ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠲᠠᠪᠤ> Хан мунын сүүрс < доорд > – Мөнх зохиоов ᠂Дөдгөөр бодь – Хоёрдугаар бүлэг <5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠲᠠᠪᠤ> Хан мунын сүүрс < доорд > – Мөнх зохиоов ᠂Дөдгөөр бодь – Хоёрдугаар бүлэг <5>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠲᠠᠪᠤ> Хан мунын сүүрс < доорд > – Мөнх зохиоов ᠂Дөдгөөр бодь – Хоёрдугаар бүлэг <5>

ᠠᠩᠭᠢᠯᠠᠯ:ᠲᠤᠭᠤᠵᠢ ᠷᠣᠮᠠᠨ
2025-04-29

185

ᠲᠦᠲᠦᠭᠡᠷ ᠪᠣᠲᠢ – ᠬᠣᠶᠠᠳᠤᠭᠠᠷ ᠪᠦᠯᠦᠭ <ᠲᠠᠪᠤ>


                 ᠲᠠᠪᠤ   

       ᠪᠠᠷᠠᠭᠤᠨ ᠬᠦᠩ ᠦ᠋ᠨ ᠬᠣᠰᠢᠭᠤ ᠪᠠᠢᠲᠤᠭᠠᠢ᠂ ᠥᠪᠡᠷ ᠦ᠋ᠨ ᠢ᠋ᠶ᠋ᠡᠨ ᠲᠣᠯᠣᠭᠠᠢ ᠶ᠋ᠢ ᠡᠵᠡᠨ ᠮᠡᠳᠡᠬᠦ ᠪᠡᠨ ᠪᠠᠢᠭᠰᠠᠨ ᠪᠠᠭ᠎ᠠ ᠬᠠᠲᠤᠨ ᠡᠯᠳᠡᠩᠭᠡ᠂ ᠴᠣᠭᠪᠠᠭᠠᠲᠤᠷ ᠨᠠᠷ ᠤ᠋ᠨ ᠠᠯᠪᠠᠳᠠᠯᠭ᠎ᠠ ᠪᠠᠷ ᠪᠦᠷᠦᠢ ᠪᠣᠯᠬᠤ ᠳ᠋ᠤ᠌ ᠳᠡᠷᠬᠢᠶ᠎ᠡ ᠶ᠋ᠢᠨ ᠭᠣᠣᠯ ᠤ᠋ᠨ ᠠᠮᠠᠨ ᠳ᠋ᠠᠬᠢ ᠰᠤᠪᠤᠷᠭ᠎ᠠ ᠶ᠋ᠢᠨ ᠰᠦᠮ᠎ᠡ ᠳ᠋ᠦ᠍ ᠪᠠᠭᠤᠪᠠ᠃  
      《ᠬᠠᠷᠠᠩᠭᠤᠢ ᠪᠣᠯᠴᠢᠬᠠᠯ᠎ᠠ᠂ ᠵᠠᠮ ᠪᠠᠷᠲᠠᠭᠠᠲᠠᠢ ᠲᠤᠯᠠ ᠡᠨᠳᠡ ᠰᠡᠯᠡᠭᠦᠬᠡᠨ ᠬᠣᠨᠣᠭᠠᠳ ᠮᠠᠷᠭᠠᠲᠤᠷ ᠬᠦᠩ ᠦ᠋ᠨ ᠶᠠᠮᠤᠨ ᠳ᠋ᠠᠭᠠᠨ ᠣᠴᠢᠶ᠎ᠠ》 ᠭᠡᠵᠦ ᠪᠠᠭ᠎ᠠ ᠬᠠᠲᠤᠨ ᠳ᠋ᠤ᠌ ᠮᠠᠨᠠᠭᠠᠨ ᠤ᠋ ᠴᠡᠷᠢᠭ ᠢ᠋ᠶ᠋ᠡᠷ ᠦᠭᠡ ᠳᠠᠮᠵᠢᠭᠤᠯᠵᠤ᠂ ᠪᠠᠷᠬᠠᠰᠨᠣᠷᠪᠤ ᠭᠡᠳᠡᠭ ᠯᠠᠮᠠ ᠶ᠋ᠢᠨ ᠭᠡᠷ ᠢ᠋ ᠶᠡᠭᠦᠯᠡᠵᠦ ᠪᠠᠭ᠎ᠠ ᠬᠠᠲᠤᠨ ᠢ᠋ ᠬᠦᠦ ᠲᠡᠢ ᠨᠢ ᠲᠡᠨᠳᠡ ᠬᠣᠨᠣᠭᠤᠯᠪᠠ᠃ ᠬᠣᠨᠣᠭᠰᠠᠨ ᠭᠡᠷ ᠦ᠋ᠨ ᠬᠢᠨᠢ ᠡᠭᠦᠳᠡ᠂ ᠰᠦᠮ᠎ᠡ ᠶ᠋ᠢᠨ ᠬᠦᠷᠢᠶ᠎ᠡ᠂ ᠳᠡᠪᠰᠡᠭ ᠦ᠋ᠨ ᠦᠵᠦᠭᠦᠷ᠂ ᠭᠣᠣᠯ ᠤ᠋ᠨ ᠠᠮᠠ᠂ ᠵᠠᠮ ᠤ᠋ᠨ ᠠᠭᠤᠯᠵᠠᠷ ᠲᠤ ᠲᠤᠰ ᠲᠤᠰ ᠬᠠᠷᠠᠭᠤᠯ ᠮᠠᠨᠠᠭ᠎ᠠ ᠲᠠᠢ᠃ ᠢᠩᠭᠢᠵᠦ ᠬᠥᠮᠦᠨ ᠠᠮᠢᠲᠠᠨ ᠤ᠋ ᠬᠥᠯ ᠬᠤᠷᠢᠶᠠᠭᠰᠠᠨ ᠰᠤᠪᠤᠷᠭ᠎ᠠ ᠶ᠋ᠢᠨ ᠰᠦᠮ᠎ᠡ ᠳᠦᠯᠡᠢ ᠬᠥᠮᠦᠨ ᠦ᠌ ᠲᠣᠯᠣᠭᠠᠢ ᠰᠢᠭ᠋ ᠨᠢᠭᠡ ᠯᠡ ᠲᠦᠩᠰᠦᠭᠡᠷ᠃ ᠭᠠᠳᠠᠭᠤᠷ ᠬᠠᠷᠢᠨ ᠬᠥᠮᠦᠰ ᠱ᠌ᠢᠷ ᠱᠣᠷ ᠭᠡᠵᠦ ᠪᠠᠭ᠎ᠠ ᠬᠠᠲᠤᠨ ᠰᠸᠯᠢᠩ ᠦ᠋ᠨ ᠲᠤᠬᠠᠢ ᠶᠣᠣᠵᠠ ᠮᠠᠭᠤᠲᠠᠢ ᠱᠤᠤᠭᠢᠯᠳᠤᠨ᠎ᠠ᠁ 
       ᠠᠩᠬᠠᠨ ᠤ᠋ ᠰᠥᠨᠢ ᠪᠠᠭ᠎ᠠ ᠬᠠᠲᠤᠨ ᠡᠨᠡ ᠯᠠᠮᠠ ᠶ᠋ᠢᠨ ᠭᠡᠷ ᠦ᠋ᠨ ᠬᠥᠯᠥᠰᠥ ᠰᠢᠪᠡᠷᠢ᠂ ᠬᠦᠵᠢ ᠠᠷᠴᠠ᠂ ᠡᠮ ᠳᠠᠩ ᠤ᠋ᠨ ᠡᠯᠳᠡᠪ ᠦᠨᠦᠷ ᠲᠦ᠍ ᠪᠣᠭᠣᠭᠳᠠᠨ ᠨᠣᠢᠷ ᠬᠤᠯᠵᠢᠭᠠᠳ ᠰᠥᠨᠢᠵᠢᠨ ᠥᠪᠡᠷ ᠦ᠋ᠨ ᠬᠤᠪᠢ ᠲᠠᠪᠢᠯᠠᠩ ᠢ᠋ᠶ᠋ᠠᠨ ᠲᠥᠰᠦᠭᠡᠯᠡᠨ ᠪᠣᠳᠣᠵᠤ ᠨᠢᠳᠦ ᠴᠢᠷᠮᠡᠭᠰᠡᠨ ᠦᠭᠡᠢ ᠨᠠᠷᠠ ᠲᠠᠢ ᠵᠣᠯᠭᠠᠭᠰᠠᠨ ᠪᠣᠯ᠂ ᠳᠡᠳ᠋ ᠰᠥᠨᠢ ᠨᠢ ᠬᠠᠷᠢᠨ ᠵᠠᠨᠴᠢᠭᠳᠠᠭᠰᠠᠨ ᠶᠤᠮ ᠰᠢᠭ᠋ ᠪᠥᠬᠡ ᠨᠣᠢᠷᠰᠤᠵᠠᠢ᠃ ᠪᠦᠬᠦᠯᠢ ᠬᠣᠶᠠᠷ ᠡᠳᠦᠷ ᠬᠣᠭᠣᠯᠠ ᠬᠣᠰᠢ ᠬᠦᠷᠭᠡᠵᠦ ᠢᠷᠡᠳᠡᠭ ᠣᠶᠤᠨ ᠠ᠋ᠴᠠ ᠥᠭᠡᠷ᠎ᠡ ᠬᠥᠮᠦᠨ ᠦ᠌ ᠪᠠᠷ᠎ᠠ ᠰᠡᠭᠦᠳᠡᠷ ᠴᠦ᠍ ᠬᠠᠷᠠᠭᠳᠠᠭᠰᠠᠨ ᠦᠭᠡᠢ᠃ ᠵᠥᠪᠬᠡᠨ ᠪᠤᠬᠢᠨᠢᠳᠤᠯ ᠤᠢᠳᠬᠠᠷ ᠤ᠋ᠨ ᠮᠠᠨᠠᠨ ᠡᠨᠡ ᠯᠠᠮᠠ ᠶ᠋ᠢᠨ ᠭᠡᠷ ᠢ᠋ ᠵᠠᠪᠰᠠᠷ ᠦᠭᠡᠢ ᠪᠦᠷᠬᠦᠵᠦ ᠠᠮᠢᠰᠬᠤᠯ ᠪᠢᠲᠡᠭᠦᠷᠡᠬᠦ ᠮᠡᠲᠦ ᠰᠠᠨᠠᠭᠳᠠᠨ᠎ᠠ᠃  
     《ᠡᠳᠡᠨᠥᠰ ᠴᠣᠬᠣᠮ ᠶᠠᠭᠠᠬᠢᠬᠤ ᠭᠡᠵᠦ ᠪᠠᠢᠭ᠎ᠠ ᠶᠤᠮ ᠪᠣᠯ? ᠡᠨᠡ ᠬᠥᠨᠳᠡᠢ ᠬᠣᠭᠣᠰᠣᠨ ᠰᠦᠮ᠎ᠡ ᠬᠡᠢᠳ ᠦ᠋ᠨ ᠭᠠᠵᠠᠷ ᠨᠠᠮᠠᠶ᠋ᠢ ᠪᠢᠲᠡᠭᠦᠮᠵᠢᠯᠡᠵᠦ ᠬᠣᠷᠢᠳᠠᠭ ᠨᠢ? ᠪᠠᠭ᠎ᠠ ᠵᠠᠰᠠᠭ ᠬᠦᠦ ᠶ᠋ᠢ ᠮᠢᠨᠢ ᠬᠣᠬᠢᠷᠠᠭᠠᠬᠤ ᠦᠭᠡᠢ ᠪᠣᠯ ᠨᠠᠮᠠᠶ᠋ᠢ ᠴᠤ᠌ ᠶᠠᠭᠠᠬᠢᠪᠠᠯ ᠶᠠᠭᠠᠬᠢᠭ ᠴᠠᠭᠠᠰᠢ ᠪᠠᠨ! ᠡᠨᠡ ᠬᠣᠷᠸ᠎ᠠ ᠳ᠋ᠤ᠌ ᠰᠡᠷᠭᠦᠮ᠎ᠡ ᠪᠢ ᠮᠥᠨ ᠡᠳᠦᠢᠬᠡᠨ ᠠᠮᠢᠰᠬᠤᠯ ᠤ᠋ᠨ ᠲᠣᠭ᠎ᠠ ᠲᠠᠢ ᠰᠠᠨ ᠪᠣᠯ ᠮᠥᠨ ᠲᠡᠭᠡᠭᠡᠳ ᠭᠦᠢᠴᠡᠨ᠎ᠡ ᠪᠢᠵᠡ⁈ ᠡᠨᠡ ᠳᠠᠵᠢᠶᠠᠨ ᠳ᠋ᠤ᠌ ᠲᠤᠯᠴᠢᠬᠠᠭᠰᠠᠨ ᠶᠤᠮ ᠴᠢᠨᠢ ᠨᠠᠳᠠ ᠭᠣᠮᠣᠳᠠᠮᠠᠷ ᠶᠠᠭᠤᠮ᠎ᠠ ᠠᠯᠠᠭ᠎ᠠ᠃ ᠭᠣᠮᠣᠳᠠᠯ ᠥᠴᠢᠯ ᠪᠠᠢᠯ᠎ᠠ ᠭᠡᠳ ᠬᠡᠨ ᠳ᠋ᠦ᠍ ᠬᠡᠯᠡᠬᠦ ᠪᠢᠯᠡ? ᠲᠩᠷᠢ ᠬᠠᠷᠠᠭᠠᠳ ᠬᠠᠰᠬᠢᠷᠤᠭᠰᠠᠨ ᠴᠤ᠌ ᠬᠠᠷᠢᠭᠤ ᠦᠭᠡᠢ ᠬᠡᠢ ᠴᠤᠤᠷᠢᠶ᠎ᠠ᠂ ᠭᠠᠵᠠᠷ ᠡᠯᠢᠭᠡᠳᠡᠭᠡᠳ ᠮᠡᠭᠰᠢᠪᠡᠴᠦ ᠳᠠᠭᠤᠨ ᠦᠭᠡᠢ ᠳᠦᠯᠡᠢ᠁》 ᠭᠡᠵᠦ ᠭᠡᠵᠦ ᠬᠣᠷᠢᠭᠤᠯ ᠤ᠋ᠨ ᠭᠡᠷ ᠲᠦ᠍ ᠮᠠᠰᠢ ᠤᠢᠳᠬᠠᠷ ᠲᠠᠢ ᠡᠳᠦᠷ ᠬᠣᠨᠣᠭ ᠢ᠋ ᠨᠥᠭᠴᠢᠭᠡᠨ᠎ᠡ᠃ ᠡᠨᠡ ᠦᠶ᠎ᠡ ᠳ᠋ᠦ᠍ ᠡᠳᠦᠷ ᠬᠣᠨᠣᠭ ᠣᠷᠣᠭᠰᠢ ᠪᠠᠨ ᠥᠩᠭᠡᠷᠡᠨ ᠤᠲᠤᠭ᠎ᠠ ᠪᠢᠰᠢ᠂ ᠬᠠᠷᠢᠨ ᠭᠡᠳᠡᠷᠭᠦ ᠪᠡᠨ ᠤᠬᠤᠷᠢᠵᠤ ᠪᠠᠢᠭ᠎ᠠ ᠰᠢᠭ᠋ ᠨᠢᠭᠡ ᠮᠥᠴᠡ ᠨᠢᠭᠡ ᠴᠠᠭ ᠡᠯᠡᠭᠡᠬᠦ ᠨᠢ ᠨᠢᠭᠡ ᠵᠢᠯ ᠮᠡᠲᠦ ᠬᠠᠱᠠᠩ ᠰᠠᠨᠠᠭᠳᠠᠨ᠎ᠠ᠃ 
       ᠲᠡᠷᠡ ᠰᠥᠨᠢ ᠪᠠᠭ᠎ᠠ ᠬᠠᠲᠤᠨ ᠬᠠᠴᠢᠨ ᠮᠠᠭᠤ ᠵᠡᠭᠦᠳᠦ ᠵᠡᠭᠦᠳᠦᠯᠡᠵᠦ ᠬᠠᠷ᠎ᠠ ᠳᠠᠷᠤᠨ ᠰᠣᠴᠢᠨ ᠰᠡᠷᠡᠪᠡᠯ ᠪᠦᠬᠦ ᠪᠡᠶ᠎ᠡ ᠨᠢ ᠬᠥᠯᠥᠷᠡᠭᠡᠳ ᠬᠤᠪᠴᠠᠰᠤ ᠨᠢ ᠱᠠᠯ ᠨᠣᠷᠤᠭᠰᠠᠨ ᠪᠠᠢᠪᠠ᠃ 
       ᠬᠥᠮᠥᠷᠢᠭᠰᠡᠨ ᠲᠣᠭᠣᠭ᠎ᠠ ᠬᠥᠯᠪᠡᠷᠢᠭᠰᠡᠨ ᠶᠦᠮ ᠰᠢᠭ ᠦᠦᠷ ᠬᠠᠶᠠᠭᠠᠷᠠᠵᠤ᠂ ᠲᠦᠮᠡᠨ ᠠᠮᠢᠲᠠᠨ ᠤ᠋ ᠮᠡᠯᠮᠡᠢ ᠣᠩᠭᠣᠢᠨ ᠰᠠᠷᠠᠭᠤᠯᠵᠢᠨ᠎ᠠ᠃ 
       ᠰᠢᠭᠦᠳᠡᠷᠢ ᠶ᠋ᠢᠨ ᠰᠤᠪᠤᠳᠯᠢᠭ ᠴᠢᠭᠢᠭ ᠢ᠋ᠶ᠋ᠡᠷ ᠦᠰᠦ ᠪᠡᠨ ᠰᠠᠮᠨᠠᠵᠤ ᠵᠠᠪᠳᠤᠭᠠᠳᠤᠢ ᠡᠪᠡᠰᠦᠨ ᠦ᠌ ᠳᠣᠯᠭᠢᠶ᠎ᠠ ᠶ᠋ᠢ ᠤᠢᠮᠤᠭᠰᠠᠭᠠᠷ ᠬᠥᠲᠥᠯᠦᠭᠡ ᠮᠣᠷᠢ ᠲᠠᠢ ᠬᠥᠮᠦᠨ ᠭᠡᠭᠡ ᠰᠤᠪᠤᠷᠠᠬᠤ ᠵᠦᠭ ᠡᠴᠡ ᠬᠥᠨᠲᠥᠷᠦᠭᠦᠯᠵᠦ ᠶᠠᠪᠤᠨ᠎ᠠ᠁ ᠮᠣᠷᠢᠨ ᠤ᠋ ᠲᠦᠪᠡᠷᠭᠡᠨ ᠵᠢᠷᠦᠬᠡᠨ ᠦ᠌ ᠴᠣᠬᠢᠯᠭ᠎ᠠ ᠲᠠᠢ ᠠᠢᠵᠠᠮ ᠵᠣᠬᠢᠴᠠᠨ ᠫᠢᠴᠢᠭᠢᠨᠠᠭᠰᠠᠭᠠᠷ ᠬᠠᠶᠠᠭᠠᠨ ᠳ᠋ᠤ᠌ ᠪᠠᠭᠤᠬᠤ ᠰᠢᠭ᠋ ᠪᠦᠦᠷ ᠲᠦᠦᠷ ᠬᠠᠷᠠᠭᠳᠠᠨ᠎ᠠ᠃ ᠲᠡᠷᠡ ᠨᠢ ᠠᠩᠬᠠᠨ ᠤ᠋ ᠠᠭᠤᠯᠵᠠᠯᠲᠠ ᠶ᠋ᠢᠨ ᠠᠮᠠᠷᠠᠭ ᠬᠥᠮᠦᠨ ᠠᠩᠴᠢᠨᠵᠠᠪ ᠨᠢ ᠮᠥᠨ ᠪᠠᠢᠯ᠎ᠠ᠁ ᠲᠡᠭᠡᠬᠦ ᠳ᠋ᠦ᠍ ᠬᠠᠵᠠᠭᠤ ᠳ᠋ᠤᠨᠢ ᠶᠡᠷᠦ ᠡᠴᠡ ᠬᠠᠪᠢᠳᠠᠵᠤ ᠳᠡᠢᠯᠬᠦ ᠦᠭᠡᠢ᠃ ᠠᠩᠴᠢᠨᠵᠠᠪ ᠴᠤ᠌ ᠨᠠᠭᠠᠰᠢ ᠳᠥᠭᠥᠳᠡᠭ ᠦᠭᠡᠢ᠁ ᠦᠨᠡᠭᠡ ᠠᠲᠢᠭᠤᠷᠢ ᠶ᠋ᠢᠨ ᠮᠠᠭᠤᠬᠠᠢ ᠭᠠᠪ ᠶᠠᠪ᠂ ᠭᠠᠪ ᠶᠠᠪ ᠭᠡᠵᠦ ᠰᠢᠩᠭᠡᠨ ᠳᠠᠭᠤ ᠪᠠᠷ ᠭᠠᠰᠠᠯᠤᠨ᠎ᠠ᠁ ᠪᠠᠭ᠎ᠠ ᠬᠠᠲᠤᠨ ᠰᠣᠴᠢᠨ ᠰᠡᠷᠡᠪᠡ᠃ ᠶᠠᠭᠤᠨ ᠤ᠋ ᠦᠨᠡᠭᠡ ᠪᠠᠢᠬᠤ ᠪᠣᠢ? ᠴᠣᠩᠬᠣᠨ ᠤ᠋ ᠭᠠᠳᠠᠨ᠎ᠠ ᠡᠪᠦᠭᠡᠨ ᠯᠠᠮᠠᠬᠠᠢ ᠶ᠋ᠢᠨ ᠰᠢᠷ᠎ᠠ ᠮᠤᠤᠷ ᠲᠠᠢ ᠶᠠᠷᠭᠢᠯᠳᠤᠵᠤ ᠪᠠᠢᠭ᠎ᠠ ᠰᠠᠨᠵᠠᠢ᠃  
       ᠪᠠᠭ᠎ᠠ ᠬᠠᠲᠤᠨ ᠵᠡᠭᠦᠳᠦ ᠪᠡᠷ ᠢ᠋ᠶ᠋ᠡᠨ ᠠᠶᠤᠵᠤ ᠱᠠᠯ ᠬᠥᠯᠥᠷᠡᠭᠰᠡᠨ ᠪᠣᠯᠪᠠᠴᠤ ᠳᠠᠭᠠᠷᠠᠳᠠᠰᠤ ᠬᠦᠷᠴᠦ ᠵᠢᠭᠡᠭᠦᠰᠦᠨ᠎ᠡ᠃ 
      《ᠵᠡᠭᠦᠳᠦ— ᠮᠠᠭᠤ ᠢᠷᠣ᠎ᠠ ᠶ᠋ᠢᠨ ᠵᠡᠭᠦᠳᠦ ᠪᠠᠢᠨ᠎ᠠ᠃ ᠵᠡᠭᠦᠳᠦ ᠡᠰᠡᠷᠭᠦ ᠭᠡᠳᠡᠭ ᠢ᠋ᠶ᠋ᠡᠷ ᠠᠩᠴᠢᠨᠵᠠᠪ ᠲᠠᠢ ᠠᠭᠤᠯᠵᠠᠯ᠎ᠠ ᠭᠡᠵᠦ ᠵᠡᠭᠦᠳᠦᠯᠡᠭᠰᠡᠨ ᠨᠢ ᠠᠭᠤᠯᠵᠠᠬᠤ ᠦᠭᠡᠢ ᠶ᠋ᠢᠨ ᠲᠡᠮᠳᠡᠭ᠂ ᠦᠨᠡᠭᠡ ᠬᠣᠷᠭᠣᠭᠣᠵᠤ᠂ ᠣᠭᠣᠯᠢ᠂ ᠰᠢᠷ᠎ᠠ ᠰᠢᠪᠠᠭᠤ ᠢᠨᠢᠶᠡᠬᠦ ᠶ᠋ᠢ ᠵᠡᠭᠦᠳᠦᠯᠡᠪᠡᠯ ᠦᠬᠦᠯ ᠦ᠋ᠨ ᠮᠠᠭᠤ ᠢᠷᠣ᠎ᠠ》 ᠭᠡᠭᠴᠢ ᠶ᠋ᠢ ᠪᠣᠳᠣᠬᠤ ᠠ᠋ᠴᠠ ᠲᠡᠷᠡ ᠪᠡᠷ ᠠᠶᠤᠨ ᠪᠠᠯᠠᠳᠠᠵᠤ ᠬᠦᠦ ᠪᠡᠨ ᠬᠠᠷᠠᠪᠠᠯ ᠬᠥᠭᠡᠷᠦᠬᠦᠢ ᠠᠯᠲᠠᠨᠸᠴᠢᠷ ᠨᠢ ᠪᠣᠭᠵᠣᠢᠭᠠᠳ ᠪᠥᠬᠡ ᠭᠡᠭᠴᠢ ᠤᠨᠲᠠᠵᠤ ᠪᠠᠢᠯ᠎ᠠ᠃  
       ᠪᠠᠭ᠎ᠠ ᠬᠠᠲᠤᠨ ᠬᠡᠳᠦᠢᠨ ᠬᠣᠷᠢᠭᠳᠠᠭᠰᠠᠨ ᠪᠣᠯᠪᠠᠴᠤ《 ᠡᠳᠡᠨᠥᠰ ᠨᠠᠮᠠᠶ᠋ᠢ ᠶᠠᠭᠠᠬᠢᠳᠠᠭ ᠪᠣᠯ?》 ᠭᠡᠵᠦ ᠡᠮ᠎ᠡ ᠬᠥᠮᠦᠨ ᠦ᠌ ᠥᠷᠥᠪᠴᠢᠬᠡᠨ ᠦᠨᠡᠷᠬᠡᠬᠦ ᠪᠣᠳᠣᠯ ᠢ᠋ᠶ᠋ᠠᠷ ᠢ᠋ᠶ᠋ᠠᠨ《 ᠲᠠ ᠨᠠᠷ ᠨᠠᠮᠠᠶ᠋ᠢ ᠶᠠᠭᠠᠬᠢᠪᠠᠯ ᠶᠠᠭᠠᠬᠢᠴᠢᠬ᠎ᠠ! ᠭᠠᠭᠴᠠ ᠯᠠ ᠲᠦᠷᠭᠡᠯᠡ!》 ᠭᠡᠵᠦ ᠪᠠᠷᠳᠠᠮ ᠬᠡᠯᠡᠵᠦ ᠪᠠᠢᠭᠰᠠᠨ ᠪᠣᠯᠪᠠᠴᠤ ᠥᠨᠥᠳᠥᠷ ᠲᠡᠷᠡ ᠬᠠᠷᠢᠨ ᠪᠡᠯᠭᠡ ᠲᠠᠮᠪᠠᠷᠠᠯ ᠦᠭᠡᠢ ᠵᠡᠭᠦᠳᠦ ᠶ᠋ᠢᠨ ᠤᠴᠢᠷ ᠠ᠋ᠴᠠ ᠪᠢᠴᠢᠬᠠᠨ ᠵᠢᠷᠦᠬᠡ ᠲᠡᠢ ᠪᠥᠵᠥᠩ ᠰᠢᠭ ᠠᠶᠤᠳᠠᠭ ᠪᠣᠯᠤᠯ᠎ᠠ᠁ 
       — ᠣᠶᠤᠨ ᠠ᠋! ᠁ ᠨᠠᠭᠠᠰᠢ ᠮᠢᠨᠦ ᠳᠡᠷᠭᠡᠳᠡ ᠢᠷᠡᠭᠡᠴᠢ! ᠭᠡᠵᠦ ᠥᠨᠳᠥᠷ ᠳᠠᠭᠤᠨ ᠢᠶᠠᠷ ᠬᠠᠰᠭᠢᠷᠤᠭᠰᠠᠨ ᠴᠤ᠌ ᠬᠠᠷᠢᠭᠤ ᠦᠭᠡᠢ᠃ ᠦᠦᠷ ᠢᠶᠡᠷ ᠦᠷᠭᠡᠯᠡᠭᠰᠡᠨ ᠡᠭᠦᠳᠡᠨ ᠦ ᠮᠠᠨᠠᠭ᠎ᠠ ᠶᠢ ᠰᠣᠴᠢᠭᠠᠨ ᠰᠡᠷᠡᠭᠡᠵᠦ᠄
       — ᠶᠠᠭᠤ ᠪᠣᠯᠴᠢᠬᠠᠪᠠ? ᠴᠠᠢ  ᠤᠤᠭᠤᠬᠤ ᠪᠣᠯᠣᠭ᠎ᠠ ᠦᠭᠡᠢ! ᠭᠡᠵᠦ ᠪᠠᠨᠰᠠᠨ ᠡᠭᠦᠳᠡ ᠶ᠋ᠢ ᠪᠠᠯᠪᠠᠬᠤ ᠰᠢᠭ᠋ ᠨᠦᠳᠦᠨ᠎ᠡ᠃  
       ᠦᠦᠷ ᠬᠠᠶᠠᠭᠠᠷᠠᠵᠤ᠂ ᠨᠠᠷᠠ ᠳᠡᠭᠳᠡᠪᠡ᠃  
       ᠥᠷᠯᠥᠭᠡᠭᠦᠷ ᠴᠠᠢ ᠬᠣᠭᠣᠯᠠ ᠬᠦᠷᠭᠡᠵᠦ ᠢᠷᠡᠭᠰᠡᠨ ᠣᠶᠦᠨᠭᠡᠷᠡᠯ ᠢ᠋ ᠦᠵᠡᠮᠡᠭᠴᠡ ᠪᠠᠭ᠎ᠠ ᠬᠠᠲᠤᠨ᠄  
       — ᠣᠶᠤᠨ ᠠ᠋᠂ ᠴᠢ ᠨᠠᠳᠠ ᠴᠣᠭᠪᠠᠭᠠᠲᠣᠷ ᠢ᠋ ᠳᠠᠭᠤᠳᠠᠭᠠᠳ ᠠᠯᠢ! ᠪᠢ ᠲᠡᠭᠦᠨ ᠳ᠋ᠦ᠍ ᠬᠡᠳᠦᠨ ᠦᠭᠡ ᠬᠡᠯᠡᠶ᠎ᠡ! ᠭᠡᠪᠡ᠃ 
       — ᠲᠡᠷᠡ ᠨᠣᠶᠠᠨ ᠡᠨᠡ ᠬᠡᠳᠦᠨ ᠡᠳᠦᠷ ᠪᠦᠷ ᠬᠠᠷᠠᠭᠳᠠᠭ᠎ᠠ ᠦᠭᠡᠢ᠃  
       — ᠬᠠᠮᠢᠭ᠎ᠠ ᠶᠠᠪᠤᠭᠰᠠᠨ ᠪᠣᠯ?  
       — ᠮᠡᠳᠡᠭᠰᠡᠨ ᠦᠭᠡᠢ! 
       — ᠪᠠᠷ᠎ᠠ ᠨᠢ ᠦᠵᠡᠭᠳᠡᠭᠰᠡᠭᠡᠷ ᠴᠢ ᠨᠠᠳᠠ ᠲᠦᠷᠭᠡᠨ ᠰᠢᠭ ᠡᠨᠳᠡ ᠢᠷᠡᠭᠡᠲᠡᠭᠡ ᠭᠡᠵᠦ ᠬᠡᠯᠡᠭᠡᠷᠡᠢ! 
       — ᠵᠠ᠂ ᠲᠡᠭᠡᠶ᠎ᠡ! ᠬᠠᠲᠤᠨ ᠲᠠ ᠪᠡᠶ᠎ᠡ ᠴᠢᠨᠢ ᠠᠶ᠎ᠠ ᠦᠭᠡᠢ ᠤᠤ?  
       — ᠦᠭᠡᠢ ᠠ᠋᠂ ᠭᠠᠢᠭᠤᠢ! 
       — ᠴᠢᠷᠠᠢ ᠴᠢᠨᠢ ᠬᠤᠵᠢᠢᠭᠠᠳ ᠰᠢᠷᠠᠯᠠᠵᠤ ᠬᠠᠷᠠᠭᠳᠠᠨ᠎ᠠ᠁ ᠪᠢ ᠲᠠᠨ ᠳ᠋ᠤ᠌ ᠡᠮᠴᠢ᠁ ᠭᠡᠬᠦ ᠳ᠋ᠦ᠍ ᠪᠠᠭ᠎ᠠ ᠬᠠᠲᠤᠨ《ᠬᠡᠷᠡᠭ ᠦᠭᠡᠢ! ᠬᠡᠷᠡᠭ ᠦᠭᠡᠢ᠃ ᠨᠣᠢᠷ ᠬᠤᠯᠵᠢᠭᠰᠠᠨ ᠤ᠋ ᠬᠢ ᠪᠠᠢᠯᠭᠦᠢ》 ᠭᠡᠬᠦ ᠰᠢᠭ ᠲᠣᠯᠣᠭᠠᠢ ᠪᠠᠨ ᠰᠠᠵᠢᠵᠤ᠄  
       — ᠣᠶᠤᠨ ᠠ᠋᠂ ᠴᠢ ᠪᠣᠯᠤᠮᠵᠢ ᠲᠠᠢ ᠪᠣᠯ ᠴᠣᠭᠪᠠᠭᠠᠲᠤᠷ ᠢ᠋ ᠭᠠᠭᠴᠠᠭᠠᠷ ᠪᠠᠢᠬᠤ ᠳ᠋ᠤ᠌ ᠬᠡᠯᠡ! ᠡᠯᠳᠡᠩᠭᠡ ᠵᠤᠳᠪᠠ ᠬᠣᠶᠠᠷ ᠤ᠋ᠨ ᠬᠠᠵᠠᠭᠤ ᠳ᠋ᠤ᠌ ᠪᠢᠲᠡᠭᠡᠢ ᠶᠠᠷᠢ᠂ ᠲᠡᠳᠡᠨᠦᠰ ᠲᠦ᠍ ᠶᠠᠭᠠᠬᠢᠭᠰᠠᠨ ᠴᠤ᠌ ᠰᠣᠨᠣᠰᠬᠠᠵᠤ ᠪᠣᠯᠬᠤ ᠦᠭᠡᠢ᠂ ᠮᠡᠳᠡᠪᠡ ᠤᠤ? ᠭᠡᠵᠦ ᠪᠠᠢᠨ ᠳᠠᠬᠢᠨ《ᠲᠦᠷᠭᠡᠨ ᠰᠢᠭ》 ᠭᠡᠰᠡᠨ ᠲᠥᠯᠥᠪᠲᠡᠢ ᠬᠡᠯᠡᠬᠦ ᠳ᠋ᠦ᠍ ᠪᠠᠭ᠎ᠠ ᠬᠠᠲᠤᠨ ᠤ᠋ ᠨᠢᠳᠦᠨ ᠳ᠋ᠦ᠍ ᠨᠢᠯᠪᠤᠰᠤ ᠮᠡᠯᠲᠡᠭᠡᠨᠡᠵᠦ ᠪᠠᠢᠭᠰᠠᠨ ᠢ᠋ ᠬᠠᠷᠠᠭᠠᠳ ᠣᠶᠤᠨ᠄ 
       — ᠵᠠ᠂ ᠮᠡᠳᠡᠯ᠎ᠡ! ᠪᠢ ᠶᠠᠭᠠᠬᠢᠭᠰᠠᠨ ᠴᠤ᠌ ᠪᠡᠶᠡᠯᠡᠭᠦᠯᠬᠦ ᠪᠡᠷ ᠴᠢᠷᠮᠠᠢᠶ᠎ᠠ ᠭᠡᠳ ᠲᠡᠰᠦᠭᠰᠡᠨ ᠦᠭᠡᠢ ᠨᠢᠯᠪᠤᠰᠤ ᠤᠨᠠᠭᠠᠨ ᠭᠠᠷᠴᠤ ᠶᠠᠪᠤᠪᠠ᠃  
       ᠣᠷᠣᠢ ᠶ᠋ᠢᠨ ᠬᠣᠭᠣᠯᠠ ᠬᠦᠷᠭᠡᠵᠦ ᠢᠷᠡᠬᠦ ᠡᠴᠡ ᠡᠮᠦᠨ᠎ᠡ ᠴᠣᠭᠪᠠᠭᠠᠲᠤᠷ ᠪᠥᠭᠰᠡᠨ ᠬᠣᠢᠨ᠎ᠠ ᠪᠠᠨ ᠬᠣᠶᠠᠷ ᠬᠣᠶᠠᠷ ᠫᠤᠤ ᠡᠭᠦᠷᠦᠭᠰᠡᠨ ᠳᠠᠭᠠᠯᠲᠠ ᠴᠡᠷᠢᠭ ᠲᠡᠢ ᠪᠡᠨ ᠪᠠᠭ᠎ᠠ ᠬᠠᠲᠤᠨ ᠢ᠋ ᠬᠣᠷᠢᠭᠰᠠᠨ ᠪᠠᠷᠬᠠᠰᠨᠣᠷᠪᠤ ᠯᠠᠮᠠᠬᠠᠢ ᠶ᠋ᠢᠨ ᠭᠡᠷ ᠲᠦ᠍ ᠰᠦᠷ ᠨᠠᠮᠪᠠᠭᠠᠲᠠᠢ ᠣᠷᠣᠵᠤ ᠢᠷᠡᠭᠡᠳ᠄ 
       — ᠬᠠᠲᠤᠨ ᠰᠸᠯᠢᠩ ᠭᠤᠸᠠᠢ ᠡᠨᠡ ᠬᠡᠳᠦᠨ ᠡᠳᠦᠷ ᠢ᠋ ᠮᠠᠰᠢ ᠤᠢᠳᠬᠠᠷᠲᠠᠢ ᠥᠩᠭᠡᠷᠡᠭᠡᠯ᠎ᠡ ᠪᠢᠵᠡ? ᠭᠡᠪᠡᠯ ᠴᠣᠭᠪᠠᠭᠠᠲᠤᠷ ᠲᠡᠭᠦᠨ ᠦ᠌ ᠪᠠᠢᠳᠠᠯ ᠢ᠋ ᠮᠡᠳᠡᠵᠦ ᠪᠠᠢᠲᠠᠯ᠎ᠠ ᠪᠠᠨ ᠲᠤᠰᠬᠠᠢ ᠢᠩᠭᠢᠵᠦ ᠳᠠᠪᠠᠯᠠᠨ ᠬᠡᠯᠡᠭᠰᠡᠨ ᠳ᠋ᠦ᠍ ᠪᠠᠭ᠎ᠠ ᠬᠠᠲᠤᠨ ᠳᠤᠷ᠎ᠠ ᠦᠭᠡᠢᠴᠡᠭᠰᠡᠨ ᠪᠣᠯᠪᠠᠴᠤ ᠪᠣᠯᠬᠤ ᠶ᠋ᠢᠨ ᠳᠣᠲᠣᠷ᠎ᠠ ᠪᠡᠶ᠎ᠡ ᠪᠡᠨ ᠪᠠᠷᠢᠵᠤ᠄ 
       — ᠭᠠᠢᠭᠤᠢ ᠳᠠ᠂ ᠬᠠᠷᠢᠨ ᠰᠡᠯᠡᠭᠦᠬᠡᠨ ᠬᠡᠳᠦᠨ ᠡᠳᠦᠷ ᠰᠡᠳᠬᠢᠯ ᠠᠮᠤᠷ ᠰᠠᠭᠤᠯ᠎ᠠ ᠭᠡᠪᠡ᠃ 
       — ᠁ ᠰᠸᠯᠢᠩ ᠲᠠ ᠨᠠᠮᠠᠶ᠋ᠢ ᠳᠠᠭᠤᠳᠠᠵᠤ ᠶᠠᠮᠠᠷ ᠵᠠᠷᠯᠢᠭ ᠵᠢᠭᠠᠪᠤᠷᠢ ᠲᠤᠰᠢᠶᠠᠬᠤ ᠭᠡᠪᠡ? ᠭᠡᠵᠦ ᠨᠠᠷᠢᠨ ᠬᠦᠵᠦᠭᠦᠦ ᠪᠡᠨ ᠭᠢᠯᠵᠢᠢᠯᠭᠡᠨ ᠶᠥᠭᠡᠳᠡᠭᠦᠨ ᠤᠳᠬ᠎ᠠ ᠲᠠᠢ ᠬᠡᠯᠡᠬᠦ ᠳ᠋ᠦ᠍ ᠪᠠᠭ᠎ᠠ ᠬᠠᠲᠤᠨ᠄ 
       — ᠬᠠᠮᠢᠭ᠎ᠠ ᠠ᠋ᠴᠠ ᠴᠢᠮ᠎ᠠ ᠳ᠋ᠤ᠌ ᠵᠠᠷᠯᠢᠭ ᠵᠢᠭᠠᠪᠤᠷᠢ ᠥᠭᠬᠦ ᠪᠣᠢ? ᠬᠠᠷᠢᠨ ᠴᠢᠮ᠎ᠠ ᠠ᠋ᠴᠠ ᠵᠠᠷᠯᠢᠭ ᠵᠢᠭᠠᠪᠤᠷᠢ ᠬᠦᠯᠢᠶᠡᠬᠦ ᠡᠴᠡ ᠪᠢᠰᠢ ᠳᠡ᠂ ᠪᠢ ᠣᠳᠣ ᠴᠢᠮ᠎ᠠ ᠳ᠋ᠤ᠌ ᠬᠡᠳᠦᠬᠡᠨ ᠦᠭᠡ ᠬᠡᠯᠡᠶ᠎ᠡ᠂ ᠴᠢ ᠲᠡᠷᠡ ᠳᠠᠭᠠᠯᠲᠠ ᠪᠠᠨ ᠴᠠᠭᠠᠰᠢ ᠨᠢ ᠶᠠᠪᠤᠭᠤᠯᠴᠢᠬ᠎ᠠ! ᠭᠠᠷ ᠬᠣᠭᠣᠰᠣᠨ ᠭᠠᠭᠴᠠᠬᠠᠨ ᠪᠦᠰᠡᠭᠦᠢ ᠬᠥᠮᠦᠨ ᠡᠴᠡ ᠶᠠᠭᠤᠨ ᠳ᠋ᠠᠭᠠᠨ ᠲᠡᠭᠡᠵᠦ ᠰᠦᠷᠡᠬᠡᠢ ᠠᠶᠤᠵᠤ ᠫᠤᠤ ᠰᠠᠭᠠᠳᠠᠭ ᠲᠠᠢ ᠴᠡᠷᠢᠭ ᠮᠡᠷᠢᠭ ᠳᠠᠭᠠᠭᠤᠯᠵᠤ ᠢᠷᠡᠪᠡ? ᠨᠠᠮᠠᠶ᠋ᠢ ᠰᠦᠷᠳᠡᠭᠦᠯᠬᠦ ᠭᠡᠰᠡᠨ ᠤᠤ? ᠨᠠᠳᠠ ᠠ᠋ᠴᠠ ᠠᠶᠤᠬᠤ ᠳ᠋ᠠᠭᠠᠨ ᠤᠤ? ᠪᠢ ᠣᠢᠯᠠᠭᠠᠬᠤ ᠦᠭᠡᠢ ᠪᠠᠢᠨ᠎ᠠ! ᠭᠡᠵᠦ ᠴᠢᠷᠠᠢ ᠲᠥᠪᠯᠡᠭᠦᠨ ᠬᠡᠯᠡᠪᠡ᠃  
       — ᠬᠠᠮᠢᠶ᠎ᠠ ᠦᠭᠡᠢ᠂ ᠮᠣᠩᠭᠣᠯ ᠢ᠋ᠶ᠋ᠠᠷ ᠬᠡᠯᠡᠬᠦ ᠳ᠋ᠦ᠍ ᠡᠳᠡᠨᠥᠰ ᠯᠤᠳᠤᠤᠰᠤ① ᠪᠠᠨ ᠮᠡᠳᠡᠬᠦ ᠶᠦᠮ! ᠶᠠᠭᠤ ᠪᠠᠨ ᠡᠷᠡᠭᠡ ᠦᠭᠡᠢ ᠬᠡᠯᠡᠴᠢᠬᠡ! 
       — ᠶᠠᠭᠠᠬᠢᠪᠠ? ᠴᠢ ᠲᠡᠷᠡ ᠬᠣᠶᠠᠷ ᠮᠠᠨᠠᠭᠤᠯ ᠢ᠋ᠶ᠋ᠠᠨ ᠶᠠᠪᠤᠭᠤᠯᠴᠢᠬᠠᠪᠠᠯ ᠨᠠᠳᠠ ᠠ᠋ᠴᠠ ᠠᠶᠤᠵᠤ ᠪᠠᠢᠨ᠎ᠠ ᠤᠤ? ᠪᠢ ᠬᠥᠮᠦᠨ ᠪᠠᠷᠢᠵᠤ ᠢᠳᠡᠬᠦ ᠦᠭᠡᠢ᠃ ᠲᠡᠢᠮᠦ ᠴᠢᠳᠠᠯ ᠲᠠᠢ ᠪᠠᠢᠭᠰᠠᠨ ᠪᠣᠯ ᠥᠨᠥᠳᠥᠷ ᠴᠢᠮ᠎ᠠ ᠪᠠᠷ ᠢᠩᠭᠢᠵᠦ ᠶᠠᠮᠤᠯᠠᠭᠤᠯᠬᠤ ᠦᠭᠡᠢ ᠳᠡ! ᠭᠡᠪᠡ᠃ 
       ᠴᠣᠭᠪᠠᠭᠠᠲᠤᠷ ᠬᠣᠶᠠᠷ ᠳᠠᠭᠠᠯᠲᠠ ᠳ᠋ᠠᠭᠠᠨ《ᠭᠠᠷ》 ᠭᠡᠰᠡᠨ ᠪᠢᠲᠡᠭᠦᠦ ᠳᠣᠬᠢᠶ᠎ᠠ ᠥᠭᠬᠦ ᠳ᠋ᠦ᠍ ᠥᠨᠥ ᠬᠣᠶᠠᠷ ᠨᠢ ᠡᠭᠡᠭᠡ ᠯᠡ ᠡᠵᠡᠨ ᠳ᠋ᠡᠭᠡᠨ ᠵᠠᠩᠳᠤᠷᠤᠭᠳᠠᠭᠰᠠᠨ ᠮᠤᠤᠷ ᠰᠢᠭ᠋ ᠡᠭᠦᠳᠡ ᠪᠤᠯᠢᠶᠠᠯᠳᠤᠨ ᠭᠠᠷᠪᠠ᠃ 
       ᠭᠡᠷ ᠳᠣᠲᠣᠷ᠎ᠠ ᠵᠡᠭᠦᠦ ᠭᠠᠵᠠᠷ ᠤᠨᠠᠪᠠᠴᠤ ᠰᠣᠨᠣᠰᠳᠠᠮ᠎ᠠ ᠨᠠᠮ ᠵᠢᠮ ᠪᠣᠯᠪᠠ᠃ 
       — ᠴᠣᠭᠪᠠᠭᠠᠲᠤᠷ ᠠ᠋! ᠴᠢ ᠴᠣᠬᠣᠮ ᠨᠠᠮᠠᠶ᠋ᠢ ᠶᠠᠭᠠᠬᠢᠬᠤ ᠭᠡᠪᠡ? ᠰᠠᠨᠠᠭ᠎ᠠ ᠪᠠᠨ ᠬᠡᠯᠡ!  
       — ᠪᠢ ᠲᠠᠨ ᠢ᠋ ᠶᠠᠭᠠᠬᠢᠶ᠎ᠠ ᠭᠡᠰᠡᠨ ᠴᠦ᠍ ᠦᠭᠡᠢ᠃ 
       — ᠲᠡᠭᠡᠭᠡᠳ ᠬᠡᠨ ᠨᠠᠮᠠᠶ᠋ᠢ ᠵᠠᠮ ᠲᠣᠰᠴᠤ ᠡᠨᠳᠡ ᠠᠪᠴᠢᠷᠠᠵᠤ ᠬᠣᠷᠢᠪᠠ? 
       — ᠪᠢ᠁ ᠪᠢ᠁ ᠲᠡᠢᠮᠦ ᠰᠠᠨᠠᠭ᠎ᠠ ᠦᠭᠡᠢ ᠠ᠋! ᠭᠡᠵᠦ ᠡᠭ ᠮᠡᠭ ᠭᠡᠨ᠎ᠡ᠃ 
       — ᠴᠢ ᠪᠢᠲᠡᠭᠡᠢ ᠦᠭᠡ ᠪᠡᠨ ᠮᠠᠯᠵᠢᠵᠤ ᠮᠥᠷ ᠢ᠋ᠶ᠋ᠡᠨ ᠪᠠᠯᠠᠯᠬᠤ ᠭᠡᠳ ᠪᠠᠢ᠃ ᠪᠢ ᠲᠠᠨᠤᠰ ᠤ᠋ᠨ ᠰᠠᠨᠠᠭ᠎ᠠ ᠶ᠋ᠢ ᠴᠠᠭᠠᠨ᠎ᠠ ᠨᠢ ᠭᠠᠷᠲᠠᠯ᠎ᠠ ᠮᠡᠳᠡᠨ᠎ᠡ᠃ 
       — ᠬᠡᠩ! ᠮᠠᠨᠤᠰ ᠶᠠᠮᠠᠷ ᠰᠠᠨᠠᠭ᠎ᠠ ᠲᠠᠢ ᠪᠣᠢ? ᠪᠢᠲᠡᠭᠡᠢ ᠡᠯᠳᠡᠪ ᠡᠰᠡ ᠶ᠋ᠢᠨ ᠶᠠᠭᠤᠮ᠎ᠠ ᠪᠣᠳᠣᠵᠤ ᠪᠡᠶ᠎ᠡ ᠪᠡᠨ ᠰᠢᠨᠠᠯᠭᠠᠭᠠᠳ ᠪᠠᠢ ᠪᠠᠭ᠎ᠠ ᠬᠠᠲᠤᠨ ᠠ᠋! ᠵᠠᠷᠢᠮ ᠤᠴᠢᠷ ᠢ᠋ ᠲᠠ ᠪᠡᠶ᠎ᠡ ᠡᠴᠡ ᠪᠡᠨ ᠢᠯᠡᠭᠦᠬᠡᠨ ᠡᠷᠢ! ᠭᠡᠳ ᠴᠣᠭᠪᠠᠭᠠᠲᠤᠷ ᠪᠠᠭ᠎ᠠ ᠬᠠᠲᠤᠨ ᠤ᠋ ᠡᠢᠮᠦᠷᠬᠦᠦ ᠱᠥᠯᠥ ᠤᠰᠤ ᠦᠭᠡᠢ ᠦᠭᠡ ᠠᠰᠠᠭᠤᠬᠤ ᠳ᠋ᠤᠨᠢ ᠳᠤᠷ᠎ᠠ ᠪᠤᠯᠭᠢᠵᠤ《ᠥᠭᠡᠷ᠎ᠡ ᠰᠣᠨᠢᠨ ᠶᠠᠷᠢᠮᠠᠷ ᠶᠠᠭᠤᠮ᠎ᠠ ᠠᠯᠠᠭ᠎ᠠ ᠪᠣᠯ ᠶᠠᠪᠤᠯ᠎ᠠ》 ᠭᠡᠰᠡᠨ ᠮᠠᠶᠢᠭᠲᠠᠢ ᠬᠠᠨᠵᠤᠨ ᠤ᠋ ᠢᠷᠮᠡᠭ ᠰᠠᠨᠳᠠᠢᠯᠠᠵᠤ ᠰᠠᠭᠤᠭᠰᠠᠨ ᠢ᠋ᠶ᠋ᠠᠨ ᠪᠣᠰᠪᠠ᠃ 
       — ᠪᠠᠢᠵᠠ! ᠴᠢ ᠵᠣᠷᠢᠯᠭ᠎ᠠ ᠰᠠᠨᠠᠭ᠎ᠠ ᠪᠠᠨ ᠨᠠᠳᠠ ᠬᠡᠯᠡᠬᠦ ᠦᠭᠡᠢ ᠪᠣᠯ ᠪᠢ ᠴᠢᠮ᠎ᠠ ᠳ᠋ᠤ᠌ ᠶᠠᠷᠢᠭᠠᠳ ᠥᠭᠭᠦᠶ᠎ᠡ! ᠰᠣᠨᠣᠰᠬᠤᠯᠠᠩᠲᠠᠢ ᠭᠡᠵᠦ ᠪᠣᠳᠣᠪᠠᠯ ᠴᠢ ᠳᠣᠲᠣᠷ᠎ᠠ ᠪᠠᠨ ᠲᠤᠩᠭᠠᠵᠤ ᠦᠵᠡ! ᠰᠣᠨᠣᠰᠪᠤᠷᠢ ᠮᠠᠭᠤᠲᠠᠢ ᠪᠣᠯ ᠵᠡᠭᠦᠨ ᠴᠢᠬᠢ ᠪᠡᠷ ᠢ᠋ᠶ᠋ᠡᠨ ᠣᠷᠣᠭᠤᠯᠤᠭᠠᠳ ᠪᠠᠷᠠᠭᠤᠨ ᠴᠢᠬᠢ ᠪᠡᠷ ᠢ᠋ᠶ᠋ᠡᠨ ᠭᠠᠷᠭᠠᠴᠢᠬ᠎ᠠ! ᠭᠡᠰᠡᠨ ᠳ᠋ᠦ᠍ ᠴᠣᠭᠪᠠᠭᠠᠲᠤᠷ ᠴᠣᠬᠣᠮ ᠶᠠᠭᠤ ᠪᠣᠳᠣᠭᠰᠠᠨ ᠢ᠋ ᠮᠡᠳᠡᠬᠦ ᠦᠭᠡᠢ ᠬᠠᠷᠮᠠᠨ ᠠ᠋ᠴᠠ ᠪᠠᠨ ᠨᠢᠭᠡ ᠵᠢᠵᠢᠭᠬᠡᠨ ᠪᠠᠭᠯᠠᠭ᠎ᠠ ᠬᠠᠷ᠎ᠠ ᠲᠠᠮᠠᠬᠢ ᠭᠠᠷᠭᠠᠵᠤ ᠪᠠᠭ᠎ᠠ ᠬᠠᠲᠤᠨ ᠳ᠋ᠤ᠌ ᠥᠭᠪᠡ᠃  
       ᠬᠣᠶᠠᠭᠤᠯᠠ ᠦᠭᠡ ᠳᠠᠭᠤᠨ ᠦᠭᠡᠢ ᠬᠠᠷ᠎ᠠ ᠲᠠᠮᠠᠬᠢ ᠴᠣᠷᠭᠢᠭᠤᠯᠵᠤ  ᠬᠡᠰᠡᠭ ᠰᠠᠭᠤᠪᠠ᠃  
       — ᠰᠸᠯᠢᠩ ᠲᠠ ᠶᠠᠭᠤ ᠰᠠᠨᠠᠭᠰᠠᠨ ᠪᠣᠯ ᠶᠠᠭᠤ ᠪᠠᠨ ᠶᠠᠷᠢᠭᠠᠴᠢ ᠳᠠ! ᠪᠢ ᠰᠣᠨᠣᠰᠤᠶ᠎ᠠ! ᠭᠡᠬᠦ ᠳ᠋ᠦ᠍᠂ ᠪᠠᠭ᠎ᠠ ᠬᠠᠲᠤᠨ ᠡᠢᠨ ᠬᠦ᠌ ᠭᠠᠴᠢᠭᠳᠠᠯ ᠪᠣᠭᠣᠭᠳᠠᠯ ᠲᠠᠢ ᠣᠷᠴᠢᠨ ᠳ᠋ᠤ᠌ ᠴᠣᠭᠪᠠᠭᠠᠲᠤᠷ ᠤ᠋ᠨ ᠥᠭᠭᠦᠭᠰᠡᠨ ᠬᠠᠷ᠎ᠠ ᠲᠠᠮᠠᠬᠢᠨ ᠠ᠋ᠴᠠ ᠰᠤᠷᠤᠭᠠᠳ ᠰᠡᠳᠬᠢᠯ ᠨᠢ ᠳᠣᠭᠳᠣᠯᠬᠤ ᠳ᠋ᠠᠭᠠᠨ ᠬᠣᠭᠣᠯᠠᠢ ᠨᠢ ᠴᠡᠴᠡᠷᠭᠡᠨᠡᠨ᠄  
       — ᠴᠣᠭᠪᠠᠭᠠᠲᠤᠷ ᠠ᠋! ᠴᠢ ᠳᠡᠩᠳᠡᠭᠦᠦ ᠬᠥᠩᠭᠡᠨ ᠬᠠᠭᠤᠮᠠᠭᠠᠢ! ᠬᠥᠮᠦᠨ ᠦ᠌ ᠦᠭᠡ ᠪᠡᠷ ᠪᠣᠯᠵᠤ ᠤᠰᠤᠨ ᠵᠢᠷᠣᠭ᠎ᠠ ᠣᠷᠣᠬᠤ ᠶ᠋ᠢᠨ ᠣᠷᠣᠨ ᠳ᠋ᠤ᠌ ᠤᠳᠤᠮ ᠤᠭᠰᠠᠭᠠᠨ ᠤ᠋ ᠪᠠᠨ ᠤᠨᠠᠭᠠᠨ ᠵᠢᠷᠣᠭ᠎ᠠ ᠶ᠋ᠢ ᠡᠯᠭᠦᠪᠡᠯ ᠶᠠᠭᠠᠬᠢᠳᠠᠭ ᠶᠤᠮ? ᠴᠢ ᠶᠡᠷᠦ ᠨᠢ ᠰᠣᠨᠢᠨ ᠶᠤᠮ᠃ ᠪᠠᠷᠠᠭᠤᠨ ᠲᠤᠰᠠᠯᠠᠭᠴᠢ ᠭᠤᠸᠠᠢ ᠠᠮᠢᠳᠤ ᠰᠡᠷᠡᠭᠦᠨ ᠪᠠᠢᠬᠤ ᠳ᠋ᠠᠭᠠᠨ ᠪᠠᠷᠠᠭᠤᠨ ᠬᠦᠩ ᠦ᠋ᠨ ᠲᠥᠯᠥᠭᠡ ᠨᠠᠰᠤ ᠪᠠᠷ ᠢ᠋ᠶ᠋ᠠᠨ ᠨᠢᠷᠤᠭᠤ ᠬᠣᠲᠣᠢᠬᠤ ᠦᠭᠡᠢ ᠵᠢᠳᠬᠦᠵᠦ ᠶᠠᠪᠤᠭᠰᠠᠨ ᠭᠠᠪᠢᠶᠠᠲᠤ ᠲᠦᠰᠢᠮᠡᠳ ᠦ᠋ᠨ ᠨᠢᠭᠡ᠃ ᠡᠴᠦᠰ ᠲᠡᠭᠡᠨ ᠬᠡᠨ ᠦ᠌ ᠭᠠᠷ ᠲᠤ ᠬᠢᠯᠢᠰ ᠦᠬᠦᠪᠡ? ᠴᠢ ᠮᠡᠳᠡᠬᠦ ᠤᠤ? ᠡᠯᠳᠡᠩᠭᠡ᠂ ᠵᠤᠳᠪᠠ ᠨᠠᠷ ᠰᠢᠷ᠎ᠠ ᠴᠡᠷᠢᠭ ᠦ᠋ᠨ ᠨᠥᠮᠥᠷᠢ ᠪᠡᠷ ᠡᠴᠢᠭᠡ ᠶ᠋ᠢ ᠴᠢᠨᠢ ᠴᠦᠯᠡᠯᠭᠡᠨ ᠳ᠋ᠦ᠍ ᠭᠠᠷᠭᠠᠵᠤ ᠲᠠᠷᠴᠢᠯᠠᠭᠠᠨ᠂ ᠠᠯᠠᠭᠰᠠᠨ ᠢ᠋ ᠴᠢ ᠮᠡᠳᠡᠬᠦ ᠦᠭᠡᠢ ᠪᠢᠰᠢ᠃ ᠭᠡᠲᠡᠯ᠎ᠡ ᠴᠢᠰᠤᠨ ᠥᠰᠢᠶᠡᠲᠡᠨ ᠦ᠌ ᠪᠡᠨ ᠤᠷᠠᠨ ᠮᠡᠬᠡᠨ ᠳ᠋ᠦ᠍ ᠤᠨᠠᠵᠤ ᠠᠴᠢ ᠬᠦᠷᠭᠡᠨ ᠨᠢ ᠪᠣᠯᠬᠤ ᠭᠡᠳ ᠣᠭᠰᠣᠢᠮᠠᠷ ᠶᠠᠭᠤ ᠪᠠᠢᠨ᠎ᠠ? ᠥᠨᠥᠳᠥᠷ ᠴᠢ ᠡᠯᠳᠡᠩᠭᠡ᠂ ᠵᠤᠳᠪᠠ ᠶ᠋ᠢᠨ ᠳᠣᠬᠢᠯᠲᠠ ᠪᠠᠷ ᠢᠩᠭᠢᠵᠦ ᠲᠡᠨᠡᠭ ᠬᠡᠷᠡᠭ ᠬᠢᠵᠦ ᠪᠠᠢᠭ᠎ᠠ ᠶ᠋ᠢ ᠴᠢᠨᠢ ᠦᠵᠡᠭᠡᠳ ᠪᠢ ᠢᠨᠢᠶᠡᠳᠦ ᠬᠦᠷᠦᠨ᠎ᠡ᠃ ᠢᠩᠭᠢᠳᠡᠭ ᠦ᠋ᠨ ᠵᠣᠷᠢᠯᠭ᠎ᠠ ᠴᠢᠨᠢ ᠶᠠᠭᠤ ᠪᠣᠢ? ᠭᠠᠭᠴᠠᠬᠠᠨ ᠡᠷᠬᠡ ᠶ᠋ᠢᠨ ᠲᠥᠯᠥᠭᠡ ᠪᠢᠵᠡ? ᠪᠠᠷᠠᠭᠤᠨ ᠬᠦᠩ ᠦ᠋ᠨ ᠵᠠᠰᠠᠭ ᠤ᠋ᠨ ᠡᠷᠬᠡ ᠶ᠋ᠢ ᠪᠠᠷᠢᠬᠤ ᠭᠡᠵᠦ ᠶᠠᠭᠠᠷᠠᠭᠰᠠᠨ ᠤ᠋ ᠤᠷᠰᠢᠭ ᠪᠢᠰᠢ ᠤᠤ? ᠪᠢ ᠴᠢᠮ᠎ᠠ ᠳ᠋ᠤ᠌ ᠡᠷᠬᠡ ᠥᠭᠭᠦᠭᠰᠡᠨ ᠦᠭᠡᠢ ᠪᠢᠰᠢ᠂ ᠥᠭᠭᠦᠭᠰᠡᠨ ᠰᠢᠦ᠂ ᠪᠠᠷᠠᠭᠤᠨ ᠬᠦᠩ ᠦ᠋ᠨ ᠴᠡᠷᠢᠭ ᠦ᠋ᠨ ᠡᠷᠬᠡ ᠶ᠋ᠢ ᠳᠡᠢᠯᠦᠩᠭᠦᠢ ᠶ᠋ᠢ ᠨᠢ ᠴᠢᠮ᠎ᠠ ᠳ᠋ᠤ᠌ ᠪᠠᠷᠢᠭᠤᠯᠤᠭᠰᠠᠨ ᠢ᠋ ᠴᠢ ᠥᠪᠡᠷ ᠢ᠋ᠶ᠋ᠡᠨ ᠮᠡᠳᠡᠬᠦ ᠦᠭᠡᠢ ᠤᠤ? ᠵᠠᠯᠠᠭᠤ ᠬᠥᠮᠦᠨ ᠦ᠌ ᠤᠬᠠᠭ᠎ᠠ ᠴᠢᠳᠠᠪᠤᠷᠢ ᠶ᠋ᠢ ᠤᠳᠠᠭᠠᠨ ᠳ᠋ᠠᠭᠠᠨ ᠰᠢᠯᠭᠠᠨ ᠮᠡᠳᠡᠶ᠎ᠡ ᠭᠡᠵᠦ ᠴᠢᠨᠦ ᠶᠠᠭᠠᠷᠠᠮᠠᠲᠠᠭᠠᠢ ᠬᠠᠭᠤᠮᠠᠭᠠᠢ ᠵᠠᠩ ᠢ᠋ ᠪᠠᠭ᠎ᠠ ᠯᠠ ᠥᠲᠡᠬᠡᠷᠬᠡᠴᠢᠭᠭᠡᠭᠰᠡᠨ ᠴᠢᠨᠢ ᠴᠢ ᠲᠡᠰᠬᠡᠯ ᠠᠯᠳᠠᠵᠤ ᠴᠢᠰᠤᠨ ᠥᠰᠢᠶᠡᠲᠡᠨ ᠲᠡᠢ ᠪᠡᠨ ᠨᠢᠭᠡ ᠵᠢᠯᠣᠭᠣ ᠳᠤᠭᠲᠤᠷᠴᠤ ᠮᠢᠨᠦ ᠲᠣᠯᠣᠭᠠᠢ ᠤᠷᠤᠭᠤ ᠮᠢᠯᠠᠭ᠎ᠠ ᠳᠠᠯᠠᠢᠳᠠᠭ ᠪᠣᠯᠵᠠᠢ᠃ ᠴᠢ ᠰᠠᠢᠨ ᠪᠣᠳᠣᠵᠤ ᠦᠵᠡ ᠳᠡ!  
       ᠳᠠᠬᠢᠪᠠᠯ ᠮᠠᠨᠤᠨᠪᠠᠳᠮ᠎ᠠ ᠬᠠᠲᠤᠭᠲᠠᠢ ᠪᠠᠷᠠᠭᠤᠨ ᠬᠦᠩ ᠦ᠋ᠨ ᠲᠥᠯᠥᠭᠡ᠂ ᠥᠭᠡᠷ᠎ᠡ ᠪᠡᠷ ᠬᠡᠯᠡᠪᠡᠯ ᠮᠢᠨᠦ ᠪᠡᠶ᠎ᠡ ᠥᠨᠥᠳᠥᠷ ᠪᠣᠯᠲᠠᠯ᠎ᠠ ᠬᠥᠮᠦᠨ ᠦ᠌ ᠳᠣᠣᠷ᠎ᠠ ᠣᠷᠣᠭᠠᠳᠤᠢ ᠨᠢᠷᠤᠭᠤ ᠭᠡᠳᠡᠢᠵᠦ ᠶᠠᠪᠤᠭᠰᠠᠨ ᠨᠢ ᠬᠡᠨ ᠦ᠌ ᠠᠴᠢ ᠭᠠᠪᠢᠶ᠎ᠠ ᠪᠣᠢ? ᠨᠠᠰᠤᠲᠠᠢ ᠡᠵᠢ ᠶ᠋ᠢᠨ ᠴᠢᠨᠢ ᠭᠠᠪᠢᠶ᠎ᠠ ᠰᠢᠦ! ᠪᠢ ᠮᠠᠷᠲᠠᠵᠤ ᠴᠢᠳᠠᠬᠤ ᠦᠭᠡᠢ᠃ ᠪᠠᠭ᠎ᠠ ᠵᠠᠰᠠᠭ ᠠᠯᠲᠠᠨᠸᠴᠢᠷ ᠢ᠋ ᠤᠯᠠᠭᠠᠨ ᠨᠢᠯᠬ᠎ᠠ ᠠ᠋ᠴᠠ ᠥᠬᠦᠬᠡᠷᠳᠡᠨ ᠳᠣᠳᠣᠮᠳᠠᠵᠤ ᠬᠥᠮᠦᠨ ᠦ᠌ ᠵᠡᠷᠭᠡ ᠳ᠋ᠦ᠍ ᠬᠦᠷᠭᠡᠬᠦ ᠳ᠋ᠦ᠍ ᠬᠦᠴᠦ ᠬᠥᠯᠥᠰᠥ ᠪᠡᠨ ᠬᠠᠷᠠᠮ ᠦᠭᠡᠢ ᠤᠷᠤᠰᠬᠠᠭᠰᠠᠨ ᠬᠥᠮᠦᠨ ᠦ᠌ ᠨᠢᠭᠡ᠃ ᠡᠨᠡ ᠶᠠᠪᠤᠳᠠᠯ ᠳ᠋ᠤ᠌ ᠮᠢᠨᠦ ᠡᠬᠡ ᠴᠦ᠍ ᠢᠩᠭᠢᠵᠦ ᠬᠦᠴᠦ ᠲᠠᠯᠪᠢᠭᠰᠠᠨ ᠦᠭᠡᠢ᠃ ᠲᠡᠭᠡᠵᠦ ᠴᠦ᠍ ᠴᠢᠳᠠᠬᠤ ᠦᠭᠡᠢ᠃ ᠴᠢ ᠬᠠᠷᠠᠯ ᠯᠠ ᠳᠠ᠂ ᠡᠨᠡ ᠬᠦᠦ(ᠠᠯᠲᠠᠨᠸᠴᠢᠷ) ᠴᠢᠮ᠎ᠠ ᠲᠠᠢ ᠲᠥᠰᠦᠭᠡᠲᠡᠢ ᠪᠠᠢᠨ᠎ᠠ ᠤᠤ ᠦᠭᠡᠢ ᠤᠤ? ᠬᠥᠮᠦᠰ ᠳᠠᠯᠳᠠᠭᠤᠷ ᠨᠠᠮᠠᠶ᠋ᠢ ᠴᠣᠭᠪᠠᠭᠠᠲᠤᠷ ᠲᠠᠢ ᠨᠡᠢᠯᠡᠵᠦ ᠬᠡᠦᠬᠡᠳ ᠲᠡᠢ ᠪᠣᠯᠤᠯ᠎ᠠ ᠭᠡᠬᠦ ᠶᠦᠮ᠂ ᠪᠠᠰᠠ ᠬᠢᠲᠠᠳ ᠠ᠋ᠴᠠ ᠡᠷᠭᠦᠯ᠎ᠡ ᠭᠡᠬᠦ ᠴᠦ᠍ ᠶᠦᠮ᠂ ᠰᠣᠨᠢᠨ ᠶᠤᠮ ᠠ᠋᠃ ᠡᠭᠦᠨ ᠦ᠌ ᠲᠤᠬᠠᠢ ᠨᠠᠷᠢᠨ ᠤᠴᠢᠷ ᠢ᠋ ᠴᠢ ᠡᠵᠢ ᠡᠴᠡ ᠪᠡᠨ ᠠᠰᠠᠭᠤ ᠳᠠ! ᠨᠠᠰᠤᠲᠠᠨ ᠭᠤᠸᠠᠢ ᠭᠠᠭᠴᠠ ᠴᠢᠮ᠎ᠠ ᠳ᠋ᠤ᠌ ᠯᠠ ᠬᠡᠯᠡᠬᠦ ᠪᠣᠢ᠂ ᠨᠢᠭᠡ ᠪᠣᠯ ᠬᠡᠯᠡᠬᠦ ᠵᠣᠷᠢᠭ ᠦᠭᠡᠢ ᠴᠦ᠍ ᠪᠠᠢᠵᠤ ᠮᠡᠳᠡᠨ᠎ᠡ᠃ ᠪᠢ ᠡᠭᠦᠨ ᠢ᠋ ᠨᠠᠷᠢᠨ ᠶᠠᠷᠢᠬᠤ ᠳᠤᠷ᠎ᠠ ᠦᠭᠡᠢ᠃ 
       ᠴᠣᠭᠪᠠᠭᠠᠲᠤᠷ ᠤ᠋ᠨ ᠴᠢᠷᠠᠢ ᠨᠢ ᠴᠠᠢᠵᠤ ᠪᠠᠢᠭᠰᠠᠨ ᠢ᠋ᠶ᠋ᠠᠨ ᠤᠯᠠᠢᠵᠤ᠂ ᠰᠡᠭᠦᠯ ᠳ᠋ᠡᠭᠡᠨ ᠪᠦᠷ ᠪᠣᠷᠣᠯᠠᠵᠤ ᠬᠠᠮᠠᠷ ᠤ᠋ᠨ ᠬᠢᠨᠢ ᠦᠵᠦᠭᠦᠷ ᠲᠦ᠍ ᠬᠣᠷᠭᠣᠯ ᠤ᠋ᠨ ᠴᠢᠨᠡᠭᠡ ᠬᠥᠯᠥᠰᠥ ᠪᠠᠳᠬᠤᠨ᠎ᠠ᠃ ᠲᠡᠷᠡ ᠪᠠᠭ᠎ᠠ ᠬᠠᠲᠤᠨ ᠤ᠋ ᠬᠡᠯᠡᠬᠦ ᠶ᠋ᠢ ᠰᠣᠨᠣᠰᠤᠭᠠᠳ ᠰᠡᠳᠬᠢᠯ ᠨᠢ ᠳᠣᠭᠳᠣᠯᠤᠭᠰᠠᠨ ᠪᠣᠯᠤᠯᠲᠠᠢ ᠲᠡᠭᠦᠨ ᠦ᠌ ᠦᠭᠡ ᠶ᠋ᠢ ᠠᠩᠬᠠᠷᠤᠯᠲᠠᠢ ᠴᠢᠩᠨᠠᠵᠤ ᠰᠠᠭᠤᠨ᠎ᠠ᠁ 
       — ᠮᠠᠨᠣᠨᠪᠠᠳᠮ᠎ᠠ ᠡᠵᠢ ᠢᠩᠭᠢᠵᠦ ᠴᠢᠰᠤ ᠬᠥᠯᠥᠰᠥ ᠪᠡᠨ ᠤᠷᠤᠰᠬᠠᠨ ᠵᠢᠳᠬᠦᠵᠦ ᠢᠷᠡᠳᠡᠭ ᠦ᠋ᠨ ᠵᠣᠷᠢᠯᠭ᠎ᠠ ᠶᠠᠭᠤ ᠪᠣᠢ? ᠪᠠᠰᠠ ᠯᠠ ᠡᠷᠬᠡ ᠶ᠋ᠢᠨ ᠲᠥᠯᠥᠭᠡ᠃ ᠪᠠᠷᠠᠭᠤᠨ ᠲᠤᠰᠠᠯᠠᠭᠴᠢ ᠶ᠋ᠢᠨ ᠰᠠᠭᠤᠳᠠᠯ ᠢ᠋ ᠴᠢᠮ᠎ᠠ ᠳ᠋ᠤ᠌ ᠵᠠᠯᠭᠠᠭᠤᠯᠬᠤ ᠭᠡᠵᠦ ᠨᠠᠳᠠ ᠣᠯᠠᠨᠲᠠ ᠶᠠᠷᠢᠭᠰᠠᠨ ᠶᠤᠮ᠃ ᠪᠢ ᠰᠡᠳᠬᠢᠯ ᠳ᠋ᠡᠭᠡᠨ ᠠᠪᠤᠭᠰᠠᠨ ᠦᠭᠡᠢ ᠪᠢᠰᠢ᠂ ᠠᠭᠠᠵᠢᠮ ᠳ᠋ᠠᠭᠠᠨ ᠠᠶ᠎ᠠ ᠶ᠋ᠢ ᠨᠢ ᠦᠵᠡᠶ᠎ᠡ! ᠭᠡᠰᠡᠨ ᠨᠢ ᠨᠠᠰᠤᠲᠠᠨ ᠭᠤᠸᠠᠢ ᠶ᠋ᠢᠨ ᠳᠤᠷ᠎ᠠ ᠦᠭᠡᠢᠴᠠᠯ ᠢ᠋ ᠬᠦᠷᠭᠡᠵᠦ ᠭᠣᠮᠣᠳᠠᠭᠠᠪᠠ ᠪᠣᠯᠤᠯᠲᠠᠢ᠃ ᠡᠨᠡ ᠪᠦᠷ ᠴᠢᠨᠦ ᠤᠷᠰᠢᠭ᠃ ᠶᠠᠭᠤᠮᠠᠨ ᠳ᠋ᠤ᠌ ᠬᠥᠩᠭᠡᠨ ᠬᠠᠭᠤᠮᠠᠭᠠᠢ᠃ ᠴᠢ ᠨᠠᠮᠠᠶ᠋ᠢ ᠬᠡᠰᠢᠭᠲᠡᠢ ᠲᠡᠢ ᠰᠠᠢᠨ ᠢ᠋ ᠠᠳᠠ ᠦᠵᠡᠵᠦ᠂ ᠥᠨᠥᠳᠥᠷ ᠮᠢᠨᠦ ᠵᠠᠮ ᠢ᠋ ᠲᠤᠰᠬᠤ ᠴᠢᠨᠢ ᠶᠠᠭᠤ ᠪᠣᠢ? ᠠᠯᠢ ᠨᠢᠭᠡ ᠡᠳᠦᠷ ᠴᠢ ᠬᠡᠰᠢᠭᠲᠡᠢ ᠶ᠋ᠢ ᠴᠣᠬᠣᠮ ᠬᠡᠨ ᠪᠣᠯᠬᠤ ᠶ᠋ᠢ ᠮᠡᠳᠡᠭᠰᠡᠨ ᠴᠠᠭ ᠲᠤ ᠭᠡᠮᠰᠢᠬᠦ ᠪᠣᠢ᠃ ᠨᠠᠮᠠᠶ᠋ᠢ ᠬᠣᠣᠷᠯᠠᠬᠤ ᠴᠢᠨᠢ ᠭᠠᠢᠭᠤᠢ ᠬᠡᠷᠡᠭ᠁ ᠬᠡᠰᠢᠭᠲᠡᠢ ᠶ᠋ᠢ ᠶᠠᠭᠠᠬᠢᠭᠰᠠᠨ ᠴᠣ ᠬᠣᠣᠷᠯᠠᠵᠤ ᠪᠣᠯᠬᠤ ᠦᠭᠡᠢ᠃ ᠲᠡᠭᠡᠬᠦ ᠶᠦᠮ ᠪᠣᠯ ᠪᠤᠷᠬᠠᠨ ᠲᠩᠷᠢ ᠪᠤᠷᠤᠭᠤ ᠦᠵᠡᠬᠦ ᠶ᠋ᠢ ᠬᠡᠯᠡᠬᠦ ᠦᠭᠡᠢ᠂ ᠡᠴᠢᠭᠡ ᠳᠡᠭᠡᠳᠦᠭᠦᠯᠡ ᠶ᠋ᠢᠨ ᠴᠢᠨᠢ ᠰᠦᠨᠡᠰᠦ ᠴᠦ᠍ ᠴᠢᠮ᠎ᠠ ᠶ᠋ᠢ ᠠᠭᠤᠴᠢᠯᠠᠬᠤ ᠦᠭᠡᠢ ᠁ ᠴᠣᠭᠪᠠᠭᠠᠲᠤᠷ ᠡᠨᠳᠡ ᠬᠦᠷᠲᠡᠯ᠎ᠡ ᠰᠣᠨᠣᠰᠤᠭᠠᠳ ᠰᠡᠳᠬᠢᠯ ᠨᠢ ᠬᠥᠪᠬᠡᠯᠵᠡᠨ ᠰᠠᠭᠤᠵᠤ ᠲᠣᠭᠲᠠᠬᠤ ᠦᠭᠡᠢ ᠣᠪᠣᠯᠵᠠᠨ᠄  
       — ᠬᠠᠲᠤᠨ ᠰᠸᠯᠢᠩ ᠠ᠋! ᠮᠢᠨᠦ ᠪᠤᠷᠤᠭᠤ ᠁ ᠡᠯᠳᠡᠩᠭᠡ᠂ ᠵᠣᠳᠪᠠ ᠨᠠᠷ ᠤ᠋ᠨ ᠠᠷᠭᠠᠨ ᠳ᠋ᠤ᠌ ᠣᠷᠣᠵᠤ ᠬᠥᠮᠦᠨ ᠴᠢᠨᠠᠷ ᠦᠭᠡᠢ ᠶᠠᠭᠤᠮ᠎ᠠ ᠬᠢᠴᠢᠬᠡᠯ᠎ᠡ! ᠣᠳᠣ ᠶᠠᠭᠠᠬᠢᠳᠠᠭ ᠪᠢᠯᠡ⁈ ᠪᠢ ᠲᠠᠨ ᠳ᠋ᠤ᠌ ᠪᠤᠷᠤᠭᠤ ᠮᠡᠳᠡᠶ᠎ᠡ! ᠭᠡᠳ ᠪᠠᠭ᠎ᠠ ᠬᠠᠲᠤᠨ ᠤ᠋ ᠡᠮᠦᠨ᠎ᠡ ᠰᠥᠭᠥᠳᠬᠦ ᠭᠡᠰᠡᠨ ᠢ᠋ ᠲᠡᠷᠡ ᠡᠷᠭᠦᠵᠦ ᠪᠣᠰᠬᠠᠭᠠᠳ᠄ 
       — ᠣᠳᠣ ᠴᠢᠨᠦ ᠡᠮᠦᠨ᠎ᠡ ᠭᠠᠭᠴᠠᠬᠠᠨ ᠵᠠᠮ ᠪᠠᠢᠨ᠎ᠠ᠃ ᠡᠨᠡ ᠵᠠᠮ ᠢ᠋ᠶ᠋ᠠᠷ ᠵᠣᠷᠢᠭᠲᠠᠢ ᠶᠠᠪᠤᠵᠤ ᠴᠢᠳᠠᠪᠠᠯ ᠪᠠᠷᠠᠭᠤᠨ ᠬᠦᠩ ᠦ᠋ᠨ ᠬᠣᠰᠢᠭᠤ ᠳᠠᠶᠠᠭᠠᠷ ᠴᠢᠮᠠᠶ᠋ᠢ ᠠᠭᠤᠴᠢᠯᠠᠬᠤ ᠪᠣᠯᠤᠨ᠎ᠠ ᠭᠡᠪᠡ᠃ 
       — ᠶᠠᠮᠠᠷ ᠵᠠᠮ? ᠁ 
       — ᠬᠡᠷᠡᠭ ᠦ᠋ᠨ ᠡᠵᠡᠨ ᠡᠯᠳᠡᠩᠭᠡ ᠵᠣᠳᠪᠠ ᠬᠣᠶᠠᠷ ᠢ᠋ ᠳᠠᠷᠤᠢᠬᠠᠨ ᠲᠣᠨᠢᠯᠭᠠᠬᠤ ᠬᠡᠷᠡᠭᠲᠡᠢ! 
       — ᠶᠠᠭᠤ? ᠡᠯᠳᠡᠩᠭᠡ ᠵᠣᠳᠪᠠ ᠬᠣᠶᠠᠷ ᠢ᠋ ᠠᠯᠠᠨ᠎ᠠ ᠠ᠋?    
       — ᠲᠡᠢᠮᠦ! ᠴᠢ ᠡᠨᠡ ᠬᠣᠶᠠᠷ ᠥᠰᠢᠶᠡᠲᠡᠨ ᠢ᠋ᠶ᠋ᠡᠨ ᠤᠰᠠᠳᠬᠠᠬᠤ ᠦᠭᠡᠢ ᠪᠣᠯ ᠨᠠᠰᠤᠨ ᠳ᠋ᠠᠭᠠᠨ ᠠᠮᠤᠷ ᠵᠠᠶᠠᠭ᠎ᠠ ᠦᠵᠡᠨ᠎ᠡ ᠭᠡᠵᠦ ᠭᠣᠷᠢ ᠪᠠᠨ ᠲᠡᠳᠡ!  
       — ᠁  
       ᠴᠣᠭᠪᠠᠭᠠᠲᠤᠷ ᠳᠣᠷᠣᠭᠰᠢ ᠬᠠᠷᠠᠨ ᠦᠭᠡ ᠳᠠᠭᠤᠨ ᠦᠭᠡᠢ ᠪᠣᠳᠣᠯ ᠪᠣᠯᠤᠨ᠎ᠠ᠃ 
       — ᠴᠢ ᠡᠨᠡ ᠮᠠᠭᠤ ᠬᠣᠶᠠᠷ ᠭᠠᠢᠬᠠᠯ ᠢ᠋ ᠤᠰᠠᠳᠬᠠᠪᠠᠯ ᠪᠢ ᠪᠠᠷᠠᠭᠤᠨ ᠬᠦᠩ ᠦ᠋ᠨ ᠵᠠᠰᠠᠭ ᠴᠡᠷᠢᠭ ᠦ᠋ᠨ ᠡᠷᠬᠡ ᠶ᠋ᠢ ᠣᠳᠣ ᠪᠠᠷ ᠢ᠋ᠶ᠋ᠠᠨ ᠴᠢᠮ᠎ᠠ ᠳ᠋ᠤ᠌ ᠲᠤᠰᠢᠶᠠᠶ᠎ᠠ!  
       ᠡᠷᠬᠡ᠂ ᠡᠳ᠋᠂ ᠡᠮ᠎ᠡ ᠭᠤᠷᠪᠠ ᠪᠠᠷ ᠰᠦᠨᠡᠰᠦ ᠪᠡᠨ ᠣᠭᠣᠰᠣᠷᠯᠠᠭᠤᠯᠤᠭᠰᠠᠨ ᠴᠣᠭᠪᠠᠭᠠᠲᠤᠷ ᠪᠠᠭ᠎ᠠ ᠬᠠᠲᠤᠨ ᠤ᠋ ᠠᠮᠠᠨ ᠠ᠋ᠴᠠ《ᠪᠠᠷᠠᠭᠤᠨ ᠬᠦᠩ ᠦ᠋ᠨ ᠵᠠᠰᠠᠭ ᠴᠡᠷᠢᠭ ᠦ᠋ᠨ ᠡᠷᠬᠡ ᠶ᠋ᠢ ᠴᠢᠮ᠎ᠠ ᠳ᠋ᠤ᠌ ᠲᠤᠰᠢᠶᠠᠶ᠎ᠠ》 ᠭᠡᠰᠡᠨ ᠦᠭᠡ ᠶ᠋ᠢ ᠭᠠᠵᠠᠷ ᠤᠨᠠᠭᠠᠯ ᠦᠭᠡᠢ ᠲᠣᠰᠴᠤ ᠠᠪᠤᠭᠠᠳ᠄ 
       — ᠦᠨᠡᠨ ᠤᠤ? ᠬᠠᠲᠤᠨ ᠰᠸᠯᠢᠩ ᠠ᠋! ᠭᠡᠪᠡ᠃ 
       — ᠦᠨᠡᠨ ᠪᠠᠢᠯ ᠦᠭᠡᠢ ᠶᠠᠭᠠᠬᠢᠬᠤ ᠪᠣᠢ⁈ ᠪᠢ ᠨᠢᠭᠡ ᠬᠡᠦᠬᠡᠳ ᠲᠡᠢ ᠪᠡᠯᠪᠡᠰᠦᠨ ᠪᠦᠰᠡᠭᠦᠢ᠂ ᠪᠠᠷᠠᠭᠤᠨ ᠬᠦᠩ ᠦ᠋ᠨ ᠲᠥᠯᠥᠭᠡ ᠠᠷᠪᠠᠭᠠᠳ ᠵᠢᠯ ᠵᠢᠳᠬᠦᠯ᠎ᠡ᠃ ᠶᠠᠭᠤ ᠡᠰᠡ ᠥᠩᠭᠡᠷᠡᠭᠡᠪᠡ? ᠡᠴᠦᠰ ᠲᠡᠭᠡᠨ ᠶᠠᠭᠠᠬᠢᠪᠠ? ᠶᠠᠭᠤ ᠴᠤ᠌ ᠪᠠᠢᠬᠤ ᠦᠭᠡᠢ᠃ ᠲᠡᠷᠡ ᠮᠥᠷᠲᠡᠭᠡᠨ ᠡᠷᠬᠡ ᠴᠢᠯᠥᠭᠡ ᠪᠡᠨ ᠠᠯᠳᠠᠵᠤ᠂ ᠡᠨᠡ ᠯᠠᠮᠠ ᠶ᠋ᠢᠨ ᠭᠡᠷ ᠲᠦ᠍ ᠬᠣᠷᠢᠭᠳᠠᠭᠰᠠᠨ ᠮᠢᠨᠢ ᠱᠣᠷᠣ ᠨᠢ ᠲᠡᠷᠡ! ᠣᠳᠣ ᠪᠢ ᠪᠦᠬᠦ ᠡᠷᠬᠡ ᠪᠡᠨ ᠴᠢᠮ᠎ᠠ ᠳ᠋ᠤ᠌ ᠲᠤᠰᠢᠶᠠᠬᠤ ᠲᠤᠬᠠᠢ ᠵᠠᠩᠵᠤᠨ ᠶᠠᠮᠤᠨ ᠳ᠋ᠤ᠌ ᠪᠢᠴᠢᠭ ᠡᠷᠭᠦᠵᠦ ᠵᠥᠪᠰᠢᠶᠡᠷᠡᠭᠦᠯᠦᠭᠡᠳ ᠬᠣᠯᠠ ᠶᠠᠪᠤᠨ᠎ᠠ! ᠬᠡᠰᠢᠭᠲᠡᠢ ᠨᠠᠮᠠᠶ᠋ᠢ ᠠᠯᠤᠰ ᠲᠤ ᠬᠦᠯᠢᠶᠡᠵᠦ ᠪᠠᠢᠭ᠎ᠠ᠃ ᠪᠢ ᠴᠢᠮᠠᠶ᠋ᠢ ᠡᠨᠡ ᠨᠠᠰᠤᠨ ᠳ᠋ᠠᠭᠠᠨ ᠨᠢᠭᠡ ᠯᠡ ᠤᠳᠠᠭ᠎ᠠ ᠭᠤᠶᠤᠶ᠎ᠠ! ᠴᠢ ᠲᠡᠷᠡ ᠬᠣᠶᠠᠷ ᠬᠤᠯᠵᠢᠨ ᠦᠨᠡᠭᠡ ᠶ᠋ᠢ ᠲᠣᠨᠢᠯᠭᠠᠴᠢᠬᠠᠭᠠᠳ ᠨᠠᠮᠠᠶ᠋ᠢ ᠲᠠᠯᠪᠢᠭᠰᠠᠨ ᠴᠠᠭ ᠲᠤ ᠪᠢ ᠦᠨᠡᠬᠡᠷ ᠬᠣᠯᠠ ᠶᠠᠪᠤᠵᠤ ᠬᠡᠰᠢᠭᠲᠡᠢ ᠲᠡᠢ ᠪᠡᠨ ᠠᠮᠤᠷ ᠵᠢᠮᠣᠷ ᠠᠮᠢᠳᠤᠷᠠᠵᠤ ᠰᠠᠭᠤᠨ᠎ᠠ ᠁ ᠭᠡᠵᠦ ᠬᠡᠯᠡᠬᠦ ᠳ᠋ᠦ᠍ᠨᠢ ᠨᠢᠳᠦ ᠳᠦᠭᠦᠷᠡᠩ ᠵᠠᠢᠷ ᠴᠡᠢᠯᠡᠭᠡᠨᠡᠨ᠎ᠡ᠃  
       — ᠬᠠᠲᠤᠨ ᠰᠸᠯᠢᠩ ᠲᠠ ᠰᠠᠨᠠᠭ᠎ᠠ ᠠᠮᠤᠷ ᠪᠠᠢ! ᠡᠨᠡ ᠮᠠᠭᠤ ᠬᠣᠶᠠᠷ ᠦᠬᠦᠳᠡᠭ ᠦᠭᠡᠢ ᠵᠣᠪᠠᠯᠭ᠎ᠠ ᠶ᠋ᠢ ᠴᠠᠭᠠᠰᠢ ᠨᠢ ᠬᠠᠨᠳᠤᠭᠤᠯᠬᠤ ᠳ᠋ᠤ᠌ ᠶᠠᠭᠤ ᠪᠠᠢᠬᠤ ᠪᠣᠢ? ᠬᠤᠷᠤᠭᠤᠨ ᠤ᠋ ᠬᠣᠮ ᠫᠠᠳ ᠭᠡᠳ ᠴᠣᠭᠪᠠᠭᠠᠲᠤᠷ ᠪᠣᠰᠴᠤ ᠵᠣᠭᠰᠣᠪᠠ᠃  
       — ᠪᠠᠢᠵᠠ᠂ ᠬᠡᠯᠡᠬᠦ ᠳ᠋ᠦ᠍ ᠬᠢᠯᠪᠠᠷᠬᠠᠨ ᠠ᠋! ᠪᠣᠯᠭᠣᠮᠵᠢᠲᠠᠢ ᠬᠢᠬᠦ ᠦᠭᠡᠢ ᠪᠣᠯ ᠡᠷᠭᠢᠭᠡᠳ ᠬᠢᠭᠳᠡᠨ᠎ᠡ ᠰᠢᠦ᠃ ᠴᠢ ᠵᠢᠩᠬᠢᠨᠢ ᠡᠷ᠎ᠡ ᠬᠥᠮᠦᠨ ᠪᠠᠢᠭᠠᠳ ᠡᠴᠢᠭᠡ ᠳ᠋ᠡᠭᠡᠨ ᠥᠰᠢᠶ᠎ᠡ ᠶ᠋ᠢ ᠨᠢ ᠠᠪᠴᠤ ᠴᠢᠳᠠᠪᠠᠯ ᠲᠤᠰᠠᠯᠠᠭᠴᠢ ᠡᠪᠦᠭᠡᠨ ᠦ᠌ ᠲᠩᠷᠢ ᠳ᠋ᠡᠬᠢ ᠰᠦᠨᠡᠰᠦ ᠪᠠᠶᠠᠷᠯᠠᠬᠤ ᠨᠢ ᠯᠠᠪ! 
       — ᠵᠠ᠂ ᠲᠡᠭᠡᠪᠡᠯ ᠲᠠᠨ ᠤ᠋ ᠦᠭᠡ ᠪᠡᠷ ᠪᠣᠯᠤᠶ᠎ᠠ᠃ ᠪᠢ ᠲᠠᠨ ᠳ᠋ᠤ᠌ ᠠᠮᠢ ᠪᠠᠷ ᠢ᠋ᠶ᠋ᠠᠨ ᠪᠠᠲᠤᠯᠠᠨ᠎ᠠ! ᠭᠡᠳ ᠪᠠᠷᠬᠠᠰᠨᠣᠷᠪᠤ ᠯᠠᠮᠠ ᠶ᠋ᠢᠨ ᠪᠤᠷᠬᠠᠨ ᠤ᠋ ᠡᠮᠦᠨ᠎ᠡ ᠵᠤᠯᠠ ᠠᠰᠠᠭᠠᠵᠤ《ᠪᠢ ᠡᠨᠡ ᠬᠣᠶᠠᠷ ᠬᠤᠯᠠᠭᠠᠢ ᠶ᠋ᠢ ᠠᠯᠠᠵᠤ ᠴᠢᠰᠤ ᠪᠠᠷ ᠨᠢ ᠵᠢᠯᠢᠢᠭᠴᠢ ᠡᠴᠢᠭᠡ ᠶ᠋ᠢᠨ ᠰᠦᠨᠡᠰᠦ ᠶ᠋ᠢ ᠲᠠᠬᠢᠶ᠎ᠠ! ᠪᠢ ᠬᠡᠯᠡᠭᠰᠡᠨ ᠦᠭᠡᠨ ᠳ᠋ᠡᠭᠡᠨ ᠡᠰᠡ ᠬᠦᠷᠪᠡᠯ ᠲᠩᠷᠢ ᠪᠤᠷᠤᠭᠤ ᠦᠵᠡᠵᠦ ᠬᠣᠵᠢᠮ ᠤ᠋ᠨ ᠬᠥᠮᠦᠨ ᠵᠣᠪᠠᠯᠭ᠎ᠠ ᠶ᠋ᠢ ᠮᠢᠨᠢ ᠲᠤᠶᠠᠴᠢᠵᠤ ᠨᠣᠬᠠᠢ ᠲᠡᠵᠢᠭᠡ!》 ᠭᠡᠵᠦ ᠠᠮᠠᠯᠠᠪᠠ᠃ ᠪᠠᠭ᠎ᠠ ᠬᠠᠲᠤᠨ ᠴᠣᠭᠪᠠᠭᠠᠲᠤᠷ ᠤ᠋ᠨ ᠡᠢᠨ ᠬᠦ᠌ ᠲᠠᠩᠭᠠᠷᠢᠭ ᠲᠠᠯᠪᠢᠭᠰᠠᠨ ᠢ᠋ ᠦᠵᠡᠭᠡᠳ ᠰᠠᠨᠳᠤᠷᠴᠤ᠂ ᠲᠡᠭᠦᠨ ᠢ᠋ ᠡᠷᠭᠦᠨ ᠪᠤᠰᠬᠠᠭᠠᠳ᠄ 
       — ᠪᠢ ᠴᠦ᠍ ᠬᠡᠯᠡᠭᠰᠡᠨ ᠢ᠋ᠶ᠋ᠡᠨ ᠮᠡᠯᠵᠢᠬᠦ ᠦᠭᠡᠢ! ᠥᠨᠥᠳᠥᠷ ᠡᠴᠡ ᠬᠣᠢᠰᠢ ᠴᠢ ᠪᠠᠭ᠎ᠠ ᠵᠠᠰᠠᠭ ᠠᠯᠲᠠᠨᠸᠴᠢᠷ ᠢ᠋ ᠳᠣᠳᠣᠮᠳᠠᠵᠤ ᠬᠦᠩ ᠦ᠋ᠨ ᠲᠠᠮᠠᠭ᠎ᠠ ᠶ᠋ᠢ ᠠᠪᠴᠤ ᠶᠠᠪᠤᠭᠠᠷᠠᠢ! ᠡᠨᠡ ᠪᠦᠬᠦᠨ ᠢ᠋ ᠴᠢᠮ᠎ᠠ ᠳ᠋ᠤ᠌ ᠯᠠ ᠨᠠᠢᠳᠠᠶ᠎ᠠ᠃ ᠬᠦᠩ ᠦ᠋ᠨ ᠲᠠᠮᠠᠭ᠎ᠠ᠂ ᠳᠠᠩᠰᠠ ᠬᠠᠷ᠎ᠠ ᠠᠯᠢᠪᠠ ᠶᠠᠪᠤᠳᠠᠯ ᠢ᠋ ᠬᠦᠩ ᠦ᠋ᠨ ᠶᠠᠮᠤᠨ ᠪᠤᠶᠤ ᠬᠣᠰᠢᠭᠤ ᠣᠪᠣᠭᠠᠨ ᠤ᠋ ᠡᠮᠦᠨ᠎ᠡ ᠣᠴᠢᠵᠤ ᠠᠯᠪᠠᠨ ᠶᠣᠰᠣ ᠪᠠᠷ ᠴᠢᠮ᠎ᠠ ᠳ᠋ᠤ᠌ ᠲᠤᠰᠢᠶᠠᠵᠤ ᠥᠭᠭᠦᠶ᠎ᠡ! ᠭᠠᠭᠴᠠ ᠬᠦᠰᠡᠬᠦ ᠨᠢ ᠴᠢ ᠵᠢᠩᠬᠢᠨᠢ ᠡᠷ᠎ᠡ ᠬᠥᠮᠦᠨ ᠰᠢᠭ ᠬᠡᠯᠡᠭᠰᠡᠨ ᠳ᠋ᠡᠭᠡᠨ ᠡᠵᠡᠨ ᠰᠠᠭᠤᠵᠤ᠂ ᠬᠢᠯᠢᠰ ᠢ᠋ᠶ᠋ᠡᠷ ᠦᠬᠦᠭᠰᠡᠨ ᠡᠴᠢᠭᠡ ᠳ᠋ᠡᠭᠡᠨ ᠥᠰᠢᠶ᠎ᠡ ᠶ᠋ᠢ ᠨᠢ ᠠᠪᠴᠤ᠂ ᠪᠡᠯᠪᠡᠰᠦᠷᠡᠵᠦ ᠬᠣᠴᠣᠷᠤᠭᠰᠠᠨ ᠡᠵᠢ ᠶ᠋ᠢᠨ ᠢ᠋ᠶ᠋ᠡᠨ ᠰᠡᠳᠬᠢᠯ ᠢ᠋ ᠵᠠᠰᠠᠬᠤ ᠶ᠋ᠢ ᠪᠣᠳᠣᠭᠠᠷᠠᠢ! ᠭᠡᠰᠡᠨ ᠳ᠋ᠦ᠍ ᠴᠣᠭᠪᠠᠭᠠᠲᠤᠷ ᠤ᠋ᠨ ᠳᠣᠲᠣᠷ᠎ᠠ ᠳᠣᠭᠳᠣᠯᠵᠤ᠂ ᠳᠠᠷᠤᠢᠬᠠᠨ ᠭᠠᠷᠤᠭᠠᠳ ᠭᠦᠶᠦᠮᠡᠷ ᠪᠠᠢᠪᠠ᠃ 
       ᠪᠠᠭ᠎ᠠ ᠬᠠᠲᠤᠨ ᠡᠨᠡ ᠵᠠᠩᠭᠢᠯᠠᠭ᠎ᠠ ᠶ᠋ᠢᠨ ᠦᠶ᠎ᠡ ᠳ᠋ᠦ᠍ ᠴᠣᠭᠪᠠᠭᠠᠲᠤᠷ ᠤ᠋ᠨ ᠰᠡᠳᠬᠢᠯ ᠢ᠋ ᠪᠡᠶ᠎ᠡ ᠳ᠋ᠡᠭᠡᠨ ᠲᠠᠲᠠᠵᠤ ᠴᠢᠳᠠᠭᠰᠠᠨ ᠳ᠋ᠠᠭᠠᠨ ᠳᠣᠲᠣᠷ᠎ᠠ ᠨᠢ ᠲᠠᠢᠪᠤᠰᠢᠷᠠᠪᠠ᠃ 
       ᠡᠨᠡ ᠦᠶ᠎ᠡ ᠳ᠋ᠦ᠍ ᠨᠠᠷᠠ ᠠᠭᠤᠯᠠ ᠶ᠋ᠢᠨ ᠴᠠᠭᠠᠭᠤᠷ ᠰᠢᠷ᠎ᠠ ᠪᠦᠷᠦᠢ ᠲᠠᠲᠠᠭᠰᠠᠨ ᠪᠠᠢᠯ᠎ᠠ᠃ ᠣᠶᠤᠨ ᠠᠯᠢ ᠬᠡᠳᠦᠢᠨ ᠬᠣᠭᠣᠯᠠ ᠪᠤᠳᠠᠭ᠎ᠠ ᠠᠪᠴᠢᠷᠠᠴᠢᠬᠠᠭᠠᠳ ᠭᠠᠳᠠᠨ᠎ᠠ ᠬᠦᠯᠢᠶᠡᠵᠦ ᠪᠠᠢᠪᠠ᠃  
       ᠪᠠᠭ᠎ᠠ ᠬᠠᠲᠤᠨ ᠣᠷᠣᠢ ᠶ᠋ᠢᠨ ᠪᠤᠳᠠᠭ᠎ᠠ ᠶ᠋ᠢ ᠠᠮᠲᠠᠲᠠᠢ ᠴᠤ᠌ ᠬᠣᠪᠳᠣᠭ ᠴᠤ᠌ ᠢᠳᠡᠵᠦ᠂ ᠲᠡᠷᠡ ᠰᠥᠨᠢ ᠲᠠᠪᠠᠲᠠᠢᠬᠠᠨ ᠨᠣᠢᠷᠰᠤᠪᠠ᠃ 

— — — —
① ᠰᠣᠨᠣᠰᠴᠤ ᠣᠢᠯᠠᠭᠠᠬᠤ ᠦᠭᠡᠢ ᠶᠠᠭᠤ ᠴᠤ᠌ ᠮᠡᠳᠡᠬᠦ ᠦᠭᠡᠢ ᠭᠡᠰᠡᠨ ᠤᠳᠬ᠎ᠠ ᠲᠠᠢ᠃  


           ᠦᠰᠦᠭ ᠠᠮᠢᠯᠠᠭᠤᠯᠤᠭᠰᠠᠨ ᠨᠢ᠄ ᠪᠠᠭᠠᠲᠤᠷ