ᠪᠣᠯ ᠪᠠᠰᠠ ᠶᠠᠮᠠᠷ ᠨᠢ ᠲᠡᠭᠦᠨ ᠦ᠌ ᠭᠠᠢ ᠳ᠋ᠤ᠌᠁ ᠭᠡᠵᠦ ᠵᠠᠩᠴᠣᠪ ᠬᠡᠯᠡᠲᠡᠯ᠎ᠡ ᠠᠩᠴᠢᠨᠵᠠᠪ ᠲᠣᠰᠴᠤ᠄   
       一 ᠬᠣᠣᠷ ᠤ᠋ᠨ ᠬᠢᠨᠢ ᠦᠨᠳᠦᠰᠦ ᠬᠠᠷ᠎ᠠ ᠨᠢᠳᠦᠲᠦ ᠪᠠᠢᠬᠤ ᠪᠢᠰᠢ᠃ ᠡᠨᠡ ᠮᠠᠭᠤ ᠭᠠᠷᠯᠢᠭ ᠮᠥᠩᠭᠥᠨ ᠳ᠋ᠦ᠍ ᠰᠢᠨᠤᠵᠤ ᠳᠠᠯᠳᠠ ᠶ᠋ᠢᠨ ᠲᠣᠬᠢᠯᠲᠠ ᠪᠠᠷ ᠮᠠᠭᠤ ᠢᠷᠣ᠎ᠠ ᠦᠢᠯᠡᠳᠴᠦ ᠪᠠᠢᠬᠤ ᠠ᠋ᠴᠠ ᠳᠠ᠁ ᠨᠣᠶᠠᠨ ᠰᠠᠩ ᠳ᠋ᠤ᠌ ᠥᠯᠵᠡᠢᠰᠠᠩ ᠭᠡᠳᠡᠭ ᠢᠮᠠᠭᠠᠨ ᠳᠠᠭᠤ ᠲᠠᠢ ᠬᠥᠮᠦᠨ ᠪᠠᠢᠭᠰᠠᠨ ᠢ᠋ ᠲᠠ ᠮᠡᠳᠡᠵᠦ ᠪᠠᠢᠨ᠎ᠠ ᠊ᠤᠤ? 
       一 ᠮᠡᠳᠡᠨ᠎ᠡ᠂ ᠮᠡᠳᠡᠨ᠎ᠡ᠃ ᠶᠣᠰᠣᠲᠠᠢ ᠨᠢᠭᠡ ᠦᠯᠪᠡᠭᠡᠷ ᠴᠢᠷᠠᠢ ᠲᠠᠢ ᠥᠯᠥᠨ ᠨᠢᠳᠦ ᠲᠡᠢ ᠠᠮᠢᠲᠠᠨ ᠪᠠᠢᠭᠰᠠᠨ ᠶᠤᠮ! 
       一 ᠵᠠ᠂  ᠶᠠᠭ ᠲᠡᠷᠡ ᠬᠥᠮᠦᠨ ᠮᠠᠨᠴᠤᠷᠭ᠎ᠠ ᠶ᠋ᠢ ᠦᠰ ᠪᠣᠳᠣᠵᠤ ᠬᠢᠭᠰᠡᠨ ᠶᠦᠮ!᠂ ᠵᠠ ᠪᠠᠢᠵᠠ! ᠡᠨᠡ ᠮᠠᠭᠤ ᠬᠣᠣᠷ ᠤ᠋ᠨ ᠦᠨᠳᠦᠰᠦ  ᠥᠯᠵᠡᠢᠰᠠᠩ ᠢ᠋ ᠬᠡᠵᠢᠶ᠎ᠡ ᠨᠢᠭᠡ ᠡᠳᠦᠷ ᠮᠥᠨ ᠥᠯᠥᠩᠲᠦ ᠶ᠋ᠢᠨ ᠡᠬᠢᠨ ᠳ᠋ᠦ᠍ ᠠᠪᠠᠴᠢᠵᠤ ᠡᠯᠭᠦᠵᠦ ᠬᠠᠶᠠᠬᠤ ᠶᠤᠮᠰᠠᠨ᠁ ᠴᠢᠨᠣ᠎ᠠ ᠶ᠋ᠢᠨ ᠬᠣᠭᠣᠯᠠ ᠪᠣᠯᠤᠭ ᠭᠡᠵᠦ ᠬᠡᠯᠡᠬᠦ ᠳ᠋ᠡᠭᠡᠨ ᠠᠩᠴᠢᠨᠵᠠᠪ ᠤ᠋ᠨ ᠨᠢᠳᠦᠨ ᠳ᠋ᠦ᠍ ᠬᠣᠷᠣᠰᠤᠯ ᠤ᠋ᠨ ᠣᠴᠢ ᠭᠢᠯᠠᠯᠵᠠᠪᠠ᠃  
       ᠠᠩᠴᠢᠨᠵᠠᠪ ᠤ᠋ᠨ ᠰᠢᠵᠠᠭᠤᠷ ᠴᠢᠩᠭ᠎ᠠ ᠬᠡᠯᠡᠭᠰᠡᠨ ᠦᠭᠡ ᠶ᠋ᠢ ᠨᠢᠮᠪᠠᠢ ᠴᠢᠩᠨᠠᠵᠤ ᠰᠠᠭᠤᠭᠰᠠᠨ ᠵᠠᠩᠴᠣᠪ ᠳᠣᠲᠣᠷ᠎ᠠ ᠪᠠᠨ《ᠵᠥᠪ᠂ ᠵᠥᠪ!》 ᠭᠡᠵᠦ ᠵᠥᠪᠲᠦᠭᠡᠨ ᠲᠣᠯᠣᠭᠠᠢ ᠪᠠᠨ ᠪᠠᠢᠨ ᠪᠠᠢᠨ ᠳᠣᠬᠢᠵᠤ ᠬᠦᠷᠡᠩ ᠴᠣᠬᠣᠷ ᠶᠠᠰᠢᠯ ᠴᠢᠮᠥᠭᠡ ᠲᠡᠢ ᠭᠠᠤᠯᠢᠨ ᠭᠠᠩᠰᠠ ᠪᠠᠨ ᠬᠣᠷᠣᠰᠤᠯᠲᠠᠢᠬᠠᠨ ᠰᠣᠷᠣᠵᠤ ᠤᠲᠤᠭ᠎ᠠ ᠪᠠᠭᠠᠭᠢᠭᠤᠯᠤᠨ᠎ᠠ᠃ 
       ᠠᠩᠴᠢᠨᠵᠠᠪ᠂ ᠵᠠᠩᠴᠣᠪ ᠨᠤᠲᠤᠭ ᠪᠡᠯᠴᠢᠭᠡᠷ᠂ ᠰᠠᠢᠨ ᠡᠷ᠎ᠡ ᠰᠠᠢᠨ ᠬᠦᠯᠦᠭ ᠦ᠋ᠨ ᠲᠤᠬᠠᠢ ᠵᠣᠭᠣᠭ ᠳᠡᠯᠭᠡᠵᠦ ᠰᠠᠭᠤᠲᠠᠯ᠎ᠠ ᠬᠡᠭᠡᠷ ᠮᠣᠷᠢ ᠬᠤᠤᠬᠢᠨᠠᠨ ᠦᠦᠷᠰᠡᠪᠡ᠃ ᠴᠠᠭᠠᠳᠤ ᠨᠠᠮᠬᠠᠨ ᠳᠣᠪᠣᠴᠠᠭ ᠤ᠋ᠨ ᠵᠤᠯᠠᠢ ᠶ᠋ᠢ ᠱᠣᠷᠣᠯᠠᠵᠤ ᠬᠡᠳᠦᠨ ᠮᠣᠷᠢᠲᠠᠨ ᠲᠣᠭᠣᠰᠣ ᠮᠠᠨᠠᠷᠠᠭᠠᠨ ᠠᠢᠰᠤᠢ᠃《ᠬᠡᠨ ᠪᠣᠯᠴᠢᠬᠠᠪᠠ? ᠶᠠᠭᠤᠨ ᠤ᠋ ᠤᠯᠤᠰ ᠢᠩᠭᠢᠵᠦ ᠠᠰ ᠴᠢᠭᠯᠡᠨ ᠶᠠᠭᠠᠷᠠᠵᠤ ᠳᠠᠪᠬᠢᠭ᠎ᠠ ᠪᠣᠯ?》 ᠭᠡᠵᠦ ᠪᠣᠳᠣᠨ ᠮᠣᠷᠢᠨ ᠤ᠋ ᠬᠢᠨᠢ ᠵᠢᠰᠦᠮ ᠢ᠋ ᠴᠦ᠍ ᠵᠢᠰᠦᠯᠡᠵᠦ ᠵᠠᠪᠳᠤᠭ᠎ᠠ ᠦᠭᠡᠢ ᠪᠠᠢᠲᠠᠯ᠎ᠠ ᠮᠣᠷᠢᠲᠠᠳ ᠲᠡᠷᠡ ᠬᠣᠶᠠᠷ ᠤ᠋ᠨ ᠬᠠᠵᠠᠭᠤ ᠳ᠋ᠤ᠌ ᠶᠠᠭᠤ ᠬᠠᠢ ᠦᠭᠡᠢ ᠪᠠᠭᠤᠪᠠ᠃ ᠮᠣᠷᠢᠳ ᠤ᠋ᠨ ᠬᠥᠯᠥᠰᠥ᠂ ᠢᠰᠡᠭᠡᠢ ᠲᠣᠬᠣᠮ ᠤ᠋ᠨ ᠵᠤᠩᠭᠠᠭ᠂ ᠪᠤᠯᠢᠭᠠᠷᠢ ᠭᠥᠯᠢᠮ ᠦ᠋ᠨ ᠬᠣᠯᠢᠶ᠎ᠠ ᠲᠠᠢ ᠦᠨᠦᠷ ᠰᠡᠩᠬᠢ ᠲᠡᠳᠡᠨ ᠦᠨᠦᠷᠲᠦᠬᠦ ᠳ᠋ᠦ᠍ ᠲᠡᠳᠡ ᠬᠣᠶᠠᠷ ᠲᠤ᠌ ᠲᠠᠭᠠᠲᠠᠢ ᠰᠠᠨᠠᠭᠳᠠᠵᠤ ᠪᠠᠢᠯ᠎ᠠ᠃ ᠨᠢᠷᠤᠭᠤ ᠪᠠᠨ ᠬᠥᠩᠭᠡᠯᠡᠭᠰᠡᠨ ᠮᠣᠷᠢᠳ ᠲᠣᠯᠣᠭᠠᠢ ᠪᠠᠨ ᠬᠠᠶᠠᠯᠠᠨ ᠨᠠᠭᠠᠳᠬᠤ ᠳ᠋ᠤ᠌ ᠬᠠᠵᠠᠭᠠᠷ ᠤ᠋ᠨ ᠠᠮᠠᠭᠠᠢ ᠨᠢ ᠬᠠᠩᠭᠢᠨᠠᠨ ᠳᠤᠤᠭᠠᠷᠴᠤ᠂ ᠡᠮᠡᠭᠡᠯ ᠢ᠋ᠶ᠋ᠡᠨ ᠰᠢᠯᠭᠡᠭᠡᠵᠦ ᠭᠠᠵᠠᠷ ᠮᠠᠯᠲᠠᠬᠤ ᠨᠢ ᠮᠣᠩᠭᠣᠯ ᠡᠷ᠎ᠡ ᠶ᠋ᠢᠨ ᠭᠠᠢᠬᠠᠮᠰᠢᠭ ᠢ᠋ ᠲᠣᠭᠠᠴᠢᠭ᠎ᠠ ᠰᠢᠭ᠋ ᠠᠶᠠᠲᠠᠢᠬᠠᠨ ᠬᠠᠷᠠᠭᠳᠠᠨ᠎ᠠ᠃ 
       ᠳᠤᠭᠠᠷᠵᠠᠪ᠂ ᠨᠠᠢᠮᠠᠨᠵᠢᠩ᠂ ᠳᠠᠯᠠᠨᠲᠠᠢ᠂ ᠲᠣᠭᠲᠠᠭᠤᠨᠪᠢᠯᠢᠭ᠌ ᠬᠡᠳᠦᠭᠦᠯᠡ ᠠᠩᠴᠢᠨᠵᠠᠪ ᠵᠠᠩᠴᠣᠪ ᠲᠠᠢ ᠠᠮᠤᠷ ᠮᠡᠨᠳᠦᠯᠡᠵᠦ ᠪᠠᠢᠯ᠎ᠠ᠃ ᠡᠨᠡ ᠬᠡᠳᠦᠭᠦᠯᠡ ᠤᠤᠯ ᠨᠢ ᠠᠩᠴᠢᠨᠵᠠᠪ ᠤ᠋ᠨ ᠴᠡᠷᠢᠭ ᠲᠦ᠍ ᠪᠠᠢᠭᠰᠠᠨ ᠨᠤᠲᠤᠭ ᠤ᠋ᠨ ᠬᠢᠨᠢ ᠰᠠᠢᠨ ᠠᠬ᠎ᠠ ᠳᠡᠭᠦᠦᠰ ᠮᠥᠨ᠃ 
       ᠡᠳᠡᠨᠥᠰ ᠪᠤᠭᠤᠲᠤ ᠶ᠋ᠢᠨ ᠲᠡᠮᠡᠭᠡᠨ ᠵᠢᠩ ᠦ᠋ᠨ ᠮᠠᠢᠮᠠᠢᠴᠢᠨ ᠢ᠋ ᠬᠠᠮᠠᠭᠠᠯᠠᠵᠤ ᠪᠤᠭᠤᠲᠤ ᠶ᠋ᠢᠨ ᠬᠠᠷ᠎ᠠ ᠳᠠᠪᠠᠭ᠎ᠠ ᠳᠠᠪᠠᠭᠤᠯᠵᠤ ᠬᠣᠢᠰᠢ ᠵᠠᠮ ᠳᠥᠭᠥᠭᠦᠯᠴᠢᠬᠡᠭᠡᠳ ᠪᠤᠴᠠᠯᠭᠠᠨ ᠳ᠋ᠠᠭᠠᠨ ᠭᠡᠷ ᠭᠡᠷ ᠢ᠋ᠶ᠋ᠡᠷ ᠢ᠋ᠶ᠋ᠡᠨ ᠣᠷᠣᠭᠰᠠᠨ ᠪᠠᠢᠵᠠᠢ᠃ ᠲᠡᠭᠡᠬᠦ ᠳ᠋ᠦ᠍ ᠠᠷᠤ ᠭᠡᠷ ᠲᠦ᠋ᠨᠢ ᠠᠩᠴᠢᠨᠵᠠᠪ ᠤ᠋ᠨ ᠳᠠᠭᠤᠳᠠᠯᠭ᠎ᠠ ᠪᠠᠢᠭᠰᠠᠨ ᠳ᠋ᠤ᠌ ᠪᠠᠶᠠᠷᠯᠠᠵᠤ᠂ ᠡᠨᠳᠡ ᠢᠷᠡᠯᠴᠡᠪᠡ᠃ ᠲᠡᠷᠡ ᠦᠶ᠎ᠡ ᠶ᠋ᠢᠨ ᠬᠣᠰᠢᠭᠤ ᠨᠤᠲᠤᠭ ᠢ᠋ᠶ᠋ᠠᠨ ᠬᠠᠮᠠᠭᠠᠯᠠᠳᠠᠭ ᠴᠡᠷᠢᠭ ᠠᠯᠪᠠᠲᠤ ᠶ᠋ᠢᠨ ᠣᠯᠠᠩᠬᠢ ᠨᠢ ᠴᠠᠯᠢᠩ ᠬᠥᠯᠥᠰᠥ ᠭᠡᠵᠦ ᠪᠠᠢᠬᠤ ᠦᠭᠡᠢ ᠡᠩ ᠦ᠋ᠨ ᠴᠡᠷᠢᠭ ᠦ᠋ᠳ ᠠ᠋᠂ ᠠᠳᠠᠭ ᠨᠢ ᠬᠤᠪᠴᠠᠰᠤ ᠬᠤᠨᠠᠷ ᠲᠠᠭᠠᠨ ᠴᠤ᠌ ᠵᠥᠪ ᠦᠭᠡᠢ᠃ ᠪᠤᠭᠤᠲᠤ ᠠ᠋ᠴᠠ ᠠᠷᠤ ᠲᠡᠢᠰᠢ ᠬᠠᠯᠬ᠎ᠠ ᠤᠷᠤᠭᠤ ᠬᠥᠭᠯᠡᠷᠡᠬᠦ ᠲᠡᠮᠡᠭᠡᠨ ᠵᠢᠩ ᠦ᠋ᠨ ᠮᠠᠢᠮᠠᠢᠴᠢᠨ ᠢ᠋ ᠬᠠᠮᠠᠭᠠᠯᠠᠵᠤ᠂ ᠬᠠᠷ᠎ᠠ ᠳᠠᠪᠠᠭ᠎ᠠ ᠶ᠋ᠢ ᠲᠤᠭᠤᠯᠤᠭᠤᠯᠬᠤ ᠠᠵᠠ ᠲᠣᠬᠢᠶᠠᠯ ᠠᠮᠠᠷᠬᠠᠨ ᠣᠯᠳᠠᠳᠠᠭ ᠪᠢᠰᠢ᠃ ᠲᠠᠩᠳᠠ ᠴᠣᠭᠪᠠᠭᠠᠲᠤᠷ ᠰᠧᠯᠢᠩ ᠦ᠋ᠨ ᠨᠢᠭᠤᠷ ᠲᠠᠯ᠎ᠠ ᠲᠠᠢ ᠰᠢᠳᠠᠷ ᠴᠡᠷᠢᠭ ᠦ᠋ᠳ ᠡᠢᠮᠦ ᠬᠣᠨᠵᠢᠶ᠎ᠠ ᠲᠠᠢ ᠮᠠᠢᠮᠠᠢ ᠳ᠋ᠤ᠌ ᠶᠠᠪᠤᠯᠴᠠᠬᠤ ᠠ᠋ᠴᠠ ᠪᠢᠰᠢ ᠡᠳᠡᠨᠥᠰ ᠲᠦ᠍ ᠬᠦᠷᠲᠡᠭᠳᠡᠭ ᠦᠭᠡᠢ᠃ ᠡᠨᠡ ᠤᠳᠠᠭ᠎ᠠ ᠥᠨᠥᠬᠢ ᠨᠢᠭᠤᠷ ᠲᠠᠯ᠎ᠠ ᠲᠠᠢ ᠰᠢᠳᠠᠷ ᠴᠡᠷᠢᠭ ᠦ᠋ᠳ ᠥᠭᠡᠷ᠎ᠡ ᠲᠠᠢᠰᠢ ᠳᠣᠲᠣᠷ᠎ᠠ ᠭᠠᠵᠠᠷ ᠤ᠋ᠨ ᠣᠯᠵᠠ ᠰᠠᠢᠲᠠᠢ ᠤᠯᠠᠭ᠎ᠠ ᠳ᠋ᠤ᠌ ᠶᠠᠪᠤᠭᠰᠠᠨ ᠠ᠋ᠴᠠ ᠡᠨᠡ ᠬᠡᠳᠦᠭᠦᠯᠡ ᠳ᠋ᠦ᠍ ᠰᠣᠬᠣᠷ ᠮᠤᠤᠷ ᠲᠤ᠌ ᠦᠬᠦᠭᠰᠡᠨ ᠬᠤᠯᠤᠭᠠᠨ᠎ᠠ ᠲᠣᠬᠢᠶᠠᠪᠠ ᠭᠡᠳᠡᠭ ᠢ᠋ᠶ᠋ᠡᠷ ᠵᠣᠯ ᠲᠠᠭᠠᠷᠠᠵᠤ ᠬᠡᠳᠦᠨ ᠮᠥᠩᠭᠥ ᠡᠪᠦᠷᠲᠦᠯᠡᠵᠦ᠂ ᠪᠦᠰᠡᠭᠦᠢ ᠬᠡᠦᠬᠡᠳ ᠲᠡᠭᠡᠨ ᠲᠠᠭᠠᠯᠠᠪᠤᠷᠢᠲᠠᠢ ᠶᠠᠭᠤᠮ᠎ᠠ ᠠᠪᠴᠤ ᠬᠥᠭᠰᠡᠵᠦ ᠶᠠᠪᠤᠭ᠎ᠠ᠁ 
       ᠠᠩᠴᠢᠨᠵᠠᠪ ᠸᠠᠩ ᠰᠣᠬᠣᠷ ᠤ᠋ᠨ ᠬᠠᠷ᠎ᠠ ᠴᠡᠷᠢᠭ ᠲᠦ᠍ ᠪᠠᠷᠢᠭᠳᠠᠵᠤ ᠭᠢᠨᠳᠠᠨ ᠳ᠋ᠤ᠌ ᠣᠷᠣᠭᠰᠠᠨ ᠠ᠋ᠴᠠ ᠬᠣᠢᠰᠢ ᠲᠡᠭᠦᠨ ᠬᠠᠷᠢᠶᠠᠨ ᠳ᠋ᠠᠬᠢ ᠴᠡᠷᠢᠭ ᠢ᠋ ᠴᠡᠭᠴᠡᠯᠡᠵᠦ ᠬᠤᠷᠢᠶᠠᠭᠠᠳ ᠬᠥᠩᠬᠥᠷ ᠵᠠᠮᠪᠠᠯ ᠭᠡᠳᠡᠭ ᠯᠢᠶᠠᠨᠵᠠᠩ ᠤ᠋ᠨ ᠨᠣᠶᠠᠯᠠᠯ ᠳᠣᠣᠷ᠎ᠠ ᠴᠡᠷᠢᠭ ᠦ᠋ᠨ ᠠᠯᠪᠠ ᠬᠠᠭᠠᠯᠭᠠᠪᠠ᠃ ᠡᠨᠡ ᠬᠥᠩᠬᠥᠷ ᠵᠠᠮᠪᠠᠯ ᠭᠡᠭᠴᠢ ᠮᠥᠨ ᠳᠡᠭᠡᠷᠡᠬᠢ ᠪᠡᠨ ᠪᠢᠯᠳᠠᠤᠴᠢᠯᠠᠵᠤ ᠳᠣᠣᠷᠠᠬᠢ ᠪᠠᠨ ᠬᠢᠬᠠᠳᠠᠭ ᠬᠠᠷᠭᠢᠰ ᠲᠣᠯᠣᠭᠠᠢ᠃ ᠮᠣᠩᠭᠣᠯ ᠴᠡᠷᠢᠭ ᠢ᠋ ᠭᠠᠳᠠᠭᠤᠷᠴᠢᠯᠠᠵᠤ ᠬᠡᠳᠦᠨ ᠬᠢᠲᠠᠳ ᠴᠡᠷᠢᠭ ᠢ᠋ᠶ᠋ᠡᠨ ᠳᠣᠲᠣᠨᠣᠴᠢᠯᠠᠳᠠᠭ ᠠ᠋ᠴᠠ ᠡᠨᠡ ᠬᠡᠳᠦᠭᠦᠯᠡ ᠥᠨᠥᠬᠢ ᠬᠥᠩᠬᠥᠷ ᠲᠣᠯᠣᠭᠠᠢᠲᠤ ᠶ᠋ᠢ ᠬᠠᠭ᠎ᠠ ᠴᠣᠬᠢᠴᠢᠬᠠᠶ᠎ᠠ ᠭᠡᠵᠦ ᠮᠠᠰᠢ ᠵᠠᠨᠤᠳᠠᠭ ᠪᠣᠯᠪᠠ᠃ ᠬᠥᠩᠬᠥᠷ ᠵᠠᠮᠪᠠᠯ ᠴᠣᠭᠪᠠᠭᠠᠲᠤᠷ ᠰᠧᠯᠢᠩ ᠦ᠋ᠨ ᠨᠥᠮᠥᠷᠢ ᠳ᠋ᠦ᠍ ᠡᠷᠳᠦᠵᠦ ᠤᠤᠯ ᠠᠩᠴᠢᠨᠵᠠᠪ ᠤ᠋ᠨ ᠴᠡᠷᠢᠭ ᠡᠴᠡ ᠲᠡᠭᠦᠨ ᠦ᠌ ᠳᠣᠣᠷ᠎ᠠ ᠴᠡᠭᠴᠡᠯᠡᠭᠳᠡᠭᠰᠡᠨ ᠬᠡᠳᠦᠨ ᠮᠣᠩᠭᠣᠯ ᠴᠡᠷᠢᠭ ᠢ᠋ ᠠᠳᠠ ᠦᠵᠡᠳᠡᠭ ᠨᠢ ᠵᠢᠭᠲᠡᠢ᠃ ᠴᠡᠷᠢᠭ ᠦ᠋ᠨ ᠬᠤᠪᠴᠠᠰᠤ ᠬᠤᠨᠠᠷ ᠢ᠋ ᠤᠯᠠᠷᠢᠯ ᠳᠠᠭᠠᠵᠤ ᠰᠣᠯᠢᠵᠤ ᠥᠭᠬᠦ ᠶ᠋ᠢ ᠮᠡᠳᠡᠬᠦ ᠦᠭᠡᠢ᠃ ᠵᠠᠷᠢᠮ ᠳ᠋ᠠᠭᠠᠨ ᠡᠪᠦᠯ ᠦ᠋ᠨ ᠨᠡᠬᠡᠢ ᠬᠤᠪᠴᠠᠰᠤ ᠪᠠᠨ ᠬᠥᠷᠥᠰᠥ ᠶ᠋ᠢ ᠨᠢ ᠡᠷᠭᠢᠭᠦᠯᠬᠦ ᠪᠤᠶᠤ ᠬᠥᠪᠥᠩ ᠢ᠋ ᠨᠢ ᠬᠠᠭᠤᠯᠵᠤ ᠵᠤᠨ ᠨᠠᠮᠤᠷ ᠢ᠋ ᠠᠷᠭᠠᠴᠠᠭᠠᠬᠤ ᠳ᠋ᠠᠭᠠᠨ ᠪᠥᠭᠡᠰᠦ ᠬᠢᠭᠤᠷᠰᠤᠨ ᠳ᠋ᠤ᠌ ᠪᠠᠷᠢᠭᠳᠠᠵᠤ ᠦᠢᠯᠡ ᠪᠡᠨ ᠦᠵᠡᠬᠦ ᠶ᠋ᠢ ᠬᠡᠯᠡᠬᠦ ᠦᠭᠡᠢ᠂ ᠬᠠᠯᠠᠭᠤᠨ ᠵᠤᠨ ᠤ᠋ ᠳᠠᠩ ᠲᠡᠷᠯᠢᠭ ᠢ᠋ᠶ᠋ᠡᠷ ᠴᠦᠷᠳᠡᠢᠯᠭᠡᠭᠡᠳ ᠡᠪᠦᠯ ᠬᠠᠪᠤᠷ ᠢ᠋ ᠭᠠᠲᠤᠯᠳᠠᠭ ᠤᠳᠠᠭ᠎ᠠ ᠴᠤ᠌ ᠪᠠᠢᠭᠰᠠᠨ᠁ ᠴᠡᠷᠢᠭ ᠦ᠋ᠨ ᠬᠣᠭᠣᠯᠠ ᠬᠣᠰᠢ ᠨᠢ ᠬᠠᠷᠠᠰᠤ ᠪᠣᠷᠣᠰᠤ᠂ ᠱᠥᠯᠥ ᠲᠣᠰᠣᠨ ᠤ᠋ ᠶᠠᠭᠤᠮ᠎ᠠ ᠭᠡᠵᠦ ᠪᠠᠷᠤᠭ ᠪᠠᠢᠳᠠᠭ ᠦᠭᠡᠢ᠃ ᠬᠠᠶᠠ ᠨᠤᠲᠤᠭ ᠢ᠋ᠶ᠋ᠠᠨ ᠰᠠᠨᠠᠵᠤ ᠬᠡᠦᠬᠡᠳ ᠪᠦᠰᠡᠭᠦᠢ᠂ ᠭᠡᠷ ᠲᠡᠷᠭᠡ ᠪᠡᠨ ᠡᠷᠭᠢᠬᠦ ᠪᠡᠷ ᠬᠠᠷᠢᠶ᠎ᠠ ᠭᠡᠬᠦ ᠳ᠋ᠦ᠍ ᠴᠢᠯᠥᠭᠡ ᠥᠭᠬᠦ ᠦᠭᠡᠢ ᠵᠣᠪᠠᠭᠠᠳᠠᠭ ᠵᠡᠷᠭᠡ ᠭᠠᠴᠢᠯᠠᠯ ᠢ᠋ ᠲᠠᠩᠳᠠ ᠮᠣᠩᠭᠣᠯ ᠴᠡᠷᠢᠭ ᠦ᠋ᠳ ᠲᠦ᠍ ᠣᠨᠣᠭᠠᠵᠤ ᠭᠡᠨᠡᠨ ᠠᠶᠤᠮᠰᠢᠭ ᠲᠠᠢ ᠲᠡᠢᠨ ᠳᠣᠯᠣᠭᠠᠨ ᠳ᠋ᠤ᠌ ᠡᠳᠡᠨᠥᠰ ᠢ᠋ ᠡᠮᠦᠨ᠎ᠡ ᠪᠡᠨ ᠲᠠᠭᠤᠵᠤ ᠬᠥᠭᠡᠭᠡᠳᠡᠭ ᠨᠢ ᠵᠤᠷᠰᠢᠯ᠃ ᠡᠢᠨ ᠬᠦ ᠡᠨᠡ ᠬᠡᠳᠦᠭᠦᠯᠡ ᠤᠤᠯ ᠤ᠋ᠨ ᠳᠠᠷᠤᠭᠠᠯᠠᠵᠤ ᠪᠠᠢᠭᠰᠠᠨ ᠠᠩᠴᠢᠨᠵᠠᠪ ᠲᠠᠢ ᠪᠠᠨ ᠠᠭᠤᠯᠵᠠᠵᠤ᠂ ᠲᠡᠭᠦᠨ ᠢ᠋ᠶ᠋ᠡᠷ ᠥᠮᠥᠭ ᠪᠠᠷᠢᠵᠤ ᠴᠣᠭᠪᠠᠭᠠᠲᠤᠷ᠂ ᠬᠥᠩᠬᠥᠷ ᠵᠠᠮᠪᠠᠯ ᠨᠠᠷ ᠲᠤ᠌ ᠰᠠᠢᠨ ᠦᠭᠡ ᠬᠡᠯᠡᠭᠦᠯᠵᠦ ᠴᠡᠷᠢᠭ ᠲᠡᠢᠨ ᠦ᠌ ᠵᠠᠷ ᠵᠡᠪᠰᠡᠭ ᠬᠤᠪᠴᠠᠰᠤ ᠬᠤᠨᠠᠷ᠂ ᠢᠳᠡᠰᠢ ᠤᠤᠭᠤᠰᠢ ᠶ᠋ᠢᠨ ᠲᠠᠯ᠎ᠠ ᠪᠠᠷ ᠪᠠᠭ᠎ᠠ ᠰᠠᠭ᠎ᠠ ᠴᠤ᠌ ᠭᠡᠰᠡᠨ ᠬᠠᠷᠠᠭᠠᠯᠵᠠᠯ ᠲᠠᠢ ᠪᠣᠯᠬᠤ ᠪᠢᠯᠡ ᠊ᠤᠤ ᠭᠡᠵᠦ ᠬᠥᠭᠰᠡᠵᠦ ᠶᠠᠪᠤᠭ᠎ᠠ ᠨᠢ ᠡᠨᠡ᠃ 
       一 ᠠᠩᠴᠢᠨᠵᠠᠪ ᠠᠬ᠎ᠠ ᠠ᠋᠂ ᠲᠠ ᠴᠡᠷᠢᠭ ᠲᠡᠭᠡᠨ ᠪᠤᠴᠠᠴᠢᠬ᠎ᠠ ᠳᠠ ᠨᠣᠶᠠᠯᠠᠯ ᠳᠣᠣᠷ᠎ᠠ ᠪᠢᠳᠡᠨᠦᠰ ᠴᠦ᠍ ᠬᠥᠮᠦᠨ ᠲᠡᠢ ᠠᠳᠠᠯᠢᠬᠠᠨ ᠮᠥᠷᠥ ᠪᠦᠲᠦᠨ ᠭᠡᠳᠡᠰᠦ ᠴᠠᠳᠬᠤᠯᠠᠩ ᠶᠠᠪᠤᠬᠤ ᠦᠭᠡᠢ ᠊ᠦᠦ ᠳᠡ! ᠭᠡᠵᠦ ᠳᠤᠭᠠᠷᠵᠠᠪ ᠢ᠋ ᠬᠡᠯᠡᠬᠦ ᠳ᠋ᠦ᠍ ᠨᠠᠢᠮᠠᠨᠵᠢᠩ ᠦᠭᠡ ᠡᠯᠭᠦᠨ᠄  
      一 ᠲᠠ ᠴᠣᠭᠪᠠᠭᠠᠲᠤᠷ ᠨᠣᠶᠠᠨ ᠳ᠋ᠤ᠌ ᠰᠠᠢᠨ ᠦᠭᠡ ᠬᠡᠯᠡᠵᠦ ᠪᠢᠳᠡᠨᠦᠰ ᠢ᠋ ᠨᠢᠭᠡ ᠠᠰ ᠨᠢᠳᠦ ᠪᠡᠷ ᠬᠠᠷᠠᠬᠤ ᠪᠣᠯᠪᠠ ᠊ᠤᠤ? ᠭᠡᠵᠦ ᠭᠤᠶᠤᠵᠤ ᠬᠡᠯᠡᠨ᠎ᠡ᠃  
       一 ᠬᠥᠩᠬᠥᠷ ᠵᠠᠮᠪᠠᠯ ᠭᠡᠵᠦ ᠬᠦᠢᠲᠡᠨ ᠴᠢᠷᠠᠢᠲᠤ ᠠᠮᠢᠲᠠᠨ! ᠮᠠᠨᠤᠰ ᠢ᠋ ᠪᠤᠷᠤᠭᠤ ᠨᠢᠳᠦ ᠪᠡᠷ ᠬᠠᠷᠠᠵᠤ ᠬᠣᠢᠲᠤ ᠡᠬᠡ ᠶ᠋ᠢᠨ ᠬᠡᠦᠬᠡᠳ ᠰᠢᠭ ᠮᠠᠭᠤ ᠦᠵᠡᠨ᠎ᠡ᠃  
       — ᠲᠡᠳᠡᠨᠦᠰ ᠤ᠋ᠨ ᠰᠢᠳᠠᠷ ᠴᠡᠷᠢᠭ ᠦ᠋ᠳ ᠨᠢ ᠵᠠᠷ ᠵᠡᠪᠰᠡᠭ ᠬᠤᠪᠴᠠᠰᠤ ᠬᠤᠨᠠᠷ ᠢ᠋ᠶ᠋ᠠᠷ ᠰᠠᠢᠨ᠃ ᠮᠠᠨᠤᠰ ᠢ᠋ ᠦᠵᠡᠬᠦ ᠦᠭᠡᠢ ᠊ᠦᠦ? ᠬᠣᠩᠬᠢᠶ᠎ᠠ ᠬᠥᠨᠳᠡᠯᠡᠨ ᠲᠡᠮᠦᠷ ᠡᠭᠦᠷᠦᠭᠰᠡᠨ ᠭᠤᠢᠷᠠᠨᠴᠢ ᠯᠠ ᠭᠡᠰᠡᠨ ᠦᠭᠡ᠁ ᠭᠡᠵᠦ ᠲᠠᠯ᠎ᠠ ᠲᠠᠯ᠎ᠠ ᠠ᠋ᠴᠠ ᠨᠢ ᠦᠭᠡ ᠬᠠᠪᠴᠢᠭᠤᠯᠵᠤ ᠠᠩᠴᠢᠨᠵᠠᠪ ᠢ᠋ ᠦᠭᠡ ᠬᠡᠯᠡᠬᠦ ᠵᠠᠪ ᠣᠯᠭᠣᠬᠤ ᠦᠭᠡᠢ ᠪᠠᠢᠯ᠎ᠠ᠃ 
       一 ᠬᠥᠩᠬᠥᠷ ᠵᠠᠮᠪᠠᠯ ᠶᠠᠭᠤ ᠪᠣᠢ? ᠶᠠᠭᠤ ᠴᠤ᠌ ᠪᠢᠰᠢ! ᠴᠠᠭᠠᠳᠤᠭᠤᠯᠠ ᠶ᠋ᠢᠨ ᠢ᠋ᠶ᠋ᠡᠨ ᠬᠤᠷᠤᠭᠤ ᠬᠢᠮᠤᠰᠤ ᠯᠠ ᠰᠢᠦ ᠳᠡ! ᠭᠣᠣᠯ ᠤᠴᠢᠷ ᠲᠡᠨᠳᠡ ᠪᠠᠢᠭ᠎ᠠ ᠪᠢᠰᠢ ᠠ᠋! ᠴᠣᠭᠪᠠᠭᠠᠲᠤᠷ ᠨᠠᠳᠠ ᠳ᠋ᠤ᠌ ᠥᠰᠢᠶᠡᠷᠬᠡᠵᠦ ᠲᠠᠨᠤᠰ ᠲᠤ᠌ ᠡᠢᠨ ᠬᠦ᠌ ᠬᠠᠯᠠ ᠦᠵᠡᠭᠦᠯᠵᠦ ᠪᠠᠢᠭ᠎ᠠ ᠬᠡᠷᠡᠭ!  
       一 ᠶᠠᠭ ᠳᠠ! ᠭᠡᠵᠦ ᠳᠤᠭᠠᠷᠵᠠᠪ ᠵᠥᠪᠰᠢᠶᠡᠷᠡᠨ᠎ᠡ᠃  
       一 ᠲᠡᠭᠡᠪᠡᠯ ᠲᠠ ᠴᠣᠭᠪᠠᠭᠠᠲᠤᠷ ᠰᠧᠯᠢᠩ ᠳ᠋ᠦ᠍ ᠰᠠᠢᠨ ᠦᠭᠡ ᠬᠡᠯᠡᠵᠦ ᠭᠤᠶᠤᠵᠤ ᠪᠠᠢᠭᠠᠳ ᠴᠤ᠌ ᠴᠡᠷᠢᠭ ᠳᠡᠭᠡᠷ᠎ᠡ ᠪᠡᠨ ᠪᠤᠴᠠᠴᠢᠬ᠎ᠠ ᠳᠠ! ᠦᠨᠡᠬᠡᠷ ᠰᠢᠦ! ᠲᠡᠭᠡᠪᠡᠯ ᠮᠠᠨᠤᠰ ᠲᠠᠭᠠᠨ ᠲᠦᠰᠢᠭ ᠲᠡᠢ ᠪᠢᠰᠢ ᠊ᠦᠦ! ᠭᠡᠵᠦ ᠨᠠᠢᠮᠠᠨᠵᠢᠩ ᠢ᠋ ᠬᠡᠯᠡᠬᠦ ᠳ᠋ᠦ᠍ ᠠᠩᠴᠢᠨᠵᠠᠪ ᠤ᠋ᠨ ᠨᠢᠳᠦᠨ ᠳ᠋ᠦ᠍ ᠬᠢᠯᠢᠩ ᠦ᠋ᠨ ᠣᠴᠢ ᠭᠢᠯᠠᠯᠵᠠᠨ ᠥᠳᠬᠡᠨ ᠬᠠᠷ᠎ᠠ ᠬᠥᠮᠥᠰᠬᠡ ᠨᠢ ᠠᠲᠤᠷᠢᠨ᠄  
       一 ᠲᠡᠭᠦᠨ ᠢ᠋ ᠭᠤᠶᠤᠬᠤ ᠭᠡᠵᠢ ᠊ᠦᠦ? ᠪᠠᠢᠴᠢᠬ᠎ᠠ! ᠠᠩᠴᠢᠨᠵᠠᠪ ᠪᠢ ᠴᠣᠭᠪᠠᠭᠠᠲᠤᠷ ᠤ᠋ᠨ ᠰᠢᠨᠠᠭᠠᠨ ᠤ᠋ ᠳᠣᠣᠷ᠎ᠠ ᠠᠶᠠᠭ᠎ᠠ ᠲᠣᠰᠳᠠᠭ ᠬᠥᠮᠦᠨ ᠮᠥᠨ ᠊ᠦᠦ⁈ ᠭᠡᠪᠡ᠃  
       一 ᠲᠡᠭᠡᠭᠡᠳ ᠶᠠᠭᠠᠬᠢᠨ᠎ᠠ ᠪᠣᠢ?  
       一 ᠠᠬ᠎ᠠ ᠲᠠ ᠨᠢᠭᠡ ᠠᠷᠭ᠎ᠠ ᠭᠠᠷᠭᠠᠬᠤ ᠦᠭᠡᠢ ᠊ᠦᠦ?  
       一 ᠶᠠᠭᠠᠬᠢᠬᠤ ᠪᠣᠢ ᠳᠠ! ᠤᠴᠢᠷ ᠶᠠᠪᠤᠳᠠᠯ ᠨᠢᠭᠡᠨᠲᠡ ᠡᠢᠮᠦ ᠪᠣᠯᠴᠢᠬᠠᠭᠰᠠᠨ ᠬᠣᠢᠨ᠎ᠠ ᠤᠷᠢᠳ ᠢ᠋ᠶ᠋ᠠᠷ ᠵᠥᠭᠡᠯᠡᠨ ᠢ᠋ᠶ᠋ᠡᠷ ᠣᠷᠣᠵᠤ ᠠᠭᠠᠵᠢᠮ ᠢ᠋ᠶ᠋ᠠᠷ ᠡᠪ ᠢ᠋ ᠨᠢ ᠦᠵᠡᠬᠦ ᠦᠭᠡᠢ ᠊ᠦᠦ ᠳᠡ! ᠭᠡᠵᠦ ᠳᠠᠯᠠᠨᠲᠠᠢ ᠬᠡᠯᠡᠭᠰᠡᠨ ᠳ᠋ᠦ᠍ ᠠᠩᠴᠢᠨᠵᠠᠪ᠄  
       一 ᠬᠡᠩ! ᠴᠣᠭᠪᠠᠭᠠᠲᠤᠷ ᠴᠢᠨᠦ ᠵᠥᠭᠡᠯᠡᠨ ᠦᠭᠡᠨ ᠦ᠌ ᠲᠡᠢᠮᠦ ᠠᠮᠠᠷᠬᠠᠨ ᠣᠷᠣᠴᠢᠬᠠᠨ᠎ᠠ ᠊ᠤᠤ⁈ ᠭᠡᠪᠡ᠃ 
      一 ᠪᠢ ᠭᠡᠳᠡᠷᠭᠦ ᠪᠡᠨ ᠴᠡᠷᠢᠭ ᠲᠡᠭᠡᠨ ᠣᠴᠢᠶ᠎ᠠ᠂ ᠨᠠᠳᠠ ᠴᠡᠷᠢᠭ ᠦ᠋ᠨ ᠨᠣᠶᠠᠨ ᠵᠡᠷᠭᠡ ᠶ᠋ᠢ ᠮᠢᠨᠢ ᠰᠡᠷᠭᠦᠭᠡᠭᠡᠳ ᠠᠯᠢ ᠭᠡᠬᠦ ᠳ᠋ᠦ᠍ ᠴᠣᠭᠪᠠᠭᠠᠲᠤᠷ《 ᠪᠣᠯᠤᠨ᠎ᠠ᠂ ᠴᠢ ᠢᠷ᠎ᠡ! ᠮᠠᠢ ᠴᠢᠮ᠎ᠠ ᠳ᠋ᠤ᠌ ᠵᠡᠷᠭᠡ ᠥᠭᠭᠦᠶ᠎ᠡ!》 ᠭᠡᠳ ᠬᠡᠦᠬᠡᠳ ᠦ᠋ᠨ ᠨᠠᠭᠠᠳᠤᠮ ᠰᠢᠭ᠋ ᠰᠢᠤᠬᠠᠨ ᠶᠠᠭᠤᠮ᠎ᠠ ᠠᠢᠯᠠᠳᠳᠠᠭ ᠬᠥᠮᠦᠨ ᠦ᠌ ᠨᠢᠭᠡ ᠭᠡᠵᠦ ᠬᠢᠯᠪᠠᠷ ᠢ᠋ᠶ᠋ᠠᠷ ᠪᠣᠳᠣᠵᠤ ᠪᠣᠯᠬᠤ ᠦᠭᠡᠢ! ᠲᠠᠨᠤᠰ ᠲᠠᠩᠳᠠ ᠲᠣᠭᠯᠠᠭᠠᠮ ᠨᠠᠭᠠᠳᠤᠮ ᠰᠢᠭ᠋ ᠶᠠᠭᠤᠮ᠎ᠠ ᠶᠠᠷᠢᠬᠤ ᠶᠤᠮ᠃ 
       一 ᠲᠡᠭᠡᠭᠡᠳ ᠣᠳᠣ ᠶᠠᠭᠠᠬᠢᠨ᠎ᠠ ᠪᠣᠢ? ᠠᠩᠴᠢᠨᠵᠠᠪ ᠠᠬ᠎ᠠ ᠲᠠ ᠬᠡᠯᠡ! ᠲᠠ ᠮᠠᠨᠤᠰ ᠲᠤ᠌ ᠨᠢᠭᠡ ᠠᠷᠭ᠎ᠠ ᠤᠬᠠᠭᠠᠨ ᠭᠠᠷᠭᠠᠵᠤ ᠥᠭ! ᠲᠠ ᠶᠠᠭᠤ ᠯᠠ ᠭᠡᠪᠡᠯ ᠪᠢᠳᠡ ᠲᠡᠭᠦᠨ ᠡᠴᠡ ᠴᠢᠨᠢ ᠪᠤᠴᠠᠬᠤ ᠦᠭᠡᠢ᠁ ᠭᠡᠵᠦ ᠡᠨᠡ ᠬᠡᠳᠦᠭᠦᠯᠡ ᠪᠠᠷᠤᠭ ᠵᠡᠷᠭᠡ ᠪᠡᠷ ᠳᠤᠤᠭᠠᠷᠪᠠ᠃ 
       一 ᠲᠠ ᠨᠠᠷ ᠦᠨᠡᠬᠡᠷ ᠬᠠᠯᠠ ᠵᠣᠪᠠᠯᠠᠩ ᠠᠮᠰᠠᠭᠰᠠᠨ ᠪᠠᠢᠳᠠᠯ ᠲᠠᠢ᠃ ᠲᠠᠨᠤᠰ ᠤ᠋ᠨ ᠲᠥᠯᠥᠭᠡ ᠮᠢᠨᠦ ᠳᠣᠲᠣᠷ᠎ᠠ ᠴᠤ᠌ ᠡᠪ ᠦᠭᠡᠢ ᠯᠡ ᠪᠠᠢᠨ᠎ᠠ᠃  
       一 ᠠᠩᠴᠢᠨᠵᠠᠪ ᠳᠠᠷᠤᠭ᠎ᠠ ᠠ᠋! 
       一 ᠠᠩᠴᠢᠨᠵᠠᠪ ᠭᠤᠸᠠᠢ ᠠ᠋!   
       一 ᠠᠩᠴᠢᠨᠵᠠᠪ ᠠᠬ᠎ᠠ ᠠ᠋! ᠭᠡᠵᠦ ᠨᠥᠭᠦᠭᠡ ᠬᠡᠳᠦᠭᠦᠯᠡ ᠵᠦᠭ ᠵᠦᠭ ᠡᠴᠡ ᠠᠩᠴᠢᠨᠵᠠᠪ ᠢ᠋ ᠬᠦᠷᠢᠶᠡᠯᠡᠨ᠂ ᠠᠷᠢᠶᠠᠪᠠᠯᠤ ᠪᠤᠷᠬᠠᠨ ᠠ᠋ᠴᠠ ᠠᠪᠤᠷᠠᠯ ᠭᠤᠶᠤᠬᠤ ᠰᠢᠭ᠋ ᠰᠥᠭᠥᠳᠦᠨ ᠮᠥᠷᠭᠥᠪᠡ᠃  
       一 ᠪᠣᠰᠴᠠᠭ᠎ᠠ! ᠶᠠᠭᠠᠬᠢᠵᠤ ᠪᠠᠢᠬᠤ ᠨᠢ ᠡᠨᠡ ᠪᠣᠢ? ᠲᠠ ᠨᠠᠷ ᠲᠤ᠌ ᠴᠡᠷᠢᠭ ᠬᠥᠮᠦᠨ ᠦ᠌ ᠮᠠᠶᠢᠭ ᠪᠠᠢᠨ᠎ᠠ ᠊ᠤᠤ? ᠭᠡᠰᠡᠨ ᠳ᠋ᠦ᠍ ᠨᠥᠭᠦᠭᠡ ᠬᠡᠳᠦᠭᠦᠯᠡ ᠲᠡᠭ ᠭᠡᠲᠡᠯ᠎ᠡ ᠵᠣᠭᠰᠣᠭᠠᠳ᠄  
       一 ᠪᠢᠳᠡ ᠲᠠᠨ ᠤ᠋ ᠦᠭᠡ ᠶ᠋ᠢ ᠯᠡ ᠰᠣᠨᠣᠰᠤᠨ᠎ᠠ! ᠭᠡᠪᠡ᠃  
       ᠡᠨᠡ ᠬᠡᠳᠦᠭᠦᠯᠡ ᠶ᠋ᠢᠨ ᠢᠢᠨ ᠬᠦ᠌ ᠬᠥᠭᠡᠷᠦᠬᠦᠢᠯᠡᠯᠲᠡᠢ ᠳᠦᠷᠢ ᠶ᠋ᠢ ᠬᠠᠷᠠᠭᠠᠳ ᠠᠩᠴᠢᠨᠵᠠᠪ ᠤ᠋ᠨ ᠰᠡᠳᠬᠢᠯ ᠵᠥᠭᠡᠯᠡᠷᠡᠨ᠄  
       一 ᠲᠠ ᠨᠠᠷ ᠵᠠᠪᠠᠯ ᠨᠠᠳᠠ ᠪᠠᠷ ᠠᠷᠭ᠎ᠠ ᠤᠬᠠᠭᠠᠨ ᠭᠠᠷᠭᠠᠭᠤᠯᠤᠨ᠎ᠠ ᠭᠡᠪᠡᠯ ᠮᠢᠨᠦ ᠭᠠᠭᠴᠠᠬᠠᠨ ᠬᠦᠰᠡᠯ ᠢ᠋ ᠬᠦᠯᠢᠶᠡᠵᠦ ᠴᠤᠴᠠᠯ ᠦᠭᠡᠢ ᠪᠡᠶᠡᠯᠡᠭᠦᠯᠬᠦ ᠬᠡᠷᠡᠭᠲᠡᠢ᠃ ᠡᠰᠡ ᠲᠡᠢᠮᠦ ᠪᠣᠯ ᠪᠢ ᠵᠥᠩᠳᠡᠭᠡᠨ ᠵᠦᠯᠴᠢᠢᠵᠦ ᠶᠠᠪᠤᠭᠰᠠᠨ ᠨᠢ ᠳᠡᠭᠡᠷ᠎ᠡ᠁ ᠭᠡᠵᠦ ᠬᠡᠯᠡᠵᠦ ᠪᠠᠷᠠᠬᠤ ᠠ᠋ᠴᠠ ᠡᠮᠦᠨ᠎ᠡ ᠳᠤᠭᠠᠷᠵᠠᠪ᠂  ᠨᠠᠢ᠍᠊ᠮᠠᠨᠵᠢᠩ᠂ ᠲᠣᠭᠲᠠᠭᠤᠨᠪᠢᠯᠢᠭ᠌ ᠨᠠᠷ᠄  
       一 ᠠᠩᠴᠢᠨᠵᠠᠪ ᠠᠬ᠎ᠠ ᠲᠠ ᠬᠡᠯᠡᠭᠡᠴᠢ! ᠭᠠᠯᠪᠠ ᠶᠡᠭᠦᠷᠡᠪᠡᠴᠦ ᠭᠠᠷ ᠢ᠋ᠶ᠋ᠠᠷ ᠢ᠋ᠶ᠋ᠠᠨ ᠲᠤᠯᠤᠭᠠᠳ ᠠᠪᠤᠨ᠎ᠠ᠂ ᠲᠩᠷᠢ ᠨᠤᠷᠠᠪᠠᠴᠤ ᠲᠣᠯᠣᠭᠠᠢ ᠪᠠᠷ ᠢ᠋ᠶ᠋ᠠᠨ ᠲᠤᠯᠵᠤ ᠵᠣᠭᠰᠣᠨ᠎ᠠ ᠪᠢᠳᠡ! ᠭᠡᠵᠦ ᠵᠣᠷᠢᠭ ᠬᠠᠲᠠᠭᠤᠬᠠᠨ ᠳᠤᠤᠭᠠᠷᠬᠤ ᠳ᠋ᠤ᠌ ᠲᠡᠷᠡ ᠳᠣᠲᠣᠷ᠎ᠠ ᠪᠠᠨ《ᠴᠣᠭᠪᠠᠭᠠᠲᠤᠷ ᠨᠠᠷ ᠬᠠᠲᠤᠨ ᠰᠧᠯᠢᠩ ᠢ᠋ ᠠᠯᠠᠵᠤ ᠪᠣᠯᠤᠭᠰᠠᠨ ᠪᠠᠢᠬᠤ ᠳ᠋ᠤ᠌ ᠪᠢ ᠲᠡᠳᠡᠨᠦᠰ ᠢ᠋ ᠤᠬᠠᠭᠠᠯᠠᠵᠤ ᠦᠵᠡᠬᠦ ᠳ᠋ᠦ᠍ ᠶᠠᠭᠠᠬᠢᠳᠠᠭ ᠶᠤᠮ》 ᠭᠡᠵᠦ ᠰᠢᠢᠳᠦᠨ᠄ 
       一 ᠲᠠᠨᠤᠰ ᠨᠠᠳᠠ ᠴᠣᠭᠪᠠᠭᠠᠲᠤᠷ ᠢ᠋ ᠠᠮᠢᠳᠤ ᠪᠠᠷ ᠨᠢ ᠪᠠᠷᠢᠵᠤ ᠠᠪᠴᠢᠷᠠᠬᠤ ᠵᠣᠷᠢᠭ ᠪᠠᠢᠪᠠᠯ ᠪᠢ ᠲᠠᠨᠤᠰ ᠲᠤ᠌ ᠠᠷᠭ᠎ᠠ ᠤᠬᠠᠭᠠᠨ ᠵᠢᠭᠠᠵᠤ ᠥᠭᠭᠦᠶ᠎ᠡ! ᠭᠡᠰᠡᠨ ᠳ᠋ᠦ᠍ ᠨᠠᠢᠮᠠᠨᠵᠢᠩ᠄ 
       — ᠴᠣᠭᠪᠠᠭᠠᠲᠤᠷ ᠢ᠋ ᠪᠠᠷᠢᠬᠤ ᠳ᠋ᠤ᠌ ᠠᠮᠠᠷᠬᠠᠨ! ᠲᠤᠩ ᠪᠣᠯᠬᠤ ᠦᠭᠡᠢ ᠪᠣᠯ ᠳᠣᠯᠢᠶᠠᠪᠤᠷ ᠬᠤᠷᠤᠭᠤ ᠳᠣᠬᠢᠰᠬᠢᠬᠦ ᠳ᠋ᠦ᠍ ᠲᠣᠬᠢᠷ ① ᠲᠣᠯᠣᠭᠠᠢ ᠨᠢ ᠤᠨᠠᠨ᠎ᠠ ᠭᠡᠪᠡ᠃  
       一 ᠬᠡᠩ᠂ ᠠᠮᠠ ᠳᠠᠪᠠᠬᠤ ᠦᠭᠡᠢ ᠦᠭᠡ ᠪᠢᠲᠡᠭᠡᠢ ᠶᠠᠷᠢ! ᠲᠡᠢᠮᠦ ᠬᠢᠯᠪᠠᠷᠬᠠᠨ ᠶᠠᠪᠤᠳᠠᠯ ᠪᠢᠰᠢ᠃  ᠴᠣᠭᠪᠠᠭᠠᠲᠤᠷ ᠢ᠋ ᠠᠮᠢᠳᠤ ᠪᠠᠷ ᠨᠢ ᠪᠠᠷᠢᠬᠤ ᠠ᠋ᠴᠠ ᠪᠢᠰᠢ ᠠᠯᠠᠵᠤ ᠪᠣᠯᠬᠤ ᠦᠭᠡᠢ᠁ ᠭᠡᠰᠡᠨ ᠳ᠋ᠦ᠍ ᠳᠠᠯᠠᠨᠲᠠᠢ ᠲᠣᠰᠴᠤ᠄ 
       一 ᠶᠠᠭᠠᠬᠢᠭᠠᠳ? ᠴᠣᠭᠪᠠᠭᠠᠲᠤᠷ ᠨᠠᠷ ᠪᠠᠭ᠎ᠠ ᠬᠠᠲᠤᠨ ᠰᠧᠯᠢᠩ ᠢ᠋ ᠠᠯᠠᠵᠤ ᠪᠣᠯᠤᠭᠰᠠᠨ ᠪᠠᠢᠬᠤ ᠳ᠋ᠤ᠌ ᠪᠢᠳᠡ ᠲᠡᠭᠦᠨ ᠢ᠋ ᠠᠯᠠᠬᠤ ᠳ᠋ᠤ᠌ ᠶᠠᠭᠠᠬᠢᠳᠠᠭ ᠶᠤᠮ⁈ ᠨᠢᠭᠡ ᠯᠡ ᠰᠤᠮᠤᠨ ᠳ᠋ᠤ᠌ ᠴᠠᠭᠠᠰᠢ ᠨᠢ ᠬᠠᠨᠳᠤᠭᠤᠯᠴᠢᠬᠠᠪᠠᠯ ᠳᠡᠭᠡᠷ᠎ᠡ ᠶᠦᠮ ᠭᠡᠵᠦ ᠬᠣᠷᠣᠰᠤᠯᠲᠠᠢ ᠶᠠᠷᠢᠨ᠎ᠠ᠃ 
       一 ᠲᠠ ᠨᠠᠷ ᠴᠣᠭᠪᠠᠭᠠᠲᠤᠷ ᠢ᠋ ᠠᠮᠢᠳᠤ ᠪᠠᠷ ᠪᠠᠷᠢᠬᠤ ᠶ᠋ᠢ ᠪᠣᠳᠣ! ᠲᠡᠭᠦᠨ ᠢ ᠤᠰᠠᠳᠬᠠᠪᠠᠯ ᠪᠦᠬᠦ ᠶᠠᠭᠤᠮ᠎ᠠ ᠪᠠᠰᠠ ᠪᠤᠷᠤᠭᠤ ᠪᠠᠷ ᠡᠷᠭᠢᠨ᠎ᠡ᠁ ᠪᠤᠴᠠᠭᠠᠵᠤ ᠬᠡᠯᠡᠬᠦ ᠳ᠋ᠦ᠍ ᠨᠢᠭᠡ ᠯᠡ ᠰᠤᠮᠤᠨ ᠳ᠋ᠤ᠌ ᠲᠣᠩᠭᠣᠷᠠᠭᠤᠯᠴᠢᠬᠠᠪᠠᠯ ᠴᠤ᠌ ᠶᠠᠭᠠᠬᠢᠬᠤ ᠪᠣᠢ! ᠲᠡᠢᠮᠦ ᠪᠢᠰᠢ ᠪᠣᠯ ᠴᠢ ᠪᠢᠳᠡᠨ ᠦ᠌ ᠪᠥᠨᠲᠥᠭᠡᠷ ᠮᠥᠷᠦᠨ ᠳᠡᠭᠡᠷ᠎ᠡ ᠪᠡᠨ ᠲᠣᠭᠲᠠᠬᠤ ᠦᠭᠡᠢ ᠮᠥᠷᠲᠡᠭᠡᠨ ᠠᠷᠤ ᠭᠡᠷ ᠲᠡᠬᠢ ᠠᠪᠠᠭᠠᠢ ᠬᠡᠦᠬᠡᠳ ᠴᠦ᠍ ᠬᠦᠢᠰᠦ ᠲᠡᠮᠲᠡᠷᠢᠭᠦᠯᠬᠦ ᠪᠣᠯᠤᠨ᠎ᠠ᠃   
       一 ᠁  
       ᠴᠠᠭᠠᠳᠤᠬᠢ ᠨᠤᠭᠤᠳ ᠨᠢ ᠦᠭᠡ ᠳᠠᠭᠤᠨ ᠦᠭᠡᠢ ᠬᠡᠰᠡᠭ ᠮᠡᠯᠡᠷᠡᠵᠦ《ᠲᠠ ᠰᠠᠨᠠᠭ᠎ᠠ ᠠᠮᠤᠷ ᠪᠠᠢ》 ᠭᠡᠰᠡᠨ ᠰᠢᠭ ᠲᠣᠯᠣᠭᠠᠢ ᠳᠣᠬᠢᠵᠠᠭᠠᠨ᠎ᠠ᠃ 
       ᠠᠩᠴᠢᠨᠵᠠᠪ᠂ ᠲᠠ ᠨᠠᠷ ᠤᠬᠠᠭᠠᠨᠲᠠᠢ ᠣᠷᠣᠵᠤ ᠴᠣᠭᠪᠠᠭᠠᠲᠤᠷ ᠢ᠋ ᠡᠨᠳᠡ ᠪᠠᠷᠢᠵᠤ ᠠᠪᠴᠢᠷᠠ᠂ ᠡᠪᠲᠡᠢ ᠰᠠᠢᠬᠠᠨ ᠬᠡᠯᠡᠯᠴᠡᠭᠡᠷ ᠬᠢᠵᠦ ᠲᠡᠭᠦᠨ ᠢ᠋ᠶ᠋ᠡᠷ ᠶᠡᠬᠡ ᠴᠡᠷᠢᠭ ᠬᠥᠳᠡᠯᠭᠡᠵᠦ ᠤᠯᠠᠭᠠᠨ ᠡᠷᠭᠢ ᠶ᠋ᠢᠨ ᠪᠡᠯᠴᠢᠭᠡᠷ ᠨᠤᠲᠤᠭ ᠢ᠋ ᠬᠠᠭᠠᠯᠪᠤᠷᠢᠯᠠᠨ ᠲᠠᠯᠬᠢᠳᠠᠵᠤ ᠪᠠᠢᠭ᠎ᠠ ᠸᠠᠩ ᠰᠣᠬᠣᠷ ᠤ᠋ᠨ ᠬᠠᠷ᠎ᠠ ᠴᠡᠷᠢᠭ ᠢ᠋ ᠬᠥᠭᠡᠭᠡᠵᠦ ᠶᠠᠪᠤᠭᠤᠯᠤᠶ᠎ᠠ᠃ ᠨᠤᠲᠤᠭ ᠪᠡᠯᠴᠢᠭᠡᠷ ᠢ᠋ᠶ᠋ᠡᠨ ᠬᠠᠮᠠᠭᠠᠯᠠᠨ ᠸᠠᠩ ᠰᠣᠬᠣᠷ ᠢ᠋ ᠬᠠᠰᠢᠷᠠᠲᠠᠯ᠎ᠠ ᠨᠣᠮᠯᠠᠶ᠎ᠠ ᠭᠡᠵᠦ ᠲᠡᠷᠲᠡᠭᠡ ᠲᠣᠭᠣᠰᠣ ᠮᠠᠨᠠᠨ ᠲᠠᠲᠠᠭᠰᠠᠨ ᠤᠯᠠᠭᠠᠨ ᠡᠷᠭᠢ ᠶ᠋ᠢᠨ ᠡᠮᠦᠨ᠎ᠡ ᠵᠠᠬ᠎ᠠ ᠶ᠋ᠢ ᠪᠠᠷᠠᠯᠠᠵᠤ ᠶᠠᠷᠢᠭᠰᠠᠨ ᠳ᠋ᠤ᠌ ᠪᠦᠭᠦᠳᠡᠭᠡᠷ ᠢ᠋ᠶ᠋ᠡᠨ《ᠵᠠ᠂ ᠲᠡᠭᠡᠶ᠎ᠡ》 ᠭᠡᠵᠡᠭᠡᠨ ᠬᠥᠳᠡᠯᠪᠡ᠃  
       ᠡᠳᠡᠨᠥᠰ ᠭᠤᠷᠪᠠᠳᠠᠬᠢ ᠡᠳᠦᠷ ᠦ᠋ᠨ ᠨᠠᠷᠠ ᠭᠠᠷᠬᠤ ᠳ᠋ᠤ᠌ ᠠᠷᠤ ᠰᠢᠲᠦᠭᠡᠨ ᠠᠭᠤᠯᠠ ᠶ᠋ᠢᠨ ᠡᠩᠭᠡᠷ ᠲᠦ᠍ ᠬᠣᠶᠠᠷ ᠲᠠᠯ᠎ᠠ ᠠ᠋ᠴᠠ ᠪᠠᠨ ᠬᠥᠬᠡ ᠲᠤᠭ ᠬᠤᠷᠤᠢᠯᠠᠯᠴᠠᠨ ᠠᠭᠤᠯᠵᠠᠬᠤ ᠪᠠᠷ ᠪᠣᠯᠵᠣᠪᠠ᠃    

— — — —
 ① ᠥᠨᠳᠥᠷ ᠪᠡᠶ᠎ᠡ ᠲᠡᠢ ᠭᠡᠰᠡᠨ ᠨᠤᠲᠤᠭ ᠤ᠋ᠨ ᠬᠡᠯᠡᠯᠭᠡ᠃   


            ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ