ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠬᠣᠶᠠᠷ> Хан мунын сүүрс < доорд > – Мөнх зохиоов ᠂Дөдгөөр бодь – Хоёрдугаар бүлэг <2> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠬᠣᠶᠠᠷ> Хан мунын сүүрс < доорд > – Мөнх зохиоов ᠂Дөдгөөр бодь – Хоёрдугаар бүлэг <2>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠬᠣᠶᠠᠷ> Хан мунын сүүрс < доорд > – Мөнх зохиоов ᠂Дөдгөөр бодь – Хоёрдугаар бүлэг <2>

ᠠᠩᠭᠢᠯᠠᠯ:ᠲᠤᠭᠤᠵᠢ ᠷᠣᠮᠠᠨ
2025-04-18

242

ᠲᠦᠲᠦᠭᠡᠷ ᠪᠣᠲᠢ – ᠬᠣᠶᠠᠳᠤᠭᠠᠷ ᠪᠦᠯᠦᠭ <ᠬᠣᠶᠠᠷ>


               ᠬᠣᠶᠠᠷ 

       ᠶᠠᠭᠤ ᠪᠣᠯᠤᠭᠰᠠᠨ ᠢ᠋ ᠪᠤᠤ ᠮᠡᠳᠡ᠂ ᠪᠠᠭ᠎ᠠ ᠬᠠᠲᠤᠨ ᠭᠡᠨᠡᠳᠲᠡ ᠶᠠᠭᠤᠮ᠎ᠠ ᠬᠡᠦᠮ᠎ᠡ ᠪᠡᠨ ᠠᠴᠢᠵᠤ ᠪᠣᠭᠣᠳᠠᠯᠯᠠᠭᠠᠳ ᠬᠦᠩ ᠦ᠋ᠨ ᠶᠠᠮᠤᠨ ᠠ᠋ᠴᠠ ᠵᠡᠭᠦᠨᠰᠢᠯᠡᠬᠦ ᠪᠣᠯᠤᠭᠰᠠᠨ ᠴᠢᠮᠡᠭᠡ ᠶ᠋ᠢ ᠪᠠᠲᠤᠲᠠᠢ ᠣᠯᠵᠤ ᠲᠠᠩᠨᠠᠭᠰᠠᠨ ᠸᠠᠩ ᠰᠣᠬᠣᠷ ᠤ᠋ᠨ ᠭᠡᠲᠡᠭᠦᠯ ᠡᠨᠡ ᠴᠢᠮᠡᠭᠡ ᠶ᠋ᠢ ᠴᠣᠭᠪᠠᠭᠠᠲᠦᠷ ᠦ᠋ᠨ ᠴᠢᠬᠢᠨ ᠳ᠋ᠦ᠍ ᠵᠡᠭᠦᠯᠭᠡᠪᠡ᠃ 
       ᠴᠣᠭᠪᠠᠭᠠᠲᠦᠷ ᠡᠨᠡ ᠬᠦ᠌ ᠴᠢᠬᠤᠯᠠ ᠴᠢᠮᠡᠭᠡ ᠶ᠋ᠢ ᠣᠯᠵᠤ ᠰᠣᠨᠣᠰᠤᠭᠠᠳ ᠣᠳᠣ ᠭᠠᠷ ᠬᠥᠳᠡᠯᠬᠦ ᠦᠭᠡᠢ ᠪᠣᠯ ᠠᠯᠳᠠᠵᠤ ᠲᠠᠭᠤᠨ᠎ᠠ ᠭᠡᠵᠦ ᠬᠡᠰᠡᠭ ᠱᠠᠯᠠᠮᠠᠭᠠᠢ ᠴᠡᠷᠢᠭ ᠠᠪᠴᠤ ᠤᠯᠠᠯᠵᠢ ᠶ᠋ᠢᠨ ᠠᠢᠯ ᠢ᠋ ᠳᠠᠭᠠᠷᠢᠭᠰᠠᠨ ᠰᠢᠷ᠎ᠠ ᠵᠠᠮ ᠤ᠋ᠨ ᠬᠣᠶᠠᠷ ᠬᠠᠵᠠᠭᠤ ᠪᠠᠷ ᠪᠦᠭᠭᠦᠪᠡ᠃  
       ᠲᠡᠳᠡ《ᠴᠡᠷᠢᠭ ᠦ᠋ᠨ ᠵᠠᠷᠯᠢᠭ ᠦᠭᠡᠢ ᠪᠡᠷ ᠬᠡᠨ ᠳ᠋ᠦ᠍ ᠴᠦ᠍ ᠵᠡᠪᠰᠡᠭ ᠪᠤᠤ ᠬᠥᠳᠡᠯᠭᠡ᠃ ᠭᠠᠷ ᠬᠥᠳᠡᠯ ᠭᠡᠰᠡᠨ ᠦᠶ᠎ᠡ ᠳ᠋ᠦ᠍ ᠬᠡᠨ ᠨᠢ ᠴᠦ᠍ ᠬᠣᠢᠷᠭᠣᠰᠢᠵᠤ ᠪᠣᠯᠬᠤ ᠦᠭᠡᠢ᠃ ᠡᠰᠡ ᠲᠡᠢᠮᠦ ᠪᠣᠯ ᠲᠡᠷᠡ ᠳᠣᠣᠷ᠎ᠠ ᠨᠢ ᠫᠤᠤᠳᠠᠵᠤ ᠠᠯᠠᠨ᠎ᠠ》 ᠭᠡᠰᠡᠨ ᠠᠮᠢ ᠲᠠᠢ ᠨᠢ ᠬᠣᠯᠪᠣᠭᠰᠠᠨ ᠬᠠᠲᠠᠭᠤ ᠵᠠᠷᠯᠢᠭ ᠬᠦᠯᠢᠶᠡᠭᠡᠳ ᠡᠪᠡᠰᠦ ᠰᠢᠷᠠᠯᠵᠢᠨ ᠳᠣᠲᠣᠷ᠎ᠠ ᠬᠡᠪᠲᠡᠨ᠎ᠡ᠃  
       ᠰᠡᠷᠡᠯᠵᠢᠨ ᠳ᠋ᠦ᠍ ᠪᠡᠶ᠎ᠡ ᠬᠠᠯᠬᠠᠯᠠᠨ ᠬᠡᠪᠲᠡᠭᠰᠡᠨ ᠴᠡᠷᠢᠭ ᠦ᠋ᠳ ᠪᠠᠲᠠᠭᠠᠨ᠎ᠠ ᠰᠢᠮᠠᠭᠤᠯ ᠳ᠋ᠤ᠌ ᠬᠠᠵᠠᠭᠳᠠᠨ ᠲᠡᠰᠬᠦ ᠠᠯᠳᠠᠷᠠᠬᠤ ᠶ᠋ᠢ ᠬᠡᠯᠡᠬᠦ ᠶᠠᠭᠤᠨ᠃ ᠨᠠᠮᠤᠷ ᠤ᠋ᠨ ᠵᠤᠩᠭᠠᠭ ᠲᠣᠰᠣᠨ ᠳ᠋ᠤ᠌ ᠵᠠᠯᠬᠠᠭᠤᠲᠠᠢᠬᠠᠨ ᠪᠥᠮᠪᠥᠷᠢᠭᠰᠡᠨ ᠡᠮᠡᠭᠡᠨ ᠨᠠᠷᠠ ᠬᠣᠷᠮᠣᠢ ᠪᠠᠨ ᠴᠢᠷᠦᠭᠰᠡᠭᠡᠷ ᠪᠠᠷᠠᠭᠤᠨ ᠠᠭᠤᠯᠠ ᠶ᠋ᠢᠨ ᠴᠠᠭᠠᠭᠤᠷ ᠣᠷᠣᠮᠠᠷ ᠪᠠᠢᠯ᠎ᠠ᠃ ᠠᠯᠤᠰ ᠲᠤ ᠴᠢᠳᠥᠷ ᠲᠡᠢ ᠮᠣᠷᠢᠳ ᠬᠥᠬᠡ ᠲᠦᠷᠦᠭᠦᠦ᠂ ᠢᠯᠠᠭ᠎ᠠ ᠪᠠᠲᠠᠭᠠᠨ᠎ᠠ ᠳ᠋ᠤ᠌ ᠵᠠᠭᠤᠭᠳᠠᠵᠤ ᠢᠯᠠᠭᠠᠷᠬᠠᠬᠤ ᠳ᠋ᠠᠭᠠᠨ ᠲᠠᠪᠲᠤᠷ ᠠᠯᠠᠳᠠᠨ ᠰᠤᠯᠠ ᠬᠥᠯ ᠢ᠋ᠶ᠋ᠡᠨ ᠳᠡᠪᠰᠡᠯᠡᠬᠦ ᠪᠤᠶᠤ ᠲᠤᠷᠭᠢᠬᠤ ᠴᠢᠮᠡᠭᠡ ᠬᠠᠶᠠ ᠳᠤᠭᠤᠯᠳᠠᠨ᠎ᠠ᠃ ᠡᠨᠡ ᠦᠶ᠎ᠡ ᠳ᠋ᠦ᠍ ᠰᠤᠨᠤᠯᠵᠠᠭᠰᠠᠨ ᠰᠢᠷ᠎ᠠ ᠵᠠᠮ ᠤ᠋ᠨ ᠥᠯᠥᠨ ᠲᠣᠭᠣᠰᠣ ᠶ᠋ᠢ ᠦᠷᠭᠦᠭᠡᠨ ᠬᠣᠶᠠᠷ ᠯᠠᠭᠤᠰᠠ ᠬᠥᠯᠦᠭᠰᠡᠨ ᠲᠡᠷᠭᠡ᠂ ᠳᠥᠷᠪᠡᠨ ᠲᠠᠯ᠎ᠠ ᠳ᠋ᠠᠭᠠᠨ ᠥᠪᠴᠢ ᠫᠤᠤ ᠵᠡᠪᠰᠡᠭ ᠲᠡᠢ ᠮᠣᠷᠢᠨ ᠴᠡᠷᠢᠭ ᠢ᠋ᠶ᠋ᠡᠷ ᠬᠠᠮᠠᠭᠠᠯᠠᠭᠤᠯᠤᠨ ᠬᠠᠵᠠᠭᠠᠷ ᠨᠣᠭᠲᠤᠨ ᠤ᠋ ᠭᠠᠷᠠᠬ᠎ᠠ ᠬᠢᠩᠭᠠᠷ ᠬᠠᠩᠭᠠᠷ ᠳᠤᠤᠭᠠᠷᠭᠠᠨ ᠬᠠᠶᠠ ᠲᠡᠮᠦᠷ ᠳᠥᠷᠥᠭᠡ ᠬᠠᠷᠰᠢᠬᠤ ᠳᠠᠭᠤᠨ ᠤ᠋ ᠵᠣᠬᠢᠴᠠᠭ᠎ᠠ ᠲᠠᠢ ᠭᠠᠯᠭᠢᠭᠤᠯᠵᠤ᠂ ᠲᠠᠰᠢᠬᠤ ᠨᠠᠷᠠᠨ ᠤ᠋ ᠭᠡᠷᠡᠯ ᠳ᠋ᠦ᠍ ᠥᠨᠳᠥᠷ ᠭᠣᠵᠣᠭᠣᠷ ᠰᠡᠭᠦᠳᠡᠷ ᠢ᠋ᠶ᠋ᠡᠨ ᠲᠠᠭᠤᠭᠰᠠᠭᠠᠷ ᠠᠢᠰᠤᠢ!  
       — ᠢᠷᠡᠯ᠎ᠡ ᠢᠷᠡᠯ᠎ᠡ! ᠥᠨᠥᠬᠢ ᠴᠢᠨᠢ! ᠭᠡᠵᠦ ᠬᠥᠩᠬᠥᠷ ᠵᠠᠮᠪᠠᠯ ᠭᠠᠳᠠᠨ᠎ᠠ ᠠ᠋ᠴᠠ ᠤᠨᠠᠨ ᠲᠣᠰᠣᠨ ᠭᠦᠶᠦᠵᠦ ᠢᠷᠡᠭᠡᠳ ᠴᠣᠭᠪᠠᠭᠠᠲᠦᠷ ᠲᠦ᠍ ᠬᠡᠯᠡ ᠳᠠᠮᠵᠢᠭᠤᠯᠤᠨ᠎ᠠ᠃ 
       — ᠴᠠᠭᠠᠳᠤᠭᠤᠯᠠ ᠴᠢᠨᠢ ᠲᠡᠭᠡᠭᠡᠳ ᠣᠯᠠᠭᠤᠯᠠ ᠶᠠᠪᠤᠭ᠎ᠠ ᠤᠤ? 
       — ᠣᠯᠠᠭᠤᠯᠠ᠂ ᠪᠠᠷᠤᠭ ᠬᠣᠷᠢ ᠭᠤᠴᠢᠨ ᠮᠣᠷᠢᠲᠠᠨ ᠬᠠᠷᠠᠭᠳᠠᠨ᠎ᠠ᠃ ᠰᠦᠷᠡᠬᠡᠢ ᠰᠣᠷᠲᠣᠭᠣ ᠲᠠᠢ ᠪᠠᠢᠨ᠎ᠠ ᠳᠠ! ᠲᠠ ᠨᠢᠭᠡ ᠱᠠᠭᠠᠢᠵᠤ ᠦᠵᠡᠬᠦ ᠦᠭᠡᠢ ᠤᠤ? ᠭᠡᠳ ᠣᠷᠣᠰ ᠬᠢᠴᠡᠲᠡᠢ ᠳᠤᠷᠠᠨ ᠢ᠋ᠶ᠋ᠠᠨ ᠴᠣᠭᠪᠠᠭᠠᠲᠦᠷ ᠲᠦ᠍ ᠥᠭᠬᠦ ᠳ᠋ᠦ᠍ ᠳᠤᠷᠠᠨ ᠢ᠋ ᠠᠪᠴᠤ ᠴᠠᠮᠪᠠᠨ ᠰᠡᠵᠢᠭᠦᠷ ᠢ᠋ᠶ᠋ᠡᠷ ᠥᠨᠳᠡᠯᠵᠡᠨ ᠲᠣᠭᠣᠰᠣ ᠬᠤᠢᠯᠠᠷᠠᠬᠤ ᠵᠦᠭ ᠲᠦ᠍ ᠱᠠᠭᠠᠢᠪᠠᠯ ᠨᠡᠭᠡᠷᠡᠨ ᠰᠦᠷ ᠵᠢᠪᠬᠤᠭᠠᠲᠠᠢ ᠠᠵᠢ᠃ ᠲᠠᠨᠢᠳᠠᠭ ᠠ᠋ᠴᠠ ᠸᠴᠢᠷᠪᠠᠲᠤ᠂ ᠪᠠᠽᠠᠷ᠂ ᠯᠤᠨᠳᠤᠨᠵᠠᠪ᠂ ᠰᠡᠷᠡᠩ ᠵᠡᠷᠭᠡ ᠰᠠᠢᠨ ᠫᠤᠤᠳᠠᠳᠠᠭ ᠡᠷᠡᠰ ᠶᠠᠪᠤᠭ᠎ᠠ ᠬᠠᠷᠠᠭᠳᠠᠪᠠ᠃ ᠲᠡᠷᠡ ᠳᠤᠷᠠᠨ ᠢ᠋ᠶ᠋ᠠᠨ ᠬᠥᠩᠬᠥᠷ ᠵᠠᠮᠪᠠᠯ ᠳ᠋ᠤ᠌ ᠥᠭᠴᠦ《ᠡᠨᠡ ᠭᠠᠷᠯᠢᠭ ᠤ᠋ᠳ ᠲᠤ᠌ ᠬᠥᠩᠭᠡᠨ ᠬᠠᠭᠤᠮᠠᠭᠠᠢ ᠪᠠᠷ ᠵᠠᠷ ᠵᠡᠪᠰᠡᠭ ᠬᠥᠳᠡᠯᠭᠡᠵᠦ ᠪᠣᠯᠬᠤ ᠶᠠᠩᠵᠤ ᠦᠭᠡᠢ᠃ ᠬᠢᠴᠢᠶᠡᠬᠦ ᠦᠭᠡᠢ ᠪᠣᠯ ᠭᠡᠳᠡᠷᠭᠦ ᠪᠡᠨ ᠠᠪᠲᠠᠵᠤ ᠮᠡᠳᠡᠨ᠎ᠡ》 ᠭᠡᠵᠦ ᠪᠣᠳᠣᠨ ᠰᠣᠯᠣᠭᠠᠢ ᠨᠠᠮᠵᠢᠯ ᠢ᠋ ᠡᠷᠡᠦ ᠪᠡᠷ ᠢ᠋ᠶ᠋ᠡᠨ ᠳᠣᠬᠢᠵᠤ《ᠶᠠᠪᠤᠶ᠎ᠠ᠂ ᠬᠣᠶᠠᠭᠤᠯᠠ》 ᠭᠡᠳ ᠰᠢᠷ᠎ᠠ ᠵᠠᠮ ᠢ᠋ ᠲᠣᠰᠣᠨ ᠬᠠᠲᠠᠷᠢᠭᠤᠯᠪᠠ᠃
       ᠪᠠᠭ᠎ᠠ ᠬᠠᠲᠤᠨ ᠰᠸᠯᠢᠩ ᠢ᠋ ᠥᠨᠥ ᠣᠷᠣᠢ ᠡᠨᠳᠡ ᠪᠠᠭᠤᠯᠭᠠᠵᠤ ᠬᠥᠯ ᠢ᠋ ᠨᠢ ᠠᠮᠠᠷᠠᠭᠠᠨ ᠬᠦᠨᠳᠦᠯᠡᠵᠦ ᠵᠣᠴᠢᠯᠠᠭᠠᠳ ᠡᠪ ᠲᠦᠢ ᠶ᠋ᠢ ᠨᠢ ᠦᠵᠡᠶ᠎ᠡ! ᠴᠢ ᠴᠠᠭᠠᠳᠤᠬᠢ ᠪᠥᠬᠥᠭᠰᠡᠨ ᠴᠡᠷᠢᠭ ᠢ᠋ᠶ᠋ᠡᠨ ᠰᠠᠮ ᠪᠤᠰᠬᠠᠵᠤ ᠠᠭᠠᠷᠤᠳᠠᠢ ᠤᠷᠤᠭᠤ ᠰᠢᠯᠵᠢᠭᠦᠯ! ᠭᠡᠬᠦ ᠳ᠋ᠦ᠍ ᠨᠠᠮᠵᠢᠯ᠄ 
       —  ᠮᠡᠳᠡᠯ᠎ᠡ ᠭᠡᠪᠡ᠃ 
       ᠴᠣᠭᠪᠠᠭᠠᠲᠦᠷ ᠰᠣᠯᠣᠭᠠᠢ ᠨᠠᠮᠵᠢᠯ ᠬᠣᠶᠠᠷ ᠥᠷᠥᠭᠡᠰᠦᠨ ᠡᠪᠦᠳᠦᠭ ᠨᠤᠭᠤᠯᠤᠨ ᠪᠠᠭ᠎ᠠ ᠬᠠᠲᠤᠨ ᠰᠸᠯᠢᠩ ᠦ᠋ᠨ ᠰᠡᠦᠬᠡ ᠲᠡᠷᠭᠡᠨ ᠦ᠌ ᠡᠮᠦᠨ᠎ᠡ ᠬᠣᠯᠠ ᠠ᠋ᠴᠠ ᠠᠮᠤᠷ ᠠᠢᠯᠠᠳᠬᠠᠪᠠ᠃ ᠰᠡᠦᠬᠡ ᠲᠡᠷᠭᠡ ᠵᠣᠭᠰᠣᠵᠤ᠂ ᠬᠠᠲᠤᠨ ᠲᠡᠷᠭᠡᠨ ᠡᠴᠡ ᠪᠡᠨ ᠠᠶᠠᠷᠬᠠᠨ ᠪᠠᠭᠤᠬᠤ ᠳ᠋ᠤ᠌ ᠰᠢᠳᠠᠷ ᠬᠠᠮᠠᠭᠠᠯᠠᠭᠴᠢ ᠴᠡᠷᠢᠭ ᠦ᠋ᠳ ᠴᠦ᠍ ᠮᠣᠷᠢᠨ ᠠ᠋ᠴᠠ ᠪᠠᠨ ᠪᠠᠭᠤᠵᠠᠭᠠᠪᠠ᠃ 
       — ᠠᠮᠤᠭᠤᠯᠠᠩ ᠰᠠᠢᠨ ᠤᠤ?  ᠵᠠ ᠰᠠᠢᠨ! ᠠᠮᠤᠭᠤᠯᠠᠩ ᠰᠠᠢᠨ ᠤᠤ? 
       — ᠡᠳᠦᠷ ᠦ᠋ᠨ ᠵᠠᠮ ᠳ᠋ᠠᠭᠠᠨ ᠶᠠᠳᠠᠷᠠᠵᠤ ᠵᠦᠳᠡᠷᠡᠪᠡ ᠤᠤ? ᠬᠠᠲᠤᠨ ᠰᠸᠯᠢᠩ ᠬᠠᠮᠢᠭ᠎ᠠ ᠣᠴᠢᠬᠤ ᠭᠡᠵᠦ ᠡᠢᠨ ᠬᠦ᠌ ᠶᠠᠭᠠᠷᠠᠤ ᠶᠠᠪᠤᠨ᠎ᠠ ᠪᠣᠢ? ᠭᠡᠵᠦ ᠴᠣᠭᠪᠠᠭᠠᠲᠦᠷ ᠲᠡᠩᠰᠡᠵᠦ ᠠᠰᠠᠭᠤᠪᠠ᠃ 
       — ᠵᠠᠩᠵᠤᠨ ᠶᠠᠮᠤᠨ ᠠ᠋ᠴᠠ ᠳᠠᠭᠤᠳᠠᠯᠭ᠎ᠠ ᠢᠷᠡᠭᠦᠯᠵᠦ᠂ ᠲᠡᠨᠳᠡ ᠠᠵᠢᠯ ᠲᠠᠢ ᠭᠡᠨ᠎ᠡ ᠭᠡᠵᠦ ᠪᠠᠭ᠎ᠠ ᠬᠠᠲᠤᠨ ᠱᠠᠯ ᠬᠤᠳᠠᠯ ᠬᠡᠯᠡᠪᠡ᠃ 
       — ᠶᠠᠪᠤᠭᠠᠳ ᠤᠳᠠᠨ᠎ᠠ ᠪᠢᠵᠡ? 
       — ᠨᠢᠭᠡ ᠬᠤᠭᠤᠴᠠᠭ᠎ᠠ ᠰᠠᠭᠤᠨ᠎ᠠ ᠪᠣᠢ᠃ ᠡᠨᠡ ᠬᠤᠭᠤᠴᠠᠭᠠᠨ ᠳ᠋ᠤ᠌ ᠪᠠᠷᠠᠭᠤᠨ ᠬᠦᠩ ᠦ᠋ᠨ ᠠᠮᠤᠷ ᠢ᠋ ᠬᠠᠮᠠᠭᠠᠯᠠᠬᠤ ᠴᠡᠷᠢᠭ ᠦ᠋ᠨ ᠶᠠᠪᠤᠳᠠᠯ ᠢ᠋ ᠴᠢᠮ᠎ᠠ ᠳ᠋ᠤ᠌ ᠨᠠᠢᠳᠠᠵᠤ ᠲᠤᠰᠢᠶᠠᠶ᠎ᠠ ᠭᠡᠰᠡᠨ ᠢ᠋ ᠰᠣᠨᠣᠰᠤᠭᠰᠠᠨ ᠴᠣᠭᠪᠠᠭᠠᠲᠦᠷ ᠳᠣᠲᠣᠷ᠎ᠠ ᠪᠠᠨ ᠡᠭᠳᠡᠭᠦᠦ ᠬᠦᠷᠴᠦ᠂《 ᠡᠴᠢᠭᠡ ᠴᠢᠨᠢ ᠵᠠᠮ ᠲᠤᠰᠤᠭᠰᠠᠨ ᠦᠭᠡᠢ ᠶᠦᠮ ᠪᠣᠯ ᠬᠠᠮᠢᠭ᠎ᠠ ᠣᠴᠢᠵᠤ ᠡᠨᠡ ᠴᠡᠷᠢᠭ ᠦ᠋ᠨ ᠡᠷᠬᠡ ᠪᠡᠨ ᠨᠠᠳᠠ ᠲᠤᠰᠢᠶᠠᠬᠤ ᠪᠠᠢᠭᠰᠠᠨ ᠪᠣᠯ? ᠡᠷᠲᠡ ᠶᠠᠭᠤ ᠬᠢᠵᠦ ᠤᠩᠭᠤᠰᠤ ᠠᠯᠳᠠᠳᠠᠭ ᠦᠭᠡᠢ ᠪᠣᠢ?》 ᠭᠡᠰᠡᠨ ᠪᠣᠳᠣᠯ ᠲᠠᠷᠢᠬᠢᠨ ᠳ᠋ᠤᠨᠢ ᠣᠷᠣᠭᠰᠠᠨ ᠪᠣᠯᠪᠠᠴᠤ ᠭᠠᠳᠠᠨ᠎ᠠ ᠪᠠᠨ ᠣᠭᠲᠣ ᠢᠯᠡᠷᠡᠭᠦᠯᠦᠭᠰᠡᠨ ᠦᠭᠡᠢ ᠮᠠᠷᠰᠠᠢᠨ ᠢᠨᠢᠶᠡᠵᠦ᠄  
       — ᠬᠠᠲᠤᠨ ᠰᠸᠯᠢᠩ ᠳ᠋ᠦ᠍ ᠪᠠᠶᠠᠷᠯᠠᠯ᠎ᠠ! ᠭᠡᠰᠡᠨ ᠳ᠋ᠦ᠍ ᠪᠠᠭ᠎ᠠ ᠬᠠᠲᠤᠨ ᠴᠣᠭᠪᠠᠭᠠᠲᠦᠷ ᠦ᠋ᠨ ᠴᠢᠷᠠᠢ ᠠ᠋ᠴᠠ ᠶᠠᠭᠤ ᠨᠢᠭᠡ ᠶ᠋ᠢ ᠠᠵᠢᠭᠰᠠᠨ ᠰᠢᠭ᠋᠄ 
       — ᠴᠠᠭ ᠮᠠᠰᠢ ᠲᠤᠯᠭᠠᠮᠳᠠᠭᠤ ᠪᠣᠯᠬᠣᠷ ᠴᠢᠮ᠎ᠠ ᠳ᠋ᠤ᠌ ᠤᠷᠢᠳ ᠢ᠋ᠶ᠋ᠠᠷ ᠴᠢᠮᠡᠭᠡ ᠥᠭᠴᠦ ᠵᠠᠪᠳᠤᠭᠰᠠᠨ ᠦᠭᠡᠢ ᠵᠠᠮ ᠳ᠋ᠠᠭᠠᠨ ᠯᠠ ᠨᠠᠢᠳᠠᠶ᠎ᠠ ᠭᠡᠰᠡᠨ ᠶᠦᠮ ᠭᠡᠪᠡ᠃ 
       — ᠵᠠ᠂ ᠲᠡᠭᠡᠪᠡᠯ ᠲᠠ ᠮᠥᠨ ᠮᠢᠨᠦ ᠡᠨᠳᠡ ᠪᠠᠭᠤᠵᠤ ᠬᠣᠨᠣᠭᠤᠯᠤᠭᠠᠳ ᠮᠠᠷᠭᠠᠲᠤᠷ ᠡᠷᠲᠡ ᠶᠠᠪᠤᠭᠠᠷᠠᠢ! ᠭᠡᠬᠦ ᠳ᠋ᠦ᠍ ᠪᠠᠭ᠎ᠠ ᠬᠠᠲᠤᠨ᠄ 
       — ᠶᠠᠪᠤᠶ᠎ᠠ! ᠲᠤᠯᠭᠠᠭᠤ ᠪᠠᠢᠨ᠎ᠠ᠃ ᠥᠨᠥ ᠰᠥᠨᠢ ᠳ᠋ᠡᠭᠡᠨ ᠪᠤᠭᠤᠲᠤ ᠳ᠋ᠤ᠌ ᠣᠷᠣᠶ᠎ᠠ᠂ ᠶᠠᠪᠤᠵᠤ ᠯᠠ ᠪᠠᠢᠪᠠᠯ ᠵᠠᠮ ᠬᠣᠷᠣᠭᠠᠬᠤ ᠯᠠ ᠪᠠᠢᠯᠭᠦᠢ ᠳᠡ! ᠭᠡᠵᠦ ᠴᠠᠭᠠᠨ᠎ᠠ ᠨᠢ ᠶᠠᠭᠠᠬᠢᠬᠤ ᠠᠷᠭ᠎ᠠ ᠦᠭᠡᠢ ᠰᠡᠳᠬᠢᠯ ᠢ᠋ ᠨᠢ ᠠᠷᠭᠠᠮᠵᠢᠭᠰᠠᠨ ᠬᠥᠮᠦᠨ ᠪᠠᠢᠳᠠᠭ ᠲᠤ ᠢᠩᠭᠢᠵᠦ ᠬᠡᠯᠡᠨ᠎ᠡ᠃
       — ᠰᠢᠷ᠎ᠠ ᠪᠦᠷᠦᠢ ᠪᠣᠯᠵᠤ ᠪᠠᠢᠬᠤ ᠳ᠋ᠤ᠌ ᠲᠠ ᠶᠠᠭᠤᠨ ᠳ᠋ᠠᠭᠠᠨ ᠶᠠᠭᠠᠷᠠᠭᠠᠳ ᠪᠠᠢᠭ᠎ᠠ ᠶᠤᠮ ᠪᠣᠢ? ᠡᠨᠡ ᠴᠡᠷᠢᠭ ᠲᠡᠢᠨ ᠦ᠌ ᠰᠠᠮᠠᠭᠤᠨ ᠴᠠᠭ ᠲᠤ ᠬᠡᠷᠰᠡᠦᠯᠡᠬᠦ ᠦᠭᠡᠢ ᠪᠣᠯᠬᠤ ᠦᠭᠡᠢ ᠠ᠋! 
       — ᠶᠠᠭᠤ ᠬᠠᠮᠢᠶ᠎ᠠ ᠲᠠᠢ ᠪᠣᠢ? ᠮᠢᠨᠦ ᠡᠨᠡ ᠰᠠᠢᠨ ᠡᠷᠡᠰ ᠦ᠋ᠳ ᠪᠠᠢᠭᠰᠠᠨ ᠴᠠᠭ ᠲᠤ ᠭᠡᠳ ᠬᠠᠵᠠᠭᠤ ᠬᠠᠪᠢᠷᠭᠠᠨ ᠤ᠋ ᠴᠡᠷᠢᠭ ᠦ᠋ᠳ ᠢ᠋ᠶ᠋ᠡᠨ ᠬᠠᠷᠠᠵᠤ ᠢᠨᠢᠶᠡᠪᠬᠢᠯᠡᠨ᠎ᠡ᠃  
       ᠲᠡᠳᠡᠭᠡᠷ ᠴᠡᠷᠢᠭ ᠦ᠋ᠳ ᠦ᠋ᠨ ᠵᠠᠷᠢᠮ ᠤ᠋ᠨ ᠬᠢᠨᠢ ᠴᠢᠷᠠᠢ ᠳ᠋ᠤ᠌《ᠬᠡᠭᠡᠷ᠎ᠡ ᠬᠣᠨᠣᠭᠰᠠᠨ ᠴᠦ᠍ ᠡᠨᠳᠡ ᠬᠣᠨᠣᠵᠤ ᠯᠠ ᠪᠣᠯᠬᠤ ᠦᠭᠡᠢ!》 ᠭᠡᠰᠡᠨ ᠦᠰᠦᠭ ᠮᠡᠳᠡᠭᠳᠡᠬᠦ ᠳ᠋ᠦ᠍ ᠵᠠᠷᠢᠮ ᠤ᠋ᠨ ᠬᠢᠨᠢ ᠴᠢᠷᠠᠢ ᠳ᠋ᠤ᠌《ᠴᠣᠭᠪᠠᠭᠠᠲᠦᠷ ᠦ᠋ᠨ ᠳ᠋ᠦ᠍ ᠪᠠᠭᠤᠭᠠᠳ ᠨᠢᠭᠡ ᠰᠠᠢᠨ ᠠᠷᠢᠬᠢᠳᠠᠵᠤ᠂ ᠬᠡᠩᠰᠢᠭᠦᠦ ᠦᠨᠦᠷᠲᠦᠲᠡᠯ᠎ᠡ ᠲᠠᠮᠠᠬᠢᠯᠠᠶ᠎ᠠ(ᠬᠠᠷ᠎ᠠ ᠲᠠᠮᠠᠬᠢ) ᠪᠠᠢᠵᠠ! ᠬᠠᠷᠠᠩᠭᠤᠢ ᠰᠥᠨᠢ ᠪᠡᠷ ᠡᠴᠢᠭᠡ ᠳ᠋ᠡᠭᠡᠨ ᠶᠠᠭᠠᠷᠠᠬᠤ ᠪᠣᠢ?》 ᠭᠡᠰᠡᠨ ᠦᠰᠦᠭ ᠪᠢᠴᠢᠭᠳᠡᠭᠰᠡᠨ ᠢ᠋ ᠪᠠᠭ᠎ᠠ ᠬᠠᠲᠤᠨ ᠠᠯᠢᠨ ᠢ᠋ ᠨᠢ ᠴᠦ᠍ ᠤᠩᠰᠢᠵᠤ ᠭᠠᠷᠤᠭᠰᠠᠨ ᠦᠭᠡᠢ᠃ ᠠᠮᠠᠷᠠᠭ ᠬᠥᠮᠦᠨ ᠲᠡᠢ ᠪᠡᠨ ᠱᠠᠯᠠᠪ ᠠᠭᠤᠯᠵᠠᠬᠤ ᠶ᠋ᠢ ᠯᠡ ᠶᠠᠭᠠᠷᠠᠭ᠎ᠠ ᠲᠣᠰᠣ ᠵᠠᠭᠤᠭᠰᠠᠨ ᠵᠤᠯᠠ ᠶ᠋ᠢᠨ ᠭᠣᠣᠯ ᠰᠢᠭ᠋ ᠨᠣᠴᠣᠮᠠᠭᠠᠢ ᠪᠠᠭ᠎ᠠ ᠬᠠᠲᠤᠨ ᠡᠨᠡ ᠦᠶ᠎ᠡ ᠳ᠋ᠦ᠍ ᠬᠡᠨ ᠶᠠᠭᠤ ᠪᠣᠳᠣᠵᠤ ᠶᠠᠭᠠᠬᠢᠨ᠎ᠠ ᠡᠢᠬᠡᠨ᠎ᠡ ᠭᠡᠰᠡᠨ ᠡᠷᠢᠶᠡᠨ ᠠᠯᠠᠭ ᠰᠡᠳᠬᠢᠯ ᠢ᠋ ᠰᠤᠪᠢᠵᠤ ᠠᠩᠵᠠᠭᠠᠷᠠᠬᠤ ᠰᠠᠨᠠᠭ᠎ᠠ ᠠᠯᠠᠭ᠎ᠠ᠃ ᠨᠢᠭᠡ ᠯᠡ ᠶᠠᠭᠤᠮᠠᠨ ᠳ᠋ᠤ᠌ ᠨᠢᠭᠤᠴᠠᠬᠠᠨ ᠬᠥᠲᠥᠯᠦᠭᠳᠡᠵᠦ ᠰᠣᠭᠲᠣᠭᠤᠷᠠᠨ ᠪᠠᠢᠪᠠᠴᠤ ᠴᠣᠭᠪᠠᠭᠠᠲᠦᠷ ᠦ᠋ᠨ ᠨᠣᠴᠣᠭᠠᠭᠤᠷ ᠰᠢᠭ᠋ ᠬᠠᠯᠠᠭᠤᠬᠠᠨ ᠱᠠᠯᠠᠯᠭ᠎ᠠ ᠳ᠋ᠤ᠌ ᠨᠢᠭᠤᠷ ᠬᠠᠢᠷᠠᠯᠠᠵᠤ ᠡᠳᠡᠨ ᠦ᠌ ᠳ᠋ᠦ᠍ ᠪᠠᠭᠤᠵᠤ ᠬᠥᠯ ᠠᠮᠠᠷᠠᠭᠠᠬᠤ ᠪᠠᠷ ᠪᠣᠯᠤᠯ᠎ᠠ᠃ 
       ᠴᠣᠭᠪᠠᠭᠠᠲᠦᠷ ᠪᠠᠭ᠎ᠠ ᠬᠠᠲᠤᠨ ᠤ᠋ ᠳᠠᠯᠠᠪᠴᠢᠲᠤ ᠵᠢᠯᠣᠭᠣ ᠶ᠋ᠢ ᠬᠤᠮᠢᠵᠤ ᠴᠢᠳᠠᠭᠰᠠᠨ ᠳ᠋ᠠᠭᠠᠨ ᠪᠡᠶᠡᠰᠴᠦ ᠬᠥᠯ ᠨᠢ ᠬᠥᠩᠭᠡᠷᠡᠪᠡ᠃ ᠰᠡᠮᠡᠬᠡᠷ ᠬᠥᠮᠦᠨ ᠶᠠᠪᠤᠭᠤᠯᠵᠤ ᠡᠯᠳᠡᠩᠭᠡ᠂ ᠵᠣᠳᠪᠠ ᠨᠠᠷ ᠢ᠋ ᠳᠠᠭᠤᠳᠠᠭᠤᠯᠪᠠ᠃ 
       ᠪᠠᠭ᠎ᠠ ᠬᠠᠲᠤᠨ ᠵᠠᠰᠠᠭ ᠲᠠᠢ ᠬᠣᠶᠠᠭᠤᠯᠠ ᠶ᠋ᠢ ᠳᠡᠭᠡᠳᠦ ᠭᠡᠷ ᠲᠦ᠍ ᠲᠣᠬᠢᠷᠠᠭᠤᠯᠤᠨ ᠴᠢᠨᠠᠷ ᠰᠠᠢᠲᠠᠢ ᠬᠠᠷ᠎ᠠ ᠲᠠᠮᠠᠬᠢ ᠵᠠᠳᠠᠯᠵᠤ ᠬᠠᠲᠤᠨ ᠤ᠋ ᠶᠠᠳᠠᠷᠠᠭ᠎ᠠ ᠴᠢᠯᠡᠭᠡ ᠶ᠋ᠢ ᠳᠡᠢᠯᠦᠨ᠎ᠡ᠃ ᠬᠣᠨᠢ ᠮᠠᠯ ᠵᠠᠷᠤᠵᠤ ᠪᠤᠳᠠᠭ᠎ᠠ ᠲᠠᠷᠢᠶ᠎ᠠ ᠲᠥᠬᠥᠭᠡᠷᠦᠨ ᠳᠠᠢᠯᠠᠯᠭ᠎ᠠ ᠶᠠᠪᠤᠭᠤᠯᠤᠭᠠᠳ ᠮᠠᠰᠢᠳᠠ ᠬᠥᠷ ᠨᠠᠷᠭᠢᠶᠠᠨ ᠲᠠᠢ᠃ ᠲᠡᠭᠡᠬᠦ ᠳ᠋ᠦ᠍ ᠬᠠᠲᠤᠨ ᠤ᠋ ᠳᠠᠭᠠᠯᠲᠠ ᠴᠡᠷᠢᠭ ᠦ᠋ᠳ ᠴᠥᠭᠡᠬᠡᠨ ᠬᠡᠳᠦ ᠡᠴᠡ ᠪᠤᠰᠤᠳ ᠨᠢ ᠠᠷᠢᠬᠢᠨ ᠳ᠋ᠤ᠌ ᠳᠡᠮᠡᠢ ᠯᠡ ᠬᠣᠪᠳᠣᠭᠯᠠᠵᠤ ᠤᠤᠭᠤᠬᠤ ᠦᠭᠡᠢ ᠨᠢ ᠬᠡᠴᠡᠭᠦᠦ! ᠠᠷᠢᠬᠢ ᠳᠠᠷᠠᠰᠤ᠂ ᠬᠠᠷ᠎ᠠ ᠲᠠᠮᠠᠬᠢ ᠪᠠᠷ ᠮᠠᠩᠰᠢᠭᠤᠷᠠᠭᠤᠯᠵᠤ ᠪᠠᠢᠭᠠᠳ ᠰᠥᠨᠢ ᠳᠤᠮᠳᠠᠭᠤᠷ ᠠᠷᠤ ᠠ᠋ᠴᠠ ᠨᠢ ᠨᠢᠭᠡ ᠯᠡ ᠱᠤᠯᠤᠴᠢᠬᠠᠶ᠎ᠠ ᠭᠡᠰᠡᠨ ᠨᠢ ᠬᠣᠭᠣᠰᠣᠳᠠᠵᠠᠢ᠃ ᠡᠢᠨ ᠬᠦ᠌ ᠴᠣᠭᠪᠠᠭᠠᠲᠦᠷ ᠪᠠᠭ᠎ᠠ ᠬᠠᠲᠤᠨ ᠤ᠋ ᠳᠠᠭᠠᠯᠲᠠ ᠴᠡᠷᠢᠭ ᠢ᠋ ᠠᠮᠠᠷᠠᠭᠠᠵᠤ᠂ ᠮᠣᠷᠢ ᠤᠨᠤᠭ᠎ᠠ ᠶ᠋ᠢ ᠨᠢ ᠭᠤᠷᠪᠠᠨ ᠳᠠᠪᠠᠭᠠᠨ ᠤ᠋ ᠭᠣᠣᠯ ᠳ᠋ᠤ᠌ ᠠᠭᠳᠠᠴᠢ ᠭᠠᠷᠭᠠᠨ ᠬᠠᠷᠠᠵᠤ ᠬᠣᠨᠣᠭᠤᠯᠪᠠ᠃ ᠮᠠᠨᠠᠭᠠᠨ ᠤ᠋ ᠴᠥᠭᠡᠪᠦᠷ ᠴᠡᠷᠢᠭ ᠡᠴᠡ ᠪᠤᠰᠤᠳ ᠨᠢ ᠴᠥᠮ ᠲᠤᠭ ᠨᠣᠢᠷ ᠲᠠᠭᠠᠨ ᠣᠷᠣᠵᠠᠢ᠃ 
       ᠴᠣᠭᠪᠠᠭᠠᠲᠦᠷ᠂ ᠡᠯᠳᠡᠩᠭᠡ ᠵᠣᠳᠪᠠ ᠬᠣᠶᠠᠷ ᠤ᠋ᠨ ᠪᠠᠭᠤᠭᠰᠠᠨ ᠭᠡᠷ ᠲᠦ᠍ ᠭᠤᠯᠭᠤᠨ ᠣᠷᠣᠵᠤ ᠶᠠᠭᠠᠬᠢᠵᠤ ᠭᠠᠷ ᠬᠥᠳᠡᠯᠬᠦ ᠪᠡᠨ ᠨᠢᠮᠪᠠᠢ ᠶᠠᠷᠢᠯᠴᠠᠨ ᠲᠣᠭᠲᠠᠪᠠ᠃ ᠡᠯᠳᠡᠩᠭᠡ᠄
       — ᠠᠮᠠᠨ ᠳ᠋ᠤ᠌ ᠣᠷᠣᠭᠰᠠᠨ ᠥᠭᠡᠬᠦ ᠪᠡᠨ ᠤᠨᠠᠭᠠᠵᠤ ᠪᠣᠯᠬᠤ ᠦᠭᠡᠢ ᠰᠢᠦ᠃ ᠬᠡᠷᠰᠡᠦ ᠤᠬᠠᠭᠠᠨ ᠬᠡᠷᠡᠭᠲᠡᠢ ᠭᠡᠬᠦ ᠳ᠋ᠦ᠍ ᠬᠢᠮᠡᠲᠡᠭᠡᠢ ᠵᠣᠷᠢᠭ ᠰᠥᠰᠥ ᠪᠠᠰᠠ ᠴᠢᠬᠤᠯᠠ ᠲᠠᠢ ᠶᠤᠮ ᠠ᠋᠃ ᠬᠡᠷᠰᠡᠦ ᠤᠬᠠᠭᠠᠨ ᠳ᠋ᠠᠭᠠᠨ ᠲᠠᠢᠯᠳᠠᠵᠤ ᠬᠢᠵᠦ ᠴᠢᠳᠠᠬᠤ ᠦᠭᠡᠢ ᠴᠡᠴᠡᠷᠡᠭᠡᠳ ᠪᠠᠢᠬᠤ᠂ ᠬᠢᠮᠡᠲᠡᠭᠡᠢ ᠵᠣᠷᠢᠭ ᠨᠢ ᠬᠠᠵᠠᠢᠵᠤ ᠬᠡᠷᠰᠡᠦᠯᠡᠬᠦ ᠪᠡᠨ ᠮᠠᠷᠲᠠᠬᠤ ᠶ᠋ᠢᠨ ᠠᠯᠢ ᠠᠯᠢ ᠨᠢ ᠦᠯᠦ ᠪᠣᠯᠤᠨ᠎ᠠ ᠭᠡᠵᠦ ᠡᠯᠳᠡᠩᠭᠡ ᠶ᠋ᠢᠨ ᠬᠠᠰᠢᠷᠯᠠᠨ ᠬᠡᠯᠡᠬᠦ ᠶ᠋ᠢ ᠲᠡᠷᠡ ᠬᠡᠳᠦᠭᠦᠯᠡ《ᠮᠥᠨ》 ᠭᠡᠵᠦ ᠪᠦᠭᠦᠳᠡᠭᠡᠷ ᠵᠥᠪᠰᠢᠶᠡᠷᠡᠨ᠎ᠡ᠃  


          ᠦᠰᠦᠭ ᠠᠮᠢᠯᠠᠭᠤᠯᠤᠭᠰᠠᠨ ᠨᠢ᠄ ᠲᠡᠭᠷᠢ ᠡᠵᠢ