ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ07Юан улсын дээд нийслэл шант
ᠳᠣᠯᠣᠭ᠎ᠠ ᠶᠤᠸᠠᠨ ᠤ᠋ ᠰᠣᠶᠣᠯ ᠤ᠋ᠨ ᠠᠮᠢᠳᠤᠷᠠᠯ
ᠬᠤᠪᠢᠯᠠᠢ ᠬᠠᠭᠠᠨ ᠡᠯ᠎ᠡ ᠦᠨᠳᠦᠰᠦᠲᠡᠨ ᠤᠭᠰᠠᠭᠠᠲᠠᠨ ᠤ᠋ ᠰᠣᠶᠣᠯ ᠤ᠋ᠨ ᠥᠪ ᠢ᠋ ᠬᠠᠮᠠᠭᠠᠯᠠᠬᠤ ᠦᠢᠯᠡᠰ ᠢ᠋ ᠲᠤᠢᠯ ᠢ᠋ᠶ᠋ᠠᠷ ᠬᠦᠨᠳᠦᠳᠬᠡᠨ ᠦᠵᠡᠳᠡᠭ᠂ᠲᠡᠢᠨ ᠪᠠᠢᠯᠳᠤᠭᠠᠨ ᠤ᠋ ᠳᠤᠮᠳᠠ᠄《ᠪᠢᠴᠢᠭ ᠦ᠋ᠨ ᠬᠦᠷᠢᠶᠡᠯᠡᠩ ᠦ᠋ᠨ ᠨᠣᠮ ᠰᠤᠳᠤᠷ᠂ᠳᠡᠭᠡᠳᠦᠰ ᠡᠵᠡᠳ ᠦ᠋ᠨ ᠰᠦᠮ᠎ᠡ ᠶ᠋ᠢᠨ ᠲᠠᠬᠢᠯᠭ᠎ᠠ ᠳᠠᠢᠯᠭ᠎ᠠ ᠶ᠋ᠢᠨ ᠡᠳ᠋ᠯᠡᠯ ᠬᠡᠷᠡᠭᠰᠡᠯ᠂ᠬᠥᠭᠵᠢᠮ ᠲᠣᠭᠰᠢᠭᠤᠷ᠂ ᠨᠣᠮ ᠤ᠋ᠨ ᠳᠡᠪᠡᠯ᠂ᠣᠳᠣᠨ ᠣᠷᠣᠨ ᠪᠠ ᠭᠠᠵᠠᠷ ᠵᠦᠢ ᠶ᠋ᠢᠨ ᠵᠢᠷᠤᠭᠲᠤ ᠳᠡᠪᠲᠡᠷ ᠢ᠋ ᠬᠠᠮᠠᠭᠠᠯᠠᠨ ᠲᠢᠭᠯᠡᠬᠦ ᠬᠡᠷᠡᠭᠲᠡᠢ᠃ᠨᠤᠲᠤᠭ ᠣᠷᠣᠨ᠂ᠴᠠᠭ ᠤᠯᠠᠷᠢᠯ᠂
ᠲᠣᠭᠠᠨ ᠤ᠋ ᠤᠬᠠᠭᠠᠨ ᠢ᠋ ᠨᠡᠪᠲᠡᠷᠬᠡᠢ ᠮᠡᠳᠡᠭᠰᠡᠳ ᠢ᠋ ᠤᠷᠢᠬᠤ ᠬᠡᠷᠡᠭᠲᠡᠢ》ᠭᠡᠮᠡᠨ ᠵᠠᠷᠯᠢᠭ ᠪᠣᠯᠪᠠ᠃ᠬᠤᠪᠢᠯᠠᠢ ᠬᠠᠭᠠᠨ ᠣᠷᠣ ᠵᠠᠯᠭᠠᠮᠵᠢᠯᠠᠨ ᠰᠠᠭᠤᠭᠰᠠᠨ ᠤ᠋ ᠪᠠᠨ ᠳᠠᠷᠠᠭ᠎ᠠ ᠵᠢᠯ᠂ᠳᠠᠷᠤᠢ ᠵᠦᠩ ᠲᠦᠩ ᠦ᠋ᠨ ᠬᠣᠶᠠᠳᠤᠭᠠᠷ ᠣᠨ(1261ᠣᠨ) ᠳ᠋ᠤ᠌ ᠪᠠᠰᠠ᠄《ᠡᠷᠳᠡᠮ ᠴᠢᠳᠠᠪᠤᠷᠢ ᠲᠠᠢ ᠬᠥᠮᠦᠰ ᠢ᠋ ᠵᠠᠰᠠᠭ ᠤ᠋ᠨ ᠠᠵᠢᠯ ᠳ᠋ᠤ᠌ ᠣᠷᠣᠯᠴᠠᠭᠤᠯᠵᠤ ᠪᠣᠯᠬᠤ ᠪᠥᠭᠡᠳ ᠣᠨᠴᠠ ᠴᠢᠳᠠᠪᠤᠷᠢᠲᠠᠨ ᠢ᠋ ᠳᠡᠭᠡᠭᠰᠢ ᠮᠡᠳᠡᠭᠦᠯᠦᠨ ᠬᠡᠷᠡᠭᠯᠡᠬᠦ ᠳ᠋ᠦ᠍ ᠪᠡᠯᠡᠬᠡᠨ ᠪᠣᠯᠭᠠᠬᠤ ᠬᠡᠷᠡᠭᠲᠡᠢ》 ᠭᠡᠵᠦ ᠠᠰᠠᠷᠠᠮᠵᠢ ᠶ᠋ᠢᠨ ᠶᠠᠮᠤᠨ ᠳ᠋ᠤ᠌ ᠵᠠᠷᠯᠢᠭ ᠪᠠᠭᠤᠯᠭᠠᠪᠠ᠃ᠵᠠᠯᠭᠠᠭᠠᠳ ᠪᠠᠰᠠ᠄《ᠡᠯ᠎ᠡ ᠡᠲᠡᠭᠡᠳ ᠦ᠋ᠨ ᠪᠢᠴᠢᠭ ᠦ᠋ᠨ ᠡᠷᠳᠡᠮᠲᠡᠳ ᠪᠠ ᠤᠷᠠᠨ ᠵᠣᠬᠢᠶᠠᠯᠴᠢ ᠶ᠋ᠢ ᠬᠦᠴᠦᠨ ᠦ᠌ ᠠᠯᠪᠠ ᠠ᠋ᠴᠠ ᠬᠡᠯᠲᠦᠷᠢᠭᠦᠯᠬᠦ ᠬᠡᠷᠡᠭᠲᠡᠢ》 ᠭᠡᠵᠦ ᠵᠠᠬᠢᠵᠠᠢ᠃ᠡᠳᠡᠭᠡᠷ ᠲᠥᠷᠥ ᠶ᠋ᠢᠨ ᠪᠣᠳᠣᠯᠭ᠎ᠠ ᠨᠢ ᠰᠢᠨᠵᠢᠯᠡᠬᠦ ᠤᠬᠠᠭᠠᠨ ᠤ᠋ ᠮᠡᠷᠭᠡᠵᠢᠯ᠂ᠤᠳᠬ᠎ᠠ ᠤᠷᠠᠯᠢᠭ ᠤ᠋ᠨ ᠬᠥᠭᠵᠢᠯ ᠳ᠋ᠦ᠍ ᠰᠢᠭᠤᠳ ᠠᠬᠢᠭᠤᠯᠬᠤ ᠦᠢᠯᠡᠳᠦᠯ ᠦᠵᠡᠭᠦᠯᠵᠡᠢ᠃
ᠦᠰᠦᠭ ᠪᠢᠴᠢᠭ
ᠮᠣᠩᠭᠣᠯ ᠤᠭᠰᠠᠭᠠᠲᠠᠨ ᠦᠰᠦᠭ ᠪᠢᠴᠢᠭ ᠬᠡᠷᠡᠭᠯᠡᠭᠰᠡᠨ ᠨᠢ ᠮᠢᠩᠭᠠᠬᠠᠨ ᠵᠢᠯ ᠦ᠋ᠨ ᠬᠡᠷᠡᠭ ᠪᠢᠰᠢ ᠶᠦ᠍ᠮ᠃ ᠣᠳᠣᠬᠠᠨ ᠳ᠋ᠤ᠌ ᠪᠣᠯᠲᠠᠯ᠎ᠠ ᠮᠣᠩᠭᠣᠯ ᠤ᠋ᠨ ᠥᠨᠳᠥᠷᠯᠢᠭ ᠡᠴᠡ ᠢᠯᠡᠷᠡᠭᠦᠯᠦᠭᠰᠡᠨ ᠬᠠᠭᠤᠴᠢᠨ ᠮᠠᠯᠲᠠᠯᠲᠠ᠂ᠬᠠᠳᠠᠨ ᠵᠢᠷᠤᠭ ᠂ᠦᠰᠦᠭ ᠪᠢᠴᠢᠭ ᠨᠢ ᠮᠣᠩᠭᠣᠯᠴᠤᠳ ᠦᠰᠦᠭ ᠪᠢᠴᠢᠭ ᠬᠡᠷᠡᠭᠯᠡᠭᠡᠳ ᠬᠠᠮᠤᠭ ᠨᠠᠭᠠᠳᠤ ᠵᠠᠬ᠎ᠠ ᠳ᠋ᠠᠭᠠᠨ ᠬᠡᠳᠦᠨ ᠮᠢᠩᠭᠠᠨ ᠵᠢᠯ ᠦ᠋ᠨ ᠲᠡᠦᠬᠡ ᠲᠡᠢ ᠪᠣᠯᠤᠭᠰᠠᠨ ᠤ᠋ ᠪᠣᠳᠠᠲᠤ ᠭᠡᠷᠡᠴᠢ ᠠᠵᠢ᠃ᠥᠨᠥᠳᠥᠷ ᠦ᠋ᠨ ᠬᠡᠷᠡᠭᠯᠡᠵᠦ ᠪᠠᠢᠭ᠎ᠠ ᠮᠣᠩᠭᠣᠯ ᠦᠰᠦᠭ ᠪᠢᠴᠢᠭ ᠨᠢ ᠡᠷᠲᠡᠨ ᠦ᠌ ᠮᠣᠩᠭᠣᠯ ᠦᠰᠦᠭ ᠪᠢᠴᠢᠭ ᠦ᠋ᠨ ᠰᠠᠭᠤᠷᠢᠨ ᠳᠡᠭᠡᠷ᠎ᠡ ᠥᠨᠢ ᠤᠳᠠᠭᠠᠨ ᠤ᠋ ᠲᠡᠦᠬᠡᠨ ᠬᠤᠪᠢᠷᠠᠯᠲᠠ ᠬᠥᠭᠵᠢᠯᠲᠡ᠂ᠰᠢᠯᠢᠯᠲᠡ ᠰᠢᠯᠭᠠᠷᠠᠭᠤᠯᠤᠯᠲᠠ ᠶ᠋ᠢ ᠥᠩᠭᠡᠷᠡᠭᠦᠯᠦᠨ ᠰᠢᠯᠢᠭᠳᠡᠨ ᠲᠡᠭᠦᠯᠳᠡᠷᠵᠢᠵᠦ ᠮᠠᠨ ᠤ᠋ ᠦᠶ᠎ᠡ ᠳᠡᠭᠡᠷ᠎ᠡ ᠢᠷᠡᠭᠰᠡᠨ ᠪᠢᠯᠡ᠃ᠲᠡᠭᠦᠨ ᠦ᠌ ᠳᠤᠮᠳᠠ ᠮᠣᠩᠭᠣᠯ ᠳᠥᠷᠪᠡᠯᠵᠢᠨ ᠦᠰᠦᠭ ᠪᠠᠰᠠ ᠲᠡᠦᠬᠡᠨ ᠪᠠᠢᠷᠢ ᠰᠠᠭᠤᠷᠢ ᠪᠠᠨ ᠡᠵᠡᠯᠡᠬᠦ ᠶᠣᠰᠣᠲᠠᠢ᠃ᠬᠤᠪᠢᠯᠠᠢ ᠬᠠᠭᠠᠨ
ᠰᠠᠭᠤᠷᠢᠨ᠎ᠠ ᠰᠠᠭᠤᠭᠰᠠᠨ ᠤ᠋ ᠳᠠᠷᠠᠭ᠎ᠠ ᠮᠣᠩᠭᠣᠯ ᠦᠨᠳᠦᠰᠦᠲᠡᠨ ᠦ᠌ ᠲᠥᠷᠥ ᠶ᠋ᠢᠨ ᠦᠰᠦᠭ ᠪᠢᠴᠢᠭ ᠲᠡᠢ ᠪᠠᠢᠬᠤ ᠶ᠋ᠢ ᠲᠤᠢᠯ ᠢ᠋ᠶ᠋ᠠᠷ ᠴᠢᠬᠤᠯᠠᠴᠢᠯᠠᠪᠠ᠃ᠲᠡᠷᠡ 《ᠪᠢᠴᠢᠭ ᠦ᠋ᠨ ᠵᠠᠰᠠᠭ ᠶᠠᠪᠤᠬᠤ ᠳᠣᠳᠣᠮ ᠳᠡᠭᠵᠢᠷᠡᠪᠡᠴᠦ ᠦᠰᠦᠭ ᠪᠢᠴᠢᠭ ᠦᠭᠡᠢ ᠲᠤᠯᠠ ᠨᠢᠭᠡᠨ ᠦᠶ᠎ᠡ ᠶ᠋ᠢᠨ ᠦᠢᠯᠡ ᠶᠣᠰᠣ ᠳ᠋ᠤᠷ ᠠᠪᠴᠤ ᠬᠡᠯᠡᠪᠡᠯ ᠦᠨᠡᠨ ᠬᠦ᠌ ᠪᠦᠷᠢᠨ ᠬᠡᠮᠡᠵᠦ ᠪᠣᠯᠬᠤ ᠦᠭᠡᠢ》ᠭᠡᠮᠡᠨ ᠦᠵᠡᠭᠡᠳ ᠨᠢᠭᠡᠳᠦᠯᠲᠡᠢ ᠬᠡᠷᠡᠭᠯᠡᠬᠦ ᠦᠰᠦᠭ ᠪᠢᠴᠢᠭ ᠵᠣᠬᠢᠶᠠᠬᠤ ᠪᠠᠷ ᠵᠣᠷᠢᠭ ᠰᠢᠭᠤᠳᠴᠤ ᠵᠦᠩ ᠲᠦᠩ ᠦ᠋ᠨ ᠲᠡᠷᠢᠭᠦᠨ ᠣᠨ ᠳ᠋ᠤ᠌ ᠲᠥᠪᠡᠳ ᠦ᠋ᠨ ᠰᠠᠬᠢᠶ᠎ᠠ ᠣᠷᠣᠨ ᠤ᠋ ᠫᠠᠭᠪᠠ ᠯᠠᠮᠠ ᠳ᠋ᠤ᠌ ᠮᠣᠩᠭᠣᠯ ᠰᠢᠨ᠎ᠡ ᠦᠰᠦᠭ ᠵᠣᠬᠢᠶᠠᠲᠤᠭᠠᠢ ᠭᠡᠮᠡᠨ ᠵᠠᠷᠯᠢᠭ ᠪᠣᠯᠪᠠ᠃ᠫᠠᠭᠪᠠ ᠯᠠᠮᠠ ᠮᠣᠩᠭᠣᠯ ᠦᠰᠦᠭ ᠵᠣᠬᠢᠶᠠᠬᠤ ᠵᠠᠷᠯᠢᠭ ᠢ᠋ ᠬᠦᠯᠢᠶᠡᠭᠰᠡᠨ ᠦ᠌ ᠳᠠᠷᠠᠭ᠎ᠠ ᠨᠡᠷ᠎ᠡ ᠨᠦ᠍᠂ᠴᠣᠯᠠ ᠶᠢᠰᠦᠨ ᠬᠡᠮᠡᠬᠦ ᠤᠢᠭᠤᠷ ᠪᠢᠴᠢᠭᠡᠴᠢ ᠠᠭᠠᠷ ᠲᠠᠢ ᠬᠠᠮᠲᠤᠷᠠᠵᠤ ᠲᠥᠪᠡᠳ ᠡᠨᠡᠳᠬᠡᠭ ᠦᠰᠦᠭ ᠦ᠋ᠨ ᠰᠠᠭᠤᠷᠢᠨ ᠳᠡᠭᠡᠷ᠎ᠡ ᠮᠣᠩᠭᠣᠯ ᠬᠡᠯᠡᠨ ᠦ᠌ ᠠᠪᠢᠶ᠎ᠠ ᠲᠠᠢ ᠵᠣᠬᠢᠴᠠᠭᠤᠯᠵᠤ ᠳᠥᠷᠪᠡᠯᠵᠢᠨ ᠬᠡᠯᠪᠡᠷᠢ ᠪᠦᠬᠦᠢ ᠮᠣᠩᠭᠣᠯ ᠰᠢᠨ᠎ᠡ ᠦᠰᠦᠭ ᠵᠣᠬᠢᠶᠠᠪᠠ᠃ᠰᠠᠨᠰᠺᠷᠢᠲ ᠪᠠ ᠲᠥᠪᠡᠳ ᠦᠰᠦᠭ ᠦ᠋ᠨ ᠴᠠᠭᠠᠨ ᠲᠣᠯᠣᠭᠠᠢ ᠠ᠋ᠴᠠ ᠬᠤᠪᠢᠷᠠᠵᠤ ᠢᠷᠡᠭᠰᠡᠨ ᠡᠨᠡ ᠬᠦ᠌ ᠮᠣᠩᠭᠣᠯ ᠦᠰᠦᠭ ᠢ᠋ ᠲᠡᠦᠬᠡᠨ ᠳᠡᠭᠡᠷ᠎ᠡ ᠫᠠᠭᠪᠠ ᠦᠰᠦᠭ ᠭᠡᠳᠡᠭ ᠪᠢᠯᠡ᠃ᠨᠡᠢᠲᠡ 42 ᠦᠰᠦᠭ᠂ᠡᠬᠡ ᠠᠪᠢᠶ᠎ᠠ10᠂ᠡᠭᠦᠰᠪᠦᠷᠢ ᠠᠪᠢᠶ᠎ᠠ 32 ᠪᠤᠶᠤ᠃ᠠᠪᠢᠶ᠎ᠠ ᠨᠡᠢᠯᠡᠵᠦ ᠦᠰᠦᠭ ᠪᠦᠲᠦᠬᠦ ᠲᠤᠯᠠ ᠠᠪᠢᠶ᠎ᠠ ᠵᠣᠬᠢᠴᠠᠯᠳᠤᠬᠤ ᠳᠦᠷᠢᠮ ᠶᠣᠰᠣᠨ ᠪᠣᠢ ᠃ᠬᠡᠳᠦ ᠬᠡᠳᠦᠨ ᠠᠪᠢᠶ᠎ᠠ ᠨᠡᠢᠯᠡᠵᠦ ᠦᠰᠦᠭ ᠪᠦᠲᠦᠬᠦ ᠲᠤᠯᠠ ᠬᠡᠯᠡᠨ ᠦ᠌ ᠠᠪᠢᠶ᠎ᠠ ᠶ᠋ᠢᠨ ᠳᠦᠷᠢᠮ ᠪᠣᠢ᠃ᠲᠡᠢᠨ ᠬᠡᠮᠡᠪᠡᠴᠦ ᠶᠡᠬᠡ ᠲᠥᠯᠥᠪ ᠲᠡᠭᠡᠨ ᠢᠷᠠᠭᠤ ᠡᠭᠡᠰᠢᠭ ᠢ᠋ᠶ᠋ᠡᠷ ᠢᠵᠠᠭᠤᠷ ᠪᠣᠯᠭᠠᠮᠤᠢ᠃ᡁᠢ ᠶᠤᠸᠠᠨ ᠤ᠋ ᠵᠢᠷᠭᠤᠳᠤᠭᠠᠷ ᠣᠨ ᠳ᠋ᠤ᠌ ᠫᠠᠭᠪᠠ ᠦᠰᠦᠭ ᠪᠦᠲᠦᠭᠡᠭᠳᠡᠪᠡ᠃ᠬᠤᠪᠢᠯᠠᠢ ᠰᠡᠴᠡᠨ ᠬᠠᠭᠠᠨ ᠵᠠᠷᠯᠢᠭ ᠪᠠᠭᠤᠯᠭᠠᠵᠤ ᠳᠡᠯᠡᠬᠡᠢ ᠳ᠋ᠠᠬᠢᠨ᠎ᠠ ᠬᠡᠷᠡᠭᠯᠡᠲᠦᠭᠡᠢ ᠬᠡᠮᠡᠪᠡ᠃ᠪᠠᠰᠠ᠄《ᠮᠡᠬᠦᠰ ᠬᠥᠮᠦᠨ ᠬᠢᠨᠠᠬᠤᠯᠠ ᠦᠰᠦᠭ ᠢ᠋ᠶ᠋ᠡᠷ ᠦᠭᠡ ᠶ᠋ᠢ ᠪᠢᠴᠢᠵᠦ ᠦᠭᠡ ᠪᠡᠷ ᠬᠡᠷᠡᠭ ᠢ᠋ ᠲᠡᠮᠳᠡᠭᠯᠡᠬᠦ ᠢᠨᠤ ᠡᠷᠲᠡᠨ ᠡᠳᠦᠭᠡ ᠶ᠋ᠢᠨ ᠨᠡᠪᠲᠡᠷᠬᠡᠢ ᠶᠣᠰᠣᠨ ᠪᠤᠶᠤ᠃ᠮᠢᠨᠦ ᠤᠯᠤᠰ ᠠᠷᠤ ᠭᠠᠵᠠᠷ ᠲᠤᠯᠭᠤᠷ ᠲᠥᠷᠥ ᠨᠡᠭᠡᠭᠡᠭᠰᠡᠨ ᠡᠴᠡ ᠢᠨᠠᠭᠰᠢ ᠤᠷᠲᠤᠳᠠ ᠡᠷᠲᠡᠨ ᠦ᠌ ᠶᠣᠰᠣ ᠶ᠋ᠢ ᠰᠠᠬᠢᠭᠰᠠᠭᠠᠷ ᠢᠷᠡᠭᠰᠡᠨ ᠲᠤᠯᠠ ᠶᠣᠰᠣ ᠬᠢᠴᠡ ᠶ᠋ᠢ ᠲᠣᠭᠲᠠᠭᠠᠵᠤ ᠠᠮᠵᠢᠭᠰᠠᠨ ᠦᠭᠡᠢ᠂ᠢᠮᠠᠭᠲᠠ ᠤᠢᠭᠤᠷ ᠪᠠ ᠬᠢᠲᠠᠳ ᠦᠰᠦᠭ ᠢ᠋ ᠶᠣᠰᠣᠴᠢᠯᠠᠨ ᠵᠢᠷᠤᠵᠤ ᠲᠤᠰ ᠤᠯᠤᠰ ᠭᠦᠷᠦᠨ ᠦ᠌ ᠵᠠᠬᠢᠶ᠎ᠠ ᠵᠠᠷᠯᠢᠭ ᠢ᠋ ᠤᠯᠠᠮᠵᠢᠯᠠᠭᠰᠠᠭᠠᠷ ᠢᠷᠡᠪᠡ᠃ᠯᠢᠶᠣᠣ ᠤᠯᠤᠰ ᠪᠠ ᠠᠯᠲᠠᠨ ᠤᠯᠤᠰ᠂ᠵᠢᠴᠢ ᠬᠠᠷᠢ ᠬᠣᠯᠠ ᠶ᠋ᠢᠨ ᠡᠯ᠎ᠡ ᠤᠯᠤᠰ ᠢ᠋ ᠰᠢᠨᠵᠢᠬᠦᠯ᠎ᠡ ᠲᠤᠰ ᠲᠤᠰ ᠲᠠᠭᠠᠨ ᠴᠥᠮ ᠦᠰᠦᠭ ᠪᠢᠴᠢᠭ ᠪᠣᠢ ᠠᠵᠤᠭᠤ᠃ᠲᠡᠢᠨ ᠬᠦ᠌ ᠠᠯᠢᠪᠠ ᠦᠰᠦᠭ ᠪᠢᠴᠢᠭ ᠢ᠋ ᠣᠷᠴᠢᠭᠤᠯᠤᠨ ᠰᠡᠢᠷᠡᠭᠦᠯᠵᠦ ᠦᠭᠡ ᠶ᠋ᠢ ᠰᠢᠯᠤᠭᠤᠳᠬᠠᠨ ᠬᠡᠷᠡᠭ ᠢ᠋ ᠨᠡᠪᠲᠡᠷᠡᠭᠦᠯᠰᠦᠭᠡᠢ ᠭᠡᠮᠡᠨ ᠤᠯᠤᠰ ᠤ᠋ᠨ ᠪᠠᠭᠰᠢ ᠫᠠᠭᠪᠠ ᠳ᠋ᠤᠷ ᠲᠤᠰᠬᠠᠢᠯᠠᠨ ᠵᠠᠷᠯᠢᠭ ᠪᠠᠭᠤᠯᠭᠠᠵᠤ ᠮᠣᠩᠭᠣᠯ ᠤ᠋ᠨ ᠰᠢᠨ᠎ᠡ ᠦᠰᠦᠭ ᠢ᠋ ᠵᠣᠬᠢᠶᠠᠯᠭᠠᠪᠠ᠃ᠡᠭᠦᠨ ᠡᠴᠡ ᠬᠣᠢᠰᠢ ᠲᠠᠮᠠᠭᠠᠲᠤ ᠪᠢᠴᠢᠭ ᠪᠠᠭᠤᠯᠭᠠᠬᠤ ᠳ᠋ᠠᠭᠠᠨ ᠴᠥᠮ ᠮᠣᠩᠭᠣᠯ ᠤ᠋ᠨ ᠰᠢᠨ᠎ᠡ ᠦᠰᠦᠭ ᠢ᠋ ᠬᠡᠷᠡᠭᠯᠡᠬᠦ ᠶ᠋ᠢᠨ ᠬᠠᠮᠲᠤᠳᠠ ᠤᠯᠤᠰ ᠤᠯᠤᠰ ᠤ᠋ᠨ ᠦᠰᠦᠭ ᠢ᠋ ᠳᠠᠭᠠᠯᠳᠤᠭᠤᠯᠤᠨ ᠪᠠᠢᠬᠤ ᠬᠡᠷᠡᠭᠲᠡᠢ》 ᠭᠡᠵᠦ ᠲᠣᠳᠣᠷᠬᠠᠢᠯᠠᠵᠠᠢ᠃ᠲᠤᠬᠠᠢ ᠶ᠋ᠢᠨ ᠦᠶᠡᠰ ᠬᠤᠪᠢᠯᠠᠢ ᠤᠳᠠᠭ᠎ᠠ ᠳᠠᠷᠠᠭ᠎ᠠ ᠪᠠᠷ ᠵᠠᠷᠯᠢᠭ ᠪᠠᠭᠤᠯᠭᠠᠨ ᠮᠣᠩᠭᠣᠯ ᠰᠢᠨ᠎ᠡ ᠦᠰᠦᠭ ᠢ᠋ ᠨᠡᠢᠳᠡᠮ ᠬᠡᠷᠡᠭᠯᠡᠵᠦ ᠳᠡᠯᠭᠡᠷᠡᠭᠦᠯᠬᠦ ᠶ᠋ᠢ ᠱᠠᠭᠠᠷᠳᠠᠭᠰᠠᠨ ᠢ᠋ᠶ᠋ᠠᠷ ᠠᠯᠪᠠᠨ ᠪᠢᠴᠢᠭ᠂ᠲᠠᠮᠠᠭ᠎ᠠ ᠲᠡᠮᠳᠡᠭ᠂ ᠬᠥᠰᠢᠶ᠎ᠡ ᠶ᠋ᠢᠨ ᠰᠡᠢᠯᠦᠨ᠂ᠫᠠᠢᠰᠠ ᠵᠣᠭᠣᠰᠤᠨ ᠳᠡᠭᠡᠷ᠎ᠡ ᠲᠦᠭᠡᠮᠡᠯ ᠬᠡᠷᠡᠭᠯᠡᠵᠦ ᠡᠬᠢᠯᠡᠪᠡ᠃ᠡᠳᠦᠭᠡ ᠪᠣᠯᠲᠠᠯ᠎ᠠ ᠦᠯᠡᠳᠡᠭᠡᠵᠦ ᠪᠣᠢ ᠫᠠᠭᠪᠠ ᠦᠰᠦᠭ ᠦ᠋ᠨ ᠰᠤᠷᠪᠤᠯᠵᠢ ᠳ᠋ᠤ᠌ 《ᠰᠤᠪᠠᠰᠢᠳᠢ》ᠴᠠᠪᠴᠢᠶᠠᠯ ᠪᠣᠭᠣᠮᠲᠠ ᠶ᠋ᠢᠨ ᠪᠤᠷᠬᠠᠨ ᠤ᠋ ᠨᠣᠮ 1276 ᠣᠨ ᠳ᠋ᠤ᠌ ᠰᠡᠢᠯᠦᠭᠰᠡᠨ ᠯᠥᠩᠮᠸᠨ ᠦ᠌ ᠢᠦᠢ ᠸᠠᠩ ᠤ᠋ᠨ ᠰᠦᠮ᠎ᠡ ᠳ᠋ᠡᠬᠢ ᠬᠠᠭᠠᠨ ᠤ᠋ ᠵᠠᠷᠯᠢᠭ ᠤ᠋ᠨ ᠬᠥᠰᠢᠶ᠎ᠡ᠂ᠵᠠᠭᠤᠨ ᠣᠪᠣᠭ᠂ᠭᠦᠮᠪᠦᠮ ᠬᠡᠢᠳ ᠦ᠋ᠨ ᠡᠯ᠎ᠡ ᠰᠦᠮ᠎ᠡ ᠳᠤᠭᠠᠩ ᠤ᠋ᠨ ᠡᠭᠦᠳᠡ ᠬᠠᠭᠠᠯᠭᠠᠨ ᠳᠡᠭᠡᠷ᠎ᠡ ᠠᠯᠲᠠᠨ ᠰᠢᠩᠬᠤ ᠪᠠᠷ ᠪᠢᠴᠢᠭᠰᠡᠨ ᠬᠣᠣᠰ ᠤᠶᠠᠩᠭ᠎ᠠ᠂ᠬᠥᠨᠳᠡᠯᠡᠨ ᠤᠶᠠᠩᠭ᠎ᠠ ᠠᠷᠪᠠᠨ ᠲᠠᠪᠤᠨ ᠵᠤᠷᠪᠤᠰ ᠵᠡᠷᠭᠡ ᠪᠣᠢ ᠠᠵᠢ᠃ᠬᠠᠮᠤᠭ ᠤ᠋ᠨ ᠲᠦᠭᠡᠮᠡᠯ ᠦᠯᠡᠳᠡᠵᠦ ᠪᠠᠢᠬᠤ ᠨᠢ ᠫᠠᠭᠪᠠ ᠦᠰᠦᠭ ᠪᠦᠬᠦᠢ ᠭᠠᠤᠯᠢᠨ ᠵᠣᠭᠣᠰ᠂ᠭᠠᠷ ᠲᠠᠮᠠᠭ᠎ᠠ᠂ᠴᠢᠯᠠᠭᠤᠨ ᠬᠥᠰᠢᠶ᠎ᠡ ᠪᠣᠯᠤᠨ᠎ᠠ᠃
ᠶᠤᠸᠠᠨ ᠤᠯᠤᠰ ᠤ᠋ᠨ ᠬᠠᠭᠠᠳ ᠨᠣᠶᠠᠳ ᠮᠣᠩᠭᠣᠯ ᠦᠰᠦᠭ ᠪᠢᠴᠢᠭ ᠢ᠋ᠶ᠋ᠡᠨ ᠬᠡᠷᠡᠭᠯᠡᠬᠦ ᠶ᠋ᠢ ᠲᠤᠢᠯ ᠢ᠋ᠶ᠋ᠠᠷ ᠴᠢᠬᠤᠯᠠᠴᠢᠯᠠᠨ ᠦᠵᠡᠳᠡᠭ᠃ᡁᠢ ᠶᠤᠸᠠᠨ ᠤ᠋ ᠵᠢᠷᠭᠤᠳᠤᠭᠠᠷ ᠣᠨ ᠳ᠋ᠤ᠌ ᠡᠯ᠎ᠡ ᠴᠦᠯᠭᠡ ᠳ᠋ᠦ᠍ ᠮᠣᠩᠭᠣᠯ ᠪᠢᠴᠢᠭ ᠰᠤᠷᠭᠠᠬᠤ ᠰᠤᠷᠭᠠᠭᠴᠢ ᠲᠣᠮᠢᠯᠠᠪᠠ᠃《ᠶᠤᠸᠠᠨ ᠤ᠋ ᠲᠡᠦᠬᠡ᠂ᠲᠦᠰᠢᠮᠡᠳ ᠦ᠋ᠨ ᠲᠡᠮᠳᠡᠭᠯᠡᠯ》 ᠳ᠋ᠦ᠍ ᠡᠯ᠎ᠡ ᠴᠦᠯᠭᠡ ᠶ᠋ᠢᠨ ᠶᠡᠷᠦᠩᠬᠡᠢ ᠵᠠᠬᠢᠷᠤᠭᠴᠢ ᠶ᠋ᠢᠨ ᠶᠠᠮᠤᠨ ᠳ᠋ᠤ᠌ ᠮᠣᠩᠭᠣᠯ ᠰᠤᠷᠭᠠᠭᠴᠢ ᠨᠢᠭᠡᠨ ᠨᠡᠷ᠎ᠡ ᠶ᠋ᠢ ᠲᠣᠮᠢᠯᠠᠵᠤ ᠲᠣᠬᠢᠷᠠᠭᠤᠯᠪᠠ᠃ᠵᠢᠩᠬᠢᠨᠢ ᠶᠢᠰᠦᠨ ᠳᠡᠰ ᠦ᠋ᠨ ᠲᠤᠰᠢᠶᠠᠯᠲᠠᠨ ᠪᠠᠢᠭᠰᠠᠨ ᠢ᠋ ᠲᠡᠮᠳᠡᠭᠯᠡᠵᠡᠢ᠃ᠮᠣᠩᠭᠣᠯ ᠦᠰᠦᠭ ᠪᠢᠴᠢᠭ ᠰᠤᠷᠣᠭᠰᠠᠳ ᠢ᠋ ᠡᠯᠳᠡᠪ ᠰᠤᠯᠠ ᠠᠯᠪᠠᠨ ᠠ᠋ᠴᠠ ᠴᠢᠯᠥᠭᠡᠯᠡᠳᠡᠭ ᠪᠠᠢᠵᠠᠢ᠃ᠰᠢᠶᠠᠩ ᠶᠤᠸᠠᠨ ᠤ᠋ ᠣᠨ ᠳ᠋ᠤ᠌ ᠡᠯ᠎ᠡ ᠴᠦᠯᠭᠡ ᠶ᠋ᠢᠨ ᠮᠣᠩᠭᠣᠯ ᠰᠤᠷᠣᠭᠰᠠᠳ ᠲᠤ᠌ ᠲᠠᠷᠢᠶᠠᠨ ᠭᠠᠵᠠᠷ ᠣᠯᠭᠣᠨ ᠵᠣᠷᠢᠭᠵᠢᠭᠤᠯᠵᠠᠢ᠃ᠰᠢᠯᠭᠠᠯᠲᠠ ᠬᠢᠵᠦ ᠰᠢᠯᠢᠯᠭᠡ ᠶᠠᠪᠤᠭᠤᠯᠬᠤ ᠳ᠋ᠤ᠌ ᠮᠣᠩᠭᠣᠯ ᠰᠤᠷᠤᠭᠴᠢ ᠪᠠ ᠮᠣᠩᠭᠣᠯ ᠢ᠋ᠶ᠋ᠠᠷ ᠰᠤᠷᠣᠭᠰᠠᠳ ᠲᠤ᠌ ᠬᠠᠷᠠᠭᠠᠯᠵᠠᠯ ᠢᠯᠡᠭᠦᠦ ᠦᠵᠡᠭᠦᠯᠳᠡᠭ᠃ᠶᠤᠸᠠᠨ ᠤ᠋ ᠦᠶ᠎ᠡ ᠳ᠋ᠦ᠍ ᠮᠣᠩᠭᠣᠯ ᠰᠤᠷᠭᠠᠭᠴᠢ ᠪᠠ ᠮᠣᠩᠭᠣᠯ ᠰᠤᠷᠤᠭᠴᠢ ᠶ᠋ᠢᠨ ᠳᠡᠰ ᠣᠯᠭᠣᠮᠵᠢ ᠨᠢ ᠪᠤᠰᠤᠳ ᠰᠤᠷᠭᠠᠯᠲᠠ ᠶ᠋ᠢᠨ ᠰᠤᠷᠭᠠᠭᠴᠢ ᠪᠠ ᠰᠤᠷᠤᠭᠴᠢ ᠶ᠋ᠢᠨ ᠳᠡᠰ ᠣᠯᠭᠣᠮᠵᠢ ᠠ᠋ᠴᠠ ᠥᠨᠳᠥᠷ ᠪᠠᠢᠪᠠ᠃ᠡᠨᠡ ᠬᠦ᠌ ᠠᠷᠭ᠎ᠠ ᠪᠠᠷᠢᠯ ᠢ᠋ᠶ᠋ᠠᠷ ᠮᠣᠩᠭᠣᠯ ᠦᠰᠦᠭ ᠪᠢᠴᠢᠭ ᠦ᠋ᠨ ᠲᠦᠭᠡᠮᠡᠯᠵᠢᠯ ᠪᠠ ᠬᠡᠷᠡᠭᠯᠡᠭᠡᠨ ᠢ᠋ ᠳᠡᠭᠡᠭᠰᠢᠯᠡᠭᠦᠯᠵᠡᠢ᠃ᠮᠣᠩᠭᠣᠯ ᠨᠣᠶᠠᠳ ᠲᠦᠰᠢᠮᠡᠳ ᠮᠣᠩᠭᠣᠯ ᠦᠰᠦᠭ ᠪᠢᠴᠢᠭ ᠢ᠋ᠶ᠋ᠡᠨ ᠰᠤᠷᠬᠤ ᠬᠡᠷᠡᠭᠲᠡᠢ ᠪᠡᠷ ᠪᠠᠷᠠᠬᠤ ᠦᠭᠡᠢ ᠬᠢᠲᠠᠳ ᠨᠣᠶᠠᠳ ᠲᠦᠰᠢᠮᠡᠳ ᠢ᠋ ᠪᠠᠭᠲᠠᠭᠠᠭᠰᠠᠨ ᠪᠤᠰᠤᠳ ᠦᠨᠳᠦᠰᠦᠲᠡᠨ ᠦ᠌ ᠨᠣᠶᠠᠳ ᠲᠦᠰᠢᠮᠡᠳ ᠪᠠᠰᠠ ᠮᠣᠩᠭᠣᠯ ᠦᠰᠦᠭ ᠪᠢᠴᠢᠭ ᠰᠤᠷᠬᠤ ᠬᠡᠷᠡᠭᠲᠡᠢ᠃ᠢᠩᠭᠢᠪᠡᠯ ᠰᠠᠶᠢ ᠠᠷᠠᠳ ᠤ᠋ᠨ ᠬᠠᠷᠢᠯᠴᠠᠭ᠎ᠠ ᠠᠵᠢᠯ ᠦᠢᠯᠡᠰ ᠦ᠋ᠨ ᠳᠡᠭᠡᠭᠰᠢᠯᠡᠯᠲᠡ ᠶ᠋ᠢ ᠠᠬᠢᠭᠤᠯᠵᠤ ᠴᠢᠳᠠᠨ᠎ᠠ᠃ᠲᠡᠳᠡᠨ ᠳ᠋ᠦ᠍ ᠮᠣᠩᠭᠣᠯ ᠦᠭᠡ᠂ᠦᠰᠦᠭ ᠪᠢᠴᠢᠭ ᠰᠤᠷᠭᠠᠬᠤ ᠶ᠋ᠢᠨ ᠲᠥᠯᠥᠭᠡ ᠮᠣᠩᠭᠣᠯ ᠦᠭᠡ ᠶ᠋ᠢ ᠠᠪᠢᠶᠠᠯᠠᠨ ᠲᠡᠮᠳᠡᠭᠯᠡᠭᠰᠡᠨ ᠰᠤᠷᠬᠤ ᠪᠢᠴᠢᠭ ᠢ᠋ ᠨᠠᠢᠷᠠᠭᠤᠯᠤᠨ ᠲᠠᠷᠬᠠᠭᠠᠵᠤ ᠡᠯ᠎ᠡ ᠴᠦᠯᠭᠡ ᠳ᠋ᠦ᠍ ᠲᠦᠭᠡᠭᠡᠭᠰᠡᠨ ᠪᠠᠢᠵᠠᠢ᠃ᠢᠩᠭᠢᠭᠡᠳ ᠲᠤᠰᠬᠠᠢᠯᠠᠨ ᠮᠣᠩᠭᠣᠯ ᠰᠤᠷᠭᠠᠭᠴᠢ ᠡᠷᠢᠬᠦ ᠴᠢᠬᠤᠯᠠ ᠦᠭᠡᠢ ᠪᠣᠯᠵᠤ ᠬᠠᠮᠲᠤ ᠠᠵᠢᠯᠯᠠᠵᠤ ᠪᠠᠢᠭ᠎ᠠ ᠮᠣᠩᠭᠣᠯ ᠨᠣᠶᠠᠳ ᠲᠦᠰᠢᠮᠡᠳ ᠡᠴᠡ ᠪᠡᠨ ᠰᠤᠷᠴᠢᠬᠠᠵᠤ ᠪᠣᠯᠳᠠᠭ ᠪᠠᠢᠵᠠᠢ᠃
ᠫᠠᠭᠪᠠ
ᠮᠣᠩᠭᠣᠯ ᠤ᠋ᠨ ᠲᠡᠦᠬᠡᠨ ᠳᠡᠭᠡᠷ᠎ᠡ ᠠᠩᠬᠠᠳᠤᠭᠠᠷ ᠤᠳᠠᠭ᠎ᠠ ᠬᠠᠭᠠᠨ ᠤ᠋ ᠪᠠᠭᠰᠢ ᠪᠠᠷ ᠡᠷᠭᠦᠮᠵᠢᠯᠡᠭᠳᠡᠨ᠂ᠲᠥᠷᠥ ᠱᠠᠰᠢᠨ ᠤ᠋ ᠶᠡᠬᠡ ᠡᠷᠬᠡ ᠶ᠋ᠢ ᠨᠢᠭᠡᠨ ᠪᠡᠶ᠎ᠡ ᠳ᠋ᠦ᠍ ᠲᠥᠪᠯᠡᠷᠡᠭᠦᠯᠦᠭᠰᠡᠨ ᠨᠢᠭᠡᠳᠦᠭᠡᠷ ᠨᠣᠮ ᠤ᠋ᠨ ᠬᠠᠭᠠᠨ ᠫᠠᠭᠪᠠ ᠶ᠋ᠢᠨ ᠨᠡᠷ᠎ᠡ ᠮᠠᠳᠠᠢ ᠳ᠋ᠸᠡᠽᠡ ᠭᠡᠳᠡᠭ᠃ᠣᠶᠤᠨ ᠪᠢᠯᠢᠭ ᠬᠡᠮᠡᠬᠦ ᠤᠳᠬ᠎ᠠ ᠪᠦᠬᠦᠢ ᠨᠡᠷ᠎ᠡ ᠪᠤᠶᠤ᠃ᠨᠣᠮ ᠤ᠋ᠨ ᠨᠡᠷ᠎ᠡ ᠯᠣᠵᠣᠢᠵᠠᠯᠰᠠᠨ᠂ᠴᠣᠯᠠ ᠫᠠᠭᠪᠠ᠂ᠮᠡᠷᠭᠡᠨ ᠪᠣᠭᠳᠠ ᠬᠡᠮᠡᠬᠦ ᠤᠳᠬ᠎ᠠ ᠲᠠᠢ᠃ᠬᠥᠬᠡᠭᠴᠢᠨ ᠬᠣᠨᠢᠨ ᠵᠢᠯ(1235 ᠣᠨ) ᠤᠨ ᠭᠤᠷᠪᠠᠳᠤᠭᠠᠷ ᠰᠠᠷ᠎ᠠ ᠶ᠋ᠢᠨ ᠵᠢᠷᠭᠤᠭᠠᠨ ᠤ᠋ ᠡᠳᠦᠷ ᠴᠠᠨᠨᠠᠳᠣᠷᠵᠢ ᠶ᠋ᠢᠨ ᠭᠡᠷ ᠲᠦ᠍ ᠮᠡᠨᠳᠦᠯᠡᠪᠡ᠃
ᠫᠠᠭᠪᠠ ᠪᠣᠯ ᠲᠥᠷᠥᠯᠬᠢ ᠰᠡᠴᠡᠨ ᠰᠡᠷᠭᠦᠯᠡᠩ᠂ᠣᠢ ᠪᠢᠯᠢᠭ ᠬᠤᠷᠴᠠ ᠬᠡᠦᠬᠡᠳ ᠪᠠᠢᠵᠠᠢ᠃3 ᠨᠠᠰᠤᠨ ᠳ᠋ᠠᠭᠠᠨ ᠲᠠᠷᠨᠢ ᠤᠩᠰᠢᠵᠤ᠂7 ᠨᠠᠰᠤᠨ ᠳ᠋ᠠᠭᠠᠨ ᠬᠡᠳᠦᠨ100000 ᠦᠰᠦᠭ ᠦ᠋ᠨ ᠨᠣᠮ ᠢ᠋ ᠴᠡᠭᠡᠵᠢ ᠪᠡᠷ ᠤᠩᠰᠢᠨ᠂ᠤᠳᠬ᠎ᠠ ᠶ᠋ᠢ ᠨᠢ ᠶᠡᠬᠡ ᠲᠥᠯᠥᠪ ᠣᠢᠯᠠᠭᠠᠳᠠᠭ ᠬᠡᠦᠬᠡᠳ ᠪᠠᠢᠵᠠᠢ᠃ᠬᠥᠮᠦᠰ ᠲᠡᠭᠦᠨ ᠢ᠋ ᠪᠣᠭᠳᠠ ᠬᠡᠦᠬᠡᠳ ᠭᠡᠳᠡᠭ ᠪᠣᠯᠬᠣᠷ ᠫᠠᠭᠪᠠ ᠴᠣᠯᠠ ᠣᠯᠪᠠ᠃
9 ᠨᠠᠰᠤᠨ ᠳ᠋ᠠᠭᠠᠨ ᠬᠣᠶᠠᠷ ᠢ᠋ ᠬᠤᠪᠢᠶᠠᠷᠢᠯᠠᠬᠤ ᠨᠣᠮ ᠨᠣᠮᠯᠠᠳᠠᠭ᠂10 ᠨᠠᠰᠤᠨ ᠳ᠋ᠠᠭᠠᠨ ᠶᠡᠬᠡ ᠰᠡᠰᠬᠢᠶᠡ ᠪᠠᠨᠳᠢᠳᠠ ᠳ᠋ᠤ᠌
ᠪᠠᠷᠠᠭᠠᠳᠠᠨ ᡀᠠᠰᠠ ᠶ᠋ᠢᠨ ᠶᠡᠬᠡ ᠵᠣᠣ ᠬᠡᠢᠳ ᠦ᠋ᠨ ᠡᠮᠦᠨ᠎ᠡ ᠨᠣᠮ ᠤ᠋ᠨ ᠡᠵᠡᠨ ᠰᠡᠰᠬᠢᠶᠡ ᠪᠠᠨᠳᠢᠳᠠ ᠶ᠋ᠢ ᠳᠦᠷᠢᠮᠵᠢᠭᠦᠯᠦᠭᠴᠢ ᠪᠠᠭᠰᠢ ᠪᠠᠷᠢᠵᠤ᠂ᠴᠥᠷᠫᠦᠶ᠋ᠪᠠ ᠶ᠋ᠢ ᠵᠢᠯᠣᠭᠣᠳᠤᠭᠴᠢ ᠠᠴᠡᠷᠢᠶᠠ ᠶ᠋ᠢ ᠪᠠᠭᠰᠢ ᠪᠠᠷᠢᠭᠠᠳ ᠭᠡᠷ ᠡᠴᠡ ᠭᠠᠷᠴᠤ ᠠᠪᠰᠢᠭ᠌ ᠠᠪᠤᠭᠠᠳ ᠯᠣᠵᠣᠢᠵᠠᠯᠰᠠᠨ ᠬᠡᠮᠡᠬᠦ ᠨᠣᠮ ᠤ᠋ᠨ ᠨᠡᠷ᠎ᠡ ᠠᠪᠤᠪᠠ᠃ᠳᠠᠷᠠᠭ᠎ᠠ ᠨᠢ ᠰᠺᠢᠤᠷᠯᠤᠩ ᠭᠡᠳᠡᠭ ᠤᠮᠠᠷᠠᠲᠤ ᠶ᠋ᠢᠨ ᠳᠦᠷᠢᠮᠵᠢᠭᠦᠯᠦᠭᠴᠢ ᠪᠠᠭᠰᠢ ᠰᠢᠷᠠᠪᠰᠡᠩᠭᠡ ᠡᠴᠡ ᠯᠠᠮᠠ ᠶ᠋ᠢᠨ ᠰᠤᠷᠭᠠᠯ ᠰᠤᠷᠴᠠᠢ᠃1244 ᠣᠨ ᠳ᠋ᠤ᠌10 ᠨᠠᠰᠤᠨ ᠳ᠋ᠠᠭᠠᠨ ᠶᠡᠬᠡ ᠠᠪᠠᠭ᠎ᠠ
ᠰᠡᠰᠬᠢᠶᠡ ᠪᠠᠨᠳᠢᠳᠠ ᠪᠠᠨ ᠳᠠᠭᠠᠭᠠᠳ ᠬᠥᠳᠡᠨ ᠦ᠌ ᠰᠠᠭᠤᠷᠢᠨ ᠭᠠᠵᠠᠷ ᠯᠢᠶᠠᠩᠵᠸᠦ ᠳ᠋ᠦ᠍ ᠬᠦᠷᠴᠡᠢ᠃ᠲᠡᠨᠳᠡ ᠬᠡᠳᠦᠨ ᠵᠢᠯ ᠰᠠᠭᠤᠬᠤ ᠳ᠋ᠠᠭᠠᠨ ᠨᠣᠮ ᠤ᠋ᠨ ᠡᠵᠡᠨ ᠰᠡᠰᠬᠢᠶᠡ ᠪᠠᠨᠳᠢᠳᠠ ᠯᠠᠮᠠ ᠶ᠋ᠢᠨ ᠬᠠᠮᠤᠭ ᠡᠷᠳᠡᠮ ᠢ᠋ ᠲᠡᠭᠦᠯᠳᠡᠷ ᠰᠤᠷᠤᠭᠠᠳ ᠶᠡᠬᠡ ᠪᠡᠷ ᠮᠠᠭᠲᠠᠭᠳᠠᠨ ᠰᠠᠢᠰᠢᠶᠠᠭᠳᠠᠵᠤ ᠨᠣᠮ ᠤ᠋ᠨ ᠠᠶᠠᠭ᠎ᠠ ᠪᠠ ᠨᠣᠮ ᠤ᠋ᠨ ᠲᠤᠩ ᠢ᠋ᠶ᠋ᠠᠷ ᠰᠤᠶᠤᠷᠬᠠᠭᠳᠠᠭᠰᠠᠨ ᠪᠢᠯᠡ᠃ᠬᠡᠳᠦᠨ ᠵᠢᠯ ᠦ᠋ᠨ ᠳᠠᠷᠠᠭ᠎ᠠ ᠫᠠᠭᠪᠠ ᠨᠢᠭᠡᠨᠲᠡ ᠨᠢᠭᠤᠴᠠ ᠤᠳᠬ᠎ᠠ ᠶ᠋ᠢᠨ ᠨᠣᠮ ᠢ᠋ ᠲᠡᠭᠦᠯᠳᠡᠷ ᠰᠤᠷᠴᠤ ᠴᠠᠭᠠᠷᠠᠲᠠᠯᠠ ᠡᠵᠡᠮᠰᠢᠵᠦᠬᠦᠢ᠃15 ᠨᠠᠰᠤᠨ ᠳ᠋ᠠᠭᠠᠨ(1253ᠣᠨ) ᠬᠥᠳᠡᠨ ᠲᠡᠢ ᠬᠠᠮᠲᠤ ᠪᠠᠷ ᠯᠢᠦ ᠫᠠᠨ ᠱᠠᠨ ᠠᠭᠤᠯᠠᠨ ᠳ᠋ᠤ᠌ ᠬᠤᠪᠢᠯᠠᠢ ᠶ᠋ᠢᠨ ᠪᠠᠭᠤᠴᠠ ᠳ᠋ᠤ᠌ ᠬᠦᠷᠴᠦ ᠬᠤᠪᠢᠯᠠᠢ ᠲᠠᠢ ᠠᠭᠤᠯᠵᠠᠪᠠ᠃ᠲᠡᠳᠡ ᠬᠣᠶᠠᠭᠤᠯᠠ ᠨᠢᠭᠲᠠ ᠬᠠᠷᠢᠴᠠᠭ᠎ᠠ ᠪᠠᠢᠭᠤᠯᠤᠨ ᠮᠥᠷᠭᠥᠯ ᠦ᠋ᠨ ᠣᠷᠣᠨ ᠥᠭᠯᠢᠭᠡ ᠶ᠋ᠢᠨ ᠡᠵᠡᠨ ᠪᠣᠯᠤᠯᠴᠠᠭᠠᠳ᠂ᠬᠤᠪᠢᠯᠠᠢ ᠶ᠋ᠢ ᠳᠠᠭᠠᠵᠤ ᠤᠮᠠᠷᠠᠰᠢ ᠮᠣᠩᠭᠣᠯ ᠣᠷᠣᠨ ᠳ᠋ᠤ᠌ ᠢᠷᠡᠵᠡᠢ᠃1260 ᠣᠨ ᠳ᠋ᠤ᠌ ᠬᠤᠪᠢᠯᠠᠢ ᠬᠡᠢᠪᠦᠩ ᠪᠠᠯᠭᠠᠳ ᠲᠤ᠌ ᠬᠠᠭᠠᠨ ᠣᠷᠣ ᠰᠠᠭᠤᠭᠠᠳ ᠫᠠᠭᠪᠠ ᠶ᠋ᠢ ᠤᠯᠤᠰ ᠤ᠋ᠨ ᠪᠠᠭᠰᠢ ᠡᠷᠭᠦᠮᠵᠢᠯᠡᠨ ᠬᠠᠰ ᠲᠠᠮᠠᠭ᠎ᠠ ᠰᠣᠶᠣᠷᠬᠠᠪᠠ᠃1264 ᠣᠨ ᠳ᠋ᠤ᠌ ᠫᠠᠭᠪᠠ ᠪᠠᠷ ᠪᠦᠬᠦ ᠤᠯᠤᠰ ᠤ᠋ᠨ ᠶᠡᠷᠦᠩᠬᠡᠢ ᠵᠠᠬᠢᠷᠤᠭᠴᠢ ᠶ᠋ᠢᠨ ᠬᠦᠷᠢᠶᠡᠯᠡᠩ ᠦ᠋ᠨ ᠠᠵᠢᠯ ᠢ᠋ ᠬᠠᠷᠢᠭᠤᠴᠠᠭᠤᠯᠵᠤ ᠪᠦᠬᠦ ᠤᠯᠤᠰ ᠤ᠋ᠨ ᠪᠤᠳ᠋ᠳ᠋ᠾᠠ ᠶ᠋ᠢᠨ ᠱᠠᠰᠢᠨ ᠤ᠋ ᠬᠡᠷᠡᠭ ᠪᠣᠯᠤᠨ ᠲᠥᠪᠡᠳ ᠦ᠋ᠨ ᠴᠡᠷᠢᠭ ᠵᠠᠰᠠᠭ ᠯᠠᠮᠠ ᠬᠠᠷ᠎ᠠ
ᠶ᠋ᠢᠨ ᠬᠡᠷᠡᠭ ᠢ᠋ ᠵᠠᠬᠢᠷᠤᠭᠤᠯᠤᠭᠰᠠᠨ ᠠᠵᠢ᠃1265ᠣᠨ ᠠ᠋ᠴᠠ1268ᠣᠨ ᠳ᠋ᠤ᠌ ᠫᠠᠭᠪᠠ ᠯᠠᠮᠠ᠂ᠬᠤᠪᠢᠯᠠᠢ ᠬᠠᠭᠠᠨ ᠤ᠋ ᠵᠠᠷᠯᠢᠭ ᠢ᠋ᠶ᠋ᠠᠷ ᠲᠥᠪᠡᠳ ᠲᠡᠭᠡᠨ ᠪᠤᠴᠠᠵᠤ ᠲᠥᠪᠡᠳ ᠲᠦ᠍ ᠲᠥᠷᠥ ᠵᠠᠰᠠᠭ ᠤ᠋ᠨ ᠪᠠᠢᠭᠤᠯᠤᠮᠵᠢ ᠶ᠋ᠢ ᠰᠠᠢᠲᠤᠷ ᠵᠣᠬᠢᠶᠠᠨ ᠪᠠᠢᠭᠤᠯᠤᠭᠠᠳ᠂ᠪᠡᠭᠡᠵᠢᠩ ᠳ᠋ᠦ᠍ ᠪᠤᠴᠠᠨ ᠢᠷᠡᠵᠦ ᠬᠤᠪᠢᠯᠠᠢ ᠬᠠᠭᠠᠨ ᠳ᠋ᠤ᠌ ᠬᠠᠷᠢᠭᠤ ᠠᠢᠯᠠᠳᠬᠠᠯ ᠬᠢᠭᠡᠳ ᠶᠡᠬᠡᠳᠡ ᠰᠠᠢᠰᠢᠶᠠᠭᠳᠠᠵᠠᠢ᠃ᠫᠠᠭᠪᠠ ᠯᠠᠮᠠ ᠶ᠋ᠢᠨ ᠮᠣᠩᠭᠣᠯ ᠤ᠋ᠨ ᠲᠡᠦᠬᠡᠨ ᠳ᠋ᠦ᠍ ᠦᠵᠡᠭᠦᠯᠦᠭᠰᠡᠨ ᠬᠠᠮᠤᠭ ᠤ᠋ᠨ ᠶᠡᠬᠡ ᠭᠠᠪᠢᠶ᠎ᠠ ᠪᠣᠯ ᠮᠣᠩᠭᠣᠯ ᠰᠢᠨ᠎ᠡ ᠦᠰᠦᠭ —ᠳᠥᠷᠪᠡᠯᠵᠢᠨ ᠦᠰᠦᠭ ᠢ᠋ ᠵᠣᠬᠢᠶᠠᠨ ᠪᠦᠲᠦᠭᠡᠭᠰᠡᠨ ᠶᠠᠪᠤᠳᠠᠯ ᠪᠣᠯᠤᠨ᠎ᠠ᠃ᠲᠡᠷᠡ᠂ᠬᠤᠪᠢᠯᠠᠢ ᠬᠠᠭᠠᠨ ᠤ᠋ ᠵᠠᠷᠯᠢᠭ ᠢ᠋ᠶ᠋ᠠᠷ ᠮᠣᠩᠭᠣᠯ ᠰᠢᠨ᠎ᠡ ᠦᠰᠦᠭ ᠢ᠋ ᠵᠣᠬᠢᠶᠠᠭᠠᠳ 1268ᠣᠨ ᠳ᠋ᠤ᠌ ᠬᠤᠪᠢᠯᠠᠢ ᠬᠠᠭᠠᠨ ᠳ᠋ᠤ᠌ ᠡᠷᠭᠦᠨ ᠪᠠᠷᠢᠪᠠᠢ᠃1269 ᠣᠨ ᠳ᠋ᠤ᠌ ᠬᠤᠪᠢᠯᠠᠢ ᠶ᠋ᠢᠨ ᠵᠠᠷᠯᠢᠭ ᠢ᠋ᠶ᠋ᠠᠷ ᠳᠥᠷᠪᠡᠯᠵᠢᠨ ᠰᠢᠨ᠎ᠡ ᠦᠰᠦᠭ ᠢ᠋ ᠠᠯᠪᠠᠨ ᠲᠣᠭᠲᠠᠭᠠᠯ ᠢ᠋ᠶ᠋ᠠᠷ
ᠲᠥᠷᠥ ᠶ᠋ᠢᠨ ᠦᠰᠦᠭ ᠪᠢᠴᠢᠭ ᠪᠣᠯᠭᠠᠵᠤ ᠪᠦᠬᠦ ᠤᠯᠤᠰ ᠲᠤ᠌ ᠨᠡᠢᠲᠡᠯᠡᠨ ᠬᠡᠷᠡᠭᠵᠢᠭᠦᠯᠪᠡ᠃1270 ᠣᠨ ᠳ᠋ᠤ᠌ ᠬᠤᠪᠢᠯᠠᠢ ᠬᠠᠭᠠᠨ᠂ᠲᠡᠭᠦᠨ ᠦ᠌ ᠦᠰᠦᠭ ᠵᠣᠬᠢᠶᠠᠨ ᠪᠦᠲᠦᠭᠡᠭᠰᠡᠨ ᠭᠠᠪᠢᠶ᠎ᠠ ᠳ᠋ᠤᠷ ᠬᠠᠭᠠᠨ ᠤ᠋ ᠪᠠᠭᠰᠢ ᠡᠷᠭᠦᠮᠵᠢᠯᠡᠭᠡᠳ ᠶᠡᠬᠡ ᠡᠷᠳᠡᠨᠢ ᠨᠣᠮ ᠤ᠋ᠨ ᠬᠠᠭᠠᠨ ᠬᠡᠮᠡᠬᠦ ᠴᠣᠯᠠ ᠬᠦᠷᠲᠡᠭᠡᠵᠦ ᠬᠠᠰ ᠲᠠᠮᠠᠭ᠎ᠠ ᠰᠣᠶᠣᠷᠬᠠᠵᠠᠢ᠃ᠡᠢᠨ ᠬᠦ᠌ ᠫᠠᠭᠪᠠ ᠶ᠋ᠢᠨ ᠵᠣᠬᠢᠶᠠᠭᠰᠠᠨ ᠳᠥᠷᠪᠡᠯᠵᠢᠨ ᠰᠢᠨ᠎ᠡ ᠦᠰᠦᠭ᠂ᠶᠤᠸᠠᠨ ᠤᠯᠤᠰ ᠤ᠋ᠨ ᠨᠡᠢᠳᠡᠮ ᠬᠡᠷᠡᠭᠯᠡᠬᠦ ᠲᠥᠷᠥ ᠶ᠋ᠢᠨ ᠦᠰᠦᠭ ᠪᠢᠴᠢᠭ ᠪᠣᠯᠤᠨ ᠳᠡᠯᠭᠡᠷᠡᠪᠡ᠃ᠡᠨᠡ ᠬᠦ᠌ ᠳᠥᠷᠪᠡᠯᠵᠢᠨ ᠰᠢᠨ᠎ᠡ ᠦᠰᠦᠭ ᠨᠢ ᠶᠤᠸᠠᠨ ᠤᠯᠤᠰ ᠤ᠋ᠨ ᠲᠥᠷᠥ ᠭᠦᠷᠦᠨ ᠦ᠌ ᠵᠠᠰᠠᠭ ᠢ᠋ ᠨᠡᠪᠲᠡᠷᠡᠭᠦᠯᠬᠦ᠂ᠨᠣᠮ ᠰᠤᠳᠤᠷ ᠢ᠋ ᠣᠷᠴᠢᠭᠤᠯᠤᠨ ᠱᠠᠰᠢᠨ ᠰᠤᠷᠲᠠᠬᠤᠨ ᠢ᠋ ᠳᠡᠯᠭᠡᠷᠡᠭᠦᠯᠬᠦ ᠵᠡᠷᠭᠡ ᠲᠥᠷᠥ ᠱᠠᠰᠢᠨ᠂ᠤᠳᠬ᠎ᠠ ᠰᠣᠶᠣᠯ ᠳ᠋ᠤ᠌ ᠵᠣᠬᠢᠬᠤ ᠦᠢᠯᠡᠳᠦᠯ ᠭᠠᠷᠭᠠᠭᠰᠠᠨ ᠢ᠋ ᠦᠨᠡᠯᠡᠭᠦᠰᠢᠲᠡᠢ ᠪᠢᠯᠡ᠃
1276 ᠣᠨ ᠳ᠋ᠤ᠌ ᠬᠤᠪᠢᠯᠠᠢ ᠬᠠᠭᠠᠨ᠂ᠫᠠᠭᠪᠠ ᠶ᠋ᠢᠨ ᠭᠤᠶᠤᠳᠠᠯ ᠢ᠋ ᠵᠥᠪᠰᠢᠶᠡᠷᠡᠭᠰᠡᠨ ᠤᠴᠢᠷ ᠫᠠᠭᠪᠠ ᠯᠠᠮᠠ ᠲᠥᠪᠡᠳ
ᠲᠡᠭᠡᠨ ᠪᠤᠴᠠᠵᠤ ᠬᠠᠷᠢᠭᠠᠳ ᠨᠣᠮ ᠤ᠋ᠨ ᠬᠠᠭᠠᠨ ᠰᠠᠭᠤᠵᠤ ᠪᠦᠬᠦ ᠲᠥᠪᠡᠳ ᠦ᠋ᠨ ᠲᠥᠷᠥ ᠱᠠᠰᠢᠨ ᠤ᠋ ᠶᠡᠬᠡ ᠡᠷᠬᠡ ᠶ᠋ᠢ ᠠᠳᠬᠤᠭᠰᠠᠨ ᠶᠤᠮ᠃ᠬᠤᠪᠢᠯᠠᠢ ᠶ᠋ᠢᠨ ᠬᠦᠦ ᠴᠢᠩᠭᠢᠮ ᠫᠠᠭᠪᠠ ᠯᠠᠮᠠ ᠶ᠋ᠢ ᠳᠠᠭᠠᠨ ᠲᠥᠪᠡᠳ ᠲᠦ᠍ ᠬᠦᠷᠴᠦ ᠨᠣᠮ ᠰᠤᠷᠤᠭᠰᠠᠨ ᠪᠠᠢᠯ᠎ᠠ᠃1280ᠣᠨ ᠳ᠋ᠤ᠌ ᠫᠠᠭᠪᠠ ᠯᠠᠮᠠ ᠢᠳᠡᠷ ᠵᠠᠯᠠᠭᠤ 46 ᠨᠠᠰᠤᠨ ᠰᠡᠭᠦᠳᠡᠷ ᠲᠡᠢ ᠲᠠᠭᠠᠯᠠᠯ ᠲᠡᠭᠦᠰᠴᠡᠢ᠃ᠬᠤᠪᠢᠯᠠᠢ ᠬᠠᠭᠠᠨ ᠶᠡᠬᠡᠳᠡ ᠭᠠᠰᠢᠭᠤᠳᠠᠵᠤ《ᠲᠩᠷᠢ ᠶ᠋ᠢᠨ ᠳᠣᠣᠷ᠎ᠠ ᠭᠠᠵᠠᠷ ᠤ᠋ᠨ ᠳᠡᠭᠡᠷ᠎ᠡ ᠡᠨᠡᠳᠬᠡᠭ ᠦ᠋ᠨ ᠪᠤᠷᠬᠠᠨ ᠤ᠋ ᠬᠥᠪᠡᠭᠦᠨ ᠦᠰᠦᠭ ᠢ᠋ ᠵᠣᠬᠢᠶᠠᠭᠴᠢ ᠬᠤᠪᠢᠯᠭᠠᠨ ᠪᠣᠭᠳᠠ᠂ᠳᠡᠯᠡᠬᠡᠢ ᠳ᠋ᠠᠬᠢᠨ ᠢ᠋ ᠡᠩᠬᠡᠵᠢᠭᠦᠯᠦᠭᠴᠢ ᠲᠠᠪᠤᠨ ᠤᠬᠠᠭᠠᠨ ᠤ᠋ ᠣᠷᠣᠨ ᠢ᠋ ᠤᠬᠠᠭᠰᠠᠨ ᠫᠸᠸᠽᠡᠲᠡ ᠫᠡᠭᠰᠫᠡ ᠳ᠋ᠢᠰᠲᠢ》 ᠭᠡᠮᠡᠨ ᠨᠡᠬᠡᠮᠵᠢᠯᠡᠨ ᠡᠷᠭᠦᠮᠵᠢᠯᠡᠵᠦ ᠳᠠᠢᠳᠤ ᠪᠡᠭᠡᠵᠢᠩ ᠳ᠋ᠦ᠍ ᠱᠠᠷᠢᠯ ᠤ᠋ᠨ ᠰᠤᠪᠤᠷᠭ᠎ᠠ ᠪᠣᠰᠬᠠᠨ ᠴᠢᠯᠠᠭᠤᠨ ᠬᠥᠰᠢᠶ᠎ᠡ ᠰᠡᠢᠯᠦᠭᠦᠯᠵᠦ᠂ᠳᠤᠷᠠᠰᠬᠠᠬᠤ ᠪᠢᠴᠢᠭ ᠵᠣᠬᠢᠶᠠᠵᠤ ᠫᠠᠭᠪᠠ ᠶ᠋ᠢᠨ ᠭᠠᠪᠢᠶ᠎ᠠ ᠪᠠ ᠨᠢᠭᠡᠨ ᠨᠠᠰᠤᠨ ᠤ᠋ ᠦᠢᠯᠡ ᠠᠵᠢᠯᠯᠠᠭ᠎ᠠ ᠶ᠋ᠢ ᠲᠤᠢᠯ ᠤ᠋ᠨ ᠥᠨᠳᠥᠷ ᠢ᠋ᠶ᠋ᠡᠷ ᠦᠨᠡᠯᠡᠵᠡᠢ᠃
ᠴᠦᠢᠵᠢᠠᠤᠤᠠᠰᠠᠷ
ᠮᠣᠩᠭᠣᠯ ᠬᠡᠯᠡᠨ ᠦ᠌ ᠤᠤᠭᠠᠨ ᠰᠠᠭᠤᠷᠢᠯᠠᠭᠴᠢ᠂ᠰᠢᠨᠵᠢᠯᠡᠭᠡᠲᠡᠨ ᠴᠥᠢᠵᠢᠠᠣᠤᠠᠰᠠᠷ ᠪᠣᠯ ᠶᠤᠸᠠᠨ ᠤᠯᠤᠰ ᠤ᠋ᠨ ᠦᠶ᠎ᠡ ᠶ᠋ᠢᠨ ᠰᠢᠯᠭᠠᠷᠠᠭᠰᠠᠨ ᠬᠡᠯᠡᠨ ᠦ᠌ ᠡᠷᠳᠡᠮᠲᠡᠨ᠂ᠰᠣᠶᠣᠯ ᠤ᠋ᠨ ᠶᠡᠬᠡ ᠵᠢᠳᠬᠦᠯᠲᠡᠨ ᠶᠦ᠍ᠮ᠃ᠲᠡᠷᠡ ᠮᠣᠩᠭᠣᠯ ᠬᠡᠯᠡᠨ ᠦ᠌ ᠵᠦᠢ᠂ᠠᠪᠢᠶᠠᠨ ᠤ᠋ ᠵᠦᠢ᠂ᠦᠭᠡᠰ ᠦ᠋ᠨ ᠰᠠᠩ ᠤ᠋ ᠰᠤᠳᠤᠯᠤᠯ ᠳ᠋ᠤ᠌ ᠠᠩᠬ᠎ᠠ ᠠᠯᠬᠤᠮ ᠤ᠋ᠨ ᠰᠠᠭᠤᠷᠢ ᠶ᠋ᠢ ᠲᠠᠯᠪᠢᠵᠤ ᠮᠣᠩᠭᠣᠯ ᠦᠰᠦᠭ ᠦ᠋ᠨ ᠳᠤᠲᠠᠭᠤ ᠶ᠋ᠢ ᠨᠡᠮᠡᠵᠦ ᠳᠦᠷᠰᠦ ᠶ᠋ᠢ ᠰᠠᠯᠭᠠᠨ᠂ᠨᠡᠢᠲᠡ123 ᠦᠶᠡᠲᠦ ᠦᠰᠦᠭ ᠪᠣᠯᠭᠠᠨ ᠵᠢᠭᠰᠠᠭᠠᠭᠠᠳ ᠮᠣᠩᠭᠣᠯ ᠴᠠᠭᠠᠨ ᠲᠣᠯᠣᠭᠠᠢ ᠶ᠋ᠢᠨ ᠦᠰᠦᠭ ᠢ᠋ ᠪᠦᠷᠢᠳᠦᠭᠦᠯᠦᠭᠰᠡᠨ ᠶᠦ᠍ᠮ᠃ᠴᠥᠢᠵᠢᠠᠣᠤᠠᠰᠠᠷ ᠪᠠᠰᠠ ᠮᠣᠩᠭᠣᠯ ᠦᠰᠦᠭ ᠢ᠋ ᠠᠩᠬ᠎ᠠ ᠠᠯᠬᠤᠮ ᠴᠢᠩᠭ᠎ᠠ ᠬᠥᠨᠳᠡᠢ᠂ᠰᠠᠭᠠᠷᠮᠠᠭ ᠭᠡᠵᠦ 3 ᠬᠤᠪᠢᠶᠠᠨ ᠮᠣᠩᠭᠣᠯ ᠬᠡᠯᠡᠨ ᠦ᠌ ᠠᠪᠢᠶ᠎ᠠ ᠵᠣᠬᠢᠴᠠᠬᠤ ᠶᠣᠰᠣ ᠶ᠋ᠢ ᠵᠥᠪ ᠲᠠᠢᠯᠪᠤᠷᠢᠯᠠᠵᠠᠢ᠃ ᠮᠥᠨ ᠲᠡᠢᠨ ᠢᠯᠭᠠᠯ ᠤ᠋ᠨ ᠳᠠᠭᠠᠪᠤᠷᠢ 8 ᠶ᠋ᠢ ᠢᠯᠭᠠᠨ ᠭᠠᠷᠭᠠᠵᠤ ᠲᠡᠢᠨ ᠢᠯᠭᠠᠯ ᠤ᠋ᠨ ᠳᠠᠭᠠᠪᠤᠷᠢ ᠳᠠᠭᠠᠭᠤᠯᠬᠤ ᠳᠦᠷᠢᠮ ᠢ᠋ ᠪᠣᠯᠪᠠᠰᠤᠷᠠᠭᠤᠯᠪᠠ᠃ᠪᠠᠰᠠ ᠦᠰᠦᠭ ᠦ᠋ᠨ ᠳᠦᠷᠢᠮ ᠦ᠋ᠨ ᠵᠥᠪ ᠪᠢᠴᠢᠯᠭᠡ᠂ᠵᠥᠪ ᠳᠠᠭᠤᠳᠠᠯᠭ᠎ᠠ ᠶ᠋ᠢᠨ ᠲᠠᠯ᠎ᠠ ᠪᠠᠷ ᠨᠠᠷᠢᠨ ᠳᠦᠷᠢᠮ ᠢ᠋ ᠪᠣᠯᠪᠠᠰᠤᠷᠠᠭᠤᠯᠬᠤ ᠮᠥᠷᠲᠡᠭᠡᠨ ᠪᠠᠷᠢᠮᠲᠠᠯᠠᠬᠤ ᠭᠣᠣᠯ ᠶᠣᠰᠣᠨ ᠢ᠋ ᠨᠡᠭᠡᠭᠡᠵᠡᠢ᠃
ᠴᠥᠢᠵᠢᠠᠣᠤᠠᠰᠠᠷ ᠪᠣᠯ ᠮᠣᠩᠭᠣᠯ᠂ᠤᠢᠭᠤᠷ᠂ᠲᠥᠪᠡᠳ᠂ᠡᠨᠡᠳᠬᠡᠭ ᠵᠡᠷᠭᠡ ᠣᠯᠠᠨ ᠬᠡᠯᠡᠨ ᠳ᠋ᠦ᠍ ᠨᠡᠪᠲᠡᠷᠬᠡᠢ ᠡᠷᠳᠡᠮᠲᠡᠨ᠂ ᠨᠡᠷᠡᠲᠦ ᠣᠷᠴᠢᠭᠤᠯᠤᠭᠴᠢ᠃ᠲᠡᠷᠡ《ᠭᠠᠨᠵᠤᠤᠷ ᠳ᠋ᠠᠨᠵᠤᠤᠷ》 ᠵᠡᠷᠭᠡ ᠭᠦᠯᠭᠡᠨ ᠰᠤᠳᠤᠷ ᠨᠣᠮ ᠢ᠋ ᠣᠯᠠᠨ ᠲᠣᠭ᠎ᠠ ᠪᠠᠷ ᠮᠣᠩᠭᠣᠯᠴᠢᠯᠠᠵᠤ ᠨᠠᠢᠷᠠᠭᠤᠯᠤᠨ ᠵᠣᠬᠢᠶᠠᠵᠤ᠂ᠠᠷᠢᠭᠤᠳᠬᠠᠨ ᠲᠠᠢᠯᠪᠤᠷᠢᠯᠠᠭᠰᠠᠨ ᠬᠥᠮᠦᠨ ᠪᠢᠯᠡ᠃
ᠰᠤᠷᠭᠠᠨ ᠬᠥᠮᠦᠵᠢᠯ
ᠤᠯᠤᠰ ᠦᠨᠳᠦᠰᠦᠲᠡᠨ ᠨᠢ ᠰᠤᠷᠭᠠᠨ ᠬᠥᠮᠦᠵᠢᠯ ᠢ᠋ᠶ᠋ᠡᠷ ᠳᠡᠮᠵᠢᠵᠦ ᠲᠥᠷᠥ ᠳ᠋ᠦ᠍ ᠦᠢᠯᠡᠴᠢᠯᠡᠬᠦ ᠡᠷᠳᠡᠮᠲᠡᠨ ᠴᠢᠳᠠᠪᠤᠷᠢᠲᠠᠨ ᠢ᠋ᠶ᠋ᠠᠨ ᠬᠥᠮᠦᠵᠢᠭᠦᠯᠦᠨ ᠭᠠᠷᠭᠠᠳᠠᠭ ᠶᠤᠮ᠃ᠮᠣᠩᠭᠣᠯ ᠬᠠᠭᠠᠨᠲᠤ ᠤᠯᠤᠰ ᠤ᠋ᠨ ᠡᠵᠡᠳ ᠨᠢ ᠴᠦ᠍ ᠮᠣᠩᠭᠣᠯ ᠤ᠋ᠨ ᠢᠵᠠᠭᠤᠷᠲᠠᠨ ᠤ᠋ ᠦᠷ᠎ᠡ ᠬᠡᠦᠬᠡᠳ ᠢ᠋ᠶ᠋ᠡᠨ ᠰᠤᠷᠭᠠᠨ ᠬᠥᠮᠦᠵᠢᠭᠦᠯᠬᠦ ᠶ᠋ᠢ ᠣᠨᠴᠠ ᠠᠩᠬᠠᠷᠤᠭᠰᠠᠨ ᠪᠢᠯᠡ᠃ᠠᠯᠢ ᠡᠷᠲᠡ ᠴᠢᠩᠭᠢᠰ ᠬᠠᠭᠠᠨ ᠲᠠᠲᠠᠲᠤᠩᠭ᠎ᠠ ᠳ᠋ᠤ᠌ ᠵᠠᠷᠯᠢᠭ ᠪᠠᠭᠤᠯᠭᠠᠨ ᠤᠢᠭᠤᠷ ᠦᠰᠦᠭ ᠢ᠋ᠶ᠋ᠡᠷ ᠲᠥᠷᠥ ᠶ᠋ᠢᠨ ᠬᠡᠷᠡᠭ ᠢ᠋ ᠲᠡᠮᠳᠡᠭᠯᠡᠭᠦᠯᠦᠭᠰᠡᠨ ᠪᠥᠭᠡᠳ ᠦᠷ᠎ᠡ ᠬᠡᠦᠬᠡᠳ ᠳᠡᠭᠡᠨ ᠪᠠ ᠰᠤᠷᠪᠤᠯᠵᠢᠲᠤ ᠢᠵᠠᠭᠤᠷᠲᠠᠨ ᠤ᠋ ᠬᠡᠦᠬᠡᠳ ᠲᠦ᠍ ᠤᠢᠭᠤᠷ ᠦᠰᠦᠭ ᠰᠤᠷᠭᠠᠭᠰᠠᠨ ᠶᠤᠮ᠃
ᠥᠭᠡᠳᠡᠢ ᠬᠠᠭᠠᠨ ᠰᠤᠷᠭᠠᠭᠤᠯᠢ ᠪᠠᠢᠭᠤᠯᠵᠤ ᠰᠢᠯᠭᠠᠯᠲᠠ ᠪᠠᠷ ᠳᠠᠮᠵᠢᠨ ᠴᠢᠳᠠᠪᠤᠷᠢᠲᠠᠨ ᠢ᠋ ᠡᠯᠰᠡᠨ ᠠᠪᠬᠤ ᠪᠠᠷ ᠲᠣᠭᠲᠠᠭᠠᠭᠠᠳ ᠲᠥᠷᠥ ᠶ᠋ᠢᠨ ᠰᠤᠷᠭᠠᠭᠴᠢ ᠪᠣᠯᠤᠨ ᠵᠠᠬᠢᠷᠭ᠎ᠠ ᠶ᠋ᠢᠨ ᠶᠠᠮᠤᠨ ᠤ᠋ ᠨᠣᠶᠠᠨ ᠲᠣᠮᠢᠯᠠᠵᠤ ᠰᠤᠷᠪᠤᠯᠵᠢᠲᠤ ᠢᠵᠠᠭᠤᠷᠲᠠᠨ ᠤ᠋ ᠦᠷ᠎ᠡ ᠬᠡᠦᠬᠡᠳ ᠲᠦ᠍ ᠰᠤᠷᠭᠠᠨ ᠬᠥᠮᠦᠵᠢᠯ ᠬᠦᠷᠲᠡᠭᠡᠵᠡᠢ᠃
ᠬᠤᠪᠢᠯᠠᠢ ᠬᠠᠭᠠᠨ ᠰᠠᠭᠤᠷᠢᠨ ᠳ᠋ᠤ᠌ ᠰᠠᠭᠤᠮᠠᠭᠴᠠ ᠢᠵᠠᠭᠤᠷᠲᠠᠨ ᠤ᠋ ᠦᠷ᠎ᠡ ᠬᠡᠦᠬᠡᠳ ᠢ᠋ ᠬᠥᠮᠦᠵᠢᠭᠦᠯᠬᠦ ᠶᠠᠪᠤᠳᠠᠯ ᠢ᠋ ᠣᠨᠴᠠ ᠴᠢᠬᠤᠯᠠᠴᠢᠯᠠᠭᠰᠠᠨ ᠠᠵᠢ᠃ᠵᠦᠩ ᠲᠦᠩ ᠦ᠋ᠨ ᠬᠣᠶᠠᠳᠤᠭᠠᠷ ᠣᠨ(1261 ᠣᠨ) ᠳ᠋ᠤ᠌ ᠵᠠᠷᠯᠢᠭ ᠪᠠᠭᠤᠯᠭᠠᠵᠤ ᠡᠯ᠎ᠡ ᠴᠥᠯᠭᠡ ᠳ᠋ᠦ᠍ ᠰᠤᠷᠭᠠᠭᠤᠯᠢ ᠪᠠᠢᠭᠤᠯᠤᠨ ᠰᠤᠷᠭᠠᠭᠴᠢ ᠨᠣᠶᠠᠨ ᠢ᠋ ᠲᠣᠮᠢᠯᠠᠭᠠᠳ᠄《 ᠠᠯᠢᠪᠠ ᠡᠷᠳᠡᠮ ᠬᠢᠴᠢᠶᠡᠬᠦ ᠪᠡᠷ ᠢᠷᠡᠭᠰᠡᠨ ᠰᠤᠷᠤᠭᠰᠠᠳ ᠢ᠋ ᠴᠢᠩᠳᠠ ᠰᠤᠷᠭᠠᠵᠤ ᠡᠷᠬᠡᠪᠰᠢ ᠡᠷᠳᠡᠮᠲᠡᠨ ᠴᠢᠳᠠᠪᠤᠷᠢᠲᠠᠨ ᠪᠣᠯᠭᠠᠨ ᠬᠥᠮᠦᠵᠢᠭᠦᠯᠵᠦ ᠰᠢᠯᠢᠨ ᠬᠡᠷᠡᠭᠯᠡᠬᠦᠢ ᠳ᠋ᠦ᠍ᠷ ᠪᠡᠯᠡᠬᠡᠨ ᠪᠣᠯᠭᠠᠭᠲᠤᠨ》 ᠭᠡᠵᠡᠢ᠃ᡁᠢ ᠶᠤᠸᠠᠨ ᠤ᠋ ᠵᠢᠷᠭᠤᠳᠤᠭᠠᠷ ᠣᠨ᠂ ᠳᠠᠷᠤᠢ ᠫᠠᠭᠪᠠ ᠦᠰᠦᠭ ᠪᠦᠲᠦᠭᠡᠭᠳᠡᠭᠰᠡᠨ ᠵᠢᠯ ᠳ᠋ᠦ᠍ ᠡᠯ᠎ᠡ ᠴᠥᠯᠭᠡ ᠶ᠋ᠢᠨ ᠮᠣᠩᠭᠣᠯ ᠦᠰᠦᠭ ᠪᠢᠴᠢᠭ ᠦ᠋ᠨ ᠰᠤᠷᠭᠠᠭᠤᠯᠢ ᠶ᠋ᠢ ᠪᠠᠢᠭᠤᠯᠤᠭᠰᠠᠨ ᠪᠥᠭᠡᠳ ᡁᠢ ᠶᠤᠸᠠᠨ ᠤ᠋ ᠨᠠᠢ᠍ᠮᠠᠳᠤᠭᠠᠷ ᠣᠨ(1271ᠣᠨ) ᠳ᠋ᠤ᠌ ᠪᠠᠰᠠ ᠵᠠᠷᠯᠢᠭ ᠪᠠᠭᠤᠯᠭᠠᠵᠤ ᠨᠡᠢᠰᠯᠡᠯ ᠬᠣᠳᠠᠨ᠎ᠠ ᠮᠣᠩᠭᠣᠯ ᠭᠦᠷᠦᠨ ᠦ᠌ ᠬᠥᠪᠡᠭᠦᠳ ᠦ᠋ᠨ ᠰᠤᠷᠭᠠᠭᠤᠯᠢ ᠶ᠋ᠢ ᠪᠠᠢᠭᠤᠯᠤᠨ ᠮᠣᠩᠭᠣᠯ ᠵᠠᠯᠠᠭᠤᠰ ᠢ᠋ ᠪᠣᠯᠪᠠᠰᠤᠷᠠᠭᠤᠯᠵᠤ ᠪᠠᠰᠠ ᠬᠠᠭᠠᠨ ᠲᠥᠷᠥ ᠳ᠋ᠦ᠍ ᠪᠠᠢᠭ᠎ᠠ ᠮᠣᠩᠭᠣᠯ ᠬᠢᠲᠠᠳ ᠣᠯᠠᠨ ᠨᠣᠶᠠᠳ ᠪᠠ ᠬᠡᠰᠢᠭᠲᠡᠨ ᠨᠣᠶᠠᠳ ᠤ᠋ᠨ ᠬᠡᠦᠬᠡᠳ ᠳᠡᠭᠦᠦ ᠨᠠᠷ ᠤ᠋ᠨ ᠰᠡᠴᠡᠨ ᠰᠡᠷᠭᠦᠯᠡᠩ ᠢ᠋ ᠢᠨᠤ ᠰᠣᠩᠭᠣᠵᠤ ᠰᠤᠷᠭᠠᠭᠤᠯᠢ ᠳ᠋ᠤ᠌ ᠣᠷᠣᠭᠤᠯᠤᠭᠲᠤᠨ ᠭᠡᠮᠡᠨ ᠵᠠᠷᠯᠠᠭᠰᠠᠨ ᠶᠤᠮ᠃ ᠳᠣᠭᠣᠨᠳᠡᠮᠦᠷ ᠬᠠᠭᠠᠨ ᠤ᠋ ᠶᠤᠸᠠᠨ ᠲᠦᠩ ᠦ᠋ᠨ ᠬᠣᠶᠠᠳᠤᠭᠠᠷ ᠣᠨ ᠳ᠋ᠤ᠌᠄《ᠳᠣᠲᠣᠭᠠᠳᠤ ᠭᠠᠳᠠᠭᠠᠳᠤ ᠳ᠋ᠤᠷ ᠰᠤᠷᠭᠠᠭᠤᠯᠢ ᠶ᠋ᠢ ᠶᠡᠬᠡ ᠪᠡᠷ ᠪᠠᠢᠭᠤᠯᠲᠤᠭᠠᠢ》 ᠭᠡᠮᠡᠨ ᠵᠠᠷᠯᠢᠭᠳᠠᠵᠤ ᠳᠠᠷᠠᠭ᠎ᠠ ᠵᠢᠯ ᠨᠢ ᠮᠣᠩᠭᠣᠯ ᠰᠤᠷᠪᠤᠯᠵᠢᠲᠠᠨ ᠤ᠋ ᠬᠥᠪᠡᠭᠦᠳ ᠦ᠋ᠨ ᠰᠤᠷᠭᠠᠭᠤᠯᠢ ᠶ᠋ᠢᠨ ᠶᠠᠮᠤᠨ ᠢ᠋ ᠪᠠᠢᠭᠤᠯᠪᠠ᠃
ᡁᠢ ᠶᠤᠸᠠᠨ ᠤ᠋ ᠬᠣᠷᠢᠨ ᠨᠠᠢ᠍ᠮᠠᠳᠤᠭᠠᠷ ᠣᠨ ᠳ᠋ᠤ᠌ ᠬᠤᠪᠢᠯᠠᠢ ᠬᠠᠭᠠᠨ ᠪᠠᠰᠠ ᠪᠠᠭᠰᠢ ᠶ᠋ᠢᠨ ᠬᠢᠷᠢ ᠭᠡᠮ ᠵᠡᠷᠭᠡ ᠳᠡᠰ ᠦ᠋ᠨ ᠴᠣᠯᠠ ᠶ᠋ᠢ ᠲᠣᠭᠲᠠᠭᠠᠵᠤ ᠬᠠᠭᠠᠨ ᠣᠷᠳᠣᠨ ᠠ᠋ᠴᠠ ᠲᠣᠮᠢᠯᠠᠭᠰᠠᠨ ᠪᠠᠭᠰᠢ ᠶ᠋ᠢ ᠰᠤᠷᠭᠠᠭᠴᠢ ᠲᠦᠰᠢᠮᠡᠯ᠂ ᠶᠣᠰᠣᠯᠠᠯ ᠤ᠋ᠨ ᠶᠠᠮᠤᠨ᠂ ᠮᠣᠵᠢ ᠶ᠋ᠢᠨ ᠵᠠᠬᠢᠷᠭ᠎ᠠ᠂ᠢᠯᠪᠢᠨ ᠲᠣᠬᠣᠨᠢᠭᠤᠯᠬᠤ ᠬᠡᠯᠲᠡᠰ ᠡᠴᠡ ᠲᠣᠮᠢᠯᠠᠭᠰᠠᠨ ᠪᠠᠭᠰᠢ ᠶ᠋ᠢ ᠰᠤᠷᠭᠠᠭᠤᠯᠢ ᠶ᠋ᠢᠨ ᠵᠠᠬᠢᠷᠤᠯ᠂
ᠰᠤᠷᠭᠠᠭᠤᠯᠢ ᠶ᠋ᠢᠨ ᠠᠬᠠᠮᠠᠳ᠂ᠰᠤᠷᠭᠠᠭᠤᠯᠢ ᠶ᠋ᠢᠨ ᠮᠡᠳᠡᠭᠡᠴᠢ᠂ᠰᠤᠷᠭᠠᠭᠤᠯᠢ ᠶ᠋ᠢᠨ ᠰᠤᠷᠭᠠᠭᠴᠢ ᠭᠡᠮᠡᠨ ᠬᠡᠳᠦᠨ ᠳᠡᠰ ᠬᠤᠪᠢᠶᠠᠪᠠ᠃ᠰᠤᠷᠭᠠᠭᠤᠯᠢ ᠶ᠋ᠢᠨ ᠵᠢᠭᠠᠬᠤ ᠪᠢᠴᠢᠭ ᠨᠢ ᠮᠣᠩᠭᠣᠯ ᠢ᠋ᠶ᠋ᠠᠷ ᠣᠷᠴᠢᠭᠤᠯᠤᠭᠰᠠᠨ ᠨᠡᠪᠲᠡᠷᠬᠡᠢ ᠲᠣᠯᠢ᠂ᠬᠠᠭᠠᠳ ᠤ᠋ᠨ ᠴᠡᠴᠡᠭ ᠦ᠋ᠨ ᠬᠦᠷᠢᠶᠡᠯᠡᠩ᠂ᠵᠠᠰᠠᠭ ᠲᠤᠷ ᠲᠤᠰᠠᠯᠠᠬᠤ ᠲᠣᠯᠢ᠂ᠰᠢᠭᠦᠮᠵᠢᠯᠡᠯ ᠥᠭᠦᠯᠡᠯ᠂ᠲᠣᠭᠠᠨ ᠤ᠋ ᠤᠬᠠᠭᠠᠨ ᠵᠡᠷᠭᠡ ᠪᠠᠢᠪᠠ᠃ᠰᠤᠷᠭᠠᠭᠤᠯᠢ ᠶ᠋ᠢᠨ ᠰᠤᠷᠭᠠᠨ ᠬᠥᠮᠦᠵᠢᠯ ᠪᠠ ᠰᠢᠯᠭᠠᠯᠲᠠ ᠪᠠᠷ ᠳᠠᠮᠵᠢᠨ ᠣᠯᠠᠨ ᠲᠣᠭᠠᠨ ᠤ᠋ ᠡᠷᠳᠡᠮᠲᠡᠨ ᠴᠢᠳᠠᠪᠤᠷᠢᠲᠠᠨ ᠢ᠋ ᠬᠥᠮᠦᠵᠢᠭᠦᠯᠦᠨ ᠭᠠᠷᠭᠠᠵᠤ ᠲᠥᠷᠥ ᠶ᠋ᠢᠨ ᠦᠢᠯᠡᠰ ᠲᠦ᠍ ᠵᠢᠳᠬᠦᠭᠦᠯᠵᠡᠢ᠃ᠬᠤᠳᠤᠳᠠᠯᠠ᠂ᠬᠤᠳᠤᠭᠳᠠᠷ᠂ ᠳᠠᠢᠪᠤᠬᠠ᠂ᠪᠡᠯᠡ᠂ᠠᠵᠠᠭᠠᠴᠢ᠂ᠳᠥᠷᠥᠭᠡᠲᠦ᠂ᠪᠠᠢᠵᠤ᠂ᠪᠤᠶᠠᠨᠪᠤᠬᠠ᠂ᠠᠯᠤᠭᠳᠡᠮᠦᠷ᠂ᠳᠦᠷᠡᠳᠦ᠂ᠮᠠᠢᠵᠦ᠂ᠬᠡᠳᠡᠪᠣᠬᠠ᠂ᠪᠣᠯ ᠲᠡᠳᠡᠨ ᠦ᠌ ᠳᠣᠲᠣᠷᠠᠬᠢ ᠣᠬᠢ ᠰᠣᠳᠣ ᠣᠷᠣᠭᠰᠠᠳ ᠨᠢ ᠪᠣᠯᠤᠨ᠎ᠠ᠃
ᠶᠤᠸᠠᠨ ᠤᠯᠤᠰ ᠤ᠋ᠨ ᠬᠥᠪᠡᠭᠦᠳ ᠦ᠋ᠨ ᠮᠣᠩᠭᠣᠯ ᠰᠤᠷᠭᠠᠭᠤᠯᠢ
ᠬᠤᠪᠢᠯᠠᠢ ᠰᠡᠴᠡᠨ ᠬᠠᠭᠠᠨ᠂ᡁᠢ ᠶᠤᠸᠠᠨ ᠤ᠋ ᠨᠠᠢ᠍ᠮᠠᠳᠤᠭᠠᠷ ᠣᠨ(1271ᠣᠨ) ᠳ᠋ᠤ᠌ ᠳᠠᠢᠳᠤ ᠨᠡᠢᠰᠯᠡᠯ ᠪᠡᠭᠡᠵᠢᠩ ᠳ᠋ᠦ᠍ ᠤᠯᠤᠰ ᠤ᠋ᠨ ᠮᠣᠩᠭᠣᠯ ᠬᠥᠪᠡᠭᠦᠳ ᠦ᠋ᠨ ᠰᠤᠷᠭᠠᠭᠤᠯᠢ ᠶ᠋ᠢ ᠪᠠᠢᠭᠤᠯᠵᠤ᠂ᡁᠢ ᠶᠤᠸᠠᠨ ᠤ᠋ ᠬᠣᠷᠢᠨ ᠳᠥᠷᠪᠡᠳᠦᠭᠡᠷ ᠣᠨ (1287ᠣᠨ) ᠳ᠋ᠤ᠌ ᠤᠯᠤᠰ ᠤ᠋ᠨ ᠬᠥᠪᠡᠭᠦᠳ ᠦ᠋ᠨ ᠮᠣᠩᠭᠣᠯ ᠬᠦᠷᠢᠶᠡᠯᠡᠩ ᠢ᠋ ᠪᠠᠢᠭᠤᠯᠵᠠᠢ᠃ᠡᠨᠡ ᠬᠦ᠌ ᠬᠣᠶᠠᠷ ᠰᠤᠷᠭᠠᠭᠤᠯᠢ ᠨᠢ ᠭᠣᠣᠯᠳᠠᠭᠤ ᠮᠣᠩᠭᠣᠯ᠂ᠰᠠᠷᠲᠠᠭᠤᠯ᠂ᠬᠢᠲᠠᠳ ᠲᠦᠰᠢᠮᠡᠳ ᠦ᠋ᠨ ᠦᠷ᠎ᠡ ᠬᠡᠦᠬᠡᠳ ᠬᠢᠭᠡᠳ ᠴᠥᠭᠡᠨ ᠲᠣᠭᠠᠨ ᠤ᠋ ᠡᠭᠡᠯ ᠠᠷᠠᠳ ᠤ᠋ᠨ ᠦᠷ᠎ᠡ ᠬᠡᠦᠬᠡᠳ ᠢ᠋ ᠰᠣᠩᠭᠣᠨ ᠡᠯᠰᠡᠵᠦ᠂ᠮᠣᠩᠭᠣᠯ ᠬᠢᠲᠠᠳ ᠪᠢᠴᠢᠭ ᠢ᠋ ᠰᠤᠷᠭᠠᠬᠤ ᠶ᠋ᠢᠨ ᠬᠠᠮᠲᠤ ᠪᠠᠰᠠ ᠺᠦᠩᠽᠢ ᠶ᠋ᠢᠨ ᠰᠤᠷᠭᠠᠯᠲᠠᠨ ᠤ᠋ ᠰᠣᠩᠭᠣᠳᠠᠭ ᠵᠣᠬᠢᠶᠠᠯ ᠪᠣᠯᠬᠤ《ᠳᠥᠷᠪᠡᠨ ᠪᠢᠴᠢᠭ》᠂《ᠲᠠᠪᠤᠨ ᠨᠣᠮ》 ᠢ᠋ᠶ᠋ᠠᠷ ᠵᠢᠭᠠᠬᠤ ᠠᠭᠤᠯᠭ᠎ᠠ ᠪᠣᠯᠭᠠᠵᠤ ᠪᠠᠢᠪᠠ᠃
ᠶᠤᠸᠠᠨ ᠤᠯᠤᠰ ᠤ᠋ᠨ ᠪᠠᠢᠭᠤᠯᠤᠭᠰᠠᠨ ᠭᠠᠳᠠᠭᠠᠳᠤ ᠬᠡᠯᠡᠨ ᠦ᠌ ᠰᠤᠷᠭᠠᠭᠤᠯᠢ
ᠬᠤᠪᠢᠯᠠᠢ ᠰᠡᠴᠡᠨ ᠬᠠᠭᠠᠨ ᠤ᠋ ᡁᠢ ᠶᠤᠸᠠᠨ ᠤ᠋ ᠬᠣᠷᠢᠨ ᠵᠢᠷᠭᠤᠳᠤᠭᠠᠷ ᠣᠨ(1289ᠣᠨ) ᠳ᠋ᠤ᠌ ᠪᠢᠴᠢᠭ ᠦ᠋ᠨ ᠲᠦᠰᠢᠮᠡᠳ
ᠦ᠋ᠨ ᠰᠠᠨᠠᠭᠤᠯᠭ᠎ᠠ ᠪᠠᠷ ᠤᠯᠤᠰ ᠤ᠋ᠨ ᠬᠥᠪᠡᠭᠦᠳ ᠦ᠋ᠨ ᠬᠣᠲᠣᠩ ᠰᠤᠷᠭᠠᠭᠤᠯᠢ ᠶ᠋ᠢ ᠵᠢᠩᠬᠢᠨᠢ ᠪᠡᠷ ᠪᠠᠢᠭᠤᠯᠪᠠ᠃ᠭᠣᠣᠯᠳᠠᠭᠤ ᠢ ᠰᠧ ᠲᠢ ᠪᠧᠢ ᠦᠰᠦᠭ ᠢ᠋ ᠰᠤᠷᠭᠠᠵᠤ ᠪᠠᠢᠵᠠᠢ᠃ᠲᠡᠦᠬᠡᠴᠢᠳ ᠦ᠋ᠨ ᠰᠢᠨᠵᠢᠯᠡᠯ ᠰᠤᠳᠤᠯᠤᠯ ᠢ᠋ ᠦᠨᠳᠦᠰᠦᠯᠡᠪᠡᠯ ᠢ ᠰᠧ ᠲᠢ ᠪᠧᠢ ᠦᠰᠦᠭ ᠨᠢ ᠡᠷᠲᠡᠨ ᠦ᠌ ᠫᠧᠷᠰ ᠬᠥᠮᠦᠨ ᠦ᠌ ᠵᠣᠬᠢᠶᠠᠭᠰᠠᠨ ᠭᠠᠢᠯᠢ ᠲᠠᠲᠠᠪᠤᠷᠢ ᠬᠢᠭᠡᠳ ᠨᠢᠭᠲᠠᠯᠠᠨ ᠪᠣᠳᠣᠬᠤ ᠵᠦᠢᠯ ᠳ᠋ᠦ᠍ ᠬᠡᠷᠡᠭᠯᠡᠬᠦ ᠦᠰᠦᠭ ᠪᠢᠴᠢᠭ ᠪᠣᠯᠤᠨ᠎ᠠ᠃ᠡᠭᠦᠨ ᠡᠴᠡ ᠦᠵᠡᠪᠡᠯ ᠶᠤᠸᠠᠨ ᠤᠯᠤᠰ ᠤ᠋ᠨ ᠤᠯᠤᠰ ᠤ᠋ᠨ ᠬᠥᠪᠡᠭᠦᠳ ᠦ᠋ᠨ ᠬᠣᠲᠣᠩ ᠰᠤᠷᠭᠠᠭᠤᠯᠢ ᠨᠢ ᠫᠧᠷᠰ ᠬᠡᠯᠡᠨ ᠦ᠌ ᠣᠷᠴᠢᠭᠤᠯᠤᠭᠴᠢ ᠶ᠋ᠢ ᠬᠥᠮᠦᠵᠢᠭᠦᠯᠬᠦ ᠲᠤᠰᠬᠠᠢ ᠰᠤᠷᠭᠠᠭᠤᠯᠢ ᠪᠣᠯᠤᠨ᠎ᠠ᠃ᠮᠥᠨ ᠴᠦ᠍ ᠳᠤᠮᠳᠠᠳᠤ ᠤᠯᠤᠰ ᠤ᠋ᠨ ᠲᠡᠦᠬᠡᠨ ᠳ᠋ᠡᠬᠢ ᠬᠠᠮᠤᠭ ᠡᠷᠲᠡᠨ ᠦ᠌ ᠨᠢᠭᠡᠨ ᠰᠠᠭᠤᠷᠢ ᠭᠠᠳᠠᠭᠠᠳᠤ ᠬᠡᠯᠡᠨ ᠦ᠌ ᠰᠤᠷᠭᠠᠭᠤᠯᠢ ᠪᠣᠯᠬᠤ ᠶᠤᠮ᠃
ᠶᠤᠸᠠᠨ ᠤᠯᠤᠰ ᠤ᠋ᠨ ᠰᠤᠷᠭᠠᠭᠤᠯᠢ ᠶ᠋ᠢᠨ ᠳᠦᠷᠢᠮ
ᠶᠤᠸᠠᠨ ᠤᠯᠤᠰ ᠤ᠋ᠨ ᠰᠤᠷᠭᠠᠭᠤᠯᠢ ᠶ᠋ᠢᠨ ᠬᠠᠮᠢᠶᠠᠷᠤᠯᠲᠠ ᠶ᠋ᠢᠨ ᠳᠦᠷᠢᠮ ᠲᠣᠭᠲᠠᠭᠠᠯ ᠢ᠋ ᠶᠡᠬᠡ ᠲᠥᠯᠥᠪ ᠪᠠᠭᠰᠢ ᠶ᠋ᠢ ᠬᠠᠮᠢᠶᠠᠷᠬᠤ ᠳᠦᠷᠢᠮ᠂ᠰᠤᠷᠤᠭᠴᠢ ᠶ᠋ᠢ ᠬᠠᠮᠢᠶᠠᠷᠬᠤ ᠳᠦᠷᠢᠮ ᠭᠡᠵᠦ ᠬᠣᠶᠠᠷ ᠲᠥᠷᠥᠯ ᠳ᠋ᠦ᠍ ᠬᠤᠪᠢᠶᠠᠷᠢᠯᠠᠳᠠᠭ ᠶᠤᠮ᠃ ᠪᠠᠭᠰᠢ ᠶ᠋ᠢᠨ ᠬᠠᠮᠢᠶᠠᠷᠤᠯᠲᠠ ᠳ᠋ᠤ᠌ ᠭᠣᠣᠯᠳᠠᠭᠤ ᠪᠠᠭᠰᠢ ᠶ᠋ᠢᠨ ᠠᠵᠢᠯ ᠤ᠋ᠨ ᠴᠢᠳᠠᠪᠤᠷᠢ᠂ᠵᠢᠭᠠᠨ ᠰᠤᠷᠭᠠᠯᠲᠠ ᠲᠠᠢ ᠨᠢ ᠬᠣᠯᠪᠣᠭᠳᠠᠭᠰᠠᠨ ᠰᠢᠨᠵᠢᠯᠡᠬᠦ ᠤᠬᠠᠭᠠᠨ ᠤ᠋ ᠰᠤᠳᠤᠯᠤᠯ ᠤ᠋ᠨ ᠪᠦᠲᠦᠭᠡᠯ ᠵᠢᠴᠢ ᠰᠢᠯᠭᠠᠯᠲᠠ ᠶ᠋ᠢᠨ ᠬᠢᠷᠢ ᠪᠦᠲᠦᠮᠵᠢ ᠶ᠋ᠢᠨ ᠠᠭᠤᠯᠭ᠎ᠠ ᠪᠠᠭᠲᠠᠳᠠᠭ᠃
ᠰᠤᠷᠤᠭᠴᠢ ᠶ᠋ᠢᠨ ᠬᠠᠮᠢᠶᠠᠷᠤᠯᠲᠠ ᠳ᠋ᠤ᠌ ᠡᠩ ᠲᠡᠷᠢᠭᠦᠨ ᠳ᠋ᠦ᠍ ᠠᠩᠭᠢ ᠳᠠᠪᠰᠢᠬᠤ ᠳᠦᠷᠢᠮ ᠢ᠋ ᠬᠡᠷᠡᠭᠵᠢᠭᠦᠯᠵᠦ᠂ᠳᠠᠷᠠᠭ᠎ᠠ ᠳ᠋ᠤᠨᠢ ᠰᠢᠯᠭᠠᠯᠲᠠ ᠪᠠᠷ ᠳᠠᠮᠵᠢᠨ ᠰᠢᠯᠢᠭᠳᠡᠬᠦ ᠳᠦᠷᠢᠮ ᠢ᠋ ᠬᠡᠷᠡᠭᠵᠢᠭᠦᠯᠵᠦ᠂ᠭᠤᠷᠪᠠᠳᠤᠭᠠᠷ ᠲᠤᠨᠢ ᠰᠠᠬᠢᠯᠭ᠎ᠠ ᠪᠠᠲᠤ ᠶᠣᠰᠣ ᠰᠤᠷᠲᠠᠬᠤᠨ
ᠤ᠋ ᠴᠢᠩᠭ᠎ᠠ ᠴᠢᠭᠴᠢ ᠳᠦᠷᠢᠮ ᠢ᠋ ᠬᠡᠷᠡᠭᠵᠢᠭᠦᠯᠦᠭᠰᠡᠨ ᠪᠠᠢᠵᠠᠢ᠃
ᠤᠷᠠᠨ ᠪᠢᠴᠢᠯᠭᠡ
ᠲᠦᠷᠭᠦᠳ ᠣᠪᠣᠭᠲᠠᠨ ᠪᠥᠬᠥᠮ ᠦ᠋ᠨ ᠬᠥᠪᠡᠭᠦᠨ ᠨᠣᠤ ᠨᠣᠤ ᠪᠣᠯ ᠶᠤᠸᠠᠨ ᠤ᠋ ᠦᠶᠡᠰ ᠦ᠋ᠨ ᠨᠡᠷ᠎ᠡ ᠠᠯᠳᠠᠷᠰᠢᠭᠰᠠᠨ ᠤᠷᠠᠨ ᠪᠢᠴᠢᠯᠭᠡᠳᠡᠨ ᠶᠦ᠍ᠮ᠃ᠨᠣᠤ ᠨᠣᠤ ᠪᠣᠯ ᠵᠠᠶᠠᠭᠠᠲᠤ ᠬᠠᠭᠠᠨ ᠲᠦᠭᠲᠡᠮᠤᠷ᠂ ᠤᠬᠠᠭᠠᠨᠲᠤ ᠬᠠᠭᠠᠨ ᠲᠣᠭᠤᠨᠳᠡᠮᠤᠷ ᠬᠣᠶᠠᠷ ᠬᠠᠭᠠᠨ ᠤ᠋ ᠤᠷᠠᠨ ᠪᠢᠴᠢᠯᠭᠡ ᠶ᠋ᠢᠨ ᠪᠠᠭᠰᠢ ᠶᠤᠮ᠃ᠶᠤᠸᠠᠨ ᠤᠯᠤᠰ ᠤ᠋ᠨ ᠱᠤᠳᠪᠠᠯᠠ᠂ ᠲᠦᠭᠳᠡᠮᠤᠷ᠂ᠲᠣᠭᠤᠨᠳᠡᠮᠤᠷ ᠬᠠᠭᠠᠳ ᠨᠢ ᠤᠷᠠᠨ ᠪᠢᠴᠢᠯᠭᠡ ᠶ᠋ᠢᠨ ᠠᠪᠢᠶᠠᠰᠲᠠᠨ ᠪᠠᠢᠭᠰᠠᠨ ᠠᠵᠢ᠃ᠨᠣᠤ ᠨᠣᠤ ᠶ᠋ᠢᠨ ᠪᠢᠴᠢᠯᠭᠡ ᠢᠳᠡᠷᠡᠭᠦᠨ᠂ᠰᠦᠷ ᠵᠢᠪᠬᠤᠭ᠎ᠠ ᠲᠡᠭᠦᠯᠳᠡᠷ᠂ᠮᠣᠩᠭᠣᠯ ᠬᠥᠮᠦᠨ ᠦ᠌ ᠡᠷᠡᠰ ᠴᠢᠩᠭ᠎ᠠ᠂ᠡᠷᠡᠯᠬᠡᠭ ᠪᠠᠭᠠᠲᠤᠷᠯᠢᠭ᠂ᠠᠰᠪᠤᠷ ᠴᠠᠭᠠᠪᠤᠷ ᠵᠠᠩ ᠴᠢᠨᠠᠷ ᠢ᠋ ᠢᠯᠡᠷᠡᠭᠦᠯᠵᠦ ᠲᠦᠷᠭᠡᠨ ᠲᠠᠲᠠᠯᠭ᠎ᠠ ᠥᠪᠡᠷᠮᠢᠴᠡ ᠲᠢᠭ ᠢ᠋ᠶ᠋ᠡᠷ ᠢ᠋ᠶ᠋ᠡᠨ ᠠᠵᠢᠨᠠᠢ ᠬᠦᠯᠦᠭ ᠦ᠋ᠨ ᠠᠭᠰᠤᠮ ᠳᠠᠪᠬᠢᠶ᠎ᠠ ᠭᠡᠮᠡᠨ ᠨᠡᠷ᠎ᠡ ᠠᠯᠳᠠᠷᠰᠢᠭᠰᠠᠨ ᠪᠢᠯᠡ᠃ᠲᠡᠷᠡ ᠠᠯᠳᠠᠷᠲᠤ ᠤᠷᠠᠨ ᠪᠢᠴᠢᠯᠭᠡᠳᠡᠨ ᠵᠣᠣ ᠮᠢᠩ ᠹᠦ ᠲᠡᠢ ᠮᠥᠷᠥ ᠵᠡᠷᠭᠡᠴᠡᠵᠦ《ᠡᠮᠦᠨᠡᠲᠦ ᠶ᠋ᠢᠨ ᠵᠣᠣ ᠤᠮᠠᠷᠠᠲᠤ ᠶ᠋ᠢᠨ ᠨᠣᠤ》 ᠭᠡᠮᠡᠨ ᠠᠯᠳᠠᠷ ᠴᠤᠤ ᠮᠠᠨᠳᠤᠭᠰᠠᠨ ᠪᠠᠢᠵᠠᠢ᠃
ᠪᠥᠵᠢᠭ ᠳᠠᠭᠤᠤ
ᠬᠥᠯ ᠳᠡᠪᠰᠡᠨ ᠪᠥᠵᠢᠭᠯᠡᠵᠦ ᠳᠠᠭᠤᠯᠠᠬᠤ ᠪᠣᠯ ᠮᠣᠩᠭᠣᠯ ᠲᠤᠭᠤᠷᠭᠠᠲᠠᠨ ᠤ᠋ ᠤᠯᠠᠮᠵᠢᠯᠠᠯᠲᠤ ᠤᠷᠠᠯᠢᠭ ᠶᠤᠮ᠃ ᠬᠤᠪᠢᠯᠠᠢ ᠬᠠᠭᠠᠨ ᠰᠠᠭᠤᠷᠢᠨ᠎ᠠ ᠰᠠᠭᠤᠭᠰᠠᠨ ᠡᠬᠢᠨ ᠦ᠌ ᠦᠶᠡᠰ ᠲᠦᠷᠦᠭᠦᠦ ᠲᠥᠷᠥ ᠶ᠋ᠢᠨ ᠠᠯᠳᠠᠷᠲᠤ ᠬᠥᠭᠵᠢᠮᠴᠢᠨ ᠢ᠋ ᠤᠷᠢᠵᠤ ᠬᠥᠭᠵᠢᠮ ᠦ᠋ᠨ ᠦᠢᠯᠡ ᠶ᠋ᠢ ᠬᠠᠮᠢᠶᠠᠷᠤᠭᠤᠯᠤᠨ ᠪᠠᠰᠠ ᠰᠢᠨ᠎ᠡ ᠬᠥᠭᠵᠢᠮ ᠡᠭᠦᠳᠬᠦ ᠶ᠋ᠢ ᠡᠷᠬᠢᠮᠯᠡᠵᠦ ᠣᠯᠠᠨ ᠭᠠᠵᠠᠷ ᠤ᠋ᠨ ᠡᠯ᠎ᠡ ᠣᠪᠣᠭ ᠤᠭᠰᠠᠭᠠᠲᠠᠨ ᠤ᠋ ᠬᠥᠭᠵᠢᠮ ᠢ᠋ ᠴᠤᠭᠯᠠᠭᠤᠯᠤᠭᠰᠠᠨ ᠢ᠋ᠶ᠋ᠠᠷ ᠮᠣᠩᠭᠣᠯ ᠭᠦᠷᠦᠨ ᠦ᠌ ᠳᠠᠭᠤᠤ ᠬᠥᠭᠵᠢᠮ ᠤᠯᠠᠮ ᠲᠡᠭᠦᠯᠳᠡᠷᠵᠢᠨ ᠳᠡᠭᠡᠭᠰᠢᠯᠡᠵᠦ ᠨᠢᠭᠡᠳᠦᠮᠡᠯ ᠴᠣᠭᠴᠠ ᠪᠦᠬᠦᠢ ᠨᠢᠭᠡᠨ ᠰᠠᠯᠠᠭ᠎ᠠ ᠳᠠᠭᠤᠤ ᠬᠥᠭᠵᠢᠮ᠂ ᠪᠥᠵᠢᠭ ᠦ᠋ᠨ ᠠᠩᠭᠢ ᠪᠠᠢᠭᠤᠯᠤᠭᠳᠠᠵᠠᠢ᠃ ᠡᠨᠡ ᠬᠦ᠌ ᠠᠩᠭᠢ ᠨᠢ ᠳᠣᠲᠣᠷ᠎ᠠ ᠪᠠᠨ ᠬᠥᠭᠵᠢᠮ ᠤᠳᠤᠷᠢᠳᠤᠭᠠᠴᠢ᠂ ᠬᠡᠷᠡᠯᠳᠦᠭᠦᠯᠦᠭᠴᠢ᠂ᠬᠥᠭᠵᠢᠮ ᠪᠥᠵᠢᠭ ᠦ᠋ᠨ ᠰᠤᠷᠭᠠᠭᠴᠢ᠂
ᠠᠶᠠᠯᠭᠤ ᠵᠣᠬᠢᠶᠠᠭᠴᠢ᠂ᠬᠥᠭᠵᠢᠮᠴᠢᠨ᠂ᠪᠥᠵᠢᠭᠴᠢᠨ᠂ᠳᠠᠭᠤᠴᠢᠨ᠂ ᠳᠣᠬᠢᠶᠠᠴᠢᠨ᠂ ᠲᠤᠭ ᠳᠠᠯᠪᠠᠭ᠎ᠠ ᠪᠠᠭᠠᠵᠢ ᠬᠡᠷᠡᠭᠰᠡᠯ ᠬᠠᠮᠢᠶᠠᠷᠤᠭᠴᠢ ᠵᠡᠷᠭᠡ ᠲᠤᠰᠬᠠᠢ ᠠᠵᠢᠯᠲᠠᠨ ᠲᠠᠢ ᠪᠠᠢᠵᠠᠢ᠃
ᠲᠩᠷᠢ ᠭᠠᠵᠠᠷ ᠲᠠᠬᠢᠬᠤ᠂ᠳᠡᠭᠡᠳᠦᠰ ᠦ᠋ᠨ ᠰᠦᠮ᠎ᠡ ᠳ᠋ᠦ᠍ ᠮᠥᠷᠭᠥᠯ ᠬᠢᠬᠦ᠂ᠪᠣᠭᠳᠠ ᠨᠠᠷ ᠲᠤ᠌ ᠵᠤᠯᠠ ᠬᠦᠵᠢ ᠡᠷᠭᠦᠬᠦ ᠳ᠋ᠦ᠍ ᠴᠥᠮ ᠲᠣᠭᠲᠠᠮᠠᠯ ᠠᠶᠠᠰ ᠬᠥᠭᠵᠢᠮᠳᠡᠨ ᠪᠥᠵᠢᠭ ᠬᠢᠳᠡᠭ᠃ᠨᠠᠢ᠍ᠮᠠᠨ ᠣᠷᠳᠣᠨ ᠳ᠋ᠤ᠌ ᠪᠦᠷ ᠪᠦᠯᠦᠭᠲᠦ ᠬᠥᠭᠵᠢᠮ ᠠᠶᠠᠰ ᠲᠠᠢ ᠪᠠᠢᠪᠠ᠃ ᠵᠦᠩ ᠲᠦᠩ ᠦ᠋ᠨ ᠲᠡᠷᠢᠭᠦᠨ ᠣᠨ ᠳ᠋ᠤ᠌ ᠬᠤᠪᠢᠯᠠᠢ ᠬᠠᠭᠠᠨ《ᠠᠭᠤᠯᠠᠨ᠎ᠠ ᠠᠪᠠᠷᠢᠬᠤ ᠠᠶᠠᠰ》ᠬᠥᠭᠵᠢᠮᠳᠡᠭᠦᠯᠦᠨ ᠳᠡᠭᠡᠳᠦᠰ ᠢ᠋ᠶ᠋ᠡᠨ ᠲᠠᠬᠢᠭ᠍ᠰᠡᠨ ᠪᠠᠢᠵᠠᠢ᠃ ᠬᠠᠭᠠᠨ ᠣᠷᠳᠣᠨ ᠳ᠋ᠤ᠌ ᠵᠠᠯᠠᠷᠠᠨ ᠪᠠᠭᠤᠬᠤ᠂ᠠᠶᠠᠨ ᠲᠡᠢᠨ᠂ᠠᠪᠠ ᠬᠦᠷᠦᠭᠡ ᠳ᠋ᠦ᠍ ᠮᠣᠷᠳᠠᠬᠤ ᠳ᠋ᠤ᠌ ᠪᠦᠷ ᠤᠷᠢᠲᠠᠢ ᠨᠢ ᠬᠣᠣ ᠶ᠋ᠢᠨ ᠠᠶᠠᠰ ᠬᠥᠭᠵᠢᠮ ᠡᠭᠦᠰᠬᠡᠨᠡᠮ᠃ᠶᠡᠬᠡ ᠬᠤᠷᠠᠯᠲᠠᠢ ᠬᠤᠷᠠᠯᠳᠤᠬᠤ ᠳ᠋ᠤ᠌ ᠢᠷᠠᠭᠤ ᠬᠥᠭᠵᠢᠮ᠂ᠬᠤᠷᠢᠮ ᠨᠠᠢᠷ ᠪᠠᠶᠠᠷ ᠳᠤᠷᠠᠰᠬᠠᠯ ᠬᠢᠵᠦ ᠳᠠᠢᠯᠠᠯᠭ᠎ᠠ ᠲᠠᠯᠪᠢᠬᠤ ᠳ᠋ᠤ᠌ ᠨᠠᠷᠢᠨ ᠬᠥᠭᠵᠢᠮ᠂ᠬᠣᠣ ᠶ᠋ᠢᠨ ᠠᠶᠠᠰ ᠬᠥᠭᠵᠢᠮ ᠡᠷᠭᠦᠵᠦ ᠪᠡᠯᠭᠡᠳᠡᠯ ᠡᠬᠢᠯᠡᠯ ᠪᠣᠯᠭᠠᠳᠠᠭ ᠶᠣᠰᠣ ᠵᠠᠩᠰᠢᠯ ᠲᠠᠢ ᠪᠢᠯᠡ᠃ᠡᠵᠡᠨ ᠦ᠌ ᠰᠡᠦᠬᠡ ᠶ᠋ᠢᠨ ᠡᠮᠦᠨ᠎ᠡ ᠲᠤᠩᠭᠠᠯᠠᠭ ᠬᠥᠭᠵᠢᠮ᠂ᠶᠡᠬᠡ ᠬᠥᠭᠵᠢᠮ ᠠᠶᠠᠰ ᠡᠭᠦᠰᠬᠡᠵᠦ ᠡᠵᠡᠨ ᠦ᠌ ᠰᠡᠦᠬᠡ ᠶ᠋ᠢᠨ ᠬᠣᠢᠨ᠎ᠠ ᠮᠣᠷᠢᠲᠤ ᠴᠡᠷᠢᠭ᠂ᠲᠣᠭᠰᠢᠭᠤᠷᠴᠢᠨ ᠤ᠋ ᠠᠩᠭᠢ ᠶ᠋ᠢ ᠵᠢᠭᠰᠠᠭᠠᠳᠠᠭ ᠠᠵᠢ᠃ᠶᠤᠸᠠᠨ ᠤᠯᠤᠰ ᠤ᠋ᠨ ᠳᠠᠭᠤᠤ ᠬᠥᠭᠵᠢᠮ ᠨᠢ ᠰᠦᠷ ᠵᠢᠪᠬᠤᠭ᠎ᠠ ᠲᠡᠭᠦᠯᠳᠡᠷ᠂ᠡᠭᠡᠰᠢᠭ ᠠᠶᠠᠰ ᠬᠦᠩᠬᠢᠨᠡᠮ᠎ᠡ᠂ᠢᠷᠠᠭᠤ ᠴᠡᠭᠡᠯᠬᠡᠨ ᠳᠠᠭᠤᠨ ᠲᠤᠩᠭᠠᠯᠠᠭ ᠪᠠᠢᠵᠤ ᠴᠡᠷᠢᠭ ᠦ᠋ᠨ ᠰᠦᠷ᠂ᠠᠷᠠᠳ ᠤ᠋ᠨ ᠰᠡᠳᠬᠢᠯ ᠢ᠋ ᠣᠷᠭᠢᠯᠤᠭᠤᠯᠤᠭᠰᠠᠨ ᠶᠤᠮ᠃ᠬᠤᠪᠢᠯᠠᠢ ᠬᠠᠭᠠᠨ ᠤ᠋ ᠣᠷᠳᠣᠨ ᠤ᠋ ᠳᠠᠭᠤᠤ ᠴᠠᠰᠤᠲᠤ ᠴᠠᠭᠠᠨ ᠠᠭᠤᠯᠠ᠂ᠠᠷᠤᠯᠠᠢ ᠵᠡᠷᠭᠡ ᠠᠷᠠᠳ ᠤ᠋ᠨ ᠳᠠᠭᠤᠤ ᠬᠥᠭᠵᠢᠮ ᠨᠢ ᠡᠳᠦᠭᠡ ᠳ᠋ᠦ᠍ᠷ ᠬᠦᠷᠲᠡᠯ᠎ᠡ ᠳᠡᠯᠭᠡᠷᠡᠵᠦ ᠱᠠᠩᠳᠤ ᠶ᠋ᠢᠨ ᠭᠣᠣᠯ ᠤ᠋ᠨ ᠤᠷᠤᠰᠬᠠᠯ ᠲᠠᠢ ᠬᠠᠮᠲᠤ ᠤᠶᠠᠩᠭᠠᠯᠠᠵᠤ ᠬᠤᠷᠠᠬᠤ ᠶ᠋ᠢᠨ ᠠᠭᠤᠯᠠ ᠶ᠋ᠢᠨ ᠴᠤᠤᠷᠢᠶ᠎ᠠ ᠲᠠᠢ ᠴᠣᠭ ᠮᠥᠩᠬᠡᠷᠡᠭᠰᠡᠨ ᠪᠤᠶᠤ᠃ᠲᠤᠬᠠᠢ ᠶ᠋ᠢᠨ ᠦᠶᠡᠰ ᠴᠣᠬᠣᠮ ᠬᠦ᠌᠄
《ᠰᠡᠷᠢᠭᠦᠨ ᠣᠷᠳᠤᠨ᠎ᠠ ᠵᠤᠷᠪᠤᠰ ᠵᠤᠷᠪᠤᠰ
ᠨᠣᠭᠣᠭᠠᠨ ᠬᠠᠰ ᠤ᠋ᠨ ᠭᠡᠷᠡᠯ
ᠰᠢᠬᠢᠳᠬᠡᠷᠢᠲᠤ ᠲᠢᠲᠢᠮ ᠤᠯᠠᠭᠠᠨ ᠳᠡᠪᠡᠯᠲᠦ
ᠣᠯᠠᠨ ᠸᠠᠩ ᠢ᠋ ᠳᠠᠢᠯᠠᠮᠤᠢ ᠃
ᠰᠢᠩᠬᠤᠨ ᠣᠷᠬᠢᠭᠤᠯ ᠢ᠋ ᠳᠡᠭᠡᠭᠰᠢ ᠲᠠᠲᠠᠬᠤᠶᠠ
ᠠᠩᠬᠢᠯᠤᠮ᠎ᠠ ᠦᠨᠦᠷ ᠬᠠᠩᠬᠤᠯᠵᠤ
ᠰᠢᠳᠢᠲᠦ ᠲᠩᠷᠢ ᠶ᠋ᠢᠨ ᠠᠷᠪᠠᠨ ᠵᠢᠷᠭᠤᠭᠠᠨ ᠳᠠᠭᠢᠨᠢ
ᠪᠥᠵᠢᠭᠯᠡᠬᠦ ᠢᠨᠤ ᠭᠣᠶᠣᠬᠠᠨ》ᠠᠵᠢ᠃
ᠶᠤᠸᠠᠨ ᠤ᠋ ᠤᠳᠬ᠎ᠠ ᠵᠣᠬᠢᠶᠠᠯ
ᠶᠤᠸᠠᠨ ᠤᠯᠤᠰ ᠤ᠋ᠨ ᠦᠶ᠎ᠡ ᠪᠣᠯ ᠮᠣᠩᠭᠣᠯ ᠦᠨᠳᠦᠰᠦᠲᠡᠨ ᠪᠦᠬᠦ ᠳᠤᠮᠳᠠᠳᠤ ᠤᠯᠤᠰ ᠢ᠋ ᠨᠢᠭᠡᠳᠬᠡᠭᠰᠡᠨ ᠦᠶ᠎ᠡ ᠮᠥᠨ᠃ᠪᠠᠰᠠ ᠴᠤ᠌ ᠶᠤᠸᠠᠨ ᠤ᠋ ᠰᠢᠨ᠎ᠡ ᠮᠠᠨᠳᠤᠭᠰᠠᠨ ᠤᠳᠬ᠎ᠠ ᠵᠣᠬᠢᠶᠠᠯ ᠢ᠋ᠶ᠋ᠠᠷ ᠤᠯᠠᠮᠵᠢᠯᠠᠯᠲᠤ ᠬᠠᠭᠤᠴᠢᠨ ᠤᠳᠬ᠎ᠠ ᠵᠣᠬᠢᠶᠠᠯ ᠢ᠋ ᠳᠠᠪᠠᠵᠤ ᠭᠠᠷᠤᠭᠰᠠᠨ ᠦᠶ᠎ᠡ ᠮᠥᠨ᠃ᠳᠠᠭᠤᠴᠢ ᠦᠨᠳᠦᠰᠦᠲᠡᠨ᠂ ᠪᠥᠵᠢᠭᠴᠢ ᠦᠨᠳᠦᠰᠦᠲᠡᠨ ᠭᠡᠵᠦ ᠳᠡᠯᠡᠬᠡᠢ ᠳ᠋ᠠᠬᠢᠨ᠎ᠠ ᠠᠯᠳᠠᠷᠰᠢᠭᠰᠠᠨ ᠮᠣᠩᠭᠣᠯ ᠦᠨᠳᠦᠰᠦᠲᠡᠨ ᠨᠢ ᠳᠤᠮᠳᠠᠳᠤ ᠤᠯᠤᠰ ᠢ᠋ ᠨᠣᠶᠠᠷᠬᠠᠭᠰᠠᠨ ᠤ᠋ ᠳᠠᠷᠠᠭ᠎ᠠ ᠡᠯ᠎ᠡ ᠦᠨᠳᠦᠰᠦᠲᠡᠨ ᠦ᠌ ᠤᠯᠠᠮᠵᠢᠯᠠᠯᠲᠤ ᠤᠳᠬ᠎ᠠ ᠤᠷᠠᠯᠢᠭ ᠤ᠋ᠨ ᠳᠠᠪᠠᠭᠤ ᠲᠠᠯ᠎ᠠ ᠶ᠋ᠢ ᠰᠢᠩᠭᠡᠭᠡᠨ ᠠᠪᠴᠤ ᠬᠥᠭᠵᠢᠭᠦᠯᠦᠨ ᠳᠡᠭᠡᠭᠰᠢᠯᠡᠭᠦᠯᠵᠦ ᠱᠢ ᠵᠦᠴᠦᠭᠡ ᠪᠡᠷ ᠭᠣᠣᠯ ᠲᠥᠯᠥᠭᠡᠯᠡᠭᠴᠢ ᠪᠣᠯᠭᠠᠭᠰᠠᠨ ᠤᠳᠬ᠎ᠠ ᠤᠷᠠᠯᠢᠭ ᠤ᠋ᠨ ᠭᠠᠢᠬᠠᠮᠰᠢᠭᠲᠤ ᠪᠦᠲᠦᠭᠡᠯ ᠢ᠋ ᠡᠭᠦᠳᠦᠨ ᠪᠦᠲᠦᠭᠡᠭᠰᠡᠨ ᠶᠦ᠍ᠮ᠃
ᠶᠤᠸᠠᠨ ᠤᠯᠤᠰ ᠤ᠋ᠨ ᠵᠦᠴᠦᠭᠡ ᠪᠣᠯ ᠳᠠᠭᠤᠯᠠᠯ᠂ᠬᠥᠭᠵᠢᠮ᠂ᠪᠥᠵᠢᠭ ᠢ᠋ ᠪᠠᠭᠲᠠᠭᠠᠭᠰᠠᠨ ᠪᠦᠷᠢᠨ ᠪᠦᠲᠦᠨ ᠦᠯᠢᠭᠡᠷ ᠦ᠋ᠨ ᠦᠢᠯᠡ ᠶᠠᠪᠤᠳᠠᠯ ᠲᠠᠢ ᠶᠡᠷᠦᠩᠬᠡᠢ ᠴᠢᠨᠠᠷ ᠲᠠᠢ ᠤᠷᠠᠯᠢᠭ ᠪᠢᠯᠡ᠃ᠡᠳᠦᠭᠡ ᠪᠣᠯᠲᠠᠯ᠎ᠠ100 ᠭᠠᠷᠤᠢ ᠲᠥᠷᠥᠯ ᠦ᠋ᠨ ᠵᠦᠴᠦᠭᠡ ᠶ᠋ᠢᠨ ᠵᠣᠬᠢᠶᠠᠯ ᠤᠯᠠᠮᠵᠢᠯᠠᠭᠳᠠᠵᠤ ᠢᠷᠡᠭᠰᠡᠨ ᠡᠴᠡ ᠦᠵᠡᠪᠡᠯ ᠲᠤᠬᠠᠢ ᠶ᠋ᠢᠨ ᠦᠶ᠎ᠡ ᠶ᠋ᠢᠨ ᠵᠦᠴᠦᠭᠡ ᠨᠢ ᠡᠯᠪᠡᠭ ᠪᠠᠶᠠᠯᠢᠭ ᠨᠡᠢᠭᠡᠮ ᠦ᠋ᠨ ᠤᠳᠬ᠎ᠠ ᠠᠭᠤᠯᠭ᠎ᠠ ᠲᠠᠢ᠂ ᠳᠡᠭᠡᠳᠦ ᠬᠡᠮᠵᠢᠶᠡᠨ ᠦ᠌ ᠤᠷᠠᠯᠢᠭ ᠤ᠋ᠨ ᠠᠮᠵᠢᠯᠲᠠ ᠲᠠᠢ᠂ ᠣᠯᠠᠨ ᠲᠣᠭᠠᠨ ᠤ᠋ ᠵᠦᠴᠦᠭᠡ ᠶ᠋ᠢᠨ ᠪᠦᠲᠦᠭᠡᠯ ᠲᠡᠢ ᠪᠠᠢᠭᠰᠠᠨ ᠠ᠋ᠴᠠ ᠪᠣᠯᠤᠭᠰᠠᠨ ᠶᠤᠮ᠃ ᠬᠥᠮᠦᠰ ᠳᠠᠩ ᠤ᠋ᠨ ᠰᠢᠯᠦᠭ᠂ ᠰᠥᠩ ᠦ᠋ᠨ ᠳᠠᠭᠤᠯᠠᠯ᠂ ᠶᠤᠸᠠᠨ ᠤ᠋ ᠵᠦᠴᠦᠭᠡ ᠭᠡᠮᠡᠨ ᠵᠢᠱ᠌ᠢᠶᠡᠯᠡᠨ ᠶᠠᠷᠢᠳᠠᠭ ᠨᠢ ᠶᠤᠸᠠᠨ ᠤ᠋ ᠵᠦᠴᠦᠭᠡ᠂ ᠲᠡᠦᠬᠡᠨ ᠳᠡᠭᠡᠷ᠎ᠡ ᠤᠳᠬ᠎ᠠ ᠤᠷᠠᠯᠢᠭ ᠤ᠋ᠨ ᠨᠢᠭᠡᠨ ᠣᠷᠭᠢᠯ ᠪᠣᠯᠤᠭᠰᠠᠨ ᠢ᠋ ᠢᠯᠡᠳᠲᠡ ᠲᠤᠰᠬᠠᠭᠰᠠᠨ ᠠᠵᠢ᠃
ᠰᠢᠯᠦᠭ ᠳᠠᠭᠤᠯᠠᠯ ᠪᠣᠯ ᠶᠤᠸᠠᠨ ᠤᠯᠤᠰ ᠤ᠋ᠨ ᠦᠶ᠎ᠡ ᠳ᠋ᠦ᠍ ᠭᠢᠯᠠᠯᠵᠠᠭᠰᠠᠨ ᠠᠮᠵᠢᠯᠲᠠ ᠣᠯᠤᠭᠰᠠᠨ ᠪᠠᠰᠠ ᠨᠢᠭᠡᠨ ᠤᠳᠬ᠎ᠠ ᠤᠷᠠᠯᠢᠭ ᠤ᠋ᠨ ᠲᠥᠷᠥᠯ ᠶᠦ᠍ᠮ᠃ᠢᠯᠠᠩᠭᠤᠶ᠎ᠠ ᠮᠣᠩᠭᠣᠯ ᠢᠷᠠᠭᠤ ᠨᠠᠢᠷᠠᠭᠴᠢᠳ ᠬᠢᠲᠠᠳ ᠢ᠋ᠶ᠋ᠠᠷ ᠰᠢᠯᠦᠭ ᠳᠠᠭᠤᠯᠠᠯ᠂ᠰᠢ ᠵᠦᠴᠦᠭᠡ ᠪᠢᠴᠢᠵᠦ ᠬᠢᠲᠠᠳ ᠤ᠋ᠨ ᠡᠷᠳᠡᠮᠲᠡᠨ ᠮᠡᠷᠭᠡᠳ᠂ᠢᠷᠠᠭᠤ ᠨᠠᠢᠷᠠᠭᠴᠢᠳ ᠲᠠᠢ ᠮᠥᠷᠥ ᠵᠡᠷᠭᠡᠴᠡᠭᠰᠡᠨ ᠨᠢ ᠲᠡᠦᠬᠡ ᠶ᠋ᠢᠨ ᠨᠢᠭᠡᠨ ᠭᠠᠢᠬᠠᠮᠰᠢᠭ᠂ᠮᠣᠩᠭᠣᠯ ᠦᠨᠳᠦᠰᠦᠲᠡᠨ ᠦ᠌ ᠨᠢᠭᠡᠨ ᠣᠮᠣᠭᠰᠢᠯ ᠶᠤᠮ᠃ᠪᠤᠰᠤᠳ ᠦᠨᠳᠦᠰᠦᠲᠡᠨ᠂ᠢᠯᠠᠩᠭᠤᠶ᠎ᠠ ᠬᠥᠮᠦᠨ ᠠᠮᠠ ᠣᠯᠠᠨ ᠲᠠᠢ ᠬᠢᠲᠠᠳ ᠦᠨᠳᠦᠰᠦᠲᠡᠨ ᠮᠣᠩᠭᠣᠯ ᠰᠣᠶᠣᠯ ᠰᠤᠷᠴᠤ ᠮᠠᠨ ᠤ᠋ ᠮᠣᠩᠭᠣᠯ ᠤᠳᠬ᠎ᠠ ᠤᠷᠠᠯᠢᠭᠴᠢᠳ᠂
ᠰᠢᠯᠦᠭᠴᠢᠳ᠂ᠳᠠᠭᠤᠴᠢᠳ᠂ᠵᠣᠬᠢᠶᠠᠯᠴᠢᠳ ᠲᠠᠢ ᠮᠥᠷᠥ ᠵᠡᠷᠭᠡᠴᠡᠭᠰᠡᠨ ᠨᠢ ᠡᠳᠦᠷ ᠦ᠋ᠨ ᠣᠳᠣ᠂ᠡᠪᠦᠯ ᠦ᠋ᠨ ᠴᠡᠴᠡᠭ ᠠ᠋!
ᠰᠠᠳᠤᠯᠠ
ᠰᠠᠳᠤᠯᠠ ᠪᠣᠯ ᠶᠡᠬᠡ ᠶᠤᠸᠠᠨ ᠤᠯᠤᠰ ᠤ᠋ᠨ ᠦᠶ᠎ᠡ ᠶ᠋ᠢᠨ ᠮᠣᠩᠭᠣᠯ ᠦᠨᠳᠦᠰᠦᠲᠡᠨ ᠦ᠌ ᠠᠯᠳᠠᠷᠲᠤ ᠰᠢᠯᠦᠭᠴᠢᠨ᠂ᠲᠡᠰᠢᠮᠡᠨ ᠣᠪᠣᠭᠲᠤ ᠰᠡᠯᠢᠪᠤᠬᠠ ᠶ᠋ᠢᠨ ᠭᠡᠷ ᠲᠦ᠍ ᠲᠥᠷᠥᠵᠡᠢ᠃ᠲᠡᠷᠡ ᠬᠠᠷᠠᠬᠠᠨ ᠪᠠᠭ᠎ᠠ ᠠ᠋ᠴᠠ ᠪᠠᠨ ᠡᠴᠢᠭᠡ ᠪᠡᠨ ᠳᠠᠭᠠᠵᠤ ᠬᠢᠲᠠᠳ ᠭᠠᠵᠠᠷ ᠥᠰᠦᠭᠡᠳ ᠬᠢᠲᠠᠳ ᠦᠰᠦᠭ ᠪᠢᠴᠢᠭ ᠢ᠋ ᠪᠣᠯᠪᠠᠰᠤᠷᠠᠩᠭᠤᠢ ᠰᠠᠢᠨ ᠰᠤᠷᠴᠤ ᠡᠵᠡᠮᠰᠢᠭᠰᠡᠨ ᠤᠴᠢᠷ ᠬᠢᠲᠠᠳ ᠢ᠋ᠶ᠋ᠠᠷ ᠰᠢᠯᠦᠭ ᠳᠠᠭᠤᠯᠠᠯ ᠭᠠᠷᠮᠠᠭᠠᠢ ᠰᠠᠢᠬᠠᠨ ᠪᠢᠴᠢᠵᠦ ᠨᠡᠷ᠎ᠡ ᠴᠤᠤ ᠭᠠᠷᠤᠭᠰᠠᠨ ᠮᠣᠩᠭᠣᠯ ᠢᠷᠠᠭᠤ ᠨᠠᠢᠷᠠᠭᠴᠢ ᠶᠤᠮ᠃ᠲᠡᠭᠦᠨ ᠦ᠌ ᠪᠢᠴᠢᠭᠰᠡᠨ《ᠴᠠᠪᠴᠢᠶᠠᠯ ᠪᠣᠭᠣᠮᠲᠠ》ᠬᠡᠮᠡᠬᠦ ᠠᠯᠳᠠᠷᠲᠤ ᠢᠷᠠᠭᠤ ᠨᠠᠢᠷᠠᠭ᠂《 ᠱᠠᠩᠳᠤ ᠨᠡᠢᠰᠯᠡᠯ ᠳ᠋ᠡᠬᠢ ᠲᠥᠷᠥᠭᠳᠡᠯ》᠂《ᠬᠠᠲᠤᠨ ᠭᠣᠣᠯ ᠤ᠋ᠨ ᠰᠥᠨᠢ》 ᠵᠡᠷᠭᠡ ᠨᠡᠯᠢᠶᠡᠳ ᠣᠯᠠᠨ ᠰᠢᠯᠦᠭ ᠳᠠᠭᠤᠯᠠᠯ ᠨᠢ ᠡᠳᠦᠭᠡ ᠪᠣᠯᠲᠠᠯ᠎ᠠ ᠤᠯᠠᠮᠵᠢᠯᠠᠭᠳᠠᠭᠰᠠᠭᠠᠷ ᠪᠣᠢ᠃ᠳᠤᠮᠳᠠᠳᠤ ᠤᠯᠤᠰ ᠤ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠡᠴᠡ ᠵᠣᠬᠢᠶᠠᠭᠰᠠᠨ 《 ᠳᠤᠮᠳᠠᠳᠤ ᠤᠯᠤᠰ ᠤ᠋ᠨ ᠤᠷᠠᠨ ᠵᠣᠬᠢᠶᠠᠯ ᠤ᠋ᠨ ᠲᠡᠦᠬᠡ》 ᠳ᠋ᠦ᠍ ᠰᠠᠳᠤᠯᠠ ᠶ᠋ᠢ ᠮᠣᠩᠭᠣᠯ ᠦᠨᠳᠦᠰᠦᠲᠡᠨ ᠦ᠌ ᠠᠯᠳᠠᠷᠲᠤ ᠰᠢᠯᠦᠭᠴᠢ ᠪᠣᠯᠤᠨ᠎ᠠ ᠭᠡᠵᠦ ᠲᠡᠮᠳᠡᠭᠯᠡᠭᠰᠡᠨ ᠶᠦ᠍ᠮ᠃ᠳᠤᠮᠳᠠᠳᠤ ᠤᠯᠤᠰ ᠤ᠋ᠨ ᠤᠷᠠᠨ ᠵᠣᠬᠢᠶᠠᠯ ᠤ᠋ᠨ ᠲᠡᠦᠬᠡ ᠰᠤᠳᠤᠯᠤᠭᠴᠢ ᠯᠢᠦ ᠳᠡ ᠵᠢᠶᠧ 《ᠳᠤᠮᠳᠠᠳᠤ ᠤᠯᠤᠰ ᠤ᠋ᠨ ᠤᠷᠠᠨ ᠵᠣᠬᠢᠶᠠᠯ ᠤ᠋ᠨ ᠲᠡᠦᠬᠡ》 ᠳ᠋ᠡᠭᠡᠨ ᠰᠠᠳᠤᠯᠠ ᠪᠣᠯ ᠶᠡᠬᠡ ᠶᠤᠸᠠᠨ ᠤᠯᠤᠰ ᠤ᠋ᠨ ᠦᠶ᠎ᠡ ᠶ᠋ᠢᠨ ᠮᠣᠩᠭᠣᠯ ᠬᠥᠮᠦᠨ᠂ᠲᠡᠷᠡ ᠬᠢᠲᠠᠳ ᠢ᠋ᠶ᠋ᠠᠷ ᠭᠠᠢᠬᠠᠮᠰᠢᠭᠲᠤ ᠰᠠᠢᠬᠠᠨ ᠢᠷᠠᠭᠤ ᠨᠠᠢᠷᠠᠭ ᠪᠢᠴᠢᠳᠡᠭ ᠪᠥᠭᠡᠳ ᠳᠠᠭᠤᠯᠠᠯ ᠤ᠋ᠨ ᠲᠠᠯ᠎ᠠ ᠪᠠᠷ ᠶᠤᠸᠠᠨ ᠤ᠋ ᠦᠶ᠎ᠡ ᠶ᠋ᠢᠨ ᠣᠷᠭᠢᠯ ᠨᠢ ᠪᠣᠯᠤᠭᠰᠠᠨ ᠶᠤᠮ ᠭᠡᠵᠦ ᠥᠨᠳᠥᠷ ᠦᠨᠡᠯᠡᠭᠰᠡᠨ ᠪᠢᠯᠡ᠃
ᠠᠷᠭᠤᠢ
ᠶᠤᠸᠠᠨ ᠤᠯᠤᠰ ᠤ᠋ᠨ ᠦᠶ᠎ᠡ ᠳ᠋ᠦ᠍ ᠭᠢᠯᠠᠯᠵᠠᠭᠰᠠᠨ ᠠᠮᠵᠢᠯᠲᠠ ᠭᠠᠷᠭᠠᠭᠰᠠᠨ ᠵᠦᠴᠦᠭᠡ ᠶ᠋ᠢᠨ ᠵᠣᠬᠢᠶᠠᠯᠴᠢ᠂ ᠳᠠᠭᠤᠯᠠᠯ ᠤ᠋ᠨ ᠵᠣᠬᠢᠶᠠᠯᠴᠢ ᠶ᠋ᠢᠨ ᠨᠢᠭᠡ ᠪᠣᠯ ᠠᠷᠭᠤᠢ ᠪᠣᠯᠤᠨ᠎ᠠ᠃ᠮᠣᠩᠭᠣᠯ ᠨᠡᠷ᠎ᠡ ᠠᠷᠭᠤᠢ᠂ᠡᠷᠭᠦᠭᠰᠡᠨ ᠨᠡᠷ᠎ᠡ ᠱᠤ᠌ ᠵᠦᠩ᠂ᠴᠣᠯᠠ ᠳ᠋ᠦᠩ ᠴᠢᠦᠸᠠᠨ᠃14 ᠳ᠋ᠦ᠍ᠭᠡᠷ ᠵᠠᠭᠤᠨ ᠤ᠋ ᠡᠬᠢᠨ ᠬᠠᠭᠠᠰ ᠢ᠋ᠶ᠋ᠠᠷ ᠠᠮᠢᠳᠤᠷᠠᠵᠤ ᠪᠠᠢᠵᠠᠢ᠃ᠠᠷᠭᠤᠢ ᠪᠣᠯ ᠮᠣᠩᠭᠣᠯ ᠬᠢᠲᠠᠳ ᠬᠣᠶᠠᠷ ᠬᠡᠯᠡᠨ ᠳ᠋ᠦ᠍ ᠨᠡᠪᠲᠡᠷᠡᠭᠰᠡᠨ ᠡᠷᠳᠡᠮᠲᠡᠨ᠂ᠪᠢᠴᠢᠭ ᠦ᠋ᠨ ᠶᠡᠬᠡ ᠬᠥᠮᠦᠨ᠃ᠲᠡᠷᠡ ᠠᠩᠬᠠᠨ ᠳ᠋ᠠᠭᠠᠨ ᠴᠢᠦᠸᠠᠨ ᠵᠧᠦ ᠴᠥᠯᠭᠡ ᠶ᠋ᠢᠨ ᠶᠡᠷᠦᠩᠬᠡᠢ ᠵᠠᠬᠢᠷᠤᠭᠴᠢ ᠪᠠᠢᠵᠠᠢ᠃ᠬᠣᠵᠢᠮ ᠨᠢ ᠬᠠᠭᠠᠨ ᠣᠷᠳᠣᠨ ᠤ᠋ ᠨᠠᠢᠷ ᠬᠤᠷᠢᠮ ᠤ᠋ᠨ ᠳᠠᠭᠠᠭᠠᠮᠠᠯ ᠪᠣᠯᠪᠠ᠃ᠠᠷᠭᠤᠢ ᠶᠤᠸᠠᠨ ᠤᠯᠤᠰ ᠤ᠋ᠨ ᠲᠠᠢᠳᠢᠩ ᠬᠠᠭᠠᠨ ᠤ᠋ ᠦᠶ᠎ᠡ ᠳ᠋ᠦ᠍ ᠪᠢᠴᠢᠭ ᠦ᠋ᠨ ᠶᠠᠮᠤᠨ ᠤ᠋ ᠳᠡᠳ᠋ ᠰᠠᠢᠳ ᠤ᠋ᠨ ᠲᠤᠰᠢᠶᠠᠯ ᠳ᠋ᠤ᠌ ᠪᠠᠢᠭᠰᠠᠨ ᠬᠤᠭᠤᠴᠠᠭᠠᠨ ᠳ᠋ᠠᠭᠠᠨ《ᠱᠢᠽᠦ ᠪᠣᠭᠳᠠ ᠶ᠋ᠢᠨ ᠰᠤᠷᠭᠠᠯ》᠂《ᠵᠠᠰᠠᠭ ᠲᠤᠷ ᠲᠤᠰᠠᠯᠠᠬᠤ ᠨᠡᠪᠲᠡᠷᠬᠡᠢ ᠲᠣᠯᠢ》ᠵᠡᠷᠭᠡ ᠶ᠋ᠢᠨ ᠲᠡᠦᠬᠡ ᠱᠠᠰᠲᠢᠷ ᠢ᠋ ᠮᠣᠩᠭᠣᠯᠴᠢᠯᠠᠪᠠ᠃《ᠲᠠᠢ ᠾᠧ ᠶ᠋ᠢᠨ ᠣᠨ ᠤ᠋ ᠲᠥᠪ ᠠᠶᠠᠯᠭᠤ ᠶ᠋ᠢᠨ ᠴᠠᠳᠢᠭ᠂ᠡᠷᠲᠡᠨ ᠡᠳᠦᠭᠡ ᠶ᠋ᠢᠨ ᠪᠠᠭᠠᠲᠤᠷ ᠢᠳᠡᠲᠡᠨ ᠦ᠌ ᠳᠠᠭᠤᠯᠠᠯ ᠤ᠋ᠨ ᠶᠡᠷᠦᠩᠬᠡᠢ ᠲᠣᠢᠮᠣ》 ᠭᠡᠳᠡᠭ ᠵᠣᠬᠢᠶᠠᠯ ᠳ᠋ᠤ᠌ ᠲᠡᠭᠦᠨ ᠦ᠌ ᠳᠠᠭᠤᠯᠠᠯ ᠢ᠋ ᠬᠦᠩᠭᠢᠨᠡᠮ᠎ᠡ ᠰᠠᠢᠬᠠᠨ ᠬᠡᠪ ᠨᠠᠮᠪᠠ ᠲᠠᠢ ᠭᠡᠵᠦ ᠮᠠᠭᠲᠠᠪᠠ᠃ᠠᠷᠭᠤᠢ ᠶ᠋ᠢᠨ ᠳᠠᠭᠤᠯᠠᠯ ᠠ᠋ᠴᠠ ᠵᠥᠪᠬᠡᠨ《ᠰᠠᠷᠠᠨ ᠤ᠋ ᠳᠠᠭᠤᠯᠠᠯ》 ᠠᠷᠪᠠᠨ ᠵᠢᠷᠭᠤᠭᠠᠨ ᠪᠠᠳᠠᠭ᠂《ᠰᠢᠶᠠᠩ ᠹᠧᠢ ᠬᠠᠲᠤᠨ ᠤ᠋ ᠭᠣᠮᠣᠳᠠᠯ》 ᠬᠣᠶᠠᠷ ᠪᠠᠳᠠᠭ᠂《ᠱᠧᠦ ᠶᠠᠩ ᠤ᠋ᠨ ᠳᠠᠭᠤᠯᠠᠯ》 ᠨᠢᠭᠡ ᠪᠠᠳᠠᠭ᠂ᠨᠡᠢᠲᠡ ᠠᠷᠪᠠ ᠶᠢᠰᠦᠬᠡᠨ ᠪᠠᠳᠠᠭ ᠦᠯᠡᠳᠡᠵᠡᠢ᠃
ᠶᠠᠩ ᠵᠢᠩ ᠰᠢᠶᠠᠨ
ᠮᠣᠩᠭᠣᠯ ᠦᠨᠳᠦᠰᠦᠲᠡᠨ ᠦ᠌ ᠳᠠᠭᠤᠯᠠᠯ ᠤ᠋ᠨ ᠵᠣᠬᠢᠶᠠᠯᠴᠢ ᠶᠠᠩ ᠵᠢᠩ ᠰᠢᠶᠠᠨ᠂ᠤᠭ ᠨᠡᠷ᠎ᠡ ᠶᠠᠩ ᠰᠢᠶᠠᠨ᠂ᠡᠷᠭᠦᠭᠰᠡᠨ ᠨᠡᠷ᠎ᠡ ᠵᠢᠩ ᠶᠠᠨ᠂ᠴᠣᠯᠠ ᠷᠣ᠌ ᠵᠠᠢ᠃ᠬᠠᠩᠵᠧᠦ ᠬᠣᠲᠠᠨ᠎ᠡ ᠰᠠᠭᠤᠵᠤ ᠪᠠᠢᠪᠠ᠃ᠫᠢᠪᠠ ᠨᠢᠰᠠᠯᠵᠤ ᠣᠨᠢᠰᠣᠭ᠎ᠠ ᠵᠣᠬᠢᠶᠠᠬᠤ ᠳ᠋ᠠᠭᠠᠨ ᠳᠠᠳᠮᠠᠭᠠᠢ᠂ᠶᠤᠸᠠᠢ ᠹᠦ ᠬᠡᠮᠡᠬᠦ ᠳᠠᠭᠤᠯᠠᠯ ᠵᠣᠬᠢᠶᠠᠭᠰᠠᠨ ᠢ᠋ᠶ᠋ᠠᠷ ᠣᠯᠠᠨ ᠠ᠋ᠴᠠ ᠣᠷᠣᠢᠯᠠᠵᠤ ᠨᠡᠷ᠎ᠡ ᠴᠤᠤ ᠮᠠᠨᠳᠤᠪᠠ᠃ᠲᠡᠷᠡ ᠬᠡᠳᠦᠢ ᠪᠡᠷ ᠬᠡᠮᠡᠷᠯᠢᠭ ᠡᠮᠦᠰᠤᠭ᠌ᠴᠢᠳ ᠦ᠋ᠨ ᠳᠤᠮᠳᠠ ᠠᠮᠢᠳᠤᠷᠠᠵᠤ ᠴᠡᠴᠡᠭᠲᠦ ᠣᠷᠳᠤᠨᠡ ᠰᠠᠭᠤᠭᠰᠠᠨ ᠪᠣᠯᠪᠠᠴᠤ 《ᠪᠠᠷᠠᠭᠤᠨᠰᠢ ᠵᠣᠷᠴᠢᠭᠰᠠᠨ ᠲᠡᠮᠳᠡᠭᠯᠡᠯ》᠂《ᠤᠯᠠᠭᠠᠨ ᠱᠣ ᠬᠤᠯᠠᠭᠠᠢᠯᠠᠭᠰᠠᠨ ᠠᠨᠤ》 ᠭᠡᠬᠦ ᠵᠡᠷᠭᠡ ᠶ᠋ᠢᠨ18 ᠵᠦᠴᠦᠭᠡ ᠪᠢᠴᠢᠪᠡ᠃ᠡᠳᠦᠭᠡ ᠪᠠᠰᠠ《ᠪᠠᠷᠠᠭᠤᠨᠰᠢ ᠵᠣᠷᠴᠢᠭᠰᠠᠨ ᠲᠡᠮᠳᠡᠭᠯᠡᠯ》 ᠪᠣᠯᠤᠨ ᠮᠠ ᠳ᠋ᠠᠨ ᠶᠠᠩ ᠪᠡᠷ ᠯᠢᠦ ᠣᠪᠣᠭᠲᠤ ᠠᠬᠠᠯᠠᠭᠴᠢ ᠶ᠋ᠢ ᠳᠤᠲᠠᠭᠠᠯᠭᠠᠭᠰᠠᠨ ᠠᠨᠤ》᠂《ᠲᠩᠷᠢᠯᠢᠭ ᠳᠠᠢᠳᠤ ᠶ᠋ᠢᠨ ᠵᠡᠭᠦᠳᠦᠨ》 ᠭᠡᠬᠦ ᠵᠡᠷᠭᠡ ᠶ᠋ᠢᠨ ᠭᠤᠷᠪᠠᠨ ᠵᠦᠢᠯ ᠦ᠋ᠨ ᠳᠣᠷᠭᠣᠨ ᠳᠡᠪᠲᠡᠷ ᠪᠣᠢ᠃
ᠲᠥᠭᠲᠡᠮᠣᠷ
ᠶᠡᠬᠡ ᠶᠤᠸᠠᠨ ᠤᠯᠤᠰ ᠤ᠋ᠨ ᠠᠷᠪᠠᠨ ᠬᠣᠶᠠᠳᠤᠭᠠᠷ ᠦᠶ᠎ᠡ ᠶ᠋ᠢᠨ ᠬᠠᠭᠠᠨ ᠲᠥᠭᠲᠡᠮᠣᠷ ᠪᠣᠯ ᠢᠷᠠᠭᠤ ᠨᠠᠢᠷᠠᠭᠴᠢ ᠶᠤᠮ᠃ᠲᠡᠷᠡ ᠰᠢᠯᠦᠭ ᠳᠠᠭᠤᠯᠠᠯ ᠪᠢᠴᠢᠬᠦ ᠳ᠋ᠡᠭᠡᠨ ᠴᠠᠭᠠᠷᠠᠭᠰᠠᠨ ᠪᠠᠢᠵᠠᠢ᠃ᠲᠡᠭᠦᠨ ᠦ᠌ ᠪᠢᠴᠢᠭᠰᠡᠨ ᠰᠢᠯᠦᠭ ᠡᠴᠡ 《ᠵᠢᠢ ᠴᠢᠩ ᠴᠦᠯᠭᠡ ᠡᠴᠡ ᠮᠣᠷᠳᠠᠵᠤ ᠬᠠᠭᠠᠨ ᠰᠠᠭᠤᠬᠤ ᠪᠠᠷ ᠶᠠᠪᠤᠬᠤ ᠵᠠᠮ ᠵᠠᠭᠤᠷ᠎ᠠ ᠭᠡᠨᠡᠳᠲᠡ ᠲᠥᠷᠥᠭᠳᠡᠭᠰᠡᠨ ᠤᠶᠠᠩᠭ᠎ᠠ》 ᠬᠡᠮᠡᠬᠦ ᠰᠢᠯᠦᠭ ᠨᠢ ᠥᠨᠥᠳᠥᠷ ᠪᠣᠯᠲᠠᠯ᠎ᠠ ᠤᠯᠠᠮᠵᠢᠯᠠᠭᠳᠠᠨ ᠳᠡᠯᠭᠡᠷᠡᠭᠰᠡᠭᠡᠷ ᠪᠣᠢ᠃
ᠶᠤᠸᠠᠨ ᠤᠯᠤᠰ ᠤ᠋ᠨ ᠶᠡᠬᠡ ᠨᠢᠭᠡᠳᠦᠯ ᠦ᠋ᠨ ᠵᠢᠷᠤᠭ
ᠶᠡᠬᠡ ᠶᠤᠸᠠᠨ ᠤᠯᠤᠰ ᠤ᠋ᠨ ᡁᠢ ᠶᠤᠸᠠᠨ ᠤ᠋ ᠭᠤᠴᠢᠨ ᠨᠢᠭᠡᠳᠦᠭᠡᠷ ᠣᠨ ᠳ᠋ᠤ᠌ ᠶᠤᠸᠠᠨ ᠤᠯᠤᠰ ᠤ᠋ᠨ ᠵᠠᠰᠠᠭ ᠤ᠋ᠨ ᠭᠠᠵᠠᠷ ᠠ᠋ᠴᠠ ᠪᠦᠬᠦ ᠤᠯᠤᠰ ᠤ᠋ᠨ ᠭᠠᠵᠠᠷ ᠵᠦᠢ ᠶ᠋ᠢᠨ ᠨᠣᠮ ᠪᠣᠯᠬᠤ《ᠶᠤᠸᠠᠨ ᠤᠯᠤᠰ ᠤ᠋ᠨ ᠶᠡᠬᠡ ᠨᠢᠭᠡᠳᠦᠯ ᠦ᠋ᠨ ᠵᠢᠷᠤᠭ》 ᠢ᠋ ᠡᠷᠬᠢᠯᠡᠨ ᠨᠠᠢᠷᠠᠭᠤᠯᠤᠭᠰᠠᠨ ᠪᠢᠯᠡ᠃ᠲᠤᠰ ᠨᠣᠮ ᠨᠢ ᠬᠣᠲᠠ ᠪᠠᠯᠭᠠᠳ᠂ᠠᠭᠤᠯᠠ ᠨᠢᠷᠤᠭᠤ᠂ᠭᠣᠣᠯ ᠮᠥᠷᠡᠨ᠂ᠨᠤᠲᠤᠭ ᠤ᠋ᠨ ᠭᠠᠷᠤᠯᠲᠠ᠂ᠡᠷᠲᠡᠨ ᠦ᠌ ᠦᠯᠡᠳᠡᠭᠳᠡᠯ ᠪᠠᠭᠤᠷᠠᠢ᠂ᠰᠦᠮ᠎ᠡ ᠬᠡᠢᠳ᠂ᠨᠣᠶᠠᠳ ᠲᠦᠰᠢᠮᠡᠳ ᠦ᠋ᠨ ᠤᠯᠠᠮᠵᠢᠯᠠᠯ ᠬᠠᠭᠤᠴᠢ ᠶᠠᠷᠢᠶ᠎ᠠ᠂ᠨᠤᠲᠤᠭ ᠤ᠋ᠨ ᠵᠠᠩ ᠵᠠᠩᠰᠢᠯ ᠵᠡᠷᠭᠡ ᠠᠭᠤᠯᠭ᠎ᠠ ᠶ᠋ᠢ 1300 ᠪᠦᠯᠦᠭ ᠲᠦ᠍ ᠬᠤᠪᠢᠶᠠᠷᠢᠯᠠᠵᠤ 600 ᠭᠠᠷᠤᠢ ᠳᠡᠪᠲᠡᠷ ᠲᠦ᠍ ᠪᠠᠭᠲᠠᠭᠠᠵᠠᠢ᠃ᠪᠦᠯᠦᠭ ᠪᠦᠷᠢ ᠶ᠋ᠢᠨ ᠡᠬᠢᠨ ᠳ᠋ᠦ᠍ ᠪᠤᠳᠤᠭᠲᠤ ᠵᠢᠷᠤᠭ ᠳᠠᠭᠠᠯᠳᠤᠭᠤᠯᠤᠭᠰᠠᠨ ᠪᠠᠢᠪᠠ᠃ᠳ᠋ᠠ ᠳ᠋ᠧ ᠶ᠋ᠢᠨ ᠳᠣᠯᠣᠳᠤᠭᠠᠷ ᠣᠨ ᠳ᠋ᠤ᠌ ᠪᠠᠰᠠ ᠪᠦᠬᠦ ᠤᠯᠤᠰ ᠤ᠋ᠨ ᠬᠡᠪᠴᠢᠶᠡᠨ ᠦ᠌ ᠲᠣᠮᠣ ᠭᠠᠵᠠᠷ ᠤ᠋ᠨ ᠵᠢᠷᠤᠭ ᠢ᠋ ᠵᠢᠷᠤᠬᠤ ᠳ᠋ᠠᠭᠠᠨ ᠪᠠᠰᠠ ᠲᠤᠰᠬᠠᠢᠯᠠᠨ ᠪᠣᠳᠣᠭ ᠰᠠᠭᠤᠯᠭᠠᠬᠤ ᠲᠣᠭᠲᠠᠭᠠᠯ ᠭᠠᠷᠭᠠᠵᠤ ᠵᠠᠰᠠᠭ ᠵᠠᠬᠢᠷᠭᠠᠨ ᠤ᠋ ᠣᠷᠣᠨ ᠬᠤᠪᠢᠶᠠᠷᠢᠯᠠᠯ ᠢ᠋ ᠠᠳᠠᠯᠢ ᠪᠤᠰᠤ ᠥᠩᠭᠡ ᠶ᠋ᠢᠨ ᠪᠣᠳᠣᠭ ᠢ᠋ᠶ᠋ᠠᠷ ᠢᠯᠭᠠᠪᠤᠷᠢᠯᠠᠨ ᠪᠣᠳᠣᠵᠤ ᠭᠠᠷᠭᠠᠭᠰᠠᠨ ᠶᠤᠮ᠃ᠡᠨᠡ ᠨᠢ ᠳᠤᠮᠳᠠᠳᠤ ᠤᠯᠤᠰ ᠤ᠋ᠨ ᠲᠡᠦᠬᠡᠨ ᠳ᠋ᠡᠬᠢ ᠬᠠᠮᠤᠭ ᠠᠩᠬᠠᠨ ᠤ᠋ ᠪᠦᠬᠦ ᠤᠯᠤᠰ ᠤ᠋ᠨ ᠬᠡᠪᠴᠢᠶᠡᠨ ᠦ᠌ ᠪᠤᠳᠤᠭᠲᠤ ᠭᠠᠵᠠᠷ ᠤ᠋ᠨ ᠵᠢᠷᠤᠭ ᠪᠣᠯᠤᠨ᠎ᠠ᠃ᠵᠢᠷᠤᠭ ᠤ᠋ᠨ ᠬᠠᠷᠢᠴᠠᠯ ᠤ᠋ᠨ ᠶᠡᠬᠡ ᠪᠠᠭ᠎ᠠ ᠵᠢᠷᠤᠵᠤ ᠪᠣᠳᠣᠭ ᠰᠠᠭᠤᠯᠭᠠᠭᠰᠠᠨ ᠮᠡᠷᠭᠡᠵᠢᠯ ᠦ᠋ᠨ ᠳᠠᠪᠰᠢᠩᠭᠤᠢ ᠬᠡᠮᠵᠢᠶ᠎ᠡ ᠨᠢ ᠲᠤᠬᠠᠢ ᠶ᠋ᠢᠨ ᠦᠶᠡᠰ ᠲᠡᠭᠡᠨ ᠤᠷᠢᠳᠤ ᠡᠮᠦᠨ᠎ᠡ ᠭᠠᠷᠤᠭᠠᠳᠤᠢ ᠲᠡᠷᠢᠭᠦᠨ ᠦ᠌ ᠬᠢᠷᠢ ᠬᠡᠮᠵᠢᠶᠡᠨ ᠳ᠋ᠦ᠍ ᠬᠦᠷᠦᠭᠰᠡᠨ ᠪᠠᠢᠵᠠᠢ᠃ ᠶᠡᠬᠡ ᠶᠤᠸᠠᠨ ᠤᠯᠤᠰ ᠤ᠋ᠨ ᠶᠡᠬᠡ ᠨᠢᠭᠡᠳᠦᠯ ᠦ᠋ᠨ ᠪᠤᠳᠤᠭᠲᠤ ᠭᠠᠵᠠᠷ ᠤ᠋ᠨ ᠵᠢᠷᠤᠭ ᠨᠢ ᠳᠤᠮᠳᠠᠳᠤ ᠤᠯᠤᠰ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠲᠡᠦᠬᠡᠨ ᠳ᠋ᠦ᠍ ᠴᠢᠬᠤᠯᠠ ᠪᠠᠢᠷᠢ ᠰᠠᠭᠤᠷᠢ ᠶ᠋ᠢ ᠡᠵᠡᠯᠡᠬᠦ ᠪᠡᠷ ᠦᠯᠦ ᠪᠠᠷᠠᠮ ᠡᠷᠲᠡᠨ ᠦ᠌ ᠭᠠᠵᠠᠷ ᠵᠦᠢ ᠶ᠋ᠢ ᠰᠤᠳᠤᠯᠬᠤ᠂ᠶᠤᠸᠠᠨ ᠤᠯᠤᠰ ᠢ᠋ ᠰᠤᠳᠤᠯᠬᠤ ᠳ᠋ᠤ᠌ ᠡᠷᠬᠢᠮ ᠨᠠᠨᠳᠢᠨ ᠬᠣᠪᠣᠷ ᠴᠤᠬᠠᠭ ᠲᠡᠦᠬᠡᠨ ᠮᠠᠲ᠋ᠧᠷᠢᠶᠠᠯ ᠪᠣᠯᠬᠤ ᠶᠤᠮ᠃
ᠲᠡᠦᠬᠡ ᠰᠤᠳᠤᠷ
ᠶᠤᠸᠠᠨ ᠤᠯᠤᠰ ᠤ᠋ᠨ ᠦᠶᠡᠰ ᠪᠢᠴᠢᠵᠦ ᠭᠠᠷᠭᠠᠭᠰᠠᠨ ᠲᠡᠦᠬᠡ ᠰᠤᠳᠤᠷ ᠨᠢ ᠲᠤᠬᠠᠢ ᠶ᠋ᠢᠨ ᠦᠶ᠎ᠡ ᠪᠠ ᠲᠡᠭᠦᠨ ᠡᠴᠡ ᠡᠮᠦᠨᠡᠬᠢ ᠦᠶ᠎ᠡ ᠶ᠋ᠢᠨ ᠮᠣᠩᠭᠣᠯ ᠲᠤᠭᠤᠷᠭᠠᠲᠠᠨ ᠤ᠋ ᠤᠯᠠ ᠮᠥᠷ᠂ᠦᠨᠡᠨ ᠪᠠᠢᠳᠠᠯ ᠪᠣᠯᠬᠤ ᠶᠤᠮ᠃ ᠮᠥᠨ ᠴᠦ᠍ ᠮᠠᠨ ᠳ᠋ᠤ᠌ ᠦᠯᠡᠳᠡᠭᠡᠵᠦ ᠥᠭᠭᠦᠭᠰᠡᠨ ᠦᠶ᠎ᠡ ᠤᠯᠠᠮᠵᠢᠯᠠᠬᠤ ᠨᠠᠨᠳᠢᠨ ᠡᠷᠳᠡᠨᠢ ᠪᠣᠯᠤᠨ᠎ᠠ᠃ᠡᠨᠳᠡ ᠬᠡᠳᠦ ᠶ᠋ᠢ ᠰᠣᠩᠭᠣᠨ ᠲᠣᠪᠴᠢ ᠲᠠᠨᠢᠯᠴᠠᠭᠤᠯᠰᠤᠭᠠᠢ᠃ᠶᠤᠸᠠᠨ ᠤᠯᠤᠰ ᠤ᠋ᠨ ᠵᠦᠩ ᠲᠦᠩ ᠦ᠋ᠨ(1261 ᠣᠨ) ᠳ᠋ᠤ᠌ ᠱᠠᠩᠳᠤ ᠨᠡᠢᠰᠯᠡᠯ ᠳ᠋ᠦ᠍ ᠤᠯᠤᠰ ᠤ᠋ᠨ ᠪᠢᠴᠢᠭ ᠰᠤᠳᠤᠷ ᠤ᠋ᠨ ᠬᠦᠷᠢᠶᠡᠯᠡᠩ ᠢ᠋ ᠪᠠᠢᠭᠤᠯᠵᠤ ᠤᠯᠤᠰ ᠤ᠋ᠨ ᠰᠤᠳᠤᠷ ᠪᠠ ᠯᠢᠶᠣᠣ᠂ ᠠᠯᠲᠠᠨ ᠤᠯᠤᠰ ᠤ᠋ᠨ ᠲᠡᠦᠬᠡ ᠶ᠋ᠢ ᠡᠬᠢᠯᠡᠨ ᠪᠢᠴᠢᠭᠦᠯᠵᠡᠢ᠃1345 ᠣᠨ ᠳ᠋ᠤ᠌ ᠯᠢᠶᠣᠣ᠂ ᠰᠥᠩ᠂ᠠᠯᠲᠠᠨ ᠤᠯᠤᠰ ᠤ᠋ᠨ ᠰᠤᠳᠤᠷ ᠲᠡᠦᠬᠡ ᠶ᠋ᠢ ᠪᠢᠴᠢᠵᠦ ᠳᠠᠭᠤᠰᠬᠠᠭᠰᠠᠨ ᠪᠢᠯᠡ᠃
ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ
《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ》 ᠪᠣᠯ ᠬᠤᠪᠢᠯᠠᠢ ᠬᠠᠭᠠᠨ ᠤ᠋ ᠦᠶ᠎ᠡ ᠳ᠋ᠦ᠍ ᠲᠣᠭᠲᠠᠭᠠᠭᠰᠠᠨ ᠲᠥᠷᠥ ᠱᠠᠰᠢᠨ ᠬᠣᠶᠠᠷ ᠢ᠋ ᠬᠣᠣᠰᠯᠠᠭᠤᠯᠤᠨ ᠲᠡᠭᠰᠢᠳᠡ ᠶᠠᠪᠤᠭᠤᠯᠬᠤ ᠲᠤᠬᠠᠢ ᠳᠦᠷᠢᠮ ᠲᠣᠭᠲᠠᠭᠠᠯ᠂ᠬᠠᠤᠯᠢ ᠴᠠᠭᠠᠵᠠ ᠪᠣᠯᠤᠨ᠎ᠠ᠃ᠬᠤᠪᠢᠯᠠᠢ ᠪᠣᠯᠤᠨ ᠫᠠᠭᠪᠠ ᠶ᠋ᠢᠨ ᠪᠡᠶᠡᠴᠢᠯᠡᠨ ᠬᠢᠭᠰᠡᠨ ᠱᠠᠰᠢᠨ ᠲᠥᠷᠥ ᠬᠣᠶᠠᠷ ᠲᠠᠯ᠎ᠠ ᠶ᠋ᠢᠨ ᠦᠢᠯᠡ ᠠᠵᠢᠯᠯᠠᠭ᠎ᠠ᠂ᠬᠡᠪ ᠵᠢᠱ᠌ᠢᠶ᠎ᠡ ᠪᠠ《 ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ》 ᠳ᠋ᠦ᠍ ᠲᠣᠭᠲᠠᠭᠠᠭᠰᠠᠨ ᠱᠠᠰᠢᠨ ᠲᠥᠷᠥ ᠬᠣᠶᠠᠷ ᠢ᠋ ᠲᠡᠭᠰᠢᠳᠡ ᠶᠠᠪᠤᠭᠤᠯᠬᠤ ᠬᠠᠤᠯᠢ ᠴᠠᠭᠠᠵᠠ᠂ᠳᠦᠷᠢᠮ ᠲᠣᠭᠲᠠᠭᠠᠯ ᠨᠢ ᠬᠤᠪᠢᠯᠠᠢ ᠠ᠋ᠴᠠ ᠬᠣᠢᠰᠢ ᠡᠯ᠎ᠡ ᠬᠠᠭᠠᠳ ᠤ᠋ᠨ ᠵᠢᠷᠤᠮᠯᠠᠨ ᠭᠦᠢᠴᠡᠳᠬᠡᠬᠦ ᠦᠯᠢᠭᠡᠷ ᠳᠠᠭᠤᠷᠢᠶᠠᠯ ᠪᠣᠯᠵᠤ ᠮᠣᠩᠭᠣᠯ ᠤ᠋ᠨ ᠲᠡᠦᠬᠡᠨ ᠳ᠋ᠦ᠍ ᠭᠦᠨ ᠭᠦᠨᠵᠡᠭᠡᠢ ᠦᠢᠯᠡᠳᠦᠯ ᠭᠠᠷᠭᠠᠭᠰᠠᠨ ᠶᠤᠮ᠃ᠴᠢᠩᠭᠢᠰ ᠦ᠋ᠨ ᠶᠡᠬᠡ ᠵᠠᠰᠠᠭ ᠨᠢ ᠤᠯᠤᠰ ᠲᠥᠷᠥ ᠴᠡᠷᠢᠭ ᠵᠠᠰᠠᠭ ᠤ᠋ᠨ ᠠᠩᠬᠠᠳᠤᠭᠴᠢ ᠬᠠᠤᠯᠢ ᠴᠠᠭᠠᠵᠠ ᠪᠠᠢᠭᠰᠠᠨ ᠪᠣᠯ ᠬᠤᠪᠢᠯᠠᠢ ᠶ᠋ᠢᠨ ᠴᠠᠭᠠᠨ ᠲᠡᠦᠬᠡ ᠨᠢ ᠱᠠᠰᠢᠨ ᠰᠤᠷᠲᠠᠬᠤᠨ ᠤ᠋ ᠠᠩᠬᠠᠳᠤᠭᠴᠢ ᠬᠠᠤᠯᠢ ᠴᠠᠭᠠᠵᠠ ᠪᠠᠢᠭᠰᠠᠨ ᠪᠢᠯᠡ᠃
ᡁᠢ ᠱᠦᠨ ᠦ᠌ ᠲᠡᠷᠢᠭᠦᠨ ᠣᠨ(1330 ᠣᠨ) ᠳ᠋ᠤ᠌ ᠪᠢᠷᠡᠨᠡᠰᠢᠷᠢ ᠬᠣᠶᠠᠷ ᠤᠳᠠᠭ᠎ᠠ ᠵᠠᠰᠠᠪᠤᠷᠢ ᠣᠷᠣᠭᠤᠯᠤᠨ ᠤᠢᠭᠤᠷᠵᠢᠨ ᠮᠣᠩᠭᠣᠯ ᠦᠰᠦᠭ ᠢ᠋ᠶ᠋ᠡᠷ ᠳᠡᠪᠲᠡᠷᠯᠡᠵᠡᠢ᠃ᠬᠣᠵᠢᠮ ᠨᠢ ᠣᠷᠳᠣᠰ ᠤ᠋ᠨ ᠬᠤᠲᠤᠭᠲᠤ ᠴᠣᠭᠴᠠᠰᠤᠨ ᠵᠢᠷᠦᠬᠡᠨ ᠳᠠᠢᠴᠢᠩ ᠰᠡᠴᠡᠨ ᠬᠣᠩ ᠲᠠᠢᠵᠢ᠂ᠡᠨᠡ ᠬᠦ᠌ ᠨᠣᠮ ᠢ᠋ ᠰᠥᠩ ᠵᠧᠦ ᠡᠴᠡ ᠣᠯᠵᠤ ᠠᠪᠤᠭᠠᠳ ᠪᠢᠷᠡᠨᠡᠰᠢᠷᠢ ᠶ᠋ᠢᠨ ᠳᠡᠪᠲᠡᠷ ᠲᠡᠢ ᠨᠠᠷᠢᠨ ᠬᠠᠷᠭᠤᠭᠤᠯᠤᠨ ᠵᠠᠰᠠᠵᠤ ᠨᠣᠮ ᠪᠣᠯᠭᠠᠨ ᠳᠡᠪᠲᠡᠷᠯᠡᠨ ᠳᠠᠷᠤᠮᠯᠠᠵᠤ ᠲᠠᠷᠬᠠᠭᠠᠭᠰᠠᠨ ᠪᠢᠯᠡ᠃
ᠠᠷᠪᠠᠨ ᠭᠤᠷᠪᠠᠨ ᠦᠶ᠎ᠡ ᠶ᠋ᠢᠨ ᠬᠠᠭᠠᠨ ᠤ᠋ ᠦᠨᠡᠨ ᠲᠡᠮᠳᠡᠭᠯᠡᠯ
ᠶᠤᠸᠠᠨ ᠲᠠᠢᠽᠦ ᠴᠢᠩᠭᠡᠰ ᠬᠠᠭᠠᠨ ᠠ᠋ᠴᠠ ᠷᠢᠨᠴᠢᠨᠪᠠᠯ(ᠢᠷᠴᠡᠮᠡᠯ) ᠬᠠᠭᠠᠨ ᠬᠦᠷᠲᠡᠯᠡᠬᠢ13 ᠦᠶ᠎ᠡ ᠶ᠋ᠢᠨ137 ᠵᠢᠯ ᠦ᠋ᠨ ᠳᠣᠲᠣᠷᠠᠬᠢ ᠬᠠᠭᠠᠳ ᠤ᠋ᠨ ᠦᠨᠡᠨ ᠲᠡᠮᠳᠡᠭᠯᠡᠯ ᠢ᠋ ᠳᠣᠭᠣᠨᠳᠡᠮᠦᠷ ᠬᠠᠭᠠᠨ ᠤ᠋ ᠦᠶ᠎ᠡ ᠳ᠋ᠦ᠍ ᠪᠢᠴᠢᠵᠦ ᠭᠠᠷᠭᠠᠭᠰᠠᠨ ᠪᠠᠢᠪᠠ᠃《ᠳᠡᠯᠡᠬᠡᠢ ᠶ᠋ᠢ ᠳᠠᠢᠯᠠᠨ ᠳᠠᠭᠠᠭᠤᠯᠤᠭᠴᠢ ᠶ᠋ᠢᠨ ᠲᠡᠦᠬᠡ》ᠳ᠋ᠦ᠍ ᠮᠣᠩᠭᠣᠯ ᠤ᠋ᠨ ᠢᠯ ᠬᠠᠭᠠᠨᠲᠤ ᠤᠯᠤᠰ ᠤ᠋ᠨ ᠬᠤᠯᠤᠭᠤ ᠬᠠᠨ ᠤ᠋ ᠣᠷᠳᠣᠨ ᠤ᠋ ᠲᠦᠰᠢᠮᠡᠯ ᠵᠤᠸᠡᠢᠨᠢ᠂ᠴᠢᠩᠭᠢᠰ ᠬᠠᠭᠠᠨ ᠠ᠋ᠴᠠ ᠬᠤᠯᠤᠭᠤ ᠬᠠᠨ ᠬᠦᠷᠲᠡᠯᠡᠬᠢ ᠣᠨ ᠵᠢᠯ ᠤ᠋ᠨ ᡂᠨ ᠶᠠᠪᠤᠳᠠᠯ ᠢ᠋ ᠪᠢᠴᠢᠵᠡᠢ᠃ᠲᠡᠷᠡ ᠥᠪᠡᠷ ᠦ᠋ᠨ ᠨᠢᠳᠦ ᠪᠡᠷ ᠦᠵᠡᠵᠦ ᠴᠢᠬᠢ ᠪᠡᠷ ᠰᠣᠨᠣᠰᠤᠭᠰᠠᠨ ᠪᠣᠷᠣ ᠮᠠᠲ᠋ᠧᠷᠢᠶᠠᠯ ᠤ᠋ᠨ ᠢ᠋ᠶ᠋ᠠᠨ ᠰᠠᠭᠤᠷᠢᠨ ᠳᠡᠭᠡᠷ᠎ᠡ ᠲᠡᠭᠦᠨ ᠢ᠋ ᠪᠢᠴᠢᠵᠦ ᠭᠠᠷᠭᠠᠭᠰᠠᠨ ᠪᠣᠯᠬᠣᠷ ᠲᠡᠦᠬᠡᠨ ᠦᠨ᠎ᠡ ᠴᠠᠨ᠎ᠠ ᠪᠠᠷ ᠥᠨᠳᠥᠷ ᠪᠢᠯᠡ᠃
ᠰᠤᠳᠤᠷ ᠤ᠋ᠨ ᠴᠢᠭᠤᠯᠭᠠᠨ
ᠫᠧᠷᠰ ᠦ᠋ᠨ ᠤᠯᠤᠰ ᠲᠥᠷᠥᠴᠢᠨ᠂ ᠠᠯᠳᠠᠷᠲᠤ ᠲᠡᠦᠬᠡᠴᠢᠨ ᠷᠠᠰᠢᠳ᠋ ᠠᠳ᠋ ᠳ᠋ᠢᠨ᠂ ᠤᠷᠢᠳ ᠬᠣᠵᠢᠳ ᠢᠯ ᠬᠠᠨ᠂ᠬᠠᠰᠢᠨ
ᠬᠠᠨ ᠪᠠ ᠥᠯᠵᠡᠢᠲᠦ ᠬᠠᠨ ᠤ᠋ ᠵᠠᠷᠯᠢᠭ ᠢ᠋ᠶ᠋ᠠᠷ 《ᠰᠤᠳᠤᠷ ᠤ᠋ᠨ ᠴᠢᠭᠤᠯᠭᠠᠨ》 ᠬᠡᠮᠡᠬᠦ ᠨᠣᠮ ᠢ᠋ ᠡᠷᠬᠢᠯᠡᠨ ᠨᠠᠢᠷᠠᠭᠤᠯᠵᠤ ᠠᠷᠪᠠᠨ ᠵᠢᠯ ᠦ᠋ᠨ ᠴᠠᠭ ᠵᠠᠷᠤᠴᠠᠭᠤᠯᠤᠨ ᠪᠠᠢᠵᠤ ᠰᠠᠶᠢ ᠪᠢᠴᠢᠵᠦ ᠳᠠᠭᠤᠰᠬᠠᠭᠰᠠᠨ ᠶᠤᠮ᠃ᠷᠠᠰᠢᠳ᠋ ᠠᠳ᠋ ᠳ᠋ᠢᠨ᠂ᠫᠧᠷᠰ ᠠᠷᠠᠪ ᠬᠡᠯᠡᠨ ᠦ᠌ ᠲᠡᠦᠬᠡ ᠰᠤᠳᠤᠷ᠂ᠬᠠᠨ ᠣᠷᠳᠣᠨ ᠤ᠋ ᠮᠣᠩᠭᠣᠯ ᠪᠢᠴᠢᠭ ᠰᠤᠳᠤᠷ ᠢ᠋ ᠥᠷᠭᠡᠨ ᠢ᠋ᠶ᠋ᠡᠷ ᠠᠰᠢᠭᠯᠠᠭᠰᠠᠨ ᠠ᠋ᠴᠠ ᠭᠠᠳᠠᠨ᠎ᠠ ᠪᠠᠰᠠ ᠳᠤᠮᠳᠠᠳᠤ᠂ ᠡᠨᠡᠳᠬᠡᠭ᠂ᠤᠢᠭᠤᠷ ᠂ᠮᠣᠩᠭᠣᠯ ᠵᠡᠷᠭᠡ ᠤᠯᠤᠰ ᠦᠨᠳᠦᠰᠦᠲᠡᠨ ᠦ᠌ ᠡᠷᠳᠡᠮᠲᠡᠨ ᠨᠣᠶᠠᠳ ᠢ᠋ ᠪᠠᠭᠰᠢ ᠪᠠᠷᠢᠨ ᠠᠰᠠᠭᠤᠨ ᠰᠤᠷᠪᠤᠯᠵᠢᠯᠠᠭᠰᠠᠨ ᠪᠠᠢᠪᠠ᠃ ᠳᠥᠷᠪᠡᠳ ᠣᠪᠣᠭᠲᠠᠨ ᠪᠣᠯᠣᠳ ᠴᠢᠩᠰᠠᠩ᠂《ᠰᠤᠳᠤᠷ ᠤ᠋ᠨ ᠴᠢᠭᠤᠯᠭᠠᠨ》 ᠢ᠋ ᠨᠠᠢᠷᠠᠭᠤᠯᠵᠤ ᠪᠢᠴᠢᠬᠦ ᠳ᠋ᠦ᠍ ᠣᠷᠣᠯᠴᠠᠵᠤ ᠮᠠᠰᠢ ᠠᠷᠪᠢᠨ ᠴᠢᠬᠤᠯᠠ ᠲᠡᠦᠬᠡᠨ ᠤᠴᠢᠷ ᠶᠠᠪᠤᠳᠠᠯ ᠢ᠋ ᠨᠡᠮᠡᠵᠦ ᠶᠠᠷᠢᠭᠰᠠᠨ ᠪᠠᠢᠵᠠᠢ᠃
ᠪᠣᠯᠣᠳᠲᠡᠮᠤᠷ
ᠳᠥᠷᠪᠡᠳ ᠣᠪᠣᠭᠲᠠᠨ ᠪᠣᠯᠣᠳᠲᠡᠮᠤᠷ ᠪᠣᠯ ᠬᠤᠪᠢᠯᠠᠢ ᠬᠠᠭᠠᠨ ᠤ᠋ ᠪᠠᠭᠤᠷᠴᠢ ᠲᠦᠰᠢᠮᠡᠯ᠂ᠬᠡᠰᠢᠭᠲᠡᠨ ᠴᠡᠷᠢᠭ ᠦ᠋ᠨ ᠠᠬᠠᠯᠠᠭᠴᠢ ᠪᠠᠢᠪᠠ᠃ᠲᠥᠷᠥᠯᠬᠢ ᠰᠡᠴᠡᠨ ᠰᠡᠷᠭᠦᠯᠡᠩ᠂ ᠮᠣᠩᠭᠣᠯ ᠬᠢᠲᠠᠳ ᠵᠡᠷᠭᠡ ᠣᠯᠠᠨ ᠬᠡᠯᠡᠨ ᠳ᠋ᠦ᠍ ᠨᠡᠪᠲᠡᠷᠡᠭᠰᠡᠨ ᠡᠷᠳᠡᠮᠲᠡᠨ᠂ᠲᠡᠦᠬᠡᠴᠢᠨ ᠶᠦ᠍ᠮ᠃ᠲᠡᠷᠡ ᠮᠣᠩᠭᠣᠯ ᠲᠤᠭᠤᠷᠭᠠᠲᠠᠨ ᠤ᠋ ᠡᠷᠲᠡᠨ ᠡᠳᠦᠭᠡ ᠶ᠋ᠢᠨ ᠬᠠᠭᠠᠳ ᠨᠣᠶᠠᠳ᠂ ᠴᠤᠤᠲᠤ ᠪᠠᠭᠠᠲᠤᠷᠴᠤᠳ ᠤ᠋ᠨ ᠨᠠᠮᠲᠠᠷ ᠴᠠᠳᠢᠭ᠂ᠠᠭᠠᠰᠢ ᠠᠷᠠᠨᠰᠢᠨ᠂ᠳᠤᠷ᠎ᠠ ᠪᠠᠬ᠎ᠠ᠂ᠡᠷᠢᠯ ᠬᠦᠰᠡᠯ ᠢ᠋ ᠨᠡᠪᠲᠡᠷᠬᠡᠢ ᠮᠡᠳᠡᠳᠡᠭ᠃ᠡᠯ᠎ᠡ ᠣᠪᠣᠭ ᠠᠢᠮᠠᠭ ᠤ᠋ᠨ ᠡᠪᠦᠭᠡ ᠳᠡᠭᠡᠳᠦᠰ ᠦ᠋ᠨ ᠨᠡᠷ᠎ᠡ ᠠᠯᠳᠠᠷ᠂ᠢᠷᠡᠯ ᠭᠠᠷᠤᠯ᠂ᠭᠡᠷ ᠦᠶ᠎ᠡ ᠶ᠋ᠢᠨ ᠴᠠᠳᠢᠭ ᠲᠡᠦᠬᠡ ᠶ᠋ᠢ ᠨᠢ ᠴᠡᠭᠡᠵᠢ ᠪᠡᠷ ᠲᠣᠭᠠᠴᠢᠵᠤ ᠶᠠᠷᠢᠴᠢᠬᠠᠳᠠᠭ ᠠᠯᠲᠠᠨ ᠴᠡᠭᠡᠵᠢ ᠪᠠᠢᠪᠠ᠃ᠲᠡᠷᠡ1300 ᠣᠨ ᠳ᠋ᠤ᠌ ᠢᠯ ᠬᠠᠨ ᠤᠯᠤᠰ ᠤ᠋ᠨ ᠴᠢᠩᠰᠠᠩ ᠷᠠᠰᠢᠳ᠋ ᠠᠳ᠋ ᠳ᠋ᠢᠨ ᠢ᠋ ᠲᠤᠰᠠᠯᠠᠵᠤ《ᠰᠤᠳᠤᠷ ᠤ᠋ᠨ ᠴᠢᠭᠤᠯᠭᠠᠨ》 ᠬᠡᠮᠡᠬᠦ ᠲᠡᠦᠬᠡᠨ ᠰᠤᠳᠤᠷ ᠢ᠋ ᠪᠢᠴᠢᠵᠦ ᠳᠠᠭᠤᠰᠬᠠᠭᠰᠠᠨ ᠶᠤᠮ᠃《ᠰᠤᠳᠤᠷ ᠤ᠋ᠨ ᠴᠢᠭᠤᠯᠭᠠᠨ》ᠪᠣᠯ ᠮᠣᠩᠭᠣᠯ ᠤ᠋ᠨ ᠲᠡᠦᠬᠡ᠂ᠠᠽᠢᠶ᠎ᠠ ᠧᠦ᠋ᠷᠣᠫᠠ ᠶ᠋ᠢᠨ ᠣᠯᠠᠨ ᠤᠯᠤᠰ ᠤ᠋ᠨ ᠲᠡᠦᠬᠡ᠂ᠭᠡᠷ ᠦᠶ᠎ᠡ ᠶ᠋ᠢᠨ ᠴᠠᠳᠢᠭ᠂ᠭᠠᠵᠠᠷ ᠵᠦᠢ ᠶ᠋ᠢᠨ ᠤᠢᠯᠠᠯᠭ᠎ᠠ ᠵᠡᠷᠭᠡ ᠳᠥᠷᠪᠡᠨ ᠪᠣᠳᠢ ᠪᠠᠷ ᠪᠦᠷᠢᠯᠳᠦᠭᠰᠡᠨ ᠶᠦ᠍ᠮ᠃ᠪᠣᠯᠣᠳᠲᠡᠮᠤᠷ ᠲᠣᠭᠠᠴᠢᠨ ᠥᠭᠦᠯᠡᠵᠦ ᠷᠠᠰᠢᠳ᠋ ᠠᠳ᠋ ᠳ᠋ᠢᠨ ᠲᠡᠮᠳᠡᠭᠯᠡᠨ ᠪᠢᠴᠢᠭᠰᠡᠨ《ᠰᠤᠳᠤᠷ ᠤ᠋ᠨ ᠴᠢᠭᠤᠯᠭᠠᠨ》 ᠪᠣᠯ14 ᠳ᠋ᠦ᠍ᠭᠡᠷ ᠵᠠᠭᠤᠨ ᠠ᠋ᠴᠠ ᠡᠮᠦᠨᠡᠬᠢ ᠳᠡᠯᠡᠬᠡᠢ ᠶ᠋ᠢᠨ ᠨᠡᠪᠲᠡᠷᠬᠡᠢ ᠲᠡᠦᠬᠡ ᠢᠯᠠᠩᠭᠤᠶ᠎ᠠ ᠮᠣᠩᠭᠣᠯ ᠤ᠋ᠨ ᠨᠡᠪᠲᠡᠷᠬᠡᠢ ᠲᠡᠦᠬᠡ ᠪᠣᠯᠤᠨ᠎ᠠ᠃
ᠪᠣᠯᠣᠳᠲᠡᠮᠤᠷ ᠪᠣᠯ ᠮᠣᠩᠭᠣᠯ ᠬᠢᠲᠠᠳ ᠬᠡᠯᠡᠨ ᠳ᠋ᠦ᠍ ᠨᠡᠪᠲᠡᠷᠡᠭᠰᠡᠨ ᠭᠠᠷᠮᠠᠭᠠᠢ ᠣᠷᠴᠢᠭᠤᠯᠤᠭᠴᠢ ᠶᠤᠮ᠃ᠲᠡᠷᠡ ᠡᠷᠲᠡᠨ ᠦ᠌ ᠰᠤᠷᠭᠠᠨ ᠬᠥᠮᠦᠵᠢᠯ ᠦ᠋ᠨ ᠵᠢᠳᠬᠦᠯᠲᠡᠨ ᠺᠦᠩᠽᠢ ᠶ᠋ᠢᠨ《ᠲᠠᠬᠢᠮᠳᠠᠭᠤ ᠪᠢᠴᠢᠭ》 ᠢ᠋ ᠮᠣᠩᠭᠣᠯ ᠬᠡᠯᠡᠨ᠎ᠡ ᠣᠷᠴᠢᠭᠤᠯᠵᠤ ᠬᠠᠢᠰᠠᠩ ᠬᠠᠭᠠᠨ ᠳ᠋ᠤ᠌ ᠡᠷᠭᠦᠨ ᠪᠠᠷᠢᠭᠰᠠᠨ ᠶᠤᠮ᠃ᠬᠠᠢᠰᠠᠩ ᠬᠠᠭᠠᠨ ᠵᠠᠷᠯᠢᠭ ᠪᠠᠭᠤᠯᠭᠠᠨ ᠰᠡᠢᠯᠦᠨ ᠪᠡᠷᠯᠡᠵᠦ ᠨᠡᠢᠳᠡᠮ ᠲᠠᠷᠬᠠᠭᠠᠨ ᠰᠤᠷᠬᠤ ᠪᠢᠴᠢᠭ ᠪᠣᠯᠭᠠᠭᠰᠠᠨ ᠪᠢᠯᠡ᠃ᠲᠡᠭᠦᠨ ᠦ᠌ ᠣᠷᠴᠢᠭᠤᠯᠭ᠎ᠠ ᠨᠢ ᠡᠷᠲᠡᠨ ᠡᠳᠦᠭᠡ ᠶ᠋ᠢᠨ ᠮᠣᠩᠭᠣᠯ ᠣᠷᠴᠢᠭᠤᠯᠭ᠎ᠠ ᠶ᠋ᠢᠨ ᠦᠯᠢᠭᠡᠷ ᠳᠠᠭᠤᠷᠢᠶᠠᠯ ᠪᠣᠯᠤᠭᠰᠠᠨ ᠰᠠᠨ᠃1313ᠣᠨ ᠳ᠋ᠤ᠌ ᠶᠤᠸᠠᠨ ᠤ᠋ ᠦᠶ᠎ᠡ ᠶ᠋ᠢᠨ ᠰᠣᠶᠣᠯ ᠤ᠋ᠨ ᠠᠪᠤᠷᠭᠤ ᠵᠢᠳᠬᠦᠯᠲᠡᠨ᠂ᠲᠡᠦᠬᠡᠴᠢᠨ ᠪᠣᠯᠣᠳᠲᠡᠮᠤᠷ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠭᠦᠯᠪᠡ᠃
ᠪᠠᠷᠢᠮᠠᠯ ᠱᠤᠭᠤᠮᠠᠯ᠂ᠰᠡᠢᠯᠦᠮᠡᠯ ᠬᠠᠳᠬᠤᠮᠠᠯ
ᠬᠤᠪᠢᠯᠠᠢ ᠬᠠᠭᠠᠨ ᠤ᠋ ᠦᠶ᠎ᠡ ᠳ᠋ᠦ᠍ ᠱᠠᠩᠳᠤ ᠳᠠᠢᠳᠤ ᠬᠣᠶᠠᠷ ᠨᠡᠢᠰᠯᠡᠯ ᠦ᠋ᠨ ᠰᠦᠮ᠎ᠡ ᠬᠡᠢᠳ ᠦ᠋ᠨ ᠪᠤᠷᠬᠠᠨ ᠤ᠋ ᠱᠤᠭᠤᠮᠠᠯ᠂ᠪᠠᠷᠢᠮᠠᠯ᠂ᠴᠢᠳᠬᠤᠮᠠᠯ ᠨᠢ ᠪᠠᠯᠪᠤ ᠶ᠋ᠢᠨ ᠳᠠᠷᠬᠠᠨ ᠠᠨᠢᠬᠡ ᠪᠣᠯᠤᠨ ᠲᠡᠭᠦᠨ ᠦ᠌ ᠱᠠᠪᠢ ᠨᠠᠷ ᠤ᠋ᠨ ᠤᠷᠠᠯᠢᠭ ᠤ᠋ᠨ ᠭᠠᠢᠬᠠᠮᠰᠢᠭ ᠢ᠋ ᠦᠵᠡᠭᠦᠯᠦᠭᠰᠡᠨ ᠶᠦ᠍ᠮ᠃ᠬᠠᠷᠠᠮᠰᠠᠯᠲᠠᠢ ᠨᠢ ᠮᠢᠩ ᠴᠢᠩ ᠤᠯᠤᠰ ᠤ᠋ᠨ ᠦᠶᠡᠰ ᠶᠤᠸᠠᠨ ᠤ᠋ ᠦᠶ᠎ᠡ ᠶ᠋ᠢᠨ ᠬᠠᠭᠤᠴᠢ ᠰᠣᠶᠣᠯ ᠢ᠋ ᠰᠠᠨᠠᠭᠠᠴᠢᠯᠠᠭ᠎ᠠ ᠲᠠᠢ᠂ᠠᠯᠬᠤᠮ ᠳᠠᠷᠠᠭ᠎ᠠ ᠲᠠᠢ ᠪᠠᠷ ᠪᠠᠯᠪᠠᠴᠢᠬᠤ᠂ᠨᠤᠷᠠᠭᠠᠬᠤ᠂ ᠤᠰᠠᠳᠬᠠᠬᠤ ᠠᠵᠢᠯ ᠢ᠋ ᠵᠣᠬᠢᠶᠠᠨ ᠪᠠᠢᠭᠤᠯᠤᠨ ᠬᠢᠭᠰᠡᠨ ᠢ᠋ᠶ᠋ᠡᠷ ᠡᠳᠦᠭᠡ ᠳ᠋ᠦ᠍ᠷ ᠬᠦᠷᠲᠡᠯ᠎ᠡ ᠤᠯᠠᠮᠵᠢᠯᠠᠭᠳᠠᠨ ᠦᠯᠡᠳᠡᠵᠦ ᠴᠢᠳᠠᠭᠰᠠᠨ ᠦᠭᠡᠢ᠂ᠮᠠᠨ ᠤ᠋ ᠦᠨᠳᠦᠰᠦᠲᠡᠨ ᠦ᠌ ᠳᠣᠷᠣᠢᠲᠠᠯ ᠢ᠋ ᠳᠠᠭᠠᠯᠳᠤᠨ ᠤᠯᠠᠮ ᠢ᠋ᠶ᠋ᠠᠷ ᠪᠠᠯᠠᠷᠠᠭᠰᠠᠨ ᠪᠢᠯᠡ᠃ ᠶᠦᠩ ᠯᠧ ᠬᠦᠩ ᠣᠷᠳᠣᠨ ᠪᠣᠯ ᠶᠤᠸᠠᠨ ᠤ᠋ ᠦᠶ᠎ᠡ ᠶ᠋ᠢᠨ ᠪᠣᠮᠪᠣ ᠶ᠋ᠢᠨ ᠱᠠᠰᠢᠨ ᠤ᠋ ᠪᠠᠷᠢᠯᠭ᠎ᠠ ᠶ᠋ᠢᠨ ᠨᠢᠭᠡ ᠪᠣᠯᠤᠨ᠎ᠠ᠃ ᠲᠤᠰ ᠰᠦᠮ᠎ᠡ ᠶ᠋ᠢᠨ ᠰᠠᠨ ᠴᠢᠩ ᠳ᠋ᠢᠶᠠᠨ ᠳᠤᠭᠠᠩ ᠳ᠋ᠤ᠌ ᠪᠡᠶ᠎ᠡ ᠶ᠋ᠢᠨ ᠥᠨᠳᠥᠷ ᠨᠢ 6 ᠲᠣᠬᠣᠢ ᠢᠯᠡᠭᠦᠦ286 ᠬᠥᠷᠥᠭ ᠵᠢᠷᠤᠭ ᠪᠠᠢᠭ᠎ᠠ᠃ᠲᠡᠭᠦᠨ ᠢ᠋ ᠵᠢᠷᠤᠵᠤ ᠲᠥᠯᠥᠪᠯᠡᠭᠰᠡᠨ ᠨᠢ ᠠᠮᠢᠳᠤᠯᠢᠭ ᠰᠠᠢᠬᠠᠨ᠂ᠳᠦᠷᠢ ᠲᠥᠷᠬᠦ ᠨᠢ ᠣᠯᠠᠨ ᠶᠠᠩᠵᠤ᠂ᠰᠦᠷ ᠵᠢᠪᠬᠤᠭ᠎ᠠ ᠲᠡᠭᠦᠯᠳᠡᠷ ᠢ᠋ᠶ᠋ᠡᠷ ᠢ᠋ᠶ᠋ᠡᠨ ᠠᠮᠢᠳᠤ ᠮᠡᠲᠦ᠂ᠤᠷᠠᠨ ᠵᠢᠷᠤᠭ ᠤ᠋ᠨ ᠤᠷᠠᠯᠠᠯ ᠤ᠋ᠨ ᠣᠬᠢ ᠰᠠᠢᠨ ᠬᠢᠷᠢ ᠬᠡᠮᠵᠢᠶᠡᠨ ᠳ᠋ᠦ᠍ ᠬᠦᠷᠦᠭᠰᠡᠨ ᠪᠠᠢᠨ᠎ᠠ᠃
ᠶᠤᠸᠠᠨ ᠤᠯᠤᠰ ᠤ᠋ᠨ ᠦᠶ᠎ᠡ ᠶ᠋ᠢᠨ ᠳᠡᠭᠡᠳᠦᠰ ᠦ᠋ᠨ ᠰᠦᠮ᠎ᠡ ᠳ᠋ᠦ᠍ ᠪᠠᠢᠭ᠎ᠠ ᠣᠯᠠᠨ ᠦᠶ᠎ᠡ ᠶ᠋ᠢᠨ ᠬᠠᠭᠠᠳ ᠤ᠋ᠨ ᠬᠥᠷᠥᠭ ᠢ᠋ ᠪᠦᠷ ᠠᠯᠲᠠᠨ ᠬᠡᠮᠡᠷᠯᠢᠭ ᠤᠲᠠᠰᠤ ᠪᠠᠷ ᠬᠠᠳᠬᠤᠮᠠᠯᠯᠠᠵᠤ ᠭᠠᠷᠭᠠᠭᠰᠠᠨ ᠶᠤᠮ᠃ᠵᠥᠪᠬᠡᠨ ᠬᠤᠪᠢᠯᠠᠢ ᠰᠡᠴᠡᠨ ᠬᠠᠭᠠᠨ ᠤ᠋ ᠬᠥᠷᠥᠭ ᠢ᠋ ᠭᠤᠷᠪᠠᠨ ᠵᠢᠯ ᠬᠠᠳᠬᠤᠮᠠᠯᠯᠠᠨ ᠪᠠᠢᠵᠤ ᠪᠦᠲᠦᠭᠡᠭᠰᠡᠨ ᠭᠡᠮᠡᠨ ᠲᠡᠮᠳᠡᠭᠯᠡᠵᠡᠢ᠃ᠶᠤᠸᠠᠨ ᠤᠯᠤᠰ ᠤ᠋ᠨ ᠦᠶ᠎ᠡ ᠶ᠋ᠢᠨ ᠵᠢᠨᠢᠩ ᠴᠥᠯᠭᠡ ᠶ᠋ᠢᠨ ᠬᠠᠭᠤᠴᠢᠨ ᠬᠣᠲᠠ ᠠ᠋ᠴᠠ ᠢᠯᠡᠷᠡᠭᠰᠡᠨ ᠠᠯᠲᠠᠳᠠᠮᠠᠯ ᠨᠡᠬᠡᠮᠡᠯ᠂ᠬᠠᠳᠬᠤᠮᠠᠯ ᠨᠡᠬᠡᠮᠡᠯ᠂ᠳᠣᠪᠣᠭᠣᠷ ᠬᠤᠸᠠᠷᠲᠠᠢ ᠨᠡᠬᠡᠮᠡᠯ᠂ᠴᠠᠭᠠᠨ ᠬᠬᠢᠪ᠂ᠬᠤᠸᠠᠷᠲᠤ ᠬᠬᠢᠪ ᠦ᠋ᠨ ᠨᠡᠬᠡᠮᠡᠯ ᠨᠢ ᠶᠤᠸᠠᠨ ᠤ᠋ ᠦᠶ᠎ᠡ ᠶ᠋ᠢᠨ ᠭᠠᠷ ᠤᠷᠠᠯᠠᠯ᠂ᠦᠨᠳᠦᠰᠦᠲᠡᠨ ᠦ᠌ ᠬᠤᠪᠴᠠᠰᠤ ᠵᠠᠰᠠᠯ ᠤ᠋ᠨ ᠥᠪᠡᠷᠮᠢᠴᠡ ᠣᠨᠴᠠᠯᠢᠭ ᠢ᠋ ᠦᠵᠡᠭᠦᠯᠦᠭᠰᠡᠨ ᠬᠣᠪᠣᠷ ᠨᠠᠨᠳᠢᠨ ᠡᠳ᠋ ᠪᠣᠯᠬᠤ ᠶᠤᠮ᠃ᠨᠢᠭᠡᠯᠡ ᠴᠠᠮᠴᠠ ᠳᠡᠭᠡᠷ᠎ᠡ ᠳᠦᠷᠢ ᠲᠥᠷᠬᠦ᠂ᠬᠡᠪ ᠨᠠᠮᠪᠠ᠂ᠬᠥᠳᠡᠯᠦᠯ ᠪᠠᠢᠳᠠᠯ ᠣᠯᠠᠨ ᠶᠠᠩᠵᠤ ᠶ᠋ᠢᠨ ᠠᠮᠢᠲᠠᠨ᠂ᠤᠷᠭᠤᠮᠠᠯ᠂ᠬᠥᠮᠦᠨ ᠪᠠ ᠤᠰᠤᠨ ᠤᠭᠠᠯᠵᠠ᠂ᠡᠭᠦᠯᠡᠨ ᠬᠡ ᠶ᠋ᠢᠨ ᠠᠷ ᠬᠤᠸᠠᠷ ᠶᠡᠷᠡ ᠶᠢᠰᠦ ᠶ᠋ᠢ ᠬᠠᠳᠬᠤᠮᠠᠯᠯᠠᠭᠰᠠᠨ ᠪᠠᠢᠪᠠ᠃ᠪᠠᠰᠠ ᠨᠠᠭᠤᠷ ᠤ᠋ᠨ ᠬᠥᠪᠡᠭᠡᠨ᠎ᠡ
ᠤᠨᠵᠢᠭᠠᠷ ᠤᠳᠠᠨ ᠤ᠋ ᠳᠣᠣᠷ᠎ᠠ ᠨᠢᠭᠡᠨ ᠪᠦᠰᠡᠭᠦᠢ᠂ᠢᠵᠢᠯᠢᠳᠦᠨ ᠤᠮᠪᠠᠭᠠ ᠤᠷᠠᠨ ᠬᠠᠴᠢᠨ ᠢ᠋ ᠮᠡᠯᠡᠷᠡᠨ ᠰᠢᠷᠲᠡᠵᠦ ᠰᠠᠭᠤᠭᠰᠠᠨ ᠬᠠᠳᠬᠤᠮᠠᠯ ᠪᠣᠢ᠃ᠲᠣᠯᠣᠭᠠᠢ ᠪᠡᠨ ᠠᠯᠴᠢᠭᠤᠷ ᠢ᠋ᠶ᠋ᠠᠷ ᠣᠷᠢᠶᠠᠭᠰᠠᠨ ᠨᠢᠭᠡᠨ ᠵᠠᠯᠠᠭᠤ ᠪᠠᠲᠤᠴᠠᠭᠠᠨ ᠮᠣᠳᠣᠨ ᠤ᠋ ᠳᠣᠣᠷ᠎ᠠ ᠳᠥᠰᠢᠨ ᠰᠠᠭᠤᠭᠰᠠᠨ ᠬᠠᠳᠬᠤᠮᠠᠯ ᠴᠤ᠌ ᠪᠣᠢ᠂ᠬᠥᠬᠡᠮᠳᠦᠭ ᠨᠠᠭᠤᠷ ᠲᠤ᠌ ᠬᠥᠩᠭᠡᠨ ᠵᠠᠪᠢ ᠰᠡᠯᠢᠭᠰᠡᠨ ᠰᠠᠢᠬᠠᠨ ᠦᠵᠡᠮᠵᠢ ᠶ᠋ᠢᠨ ᠬᠠᠳᠬᠤᠮᠠᠯ ᠴᠤ᠌ ᠪᠠᠢᠭ᠎ᠠ ᠪᠤᠶᠤ᠃ᠡᠳᠡᠭᠡᠷ ᠬᠠᠳᠬᠤᠮᠠᠯ ᠨᠢ ᠤᠷᠠᠨ ᠨᠠᠷᠢᠯᠢᠭ᠂ᠦᠵᠡᠰᠬᠦᠯᠡᠩ ᠬᠡᠭᠡᠨᠴᠢᠷ᠂ᠦᠨᠳᠦᠰᠦᠲᠡᠨ ᠦ᠌ ᠣᠨᠴᠠᠯᠢᠭ ᠢ᠋ᠶ᠋ᠠᠷ ᠪᠠᠶᠠᠯᠢᠭ ᠪᠢᠯᠡ᠃ᠢᠯᠠᠩᠭᠤᠶ᠎ᠠ ᠮᠣᠩᠭᠣᠯ ᠠᠷᠠᠳ ᠤ᠋ᠨ ᠠᠮᠢᠳᠤᠷᠠᠯ ᠤ᠋ᠨ ᠳᠤᠮᠳᠠ ᠤᠯᠠᠮᠵᠢᠯᠠᠭᠳᠠᠵᠤ ᠳᠡᠯᠭᠡᠷᠡᠭᠰᠡᠨ ᠢᠰᠡᠭᠡᠢ ᠭᠡᠷ ᠦ᠋ᠨ ᠤᠷᠠᠯᠠᠯ ᠵᠠᠰᠠᠯ᠂ᠢᠰᠡᠭᠡᠢ ᠳᠡᠪᠢᠰᠬᠡᠷ ᠭᠣᠳᠣᠰ ᠲᠣᠭᠣᠷᠢᠯᠭᠠ᠂ ᠬᠢᠪᠢᠰ ᠦ᠋ᠨ ᠳᠡᠭᠡᠷᠡᠬᠢ ᠥᠯᠵᠡᠢ ᠤᠲᠠᠰᠤ᠂ᠡᠭᠦᠯᠡᠨ ᠬᠤᠸᠠᠷ᠂ᠤᠰᠤᠨ ᠤᠭᠠᠯᠵᠠ᠂ᠠᠷᠢᠶᠠᠲᠠᠨ ᠵᠢᠭᠦᠷᠲᠡᠨ᠂ ᠵᠥᠷᠢᠮᠡᠯ ᠵᠢᠭᠠᠰᠤ᠂ᠮᠣᠳᠣ ᠴᠡᠴᠡᠭ᠂ᠲᠠᠮᠠᠬᠢᠨ ᠬᠠᠪᠲᠠᠭ᠎ᠠ᠂ᠬᠦᠬᠦᠷ ᠦ᠋ᠨ ᠱᠤᠤᠮᠠᠰᠠ᠂ᠬᠡᠲᠡ ᠬᠢᠲᠤᠭ᠎ᠠ ᠶ᠋ᠢᠨ ᠬᠤᠢ ᠳᠡᠭᠡᠷᠡᠬᠢ ᠴᠡᠴᠡᠭ ᠨᠠᠪᠴᠢ᠂ᠬᠣᠣᠰ ᠡᠷᠪᠡᠬᠡᠢ᠂
ᠠᠭᠤᠯᠠ ᠤᠰᠤ ᠶ᠋ᠢᠨ ᠬᠠᠳᠬᠤᠮᠠᠯ᠂ᠳᠡᠪᠡᠯ ᠲᠡᠷᠯᠢᠭ ᠦ᠋ᠨ ᠡᠮᠵᠢᠶᠡᠷᠢ᠂ᠰᠢᠯᠪᠢ ᠲᠣᠪᠴᠢ ᠶ᠋ᠢᠨ ᠵᠠᠩᠭᠢᠳᠤᠭᠠᠰᠤ᠂ᠰᠠᠭᠠᠳᠠᠭ ᠬᠣᠪᠲᠣ ᠶ᠋ᠢᠨ ᠳᠡᠭᠡᠷᠡᠬᠢ ᠬᠡ ᠤᠭᠠᠯᠵᠠ ᠶ᠋ᠢᠨ ᠬᠠᠳᠬᠤᠮᠠᠯ ᠰᠡᠢᠯᠦᠮᠡᠯ ᠨᠢ ᠲᠡᠭᠦᠯᠳᠡᠷᠵᠢᠨ ᠪᠠᠶᠠᠯᠢᠭᠵᠢᠵᠤ ᠮᠣᠩᠭᠣᠯ ᠵᠠᠰᠠᠯ ᠵᠢᠮᠰᠡᠭ ᠦ᠋ᠨ ᠰᠣᠶᠣᠯ ᠪᠣᠯᠤᠨ ᠬᠥᠭᠵᠢᠨ ᠴᠡᠴᠡᠭᠯᠡᠭᠰᠡᠨ ᠶᠦ᠍ᠮ᠃
ᠮᠣᠩᠭᠣᠯᠴᠤᠳ ᠤ᠋ᠨ ᠬᠤᠪᠴᠠᠰᠤ ᠬᠤᠨᠠᠷ ᠤ᠋ᠨ ᠵᠠᠰᠠᠯ ᠴᠢᠮᠡᠭᠯᠡᠯ᠂ᠬᠣᠲᠠ ᠪᠠᠯᠭᠠᠳ ᠤ᠋ᠨ ᠱᠤᠭᠤᠮᠠᠯ ᠪᠠᠷᠢᠮᠠᠯ ᠪᠣᠯ ᠶᠡᠬᠡ ᠡᠷᠲᠡᠨ ᠡᠴᠡ ᠬᠥᠭᠵᠢᠭᠰᠡᠨ ᠶᠦ᠍ᠮ᠃13 ᠳ᠋ᠤᠭᠠᠷ ᠵᠠᠭᠤᠨ ᠤ᠋ ᠦᠶ᠎ᠡ ᠳ᠋ᠦ᠍ ᠬᠣᠲᠠ ᠪᠠᠯᠭᠠᠳ ᠤ᠋ᠨ ᠬᠥᠭᠵᠢᠯ ᠢ᠋ ᠳᠠᠭᠠᠭᠠᠳ ᠤᠷᠲᠤ ᠬᠠᠷᠰᠢ᠂ᠠᠰᠠᠷ ᠲᠠᠭᠲᠤ᠂ᠭᠡᠷ ᠲᠡᠷᠭᠡ᠂ᠣᠷᠣᠨ ᠰᠠᠭᠤᠴᠠ᠂ᠴᠡᠴᠡᠷᠯᠢᠭ ᠲᠢᠩᠽᠢ᠂ᠰᠦᠮ᠎ᠡ ᠬᠡᠢᠳ᠂ᠳᠠᠬᠢᠯᠭ᠎ᠠ ᠶ᠋ᠢᠨ ᠰᠤᠪᠤᠷᠭ᠎ᠠ᠂ᠴᠢᠯᠠᠭᠤᠨ ᠬᠥᠮᠦᠨ ᠪᠦᠬᠦᠢ ᠳᠡᠭᠡᠳᠦᠰ ᠦ᠋ᠨ ᠰᠦᠮ᠎ᠡ ᠪᠠᠢᠭᠤᠯᠤᠭᠳᠠᠪᠠ᠃ᠡᠳᠡᠭᠡᠷ ᠪᠠᠷᠢᠯᠭ᠎ᠠ ᠶ᠋ᠢᠨ ᠳᠡᠭᠡᠷᠡᠬᠢ ᠬᠠᠨ᠎ᠠ ᠶ᠋ᠢᠨ ᠵᠢᠷᠤᠭ᠂ᠬᠡ ᠤᠭᠠᠯᠵᠠ᠂ᠡᠭᠦᠳᠡ ᠴᠣᠩᠬᠣᠨ ᠤ᠋ ᠰᠡᠢᠯᠪᠦᠷᠢ᠂ᠤᠷᠲᠤ ᠬᠠᠷᠰᠢ ᠶ᠋ᠢᠨ ᠳᠣᠲᠣᠷᠠᠬᠢ ᠪᠠᠷᠠᠭ᠎ᠠ ᠪᠠᠢᠰᠢᠶᠠᠷ
ᠪᠠ ᠡᠳ᠋ᠯᠡᠯ ᠬᠡᠷᠡᠭᠰᠡᠯ ᠳᠡᠭᠡᠷᠡᠬᠢ ᠤᠭᠠᠯᠵᠠ ᠬᠡ᠂ᠴᠢᠮᠡᠭᠯᠡᠯ᠂ᠮᠣᠩᠭᠣᠯ ᠭᠡᠷ ᠦ᠋ᠨ ᠲᠣᠭᠣᠨᠣ᠂ᠲᠤᠯᠭᠠᠭᠤᠷᠢ᠂ ᠡᠭᠦᠳᠡᠨ ᠳᠡᠭᠡᠷᠡᠬᠢ ᠵᠢᠷᠤᠭ ᠰᠡᠢᠯᠪᠦᠷᠢ᠂ᠣᠷᠬᠢᠭᠤᠯ ᠬᠥᠰᠬᠡ ᠶ᠋ᠢᠨ ᠵᠠᠰᠠᠯ ᠴᠢᠮᠡᠭ᠂ᠬᠤᠪᠴᠠᠰᠤ ᠬᠤᠨᠠᠷ ᠤ᠋ᠨ ᠴᠢᠮᠬᠢᠶᠡᠷᠢ᠂ᠬᠤᠸᠠᠷ ᠤᠭᠠᠯᠵᠠ ᠶ᠋ᠢᠨ ᠬᠠᠳᠬᠤᠮᠠᠯ᠂ᠬᠥᠰᠬᠡ ᠲᠡᠷᠭᠡ᠂ᠮᠣᠷᠢ ᠤᠨᠤᠭᠠᠷᠢ ᠶ᠋ᠢᠨ ᠪᠠᠭᠠᠵᠢ ᠬᠡᠷᠡᠭᠰᠡᠯ᠂ᠵᠠᠷ ᠵᠡᠪᠰᠡᠭ ᠦ᠋ᠨ ᠵᠠᠰᠠᠯ ᠴᠢᠮᠡᠭᠯᠡᠯ᠂ᠰᠡᠢᠯᠪᠦᠷᠢ ᠭᠣᠶᠣᠯᠠᠯ ᠪᠣᠯ ᠤᠷᠠᠨ ᠵᠢᠷᠤᠭ᠂ᠳᠦᠷᠰᠦᠯᠢᠭ ᠵᠢᠷᠤᠭ ᠤ᠋ᠨ ᠤᠷᠠᠯᠢᠭ ᠤ᠋ᠨ ᠭᠤᠸ᠎ᠠ ᠰᠠᠢᠬᠠᠨ ᠳᠡᠭᠡᠳᠦ ᠬᠡᠮᠵᠢᠶ᠎ᠡ ᠪᠡᠷ ᠬᠥᠭᠵᠢᠭᠰᠡᠨ ᠢ᠋ ᠭᠠᠢᠬᠠᠭᠤᠯᠤᠭᠰᠠᠨ ᠪᠢᠯᠡ᠃ᠲᠡᠷᠡ ᠦᠶᠡᠰ ᠮᠣᠩᠭᠣᠯ ᠤᠷᠠᠨ ᠳᠠᠷᠬᠠᠴᠤᠳ ᠪᠤᠰᠤᠳ ᠡᠯ᠎ᠡ ᠦᠨᠳᠦᠰᠦᠲᠡᠨ ᠦ᠌ ᠤᠷᠠᠯᠢᠭ ᠤ᠋ᠨ ᠬᠡᠪ ᠨᠠᠮᠪᠠ᠂ᠠᠷᠭ᠎ᠠ ᠳᠠᠮ ᠢ᠋ ᠰᠢᠩᠭᠡᠬᠡᠨ ᠠᠪᠴᠤ ᠤᠷᠠᠯᠢᠭ ᠤ᠋ᠨ ᠰᠢᠨ᠎ᠡ ᠶ᠋ᠢ ᠡᠭᠦᠳᠦᠭᠰᠡᠨ ᠪᠠᠢᠪᠠ᠃
ᠱᠤᠭᠤᠮᠠᠯᠴᠢᠨ ᠠᠨᠢᠭᠡ
ᠠᠨᠢᠭᠡ ᠪᠣᠯ ᠶᠡᠬᠡ ᠶᠤᠸᠠᠨ ᠤᠯᠤᠰ ᠤ᠋ᠨ ᠦᠶ᠎ᠡ ᠶ᠋ᠢᠨ ᠤᠳᠬ᠎ᠠ ᠤᠷᠠᠯᠢᠭ ᠤ᠋ᠨ ᠲᠡᠦᠬᠡᠨ ᠳᠡᠭᠡᠷᠡᠬᠢ ᠨᠡᠷ᠎ᠡ ᠴᠤᠤᠲᠤ ᠱᠤᠭᠤᠮᠠᠯᠴᠢᠨ ᠤ᠋ ᠨᠢᠭᠡ ᠪᠣᠯᠤᠨ᠎ᠠ᠃ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠶ᠋ᠢᠨ ᠰᠦᠮ᠎ᠡ ᠬᠡᠢᠳ᠂ ᠤᠷᠲᠤ ᠬᠠᠷᠰᠢ᠂ᠪᠠᠷᠢᠯᠭ᠎ᠠ ᠰᠤᠪᠤᠷᠭ᠎ᠠ ᠳ᠋ᠤ᠌ ᠲᠡᠭᠦᠨ ᠦ᠌ ᠱᠤᠭᠤᠮᠠᠯ ᠪᠠᠷᠢᠮᠠᠯ ᠬᠥᠷᠥᠭ ᠵᠢᠷᠤᠭ ᠭᠣᠣᠯ ᠪᠠᠢᠷᠢ ᠶ᠋ᠢ ᠡᠵᠡᠯᠡᠵᠦ ᠪᠠᠢᠭᠰᠠᠨ ᠢ᠋ ᠰᠤᠷᠪᠤᠯᠵᠢ ᠰᠤᠳᠤᠷ ᠲᠤ᠌ ᠲᠡᠮᠳᠡᠭᠡᠯᠡᠭᠰᠡᠨ ᠪᠢᠯᠡ᠃
ᠰᠡᠴᠡᠨ ᠰᠡᠷᠭᠦᠯᠡᠩ ᠠᠨᠢᠭᠡ ᠪᠣᠯ ᠪᠠᠯᠪᠤ ᠶ᠋ᠢᠨ ᠣᠷᠣᠨ ᠤ᠋ ᠬᠥᠮᠦᠨ᠂ᠲᠡᠷᠡ ᠬᠠᠷᠠᠬᠠᠨ ᠪᠠᠭ᠎ᠠ ᠠ᠋ᠴᠠ ᠪᠠᠨ ᠰᠤᠷᠬᠤ ᠳ᠋ᠤ᠌ ᠳᠤᠷᠠᠲᠠᠢ ᠪᠠᠢᠵᠤ ᠢᠯᠠᠩᠭᠤᠶ᠎ᠠ ᠱᠤᠭᠤᠮᠠᠯ ᠪᠠᠷᠢᠮᠠᠯ ᠳ᠋ᠤ᠌ ᠣᠨᠴᠠ ᠠᠪᠢᠶᠠᠰ ᠴᠢᠳᠠᠪᠤᠷᠢᠯᠢᠭ ᠪᠠᠢᠭᠰᠠᠨ ᠢ᠋ᠶ᠋ᠠᠷ ᠬᠣᠵᠢᠮ ᠨᠢ ᠱᠤᠭᠤᠮᠠᠯᠴᠢᠨ ᠪᠠ ᠪᠤᠷᠬᠠᠨ ᠤ᠋ ᠬᠥᠷᠥᠭ ᠵᠢᠷᠤᠭ ᠤ᠋ᠨ ᠪᠠᠷᠢᠮᠠᠯᠴᠢᠨ ᠪᠣᠯᠤᠭᠰᠠᠨ ᠶᠤᠮ᠃
ᠶᠤᠸᠠᠨ ᠤ᠋ ᠦᠶᠡᠰ ᠰᠢᠷ᠎ᠠ ᠶ᠋ᠢᠨ ᠱᠠᠰᠢᠨ ᠶᠡᠬᠡᠳᠡ ᠳᠡᠯᠭᠡᠷᠡᠭᠰᠡᠨᠡ ᠬᠤᠪᠢᠯᠠᠢ ᠰᠡᠴᠡᠨ ᠬᠠᠭᠠᠨ᠂ᠵᠦᠩ ᠲᠦᠩ ᠦ᠋ᠨ ᠲᠡᠷᠢᠭᠦᠨ ᠣᠨ(1260 ᠣᠨ) ᠳ᠋ᠤ᠌ ᠲᠥᠪᠡᠳ ᠦ᠋ᠨ ᠰᠢᠷ᠎ᠠ ᠶ᠋ᠢᠨ ᠱᠠᠰᠢᠨ ᠤ᠋ ᠪᠦᠯᠦᠭ ᠦ᠋ᠨ ᠲᠦᠷᠦᠭᠦᠦ ᠫᠠᠭᠪᠠ ᠶ᠋ᠢ《ᠤᠯᠤᠰ ᠤ᠋ᠨ ᠪᠠᠭᠰᠢ》ᠡᠷᠭᠦᠮᠵᠢᠯᠡᠵᠦ ᠪᠠᠰᠠ ᠲᠥᠪᠡᠳ ᠲᠦ᠍ ᠰᠢᠵᠢᠷ ᠠᠯᠲᠠᠨ ᠰᠤᠪᠤᠷᠭ᠎ᠠ ᠪᠠᠢᠭᠤᠯᠬᠤ ᠵᠠᠷᠯᠢᠭ ᠪᠠᠭᠤᠯᠭᠠᠵᠠᠢ᠃ ᠪᠠᠯᠪᠤ ᠶ᠋ᠢᠨ ᠣᠷᠣᠨ ᠪᠣᠯᠬᠤ ᠨᠸᠫᠡᠯ ᠤᠯᠤᠰ ᠠ᠋ᠴᠠ80 ᠨᠡᠷ᠎ᠡ ᠤᠷᠠᠨ ᠳᠠᠷᠬᠠᠨ ᠰᠣᠩᠭᠣᠨ ᠲᠣᠮᠢᠯᠠᠵᠤ ᠰᠤᠪᠤᠷᠭ᠎ᠠ ᠪᠠᠢᠭᠤᠯᠬᠤ ᠳ᠋ᠤ᠌ ᠬᠠᠮᠵᠢᠯᠴᠠᠪᠠ᠃17 ᠨᠠᠰᠤᠲᠠᠢ ᠠᠨᠢᠭᠡ ᠡᠨᠡ ᠬᠦ᠌ ᠪᠦᠯᠬᠦᠮ ᠳ᠋ᠦ᠍ ᠣᠷᠣᠯᠴᠠᠨ ᠢᠷᠡᠵᠦ ᠲᠥᠪᠡᠳ ᠲᠦ᠍ ᠠᠯᠲᠠᠨ ᠰᠤᠪᠤᠷᠭ᠎ᠠ ᠪᠠᠢᠭᠤᠯᠤᠯᠴᠠᠵᠠᠢ᠃ ᠰᠤᠪᠤᠷᠭ᠎ᠠ ᠪᠠᠷᠢᠵᠤ ᠲᠡᠭᠦᠰᠦᠭᠰᠡᠨ ᠦ᠌ ᠳᠠᠷᠠᠭ᠎ᠠ ᠠᠨᠢᠭᠡ ᠰᠡᠰᠬᠢᠶᠡ ᠶ᠋ᠢᠨ ᠱᠠᠰᠢᠨ ᠰᠢᠲᠦᠵᠦ ᠯᠠᠮᠠ ᠶ᠋ᠢᠨ ᠰᠠᠬᠢᠯ ᠠᠪᠤᠭᠠᠳ ᠫᠠᠭᠪᠠ ᠶ᠋ᠢᠨ ᠱᠠᠪᠢ ᠶ᠋ᠢᠨ ᠬᠤᠪᠢ ᠪᠠᠷ ᠪᠠᠭᠰᠢ ᠪᠠᠨ ᠳ᠋ᠠᠭᠠᠨ ᠱᠠᠩᠳᠤ ᠨᠡᠢᠰᠯᠡᠯ ᠳ᠋ᠦ᠍ ᠢᠷᠡᠵᠦ ᠬᠤᠪᠢᠯᠠᠢ ᠰᠡᠴᠡᠨ ᠬᠠᠭᠠᠨ ᠳ᠋ᠤ᠌ ᠪᠠᠷᠠᠭᠠᠯᠬᠠᠪᠠ᠃ᠠᠨᠢᠭᠡ ᠬᠠᠭᠠᠨ ᠤ᠋ ᠬᠠᠢᠷ᠎ᠠ ᠬᠦᠨᠳᠦᠳᠬᠡᠯ ᠢ᠋ ᠶᠡᠬᠡᠳᠡ ᠣᠯᠤᠭᠰᠠᠨ ᠤᠴᠢᠷ ᠶᠤᠸᠠᠨ ᠤᠯᠤᠰ ᠤ᠋ᠨ ᠨᠡᠢᠰᠯᠡᠯ ᠬᠣᠲᠠ ᠱᠠᠩᠳᠤ ᠳ᠋ᠤ᠌ ᠦᠯᠡᠳᠡᠵᠦ ᠲᠥᠷᠥ ᠶ᠋ᠢᠨ ᠦᠢᠯᠡᠰ ᠲᠦ᠍ ᠵᠢᠳᠬᠦᠭᠰᠡᠨ ᠶᠦ᠍ᠮ᠃ᠬᠤᠪᠢᠯᠠᠢ ᠰᠡᠴᠡᠨ ᠬᠠᠭᠠᠨ᠂ᠲᠡᠭᠦᠨ ᠳ᠋ᠦ᠍ ᠣᠷᠳᠣᠨ ᠳ᠋ᠤ᠌ ᠣᠨ ᠤᠳᠠᠭᠠᠨ ᠬᠠᠳᠠᠭᠠᠯᠠᠭᠰᠠᠨ ᠵᠡᠭᠦᠦ ᠲᠥᠭᠡᠨᠡᠯᠭᠡ ᠶ᠋ᠢᠨ ᠵᠡᠰ ᠬᠥᠮᠦᠨ ᠢ᠋ ᠰᠡᠯᠪᠢᠨ ᠵᠠᠰᠠᠬᠤ ᠲᠤᠰᠢᠶᠠᠯ ᠪᠠᠭᠤᠯᠭᠠᠭᠰᠠᠨ ᠳ᠋ᠤ᠌ ᠠᠨᠢᠭᠡ ᠨᠠᠷᠢᠨ ᠵᠠᠰᠠᠵᠤ ᠨᠢᠮᠪᠠᠢ ᠰᠡᠯᠪᠢᠭᠰᠡᠨ ᠢ᠋ᠶ᠋ᠡᠷ ᠰᠤᠳᠠᠰᠤ ᠰᠢᠷᠪᠥᠰᠥ᠂
ᠦᠶ᠎ᠡ ᠭᠡᠰᠢᠭᠦᠨ ᠲᠣᠳᠣ ᠲᠣᠮᠣᠷᠠᠭᠤᠨ᠂ᠠᠮᠢᠳᠤ ᠬᠥᠮᠦᠨ ᠮᠡᠲᠦ ᠪᠣᠯᠪᠠ᠃ᠤᠷᠠᠨ ᠳᠠᠷᠬᠠᠳ᠂ᠲᠡᠭᠦᠨ ᠦ᠌ ᠤᠷ᠎ᠠ ᠮᠡᠷᠭᠡᠵᠢᠯ ᠢ᠋ ᠪᠢᠰᠢᠷᠡᠨ ᠭᠠᠢᠬᠠᠯᠴᠠᠭᠰᠠᠨ ᠠᠵᠢ᠃ᠲᠤᠬᠠᠢ ᠶ᠋ᠢᠨ ᠦᠶᠡᠰ ᠱᠠᠩᠳᠤ ᠪᠠ ᠳᠠᠢᠳᠤ ᠶ᠋ᠢᠨ ᠰᠦᠮ᠎ᠡ ᠬᠡᠢᠳ ᠦ᠋ᠨ ᠪᠠᠷᠢᠮᠠᠯ ᠱᠤᠭᠤᠮᠠᠯ ᠤ᠋ᠨ ᠣᠯᠠᠩᠬᠢ ᠨᠢ ᠠᠨᠢᠭᠡ ᠶ᠋ᠢᠨ ᠭᠠᠷ ᠢ᠋ᠶ᠋ᠠᠷ ᠭᠠᠷᠤᠭᠰᠠᠨ ᠪᠠᠢᠵᠠᠢ᠃ᠣᠨ ᠵᠢᠯ ᠦ᠋ᠨ ᠤᠷᠤᠰᠬᠠᠯ᠂ᠪᠠᠢᠭᠠᠯᠢ ᠶ᠋ᠢᠨ ᠭᠠᠮᠰᠢᠭ᠂ᠬᠥᠮᠦᠨ ᠦ᠌ ᠡᠪᠳᠡᠯᠡᠭᠡ ᠪᠡᠷ ᠡᠨᠡ ᠬᠦ᠌ ᠠᠪᠤᠷᠭᠤ ᠱᠤᠭᠤᠮᠠᠯᠴᠢᠨ ᠤ᠋ ᠤᠷ᠎ᠠ ᠡᠷᠳᠡᠮ᠂ᠤᠬᠠᠭᠠᠨ ᠰᠠᠨᠠᠭ᠎ᠠ ᠪᠠᠨ ᠰᠢᠪᠬᠠᠭᠰᠠᠨ ᠣᠬᠢ ᠰᠢᠯᠢᠳᠡᠭ ᠪᠦᠲᠦᠭᠡᠯ ᡂᠨ ᠣᠷᠣ ᠮᠥᠷ ᠦᠭᠡᠢ ᠤᠰᠠᠳᠴᠤ ᠣᠯᠬᠤᠶ᠎ᠠ ᠪᠡᠷᠬᠡ ᠪᠣᠯᠪᠠ᠃ᠵᠥᠪᠬᠡᠨ ᠲᠡᠭᠦᠨ ᠦ᠌ ᠲᠥᠰᠥᠪᠯᠡᠨ ᠵᠢᠷᠤᠵᠤ᠂ᠪᠦᠲᠦᠭᠡᠭᠰᠡᠨ ᠶᠡᠬᠡ ᠬᠤᠪᠢᠯᠭᠠᠨ ᠤ᠋ ᠲᠦᠮᠡᠨ ᠠᠮᠤᠭᠤᠯᠠᠩ ᠬᠡᠢᠳ ᠦ᠋ᠨ ᠴᠠᠭᠠᠨ ᠰᠤᠪᠤᠷᠭ᠎ᠠ ᠡᠳᠦᠭᠡ ᠪᠣᠯᠲᠠᠯ᠎ᠠ ᠪᠡᠭᠡᠵᠢᠩ ᠬᠣᠲᠠᠨ᠎ᠠ ᠶᠡᠬᠡᠮᠰᠦᠭ ᠰᠦᠨᠳᠡᠷᠯᠡᠵᠦ ᠠᠨᠢᠭᠡ ᠶ᠋ᠢᠨ ᠤᠷ᠎ᠠ ᠮᠡᠷᠭᠡᠵᠢᠯ ᠢ᠋ ᠭᠠᠢᠬᠠᠭᠤᠯᠵᠤ᠂ᠶᠤᠸᠠᠨ ᠤᠯᠤᠰ ᠤ᠋ᠨ ᠦᠶ᠎ᠡ ᠶ᠋ᠢᠨ ᠤᠳᠬ᠎ᠠ ᠤᠷᠠᠯᠢᠭ ᠤ᠋ᠨ ᠬᠥᠭᠵᠢᠯ ᠢ᠋ ᠭᠡᠷᠡᠴᠢᠯᠡᠵᠦ ᠪᠣᠢ᠃ᠭᠠᠳᠠᠭᠠᠳᠤ ᠳᠣᠲᠣᠭᠠᠳᠤ ᠶ᠋ᠢᠨ ᠵᠢᠭᠤᠯᠴᠢᠳ ᠤ᠋ᠨ ᠰᠡᠭᠦᠳᠡᠷᠯᠡᠨ ᠠᠪᠤᠭᠰᠠᠨ ᠱᠠᠩᠳᠤ ᠨᠡᠢᠰᠯᠡᠯ ᠦ᠋ᠨ ᠬᠣᠶᠠᠷ ᠪᠣᠮᠪᠣ ᠶ᠋ᠢᠨ ᠬᠣᠶᠠᠷ ᠴᠠᠭᠠᠨ ᠰᠤᠪᠤᠷᠭ᠎ᠠ ᠨᠢ ᠪᠠᠷᠢᠯᠭ᠎ᠠ ᠶ᠋ᠢᠨ ᠬᠡᠪ ᠨᠠᠮᠪᠠ᠂ᠬᠡᠯᠪᠡᠷᠢ ᠳᠦᠷᠰᠦ ᠪᠡᠷ ᠢ᠋ᠶ᠋ᠡᠨ ᠪᠡᠭᠡᠵᠢᠩ ᠦ᠋ᠨ ᠴᠠᠭᠠᠨ ᠰᠤᠪᠤᠷᠭ᠎ᠠ ᠲᠠᠢ ᠢᠬᠡᠷ᠎ᠡ ᠲᠥᠷᠥᠭᠰᠡᠨ ᠮᠡᠲᠦ ᠢᠵᠢᠯᠢᠬᠡᠨ ᠪᠠᠢᠭ᠎ᠠ ᠵᠢᠷᠤᠭ ᠰᠡᠭᠦᠳᠡᠷ ᠢ᠋ ᠦᠵᠡᠪᠡᠰᠦ ᠬᠡᠭᠡᠷ᠎ᠡ ᠲᠠᠯ᠎ᠠ ᠳ᠋ᠤ᠌ ᠵᠣᠯ ᠢ᠋ᠶ᠋ᠠᠷ ᠦᠯᠡᠳᠡᠭᠰᠡᠨ ᠠᠨᠢᠭᠡ ᠶ᠋ᠢᠨ ᠪᠦᠲᠦᠭᠡᠯ ᠦ᠋ᠨ ᠨᠢᠭᠡ ᠨᠢ ᠪᠣᠯᠪᠠ ᠤᠤ ᠭᠡᠮᠡᠨ ᠪᠣᠳᠣᠨ᠎ᠠ᠃ᠬᠠᠷᠠᠮᠰᠠᠯᠲᠠᠢ ᠨᠢ ᠡᠨᠡ ᠬᠦ᠌ ᠬᠣᠶᠠᠷ ᠪᠣᠮᠪᠣ ᠶ᠋ᠢᠨ ᠴᠠᠭᠠᠨ ᠰᠤᠪᠤᠷᠭ᠎ᠠ ᠨᠢ ᠪᠠᠰᠠ ᠰᠡᠭᠦᠯ ᠦ᠋ᠨ ᠦᠶᠡᠰ ᠬᠠᠷ᠎ᠠ ᠴᠡᠷᠢᠭ ᠦ᠋ᠨ ᠬᠥᠯ ᠳ᠋ᠦ᠍ ᠰᠦᠢᠳᠴᠦ᠂ᠶᠡᠬᠡ ᠬᠡᠮᠵᠢᠶᠡᠨ ᠦ᠌ ᠨᠣᠮ ᠰᠤᠳᠤᠷ᠂ᠲᠤᠯᠤᠨ ᠨᠤᠤᠷ ᠬᠦᠷᠲᠡᠯ᠎ᠡ ᠪᠤᠲᠠᠷᠠᠨ ᠬᠡᠢᠰᠦᠭᠰᠡᠨ ᠭᠡᠨ᠎ᠡ ᠪᠢᠯᠡ᠃
ᠪᠠᠷᠢᠮᠠᠯᠴᠢᠨ ᠯᠢᠦ ᠶᠤᠸᠠᠨ
ᠯᠢᠦ ᠶᠤᠸᠠᠨ ᠪᠣᠯ ᠠᠨᠢᠭᠡ ᠲᠡᠢ ᠬᠠᠮᠲᠤ ᠨᠡᠷ᠎ᠡ ᠮᠠᠨᠳᠤᠭᠰᠠᠨ ᠶᠤᠸᠠᠨ ᠤᠯᠤᠰ ᠤ᠋ᠨ ᠦᠶ᠎ᠡ ᠶ᠋ᠢᠨ ᠱᠤᠭᠤᠮᠠᠯᠴᠢᠨ ᠶᠤᠮ᠃ ᠢᠯᠠᠩᠭᠤᠶ᠎ᠠ ᠠᠨᠢᠭᠡ ᠲᠡᠢ ᠨᠢᠭᠲᠠ ᠬᠠᠷᠢᠴᠠᠭ᠎ᠠ ᠲᠠᠢ ᠪᠠᠢᠵᠤ ᠲᠡᠭᠦᠨ ᠦ᠌ ᠤᠷ᠎ᠠ ᠮᠡᠷᠭᠡᠵᠢᠯ ᠢ᠋ ᠰᠤᠷᠤᠯᠴᠠᠨ ᠡᠵᠡᠮᠰᠢᠵᠦ᠂ ᠪᠠᠯᠪᠤ ᠶ᠋ᠢᠨ ᠣᠷᠣᠨ ᠤ᠋ ᠱᠤᠭᠤᠮᠠᠯ ᠪᠠᠷᠢᠮᠠᠯ ᠤ᠋ᠨ ᠠᠷᠭ᠎ᠠ ᠳᠠᠮ ᠢ᠋ ᠳᠤᠮᠳᠠᠳᠤ ᠤᠯᠤᠰ ᠤ᠋ᠨ ᠱᠤᠭᠤᠮᠠᠯ ᠪᠠᠷᠢᠮᠠᠯ ᠤ᠋ᠨ ᠤᠷ᠎ᠠ ᠮᠡᠷᠭᠡᠵᠢᠯ ᠲᠡᠢ ᠤᠶᠠᠯᠳᠤᠭᠤᠯᠤᠨ ᠰᠢᠨ᠎ᠡ ᠶ᠋ᠢ ᠪᠦᠲᠦᠭᠡᠵᠦ᠂ ᠥᠪᠡᠷ ᠦ᠋ᠨ ᠱᠤᠭᠤᠮᠠᠯ ᠪᠠᠷᠢᠮᠠᠯ ᠤ᠋ᠨ ᠬᠡᠪ ᠨᠠᠮᠪᠠ ᠪᠠᠨ ᠪᠠᠢᠭᠤᠯᠤᠭᠰᠠᠨ ᠬᠥᠮᠦᠨ ᠪᠣᠯ ᠯᠢᠦ ᠶᠤᠸᠠᠨ ᠪᠢᠯᠡ᠃
ᠱᠤᠭᠤᠮᠠᠯᠴᠢᠨ ᠯᠢᠦ ᠶᠤᠸᠠᠨ᠂ᠾᠧᠪᠧᠢ ᠮᠣᠵᠢ ᠶ᠋ᠢᠨ ᠪᠤᠤ ᠳ᠋ᠢ ᠶ᠋ᠢᠨ ᠬᠥᠮᠦᠨ᠂ᠵᠠᠯᠠᠭᠤ ᠳ᠋ᠠᠭᠠᠨ ᠱᠠᠨᠳᠦ᠋ᠩ ᠭᠠᠵᠠᠷ ᠬᠤᠤᠱᠠᠩ ᠪᠣᠯᠵᠤ ᠰᠦᠮ᠎ᠡ ᠬᠡᠢᠳ ᠦ᠋ᠨ ᠪᠠᠷᠢᠮᠠᠯ ᠱᠤᠭᠤᠮᠠᠯ ᠤ᠋ᠨ ᠡᠷᠳᠡᠮ ᠮᠡᠳᠡᠯᠭᠡ ᠲᠡᠢ ᠬᠠᠨᠢᠯᠠᠭᠰᠠᠨ ᠶᠤᠮ᠃ᠬᠠᠭᠠᠨ ᠣᠷᠳᠣᠨ ᠳ᠋ᠤ᠌ ᠣᠷᠣᠭᠰᠠᠨ ᠤ᠋ ᠰᠡᠭᠦᠯᠡᠷ ᠠᠨᠢᠭᠡ ᠶ᠋ᠢᠨ ᠪᠠᠯᠪᠤ ᠶ᠋ᠢᠨ ᠣᠷᠣᠨ ᠤ᠋ ᠬᠡᠪ ᠨᠠᠮᠪᠠ ᠪᠦᠬᠦᠢ ᠱᠤᠭᠤᠬᠤ ᠪᠠᠷᠢᠬᠤ ᠤᠷ᠎ᠠ ᠡᠷᠳᠡᠮ ᠢ᠋ ᠴᠢᠷᠮᠠᠢᠨ ᠡᠵᠡᠮᠰᠢᠪᠡ᠃ᠲᠡᠷᠡ ᠳᠤᠮᠳᠠᠳᠤ ᠤᠯᠤᠰ ᠤ᠋ᠨ ᠤᠯᠠᠮᠵᠢᠯᠠᠯᠲᠤ ᠱᠤᠭᠤᠮᠠᠯ ᠪᠠᠷᠢᠮᠠᠯ ᠤ᠋ᠨ ᠠᠷᠭ᠎ᠠ ᠪᠠᠷᠢᠯ ᠢ᠋ ᠭᠠᠳᠠᠨ᠎ᠠ ᠭᠦᠷᠦᠨ ᠦ᠌ ᠤᠷ᠎ᠠ ᠮᠡᠷᠭᠡᠵᠢᠯ ᠲᠡᠢ ᠨᠢᠭᠡᠳᠦᠭᠦᠯᠦᠨ ᠠᠭᠤᠰᠬᠠᠵᠤ ᠡᠵᠡᠮᠰᠢᠭᠡᠳ᠂ᠥᠪᠡᠷ ᠦ᠋ᠨ ᠪᠠᠷᠢᠮᠠᠯ ᠱᠤᠭᠤᠮᠠᠯ ᠤ᠋ᠨ ᠬᠡᠪ ᠨᠠᠮᠪᠠ ᠪᠠᠨ ᠪᠦᠲᠦᠭᠡᠭᠰᠡᠨ ᠢ᠋ᠶ᠋ᠡᠷ ᠪᠡᠶ᠎ᠡ ᠪᠡᠨ ᠳᠠᠭᠠᠭᠠᠭᠰᠠᠨ ᠰᠢᠰᠲ᠋ᠧᠮ ᠪᠣᠯᠵᠤ ᠤᠷᠠᠯᠢᠭ ᠤ᠋ᠨ ᠰᠢᠨ᠎ᠡ ᠳᠡᠭᠲᠡᠷ ᠲᠦ᠍ ᠭᠠᠷᠤᠭᠰᠠᠨ ᠶᠤᠮ᠃ᠶᠤᠸᠠᠨ ᠤᠯᠤᠰ ᠤ᠋ᠨ ᠰᠤᠷᠪᠤᠯᠵᠢ ᠲᠡᠦᠬᠡᠨ ᠳ᠋ᠦ᠍ ᠲᠡᠮᠳᠡᠭᠯᠡᠭᠰᠡᠨ ᠢ᠋ᠶ᠋ᠡᠷ ᠪᠣᠯ ᠬᠣᠶᠠᠷ ᠨᠡᠢᠰᠯᠡᠯ ᠦ᠋ᠨ ᠡᠯ᠎ᠡ ᠰᠦᠮ᠎ᠡ ᠬᠡᠢᠳ ᠦ᠋ᠨ ᠪᠠᠷᠢᠮᠠᠯ᠂ᠱᠤᠭᠤᠮᠠᠯ᠂ᠠᠯᠲᠠᠳᠠᠮᠠᠯ ᠣᠯᠠᠨ ᠪᠤᠷᠬᠠᠳ ᠨᠢ ᠪᠦᠷ ᠲᠡᠭᠦᠨ ᠦ᠌ ᠭᠠᠷ ᠢ᠋ᠶ᠋ᠠᠷ ᠭᠠᠷᠴᠤ ᠤᠷᠠᠯᠠᠭᠰᠠᠨ ᠤ᠋ ᠤᠷᠠᠨ ᠨᠠᠷᠢᠨ ᠠᠨᠤ ᠶᠢᠷᠲᠢᠨᠴᠦ ᠶ᠋ᠢᠨ ᠬᠥᠮᠦᠰ ᠱᠠᠭᠰᠢᠯᠴᠠᠬᠤ ᠠᠵᠤᠭᠤ᠃ᠢᠯᠠᠩᠭᠤᠶ᠎ᠠ ᠱᠠᠩᠳᠤ ᠨᠡᠢᠰᠯᠡᠯ ᠦ᠋ᠨ ᠭᠤᠷᠪᠠᠨ ᠬᠠᠭᠠᠨ ᠤ᠋ ᠬᠥᠷᠥᠭ ᠢ᠋ ᠱᠤᠭᠤᠭᠰᠠᠨ ᠨᠢ ᠣᠨᠴᠠ ᠭᠣᠢᠳᠠ᠂ᠭᠤᠷᠪᠠᠨ ᠪᠣᠭᠳᠠ ᠶ᠋ᠢᠨ ᠡᠷᠬᠢᠮᠰᠦᠭ ᠳᠦᠷᠢ᠂ᠰᠦᠷ ᠵᠢᠪᠬᠤᠭ᠎ᠠ ᠶ᠋ᠢ ᠭᠦᠢᠴᠡᠳ ᠦᠵᠡᠭᠦᠯᠵᠦᠬᠦᠢ᠃ᠡᠳᠦᠭᠡ ᠱᠠᠩᠳᠤ ᠨᠡᠢᠰᠯᠡᠯ ᠦ᠋ᠨ ᠪᠠᠭᠤᠷᠢ ᠳᠡᠭᠡᠷ᠎ᠡ ᠪᠤᠲᠠᠷᠠᠵᠤ ᠪᠠᠢᠭ᠎ᠠ ᠰᠢᠷ ᠪᠣᠳᠣᠭ ᠪᠦᠬᠦᠢ ᠪᠠᠷᠢᠮᠠᠯ ᠱᠤᠭᠤᠮᠠᠯ ᠤ᠋ᠨ ᠬᠠᠭᠠᠷᠬᠠᠢ ᠪᠤᠲᠠᠷᠬᠠᠢ ᠨᠢ ᠲᠤᠬᠠᠢ ᠶ᠋ᠢᠨ ᠦᠶ᠎ᠡ ᠶ᠋ᠢᠨ ᠱᠠᠩᠳᠤ ᠨᠡᠢᠰᠯᠡᠯ ᠦ᠋ᠨ ᠨᠠᠢ᠍ᠮᠠᠨ ᠶᠡᠬᠡ ᠰᠦᠮ᠎ᠡ ᠬᠡᠢᠳ ᠲᠦ᠍ ᠳᠠᠬᠢᠵᠤ ᠪᠠᠢᠭᠰᠠᠨ ᠪᠤᠷᠬᠠᠳ ᠤ᠋ᠨ ᠦᠯᠡᠳᠡᠭᠳᠡᠯ ᠪᠢᠵᠡ᠃
ᠯᠢᠦ ᠶᠤᠸᠠᠨ ᠪᠣᠯ ᠪᠤᠷᠬᠠᠨ ᠤ᠋ ᠱᠤᠭᠤᠮᠠᠯ ᠢ᠋ ᠰᠣᠯᠢᠬᠤ ᠠᠷᠭ᠎ᠠ ᠪᠠᠷ ᠱᠤᠭᠤᠭᠰᠠᠨ ᠡᠭᠦᠳᠦᠨ ᠪᠦᠲᠦᠭᠡᠯᠲᠡ ᠶ᠋ᠢᠨ ᠨᠢᠭᠡ ᠶᠦ᠍ᠮ᠃ᠰᠣᠯᠢᠬᠤ ᠠᠷᠭ᠎ᠠ ᠭᠡᠳᠡᠭ ᠨᠢ ᠤᠷᠢᠳ ᠢ᠋ᠶ᠋ᠠᠷ ᠰᠢᠪᠠᠷ ᠢ᠋ᠶ᠋ᠠᠷ ᠪᠤᠷᠬᠠᠨ ᠤ᠋ ᠪᠠᠨ ᠬᠥᠷᠥᠭ ᠢ᠋ ᠱᠤᠭᠤᠵᠤ ᠱᠤᠭᠤᠮᠠᠯ ᠢ᠋ᠶ᠋ᠠᠨ ᠭᠠᠳᠠᠭᠤᠷ ᠨᠢ ᠳᠠᠪᠬᠤᠷ ᠳᠠᠪᠬᠤᠷ ᠪᠥᠰ ᠣᠯᠣᠰᠣ ᠪᠠᠷ ᠣᠷᠢᠶᠠᠨ ᠴᠠᠷᠳᠠᠨ ᠰᠢᠷᠳᠡᠵᠦ᠂ᠣᠯᠠᠨ ᠤᠳᠠᠭᠠᠨ ᠤ᠋ ᠵᠠᠰᠠᠪᠤᠷᠢ ᠤᠷᠠᠯᠠᠯ ᠢ᠋ ᠥᠩᠭᠡᠷᠡᠭᠡᠭᠰᠡᠨ ᠦ᠌ ᠳᠠᠷᠠᠭ᠎ᠠ ᠳᠣᠲᠣᠷᠠᠬᠢ ᠰᠢᠪᠡᠷ ᠱᠤᠭᠤᠮᠠᠯ ᠢ᠋ᠶ᠋ᠠᠨ ᠭᠠᠷᠭᠠᠨ ᠠᠪᠤᠪᠠᠯ ᠳᠠᠷᠤᠢ ᠤᠤᠯ ᠪᠤᠷᠬᠠᠨ ᠤ᠋ ᠬᠥᠷᠥᠭ ᠪᠦᠲᠦᠵᠦ ᠭᠠᠷ ᠠ᠋ᠴᠠ ᠭᠠᠷᠬᠤ ᠪᠣᠯᠤᠨ᠎ᠠ᠃ᠡᠢᠮᠦ ᠠᠷᠭ᠎ᠠ ᠶ᠋ᠢ ᠡᠵᠡᠮᠰᠢᠭᠰᠡᠨ ᠳᠡᠭᠡᠳᠦ ᠮᠡᠷᠭᠡᠵᠢᠯᠲᠡᠨ ᠦ᠌ ᠨᠢᠭᠡ ᠪᠣᠯ ᠯᠢᠦ ᠶᠤᠸᠠᠨ ᠠᠵᠢ᠃
ᠭᠦᠶᠦᠭᠴᠢ
ᠡᠷ᠎ᠡ ᠶ᠋ᠢᠨ ᠭᠤᠷᠪᠠᠨ ᠮᠥᠷᠥᠶᠢᠴᠡᠭᠡᠨ ᠢ᠋ᠶ᠋ᠡᠷ ᠡᠷᠲᠡ ᠡᠳᠦᠭᠡ ᠳ᠋ᠦ᠍ ᠨᠡᠷ᠎ᠡ ᠠᠯᠳᠠᠷᠰᠢᠭᠰᠠᠨ ᠮᠣᠩᠭᠣᠯ ᠲᠤᠭᠤᠷᠭᠠᠲᠠᠨ᠂ᠡᠷᠡᠭᠦᠯ ᠴᠢᠬᠢᠷᠠᠭ ᠢ᠋ ᠡᠷᠬᠢᠮᠯᠡᠨ᠂ ᠡᠷᠳᠡᠮ ᠴᠢᠳᠠᠯ ᠢ᠋ ᠬᠦᠨᠳᠦᠳᠬᠡᠵᠦ《ᠪᠡᠶ᠎ᠡ ᠭᠡᠳᠡᠭ ᠡᠷᠳᠡᠨᠢ᠂ᠪᠢᠯᠢᠭ ᠭᠡᠳᠡᠭ ᠤᠬᠠᠭᠠᠨ》 ᠭᠡᠮᠡᠨ ᠡᠷᠲᠡ ᠳᠡᠭᠡᠳᠦᠰ ᠡᠴᠡ ᠪᠡᠶ᠎ᠡ ᠪᠡᠨ ᠪᠣᠯᠪᠠᠰᠤᠷᠠᠭᠤᠯᠵᠤ ᠤᠬᠠᠭᠠᠨ ᠢ᠋ᠶ᠋ᠠᠨ ᠰᠣᠷᠢᠭᠰᠠᠨ ᠲᠡᠦᠬᠡ ᠲᠡᠢ ᠪᠢᠯᠡ᠃ᠲᠡᠭᠦᠨ ᠦ᠌ ᠨᠢᠭᠡ ᠵᠦᠢᠯ ᠨᠢ ᠬᠣᠯᠠ ᠭᠦᠶᠦᠳᠡᠯ ᠦ᠋ᠨ ᠤᠷᠤᠯᠳᠤᠭᠠᠨ ᠪᠣᠯᠤᠨ᠎ᠠ᠃ᠠᠯᠢ ᠡᠷᠲᠡ ᠶᠤᠸᠠᠨ ᠤᠯᠤᠰ ᠤ᠋ᠨ ᠦᠶ᠎ᠡ ᠳ᠋ᠦ᠍ ᠬᠣᠯᠠ ᠭᠦᠶᠦᠳᠡᠯ ᠦ᠋ᠨ ᠤᠷᠤᠯᠳᠤᠭᠠᠨ ᠬᠢᠳᠡᠭ ᠪᠠᠢᠵᠠᠢ᠃ᠲᠠᠮᠢᠷᠴᠢᠨ ᠢ᠋ᠶ᠋ᠠᠨ ᠭᠦᠶᠦᠭᠴᠢ ᠭᠡᠳᠡᠭ᠂ᠬᠢᠨᠠᠭᠴᠢ ᠪᠠᠨ ᠪᠠᠢᠴᠠᠭᠠᠭᠴᠢ ᠭᠡᠳᠡᠭ᠃ᠬᠣᠯᠠ ᠭᠦᠶᠦᠳᠡᠯ ᠦ᠋ᠨ ᠤᠷᠤᠯᠳᠤᠭᠠᠨ ᠤ᠋ ᠭᠦᠶᠦᠭᠴᠢ ᠶ᠋ᠢ ᠰᠢᠯᠢᠨ ᠰᠣᠩᠭᠣᠬᠤ᠂ᠵᠣᠬᠢᠶᠠᠨ ᠪᠠᠢᠭᠤᠯᠬᠤ᠂ᠭᠦᠶᠦᠯᠭᠡᠬᠦ᠂ᠱᠠᠩᠨᠠᠬᠤ ᠨᠠᠷᠢᠨ ᠳᠦᠷᠢᠮ ᠴᠢᠩᠭ᠎ᠠ ᠲᠣᠭᠲᠠᠭᠠᠯ ᠲᠠᠢ ᠪᠠᠢᠵᠠᠢ᠃
ᠣᠷᠣᠯᠳᠣᠬᠤ ᠦᠶᠡᠰ ᠭᠦᠶᠦᠭᠴᠢ ᠶ᠋ᠢ ᠡᠬᠢᠨ ᠦ᠌ ᠴᠢᠭ ᠳᠡᠭᠡᠷ᠎ᠡ ᠠᠪᠠᠴᠢᠵᠤ ᠨᠢᠭᠡ ᠰᠢᠯᠤᠭᠤᠨ ᠱᠤᠭᠤᠮ ᠳᠡᠭᠡᠷ᠎ᠡ ᠵᠢᠭᠰᠠᠭᠠᠨ ᠬᠣᠶᠠᠷ ᠬᠥᠮᠦᠨ ᠤᠷᠳᠤᠭᠤᠷ ᠨᠢ ᠳᠡᠭᠡᠰᠦ ᠲᠠᠲᠠᠵᠤ ᠡᠮᠦᠨ᠎ᠡ ᠬᠣᠢᠨ᠎ᠠ ᠲᠠᠢ ᠭᠦᠶᠦᠬᠦ ᠶ᠋ᠢ ᠰᠡᠷᠭᠡᠢᠯᠡᠨ᠎ᠡ᠃ᠳᠡᠭᠡᠰᠦ ᠪᠡᠨ ᠠᠪᠤᠮᠠᠭᠴᠠ ᠲᠠᠮᠢᠷᠴᠢᠳ ᠵᠡᠷᠭᠡᠳᠡ ᠭᠦᠶᠦᠵᠡᠭᠡᠨᠡ᠃ᠡᠴᠦᠰ ᠦ᠋ᠨ ᠴᠢᠭ ᠳᠡᠭᠡᠷ᠎ᠡ ᠬᠠᠭᠠᠨ ᠡᠵᠡᠨ ᠪᠡᠶ᠎ᠡ ᠪᠡᠷ ᠢ᠋ᠶ᠋ᠡᠨ ᠭᠦᠶᠦᠭᠴᠢ ᠶ᠋ᠢ ᠲᠣᠰᠣᠨ ᠠᠪᠴᠤ ᠮᠠᠩᠯᠠᠢ ᠭᠦᠶᠦᠭᠴᠢ ᠳ᠋ᠦ᠍ ᠱᠠᠩ ᠬᠡᠰᠢᠭ ᠬᠦᠷᠲᠡᠭᠡᠳᠡᠭ᠃ᠬᠣᠯᠠ ᠭᠦᠶᠦᠳᠡᠯ ᠦ᠋ᠨ ᠡᠬᠢᠨ ᠦ᠌ ᠴᠢᠭ ᠨᠢ ᠬᠣᠲᠠ ᠶ᠋ᠢᠨ ᠭᠠᠳᠠᠨ᠎ᠠ ᠪᠠᠢᠳᠠᠭ᠃ᠳᠡᠭᠡᠳᠦ ᠨᠡᠢᠰᠯᠡᠯ ᠱᠠᠩᠳᠤ ᠳ᠋ᠤ᠌ ᠣᠷᠣᠯᠳᠣᠬᠤ ᠦᠶᠡᠰ ᠰᠢᠪᠠᠷᠲᠠᠢ ᠶ᠋ᠢᠨ ᠭᠣᠣᠯ ᠠ᠋ᠴᠠ ᠭᠦᠶᠦᠵᠦ ᠶᠡᠬᠡ ᠨᠡᠢᠰᠯᠡᠯ ᠳᠠᠢᠳᠤ ᠳ᠋ᠤ᠌ ᠪᠣᠯ ᠾᠧ ᠰᠢ ᠡᠣ (ᠣᠳᠣ ᠶ᠋ᠢᠨ ᠾᠧᠪᠧᠢ ᠮᠣᠵᠢ ᠶ᠋ᠢᠨ ᠡᠤ ᠴᠢᠩ ᠰᠢᠶᠠᠨ ᠤ᠋ ᠪᠠᠷᠠᠭᠤᠨ ᠬᠣᠢᠨ᠎ᠠ ᠪᠣᠢ) ᠠ᠋ᠴᠠ ᠭᠦᠶᠦᠨ᠎ᠡ᠃ᠲᠡᠭᠦᠰᠬᠡᠯ ᠦ᠋ᠨ ᠴᠠᠭ ᠲᠤ᠌ ᠢᠷᠡᠲᠡᠯ᠎ᠡ180 ᠭᠠᠵᠠᠷ᠂ ᠪᠠᠷᠤᠭ6 ᠴᠠᠭ ᠢᠯᠡᠭᠦᠦ ᠭᠦᠶᠦᠮᠡᠨᠵᠢᠨ ᠰᠠᠶᠢ ᠭᠦᠶᠦᠵᠦ ᠪᠠᠷᠠᠨ᠎ᠠ᠃ᠭᠦᠶᠦᠭᠴᠢ ᠡᠴᠦᠰ ᠦ᠋ᠨ ᠴᠠᠭ ᠳᠡᠭᠡᠷ᠎ᠡ ᠢᠷᠡᠮᠡᠭᠴᠡ ᠬᠠᠭᠠᠨ ᠤ᠋ ᠡᠮᠦᠨ᠎ᠡ ᠰᠥᠬᠥᠷᠡᠨ ᠮᠥᠷᠭᠥᠵᠦ ᠲᠦᠮᠡᠨ ᠨᠠᠰᠤᠯᠠᠲᠤᠭᠠᠢ ᠭᠡᠮᠡᠨ ᠪᠠᠷᠬᠢᠷᠠᠨ᠎ᠠ᠃ᠮᠠᠩᠯᠠᠢ ᠭᠦᠶᠦᠭᠴᠢ ᠳ᠋ᠦ᠍ ᠬᠠᠭᠠᠨ ᠡᠵᠡᠨ《ᠥᠯᠥᠭᠡᠢ ᠮᠥᠩᠭᠥ》ᠱᠠᠩᠨᠠᠵᠤ᠂ᠳᠠᠷᠠᠭ᠎ᠠ ᠳᠠᠷᠠᠭᠠᠴᠢ ᠶ᠋ᠢᠨ ᠬᠢ ᠳ᠋ᠦ᠍ᠨᠢ ᠲᠤᠰ ᠲᠤᠰ ᠠᠳᠠᠯᠢ ᠪᠤᠰᠤ ᠱᠠᠩ ᠬᠡᠰᠢᠭ ᠬᠠᠢᠷᠠᠯᠠᠳᠠᠭ᠃ᠶᠤᠸᠠᠨ ᠤᠯᠤᠰ ᠤ᠋ᠨ ᠦᠶᠡᠰ ᠦᠪᠡᠳᠡᠭᠰᠢ ᠶᠡᠬᠡ ᠬᠣᠯᠠ ᠭᠦᠶᠦᠳᠡᠯ ᠦ᠋ᠨ ᠤᠷᠤᠯᠳᠤᠭᠠᠨ ᠶᠠᠪᠤᠭᠤᠯᠬᠤ ᠠ᠋ᠴᠠ ᠭᠠᠳᠠᠨ᠎ᠠ ᠪᠠᠰᠠ ᠪᠥᠬᠡ ᠪᠠᠷᠢᠯᠳᠤᠬᠤ᠂ᠮᠣᠷᠢ ᠣᠷᠣᠯᠳᠣᠬᠤ᠂ᠰᠤᠷ ᠬᠠᠷᠪᠤᠬᠤ ᠮᠥᠷᠥᠢᠴᠡᠭᠡᠨ ᠢ᠋ ᠰᠦᠷ ᠳᠠᠯᠠᠢᠴᠠ ᠲᠠᠢ ᠬᠢᠳᠡᠭ ᠪᠠᠢᠵᠠᠢ᠃ᠣᠯᠠᠨ ᠤᠳᠠᠭ᠎ᠠ ᠦᠵᠦ ᠠᠪᠴᠤ ᠮᠠᠩᠯᠠᠢᠯᠠᠭᠰᠠᠨ ᠠᠪᠤᠷᠭᠤ ᠪᠥᠬᠡᠴᠢᠨ ᠢ᠋ 《ᠪᠥᠬᠡ ᠶ᠋ᠢᠨ ᠠᠪᠤᠷᠭᠤ》 ᠴᠣᠯᠠᠯᠠᠨ ᠬᠠᠭᠠᠨ ᠤ᠋ ᠪᠥᠬᠡ ᠪᠡᠷ ᠡᠷᠭᠦᠮᠵᠢᠯᠡᠳᠡᠭ᠃ᠪᠠᠰᠠ ᠬᠦᠨᠳᠦ ᠴᠢᠬᠤᠯᠠ ᠵᠠᠰᠠᠭ ᠵᠠᠬᠢᠷᠭᠠᠨ ᠤ᠋ ᠲᠤᠰᠢᠶᠠᠯ ᠳ᠋ᠤ᠌ ᠲᠣᠮᠢᠯᠠᠭᠰᠠᠨ ᠵᠢᠱ᠌ᠢᠶ᠎ᠡ ᠴᠦ᠍ ᠪᠠᠢᠳᠠᠭ ᠪᠢᠯᠡ᠃
ᠶᠠᠨ ᠢᠤ ᠶ᠋ᠢᠨ ᠵᠢᠷᠭᠤᠳᠤᠭᠠᠷ ᠣᠨ(1319 ᠣᠨ) ᠳ᠋ᠤ᠌ ᠶᠤᠸᠠᠨ ᠤᠯᠤᠰ ᠤ᠋ᠨ ᠲᠥᠷᠥ ᠨᠢ ᠰᠤᠷᠭᠠᠭᠤᠯᠢ ᠶ᠋ᠢᠨ ᠵᠠᠬᠢᠷᠭ᠎ᠠ ᠶ᠋ᠢ ᠲᠤᠰᠬᠠᠢᠯᠠᠨ ᠪᠥᠬᠡ ᠪᠠᠷᠢᠯᠳᠤᠭᠠᠨ ᠵᠡᠷᠭᠡ ᠲᠠᠮᠢᠷ ᠤ᠋ᠨ ᠤᠷᠤᠯᠳᠤᠭᠠᠨ ᠢ᠋ ᠬᠠᠮᠢᠶᠠᠷᠤᠭᠤᠯᠬᠤ ᠪᠠᠷ ᠲᠣᠭᠲᠠᠭᠠᠭᠰᠠᠨ ᠶᠤᠮ᠃ ᠬᠣᠯᠠ ᠭᠦᠶᠦᠳᠡᠯ ᠦ᠋ᠨ ᠤᠷᠤᠯᠳᠤᠭᠠᠨ ᠤ᠋ ᠭᠦᠶᠦᠭᠴᠢ ᠴᠦ᠍ ᠰᠤᠷᠭᠠᠭᠤᠯᠢ ᠶ᠋ᠢᠨ ᠵᠠᠬᠢᠷᠭ᠎ᠠ ᠳ᠋ᠤ᠌ ᠬᠠᠮᠢᠶᠠᠷᠤᠭᠳᠠᠭᠰᠠᠨ ᠨᠢ ᠮᠡᠳᠡᠭᠡᠴᠢ ᠶ᠋ᠢᠨ ᠬᠡᠷᠡᠭ ᠪᠢᠯᠡ᠃
700 ᠵᠢᠯ ᠦ᠋ᠨ ᠡᠮᠦᠨ᠎ᠡ ᠮᠣᠩᠭᠣᠯᠴᠤᠳ ᠤ᠋ᠨ ᠡᠭᠦᠳᠦᠨ ᠨᠡᠭᠡᠭᠡᠭᠰᠡᠨ ᠪᠡᠶ᠎ᠡ ᠶ᠋ᠢᠨ ᠲᠠᠮᠢᠷ ᠤ᠋ᠨ ᠨᠢᠭᠡᠨ ᠲᠥᠷᠥᠯ᠂ ᠬᠣᠯᠠ ᠭᠦᠶᠦᠳᠡᠯ ᠦ᠋ᠨ ᠤᠷᠤᠯᠳᠤᠭᠠᠨ ᠶᠡᠬᠡ ᠶᠤᠸᠠᠨ ᠤᠯᠤᠰ ᠤ᠋ᠨ ᠦᠶ᠎ᠡ ᠳ᠋ᠦ᠍ ᠥᠷᠨᠢᠨ ᠬᠥᠭᠵᠢᠭᠡᠳ ᠠᠷᠠᠳ ᠢᠷᠭᠡᠳ ᠦ᠋ᠨ ᠳᠤᠷ᠎ᠠ ᠪᠠᠬ᠎ᠠ ᠲᠠᠢ ᠥᠷᠨᠢᠭᠦᠯᠳᠡᠭ ᠨᠢᠭᠡᠨ ᠲᠠᠮᠢᠷ ᠪᠣᠯᠪᠠ᠃ ᠬᠣᠵᠢᠮ ᠨᠢ ᠤᠯᠠᠮᠵᠢᠯᠠᠯ ᠲᠠᠰᠤᠷᠠᠵᠤ ᠵᠥᠪᠬᠡᠨ ᠶᠤᠸᠠᠨ ᠤᠯᠤᠰ ᠤ᠋ᠨ ᠰᠤᠳᠤᠷ ᠲᠡᠦᠬᠡ ᠳ᠋ᠦ᠍ ᠯᠡ《ᠭᠦᠶᠦᠭᠴᠢ》 ᠶ᠋ᠢᠨ ᠨᠡᠷ᠎ᠡ ᠪᠡᠷ ᠲᠡᠮᠳᠡᠭᠯᠡᠭᠳᠡᠨ ᠦᠯᠡᠳᠡᠭᠰᠡᠨ ᠠᠵᠢ᠃ᠬᠡᠳᠦᠨ ᠵᠠᠭᠤᠨ ᠵᠢᠯ ᠦ᠋ᠨ ᠬᠣᠢᠨ᠎ᠠ ᠧᠦ᠋ᠷᠣᠫᠠᠴᠤᠳ ᠬᠣᠯᠠ ᠭᠦᠶᠦᠳᠡᠯ ᠦ᠋ᠨ ᠤᠷᠤᠯᠳᠤᠭᠠᠨ ᠥᠷᠨᠢᠭᠦᠯᠵᠦ 《ᠮᠠᠷᠠᠽᠤᠨ ᠬᠣᠯᠠ ᠭᠦᠶᠦᠳᠡᠯ》ᠦ᠋ᠨ ᠤᠷᠤᠯᠳᠤᠭᠠᠨ ᠢ᠋ ᠡᠭᠦᠳᠦᠨ ᠨᠡᠭᠡᠭᠡᠭᠰᠡᠨ ᠦᠨᠳᠦᠰᠦᠲᠡᠨ ᠤᠭᠰᠠᠭᠠᠲᠠᠨ ᠤ᠋ ᠬᠤᠪᠢ ᠪᠠᠷ ᠳᠡᠯᠡᠬᠡᠢ ᠳ᠋ᠠᠬᠢᠨ᠎ᠠ ᠢᠯᠡᠷᠡᠵᠦᠬᠦᠢ᠃ᠠᠯᠢ ᠡᠷᠲᠡ ᠮᠠᠨ ᠤ᠋ ᠮᠣᠩᠭᠣᠯ ᠦᠨᠳᠦᠰᠦᠲᠡᠨ ᠦ᠌ ᠡᠭᠦᠳᠦᠨ ᠨᠡᠭᠡᠭᠡᠭᠰᠡᠨ ᠲᠠᠮᠢᠷ ᠢ᠋ ᠬᠡᠵᠢᠶ᠎ᠡ ᠬᠣᠢᠨ᠎ᠠ ᠥᠷᠨᠢᠭᠦᠯᠦᠭᠰᠡᠨ ᠬᠠᠷᠢ ᠦᠨᠳᠦᠰᠦᠲᠡᠨ ᠠᠯᠳᠠᠷ ᠨᠡᠷ᠎ᠡ ᠮᠠᠨᠳᠤᠭᠰᠠᠨ ᠨᠢ ᠮᠣᠩᠭᠣᠯᠴᠤᠳ ᠪᠡᠶ᠎ᠡ ᠪᠡᠨ ᠪᠤᠰᠤᠳ ᠲᠤ᠌ ᠲᠠᠨᠢᠯᠴᠠᠭᠤᠯᠤᠨ ᠤᠬᠠᠭᠤᠯᠤᠭᠰᠠᠨ ᠦᠭᠡᠢ ᠶ᠋ᠢᠨ ᠨᠢᠭᠡᠨ ᠰᠢᠯᠲᠠᠭᠠᠨ᠂ᠡᠭᠦᠳᠡ ᠪᠡᠨ ᠬᠠᠭᠠᠭᠰᠠᠨ ᠬᠡᠪᠰᠢᠮᠡᠯ ᠲᠦᠭᠵᠢᠮᠡᠯ ᠪᠣᠳᠣᠯᠭ᠎ᠠ ᠶ᠋ᠢᠨ ᠪᠠᠰᠠ ᠨᠢᠭᠡᠨ ᠰᠢᠯᠲᠠᠭᠠᠨ ᠪᠠᠢᠭ᠎ᠠ ᠪᠢᠵᠡ ᠠ᠋᠃
