ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠳᠥᠷᠪᠡ> Хан мунын сүүрс < доорд > – Мөнх зохиоов ᠂Дөдгөөр бодь – Хоёрдугаар бүлэг <4>
ᠲᠦᠲᠦᠭᠡᠷ ᠪᠣᠲᠢ – ᠬᠣᠶᠠᠳᠤᠭᠠᠷ ᠪᠦᠯᠦᠭ <ᠳᠥᠷᠪᠡ>
ᠳᠥᠷᠪᠡ
ᠣᠳᠣᠳ ᠲᠦᠭᠡᠭᠰᠡᠨ ᠲᠦᠨᠡᠷ ᠬᠠᠷᠠᠩᠭᠤᠢ ᠰᠥᠨᠢ ᠴᠣᠭᠪᠠᠭᠠᠲᠤᠷ ᠮᠣᠷᠢᠨ ᠴᠡᠷᠢᠭ ᠢ᠋ᠶ᠋ᠡᠨ ᠳᠠᠢᠴᠢᠯᠠᠨ ᠠᠭᠠᠷᠤᠳᠠᠢ ᠶ᠋ᠢᠨ ᠡᠩᠭᠡᠷ ᠡᠴᠡ ᠪᠠᠷᠠᠭᠤᠨᠰᠢᠯᠠᠪᠠ᠃ ᠰᠠᠷᠠᠨ ᠤ᠋ ᠴᠠᠢᠪᠤᠷ ᠲᠤᠶᠠᠭᠠᠨ ᠳ᠋ᠤ᠌ ᠠᠭᠤᠯᠠ ᠦᠷᠭᠡᠯᠡᠵᠦ᠂ ᠲᠠᠯ᠎ᠠ ᠮᠠᠩᠰᠢᠭᠤᠷᠠᠭᠰᠠᠨ ᠲᠠᠢᠪᠤᠩ ᠰᠥᠨᠢ ᠪᠠᠢᠯ᠎ᠠ᠃ ᠠᠢᠯ ᠬᠣᠲᠠᠨ ᠤ᠋ ᠨᠣᠬᠠᠳ ᠦᠢᠮᠡᠯᠳᠦᠵᠦ ᠲᠠᠢᠪᠤᠩ ᠰᠥᠨᠢ ᠶ᠋ᠢᠨ ᠨᠠᠮ ᠵᠢᠮ ᠢ᠋ ᠡᠪᠳᠡᠨ᠎ᠡ᠃ ᠪᠢᠴᠢᠭᠢᠨᠡᠨ ᠳᠠᠪᠬᠢᠯᠳᠤᠭᠰᠠᠨ ᠲᠡᠮᠦᠷ ᠲᠠᠬ᠎ᠠ ᠲᠠᠢ ᠮᠣᠷᠢᠳ ᠤ᠋ᠨ ᠲᠤᠭᠤᠷᠠᠢ ᠬᠠᠳᠠ ᠴᠢᠯᠠᠭᠤᠨ ᠳ᠋ᠤ᠌ ᠬᠠᠷᠭᠤᠵᠤ ᠣᠴᠢ ᠦᠰᠦᠷᠦᠨ᠎ᠡ᠃
ᠦᠷ ᠴᠠᠢᠬᠤ ᠶ᠋ᠢᠨ ᠦᠶ᠎ᠡ ᠳ᠋ᠦ᠍ ᠴᠣᠭᠪᠠᠭᠠᠲᠤᠷ ᠤ᠋ᠨ ᠴᠡᠷᠢᠭ ᠬᠠᠯᠠᠭᠠᠢ ᠶ᠋ᠢᠨ ᠪᠤᠯᠤᠩ ᠳ᠋ᠤ᠌ ᠬᠦᠷᠴᠦ ᠬᠦᠩ ᠦ᠋ᠨ ᠶᠠᠮᠤᠨ ᠤ᠋ ᠴᠡᠷᠢᠭ ᠦ᠋ᠨ ᠫᠤᠤ ᠰᠤᠮᠤ᠂ ᠵᠠᠷ ᠵᠡᠪᠰᠡᠭ ᠢ᠋ ᠬᠤᠷᠢᠶᠠᠵᠤ ᠪᠢᠲᠡᠭᠦᠮᠵᠢᠯᠡᠪᠡ᠃
ᠨᠠᠷᠠ ᠭᠠᠷᠬᠤ ᠶ᠋ᠢᠨ ᠦᠶᠡᠰ ᠴᠣᠭᠪᠠᠭᠠᠲᠤᠷ ᠪᠠᠭ᠎ᠠ ᠬᠠᠲᠤᠨ ᠤ᠋ ᠰᠠᠭᠤᠳᠠᠭ ᠭᠡᠷ ᠢ᠋ ᠣᠩᠭᠢᠴᠢᠨ ᠲᠡᠨᠳᠡᠬᠢ ᠴᠡᠷᠢᠭ ᠮᠣᠷᠢ ᠶ᠋ᠢ ᠴᠡᠭᠴᠡᠯᠡᠨ ᠫᠤᠤ ᠰᠤᠮᠤ ᠶ᠋ᠢ ᠨᠢ ᠬᠤᠷᠢᠶᠠᠵᠤ ᠥᠪᠡᠷ ᠦ᠋ᠨ ᠢᠲᠡᠭᠡᠯᠲᠦ ᠴᠡᠷᠢᠭ ᠢ᠋ᠶ᠋ᠡᠷ ᠢ᠋ᠶ᠋ᠡᠨ ᠰᠠᠬᠢᠭᠤᠯᠪᠠ᠃ ᠡᠨᠡ ᠬᠣᠭᠣᠷᠣᠨᠳᠣ ᠰᠣᠯᠣᠭᠠᠢ ᠨᠠᠮᠵᠢᠯ ᠤ᠋ᠨ ᠨᠣᠶᠠᠯᠠᠭᠰᠠᠨ ᠴᠡᠷᠢᠭ ᠤᠯᠠᠭᠠᠨ ᠬᠠᠲᠤᠨ ᠤ᠋ ᠬᠥᠪᠡᠭᠡᠨ ᠳ᠋ᠦ᠍ ᠵᠤᠰᠠᠳᠠᠭ ᠨᠣᠶᠠᠨ ᠰᠠᠩ ᠤ᠋ᠨ ᠴᠡᠷᠢᠭ ᠮᠣᠷᠢᠳ ᠢ᠋ ᠬᠤᠮᠢᠵᠤ ᠬᠦᠩ ᠦ᠋ᠨ ᠶᠠᠮᠤᠨ ᠳᠡᠭᠡᠷ᠎ᠡ ᠬᠦᠷᠴᠦ ᠢᠷᠡᠪᠡ᠃
ᠪᠦᠬᠦ ᠶᠠᠭᠤᠮ᠎ᠠ ᠢᠩᠭᠢᠵᠦ ᠰᠠᠨᠠᠭᠰᠠᠨ ᠢ᠋ᠶ᠋ᠠᠷ ᠢᠯᠭᠤᠮ ᠶᠠᠪᠤᠭᠳᠠᠵᠤ ᠪᠠᠢᠯ᠎ᠠ᠁
ᠲᠡᠷᠡ ᠥᠷᠯᠥᠭᠡ ᠪᠤᠳᠠᠩ ᠲᠠᠢ᠃ ᠠᠭᠤᠯᠠ ᠶ᠋ᠢᠨ ᠪᠦᠰᠡᠯᠡᠭᠦᠷ ᠲᠦ᠍ ᠡᠭᠦᠯᠡ ᠪᠠᠭᠤᠵᠤ ᠮᠠᠨᠠᠨᠲᠤᠭᠰᠠᠨ ᠪᠠᠢᠯ᠎ᠠ᠁ ᠥᠷᠯᠥᠭᠡ ᠡᠷᠲᠡ ᠴᠠᠢ ᠤᠤᠭᠤᠮᠠᠭᠴᠠ ᠡᠯᠳᠡᠩᠭᠡ ᠵᠣᠳᠪᠠ ᠬᠣᠶᠠᠷ ᠪᠠᠭ᠎ᠠ ᠬᠠᠲᠤᠨ ᠤ᠋ ᠬᠣᠷᠢᠭᠤᠯ ᠤ᠋ᠨ ᠭᠡᠷ ᠲᠦ᠍ ᠣᠷᠣᠭᠠᠳ᠄
— ᠬᠠᠲᠤᠨ ᠲᠠᠨ ᠢ᠋ ᠰᠣᠴᠢᠭᠠᠨ ᠴᠢᠯᠡᠭᠡᠯ᠎ᠡ! ᠭᠡᠪᠡ᠃
ᠪᠠᠭ᠎ᠠ ᠬᠠᠲᠤᠨ ᠡᠳᠡ ᠬᠣᠶᠠᠷ ᠤ᠋ᠨ ᠣᠷᠣᠵᠤ ᠢᠷᠡᠬᠦ ᠶ᠋ᠢ ᠰᠠᠨᠠᠭᠠᠨ ᠳ᠋ᠤ᠌ ᠦᠭᠡᠢ ᠪᠠᠢᠵᠠᠢ᠃ ᠡᠢᠨ ᠬᠦ᠌ ᠨᠢᠳᠦᠨ ᠳ᠋ᠦ᠍ᠨᠢ ᠬᠣᠷᠣᠰᠤᠯ ᠤ᠋ᠨ ᠵᠠᠢᠷ ᠮᠡᠯᠲᠡᠭᠡᠨᠡᠵᠦ ᠡᠯᠳᠡᠩᠭᠡ ᠶ᠋ᠢ ᠦᠭᠡ ᠳᠠᠭᠤᠨ ᠦᠭᠡᠢ ᠰᠢᠷᠳᠡᠨ᠎ᠡ᠃
— ᠬᠠᠲᠤᠨ ᠰᠸᠯᠢᠩ ᠲᠠ ᠴᠠᠢ ᠪᠠᠨ ᠤᠤᠭᠤᠴᠢᠬᠠᠪᠠ ᠤᠤ? ᠭᠡᠬᠦ ᠳ᠋ᠦ᠍ ᠪᠠᠭ᠎ᠠ ᠬᠠᠲᠤᠨ ᠡᠳᠡᠨᠥᠰ ᠢ᠋ ᠡᠭᠡᠯᠵᠢᠯᠡᠨ ᠬᠠᠷᠠᠭᠠᠳ ᠶᠠᠭᠤ ᠨᠢᠭᠡ ᠶ᠋ᠢ ᠬᠡᠯᠡᠬᠦ ᠭᠡᠰᠡᠨ ᠢ᠋ᠶ᠋ᠡᠨ ᠪᠣᠯᠢᠵᠤ ᠵᠥᠷᠢᠭᠦᠦ ᠬᠠᠷᠠᠵᠤ ᠰᠠᠭᠤᠪᠠ᠃
— ᠥᠨᠥᠳᠥᠷ ᠪᠢ ᠪᠠᠷᠠᠭᠤᠨ ᠬᠦᠩ ᠦ᠋ᠨ ᠣᠯᠠᠨ ᠲᠦᠮᠡᠨ ᠦ᠌ ᠡᠮᠦᠨ᠎ᠡ ᠡᠴᠡ ᠴᠢᠮ᠎ᠠ ᠲᠠᠢ ᠠᠯᠪᠠᠨ ᠶᠣᠰᠣᠨ ᠤ᠋ ᠬᠡᠯᠡᠯᠴᠡᠭᠡᠷ ᠬᠢᠬᠦ ᠪᠡᠷ ᠢᠷᠡᠯ᠎ᠡ ᠭᠡᠵᠦ ᠡᠯᠳᠡᠩᠭᠡ ᠬᠡᠯᠡᠪᠡ᠃
ᠪᠠᠭ᠎ᠠ ᠬᠠᠲᠤᠨ᠂ ᠡᠯᠳᠡᠩᠭᠡ ᠶ᠋ᠢᠨ ᠢᠩᠭᠢᠵᠦ ᠬᠡᠯᠡᠬᠦ ᠶ᠋ᠢ ᠰᠣᠨᠣᠰᠤᠭᠠᠳ ᠬᠢᠷᠳ᠋ᠬᠢᠵᠦ ᠳᠣᠲᠣᠷ᠎ᠠ ᠪᠠᠨ《 ᠪᠢ ᠥᠨᠥᠳᠥᠷ ᠡᠨᠡ ᠬᠡᠮᠵᠢᠶᠡᠨ ᠳ᠋ᠦ᠍ ᠬᠦᠷᠦᠭᠰᠡᠨ ᠨᠢ ᠡᠳᠡᠨᠥᠰ ᠦ᠋ᠨ ᠠᠯᠢ ᠡᠷᠲᠡ ᠡᠴᠡ ᠬᠤᠤᠪᠢᠯᠳᠤᠭᠰᠠᠨ ᠤᠷᠰᠢᠭ ᠪᠠᠢᠵᠠᠢ᠁》 ᠭᠡᠵᠦ ᠰᠠᠨᠠᠭᠠᠳ᠄
— ᠶᠠᠮᠠᠷ ᠤᠴᠢᠷ ᠪᠠᠢᠪᠠᠯ ᠰᠢᠭᠤᠳ ᠬᠡᠯᠡᠴᠢᠬᠡ! ᠪᠢ ᠡᠵᠡᠨ ᠮᠡᠳᠡᠳᠡᠭ ᠢ᠋ᠶ᠋ᠡᠨ ᠮᠡᠳᠡᠵᠦ ᠴᠢᠳᠠᠨ᠎ᠠ᠃ ᠮᠡᠳᠡᠬᠦ ᠦᠭᠡᠢ ᠶ᠋ᠢ ᠨᠢ ᠪᠣᠯ ᠮᠢᠨᠦ ᠴᠠᠭᠠᠨ᠎ᠠ ᠪᠠᠰᠠ ᠳᠠᠮ ᠳᠠᠮ ᠲᠩᠷᠢ ᠪᠠᠢᠭ᠎ᠠ᠃ ᠲᠠ ᠨᠠᠷ ᠶᠠᠭᠠᠬᠢᠬᠤ ᠳ᠋ᠠᠭᠠᠨ ᠨᠠᠮᠠᠶ᠋ᠢ ᠢᠩᠭᠢᠳᠡᠭ ᠪᠣᠢ? ᠬᠡᠦᠬᠡᠳ ᠵᠤᠯᠵᠠᠭ᠎ᠠ ᠳᠠᠭᠠᠭᠤᠯᠤᠭᠰᠠᠨ ᠪᠡᠳᠡᠷᠡᠩᠬᠡᠢ ᠪᠡᠯᠪᠡᠰᠦᠨ ᠡᠮ᠎ᠡ ᠶ᠋ᠢᠨ ᠬᠢᠷᠢ ᠶ᠋ᠢ ᠦᠵᠡᠬᠦ ᠭᠡᠳ ᠪᠢᠴᠢᠭᠢᠨᠡᠭᠰᠡᠨ ᠳ᠋ᠡᠭᠡᠨ ᠲᠠᠪᠠ ᠴᠢᠨᠢ ᠬᠠᠨᠵᠤ ᠪᠠᠢᠨ᠎ᠠ ᠤᠤ? ᠭᠡᠵᠦ ᠡᠯᠳᠡᠩᠭᠡ ᠶ᠋ᠢᠨ ᠡᠮᠦᠨ᠎ᠡ ᠡᠴᠡ ᠬᠠᠲᠠᠭᠤ ᠦᠭᠡ ᠠᠮᠰᠠᠭᠤᠯᠪᠠ᠃
— ᠬᠠᠲᠤᠨ ᠰᠸᠯᠢᠩ ᠠᠭᠤᠷ ᠢ᠋ᠶ᠋ᠠᠨ ᠳᠠᠷᠤ! ᠶᠠᠭᠤᠨ ᠳ᠋ᠤ᠌ ᠲᠡᠭᠡᠵᠦ ᠰᠥᠰᠥ ᠪᠡᠨ ᠴᠠᠯᠭᠢᠲᠠᠯ᠎ᠠ ᠠᠭᠤᠷᠯᠠᠨ᠎ᠠ ᠪᠣᠢ⁈
— ᠁
— ᠪᠢ ᠥᠨᠥᠳᠥᠷ ᠬᠤᠰᠢᠭᠤᠨ ᠤ᠋ ᠠᠷᠠᠳ ᠣᠯᠠᠨ ᠤ᠋ ᠬᠦᠰᠡᠯ ᠱᠠᠭᠠᠷᠳᠠᠯᠭ᠎ᠠ ᠶ᠋ᠢ ᠡᠭᠦᠷᠴᠦ ᠦᠬᠡᠷ ᠪᠦᠳᠦᠭᠦᠨ ᠵᠢᠷᠦᠬᠡᠯᠡᠵᠦ ᠬᠠᠲᠤᠨ ᠰᠸᠯᠢᠩ ᠲᠠᠨ ᠳ᠋ᠤ᠌ ᠣᠯᠠᠨ ᠤ᠋ ᠰᠠᠨᠠᠯ ᠢ᠋ ᠳᠠᠮᠵᠢᠭᠤᠯᠤᠶ᠎ᠠ ᠭᠡᠰᠡᠨ ᠶᠦᠮ ᠠ᠋! ᠲᠠ ᠲᠤᠩᠭᠠᠨ ᠪᠣᠳᠣᠵᠤ ᠬᠢᠨᠠᠮᠠᠭᠠᠢ ᠬᠠᠷᠢᠭᠤᠯᠬᠤ ᠪᠣᠯᠪᠠ ᠤᠤ?
ᠨᠢᠭᠡ᠂ ᠪᠠᠷᠠᠭᠤᠨ ᠬᠦᠩ ᠦ᠋ᠨ ᠵᠠᠰᠠᠭ ᠲᠠᠮᠠᠭ᠎ᠠ ᠪᠣᠯᠤᠨ ᠶᠡᠬᠡ ᠬᠡᠮᠵᠢᠶᠡᠨ ᠦ᠌ ᠠᠯᠲᠠ ᠮᠥᠩᠭᠥ᠂ ᠡᠳ᠋ ᠠᠭᠤᠷᠠᠰᠤ ᠶ᠋ᠢ ᠠᠪᠤᠭᠠᠳ ᠶᠠᠪᠤᠬᠤ ᠭᠡᠪᠡ? ᠬᠡᠨ ᠳ᠋ᠦ᠍ ᠥᠭᠬᠦ ᠪᠡᠷ ᠪᠣᠯᠵᠣᠭᠰᠠᠨ ᠪᠣᠢ? ᠬᠣᠰᠢᠭᠤ ᠶᠠᠮᠤᠨ ᠤ᠋ ᠵᠠᠰᠠᠭ ᠤ᠋ᠨ ᠬᠡᠷᠡᠭ ᠶᠠᠪᠤᠳᠠᠯ ᠢ᠋ᠶ᠋ᠠᠨ ᠬᠡᠨ ᠳ᠋ᠦ᠍ ᠨᠠᠢᠳᠠᠵᠤ ᠲᠤᠰᠢᠶᠠᠭᠰᠠᠨ ᠪᠣᠢ?
ᠬᠣᠶᠠᠷ᠂ ᠬᠣᠰᠢᠭᠤ ᠠᠮᠤᠷ ᠢ᠋ ᠬᠠᠮᠠᠭᠠᠯᠠᠬᠤ ᠴᠡᠷᠢᠭ ᠨᠣᠶᠠᠳ ᠴᠢᠮ᠎ᠠ ᠳ᠋ᠤ᠌ ᠬᠡᠬᠦᠳᠡᠭ ᠳᠦᠭᠦᠷᠡᠩ ᠭᠣᠮᠣᠳᠠᠯ ᠰᠠᠨᠠᠯ ᠲᠠᠢ ᠪᠠᠢᠨ᠎ᠠ᠃ ᠠᠪ ᠠᠳᠠᠯᠢᠬᠠᠨ ᠴᠡᠷᠢᠭ ᠲᠡᠭᠡᠨ ᠭᠣᠣᠯᠴᠢ ᠪᠤᠰᠤ ᠬᠠᠨᠳᠤᠵᠤ ᠥᠪᠡᠷ ᠦ᠋ᠨ ᠲᠣᠭᠣᠷᠢᠨ ᠳ᠋ᠠᠬᠢ ᠴᠡᠷᠢᠭ ᠲᠡᠭᠡᠨ ᠠᠦ᠋ᠲ᠋ᠣ᠋ ᠫᠤᠤ ᠵᠡᠪᠰᠡᠭ ᠲᠡᠢ ᠣᠨᠴᠠ ᠬᠠᠷᠠᠭᠠᠯᠵᠠᠯ ᠬᠦᠷᠲᠡᠭᠡᠵᠦ᠂ ᠪᠤᠰᠤᠳ ᠲᠤᠨᠢ ᠬᠣᠢᠲᠤ ᠡᠬᠡ ᠶ᠋ᠢᠨ ᠣᠪᠣᠷ ᠠᠪᠳᠠᠭ ᠨᠢ ᠶᠠᠭᠤᠨ ᠠ᠋ᠴᠠ ᠪᠣᠯᠪᠠ?
ᠭᠤᠷᠪᠠ᠂ ᠪᠠᠭ᠎ᠠ ᠵᠠᠰᠠᠭ ᠠᠯᠲᠠᠨᠸᠴᠢᠷ ᠢ᠋ ᠴᠢ ᠦᠨᠡᠬᠡᠷ ᠥᠪᠡᠷ ᠢ᠋ᠶ᠋ᠡᠨ ᠲᠥᠷᠥᠭᠰᠡᠨ ᠤᠤ? ᠬᠢᠲᠠᠳ ᠤ᠋ᠨ ᠬᠡᠦᠬᠡᠳ ᠢ᠋ ᠡᠷᠭᠦᠪᠡ ᠤᠤ? ᠣᠯᠠᠨ ᠲᠦᠮᠡᠨ ᠡᠨᠡ ᠶᠠᠪᠤᠳᠠᠯ ᠳᠡᠭᠡᠷ᠎ᠡ ᠶᠡᠷᠦ ᠡᠴᠡ ᠰᠡᠵᠢᠭ ᠲᠡᠢ᠃ ᠡᠭᠦᠨ ᠢ᠋ ᠣᠨᠴᠠᠭᠠᠢ ᠲᠣᠳᠣᠷᠬᠠᠢᠯᠠᠮᠠᠷ ᠪᠠᠢᠨ᠎ᠠ᠃
ᠳᠥᠷᠪᠡ᠂ ᠬᠡᠰᠢᠭᠲᠡᠢ ᠬᠠᠷ᠎ᠠ ᠴᠡᠷᠢᠭ ᠲᠦ᠍ ᠴᠠᠭᠠᠵᠠᠯᠠᠭᠳᠠᠵᠤ ᠬᠠᠷ᠎ᠠ ᠭᠡᠷ ᠲᠦ᠍ ᠬᠣᠷᠢᠭᠳᠠᠭᠰᠠᠨ ᠪᠠᠢᠲᠠᠯ᠎ᠠ ᠴᠢ ᠶᠠᠭᠤ ᠭᠡᠵᠦ ᠪᠠᠷᠠᠭᠤᠨ ᠬᠦᠩ ᠦ᠋ᠨ ᠬᠤᠰᠢᠭᠤᠨ ᠤ᠋ ᠴᠢᠰᠤ ᠬᠥᠯᠥᠰᠥ ᠪᠡᠷ ᠢᠷᠡᠭᠰᠡᠨ ᠡᠳ᠋ ᠮᠥᠩᠭᠥ ᠶ᠋ᠢ ᠦᠷᠡᠭᠡᠵᠦ ᠬᠡᠭᠡᠯᠢ ᠬᠠᠬᠤᠤᠯᠢ ᠲᠦᠯᠬᠢᠨ ᠪᠦᠷᠢᠯᠭᠡᠳᠡᠭ ᠪᠣᠢ? ᠬᠡᠰᠢᠭᠲᠡᠢ ᠴᠣᠬᠣᠮ ᠬᠡᠨ ᠪᠣᠢ? ᠲᠡᠷᠡ ᠮᠠᠨ ᠤ᠋ ᠪᠠᠷᠠᠭᠤᠨ ᠬᠦᠩ ᠦ᠋ᠨ ᠬᠤᠰᠢᠭᠤᠨ ᠳ᠋ᠤ᠌ ᠶᠠᠮᠠᠷ ᠭᠠᠪᠢᠶ᠎ᠠ ᠲᠠᠢ ᠪᠣᠢ?
ᠵᠢᠷᠭᠤᠭ᠎ᠠ᠂ ᠪᠠᠷᠠᠭᠤᠨ ᠬᠦᠩ ᠦ᠋ᠨ ᠨᠤᠲᠤᠭ ᠪᠡᠯᠴᠢᠭᠡᠷ ᠢ᠋ ᠶᠠᠭᠤᠨ ᠳ᠋ᠤ᠌ ᠸᠠᠩ ᠰᠣᠬᠣᠷ ᠲᠤ ᠳᠡᠭᠡᠰᠦᠯᠡᠵᠦ ᠥᠭᠪᠡ? ᠣᠷᠴᠢᠮ ᠤᠯᠠᠭᠠᠨ ᠡᠷᠭᠢ ᠶ᠋ᠢᠨ ᠭᠠᠵᠠᠷ ᠨᠤᠲᠤᠭ ᠡᠪᠳᠡᠭᠳᠡᠭᠰᠡᠨ ᠢ᠋ ᠶᠠᠭᠠᠬᠢᠭᠠᠳ ᠬᠣᠷᠢᠳᠠᠭ ᠦᠭᠡᠢ ᠪᠣᠢ? ᠴᠢᠮ᠎ᠠ ᠪᠠᠷ ᠲᠦᠷᠦᠭᠦᠯᠡᠭᠰᠡᠨ ᠪᠠᠷᠠᠭᠤᠨ ᠬᠦᠩ ᠦ᠋ᠨ ᠡᠷᠬᠡ ᠪᠠᠷᠢᠭᠰᠠᠳ ᠤ᠋ᠨ ᠳᠤᠮᠳᠠ ᠠ᠋ᠴᠠ ᠨᠢ ᠥᠨᠳᠥᠷ ᠬᠦᠦ ᠲᠡᠢ ᠲᠦᠷᠢᠶᠡᠰᠦᠨ ᠦ᠌ ᠮᠥᠩᠭᠥ ᠶᠡᠭᠦᠯᠡᠵᠦ ᠠᠪᠤᠭᠰᠠᠨ ᠭᠡᠳᠡᠭ ᠢ᠋ᠶ᠋ᠡᠨ ᠬᠣᠰᠢᠭᠤ ᠨᠤᠲᠤᠭ ᠤ᠋ᠨ ᠣᠯᠠᠨ ᠲᠦᠮᠡᠨ ᠳ᠋ᠦ᠍ ᠨᠠᠷᠢᠨ ᠲᠣᠳᠣᠷᠬᠠᠢ ᠲᠤᠰᠢᠶᠠᠭᠠᠷᠠᠢ᠁ ᠭᠡᠵᠦ ᠡᠯᠳᠡᠩᠭᠡ ᠪᠠᠭ᠎ᠠ ᠬᠠᠲᠤᠨ ᠰᠸᠯᠢᠩ ᠳ᠋ᠦ᠍ ᠳᠡᠭᠡᠷᠡᠬᠢ ᠬᠡᠳᠦᠨ ᠠᠰᠠᠭᠤᠳᠠᠯ ᠢ᠋ ᠰᠢᠭᠤᠳ ᠲᠤᠯᠭᠠᠪᠠ᠃
ᠪᠠᠭ᠎ᠠ ᠬᠠᠲᠤᠨ ᠡᠯᠳᠡᠩᠭᠡ ᠶ᠋ᠢ ᠨᠢᠳᠦ ᠴᠠᠪᠴᠢᠯ ᠦᠭᠡᠢ ᠰᠢᠷᠳᠡᠵᠦ ᠳᠣᠲᠣᠷ᠎ᠠ ᠪᠠᠨ《ᠬᠥᠮᠦᠰ ᠴᠢᠮᠠᠶ᠋ᠢ ᠳᠠᠩᠴᠤ ᠰᠡᠭᠦᠯ ᠦ᠋ᠨ ᠤᠭ ᠨᠢ ᠬᠦᠷᠲᠡᠯ᠎ᠡ ᠴᠠᠢᠭᠰᠠᠨ ᠬᠤᠯᠵᠢᠨ ᠦᠨᠡᠭᠡ ᠭᠡᠵᠦ ᠬᠡᠯᠡᠳᠡᠭ ᠨᠢ ᠦᠨᠡᠨ ᠪᠠᠢᠵᠠᠢ᠃ ᠪᠢ ᠴᠢᠮᠠᠶ᠋ᠢ ᠪᠠᠷᠠᠭᠤᠨ ᠬᠦᠩ ᠦ᠋ᠨ ᠬᠣᠰᠢᠭᠤ ᠨᠤᠲᠤᠭ ᠲᠠᠭᠠᠨ ᠭᠠᠪᠢᠶᠠᠲᠤ ᠬᠥᠮᠦᠨ ᠦ᠌ ᠨᠢᠭᠡ ᠪᠡᠷ ᠦᠵᠡᠵᠦ ᠶᠡᠬᠡ ᠠᠭᠤᠴᠢᠯᠠᠯ ᠬᠦᠷᠲᠡᠭᠡᠨ ᠨᠠᠢᠷ ᠲᠠᠯᠪᠢᠵᠤ ᠪᠠᠢᠭᠰᠠᠨ᠃ ᠮᠥᠨ ᠴᠦ᠍ ᠲᠣᠯᠣᠭᠠᠢ ᠶ᠋ᠢ ᠴᠢᠨᠢ ᠣᠭᠲᠣᠯᠬᠤ ᠭᠡᠰᠡᠨ ᠬᠡᠴᠢᠨᠡᠭᠡᠨ ᠣᠯᠠᠨ ᠳᠠᠢᠯᠠᠭᠰᠠᠨ ᠬᠤᠷᠴᠠ ᠬᠢᠲᠤᠭ᠎ᠠ᠂ ᠣᠨᠢᠯᠠᠭᠰᠠᠨ ᠳᠠᠯᠳᠠ ᠰᠤᠮᠤ ᠶ᠋ᠢ ᠬᠠᠯᠬᠠᠯᠠᠵᠤ ᠵᠠᠢᠯᠠᠭᠤᠯᠤᠭᠰᠠᠨ ᠦᠭᠡᠢ ᠪᠣᠢ? ᠲᠡᠷᠡᠴᠢᠯᠡᠨ ᠲᠤᠰᠠᠯᠠᠭᠴᠢ ᠶ᠋ᠢᠨ ᠵᠢᠩᠰᠡ ᠶ᠋ᠢ ᠴᠢᠨᠢ ᠬᠦᠷᠲᠡᠯ᠎ᠡ ᠦᠯᠡᠳᠡᠭᠡᠵᠦ ᠬᠡᠷᠡᠭᠯᠡᠭᠰᠡᠨ ᠨᠢ ᠡᠷᠭᠢᠭᠡᠳ ᠪᠡᠶ᠎ᠡ ᠳ᠋ᠡᠭᠡᠨ ᠡᠢᠨ ᠬᠦ᠌ ᠠᠪᠤᠷᠠᠰᠢ ᠦᠭᠡᠢ ᠬᠣᠣᠷ ᠠᠪᠴᠢᠷᠠᠭᠰᠠᠨ ᠢ᠋ ᠬᠡᠨ ᠳ᠋ᠡᠭᠡᠨ ᠬᠡᠯᠡᠨ᠎ᠡ ᠳᠡ? ᠲᠡᠷᠡ ᠦᠶ᠎ᠡ ᠳ᠋ᠦ᠍ ᠷᠠᠰᠢ ᠵᠠᠬᠢᠷᠤᠭᠴᠢ ᠶ᠋ᠢᠨ ᠰᠠᠨᠠᠯ ᠢ᠋ ᠰᠣᠨᠣᠰᠴᠤ ᠡᠨᠡ ᠮᠠᠭᠤ ᠭᠠᠷᠯᠢᠭ ᠢ᠋ ᠴᠢᠩᠭ᠎ᠠ ᠰᠢᠢᠳᠬᠡᠭᠰᠡᠨ ᠪᠣᠯ ᠥᠨᠥᠳᠥᠷ ᠪᠢ ᠶᠠᠭᠠᠬᠢᠯ᠎ᠠ ᠭᠡᠵᠦ ᠥᠪᠡᠷ ᠢ᠋ᠶ᠋ᠡᠨ ᠬᠠᠪᠬᠠᠨ ᠳ᠋ᠤ᠌ ᠣᠷᠣᠭᠰᠠᠨ ᠵᠡᠭᠡᠷ᠎ᠡ ᠰᠢᠭ ᠮᠢᠬᠠᠴᠢᠨ ᠠᠷᠢᠶᠠᠲᠠᠨ ᠤ᠋ ᠡᠮᠦᠨ᠎ᠡ ᠪᠡᠮᠪᠡᠭᠡᠨᠡᠵᠦ ᠵᠣᠭᠰᠣᠨ᠎ᠠ ᠪᠣᠢ? ᠶᠣᠰᠣᠲᠠᠢ ᠬᠣᠬᠢ ᠨᠢ ᠠ᠋!》 ᠭᠡᠵᠦ ᠭᠡᠮᠰᠢᠨ ᠬᠣᠷᠣᠰᠬᠤ ᠳ᠋ᠠᠭᠠᠨ ᠳᠤᠤᠭᠠᠷᠴᠤ ᠴᠢᠳᠠᠭᠰᠠᠨ ᠦᠭᠡᠢ ᠬᠠᠷᠢᠨ ᠨᠢᠳᠦᠨ ᠡᠴᠡ ᠨᠢ ᠭᠡᠮᠰᠢᠯ᠂ ᠬᠠᠷᠠᠰᠠᠯ᠂ ᠬᠣᠷᠣᠰᠤᠯ ᠭᠤᠷᠪᠠ ᠠᠮᠲᠠᠯᠠᠭᠳᠠᠭᠰᠠᠨ ᠨᠢᠯᠪᠤᠰᠤ ᠠᠰᠬᠠᠷᠠᠨ᠎ᠠ᠁
ᠭᠠᠳᠠᠨ᠎ᠠ ᠲᠡᠷᠭᠡ ᠤᠨᠤᠭ᠎ᠠ ᠬᠥᠯᠵᠦ ᠪᠠᠢᠭ᠎ᠠ ᠴᠢᠮᠡᠭᠡ ᠭᠠᠷᠴᠤ ᠮᠣᠷᠢᠳ ᠤ᠋ᠨ ᠡᠮᠡᠭᠡᠯ ᠢ᠋ᠶ᠋ᠡᠨ ᠰᠢᠯᠭᠡᠭᠡᠬᠦ ᠪᠠ ᠲᠤᠷᠭᠢᠬᠤ ᠳᠠᠭᠤᠨ ᠭᠡᠷ ᠲᠦ᠍ ᠲᠣᠳᠣ ᠰᠣᠨᠣᠰᠳᠠᠨ᠎ᠠ᠃
ᠬᠣᠷᠢᠭᠤᠯ ᠤ᠋ᠨ ᠭᠡᠷ ᠦ᠋ᠨ ᠮᠠᠨᠠᠭ᠎ᠠ ᠬᠠᠭᠠᠯᠭ᠎ᠠ ᠣᠩᠭᠣᠢᠯᠭᠠᠬᠤ ᠳ᠋ᠤ᠌ ᠵᠣᠳᠪᠠ ᠮᠡᠢᠷᠡᠨ ᠣᠩᠭᠣᠢᠭᠰᠠᠨ ᠡᠭᠦᠳᠡ ᠤᠷᠤᠭᠤ ᠰᠣᠯᠣᠭᠠᠢ ᠭᠠᠷ ᠢ᠋ᠶ᠋ᠠᠨ ᠵᠠᠩᠭᠠᠵᠤ᠄
— ᠵᠠ ᠶᠠᠪᠤᠬᠤ ᠤᠤ? ᠬᠠᠲᠤᠨ ᠲᠠ ᠮᠣᠷᠢᠯᠠᠭᠠᠴᠢ! ᠭᠡᠵᠦ ᠪᠥᠬᠥᠰᠬᠢᠨ ᠴᠤᠬᠤᠷᠢᠭᠠᠳ ᠲᠡᠭᠦᠨ ᠳ᠋ᠦ᠍ ᠵᠠᠢᠴᠢᠯᠠᠨᠠ᠃
— ᠲᠠᠨᠤᠰ ᠨᠠᠮᠠᠶ᠋ᠢ ᠬᠠᠮᠢᠭ᠎ᠠ ᠠᠪᠠᠴᠢᠬᠤ ᠶᠤᠮ? ᠨᠠᠮᠠᠶ᠋ᠢ ᠢᠩᠭᠢᠵᠦ ᠵᠣᠪᠠᠭᠠᠬᠤ ᠶ᠋ᠢᠨ ᠣᠷᠣᠨ ᠳ᠋ᠤ᠌ ᠡᠷᠲᠡᠬᠡᠨ ᠰᠢᠭ᠁
— ᠬᠠᠲᠤᠨ ᠲᠠ ᠶᠠᠭᠤ ᠶᠠᠷᠢᠵᠤ ᠪᠠᠢᠨ᠎ᠠ ᠪᠣᠢ? ᠪᠢᠲᠡᠭᠡᠢ ᠪᠡᠶ᠎ᠡ ᠪᠡᠨ ᠰᠢᠨᠠᠯᠭᠠᠭᠰᠠᠨ ᠮᠠᠭᠤᠬᠠᠢ ᠶᠠᠭᠤᠮ᠎ᠠ ᠪᠣᠳᠣ! ᠣᠳᠣ ᠲᠠᠨ ᠢ᠋ ᠪᠠᠷᠠᠭᠤᠨ ᠬᠦᠩ ᠦ᠋ᠨ ᠶᠠᠮᠤᠨ ᠳ᠋ᠤ᠌ ᠴᠢᠨᠢ ᠬᠦᠷᠭᠡᠵᠦ ᠥᠭᠭᠦᠶ᠎ᠡ! ᠭᠡᠵᠦ ᠡᠯᠳᠡᠩᠭᠡ ᠲᠠᠢᠪᠤᠭᠤᠬᠠᠨ ᠬᠡᠯᠡᠭᠡᠳ《ᠵᠠ᠂ ᠲᠠ ᠮᠣᠷᠢᠯᠠᠭᠠᠴᠢ!》 ᠭᠡᠵᠦ ᠭᠠᠳᠠᠭᠰᠢ ᠵᠠᠯᠠᠪᠠ᠃
ᠡᠨᠡ ᠬᠣᠭᠣᠷᠣᠨᠳᠣ ᠪᠠᠭ᠎ᠠ ᠵᠠᠰᠠᠭ ᠠᠯᠲᠠᠨᠸᠴᠢᠷ ᠯᠡ ᠡᠷᠬᠡ ᠴᠢᠯᠥᠭᠡᠲᠡᠢ ᠭᠠᠳᠠᠭᠤᠷ ᠭᠦᠶᠦᠵᠦ ᠡᠨᠡ ᠭᠡᠷ ᠲᠦ᠋ᠨᠢ ᠣᠷᠣᠭᠠᠳ ᠲᠡᠷᠡ ᠭᠡᠷ ᠤᠷᠤᠭᠤ ᠱᠠᠭᠠᠢᠵᠤ ᠶᠠᠪᠤᠭᠰᠠᠨ ᠢ᠋ᠶ᠋ᠠᠨ ᠡᠬᠡ ᠶ᠋ᠢᠨ ᠢ᠋ᠶ᠋ᠡᠨ ᠨᠢᠯᠪᠤᠰᠤ ᠴᠤᠪᠤᠭᠰᠠᠨ ᠤᠬᠢᠯᠠᠩᠬᠠᠢ ᠴᠢᠷᠠᠢ ᠶ᠋ᠢ ᠬᠠᠷᠠᠭᠠᠳ᠄
— ᠮᠥᠮᠥ ᠠ᠋! ᠲᠠ ᠶᠠᠭᠠᠬᠢᠭᠰᠠᠨ ᠪᠣᠢ? ᠬᠡᠨ ᠲᠠᠨ ᠢ᠋ ᠬᠠᠷᠢᠶᠠᠪᠠ ᠠᠯᠢ! ᠪᠢ ᠲᠡᠷᠡ ᠬᠥᠮᠦᠨ ᠢ᠋᠁ ᠭᠡᠵᠦ ᠬᠡᠯᠡᠬᠦ ᠳ᠋ᠦ᠍ᠨᠢ ᠪᠠᠭ᠎ᠠ ᠬᠠᠲᠤᠨ ᠬᠦᠦ ᠶ᠋ᠢᠨ ᠢ᠋ᠶ᠋ᠡᠨ ᠠᠮᠠ ᠶ᠋ᠢ ᠪᠣᠰᠢᠭᠣ ᠲᠠᠭᠯᠠᠨ《ᠮᠢᠨᠦ ᠬᠦᠦ ᠲᠣᠮᠣᠭᠠᠲᠠᠢ ᠪᠠᠢ!》 ᠭᠡᠵᠦ ᠬᠣᠷᠢᠭᠯᠠᠨ᠎ᠠ᠃ ᠠᠯᠲᠠᠨᠸᠴᠢᠷ ᠡᠬᠡ ᠶ᠋ᠢᠨ ᠢ᠋ᠶ᠋ᠡᠨ ᠡᠢᠨ ᠬᠦ᠌ ᠵᠣᠪᠠᠨᠢᠯᠲᠠᠢ ᠪᠠᠢᠭ᠎ᠠ ᠶ᠋ᠢ ᠬᠠᠷᠠᠭᠠᠳ ᠰᠡᠳᠬᠢᠯ ᠲᠦᠪᠳᠡᠬᠦ ᠦᠭᠡᠢ ᠡᠯᠳᠡᠩᠭᠡ᠂ ᠵᠣᠳᠪᠠ᠂ ᠴᠣᠭᠪᠠᠭᠠᠲᠤᠷ ᠨᠠᠷ ᠢ᠋ ᠡᠭᠡᠯᠵᠢᠯᠡᠨ ᠰᠢᠷᠲᠡᠵᠦ《ᠮᠥᠨ ᠡᠳᠡᠨᠥᠰ ᠯᠡ ᠪᠠᠢᠭᠰᠠᠨ᠃ ᠪᠢ ᠨᠠᠭ᠎ᠠ ᠡᠵᠢ ᠳ᠋ᠦ᠍ ᠵᠠᠭᠠᠯᠳᠤᠨ᠎ᠠ》 ᠭᠡᠳ ᠡᠬᠡ ᠶ᠋ᠢᠨ ᠢ᠋ᠶ᠋ᠡᠨ ᠡᠪᠦᠷ ᠡᠴᠡ ᠪᠤᠯᠲᠠᠨ ᠭᠠᠷᠴᠤ ᠵᠡᠭᠦᠨ ᠭᠡᠷ ᠦ᠋ᠨ ᠡᠭᠦᠳᠡᠨ ᠳ᠋ᠦ᠍ ᠣᠴᠢᠭᠠᠳ᠄
— ᠨᠠᠭ᠎ᠠ ᠡᠵᠢ ᠠ᠋! ᠲᠡᠷᠡ ᠬᠡᠳᠦᠨ ᠬᠥᠮᠦᠨ ᠮᠥᠮᠥ ᠶ᠋ᠢ ᠮᠠᠭᠤᠴᠢᠯᠠᠵᠤ ᠤᠬᠢᠯᠠᠭᠤᠯᠤᠭᠰᠠᠨ ᠪᠠᠢᠨ᠎ᠠ᠁ ᠲᠡᠷᠡ ᠦᠵᠡᠬᠦ ᠦᠭᠡᠢ ᠤᠤ⁈ ᠭᠡᠵᠦ ᠮᠠᠨᠤᠨᠪᠠᠳᠮ᠎ᠠ ᠬᠥᠭᠰᠢᠨ ᠢ᠋ ᠬᠣᠷᠮᠣᠢᠳᠠᠵᠤ ᠵᠠᠷᠭᠤᠯᠠᠨᠠ᠃
ᠮᠠᠨᠤᠨᠪᠠᠳᠮ᠎ᠠ ᠬᠥᠭᠰᠢᠨ ᠠᠯᠲᠠᠨᠸᠴᠢᠷ ᠢ᠋ ᠲᠡᠪᠡᠷᠢᠵᠦ ᠠᠪᠤᠭᠠᠳ ᠦᠬᠦᠭᠡᠷᠲᠦᠨ ᠦᠨᠦᠰᠴᠦ᠄
— ᠦᠭᠡᠢ ᠠ᠋! ᠦᠭᠡᠢ᠂ ᠲᠡᠳᠡᠨᠦᠰ ᠬᠣᠭᠣᠷᠣᠨᠳᠣ ᠪᠠᠨ ᠨᠠᠭᠠᠳᠴᠤ ᠪᠠᠢᠯᠭᠦᠢ ᠳᠡ! ᠮᠢᠨᠦ ᠬᠦᠦ ᠤᠬᠠᠭᠠᠨᠲᠠᠢ ᠶᠤᠮ ᠠ᠋! ᠭᠡᠵᠦ ᠠᠷᠭᠠᠳᠠᠬᠤ ᠳ᠋ᠤ᠌ ᠨᠢᠳᠦᠨ ᠳ᠋ᠦ᠍ᠨᠢ ᠵᠠᠢᠷ ᠭᠦᠶᠦᠭᠰᠡᠨ ᠪᠠᠢᠪᠠ᠃
ᠪᠠᠭ᠎ᠠ ᠬᠠᠲᠤᠨ ᠵᠡᠷᠭᠡ ᠭᠣᠣᠯᠳᠠᠯᠭᠠᠲᠠᠢ ᠬᠡᠳᠦᠨ ᠬᠥᠮᠦᠨ ᠢ᠋ ᠠᠯᠪᠠ ᠪᠠᠷ ᠰᠡᠦᠬᠡ ᠲᠡᠷᠭᠡᠨ ᠳ᠋ᠦ᠍ ᠰᠠᠭᠤᠯᠭᠠᠬᠤ ᠪᠤᠶᠤ ᠤᠨᠤᠭ᠎ᠠ ᠤᠨᠤᠭᠤᠯᠵᠤ ᠪᠠᠷᠠᠭᠤᠨᠰᠢᠯᠠᠪᠠ᠃
ᠡᠨᠡ ᠦᠶ᠎ᠡ ᠳ᠋ᠦ᠍ ᠦᠳᠡ ᠬᠡᠯᠪᠡᠢᠵᠦ᠂ ᠨᠠᠮᠤᠷ ᠤ᠋ᠨ ᠭᠣᠯᠢᠶ᠎ᠠ ᠤᠢᠳᠬᠠᠷᠲᠠᠢ ᠵᠢᠷᠵᠢᠭᠢᠨᠡᠨ᠂ ᠡᠪᠡᠰᠦ ᠯᠤᠤᠯᠢ᠂ ᠮᠣᠷᠢᠨ ᠰᠢᠷᠠᠯᠵᠢ ᠶ᠋ᠢᠨ ᠢᠳᠡᠭᠡ ᠪᠥᠭᠡᠯᠵᠢᠭᠰᠡᠨ ᠠᠭᠰᠢᠭᠤᠨ ᠦᠨᠦᠷ ᠰᠠᠮᠰᠠ ᠭᠣᠪᠣᠭᠣᠨᠠᠭᠤᠯᠤᠨᠠ᠃
ᠠᠭᠠᠷᠤᠳᠠᠢ ᠶ᠋ᠢᠨ ᠡᠩᠭᠡᠷ ᠡᠴᠡ ᠲᠣᠭᠣᠰᠣ ᠬᠦᠪᠦᠷᠡᠭᠦᠯᠦᠨ ᠬᠥᠳᠡᠯᠦᠭᠰᠡᠨ ᠤᠨᠤᠭ᠎ᠠ ᠬᠥᠰᠬᠡ ᠲᠡᠢ ᠬᠥᠮᠦᠰ ᠦ᠋ᠨ ᠠᠷᠤ ᠠ᠋ᠴᠠ ᠰᠠᠷᠠᠪᠴᠢᠯᠠᠵᠤ ᠬᠣᠴᠣᠷᠤᠭᠰᠠᠨ ᠮᠠᠨᠤᠨᠪᠠᠳᠮ᠎ᠠ ᠬᠥᠭᠰᠢᠨ ᠤᠤᠯ ᠨᠢ ᠪᠠᠭ᠎ᠠ ᠵᠠᠰᠠᠭ ᠠᠯᠲᠠᠨᠸᠴᠢᠷ ᠢ᠋ ᠬᠣᠴᠣᠷᠭᠠᠵᠤ ᠠᠪᠤᠶ᠎ᠠ ᠭᠡᠬᠦ ᠳ᠋ᠦ᠍ ᠤᠬᠢᠯᠠᠵᠤ ᠴᠢᠷᠠᠯᠠᠨ ᠡᠬᠡ ᠪᠡᠨ ᠪᠣᠷᠪᠢᠳᠠᠭᠠᠳ ᠲᠥᠭᠡ ᠰᠠᠯᠬᠤ ᠦᠭᠡᠢ ᠳ᠋ᠦ᠍ ᠠᠷᠭ᠎ᠠ ᠦᠭᠡᠢ ᠠᠯᠳᠠᠵᠤ ᠶᠠᠪᠤᠭᠤᠯᠪᠠ᠃ ᠡᠢᠨ ᠬᠦ᠌ ᠮᠣᠷᠳᠠᠭᠰᠠᠨ ᠬᠥᠮᠦᠰ ᠦ᠋ᠨ ᠠᠷᠤ ᠠ᠋ᠴᠠ ᠮᠠᠢᠵᠢᠭᠢ ᠳᠠᠢᠵᠢᠬᠢ ᠭᠡᠶᠦᠷᠡᠪᠡ᠃
ᠲᠠᠪᠰᠠᠩ ᠤ᠋ᠨ ᠦᠵᠦᠭᠦᠷ ᠬᠦᠷᠦᠭᠰᠡᠨ ᠴᠣᠭᠪᠠᠭᠠᠲᠤᠷ ᠠᠷᠤ ᠠ᠋ᠴᠠ ᠨᠡᠬᠡᠬᠦ ᠡᠵᠢ ᠪᠡᠨ ᠬᠠᠷᠠᠭᠠᠳ ᠨᠢᠭᠡ ᠶᠠᠭᠤᠮ᠎ᠠ ᠬᠡᠯᠡᠬᠦ ᠭᠡᠰᠡᠨ ᠪᠠᠢᠯᠭᠦᠢ ᠭᠡᠵᠦ ᠮᠣᠷᠢᠨ ᠤ᠋ ᠵᠢᠯᠣᠭᠣ ᠶ᠋ᠢ ᠡᠷᠭᠢᠭᠦᠯᠦᠨ ᠡᠵᠢ ᠶ᠋ᠢᠨ ᠢ᠋ᠶ᠋ᠡᠨ ᠳᠡᠷᠭᠡᠳᠡ ᠬᠠᠲᠠᠷᠢᠭᠤᠯᠤᠨ ᠪᠠᠭᠤᠪᠠ᠃
— ᠬᠡᠦᠬᠡ ᠠ᠋! ᠪᠠᠭ᠎ᠠ ᠵᠠᠰᠠᠭ ᠢ᠋ ᠰᠠᠢᠬᠠᠨ ᠬᠠᠮᠠᠭᠠᠯᠠᠵᠤ ᠶᠠᠪᠤ! ᠲᠡᠷᠡ ᠴᠢᠨᠢ ᠴᠢᠨᠦ ᠬᠦᠦ ᠰᠢᠦ ᠳᠡ! ᠬᠠᠷᠠᠨᠤᠳ ᠮᠢᠩᠭᠠᠨᠪᠤᠤ ᠶ᠋ᠢᠨ ᠤᠳᠤᠮ ᠤᠭᠰᠠᠭ᠎ᠠ᠂ ᠮᠡᠳᠡᠪᠡ ᠤᠤ? ᠴᠢ ᠪᠢᠲᠡᠭᠡᠢ ᠬᠥᠩᠭᠡᠨ ᠲᠣᠯᠣᠭᠠᠢᠯᠠᠭᠠᠳ ᠬᠥᠭᠡᠰᠦ ᠰᠢᠭ ᠵᠠᠮᠬᠠᠷᠠᠭᠠᠳ ᠪᠠᠢ! ᠭᠡᠵᠦ ᠬᠡᠯᠡᠬᠦ ᠳ᠋ᠦ᠍ ᠴᠣᠭᠪᠠᠭᠠᠲᠤᠷ᠄
— ᠵᠠ ᠮᠡᠳᠡᠯ᠎ᠡ! ᠪᠢ ᠶᠠᠭᠤ ᠬᠢᠭᠰᠡᠨ ᠬᠥᠮᠦᠨ ᠪᠣᠢ? ᠵᠠ᠂ ᠣᠳᠣ ᠲᠠ ᠬᠠᠷᠢ᠂ ᠬᠠᠷᠢ! ᠭᠡᠳ ᠮᠣᠷᠢᠨ ᠳ᠋ᠠᠭᠠᠨ ᠮᠣᠷᠳᠠᠵᠤ ᠲᠡᠷᠡ ᠬᠣᠯᠠ ᠪᠤᠵᠢᠭᠢᠨᠠᠭᠰᠠᠨ ᠲᠣᠭᠣᠰᠣ ᠶ᠋ᠢ ᠬᠥᠭᠡᠭᠡᠵᠦ ᠣᠳᠪᠠ᠃
ᠪᠠᠷᠠᠭᠤᠨᠰᠢ ᠰᠤᠨᠵᠢᠷᠠᠨ ᠪᠠᠯᠠᠷᠬᠠᠢᠳᠠᠭᠰᠠᠨ ᠲᠣᠭᠣᠰᠣᠨ ᠤ᠋ ᠪᠠᠷ᠎ᠠ ᠶ᠋ᠢ ᠰᠠᠷᠠᠪᠴᠢᠯᠠᠨ ᠬᠠᠷᠠᠭᠰᠠᠨ ᠮᠠᠨᠤᠨᠪᠠᠳᠮ᠎ᠠ ᠬᠥᠭᠰᠢᠨ ᠦ᠌ ᠳᠣᠲᠣᠷ᠎ᠠ ᠨᠢᠭᠡ ᠯᠡ ᠲᠣᠭᠲᠠᠪᠤᠷᠢ ᠦᠭᠡᠢ ᠪᠠᠢᠯ᠎ᠠ᠁
ᠦᠰᠦᠭ ᠠᠮᠢᠯᠠᠭᠤᠯᠤᠭᠰᠠᠨ ᠨᠢ᠄ ᠳᠠᠪᠰᠢᠯᠲᠦ
