ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠭᠤᠷᠪᠠ> Хан мунын сүүрс < доорд > – Мөнх зохиоов ᠂Дөдгөөр бодь – Хоёрдугаар бүлэг <3>
ᠲᠦᠲᠦᠭᠡᠷ ᠪᠣᠲᠢ – ᠬᠣᠶᠠᠳᠤᠭᠠᠷ ᠪᠦᠯᠦᠭ <ᠭᠤᠷᠪᠠ>
ᠪᠠᠭᠯᠠᠷᠠᠭᠰᠠᠨ ᠪᠠᠷᠠᠭᠠᠨ ᠡᠭᠦᠯᠡ ᠠᠭᠤᠯᠠ ᠶ᠋ᠢᠨ ᠴᠠᠭᠠᠨ᠎ᠠ ᠠ᠋ᠴᠠ ᠤᠷᠭᠤᠵᠤ ᠪᠣᠷᠣᠭᠠᠯᠠᠬᠤ ᠰᠢᠨᠵᠢ ᠲᠡᠢ ᠥᠷᠯᠥᠭᠡᠭᠦᠷ ᠰᠦᠷᠡᠬᠡᠢ ᠵᠢᠬᠡᠭᠦᠨ ᠪᠠᠢᠯ᠎ᠠ᠃
ᠮᠠᠨᠤᠨᠪᠠᠳᠮ᠎ᠠ ᠬᠥᠭᠰᠢᠨ ᠡᠨᠡ ᠥᠷᠯᠥᠭᠡ ᠡᠷᠲᠡᠯᠡᠨ ᠪᠣᠰᠴᠤ ᠭᠠᠯ ᠲᠣᠭᠣᠭᠠᠨ ᠤ᠋ ᠬᠥᠮᠦᠨ ᠢ᠋ ᠳᠠᠭᠤᠳᠠᠨ ᠴᠠᠢ ᠴᠤᠤ ᠲᠥᠬᠥᠭᠡᠷᠦᠭᠦᠯᠵᠦ ᠪᠠᠭ᠎ᠠ ᠬᠠᠲᠤᠨ ᠤ᠋ ᠤᠬᠢᠶᠠᠵᠤ ᠶᠠᠩᠵᠤᠯᠠᠬᠤ ᠶ᠋ᠢ ᠬᠦᠯᠢᠶᠡᠵᠦ ᠠᠲᠠᠯ᠎ᠠ ᠨᠣᠬᠠᠢ ᠬᠣᠷᠭᠣᠭᠣᠵᠤ ᠭᠦᠷᠦᠮᠡᠯ ᠰᠠᠭᠰᠤ ᠲᠣᠬᠣᠢᠯᠠᠭᠰᠠᠨ ᠦᠯᠦ ᠲᠠᠨᠢᠬᠤ ᠮᠣᠷᠢᠲᠠᠢ ᠬᠥᠮᠦᠨ ᠱᠣᠩ ᠳᠡᠭᠡᠷ᠎ᠡ ᠪᠠᠭᠤᠪᠠ᠃ ᠲᠡᠷᠡ ᠬᠥᠮᠦᠨ ᠢ᠋ ᠮᠠᠨᠠᠭᠠᠨ ᠤ᠋ ᠴᠡᠷᠢᠭ ᠪᠡᠶ᠎ᠡ ᠶ᠋ᠢ ᠨᠢ ᠨᠡᠩᠵᠢᠵᠦ ᠰᠠᠭᠰᠤ ᠲᠠᠢ ᠶᠠᠭᠤᠮ᠎ᠠ ᠶ᠋ᠢ ᠨᠢ ᠬᠤᠷᠢᠶᠠᠵᠤ ᠠᠪᠤᠭᠠᠳ《ᠶᠠᠭᠤᠨ ᠤ᠋ ᠬᠥᠮᠦᠨ ᠪᠣᠢ? ᠬᠡᠨ ᠲᠡᠢ ᠠᠭᠤᠯᠵᠠᠬᠤ ᠭᠡᠵᠦ ᠶᠠᠪᠤᠨ᠎ᠠ?》 ᠭᠡᠵᠦ ᠤᠬᠤᠴᠢᠯᠠᠵᠤ ᠨᠡᠷ᠎ᠡ ᠣᠪᠣᠭ ᠢ᠋ ᠨᠢ ᠰᠢᠯᠭᠠᠵᠤ ᠪᠠᠢᠪᠠ᠃
ᠤᠤᠯ ᠨᠢ ᠲᠡᠷᠡ ᠬᠥᠮᠦᠨ ᠠᠩᠴᠢᠨᠵᠠᠪ ᠤ᠋ᠨ ᠲᠣᠬᠢᠯᠲᠠ ᠪᠠᠷ ᠪᠠᠭ᠎ᠠ ᠬᠠᠲᠤᠨ ᠲᠠᠢ ᠠᠭᠤᠯᠵᠠᠵᠤ᠂ ᠨᠢᠭᠡ ᠰᠠᠭᠰᠤ ᠭᠦᠢᠯᠡᠰᠦ ᠬᠦᠷᠭᠡᠬᠦ ᠨᠡᠷ᠎ᠡ ᠪᠡᠷ ᠵᠠᠬᠢᠳᠠᠯ ᠬᠦᠷᠭᠡᠵᠦ ᠶᠠᠪᠤᠭ᠎ᠠ ᠪᠤᠭᠤᠲᠤ ᠶ᠋ᠢᠨ ᠨᠠᠮᠰᠠᠷᠠᠢ ᠪᠤᠷᠬᠠᠨᠲᠤ ᠰᠦᠮ᠎ᠡ ᠳ᠋ᠦ᠍ ᠪᠠᠨᠳᠢ ᠪᠠᠢᠭᠰᠠᠨ ᠲᠡᠮᠦᠷᠰᠦ᠋ᠬᠡ ᠪᠠᠢᠯ᠎ᠠ᠃ ᠲᠡᠮᠦᠷᠰᠦ᠋ᠬᠡ ᠪᠠᠭ᠎ᠠ ᠬᠠᠲᠤᠨ ᠲᠠᠢ ᠯᠠ ᠠᠭᠤᠯᠵᠠᠵᠤ ᠡᠨᠡ ᠰᠠᠭᠰᠤ ᠭᠦᠢᠯᠡᠰᠦ ᠪᠣᠯᠤᠨ ᠵᠠᠬᠢᠳᠠᠯ ᠢ᠋ᠶ᠋ᠠᠨ ᠪᠡᠶᠡᠲᠡᠨ ᠭᠠᠷᠳᠠᠭᠤᠯᠬᠤ ᠭᠡᠵᠦ ᠤᠯᠠᠭ᠎ᠠ ᠶ᠋ᠢᠨ ᠭᠠᠵᠠᠷ ᠠ᠋ᠴᠠ ᠤᠨᠤᠭ᠎ᠠ ᠬᠥᠯᠥᠰᠥᠯᠡᠵᠦ ᠤᠨᠤᠨ ᠪᠣᠭᠣᠨᠢ ᠳᠥᠷᠥᠭᠡ ᠪᠣᠰᠤᠭ᠎ᠠ ᠵᠢᠯᠣᠭᠣ ᠪᠠᠷ ᠳᠠᠪᠬᠢᠭᠤᠯᠵᠤ ᠬᠦᠩ ᠦ᠋ᠨ ᠶᠠᠮᠤᠨ ᠳ᠋ᠤ᠌ ᠬᠦᠷᠴᠦ ᠣᠴᠢᠬᠤ ᠳ᠋ᠤ᠌ ᠪᠠᠭ᠎ᠠ ᠬᠠᠲᠤᠨ ᠶᠠᠭᠤᠮ᠎ᠠ ᠬᠡᠦᠮ᠎ᠡ ᠪᠡᠨ ᠠᠴᠢᠶᠠᠯᠠᠵᠤ ᠪᠤᠭᠤᠲᠤ ᠤᠷᠤᠭᠤ ᠶᠠᠪᠤᠴᠢᠬᠠᠯ᠎ᠠ ᠭᠡᠵᠦ ᠳᠤᠭᠤᠯᠪᠠ᠃ ᠡᠢᠨ ᠬᠦ᠌ ᠲᠡᠷᠡ ᠪᠤᠴᠠᠯᠭᠠᠨ ᠳ᠋ᠠᠭᠠᠨ ᠰᠤᠷᠠᠭ ᠬᠠᠢᠵᠤ ᠤᠯᠠᠯᠵᠢ ᠶ᠋ᠢᠨ ᠨᠢᠭᠡ ᠠᠢᠯ ᠳ᠋ᠤ᠌ ᠬᠣᠨᠣᠭ ᠭᠤᠶᠤᠵᠤ ᠦᠦᠷ ᠴᠠᠢᠯᠭᠠᠪᠠ᠃ ᠲᠡᠷᠡ ᠠᠢᠯ ᠤ᠋ᠨ ᠡᠵᠡᠭᠲᠡᠢ ᠡᠴᠡ ᠪᠠᠭ᠎ᠠ ᠬᠠᠲᠤᠨ ᠥᠴᠥᠭᠡᠳᠦᠷ ᠰᠥᠨᠢ ᠪᠠᠷᠤᠭ ᠠᠭᠠᠷᠤᠳᠠᠢ ᠶ᠋ᠢᠨ ᠡᠩᠭᠡᠷ ᠲᠦ᠍ ᠴᠣ ᠨᠣᠶᠠᠨ ᠤ᠋ ᠳ᠋ᠤ᠌ ᠬᠣᠨᠣᠭᠰᠠᠨ ᠭᠡᠳᠡᠭ ᠢ᠋ ᠰᠣᠨᠣᠰᠤᠭᠠᠳ ᠬᠠᠷ᠎ᠠ ᠥᠷᠯᠥᠭᠡᠭᠦᠷ ᠢᠷᠡᠭᠰᠡᠨ ᠨᠢ ᠡᠨᠡ ᠪᠠᠢᠵᠠᠢ᠃
ᠮᠠᠨᠠᠭᠠᠨ ᠤ᠋ ᠴᠡᠷᠢᠭ ᠥᠨᠥᠬᠢ ᠪᠠᠨᠳᠢ ᠶ᠋ᠢ ᠬᠦᠷᠢᠶᠡᠨ ᠦ᠌ ᠭᠠᠳᠠᠨ᠎ᠠ ᠳᠡᠯᠳᠡᠢᠲᠡᠯ᠎ᠡ ᠵᠣᠭᠰᠣᠭᠠᠵᠤ ᠴᠣᠭᠪᠠᠭᠠᠲᠤᠷ ᠨᠣᠶᠠᠨ ᠳ᠋ᠤ᠌ ᠡᠨᠡ ᠤᠴᠢᠷ ᠢ᠋ ᠲᠣᠭᠠᠴᠢᠵᠤ ᠵᠠᠬᠢᠳᠠᠯ ᠪᠣᠯᠤᠨ ᠰᠠᠭᠰᠤ ᠲᠠᠢ ᠭᠦᠢᠯᠡᠰᠦ ᠶ᠋ᠢ ᠲᠤᠰᠢᠶᠠᠪᠠ᠃ ᠴᠣᠭᠪᠠᠭᠠᠲᠤᠷ ᠵᠠᠬᠢᠳᠠᠯ ᠢ᠋ ᠵᠠᠳᠠᠯᠵᠤ ᠦᠵᠡᠪᠡᠯ᠄
ᠪᠢ ᠣᠳᠣ ᠪᠠᠷ ᠢ᠋ᠶ᠋ᠠᠨ ᠡᠨᠳᠡ ᠡᠴᠡ ᠬᠥᠳᠡᠯᠦᠯ᠎ᠡ᠁ ᠪᠤᠭᠤᠲᠤ ᠳ᠋ᠤ᠌ ᠨᠢᠭᠡ ᠴᠠᠭ ᠬᠣᠷᠭᠣᠳᠠᠬᠤ ᠳ᠋ᠤ᠌ ᠴᠦ᠍ ᠠᠶᠤᠯᠲᠠᠢ ᠪᠣᠯᠤᠭᠠᠳ ᠪᠠᠢᠨ᠎ᠠ᠃ ᠴᠢ ᠴᠦ᠍ ᠪᠤᠭᠤᠲᠤ ᠪᠠᠷ ᠣᠷᠣᠬᠤ ᠬᠡᠷᠡᠭ ᠦᠭᠡᠢ᠂ ᠬᠠᠳᠤᠮᠠᠯ ᠤ᠋ᠨ ᠭᠣᠣᠯ ᠢ᠋ᠶ᠋ᠠᠷ ᠥᠭᠰᠥᠵᠦ ᠪᠤᠭᠤᠲᠤ ᠶ᠋ᠢ ᠲᠣᠭᠣᠷᠢᠵᠤ ᠭᠠᠷ! ᠡᠨᠳᠡ ᠲᠤᠩ ᠠᠶᠤᠯᠲᠠᠢ ᠪᠠᠢᠨ᠎ᠠ᠁ ᠠᠩᠬ᠎ᠠ ᠪᠣᠯᠵᠣᠭᠰᠠᠨ ᠭᠠᠵᠠᠷ ᠲᠠᠭᠠᠨ ᠠᠭᠤᠯᠵᠠᠶ᠎ᠠ!
ᠪᠠᠶᠠᠷᠲᠠᠢ
ᠪᠤᠰᠢᠭᠤᠬᠠᠨ! ᠵᠠᠮ ᠳ᠋ᠠᠭᠠᠨ ᠬᠡᠷᠰᠡᠦᠯᠡᠭᠡᠷᠡᠢ!
ᠠᠩᠴᠢᠨ ᠠ᠋ᠴᠠ
ᠭᠡᠰᠡᠨ ᠳᠥᠬᠥᠮᠬᠡᠨ ᠵᠠᠬᠢᠳᠠᠯ ᠪᠠᠢᠪᠠ᠃
— ᠥᠨᠥᠬᠢ ᠵᠠᠬᠢᠳᠠᠯ ᠬᠦᠷᠭᠡᠵᠦ ᠢᠷᠡᠭᠰᠡᠨ ᠬᠥᠮᠦᠨ ᠬᠠᠮᠢᠭ᠎ᠠ ᠪᠠᠢᠨ᠎ᠠ?
— ᠭᠠᠳᠠᠨ᠎ᠠ ᠪᠣᠢ᠃
— ᠬᠦᠯᠢᠭᠡᠳ ᠬᠣᠷᠢᠴᠢᠬᠠ!
— ᠵᠠ! ᠭᠡᠵᠦ ᠮᠠᠨᠠᠭᠠᠨ ᠤ᠋ ᠴᠡᠷᠢᠭ ᠬᠠᠲᠠᠪᠴᠢ ᠠᠯᠬᠤᠬᠤ ᠭᠡᠲᠡᠯ᠎ᠡ ᠮᠠᠨᠤᠨᠪᠠᠳᠮ᠎ᠠ᠄
— ᠪᠠᠢᠵᠠ! ᠬᠥᠮᠦᠨ ᠦ᠌ ᠡᠮᠦᠨ᠎ᠡ ᠡᠴᠡ ᠭᠦᠶᠦᠵᠦ ᠶᠠᠪᠤᠭ᠎ᠠ ᠬᠦᠦ ᠶ᠋ᠢ ᠪᠠᠷᠢᠵᠤ ᠬᠦᠯᠢᠭᠡᠳ ᠶᠠᠭᠤ ᠬᠢᠬᠦ ᠪᠣᠢ⁈ ᠲᠡᠷᠡ ᠪᠠᠰᠠ ᠠᠮᠢᠳᠤᠷᠠᠬᠤ ᠶ᠋ᠢᠨ ᠡᠷᠬᠡᠨ ᠳ᠋ᠦ᠍ ᠮᠤᠩᠭᠠᠨᠢᠨ ᠬᠥᠮᠦᠨ ᠦ᠌ ᠵᠠᠬᠢᠷᠤᠯ ᠳᠣᠣᠷ᠎ᠠ ᠶᠠᠪᠤᠭ᠎ᠠ ᠪᠠᠢᠯᠭᠦᠢ! ᠲᠡᠭᠦᠨ ᠳ᠋ᠦ᠍ ᠶᠠᠮᠠᠷ ᠯᠠ ᠬᠣᠣᠷ ᠪᠠᠢᠬᠤ ᠪᠣᠢ! ᠲᠠ ᠨᠠᠷ ᠪᠢᠲᠡᠭᠡᠢ ᠲᠣᠯᠣᠭᠠᠢ ᠦᠭᠡᠢ ᠠᠵᠢ ᠬᠢ! ᠨᠠᠭᠠᠰᠢ ᠣᠷᠣᠭᠤᠯᠵᠤ ᠢᠷᠡᠭᠡᠳ ᠴᠠᠢ ᠬᠣᠭᠣᠯᠠ ᠢᠳᠡᠭᠦᠯᠦᠭᠡᠳ ᠶᠠᠪᠤᠭᠤᠯ! ᠭᠡᠵᠦ ᠥᠨᠥᠬᠢ ᠮᠠᠨᠠᠭᠠᠨ ᠤ᠋ ᠴᠡᠷᠢᠭ ᠢ᠋ ᠵᠠᠬᠢᠷᠴᠤ ᠭᠠᠷᠭᠠᠭᠠᠳ᠄
— ᠪᠠᠷᠢᠬᠤ ᠭᠡᠰᠡᠨ ᠬᠥᠮᠦᠨ ᠢ᠋ᠶ᠋ᠡᠨ ᠪᠠᠷᠢᠬᠤ ᠪᠠᠷ ᠤᠬᠠᠭᠠᠯᠠᠬᠤ ᠦᠭᠡᠢ᠂ ᠪᠡᠶ᠎ᠡ ᠳ᠋ᠡᠭᠡᠨ ᠵᠥᠪ ᠦᠭᠡᠢ ᠬᠥᠮᠦᠨ ᠢ᠋ ᠪᠠᠷᠢᠵᠤ ᠬᠦᠯᠢᠭᠡᠳ ᠶᠠᠭᠠᠬᠢᠬᠤ ᠶᠤᠮ? ᠴᠢ ᠳᠡ᠂ ᠴᠢ ᠠ᠋! ᠭᠡᠵᠦ ᠴᠣᠭᠪᠠᠭᠠᠲᠤᠷ ᠤ᠋ᠨ ᠮᠠᠩᠨᠠᠢ ᠶ᠋ᠢ ᠳᠣᠯᠢᠶᠠᠪᠤᠷ ᠬᠤᠷᠤᠭᠤ ᠪᠠᠷ ᠢ᠋ᠶ᠋ᠠᠨ ᠨᠠᠮᠬᠠᠨ ᠴᠢᠴᠢᠯᠡᠨᠡ᠃
ᠥᠷᠯᠥᠭᠡ ᠴᠠᠢ ᠤᠤᠭᠤᠵᠤ ᠪᠠᠢᠭᠠᠳ ᠵᠣᠴᠢᠨ ᠶᠠᠪᠤᠬᠤ ᠲᠦᠭᠦᠰ ᠪᠣᠯᠵᠤ ᠮᠣᠷᠢ ᠬᠠᠷ᠎ᠠ ᠪᠠᠨ ᠪᠠᠷᠢᠯᠠᠨ ᠲᠡᠷᠭᠡ ᠤᠨᠤᠭ᠎ᠠ ᠪᠠᠨ ᠪᠡᠯᠡᠳᠬᠡᠵᠡᠭᠡᠯᠡ᠃
ᠪᠠᠭ᠎ᠠ ᠬᠠᠲᠤᠨ ᠰᠸᠯᠢᠩ ᠴᠦ᠍ ᠥᠩᠭᠡᠷᠡᠭᠴᠢ ᠰᠥᠨᠢ ᠨᠠᠮ ᠲᠠᠢᠪᠤᠩ ᠤᠨᠲᠠᠵᠤ᠂ ᠪᠡᠶ᠎ᠡ ᠴᠢᠯᠡᠭᠡ ᠪᠡᠨ ᠭᠠᠷᠭᠠᠭᠰᠠᠨ ᠪᠣᠯᠤᠯᠲᠠᠢ ᠴᠢᠷᠠᠢ ᠲᠡᠨᠢᠢᠨ᠂ ᠡᠳᠦᠷ ᠦ᠋ᠨ ᠨᠠᠷᠠ ᠲᠠᠢ ᠵᠣᠯᠭᠠᠲᠠᠯᠠ ᠶᠠᠮᠠᠷ ᠴᠦ᠍ ᠦ᠋ ᠰᠡᠪ᠂ ᠬᠥᠮᠦᠨ ᠪᠦᠬᠦᠨ ᠢᠨᠢᠶᠡᠳᠦ ᠲᠡᠢ ᠬᠠᠨᠢᠶᠠᠳᠤ ᠲᠠᠢ ᠡᠪ ᠨᠠᠢᠷᠲᠠᠢ ᠪᠠᠢᠭ᠎ᠠ ᠳ᠋ᠤ᠌ ᠰᠠᠨᠠᠭ᠎ᠠ ᠠᠭᠤᠵᠢᠷᠠᠨ᠎ᠠ᠃
ᠴᠣᠭᠪᠠᠭᠠᠲᠤᠷ ᠢ᠋ ᠵᠠᠮ ᠳ᠋ᠤ᠌ ᠨᠠᠮᠠᠶ᠋ᠢ ᠬᠢᠴᠢᠬᠡᠳᠡᠭ ᠴᠦ᠍ ᠪᠢᠯᠡ ᠤᠤ ᠭᠡᠵᠦ ᠮᠠᠭᠤ ᠰᠠᠨᠠᠭᠰᠠᠨ ᠬᠢᠯᠢᠰ ᠰᠡᠵᠢᠭ ᠢ᠋ᠶ᠋ᠡᠨ ᠦᠯᠳᠡᠨ᠂ ᠠᠩᠴᠢᠨᠵᠠᠪ ᠲᠠᠢ ᠪᠠᠨ ᠱᠠᠯᠠᠪᠬᠠᠨ ᠠᠭᠤᠯᠵᠠᠬᠤ ᠶ᠋ᠢ ᠭᠣᠷᠢᠳᠠᠨ ᠵᠠᠮ ᠢ᠋ᠶ᠋ᠠᠨ ᠡᠯᠭᠦᠬᠦ ᠶ᠋ᠢ ᠡᠩ ᠲᠡᠷᠢᠭᠦᠨ ᠦ᠌ ᠤᠴᠢᠷ ᠢ᠋ᠶ᠋ᠠᠷ ᠪᠣᠳᠣᠵᠤ ᠥᠨᠳᠥᠷᠯᠡᠬᠦ ᠪᠡᠷ ᠪᠣᠰᠪᠠ᠃ ᠴᠣᠭᠪᠠᠭᠠᠲᠤᠷ ᠮᠠᠨᠤᠨᠪᠠᠳᠮ᠎ᠠ ᠬᠣᠶᠠᠷ ᠪᠠᠭ᠎ᠠ ᠬᠠᠲᠤᠨ ᠰᠸᠯᠢᠩ ᠢ᠋ ᠬᠣᠶᠠᠷ ᠰᠤᠭᠤᠨ ᠠ᠋ᠴᠠ ᠨᠢ ᠲᠦᠰᠢᠵᠦ ᠰᠡᠦᠬᠡ ᠲᠡᠷᠭᠡᠨ ᠳ᠋ᠦ᠍ᠨᠢ ᠰᠠᠭᠤᠯᠭᠠᠴᠢᠬᠠᠭᠠᠳ ᠮᠠᠨᠤᠨᠪᠠᠳᠮ᠎ᠠ ᠬᠥᠭᠰᠢᠨ᠄
— ᠬᠠᠲᠤᠨ ᠰᠸᠯᠢᠩ ᠵᠠᠮ ᠳ᠋ᠠᠭᠠᠨ ᠮᠡᠨᠳᠦ ᠶᠠᠪᠤ! ᠭᠡᠯᠡ᠃
— ᠬᠥᠶᠢ᠂ ᠪᠠᠽᠠᠷ ᠠ᠋᠂ ᠲᠡᠷᠭᠡ ᠪᠡᠨ ᠲᠠᠢᠪᠤᠭᠤᠬᠠᠨ ᠭᠡᠯᠢᠭᠡᠴᠢ! ᠯᠠᠭᠤᠰᠠᠨ ᠲᠡᠷᠭᠡ ᠭᠡᠭᠴᠢ ᠶᠣᠭᠢᠷᠭᠠᠨ ᠲᠠᠢ ᠪᠠᠢᠳᠠᠭ ᠶᠤᠮ ᠠ᠋! ᠭᠡᠵᠦ ᠴᠣᠭᠪᠠᠭᠠᠲᠤᠷ ᠪᠠᠽᠠᠷ ᠲᠤ ᠵᠠᠬᠢᠬᠤ ᠳ᠋ᠤ᠌ ᠴᠠᠭᠠᠳᠤᠬᠢ ᠨᠢ᠂
— ᠵᠠ᠂ ᠵᠠ᠁ ᠭᠡᠯᠡ᠃
ᠰᠡᠦᠬᠡ ᠲᠡᠷᠭᠡ ᠬᠥᠳᠡᠯᠬᠦ ᠭᠡᠲᠡᠯ᠎ᠡ ᠴᠣᠭᠪᠠᠭᠠᠲᠤᠷ᠄
— ᠪᠠᠢᠵᠠ ᠠ᠋᠂ ᠪᠠᠢᠵᠠ! ᠨᠢᠭᠡ ᠶᠠᠭᠤᠮ᠎ᠠ ᠮᠠᠷᠲᠠᠴᠢᠬᠠᠯ᠎ᠠ ᠳᠠ! ᠬᠠᠲᠤᠨ ᠰᠸᠯᠢᠩ ᠳ᠋ᠦ᠍ ᠥᠷᠯᠥᠭᠡ ᠡᠷᠲᠡ ᠪᠤᠭᠤᠲᠤ ᠠ᠋ᠴᠠ ᠨᠢᠭᠡ ᠬᠥᠮᠦᠨ ᠴᠢᠮᠡᠭᠡ ᠬᠦᠷᠭᠡᠵᠦ ᠢᠷᠡᠭᠰᠡᠨ! ᠪᠠᠰᠠ ᠨᠢᠭᠡ ᠰᠠᠭᠰᠤ ᠭᠦᠢᠯᠡᠰᠦ ᠲᠡᠢ ᠶᠦᠮ ᠠ᠋! ᠭᠡᠵᠦ ᠬᠡᠯᠡᠭᠡᠳ ᠭᠣᠣᠯ ᠭᠡᠷ ᠤᠷᠤᠭᠤ ᠪᠠᠨ ᠭᠦᠶᠦᠪᠡ᠃
ᠡᠨᠡ ᠦᠶ᠎ᠡ ᠳ᠋ᠦ᠍ ᠬᠥᠩᠬᠥᠷ ᠵᠠᠮᠪᠠᠯ᠂ ᠰᠣᠯᠣᠭᠠᠢ ᠨᠠᠮᠵᠢᠯ᠂ ᠠᠶᠤᠤᠷ ᠵᠡᠷᠭᠡ ᠬᠥᠮᠦᠰ ᠫᠤᠤ ᠪᠠᠨ ᠵᠠᠮᠤᠭᠯᠠᠨ ᠴᠣᠭᠪᠠᠭᠠᠲᠤᠷ ᠤ᠋ᠨ《ᠬᠥᠳᠡᠯ》 ᠭᠡᠬᠦ ᠭᠠᠭᠴᠠᠬᠠᠨ ᠳᠣᠬᠢᠶ᠎ᠠ ᠶ᠋ᠢ ᠬᠦᠯᠢᠶᠡᠵᠦ ᠪᠠᠢᠯ᠎ᠠ᠃
ᠴᠣᠭᠪᠠᠭᠠᠲᠤᠷ ᠭᠣᠣᠯ ᠭᠡᠷ ᠡᠴᠡ ᠵᠠᠬᠢᠳᠠᠯ ᠪᠣᠯᠤᠨ ᠰᠠᠭᠰᠤ ᠲᠠᠢ ᠭᠦᠢᠯᠡᠰᠦ ᠶ᠋ᠢ ᠠᠪᠴᠤ ᠡᠭᠦᠳᠡ ᠨᠡᠭᠡᠭᠡᠬᠦ ᠳ᠋ᠡᠭᠡᠨ ᠵᠣᠷᠢᠭᠤᠳᠠ ᠰᠡᠩᠳᠡ ᠮᠡᠩᠳᠡ ᠬᠥᠳᠡᠯᠦᠨ ᠰᠤᠷ ᠤᠶᠠᠭ᠎ᠠ ᠶ᠋ᠢ ᠲᠠᠰᠤᠯᠤᠨ ᠬᠠᠭᠠᠯᠭ᠎ᠠ ᠶ᠋ᠢᠨ ᠬᠠᠪᠰᠢᠯᠲᠠ ᠪᠠᠷ ᠰᠠᠭᠰᠤ ᠲᠠᠢ ᠭᠦᠢᠯᠡᠰᠦ ᠶ᠋ᠢ ᠬᠦᠷᠢᠶᠡᠨ ᠳᠤᠮᠳᠠ ᠠᠰᠬᠠᠪᠠ᠃ ᠡᠨᠡ ᠦᠶ᠎ᠡ ᠳ᠋ᠦ᠍ ᠪᠠᠭ᠎ᠠ ᠬᠠᠲᠤᠨ ᠰᠸᠯᠢᠩ ᠦ᠋ᠨ ᠳᠠᠭᠠᠯᠲᠠ ᠴᠡᠷᠢᠭ ᠦ᠋ᠳ ᠬᠤᠮᠢᠷᠠᠯᠳᠤᠨ ᠠᠰᠬᠠᠭᠰᠠᠨ ᠭᠦᠢᠯᠡᠰᠦ ᠶ᠋ᠢ ᠲᠣᠩᠭᠣᠰ ᠲᠣᠩᠭᠣᠰ ᠲᠡᠭᠦᠬᠦ ᠬᠣᠭᠣᠷᠣᠨᠳᠣ ᠴᠣᠭᠪᠠᠭᠠᠲᠤᠷ᠂ ᠰᠣᠯᠣᠭᠠᠢ ᠨᠠᠮᠵᠢᠯ ᠳ᠋ᠤ᠌ ᠨᠢᠳᠦ ᠪᠡᠷ ᠢ᠋ᠶ᠋ᠡᠨ《ᠣᠳᠣ ᠬᠥᠳᠡᠯ》 ᠭᠡᠰᠡᠨ ᠳᠣᠬᠢᠶ᠎ᠠ ᠥᠭᠬᠦ ᠳ᠋ᠦ᠍ ᠬᠡᠷᠡᠮ ᠦ᠋ᠨ ᠳᠠᠯᠳᠠ᠂ ᠪᠠᠢᠰᠢᠩ ᠤ᠋ᠨ ᠣᠷᠣᠢ ᠶ᠋ᠢᠨ ᠬᠠᠮᠢᠭ᠎ᠠ ᠠ᠋ᠴᠠ ᠴᠦ᠍ ᠪᠤᠤ ᠮᠡᠳᠡ᠂ ᠲᠦᠷᠳ᠋ ᠬᠢᠨ ᠴᠡᠷᠢᠭ ᠪᠣᠰᠤᠯᠴᠠᠵᠤ《ᠭᠠᠷ ᠢ᠋ᠶ᠋ᠠᠨ ᠡᠷᠭᠦ!》᠂《 ᠵᠡᠪᠰᠡᠭ ᠢ᠋ᠶ᠋ᠡᠨ ᠬᠠᠶᠠ!》᠂《ᠦᠭᠡᠢ ᠪᠣᠯ ᠫᠤᠤᠳᠠᠯ᠎ᠠ!》 ᠭᠡᠵᠦ ᠵᠦᠭ ᠵᠦᠭ ᠡᠴᠡ ᠬᠠᠰᠬᠢᠷᠤᠯᠳᠤᠨ ᠬᠠᠲᠤᠨ ᠰᠸᠯᠢᠩ ᠦ᠋ᠨ ᠴᠡᠷᠢᠭ ᠢ᠋ ᠪᠦᠰᠡᠯᠡᠵᠦ ᠠᠪᠤᠪᠠ᠃
ᠰᠣᠯᠣᠭᠠᠢ ᠨᠠᠮᠵᠢᠯ ᠠᠶᠤᠤᠷ ᠬᠣᠶᠠᠷ ᠪᠠᠽᠠᠷ ᠤ᠋ᠨ ᠫᠤᠤ ᠶ᠋ᠢ ᠮᠤᠰᠬᠢᠵᠦ ᠠᠪᠤᠭᠠᠳ ᠪᠠᠭ᠎ᠠ ᠬᠠᠲᠤᠨ ᠤ᠋ ᠰᠡᠦᠬᠡ ᠶ᠋ᠢᠨ ᠡᠭᠦᠳᠡᠨ ᠦ᠌ ᠬᠠᠵᠠᠭᠤ ᠳ᠋ᠤ᠌ ᠫᠤᠤ ᠲᠤᠯᠭᠠᠨ ᠵᠣᠭᠰᠣᠪᠠ᠃
ᠴᠣᠭᠪᠠᠭᠠᠲᠤᠷ ᠡᠨᠡ ᠦᠶ᠎ᠡ ᠳ᠋ᠦ᠍ ᠠᠯᠭᠤᠷ ᠠᠭᠠᠵᠢᠮ ᠢ᠋ᠶ᠋ᠠᠷ ᠳᠥᠷᠪᠡᠯᠵᠢᠯᠡᠨ ᠠᠯᠬᠤᠵᠤ ᠰᠣᠯᠣᠭᠠᠢ ᠭᠠᠷ ᠲᠠᠭᠠᠨ ᠥᠨᠥᠬᠢ ᠵᠠᠬᠢᠳᠠᠯ ᠤ᠋ᠨ ᠲᠣᠭᠳᠣᠢ ᠶ᠋ᠢ ᠠᠳᠬᠤᠨ ᠨᠥᠭᠦᠭᠡ ᠭᠠᠷ ᠢ᠋ᠶ᠋ᠠᠷ ᠢ᠋ᠶ᠋ᠠᠨ ᠠᠯᠠᠭᠠᠨ ᠳᠡᠭᠡᠷ᠎ᠡ ᠪᠡᠨ ᠫᠠᠱ ᠫᠠᠱ ᠰᠠᠪᠠᠯᠠᠨ᠄
— ᠮᠠᠢ! ᠠᠮᠠᠷᠠᠭ ᠠ᠋ᠴᠠ ᠴᠢᠨᠢ ᠢᠷᠡᠭᠦᠯᠦᠭᠰᠡᠨ ᠵᠠᠬᠢᠳᠠᠯ ᠭᠡᠳ ᠰᠡᠦᠬᠡ ᠲᠡᠷᠭᠡᠨ ᠳ᠋ᠦ᠍ ᠰᠢᠲᠠᠪᠠ᠃
ᠪᠠᠭ᠎ᠠ ᠬᠠᠲᠤᠨ ᠥᠨᠥᠬᠢ ᠵᠠᠬᠢᠳᠠᠯ ᠢ᠋ ᠠᠪᠤᠭᠰᠠᠨ ᠪᠣᠯᠪᠠᠴᠤ ᠵᠠᠳᠠᠯᠬᠤ ᠰᠠᠨᠠᠭ᠎ᠠ ᠦᠭᠡᠢ ᠴᠣᠭᠪᠠᠭᠠᠲᠤᠷ ᠢ᠋ ᠬᠠᠷᠠᠭᠠᠳ ᠮᠡᠯᠡᠷᠡᠨ᠎ᠡ᠃ ᠲᠡᠭᠦᠨ ᠦ᠌ ᠭᠠᠷ ᠳᠣᠣᠷᠠᠬᠢ ᠴᠡᠷᠢᠭ ᠦ᠋ᠳ ᠴᠦ᠍ ᠪᠠᠭ᠎ᠠ ᠬᠠᠲᠤᠨ ᠤ᠋《ᠫᠤᠤᠳᠠ!》 ᠭᠡᠬᠦ ᠵᠠᠷᠯᠢᠭ ᠢ᠋ ᠬᠦᠯᠢᠶᠡᠵᠦ ᠶᠠᠳᠠᠨ᠎ᠠ᠃ ᠸᠴᠢᠷᠪᠠᠲᠤ ᠬᠣᠶᠠᠷ ᠭᠠᠷ ᠲᠠᠭᠠᠨ ᠭᠧᠷᠮᠠᠨ ᠬᠢᠴᠡᠲᠡᠢ ᠠᠷᠪᠠ ᠳᠤᠤᠭᠠᠷᠳᠠᠭ ᠠᠬᠤᠷ ᠫᠤᠤ ᠶ᠋ᠢ ᠵᠠᠮᠤᠭᠯᠠᠭᠠᠳ ᠬᠡᠨ ᠨᠢᠭᠡᠨ ᠦ᠌ ᠬᠢᠨᠢ ᠭᠠᠪᠠᠯᠠ ᠶ᠋ᠢ ᠰᠡᠬᠦᠵᠦ ᠬᠠᠶᠠᠬᠤ ᠳ᠋ᠤ᠌ ᠪᠡᠯᠡᠬᠡᠨ ᠪᠠᠢᠯ᠎ᠠ᠃ ᠬᠠᠷᠠᠮᠰᠠᠯᠲᠠᠢ ᠨᠢ ᠪᠠᠭ᠎ᠠ ᠬᠠᠲᠤᠨ ᠰᠸᠯᠢᠩ《ᠫᠤᠤᠳᠠ! ᠲᠤᠯᠤᠯᠳᠤ》 ᠭᠡᠰᠡᠨ ᠴᠡᠷᠢᠭ ᠦ᠋ᠨ ᠬᠠᠲᠠᠭᠤ ᠵᠠᠷᠯᠢᠭ ᠪᠣᠯᠤᠭᠰᠠᠨ ᠦᠭᠡᠢ᠂ ᠬᠠᠷᠢᠨ ᠴᠣᠭᠪᠠᠭᠠᠲᠤᠷ ᠲᠤ᠄
— ᠴᠣᠭᠪᠠᠭᠠᠲᠤᠷ ᠠ᠋! ᠴᠡᠷᠢᠭ ᠢ᠋ᠶ᠋ᠡᠨ ᠬᠤᠷᠢᠶᠠᠵᠤ ᠠᠪ! ᠫᠤᠤ ᠵᠡᠪᠰᠡᠭ ᠬᠥᠳᠡᠯᠭᠡᠵᠦ ᠪᠣᠯᠬᠤ ᠦᠭᠡᠢ᠃ ᠶᠠᠮᠠᠷ ᠤᠴᠢᠷ ᠪᠠᠢᠪᠠᠯ ᠪᠢᠳᠡ ᠰᠠᠢᠬᠠᠨ ᠬᠡᠯᠡᠯᠴᠡᠵᠦ ᠪᠠᠢᠭᠠᠳ ᠪᠣᠯᠤᠶ᠎ᠠ! ᠭᠡᠵᠦ ᠮᠥᠨ ᠯᠡ ᠰᠸᠯᠢᠩ ᠬᠥᠮᠦᠨ ᠦ᠌ ᠣᠪᠣᠷ ᠢ᠋ᠶ᠋ᠠᠷ ᠥᠴᠦᠬᠡᠨ ᠴᠦ᠍ ᠠᠶᠤᠵᠤ ᠪᠠᠯᠠᠳᠠᠭᠰᠠᠨ ᠮᠠᠶᠢᠭ ᠦᠭᠡᠢ ᠬᠡᠯᠡᠬᠦ ᠳ᠋ᠦ᠍ ᠴᠣᠭᠪᠠᠭᠠᠲᠤᠷ ᠤ᠋ᠨ ᠴᠢᠷᠠᠢ ᠳ᠋ᠠᠬᠢ ᠠᠩᠬᠠᠨ ᠤ᠋ ᠢᠨᠢᠶᠡᠮᠰᠦᠭᠯᠡᠯ ᠠᠯᠠᠭ᠎ᠠ ᠪᠣᠯᠵᠤ ᠨᠡᠲᠦᠭᠡᠷ ᠬᠠᠷ᠎ᠠ ᠡᠭᠦᠯᠡ ᠪᠦᠷᠬᠦᠭᠡᠳ《ᠨᠠᠳᠠ ᠳ᠋ᠤ᠌ ᠪᠠᠰᠠ ᠰᠸᠯᠢᠩ ᠢ᠋ᠶ᠋ᠡᠷ ᠢ᠋ᠶ᠋ᠡᠨ ᠣᠮᠣᠭᠳᠠᠬᠤ ᠰᠠᠨᠠᠭ᠎ᠠ ᠲᠠᠢ ᠤᠤ? ᠴᠠᠪᠠᠰᠤ!》 ᠭᠡᠵᠦ ᠳᠣᠲᠣᠷ᠎ᠠ ᠪᠠᠨ ᠬᠠᠷᠢᠶᠠᠯ ᠲᠠᠯᠪᠢᠨ᠄
— ᠪᠠᠭ᠎ᠠ ᠬᠠᠲᠤᠨ ᠴᠢ ᠪᠠᠭᠤᠵᠤ ᠢᠷ᠎ᠡ! ᠴᠢᠮ᠎ᠠ ᠳ᠋ᠤ᠌ ᠬᠡᠯᠡᠬᠦ ᠦᠭᠡ ᠪᠣᠢ ᠭᠡᠬᠦ ᠶ᠋ᠢᠨ ᠳᠠᠭᠠᠤ ᠨᠥᠭᠦᠭᠡ ᠴᠡᠷᠢᠭ ᠦ᠋ᠳ ᠲᠡᠭᠡᠨ《ᠫᠤᠤ ᠪᠠᠨ ᠲᠦᠷ ᠬᠤᠷᠢᠶ᠎ᠠ!》 ᠭᠡᠰᠡᠨ ᠳᠣᠬᠢᠶ᠎ᠠ ᠥᠭᠭᠦᠭᠡᠳ ᠪᠠᠭ᠎ᠠ ᠬᠠᠲᠤᠨ ᠢ᠋ ᠭᠠᠭᠴᠠ ᠪᠠᠷ ᠨᠢ ᠭᠣᠣᠯ ᠭᠡᠷ ᠲᠦ᠍ ᠣᠷᠣᠭᠤᠯᠪᠠ᠃ ᠪᠤᠰᠤᠳ ᠳᠠᠭᠠᠯᠲᠠ ᠴᠡᠷᠢᠭ ᠦ᠋ᠳ ᠢ᠋ ᠴᠦ᠍ ᠭᠡᠷ ᠲᠦ᠍ ᠣᠷᠣᠭᠤᠯᠵᠤ ᠴᠠᠢ ᠤᠤᠭᠤᠯᠭᠠᠨ ᠲᠠᠮᠠᠬᠢ ᠲᠠᠲᠠᠭᠤᠯᠬᠤ ᠶᠠᠩᠵᠤ ᠭᠠᠷᠭᠠᠨ ᠲᠦᠷ ᠪᠠᠢᠳᠠᠯ ᠢ᠋ ᠡᠪᠰᠡᠭᠦᠯᠬᠦ ᠵᠦᠭ ᠲᠦ᠍ ᠬᠠᠨᠳᠤᠭᠤᠯᠪᠠ᠃ ᠬᠡᠰᠡᠭ ᠤᠳᠠᠭᠠᠳ ᠪᠠᠭ᠎ᠠ ᠬᠠᠲᠤᠨ ᠤ᠋ ᠳᠠᠭᠠᠯᠲᠠ ᠴᠡᠷᠢᠭ ᠦ᠋ᠳ ᠦ᠋ᠨ ᠰᠠᠭᠤᠭᠰᠠᠨ ᠴᠣᠩᠬᠣ ᠪᠠᠷ ᠫᠤᠤ ᠶ᠋ᠢᠨ ᠠᠮᠠ ᠣᠩᠭᠣᠯᠵᠠᠨ《ᠫᠤᠤ ᠪᠠᠨ ᠬᠠᠶᠠ!》᠂《ᠬᠥᠳᠡᠯᠵᠦ ᠪᠣᠯᠬᠤ ᠦᠭᠡᠢ》᠂《ᠭᠠᠷ ᠢ᠋ᠶ᠋ᠠᠨ ᠡᠷᠭᠦ》 ᠭᠡᠵᠦ ᠵᠦᠭ ᠵᠦᠭ ᠡᠴᠡ ᠨᠢ ᠬᠠᠰᠬᠢᠷᠬᠤ ᠳ᠋ᠤ᠌᠂ ᠸᠴᠢᠷᠪᠠᠲᠤ ᠲᠦᠷᠦᠭᠦᠲᠠᠢ ᠴᠡᠴᠡᠨ ᠫᠤᠤᠴᠢ ᠨᠠᠷ ᠭᠡᠷ ᠲᠦ᠍ ᠬᠣᠷᠢᠭᠳᠠᠭᠰᠠᠨ ᠪᠣᠯᠬᠣᠷ ᠠᠯᠠᠭ᠎ᠠ ᠨᠢ ᠵᠠᠭᠠᠲᠤᠨᠠᠪᠠᠴᠤ ᠲᠤᠯᠤᠯᠳᠤᠬᠤ ᠠᠷᠭ᠎ᠠ ᠦᠭᠡᠢ ᠫᠤᠤ ᠪᠠᠨ ᠬᠥᠰᠡᠷ ᠰᠢᠳᠡᠵᠦ ᠭᠠᠷ ᠢ᠋ᠶ᠋ᠠᠨ ᠡᠷᠭᠦᠨ ᠪᠠᠭᠤᠵᠤ ᠥᠭᠪᠡ᠃
ᠡᠨᠡ ᠦᠶ᠎ᠡ ᠳ᠋ᠦ᠍ ᠬᠠᠲᠤᠨ ᠰᠸᠯᠢᠩ ᠴᠦ᠍ ᠠᠬᠤᠷ ᠫᠤᠤ ᠪᠠᠨ ᠮᠤᠰᠬᠢᠭᠤᠯᠵᠤ ᠡᠭᠦᠳᠡᠨ ᠳᠡᠭᠡᠷ᠎ᠡ ᠪᠡᠨ ᠳᠠᠪᠬᠤᠷ ᠳᠠᠪᠬᠤᠷ ᠮᠠᠨᠠᠭ᠎ᠠ ᠲᠠᠢ ᠪᠣᠯᠵᠤ《ᠰᠸᠯᠢᠩ ᠡᠷᠬᠡ》 ᠪᠡᠨ ᠪᠦᠷᠢᠨ ᠠᠯᠳᠠᠪᠠ᠃
ᠪᠠᠭ᠎ᠠ ᠬᠠᠲᠤᠨ ᠢ᠋ ᠬᠣᠷᠢᠭᠰᠠᠨ ᠤ᠋ ᠳᠠᠷᠠᠭ᠎ᠠ ᠡᠯᠳᠡᠩᠭᠡ ᠵᠣᠳᠪᠠ ᠬᠣᠶᠠᠷ ᠬᠣᠨᠣᠭᠰᠠᠨ ᠥᠷᠥᠭᠡᠨ ᠡᠴᠡ ᠪᠡᠨ ᠭᠠᠷᠴᠤ ᠮᠠᠨᠤᠨᠪᠠᠳᠮ᠎ᠠ ᠶ᠋ᠢᠨ ᠤᠨᠲᠠᠳᠠᠭ ᠭᠡᠷ ᠲᠦ᠍ ᠣᠴᠢᠨ ᠬᠠᠨᠵᠤᠨ ᠤ᠋ ᠬᠢᠨᠢ ᠭᠣᠣᠯ ᠳ᠋ᠤ᠌ ᠵᠠᠪᠢᠯᠠᠵᠤ ᠰᠠᠭᠤᠭᠠᠳ ᠳᠠᠷᠠᠭ᠎ᠠ ᠠᠯᠬᠤᠮ ᠶᠠᠭᠠᠬᠢᠵᠤ ᠭᠠᠷ ᠲᠥᠷᠥᠬᠦ ᠲᠤᠬᠠᠢ ᠵᠥᠪᠳᠡᠯᠴᠡᠪᠡ᠃ ᠴᠣᠭᠪᠠᠭᠠᠲᠤᠷ᠄
— ᠣᠳᠣ ᠱᠤᠳᠤᠷᠴᠢᠬᠠᠬᠤ ᠤᠤ? ᠭᠡᠪᠡᠯ᠄
— ᠭᠦᠰᠢ᠂ ᠪᠣᠯᠬᠤ ᠦᠭᠡᠢ! ᠭᠡᠷ ᠲᠡᠭᠡᠨ ᠢᠷᠡᠭᠰᠡᠨ ᠭᠡᠢᠴᠢᠨ ᠦ᠌ ᠭᠡᠳᠡᠰᠦ ᠶ᠋ᠢ ᠬᠠᠭᠠᠯᠪᠠ ᠭᠡᠳᠡᠭ ᠰᠠᠢᠬᠠᠨ ᠬᠠᠪᠤᠲᠤ ᠦᠭᠡ ᠪᠠᠢᠳᠠᠭ ᠰᠢᠦ ᠳᠡ᠃ ᠪᠠᠭ᠎ᠠ ᠬᠠᠲᠤᠨ ᠤ᠋ ᠪᠣᠳᠢ ᠮᠥᠷ ᠢ᠋ ᠡᠨᠳᠡ ᠬᠥᠲᠥᠯᠵᠦ ᠪᠣᠯᠬᠤ ᠦᠭᠡᠢ᠃ ᠬᠣᠵᠢᠮ ᠬᠡᠷᠡᠭ ᠵᠠᠷᠭᠤ ᠭᠠᠷᠤᠭᠠᠳ ᠢᠷᠡᠬᠦ ᠳ᠋ᠦ᠍ ᠴᠣᠭᠪᠠᠭᠠᠲᠤᠷ ᠭᠡᠷ ᠲᠦ᠋ᠨᠢ ᠣᠴᠢᠭᠰᠠᠨ ᠭᠡᠢᠴᠢᠨ ᠦ᠌ ᠪᠡᠨ ᠭᠡᠳᠡᠰᠦ ᠶ᠋ᠢ ᠬᠠᠭᠠᠯᠪᠠ ᠭᠡᠵᠦ ᠶᠠᠯ᠎ᠠ ᠨᠥᠮᠥᠷᠥᠭᠦᠯᠬᠦ ᠬᠥᠮᠦᠨ ᠭᠠᠷᠤᠨ᠎ᠠ ᠰᠢᠦ! ᠴᠢ ᠲᠡᠷᠡ ᠦᠶ᠎ᠡ ᠳ᠋ᠦ᠍ ᠠᠷᠪᠠᠨ ᠠᠮᠠ ᠲᠠᠢ ᠴᠦ᠍ ᠶᠣᠰᠣ ᠪᠠᠨ ᠣᠯᠬᠤ ᠦᠭᠡᠢ ᠭᠡᠵᠦ ᠡᠯᠳᠡᠩᠭᠡ ᠳᠣᠣᠷ᠎ᠠ ᠳᠠᠭᠤᠨ ᠢ᠋ᠶ᠋ᠠᠷ ᠪᠣᠯᠪᠠᠴᠤ ᠮᠠᠰᠢ ᠲᠥᠪᠯᠡᠭᠦᠨ ᠶᠠᠷᠢᠨ᠎ᠠ᠃
— ᠡᠨᠡ ᠮᠠᠭᠤ ᠮᠠᠨᠵᠤ ᠶ᠋ᠢᠨ ᠰᠦᠯᠪᠡᠭᠡᠲᠦ ᠮᠠᠨ ᠤ᠋ ᠬᠤᠰᠢᠭᠤᠨ ᠳ᠋ᠤ᠌ ᠤᠰᠤᠨ ᠨᠢᠳᠦᠯᠡᠵᠦ ᠢᠷᠡᠭᠰᠡᠨ ᠦ᠌ ᠭᠠᠢ ᠪᠠᠷ ᠰᠠᠢᠨ ᠤᠴᠢᠷ ᠶᠡᠷᠦ ᠲᠣᠬᠢᠶᠠᠭᠰᠠᠨ ᠦᠭᠡᠢ᠃ ᠰᠢᠷᠠᠪ ᠨᠣᠶᠠᠨ ᠤ᠋ ᠲᠣᠯᠣᠭᠠᠢ ᠶ᠋ᠢ ᠬᠠᠵᠠᠴᠢᠬᠠᠭᠠᠳ ᠳᠣᠲᠣᠭᠠᠳᠤ ᠶ᠋ᠢᠨ ᠰᠠᠮᠠᠭᠤᠷᠠᠯ ᠡᠭᠦᠰᠬᠡᠵᠦ ᠪᠠᠷᠠᠭᠤᠨ ᠬᠦᠩ ᠦ᠋ᠨ ᠶᠠᠮᠤᠨ ᠳ᠋ᠤ᠌ ᠠᠷᠪᠠᠭᠠᠳ ᠵᠢᠯ《ᠮᠤᠬᠤᠷ ᠵᠠᠰᠠᠭ》① ᠶᠠᠪᠤᠭᠤᠯᠤᠭᠰᠠᠨ ᠤ᠋ ᠰᠠᠢᠨ ᠨᠢ ᠬᠠᠮᠢᠭ᠎ᠠ ᠭᠠᠷᠪᠠ⁈ ᠣᠳᠣ ᠡᠷ᠎ᠡ ᠳᠠᠭᠠᠭᠠᠳ ᠳᠡᠯᠳᠡᠭᠡᠨᠡᠬᠦ ᠳᠡᠭᠡᠷ᠎ᠡ ᠲᠤᠯᠵᠤ ᠤᠤ⁈ ᠴᠠᠭᠠᠰᠢ ᠨᠢ ᠬᠣᠯᠠᠬᠠᠨ ᠰᠢᠭ᠋ ᠠᠪᠠᠴᠢᠵᠤ ᠲᠣᠨᠢᠯᠭ᠎ᠠ! ᠭᠡᠵᠦ ᠮᠠᠨᠤᠨᠪᠠᠳᠮ᠎ᠠ ᠬᠥᠭᠰᠢᠨ ᠮᠠᠰᠢ ᠬᠣᠷᠣᠰᠤᠯᠲᠠᠢ ᠬᠡᠯᠡᠨ᠎ᠡ᠃
— ᠪᠡᠷᠭᠡᠨ ᠦ᠌ ᠬᠡᠯᠡᠬᠦ ᠲᠠᠭᠠᠷᠠᠵᠤ ᠪᠠᠢᠨ᠎ᠠ! ᠡᠨᠡ ᠴᠦ᠍ ᠦᠨᠡᠬᠡᠷ ᠮᠠᠭᠤ ᠢᠷᠣ᠎ᠠ ᠶ᠋ᠢᠨ ᠠᠮᠢᠲᠠᠨ ᠶᠤᠮ ᠠ᠋! ᠭᠡᠵᠦ ᠵᠣᠳᠪᠠ ᠬᠣᠭᠣᠯᠵᠠᠭᠤᠷ ᠳᠣᠲᠣᠷ᠎ᠠ ᠪᠠᠨ ᠬᠢᠷ ᠬᠢᠷ ᠢᠨᠢᠶᠡᠬᠦ ᠳ᠋ᠡᠭᠡᠨ《ᠲᠡᠷᠡ ᠦᠶ᠎ᠡ ᠳ᠋ᠦ᠍ ᠪᠠᠭ᠎ᠠ ᠬᠠᠲᠤᠨ ᠳ᠋ᠤ᠌ ᠰᠠᠢᠨ ᠮᠠᠭᠤ ᠤᠬᠠᠭᠠᠨ ᠵᠢᠭᠠᠵᠤ ᠥᠭᠴᠦ ᠪᠠᠢᠭᠰᠠᠨ ᠨᠢ ᠬᠡᠨ ᠪᠢᠯᠡ? ᠮᠠᠨᠤᠨᠪᠠᠳᠮ᠎ᠠ ᠴᠢ ᠪᠢᠰᠢ ᠤᠤ? ᠴᠢ ᠴᠢᠨᠢ ᠬᠡᠦᠬᠡᠳ ᠲᠥᠷᠥᠳᠡᠭ ᠦᠭᠡᠢ ᠡᠮ᠎ᠡ ᠶ᠋ᠢ<ᠬᠡᠦᠬᠡᠳ ᠳᠦᠷᠦᠭᠦᠯᠴᠢᠬᠡᠳᠡᠭ> ᠤᠪᠠᠳᠢᠰ ᠲᠠᠢ ᠬᠥᠮᠦᠨ ᠰᠢᠦ ᠳᠡ! ᠬᠠ ᠬᠠᠮᠢᠶ᠎ᠠ ᠦᠭᠡᠢ ᠮᠠᠭᠤ ᠬᠢᠲᠠᠳ ᠤ᠋ᠨ ᠵᠤᠯᠵᠠᠭ᠎ᠠ ᠶ᠋ᠢ ᠡᠷᠭᠦᠵᠦ ᠮᠣᠩᠭᠣᠯ ᠨᠡᠷ᠎ᠡ ᠨᠠᠭᠠᠯᠳᠤᠭᠤᠯᠤᠭᠠᠳ ᠥᠨᠥᠳᠥᠷ ᠪᠠᠷᠠᠭᠤᠨ ᠬᠦᠩ ᠦ᠋ᠨ ᠬᠤᠰᠢᠭᠤᠨ ᠤ᠋ ᠪᠠᠳᠮᠠᠷᠠᠭ᠎ᠠ ᠬᠦᠷᠡᠩ ᠵᠢᠩᠰᠡ ᠶ᠋ᠢ ᠲᠣᠯᠣᠭᠠᠢ ᠳ᠋ᠤᠨᠢ ᠤᠭᠯᠠᠭᠰᠠᠨ ᠭᠠᠪᠢᠶ᠎ᠠ ᠭᠡᠵᠦ ᠲᠣᠭᠠᠴᠢᠬᠤ ᠤᠤ? ᠶᠠᠯ᠎ᠠ ᠭᠡᠵᠦ ᠬᠡᠯᠡᠬᠦ ᠤᠤ?》 ᠭᠡᠵᠦ ᠳᠣᠲᠣᠷ᠎ᠠ ᠪᠠᠨ ᠪᠢᠰᠢᠯᠭᠠᠨ ᠡᠷᠭᠢᠯᠳᠦᠭᠦᠯᠬᠦ ᠡᠴᠡ ᠪᠢᠰᠢ ᠶᠠᠭᠠᠬᠢᠵᠤ ᠲᠡᠭᠦᠨ ᠦ᠌ ᠡᠮᠦᠨ᠎ᠡ ᠬᠡᠯᠡᠵᠦ ᠪᠣᠯᠬᠤ ᠪᠢᠯᠡ᠃ ᠥᠨᠥᠳᠥᠷ ᠦ᠋ᠨ ᠳᠠᠵᠢᠶᠠᠨ ᠳ᠋ᠤ᠌ ᠴᠣᠭᠪᠠᠭᠠᠲᠤᠷ ᠤ᠋ᠨ ᠴᠡᠷᠢᠭ ᠮᠣᠷᠢ᠂ ᠰᠦᠷ ᠬᠦᠴᠦᠨ ᠲᠡᠩᠴᠡᠵᠦ ᠬᠡᠢ ᠮᠣᠷᠢ ᠨᠢ ᠮᠠᠨᠳᠤᠭ᠎ᠠ ᠴᠠᠭ ᠲᠤ ᠡᠬᠡ ᠶ᠋ᠢᠨ ᠬᠢᠨᠢ ᠶᠠᠷ᠎ᠠ ᠶ᠋ᠢ ᠶᠠᠭᠠᠬᠢᠵᠤ ᠮᠠᠯᠲᠠᠵᠤ ᠪᠣᠯᠬᠤ ᠪᠣᠢ⁈ ᠮᠡᠳᠡᠭᠰᠡᠨ ᠴᠦ᠍ ᠮᠡᠳᠡᠭᠰᠡᠨ ᠦᠭᠡᠢ ᠰᠢᠭ ᠬᠠᠷᠠᠭᠰᠠᠨ ᠴᠦ᠍ ᠬᠠᠷᠠᠭᠰᠠᠨ ᠦᠭᠡᠢ ᠰᠢᠭ ᠠᠶ᠎ᠠ ᠶ᠋ᠢ ᠨᠢ ᠳᠠᠭᠠᠬᠤ ᠠ᠋ᠴᠠ ᠪᠢᠰᠢ ᠵᠥᠷᠢᠭᠦᠳᠯᠡᠵᠦ ᠪᠣᠯᠳᠠᠭ ᠦᠭᠡᠢ ᠴᠠᠭᠠᠨᠠᠬᠢ ᠤᠬᠠᠭᠠᠨ ᠢ᠋ ᠵᠣᠳᠪᠠ ᠬᠡᠨ ᠡᠴᠡ ᠴᠦ᠍ ᠢᠯᠡᠭᠦᠦ ᠲᠣᠳᠣᠷᠬᠠᠢ ᠮᠡᠳᠡᠨ᠎ᠡ᠃
ᠪᠠᠷᠠᠭᠤᠨ ᠬᠦᠩ ᠦ᠋ᠨ ᠬᠤᠰᠢᠭᠤᠨ ᠤ᠋ ᠬᠣᠢᠰᠢᠳᠠ ᠶ᠋ᠢᠨ ᠬᠤᠪᠢ ᠵᠠᠶᠠᠭ᠎ᠠ᠂ ᠬᠣᠰᠢᠭᠤ ᠨᠤᠲᠤᠭ ᠤ᠋ᠨ ᠲᠤᠬᠠᠢ ᠶᠡᠬᠡ ᠠᠰᠠᠭᠤᠳᠠᠯ ᠳᠡᠭᠡᠷ᠎ᠡ ᠬᠡᠳᠦᠭᠦᠯᠡ ᠰᠠᠨᠠᠯ ᠨᠢᠭᠡᠳᠦᠭᠰᠡᠨ ᠪᠣᠯᠪᠠᠴᠤ ᠪᠠᠭ᠎ᠠ ᠬᠠᠲᠤᠨ ᠳ᠋ᠤ᠌ ᠣᠯᠠᠨ ᠵᠤᠷᠪᠤᠰ ᠶᠠᠯ᠎ᠠ ᠲᠣᠭᠲᠠᠭᠠᠨ ᠡᠬᠡ ᠬᠥᠪᠡᠭᠦᠨ ᠬᠣᠶᠠᠷ ᠢ᠋ ᠲᠣᠨᠢᠯᠭᠠᠬᠤ ᠰᠢᠢᠳᠪᠦᠷᠢ ᠳ᠋ᠦ᠍ ᠬᠠᠷᠢᠨ ᠰᠠᠨᠠᠯ ᠵᠥᠪᠯᠡᠯᠭᠡ ᠨᠢᠭᠡᠳᠬᠦ ᠥᠬᠡᠢ ᠬᠠᠷ ᠬᠤᠷ ᠵᠥᠷᠢᠯᠳᠦᠵᠦ ᠪᠠᠢᠪᠠ᠃ ᠡᠯᠳᠡᠩᠭᠡ ᠵᠣᠳᠪᠠ ᠬᠣᠶᠠᠷ ᠤ᠋ᠨ ᠰᠠᠨᠠᠯ ᠪᠣᠯ ᠡᠬᠡ ᠬᠥᠪᠡᠭᠦᠨ ᠬᠣᠶᠠᠭᠤᠯᠠ ᠶ᠋ᠢ ᠴᠠᠭᠠᠰᠢ ᠨᠢ ᠬᠠᠷᠠᠭᠤᠯᠬᠤ ᠬᠡᠷᠡᠭᠲᠡᠢ᠃ ᠤᠴᠢᠷ ᠨᠢ ᠲᠡᠭᠦᠨ ᠦ᠌ ᠬᠦᠦ ᠠᠯᠲᠠᠨᠸᠴᠢᠷ ᠪᠣᠯ ᠬᠢᠲᠠᠳ ᠤ᠋ᠨ ᠰᠢᠭᠡᠰᠦ ᠪᠣᠯᠬᠣᠷ ᠦᠯᠡᠳᠡᠭᠡᠵᠦ ᠪᠣᠯᠬᠤ ᠦᠭᠡᠢ᠃ ᠲᠡᠭᠦᠨ ᠢ᠋ ᠠᠮᠢ ᠲᠠᠢ ᠬᠣᠴᠣᠷᠭᠠᠭᠰᠠᠭᠠᠷ ᠬᠣᠣᠷ ᠤ᠋ᠨ ᠦᠨᠳᠦᠰᠦ ᠲᠠᠷᠢᠭᠰᠠᠨ ᠲᠠᠢ ᠠᠳᠠᠯᠢ ᠭᠡᠵᠦ ᠰᠠᠨᠠᠯ ᠢ᠋ᠶ᠋ᠠᠨ ᠦᠬᠦᠨ ᠪᠠᠷᠢᠮᠲᠠᠯᠠᠨ᠎ᠠ᠃
ᠮᠠᠨᠤᠨᠪᠠᠳᠮ᠎ᠠ᠂ ᠴᠣᠭᠪᠠᠭᠠᠲᠤᠷ ᠡᠬᠡ ᠬᠥᠪᠡᠭᠦᠨ ᠬᠣᠶᠠᠷ ᠤ᠋ᠨ ᠬᠤᠪᠢ ᠳ᠋ᠤ᠌ ᠪᠣᠯ ᠡᠬᠡ ᠶ᠋ᠢ ᠨᠢ ᠲᠣᠨᠢᠯᠭᠠᠵᠤ ᠬᠦᠦ ᠶ᠋ᠢ ᠨᠢ ᠦᠯᠡᠳᠡᠭᠡᠬᠦ ᠬᠡᠷᠡᠭᠲᠡᠢ᠃ ᠤᠴᠢᠷ ᠨᠢ ᠪᠠᠭ᠎ᠠ ᠬᠠᠲᠤᠨ ᠢ᠋ ᠪᠠᠷᠠᠭᠤᠨ ᠬᠦᠩ ᠦ᠋ᠨ ᠬᠤᠰᠢᠭᠤᠨ ᠳ᠋ᠤ᠌ ᠡᠷᠬᠡ ᠪᠠᠷᠢᠭᠰᠠᠨ ᠬᠤᠭᠤᠴᠠᠭᠠᠨ ᠳ᠋ᠤ᠌ ᠶᠠᠯ᠎ᠠ ᠲᠣᠭᠲᠠᠭᠠᠨ ᠴᠠᠭᠠᠵᠠᠯᠠᠬᠤ ᠳ᠋ᠤ᠌ ᠳᠡᠭᠡᠭᠰᠢ ᠳᠣᠷᠣᠭᠰᠢ ᠪᠠᠨ ᠲᠤᠰᠢᠶᠠᠬᠤ ᠦᠭᠡ ᠲᠡᠢ᠃ ᠠᠯᠲᠠᠨᠸᠴᠢᠷ ᠪᠣᠯ ᠬᠡᠦᠬᠡᠳ ᠪᠠᠢᠭᠰᠠᠭᠠᠷ ᠲᠤᠯᠠ ᠲᠡᠭᠦᠨ ᠳ᠋ᠦ᠍ ᠶᠠᠯ᠎ᠠ ᠨᠥᠮᠥᠷᠭᠡᠬᠦ ᠨᠢ ᠵᠣᠬᠢᠰ ᠦᠭᠡᠢ᠃ ᠲᠡᠷᠡ ᠣᠳᠣ ᠴᠦ᠍ ᠪᠠᠷᠠᠭᠤᠨ ᠬᠦᠩ ᠦ᠋ᠨ ᠪᠠᠭ᠎ᠠ ᠵᠠᠰᠠᠭ ᠪᠣᠯᠬᠣᠷ ᠲᠡᠭᠦᠨ ᠦ᠌ ᠠᠮᠢᠨ ᠳ᠋ᠤ᠌ ᠬᠦᠷᠪᠡᠯ ᠬᠤᠰᠢᠭᠤᠨ ᠤ᠋ ᠣᠯᠠᠨ ᠲᠦᠮᠡᠨ ᠴᠦ᠍ ᠬᠦᠯᠢᠶᠡᠬᠦ ᠦᠭᠡᠢ ᠭᠡᠵᠦ ᠶᠠᠷᠢᠨ᠎ᠠ᠃
ᠮᠠᠨᠤᠨᠪᠠᠳᠮ᠎ᠠ ᠬᠥᠭᠰᠢᠨ ᠥᠪᠡᠷ ᠦ᠋ᠨ ᠰᠠᠨᠠᠯ ᠢ᠋ᠶ᠋ᠠᠨ ᠦᠬᠦᠨ ᠪᠠᠷᠢᠮᠲᠠᠯᠠᠬᠤ ᠳ᠋ᠠᠭᠠᠨ ᠡᠯᠳᠡᠩᠭᠡ ᠵᠣᠳᠪᠠ ᠬᠣᠶᠠᠷ ᠢ᠋ ᠬᠣᠷᠣᠰᠴᠤ᠄《ᠡᠨᠡ ᠬᠣᠶᠠᠷ ᠬᠤᠯᠵᠢᠨ ᠡᠷ᠎ᠡ ᠶ᠋ᠢᠨ ᠭᠠᠷ ᠳᠤ ᠠᠯᠲᠠᠨᠸᠴᠢᠷ ᠪᠠᠭ᠎ᠠ ᠵᠠᠰᠠᠭ— ᠮᠠᠭᠤ ᠵᠢᠭᠠᠯ ᠠᠴᠢ ᠮᠢᠨᠢ ᠰᠠᠢᠨ ᠢ᠋ᠶ᠋ᠠᠨ ᠣᠯᠵᠤ ᠦᠵᠡᠬᠦ ᠦᠭᠡᠢ ᠶᠦᠮ ᠠ᠋! ᠡᠨᠡ ᠬᠣᠶᠠᠷ ᠲᠤ< ᠡᠨᠡ ᠬᠦᠦ ᠶ᠋ᠢ ᠪᠢᠲᠡᠭᠡᠢ ᠠᠯᠠ! ᠮᠢᠨᠦ ᠠᠴᠢ ᠶᠤᠮ ᠠ᠋᠂ ᠪᠠᠢᠭ ᠳᠠ!> ᠭᠡᠵᠦ ᠶᠠᠭᠠᠬᠢᠵᠤ ᠬᠡᠯᠡᠵᠦ ᠪᠣᠯᠤᠨ᠎ᠠ ᠪᠣᠢ᠂ ᠬᠡᠯᠡᠵᠦ ᠪᠣᠯᠳᠠᠭ ᠪᠣᠯ ᠴᠦ᠍ ᠶᠠᠭᠠᠬᠢᠬᠤ ᠪᠣᠢ! ᠬᠡᠷᠪᠡ ᠮᠢᠩᠭᠠᠨᠪᠤᠤ ᠶ᠋ᠢᠨ ᠤᠳᠤᠮ ᠤᠭᠰᠠᠭ᠎ᠠ ᠭᠡᠰᠡᠨ ᠢ᠋ ᠡᠳᠡᠨᠥᠰ ᠮᠡᠳᠡᠪᠡᠯ ᠵᠢᠭᠠᠯ ᠠᠯᠲᠠᠨᠸᠴᠢᠷ ᠢ᠋ ᠪᠠᠢᠲᠤᠭᠠᠢ ᠨᠠᠮᠠᠶ᠋ᠢ ᠴᠦ᠍ ᠵᠦᠭᠡᠷ ᠲᠠᠯᠪᠢᠬᠤ ᠦᠭᠡᠢ ᠨᠢ ᠯᠠᠪ! ᠵᠠ ᠲᠡᠭᠡᠭᠡᠳ ᠪᠢ ᠪᠡᠶ᠎ᠡ ᠪᠡᠷ ᠢ᠋ᠶ᠋ᠡᠨ ᠮᠡᠨᠳᠦ ᠪᠠᠢᠭᠰᠠᠨ ᠴᠠᠭ ᠲᠤ ᠴᠦ᠍ ᠶᠠᠭᠠᠬᠢᠬᠤ ᠪᠣᠢ᠂ ᠠᠷᠠᠢ ᠮᠢᠨᠦ ᠨᠢᠳᠦᠨ ᠳ᠋ᠦ᠍ ᠬᠤᠷᠤᠭᠤ ᠪᠠᠨ ᠬᠢᠬᠦ ᠦᠭᠡᠢ ᠪᠠᠢᠬ᠎ᠠ! ᠭᠡᠲᠡᠯ᠎ᠡ ᠬᠠᠳᠠ ᠳᠡᠷᠡᠯᠡᠭᠡᠳ ᠡᠪᠦᠭᠡᠨ ᠦ᠌ ᠪᠡᠨ ᠬᠣᠢᠨ᠎ᠠ ᠠ᠋ᠴᠠ ᠶᠠᠪᠤᠴᠢᠬᠠᠪᠠᠯ ᠴᠣᠭᠪᠠᠭᠠᠲᠤᠷ ᠤ᠋ᠨ ᠡᠨᠡ ᠴᠢᠷᠠᠢ ᠨᠡᠷ᠎ᠡ ᠵᠢᠭᠠᠭᠰᠠᠨ ᠦᠭᠡᠢ ᠪᠣᠯᠪᠠᠴᠤ ᠨᠢᠳᠡᠷ ᠪᠦᠲᠦᠨ ᠵᠠᠰᠠᠭ ᠬᠦᠦ ᠳ᠋ᠡᠭᠡᠨ ᠬᠠᠷᠢᠨ ᠡᠵᠡᠨ ᠪᠣᠯᠵᠤ ᠴᠢᠳᠠᠳᠠᠭ ᠡᠰᠡᠬᠦ ᠳ᠋ᠦ᠍ ᠡᠷᠡᠭᠡᠯᠵᠡᠭᠡ ᠲᠡᠢ᠁》 ᠭᠡᠵᠦ ᠪᠣᠳᠣᠬᠤ ᠠ᠋ᠴᠠ ᠳᠣᠲᠣᠷ᠎ᠠ ᠨᠢ ᠤᠶᠠᠰᠤᠨ᠄《ᠲᠠᠨᠤᠰ ᠡᠷ᠎ᠡ ᠪᠦᠰᠡᠲᠡᠢ ᠤᠯᠤᠰ ᠤ᠋ᠨ ᠵᠢᠷᠦᠬᠡᠨ ᠳ᠋ᠦ᠍ ᠶᠡᠷᠦ ᠨᠢ ᠦᠰᠦ ᠤᠷᠭᠤᠭᠰᠠᠨ ᠪᠠᠢᠬᠤ ᠨᠢ ᠠ᠋! ᠶᠠᠭᠠᠬᠢᠬᠤ ᠳ᠋ᠠᠭᠠᠨ ᠲᠡᠢᠮᠦ ᠬᠠᠷ᠎ᠠ ᠬᠠᠲᠠᠭᠤ ᠰᠡᠳᠬᠢᠯ ᠢ᠋ᠶ᠋ᠡᠷ᠁ ᠠᠮᠠᠨ ᠤ᠋ ᠰᠢᠷ᠎ᠠ ᠨᠢ ᠠᠷᠢᠯᠤᠭᠠᠳᠤᠢ ᠵᠢᠭᠠᠬᠠᠨ ᠬᠦᠦ ᠳ᠋ᠦ᠍ ᠭᠠᠷ ᠬᠦᠷᠬᠦ ᠭᠡᠵᠦ ᠪᠠᠢᠨ᠎ᠠ? ᠲᠩᠷᠢ ᠪᠤᠷᠤᠭᠤ ᠦᠵᠡᠨ᠎ᠡ ᠰᠢᠦ! ᠨᠢᠭᠦᠯ ᠠ᠋᠂ ᠨᠢᠭᠦᠯ!》 ᠭᠡᠵᠦ ᠨᠢᠯᠪᠤᠰᠤ ᠠᠰᠬᠠᠷᠠᠭᠤᠯᠤᠨ ᠬᠡᠯᠡᠨ᠎ᠡ᠃
ᠡᠨᠡ ᠬᠥᠭᠰᠢᠨ ᠦ᠌ ᠰᠡᠳᠬᠢᠯ ᠬᠥᠳᠡᠯᠵᠦ ᠤᠶᠠᠷᠠᠭᠰᠠᠨ ᠢ᠋ ᠬᠠᠷᠠᠭᠰᠠᠨ ᠬᠡᠳᠦᠭᠦᠯᠡ ᠦᠭᠡ ᠳᠠᠭᠤ ᠦᠭᠡᠢ ᠬᠡᠰᠡᠭ ᠲᠣᠮᠪᠣᠢᠨ ᠰᠠᠭᠤᠭᠰᠠᠨ ᠢ᠋ᠶ᠋ᠠᠨ ᠵᠣᠳᠪᠠ᠄
— ᠪᠡᠷᠭᠡᠨ ᠠ᠋! ᠪᠡᠶ᠎ᠡ ᠪᠡᠨ ᠪᠡᠷᠢ! ᠤᠶᠠᠷᠠᠭᠠᠳ ᠪᠠᠢᠮᠠᠷ ᠶᠠᠭᠤ ᠪᠠᠢᠨ᠎ᠠ ᠪᠣᠢ? ᠲᠡᠷᠡ ᠵᠢᠭᠠᠬᠠᠨ ᠬᠦᠦ ᠳ᠋ᠦ᠍ ᠪᠢᠳᠡ ᠬᠣᠣᠷ ᠬᠦᠷᠭᠡᠬᠦ ᠦᠭᠡᠢ᠃ ᠡᠬᠡ ᠳ᠋ᠦ᠍ᠨᠢ ᠪᠠᠰᠠ ᠬᠠᠲᠠᠭᠤ ᠰᠡᠳᠬᠢᠯ ᠠᠯᠠᠭ᠎ᠠ᠃ ᠵᠥᠪᠬᠡᠨ ᠬᠠᠮᠠᠷ ᠲᠤᠨᠢ ᠤᠲᠤᠭ᠎ᠠ ᠣᠷᠣᠭᠤᠯᠤᠶ᠎ᠠ ᠯᠠ ᠭᠡᠰᠡᠨ ᠡᠴᠡ ᠪᠢᠰᠢ ᠳᠡ! ᠥᠭᠡᠷ᠎ᠡ ᠶᠠᠮᠠᠷ ᠶᠠᠭᠠᠬᠢᠴᠢᠬᠠᠨᠠ ᠪᠣᠢ⁈ ᠭᠡᠵᠦ ᠠᠩᠬᠠᠨ ᠤ᠋《ᠱᠤᠳᠤᠷᠴᠢᠬᠠᠶᠠ》᠂《ᠲᠣᠨᠢᠯᠭᠠᠶᠠ》᠂ 《ᠴᠠᠭᠠᠰᠢ ᠨᠢ ᠬᠠᠷᠠᠭᠤᠯᠴᠢᠬᠠᠶᠠ》 ᠭᠡᠵᠦ ᠬᠣᠷᠣᠰᠤᠯᠲᠠᠢ ᠬᠡᠯᠡᠭᠰᠡᠨ ᠦᠭᠡ ᠪᠡᠨ ᠪᠠᠯᠠᠯᠵᠤ ᠶᠠᠮᠠᠷ ᠴᠦ᠍ ᠤᠴᠢᠷ ᠪᠣᠯᠤᠭ᠎ᠠ ᠦᠭᠡᠢ ᠰᠢᠭ ᠲᠥᠭᠰᠦᠢᠨᠡ᠃
— ᠴᠣᠭᠪᠠᠭᠠᠲᠤᠷ ᠠ᠋! ᠴᠢ ᠣᠳᠣ ᠪᠠᠷ ᠢ᠋ᠶ᠋ᠠᠨ ᠬᠥᠳᠡᠯᠵᠦ ᠰᠢᠯᠢᠳᠡᠭ ᠴᠡᠷᠢᠭ ᠠᠪᠴᠤ ᠬᠦᠩ ᠦ᠋ᠨ ᠶᠠᠮᠤᠨ ᠤ᠋ ᠴᠡᠷᠢᠭ᠂ ᠬᠠᠯᠠᠭᠠᠢ ᠶ᠋ᠢᠨ ᠪᠤᠯᠤᠩ᠂ ᠤᠯᠠᠭᠠᠨ ᠬᠠᠲᠤᠨ ᠤ᠋ ᠨᠣᠶᠠᠨ ᠰᠠᠩ ᠤ᠋ᠨ ᠰᠠᠬᠢᠭᠤᠯ ᠴᠡᠷᠢᠭ ᠦ᠋ᠨ ᠫᠤᠤ ᠵᠡᠪᠰᠡᠭ ᠢ᠋ ᠬᠤᠷᠢᠶᠠᠵᠤ ᠪᠢᠲᠡᠭᠦᠮᠵᠢᠯᠡᠬᠦ ᠪᠡᠷ ᠮᠣᠷᠳᠠ! ᠢᠮᠠᠭᠠᠨ ᠤ᠋ ᠮᠢᠬ᠎ᠠ ᠶ᠋ᠢ ᠬᠠᠯᠠᠭᠤᠨ ᠳᠡᠭᠡᠷ᠎ᠡ ᠨᠢ ᠭᠡᠳᠡᠭ ᠰᠢᠦ ᠳᠡ! ᠭᠡᠨᠡᠳᠲᠡ ᠰᠠᠯᠬᠢ ᠵᠢᠪᠠᠷ ᠨᠡᠪᠲᠡᠷᠡᠭᠡᠳ ᠰᠠᠭᠠᠳ ᠪᠣᠯᠬᠤ ᠶᠠᠭᠤ ᠮᠠᠭᠠᠳ? ᠭᠡᠵᠦ ᠡᠯᠳᠡᠩᠭᠡ ᠬᠠᠰᠢᠷ ᠤᠬᠠᠭᠠᠨ ᠢ᠋ᠶ᠋ᠠᠷ ᠢ᠋ᠶ᠋ᠠᠨ ᠢᠩᠭᠢᠵᠦ ᠵᠢᠭᠠᠭᠰᠠᠨ ᠳ᠋ᠤ᠌ ᠪᠦᠭᠦᠳᠡᠭᠡᠷ ᠢ᠋ᠶ᠋ᠡᠨ ᠪᠣᠰᠴᠤ ᠬᠥᠳᠡᠯᠪᠡ᠃
ᠪᠠᠭ᠎ᠠ ᠬᠠᠲᠤᠨ ᠢ᠋ ᠬᠣᠷᠢᠭᠰᠠᠨ ᠭᠡᠷ ᠦ᠋ᠨ ᠡᠭᠦᠳᠡᠨ ᠦ᠌ ᠮᠠᠨᠠᠭᠠᠨ ᠳ᠋ᠤ᠌ ᠬᠠᠮᠤᠭ ᠤ᠋ᠨ ᠢᠲᠡᠭᠡᠯᠲᠡᠢ ᠴᠡᠷᠢᠭ ᠵᠢᠰᠢᠶᠠᠯᠠᠵᠤ᠂ ᠳᠤᠷ᠎ᠠ ᠪᠠᠷ ᠢ᠋ᠶ᠋ᠠᠨ ᠨᠠᠭᠠᠰᠢ ᠴᠠᠭᠠᠰᠢ ᠶᠠᠪᠤᠬᠤ ᠬᠥᠮᠦᠨ ᠦ᠌ ᠬᠥᠯ ᠢ᠋ ᠲᠠᠰᠤ ᠬᠣᠷᠢᠪᠠ᠃ ᠪᠤᠰᠤᠳ ᠳᠠᠭᠠᠯᠲᠠ ᠴᠡᠷᠢᠭ ᠦ᠋ᠨ ᠬᠣᠷᠢᠭᠤᠯ ᠤ᠋ᠨ ᠮᠠᠨᠠᠭ᠎ᠠ ᠶ᠋ᠢ ᠴᠦ᠍ ᠴᠢᠩᠭᠠᠳᠬᠠᠵᠤ ᠬᠥᠮᠦᠨ ᠬᠠᠷ᠎ᠠ ᠶ᠋ᠢ ᠭᠠᠷᠭᠠᠬᠤ ᠦᠭᠡᠢ ᠨᠢᠭᠲᠠ ᠪᠢᠲᠡᠭᠦᠮᠵᠢᠯᠡᠵᠡᠢ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠦ
