ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ06Юан улсын дээд нийслэл шант ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ06Юан улсын дээд нийслэл шант

ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ06Юан улсын дээд нийслэл шант

ᠠᠩᠭᠢᠯᠠᠯ:ᠲᠡᠦᠬᠡ ᠰᠣᠶᠣᠯ
2025-04-05

1667

ᠵᠢᠷᠭᠤᠭ᠎ᠠ ᠤᠯᠠᠭ᠎ᠠ ᠥᠷᠲᠡᠭᠡ ᠵᠠᠮ

    ᠴᠢᠩᠭᠢᠰ ᠬᠠᠭᠠᠨ ᠮᠣᠩᠭᠣᠯ ᠣᠷᠣᠨ ᠠ᠋ᠴᠠ ᠳᠤᠮᠳᠠᠳᠤ ᠠᠽᠢᠶ᠎ᠠ ᠳ᠋ᠤ᠌ ᠨᠡᠪᠲᠡᠷᠡᠭᠰᠡᠨ ᠠᠩᠬᠠᠨ ᠤ᠋ ᠥᠷᠲᠡᠭᠡ ᠵᠠᠮ ᠭᠠᠷᠭᠠᠭᠰᠠᠨ ᠶᠤᠮ᠃ᠥᠭᠡᠳᠡᠢ ᠬᠠᠭᠠᠨ ᠥᠷᠲᠡᠭᠡ ᠶ᠋ᠢᠨ ᠶᠣᠰᠣ ᠶ᠋ᠢ ᠲᠣᠭᠲᠠᠭᠠᠵᠤ ᠥᠷᠲᠡᠭᠡ ᠵᠠᠮ ᠢ᠋ ᠤᠯᠠᠮ ᠨᠢᠭᠡ ᠠᠯᠬᠤᠮ ᠲᠡᠭᠦᠯᠳᠡᠷᠵᠢᠭᠦᠯᠵᠦ ᠬᠠᠮᠢᠶᠠᠷᠤᠯᠲᠠ ᠶ᠋ᠢᠨ ᠠᠩᠬᠠᠨ ᠤ᠋ ᠳᠦᠷᠢᠮ ᠲᠣᠭᠲᠠᠭᠠᠯ ᠢ᠋ ᠲᠣᠭᠲᠠᠭᠠᠨ ᠬᠡᠷᠡᠭᠵᠢᠭᠦᠯᠪᠡ ᠃ ᠬᠤᠪᠢᠯᠠᠢ ᠬᠠᠭᠠᠨ ᠣᠷᠣ ᠵᠠᠯᠭᠠᠮᠵᠢᠯᠠᠵᠤ ᠶᠡᠬᠡ ᠶᠤᠸᠠᠨ ᠭᠦᠷᠦᠨ ᠢ᠋ ᠪᠠᠢᠭᠤᠯᠤᠭᠰᠠᠨ ᠤ᠋ ᠳᠠᠷᠠᠭ᠎ᠠ ᠱᠠᠩᠳᠤ ᠪᠠ ᠳᠠᠢᠳᠤ ᠬᠣᠶᠠᠷ ᠨᠡᠢᠰᠯᠡᠯ ᠢ᠋ᠶ᠋ᠡᠷ ᠭᠣᠣᠯ ᠲᠥᠪ ᠪᠣᠯᠭᠠᠭᠰᠠᠨ ᠥᠷᠲᠡᠭᠡ ᠵᠠᠮ ᠢ᠋ ᠴᠢᠨᠠᠭᠰᠢᠳᠠ ᠪᠦᠷᠢᠨᠰᠢᠭᠦᠯᠵᠦ᠂ᠪᠦᠬᠦ ᠤᠯᠤᠰ ᠤ᠋ᠨ ᠳᠥᠷᠪᠡᠨ ᠵᠦᠭ ᠨᠠᠢ᠍ᠮᠠᠨ ᠵᠣᠪᠬᠢᠰ ᠢ᠋ ᠬᠣᠯᠪᠣᠨ ᠱᠠᠩᠳᠤ ᠠ᠋ᠴᠠ ᠳᠠᠢᠳᠤ ᠪᠠ ᠬᠠᠷᠠᠬᠣᠷᠣᠮ ᠥᠷᠲᠡᠭᠡ ᠬᠦᠷᠬᠦ119 ᠥᠷᠲᠡᠭᠡ ᠭᠠᠷᠭᠠᠵᠤ᠂ᠬᠠᠮᠢᠶᠠᠷᠤᠯᠲᠠ ᠶ᠋ᠢᠨ ᠳᠦᠷᠢᠮ ᠲᠣᠭᠲᠠᠭᠠᠯ ᠢ᠋ ᠨᠡᠩ ᠴᠢᠨᠠᠭᠰᠢ ᠨᠠᠷᠢᠰᠬᠠᠨ ᠥᠷᠲᠡᠭᠡᠨ ᠦ᠌ ᠲᠤᠰ ᠪᠡᠶ᠎ᠡ ᠶ᠋ᠢᠨ ᠪᠦᠲᠦᠭᠡᠨ ᠪᠠᠢᠭᠤᠯᠤᠯᠲᠠ  ᠶ᠋ᠢᠨ ᠲᠤᠬᠠᠢ ᠳᠦᠷᠢᠮ ᠲᠣᠭᠲᠠᠭᠠᠯ ᠪᠠ ᠥᠷᠲᠡᠭᠡ ᠵᠠᠮ ᠢ᠋ᠶ᠋ᠠᠷ ᠶᠠᠪᠤᠬᠤ ᠡᠯᠴᠢ ᠲᠦᠰᠢᠮᠡᠯ ᠦ᠋ᠨ ᠥᠷᠲᠡᠭᠡ ᠤᠯᠠᠭ᠎ᠠ ᠠᠪᠬᠤ ᠲᠤᠬᠠᠢ ᠳᠦᠷᠢᠮ ᠲᠣᠭᠲᠠᠭᠠᠯ ᠢ᠋ ᠴᠦ᠍ ᠲᠣᠳᠣᠷᠬᠠᠢᠯᠠᠨ ᠪᠣᠳᠠᠲᠠᠢᠵᠢᠭᠤᠯᠵᠠᠢ᠃ᠶᠤᠸᠠᠨ ᠤᠯᠤᠰ ᠤ᠋ᠨ ᠦᠶ᠎ᠡ ᠶ᠋ᠢᠨ ᠥᠷᠲᠡᠭᠡ ᠵᠠᠮ ᠨᠢ ᠲᠤᠰᠬᠠᠢᠯᠠᠨ ᠴᠢᠮᠡᠭᠡ ᠮᠡᠳᠡᠭᠡ ᠶ᠋ᠢᠨ ᠨᠡᠪᠲᠡᠷᠡᠯᠭᠡ᠂ᠠᠶᠠᠨ ᠵᠥᠭᠡᠭᠡᠪᠦᠷᠢ ᠶ᠋ᠢᠨ ᠦᠢᠯᠡᠰ ᠢ᠋ ᠡᠷᠬᠢᠯᠡᠳᠡᠭ ᠦᠨᠳᠦᠰᠦᠨ ᠱᠠᠲᠤᠨ ᠤ᠋ ᠪᠠᠢᠭᠤᠯᠤᠮᠵᠢ ᠪᠠᠢᠪᠠ᠃ᠮᠣᠩᠭᠣᠯ ᠭᠦᠷᠦᠨ ᠳᠠᠶᠠᠭᠠᠷ ᠪᠠᠢᠭᠤᠯᠤᠭᠰᠠᠨ ᠤᠯᠤᠰ ᠤ᠋ᠨ ᠥᠷᠲᠡᠭᠡᠨ ᠦ᠌ ᠦᠢᠯᠡᠳᠦᠯ ᠤᠯᠠᠮ ᠰᠢᠰᠲ᠋ᠧᠮ ᠲᠡᠢ ᠤᠯᠠᠮ ᠰᠢᠭᠤᠳ ᠰᠢᠯᠤᠭᠤᠨ᠂ᠠᠮᠤᠷ ᠲᠠᠢᠪᠤᠩ ᠢ᠋ᠶ᠋ᠠᠷ ᠤᠯᠤᠰ ᠤ᠋ᠨ ᠭᠠᠳᠠᠭᠠᠳᠤ ᠳᠣᠲᠣᠭᠠᠳᠤ ᠶ᠋ᠢ ᠠᠵᠤ ᠠᠬᠤᠢ᠂ᠰᠣᠶᠣᠯ ᠬᠥᠮᠦᠵᠢᠯ᠂ᠠᠷᠠᠯᠵᠢᠶ᠎ᠠ ᠬᠤᠳᠠᠯᠳᠤᠭ᠎ᠠ ᠪᠠᠷ ᠬᠣᠯᠪᠣᠭᠰᠠᠨ ᠪᠢᠯᠡ᠃ᠡᠵᠡᠨ ᠬᠠᠭᠠᠨ ᠤ᠋ ᠣᠷᠳᠣᠨ ᠠ᠋ᠴᠠ ᠭᠠᠳᠠᠭᠰᠢ ᠵᠠᠷᠤᠬᠤ ᠡᠯᠴᠢ ᠲᠦᠰᠢᠮᠡᠯ᠂ᠭᠠᠳᠠᠨ᠎ᠠ ᠠ᠋ᠴᠠ ᠢᠷᠡᠬᠦ ᠡᠯᠴᠢ ᠲᠥᠯᠥᠭᠡᠯᠡᠭᠴᠢᠳ᠂ᠨᠣᠶᠠᠳ ᠲᠦᠰᠢᠮᠡᠯ᠂ᠬᠤᠳᠠᠯᠳᠤᠭᠠᠴᠢᠳ ᠪᠦᠷ ᠥᠷᠲᠡᠭᠡᠨ ᠦ᠌ ᠬᠠᠩᠭᠠᠯᠭ᠎ᠠ ᠶ᠋ᠢ ᠲᠦᠰᠢᠵᠦ ᠠᠶᠠᠯᠠᠵᠤ ᠪᠠᠢᠪᠠ᠃ᠥᠷᠲᠡᠭᠡᠨ ᠦ᠌ ᠬᠠᠩᠭᠠᠮᠵᠢ ᠳ᠋ᠤ᠌ ᠤᠨᠤᠭ᠎ᠠ ᠬᠥᠰᠬᠡ᠂ᠣᠷᠣᠨ ᠰᠠᠭᠤᠴᠠ᠂ᠬᠣᠭᠣᠯᠠ ᠤᠮᠳᠠ ᠶ᠋ᠢ ᠪᠦᠷ ᠣᠯᠭᠣᠳᠠᠭ ᠪᠠᠢᠭᠰᠠᠨ ᠠᠵᠢ᠃ᠥᠷᠲᠡᠭᠡ ᠵᠠᠮ ᠢ᠋ᠶ᠋ᠠᠷ ᠳᠣᠲᠣᠭᠠᠳᠤ ᠭᠠᠳᠠᠭᠠᠳᠤ ᠶ᠋ᠢᠨ ᠠᠷᠠᠯᠵᠢᠶᠠᠴᠢᠨ ᠶᠡᠬᠡ ᠬᠡᠮᠵᠢᠶ᠎ᠡ ᠪᠡᠷ ᠨᠡᠪᠲᠡᠷᠡᠵᠦ ᠪᠠᠢᠵᠠᠢ᠃ᠬᠠᠭᠠᠨ ᠣᠷᠳᠣᠨ ᠤ᠋ ᠬᠢᠨ ᠦᠯᠡᠮᠵᠢ ᠳᠠᠪᠠᠭᠤ ᠦᠨ᠎ᠡ ᠬᠠᠩᠰᠢ ᠪᠠᠷ ᠪᠠᠷᠠᠭ᠎ᠠ ᠲᠠᠸᠠᠷ ᠢ᠋ ᠬᠤᠳᠠᠯᠳᠤᠨ ᠠᠪᠴᠤ ᠤᠯᠤᠰ ᠤ᠋ᠨ ᠰᠠᠩ ᠠ᠋ᠴᠠ ᠣᠯᠠᠨ ᠮᠢᠩᠭᠠᠨ ᠠᠯᠲᠠᠨ ᠵᠣᠭᠣᠰ ᠭᠠᠷᠭᠠᠳᠠᠭ ᠪᠠᠢᠭᠰᠠᠨ ᠶᠤᠮ᠃
ᠵᠦᠩ ᠲᠦᠩ ᠦ᠋ᠨ ᠲᠡᠷᠢᠭᠦᠨ ᠣᠨ(1260 ᠣᠨ) ᠤ᠋ ᠲᠠᠪᠤᠳᠤᠭᠠᠷ ᠰᠠᠷ᠎ᠠ ᠳ᠋ᠤ᠌ ᠬᠤᠪᠢᠯᠠᠢ ᠬᠠᠭᠠᠨ ᠵᠠᠷᠯᠢᠭ ᠪᠠᠭᠤᠯᠭᠠᠨ ᠶᠠᠨ ᠵᠢᠩ ᠡᠴᠡ ᠬᠡᠢᠪᠣᠩ ᠬᠦᠷᠲᠡᠯᠡᠬᠢ ᠦᠬᠡᠷ ᠲᠡᠷᠭᠡᠨ ᠥᠷᠲᠡᠭᠡᠨ ᠵᠠᠮ ᠭᠠᠷᠭᠠᠬᠤ ᠵᠣᠭᠣᠰ ᠥᠭᠴᠦ ᠲᠡᠷᠭᠡᠨ ᠦᠬᠡᠷ ᠪᠡᠯᠡᠳᠬᠡᠭᠦᠯᠵᠡᠢ᠃ᠵᠦᠩ ᠲᠦᠩ ᠦ᠋ᠨ ᠳᠥᠷᠪᠡᠳᠦᠭᠡᠷ ᠣᠨ ᠤ᠋ ᠲᠠᠪᠤᠳᠤᠭᠠᠷ ᠰᠠᠷ᠎ᠠ ᠶ᠋ᠢᠨ ᠤᠯᠠᠭᠠᠨ ᠪᠡᠴᠢᠨ ᠡᠳᠦᠷ ᠬᠤᠪᠢᠯᠠᠢ ᠰᠡᠴᠡᠨ ᠬᠠᠭᠠᠨ ᠪᠠᠰᠠ ᠵᠠᠷᠯᠢᠭ ᠪᠠᠭᠤᠯᠭᠠᠨ ᠱᠠᠩᠳᠤ ᠶ᠋ᠢᠨ ᠮᠣᠷᠢᠨ ᠥᠷᠲᠡᠭᠡ᠂ᠶᠠᠪᠠᠭᠠᠨ ᠥᠷᠲᠡᠭᠡ ᠶ᠋ᠢ ᠪᠠᠢᠭᠤᠯᠪᠠ᠃ᠠᠶᠠᠨ ᠵᠢᠩ ᠦ᠋ᠨ ᠬᠥᠮᠦᠰ ᠦ᠋ᠨ ᠳᠥᠭᠥᠮ ᠢ᠋ ᠪᠣᠳᠣᠯᠬᠢᠯᠠᠨ ᠵᠠᠭᠤᠭᠠᠳ ᠭᠠᠵᠠᠷ ᠠᠯᠤᠰᠯᠠᠭᠠᠳ ᠨᠢᠭᠡ ᠥᠷᠲᠡᠭᠡ ᠭᠠᠷᠭᠠᠵᠠᠢ᠃ᠥᠷᠲᠡᠭᠡ ᠪᠦᠷᠢ ᠳ᠋ᠦ᠍ ᠣᠯᠠᠨ ᠮᠣᠷᠢᠳ ᠲᠠᠢ᠂ᠰᠠᠷ᠎ᠠ ᠪᠦᠷᠢ ᠬᠠᠭᠠᠰ ᠲᠣᠭᠠᠨ ᠤ᠋ ᠮᠣᠷᠢᠳ ᠢ᠋ ᠤᠯᠠᠭ᠎ᠠ ᠳ᠋ᠤ᠌ ᠬᠡᠷᠡᠭᠯᠡᠨ ᠨᠥᠭᠦᠭᠡ ᠬᠠᠭᠠᠰ ᠢ᠋ ᠨᠢ ᠠᠮᠠᠷᠠᠭᠤᠯᠵᠤ ᠪᠠᠢᠳᠠᠭ᠃ᠤᠯᠠᠭ᠎ᠠ ᠶ᠋ᠢᠨ ᠮᠣᠷᠢᠳ ᠢ᠋ ᠠᠷᠠᠳ ᠠ᠋ᠴᠠ ᠲᠠᠲᠠᠵᠤ ᠠᠪᠬᠤ ᠪᠣᠯᠪᠠᠴᠤ ᠤᠯᠠᠭ᠎ᠠ ᠶ᠋ᠢᠨ ᠠᠯᠪᠠᠲᠠᠨ ᠳ᠋ᠤ᠌ ᠡᠭᠦᠨ ᠡᠴᠡ ᠪᠤᠰᠤᠳ ᠵᠦᠢᠯ ᠦ᠋ᠨ ᠠᠯᠪᠠ ᠳᠠᠭᠠᠭᠠᠯᠭᠠᠳᠠᠭ ᠦᠭᠡᠢ᠃ᠪᠠᠴᠢᠮ ᠴᠢᠬᠤᠯᠠ ᠦᠶ᠎ᠡ ᠳ᠋ᠦ᠍ ᠳᠥᠷᠪᠡᠨ ᠤᠯᠠᠭᠠᠴᠢᠨ ᠨᠢᠭᠡ ᠡᠳᠦᠷ ᠰᠥᠨᠢ ᠶ᠋ᠢᠨ ᠬᠣᠪᠢᠨ ᠳ᠋ᠤ᠌1000 ᠭᠠᠷᠤᠢ ᠭᠠᠵᠠᠷ ᠳᠠᠪᠬᠢᠭᠤᠯᠳᠠᠭ᠃ᠨᠢᠭᠡ ᠥᠷᠲᠡᠭᠡᠨ ᠳ᠋ᠦ᠍ ᠬᠦᠷᠬᠦᠯᠡᠷ ᠲᠡᠷᠡ ᠥᠷᠲᠡᠭᠡᠨ ᠡᠴᠡ ᠰᠣᠯᠢᠵᠤ ᠤᠨᠤᠬᠤ ᠮᠣᠷᠢ ᠪᠡᠯᠡᠳᠬᠡᠭᠦᠯᠬᠦ ᠶ᠋ᠢᠨ ᠲᠤᠯᠠᠳᠠ ᠤᠯᠠᠭᠠᠴᠢᠨ ᠨᠢ ᠪᠦᠷᠢᠶ᠎ᠡ ᠦᠯᠢᠶᠡᠵᠦ ᠴᠢᠮᠡᠭᠡ ᠥᠭᠳᠡᠭ᠃ᠬᠣᠶᠠᠷ ᠥᠷᠲᠡᠭᠡᠨ ᠦ᠌ ᠬᠣᠭᠣᠷᠣᠨᠳᠣ ᠠᠷᠪᠠᠭᠠᠳ ᠭᠠᠵᠠᠷ ᠪᠦᠷᠢ ᠳ᠋ᠦ᠍ ᠶᠠᠪᠠᠭᠠᠨ ᠢ᠋ᠶ᠋ᠠᠷ ᠴᠢᠮᠡᠭᠡ ᠬᠦᠷᠭᠡᠬᠦ ᠳ᠋ᠦ᠍ ᠪᠡᠯᠡᠳᠬᠡᠭᠰᠡᠨ ᠨᠢᠭᠡ ᠳᠠᠮᠵᠢᠭᠤᠯᠬᠤ ᠪᠦᠷᠬᠡ ᠲᠡᠢ᠃ᠶᠠᠪᠠᠭᠠᠨ ᠤᠯᠠᠭᠠᠴᠢᠨ ᠨᠢ ᠲᠠᠰᠢᠶᠠᠨ ᠳ᠋ᠠᠭᠠᠨ ᠵᠢᠵᠢᠭᠬᠡᠨ ᠬᠣᠩᠬᠣ ᠵᠡᠭᠦᠵᠦ ᠶᠠᠪᠤᠳᠠᠭ᠃ᠪᠦᠷᠭᠡᠨ ᠦ᠌ ᠬᠥᠮᠦᠰ ᠬᠣᠩᠬᠣᠨ ᠤ᠋ ᠴᠢᠮᠡᠭᠡ ᠶ᠋ᠢ ᠰᠣᠨᠣᠰᠤᠮᠠᠭᠴᠠ ᠰᠣᠯᠢᠵᠤ ᠶᠠᠪᠤᠭᠤᠯᠬᠤ ᠤᠯᠠᠭᠠᠴᠢ ᠪᠠᠨ ᠲᠦᠷᠭᠡᠨ ᠭᠠᠷᠭᠠᠵᠤ ᠳᠠᠷᠤᠢᠬᠠᠨ ᠰᠣᠯᠢᠵᠤ ᠶᠠᠪᠤᠳᠠᠭ᠃ᠪᠦᠷᠬᠡ ᠪᠠ ᠥᠷᠲᠡᠭᠡ ᠪᠦᠷᠢ ᠳ᠋ᠦ᠍ ᠪᠦᠷ ᠪᠦᠷᠢᠳᠬᠡᠯ ᠬᠢᠬᠦ ᠳᠠᠩᠰᠠ ᠳᠡᠪᠲᠡᠷ ᠲᠡᠢ᠃ᠤᠯᠠᠭᠠᠴᠢᠨ ᠤ᠋ ᠢᠷᠡᠵᠦ ᠣᠴᠢᠭᠰᠠᠨ ᠴᠠᠭ ᠮᠥᠴᠡ ᠶ᠋ᠢ ᠲᠡᠮᠳᠡᠭᠯᠡᠳᠡᠭ ᠪᠢᠯᠡ᠃
  ᠮᠣᠩᠭᠣᠯ ᠤ᠋ᠨ ᠥᠷᠲᠡᠭᠡ ᠨᠤᠭᠦᠳ ᠢ᠋ ᠱᠠᠩᠳᠤ ᠨᠡᠢᠰᠯᠡᠯ ᠳ᠋ᠡᠬᠢ 《ᠵᠠᠰᠠᠭ ᠨᠡᠪᠲᠡᠷᠡᠭᠦᠯᠬᠦ ᠶᠠᠮᠤᠨ》 ᠰᠢᠭᠤᠳ ᠵᠠᠬᠢᠷᠴᠤ ᠪᠠᠢᠭᠰᠠᠨ ᠶᠤᠮ᠃ᠬᠤᠪᠢᠯᠠᠢ ᠶ᠋ᠢᠨ ᠦᠶ᠎ᠡ ᠳ᠋ᠦ᠍1280 ᠣᠨ ᠤ᠋ ᠦᠶᠡᠰ ᠥᠷᠲᠡᠭᠡᠨ ᠦ᠌ ᠬᠠᠤᠯᠢ ᠶ᠋ᠢ ᠰᠢᠨᠡᠴᠢᠯᠡᠨ ᠮᠣᠩᠭᠣᠯ ᠭᠠᠵᠠᠷ ᠤ᠋ᠨ ᠥᠷᠲᠡᠭᠡ  ᠪᠡᠷ ᠭᠠᠭᠴᠠᠬᠦ ᠴᠡᠷᠢᠭ ᠦ᠋ᠨ ᠶᠠᠪᠤᠳᠠᠯ ᠤ᠋ᠨ ᠡᠯᠴᠢ ᠡᠴᠡ ᠪᠤᠰᠤᠳ ᠬᠥᠮᠦᠰ ᠲᠦ᠍ ᠥᠷᠲᠡᠭᠡ ᠥᠭᠬᠦ ᠶ᠋ᠢ ᠴᠠᠭᠠᠵᠠᠯᠠᠵᠤ᠂ᠪᠠᠰᠠ ᠥᠷᠲᠡᠭᠡᠯᠡᠨ ᠶᠠᠪᠤᠭᠴᠢᠳ ᠤ᠋ᠨ ᠵᠡᠷᠭᠡ ᠲᠤᠰᠢᠶᠠᠯ ᠢ᠋ ᠲᠣᠳᠣᠷᠬᠠᠢᠯᠠᠨ ᠪᠢᠴᠢᠭᠯᠡᠬᠦ᠂ᠥᠷᠲᠡᠭᠡᠨ ᠦ᠌ ᠡᠷᠦᠬᠡ ᠶ᠋ᠢ ᠪᠤᠰᠤᠳ ᠠᠯᠪᠠ ᠲᠠᠲᠠᠪᠤᠷᠢ ᠠ᠋ᠴᠠ ᠴᠢᠯᠥᠭᠡᠯᠡᠬᠦ ᠪᠡᠷ ᠲᠣᠭᠲᠠᠭᠠᠭᠰᠠᠨ ᠪᠠ ᠥᠷᠲᠡᠭᠡᠨ ᠦ᠌ ᠮᠠᠯ ᠳ᠋ᠤ᠌ ᠰᠣᠩᠭᠣᠳᠠᠭ ᠰᠠᠢᠨ ᠪᠡᠯᠴᠢᠭᠡᠷ ᠲᠣᠬᠢᠷᠠᠭᠤᠯᠤᠨ ᠣᠯᠭᠤᠵᠠᠢ᠃ ᠪᠦᠬᠦ ᠤᠯᠤᠰ ᠲᠤ᠌1500 ᠭᠠᠷᠤᠢ ᠤᠯᠠᠭ᠎ᠠ ᠥᠷᠲᠡᠭᠡ ᠶ᠋ᠢ ᠪᠠᠢᠭᠤᠯᠤᠭᠰᠠᠨ ᠤ᠋ ᠬᠠᠮᠲᠤ ᠪᠠᠰᠠ ᠬᠠᠭᠠᠨ ᠣᠷᠳᠣᠨ ᠪᠣᠯᠤᠨ ᠡᠯ᠎ᠡ
ᠴᠥᠯᠭᠡ᠂ᠶᠠᠮᠤᠨ᠂ᠵᠢᠶᠦ᠋ᠨ᠂ᠰᠢᠶᠠᠨ ᠤ᠋ ᠠᠯᠪᠠᠨ ᠪᠢᠴᠢᠭ ᠢ᠋ ᠬᠤᠷᠳᠤᠨ ᠳᠠᠮᠵᠢᠭᠤᠯᠬᠤ ᠡᠭᠦᠷᠭᠡ ᠭᠦᠢᠴᠡᠳᠬᠡᠳᠡᠭ ᠲᠦᠷᠭᠡᠨ ᠳᠠᠮᠵᠢᠭᠤᠯᠬᠤ ᠥᠷᠲᠡᠭᠡ ᠶ᠋ᠢ ᠴᠦ᠍ ᠪᠠᠢᠭᠤᠯᠤᠭᠰᠠᠨ ᠶᠤᠮ᠃ᠲᠦᠷᠭᠡᠨ ᠳᠠᠮᠵᠢᠭᠤᠯᠬᠤ ᠥᠷᠲᠡᠭᠡᠨ ᠦ᠌ ᠬᠣᠭᠣᠷᠣᠨᠳᠣᠬᠢ ᠵᠠᠢ ᠨᠢ ᠣᠬᠣᠷ᠂10 ᠠ᠋ᠴᠠ15 ᠪᠤᠶᠤ20 ᠭᠠᠵᠠᠷ ᠲᠤ᠌ ᠨᠢᠭᠡ ᠥᠷᠲᠡᠭᠡ ᠭᠠᠷᠭᠠᠪᠠ᠃ᠥᠷᠲᠡᠭᠡᠨ ᠦ᠌ ᠵᠠᠮ ᠨᠢ ᠤᠮᠠᠷᠠᠰᠢ ᠬᠠᠷᠠᠬᠣᠷᠣᠮ᠂ᠡᠮᠦᠨᠡᠰᠢ ᠳ᠋ᠠᠯᠢ᠂ᠪᠠᠷᠠᠭᠤᠨᠰᠢ ᠬᠢᠪᠴᠠᠭ᠂ᠢᠯ ᠬᠣᠶᠠᠷ ᠬᠠᠨᠳᠤ ᠤᠯᠤᠰ᠂ᠵᠡᠭᠦᠨᠰᠢ ᠨᠣᠷᠭᠠᠨ ᠳ᠋ᠤ᠌ ᠨᠡᠪᠲᠡᠷᠡᠭᠡᠳ ᠤᠯᠤᠰ ᠤ᠋ᠨ ᠳᠣᠲᠣᠷᠠᠬᠢ ᠦᠨᠳᠦᠰᠦᠲᠡᠨ ᠨᠦ᠍ᠭᠦᠳ ᠪᠣᠯᠤᠨ ᠡᠯ᠎ᠡ ᠭᠠᠵᠠᠷ ᠤ᠋ᠨ ᠠᠵᠤ ᠠᠬᠤᠢ᠂ᠰᠣᠶᠣᠯ ᠪᠣᠯᠪᠠᠰᠤᠷᠠᠯ ᠤ᠋ᠨ ᠬᠠᠷᠢᠯᠴᠠᠭ᠎ᠠ ᠬᠣᠯᠪᠣᠭ᠎ᠠ ᠶ᠋ᠢ ᠡᠷᠴᠢᠮᠵᠢᠭᠦᠯᠬᠦ ᠳ᠋ᠦ᠍ ᠯᠤᠲᠤ ᠶᠡᠬᠡ ᠦᠢᠯᠡᠳᠦᠯ ᠦᠵᠡᠭᠦᠯᠦᠭᠰᠡᠨ ᠶᠦ᠍ᠮ᠃ᠶᠤᠸᠠᠨ ᠤᠯᠤᠰ ᠤ᠋ᠨ ᠦᠶ᠎ᠡ ᠳ᠋ᠦ᠍ ᠳᠠᠪᠠᠭᠠᠨ ᠠᠷᠤ ᠳ᠋ᠤ᠌ ᠨᠡᠪᠲᠡᠷᠡᠬᠦ ᠲᠡᠷᠭᠡᠨ ᠵᠠᠮ᠂ᠮᠣᠷᠢᠨ ᠵᠠᠮ᠂ᠨᠠᠷᠢᠨ ᠵᠠᠮ ᠭᠡᠬᠦ ᠥᠷᠲᠡᠭᠡ ᠶ᠋ᠢ109 ᠶ᠋ᠢ ᠪᠠᠢᠭᠤᠯᠤᠭᠰᠠᠨ ᠪᠠᠢᠵᠠᠢ᠃
   ᠲᠡᠷᠭᠡᠨ ᠵᠠᠮ ᠨᠢ ᠶᠡᠬᠡ ᠨᠡᠢᠰᠯᠡᠯ ᠳᠠᠢᠳᠤ ᠠ᠋ᠴᠠ ᠭᠠᠷᠤᠭᠠᠳ ᠳᠡᠭᠡᠳᠦ ᠨᠡᠢᠰᠯᠡᠯ ᠱᠠᠩᠳᠤ ᠬᠣᠲᠠ ᠶ᠋ᠢ ᠳᠠᠭᠠᠷᠢᠨ᠂ᠤᠮᠠᠷᠠᠰᠢ ᠬᠣᠩᠭᠢᠷᠠᠳ ᠠᠢᠮᠠᠭ ᠤ᠋ᠨ ᠲᠥᠪ ᠢᠩ ᠴᠠᠩ ᠹᠦ ᠬᠣᠲᠠ ᠪᠠᠷ ᠥᠩᠭᠡᠷᠡᠵᠦ᠂ᠪᠠᠷᠠᠭᠤᠨ ᠬᠣᠢᠰᠢ ᠮᠤᠷᠤᠢᠨ ᠬᠡᠷᠦᠯᠦᠨ ᠭᠣᠣᠯ ᠤ᠋ᠨ ᠳᠡᠭᠡᠳᠦ ᠤᠷᠤᠰᠬᠠᠯ ᠬᠠᠪᠢ ᠳ᠋ᠤ᠌ ᠬᠦᠷᠴᠦ᠂ᠳᠠᠬᠢᠨ ᠪᠠᠷᠠᠭᠤᠨᠰᠢ ᠡᠷᠭᠢᠨ ᠬᠠᠷᠠᠬᠣᠷᠣᠮ ᠳ᠋ᠤ᠌ ᠬᠦᠷᠳᠡᠭ᠃ᠭᠣᠣᠯ ᠨᠢ ᠠᠮᠤ ᠪᠤᠳᠠᠭ᠎ᠠ᠂ ᠪᠠᠷᠠᠭ᠎ᠠ ᠲᠠᠸᠠᠷ ᠵᠥᠭᠡᠭᠡᠪᠦᠷᠢᠯᠡᠬᠦ ᠡᠭᠦᠷᠭᠡ ᠭᠦᠢᠴᠡᠳᠬᠡᠳᠡᠭ᠃ᠮᠥᠨ ᠳᠠᠪᠠᠭᠠᠨ ᠠᠷᠤ ᠶ᠋ᠢᠨ ᠡᠯ᠎ᠡ ᠭᠠᠵᠠᠷ ᠤ᠋ᠨ ᠸᠠᠩ ᠨᠣᠶᠠᠳ᠂ᠲᠠᠢᠵᠢ ᠢᠵᠡᠭᠤᠷᠳᠡᠳ ᠨᠡᠢᠰᠯᠡᠯ ᠪᠠᠯᠭᠠᠰᠤᠨ ᠳ᠋ᠤ᠌ ᠢᠷᠡᠵᠦ ᠬᠠᠭᠠᠨ ᠳ᠋ᠤ᠌ ᠪᠠᠷᠠᠯᠠᠬᠤ᠂ᠱᠠᠩᠳᠤ ᠳᠠᠢᠳᠤ ᠠ᠋ᠴᠠ ᠲᠣᠮᠢᠯᠠᠭᠰᠠᠨ ᠡᠯᠴᠢ ᠲᠦᠰᠢᠮᠡᠯ᠂ᠴᠡᠷᠢᠭ ᠠᠩᠭᠢ ᠪᠦᠷ ᠡᠨᠡ ᠬᠦ᠌ ᠲᠡᠷᠭᠡᠨ ᠵᠠᠮ ᠤ᠋ᠨ ᠥᠷᠲᠡᠭᠡ ᠪᠡᠷ ᠳᠠᠮᠵᠢᠨ ᠶᠠᠪᠤᠳᠠᠭ ᠪᠠᠢᠵᠠᠢ᠃ᠢᠩ ᠴᠠᠩ᠂ᠪᠢᠵᠢᠯᠠ᠂ᠬᠠᠨᠳᠠᠭᠠᠢ ᠠ᠋ᠴᠠ ᠪᠤᠰᠤᠳ ᠥᠷᠲᠡᠭᠡᠨ ᠦ᠌ ᠨᠡᠷᠡᠰ ᠨᠢ ᠲᠡᠦᠬᠡ ᠰᠤᠳᠤᠷ ᠲᠤ᠌ ᠲᠣᠳᠣᠷᠬᠠᠢ ᠲᠡᠮᠳᠡᠭᠯᠡᠭᠳᠡᠭᠡ ᠦᠭᠡᠢ ᠣᠷᠬᠢᠭᠳᠠᠭᠰᠠᠨ ᠪᠠᠢᠯ᠎ᠠ᠃
   ᠮᠣᠷᠢᠨ ᠵᠠᠮ᠄ᠮᠣᠷᠢᠨ ᠵᠠᠮ ᠨᠢ ᠱᠠᠩᠳᠤ ᠠ᠋ᠴᠠ ᠪᠠᠷᠠᠭᠤᠨᠰᠢ ᠪᠣᠷᠣᠬᠣᠲᠠ ᠶ᠋ᠢ ᠳᠠᠭᠠᠷᠢᠨ᠂ᠰᠢᠩ ᠾᠧ᠂ᠳ᠋ᠠᠲ᠋ᠦ᠋ᠩ ᠴᠥᠯᠭᠡ ᠶ᠋ᠢᠨ ᠠᠷᠤ ᠬᠢᠵᠠᠭᠠᠷ ᠢ᠋ᠶ᠋ᠠᠷ ᠥᠩᠭᠡᠷᠡᠭᠡᠳ ᠹᠧᠩ ᠵᠧᠦ ᠶ᠋ᠢᠨ ᠪᠠᠷᠠᠭᠤᠨ ᠬᠣᠢᠲᠤ ᠪᠡᠶ᠎ᠡ ᠶ᠋ᠢᠨ ᠳ᠋ᠢᠶᠠᠨ ᠴᠧᠩ ᠬᠦ᠌ ᠬᠠᠪᠴᠢᠯ ᠢ᠋ᠶ᠋ᠠᠷ ᠳᠠᠯᠠᠨ ᠬᠠᠷ᠎ᠠ ᠠᠭᠤᠯᠠ ᠠ᠋ᠴᠠ ᠭᠠᠷᠴᠤ ᠵᠢᠩ ᠵᠧᠦ᠂ᠱᠠ ᠵᠢᠩ ᠢ᠋ᠶ᠋ᠡᠷ ᠶᠡᠬᠡ ᠭᠣᠪᠢ ᠶ᠋ᠢᠨ ᠡᠯᠡᠰᠦᠨ ᠳ᠋ᠦ᠍ ᠣᠷᠣᠵᠤ ᠳᠠᠪᠠᠭᠠᠨ ᠠᠷᠤ ᠶ᠋ᠢᠨ ᠥᠷᠲᠡᠭᠡ ᠵᠠᠮ ᠲᠠᠢ ᠨᠡᠢᠯᠡᠨ ᠬᠠᠷᠠᠬᠣᠷᠣᠮ ᠳ᠋ᠤ᠌ ᠬᠦᠷᠳᠡᠭ ᠠᠵᠢ᠃ᠡᠨᠡ ᠬᠦ᠌ ᠮᠣᠷᠢᠨ ᠵᠠᠮ ᠤ᠋ᠨ ᠥᠷᠲᠡᠭᠡ ᠳᠡᠭᠡᠷ᠎ᠡ ᠬᠣᠲᠠ ᠪᠠᠯᠭᠠᠳ ᠢ᠋ ᠣᠯᠠᠨ ᠲᠣᠭ᠎ᠠ ᠪᠠᠷ ᠪᠠᠢᠭᠤᠯᠤᠭᠰᠠᠨ ᠤ᠋ ᠦᠯᠡᠳᠡᠭᠳᠡᠯ ᠬᠠᠭᠤᠴᠢ ᠪᠠᠭᠤᠷᠢ ᠣᠳᠣ ᠪᠠᠰᠠ ᠶᠡᠬᠡ ᠠᠷᠪᠢᠨ ᠮᠡᠳᠡᠭᠳᠡᠵᠦ ᠪᠠᠢᠭ᠎ᠠ ᠪᠢᠯᠡ᠃ᠶᠤᠸᠠᠨ ᠤᠯᠤᠰ ᠪᠠᠢᠭᠤᠯᠤᠭᠳᠠᠭᠰᠠᠨ ᠤ᠋ ᠳᠠᠷᠠᠭ᠎ᠠ ᠬᠠᠷᠠᠬᠣᠷᠣᠮ ᠠ᠋ᠴᠠ ᠪᠠᠲᠤ ᠶ᠋ᠢᠨ ᠣᠷᠳᠣᠨ ᠬᠦᠷᠬᠦ ᠥᠷᠲᠡᠭᠡ ᠵᠠᠮ ᠢ᠋ ᠴᠠᠭᠠᠰᠢ ᠰᠤᠩᠭᠠᠵᠤ ᠬᠢᠪᠴᠠᠭ ᠬᠠᠨᠳᠤ ᠤᠯᠤᠰ ᠤ᠋ᠨ ᠨᠡᠢᠰᠯᠡᠯ ᠰᠢᠷᠢ ᠬᠣᠲᠠ ᠠ᠋ᠴᠠ ᠳᠠᠢᠳᠤ ᠪᠡᠭᠡᠵᠢᠩ ᠬᠦᠷᠲᠡᠯ᠎ᠡ ᠤᠷᠲᠤᠳᠬᠠᠭᠰᠠᠨ ᠶᠤᠮ᠃
   ᠨᠠᠷᠢᠨ ᠵᠠᠮ᠄ᠨᠠᠷᠢᠨ ᠵᠠᠮ ᠪᠣᠯ ᠶᠤᠸᠠᠨ ᠤᠯᠤᠰ ᠤ᠋ᠨ ᠶᠡᠬᠡ ᠨᠡᠢᠰᠯᠡᠯ ᠳᠠᠢᠳᠤ ᠬᠣᠲᠠ ᠠ᠋ᠴᠠ ᠪᠠᠷᠠᠭᠤᠨ ᠬᠣᠢᠲᠤ ᠬᠢᠵᠠᠭᠠᠷ ᠲᠤ᠌ ᠨᠡᠪᠲᠡᠷᠡᠭᠰᠡᠨ ᠥᠷᠲᠡᠭᠡ ᠵᠠᠮ ᠪᠣᠯᠤᠨ᠎ᠠ᠃ᠡᠨᠡ ᠵᠠᠮ ᠢ᠋ ᠬᠤᠪᠢᠯᠠᠢ ᠰᠡᠴᠡᠨ ᠬᠠᠭᠠᠨ ᠠᠩᠬ᠎ᠠ ᠵᠠᠰᠠᠭᠤᠯᠤᠭᠰᠠᠨ ᠪᠠᠢᠵᠠᠢ᠃ᠭᠠᠨᠰᠦ ᠶ᠋ᠢᠨ ᠬᠠᠷᠢᠶ᠎ᠠ ᠳ᠋ᠤ᠌ ᠨᠠᠷᠢᠨ ᠵᠠᠮ ᠪᠠ ᠤᠯᠤᠰ ᠤ᠋ᠨ ᠬᠣᠶᠠᠷ ᠵᠠᠮ ᠤ᠋ᠨ ᠣᠯᠠᠩᠬᠢ ᠥᠷᠲᠡᠭᠡ ᠬᠠᠷᠢᠶᠠᠯᠠᠭᠳᠠᠵᠤ ᠪᠠᠢᠭᠰᠠᠨ ᠶᠤᠮ᠃ᠡᠢᠮᠦ ᠡᠴᠡ ᠭᠠᠨᠰᠦ ᠶ᠋ᠢᠨ ᠨᠠᠷᠢᠨ ᠥᠷᠲᠡᠭᠡ ᠴᠦ᠍ ᠭᠡᠳᠡᠭ᠃ᠨᠠᠷᠢᠨ ᠵᠠᠮ ᠳᠡᠭᠡᠷ᠎ᠡ ᠨᠡᠢᠲᠡ 47ᠥᠷᠲᠡᠭᠡ ᠪᠠᠢᠭᠤᠯᠤᠭᠰᠠᠨ ᠤ᠋ 23 ᠥᠷᠲᠡᠭᠡ ᠨᠢ ᠰᠠᠶᠢ ᠵᠡᠭᠦᠨ ᠬᠡᠰᠡᠭ ᠲᠦ᠍ ᠪᠠᠢᠵᠠᠢ᠃ᠤᠯᠤᠰ ᠤ᠋ᠨ ᠬᠣᠶᠠᠷ ᠵᠠᠮ ᠭᠡᠳᠡᠭ ᠦ᠋ᠨ ᠨᠥᠭᠦᠭᠡ ᠵᠠᠮ ᠨᠢ ᠶᠦᠩ ᠴᠠᠩ ᠹᠦ ᠶ᠋ᠢᠨ ᠬᠣᠢᠲᠤ ᠬᠠᠪᠢ ᠠ᠋ᠴᠠ ᠭᠠᠷᠤᠭᠠᠳ ᠨᠢᠩᠰᠢᠶᠠ ᠪᠠᠷ ᠳᠠᠭᠠᠷᠢᠨ ᠡᠮᠦᠨᠡᠰᠢ ᠵᠣᠷᠴᠢᠵᠤ ᠹᠧᠩ ᠶᠤᠸᠠᠨ ᠬᠣᠲᠠ ᠪᠠᠷ ᠥᠩᠭᠡᠷᠡᠭᠡᠳ ᠳᠠᠢᠳᠤ ᠪᠡᠭᠡᠵᠢᠩ ᠬᠣᠲᠠ ᠳ᠋ᠤ᠌ ᠬᠦᠷᠬᠦ ᠵᠠᠮ ᠪᠣᠯᠤᠨ᠎ᠠ᠃ᠡᠨᠡ ᠬᠦ᠌ ᠵᠠᠮ ᠢ᠋ ᠴᠡᠷᠢᠭ ᠲᠡᠢᠨ ᠦ᠌ ᠪᠠᠴᠢᠮ ᠤᠴᠢᠷ ᠲᠤ᠌ ᠵᠣᠷᠢᠭᠤᠯᠵᠤ ᠲᠤᠰᠬᠠᠢᠯᠠᠨ ᠵᠠᠰᠠᠭᠰᠠᠨ ᠲᠤᠯᠠ ᠡᠩ ᠦ᠋ᠨ ᠬᠥᠮᠦᠰ ᠣᠯᠠᠩᠬᠢ ᠳ᠋ᠠᠭᠠᠨ ᠲᠡᠷᠭᠡ ᠮᠣᠷᠢᠨ ᠤ᠋ ᠵᠠᠮ ᠢ᠋ᠶ᠋ᠠᠷ ᠨᠠᠭᠠᠰᠢ ᠴᠠᠭᠠᠰᠢ ᠵᠣᠷᠴᠢᠳᠠᠭ ᠪᠢᠯᠡ᠃
            
            ᠱᠠᠩᠳᠤ ᠪᠠ ᠳᠠᠢᠳᠤ ᠶ᠋ᠢᠨ ᠥᠷᠲᠡᠭᠡ ᠵᠠᠮ
      ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠲᠡᠦᠬᠡ ᠰᠤᠳᠤᠷ ᠲᠤ᠌ ᠲᠡᠮᠳᠡᠭᠯᠡᠭᠰᠡᠨ ᠢ᠋ᠶ᠋ᠡᠷ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠪᠠ ᠶᠡᠬᠡ ᠨᠡᠢᠰᠯᠡᠯ ᠳᠠᠢᠳᠤ ᠪᠡᠭᠡᠵᠢᠩ ᠨᠢ ᠬᠣᠭᠣᠷᠣᠨᠳᠣ ᠪᠠᠨ ᠳᠥᠷᠪᠡᠨ ᠵᠠᠮ ᠢ᠋ᠶ᠋ᠠᠷ ᠨᠡᠪᠲᠡᠷᠡᠵᠦ ᠪᠠᠢᠵᠠᠢ᠃
      ᠷᠠᠰᠢᠳ᠋ ᠠᠳ᠋ ᠳ᠋ᠢᠨ 《ᠰᠤᠳᠤᠷ ᠤ᠋ᠨ ᠴᠢᠭᠤᠯᠭᠠᠨ》 ᠳ᠋ᠠᠭᠠᠨ ᠱᠠᠩᠳᠤ ᠨᠡᠢᠰᠯᠡᠯ ᠪᠠ ᠳᠠᠢᠳᠤ ᠪᠡᠭᠡᠵᠢᠩ ᠨᠢ ᠬᠣᠭᠣᠷᠣᠨᠳᠣ  ᠪᠠᠨ ᠭᠤᠷᠪᠠᠨ ᠵᠠᠮ ᠢ᠋ᠶ᠋ᠠᠷ ᠨᠡᠪᠲᠡᠷᠡᠳᠡᠭ᠃ᠨᠢᠭᠡ ᠵᠤᠷᠪᠤᠰ ᠨᠢ ᠬᠠᠭᠠᠨ ᠤ᠋ ᠠᠪᠠ ᠬᠢᠬᠦ ᠲᠤᠰᠬᠠᠢ ᠬᠣᠷᠢᠭᠠᠲᠤ ᠵᠠᠮ᠂ᠵᠠᠷᠯᠢᠭ ᠤ᠋ᠨ ᠪᠢᠴᠢᠭ ᠪᠦᠬᠦᠢ ᠶᠠᠭᠠᠷᠠᠤ ᠡᠯᠴᠢ ᠡᠴᠡ ᠪᠤᠰᠤᠳ ᠶᠠᠮᠠᠷ ᠴᠤ᠌ ᠬᠥᠮᠦᠨ ᠡᠨᠡ ᠬᠦ᠌ ᠵᠠᠮ ᠢ᠋ᠶ᠋ᠠᠷ ᠵᠣᠷᠴᠢᠵᠤ ᠪᠣᠯᠳᠠᠭ ᠦᠭᠡᠢ᠃ᠨᠥᠭᠦᠭᠡ ᠵᠤᠷᠪᠤᠰ ᠨᠢ ᠰᠠᠮᠠᠨᠴᠤᠤᠨ ᠤ᠋ ᠰᠠᠭᠤᠷᠢᠨ ᠴᠢᠶᠠᠨ ᠮᠠ᠋ ᠯᠢᠨ ᠢ᠋ᠶ᠋ᠡᠷ ᠥᠩᠭᠡᠷᠡᠨ ᠱᠠᠩᠳᠤ ᠶ᠋ᠢᠨ ᠭᠣᠣᠯ ᠢ᠋ ᠳᠠᠭᠠᠵᠤ ᠠᠶᠠᠯᠠᠬᠤ ᠰᠢᠭᠤᠳ ᠵᠠᠮ᠃ᠭᠤᠷᠪᠠᠳᠤᠭᠠᠷ ᠵᠤᠷᠪᠤᠰ ᠨᠢ ᠰᠣᠯᠣᠩᠭ᠎ᠠ ᠶ᠋ᠢᠨ ᠳᠠᠪᠠᠭ᠎ᠠ ᠪᠠᠷ ᠭᠠᠷᠴᠤ ᠲᠠᠯ᠎ᠠ ᠳ᠋ᠤ᠌ ᠣᠷᠣᠬᠤ ᠥᠷᠲᠡᠭᠡ ᠵᠠᠮ ᠪᠣᠯᠤᠨ᠎ᠠ ᠭᠡᠵᠡᠢ᠃ᠶᠤᠸᠠᠨ ᠤᠯᠤᠰ ᠤ᠋ᠨ ᠪᠠᠢᠴᠠᠭᠠᠭᠴᠢ ᠲᠦᠰᠢᠮᠡᠯ ᠵᠧᠦ ᠪᠦᠸᠧ ᠴᠢ᠂ᠳᠡᠭᠡᠳᠦ ᠨᠡᠢᠰᠯᠡᠯ ᠱᠠᠩᠳᠤ ᠳ᠋ᠤ᠌ ᠨᠡᠪᠲᠡᠷᠡᠬᠦ ᠵᠠᠮ ᠳᠥᠷᠪᠡ ᠪᠣᠯᠠᠢ᠃ᠥᠷᠲᠡᠭᠡ ᠵᠠᠮ᠂ᠵᠡᠭᠦᠨ ᠬᠣᠶᠠᠷ ᠵᠠᠮ᠂ᠪᠠᠷᠠᠭᠤᠨ ᠵᠠᠮ ᠪᠤᠶᠤ᠃ᠵᠡᠭᠦᠨ ᠬᠣᠶᠠᠷ ᠵᠠᠮ ᠭᠡᠭᠴᠢ ᠨᠢᠭᠡ ᠢᠨᠦ ᠬᠠᠷ᠎ᠠ ᠬᠥᠨᠳᠡᠢ ᠶ᠋ᠢᠨ ᠵᠠᠮ᠂ᠨᠥᠭᠦᠭᠡ ᠢᠨᠦ ᠮᠣᠯᠲᠣᠰᠢ ᠠᠮᠠ ᠶ᠋ᠢᠨ ᠵᠠᠮ᠃ᠮᠣᠯᠲᠣᠰᠢ ᠠᠮᠠ ᠶ᠋ᠢᠨ ᠵᠡᠭᠦᠨ ᠵᠠᠮ ᠪᠣᠯᠪᠠᠰᠤ ᠪᠠᠢᠴᠠᠭᠠᠭᠴᠢ ᠲᠦᠰᠢᠮᠡᠯ ᠦ᠋ᠨ ᠵᠣᠷᠴᠢᠬᠤ ᠵᠠᠮ ᠪᠥᠯᠥᠭᠡ᠂ᠬᠠᠷ᠎ᠠ ᠬᠥᠨᠳᠡᠢ ᠶ᠋ᠢᠨ ᠰᠡᠤᠬᠡᠨ ᠵᠠᠮ ᠪᠣᠯᠪᠠᠰᠤ ᠡᠵᠡᠨ ᠬᠠᠭᠠᠨ ᠤ᠋ ᠠᠶᠠᠯᠠᠬᠤ ᠦᠶᠡᠰ ᠲᠥᠷᠥ ᠶ᠋ᠢᠨ ᠲᠦᠰᠢᠮᠡᠯ᠂ᠰᠢᠳᠠᠷ ᠬᠡᠰᠢᠭᠲᠡᠨ᠂ᠪᠢᠴᠢᠭ ᠴᠡᠷᠢᠭ ᠦ᠋ᠨ ᠰᠠᠢᠳ ᠨᠠᠷ ᠤ᠋ᠨ ᠳᠠᠭᠠᠯᠳᠤᠨ ᠶᠠᠪᠤᠬᠤ  ᠵᠠᠮ ᠪᠣᠯᠤᠨ᠎ᠠ ᠭᠡᠵᠡᠢ᠃ᠵᠡᠭᠦᠨ ᠬᠣᠶᠠᠷ ᠵᠠᠮ ᠤ᠋ᠨ ᠨᠢᠭᠡ ᠨᠢ ᠬᠠᠭᠠᠨ ᠤ᠋ ᠵᠠᠯᠠᠷᠠᠬᠤ ᠲᠤᠰᠬᠠᠢ ᠵᠠᠮ᠂ᠨᠥᠭᠦᠭᠡ ᠨᠢ ᠪᠠᠢᠴᠠᠭᠠᠭᠴᠢ ᠲᠦᠰᠢᠮᠡᠯ ᠦ᠋ᠨ ᠵᠣᠷᠴᠢᠬᠤ ᠲᠤᠰᠬᠠᠢ ᠵᠠᠮ ᠪᠣᠯᠬᠤ ᠤᠴᠢᠷ ᠨᠢᠭᠤᠴᠠ ᠳᠠᠯᠳᠠ ᠪᠠᠢᠵᠤ ᠬᠣᠷᠢᠭᠠᠲᠤ ᠵᠠᠮ ᠪᠣᠯᠬᠤ ᠨᠢ ᠵᠦᠢ ᠪᠢᠯᠡ᠃
    ᠡᠩ ᠦ᠋ᠨ ᠠᠶᠠᠨᠴᠢᠨ᠂ᠠᠷᠠᠯᠵᠢᠶᠠᠴᠢᠨ ᠬᠤᠳᠠᠯᠳᠤᠭᠠᠴᠢᠳ᠂ᠠᠯᠤᠰ ᠠᠶᠠᠯᠠᠭᠴᠢᠳ ᠪᠦᠷ ᠥᠷᠲᠡᠭᠡ ᠵᠠᠮ ᠢ᠋ᠶ᠋ᠠᠷ ᠶᠠᠪᠤᠬᠤ ᠲᠤᠯᠠ ᠥᠷᠲᠡᠭᠡ ᠵᠠᠮ ᠨᠢ ᠱᠠᠩᠳᠤ ᠳᠠᠢᠳᠤ ᠬᠣᠶᠠᠷ ᠨᠡᠢᠰᠯᠡᠯ ᠦ᠋ᠨ ᠬᠣᠭᠣᠷᠣᠨᠳᠣᠬᠢ ᠲᠤᠢᠯ ᠤ᠋ᠨ ᠴᠢᠬᠤᠯᠠ ᠱᠤᠭᠤᠮ ᠪᠠᠢᠵᠠᠢ᠃ ᠱᠠᠩᠳᠤ ᠬᠣᠲᠠ ᠪᠠ ᠵᠡᠭᠦᠨ ᠬᠣᠢᠲᠤ ᠣᠷᠣᠨ ᠤ᠋ ᠭᠤᠷᠪᠠᠨ ᠮᠣᠵᠢ ᠪᠠᠰᠠ ᠥᠷᠲᠡᠭᠡ ᠵᠠᠮ ᠢ᠋ᠶ᠋ᠠᠷ ᠨᠡᠪᠲᠡᠷᠡᠵᠦ ᠪᠠᠢᠭᠰᠠᠨ ᠶᠤᠮ᠃ᠱᠠᠩᠳᠤ ᠠ᠋ᠴᠠ ᠭᠠᠷᠤᠭᠰᠠᠨ ᠥᠷᠲᠡᠭᠡ ᠵᠠᠮ ᠨᠢ ᠱᠣᠷᠣᠩ ᠠᠭᠤᠯᠠ ᠶ᠋ᠢᠨ ᠴᠠᠢᠵᠠ᠂ᠬᠠᠯᠠᠭᠤᠨ ᠷᠠᠰᠢᠶᠠᠨ ᠵᠡᠷᠭᠡ ᠥᠷᠲᠡᠭᠡ  ᠶ᠋ᠢ ᠳᠠᠭᠠᠷᠢᠨ ᠰᠥᠩ ᠵᠧᠦ ᠪᠡᠷ ᠱᠠᠩᠳᠤ ᠴᠥᠯᠭᠡ ᠶ᠋ᠢᠨ ᠬᠢᠵᠠᠭᠠᠷ ᠠ᠋ᠴᠠ ᠭᠠᠷᠴᠤ ᠳᠠ ᠨᠢᠩ᠂ᠭᠤᠸᠠᠩ ᠨᠢᠩ  ᠢ᠋ᠶ᠋ᠡᠷ ᠥᠩᠭᠡᠷᠡᠨ ᠯᠢᠶᠣᠣ ᠶᠠᠩ ᠳ᠋ᠤ᠌ ᠬᠦᠷᠳᠡᠭ᠃ᠳᠠ ᠨᠢᠩ ᠳ᠋ᠦ᠍ ᠪᠡᠭᠡᠵᠢᠩ ᠦ᠋ᠨ ᠥᠷᠲᠡᠭᠡ ᠵᠠᠮ ᠲᠠᠢ ᠠᠭᠤᠯᠵᠠᠳᠠᠭ ᠪᠠᠢᠪᠠ᠃ᠥᠷᠲᠡᠭᠡ ᠵᠠᠮ ᠨᠢ ᠡᠮᠦᠨ᠎ᠡ ᠤᠮᠠᠷ᠎ᠠ᠂ᠵᠡᠭᠦᠨ ᠪᠠᠷᠠᠭᠤᠨ ᠣᠷᠣᠨ ᠢ᠋ ᠬᠣᠯᠪᠣᠨ᠂ᠠᠮᠤ ᠪᠤᠳᠠᠭ᠎ᠠ᠂ᠲᠣᠷᠭ᠎ᠠ ᠳᠤᠷᠳᠤᠩ᠂ᠪᠠᠷᠠᠭ᠎ᠠ ᠲᠠᠸᠠᠷ᠂ᠮᠠᠯ ᠤ᠋ᠨ ᠠᠰᠢᠭ ᠰᠢᠮ᠎ᠡ᠂ᠨᠣᠣᠰᠣ ᠨᠣᠣᠯᠣᠭᠤᠷ᠂ᠠᠷᠠᠰᠤ ᠰᠢᠷᠢ᠂ᠲᠦᠭᠦᠬᠡᠢ ᠭᠠᠷᠤᠯᠲᠠ ᠵᠡᠷᠭᠡ ᠶ᠋ᠢ ᠨᠠᠭᠠᠰᠢ ᠴᠠᠭᠠᠰᠢ ᠵᠥᠭᠡᠭᠡᠪᠦᠷᠢᠯᠡᠬᠦ ᠲᠤᠯᠠ ᠠᠵᠤ ᠠᠬᠤᠢ ᠶ᠋ᠢᠨ ᠠᠮᠢᠨ ᠰᠤᠳᠠᠰᠤ ᠪᠣᠯᠤᠨ ᠯᠤᠭᠰᠢᠵᠤ ᠪᠠᠢᠯ᠎ᠠ᠃ᠶᠤᠸᠠᠨ ᠤᠯᠤᠰ ᠤ᠋ᠨ ᠬᠠᠭᠠᠳ ᠵᠢᠯ ᠪᠦᠷᠢ ᠵᠤᠰᠠᠯᠠᠩ ᠳ᠋ᠤ᠌ ᠭᠠᠷᠴᠤ ᠱᠠᠩᠳᠤ ᠬᠣᠲᠠ ᠳ᠋ᠤ᠌ ᠶᠠᠪᠤᠬᠤ ᠳ᠋ᠠᠭᠠᠨ ᠵᠠᠭᠠᠨ ᠬᠥᠯᠦᠭᠰᠡᠨ ᠨᠢᠶᠠᠨ ᠲᠡᠷᠭᠡ ᠪᠡᠷ ᠠᠶᠠᠯᠠᠨ᠎ᠠ᠃ᠠᠪᠠ ᠬᠣᠮᠣᠷᠭ᠎ᠠ ᠲᠠᠯᠪᠢᠨ᠂ᠬᠠᠷᠴᠠᠭᠠᠢ ᠪᠦᠷᠭᠦᠳ ᠣᠷᠬᠢᠬᠤ ᠪᠠᠷ ᠭᠠᠷᠬᠤ ᠳ᠋ᠠᠭᠠᠨ ᠪᠠᠰᠠ ᠳᠥᠷᠪᠡᠨ ᠵᠠᠭᠠᠨ ᠬᠥᠯᠯᠡᠭᠰᠡᠨ ᠰᠡᠦᠬᠡ ᠲᠡᠷᠭᠡ ᠪᠡᠷ ᠮᠣᠷᠳᠠᠳᠠᠭ ᠪᠤᠶᠤ᠃ᠬᠠᠭᠠᠨ ᠤ᠋ ᠰᠠᠭᠤᠬᠤ ᠲᠡᠷᠭᠡ ᠶ᠋ᠢ ᠰᠡᠦᠬᠡ ᠲᠡᠷᠭᠡ᠂ᠯᠦ᠍(辂) ᠲᠡᠷᠭᠡ ᠭᠡᠳᠡᠭ᠃ᠯᠦ᠍ ᠲᠡᠷᠭᠡ ᠨᠢ ᠲᠣᠮᠣ ᠲᠡᠷᠭᠡ ᠪᠣᠯᠤᠨ᠎ᠠ᠃ᠬᠠᠰ ᠯᠦ᠍᠂ᠵᠠᠭᠠᠨᠲᠤ ᠯᠦ᠍᠂ᠰᠢᠷᠢᠲᠦ ᠯᠦ᠍᠂ᠮᠣᠳᠣᠨ ᠯᠦ᠍ ᠲᠡᠷᠭᠡ ᠭᠡᠬᠦ ᠮᠡᠲᠦ ᠶ᠋ᠢᠨ ᠢᠯᠭᠠᠭ᠎ᠠ ᠲᠠᠢ᠂ᠰᠡᠦᠬᠡ ᠲᠡᠷᠭᠡᠨ ᠳ᠋ᠦ᠍ ᠪᠠᠰᠠ ᠨᠢᠷᠤᠭᠤᠨ ᠰᠡᠦᠬᠡ᠂ᠵᠠᠭᠠᠨᠲᠤ ᠰᠡᠦᠬᠡ ᠭᠡᠵᠦ ᠪᠠᠢᠳᠠᠭ᠃ᠬᠠᠲᠤᠳ ᠠᠪᠠᠬᠠᠢ ᠨᠠᠷ ᠤ᠋ᠨ ᠬᠢᠨᠢ ᠰᠠᠭᠤᠳᠠᠭ ᠲᠡᠷᠭᠡ ᠶ᠋ᠢ ᠭᠡᠷ ᠲᠡᠷᠭᠡ ᠪᠤᠶᠤ ᠣᠷᠳᠣᠨ ᠲᠡᠷᠭᠡ ᠭᠡᠳᠡᠭ᠃ᠰᠠᠯᠭᠠᠵᠤ ᠠᠴᠢᠶᠠᠯᠠᠵᠤ ᠪᠣᠯᠳᠠᠭ ᠦᠭᠡᠢ ᠪᠣᠯᠬᠣᠷ ᠲᠣᠮᠣ ᠰᠠᠷᠯᠤᠭ ᠢ᠋ ᠣᠯᠠᠨ ᠢ᠋ᠶ᠋ᠠᠷ ᠬᠥᠯᠯᠡᠵᠦ ᠵᠢᠳᠬᠦᠭᠦᠯᠳᠡᠭ ᠶᠦ᠍ᠮ᠃
    ᠱᠠᠩᠳᠤ —ᠳᠠᠢᠳᠤ ᠪᠡᠭᠡᠵᠢᠩ ᠦ᠋ᠨ ᠬᠣᠭᠣᠷᠣᠨᠳᠣ ᠨᠡᠪᠲᠡᠷᠡᠵᠦ ᠪᠠᠢᠭᠰᠠᠨ ᠳᠥᠷᠪᠡᠨ ᠵᠤᠷᠪᠤᠰ ᠥᠷᠲᠡᠭᠡ ᠵᠠᠮ ᠢ᠋ ᠨᠠᠷᠢᠨ ᠲᠣᠭᠠᠴᠢᠪᠠᠰᠤ ᠳᠣᠣᠷᠠᠬᠢ ᠮᠡᠲᠦ ᠪᠢᠯᠡ᠃ 

           ᠱᠠᠩᠳᠤ ᠠ᠋ᠴᠠ ᠳᠠᠢᠳᠤ ᠬᠦᠷᠬᠦ ᠴᠣᠬᠣᠮ ᠥᠷᠲᠡᠭᠡ ᠵᠠᠮ
ᠲᠤᠰ ᠥᠷᠲᠡᠭᠡ ᠵᠠᠮ ᠪᠣᠯ ᠱᠠᠩᠳᠤ ᠠ᠋ᠴᠠ ᠪᠡᠭᠡᠵᠢᠩ ᠬᠦᠷᠬᠦ ᠴᠣᠬᠣᠮ ᠥᠷᠲᠡᠭᠡ ᠵᠠᠮ᠂ᠪᠠᠰᠠ ᠴᠤ᠌ ᠬᠠᠭᠠᠨ ᠡᠵᠡᠨ ᠦ᠌ ᠨᠢᠶᠠᠨ ᠲᠡᠷᠭᠡ ᠪᠡᠷ ᠵᠠᠯᠠᠷᠠᠬᠤ ᠴᠢᠬᠤᠯᠠ ᠥᠷᠲᠡᠭᠡ ᠵᠠᠮ ᠶᠤᠮ᠃ᠲᠡᠭᠦᠨ ᠦ᠌ ᠶᠠᠪᠤᠬᠤ ᠱᠤᠭᠤᠮ ᠪᠠ ᠥᠷᠲᠡᠭᠡ ᠶ᠋ᠢᠨ ᠨᠡᠷᠡᠰ ᠢ᠋ ᠲᠣᠭᠠᠴᠢᠪᠠᠰᠤ ᠱᠠᠩᠳᠤ —ᠬᠤᠸᠠᠨᠵᠸᠤ ᠥᠷᠲᠡᠭᠡ —ᠯᠢ ᠯᠢᠩ ᠲᠡᠢ( ᠪᠣᠷᠤᠬᠣᠳᠠ) ᠥᠷᠲᠡᠭᠡ— ᠴᠠᠭᠠᠨᠨᠠᠭᠤᠷ ᠨᠡᠭᠦᠳᠡᠯ ᠣᠷᠳᠣᠨ— ᠮᠢᠩᠭᠠᠨ ᠥᠷᠲᠡᠭᠡ— ᠰᠢᠪᠠᠷᠲᠤ ᠥᠷᠲᠡᠭᠡ— ᠥᠷᠥᠭᠡᠰᠦᠨ ᠴᠢᠯᠠᠭᠤᠨ ᠬᠠᠭᠠᠯᠭ᠎ᠠ ᠥᠷᠲᠡᠭᠡ— ᠴᠾᠢ ᠴᠧᠩ ᠥᠷᠲᠡᠭᠡ— ᠯᠦᠩ ᠮᠧᠨ ᠥᠷᠲᠡᠭᠡ— ᠳ᠋ᠢᠶᠣᠣ ᠺᠧ ᠥᠷᠲᠡᠭᠡ— ᠢᠦᠢ ᠯᠢᠨ ᠥᠷᠲᠡᠭᠡ— ᠶ᠋ᠢᠨ ᠱᠠᠨ ᠥᠷᠲᠡᠭᠡ— ᠵᠢᠦᠢ ᠶᠦᠩ ᠭᠤᠸᠠᠨ ᠪᠣᠭᠣᠮᠲᠠ— ᠪᠧᠢ ᠺᠧᠦ— ᠨᠠᠨ ᠺᠧᠦ— ᠴᠠᠩ ᠫᠢᠩ— ᠳᠠᠢᠳᠤ ᠪᠡᠭᠡᠵᠢᠩ ᠬᠦᠷᠦᠨ᠎ᠡ᠃ ᠨᠡᠢᠲᠡ750 ᠭᠠᠷᠤᠢ ᠭᠠᠵᠠᠷ᠂18 ᠥᠷᠲᠡᠭᠡ ᠲᠡᠢ᠃24 ᠡᠳᠦᠷ ᠵᠠᠮ ᠬᠥᠭᠡᠭᠡᠳᠡᠭ ᠪᠠᠢᠵᠠᠢ᠃

           ᠳᠠᠢᠳᠤ ᠪᠡᠭᠡᠵᠢᠩ ᠡᠴᠡ ᠱᠠᠩᠳᠤ ᠬᠦᠷᠬᠦ ᠪᠠᠷᠠᠭᠤᠨ ᠵᠠᠮ
   ᠳᠠᠢᠳᠤ ᠪᠡᠭᠡᠵᠢᠩ ᠡᠴᠡ ᠳᠡᠭᠡᠳᠦ ᠨᠡᠢᠰᠯᠡᠯ ᠱᠠᠩᠳᠤ ᠬᠦᠷᠬᠦ ᠪᠠᠷᠠᠭᠤᠨ ᠵᠠᠮ ᠪᠣᠯ ᠴᠣᠬᠣᠮ ᠥᠷᠲᠡᠭᠡ ᠵᠠᠮ ᠶᠤᠮ᠃ᠡᠯᠴᠢ ᠰᠠᠢᠳ᠂ᠨᠣᠶᠠᠳ ᠲᠦᠰᠢᠮᠡᠯ ᠡᠨᠡ ᠬᠦ᠌ ᠥᠷᠲᠡᠭᠡ ᠵᠠᠮ ᠢ᠋ ᠳᠠᠮᠵᠢᠨ ᠠᠶᠠᠯᠠᠳᠠᠭ᠃ᠲᠡᠦᠬᠡ ᠰᠤᠳᠤᠷ ᠲᠤ᠌ ᠲᠡᠮᠳᠡᠭᠯᠡᠭᠰᠡᠨ ᠢ᠋ ᠦᠨᠳᠦᠰᠦᠯᠡᠪᠡᠯ ᠨᠠᠨ ᠫᠦᠸᠧ ᠳ᠋ᠢᠶᠠᠨ— ᠯᠢᠦ ᠱᠢ ᠯᠢ ᠳ᠋ᠢᠶᠠᠨ— ᠱᠤᠸᠠᠨ ᠮᠢᠶᠣᠤ ᠡᠯ —ᠰᠢᠪᠠᠷᠲᠠᠢ ᠶ᠋ᠢᠨ ᠭᠣᠣᠯ— ᠵᠧᠩ ᠬᠦ᠌ ᠳ᠋ᠢᠶᠠᠨ ᠭᠠᠯᠪᠠ ᠶ᠋ᠢᠨ ᠨᠠᠭᠤᠷ— ᠠᠩᠭᠤᠯ ᠨᠠᠭᠤᠷ— ᠭᠠᠰᠢᠭᠤᠨ ᠭᠣᠣᠯ— ᠬᠦᠷᠢᠶᠡᠲᠦ ᠨᠠᠭᠤᠷ— ᠬᠣᠶᠠᠲᠦ— ᠰᠢᠩ ᠾᠧ ᠴᠦᠯᠭᠡ— ᠦᠨᠡᠭᠡᠨ ᠳᠠᠪᠠᠭ᠎ᠠ— ᠳᠧ ᠱᠧᠩ ᠺᠧᠦ— ᠡᠯᠡᠰᠦᠲᠦ ᠬᠥᠲᠥᠯ— ᠱᠤᠸᠠᠨ ᠳᠧ ᠹᠦ— ᠵᠢᠢ ᠮᠢᠩ ᠱᠠᠨ— ᠹᠧᠩ ᠯᠧ— ᠽᠦ᠍ ᠽᠧ— ᠲᠦᠩ ᠮᠦᠸᠧ ᠳ᠋ᠢᠶᠠᠨ— ᠬᠤᠢ ᠯᠠᠢ ᠰᠢᠶᠠᠨ— ᠮᠠᠨᠴᠤᠷᠭ᠎ᠠ ᠶ᠋ᠢᠨ ᠠᠭᠤᠯᠠ— ᠯᠦᠩ ᠾᠧᠦ ᠲᠡᠢ— ᠽᠦ᠍ ᠵᠢᠶᠣᠤ— ᠬᠤᠸᠠᠩ ᠾᠧᠦ ᠳ᠋ᠢᠶᠠᠨ— ᠳᠠ ᠺᠧᠦ ᠵᠡᠷᠭᠡ 24 ᠥᠷᠲᠡᠭᠡ ᠶ᠋ᠢ ᠳᠠᠮᠵᠢᠨ1095 ᠭᠠᠵᠠᠷ ᠠᠶᠠᠯᠠᠳᠠᠭ ᠠᠵᠢ᠃
          
           ᠳᠠᠢᠳᠤ ᠪᠡᠭᠡᠵᠢᠩ ᠡᠴᠡ ᠱᠠᠩᠳᠤ ᠬᠦᠷᠬᠦ ᠬᠠᠷ᠎ᠠ ᠬᠥᠨᠳᠡᠢ ᠶ᠋ᠢᠨ ᠵᠠᠮ
   ᠳᠠᠢᠳᠤ ᠪᠡᠭᠡᠵᠢᠩ ᠡᠴᠡ ᠱᠠᠩᠳᠤ ᠬᠣᠲᠠ ᠬᠦᠷᠬᠦ ᠬᠠᠷ᠎ᠠ ᠬᠥᠨᠳᠡᠢ ᠶ᠋ᠢᠨ ᠵᠠᠮ ᠪᠣᠯ ᠴᠣᠬᠣᠮ ᠥᠷᠲᠡᠭᠡ ᠵᠠᠮ᠃ ᠡᠷᠲᠡ ᠳ᠋ᠡᠭᠡᠨ ᠬᠠᠭᠠᠨ ᠡᠵᠡᠨ ᠦ᠌ ᠨᠢᠶᠠᠨ ᠲᠡᠷᠭᠡ ᠵᠠᠯᠠᠷᠠᠳᠠᠭ ᠥᠷᠲᠡᠭᠡ ᠵᠠᠮ ᠭᠡᠵᠦ ᠨᠡᠷᠡᠯᠡᠵᠦ ᠪᠠᠢᠪᠠ᠃ ᠲᠤᠰ ᠥᠷᠲᠡᠭᠡ ᠵᠠᠮ ᠨᠢ ᠳᠠᠢᠳᠤ ᠪᠡᠭᠡᠵᠢᠩ — ᠴᠠᠩ ᠫᠢᠩ ᠬᠦᠢᠰᠦ ᠥᠷᠲᠡᠭᠡ — ᠯᠦᠩ ᠮᠸᠨ— ᠬᠠᠷ᠎ᠠ ᠬᠥᠨᠳᠡᠢ ᠶ᠋ᠢᠨ ᠵᠠᠮ —ᠰᠢᠪᠠᠷᠲᠠᠢ ᠥᠷᠲᠡᠭᠡ — ᠬᠥᠯᠢᠶᠡᠨᠨᠠᠭᠤᠷ — ᠴᠠᠭᠠᠨᠨᠠᠭᠤᠷ ᠨᠡᠭᠦᠳᠡᠯ ᠣᠷᠳᠣᠨ—ᠯᠠᠢ ᠯᠢᠩ ᠲᠡᠢ ᠥᠷᠲᠡᠭᠡ—ᠬᠤᠸᠠᠨᠵᠸᠦ ᠥᠷᠲᠡᠭᠡ ᠶ᠋ᠢ ᠳᠠᠮᠵᠢᠨ ᠱᠠᠩᠳᠤ ᠪᠠᠯᠭᠠᠳ ᠲᠤ᠌ ᠬᠦᠷᠦᠨ᠎ᠡ᠃ᠵᠠᠮ ᠤ᠋ᠨ ᠪᠦᠬᠦ ᠤᠷᠲᠤ 1220 ᠭᠠᠵᠠᠷ᠂ᠰᠠᠷ᠎ᠠ ᠢᠯᠡᠭᠦᠦ ᠠᠶᠠᠯᠠᠳᠠᠭ᠃
               
             ᠱᠠᠩᠳᠤ ᠠ᠋ᠴᠠ ᠳᠠᠢᠳᠤ ᠬᠦᠷᠬᠦ ᠵᠡᠭᠦᠨ ᠵᠠᠮ
   ᠱᠠᠩᠳᠤ ᠠ᠋ᠴᠠ ᠳᠠᠢᠳᠤ ᠬᠦᠷᠬᠦ ᠵᠡᠭᠦᠨ ᠵᠠᠮ ᠪᠣᠯ ᠶᠤᠸᠠᠨ ᠤᠯᠤᠰ ᠤ᠋ᠨ ᠬᠠᠭᠠᠨ ᠣᠷᠳᠣᠨ ᠤ᠋ ᠨᠣᠶᠠᠳ ᠲᠦᠰᠢᠮᠡᠳ ᠪᠠᠢᠴᠠᠭᠠᠭᠴᠢ ᠡᠯᠴᠢ ᠦᠷᠭᠦᠯᠵᠢ ᠠᠶᠠᠯᠠᠳᠠᠭ ᠪᠣᠯᠬᠣᠷ ᠰᠢᠳᠠᠷ ᠲᠦᠰᠢᠮᠡᠯ ᠦ᠋ᠨ ᠵᠡᠭᠦᠨ ᠵᠠᠮ ᠴᠦ᠍ ᠭᠡᠳᠡᠭ᠃ᠲᠤᠰ ᠵᠠᠮ ᠨᠢ ᠱᠠᠩᠳᠤ— ᠵᠡᠭᠦᠨ ᠰᠡᠷᠢᠭᠦᠨ ᠣᠷᠳᠣᠨ( ᠴᠠᠭᠠᠨ ᠬᠣᠲᠠ)— ᠳᠠ ᠬᠡ ᠡᠯ — ᠹᠧᠩ ᠱᠠᠨ — ᠢᠢ ᠰᠢᠩ ᠵᠧᠦ— ᠬᠦ᠌ ᠪᠸᠢ ᠺᠧᠦ — ᠽᠠᠩ ᠵᠧᠦ — ᠱᠦᠨ ᠵᠧᠦ — ᠲᠦᠩ ᠵᠧᠦ ᠪᠡᠷ ᠳᠠᠮᠵᠢᠨ ᠳᠠᠢᠳᠤ ᠪᠡᠭᠡᠵᠢᠩ ᠬᠦᠷᠳᠡᠭ᠃ᠵᠠᠮ ᠤ᠋ᠨ ᠪᠦᠬᠦ ᠤᠷᠲᠤ1300 ᠭᠠᠵᠠᠷ᠂ᠰᠠᠷ᠎ᠠ ᠢᠯᠡᠭᠦᠦ ᠠᠶᠠᠯᠠᠨ ᠪᠠᠢᠵᠤ ᠱᠠᠩᠳᠤ ᠠ᠋ᠴᠠ ᠪᠡᠭᠡᠵᠢᠩ ᠬᠣᠲᠠ ᠬᠦᠷᠬᠦ ᠪᠣᠯᠤᠨ᠎ᠠ᠃
   ᠴᠢᠩᠭᠢᠰ ᠬᠠᠭᠠᠨ ᠪᠠ ᠲᠡᠭᠦᠨ ᠦ᠌ ᠵᠠᠯᠭᠠᠮᠵᠢᠯᠠᠭᠴᠢᠳ ᠠᠽᠢᠶ᠎ᠠ ᠡᠸᠥ᠋ᠷᠣᠫ ᠬᠣᠶᠠᠷ ᠲᠢᠪ ᠢ᠋ ᠰᠤᠨᠳᠠᠯᠠᠭᠰᠠᠨ ᠲᠣᠮᠣ ᠤᠯᠤᠰ ᠭᠦᠷᠦᠨ ᠢ᠋ ᠪᠠᠢᠭᠤᠯᠵᠤ᠂ᠤᠯᠤᠰ ᠲᠥᠷᠥ᠂ ᠠᠵᠤ ᠠᠬᠤᠢ᠂ ᠰᠣᠶᠣᠯ ᠰᠢᠨᠵᠢᠯᠡᠬᠦ ᠤᠬᠠᠭᠠᠨ᠂ ᠳᠸᠭᠨᠢᠭ ᠮᠡᠷᠭᠡᠵᠢᠯ ᠦ᠋ᠨ ᠲᠠᠯ᠎ᠠ ᠪᠠᠷ ᠳᠣᠷᠣᠨᠠᠳᠠᠬᠢᠨ ᠪᠠ ᠥᠷᠥᠨᠡᠳᠠᠬᠢᠨ ᠤ᠋ ᠶᠡᠬᠡ ᠨᠡᠪᠲᠡᠷᠡᠯᠴᠡᠭᠡ ᠶ᠋ᠢ ᠪᠣᠢ ᠪᠣᠯᠭᠠᠭᠰᠠᠨ ᠶᠤᠮ᠃ ᠳᠡᠯᠡᠬᠡᠢ ᠳ᠋ᠠᠬᠢᠨ ᠤ᠋ ᠲᠡᠦᠬᠡ ᠱᠠᠰᠲᠢᠷ ᠲᠤ᠌ ᠮᠣᠩᠭᠣᠯᠴᠤᠳ ᠠ᠋ᠴᠠ ᠥᠭᠡᠷ᠎ᠡ ᠠᠯᠢ ᠴᠤ᠌ ᠦᠨᠳᠦᠰᠦᠲᠡᠨ ᠤᠭᠰᠠᠭᠠᠲᠠᠨ ᠬᠣᠶᠠᠷ ᠲᠢᠪ ᠢ᠋ ᠰᠤᠨᠳᠠᠯᠠᠭᠰᠠᠨ ᠥᠷᠲᠡᠭᠡ ᠵᠠᠮ ᠢ᠋ᠶ᠋ᠠᠷ  ᠬᠡᠴᠢᠨᠡᠨ ᠣᠯᠠᠨ ᠤᠯᠤᠰ ᠦᠨᠳᠦᠰᠦᠲᠡᠨ ᠦ᠌ ᠶᠡᠬᠡ ᠨᠡᠪᠲᠡᠷᠡᠯᠴᠡᠭᠡ ᠶ᠋ᠢ ᠪᠡᠶᠡᠯᠡᠭᠦᠯᠵᠦ ᠴᠢᠳᠠᠭ᠎ᠠ ᠦᠭᠡᠢ ᠶᠦ᠍ᠮ᠃ᠵᠥᠪᠬᠡᠨ ᠮᠣᠩᠭᠣᠯ ᠯᠠ ᠡᠢᠮᠦ ᠥᠷᠭᠡᠨ ᠳᠡᠯᠭᠡᠷ᠂ᠤᠷᠲᠤ ᠤᠳᠠᠭᠠᠨ ᠤ᠋ ᠥᠷᠲᠡᠭᠡ ᠵᠠᠮ ᠤ᠋ᠨ ᠶᠡᠬᠡ ᠨᠡᠪᠲᠡᠷᠡᠯᠴᠡᠭᠡ ᠶ᠋ᠢ ᠬᠢᠵᠦ ᠴᠢᠳᠠᠭᠰᠠᠨ ᠰᠠᠨ᠃ᠥᠷᠥᠨᠡᠳᠠᠬᠢᠨ ᠤ᠋ ᠠᠯᠢ ᠣᠯᠠᠨ ᠤᠯᠤᠰ ᠭᠦᠷᠦᠨ᠂ᠳᠣᠷᠣᠨᠠᠳᠠᠬᠢᠨ ᠳ᠋ᠤ᠌ ᠠᠶᠠᠯᠠᠯ ᠬᠢᠭᠰᠡᠨ ᠵᠢᠭᠤᠯᠴᠢᠳ ᠤ᠋ᠨ ᠰᠤᠷᠪᠤᠯᠵᠢᠯᠠᠯ ᠲᠡᠮᠳᠡᠭᠯᠡᠯ ᠡᠴᠡ ᠰᠡᠷᠡᠯᠲᠡ ᠠᠪᠴᠤ ᠰᠠᠶᠢ ᠠᠯᠤᠰ ᠬᠣᠯᠠ ᠶ᠋ᠢᠨ ᠠᠶᠠᠯᠠᠯ ᠳ᠋ᠤ᠌ ᠶᠠᠪᠤᠵᠠᠭᠠᠵᠤ ᠰᠢᠨ᠎ᠡ ᠲᠢᠪ᠂ᠰᠢᠨ᠎ᠡ ᠳᠠᠯᠠᠢ ᠶ᠋ᠢ ᠣᠯᠵᠤ ᠨᠡᠭᠡᠭᠡᠭᠰᠡᠨ ᠪᠤᠶᠤ᠃ᠡᠨᠡ ᠲᠠᠯ᠎ᠠ ᠪᠠᠷ ᠮᠣᠩᠭᠣᠯᠴᠤᠳ ᠳᠡᠯᠡᠬᠡᠢ ᠶ᠋ᠢᠨ ᠨᠡᠭᠡᠭᠡᠯᠲᠡ ᠪᠦᠲᠦᠭᠡᠯᠲᠡ ᠳ᠋ᠦ᠍ ᠤᠤᠭᠠᠨ ᠵᠢᠳᠬᠦᠯ ᠢ᠋ ᠭᠠᠷᠭᠠᠭᠰᠠᠨ ᠶᠤᠮ ᠭᠡᠵᠦ ᠬᠡᠯᠡᠬᠦ ᠳ᠋ᠦ᠍ ᠠᠬᠠᠳᠠᠬᠤ ᠦᠭᠡᠢ ᠪᠢᠵᠡ᠃
   ᠶᠤᠸᠠᠨ ᠤᠯᠤᠰ ᠤ᠋ᠨ ᠦᠶᠡᠰ ᠶᠸᠵᠢᠫᠲ ᠦ᠋ᠨ ᠮᠠᠨᠯᠠᠢᠯᠤᠺ  ᠬᠠᠭᠠᠨᠲᠤ ᠤᠯᠤᠰ ᠤ᠋ᠨ ᠰᠠᠢᠳ ᠦᠮᠡᠷᠢ᠂ᠶᠤᠸᠠᠨ ᠤᠯᠤᠰ ᠲᠤ᠌ ᠠᠢᠯᠴᠢᠯᠠᠨ ᠢᠷᠡᠵᠦ 《ᠣᠯᠠᠨ ᠤᠯᠤᠰ ᠢ᠋ᠶ᠋ᠠᠷ ᠲᠣᠭᠣᠷᠢᠨ ᠦᠵᠡᠭᠰᠡᠨ ᠠᠶᠠᠨ ᠤ᠋ ᠲᠡᠮᠳᠡᠭᠯᠡᠯ ᠢ᠋ ᠪᠢᠴᠢᠵᠦ ᠴᠢᠩᠭᠢᠰ ᠬᠠᠭᠠᠨ ᠪᠠ ᠲᠡᠭᠦᠨ ᠦ᠌ ᠬᠣᠢᠴᠢᠰ ᠢ᠋ ᠲᠡᠮᠳᠡᠭᠯᠡᠨ ᠲᠠᠨᠢᠯᠴᠠᠭᠤᠯᠤᠭᠰᠠᠨ ᠪᠠᠢᠪᠠ᠃ᠮᠣᠷᠣᠺᠣ ᠶ᠋ᠢᠨ ᠢᠪᠸᠡ ᠪᠡᠲ᠋ᠦ᠋ᠲ᠋ᠡ ᠪᠣᠯ ᠶᠤᠸᠠᠨ ᠤᠯᠤᠰ ᠤ᠋ᠨ ᠵᠢᠭᠤᠯᠴᠢᠨ ᠪᠥᠭᠡᠳ ᠠᠷᠠᠯᠵᠢᠶᠠᠴᠢᠨ ᠶᠤᠮ᠃ᠲᠡᠷᠡ ᠡᠨᠡᠳᠬᠡᠭ ᠤᠯᠤᠰ ᠲᠤ᠌ ᠡᠯᠴᠢ ᠪᠡᠷ ᠣᠴᠢᠬᠤ ᠳ᠋ᠠᠭᠠᠨ ᠶᠤᠸᠠᠨ ᠤᠯᠤᠰ ᠤ᠋ᠨ ᠸᠠᠭᠠᠷ ᠱᠠᠭᠠᠵᠠᠩ ᠰᠠᠪᠠ ᠶ᠋ᠢ ᠡᠨᠡᠳᠬᠡᠭ ᠵᠡᠷᠭᠡ ᠤᠯᠤᠰ ᠣᠷᠣᠨ ᠳ᠋ᠤ᠌ ᠵᠥᠭᠡᠭᠡᠵᠦ ᠪᠣᠷᠣᠯᠠᠭᠤᠯᠤᠭᠰᠠᠨ ᠢ᠋ᠶ᠋ᠠᠨ ᠠᠶᠠᠨ ᠤ᠋ ᠲᠡᠮᠳᠡᠭᠯᠡᠯ ᠳ᠋ᠡᠭᠡᠨ ᠲᠡᠮᠳᠡᠭᠯᠡᠭᠰᠡᠨ ᠪᠠᠢᠵᠠᠢ᠃ᠶᠤᠸᠠᠨ ᠤᠯᠤᠰ ᠤ᠋ᠨ ᠮᠠᠢᠵᠤᠲᠠᠨ ᠭᠡᠭᠴᠢ ᠬᠣᠲᠣᠩ ᠬᠤᠳᠠᠯᠳᠤᠭᠠᠴᠢᠨ ᠰᠣᠮᠠᠯᠢ ᠶ᠋ᠢᠨ ᠨᠡᠢᠰᠯᠡᠯ ᠮᠣᠭᠠᠳᠢᠱᠣ᠋  ᠳ᠋ᠤ᠌ ᠬᠦᠷᠴᠦ ᠠᠷᠰᠯᠠᠨ ᠢᠷᠪᠢᠰ ᠮᠡᠲᠦ ᠶ᠋ᠢᠨ ᠬᠣᠪᠣᠷ ᠴᠤᠬᠠᠭ ᠠᠷᠢᠶᠠᠲᠠᠨ ᠠᠮᠢᠲᠠᠨ ᠢ᠋ ᠬᠤᠳᠠᠯᠳᠤᠨ ᠠᠪᠴᠤ ᠪᠠᠢᠪᠠ᠃ᠶᠤᠸᠠᠨ ᠤᠯᠤᠰ ᠤ᠋ᠨ ᠠᠯᠳᠠᠷᠲᠤ ᠵᠢᠭᠤᠯᠴᠢᠨ ᠸᠠᠩ ᠳᠠ ᠶᠤᠸᠠᠨ᠂ᠬᠤᠳᠠᠯᠳᠤᠭᠠᠴᠢᠨ ᠤ᠋ ᠣᠩᠭᠣᠴᠠ ᠪᠠᠷ ᠠᠹᠷᠢᠺᠠ ᠲᠢᠪ ᠦ᠋ᠨ ᠵᠡᠭᠦᠨ ᠡᠷᠭᠢ ᠳᠠᠭᠠᠤ ᠬᠡᠳᠦᠨ ᠠᠷᠪᠠᠨ ᠤᠯᠤᠰ ᠣᠷᠣᠨ ᠢ᠋ᠶ᠋ᠠᠷ ᠠᠢᠯᠴᠢᠯᠠᠵᠤ ᠬᠣᠵᠢᠮ ᠨᠢ 《ᠠᠷᠠᠯ ᠬᠣᠢᠭ ᠤ᠋ᠨ ᠦᠨᠳᠦᠰᠦᠲᠡᠨ  ᠶᠠᠰᠤᠲᠠᠨ ᠤ᠋ ᠲᠣᠪᠴᠢ ᠲᠡᠮᠳᠡᠭᠯᠡᠯ》 ᠢ᠋ ᠪᠢᠴᠢᠵᠦ ᠠᠹᠷᠢᠺᠠ ᠲᠢᠪ ᠦ᠋ᠨ ᠵᠡᠭᠦᠨ ᠡᠷᠭᠢ ᠶ᠋ᠢᠨ ᠤᠯᠤᠰ ᠦᠨᠳᠦᠰᠦᠲᠡᠨ ᠢ᠋ ᠲᠠᠨᠢᠯᠴᠠᠭᠤᠯᠵᠠᠢ᠃ ᠰᠠᠷᠲᠠᠭᠤᠯ ᠤ᠋ᠨ ᠰᠢᠨᠵᠢᠯᠡᠬᠦ ᠤᠬᠠᠭᠠᠨᠲᠠᠨ᠂ᠣᠳᠣᠨ ᠣᠷᠣᠨ ᠤ᠋ ᠰᠤᠳᠤᠯᠭᠠᠲᠠᠨ ᠵᠠᠮᠠᠯᠠ ᠳ᠋ᠢᠨ᠂ᠶᠤᠸᠠᠨ ᠤᠯᠤᠰ ᠤ᠋ᠨ ᠱᠠᠩᠳᠤ ᠨᠡᠢᠰᠯᠡᠯ  ᠳ᠋ᠦ᠍ ᠲᠤᠰᠬᠠᠢᠯᠠᠨ ᠣᠳᠣᠨ ᠣᠷᠣᠨ ᠰᠢᠨᠵᠢᠬᠦ ᠣᠷᠭᠢᠯ ᠢ᠋ ᠪᠠᠢᠭᠤᠯᠵᠤ ᠶᠤᠸᠠᠨ ᠤᠯᠤᠰ ᠤ᠋ᠨ ᠣᠳᠣᠨ ᠣᠷᠣᠨ ᠤ᠋ ᠰᠤᠳᠤᠯᠤᠯ ᠳ᠋ᠤ᠌ ᠯᠤᠲᠤ ᠶᠡᠬᠡ ᠬᠤᠪᠢ ᠨᠡᠮᠡᠭᠦᠷᠢ ᠣᠷᠣᠭᠤᠯᠤᠭᠰᠠᠨ ᠶᠤᠮ᠃ᠶᠤᠸᠠᠨ ᠤ᠋ ᠦᠶᠡᠰ ᠰᠠᠷᠲᠠᠭᠤᠯ ᠤ᠋ᠨ ᠡᠮ ᠡᠮᠨᠡᠯᠭᠡ ᠶᠡᠬᠡᠳᠡ ᠳᠡᠯᠭᠡᠷᠡᠵᠡᠢ᠃ᠣᠷᠳᠣᠨ ᠤ᠋ ᠣᠲᠠᠴᠢ ᠶ᠋ᠢᠨ ᠬᠦᠷᠢᠶᠡᠯᠡᠩ ᠦ᠋ᠨ ᠳᠣᠣᠷ᠎ᠠ ᠬᠡᠰᠢᠭ ᠢᠪᠡᠭᠡᠯ ᠦ᠋ᠨ ᠶᠠᠮᠤᠨ ᠢ᠋ ᠪᠠᠢᠭᠤᠯᠵᠤ ᠡᠮ ᠨᠠᠢᠷᠠᠵᠤ ᠡᠮᠴᠢᠯᠡᠭᠡ ᠬᠢᠵᠦ ᠪᠠᠢᠵᠠᠢ᠃ᠳᠤᠮᠳᠠᠳᠤ ᠠᠽᠢᠶ᠎ᠠ ᠶ᠋ᠢᠨ ᠨᠡᠷᠡᠲᠦ ᠡᠮ ᠠᠵᠢᠷ᠂ᠠᠰᠢᠷ᠂ᠨᠦᠬᠡᠰᠡᠷ᠂ᠳᠤᠮᠳᠠᠳᠤ ᠤᠯᠤᠰ ᠲᠤ᠌ ᠳᠡᠯᠭᠡᠷᠡᠵᠦ ᠡᠮ ᠦ᠋ᠨ ᠵᠣᠷ ᠲᠤ᠌ ᠲᠡᠮᠳᠡᠭᠯᠡᠭᠳᠡᠨ ᠬᠦᠰᠡᠬᠦᠢ ᠶ᠋ᠢᠨ《ᠢᠳᠡᠭᠡᠨ ᠤᠮᠳᠠᠭᠠᠨ ᠤ᠋ ᠵᠢᠩᠬᠢᠨᠢ ᠲᠣᠪᠴᠢ》 ᠳ᠋ᠤ᠌ ᠣᠷᠣᠭᠰᠠᠨ ᠪᠠᠢᠪᠠ᠃ᠲᠠᠵᠢ ᠶ᠋ᠢᠨ ᠳᠠᠷᠬᠠᠨ ᠡᠭᠡᠳ᠋ᠸᠷ ᠪᠣᠯ ᠪᠠᠷᠢᠯᠭ᠎ᠠ ᠶ᠋ᠢᠨ ᠮᠡᠷᠭᠡᠵᠢᠯᠲᠡᠨ᠂ᠪᠠᠯᠪᠤ ᠶ᠋ᠢᠨ ᠳᠠᠷᠬᠠᠨ ᠠᠨᠢᠭᠡ ᠪᠣᠯ ᠠᠯᠳᠠᠷᠲᠤ ᠱᠤᠭᠤᠮᠠᠯᠴᠢᠨ᠃ᠲᠡᠳᠡ ᠱᠠᠩᠳᠤ ᠪᠠ ᠳᠠᠢᠳᠤ ᠶ᠋ᠢ ᠪᠠᠢᠭᠤᠯᠬᠤ ᠳ᠋ᠤ᠌ ᠬᠠᠮᠵᠢᠯᠴᠠᠨ ᠲᠥᠰᠦᠪᠯᠡᠵᠦ ᠵᠢᠷᠤᠵᠤ᠂ᠪᠠᠷᠢᠵᠤ ᠱᠤᠭᠤᠵᠤ ᠥᠷᠥᠨ᠎ᠡ ᠪᠠ ᠳᠣᠷᠣᠨ᠎ᠠ ᠶ᠋ᠢᠨ ᠰᠣᠶᠣᠯ ᠤᠷᠠᠯᠢᠭ ᠤ᠋ᠨ ᠰᠣᠯᠢᠯᠴᠠᠭ᠎ᠠ᠂ᠬᠥᠭᠵᠢᠯᠲᠡ ᠳ᠋ᠦ᠍ ᠭᠠᠷᠮᠠᠭᠠᠢ ᠵᠢᠳᠬᠦᠯ ᠭᠠᠷᠭᠠᠭᠰᠠᠨ ᠶᠤᠮ᠃ᠢᠯ ᠬᠠᠨᠳᠤ ᠤᠯᠤᠰ ᠤ᠋ᠨ ᠴᠢᠩᠰᠠᠩ ᠪᠣᠯᠣᠳ᠂ᠡᠷᠳᠡᠮᠲᠡᠨ ᠯᠢ ᠳᠡ ᠱᠢ᠂ᠨᠢ ᠺᠧ ᠰᠦᠨ ᠨᠠᠷ  ᠷᠠᠰᠢᠳ᠋ ᠠᠳ᠋ ᠳ᠋ᠢᠨ ᠦ᠌ 《ᠰᠤᠳᠤᠷ ᠤ᠋ᠨ ᠴᠢᠭᠤᠯᠭᠠᠨ》 ᠢ᠋ ᠪᠢᠴᠢᠬᠦ ᠳ᠋ᠦ᠍ ᠣᠷᠣᠯᠴᠠᠵᠤ ᠥᠷᠥᠨᠡᠳᠠᠬᠢᠨ ᠳ᠋ᠤ᠌ ᠶᠡᠬᠡ ᠶᠤᠸᠠᠨ ᠭᠦᠷᠦᠨ ᠢ᠋ ᠲᠠᠨᠢᠯᠴᠠᠭᠤᠯᠤᠭᠰᠠᠨ ᠢ᠋ᠶ᠋ᠠᠷ ᠮᠣᠩᠭᠣᠯ ᠮᠠᠶᠢᠭ ᠤ᠋ᠨ ᠪᠥᠮᠪᠥᠭᠡᠷ ᠣᠷᠣᠢ ᠲᠠᠢ ᠪᠠᠷᠢᠯᠭ᠎ᠠ ᠶ᠋ᠢᠨ ᠬᠡᠯᠪᠡᠷᠢ᠂ ᠮᠣᠩᠭᠣᠯ ᠶᠠᠰᠤ ᠪᠠᠷᠢᠬᠤ᠂ᠬᠠᠨᠠᠬᠤ ᠠᠷᠭ᠎ᠠ᠂ᠵᠡᠭᠦᠦ ᠲᠥᠭᠡᠨᠡᠯᠭᠡ ᠶ᠋ᠢᠨ ᠤᠬᠠᠭᠠᠨ᠂ᠵᠢᠷᠤᠭ ᠤᠷᠠᠯᠢᠭ᠂ᠪᠠᠷᠠᠭᠤᠨ ᠠᠽᠢᠶ᠎ᠠ ᠪᠠ ᠥᠷᠥᠨᠡᠳᠠᠬᠢᠨ ᠳ᠋ᠤ᠌ ᠤᠯᠠᠮᠵᠢᠯᠠᠭᠳᠠᠨ ᠳᠡᠯᠭᠡᠷᠡᠵᠡᠢ᠃ᠮᠥᠨ ᠶᠤᠸᠠᠨ ᠭᠦᠷᠦᠨ ᠦ᠌ ᠬᠥᠪᠥᠩ ᠨᠡᠬᠡᠮᠡᠯ ᠦ᠋ᠨ ᠦᠢᠯᠡᠳᠬᠦᠨ᠂ᠲᠣᠷᠭ᠎ᠠ  ᠳᠤᠷᠳᠤᠩ᠂ᠬᠠᠳᠬᠤᠮᠠᠯ ᠪᠠᠷᠠᠭ᠎ᠠ᠂ᠴᠠᠭᠠᠨ ᠬᠥᠬᠡ ᠬᠤᠸᠠᠷ ᠲᠠᠢ ᠱᠠᠭᠠᠵᠠᠩ ᠰᠠᠪᠠ ᠬᠡᠷᠡᠭᠰᠡᠯ᠂ᠠᠯᠲᠠ ᠮᠥᠩᠭᠥ᠂ᠭᠠᠤᠯᠢ ᠵᠡᠰ ᠲᠡᠮᠦᠷ ᠦ᠋ᠨ ᠰᠠᠪᠠ ᠰᠠᠭᠤᠯᠠᠭ᠎ᠠ᠂ᠵᠸᠨᠵᠸᠤ ᠭᠠᠵᠠᠷ ᠤ᠋ᠨ ᠭᠠᠩᠨᠠᠭᠤᠷ ᠲᠤᠭᠤᠯᠭ᠎ᠠ᠂ᠸᠸᠨᠵᠸᠤ ᠭᠠᠵᠠᠷ ᠤ᠋ᠨ ᠰᠢᠷᠲᠤ ᠲᠡᠪᠰᠢ᠂ ᠮᠢᠩᠵᠸᠤ ᠭᠠᠵᠠᠷ ᠤ᠋ᠨ ᠴᠢᠬᠢᠷᠰᠦ᠂ᠰᠢᠬᠦᠷ᠂ᠰᠠᠮ ᠱᠦᠭᠦᠷ᠂ᠵᠡᠭᠦᠦ ᠤᠲᠠᠰᠤ ᠮᠡᠲᠦ ᠶ᠋ᠢᠨ ᠡᠳᠦᠷ ᠳᠣᠳᠣᠮ ᠤ᠋ᠨ ᠬᠡᠷᠡᠭᠰᠡᠯ᠂ᠮᠥᠩᠭᠥᠨ ᠤᠰᠤ᠂ᠬᠦᠬᠦᠷ ᠵᠡᠷᠭᠡ ᠶ᠋ᠢᠨ ᠠᠭᠤᠷᠬᠠᠢ ᠶ᠋ᠢᠨ ᠦᠢᠯᠡᠳᠬᠦᠨ᠂ᠽᠠᠨᠳᠠᠨ ᠰᠥᠭᠡᠪᠡ᠂ᠵᠢᠭᠠᠷ ᠮᠡᠲᠦ ᠶ᠋ᠢᠨ ᠲᠦᠭᠦᠬᠡᠢ ᠡᠮ᠂ᠦᠨᠦᠷᠲᠦ ᠡᠳ᠋᠂ᠪᠢᠴᠢᠭ ᠵᠢᠷᠤᠭ ᠢ᠋ ᠥᠷᠲᠡᠭᠡ ᠵᠠᠮ ᠢ᠋ᠶ᠋ᠠᠷ ᠥᠷᠥᠨᠡᠳᠠᠬᠢᠨ ᠳ᠋ᠤ᠌ ᠵᠥᠭᠡᠭᠡᠪᠦᠷᠢᠯᠡᠨ ᠪᠣᠷᠣᠯᠠᠭᠤᠯᠵᠤ ᠡᠷᠲᠡᠨ  ᠤ ᠲᠣᠷᠭᠠᠨ ᠵᠠᠮ ᠤ᠋ᠨ ᠲᠡᠦᠬᠡᠨ᠎ᠡ ᠰᠢᠨ᠎ᠡ ᠬᠠᠭᠤᠳᠠᠰᠤ ᠨᠡᠮᠡᠵᠡᠢ᠃
     13 ᠳ᠋ᠤᠭᠠᠷ ᠵᠠᠭᠤᠨ ᠤ᠋ ᠳᠥᠴᠢ ᠲᠠᠪᠢ ᠵᠢᠷᠠᠭᠠᠳ ᠣᠨ ᠤ᠋ ᠬᠣᠭᠣᠷᠣᠨᠳᠣ ᠪᠠᠷᠠᠭᠤᠨ ᠧᠦ᠋ᠷᠣᠫᠠ ᠠ᠋ᠴᠠ ᠮᠣᠩᠭᠣᠯ ᠬᠠᠭᠠᠨᠲᠤ ᠤᠯᠤᠰ ᠲᠤ᠌ ᠡᠯᠴᠢᠯᠡᠵᠦ ᠢᠷᠡᠭᠰᠡᠨ ᠬᠠᠮᠤᠭ ᠲᠦᠷᠦᠭᠦᠴᠢ ᠶ᠋ᠢᠨ ᠭᠤᠷᠪᠠᠨ ᠶᠡᠬᠡ ᠵᠢᠭᠤᠯᠴᠢᠨ ᠪᠣᠯ ᠢᠲ᠋ᠠᠯᠢ ᠶ᠋ᠢᠨ   ᠫ᠊ᠯᠠᠨ ᠺᠠᠷᠪᠢᠨ᠂ᠹᠷᠠᠨᠼᠢ  ᠶ᠋ᠢᠨ ᠸᠢᠯᠯᠢᠶᠠᠮ ᠸᠥᠪᠷᠣᠩ ᠪᠠ ᠢᠲ᠋ᠠᠯᠢ ᠶ᠋ᠢᠨ ᠮᠠᠷᠺᠣ ᠫᠣᠯᠣ ᠪᠣᠯᠤᠨ᠎ᠠ᠃ᠡᠨᠡ ᠬᠦ᠌ ᠭᠤᠷᠪᠠᠨ ᠠᠯᠳᠠᠷᠲᠤ ᠵᠢᠭᠤᠯᠴᠢᠨ᠂ᠲᠤᠬᠠᠢ ᠶ᠋ᠢᠨ ᠦᠶ᠎ᠡ ᠶ᠋ᠢᠨ ᠮᠣᠩᠭᠣᠯ ᠬᠠᠭᠠᠨᠲᠤ ᠤᠯᠤᠰ ᠤ᠋ᠨ ᠤᠯᠤᠰ ᠲᠥᠷᠥ᠂ᠠᠵᠤ ᠠᠬᠤᠢ᠂ᠴᠡᠷᠢᠭ ᠲᠡᠢᠨ᠂ᠬᠠᠤᠯᠢ ᠴᠠᠭᠠᠵᠠ ᠰᠣᠶᠣᠯ ᠤᠷᠠᠯᠢᠭ᠂ᠱᠠᠰᠢᠨ ᠰᠢᠲᠦᠯᠭᠡ᠂ᠵᠠᠩ ᠳᠠᠳᠬᠠᠯ᠂ᠥᠷᠲᠡᠭᠡ ᠵᠠᠮ ᠢ᠋ ᠨᠡᠯᠢᠶᠡᠳ ᠪᠦᠬᠦ ᠲᠠᠯ᠎ᠠ ᠪᠠᠷ ᠦᠨᠡᠨ ᠮᠠᠭᠠᠳ ᠢ᠋ᠶ᠋ᠠᠷ ᠨᠠᠷᠢᠨ ᠲᠣᠳᠣᠷᠬᠠᠢ ᠲᠡᠮᠳᠡᠭᠯᠡᠵᠦ ᠥᠷᠥᠨᠡᠳᠠᠬᠢᠨ ᠳ᠋ᠤ᠌ ᠲᠠᠨᠢᠯᠴᠠᠭᠤᠯᠤᠭᠰᠠᠨ ᠶᠤᠮ᠃ᠲᠡᠳᠡ ᠪᠠᠲᠤ ᠶ᠋ᠢᠨ ᠬᠠᠨᠳᠤ ᠤᠯᠤᠰ ᠲᠤ᠌ ᠨᠡᠪᠲᠡᠷᠡᠭᠰᠡᠨ ᠥᠷᠲᠡᠭᠡ ᠵᠠᠮ ᠢ᠋ ᠳᠠᠭᠠᠵᠤ ᠮᠣᠩᠭᠣᠯ ᠣᠷᠣᠨ ᠳ᠋ᠤ᠌ ᠢᠷᠡᠭᠰᠡᠨ ᠪᠢᠯᠡ᠃ᠰᠠᠭᠤᠭᠰᠠᠨ ᠬᠤᠭᠤᠴᠠᠭ᠎ᠠ ᠪᠠᠷ ᠤᠷᠲᠤ᠂ᠲᠣᠭᠣᠷᠢᠭᠰᠠᠨ ᠭᠠᠵᠠᠷ ᠢ᠋ᠶ᠋ᠠᠷ ᠥᠷᠭᠡᠨ᠂ᠣᠢᠯᠠᠭᠠᠭᠰᠠᠨ ᠬᠡᠮᠵᠢᠶ᠎ᠡ ᠪᠡᠷ ᠭᠦᠨ ᠨᠢ ᠮᠠᠷᠺᠣ ᠫᠣᠯᠣ ᠶᠤᠮ᠃ᠲᠡᠷᠡ ᡁᠢ ᠶᠤᠸᠠᠨ ᠤ᠋ ᠬᠣᠶᠠᠳᠤᠭᠠᠷ ᠣᠨ(1265 ᠣᠨ) ᠤ᠋ ᠵᠤᠨ ᠱᠠᠩᠳᠤ ᠨᠡᠢᠰᠯᠡᠯ ᠳ᠋ᠦ᠍ ᠢᠷᠡᠵᠦ ᠬᠤᠪᠢᠯᠠᠢ ᠬᠠᠭᠠᠨ ᠳ᠋ᠤ᠌ ᠪᠠᠷᠠᠯᠠᠨ᠂ᠬᠤᠪᠢᠯᠠᠢ ᠬᠠᠭᠠᠨ ᠤ᠋ ᠢᠲᠡᠭᠡᠯ ᠬᠦᠨᠳᠦ ᠶ᠋ᠢ ᠶᠡᠬᠡᠳᠡ ᠣᠯᠵᠤ ᠲᠡᠭᠦᠨ ᠦ᠌ ᠭᠠᠷ ᠳᠣᠣᠷ᠎ᠠ ᠤᠷᠢᠳ ᠬᠣᠵᠢᠳ17 ᠵᠢᠯ ᠠᠯᠪᠠ ᠬᠠᠭᠠᠵᠤ ᠰᠠᠭᠤᠭᠰᠠᠨ ᠢ᠋ᠶ᠋ᠠᠷ ᠮᠣᠩᠭᠣᠯ ᠤ᠋ᠨ ᠪᠠᠢᠳᠠᠯ᠂ᠳᠣᠷᠣᠨᠠᠳᠠᠬᠢᠨ ᠤ᠋ ᠪᠠᠢᠳᠠᠯ ᠲᠠᠢ ᠭᠦᠨ ᠲᠠᠨᠢᠯᠴᠠᠭᠰᠠᠨ ᠶᠤᠮ᠃ᠭᠤᠷᠪᠠᠨ ᠵᠢᠭᠤᠯᠴᠢᠨ ᠤ᠋ ᠠᠶᠠᠯᠠᠯ ᠤ᠋ᠨ ᠲᠡᠮᠳᠡᠭᠯᠡᠯ ᠨᠢ ᠥᠷᠥᠨᠡᠳᠠᠬᠢᠨ ᠳ᠋ᠤ᠌ ᠮᠣᠩᠭᠣᠯ ᠣᠷᠣᠨ ᠪᠠ ᠳᠣᠷᠣᠨᠠᠳᠠᠬᠢᠨ ᠢ᠋ ᠲᠠᠨᠢᠯᠴᠠᠭᠤᠯᠤᠨ ᠥᠭᠴᠦ ᠧᠦ᠋ᠷᠣᠫᠠᠴᠤᠳ ᠲᠤ᠌ ᠰᠡᠩᠬᠡᠷᠡᠭᠦᠯᠦᠯ ᠣᠯᠭᠣᠵᠤ ᠲᠡᠳᠡᠨ  ᠤ ᠨᠢᠳᠦᠨ ᠬᠠᠷᠠᠴᠠ ᠶ᠋ᠢ ᠬᠣᠯᠠᠳᠬᠠᠭᠰᠠᠨ ᠪᠢᠯᠡ᠃
          
                ᠥᠷᠲᠡᠭᠡ ᠵᠠᠮ ᠤ᠋ᠨ ᠣᠢᠵᠢᠭᠤᠯᠤᠯᠲᠠ
   ᠰᠤᠷᠪᠤᠯᠵᠢ ᠲᠡᠦᠬᠡ ᠰᠤᠳᠤᠷ ᠢ᠋ ᠦᠨᠳᠦᠰᠦᠯᠡᠪᠡᠯ ᠬᠤᠪᠢᠯᠠᠢ ᠬᠠᠭᠠᠨ ᠶᠡᠬᠡ ᠶᠤᠸᠠᠨ ᠤᠯᠤᠰ ᠢ᠋ ᠪᠠᠢᠭᠤᠯᠤᠭᠰᠠᠨ ᠤ᠋ ᠳᠠᠷᠠᠭ᠎ᠠ ᠮᠣᠳᠣ ᠲᠠᠷᠢᠵᠤ ᠣᠢᠵᠢᠭᠤᠯᠬᠤ ᠦᠢᠯᠡᠰ ᠢ᠋ ᠶᠡᠬᠡ ᠪᠡᠷ ᠬᠦᠨᠳᠦᠳᠬᠡᠨ ᠦᠷ᠎ᠡ ᠠᠰᠢᠭ ᠶᠡᠬᠡᠲᠡᠢ᠂ᠥᠩᠭᠡ ᠦᠵᠡᠮᠵᠢ ᠰᠠᠢᠲᠠᠢ ᠪᠠᠢᠬᠤ ᠮᠣᠳᠣ ᠲᠠᠷᠢᠬᠤ ᠳᠦᠷᠢᠮ ᠢ᠋ ᠲᠣᠭᠲᠠᠭᠠᠨ ᠬᠡᠷᠡᠭᠵᠢᠭᠦᠯᠦᠭᠰᠡᠨ ᠶᠦ᠍ᠮ᠃ᠢᠯᠠᠩᠭᠤᠶ᠎ᠠ ᠥᠷᠲᠡᠭᠡ ᠵᠠᠮ ᠤ᠋ᠨ ᠣᠢᠵᠢᠭᠤᠯᠤᠯᠲᠠ ᠶ᠋ᠢ ᠶᠡᠬᠡ ᠪᠡᠷ ᠬᠢᠭᠰᠡᠨ ᠪᠠᠢᠪᠠ᠃ᠵᠠᠮ ᠤ᠋ᠨ ᠬᠣᠶᠠᠷ ᠲᠠᠯ᠎ᠠ ᠪᠠᠷ ᠮᠣᠳᠣ ᠲᠠᠷᠢᠵᠤ ᠵᠠᠢᠯᠠᠬᠤ ᠳ᠋ᠠᠭᠠᠨ ᠮᠣᠳᠣ ᠨᠢ ᠰᠠᠭᠯᠠᠭᠠᠷ᠂ᠰᠡᠭᠦᠳᠡᠷ ᠶᠡᠬᠡᠲᠡᠢ᠂ᠲᠤᠰ ᠭᠠᠵᠠᠷ ᠤ᠋ᠨ ᠬᠥᠷᠥᠰᠥ ᠰᠢᠷᠣᠢ ᠳ᠋ᠤ᠌ ᠤᠷᠭᠤᠵᠤ ᠴᠢᠳᠠᠬᠤ ᠪᠠᠷᠢᠮᠵᠢᠶ᠎ᠠ ᠶ᠋ᠢ ᠳᠤᠷᠠᠳᠤᠨ ᠬᠢᠭᠰᠡᠨ ᠶᠦ᠍ᠮ᠃ᠪᠦᠬᠦ ᠤᠯᠤᠰ ᠤ᠋ᠨ ᠡᠮᠦᠨ᠎ᠡ ᠤᠮᠠᠷ᠎ᠠ᠂ᠵᠡᠭᠦᠨ ᠪᠠᠷᠠᠭᠤᠨ ᠣᠷᠣᠨ ᠢ᠋ ᠬᠣᠯᠪᠣᠭᠰᠠᠨ ᠥᠷᠲᠡᠭᠡ ᠵᠠᠮ ᠤ᠋ᠨ ᠬᠣᠶᠠᠷ ᠬᠥᠪᠡᠭᠡ ᠪᠡᠷ ᠭᠠᠵᠠᠷ ᠣᠷᠣᠨ ᠤ᠋ ᠬᠥᠷᠥᠰᠥ ᠰᠢᠷᠣᠢ ᠳ᠋ᠤ᠌ ᠲᠣᠬᠢᠷᠠᠬᠤ ᠦᠰᠦᠲᠦ ᠲᠣᠷᠭᠠᠨ᠎ᠠ᠂ᠤᠳᠠ ᠤᠯᠢᠶᠠᠰᠤ᠂ᠵᠢᠭᠠᠷᠲᠤ ᠮᠣᠳᠣ᠂ᠪᠠᠷᠤᠷ᠎ᠠ ᠮᠣᠳᠣ᠂ᠪᠠᠭᠲᠠᠷ ᠮᠣᠳᠣ ᠶ᠋ᠢ ᠶᠡᠬᠡ ᠠᠷᠪᠢᠨ ᠲᠠᠷᠢᠭᠰᠠᠨ ᠪᠠᠢᠪᠠ᠃ᠡᠳᠡᠭᠡᠷ ᠮᠣᠳᠣ ᠨᠢ ᠤᠷᠭᠤᠯᠲᠠ ᠪᠠᠷ ᠰᠠᠢᠨ᠂ᠨᠠᠪᠴᠢ ᠨᠠᠮᠠᠭ᠎ᠠ ᠰᠠᠬᠤᠯᠢᠭ᠂ᠪᠠᠰᠠ ᠴᠠᠭᠠᠰᠤ ᠬᠢᠬᠦ ᠣᠬᠢ ᠰᠠᠢᠨ ᠲᠦᠭᠦᠬᠡᠢ ᠮᠠᠲ᠋ᠧᠷᠢᠶᠠᠯ ᠪᠣᠯᠬᠤ ᠲᠤᠯᠠ ᠦᠷ᠎ᠡ ᠠᠰᠢᠭ ᠶᠡᠬᠡᠲᠡᠢ᠂ᠥᠩᠭᠡ ᠦᠵᠡᠮᠵᠢ ᠰᠠᠢᠲᠠᠢ ᠠᠵᠢ᠃ 
   ᠶᠤᠸᠠᠨ ᠤᠯᠤᠰ ᠤ᠋ᠨ ᠬᠤᠪᠢᠯᠠᠢ ᠰᠡᠴᠡᠨ ᠬᠠᠭᠠᠨ ᠪᠣᠯ ᠥᠷᠲᠡᠭᠡ ᠵᠠᠮ ᠢ᠋ ᠶᠡᠬᠡ ᠪᠡᠷ ᠵᠠᠰᠠᠵᠤ ᠶᠡᠬᠡ ᠪᠡᠷ ᠣᠢᠵᠢᠭᠤᠯᠤᠭᠰᠠᠨ ᠬᠠᠭᠠᠨ ᠪᠢᠯᠡ᠃ᠥᠭᠡᠷ᠎ᠡ ᠠᠯᠢ ᠴᠤ᠌ ᠲᠥᠷᠥ ᠶ᠋ᠢᠨ ᠬᠠᠭᠠᠨ ᠢᠩᠭᠢᠵᠦ ᠬᠢᠭᠰᠡᠨ ᠦᠭᠡᠢ ᠶᠦ᠍ᠮ᠃ᠡᠨᠡ ᠨᠢ ᠮᠣᠩᠭᠣᠯ ᠬᠥᠮᠦᠨ ᠦ᠌ ᠡᠬᠡ ᠪᠠᠢᠭᠠᠯᠢ ᠶ᠋ᠢ ᠬᠠᠮᠠᠭᠠᠯᠠᠬᠤ — ᠤᠰᠤ ᠪᠤᠵᠠᠷᠯᠠᠬᠤ ᠥᠬᠡᠢ᠂ᠬᠥᠷᠥᠰᠥ ᠡᠪᠳᠡᠬᠦ ᠦᠭᠡᠢ᠂ᠮᠣᠳᠣ ᠳᠤᠷ᠎ᠠ ᠪᠠᠷ ᠣᠭᠲᠣᠯᠬᠤ ᠦᠭᠡᠢ ᠤᠯᠠᠮᠵᠢᠯᠠᠯᠲᠤ ᠰᠢᠯᠢᠳᠡᠭ ᠤᠳᠤᠮᠰᠢᠯ ᠤ᠋ᠨ ᠲᠡᠦᠬᠡᠨ ᠭᠡᠷᠡᠴᠢᠯᠡᠯ ᠪᠢᠯᠡ᠃ᠥᠷᠲᠡᠭᠡ ᠵᠠᠮ ᠵᠠᠰᠠᠵᠤ ᠭᠠᠵᠠᠷ ᠤ᠋ᠨ ᠬᠥᠷᠥᠰᠥ ᠰᠢᠷᠣᠢ ᠶ᠋ᠢ ᠬᠥᠨᠳᠡᠵᠦ ᠡᠪᠳᠡᠭᠰᠡᠨ ᠤᠴᠢᠷ ᠮᠣᠳᠣ ᠪᠤᠷᠭᠠᠰᠤ ᠵᠠᠢᠯᠠᠨ ᠲᠠᠷᠢᠵᠤ ᠲᠡᠭᠦᠨ ᠦ᠌ ᠤᠤᠯ ᠲᠥᠷᠬᠦ ᠶ᠋ᠢ ᠰᠡᠷᠭᠦᠭᠡᠨ ᠬᠠᠮᠠᠭᠠᠯᠠᠬᠤ ᠤᠬᠠᠮᠰᠠᠷᠲᠤ ᠠᠷᠭ᠎ᠠ ᠪᠣᠳᠣᠯᠭ᠎ᠠ ᠠᠪᠤᠭᠰᠠᠨ ᠪᠤᠶᠤ᠃《ᠮᠠᠷᠺᠣ ᠫᠣᠯᠣ ᠶ᠋ᠢᠨ ᠵᠢᠭᠤᠯᠴᠢᠯᠠᠯ ᠤ᠋ᠨ ᠲᠡᠮᠳᠡᠭᠯᠡᠯ》 ᠳ᠋ᠦ᠍《ᠶᠡᠬᠡ ᠬᠠᠭᠠᠨ᠂ᠡᠯᠴᠢᠳ᠂ᠣᠯᠠᠨ ᠬᠤᠳᠠᠯᠳᠤᠭᠠᠴᠢᠳ ᠬᠢᠭᠡᠳ ᠡᠩ ᠦ᠋ᠨ ᠠᠷᠠᠳ ᠤ᠋ᠨ ᠥᠭᠡᠳᠡ ᠤᠷᠤᠭᠤ ᠶᠠᠪᠤᠯᠴᠠᠬᠤ ᠶᠡᠬᠡ ᠵᠠᠮ ᠤ᠋ᠨ ᠬᠣᠶᠠᠷ ᠬᠠᠵᠠᠭᠤ ᠪᠠᠷ ᠲᠤᠰ ᠲᠤᠰ 2 ᠫᠠᠰ ᠵᠠᠢᠲᠠᠢ ᠮᠣᠳᠣ ᠳᠠᠷᠢᠭᠤᠯᠬᠤ ᠪᠠᠷ ᠵᠠᠷᠯᠢᠭ ᠪᠣᠯᠤᠭᠰᠠᠨ ᠶᠤᠮ᠃ᠡᠳᠡᠭᠡᠷ ᠮᠣᠳᠣᠳ ᠨᠢ ᠦᠨᠡᠬᠡᠷ ᠥᠨᠳᠥᠷ ᠪᠦᠳᠦᠭᠦᠨ ᠤᠷᠭᠤᠭᠰᠠᠨ ᠪᠣᠯᠬᠣᠷ ᠲᠤᠩ ᠬᠣᠯᠠ ᠠ᠋ᠴᠠ ᠲᠣᠳᠣ ᠬᠠᠷᠠᠭᠳᠠᠭᠠᠳ ᠪᠠᠢᠳᠠᠭ ᠶᠤᠮ᠃ᠶᠡᠬᠡ ᠬᠠᠭᠠᠨ ᠢᠩᠭᠢᠵᠦ ᠮᠣᠳᠣ ᠲᠠᠷᠢᠭᠤᠯᠤᠭᠰᠠᠨ ᠠᠵᠢ᠃ᠡᠢᠮᠦᠷᠬᠦᠦ ᠮᠣᠳᠣᠨ ᠭᠤᠲᠤᠮ ᠨᠢ ᠡᠯᠡᠰᠦ ᠮᠠᠩᠬᠠᠨ ᠤ᠋ ᠵᠠᠮ ᠤ᠋ᠨ ᠬᠠᠵᠠᠭᠤ ᠪᠡᠷ ᠴᠦ᠍ ᠦᠷᠭᠦᠯᠵᠢᠯᠡᠵᠦ ᠪᠠᠢᠭ᠎ᠠ ᠶᠤᠮ᠃ᠬᠤᠳᠠᠯᠳᠤᠭᠠᠴᠢᠳ ᠪᠠ ᠠᠶᠠᠨᠴᠢᠳ ᠲᠤ᠌ ᠠᠪᠴᠤ ᠬᠡᠯᠡᠪᠡᠯ ᠦᠨᠡᠬᠡᠷ ᠴᠦ᠍ ᠠᠶᠠᠲᠠᠢ ᠰᠠᠢᠬᠠᠨ ᠰᠠᠨᠠᠭᠳᠠᠳᠠᠭ ᠪᠢᠯᠡ᠃ᠶᠡᠬᠡ ᠬᠠᠭᠠᠨ ᠥᠪᠡᠷ ᠦ᠋ᠨ ᠬᠠᠷᠢᠶ᠎ᠠ ᠪᠦᠬᠦᠢ ᠤᠯᠤᠰ ᠤ᠋ᠨ ᠣᠷᠣᠨ ᠨᠤᠭᠤᠳ ᠲᠤ᠌ ᠮᠣᠳᠣ ᠲᠠᠷᠢᠵᠤ ᠪᠣᠯᠬᠤ ᠯᠠ ᠭᠠᠵᠠᠷ ᠪᠣᠯᠭᠠᠨ ᠳ᠋ᠤ᠌ ᠵᠠᠮ ᠤ᠋ᠨ ᠬᠠᠵᠠᠭᠤ ᠪᠠᠷ ᠪᠦᠷ ᠮᠣᠳᠣ ᠲᠠᠷᠢᠭᠤᠯᠤᠭᠰᠠᠨ ᠪᠠᠢᠪᠠ᠃ ᠪᠠᠰᠠ ᠬᠡᠳᠦ ᠬᠡᠳᠦᠨ ᠢᠵᠠᠭᠤᠷᠲᠠᠨ ᠲᠣᠮᠢᠯᠠᠵᠤ ᠡᠳᠡᠭᠡᠷ ᠵᠠᠮ ᠤ᠋ᠳ ᠤ᠋ᠨ ᠰᠠᠢᠨ ᠰᠠᠢᠬᠠᠨ ᠪᠠᠢᠬᠤ ᠡᠰᠡᠬᠦ ᠶ᠋ᠢ ᠴᠠᠭ ᠦᠷᠭᠦᠯᠵᠢ ᠬᠢᠨᠠᠨ ᠪᠠᠢᠴᠠᠭᠠᠯᠭᠠᠵᠤ ᠪᠠᠢᠳᠠᠭ》 ᠭᠡᠵᠦ ᠲᠡᠮᠳᠡᠭᠯᠡᠭᠰᠡᠨ ᠶᠦ᠍ᠮ᠃

ᠤᠩᠰᠢᠭᠴᠢ᠄ ᠨᠠᠷᠠᠨᠴᠢᠮᠡᠭ   
ᠦᠰᠦᠭ  ᠠᠮᠢᠯᠠᠭᠤᠯᠦᠭ᠍ᠴᠢ᠄  ᠤᠤᠭᠠᠨᠵᠢᠳ ᠂ ᠣᠶᠤᠨᠴᠢᠮᠡᠭ᠂ ᠣᠶᠤᠨ᠂ᠰᠢᠵᠢᠷᠮᠠᠨᠲᠤᠯ᠎ᠠ  
ᠬᠢᠨᠡᠭ᠍ᠴᠢ᠄  ᠨᠠᠷᠠᠩᠭᠤᠸ᠎ᠠ  ᠮᠤᠩᠭᠤᠯᠵᠠᠶᠠᠭ᠎ᠠ