ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠭᠤᠷᠪᠠ Үүрийн туяа III – Б ᠂ Ренчин Гуравдугаар дэвтэр "Баялдаж олсон эх орон"-13
ᠠᠷᠪᠠᠨ ᠭᠤᠷᠪᠠ᠂ ᠬᠣᠰᠢᠭᠤ ᠰᠤᠷᠭᠠᠭᠤᠯᠢ ᠶᠢᠨ ᠪᠠᠶᠠᠷ
ᠠᠯᠢᠮᠠᠳ ᠰᠠᠢᠨ ᠤ᠋ ᠰᠠᠩ᠂ ᠡᠷᠬᠢᠮ ᠴᠢᠨᠠᠷ ᠲᠡᠭᠦᠰ ᠪᠦᠬᠦᠨ ᠦ᠌ ᠰᠠᠳᠤᠨ ᠨᠥᠬᠥᠷ᠂
ᠡᠨᠡ ᠨᠠᠰᠤᠨ ᠤ᠋ ᠦᠯᠡᠮᠵᠢ ᠶ᠋ᠢᠨ ᠪᠡᠯᠭᠡ᠂ ᠡᠭᠡᠰᠢᠭ ᠳᠠᠭᠤᠨ ᠤ᠋ ᠰᠠᠢᠬᠠᠨ ᠠᠶᠠᠯᠭᠤ ᠪᠤᠶᠤ᠃
ᠡᠭᠡᠨᠡᠭᠲᠡ ᠴᠢᠮ᠎ᠠ ᠶ᠋ᠢ ᠲᠡᠭᠦᠰᠭᠡᠭᠰᠡᠳ᠂ ᠡᠨᠡ ᠳᠡᠯᠡᠬᠡᠢ ᠶ᠋ᠢ ᠡᠷᠭᠢᠨ ᠦᠵᠡᠭᠰᠡᠨ ᠮᠡᠲᠦ ᠪᠤᠶᠤ᠃
ᠺᠠᠮᠢ*
ᠬᠠᠭᠤᠴᠢᠨ ᠤ᠋ ᠦᠭᠡᠨ ᠳ᠋ᠦ᠍ ᠴᠠᠭ ᠥᠩᠭᠡᠷᠡᠬᠦ ᠨᠢ ᠬᠠᠷᠪᠤᠭᠰᠠᠨ ᠰᠤᠮᠤ ᠮᠡᠲᠦ ᠬᠤᠷᠳᠤᠨ ᠭᠡᠭᠴᠢ ᠪᠡᠷ᠂ ᠨᠢᠭᠡ ᠮᠡᠳᠡᠬᠦᠨ᠎ᠡ ᠬᠤᠲᠤᠭ — ᠥᠨᠳᠥᠷ ᠠᠭᠤᠯᠠ ᠶ᠋ᠢᠨ ᠬᠤᠰᠢᠭᠤᠨ ᠳ᠋ᠤ᠌ ᠪᠠᠭ᠎ᠠ ᠰᠤᠷᠭᠠᠭᠤᠯᠢ ᠪᠠᠢᠭᠤᠯᠤᠭᠰᠠᠭᠠᠷ ᠳᠥᠷᠪᠡᠨ ᠵᠢᠯ ᠥᠩᠭᠡᠷᠡᠵᠡᠢ᠃ ᠪᠡᠭᠡᠵᠢᠩ ᠵᠡᠷᠭᠡ ᠭᠠᠵᠠᠷ ᠮᠣᠳᠣᠨ ᠢ᠋ᠶ᠋ᠠᠷ ᠢ᠋ᠶ᠋ᠠᠷ ᠬᠡᠪᠯᠡᠭᠰᠡᠨ ᠪᠣᠭᠳᠠᠰ ᠤ᠋ᠨ ᠨᠠᠮᠲᠠᠷ᠂ ᠨᠠᠩᠭᠢᠶᠠᠳ ᠬᠡᠯᠡᠨ ᠡᠴᠡ ᠣᠷᠴᠢᠭᠤᠯᠤᠭᠰᠠᠨ ᠪᠢᠴᠢᠮᠡᠯ ᠦᠯᠢᠭᠡᠷ ᠲᠡᠦᠬᠡ ᠶ᠋ᠢᠨ ᠵᠣᠬᠢᠶᠠᠯ ᠡᠳᠦᠢ ᠲᠡᠳᠦᠢ ᠪᠡᠷ ᠣᠯᠠᠨ ᠤ᠋ ᠭᠠᠷ ᠳᠠᠮᠵᠢᠨ ᠶᠠᠪᠤᠳᠠᠭ ᠢ᠋ ᠤᠩᠰᠢᠵᠤ ᠴᠢᠳᠠᠳᠠᠭ ᠬᠥᠳᠡᠭᠡᠨ ᠦ᠌ ᠪᠢᠴᠢᠭᠲᠡᠨ ᠨᠦ᠍ᠭᠦᠳ ᠪᠢᠰᠢᠭᠦᠢ ᠪᠠᠢᠳᠠᠭ ᠪᠣᠯᠪᠠᠴᠤ᠂ ᠰᠤᠷᠭᠠᠭᠤᠯᠢ ᠳ᠋ᠤ᠌ ᠲᠣᠭ᠎ᠠ ᠪᠣᠳᠣᠯᠭ᠎ᠠ᠂ ᠭᠠᠵᠠᠷ ᠤ᠋ᠨ ᠵᠦᠢ ᠵᠡᠷᠭᠡ ᠶᠡᠷᠦᠩᠬᠡᠢ ᠪᠣᠯᠪᠠᠰᠤᠷᠠᠯ ᠤ᠋ᠨ ᠬᠢᠴᠢᠶᠡᠯ ᠢ᠋ ᠵᠢᠭᠠᠨ ᠰᠤᠷᠭᠠᠵᠤ ᠴᠢᠳᠠᠬᠤ ᠪᠠᠭᠰᠢ ᠬᠥᠮᠦᠨ ᠲᠤᠰ ᠤᠯᠤᠰ ᠲᠤ᠌ ᠮᠠᠰᠢ ᠬᠣᠪᠣᠷ ᠪᠠᠢᠵᠠᠢ᠃ ᠳᠥᠷᠪᠡᠨ ᠵᠢᠯ ᠦ᠋ᠨ ᠳᠣᠲᠣᠷ᠎ᠠ ᠠᠷᠠᠳ ᠢ᠋ ᠭᠡᠭᠡᠷᠡᠭᠦᠯᠬᠦ ᠶᠠᠮᠤᠨ ᠠ᠋ᠴᠠ ᠬᠤᠲᠤᠭ — ᠥᠨᠳᠥᠷ ᠠᠭᠤᠯᠠ ᠶ᠋ᠢᠨ ᠬᠣᠰᠢᠭᠤ ᠰᠤᠷᠭᠠᠭᠤᠯᠢ ᠳ᠋ᠤ᠌ ᠳᠥᠩᠭᠡᠵᠦ ᠬᠣᠶᠠᠷᠬᠠᠨ ᠪᠠᠭᠰᠢ ᠶᠠᠪᠤᠭᠤᠯᠵᠤ ᠴᠢᠳᠠᠭᠰᠠᠨ ᠨᠢ᠂ ᠡᠷᠳᠡᠨᠢ ᠪᠠᠨᠳᠢᠳᠠ ᠯᠠᠮᠠ ᠶ᠋ᠢᠨ ᠭᠡᠭᠡᠨ ᠱᠠᠪᠢ ᠪᠥᠭᠡᠳ ᠨᠠᠰᠤ ᠪᠠᠷ ᠢ᠋ᠶ᠋ᠠᠨ ᠭᠡᠭᠡᠨ ᠱᠠᠩ ᠤ᠋ᠨ ᠰᠦᠷᠦᠭ ᠳᠠᠭᠠᠵᠤ ᠬᠣᠭᠣᠰᠣᠨ ᠨᠣᠢᠲᠠᠨ ᠠᠮᠢᠳᠤᠷᠠᠵᠤ ᠶᠠᠪᠤᠭᠰᠠᠨ ᠲᠣᠭᠣ ᠡᠮᠡᠭᠡᠨ ᠦ᠌ ᠥᠬᠢᠨ ᠰᠤᠪᠤᠳ᠂ ᠲᠡᠭᠦᠨ ᠦ᠌ ᠨᠥᠬᠥᠷ᠂ ᠡᠪᠯᠡᠯ ᠦ᠋ᠨ ᠭᠡᠰᠢᠭᠦᠨ ᠲᠠᠪᠬᠠᠢ ᠪᠠᠢᠵᠠᠢ᠃
ᠬᠤᠲᠤᠭ— ᠥᠨᠳᠥᠷ ᠠᠭᠤᠯᠠ ᠶ᠋ᠢᠨ ᠬᠣᠰᠢᠭᠤ ᠰᠤᠷᠭᠠᠭᠤᠯᠢ ᠶ᠋ᠢᠨ ᠲᠡᠷᠡ ᠬᠡᠳᠦᠨ ᠪᠠᠭᠰᠢ ᠭᠡᠪᠡᠯ᠂ ᠨᠠᠰᠤᠨᠪᠠᠲᠤ᠂ ᠵᠠᠩ ᠱᠢ᠂ ᠲᠠᠪᠬᠠᠢ᠂ ᠰᠤᠪᠤᠳ᠂ ᠠᠷᠠᠳ ᠤ᠋ᠨ ᠬᠤᠭᠤᠷᠴᠢ ᠲᠡᠭᠰᠢ ᠶ᠋ᠢᠨ ᠲᠡᠳᠦᠢᠬᠡᠨ ᠪᠥᠭᠡᠳ ᠡᠪ ᠰᠠᠨᠠᠭ᠎ᠠ ᠨᠢᠭᠡᠲᠡᠢ ᠲᠡᠷᠡ ᠬᠡᠳᠦᠨ ᠪᠠᠭᠰᠢ ᠨᠠᠷ ᠬᠥᠮᠦᠵᠢᠭᠦᠯᠦᠨ ᠰᠤᠷᠭᠠᠭᠰᠠᠨ ᠰᠤᠷᠤᠭᠴᠢ ᠱᠠᠪᠢ ᠨᠠᠷ ᠢ᠋ᠶ᠋ᠠᠨ ᠠᠩᠬ᠎ᠠ ᠤᠳᠠᠭ᠎ᠠ ᠰᠤᠷᠭᠠᠭᠤᠯᠢ ᠲᠡᠭᠦᠰᠬᠡᠬᠦ ᠳ᠋ᠦ᠍ᠨᠢ ( ᠳ᠋ᠦ᠍ ᠨᠢ) ᠰᠡᠳᠬᠢᠯ ᠬᠥᠳᠡᠯᠦᠨ ᠪᠡᠯᠡᠳᠴᠦ ᠪᠠᠢᠯ᠎ᠠ᠃
— ᠰᠢᠯᠭᠠᠯᠲᠠ ᠲᠤᠩ ᠰᠠᠢᠬᠠᠨ ᠢ᠋ᠶ᠋ᠠᠷ ᠥᠩᠭᠡᠷᠡᠵᠦ᠂ ᠠᠢᠮᠠᠭ ᠤ᠋ᠨ ᠰᠤᠷᠭᠠᠭᠤᠯᠢ ᠶ᠋ᠢᠨ ᠬᠡᠯᠲᠡᠰ ᠢ᠋ ᠡᠷᠬᠢᠯᠡᠭᠰᠡᠨ᠂ ᠬᠡᠬᠡᠷᠡᠭᠦᠯᠬᠦ ᠶ᠋ᠢᠨ ᠪᠠᠢᠴᠠᠭᠠᠭᠴᠢ ᠬᠣᠶᠠᠷ᠂ ᠬᠤᠲᠤᠭ — ᠥᠨᠳᠥᠷ ᠠᠭᠤᠯᠠ ᠶ᠋ᠢᠨ ᠬᠤᠰᠢᠭᠤᠨ ᠤ᠋ ᠪᠠᠭ᠎ᠠ ᠰᠤᠷᠭᠠᠭᠤᠯᠢ ᠶ᠋ᠢᠨ ᠲᠠᠩᠬᠢᠮ ᠲᠠᠢ ᠠᠳᠠᠯᠢ ᠲᠡᠢᠮᠦ ᠡᠮᠬᠢ ᠵᠢᠷᠤᠮ ᠲᠠᠢ᠂ ᠬᠢᠴᠢᠶᠡᠯ ᠰᠤᠷᠤᠯᠭ᠎ᠠ ᠰᠠᠢᠲᠠᠢ ᠰᠤᠷᠭᠠᠭᠤᠯᠢ ᠣᠯᠠᠨ ᠬᠤᠰᠢᠭᠤᠨ ᠤ᠋ ᠰᠤᠷᠭᠠᠭᠤᠯᠢ ᠳᠣᠲᠣᠷ᠎ᠠ ᠶᠡᠷᠦ ᠦᠵᠡᠵᠦ ᠰᠣᠨᠣᠰᠤᠭᠰᠠᠨ ᠦᠭᠡᠢ ᠭᠡᠵᠦ ᠭᠠᠢᠬᠠᠨ ᠪᠠᠶᠠᠷᠯᠠᠵᠤ᠂ ᠠᠢᠮᠠᠭ ᠤ᠋ᠨ ᠰᠤᠷᠭᠠᠭᠤᠯᠢ ᠶ᠋ᠢᠨ ᠬᠡᠯᠲᠡᠰ ᠢ᠋ ᠡᠷᠬᠢᠯᠡᠭᠰᠡᠨ ᠨᠢ᠂ ᠲᠡᠷᠡ ᠴᠠᠭ ᠤ᠋ᠨ ᠪᠢᠴᠢᠭ ᠦᠰᠦᠭ ᠲᠡᠢ ᠬᠥᠮᠦᠨ ᠦ᠌ ᠨᠢᠭᠡᠨ ᠠᠳᠠᠯᠢ ᠪᠠᠷ ᠵᠥᠪᠬᠡᠨ ᠪᠢᠴᠢᠭ ᠦᠰᠦᠭ ᠦ᠋ᠨ ᠲᠡᠳᠦᠢᠬᠡᠨ ᠢ᠋᠂ ᠪᠢᠴᠢᠭᠡᠴᠢ ᠨᠠᠷ ᠢ᠋ ᠳᠠᠭᠠᠯᠳᠤᠨ ᠰᠤᠷᠤᠭᠰᠠᠨ ᠬᠥᠮᠦᠨ ᠪᠠᠢᠵᠤ ᠪᠢᠯᠡ᠃ ᠭᠡᠭᠡᠷᠡᠭᠦᠯᠬᠦ ᠶ᠋ᠢᠨ ᠪᠠᠢᠴᠠᠭᠠᠭᠴᠢ ᠨᠢ᠂ ᠣᠶᠤᠲᠠᠨ ᠤ᠋ ᠰᠤᠷᠭᠠᠭᠤᠯᠢ ᠶ᠋ᠢᠨ ᠨᠢᠭᠡᠨ ᠵᠢᠯ ᠦ᠋ᠨ ᠪᠠᠭᠰᠢ ᠨᠠᠷ ᠤ᠋ᠨ ᠲᠦᠷ ᠰᠤᠷᠭᠠᠭᠤᠯᠢ ᠶ᠋ᠢ ᠬᠣᠶᠠᠷ ᠵᠢᠯ ᠦ᠋ᠨ ᠡᠮᠦᠨ᠎ᠡ ᠰᠤᠪᠤᠳ ᠦ᠌ ᠬᠠᠮᠲᠤ ᠲᠡᠭᠦᠰᠦᠭᠰᠡᠨ ᠬᠥᠮᠦᠨ ᠠᠵᠢ᠃ ᠨᠠᠰᠤᠨᠪᠠᠲᠤ ᠲᠠᠢ ᠶᠠᠷᠢᠬᠤ ᠳ᠋ᠠᠭᠠᠨ( ᠳ᠋ᠤ᠌ ᠪᠠᠨ)᠂ ᠲᠡᠭᠦᠨ ᠦ᠌ ᠪᠢᠴᠢᠭ ᠨᠣᠮ ᠶᠡᠬᠡ ᠦᠵᠡᠵᠦ᠂ ᠰᠤᠷᠤᠯᠭ᠎ᠠ ᠠᠰᠠᠭᠤᠯᠭ᠎ᠠ ᠮᠠᠰᠢ ᠭᠦᠨᠵᠡᠭᠡᠢ ᠶ᠋ᠢ ᠳᠣᠲᠣᠷ᠎ᠠ ᠪᠠᠨ ᠬᠦᠰᠡᠮᠵᠢᠯᠡᠨ ᠲᠣᠭᠣᠵᠤ᠂ ᠲᠤᠰ ᠪᠠᠭ᠎ᠠ ᠰᠤᠷᠭᠠᠭᠤᠯᠢ ᠶ᠋ᠢᠨ ᠲᠡᠭᠦᠰᠬᠦ ᠠᠩᠭᠢ ᠶ᠋ᠢᠨ ᠰᠢᠯᠭᠠᠭᠤᠯᠤᠭᠰᠠᠨ ᠪᠦᠬᠦ ᠰᠤᠷᠤᠭᠴᠢᠳ ᠤ᠋ᠨ ᠰᠤᠷᠤᠯᠭ᠎ᠠ ᠮᠡᠳᠡᠯᠭᠡ ᠶ᠋ᠢᠨ ᠰᠠᠢᠨ ᠢ᠋ ᠪᠠᠶᠠᠷᠯᠠᠨ ᠭᠠᠢᠬᠠᠵᠤ᠂ ᠨᠠᠰᠤᠨᠪᠠᠲᠤ ᠳ᠋ᠤ᠌ ᠦᠨᠡᠨ ᠢ᠋ᠶ᠋ᠡᠨ ᠬᠡᠯᠡᠭᠰᠡᠨ ᠨᠢ᠄
— ᠶᠡᠷᠦᠩᠬᠡᠢ ᠪᠣᠯᠪᠠᠰᠤᠷᠠᠯ ᠤ᠋ᠨ ᠬᠢᠴᠢᠶᠡᠯ ᠳ᠋ᠦ᠍ ᠲᠠᠨ ᠤ᠋ ᠲᠡᠭᠦᠰᠬᠦ ᠠᠩᠭᠢ ᠶ᠋ᠢᠨ ᠰᠤᠷᠤᠭᠴᠢ᠂ ᠶᠡᠷᠦ ᠨᠠᠳᠠ ᠠ᠋ᠴᠠ ᠥᠴᠦᠬᠡᠨ ᠴᠦ᠍ ᠳᠤᠲᠠᠬᠤ ᠦᠭᠡᠢ ᠶᠦᠮ ᠰᠢᠪ ᠳᠡ᠃ ᠪᠢ ᠪᠠᠭᠰᠢ ᠨᠠᠷ ᠤ᠋ᠨ ᠨᠢᠭᠡᠨ ᠵᠢᠯ ᠦ᠋ᠨ ᠲᠦᠷ ᠰᠤᠷᠭᠠᠭᠤᠯᠢ ᠬᠢᠬᠦ ᠡᠴᠡ ᠥᠭᠡᠷ᠎ᠡ ᠶᠠᠮᠠᠷᠴᠤ ᠰᠤᠷᠭᠠᠭᠤᠯᠢ ᠳ᠋ᠤ᠌ ᠤᠷᠢᠳᠤ ᠡᠮᠦᠨ᠎ᠡ ᠶᠠᠪᠤᠵᠤ ᠦᠵᠡᠭᠡ ᠦᠭᠡᠢ ᠬᠥᠮᠦᠨ ᠪᠢᠯᠡ᠃
ᠬᠡᠷᠪᠡ᠂ ᠪᠢᠳᠡ ᠲᠡᠳᠡᠨ ᠢ᠋ ᠪᠠᠢᠴᠠᠭᠠᠭᠴᠢ ᠶ᠋ᠢᠨ ᠬᠤᠪᠢ ᠪᠠᠷ ᠰᠢᠯᠭᠠᠬᠤ ᠦᠭᠡᠢ᠂ ᠲᠡᠳᠡ ᠨᠠᠮᠠᠶ᠋ᠢ(ᠨᠠᠮ᠎ᠠ ᠶ᠋ᠢ) ᠰᠢᠯᠭᠠᠬᠤ ᠳ᠋ᠤ᠌ ᠬᠦᠷᠪᠡᠯ᠂ ᠯᠠᠪ ᠪᠢ ᠰᠠᠨᠳᠤᠷᠬᠤ ᠰᠠᠨ ᠪᠠᠢᠬᠤ᠃ ᠲᠠᠨ ᠤ᠋ ᠰᠤᠷᠭᠠᠭᠤᠯᠢ ᠳ᠋ᠤ᠌ ᠭᠠᠷ ᠤᠷᠠᠯᠠᠯ᠂ ᠬᠠᠳᠬᠤᠬᠤ ᠣᠶᠣᠬᠤ ᠶ᠋ᠢ ᠵᠢᠭᠠᠳᠠᠭ ᠰᠣᠨᠢᠨ ᠬᠢᠴᠢᠶᠡᠯ ᠢ᠋ ᠪᠢ ᠬᠥᠳᠡᠭᠡ ᠪᠠᠢᠲᠤᠭᠠᠢ᠂ ᠬᠣᠲᠠ ᠶ᠋ᠢᠨ ᠪᠠᠭ᠎ᠠ ᠰᠤᠷᠭᠠᠭᠤᠯᠢ ᠳ᠋ᠤ᠌ ᠦᠵᠡᠭᠡ ᠦᠭᠡᠢ ᠪᠢᠯᠡ ᠭᠡᠵᠦ ᠬᠡᠯᠡᠵᠡᠢ᠃
ᠰᠤᠷᠭᠠᠭᠤᠯᠢ ᠲᠡᠭᠦᠰᠬᠡᠭᠰᠡᠨ ᠰᠤᠷᠤᠭᠴᠢᠳ ᠲᠤ᠌ ᠦᠨᠡᠮᠯᠡᠬᠦ ᠣᠯᠭᠣᠬᠤ ᠣᠷᠣᠢ ᠶ᠋ᠢᠨ ᠬᠤᠷᠠᠯ ᠪᠣᠯᠬᠤ ᠡᠳᠦᠷ ᠦ᠋ᠨ ᠥᠷᠯᠥᠭᠡᠨ ᠡᠴᠡ ᠡᠬᠢᠯᠡᠨ ᠰᠤᠷᠤᠭᠴᠢ ᠶ᠋ᠢᠨ ᠡᠬᠡ ᠡᠴᠢᠭᠡ ᠨᠢ ᠰᠤᠷᠭᠠᠭᠤᠯᠢ ᠶ᠋ᠢᠨ ᠺᠯᠦ᠋ᠪ ᠲᠦ᠍ ᠨᠡᠭᠡᠭᠡᠭᠰᠡᠨ᠂ ᠰᠤᠷᠤᠭᠴᠢᠳ ᠤ᠋ᠨ ᠦᠵᠡᠰᠬᠦᠯᠡᠩ ᠦᠵᠡᠬᠦ ᠭᠡᠵᠦ ᠤᠪᠤᠨ ᠴᠤᠪᠤᠨ ᠢᠷᠡᠵᠡᠭᠡᠵᠡᠢ᠃
ᠦᠵᠡᠬᠦ ᠵᠣᠴᠢᠳ ᠢ᠋ ᠬᠦᠷᠴᠦ ᠢᠷᠡᠬᠦ ᠳ᠋ᠦ᠍᠂ ᠺᠯᠦ᠋ᠪ ᠦ᠋ᠨ ᠵᠢᠵᠢᠭᠦᠷ ᠰᠤᠷᠤᠭᠴᠢ ᠨᠠᠷ ᠬᠠᠨᠴᠤᠢ ᠶ᠋ᠢ ᠤᠯᠠᠭᠠᠨ ᠪᠥᠰ ᠢ᠋ᠶ᠋ᠡᠷ ᠣᠷᠢᠶᠠᠨ ᠲᠡᠮᠳᠡᠭ ᠪᠣᠯᠭᠠᠵᠤ᠂ ᠭᠠᠷ ᠲᠠᠭᠠᠨ( ᠲᠤ ᠪᠠᠨ) ᠵᠢᠭᠠᠬᠤ ᠮᠣᠳᠣ ᠪᠠᠷᠢᠵᠤ᠂ ᠬᠠᠭᠠᠯᠭᠠᠨ ᠳᠡᠭᠡᠷ᠎ᠡ ᠤᠭᠲᠤᠨ ᠲᠣᠰᠴᠤ ᠠᠪᠬᠤ ᠳ᠋ᠠᠭᠠᠨ( ᠳ᠋ᠤ᠌ ᠪᠠᠨ) ᠭᠠᠳᠠᠨ᠎ᠠ ᠪᠠᠨ ᠴᠢᠷᠠᠢ ᠶ᠋ᠢ ᠬᠡᠳᠦᠢ ᠲᠥᠪ ᠪᠣᠯᠭᠠᠬᠤ ᠭᠡᠵᠦ ᠣᠷᠣᠯᠳᠣᠪᠠᠴᠤ᠂ ᠰᠡᠳᠬᠢᠯ ᠳᠣᠲᠣᠷ᠎ᠠ ᠪᠠᠨ ᠶᠡᠬᠡᠯ᠎ᠡ ᠣᠮᠣᠭ ᠪᠠᠶᠠᠰᠬᠤᠯᠠᠩ ᠲᠡᠭᠦᠯᠳᠡᠷ᠂ ᠮᠠᠰᠢ ᠬᠦᠨᠳᠦᠲᠦ ᠵᠣᠴᠢᠳ ᠢ᠋ ᠠᠶᠠᠲᠠᠢᠬᠠᠨ ᠲᠣᠰᠴᠤ᠂ ᠦᠵᠡᠮᠡᠷ ᠢ᠋ ᠦᠵᠡᠭᠦᠯᠦᠨ ᠰᠣᠨᠢᠷᠬᠠᠭᠤᠯᠵᠤ ᠪᠠᠢᠯ᠎ᠠ᠃
ᠠᠬᠠᠮᠠᠳ ᠵᠢᠵᠢᠭᠦᠷ᠂ ᠵᠣᠴᠢᠨ ᠢ᠋ ᠤᠭᠲᠤᠬᠤ ᠳ᠋ᠠᠭᠠᠨ( ᠳ᠋ᠤ᠌ ᠪᠠᠨ) ᠤᠴᠢᠷ ᠢ᠋ ᠲᠠᠢᠯᠪᠤᠷᠢᠯᠠᠵᠤ᠂ ᠡᠨᠡ ᠺᠯᠦ᠋ᠪ ᠳᠣᠲᠣᠷ᠎ᠠ ᠪᠠᠢᠭ᠎ᠠ ᠰᠢᠷᠡᠭᠡ ᠰᠠᠨᠳᠠᠯᠢ᠂ ᠰᠢ ᠲᠠᠢᠵᠠᠨ ᠤ᠋ ᠪᠦᠬᠦ ᠬᠥᠰᠢᠭᠡ ᠵᠠᠰᠠᠯ᠂ ᠬᠠᠮᠤᠭ ᠬᠡᠷᠡᠭᠯᠡᠯ ᠢ᠋ ᠴᠥᠮ ᠪᠢᠳᠡᠨ ᠦ᠌ ᠰᠤᠷᠤᠭᠴᠢ ᠤᠷᠠᠯᠠᠨ ᠪᠦᠲᠦᠭᠡᠭᠰᠡᠨ ᠪᠢᠯᠡ ᠭᠡᠵᠦ ᠪᠠᠬᠠᠷᠬᠠᠨ ᠲᠠᠢᠯᠪᠤᠷᠢᠯᠠᠵᠤ᠂ ᠮᠠᠨ ᠤ᠋ ᠦᠵᠡᠰᠬᠦᠯᠡᠩ ᠢ᠋ ᠬᠡᠳᠦᠨ ᠵᠦᠢᠯ ᠠᠩᠭᠢ ᠬᠤᠪᠢᠶᠠᠵᠤ ᠪᠠᠢᠭᠤᠯᠤᠭᠠᠳ᠂ ᠠᠩᠭᠢ ᠳᠣᠳᠣᠮ ᠢ᠋ ᠳᠠᠭᠠᠭᠠᠭᠰᠠᠨ ᠵᠢᠵᠢᠭᠦᠷ ᠪᠣᠢ᠃ ᠲᠠ ᠪᠦᠬᠦᠨ ᠢ᠋ ᠡᠷᠭᠢᠵᠦ ᠦᠵᠡᠬᠦ ᠦᠶᠡᠰ᠂ ᠲᠤᠰ ᠲᠤᠰ ᠤ᠋ᠨ ᠡᠷᠬᠢᠯᠡᠭᠰᠡᠨ ᠵᠦᠢᠯ ᠳ᠋ᠦ᠍ ᠵᠣᠬᠢᠬᠤ ᠲᠠᠢᠯᠪᠤᠷᠢ ᠬᠡᠯᠡᠵᠦ ᠥᠭᠭᠦᠨ᠎ᠡ᠃ ᠰᠤᠷᠤᠭᠴᠢ ᠣᠯᠠᠨ ᠤ᠋ ᠬᠢᠭᠰᠡᠨ ᠵᠦᠢᠯ ᠢ᠋ ᠦᠵᠡᠵᠦ ᠭᠦᠢᠴᠡᠭᠡᠳ᠂ ᠲᠠ ᠡᠨᠡ ᠴᠣᠩᠬᠣᠨ ᠲᠤᠰᠢᠶ᠎ᠠ ᠪᠠᠢᠭ᠎ᠠ ᠮᠢᠺᠷᠣᠰᠺᠣᠫ ᠭᠡᠳᠡᠭ ᠲᠣᠳᠣᠳᠬᠠᠭᠴᠢ ᠰᠢᠯ ᠳ᠋ᠦ᠍ ᠨᠠᠪᠴᠢ᠂ ᠨᠣᠬᠠᠢ ᠪᠥᠭᠡᠰᠦ᠂ ᠱᠠᠯᠪᠠᠭ ᠤ᠋ᠨ ᠤᠰᠤ ᠵᠡᠷᠭᠡ ᠶ᠋ᠢᠨ ᠪᠠᠢᠳᠠᠯ ᠢ᠋ ᠰᠣᠨᠢᠷᠬᠠᠨ ᠦᠵᠡᠭᠡᠷᠡᠢ ᠭᠡᠵᠦ ᠵᠣᠴᠢᠳ ᠢ᠋ ᠤᠭᠲᠤᠨ ᠲᠣᠰᠴᠤ ᠪᠠᠢᠯ᠎ᠠ᠃
ᠨᠠᠷᠠᠨ ᠳ᠋ᠤ᠌ ᠭᠠᠩᠳᠠᠭᠰᠠᠨ ᠬᠦᠷᠡᠩ ᠤᠯᠠᠭᠠᠨ ᠴᠢᠷᠠᠢᠲᠤ ᠬᠥᠳᠡᠭᠡᠨ ᠦ᠌ ᠠᠷᠠᠳ ᠤ᠋ᠳ ᠦᠵᠡᠰᠬᠦᠯᠡᠩ ᠦ᠋ᠨ ᠣᠯᠠᠨ ᠰᠠᠮᠪᠠᠷ᠎ᠠ ᠶ᠋ᠢ ᠶᠡᠬᠡᠯ᠎ᠡ (ᠶᠡᠬᠡ ᠯᠡ) ᠰᠣᠨᠢᠷᠬᠠᠵᠤ ᠳᠠᠷᠠᠭᠠᠯᠠᠨ ᠦᠵᠡᠵᠦ᠂ ᠲᠡᠰᠬᠡᠯ ᠦᠭᠡᠢ ᠪᠠᠶᠠᠷᠯᠠᠨ ᠪᠠᠬᠠᠳᠤᠵᠠᠭᠠᠵᠠᠢ᠃
— ᠡᠵᠢ ᠠ᠋᠂ ᠡᠨᠡ ᠬᠠᠷᠠᠪᠠᠤ᠂ ᠮᠢᠨᠦ ᠬᠠᠳᠬᠤᠵᠤ ᠬᠢᠭᠰᠡᠨ ᠶᠠᠭᠤᠮ᠎ᠠ ᠡᠨᠡ ᠪᠠᠢᠨ᠎ᠠ ᠰᠢᠦ! ᠡᠨᠡ ᠪᠣᠯ ᠫᠠᠭᠮ᠎ᠠ ᠭᠤᠸᠠᠢ ᠶ᠋ᠢᠨ ᠠᠴᠢ ᠠᠯᠲᠠᠨᠴᠡᠴᠡᠭ ᠦ᠋ᠨ ᠵᠡᠭᠦᠦ ᠣᠷᠢᠶᠠᠵᠤ ᠬᠠᠳᠬᠤᠭᠰᠠᠨ ᠶᠠᠭᠤᠮ᠎ᠠ᠃ ᠲᠡᠷᠡ ᠨᠢᠭᠡ ᠰᠠᠢᠬᠠᠨ ᠬᠠᠳᠬᠤᠮᠠᠯ ᠬᠦᠬᠦᠷ ᠦ᠋ᠨ ᠰᠠᠪᠠ ᠶ᠋ᠢ ᠪᠢᠳᠡ ᠥᠨᠥ ᠣᠷᠣᠢ ᠶ᠋ᠢᠨ ᠬᠤᠷᠠᠯ ᠳᠡᠭᠡᠷ᠎ᠡ ᠪᠡᠯᠡᠭ ᠪᠠᠷᠢᠬᠤ ᠭᠡᠵᠦ ᠪᠠᠢᠭ᠎ᠠ ᠶᠣᠮ᠎ᠠ᠃ ᠴᠣᠬᠣᠮ ᠬᠡᠨ ᠳ᠋ᠦ᠍ ᠪᠡᠯᠡᠭ ᠪᠠᠷᠢᠬᠤ ᠶ᠋ᠢ ᠣᠳᠣ ᠠᠷᠠᠢ ᠵᠠᠳᠠᠷᠠᠭᠤᠯᠤᠨ ᠬᠡᠯᠡᠵᠦ ᠪᠣᠯᠬᠤ ᠦᠭᠡᠢ᠃ ᠡᠨᠡ ᠰᠢᠷᠡᠭᠡᠨ ᠳᠡᠭᠡᠷ᠎ᠡ ᠲᠠᠩᠳᠠ ᠪᠡᠯᠡᠭ ᠥᠭᠬᠦ ᠶᠠᠭᠤᠮ᠎ᠠ ᠪᠠᠢᠭ᠎ᠠ ᠶᠤᠮ ᠰᠢᠦ᠃ ᠲᠡᠷᠡ ᠨᠢᠭᠡ ᠰᠠᠢᠬᠠᠨ ᠮᠣᠳᠣᠨ ᠮᠣᠷᠢ ᠬᠠᠷᠠᠪᠠᠤ? ᠡᠪᠦᠭᠡᠨ ᠸᠠᠩ ᠠᠪᠤᠭᠠᠢ ᠶ᠋ᠢᠨ ᠬᠦᠦ ᠪᠠᠲᠤ ᠵᠣᠷᠴᠤ ᠬᠢᠭᠰᠡᠨ ᠶᠣᠮ᠎ᠠ᠃ ᠠᠮᠢᠳᠤ ᠶᠠᠭᠤᠮ᠎ᠠ ᠰᠢᠭ᠋ ᠪᠠᠢᠭ᠎ᠠ ᠪᠢᠵᠡ? ᠭᠡᠵᠦ ᠰᠤᠷᠤᠭᠴᠢ ᠨᠠᠷ ᠦᠵᠡᠰᠬᠦᠯᠡᠩ ᠳ᠋ᠦ᠍ ᠲᠠᠯᠪᠢᠭᠰᠠᠨ ᠶᠠᠭᠤᠮ᠎ᠠ ᠶ᠋ᠢ ᠡᠴᠢᠭᠡ ᠡᠬᠡ ᠳ᠋ᠡᠭᠡᠨ( ᠳ᠋ᠦ᠍ ᠪᠡᠨ) ᠪᠠᠬᠠᠳᠤᠨ ᠦᠵᠡᠭᠦᠯᠵᠦ ᠪᠠᠶᠠᠷᠯᠠᠨ ᠲᠠᠢᠯᠪᠤᠷᠢᠯᠠᠵᠤ᠂ ᠡᠴᠢᠭᠡ ᠡᠬᠡ ᠨᠢ ᠬᠡᠦᠬᠡᠳ ᠡᠴᠡᠭᠡᠨ( ᠡᠴᠡ ᠪᠡᠨ) ᠢᠯᠡᠭᠦᠦ ᠭᠡᠬᠦ ᠡᠴᠡ ᠪᠢᠰᠢ᠂ ᠳᠤᠲᠠᠭᠤ ᠦᠭᠡᠢ ᠪᠠᠶᠠᠷᠯᠠᠵᠤ ᠪᠠᠢᠯ᠎ᠠ᠃ ᠦᠵᠡᠰᠬᠦᠯᠡᠩ ᠢ᠋ ᠨᠢᠭᠡᠳ ᠨᠢᠭᠡᠨ ᠦᠭᠡᠢ ᠨᠠᠷᠢᠪᠴᠢᠯᠠᠨ ᠦᠵᠡᠭᠡᠳ ᠺᠯᠦ᠋ᠪ ᠡᠴᠡ ᠭᠠᠷᠬᠤ ᠳ᠋ᠠᠭᠠᠨ( ᠳ᠋ᠤ᠌ ᠪᠠᠨ)᠂ ᠠᠬᠠᠮᠠᠳ ᠵᠢᠵᠢᠭᠦᠷ ᠡᠴᠡ ᠰᠤᠷᠭᠠᠭᠤᠯᠢ ᠲᠡᠭᠦᠰᠬᠡᠭᠴᠢᠳ ᠦ᠋ᠨ ᠪᠠᠶᠠᠷ ᠤ᠋ᠨ ᠬᠤᠷᠠᠯ ᠳ᠋ᠤ᠌ ᠮᠣᠷᠢᠯᠠᠨ ᠢᠷᠠᠨᠠᠤ( ᠢᠷᠡᠨ᠎ᠡ ᠤᠤ) ᠭᠡᠵᠦ ᠮᠣᠩᠭᠣᠯ ᠪᠢᠴᠢᠭ ᠦ᠋ᠨ ᠮᠠᠰᠢᠨ ᠢ᠋ᠶ᠋ᠠᠷ ᠬᠢᠴᠢᠶᠡᠵᠦ ᠴᠣᠬᠢᠭᠰᠠᠨ ᠤᠷᠢᠯᠭ᠎ᠠ ᠶ᠋ᠢᠨ ᠪᠢᠯᠧᠲ ᠪᠠᠶᠠᠷᠯᠠᠨ ᠠᠪᠴᠤ᠂ ᠦᠷ᠎ᠡ ᠬᠡᠦᠬᠡᠳ ᠲᠤᠨᠢ ( ᠲᠤ ᠨᠢ) ᠡᠷᠳᠡᠮ ᠨᠣᠮ ᠰᠤᠷᠭᠠᠵᠤ ᠥᠭᠭᠦᠭᠰᠡᠨ ᠠᠴᠢᠲᠤ ᠪᠠᠭᠰᠢ ᠨᠠᠷ ᠲᠤᠨᠢ ( ᠲᠤ ᠨᠢ) ᠲᠠᠯ᠎ᠠ ᠥᠭᠴᠦ᠂ ᠴᠢᠩ ᠦᠨᠡᠨ ᠰᠡᠳᠬᠢᠯ ᠡᠴᠡᠭᠡᠨ ᠢᠷᠦᠭᠡᠯ ᠦᠭᠡ ᠪᠡᠨ ᠬᠡᠯᠡᠵᠦ᠂ ᠠᠷᠢᠭᠤᠨ ᠴᠠᠭᠠᠨ ᠬᠠᠳᠠᠭ ᠪᠠᠷᠢᠬᠤ ᠭᠡᠵᠦ ᠪᠠᠭᠰᠢ ᠨᠠᠷ ᠤ᠋ᠨ ᠪᠠᠢᠷᠢ ᠶ᠋ᠢ ᠵᠢᠭᠠᠯᠭᠠᠨ ᠣᠴᠢᠵᠠᠭᠠᠵᠠᠢ᠃ ᠲᠡᠷᠡ ᠡᠳᠦᠷ᠂ ᠬᠣᠰᠢᠭᠤ ᠰᠤᠷᠭᠠᠭᠤᠯᠢ ᠶ᠋ᠢᠨ ᠪᠠᠭᠰᠢ ᠨᠠᠷ ᠤ᠋ᠨ ᠪᠠᠢᠷᠢ ᠪᠦᠬᠦᠨ ᠳ᠋ᠦ᠍ ᠪᠢᠴᠢᠬᠠᠨ ᠪᠢᠴᠢᠬᠠᠨ ᠰᠢᠷᠡᠭᠡᠨ ᠳᠡᠭᠡᠷ᠎ᠡ ᠬᠥᠬᠡ᠂ ᠴᠡᠩᠬᠡᠷ᠂ ᠴᠠᠭᠠᠨ᠂ ᠨᠣᠭᠣᠭᠠᠨ᠂ ᠤᠯᠠᠭᠠᠨ ᠬᠠᠳᠠᠭ ᠣᠪᠣᠭᠠᠯᠠᠭᠠᠰᠤᠲᠠᠢ ᠪᠠᠢᠭᠰᠠᠨ ᠨᠢ ᠴᠥᠮ ᠠᠷᠢᠭᠤᠨ ᠰᠠᠢᠬᠠᠨ ᠰᠡᠳᠬᠢᠯ᠂ ᠰᠢᠳᠤᠷᠭᠤ ᠠᠷᠠᠳ ᠤ᠋ᠨ ᠦᠨᠡᠨ ᠵᠢᠷᠦᠬᠡᠨ ᠡᠴᠡ ᠪᠠᠶᠠᠷᠯᠠᠭᠰᠠᠨ ᠢ᠋ ᠢᠯᠡᠳᠬᠡᠵᠡᠢ᠃
ᠡᠮᠡᠭᠲᠡᠢ ᠰᠤᠷᠤᠭᠴᠢᠳ ᠤ᠋ᠨ ᠡᠴᠢᠭᠡ ᠡᠬᠡ ᠨᠢ᠂ ᠵᠢᠷᠤᠬᠤ ᠬᠠᠳᠬᠤᠮᠠᠯᠯᠠᠬᠤ᠂ ᠣᠶᠣᠬᠤ ᠰᠦᠯᠵᠢᠬᠦ ᠶ᠋ᠢᠨ ᠪᠠᠭᠰᠢ ᠵᠠᠩ ᠱᠢ ᠳ᠋ᠦ᠍ ᠲᠠᠯ᠎ᠠ ᠥᠭᠬᠦ ᠭᠡᠵᠦ ᠢᠷᠡᠵᠡᠭᠡᠨ᠂ ᠠᠴᠢ ᠬᠡᠦᠬᠡᠨ ᠢ᠋ᠶ᠋ᠡᠨ ᠰᠤᠷᠭᠠᠭᠤᠯᠢ ᠲᠡᠭᠦᠰᠬᠡᠬᠦ ᠶ᠋ᠢ ᠦᠵᠡᠬᠦ ᠭᠡᠵᠦ ᠪᠡᠷᠢ ᠶ᠋ᠢᠨ ᠬᠠᠮᠲᠤ ᠬᠦᠷᠴᠦ ᠢᠷᠡᠭᠰᠡᠨ ᠨᠢᠭᠡᠨ ᠡᠮᠡᠭᠡᠨ᠂ ᠵᠠᠩ ᠱᠢ ᠳ᠋ᠦ᠍ ᠬᠠᠳᠠᠭ ᠪᠠᠷᠢᠵᠤ᠂
— ᠤᠷᠲᠤ ᠨᠠᠰᠤᠲᠠᠢ ᠤᠳᠠᠭᠠᠨ ᠵᠢᠷᠭᠠᠯ ᠲᠠᠢ ᠪᠣᠯᠤᠭᠠᠷᠠᠢ! ᠵᠠᠶᠠᠭ᠎ᠠ ᠪᠤᠶᠠᠨ ᠴᠢᠨᠢ ᠠᠲᠠᠷ ᠭᠠᠵᠠᠷ ᠤ᠋ᠨ ᠴᠡᠴᠡᠭ ᠰᠢᠭ᠋ ᠳᠡᠯᠭᠡᠷᠡᠵᠦ᠂ ᠠᠷᠪᠠᠨ ᠲᠠᠪᠤᠨ ᠤ᠋ ᠰᠠᠷ᠎ᠠ ᠰᠢᠭ᠋ ᠮᠠᠨᠳᠤᠵᠤ ᠪᠠᠢᠭ! ᠭᠡᠵᠦ ᠢᠷᠥᠭᠡᠵᠡᠢ᠃
ᠡᠪᠦᠭᠡᠨ ᠸᠠᠩ ᠣᠪᠣᠭᠲᠤ᠂ ᠲᠡᠭᠦᠨ ᠦ᠌ ᠭᠡᠷᠭᠡᠢ ᠳᠠᠰᠢ ᠲᠡᠷᠡ ᠬᠣᠶᠠᠷ᠂ ᠬᠦᠦ ᠪᠠᠲᠤ ᠶ᠋ᠢ ᠰᠤᠷᠭᠠᠭᠤᠯᠢ ᠪᠠᠨ ᠰᠠᠢᠨ ᠲᠡᠭᠦᠰᠬᠡᠭᠰᠡᠨ ᠳ᠋ᠦ᠍ ᠬᠢᠯᠠᠢᠨ ᠪᠠᠶᠠᠷᠯᠠᠵᠤ᠂ ᠵᠠᠬᠢᠷᠤᠯ ᠪᠠᠭᠰᠢ ᠨᠠᠰᠤᠨᠪᠠᠲᠤ᠂ ᠤᠷᠠᠨ ᠪᠠᠭᠰᠢ ᠵᠠᠩ ᠱᠢ ᠶ᠋ᠢᠨ ᠳ᠋ᠦ᠍ ᠢᠷᠡᠭᠰᠡᠨ ᠵᠣᠴᠢᠨ ᠪᠦᠭᠦᠳᠡ ᠳ᠋ᠦ᠍ ᠴᠠᠢ ᠢᠳᠡᠭᠡ ᠪᠠᠷᠢᠨ ᠳᠠᠢᠯᠠᠵᠤ ᠪᠠᠢᠯ᠎ᠠ᠃
ᠲᠠᠪᠬᠠᠢ ᠰᠤᠪᠤᠳ ᠬᠣᠶᠠᠷ ᠤ᠋ᠨ ᠮᠠᠰᠢ ᠴᠡᠪᠡᠷᠬᠡᠨ ᠲᠣᠬᠢᠯᠢᠭ ᠭᠡᠷ ᠲᠦ᠍ ᠡᠮᠡᠭᠡᠨ ᠲᠣᠭᠣ᠂ ᠭᠡᠷ ᠦ᠋ᠨ ᠵᠡᠭᠦᠨ ᠲᠠᠯ᠎ᠠ ᠳ᠋ᠤᠨᠢ ( ᠳ᠋ᠤ᠌ ᠨᠢ )ᠡᠵᠡᠨ ᠬᠥᠮᠦᠨ ᠦ᠌ ᠶᠣᠰᠣᠭᠠᠷ ᠰᠠᠭᠤᠵᠤ᠂ ᠲᠡᠷᠡ ᠬᠣᠶᠠᠷ ᠪᠠᠭᠰᠢ ᠨᠠᠷ ᠲᠤ᠌ ᠲᠠᠯ᠎ᠠ ᠥᠭᠬᠦ ᠭᠡᠵᠦ ᠢᠷᠡᠭᠰᠡᠨ ᠵᠣᠴᠢᠳ ᠢ᠋ ᠲᠣᠰᠣᠨ ᠬᠦᠨᠳᠦᠯᠡᠵᠦ ᠪᠠᠢᠪᠠ᠃
ᠯᠠᠮᠠ ᠶ᠋ᠢᠨ ᠭᠡᠭᠡᠨ ᠦ᠌ ᠬᠣᠨᠢᠨ ᠰᠦᠷᠦᠭ ᠢ᠋ ᠨᠣᠬᠠᠢ ᠰᠢᠭ᠋ ᠳᠠᠭᠠᠵᠤ ᠨᠢᠭᠡ ᠨᠠᠰᠤ ᠪᠠᠷ ᠬᠠᠷᠢᠭᠤᠯᠬᠤ ᠳ᠋ᠠᠭᠠᠨ( ᠳ᠋ᠤ᠌ ᠪᠠᠨ)᠂ ᠲᠦᠮᠡᠨ ᠨᠥᠬᠥᠭᠡᠰᠦ ᠪᠣᠯᠤᠭᠰᠠᠨ ᠮᠠᠭᠤ ᠳᠡᠪᠡᠯ ᠳ᠋ᠡᠭᠡᠨ( ᠳ᠋ᠦ᠍ ᠪᠡᠨ) ᠠᠯᠠᠭ᠎ᠠ ᠶ᠋ᠢᠨ ᠴᠢᠨᠡᠭᠡ ᠴᠢᠰᠴᠡᠦ ᠶ᠋ᠢᠨ ᠥᠷᠳᠡᠰᠦ ᠪᠡᠷ ᠨᠢᠳᠦᠨ ᠳ᠋ᠦ᠍ ᠳᠤᠯᠠᠭᠠᠨ ᠨᠥᠬᠥᠭᠡᠰᠦ ᠲᠠᠯᠪᠢᠵᠤ ᠦᠵᠡᠭᠡ ᠦᠭᠡᠢ ᠲᠡᠷᠡ ᠡᠮᠡᠭᠡᠨ ᠣᠳᠣ ᠬᠥᠬᠡ ᠲᠣᠷᠭᠠᠨ ᠰᠢᠪ ᠰᠢᠨᠡᠬᠡᠨ ᠬᠥᠪᠥᠩᠲᠡᠢ ᠳᠡᠪᠡᠯ ᠡᠮᠦᠰᠦᠭᠡᠳ ᠴᠡᠭᠡᠵᠢ ᠳᠦᠭᠦᠷᠡᠩ ᠪᠠᠶᠠᠷᠲᠠᠢ ᠪᠠᠢᠵᠤ ᠪᠢᠯᠡ᠃ ᠡᠮᠡᠭᠡᠨ ᠦ᠌ ᠪᠣᠭᠣᠨᠢᠬᠠᠨ ᠬᠢᠷᠭᠠᠭᠰᠠᠨ ᠪᠤᠭᠤᠷᠤᠯ ᠦᠰᠦ ᠮᠥᠩᠭᠥᠨ ᠰᠢᠷᠬᠡᠭ ᠮᠡᠲᠦ ᠭᠢᠯᠠᠯᠵᠠᠵᠤ᠂ ᠥᠲᠡᠯᠦᠭᠰᠡᠨ ᠬᠣᠢᠨ᠎ᠠ ᠪᠠᠨ ᠰᠠᠨᠠᠮᠰᠠᠷ ᠦᠭᠡᠢ ᠰᠠᠢᠬᠠᠨ ᠵᠢᠷᠭᠠᠯ ᠢ᠋ᠶ᠋ᠠᠨ ᠦᠵᠡᠵᠦ᠂ ᠡᠩᠬᠡ ᠰᠠᠢᠬᠠᠨ ᠢ᠋ᠶ᠋ᠠᠷ ᠥᠲᠡᠯᠵᠦ ᠪᠠᠢᠭ᠎ᠠ ᠬᠥᠮᠦᠨ ᠦ᠌ ᠬᠬᠢᠷ ᠦᠭᠡᠢ ᠰᠠᠢᠬᠠᠨ ᠰᠠᠨᠠᠭ᠎ᠠ ᠲᠠᠢ᠂ ᠠᠮᠤᠷ ᠠᠮᠤᠷᠯᠢᠩᠭᠤᠢ ᠴᠢᠷᠠᠢ ᠳ᠋ᠤᠨᠢ( ᠳ᠋ᠤ᠌ ᠨᠢ) ᠦᠭᠡᠭᠦᠦ ᠶᠠᠳᠠᠭᠤ ᠶ᠋ᠢᠨ ᠭᠠᠰᠢᠭᠤᠨ ᠵᠣᠪᠠᠯᠠᠩ ᠳ᠋ᠤ᠌ ᠡᠷᠲᠡ ᠦᠷᠴᠢᠢᠭᠰᠡᠨ ᠨᠢᠭᠤᠷ ᠤ᠋ᠨ ᠠᠲᠤᠷᠢᠶ᠎ᠠ ᠦᠷᠴᠢᠯᠭᠡ ᠨᠢ ᠬᠡᠳᠦᠢᠨ ᠲᠡᠨᠢᠢᠵᠦ ᠪᠢᠯᠡ᠃
ᠦᠳᠡ ᠶ᠋ᠢᠨ ᠦᠶᠡᠰ᠂ ᠡᠪᠦᠭᠡᠨ ᠢᠸᠠᠨ ᠠᠷᠲ᠋ᠠᠮᠤᠨᠤᠸᠢᠴ( ᠪᠤᠶᠤ ᠪᠠᠲᠤᠪᠠᠶᠠᠷ ᠭᠤᠸᠠᠢ ᠶ᠋ᠢᠨ ᠢᠸᠠᠨ ᠭᠡᠳᠡᠭ ᠨᠠᠢᠵᠠ ᠨᠢ) ᠡᠮᠡᠭᠡᠨ ᠦ᠌ ᠪᠡᠨ ᠬᠠᠮᠲᠤ ᠪᠠᠰᠠ ᠡᠪᠦᠭᠡ ᠠᠪᠤ ᠶ᠋ᠢᠨ ᠳ᠋ᠡᠭᠡᠨ( ᠳ᠋ᠦ᠍ ᠪᠡᠨ) ᠲᠦᠷ ᠴᠢᠯᠥᠭᠡ ᠪᠡᠷ ᠢᠷᠡᠭᠰᠡᠨ ᠠᠴᠢ ᠮᠢᠬᠠᠢᠯ( ᠪᠤᠶᠤ ᠮᠣᠩᠭᠣᠯᠴᠤᠳ ᠤ᠋ᠨ ᠮᠢᠱ᠍ᠢᠭ᠌) ᠭᠡᠳᠡᠭ ᠤᠯᠠᠭᠠᠨ ᠴᠡᠷᠢᠭ ᠦ᠋ᠨ ᠳᠠᠷᠤᠭ᠎ᠠ ᠶ᠋ᠢᠨ ᠬᠠᠮᠲᠤ ᠭᠤᠷᠪᠠᠭᠤᠯᠠ ᠪᠠᠨ ᠨᠠᠰᠤᠨᠪᠠᠲᠤ ᠶ᠋ᠢᠨ ᠤᠷᠢᠭᠰᠠᠨ ᠳᠠᠭᠠᠵᠤ ᠬᠦᠷᠦᠯᠴᠡᠨ ᠢᠷᠡᠭᠡᠳ᠂ ᠡᠪᠦᠭᠡᠨ ᠢᠸᠠᠨ᠂ ᠭᠤᠷᠪᠠᠳᠤᠭᠠᠷ ᠤᠳᠠᠭ᠎ᠠ ᠬᠣᠰᠢᠭᠤ ᠳᠠᠷᠤᠭ᠎ᠠ ᠪᠠᠷ ᠤᠯᠠᠷᠢᠨ ᠰᠣᠩᠭᠣᠭᠳᠠᠭᠰᠠᠨ ᠡᠪᠦᠭᠡᠨ ᠨᠠᠢᠵᠠ᠂ ᠵᠢᠷᠤᠮ ᠤ᠋ᠨ ᠨᠥᠬᠥᠷ ᠪᠠᠲᠤᠪᠠᠶᠠᠷ ᠤ᠋ᠨ ᠳ᠋ᠤ᠌ ᠪᠠᠭᠤᠭᠠᠳ᠂ ᠬᠣᠶᠠᠷ ᠡᠪᠦᠭᠡᠨ ᠬᠠᠮᠲᠤ ᠰᠤᠷᠭᠠᠭᠤᠯᠢ ᠶ᠋ᠢ ᠦᠵᠡᠬᠦ ᠪᠡᠷ ᠢᠷᠡᠵᠡᠢ᠃ ᠵᠠᠩ ᠱᠢ᠂ ᠬᠠᠰᠢᠶᠠᠨ ᠤ᠋ ᠬᠠᠭᠠᠯᠭ᠎ᠠ ᠪᠠᠷ ᠬᠠᠳᠠᠮ ᠡᠴᠢᠭᠡ ᠶ᠋ᠢ ᠢᠸᠠᠨ ᠡᠪᠦᠭᠡ ᠶ᠋ᠢᠨ ᠬᠠᠮᠲᠤ ᠣᠷᠣᠵᠤ ᠢᠷᠡᠬᠦ ᠶ᠋ᠢ ᠦᠵᠡᠭᠡᠳ ᠨᠠᠰᠤᠨᠪᠠᠲᠤ ᠳ᠋ᠤ᠌᠂
— ᠡᠪᠦᠭᠡᠨ ᠠᠪᠤ᠂ ᠢᠸᠠᠨ ᠡᠪᠦᠭᠡ ᠲᠡᠢ ᠢᠷᠡᠵᠡᠢ! ᠭᠡᠵᠦ ᠪᠠᠶᠠᠷᠯᠠᠨ ᠬᠡᠯᠡᠭᠡᠳ ᠤᠭᠲᠤᠬᠤ ᠪᠠᠷ ᠭᠠᠷᠪᠠᠰᠤ᠂ ᠨᠠᠰᠤᠨᠪᠠᠲᠤ ᠬᠣᠢᠨ᠎ᠠ ᠠ᠋ᠴᠠ ᠨᠢ ᠶᠠᠭᠠᠷᠠᠨ ᠭᠠᠷᠴᠠᠢ᠃
— ᠵᠠᠩ ᠱᠢ᠂ ᠭᠡᠵᠦ ᠡᠪᠦᠭᠡᠨ ᠢᠸᠠᠨ ᠪᠠᠶᠠᠷᠯᠠᠨ ᠢᠨᠢᠶᠡᠮᠰᠦᠭᠯᠡᠵᠦ᠂ ᠪᠠᠲᠤᠪᠠᠶᠠᠷ ᠭᠤᠸᠠᠢ ᠪᠢᠳᠡ ᠬᠣᠶᠠᠷ ᠲᠠᠨᠠᠢᠳᠤ( ᠲᠠᠨ ᠤ᠋ ᠳ᠋ᠤ᠌) ᠠᠢᠯᠠᠴᠢᠯᠠᠵᠤ᠂ ᠰᠤᠷᠭᠠᠭᠤᠯᠢ ᠶ᠋ᠢ ᠴᠢᠨᠢ ᠦᠵᠡᠬᠦ ᠪᠡᠷ ᠢᠷᠡᠯ᠎ᠡ᠃ ᠡᠨᠡ ᠮᠢᠨᠦ ᠠᠴᠢ ᠮᠢᠱ᠍ᠢᠭ᠌᠂ ᠤᠯᠭᠠᠨ ᠴᠡᠷᠢᠭ ᠦ᠋ᠨ ᠬᠣᠷᠢᠶᠠᠨ ᠤ᠋ ᠳᠠᠷᠤᠭ᠎ᠠ ᠭᠡᠵᠦ ᠠᠴᠢ ᠶ᠋ᠢ ᠵᠢᠭᠠᠵᠤ ᠬᠡᠯᠡᠭᠡᠳ᠂ ᠡᠨᠡ ᠪᠣᠯ ᠴᠢᠨᠦ ᠨᠠᠰᠤᠨᠪᠠᠲᠤ ᠠᠪᠠᠭ᠎ᠠ ᠶ᠋ᠢᠨ ᠴᠢᠨᠢ ᠠᠪᠠᠭᠠᠢ ᠭᠡᠵᠦ ᠠᠴᠢ ᠳ᠋ᠠᠭᠠᠨ( ᠳ᠋ᠤ᠌ ᠪᠠᠨ) ᠵᠠᠩ ᠱᠢ ᠶ᠋ᠢ ᠵᠢᠭᠠᠵᠤ ᠲᠠᠨᠢᠯᠴᠠᠭᠤᠯᠪᠠᠰᠤ ᠮᠢᠱ᠍ᠢᠭ᠌᠂ ᠴᠡᠷᠢᠭ ᠦ᠋ᠨ ᠶᠣᠰᠣ ᠪᠠᠷ ᠭᠠᠷ ᠢ᠋ ᠮᠠᠯᠠᠭᠠᠢ ᠶ᠋ᠢᠨ ᠲᠤᠰᠢᠶ᠎ᠠ ᠡᠷᠭᠦᠨ ᠶᠣᠰᠣᠯᠠᠪᠠ᠃ ᠲᠡᠷᠡ ᠵᠠᠪᠰᠠᠷ ᠬᠠᠰᠢᠶᠠᠨ ᠤ᠋ ᠶᠡᠬᠡ ᠬᠠᠭᠠᠯᠭ᠎ᠠ ᠪᠠᠷ ᠫᠠᠭᠮ᠎ᠠ ᠠᠪᠠᠭᠠᠢ᠂ ᠫᠧᠳ᠋ᠲ᠋ᠷᠤᠸᠨᠠ ᠶ᠋ᠢᠨ ᠬᠠᠮᠲᠤ ᠣᠷᠣᠵᠤ ᠢᠷᠡᠭᠡᠳ᠂ ᠫᠧᠳ᠋ᠲ᠋ᠷᠤᠸᠨᠠ᠂
— ᠵᠠᠩ ᠱᠢ ᠮᠢᠨᠢ! ᠭᠡᠵᠦ ᠲᠡᠷᠡ ᠰᠠᠢᠬᠠᠨ ᠰᠡᠳᠬᠢᠯ ᠲᠡᠢ ᠡᠮᠡᠭᠡᠨ᠂ ᠶᠠᠭᠠᠷᠠᠨ ᠣᠷᠣᠭᠰᠢ ᠳᠠᠪᠰᠢᠵᠤ ᠵᠠᠩ ᠱᠢ ᠶ᠋ᠢ ᠲᠡᠪᠡᠷᠢᠨ᠂ ᠣᠷᠣᠰ ᠵᠠᠩᠰᠢᠯ ᠢ᠋ᠶ᠋ᠠᠷ ᠬᠠᠴᠠᠷ ᠮᠠᠩᠨᠠᠢ ᠶ᠋ᠢ ᠭᠤᠷᠪᠠ ᠳᠠᠬᠢᠨ ᠦᠨᠦᠰᠪᠡ᠃
— ᠵᠠ᠂ ᠲᠠᠨ ᠤ᠋ ᠡᠷᠳᠡᠮ ᠰᠣᠶᠣᠯ ᠤ᠋ᠨ ᠬᠡᠷᠡᠭ ᠤᠷᠤᠭᠰᠢᠲᠠᠢ ᠰᠠᠢᠬᠠᠨ ᠪᠠᠢᠭ᠎ᠠ ᠳ᠋ᠤ᠌ ᠪᠠᠶᠠᠷ ᠬᠦᠷᠭᠡᠶ᠎ᠡ! ᠭᠡᠵᠦ ᠡᠪᠦᠭᠡᠨ ᠢᠸᠠᠨ᠂ ᠨᠠᠰᠤᠨᠪᠠᠲᠤ ᠶ᠋ᠢᠨ ᠭᠠᠷ ᠪᠠᠷᠢᠵᠤ ᠶᠣᠰᠣᠯᠠᠭᠠᠳ᠂ ᠡᠮᠡᠭᠡᠨ ᠪᠢᠳᠡ ᠬᠣᠶᠠᠷ ᠨᠤᠲᠤᠭ ᠲᠠᠭᠠᠨ ( ᠲᠤ ᠪᠠᠨ)ᠪᠤᠴᠠᠵᠤ᠂ ᠠᠴᠢ ᠬᠦᠦ ᠳᠡᠭᠡᠷ᠎ᠡ ᠪᠡᠨ ᠣᠴᠢᠬᠤ ᠭᠡᠵᠦ᠂ ᠲᠡᠭᠡᠭᠡᠳ ᠨᠡᠬᠡᠢᠲᠦ ᠮᠠᠱᠠ ᠬᠣᠶᠠᠷ ᠢ᠋ ᠪᠡᠨ ᠭᠡᠷ ᠲᠡᠭᠡᠨ( ᠲᠤ ᠪᠡᠨ) ᠶᠠᠭᠤᠮ᠎ᠠ ᠬᠡᠦᠮ᠎ᠡ ᠪᠡᠨ ᠲᠠᠲᠠᠵᠤ ᠵᠡᠬᠡᠭ ᠭᠡᠵᠦ ᠠᠷᠭ᠎ᠠ ᠦᠭᠡᠢ ᠦᠯᠡᠳᠡᠭᠡᠴᠢᠬᠡᠯᠡ᠃ ᠶᠠᠪᠤᠬᠤ ᠭᠡᠳ ᠢᠷᠡᠬᠦ ᠦᠶ᠎ᠡ ᠳ᠋ᠦ᠍ ᠬᠡᠷᠡᠭ ᠲᠡᠢ ᠬᠡᠷᠡᠭ ᠦᠭᠡᠢ ᠨᠣᠪᠰᠢ ᠨᠣᠣᠬᠠᠢ ᠶ᠋ᠢᠨ ᠶᠡᠬᠡ ᠭᠡᠳᠡᠭ ᠢ᠋ ᠬᠡᠯᠡᠬᠦ ᠤᠤ? ᠬᠠᠰᠢᠶ᠎ᠠ ᠪᠠᠢᠰᠢᠩ ᠢ᠋ᠶ᠋ᠠᠨ ᠲᠠᠨ ᠤ᠋ ᠰᠤᠷᠭᠠᠭᠤᠯᠢ ᠳ᠋ᠤ᠌ ᠪᠡᠯᠡᠭᠯᠡᠬᠦ ᠪᠡᠷ ᠰᠢᠢᠳᠦᠭᠰᠡᠨ ᠰᠢᠦ᠃ ᠵᠠᠩ ᠱᠢ ᠲᠡᠢ ᠪᠡᠨ ᠮᠠᠨᠠᠢᠳᠤ(ᠮᠠᠨ ᠤ᠋ ᠳ᠋ᠤ᠌) ᠵᠠᠪᠠᠯ ᠠᠢᠯᠴᠢᠯᠠᠵᠤ ᠣᠴᠢᠭᠠᠷᠠᠢ ᠭᠡᠬᠦ ᠳ᠋ᠦ᠍ᠨᠢ( ᠳ᠋ᠦ᠍ ᠨᠢ)᠂ ᠢᠸᠠᠨ ᠡᠪᠦᠭᠡ ᠶ᠋ᠢ ᠶᠠᠪᠤᠬᠤ ᠪᠣᠯᠤᠭᠰᠠᠨ ᠢ᠋ ᠰᠣᠴᠢᠮᠠᠭ ᠰᠣᠨᠣᠰᠤᠭᠠᠳ ᠨᠠᠰᠤᠨᠪᠠᠲᠤ᠂
— ᠢᠸᠠᠨ ᠭᠤᠸᠠᠢ᠂ ᠲᠠ ᠶᠠᠪᠤᠭᠠᠳ ᠶᠠᠭᠠᠬᠢᠬᠤ ᠶᠤᠮ ᠪᠣᠢ? ᠪᠢᠳᠡ ᠲᠠᠨ ᠳ᠋ᠤ᠌ ᠶᠡᠬᠡ ᠳᠠᠰᠴᠢᠬᠠᠭᠠᠳ᠂ ᠲᠤᠩ ᠴᠤ᠌ ᠶᠠᠪᠤᠭᠤᠯᠤᠮᠠ ᠦᠭᠡᠢ ᠰᠠᠨᠠᠭᠳᠠᠵᠤ ᠪᠠᠢᠨ᠎ᠠ ᠳᠠ ᠭᠡᠵᠦ ᠭᠤᠶᠤᠨ ᠬᠡᠯᠡᠬᠦ ᠳ᠋ᠦ᠍ᠨᠢ( ᠳ᠋ᠦ᠍ ᠨᠢ)᠂
— ᠲᠠ ᠪᠦᠭᠦᠳᠡ ᠶ᠋ᠢᠨ ᠨᠠᠳᠠᠳᠤ (ᠨᠠᠳᠠ ᠳ᠋ᠤ᠌)ᠳᠣᠲᠣᠨᠣ ᠰᠠᠢᠬᠠᠨ ᠪᠠᠢᠭᠰᠠᠨ ᠳ᠋ᠤ᠌ ᠪᠢ ᠶᠡᠬᠡ ᠪᠠᠶᠠᠷᠯᠠᠵᠤ ᠪᠠᠢᠨ᠎ᠠ᠃ ᠡᠪᠦᠭᠡᠨ ᠪᠠᠲᠤᠪᠠᠶᠠᠷ ᠭᠤᠸᠠᠢ ᠪᠢᠳᠡ ᠬᠣᠶᠠᠷ ᠲᠥᠷᠥᠭᠰᠡᠨ ᠠᠬ᠎ᠠ ᠳᠡᠭᠦᠦ ᠬᠣᠶᠠᠷ ᠰᠢᠭ᠋ ᠲᠤᠩ ᠴᠤ᠌ ᠨᠠᠢᠷ ᠲᠠᠢ ᠰᠠᠢᠬᠠᠨ ᠪᠠᠢᠭᠰᠠᠨ ᠤᠯᠤᠰ ᠳᠠ᠃ ᠣᠳᠣ ᠨᠤᠲᠤᠭ ᠲᠠᠭᠠᠨ( ᠲᠤ ᠪᠠᠨ)᠂ ᠵᠥᠪᠯᠡᠯᠲᠦ ᠤᠯᠤᠰ ᠲᠠᠭᠠᠨ( ᠲᠤ ᠪᠠᠨ) ᠪᠤᠴᠠᠬᠤ ᠴᠠᠭ ᠪᠣᠯᠤᠯ᠎ᠠ᠃ ᠬᠥᠮᠦᠨ ᠦ᠌ ᠲᠥᠷᠥᠭᠰᠡᠨ ᠨᠤᠲᠤᠭ ᠰᠢᠭ᠋ ᠰᠠᠢᠬᠠᠨ ᠶᠠᠭᠤᠮ᠎ᠠ ᠳᠡᠯᠡᠬᠡᠢ ᠳᠡᠭᠡᠷ᠎ᠡ ᠬᠠᠮᠢᠭ᠎ᠠ ᠪᠠᠢᠬᠤ ᠪᠢᠯᠡ᠃
ᠡᠪᠦᠭᠡᠨ ᠨᠠᠳᠠᠳᠤ( ᠨᠠᠳᠠ ᠳ᠋ᠤ᠌) ᠥᠪᠡᠷ ᠦ᠋ᠨ ᠵᠥᠪᠯᠡᠯᠲᠦ ᠨᠤᠲᠤᠭ ᠰᠢᠭ᠋ ᠰᠠᠢᠬᠠᠨ ᠨᠤᠲᠤᠭ ᠬᠠᠮᠢᠭ᠎ᠠ ᠴᠤ᠌ ᠪᠠᠢᠬᠤ ᠦᠭᠡᠢ ᠭᠡᠵᠦ ᠰᠠᠨᠠᠭᠳᠠᠳᠠᠭ ᠳᠠ ᠭᠡᠬᠦ ᠳ᠋ᠦ᠍ᠨᠢ( ᠳ᠋ᠦ᠍ ᠨᠢ) ᠨᠠᠰᠤᠨᠪᠠᠲᠤ ᠶ᠋ᠢᠨ ᠰᠡᠳᠬᠢᠯ ᠬᠥᠳᠡᠯᠵᠦ᠂
— ᠢᠸᠠᠨ ᠭᠤᠸᠠᠢ ᠶ᠋ᠢᠨ ᠦᠭᠡ ᠲᠦᠮᠡᠨ ᠵᠥᠪ᠃ ᠬᠥᠮᠦᠨ ᠪᠦᠬᠦᠨ ᠳ᠋ᠦ᠍ ᠲᠥᠷᠥᠭᠰᠡᠨ ᠨᠤᠲᠤᠭ ᠶᠠᠭᠤᠨ ᠠ᠋ᠴᠠ ᠴᠤ᠌ ᠢᠯᠡᠭᠦᠦ ᠪᠠᠢᠯ ᠦᠭᠡᠢ ᠶᠠᠭᠠᠬᠢᠬᠤ ᠪᠣᠢ᠃ ᠲᠡᠭᠡᠬᠦ ᠳ᠋ᠦ᠍ᠨᠢ( ᠳ᠋ᠦ᠍ ᠨᠢ) ᠲᠠᠨ ᠤ᠋ ᠵᠥᠪᠯᠡᠯᠲᠦ ᠰᠠᠢᠬᠠᠨ ᠡᠬᠡ ᠨᠤᠲᠤᠭ ᠢ᠋ ᠮᠣᠩᠭᠣᠯᠴᠤᠳ ᠪᠢᠳᠡ ᠴᠦ᠍ ᠭᠡᠰᠡᠨ ᠪᠠᠬᠠᠷᠬᠠᠨ ᠦᠵᠡᠳᠡᠭ ᠭᠡᠵᠦ ᠡᠪᠦᠭᠡᠨ ᠢᠸᠠᠨ ᠭᠤᠸᠠᠢ ᠶ᠋ᠢ ᠠᠪᠤ ᠶ᠋ᠢᠨ ᠢ᠋ᠶ᠋ᠡᠨ ᠠᠳᠠᠯᠢ ᠶᠡᠬᠡᠯ᠎ᠡ(ᠶᠡᠬᠡ ᠯᠡ) ᠬᠦᠨᠳᠦᠳᠬᠡᠨ ᠵᠣᠴᠢᠯᠠᠪᠠ᠃
ᠡᠪᠦᠭᠡᠨ᠂ ᠨᠠᠰᠤᠨᠪᠠᠲᠤ ᠶ᠋ᠢᠨ ᠳ᠋ᠦ᠍ ᠵᠠᠩ ᠱᠢ ᠶ᠋ᠢᠨ ᠪᠠᠷᠢᠭᠰᠠᠨ ᠢᠳᠡᠭᠡ ᠬᠣᠭᠣᠯᠠ ᠢᠳᠡᠭᠡᠳ᠂ ᠰᠤᠷᠭᠠᠭᠤᠯᠢ ᠶ᠋ᠢᠨ ᠦᠵᠡᠰᠬᠦᠯᠡᠩ ᠢ᠋ ᠭᠠᠢᠬᠠᠷᠠ ᠣᠳᠴᠠᠢ᠃
ᠵᠣᠴᠢᠳ ᠢ᠋ ᠺᠯᠦ᠋ᠪ ᠲᠦ᠍ ᠣᠷᠣᠵᠤ ᠢᠷᠡᠬᠦ ᠳ᠋ᠦ᠍᠂ ᠴᠡᠪᠡᠷᠬᠡᠨ ᠬᠠᠷ᠎ᠠ ᠬᠥᠬᠡ ᠳᠡᠪᠡᠯ ᠲᠡᠢ᠂ ᠫᠢᠤ᠌ᠨᠧᠷ ᠦ᠋ᠨ ᠤᠯᠠᠭᠠᠨ ᠪᠦᠴᠡ ᠲᠡᠢ ᠵᠢᠵᠢᠭᠦᠷ ᠦ᠋ᠳ ᠬᠦᠨᠳᠦᠲᠦ ᠵᠣᠴᠢᠳ ᠢ᠋ ᠫᠢᠣᠨᠧᠷ ᠦ᠋ᠨ ᠶᠣᠰᠣᠯᠠᠯ ᠢ᠋ᠶ᠋ᠠᠷ ᠭᠠᠷ ᠡᠷᠭᠦᠨ ᠶᠣᠰᠣᠯᠠᠵᠤ᠂ ᠥᠨᠳᠥᠷ ᠪᠡᠶ᠎ᠡ ᠲᠡᠢ ᠥᠷᠭᠡᠨ ᠮᠥᠷ ᠲᠡᠢ ᠤᠯᠠᠭᠠᠨ ᠴᠡᠷᠢᠭ ᠦ᠋ᠨ ᠳᠠᠷᠤᠭ᠎ᠠ ᠶ᠋ᠢ ᠴᠡᠷᠢᠭ ᠦ᠋ᠨ ᠶᠣᠰᠣ ᠪᠠᠷ ᠭᠠᠷ ᠢ᠋ ᠮᠠᠯᠠᠭᠠᠢ ᠳ᠋ᠠᠭᠠᠨ( ᠳ᠋ᠤ᠌ ᠪᠠᠨ) ᠬᠦᠷᠭᠡᠵᠦ ᠬᠠᠷᠢᠭᠤ ᠶᠣᠰᠣᠯᠠᠬᠤ ᠳ᠋ᠤ᠌ ᠶᠡᠬᠡᠯ᠎ᠡ(ᠶᠡᠬᠡ ᠯᠡ) ᠪᠠᠬᠠᠷᠬᠠᠨ ᠰᠢᠷᠳᠡᠵᠡᠭᠡᠪᠡ᠃
— ᠡᠨᠡ ᠦᠵᠡᠰᠬᠦᠯᠡᠩ ᠪᠣᠯᠪᠠᠯ ᠮᠠᠨ ᠤ᠋ ᠱᠠᠪᠢ ᠨᠠᠷ ᠡᠨᠡ ᠵᠠᠪᠰᠠᠷ ᠴᠣᠬᠣᠮ ᠶᠠᠭᠤ ᠶᠠᠭᠤ ᠶᠠᠭᠠᠬᠢᠵᠤ ᠰᠤᠷᠤᠯᠴᠠᠵᠤ ᠪᠠᠢᠭᠰᠠᠨ ᠢ᠋ ᠡᠴᠢᠭᠡ ᠡᠬᠡ ᠳ᠋ᠦ᠍ᠨᠢ( ᠳ᠋ᠦ᠍ ᠨᠢ) ᠲᠣᠪᠴᠢ ᠪᠠᠷ ᠳ᠋ᠦᠩᠨᠡᠵᠦ ᠦᠵᠡᠭᠦᠯᠬᠦ ᠵᠣᠷᠢᠯᠭ᠎ᠠ ᠲᠠᠢ ᠤᠴᠢᠷ᠂ ᠳᠠᠩ ᠭᠠᠭᠴᠠ ᠲᠡᠭᠦᠰᠬᠡᠵᠦ ᠪᠠᠢᠭ᠎ᠠ ᠠᠩᠭᠢ ᠶ᠋ᠢᠨ ᠬᠡᠦᠬᠡᠳ ᠦ᠋ᠨ ᠬᠢᠭᠰᠡᠨ ᠶᠠᠭᠤᠮ᠎ᠠ ᠪᠠᠷ ᠵᠣᠭᠰᠣᠬᠤ ᠦᠭᠡᠢ᠂ ᠨᠢᠭᠡᠳᠦᠭᠡᠷ ᠠᠩᠭᠢ ᠳ᠋ᠤ᠌ ᠨᠠᠮᠤᠷ ᠣᠷᠣᠭᠰᠠᠨ ᠬᠡᠦᠬᠡᠳ ᠦ᠋ᠨ ᠨᠢᠭᠡ ᠵᠢᠯ ᠰᠤᠷᠭᠠᠭᠤᠯᠢ ᠬᠢᠭᠡᠳ ᠶᠠᠭᠤ ᠰᠤᠷᠤᠭᠰᠠᠨ ᠢ᠋ ᠬᠦᠷᠲᠡᠯ᠎ᠡ ᠦᠵᠡᠭᠦᠯᠬᠦ ᠵᠣᠷᠢᠯᠭ᠎ᠠ ᠲᠠᠢ ᠪᠢᠯᠡ᠃ ᠡᠨᠡ ᠤᠴᠢᠷ᠂ ᠪᠦᠬᠦ ᠠᠩᠭᠢ ᠶ᠋ᠢᠨ ᠰᠤᠷᠤᠭᠴᠢᠳ ᠤ᠋ᠨ ᠪᠢᠴᠢᠵᠦ ᠵᠣᠬᠢᠶᠠᠭᠰᠠᠨ᠂ ᠵᠢᠷᠤᠵᠤ ᠪᠦᠲᠦᠭᠡᠭᠰᠡᠨ ᠪᠦᠬᠦ ᠵᠦᠢᠯ ᠪᠣᠢ᠃ ᠢᠸᠠᠨ ᠭᠤᠸᠠᠢ᠂ ᠮᠠᠨ ᠤ᠋ ᠰᠤᠷᠭᠠᠭᠤᠯᠢ ᠶ᠋ᠢ ᠪᠤᠰᠬᠠᠬᠤ ᠳ᠋ᠤ᠌ ᠶᠡᠬᠡ ᠲᠤᠰᠠ ᠬᠦᠷᠭᠡᠵᠦ ᠪᠥᠲᠦᠭᠡᠯᠴᠡᠭᠰᠡᠨ ᠢ᠋ ᠪᠢᠳᠡ ᠬᠡᠵᠢᠶ᠎ᠡ ᠴᠦ᠍ ᠰᠠᠨᠠᠵᠤ ᠶᠠᠪᠤᠳᠠᠭ ᠲᠤᠯᠠ ᠲᠠ ᠪᠦᠬᠦᠨ᠂ ᠮᠠᠨ ᠤ᠋ ᠡᠨᠡ ᠦᠵᠡᠰᠬᠦᠯᠡᠩ ᠢ᠋ ᠦᠵᠡᠭᠡᠳ ᠰᠠᠨᠠᠯ ᠢ᠋ᠶ᠋ᠠᠨ ᠡᠨᠡ ᠳᠡᠪᠲᠡᠷ ᠲᠦ᠍ ᠪᠢᠴᠢᠵᠦ ᠦᠯᠡᠳᠡᠭᠡᠪᠡᠯ ᠪᠢᠳᠡ ᠶᠡᠬᠡᠯ᠎ᠡ(ᠶᠡᠬᠡ ᠯᠡ) ᠪᠠᠶᠠᠷᠯᠠᠨ᠎ᠠ ᠭᠡᠵᠦ ᠳᠣᠲᠣᠨᠣ ᠡᠯᠢᠭᠡᠨ ᠵᠣᠴᠢᠳ ᠲᠤ᠌ ᠨᠠᠰᠤᠨᠪᠠᠲᠤ ᠵᠠᠬᠢᠷᠤᠯ ᠪᠠᠭᠰᠢ᠂ ᠰᠤᠷᠭᠠᠭᠤᠯᠢ ᠶ᠋ᠢᠨ ᠦᠵᠡᠰᠬᠦᠯᠡᠩ ᠦ᠋ᠨ ᠤᠴᠢᠷ ᠢ᠋ ᠲᠠᠢᠯᠪᠤᠷᠢᠯᠠᠨ ᠦᠵᠡᠭᠦᠯᠪᠡ᠃
— ᠡᠨᠡ ᠶᠠᠭᠠᠬᠢᠭᠰᠠᠨ ᠰᠠᠢᠬᠠᠨ ᠬᠠᠳᠬᠤᠭᠰᠠᠨ ᠶᠤᠮ ᠪᠣᠢ? ᠬᠡᠨ ᠬᠠᠳᠬᠤᠭᠰᠠᠨ ᠶᠤᠮ ᠪᠢᠯᠡ? ᠭᠡᠵᠦ ᠡᠮᠡᠭᠡᠨ ᠫᠧᠳ᠋ᠲ᠋ᠷᠤᠸᠨᠠ ᠶ᠋ᠢᠨ ᠠᠰᠠᠭᠤᠬᠤ ᠳ᠋ᠤ᠌ ᠵᠠᠩ ᠱᠢ᠂
— ᠡᠨᠡ ᠬᠣᠶᠠᠷ ᠭᠡᠵᠦ ᠬᠣᠶᠠᠷ ᠵᠢᠵᠢᠭᠦᠷ ᠬᠡᠦᠬᠡᠨ ᠢ᠋ ᠵᠢᠭᠠᠵᠤ᠂ ᠮᠠᠨ ᠤ᠋ ᠣᠨᠴᠠ ᠰᠤᠷᠤᠯᠭᠠᠲᠠᠨ ᠣᠳᠰᠠᠷᠵᠠᠨᠮᠠ ᠴᠣᠯᠮᠣᠨ ᠬᠣᠶᠠᠷ ᠬᠠᠳᠬᠤᠭᠰᠠᠨ ᠶᠤᠮ᠎ᠠ ᠭᠡᠬᠦ ᠳ᠋ᠦ᠍ᠨᠢ( ᠳ᠋ᠦ᠍ ᠨᠢ)᠂ ᠬᠣᠶᠠᠷ ᠫᠢᠣᠨᠧᠷ ᠬᠡᠦᠬᠡᠨ᠂ ᠪᠠᠭᠰᠢ ᠶ᠋ᠢᠨ ᠮᠠᠭᠲᠠᠬᠤ ᠳ᠋ᠤ᠌ ᠰᠠᠨᠳᠤᠷᠤᠨ ᠲᠡᠪᠡᠳᠡᠰᠬᠢᠵᠦ ᠲᠡᠷᠢᠭᠦᠨ ᠢ᠋ ᠳᠠᠷᠤᠪᠠ᠃
— ᠰᠠᠢᠬᠠᠨ ᠬᠠᠳᠬᠤᠮᠠᠯᠯᠠᠵᠠᠢ᠃ ᠡᠨᠳᠡ ᠬᠥᠮᠦᠨ ᠦᠭᠡᠢ ᠪᠣᠯᠪᠠᠯ᠂ ᠰᠠᠮ ᠬᠤᠯᠠᠭᠤᠨ ᠠᠪᠤᠮᠠᠷ ᠰᠠᠢᠬᠠᠨ ᠬᠠᠳᠬᠤᠭᠰᠠᠨ ᠠᠵᠢ ᠭᠡᠵᠦ ᠮᠢᠬᠠᠢᠯ ᠤ᠋ᠨ ᠪᠠᠬᠠᠷᠬᠠᠨ ᠬᠣᠱᠣᠩᠨᠠᠬᠤ ᠳ᠋ᠤ᠌ ᠡᠪᠦᠭᠡᠨ ᠢᠸᠠᠨ᠂ ᠬᠠᠲᠠᠭᠤ ᠬᠦᠷᠡᠩ ᠽᠠᠨᠳᠠᠨ ᠢ᠋ᠶ᠋ᠠᠷ ᠰᠡᠢᠯᠦᠭᠰᠡᠨ ᠮᠣᠷᠢᠨ ᠤ᠋ ᠲᠠᠭᠠᠲᠠᠢ ᠪᠠᠢᠳᠠᠯ ᠢ᠋ ᠲᠡᠰᠬᠡᠯ ᠦᠭᠡᠢ ᠰᠠᠢᠰᠢᠶᠠᠨ᠂
— ᠮᠢᠱ᠍ᠢᠭ᠌ ᠴᠢ ᠡᠭᠦᠨ ᠢ᠋ ᠬᠠᠷᠠᠭᠠᠴᠢ᠂ ᠪᠦᠷ ᠠᠮᠢᠳᠤ ᠶᠤᠮ ᠰᠢᠭ᠋ ᠭᠠᠢᠬᠠᠯ ᠲᠠᠢ ᠰᠠᠢᠬᠠᠨ ᠵᠣᠷᠴᠠᠢ᠃ ᠬᠡᠨ ᠬᠢᠭᠰᠡᠨ ᠶᠦᠮ ᠪᠣᠢ? ᠭᠡᠵᠦ ᠠᠰᠠᠭᠤᠪᠠᠯ᠂ ᠵᠢᠵᠢᠭᠦᠷ ᠬᠡᠦᠬᠡᠨ᠂
— ᠸᠠᠩ ᠠᠪᠤᠭᠠᠢ ᠶ᠋ᠢᠨ ᠬᠦᠦ ᠪᠠᠲᠤ ᠭᠡᠵᠦ ᠬᠠᠷᠢᠭᠤᠯᠪᠠ᠃
— ᠡᠨᠡ ᠶᠠᠮᠠᠷ ᠤᠴᠢᠷ ᠲᠠᠢ ᠵᠢᠷᠤᠭ ᠪᠣᠢ? ᠭᠡᠬᠦ ᠳ᠋ᠦ᠍ᠨᠢ ( ᠳ᠋ᠦ᠍ ᠨᠢ)᠂
— ᠵᠠᠯᠠᠭᠤᠴᠤᠳ ᠤ᠋ᠨ ᠭᠡᠰᠢᠭᠦᠨ᠂ ᠰᠣᠯᠣᠩᠭᠣᠰ ᠤ᠋ᠨ ᠬᠡᠦᠬᠡᠳ ᠲᠦ᠍ ᠲᠤᠰᠠᠯᠠᠮᠵᠢ ᠶ᠋ᠢᠨ ᠵᠦᠢᠯ ᠴᠤᠭᠯᠠᠭᠤᠯᠵᠤ ᠪᠠᠢᠭ᠎ᠠ ᠶ᠋ᠢ ᠵᠢᠷᠤᠵᠠᠢ ᠬᠡᠮᠡᠪᠡᠰᠦ᠂
— ᠰᠣᠯᠣᠩᠭᠣᠰ ᠭᠡᠵᠦ ᠬᠠᠮᠢᠭ᠎ᠠ ᠪᠠᠢᠳᠠᠭ ᠪᠢᠯᠡ? ᠲᠠ᠂ ᠵᠢᠷᠤᠭ ᠳᠡᠭᠡᠷ᠎ᠡ ᠵᠢᠭᠠᠵᠤ ᠥᠭᠴᠦ ᠴᠢᠳᠠᠬᠤ ᠤᠤ ᠭᠡᠵᠦ ᠮᠢᠱ᠍ᠢᠭ᠌ ᠦ᠋ᠨ ᠠᠰᠠᠭᠤᠬᠤ ᠳ᠋ᠤ᠌᠂ ᠣᠳᠰᠠᠷᠵᠠᠨᠮᠠ ᠵᠢᠭᠠᠳᠠᠭ ᠮᠣᠳᠣ ᠪᠠᠨ ᠪᠠᠷᠢᠵᠤ᠂ ᠭᠠᠵᠠᠷ ᠤ᠋ᠨ ᠵᠢᠷᠤᠭ ᠳᠡᠭᠡᠷ᠎ᠡ ᠰᠣᠯᠣᠩᠭᠣᠰ ᠤ᠋ᠨ ᠬᠣᠢᠭ ᠢ᠋ ᠲᠣᠭᠣᠷᠢᠭᠤᠯᠤᠨ ᠵᠢᠭᠠᠵᠤ᠂
— ᠡᠨᠡ ᠪᠠᠢᠨ᠎ᠠ᠂ ᠰᠣᠯᠣᠩᠭᠣᠰ ᠤ᠋ᠨ ᠠᠷᠠᠳ ᠲᠦᠮᠡᠨ᠂ ᠶᠠᠫᠣᠨ ᠤ᠋ ᠡᠵᠡᠷᠬᠡᠭ ᠲᠦᠷᠢᠮᠡᠬᠡᠢ ᠨᠠᠷ ᠲᠤ᠌ ᠲᠠᠯᠬᠢᠳᠠᠭᠤᠯᠤᠨ ᠪᠣᠭᠣᠯᠴᠢᠯᠠᠭᠳᠠᠭᠰᠠᠨ ᠪᠣᠯᠪᠠᠴᠤ ᠡᠷᠬᠡ ᠴᠢᠯᠥᠭᠡ ᠪᠡᠨ ᠲᠡᠮᠡᠴᠡᠭᠰᠡᠭᠡᠷ ᠪᠢᠯᠡ᠃ ᠶᠡᠷᠦ ᠂ ᠡᠷᠬᠡ ᠴᠢᠯᠥᠭᠡ ᠪᠡᠨ ᠲᠡᠮᠡᠴᠡᠳᠡᠭ ᠠᠷᠠᠳ ᠲᠦᠮᠡᠨ ᠵᠠᠪᠠᠯ ᠳᠡᠢᠯᠬᠦ ᠶᠣᠰᠣᠲᠠᠢ ᠶᠤᠮ᠃ ᠲᠡᠷᠡ ᠲᠡᠮᠡᠴᠡᠯ ᠨᠢ ᠳᠡᠯᠡᠬᠡᠢ ᠳ᠋ᠠᠬᠢᠨ ᠤ᠋ ᠪᠦᠬᠦ ᠰᠢᠳᠤᠷᠭᠤ ᠬᠥᠮᠦᠨ ᠦ᠌ ᠰᠡᠳᠬᠢᠯ ᠲᠠᠯᠠᠷᠬᠠᠯ ᠢ᠋ ᠪᠡᠶ᠎ᠡ ᠳ᠋ᠡᠭᠡᠨ ( ᠳ᠋ᠦ᠍ ᠪᠡᠨ) ᠲᠠᠲᠠᠳᠠᠭ ᠶᠤᠮ ᠰᠢᠦ ᠳᠡ᠃ ᠮᠠᠨ ᠤ᠋ ᠬᠤᠰᠢᠭᠤᠨ ᠤ᠋ ᠵᠠᠯᠠᠭᠤᠴᠤᠳ ᠤ᠋ᠨ ᠡᠭᠦᠷ᠂ ᠰᠣᠯᠣᠩᠭᠣᠰ ᠤ᠋ᠨ ᠬᠡᠦᠬᠡᠳ ᠲᠦ᠍ ᠲᠤᠰᠠᠯᠠᠮᠵᠢ ᠦᠵᠡᠭᠦᠯᠬᠦ ᠭᠡᠵᠦ ᠭᠤᠷᠪᠠᠨ ᠵᠠᠭᠤᠨ ᠶᠠᠩᠴᠢᠶᠠᠨ ᠴᠤᠭᠯᠠᠭᠤᠯᠵᠤ ᠶᠠᠪᠤᠭᠤᠯᠤᠭᠰᠠᠨ ᠪᠢᠯᠡ᠃ ᠤᠯᠠᠭᠠᠨᠪᠠᠭᠠᠲᠤᠷ ᠲᠤ᠌ ᠭᠠᠷᠳᠠᠭ ᠬᠤᠪᠢᠰᠬᠠᠯᠲᠤ ᠵᠠᠯᠠᠭᠤᠴᠤᠳ ᠤ᠋ᠨ ᠡᠨᠡ ᠰᠣᠨᠢᠨ ᠳ᠋ᠤ᠌ ᠨᠢᠭᠡ ᠮᠡᠳᠡᠭᠡ ᠨᠡᠢᠲᠡᠯᠡᠭᠰᠡᠨ ᠨᠢ᠂ ᠰᠣᠯᠣᠩᠭᠣᠰ ᠨᠥᠬᠥᠳ ᠡᠴᠡ ᠵᠠᠬᠢᠶ᠎ᠠ ᠢᠷᠡᠭᠦᠯᠵᠦ᠂ ᠮᠣᠩᠭᠣᠯ ᠤ᠋ᠨ ᠬᠤᠪᠢᠰᠬᠠᠯᠲᠤ ᠵᠠᠯᠠᠭᠤᠴᠤᠳ ᠤ᠋ᠨ ᠡᠪᠯᠡᠯ ᠡᠴᠡ ᠲᠤᠰᠠᠯᠠᠮᠵᠢ ᠦᠵᠡᠭᠦᠯᠦᠭᠰᠡᠨ ᠦ᠌ ᠬᠠᠷᠢᠭᠤ ᠪᠠᠶᠠᠷ ᠬᠦᠷᠭᠡᠭᠰᠡᠨ ᠬᠡᠮᠡᠵᠡᠢ ᠭᠡᠵᠦ ᠲᠠᠢᠯᠪᠤᠷᠢᠯᠠᠨ ᠬᠠᠷᠢᠭᠤᠯᠤᠯ᠎ᠠ᠃
— ᠡᠨᠡ ᠶᠠᠮᠠᠷ ᠵᠢᠷᠤᠭ ᠪᠣᠢ? ᠭᠡᠵᠦ ᠪᠣᠳᠣᠭ ᠲᠠᠢ ᠬᠠᠷᠠᠨᠳᠠ ᠪᠠᠷ ᠵᠢᠷᠤᠭᠰᠠᠨ ᠵᠢᠷᠤᠭ ᠢ᠋ ᠮᠢᠬᠠᠢᠯ ᠤ᠋ᠨ ᠠᠰᠠᠭᠤᠬᠤ ᠳ᠋ᠤ᠌᠂
— ᠡᠨᠡ ᠪᠣᠯ ᠬᠢᠲᠠᠳ ᠤ᠋ᠨ ᠬᠤᠨᠠᠨ ᠮᠣᠵᠢ ᠳ᠋ᠤ᠌ ᠲᠠᠷᠢᠶᠠᠴᠢᠨ ᠠᠷᠠᠳ ᠤ᠋ᠳ ᠭᠠᠵᠠᠷ ᠶᠡᠬᠡᠲᠡᠢ ᠪᠠᠢᠭᠰᠠᠨ ᠹᠧᠣᠳᠠᠯ ᠤ᠋ᠨ ᠭᠠᠵᠠᠷ ᠢ᠋ ᠪᠤᠯᠢᠶᠠᠨ ᠠᠪᠴᠤ ᠪᠠᠢᠭ᠎ᠠ ᠶᠤᠮ ᠠ᠋᠃ ᠸᠠᠩ ᠠᠪᠤᠭᠠᠢ ᠶ᠋ᠢᠨ ᠪᠠᠲᠤ ᠵᠢᠷᠤᠭᠰᠠᠨ ᠶᠤᠮ ᠠ᠋᠃ ᠵᠠᠬᠢᠷᠤᠯ ᠪᠠᠭᠰᠢ ᠳᠡᠯᠡᠬᠡᠢ ᠶ᠋ᠢᠨ ᠪᠠᠢᠳᠠᠯ ᠵᠢᠭᠠᠬᠤ ᠳ᠋ᠠᠭᠠᠨ( ᠳ᠋ᠤ᠌ ᠪᠠᠨ) ᠪᠢᠳᠡᠨ ᠳ᠋ᠦ᠍ ᠬᠢᠲᠠᠳ ᠤ᠋ᠨ ᠠᠷᠠᠳ ᠲᠦᠮᠡᠨ ᠦ᠌ ᠡᠷᠬᠡ ᠴᠢᠯᠥᠭᠡ ᠪᠡᠨ ᠲᠡᠮᠡᠴᠡᠵᠦ ᠪᠠᠢᠭ᠎ᠠ ᠪᠠᠢᠳᠠᠯ ᠢ᠋ ᠶᠠᠷᠢᠵᠤ᠂ ᠬᠤᠨᠠᠨ ᠵᠡᠷᠭᠡ ᠮᠣᠵᠢ ᠳ᠋ᠤ᠌ ᠲᠠᠷᠢᠶᠠᠴᠢᠨ ᠠᠷᠠᠳ ᠤ᠋ᠳ ᠭᠠᠵᠠᠷ ᠥᠮᠴᠢ ᠶ᠋ᠢᠨ ᠡᠵᠡᠨ ᠪᠠᠶᠠᠴᠤᠳ ᠤ᠋ᠨ ᠭᠠᠵᠠᠷ ᠢ᠋ ᠬᠣᠷᠢᠶᠠᠨ ᠠᠪᠴᠤ ᠪᠠᠢᠭ᠎ᠠ ᠶ᠋ᠢ ᠶᠠᠷᠢᠵᠤ ᠥᠭᠭᠦᠭᠰᠡᠨ ᠡᠴᠡ ᠰᠠᠨᠠᠭ᠎ᠠ ᠠᠪᠴᠤ᠂ ᠪᠠᠲᠤ ᠵᠢᠷᠤᠭᠰᠠᠨ ᠪᠢᠯᠡ ᠬᠡᠮᠡᠪᠡ᠃
— ᠠᠪᠢᠶᠠᠰ ᠲᠠᠢ ᠬᠡᠦᠬᠡᠳ ᠠ᠋᠂ ᠶᠡᠬᠡᠯ᠎ᠡ(ᠶᠡᠬᠡ ᠯᠡ) ᠤᠷᠠᠨ ᠪᠠᠷᠢᠮᠠᠯᠴᠢ ᠪᠣᠯᠬᠤ ᠬᠥᠮᠦᠨ ᠪᠠᠢᠨ᠎ᠠ ᠳᠠ ᠭᠡᠵᠦ ᠮᠢᠱ᠍ᠢᠭ᠌᠂ ᠪᠠᠲᠤ ᠶ᠋ᠢ ᠮᠠᠭᠲᠠᠭᠠᠳ᠂ ᠦᠵᠡᠰᠬᠦᠯᠡᠩ ᠨᠠᠳᠠᠳᠤ(ᠨᠠᠳᠠ ᠳ᠋ᠤ᠌) ᠶᠡᠬᠡᠯ᠎ᠡ( ᠶᠡᠬᠡ ᠯᠡ )ᠲᠠᠭᠠᠲᠠᠢ ᠰᠠᠨᠠᠭᠳᠠᠪᠠ᠃ ᠨᠠᠰᠤᠨᠪᠠᠲᠤ ᠠᠪᠤᠭᠠᠢ ᠲᠠ ᠤᠯᠤᠰ ᠲᠠᠭᠠᠨ( ᠲᠤ ᠪᠠᠨ) ᠮᠠᠰᠢ ᠴᠢᠬᠤᠯᠠ ᠡᠷᠬᠢᠮ ᠪᠦᠲᠦᠭᠡᠯ ᠪᠠᠢᠭᠤᠯᠵᠤ ᠪᠠᠢᠭ᠎ᠠ ᠶᠤᠮ ᠪᠠᠢᠨ᠎ᠠ ᠳᠠ ᠭᠡᠳ ᠬᠠᠭᠠᠯᠭᠠᠨ ᠤ᠋ ᠵᠦᠭ ᠴᠢᠭᠯᠡᠩᠭᠦᠲᠡ ᠵᠢᠵᠢᠭᠦᠷ ᠠ᠋᠂ ᠥᠨᠥᠬᠢ ᠰᠠᠨᠠᠯ ᠲᠡᠮᠳᠡᠭᠯᠡᠬᠦ ᠳᠡᠪᠲᠡᠷ ᠴᠢᠨᠢ ᠠᠯᠢ ᠪᠣᠢ? ᠭᠡᠳ᠂ ᠬᠣᠰᠢᠭᠤ ᠳᠠᠷᠤᠭ᠎ᠠ ᠶ᠋ᠢᠨ ᠵᠦᠭ ᠬᠠᠨᠳᠤᠵᠤ᠂ ᠪᠠᠲᠤᠪᠠᠶᠠᠷ ᠠᠪᠤᠭᠠᠢ ᠲᠠ ᠬᠣᠢᠴᠢ ᠶ᠋ᠢᠨ ᠳᠤᠷᠠᠰᠬᠠᠯ ᠪᠣᠯᠭᠠᠨ ᠡᠨᠡ ᠳᠡᠪᠲᠡᠷ ᠲᠦ᠍ ᠰᠠᠨᠠᠯ ᠢ᠋ᠶ᠋ᠠᠨ ᠲᠡᠮᠳᠡᠭᠯᠡᠨ ᠦᠯᠡᠳᠡᠭᠡᠬᠦ ᠶᠦᠮ ᠪᠢᠰᠢ ᠤᠤ? ᠲᠠ᠂ ᠡᠨᠡ ᠨᠤᠲᠤᠭ ᠤᠰᠤᠨ ᠳ᠋ᠠᠭᠠᠨ( ᠳ᠋ᠤ᠌ ᠪᠠᠨ) ᠣᠯᠠᠨ ᠤ᠋ ᠢᠲᠡᠭᠡᠯ ᠨᠠᠢᠳᠠᠪᠤᠷᠢ ᠶ᠋ᠢ ᠬᠦᠯᠢᠶᠡᠭᠰᠡᠨ᠂ ᠲᠥᠷᠥ ᠶ᠋ᠢᠨ ᠵᠠᠰᠠᠭ ᠤ᠋ᠨ ᠵᠢᠯᠣᠭᠣ ᠠ᠋ᠴᠠ ᠪᠠᠷᠢᠯᠴᠠᠭᠰᠠᠨ ᠬᠣᠰᠢᠭᠤ ᠳᠠᠷᠤᠭ᠎ᠠ ᠬᠥᠮᠦᠨ᠂ ᠡᠨᠡ ᠰᠠᠢᠬᠠᠨ ᠦᠵᠡᠰᠬᠦᠯᠡᠩ ᠦ᠋ᠨ ᠲᠤᠬᠠᠢ ᠰᠠᠨᠠᠯ ᠢ᠋ᠶ᠋ᠠᠨ ᠪᠢᠴᠢᠵᠦ ᠦᠯᠡᠳᠡᠭᠡᠪᠡᠯ ᠰᠠᠢᠬᠠᠨ ᠪᠢᠰᠢ ᠤᠤ? ᠬᠡᠮᠡᠪᠡᠰᠦ᠂
— ᠢᠷᠦᠭᠡᠯ ᠦ᠋ᠨ ᠳᠠᠯᠳᠠ᠂ ᠮᠠᠭᠤᠯᠠᠯ ᠤ᠋ᠨ ᠢᠯᠡ ᠨᠢ ᠳᠡᠭᠡᠷ᠎ᠡ ᠭᠡᠳᠡᠭ ᠪᠢᠯᠡ᠃ ᠵᠠ ᠶᠠᠭᠠᠬᠢᠬᠤ ᠪᠣᠢ᠃ ᠨᠢᠭᠡ ᠶᠠᠭᠤᠮ᠎ᠠ ᠪᠢᠴᠢᠵᠦ ᠦᠵᠡᠶ᠎ᠡ ᠭᠡᠳ ᠬᠠᠷᠠᠨᠳᠠ ᠠᠪᠴᠤ᠂ ᠮᠠᠰᠢ ᠰᠠᠢᠬᠠᠨ ᠢ᠋ᠶ᠋ᠠᠷ ᠪᠢᠴᠢᠭᠰᠡᠨ ᠨᠢ᠂《ᠡᠨᠡ ᠪᠢᠴᠢᠬᠠᠨ ᠦᠵᠡᠰᠬᠦᠯᠡᠩ᠂ ᠮᠠᠨ ᠤ᠋ ᠠᠷᠠᠳ ᠲᠦᠮᠡᠨ ᠦ᠌ ᠳᠤᠮᠳᠠ ᠶᠠᠭᠤᠲᠠᠢ ᠶᠡᠬᠡ ᠠᠪᠢᠶᠠᠰᠲᠠᠨ ᠪᠠᠢᠭ᠎ᠠ ᠶ᠋ᠢ ᠢᠪ ᠢᠯᠡᠬᠡᠨ ᠦᠵᠡᠭᠦᠯᠵᠦ ᠪᠠᠢᠨ᠎ᠠ᠃ ᠮᠠᠨ ᠤ᠋ ᠬᠤᠰᠢᠭᠤᠨ ᠤ᠋ ᠠᠩᠬᠠᠨ ᠤ᠋ ᠪᠠᠭ᠎ᠠ ᠰᠤᠷᠭᠠᠭᠤᠯᠢ ᠶ᠋ᠢᠨ ᠣᠯᠠᠨ ᠰᠤᠷᠤᠭᠴᠢ ᠪᠠᠭᠠᠴᠤᠳ ᠢ᠋ ᠬᠣᠢᠴᠢ ᠡᠳᠦᠷ ᠡᠬᠡ ᠨᠤᠲᠤᠭ᠂ ᠤᠯᠤᠰ ᠣᠯᠠᠨ ᠳ᠋ᠠᠭᠠᠨ( ᠳ᠋ᠤ᠌ ᠪᠠᠨ) ᠡᠷᠳᠡᠮ ᠬᠦᠴᠦ ᠶ᠋ᠢ ᠰᠢᠪᠬᠠᠨ ᠭᠠᠷᠭᠠᠵᠤ᠂ ᠦᠨᠡᠨ ᠰᠡᠳᠬᠢᠯ ᠢ᠋ᠶ᠋ᠡᠷ ᠵᠢᠳᠬᠦᠬᠦ ᠶ᠋ᠢᠨ ᠤᠴᠢᠷ᠂ ᠡᠷᠳᠡᠮ ᠨᠣᠮ ᠰᠠᠢᠨ ᠰᠤᠷᠴᠤ᠂ ᠬᠢᠴᠢᠶᠡᠩᠭᠦᠢᠯᠡᠨ ᠰᠢᠮᠳᠠᠬᠤ ᠶ᠋ᠢ ᠴᠢᠩ ᠰᠡᠳᠬᠢᠯ ᠦ᠋ᠨ ᠤᠭ ᠠ᠋ᠴᠠ ᠳᠤᠷᠠᠳᠤᠨ ᠰᠠᠨᠠᠭᠤᠯᠤᠶ᠎ᠠ》 ᠭᠡᠵᠦ ᠪᠢᠴᠢᠪᠡ᠃
— ᠪᠢ᠂ ᠪᠦᠭᠦᠳᠡ ᠶ᠋ᠢᠨ ᠢ᠋ᠶ᠋ᠡᠨ ᠡᠮᠦᠨ᠎ᠡ ᠡᠴᠡ ᠰᠠᠨᠠᠯ ᠢ᠋ᠶ᠋ᠠᠨ ᠲᠥᠯᠥᠭᠡᠯᠡᠨ ᠪᠢᠴᠢᠶ᠎ᠡ ᠭᠡᠳ ᠮᠢᠱ᠍ᠢᠭ᠌ ᠬᠠᠷᠠᠨᠳᠠ ᠪᠠᠷᠢᠵᠤ ᠰᠠᠨᠠᠯ ᠤ᠋ᠨ ᠳᠡᠪᠲᠡᠷ ᠲᠦ᠍᠂《ᠬᠤᠲᠤᠭ — ᠥᠨᠳᠥᠷ ᠠᠭᠤᠯᠠ ᠶ᠋ᠢᠨ ᠬᠤᠰᠢᠭᠤᠨ ᠤ᠋ ᠠᠩᠬᠠᠨ ᠤ᠋ ᠪᠠᠭ᠎ᠠ ᠰᠤᠷᠭᠠᠭᠤᠯᠢ ᠶ᠋ᠢᠨ ᠲᠠᠩᠬᠢᠮ ᠤ᠋ᠨ ᠰᠤᠷᠤᠭᠴᠢᠳ ᠢ᠋ ᠠᠩᠬ᠎ᠠ ᠤᠳᠠᠭ᠎ᠠ ᠰᠤᠷᠭᠠᠭᠤᠯᠢ ᠪᠠᠨ ᠲᠡᠭᠦᠰᠬᠡᠭᠰᠡᠨ ᠪᠠᠬᠠᠳᠤᠯ ᠲᠠᠢ ᠪᠠᠶᠠᠷ ᠲᠤ᠌ ᠵᠣᠷᠢᠭᠤᠯᠤᠭᠰᠠᠨ ᠦᠵᠡᠰᠬᠦᠯᠡᠩ ᠢ᠋ ᠶᠡᠬᠡᠯ᠎ᠡ(ᠶᠡᠬᠡ ᠯᠡ) ᠰᠣᠨᠢᠷᠬᠠᠨ ᠦᠵᠡᠪᠡ᠃ ᠮᠣᠩᠭᠣᠯ ᠪᠢᠴᠢᠭ ᠦᠰᠦᠭ ᠢ᠋ᠶ᠋ᠡᠷ ᠪᠢᠴᠢᠭᠰᠡᠨ ᠵᠦᠢᠯ ᠳ᠋ᠦ᠍ ᠴᠣᠬᠣᠮ ᠶᠠᠭᠤ ᠪᠠᠢᠭ᠎ᠠ ᠶ᠋ᠢ ᠬᠡᠳᠦᠢ ᠮᠡᠳᠡᠬᠦ ᠦᠭᠡᠢ ᠪᠣᠯᠪᠠᠴᠤ᠂ ᠪᠢᠳᠡᠨ ᠦ᠌ ᠨᠢᠳᠦᠨ ᠦ᠌ ᠡᠷᠬᠡᠲᠡᠨ ᠳ᠋ᠦ᠍ ᠲᠣᠰᠴᠤ᠂ ᠰᠡᠳᠬᠢᠯ ᠣᠶᠤᠨ ᠳ᠋ᠤ᠌ ᠣᠷᠣᠬᠤ ᠵᠦᠢᠯ ᠪᠦᠬᠦᠨ ᠢ᠋ ᠠᠩᠬᠠᠷᠪᠠᠯ᠂ ᠰᠤᠷᠤᠭᠴᠢ ᠬᠡᠦᠬᠡᠳ ᠦ᠋ᠨ ᠵᠢᠷᠤᠭᠰᠠᠨ ᠵᠢᠷᠤᠭ᠂ ᠬᠠᠳᠬᠤᠮᠠᠯᠠᠭᠰᠠᠨ ᠵᠦᠢᠯ᠂ ᠪᠠᠷᠢᠮᠠᠯ ᠵᠤᠷᠮᠠᠯ ᠤ᠋ᠨ ᠵᠦᠢᠯ ᠢ᠋ ᠦᠵᠡᠪᠡᠯ᠂ ᠮᠣᠩᠭᠣᠯ ᠬᠡᠦᠬᠡᠳ ᠪᠠᠭᠠᠴᠤᠳ ᠤ᠋ᠨ ᠪᠢᠯᠢᠭ ᠠᠪᠢᠶᠠᠰ ᠦᠯᠡᠮᠵᠢ᠂ ᠶᠠᠭᠤᠮ᠎ᠠ ᠠᠩᠬᠠᠷᠤᠨ ᠠᠵᠢᠭᠯᠠᠬᠤ ᠴᠢᠳᠠᠯ ᠶᠡᠬᠡ᠂ ᠲᠥᠷᠥᠭᠰᠡᠨ ᠶᠡᠬᠡ ᠨᠤᠲᠤᠭ ᠲᠠᠭᠠᠨ ( ᠲᠤ ᠪᠠᠨ )ᠦᠨᠡᠨ ᠬᠠᠢᠷᠠᠲᠠᠢ ᠶ᠋ᠢᠨ ᠰᠡᠳᠬᠢᠯ ᠮᠠᠰᠢ ᠢᠯᠡᠷᠬᠡᠢ ᠦᠵᠡᠭᠳᠡᠵᠦ᠂ ᠣᠯᠠᠨ ᠲᠦᠮᠡᠨ ᠦ᠌ ᠨᠠᠢᠷᠠᠮᠳᠠᠯ ᠤ᠋ᠨ ᠡᠷᠬᠢᠮ ᠰᠠᠨᠠᠭ᠎ᠠ᠂ ᠳᠡᠯᠡᠬᠡᠢ ᠳ᠋ᠠᠬᠢᠨ ᠤ᠋ ᠬᠥᠳᠡᠯᠮᠦᠷᠢᠴᠢᠨ ᠣᠯᠠᠨ ᠤ᠋ ᠨᠢᠭᠡᠨ ᠰᠡᠳᠬᠢᠯ ᠲᠡᠢ ᠶ᠋ᠢ ᠤᠷᠠᠯᠠᠨ ᠪᠦᠲᠦᠭᠡᠵᠦ ᠳᠦᠷᠰᠦᠯᠡᠨ ᠬᠢᠭᠰᠡᠨ ᠪᠦᠬᠦ ᠵᠦᠢᠯ ᠳ᠋ᠡᠭᠡᠨ( ᠳ᠋ᠦ᠍ ᠪᠡᠨ) ᠶᠡᠬᠡᠯ᠎ᠡ ᠢᠷᠠᠭᠤ ᠰᠠᠢᠬᠠᠨ ᠢ᠋ᠶ᠋ᠠᠷ ᠦᠵᠡᠭᠦᠯᠦᠭᠰᠡᠨ ᠳ᠋ᠦ᠍ᠨᠢ( ᠳ᠋ᠦ᠍ ᠨᠢ) ᠦᠨᠡᠬᠡᠷ ᠰᠡᠳᠬᠢᠯ ᠪᠠᠬᠠᠳᠤᠪᠠ᠃
— ᠲᠤᠰ ᠪᠠᠭ᠎ᠠ ᠰᠤᠷᠭᠠᠭᠤᠯᠢ ᠶ᠋ᠢᠨ ᠲᠠᠩᠬᠢᠮ ᠤ᠋ᠨ ᠪᠦᠬᠦ ᠪᠠᠭᠰᠢ ᠨᠠᠷ᠂ ᠠᠷᠠᠳ ᠤ᠋ᠨ ᠢ᠋ᠶ᠋ᠠᠨ ᠬᠤᠪᠢᠰᠬᠠᠯᠲᠤ ᠨᠠᠮ ᠵᠠᠰᠠᠭ ᠤ᠋ᠨ ᠦᠵᠡᠯ ᠰᠤᠷᠲᠠᠯ ᠳ᠋ᠤ᠌ ᠵᠣᠷᠢᠭ ᠪᠠᠳᠠᠷᠠᠨ ᠬᠥᠭᠵᠢᠵᠦ᠂ ᠪᠡᠶ᠎ᠡ ᠳ᠋ᠡᠭᠡᠨ( ᠳ᠋ᠦ᠍ ᠪᠡᠨ) ᠬᠦᠯᠢᠶᠡᠭᠰᠡᠨ ᠮᠠᠰᠢ ᠶᠡᠬᠡ ᠡᠭᠦᠷᠭᠡ ᠪᠦᠬᠦᠢ ᠬᠦᠨᠳᠦᠲᠡᠢ ᠰᠠᠢᠬᠠᠨ ᠠᠵᠢᠯ ᠬᠡᠷᠡᠭ ᠢ᠋ᠶ᠋ᠡᠨ ᠨᠡᠷ᠎ᠡ ᠲᠥᠷᠥ ᠲᠡᠢ ᠪᠡᠶᠡᠯᠡᠭᠦᠯᠵᠡᠢ᠃ ᠲᠤᠰ ᠰᠤᠷᠭᠠᠭᠤᠯᠢ ᠶ᠋ᠢᠨ ᠪᠦᠬᠦ ᠪᠠᠭᠰᠢ ᠨᠠᠷ ᠢ᠋ ᠮᠣᠩᠭᠣᠯ ᠠᠷᠠᠳ ᠤ᠋ᠨ ᠢ᠋ᠶ᠋ᠠᠨ ᠠᠯᠳᠠᠷᠲᠤ ᠬᠤᠪᠢᠰᠬᠠᠯᠲᠤ ᠨᠠᠮ ᠢ᠋ᠶ᠋ᠠᠷ ᠤᠳᠤᠷᠢᠳᠤᠭᠤᠯᠤᠨ ᠵᠢᠯᠣᠭᠣᠳᠤᠭᠤᠯᠵᠤ᠂ ᠠᠷᠠᠳ ᠣᠯᠠᠨ ᠢ᠋ᠶ᠋ᠠᠨ ᠭᠡᠭᠡᠷᠡᠭᠦᠯᠬᠦ ᠡᠷᠬᠢᠮ ᠦᠢᠯᠡᠰ ᠲᠡᠭᠡᠨ( ᠲᠤ ᠪᠡᠨ) ᠤᠯᠠᠮ ᠰᠠᠢᠬᠠᠨ᠂ ᠤᠯᠠᠮ ᠤᠷᠤᠭᠰᠢᠲᠠᠢ ᠦᠷ᠎ᠡ ᠪᠦᠲᠦᠭᠡᠯ ᠲᠡᠢ ᠪᠣᠯᠵᠤ᠂ ᠡᠷᠬᠢᠯᠡᠭᠰᠡᠨ ᠬᠡᠷᠡᠭ ᠨᠢ ᠲᠤᠢᠯ ᠳ᠋ᠠᠭᠠᠨ( ᠳ᠋ᠤ᠌ ᠪᠠᠨ) ᠬᠦᠷᠬᠦ ᠪᠣᠯᠤᠭᠠᠰᠠᠢ ᠭᠡᠵᠦ ᠢᠷᠥᠭᠡᠶ᠎ᠡ᠃
ᠡᠨᠡ ᠰᠤᠷᠭᠠᠭᠤᠯᠢ ᠶ᠋ᠢᠨ ᠲᠠᠩᠬᠢᠮ ᠠ᠋ᠴᠠ ᠬᠣᠢᠴᠢ ᠡᠳᠦᠷ ᠮᠣᠩᠭᠣᠯ ᠤ᠋ᠨ ᠶᠡᠬᠡ ᠡᠷᠳᠡᠮᠲᠡᠨ ᠯᠣᠮᠣᠨᠣᠰᠣᠸ ᠤ᠋ᠳ ᠭᠠᠷᠬᠤ ᠪᠣᠯᠲᠤᠭᠠᠢ!
ᠺᠣᠸᠡᠯᠸᠸ ᠣᠪᠣᠭᠲᠤ ᠢᠸᠠᠨ᠂ ᠮᠠᠷᠹᠠ᠂ ᠮᠢᠬᠠᠢᠯ》 ᠬᠡᠮᠡᠵᠡᠢ᠃ ᠮᠢᠱ᠍ᠢᠭ᠌ ᠦ᠋ᠨ ᠲᠡᠷᠡ ᠪᠢᠴᠢᠭᠰᠡᠨ ᠦᠭᠡᠨ ᠦ᠌ ᠤᠳᠬ᠎ᠠ ᠶ᠋ᠢ ᠮᠣᠩᠭᠣᠯ ᠢ᠋ᠶ᠋ᠠᠷ ᠥᠪᠡᠷ ᠢ᠋ᠶ᠋ᠡᠷ ᠨᠢ ᠬᠡᠯᠡᠭᠦᠯᠵᠦ᠂ ᠰᠠᠨᠠᠯ ᠲᠡᠮᠳᠡᠭᠯᠡᠬᠦ ᠳᠡᠪᠲᠡᠷ ᠲᠦ᠍ ᠨᠠᠰᠤᠨᠪᠠᠲᠤ ᠳᠣᠣᠷ᠎ᠠ ᠨᠢ ᠬᠠᠳᠠᠮᠠᠯᠯᠠᠨ ᠪᠢᠴᠢᠭᠡᠳ ᠲᠠᠯ᠎ᠠ ᠥᠭᠪᠡᠢ᠃ ᠵᠣᠴᠢᠳ ᠢ᠋ ᠺᠯᠦ᠋ᠪ ᠡᠴᠡ ᠭᠠᠷᠬᠤ ᠳ᠋ᠤ᠌᠂ ᠭᠠᠳᠠᠭ᠎ᠠ ᠡᠭᠦᠳᠡᠨ ᠳ᠋ᠦ᠍ ᠠᠷᠪᠠᠭᠠᠳ ᠫᠢᠣᠨᠧᠷ ᠳᠠᠭᠠᠷᠢᠯᠳᠤᠵᠤ᠂ ᠫᠢᠣᠨᠧᠷ ᠦ᠋ᠨ ᠶᠣᠰᠣᠯᠠᠳᠠᠭ ᠶᠣᠰᠣ ᠪᠠᠷ ᠭᠠᠷ ᠡᠷᠭᠦᠨ ᠶᠣᠰᠣᠯᠠᠵᠤ᠂ ᠨᠠᠰᠤᠨᠪᠠᠲᠤ᠂ ᠲᠡᠷᠡ ᠪᠠᠭᠠᠴᠤᠳ ᠢ᠋ ᠲᠠᠨᠠᠷ ᠶᠠᠭᠤ ᠬᠢᠬᠦ ᠭᠡᠵᠦ ᠶᠠᠪᠤᠭ᠎ᠠ ᠤᠯᠤᠰ ᠪᠣᠢ? ᠭᠡᠪᠡᠯ᠂
— ᠲᠡ᠊ ᠪᠠᠭᠰᠢ᠂ ᠪᠢᠳᠡᠨ ᠢ᠋ ᠺᠯᠦ᠋ᠪ ᠲᠦ᠍ ᠣᠴᠢᠵᠤ ᠣᠷᠣᠢ ᠶ᠋ᠢᠨ ᠬᠤᠷᠠᠯ ᠤ᠋ᠨ ᠡᠮᠦᠨ᠎ᠡ ᠪᠠᠭ᠎ᠠ ᠰᠠᠭ᠎ᠠ ᠶᠠᠭᠤᠮ᠎ᠠ ᠲᠠᠲᠠᠭᠠᠯᠵᠠᠶᠠ ᠭᠡᠵᠦ ᠶᠠᠪᠤᠭᠤᠯᠤᠭᠰᠠᠨ ᠪᠢᠯᠡ ᠭᠡᠵᠦ ᠪᠠᠲᠤ ᠶ᠋ᠢᠨ ᠬᠠᠷᠢᠭᠤᠯᠬᠤ ᠳ᠋ᠤ᠌᠂
— ᠵᠠ᠂ ᠵᠠ ᠭᠡᠳ ᠨᠥᠬᠥᠷ ᠮᠢᠱ᠍ᠢᠭ᠌᠂ ᠲᠠᠨ ᠤ᠋ ᠲᠡᠷᠡ ᠰᠠᠢᠬᠠᠨ ᠮᠣᠷᠢ ᠭᠡᠵᠦ ᠮᠠᠭᠲᠠᠭᠰᠠᠨ ᠵᠤᠷᠮᠠᠯ ᠢ᠋ ᠡᠨᠡ ᠵᠢᠭᠠᠯ ᠵᠣᠷᠴᠤ ᠬᠢᠭᠰᠡᠨ ᠪᠢᠯᠡ᠃ ᠨᠡᠷ᠎ᠡ ᠨᠢ ᠪᠠᠲᠤ ᠭᠡᠳᠡᠭ ᠬᠡᠮᠡᠪᠡᠰᠦ᠂
ᠠ᠂ ᠶᠠᠭᠠᠬᠢᠭᠰᠠᠨ ᠴᠢᠳᠠᠯ ᠲᠠᠢ ᠵᠢᠭᠠᠯ ᠪᠣᠢ? ᠴᠢ ᠳᠤᠮᠳᠠᠳᠤ ᠰᠤᠷᠭᠠᠭᠤᠯᠢ ᠲᠡᠭᠦᠰᠬᠡᠭᠡᠳ᠂ ᠵᠠᠪᠠᠯ ᠮᠠᠨ ᠤ᠋ ᠬᠣᠯᠪᠣᠭᠠᠲᠤ ᠤᠯᠤᠰ ᠲᠤ᠌᠂ ᠮᠣᠰᠺᠸᠠ ᠳ᠋ᠤ᠌ ᠶᠤᠮ ᠤᠤ ᠯᠧᠨᠢᠩᠷᠠᠳ᠋ ᠲᠤ᠌ ᠰᠤᠷᠭᠠᠭᠤᠯᠢ ᠬᠢᠭᠡᠷᠡᠢ᠃ ᠮᠣᠰᠺᠸᠠ— ᠯᠧᠨᠢᠩᠷᠠᠳ᠋ ᠢ᠋ ᠴᠣᠬᠣᠮ ᠬᠠᠮᠢᠭ᠎ᠠ ᠪᠠᠢᠳᠠᠭ ᠢ᠋ ᠮᠡᠳᠡᠬᠦ ᠤᠤ ᠴᠢ? ᠭᠡᠵᠦ ᠲᠡᠷᠡ ᠵᠢᠭᠠᠯ ᠢ᠋ ᠰᠢᠷᠲᠡᠨ ᠬᠠᠷᠠᠵᠤ ᠠᠰᠠᠭᠤᠪᠠᠰᠤ᠂ ᠵᠥᠪᠯᠡᠯᠲᠦ ᠶ᠋ᠢᠨ ᠤᠯᠠᠭᠠᠨ ᠴᠡᠷᠢᠭ ᠦ᠋ᠨ ᠳᠠᠷᠤᠭ᠎ᠠ ᠶ᠋ᠢ ᠠᠩᠬ᠎ᠠ ᠤᠳᠠᠭ᠎ᠠ ᠦᠵᠡᠭᠰᠡᠨ ᠲᠡᠷᠡ ᠬᠡᠦᠬᠡᠳ᠂ ᠮᠢᠱ᠍ᠢᠭ᠌ ᠢ᠋ ᠶᠡᠬᠡᠯ᠎ᠡ(ᠶᠡᠬᠡ ᠯᠡ) ᠰᠣᠨᠢᠷᠬᠠᠨ ᠬᠠᠷᠠᠵᠤ ᠥᠭᠦᠯᠡᠷᠦᠨ᠂
— ᠮᠡᠳᠡᠨ᠎ᠡ᠂ ᠪᠢ ᠵᠥᠪᠯᠡᠯᠲᠦ ᠤᠯᠤᠰ ᠲᠤ᠌ ᠰᠤᠷᠭᠠᠭᠤᠯᠢ ᠬᠢᠬᠦ ᠶᠡᠬᠡ ᠳᠤᠷᠠᠲᠠᠢ᠂ ᠭᠠᠭᠴᠠᠬᠦ (ᠭᠠᠭᠴᠠ ᠬᠦ᠌ )ᠣᠷᠣᠰ ᠬᠡᠯᠡ ᠮᠡᠳᠡᠬᠦ ᠦᠭᠡᠢ ᠳ᠋ᠡᠭᠡᠨ( ᠳ᠋ᠦ᠍ ᠪᠡᠨ) ᠪᠠᠬᠠᠨ ᠲᠤᠰᠠ ᠦᠭᠡᠢ ᠪᠣᠯᠪᠠ ᠤᠤ ᠭᠡᠵᠦ ᠪᠣᠳᠣᠳᠠᠭ ᠭᠡᠵᠦ ᠮᠠᠰᠢ ᠲᠥᠪ ᠪᠠᠢᠳᠠᠯ ᠢ᠋ᠶ᠋ᠠᠷ ᠥᠭᠦᠯᠡᠪᠡᠰᠦ᠂ ᠮᠢᠱ᠍ᠢᠭ᠌ ᠢᠨᠢᠶᠡᠮᠰᠦᠭᠯᠡᠨ᠂ ᠵᠦᠭᠡᠷ᠂ ᠵᠦᠭᠡᠷ ᠶᠠᠪᠤᠭᠠᠳ ᠦᠵᠡᠪᠡᠯ ᠰᠤᠷᠤᠯ ᠦᠭᠡᠢ ᠶᠠᠭᠠᠬᠢᠬᠤ ᠪᠣᠢ ᠭᠡᠪᠡ᠃
ᠪᠠᠲᠤᠪᠠᠶᠠᠷ᠂ ᠵᠣᠴᠢᠳ ᠤ᠋ᠨ ᠵᠦᠭ ᠬᠠᠨᠳᠤᠵᠤ᠂ ᠵᠠ᠂ ᠶᠠᠪᠤᠶ᠎ᠠ ᠳᠠ᠃ ᠢᠸᠠᠨ ᠠᠪᠤᠭᠠᠢ ᠃ ᠫᠧᠳ᠋ᠷᠤᠸᠨᠠ ᠬᠣᠶᠠᠷ ᠯᠠᠪ ᠵᠠᠮ ᠳ᠋ᠠᠭᠠᠨ( ᠳ᠋ᠤ᠌ ᠪᠠᠨ) ᠶᠠᠳᠠᠷᠠᠭᠰᠠᠨ ᠪᠠᠢᠯ ᠦᠭᠡᠢ ᠳᠡ᠃ ᠬᠠᠷᠢᠵᠤ᠂ ᠲᠦᠷ ᠠᠮᠠᠷᠠᠪᠠᠯ ᠵᠣᠬᠢᠨ᠎ᠠ᠃ ᠡᠨᠡ ᠪᠠᠭᠠᠴᠤᠳ ᠪᠠᠰᠠ ᠣᠷᠣᠢ ᠶ᠋ᠢᠨ ᠬᠤᠷᠠᠯ ᠤ᠋ᠨ ᠨᠠᠭᠠᠨ᠎ᠠ ᠶᠠᠭᠤᠮ᠎ᠠ ᠬᠡᠦᠮ᠎ᠡ ᠳᠠᠲᠠᠯᠬᠤ ᠠᠵᠢᠯ ᠲᠠᠢ ᠶᠤᠮ ᠰᠢᠪ ᠳᠡ᠃ ᠪᠢᠳᠡ ᠰᠠᠭᠠᠳ ᠪᠣᠯᠤᠭᠠᠳ ᠶᠠᠭᠠᠬᠢᠬᠤ ᠪᠣᠢ ᠭᠡᠵᠦ ᠵᠣᠴᠢᠳ ᠢ᠋ ᠭᠡᠷ ᠲᠡᠭᠡᠨ ( ᠲᠤ ᠪᠡᠨ) ᠠᠪᠠᠴᠢᠪᠠ᠃
* * *
ᠨᠠᠷᠠᠨ ᠪᠠᠷᠠᠭᠤᠨ᠎ᠠ ᠬᠡᠯᠪᠡᠢᠵᠦ ᠪᠠᠢᠬᠤ ᠦᠶᠡᠰ᠂ ᠮᠠᠰᠢᠨ᠎ᠠ ᠶ᠋ᠢᠨ ᠪᠦᠷᠢᠶ᠎ᠡ ᠰᠥᠭᠡᠩᠭᠢ ᠳᠠᠭᠤ ᠪᠠᠷ ᠳᠤᠤᠭᠠᠷᠴᠤ᠂ ᠰᠤᠷᠭᠠᠭᠤᠯᠢ ᠶ᠋ᠢᠨ ᠬᠠᠰᠢᠶᠠᠨ ᠤ᠋ ᠬᠠᠭᠠᠯᠭ᠎ᠠ ᠪᠠᠷ ᠳ᠋ᠤᠤᠵᠢ ᠮᠠᠰᠢᠨ᠎ᠠ ᠣᠷᠣᠵᠤ ᠢᠷᠡᠪᠡ᠃ ᠪᠠᠭᠠᠴᠤᠳ ᠮᠠᠰᠢᠨ᠎ᠡ ᠶ᠋ᠢᠨ ᠪᠦᠷᠢᠶᠡᠨ ᠦ᠌ ᠳᠠᠭᠤ ᠰᠣᠨᠣᠰᠤᠭᠠᠳ ᠰᠣᠨᠢᠷᠬᠠᠨ ᠭᠦᠶᠦᠵᠦ ᠭᠠᠷᠪᠠ᠃ ᠰᠤᠪᠤᠳ ᠲᠡᠷᠡ ᠴᠢᠮᠡᠭᠡ ᠪᠡᠷ ᠭᠡᠷ ᠡᠴᠡ ᠱᠠᠭᠠᠢᠵᠤ ᠦᠵᠡᠮᠡᠭᠴᠡ᠂
— ᠠᠢ᠂ ᠶᠠᠭᠠᠬᠢᠳᠠᠭ ᠪᠢᠯᠡ? ᠰᠠᠢᠳ ᠪᠠᠭᠰᠢ ᠬᠦᠷᠴᠦ ᠢᠷᠡᠯ᠎ᠡ! ᠭᠡᠵᠦ ᠰᠠᠨᠳᠤᠷᠤᠨ ᠰᠢᠪᠡᠨᠡᠪᠡ᠃
— ᠪᠤᠰᠢᠭᠤᠬᠠᠨ ᠤᠭᠲᠤᠵᠤ ᠭᠠᠷᠤᠶ᠎ᠠ᠂ ᠡᠰᠡ ᠲᠡᠭᠡᠪᠡᠯ ᠶᠡᠬᠡ ᠵᠠᠩ ᠭᠠᠷᠭᠠᠭᠠᠳ᠂ ᠤᠭᠲᠤᠬᠤ ᠶᠣᠰᠣ ᠠᠯᠳᠠᠪᠠ ᠭᠡᠵᠦ ᠮᠠᠭᠤ ᠵᠠᠩ ᠨᠢ ᠬᠥᠳᠡᠯᠬᠦ ᠪᠣᠢ ᠭᠡᠵᠦ ᠲᠠᠪᠬᠠᠢ᠂ ᠤᠷᠢᠳᠤ ᠪᠠᠭᠰᠢ ᠶ᠋ᠢᠨ ᠲᠦᠷ ᠰᠤᠷᠭᠠᠭᠤᠯᠢ ᠳ᠋ᠤ᠌ ᠤᠯᠠᠭᠠᠨᠪᠠᠭᠠᠲᠤᠷ ᠲᠤ᠌ ᠪᠠᠢᠬᠤ ᠦᠶᠡᠰ᠂ ᠭᠡᠭᠡᠷᠡᠭᠦᠯᠬᠦ ᠶᠠᠮᠤᠨ ᠤ᠋ ᠰᠠᠢᠳ ᠤ᠋ᠨ ᠵᠢᠭᠠᠳᠠᠭ ᠳᠡᠯᠡᠬᠡᠢ ᠶ᠋ᠢᠨ ᠪᠠᠢᠳᠠᠯ ᠭᠡᠳᠡᠭ ᠭᠠᠵᠠᠷ ᠤ᠋ᠨ ᠵᠦᠢ᠂ ᠲᠣᠭ᠎ᠠ ᠪᠣᠳᠣᠯᠭ᠎ᠠ ᠶ᠋ᠢᠨ ᠬᠢᠴᠢᠶᠡᠯ ᠳ᠋ᠦ᠍ᠨᠢ( ᠳ᠋ᠦ᠍ ᠨᠢ) ᠰᠠᠭᠤᠵᠤ᠂ ᠵᠠᠩ ᠢ᠋ ᠨᠢ ᠠᠨᠳᠠᠳᠠᠭ ᠦᠭᠡᠢ ᠪᠣᠯᠤᠭᠰᠠᠨ ᠲᠤᠯᠠ ᠶᠠᠭᠠᠷᠠᠨ ᠲᠡᠷᠡ ᠰᠠᠢᠳ ᠪᠠᠭᠰᠢ ᠶ᠋ᠢ ᠤᠭᠲᠤᠷ᠎ᠠ ᠭᠠᠷᠪᠠ᠃ ᠲᠣᠭᠣ ᠡᠮᠡᠭᠡᠨ ᠬᠥᠮᠦᠨ ᠪᠣᠯᠤᠭᠰᠠᠭᠠᠷ ᠶᠡᠷᠦ ᠰᠠᠢᠳ ᠬᠥᠮᠦᠨ ᠢ᠋ ᠦᠵᠡᠭᠡ ᠦᠭᠡᠢ ᠶ᠋ᠢᠨ ᠳᠡᠭᠡᠷ᠎ᠡ᠂ ᠬᠦᠷᠭᠡᠨ ᠥᠬᠢᠨ ᠬᠣᠶᠠᠷ ᠤ᠋ᠨ ᠰᠠᠨᠳᠤᠷᠤᠨ ᠲᠡᠪᠡᠳᠡᠭᠰᠡᠨ ᠳ᠋ᠦ᠍ ᠰᠡᠳᠬᠢᠯ ᠵᠣᠪᠠᠨᠢᠵᠤ᠂ ᠰᠤᠪᠤᠳ ᠤ᠋ᠨ ᠬᠣᠢᠨ᠎ᠠ ᠠ᠋ᠴᠠ ᠲᠠᠭᠠᠯᠴᠠᠨ ᠭᠠᠷᠪᠠᠰᠤ ᠮᠠᠰᠢᠨ᠎ᠠ᠂ ᠰᠤᠷᠭᠠᠭᠤᠯᠢ ᠶ᠋ᠢᠨ ᠲᠣᠮᠣ ᠬᠠᠰᠢᠶᠠᠨ ᠤ᠋ ᠲᠥᠪ ᠳᠤᠮᠳᠠ ᠳ᠋ᠤ᠌ ᠬᠦᠷᠦᠭᠡᠳ ᠵᠣᠭᠰᠣᠵᠤ᠂ ᠵᠢᠯᠣᠭᠣᠴᠢ ᠶ᠋ᠢᠨ ᠬᠠᠵᠠᠭᠤ ᠳ᠋ᠤ᠌ ᠰᠠᠭᠤᠵᠤ ᠪᠠᠢᠭᠰᠠᠨ ᠬᠠᠷ᠎ᠠ ᠨᠣᠭᠣᠭᠠᠨ ᠲᠣᠷᠭᠠᠨ ᠳᠡᠪᠡᠯ ᠲᠡᠢ᠂ ᠢᠲ᠋ᠠᠯᠢ ᠭᠣᠶᠣᠮᠰᠣᠭ ᠪᠦᠷᠬᠦ * ᠮᠠᠯᠠᠭᠠᠢ ᠲᠠᠢ ᠬᠥᠮᠦᠨ ᠤᠭᠲᠤᠷ᠎ᠠ ᠠᠢᠰᠤᠢ ᠬᠡᠳᠦᠨ ᠬᠥᠮᠦᠨ ᠢ᠋ ᠬᠠᠷᠠᠭᠠᠳ᠂ ᠰᠦᠷ ᠪᠠᠳᠠᠷᠠᠭᠤᠯᠵᠤ᠂ ᠨᠡᠯᠢᠶᠡᠳ ᠶᠡᠬᠡᠷᠬᠡᠭ ᠳᠦᠷᠢ ᠦᠵᠡᠭᠦᠯᠦᠨ ᠭᠡᠳᠡᠢᠪᠡ᠃ ᠵᠢᠯᠣᠭᠣᠴᠢ ᠲᠡᠷᠭᠡᠨ ᠡᠴᠡ ᠶᠠᠭᠠᠷᠠᠨ ᠪᠠᠭᠤᠵᠤ᠂ ᠮᠠᠰᠢᠨ᠎ᠠ ᠶ᠋ᠢᠨ ᠨᠥᠭᠦᠭᠡ ᠲᠠᠯ᠎ᠠ ᠳ᠋ᠤ᠌ ᠭᠦᠶᠦᠵᠦ ᠣᠴᠢᠭᠠᠳ ᠬᠠᠭᠠᠯᠭ᠎ᠠ ᠶ᠋ᠢ ᠨᠡᠭᠡᠭᠡᠵᠦ᠂ ᠥᠨᠥᠬᠢ ᠬᠥᠮᠦᠨ ᠬᠠᠵᠠᠭᠤ ᠳ᠋ᠠᠭᠠᠨ( ᠳ᠋ᠤ᠌ ᠪᠠᠨ) ᠪᠠᠢᠭᠰᠠᠨ ᠫᠢᠭ ᠳᠦᠭᠦᠷᠡᠩ ᠴᠢᠬᠢᠭᠡᠰᠦᠲᠡᠢ ᠪᠢᠴᠢᠭ ᠦ᠋ᠨ ᠬᠦᠷᠡᠩ ᠰᠠᠪᠢᠬᠢᠨ ᠲᠣᠮᠣ ᠭᠡᠭᠴᠢ ᠶ᠋ᠢᠨ ᠰᠠᠪᠠ ᠠᠪᠴᠤ ᠮᠠᠰᠢᠨ᠎ᠠ ᠠ᠋ᠴᠠ ᠶᠠᠭᠠᠷᠠᠯ ᠦᠭᠡᠢ ᠭᠠᠷᠴᠤ ᠢᠷᠡᠪᠡ᠃ ᠪᠠᠢᠳᠠᠯ ᠢ᠋ ᠦᠵᠡᠪᠡᠯ᠂ ᠨᠢᠷᠤᠭᠤ ᠨᠠᠮᠬᠠᠨ᠂ ᠪᠡᠶ᠎ᠡ ᠲᠠᠷᠭᠤᠨ᠂ ᠭᠡᠳᠡᠰᠦ ᠪᠦᠳᠦᠭᠦᠨ᠂ ᠪᠢᠴᠢᠬᠠᠨ ᠰᠢᠷᠪᠢᠭᠡ ᠰᠠᠬᠠᠯ ᠲᠠᠢ᠂ ᠶᠡᠬᠡ ᠵᠠᠩ ᠲᠠᠢ᠂ ᠤᠬᠢᠶᠠᠮᠠᠯ ᠴᠢᠷᠠᠢ ᠲᠠᠢ ᠬᠥᠮᠦᠨ ᠠᠵᠢ᠃ ᠬᠥᠳᠡᠭᠡ ᠭᠠᠵᠠᠷ ᠲᠡᠷᠡ ᠴᠠᠭ ᠲᠤ᠌ ᠰᠣᠨᠢᠨ ᠦᠵᠡᠭᠳᠡᠳᠡᠭ ᠮᠠᠰᠢᠨ ᠢ᠋ ᠣᠷᠣᠵᠤ ᠢᠷᠡᠬᠦ ᠳ᠋ᠦ᠍ ᠰᠣᠨᠢᠷᠬᠠᠨ ᠭᠦᠶᠦᠵᠦ ᠢᠷᠡᠭᠰᠡᠨ ᠬᠡᠦᠬᠡᠳ ᠢ᠋ ᠲᠣᠭᠣᠮᠰᠠᠷᠯᠠᠬᠤ ᠦᠭᠡᠢ ᠪᠠᠢᠳᠠᠯ ᠢ᠋ᠶ᠋ᠠᠷ ᠰᠢᠷᠪᠢᠵᠦ ᠦᠵᠡᠭᠡᠳ᠂ ᠪᠠᠭᠰᠢ ᠨᠠᠷ ᠤ᠋ᠨ ᠵᠦᠭ ᠬᠠᠷᠠᠪᠠᠰᠤ᠂ ᠲᠠᠪᠬᠠᠢ ᠰᠤᠪᠤᠳ ᠬᠣᠶᠠᠷ ᠶᠠᠭᠠᠷᠠᠨ ᠰᠠᠢᠳ ᠤ᠋ᠨ ᠠᠮᠤᠷ ᠢ᠋ ᠬᠢᠴᠢᠶᠡᠩᠭᠦᠢᠯᠡᠨ ᠡᠷᠢᠵᠦ᠂
— ᠰᠠᠢᠳ ᠪᠠᠭᠰᠢ᠂ ᠵᠠᠮ ᠳ᠋ᠤ᠌ ᠰᠠᠢᠨ ᠶᠠᠪᠤᠵᠤ ᠢᠷᠡᠪᠡ ᠤᠤ? ᠭᠡᠵᠦ ᠠᠮᠤᠭᠤᠯᠠᠩ ᠢ᠋ ᠡᠷᠢᠪᠡᠰᠦ ᠰᠠᠢᠳ ᠠᠪᠤᠭᠠᠢ᠂ ᠡᠮᠡᠭᠡᠨ ᠲᠣᠭᠣ ᠶ᠋ᠢᠨ ᠡᠮᠢᠶᠡᠨ ᠶᠣᠰᠣᠯᠠᠬᠤ ᠳ᠋ᠤ᠌ ᠣᠭᠲᠣ ᠬᠠᠷᠢᠭᠤ ᠬᠡᠯᠡᠯ ᠦᠭᠡᠢ᠂
— ᠰᠠᠢᠨ᠂ ᠲᠠᠨ ᠤ᠋ ᠰᠤᠷᠭᠠᠭᠤᠯᠢ ᠶ᠋ᠢᠨ ᠵᠠᠬᠢᠷᠤᠯ ᠬᠠᠮᠢᠭ᠎ᠠ ᠪᠠᠢᠨ᠎ᠠ? ᠭᠡᠵᠦ ᠠᠰᠠᠭᠤᠵᠤ᠂ ᠲᠠᠪᠬᠠᠢ ᠶᠠᠭᠠᠷᠠᠨ ᠠᠯᠬᠤᠵᠤ ᠠᠢᠰᠤᠢ ᠨᠠᠰᠤᠨᠪᠠᠲᠤ᠂ ᠬᠡᠬᠡᠷᠡᠭᠦᠯᠬᠦ ᠶ᠋ᠢᠨ ᠪᠠᠢᠴᠠᠭᠠᠭᠴᠢ᠂ ᠠᠢᠮᠠᠭ ᠤ᠋ᠨ ᠰᠤᠷᠭᠠᠭᠤᠯᠢ ᠶ᠋ᠢᠨ ᠬᠡᠯᠲᠡᠰ ᠦ᠋ᠨ ᠡᠷᠬᠢᠯᠡᠭᠰᠡᠨ ᠦ᠌ ᠵᠦᠭ ᠡᠷᠭᠢᠵᠦ ᠬᠠᠷᠠᠪᠠᠰᠤ᠂ ᠨᠠᠰᠤᠨᠪᠠᠲᠤ ᠨᠠᠷ ᠬᠦᠷᠴᠦ ᠢᠷᠡᠭᠡᠳ ᠰᠠᠢᠳ ᠤ᠋ᠨ ᠠᠮᠤᠷ ᠠᠮᠤᠭᠤᠯᠠᠩ ᠢ᠋ ᠠᠶᠠᠲᠠᠢ ᠰᠠᠢᠬᠠᠨ ᠢ᠋ᠶ᠋ᠠᠷ ᠠᠰᠠᠭᠤᠵᠤ᠂ ᠬᠦᠨᠳᠦᠲᠦ ᠵᠣᠴᠢᠨ ᠢ᠋ ᠨᠠᠰᠤᠨᠪᠠᠲᠤ ᠭᠡᠷ ᠲᠡᠭᠡᠨ( ᠲᠤ ᠪᠡᠨ )ᠵᠠᠯᠠᠵᠤ ᠠᠪᠠᠴᠢᠪᠠ᠃ ᠴᠠᠢ ᠵᠣᠭᠣᠭ ᠪᠠᠷᠢᠬᠤ ᠵᠠᠪᠰᠠᠷ᠂ ᠬᠡᠬᠡᠷᠡᠭᠦᠯᠬᠦ ᠶ᠋ᠢᠨ ᠪᠠᠢᠴᠠᠭᠠᠭᠴᠢ᠂ ᠰᠠᠢᠳ ᠲᠠᠭᠠᠨ( ᠲᠤ ᠪᠠᠨ) ᠲᠤᠰ ᠰᠤᠷᠭᠠᠭᠤᠯᠢ ᠶ᠋ᠢᠨ ᠲᠡᠭᠦᠰᠬᠡᠬᠦ ᠠᠩᠭᠢ ᠶ᠋ᠢᠨ ᠰᠤᠷᠤᠭᠴᠢᠳ ᠢ᠋ ᠬᠡᠷᠬᠢᠨ ᠰᠢᠯᠭᠠᠵᠤ ᠦᠵᠡᠭᠰᠡᠨ᠂ ᠮᠥᠨ ᠥᠨᠥ ᠣᠷᠣᠢ᠂ ᠰᠤᠷᠭᠠᠭᠤᠯᠢ ᠲᠡᠭᠦᠰᠦᠭᠰᠡᠨ ᠦ᠌ ᠤᠤᠭᠠᠨ ᠪᠠᠶᠠᠷ ᠬᠢᠵᠦ ᠬᠤᠷᠠᠯᠳᠤᠬᠤ ᠭᠡᠵᠦ ᠪᠠᠢᠭ᠎ᠠ ᠤᠴᠢᠷ ᠢ᠋ ᠠᠢᠯᠠᠳᠬᠠᠪᠠᠰᠤ᠂
— ᠬᠡ ᠬᠡ᠂ ᠴᠣᠬᠣᠮ ᠬᠡᠳᠦᠨ ᠬᠥᠮᠦᠨ ᠲᠡᠭᠦᠰᠬᠡᠵᠦ ᠪᠠᠢᠭ᠎ᠠ ᠶᠤᠮ ᠪᠣᠢ ᠬᠡᠮᠡᠭᠡᠳ᠂
— ᠵᠢᠷᠠᠨ ᠬᠥᠮᠦᠨ ᠭᠡᠬᠦ ᠳ᠋ᠦ᠍ᠨᠢ ( ᠳ᠋ᠦ᠍ ᠨᠢ)᠂
— ᠪᠤᠵᠠᠭᠠᠢ ᠶᠤᠮ ᠠ᠋᠃ ᠮᠠᠨ ᠤ᠋ ᠤᠯᠠᠭᠠᠨᠪᠠᠭᠠᠲᠤᠷ ᠤ᠋ᠨ ᠪᠠᠭ᠎ᠠ ᠰᠤᠷᠭᠠᠭᠤᠯᠢ ᠳ᠋ᠤ᠌ ᠡᠨᠡ ᠵᠢᠯ ᠬᠣᠷᠢᠨ ᠬᠥᠮᠦᠨ ᠲᠡᠭᠦᠰᠬᠡᠵᠦ ᠪᠠᠢᠬᠤ ᠳ᠋ᠤ᠌᠂ ᠪᠢᠳᠡ ᠨᠡᠯᠢᠶᠡᠳ ᠣᠯᠠᠨ ᠬᠥᠮᠦᠨ ᠰᠤᠷᠭᠠᠭᠤᠯᠢ ᠲᠡᠭᠦᠰᠬᠡᠪᠡ ᠭᠡᠵᠦ ᠪᠣᠳᠣᠵᠤ ᠪᠠᠢᠭᠰᠠᠨ ᠴᠢᠨᠢ᠂ ᠮᠠᠨ ᠤ᠋ ᠬᠢ ᠡᠴᠡ ᠬᠠᠷᠢᠨ ᠭᠤᠷᠪᠠᠨ ᠬᠤᠪᠢ ᠢᠯᠡᠭᠦᠦ ᠶᠦᠮ ᠰᠢᠪ ᠳᠡ᠃ ᠡᠭᠦᠨ ᠢ᠋ᠶ᠋ᠡᠷ ᠪᠣᠳᠣᠪᠠᠯ᠂ ᠡᠨᠡ ᠰᠤᠷᠭᠠᠭᠤᠯᠢ ᠶ᠋ᠢᠨ ᠠᠵᠢᠯ ᠬᠡᠷᠡᠭ ᠨᠡᠯᠢᠶᠡᠳ ᠴᠢᠨᠠᠷ ᠲᠠᠢ ᠪᠠᠢᠵᠠᠢ᠃ ᠪᠢ ᠲᠠᠨ ᠤ᠋ ᠡᠨᠡ ᠰᠤᠷᠭᠠᠭᠤᠯᠢ ᠳ᠋ᠤ᠌᠂ ᠴᠣᠬᠣᠮ ᠦᠨᠡᠨ ᠢ᠋ ᠬᠡᠯᠡᠪᠡᠯ᠂ ᠣᠭᠲᠣ ᠰᠠᠨᠠᠮᠰᠠᠷ ᠦᠭᠡᠢ ᠬᠦᠷᠴᠦ ᠢᠷᠡᠭᠰᠡᠨ ᠰᠢᠦ᠃ ᠤᠯᠠᠭᠠᠨᠪᠠᠭᠠᠲᠤᠷ ᠣᠷᠣᠵᠤ ᠶᠠᠪᠤᠬᠤ ᠵᠠᠮ ᠳ᠋ᠤ᠌ ᠡᠨᠡ ᠰᠤᠷᠭᠠᠭᠤᠯᠢ ᠶ᠋ᠢᠨ ᠲᠠᠩᠬᠢᠮ ᠳ᠋ᠤ᠌ ᠬᠣᠨᠣᠪᠠᠯ ᠵᠦᠭᠡᠷ ᠪᠠᠢᠬᠤ᠃ ᠣᠢᠷ᠎ᠠ ᠨᠠᠭᠠᠰᠢ ᠳ᠋ᠤ᠌ ᠠᠢᠯ ᠪᠠᠢᠬᠤ ᠦᠭᠡᠢ ᠭᠡᠵᠦ ᠵᠢᠯᠣᠭᠣᠴᠢ ᠶ᠋ᠢᠨ ᠬᠡᠯᠡᠬᠦ ᠳ᠋ᠦ᠍᠂ ᠵᠠᠮ ᠳ᠋ᠠᠭᠠᠨ( ᠳ᠋ᠤ᠌ ᠪᠠᠨ ) ᠪᠡᠶ᠎ᠡ ᠪᠠᠬᠠᠨ ᠶᠠᠳᠠᠷᠠᠭᠠᠳ᠂ ᠲᠠᠨ ᠤ᠋ ᠰᠤᠷᠭᠠᠭᠤᠯᠢ ᠳᠡᠭᠡᠷ᠎ᠡ ᠬᠣᠨᠣᠭᠠᠳ ᠶᠠᠪᠤᠬᠤ ᠭᠡᠵᠦ ᠬᠦᠷᠴᠦ ᠢᠷᠡᠯ᠎ᠡ ᠭᠡᠵᠦ ᠶᠠᠷᠢᠪᠠᠰᠤ᠂
— ᠮᠠᠨ ᠤ᠋ ᠰᠤᠷᠭᠠᠭᠤᠯᠢ ᠳ᠋ᠤ᠌ ᠥᠨᠥ ᠣᠷᠣᠢ᠂ ᠠᠩᠬ᠎ᠠ ᠤᠳᠠᠭ᠎ᠠ ᠲᠡᠭᠦᠰᠦᠭᠰᠡᠨ ᠦ᠌ ᠪᠠᠶᠠᠷ ᠤ᠋ᠨ ᠬᠤᠷᠠᠯ ᠬᠢᠬᠦ ᠭᠡᠵᠦ ᠪᠠᠢᠭ᠎ᠠ ᠭᠡᠵᠦ ᠨᠠᠰᠤᠨᠪᠠᠲᠤ᠂ ᠤᠷᠢᠳᠤ ᠪᠠᠢᠴᠠᠭᠠᠭᠴᠢ ᠶ᠋ᠢᠨ ᠬᠡᠯᠡᠭᠰᠡᠨ ᠢ᠋ ᠳᠠᠬᠢᠨ ᠰᠠᠢᠳ ᠠᠪᠤᠭᠠᠢ ᠳ᠋ᠤ᠌ ᠲᠣᠯᠢᠯᠠᠭᠤᠯᠤᠨ ᠰᠠᠨᠠᠭᠤᠯᠵᠠᠢ᠃
— ᠵᠠ ᠵᠠ᠂ ᠴᠣᠬᠣᠮ ᠬᠡᠳᠦᠨ ᠴᠠᠭ ᠲᠤ᠌ ᠡᠬᠢᠯᠡᠬᠦ ᠶᠦᠮ ᠪᠢᠯᠡ? ᠨᠠᠢ᠍ᠮᠠ ᠳ᠋ᠤ᠌ ᠤᠤ? ᠠ᠂ ᠲᠡᠭᠡᠪᠡᠯ᠂ ᠪᠢ ᠲᠦᠷ ᠠᠮᠤᠰᠬᠢᠵᠦ ᠠᠮᠵᠢᠬᠤ ᠶᠤᠮ ᠪᠠᠢᠨ᠎ᠠ ᠭᠡᠳ ᠰᠠᠢᠳ ᠠᠪᠤᠭᠠᠢ ᠴᠠᠢ ᠤᠤᠭᠤᠵᠤ᠂ ᠴᠠᠢ ᠶ᠋ᠢᠨ ᠳᠠᠷᠠᠭ᠎ᠠ ᠣᠷᠣᠢ ᠶ᠋ᠢᠨ ᠬᠣᠭᠣᠯᠠ ᠵᠣᠭᠣᠭᠯᠠᠵᠤ᠂ ᠲᠠᠪᠬᠠᠢ ᠰᠤᠪᠤᠳ ᠬᠣᠶᠠᠷ ᠤ᠋ᠨ ᠰᠤᠯᠠᠯᠠᠵᠤ ᠥᠭᠭᠦᠭᠰᠡᠨ ᠭᠡᠷ ᠲᠦ᠍ ᠠᠮᠠᠷᠠᠬᠤ ᠭᠡᠵᠦ ᠣᠷᠣᠭᠠᠳ᠂ ᠤᠳᠠᠯ ᠦᠭᠡᠢ ᠶᠡᠬᠡᠳᠡ ᠬᠤᠷᠬᠢᠷᠠᠬᠤ ᠳᠠᠭᠤ ᠰᠣᠨᠣᠰᠳᠠᠭᠰᠠᠨ ᠨᠢ ᠰᠠᠢᠳ ᠪᠠᠭᠰᠢ ᠠᠮᠠᠷᠠᠵᠤ ᠪᠠᠢᠭ᠎ᠠ ᠨᠢ ᠮᠡᠳᠡᠭᠳᠡᠪᠡ᠃
ᠶᠠᠭ ᠳᠣᠯᠣᠭᠠᠨ ᠴᠠᠭ ᠲᠤ᠌᠂ ᠤᠭ ᠵᠠᠬᠢᠭᠰᠠᠨ ᠶᠣᠰᠣᠭᠠᠷ ᠨᠠᠰᠤᠨᠪᠠᠲᠤ ᠣᠴᠢᠵᠤ ᠰᠠᠢᠳ ᠪᠠᠭᠰᠢ ᠶ᠋ᠢ ᠰᠡᠷᠡᠭᠡᠪᠡ᠃ ᠳᠤᠭᠭᠢᠵᠤ ᠠᠮᠠᠷᠠᠭᠠᠳ ᠰᠠᠢᠳ ᠠᠪᠤᠭᠠᠢ ᠶ᠋ᠢᠨ ᠠᠭᠠᠰᠢ ᠵᠠᠩ ᠶᠡᠬᠡᠯ᠎ᠡ (ᠶᠡᠬᠡ ᠯᠡ) ᠠᠶᠠᠲᠠᠢᠬᠠᠨ ᠪᠣᠯᠵᠤ᠂ ᠨᠠᠰᠤᠨᠪᠠᠲᠤ ᠲᠠᠪᠠᠬᠠᠢ ᠬᠣᠶᠠᠷ ᠢ᠋ ᠳᠠᠭᠠᠭᠤᠯᠤᠨ᠂ ᠰᠤᠷᠭᠠᠭᠤᠯᠢ ᠶ᠋ᠢᠨ ᠣᠷᠣᠨ ᠰᠠᠭᠤᠴᠠ᠂ ᠬᠡᠦᠬᠡᠳ ᠦ᠋ᠨ ᠬᠢᠴᠢᠶᠡᠯ ᠬᠢᠳᠡᠭ᠂ ᠰᠠᠭᠤᠳᠠᠭ ᠪᠠᠢᠰᠢᠩ ᠢ᠋ ᠦᠵᠡᠭᠡᠳ ᠶᠡᠬᠡᠳᠡ ᠣᠢᠰᠢᠶᠠᠵᠤ᠂ ᠺᠯᠦ᠋ᠪ ᠲᠦ᠍ ᠣᠷᠣᠵᠤ᠂ ᠰᠤᠷᠤᠭᠴᠢᠳ ᠤ᠋ᠨ ᠳᠡᠪᠲᠡᠷ ᠰᠡᠬᠦᠵᠦ ᠦᠵᠡᠭᠡᠳ᠂ ᠣᠶᠣᠮᠠᠯ ᠬᠠᠳᠬᠤᠮᠠᠯ᠂ ᠵᠢᠷᠤᠮᠠᠯ ᠵᠣᠷᠮᠠᠯ ᠵᠦᠢᠯ ᠢ᠋ ᠦᠵᠡᠭᠡᠳ ᠲᠠᠭᠠᠰᠢᠶᠠᠨ ᠮᠠᠭᠲᠠᠵᠤ᠂
— ᠰᠠᠢᠬᠠᠨ ᠪᠠᠢᠨ᠎ᠠ᠂ ᠲᠠᠨ ᠤ᠋ ᠰᠤᠷᠭᠠᠭᠤᠯᠢ ᠶ᠋ᠢᠨ ᠡᠨᠡ ᠲᠣᠬᠢᠲᠠᠢ ᠴᠡᠪᠡᠷᠬᠡᠨ ᠳᠣᠷᠪᠢᠯᠢᠭ ᠪᠠᠢᠳᠠᠯ ᠢ᠋ ᠬᠠᠷᠠᠭᠠᠳ᠂ ᠭᠧᠷᠮᠠᠨ ᠣᠷᠣᠬᠤ ᠳ᠋ᠠᠭᠠᠨ( ᠳ᠋ᠤ᠌ ᠪᠠᠨ)ᠪᠧᠷᠯᠢᠨ ᠳ᠋ᠦ᠍ ᠦᠵᠡᠭᠰᠡᠨ ᠭᠧᠷᠮᠠᠨ ᠰᠤᠷᠭᠠᠭᠤᠯᠢ ᠶ᠋ᠢᠨ ᠪᠠᠢᠳᠠᠯ ᠲᠠᠢ ᠠᠳᠠᠯᠢ ᠰᠠᠨᠠᠭᠳᠠᠯ᠎ᠠ ᠬᠡᠮᠡᠪᠡ᠃
ᠰᠠᠢᠳ ᠪᠠᠭᠰᠢ ᠪᠠᠬᠠᠨ ᠰᠠᠭᠰᠠᠭᠤ ᠵᠠᠩ ᠲᠠᠢ ᠬᠥᠮᠦᠨ ᠪᠠᠢᠵᠠᠢ᠃ ᠤᠭ ᠨᠢ ᠪᠤᠷᠢᠶᠠᠳ ᠬᠥᠮᠦᠨ᠂ ᠣᠪᠣᠭ ᠨᠡᠷ᠎ᠡ ᠨᠢ ᠨᠢᠺᠢᠹᠣᠷ ᠪᠦᠲ᠋ᠦ᠋ᠬᠣᠨᠣᠸ ᠪᠠᠢᠭᠰᠠᠨ ᠢ᠋ ᠡᠷᠬᠢᠮ ᠢᠵᠠᠭᠤᠷᠲᠠᠨ ᠤ᠋ ᠢᠷᠠᠭᠤ ᠨᠡᠷ᠎ᠡ ᠣᠪᠣᠭ ᠪᠣᠯᠭᠠᠵᠤ ᠡᠷᠳᠡᠨᠢ ᠪᠠᠲᠤᠬᠠᠭᠠᠨ ᠭᠡᠳᠡᠭ ᠪᠣᠯᠤᠭᠰᠠᠨ ᠪᠠᠢᠵᠠᠢ᠃ ᠰᠠᠢᠬᠠᠨ ᠵᠠᠩᠲᠠᠢ ᠪᠠᠢᠬᠤ ᠳ᠋ᠠᠭᠠᠨ( ᠳ᠋ᠤ᠌ ᠪᠠᠨ) ᠭᠧᠷᠮᠠᠨ ᠣᠷᠣᠭᠰᠠᠨ ᠢ᠋ᠶ᠋ᠠᠨ ᠵᠠᠪᠠᠯ ᠶᠠᠷᠢᠵᠤ᠂ ᠭᠧᠷᠮᠠᠨ ᠭᠠᠵᠠᠷ᠂ ᠬᠥᠮᠦᠨ ᠲᠡᠭᠦᠨ ᠢ᠋ ᠬᠠᠭᠠᠨ ᠭᠡᠵᠦ ᠶᠡᠬᠡᠯ᠎ᠡ (ᠶᠡᠬᠡ ᠯᠡ) ᠬᠦᠨᠳᠦᠯᠡᠵᠦ ᠪᠠᠢᠭᠰᠠᠨ ᠢ᠋ ᠶᠠᠷᠢᠬᠤ ᠲᠤᠩ ᠳᠤᠷᠠᠲᠠᠢ᠃ ᠭᠧᠷᠮᠠᠨ ᠭᠡᠵᠦ ᠬᠥᠷᠥᠩᠭᠡᠲᠡᠨ ᠤᠯᠤᠰ ᠪᠣᠯᠬᠣᠷ ᠠᠷᠭ᠎ᠠ ᠦᠭᠡᠢ ᠰᠢᠦ ᠳᠡ᠃ ᠭᠠᠳᠠᠭᠠᠳᠤ ᠶ᠋ᠢᠨ ᠬᠦᠨᠳᠦᠲᠦ ᠵᠣᠴᠢᠨ ᠬᠠᠭᠠᠨ ᠬᠥᠮᠦᠨ ᠭᠡᠬᠦ ᠳ᠋ᠡᠭᠡᠨ( ᠳ᠋ᠦ᠍ ᠪᠡᠨ) ᠶᠡᠬᠡ ᠰᠦᠷᠡᠬᠡᠢ ᠪᠣᠯᠳᠠᠭ ᠰᠠᠨ ᠭᠡᠵᠦ ᠲᠤᠩ ᠰᠠᠢᠬᠠᠨ ᠵᠠᠩ ᠢ᠋ᠶ᠋ᠠᠨ ᠬᠥᠳᠡᠯᠬᠦ ᠳ᠋ᠦ᠍ ᠬᠡᠯᠡᠳᠡᠭ ᠪᠥᠭᠡᠳ ᠭᠠᠳᠠᠭᠠᠳᠤ ᠳ᠋ᠤ᠌ ᠭᠧᠷᠮᠠᠨ ᠤ᠋ ᠯᠧᠢᠫᠽᠢᠭ ᠬᠣᠲᠠ ᠶ᠋ᠢᠨ ᠵᠢᠷᠤᠭ ᠤ᠋ᠨ ᠬᠡᠪᠯᠡᠯ ᠳ᠋ᠦ᠍ ᠭᠠᠵᠠᠷ ᠤ᠋ᠨ ᠵᠢᠷᠤᠭ ᠠᠲ᠋ᠯᠠᠰ ᠵᠠᠬᠢᠭᠰᠠᠨ ᠲᠤᠬᠠᠢ ᠪᠢᠴᠢᠭ ᠵᠠᠬᠢᠳᠠᠯ ᠢ᠋ᠶ᠋ᠠᠷ ᠬᠠᠷᠢᠯᠴᠠᠬᠤ ᠪᠠᠨ( ᠳ᠋ᠤ᠌ ᠪᠠᠨ) ᠨᠡᠷ᠎ᠡ ᠶ᠋ᠢᠨ ᠢ᠋ᠶ᠋ᠡᠨ ᠰᠡᠭᠦᠯ ᠢ᠋ ᠯᠠᠲ᠋ᠢᠨ ᠦᠰᠦᠭ ᠢ᠋ᠶ᠋ᠡᠷ《ᠬᠠᠭᠠᠨ》 ᠭᠡᠵᠦ ᠵᠣᠷᠢᠭᠤᠳᠠ ᠰᠠᠯᠤᠩᠭᠢᠳᠠ ᠪᠢᠴᠢᠳᠡᠭ ᠪᠠᠢᠵᠠᠢ᠃
ᠰᠠᠨᠠᠯ ᠪᠢᠴᠢᠬᠦ ᠳᠡᠪᠲᠡᠷ ᠢ᠋ ᠦᠵᠡᠭᠡᠳ᠂ ᠰᠠᠢᠳ ᠪᠠᠭᠰᠢ ᠶᠡᠬᠡᠯ᠎ᠡ (ᠶᠡᠬᠡ ᠯᠡ)ᠰᠣᠨᠢᠷᠬᠠᠨ᠂
— ᠲᠠ ᠨᠠᠷ ᠪᠠᠰᠠ ᠡᠢᠮᠦ ᠳᠡᠪᠲᠡᠷ ᠲᠠᠯᠪᠢᠭᠰᠠᠨ ᠶᠤᠮ ᠤᠤ? ᠶᠠᠭ ᠭᠧᠷᠮᠠᠨ ᠰᠢᠭ᠋ ᠭᠡᠵᠦ ᠮᠠᠭᠲᠠᠵᠤ᠂ ᠰᠡᠬᠦᠨ ᠦᠵᠡᠩᠭᠦᠲᠡ᠂ ᠡᠨᠡ ᠣᠯᠠᠨ ᠰᠠᠨᠠᠯ ᠬᠡᠨ ᠪᠢᠴᠢᠭᠰᠡᠨ ᠶᠦᠮ ᠪᠢᠯᠡ? ᠪᠣᠳᠣᠪᠠᠯ᠂ ᠰᠤᠷᠤᠭᠴᠢᠳ ᠤ᠋ᠨ ᠡᠴᠢᠭᠡ ᠡᠬᠡ ᠲᠥᠯᠥᠪ ᠪᠢᠴᠢᠭ ᠦᠰᠦᠭ ᠦᠭᠡᠢ ᠤᠯᠤᠰ ᠰᠢᠦ ᠳᠡ? ᠬᠡᠮᠡᠪᠡᠰᠦ᠂
— ᠵᠢᠵᠢᠭᠦᠷ ᠦ᠋ᠳ᠂ ᠠᠷᠠᠳ ᠤ᠋ᠳ ᠤ᠋ᠨ ᠬᠡᠯᠡᠭᠰᠡᠨ ᠢ᠋ ᠲᠡᠷᠡ ᠶᠣᠰᠣᠭᠠᠷ ᠨᠢ ᠲᠡᠮᠳᠡᠭᠯᠡᠨ ᠪᠢᠴᠢᠵᠦ ᠪᠠᠢᠭᠰᠠᠨ ᠪᠢᠯᠡ᠃ ᠵᠠᠷᠢᠮ ᠬᠥᠮᠦᠨ ᠥᠪᠡᠷ ᠢ᠋ᠶ᠋ᠡᠨ ᠴᠦ᠍ ᠲᠡᠮᠳᠡᠭᠯᠡᠵᠦ ᠪᠢᠴᠢᠭᠰᠡᠨ ᠪᠠᠢᠬᠤ ᠭᠡᠪᠡᠯ᠂
— ᠡᠨᠡ ᠣᠷᠣᠰ ᠢ᠋ᠶ᠋ᠠᠷ ᠶᠠᠮᠠᠷ ᠤᠯᠤᠰ ᠰᠠᠨᠠᠯ ᠢ᠋ᠶ᠋ᠠᠨ ᠪᠢᠴᠢᠭᠰᠡᠨ ᠪᠢᠯᠡ? ᠭᠡᠵᠦ ᠠᠰᠠᠭᠤᠵᠠᠢ᠃
— ᠡᠨᠡ ᠪᠣᠯᠪᠠᠯ ᠮᠠᠨ ᠤ᠋ ᠶᠡᠬᠡ ᠳᠣᠲᠣᠨᠣ ᠶ᠋ᠢᠨ ᠨᠠᠢᠵᠠ ᠨᠥᠬᠥᠳ᠂ ᠪᠢᠳᠡᠨ ᠦ᠌ ᠰᠤᠷᠭᠠᠭᠤᠯᠢ ᠶ᠋ᠢ ᠪᠣᠰᠬᠠᠨ ᠪᠠᠢᠭᠤᠯᠬᠤ ᠳ᠋ᠤ᠌ ᠶᠡᠬᠡ ᠲᠤᠰᠠ ᠬᠦᠷᠭᠡᠭᠰᠡᠨ ᠤᠯᠤᠰ᠃ ᠲᠡᠭᠡᠭᠡᠳ ᠮᠠᠨ ᠤ᠋ ᠬᠣᠰᠢᠭᠤ ᠲᠠᠮᠠᠭ᠎ᠠ ᠶ᠋ᠢᠨ ᠭᠠᠵᠠᠷ ᠠ᠋ᠴᠠ ᠲᠡᠳᠡᠨ ᠢ᠋ ᠲᠤᠰᠬᠠᠢ ᠤᠷᠢᠯᠭ᠎ᠠ ᠶᠠᠪᠤᠭᠤᠯᠵᠤ᠂ ᠰᠤᠷᠭᠠᠭᠤᠯᠢ ᠲᠡᠭᠦᠰᠦᠭᠰᠡᠨ ᠦ᠌ ᠪᠠᠶᠠᠷ ᠤ᠋ᠨ ᠬᠤᠷᠠᠯ ᠳ᠋ᠤ᠌ ᠤᠷᠢᠨ ᠵᠠᠯᠠᠭᠰᠠᠨ ᠶᠤᠮ ᠠ᠋ ᠭᠡᠵᠦ ᠨᠠᠰᠤᠨᠪᠠᠲᠤ ᠶ᠋ᠢᠨ ᠬᠡᠯᠡᠬᠦ ᠳ᠋ᠦ᠍᠂
— ᠬᠡᠩ ᠭᠡᠵᠦ ᠬᠠᠮᠠᠷ ᠢ᠋ᠶ᠋ᠠᠷ ᠢ᠋ᠶ᠋ᠠᠨ ᠲᠣᠭᠣᠮᠰᠠᠷᠯᠠᠬᠤ ᠦᠭᠡᠢ ᠠᠶᠠᠯᠭᠤ ᠪᠠᠷ ᠳᠤᠤᠭᠠᠷᠴᠤ᠂ ᠴᠣᠬᠣᠮ ᠶᠠᠮᠠᠷ ᠤᠯᠤᠰ ᠪᠢᠯᠡ᠂ ᠲᠡᠳᠡ ᠴᠢᠨᠢ? ᠭᠡᠵᠦ ᠠᠰᠠᠭᠤᠪᠠ᠃
— ᠮᠠᠨ ᠤ᠋ ᠬᠤᠰᠢᠭᠤᠨ ᠤ᠋ ᠨᠤᠲᠤᠭ ᠲᠠᠬᠢ ᠣᠷᠣᠰ ᠲᠠᠷᠢᠶᠠᠴᠢᠨ ᠠᠷᠠᠳ ᠬᠡᠮᠡᠪᠡᠰᠦ᠂
— ᠲᠠᠷᠢᠶᠠᠴᠢᠨ ᠭᠡᠬᠦ ᠳ᠋ᠦ᠍᠂ ᠦᠭᠡ ᠦᠰᠦᠭ ᠨᠢ ᠠᠷᠠᠢ ᠪᠣᠯᠪᠠᠰᠤᠷᠠᠩᠭᠤᠢ ᠴᠢᠳᠠᠮᠠᠭᠠᠢ ᠪᠢᠴᠢᠭᠰᠡᠨ ᠪᠠᠢᠬᠤ ᠰᠢᠪ ᠬᠡᠮᠡᠭᠰᠡᠨ ᠳ᠋ᠦ᠍ ᠲᠠᠪᠬᠠᠢ᠂ ᠨᠠᠰᠤᠨᠪᠠᠲᠤ ᠶ᠋ᠢᠨ ᠵᠦᠭ ᠰᠠᠮ ᠨᠢᠳᠦ ᠢᠷᠮᠡᠵᠦ᠂
— ᠲᠡᠷᠡ ᠲᠠᠷᠢᠶᠠᠴᠢᠨ ᠡᠪᠦᠭᠡᠨ ᠦ᠌ ᠠᠴᠢ ᠬᠦᠦ᠂ ᠤᠯᠠᠭᠠᠨ ᠴᠡᠷᠢᠭ ᠦ᠋ᠨ ᠬᠤᠷᠠᠩᠳᠠ ᠳᠠᠷᠤᠭ᠎ᠠ ᠪᠢᠴᠢᠭᠰᠡᠨ ᠪᠢᠯᠡ ᠭᠡᠵᠦ ᠬᠡᠯᠡᠲᠡᠯ᠎ᠡ᠂
— ᠠ! ᠲᠡᠢᠮᠦ ᠪᠠᠢᠬ᠎ᠠ ᠳᠠᠩᠴᠢ᠃ ᠲᠠ ᠨᠠᠷ ᠠᠩᠬᠠᠯᠠᠨ ᠠ᠋ᠴᠠ ᠲᠡᠭᠡᠵᠦ ᠬᠡᠯᠡᠬᠦ ᠶ᠋ᠢ ᠶᠠᠭᠠᠬᠢᠭᠰᠠᠨ ᠤᠯᠤᠰ ᠪᠣᠢ? ᠮᠢᠨᠦ ᠦᠵᠡᠬᠦ ᠳ᠋ᠦ᠍᠂ ᠠᠷᠠᠢ ᠯᠠ ᠡᠩ ᠦ᠋ᠨ ᠨᠢᠭᠡ ᠲᠠᠷᠢᠶᠠᠴᠢᠨ ᠡᠷ᠎ᠡ ᠶ᠋ᠢᠨ ᠪᠢᠴᠢᠭᠰᠡᠨ ᠶᠠᠭᠤᠮ᠎ᠠ ᠪᠢᠰᠢ᠂ ᠨᠡᠯᠢᠶᠡᠳ ᠪᠣᠯᠪᠠᠰᠤᠷᠠᠩᠭᠤᠢ ᠬᠥᠮᠦᠨ ᠦ᠌ ᠰᠢᠨᠵᠢ ᠪᠠᠢᠭᠰᠠᠨ ᠶᠣᠮ᠎ᠠ᠃ ᠵᠠ᠂ ᠪᠣᠯᠵᠢ ᠪᠣᠯᠵᠢ᠂ ᠮᠠᠰᠢ ᠰᠠᠢᠨ᠂ ᠨᠠᠢᠷᠠᠮᠳᠠᠯ ᠪᠦᠬᠦᠢ ᠤᠯᠤᠰ ᠤ᠋ᠨ ᠵᠣᠴᠢᠨ ᠲᠥᠯᠥᠭᠡᠯᠡᠭᠴᠢ ᠶ᠋ᠢ ᠤᠷᠢᠨ ᠢᠷᠡᠭᠦᠯᠵᠦ᠂ ᠪᠠᠶᠠᠷ ᠤ᠋ᠨ ᠬᠤᠷᠠᠯ ᠳ᠋ᠤ᠌ ᠰᠠᠭᠤᠯᠭᠠᠬᠤ ᠨᠢ ᠲᠤᠢᠯ ᠤ᠋ᠨ ᠵᠦᠢᠲᠡᠢ ᠭᠡᠵᠦ ᠰᠠᠢᠳ ᠪᠠᠭᠰᠢ ᠮᠦᠰᠢᠶᠡᠨ᠂ ᠰᠡᠪ ᠰᠠᠶᠢᠬᠠᠨ ᠲᠣᠭᠣᠮᠰᠠᠷᠯᠠᠬᠤ ᠦᠭᠡᠢ ᠢᠷᠪᠠᠢᠰᠬᠢᠵᠦ ᠪᠠᠢᠭᠰᠠᠨ ᠴᠢᠷᠠᠢ ᠨᠢ ᠨᠢᠳᠦ ᠢᠷᠮᠡᠬᠦ ᠭᠱᠠᠨ ᠵᠠᠭᠤᠷ᠎ᠠ ᠬᠤᠪᠢᠯᠵᠤ᠂ ᠮᠠᠰᠢ ᠰᠠᠢᠬᠠᠨ ᠢ᠋ᠶ᠋ᠠᠷ ᠢᠨᠢᠶᠡᠮᠰᠦᠭᠯᠡᠨ᠂ ᠶᠡᠬᠡ ᠵᠦᠢᠲᠡᠢ᠂ ᠶᠡᠬᠡ ᠵᠦᠢᠲᠡᠢ ᠭᠡᠳ ᠰᠠᠨᠠᠯ ᠲᠡᠮᠳᠡᠭᠯᠡᠬᠦ ᠳᠡᠪᠲᠡᠷ ᠲᠦ᠍ ᠬᠡᠳᠦᠨ ᠮᠥᠷ ᠦᠰᠦᠭ ᠲᠠᠲᠠᠯᠭᠠᠨ ᠪᠢᠴᠢᠭᠡᠳ᠂ ᠠᠮᠠᠷᠠᠬᠤ ᠭᠡᠵᠦ ᠲᠠᠪᠬᠠᠢ ᠶ᠋ᠢᠨ ᠰᠤᠯᠠᠯᠠᠵᠤ ᠥᠭᠭᠦᠭᠰᠡᠨ ᠭᠡᠷ ᠦ᠋ᠨ ᠵᠦᠭ ᠣᠳᠪᠠᠰᠤ᠂ ᠸᠠᠩ ᠡᠪᠦᠭᠡᠨ ᠭᠡᠷ ᠦ᠋ᠨ ᠡᠭᠦᠳᠡᠨ ᠳ᠋ᠦ᠍ ᠰᠠᠢᠳ ᠠᠪᠤᠭᠠᠢ ᠲᠠᠢ ᠳᠠᠭᠠᠷᠢᠯᠳᠤᠭᠠᠳ᠂
— ᠬᠣᠰᠢᠭᠤ ᠳᠠᠷᠤᠭ᠎ᠠ ᠢᠷᠡᠯ᠎ᠡ ᠭᠡᠵᠦ ᠬᠠᠭᠠᠯᠭᠠᠨ ᠤ᠋ ᠵᠦᠭ ᠲᠣᠯᠣᠭᠠᠢ ᠳᠣᠬᠢᠨ ᠳᠤᠤᠭᠠᠷᠪᠠ᠃
ᠥᠷᠭᠡᠨ ᠭᠡᠭᠴᠢ ᠶ᠋ᠢᠨ ᠳᠠᠯᠤ ᠮᠥᠷᠥ ᠲᠡᠢ᠂ ᠮᠥᠩᠭᠥᠨ ᠮᠡᠲᠦ ᠭᠢᠯᠪᠢᠭᠡᠨᠡᠬᠦ ᠴᠠᠭᠠᠨ ᠰᠠᠬᠠᠯ ᠲᠠᠢ ᠥᠨᠳᠥᠷ ᠡᠪᠦᠭᠡᠨ ᠪᠠᠲᠤᠪᠠᠶᠠᠷ᠂ ᠪᠡᠶ᠎ᠡ ᠯᠦ᠍ᠭᠡ ᠰᠠᠴᠠᠭᠤ ᠥᠨᠳᠥᠷ ᠴᠢᠭᠢᠷᠠᠭ ᠡᠪᠦᠭᠡᠨ ᠢᠸᠠᠨ ᠲᠠᠢ ᠮᠥᠷᠥ ᠵᠡᠷᠭᠡᠴᠡᠨ ᠠᠯᠬᠤᠵᠤ ᠢᠷᠡᠭᠡᠳ᠂
— ᠡᠷᠬᠢᠮ ᠰᠠᠢᠳ ᠠᠪᠤᠭᠠᠢ᠂ ᠰᠠᠨᠠᠮᠰᠠᠷ ᠦᠭᠡᠢ ᠮᠣᠷᠢᠯᠠᠨ ᠢᠷᠡᠭᠰᠡᠨ ᠲᠤᠯᠠ᠂ ᠬᠣᠯᠠ ᠠ᠋ᠴᠠ ᠤᠭᠲᠤᠬᠤ ᠶᠣᠰᠣ ᠠᠯᠳᠠᠭᠰᠠᠨ ᠢ᠋ ᠠᠭᠤᠴᠢᠯᠠᠨ ᠦᠵᠡᠮᠦ ᠭᠡᠵᠦ ᠮᠡᠬᠦᠢᠨ ᠶᠣᠰᠣᠯᠠᠪᠠᠰᠤ᠂
— ᠲᠡᠭᠡᠵᠦ ᠲᠦᠪᠡᠭ ᠭᠠᠷᠭᠠᠵᠤ ᠶᠠᠭᠠᠬᠢᠮ ᠪᠢᠯᠡ? ᠮᠣᠷᠢᠯᠠ᠂ ᠮᠣᠷᠢᠯᠠ ᠭᠡᠵᠦ ᠭᠡᠷ ᠦ᠋ᠨ ᠵᠦᠭ ᠵᠢᠭᠠᠵᠤ᠂ ᠪᠠᠰᠠ ᠣᠷᠣᠰ ᠵᠣᠴᠢᠳ ᠲᠠᠢ ᠭᠠᠷ ᠪᠠᠷᠢᠯᠴᠠᠨ᠂ ᠣᠷᠣᠰ ᠶᠣᠰᠣᠭᠠᠷ ᠮᠡᠨᠳᠦᠯᠡᠵᠦ᠂ ᠪᠦᠭᠦᠳᠡᠭᠡᠷ ᠭᠡᠷ ᠲᠦ᠍ ᠣᠷᠣᠵᠤ᠂ ᠶᠡᠬᠡᠯ᠎ᠡ (ᠶᠡᠬᠡ ᠯᠡ) ᠨᠠᠢᠷ ᠲᠠᠯᠪᠢᠨ ᠬᠡᠯᠡᠯᠴᠡᠪᠡ᠃ ᠰᠠᠢᠳ ᠲᠤᠢᠯ ᠤ᠋ᠨ ᠰᠠᠢᠬᠠᠨ ᠠᠭᠠᠰᠢ ᠵᠠᠩᠲᠠᠢ ᠪᠣᠯᠵᠤ᠂ ᠪᠠᠢᠨ ᠪᠠᠢᠨ ᠥᠭᠡᠳᠡ ᠪᠡᠨ ᠥᠯᠢᠢᠵᠦ᠂ ᠦᠨᠡᠨ ᠰᠡᠳᠬᠢᠯ ᠦᠭᠡᠢ ᠬᠠᠭᠤᠷᠮᠠᠴᠢ ᠪᠠᠷ ᠲᠠᠴᠢᠭᠢᠨᠠᠲᠠᠯ᠎ᠠ ᠢᠨᠢᠶᠡᠬᠦ ᠳ᠋ᠡᠭᠡᠨ ( ᠳ᠋ᠦ᠍ ᠪᠡᠨ) ᠨᠢᠳᠦ ᠪᠡᠨ ᠠᠨᠢᠵᠤ᠂ ᠵᠣᠴᠢᠨ ᠤ᠋ ᠢᠨᠢᠶᠡᠵᠦ ᠪᠣᠢ ᠦᠭᠡᠢ ᠶ᠋ᠢ ᠠᠵᠢᠭᠯᠠᠨ ᠢᠨᠢᠶᠡᠵᠦ ᠪᠠᠢᠪᠠ᠃ ᠨᠠᠰᠤᠨᠪᠠᠲᠤ᠂ ᠤᠭ ᠠ᠋ᠴᠠ ᠰᠢᠯᠤᠭᠤᠨ ᠰᠢᠳᠤᠷᠭᠤ ᠬᠥᠮᠦᠨ᠂ ᠤᠷᠢᠳᠤ ᠡᠮᠦᠨ᠎ᠡ ᠲᠡᠷᠡ ᠰᠠᠢᠳ ᠲᠠᠢ ᠨᠢᠭᠤᠷ ᠵᠣᠯᠭᠠᠵᠤ ᠶᠠᠪᠤᠭᠰᠠᠨ ᠦᠭᠡᠢ ᠲᠤᠯᠠ ᠵᠠᠩ ᠢ᠋ ᠨᠢ ᠰᠠᠢᠨ ᠮᠡᠳᠡᠬᠦ ᠦᠭᠡᠢ ᠪᠢᠯᠡ᠃ ᠲᠡᠭᠡᠵᠦ ᠬᠠᠭᠤᠷᠮᠠᠴᠢ ᠪᠠᠷ ᠢᠨᠢᠶᠡᠬᠦ᠂ ᠪᠠᠰᠠ ᠪᠠᠭ᠎ᠠ ᠳᠣᠣᠷᠠᠲᠤ ᠬᠥᠮᠦᠨ ᠢ᠋ ᠲᠣᠭᠣᠮᠰᠠᠷᠯᠠᠬᠤ ᠦᠭᠡᠢ᠂ ᠬᠠᠷᠢᠨ ᠳᠡᠭᠡᠭᠦᠷ ᠲᠤᠰᠢᠶᠠᠯ ᠲᠠᠢ ᠬᠥᠮᠦᠨ ᠳ᠋ᠦ᠍ ᠶᠡᠬᠡᠯ᠎ᠡ( ᠶᠡᠬᠡ ᠯᠡ) ᠰᠦᠷᠡᠬᠡᠢ ᠪᠣᠯᠵᠤ ᠨᠢᠯᠪᠠᠭᠠᠨᠠᠬᠤ ᠪᠠᠢᠳᠠᠯ ᠢ᠋ ᠨᠢ ᠦᠵᠡᠭᠡᠳ᠂ ᠳᠣᠲᠣᠷ᠎ᠠ ᠪᠠᠨ ᠶᠡᠬᠡᠯ᠎ᠡ( ᠶᠡᠬᠡ ᠯᠡ) ᠦᠯᠦ ᠣᠢᠰᠢᠶᠠᠵᠤ᠂ ᠦᠨᠡᠨ ᠰᠡᠳᠬᠢᠯ ᠦᠭᠡᠢ᠂ ᠦᠵᠡᠯ ᠦᠭᠡᠢ ᠪᠥᠭᠡᠷᠡᠩᠬᠡᠢ ᠬᠥᠮᠦᠨ ᠪᠠᠢᠨ᠎ᠠ ᠳᠠ᠃ ᠳᠡᠭᠡᠭᠦᠷ ᠨᠢᠭᠤᠷ ᠲᠠᠢ᠂ ᠲᠠᠲᠠᠬᠤ ᠲᠣᠬᠣᠢ ᠲᠠᠢ ᠬᠥᠮᠦᠨ ᠦ᠌ ᠶᠠᠭᠤ ᠯᠠ ᠭᠡᠪᠡᠯ ᠰᠡᠳᠬᠢᠯ ᠳ᠋ᠦ᠍ᠨᠢ( ᠳ᠋ᠦ᠍ ᠨᠢ) ᠨᠡᠢᠯᠡᠭᠦᠯᠦᠨ᠂ ᠳᠣᠣᠷᠠᠲᠤ ᠪᠠᠭ᠎ᠠ ᠬᠥᠮᠦᠨ ᠦ᠌ ᠦᠭᠡ ᠶ᠋ᠢ ᠲᠥᠷᠥ ᠶ᠋ᠢᠨ ᠴᠢᠬᠤᠯᠠ ᠬᠡᠷᠡᠭ ᠴᠦ᠍ ᠭᠡᠰᠡᠨ ᠣᠭᠲᠣ ᠲᠣᠭᠣᠵᠤ ᠬᠥᠳᠡᠯᠬᠦ ᠦᠭᠡᠢ ᠬᠥᠮᠦᠨ ᠰᠢᠪ ᠳᠡ᠃ ᠡᠢᠮᠦᠷᠬᠦᠦ ᠤᠯᠤᠰ᠂ ᠠᠦ᠋ᠲ᠋ᠣᠨᠣᠮᠢ ᠶ᠋ᠢᠨ ᠦᠶ᠎ᠡ ᠳ᠋ᠦ᠍ ᠡᠳᠦᠢ ᠲᠡᠳᠦᠢ ᠪᠠᠢᠭᠰᠠᠨ ᠨᠢ᠂ ᠣᠳᠣ ᠴᠤ᠌ ᠭᠡᠰᠡᠨ ᠪᠠᠰᠠ ᠯᠠ ᠬᠣᠭ ᠨᠢ ᠲᠠᠰᠤᠷᠠᠭ᠎ᠠ ᠦᠭᠡᠢ ᠶᠠᠪᠤᠵᠤ ᠪᠠᠢᠭ᠎ᠠ ᠶᠤᠮ ᠪᠠᠢᠨ᠎ᠠ ᠳᠠ ᠭᠡᠵᠦ ᠳᠣᠲᠣᠷ᠎ᠠ ᠪᠠᠨ ᠭᠠᠰᠠᠯᠤᠨ ᠪᠣᠳᠣᠯ᠎ᠠ᠃ ᠲᠡᠭᠡᠭᠡᠳ ᠮᠢᠱ᠍ᠢᠭ᠌ ᠦ᠋ᠨ ᠵᠦᠭ ᠬᠠᠷᠠᠪᠠᠯ᠂ ᠪᠠᠰᠠ ᠯᠠ ᠰᠠᠢᠳ ᠠᠪᠤᠭᠠᠢ ᠶ᠋ᠢ ᠨᠢᠭᠡ ᠶᠡᠬᠡ ᠣᠢᠰᠢᠶᠠᠭᠰᠠᠨ ᠪᠠᠢᠳᠠᠯ ᠦᠭᠡᠢ᠃ ᠲᠡᠷᠡ ᠴᠡᠷᠢᠭ ᠦ᠋ᠨ ᠳᠠᠷᠤᠭ᠎ᠠ᠂ ᠰᠠᠢᠳ ᠠᠪᠤᠭᠠᠢ ᠶ᠋ᠢᠨ ᠲᠠᠴᠢᠭᠢᠨᠠᠲᠠᠯ᠎ᠠ ᠬᠠᠭᠤᠷᠮᠠᠴᠢ ᠪᠠᠷ ᠢᠨᠢᠶᠡᠵᠦ᠂ ᠨᠠᠢᠷ ᠲᠠᠢ ᠪᠣᠯᠪᠠᠴᠤ ᠬᠣᠭᠣᠰᠣᠨ ᠰᠤᠯᠠ ᠦᠭᠡ ᠶᠠᠷᠢᠵᠤ ᠪᠠᠢᠭ᠎ᠠ ᠶ᠋ᠢ ᠨᠢ ᠰᠣᠨᠣᠰᠤᠨ᠂ ᠠᠷᠭ᠎ᠠ ᠪᠤᠶᠤ ᠶᠣᠰᠣ ᠭᠦᠢᠴᠡᠳᠬᠡᠨ ᠢᠨᠢᠶᠡᠮᠰᠦᠭᠯᠡᠵᠦ᠂ ᠠᠯᠪᠠᠨ ᠤ᠋ ᠴᠢᠷᠠᠢ ᠴᠢᠷᠠᠢᠯᠠᠵᠤ ᠰᠠᠭᠤᠬᠤ ᠠᠵᠢ᠃ ᠬᠠᠷᠢᠨ ᠪᠠᠲᠤᠪᠠᠶᠠᠷ ᠠᠪᠤᠭᠠᠢ᠂ ᠴᠢᠷᠠᠢ ᠶ᠋ᠢ ᠮᠠᠰᠢ ᠲᠥᠪ ᠪᠣᠯᠭᠠᠵᠤ᠂ ᠡᠷᠬᠢᠮ ᠵᠣᠴᠢᠨ ᠲᠠᠢ ᠠᠵᠢᠭ ᠦᠭᠡᠢ ᠦᠭᠡ ᠬᠡᠯᠡᠯᠴᠡᠨ ᠠᠮᠤᠢ᠃ ᠭᠡᠪᠡᠴᠦ ᠵᠠᠩ ᠢ᠋ ᠨᠢ ᠮᠡᠳᠡᠬᠦ ᠬᠥᠮᠦᠨ᠂ ᠭᠣᠶᠣ ᠨᠠᠷᠢᠨ ᠦᠭᠡ᠂ ᠶᠣᠰᠣᠷᠠᠬᠤ( ᠶᠣᠰᠣᠷᠬᠠᠬᠤ) ᠪᠠᠢᠳᠠᠯ ᠢ᠋ ᠨᠢ ᠬᠠᠷᠠᠮᠠᠭᠴᠠ᠂ ᠡᠪᠦᠭᠡᠨ ᠮᠠᠨᠢ ᠵᠣᠴᠢᠨ ᠤ᠋ ᠪᠠᠨ ᠰᠤᠳᠠᠯ ᠢ᠋ ᠨᠢ ᠬᠡᠳᠦᠢᠨ ᠪᠠᠷᠢᠵᠤ᠂ ᠳᠣᠲᠣᠷ᠎ᠠ ᠪᠠᠨ ᠲᠤᠩ ᠴᠤ᠌ ᠣᠢᠰᠢᠶᠠᠵᠤ ᠲᠣᠭᠣᠬᠤ ᠦᠭᠡᠢ ᠪᠠᠢᠭ᠎ᠠ ᠶᠤᠮ ᠪᠠᠢᠨ᠎ᠠ ᠳᠠ ᠭᠡᠳᠡᠭ ᠢ᠋ ᠶᠠᠭᠤ ᠠᠨᠳᠤᠬᠤ ᠠᠵᠢ᠃
ᠵᠣᠴᠢᠳ ᠲᠤ᠌ ᠮᠣᠩᠭᠣᠯ ᠶᠣᠰᠣᠭᠠᠷ ᠴᠠᠢ ᠢᠳᠡᠭᠡ ᠪᠠᠷᠢᠭᠠᠳ᠂ ᠵᠠᠩ ᠱᠢ᠂ ᠬᠠᠳᠠᠮ ᠡᠴᠢᠭᠡ ᠡᠴᠡ᠂
— ᠠᠪᠤ᠂ ᠲᠠᠨ ᠤ᠋ ᠴᠠᠭ ᠬᠡᠳᠦ ᠴᠣᠬᠢᠵᠤ ᠪᠠᠢᠨ᠎ᠠ? ᠭᠡᠵᠦ ᠠᠰᠠᠭᠤᠵᠠᠢ᠃ ᠡᠪᠦᠭᠡᠨ᠂ ᠡᠪᠦᠷ ᠡᠴᠡ ᠪᠡᠨ ᠦᠰᠦᠭ ᠰᠡᠢᠯᠦᠮᠡᠯ ᠠᠯᠲᠠᠨ ᠴᠠᠭ ᠭᠠᠷᠭᠠᠵᠤ ᠦᠵᠡᠭᠡᠳ᠂
— ᠳᠣᠯᠣᠭᠠᠨ ᠴᠠᠭ ᠲᠠᠪᠢᠨ ᠬᠤᠪᠢ ᠪᠣᠯᠵᠤ ᠪᠠᠢᠨ᠎ᠠ ᠭᠡᠪᠡᠯ᠂ ᠵᠠᠩ ᠱᠢ ᠥᠭᠦᠯᠡᠷᠦᠨ᠂
— ᠵᠣᠴᠢᠳ ᠪᠢᠲᠡᠭᠡᠢ ᠴᠣᠴᠢᠭᠠᠷᠠᠢ᠃ ᠪᠢᠳᠡ ᠣᠳᠣ ᠬᠠᠷᠠᠩᠭ᠎ᠠ ᠴᠣᠬᠢᠵᠤ᠂ ᠺᠯᠦ᠋ᠪ ᠲᠦ᠍ ᠬᠥᠮᠦᠨ ᠴᠤᠭᠯᠠᠬᠤ ᠳᠣᠬᠢᠶ᠎ᠠ ᠥᠭᠭᠦᠨ᠎ᠡ᠃ ᠮᠠᠨᠠᠢᠬᠢᠨ( ᠮᠠᠨ ᠤ᠋ ᠬᠢᠨ) ᠬᠠᠷᠠᠩᠭ᠎ᠠ ᠴᠣᠬᠢᠵᠤ ᠳᠣᠬᠢᠶ᠎ᠠ ᠥᠭᠳᠡᠭ ᠵᠠᠩᠰᠢᠯ ᠲᠠᠢ ᠶᠤᠮ ᠰᠢᠦ ᠬᠡᠮᠡᠪᠡᠰᠦ ᠰᠠᠢᠳ ᠠᠪᠤᠭᠠᠢ ᠲᠣᠯᠣᠭᠠᠢ ᠳᠣᠬᠢᠨ᠂ ᠵᠠ᠂ ᠵᠠ᠂ ᠲᠡᠭᠡ ᠲᠡᠭᠡ ᠭᠡᠳ ᠨᠠᠰᠤᠨᠪᠠᠲᠤ ᠶ᠋ᠢᠨ ᠵᠦᠭ ᠬᠠᠷᠠᠵᠤ᠂
— ᠬᠣᠰᠢᠭᠤ ᠳᠠᠷᠤᠭ᠎ᠠ ᠶ᠋ᠢ ᠮᠠᠨ ᠤ᠋ ᠠᠪᠤ ᠭᠡᠵᠦ ᠲᠦᠷᠦᠭᠦᠨ ᠲᠠ ᠨᠠᠳᠠᠳᠤ( ᠨᠠᠳᠠ ᠳ᠋ᠤ᠌) ᠬᠡᠯᠡᠬᠦ ᠦᠭᠡᠢ ᠶᠠᠭᠠᠬᠢᠭᠰᠠᠨ ᠬᠥᠮᠦᠨ ᠪᠣᠢ? ᠪᠢ ᠲᠡᠭᠦᠨ ᠢ᠋ ᠮᠠᠲᠠᠯ ᠦᠭᠡᠢ᠂ ᠡᠷᠬᠢᠮ ᠳᠠᠷᠤᠭ᠎ᠠ ᠳ᠋ᠤ᠌ ᠲᠠᠨ ᠤ᠋ ᠲᠤᠬᠠᠢ ᠠᠮᠲᠠ ᠦᠭᠡᠢ ᠦᠭᠡ ᠬᠡᠯᠡᠵᠦ᠂ ᠰᠡᠳᠬᠢᠯ ᠢ᠋ ᠴᠢᠯᠡᠭᠡᠪᠡᠯ ᠶᠠᠭᠠᠬᠢᠨ᠎ᠠ? ᠲᠠ ᠲᠦᠷᠦᠭᠦᠨ ᠨᠠᠳᠠᠳᠤ( ᠨᠠᠳᠠ ᠳ᠋ᠤ᠌) ᠬᠡᠯᠡᠬᠦ ᠦᠭᠡᠢ᠂ ᠳᠠᠩᠴᠢ ᠲᠤᠰᠠ ᠦᠭᠡᠢ᠂ ᠳᠠᠩᠴᠢ ᠲᠤᠰᠠ ᠦᠭᠡᠶ᠎ᠡ! ᠭᠡᠵᠦ ᠪᠣᠯᠴᠣᠭᠣᠷ ᠬᠤᠷᠤᠭᠤ ᠪᠠᠷ ᠲᠣᠭᠯᠠᠨ ᠵᠠᠨᠤᠪᠠᠰᠤ᠂ ᠡᠪᠦᠭᠡᠨ ᠪᠠᠲᠤᠪᠠᠶᠠᠷ ᠴᠢᠷᠠᠢ ᠶ᠋ᠢ ᠮᠠᠰᠢ ᠲᠥᠪ ᠪᠣᠯᠭᠠᠵᠤ ᠥᠭᠦᠯᠡᠷᠦᠨ᠂
— ᠰᠡᠴᠡᠨ ᠦᠭᠡᠨ ᠳ᠋ᠦ᠍ ᠲᠥᠷᠥ᠂ ᠲᠡᠮᠦᠷ ᠨᠢᠭᠤᠷ ᠲᠠᠢ ᠭᠡᠳᠡᠭ ᠪᠢᠯᠡ᠃ ᠲᠠ ᠪᠢᠳᠡ ᠬᠣᠶᠠᠷ᠂ ᠴᠥᠮ ᠲᠦᠮᠡᠨ ᠦ᠌ ᠲᠥᠯᠥᠭᠡ ᠬᠦᠴᠦᠨ ᠵᠢᠳᠬᠦᠵᠦ ᠪᠠᠢᠭ᠎ᠠ ᠲᠥᠷᠥ ᠶ᠋ᠢᠨ ᠵᠠᠷᠤᠴᠠ ᠲᠤᠯᠠ᠂ ᠬᠥᠳᠡᠭᠡᠨ ᠦ᠌ ᠥᠴᠦᠬᠡᠨ ᠡᠪᠦᠭᠡᠨ ᠮᠢᠨᠦ ᠪᠡᠶ᠎ᠡ᠂ ᠡᠷᠳᠡᠮᠲᠡᠨ ᠰᠠᠢᠳ ᠤ᠋ᠨ ᠠᠯᠢᠪᠠ ᠰᠤᠷᠭᠠᠨ ᠰᠠᠨᠠᠭᠤᠯᠤᠭᠰᠠᠨ ᠮᠡᠷᠭᠡᠨ ᠦᠭᠡ ᠶ᠋ᠢ ᠰᠣᠨᠣᠰᠬᠤ ᠨᠢ ᠲᠦᠮᠡᠨ ᠵᠦᠢ ᠪᠣᠢ ᠊ᠢ᠎ᠠ ᠭᠡᠬᠦ ᠳ᠋ᠦ᠍ᠨᠢ( ᠳ᠋ᠦ᠍ ᠨᠢ) ᠡᠪᠦᠭᠡᠨ ᠦ᠌ ᠨᠠᠢᠷᠲᠠᠢ ᠦᠭᠡᠨ ᠦ᠌ ᠳᠣᠲᠣᠷ᠎ᠠ ᠨᠠᠷᠢᠨ ᠶᠥᠭᠡ ᠪᠣᠢ ᠶ᠋ᠢ ᠰᠠᠢᠳ ᠠᠪᠤᠭᠠᠢ ᠭᠠᠳᠠᠷᠯᠠᠵᠤ᠂
— ᠲᠡᠷᠡ ᠶᠠᠭᠠᠬᠢᠬᠤ ᠠᠷᠭ᠎ᠠ ᠦᠭᠡᠢ ᠵᠥᠪ᠃ ᠲᠠ ᠪᠢᠳᠡ ᠬᠣᠶᠠᠷ ᠦᠨᠡᠬᠡᠷ ᠲᠦᠮᠡᠨ ᠦ᠌ ᠲᠥᠯᠥᠭᠡ ᠮᠣᠷᠢ ᠨᠣᠬᠠᠢ ᠶ᠋ᠢᠨ ᠬᠦᠴᠦᠨ ᠭᠠᠷᠭᠠᠵᠤ ᠵᠢᠳᠬᠦᠵᠦ ᠪᠠᠢᠭ᠎ᠠ ᠨᠢ ᠲᠦᠮᠡᠨ ᠦᠨᠡᠨ᠂ ᠲᠡᠷᠡ ᠵᠦᠢᠲᠡᠢ᠂ ᠲᠡᠷᠡ ᠵᠦᠢᠲᠡᠢ᠂ ᠬᠢ — ᠬᠢ — ᠬᠢ ᠭᠡᠵᠦ ᠬᠤᠳᠠᠯ ᠢ᠋ᠶ᠋ᠠᠷ ᠢᠨᠢᠶᠡᠭᠡᠳ᠂ ᠲᠡᠷᠡ ᠳᠣᠣᠷ᠎ᠠ ᠪᠠᠨ ᠶᠠᠷᠢᠬᠤ ᠥᠭᠡᠷ᠎ᠡ ᠰᠡᠳᠦᠪ ᠡᠭᠦᠰᠬᠡᠨ᠂
— ᠡᠷᠬᠢᠮ ᠳᠠᠷᠤᠭ᠎ᠠ ᠶ᠋ᠢᠨ ᠴᠠᠭ ᠲᠤ᠌ ᠦᠰᠦᠭ ᠰᠡᠢᠯᠦᠭᠰᠡᠨ ᠮᠡᠲᠦ ᠦᠵᠡᠭᠳᠡᠯ᠎ᠡ᠃ ᠲᠡᠷᠡ ᠴᠣᠬᠣᠮ ᠶᠠᠮᠠᠷ ᠦᠰᠦᠭ ᠪᠣᠯᠬᠤ ᠶ᠋ᠢ ᠯᠠᠪᠯᠠᠨ ᠦᠵᠡᠵᠦ ᠪᠣᠯᠤᠨ᠎ᠠ ᠤᠤ? ᠭᠡᠵᠦ ᠴᠠᠭ ᠢ᠋ ᠨᠢ ᠠᠪᠴᠤ᠂
— ᠵᠢᠭᠤᠯᠴᠢᠨ ᠫ· ᠺ᠂ ᠺᠣᠽᠯᠣᠸ ᠠ᠋ᠴᠠ ᠳᠤᠷᠠᠰᠬᠠᠯ ᠪᠣᠯᠭᠠᠪᠠ ᠭᠡᠰᠡᠨ ᠦᠰᠦᠭ ᠢ᠋ ᠤᠩᠰᠢᠭᠠᠳ᠂ ᠡᠷᠬᠢᠮ ᠳᠠᠷᠤᠭ᠎ᠠ ᠲᠠ᠂ ᠲᠡᠷᠡ ᠺᠣᠽᠯᠣᠸ ᠭᠡᠳᠡᠭ ᠬᠥᠮᠦᠨ ᠢ᠋ ᠲᠠᠨᠢᠳᠠᠭ ᠶᠤᠮ ᠤᠤ? ᠭᠡᠵᠦ ᠠᠰᠠᠭᠤᠬᠤ ᠳ᠋ᠤᠨᠢ( ᠳ᠋ᠤ᠌ ᠨᠢ)᠂
— ᠲᠡᠷᠡ ᠠᠯᠳᠠᠷᠲᠤ ᠵᠢᠭᠤᠯᠴᠢᠨ ᠤ᠋ ᠪᠡᠶ᠎ᠡ ᠬᠡᠳᠦᠨ ᠵᠢᠯ ᠦ᠋ᠨ ᠡᠮᠦᠨ᠎ᠡ ᠮᠠᠨ ᠤ᠋ ᠨᠤᠲᠤᠭ ᠢ᠋ᠶ᠋ᠠᠷ ᠶᠠᠪᠤᠵᠤ ᠥᠩᠭᠡᠷᠡᠭᠡᠳ᠂ ᠤᠴᠠᠷᠠᠨ ᠵᠣᠯᠭᠠᠭᠰᠠᠨ ᠤ᠋ ᠪᠡᠯᠡᠭ ᠭᠡᠵᠦ ᠨᠠᠳᠠᠳᠤ (ᠨᠠᠳᠠ ᠳ᠋ᠤ᠌) ᠡᠨᠡ ᠰᠠᠢᠬᠠᠨ ᠴᠠᠭ ᠥᠭᠭᠦᠭᠰᠡᠨ ᠪᠢᠯᠡ᠃ ᠮᠠᠨ ᠤ᠋ ᠭᠠᠵᠠᠷ ᠣᠷᠣᠨ ᠢ᠋ ᠰᠢᠨᠵᠢᠯᠡᠨ ᠰᠤᠳᠤᠯᠵᠤ ᠶᠠᠪᠤᠭᠰᠠᠨ ᠫᠣᠲ᠋ᠠᠨᠢᠨ᠂ ᠷᠠᠳ᠌ᠯᠣᠸ᠂ ᠺᠣᠽᠯᠣᠸ᠂ ᠭᠠᠵᠠᠷ ᠳᠡᠯᠡᠬᠡᠢ ᠲᠣᠭᠲᠠᠭᠰᠠᠨ ᠢ᠋ ᠰᠤᠳᠤᠯᠬᠤ ᠡᠷᠳᠡᠮᠲᠡᠨ ᠷᠠᠴᠺᠣᠸᠰᠺᠢ ᠶ᠋ᠢᠨ ᠵᠡᠷᠭᠡ ᠣᠷᠣᠰ ᠤ᠋ᠨ ᠨᠡᠯᠢᠶᠡᠳ ᠬᠡᠳᠦᠨ ᠡᠷᠳᠡᠮᠲᠡᠨ ᠲᠡᠢ ᠪᠢ ᠨᠢᠭᠤᠷ ᠤᠴᠠᠷᠠᠵᠤ ᠲᠠᠨᠢᠯᠴᠠᠭᠰᠠᠨ ᠪᠢᠯᠡ᠃ ᠶᠡᠷᠦ᠂ ᠡᠭᠡᠯ ᠵᠢᠷ ᠦ᠋ᠨ ᠬᠥᠮᠦᠨ ᠢ᠋ ᠬᠡᠷᠬᠡᠮ ᠴᠣᠯᠠ ᠲᠤᠰᠢᠶᠠᠯ ᠵᠡᠷᠭᠡ ᠦᠭᠡᠢ ᠭᠡᠵᠦ ᠳᠣᠣᠷ᠎ᠠ ᠦᠵᠡᠳᠡᠭ ᠦᠭᠡᠢ ᠶᠣᠰᠣᠲᠠᠢ ᠰᠠᠢᠬᠠᠨ ᠡᠷᠳᠡᠮᠲᠡᠨ ᠪᠢᠯᠡ ᠳᠠ᠃ ᠲᠡᠷᠡ ᠤᠴᠢᠷ ᠠ᠋ᠴᠠ ᠴᠣ᠂ ᠬᠥᠳᠡᠭᠡᠨ ᠦ᠌ ᠠᠷᠠᠳ ᠤ᠋ᠨ ᠪᠣᠷᠣ ᠭᠡᠷ ᠲᠦ᠍ ᠣᠷᠣᠬᠤ ᠳ᠋ᠤᠨᠢ( ᠳ᠋ᠤ᠌ ᠨᠢ)᠂ ᠠᠷᠠᠳ ᠤ᠋ᠳ ᠲᠡᠳᠡᠨ ᠢ᠋ ᠶᠡᠬᠡᠯ᠎ᠡ( ᠶᠡᠬᠡ ᠯᠡ) ᠨᠠᠢᠷᠲᠠᠢ ᠰᠠᠢᠬᠠᠨ ᠢ᠋ᠶ᠋ᠠᠷ ᠲᠣᠰᠴᠤ᠂ ᠬᠦᠨᠳᠦᠳᠬᠡᠨ ᠦᠵᠡᠳᠡᠭ ᠪᠠᠢᠭᠰᠠᠨ ᠪᠢᠯᠡ ᠭᠡᠵᠦ ᠬᠡᠯᠡᠵᠡᠢ᠃ ᠡᠪᠦᠭᠡᠨ ᠦ᠌ ᠦᠭᠡ ᠶ᠋ᠢᠨ ᠰᠢᠪᠦᠭᠡ ᠪᠡᠷ ᠴᠢᠮᠬᠢᠵᠦ ᠲᠡᠭᠡᠵᠦ ᠬᠠᠳᠬᠤᠭᠰᠠᠨ ᠢ᠋ ᠮᠡᠳᠡᠭᠰᠡᠨ ᠦᠭᠡᠢ ᠮᠠᠭᠠᠰᠠᠭᠠᠨᠠᠨ᠂ ᠴᠠᠭ ᠢ᠋ ᠨᠢ ᠪᠤᠴᠠᠭᠠᠵᠤ ᠥᠭᠭᠦᠭᠡᠳ ᠳᠡᠮᠡᠢ ᠯᠡ᠂ ᠲᠡᠢᠮᠦ ᠠ᠋᠂ ᠲᠡᠢᠮᠦ ᠲᠡᠢᠮᠦ ᠭᠡᠵᠦ ᠬᠠᠷᠢᠭᠤ ᠬᠡᠯᠡᠪᠡ᠃ ᠲᠡᠷᠡ ᠵᠠᠪᠰᠠᠷ᠂ ᠭᠠᠳᠠᠨ᠎ᠠ ᠬᠠᠷᠠᠩᠭ᠎ᠠ ᠳᠡᠯᠡᠳᠴᠦ᠂ ᠺᠯᠦ᠋ᠪ ᠲᠤ ᠣᠴᠢᠬᠤ ᠬᠡᠦᠬᠡᠳ ᠰᠢᠤᠬᠠᠳ ᠤ᠋ᠨ ᠭᠦᠶᠦᠯᠳᠦᠬᠦ ᠴᠢᠮᠡᠭᠡ ᠰᠣᠨᠣᠰᠳᠠᠪᠠ᠃ ᠨᠠᠰᠤᠨᠪᠠᠲᠤ ᠭᠠᠷᠴᠤ ᠡᠷᠭᠢᠨ ᠦᠵᠡᠬᠦ ᠬᠡᠷᠡᠭ ᠪᠣᠢ ᠭᠡᠵᠦ ᠵᠣᠴᠢᠳ ᠲᠤ᠌ ᠴᠢᠯᠥᠭᠡ ᠮᠡᠳᠡᠭᠦᠯᠦᠨ ᠭᠠᠷᠴᠤ᠂ ᠺᠯᠦ᠋ᠪ ᠦ᠋ᠨ ᠡᠭᠦᠳᠡᠨ ᠳ᠋ᠦ᠍ ᠬᠦᠷᠴᠦ ᠣᠴᠢᠪᠠᠰᠤ᠂ ᠬᠥᠳᠡᠭᠡ ᠡᠴᠡ ᠢᠷᠡᠭᠰᠡᠨ ᠠᠷᠠᠳ ᠤ᠋ᠳ ᠶᠠᠭᠠᠷᠠᠨ ᠲᠡᠪᠡᠳᠡᠯ ᠦᠭᠡᠢ ᠠᠯᠭᠤᠷ ᠠᠭᠠᠵᠢᠮ ᠢ᠋ᠶ᠋ᠠᠷ ᠣᠷᠣᠵᠤ᠂ ᠰᠠᠭᠤᠳᠠᠯ ᠢ᠋ᠶ᠋ᠠᠨ ᠡᠵᠡᠯᠡᠵᠡᠭᠡᠵᠦ ᠪᠠᠢᠪᠠ᠃ ᠬᠥᠳᠡᠭᠡ ᠡᠴᠡ ᠲᠤᠩ ᠰᠠᠶᠢᠬᠠᠨ ᠢᠷᠡᠭᠡᠳ᠂ ᠰᠢᠷᠴᠢᠨ ᠲᠠᠩᠰᠤᠭ ᠬᠣᠶᠠᠷ᠂ ᠡᠪᠦᠭᠡᠨ ᠸᠠᠩ ᠤ᠋ᠨ ᠳ᠋ᠤ᠌ ᠳᠥᠩᠭᠡᠵᠦ ᠨᠢᠭᠡ ᠨᠢᠭᠡ ᠠᠶᠠᠭ᠎ᠠ ᠴᠠᠢ ᠤᠤᠭᠤᠲᠠᠯᠠ᠂ ᠬᠠᠷᠠᠩᠭ᠎ᠠ ᠴᠣᠬᠢᠬᠤ ᠴᠢᠮᠡᠭᠡ ᠪᠡᠷ ᠺᠯᠦ᠋ᠪ ᠦ᠋ᠨ ᠵᠦᠭ ᠶᠠᠭᠠᠷᠠᠨ ᠣᠴᠢᠵᠤ ᠪᠢᠯᠡ᠃ ᠡᠭᠦᠳᠡᠨ ᠳ᠋ᠦ᠍ᠨᠢ( ᠳ᠋ᠦ᠍ ᠨᠢ) ᠨᠠᠰᠤᠨᠪᠠᠲᠤ ᠲᠠᠢ ᠳᠠᠭᠠᠷᠢᠯᠳᠤᠵᠤ᠂ ᠠᠶᠠᠲᠠᠢ ᠰᠠᠢᠬᠠᠨ ᠢ᠋ᠶ᠋ᠠᠷ ᠠᠮᠤᠷ ᠠᠮᠤᠭᠤᠯᠠᠩ ᠢ᠋ ᠨᠢ ᠠᠰᠠᠭᠤᠵᠤ᠂
— ᠪᠠᠭᠠᠴᠤᠳ ᠠ᠋ᠴᠠ ᠰᠣᠨᠣᠰᠪᠠᠯ᠂ ᠬᠡᠬᠡᠷᠡᠭᠦᠯᠬᠦ ᠶ᠋ᠢᠨ ᠰᠠᠢᠳ ᠠᠪᠤᠭᠠᠢ ᠲᠠᠨ ᠤ᠋ ᠳ᠋ᠤ᠌ ᠪᠠᠭᠤᠭᠰᠠᠨ ᠪᠣᠯᠤᠯᠲᠠᠢ ᠲᠤᠯᠠ ᠲᠠᠨ ᠤ᠋ ᠳ᠋ᠤ᠌ ᠠᠶᠤᠮᠰᠢᠭ ᠦᠭᠡᠢ ᠪᠠᠭᠤᠵᠤ ᠴᠢᠳᠠᠭᠰᠠᠨ ᠦᠭᠡᠢ᠂ ᠪᠠᠰᠠ ᠬᠤᠷᠠᠯ ᠳ᠋ᠤ᠌ ᠴᠤ᠌ ᠬᠣᠵᠢᠮᠳᠠᠨ ᠠᠯᠳᠠᠵᠤ᠂ ᠪᠠᠬᠠᠨ ᠣᠷᠣᠢᠲᠠᠨ ᠰᠠᠭᠠᠲᠠᠵᠤ ᠢᠷᠡᠯ᠎ᠡ ᠭᠡᠵᠦ ᠰᠢᠷᠴᠢᠨ ᠦ᠌ ᠢᠨᠢᠶᠡᠮᠰᠦᠭᠯᠡᠨ ᠬᠡᠯᠡᠲᠡᠯ᠎ᠡ᠂ ᠲᠠᠪᠬᠠᠢ ᠪᠠᠭᠰᠢ ᠬᠦᠷᠴᠦ ᠢᠷᠡᠭᠡᠳ᠂ ᠰᠢᠷᠴᠢᠨ ᠲᠠᠩᠰᠤᠭ ᠬᠣᠶᠠᠷ ᠤ᠋ᠨ ᠠᠮᠤᠷ ᠢ᠋ ᠠᠰᠠᠭᠤᠵᠤ᠂ ᠨᠠᠰᠤᠨᠪᠠᠲᠤ ᠳ᠋ᠤ᠌
— ᠪᠦᠬᠦ ᠵᠣᠴᠢᠳ ᠲᠥᠯᠥᠪ ᠴᠤᠭᠯᠠᠵᠠᠢ᠃ ᠣᠳᠣ ᠬᠤᠷᠠᠯ ᠨᠡᠭᠡᠭᠡᠬᠦ ᠳ᠋ᠦ᠍ ᠰᠠᠭᠠᠳ ᠦᠭᠡᠢ ᠪᠣᠯᠪᠠ᠃ ᠬᠦᠨᠳᠦᠲᠦ ᠵᠣᠴᠢᠳ ᠢ᠋ ᠬᠤᠷᠠᠯ ᠳ᠋ᠤ᠌ ᠤᠷᠢᠨ ᠵᠠᠯᠠᠵᠤ ᠬᠤᠷᠠᠯᠳᠤᠬᠤ ᠤᠤ ᠳᠠ ᠭᠡᠬᠦ ᠳ᠋ᠦ᠍ᠨᠢ( ᠳ᠋ᠦ᠍ ᠨᠢ)᠂
— ᠵᠠ᠂ ᠪᠢ ᠰᠠᠢᠳ ᠠᠪᠤᠭᠠᠢ ᠳ᠋ᠤ᠌ ᠣᠴᠢᠵᠤ ᠬᠡᠯᠡᠶ᠎ᠡ ᠭᠡᠳ ᠲᠡᠷᠡ ᠬᠦᠨᠳᠦᠲᠦ ᠵᠣᠴᠢᠳ ᠢ᠋ ᠵᠠᠯᠠᠷ᠎ᠠ ᠣᠴᠢᠪᠠ᠃ ᠭᠡᠭᠡᠷᠡᠭᠦᠯᠬᠦ ᠶ᠋ᠢᠨ ᠰᠠᠢᠳ᠂ ᠬᠣᠰᠢᠭᠤ ᠳᠠᠷᠤᠭ᠎ᠠ᠂ ᠵᠢᠪᠬᠤᠯᠠᠩ ᠲᠡᠭᠦᠯᠳᠡᠷ ᠡᠪᠦᠭᠡᠨ ᠪᠠᠲᠤᠪᠠᠶᠠᠷ ᠨᠠᠷ ᠤ᠋ᠨ ᠣᠷᠣᠵᠤ ᠢᠷᠡᠬᠦ ᠳ᠋ᠦ᠍᠂ ᠬᠤᠷᠠᠯ ᠤ᠋ᠨ ᠲᠠᠩᠬᠢᠮ ᠳ᠋ᠤ᠌ ᠴᠤᠭᠯᠠᠭᠰᠠᠨ ᠬᠥᠮᠦᠨ ᠬᠦᠨᠳᠦᠳᠬᠡᠨ ᠪᠣᠰᠴᠠᠭᠠᠵᠤ᠂ ᠲᠠᠢᠰᠠᠨ ᠳᠡᠭᠡᠷ᠎ᠡ ᠰᠠᠭᠤᠭᠰᠠᠨ ᠲᠡᠷᠢᠭᠦᠯᠡᠭᠴᠢᠳ ᠦ᠋ᠨ ᠰᠠᠭᠤᠳᠠᠯ ᠳ᠋ᠤ᠌ ᠭᠡᠭᠡᠷᠡᠭᠦᠯᠬᠦ ᠶ᠋ᠢᠨ ᠰᠠᠢᠳ᠂ ᠰᠤᠷᠭᠠᠭᠤᠯᠢ ᠶ᠋ᠢᠨ ᠵᠠᠬᠢᠷᠤᠯ ᠪᠠᠭᠰᠢ᠂ ᠨᠠᠮ ᠤ᠋ᠨ ᠡᠭᠦᠷ ᠦ᠋ᠨ ᠳᠠᠷᠤᠭ᠎ᠠ ᠰᠠᠮᠪᠤᠤ᠂ ᠬᠣᠰᠢᠭᠤ ᠳᠠᠷᠤᠭ᠎ᠠ ᠪᠠᠲᠤᠪᠠᠶᠠᠷ᠂ ᠡᠪᠦᠭᠡᠨ ᠢᠸᠠᠨ᠂ ᠤᠯᠠᠭᠠᠨ ᠴᠡᠷᠢᠭ ᠦ᠋ᠨ ᠳᠠᠷᠤᠭ᠎ᠠ ᠪᠥᠭᠡᠳ ᠡᠪᠦᠭᠡᠨ ᠢᠸᠠᠨ ᠤ᠋ ᠠᠴᠢ ᠮᠢᠱ᠍ᠢᠭ᠌ ᠲᠤᠰ ᠲᠤᠰ ᠰᠠᠭᠤᠵᠠᠭᠠᠵᠤ᠂ ᠡᠮᠡᠭᠡᠨ ᠫᠧᠳ᠌ᠲ᠋ᠷᠤᠸᠨᠠ᠂ ᠵᠠᠩ ᠱᠢ ᠶ᠋ᠢᠨ ᠬᠠᠮᠲᠤ᠂ ᠰᠢᠷᠴᠢᠨ ᠲᠠᠩᠰᠤᠭ ᠬᠣᠶᠠᠷ ᠤ᠋ᠨ ᠳᠡᠷᠭᠡᠳᠡ᠂ ᠣᠯᠠᠨ ᠰᠠᠭᠤᠳᠠᠯ ᠤ᠋ᠨ ᠤᠷᠲᠤ ᠨᠢᠭᠤᠷ ᠲᠤ᠌ ᠰᠠᠭᠤᠵᠠᠢ᠃ ᠨᠠᠰᠤᠨᠪᠠᠲᠤ ᠬᠡᠳᠦᠨ ᠲᠣᠪᠴᠢ ᠦᠭᠡ ᠬᠡᠯᠡᠵᠦ ᠬᠤᠷᠠᠯ ᠨᠡᠭᠡᠭᠡᠭᠡᠳ᠂ ᠬᠤᠷᠠᠯᠳᠤᠭᠰᠠᠳ ᠨᠡᠢᠰᠯᠡᠯ ᠤᠯᠠᠭᠠᠨᠪᠠᠭᠠᠲᠤᠷ ᠬᠣᠲᠠ ᠠ᠋ᠴᠠ ᠬᠥᠳᠡᠭᠡ ᠣᠷᠣᠨ ᠨᠤᠲᠤᠭ ᠲᠤ᠌ ᠥᠷᠭᠡᠨ ᠳᠡᠯᠭᠡᠷᠡᠭᠰᠡᠨ ᠰᠢᠨ᠎ᠡ ᠵᠠᠩᠰᠢᠯ ᠢ᠋ᠶ᠋ᠠᠷ ᠠᠯᠠᠭ᠎ᠠ ᠲᠠᠰᠢᠵᠠᠭᠠᠨ ᠪᠠᠶᠠᠷᠯᠠᠯᠳᠤᠪᠠ᠃ ᠲᠠᠢᠵᠠᠨ( ᠲᠠᠢᠰᠠᠨ) ᠳᠡᠭᠡᠷ᠎ᠡ ᠪᠦᠬᠦ ᠲᠡᠷᠢᠭᠦᠯᠡᠭᠴᠢᠳ ᠦ᠋ᠨ ᠰᠢᠷᠡᠭᠡᠨ ᠦ᠌ ᠬᠠᠮᠤᠭ ᠤ᠋ᠨ ᠵᠡᠭᠦᠨ ᠲᠠᠯ᠎ᠠ ᠳ᠋ᠤ᠌ ᠰᠠᠭᠤᠵᠤ ᠪᠠᠢᠭᠰᠠᠨ ᠲᠠᠪᠬᠠᠢ ᠪᠠᠭᠰᠢ᠂ ᠰᠢᠯᠭᠠᠯᠲᠠ ᠶ᠋ᠢᠨ ᠳ᠋ᠦᠩ ᠢ᠋ ᠮᠣᠣᠲᠤᠤ ᠴᠠᠭᠠᠰᠤᠨ ᠳᠡᠭᠡᠷ᠎ᠡ ᠪᠢᠷ ᠢ᠋ᠶ᠋ᠡᠷ ᠰᠠᠢᠬᠠᠨ ᠭᠡᠭᠴᠢ ᠪᠡᠷ ᠰᠡᠢᠷᠡᠭᠦᠯᠦᠨ ᠪᠢᠴᠢᠭᠰᠡᠨ ᠳᠡᠪᠲᠡᠷ ᠳᠡᠯᠭᠡᠵᠦ᠂ ᠲᠡᠭᠦᠰᠬᠦ ᠰᠤᠷᠤᠭᠴᠢᠳ ᠤ᠋ᠨ ᠨᠡᠷ᠎ᠡ᠂ ᠰᠢᠯᠭᠠᠭᠤᠯᠤᠭᠰᠠᠨ ᠬᠢᠴᠢᠶᠡᠯ ᠦ᠋ᠨ ᠳ᠋ᠦᠩᠨᠡᠯᠲᠡ ᠶ᠋ᠢ ᠥᠨᠳᠥᠷ ᠳᠠᠭᠤ ᠪᠠᠷ ᠢᠷᠠᠭᠤ ᠲᠣᠳᠣᠷᠬᠠᠢ ᠪᠠᠷ ᠤᠩᠰᠢᠵᠤ ᠡᠬᠢᠯᠡᠯ᠎ᠡ᠃ ᠵᠠᠩ ᠱᠢ᠂ ᠲᠠᠪᠬᠠᠢ ᠶ᠋ᠢᠨ ᠤᠩᠰᠢᠬᠤ ᠶ᠋ᠢ ᠬᠢᠴᠢᠶᠡᠨ ᠰᠣᠨᠣᠰᠴᠤ᠂ ᠪᠠᠶᠠᠰᠬᠤᠯᠠᠩ ᠲᠡᠭᠦᠰ ᠳᠥᠷᠪᠡᠨ ᠵᠢᠯ᠂ ᠬᠠᠮᠤᠭ ᠬᠦᠴᠦ ᠪᠡᠨ ᠰᠢᠪᠬᠠᠵᠤ ᠬᠠᠮᠤᠭ ᠴᠠᠭ ᠢ᠋ᠶ᠋ᠠᠨ ᠵᠣᠷᠢᠭᠤᠯᠵᠤ ᠬᠥᠮᠦᠵᠢᠭᠦᠯᠦᠨ ᠰᠤᠷᠭᠠᠭᠰᠠᠨ ᠬᠥᠪᠡᠭᠦᠳ ᠥᠬᠢᠳ ᠱᠠᠪᠢ ᠨᠠᠷ ᠨᠢ ᠨᠢᠳᠦᠨ ᠦ᠌ ᠡᠮᠦᠨ᠎ᠡ ᠥᠩᠭᠡᠷᠡᠬᠦ ᠮᠡᠲᠦ ᠦᠵᠡᠭᠳᠡᠵᠦ᠂ ᠲᠡᠷᠡ ᠣᠯᠠᠨ ᠪᠠᠭᠠᠴᠤᠳ ᠤ᠋ᠨ ᠥᠰᠴᠦ ᠬᠥᠮᠦᠵᠢᠬᠦ ᠶ᠋ᠢ ᠦᠵᠡᠭᠰᠡᠨ ᠢ᠋ᠶ᠋ᠡᠨ ᠰᠠᠨᠠᠬᠤ ᠳ᠋ᠤᠨᠢ( ᠳ᠋ᠤ᠌ ᠨᠢ) ᠴᠡᠴᠡᠭ ᠨᠠᠪᠴᠢ ᠳᠡᠯᠭᠡᠷᠡᠵᠦ ᠪᠠᠢᠭᠰᠠᠨ ᠠᠳᠠᠯᠢ᠂ ᠬᠡᠦᠬᠡᠳ ᠲᠤᠰ ᠪᠦᠷᠢ ᠳ᠋ᠦ᠍ ᠥᠪᠡᠷ ᠥᠪᠡᠷ ᠦ᠋ᠨ ᠠᠪᠢᠶᠠᠰ ᠳᠡᠯᠭᠡᠷᠡᠵᠦ᠂ ᠳᠤᠷ᠎ᠠ ᠰᠣᠨᠢᠷᠬᠠᠯ ᠨᠢ ᠲᠣᠳᠣᠷᠬᠠᠢ ᠪᠣᠯᠵᠤ᠂ ᠵᠠᠩ ᠴᠢᠨᠠᠷ ᠨᠢ ᠲᠣᠭᠲᠠᠵᠤ ᠪᠠᠢᠭᠰᠠᠨ ᠨᠢ ᠰᠠᠨᠠᠭᠳᠠᠯ᠎ᠠ᠃ ᠲᠡᠷᠡ ᠱᠠᠪᠢ ᠨᠠᠷ ᠨᠢ ᠵᠢᠯ ᠪᠦᠷᠢ ᠬᠠᠪᠤᠷ ᠪᠣᠯᠬᠤ ᠳ᠋ᠤ᠌᠂ ᠵᠠᠩ ᠱᠢ ᠲᠠᠢ ᠰᠠᠯᠬᠤ ᠶᠣᠰᠣ ᠬᠢᠵᠦ ᠨᠤᠲᠤᠭ ᠲᠠᠭᠠᠨ( ᠲᠤ ᠪᠠᠨ) ᠪᠤᠴᠠᠭᠠᠳ᠂ ᠨᠠᠮᠤᠷ ᠪᠦᠷᠢ ᠢᠷᠡᠬᠦ ᠳ᠋ᠡᠭᠡᠨ( ᠳ᠋ᠦ᠍ ᠪᠡᠨ)᠂ ᠪᠠᠭᠰᠢ ᠠ᠋᠂ ᠪᠢᠳᠡ ᠲᠠᠨ ᠢ᠋ ᠵᠤᠨ ᠳ᠋ᠠᠭᠠᠨ( ᠳ᠋ᠤ᠌ ᠪᠠᠨ) ᠶᠡᠬᠡ ᠰᠠᠨᠠᠭᠰᠠᠨ ᠰᠢᠦ ᠭᠡᠵᠦ ᠪᠠᠶᠠᠷᠯᠠᠨ ᠠᠭᠤᠯᠵᠠᠵᠤ᠂ ᠵᠤᠨ ᠤ᠋ ᠠᠮᠠᠷᠠᠯᠲᠠ ᠪᠠᠷ ᠦᠵᠡᠭᠰᠡᠨ ᠰᠣᠨᠢᠷᠬᠠᠭᠰᠠᠨ ᠢ᠋ᠶ᠋ᠠᠨ ᠲᠡᠮᠡᠴᠡᠯᠳᠦᠨ ᠶᠠᠷᠢᠵᠤ᠂ ᠬᠥᠮᠦᠨ ᠦ᠌ ᠰᠠᠨᠠᠭ᠎ᠠ ᠤᠨᠤᠭᠠᠨ ᠳ᠋ᠤ᠌ ᠣᠷᠣᠭ᠎ᠠ ᠦᠭᠡᠢ ᠶᠠᠭᠤᠮ᠎ᠠ ᠠᠰᠠᠭᠤᠳᠠᠭ ᠪᠠᠢᠭᠰᠠᠨ ᠪᠢᠯᠡ ᠭᠡᠵᠦ ᠪᠣᠳᠣᠵᠤ ᠰᠠᠭᠤᠭᠠᠳ᠂ ᠣᠳᠣ ᠡᠨᠡ ᠰᠤᠷᠭᠠᠭᠤᠯᠢ ᠲᠡᠭᠦᠰᠬᠡᠵᠦ ᠬᠠᠭᠠᠴᠠᠬᠤ ᠶᠣᠰᠣᠯᠠᠯ ᠤ᠋ᠨ ᠬᠤᠷᠠᠯ ᠳᠡᠭᠡᠷ᠎ᠡ ᠲᠡᠳᠡᠨ ᠳ᠋ᠡᠭᠡᠨ( ᠳ᠋ᠦ᠍ ᠪᠡᠨ) ᠦᠭᠡ ᠬᠡᠯᠡᠵᠦ᠂ ᠡᠷᠳᠡᠮ ᠨᠣᠮ ᠴᠢᠨᠠᠭᠰᠢᠳᠠ ᠰᠠᠢᠨ ᠰᠤᠷᠤᠭᠠᠷᠠᠢ ᠭᠡᠵᠦ ᠵᠠᠬᠢᠨ ᠢᠷᠦᠭᠡᠬᠦ ᠶᠦᠮ ᠪᠠᠢᠨ᠎ᠠ ᠭᠡᠵᠦ ᠪᠣᠳᠣᠭᠠᠳ ᠲᠠᠢᠵᠠ(ᠲᠠᠢᠰᠠ) ᠥᠭᠡᠳᠡ ᠬᠠᠷᠠᠬᠤ ᠳ᠋ᠤᠨᠢ( ᠳ᠋ᠤ᠌ ᠨᠢ) ᠲᠠᠪᠬᠠᠢ ᠰᠢᠷᠡᠭᠡᠨ ᠳᠡᠭᠡᠷᠡᠬᠢ ᠳ᠋ᠧᠩ ᠦ᠋ᠨ ᠨᠢᠭᠡ ᠶ᠋ᠢ ᠪᠡᠶ᠎ᠡ ᠳ᠋ᠡᠭᠡᠨ( ᠳ᠋ᠦ᠍ ᠪᠡᠨ) ᠣᠢᠷᠠᠲᠤᠭᠤᠯᠤᠭᠠᠳ᠂ ᠬᠠᠶᠠ ᠳᠡᠪᠲᠡᠷ ᠦ᠋ᠨ ᠬᠠᠭᠤᠳᠠᠰᠤ ᠡᠷᠭᠢᠭᠦᠯᠦᠨ᠂ ᠥᠨᠳᠥᠷ ᠳᠠᠭᠤ ᠪᠠᠷ ᠲᠣᠳᠣᠷᠬᠠᠨ ᠭᠡᠭᠴᠢ ᠪᠡᠷ ᠤᠩᠰᠢᠭᠰᠠᠭᠠᠷ ᠠᠮᠤᠢ᠃
ᠲᠠᠪᠬᠠᠢ ᠶ᠋ᠢᠨ ᠳᠡᠷᠭᠡᠳᠡ ᠨᠠᠰᠤᠨᠪᠠᠲᠤ ᠭᠣᠶᠣᠯ ᠤ᠋ᠨ ᠢ᠋ᠶ᠋ᠠᠨ ᠬᠥᠬᠡ ᠲᠣᠷᠭᠠᠨ ᠳᠡᠪᠡᠯ ᠡᠮᠦᠰᠴᠦ᠂ ᠪᠣᠳᠣᠯᠭ᠎ᠠ ᠪᠣᠯᠤᠨ ᠰᠠᠭᠤᠵᠤ ᠪᠠᠢᠪᠠ᠃ ᠳᠡᠷᠭᠡᠳᠡ ᠨᠢ ᠰᠠᠢᠳ ᠠᠪᠤᠭᠠᠢ ᠶ᠋ᠢᠨ ᠰᠠᠭᠤᠵᠤ ᠪᠠᠢᠭ᠎ᠠ ᠪᠠᠢᠳᠠᠯ᠂ ᠴᠠᠭᠠᠨ ᠱᠠᠵᠠᠩ ᠪᠦᠳᠦᠭᠦᠨ ᠬᠠᠱᠠᠩ ᠬᠠᠭᠠᠨ ᠰᠢᠭ᠋ ᠶᠡᠬᠡᠮᠰᠦᠭ ᠰᠦᠷ ᠢ᠋ ᠪᠠᠳᠠᠷᠠᠭᠤᠯᠤᠩᠬᠠᠨ ᠰᠠᠭᠤᠵᠤ᠂ ᠬᠠᠴᠠᠷ ᠡᠷᠡᠦ ᠪᠡᠨ ᠬᠢᠲᠤᠭ᠎ᠠ ᠪᠠᠷ ᠬᠤᠰᠤᠵᠤ ᠵᠠᠰᠠᠭᠰᠠᠨ ᠪᠤᠨᠳᠠᠭᠠᠷ ᠤᠯᠠᠭᠠᠨ ᠴᠢᠷᠠᠢ ᠨᠢ ᠳ᠋ᠧᠩ ᠦ᠋ᠨ ᠭᠡᠷᠡᠯ ᠳ᠋ᠦ᠍ ᠲᠣᠰᠣ ᠲᠦᠷᠬᠢᠭᠰᠡᠨ ᠠᠳᠠᠯᠢ ᠭᠢᠯᠠᠯᠵᠠᠵᠤ᠂ ᠬᠢᠷᠪᠢᠵᠦ ᠵᠠᠰᠠᠭᠰᠠᠨ ᠪᠢᠴᠢᠬᠠᠨ ᠰᠠᠬᠠᠯ ᠨᠢ ᠬᠠᠮᠠᠷ ᠳᠣᠣᠷ᠎ᠠ ᠨᠢ ᠬᠠᠷᠠᠯᠠᠨ ᠦᠵᠡᠭᠳᠡᠵᠦ᠂ ᠲᠠᠩᠬᠢᠮ ᠳᠦᠭᠦᠷᠡᠩ ᠰᠠᠭᠤᠭᠰᠠᠨ ᠣᠯᠠᠨ ᠢ᠋ ᠵᠠᠯᠬᠠᠭᠤᠷᠠᠬᠤ ᠮᠡᠲᠦ ᠬᠠᠷᠠᠵᠤ ᠰᠠᠭᠤᠬᠤ ᠠᠵᠢ᠃
ᠰᠠᠢᠳ ᠤ᠋ᠨ ᠳᠡᠷᠭᠡᠳᠡ ᠥᠷᠭᠡᠨ ᠳᠠᠯᠤ ᠮᠥᠷᠥ ᠲᠡᠢ ᠡᠪᠦᠭᠡᠨ ᠪᠠᠲᠤᠪᠠᠶᠠᠷ ᠤ᠋ᠨ ᠰᠠᠭᠤᠵᠤ ᠪᠠᠢᠭ᠎ᠠ ᠶ᠋ᠢ ᠵᠠᠩ ᠱᠢ ᠡᠩᠬᠦᠷᠡᠢᠯᠡᠨ ᠰᠢᠷᠲᠡᠰᠬᠢᠵᠦ᠂ ᠬᠠᠳᠠᠮ ᠡᠴᠢᠭᠡ ᠶ᠋ᠢᠨ ᠴᠢᠷᠠᠢ ᠨᠢ ᠠᠷᠰᠯᠠᠨ ᠵᠠᠭᠠᠨ ᠤ᠋ ᠬᠤᠪᠠ ᠰᠢᠷ᠎ᠠ ᠰᠣᠶᠣᠭ᠎ᠠ ᠪᠠᠷ ᠤᠷᠠᠨ ᠬᠥᠮᠦᠨ ᠦ᠌ ᠰᠡᠢᠯᠵᠦ ᠬᠢᠭᠰᠡᠨ ᠶᠦᠮ ᠰᠢᠭ ᠶᠠᠭᠤᠲᠠᠢ ᠰᠡᠴᠡᠨ ᠰᠠᠷᠠᠭᠤᠯ ᠰᠠᠢᠬᠠᠨ᠂ ᠨᠢᠳᠦᠨ ᠳ᠋ᠦ᠍ ᠳᠤᠯᠠᠭᠠᠨ ᠴᠢᠷᠠᠢ ᠲᠠᠢ ᠶᠤᠮ ᠪᠣᠢ ᠭᠡᠵᠦ᠂ ᠳᠡᠷᠭᠡᠳᠡ ᠨᠢ ᠵᠡᠷᠭᠡᠴᠡᠨ ᠰᠠᠭᠤᠵᠤ ᠪᠠᠢᠭ᠎ᠠ ᠢᠸᠠᠨ ᠡᠪᠦᠭᠡᠨ ᠢ᠋ ᠬᠠᠷᠠᠬᠤ ᠳ᠋ᠤᠨᠢ( ᠳ᠋ᠤ᠌ ᠨᠢ)᠂ ᠲᠡᠷᠡ ᠡᠪᠦᠭᠡᠨ ᠨᠠᠢᠵᠠ ᠨᠥᠬᠥᠷ ᠲᠡᠢ ᠪᠡᠨ ᠠᠳᠠᠯᠢ ᠴᠢᠭᠢᠷᠠᠭ ᠲᠡᠩᠬᠡᠯᠡᠭᠦᠨ᠂ ᠰᠦᠷ ᠵᠢᠪᠬᠤᠯᠠᠩ ᠲᠡᠭᠦᠯᠳᠡᠷ᠂ ᠵᠢᠰᠦ ᠴᠢᠷᠠᠢ ᠴᠤ᠌ ᠪᠠᠰᠠ ᠬᠠᠷᠠᠭᠰᠠᠨ ᠬᠥᠮᠦᠨ ᠪᠦᠭᠦᠳᠡ ᠶ᠋ᠢᠨ ᠰᠡᠳᠬᠢᠯ ᠢ᠋ ᠲᠠᠲᠠᠬᠤ ᠰᠠᠢᠬᠠᠨ ᠰᠠᠨᠠᠭ᠎ᠠ ᠲᠠᠢ ᠰᠡᠴᠡᠨ ᠮᠡᠷᠭᠡᠨ ᠴᠢᠷᠠᠢ ᠲᠠᠢ ᠠᠵᠢ᠃
ᠢᠷᠭᠡᠨ ᠡᠮᠡᠭᠲᠡᠢ ᠨᠠᠮᠠᠶ᠋ᠢ( ᠨᠠᠮ᠎ᠠ ᠶ᠋ᠢ) ᠲᠥᠷᠥᠭᠰᠡᠨ ᠬᠡᠦᠬᠡᠨ ᠡᠴᠡ ᠪᠡᠨ ᠥᠭᠡᠷ᠎ᠡ ᠴᠦ᠍ ᠦᠭᠡᠢ ᠬᠠᠢᠷᠠᠲᠠᠢ ᠳᠣᠲᠣᠨᠣ ᠪᠠᠷ ᠦᠵᠡᠳᠡᠭ ᠮᠣᠩᠭᠣᠯ ᠣᠷᠣᠰ ᠡᠨᠡ ᠬᠣᠶᠠᠷ᠂ ᠴᠢᠭᠢᠷᠠᠭ ᠲᠡᠩᠬᠡᠯᠡᠭᠦᠨ᠂ ᠪᠤᠶᠠᠨ ᠲᠠᠢ ᠳᠣᠷᠪᠢᠯᠢᠭ᠂ ᠬᠣᠶᠠᠷ ᠡᠪᠦᠭᠡᠨ ᠠᠪᠤ ᠬᠡᠴᠢᠨᠡᠨ ᠣᠯᠠᠨ ᠵᠢᠯ ᠦ᠋ᠨ ᠶᠣᠰᠣᠲᠠᠢ ᠰᠠᠢᠬᠠᠨ ᠵᠤᠵᠠᠭᠠᠨ ᠬᠠᠢᠷ᠎ᠠ ᠨᠠᠢᠷᠠᠮᠳᠠᠯ ᠲᠠᠢ ᠤᠯᠤᠰ ᠪᠣᠢ ᠭᠡᠵᠦ ᠪᠣᠳᠣᠭᠰᠠᠭᠠᠷ ᠵᠠᠩ ᠱᠢ᠂ ᠢᠸᠠᠨ ᠡᠪᠦᠭᠡᠨ ᠢ᠋ ᠬᠠᠷᠠᠵᠤ ᠪᠠᠢᠭᠰᠠᠨ ᠢ᠋ᠶ᠋ᠠᠨ᠂ ᠬᠠᠳᠠᠮ ᠡᠴᠢᠭᠡ ᠶ᠋ᠢ ᠳᠠᠬᠢᠨ ᠬᠠᠷᠠᠵᠤ᠂ ᠬᠣᠶᠠᠭᠤᠯᠠ ᠪᠠᠨ ᠵᠢᠰᠦ ᠴᠢᠷᠠᠢ ᠨᠢ ᠬᠣᠣᠰ ᠦᠭᠡᠢ ᠥᠪᠡᠷᠮᠢᠴᠡ᠂ ᠬᠠᠷᠢᠯᠴᠠᠨ ᠮᠠᠰᠢ ᠣᠨᠳᠣᠣ ᠪᠣᠯᠪᠠᠴᠤ ᠨᠢᠭᠡ ᠡᠬᠡ ᠶ᠋ᠢᠨ ᠠᠬ᠎ᠠ ᠳᠡᠭᠦᠦ ᠬᠣᠶᠠᠷ ᠰᠢᠭ᠋ ᠪᠠᠰᠠ ᠶᠠᠭᠤᠲᠠᠢ ᠠᠳᠠᠯᠢ ᠲᠥᠰᠦᠭᠡᠷᠬᠡᠭ ᠶᠦᠮ ᠪᠢᠯᠡ ᠭᠡᠵᠦ ᠭᠠᠢᠬᠠᠨ ᠪᠣᠳᠣᠵᠤ᠂ ᠬᠠᠷᠢᠯᠴᠠᠨ ᠲᠥᠰᠲᠡᠢ ᠨᠢ ᠶᠠᠭᠤᠨ ᠳ᠋ᠤ᠌ ᠪᠠᠨ ᠪᠠᠢᠭ᠎ᠠ ᠪᠢᠯᠡ ᠭᠡᠵᠦ ᠰᠡᠳᠬᠢᠯ ᠳ᠋ᠦ᠍ᠨᠢ( ᠳ᠋ᠦ᠍ ᠨᠢ) ᠶᠡᠬᠡᠯ᠎ᠡ (ᠶᠡᠬᠡ ᠯᠡ) ᠬᠠᠢᠷᠠᠲᠠᠢ ᠰᠠᠢᠬᠠᠨ ᠰᠠᠨᠠᠭᠳᠠᠳᠠᠭ᠂ ᠲᠡᠷᠡ ᠬᠣᠶᠠᠷ ᠵᠡᠷᠭᠡᠴᠡᠨ ᠰᠠᠭᠤᠵᠤ ᠪᠠᠢᠭᠰᠠᠨ ᠡᠪᠦᠭᠡᠨ ᠢ᠋ ᠰᠢᠷᠲᠡᠯᠬᠢᠯᠡᠪᠡᠯ᠂ ᠪᠠᠲᠤᠪᠠᠶᠠᠷ ᠠᠪᠤᠭᠠᠢ ᠬᠠᠢᠷᠠᠲᠤ ᠪᠡᠷᠢ ᠶ᠋ᠢᠨ ᠰᠢᠷᠲᠡᠨ ᠬᠠᠷᠠᠬᠤ ᠶ᠋ᠢ ᠦᠵᠡᠭᠡᠳ ᠮᠦᠰᠢᠶᠡᠵᠡᠢ᠃ ᠡᠴᠢᠭᠡ ᠶ᠋ᠢᠨ ᠰᠠᠢᠬᠠᠨ ᠰᠡᠳᠬᠢᠯ ᠢ᠋ᠶ᠋ᠡᠷ ᠡᠪᠦᠭᠡᠨ ᠬᠠᠳᠠᠮ ᠠᠪᠤ ᠶ᠋ᠢᠨ ᠲᠡᠭᠡᠵᠦ ᠮᠦᠰᠢᠶᠡᠭᠰᠡᠨ ᠨᠢ ᠵᠠᠩ ᠱᠢ ᠶ᠋ᠢᠨ ᠰᠡᠳᠬᠢᠯ ᠳ᠋ᠦ᠍ ᠴᠠᠬᠢᠯᠭᠠᠨ ᠭᠢᠯᠠᠰᠬᠢᠨ ᠭᠡᠢᠭᠦᠯᠦᠭᠰᠡᠨ ᠮᠡᠲᠦ᠂ ᠠᠯᠤᠰ ᠬᠣᠯᠠ ᠶ᠋ᠢᠨ ᠴᠢᠭᠤᠯᠤᠯᠲᠤ ᠬᠣᠲᠠ ᠭᠡᠳᠡᠭ ᠵᠢᠶᠠᠩᠵᠢᠬᠦᠦ ᠬᠣᠲᠠ ᠳ᠋ᠤ᠌ ᠰᠠᠭᠤᠳᠠᠭ ᠡᠪᠦᠭᠡᠨ ᠮᠣᠳᠣᠴᠢ ᠤᠷᠠᠨ ᠠᠪᠤ ᠶ᠋ᠢᠨ ᠳᠦᠷᠢ ᠰᠡᠳᠬᠢᠯ ᠳ᠋ᠦ᠍ᠨᠢ( ᠳ᠋ᠦ᠍ ᠨᠢ )ᠤᠷᠭᠤᠭᠰᠠᠨ ᠳ᠋ᠤ᠌᠂ ᠲᠤᠰ ᠬᠤᠰᠢᠭᠤᠨ ᠳ᠋ᠤ᠌ ᠮᠣᠩᠭᠣᠯ ᠪᠠᠩᠬᠢ ᠶ᠋ᠢᠨ ᠰᠠᠯᠪᠤᠷᠢ ᠨᠡᠭᠡᠭᠡᠭᠳᠡᠭᠰᠡᠨ ᠡᠴᠡ ᠬᠣᠢᠰᠢ᠂ ᠴᠠᠯᠢᠩ ᠠ᠋ᠴᠠ ᠰᠠᠷ᠎ᠠ ᠪᠦᠷᠢ ᠠᠪᠤ ᠳ᠋ᠠᠭᠠᠨ ( ᠳ᠋ᠤ᠌ ᠪᠠᠨ) ᠶᠠᠪᠤᠭᠤᠯᠵᠤ ᠪᠠᠢᠭᠰᠠᠨ ᠵᠠᠩ ᠱᠢ᠂ ᠬᠠᠳᠠᠮ ᠡᠴᠢᠭᠡ ᠶ᠋ᠢᠨ ᠲᠡᠷᠡ ᠰᠠᠢᠬᠠᠨ ᠢ᠋ᠶ᠋ᠠᠷ ᠮᠦᠰᠢᠶᠡᠬᠦ ᠳ᠋ᠦ᠍᠂ ᠲᠥᠷᠥᠭᠰᠡᠨ ᠠᠪᠤ ᠨᠢ ᠬᠠᠷᠠᠵᠤ ᠡᠩᠬᠦᠷᠡᠢ ᠰᠠᠢᠬᠠᠨ ᠢ᠋ᠶ᠋ᠠᠷ ᠮᠦᠰᠢᠶᠡᠭᠰᠡᠨ ᠰᠢᠭ ᠰᠠᠨᠠᠭᠳᠠᠵᠠᠢ᠃ ᠲᠡᠭᠡᠭᠡᠳ᠂ ᠲᠡᠷᠡ ᠮᠦᠰᠢᠶᠡᠭᠰᠡᠨ ᠨᠢ ᠵᠠᠩ ᠱᠢ ᠶ᠋ᠢᠨ ᠪᠣᠳᠣᠭᠠᠳ ᠣᠯᠵᠤ ᠶᠠᠳᠠᠭᠰᠠᠨ ᠢ᠋ ᠭᠡᠢᠭᠦᠯᠦᠨ ᠲᠠᠢᠯᠪᠤᠷᠢᠯᠠᠵᠤ ᠥᠭᠭᠦᠯ᠎ᠡ᠃
ᠰᠠᠷᠠᠭᠤᠯ ᠮᠡᠷᠭᠡᠨ ᠤᠬᠠᠭᠠᠨ ᠲᠠᠢ᠂ ᠠᠷᠢᠭᠤᠨ ᠰᠠᠢᠬᠠᠨ ᠰᠡᠳᠬᠢᠯ ᠲᠡᠢ ᠰᠢᠳᠤᠷᠭᠤ ᠬᠥᠳᠡᠯᠮᠦᠷᠢ ᠶ᠋ᠢᠨ ᠬᠥᠮᠦᠨ ᠦ᠌ ᠰᠠᠢᠬᠠᠨ ᠰᠠᠨᠠᠭ᠎ᠠ ᠨᠢ᠂ ᠭᠬᠢᠷ ᠦᠭᠡᠢ ᠠᠷᠢᠭᠤᠨ ᠰᠡᠳᠬᠢᠯ ᠨᠢ ᠡᠳᠡ ᠪᠦᠭᠦᠳᠡ ᠶ᠋ᠢᠨ ᠵᠢᠰᠦ ᠴᠢᠷᠠᠢ ᠶ᠋ᠢ ᠭᠡᠢᠭᠦᠯᠦᠨ ᠬᠠᠷᠢᠯᠴᠠᠨ ᠲᠥᠷᠥᠯ ᠲᠥᠰᠲᠡᠢ ᠪᠣᠯᠭᠠᠵᠤ ᠪᠠᠢᠭ᠎ᠠ ᠳᠡᠭᠡᠷ᠎ᠡ ᠡᠴᠡ᠂ ᠵᠢᠰᠦ ᠴᠢᠷᠠᠢ ᠨᠢ ᠬᠡᠳᠦᠢ ᠣᠨᠳᠣᠣ ᠣᠨᠳᠣᠣ ᠪᠣᠯᠪᠠᠴᠤ ᠲᠡᠷᠡ ᠤᠴᠢᠷ ᠠ᠋ᠴᠠ ᠶᠡᠬᠡᠯ᠎ᠡ( ᠶᠡᠬᠡ ᠯᠡ)ᠠᠳᠠᠯᠢᠬᠠᠨ ᠰᠢᠭ᠋ ᠦᠵᠡᠭᠳᠡᠵᠦ ᠪᠠᠢᠭ᠎ᠠ ᠶᠤᠮ ᠪᠠᠢᠨ᠎ᠠ ᠭᠡᠵᠦ ᠪᠠᠶᠠᠷᠯᠠᠨ ᠪᠤᠳᠤᠲᠠᠯ᠎ᠠ ᠨᠢ ᠭᠡᠨᠡᠳᠲᠡ ᠴᠢᠪ ᠴᠢᠮᠡᠭᠡ ᠦᠭᠡᠢ ᠪᠣᠯᠵᠠᠢ᠃ ᠲᠠᠪᠬᠠᠢ᠂ ᠥᠨᠥᠬᠢ ᠪᠠᠷᠢᠵᠤ ᠪᠠᠢᠭᠰᠠᠨ ᠳᠡᠪᠲᠡᠷ ᠢ᠋ᠶ᠋ᠡᠨ ᠤᠩᠰᠢᠨ ᠰᠣᠨᠣᠰᠬᠠᠵᠤ᠂ ᠰᠤᠷᠤᠭᠴᠢᠳ ᠤ᠋ᠨ ᠰᠤᠷᠤᠯᠭ᠎ᠠ ᠶ᠋ᠢᠨ ᠳ᠋ᠦᠩ ᠢ᠋ ᠡᠬᠡ ᠡᠴᠢᠭᠡ ᠳ᠋ᠦ᠍ᠨᠢ( ᠳ᠋ᠦ᠍ ᠨᠢ) ᠲᠣᠯᠢᠯᠠᠭᠤᠯᠤᠨ ᠰᠣᠨᠣᠷᠳᠠᠭᠤᠯᠵᠤ ᠭᠦᠢᠴᠡᠭᠰᠡᠨ ᠪᠠᠢᠵᠠᠢ᠃ ᠳᠠᠷᠠᠭᠠᠴᠠᠭᠠ ᠪᠠᠷ ᠬᠣᠰᠢᠭᠤ ᠳᠠᠷᠤᠭ᠎ᠠ ᠪᠠᠲᠤᠪᠠᠶᠠᠷ ᠪᠣᠰᠴᠤ᠂ ᠲᠤᠰ ᠬᠤᠰᠢᠭᠤᠨ ᠤ᠋ ᠠᠩᠬᠠᠳᠤᠭᠠᠷ ᠪᠠᠭ᠎ᠠ ᠰᠤᠷᠭᠠᠭᠤᠯᠢ ᠶ᠋ᠢ ᠲᠡᠭᠦᠰᠬᠡᠭᠰᠡᠨ ᠰᠤᠷᠤᠭᠴᠢᠳ ᠲᠤ᠌ ᠪᠠᠶᠠᠷ ᠬᠦᠷᠭᠡᠭᠡᠳ᠂ ᠴᠢᠨᠠᠭᠰᠢᠳᠠ ᠡᠷᠳᠡᠮ ᠨᠣᠮ ᠰᠠᠢᠨ ᠢ᠋ᠶ᠋ᠠᠷ ᠰᠤᠷᠤᠯᠴᠠᠬᠤ ᠶ᠋ᠢ ᠢᠷᠦᠭᠡᠵᠦ ᠥᠭᠦᠯᠡᠷᠦᠨ᠂
— ᠮᠠᠨ ᠤ᠋ ᠬᠣᠰᠢᠭᠤ ᠠᠷᠠᠳ ᠣᠯᠠᠨ ᠤ᠋ ᠠᠩᠬᠠᠳᠤᠭᠠᠷ ᠪᠠᠭ᠎ᠠ ᠰᠤᠷᠭᠠᠭᠤᠯᠢ ᠶ᠋ᠢ ᠲᠠ ᠪᠦᠬᠦᠨ ᠦ᠌ ᠲᠡᠭᠦᠰᠬᠡᠭᠰᠡᠨ ᠡᠨᠡ ᠡᠳᠦᠷ ᠪᠣᠯᠪᠠᠯ᠂ ᠮᠠᠨ ᠤ᠋ ᠬᠣᠰᠢᠭᠤ ᠨᠡᠢᠭᠡᠮ ᠦ᠋ᠨ ᠰᠣᠶᠣᠯ ᠪᠣᠯᠪᠠᠰᠤᠷᠠᠯ ᠤ᠋ᠨ ᠶᠠᠪᠤᠳᠠᠯ ᠳ᠋ᠤ᠌ ᠲᠡᠮᠳᠡᠭᠯᠡᠨ ᠳᠤᠷᠠᠰᠤᠯ ᠲᠠᠢ ᠰᠠᠢᠬᠠᠨ ᠪᠠᠶᠠᠷ ᠪᠣᠯᠤᠯ᠎ᠠ᠃ ᠡᠨᠡ ᠤᠴᠢᠷ ᠠ᠋ᠴᠠ ᠲᠤᠰ ᠬᠣᠰᠢᠭᠤ ᠲᠠᠮᠠᠭ᠎ᠠ ᠶ᠋ᠢᠨ ᠪᠢᠳᠡ ᠪᠦᠭᠦᠳᠡᠭᠡᠷ᠂ ᠠᠩᠬᠠᠨ ᠤ᠋ ᠲᠡᠭᠦᠰᠬᠡᠬᠦ ᠲᠠ ᠪᠦᠬᠦᠨ ᠦ᠌ ᠳᠣᠲᠣᠷ᠎ᠠ ᠠ᠋ᠴᠠ ᠣᠨᠴᠠ ᠰᠠᠢᠨ ᠰᠤᠷᠤᠯᠴᠠᠭᠰᠠᠨ ᠬᠡᠦᠬᠡᠳ ᠢ᠋ ᠬᠥᠬᠢᠭᠦᠯᠦᠨ ᠱᠠᠩᠨᠠᠶ᠎ᠠ ᠭᠡᠵᠦ ᠪᠦᠷᠢᠳᠬᠡᠵᠦ ᠦᠵᠡᠪᠡᠯ᠂ ᠠᠷᠪᠠᠨ ᠬᠡᠦᠬᠡᠳ ᠵᠦᠢᠯ ᠵᠦᠢᠯ ᠳ᠋ᠦ᠍ ᠪᠤᠰᠤᠳ ᠠ᠋ᠴᠠ ᠠᠩᠭᠢ ᠰᠤᠷᠤᠯᠴᠠᠵᠠᠢ᠃ ᠡᠢᠮᠦ ᠳ᠋ᠦ᠍᠂ ᠲᠡᠳᠡᠨ ᠢ᠋ ᠲᠤᠰ ᠪᠦᠷᠢ ᠨᠢ ᠳᠡᠪᠡᠯ ᠦ᠋ᠨ ᠲᠣᠷᠭ᠎ᠠ ᠪᠠᠷ ᠱᠠᠩᠨᠠᠬᠤ ᠪᠠᠷ ᠲᠣᠭᠲᠠᠯ᠎ᠠ᠃ ᠡᠭᠦᠨ ᠳ᠋ᠦ᠍ ᠲᠠ ᠨᠠᠷ᠂ ᠬᠥᠪᠡᠭᠦᠳ ᠳᠡᠭᠦᠦ ᠨᠠᠷ᠂ ᠬᠣᠰᠢᠭᠤ ᠲᠠᠮᠠᠭ᠎ᠠ ᠶ᠋ᠢᠨ ᠭᠠᠵᠠᠷ᠂ ᠪᠢᠳᠡᠨ ᠢ᠋ ᠵᠢᠯ ᠪᠦᠷᠢ ᠳᠡᠪᠡᠯ ᠦ᠋ᠨ ᠲᠣᠷᠭ᠎ᠠ ᠪᠠᠷ ᠣᠷᠢᠶᠠᠵᠤ ᠪᠠᠢᠬᠤ ᠶᠤᠮ ᠭᠡᠵᠦ ᠪᠢᠲᠡᠭᠡᠢ ᠡᠨᠳᠡᠭᠦᠷᠡᠨ ᠪᠣᠳᠣᠭᠠᠷᠠᠢ᠃ ᠪᠢᠳᠡ᠂ ᠣᠳᠣᠬᠠᠨ ᠳ᠋ᠠᠭᠠᠨ( ᠳ᠋ᠤ᠌ ᠪᠠᠨ) ᠬᠥᠮᠦᠨ ᠪᠦᠷᠢ ᠶ᠋ᠢ ᠲᠣᠷᠭ᠎ᠠ ᠪᠠᠷ ᠱᠠᠩᠨᠠᠬᠤ ᠲᠡᠢᠮᠦ ᠪᠠᠶᠠᠨ ᠪᠣᠯᠵᠤ ᠠᠷᠠᠢ ᠴᠢᠳᠠᠭ᠎ᠠ ᠦᠭᠡᠢ᠃ ᠭᠠᠭᠴᠠᠬᠦ (ᠭᠠᠭᠴᠠ ᠬᠦ᠌)᠂ ᠠᠩᠬ᠎ᠠ ᠤᠳᠠᠭ᠎ᠠ ᠲᠡᠭᠦᠰᠦᠭᠰᠡᠨ ᠦ᠌ ᠪᠠᠶᠠᠷ ᠢ᠋ ᠣᠨᠴᠠᠯᠠᠨ ᠦᠵᠡᠵᠦ ᠪᠠᠢᠭ᠎ᠠ ᠪᠢᠯᠡ᠃ ᠲᠡᠭᠡᠪᠡᠴᠦ᠂ ᠳᠠᠷᠠᠭᠠᠴᠢ ᠶ᠋ᠢᠨ ᠲᠡᠭᠦᠰᠬᠡᠬᠦ ᠣᠯᠠᠨ ᠰᠤᠷᠤᠭᠴᠢᠳ ᠢ᠋ ᠶᠠᠮᠠᠷ ᠴᠤ᠌ ᠲᠡᠭᠦᠰᠬᠡᠭᠰᠡᠨ ᠬᠠᠮᠢᠶ᠎ᠠ ᠦᠭᠡᠢ ᠭᠡᠵᠦ ᠪᠠᠢᠭ᠎ᠠ ᠬᠡᠷᠡᠭ ᠪᠢᠰᠢ ᠰᠢᠦ᠃ ᠮᠠᠨ ᠤ᠋ ᠠᠷᠠᠳ ᠤ᠋ᠨ ᠰᠡᠴᠡᠨ ᠦᠭᠡᠨ ᠳ᠋ᠦ᠍᠂ ᠡᠳ᠋ ᠲᠣᠷᠭ᠎ᠠ ᠪᠠᠷ ᠪᠡᠶ᠎ᠡ ᠪᠡᠨ ᠴᠢᠮᠡᠭᠰᠡᠨ ᠡᠴᠡ᠂ ᠡᠷᠳᠡᠮ ᠨᠣᠮ ᠢ᠋ᠶ᠋ᠠᠷ ᠪᠡᠶ᠎ᠡ ᠪᠡᠨ ᠴᠢᠮᠡᠭᠰᠡᠨ ᠨᠢ ᠳᠡᠭᠡᠷ᠎ᠡ ᠭᠡᠳᠡᠭ ᠮᠡᠷᠭᠡᠨ ᠦᠭᠡ ᠪᠣᠢ ᠰᠢᠦ! ᠭᠡᠬᠦ ᠳ᠋ᠦ᠍ᠨᠢ( ᠳ᠋ᠦ᠍ ᠨᠢ )ᠬᠤᠷᠠᠭᠰᠠᠨ ᠣᠯᠠᠨ ᠪᠠᠶᠠᠷᠯᠠᠯᠳᠤᠨ ᠱᠤᠤᠭᠢᠵᠤ᠂ ᠠᠯᠠᠭ᠎ᠠ ᠲᠠᠰᠢᠵᠠᠭᠠᠯᠠ᠃
ᠵᠠᠬᠢᠷᠤᠯ ᠪᠠᠭᠰᠢ ᠨᠠᠰᠤᠨᠪᠠᠲᠤ ᠶ᠋ᠢᠨ ᠪᠣᠰᠴᠤ᠂ ᠠᠷᠠᠳ ᠤ᠋ᠨ ᠰᠡᠴᠡᠨ ᠦᠭᠡᠨ ᠳ᠋ᠦ᠍ ᠪᠠᠰᠠ ᠬᠥᠨᠵᠢᠯᠡ ᠶ᠋ᠢᠨ ᠢ᠋ᠶ᠋ᠡᠨ ᠬᠢᠷᠢ ᠪᠡᠷ ᠬᠥᠯ ᠢ᠋ᠶ᠋ᠡᠨ ᠵᠢᠭᠢ ᠭᠡᠳᠡᠭ ᠦᠭᠡ ᠪᠣᠢ ᠪᠢᠯᠡ᠃ ᠮᠠᠨ ᠤ᠋ ᠪᠠᠭ᠎ᠠ ᠰᠤᠷᠭᠠᠭᠤᠯᠢ ᠶ᠋ᠢᠨ ᠬᠥᠨᠵᠢᠯᠡ ᠶ᠋ᠢ ᠬᠣᠰᠢᠭᠤ ᠲᠠᠮᠠᠭ᠎ᠠ ᠶ᠋ᠢᠨ ᠶᠡᠬᠡ ᠬᠥᠨᠵᠢᠯᠡ ᠲᠡᠢ ᠶᠠᠭᠠᠬᠢᠵᠤ ᠵᠦᠢᠷᠯᠡᠵᠦ ᠪᠣᠯᠬᠤ ᠪᠣᠢ ᠳᠠ᠃ ᠲᠡᠷᠡ ᠤᠴᠢᠷ ᠠ᠋ᠴᠠ ᠪᠢᠳᠡ᠂ ᠣᠨᠴᠠ ᠰᠠᠢᠨ ᠰᠤᠷᠤᠯᠴᠠᠨ ᠲᠡᠭᠦᠰᠦᠭᠰᠡᠨ ᠰᠤᠷᠤᠭᠴᠢᠳ ᠢ᠋ ᠰᠤᠷᠭᠠᠭᠤᠯᠢ ᠳ᠋ᠤ᠌ ᠦᠵᠡᠬᠦ ᠭᠠᠵᠠᠷ ᠵᠦᠢ ᠶ᠋ᠢᠨ ᠠᠲ᠋ᠯᠠᠰ ᠪᠢᠴᠢᠭ ᠢ᠋ᠶ᠋ᠡᠷ ᠱᠠᠩᠨᠠᠬᠤ ᠭᠡᠵᠦ ᠬᠥᠨᠵᠢᠯᠡ ᠶ᠋ᠢᠨ ᠢ᠋ᠶ᠋ᠡᠨ ᠬᠢᠷᠢ ᠪᠡᠷ ᠬᠥᠯ ᠢ᠋ᠶ᠋ᠡᠨ ᠵᠢᠭᠢᠵᠦ ᠪᠠᠢᠭ᠎ᠠ ᠶ᠋ᠢ ᠪᠢᠲᠡᠭᠡᠢ ᠭᠣᠯᠣᠭᠠᠷᠠᠢ ᠭᠡᠵᠦ ᠬᠡᠯᠡᠬᠦ ᠳ᠋ᠦ᠍ᠨᠢ( ᠳ᠋ᠦ᠍ ᠨᠢ) ᠣᠯᠠᠨ ᠴᠤᠭᠭᠠᠷ ᠬᠥᠭᠵᠢᠯᠳᠦᠨ ᠢᠨᠢᠶᠡᠯᠳᠦᠵᠦ ᠠᠯᠠᠭ᠎ᠠ ᠲᠠᠰᠢᠵᠠᠭᠠᠵᠠᠢ᠃ ᠲᠡᠭᠡᠭᠡᠳ᠂ ᠰᠤᠷᠭᠠᠭᠤᠯᠢ ᠲᠡᠭᠦᠰᠬᠡᠭᠰᠡᠨ ᠲᠤᠬᠠᠢ ᠶ᠋ᠢᠨ ᠦᠨᠡᠮᠯᠡᠬᠦ ᠪᠢᠴᠢᠭ ᠣᠯᠭᠣᠵᠤ ᠡᠬᠢᠯᠡᠬᠦ ᠳ᠋ᠦ᠍᠂ ᠲᠡᠭᠦᠰᠬᠡᠭᠰᠡᠨ ᠬᠡᠦᠬᠡᠳ ᠪᠠᠶᠠᠷᠯᠠᠯᠳᠤᠨ ᠬᠥᠭᠵᠢᠯᠳᠦᠵᠦ᠂ ᠨᠢᠭᠡ ᠨᠢᠭᠡ ᠪᠡᠷ ᠴᠤᠪᠤᠯᠳᠤᠨ ᠲᠠᠢᠰᠠᠨ ᠳᠡᠭᠡᠷ᠎ᠡ ᠭᠠᠷᠴᠤ᠂ ᠵᠣᠬᠢᠬᠤ ᠦᠨᠡᠮᠯᠡᠬᠦ ᠶ᠋ᠢ ᠠᠪᠴᠠᠭᠠᠯᠠ᠃
ᠣᠨᠴᠠ ᠰᠤᠷᠤᠯᠴᠠᠨ ᠲᠡᠭᠦᠰᠬᠡᠭᠰᠡᠨ᠂ ᠰᠢᠷᠴᠢᠨ ᠦ᠌ ᠬᠦᠦ ᠲᠡᠮᠦᠷ᠂ ᠡᠪᠦᠭᠡᠨ ᠸᠠᠩ ᠤ᠋ᠨ ᠬᠦᠦ ᠪᠠᠲᠤ᠂ ᠲᠠᠩᠰᠤᠭ ᠤ᠋ᠨ ᠬᠦᠦ ᠣᠯᠵᠠᠪᠠᠢ᠂ ᠯᠣᠳᠣᠢ ᠪᠠᠶᠠᠨ ᠪᠡᠢᠰᠡ ᠶ᠋ᠢᠨ ᠵᠠᠷᠤᠴᠠ᠂ ᠶᠠᠳᠠᠭᠤ ᠠᠷᠠᠳ ᠭᠣᠨᠴᠣᠭ ᠤ᠋ᠨ ᠥᠬᠢᠨ ᠣᠳᠰᠠᠷᠵᠠᠨᠮᠠ᠂ ᡀᠠ ᠪᠡᠢᠯᠡ ᠶ᠋ᠢᠨ ᠰᠠᠭᠠᠯᠢᠴᠢᠨ ᠪᠠᠢᠭᠰᠠᠨ ᠬᠡᠰᠢᠭ ᠦ᠋ᠨ ᠥᠬᠢᠨ ᠴᠣᠯᠮᠣᠨ ᠤ᠋ ᠵᠡᠷᠭᠡ ᠣᠨᠴᠠ ᠰᠤᠷᠤᠯᠭᠠᠲᠠᠨ ᠨᠢᠭᠡ ᠨᠢᠭᠡ ᠳᠡᠪᠡᠯ ᠦ᠋ᠨ ᠰᠠᠢᠬᠠᠨ ᠲᠣᠷᠭ᠎ᠠ᠂ ᠤᠯᠤᠰ ᠲᠤ᠌ ᠠᠯᠳᠠᠷᠲᠠᠢ ᠬᠢᠴᠢᠶᠡᠩᠭᠦᠢ ᠦᠰᠦᠭ ᠦ᠋ᠨ ᠪᠠᠭᠰᠢ ᠠᠪᠢᠷᠮᠢᠳ ᠤ᠋ᠨ ᠬᠢᠴᠢᠶᠡᠩᠭᠦᠢᠯᠡᠨ ᠪᠢᠴᠢᠭᠰᠡᠨ ᠮᠣᠩᠭᠣᠯ ᠦᠰᠦᠭ ᠦ᠋ᠨ ᠰᠢᠪ ᠰᠢᠨᠡᠬᠡᠨ ᠰᠠᠢ᠍ᠢ(ᠰᠠᠶᠢ) ᠬᠡᠪᠯᠡᠭᠳᠡᠵᠦ ᠭᠠᠷᠤᠭᠰᠠᠨ ᠠᠲ᠋ᠯᠠᠰ ᠪᠢᠴᠢᠭ ᠠᠪᠴᠠᠭᠠᠵᠠᠢ᠃ ᠤᠯᠠᠭᠠᠨᠪᠠᠭᠠᠲᠤᠷ ᠤ᠋ᠨ ᠬᠣᠷᠭᠣᠯᠵᠢᠨ ᠦᠰᠦᠭ᠂ ᠴᠢᠯᠠᠭᠤᠨ ᠢ᠋ᠶ᠋ᠠᠷ᠂ ᠣᠹᠰᠧᠲ᠋ ᠬᠡᠪᠯᠡᠯ᠂《 ᠮᠣᠩᠭᠣᠯ ᠫᠷᠸᠰᠰ》 ᠭᠡᠳᠡᠭ ᠤᠯᠤᠰ ᠤ᠋ᠨ ᠬᠡᠪᠯᠡᠯ ᠦ᠋ᠨ ᠬᠣᠷᠢᠶᠠᠨ ᠳ᠋ᠤ᠌ ᠳᠠᠷᠤᠮᠠᠯᠯᠠᠭᠰᠠᠨ ᠭᠣᠶᠣᠮᠰᠣᠭ ᠰᠠᠢᠬᠠᠨ ᠦᠨᠡᠮᠯᠡᠬᠦ ᠪᠢᠴᠢᠭ ᠢ᠋ ᠲᠡᠭᠦᠰᠬᠡᠭᠰᠡᠨ ᠰᠤᠷᠤᠭᠴᠢ ᠳᠣᠳᠣᠮ ᠳ᠋ᠤ᠌ ᠭᠠᠷᠳᠠᠭᠤᠯᠤᠨ ᠣᠯᠭᠣᠬᠤ ᠪᠦᠷᠢ᠂ ᠬᠡᠦᠬᠡᠳ ᠦ᠋ᠨ ᠡᠴᠢᠭᠡ ᠡᠬᠡ᠂ ᠰᠤᠷᠤᠭᠴᠢ ᠨᠥᠬᠥᠳ ᠨᠢ ᠨᠢᠵᠢᠭᠢᠨᠡᠲᠡᠯ᠎ᠡ ᠠᠯᠠᠭ᠎ᠠ ᠲᠠᠰᠢᠵᠠᠭᠠᠨ ᠪᠠᠶᠠᠷ ᠬᠦᠷᠭᠡᠵᠡᠭᠡᠵᠦ᠂ ᠦᠨᠡᠮᠯᠡᠬᠦ ᠶ᠋ᠢ ᠰᠢᠢᠳᠬᠡᠨ ᠣᠯᠭᠣᠬᠤ ᠵᠦᠢᠯ ᠳᠠᠭᠤᠰᠤᠮᠠᠭᠴᠠ᠂ ᠬᠡᠬᠡᠷᠡᠭᠦᠯᠬᠦ ᠶ᠋ᠢᠨ ᠰᠠᠢᠳ ᠪᠣᠰᠴᠤ ᠬᠡᠳᠦᠨ ᠲᠣᠪᠴᠢ ᠦᠭᠡ ᠬᠡᠯᠡᠬᠦ ᠳ᠋ᠡᠭᠡᠨ( ᠳ᠋ᠦ᠍ ᠪᠡᠨ)᠂ ᠬᠣᠰᠢᠭᠤ ᠨᠡᠢᠭᠡᠮ ᠦ᠋ᠨ ᠬᠦᠰᠡᠯ ᠰᠠᠨᠠᠯ ᠬᠦᠴᠦ ᠬᠥᠷᠥᠩᠭᠡ ᠪᠡᠷ ᠪᠠᠢᠭᠤᠯᠤᠭᠰᠠᠨ ᠡᠨᠡ ᠰᠤᠷᠭᠠᠭᠤᠯᠢ ᠪᠣᠯ ᠲᠤᠰ ᠤᠯᠤᠰ ᠲᠤ᠌ ᠠᠩᠬ᠎ᠠ ᠡᠭᠦᠰᠬᠡᠨ ᠪᠠᠢᠭᠤᠯᠵᠤ ᠪᠠᠢᠭᠰᠠᠨ ᠰᠤᠷᠭᠠᠭᠤᠯᠢ ᠶ᠋ᠢᠨ ᠨᠢᠭᠡ ᠨᠢ ᠪᠣᠯᠤᠭᠰᠠᠨ ᠡᠭᠦᠨ ᠳ᠋ᠦ᠍᠂ ᠲᠤᠰ ᠬᠣᠰᠢᠭᠤ ᠳᠠᠷᠤᠭ᠎ᠠ᠂ ᠰᠢᠨᠵᠢᠯᠡᠬᠦ ᠤᠬᠠᠭᠠᠨ ᠡᠷᠳᠡᠮ ᠪᠣᠯᠪᠠᠰᠤᠷᠠᠯ ᠢ᠋ ᠡᠷᠬᠢᠮᠯᠡᠭᠴᠢ ᠪᠠᠲᠤᠪᠠᠶᠠᠷ ᠠᠪᠤᠭᠠᠢ ᠬᠣᠰᠢᠭᠤ ᠰᠤᠷᠭᠠᠭᠤᠯᠢ ᠶ᠋ᠢ ᠶᠡᠬᠡᠯ᠎ᠡ(ᠶᠡᠬᠡ ᠯᠡ)ᠳᠡᠮᠵᠢᠭᠰᠡᠨ ᠢ᠋ ᠰᠠᠢᠰᠢᠶᠠᠨ ᠲᠡᠮᠳᠡᠭᠯᠡᠭᠡᠳ᠂ ᠡᠨᠡ ᠵᠢᠯ ᠠᠩᠬ᠎ᠠ ᠲᠡᠭᠦᠰᠦᠭᠰᠡᠨ ᠰᠤᠷᠤᠭᠴᠢᠳ ᠠ᠋ᠴᠠ ᠣᠨᠴᠠ ᠰᠤᠷᠤᠯᠭ᠎ᠠ ᠲᠠᠢ ᠠᠷᠪᠠᠨ ᠬᠥᠮᠦᠨ ᠦ᠌ ᠲᠠᠪᠤ ᠶ᠋ᠢ ᠣᠶᠤᠲᠠᠨ ᠤ᠋ ᠰᠤᠷᠭᠠᠭᠤᠯᠢ ᠶ᠋ᠢᠨ ᠪᠠᠭᠰᠢ ᠶ᠋ᠢᠨ ᠠᠩᠭᠢ ᠳ᠋ᠤ᠌᠂ ᠦᠯᠡᠳᠡᠬᠦ ᠲᠠᠪᠤ ᠶ᠋ᠢ ᠨᠡᠢᠰᠯᠡᠯ ᠦ᠋ᠨ ᠳᠤᠮᠳᠠᠳᠤ ᠰᠤᠷᠭᠠᠭᠤᠯᠢ ᠳ᠋ᠤ᠌ ᠣᠷᠣᠭᠤᠯᠤᠨ᠎ᠠ ᠭᠡᠵᠦ ᠬᠡᠯᠡᠭᠡᠳ᠂
— ᠬᠡᠷᠪᠡ ᠪᠤᠰᠤᠳ ᠲᠡᠭᠦᠰᠬᠡᠭᠰᠡᠨ ᠰᠤᠷᠤᠭᠴᠢᠳ ᠠ᠋ᠴᠠ ᠴᠢᠨᠠᠭᠰᠢ ᠥᠭᠡᠷ᠎ᠡ ᠶᠠᠮᠠᠷ ᠨᠢᠭᠡ ᠲᠦᠷ ᠰᠤᠷᠭᠠᠭᠤᠯᠢ ᠵᠡᠷᠭᠡ ᠭᠠᠵᠠᠷ ᠰᠤᠷᠤᠯᠴᠠᠬᠤ ᠬᠦᠰᠡᠯᠲᠡᠢ ᠬᠥᠮᠦᠨ ᠪᠠᠢᠪᠠᠯ᠂ ᠨᠠᠳᠠᠳᠤ( ᠨᠠᠳᠠ ᠳ᠋ᠤ᠌) ᠮᠠᠷᠭᠠᠰᠢ ᠨᠠᠮᠠᠶ᠋ᠢ( ᠨᠠᠮ᠎ᠠ ᠶ᠋ᠢ) ᠶᠠᠪᠤᠬᠤ ᠠ᠋ᠴᠠ ᠡᠮᠦᠨ᠎ᠡ ᠨᠡᠷ᠎ᠡ ᠪᠡᠨ ᠲᠡᠮᠳᠡᠭᠯᠡᠭᠦᠯᠦᠭᠡᠷᠡᠢ᠃ ᠪᠢ ᠤᠯᠠᠭᠠᠨᠪᠠᠭᠠᠲᠤᠷ ᠲᠤ᠌ ᠡᠭᠡᠵᠦ ᠪᠤᠰᠤᠳ ᠶᠠᠮᠤ᠂ ᠠᠯᠪᠠᠨ ᠭᠠᠵᠠᠷ ᠤ᠋ᠨ ᠰᠠᠢᠳ ᠳᠠᠷᠤᠭ᠎ᠠ ᠳ᠋ᠤ᠌ ᠲᠠᠨ ᠤ᠋ ᠡᠨᠳᠡ ᠪᠢᠴᠢᠭ ᠦᠰᠦᠭ ᠲᠡᠢ ᠵᠠᠯᠠᠭᠤ ᠤᠯᠤᠰ ᠪᠣᠢ ᠭᠡᠳᠡᠭ ᠢ᠋ ᠮᠡᠳᠡᠭᠳᠡᠶ᠎ᠡ᠃ ᠬᠡᠷᠪᠡ ᠬᠣᠲᠠ ᠣᠷᠣᠵᠤ ᠠᠯᠪᠠᠨ ᠭᠠᠵᠠᠷ ᠭᠠᠷ ᠪᠤᠶᠤ ᠮᠠᠰᠢᠨ ᠤ᠋ ᠪᠢᠴᠢᠭᠡᠴᠢ ᠪᠣᠯᠬᠤ ᠬᠦᠰᠡᠯ ᠲᠡᠢ ᠬᠥᠮᠦᠨ ᠪᠠᠢᠪᠠᠯ᠂ ᠠᠯᠪᠠ ᠠᠵᠢᠯ ᠣᠯᠳᠠᠬᠤ ᠨᠢ ᠮᠠᠰᠢ ᠠᠮᠠᠷᠬᠠᠨ ᠰᠢᠦ᠃ ᠣᠳᠣ ᠪᠢᠴᠢᠭ ᠦᠰᠦᠭ ᠮᠡᠳᠡᠬᠦ ᠬᠥᠮᠦᠨ ᠶᠡᠬᠡ ᠴᠢᠬᠤᠯᠠ ᠬᠡᠷᠡᠭᠲᠡᠢ ᠪᠣᠯᠵᠤ᠂ ᠠᠯᠪᠠᠨ ᠭᠠᠵᠠᠷ ᠪᠢᠴᠢᠭᠡᠴᠢ ᠪᠡᠷ ᠲᠤᠩ ᠭᠠᠴᠢᠭᠳᠠᠵᠤ ᠪᠠᠢᠭ᠎ᠠ ᠪᠢᠯᠡ ᠭᠡᠵᠦ ᠬᠡᠯᠡᠭᠰᠡᠨ ᠦ᠌ ᠳᠠᠷᠠᠭ᠎ᠠ᠂ ᠨᠠᠰᠤᠨᠪᠠᠲᠤ ᠪᠣᠰᠴᠤ᠂
— ᠣᠳᠣ ᠵᠥᠪᠯᠡᠯᠲᠦ ᠤᠯᠤᠰ ᠤ᠋ᠨ ᠬᠤᠷᠠᠩᠳᠠ ᠳᠠᠷᠤᠭ᠎ᠠ ᠨᠥᠬᠥᠷ ᠮᠢᠱ᠍ᠢᠭ᠌ ᠦᠭᠡ ᠬᠡᠯᠡᠨ᠎ᠡ ᠭᠡᠵᠦ ᠰᠣᠨᠣᠰᠬᠠᠮᠠᠭᠴᠠ᠂ ᠵᠠᠯᠠᠭᠤ ᠳᠠᠷᠤᠭ᠎ᠠ᠂ ᠪᠠᠭᠰᠢ ᠶ᠋ᠢᠨ ᠰᠢᠷᠡᠭᠡ ᠪᠡᠷ ᠬᠢᠭᠰᠡᠨ ᠢᠯᠡᠳᠬᠡᠭᠴᠢ ᠶ᠋ᠢᠨ ᠶᠡᠨᠳᠡᠷ ᠦ᠋ᠨ ᠡᠮᠦᠨ᠎ᠡ ᠣᠴᠢᠭᠠᠳ᠂ ᠠᠷᠠᠳ ᠣᠯᠠᠨ ᠤ᠋ ᠬᠦᠴᠦ ᠪᠡᠷ ᠪᠠᠢᠭᠤᠯᠤᠭᠰᠠᠨ ᠬᠣᠰᠢᠭᠤ ᠰᠤᠷᠭᠠᠭᠤᠯᠢ ᠶ᠋ᠢᠨ ᠠᠩᠬ᠎ᠠ ᠤᠳᠠᠭ᠎ᠠ ᠶ᠋ᠢᠨ ᠲᠡᠭᠦᠰᠬᠡᠬᠦ ᠪᠠᠶᠠᠷ ᠲᠤ᠌ ᠴᠤᠭᠯᠠᠨ ᠢᠷᠡᠭᠰᠡᠨ ᠣᠯᠠᠨ ᠳ᠋ᠤ᠌ ᠴᠢᠩ ᠰᠡᠳᠬᠢᠯ ᠦ᠋ᠨ ᠪᠠᠶᠠᠷ ᠬᠦᠷᠭᠡᠵᠦ᠂
— ᠡᠨᠡ ᠰᠤᠷᠭᠠᠭᠤᠯᠢ ᠶ᠋ᠢᠨ ᠦᠵᠡᠰᠬᠦᠯᠡᠩ ᠳ᠋ᠦ᠍ ᠲᠠᠯᠪᠢᠭᠰᠠᠨ᠂ ᠣᠯᠠᠨ ᠰᠤᠷᠤᠭᠴᠢᠳ ᠤ᠋ᠨ ᠤᠷᠠᠯᠠᠨ ᠬᠢᠭᠰᠡᠨ᠂ ᠪᠢᠴᠢᠭᠰᠡᠨ ᠵᠢᠷᠤᠭᠰᠠᠨ ᠵᠦᠢᠯ ᠢ᠋ ᠪᠢ ᠶᠡᠬᠡᠯ᠎ᠡ(ᠶᠡᠬᠡ ᠯᠡ)ᠪᠠᠬᠠᠳᠤᠨ ᠦᠵᠡᠯ᠎ᠡ᠃ ᠰᠤᠷᠤᠭᠴᠢ ᠨᠠᠷ ᠤ᠋ᠨ ᠪᠦᠲᠦᠭᠡᠨ ᠵᠢᠷᠤᠭᠰᠠᠨ ᠬᠢᠭᠰᠡᠨ ᠵᠦᠢᠯ᠂ ᠫᠷᠣᠯᠧᠲ᠋ᠠᠷᠢ ᠶ᠋ᠢᠨ ᠢᠨᠲ᠋ᠧᠷᠨᠠᠼᠢᠣᠨᠠᠯ ᠤ᠋ᠨ ᠠᠷᠢᠭᠤᠨ ᠰᠤᠷᠲᠠᠯ᠂ ᠣᠯᠠᠨ ᠤᠯᠤᠰ ᠤ᠋ᠨ ᠠᠷᠠᠳ ᠲᠦᠮᠡᠨ ᠦ᠌ ᠰᠠᠢᠬᠠᠨ ᠡᠪ ᠨᠠᠢᠷᠠᠮᠳᠠᠯ ᠢ᠋ ᠢᠯᠡᠷᠬᠡᠢᠯᠡᠨ ᠦᠵᠡᠭᠦᠯᠦᠭᠰᠡᠨ ᠡᠷᠬᠢᠮ ᠰᠠᠨᠠᠭ᠎ᠠ ᠪᠠᠢᠳᠠᠯ ᠮᠢᠨᠦ ᠰᠡᠳᠬᠢᠯ ᠳ᠋ᠦ᠍ ᠲᠤᠩ ᠴᠤ᠌ ᠰᠠᠢᠬᠠᠨ ᠦᠵᠡᠭᠳᠡᠵᠦ᠂ ᠲᠠᠨ ᠤ᠋ ᠬᠣᠰᠢᠭᠤ ᠨᠡᠢᠭᠡᠮ ᠢ᠋ᠶ᠋ᠡᠷ ᠪᠠᠢᠭᠤᠯᠤᠭᠰᠠᠨ ᠡᠨᠡ ᠠᠩᠬᠠᠳᠤᠭᠠᠷ ᠪᠠᠭ᠎ᠠ ᠰᠤᠷᠭᠠᠭᠤᠯᠢ᠂ ᠲᠡᠭᠦᠨ ᠦ᠌ ᠣᠯᠠᠨ ᠪᠠᠭᠰᠢ ᠨᠠᠷ ᠲᠤᠰ ᠤᠯᠤᠰ ᠢ᠋ ᠬᠥᠷᠥᠩᠭᠡᠲᠡᠨ ᠪᠤᠰᠤ ᠶ᠋ᠢᠨ ᠬᠥᠭᠵᠢᠯ ᠦ᠋ᠨ ᠵᠠᠮ ᠢ᠋ᠶ᠋ᠠᠷ ᠤᠳᠤᠷᠢᠳᠴᠤ ᠪᠠᠢᠭ᠎ᠠ ᠠᠷᠠᠳ ᠤ᠋ᠨ ᠢ᠋ᠶ᠋ᠠᠨ ᠬᠤᠪᠢᠰᠬᠠᠯᠲᠤ ᠨᠠᠮ ᠤ᠋ᠨ ᠦᠵᠡᠯ ᠰᠤᠷᠲᠠᠯ ᠳ᠋ᠤ᠌ ᠵᠣᠷᠢᠭ ᠬᠦᠴᠦᠨ ᠪᠠᠳᠠᠷᠠᠵᠤ᠂ ᠡᠷᠬᠡ ᠴᠢᠯᠥᠭᠡᠲᠦ ᠲᠤᠰᠠᠭᠠᠷ ᠲᠣᠭᠲᠠᠨᠢᠯᠲᠤ ᠮᠣᠩᠭᠣᠯ ᠠᠷᠠᠳ ᠤᠯᠤᠰ ᠤ᠋ᠨ ᠢ᠋ᠶ᠋ᠠᠨ ᠬᠣᠢᠴᠢ ᠶ᠋ᠢ ᠵᠠᠯᠭᠠᠮᠵᠢᠯᠠᠬᠤ ᠰᠢᠨ᠎ᠡ ᠬᠦᠴᠦᠨ ᠢ᠋ ᠰᠤᠷᠭᠠᠨ ᠬᠥᠮᠦᠵᠢᠭᠦᠯᠬᠦ ᠡᠷᠬᠢᠮ ᠬᠦᠨᠳᠦ ᠵᠣᠷᠢᠯᠭ᠎ᠠ ᠪᠠᠨ ᠨᠡᠷᠡᠲᠡᠢ ᠰᠠᠢᠬᠠᠨ ᠢ᠋ᠶ᠋ᠠᠷ ᠪᠡᠶᠡᠯᠡᠭᠦᠯᠵᠦ ᠪᠠᠢᠭ᠎ᠠ ᠶ᠋ᠢᠨ ᠨᠢᠭᠡᠨ ᠭᠡᠷᠡᠴᠢ ᠭᠡᠵᠦ ᠦᠵᠡᠵᠦ ᠪᠠᠢᠨ᠎ᠠ᠃
ᠮᠢᠨᠦ ᠡᠪᠦᠭᠡ ᠡᠴᠢᠭᠡ᠂ ᠡᠨᠡ ᠰᠤᠷᠭᠠᠭᠤᠯᠢ ᠶ᠋ᠢᠨ ᠪᠠᠢᠰᠢᠩ ᠪᠠᠷᠢᠯᠭ᠎ᠠ ᠶ᠋ᠢ ᠪᠣᠰᠬᠠᠯᠴᠠᠬᠤ ᠠᠵᠢᠯ ᠳ᠋ᠤ᠌ ᠣᠷᠣᠯᠴᠠᠵᠤ᠂ ᠮᠠᠨ ᠤ᠋ ᠣᠷᠣᠰ ᠤ᠋ᠨ ᠠᠷᠠᠳ ᠤ᠋ᠳ ᠤ᠋ᠨ ᠬᠦᠴᠦ ᠬᠥᠳᠡᠯᠮᠦᠷᠢ᠂ ᠡᠨᠡ ᠰᠤᠷᠭᠠᠭᠤᠯᠢ ᠶ᠋ᠢᠨ ᠰᠠᠢᠬᠠᠨ ᠲᠠᠩᠬᠢᠮ ᠢ᠋ ᠥᠨᠳᠥᠷᠯᠡᠨ ᠪᠤᠰᠬᠠᠬᠤ ᠳ᠋ᠤ᠌ ᠣᠷᠣᠯᠴᠠᠭᠰᠠᠨ ᠨᠢ ᠮᠢᠨᠦ ᠰᠡᠳᠬᠢᠯ ᠳ᠋ᠦ᠍ ᠶᠡᠬᠡ ᠰᠠᠢᠬᠠᠨ ᠰᠠᠨᠠᠭᠳᠠᠵᠤ ᠪᠠᠢᠨ᠎ᠠ᠃ ᠠᠷᠭ᠎ᠠ ᠶ᠋ᠢᠨ ᠬᠣᠷᠢᠨ ᠨᠢᠭᠡᠨ ᠣᠨ ᠳ᠋ᠤ᠌ ᠮᠣᠩᠭᠣᠯ ᠤ᠋ᠨ ᠠᠷᠠᠳ ᠲᠦᠮᠡᠨ ᠦ᠌ ᠡᠷᠬᠡ ᠴᠢᠯᠥᠭᠡᠨ ᠦ᠌ ᠲᠡᠮᠡᠴᠡᠯ ᠳ᠋ᠦ᠍ ᠬᠦᠴᠦᠨ ᠲᠤᠰᠠᠯᠠᠬᠤ ᠭᠡᠵᠦ ᠪᠢᠳᠡᠨ ᠦ᠌ ᠤᠳᠤᠷᠢᠳᠤᠭᠴᠢ ᠯᠧᠨᠢᠨ᠂ ᠰᠲ᠋ᠠᠯᠢᠨ ᠤ᠋ ᠶᠠᠪᠤᠭᠤᠯᠤᠭᠰᠠᠨ ᠤᠯᠠᠭᠠᠨ ᠴᠡᠷᠢᠭ ᠦ᠋ᠨ ᠲᠦᠮᠡᠨ ᠡᠷᠡᠴᠦᠦᠯ ᠦ᠋ᠨ ᠳᠤᠮᠳᠠ ᠮᠢᠨᠦ ᠪᠡᠶ᠎ᠡ ᠪᠠᠰᠠ ᠶᠠᠪᠤᠯᠴᠠᠵᠤ᠂ ᠰᠦᠬᠡᠪᠠᠭᠠᠲᠤᠷ ᠵᠠᠩᠵᠤᠨ ᠤ᠋ ᠪᠠᠭᠠᠲᠤᠷ ᠵᠣᠷᠢᠭᠲᠤ ᠠᠷᠠᠳ ᠤ᠋ᠨ ᠵᠢᠷᠤᠮᠲᠤ ᠴᠡᠷᠢᠭ ᠦ᠋ᠨ ᠨᠥᠬᠥᠳ ᠲᠡᠢ ᠬᠢᠶᠠᠭᠲᠤ ᠠ᠋ᠴᠠ ᠬᠦᠷᠢᠶ᠎ᠡ ᠬᠦᠷᠲᠡᠯ᠎ᠡ ᠬᠠᠮᠲᠤ ᠮᠥᠷᠥ ᠵᠡᠷᠭᠡᠴᠡᠨ ᠪᠠᠢᠯᠳᠤᠵᠤ ᠶᠠᠪᠤᠭᠰᠠᠨ ᠪᠢᠯᠡ᠃
ᠣᠳᠣ ᠮᠢᠨᠦ ᠪᠡᠶ᠎ᠡ᠂ ᠲᠠᠨ ᠤ᠋ ᠡᠨᠡ ᠬᠣᠰᠢᠭᠤ ᠰᠤᠷᠭᠠᠭᠤᠯᠢ ᠶ᠋ᠢᠨ ᠠᠩᠬ᠎ᠠ ᠤᠳᠠᠭ᠎ᠠ ᠶ᠋ᠢᠨ ᠲᠡᠭᠦᠰᠬᠡᠵᠦ ᠪᠠᠢᠭ᠎ᠠ ᠰᠤᠷᠤᠭᠴᠢᠳ ᠤ᠋ᠨ ᠡᠨᠡ ᠪᠠᠶᠠᠷ ᠬᠢᠵᠦ ᠪᠠᠢᠭ᠎ᠠ ᠪᠠᠶᠠᠰᠬᠤᠯᠠᠩ ᠲᠡᠭᠦᠯᠳᠡᠷ ᠬᠤᠷᠠᠯ ᠳ᠋ᠤ᠌ ᠰᠠᠭᠤᠯᠴᠠᠬᠤ ᠰᠠᠢᠨ ᠰᠠᠢᠬᠠᠨ ᠵᠠᠪᠰᠢᠶᠠᠨ ᠲᠣᠬᠢᠶᠠᠯᠳᠤᠭᠰᠠᠨ ᠳ᠋ᠤ᠌ ᠶᠡᠬᠡᠯ᠎ᠡ( ᠶᠡᠬᠡ ᠯᠡ) ᠪᠠᠬᠠᠳᠤᠵᠤ ᠪᠠᠢᠨ᠎ᠠ᠃ ᠲᠠᠨ ᠤ᠋ ᠪᠠᠶᠠᠷ᠂ ᠬᠡᠳᠦᠢ ᠤᠯᠤᠰ ᠳᠠᠶᠠᠭᠠᠷ ᠤ᠋ᠨ ᠬᠡᠮᠵᠢᠶ᠎ᠡ ᠲᠡᠢ ᠬᠤᠷᠠᠯ ᠪᠢᠰᠢ ᠪᠣᠯᠪᠠᠴᠤ᠂ ᠪᠠᠬᠠᠳᠤᠯ ᠪᠠᠶᠠᠰᠬᠤᠯᠠᠩᠲᠠᠢ ᠲᠠᠭᠠᠲᠠᠢ ᠰᠠᠢᠬᠠᠨ ᠬᠤᠷᠠᠯ ᠪᠣᠯᠵᠤ ᠪᠠᠢᠨ᠎ᠠ᠃ ᠡᠢᠮᠦ ᠳ᠋ᠦ᠍ ᠲᠤᠰ ᠬᠤᠰᠢᠭᠤᠨ ᠤ᠋ ᠰᠤᠷᠭᠠᠭᠤᠯᠢ ᠶ᠋ᠢ ᠠᠩᠬ᠎ᠠ ᠲᠡᠭᠦᠰᠬᠡᠵᠦ ᠪᠠᠢᠭ᠎ᠠ ᠪᠠᠭᠠᠴᠤᠳ ᠢ᠋ ᠡᠷᠬᠡ ᠴᠢᠯᠥᠭᠡᠲᠦ ᠮᠣᠩᠭᠣᠯ ᠠᠷᠠᠳ ᠤᠯᠤᠰ ᠤ᠋ᠨ ᠲᠥᠷᠥ ᠶ᠋ᠢᠨ ᠦᠢᠯᠡᠰ ᠲᠦ᠍ ᠵᠢᠳᠬᠦᠬᠦ ᠲᠡᠷᠢᠭᠦᠨ ᠦ᠌ ᠵᠢᠳᠬᠦᠯᠲᠡᠨ ᠪᠣᠯᠵᠤ᠂ ᠵᠥᠪᠯᠡᠯᠲᠦ ᠤᠯᠤᠰ ᠤ᠋ᠨ ᠠᠷᠠᠳ ᠲᠦᠮᠡᠨ ᠲᠡᠢ ᠨᠠᠢᠷᠠᠮᠳᠠᠯ ᠤ᠋ᠨ ᠬᠡᠯᠬᠢᠶ᠎ᠡ ᠶ᠋ᠢ ᠤᠯᠠᠮ ᠤᠯᠠᠮ ᠵᠤᠵᠠᠭᠠᠳᠬᠠᠬᠤ ᠶ᠋ᠢ ᠴᠢᠩ ᠰᠡᠳᠬᠢᠯ ᠡᠴᠡ ᠪᠡᠨ ᠬᠦᠰᠡᠨ ᠢᠷᠥᠭᠡᠶ᠎ᠡ᠃
ᠲᠠᠨ ᠤ᠋ ᠬᠣᠰᠢᠭᠤ ᠰᠤᠷᠭᠠᠭᠤᠯᠢ ᠶ᠋ᠢᠨ ᠲᠠᠩᠬᠢᠮ ᠨᠢ ᠪᠣᠯᠪᠠᠰᠤᠨ ᠰᠢᠨ᠎ᠡ ᠬᠦᠴᠦᠨ ᠢ᠋ ᠰᠤᠷᠭᠠᠨ ᠬᠥᠮᠦᠵᠢᠭᠦᠯᠬᠦ ᠭᠠᠵᠠᠷ ᠪᠣᠯᠵᠤ᠂ ᠤᠯᠠᠮ ᠢ᠋ᠶ᠋ᠠᠷ ᠳᠡᠯᠭᠡᠷᠡᠨ ᠬᠥᠭᠵᠢᠭᠰᠡᠭᠡᠷ᠂ ᠪᠦᠷᠢᠨ ᠭᠦᠢᠴᠡᠳ ᠳᠤᠮᠳᠠᠳᠤ ᠰᠤᠷᠭᠠᠭᠤᠯᠢ ᠪᠣᠯᠬᠤ ᠪᠣᠯᠲᠤᠭᠠᠢ!
ᠦᠭᠡ ᠶ᠋ᠢᠨ ᠲᠡᠭᠦᠰᠬᠡᠯ ᠪᠣᠯᠭᠠᠵᠤ᠂ ᠮᠢᠨᠦ ᠬᠦᠰᠡᠬᠦ ᠨᠢᠭᠡᠨ ᠵᠦᠢᠯ ᠪᠣᠢ᠃ ᠰᠤᠷᠭᠠᠭᠤᠯᠢ ᠶ᠋ᠢᠨ ᠲᠠᠩᠬᠢᠮ ᠳ᠋ᠤ᠌ ᠲᠩᠷᠢ ᠶ᠋ᠢᠨ ᠣᠳᠣᠨ ᠭᠠᠷᠠᠭ ᠢ᠋ ᠰᠢᠨᠵᠢᠯᠡᠨ ᠦᠵᠡᠬᠦ ᠳ᠋ᠦ᠍ ᠬᠡᠷᠡᠭᠯᠡᠬᠦ ᠲᠩᠷᠢ ᠶ᠋ᠢᠨ ᠳᠤᠷᠠᠨ ᠢ᠋ ᠮᠢᠨᠦ ᠪᠡᠶ᠎ᠡ ᠲᠤᠰ ᠰᠤᠷᠭᠠᠭᠤᠯᠢ ᠶ᠋ᠢᠨ ᠲᠠᠩᠬᠢᠮ ᠳ᠋ᠤ᠌ ᠬᠤᠪᠢ ᠠ᠋ᠴᠠ ᠥᠴᠦᠬᠡᠨ ᠪᠡᠯᠡᠭ ᠪᠣᠯᠭᠠᠵᠤ ᠡᠷᠭᠦᠨ ᠪᠠᠷᠢᠭᠠᠳ᠂ ᠯᠠᠮᠠ ᠨᠠᠷ ᠤ᠋ᠨ ᠮᠤᠬᠤᠷ ᠰᠦᠰᠦᠭ ᠦ᠋ᠨ ᠪᠠᠯᠠᠷ ᠪᠠᠷᠢᠮᠲᠠᠯᠠᠯ ᠢ᠋ ᠤᠰᠠᠳᠬᠠᠬᠤ ᠳ᠋ᠤ᠌ ᠨᠡᠮᠡᠷᠢ ᠪᠣᠯᠭᠠᠬᠤ ᠶ᠋ᠢ ᠬᠦᠰᠡᠨ᠎ᠡ ᠭᠡᠵᠦ ᠣᠯᠠᠨ ᠰᠤᠷᠤᠭᠴᠢ ᠶ᠋ᠢᠨ ᠶᠠᠭᠤ ᠪᠣᠢ ᠭᠡᠵᠦ ᠬᠡᠳᠦᠢᠨ ᠰᠣᠨᠢᠷᠬᠠᠨ ᠪᠠᠢᠭᠰᠠᠨ ᠭᠢᠯᠠᠯᠵᠠᠭᠰᠠᠨ ᠵᠦᠯᠭᠦᠮᠡᠯ ᠤᠯᠠᠭᠠᠨ ᠮᠣᠳᠣᠨ ᠤᠷᠲᠤᠯᠢᠭ ᠬᠠᠢᠷᠴᠠᠭ ᠲᠠᠢ ᠨᠢᠭᠡ ᠶᠠᠭᠤᠮ᠎ᠠ ᠶ᠋ᠢ ᠵᠠᠬᠢᠷᠤᠯ ᠪᠠᠭᠰᠢ ᠳ᠋ᠤ᠌ ᠭᠠᠷᠳᠠᠭᠤᠯᠤᠨ ᠥᠭᠭᠦᠭᠰᠡᠨ ᠳ᠋ᠦ᠍᠂ ᠣᠯᠠᠨ ᠪᠦᠭᠦᠳᠡᠭᠡᠷ ᠨᠠᠵᠢᠭᠢᠨᠠᠲᠠᠯᠠ ᠠᠯᠠᠭ᠎ᠠ ᠲᠠᠰᠢᠵᠠᠭᠠᠨ ᠪᠠᠶᠠᠷᠯᠠᠯᠳᠤᠵᠠᠢ᠃
ᠴᠢᠩᠭᠢᠭᠡᠳ ᠠᠯᠠᠭ᠎ᠠ ᠲᠠᠰᠢᠬᠤ ᠴᠢᠮᠡᠭᠡ ᠨᠠᠮᠳᠠᠬᠤ ᠳ᠋ᠤ᠌ ᠵᠠᠩ ᠱᠢ ᠪᠣᠰᠴᠤ ᠦᠭᠡ ᠬᠡᠯᠡᠬᠦ ᠵᠥᠪᠰᠢᠶᠡᠷᠡᠯ ᠠᠪᠴᠤ᠂ ᠲᠠᠢᠰᠠᠨ ᠳᠡᠭᠡᠷ᠎ᠡ ᠭᠠᠷᠤᠭᠠᠳ᠂
— ᠪᠢ ᠠᠩᠬᠠᠯᠠᠨ ᠶᠠᠭᠤᠮ᠎ᠠ ᠬᠡᠯᠡᠨ᠎ᠡ ᠭᠡᠵᠦ ᠪᠣᠳᠣᠭᠰᠠᠨ ᠦᠭᠡᠢ ᠶᠤᠮᠰᠠᠨ ᠭᠡᠵᠦ ᠰᠡᠳᠬᠢᠯ ᠬᠥᠳᠡᠯᠦᠨ᠂ ᠳᠠᠭᠤ ᠨᠢ ᠲᠠᠷᠪᠢᠵᠤ ᠥᠭᠦᠯᠡᠷᠦᠨ᠂ ᠳᠥᠷᠪᠡᠨ ᠵᠢᠯ ᠦ᠋ᠨ ᠲᠤᠷᠰᠢ ᠵᠣᠪᠠᠯᠠᠩ ᠵᠢᠷᠭᠠᠯᠠᠩ ᠢ᠋ ᠬᠠᠮᠲᠤ ᠪᠣᠯᠭᠠᠭᠰᠠᠨ ᠬᠡᠦᠬᠡᠳ ᠪᠠᠭᠠᠴᠤᠳ ᠤ᠋ᠨ ᠨᠡᠷ᠎ᠡ ᠶ᠋ᠢ ᠳᠠᠭᠤᠳᠠᠨ ᠤᠩᠰᠢᠬᠤ ᠶ᠋ᠢ ᠰᠣᠨᠣᠰᠤᠭᠠᠳ᠂᠂ ᠳᠠᠬᠢᠨ ᠢᠷᠡᠬᠦ ᠨᠠᠮᠤᠷ ᠪᠦᠭᠦᠳᠡ ᠲᠡᠢ ᠨᠢ ᠠᠭᠤᠯᠵᠠᠵᠤ ᠴᠢᠳᠠᠬᠤ ᠦᠭᠡᠢ ᠪᠠᠢᠬᠤ ᠭᠡᠵᠦ ᠪᠣᠳᠣᠬᠤ ᠳ᠋ᠠᠭᠠᠨ( ᠳ᠋ᠤ᠌ ᠪᠠᠨ) ᠬᠡᠳᠦᠨ ᠦᠭᠡ ᠬᠡᠯᠡᠵᠦ᠂ ᠪᠠᠭᠠᠴᠤᠳ ᠲᠠ ᠪᠦᠬᠦᠨ ᠢ᠋ ᠬᠡᠳᠦ ᠶ᠋ᠢᠨ ᠰᠠᠢᠨ ᠰᠠᠢᠬᠠᠨ ᠵᠢᠷᠭᠠᠯᠲᠠᠢ ᠶᠠᠪᠤᠵᠤ᠂ ᠡᠷᠳᠡᠮ ᠨᠣᠮ ᠶᠡᠬᠡᠪᠡᠷ ᠰᠤᠷᠤᠭᠠᠷᠠᠢ ᠭᠡᠵᠦ ᠢᠷᠥᠭᠡᠨ ᠵᠠᠬᠢᠬᠤ ᠦᠭᠡ ᠬᠡᠯᠡᠮᠡᠷ ᠰᠠᠨᠠᠭᠳᠠᠯ᠎ᠠ᠃
ᠬᠡᠦᠬᠡᠳ ᠠ᠋! ᠡᠨᠡ ᠪᠠᠭ᠎ᠠ ᠰᠤᠷᠭᠠᠭᠤᠯᠢ ᠶ᠋ᠢᠨ ᠪᠣᠷᠣᠬᠠᠨ ᠲᠠᠩᠬᠢᠮ ᠳ᠋ᠤ᠌ ᠲᠠ ᠨᠠᠷ ᠬᠡᠳᠦᠨ ᠵᠢᠯ ᠰᠤᠷᠤᠯᠴᠠᠵᠤ ᠲᠡᠭᠦᠰᠬᠡᠬᠦ ᠳ᠋ᠡᠭᠡᠨ( ᠳ᠋ᠦ᠍ ᠪᠡᠨ)᠂ ᠰᠠᠷᠠᠭᠤᠯ ᠰᠠᠢᠬᠠᠨ ᠪᠠᠶᠠᠰᠬᠤᠯᠠᠩᠲᠤ ᠰᠢᠨ᠎ᠡ ᠪᠠᠢᠳᠠᠯ ᠢ᠋ᠶ᠋ᠠᠨ ᠵᠣᠬᠢᠶᠠᠵᠤ ᠪᠠᠢᠭ᠎ᠠ ᠠᠷᠠᠳ ᠲᠦᠮᠡᠨ ᠳ᠋ᠡᠭᠡᠨ( ᠳ᠋ᠦ᠍ ᠪᠡᠨ) ᠴᠢᠬᠤᠯᠠ ᠬᠡᠷᠡᠭᠲᠡᠢ ᠡᠷᠳᠡᠮ ᠦ᠋ᠨ ᠵᠠᠬ᠎ᠠ ᠵᠠᠬ᠎ᠠ ᠠ᠋ᠴᠠ ᠨᠢ ᠪᠠᠭ᠎ᠠ ᠰᠠᠭ᠎ᠠ ᠰᠤᠷᠴᠤ ᠠᠪᠤᠭᠰᠠᠨ ᠰᠢᠦ ᠲᠠ ᠨᠠᠷ ᠮᠢᠨᠢ᠃ ᠡᠭᠦᠨ ᠡᠴᠡ ᠴᠢᠨᠠᠭᠰᠢ ᠰᠤᠷᠬᠤ ᠶᠠᠭᠤᠮ᠎ᠠ ᠳᠠᠯᠠᠢ ᠮᠡᠲᠦ ᠶᠡᠬᠡ ᠪᠣᠢ ᠭᠡᠵᠦ ᠮᠡᠳᠡᠬᠦ ᠬᠡᠷᠡᠭᠲᠡᠢ᠃ ᠡᠢᠮᠦ ᠳ᠋ᠦ᠍ ᠡᠷᠳᠡᠮ ᠰᠤᠷᠬᠤ ᠳ᠋ᠠᠭᠠᠨ( ᠳ᠋ᠤ᠌ ᠪᠠᠨ) ᠮᠢᠲᠠᠷᠠᠰᠢ ᠦᠭᠡᠢ ᠴᠢᠩ ᠵᠣᠷᠢᠭ ᠪᠠᠷᠢᠵᠤ ᠶᠠᠪᠤᠭᠠᠷᠠᠢ᠃ ᠲᠠ ᠨᠠᠷ ᠤ᠋ᠨ ᠪᠠᠭᠰᠢ ᠭᠡᠳᠡᠭ ᠨᠡᠷ᠎ᠡ ᠵᠡᠭᠦᠭᠰᠡᠨ ᠪᠢᠳᠡ ᠴᠢᠨᠢ ᠴᠢᠳᠠᠨ ᠶᠠᠳᠠᠨ ᠰᠤᠷᠴᠤ ᠠᠪᠤᠭᠰᠠᠨ ᠪᠠᠢᠳᠠᠭ ᠮᠡᠳᠡᠳᠡᠭ ᠢ᠋ᠶ᠋ᠡᠨ ᠲᠠ ᠪᠦᠬᠦᠨ ᠳ᠋ᠦ᠍ ᠬᠠᠷᠠᠮ ᠦᠭᠡᠢ ᠰᠢᠪᠬᠠᠨ ᠭᠠᠷᠭᠠᠵᠤ ᠵᠢᠭᠠᠵᠤ ᠥᠭᠬᠦ ᠳ᠋ᠡᠭᠡᠨ( ᠳ᠋ᠦ᠍ ᠪᠡᠨ)᠂ ᠪᠢᠳᠡᠨ ᠡᠴᠡ ᠬᠡᠳᠦᠨ ᠬᠤᠪᠢ ᠢᠯᠡᠭᠦᠦ ᠡᠷᠳᠡᠮ ᠲᠡᠢ ᠴᠢᠳᠠᠯ ᠲᠠᠢ ᠬᠥᠮᠦᠨ ᠪᠣᠯᠤᠭᠠᠷᠠᠢ ᠭᠡᠵᠦ ᠮᠡᠷᠡᠢᠨ ᠬᠢᠴᠢᠶᠡᠭᠰᠡᠨ ᠢ᠋ ᠮᠠᠷᠲᠠᠯ ᠦᠭᠡᠢ ᠰᠠᠨᠠᠵᠤ᠂ ᠡᠷᠳᠡᠮ ᠰᠤᠷᠤᠯᠭ᠎ᠠ ᠶ᠋ᠢ ᠰᠢᠮᠳᠠᠨ ᠬᠢᠴᠢᠶᠡᠵᠦ ᠶᠠᠪᠤᠭᠠᠷᠠᠢ ᠬᠡᠦᠬᠡᠳ ᠮᠢᠨᠢ᠃ ᠪᠢᠳᠡ᠂ ᠲᠠ ᠪᠦᠬᠦᠨ ᠦ᠌ ᠰᠡᠳᠬᠢᠯ ᠳ᠋ᠦ᠍ ᠬᠥᠳᠡᠯᠮᠦᠷᠢ ᠶ᠋ᠢ᠂ ᠬᠥᠮᠦᠨ ᠢ᠋ ᠲᠥᠷᠥᠭᠰᠡᠨ ᠡᠬᠡ ᠨᠤᠲᠤᠭ᠂ ᠤᠯᠤᠰ ᠣᠷᠣᠨ ᠢ᠋ᠶ᠋ᠠᠨ ᠡᠩᠬᠦᠷᠡᠢᠯᠡᠨ ᠬᠠᠢᠷᠠᠯᠠᠵᠤ ᠡᠷᠬᠢᠮᠯᠡᠨ ᠬᠦᠨᠳᠦᠳᠬᠡᠵᠦ ᠶᠠᠪᠤᠬᠤ ᠮᠡᠳᠡᠷᠡᠯ ᠲᠥᠷᠥᠭᠦᠯᠬᠦ ᠶ᠋ᠢ ᠴᠢᠷᠮᠠᠢᠨ ᠬᠢᠴᠢᠶᠡᠵᠦ ᠪᠠᠢᠭᠰᠠᠨ ᠪᠢᠯᠡ᠃ ᠣᠳᠣ ᠲᠠ ᠨᠠᠷ᠂ ᠡᠨᠡ ᠠᠩᠬᠠᠨ ᠤ᠋ ᠪᠠᠭ᠎ᠠ ᠰᠤᠷᠭᠠᠭᠤᠯᠢ ᠶ᠋ᠢ ᠲᠡᠭᠦᠰᠬᠡᠨ᠂ ᠠᠷᠪᠠᠨ ᠵᠦᠭ ᠮᠥᠷ ᠮᠥᠷ ᠢ᠋ᠶ᠋ᠡᠨ ᠬᠥᠭᠡᠭᠡᠵᠦ᠂ ᠵᠢᠭᠦᠷ ᠳᠠᠯᠠᠪᠴᠢ ᠤᠷᠭᠤᠭᠰᠠᠨ ᠳᠡᠭᠳᠡᠭᠡᠬᠡᠢ ᠰᠢᠭ ᠳᠡᠭᠳᠡᠨ ᠨᠢᠰᠴᠦ ᠳᠠᠷᠬᠠᠨ ᠣᠳᠬᠤ ᠭᠡᠵᠦ ᠪᠠᠢᠨ᠎ᠠ᠃ ᠲᠡᠭᠡᠬᠦ ᠳ᠋ᠡᠭᠡᠨ( ᠳ᠋ᠦ᠍ ᠪᠡᠨ)᠂ ᠬᠡᠦᠬᠡᠳ ᠮᠢᠨᠢ᠂ ᠲᠠᠨ ᠤ᠋ ᠡᠨᠡ ᠠᠩᠬᠠᠨ ᠤ᠋ ᠰᠤᠷᠤᠯᠭ᠎ᠠ ᠶ᠋ᠢᠨ ᠰᠠᠭᠤᠷᠢ ᠶ᠋ᠢ ᠥᠭᠭᠦᠭᠰᠡᠨ ᠪᠠᠭ᠎ᠠ ᠰᠤᠷᠭᠠᠭᠤᠯᠢ ᠶ᠋ᠢᠨ ᠲᠠᠩᠬᠢᠮ ᠢ᠋ ᠮᠣᠩᠭᠣᠯ᠂ ᠳᠣᠲᠣᠷ᠎ᠠ᠂ ᠣᠷᠣᠰ᠂ ᠬᠠᠰᠠᠭ᠂ ᠲᠥᠪᠡᠳ᠂ ᠲᠠᠩᠭᠤᠳ ᠲᠠᠪᠤᠨ ᠬᠡᠯᠡ ᠶ᠋ᠢᠨ ᠠᠷᠠᠳ ᠠᠮᠢᠲᠠᠨ ᠪᠣᠰᠬᠠᠯᠴᠠᠨ ᠪᠠᠷᠢᠵᠤ ᠥᠭᠭᠦᠭᠰᠡᠨ ᠢ᠋ ᠰᠠᠨᠠᠵᠤ ᠶᠠᠪᠤᠭᠠᠷᠠᠢ᠃ ᠲᠠ ᠪᠦᠬᠦᠨ ᠢ᠋ ᠢᠷᠠᠭᠤ ᠰᠠᠢᠬᠠᠨ ᠶᠠᠭᠤᠮ᠎ᠠ ᠶ᠋ᠢ ᠡᠷᠬᠢᠮ ᠪᠣᠯᠭᠠᠵᠤ᠂ ᠲᠡᠭᠦᠨ ᠢ᠋ ᠪᠢᠷ ᠬᠠᠷᠠᠨᠳᠠ ᠪᠠᠷ᠂ ᠪᠣᠳᠣᠭ ᠤᠲᠠᠰᠤ ᠪᠠᠷ ᠳᠦᠷᠰᠦᠯᠡᠨ ᠪᠠᠭᠤᠯᠭᠠᠬᠤ ᠶ᠋ᠢ ᠡᠩ ᠦ᠋ᠨ ᠬᠢᠲᠠᠳ ᠠᠵᠢᠯᠴᠢᠨ᠂ ᠮᠣᠳᠣᠴᠢ ᠳᠠᠷᠬᠠᠨ ᠤ᠋ ᠥᠬᠢᠨ᠂ ᠨᠠᠰᠤᠲᠠᠢ ᠪᠤᠭᠤᠷᠤᠯ ᠨᠢᠭᠡ ᠳᠣᠲᠣᠷ᠎ᠠ ᠡᠮᠡᠭᠡᠨ ᠰᠤᠷᠭᠠᠯᠴᠠᠵᠤ ᠥᠭᠭᠦᠭᠰᠡᠨ ᠶᠦᠮ ᠰᠢᠦ ᠭᠡᠵᠦ ᠪᠠᠰᠠ ᠰᠠᠨᠠᠵᠤ ᠶᠠᠪᠤᠭᠠᠷᠠᠢ᠃ ᠲᠠ ᠪᠦᠬᠦᠨ ᠢ᠋ ᠰᠤᠷᠭᠠᠭᠤᠯᠢ ᠪᠠᠨ ᠲᠡᠭᠦᠰᠬᠡᠭᠰᠡᠨ ᠦ᠌ ᠡᠨᠡ ᠰᠠᠢᠬᠠᠨ ᠪᠠᠶᠠᠷ ᠬᠢᠬᠦ ᠳ᠋ᠦ᠍᠂ ᠲᠠᠨ ᠤ᠋ ᠲᠡᠷᠡ ᠪᠠᠶᠠᠷ ᠲᠤ᠌ ᠰᠠᠭᠤᠯᠴᠠᠵᠤ᠂ ᠦᠨᠡᠨ ᠰᠡᠳᠬᠢᠯ ᠡᠴᠡ ᠪᠡᠨ ᠪᠠᠶᠠᠷᠯᠠᠬᠤ ᠭᠡᠵᠦ ᠢᠷᠡᠭᠰᠡᠨ ᠵᠣᠴᠢᠳ ᠤ᠋ᠨ ᠳᠤᠮᠳᠠ᠂ ᠲᠠᠨ ᠤ᠋ ᠰᠤᠷᠭᠠᠭᠤᠯᠢ ᠶ᠋ᠢᠨ ᠡᠨᠡ ᠪᠠᠢᠰᠢᠩ ᠪᠠᠷᠢᠯᠭ᠎ᠠ ᠶ᠋ᠢ ᠪᠣᠰᠬᠠᠯᠴᠠᠬᠤ ᠭᠡᠵᠦ ᠭᠠᠷ ᠢ᠋ᠶ᠋ᠠᠨ ᠬᠣᠯᠭᠣᠨ ᠶᠠᠪᠤᠭᠰᠠᠨ᠂ ᠡᠪᠦᠭᠡᠨ ᠣᠷᠣᠰ ᠲᠠᠷᠢᠶᠠᠴᠢᠨ ᠢᠸᠠᠨ᠂ ᠲᠠ ᠪᠦᠬᠦᠨ ᠦ᠌ ᠡᠨᠡ ᠰᠤᠷᠭᠠᠭᠤᠯᠢ ᠪᠠᠨ ᠡᠢᠮᠦ ᠰᠠᠢᠬᠠᠨ ᠢ᠋ᠶ᠋ᠠᠷ ᠲᠡᠭᠦᠰᠬᠡᠬᠦ ᠶ᠋ᠢᠨ ᠲᠥᠯᠥᠭᠡ᠂ ᠰᠦᠬᠡᠪᠠᠭᠠᠲᠤᠷ ᠴᠣᠢᠪᠠᠯᠰᠠᠩ ᠤ᠋ᠨ ᠵᠢᠷᠤᠮ ᠤ᠋ᠨ ᠴᠡᠷᠢᠭ ᠲᠡᠢ ᠮᠥᠷᠥ ᠵᠡᠷᠭᠡᠴᠡᠨ ᠪᠠᠢᠯᠳᠤᠵᠤ ᠶᠠᠪᠤᠭᠰᠠᠨ᠂ ᠶᠡᠬᠡ ᠵᠥᠪᠯᠡᠯᠲᠦ ᠤᠯᠤᠰ ᠤ᠋ᠨ ᠤᠯᠠᠭᠠᠨ ᠴᠡᠷᠢᠭ ᠦ᠋ᠨ ᠳᠠᠷᠤᠭ᠎ᠠ ᠪᠥᠭᠡᠳ ᠡᠪᠦᠭᠡᠨ ᠢᠸᠠᠨ ᠠᠪᠤᠭᠠᠢ ᠶ᠋ᠢᠨ ᠠᠴᠢ ᠨᠢ ᠲᠠᠨ ᠤ᠋ ᠡᠨᠡ ᠪᠠᠶᠠᠷ ᠲᠤ᠌ ᠰᠠᠭᠤᠯᠴᠠᠨ ᠪᠠᠶᠠᠷᠯᠠᠵᠤ ᠪᠠᠢᠭ᠎ᠠ ᠶ᠋ᠢ ᠰᠠᠨᠠᠵᠤ ᠶᠠᠪᠤᠭᠠᠷᠠᠢ᠃ ᠠᠷᠠᠳ ᠲᠦᠮᠡᠨ ᠦ᠌ ᠡᠨᠡ ᠰᠠᠢᠬᠠᠨ ᠨᠠᠢᠷᠠᠮᠳᠠᠯ ᠢ᠋ ᠬᠡᠵᠢᠶ᠎ᠡ ᠢᠮᠠᠭᠲᠠ ᠰᠠᠨᠠᠵᠤ ᠶᠠᠪᠤᠭᠠᠷᠠᠢ᠃ ᠢᠳᠡᠷ ᠵᠠᠯᠠᠭᠤ ᠶ᠋ᠢᠨ ᠴᠣᠭ ᠪᠠᠳᠠᠷᠠᠭᠰᠠᠨ ᠲᠠ ᠪᠦᠭᠦᠳᠡ ᠶ᠋ᠢᠨ ᠰᠡᠳᠬᠢᠯ ᠳ᠋ᠦ᠍ ᠠᠷᠠᠳ ᠲᠦᠮᠡᠨ ᠦ᠌ ᠡᠨᠡ ᠡᠷᠬᠢᠮ ᠨᠠᠢᠷᠠᠮᠳᠠᠯ ᠡᠭᠦᠷᠢᠳᠡ ᠰᠢᠩᠬᠡᠭ᠃
ᠬᠣᠵᠢᠮ ᠬᠣᠢᠨ᠎ᠠ᠂ ᠲᠠ ᠪᠦᠬᠦᠨ ᠥᠰᠴᠦ ᠲᠣᠷᠨᠢᠭᠠᠳ᠂ ᠡᠷᠳᠡᠮ ᠨᠣᠮ ᠤ᠋ᠨ ᠶᠡᠬᠡ ᠶ᠋ᠢ ᠰᠤᠷᠤᠭᠠᠳ᠂ ᠠᠯᠳᠠᠷ ᠲᠠᠢ ᠶᠡᠬᠡ ᠡᠷᠳᠡᠮᠲᠡᠨ᠂ ᠲᠥᠷᠥ ᠶ᠋ᠢᠨ ᠶᠡᠬᠡ ᠵᠢᠳᠬᠦᠯᠲᠡᠨ ᠪᠣᠯᠪᠠᠯ᠂ ᠥᠴᠦᠬᠡᠨ ᠮᠠᠭᠤ ᠪᠠᠭᠰᠢ ᠨᠠᠷ ᠪᠢᠳᠡᠨ ᠢ᠋ᠶ᠋ᠡᠨ ᠮᠠᠷᠲᠠᠯ ᠦᠭᠡᠢ ᠳᠤᠷᠠᠳᠤᠨ ᠰᠠᠨᠠᠵᠤ ᠶᠠᠪᠤᠭᠠᠷᠠᠢ᠃ ᠳᠣᠣᠷᠠᠲᠤ ᠪᠠᠭ᠎ᠠ᠂ ᠡᠭᠡᠯ ᠵᠢᠷ ᠦ᠋ᠨ ᠬᠥᠮᠦᠨ ᠢ᠋ ᠬᠡᠵᠢᠶᠡᠳᠡ ᠰᠡᠳᠬᠢᠯ ᠳ᠋ᠡᠭᠡᠨ( ᠳ᠋ᠦ᠍ ᠪᠡᠨ) ᠪᠣᠳᠣᠵᠤ ᠶᠠᠪᠤᠭᠠᠷᠠᠢ ᠲᠠ ᠮᠢᠨᠢ᠂ ᠲᠠ ᠪᠦᠭᠦᠳᠡ ᠶ᠋ᠢᠨ ᠰᠡᠳᠬᠢᠯ ᠵᠢᠷᠦᠬᠡᠨ ᠳ᠋ᠦ᠍ ᠪᠠᠯᠠᠷ ᠬᠠᠭᠤᠴᠢᠨ ᠤ᠋ ᠪᠠᠯ ᠵᠢᠪᠡ ᠪᠣᠯᠤᠭᠰᠠᠨ ᠠᠲᠠᠭ᠎ᠠ ᠵᠢᠲᠥᠭᠡ᠂ ᠵᠢᠰᠤᠷ ᠪᠢᠯᠳᠠᠤ ᠬᠡᠵᠢᠶ᠎ᠡ ᠴᠦ᠍ ᠪᠦᠦ ᠬᠠᠯᠳᠠᠭ᠃ ᠲᠠᠨ ᠤ᠋ ᠠᠮᠠᠨ ᠠ᠋ᠴᠠ ᠲᠡᠢᠮᠦ ᠪᠤᠵᠠᠷ ᠪᠣᠯᠠᠢ ᠦᠭᠡ ᠬᠡᠵᠢᠶ᠎ᠡ ᠴᠦ᠍ ᠪᠦᠦ ᠭᠠᠷᠤᠭ! ᠭᠡᠵᠦ ᠬᠡᠯᠡᠬᠦ ᠳ᠋ᠦ᠍ᠨᠢ( ᠳ᠋ᠦ᠍ ᠨᠢ)᠂ ᠠᠷᠢᠭᠤᠨ ᠴᠠᠭᠠᠨ ᠰᠡᠳᠬᠢᠯ ᠲᠡᠢ ᠮᠠᠯᠴᠢᠨ ᠠᠷᠠᠳ ᠤ᠋ᠳ᠂ ᠵᠠᠩ ᠱᠢ ᠶ᠋ᠢᠨ ᠦᠨᠡᠨ ᠰᠡᠳᠬᠢᠯ ᠦ᠋ᠨ ᠲᠥᠪ ᠡᠴᠡ ᠭᠠᠷᠤᠭᠰᠠᠨ ᠲᠡᠷᠡ ᠰᠢᠳᠤᠷᠭᠤ ᠰᠠᠢᠬᠠᠨ ᠵᠠᠬᠢᠶ᠎ᠠ ᠦᠭᠡ ᠶ᠋ᠢ ᠰᠣᠨᠣᠰᠴᠤ᠂ ᠶᠡᠬᠡᠯ᠎ᠡ( ᠶᠡᠬᠡ ᠯᠡ) ᠪᠠᠬᠠᠳᠤᠨ ᠲᠦᠮᠡᠨ ᠵᠦᠢᠲᠡᠢ ᠰᠠᠢᠬᠠᠨ ᠦᠭᠡ ᠭᠡᠵᠦ ᠱᠤᠤᠭᠢᠯᠳᠤᠨ᠂ ᠨᠢᠵᠢᠭᠢᠨᠡᠲᠡᠯ᠎ᠡ ᠠᠯᠠᠭ᠎ᠠ ᠲᠠᠰᠢᠵᠠᠭᠠᠵᠠᠢ᠃ ᠨᠠᠰᠤᠨᠪᠠᠲᠤ ᠰᠠᠭᠤᠳᠠᠯ ᠠ᠋ᠴᠠ ᠪᠠᠨ ᠪᠣᠰᠤᠭᠠᠳ᠂ ᠣᠯᠠᠨ ᠤ᠋ ᠵᠦᠭ ᠬᠠᠨᠳᠤᠵᠤ᠂
— ᠮᠠᠨ ᠤ᠋ ᠰᠤᠷᠭᠠᠭᠤᠯᠢ ᠶ᠋ᠢᠨ ᠲᠠᠩᠬᠢᠮ ᠢ᠋ ᠪᠤᠰᠬᠠᠨ ᠪᠦᠲᠦᠭᠡᠬᠦ ᠳ᠋ᠦ᠍ ᠲᠤᠰᠠᠯᠠᠯᠴᠠᠵᠤ ᠪᠠᠢᠭᠰᠠᠨ ᠪᠢᠳᠡ ᠪᠦᠭᠦᠳᠡ ᠶ᠋ᠢᠨ ᠳᠣᠲᠣᠨᠣ ᠡᠯᠢᠭᠡᠨ ᠵᠣᠴᠢᠨ ᠢᠸᠠᠨ ᠡᠪᠦᠭᠡᠨ ᠠᠪᠤ ᠨᠤᠲᠤᠭ ᠤᠯᠤᠰ ᠲᠠᠭᠠᠨ( ᠲᠤ ᠪᠠᠨ) ᠪᠤᠴᠠᠬᠤ ᠪᠣᠯᠵᠤ᠂ ᠪᠢᠳᠡᠨ ᠲᠡᠢ ᠰᠠᠯᠬᠤ ᠶᠣᠰᠣ ᠬᠢᠬᠦ ᠭᠡᠵᠦ ᠬᠦᠷᠴᠦ ᠢᠷᠡᠯ᠎ᠡ᠃ ᠢ ᠡᠪᠦᠭᠡᠨ ᠠᠪᠤ ᠳ᠋ᠠᠭᠠᠨ( ᠳ᠋ᠤ᠌ ᠪᠠᠨ) ᠦᠨᠡᠨ ᠰᠡᠳᠬᠢᠯ ᠡᠴᠡ ᠪᠡᠨ ᠠᠴᠢ ᠶ᠋ᠢ ᠨᠢ ᠪᠠᠬᠠᠳᠤᠨ ᠲᠠᠯᠠᠷᠬᠠᠵᠤ᠂ ᠵᠥᠪᠯᠡᠯᠲᠦ ᠡᠬᠡ ᠨᠤᠲᠤᠭ ᠡᠩᠬᠡ ᠤᠯᠤᠰ ᠲᠠᠭᠠᠨ( ᠲᠤ ᠪᠠᠨ) ᠠᠷᠢᠭᠤᠨ ᠴᠠᠭᠠᠨ ᠠᠵᠢᠯ ᠢ᠋ᠶ᠋ᠠᠷ ᠢ᠋ᠶ᠋ᠠᠨ ᠪᠠᠳᠠᠷᠠᠨ ᠮᠠᠨᠳᠤᠬᠤ ᠦᠢᠯᠡᠰ ᠲᠤᠨᠢ( ᠲᠤ ᠨᠢ) ᠨᠡᠮᠡᠷᠢᠯᠡᠵᠦ᠂ ᠤᠷᠲᠤ ᠨᠠᠰᠤᠯᠠᠵᠤ ᠤᠳᠠᠭᠠᠨ ᠵᠢᠳᠬᠦᠬᠦ ᠶ᠋ᠢᠨ ᠢᠷᠦᠭᠡᠯ ᠳᠡᠪᠰᠢᠭᠦᠯᠦᠶ᠎ᠡ᠃ ᠬᠡᠦᠬᠡᠳ ᠠ᠋᠂ ᠮᠠᠨ ᠤ᠋ ᠠᠷᠠᠳ ᠲᠦᠮᠡᠨ ᠦ᠌ ᠤᠳᠤᠷᠢᠳᠤᠭᠴᠢ ᠰᠦᠬᠡᠪᠠᠭᠠᠲᠤᠷ᠂ ᠴᠣᠢᠪᠠᠯᠰᠠᠩ᠂ ᠤᠯᠤᠰ ᠲᠦᠮᠡᠨ ᠦ᠌ ᠪᠡᠨ ᠬᠤᠪᠢ ᠵᠠᠶᠠᠭ᠎ᠠ ᠶ᠋ᠢ ᠬᠣᠯᠪᠣᠭᠠᠲᠤ ᠶᠡᠬᠡ ᠤᠯᠤᠰ ᠤ᠋ᠨ ᠬᠤᠪᠢ ᠵᠠᠶᠠᠭ᠎ᠠ ᠲᠠᠢ ᠡᠭᠦᠷᠢᠳᠡ ᠬᠣᠯᠪᠣᠭᠰᠠᠨ ᠪᠢᠯᠡ᠃ ᠲᠡᠭᠦᠨ ᠢ᠋ ᠪᠦᠦ ᠮᠠᠷᠲᠠᠭᠲᠤᠨ᠃ ᠡᠨᠡ ᠳᠥᠷᠪᠡᠨ ᠵᠢᠯ ᠳ᠋ᠦ᠍ ᠪᠢᠳᠡ ᠥᠪᠡᠷᠰᠡᠳ ᠦ᠋ᠨ ᠮᠡᠳᠡᠯᠭᠡ ᠨᠢᠮᠭᠡᠨ ᠤᠴᠢᠷ ᠠ᠋ᠴᠠ ᠲᠠ ᠪᠦᠬᠦᠨ ᠳ᠋ᠦ᠍ ᠣᠷᠣᠰ ᠬᠡᠯᠡ ᠵᠢᠭᠠᠨ ᠰᠤᠷᠭᠠᠵᠤ ᠴᠢᠳᠠᠭᠰᠠᠨ ᠦᠭᠡᠢ᠃ ᠲᠡᠭᠡᠪᠡᠴᠦ᠂ ᠲᠠ ᠪᠦᠬᠦᠨ ᠣᠷᠣᠰ ᠬᠡᠯᠡ ᠶ᠋ᠢ ᠦᠯᠡᠮᠵᠢ ᠶ᠋ᠢᠨ ᠶᠡᠬᠡ ᠰᠣᠶᠣᠯ ᠤ᠋ᠨ ᠬᠡᠯᠡ ᠮᠥᠨ ᠦ᠌ ᠤᠴᠢᠷ ᠵᠠᠪᠠᠯ ᠰᠤᠷᠬᠤ ᠶ᠋ᠢ ᠬᠢᠴᠢᠶᠡᠭᠡᠷᠡᠢ᠃ ᠣᠷᠣᠰ ᠬᠡᠯᠡᠨ ᠳ᠋ᠦ᠍ ᠬᠡᠴᠢᠨᠡᠨ ᠰᠠᠢᠨ ᠪᠣᠯᠬᠤ ᠳᠤᠰᠤᠮ᠎ᠠ᠂ ᠥᠪᠡᠷ ᠦ᠋ᠨ ᠢ᠋ᠶ᠋ᠡᠨ ᠦᠨᠳᠦᠰᠦᠨ ᠦ᠌ ᠮᠣᠩᠭᠣᠯ ᠬᠡᠯᠡᠨ ᠳ᠋ᠦ᠍ ᠤᠯᠠᠮᠬᠠᠨ ᠰᠠᠢᠨ ᠪᠣᠯᠬᠤ ᠤᠴᠢᠷ ᠢ᠋ ᠰᠠᠨᠠᠵᠤ ᠶᠠᠪᠤᠭᠠᠷᠠᠢ᠃
ᠮᠠᠨ ᠤ᠋ ᠬᠣᠶᠠᠷ ᠤᠯᠤᠰ ᠤ᠋ᠨ ᠠᠬ᠎ᠠ ᠳᠡᠭᠦᠦ ᠶ᠋ᠢᠨ ᠨᠠᠢᠷᠠᠮᠳᠠᠯ ᠮᠠᠨᠳᠤᠲᠤᠭᠠᠢ! ᠵᠥᠪᠯᠡᠯ ᠦ᠋ᠨ ᠵᠠᠰᠠᠭᠲᠤ ᠬᠣᠯᠪᠣᠭᠠᠲᠤ ᠤᠯᠤᠰ ᠪᠠᠳᠠᠷᠠᠨ ᠮᠠᠨᠳᠤᠲᠤᠭᠠᠢ! ᠭᠡᠳ ᠢ ᠡᠪᠦᠭᠡᠨ ᠦ᠌ ᠵᠦᠭ ᠮᠡᠬᠦᠢᠨ ᠶᠣᠰᠣᠯᠠᠬᠤ ᠳ᠋ᠤ᠌᠂ ᠲᠠᠩᠬᠢᠮ ᠳᠦᠭᠦᠷᠡᠩ ᠰᠠᠭᠤᠭᠰᠠᠳ ᠠᠯᠠᠭ᠎ᠠ ᠨᠢᠵᠢᠭᠢᠨᠡᠲᠡᠯ᠎ᠡ ᠲᠠᠰᠢᠵᠠᠭᠠᠵᠤ᠂ ᠪᠠᠭᠠᠴᠤᠤᠯ ᠢ ᠡᠪᠦᠭᠡᠨ ᠠᠪᠤ᠂ ᠪᠢᠳᠡᠨ ᠢ᠋ ᠪᠡᠨ ᠪᠦᠦ ᠮᠠᠷᠲᠠᠭᠠᠷᠠᠢ! ᠡᠷᠭᠢᠵᠦ ᠢᠷᠡᠭᠡᠷᠡᠢ! ᠭᠡᠵᠦ ᠬᠠᠰᠬᠢᠷᠤᠯᠳᠤᠯ᠎ᠠ᠃ ᠡᠪᠦᠭᠡᠨ ᠢᠸᠠᠨ ᠰᠡᠳᠬᠢᠯ ᠨᠢ ᠬᠥᠳᠡᠯᠵᠦ᠂ ᠰᠠᠭᠤᠳᠠᠯ ᠠ᠋ᠴᠠ ᠪᠠᠨ ᠪᠣᠰᠤᠭᠠᠳ᠂ ᠦᠨᠡᠨ ᠰᠠᠨᠠᠭ᠎ᠠ ᠠ᠋ᠴᠠ ᠪᠠᠨ ᠪᠠᠶᠠᠷᠯᠠᠯ᠎ᠠ! ᠭᠡᠵᠦ ᠮᠡᠬᠦᠢᠨ ᠶᠣᠰᠣᠯᠠᠬᠤ ᠳ᠋ᠤᠨᠢ( ᠳ᠋ᠤ᠌ ᠨᠢ) ᠪᠦᠭᠦᠳᠡᠭᠡᠷ ᠠᠯᠠᠭ᠎ᠠ ᠲᠠᠰᠢᠯᠠ᠃ ᠣᠯᠠᠨ ᠤ᠋ ᠪᠠᠬᠠᠷᠬᠠᠨ ᠬᠥᠭᠵᠢᠯᠳᠦᠵᠦ᠂ ᠠᠯᠠᠭ᠎ᠠ ᠲᠠᠰᠢᠬᠤ ᠴᠢᠮᠡᠭᠡ ᠨᠠᠮᠳᠠᠮᠠᠭᠴᠠ᠂ ᠨᠠᠰᠤᠨᠪᠠᠲᠤ ᠪᠣᠰᠴᠤ᠂ ᠣᠳᠣ ᠪᠦᠬᠦ ᠲᠡᠭᠦᠰᠬᠦ ᠰᠤᠷᠤᠭᠴᠢ ᠶ᠋ᠢᠨ ᠡᠮᠦᠨ᠎ᠡ ᠡᠴᠡ ᠣᠨᠴᠠ ᠰᠤᠷᠤᠯᠭ᠎ᠠ ᠲᠠᠢ ᠣᠳᠰᠠᠷᠵᠠᠨᠮᠠ ᠪᠠᠶᠠᠷ ᠤ᠋ᠨ ᠦᠭᠡ ᠬᠡᠯᠡᠨ᠎ᠡ ᠭᠡᠵᠦ ᠰᠣᠨᠣᠰᠬᠠᠯᠠ᠃ ᠴᠡᠪᠡᠷᠬᠡᠨ ᠭᠡᠭᠴᠢ ᠶ᠋ᠢᠨ ᠬᠠᠷ᠎ᠠ ᠬᠥᠬᠡ ᠳᠡᠪᠡᠯ ᠲᠡᠢ᠂ ᠬᠦᠵᠦᠭᠦᠨ ᠳ᠋ᠡᠭᠡᠨ ( ᠳ᠋ᠦ᠍ ᠪᠡᠨ) ᠫᠢᠣᠨᠧᠷ ᠦ᠋ᠨ ᠤᠯᠠᠭᠠᠨ ᠪᠦᠴᠡ ᠵᠡᠭᠦᠭᠰᠡᠨ᠂ ᠲᠡᠭᠰᠢ ᠰᠠᠢᠬᠠᠨ ᠪᠡᠶ᠎ᠡ᠂ ᠴᠢᠯᠭᠡᠷ ᠰᠠᠢᠬᠠᠨ ᠨᠢᠷᠤᠭᠤ ᠲᠠᠢ ᠲᠡᠷᠡ ᠥᠬᠢᠨ ᠶᠡᠨᠳᠡᠷ ᠳᠡᠭᠡᠷ᠎ᠡ ᠱᠠᠯᠠᠮᠠᠭᠠᠢᠯᠠᠨ ᠭᠠᠷᠴᠤ᠂ ᠰᠡᠳᠬᠢᠯ ᠨᠢ ᠬᠥᠳᠡᠯᠦᠨ᠂ ᠬᠠᠴᠠᠷ ᠨᠢ ᠤᠯᠠᠢᠵᠤ᠂ ᠭᠡᠨᠡᠳᠲᠡ ᠬᠥᠮᠦᠨ ᠦ᠌ ᠰᠠᠨᠠᠭᠠᠨ ᠳ᠋ᠤ᠌ ᠤᠷᠤᠰᠢ ᠦᠭᠡᠢ ᠥᠨᠳᠥᠷ ᠰᠠᠢᠬᠠᠨ ᠳᠠᠭᠤ ᠪᠠᠷ ᠲᠣᠪᠴᠢ ᠪᠠᠶᠠᠷ ᠬᠦᠷᠭᠡᠵᠦ᠂
— ᠡᠨᠡ ᠰᠤᠷᠭᠠᠭᠤᠯᠢ ᠶ᠋ᠢ ᠠᠩᠬ᠎ᠠ ᠲᠡᠭᠦᠰᠬᠡᠭᠰᠡᠨ ᠪᠦᠬᠦ ᠰᠤᠷᠤᠭᠴᠢᠳ ᠤ᠋ᠨ ᠡᠮᠦᠨ᠎ᠡ ᠡᠴᠡ ᠮᠢᠨᠦ ᠪᠡᠶ᠎ᠡ ᠠᠴᠢᠲᠤ ᠪᠠᠭᠰᠢ ᠲᠠ ᠪᠦᠬᠦᠨ ᠳ᠋ᠡᠭᠡᠨ( ᠳ᠋ᠦ᠍ ᠪᠡᠨ)᠂ ᠲᠡᠷᠡᠴᠢᠯᠡᠨ ᠪᠢᠳᠡᠨ ᠦ᠌ ᠡᠷᠳᠡᠮ ᠨᠣᠮ ᠰᠤᠷᠴᠤ᠂ ᠠᠷᠠᠳ ᠲᠦᠮᠡᠨ ᠦ᠌ ᠲᠤᠰᠠ ᠶ᠋ᠢᠨ ᠲᠤᠯᠠᠳᠠ ᠦᠨᠡᠨ ᠰᠡᠳᠬᠢᠯ ᠢ᠋ᠶ᠋ᠡᠷ ᠵᠢᠳᠬᠦᠬᠦ ᠪᠠᠬᠠᠲᠠᠢ ᠰᠠᠢᠬᠠᠨ ᠵᠠᠮ ᠢ᠋ ᠨᠡᠭᠡᠭᠡᠵᠦ ᠥᠭᠭᠦᠭᠰᠡᠨ ᠠᠷᠠᠳ ᠤ᠋ᠨ ᠢ᠋ᠶ᠋ᠠᠨ ᠬᠤᠪᠢᠰᠬᠠᠯᠲᠤ ᠨᠠᠮ᠂ ᠠᠷᠠᠳ ᠤ᠋ᠨ ᠢ᠋ᠶ᠋ᠠᠨ ᠭᠡᠭᠡᠨ ᠵᠠᠰᠠᠭ ᠲᠤ᠌ ᠦᠨᠡᠨ ᠵᠢᠷᠦᠬᠡᠨ ᠡᠴᠡ ᠪᠡᠨ ᠭᠠᠢᠬᠠᠮᠰᠢᠭᠲᠤ ᠶᠡᠬᠡ ᠠᠴᠢ ᠶ᠋ᠢ ᠨᠢ ᠳᠤᠷᠠᠳᠴᠤ᠂ ᠴᠢᠩ ᠰᠡᠳᠬᠢᠯ ᠦ᠋ᠨ ᠪᠠᠶᠠᠷ ᠬᠦᠷᠭᠡᠶ᠎ᠡ᠃ ᠠᠴᠢᠲᠤ ᠪᠠᠭᠰᠢ᠂ ᠠᠪᠤ ᠡᠵᠢ᠂ ᠬᠦᠨᠳᠦᠲᠦ ᠵᠣᠴᠢᠳ ᠲᠠ ᠪᠦᠬᠦᠨ ᠦ᠌ ᠡᠮᠦᠨ᠎ᠡ ᠨᠥᠬᠥᠳ ᠦ᠋ᠨ ᠢ᠋ᠶ᠋ᠡᠨ ᠰᠢᠳᠤᠷᠭᠤ ᠴᠢᠩ ᠰᠠᠨᠠᠭ᠎ᠠ ᠶ᠋ᠢ ᠪᠠᠲᠤᠯᠠᠨ ᠬᠡᠯᠡᠪᠡᠰᠦ᠂ ᠪᠢᠳᠡ ᠣᠳᠣ ᠬᠦᠷᠲᠡᠯ᠎ᠡ ᠰᠠᠢᠨ᠂ ᠣᠨᠴᠠ ᠰᠠᠢᠨ ᠰᠤᠷᠤᠯᠴᠠᠭᠠᠳ᠂ ᠤᠯᠤᠰ ᠠᠷᠠᠳ ᠤ᠋ᠨ ᠠᠵᠢᠯ ᠬᠢᠬᠦ ᠳ᠋ᠡᠭᠡᠨ ( ᠳ᠋ᠦ᠍ ᠪᠡᠨ )ᠮᠥᠨ ᠰᠠᠢᠨ᠂ ᠣᠨᠴᠠ ᠰᠠᠢᠨ ᠠᠵᠢᠯᠯᠠᠬᠤ ᠶ᠋ᠢ ᠪᠠᠲᠤᠯᠠᠨ᠎ᠠ! ᠠᠴᠢᠲᠤ ᠪᠠᠭᠰᠢ᠂ ᠠᠪᠤ ᠡᠵᠢ᠂ ᠵᠣᠴᠢᠳ ᠲᠠ ᠪᠦᠬᠦᠨ ᠦ᠌ ᠬᠠᠢᠷ᠎ᠠ ᠬᠠᠯᠠᠮᠵᠢᠲᠤ ᠰᠠᠨᠠᠭ᠎ᠠ ᠶ᠋ᠢ ᠪᠢᠳᠡ ᠬᠡᠷᠬᠢᠪᠡᠴᠦ ᠭᠤᠲᠤᠭᠠᠬᠤ ᠦᠭᠡᠢ! ᠠᠴᠢᠲᠤ ᠪᠠᠭᠰᠢ ᠵᠠᠩ ᠱᠢ ᠶ᠋ᠢᠨ ᠰᠤᠷᠭᠠᠯ ᠵᠠᠬᠢᠶ᠎ᠠ ᠶ᠋ᠢ ᠬᠡᠵᠢᠶ᠎ᠡ ᠴᠦ᠍ ᠮᠠᠷᠲᠠᠬᠤ ᠦᠭᠡᠢ᠂ ᠫᠢᠣᠨᠧᠷ ᠦ᠋ᠨ ᠪᠠᠲᠤᠯᠠᠭ᠎ᠠ! ᠭᠡᠵᠦ ᠭᠠᠷ ᠢ᠋ᠶ᠋ᠠᠨ ᠡᠷᠭᠦᠭᠰᠡᠨ ᠳ᠋ᠦ᠍᠂ ᠬᠤᠷᠠᠭᠰᠠᠨ ᠣᠯᠠᠨ ᠪᠦᠬᠦᠨ ᠨᠢᠵᠢᠭᠢᠨᠡᠲᠡᠯ᠎ᠡ ᠠᠯᠠᠭ᠎ᠠ ᠲᠠᠰᠢᠵᠠᠭᠠᠯᠠ᠃
ᠴᠢᠮᠡᠭᠡ ᠨᠠᠮᠳᠠᠬᠤ ᠶ᠋ᠢ ᠬᠦᠯᠢᠶᠡᠭᠡᠳ᠂ ᠲᠡᠷᠢᠭᠦᠯᠡᠭᠴᠢᠳ ᠦ᠋ᠨ ᠵᠦᠭ ᠬᠠᠨᠳᠤᠵᠤ᠂
— ᠪᠢᠳᠡ ᠠᠴᠢᠲᠤ ᠪᠠᠭᠰᠢ ᠲᠠ ᠨᠠᠷ ᠲᠠᠭᠠᠨ( ᠲᠦ ᠪᠠᠨ)᠂ ᠬᠤᠷᠠᠯ ᠤ᠋ᠨ ᠲᠡᠷᠢᠭᠦᠯᠡᠭᠴᠢᠳ ᠦ᠋ᠨ ᠰᠢᠷᠡᠭᠡᠨ ᠳ᠋ᠦ᠍ ᠰᠠᠭᠤᠵᠤ ᠪᠠᠢᠭ᠎ᠠ ᠬᠦᠨᠳᠦᠲᠦ ᠵᠣᠴᠢᠳ ᠲᠠᠭᠠᠨ( ᠲᠤ ᠪᠠᠨ) ᠥᠪᠡᠷᠰᠡᠳ ᠦ᠋ᠨ ᠭᠠᠷ ᠢ᠋ᠶ᠋ᠠᠷ ᠪᠦᠲᠦᠭᠡᠭᠰᠡᠨ ᠥᠴᠦᠬᠡᠨ ᠪᠡᠯᠡᠭ ᠳᠤᠷᠠᠰᠬᠠᠯ ᠪᠣᠯᠭᠠᠨ ᠪᠠᠷᠢᠬᠤ ᠶ᠋ᠢ ᠬᠦᠰᠡᠨ᠎ᠡ ᠭᠡᠵᠦ ᠬᠡᠯᠡᠩᠭᠦᠲᠡ᠂ ᠬᠥᠩᠭᠡᠨ ᠱᠠᠯᠠᠮᠠᠭᠠᠢ ᠠᠯᠬᠤᠮ ᠢ᠋ᠶ᠋ᠠᠷ ᠲᠠᠢᠰᠠᠨ ᠳᠡᠭᠡᠷ᠎ᠡ ᠡᠴᠡ ᠪᠠᠭᠤᠵᠤ᠂ ᠵᠠᠩ ᠱᠢ ᠪᠠᠭᠰᠢ ᠶ᠋ᠢᠨ ᠳᠡᠷᠭᠡᠳᠡ ᠬᠦᠷᠴᠦ ᠢᠷᠡᠭᠡᠳ ᠪᠠᠭᠰᠢ ᠶ᠋ᠢ ᠪᠡᠨ ᠲᠡᠪᠡᠷᠢᠨ ᠦᠨᠦᠰᠴᠦ ᠡᠪᠦᠷ ᠡᠴᠡ ᠪᠡᠨ ᠨᠢᠭᠡ ᠪᠢᠴᠢᠬᠠᠨ ᠪᠣᠭᠣᠳᠠᠯ ᠲᠠᠢ ᠶᠠᠭᠤᠮ᠎ᠠ ᠭᠠᠷᠭᠠᠭᠠᠳ᠂ ᠳᠡᠯᠭᠡᠵᠦ ᠪᠠᠷᠢᠭᠰᠠᠨ ᠨᠢ ᠬᠠᠢᠷᠠᠲᠤ ᠪᠠᠭᠰᠢ ᠳ᠋ᠠᠭᠠᠨ( ᠳ᠋ᠤ᠌ ᠪᠠᠨ) ᠪᠡᠯᠡᠭ ᠪᠠᠷᠢᠬᠤ ᠭᠡᠵᠦ ᠲᠡᠭᠦᠰᠬᠡᠬᠦ ᠠᠩᠭᠢ ᠶ᠋ᠢᠨ ᠬᠡᠳᠦᠨ ᠪᠦᠰᠡᠭᠦᠢ ᠰᠤᠷᠤᠭᠴᠢ ᠶ᠋ᠢᠨ ᠰᠠᠮ ᠤᠷᠠᠯᠠᠵᠤ᠂ ᠲᠠᠪᠤᠨ ᠥᠩᠭᠡ ᠶ᠋ᠢᠨ ᠤᠲᠠᠰᠤ ᠪᠠᠷ ᠬᠠᠳᠬᠤᠮᠠᠯᠯᠠᠭᠰᠠᠨ ᠦᠰᠦᠨ ᠦ᠌ ᠪᠣᠭᠣᠯᠲᠠ ᠲᠣᠷᠭᠠᠨ ᠠᠯᠴᠢᠭᠤᠷ ᠪᠠᠢᠵᠠᠢ᠃
ᠬᠡᠰᠡᠭ ᠰᠤᠷᠤᠭᠴᠢ ᠲᠠᠢᠰᠠᠨ ᠳᠡᠭᠡᠷ᠎ᠡ ᠭᠠᠷᠴᠤ ᠢᠷᠡᠭᠡᠳ᠂ ᠬᠠᠳᠬᠤᠮᠠᠯ ᠣᠶᠣᠭᠰᠠᠨ᠂ ᠵᠣᠷᠴᠤ ᠰᠡᠢᠯᠦᠭᠰᠡᠨ ᠵᠡᠷᠭᠡ ᠶᠠᠭᠤᠮ᠎ᠠ ᠶ᠋ᠢ ᠪᠡᠯᠡᠭ ᠪᠠᠷᠢᠭᠰᠠᠨ᠂ ᠡᠭᠦᠨ ᠳ᠋ᠦ᠍ ᠣᠳᠰᠠᠷᠵᠠᠨᠮᠠ ᠠᠮᠠ ᠴᠠᠭᠠᠨ ᠲᠣᠷᠭᠠᠨ ᠳᠡᠭᠡᠷ᠎ᠡ ᠵᠥᠪᠯᠡᠯᠲᠦ ᠬᠣᠯᠪᠣᠭᠠᠲᠤ ᠤᠯᠤᠰ ᠤ᠋ᠨ ᠰᠦᠯᠳᠡ ᠲᠡᠮᠳᠡᠭ ᠢ᠋ ᠮᠠᠰᠢ ᠰᠠᠢᠬᠠᠨ ᠢ᠋ᠶ᠋ᠠᠷ ᠤᠷᠠᠯᠠᠨ ᠬᠠᠳᠬᠤᠮᠠᠯᠯᠠᠭᠰᠠᠨ ᠢ᠋ᠶ᠋ᠠᠨ ᠤᠯᠠᠭᠠᠨ ᠴᠡᠷᠢᠭ ᠦ᠋ᠨ ᠳᠠᠷᠤᠭ᠎ᠠ ᠮᠢᠱ᠍ᠢᠭ᠌ ᠲᠦ᠍ ᠪᠡᠯᠡᠭ ᠪᠠᠷᠢᠵᠠᠢ᠃ ᠪᠠᠲᠤ ᠵᠣᠷᠴᠤ ᠰᠡᠢᠯᠦᠭᠰᠡᠨ ᠮᠣᠷᠢ ᠪᠠᠨ ᠰᠠᠢᠳ ᠠᠪᠤᠭᠠᠢ ᠳ᠋ᠤ᠌ ᠪᠡᠯᠡᠭ ᠪᠣᠯᠭᠠᠯ᠎ᠠ᠃
ᠡᠪᠦᠭᠡᠨ ᠪᠠᠲᠤᠪᠠᠶᠠᠷ᠂ ᠴᠣᠯᠮᠣᠨ ᠤ᠋ ᠭᠠᠷ ᠠ᠋ᠴᠠ ᠲᠡᠭᠦᠨ ᠦ᠌ ᠬᠠᠳᠬᠤᠮᠠᠯᠯᠠᠨ ᠬᠢᠭᠰᠡᠨ ᠬᠥᠬᠦᠦᠷ ᠦ᠋ᠨ ᠰᠠᠪᠠ᠂ ᠳᠣᠲᠣᠷ᠎ᠠ ᠨᠢ ᠬᠢᠭᠰᠡᠨ ᠮᠥᠩᠭᠥᠨ ᠵᠣᠭᠣᠰᠤᠨ ᠤ᠋ ᠬᠠᠮᠲᠤ ᠠᠪᠴᠤ᠂ ᠮᠣᠩᠭᠣᠯ ᠵᠠᠩᠰᠢᠯ ᠢ᠋ᠶ᠋ᠠᠷ ᠲᠣᠪᠴᠢᠬᠠᠨ ᠢᠷᠥᠭᠡᠵᠦ᠂
《 ᠵᠠ ᠬᠡᠦᠬᠡ ᠤᠷᠲᠤ ᠨᠠᠰᠤᠲᠠᠢ᠂
《ᠤᠳᠠᠭᠠᠨ ᠵᠢᠷᠭᠠᠯᠲᠠᠢ ᠪᠣᠯᠤᠭᠠᠷᠠᠢ!
《ᠡᠷᠳᠡᠮ ᠨᠣᠮ ᠶᠡᠬᠡᠳᠡ ᠰᠤᠷᠴᠤ᠂
《ᠡᠩᠬᠡ ᠲᠦᠮᠡᠨ ᠳ᠋ᠡᠭᠡᠨ( ᠳ᠋ᠦ᠍ ᠪᠡᠨ) ᠪᠡᠶᠡᠰᠦᠨ ᠵᠢᠳᠬᠦᠭᠡᠷᠡᠢ》 ᠬᠡᠮᠡᠭᠰᠡᠨ ᠳ᠋ᠦ᠍ ᠴᠣᠯᠮᠣᠨ᠂
《ᠢᠷᠦᠭᠡᠯ ᠪᠠᠲᠤ ᠣᠷᠣᠰᠢᠬᠤ ᠪᠣᠯᠲᠤᠭᠠᠢ》 ᠭᠡᠵᠦ ᠬᠠᠷᠢᠭᠤᠯᠵᠠᠢ᠃
ᠲᠠᠩᠰᠤᠭ᠂ ᠰᠢᠷᠴᠢᠨ ᠲᠡᠢ ᠬᠡᠳᠦᠨ ᠦᠭᠡ ᠵᠥᠪᠯᠡᠨ ᠰᠢᠪᠡᠨᠡᠭᠡᠳ ᠪᠣᠰᠴᠤ ᠦᠭᠡ ᠬᠡᠯᠡᠬᠦ ᠵᠥᠪᠰᠢᠶᠡᠷᠡᠯ ᠭᠤᠶᠤᠵᠤ ᠶᠡᠨᠳᠡᠷ ᠰᠢᠷᠡᠭᠡᠨ ᠦ᠌ ᠠᠷᠤ ᠳ᠋ᠤ᠌ ᠵᠣᠭᠰᠣᠭᠠᠳ᠂ ᠣᠯᠠᠨ ᠰᠤᠷᠤᠭᠴᠢ᠂ ᠲᠡᠳᠡᠨ ᠦ᠌ ᠡᠬᠡ ᠡᠴᠢᠭᠡ ᠲᠠᠩᠬᠢᠮ ᠳᠦᠭᠦᠷᠡᠩ ᠬᠤᠷᠠᠯᠳᠤᠨ ᠰᠠᠭᠤᠵᠤ ᠪᠠᠢᠭ᠎ᠠ ᠶ᠋ᠢ ᠡᠷᠭᠢᠴᠡᠭᠦᠯᠦᠨ ᠬᠠᠷᠠᠭᠠᠳ᠂ ᠴᠢᠮᠡᠭᠡ ᠨᠠᠮ ᠭᠦᠮ ᠪᠣᠯᠤᠭᠰᠠᠨ ᠲᠠᠩᠬᠢᠮ ᠳ᠋ᠤ᠌ ᠠᠢᠪᠤᠩ ᠲᠠᠢᠪᠤᠩ ᠳᠠᠭᠤ ᠪᠠᠷ ᠲᠣᠳᠣᠬᠠᠨ ᠭᠡᠭᠴᠢ ᠪᠡᠷ ᠥᠭᠦᠯᠡᠷᠦᠨ᠂
— ᠡᠨᠡ ᠰᠠᠢᠬᠠᠨ ᠰᠤᠷᠭᠠᠭᠤᠯᠢ ᠶ᠋ᠢᠨ ᠲᠠᠩᠬᠢᠮ ᠳ᠋ᠤ᠌ ᠮᠢᠨᠦ ᠨᠢᠰᠤᠬᠠᠢ ᠪᠣᠷᠣ ᠬᠦᠦ ᠣᠷᠣᠵᠤ ᠰᠤᠷᠤᠯᠴᠠᠭᠠᠳ ᠣᠨᠴᠠ ᠰᠤᠷᠤᠯᠭ᠎ᠠ ᠲᠠᠢ ᠭᠡᠵᠦ ᠣᠯᠠᠨ ᠤ᠋ ᠡᠮᠦᠨ᠎ᠡ ᠨᠡᠷ᠎ᠡ ᠪᠡᠨ ᠳᠠᠭᠤᠳᠠᠭᠤᠯᠵᠠᠢ᠃ ᠡᠬᠡ ᠪᠣᠯᠤᠭᠰᠠᠨ ᠪᠢ ᠨᠢ ᠬᠡᠩᠬᠦᠳᠡᠭ ᠳᠦᠭᠦᠷᠡᠩ ᠪᠠᠶᠠᠷᠯᠠᠩᠬᠠᠨ ᠬᠠᠩᠬᠠᠯᠵᠠᠵᠤ᠂ ᠮᠢᠨᠦ ᠠᠳᠠᠯᠢ ᠰᠠᠷᠠᠭᠤᠯ ᠰᠠᠢᠬᠠᠨ ᠪᠠᠶᠠᠷ ᠪᠠᠬᠠᠳᠤᠯ ᠲᠡᠭᠦᠯᠳᠡᠷ ᠲᠠ ᠪᠦᠭᠦᠳᠡ ᠶ᠋ᠢᠨ ᠡᠮᠦᠨ᠎ᠡ ᠦᠭᠡ ᠬᠡᠯᠡᠨ᠎ᠡ ᠭᠡᠵᠦ ᠳᠥᠷᠪᠡᠨ ᠵᠢᠯ ᠦ᠋ᠨ ᠡᠮᠦᠨ᠎ᠡ ᠮᠢᠨᠦ ᠵᠡᠭᠦᠳᠦ ᠵᠦᠩ ᠳ᠋ᠦ᠍ ᠴᠦ᠍ ᠣᠷᠣᠭᠰᠠᠨ ᠦᠭᠡᠢ ᠪᠢᠯᠡ ᠯᠠ᠃
ᠥᠩᠭᠡᠷᠡᠭᠰᠡᠨ ᠢ᠋ᠶ᠋ᠡᠨ ᠡᠷᠭᠢᠴᠡᠭᠦᠯᠦᠨ ᠨᠡᠬᠡᠵᠦ ᠰᠠᠨᠠᠪᠠᠯ᠂ ᠮᠢᠨᠦ ᠪᠠᠭ᠎ᠠ ᠳ᠋ᠤ᠌ ᠬᠥᠭᠡᠷᠦᠬᠦᠢ ᠬᠠᠷᠠᠩᠭᠤᠢ ᠪᠦᠳᠦᠭᠦᠯᠢᠭ ᠡᠬᠡ ᠮᠢᠨᠢ ᠨᠠᠮᠠᠶ᠋ᠢ (ᠨᠠᠮ᠎ᠠ ᠶ᠋ᠢ) ᠪᠡᠨ ᠡᠪᠡᠳᠬᠦ ᠳ᠋ᠦ᠍᠂ ᠡᠷᠳᠡᠨᠢ ᠪᠠᠨᠳᠢᠳᠠ ᠯᠠᠮᠠ ᠶ᠋ᠢᠨ ᠭᠡᠭᠡᠨ ᠦ᠌ ᠰᠢᠭᠡᠰᠦ ᠶ᠋ᠢ ᠠᠷᠠᠢ ᠴᠢᠮᠠᠢ ᠭᠡᠵᠦ ᠨᠠᠨᠳᠢᠩᠨᠠᠨ ᠣᠯᠵᠤ᠂ ᠱᠠᠪᠰᠠᠩ ᠭᠡᠵᠦ ᠨᠠᠳᠠᠳᠤ(ᠨᠠᠳᠠ ᠳ᠋ᠤ᠌ )ᠤᠤᠭᠤᠯᠭᠠᠵᠤ ᠪᠠᠢᠭᠰᠠᠨ ᠨᠢ ᠮᠢᠨᠦ ᠴᠡᠭᠡᠵᠢᠨ ᠳ᠋ᠦ᠍ ᠲᠣᠪ ᠲᠣᠳᠣᠷᠬᠠᠢ ᠪᠠᠢᠳᠠᠭ ᠢ᠋ᠶ᠋ᠠᠷ ᠴᠤ᠌ ᠪᠠᠷᠠᠬᠤ ᠦᠭᠡᠢ᠂ ᠱᠠᠪᠰᠠᠩ ᠭᠡᠳᠡᠭ ᠲᠡᠷᠡ ᠭᠠᠰᠢᠯᠤᠭᠰᠠᠨ ᠮᠠᠭᠤᠬᠠᠢ ᠰᠢᠭᠡᠰᠦᠨ ᠦ᠌ ᠣᠢ ᠭᠤᠲᠤᠮ᠎ᠠ ᠠᠮᠲᠠ ᠨᠢ ᠣᠳᠣ ᠬᠦᠷᠲᠡᠯ᠎ᠡ ᠮᠢᠨᠦ ᠬᠡᠯᠡ ᠠᠮᠠᠨ ᠳ᠋ᠤ᠌ ᠠᠮᠲᠠᠯᠠᠭᠳᠠᠵᠤ ᠪᠠᠢᠭ᠎ᠠ ᠶᠤᠮ ᠰᠢᠭ᠋ ᠲᠣᠪ ᠲᠣᠳᠣᠷᠬᠠᠢ ᠪᠠᠢᠨ᠎ᠠ᠃
ᠥᠰᠴᠦ ᠲᠣᠷᠨᠢᠭᠠᠳ ᠦᠰᠦ ᠪᠡᠨ ᠬᠠᠭᠠᠯᠵᠤ ᠡᠬᠡᠨᠡᠷ ᠪᠣᠯᠵᠤ ᠡᠬᠡ ᠪᠣᠯᠤᠭᠰᠠᠨ ᠬᠣᠢᠨ᠎ᠠ ᠮᠢᠨᠢ᠂ ᠯᠠᠮᠠ ᠪᠠᠭᠰᠢ ᠨᠠᠷ᠂ ᠴᠢ ᠦᠷ᠎ᠡ ᠬᠡᠦᠬᠡᠳ ᠢ᠋ᠶ᠋ᠡᠨ ᠡᠨᠡ ᠨᠠᠰᠤᠨ ᠳ᠋ᠠᠭᠠᠨ ᠡᠷᠳᠡᠮ ᠨᠣᠮ ᠰᠣᠷᠣᠭ᠂ ᠡᠴᠦᠰ ᠰᠡᠭᠦᠯ ᠳ᠋ᠦ᠍ ᠪᠣᠳᠢ ᠬᠤᠲᠤᠭ ᠢ᠋ ᠣᠯᠤᠭ ᠭᠡᠪᠡᠯ ᠂ ᠯᠠᠮᠠ ᠬᠤᠸᠠᠷᠠᠭ ᠬᠦᠷᠢᠶ᠎ᠡ ᠬᠡᠢᠳ ᠢ᠋ ᠰᠢᠲᠦᠳᠡᠭ ᠶᠦᠮ ᠰᠢᠦ᠃ ᠦᠷ᠎ᠡ ᠬᠡᠦᠬᠡᠳ ᠢ᠋ᠶ᠋ᠡᠨ ᠬᠦᠷᠢᠶ᠎ᠡ ᠬᠡᠢᠳ ᠲᠦ᠍ ᠠᠪᠠᠴᠢᠵᠤ᠂ ᠯᠠᠮᠠ ᠪᠠᠭᠰᠢ ᠳ᠋ᠤ᠌ ᠱᠠᠪᠢ ᠪᠣᠯᠭᠠᠬᠤ ᠭᠡᠳᠡᠭ ᠡᠷᠬᠢᠮ ᠶᠡᠬᠡ ᠬᠤᠪᠢᠲᠠᠨ ᠤ᠋ ᠰᠠᠢᠬᠠᠨ ᠪᠤᠶᠠᠨᠲᠠᠢ ᠦᠢᠯᠡ ᠭᠡᠵᠦ ᠤᠬᠠᠭᠤᠯᠤᠨ ᠰᠡᠩᠬᠡᠷᠡᠭᠦᠯᠵᠦ ᠪᠠᠢᠭᠰᠠᠨ ᠨᠢ᠂ ᠮᠢᠨᠦ ᠴᠡᠭᠡᠵᠢᠨ ᠳ᠋ᠦ᠍ ᠣᠳᠣ ᠬᠦᠷᠲᠡᠯ᠎ᠡ ᠲᠣᠪ ᠲᠣᠳᠣᠷᠬᠠᠢ ᠪᠠᠢᠨ᠎ᠠ᠃
ᠲᠡᠨᠡᠭ ᠮᠤᠩᠬᠠᠭ ᠪᠢ ᠨᠢ ᠲᠡᠷᠡ ᠦᠭᠡᠨ ᠳ᠋ᠦ᠍ ᠦᠨᠡᠨ ᠰᠡᠳᠬᠢᠯ ᠡᠴᠡ ᠪᠢᠰᠢᠷᠡᠨ ᠢᠲᠡᠭᠡᠳᠡᠭ ᠪᠠᠢᠵᠤ ᠪᠢᠯᠡ᠃ ᠲᠡᠭᠡᠭᠡᠳ ᠤᠤᠭᠠᠨ ᠬᠦᠦ ᠪᠡᠨ ᠡᠷᠳᠡᠮ ᠲᠡᠢ ᠨᠣᠮ ᠲᠠᠢ ᠬᠥᠮᠦᠨ ᠪᠣᠯᠤᠭ ᠭᠡᠵᠦ ᠬᠣᠰᠢᠭᠤ ᠬᠡᠢᠳ ᠲᠦ᠍ ᠠᠪᠠᠴᠢᠵᠤ᠂ ᠡᠨᠡ ᠮᠠᠨ ᠤ᠋ ᠰᠤᠷᠭᠠᠭᠤᠯᠢ ᠶ᠋ᠢᠨ ᠬᠠᠶᠠᠭᠠᠨ ᠳ᠋ᠤ᠌ ᠪᠠᠢᠭ᠎ᠠ ᠬᠡᠢᠳ ᠲᠦ᠍ ᠠᠪᠠᠴᠢᠵᠤ ᠱᠠᠪᠢᠯᠠᠨ ᠰᠠᠭᠤᠯᠭᠠᠭᠰᠠᠨ ᠪᠢᠯᠡ᠃ ᠬᠦᠦ ᠮᠢᠨᠢ᠂ ᠬᠠᠷᠭᠢᠰ ᠯᠠᠮᠠ ᠶ᠋ᠢᠨ ᠵᠣᠳᠣᠬᠤ ᠨᠦᠳᠦᠬᠦ ᠳ᠋ᠦ᠍ᠨᠢ( ᠳ᠋ᠦ᠍ ᠨᠢ) ᠲᠡᠰᠬᠦ ᠶ᠋ᠢᠨ ᠠᠷᠭ᠎ᠠ ᠦᠭᠡᠢ ᠪᠣᠯᠵᠤ ᠣᠷᠭᠣᠭᠠᠳ᠂ ᠬᠡᠭᠡᠷ᠎ᠡ ᠶ᠋ᠢᠨ ᠨᠣᠬᠠᠢ ᠳ᠋ᠤ᠌ ᠠᠮᠢ ᠦᠷᠡᠭᠳᠡᠭᠰᠡᠨ ᠬᠣᠢᠨ᠎ᠠ᠂ ᠡᠬᠡ ᠪᠣᠯᠤᠭᠴᠢ ᠪᠢ ᠨᠢ ᠬᠠᠷᠭᠢᠰ ᠰᠢᠷ᠎ᠠ ᠹᠧᠣᠳᠠᠯ ᠤ᠋ᠳ ᠤ᠋ᠨ ᠪᠢᠳᠡᠨ ᠢ᠋ ᠮᠤᠤᠬᠠᠢ( ᠮᠠᠭᠤᠬᠠᠢ) ᠪᠠᠷ ᠳᠠᠷᠤᠯᠠᠨ ᠮᠡᠬᠡᠯᠡᠵᠦ ᠪᠠᠢᠭᠰᠠᠨ ᠢ᠋ ᠬᠦᠦ ᠪᠡᠨ ᠦᠬᠦᠭᠦᠯᠦᠭᠡᠳ ᠰᠠᠢ᠍ᠢ( ᠰᠠᠶᠢ) ᠮᠡᠳᠡᠵᠦ ᠠᠪᠤᠭᠰᠠᠨ ᠪᠢᠯᠡ ᠪᠢ᠃ ᠠᠯᠠᠭ᠎ᠠ ᠶ᠋ᠢᠨ ᠴᠢᠨᠡᠭᠡ ᠠᠯᠠᠭ ᠬᠣᠩᠭᠣᠷ ᠦᠷ᠎ᠡ ᠪᠡᠨ ᠠᠯᠳᠠᠭᠠᠳ ᠨᠢᠳᠦ ᠮᠢᠨᠢ ᠨᠡᠭᠡᠭᠡᠭᠳᠡᠵᠦ ᠨᠢᠭᠡ ᠨᠠᠰᠤ ᠪᠠᠷ ᠢ᠋ᠶ᠋ᠠᠨ ᠪᠠᠯᠠᠷ ᠬᠠᠷᠠᠩᠭᠤᠢ ᠳ᠋ᠤ᠌ ᠲᠥᠭᠡᠷᠢᠵᠦ ᠶᠠᠪᠤᠭᠰᠠᠨ ᠢ᠋ᠶ᠋ᠠᠨ ᠮᠠᠨ ᠤ᠋ ᠠᠷᠠᠳ ᠤ᠋ᠨ ᠬᠤᠪᠢᠰᠬᠠᠯ ᠤ᠋ᠨ ᠠᠴᠢ ᠪᠠᠷ ᠰᠢᠨ᠎ᠡ ᠪᠠᠢᠳᠠᠯ ᠤ᠋ᠨ ᠦᠷ ᠦ᠋ᠨ ᠲᠤᠶᠠᠭ᠎ᠠ ᠮᠠᠨᠳᠤᠭᠰᠠᠨ ᠢ᠋ ᠪᠢ ᠰᠠᠢ᠍ᠢ( ᠰᠠᠶᠢ) ᠮᠡᠳᠡᠵᠦ ᠠᠪᠤᠭᠰᠠᠨ ᠪᠢᠯᠡ᠃
ᠡᠴᠢᠭᠡ ᠡᠬᠡ ᠪᠣᠯᠤᠭᠰᠠᠨ ᠲᠠ ᠪᠦᠬᠦᠨ ᠦᠷ᠎ᠡ ᠬᠡᠦᠬᠡᠳ ᠢ᠋ᠶ᠋ᠡᠨ ᠰᠠᠢᠨ ᠰᠠᠢᠬᠠᠨ ᠶᠠᠪᠤᠭᠠᠰᠠᠢ ᠭᠡᠵᠦ ᠦᠨᠡᠨ ᠰᠠᠨᠠᠭ᠎ᠠ ᠠ᠋ᠴᠠ ᠪᠠᠨ ᠪᠣᠳᠣᠳᠠᠭ ᠡᠬᠡ ᠪᠣᠯᠤᠭᠰᠠᠨ ᠮᠢᠨᠦ ᠰᠡᠳᠬᠢᠯ ᠢ᠋ ᠮᠡᠳᠡᠬᠦ ᠪᠢᠵᠡ ᠠ᠋᠃ ᠪᠢ ᠦᠨᠡᠨ ᠦᠭᠡ ᠪᠡᠨ ᠬᠡᠯᠡᠶ᠎ᠡ᠃ ᠲᠠ ᠮᠢᠨᠢ ᠦᠷ᠎ᠡ ᠬᠡᠦᠬᠡᠳ ᠢ᠋ᠶ᠋ᠡᠨ ᠬᠦᠷᠢᠶ᠎ᠡ ᠬᠡᠢᠳ ᠲᠤ ᠪᠢᠲᠡᠭᠡᠢ ᠱᠠᠪᠢᠯᠠᠨ ᠰᠠᠭᠤᠯᠭᠠᠵᠤ ᠨᠢᠭᠡ ᠨᠠᠰᠤᠨ ᠤ᠋ ᠨᠢ( ᠬᠢᠨᠢ) ᠵᠠᠮ ᠢ᠋ ᠡᠪᠳᠡ᠃ ᠮᠠᠨ ᠤ᠋ ᠠᠷᠠᠳ ᠤ᠋ᠨ ᠭᠡᠭᠡᠨ ᠵᠠᠰᠠᠭ ᠤ᠋ᠨ ᠪᠠᠢᠭᠤᠯᠵᠤ ᠪᠠᠢᠭ᠎ᠠ᠂ ᠲᠥᠷᠥ ᠶ᠋ᠢᠨ ᠰᠠᠢᠬᠠᠨ ᠰᠤᠷᠭᠠᠭᠤᠯᠢ ᠳ᠋ᠤ᠌ ᠦᠷ᠎ᠡ ᠬᠡᠦᠬᠡᠳ ᠢ᠋ᠶ᠋ᠡᠨ ᠥᠭᠴᠢᠬᠡ᠃ ᠬᠡᠷᠪᠡ ᠦᠷ᠎ᠡ ᠬᠡᠦᠬᠡᠳ ᠲᠠᠨᠢ ᠱᠠᠪᠢᠯᠠᠨ ᠰᠠᠭᠤᠵᠤ ᠰᠢᠨᠠᠯᠤᠨ ᠭᠠᠰᠠᠯᠵᠤ ᠪᠠᠢᠭ᠎ᠠ ᠪᠣᠯ ᠬᠦᠷᠢᠶ᠎ᠡ ᠬᠡᠢᠳ ᠡᠴᠡ ᠲᠡᠳᠡᠨ ᠠᠪᠴᠤ᠂ ᠠᠷᠠᠳ ᠤ᠋ᠨ ᠲᠥᠷᠥ ᠶ᠋ᠢᠨ ᠰᠤᠷᠭᠠᠭᠤᠯᠢ ᠳ᠋ᠤ᠌ ᠣᠷᠣᠭᠤᠯᠵᠠᠭᠠ᠃
ᠮᠢᠨᠦ ᠮᠠᠭᠤ ᠪᠣᠷᠣ ᠬᠦᠦ ᠣᠯᠵᠠᠪᠠᠢ ᠮᠢᠨᠢ ᠥᠨᠥᠳᠥᠷ ᠡᠨᠡ ᠰᠤᠷᠭᠠᠭᠤᠯᠢ ᠳ᠋ᠤ᠌ ᠲᠡᠭᠦᠰᠬᠡᠵᠦ᠂ ᠮᠢᠨᠦ ᠮᠠᠭᠤ ᠤᠳᠬᠤᠨ ᠥᠬᠢᠨ ᠵᠠᠯᠠᠮ᠎ᠠ ᠠᠬ᠎ᠠ ᠶ᠋ᠢᠨ ᠢ᠋ᠶ᠋ᠡᠨ ᠲᠡᠭᠦᠰᠬᠡᠭᠰᠡᠨ ᠰᠤᠷᠭᠠᠭᠤᠯᠢ ᠳ᠋ᠤ᠌ ᠰᠤᠷᠴᠤ ᠪᠠᠢᠭ᠎ᠠ᠂ ᠡᠭᠦᠨ ᠳ᠋ᠦ᠍ ᠦᠷ᠎ᠡ ᠬᠡᠦᠬᠡᠳ ᠢ᠋ᠶ᠋ᠡᠨ ᠰᠠᠷᠠᠭᠤᠯ ᠰᠠᠢᠬᠠᠨ ᠵᠠᠮ ᠳ᠋ᠠᠭᠠᠨ( ᠳ᠋ᠤ᠌ ᠪᠠᠨ) ᠣᠷᠣᠭᠰᠠᠨ ᠳ᠋ᠤᠨᠢ( ᠳ᠋ᠤ᠌ ᠨᠢ) ᠡᠬᠡ ᠪᠣᠯᠤᠭᠰᠠᠨ ᠮᠢᠨᠦ ᠰᠠᠨᠠᠭ᠎ᠠ ᠰᠡᠳᠬᠢᠯ ᠠᠮᠤᠷᠴᠤ᠂ ᠠᠴᠢᠲᠠᠢ ᠨᠠᠮ ᠵᠠᠰᠠᠭ᠂ ᠣᠯᠠᠨ ᠪᠠᠭᠰᠢ ᠲᠠ ᠪᠦᠬᠦᠨ ᠳ᠋ᠦ᠍ ᠮᠡᠬᠦᠢᠨ ᠶᠣᠰᠣᠯᠠᠵᠤ ᠪᠠᠶᠠᠷ ᠬᠦᠷᠭᠡᠶ᠎ᠡ! ᠭᠡᠵᠦ ᠭᠦᠨ᠎ᠡ ᠮᠡᠬᠦᠢᠨ ᠶᠣᠰᠣᠯᠠᠭᠠᠳ ᠪᠠᠢᠷᠢᠨ ᠳ᠋ᠠᠭᠠᠨ( ᠳ᠋ᠤ᠌ ᠪᠠᠨ) ᠪᠤᠴᠠᠵᠤ ᠰᠠᠭᠤᠬᠤ ᠳ᠋ᠤᠨᠢ( ᠳ᠋ᠤ᠌ ᠨᠢ) ᠵᠠᠩ ᠱᠢ ᠣᠯᠠᠨ ᠤ᠋ ᠠᠯᠠᠭ᠎ᠠ ᠲᠠᠰᠢᠬᠤ ᠴᠢᠮᠡᠭᠡ ᠨᠠᠮᠳᠠᠮᠠᠭᠴᠠ ᠰᠢᠪᠡᠨᠡᠨ ᠥᠭᠦᠯᠡᠷᠦᠨ᠂
— ᠲᠠᠩᠰᠤᠭ ᠭᠤᠸᠠᠢ ᠲᠠ ᠶᠡᠬᠡ ᠰᠠᠢᠬᠠᠨ ᠬᠡᠯᠡᠵᠡᠢ᠃ ᠪᠢᠳᠡ ᠦᠨᠡᠬᠡᠷ ᠦᠷ᠎ᠡ ᠬᠡᠦᠬᠡᠳ ᠢ᠋ᠶ᠋ᠡᠨ ᠨᠠᠮ ᠵᠠᠰᠠᠭ ᠤ᠋ᠨ ᠠᠴᠢ ᠪᠠᠷ ᠰᠠᠷᠠᠭᠤᠯ ᠰᠠᠢᠬᠠᠨ ᠵᠠᠮ ᠳ᠋ᠠᠭᠠᠨ( ᠳ᠋ᠤ᠌ ᠪᠠᠨ) ᠣᠷᠣᠭᠰᠠᠨ ᠭᠡᠵᠦ ᠪᠦᠭᠦᠳᠡᠭᠡᠷ ᠢ᠋ᠶ᠋ᠡᠨ ᠪᠠᠶᠠᠷᠲᠠᠢ ᠪᠠᠢᠨ᠎ᠠ ᠰᠢᠦ᠃ ᠪᠢ ᠰᠠᠢ᠍ᠢ( ᠰᠠᠶᠢ) ᠮᠣᠰᠺᠸᠠ ᠠ᠋ᠴᠠ ᠥᠬᠢᠨ ᠡᠴᠡ ᠪᠡᠨ ᠵᠠᠬᠢᠶ᠎ᠠ ᠠᠪᠤᠯ᠎ᠠ᠃ ᠷᠠᠪᠹᠠᠺ ᠭᠡᠳᠡᠭ ᠰᠤᠷᠭᠠᠭᠤᠯᠢ ᠲᠡᠭᠦᠰᠬᠡᠵᠦ᠂ ᠣᠳᠣ ᠶᠡᠬᠡ ᠰᠤᠷᠭᠠᠭᠤᠯᠢ ᠳ᠋ᠤ᠌ ᠬᠥᠮᠦᠨ ᠦ᠌ ᠡᠮᠴᠢ ᠶ᠋ᠢᠨ ᠠᠩᠭᠢ ᠳ᠋ᠤ᠌ ᠣᠷᠣᠬᠤ ᠭᠡᠵᠦ ᠪᠠᠢᠭ᠎ᠠ ᠪᠠᠨ ᠪᠢᠴᠢᠵᠡᠢ᠃ ᠬᠣᠲᠠ ᠳ᠋ᠤ᠌ ᠴᠡᠷᠢᠭ ᠲᠦ᠍ ᠪᠠᠢᠳᠠᠭ ᠬᠦᠦ ᠮᠢᠨᠢ ᠯᠧᠨᠢᠩᠷᠠᠳ᠋ ᠲᠤ᠌ ᠶᠡᠬᠡ ᠫᠤᠤ ᠶ᠋ᠢᠨ ᠰᠤᠷᠭᠠᠭᠤᠯᠢ ᠳ᠋ᠤ᠌ ᠨᠠᠮᠤᠷ ᠶᠠᠪᠤᠨ᠎ᠠ ᠭᠡᠵᠦ ᠪᠢᠴᠢᠵᠡᠢ᠃ ᠲᠠ ᠣᠯᠵᠠᠪᠠᠢ ᠬᠦᠦ ᠪᠡᠨ ᠤᠯᠠᠭᠠᠨᠪᠠᠭᠠᠲᠤᠷ ᠳᠠᠬᠢ ᠳᠤᠮᠳᠠᠳᠤ ᠰᠤᠷᠭᠠᠭᠤᠯᠢ ᠳ᠋ᠤ᠌ ᠤᠷᠤᠭᠤᠯ᠃ ᠳᠤᠮᠳᠠᠳᠤ ᠰᠤᠷᠭᠠᠭᠤᠯᠢ ᠪᠠᠨ ᠲᠡᠭᠦᠰᠬᠡᠭᠡᠳ᠂ ᠬᠣᠵᠢᠮ ᠬᠣᠯᠪᠣᠭᠠᠲᠤ ᠤᠯᠤᠰ ᠤ᠋ᠨ ᠳᠡᠭᠡᠳᠦ ᠰᠤᠷᠭᠠᠭᠤᠯᠢ ᠳ᠋ᠤ᠌ ᠣᠷᠣᠬᠤ ᠳ᠋ᠤᠨᠢ( ᠳ᠋ᠤ᠌ ᠨᠢ) ᠠᠮᠤᠷ ᠪᠣᠯᠭ᠎ᠠ ᠭᠡᠬᠦ ᠳ᠋ᠦ᠍ᠨᠢ( ᠳ᠋ᠦ᠍ ᠨᠢ) ᠲᠠᠩᠰᠤᠭ ᠪᠠᠶᠠᠷᠯᠠᠵᠤ᠂
— ᠨᠠᠳᠠᠳᠤ( ᠨᠠᠳᠠ ᠳ᠋ᠤ᠌) ᠡᠢᠮᠦ ᠰᠠᠢᠬᠠᠨ ᠤᠬᠠᠭᠠᠨ ᠵᠢᠭᠠᠵᠤ ᠥᠭᠬᠦ᠂ ᠲᠠ ᠶᠠᠭᠠᠬᠢᠭᠰᠠᠨ ᠰᠠᠢᠨ ᠬᠥᠮᠦᠨ ᠪᠣᠢ? ᠵᠠᠬᠢᠷᠤᠯ ᠪᠠᠭᠰᠢ ᠳ᠋ᠤ᠌ ᠤᠯᠠᠮᠵᠢᠯᠠᠵᠤ ᠥᠭᠭᠦᠭᠡᠳ᠂ ᠮᠢᠨᠦ ᠮᠠᠭᠤ ᠬᠦᠦ ᠶ᠋ᠢ ᠬᠣᠲᠠ ᠶ᠋ᠢᠨ ᠳᠤᠮᠳᠠᠳᠤ ᠰᠤᠷᠭᠠᠭᠤᠯᠢ ᠳ᠋ᠤ᠌ ᠶᠠᠪᠤᠭᠤᠯᠬᠤ ᠲᠠᠪᠤ ᠶ᠋ᠢᠨ ᠲᠣᠭᠠᠨ ᠳ᠋ᠤ᠌ ᠣᠷᠣᠭᠤᠯᠤᠨ ᠲᠤᠰᠠᠯᠠᠵᠤ ᠥᠭᠭᠦᠨ᠎ᠡ ᠤᠤ? ᠭᠡᠵᠦ ᠪᠢᠯᠡ᠃
ᠲᠠᠩᠰᠤᠭ ᠤ᠋ᠨ ᠶᠡᠨᠳᠡᠷ ᠳᠡᠭᠡᠷ᠎ᠡ ᠭᠠᠷᠴᠤ ᠦᠭᠡ ᠬᠡᠯᠡᠭᠰᠡᠨ ᠦ᠌ ᠰᠡᠭᠦᠯᠡᠷ ᠬᠤᠷᠠᠯ ᠵᠠᠪᠰᠠᠷᠯᠠᠵᠤ᠂ ᠨᠠᠰᠤᠨᠪᠠᠲᠤ᠂ ᠣᠯᠠᠨ ᠵᠣᠴᠢᠳ ᠲᠦᠷ ᠭᠠᠳᠠᠭᠠᠯᠠᠭᠠᠳ᠂ ᠰᠤᠷᠤᠭᠴᠢᠳ ᠤ᠋ᠨ ᠳᠠᠭᠤᠤ ᠬᠥᠭᠵᠢᠮ ᠢ᠋ ᠰᠣᠨᠢᠷᠬᠠᠨ ᠦᠵᠡᠮᠦ? ᠭᠡᠵᠦ ᠵᠠᠷᠯᠠᠪᠠ᠃
ᠲᠠᠪᠬᠠᠢ ᠤᠷᠢᠳᠤ ᠣᠶᠤᠲᠠᠨ ᠤ᠋ ᠰᠤᠷᠭᠠᠭᠤᠯᠢ ᠶ᠋ᠢᠨ ᠪᠠᠭᠰᠢ ᠨᠠᠷ ᠤ᠋ᠨ ᠠᠩᠭᠢ ᠳ᠋ᠤ᠌ ᠪᠠᠢᠬᠤ ᠳ᠋ᠠᠭᠠᠨ( ᠳ᠋ᠤ᠌ ᠪᠠᠨ) ᠪᠣᠭᠳᠠ ᠶ᠋ᠢᠨ ᠬᠥᠷᠥᠩᠭᠡ ᠡᠴᠡ ᠰᠢᠯᠵᠢᠨ ᠢᠷᠡᠭᠰᠡᠨ ᠲᠩᠷᠢ ᠶ᠋ᠢᠨ ᠪᠢᠴᠢᠬᠠᠨ ᠳᠤᠷᠠᠨ ᠢ᠋ ᠬᠡᠷᠡᠭᠯᠡᠵᠦ᠂ ᠰᠠᠷᠠᠨ ᠤ᠋ ᠲᠡᠷᠭᠡᠯ ᠰᠢᠨᠡᠳᠬᠡᠯ ᠢ᠋ ᠳᠤᠷᠠᠨᠳᠠᠳᠠᠭ ᠪᠠᠢᠭᠰᠠᠨ ᠲᠤᠯᠠ᠂ ᠮᠢᠱ᠍ᠢᠭ᠌ ᠳᠠᠷᠤᠭ᠎ᠠ ᠶ᠋ᠢᠨ ᠪᠡᠯᠡᠭᠯᠡᠭᠰᠡᠨ ᠳᠤᠷᠠᠨ ᠢ᠋ ᠠᠪᠴᠤ᠂ ᠭᠠᠳᠠᠨ᠎ᠠ ᠬᠥᠯᠯᠡᠵᠦ ᠪᠤᠰᠬᠠᠭᠠᠳ ᠰᠠᠷ᠎ᠠ ᠶ᠋ᠢ ᠳᠤᠷᠠᠨᠳᠠᠪᠠ᠃ ᠪᠠᠲᠤᠪᠠᠶᠠᠷ᠂ ᠡᠪᠦᠭᠡᠨ ᠢᠸᠠᠨ᠂ ᠫᠧᠳ᠋ᠲ᠋ᠷᠤᠸᠨᠠ᠂ ᠵᠠᠷᠢᠮ ᠵᠣᠴᠢᠳ᠂ ᠬᠡᠦᠬᠡᠳ ᠪᠠᠭᠠᠴᠤᠳ᠂ ᠲᠡᠷᠡ ᠳᠤᠷᠠᠨ ᠢ᠋ᠶ᠋ᠠᠷ ᠰᠠᠷ᠎ᠠ ᠶ᠋ᠢ ᠮᠠᠰᠢ ᠰᠣᠨᠢᠷᠬᠠᠨ ᠬᠠᠷᠠᠵᠤ᠂ ᠥᠨᠥᠬᠢ ᠰᠠᠷᠠᠨ ᠳᠡᠭᠡᠷᠡᠬᠢ ᠲᠠᠤᠯᠠᠢ ᠭᠡᠳᠡᠭ ᠮᠠᠨᠢ ᠠᠯᠢ ᠪᠣᠢ? ᠠᠯᠠᠭ᠎ᠠ ᠶᠤᠮ ᠰᠢᠪ ᠳᠡ? ᠳᠤᠷᠠᠨ ᠢ᠋ᠶ᠋ᠠᠷ ᠬᠠᠷᠠᠪᠠᠯ ᠰᠠᠷ᠎ᠠ ᠮᠠᠨᠢ ᠡᠢᠮᠦ ᠶᠠᠭᠤᠮ᠎ᠠ ᠪᠣᠢ ᠭᠡᠵᠡᠭᠡᠪᠡ᠃ ᠰᠢᠷᠴᠢᠨ ᠲᠩᠷᠢ ᠶ᠋ᠢᠨ ᠳᠤᠷᠠᠨ ᠤ᠋ ᠳᠡᠷᠭᠡᠳᠡ ᠬᠦᠷᠴᠦ ᠢᠷᠡᠭᠡᠳ᠂ ᠰᠠᠷ᠎ᠠ ᠶ᠋ᠢ ᠪᠠᠬᠠᠨ ᠳᠤᠷᠠᠨᠳᠠᠵᠤ ᠬᠠᠷᠠᠭᠠᠳ ᠶᠡᠬᠡ ᠮᠡᠷᠭᠡᠨ ᠫᠤᠤᠴᠢ ᠭᠡᠵᠦ ᠪᠠᠢᠭᠰᠠᠨ ᠨᠠᠷᠠ ᠪᠠᠨᠴᠢᠨ ᠬᠤᠲᠤᠭᠲᠤ ᠰᠣᠭᠲᠣᠭᠤ ᠪᠠᠷ ᠸᠢᠨᠴᠧᠰᠲ᠋ᠧᠷ ᠫᠤᠤ ᠪᠠᠷ ᠰᠠᠷ᠎ᠠ ᠫᠤᠤᠳᠠᠵᠤ᠂ ᠤᠨᠤᠨ ᠶᠠᠳᠠᠵᠤ ᠪᠠᠢᠭᠰᠠᠨ ᠨᠢ ᠰᠠᠨᠠᠭᠠᠨ ᠳ᠋ᠤᠨᠢ( ᠳ᠋ᠤ᠌ ᠨᠢ )ᠣᠷᠣᠵᠤ᠂ ᠲᠡᠭᠦᠨ ᠢ᠋ ᠳᠤᠷᠠᠳᠤᠨ ᠶᠠᠷᠢᠬᠤ ᠳ᠋ᠤᠨᠢ( ᠳ᠋ᠤ᠌ ᠨᠢ) ᠤᠯᠤᠰ ᠡᠯᠢᠭᠡ ᠬᠥᠰᠢᠲᠡᠯ᠎ᠡ ᠪᠡᠨ ᠢᠨᠢᠶᠡᠯᠴᠡᠨ᠂ ᠨᠠᠷᠠ ᠶ᠋ᠢ ᠠᠷᠭᠠᠮᠵᠢᠨ ᠲᠣᠭᠲᠠᠭᠠᠳᠠᠭ ᠭᠡᠵᠦ ᠤᠷᠢᠳᠤ ᠪᠠᠳᠢᠷᠴᠢ ᠨᠠᠷ ᠬᠡᠯᠡᠯᠴᠡᠳᠡᠭ᠂ ᠲᠡᠷᠡ ᠫᠤᠤᠴᠢ ᠬᠤᠲᠤᠭᠲᠤ ᠰᠠᠷ᠎ᠠ ᠶ᠋ᠢ ᠫᠤᠤᠳᠠᠨ ᠤᠨᠤᠵᠤ ᠶᠠᠳᠠᠭᠠᠳ᠂ ᠶᠠᠭᠠᠬᠢᠵᠤ ᠠᠭᠰᠤᠮᠨᠠᠨ ᠤᠨᠲᠤᠭᠤᠴᠠᠵᠤ ᠪᠠᠢᠭᠰᠠᠨ ᠪᠣᠯ? ᠭᠡᠵᠦ ᠢᠨᠢᠶᠡᠯᠴᠡᠵᠡᠢ᠃
ᠲᠡᠭᠡᠵᠦ ᠢᠨᠢᠶᠡᠳᠦ ᠲᠡᠢ ᠬᠠᠨᠢᠶᠠᠳᠤ ᠲᠠᠢ ᠶᠠᠭᠤᠮ᠎ᠠ ᠶᠠᠷᠢᠯᠴᠠᠨ ᠰᠠᠷ᠎ᠠ ᠶ᠋ᠢ ᠳᠤᠷᠠᠨᠳᠠᠵᠤ ᠪᠠᠢᠲᠠᠯ᠎ᠠ᠂ ᠬᠠᠷᠠᠩᠭ᠎ᠠ ᠳᠤᠤᠭᠠᠷᠴᠤ ᠵᠣᠴᠢᠳ ᠢ᠋ ᠲᠠᠩᠬᠢᠮ ᠳ᠋ᠤ᠌ ᠤᠷᠢᠨ ᠵᠠᠯᠠᠪᠠ᠃ ᠡᠷᠡᠭᠲᠡᠢ ᠡᠮᠡᠭᠲᠡᠢ ᠰᠤᠷᠤᠭᠴᠢ ᠬᠡᠦᠬᠡᠳ ᠰᠤᠷᠭᠠᠭᠤᠯᠢ ᠶ᠋ᠢᠨ ᠪᠠᠶᠠᠷ ᠲᠤ᠌ ᠮᠣᠷᠢᠯᠠᠨ ᠢᠷᠡᠭᠰᠡᠨ ᠵᠣᠴᠢᠳ ᠲᠤ᠌ ᠪᠠᠶᠠᠷ ᠬᠦᠷᠭᠡᠭᠰᠡᠨ ᠳᠠᠭᠤᠤ ᠬᠤᠨ ᠭᠠᠯᠠᠭᠤ ᠮᠡᠲᠦ ᠬᠣᠭᠣᠯᠠᠢ ᠪᠠᠨ ᠨᠡᠢᠯᠡᠭᠦᠯᠦᠨ᠂ ᠬᠤᠯᠠᠨ ᠳ᠋ᠠᠬᠢ ᠮᠡᠲᠦ ᠵᠢᠰᠦ ᠪᠡᠨ ᠨᠡᠢᠯᠡᠭᠦᠯᠦᠨ ᠳᠠᠭᠤᠯᠠᠭᠰᠠᠨ ᠳ᠋ᠤ᠌᠂ ᠦᠷ᠎ᠡ ᠬᠡᠦᠬᠡᠳ ᠢ᠋ᠶ᠋ᠡᠨ ᠲᠡᠭᠡᠵᠦ ᠰᠠᠢᠬᠠᠨ ᠳᠠᠭᠤᠯᠠᠵᠤ ᠪᠠᠢᠬᠤ ᠶ᠋ᠢ ᠦᠵᠡᠭᠡᠳ ᠬᠡᠦᠬᠡᠳ ᠦ᠋ᠨ ᠡᠴᠢᠭᠡ ᠡᠬᠡ ᠶᠡᠬᠡ ᠪᠠᠶᠠᠷᠯᠠᠵᠤ᠂ ᠤᠶᠠᠷᠠᠨ ᠤᠬᠢᠯᠠᠭᠰᠠᠨ ᠬᠥᠮᠦᠨ ᠴᠦ᠍ ᠪᠣᠢ ᠪᠢᠯᠡ᠃
ᠬᠡᠦᠬᠡᠳ ᠪᠠᠰᠠ ᠠᠷᠠᠳ ᠤ᠋ᠨ ᠳᠠᠭᠤᠤ᠂ ᠵᠠᠩᠵᠤᠨ ᠰᠦᠬᠡᠪᠠᠭᠠᠲᠤᠷ ᠤ᠋ᠨ ᠠᠷᠠᠳ ᠤ᠋ᠨ ᠵᠢᠷᠤᠮᠲᠤ ᠴᠡᠷᠢᠭ ᠦ᠋ᠨ ᠵᠣᠬᠢᠶᠠᠭᠰᠠᠨ《ᠠᠭᠠᠷ ᠢ᠋ᠶ᠋ᠠᠷ ᠨᠢᠰᠳᠡᠭ ᠠᠶᠧᠷᠣᠫᠯᠣᠨ》 ᠭᠡᠬᠦ ᠵᠡᠷᠭᠡ ᠳᠠᠭᠤᠤ᠂ ᠫᠢᠣᠨᠧᠷ ᠪᠠᠭᠠᠴᠤᠳ ᠤ᠋ᠨ ᠳᠠᠭᠤᠤ ᠲᠡᠷᠢᠭᠦᠲᠡᠨ ᠢ᠋ ᠬᠥᠭᠵᠢᠮᠳᠡᠬᠦ ᠳᠠᠭᠤᠯᠠᠬᠤ ᠵᠡᠷᠭᠡ ᠪᠡᠷ ᠦᠵᠡᠭᠴᠢᠳ ᠢ᠋ ᠰᠣᠨᠢᠷᠬᠠᠭᠤᠯᠵᠤ᠂ ᠲᠡᠭᠦᠰᠬᠡᠯ ᠳ᠋ᠦ᠍ᠨᠢ(ᠳ᠋ᠦ᠍ ᠨᠢ)ᠳᠠᠭᠤᠤ ᠬᠥᠭᠵᠢᠮ ᠦ᠋ᠨ ᠪᠠᠭᠰᠢ ᠬᠤᠭᠤᠷᠴᠢ ᠡᠪᠦᠭᠡᠨ᠂ ᠮᠣᠷᠢᠨ ᠲᠣᠯᠣᠭᠠᠢᠲᠤ ᠬᠤᠭᠤᠷ ᠢ᠋ᠶ᠋ᠠᠨ ᠪᠠᠷᠢᠨ ᠲᠠᠢᠰᠠᠨ ᠳᠡᠭᠡᠷ᠎ᠡ ᠭᠠᠷᠴᠤ ᠢᠷᠡᠭᠡᠳ᠂ ᠰᠤᠷᠭᠠᠭᠤᠯᠢ ᠲᠡᠭᠦᠰᠦᠭᠰᠡᠨ ᠰᠤᠷᠤᠭᠴᠢᠳ ᠢ᠋ ᠤᠯᠠᠮ ᠢ᠋ᠶ᠋ᠠᠷ ᠡᠷᠳᠡᠮ ᠨᠣᠮ ᠤ᠋ᠨ ᠶᠡᠬᠡ ᠶ᠋ᠢ ᠰᠤᠷᠴᠤ᠂ ᠡᠴᠢᠭᠡ ᠡᠬᠡ ᠨᠢ ᠡᠩᠬᠡ ᠵᠢᠷᠭᠠᠯ ᠤ᠋ᠨ ᠡᠷᠬᠢᠮ ᠢ᠋ ᠡᠳ᠋ᠯᠡᠵᠦ᠂ ᠡᠬᠡ ᠨᠤᠲᠤᠭ ᠤᠯᠤᠰ ᠲᠦᠮᠡᠨ ᠢ᠋ᠶ᠋ᠡᠨ ᠪᠠᠳᠠᠷᠠᠨ ᠮᠠᠨᠳᠤᠬᠤ ᠶ᠋ᠢ ᠢᠷᠥᠭᠡᠨ ᠡᠭᠡᠰᠢᠭᠯᠡᠵᠦ᠂ ᠳᠠᠭᠤᠤ ᠬᠥᠭᠵᠢᠮ ᠦ᠋ᠨ ᠪᠠᠶᠠᠰᠬᠤᠯᠠᠩᠲᠤ ᠬᠤᠷᠢᠮ ᠢ᠋ ᠲᠡᠭᠦᠰᠬᠡᠪᠡ᠃
— — — —
* ᠦᠽᠪᠧᠺ ᠢᠷᠠᠭᠤ ᠨᠠᠢᠷᠠᠭᠴᠢ
* ᠣᠷᠣᠰ ᠢ᠋ᠶ᠋ᠠᠷ ᠱᠯᠶᠠᠪ ᠭᠡᠳᠡᠭ ᠢ᠋ ᠮᠣᠩᠭᠣᠯ ᠢ᠋ᠶ᠋ᠠᠷ ᠪᠦᠷᠬᠦ ᠮᠠᠯᠠᠭᠠᠢ ᠭᠡᠳᠡᠭ᠃
ᠦᠰᠦᠭ ᠠᠮᠢᠯᠠᠭᠤᠯᠤᠭᠴᠢ᠄ ᠤᠢᠭᠤᠷᠵᠢᠨ·ᠣᠳᠬᠣᠨᠪᠠᠪᠠ᠂ ᠪᠠᠯ᠂ ᠪᠠᠳᠮᠠᠰᠡᠴᠡᠨ᠂ ᠴᠤᠯᠮᠤᠨᠭᠡᠷᠡᠯ
ᠬᠢᠨᠠᠭᠴᠢ᠄ ᠣᠳᠬᠣᠨᠴᠡᠴᠡᠭ᠂ ᠲ·ᠬᠦᠮᠦᠵᠢᠯᠲᠦ᠂ ᠪᠠᠯ
ᠤᠩᠰᠢᠭᠴᠢ᠄ ᠨᠠᠰᠤᠨ᠌ᠦ᠌ᠯᠵᠡᠢ
