ᠲᠦᠲᠦᠭᠡᠷ ᠪᠣᠲᠢ – ᠬᠣᠶᠠᠳᠤᠭᠠᠷ ᠪᠦᠯᠦᠭ <ᠵᠢᠷᠭᠤᠭᠠ>
ᠪᠠᠷᠬᠠᠰᠨᠣᠷᠪᠤ ᠯᠠᠮᠠᠬᠠᠢ ᠶ᠋ᠢᠨ ᠴᠢᠬᠢᠨ ᠭᠡᠷ ᠦ᠋ᠨ ᠡᠭᠦᠳᠡᠨ ᠳᠡᠭᠡᠷᠡ ᠰᠢᠷᠠ ᠨᠣᠬᠠᠢ ᠨᠢ ᠱᠠᠩ ᠱᠠᠩ ᠭᠡᠵᠦ ᠰᠣᠨᠣᠰᠪᠤᠷᠢ ᠮᠠᠭᠤᠲᠠᠢ ᠶᠠᠩᠰᠢᠨ ᠬᠣᠷᠭᠣᠭᠣᠨᠠ᠃
ᠴᠣᠭᠪᠠᠭᠠᠲᠤᠷ ᠪᠠᠭᠠ ᠬᠠᠲᠤᠨ ᠤ᠋ ᠲᠡᠨᠳᠡ ᠡᠴᠡ ᠭᠠᠷᠴᠤ ᠨᠡᠯᠢᠶᠡᠳ ᠤᠳᠠᠭᠠᠨ ᠭᠠᠳᠠᠭᠤᠷ ᠬᠣᠯᠬᠢᠬᠤ ᠳ᠋ᠠᠭᠠᠨ(ᠡᠯᠳᠡᠩᠭᠡ ᠵᠣᠳᠪᠠ ᠬᠣᠶᠠᠷ ᠢ᠋ ᠲᠣᠨᠢᠯᠭᠠᠴᠢᠬᠠᠬᠤ ᠊ᠤᠤ ᠳᠠ! ᠪᠠᠷᠠᠭᠤᠨ ᠬᠦᠩ ᠦ᠋ᠨ ᠵᠠᠰᠠᠭ ᠤ᠋ᠨ ᠵᠠᠰᠠᠭ ᠴᠡᠷᠢᠭ ᠦ᠋ᠨ ᠶᠡᠬᠡ ᠡᠷᠬᠡ᠁ ᠪᠠᠭᠠ ᠬᠠᠲᠤᠨ ᠤ᠋ ᠬᠡᠯᠡᠭᠰᠡᠨ ᠢ᠋ᠶ᠋ᠡᠷ ᠪᠢ ᠡᠴᠢᠭᠡ ᠶ᠋ᠢᠨ ᠮᠢᠨᠢ ᠠᠯᠠᠭᠰᠠᠨ ᠥᠰᠢᠶᠡᠲᠡᠨ ᠲᠡᠢ ᠪᠡᠨ ᠨᠢᠭᠡ ᠬᠠᠮᠠᠷ ᠢ᠋ᠶ᠋ᠠᠷ ᠠᠮᠢᠰᠬᠤᠵᠤ ᠬᠥᠮᠦᠨ ᠦ᠌ ᠴᠢᠨᠠᠷ ᠦᠭᠡᠢ ᠶᠠᠭᠤᠮᠠ ᠬᠢᠴᠢᠬᠡᠯᠡ ᠭᠡᠵᠢ ᠊ᠤᠤ? ᠲᠤᠰᠠᠯᠠᠭᠴᠢ ᠡᠯᠳᠡᠩᠭᠡ ᠪᠣᠯ ᠣᠳᠣ ᠮᠢᠨᠦ ᠬᠠᠳᠠᠮ ᠡᠪᠦᠭᠡ ᠪᠣᠯᠬᠤ ᠤᠬᠠᠭᠠᠨ ᠲᠠᠢ᠂ ᠪᠠᠭᠠ ᠬᠠᠲᠤᠨ ᠤ᠋ ᠵᠠᠷᠯᠢᠭ ᠢ᠋ᠶ᠋ᠠᠷ ᠡᠴᠢᠭᠡ ᠶ᠋ᠢᠨ ᠥᠰᠢᠶᠡ ᠶ᠋ᠢ ᠠᠪᠴᠤ ᠬᠢᠯᠢᠰ ᠰᠦᠨᠡᠰᠦ ᠶ᠋ᠢ ᠨᠢ ᠪᠠᠶᠠᠷᠯᠠᠭᠤᠯᠤᠶᠠ ᠭᠡᠪᠡᠯ ᠳᠣᠯᠢᠶᠠᠪᠤᠷ ᠬᠤᠷᠤᠭᠤ ᠳᠣᠬᠢᠰᠬᠢᠬᠦ ᠳ᠋ᠦ᠍ ᠡᠯᠳᠡᠩᠭᠡ ᠡᠷᠯᠢᠭ ᠲᠦ᠍ ᠮᠣᠷᠳᠠᠴᠢᠬᠠᠨᠠ᠃ ᠪᠠᠭᠠ ᠬᠠᠲᠤᠨ ᠣᠳᠣ ᠬᠡᠳᠦᠢᠪᠡᠷ ᠬᠣᠷᠢᠭᠳᠠᠵᠤ ᠪᠠᠢᠭᠠ ᠪᠣᠯᠪᠠᠴᠤ ᠮᠥᠨ ᠯᠡ ᠪᠠᠷᠠᠭᠤᠨ ᠬᠦᠩ ᠦ᠋ᠨ ᠵᠢᠯᠣᠭᠣ ᠶ᠋ᠢ ᠪᠠᠷᠢᠵᠤ ᠪᠠᠢᠭᠠ᠁ ᠲᠡᠭᠦᠨ ᠦ᠌ ᠦᠭᠡ ᠪᠡᠷ ᠡᠯᠳᠡᠩᠭᠡ ᠶ᠋ᠢ ᠲᠣᠨᠢᠯᠭᠠᠴᠢᠬᠠᠬᠤ ᠳ᠋ᠤ᠌ ᠵᠠᠩᠵᠤᠨ ᠶᠠᠮᠤᠨ ᠤ᠋ ᠲᠥᠷᠥ ᠶ᠋ᠢᠨ ᠲᠦᠰᠢᠭ ᠲᠡᠢ ᠪᠠᠭᠠ ᠬᠠᠲᠤᠨ ᠮᠢᠨᠦ ᠭᠠᠪᠢᠶᠠ ᠶ᠋ᠢ ᠲᠡᠮᠳᠡᠭᠯᠡᠵᠦ ᠵᠡᠷᠭᠡ ᠵᠢᠩᠰᠡ ᠨᠡᠮᠡᠵᠦ ᠥᠭᠬᠦ ᠪᠣᠯ ᠪᠠᠲᠤᠯᠠᠭᠠ ᠲᠠᠢ᠃ ᠡᠯᠳᠡᠩᠭᠡ ᠵᠣᠳᠪᠠ ᠶ᠋ᠢᠨ ᠭᠤᠯᠭᠤᠭᠰᠠᠨ ᠦᠭᠡ ᠪᠡᠷ ᠬᠤᠳᠠᠷᠭᠠ ᠦᠭᠡᠢ ᠶᠠᠪᠤᠳᠠᠯ ᠬᠢᠵᠦ ᠠᠳᠠᠭ ᠨᠢ ᠬᠠᠲᠤᠨ ᠳ᠋ᠤ᠌ ᠬᠣᠣᠷ ᠬᠦᠷᠭᠡᠭᠡᠳ ᠰᠡᠭᠦᠯ ᠳ᠋ᠦ᠍ᠨᠢ ᠵᠠᠩᠵᠤᠨ ᠶᠠᠮᠤᠨ ᠠ᠋ᠴᠠ ᠵᠠᠷᠭᠤ ᠬᠥᠭᠡᠭᠡᠴᠡᠯᠳᠦᠬᠦ ᠳ᠋ᠦ᠍ ᠬᠦᠷᠪᠡᠯ ᠲᠡᠳᠡ ᠬᠣᠶᠠᠷ ᠨᠠᠳᠠ ᠡᠵᠡᠨ ᠰᠠᠭᠤᠵᠤ ᠴᠢᠳᠠᠨᠠ ᠊ᠤᠤ ᠳᠠ! ᠵᠠ᠂ ᠪᠠᠢᠵᠠ᠂ ᠡᠨᠡ ᠮᠠᠭᠤ ᠰᠠᠢᠨ ᠵᠥᠨᠥᠲᠦᠭ ᠦ᠋ᠳ ᠢ᠋᠁) ᠭᠡᠵᠦ ᠬᠠᠷᠢᠶᠠᠯ ᠲᠠᠯᠪᠢᠨ ᠪᠠᠭᠠ ᠬᠠᠲᠤᠨ ᠤ᠋ ᠤᠬᠢᠯᠠᠨ ᠬᠠᠢᠯᠠᠨ ᠬᠡᠯᠡᠭᠰᠡᠨ ᠦᠭᠡᠰ ᠨᠢ ᠲᠡᠭᠦᠨ ᠦ᠌ ᠪᠣᠳᠣᠯ ᠤ᠋ᠨ ᠡᠭᠡᠳᠡᠷᠡᠭᠡᠨ ᠢ᠋ ᠠᠯᠳᠠᠷᠠᠭᠠᠨ ᠡᠴᠦᠰ ᠲᠡᠭᠡᠨ ᠡᠯᠳᠡᠩᠭᠡ ᠵᠣᠳᠪᠠ ᠬᠣᠶᠠᠷ ᠢ᠋ ᠤᠰᠠᠳᠬᠠᠬᠤ ᠪᠠᠷ ᠰᠢᠢᠳᠴᠦ᠂ ᠲᠡᠷᠡ ᠵᠦᠭ ᠬᠥᠲᠥᠯᠦᠭᠳᠡᠨ ᠠᠯᠬᠤᠯᠠ᠁
ᠴᠣᠭᠪᠠᠭᠠᠲᠤᠷ ᠪᠠᠭᠠ ᠬᠠᠲᠤᠨ ᠬᠣᠶᠠᠷ ᠯᠠᠮᠠ ᠶ᠋ᠢᠨ ᠭᠡᠷ ᠲᠦ᠍ ᠪᠠᠬᠠᠨ ᠤᠳᠠᠭᠠᠨ ᠶᠠᠷᠢᠯᠴᠠᠭᠰᠠᠨ ᠢ᠋ ᠴᠣᠩᠬᠣᠨ ᠭᠠᠳᠠᠨᠠ ᠠ᠋ᠴᠠ ᠮᠠᠨᠠᠭᠠᠨ ᠤ᠋ ᠴᠡᠷᠢᠭ ᠲᠣᠪ ᠲᠣᠳᠣᠷᠬᠠᠢ ᠰᠣᠨᠣᠰᠤᠭᠠᠳ ᠡᠭᠡᠯᠵᠢ ᠵᠢᠰᠢᠶᠠ ᠬᠠᠯᠠᠬᠤ ᠳ᠋ᠤ᠌ ᠬᠡᠳᠦᠢᠨ ᠡᠯᠳᠡᠩᠭᠡ ᠳ᠋ᠦ᠍ ᠬᠡᠯᠡ ᠬᠦᠷᠭᠡᠵᠦ ᠵᠠᠪᠳᠤᠵᠠᠢ᠃ ᠬᠠᠰᠢᠷ ᠲᠠᠮᠢᠷ ᠢ᠋ᠶ᠋ᠠᠷ ᠲᠡᠨᠢᠭᠦᠬᠡᠨ ᠠᠮᠢᠰᠬᠤᠵᠤ ᠴᠢᠳᠠᠳᠠᠭ ᠡᠯᠳᠡᠩᠭᠡ᠂ ᠴᠣᠭᠪᠠᠭᠠᠲᠤᠷ ᠤ᠋ᠨ ᠰᠤᠳᠠᠯ ᠢ᠋ ᠰᠠᠢᠨ ᠮᠡᠳᠡᠳᠡᠭ ᠪᠣᠯᠬᠣᠷ ᠮᠠᠨᠠᠭᠠᠨ ᠤ᠋ ᠬᠥᠮᠦᠨ ᠳ᠋ᠦ᠍ ᠥᠪᠡᠷ ᠦ᠋ᠨ ᠢᠲᠡᠭᠡᠯ ᠲᠡᠢ ᠬᠥᠮᠦᠨ ᠢ᠋ᠶ᠋ᠡᠨ ᠣᠷᠣᠭᠤᠯᠤᠭᠰᠠᠨ ᠢ᠋ ᠬᠡᠨ ᠴᠦ᠍ ᠮᠡᠳᠡᠭᠰᠡᠨ ᠦᠭᠡᠢ᠃ ᠶᠠᠮᠠᠷ ᠴᠤ᠌ ᠣᠷᠴᠢᠨ ᠠᠬᠤᠢ ᠳ᠋ᠤ᠌ ᠲᠡᠷᠡ ᠡᠮᠦᠨᠡᠰᠢ ᠨᠢᠭᠡ ᠤᠷᠭᠠ ᠶ᠋ᠢᠨ ᠵᠠᠢ᠂ ᠠᠷᠤᠨᠰᠢ ᠨᠢᠭᠡ ᠤᠷᠭᠠ ᠶ᠋ᠢᠨ ᠵᠠᠢ ᠦᠯᠡᠳᠡᠭᠡᠵᠦ ᠶᠠᠪᠤᠳᠠᠭ ᠲᠤᠯᠠ ᠬᠠᠶᠠ ᠪᠦᠷ ᠠᠮᠢᠨ ᠳ᠋ᠤᠨᠢ ᠣᠷᠣᠬᠤ ᠭᠠᠢ ᠠ᠋ᠴᠠ ᠰᠠᠢᠬᠠᠨ ᠮᠤᠯᠲᠤᠷᠠᠵᠤ ᠴᠢᠳᠠᠳᠠᠭ᠃ ᠡᠨᠡ ᠤᠳᠠᠭᠠ ᠴᠤ᠌ ᠠᠴᠢ ᠬᠦᠷᠭᠡᠨ ᠦ᠌ ᠪᠡᠨ ᠫᠤᠤ ᠶ᠋ᠢᠨ ᠪᠥᠭᠯᠡᠭᠡ ᠪᠣᠯᠵᠤ ᠳᠠᠭᠤᠰᠬᠤ ᠭᠡᠨᠡᠨ ᠠᠶᠤᠯ ᠢ᠋ ᠤᠷᠢᠳᠴᠢᠯᠠᠨ ᠰᠡᠷᠭᠡᠢᠯᠡᠵᠦ ᠴᠢᠳᠠᠵᠠᠢ᠃
ᠡᠯᠳᠡᠩᠭᠡ ᠮᠠᠨᠠᠭᠠᠨ ᠤ᠋ ᠴᠡᠷᠢᠭ ᠦ᠋ᠨ ᠬᠦᠷᠭᠡᠵᠦ ᠢᠷᠡᠭᠰᠡᠨ ᠭᠡᠨᠡᠳᠲᠡ ᠶ᠋ᠢᠨ ᠠᠶᠤᠮᠰᠢᠭᠲᠤ ᠴᠢᠮᠡᠭᠡ ᠶ᠋ᠢ ᠳᠤᠭᠤᠯᠤᠭᠠᠳ ᠬᠢᠷᠦ᠋ᠬᠢᠭᠰᠡᠨ ᠪᠣᠯᠪᠠᠴᠤ᠂ ᠴᠣᠭᠪᠠᠭᠠᠲᠤᠷ ᠤ᠋ᠨ ᠰᠢᠷᠪᠠᠮᠠᠲᠠᠭᠠᠢ ᠵᠢᠩ ᠡᠴᠡ ᠪᠣᠯᠵᠤ ᠬᠤᠪᠢᠷᠠᠵᠤ ᠮᠡᠳᠡᠬᠦ ᠶᠠᠪᠤᠳᠠᠯ ᠳ᠋ᠤ᠌ ᠡᠷᠲᠡ ᠡᠴᠡ ᠰᠡᠷᠡᠮᠵᠢ ᠠᠪᠴᠠᠢ᠃ ᠮᠥᠨ ᠬᠦ᠌ ᠴᠣᠭᠪᠠᠭᠠᠲᠤᠷ ᠤ᠋ᠨ ᠰᠦᠷ ᠪᠠᠳᠠᠷᠠᠭᠤᠯᠤᠨ ᠣᠷᠣᠵᠤ ᠢᠷᠡᠬᠦ ᠳ᠋ᠦ᠍ ᠪᠦᠷᠢᠨ ᠪᠡᠯᠡᠳᠬᠡᠯ ᠲᠡᠢ ᠪᠠᠢᠵᠤ᠂ ᠰᠢᠷᠡᠭᠡᠨ ᠦ᠌ ᠬᠣᠢᠲᠤ ᠲᠠᠯᠠ ᠶ᠋ᠢᠨ ᠬᠤᠷᠢᠶᠠᠯᠲᠠᠲᠠᠢ ᠣᠷᠣ ᠶ᠋ᠢ ᠲᠦᠰᠢᠵᠦ ᠬᠠᠪ ᠬᠡᠪᠲᠡᠭᠡᠳ ᠬᠦᠯᠢᠶᠡᠪᠡ᠃
ᠰᠥᠨᠢ ᠳᠦᠯᠢ ᠪᠣᠯᠵᠠᠢ᠃ ᠴᠣᠭᠪᠠᠭᠠᠲᠤᠷ ᠤ᠋ᠨ ᠶᠠᠪᠤᠳᠠᠯ ᠤᠴᠢᠷ ᠡᠯᠳᠡᠩᠭᠡ ᠶ᠋ᠢᠨ ᠳᠡᠯᠭᠡᠭᠰᠡᠨ ᠰᠢᠳᠡᠷᠡ ᠶ᠋ᠢᠨ ᠬᠥᠯᠭᠡ ᠶ᠋ᠢᠨ ᠭᠦᠶᠦᠳᠡᠯ ᠡᠴᠡ ᠠᠯᠬᠤᠮ ᠴᠤ᠌ ᠵᠥᠷᠢᠭᠰᠡᠨ ᠦᠭᠡᠢ᠃
ᠲᠦᠷᠳ᠋ ᠬᠡᠨ ᠡᠭᠦᠳᠡ ᠢᠰᠬᠦᠯᠵᠦ ᠪᠠᠨᠰᠠᠨ ᠬᠠᠭᠠᠯᠭᠠ ᠰᠠᠪᠠᠭᠳᠠᠨ ᠣᠩᠭᠣᠢᠪᠠ᠃
一 ᠡᠬᠡ ᠶ᠋ᠢ ᠨᠢ ᠨᠤᠬᠤᠭᠰᠠᠨ ᠮᠠᠭᠤ ᠰᠠᠢᠨ ᠲᠣᠯᠣᠭᠠᠢ ᠰᠢᠭᠢᠷᠡ ᠨᠢ ᠲᠠᠨᠢᠭᠳᠠᠳᠠᠭ ᠦᠭᠡᠢ ᠨᠣᠬᠠᠢ ᠶ᠋ᠢᠨ ᠰᠠᠭᠠᠷᠢ ᠨᠤᠭᠤᠳ᠁ ᠭᠡᠵᠦ ᠴᠣᠭᠪᠠᠭᠠᠲᠤᠷ ᠬᠠᠷᠢᠶᠠᠯ ᠲᠠᠯᠪᠢᠭᠰᠠᠭᠠᠷ ᠣᠷᠣᠵᠤ ᠢᠷᠡᠪᠡ᠃
ᠴᠣᠭᠪᠠᠭᠠᠲᠤᠷ ᠤ᠋ᠨ ᠢᠩᠭᠢᠵᠦ ᠠᠮᠠ ᠳᠦᠭᠦᠷᠡᠩ ᠪᠤᠵᠠᠷ ᠬᠠᠷᠢᠶᠠᠯ ᠲᠠᠢ ᠣᠷᠣᠵᠤ ᠢᠷᠡᠬᠦ ᠶ᠋ᠢ ᠤᠷᠢᠳ ᠠ᠋ᠴᠠ ᠮᠡᠳᠡᠭᠰᠡᠨ ᠡᠯᠳᠡᠩᠭᠡ ᠵᠣᠷᠢᠭᠤᠳᠠ ᠰᠣᠴᠢᠭᠰᠠᠨ ᠳᠦᠷᠢ ᠦᠵᠡᠭᠦᠯᠪᠡ᠃
ᠭᠠᠷ ᠲᠠᠭᠠᠨ ᠭᠧᠷᠮᠠᠨ ᠬᠢᠴᠡᠲᠡᠢ ᠠᠬᠤᠷ ᠫᠤᠤ ᠪᠠᠷᠢᠭᠰᠠᠨ ᠴᠣᠭᠪᠠᠭᠠᠲᠤᠷ ᠡᠭᠦᠳᠡ ᠢᠰᠬᠦᠯᠦᠨ ᠣᠷᠣᠵᠤ ᠢᠷᠡᠭᠡᠳ ᠴᠢᠷᠠᠢ ᠨᠢ ᠴᠢᠷᠠᠢ ᠪᠢᠰᠢ᠂ ᠬᠥᠮᠦᠨ ᠠᠯᠠᠮᠠ ᠬᠥᠷᠯᠡᠢᠵᠦ᠄
一 ᠬᠥᠮᠦᠨ ᠦ᠌ ᠭᠠᠷ ᠢ᠋ᠶ᠋ᠠᠷ ᠮᠣᠭᠠᠢ ᠪᠠᠷᠢᠳᠠᠭ ᠮᠠᠭᠤ ᠰᠠᠢᠨ ᠵᠣᠯᠪᠢᠩ ᠨᠣᠬᠠᠳ ᠲᠠᠨᠤᠰ ᠴᠣᠬᠣᠮ ᠶᠠᠭᠠᠬᠢᠬᠤ ᠰᠠᠨᠠᠭᠠᠲᠠᠢ ᠶᠤᠮ ⁈ ᠭᠡᠵᠦ ᠵᠠᠩᠳᠤᠷᠤᠭᠰᠠᠨ ᠳ᠋ᠤ᠌ ᠡᠯᠳᠡᠩᠭᠡ᠄
一 ᠶᠠᠭᠤ ᠪᠣᠯᠪᠠ? ᠶᠠᠮᠠᠷ ᠬᠡᠷᠡᠭ ᠭᠠᠷᠴᠢᠬᠠᠪᠠ? ᠭᠡᠵᠦ ᠨᠢᠳᠦ ᠨᠢ ᠣᠷᠣᠢ ᠳᠡᠭᠡᠷᠡ ᠪᠡᠨ ᠭᠠᠷᠴᠠᠢ᠃
一 ᠪᠢ ᠥᠨᠥᠳᠥᠷ ᠡᠴᠢᠭᠡ ᠶ᠋ᠢᠨ ᠢ᠋ᠶ᠋ᠡᠨ ᠥᠰᠢᠶᠡ ᠶ᠋ᠢ ᠠᠪᠬᠤ ᠪᠠᠷ ᠢᠷᠡᠯᠡ ᠭᠡᠬᠦ ᠲᠡᠢ ᠵᠡᠷᠭᠡ ᠠᠬᠤᠷ ᠫᠤᠤ ᠶ᠋ᠢᠨ ᠠᠮᠠ ᠶ᠋ᠢ ᠡᠯᠳᠡᠩᠭᠡ ᠶ᠋ᠢᠨ ᠮᠠᠩᠨᠠᠢ ᠳ᠋ᠤ᠌ ᠲᠤᠯᠭᠠᠪᠠ᠃
ᠰᠢᠷᠡᠭᠡᠨ ᠦ᠌ ᠤᠷᠲᠤ ᠲᠠᠯᠠ ᠳ᠋ᠤ᠌ ᠬᠠᠷᠠ ᠲᠠᠮᠠᠬᠢ ᠴᠣᠷᠭᠢᠵᠤ ᠪᠠᠢᠭᠰᠠᠨ ᠵᠣᠳᠪᠠ ᠠᠶᠤᠬᠤ ᠳ᠋ᠠᠭᠠᠨ ᠳ᠋ᠠᠢ ᠲᠠᠮᠠᠬᠢ ᠪᠠᠨ ᠠᠯᠳᠠᠵᠤ᠂ ᠰᠢᠯᠦᠰᠦ ᠪᠡᠨ ᠭᠣᠭᠣᠵᠢᠭᠤᠯᠤᠨ ᠨᠢᠳᠦ ᠨᠢ ᠪᠦᠯᠲᠡᠢᠭᠡᠳ ᠨᠤᠬᠤᠭᠰᠠᠨ ᠭᠤᠯᠢᠷ ᠰᠢᠭ᠋ ᠵᠥᠭᠡᠯᠡᠷᠡᠪᠡ᠃
ᠡᠯᠳᠡᠩᠭᠡ᠂ ᠴᠣᠭᠪᠠᠭᠠᠲᠤᠷ ᠠ᠋ᠴᠠ ᠦᠯᠦ ᠡᠮᠢᠶᠡᠨ ᠭᠡᠳᠡᠷᠭᠦ ᠣᠷᠣ ᠲᠦᠰᠢᠨ ᠭᠤᠯᠠᠰᠴᠤ ᠲᠠᠩᠭᠠᠢᠭᠠᠳ᠄
一 ᠴᠢ ᠨᠠᠮᠠᠶ᠋ᠢ ᠠᠯᠠᠵᠤ ᠪᠣᠯᠤᠨᠠ᠃ ᠪᠢ ᠴᠢᠨᠦ ᠫᠤᠤ ᠶ᠋ᠢᠨ ᠪᠥᠭᠯᠡᠭᠡ ᠪᠣᠯᠤᠭᠰᠠᠨ ᠬᠣᠢᠨᠠ ᠴᠢ ᠤᠷᠲᠤ ᠨᠠᠰᠤᠯᠠᠨᠠ ᠭᠡᠵᠦ ᠰᠠᠨᠠᠵᠤ ᠪᠠᠢᠨᠠ ᠊ᠤᠤ? ᠮᠢᠨᠦ ᠦᠬᠦᠭᠡᠷ ᠬᠥᠰᠢᠬᠦ ᠡᠴᠡ ᠡᠮᠦᠨᠡ ᠴᠢ ᠴᠦ᠍ ᠮᠢᠨᠦ ᠬᠣᠢᠨᠠ ᠠ᠋ᠴᠠ ᠲᠣᠩᠭᠣᠢᠨᠠ ᠭᠡᠳᠡᠭ ᠢ ᠪᠣᠳᠣᠭᠠ ᠦᠭᠡᠢ ᠪᠢᠵᠡ⁈ ᠴᠢ ᠭᠡᠵᠦ ᠲᠣᠮᠣᠭᠠᠲᠠᠢ ᠬᠡᠦᠬᠡᠳ ᠦ᠋ᠨ ᠬᠢᠷᠢ ᠤᠬᠠᠭᠠᠨ ᠦᠭᠡᠢ ᠬᠥᠮᠦᠨ ᠶᠦᠮ! ᠬᠡᠩ! ᠭᠡᠵᠦ ᠡᠯᠳᠡᠩᠭᠡ ᠬᠠᠮᠠᠷ ᠢ᠋ᠶ᠋ᠠᠷ ᠢ᠋ᠶ᠋ᠠᠨ ᠦᠯᠦ ᠲᠣᠭᠣᠮᠰᠠᠷᠯᠠᠭᠰᠠᠨ ᠪᠠᠢᠳᠠᠯ ᠲᠠᠢ ᠳᠤᠤᠭᠠᠷᠤᠭᠠᠳ《ᠪᠠᠯᠢᠩ ᠲᠠᠬᠢᠯ ᠢ᠋ᠶ᠋ᠠᠨ ᠬᠤᠷᠢᠶᠠᠯᠭᠠᠬᠤ ᠠ᠋ᠴᠠ ᠡᠮᠦᠨᠡ ᠲᠠᠮᠠᠬᠢᠯᠠᠴᠢᠬᠠᠶᠠ ᠬᠦ 》 ᠭᠡᠳ ᠭᠠᠩᠰᠠ ᠵᠠᠭᠤᠵᠤ ᠬᠠᠪᠲᠠᠭᠠ ᠶ᠋ᠢᠨ ᠢᠷᠣᠭᠠᠷ ᠢ᠋ ᠢᠮᠡᠷᠦᠨᠡ᠃
ᠴᠣᠭᠪᠠᠭᠠᠲᠤᠷ᠂ ᠡᠯᠳᠡᠩᠭᠡ ᠶ᠋ᠢ ᠳᠠᠩᠴᠤ ᠳᠣᠣᠷᠠ ᠦᠵᠡᠵᠡᠢ᠃ ᠲᠡᠭᠦᠨ ᠢ᠋ ᠫᠤᠤ ᠶ᠋ᠢᠨ ᠵᠠᠮᠤᠭ ᠲᠠᠴᠢᠭᠢᠨᠠᠭᠤᠯᠤᠨ ᠰᠦᠢᠯᠡᠬᠦ ᠳ᠋ᠦ᠍ ᠡᠯᠳᠡᠩᠭᠡ ᠪᠠᠷᠤᠭ ᠥᠳᠬᠡᠨ ᠰᠢᠩᠭᠡᠨ ᠢ᠋ᠶ᠋ᠡᠨ ᠠᠯᠳᠠᠵᠤ ᠦᠷᠦ ᠡᠪᠡᠳᠦᠯᠲᠡᠢ ᠳᠦᠷᠢ ᠪᠡᠷ ᠮᠥᠯᠬᠥᠵᠦ ᠰᠥᠭᠥᠳᠦᠨ ᠭᠤᠶᠤᠨᠠ ᠭᠡᠰᠡᠨ ᠨᠢ ᠱᠠᠯ ᠪᠤᠷᠤᠭᠤ ᠪᠣᠯᠵᠤ ᠲᠡᠭᠦᠨ ᠢ᠋ ᠶᠠᠭᠤ ᠪᠠᠷ ᠴᠤ᠌ ᠦᠵᠡᠬᠦ ᠦᠭᠡᠢ ᠪᠠᠢᠭᠠ ᠳ᠋ᠤ᠌ ᠠᠭᠤᠷ ᠨᠢ ᠬᠦᠷᠴᠦ ᠭᠧᠷᠮᠠᠨ ᠬᠢᠴᠡᠲᠡᠢ ᠠᠬᠤᠷ ᠫᠤᠤ ᠪᠠᠨ ᠫᠠᠷᠳ᠋ ᠬᠢᠵᠦ ᠵᠠᠮᠤᠭᠯᠠᠪᠠᠯ ᠭᠠᠷ ᠳᠠᠬᠢ ᠫᠤᠤ ᠨᠢ ᠠᠯᠠᠭᠠᠳᠠᠭᠤᠷ ᠲᠤ᠌ ᠰᠠᠪᠠᠭᠤᠯᠤᠭᠰᠠᠨ ᠰᠢᠭ᠋ ᠦᠰᠦᠷᠦᠭᠡᠳ ᠡᠯᠳᠡᠩᠭᠡ ᠶ᠋ᠢᠨ ᠡᠮᠦᠨᠡ ᠤᠨᠠᠪᠠ᠃ ᠲᠡᠷᠡ ᠶᠠᠭᠤ ᠪᠣᠯᠬᠤ ᠶ᠋ᠢ ᠮᠡᠳᠡᠬᠦ ᠡᠴᠡ ᠡᠮᠦᠨᠡ ᠬᠣᠶᠠᠷ ᠴᠢᠮᠠᠷᠬᠠᠢ ᠬᠦᠢᠲᠡ ᠣᠷᠬᠢᠵᠤ ᠫᠤᠤ ᠲᠤᠯᠤᠭᠰᠠᠨ ᠪᠠᠢᠯᠠ᠁
一 ᠪᠠᠢᠵᠠ ᠂ ᠪᠠᠢᠵᠠ! ᠭᠡᠵᠦ ᠴᠣᠭᠪᠠᠭᠠᠲᠤᠷ ᠢ᠋ ᠰᠠᠨᠳᠤᠷᠬᠤ ᠳ᠋ᠤ᠌ ᠡᠯᠳᠡᠩᠭᠡ᠄
一 ᠲᠠᠨᠤᠰ ᠴᠠᠭᠠᠰᠢ ᠪᠠᠨ! ᠭᠡᠵᠦ ᠴᠣᠭᠪᠠᠭᠠᠲᠤᠷ ᠲᠤ᠌ ᠫᠤᠤ ᠲᠤᠯᠭᠠᠭᠰᠠᠨ ᠴᠡᠷᠢᠭ ᠢ᠋ ᠵᠠᠢᠯᠠᠭᠤᠯᠤᠨ ᠳᠣᠯᠢᠶᠠᠪᠤᠷ ᠬᠤᠷᠤᠭᠤ ᠪᠠᠨ ᠲᠡᠭᠦᠨ ᠦ᠌ ᠠᠬᠤᠷ ᠫᠤᠤ ᠶ᠋ᠢᠨ ᠳᠣᠬᠢᠭᠤᠷ ᠤ᠋ᠨ ᠨᠦᠬᠡᠨ ᠳ᠋ᠦ᠍ ᠣᠷᠣᠭᠤᠯᠤᠨ ᠨᠢᠭᠡ ᠡᠷᠭᠢᠭᠦᠯᠦᠭᠰᠡᠨ ᠢ᠋ᠶ᠋ᠡᠨ᠄
一 ᠮᠠᠢ! ᠭᠡᠵᠦ ᠴᠣᠭᠪᠠᠭᠠᠲᠤᠷ ᠲᠤ᠌ ᠫᠤᠤ ᠶᠢ ᠨᠢ ᠰᠢᠲᠠᠵᠤ ᠥᠭᠭᠦᠭᠡᠳ《ᠡᠨᠡ ᠫᠤᠤ ᠶ᠋ᠢᠨ ᠠᠮᠠ ᠶ᠋ᠢ ᠬᠡᠨ ᠳ᠋ᠦ᠍ ᠲᠤᠯᠭᠠᠳᠠᠭ ᠢ᠋ ᠮᠡᠳᠡᠵᠦ ᠠᠪ! ᠭᠡᠪᠡ᠃
ᠴᠣᠭᠪᠠᠭᠠᠲᠤᠷ ᠡᠷᠭᠢᠭᠦᠦ ᠰᠢᠳᠡᠮ ᠡᠵᠡᠨ ᠳ᠋ᠡᠭᠡᠨ ᠭᠡᠳᠡᠭ ᠢ᠋《 ᠣᠳᠣ ᠴᠤ᠌ ᠡᠨᠡ ᠵᠥᠨᠥᠲᠦᠭ ᠦ᠋ᠨ ᠭᠠᠷ ᠲᠤ᠌ ᠬᠣᠷᠣᠭᠠᠬᠤ ᠪᠣᠯᠵᠤ ᠳᠠ!》 ᠭᠡᠵᠦ ᠪᠣᠳᠣᠨ ᠴᠡᠴᠡᠷᠡᠵᠦ ᠪᠠᠢᠲᠠᠯᠠ ᠰᠠᠨᠠᠮᠰᠠᠷ ᠦᠭᠡᠢ ᠫᠤᠤ ᠨᠢ ᠡᠷᠭᠢᠭᠡᠳ ᠲᠡᠭᠦᠨ ᠦ᠌ ᠭᠠᠷ ᠲᠤ᠌ ᠪᠤᠴᠠᠭᠰᠠᠨ ᠢ᠋ ᠢᠲᠡᠭᠡᠵᠦ ᠶᠠᠳᠠᠨᠠ᠃ ᠲᠡᠷᠡ ᠡᠯᠳᠡᠩᠭᠡ ᠡᠴᠡ ᠭᠡᠨᠡᠳᠲᠡ ᠠᠶᠤᠨ ᠭᠡᠯᠮᠡᠭᠳᠡᠵᠦ᠂ ᠪᠣᠯᠳᠠᠭ ᠰᠠᠨ ᠪᠣᠯ ᠰᠢᠷᠡᠭᠡᠨ ᠦ᠌ ᠳᠣᠣᠭᠤᠷ ᠰᠢᠷᠭᠤᠴᠢᠬᠠᠮᠠᠷ ᠰᠠᠨᠠᠭᠳᠠᠯᠠ᠃
一 ᠵᠠᠪᠬᠠᠢ ᠡᠮᠡ ᠶ᠋ᠢᠨ ᠢᠷᠪᠠᠯᠵᠠᠭᠰᠠᠨ ᠭᠠᠭᠴᠠ ᠢᠨᠢᠶᠡᠳᠦᠨ ᠳ᠋ᠦ᠍ ᠴᠢ ᠶᠢᠰᠦᠨ ᠲᠥᠷᠥᠯ ᠦ᠋ᠨ ᠰᠦᠨᠡᠰᠦ ᠪᠡᠨ ᠳᠠᠯᠠᠯᠤᠭᠤᠯᠵᠤ᠂ ᠶᠠᠰᠤ ᠴᠢᠨᠢ ᠤᠨᠲᠠᠷᠠᠭᠠᠳ ᠬᠠᠪᠲᠠᠯᠵᠠᠳᠠᠭ ᠨᠢ ᠴᠣᠭᠪᠠᠭᠠᠲᠤᠷ ᠴᠢᠨᠦ ᠤᠪᠵᠢᠨ ᠦᠭᠡᠢ ᠡᠷᠡ ᠶ᠋ᠢᠨ ᠰᠢᠨᠵᠢ ᠪᠠᠢᠵᠢ ᠳᠠ! ᠲᠡᠷᠡ ᠪᠡᠯᠪᠡᠰᠦᠨ ᠡᠮᠡ ᠶ᠋ᠢᠨ ᠦᠭᠡ ᠴᠢᠨᠦ ᠡᠬᠡ ᠶ᠋ᠢᠨ ᠵᠠᠬᠢᠶᠠ ᠠ᠋ᠴᠠ ᠢᠯᠡᠭᠦᠦ ᠪᠠᠢᠨᠠ ᠊ᠤᠤ? ᠲᠡᠢᠮᠦ ᠡᠴᠡ ᠲᠥᠷᠥᠯ ᠤᠭᠰᠠᠭᠠ ᠪᠠᠨ ᠮᠠᠷᠲᠠᠨ ᠡᠷᠭᠦᠭᠰᠡᠨ ᠲᠠᠩᠭᠠᠷᠢᠭ ᠠ᠋ᠴᠠ ᠪᠠᠨ ᠨᠢᠴᠤᠵᠤ ᠳᠣᠲᠣᠷᠠ ᠵᠠᠭᠤᠷᠠ ᠶ᠋ᠢᠨ ᠦᠢᠮᠡᠭᠡᠨ ᠳᠡᠭᠳᠡᠭᠡᠬᠦ ᠳᠡᠭᠡᠷᠡ ᠲᠤᠯᠪᠠ ᠊ᠤᠤ? ᠨᠠᠮᠠᠶ᠋ᠢ ᠠᠯᠠᠬᠤ ᠴᠢᠨᠢ ᠭᠠᠢᠭᠤᠢ! ᠮᠢᠨᠦ ᠡᠨᠡ ᠨᠣᠬᠠᠢ ᠰᠢᠩᠰᠢᠬᠦ ᠦᠭᠡᠢ ᠬᠥᠭᠰᠢᠨ ᠶᠠᠰᠤ ᠬᠡᠳᠦᠢᠬᠡᠨ ᠦᠨᠡ ᠬᠦᠷᠬᠦ ᠪᠣᠢ? ᠬᠠᠷᠢᠨ ᠪᠠᠭᠠ ᠬᠠᠲᠤᠨ ᠰᠧᠯᠢᠩ ᠢ᠋ ᠤᠬᠠᠭᠠᠨ ᠬᠢᠴᠢᠶᠡᠪᠡᠯ ᠰᠠᠶᠢ ᠵᠢᠩᠬᠢᠨᠢ ᠪᠠᠷᠠᠭᠤᠨ ᠬᠦᠩ ᠦ᠋ᠨ ᠶᠡᠬᠡ ᠡᠷᠬᠡ ᠠᠳᠬᠤᠵᠤ ᠴᠢᠳᠠᠨᠠ᠃ ᠴᠢᠨᠦ ᠡᠮᠦᠨᠡ ᠭᠠᠭᠴᠠ ᠡᠨᠡ ᠵᠠᠮ ᠯᠠ ᠪᠠᠢᠨᠠ᠃ ᠬᠢᠭᠰᠡᠨ ᠬᠡᠷᠡᠭ ᠢ᠋ᠶ᠋ᠡᠨ ᠪᠠᠭᠠ ᠭᠡᠵᠦ ᠴᠢᠮᠠᠯᠠᠭᠠ ᠊ᠤᠤ? ᠴᠢ ᠥᠪᠡᠷ ᠢ᠋ᠶ᠋ᠡᠨ ᠲᠣᠳᠣᠷᠬᠠᠢ ᠮᠡᠳᠡᠬᠦ ᠪᠠᠢᠯᠭᠦᠢ᠃ ᠢᠲᠡᠭᠡᠬᠦ ᠦᠭᠡᠢ ᠪᠣᠯ ᠴᠢ ᠪᠠᠭᠠ ᠬᠠᠲᠤᠨ ᠤ᠋ ᠬᠡᠯᠡᠭᠰᠡᠨ ᠢ᠋ᠶ᠋ᠡᠷ ᠬᠢᠵᠦ ᠦᠵᠡ! ᠶᠠᠮᠠᠷ ᠰᠢᠤᠬᠠᠨ ᠲᠡᠭᠦᠰᠬᠡᠯ ᠪᠠᠢᠳᠠᠭ ᠢ᠋ ᠲᠣᠯᠣᠭᠠᠢ ᠲᠠᠢ ᠪᠦᠬᠦᠨ ᠪᠠᠷᠤᠭᠯᠠᠵᠤ ᠪᠣᠢ᠃ ᠪᠠᠭᠠ ᠬᠠᠲᠤᠨ ᠰᠧᠯᠢᠩ ᠬᠣᠷᠢᠭᠤᠯ ᠠ᠋ᠴᠠ ᠮᠤᠯᠲᠤᠷᠠᠵᠤ ᠭᠠᠷᠤᠮᠠᠭᠴᠠ ᠥᠭᠶᠥᠭᠡ ᠡᠷᠢᠭᠰᠡᠨ ᠥᠯᠥᠨ ᠪᠠᠷᠰ ᠰᠢᠭ᠋ ᠠᠷᠬᠢᠷᠠᠵᠤ ᠴᠢᠮᠠᠶ᠋ᠢ ᠶᠠᠭᠠᠬᠢᠵᠤ ᠰᠢᠳᠬᠡᠬᠦ ᠶ᠋ᠢ ᠮᠡᠳᠡᠨᠡ ᠊ᠤᠤ! ᠴᠢ ᠪᠢᠳᠡ ᠬᠣᠶᠠᠷ ᠤ᠋ᠨ ᠲᠣᠯᠣᠭᠠᠢ ᠦᠭᠡ ᠬᠡᠯᠡᠯᠴᠡᠬᠦ ᠵᠠᠪ ᠦᠭᠡᠢ ᠪᠥᠮᠪᠥᠷᠢᠨᠡ᠁ ᠮᠥᠨ ᠴᠦ᠍ ᠬᠡᠴᠢᠨᠡᠭᠡᠨ ᠬᠥᠮᠦᠨ ᠦ᠌ ᠲᠣᠯᠣᠭᠠᠢ ᠬᠢᠯᠢᠰ ᠪᠥᠮᠪᠥᠷᠢᠬᠦ ᠶ᠋ᠢ ᠬᠡᠯᠡᠵᠦ ᠮᠡᠳᠡᠬᠦ ᠦᠭᠡᠢ᠁ ᠴᠢ ᠰᠠᠢᠲᠤᠷ ᠨᠠᠷᠢᠪᠴᠢᠯᠠᠵᠤ ᠦᠵᠡᠭᠡᠷᠡᠢ!》 ᠭᠡᠵᠦ ᠥᠳᠥᠭᠡᠨ ᠬᠡᠯᠡᠭᠰᠡᠨ ᠳ᠋ᠦ᠍ ᠬᠣᠭᠣᠰᠣᠨ ᠲᠣᠯᠣᠭᠠᠢ ᠲᠠᠢ ᠴᠣᠭᠪᠠᠭᠠᠲᠤᠷ ᠶᠠᠭᠠᠬᠢᠬᠤ ᠪᠠᠨ ᠣᠯᠬᠤ ᠦᠭᠡᠢ ᠪᠣᠯᠵᠤ᠂ ᠡᠪᠦᠭᠡᠨ ᠲᠤᠰᠠᠯᠠᠭᠴᠢ ᠬᠡᠯᠡᠬᠦ ᠪᠠᠰᠠ ᠵᠥᠪ! ᠬᠠᠰᠢᠷ ᠬᠥᠮᠦᠨ ᠦ᠌ ᠬᠠᠷᠠᠭᠠᠨ ᠤ᠋ ᠦᠵᠦᠭᠦᠷ ᠬᠣᠯᠠ ᠲᠤᠰᠤᠨᠠ ᠭᠡᠵᠦ ᠢᠲᠡᠭᠡᠭᠰᠡᠨ ᠳ᠋ᠡᠭᠡᠨ᠄
一 ᠲᠤᠰᠠᠯᠠᠭᠴᠢ ᠡᠪᠦᠭᠡ ᠠ᠋! ᠰᠠᠶᠢ ᠶ᠋ᠢᠨ ᠴᠦᠯᠢᠰᠳᠡᠭᠰᠡᠨ ᠢ᠋ ᠪᠢᠲᠡᠭᠡᠢ ᠶᠠᠭᠤᠮᠠᠨ ᠳ᠋ᠤ᠌ ᠪᠣᠳᠣᠭᠠᠷᠠᠢ! ᠠᠭᠤᠵᠢᠮ ᠰᠡᠳᠬᠢᠯ ᠳ᠋ᠡᠭᠡᠨ ᠪᠠᠭᠲᠠᠭᠠᠵᠤ ᠦᠵᠡᠭᠡᠴᠢ! ᠭᠡᠵᠦ ᠰᠥᠭᠥᠳᠦᠨ ᠭᠤᠶᠤᠬᠤ ᠳ᠋ᠤ᠌ ᠡᠯᠳᠡᠩᠭᠡ᠄
一 ᠬᠡᠦᠬᠡᠳ ᠦ᠋ᠳ ᠮᠢᠨᠢ᠂ ᠵᠦᠭᠡᠷ᠂ ᠵᠦᠭᠡᠷ! ᠢᠩᠭᠢᠭᠰᠡᠭᠡᠷ ᠪᠠᠢᠵᠤ ᠬᠠᠲᠠᠭᠤ ᠲᠣᠭᠯᠠᠭᠠᠮ ᠳᠠᠭᠠᠭᠠᠬᠤ ᠪᠠᠷ ᠢ᠋ᠶ᠋ᠠᠨ ᠬᠠᠰᠢᠷᠵᠢᠳᠠᠭ ᠶᠤᠮ᠃ ᠪᠢ ᠴᠢᠮᠠᠶ᠋ᠢ ᠠᠭᠤᠴᠢᠯᠠᠯ ᠦᠭᠡᠢ ᠶᠠᠭᠠᠬᠢᠬᠤ ᠪᠣᠢ? ᠬᠡᠷᠪᠡ ᠮᠠᠭᠤ ᠰᠠᠨᠠᠭᠰᠠᠨ ᠪᠣᠯ ᠥᠨᠥᠳᠥᠷ ᠴᠢ ᠡᠨᠳᠡ ᠮᠢᠨᠦ ᠡᠮᠦᠨᠡ ᠰᠥᠭᠥᠳᠬᠦ ᠵᠠᠶᠠᠭᠠ ᠪᠠᠢᠬᠤ ᠦᠭᠡᠢ᠃ ᠬᠠᠷᠢᠨ᠁ ᠭᠡᠳ ᠬᠥᠭ ᠬᠥᠭ ᠢᠨᠢᠶᠡᠨᠡ᠃
ᠪᠠᠢᠳᠠᠯ ᠡᠶᠡᠷᠡᠬᠦᠨ ᠲᠡᠢᠰᠢ ᠬᠠᠨᠳᠤᠬᠤ ᠳ᠋ᠤ᠌ ᠰᠠᠶᠢᠬᠢ ᠦᠬᠦᠭᠰᠡᠨ ᠣᠭᠣᠨᠣ ᠰᠢᠭ᠋ ᠰᠤᠯᠳᠠᠢᠭᠰᠠᠨ ᠵᠣᠳᠪᠠ ᠴᠤ᠌ ᠠᠮᠢ ᠣᠷᠣᠵᠤ《ᠤᠤᠬᠠᠢ᠂ ᠢᠩᠭᠢ᠂ ᠴᠢᠩᠭᠢ》 ᠭᠡᠵᠦ ᠡᠯᠳᠡᠩᠭᠡ ᠶᠢᠨ ᠳᠣᠬᠢᠯᠲᠠ ᠳ᠋ᠤ᠌ ᠠᠮᠲᠠ ᠨᠡᠮᠡᠷᠢᠯᠡᠵᠦ ᠪᠠᠢᠯᠠ᠃
ᠴᠣᠭᠪᠠᠭᠠᠲᠤᠷ ᠪᠠᠭᠠ ᠬᠠᠲᠤᠨ ᠤ᠋ ᠦᠭᠡ ᠪᠡᠷ ᠣᠷᠣᠵᠤ ᠡᠴᠢᠭᠡ ᠶ᠋ᠢᠨ ᠢ᠋ᠶ᠋ᠡᠨ ᠥᠰᠢᠶᠡ ᠶ᠋ᠢ ᠠᠪᠬᠤ ᠭᠡᠵᠦ ᠬᠠᠯᠵᠠᠨ ᠰᠦᠷ ᠪᠠᠳᠠᠷᠠᠭᠤᠯᠤᠭᠰᠠᠨ ᠴᠤ᠌ ᠡᠯᠳᠡᠩᠭᠡ ᠶ᠋ᠢ ᠤᠬᠠᠭᠠᠯᠠᠵᠤ ᠴᠢᠳᠠᠭᠰᠠᠨ ᠦᠭᠡᠢ᠂ ᠡᠷᠭᠢᠭᠡᠳ ᠤᠬᠠᠭᠠᠨ ᠳ᠋ᠤᠨᠢ ᠱᠣᠭᠰᠢᠪᠠ᠃
ᠪᠠᠭᠠ ᠬᠠᠲᠤᠨ ᠰᠡᠳᠬᠢᠯ ᠬᠥᠭᠰᠡᠬᠦ ᠳ᠋ᠡᠭᠡᠨ ᠨᠣᠢᠷ ᠬᠤᠯᠵᠢᠵᠠᠢ᠂ ᠮᠠᠷᠭᠠᠲᠤᠷ ᠥᠷᠯᠥᠭᠡ ᠡᠷᠲᠡ ᠬᠦᠩ ᠦ᠋ᠨ ᠶᠠᠮᠤᠨ ᠳ᠋ᠠᠭᠠᠨ ᠣᠴᠢᠨᠠ᠁ ᠴᠣᠭᠪᠠᠭᠠᠲᠤᠷ ᠲᠤ᠌ ᠪᠦᠬᠦ ᠶᠠᠭᠤᠮᠠ ᠪᠠᠨ ᠲᠤᠰᠢᠶᠠᠵᠤ᠁ ᠠᠩᠴᠢᠨᠵᠠᠪ ᠲᠠᠢ ᠪᠠᠨ ᠲᠦᠷᠭᠡᠨ ᠠᠭᠤᠯᠵᠠᠨᠠ ᠳᠠ! ᠭᠡᠵᠦ ᠪᠣᠳᠣᠨ ᠦᠦᠷ ᠴᠠᠢᠯᠭᠠᠵᠠᠢ᠃
《ᠥᠨᠥᠳᠥᠷ ᠬᠦᠩ ᠦ᠋ᠨ ᠶᠠᠮᠤᠨ ᠵᠦᠭ ᠶᠠᠪᠤᠨᠠ᠃ ᠶᠠᠭᠤᠮᠠ ᠬᠡᠦᠮᠡ ᠪᠡᠨ ᠪᠡᠯᠡᠳᠭᠡ!》 ᠭᠡᠰᠡᠨ ᠬᠡᠯᠡ ᠢᠷᠡᠪᠡ᠃ ᠬᠠᠲᠤᠨ ᠤ᠋ ᠳᠣᠲᠣᠷᠠ ᠤᠯᠠᠮ ᠲᠠᠢᠪᠤᠰᠢᠷᠠᠪᠠ᠃
ᠢᠨᠵᠢ ᠥᠬᠢᠨ ᠣᠶᠤᠨ ᠶᠠᠭᠤᠮᠠ ᠬᠡᠦᠮᠡ ᠪᠡᠨ ᠲᠢᠭᠯᠡᠵᠦ ᠪᠠᠭᠯᠠᠨ ᠶᠠᠪᠤᠬᠤ ᠪᠠᠷ ᠵᠡᠬᠡᠨᠡ᠁
ᠪᠠᠭᠠ ᠬᠠᠲᠤᠨ ᠡᠨᠡ ᠬᠦ᠌ ᠶᠡᠷᠦ ᠪᠤᠰᠤ ᠶ᠋ᠢᠨ ᠣᠷᠴᠢᠨ ᠲᠣᠭᠣᠷᠢᠨ ᠢ᠋ ᠰᠠᠢᠨ ᠰᠢᠨᠵᠢᠵᠦ ᠦᠵᠡᠶᠡ᠂ ᠬᠣᠵᠢᠮ ᠡᠷᠭᠢᠴᠡᠭᠦᠯᠬᠦ ᠳ᠋ᠦ᠍ ᠤᠳᠬᠠ ᠠᠭᠤᠯᠭᠠ ᠲᠠᠢ ᠴᠤ᠌ ᠪᠠᠢᠵᠤ ᠮᠡᠳᠡᠨᠡ ᠭᠡᠳ ᠰᠠᠢᠬᠠᠨ ᠢ᠋ ᠰᠠᠨᠠᠴᠢᠬᠠᠭᠰᠠᠨ ᠪᠠᠷᠬᠠᠰᠨᠣᠷᠪᠤ ᠯᠠᠮᠠᠬᠠᠢ ᠶ᠋ᠢᠨ ᠭᠡᠷ ᠦ᠋ᠨ ᠪᠢᠴᠢᠬᠠᠨ ᠬᠦᠷᠢᠶᠡᠨ ᠳᠣᠲᠣᠷᠠ ᠨᠠᠭᠠᠰᠢ ᠴᠠᠭᠠᠰᠢ ᠰᠤᠯᠠ ᠠᠯᠬᠤᠵᠤ ᠪᠠᠢᠲᠠᠯᠠ ᠭᠡᠨᠡᠳᠲᠡ ᠫᠤᠤ ᠳᠤᠤᠭᠠᠷᠴᠤ ᠪᠠᠭᠠ ᠬᠠᠲᠤᠨ《ᠠᠶᠠ! ᠡᠨᠡ᠁》 ᠭᠡᠳ ᠭᠤᠯᠵᠢᠷᠠᠨ ᠤᠨᠠᠪᠠ᠃ ᠨᠢᠭᠦᠯᠲᠦ ᠰᠤᠮᠤ ᠪᠠᠭᠠ ᠬᠠᠲᠤᠨ ᠤ᠋ ᠳᠠᠯᠤ ᠮᠥᠷᠥ ᠶ᠋ᠢ ᠨᠡᠪᠲᠡᠯᠵᠦ ᠰᠢᠭᠤᠳ ᠵᠢᠷᠦᠬᠡ ᠨᠢ ᠰᠦᠪᠡᠯᠡᠭᠰᠡᠨ ᠪᠠᠢᠯᠠ᠁ ᠬᠦᠷᠡᠩ ᠬᠠᠷᠠ ᠴᠢᠰᠤ ᠪᠠᠭᠠ ᠬᠠᠲᠤᠨ ᠤ᠋ ᠴᠡᠷᠢᠭ ᠬᠤᠪᠴᠠᠰᠤᠨ ᠤ᠋ ᠡᠩᠭᠡᠷ ᠢ᠋ ᠪᠣᠳᠣᠵᠤ ᠬᠥᠬᠡ ᠲᠣᠭᠣᠰᠬᠠᠨ ᠱᠠᠯᠠ ᠳᠡᠭᠡᠷᠡ ᠨᠡᠯᠦᠢᠲᠡᠯᠡ ᠤᠷᠤᠰᠤᠨᠠ᠃
ᠪᠠᠭᠠ ᠬᠠᠲᠤᠨ ᠤ᠋ ᠴᠡᠭᠡᠵᠢᠨ ᠪᠡᠶᠡ ᠨᠢ ᠣᠪᠣᠰ ᠣᠪᠣᠰ ᠬᠥᠪᠦᠯᠵᠡᠵᠦ ᠨᠢᠭᠡ ᠶᠠᠭᠤᠮᠠ ᠬᠡᠯᠡᠬᠦ ᠭᠡᠰᠡᠨ ᠰᠢᠭ ᠬᠥᠬᠡᠷᠡᠭᠰᠡᠨ ᠤᠷᠤᠭᠤᠯ ᠨᠢ ᠬᠥᠳᠡᠯᠬᠦ ᠳ᠋ᠦ᠍ ᠵᠡᠭᠦᠨ ᠬᠥᠬᠥᠨ ᠦ᠌ ᠲᠠᠰᠢᠭᠤ ᠪᠤᠷᠭᠢᠭᠰᠠᠨ ᠬᠦᠷᠡᠩ ᠬᠠᠷᠠ ᠴᠢᠰᠤ ᠨᠢ ᠫᠣᠷ ᠫᠣᠷ ᠬᠥᠭᠡᠰᠦᠷᠡᠵᠦ ᠪᠠᠢᠪᠠ᠃
《᠁ ᠴᠣᠭᠪᠠᠭᠠᠲᠤᠷ ᠠ᠋᠂ ᠥᠴᠥᠭᠡᠳᠦᠷ ᠣᠷᠣᠢ ᠴᠢ ᠨᠠᠳᠠ ᠶᠠᠭᠤ ᠭᠡᠵᠦ ᠠᠮᠠᠯᠠᠯᠠ?᠁ ᠪᠠᠭᠠ ᠵᠠᠰᠠᠭ ᠠᠯᠲᠠᠨᠸᠴᠢᠷ ᠢ᠋ ᠴᠢ ᠰᠠᠢᠨ ᠬᠠᠷᠠᠭᠠᠯᠵᠠᠵᠤ ᠶᠠᠪᠤᠭᠠᠷᠠᠢ! ᠮᠢᠨᠦ ᠬᠦᠦ ᠠᠯᠲᠠᠨ᠁》 ᠭᠡᠵᠦ ᠬᠡᠯᠡᠬᠦ ᠰᠢᠭ ᠪᠣᠯᠵᠤ ᠨᠢᠳᠦ ᠨᠢ ᠲᠣᠭᠲᠠᠵᠠᠢ᠃
ᠭᠠᠳᠠᠨᠠ ᠫᠤᠤ ᠳᠤᠤᠭᠠᠷᠬᠤ ᠳᠠᠭᠤᠨ ᠢ᠋ᠶ᠋ᠠᠷ ᠢᠨᠵᠢ ᠥᠬᠢᠨ ᠣᠶᠤᠨ ᠪᠣᠯᠤᠨ ᠪᠠᠭᠠ ᠵᠠᠰᠠᠭ ᠠᠯᠲᠠᠨᠸᠴᠢᠷ ᠴᠣᠩᠬᠣ ᠪᠠᠷ ᠬᠠᠷᠠᠬᠤᠯᠠ ᠪᠠᠭᠠ ᠬᠠᠲᠤᠨ ᠥᠩᠬᠥᠷᠢᠵᠦ ᠣᠢᠴᠢᠭᠰᠠᠨ ᠳ᠋ᠤ᠌ ᠲᠡᠳᠡ ᠬᠣᠶᠠᠷ《ᠢᠯᠡᠢ! ᠪᠠᠭᠠ ᠬᠠᠲᠤᠨ》᠂《 ᠮᠥᠮᠥ ᠠ᠋!》 ᠭᠡᠵᠦ ᠳᠠᠭᠤ ᠠᠯᠲᠠᠨ ᠭᠠᠳᠠᠭᠰᠢ ᠭᠦᠶᠦᠬᠦ ᠭᠡᠲᠡᠯᠡ ᠬᠦᠷᠢᠶᠡᠨ ᠳᠣᠲᠣᠷᠠ ᠬᠥᠮᠦᠰ ᠭᠦᠶᠦᠯᠳᠦᠨ ᠫᠤᠤ ᠪᠠᠷᠢᠭᠰᠠᠨ ᠨᠢᠭᠡᠨ ᠬᠥᠮᠦᠨ ᠡᠭᠦᠳᠡ ᠠᠮᠠᠳᠠᠨ ᠵᠣᠭᠰᠣᠭᠠᠳ ᠣᠶᠤᠨ ᠢ᠋ ᠲᠦᠯᠬᠢᠵᠦ《ᠳᠣᠲᠣᠭᠰᠢ ᠪᠠᠨ ᠣᠷᠣ᠂ ᠬᠠᠮᠢᠭᠠ ᠶᠠᠪᠤᠬᠤ ᠶᠤᠮ?》 ᠭᠡᠵᠦ ᠵᠠᠩᠳᠤᠷᠬᠤ ᠳ᠋ᠤ᠌ ᠣᠶᠤᠨ᠄
一 ᠪᠠᠭᠠ ᠵᠠᠰᠠᠭ ᠠ᠋! ᠬᠤᠷᠳᠤᠨ ᠴᠠᠭᠠᠰᠢ᠁ ᠭᠡᠵᠦ ᠬᠠᠰᠬᠢᠷᠲᠠᠯᠠ ᠲᠡᠷᠡ ᠫᠤᠤ ᠪᠠᠷᠢᠭᠰᠠᠨ ᠬᠥᠮᠦᠨ ᠣᠶᠤᠨ ᠢ᠋ ᠲᠦᠯᠬᠢᠵᠦ ᠵᠠᠢᠯᠠᠭᠤᠯᠤᠨ ᠪᠠᠷᠬᠠᠰᠨᠣᠷᠪᠤ ᠯᠠᠮᠠ ᠶ᠋ᠢᠨ ᠭᠡᠷ ᠲᠦ᠍ ᠭᠦᠶᠦᠨ ᠣᠷᠣᠪᠠ᠃ ᠪᠠᠭᠠ ᠵᠠᠰᠠᠭ ᠠᠯᠲᠠᠨᠸᠴᠢᠷ ᠠᠶᠤᠨ ᠰᠠᠨᠳᠤᠷᠴᠤ ᠪᠠᠷᠬᠠᠰᠨᠣᠷᠪᠤ ᠯᠠᠮᠠ ᠶ᠋ᠢᠨ ᠭᠦᠩᠭᠠᠷᠠᠪᠠ ᠶ᠋ᠢᠨ ᠳᠡᠭᠡᠷᠡ ᠮᠠᠭᠠᠵᠢᠯᠠᠵᠤ ᠭᠠᠷᠤᠭᠠᠳ ᠪᠤᠷᠬᠠᠨ ᠤ᠋ ᠠᠷᠤ ᠪᠠᠷ ᠨᠢᠭᠤᠬᠤ ᠭᠡᠲᠡᠯᠡ ᠫᠤᠤ ᠳᠤᠤᠭᠠᠷᠴᠤ ᠠᠯᠲᠠᠨᠸᠴᠢᠷ《ᠮᠥᠮᠥ ᠠ᠋》 ᠭᠡᠵᠦ ᠳᠤᠲᠠᠭᠤ ᠬᠠᠰᠬᠢᠷᠤᠭᠠᠳ ᠦᠬᠦᠭᠰᠡᠨ ᠨᠤᠭᠲᠤᠷᠤ ᠰᠢᠭ᠋ ᠨᠤᠭᠳᠤᠢᠨ ᠤᠨᠠᠪᠠ᠃ ᠪᠤᠷᠬᠠᠨ ᠤ᠋ ᠡᠮᠦᠨᠡᠬᠢ ᠳᠠᠬᠢᠯᠭᠠ ᠶ᠋ᠢᠨ ᠮᠥᠰᠥᠨ ᠰᠢᠬᠢᠷ᠂ ᠪᠣᠣᠪᠣ ᠪᠣᠭᠣᠷᠰᠣᠭ᠂ ᠴᠢᠪᠠᠭᠠ ᠰᠢᠷᠠ ᠲᠣᠰᠣ ᠵᠡᠷᠭᠡ ᠶᠠᠭᠤᠮᠠᠰ ᠠᠯᠲᠠᠨᠸᠴᠢᠷ ᠦ᠋ᠨ ᠠᠯᠲᠠᠯᠠᠭᠰᠠᠨ ᠭᠡᠷ ᠲᠦ᠍ ᠳᠠᠭᠠᠷᠢᠭᠳᠠᠵᠤ ᠳ᠋ᠢᠩᠭᠠᠷ ᠳ᠋ᠠᠩᠭᠠᠷ ᠤᠨᠠᠵᠤ ᠢᠷᠡᠭᠡᠳ ᠬᠥᠮᠦᠨ ᠦ᠌ ᠬᠥᠯ ᠳ᠋ᠦ᠍ ᠡᠯᠡᠭᠳᠡᠨ ᠡᠩᠬᠦᠯ ᠳᠤᠩᠬᠤᠯ ᠪᠣᠯᠤᠭᠰᠠᠨ ᠲᠣᠭᠣᠰᠬᠠᠨ ᠱᠠᠯᠠ ᠳᠡᠭᠡᠷᠡ ᠡᠨᠳᠡ ᠲᠡᠨᠳᠡ ᠪᠥᠮᠪᠥᠷᠢᠨᠡ᠃
ᠢᠨᠵᠢ ᠥᠬᠢᠨ ᠣᠶᠤᠨ《ᠪᠠᠭᠠ ᠵᠠᠰᠠᠭ ᠠ᠋ !ᠠᠯᠲᠠᠢ ①! ᠠᠯ ᠁ᠳ᠋ᠠᠢ!》 ᠭᠡᠵᠦ ᠤᠬᠢᠯᠠᠭ ᠠᠯᠲᠠᠨ ᠠᠯᠲᠠᠨᠸᠴᠢᠷ ᠢ᠋ ᠲᠡᠪᠡᠷᠢᠬᠦ ᠳᠤ ᠪᠢᠴᠢᠬᠠᠨ ᠬᠦᠦ ᠴᠢᠰᠤ ᠪᠠᠷ ᠣᠭᠰᠢᠭᠤᠯᠤᠨ ᠲᠡᠭᠦᠨ ᠦ᠌ ᠡᠪᠦᠷ ᠳᠡᠭᠡᠷᠡ ᠪᠦᠯᠲᠡᠭᠡᠨᠡᠭᠰᠡᠭᠡᠷ ᠠᠮᠢᠰᠬᠤᠯ ᠬᠤᠷᠢᠶᠠᠪᠠ᠁
一 ᠪᠠᠭᠠ ᠵᠠᠰᠠᠭ ᠬᠠᠮᠢᠭᠠ ᠪᠣᠢ? ᠭᠡᠵᠦ ᠵᠠᠩᠳᠤᠷᠪᠠᠯ ᠵᠣᠪᠠᠯᠭᠠ᠄
— ᠶᠠᠪᠤᠭᠤᠯᠴᠢᠬᠠᠭᠰᠠᠨ ᠠ᠋! ᠲᠡᠷᠡ ᠯᠠᠮᠠ ᠶ᠋ᠢᠨ ᠭᠡᠷ ᠲᠦ᠍ ᠪᠣᠢ ᠭᠡᠵᠦ ᠶᠡᠬᠡ ᠯᠡ ᠣᠮᠣᠭᠲᠠᠢ ᠬᠠᠷᠢᠭᠤᠯᠬᠤ ᠳ᠋ᠤ᠌ ᠴᠣᠭᠪᠠᠭᠠᠲᠤᠷ ᠪᠠᠷᠬᠠᠰᠨᠣᠷᠪᠤ ᠯᠠᠮᠠ ᠶ᠋ᠢᠨ ᠭᠡᠷ ᠲᠦ᠍ ᠱᠠᠯᠠᠪᠬᠠᠨ ᠣᠷᠣᠪᠠᠯ ᠠᠯᠲᠠᠨᠸᠴᠢᠷ ᠠᠮᠠ ᠬᠠᠮᠠᠷ ᠠ᠋ᠴᠠ ᠨᠢ ᠴᠢᠰᠤ ᠭᠣᠭᠣᠵᠢᠵᠤ ᠨᠢᠭᠡᠨᠲᠡ ᠠᠮᠢᠰᠬᠤᠯ ᠬᠤᠷᠢᠶᠠᠭᠰᠠᠨ ᠪᠠᠢᠵᠠᠢ᠃
ᠴᠣᠭᠪᠠᠭᠠᠲᠤᠷ ᠪᠠᠷᠬᠠᠰᠨᠣᠷᠪᠤ ᠯᠠᠮᠠ ᠶ᠋ᠢᠨ ᠭᠡᠷ ᠡᠴᠡ ᠭᠦᠶᠦᠨ ᠭᠠᠷᠴᠤ᠄
一 ᠵᠣᠪᠠᠯᠭᠠ ᠠ᠋! ᠬᠡᠲᠦᠷᠡᠭᠰᠡᠨ ᠮᠠᠭᠤ ᠨᠣᠬᠠᠢ ᠶ᠋ᠢᠨ ᠰᠠᠭᠠᠷᠢ ᠶ᠋ᠢ ᠬᠦ! ᠬᠡᠨ ᠴᠢᠮᠠᠶ᠋ᠢ ᠪᠠᠭᠠ ᠵᠠᠰᠠᠭ ᠢ᠋ ᠫᠤᠤᠳᠠ ᠭᠡᠪᠡ ᠭᠡᠰᠡᠨ ᠳ᠋ᠦ᠍ ᠵᠣᠪᠠᠯᠭᠠ ᠴᠠᠭᠠᠳᠤ ᠶ᠋ᠢᠨ ᠬᠡᠷᠡᠮ ᠦ᠋ᠨ ᠢᠷᠣᠭᠠᠷ ᠲᠤ᠌ ᠰᠢᠩᠭᠡᠨ ᠮᠥᠷ ᠭᠠᠷᠭᠠᠨ ᠵᠣᠭᠰᠣᠵᠤ ᠪᠠᠢᠭᠰᠠᠨ ᠢ᠋ᠶ᠋ᠠᠨ᠄
一 ᠪᠢ ᠡᠨᠳᠡ ᠪᠠᠢᠨᠠ᠁ ᠪᠢ ᠣᠳᠣ ᠪᠠᠷ ᠢ᠋ᠶ᠋ᠠᠨ ᠁ᠣᠴᠢᠯᠠ᠂ ᠣᠴᠢᠯᠠ᠁ ᠭᠡᠵᠦ ᠥᠮᠥᠳᠥ ᠪᠡᠨ ᠳᠠᠯᠠᠢᠯᠠᠵᠤ ᠵᠠᠪᠳᠤᠭᠰᠠᠨ ᠦᠭᠡᠢ ᠡᠯᠭᠦᠨᠡᠭᠦᠯᠦᠭᠰᠡᠭᠡᠷ ᠬᠦᠷᠢᠶᠡᠨ ᠡᠭᠦᠳᠡ ᠪᠡᠷ ᠣᠷᠣᠵᠤ ᠢᠷᠡᠬᠦ ᠲᠡᠢ ᠵᠡᠷᠭᠡ ᠡᠮᠦᠨᠡ ᠡᠴᠡ ᠨᠢ ᠨᠢᠭᠡ ᠯᠡ ᠫᠤᠤᠳᠠᠭᠰᠠᠨ ᠳ᠋ᠤ᠌ ᠵᠣᠪᠠᠯᠭᠠ ᠶ᠋ᠢᠨ ᠭᠠᠪᠠᠯᠠ ᠨᠢ ᠳᠡᠭᠡᠷᠡ ᠦᠰᠦᠷᠦᠨ ᠰᠠᠪᠠᠵᠤ ᠤᠨᠠᠪᠠ᠃
ᠡᠨᠡ ᠵᠣᠪᠠᠯᠭᠠ ᠭᠡᠳᠡᠭ ᠠᠮᠢᠲᠠᠨ ᠬᠠᠷᠠ ᠨᠢᠳᠦᠲᠦ ᠲᠡᠢ ᠳᠡᠭᠡᠷᠡᠮ ᠦ᠋ᠨ ᠲᠦᠷᠦᠭᠦᠦ ᠶᠠᠪᠤᠵᠤ ᠪᠠᠢᠭᠰᠠᠨ ᠲᠡᠨᠡᠭ ᠡᠷᠡ᠃ ᠵᠣᠭᠣᠰ ᠮᠥᠩᠭᠥ᠂ ᠡᠳ᠋ ᠠᠰᠢᠭ᠂ ᠡᠮᠡᠰ ᠥᠬᠢᠳ ᠭᠡᠭᠰᠡᠭᠡᠷ ᠵᠢᠷᠤᠮ ᠶᠣᠰᠣ ᠶ᠋ᠢ ᠣᠭᠣᠷᠴᠤ᠂ ᠬᠥᠮᠦᠨ ᠠᠯᠠᠬᠤ ᠳ᠋ᠤ᠌ ᠨᠢᠳᠦ ᠴᠠᠪᠴᠢᠳᠠᠭ ᠦᠭᠡᠢ ᠠᠵᠤᠭᠤ᠃ ᠭᠤᠷᠪᠠᠨ ᠵᠠᠭᠤᠨ ᠮᠥᠩᠭᠥᠨ ᠵᠣᠭᠣᠰ᠂ ᠠᠷᠪᠠᠨ ᠴᠢᠩ ᠤᠰᠤᠨ ᠤ᠋ ᠭᠠᠵᠠᠷ᠂ ᠴᠥᠭᠡᠪᠦᠷ ᠦᠬᠡᠷ ᠠᠳᠤᠭᠤ᠁ ᠵᠡᠷᠭᠡ ᠠᠰᠢᠭ ᠣᠯᠭᠣᠨᠠ ᠭᠡᠰᠡᠨ ᠡᠯᠳᠡᠩᠭᠡ᠂ ᠵᠣᠳᠪᠠ ᠨᠠᠷ ᠤ᠋ᠨ ᠬᠣᠭᠣᠰᠣᠨ ᠠᠮᠠᠯᠠᠯ ᠳ᠋ᠤ᠌ ᠨᠢᠳᠦ ᠨᠢ ᠤᠯᠠᠢᠵᠤ᠂ ᠶᠠᠪᠤᠳᠠᠯ ᠤᠴᠢᠷ ᠤ᠋ᠨ ᠨᠠᠭᠠᠨᠠ ᠴᠠᠭᠠᠨᠠ ᠶ᠋ᠢ ᠣᠭᠲᠣ ᠬᠠᠢᠬᠤᠷᠤᠯ ᠦᠭᠡᠢ ᠪᠠᠭᠠ ᠬᠠᠲᠤᠨ ᠡᠬᠡ ᠬᠥᠪᠡᠭᠦᠨ ᠬᠣᠶᠠᠷ ᠤ᠋ᠨ ᠠᠮᠢ ᠶ᠋ᠢ ᠬᠣᠷᠣᠭᠠᠵᠤ ᠥᠪᠡᠰᠦᠪᠡᠨ ᠴᠦ᠍ ᠠᠷᠤ ᠠ᠋ᠴᠠ ᠨᠢ ᠰᠢᠪᠰᠢᠭᠲᠡᠢ ᠲᠣᠨᠢᠯᠵᠤ ᠣᠳᠤᠭᠰᠠᠨ ᠨᠢ ᠬᠣᠬᠢ ᠨᠢ ᠲᠡᠷᠡ ᠪᠣᠯᠵᠠᠢ᠃
ᠴᠣᠭᠪᠠᠭᠠᠲᠤᠷ ᠡᠨᠡ ᠲᠡᠨᠡᠭ ᠵᠣᠪᠠᠯᠭᠠ ᠶ᠋ᠢ ᠲᠣᠨᠢᠯᠭᠠᠭᠰᠠᠨ ᠨᠢ ᠡᠯᠳᠡᠩᠭᠡ ᠶ᠋ᠢᠨ ᠰᠠᠨᠠᠭᠠᠨ ᠳ᠋ᠤ᠌ ᠶᠠᠪ ᠴᠠᠪ ᠵᠣᠬᠢᠷᠠᠵᠠᠢ᠃ ᠤᠭ ᠨᠢ《ᠡᠨᠡ ᠵᠣᠯᠢᠭ ᠢ᠋ ᠠᠰᠢᠭᠯᠠᠴᠢᠬᠠᠭᠠᠳ ᠠᠷᠤ ᠠ᠋ᠴᠠ ᠨᠢ ᠶᠠᠭᠠᠬᠢᠵᠤ ᠲᠣᠨᠢᠯᠭᠠᠶᠠ ᠳᠠ! ᠡᠪ ᠲᠣᠬᠢᠶᠠᠯ ᠣᠯᠬᠤ ᠦᠭᠡᠢ ᠪᠣᠯ ᠭᠡᠳᠡᠷᠭᠦ ᠪᠡᠨ ᠪᠡᠶᠡ ᠳ᠋ᠦ᠍ᠨᠢ ᠬᠣᠣᠷ ᠬᠦᠷᠭᠡᠵᠦ ᠴᠦ᠍ ᠮᠠᠭᠠᠳ᠃ ᠡᠨᠡ ᠤᠭᠯᠠᠭᠤᠷᠭᠠ ᠨᠢ ᠡᠷᠭᠢᠭᠰᠡᠨ ᠴᠠᠭ ᠲᠤ᠌ ᠴᠣᠭᠪᠠᠭᠠᠲᠤᠷ ᠥᠨᠥᠬᠢ ᠵᠣᠯᠢᠭ ᠲᠤ᠌ ᠪᠠᠭᠠ ᠬᠠᠲᠤᠨ ᠡᠬᠡ ᠬᠥᠪᠡᠭᠦᠨ ᠬᠣᠶᠠᠷ ᠢ᠋ ᠠᠯᠠᠯᠠ ᠭᠡᠰᠡᠨ ᠶᠠᠯᠠ ᠲᠣᠬᠣᠵᠤ ᠪᠠᠷᠢᠴᠠᠨ ᠲᠡᠭᠦᠨ ᠢ᠋ ᠫᠤᠤᠳᠠᠵᠤ ᠠᠯᠠᠭᠰᠠᠨ ᠨᠢ ᠨᠡᠭᠡᠷᠡᠨ ᠱᠠᠭᠰᠢᠯᠲᠠᠢ᠃ ᠬᠠᠷᠠᠨᠤᠳ ᠮᠢᠩᠭᠠᠨᠪᠤᠤ ᠶ᠋ᠢᠨ ᠴᠣᠭᠪᠠᠭᠠᠲᠤᠷ ᠦᠨᠡᠬᠡᠷ ᠰᠠᠢᠨ ᠡᠷᠡ ᠳ᠋ᠦ᠍ ᠲᠣᠭᠠᠴᠠᠭᠳᠠᠨᠠ ᠳᠠ! ᠬᠤᠰᠤᠮ ᠦᠭᠡᠢ ᠬᠤᠰᠤᠴᠢᠬᠠᠭᠰᠠᠨ ᠶᠤᠮ ᠴᠢᠨᠢ᠂ ᠣᠳᠣ ᠵᠣᠪᠠᠬᠤ ᠶᠠᠭᠤᠮᠠ ᠦᠭᠡᠢ》 ᠭᠡᠵᠦ ᠡᠯᠳᠡᠩᠭᠡ ᠳᠣᠲᠣᠷᠠ ᠪᠠᠨ ᠢᠨᠢᠶᠡᠵᠦ ᠶᠠᠪᠤᠨᠠ᠃
ᠮᠠᠷᠭᠠᠲᠤᠷ ᠨᠢ ᠪᠠᠭᠠ ᠬᠠᠲᠤᠨ ᠪᠣᠯᠤᠨ ᠪᠠᠭᠠ ᠵᠠᠰᠠᠭ ᠠᠯᠲᠠᠨᠸᠴᠢᠷ ᠦ᠋ᠨ ᠬᠡᠭᠦᠷ ᠢ᠋ ᠳᠠᠷᠬᠢᠶᠠ ᠶ᠋ᠢᠨ ᠭᠣᠣᠯ ᠤ᠋ᠨ ᠨᠤᠷᠠ ᠡᠷᠭᠢ ᠳᠣᠣᠷᠠ ᠪᠤᠯᠠᠰᠢᠯᠠᠭᠠᠳ ᠡᠷᠲᠡ ᠡᠴᠡ ᠪᠡᠯᠡᠳᠬᠡᠵᠦ ᠲᠠᠯᠪᠢᠭᠰᠠᠨ《ᠨᠠᠢ᠍ᠮᠠᠨ ᠵᠤᠷᠪᠤᠰ ᠶᠠᠯᠠ》 ᠶ᠋ᠢ ᠨᠢ ᠲᠣᠭᠠᠴᠢᠨ ᠳᠡᠭᠡᠭᠰᠢ ᠵᠠᠩᠵᠤᠨ ᠶᠠᠮᠤᠨ ᠳ᠋ᠤ᠌ ᠮᠡᠳᠡᠭᠦᠯᠬᠦ ᠪᠡᠷ ᠪᠡᠯᠡᠳᠬᠡᠵᠦ ᠲᠤᠬᠠᠢ ᠶ᠋ᠢᠨ ᠲᠠᠯᠠᠪᠤᠷ ᠢ᠋ ᠴᠡᠪᠡᠷᠯᠡᠪᠡ᠃ ᠪᠠᠷᠬᠠᠰᠨᠣᠷᠪᠤ ᠯᠠᠮᠠ ᠳᠠᠬᠢᠵᠤ ᠡᠨᠡ ᠬᠦᠷᠢᠶᠡᠨ ᠳ᠋ᠡᠭᠡᠨ ᠰᠠᠭᠤᠬᠤ ᠶ᠋ᠢ ᠴᠡᠭᠡᠷᠯᠡᠵᠦ ᠲᠡᠨᠳᠡ ᠡᠴᠡ ᠨᠡᠭᠦᠵᠦ ᠶᠠᠪᠤᠪᠠ᠃
ᠭᠤᠷᠪᠠ ᠬᠣᠨᠣᠭ ᠤ᠋ᠨ ᠳᠠᠷᠠᠭᠠ ᠴᠣᠭᠪᠠᠭᠠᠲᠤᠷ ᠠᠭᠠᠷᠤᠲᠠᠢ ᠳ᠋ᠠᠭᠠᠨ ᠬᠠᠷᠢᠵᠤ ᠪᠠᠭᠠ ᠬᠠᠲᠤᠨ ᠢ᠋《ᠶᠠᠪᠤᠳᠠᠭ ᠭᠠᠵᠠᠷ ᠲᠤᠨᠢ ᠶᠠᠪᠤᠭᠤᠯᠴᠢᠬᠠᠯᠠ》 ᠭᠡᠵᠦ ᠭᠠᠪᠢᠶᠠ ᠲᠣᠭᠠᠴᠢᠬᠤ ᠶ᠋ᠢ ᠶᠠᠭᠠᠷᠠᠪᠠ ᠊ᠤᠤ 《ᠪᠠᠭᠠ ᠵᠠᠰᠠᠭ ᠠᠯᠲᠠᠨᠸᠴᠢᠷ ᠢ᠋ ᠴᠦ᠍ ᠡᠬᠡ ᠲᠡᠢ ᠨᠢ ᠬᠠᠮᠲᠤ ᠶᠠᠪᠤᠭᠤᠯᠴᠢᠬᠠᠯᠠ》 ᠭᠡᠵᠦ ᠣᠰᠣᠯ ᠬᠦᠯᠢᠶᠡᠬᠦ ᠶ᠋ᠢ ᠰᠠᠨᠳᠤᠷᠪᠠ ᠊ᠤᠤ ᠱᠠᠯᠠᠪ ᠱᠦᠯᠦᠪ ᠡᠵᠢ ᠶ᠋ᠢᠨ ᠢ᠋ᠶ᠋ᠡᠨ ᠭᠡᠷ ᠲᠦ᠍ ᠣᠷᠣᠵᠤ ᠣᠴᠢᠪᠠᠯ ᠮᠠᠨᠤᠨᠪᠠᠳᠮᠠ ᠬᠥᠭᠰᠢᠨ ᠭᠡᠷ ᠲᠡᠭᠡᠨ ᠰᠠᠭᠤᠵᠤ ᠪᠠᠢᠭᠠᠳ ᠪᠦᠬᠦ ᠶᠠᠪᠤᠳᠠᠯ ᠤ᠋ᠨ ᠥᠩᠭᠡᠷᠡᠯᠲᠡ ᠶ᠋ᠢ ᠪᠦᠷ ᠰᠣᠨᠣᠰᠴᠢᠬᠠᠭᠠᠳ ᠠᠭᠤᠷᠯᠠᠵᠤ᠄
一 ᠪᠠᠭᠠ ᠵᠠᠰᠠᠭ ᠠᠯᠲᠠᠨᠸᠴᠢᠷ ᠢ᠋ ᠶᠠᠭᠠᠬᠢᠪᠠ? ᠳᠠᠭᠠᠭᠤᠯᠵᠤ ᠢᠷᠡᠭᠰᠡᠨ ᠦᠭᠡᠢ ᠊ᠦᠦ? ᠭᠡᠯᠡ᠃
一 ᠦᠭᠡᠢ!
一 ᠶᠠᠭᠠᠬᠢᠪᠠ? ᠡᠬᠡ ᠦᠭᠡᠢ ᠥᠨᠥᠴᠢᠷᠡᠭᠰᠡᠨ ᠬᠦᠦ ᠶ᠋ᠢ ᠬᠡᠨ ᠳᠦ ᠬᠠᠶᠠᠵᠤ ᠥᠭᠭᠦᠭᠡᠳ ᠢᠷᠡᠪᠡ?
— ᠦᠭᠡᠢ᠂ ᠬᠡᠢ ᠬᠣᠭᠣᠰᠣᠨ ᠭᠠᠵᠠᠷ ᠬᠣᠩᠬᠢᠯᠵᠳᠠᠭ ᠬᠣᠩᠰᠢᠶᠠᠷ ᠴᠢᠨᠢ ᠶᠠᠭᠠᠬᠢᠭᠠᠳ ᠪᠢᠲᠡᠭᠦᠷᠡᠴᠢᠬᠡᠪᠡ?
一 ᠮᠠᠭᠤ ᠲᠡᠨᠡᠭ ᠲᠡᠭᠦᠨ ᠢ᠋ ᠵᠣᠪᠠᠯᠭᠠ ᠠᠯᠠᠴᠢᠬᠠᠯᠠ ᠠ᠋! ᠪᠢ ᠠᠭᠤᠷ ᠬᠦᠷᠬᠦ ᠳ᠋ᠡᠭᠡᠨ ᠲᠡᠨᠡᠭ ᠵᠣᠪᠠᠯᠭᠠ ᠶ᠋ᠢ ᠳᠣᠣᠷᠠ ᠨᠢ ᠫᠤᠤᠳᠠᠵᠤ ᠠᠯᠠᠪᠠ! ᠭᠡᠯᠡ᠃
一 ᠁
一 ᠁
— ᠠᠯᠲᠠᠨᠸᠴᠢᠷ ᠴᠢᠨᠦ᠁ ᠴᠢᠨᠦ ᠶᠠᠰᠤ ᠮᠢᠬᠠᠨ ᠤ᠋ ᠲᠠᠰᠤᠷᠬᠠᠢ᠁ ᠪᠢ ᠬᠡᠴᠢᠨᠡᠭᠡᠨ ᠦᠢᠯᠡ ᠲᠠᠮᠤ ᠪᠠᠨ ᠪᠠᠷᠠᠵᠤ᠁ ᠬᠥᠮᠦᠨ ᠪᠣᠯᠭᠠᠭᠠᠳ᠁ ᠵᠠᠰᠠᠭ ᠤ᠋ᠨ᠁ ᠪᠠᠷᠠᠭᠤᠨ ᠬᠦᠩ ᠦ᠋ᠨ ᠵᠠᠰᠠᠭ ᠤ᠋ᠨ ᠰᠢᠷᠡᠭᠡᠨ ᠳ᠋ᠦ᠍᠁ ᠤᠲᠤᠭᠠ ᠲᠠᠢ᠁ ᠭᠡᠵᠦ ᠦᠭᠡ ᠪᠡᠨ ᠬᠡᠯᠡᠵᠦ ᠭᠠᠷᠬᠤ ᠦᠭᠡᠢ ᠲᠥᠪᠥᠩᠬᠡᠢ ᠨᠢ ᠴᠡᠴᠡᠷᠭᠡᠨᠡᠵᠦ᠂ ᠬᠡᠰᠡᠭ ᠦᠭᠡ ᠳᠠᠭᠤᠨ ᠦᠭᠡᠢ ᠰᠠᠯᠭᠠᠨᠠᠵᠤ ᠪᠠᠢᠭᠰᠠᠨ ᠢ᠋ᠶ᠋ᠠᠨ ᠱᠣᠭᠰᠢᠷᠠᠲᠠᠯᠠ ᠤᠬᠢᠯᠠᠪᠠ᠁
一 ᠮᠥᠮᠥ ᠠ᠋! ᠪᠦᠷ ᠮᠢᠨᠦ ᠮᠠᠭᠤ ᠠ᠋ᠴᠠ ᠢᠩᠭᠢᠯᠡ᠁ ᠭᠡᠳ ᠴᠣᠭᠪᠠᠭᠠᠲᠤᠷ ᠡᠬᠡ ᠶ᠋ᠢᠨ ᠡᠪᠦᠳᠦᠭ ᠳᠣᠣᠷᠠ ᠲᠦᠰ ᠬᠢᠲᠡᠯᠡ ᠰᠥᠭᠥᠳᠪᠡ᠃
ᠮᠠᠨᠤᠨᠪᠠᠳᠮᠠ ᠭᠡᠨᠡᠳᠲᠡ ᠵᠣᠷᠢᠭ ᠨᠢ ᠴᠢᠩᠭᠠᠷᠠᠵᠤ ᠳᠠᠭᠤᠨ ᠨᠢ ᠳᠡᠭᠡᠷᠡᠳᠡᠨ᠄
一 ᠪᠣᠰ! ᠨᠠᠭᠠᠰᠢ ᠪᠠᠨ! ᠭᠡᠳ ᠥᠪᠡᠷ ᠢ᠋ᠶ᠋ᠡᠨ ᠬᠠᠨᠵᠤᠨ ᠤ᠋ ᠢᠷᠮᠡᠭ ᠥᠭᠡᠳᠡ ᠮᠥᠯᠬᠥᠵᠦ ᠢᠷᠡᠭᠡᠳ ᠴᠣᠭᠪᠠᠭᠠᠲᠤᠷ ᠢ᠋ ᠵᠠᠭᠠᠮᠠᠳᠠᠵᠤ ᠫᠢᠰ ᠫᠠᠰ ᠬᠢᠲᠡᠯᠡ ᠵᠥᠪ ᠰᠣᠯᠣᠭᠠᠢ ᠦᠭᠡᠢ ᠲᠦᠭᠦᠰᠢᠯᠡᠨ᠄
一 ᠬᠠᠷᠠᠨᠤᠳ ᠮᠢᠩᠭᠠᠨᠪᠤᠤ ᠶ᠋ᠢᠨ ᠤᠳᠤᠮ ᠤᠭᠰᠠᠭᠠ᠂ ᠬᠡᠢ ᠮᠣᠷᠢ ᠯᠦᠩᠳᠡ᠂ ᠬᠡᠰᠡᠭ ᠪᠤᠶᠠᠨ ᠴᠢᠨᠦ ᠦᠷᠡ ᠳᠡᠭᠡᠷᠡ ᠢᠷᠡᠭᠡᠳ ᠤᠷᠤᠭᠤᠳᠠᠵᠤ ᠭᠣᠳᠣᠷᠣᠩ ᠣᠷᠣᠨᠠ ᠳᠠ! ᠣᠯᠬᠢᠶᠠ ᠦᠭᠡᠢ ᠶᠠᠭᠤᠮᠠ᠁ ᠭᠡᠳ ᠬᠥᠭᠰᠢᠨ ᠳᠠᠬᠢᠵᠤ ᠦᠭᠡ ᠣᠯᠵᠤ ᠬᠡᠯᠡᠭᠰᠡᠨ ᠦᠭᠡᠢ ᠬᠡᠪᠲᠡᠭᠡ ᠳ᠋ᠦ᠍ ᠣᠷᠣᠨ ᠬᠡᠳᠦᠨ ᠰᠠᠷᠠ ᠬᠠᠨᠵᠤᠨ ᠠ᠋ᠴᠠ ᠪᠠᠨ ᠪᠠᠭᠤᠭᠰᠠᠨ ᠦᠭᠡᠢ ᠰᠢᠨᠠᠯᠤᠨ ᠵᠣᠪᠠᠵᠠᠢ᠃
ᠲᠡᠭᠦᠨ ᠡᠴᠡ ᠬᠣᠢᠰᠢ ᠪᠠᠷᠠᠭᠤᠨ ᠬᠦᠩ ᠦ᠋ᠨ ᠴᠡᠷᠢᠭ ᠵᠠᠰᠠᠭ ᠤ᠋ᠨ ᠶᠡᠬᠡ ᠡᠷᠬᠡ ᠦᠨᠡᠬᠡᠷ ᠡᠯᠳᠡᠩᠭᠡ ᠶ᠋ᠢᠨ ᠬᠡᠯᠡᠭᠰᠡᠨ ᠶᠣᠰᠣᠭᠠᠷ ᠴᠣᠭᠪᠠᠭᠠᠲᠤᠷ ᠤ᠋ᠨ ᠭᠠᠷ ᠲᠤ᠌ ᠣᠷᠣᠪᠠ᠃ ᠢᠩᠭᠢᠭᠰᠡᠨ ᠡᠴᠡ ᠴᠣᠭᠪᠠᠭᠠᠲᠤᠷ ᠡᠯᠳᠡᠩᠭᠡ ᠶ᠋ᠢ ᠦᠨᠡᠨ ᠭᠣᠣᠯ ᠠ᠋ᠴᠠ ᠪᠠᠨ ᠪᠢᠰᠢᠷᠡᠬᠦ ᠦᠭᠡᠢ ᠪᠠᠢᠵᠤ ᠴᠢᠳᠠᠬᠤ ᠦᠭᠡᠢ《ᠲᠤᠰᠠᠯᠠᠭᠴᠢ ᠡᠪᠦᠭᠡ》 ᠭᠡᠳᠡᠭ ᠨᠢ ᠲᠡᠭᠦᠨ ᠦ᠌ ᠠᠮᠠᠨ ᠤᠩᠰᠢᠯᠭᠠ ᠪᠣᠯᠵᠤ᠂ ᠠᠯᠢᠪᠠ ᠶᠠᠪᠤᠳᠠᠯ ᠤᠴᠢᠷ ᠲᠤ᠌ ᠪᠦᠷ ᠡᠯᠳᠡᠩᠭᠡ ᠶᠢᠨ ᠵᠢᠯᠤᠭᠤᠨ ᠳᠣᠣᠷᠠ ᠪᠥᠮᠪᠥᠷᠢᠳᠡᠭ ᠪᠣᠯᠤᠭᠰᠠᠨ ᠢ᠋ ᠬᠡᠯᠡᠬᠦ ᠶᠠᠭᠤᠨ᠃
ᠪᠠᠷᠠᠭᠤᠨ ᠬᠦᠩ ᠳ᠋ᠦ᠍ ᠡᠢᠮᠦ ᠨᠢᠭᠡ ᠬᠠᠷᠠᠰᠠᠯᠲᠤ ᠬᠡᠷᠡᠭ ᠦ᠋ᠨ ᠭᠠᠰᠢᠭᠤᠨ ᠦᠯᠢᠭᠡᠷ ᠪᠦᠭᠦᠳᠡ ᠶ᠋ᠢᠨ ᠴᠢᠬᠢᠨ ᠳ᠋ᠦ᠍ ᠳᠡᠯ ᠰᠡᠭᠦᠯ ᠤᠷᠭᠤᠨ ᠶᠠᠩᠵᠤ ᠶᠠᠩᠵᠤ ᠪᠠᠷ ᠤᠯᠠᠮᠵᠢᠯᠠᠵᠤ ᠶᠠᠷᠢᠭᠳᠠᠭᠰᠠᠭᠠᠷ ᠪᠠᠢᠪᠠ᠃
① ᠪᠠᠭᠠ ᠵᠠᠰᠠᠭ ᠠᠯᠲᠠᠠᠧᠴᠢᠷ ᠢ᠋ ᠭᠡᠷ ᠳᠣᠲᠣᠷᠠ ᠪᠠᠨ ᠠᠯᠲᠠᠢ ᠭᠡᠵᠦ ᠥᠬᠥᠭᠡᠷᠳᠡᠨ ᠳᠠᠭᠤᠳᠠᠳᠠᠭ᠃
② ᠵᠣᠣ ᠪᠤᠤ ᠯᠧᠩ ᠭᠡᠰᠡᠨ ᠢ᠋ ᠮᠣᠩᠭᠣᠯᠴᠤᠳ ᠵᠣᠪᠠᠯᠭᠠ ᠭᠡᠵᠦ ᠮᠣᠩᠭᠣᠯᠵᠢᠭᠤᠨ ᠢ᠋ᠶ᠋ᠠᠷ ᠳᠠᠭᠤᠳᠠᠳᠠᠭ᠃
ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ