ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠬᠣᠶᠠᠳᠤᠭᠠᠷ ᠪᠦᠯᠦᠭ <ᠨᠢᠭᠡ> Хан мунын сүүрс < доорд > – Мөнх зохиоов ᠂Дөдгөөр бодь – Хоёрдугаар бүлэг <1>
ᠲᠦᠲᠦᠭᠡᠷ ᠪᠣᠲᠢ – ᠬᠣᠶᠠᠳᠤᠭᠠᠷ ᠪᠦᠯᠦᠭ <ᠨᠢᠭᠡ>
ᠬᠣᠶᠠᠳᠤᠭᠠᠷ ᠪᠦᠯᠦᠭ
ᠨᠢᠭᠡ
ᠪᠦᠷᠦᠢ ᠪᠣᠯᠪᠠ᠃ ᠬᠠᠷᠠᠩᠭᠤᠢ ᠶ᠋ᠢᠨ ᠬᠥᠰᠢᠭᠡ ᠪᠠᠭᠤᠬᠤ ᠳ᠋ᠤ᠌ ᠬᠦᠩ ᠦ᠋ᠨ ᠶᠠᠮᠤᠨ ᠤ᠋ ᠬᠥᠬᠡ ᠲᠣᠭᠣᠰᠬᠠᠨ ᠬᠦᠷᠢᠶ᠎ᠡ ᠤᠯᠠᠮ ᠨᠡᠲᠦᠭᠡᠷ ᠪᠣᠯᠤᠭᠰᠠᠨ ᠮᠡᠲᠦ ᠬᠥᠮᠦᠰ ᠲᠦ᠍ ᠤᠢᠳᠬᠠᠷ ᠲᠥᠷᠥᠭᠦᠯᠦᠨ᠎ᠡ ᠁
ᠪᠣᠷᠣ ᠴᠡᠷᠢᠭ ᠬᠠᠷ᠎ᠠ ᠴᠡᠷᠢᠭ ᠬᠣᠭᠣᠷᠣᠨᠳᠣ ᠪᠠᠨ ᠲᠤᠯᠤᠯᠳᠤᠭᠠᠳ ᠦᠬᠦᠵᠦ ᠪᠠᠢᠨ᠎ᠠ ᠤᠨᠠᠵᠤ ᠪᠠᠢᠨ᠎ᠠ ᠭᠡᠰᠡᠨ ᠪᠡᠯᠭᠡ ᠮᠠᠭᠤᠲᠠᠢ ᠴᠢᠮᠡᠭᠡ ᠪᠤᠭᠤᠲᠤ᠂ ᠪᠣᠷᠳᠣᠬᠤᠢ᠂ ᠤᠯᠠᠭᠠᠨ ᠬᠠᠲᠤᠨ ᠤ᠋ ᠨᠠᠭᠠᠨ᠎ᠠ ᠴᠠᠭᠠᠨ᠎ᠠ ᠠ᠋ᠴᠠ ᠡᠯᠳᠡᠪ ᠦ᠋ᠨ ᠬᠥᠯ ᠤᠷᠭᠤᠵᠤ ᠰᠠᠯᠬᠢᠳᠠᠬᠤ ᠳ᠋ᠤ᠌ ᠤᠷᠠᠳ ᠨᠤᠲᠤᠭ ᠢᠷᠣᠭᠠᠷ ᠢ᠋ᠶ᠋ᠠᠷ ᠢ᠋ᠶ᠋ᠠᠨ ᠡᠷᠭᠢᠬᠦ ᠭᠡᠵᠦ ᠪᠠᠢᠭ᠎ᠠ ᠰᠢᠭ᠋ ᠲᠠᠢᠪᠠᠯᠵᠠᠨᠠ᠃
ᠪᠠᠭ᠎ᠠ ᠬᠠᠲᠤᠨ ᠰᠸᠯᠢᠩ ᠳ᠋ᠦ᠍ ᠮᠥᠨ ᠲᠡᠭᠡᠵᠦ ᠪᠣᠳᠣᠭᠳᠠᠵᠠᠢ᠃ ᠡᠨᠡ ᠲᠡᠢᠨ ᠳᠠᠵᠢᠨ ᠳᠡᠭᠳᠡᠭᠰᠡᠨ ᠡᠯᠳᠡᠪ ᠴᠡᠷᠢᠭ ᠦ᠋ᠨ ᠬᠥᠯ ᠳ᠋ᠦ᠍ ᠨᠤᠲᠤᠭ ᠨᠢᠮᠭᠡᠷᠡᠵᠦ᠂ ᠠᠵᠠ ᠮᠠᠭᠤᠳᠠᠵᠤ ᠰᠤᠪᠢᠨ ᠮᠡᠳᠡᠭᠳᠡᠬᠦ ᠪᠡᠷ ᠪᠠᠭ᠎ᠠ ᠬᠠᠲᠤᠨ ᠰᠸᠯᠢᠩ ᠦ᠋ᠨ ᠡᠮᠦᠨ᠎ᠡ ᠪᠠᠰᠠ ᠨᠢᠭᠡ ᠤᠳᠠᠭ᠎ᠠ ᠬᠠᠲᠠᠭᠤ ᠰᠢᠯᠭᠠᠯᠲᠠ ᠲᠠᠯᠪᠢᠭᠳᠠᠬᠤ ᠰᠢᠭ᠋ ᠰᠠᠨᠠᠭᠳᠠᠨ᠎ᠠ᠃ 《ᠪᠠᠽᠠᠷ ᠶᠠᠪᠤᠭᠠᠳ ᠬᠡᠳᠦ ᠬᠣᠨᠣᠯ᠎ᠠ᠂ ᠶᠠᠭᠤ ᠪᠣᠯᠤᠭᠰᠠᠨ ᠪᠣᠯ? ᠠᠩᠴᠢᠨᠵᠠᠪ ᠤ᠋ᠨ ᠰᠤᠷᠠᠭ ᠢ᠋ ᠣᠯᠤᠭᠰᠠᠨ ᠪᠣᠯ ᠤᠤ? ᠡᠰᠡᠪᠡᠰᠦ ᠵᠠᠮ ᠳ᠋ᠠᠭᠠᠨ ᠳᠡᠭᠡᠷᠡᠮ ᠲᠤᠨᠤᠭ᠎ᠠ ᠳ᠋ᠤ᠌᠁ ᠥᠬᠡᠢ᠂ ᠸᠠᠩ ᠰᠣᠬᠣᠷ ᠬᠠᠷ᠎ᠠ ᠭᠡᠲᠡᠭᠦᠯ ᠳ᠋ᠦ᠍ ᠪᠣᠷᠪᠢ ᠪᠠᠨ ᠲᠠᠲᠠᠭᠤᠯᠴᠢᠬᠠᠭᠰᠠᠨ ᠪᠢᠰᠢ ᠪᠢᠵᠡ⁈》 ᠭᠡᠵᠦ ᠡᠯᠳᠡᠪ ᠢ᠋ᠶ᠋ᠡᠷ ᠲᠠᠭᠠᠮᠠᠭᠯᠠᠬᠤ ᠳ᠋ᠤ᠌ ᠸᠠᠩ ᠰᠣᠬᠣᠷ ᠤ᠋ᠨ ᠬᠠᠷᠭᠢᠰ ᠳᠦᠷᠢ ᠲᠡᠭᠦᠨ ᠦ᠌ ᠡᠮᠦᠨ᠎ᠡ ᠪᠠᠢᠨ ᠪᠠᠢᠨ ᠪᠥᠷᠲᠥᠯᠵᠡᠨ《᠁ ᠤᠯᠠᠭᠠᠨ ᠡᠷᠭᠢ ᠶ᠋ᠢᠨ ᠬᠡᠳᠦᠨ ᠵᠠᠭᠤᠨ ᠴᠢᠩ ᠪᠡᠯᠴᠢᠭᠡᠷ ᠨᠤᠲᠤᠭ ᠢ᠋ᠶ᠋ᠠᠨ ᠨᠠᠳᠠ ᠳᠡᠭᠡᠰᠦᠯᠡᠵᠦ ᠥᠭᠪᠡᠯ ᠠᠩᠴᠢᠨᠵᠠᠪ ᠢ᠋ ᠴᠢᠨᠢ ᠱᠣᠷᠣᠩ ᠠ᠋ᠴᠠ ᠰᠤᠯᠠᠯᠠᠶ᠎ᠠ! ᠠᠮᠠᠷᠠᠭᠯᠠᠵᠤ ᠰᠠᠨᠠᠭᠰᠠᠨ ᠠᠩᠴᠢᠨᠵᠠᠪ ᠢ᠋ᠶ᠋ᠠᠨ ᠠᠪᠬᠤ ᠤᠤ? ᠤᠯᠠᠭᠠᠨ ᠡᠷᠭᠢ ᠶ᠋ᠢᠨ ᠪᠡᠯᠴᠢᠭᠡᠷ ᠡᠴᠡ ᠪᠡᠨ ᠲᠠᠰᠤᠯᠵᠤ ᠥᠭᠬᠦ ᠤᠤ? ᠥᠪᠡᠷ ᠢ᠋ᠶ᠋ᠡᠨ ᠰᠣᠩᠭᠣ!》 ᠭᠡᠰᠡᠨ ᠬᠠᠬᠢᠷ ᠦᠭᠡ ᠴᠢᠬᠢ ᠳᠡᠯᠡᠳᠦᠭᠡᠳ ᠪᠣᠯᠳᠠᠭ ᠦᠭᠡᠢ᠃ ᠪᠠᠭ᠎ᠠ ᠬᠠᠲᠤᠨ᠂ ᠸᠠᠩ ᠰᠣᠬᠣᠷ ᠤ᠋ᠨ ᠠᠩᠴᠢᠨᠵᠠᠪ ᠢ᠋ᠶ᠋ᠠᠷ ᠭᠠᠵᠠᠷ ᠨᠤᠲᠤᠭ ᠤ᠋ᠨ ᠵᠣᠯᠢᠶ᠎ᠠ ᠬᠢᠬᠦ ᠭᠣᠷᠢᠳᠠᠯᠭ᠎ᠠ ᠶ᠋ᠢ ᠰᠠᠨᠠᠨ ᠰᠠᠨᠠᠨ ᠠᠭᠤᠷ ᠬᠦᠷᠴᠦ᠂ ᠡᠨᠡ ᠮᠠᠭᠤ ᠢᠷᠣᠭᠠᠷ ᠦᠭᠡᠢ ᠨᠦᠬᠡ ᠶ᠋ᠢ ᠶᠠᠭᠠᠬᠢᠵᠤ ᠳᠦᠭᠦᠷᠭᠡᠵᠦ ᠳᠡᠢᠯᠬᠦ ᠪᠢᠯᠡ? ᠭᠡᠵᠦ ᠠᠷᠭ᠎ᠠ ᠶᠠᠳᠠᠬᠤ ᠳ᠋ᠠᠭᠠᠨ ᠡᠳᠦᠢ ᠲᠡᠳᠦᠢ ᠦᠨᠡᠲᠦ ᠡᠷᠳᠡᠨᠢᠰ ᠦ᠋ᠨ ᠪᠡᠯᠡᠭ ᠰᠡᠯᠲᠡ ᠠᠪᠴᠤ ᠵᠠᠩᠵᠤᠨ ᠶᠠᠮᠤᠨ ᠤ᠋ ᠡᠵᠡᠨ ᠨᠣᠶᠠᠨ ᠳ᠋ᠤ᠌ ᠪᠠᠷᠠᠳᠠᠷᠠ ᠣᠴᠢᠵᠤ ᠥᠪᠡᠷ ᠦ᠋ᠨ ᠵᠣᠪᠠᠯᠠᠩ ᠢ᠋ᠶ᠋ᠠᠨ ᠦᠨᠡᠨ ᠴᠠᠭᠠᠨ ᠢ᠋ᠶ᠋ᠠᠷ ᠲᠣᠭᠠᠴᠢᠨ ᠠᠢᠯᠠᠳᠬᠠᠵᠤ ᠠᠪᠤᠷᠠᠯ ᠭᠤᠶᠤᠵᠠᠢ᠃ ᠡᠨᠡ ᠨᠣᠶᠠᠨ ᠤ᠋ ᠵᠠᠪᠠᠵᠢ ᠲᠡᠢᠮᠦ ᠯᠡ ᠢᠯᠭᠤᠮ ᠪᠢᠰᠢ᠂ ᠦᠵᠡᠲᠡᠯ᠎ᠡ ᠸᠠᠩ ᠰᠣᠬᠣᠷ ᠤ᠋ᠨ ᠲᠠᠯ᠎ᠠ ᠬᠠᠷᠠᠵᠤ ᠲᠡᠢᠰᠢ ᠬᠠᠵᠠᠢᠨᠠ᠃《 ᠶᠠᠭᠠᠬᠢᠬᠤ ᠪᠣᠢ ᠳᠠ! ᠠᠩᠴᠢᠨᠵᠠᠪ ᠢ᠋ ᠴᠢᠨᠢ ᠱᠣᠷᠣᠩ ᠠ᠋ᠴᠠ ᠰᠤᠯᠠᠯᠠᠵᠤ ᠥᠭᠭᠦᠶ᠎ᠡ! ᠲᠡᠭᠡᠬᠦ ᠳ᠋ᠦ᠍ ᠴᠢ ᠪᠠᠷᠠᠭᠤᠨ ᠬᠦᠩ ᠦ᠋ᠨ ᠭᠠᠵᠠᠷ ᠨᠤᠲᠤᠭ ᠠ᠋ᠴᠠ ᠪᠠᠭ᠎ᠠ ᠰᠠᠭ᠎ᠠ ᠴᠦ᠍ ᠭᠡᠰᠡᠨ ᠸᠠᠩ ᠵᠠᠩᠭᠤᠢᠳᠠ ᠳ᠋ᠤ᠌ ᠭᠠᠷᠭᠠᠵᠤ ᠥᠭᠬᠦ ᠦᠭᠡᠢ ᠪᠣᠯᠬᠤ ᠦᠭᠡᠢ ᠰᠢᠦ! ᠰᠢᠷ᠎ᠠ ᠴᠡᠷᠢᠭ ᠣᠷᠣᠵᠤ ᠢᠷᠡᠭᠰᠡᠨ ᠳ᠋ᠦ᠍ ᠴᠢ ᠭᠠᠴᠢᠭᠳᠠᠯ᠎ᠠ᠂ ᠴᠢᠨᠦ ᠭᠠᠴᠢᠯᠠᠩ ᠲᠠᠢ ᠦᠶ᠎ᠡ ᠳ᠋ᠦ᠍ ᠸᠠᠩ ᠵᠠᠩᠭᠤᠢᠳᠠ ᠴᠢᠮ᠎ᠠ ᠳ᠋ᠤ᠌ ᠶᠡᠬᠡᠳᠡ ᠲᠤᠰᠠ ᠬᠦᠷᠭᠡᠭᠰᠡᠨ ᠢ᠋ ᠤᠮᠠᠷᠲᠠᠵᠤ ᠪᠣᠯᠬᠤ ᠦᠭᠡᠢ᠃ ᠪᠣᠷᠣ ᠴᠡᠷᠢᠭ ᠣᠷᠣᠵᠤ ᠢᠷᠡᠬᠦ ᠳ᠋ᠦ᠍ ᠠᠩᠴᠢᠨᠵᠠᠪ ᠡᠮᠦᠨ᠎ᠡ ᠡᠴᠡ ᠨᠢ ᠲᠤᠯᠵᠤ ᠪᠠᠢᠯᠳᠤᠭᠰᠠᠨ ᠦᠭᠡᠢ ᠬᠠᠷᠢᠨ ᠴᠠᠭᠠᠰᠢ ᠳᠤᠲᠠᠭᠠᠵᠤ ᠸᠠᠩ ᠵᠠᠩᠭᠤᠢᠳᠠ ᠶ᠋ᠢᠨ ᠬᠠᠷᠢᠶᠠᠨ ᠳ᠋ᠠᠬᠢ ᠮᠣᠬᠣᠭᠰᠠᠨ ᠴᠡᠷᠢᠭ ᠦ᠋ᠨ ᠫᠤᠤ ᠰᠤᠮᠤ ᠶ᠋ᠢ ᠪᠠᠭᠤᠯᠭᠠᠵᠤ ᠡᠳᠦᠢ ᠲᠡᠳᠦᠢ ᠬᠣᠬᠢᠷᠠᠯ ᠤᠴᠠᠷᠠᠭᠤᠯᠤᠭᠰᠠᠨ ᠢ᠋ ᠶᠠᠭᠤ ᠭᠡᠬᠦ ᠪᠣᠢ⁈ ᠡᠭᠦᠨ ᠢ᠋ ᠬᠠᠲᠤᠨ ᠰᠸᠯᠢᠩ ᠨᠠᠳᠠ ᠠ᠋ᠴᠠ ᠢᠯᠡᠭᠦᠦ ᠮᠡᠳᠡ ᠯᠠ ᠦᠭᠡᠢ ᠳᠡ᠃ ᠦᠨᠡᠨ ᠢ᠋ ᠬᠡᠯᠡᠬᠦ ᠳ᠋ᠦ᠍ ᠠᠩᠴᠢᠨᠵᠠᠪ ᠢ᠋ ᠠᠯᠠᠭᠰᠠᠨ ᠴᠦ᠍ ᠢᠯᠡᠭᠦᠳᠡᠬᠦ ᠦᠭᠡᠢ᠃ ᠬᠠᠲᠤᠨ ᠲᠠ ᠰᠠᠢᠲᠤᠷ ᠪᠣᠳᠣᠯᠬᠢᠯᠠᠵᠤ ᠦᠵᠡ! ᠸᠠᠩ ᠵᠠᠩᠭᠤᠢᠳᠠ ᠲᠠ ᠬᠣᠶᠠᠷ ᠬᠠᠷᠢᠴᠠᠭ᠎ᠠ ᠪᠠᠨ ᠡᠪᠰᠡᠭᠦᠯᠵᠦ ᠨᠢᠭᠡ ᠨᠢᠭᠡᠨ ᠳ᠋ᠡᠭᠡᠨ ᠲᠤᠰᠠᠯᠠᠯᠴᠠᠵᠤ ᠶᠠᠪᠤᠭᠠᠷᠠᠢ! ᠴᠢᠮ᠎ᠠ ᠳ᠋ᠤ᠌ ᠸᠠᠩ ᠵᠠᠩᠭᠤᠢᠳᠠ ᠶ᠋ᠢ ᠲᠦᠰᠢᠬᠦ ᠶᠠᠪᠤᠳᠠᠯ ᠪᠠᠰᠠ ᠭᠠᠷᠴᠤ ᠮᠡᠳᠡᠨ᠎ᠡ ᠰᠢᠦ!》 ᠭᠡᠰᠡᠨ ᠦᠭᠡ ᠶ᠋ᠢ ᠪᠠᠭ᠎ᠠ ᠬᠠᠲᠤᠨ ᠪᠣᠳᠣᠬᠤ ᠠ᠋ᠴᠠ ᠪᠠᠨ ᠵᠢᠷᠦᠬᠡ ᠬᠠᠯᠢᠷᠠᠨ᠎ᠠ᠃ ᠪᠠᠷᠠᠭᠤᠨ ᠬᠦᠩ ᠦ᠋ᠨ ᠨᠤᠲᠤᠭ ᠪᠡᠯᠴᠢᠭᠡᠷ ᠴᠦ᠍ ᠢᠩᠭᠢᠭᠡᠳ ᠳᠠᠭᠤᠰᠤᠨ᠎ᠠ ᠳᠠ! ᠶᠣᠰᠣᠲᠠᠢ ᠯᠠ ᠬᠠᠷ᠎ᠠ᠂ ᠰᠢᠷ᠎ᠠ᠂ ᠪᠣᠷᠣ ᠴᠡᠷᠢᠭ ᠦ᠋ᠨ ᠲᠡᠢᠨ ᠦ᠌ ᠲᠠᠯᠠᠪᠤᠷ ᠪᠤᠶᠤ ᠡᠯᠳᠡᠪ ᠡᠰᠡᠨ ᠴᠡᠷᠢᠭ ᠲᠡᠵᠢᠭᠡᠬᠦ ᠰᠠᠭᠤᠷᠢᠨ ᠭᠠᠵᠠᠷ ᠪᠣᠯᠴᠢᠬᠠᠵᠠᠢ᠃
ᠨᠡᠯᠢᠶᠡᠳ ᠣᠷᠣᠢ ᠪᠣᠯᠪᠠ᠃ ᠪᠠᠭ᠎ᠠ ᠬᠠᠲᠤᠨ ᠲᠣᠭᠲᠠᠪᠤᠷᠢ ᠠᠯᠳᠠᠵᠤ ᠭᠠᠳᠠᠨ᠎ᠠ ᠭᠠᠷᠴᠤ ᠲᠩᠷᠢ ᠶ᠋ᠢᠨ ᠪᠠᠢᠳᠠᠯ ᠢ᠋ ᠠᠵᠢᠭᠯᠠᠭᠰᠠᠨ ᠳ᠋ᠤ᠌ ᠲᠩᠷᠢ ᠶ᠋ᠢᠨ ᠬᠦᠢᠰᠦ ᠣᠶᠣᠳᠠᠯ ᠢ᠋ᠶ᠋ᠠᠷ ᠢ᠋ᠶ᠋ᠠᠨ ᠬᠠᠨᠵᠠᠷᠠᠵᠤ ᠴᠠᠯᠠᠭᠠᠢ ᠪᠦᠰᠡᠭᠦᠢ ᠶ᠋ᠢᠨ ᠰᠠᠭᠠᠯᠢ ᠶ᠋ᠢᠨ ᠬᠣᠷᠮᠣᠢ ᠰᠢᠭ᠋ ᠴᠠᠢᠷᠠᠨ ᠴᠣᠬᠣᠷᠳᠠᠵᠤ ᠣᠳᠣᠳ ᠴᠠᠯᠠᠢᠲᠠᠯ᠎ᠠ ᠲᠦᠭᠡᠭᠰᠡᠨ ᠪᠠᠢᠯ᠎ᠠ᠃ ᠬᠣᠰᠢᠭᠤ ᠶᠠᠮᠤᠨ ᠤ᠋ ᠬᠥᠬᠡ ᠲᠣᠭᠣᠰᠬᠠᠨ ᠬᠦᠷᠢᠶ᠎ᠡ ᠶ᠋ᠢ ᠰᠢᠬᠠᠵᠤ ᠰᠠᠭᠤᠭᠰᠠᠨ ᠠᠢᠯ ᠤ᠋ᠨ ᠨᠣᠬᠠᠳ ᠭᠣᠩ ᠭᠣᠩ ᠶᠠᠩᠰᠢᠵᠤ᠂ ᠪᠥᠬᠡ ᠨᠣᠢᠷᠰᠤᠭᠰᠠᠨ ᠤᠷᠠᠳ ᠤ᠋ᠨ ᠲᠠᠯ᠎ᠠ ᠶ᠋ᠢ ᠰᠣᠴᠢᠭᠠᠨ ᠰᠡᠷᠡᠭᠡᠪᠡ᠃ ᠲᠣᠬᠢᠷᠠᠩ ᠲᠣᠬᠢᠷᠠᠩ ᠭᠡᠵᠦ ᠲᠠᠮᠢᠷ ᠰᠤᠯᠠᠬᠠᠨ ᠳᠠᠪᠬᠢᠬᠤ ᠮᠣᠷᠢᠨ ᠤ᠋ ᠲᠤᠭᠤᠷᠠᠢ ᠣᠢᠷᠠᠳᠴᠤ ᠢᠷᠡᠬᠦ ᠪᠡᠷ ᠲᠡᠷᠡ ᠵᠦᠭ ᠲᠦ᠍ ᠶᠠᠷᠬᠢᠯᠳᠦᠵᠦ ᠡᠬᠢᠯᠡᠪᠡ᠃ ᠲᠡᠷᠡ ᠢᠷᠡᠭᠰᠡᠨ ᠬᠥᠮᠦᠨ《ᠵᠥᠪ! ᠮᠠᠭᠤ ᠶᠠᠩᠭᠠ ᠨᠤᠭᠤᠳ》 ᠭᠡᠵᠦ ᠨᠣᠬᠠᠢ ᠵᠠᠩᠳᠤᠷᠤᠨ ᠠᠶᠤᠯᠭᠠᠵᠤ᠂ ᠬᠣᠰᠢᠭᠤ ᠶᠠᠮᠤᠨ ᠠᠷᠤ ᠡᠭᠦᠳᠡᠨ ᠦ᠌ ᠮᠠᠨᠠᠭ᠎ᠠ ᠶ᠋ᠢ ᠰᠡᠷᠢᠭᠡᠵᠦ ᠪᠠᠭ᠎ᠠ ᠬᠠᠲᠤᠨ ᠤ᠋ ᠤᠷᠲᠤ ᠶ᠋ᠢ ᠴᠢᠭᠯᠡᠨ ᠶᠠᠭᠠᠷᠠᠤ ᠠᠯᠬᠤᠯᠠᠨ᠎ᠠ᠃ ᠡᠨᠡ ᠬᠥᠮᠦᠨ ᠪᠣᠯ ᠪᠠᠭ᠎ᠠ ᠬᠠᠲᠤᠨ ᠤ᠋ ᠰᠢᠳᠠᠷ ᠬᠠᠮᠠᠭᠠᠯᠠᠭᠴᠢ ᠪᠠᠽᠠᠷ ᠪᠠᠢᠯ᠎ᠠ᠃ ᠲᠡᠷᠡ ᠪᠤᠭᠤᠲᠤ ᠳ᠋ᠤ᠌ ᠬᠦᠷᠴᠦ ᠠᠩᠴᠢᠨᠵᠠᠪ ᠲᠠᠢ ᠬᠣᠯᠪᠣᠭ᠎ᠠ ᠪᠠᠷᠢᠬᠤ ᠪᠠᠷ ᠶᠠᠪᠤᠭᠠᠳ ᠪᠤᠴᠠᠵᠤ ᠢᠷᠡᠵᠦ ᠪᠠᠢᠭ᠎ᠠ ᠨᠢ ᠡᠨᠡ᠃ ᠪᠠᠽᠠᠷ ᠪᠠᠭ᠎ᠠ ᠬᠠᠲᠤᠨ ᠤ᠋ ᠳᠣᠲᠣᠭᠤᠷ ᠵᠠᠷᠯᠢᠭ ᠢ᠋ᠶ᠋ᠠᠷ ᠪᠤᠭᠤᠲᠤ ᠵᠡᠷᠭᠡ ᠭᠠᠵᠠᠷ ᠢ᠋ᠶ᠋ᠠᠷ ᠠᠩᠴᠢᠨᠵᠠᠪ ᠤ᠋ᠨ ᠰᠤᠷᠠᠭ ᠢ᠋ ᠬᠠᠢᠵᠤ ᠣᠯᠤᠭᠠᠷᠠᠢ ᠭᠡᠰᠡᠨ ᠢ᠋ᠶ᠋ᠡᠷ ᠬᠡᠳᠦ ᠬᠣᠨᠣᠭ ᠶᠠᠪᠤᠵᠤ᠂ ᠪᠤᠭᠤᠲᠤ ᠳ᠋ᠤ᠌ ᠠᠩᠴᠢᠨᠵᠠᠪ ᠲᠠᠢ ᠠᠮᠠᠷᠬᠠᠨ ᠠᠭᠤᠯᠵᠠᠭᠠᠳ ᠲᠡᠭᠦᠨ ᠦ᠌ ᠪᠠᠴᠢᠮ ᠵᠠᠬᠢᠳᠠᠯ ᠢ᠋ ᠰᠥᠨᠢᠵᠢᠨ ᠬᠦᠷᠭᠡᠵᠦ ᠢᠷᠡᠭᠰᠡᠨ ᠨᠢ ᠡᠨᠡ ᠪᠠᠢᠵᠠᠢ᠃ ᠲᠡᠷᠡ ᠵᠠᠬᠢᠳᠠᠯ ᠳ᠋ᠤ᠌᠄
ᠰᠡᠷᠭᠦᠮ᠎ᠡ ᠠ᠋!
ᠬᠠᠢᠷᠠᠲᠤ ᠬᠣᠩᠭᠣᠷ ᠮᠢᠨᠢ ᠰᠠᠢᠨ ᠪᠠᠢᠨ᠎ᠠ ᠤᠤ?
ᠠᠭᠤᠯᠵᠠᠭᠰᠠᠨ ᠦᠭᠡᠢ ᠬᠠᠭᠠᠰ ᠵᠢᠯ ᠦ᠋ᠨ ᠨᠢᠭᠤᠷ ᠦᠵᠡᠴᠢᠬᠡᠯ᠎ᠡ! ᠤᠷᠤᠭᠤᠯ ᠢ᠋ ᠴᠢᠨᠢ ᠬᠠᠵᠠᠩᠬᠠᠨ ᠦᠨᠦᠰᠴᠦ ᠬᠠᠢᠷᠠᠯᠠᠬᠤ ᠶ᠋ᠢ ᠰᠠᠨᠠᠭᠰᠠᠨ ᠢ᠋ ᠶᠠᠭᠤᠨ ᠥᠭᠦᠯᠡᠬᠦ ᠪᠢᠯᠡ⁈ ᠴᠢᠮ᠎ᠠ ᠳ᠋ᠤ᠌ ᠪᠢ ᠵᠣᠯ ᠵᠢᠷᠭᠠᠯ ᠠᠪᠴᠢᠷᠠᠭᠰᠠᠨ ᠦᠭᠡᠢ ᠬᠠᠷᠢᠨ ᠪᠠᠭ᠎ᠠ ᠪᠤᠰᠤ ᠤᠷᠰᠢᠭ ᠲᠠᠲᠠᠵᠤ ᠶᠠᠪᠤᠭᠰᠠᠨ ᠢ᠋ ᠠᠭᠤᠴᠢᠯᠠᠭᠠᠷᠠᠢ! ᠴᠢᠨᠦ ᠨᠡᠷ᠎ᠡ ᠲᠥᠷᠥ᠂ ᠴᠢᠷᠮᠠᠢᠯᠭ᠎ᠠ ᠪᠠᠷ ᠠᠷᠠᠢ ᠴᠢᠮᠠᠢ ᠱᠣᠷᠣᠩ ᠠ᠋ᠴᠠ ᠰᠤᠯᠠᠯᠠᠭᠳᠠᠭᠰᠠᠨ ᠪᠣᠯᠪᠠᠴᠤ《ᠪᠣᠷᠣ ᠴᠡᠷᠢᠭ ᠦ᠋ᠨ ᠲᠠᠩᠨᠠᠭᠤᠯ》 ᠭᠡᠰᠡᠨ ᠨᠢᠭᠦᠯᠲᠦ ᠶᠠᠯ᠎ᠠ ᠪᠠᠨ ᠬᠠᠭᠤᠯᠵᠤ ᠴᠢᠳᠠᠭ᠎ᠠ ᠦᠭᠡᠢ᠃ ᠣᠳᠣ ᠴᠦ᠍ ᠪᠥᠭᠰᠡᠨ ᠬᠣᠢᠨ᠎ᠠ ᠬᠡᠳᠦ ᠬᠡᠳᠦᠨ ᠰᠢᠷᠬᠤᠨᠠᠭ ᠢ᠋ᠶ᠋ᠠᠨ ᠪᠣᠭᠣᠭᠰᠠᠨ ᠢᠰᠡᠭᠡᠢ ᠮᠠᠯᠭᠠᠢᠲᠠᠨ ᠤ᠋《ᠮᠢᠬᠠᠨ ᠰᠡᠭᠦᠯ》 ᠲᠡᠢ ᠶᠠᠪᠤᠨ᠎ᠠ᠁ ᠮᠠᠷᠭᠠᠲᠤᠷ ᠤ᠋ᠨ ᠬᠤᠪᠢ ᠲᠠᠪᠢᠯᠠᠩ ᠢ᠋ᠶ᠋ᠠᠨ ᠪᠣᠳᠣᠬᠤ ᠠ᠋ᠴᠠ ᠬᠤᠢᠬ᠎ᠠ ᠠᠷᠵᠠᠢᠵᠤ ᠠᠢᠳᠠᠰ ᠲᠥᠷᠥᠨ᠎ᠡ᠃ ᠡᠨᠡ ᠬᠡᠳᠦᠨ《ᠮᠢᠬᠠᠨ ᠰᠡᠭᠦᠯ》 ᠦ᠋ᠨ ᠳᠣᠲᠣᠷ᠎ᠠ ᠮᠠᠨᠴᠤᠷᠭ᠎ᠠ ᠶ᠋ᠢ ᠳᠠᠯᠳᠠᠭᠤᠷ ᠬᠢᠭᠰᠡᠨ ᠢᠮᠠᠭᠠᠨ ᠳᠠᠭᠤᠲᠤ ᠥᠯᠵᠡᠢᠰᠠᠩ ᠭᠡᠳᠡᠭ ᠭᠠᠢᠬᠠᠯ ᠴᠦ᠍ ᠬᠠᠷᠠᠭᠳᠠᠨ᠎ᠠ᠁ ᠡᠨᠳᠡ ᠤᠳᠠᠭᠠᠨ ᠣᠷᠣᠩᠨᠠᠬᠤ ᠶ᠋ᠢᠨ ᠬᠡᠷᠡᠭ ᠠᠯᠠᠭ᠎ᠠ᠃ ᠬᠠᠷ᠎ᠠ ᠴᠡᠷᠢᠭ ᠦ᠋ᠨ ᠬᠢᠨ ᠦ᠌ ᠲᠠᠯ᠎ᠠ ᠠ᠋ᠴᠠ ᠨᠠᠮᠠᠶ᠋ᠢ ᠭᠤᠷᠪᠠᠨ ᠡᠳᠦᠷ ᠦ᠋ᠨ ᠳᠣᠲᠣᠷ᠎ᠠ ᠪᠤᠭᠤᠲᠤ ᠶ᠋ᠢᠨ ᠨᠤᠲᠤᠭ ᠳᠡᠪᠢᠰᠬᠡᠷ ᠡᠴᠡ ᠲᠣᠨᠢᠯᠲᠤᠭᠠᠢ! ᠨᠡᠩ ᠴᠦ᠍ ᠪᠠᠷᠠᠭᠤᠨ ᠬᠦᠩ ᠦ᠋ᠨ ᠨᠤᠲᠤᠭ ᠲᠤ ᠬᠥᠯ ᠭᠢᠰᠬᠢᠵᠦ ᠪᠣᠯᠬᠤ ᠦᠭᠡᠢ᠃ ᠬᠡᠷᠪᠡ ᠵᠥᠷᠢᠴᠡᠪᠡᠯ ᠱᠣᠷᠣᠩ ᠤ᠋ᠨ ᠡᠭᠦᠳᠡ ᠣᠩᠭᠣᠢᠬᠤ ᠪᠤᠶᠤ ᠰᠤᠮᠤᠨ ᠤ᠋ ᠲᠣᠯᠣᠭᠠᠢ ᠱᠤᠤᠭᠢᠬᠤ ᠬᠣᠶᠠᠷ ᠤ᠋ᠨ ᠨᠢᠭᠡ ᠶ᠋ᠢ ᠰᠣᠩᠭᠣᠭᠠᠷᠠᠢ! ᠲᠡᠷᠡ ᠦᠶ᠎ᠡ ᠳ᠋ᠦ᠍ ᠭᠡᠮᠰᠢᠭᠦᠯᠡᠩ ᠭᠡᠳᠡᠭ ᠶᠠᠭᠤᠮ᠎ᠠ ᠦᠨ᠎ᠡ ᠥᠷᠲᠡᠭ ᠦᠭᠡᠢ ᠪᠣᠯᠤᠨ᠎ᠠ ᠭᠡᠭᠴᠢ ᠶ᠋ᠢ ᠣᠢᠯᠠᠭ᠎ᠠ! ᠭᠡᠵᠡᠢ᠃ ᠡᠢᠮᠦ ᠡᠴᠡ ᠪᠢ ᠲᠤᠰ ᠴᠢᠮᠡᠭᠡ ᠶ᠋ᠢ ᠪᠢᠴᠢᠵᠦ ᠨᠢᠰᠬᠡᠯᠡ᠃ ᠳᠠᠶᠠᠩ ᠳᠡᠯᠡᠬᠡᠢ ᠶ᠋ᠢᠨ ᠴᠠᠭ ᠤ᠋ᠨ ᠪᠠᠢᠳᠠᠯ ᠬᠤᠪᠢᠷᠠᠵᠤ ᠥᠭᠡᠷ᠎ᠡ ᠠᠮᠢᠰᠬᠤᠯ ᠲᠠᠢ ᠪᠣᠯᠤᠭᠰᠠᠨ ᠴᠦ᠍ ᠰᠢᠭ᠋᠃ ᠡᠢᠨ ᠬᠦ᠌ ᠴᠢ ᠮᠢᠨᠢ᠂ ᠲᠡᠷᠡ ᠬᠦ᠌ ᠳᠣᠲᠣᠷ᠎ᠠ ᠵᠠᠭᠤᠷ᠎ᠠ ᠪᠠᠨ ᠶᠠᠷᠭᠢᠶᠠᠨ ᠲᠠᠢ ᠪᠠᠷᠠᠭᠤᠨ ᠬᠦᠩ ᠦ᠋ᠨ ᠮᠤᠬᠤᠷ ᠢ᠋ ᠰᠠᠬᠢᠭᠠᠳ ᠰᠢᠪᠠᠷᠳᠠᠭᠰᠠᠨ ᠦᠭᠡᠷ ᠮᠡᠲᠦ ᠢᠨᠴᠠᠭᠯᠠᠬᠤ ᠬᠡᠷᠡᠭ ᠠᠯᠠᠭ᠎ᠠ᠃ ᠣᠬᠣᠷᠬᠠᠨ ᠬᠤᠭᠤᠴᠠᠭᠠᠨ ᠳ᠋ᠤ᠌ ᠲᠡᠨᠳᠡ ᠡᠴᠡ ᠰᠠᠯᠬᠤ ᠶ᠋ᠢ ᠪᠣᠳᠣᠭᠠᠷᠠᠢ! ᠸᠠᠩ ᠰᠣᠬᠣᠷ ᠴᠢ ᠪᠢᠳᠡ ᠬᠣᠶᠠᠷ ᠤ᠋ᠨ ᠬᠣᠯᠪᠣᠭ᠎ᠠ ᠲᠠᠢ ᠭᠡᠳᠡᠭ ᠢ᠋ ᠮᠡᠳᠡᠬᠦ ᠪᠣᠯᠬᠣᠷ ᠴᠢᠮ᠎ᠠ ᠳ᠋ᠤ᠌ ᠡᠷᠲᠡ ᠣᠷᠣᠢ ᠦᠭᠡᠢ ᠬᠣᠣᠷ ᠬᠦᠷᠭᠡᠬᠦ ᠡᠴᠡ ᠪᠢᠰᠢ ᠲᠤᠰᠠ ᠪᠣᠯᠬᠤ ᠦᠭᠡᠢ! ᠡᠨᠡ ᠲᠤᠬᠠᠢ ᠨᠠᠳᠠ ᠱᠣᠷᠣᠩ ᠤ᠋ᠨ ᠨᠢᠭᠡ ᠨᠠᠢᠵᠠ ᠬᠡᠯᠡᠵᠦ ᠥᠭᠭᠦᠭᠰᠡᠨ ᠶᠦᠮ᠃ ᠥᠯᠵᠡᠢᠰᠠᠩ᠂ ᠬᠠᠷ᠎ᠠ ᠴᠡᠷᠢᠭ ᠦ᠋ᠨ ᠸᠠᠩ ᠰᠣᠬᠣᠷ ᠲᠠᠢ ᠴᠠᠭᠠᠭᠤᠷ ᠢ᠋ᠶ᠋ᠠᠨ ᠰᠦᠯᠪᠡᠭᠡ ᠲᠡᠢ ᠶᠦᠮ ᠭᠡᠨ᠎ᠡ᠃ ᠲᠡᠢᠮᠦ ᠪᠡᠷ ᠴᠢ ᠪᠢᠳᠡ ᠬᠣᠶᠠᠷ ᠢ᠋ ᠬᠠᠷ᠎ᠠ ᠰᠠᠨᠠᠵᠤ᠂ ᠳᠠᠷᠠᠭᠠᠴᠢ ᠪᠠᠷ ᠭᠠᠷ ᠲᠥᠷᠥᠬᠦ ᠬᠥᠮᠦᠰ ᠦ᠋ᠨ ᠬᠠᠷ᠎ᠠ ᠨᠡᠷᠡᠰ ᠦ᠋ᠨ ᠳᠣᠲᠣᠷ᠎ᠠ ᠴᠢᠨᠦ ᠨᠡᠷ᠎ᠡ ᠳᠠᠩᠰᠠᠯᠠᠭᠳᠠᠭᠰᠠᠨ ᠭᠡᠨ᠎ᠡ᠃ ᠲᠡᠭᠡᠬᠦ ᠦᠭᠡᠢ ᠴᠦ᠍ ᠭᠡᠰᠡᠨ ᠲᠤᠰᠠᠯᠠᠭᠴᠢ ᠡᠯᠳᠡᠩᠭᠡ᠂ ᠵᠣᠳᠪᠠ᠂ ᠴᠣᠭᠪᠠᠭᠠᠲᠦᠷ ᠦ᠋ᠨ ᠳᠡᠷᠭᠡᠳᠡ ᠴᠢ ᠲᠩᠷᠢ ᠶ᠋ᠢᠨ ᠨᠠᠷᠠ ᠶ᠋ᠢ ᠲᠡᠭᠰᠢ ᠬᠠᠷᠠᠬᠤ ᠦᠭᠡᠢ ᠶᠦᠮ᠃ ᠨᠠᠮᠠᠶ᠋ᠢ ᠲᠦᠷ ᠰᠤᠯᠠᠯᠠᠭᠰᠠᠨ ᠨᠢ ᠳᠠᠷᠤᠢ ᠴᠢᠮᠠᠶ᠋ᠶ᠋ ᠤᠷᠠᠬᠠᠯᠠᠬᠤ ᠭᠡᠰᠡᠨ ᠬᠤᠤᠪᠢᠯᠳᠤᠯᠭ᠎ᠠ ᠮᠥᠨ ᠪᠠᠢᠵᠤ ᠮᠡᠳᠡᠨ᠎ᠡ᠃ ᠰᠡᠷᠭᠦᠮ᠎ᠡ ᠮᠢᠨᠢ ᠤᠬᠠᠭᠠᠨ ᠲᠠᠢ ᠪᠠᠢᠵᠤ ᠦᠵᠡ! ᠬᠣᠷᠮᠣᠢ ᠳᠠᠪᠠᠬᠤ ᠦᠭᠡᠢ ᠭᠤᠲᠤᠯ ᠤ᠋ᠨ ᠬᠣᠩᠰᠢᠶᠠᠷ ᠢ᠋ᠶ᠋ᠠᠨ ᠬᠠᠷᠠᠭᠠᠳ ᠰᠠᠭᠤᠳᠠᠭ ᠴᠠᠭ ᠪᠢᠰᠢ ᠠᠮᠠᠷᠠᠭ ᠮᠢᠨᠢ᠂ ᠬᠣᠶᠠᠭᠤᠯᠠ ᠪᠠᠨ ᠬᠣᠯᠠ ᠶᠠᠪᠤᠶ᠎ᠠ! ᠬᠣᠯᠠ ᠶ᠋ᠢᠨ ᠬᠣᠯᠠ ᠳᠠᠪᠬᠢᠭᠴᠢ ᠬᠤᠯᠠᠨ ᠰᠢᠷᠭ᠎ᠠ ᠮᠣᠷᠢ ᠤᠨᠤᠭᠰᠠᠨ ᠭᠤᠨᠠᠨ ᠪᠠᠳᠠᠢ ᠲᠠᠢ ᠪᠠᠨ ᠠᠭᠤᠯᠵᠠᠬᠤ ᠪᠠᠷ ᠶᠠᠪᠤᠵᠠᠭᠠᠶ᠎ᠠ! ᠭᠠᠷᠠᠭ ᠤ᠋ᠨ ᠳᠠᠷᠠᠭ᠎ᠠ ᠵᠠᠩᠴᠢᠬᠦᠦ ᠶ᠋ᠢᠨ ᠳᠠᠪᠠᠭᠠᠨ ᠳᠡᠭᠡᠷ᠎ᠡ ᠪᠣᠯᠵᠣᠶ᠎ᠠ! ᠪᠣᠷᠳᠣᠬᠤᠢ᠂ ᠪᠤᠭᠤᠲᠤ᠂ ᠰᠠᠭᠠᠯᠢᠴᠢᠨ ᠤ᠋ ᠲᠣᠭᠣᠷᠢᠨ ᠳ᠋ᠤ᠌ ᠪᠥᠭᠰᠡ ᠰᠢᠷᠣᠢᠲᠤᠪᠠᠯ ᠨᠣᠬᠠᠢ ᠳ᠋ᠤ᠌ ᠬᠠᠵᠠᠭᠳᠠᠬᠤ ᠠᠶᠤᠯ ᠲᠠᠢ ᠪᠣᠯᠬᠣᠷ ᠬᠣᠯᠠ ᠰᠢᠭ᠋ ᠪᠣᠯᠵᠣᠯ᠎ᠠ᠃ ᠠᠭᠤᠴᠢᠯᠠ᠃ ᠵᠠᠮ ᠳ᠋ᠠᠭᠠᠨ ᠪᠣᠯᠭᠣᠮᠵᠢᠲᠠᠢ ᠶᠠᠪᠤᠭᠠᠷᠠᠢ! ᠠᠭᠤᠯᠵᠠᠬᠤ ᠶ᠋ᠢᠨ ᠪᠠᠶᠠᠷ ᠲᠤ ᠴᠢᠮ᠎ᠠ ᠪᠠᠨ ᠦᠨᠦᠰᠦᠨ ᠪᠢᠴᠢᠯ᠎ᠡ᠃
ᠪᠠᠶᠠᠷᠲᠠᠢ!
ᠡᠭᠦᠨ᠎ᠡ ᠠᠩᠴᠢᠨ
ᠪᠠᠭ᠎ᠠ ᠬᠠᠲᠤᠨ ᠠᠩᠴᠢᠨᠵᠠᠪ ᠤ᠋ᠨ ᠵᠠᠬᠢᠳᠠᠯ ᠢ᠋ ᠨᠢᠭᠡ ᠯᠡ ᠠᠮᠢᠰᠬᠤᠭ᠎ᠠ ᠪᠠᠷ ᠤᠩᠰᠢᠵᠤ ᠪᠠᠷᠠᠭᠠᠳ ᠪᠤᠯᠭᠢᠭᠠ ᠮᠣᠷᠢ ᠵᠠᠢᠳᠠᠯᠠᠭᠰᠠᠨ ᠮᠡᠲᠦ ᠪᠣᠳᠣᠯ ᠨᠢ ᠳᠣᠯᠭᠢᠰᠤᠨᠠ᠃ ᠠᠩᠴᠢᠨᠵᠠᠪ ᠤ᠋ᠨ ᠢ᠋ᠶ᠋ᠠᠨ ᠡᠰᠡᠨ ᠮᠡᠨᠳᠦ ᠪᠠᠢᠭ᠎ᠠ ᠳ᠋ᠤ᠌ ᠣᠮᠣᠭᠰᠢᠵᠤ ᠳᠣᠯᠣᠭᠠᠨ ᠡᠳᠦᠷ ᠦ᠋ᠨ ᠳᠠᠷᠠᠭ᠎ᠠ ᠪᠣᠯᠵᠣᠭᠠᠨ ᠳ᠋ᠠᠭᠠᠨ ᠠᠭᠤᠯᠵᠠᠬᠤ ᠶ᠋ᠢ ᠰᠠᠨᠠᠬᠤ ᠳ᠋ᠠᠭᠠᠨ ᠴᠠᠭᠯᠠᠰᠢ ᠦᠭᠡᠢ ᠪᠠᠶᠠᠷ ᠵᠢᠷᠭᠠᠯ ᠢᠪᠢᠯᠦᠨ᠎ᠡ᠁
ᠸᠠᠩ ᠰᠣᠬᠣᠷ ᠤ᠋ᠨ ᠲᠠᠩᠨᠠᠭᠤᠯ ᠤ᠋ᠳ ᠤ᠋ᠨ ᠳᠠᠯᠳᠠᠭᠤᠷ ᠬᠥᠮᠦᠨ ᠬᠣᠣᠷᠯᠠᠳᠠᠭ ᠬᠡᠷᠴᠡᠭᠡᠢ ᠴᠢᠷᠠᠢ ᠶ᠋ᠢ ᠪᠣᠳᠣᠬᠤ ᠠ᠋ᠴᠠ ᠠᠢᠳᠠᠰ ᠬᠦᠷᠦᠨ᠎ᠡ᠁ ᠲᠡᠭᠡᠬᠦ ᠳ᠋ᠦ᠍ ᠪᠠᠭ᠎ᠠ ᠵᠠᠰᠠᠭ ᠠᠯᠲᠠᠨᠸᠠᠴᠢᠷ ᠢ᠋ᠶ᠋ᠠᠨ ᠶᠠᠭᠠᠬᠢᠨ᠎ᠠ ᠪᠢᠯᠡ⁈ ᠬᠦᠦ ᠪᠡᠨ ᠠᠪᠤᠭᠠᠳ ᠬᠣᠯᠠ ᠶᠠᠪᠤᠶ᠎ᠠ ᠭᠡᠬᠦᠯ᠎ᠡ ᠬᠦᠩ ᠦ᠋ᠨ ᠵᠠᠰᠠᠭ ᠲᠠᠮᠠᠭ᠎ᠠ ᠶ᠋ᠢ ᠵᠠᠯᠭᠠᠮᠵᠢᠯᠠᠬᠤ ᠭᠡᠵᠦ ᠡᠳᠦᠢᠴᠢᠨᠡᠭᠡᠨ ᠵᠢᠯ ᠦᠢᠯᠡ ᠲᠠᠮᠤ ᠪᠠᠨ ᠦᠵᠡᠵᠦ ᠰᠠᠶᠢ ᠨᠢᠭᠡ ᠵᠦᠭ ᠭᠠᠷᠭᠠᠭᠠᠳ ᠮᠠᠯᠠᠭᠠᠢ ᠶ᠋ᠢᠨ ᠣᠷᠣᠢ ᠳ᠋ᠤᠨᠢ ᠬᠦᠩ ᠦ᠋ᠨ ᠪᠠᠳᠮᠠᠷᠠᠭ᠎ᠠ ᠤᠯᠠᠭᠠᠨ ᠵᠢᠩᠰᠡ ᠭᠢᠯᠠᠯᠵᠠᠭᠤᠯᠪᠠ᠃ ᠬᠠᠶᠠᠵᠤ ᠲᠦᠪᠳᠡᠬᠦ ᠦᠭᠡᠢ ᠶᠠᠭᠠᠬᠢᠨ᠎ᠠ ᠪᠣᠢ⁈ ᠮᠠᠨᠤᠨᠪᠠᠳᠮ᠎ᠠ ᠬᠥᠭᠰᠢᠨ ᠳ᠋ᠦ᠍ ᠨᠠᠢᠳᠠᠵᠤ ᠣᠷᠬᠢᠬᠤ ᠤᠤ? ᠪᠣᠯᠬᠤ ᠦᠭᠡᠢ᠃ ᠲᠡᠷᠡ ᠬᠥᠭᠰᠢᠨ ᠨᠠᠳᠠ ᠶᠡᠬᠡᠳᠡ ᠭᠣᠮᠣᠷᠬᠠᠭᠰᠠᠨ ᠶᠤᠮ᠃ ᠷᠠᠰᠢ ᠵᠠᠬᠢᠷᠤᠭᠴᠢ ᠳ᠋ᠤ᠌᠁ ᠪᠣᠯᠬᠤ ᠦᠭᠡᠢ᠁ ᠵᠠᠩᠵᠤᠨ ᠶᠠᠮᠤᠨ ᠳ᠋ᠤ᠌ ᠣᠴᠢᠵᠤ ᠡᠵᠡᠨ ᠨᠣᠶᠠᠨ ᠲᠠᠢ ᠠᠭᠤᠯᠵᠠᠵᠤ ᠪᠠᠢᠭᠠᠳ ᠮᠡᠳᠡᠶ᠎ᠡ! ᠡᠵᠡᠨ ᠨᠣᠶᠠᠨ ᠨᠢᠭᠡ ᠡᠪᠲᠡᠢ ᠤᠬᠠᠭᠠᠨ ᠭᠠᠷᠭᠠᠵᠤ ᠥᠭᠳᠡᠭ ᠪᠢᠯᠡ ᠤᠤ⁈ ᠭᠡᠵᠦ ᠪᠣᠳᠣᠭᠰᠠᠨ ᠪᠣᠯᠪᠠᠴᠤ ᠡᠨᠡ ᠬᠦ᠌ ᠪᠣᠳᠣᠯ ᠳ᠋ᠠᠭᠠᠨ ᠢᠲᠡᠭᠡᠯ ᠠᠯᠳᠠᠵᠤ ᠨᠢᠳᠦ ᠳᠦᠭᠦᠷᠡᠩ ᠨᠢᠯᠪᠤᠰᠤ ᠠᠰᠬᠠᠷᠠᠭᠤᠯᠪᠠ᠃ ᠲᠡᠭᠦᠨ ᠦ᠌ ᠨᠢᠯᠪᠤᠰᠤ ᠠᠩᠴᠢᠨᠵᠠᠪ ᠤ᠋ᠨ ᠵᠠᠬᠢᠳᠠᠯ ᠳᠡᠭᠡᠷ᠎ᠡ ᠳᠤᠰᠤᠯᠠᠨ ᠤᠮᠠᠷᠠᠵᠤ ᠨᠤᠷᠠᠭᠠᠪᠠ᠃ ᠲᠡᠷᠡ ᠪᠡᠷ ᠨᠢᠯᠪᠤᠰᠤᠨ ᠳ᠋ᠤ᠌ ᠴᠣᠬᠣᠷᠳᠠᠭᠰᠠᠨ ᠵᠠᠬᠢᠳᠠᠯ ᠢ᠋ ᠴᠡᠭᠡᠵᠢᠨ ᠳ᠋ᠡᠭᠡᠨ ᠨᠠᠭᠠᠨ ᠪᠠᠵᠠᠬᠤ ᠳ᠋ᠤ᠌ ᠰᠡᠳᠬᠢᠯ ᠦ᠋ᠨ ᠬᠠᠢᠷᠠᠲᠤ ᠬᠥᠮᠦᠨ ᠲᠡᠢ ᠪᠡᠨ ᠴᠢᠩᠭ᠎ᠠ ᠲᠡᠪᠡᠷᠢᠯᠳᠦᠭᠰᠡᠨ ᠰᠢᠭ ᠰᠠᠨᠠᠭᠳᠠᠯ᠎ᠠ᠃
ᠨᠠᠮᠤᠷ ᠤ᠋ᠨ ᠵᠢᠪᠡᠭᠦᠨ ᠰᠥᠨᠢ ᠶ᠋ᠢᠨ ᠬᠦᠢᠲᠡᠨ ᠵᠢᠪᠠᠷ ᠪᠠᠢᠰᠢᠩ ᠤ᠋ᠨ ᠬᠡᠷᠡᠮ ᠨᠡᠪᠲᠡᠯᠦᠨ ᠨᠢᠮᠭᠡᠨ ᠬᠣᠪᠴᠠᠰᠤᠲᠠᠢ ᠡᠨᠡ ᠪᠦᠰᠡᠭᠦᠢ ᠶ᠋ᠢ ᠳᠠᠭᠵᠢᠭᠤᠯᠵᠤ ᠰᠥᠨᠢᠵᠢᠨ ᠨᠣᠢᠷ ᠬᠤᠯᠵᠢᠭᠤᠯᠪᠠ᠃ ᠪᠠᠭ᠎ᠠ ᠬᠠᠲᠤᠨ ᠬᠥᠬᠡ ᠣᠯᠣᠰᠣᠨ ᠤ᠋ ᠬᠥᠭᠯᠡᠷᠡᠭᠰᠡᠨ ᠰᠢᠷᠢᠯᠳᠦᠭᠡᠰᠦ ᠰᠢᠭ ᠡᠭᠡᠳᠡᠷᠡᠭᠡᠨᠲᠦ ᠪᠣᠳᠣᠯ ᠠ᠋ᠴᠠ ᠡᠬᠢ ᠠᠳᠠᠭ ᠢ᠋ ᠨᠢ ᠣᠯᠬᠤ ᠭᠡᠵᠦ ᠵᠣᠪᠠᠨᠢᠯᠲᠠᠢ ᠲᠥᠭᠡᠷᠢᠵᠦ ᠲᠡᠨᠦᠨ ᠦᠦᠷ ᠴᠠᠢᠬᠤ ᠳ᠋ᠤ᠌ ᠠᠷᠠᠢ ᠴᠢᠷᠠᠢ ᠰᠦᠪᠡᠭᠴᠢ ᠶ᠋ᠢ ᠨᠢ ᠣᠯᠵᠤ ᠨᠢᠳᠦ ᠨᠢ ᠣᠩᠭᠣᠢᠪᠠ᠃ ᠣᠩᠭᠣᠨ ᠪᠠᠢᠭᠠᠯᠢ ᠶ᠋ᠢᠨ ᠬᠤᠯᠠᠨ ᠭᠥᠷᠥᠭᠡᠰᠦ ᠰᠢᠭ ᠬᠣᠯᠠ ᠳᠠᠭᠰᠢᠵᠤ ᠶᠠᠪᠤᠨ᠂ ᠬᠣᠩᠭᠣᠷ ᠲᠠᠢ ᠪᠠᠨ ᠨᠠᠰᠤᠨ ᠲᠤᠷᠰᠢᠳᠠ ᠠᠮᠤᠷ ᠵᠢᠷᠭᠠᠵᠤ ᠶᠠᠪᠤᠬᠤ ᠨᠢ ᠳᠡᠭᠡᠳᠦ ᠰᠣᠩᠭᠣᠯᠲᠠ ᠭᠡᠳᠡᠭ ᠪᠣᠳᠣᠯ ᠵᠠᠢ ᠠᠪᠴᠤ ᠪᠠᠢᠪᠠ᠃ ᠵᠥᠪ ᠰᠣᠩᠭᠣᠯᠲᠠ ᠶ᠋ᠢᠨ ᠪᠣᠳᠣᠯ ᠵᠠᠢ ᠠᠪᠤᠭᠰᠠᠨ ᠠ᠋ᠴᠠ ᠡᠯᠳᠡᠪ ᠬᠣᠣᠷᠯᠠᠯ ᠪᠠ ᠨᠤᠲᠤᠭ ᠤ᠋ᠨ ᠠᠲᠠᠭᠠᠷᠬᠠᠯ ᠤ᠋ᠨ ᠪᠤᠭᠤᠷᠤᠯ ᠮᠠᠨᠠᠨ ᠠ᠋ᠴᠠ ᠡᠷᠲᠡᠬᠡᠨ ᠰᠢᠭ ᠮᠤᠯᠲᠤᠷᠠᠨ ᠵᠠᠢᠳᠠᠵᠤ ᠰᠡᠳᠬᠢᠯ ᠰᠠᠨᠠᠭ᠎ᠠ ᠴᠡᠪᠡᠷᠰᠢᠬᠦ ᠶᠦᠮ ᠪᠠᠢᠨ᠎ᠠ ᠭᠡᠬᠦ ᠪᠣᠳᠣᠯ ᠳ᠋ᠤ᠌ ᠬᠥᠲᠥᠯᠦᠭᠳᠡᠨ《ᠶᠠᠪᠤᠶ᠎ᠠ᠂ ᠡᠨᠳᠡ ᠡᠴᠡ ᠡᠷᠲᠡᠬᠡᠨ ᠰᠠᠯᠵᠤ ᠶᠠᠪᠤᠶ᠎ᠠ!》 ᠭᠡᠵᠦ ᠡᠷᠬᠡ ᠦᠭᠡᠢ ᠳᠦᠳᠦᠨᠡᠨ᠎ᠡ᠃
ᠬᠡᠦᠬᠡᠨ ᠨᠠᠷᠠ ᠰᠥᠨᠢᠵᠢᠨ ᠳᠣᠷᠣᠨ᠎ᠠ ᠲᠢᠪ ᠦ᠋ᠨ ᠭᠦᠨ ᠳᠠᠯᠠᠢ ᠳ᠋ᠤ᠌ ᠪᠡᠶ᠎ᠡ ᠬᠠᠳᠠ ᠪᠠᠨ ᠤᠬᠢᠶᠠᠵᠤ ᠠᠷᠢᠭᠤᠳᠬᠠᠭᠠᠳ ᠥᠷᠯᠥᠭᠡ ᠡᠷᠲᠡ ᠪᠣᠰᠴᠤ ᠤᠷᠤᠭᠤᠯ ᠢ᠋ᠶ᠋ᠠᠨ ᠤᠯᠠᠭᠠᠨ ᠢ᠋ᠶ᠋ᠠᠷ ᠰᠢᠩᠬᠤᠳᠠᠵᠤ᠂ ᠬᠠᠴᠠᠷ ᠢ᠋ᠶ᠋ᠠᠨ ᠶᠠᠭᠠᠨ ᠢ᠋ᠶ᠋ᠠᠷ ᠡᠩᠭᠡᠰᠬᠡᠳᠡᠵᠦ ᠡᠨᠡ ᠬᠣᠷᠸ᠎ᠠ ᠶ᠋ᠢᠨ ᠠᠯᠢᠪᠠ ᠭᠬᠢᠷ ᠪᠤᠷᠲᠠᠭ ᠢ᠋ ᠠᠷᠴᠢᠬᠤ ᠭᠡᠰᠡᠨ ᠰᠢᠭ ᠠᠶᠠᠷᠬᠠᠨ ᠳᠡᠭᠡᠭᠰᠢ ᠳᠡᠭᠳᠡᠨ᠎ᠡ᠃ ᠪᠠᠭ᠎ᠠ ᠬᠠᠲᠤᠨ ᠨᠣᠢᠷ ᠳᠤᠲᠠᠭᠤᠳᠠᠵᠤ᠂ ᠨᠢᠯᠪᠤᠰᠤᠨ ᠳ᠋ᠤ᠌ ᠳᠡᠪᠲᠦᠭᠰᠡᠨ ᠡᠴᠡ ᠨᠢᠳᠦ ᠨᠢ ᠮᠡᠯᠴᠡᠢᠨ ᠬᠠᠪᠤᠩᠲᠤᠵᠤ᠂ ᠣᠶᠤᠨ ᠤ᠋ ᠠᠪᠴᠢᠷᠠᠭᠰᠠᠨ ᠷᠠᠰᠢᠶᠠᠯᠠᠭᠰᠠᠨ ᠪᠦᠯᠢᠶᠡᠨ ᠤᠰᠤ ᠪᠠᠷ ᠨᠢᠳᠦ ᠪᠡᠨ ᠱᠠᠪᠰᠢᠨ ᠨᠢᠭᠤᠷ ᠢ᠋ᠶ᠋ᠠᠨ ᠤᠬᠢᠶᠠᠵᠤ ᠪᠡᠶ᠎ᠡ ᠪᠡᠨ ᠶᠠᠩᠵᠤᠯᠠᠨᠠ᠃ ᠲᠡᠷᠡ ᠢᠨᠵᠢ ᠥᠬᠢᠨ ᠣᠶᠤᠨ ᠤ᠋ ᠬᠠᠯᠠᠮᠵᠢᠯᠠᠯ ᠢ᠋ᠶ᠋ᠠᠷ ᠡᠳᠦᠷ ᠲᠤᠵᠢ ᠶ᠋ᠢᠨ ᠬᠡᠷᠡᠭᠯᠡᠳᠡᠭ ᠶᠠᠭᠤᠮ᠎ᠠ ᠬᠡᠦᠮ᠎ᠡ ᠪᠡᠨ ᠰᠠᠪᠠᠯᠠᠵᠤ ᠵᠠᠷᠢᠮ ᠢ᠋ ᠨᠢ ᠠᠬᠤᠢᠯᠠᠵᠤ ᠲᠠᠯᠪᠢᠪᠠ᠃ ᠪᠠᠽᠠᠷ ᠢ᠋ ᠳᠠᠭᠤᠳᠠᠵᠤ ᠲᠡᠷᠡ ᠡᠳᠦᠷ ᠲᠡᠭᠡᠨ ᠡᠳ᠋ ᠪᠠᠷᠠᠭ᠎ᠠ᠂ ᠨᠤᠲᠤᠭ ᠤ᠋ᠨ ᠭᠠᠷᠤᠯᠲᠠ᠂ ᠦᠨ᠎ᠡ ᠴᠠᠨ᠎ᠠ ᠪᠦᠬᠦᠢ ᠣᠯᠠᠨ ᠪᠣᠭᠣᠳᠠᠯ᠂ ᠤᠭᠤᠲᠠ ᠸᠠᠳᠠᠩ ᠲᠠᠢ ᠶᠠᠭᠤᠮ᠎ᠠ ᠪᠠᠨ ᠠᠴᠢᠶᠠᠯᠠᠵᠤ ᠤᠯᠠᠭᠠᠨ ᠬᠠᠲᠤᠨ ᠢ᠋ᠶ᠋ᠠᠷ ᠵᠠᠪᠢ ᠬᠥᠯᠭᠡᠯᠡᠭᠦᠯᠦᠨ ᠵᠡᠭᠦᠨᠰᠢᠯᠡᠭᠦᠯᠪᠡ᠃ ᠳᠠᠷᠠᠭ᠎ᠠ ᠡᠳᠦᠷ ᠦ᠋ᠨ ᠬᠢᠨᠢ ᠡᠷᠲᠡ ᠲᠤᠰᠠᠯᠠᠭᠴᠢ᠂ ᠵᠠᠬᠢᠷᠤᠭᠴᠢ᠂ ᠮᠡᠢᠷᠡᠨ ᠵᠠᠩᠭᠢ᠂ ᠵᠠᠯᠠᠨ ᠪᠠ ᠡᠨᠡ ᠲᠡᠷᠡ ᠴᠡᠷᠢᠭ ᠦ᠋ᠨ ᠨᠣᠶᠠᠳ ᠢ᠋ ᠴᠤᠭᠯᠠᠭᠤᠯᠵᠤ ᠪᠦᠬᠦ ᠶᠠᠭᠤᠮ᠎ᠠ ᠪᠠᠨ ᠲᠦᠷ ᠲᠡᠳᠡᠨᠦᠰ ᠲᠦ᠍ ᠨᠠᠢᠳᠠᠨ᠂ ᠥᠪᠡᠷ ᠢ᠋ᠶ᠋ᠡᠨ ᠵᠠᠩᠵᠤᠨ ᠶᠠᠮᠤᠨ ᠠ᠋ᠴᠠ ᠵᠢᠭᠠᠪᠤᠷᠢ ᠢᠷᠡᠵᠦ ᠲᠡᠨᠳᠡ ᠨᠢᠭᠡ ᠬᠤᠭᠤᠴᠠᠭ᠎ᠠ ᠠᠵᠢᠯ ᠶᠠᠪᠤᠳᠠᠯ ᠲᠠᠢ ᠪᠣᠯᠤᠯ᠎ᠠ ᠭᠡᠰᠡᠨ ᠨᠡᠷ᠎ᠡ ᠵᠢᠭᠠᠵᠤ ᠣᠯᠠᠨ ᠤ᠋ ᠨᠢᠳᠦ ᠰᠡᠳᠬᠢᠯ ᠢ᠋ ᠬᠠᠭᠤᠷᠤᠨ ᠶᠠᠪᠤᠬᠤ ᠶ᠋ᠢᠨ ᠲᠡᠭᠦᠰ ᠪᠣᠯᠪᠠ᠃ ᠣᠯᠠᠨ ᠲᠦᠰᠢᠮᠡᠳ ᠰᠠᠨᠠᠯ ᠨᠢᠭᠡᠳᠬᠦ ᠥᠬᠡᠢ ᠵᠦᠭ ᠪᠦᠬᠦᠨ ᠡᠴᠡ᠄
— ᠪᠠᠭ᠎ᠠ ᠬᠠᠲᠤᠨ ᠶᠠᠪᠤᠵᠤ ᠪᠣᠯᠬᠤ ᠦᠭᠡᠢ᠂ ᠪᠠᠷᠠᠭᠤᠨ ᠬᠦᠩ ᠦ᠋ᠨ ᠳᠣᠲᠣᠷ᠎ᠠ ᠪᠠᠨ ᠤᠷᠪᠠᠯᠭ᠎ᠠ ᠭᠠᠷᠴᠤ ᠮᠡᠳᠡᠨ᠎ᠡ᠁
— ᠵᠠ ᠶᠠᠭᠠᠬᠢᠬᠤ ᠪᠣᠢ? ᠪᠠᠭ᠎ᠠ ᠬᠠᠲᠤᠨ ᠵᠠᠰᠠᠭ ᠮᠠᠰᠠᠭ ᠠ᠋ᠴᠠ ᠵᠢᠭᠠᠬᠠᠨ ᠵᠠᠢᠳᠠᠭᠤ ᠰᠢᠭ᠋ ᠶᠠᠪᠤᠵᠤ ᠪᠡᠶ᠎ᠡ ᠰᠡᠳᠬᠢᠯ ᠢ᠋ᠶ᠋ᠡᠨ ᠰᠤᠪᠢᠯᠠᠵᠤ ᠪᠣᠯᠤᠨ᠎ᠠ᠁ ᠭᠡᠰᠡᠨ ᠨᠢ ᠬᠠᠷᠢᠨ ᠲᠡᠭᠦᠨ ᠦ᠌ ᠴᠢᠬᠢᠨ ᠳ᠋ᠦ᠍ ᠨᠠᠭᠠᠯᠳᠤᠵᠤ ᠪᠠᠢᠯ᠎ᠠ᠃ ᠪᠤᠰᠤᠳ ᠢ᠋ ᠬᠠᠯᠠᠮᠵᠢᠯᠠᠵᠤ ᠬᠡᠯᠡᠭᠰᠡᠨ ᠪᠠ ᠠᠳᠠᠭ ᠨᠢ《ᠵᠠᠮ ᠳ᠋ᠠᠭᠠᠨ ᠬᠡᠷᠰᠡᠦᠯᠡᠵᠦ ᠶᠠᠪᠤᠭᠠᠷᠠᠢ!᠂ ᠴᠣᠭᠪᠠᠭᠠᠲᠦᠷ᠂ ᠡᠯᠳᠡᠩᠭᠡ ᠨᠠᠷ ᠰᠦᠯᠪᠡᠭᠡᠯᠳᠦᠵᠦ ᠪᠠᠢᠭ᠎ᠠ᠁ ᠭᠡᠨᠡᠨ ᠪᠠᠢᠨ᠎ᠠ》 ᠭᠡᠵᠦ ᠷᠠᠰᠢ ᠵᠠᠬᠢᠷᠤᠭᠴᠢ ᠶ᠋ᠢᠨ ᠳᠣᠲᠣᠨᠣᠴᠢᠯᠠᠨ ᠬᠡᠯᠡᠭᠰᠡᠨ ᠦᠭᠡᠰ ᠨᠢ ᠠᠯᠤᠰ ᠲᠤ ᠶᠠᠪᠤᠬᠤ ᠠᠲᠠᠷᠰᠢᠭᠰᠠᠨ ᠰᠡᠳᠬᠢᠯ ᠢ᠋ ᠬᠠᠷᠰᠢᠯᠠᠭᠰᠠᠨ ᠭᠠᠰᠢᠭᠤᠨ ᠦᠭᠡ ᠮᠡᠲᠦ ᠴᠢᠬᠢ ᠶ᠋ᠢ ᠨᠢ ᠬᠠᠳᠬᠤᠨ᠎ᠠ᠃ ᠬᠠᠨᠢᠯᠠᠭᠰᠠᠨ ᠬᠥᠮᠦᠨ ᠦ᠌ ᠪᠡᠨ ᠰᠤᠷᠠᠭ ᠴᠢᠮᠡᠭᠡ ᠶ᠋ᠢ ᠣᠯᠵᠤ ᠰᠣᠨᠣᠰᠤᠭᠰᠠᠨ ᠳ᠋ᠠᠭᠠᠨ ᠬᠠᠢᠷ᠎ᠠ ᠶ᠋ᠢᠨ ᠬᠠᠯᠠᠭᠤᠨ ᠳᠥᠯᠥ ᠳ᠋ᠦ᠍ ᠲᠦᠯᠡᠭᠳᠡᠬᠦ ᠰᠢᠬᠠᠭᠰᠠᠨ ᠢᠨᠠᠭ ᠰᠡᠳᠬᠢᠯ ᠢ᠋ᠶ᠋ᠡᠷ ᠲᠡᠷᠡ ᠵᠦᠭ ᠲᠦ᠍ ᠲᠡᠮᠡᠦᠯᠦᠭᠰᠡᠨ ᠢ᠋ ᠬᠡᠨ ᠬᠥᠮᠦᠨ ᠴᠦ᠍ ᠬᠣᠷᠢᠭᠯᠠᠵᠤ ᠳᠡᠢᠯᠬᠦ ᠦᠭᠡᠢ ᠪᠠᠢᠪᠠ᠃ ᠲᠡᠷᠭᠡ ᠬᠥᠰᠬᠡ ᠪᠡᠨ ᠬᠥᠯᠵᠦ ᠰᠡᠦᠬᠡ ᠲᠡᠷᠭᠡᠨ ᠳ᠋ᠡᠭᠡᠨ ᠭᠠᠷᠴᠢᠬᠠᠭᠰᠠᠨ ᠬᠣᠢᠨ᠎ᠠ ᠲᠡᠷᠭᠡ ᠭᠡᠯᠢᠭᠰᠡᠨ ᠪᠠᠽᠠᠷ᠄
— ᠰᠸᠯᠢᠩ ᠨᠣᠶᠠᠨ ᠠ᠋! ᠪᠢᠳᠡ ᠬᠠᠮᠢᠭᠠᠭᠤᠷ ᠶᠠᠪᠤᠬᠤ ᠪᠣᠢ? ᠭᠡᠬᠦ ᠳ᠋ᠦ᠍᠄
— ᠶᠠᠭᠤ? ᠬᠠᠮᠢᠭᠠᠭᠤᠷ ᠶᠠᠪᠤᠬᠤ ᠪᠣᠢ ᠭᠡᠳᠡᠭ ᠴᠢᠨᠢ ᠶᠠᠭᠤ ᠭᠡᠰᠡᠨ ᠦᠭᠡ ᠪᠣᠢ? ᠰᠢᠪᠲᠤ ᠰᠢᠷ᠎ᠠ ᠵᠠᠮ ᠳᠠᠭᠠᠭᠠᠳ ᠵᠡᠭᠦᠨᠰᠢᠯᠡᠨᠡ ᠪᠢᠵᠡ! ᠭᠡᠪᠡ᠃
— ᠪᠢᠳᠡ ᠠᠭᠤᠯᠠ ᠶ᠋ᠢᠨ ᠠᠷᠤ ᠪᠠᠷ ᠬᠡᠷᠰᠡᠦᠬᠡᠨ ᠶᠠᠪᠤᠪᠠᠯ ᠶᠠᠮᠠᠷ? ᠭᠡᠪᠡᠯ᠂ ᠬᠠᠢᠷᠠᠲᠤ ᠬᠥᠮᠦᠨ ᠲᠡᠢ ᠪᠡᠨ ᠬᠤᠷᠳᠤᠬᠠᠨ ᠠᠭᠤᠯᠵᠠᠶ᠎ᠠ ᠭᠡᠰᠡᠨ ᠰᠡᠳᠬᠢᠯ ᠨᠢ ᠲᠡᠭᠦᠨ ᠢ᠋ ᠭᠤᠶᠠᠳᠠᠯᠠᠵᠦ《 ᠬᠡᠩ! ᠰᠢᠯᠤᠭᠤᠨ ᠲᠦᠳᠡ ᠵᠠᠮ ᠪᠠᠢᠲᠠᠯ᠎ᠠ ᠵᠠᠪᠠᠯ ᠲᠣᠭᠣᠷᠢᠭᠤ ᠶᠠᠪᠤᠭᠠᠳ ᠬᠡᠵᠢᠶ᠎ᠡ ᠬᠦᠷᠳᠡᠭ ᠪᠢᠯᠡ?》 ᠭᠡᠵᠦ ᠪᠠᠽᠠᠷ ᠲᠤ ᠳᠤᠷ᠎ᠠ ᠦᠭᠡᠢᠴᠡᠨ᠎ᠡ᠃
— ᠠᠭᠤᠯᠠ ᠶ᠋ᠢᠨ ᠥᠪᠥᠷ ᠢ᠋ᠶ᠋ᠡᠷ ᠶᠠᠪᠤᠬᠤ ᠳ᠋ᠤ᠌ ᠲᠦᠳᠡ ᠰᠢᠯᠤᠭᠤᠨ ᠪᠣᠯᠪᠠᠴᠤ ᠠᠶᠤᠯ ᠲᠠᠢ᠂ ᠸᠠᠩ ᠰᠣᠬᠣᠷ ᠤ᠋ᠨ ᠮᠠᠭᠤ ᠰᠠᠢᠨ ᠲᠠᠩᠨᠠᠭᠤᠯ ᠤ᠋ᠳ᠁ ᠭᠡᠵᠦ ᠪᠠᠽᠠᠷ ᠢ᠋ ᠬᠡᠯᠡᠲᠡᠯ᠎ᠡ ᠬᠠᠲᠤᠨ ᠲᠣᠰᠴᠤ᠄
— ᠶᠠᠭᠠᠬᠢᠭᠰᠠᠨ ᠮᠠᠭᠤ ᠢᠷᠣ᠎ᠠ ᠲᠠᠢ ᠠᠮᠠᠯᠠᠳᠠᠭ ᠪᠣᠢ ᠴᠢ? ᠭᠡᠨ᠎ᠡ᠃
— ᠦᠭᠡᠢ ᠠ᠋! ᠬᠡᠰᠢᠭᠲᠡᠢ( ᠠᠩᠴᠢᠨᠵᠠᠪ ᠤ᠋ᠨ ᠪᠤᠷᠤᠭᠤᠯᠠᠭᠰᠠᠨ ᠨᠡᠷ᠎ᠡ) ᠨᠠᠳᠠ ᠵᠠᠮ ᠳ᠋ᠠᠭᠠᠨ ᠲᠠᠨ ᠢ᠋ ᠰᠠᠢᠬᠠᠨ ᠳᠣᠳᠣᠮᠳᠠᠵᠤ ᠪᠣᠯᠭᠣᠮᠵᠢᠲᠠᠢ ᠶᠠᠪᠤᠭᠠᠷᠠᠢ ᠭᠡᠵᠦ ᠭᠠᠢᠭᠤᠢ ᠵᠠᠬᠢᠭᠰᠠᠨ᠁ ᠴᠣᠭᠪᠠᠭᠠᠲᠦᠷ ᠦ᠋ᠨ ᠴᠡᠷᠢᠭ ᠦ᠋ᠳ ᠴᠦ᠍ ᠨᠢᠭᠡ ᠯᠡ ᠰᠤᠷᠭᠠᠭᠤᠯᠢᠯᠠᠯ ᠲᠠᠢ ᠶᠤᠮ ᠰᠢᠭ᠋ ᠤᠯᠠᠯᠵᠢ ᠳ᠋ᠤ᠌ ᠪᠥᠭᠡᠮᠨᠡᠷᠡᠯᠳᠦᠵᠦ᠂ ᠰᠥᠨᠢ ᠶ᠋ᠢᠨ ᠬᠠᠷᠠᠭᠤᠯ ᠮᠠᠨᠠᠭ᠎ᠠ ᠴᠦ᠍ ᠴᠢᠩᠭ᠎ᠠ ᠰᠢᠤᠬᠠᠨ ᠪᠠᠢᠨ᠎ᠠ᠃ ᠥᠴᠥᠭᠡᠳᠦᠷ ᠰᠥᠨᠢ ᠪᠢ ᠠᠷᠭ᠎ᠠ ᠦᠭᠡᠢ ᠴᠢᠬᠤᠯᠠ ᠵᠠᠬᠢᠳᠠᠯ ᠠᠪᠴᠤ ᠶᠠᠪᠤᠭ᠎ᠠ ᠳ᠋ᠠᠭᠠᠨ ᠵᠠᠮ ᠦᠭᠡᠢ ᠳᠥᠩᠭᠡᠴᠢᠬᠡᠵᠦ ᠠᠭᠤᠯᠠ ᠪᠠᠯᠠᠯᠵᠤ ᠶᠠᠪᠤᠯ᠎ᠠ᠁
— ᠶᠠᠮᠠᠷ ᠬᠥᠮᠦᠨ ᠠᠶᠤᠮᠰᠢᠭ ᠦᠭᠡᠢ ᠪᠠᠷᠠᠭᠤᠨ ᠬᠦᠩ ᠦ᠋ᠨ ᠵᠠᠰᠠᠭ ᠨᠣᠶᠠᠨ ᠤ᠋ ᠲᠡᠷᠭᠡ ᠤᠨᠤᠭ᠎ᠠ ᠶ᠋ᠢ ᠲᠣᠰᠳᠠᠭ ᠪᠢᠯᠡ? ᠶᠠᠪᠤ! ᠰᠢᠭᠤᠳ ᠶᠠᠪᠤᠭᠠᠴᠢ! ᠭᠡᠵᠦ ᠪᠠᠭ᠎ᠠ ᠬᠠᠲᠤᠨ ᠵᠠᠷᠯᠢᠭᠳᠠᠪᠠ᠃
ᠬᠣᠶᠠᠷ ᠯᠠᠭᠤᠰᠠ ᠬᠥᠯᠦᠭᠰᠡᠨ ᠰᠡᠦᠬᠡ ᠲᠡᠷᠭᠡ ᠬᠦᠩ ᠦ᠋ᠨ ᠶᠠᠮᠤᠨ ᠤ᠋ ᠬᠦᠷᠢᠶ᠎ᠡ ᠡᠴᠡ ᠭᠠᠷᠴᠤ ᠰᠢᠷ᠎ᠠ ᠵᠠᠮ ᠳ᠋ᠤ᠌ ᠣᠷᠣᠭᠠᠳ ᠲᠣᠭᠣᠰᠣ ᠳᠤᠲᠠᠭᠤᠯᠤᠨᠠ᠃ ᠲᠡᠭᠦᠨ ᠦ᠌ ᠲᠣᠭᠣᠷᠢᠨ ᠳ᠋ᠤ᠌ ᠸᠴᠢᠷᠪᠠᠲᠤ ᠳᠦᠷᠦᠭᠦᠲᠠᠢ ᠴᠡᠴᠡᠨ ᠫᠤᠤᠴᠢ ᠬᠣᠷᠢ ᠳᠤᠤᠭᠠᠷᠳᠠᠭ ᠭᠧᠷᠮᠠᠨ ᠬᠢᠴᠡᠲᠡᠢ ᠠᠬᠤᠷ ᠫᠤᠤ᠂ ᠠᠦ᠋ᠲ᠋ᠣ᠋ ᠫᠤᠤ ᠵᠡᠪᠰᠡᠭ ᠢ᠋ᠶ᠋ᠡᠷ ᠥᠪᠴᠢ ᠵᠡᠪᠰᠡᠭᠯᠡᠭᠰᠡᠨ ᠬᠣᠷᠢᠭᠠᠳ ᠰᠢᠯᠭᠠᠷᠠᠭᠰᠠᠨ ᠴᠡᠷᠢᠭ ᠦ᠋ᠨ ᠬᠠᠮᠠᠭᠠᠯᠠᠯᠲᠠᠢ ᠪᠠᠷ ᠰᠦᠷ ᠵᠢᠪᠬᠤᠭ᠎ᠠ ᠲᠠᠢ ᠶᠥᠷᠭᠡᠭᠦᠯᠦᠨᠡ᠃ ᠡᠨᠡ ᠬᠦ᠌ ᠰᠣᠷᠲᠣᠭᠣᠲᠤ ᠪᠠᠢᠳᠠᠯ ᠨᠢ ᠬᠠᠷᠠᠭᠰᠠᠨ ᠪᠦᠭᠦᠳᠡ ᠶ᠋ᠢ ᠰᠦᠷᠳᠡᠭᠦᠯᠦᠮᠡ ᠠᠵᠢ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
