ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠬᠣᠶᠠᠷ Үүрийн туяа III – Б ᠂ Ренчин Гуравдугаар дэвтэр "Баялдаж олсон эх орон"-12 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠬᠣᠶᠠᠷ Үүрийн туяа III – Б ᠂ Ренчин Гуравдугаар дэвтэр "Баялдаж олсон эх орон"-12

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠᠨ ᠬᠣᠶᠠᠷ Үүрийн туяа III – Б ᠂ Ренчин Гуравдугаар дэвтэр "Баялдаж олсон эх орон"-12

ᠠᠩᠭᠢᠯᠠᠯ:ᠲᠤᠭᠤᠵᠢ ᠷᠣᠮᠠᠨ
2025-05-01

203

ᠠᠷᠪᠠᠨ ᠬᠣᠶᠠᠷ ᠂ ᠰᠠᠨᠠᠮᠰᠠᠷ ᠦᠭᠡᠢ ᠪᠠᠶᠠᠷ

            
                  ᠠᠮᠢᠳᠤ ᠶᠠᠪᠤᠪᠠᠯ᠂ ᠠᠯᠲᠠᠨ ᠠᠶᠠᠭ᠎ᠠ ᠪᠠᠷ ᠤᠮᠳᠠ ᠤᠤᠭᠤᠨ᠎ᠠ᠃   
                                        ᠠᠷᠠᠳ ᠤ᠋ᠨ ᠰᠡᠴᠡᠨ ᠦᠭᠡ    

       ᠨᠠᠰᠤ ᠪᠠᠷ ᠢ᠋ᠶ᠋ᠠᠨ ᠮᠣᠷᠢ ᠤᠨᠤᠵᠤ᠂ ᠡᠪᠦᠳᠦᠭ ᠨᠤᠭᠤᠯᠤᠨ ᠰᠠᠭᠤᠵᠤ᠂ ᠬᠥᠯ ᠢ᠋ᠶ᠋ᠡᠨ ᠲᠡᠨᠢᠢᠯᠭᠡᠨ ᠵᠢᠭᠢᠵᠦ ᠦᠵᠡᠭᠡ ᠦᠭᠡᠢ ᠤᠴᠢᠷ᠂ ᠲᠠᠬᠢᠮ ᠢ᠋ᠶ᠋ᠠᠷ ᠨᠢ ᠲᠠᠲᠠᠭᠰᠠᠨ ᠶᠤᠮ ᠰᠢᠭ᠋ ᠰᠢᠯᠤᠭᠤᠨ ᠲᠡᠨᠢᠢᠬᠦ ᠪᠡᠨ ᠪᠠᠢᠭᠰᠠᠨ ᠬᠥᠯ ᠢ᠋ᠶ᠋ᠡᠷ ᠢ᠋ᠶ᠋ᠡᠨ ᠲᠡᠨᠲᠦᠷ ᠮᠥᠨᠳᠥᠷ ᠠᠯᠬᠤᠵᠤ᠂ ᠨᠢᠭᠡ ᠡᠪᠦᠭᠡᠨ ᠠᠷᠠᠳ ᠴᠢᠷᠠᠢ ᠪᠠᠢᠳᠠᠯ ᠮᠠᠰᠢ ᠭᠤᠨᠢᠶᠠᠷᠠᠭᠰᠠᠨ ᠰᠢᠨᠵᠢ ᠲᠡᠢ ᠣᠷᠣᠵᠤ ᠢᠷᠡᠭᠡᠳ᠂ ᠪᠠᠲᠤᠪᠠᠶᠠᠷ ᠭᠤᠸᠠᠢ ᠶ᠋ᠢ ᠬᠦᠨᠳᠦᠳᠬᠡᠨ ᠶᠣᠰᠣᠯᠠᠵᠤ᠂ ᠪᠢᠴᠢᠭ ᠭᠠᠷᠭᠠᠵᠤ ᠪᠠᠷᠢᠯ᠎ᠠ᠃ 
       ᠪᠠᠲᠤᠪᠠᠶᠠᠷ᠂ ᠲᠡᠷᠡ ᠡᠯᠴᠢ ᠡᠪᠦᠭᠡᠨ ᠦ᠌ ᠭᠤᠳᠤᠷᠠᠭᠰᠠᠨ ᠴᠢᠷᠠᠢ ᠶ᠋ᠢ ᠰᠢᠷᠪᠢᠨ ᠬᠠᠷᠠᠭᠠᠳ᠂ ᠶᠡᠷᠦ ᠡᠴᠡ ᠬᠥᠮᠦᠨ ᠢ᠋ ᠠᠪ ᠠᠪᠤᠭᠰᠠᠭᠠᠷ ᠶᠠᠭᠠᠬᠢᠭᠰᠠᠨ ᠡᠢᠭᠰᠡᠨ ᠪᠣᠢ᠂ ᠶᠠᠭᠤᠨ ᠳ᠋ᠤ᠌ ᠭᠤᠲᠤᠷᠠᠵᠤ ᠭᠤᠨᠢᠭᠠᠷᠠᠪᠠ(ᠭᠤᠨᠢᠶᠠᠷᠠᠪᠠ) ᠭᠡᠵᠦ ᠠᠰᠠᠭᠤᠳᠠᠭ ᠵᠠᠩᠰᠢᠯ ᠦᠭᠡᠢ ᠲᠤᠯᠠ ᠨᠤᠲᠤᠭ ᠤᠰᠤ ᠪᠠᠷ ᠮᠡᠨᠳᠦ᠂ ᠮᠠᠯ ᠰᠦᠷᠦᠭ ᠰᠠᠢᠨ ᠤᠤ ᠭᠡᠵᠦ ᠬᠥᠮᠦᠨ ᠲᠡᠢ ᠠᠭᠤᠯᠵᠠᠬᠤ ᠳ᠋ᠠᠭᠠᠨ( ᠳ᠋ᠤ᠌ ᠪᠠᠨ) ᠠᠰᠠᠭᠤᠳᠠᠭ ᠶᠡᠷᠦ ᠶ᠋ᠢᠨ ᠦᠭᠡ ᠠᠰᠠᠭᠤᠯ᠎ᠠ᠃ ᠲᠡᠭᠡᠭᠡᠳ᠂ ᠬᠦᠷᠭᠡᠵᠦ ᠢᠷᠡᠭᠰᠡᠨ  ᠪᠢᠴᠢᠭ ᠦ᠋ᠨ ᠲᠣᠭᠳᠣᠢ  ᠶ᠋ᠢ ᠨᠡᠭᠡᠭᠡᠵᠦ᠂ ᠤᠭ ᠪᠢᠴᠢᠭ ᠢ᠋ ᠦᠵᠡᠲᠡᠯ᠎ᠡ᠂ ᠤᠯᠠᠭᠠᠨ ᠱᠤᠭᠤᠮᠲᠤ ᠪᠢᠴᠢᠭ ᠦ᠋ᠨ ᠣᠷᠣᠨ ᠳ᠋ᠤ᠌᠂ ᠭᠠᠰᠢᠭᠤᠳᠠᠯ ᠤ᠋ᠨ ᠲᠡᠮᠳᠡᠭᠲᠦ ᠬᠥᠬᠡ ᠱᠤᠭᠤᠮᠲᠤ ᠪᠢᠴᠢᠭ ᠭᠠᠷᠴᠤ ᠢᠷᠡᠭᠰᠡᠨ ᠳ᠋ᠦ᠍ ᠬᠥᠮᠥᠰᠬᠡ ᠵᠠᠩᠭᠢᠳᠤᠨ᠂ ᠲᠡᠷᠡ ᠪᠢᠴᠢᠭ ᠦᠵᠡᠪᠡ᠃ ᠬᠣᠰᠢᠭᠤ ᠲᠠᠮᠠᠭ᠎ᠠ ᠶ᠋ᠢᠨ ᠲᠦᠰᠢᠮᠡᠯ ᠪᠢᠴᠢᠭᠡᠴᠢ ᠴᠥᠮ ᠲᠡᠷᠡ ᠬᠥᠬᠡ ᠱᠤᠭᠤᠮᠲᠤ ᠪᠢᠴᠢᠭ ᠦᠵᠡᠭᠡᠳ᠂ ᠶᠡᠬᠡ ᠬᠥᠮᠦᠨ ᠨᠠᠰᠤ ᠪᠠᠷᠠᠭᠰᠠᠨ ᠭᠡᠵᠦ ᠨᠠᠮ ᠭᠦᠮ ᠪᠣᠯᠤᠯ᠎ᠠ᠃  
       ᠪᠠᠲᠤᠪᠠᠶᠠᠷ ᠪᠢᠴᠢᠭ ᠦᠵᠡᠭᠡᠳ᠂ ᠣᠯᠠᠨ ᠤ᠋ ᠵᠦᠭ ᠬᠠᠷᠠᠵᠤ᠂ ᠲᠠᠮᠠᠭ᠎ᠠ ᠶ᠋ᠢᠨ ᠶᠡᠬᠡ ᠭᠡᠷ ᠲᠦ᠍ ᠪᠠᠢᠭᠰᠠᠨ ᠪᠦᠭᠦᠳᠡ ᠶ᠋ᠢᠨ ᠵᠦᠭ᠂  
       — ᠴᠢᠬᠤᠯᠠ ᠮᠡᠳᠡᠭᠡ ᠢᠷᠡᠵᠡᠢ᠃ ᠰᠢᠷ᠎ᠠ ᠶ᠋ᠢᠨ ᠱᠠᠰᠢᠨ ᠤ᠋ ᠡᠵᠡᠨ᠂ ᠬᠡᠮᠵᠢᠶᠡᠲᠦ ᠡᠷᠬᠡᠲᠦ ᠪᠣᠭᠳᠠ ᠬᠠᠭᠠᠨ᠂ ᠨᠠᠢ᠍ᠮᠠᠳᠤᠭᠠᠷ ᠵᠢᠪᠽᠥ᠋ᠨᠳᠠᠮᠪᠠ ᠬᠤᠲᠤᠭᠲᠤ ᠪᠢᠯᠢᠭ ᠦ᠋ᠨ ᠤᠯᠠᠷᠢᠯ ᠤ᠋ᠨ ᠠᠷᠪᠠᠨ ᠲᠠᠪᠤᠳᠤᠭᠠᠷ ᠵᠢᠷᠠᠨ ᠤ᠋ ᠬᠥᠬᠡ ᠬᠤᠯᠤᠭᠠᠨ᠎ᠠ ᠵᠢᠯ ᠦ᠋ᠨ ᠰᠢᠷᠠᠭᠴᠢᠨ ᠮᠣᠭᠠᠢ ᠰᠠᠷ᠎ᠠ ᠶ᠋ᠢᠨ ᠠᠷᠪᠠᠨ ᠨᠠᠢ᠍ᠮᠠᠨ ᠤ᠋ ᠰᠥᠨᠢ ᠲᠠᠭᠠᠯᠠᠯ ᠲᠡᠭᠦᠰᠴᠡᠢ ᠭᠡᠵᠦ ᠬᠡᠯᠡᠮᠡᠭᠴᠡ᠂ ᠲᠡᠷᠡ ᠪᠢᠴᠢᠭ ᠬᠦᠷᠭᠡᠵᠦ ᠢᠷᠡᠭᠡᠳ ᠡᠭᠦᠳᠡᠨ ᠲᠤᠰᠢᠶ᠎ᠠ ᠰᠠᠭᠤᠵᠤ ᠪᠠᠢᠭᠰᠠᠨ ᠡᠪᠦᠭᠡᠨ ᠡᠯᠴᠢ ᠠᠶᠠᠷᠬᠠᠨ ᠭᠠᠰᠠᠯᠤᠨ ᠤᠬᠢᠯᠠᠬᠤ ᠳᠠᠭᠤ ᠠᠯᠳᠠᠪᠠ᠃ ᠢᠷᠡᠭᠰᠡᠨ ᠪᠢᠴᠢᠭ ᠦ᠋ᠨ ᠨᠢᠭᠤᠷᠯᠠᠬᠤ ᠦᠰᠦᠭ ᠪᠦᠬᠦᠢ ᠴᠠᠭᠠᠰᠤ᠂ ᠮᠣᠳᠣᠨ ᠬᠡᠪ ᠢ᠋ᠶ᠋ᠡᠷ ᠬᠡᠪᠯᠡᠵᠦ ᠪᠠᠢᠭᠰᠠᠨ ᠡᠪᠦᠭᠡᠨ ᠵᠠᠷᠤᠯᠭ᠎ᠠ᠂ ᠭᠣᠣᠳᠤᠤᠷ ᠬᠡᠪ ᠢ᠋ᠶ᠋ᠡᠨ ᠬᠣᠢᠰᠢ ᠨᠢ ᠲᠠᠯᠪᠢᠭᠠᠳ᠂ ᠬᠦᠵᠦᠭᠦᠨ ᠡᠴᠡ ᠪᠡᠨ ᠡᠷᠢᠭᠡ ᠪᠡᠨ ᠠᠪᠴᠤ᠂ 
       — ᠬᠥᠭᠡᠷᠦᠬᠦᠢ ᠪᠣᠭᠳᠠ ᠮᠢᠨᠢ! ᠭᠡᠵᠡᠢ᠃ 
       — ᠣᠳᠣ ᠪᠢᠳᠡ ᠶᠠᠭᠠᠬᠢᠳᠠᠭ ᠪᠢᠯᠡ? ᠭᠡᠵᠦ ᠥᠪᠡᠷ ᠡᠴᠡ ᠪᠡᠨ ᠠᠰᠠᠭᠤᠭᠰᠠᠨ ᠶᠤᠮ ᠰᠢᠭ᠋᠂ ᠡᠬᠡ ᠵᠣᠬᠢᠶᠠᠭᠴᠢ ᠡᠪᠦᠭᠡᠨ᠂ ᠡᠴᠡᠩᠭᠢᠷ ᠪᠡᠶ᠎ᠡ ᠲᠡᠢ ᠨᠢᠭᠡᠨ ᠲᠦᠰᠢᠮᠡᠯ ᠠᠶᠠᠷᠬᠠᠨ ᠳᠤᠤᠭᠠᠷᠴᠤ᠂ ᠣᠳᠣ ᠶᠠᠪᠤᠭᠤᠯᠬᠤ ᠪᠢᠴᠢᠭ ᠲᠡᠭᠡᠨ( ᠲᠤ ᠪᠡᠨ) ᠣᠨ ᠤ᠋ ᠴᠣᠯᠠ ᠶᠠᠭᠤ ᠭᠡᠵᠦ ᠪᠢᠴᠢᠬᠦ ᠪᠣᠯᠳᠠᠭ ᠪᠢᠯᠡ?  ᠭᠡᠵᠡᠢ᠃  
       — ᠵᠠᠰᠠᠭ ᠤ᠋ᠨ ᠭᠠᠵᠠᠷ᠂ ᠪᠣᠭᠳᠠ ᠬᠠᠭᠠᠨ ᠢ᠋ ᠲᠠᠭᠠᠯᠠᠯ ᠲᠡᠭᠦᠰᠦᠭᠰᠡᠨ ᠤᠴᠢᠷ᠂ ᠤᠯᠤᠰ ᠳᠠᠶᠠᠭᠠᠷ ᠲᠤ᠌ ᠪᠡᠯᠪᠡᠰᠦᠷᠡᠯ ᠵᠠᠷᠯᠠᠵᠠᠢ᠃ ᠵᠣᠬᠢᠬᠤ ᠭᠠᠵᠠᠷ ᠠ᠋ᠴᠠ ᠵᠢᠭᠠᠪᠤᠷᠢ ᠢᠷᠡᠲᠡᠯ᠎ᠡ ᠣᠨ ᠤ᠋ ᠴᠣᠯᠠ ᠶ᠋ᠢ ᠬᠡᠪ ᠢ᠋ᠶ᠋ᠡᠷ ᠨᠢ᠂ ᠣᠯᠠᠨ᠎ᠠ ᠡᠷᠭᠦᠭᠳᠡᠭᠰᠡᠨ ᠦ᠌ ᠪᠡᠷ ᠪᠢᠴᠢᠵᠦ ᠪᠠᠢᠶ᠎ᠠ᠃ ᠡᠷᠬᠢᠮ ᠴᠠᠮᠪᠠᠯ ᠭᠤᠸᠠᠢ ᠲᠠ᠂ ᠬᠡᠮᠵᠢᠶᠡᠲᠦ ᠡᠷᠬᠡᠲᠦ ᠬᠠᠭᠠᠨ ᠲᠠᠭᠠᠯᠠᠯ ᠲᠡᠭᠦᠰᠴᠦ᠂ ᠲᠥᠷᠥ ᠶ᠋ᠢᠨ ᠪᠦᠬᠦᠢᠯᠡ ᠡᠷᠬᠡ ᠴᠥᠮ ᠠᠷᠢᠭᠤᠨ ᠠᠵᠢᠯᠲᠤ ᠠᠷᠠᠳ ᠣᠯᠠᠨ ᠢ᠋ᠶ᠋ᠠᠨ ᠲᠥᠯᠥᠭᠡᠯᠡᠭᠰᠡᠨ ᠠᠷᠠᠳ ᠤ᠋ᠨ ᠵᠠᠰᠠᠭ ᠤ᠋ᠨ ᠭᠠᠵᠠᠷ ᠰᠢᠯᠵᠢᠭᠰᠡᠨ ᠤᠴᠢᠷ ᠢ᠋ ᠬᠠᠷᠢᠶᠠᠲᠤ ᠰᠤᠮᠤ ᠣᠯᠠᠨ ᠳ᠋ᠤ᠌ ᠵᠠᠷᠯᠠᠵᠤ ᠶᠠᠪᠤᠭᠤᠯᠬᠤ ᠪᠢᠴᠢᠭ ᠦ᠋ᠨ ᠡᠬᠡ ᠵᠣᠬᠢᠶᠠᠨᠠᠤ ᠭᠡᠵᠦ ᠡᠪᠦᠭᠡᠨ ᠪᠠᠲᠤᠪᠠᠶᠠᠷ᠂ ᠲᠡᠷᠡ ᠢᠷᠡᠭᠰᠡᠨ ᠪᠢᠴᠢᠭ ᠢ᠋ ᠡᠬᠡ ᠵᠣᠬᠢᠶᠠᠬᠤ ᠲᠦᠰᠢᠮᠡᠯ ᠴᠠᠮᠪᠠᠯ ᠳ᠋ᠤ᠌ ᠥᠭᠭᠦᠭᠡᠳ᠂ ᠪᠣᠭᠳᠠ ᠬᠠᠭᠠᠨ ᠲᠠᠭᠠᠯᠠᠯ ᠲᠡᠭᠦᠰᠦᠭᠰᠡᠨ ᠤᠴᠢᠷ ᠬᠡᠮᠵᠢᠶᠡᠲᠦ ᠡᠷᠬᠡᠲᠦ ᠬᠠᠭᠠᠨ᠂ ᠠᠷᠠᠳ ᠤ᠋ᠨ ᠵᠠᠰᠠᠭ ᠬᠣᠶᠠᠷ ᠤ᠋ᠨ ᠬᠠᠷᠢᠯᠴᠠᠨ ᠪᠠᠢᠭᠤᠯᠤᠭᠰᠠᠨ ᠲᠠᠩᠭᠠᠷᠢᠭ ᠤ᠋ᠨ ᠭᠡᠷ᠎ᠡ ᠨᠢᠭᠡᠨᠲᠡ ᠬᠦᠴᠦᠨ ᠦᠭᠡᠢ ᠪᠣᠯᠵᠤ᠂ ᠠᠷᠠᠳ ᠲᠦᠮᠡᠨ ᠣᠳᠣ ᠠᠯᠪᠠᠨ ᠶᠣᠰᠣ ᠪᠠᠷ ᠤᠯᠤᠰ ᠲᠥᠷᠥ ᠶ᠋ᠢᠨ ᠢ᠋ᠶ᠋ᠡᠨ ᠪᠦᠷᠢᠨ ᠡᠵᠡᠨ ᠪᠣᠯᠤᠯ᠎ᠠ ᠬᠡᠮᠡᠪᠡᠰᠦ᠂  
       — ᠡᠷᠬᠢᠮ ᠳᠠᠷᠤᠭ᠎ᠠ ᠲᠠ ᠪᠣᠭᠳᠠ ᠭᠡᠭᠡᠨ( ᠭᠡᠭᠡᠬᠡᠨ) ᠦ᠌ ᠱᠠᠪᠢ ᠰᠢᠦ ᠳᠡ ᠭᠡᠵᠦ ᠡᠬᠡ ᠵᠣᠬᠢᠶᠠᠬᠤ ᠲᠦᠰᠢᠮᠡᠯ ᠭᠣᠮᠣᠳᠠᠨ ᠭᠣᠣᠮᠠᠢᠯᠠᠬᠤ ᠪᠠᠢᠳᠠᠯ ᠲᠠᠢ ᠳᠤᠤᠭᠠᠷᠴᠠᠢ᠃ 
       — ᠪᠢ ᠣᠳᠣ ᠡᠨᠳᠡ᠂ ᠣᠯᠠᠨ ᠤ᠋ ᠢᠲᠡᠭᠡᠮᠵᠢᠯᠡᠭᠰᠡᠨ ᠢ᠋ ᠳᠠᠭᠠᠵᠤ᠂ ᠠᠯᠪᠠᠨ ᠬᠡᠷᠡᠭ ᠶᠠᠪᠤᠭᠤᠯᠵᠤ ᠪᠠᠢᠭ᠎ᠠ ᠠᠷᠠᠳ ᠤ᠋ᠨ ᠵᠠᠰᠠᠭ ᠤ᠋ᠨ ᠠᠯᠪᠠᠨ ᠤ᠋ ᠬᠥᠮᠦᠨ ᠪᠠᠢᠨ᠎ᠠ ᠭᠡᠵᠦ ᠡᠪᠦᠭᠡᠨ ᠪᠠᠲᠤᠪᠠᠶᠠᠷ ᠬᠠᠷᠢᠭᠤ ᠬᠡᠯᠡᠵᠡᠢ᠃  
       ᠡᠬᠡ ᠵᠣᠬᠢᠶᠠᠬᠤ ᠲᠦᠰᠢᠮᠡᠯ ᠠᠮᠠᠨ ᠳᠣᠲᠣᠷ᠎ᠠ ᠪᠠᠨ ᠤᠩᠰᠢᠯᠭ᠎ᠠ ᠪᠠᠨ ᠤᠩᠰᠢᠭᠰᠠᠭᠠᠷ ᠭᠠᠷ ᠴᠡᠴᠡᠷᠡᠨ᠂ ᠶᠠᠪᠤᠭᠤᠯᠬᠤ ᠪᠢᠴᠢᠭ ᠦ᠋ᠨ ᠢ᠋ᠶ᠋ᠡᠨ ᠡᠬᠡ ᠵᠣᠬᠢᠶᠠᠵᠤ ᠡᠬᠢᠯᠡᠪᠡ᠃ ᠡᠪᠦᠭᠡᠨ ᠡᠯᠴᠢ ᠲᠠᠮᠠᠭ᠎ᠠ ᠶ᠋ᠢᠨ  ᠭᠡᠷ ᠡᠴᠡ ᠠᠶᠠᠷᠬᠠᠨ ᠭᠠᠷᠴᠤ ᠣᠳᠪᠠ᠃ ᠪᠣᠭᠳᠠ ᠬᠠᠭᠠᠨ ᠲᠠᠭᠠᠯᠠᠯ ᠲᠡᠭᠦᠰᠪᠡ  ᠭᠡᠰᠡᠨ ᠮᠡᠳᠡᠭᠡ ᠬᠣᠰᠢᠭᠤ ᠲᠥᠪ ᠲᠦ᠍ ᠭᠱᠠᠨ ᠵᠠᠭᠤᠷ᠎ᠠ ᠳᠠᠷᠬᠠᠨ᠂ ᠬᠠᠭᠤᠴᠢᠨ ᠬᠣᠰᠢᠭᠤ ᠵᠠᠰᠠᠭ ᠤ᠋ᠨ ᠬᠦᠷᠢᠶᠡᠨ ᠳ᠋ᠦ᠍ ᠬᠡᠩᠭᠡᠷᠭᠡ ᠪᠦᠷᠢᠶᠡᠨ ᠦ᠌ ᠴᠢᠮᠡᠭᠡ ᠭᠠᠷᠴᠤ᠂ ᠯᠠᠮᠠ ᠨᠠᠷ ᠨᠣᠮ ᠪᠤᠶᠠᠨ ᠬᠢᠵᠦ ᠡᠬᠢᠯᠡᠪᠡ᠃ ᠬᠣᠰᠢᠭᠤ ᠬᠦᠷᠢᠶᠡᠨ ᠳ᠋ᠦ᠍ ᠳᠠᠪᠬᠢᠵᠤ ᠣᠴᠢᠭᠰᠠᠨ ᠡᠪᠦᠭᠡᠨ ᠡᠯᠴᠢ᠂ ᠯᠠᠮᠠ ᠪᠠᠭᠰᠢ ᠨᠠᠷ᠂ ᠤᠯᠤᠰ ᠳᠠᠶᠠᠭᠠᠷ ᠪᠡᠯᠪᠡᠰᠦᠷᠡᠵᠦ ᠪᠠᠢᠭ᠎ᠠ ᠴᠠᠭ ᠲᠤ᠌ ᠮᠠᠯ ᠨᠢᠲᠤᠯᠵᠤ ᠦᠯᠦ ᠪᠣᠯᠤᠨ᠎ᠠ᠃ ᠪᠤᠶᠠᠨ ᠨᠣᠮ ᠬᠢᠵᠦ᠂ ᠡᠷᠭᠦᠯ ᠪᠠᠷᠢᠴᠠ ᠡᠷᠭᠦ ᠭᠡᠵᠦ ᠰᠤᠷᠭᠠᠨ ᠵᠠᠬᠢᠭᠰᠠᠨ ᠭᠡᠵᠦ ᠶᠠᠷᠢᠪᠠ᠃  
       ᠪᠠᠲᠤᠪᠠᠶᠠᠷ ᠡᠪᠦᠭᠡᠨ᠂ ᠦᠳᠡ ᠶ᠋ᠢᠨ ᠴᠠᠢ ᠶ᠋ᠢᠨ ᠵᠠᠪᠰᠠᠷ ᠢ᠋ᠶ᠋ᠠᠷ ᠭᠡᠷ ᠲᠡᠭᠡᠨ( ᠲᠤ ᠪᠡᠨ) ᠬᠠᠷᠢᠭᠠᠳ᠂ ᠫᠠᠭᠮ᠎ᠠ ᠶ᠋ᠢ ᠪᠤᠷᠬᠠᠨ ᠤ᠋ ᠪᠠᠨ ᠡᠮᠦᠨ᠎ᠡ ᠵᠤᠯᠠ ᠬᠦᠵᠢ ᠪᠠᠷᠢᠵᠤ ᠪᠠᠢᠭ᠎ᠠ ᠴᠠᠭ ᠢ᠋ᠶ᠋ᠠᠷ ᠳᠠᠭᠠᠷᠢᠯᠳᠤᠯ᠎ᠠ᠃ 
       — ᠣᠳᠣ ᠪᠢᠳᠡ ᠶᠠᠭᠠᠬᠢᠳᠠᠭ ᠪᠢᠯᠡ? ᠭᠡᠵᠦ ᠡᠮᠡᠭᠡᠨ ᠢ᠋ ᠡᠪᠦᠭᠡᠨ ᠡᠴᠡ ᠪᠡᠨ ᠠᠰᠠᠭᠤᠬᠤ ᠳ᠋ᠤ᠌᠂ 
       — ᠶᠠᠭᠠᠬᠢᠬᠤ ᠶᠠᠭᠤ ᠪᠠᠢᠬᠤ ᠪᠣᠢ? ᠠᠷᠢᠭᠴᠢᠢ ᠪᠣᠭᠳᠠ ᠲᠠᠭᠠᠯᠠᠯ ᠪᠣᠯᠵᠤ᠂ ᠠᠷᠠᠳ ᠠᠮᠢᠲᠠᠨ ᠲᠥᠷᠥ ᠶ᠋ᠢᠨ ᠢ᠋ᠶ᠋ᠡᠨ ᠡᠵᠡᠨ ᠪᠣᠯᠵᠤ ᠭᠡᠵᠦ ᠬᠠᠷᠢᠭᠤ ᠬᠡᠯᠡᠬᠦ  ᠳ᠋ᠦ᠍ᠨᠢ( ᠳ᠋ᠦ᠍ ᠨᠢ)᠂ 
       — ᠲᠠ ᠨᠠᠰᠤᠲᠠᠢ ᠬᠥᠮᠦᠨ ᠮᠥᠷᠲᠡᠭᠡᠨ ᠶᠠᠭᠤᠨ ᠳ᠋ᠤ᠌ ᠡᠢᠮᠦ ᠲᠤᠰᠠ ᠦᠭᠡᠢ ᠦᠭᠡ ᠬᠡᠯᠡᠵᠦ᠂ ᠪᠣᠭᠳᠠ ᠭᠡᠭᠡᠨ( ᠭᠡᠭᠡᠬᠡᠨ) ᠢ᠋ ᠲᠣᠷᠣᠮᠵᠢᠯᠠᠳᠠᠭ ᠶᠤᠮ ᠪᠣᠢ ᠭᠡᠵᠦ ᠡᠮᠡᠭᠡᠨ ᠫᠠᠭᠮ᠎ᠠ ᠶ᠋ᠢ ᠡᠷᠢᠭᠡ ᠪᠡᠨ ᠲᠠᠲᠠᠵᠤ᠂ ᠡᠪᠦᠭᠡᠨ ᠳ᠋ᠡᠭᠡᠨ ( ᠳ᠋ᠦ᠍ ᠪᠡᠨ) ᠴᠠᠢ ᠬᠢᠵᠦ ᠥᠭᠬᠦ ᠳ᠋ᠦ᠍ᠨᠢ( ᠳ᠋ᠦ᠍ ᠨᠢ)᠂ ᠭᠡᠭᠡᠴᠦᠳ ᠦ᠋ᠨ ᠪᠤᠵᠠᠷ ᠪᠣᠯᠠᠢ ᠶᠠᠪᠤᠳᠠᠯ ᠢ᠋ ᠦᠵᠡ ᠦᠵᠡᠭᠰᠡᠭᠡᠷ ᠪᠢ ᠰᠦᠰᠦᠭ ᠢ᠋ᠶ᠋ᠡᠨ ᠠᠯᠳᠠᠵᠤ ᠣᠷᠬᠢᠭᠰᠠᠨ ᠬᠥᠮᠦᠨ ᠳᠡ ᠭᠡᠵᠦ ᠬᠡᠯᠡᠭᠡᠳ ᠡᠪᠦᠭᠡᠨ ᠵᠡᠰ ᠳᠣᠮᠪᠣ ᠲᠠᠢ ᠴᠠᠢ ᠪᠠᠨ ᠳᠥᠬᠥᠭᠦᠯᠪᠡ᠃  
       ᠴᠠᠢ ᠪᠠᠨ ᠤᠤᠭᠤᠭᠠᠳ᠂ ᠲᠠᠮᠠᠭ᠎ᠠ ᠶ᠋ᠢᠨ ᠢ᠋ᠶ᠋ᠡᠨ ᠭᠠᠵᠠᠷ ᠬᠦᠷᠴᠦ ᠣᠴᠢᠬᠤ ᠳ᠋ᠤᠨᠢ( ᠳ᠋ᠤ᠌ ᠨᠢ)᠂ ᠬᠤᠰᠢᠭᠤᠨ ᠳ᠋ᠤᠨᠢ( ᠳ᠋ᠤ᠌ ᠨᠢ) ᠪᠠᠢᠳᠠᠭ ᠲᠢᠶᠠᠨ ᠢ ᠳᠧ ᠫᠦᠰᠡ ᠶ᠋ᠢᠨ ᠳᠠᠩᠵᠢᠶᠠᠳ ᠬᠦᠯᠢᠶᠡᠵᠦ ᠪᠠᠢᠭᠰᠠᠨ ᠪᠠᠢᠵᠠᠢ᠃ ᠬᠠᠷ᠎ᠠ ᠲᠣᠷᠭᠠᠨ ᠳᠡᠪᠡᠯ ᠲᠡᠢ᠂ ᠭᠢᠯᠠᠯᠵᠠᠭᠰᠠᠨ ᠳᠤᠭᠤᠢ ᠴᠢᠷᠠᠢ ᠲᠠᠢ ᠲᠡᠷᠡ ᠳᠠᠩᠵᠢᠶᠠᠳ᠂ ᠬᠣᠰᠢᠭᠤ ᠳᠠᠷᠤᠭ᠎ᠠ ᠶ᠋ᠢ ᠬᠠᠷᠠᠭᠠᠳ ᠲᠡᠰᠬᠡᠯ ᠦᠭᠡᠢ ᠵᠢᠰᠤᠷᠳᠠᠨ᠂ 
       — ᠲᠤᠰ ᠤᠷᠠᠰ ᠲᠠᠭᠠᠨ ( ᠲᠤ ᠪᠠᠨ) ᠮᠠᠰᠢ ᠶᠡᠬᠡ ᠭᠠᠯᠵᠠ ᠭᠠᠰᠢᠭᠤᠳᠠᠷᠠ ᠲᠣᠬᠢᠶᠠᠭᠰᠠᠨ ᠸᠤᠴᠢᠷ᠂ ᠸᠦᠨᠡᠨ ᠰᠡᠳᠺᠡᠷ ᠡᠴᠡ ᠭᠦᠨ᠎ᠡ ᠬᠠᠯᠠᠮᠰᠠᠵᠤ ᠪᠠᠢᠨ᠎ᠠ᠃ ᠡᠨᠡ ᠺᠧᠴᠦᠦ ᠦᠶ᠎ᠡ ᠪᠡᠷ ᠶᠠᠭᠠᠷᠠᠷᠲᠠᠢ ᠺᠧᠯᠡᠭᠲᠡᠢ ᠢᠯᠡᠰᠡᠨ ᠨᠠᠮᠠᠶ᠋ᠢ(ᠨᠠᠮ᠎ᠠ ᠶ᠋ᠢ) ᠸᠤᠭᠤᠴᠢᠯᠠᠨ ᠸᠦᠵᠡᠬᠦ ᠠᠵᠢᠶᠠᠮᠤ᠃ ᠡᠷᠴᠢ ᠨᠠᠳᠠ ᠳ᠋ᠠᠭᠠᠨ( ᠳ᠋ᠤ᠌ ᠪᠠᠨ) ᠪᠠᠰᠠ ᠨᠡᠢᠬᠡ ᠶᠠᠭᠠᠷᠠᠷᠲᠠᠢ ᠪᠢᠴᠢᠭᠡ ᠬᠥᠯᠭᠡᠵᠦ ᠢᠯᠡᠰᠡᠨ᠃ ᠤᠭ ᠸᠣᠴᠢᠷ ᠡᠢᠮᠦ ᠪᠠᠢᠨ᠎ᠠ᠃ ᠮᠠᠨ ᠤ᠋ ᠫᠦᠰᠡ᠂ ᠠ᠋ — ᠠ᠋ — ᠠ᠋᠂ ᠨᠢᠭᠡ ᠵᠢᠭᠠᠬᠠᠨ ᠮᠥᠩᠭᠥ ᠰᠠᠩᠭᠠᠨ ᠤ᠋ ᠭᠠᠴᠢᠬᠳᠠᠷᠲᠠᠢ ᠪᠣᠷᠰᠣᠨ᠃ ᠸᠣᠲᠤ ᠮᠠᠢᠮᠠᠢ ᠢᠺ ᠮᠣᠤ᠃ ᠡᠯᠺᠧᠮ ᠲᠠᠯᠠᠭ᠎ᠠ᠂ ᠲᠠ ᠶᠠᠭᠤ ᠠᠨᠳᠠᠬᠤ᠂ ᠪᠢᠳᠡ ᠮᠣᠩᠭᠣᠷ ᠠᠬ᠎ᠠ ᠳᠡᠭᠦᠦ ᠳ᠋ᠡᠭᠡᠨ( ᠳ᠋ᠦ᠍ ᠪᠡᠨ) ᠺᠧᠯᠩᠳᠡᠢ ᠪᠠᠯᠠᠭ᠎ᠠ ᠴᠢᠳᠠᠬᠤ ᠶᠠᠳᠠᠬᠤ ᠯᠠ ᠠᠴᠢᠯᠠᠵᠤ ᠪᠠᠢᠭᠰᠠᠨ᠃ ᠸᠣᠲᠣ ᠮᠣᠩᠭᠣᠷ ᠬᠣᠯᠰᠢᠶ᠎ᠠ ᠪᠣᠢ ᠪᠣᠷᠣᠭᠠᠳ ᠂ ᠮᠠᠨ ᠤ᠋ ᠮᠠᠢᠮᠠᠢ ᠮᠣᠤ ᠪᠣᠷᠣᠭᠰᠠᠨ᠃ ᠳᠠᠯᠠ ᠴᠦ᠍ ᠪᠠᠰᠠ ᠠᠯᠠᠭ᠎ᠠ ᠦᠭᠡᠢ ᠶᠦᠮ ᠰᠢᠦ ᠳᠡ᠃ ᠺᠦᠨ ᠠᠮᠢᠲᠠᠨ ᠲᠣᠭ᠎ᠠ ᠮᠢᠮᠡᠭᠳᠡᠭᠰᠡᠨ ᠦᠭᠡᠢ ᠪᠠᠢᠬᠤ ᠳ᠋ᠤ᠌᠂ ᠮᠠᠢᠮᠠᠢ ᠺᠢᠳᠡᠭ  ᠫᠦᠰᠡ ᠮᠢᠮᠡᠭᠳᠡᠭᠡᠳ᠂ ᠬᠥᠢᠷᠬᠡᠬᠡ ᠮᠤᠤᠳᠠᠭᠰᠠᠨ ᠭᠡᠬᠦ ᠳ᠋ᠦ᠍ᠨᠢ( ᠳ᠋ᠦ᠍ ᠨᠢ) ᠪᠠᠲᠤᠪᠠᠶᠠᠷ ᠭᠢᠯᠤᠢᠨ ᠬᠠᠷᠠᠵᠠᠢ᠃ ᡀᠠ ᠪᠡᠢᠯᠡ ᠶ᠋ᠢᠨ ᠬᠠᠭᠤᠴᠢᠨ ᠲᠦᠩᠰᠢ ᠨᠢ ᠲᠡᠭᠡᠵᠦ ᠬᠠᠷᠠᠭᠰᠠᠨ ᠢ᠋ ᠠᠵᠢᠭᠯᠠᠨ ᠬᠠᠷᠠᠴᠢᠬᠠᠭᠠᠳ᠂ ᠲᠡᠰᠬᠡᠯ ᠦᠭᠡᠢ ᠪᠢᠯᠪᠢᠭᠦᠷᠳᠡᠨ ᠵᠢᠰᠤᠷᠳᠠᠵᠤ᠂
       — ᠪᠢ ᠶᠠᠯᠦ ᠡᠴᠡ ᠮᠣᠩᠭᠣᠷ ᠬᠣᠯᠰᠢᠶ᠎ᠡ ᠶ᠋ᠢ ᠮᠠᠭᠤ ᠺᠡᠯᠡᠬᠦ ᠭᠡᠰᠡᠨ ᠪᠦᠰᠢ᠃ ᠬᠣᠯᠰᠢᠶ᠎ᠡ ᠪᠥᠷᠲᠡᠢ ᠪᠣᠷᠪᠣᠷ᠂ ᠪᠢ ᠴᠦ᠍ ᠲᠡᠳᠡᠨ ᠳ᠋ᠦ᠍ ᠪᠠᠯᠠᠭ᠎ᠠ ᠺᠢᠮᠳᠠ ᠸᠦᠨ᠎ᠡ ᠪᠡᠷ ᠨᠠᠢᠷᠤᠷᠴᠤ ᠪᠣᠷᠣᠬᠤ ᠶᠤᠮᠰᠠᠨ᠃ ᠭᠠᠭᠴᠠᠭ᠎ᠠ ᠺᠦ ᠂ ᠮᠠᠨ ᠤ᠋ ᠫᠦᠰᠡ ᠶ᠋ᠢᠨ ᠯᠤᠯᠤᠨ ᠰᠠᠷᠪᠠᠷ ᠴᠥᠮ ᠬᠦᠢᠷᠭᠡᠭᠡ ᠮᠣᠤ᠂ ᠭᠠᠷᠤᠵᠠ ᠶᠠᠺᠠ᠂ ᠣᠷᠣᠵᠠ ᠮᠣᠤ᠂ ᠶᠠᠯᠦ ᠡᠴᠡ ᠪᠠᠯᠠᠯᠬᠤ ᠰᠢᠬᠠᠵᠤ ᠪᠠᠢᠨ᠎ᠠ᠂ ᠺᠧᠴᠤᠤ ᠊ᠢ᠎ᠡ ᠭᠡᠬᠦ ᠳ᠋ᠦ᠍ᠨᠢ( ᠳ᠋ᠦ᠍ ᠨᠢ)᠂  
       — ᠲᠡᠭᠡᠭᠡᠳ᠂ ᠡᠷᠬᠢᠮ ᠳᠠᠩᠵᠢᠶᠠᠳ ᠲᠠ ᠴᠣᠬᠣᠮ ᠶᠠᠭᠤ ᠭᠡᠵᠦ ᠶᠠᠪᠤᠳᠠᠭ ᠬᠥᠮᠦᠨ ᠪᠢᠯᠡ? ᠬᠡᠮᠡᠪᠡᠰᠦ᠂  
       — ᠶᠡᠯᠤᠩᠺᠢ ᠰᠠᠢᠳ ᠠ᠋ ᠬᠠᠮᠢᠶᠠᠯᠰᠠᠨ᠂ ᠠᠯᠳᠠᠷ ᠤ᠋ᠨ ᠴᠢᠯᠢᠭ ᠦ᠋ᠨ ᠵᠠᠩᠵᠤᠨ᠂ ᠡᠯᠺᠧᠮ ᠳ᠋ᠠᠨᠽᠠᠩ ᠰᠠᠢᠳ᠂ ᠮᠠᠨᠠᠢ (ᠮᠠᠨ ᠤ᠋) ᠫᠦᠰᠡ ᠶ᠋ᠢ ᠮᠣᠩᠭᠣᠷ ᠠᠬ᠎ᠠ ᠳᠡᠭᠦᠦ ᠳ᠋ᠦ᠍ ᠳᠤᠰᠠᠷᠠᠬᠤ ᠰᠠᠨᠠᠭ᠎ᠠ ᠶ᠋ᠢ ᠪᠣᠳᠣᠵᠤ᠂ ᠪᠠᠰᠠ ᠮᠠᠨᠠᠢ( ᠮᠠᠨ ᠤ᠋) ᠺᠧᠴᠤᠤ ᠪᠠᠢᠳᠠᠷ ᠢ᠋ ᠸᠦᠯᠰᠢᠶᠠᠨ ᠸᠦᠵᠡᠵᠦ᠂ ᠯᠤᠯᠤᠨ ᠬᠤᠰᠢᠭᠤᠨ ᠠ᠋ᠴᠠ ᠵᠠᠯᠢᠮ ᠵᠠᠯᠢᠮ ᠬᠠᠤᠴᠢᠨ ᠥᠯᠢ ᠰᠢᠯᠢ ᠬᠤᠯᠠᠵᠤ ᠠᠪᠬᠤ ᠵᠥᠪᠰᠢᠶᠡᠯᠭᠡᠭᠰᠡᠨ᠂ ᠲᠡᠭᠡᠭᠡᠳ ᠡᠨᠡ ᠪᠢᠴᠢᠭᠡ ᠶᠠᠪᠤᠭᠤᠷᠤᠭᠰᠠᠨ ᠨᠢ᠂ ᠬᠤᠱᠤᠨ ᠤ᠋ ᠡᠯᠺᠡ ᠪᠠᠯᠢᠬᠴᠢᠳᠠ ᠲᠤᠰ ᠫᠦᠰᠡ ᠳ᠋ᠦ᠍ ᠬᠠᠤᠴᠢᠨ ᠦᠯᠢ ᠰᠢᠯᠢ ᠬᠤᠯᠠᠬᠤ ᠳ᠋ᠤ᠌ ᠲᠤᠰᠠᠷᠠᠮᠵᠢ ᠸᠦᠴᠦᠷᠡᠬᠦ ᠲᠤᠬᠠᠢ ᠲᠤᠰᠢᠶᠠᠨ ᠪᠢᠴᠢᠵᠡᠢ ᠭᠡᠳ ᠳᠠᠩᠵᠢᠶᠠᠳ ᠮᠡᠬᠦᠢᠨ ᠶᠣᠰᠣᠯᠠᠵᠤ᠂ ᠬᠣᠶᠠᠷ ᠭᠠᠷ ᠢ᠋ᠶ᠋ᠠᠷ ᠢ᠋ᠶ᠋ᠠᠨ ᠲᠡᠷᠡ ᠪᠢᠴᠢᠭ ᠢ᠋ᠶ᠋ᠡᠨ ᠪᠠᠲᠤᠪᠠᠶᠠᠷ ᠲᠤ᠌ ᠪᠠᠷᠢᠭᠰᠠᠨ ᠳ᠋ᠤ᠌᠂ ᠭᠦᠶᠦᠯᠭᠡᠨ ᠦᠵᠡᠭᠡᠳ ᠡᠷᠭᠢᠭᠦᠯᠵᠦ᠂ 
       — ᠵᠠᠩᠵᠤᠨ᠂ ᠲᠠᠨ ᠤ᠋ ᠫᠦᠰᠡ ᠶ᠋ᠢᠨ ᠬᠡᠴᠡᠭᠦᠦ ᠪᠠᠢᠳᠠᠯ ᠢ᠋ ᠪᠣᠳᠣᠭᠠᠳ᠂ ᠨᠣᠶᠠᠳ ᠤ᠋ᠨ ᠬᠠᠭᠤᠴᠢᠨ ᠥᠷᠢ ᠶ᠋ᠢ ᠲᠥᠯᠥᠬᠦ ᠳ᠋ᠦ᠍ ᠬᠦᠷᠪᠡᠯ᠂  ᠠᠷᠠᠳ ᠣᠯᠠᠨ ᠶᠠᠮᠠᠷ ᠪᠡᠷᠬᠡ ᠪᠠᠢᠳᠠᠯᠲᠠᠢ ᠪᠣᠯᠬᠤ ᠶ᠋ᠢ ᠡᠰᠡ ᠪᠣᠳᠣᠳᠠᠭ ᠶᠤᠮ ᠪᠣᠯᠪᠠᠯ᠂ ᠪᠢ ᠬᠣᠰᠢᠭᠤ ᠳᠠᠷᠤᠭ᠎ᠠ ᠶ᠋ᠢᠨ ᠬᠤᠪᠢ ᠪᠠᠷ ᠲᠡᠭᠡᠵᠦ ᠴᠢᠳᠠᠬᠤ ᠦᠭᠡᠢ᠃ ᠠᠷᠠᠳ ᠤ᠋ᠨ ᠬᠤᠪᠢᠰᠬᠠᠯ ᠠᠯᠢᠪᠠ ᠲᠡᠭᠰᠢ ᠦᠭᠡᠢ ᠭᠡᠷ᠎ᠡ᠂ ᠥᠷᠢ ᠰᠢᠷᠢ ᠶ᠋ᠢ ᠬᠦᠴᠦᠨ ᠦᠭᠡᠢ ᠪᠣᠯᠭᠠᠭᠰᠠᠨ ᠬᠡᠷᠡᠭ ᠬᠡᠮᠡᠪᠡᠰᠦ ᠲᠡᠷᠡ ᠳᠠᠩᠵᠢᠶᠠᠳ᠂ 
       — ᠦᠭᠡᠢ᠂ ᠡᠨᠡ ᠪᠢᠴᠢᠭ᠂ ᠶᠡᠯᠦᠩᠺᠢ ᠰᠠᠢᠳ ᠢ᠋ ᠬᠠᠮᠢᠶᠠᠯᠠᠭᠰᠠᠨ ᠰᠠᠢᠳ ᠪᠢᠴᠢᠭ ᠰᠢᠦ ᠭᠡᠵᠡᠢ᠃   
       — ᠲᠠ ᠲᠡᠭᠡᠪᠡᠯ᠂ ᠨᠡᠬᠡᠬᠦ ᠬᠥᠮᠦᠨ ᠢ᠋ᠶ᠋ᠡᠨ ᠠᠨᠳᠠᠭᠤᠷᠠᠵᠠᠢ᠃ ᡀᠠ ᠪᠡᠢᠯᠡ ᠥᠷᠢ ᠲᠠᠯᠪᠢᠭᠰᠠᠨ ᠲᠤᠯᠠ ᠲᠠ ᠲᠡᠷᠡ ᠡᠴᠡ ᠯᠡ ᠨᠡᠬᠡᠪᠡᠯ ᠨᠡᠬᠡ᠃ ᠠᠷᠠᠳ ᠤ᠋ᠨ ᠵᠠᠰᠠᠭ ᠤ᠋ᠨ ᠭᠠᠵᠠᠷ ᠠ᠋ᠴᠠ ᠨᠠᠮᠠᠶ᠋ᠢ(ᠨᠠᠮ᠎ᠠ ᠶ᠋ᠢ) ᠨᠣᠶᠠᠳ ᠲᠠᠢᠵᠢ ᠨᠠᠷ ᠤ᠋ᠨ ᠥᠷᠢ ᠰᠢᠷᠢ ᠨᠡᠬᠡ ᠭᠡᠵᠦ ᠲᠠᠯᠪᠢᠭᠰᠠᠨ ᠬᠡᠷᠡᠭ ᠪᠢᠰᠢ ᠭᠡᠬᠦ ᠳ᠋ᠦ᠍ᠨᠢ( ᠳ᠋ᠦ᠍ ᠨᠢ)᠂ 
       — ᠲᠡᠭᠡᠸᠡᠷ ᠲᠠ ᠳᠤᠰᠠᠷᠠᠮᠵᠢ ᠸᠥ᠋ᠵᠦᠷᠡᠬᠦ ᠦᠭᠡᠢ ᠭᠡᠰᠡᠨ ᠸᠤᠩ ᠤᠤ? ᠬᠡᠮᠡᠪᠡᠰᠦ᠂ 
       — ᠬᠡᠷᠬᠢᠪᠡᠰᠦ ᠦᠭᠡᠢ ᠭᠡᠲᠡᠯ᠎ᠡ᠂  
       — ᠲᠡᠢᠮᠦ ᠪᠣᠷ᠂  ᠡᠷᠺᠡᠮ ᠲᠠᠯᠠᠭ᠎ᠠ ᠶ᠋ᠢᠨ ᠡᠨᠡ ᠲᠦᠰᠡ ᠲᠠᠰᠠ ᠬᠠᠯᠢᠭᠤ ᠦᠭᠡ ᠶ᠋ᠢ ᠪᠢ ᠠᠢᠮᠡᠭᠡᠨ ᠦ᠌ ᠶᠠᠮᠤᠨ ᠤ᠋ ᠮᠧᠳᠡᠭᠳᠡᠨ᠎ᠡ ᠭᠡᠵᠡᠢ᠃ 
       — ᠶᠡᠷᠦᠩᠬᠡᠢ ᠰᠠᠢᠳ ᠢ᠋ ᠬᠠᠮᠢᠶᠠᠷᠤᠭᠰᠠᠨ ᠳ᠋ᠠᠨᠽᠠᠩ ᠰᠠᠢᠳ ᠲᠤ᠌ ᠮᠡᠳᠡᠭᠳᠡᠭᠰᠡᠨ ᠴᠦ᠍ ᠲᠠᠨ ᠤ᠋ ᠳᠤᠷ᠎ᠠ ᠳᠠ ᠭᠡᠵᠦ ᠪᠠᠲᠤᠪᠠᠶᠠᠷ ᠤ᠋ᠨ ᠬᠠᠷᠢᠭᠤᠯᠲᠠᠯ᠎ᠠ᠂ ᠬᠥᠨᠳᠡᠯᠡᠨ ᠡᠴᠡ ᠨᠢ ᠡᠬᠡ ᠵᠣᠬᠢᠶᠠᠬᠤ ᠲᠦᠰᠢᠮᠡᠯ ᠴᠠᠮᠪᠠᠯ᠂ 
       — ᠶᠡᠷᠦᠩᠬᠡᠢ ᠰᠠᠢᠳ ᠢ᠋ ᠬᠠᠮᠢᠶᠠᠷᠤᠭᠰᠠᠨ ᠰᠠᠢᠳ ᠤ᠋ᠨ ᠪᠢᠴᠢᠭ ᠢ᠋ ᠪᠢᠳᠡ ᠳᠠᠭᠠᠵᠤ ᠪᠡᠶᠡᠯᠡᠭᠦᠯᠬᠦ ᠶᠣᠰᠣ ᠲᠠᠢ ᠰᠢᠦ ᠳᠡ ᠬᠡᠮᠡᠪᠡᠰᠦ᠂ 
       — ᠠᠷᠠᠳ ᠤ᠋ᠨ ᠠᠰᠢᠭ ᠲᠤᠰᠠ ᠳ᠋ᠤ᠌ ᠬᠠᠷᠰᠢ ᠲᠠᠢ ᠵᠦᠢᠯ ᠢ᠋ ᠪᠣᠭᠳᠠ ᠬᠠᠭᠠᠨ ᠠ᠋ᠴᠠ ᠴᠤ᠌ ᠭᠡᠰᠡᠨ ᠲᠤᠰᠢᠶᠠᠨ ᠲᠤᠯᠭᠠᠬᠤ ᠳ᠋ᠤ᠌᠂ ᠪᠢ ᠳᠠᠭᠠᠵᠤ ᠭᠦᠢᠴᠡᠳᠬᠡᠬᠦ ᠡᠭᠦᠷᠭᠡ ᠦᠭᠡᠢ ᠭᠡᠵᠦ ᠪᠠᠲᠤᠪᠠᠶᠠᠷ ᠤ᠋ᠨ ᠡᠷᠡᠰ ᠬᠠᠷᠢᠭᠤᠯᠬᠤ ᠳ᠋ᠤ᠌᠂ ᠲᠦᠩᠰᠢ ᠶ᠋ᠢᠨ ᠫᠦᠰᠡᠨ ᠦ᠌ ᠳᠠᠩᠵᠢᠶᠠᠳ ᠪᠠᠢᠨ ᠪᠠᠢᠨ ᠮᠡᠬᠦᠢᠨ ᠶᠣᠰᠣᠯᠠᠵᠤ᠂ ᠤᠬᠤᠷᠢ ᠤᠬᠤᠷᠢᠭᠰᠠᠭᠠᠷ ᠲᠠᠮᠠᠭ᠎ᠠ ᠶ᠋ᠢᠨ ᠭᠡᠷ ᠡᠴᠡ ᠭᠠᠷᠴᠠᠢ᠃ ᠤᠷᠢᠳᠤ ᠬᠣᠰᠢᠭᠤ ᠨᠡᠢᠭᠡᠮ ᠢ᠋ ᠭᠠᠷ ᠲᠠᠭᠠᠨ( ᠲᠤ ᠪᠠᠨ) ᠠᠳᠬᠤᠵᠤ ᠪᠠᠢᠭᠰᠠᠨ᠂ ᠣᠳᠣ ᠴᠤ᠌ ᠬᠠᠮᠢᠶᠠᠷᠤᠭᠰᠠᠨ ᠰᠠᠢᠳ ᠲᠤ᠌ ᠨᠢᠭᠤᠷ ᠲᠠᠯ᠎ᠠ ᠲᠠᠢ ᠲᠦᠩᠰᠢ ᠶ᠋ᠢᠨ ᠲᠡᠷᠡ ᠳᠠᠩᠵᠢᠶᠠᠳ ᠲᠤ᠌ ᠠᠶᠤᠮᠰᠢᠭ ᠦᠭᠡᠢ ᠦᠭᠡᠢ ᠭᠡᠵᠦ ᠡᠷᠡᠰᠯᠡᠨ ᠬᠡᠯᠡᠭᠰᠡᠨ ᠡᠪᠦᠭᠡᠨ ᠬᠣᠰᠢᠭᠤ ᠳᠠᠷᠤᠭ᠎ᠠ ᠶ᠋ᠢᠨ ᠢ᠋ᠶ᠋ᠡᠨ ᠥᠭᠡᠳᠡ ᠡᠴᠡ ᠵᠠᠷᠤᠯᠭ᠎ᠠ ᠡᠪᠦᠭᠡᠨ ᠶᠡᠬᠡᠯ᠎ᠡ(ᠶᠡᠬᠡ ᠯᠡ) ᠬᠦᠨᠳᠦᠳᠬᠡᠵᠦ ᠪᠠᠬᠠᠳᠤᠭᠰᠠᠨ ᠪᠠᠢᠳᠠᠯ ᠲᠠᠢ ᠬᠠᠷᠠᠵᠠᠢ᠃ 
       ᠲᠡᠭᠡᠭᠡᠳ᠂ ᠠᠯᠪᠠ ᠲᠠᠷᠠᠬᠤ ᠴᠠᠭ ᠪᠣᠯᠵᠤ᠂ ᠲᠠᠮᠠᠭ᠎ᠠ ᠶ᠋ᠢᠨ ᠠᠯᠪᠠᠨ ᠬᠠᠭᠠᠭᠴᠢᠳ ᠭᠡᠷ ᠭᠡᠷ ᠲᠡᠭᠡᠨ( ᠲᠤ ᠪᠡᠨ) ᠬᠠᠷᠢᠵᠠᠭᠠᠵᠤ ᠡᠬᠢᠯᠡᠬᠦ ᠳ᠋ᠦ᠍᠂ ᠵᠠᠷᠤᠯᠭ᠎ᠠ ᠡᠪᠦᠭᠡᠨ᠂ ᠬᠣᠰᠢᠭᠤ ᠳᠠᠷᠤᠭ᠎ᠠ ᠶ᠋ᠢ ᠪᠡᠨ ᠭᠠᠳᠠᠭ᠎ᠠ ᠭᠦᠢᠴᠡᠭᠡᠳ᠂ ᠡᠢᠰᠢ ᠲᠠᠢᠰᠢ ᠪᠣᠯᠭᠣᠮᠵᠢᠯᠠᠨ ᠬᠠᠷᠠᠵᠤ ᠦᠵᠡᠭᠡᠳ᠂ ᠰᠢᠪᠡᠨᠡᠵᠦ᠂   
       — ᠳᠠᠷᠤᠭ᠎ᠠ ᠭᠤᠸᠠᠢ᠂ ᠪᠢ ᠲᠠᠨ ᠢ᠋ ᠬᠠᠭᠤᠴᠢᠨ ᠨᠣᠶᠠᠳ ᠤ᠋ᠨ ᠥᠷᠢ ᠰᠢᠷᠢ ᠬᠡᠷᠬᠢᠪᠡᠴᠦ ᠠᠷᠠᠳ ᠠ᠋ᠴᠠ ᠨᠡᠬᠡᠭᠦᠯᠬᠦ ᠦᠭᠡᠢ ᠭᠡᠰᠡᠨ ᠳ᠋ᠦ᠍ ᠶᠡᠬᠡ ᠪᠠᠶᠠᠷᠯᠠᠯ᠎ᠠ᠃ ᠭᠡᠪᠡᠴᠦ᠂ ᠮᠢᠨᠦ ᠵᠣᠪᠠᠵᠤ ᠪᠠᠢᠭ᠎ᠠ ᠮᠢᠨᠢ᠂ ᠲᠡᠭᠡᠵᠦ ᠲᠠᠲᠠᠭᠠᠯᠵᠠᠭᠰᠠᠨ ᠠ᠋ᠴᠠ ᠪᠣᠯᠵᠤ ᠲᠠᠨ ᠳ᠋ᠤ᠌ ᠡᠯᠳᠡᠪ ᠲᠦᠪᠡᠭ ᠴᠢᠷᠦᠭᠳᠡᠯ ᠭᠠᠷᠴᠤ ᠪᠣᠯᠵᠣᠰᠢ ᠦᠭᠡᠢ᠃ ᠡᠨᠡ ᠴᠠᠮᠪᠠᠯ ᠭᠤᠸᠠᠢ ᠲᠠᠨ ᠤ᠋ ᠤᠯᠠ ᠱᠠᠭᠠᠢᠳᠠᠭ ᠮᠠᠭᠤ ᠬᠥᠮᠦᠨ ᠰᠢᠦ ᠭᠡᠵᠦ ᠪᠢᠯᠡ᠃  
       ᠬᠡᠳᠦ ᠬᠣᠨᠣᠲᠠᠯ᠎ᠠ᠂ ᠬᠣᠰᠢᠭᠤ ᠳᠠᠷᠤᠭ᠎ᠠ ᠪᠠᠲᠤᠪᠠᠶᠠᠷ ᠢ᠋ ᠪᠦᠬᠦ ᠴᠡᠷᠢᠭ ᠦ᠋ᠨ ᠵᠠᠩᠵᠤᠨ᠂ ᠶᠡᠷᠦᠩᠬᠡᠢ ᠰᠠᠢᠳ ᠢ᠋ ᠬᠠᠮᠢᠶᠠᠷᠤᠭᠰᠠᠨ ᠰᠠᠢᠳ ᠳ᠋ᠨᠨᠽᠠᠩ ᠤ᠋ᠨ ᠲᠤᠰᠢᠶᠠᠯ ᠢ᠋ ᠡᠰᠡ ᠭᠦᠢᠴᠡᠳᠬᠡᠭᠰᠡᠨ ᠤᠴᠢᠷ ᠲᠤᠰᠢᠶᠠᠯ ᠠ᠋ᠴᠠ ᠤᠭᠴᠠᠷᠠᠵᠤ᠂ ᠲᠠᠮᠠᠭ᠎ᠠ ᠶ᠋ᠢᠨ ᠭᠠᠵᠠᠷ ᠤ᠋ᠨ ᠡᠬᠡ ᠵᠣᠬᠢᠶᠠᠬᠤ ᠲᠦᠰᠢᠮᠡᠯ ᠴᠠᠮᠪᠠᠯ ᠲᠦᠷ ᠬᠣᠰᠢᠭᠤ ᠳᠠᠷᠤᠭ᠎ᠠ ᠶ᠋ᠢ ᠬᠠᠮᠢᠶᠠᠷᠴᠤ ᠪᠠᠢᠭ᠎ᠠ ᠭᠡᠵᠦ ᠬᠣᠰᠢᠭᠤ ᠨᠡᠢᠭᠡᠮ ᠢ᠋ᠶ᠋ᠡᠷ ᠬᠡᠯᠡᠯᠴᠡᠵᠡᠢ᠃ ᠪᠠᠰᠠ ᠬᠡᠳᠦ ᠬᠣᠨᠣᠲᠠᠯ᠎ᠠ᠂ ᠡᠷᠦᠬᠡ ᠪᠦᠷᠢ ᠳ᠋ᠦ᠍ ᠣᠨᠣᠭᠠᠵᠤ᠂ ᠲᠦᠩᠰᠢ ᠶ᠋ᠢᠨ ᠫᠦᠰᠡ ᠳ᠋ᠦ᠍ ᠳᠥᠯᠥᠪᠡᠯ ᠵᠣᠬᠢᠬᠤ ᠥᠷᠢ ᠶ᠋ᠢᠨ ᠲᠣᠭ᠎ᠠ ᠲᠣᠳᠣᠷᠬᠠᠢᠯᠠᠭᠰᠠᠨ ᠪᠢᠴᠢᠭ ᠰᠤᠮᠤ ᠪᠦᠷᠢ ᠳ᠋ᠦ᠍ ᠬᠦᠷᠴᠦ᠂ ᠰᠢᠷᠴᠢᠨ ᠳ᠋ᠦ᠍ ᠬᠣᠷᠢᠨ ᠶᠤᠸᠠᠨᠱ᠍ᠢᠬᠠᠢ  ᠨᠣᠭᠳᠠᠵᠠᠢ ᠃ᠶᠤᠸᠠᠨᠱ᠍ᠢᠬᠠᠢ  ᠭᠡᠵᠦ ᠶᠠᠭᠤ ᠶᠤᠮ ᠪᠣᠢ? ᠭᠡᠪᠡᠯ᠂ ᠳᠤᠮᠳᠠᠳᠤ ᠢᠷᠭᠡᠨ ᠤᠯᠤᠰ ᠤ᠋ᠨ ᠶᠡᠷᠦᠩᠬᠡᠢᠯᠡᠭᠴᠢ ᠶᠤᠸᠠᠨ ᠱᠢ ᠺᠠᠢ ᠳ᠋ᠠᠽᠥ᠋ᠩᠲ᠋ᠥ᠋ᠩ ᠦ᠋ᠨ ᠲᠣᠯᠣᠭᠠᠢ ᠶ᠋ᠢᠨ ᠳᠦᠷᠰᠦ ᠲᠡᠢ ᠮᠥᠩᠭᠥᠨ ᠶᠠᠩᠴᠢᠶᠠᠨ ᠢ᠋ ᠲᠡᠷᠡ ᠦᠶ᠎ᠡ ᠳ᠋ᠦ᠍ ᠤᠯᠤᠰ《ᠶᠤᠸᠠᠨᠱ᠍ᠢᠬᠠᠢ》 ᠭᠡᠵᠦ ᠳᠠᠭᠤᠳᠠᠳᠠᠭ ᠪᠠᠢᠵᠠᠢ᠃ ᠴᠡᠷᠡᠨ᠂ ᠲᠡᠭᠡᠵᠦ ᠨᠣᠶᠠᠨ ᠤ᠋ ᠥᠷᠢ ᠲᠥᠯᠥᠬᠦ ᠪᠣᠯᠤᠭᠰᠠᠨ ᠢ᠋ ᠰᠣᠨᠣᠰᠤᠭᠠᠳ᠂  
       — ᠬᠣᠷᠢᠨ ᠶᠤᠸᠠᠨᠱ᠍ᠢᠬᠠᠢ ! ᠶᠠᠭᠠᠬᠢᠵᠤ ᠲᠥᠯᠥᠳᠡᠭ ᠪᠢᠯᠡ? ᠨᠣᠶᠠᠳ ᠲᠠᠢᠵᠢ ᠨᠠᠷ ᠤ᠋ᠨ ᠬᠠᠭᠤᠴᠢᠨ ᠥᠷᠢ ᠰᠢᠷᠢ ᠶ᠋ᠢ ᠪᠢᠳᠡ ᠳᠠᠬᠢᠭᠠᠳ ᠲᠥᠯᠥᠬᠦ ᠪᠣᠯᠬᠤ  ᠨᠢ ᠡᠨᠡ ᠪᠢᠯᠡ ᠤᠤ? ᠭᠡᠳ ᠤᠬᠢᠯᠠᠵᠤ ᠣᠷᠬᠢᠬᠤ  ᠳ᠋ᠤᠨᠢ ( ᠳ᠋ᠤ᠌ ᠨᠢ)᠂ ᠰᠢᠷᠴᠢᠨ ᠰᠡᠳᠬᠢᠯ ᠢ᠋ ᠨᠢ ᠵᠠᠰᠠᠵᠤ᠂  
       — ᠬᠣᠷᠢᠬᠠᠨ ᠶᠤᠸᠠᠨᠱ᠌ᠢᠬᠠᠢ ᠶᠠᠭᠤ ᠪᠠᠢᠬᠤ ᠪᠣᠢ? ᠨᠠᠳᠠᠳᠤ( ᠨᠠᠳᠠ ᠳ᠋ᠤ᠌) ᠠᠷᠪᠠᠨ ᠶᠠᠩᠴᠢᠶᠠᠨ ᠪᠣᠢ᠂ ᠳᠡᠭᠡᠷ᠎ᠡ ᠨᠢ ᠬᠡᠳᠦᠨ ᠬᠣᠨᠢ ᠬᠤᠳᠠᠯᠳᠤᠨ ᠨᠡᠮᠡᠷᠢᠯᠡᠪᠡᠯ᠂ ᠲᠥᠯᠥᠪᠦᠷᠢ ᠡᠴᠡ ᠰᠠᠯᠬᠤ ᠮᠠᠨᠢ ᠲᠡᠷᠡ᠂ ᠡᠨᠡ ᠥᠷᠢ ᠭᠠᠭᠴᠠ ᠴᠢ ᠪᠢᠳᠡ ᠬᠣᠶᠠᠷ ᠲᠤ᠌ ᠲᠤᠰᠤᠭᠰᠠᠨ ᠬᠡᠷᠡᠭ ᠪᠢᠰᠢ᠂ ᠬᠣᠰᠢᠭᠤ ᠨᠡᠢᠭᠡᠮ ᠢ᠋ᠶ᠋ᠡᠷ ᠲᠥᠯᠥᠭᠦᠯᠬᠦ ᠲᠤᠰᠢᠶᠠᠯ ᠭᠠᠷᠤᠭᠰᠠᠨ ᠬᠡᠷᠡᠭ ᠭᠡᠬᠦ ᠳ᠋ᠦ᠍ᠨᠢ( ᠳ᠋ᠦ᠍ ᠨᠢ)᠂ ᠴᠡᠷᠡᠨ᠂ 
       —  ᠪᠢ ᠮᠥᠩᠭᠥᠨ ᠳ᠋ᠡᠭᠡᠨ( ᠳ᠋ᠦ᠍ ᠪᠡᠨ) ᠬᠠᠷ᠎ᠠ ᠪᠠᠭᠤᠭᠠᠳ ᠴᠤ᠌ ᠤᠬᠢᠯᠠᠵᠤ ᠪᠠᠢᠭ᠎ᠠ ᠶᠤᠮ ᠪᠢᠰᠢ᠃ ᠪᠠᠲᠤᠪᠠᠶᠠᠷ ᠡᠪᠦᠭᠡ ᠶ᠋ᠢ ᠬᠠᠢᠷᠠᠯᠠᠨ ᠬᠣᠷᠣᠰᠤᠭᠠᠳ ᠤᠬᠢᠯᠠᠵᠤ᠂ ᠪᠠᠰᠠ ᠮᠠᠯᠴᠢᠨ ᠪᠢᠳᠡᠨ ᠦ᠌ ᠬᠦᠴᠦ ᠵᠢᠳᠬᠦᠯ ᠢ᠋ ᠪᠣᠳᠣᠭᠠᠳ ᠤᠬᠢᠯᠠᠵᠤ ᠪᠠᠢᠨ᠎ᠠ᠃ ᠡᠳᠦᠷ ᠨᠢ ᠮᠠᠯ ᠤ᠋ᠨ ᠢ᠋ᠶ᠋ᠠᠨ ᠬᠣᠢᠨ᠎ᠠ ᠠ᠋ᠴᠠ ᠨᠣᠬᠠᠢ ᠰᠢᠭ᠋ ᠳᠠᠭᠠᠵᠤ᠂ ᠰᠥᠨᠢ ᠨᠢ ᠴᠦ᠍ ᠭᠡᠰᠡᠨ ᠮᠠᠯ ᠤ᠋ᠨ ᠢ᠋ᠶ᠋ᠠᠨ ᠬᠣᠢᠨ᠎ᠠ ᠠ᠋ᠴᠠ ᠰᠠᠨᠠᠭ᠎ᠠ ᠲᠠᠯᠪᠢᠭᠰᠠᠭᠠᠷ᠂ ᠭᠦᠢᠴᠡᠳ ᠨᠣᠢᠷ ᠠᠪᠴᠤ ᠴᠢᠳᠠᠬᠤ ᠦᠭᠡᠢ ᠨᠠᠰᠤ ᠪᠠᠷ ᠢ᠋ᠶ᠋ᠠᠨ ᠶᠠᠪᠤᠭᠰᠠᠭᠠᠷ ᠥᠰᠬᠡᠭᠰᠡᠨ ᠮᠠᠯ ᠢ᠋ᠶ᠋ᠠᠨ ᠨᠣᠶᠠᠳ ᠲᠠᠢᠵᠢ᠂ ᠬᠥᠨᠳᠡᠯᠡᠨ ᠦ᠌ ᠥᠭᠡᠳᠡ ᠦᠭᠡᠢ ᠬᠥᠮᠦᠨ ᠦ᠌ ᠥᠷᠢ ᠰᠢᠷᠢᠨ ᠳ᠋ᠦ᠍ ᠥᠭᠴᠦ ᠪᠠᠢᠬᠤ ᠨᠢ ᠭᠣᠮᠣᠳᠠᠯᠲᠠᠶ᠎ᠠ᠃ ᠪᠢᠳᠡᠨ ᠦ᠌ ᠦᠷ᠎ᠡ ᠬᠡᠦᠬᠡᠳ ᠰᠤᠷᠴᠤ ᠪᠠᠢᠳᠠᠭ ᠬᠣᠰᠢᠭᠤ ᠰᠤᠷᠭᠠᠭᠤᠯᠢ ᠳ᠋ᠠᠭᠠᠨ( ᠳ᠋ᠤ᠌ ᠪᠠᠨ) ᠶᠤᠮ ᠤᠤ᠂ ᠪᠠᠲᠤᠪᠠᠶᠠᠷ ᠡᠪᠦᠭᠡᠨ ᠳ᠋ᠡᠭᠡᠨ( ᠳ᠋ᠦ᠍ ᠪᠡᠨ) ᠲᠤᠰᠠᠯᠠᠬᠤ ᠶᠤᠮ ᠭᠡᠪᠡᠯ᠂ ᠮᠠᠯ ᠤ᠋ᠨ ᠢ᠋ᠶ᠋ᠠᠨ ᠬᠠᠭᠠᠰ ᠢ᠋ ᠴᠦ᠍ ᠭᠡᠰᠡᠨ ᠳᠤᠷᠠᠲᠠᠢ ᠲᠤᠰᠠᠯᠠᠬᠤ ᠰᠠᠨ᠃ ᠦᠭᠡᠢ᠂ ᠨᠠᠮ ᠤ᠋ᠨ ᠡᠭᠦᠷ ᠦ᠋ᠨ ᠬᠢᠨ ᠶᠠᠭᠤ ᠭᠡᠵᠦ ᠪᠣᠳᠣᠵᠤ ᠪᠠᠢᠳᠠᠭ ᠶᠤᠮ ᠪᠣᠯ? ᠭᠡᠵᠡᠢ᠃  
       ᠰᠢᠷᠴᠢᠨ ᠠᠶᠠᠭ᠎ᠠ ᠲᠠᠢ ᠴᠠᠢ ᠶ᠋ᠢᠨ ᠳᠡᠭᠡᠷ᠎ᠡ ᠪᠡᠨ ᠪᠥᠬᠥᠢᠭᠡᠳ᠂ ᠰᠢᠭᠠᠷᠤ ᠶ᠋ᠢ ᠨᠢ ᠴᠢᠮᠡᠭᠡ ᠦᠭᠡᠢ ᠲᠡᠭᠦᠵᠦ᠂ ᠨᠢᠭᠡ ᠬᠡᠰᠡᠭ ᠳᠠᠭᠤ ᠦᠭᠡᠢ ᠪᠠᠢᠭᠠᠳ᠂ ᠪᠡᠶ᠎ᠡ ᠡᠴᠡ ᠪᠡᠨ ᠬᠣᠯᠠᠳᠠᠭᠤᠯᠳᠠᠭ ᠦᠭᠡᠢ ᠭᠠᠩᠰᠠ ᠪᠠᠨ ᠲᠦᠷᠡᠢ ᠡᠴᠡ ᠪᠡᠨ ᠰᠤᠭᠤᠯᠤᠭᠠᠳ᠂ ᠲᠠᠮᠠᠬᠢ ᠨᠡᠷᠡᠵᠦ ᠬᠡᠳᠦ ᠰᠤᠷᠤᠭᠠᠳ᠂ ᠨᠠᠮᠬᠠᠨ ᠳᠠᠭᠤ ᠪᠠᠷ᠂ 
       — ᠬᠤᠷᠠᠯ ᠪᠣᠯᠤᠭᠰᠠᠨ ᠭᠡᠨ᠎ᠡ ᠪᠢᠯᠡ᠃ ᠲᠡᠷᠡ ᠬᠤᠷᠠᠯ ᠢ᠋ᠶ᠋ᠠᠷ ᠬᠠᠭᠤᠴᠢᠨ ᠨᠣᠶᠠᠨ ᠤ᠋ ᠥᠷᠢ ᠲᠥᠯᠥᠬᠦ ᠦᠭᠡᠢ ᠭᠡᠵᠦ ᠲᠠᠲᠠᠭᠠᠯᠵᠠᠬᠤ ᠳ᠋ᠤ᠌᠂  ᠭᠠᠭᠴᠠ ᠴᠠᠮᠪᠠᠯ ᠪᠣᠯᠵᠤ ᠥᠭᠭᠦᠭᠰᠡᠨ ᠦᠭᠡᠢ᠃ ᠵᠠᠰᠠᠭ ᠤ᠋ᠨ ᠭᠠᠵᠠᠷ ᠤ᠋ᠨ ᠬᠠᠮᠢᠶᠠᠷᠤᠭᠰᠠᠨ ᠰᠠᠢᠳ ᠳ᠋ᠠᠨᠽᠠᠩ᠂ ᠠᠢᠮᠠᠭ ᠤ᠋ᠨ ᠶᠠᠮᠤ᠂ ᠵᠣᠬᠢᠬᠤ ᠳᠡᠭᠡᠳᠦ ᠭᠠᠵᠠᠷ ᠤ᠋ᠨ ᠲᠤᠰᠢᠶᠠᠯ ᠭᠦᠢᠴᠡᠳᠬᠡᠬᠦ ᠡᠴᠡ ᠪᠢᠰᠢ᠂ ᠮᠠᠨ ᠤ᠋ ᠬᠣᠰᠢᠭᠤ ᠲᠠᠮᠠᠭ᠎ᠠ ᠶ᠋ᠢᠨ ᠭᠠᠵᠠᠷ ᠶᠡᠷᠦ ᠨᠠᠮ ᠤ᠋ᠨ ᠡᠭᠦᠷ ᠦ᠋ᠨ ᠲᠣᠭᠲᠠᠭᠠᠯ ᠳᠠᠭᠠᠬᠤ ᠶᠣᠰᠣ ᠦᠭᠡᠢ ᠭᠡᠳ ᠲᠠᠰᠤ ᠵᠥᠷᠢᠵᠦ ᠭᠡᠨ᠎ᠡ ᠭᠡᠬᠦ ᠳ᠋ᠦ᠍ᠨᠢ( ᠳ᠋ᠦ᠍ ᠨᠢ) ᠴᠡᠷᠡᠨ᠂ 
       — ᠠᠷᠠᠳ ᠤ᠋ᠨ ᠮᠠᠨᠢ ᠵᠠᠰᠠᠭ᠂ ᠠᠷᠠᠳ ᠪᠢᠳᠡᠨ ᠢ᠋ᠶ᠋ᠡᠷ ᠢ᠋ᠶ᠋ᠡᠨ ᠨᠣᠶᠠᠳ ᠤ᠋ᠨ ᠬᠠᠭᠤᠴᠢᠨ ᠥᠷᠢ ᠠᠷᠠᠢ ᠯᠠ ᠲᠥᠯᠥᠭᠦᠯᠦᠮ᠎ᠡ ᠦᠭᠡᠢ ᠶᠤᠮᠰᠠᠨᠵᠠᠢ ᠳᠠ ᠬᠡᠮᠡᠪᠡᠰᠦ ᠰᠢᠷᠴᠢᠨ᠂  
       — ᠪᠢ ᠴᠦ᠍ ᠪᠠᠰᠠ ᠶᠡᠬᠡᠯ᠎ᠡ( ᠶᠡᠬᠡ ᠯᠡ) ᠡᠷᠡᠭᠡᠯᠵᠡᠵᠦ ᠪᠠᠢᠭ᠎ᠠ ᠬᠥᠮᠦᠨ ᠳᠡ᠃ ᠭᠡᠲᠡᠯ᠎ᠡ ᠲᠠᠮᠠᠭ᠎ᠠ ᠶ᠋ᠢᠨ ᠭᠠᠵᠠᠷ ᠠ᠋ᠴᠠ ᠰᠤᠮᠤᠨ ᠳ᠋ᠤ᠌ ᠲᠤᠰᠢᠶᠠᠭᠰᠠᠨ ᠪᠢᠴᠢᠭ ᠢᠷᠡᠭᠡᠳ ᠪᠠᠢᠭ᠎ᠠ ᠨᠢ ᠬᠠᠴᠢᠨ ᠶᠤᠮ ᠳᠠ ᠭᠡᠵᠡᠢ᠃  
       ᠮᠠᠷᠭᠠᠲᠤᠷ ᠨᠢ ᠰᠢᠷᠴᠢᠨ ᠲᠠᠪᠤᠨ ᠢᠷᠭᠡ ᠬᠣᠨᠢᠨ ᠠ᠋ᠴᠠ ᠪᠠᠨ ᠰᠢᠯᠢᠵᠦ ᠠᠪᠤᠭᠠᠳ᠂ ᠬᠣᠰᠢᠭᠤ ᠬᠡᠢᠳ ᠦ᠋ᠨ ᠲᠡᠨᠳᠡ ᠪᠠᠢᠳᠠᠭ ᠰᠮᠢᠲ ᠦ᠋ᠨ ᠬᠣᠷᠰᠢᠶ᠎ᠠ ᠭᠡᠳᠡᠭ ᠠᠮᠧᠷᠢᠺᠡᠨ ᠫᠦᠰᠡ ᠳ᠋ᠦ᠍ ᠬᠤᠳᠠᠯᠳᠤᠷ᠎ᠠ ᠮᠣᠷᠳᠠᠵᠠᠢ᠃ ᠲᠡᠷᠡ ᠫᠦᠰᠡ ᠮᠠᠯ᠂ ᠲᠦᠭᠦᠬᠡᠢ ᠡᠳ᠋ ᠬᠤᠳᠠᠯᠳᠤᠨ ᠠᠪᠳᠠᠭ ᠪᠠᠢᠵᠠᠢ᠃ ᠨᠠᠷᠠ ᠰᠢᠩᠭᠡᠬᠦ ᠲᠠᠢᠰᠢ ᠪᠠᠨ ᠬᠠᠨᠳᠤᠵᠤ ᠪᠠᠢᠬᠤ ᠦᠶ᠎ᠡ ᠪᠡᠷ ᠪᠢᠴᠢᠬᠠᠨ ᠬᠥᠪᠡᠭᠡ ᠶ᠋ᠢᠨ ᠴᠠᠭᠠᠨ᠎ᠠ ᠠ᠋ᠴᠠ ᠳ᠋ᠤᠤᠵᠢ  ᠮᠠᠰᠢᠨ᠎ᠠ ᠭᠠᠷᠤᠭᠠᠳ ᠢᠷᠡᠵᠡᠢ᠃ ᠰᠢᠷᠴᠢᠨ ᠦ᠌ ᠲᠠᠭᠤᠵᠤ ᠶᠠᠪᠤᠭᠰᠠᠨ ᠲᠠᠪᠤᠨ ᠢᠷᠭᠡ ᠨᠢ ᠮᠠᠰᠢᠨ᠎ᠠ ᠠ᠋ᠴᠠ ᠦᠷᠭᠦᠵᠦ ᠦᠰᠦᠷᠦᠨ ᠦᠰᠦᠷᠦᠨ ᠵᠢᠭᠤᠲᠠᠪᠠ᠃ ᠮᠠᠰᠢᠨ ᠵᠣᠭᠰᠣᠵᠤ ᠵᠢᠯᠣᠭᠣᠴᠢ ᠨᠢ ᠭᠠᠷ ᠢ᠋ᠶ᠋ᠠᠷ ᠢ᠋ᠶ᠋ᠠᠨ ᠳᠠᠯᠠᠯᠤᠭᠰᠠᠨ ᠳ᠋ᠤ᠌᠂ ᠰᠢᠷᠴᠢᠨ ᠦᠷᠭᠦᠵᠦ ᠪᠠᠢᠭ᠎ᠠ ᠮᠣᠷᠢᠨ ᠤ᠋ ᠪᠠᠨ ᠠᠮᠠ ᠲᠠᠲᠠᠭᠰᠠᠭᠠᠷ᠂ ᠠᠶᠠᠷᠬᠠᠨ ᠲᠡᠷᠡ ᠮᠠᠰᠢᠨ᠎ᠠ ᠳ᠋ᠤ᠌ ᠣᠢᠷᠠᠲᠤᠵᠤ ᠦᠵᠡᠯ᠎ᠡ᠃ 
       ᠵᠢᠯᠣᠭᠣᠴᠢ ᠨᠢ ᠬᠥᠬᠡ ᠲᠣᠷᠭᠠᠨ  ᠳᠠᠯᠢᠩ ᠳᠡᠪᠡᠯ ᠲᠡᠢ᠂ ᠮᠠᠯᠠᠭᠠᠢ ᠨᠢ ᠰᠢᠷᠴᠢᠨ ᠦ᠌ ᠤᠷᠢᠳᠤ ᠡᠮᠦᠨ᠎ᠡ ᠦᠵᠡᠭᠡ ᠦᠭᠡᠢ ᠰᠣᠨᠢᠨ ᠬᠡᠯᠪᠡᠷᠢ ᠲᠡᠢ᠂ ᠤᠷᠢᠳᠤ ᠶ᠋ᠢᠨ ᠴᠠᠭ ᠤ᠋ᠨ ᠪᠠᠭᠠᠲᠤᠷ ᠤ᠋ᠨ ᠲᠤᠭᠤᠯᠭ᠎ᠠ ᠰᠢᠭ᠋ ᠪᠠᠢᠳᠠᠯᠲᠠᠢ ᠪᠥᠭᠡᠳ  ᠤᠷᠲᠤ ᠪᠠᠨ ᠳᠠᠪᠤᠤ ᠶ᠋ᠢᠨ ᠲᠠᠪᠤᠨ ᠬᠣᠰᠢᠭᠤ ᠬᠠᠲᠠᠭᠰᠠᠨ ᠨᠢ ᠨᠠᠷᠠᠨ ᠳ᠋ᠤ᠌ ᠤᠯᠠᠭᠠᠨ ᠥᠩᠭᠡ ᠨᠢ ᠭᠠᠩᠳᠠᠵᠠᠢ᠃ ᠵᠢᠯᠣᠭᠣᠴᠢ ᠶ᠋ᠢᠨ ᠬᠠᠵᠠᠭᠤ ᠳ᠋ᠤ᠌ ᠴᠢᠯᠭᠡᠷ ᠴᠢᠭᠢᠷᠠᠭ ᠰᠠᠢᠬᠠᠨ ᠪᠡᠶ᠎ᠡ ᠳ᠋ᠡᠭᠡᠨ( ᠳ᠋ᠦ᠍ ᠪᠡᠨ) ᠰᠠᠢᠬᠠᠨ ᠵᠣᠬᠢᠭᠰᠠᠨ ᠪᠣᠷᠣ ᠰᠠᠭᠠᠷᠠᠯ ᠮᠣᠩᠭᠣᠯ ᠳᠡᠪᠡᠯ ᠲᠡᠢ᠂ ᠪᠦᠷᠬᠦ ᠮᠠᠯᠠᠭᠠᠢ ᠲᠠᠢ *  ᠵᠠᠯᠠᠭᠤ ᠬᠠᠷ᠎ᠠ ᠬᠥᠮᠦᠨ ᠰᠠᠭᠤᠵᠠᠢ᠃ ᠬᠥᠮᠦᠨ ᠦ᠌ ᠰᠠᠨᠠᠭ᠎ᠠ ᠴᠢᠨᠠᠷ ᠢ᠋ ᠠᠨᠳᠠᠬᠤ ᠦᠭᠡᠢ ᠭᠠᠯ ᠲᠠᠢ ᠰᠡᠷᠭᠦᠯᠡᠩ ᠨᠢᠳᠦ ᠲᠡᠢ᠂ ᠶᠡᠷᠦ ᠪᠤᠰᠤ ᠶ᠋ᠢᠨ ᠰᠦᠷᠡᠬᠡᠢ ᠪᠠᠢᠳᠠᠯᠲᠠᠢ ᠦᠵᠡᠭᠳᠡᠵᠦ᠂ ᠰᠢᠷᠴᠢᠨ ᠲᠡᠷᠡ ᠬᠥᠮᠦᠨ ᠢ᠋ ᠨᠢᠳᠦᠨ ᠳ᠋ᠡᠭᠡᠨ ( ᠳ᠋ᠦ᠍ ᠪᠡᠨ) ᠭᠠᠯ ᠲᠠᠢ᠂ ᠨᠢᠭᠤᠷ ᠲᠠᠭᠠᠨ( ᠲᠤ ᠪᠠᠨ) ᠴᠣᠭ ᠲᠠᠢ ᠬᠥᠮᠦᠨ ᠪᠠᠢᠨ᠎ᠠ ᠭᠡᠵᠦ ᠡᠷᠲᠡᠨ ᠦ᠌ ᠮᠣᠩᠭᠣᠯ ᠤ᠋ᠨ ᠰᠡᠴᠡᠨ ᠦᠭᠡ ᠪᠡᠷ ᠰᠡᠳᠬᠢᠨ ᠪᠣᠳᠣᠵᠤ᠂ ᠲᠡᠷᠡ ᠬᠥᠮᠦᠨ ᠢ᠋ ᠰᠢᠷᠴᠢᠨ ᠦ᠌ ᠠᠮᠤᠷ ᠮᠡᠨᠳᠦ ᠶ᠋ᠢ ᠠᠶᠠᠲᠠᠢ ᠰᠠᠢᠬᠠᠨ ᠢ᠋ᠶ᠋ᠠᠷ ᠠᠰᠠᠭᠤᠭᠰᠠᠨ ᠳ᠋ᠤ᠌ ᠰᠡᠳᠬᠢᠯ ᠳ᠋ᠦ᠍ᠨᠢ( ᠳ᠋ᠦ᠍ ᠨᠢ) ᠤᠯᠠᠮ ᠴᠤ᠌ ᠲᠠᠭᠠᠯᠠᠮᠵᠢᠲᠠᠢ ᠳᠣᠲᠣᠨᠣ ᠦᠵᠡᠭᠳᠡᠵᠡᠢ᠃ 
       — ᠤᠷᠢᠳᠤ ᠡᠮᠦᠨ᠎ᠡ ᠡᠨᠡᠭᠦᠷ ᠶᠠᠪᠤᠵᠤ ᠦᠵᠡᠭᠡ ᠦᠭᠡᠢ ᠪᠣᠯᠤᠭᠠᠳ᠂ ᠪᠢᠳᠡ ᠪᠠᠬᠠᠨ ᠲᠥᠭᠡᠷᠢᠰᠬᠢᠵᠦ ᠶᠠᠪᠤᠨ᠎ᠠ᠃ ᠬᠦᠷᠢᠶ᠎ᠡ ᠵᠠᠮ ᠳ᠋ᠤ᠌ ᠬᠠᠮᠢᠭᠠᠭᠤᠷ ᠶᠠᠪᠤᠪᠠᠯ ᠣᠷᠣᠬᠤ ᠪᠣᠢ? ᠭᠡᠵᠦ ᠲᠡᠷᠡ ᠲᠠᠨᠢᠬᠤ ᠦᠭᠡᠢ ᠬᠥᠮᠦᠨ ᠰᠢᠷᠴᠢᠨ ᠡᠴᠡ ᠠᠰᠠᠭᠤᠭᠠᠳ᠂ ᠵᠠᠮ ᠴᠢᠭ ᠵᠢᠭᠠᠵᠤ ᠥᠭᠭᠦᠭᠰᠡᠨ ᠢ᠋ ᠨᠢ ᠨᠢᠭᠡᠳ ᠨᠢᠭᠡᠨ ᠦᠭᠡᠢ ᠰᠣᠨᠣᠰᠴᠤ ᠠᠪ ᠭᠡᠵᠦ ᠵᠢᠯᠣᠭᠣᠴᠢ ᠳ᠋ᠠᠭᠠᠨ ( ᠳ᠋ᠤ᠌ ᠪᠠᠨ) ᠬᠡᠯᠡᠭᠡᠳ᠂ ᠰᠢᠷᠴᠢᠨ ᠡᠴᠡ᠂ 
       — ᠲᠠ ᠴᠣᠬᠣᠮ ᠬᠠᠮᠢᠭ᠎ᠠ ᠵᠣᠷᠢᠵᠤ ᠶᠠᠪᠤᠭ᠎ᠠ ᠬᠥᠮᠦᠨ ᠪᠢᠯᠡ? ᠭᠡᠵᠦ ᠠᠰᠠᠭᠤᠭᠠᠳ᠂ ᠲᠢᠶᠠᠨ ᠢ ᠳᠧ ᠶ᠋ᠢᠨ ᠫᠦᠰᠡᠨ ᠳ᠋ᠦ᠍ ᠬᠤᠰᠢᠭᠤᠨ ᠤ᠋ ᠬᠠᠭᠤᠴᠢᠨ ᠥᠷᠢ ᠲᠥᠯᠥᠬᠦ ᠭᠡᠵᠦ ᠶᠠᠪᠤᠭ᠎ᠠ ᠶ᠋ᠢ ᠨᠢ ᠠᠰᠠᠭᠤᠨ ᠮᠡᠳᠡᠮᠡᠭᠴᠡ᠂ ᠬᠥᠮᠥᠰᠬᠡ ᠪᠡᠨ ᠠᠲᠤᠷᠢᠭᠤᠯᠤᠨ᠂ 
       — ᠲᠠᠨ ᠤ᠋ ᠬᠤᠰᠢᠭᠤᠨ ᠤ᠋ ᠬᠢᠨ᠂ ᠬᠠᠭᠤᠴᠢᠨ ᠨᠣᠶᠠᠳ ᠤ᠋ᠨ ᠢ᠋ᠶ᠋ᠠᠨ ᠥᠷᠢ ᠰᠢᠷᠢ ᠶ᠋ᠢ ᠣᠳᠣ ᠬᠦᠷᠲᠡᠯ᠎ᠡ ᠲᠥᠯᠥᠭᠰᠡᠭᠡᠷ ᠶᠦᠮ ᠤᠤ? ᠭᠡᠵᠡᠢ᠃ 
       ᠡᠨᠡ ᠬᠥᠮᠦᠨ ᠰᠠᠢᠨ ᠬᠥᠮᠦᠨ ᠪᠣᠯᠤᠯᠲᠠᠢ᠃ ᠦᠵᠡᠵᠦ ᠲᠤᠭᠤᠯᠤᠭᠰᠠᠨ ᠢ᠋ᠶ᠋ᠠᠨ ᠴᠥᠮ ᠢ᠋ ᠨᠢ ᠨᠢᠭᠤᠯ ᠦᠭᠡᠢ ᠬᠡᠯᠡᠶ᠎ᠡ᠃ ᠨᠣᠶᠠᠨ ᠤ᠋ ᠥᠷᠢ ᠶ᠋ᠢ ᠠᠷᠠᠳ ᠢ᠋ᠶ᠋ᠠᠷ ᠲᠥᠯᠥᠭᠦᠯᠬᠦ ᠦᠭᠡᠢ ᠭᠡᠵᠦ ᠵᠢᠳᠬᠦᠭᠰᠡᠨ ᠪᠠᠲᠤᠪᠠᠶᠠᠷ ᠭᠤᠸᠠᠢ ᠳ᠋ᠤ᠌ ᠮᠠᠨᠢ ᠲᠤᠰᠠᠯᠠᠬᠤ ᠶᠠᠭᠤᠨ ᠤ᠋ ᠮᠠᠭᠠᠳ ᠭᠡᠵᠦ ᠪᠣᠳᠣᠭᠠᠳ᠂ ᠰᠢᠷᠴᠢᠨ ᠴᠡᠭᠡᠵᠢᠨ ᠳᠣᠲᠣᠷᠠᠬᠢ ᠪᠠᠨ ᠪᠦᠭᠦᠳᠡ ᠶ᠋ᠢ ᠨᠢ ᠭᠠᠷᠭᠠᠵᠠᠢ᠃ ᠲᠡᠷᠡ ᠬᠥᠮᠦᠨ᠂ ᠲᠣᠭᠠᠴᠢᠨ ᠬᠡᠯᠡᠭᠰᠡᠨ ᠦᠭᠡ ᠶ᠋ᠢ ᠨᠢ ᠨᠢᠭᠡᠳ ᠨᠢᠭᠡᠨ ᠦᠭᠡᠢ ᠰᠣᠨᠣᠰᠤᠭᠠᠳ᠂   
       — ᠬᠠᠮᠢᠶᠠᠷᠤᠭᠰᠠᠨ ᠰᠠᠢᠳ ᠤ᠋ᠨ ᠲᠤᠰᠢᠶᠠᠯ ᠢ᠋ᠶ᠋ᠠᠷ ᠬᠠᠭᠤᠴᠢᠨ ᠥᠷᠢ ᠶ᠋ᠢ ᠬᠣᠰᠢᠭᠤ ᠨᠡᠢᠭᠡᠮ ᠡᠴᠡ ᠨᠡᠬᠡᠨ ᠲᠥᠯᠥᠭᠦᠯᠵᠦ ᠪᠠᠢᠭ᠎ᠠ ᠶᠤᠮ ᠪᠣᠢ? ᠲᠠᠨ ᠤ᠋ ᠪᠣᠳᠣᠬᠤ ᠳ᠋ᠤ᠌ ᠣᠯᠠᠨ ᠲᠠ  ᠪᠦᠭᠦᠳᠡ ᠶ᠋ᠢᠨ ᠰᠣᠩᠭᠣᠭᠰᠠᠨ ᠬᠣᠰᠢᠭᠤ ᠳᠠᠷᠤᠭ᠎ᠠ ᠶ᠋ᠢ ᠤᠭᠴᠠᠷᠠᠭᠤᠯᠵᠤ᠂ ᠬᠠᠭᠤᠴᠢᠨ ᠨᠣᠶᠠᠳ ᠤ᠋ᠨ ᠥᠷᠢ ᠰᠢᠷᠢ ᠶ᠋ᠢ ᠬᠡᠳᠦᠢ ᠬᠠᠮᠢᠶᠠᠷᠤᠭᠰᠠᠨ ᠰᠠᠢᠳ ᠤ᠋ᠨ ᠲᠤᠰᠢᠶᠠᠯ ᠢ᠋ᠶ᠋ᠠᠷ ᠴᠤ᠌ ᠭᠡᠰᠡᠨ ᠲᠤᠯᠭᠠᠨ ᠲᠥᠯᠥᠭᠦᠯᠵᠦ ᠪᠠᠢᠭ᠎ᠠ ᠨᠢ ᠵᠥᠪ ᠤᠤ? ᠭᠡᠵᠦ ᠰᠢᠷᠴᠢᠨ ᠡᠴᠡ ᠲᠡᠷᠡ ᠬᠥᠮᠦᠨ ᠦ᠌ ᠠᠰᠠᠭᠤᠬᠤ ᠳ᠋ᠤ᠌᠂ 
       — ᠪᠢ ᠬᠠᠤᠯᠢ ᠮᠡᠳᠡᠬᠦ ᠦᠭᠡᠢ ᠬᠥᠮᠦᠨ᠂ ᠭᠡᠪᠡᠴᠦ ᠵᠠᠰᠠᠭ ᠠ᠋ᠴᠠ ᠨᠢᠭᠡᠨᠲᠡ ᠨᠣᠶᠠᠳ ᠤ᠋ᠨ ᠥᠷᠢ ᠰᠢᠷᠢ ᠬᠡᠷᠡᠭᠰᠡᠬᠦ ᠦᠭᠡᠢ ᠭᠡᠰᠡᠨ ᠪᠠᠢᠲᠠᠯ᠎ᠠ ᠲᠡᠭᠡᠳᠡᠭ ᠨᠢ ᠠᠷᠠᠢ ᠯᠠ ᠪᠢᠰᠢ ᠪᠣᠯ ᠤᠤ ᠭᠡᠵᠦ ᠪᠣᠳᠣᠵᠤ ᠶᠠᠪᠤᠨ᠎ᠠ ᠳᠠ ᠬᠡᠮᠡᠪᠡᠰᠦ᠂ 
       — ᠲᠠᠨ ᠤ᠋ ᠲᠡᠷᠡ ᠲᠦᠮᠡᠨ ᠵᠥᠪ᠃ ᠣᠳᠣ ᠡᠨᠳᠡ ᠡᠴᠡ ᠲᠠᠮᠠᠭ᠎ᠠ ᠶ᠋ᠢᠨ ᠭᠠᠵᠠᠷ  ᠣᠷᠣᠬᠤ ᠳ᠋ᠤ᠌ ᠬᠠᠮᠢᠭᠠᠭᠤᠷ ᠶᠠᠪᠤᠪᠠᠯ ᠲᠠᠭᠠᠷᠠᠬᠤ ᠪᠣᠢ᠂ ᠲᠠ ᠪᠢᠳᠡᠨ ᠳ᠋ᠦ᠍ ᠵᠢᠭᠠᠵᠤ  ᠥᠭᠭᠦᠨ᠎ᠡ ᠤᠤ? ᠲᠠᠨ ᠤ᠋ ᠲᠠᠮᠠᠭ᠎ᠠ ᠶ᠋ᠢᠨ ᠭᠠᠵᠠᠷ  ᠢ᠋ᠶ᠋ᠠᠷ ᠣᠷᠣᠪᠠᠯ ᠵᠣᠬᠢᠬᠤ ᠬᠡᠷᠡᠭ ᠪᠠᠢᠨ᠎ᠠ᠃ ᠬᠠᠷᠢᠨ ᠲᠠ ᠡᠨᠡ ᠬᠡᠳᠦᠨ ᠬᠣᠨᠢ ᠪᠠᠨ ᠲᠠᠭᠤᠭᠠᠳ ᠪᠤᠴᠠ᠃ ᠬᠤᠳᠠᠯᠳᠤᠭᠰᠠᠨ ᠤ᠋ ᠬᠡᠷᠡᠭ ᠠᠯᠠᠭ᠎ᠠ ᠭᠡᠬᠦ ᠳ᠋ᠦ᠍ᠨᠢ( ᠳ᠋ᠦ᠍ ᠨᠢ)᠂ ᠰᠢᠷᠴᠢᠨ᠂ 
       — ᠥᠷᠢ ᠳᠥᠯᠥ ᠭᠡᠵᠦ ᠳᠡᠭᠡᠷ᠎ᠡ ᠡᠴᠡ ᠲᠤᠰᠢᠶᠠᠭᠰᠠᠨ ᠰᠢᠦ ᠳᠡ ᠭᠡᠵᠡᠢ᠃   
       ᠲᠡᠷᠡ ᠲᠤᠰᠢᠶᠠᠯ — ᠬᠠᠤᠯᠢ ᠪᠤᠰᠤ ᠲᠤᠰᠢᠶᠠᠯ᠂ ᠲᠠ ᠥᠪᠡᠷ ᠢ᠋ᠶ᠋ᠡᠨ ᠴᠦ᠍ ᠭᠡᠰᠡᠨ᠂ ᠠᠷᠠᠢ ᠲᠡᠢᠮᠦ ᠪᠠᠢᠬᠤ ᠶᠣᠰᠣ ᠦᠭᠡᠢ ᠶᠤᠮᠰᠠᠨ ᠭᠡᠵᠦ ᠰᠠᠶᠢ ᠡᠰᠡ ᠬᠡᠯᠡᠯᠦ? ᠭᠡᠬᠦ  ᠳ᠋ᠦ᠍ᠨᠢ ( ᠳ᠋ᠦ᠍ ᠨᠢ) ᠰᠢᠷᠴᠢᠨ᠂ 
       — ᠲᠡᠷᠡ ᠴᠦ᠍᠂ ᠪᠢᠳᠡᠨ ᠦ᠌ ᠠᠷᠠᠳ ᠤ᠋ᠨ ᠪᠣᠳᠣᠬᠤ ᠳ᠋ᠤ᠌ ᠲᠡᠢᠮᠦ ᠯᠡ ᠪᠠᠢᠭ᠎ᠠ ᠶᠤᠮ ᠯᠠ ᠳᠠ ᠭᠡᠵᠦ ᠭᠠᠢᠬᠠᠰᠬᠢᠨ ᠬᠡᠯᠡᠪᠡᠰᠦ᠂ 
       — ᠲᠠ ᠨᠠᠷ ᠤ᠋ᠨ ᠲᠡᠭᠡᠵᠦ ᠪᠣᠳᠣᠳᠠᠭ ᠲᠠᠨᠢ ᠠᠷᠭ᠎ᠠ ᠦᠭᠡᠢ ᠵᠥᠪ᠃ ᠲᠠ ᠭᠡᠷ ᠲᠡᠭᠡᠨ ( ᠲᠤ ᠪᠡᠨ) ᠬᠠᠷᠢ ᠠ᠋᠂ ᠬᠠᠷᠢᠨ᠂ ᠪᠢ ᠲᠠᠮᠠᠭ᠎ᠠ ᠶ᠋ᠢᠨ ᠴᠢᠨᠢ ᠭᠠᠵᠠᠷ᠂ ᠠᠢᠮᠠᠭ ᠤ᠋ᠨ ᠶᠠᠮᠤ ᠪᠠᠷ ᠣᠷᠣᠵᠤ᠂ ᠲᠡᠭᠦᠪᠡᠷ ᠶᠠᠭᠤ ᠪᠣᠯᠵᠤ ᠪᠠᠢᠭ᠎ᠠ ᠶ᠋ᠢ ᠨᠢ ᠦᠵᠡᠶ᠎ᠡ ᠭᠡᠳ ᠰᠢᠷᠴᠢᠨ ᠦ᠌ ᠦᠯᠦ ᠲᠠᠨᠢᠬᠤ ᠲᠡᠷᠡ ᠬᠥᠮᠦᠨ᠂ ᠵᠢᠯᠣᠭᠣᠴᠢ ᠠ᠋ᠴᠠ ᠪᠠᠨ ᠪᠸᠨᠽᠢᠨ ᠮᠠᠨᠢ ᠡᠢᠮᠦ ᠮᠠᠭᠠᠳᠯᠠᠰᠢ ᠦᠭᠡᠢ ᠶᠠᠪᠤᠳᠠᠯ ᠲᠣᠬᠢᠶᠠᠯᠳᠤᠭᠰᠠᠨ ᠳ᠋ᠤ᠌ ᠬᠦᠷᠬᠦ ᠪᠢᠵᠡ? ᠬᠡᠮᠡᠪᠡᠰᠦ᠂  
       — ᠬᠦᠷᠦᠨ᠎ᠡ᠂ ᠳᠠᠷᠤᠭ᠎ᠠ ᠠ᠋᠂ ᠰᠠᠨᠠᠭ᠎ᠠ ᠵᠣᠪᠠᠯᠲᠠ ᠦᠭᠡᠢ ᠭᠡᠵᠦ ᠵᠢᠯᠣᠭᠣᠴᠢ ᠨᠢ ᠢᠨᠢᠶᠡᠮᠰᠦᠭᠯᠡᠨ ᠬᠠᠷᠢᠭᠤᠯᠵᠠᠢ᠃ 
       — ᠵᠠ ᠲᠡᠭᠡᠪᠡᠯ ᠶᠠᠪᠤᠶ᠎ᠠ ᠭᠡᠳ ᠰᠢᠷᠴᠢᠨ ᠦ᠌ ᠵᠦᠭ ᠬᠠᠨᠳᠤᠵᠤ᠂ ᠲᠠᠨ ᠤ᠋ ᠨᠡᠷ᠎ᠡ ᠬᠡᠨ ᠭᠡᠳᠡᠭ ᠪᠢᠯᠡ? ᠰᠢᠷᠴᠢᠨ? ᠵᠠ᠂ ᠰᠢᠷᠴᠢᠨ ᠭᠤᠸᠠᠢ᠂ ᠳᠠᠷᠠᠭ᠎ᠠ ᠪᠠᠶᠠᠷᠲᠠᠢ ᠤᠴᠠᠷᠠᠶ᠎ᠠ! ᠭᠡᠳ ᠢᠨᠢᠶᠡᠮᠰᠦᠭᠯᠡᠨ ᠥᠭᠦᠯᠡᠷᠦᠨ᠂ ᠣᠳᠣ ᠲᠠ ᠰᠠᠨᠠᠭ᠎ᠠ ᠵᠣᠪᠠᠯᠲᠠ ᠦᠭᠡᠢ ᠭᠡᠷ ᠲᠡᠭᠡᠨ ( ᠲᠤ ᠪᠡᠨ) ᠬᠠᠷᠢ᠂ ᠠᠷᠠᠳ ᠤ᠋ᠨ ᠵᠠᠰᠠᠭ᠂ ᠨᠣᠶᠠᠳ ᠤ᠋ᠨ ᠥᠷᠢ ᠰᠢᠷᠢᠨ ᠡᠴᠡ ᠠᠷᠠᠳ ᠲᠦᠮᠡᠨ ᠢ᠋ᠶ᠋ᠡᠨ ᠡᠭᠦᠷᠢᠳᠡ ᠰᠠᠯᠭᠠᠭᠰᠠᠨ ᠰᠢᠦ ᠭᠡᠳ ᠲᠡᠰᠬᠡᠯ ᠦᠭᠡᠢ ᠪᠠᠶᠠᠷᠯᠠᠭᠰᠠᠨ ᠰᠢᠷᠴᠢᠨ ᠳ᠋ᠦ᠍ ᠳᠣᠲᠣᠨᠣ ᠡᠯᠢᠭᠡᠰᠡᠭ ᠪᠠᠢᠳᠠᠯ ᠲᠠᠢ ᠳᠣᠬᠢᠵᠤ ᠰᠠᠯᠬᠤ ᠶᠣᠰᠣ ᠬᠢᠭᠡᠳ᠂ ᠵᠢᠯᠣᠭᠣᠴᠢ ᠶ᠋ᠢ ᠪᠡᠨ ᠶᠠᠪᠤᠶ᠎ᠠ ᠭᠡᠵᠡᠢ᠃ ᠰᠢᠷᠴᠢᠨ  ᠮᠠᠰᠢᠨ᠎ᠠ ᠠ᠋ᠴᠠ ᠦᠷᠭᠦᠵᠦ ᠤᠬᠤᠰᠬᠢᠬᠰᠡᠨ ᠮᠣᠷᠢᠨ ᠤ᠋ ᠪᠠᠨ ᠠᠮᠠ ᠲᠡᠳᠡᠨ᠂ ᠬᠣᠢᠨ᠎ᠠ ᠠ᠋ᠴᠠ ᠨᠢ ᠬᠠᠷᠠᠵᠤ ᠪᠠᠢᠲᠠᠯ᠎ᠠ ᠪᠠᠨ ᠲᠡᠷᠡ ᠬᠥᠮᠦᠨ ᠦ᠌ ᠨᠡᠷ᠎ᠡ ᠤᠰᠤ ᠶ᠋ᠢ ᠠᠰᠠᠭᠤᠯ ᠦᠭᠡᠢ ᠬᠣᠴᠣᠷᠤᠭᠰᠠᠨ ᠳ᠋ᠠᠭᠠᠨ ( ᠳ᠋ᠤ᠌ ᠪᠠᠨ) ᠭᠡᠮᠰᠢᠵᠦ᠂ 
       — ᠬᠠᠮᠢᠭ᠎ᠠ ᠠᠵᠢᠯ ᠲᠠᠢ᠂ ᠬᠡᠨ ᠭᠡᠳᠡᠭ ᠬᠥᠮᠦᠨ ᠪᠢᠯᠡ ᠲᠠ ᠭᠡᠵᠦ ᠠᠰᠠᠭᠤᠬᠤ ᠶ᠋ᠢ ᠶᠠᠭᠠᠬᠢᠯ᠎ᠠ? ᠮᠤᠬᠤᠷ ᠲᠡᠷᠭᠡ ᠲᠡᠢ ᠶᠠᠪᠤᠵᠤ ᠪᠠᠢᠭ᠎ᠠ ᠶ᠋ᠢ ᠨᠢ ᠦᠵᠡᠪᠡᠯ᠂ ᠶᠡᠬᠡ ᠲᠤᠰᠢᠶᠠᠯ ᠲᠠᠢ ᠬᠥᠮᠦᠨ ᠪᠣᠯᠤᠯᠲᠠᠢ ᠭᠡᠵᠦ ᠪᠣᠳᠣᠭᠠᠳ ᠲᠠᠷᠠᠵᠤ ᠳᠠᠪᠬᠢᠭᠰᠠᠨ ᠲᠠᠪᠤᠨ ᠢᠷᠭᠡ ᠪᠡᠨ ᠬᠣᠷᠢᠶᠠᠨ᠂ ᠭᠡᠷ ᠤᠷᠤᠭᠤ ᠪᠠᠨ ᠲᠠᠭᠤᠵᠤ ᠪᠤᠴᠠᠯ᠎ᠠ᠃ ᠨᠣᠶᠠᠳ ᠤ᠋ᠨ ᠥᠷᠢ ᠲᠥᠯᠥᠬᠦ ᠪᠡᠨ ᠪᠠᠢᠭᠰᠠᠨ ᠪᠠᠶᠠᠷᠲᠠᠢ ᠮᠡᠳᠡᠭᠡ ᠶ᠋ᠢ ᠬᠥᠮᠦᠨ ᠳᠠᠭᠠᠷᠢᠯᠳᠤᠳᠠᠭ ᠶᠤᠮ ᠪᠣᠯ ᠬᠡᠯᠡᠮᠡᠷ ᠳᠤᠷ᠎ᠠ ᠬᠦᠷᠪᠡᠴᠦ᠂ ᠡᠵᠡᠭᠦᠢ ᠬᠡᠭᠡᠷ᠎ᠡ ᠭᠠᠵᠠᠷ  ᠳᠠᠩᠴᠢ ᠬᠥᠮᠦᠨ ᠳᠠᠭᠠᠷᠢᠯᠳᠤᠵᠤ ᠥᠭᠬᠦ ᠦᠭᠡᠢ᠂ ᠲᠡᠷᠡ ᠬᠠᠪᠢ ᠨᠤᠲᠤᠭ ᠲᠤ᠌ ᠤᠰᠤ ᠤᠮᠳᠠ ᠦᠭᠡᠢ ᠤᠴᠢᠷ᠂  ᠪᠣᠯᠳᠣᠭ ᠲᠤᠯᠤᠭᠠᠳ ᠪᠣᠯᠤᠭᠰᠠᠨ ᠡᠯ ᠴᠢᠯ ᠦᠭᠡᠢ ᠥᠷᠭᠡᠨ ᠲᠠᠯ᠎ᠠ ᠳ᠋ᠤ᠌ ᠬᠥᠮᠦᠨ ᠠᠢᠯ ᠵᠤᠰᠠᠳᠠᠭ ᠦᠭᠡᠢ᠂ ᠭᠠᠭᠴᠠ ᠬᠦ᠌ ᠲᠠᠷᠪᠠᠭ᠎ᠠ ᠡᠨᠳᠡ ᠲᠡᠨᠳᠡ ᠦᠵᠡᠭᠳᠡᠨ᠂ ᠬᠤᠷᠳᠤᠨ ᠬᠥᠯᠲᠦ ᠵᠡᠭᠡᠷ᠎ᠡ ᠶ᠋ᠢᠨ ᠰᠦᠷᠦᠭ ᠲᠣᠬᠢᠶᠠᠯᠳᠤᠬᠤ ᠠᠵᠢ᠃ ᠰᠢᠷᠴᠢᠨ ᠬᠡᠭᠡᠷ᠎ᠡ ᠬᠣᠨᠣᠭᠠᠳ᠂ ᠦᠳᠡ ᠶ᠋ᠢᠨ ᠠᠯᠲᠠ ᠳ᠋ᠤ᠌ ᠭᠡᠷ ᠲᠡᠭᠡᠨ( ᠲᠤ ᠪᠡᠨ) ᠬᠦᠷᠴᠦ ᠢᠷᠡᠨ᠂ ᠴᠡᠷᠡᠨ ᠢ᠋ ᠥᠭᠡᠳᠡ ᠡᠴᠡ ᠨᠢ ᠭᠠᠷᠬᠤ ᠳ᠋ᠤ᠌᠂ 
       — ᠥᠷᠢ ᠲᠥᠯᠥᠬᠦ ᠪᠡᠨ ᠪᠠᠢᠯ᠎ᠠ! ᠭᠡᠵᠦ ᠪᠠᠶᠠᠷᠯᠠᠨ ᠬᠡᠯᠡᠵᠦ᠂ ᠵᠠᠮ ᠳ᠋ᠤ᠌ ᠲᠣᠬᠢᠶᠠᠯᠳᠤᠭᠰᠠᠨ ᠶᠠᠪᠤᠳᠠᠯ ᠢ᠋ᠶ᠋ᠠᠨ ᠲᠣᠭᠠᠴᠢᠨ ᠬᠡᠯᠡᠪᠡᠰᠦ᠂ ᠲᠡᠷᠡ ᠡᠷᠬᠢᠮ ᠬᠥᠮᠦᠨ ᠦ᠌ ᠨᠡᠷ᠎ᠡ ᠠᠯᠳᠠᠷ ᠢ᠋ ᠠᠰᠠᠭᠤᠨ ᠮᠡᠳᠡᠵᠦ ᠠᠪᠬᠤ ᠦᠭᠡᠢ᠂ ᠳᠠᠩᠴᠢ ᠶᠠᠭᠠᠬᠢᠯ᠎ᠠ ᠳᠠ ᠭᠡᠵᠦ ᠴᠡᠷᠡᠨ ᠪᠠᠬᠠᠨ ᠵᠢᠮᠡᠯᠡᠵᠦ ᠪᠢᠯᠡ᠃ 
       — ᠨᠢᠭᠡ ᠬᠡᠳᠦ ᠬᠣᠨᠣᠭ ᠠ᠋ᠴᠠ  ᠯᠠᠪ ᠰᠤᠷᠠᠭ ᠭᠠᠷᠬᠤ ᠪᠣᠢ᠂ ᠲᠡᠷᠡ ᠵᠠᠪᠠᠯ ᠶᠡᠬᠡ ᠬᠥᠮᠦᠨ ᠪᠠᠢᠬᠤ ᠶᠣᠰᠣᠲᠠᠢ ᠭᠡᠵᠦ ᠸᠠᠩ ᠡᠯ ᠭᠡᠳᠡᠭ ᠸᠠᠩ ᠣᠪᠣᠭᠲᠤ ᠬᠣᠶᠠᠳᠤᠭᠠᠷ ᠬᠦᠦ ᠬᠡᠮᠡᠬᠦ ᠡᠪᠦᠭᠡᠨ ᠲᠡᠷᠡ ᠦᠭᠡ ᠰᠣᠨᠣᠰᠤᠭᠠᠳ ᠬᠡᠯᠡᠭᠰᠡᠨ ᠪᠢᠯᠡ᠃  
       ᠨᠡᠭᠡᠷᠡᠨ ᠴᠦ᠍ ᠬᠡᠳᠦ ᠬᠣᠨᠣᠲᠠᠯ᠎ᠠ᠂ ᠬᠣᠰᠢᠭᠤ ᠲᠠᠮᠠᠭ᠎ᠠ᠂ ᠠᠢᠮᠠᠭ ᠤ᠋ᠨ ᠶᠠᠮᠤ ᠪᠠᠷ ᠴᠣᠢᠪᠠᠯᠰᠠᠩ ᠵᠠᠩᠵᠤᠨ ᠪᠡᠶ᠎ᠡ ᠪᠡᠷ ᠢ᠋ᠶ᠋ᠡᠨ ᠶᠠᠪᠤᠵᠤ᠂ ᠬᠠᠭᠤᠴᠢᠨ ᠨᠣᠶᠠᠳ ᠤ᠋ᠨ ᠥᠷᠢ ᠰᠢᠷᠢ ᠲᠥᠯᠥᠭᠦᠯᠬᠦ ᠶᠠᠪᠤᠳᠠᠯ ᠢ᠋ ᠵᠣᠭᠰᠣᠭᠠᠭᠠᠳ᠂ ᠪᠠᠲᠤᠪᠠᠶᠠᠷ ᠭᠤᠸᠠᠢ ᠶ᠋ᠢ ᠳᠠᠬᠢᠨ ᠬᠠᠭᠤᠴᠢᠨ ᠶᠣᠰᠣ ᠪᠠᠷ ᠬᠣᠰᠢᠭᠤ ᠳᠠᠷᠤᠭ᠎ᠠ ᠶ᠋ᠢᠨ ᠲᠤᠰᠢᠶᠠᠯ ᠳ᠋ᠤᠨᠢ( ᠳ᠋ᠤ᠌ ᠨᠢ) ᠬᠡᠪ ᠢ᠋ᠶ᠋ᠡᠷ ᠪᠣᠯᠭᠠᠪᠠ ᠭᠡᠵᠦ ᠤᠯᠤᠰ ᠠᠮᠢᠲᠠᠨ ᠲᠦᠷᠬᠢᠷᠡᠨ ᠬᠡᠯᠡᠯᠴᠡᠯ᠎ᠡ᠃  
       ᠲᠡᠭᠡᠵᠦ ᠪᠠᠢᠲᠠᠯ᠎ᠠ᠂ ᠬᠣᠰᠢᠭᠤ ᠲᠠᠮᠠᠭ᠎ᠠ ᠶ᠋ᠢᠨ ᠭᠠᠵᠠᠷ  ᠠ᠋ᠴᠠ ᠡᠪᠦᠭᠡᠨ ᠪᠠᠲᠤᠪᠠᠶᠠᠷ ᠭᠤᠸᠠᠢ ᠶ᠋ᠢᠨ ᠦᠰᠦᠭ ᠲᠡᠢ ᠪᠢᠴᠢᠭ ᠰᠤᠮᠤ ᠰᠤᠮᠤᠨ ᠳ᠋ᠤ᠌ ᠣᠴᠢᠭᠰᠠᠨ ᠨᠢ᠂ ᠠᠷᠠᠳ ᠤ᠋ᠨ ᠨᠠᠮ ᠤ᠋ᠨ ᠲᠥᠪ ᠬᠣᠷᠢᠶᠠᠨ ᠤ᠋ ᠪᠦᠭᠦᠳᠡ ᠬᠤᠷᠠᠯ ᠤ᠋ᠨ ᠲᠣᠭᠲᠠᠭᠠᠯ ᠤ᠋ᠨ ᠶᠣᠰᠣᠭᠠᠷ ᠭᠠᠷᠬᠤ ᠵᠢᠷᠭᠤᠭᠠᠨ ᠰᠠᠷ᠎ᠠ ᠶ᠋ᠢᠨ ᠰᠢᠨ᠎ᠡ ᠶ᠋ᠢᠨ ᠵᠢᠷᠭᠤᠭᠠᠨ ᠠ᠋ᠴᠠ ᠠᠷᠠᠳ ᠤ᠋ᠨ ᠬᠤᠪᠢᠰᠬᠠᠯ ᠮᠠᠨᠳᠤᠭᠰᠠᠨ ᠤ᠋ ᠭᠤᠷᠪᠠᠨ ᠵᠢᠯ ᠦ᠋ᠨ ᠣᠢ ᠶ᠋ᠢ ᠲᠣᠬᠢᠶᠠᠯᠳᠤᠭᠤᠯᠤᠨ ᠲᠤᠰ ᠤᠯᠤᠰ ᠲᠤ᠌ ᠪᠦᠭᠦᠳᠡ ᠨᠠᠢᠷᠠᠮᠳᠠᠬᠤ ᠵᠠᠰᠠᠭ ᠶᠠᠪᠤᠭᠤᠯᠵᠤ᠂《ᠣᠯᠠᠨ᠎ᠠ ᠡᠷᠭᠦᠭᠳᠡᠭᠰᠡᠨ》 ᠦ᠌ ᠭᠡᠵᠦ ᠠᠯᠪᠠᠨ ᠪᠢᠴᠢᠭ ᠲᠦ᠍ ᠪᠠᠢᠭᠰᠠᠨ ᠣᠨ ᠤ᠋ ᠴᠣᠯᠠ ᠶ᠋ᠢ《 ᠮᠣᠩᠭᠣᠯ ᠤᠯᠤᠰ ᠤ᠋ᠨ ᠠᠷᠪᠠᠨ  ᠳᠥᠷᠪᠡᠳᠦᠭᠡᠷ ᠣᠨ》 ᠭᠡᠵᠦ ᠪᠢᠴᠢᠬᠦ ᠪᠣᠯᠤᠭᠰᠠᠨ ᠶᠠᠪᠤᠳᠠᠯ ᠢ᠋ ᠵᠠᠷᠯᠠᠵᠤ ᠪᠢᠯᠡ᠃ 
       ᠠᠭᠤᠳᠠᠮ ᠬᠡᠭᠡᠷ᠎ᠡ ᠲᠠᠯ᠎ᠠ ᠳ᠋ᠤ᠌᠂ ᠵᠤᠨ ᠤ᠋ ᠨᠠᠢ᠍ᠮᠠᠳᠤᠭᠠᠷ ᠰᠠᠷ᠎ᠠ ᠶ᠋ᠢᠨ ᠨᠠᠮᠤᠭᠤᠬᠠᠨ ᠨᠢᠭᠡ ᠦᠳᠡᠰᠢ᠂ ᠨᠠᠷᠠ ᠰᠢᠩᠭᠡᠬᠦ ᠵᠦᠭ ᠲᠦ᠍ ᠡᠭᠦᠯᠡᠨ ᠳ᠋ᠦ᠍ ᠲᠤᠰᠤᠭᠰᠠᠨ ᠶᠠᠭᠠᠨ ᠲᠤᠶᠠᠭ᠎ᠠ ᠵᠠᠮᠬᠠᠷᠠᠵᠤ᠂ ᠪᠤᠷᠤᠩᠬᠤᠢ ᠪᠣᠯᠤᠭᠰᠠᠭᠠᠷ ᠰᠥᠨᠢ ᠶ᠋ᠢᠨ ᠬᠠᠷ᠎ᠠ ᠬᠥᠬᠡ ᠲᠩᠷᠢ ᠳ᠋ᠦ᠍ ᠲᠣᠭ᠎ᠠ ᠲᠣᠮᠰᠢ ᠦᠭᠡᠢ ᠣᠯᠠᠨ ᠣᠳᠣ ᠤᠯᠠᠮ ᠲᠣᠳᠣᠷᠠᠩᠬᠠᠨ ᠲᠦᠭᠡᠵᠡᠢ᠃ ᠵᠠᠬ᠎ᠠ ᠬᠢᠵᠠᠭᠠᠷ ᠦᠭᠡᠢ ᠠᠭᠤᠳᠠᠮ ᠬᠡᠭᠡᠷ᠎ᠡ ᠶ᠋ᠢᠨ ᠠᠩᠬᠢᠯᠤᠮ᠎ᠠ ᠰᠠᠢᠬᠠᠨ ᠴᠡᠴᠡᠭ ᠨᠣᠭᠣᠭᠠᠨ ᠤ᠋ ᠰᠡᠳᠬᠢᠯ ᠲᠡᠨᠢᠢᠮ᠎ᠡ ᠦᠨᠦᠷ ᠬᠠᠩᠬᠤᠯᠤᠭᠰᠠᠨ ᠰᠡᠷᠢᠭᠦᠨ ᠰᠠᠢᠬᠠᠨ ᠨᠠᠢᠷᠲᠤ ᠰᠠᠯᠬᠢᠨ ᠭᠣᠣᠯ ᠤ᠋ᠨ ᠵᠦᠭ ᠡᠴᠡ ᠲᠠᠲᠠᠵᠤ᠂ ᠠᠯᠤᠰ ᠬᠣᠯᠠ ᠠ᠋ᠴᠠ ᠤᠩᠭᠤᠯᠳᠠᠬᠤ ᠴᠢᠮᠡᠭᠡ ᠰᠣᠨᠣᠰᠳᠠᠵᠤ ᠪᠠᠢᠭ᠎ᠠ ᠨᠢ ᠣᠷᠣᠢᠳᠠᠨ ᠶᠠᠪᠤᠭ᠎ᠠ ᠠᠶᠠᠨ ᠤ᠋ ᠬᠥᠮᠦᠨ ᠦ᠌ ᠮᠣᠷᠢ ᠨᠢ ᠠᠳᠤᠭᠤᠨ ᠤ᠋ ᠴᠢᠮᠡᠭᠡ ᠠᠪᠤᠭᠰᠠᠨ ᠠᠵᠢ᠃ 
       ᠳᠡᠨᠵᠢ ᠳᠡᠭᠡᠷ᠎ᠡ ᠵᠤᠰᠠᠵᠤ ᠪᠠᠢᠭ᠎ᠠ ᠰᠢᠷᠴᠢᠨ ᠦ᠌ ᠬᠣᠨᠢ ᠮᠠᠯ ᠬᠡᠳᠦᠢᠨ ᠬᠣᠲᠠᠯᠠᠵᠤ᠂ ᠪᠦᠷᠦᠩᠬᠦᠢ ᠳ᠋ᠦ᠍ ᠴᠠᠢᠪᠤᠷ ᠪᠠᠷᠠᠭᠠᠨ ᠴᠢᠯᠠᠭᠤ ᠰᠢᠭ᠋ ᠬᠠᠷᠠᠭᠳᠠᠨ ᠪᠣᠢ ᠬᠣᠨᠢ ᠦᠬᠡᠷ ᠦ᠋ᠨ ᠳᠡᠭᠡᠭᠦᠷ ᠨᠢᠰᠬᠦ ᠢᠯᠠᠭ᠎ᠠ ᠰᠢᠮᠠᠭᠤᠯ ᠤ᠋ᠨ ᠬᠣᠢᠨ᠎ᠠ ᠠ᠋ᠴᠠ ᠬᠥᠭᠡᠭᠡᠴᠡᠯᠳᠦᠵᠦ ᠰᠠᠷᠢᠰᠤᠨ ᠪᠠᠭᠪᠠᠭᠠᠢ ᠴᠢᠮᠡᠭᠡ ᠦᠭᠡᠢ ᠳᠡᠷᠪᠡᠨ ᠨᠢᠰᠬᠦ ᠠᠵᠢ᠃  
       ᠭᠡᠷ ᠦ᠋ᠨ ᠡᠭᠦᠳᠡ ᠰᠡᠬᠦᠭᠡᠲᠡᠢ᠂ ᠬᠠᠷᠠᠩᠭᠤᠢ ᠪᠦᠷᠦᠩᠬᠦᠢ ᠳ᠋ᠦ᠍ ᠣᠩᠭᠣᠷᠬᠠᠢ ᠬᠠᠭᠠᠯᠭ᠎ᠠ ᠨᠢ ᠳᠥᠷᠪᠡᠯᠵᠢᠨ ᠭᠡᠷᠡᠯ ᠲᠡᠢ ᠶᠦᠮ ᠰᠢᠭ ᠦᠵᠡᠭᠳᠡᠨ᠂ ᠬᠣᠲᠠᠴᠢ ᠨᠣᠬᠠᠢ ᠨᠢ ᠵᠤᠨ ᠴᠠᠭ ᠲᠡᠷᠡ ᠪᠦᠷᠢ ᠬᠠᠩᠬᠤᠯᠳᠠᠭ ᠦᠭᠡᠢ ᠵᠡᠷᠯᠢᠭ ᠰᠣᠩᠭᠢᠨ᠎ᠠ᠂ ᠬᠠᠭᠤᠷᠤᠭᠰᠠᠨ ᠭᠣᠨᠢᠳ ᠲᠠᠢ ᠪᠣᠷᠴᠠ ᠲᠠᠢ ᠰᠠᠢᠬᠠᠨ ᠱᠥᠯᠦᠨ ᠦ᠌ ᠲᠠᠭᠠᠲᠠᠢ ᠦᠨᠦᠷ ᠠᠪᠴᠤ᠂ ᠡᠭᠦᠳᠡᠨ ᠲᠤᠰᠢᠶ᠎ᠠ ᠬᠡᠪᠲᠡᠭᠡᠳ ᠦᠶ᠎ᠡ ᠦᠶ᠎ᠡ ᠠᠶᠠᠷᠬᠠᠨ ᠭᠡᠭᠴᠢ ᠪᠡᠷ ᠭᠢᠩᠰᠢᠭᠡᠨᠡᠨ ᠳᠤᠤᠭᠠᠷᠴᠤ ᠪᠠᠢᠭ᠎ᠠ ᠨᠢ ᠮᠢᠬᠠᠰᠠᠭᠰᠠᠨ ᠠᠵᠢ᠃ 
       ᠡᠪᠦᠭᠡᠨ ᠬᠡᠭᠡᠷ᠎ᠡ ᠶ᠋ᠢᠨ ᠪᠣᠷᠣ᠂ ᠰᠢᠷᠴᠢᠨ ᠦ᠌ ᠳ᠋ᠦ᠍ ᠬᠣᠨᠣᠵᠤ᠂ ᠴᠡᠷᠡᠨ ᠠᠢᠯᠴᠢᠨ ᠳ᠋ᠠᠭᠠᠨ( ᠳ᠋ᠤ᠌ ᠪᠠᠨ) ᠭᠤᠯᠢᠷ ᠲᠠᠢ ᠬᠣᠭᠣᠯᠠ ᠬᠢᠭᠡᠳ᠂ ᠵᠣᠴᠢᠨ᠂ ᠭᠡᠷ ᠦ᠋ᠨ ᠬᠥᠮᠦᠨ ᠴᠥᠮ ᠬᠣᠭᠣᠯᠠ ᠢᠳᠡᠬᠦ ᠳ᠋ᠡᠭᠡᠨ( ᠳ᠋ᠦ᠍ ᠪᠡᠨ)  ᠮᠣᠩᠭᠣᠯ ᠵᠠᠩᠰᠢᠯ ᠢ᠋ᠶ᠋ᠠᠷ ᠶᠠᠷᠢᠶ᠎ᠠ ᠪᠠᠨ ᠲᠠᠰᠤᠯᠤᠨ ᠬᠣᠭᠣᠯᠠ ᠪᠠᠨ ᠴᠢᠮᠡᠭᠡ ᠦᠭᠡᠢ ᠢᠳᠡᠵᠡᠢ᠃  
       — ᠴᠠᠳᠤᠯ᠎ᠠ! ᠭᠡᠳ ᠡᠪᠦᠭᠡᠨ ᠬᠡᠭᠡᠷ᠎ᠡ ᠶ᠋ᠢᠨ ᠪᠣᠷᠣ᠂ ᠠᠷᠰᠯᠠᠨ ᠵᠠᠭᠠᠨ ᠤ᠋ ᠰᠣᠶᠣᠭ᠎ᠠ ᠪᠠᠷ ᠬᠢᠭᠰᠡᠨ ᠰᠠᠪᠬ᠎ᠠ ᠪᠠᠨ ᠠᠯᠴᠢᠭᠤᠷ ᠢ᠋ᠶ᠋ᠠᠷ ᠠᠷᠴᠢᠵᠤ᠂ ᠲᠣᠮᠣ ᠬᠢᠲᠤᠭᠠᠨ ᠤ᠋ ᠪᠠᠨ ᠬᠤᠢ ᠳ᠋ᠤ᠌ ᠬᠢᠵᠡᠢ᠃  
       ᠴᠡᠷᠡᠨ᠂ ᠵᠣᠴᠢᠨ ᠳ᠋ᠠᠭᠠᠨ( ᠳ᠋ᠤ᠌ ᠪᠠᠨ) ᠫᠠᠯᠠᠨ ᠳᠠᠩᠬᠤ ᠳ᠋ᠤ᠌ ᠬᠠᠯᠠᠭᠠᠭᠰᠠᠨ ᠰᠢᠮ᠎ᠡ ᠶ᠋ᠢᠨ ᠠᠷᠢᠬᠢ ᠪᠠᠷᠢᠵᠤ᠂ ᠡᠪᠦᠭᠡᠨ ᠬᠠᠭᠤᠴᠢᠨ ᠤ᠋ ᠵᠠᠩᠰᠢᠯ ᠢ᠋ᠶ᠋ᠠᠷ ᠪᠠᠷᠠᠭᠤᠨ ᠭᠠᠷ ᠤ᠋ᠨ ᠢ᠋ᠶ᠋ᠠᠨ ᠨᠡᠷ᠎ᠡ ᠦᠭᠡᠢ ᠬᠤᠷᠤᠭᠤ ᠪᠠᠷ ᠭᠠᠯ ᠤ᠋ᠨ ᠵᠦᠭ ᠠᠷᠢᠬᠢᠨ ᠠ᠋ᠴᠠ ᠲᠤᠰᠠᠭᠠᠵᠤ( ᠲᠣᠰᠣᠭᠠᠵᠤ)᠂ ᠠᠮᠠᠨ ᠳ᠋ᠠᠭᠠᠨ( ᠳ᠋ᠤ᠌ ᠪᠠᠨ) ᠣᠷᠣᠬᠤ ᠳ᠋ᠠᠭᠠᠨ( ᠳ᠋ᠤ᠌ ᠪᠠᠨ) ᠠᠯᠲᠠᠨ ᠰᠢᠮᠠᠭᠤᠯ  ᠰᠢᠭ᠋᠂ ᠠᠮᠠᠨ ᠠ᠋ᠴᠠ ᠭᠠᠷᠬᠤ ᠳ᠋ᠠᠭᠠᠨ( ᠳ᠋ᠤ᠌ ᠪᠠᠨ) ᠠᠷᠰᠯᠠᠨ ᠵᠠᠭᠠᠨ ᠰᠢᠭ᠋ ᠰᠠᠷᠬᠤᠳ ᠲᠤᠩᠭᠠᠯᠠᠭ ᠠᠷᠢᠬᠢ ᠶ᠋ᠢ  ᠲᠣᠮᠣ ᠲᠣᠮᠣ ᠪᠠᠷ ᠣᠭᠣᠴᠢᠨ ᠤᠤᠭᠤᠵᠤ᠂ ᠪᠤᠭᠤᠷᠤᠯ ᠰᠠᠬᠠᠯ ᠢ᠋ᠶ᠋ᠠᠨ ᠠᠷᠴᠢᠭᠠᠳ ᠠᠶᠠᠭ᠎ᠠ ᠪᠠᠨ ᠳᠦᠭᠦᠷᠭᠡᠵᠦ᠂ ᠰᠢᠷᠴᠢᠨ ᠳ᠋ᠦ᠍ ᠪᠠᠷᠢᠭᠠᠳ᠂ ᠴᠡᠷᠡᠨ ᠳ᠋ᠦ᠍᠂  
       — ᠰᠠᠢᠬᠠᠨ ᠠᠷᠢᠬᠢ ᠲᠠᠢ ᠬᠥᠮᠦᠨ ᠪᠠᠢᠨ᠎ᠠ ᠳᠠ᠂ ᠬᠡᠦᠬᠡ ᠴᠢ᠃ ᠮᠢᠨᠦ ᠰᠨᠠᠬᠤ ᠳ᠋ᠤ᠌᠂ ᠴᠢᠮᠠᠲᠤ ᠬᠠᠮᠰᠤᠮ ᠤ᠋ᠨ ᠠᠯᠲᠠᠨ ᠭᠠᠪᠠᠯᠠ  ᠠᠶᠠᠭ᠎ᠠ ᠣᠳᠣ  ᠪᠣᠢ ᠪᠠᠢᠬ᠎ᠠ᠃ ᠲᠡᠷᠡ ᠪᠡᠨ ᠭᠠᠷᠭᠠᠭᠠᠳ ᠥᠭᠭᠦᠭᠡᠴᠢ᠂ ᠴᠡᠷᠡᠨ ᠠ᠋᠂ ᠪᠠᠲᠤᠪᠠᠶᠠᠷ ᠭᠤᠸᠠᠢ ᠶ᠋ᠢᠨ ᠢ᠋ᠶ᠋ᠡᠨ ᠱᠠᠪᠳᠠᠩ ᠪᠠᠲᠤᠳᠠᠭ ᠭᠡᠵᠦ ᠲᠡᠷᠡ ᠭᠠᠪᠠᠯᠠ ᠠᠶᠠᠭ᠎ᠠ ᠪᠠᠷ ᠨᠢᠭᠡ ᠤᠤᠭᠤᠶ᠎ᠠ᠃ ᠬᠠᠭᠤᠴᠢᠨ ᠤ᠋ ᠦᠭᠡᠨ ᠳ᠋ᠦ᠍᠂ ᠠᠮᠢᠳᠤ ᠶᠠᠪᠤᠪᠠᠯ ᠠᠯᠲᠠᠨ ᠠᠶᠠᠭ᠎ᠠ ᠪᠠᠷ ᠷᠠᠰᠢᠶᠠᠨ ᠤᠤᠭᠤᠨ᠎ᠠ ᠭᠡᠳᠡᠭ ᠤᠴᠢᠷ ᠲᠠᠢ ᠦᠭᠡ ᠰᠢᠦ᠃ ᠵᠠᠷᠤᠴᠠ ᠶᠠᠳᠠᠭᠤ ᠡᠭᠡᠯ ᠵᠢᠷ ᠦ᠋ᠨ ᠪᠢᠳᠡ ᠰᠠᠢᠬᠠᠨ ᠴᠠᠭ ᠤ᠋ᠨ ᠡᠬᠢ ᠶ᠋ᠢ ᠦᠵᠡᠭᠰᠡᠨ ᠮᠠᠨᠢ ᠪᠠᠶᠠᠷᠯᠠᠨ ᠪᠠᠬᠠᠳᠤᠯᠲᠠᠢ ᠠᠵᠢᠶᠠᠮᠤ ᠭᠡᠬᠦ  ᠳ᠋ᠦ᠍ᠨᠢ( ᠳ᠋ᠦ᠍ ᠨᠢ)᠂ ᠴᠡᠷᠡᠨ ᠠᠪᠳᠠᠷ᠎ᠠ ᠪᠠᠨ ᠠᠭᠤᠳᠠᠯᠵᠤ ᠠᠯᠲᠠᠨ ᠭᠠᠪᠠᠯᠠ ᠠᠶᠠᠭ᠎ᠠ ᠪᠠᠨ ᠭᠠᠷᠭᠠᠵᠤ ᠥᠭᠭᠦᠯ᠎ᠡ᠃  
       — ᠬᠥᠭᠡᠷᠦᠬᠦᠢ᠂ ᠶᠠᠮᠠᠷ ᠴᠤ᠌ ᠬᠥᠮᠦᠨ ᠦ᠌ ᠬᠦᠦ᠂ ᠶᠠᠭᠠᠬᠢᠵᠤ ᠴᠤ᠌ ᠶᠠᠪᠤᠭᠰᠠᠭᠠᠷ ᠨᠠᠰᠤ ᠪᠠᠨ ᠪᠠᠷᠠᠵᠤ ᠡᠨᠡ ᠪᠣᠯᠤᠭᠰᠠᠨ ᠶᠤᠮ ᠪᠣᠯ ᠳᠠ! ᠭᠡᠵᠦ ᠡᠪᠦᠭᠡᠨ᠂ ᠰᠢᠵᠢᠷ  ᠠᠯᠲᠠ ᠪᠠᠷ ᠳᠣᠲᠣᠷᠯᠠᠭᠰᠠᠨ᠂ ᠬᠦᠷᠡᠩ ᠰᠢᠷ᠎ᠠ ᠭᠢᠯᠦᠭᠡᠷ ᠭᠠᠪᠠᠯᠠ ᠠᠶᠠᠭ᠎ᠠ ᠶ᠋ᠢ ᠢᠯᠢᠭᠡᠳ᠂ ᠪᠠᠯᠳᠠᠨ ᠡᠪᠦᠭᠡᠨ ᠴᠡᠷᠢᠭ ᠲᠡᠷᠡ ᠵᠢᠯ ᠶᠠᠷᠢᠬᠤ  ᠳ᠋ᠠᠭᠠᠨ ( ᠳ᠋ᠤ᠌ ᠪᠠᠨ )ᠨᠠ᠊ ᠪᠠᠭᠰᠢ ᠶ᠋ᠢᠨ ᠭᠠᠪᠠᠯᠠ ᠶ᠋ᠢ ᠨᠢᠭᠡ ᠲᠥᠪᠡᠳ ᠯᠠᠮᠠ ᠣᠯᠵᠤ ᠠᠪᠬᠤ ᠭᠡᠵᠦ ᠣᠷᠣᠯᠳᠣᠭᠠᠳ ᠦᠵᠡᠭᠰᠡᠨ ᠶᠦᠮ ᠭᠡᠵᠦ  ᠶᠠᠷᠢᠲᠠᠯ᠎ᠠ᠂ ᠤᠨᠲᠠᠬᠤ ᠭᠡᠵᠦ ᠪᠠᠢᠭᠰᠠᠨ ᠲᠡᠮᠦᠷ᠂ 
       — ᠮᠠᠨ ᠤ᠋ ᠨᠠ᠊ ᠪᠠᠭᠰᠢ ᠶ᠋ᠢ ᠤᠤ? ᠭᠡᠵᠦ ᠠᠰᠠᠭᠤᠵᠠᠢ᠃ 
       — ᠨᠠᠰᠤ ᠠᠬ᠎ᠠ ᠬᠥᠮᠦᠨ ᠢ᠋ ᠶᠠᠭᠤᠮ᠎ᠠ ᠶᠠᠷᠢᠵᠤ ᠪᠠᠢᠬᠤ ᠳ᠋ᠤ᠌᠂ ᠬᠥᠨᠳᠡᠯᠡᠨ ᠡᠴᠡ ᠨᠢ ᠬᠡᠦᠬᠡᠳ ᠦᠭᠡ ᠶ᠋ᠢ ᠨᠢ ᠲᠠᠰᠤᠯᠤᠨ ᠦᠢᠮᠡᠭᠦᠯᠵᠦ ᠪᠣᠯᠳᠠᠭ ᠦᠭᠡᠢ ᠶᠦᠮ ᠰᠢᠦ ᠭᠡᠵᠦ ᠴᠡᠷᠡᠨ ᠦ᠌ ᠳᠤᠤᠭᠠᠷᠲᠠᠯ᠎ᠠ᠂  
       — ᠲᠡᠢᠮᠦ ᠠ᠋᠂ ᠬᠦᠦ ᠮᠢᠨᠢ᠂ ᠲᠠᠨ ᠤ᠋ ᠪᠠᠭᠰᠢ ᠶ᠋ᠢ᠃ ᠲᠡᠷᠡ ᠪᠣᠯ ᠶᠡᠬᠡ ᠡᠷᠲᠡᠨ ᠦ᠌ ᠬᠡᠷᠡᠭ᠃ ᠠᠯᠢ ᠳᠡᠭᠡᠷ᠎ᠡ᠂ ᠮᠠᠨᠵᠤ ᠶ᠋ᠢᠨ ᠦᠶ᠎ᠡ ᠳ᠋ᠦ᠍ ᠲᠡᠭᠡᠭᠰᠡᠨ ᠶᠦᠮ᠃ ᠲᠡᠷᠡ ᠮᠤᠤᠬᠠᠢ( ᠮᠠᠭᠤᠬᠠᠢ) ᠴᠠᠭ ᠬᠡᠳᠦᠢᠨ ᠡᠭᠦᠷᠢᠳᠡ ᠥᠩᠭᠡᠷᠡᠵᠦ᠂ ᠲᠠ ᠨᠠᠷ ᠪᠠᠭᠠᠴᠤᠤᠯ᠂ ᠡᠴᠢᠭᠡ ᠡᠪᠦᠭᠡ ᠶ᠋ᠢᠨ ᠢ᠋ᠶ᠋ᠡᠨ ᠮᠠᠭᠤ ᠪᠠᠨ ᠦᠵᠡᠵᠦ ᠪᠠᠢᠭᠰᠠᠨ ᠢ᠋ ᠦᠵᠡᠬᠦ ᠦᠭᠡᠢ ᠠᠵᠠ ᠲᠠᠢ ᠬᠤᠪᠢ ᠲᠠᠢ ᠤᠯᠤᠰ ᠠ᠋ ᠭᠡᠳ ᠡᠪᠦᠭᠡᠨ ᠭᠠᠪᠠᠯᠠ ᠠᠶᠠᠭᠠᠨ ᠳ᠋ᠤ᠌ ᠠᠷᠢᠬᠢ ᠪᠢᠯᠬᠠᠮ᠎ᠠ ᠬᠢᠭᠡᠳ᠂ ᠮᠠᠨ ᠤ᠋ ᠬᠣᠰᠢᠭᠤ ᠳᠠᠷᠤᠭ᠎ᠠ ᠡᠪᠦᠭᠡᠨ ᠪᠠ᠊ ᠶᠧ ᠶ᠋ᠢᠨ ᠥᠯᠮᠡᠢ ᠶ᠋ᠢᠨ ᠯᠢᠩᠬᠤ᠎ᠠ ᠪᠠᠲᠤᠳᠬᠤ ᠪᠣᠯᠲᠤᠭᠠᠢ ᠭᠡᠵᠦ ᠲᠤᠩᠭᠠᠯᠠᠭ ᠰᠠᠷᠬᠤᠳ ᠠ᠋ᠴᠠ ᠪᠠᠨ ᠭᠠᠯ ᠤ᠋ᠨ ᠵᠦᠭ ᠰᠠᠴᠤᠨ ᠡᠷᠭᠦᠭᠡᠳ ᠰᠢᠪᠬᠠᠨ ᠤᠤᠭᠤᠵᠠᠢ᠃ ᠲᠡᠭᠡᠭᠡᠳ᠂ ᠳᠠᠬᠢᠭᠠᠳ ᠳᠦᠭᠦᠷᠭᠡᠵᠦ ᠰᠢᠷᠴᠢᠨ ᠳ᠋ᠦ᠍ ᠪᠠᠷᠢᠨ᠂   
       — ᠴᠢ ᠪᠢᠳᠡ ᠬᠣᠶᠠᠷ᠂ ᠥᠨᠥ ᠣᠷᠣᠢ ᠡᠨᠡ ᠠᠶᠠᠲᠠᠢ ᠭᠠᠪᠠᠯᠠ ᠠᠶᠠᠭ᠎ᠠ ᠪᠠᠷ ᠨᠢᠭᠡ ᠨᠢᠭᠡ ᠤᠤᠭᠤᠬᠤ ᠶᠤᠮ ᠪᠢᠰᠢᠦ? ᠤᠷᠢᠳᠤ ᠳᠠᠯᠠᠢ ᠴᠣᠢᠩᠬᠤᠷ ᠸᠠᠩ ᠤ᠋ᠨ ᠳ᠋ᠤ᠌ ᠨᠢᠭᠡ ᠡᠢᠮᠦ ᠠᠯᠲᠠᠨ ᠭᠠᠪᠠᠯᠠ ᠠᠶᠠᠭ᠎ᠠ ᠪᠠᠢᠳᠠᠭ ᠶᠤᠮ ᠭᠡᠵᠦ ᠪᠢ ᠲᠤᠭᠤᠯᠤᠭᠰᠠᠨ ᠪᠢᠯᠡ᠃ ᠣᠯᠠᠨ ᠦᠶ᠎ᠡ ᠤᠯᠠᠷᠢᠨ ᠬᠠᠳᠠᠭᠠᠯᠠᠵᠤ ᠪᠠᠢᠭ᠎ᠠ ᠡᠷᠳᠡᠨᠢ ᠶ᠋ᠢᠨ ᠭᠠᠪᠠᠯᠠ ᠶᠤᠮ ᠭᠡᠨ᠎ᠡ ᠪᠢᠯᠡ᠃ ᠳᠥᠷᠪᠡᠳᠦᠭᠡᠷ ᠳᠠᠯᠠᠢ ᠯᠠᠮᠠ ᠶ᠋ᠢᠨ ᠭᠠᠪᠠᠯᠠ ᠪᠠᠷ ᠬᠢᠭᠰᠡᠨ ᠶᠦᠮ ᠭᠡᠵᠦ ᠲᠤᠭᠤᠯᠤᠭᠰᠠᠨ᠃ ᠲᠡᠷᠡ ᠳᠠᠯᠠᠢ ᠯᠠᠮᠠ ᠶ᠋ᠢᠨ ᠡᠴᠢᠭᠡ ᠨᠢ ᠠᠪᠠ ᠰᠢᠪᠠᠭᠤ᠂ ᠠᠶᠠᠨ ᠲᠡᠢᠨ ᠳ᠋ᠦ᠍ ᠳᠤᠷᠠᠲᠠᠢ ᠪᠠᠭᠠᠲᠤᠷ ᠰᠠᠢᠨ ᠡᠷ᠎ᠡ ᠪᠠᠢᠵᠠᠢ᠃ ᠬᠦᠦ ᠶ᠋ᠢ ᠨᠢ ᠲᠥᠪᠡᠳ ᠦ᠋ᠳ ᠭᠤᠷᠪᠠᠳᠤᠭᠠᠷ ᠳᠠᠯᠠᠢ ᠯᠠᠮᠠ ᠶ᠋ᠢᠨ ᠬᠤᠪᠢᠯᠭᠠᠨ ᠭᠡᠳ᠂ ᠠᠯᠤᠰ ᠬᠣᠯᠠ ᡀᠠᠰᠠ ᠪᠠᠷᠠᠭᠤᠨ ᠵᠣᠣ ᠳ᠋ᠠᠭᠠᠨ( ᠳ᠋ᠤ᠌ ᠪᠠᠨ) ᠵᠠᠯᠠᠵᠤ ᠠᠪᠠᠴᠢᠭᠰᠠᠨ ᠶᠤᠮ ᠪᠠᠢᠵᠠᠢ᠃ ᠲᠡᠷᠡ  ᠴᠠᠭ ᠲᠤ᠌ ᠡᠷᠡᠯᠬᠡᠭ ᠮᠣᠩᠭᠣᠯ ᠤ᠋ᠨ ᠥᠨᠳᠥᠷ ᠴᠡᠭᠡᠵᠢ ᠥᠷᠭᠡᠨ ᠰᠤᠭᠤᠨ ᠳ᠋ᠤᠨᠢ( ᠳ᠋ᠤ᠌ ᠨᠢ) ᠲᠦᠰᠢᠬᠦ ᠬᠡᠷᠡᠭ ᠪᠠᠢᠵᠤ ᠯᠠ ᠳᠠ᠃ ᠲᠡᠭᠡᠭᠡᠳ᠂ ᠮᠣᠩᠭᠣᠯ ᠨᠣᠶᠠᠨ ᠤ᠋ ᠠᠭᠡ ᠶ᠋ᠢ ᠳᠠᠯᠠᠢ ᠯᠠᠮᠠ ᠶ᠋ᠢᠨ ᠰᠢᠷᠡᠭᠡᠨ ᠳ᠋ᠦ᠍ ᠵᠠᠯᠠᠵᠤ ᠯᠠ ᠳᠠ᠃ ᠨᠣᠶᠠᠨ ᠠᠪᠤ ᠶ᠋ᠢ ᠨᠢ ᠥᠲᠡᠯᠬᠦ ᠡᠪᠦᠭᠡᠷᠡᠬᠦ ᠴᠠᠭ ᠲᠤ᠌ ᠲᠥᠪᠡᠳ ᠭᠠᠵᠠᠷ ᠨᠥᠭᠦᠭᠡ ᠲᠠᠯ᠎ᠠ ᠶ᠋ᠢᠨ ᠬᠢᠨ ᠨᠢ ᠲᠠᠢᠯᠵᠤ᠂ ᠮᠣᠩᠭᠣᠯ ᠳᠠᠯᠠᠢ ᠯᠠᠮᠠ ᠶ᠋ᠢ ᠴᠢᠨᠠᠭᠰᠢ ᠨᠢ ᠬᠠᠷᠠᠭᠤᠯᠬᠤ ᠭᠡᠵᠦ ᠣᠷᠣᠯᠳᠣᠵᠠᠢ᠃ ᠲᠡᠭᠡᠭᠡᠳ᠂ ᠳᠡᠷᠭᠡᠳᠡ ᠶ᠋ᠢᠨ ᠰᠢᠳᠠᠷ ᠯᠠᠮᠠ ᠨᠠᠷ ᠲᠤᠨᠢ( ᠲᠤ ᠨᠢ) ᠬᠡᠭᠡᠯᠢ ᠴᠢᠳᠬᠤᠵᠤ ᠯᠠ ᠳᠠ᠃ ᠲᠥᠪᠡᠳ ᠯᠠᠮᠠ ᠨᠠᠷ ᠤ᠋ᠨ ᠠᠯᠲᠠᠨ ᠮᠥᠩᠭᠥᠨ ᠳ᠋ᠦ᠍ ᠳᠤᠷᠠᠲᠠᠢ ᠶ᠋ᠢ ᠬᠡᠯᠡᠬᠦ ᠤᠤ? ᠪᠤᠷᠬᠠᠨ ᠪᠠᠭᠰᠢ ᠶ᠋ᠢ ᠪᠡᠨ ᠴᠤ᠌ ᠭᠡᠰᠡᠨ ᠠᠷᠪᠠ ᠬᠤᠳᠠᠯᠳᠤᠬᠤ ᠳ᠋ᠤ᠌ ᠬᠣᠢᠰᠢ ᠪᠠᠨ ᠬᠠᠷᠠᠬᠤ ᠦᠭᠡᠢ ᠤᠯᠤᠰ᠃ ᠲᠡᠭᠡᠭᠡᠳ᠂ ᠲᠡᠷᠡ ᠳᠡᠷᠭᠡᠳᠡ ᠶ᠋ᠢᠨ ᠯᠠᠮᠠ ᠨᠠᠷ᠂ ᠳᠠᠯᠠᠢ ᠯᠠᠮᠠ ᠳ᠋ᠠᠭᠠᠨ( ᠳ᠋ᠤ᠌ ᠪᠠᠨ) ᠬᠣᠣᠷ ᠨᠠᠢᠷᠠᠭᠤᠯᠤᠭᠰᠠᠨ ᠠᠷᠢᠬᠢ ᠠᠶᠠᠭᠠᠯᠠᠨ ᠪᠠᠷᠢᠵᠤ᠂ ᠪᠢᠳᠡ ᠲᠠᠨ ᠢ᠋ ᠪᠤᠷᠬᠠᠨ ᠤ᠋ ᠬᠤᠪᠢᠯᠭᠠᠨ ᠭᠡᠵᠦ ᠦᠵᠡᠳᠡᠭ᠃ ᠲᠠᠨ ᠤ᠋ ᠳᠠᠬᠢᠨ ᠡᠷᠭᠢᠵᠦ ᠲᠥᠷᠥᠬᠦ ᠲᠠᠨᠢ᠂ ᠰᠢᠨ᠎ᠡ ᠵᠠᠩᠴᠢ ᠪᠠᠷᠢᠨᠲᠠᠭ ᠢ᠋ᠶ᠋ᠠᠨ ᠡᠮᠦᠰᠬᠦ ᠲᠡᠢ ᠠᠳᠠᠯᠢ ᠬᠡᠷᠡᠭ᠃ ᠬᠢᠯᠢᠨᠴᠡᠲᠦ ᠮᠤᠩᠬᠠᠭ ᠥᠴᠦᠬᠡᠨ ᠱᠠᠪᠢ ᠪᠢᠳᠡ ᠲᠠᠨᠢ᠂ ᠡᠳ᠋ ᠡᠷᠳᠡᠨᠢ ᠪᠡᠷ ᠡᠨᠡ ᠨᠠᠰᠤᠨ ᠳ᠋ᠠᠭᠠᠨ( ᠳ᠋ᠤ᠌ ᠪᠠᠨ) ᠲᠠᠪᠤᠨ ᠬᠦᠰᠡᠯ ᠢ᠋ᠶ᠋ᠡᠨ ᠬᠠᠨᠵᠤ ᠨᠢᠭᠡ ᠵᠢᠷᠭᠠᠬᠤ ᠶ᠋ᠢ ᠬᠦᠰᠡᠨ᠎ᠡ᠃ ᠡᠨᠡ ᠬᠣᠣᠷᠲᠠᠢ ᠠᠷᠢᠬᠢ ᠲᠠᠨ ᠳ᠋ᠤ᠌ ᠡᠷᠭᠦ ᠭᠡᠵᠦ ᠪᠢᠳᠡᠨ ᠳ᠋ᠦ᠍ ᠤᠯᠤᠰ᠂ ᠵᠡᠭᠦᠳᠦ ᠵᠦᠩ ᠳ᠋ᠦ᠍ ᠮᠠᠨᠢ ᠣᠷᠣᠭ᠎ᠠ ᠦᠭᠡᠢ ᠶᠡᠬᠡ ᠠᠯᠲᠠ ᠮᠥᠩᠭᠥ ᠡᠳ᠋ ᠡᠷᠳᠡᠨᠢ ᠥᠭᠭᠦᠭᠰᠡᠨ᠃ ᠲᠠ ᠦᠨᠡᠬᠡᠷ ᠥᠷᠥᠰᠢᠶᠡᠯ ᠡᠨᠡᠷᠢᠯ ᠲᠡᠭᠦᠯᠳᠡᠷ ᠪᠤᠷᠬᠠᠨ ᠤ᠋ ᠬᠤᠪᠢᠯᠭᠠᠨ ᠯᠠ ᠶᠤᠮ ᠪᠣᠯ᠂ ᠮᠤᠩᠬᠠᠭ ᠪᠢᠳᠡᠨ ᠢ᠋ᠶ᠋ᠡᠨ ᠨᠢᠭᠦᠯᠡᠰᠦᠨ ᠦᠵᠡᠵᠦ ᠲᠡᠷᠡ ᠵᠢᠷᠭᠠᠯ ᠡᠳ᠋ᠯᠡᠭᠦᠯᠦᠨ ᠂ ᠡᠨᠡ ᠬᠤᠨᠳᠠᠭ᠎ᠠ ᠲᠣᠭᠲᠠᠭᠠᠬᠤ ᠠᠵᠢᠶᠠᠮᠤ ᠭᠡᠳ ᠰᠢᠬᠠᠵᠤ ᠭᠡᠨ᠎ᠡ᠃ ᠬᠥᠭᠡᠷᠦᠬᠦᠢ ᠳᠠᠯᠠᠢ ᠯᠠᠮᠠ᠂ ᠬᠠᠷ᠎ᠠ ᠪᠠᠭ᠎ᠠ ᠠ᠋ᠴᠠ ᠪᠠᠨ ᠪᠡᠶ᠎ᠡ ᠪᠡᠨ ᠪᠤᠷᠬᠠᠨ ᠤ᠋ ᠬᠤᠪᠢᠯᠭᠠᠨ ᠭᠡᠵᠦ ᠡᠷᠭᠦᠭᠦᠯᠦᠭᠰᠡᠭᠡᠷ᠂ ᠦᠨᠡᠬᠡᠷ ᠴᠦ᠍ ᠬᠢᠵᠠᠭᠠᠯᠠᠰᠢ ᠦᠭᠡᠢ ᠡᠨᠡᠷᠢᠯᠲᠦ ᠠᠷᠢᠶᠠᠪᠠᠯᠤ ᠶ᠋ᠢᠨ ᠬᠤᠪᠢᠯᠭᠠᠨ ᠭᠡᠵᠦ ᠪᠣᠳᠣᠳᠠᠭ ᠪᠠᠢᠵᠤ ᠯᠠ ᠳᠠ᠃ ᠲᠡᠭᠡᠭᠡᠳ᠂ ᠲᠡᠷᠡ ᠵᠠᠯᠠᠭᠤ ᠳᠠᠯᠠᠢ ᠯᠠᠮᠠ ᠥᠨᠥᠬᠢ ᠠᠷᠢᠬᠢ ᠶ᠋ᠢ ᠨᠢ ᠵᠣᠭᠣᠭᠯᠠᠵᠤ ᠭᠡᠨ᠎ᠡ ᠭᠡᠵᠦ ᠡᠪᠦᠭᠡᠨ ᠦ᠌ ᠶᠠᠷᠢᠲᠠᠯ᠎ᠠ᠂ 
       —  ᠲᠡᠭᠡᠭᠡᠳ ᠶᠠᠭᠠᠬᠢᠵᠤ ᠪᠣᠢ? ᠭᠡᠵᠦ ᠴᠡᠷᠡᠨ ᠠᠰᠠᠭᠤᠵᠠᠢ᠃ 
       — ᠲᠡᠭᠡᠭᠡᠳ ᠶᠠᠭᠠᠬᠢᠬᠤ ᠪᠣᠢ? ᠲᠠᠭᠠᠯᠠᠯ ᠪᠣᠯᠴᠢᠬᠠᠵᠤ ᠭᠡᠨ᠎ᠡ ᠳᠡ᠃ ᠲᠥᠪᠡᠳ ᠦ᠋ᠳ ᠲᠠᠪᠤᠳᠤᠭᠠᠷ ᠰᠢᠨ᠎ᠡ ᠳᠠᠯᠠᠢ ᠯᠠᠮᠠ ᠶ᠋ᠢ ᠵᠠᠯᠠᠬᠤ ᠭᠡᠳ ᠪᠤᠵᠢᠭᠢᠨᠠᠵᠤ᠂ ᠥᠨᠥᠬᠢ ᠲᠠᠭᠠᠯᠠᠯ ᠪᠣᠯᠳᠠᠭ ᠳᠠᠯᠠᠢ ᠯᠠᠮᠠ ᠶ᠋ᠢᠨ ᠡᠪᠦᠭᠡᠨ ᠡᠴᠢᠭᠡ ᠨᠢ ᠬᠦᠦ ᠪᠡᠨ ᠨᠠᠰᠤ ᠪᠠᠷᠠᠵᠠᠢ ᠭᠡᠵᠦ ᠳᠤᠭᠤᠯᠤᠭᠠᠳ ᠠᠯᠤᠰ ᠠᠷᠤ ᠭᠠᠵᠠᠷ ᠠ᠋ᠴᠠ ᠪᠠᠷᠠᠭᠤᠨ ᠵᠣᠣ ᠣᠷᠣᠵᠤ᠂ ᠬᠦᠦ ᠶ᠋ᠢᠨ ᠢ᠋ᠶ᠋ᠡᠨ ᠭᠠᠪᠠᠯᠠ ᠵᠠᠪᠠᠯ ᠴᠤ᠌ ᠦᠭᠡᠢ ᠣᠯᠵᠤ ᠠᠪᠤᠨ᠎ᠠ ᠭᠡᠵᠦ ᠨᠡᠬᠡᠳᠡᠭ ᠪᠠᠢᠵᠠᠢ᠃ ᠲᠥᠪᠡᠳ ᠦ᠋ᠳ ᠠᠷᠭ᠎ᠠ ᠦᠭᠡᠢ ᠥᠭᠴᠦ ᠯᠡ ᠰᠠᠯᠵᠤ ᠭᠡᠨ᠎ᠡ ᠳᠡ᠃ ᠡᠪᠦᠭᠡᠨ ᠨᠣᠶᠠᠨ᠂ ᠬᠦᠦ ᠶ᠋ᠢᠨ ᠢ᠋ᠶ᠋ᠡᠨ ᠭᠠᠪᠠᠯᠠ ᠶ᠋ᠢ ᠠᠯᠲᠠ ᠪᠠᠷ ᠳᠣᠲᠣᠷᠯᠠᠵᠤ ᠠᠶᠠᠭ᠎ᠠ ᠬᠢᠭᠡᠳ᠂ ᠨᠠᠢᠷ ᠬᠤᠷᠢᠮ ᠤ᠋ᠨ ᠦᠶ᠎ᠡ ᠪᠡᠷ ᠲᠡᠷᠡ ᠭᠠᠪᠠᠯᠠ ᠪᠠᠷ ᠢ᠋ᠶ᠋ᠠᠨ ᠠᠷᠢᠬᠢ ᠤᠤᠭᠤᠬᠤ  ᠳ᠋ᠠᠭᠠᠨ( ᠳ᠋ᠤ᠌ ᠪᠠᠨ) ᠬᠥᠭᠡᠷᠦᠬᠦᠢ ᠮᠠᠭᠤ ᠬᠦᠦ ᠮᠢᠨᠢ! ᠠᠷᠤ ᠮᠣᠩᠭᠣᠯ ᠨᠤᠲᠤᠭ ᠲᠠᠭᠠᠨ( ᠲᠤ ᠪᠠᠨ )ᠪᠠᠢᠪᠠᠯ᠂ ᠠᠪᠠ ᠰᠢᠪᠠᠭᠤᠨ ᠳ᠋ᠤ᠌ ᠪᠠᠬᠠᠲᠠᠢ ᠳᠠᠢᠴᠢᠨ ᠪᠠᠭᠠᠲᠤᠷ ᠡᠷ᠎ᠡ ᠪᠣᠯᠵᠤ ᠬᠣᠶᠠᠭᠤᠯᠠ ᠪᠠᠨ ᠠᠪᠠ ᠳ᠋ᠤ᠌ ᠮᠣᠷᠳᠠᠵᠤ᠂ ᠬᠤᠷᠢᠮ ᠨᠠᠢᠷ ᠲᠤ᠌ ᠬᠤᠨᠳᠠᠭ᠎ᠠ ᠪᠠᠨ ᠪᠠᠶᠠᠷᠯᠠᠯᠳᠤᠨ ᠳᠡᠪᠰᠢᠭᠦᠯᠵᠦ ᠰᠠᠭᠤᠬᠤ ᠰᠠᠨ ᠪᠢᠯᠡ᠃ ᠬᠦᠦ ᠮᠢᠨᠢ᠂ ᠬᠦᠦ ᠮᠢᠨᠢ᠂ ᠮᠤᠬᠤᠷ ᠲᠣᠯᠣᠭᠠᠢ ᠲᠠᠢ ᠲᠥᠪᠡᠳ ᠯᠠᠮᠠ ᠨᠠᠷ ᠲᠤ᠌ ᠬᠠᠢᠷᠠᠨ ᠠᠯᠲᠠᠨ ᠠᠮᠢ ᠪᠠᠨ ᠠᠯᠳᠠᠵᠤ ᠳᠠ! ᠭᠡᠵᠦ ᠬᠠᠢᠯᠠᠳᠠᠭ ᠪᠠᠢᠵᠠᠢ ᠭᠡᠬᠦ ᠳ᠋ᠦ᠍ᠨᠢ( ᠳ᠋ᠦ᠍ ᠨᠢ) ᠴᠡᠷᠡᠨ ᠬᠣᠷᠣᠰᠴᠤ᠂  
       — ᠲᠥᠪᠡᠳ ᠯᠠᠮᠠ ᠨᠠᠷ ᠭᠡᠵᠦ᠂ ᠶᠠᠮᠠᠷ ᠬᠣᠪᠳᠣᠭ ᠰᠢᠨᠤᠬᠠᠢ᠂ ᠮᠠᠭᠤᠬᠠᠢ ᠤᠯᠤᠰ ᠪᠠᠢᠳᠠᠭ ᠶᠤᠮ ᠪᠣᠢ? ᠬᠡᠮᠡᠪᠡᠰᠦ᠂ ᠰᠢᠷᠴᠢᠨ᠂  
       —  ᠮᠠᠨ ᠤ᠋ ᠯᠠᠮᠠ ᠨᠠᠷ ᠳᠡᠭᠡᠷ᠎ᠡ ᠶᠦᠮ ᠭᠡᠵᠦ ᠤᠤ? ᠬᠠᠮᠰᠣᠮ ᠪᠠᠳᠢᠷᠴᠢ ᠶ᠋ᠢ ᠴᠤ᠌ ᠠᠪᠤᠭᠠᠳ ᠦᠵᠡᠭᠡᠴᠢ! ᠡᠪᠦᠭᠡᠨ ᠢᠸᠠᠨ ᠭᠤᠸᠠᠢ᠂ ᠮᠣᠩᠭᠣᠯ᠂ ᠲᠥᠪᠡᠳ᠂ ᠬᠢᠲᠠᠳ᠂ ᠣᠷᠣᠰ ᠯᠠᠮᠠ ᠴᠥᠮ ᠨᠢᠭᠡᠨ ᠠᠳᠠᠯᠢ ᠠ᠋! ᠭᠡᠳᠡᠭ ᠰᠠᠨ᠃ ᠮᠠᠨ ᠤ᠋《 ᠲᠠᠭᠠᠯᠠᠯ ᠲᠡᠭᠦᠰᠦᠭᠰᠡᠨ》 ᠪᠣᠭᠳᠠ ᠴᠤ᠌ ᠭᠡᠰᠡᠨ᠂ ᠬᠠᠷ᠎ᠠ ᠠᠮᠢ ᠪᠠᠨ ᠯᠠ᠂ ᠡᠷᠬᠡ ᠠᠰᠢᠭ ᠢ᠋ᠶ᠋ᠠᠨ ᠯᠠ ᠪᠣᠳᠣᠬᠤ ᠠ᠋ᠴᠠ ᠠᠷᠠᠳ ᠣᠯᠠᠨ ᠢ᠋ ᠪᠣᠳᠣᠳᠠᠭ ᠪᠠᠢᠭᠰᠠᠨ ᠶᠤᠮ ᠭᠡᠵᠦ ᠤᠤ? ᠣᠷᠳᠣᠨ ᠠ᠋ᠴᠠ ᠨᠢ ᠬᠡᠴᠢᠨᠡᠭᠡᠨ ᠶᠡᠬᠡ ᠵᠡᠪᠰᠡᠭ ᠭᠠᠷᠤᠭᠰᠠᠨ ᠪᠢᠯᠡ᠃ ᠲᠡᠭᠦᠪᠡᠷ ( ᠲᠡᠭᠦᠨ ᠢ᠋ᠶ᠋ᠡᠷ ) ᠢ᠋ᠶ᠋ᠡᠨ ᠶᠠᠭᠠᠬᠢᠬᠤ ᠭᠡᠵᠦ ᠳᠠᠷᠤᠵᠤ ᠪᠠᠢᠭᠰᠠᠨ ᠶᠤᠮ ᠭᠡᠵᠦ ᠪᠣᠳᠣᠵᠤ ᠪᠠᠢᠨ᠎ᠠ᠂  ᠴᠢ? ᠠᠷᠠᠳ ᠤ᠋ᠨ ᠵᠠᠰᠠᠭ ᠤ᠋ᠨ ᠡᠰᠡᠷᠭᠦ ᠬᠠᠮᠤᠭ ᠬᠤᠤᠪᠢᠯᠳᠤᠭᠰᠠᠨ ᠬᠡᠷᠡᠭ ᠪᠦᠬᠦᠨ ᠦ᠌ ᠦᠵᠦᠭᠦᠷ ᠰᠡᠵᠢᠭᠦᠷ ᠤᠯᠠ ᠮᠥᠷ ᠨᠢ ᠴᠥᠮ ᠲᠤᠤᠯᠠ ᠶ᠋ᠢᠨ ᠬᠥᠪᠡᠭᠡᠨ ᠳ᠋ᠡᠬᠢ ᠲᠡᠷᠡ ᠨᠣᠭᠣᠭᠠᠨ ᠣᠷᠳᠣᠨ ᠤᠷᠤᠭᠤ ᠯᠠ ᠴᠢᠭᠯᠡᠨ ᠬᠥᠳᠡᠯᠳᠡᠭ ᠪᠠᠢᠭᠰᠠᠨ ᠭᠡᠵᠦ ᠬᠡᠯᠡᠯᠴᠡᠳᠡᠭ ᠰᠢᠦ ᠳᠡ᠃ ᠬᠡᠷᠪᠡ ᠪᠣᠭᠳᠠ  ᠰᠡᠷᠢᠭᠦᠨ ᠲᠤᠩᠭᠠᠯᠠᠭ ᠪᠠᠢᠪᠠᠯ᠂ ᠥᠨᠥᠬᠢ ᠵᠠᠩᠵᠤᠨ ᠪᠥᠯᠥᠭᠡ* ᠳ᠋ᠠᠨᠽᠠᠩ ᠠᠭᠰᠠᠨ ᠤ᠋ ᠪᠡᠶ᠎ᠡ᠂ ᠯᠠᠪ ᠪᠣᠭᠳᠠ ᠠ᠋ᠴᠠ ᠡᠰᠢ ᠪᠣᠱᠣᠭᠲᠠᠢ ᠪᠤᠵᠢᠭᠢᠨᠠᠭᠤᠯᠵᠤ ᠪᠠᠢᠬᠤ ᠰᠠᠨ ᠪᠠᠢᠬᠤ ᠭᠡᠵᠡᠢ᠃ 
       ᠡᠭᠦᠨ ᠢ᠋ ᠦᠯᠦ ᠥᠭᠦᠯᠡᠨ᠂ ᠥᠭᠦᠯᠡᠬᠦ ᠨᠢ᠄ 1924 ᠣᠨ ᠤ᠋ ᠨᠠᠢ᠍ᠮᠠᠳᠤᠭᠠᠷ ᠰᠠᠷ᠎ᠠ ᠳ᠋ᠤ᠌ ᠨᠡᠢᠰᠯᠡᠯ ᠬᠦᠷᠢᠶᠡᠨ᠎ᠡ ᠠᠷᠠᠳ ᠤ᠋ᠨ ᠨᠠᠮ ᠤ᠋ᠨ ᠭᠤᠷᠪᠠᠳᠤᠭᠠᠷ ᠶᠡᠬᠡ ᠬᠤᠷᠠᠯ ᠬᠤᠷᠠᠯᠳᠤᠵᠤ᠂ ᠨᠠᠮ ᠤ᠋ᠨ ᠲᠥᠪ ᠬᠣᠷᠢᠶᠠᠨ ᠤ᠋ ᠭᠡᠰᠢᠭᠦᠨ᠂ ᠶᠡᠷᠦᠩᠬᠡᠢ ᠰᠠᠢᠳ ᠢ᠋ ᠬᠠᠮᠢᠶᠠᠷᠤᠭᠰᠠᠨ ᠰᠠᠢᠳ᠂  ᠪᠦᠬᠦ ᠴᠡᠷᠢᠭ ᠦ᠋ᠨ ᠵᠠᠩᠵᠤᠨ ᠪᠥᠭᠡᠳ ᠦᠨᠳᠦᠰᠦᠨ ᠦ᠌ ᠬᠥᠷᠥᠩᠭᠡᠲᠡᠨ ᠪᠣᠢ ᠪᠣᠯᠵᠤ ᠪᠠᠢᠭᠰᠠᠨ ᠤ᠋ ᠲᠣᠯᠣᠭᠠᠢᠯᠠᠭᠴᠢ ᠨᠢ ᠪᠠᠢᠭᠰᠠᠨ ᠳ᠋ᠠᠨᠽᠠᠩ ᠤ᠋ᠨ ᠤᠯᠤᠰ ᠲᠠᠭᠠᠨ( ᠲᠤ ᠪᠠᠨ) ᠲᠡᠷᠰᠯᠡᠭᠰᠡᠨ ᠬᠡᠷᠡᠭ ᠢ᠋ ᠢᠷᠣᠭᠠᠷ ᠠᠭᠤᠳᠠᠯᠤᠨ ᠢᠯᠡᠷᠡᠭᠦᠯᠦᠭᠰᠡᠨ ᠪᠢᠯᠡ᠃ ᠳ᠋ᠠᠨᠽᠠᠩ ᠤ᠋ᠨ ᠡᠰᠡᠷᠭᠦᠦ ᠪᠦᠯᠦᠭ ᠪᠤᠲᠠ ᠴᠣᠬᠢᠭᠳᠠᠨ ᠤᠰᠠᠳᠴᠤ᠂ ᠨᠠᠮ ᠤ᠋ᠨ ᠭᠤᠷᠪᠠᠳᠤᠭᠠᠷ ᠶᠡᠬᠡ ᠬᠤᠷᠠᠯ᠂ ᠣᠺᠲ᠋ᠣᠪᠧᠷ ᠦ᠋ᠨ ᠨᠡᠢᠭᠡᠮ ᠵᠢᠷᠤᠮᠲᠤ ᠬᠤᠪᠢᠰᠬᠠᠯ ᠢᠯᠠᠭᠰᠠᠨ ᠠᠬ᠎ᠠ ᠳᠡᠭᠦᠦ ᠤᠯᠤᠰ ᠤ᠋ᠨ ᠲᠤᠰᠠᠯᠠᠮᠵᠢ ᠶ᠋ᠢ ᠰᠢᠲᠦᠵᠦ᠂ ᠬᠥᠷᠥᠩᠭᠡᠲᠡᠨ ᠪᠤᠰᠤ ᠶ᠋ᠢᠨ ᠵᠠᠮ ᠢ᠋ᠶ᠋ᠠᠷ ᠳᠠᠪᠰᠢᠬᠤ ᠴᠢᠭᠯᠡᠯ ᠢ᠋ ᠬᠠᠲᠠᠭᠤ ᠪᠠᠷᠢᠮᠲᠠᠯᠠᠨ ᠲᠣᠭᠲᠠᠭᠠᠭᠰᠠᠨ ᠪᠢᠯᠡ᠃ ᠬᠤᠷᠠᠯ ᠤ᠋ᠨ ᠲᠥᠯᠥᠭᠡᠯᠡᠭᠴᠢᠳ ᠬᠣᠰᠢᠭᠤ ᠨᠤᠲᠤᠭ ᠲᠠᠭᠠᠨ( ᠲᠤ ᠪᠠᠨ) ᠪᠤᠴᠠᠵᠠᠭᠠᠵᠤ᠂ ᠠᠷᠠᠳ ᠣᠯᠠᠨ ᠳ᠋ᠠᠭᠠᠨ( ᠳ᠋ᠤ᠌ ᠪᠠᠨ) ᠵᠠᠩᠵᠤᠨ ᠪᠥᠯᠥᠭᠡ ᠳ᠋ᠠᠨᠽᠠᠩ ᠤ᠋ᠨ ᠲᠡᠷᠰᠯᠡᠨ ᠳᠠᠢᠰᠤᠩᠨᠠᠭᠰᠠᠨ ᠬᠡᠷᠡᠭ ᠶᠠᠪᠤᠳᠠᠯ ᠤ᠋ᠨ ᠤᠴᠢᠷ ᠤᠳᠬ᠎ᠠ᠂ ᠨᠠᠮ ᠠ᠋ᠴᠠ ᠤᠯᠤᠰ ᠤ᠋ᠨ ᠬᠡᠳᠦ ᠶ᠋ᠢᠨ ᠬᠥᠭᠵᠢᠬᠦ ᠴᠢᠭ ᠵᠠᠮ ᠢ᠋ ᠵᠢᠭᠠᠨ ᠲᠣᠭᠲᠠᠭᠠᠭᠰᠠᠨ ᠤ᠋ ᠡᠷᠬᠢᠮ ᠴᠢᠬᠤᠯᠠ ᠶ᠋ᠢ ᠰᠡᠩᠬᠡᠷᠡᠭᠦᠯᠦᠨ ᠤᠬᠠᠭᠤᠯᠵᠤ ᠪᠢᠯᠡ᠃ ᠠᠷᠠᠳ ᠣᠯᠠᠨ᠂ ᠲᠡᠷᠡ ᠵᠠᠩᠵᠤᠨ ᠪᠥᠯᠥᠭᠡ ᠳ᠋ᠠᠨᠽᠠᠩ ᠢ᠋ ᠮᠥᠯᠵᠢᠮᠡᠲᠡᠭᠡᠢ ᠬᠢᠲᠠᠳ ᠫᠦᠰᠡ ᠳ᠋ᠦ᠍ ᠬᠤᠪᠢ ᠨᠡᠢᠯᠡᠭᠦᠯᠦᠨ᠂ ᠣᠯᠠᠨ ᠢ᠋ ᠮᠥᠯᠵᠢᠨ᠂ ᠴᠡᠴᠡᠷᠯᠢᠭ ᠮᠠᠨᠳᠠᠯ ᠠᠢᠮᠠᠭ ᠤ᠋ᠨ ᠠᠷᠠᠳ ᠢ᠋ ᠠᠯᠪᠠᠲᠠᠨ᠂ ᠮᠥᠯᠵᠢᠮᠡᠲᠡᠭᠡᠢ ᠬᠢᠲᠠᠳ ᠫᠦᠰᠡ ᠳ᠋ᠦ᠍ ᠨᠣᠶᠠᠳ ᠤ᠋ᠨ ᠬᠠᠭᠤᠴᠢᠨ ᠥᠷᠢ ᠰᠢᠷᠢ ᠲᠥᠯᠥᠭᠦᠯᠵᠦ ᠪᠠᠢᠭᠰᠠᠨ᠂ ᠮᠥᠨ ᠲᠡᠷᠡᠴᠢᠯᠡᠨ ᠬᠢᠲᠠᠳ ᠤ᠋ᠨ ᠬᠠᠷᠭᠢᠰ ᠴᠡᠷᠢᠭ ᠦ᠋ᠨ ᠡᠷᠬᠡᠲᠡᠨ ᠲᠡᠢ ᠪᠢᠴᠢᠭ ᠢ᠋ᠶ᠋ᠡᠷ ᠬᠠᠷᠢᠯᠴᠠᠵᠤ᠂ ᠮᠣᠩᠭᠣᠯ ᠠᠷᠠᠳ ᠤ᠋ᠨ ᠰᠠᠢ᠍ᠢ( ᠰᠠᠶᠢ) ᠡᠭᠦᠰᠦᠨ ᠬᠥᠭᠵᠢᠵᠦ ᠪᠠᠢᠭᠰᠠᠨ ᠬᠠᠷᠢᠯᠴᠠᠨ ᠲᠤᠰᠠᠯᠠᠯᠴᠠᠬᠤ ᠬᠣᠷᠰᠢᠶ᠎ᠠ ᠶ᠋ᠢ ᠪᠠᠭᠤᠷᠠᠭᠤᠯᠤᠨ ᠳᠣᠷᠣᠢᠲᠠᠭᠤᠯᠬᠤ ᠭᠡᠵᠦ ᠡᠯᠳᠡᠪ ᠠᠷᠭ᠎ᠠ ᠬᠡᠷᠡᠭᠯᠡᠵᠦ ᠪᠠᠢᠭᠰᠠᠨ ᠢ᠋ ᠰᠣᠨᠣᠰᠤᠭᠠᠳ᠂ ᠮᠠᠰᠢ ᠶᠡᠬᠡ ᠬᠣᠷᠣᠰᠴᠠᠢ᠃  
       ᠡᠪᠦᠭᠡᠨ ᠬᠡᠭᠡᠷ᠎ᠡ ᠶ᠋ᠢᠨ ᠪᠣᠷᠣ᠂ ᠤᠯᠤᠰ ᠲᠦᠮᠡᠨ ᠳ᠋ᠡᠭᠡᠨ( ᠳ᠋ᠦ᠍ ᠪᠡᠨ )ᠲᠡᠷᠰᠯᠡᠭᠰᠡᠨ ᠬᠠᠷᠭᠢᠰ ᠳ᠋ᠠᠨᠽᠠᠩ ᠤ᠋ᠨ ᠲᠡᠷᠡ ᠪᠤᠷᠤᠩᠬᠤᠢ ᠮᠤᠤᠬᠠᠢ(ᠮᠠᠭᠤᠬᠠᠢ) ᠶᠠᠪᠤᠳᠠᠯ ᠤ᠋ᠨ ᠤᠴᠢᠷ᠂ ᠰᠣᠨᠣᠰᠤᠭᠰᠠᠨ ᠪᠦᠭᠦᠳᠡ ᠶ᠋ᠢ ᠪᠡᠨ ᠲᠡᠷᠡ ᠦᠳᠡᠰᠢ ᠰᠢᠷᠴᠢᠨ ᠴᠡᠷᠡᠨ ᠬᠣᠶᠠᠷ ᠲᠤ᠌ ᠨᠢᠭᠡᠳ ᠨᠢᠭᠡᠨ  ᠦᠭᠡᠢ ᠲᠣᠭᠠᠴᠢᠨ ᠶᠠᠷᠢᠵᠠᠢ᠃ 
       ᠴᠡᠷᠡᠨ ᠲᠡᠭᠦᠨ ᠢ᠋ ᠰᠣᠨᠣᠰᠤᠭᠠᠳ᠂ ᠮᠠᠰᠢ ᠲᠠᠴᠢᠶᠠᠳᠠᠨ ᠬᠣᠷᠣᠰᠴᠤ᠂  
       — ᠲᠡᠷᠡ᠂ ᠶᠠᠭᠠᠬᠢᠬᠤ ᠭᠡᠰᠡᠨ ᠠᠮᠢᠲᠠᠨ ᠪᠠᠢᠵᠤ ᠪᠣᠢ? ᠲᠡᠢᠮᠦ ᠨᠡᠷᠡᠲᠡᠢ ᠠᠯᠳᠠᠷᠲᠠᠢ ᠶᠡᠬᠡ ᠬᠥᠮᠦᠨ ᠪᠠᠢᠭᠰᠠᠨ ᠮᠥᠷᠲᠡᠭᠡᠨ᠂ ᠶᠠᠭᠠᠬᠢᠭᠰᠠᠨ ᠬᠦᠰᠡᠯ ᠨᠢ ᠬᠠᠨᠵᠤ ᠭᠦᠢᠴᠡᠳᠡᠭ ᠦᠭᠡᠢ᠂ ᠰᠠᠨᠠᠭ᠎ᠠ ᠨᠢ ᠠᠮᠤᠷᠴᠤ ᠰᠠᠪᠠ ᠨᠢ ᠳᠦᠭᠦᠷᠳᠡᠭ ᠦᠭᠡᠢ ᠬᠥᠮᠦᠨ ᠪᠠᠢᠵᠤ ᠪᠣᠢ? ᠬᠡᠮᠡᠪᠡᠰᠦ᠂ ᠬᠡᠭᠡᠷ᠎ᠡ ᠶ᠋ᠢᠨ ᠪᠣᠷᠣ᠄ 
       — ᠪᠢ ᠴᠦ᠍ ᠪᠠᠰᠠ ᠠᠩᠬ᠎ᠠ ᠰᠣᠨᠣᠰᠤᠭᠠᠳ᠂ ᠴᠢᠨᠦ ᠠᠳᠠᠯᠢ ᠮᠠᠰᠢ ᠭᠠᠢᠬᠠᠵᠤ ᠪᠢᠯᠡ᠃ ᠡᠪᠦᠭᠡᠨ ᠰᠠᠮᠪᠤᠤ ᠭᠤᠸᠠᠢ ᠨᠠᠳᠠᠳᠤ( ᠨᠠᠳᠠ ᠳ᠋ᠤ᠌) ᠣᠳᠣ ᠶ᠋ᠢᠨ ᠪᠦᠬᠦ ᠴᠡᠷᠢᠭ ᠦ᠋ᠨ ᠵᠠᠩᠵᠤᠨ ᠴᠣᠢᠪᠠᠯᠰᠠᠩ ᠤ᠋ᠨ ᠦᠭᠡ ᠪᠡᠷ ᠬᠠᠷᠢᠭᠤᠯᠵᠤ᠂ ᠠᠷᠠᠳ ᠤ᠋ᠨ ᠬᠤᠪᠢᠰᠬᠠᠯ᠂ ᠠᠯᠳᠠᠷᠲᠤ ᠶᠡᠬᠡ ᠨᠡᠷᠡᠲᠡᠨ ᠨᠦ᠍ᠭᠦᠳ ᠢ᠋  ᠣᠯᠠᠨ ᠢ᠋ ᠠᠪᠴᠤ ᠬᠠᠶᠠᠭᠰᠠᠨ ᠪᠢᠯᠡ᠃ ᠬᠤᠪᠢᠰᠬᠠᠯ᠂ ᠲᠡᠳᠡᠨ ᠢ᠋ ᠠᠷᠠᠳ ᠤ᠋ᠨ ᠦᠢᠯᠡᠰ ᠲᠦ᠍ ᠬᠡᠷᠡᠭᠯᠡᠨ ᠵᠢᠳᠬᠦᠭᠦᠯᠦᠭᠡᠳ᠂ ᠠᠷᠠᠳ ᠠ᠋ᠴᠠ ᠤᠷᠪᠠᠨ ᠲᠡᠷᠰᠯᠡᠪᠡᠯ ᠨᠢ᠂ᠦᠭᠡᠢ ᠬᠢᠳᠡᠭ ᠪᠠᠢᠵᠠᠢ᠃ ᠬᠤᠪᠢᠰᠬᠠᠯ ᠤ᠋ᠨ ᠠᠤᠭ᠎ᠠ ᠬᠦᠴᠦᠨ ᠶᠠᠭᠤᠨ  ᠳ᠋ᠠᠭᠠᠨ( ᠳ᠋ᠤ᠌ ᠪᠠᠨ )ᠪᠠᠢᠨ᠎ᠠ ᠭᠡᠪᠡᠯ᠂ ᠠᠯᠳᠠᠷ ᠶᠡᠬᠡ ᠨᠠᠷᠠᠳᠠᠨ ᠨᠤᠭᠤᠳ ᠤ᠋ᠨ ᠡᠮᠦᠨ᠎ᠡ ᠰᠥᠭᠥᠳᠳᠡᠭ ᠦᠭᠡᠢ ᠳ᠋ᠦ᠍ ᠬᠦᠴᠦᠨ ᠨᠢ ᠪᠠᠢᠭ᠎ᠠ ᠶᠤᠮ ᠭᠡᠰᠡᠨ ᠪᠢᠯᠡ ᠬᠡᠮᠡᠪᠡᠰᠦ᠂ ᠰᠢᠷᠴᠢᠨ ᠬᠡᠳᠦᠨ ᠢᠷᠭᠡ ᠨᠣᠶᠠᠨ ᠤ᠋ ᠥᠷᠢ ᠲᠥᠯᠥᠬᠦ ᠭᠡᠵᠦ ᠲᠠᠭᠤᠵᠤ ᠶᠠᠪᠤᠭᠠᠳ᠂ ᠬᠡᠭᠡᠷ᠎ᠡ ᠴᠣᠢᠪᠠᠯᠰᠠᠩ ᠵᠠᠩᠵᠤᠨ ᠲᠠᠢ ᠠᠭᠤᠯᠵᠠᠭᠰᠠᠨ ᠨᠢ ᠰᠠᠨᠠᠭᠠᠨ ᠳ᠋ᠤᠨᠢ( ᠳ᠋ᠤ᠌ ᠨᠢ) ᠣᠷᠣᠵᠤ᠂ ᠪᠡᠷᠬᠡ ᠡᠴᠡ ᠬᠤᠯᠴᠢᠢᠨ ᠡᠮᠢᠶᠡᠳᠡᠭ ᠦᠭᠡᠢ᠂ ᠨᠢᠭᠡ ᠨᠠᠰᠤ ᠪᠠᠨ ᠠᠷᠠᠳ ᠲᠦᠮᠡᠨ ᠦ᠌ ᠪᠡᠨ ᠦᠢᠯᠡᠰ ᠲᠦ᠍ ᠵᠣᠷᠢᠭᠤᠯᠵᠤ ᠵᠢᠳᠬᠦᠭᠴᠢ᠂ ᠮᠣᠬᠣᠰᠢ ᠦᠭᠡᠢ ᠵᠣᠷᠢᠭᠲᠤ ᠬᠤᠪᠢᠰᠬᠠᠯᠴᠢ ᠭᠡᠵᠦ ᠡᠢᠮᠦ ᠯᠡ ᠪᠠᠢᠳᠠᠭ ᠶᠤᠮ ᠪᠠᠢᠨ᠎ᠠ ᠭᠡᠵᠦ ᠰᠡᠳᠬᠢᠯ ᠳ᠋ᠦ᠍ᠨᠢ( ᠳ᠋ᠦ᠍ ᠨᠢ) ᠤᠷᠭᠤᠵᠤ᠂ ᠦᠨᠡᠨ ᠭᠣᠣᠯ ᠠ᠋ᠴᠠ ᠪᠠᠨ ᠪᠢᠰᠢᠷᠡᠨ ᠪᠠᠬᠠᠳᠤᠵᠤ᠂ 
       — ᠶᠣᠰᠣᠲᠠᠢ ᠰᠠᠢᠬᠠᠨ ᠦᠭᠡ ᠪᠠᠢᠨ᠎ᠠ ᠳᠠ᠃ ᠴᠣᠬᠣᠮ ᠦᠭᠡ ᠳᠣᠳᠣᠮ ᠨᠢ ᠮᠢᠩᠭᠠᠨ ᠯᠠᠩ ᠰᠢᠵᠢᠷ ᠠᠯᠲᠠᠨ ᠠ᠋ᠴᠠ ᠦᠨᠡᠲᠡᠢ ᠦᠭᠡ ᠪᠠᠢᠨ᠎ᠠ᠃ 
       ᠴᠣᠢᠪᠠᠯᠰᠠᠩ ᠵᠠᠩᠵᠤᠨ ᠲᠠᠢ ᠪᠢ ᠲᠦᠷᠦᠭᠦᠨ ᠲᠠᠨᠢᠯ ᠦᠭᠡᠢ ᠪᠡᠷ ᠬᠡᠭᠡᠷ᠎ᠡ ᠠᠭᠤᠯᠵᠠᠭᠠᠳ᠂ ᠰᠠᠢᠳ ᠳ᠋ᠠᠨᠽᠠᠩ ᠤ᠋ᠨ ᠲᠤᠰᠢᠶᠠᠯ  ᠭᠡᠵᠦ ᠲᠤᠯᠭᠠᠵᠤ᠂ ᠪᠢᠳᠡᠨ ᠢ᠋ᠶ᠋ᠡᠷ ᡀᠠ ᠪᠡᠢᠯᠡ ᠨᠣᠶᠠᠨ ᠤ᠋ ᠬᠠᠭᠤᠴᠢᠨ ᠥᠷᠢ ᠲᠦᠩᠰᠢ ᠶ᠋ᠢᠨ ᠫᠦᠰᠡ ᠳ᠋ᠦ᠍ ᠲᠥᠯᠥᠭᠦᠯᠵᠦ ᠪᠠᠢᠨ᠎ᠠ ᠭᠡᠵᠦ ᠶᠠᠷᠢᠭᠰᠠᠨ ᠶᠤᠮ ᠰᠢᠦ ᠳᠡ᠃ ᠪᠣᠳᠣᠵᠤ ᠰᠠᠨᠠᠵᠤ ᠪᠠᠢᠭᠰᠠᠨ ᠢ᠋ᠶ᠋ᠠᠨ ᠪᠦᠭᠦᠳᠡ ᠶ᠋ᠢ ᠨᠢ ᠬᠡᠯᠡᠮᠡᠷ ᠰᠠᠢᠬᠠᠨ ᠬᠥᠮᠦᠨ ᠰᠢᠭ ᠰᠠᠨᠠᠭᠳᠠᠭᠠᠳ᠂ ᠪᠠᠰᠠ ᠡᠩ ᠦ᠋ᠨ ᠬᠥᠮᠦᠨ ᠪᠢᠰᠢ ᠭᠡᠵᠦ ᠬᠠᠷᠠᠩᠭᠤᠲᠠ ᠰᠡᠳᠬᠢᠯ ᠳ᠋ᠦ᠍ ᠮᠢᠨᠢ ᠣᠷᠣᠭᠰᠠᠨ ᠶᠣᠮ᠎ᠠ ᠭᠡᠳ ᠴᠣᠢᠪᠠᠯᠰᠠᠩ ᠵᠠᠩᠵᠤᠨ ᠲᠠᠢ ᠲᠡᠭᠡᠬᠦ ᠳ᠋ᠦ᠍ ᠳᠠᠭᠠᠷᠢᠯᠳᠤᠵᠤ ᠠᠭᠤᠯᠵᠠᠭᠰᠠᠨ ᠢ᠋ᠶ᠋ᠠᠨ ᠡᠪᠦᠭᠡᠨ ᠪᠣᠷᠣ ᠳ᠋ᠤ᠌ ᠶᠠᠷᠢᠪᠠᠰᠤ᠂ 
       — ᠶᠠᠷᠢᠭᠰᠠᠨ ᠴᠢᠨᠢ ᠶᠡᠬᠡ ᠰᠠᠢᠨ ᠪᠣᠯᠵᠤ ᠳᠠ᠃ ᠠᠷᠠᠳ ᠠᠮᠢᠲᠠᠨ ᠳ᠋ᠤ᠌ ᠲᠤᠰᠠᠲᠠᠢ ᠪᠣᠯᠤᠭᠰᠠᠨ ᠢ᠋ᠶ᠋ᠠᠷ ᠪᠠᠷᠠᠬᠤ ᠦᠭᠡᠢ᠂ ᠠᠷᠠᠳ ᠤ᠋ᠨ ᠢ᠋ᠶ᠋ᠠᠨ ᠵᠠᠰᠠᠭ ᠲᠤ᠌ ᠲᠡᠭᠦᠪᠡᠷ ᠢ᠋ᠶ᠋ᠡᠨ ᠴᠢ ᠲᠤᠰᠠ ᠪᠣᠯᠵᠤ ᠰᠢᠦ᠃ ᠥᠴᠥᠭᠡᠳᠦᠷ ᠪᠢ ᠬᠡᠭᠡᠷ᠎ᠡ᠂ ᠴᠠᠮᠪᠠᠯ ᠲᠦᠰᠢᠮᠡᠯ ᠲᠡᠢ ᠳᠠᠭᠠᠷᠢᠯᠳᠤᠯ᠎ᠠ᠃ ᠲᠠᠪᠯᠢᠭᠤᠨ ᠶᠡᠬᠡ ᠵᠠᠩ ᠨᠢ ᠨᠢᠭᠡᠮᠦᠰᠦᠨ ᠠᠯᠠᠭ᠎ᠠ ᠪᠣᠯᠵᠤ᠂  ᠳᠠᠯᠠᠢᠭᠰᠠᠨ ᠭᠠᠵᠠᠷ ᠳᠠᠯᠳᠠ ᠣᠷᠣᠵᠤ᠂ ᠳᠠᠯᠠᠯᠤᠭᠰᠠᠨ ᠭᠠᠵᠠᠷ ᠢᠯᠡ ᠭᠠᠷᠴᠤ ᠢᠷᠡᠮᠡᠷ ᠳᠠᠷᠤᠤ ᠨᠣᠮᠣᠬᠠᠨ ᠪᠣᠯᠴᠢᠬᠰᠠᠨ( ᠪᠣᠯᠴᠢᠬᠠᠭᠰᠠᠨ) ᠨᠢ ᠭᠠᠢᠬᠠᠯᠲᠠᠢ᠃ ᠠᠢᠮᠠᠭ ᠲᠤ᠌ ᠲᠡᠭᠦᠨ ᠢ᠋ ᠳᠠᠮᠵᠢᠨ ᠲᠡᠳᠬᠦᠵᠦ᠂ ᠥᠨᠥᠬᠢ ᠳ᠋ᠠᠨᠽᠠᠩ ᠳ᠋ᠤ᠌ ᠮᠣᠷᠢ ᠨᠣᠬᠠᠢ ᠶ᠋ᠢᠨ ᠬᠦᠴᠦ ᠭᠠᠷᠭᠠᠵᠤ ᠠᠶᠠᠳᠠᠨ ᠳᠠᠭᠠᠯᠳᠤᠵᠤ ᠪᠠᠢᠭᠰᠠᠨ ᠡᠷᠬᠢᠮ ᠦ᠋ᠳ ᠨᠢ ᠬᠣᠪᠬᠤ ᠴᠣᠬᠢᠭᠤᠯᠤᠭᠠᠳ᠂ ᠴᠠᠮᠪᠠᠯ ᠭᠤᠸᠠᠢ ᠮᠠᠨᠢ ᠭᠱᠠᠨ ᠵᠠᠭᠤᠷ᠎ᠠ ᠨᠣᠮᠣᠬᠠᠷᠠᠴᠢᠬᠠᠵᠠᠢ ᠭᠡᠵᠦ ᠡᠪᠦᠭᠡᠨ ᠪᠣᠷᠣ ᠶ᠋ᠢᠨ ᠬᠡᠯᠡᠬᠦ ᠳ᠋ᠦ᠍᠂  
       — ᠬᠣᠣᠷᠲᠤ ᠮᠣᠭᠠᠢ ᠶ᠋ᠢ ᠥᠴᠦᠬᠡᠨ ᠭᠡᠵᠦ ᠪᠦᠦ ᠪᠠᠰᠤ᠂ ᠬᠣᠣᠷᠲᠠᠨ ᠳᠠᠢᠰᠤᠨ ᠢ᠋ ᠪᠠᠭᠤᠷᠠᠢ ᠭᠡᠵᠦ ᠪᠦᠦ ᠪᠠᠰᠤ ᠭᠡᠳᠡᠭ ᠰᠡᠴᠡᠨ ᠦᠭᠡ ᠪᠣᠢ᠃ ᠮᠠᠨ ᠤ᠋ ᠵᠠᠮ ᠳ᠋ᠤ᠌ ᠲᠤᠭᠤᠯᠤᠨ ᠭᠠᠲᠤᠯᠬᠤ ᠪᠡᠷᠬᠡ ᠵᠦᠢᠯ ᠣᠯᠠᠨ ᠪᠠᠢᠬᠤ ᠪᠣᠢ ᠭᠡᠵᠦ ᠰᠡᠳᠬᠢᠯ ᠳ᠋ᠦ᠍ ᠮᠢᠨᠢ ᠣᠷᠣᠳᠠᠭ᠃ ᠲᠡᠭᠡᠭᠰᠡᠨ ᠴᠦ᠍᠂ ᠤᠯᠤᠰ ᠣᠯᠠᠨ ᠢ᠋ᠶ᠋ᠠᠨ ᠶᠣᠰᠣᠲᠠᠢ ᠵᠠᠮ ᠢ᠋ᠶ᠋ᠠᠷ ᠨᠢ ᠤᠳᠤᠷᠢᠳᠤᠨ ᠵᠢᠯᠣᠭᠣᠳᠬᠤ ᠡᠷᠬᠢᠮ ᠬᠥᠮᠦᠨ ᠪᠣᠢ ᠭᠡᠳᠡᠭ ᠢ᠋ ᠪᠢ ᠪᠠᠰᠠ ᠪᠠᠬᠠᠳᠤᠨ ᠮᠡᠳᠡᠵᠦ ᠪᠠᠢᠨ᠎ᠠ ᠭᠡᠵᠦ ᠰᠢᠷᠴᠢᠨ ᠦ᠌ ᠬᠡᠯᠡᠬᠦ ᠳ᠋ᠦ᠍᠂ 
       — ᠮᠠᠨ ᠤ᠋ ᠠᠷᠠᠳ ᠤ᠋ᠨ ᠨᠠᠮ ᠪᠠᠰᠠ ᠪᠣᠢ ᠭᠡᠵᠦ ᠬᠡᠭᠡᠷ᠎ᠡ ᠶ᠋ᠢᠨ ᠪᠣᠷᠣ ᠨᠠᠮ ᠳᠠᠭᠤ ᠪᠠᠷ ᠬᠡᠯᠡᠵᠡᠢ᠃ 
       — ᠲᠡᠢᠮᠦ ᠠ᠋᠂ ᠮᠠᠨ ᠤ᠋ ᠨᠠᠮ ᠪᠣᠢ ᠭᠡᠵᠦ ᠰᠢᠷᠴᠢᠨ ᠶᠡᠬᠡᠯ᠎ᠡ (ᠶᠡᠬᠡ ᠯᠡ) ᠬᠦᠨᠳᠦᠳᠬᠡᠭᠰᠡᠨ ᠪᠠᠢᠳᠠᠯᠲᠠᠢ ᠥᠭᠦᠯᠡᠪᠡ᠃ 
       —  ᠮᠠᠨ ᠤ᠋ ᠤᠯᠤᠰ ᠢ᠋ ᠬᠥᠷᠥᠩᠭᠡᠲᠡᠨ ᠪᠤᠰᠤ ᠶ᠋ᠢᠨ ᠵᠠᠮ ᠢ᠋ᠶ᠋ᠠᠷ ᠬᠥᠭᠵᠢᠨ᠎ᠡ ᠭᠡᠰᠡᠨ ᠦᠭᠡ᠂ ᠴᠣᠬᠣᠮ ᠶᠠᠭᠤ ᠭᠡᠰᠡᠨ ᠦᠭᠡ ᠪᠣᠢ? ᠭᠡᠵᠦ ᠴᠡᠷᠡᠨ ᠪᠣᠳᠣᠯᠭ᠎ᠠ ᠪᠣᠯᠵᠤ᠂ ᠬᠡᠭᠡᠷ᠎ᠡ ᠶ᠋ᠢᠨ ᠪᠣᠷᠣ ᠡᠪᠦᠭᠡᠨ ᠢ᠋ ᠰᠢᠷᠲᠡᠨ ᠠᠰᠠᠭᠤᠪᠠᠰᠤ᠂ 
       —  ᠶᠠᠭᠤ ᠭᠡᠵᠦ  ᠴᠢᠮᠠᠲᠤ (ᠴᠢᠮ᠎ᠠ ᠳ᠋ᠤ᠌ )ᠬᠠᠷᠢᠭᠤ ᠬᠡᠯᠡᠳᠡᠭ ᠶᠦᠮ ᠪᠢᠯᠡ ᠳᠠ? ᠪᠢ ᠥᠪᠡᠷ ᠢ᠋ᠶ᠋ᠡᠨ ᠴᠦ᠍ ᠭᠡᠰᠡᠨ ᠬᠦᠦ ᠶ᠋ᠢᠨ ᠴᠢᠨᠢ ᠭᠠᠷ ᠨᠢ ᠭᠠᠨᠵᠤᠭᠠᠨ ᠳ᠋ᠤ᠌᠂ ᠬᠥᠯ ᠨᠢ ᠳᠥᠷᠦᠭᠡᠨ ᠳ᠋ᠦ᠍ ᠬᠦᠷᠬᠦ ᠦᠶ᠎ᠡ ᠳ᠋ᠦ᠍ ᠮᠠᠨ ᠤ᠋ ᠤᠯᠤᠰ ᠬᠡᠳᠦ ᠳ᠋ᠡᠭᠡᠨ ( ᠳ᠋ᠦ᠍ ᠪᠡᠨ) ᠲᠡᠢᠮᠦ ᠪᠣᠯᠬᠤ ᠶᠤᠮ ᠭᠡᠵᠦ ᠬᠡᠯᠡᠬᠦ ᠪᠠᠢᠲᠤᠭᠠᠢ᠂ ᠮᠡᠳᠡᠬᠦ ᠴᠦ᠍ ᠦᠭᠡᠢ ᠪᠠᠢᠨ᠎ᠠ᠃ ᠬᠠᠷ᠎ᠠ ᠤᠬᠠᠭᠠᠨ ᠢ᠋ᠶ᠋ᠠᠷ ᠢ᠋ᠶ᠋ᠠᠨ ᠪᠣᠳᠣᠬᠤ ᠳ᠋ᠤ᠌᠂ ᠣᠳᠣ ᠶ᠋ᠢᠨ ᠪᠢᠳᠡᠨ ᠦ᠌ ᠪᠠᠢᠵᠤ ᠪᠠᠢᠭ᠎ᠠ ᠲᠠᠢ ᠠᠳᠠᠯᠢ ᠦᠭᠡᠢ᠂  ᠶᠡᠬᠡᠯ᠎ᠡ (ᠶᠡᠬᠡ ᠯᠡ) ᠰᠠᠢᠨ ᠰᠠᠢᠬᠠᠨ ᠪᠣᠯᠬᠤ ᠪᠠᠢᠬᠤ ᠭᠡᠬᠦ  ᠳ᠋ᠦ᠍ᠨᠢ ( ᠳ᠋ᠦ᠍ ᠨᠢ) ᠰᠢᠷᠴᠢᠨ᠂ 
       —  ᠮᠢᠨᠦ ᠪᠣᠳᠣᠬᠤ ᠳ᠋ᠤ᠌᠂ ᠪᠣᠷᠣ ᠭᠤᠸᠠᠢ᠂ ᠲᠡᠷᠡ ᠴᠠᠭ ᠲᠤ᠌ ᠶᠠᠭᠠᠬᠢᠭᠰᠠᠨ ᠴᠤ᠌ ᠥᠨᠥᠬᠢ ᠳ᠋ᠠᠨᠽᠠᠩ ᠰᠢᠭ᠋ ᠠᠮᠢᠲᠠᠨ ᠪᠠᠢᠬᠤ ᠦᠭᠡᠢ ᠪᠣᠯᠬᠤ ᠪᠠᠢᠬᠤ᠃ ᠨᠣᠶᠠᠳ᠂ ᠮᠥᠯᠵᠢᠮᠡᠲᠡᠭᠡᠢ ᠲᠦᠩᠰᠢ ᠶ᠋ᠢᠨ ᠫᠦᠰᠡ ᠴᠦ᠍ ᠪᠠᠢᠬᠤ ᠦᠭᠡᠢ ᠪᠣᠯᠬᠤ ᠪᠠᠢᠬᠤ᠃ ᠦᠷ᠎ᠡ ᠬᠡᠦᠬᠡᠳ ᠮᠠᠨᠢ ᠣᠳᠣ ᠶ᠋ᠢᠨ ᠪᠢᠳᠡ ᠨᠠᠷ ᠲᠠᠢ ᠠᠳᠠᠯᠢ ᠦᠭᠡᠢ᠂ ᠡᠷᠳᠡᠮ ᠲᠡᠢ ᠨᠣᠮ ᠲᠠᠢ ᠪᠣᠯᠬᠤ ᠪᠠᠢᠬᠤ᠃ ᠡᠷᠳᠡᠮ ᠤᠬᠠᠭᠠᠨ ᠠᠯᠲᠠᠨ ᠳᠡᠯᠡᠬᠡᠢ ᠶ᠋ᠢᠨ ᠪᠠᠶᠠᠯᠢᠭ᠂ ᠰᠠᠢᠨ ᠰᠠᠢᠬᠠᠨ ᠪᠦᠭᠦᠳᠡ ᠨᠢ ᠴᠥᠮ ᠠᠷᠠᠳ ᠣᠯᠠᠨ ᠤ᠋ ᠲᠤᠰᠠ ᠳ᠋ᠤ᠌ ᠵᠣᠷᠢᠭᠤᠯᠤᠭᠰᠠᠨ ᠶᠤᠮ ᠪᠣᠯᠬᠤ ᠪᠠᠢᠬᠤ ᠭᠡᠵᠦ ᠪᠢ ᠪᠣᠳᠣᠵᠤ ᠪᠠᠢᠨ᠎ᠠ᠃ ᠪᠢᠳᠡ᠂ ᠬᠠᠷᠭᠢᠰ ᠴᠠᠭᠠᠨ ᠬᠠᠭᠠᠨ ᠤ᠋ ᠰᠢᠳᠤᠷᠭᠤ ᠦᠭᠡᠢ ᠵᠠᠰᠠᠭ ᠢ᠋ ᠲᠦᠯᠬᠢᠨ ᠤᠨᠠᠭᠠᠭᠰᠠᠨ ᠠᠬ᠎ᠠ ᠤᠯᠤᠰ ᠣᠷᠣᠰ ᠤ᠋ᠨ ᠠᠷᠠᠳ ᠲᠦᠮᠡᠨ ᠲᠡᠢ ᠰᠢᠦ ᠳᠡ᠃ ᠯᠧᠨᠢᠨ ᠦ᠌ ᠵᠢᠭᠠᠭᠰᠠᠨ ᠵᠠᠮ ᠢ᠋ᠶ᠋ᠠᠷ ᠵᠠᠮᠨᠠᠵᠤ ᠶᠠᠪᠤᠭ᠎ᠠ ᠣᠷᠣᠰ ᠤ᠋ᠨ ᠠᠷᠠᠳ ᠲᠦᠮᠡᠨ᠂ ᠪᠢᠳᠡᠨ ᠳ᠋ᠦ᠍ ᠶᠡᠬᠡ ᠲᠤᠰᠠᠯᠠᠨ᠎ᠠ ᠭᠡᠵᠦ ᠡᠪᠦᠭᠡᠨ ᠪᠠᠲᠤᠪᠠᠶᠠᠷ ᠭᠤᠸᠠᠢ ᠲᠡᠷᠡ ᠵᠢᠯ ᠨᠠᠳᠠᠳᠤ( ᠨᠠᠳᠠ ᠳ᠋ᠤ᠌ )ᠬᠣᠰᠢᠭᠤ ᠬᠤᠷᠠᠯ ᠳᠡᠭᠡᠷ᠎ᠡ ᠶᠠᠷᠢᠵᠤ ᠪᠠᠢᠭᠰᠠᠨ ᠪᠢᠯᠡ ᠬᠡᠮᠡᠪᠡᠰᠦ᠂ ᠴᠡᠷᠡᠨ  ᠥᠪᠡᠷ ᠲᠦ᠍ ᠪᠡᠨ ᠶᠠᠭᠤᠮ᠎ᠠ ᠬᠡᠯᠡᠭᠰᠡᠨ ᠰᠢᠭ ᠠᠶᠠᠷᠬᠠᠨ ᠳᠠᠭᠤ ᠪᠠᠷ᠂ 
       — ᠲᠡᠷᠡ ᠣᠷᠣᠰ ᠭᠠᠵᠠᠷ ᠠᠷᠠᠳ ᠤ᠋ᠳ ᠰᠢᠨ᠎ᠡ ᠪᠠᠢᠳᠠᠯ ᠢ᠋ᠶ᠋ᠠᠨ ᠶᠠᠭᠠᠬᠢᠵᠤ  ᠵᠣᠬᠢᠶᠠᠵᠤ ᠪᠠᠢᠭ᠎ᠠ ᠶ᠋ᠢ ᠨᠢᠭᠡ ᠶᠠᠪᠤᠭᠠᠳ ᠦᠵᠡᠳᠡᠭ ᠴᠦ᠍ ᠪᠣᠯᠤᠭᠠᠰᠠᠢ! ᠭᠡᠵᠦ ᠬᠡᠯᠡᠬᠦ ᠳ᠋ᠦ᠍ᠨᠢ( ᠳ᠋ᠦ᠍ ᠨᠢ) ᠲᠡᠮᠦᠷ ᠬᠦᠦ᠂ 
       — ᠪᠢ ᠲᠣᠮᠣ ᠪᠣᠯᠤᠭᠠᠳ ᠣᠷᠣᠰ ᠤᠯᠤᠰ ᠲᠤ᠌ ᠰᠤᠷᠭᠠᠭᠤᠯᠢ ᠬᠢᠨ᠎ᠡ ᠭᠡᠵᠦ ᠳᠤᠤᠭᠠᠷᠴᠠᠢ᠃  
       — ᠴᠢ ᠣᠳᠣ ᠬᠦᠷᠲᠡᠯ᠎ᠡ ᠤᠨᠲᠠᠭ᠎ᠠ ᠦᠭᠡᠢ ᠶᠦᠮ ᠤᠤ? ᠭᠡᠵᠦ ᠴᠡᠷᠡᠨ ᠭᠠᠢᠬᠠᠲᠠᠯ᠎ᠠ᠂ ᠬᠡᠭᠡᠷ᠎ᠡ ᠶ᠋ᠢᠨ ᠪᠣᠷᠣ᠄  
       — ᠳᠡᠭᠡᠯ ᠦᠭᠡᠢ ᠶᠠᠭᠠᠬᠢᠬᠤ ᠪᠣᠢ᠂ ᠬᠦᠦ ᠮᠢᠨᠢ᠂ ᠡᠷᠳᠡᠮ ᠨᠣᠮ ᠰᠤᠷᠬᠤ ᠪᠠᠷ ᠣᠷᠣᠰ ᠤᠯᠤᠰ ᠲᠤ᠌ ᠶᠠᠪᠤᠯ ᠦᠭᠡᠢ ᠶᠠᠭᠠᠬᠢᠬᠤ ᠪᠣᠢ᠃ ᠯᠠᠮᠠ ᠨᠠᠷ᠂ ᠪᠢᠳᠡᠨ ᠦ᠌ ᠲᠣᠯᠣᠭᠠᠢ ᠡᠷᠭᠢᠭᠦᠯᠵᠦ᠂ ᠨᠣᠮ ᠤ᠋ᠨ ᠬᠠᠭᠠᠨ ᠲᠥᠪᠡᠳ ᠲᠦ᠍᠂ ᠴᠢᠯᠠᠭᠤᠨ ᠤ᠋ ᠬᠠᠭᠠᠨ ᠬᠢᠲᠠᠳ ᠲᠤ᠌᠂ ᠲᠡᠮᠦᠷ ᠦ᠋ᠨ ᠬᠠᠭᠠᠨ ᠣᠷᠣᠰ ᠲᠤ᠌ ᠭᠡᠳᠡᠭ ᠪᠠᠢᠭᠰᠠᠨ᠃ ᠲᠦᠮᠡᠨ ᠤᠯᠤᠰ ᠤ᠋ᠨ ᠪᠠᠭᠰᠢ ᠯᠧᠨᠢᠨ ᠣᠷᠣᠰ ᠲᠤ᠌ ᠪᠠᠢᠬᠤ ᠳ᠋ᠤ᠌᠂ ᠠᠷᠠᠳ ᠪᠢᠳᠡᠨ ᠳ᠋ᠦ᠍ ᠲᠤᠰᠠ ᠲᠠᠢ᠂ ᠨᠣᠮ ᠤ᠋ᠨ ᠶᠡᠬᠡ ᠨᠢ ᠣᠳᠣ ᠰᠢᠨ᠎ᠡ ᠣᠷᠣᠰ ᠲᠤ᠌ ᠪᠠᠢᠯ ᠦᠭᠡᠢ ᠶᠠᠭᠠᠬᠢᠬᠤᠪ ᠠ᠋ ᠭᠡᠳ ᠴᠡᠷᠡᠨ ᠦ᠌ ᠵᠦᠭ ᠬᠠᠨᠳᠤᠵᠤ᠂ ᠰᠠᠮᠪᠤᠤ ᠭᠤᠸᠠᠢ ᠠ᠋ᠴᠠ ᠰᠠᠶᠢᠬᠠᠨ ᠰᠣᠨᠣᠰᠪᠠᠯ᠂ ᠳ᠋ᠣᠭᠰᠣᠮ ᠬᠤᠷᠴᠠ ᠭᠡᠳᠡᠭ ᠲᠦᠰᠢᠮᠡᠯ᠂ ᠮᠣᠰᠺᠸᠠ ᠳ᠋ᠤ᠌ ᠮᠠᠨ ᠤ᠋ ᠪᠦᠷᠢᠨ ᠡᠷᠬᠡᠲᠦ ᠡᠯᠴᠢᠨ ᠰᠠᠢᠳ ᠤ᠋ᠨ ᠶᠠᠮᠤᠨ ᠳ᠋ᠤ᠌ ᠣᠴᠢᠵᠤ ᠰᠠᠭᠤᠬᠤ ᠪᠠᠷ ᠲᠣᠮᠢᠯᠠᠭᠳᠠᠭᠠᠳ᠂ ᠣᠷᠣᠰ ᠭᠠᠵᠠᠷ ᠰᠠᠭᠤᠵᠤ ᠴᠢᠳᠠᠬᠤ ᠦᠭᠡᠢ᠂ ᠪᠡᠶ᠎ᠡ ᠮᠠᠭᠤ ᠭᠡᠵᠦ ᠳ᠋ᠦᠩᠰᠸᠩ ᠲᠠᠮᠠᠬᠢ ᠴᠢᠨᠠᠭᠠᠳ  ᠤᠤᠭᠤᠵᠤ ᠭᠡᠨ᠎ᠡ᠃ ᠡᠢᠮᠦ ᠬᠠᠴᠢᠨ ᠬᠥᠮᠦᠨ ᠪᠠᠰᠠ ᠪᠠᠢᠳᠠᠭ ᠶᠤᠮ ᠪᠠᠢᠵᠠᠢ ᠭᠡᠬᠦ ᠳ᠋ᠦ᠍ᠨᠢ ( ᠳ᠋ᠦ᠍ ᠨᠢ) ᠴᠡᠷᠡᠨ᠂ 
       — ᠲᠡᠷᠡ ᠬᠥᠮᠦᠨ᠂ ᠬᠠᠴᠢᠨ ᠬᠥᠮᠦᠨ ᠪᠢᠰᠢ᠂ ᠥᠨᠥᠬᠢ ᠳ᠋ᠠᠨᠽᠠᠩ ᠤ᠋ᠨ ᠥᠷᠥᠭᠡᠰᠦᠨ ᠪᠥᠭᠡᠷ᠎ᠡ ᠪᠠᠢᠪᠠᠯ ᠶᠠᠭᠠᠬᠢᠨ᠎ᠠ? ᠬᠡᠮᠡᠪᠡᠰᠦ᠂  
       — ᠲᠡᠢᠮᠦ ᠴᠦ᠍ ᠪᠠᠢᠵᠤ ᠪᠣᠯᠬᠤ ᠶᠤᠮ᠎ᠡ᠃ ᠳᠣᠲᠣᠷ᠎ᠠ ᠨᠢ ᠬᠥᠮᠦᠨ ᠣᠷᠣᠵᠤ ᠦᠵᠡᠭᠰᠡᠨ ᠪᠢᠰᠢ᠃ ᠮᠣᠭᠠᠢ ᠶ᠋ᠢᠨ ᠡᠷᠢᠶᠡᠨ ᠭᠠᠳᠠᠨ᠎ᠠ ᠪᠠᠨ᠂ ᠬᠥᠮᠦᠨ ᠦ᠌ ᠡᠷᠢᠶᠡᠨ ᠳᠣᠲᠣᠷ᠎ᠠ ᠪᠠᠨ ᠭᠡᠳᠡᠭ ᠰᠢᠦ ᠳᠡ ᠭᠡᠬᠦ ᠳ᠋ᠦ᠍ᠨᠢ( ᠳ᠋ᠦ᠍ ᠨᠢ)᠂ ᠰᠢᠷᠴᠢᠨ ᠦᠨᠡᠨ ᠰᠡᠳᠬᠢᠯ ᠡᠴᠡ ᠪᠡᠨ ᠥᠭᠦᠯᠡᠷᠦᠨ᠄   
       — ᠴᠣᠢᠪᠠᠯᠰᠠᠩ ᠵᠠᠩᠵᠤᠨ  ᠳ᠋ᠠᠭᠠᠨ ( ᠳ᠋ᠤ᠌ ᠪᠠᠨ )ᠯᠠ ᠪᠢ ᠶᠣᠰᠣᠲᠠᠢ ᠦᠨᠡᠨ ᠭᠣᠣᠯ ᠠ᠋ᠴᠠ ᠪᠠᠨ ᠢᠲᠡᠭᠡᠨ᠎ᠡ ᠳᠡ᠃ ᠮᠠᠨ ᠤ᠋ ᠤᠯᠤᠰ ᠣᠯᠠᠨ ᠢ᠋ ᠠᠷᠠᠳ ᠪᠢᠳᠡᠨ ᠢ᠋ ᠪᠡᠨ ᠶᠣᠰᠣᠲᠠᠢ ᠵᠠᠮ ᠢ᠋ᠶ᠋ᠠᠷ ᠤᠳᠤᠷᠢᠳᠤᠩᠬᠠᠨ ᠵᠢᠯᠣᠭᠣᠳᠴᠤ ᠶᠠᠪᠤᠭ᠎ᠠ ᠬᠥᠮᠦᠨ ᠭᠡᠵᠦ ᠪᠢ ᠶᠡᠬᠡᠯ᠎ᠡ( ᠶᠡᠬᠡ ᠯᠡ)ᠪᠢᠰᠢᠷᠡᠨ ᠪᠠᠬᠠᠳᠤᠳᠠᠭ ᠭᠡᠵᠡᠢ᠃ 

— — — — 
 *  ᠪᠦᠷᠭᠦ ᠮᠠᠯᠠᠭᠠᠢ ᠴᠢᠬᠢᠷᠰᠦ᠂ ᠢᠰᠡᠭᠡᠢ᠂ ᠶᠠᠩᠵᠤ ᠪᠦᠷᠢ ᠪᠠᠢᠳᠠᠭ᠃ ᠣᠷᠣᠰ ᠢ᠋ᠶ᠋ᠠᠷ ᠱᠯᠶᠠᠫ ᠭᠡᠳᠡᠭ᠃ ᠠᠷᠠᠳ ᠤ᠋ᠳ ᠪᠠᠰᠠ ᠴᠠᠩ ᠮᠠᠯᠠᠭᠠᠢ ᠴᠤ᠌ ᠭᠡᠳᠡᠭ᠃    
 * ᠪᠥᠯᠥᠭᠡ ᠭᠡᠵᠦ ᠤᠷᠢᠳᠤ ᠶᠠᠮᠠᠷ ᠨᠢᠭᠡᠨ ᠲᠤᠰᠢᠶᠠᠯᠲᠠᠢ ᠪᠠᠢᠭᠰᠠᠨ ᠢ᠋ ᠵᠢᠭᠠᠭᠰᠠᠨ ᠦᠭᠡ᠃  

            ᠦᠰᠦᠭ ᠠᠮᠢᠯᠠᠭᠤᠯᠤᠭᠴᠢ᠄ ᠪᠠᠯ᠂  ᠴᠤᠯᠮᠤᠨᠭᠡᠷᠡᠯ᠂ ᠤᠢᠭᠤᠷᠵᠢᠨ·ᠣᠳᠬᠣᠨᠪᠠᠪᠠ᠂  
                                          ᠣᠶᠤᠨᠪᠠᠲᠤ᠂ ᠪᠠᠳᠮᠠᠰᠡᠴᠡᠨ ᠂ ᠮᠧᠢ ᠬᠤᠸᠠ᠂  
             ᠬᠢᠨᠠᠭᠴᠢ᠄ ᠴᠤᠯᠮᠤᠨᠭᠡᠷᠡᠯ᠂ ᠣᠳᠬᠣᠨᠴᠡᠴᠡᠭ᠂ ᠤᠢᠭᠤᠷᠵᠢᠨ·ᠣᠳᠬᠣᠨᠪᠠᠪᠠ᠂ ᠲ·ᠬᠦᠮᠦᠵᠢᠯᠲᠦ᠂ ᠪᠠᠯ  
              ᠤᠩᠰᠢᠭᠴᠢ᠄ ᠨᠠᠰᠤᠨ᠌ᠦ᠌ᠯᠵᠡᠢ