ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠠᠷᠪᠠ Үүрийн туяа III – Б ᠂ Ренчин Гуравдугаар дэвтэр "Баялдаж олсон эх орон"-10
ᠠᠷᠪᠠ᠂ ᠬᠥᠳᠡᠭᠡ ᠣᠺᠲ᠋ᠣᠪᠧᠷ ᠦ᠋ᠨ ᠪᠠᠶᠠᠷ ᠠᠩᠬ᠎ᠠ ᠶᠣᠰᠣᠯᠠᠪᠠ
ᠮᠠᠨ ᠤ᠋ ᠣᠷᠣᠨ ᠳᠠᠶᠠᠭᠠᠷ ᠲᠤ᠌
ᠦᠷ ᠦ᠋ᠨ ᠲᠤᠶᠠᠭ᠎ᠠ ᠲᠡᠳᠡᠨ ᠮᠠᠨᠳᠤᠭᠠᠳ᠂
ᠮᠠᠰᠢ ᠪᠠᠳᠠᠷᠠᠩᠭᠤᠢ ᠴᠢᠩ ᠵᠣᠷᠢᠭ
ᠦᠢ ᠣᠯᠠᠨ ᠤ᠋ ᠰᠡᠳᠬᠢᠯ ᠳᠦᠭᠦᠷᠡᠩ᠃
ᠬᠦᠷᠵᠢ ᠳᠠᠭᠤᠤ
ᠨᠠᠮᠤᠷ ᠤ᠋ᠨ ᠰᠡᠭᠦᠯ ᠰᠠᠷ᠎ᠠ ᠶ᠋ᠢᠨ ᠬᠠᠭᠤᠴᠢᠳ ᠢ᠋ᠶ᠋ᠠᠷ ᠲᠤᠰ ᠬᠤᠰᠢᠭᠤᠨ ᠳ᠋ᠤ᠌ ᠠᠮᠢᠲᠠᠨ ᠤ᠋ ᠬᠡᠯᠡᠯᠴᠡᠬᠦ ᠶ᠋ᠢ ᠰᠣᠨᠣᠰᠪᠠᠯ᠂ ᠬᠣᠰᠢᠭᠤ ᠲᠠᠮᠠᠭ᠎ᠠ ᠶᠢᠨ ᠭᠠᠵᠠᠷ ᠣᠺᠲ᠋ᠣᠪᠧᠷ ᠭᠡᠳᠡᠭ ᠰᠢᠨ᠎ᠡ ᠪᠠᠶᠠᠷ ᠶᠣᠰᠣᠯᠠᠯ ᠬᠢᠬᠦ ᠶᠦᠮ ᠭᠡᠨ᠎ᠡ᠃ ᠲᠤᠭ ᠳᠠᠯᠪᠠᠭ᠎ᠠ ᠪᠠᠷᠢᠵᠠᠭᠠᠵᠤ᠂ ᠵᠢᠭᠰᠠᠭᠠᠯ ᠶᠣᠰᠣᠯᠠᠯ ᠬᠢᠬᠦ ᠶᠦᠮ ᠭᠡᠨ᠎ᠡ ᠪᠢᠯᠡ᠃ ᠲᠠᠮᠠᠭ᠎ᠠ ᠶ᠋ᠢᠨ ᠭᠠᠵᠠᠷ ᠤ᠋ᠨ ᠣᠢᠷ᠎ᠠ ᠢᠨᠳᠡᠷ ᠪᠣᠰᠬᠠᠵᠤ᠂ ᠰᠤᠷᠭᠠᠭᠤᠯᠢ ᠶ᠋ᠢᠨ ᠣᠯᠠᠨ ᠪᠠᠭᠠᠴᠤᠳ᠂ ᠲᠡᠷᠡ ᠵᠢᠭᠰᠠᠭᠠᠯ ᠶᠣᠰᠣᠯᠠᠯ ᠤ᠋ᠨ ᠰᠤᠷᠭᠠᠭᠤᠯᠢ ᠬᠢᠵᠦ᠂ ᠳᠠᠭᠤᠤ ᠳᠠᠭᠤᠯᠠᠬᠤ᠂ ᠪᠡᠶ᠎ᠡ ᠶ᠋ᠢᠨ ᠲᠠᠮᠢᠷ ᠬᠢᠬᠦ ᠰᠤᠷᠭᠠᠭᠤᠯᠢ ᠦᠵᠡᠭᠦᠯᠬᠦ ᠶᠦᠮ ᠭᠡᠨ᠎ᠡ ᠭᠡᠵᠦ ᠬᠡᠯᠡᠯᠴᠡᠪᠡ᠃
ᠣᠯᠠᠨ᠎ᠠ ᠶ᠋ᠢᠨ ᠠᠷᠪᠠᠨ ᠭᠤᠷᠪᠠᠳᠤᠭᠠᠷ ᠣᠨ ᠤ᠋ ᠲᠡᠷᠡ ᠨᠠᠮᠤᠷ᠂ ᠵᠢᠭᠲᠡᠢ ᠰᠠᠢᠬᠠᠨ ᠳᠤᠯᠠᠭᠠᠨ ᠤᠷᠲᠤ ᠨᠠᠮᠤᠷ ᠪᠣᠯᠤᠭᠰᠠᠨ ᠲᠤᠯᠠ ᠣᠯᠠᠨ ᠰᠤᠷᠤᠭᠴᠢᠳ ᠤ᠋ᠨ ᠵᠠᠷᠢᠮ ᠡᠴᠢᠭᠡ ᠡᠬᠡ ᠨᠢ ᠬᠣᠰᠢᠭᠤ ᠲᠠᠮᠠᠭ᠎ᠠ ᠶ᠋ᠢᠨ ᠭᠠᠵᠠᠷ ᠲᠡᠷᠡ ᠰᠢᠨ᠎ᠡ ᠣᠺᠲ᠋ᠣᠪᠧᠷ ᠭᠡᠳᠡᠭ ᠪᠠᠶᠠᠷ ᠶᠣᠰᠣᠯᠠᠯ ᠢ᠋ ᠶᠠᠭᠠᠬᠢᠵᠤ ᠶᠣᠰᠣᠯᠠᠬᠤ ᠶ᠋ᠢ ᠰᠣᠨᠢᠷᠬᠠᠨ ᠦᠵᠡᠵᠦ᠂ ᠦᠷ᠎ᠡ ᠬᠡᠦᠬᠡᠳ ᠲᠡᠢ ᠪᠡᠨ ᠠᠭᠤᠯᠵᠠᠵᠤ ᠢᠷᠡᠬᠦ ᠪᠡᠷ ᠲᠣᠭᠲᠠᠵᠠᠢ᠃
ᠬᠣᠰᠢᠭᠤ ᠬᠡᠢᠳ ᠦ᠋ᠨ ᠳᠡᠷᠭᠡᠳᠡ ᠲᠠᠮᠠᠭ᠎ᠠ ᠶ᠋ᠢᠨ ᠭᠠᠵᠠᠷ ᠬᠣᠰᠢᠭᠤ ᠰᠤᠷᠭᠠᠭᠤᠯᠢ ᠪᠠᠢᠭᠤᠯᠵᠤ᠂ ᠪᠣᠢ ᠪᠣᠯᠤᠭᠰᠠᠨ ᠬᠣᠰᠢᠭᠤ ᠲᠥᠪ ᠲᠦ᠍ ᠲᠡᠷᠡ ᠦᠶ᠎ᠡ ᠳ᠋ᠦ᠍ ᠬᠥᠳᠡᠭᠡ ᠭᠠᠳᠠᠨ᠎ᠠ ᠠ᠋ᠴᠠ ᠬᠥᠮᠦᠨ ᠢᠷᠡᠵᠦ᠂ ᠨᠡᠯᠢᠶᠡᠳ ᠬᠥᠯ ᠲᠡᠢ ᠪᠣᠯᠵᠤ ᠪᠢᠯᠡ᠃ ᠣᠺᠲ᠋ᠣᠪᠧᠷ ᠦ᠋ᠨ ᠪᠠᠶᠠᠷ ᠢ᠋ ᠠᠩᠬ᠎ᠠ ᠤᠳᠠᠭ᠎ᠠ ᠶᠣᠰᠣᠯᠠᠨ ᠥᠩᠭᠡᠷᠡᠭᠡᠬᠦ ᠭᠡᠵᠦ ᠬᠥᠳᠡᠭᠡ ᠡᠴᠡ ᠨᠠᠮ ᠡᠪᠯᠡᠯ ᠦ᠋ᠨ ᠡᠭᠦᠷ ᠦ᠋ᠨ ᠭᠡᠰᠢᠭᠦᠳ ᠬᠤᠷᠠᠯᠳᠤᠷᠠ ᠬᠦᠷᠴᠦ ᠢᠷᠡᠭᠰᠡᠨ ᠦ᠌ ᠳᠡᠭᠡᠷ᠎ᠡ᠂ ᠬᠣᠰᠢᠭᠤ ᠰᠤᠷᠭᠠᠭᠤᠯᠢ ᠶ᠋ᠢᠨ ᠣᠯᠠᠨ ᠰᠤᠷᠤᠭᠴᠢᠳ ᠤ᠋ᠨ ᠵᠠᠷᠢᠮ ᠡᠴᠢᠭᠡ ᠡᠬᠡ ᠨᠢ ᠦᠷ᠎ᠡ ᠬᠡᠦᠬᠡᠳ ᠲᠡᠢ ᠠᠭᠤᠯᠵᠠᠬᠤ ᠶ᠋ᠢᠨ ᠳᠡᠯᠢᠮ ᠢ᠋ᠶ᠋ᠡᠷ ᠬᠣᠰᠢᠭᠤ ᠲᠠᠮᠠᠭ᠎ᠠ ᠶ᠋ᠢᠨ ᠭᠠᠵᠠᠷ ᠬᠡᠷᠬᠢᠨ ᠰᠢᠨ᠎ᠡ ᠪᠠᠶᠠᠷ ᠶᠣᠰᠣᠯᠠᠯ ᠢ᠋ ᠥᠩᠭᠡᠷᠡᠭᠦᠯᠬᠦ ᠶ᠋ᠢ ᠦᠵᠡᠬᠦ ᠭᠡᠵᠦ ᠢᠷᠡᠵᠡᠭᠡᠪᠡ᠃
ᠬᠥᠳᠡᠭᠡ ᠡᠴᠡ ᠢᠷᠡᠭᠰᠡᠨ ᠠᠷᠠᠳ ᠤ᠋ᠨ ᠶᠡᠬᠡ ᠲᠥᠯᠥᠪ ᠨᠢ᠂ ᠬᠣᠰᠢᠭᠤ ᠬᠡᠢᠳ ᠲᠦ᠍ ᠬᠣᠯᠠ ᠣᠢᠷ᠎ᠠ ᠶ᠋ᠢᠨ ᠲᠥᠷᠥᠯ ᠪᠤᠶᠤ ᠨᠤᠲᠤᠭ ᠤᠰᠤᠨ ᠤ᠋ ᠲᠠᠨᠢᠬᠤ ᠯᠠᠮᠠ ᠨᠠᠷ ᠤ᠋ᠨ ᠳ᠋ᠤ᠌ ᠪᠠᠭᠤᠵᠤ᠂ ᠰᠢᠷᠴᠢᠨ᠂ ᠴᠡᠷᠡᠨ᠂ ᠲᠠᠩᠰᠤᠭ ᠭᠤᠷᠪᠠ᠂ ᠨᠠᠰᠤᠨᠪᠠᠲᠤ ᠶ᠋ᠢ ᠲᠠᠨᠢᠳᠠᠭ ᠤᠴᠢᠷ᠂ ᠨᠠᠰᠤᠨᠪᠠᠲᠤ ᠶ᠋ᠢᠨ ᠳ᠋ᠦ᠍ ᠪᠠᠭᠤᠵᠠᠢ᠃
ᠸᠠᠩ ᠣᠪᠣᠭᠲᠤ ᠬᠣᠶᠠᠳᠤᠭᠠᠷ ᠬᠦᠦ ᠶ᠋ᠢᠨ ᠪᠡᠶ᠎ᠡ᠂ ᠬᠣᠰᠢᠭᠤ ᠰᠤᠷᠭᠠᠭᠤᠯᠢ ᠳ᠋ᠤ᠌ ᠸᠠᠩ ᠣᠪᠣᠭᠲᠤ ᠨᠢᠭᠡᠳᠦᠭᠡᠷ ᠬᠦᠦ ᠭᠡᠳᠡᠭ ᠠᠬ᠎ᠠ ᠲᠠᠢ ᠪᠠᠨ ᠬᠠᠮᠲᠤ ᠲᠣᠭᠣᠭᠠᠴᠢ ᠬᠢᠵᠦ ᠪᠠᠢᠭᠰᠠᠨ ᠨᠢ᠂ ᠰᠢᠷᠴᠢᠨ᠂ ᠴᠡᠷᠡᠨ ᠬᠣᠶᠠᠷ ᠤ᠋ᠨ ᠳ᠋ᠤ᠌ ᠤᠷᠢᠳᠤ ᠬᠡᠳᠦᠨ ᠰᠠᠷ᠎ᠠ ᠪᠠᠢᠵᠤ᠂ ᠦᠷ᠎ᠡ ᠬᠡᠦᠬᠡᠳ ᠲᠤᠨᠢ( ᠲᠤ ᠨᠢ) ᠬᠦᠷᠲᠡᠯ᠎ᠡ ᠳᠠᠰᠤᠭᠰᠠᠨ ᠲᠤᠯᠠ ᠲᠡᠳᠡᠨ ᠢ᠋ ᠦᠵᠡᠭᠡᠳ ᠠᠬ᠎ᠠ ᠳᠡᠭᠦᠦ ᠪᠡᠨ ᠬᠦᠷᠴᠦ ᠢᠷᠡᠭᠰᠡᠨ ᠠᠳᠠᠯᠢ ᠪᠠᠶᠠᠷᠯᠠᠵᠤ᠂ ᠡᠪᠦᠭᠡᠨ ᠸᠠᠩ ᠣᠪᠣᠭᠲᠤ ᠨᠢᠭᠡᠳᠦᠭᠡᠷ ᠬᠦᠦ ᠰᠢᠷᠴᠢᠨ᠂ ᠴᠡᠷᠡᠨ ᠬᠣᠶᠠᠷ ᠢ᠋ ᠵᠠᠪᠠᠯ ᠮᠠᠨ ᠤ᠋ ᠳ᠋ᠤ᠌ ᠣᠷᠣ ᠭᠡᠵᠦ ᠥᠭᠦᠯᠡᠷᠦᠨ᠂
— ᠮᠢᠨᠦ ᠮᠠᠭᠤ ᠳᠡᠭᠦᠦ ᠶ᠋ᠢᠨ ᠠᠮᠢ ᠠᠪᠤᠷᠠᠭᠰᠠᠨ ᠬᠣᠶᠠᠷ ᠡᠷᠬᠢᠮ ᠬᠥᠮᠦᠨ ᠳ᠋ᠦ᠍ ᠨᠢᠵᠡᠭᠡᠳ ᠬᠤᠨᠳᠠᠭ᠎ᠠ ᠤᠰᠤᠪᠬᠢ ᠠᠷᠢᠬᠢ ᠪᠠᠷᠢᠬᠤ ᠶ᠋ᠢ ᠬᠦᠰᠡᠨ᠎ᠡ᠃ ᠡᠷᠬᠢᠮ ᠬᠣᠶᠠᠷ ᠠᠴᠢᠲᠠᠨ᠂ ᠲᠡᠷᠡ ᠵᠢᠯ ᠮᠢᠨᠦ ᠮᠠᠭᠤ ᠳᠡᠭᠦᠦ ᠶ᠋ᠢᠨ ᠠᠮᠢ ᠶ᠋ᠢ ᠡᠰᠡ ᠠᠪᠤᠷᠠᠭᠰᠠᠨ ᠪᠣᠯ ᠣᠳᠣ ᠬᠡᠭᠡᠷ᠎ᠡ ᠶ᠋ᠢᠨ ᠥᠯᠥᠨ ᠴᠢᠳᠬᠥᠷ ᠪᠣᠯᠤᠭᠠᠳ ᠪᠠᠢᠬᠤ ᠪᠢᠯᠡ᠃ ᠮᠢᠨᠦ ᠮᠠᠭᠤ ᠭᠡᠷ ᠣᠪᠣᠬᠠᠢ ᠶ᠋ᠢ ᠭᠣᠯᠣᠯ ᠦᠭᠡᠢ ᠮᠣᠷᠢᠯᠠᠵᠤ ᠬᠠᠢᠷᠠᠯᠠ ᠭᠡᠵᠦ ᠳᠠᠬᠢᠨ ᠳᠠᠪᠲᠠᠨ ᠮᠡᠬᠦᠢᠨ ᠭᠤᠶᠤᠵᠤ᠂ ᠭᠡᠷ ᠲᠡᠭᠡᠨ( ᠲᠤ ᠪᠡᠨ) ᠠᠪᠠᠴᠢᠨ ᠵᠣᠴᠢᠯᠠᠵᠠᠢ᠃ ᠲᠡᠭᠡᠭᠡᠳ᠂ ᠥᠪᠡᠷ ᠦ᠋ᠨ ᠪᠡᠶ᠎ᠡ ᠶ᠋ᠢᠨ ᠶᠠᠪᠤᠳᠠᠯ ᠢ᠋ ᠶᠠᠷᠢᠵᠤ᠂ ᠶᠡᠬᠡ ᠬᠦᠦ ᠶ᠋ᠢ ᠪᠡᠷᠢ ᠶ᠋ᠢᠨ ᠬᠠᠮᠲᠤ ᠬᠥᠳᠡᠭᠡ ᠮᠠᠯ ᠳᠡᠭᠡᠷ᠎ᠡ ᠪᠡᠨ ᠪᠣᠢ᠃ ᠥᠪᠡᠷ ᠦ᠋ᠨ ᠪᠡᠶ᠎ᠡ ᠶ᠋ᠢ ᠡᠮᠡᠭᠡᠨ ᠦ᠌ ᠬᠠᠮᠲᠤ᠂ ᠪᠠᠭ᠎ᠠ ᠬᠦᠦ ᠶ᠋ᠢ ᠰᠤᠷᠭᠠᠭᠤᠯᠢ ᠳ᠋ᠤ᠌ ᠥᠭᠬᠦ ᠭᠡᠵᠦ ᠢᠷᠡᠭᠡᠳ᠂ ᠨᠠᠰᠤᠨᠪᠠᠲᠤ ᠶ᠋ᠢᠨ ᠭᠤᠶᠤᠭᠰᠠᠨ ᠢ᠋ ᠳᠠᠭᠠᠵᠤ ᠰᠤᠷᠭᠠᠭᠤᠯᠢ ᠶ᠋ᠢᠨ ᠲᠣᠭᠣᠭ᠎ᠠ ᠪᠠᠷᠢᠬᠤ᠂ ᠨᠣᠭᠣᠭ᠎ᠠ ᠲᠠᠷᠢᠬᠤ ᠬᠥᠮᠦᠨ ᠪᠣᠯᠤᠭᠰᠠᠨ ᠢ᠋ ᠶᠠᠷᠢᠵᠤ᠂
— ᠡᠨᠡ ᠮᠣᠩᠭᠣᠯ ᠭᠠᠵᠠᠷ ᠮᠢᠨᠦ ᠪᠡᠶ᠎ᠡ ᠠᠢᠯ ᠭᠡᠷ ᠪᠣᠯᠵᠤ᠂ ᠦᠷ᠎ᠡ ᠬᠡᠦᠬᠡᠳ ᠲᠡᠢ ᠪᠣᠯᠤᠭᠠᠳ᠂ ᠪᠠᠰᠠ ᠳᠡᠭᠦᠦ ᠲᠡᠢ ᠣᠯᠵᠤ ᠠᠭᠤᠯᠵᠠᠨ᠂ ᠣᠳᠣ ᠰᠠᠨᠠᠭ᠎ᠠ ᠠᠮᠤᠷ ᠰᠠᠪᠠ ᠳᠦᠭᠦᠷᠡᠩ ᠰᠠᠭᠤᠵᠤ ᠪᠠᠢᠨ᠎ᠠ᠃ ᠨᠠᠰᠤᠨᠪᠠᠲᠤ ᠶ᠋ᠢ ᠶᠡᠬᠡ ᠰᠠᠢᠨ᠂ ᠮᠠᠰᠢ ᠲᠣᠮᠣᠭᠠᠲᠠᠢ ᠬᠥᠮᠦᠨ ᠭᠡᠵᠦ ᠦᠵᠡᠬᠦ ᠲᠤᠯᠠ ᠠᠷᠭ᠎ᠠ ᠪᠤᠶᠤ ᠲᠡᠢᠨ ᠬᠦ᠌ ᠭᠤᠶᠤᠭᠰᠠᠨ ᠢ᠋ ᠬᠢᠴᠢᠶᠡᠩᠭᠦᠢᠯᠡᠨ ᠳᠠᠭᠠᠵᠤ᠂ ᠥᠪᠡᠷ ᠦ᠋ᠨ ᠬᠦᠦ ᠶ᠋ᠢᠨ ᠰᠤᠷᠴᠤ ᠪᠠᠢᠭ᠎ᠠ ᠡᠨᠡ ᠰᠠᠢᠬᠠᠨ ᠰᠤᠷᠭᠠᠭᠤᠯᠢ ᠳ᠋ᠤ᠌ ᠬᠦᠴᠦᠨ ᠲᠡᠩᠬᠡᠯ ᠪᠠᠢᠭ᠎ᠠ ᠴᠠᠭ ᠲᠤ᠌ ᠲᠤᠰᠠᠯᠠᠬᠤ ᠨᠢ ᠵᠦᠢᠲᠡᠢ ᠭᠡᠵᠦ ᠡᠨᠳᠡ ᠡᠮᠡᠭᠡᠨ ᠲᠡᠢ ᠨᠡᠭᠦᠵᠦ ᠢᠷᠡᠭᠡᠳ᠂ ᠠᠵᠢᠯ ᠬᠢᠵᠦ ᠪᠠᠢᠨ᠎ᠠ ᠳᠠ᠃ ᠲᠠᠨ ᠤ᠋ ᠲᠡᠮᠦᠷ ᠬᠦᠦ᠂ ᠮᠢᠨᠦ ᠳᠡᠭᠦᠦ ᠲᠡᠢ ᠶᠡᠬᠡ ᠰᠠᠢᠨ᠂ ᠪᠠᠰᠠ ᠮᠢᠨᠦ ᠬᠦᠦ ᠪᠠᠲᠤ ᠲᠠᠢ ᠨᠥᠬᠥᠷ ᠨᠠᠢᠵᠠ ᠪᠣᠯᠵᠠᠢ᠃ ᠡᠮᠡᠭᠡᠨ ᠪᠢᠳᠡ ᠬᠣᠶᠠᠷ ᠴᠦ᠍᠂ ᠲᠠᠨ ᠤ᠋ ᠬᠦᠦ ᠶ᠋ᠢ ᠥᠪᠡᠷ ᠦ᠋ᠨ ᠬᠦᠦ ᠡᠴᠡ ᠢᠯᠭᠠᠭ᠎ᠠ ᠦᠭᠡᠢ ᠦᠵᠡᠳᠡᠭ ᠲᠤᠯᠠ ᠲᠠ ᠬᠣᠶᠠᠷ᠂ ᠲᠡᠮᠦᠷ ᠬᠦᠦ ᠶ᠋ᠢᠨ ᠬᠣᠢᠨ᠎ᠠ ᠠ᠋ᠴᠠ ᠶᠡᠷᠦ ᠰᠠᠨᠠᠭ᠎ᠠ ᠰᠡᠳᠬᠢᠯ ᠵᠣᠪᠠᠬᠤ ᠶ᠋ᠢᠨ ᠬᠡᠷᠡᠭ ᠦᠭᠡᠢ ᠭᠡᠵᠦ ᠸᠠᠩ ᠣᠪᠣᠭᠲᠤ ᠡᠪᠦᠭᠡᠨ ᠮᠦᠰᠢᠶᠡᠨ ᠥᠭᠦᠯᠡᠵᠦ᠂ ᠰᠢᠷᠴᠢᠨ᠂ ᠴᠡᠷᠡᠨ᠂ ᠲᠠᠩᠰᠤᠭ ᠭᠤᠷᠪᠠ ᠶ᠋ᠢ ᠳᠠᠢᠯᠠᠪᠠ᠃
ᠴᠡᠷᠡᠨ ᠳ᠋ᠦ᠍ ᠰᠤᠷᠭᠠᠭᠤᠯᠢ ᠶᠡᠬᠡ ᠰᠠᠢᠬᠠᠨ ᠦᠵᠡᠭᠳᠡᠪᠡ᠃ ᠬᠢᠴᠢᠶᠡᠯ ᠦ᠋ᠨ ᠲᠠᠰᠤᠯᠭ᠎ᠠ᠂ ᠰᠤᠷᠤᠭᠴᠢᠳ ᠤ᠋ᠨ ᠰᠠᠭᠤᠬᠤ ᠪᠠᠢᠷᠢ ᠶ᠋ᠢᠨ ᠴᠡᠪᠡᠷ ᠦᠵᠡᠮᠵᠢᠲᠡᠢ ᠨᠢ ᠦᠨᠡᠬᠡᠷ ᠪᠠᠬᠠᠳᠤᠯᠲᠠᠢ ᠭᠡᠵᠦ ᠶᠠᠷᠢᠪᠠ᠃ ᠸᠠᠩ ᠣᠪᠣᠭᠲᠤ ᠶ᠋ᠢᠨ ᠭᠡᠷᠭᠡᠢ ᠳᠠᠰᠢ᠂ ᠴᠡᠷᠡᠨ ᠦ᠌ ᠲᠡᠭᠡᠵᠦ ᠰᠤᠷᠭᠠᠭᠤᠯᠢ ᠶ᠋ᠢ ᠮᠠᠭᠲᠠᠬᠤ ᠶ᠋ᠢ ᠰᠣᠨᠣᠰᠤᠭᠠᠳ᠂ ᠪᠠᠶᠠᠷᠯᠠᠵᠤ ᠥᠭᠦᠯᠡᠷᠦᠨ᠂
— ᠰᠤᠷᠤᠭᠴᠢᠳ ᠢ᠋ ᠲᠡᠢᠮᠦ ᠴᠡᠪᠡᠷ ᠪᠣᠯᠪᠠᠰᠤᠨ ᠪᠠᠢᠳᠠᠯ ᠲᠠᠢ ᠪᠣᠯᠭᠠᠬᠤ ᠭᠡᠵᠦ ᠬᠥᠮᠦᠵᠢᠭᠦᠯᠦᠭᠴᠢ ᠪᠠᠭᠰᠢ ᠵᠠᠩ ᠱᠢ ᠶᠡᠬᠡᠯ᠎ᠡ( ᠶᠡᠬᠡ ᠯᠡ) ᠬᠢᠴᠢᠶᠡᠵᠦ᠂ ᠬᠡᠦᠬᠡᠳ ᠰᠢᠤᠬᠠᠳ ᠤ᠋ᠨ ᠭᠠᠷ ᠤ᠋ᠨ ᠭᠬᠢᠷ ᠢ᠋ ᠶᠠᠭᠠᠬᠢᠵᠤ ᠶᠠᠭᠠᠬᠢᠵᠤ ᠰᠠᠪᠤᠩ ᠢ᠋ᠶ᠋ᠠᠷ ᠰᠠᠪᠤᠩᠳᠠᠨ ᠠᠷᠢᠯᠭᠠᠵᠤ᠂ ᠭᠠᠷ ᠨᠢᠭᠤᠷ ᠤ᠋ᠨ ᠠᠯᠴᠢᠭᠤᠷ ᠢ᠋ ᠶᠠᠭᠠᠬᠢᠵᠤ ᠠᠶᠠᠲᠠᠢᠬᠠᠨ ᠴᠡᠪᠡᠷᠬᠡᠨ ᠢ᠋ᠶ᠋ᠡᠷ ᠬᠡᠷᠡᠭᠯᠡᠬᠦ ᠶ᠋ᠢ ᠬᠦᠷᠲᠡᠯ᠎ᠡ ᠵᠢᠭᠠᠵᠤ᠂ ᠬᠣᠭᠣᠯᠠᠨ ᠡᠮᠦᠨ᠎ᠡ ᠬᠦᠷᠲᠡᠯ᠎ᠡ ᠭᠠᠷ ᠢ᠋ ᠤᠬᠢᠶᠠᠯᠭᠠᠵᠤ ᠰᠤᠷᠭᠠᠭᠰᠠᠨ ᠪᠢᠯᠡ ᠭᠡᠵᠦ ᠪᠣᠯᠪᠠᠰᠤᠨ ᠴᠡᠪᠡᠷ ᠵᠠᠩᠰᠢᠯ ᠲᠠᠢ ᠪᠣᠯᠭᠠᠬᠤ ᠲᠠᠯ᠎ᠠ ᠪᠠᠷ ᠶᠡᠬᠡ ᠬᠦᠴᠦ ᠭᠠᠷᠭᠠᠵᠤ ᠣᠷᠣᠯᠳᠣᠭᠰᠠᠨ ᠢ᠋ ᠲᠣᠭᠠᠴᠢᠨ ᠬᠡᠯᠡᠭᠡᠳ᠂ ᠪᠠᠰᠠ ᠣᠷᠣᠰ ᠮᠣᠳᠣᠴᠢ ᠳᠠᠷᠬᠠᠨ ᠠᠯᠧᠺᠰᠧᠢ ᠶ᠋ᠢᠨ ᠭᠡᠷᠭᠡᠢ᠂ ᠵᠠᠯᠠᠭᠤ ᠣᠷᠣᠰ ᠡᠮᠡᠭᠲᠡᠢ ᠮᠠᠱᠠ ᠬᠡᠷᠬᠢᠨ ᠳᠠᠰᠢ ᠶ᠋ᠢ ᠪᠤᠰᠤᠳ ᠬᠡᠳᠦᠨ ᠴᠡᠪᠡᠷᠯᠡᠭᠴᠢ ᠶ᠋ᠢᠨ ᠬᠠᠮᠲᠤ ᠪᠠᠷ ᠰᠤᠷᠭᠠᠵᠤ᠂ ᠪᠠᠢᠰᠢᠩ ᠤ᠋ᠨ ᠴᠣᠩᠬᠣ ᠱᠠᠯᠠ ᠶ᠋ᠢ ᠥᠩᠭᠡ ᠣᠷᠣᠲᠠᠯ᠎ᠠ ᠤᠬᠢᠶᠠᠵᠤ ᠠᠷᠴᠢᠬᠤ᠂ ᠮᠥᠨ ᠬᠡᠦᠬᠡᠳ ᠦ᠋ᠨ ᠳᠣᠲᠣᠭᠣᠵᠢ ᠬᠤᠪᠴᠠᠰᠤᠨ ᠤ᠋ ᠭᠬᠢᠷ ᠢ᠋ ᠰᠠᠯᠲᠠᠯ᠎ᠠ ᠬᠡᠷᠬᠢᠨ ᠤᠬᠢᠶᠠᠬᠤ ᠵᠡᠷᠭᠡ ᠶ᠋ᠢ ᠰᠤᠷᠭᠠᠵᠤ ᠥᠭᠭᠦᠭᠰᠡᠨ ᠢ᠋ ᠶᠡᠬᠡᠯ᠎ᠡ( ᠶᠡᠬᠡ ᠯᠡ )ᠮᠠᠭᠲᠠᠵᠤ ᠥᠭᠦᠯᠡᠷᠦᠨ᠂
— ᠲᠡᠷᠡ ᠰᠠᠢᠬᠠᠨ ᠰᠡᠳᠬᠢᠯ ᠲᠡᠢ ᠮᠠᠱᠠ᠂ ᠪᠢᠳᠡᠨ ᠳ᠋ᠦ᠍ ᠬᠡᠷᠡᠭ ᠲᠡᠢ ᠶᠠᠭᠤᠮ᠎ᠠ ᠶᠡᠬᠡ ᠣᠯᠠᠨ ᠢ᠋ ᠵᠢᠭᠠᠨ ᠰᠤᠷᠭᠠᠵᠤ ᠥᠭᠭᠦᠭᠰᠡᠨ ᠠᠴᠢᠲᠠᠨ ᠬᠥᠮᠦᠨ ᠪᠢᠯᠡ᠃ ᠵᠠᠶᠠᠭ᠎ᠠ ᠪᠤᠶᠠᠨ ᠨᠢ ᠴᠡᠴᠡᠭ ᠰᠢᠭ᠋ ᠳᠡᠯᠭᠡᠷᠡᠵᠦ ᠪᠠᠢᠭ᠃ ᠪᠢᠳᠡ᠂ ᠲᠡᠷᠡ ᠬᠥᠮᠦᠨ ᠦ᠌ ᠵᠢᠭᠠᠭᠰᠠᠨ ᠶᠣᠰᠣᠭᠠᠷ ᠰᠤᠷᠭᠠᠭᠤᠯᠢ ᠶ᠋ᠢᠨ ᠲᠠᠩᠬᠢᠮ ᠢ᠋ ᠴᠡᠪᠡᠷ ᠪᠠᠢᠯᠭᠠᠬᠤ ᠭᠡᠵᠦ ᠴᠢᠳᠠᠯ ᠢ᠋ᠶ᠋ᠠᠷ ᠮᠡᠷᠡᠢᠳᠡᠭ᠃ ᠬᠡᠦᠬᠡᠳ ᠪᠠᠭᠠᠴᠤᠳ ᠴᠦ᠍᠂ ᠣᠷᠴᠢᠨ ᠲᠣᠭᠣᠷᠢᠨ ᠴᠡᠪᠡᠷ ᠰᠠᠢᠬᠠᠨ ᠪᠠᠢᠬᠤ ᠳ᠋ᠤ᠌ ᠬᠠᠮᠢᠶ᠎ᠠ ᠦᠭᠡᠢ ᠬᠣᠭ ᠲᠠᠷᠢᠬᠤ ᠦᠭᠡᠢ᠂ ᠪᠢᠳᠡᠨ ᠦ᠌ ᠬᠡᠳᠦᠨ ᠴᠡᠪᠡᠷᠯᠡᠭᠴᠢ ᠶ᠋ᠢᠨ ᠦᠷᠭᠦᠯᠵᠢ ᠣᠷᠣᠨ ᠪᠠᠢᠰᠢᠩ ᠢ᠋ ᠴᠡᠪᠡᠷ ᠪᠠᠢᠯᠭᠠᠬᠤ ᠭᠡᠵᠦ ᠮᠡᠷᠡᠢᠳᠡᠭ ᠢ᠋ ᠬᠠᠷᠠᠬᠤ ᠳ᠋ᠠᠭᠠᠨ( ᠳ᠋ᠤ᠌ ᠪᠠᠨ)᠂ ᠬᠥᠮᠦᠨ ᠦ᠌ ᠬᠦᠴᠦ ᠬᠥᠳᠡᠯᠮᠦᠷᠢ ᠶ᠋ᠢ ᠪᠠᠰᠠ ᠬᠦᠨᠳᠦᠳᠬᠡᠨ ᠦᠵᠡᠬᠦ ᠪᠣᠯᠬᠤ ᠶᠤᠮ ᠪᠠᠢᠨ᠎ᠠ ᠰᠢᠦ ᠳᠡ᠃ ᠪᠠᠰᠠ ᠰᠤᠷᠭᠠᠭᠤᠯᠢ ᠶ᠋ᠢᠨ ᠪᠠᠭᠰᠢ ᠨᠠᠷ ᠭᠡᠵᠦ᠂ ᠡᠷᠳᠡᠮᠲᠡᠢ ᠨᠣᠮᠲᠠᠢ ᠰᠠᠢᠬᠠᠨ ᠤᠯᠤᠰ᠂ ᠡᠢᠮᠦ ᠤᠯᠤᠰ ᠲᠠᠢ ᠠᠵᠢᠯ ᠬᠢᠬᠦ ᠳ᠋ᠦ᠍ ᠤᠷᠮ᠎ᠠ ᠲᠠᠢ ᠶ᠋ᠢ ᠬᠡᠯᠡᠭᠡᠳ ᠪᠠᠷᠠᠬᠤ ᠤᠤ? ᠬᠡᠦᠬᠡᠳ ᠴᠦ᠍ ᠪᠠᠭᠰᠢ ᠨᠠᠷ ᠲᠠᠭᠠᠨ ᠲᠤᠩ ᠬᠠᠢᠷᠠᠲᠠᠢ ᠪᠠᠷ ᠪᠠᠷᠠᠬᠤ ᠦᠭᠡᠢ᠂ ᠬᠡᠢᠳ ᠦ᠋ᠨ ᠬᠡᠳᠦᠨ ᠪᠠᠭᠠᠴᠤᠳ ᠪᠠᠨᠳᠢ ᠨᠠᠷ ᠠ᠋ᠴᠠ ᠬᠦᠷᠲᠡᠯ᠎ᠡ ᠲᠠᠪᠤ ᠶ᠋ᠢᠨ ᠵᠡᠷᠭᠡ ᠪᠠᠭᠠᠴᠤᠳ᠂ ᠪᠢᠳᠡ ᠬᠡᠢᠳ ᠲᠦ᠍ ᠨᠣᠮ ᠰᠤᠷᠬᠤ ᠦᠭᠡᠢ᠂ ᠰᠤᠷᠭᠠᠭᠤᠯᠢ ᠳ᠋ᠤ᠌ ᠣᠷᠣᠨ᠎ᠠ ᠭᠡᠵᠦ ᠭᠣᠶᠣᠭᠰᠠᠭᠠᠷ ᠪᠠᠢᠭᠠᠳ᠂ ᠰᠤᠷᠭᠠᠭᠤᠯᠢ ᠳ᠋ᠤ᠌ ᠣᠷᠣᠵᠠᠢ ᠭᠡᠬᠦ ᠳ᠋ᠦ᠍ᠨᠢ ᠰᠢᠷᠴᠢᠨ ᠠᠰᠠᠭᠤᠷᠤᠨ᠂
— ᠯᠠᠮᠠ ᠨᠠᠷ ᠲᠠᠲᠠᠭᠠᠯᠵᠠᠭᠰᠠᠨ ᠦᠭᠡᠢ ᠤᠤ ᠭᠡᠪᠡᠯ᠂ ᠸᠠᠩ ᠣᠪᠣᠭᠲᠤ ᠶ᠋ᠢᠨ ᠭᠡᠷ ᠲᠦ᠍ ᠰᠠᠭᠤᠳᠠᠭ ᠬᠡᠭᠡᠷ᠎ᠡ ᠶ᠋ᠢᠨ ᠪᠣᠷᠣ ᠢᠨᠢᠶᠡᠨ ᠥᠭᠦᠯᠡᠷᠦᠨ᠂
— ᡀᠠ ᠪᠡᠢᠯᠡ ᠨᠣᠶᠠᠨ ᠪᠠᠢᠬᠤ ᠴᠠᠭ ᠲᠤ᠌ ᠪᠣᠯᠪᠠᠯ᠂ ᠯᠠᠮᠠ ᠨᠠᠷ ᠪᠢᠳᠡᠨ ᠢ᠋ ᠳᠠᠭᠠᠷᠢᠵᠤ᠂ ᠬᠠᠰᠢᠬ᠎ᠠ ᠭᠠᠷᠭᠠᠬᠤ ᠪᠠᠢᠭᠰᠠᠨ ᠪᠠᠢᠬᠤ᠃ ᠣᠳᠣ᠂ ᠨᠣᠶᠠᠨ ᠡᠯᠳᠡᠪ ᠬᠡᠷᠡᠭ ᠪᠤᠳᠤᠯᠢᠶᠠᠨ ᠲᠠᠷᠢᠭᠰᠠᠨ ᠢ᠋ᠶ᠋ᠠᠨ ᠰᠢᠭᠦᠯᠭᠡᠨ ᠲᠠᠰᠤᠯᠤᠭᠤᠯᠵᠤ᠂ ᠶᠡᠬᠡ ᠬᠦᠷᠢᠶᠡᠨ ᠳ᠋ᠦ᠍ ᠭᠢᠨᠳᠠᠨ ᠳ᠋ᠤ᠌ ᠬᠣᠷᠢᠭᠳᠠᠵᠤ ᠪᠠᠢᠭ᠎ᠠ ᠤᠴᠢᠷ᠂ ᠨᠣᠶᠠᠨ ᠤ᠋ ᠬᠡᠢᠳ ᠦ᠋ᠨ ᠯᠠᠮᠠ ᠨᠠᠷ ᠨᠣᠮᠣᠬᠠᠷᠠᠵᠤ᠂ ᠨᠣᠮᠣᠬᠠᠨ ᠮᠣᠷᠢᠨ ᠤ᠋ ᠨᠣᠭᠲᠣ᠂ ᠲᠣᠭᠰᠢᠨ ᠮᠣᠷᠢᠨ ᠤ᠋ ᠴᠢᠳᠥᠷ ᠪᠣᠯᠵᠤ᠂ ᠳᠠᠯᠠᠢᠭᠰᠠᠨ ᠭᠠᠵᠠᠷ ᠳᠠᠯᠳᠠ ᠣᠷᠣᠬᠤ᠂ ᠳᠠᠯᠠᠯᠤᠭᠰᠠᠨ ᠭᠠᠵᠠᠷ ᠢᠯᠡ ᠭᠠᠷᠴᠤ ᠢᠷᠡᠬᠦ ᠪᠣᠯᠤᠭᠰᠠᠨ ᠰᠢᠦ᠃ ᠤᠷᠢᠳᠤ ᠶ᠋ᠢᠨ ᠠᠳᠠᠯᠢ ᠶᠡᠬᠡ ᠣᠮᠣᠭᠲᠠᠢ ᠪᠠᠢᠳᠠᠭ ᠢ᠋ᠶ᠋ᠠᠨ ᠬᠡᠳᠦᠢᠨ ᠪᠠᠢᠵᠤ᠂ ᠮᠠᠢᠳᠠᠷ ᠢ᠋ᠶ᠋ᠠᠷ ᠰᠢᠬᠦᠷ ᠪᠠᠷᠢᠭᠤᠯᠬᠤ ᠭᠡᠵᠦ ᠨᠢᠳᠦᠨ ᠳ᠋ᠡᠭᠡᠨ ᠬᠠᠷᠠᠭᠳᠠᠭᠰᠠᠨ ᠬᠥᠮᠦᠨ ᠢ᠋ ᠠᠯᠪᠠᠲᠠᠨ ᠳᠠᠢᠴᠢᠯᠠᠬᠤ ᠵᠡᠷᠭᠡ ᠪᠡᠷ ᠠᠭᠠᠰᠢᠯᠠᠳᠠᠭ ᠢ᠋ᠶ᠋ᠠᠨ ᠠᠯᠢ ᠬᠡᠳᠦᠢᠨ ᠪᠠᠢᠵᠠᠢ ᠭᠡᠪᠡ᠃
— ᠮᠠᠨ ᠤ᠋ ᠵᠠᠬᠢᠷᠤᠯ ᠪᠠᠭᠰᠢ ᠶ᠋ᠢᠨ ᠳ᠋ᠦ᠍ ᠮᠢᠺᠷᠣᠰᠺᠣᠫ ᠭᠡᠳᠡᠭ ᠲᠣᠳᠣᠳᠬᠠᠭᠴᠢ ᠳᠤᠷᠠᠨ ᠪᠣᠢ᠃ ᠪᠢᠳᠡ ᠲᠡᠷᠡ ᠳᠤᠷᠠᠨ ᠢ᠋ᠶ᠋ᠠᠷ ᠱᠠᠯᠪᠠᠭ ᠤ᠋ᠨ ᠤᠰᠤᠨ ᠳ᠋ᠤ᠌ ᠪᠠᠢᠳᠠᠭ ᠵᠦᠭᠡᠷ ᠨᠢᠳᠦᠨ ᠳ᠋ᠦ᠍ ᠶᠡᠷᠦ ᠬᠠᠷᠠᠭᠳᠠᠳᠠᠭ ᠦᠭᠡᠢ ᠰᠣᠨᠢᠨ ᠰᠣᠨᠢᠨ ᠵᠢᠵᠢᠭ ᠮᠢᠺᠷᠣᠪ ᠭᠡᠳᠡᠭ ᠠᠮᠢᠲᠠᠨ ᠢ᠋ ᠦᠵᠡᠭᠰᠡᠨ᠃ ᠡᠯᠳᠡᠪ ᠡᠪᠡᠳᠴᠢᠨ ᠲᠡᠷᠡ ᠮᠢᠺᠷᠣᠪ ᠠ᠋ᠴᠠ ᠪᠣᠯᠳᠠᠭ ᠶᠤᠮ ᠭᠡᠵᠦ ᠪᠠᠭᠰᠢ ᠪᠢᠳᠡᠨ ᠳ᠋ᠦ᠍ ᠬᠡᠯᠡᠵᠦ ᠥᠭᠭᠦᠭᠰᠡᠨ᠃ ᠲᠡᠷᠡ ᠤᠴᠢᠷ ᠠ᠋ᠴᠠ ᠬᠣᠭᠣᠯᠠ ᠢᠳᠡᠬᠦ ᠶ᠋ᠢᠨ ᠡᠮᠦᠨ᠎ᠡ ᠭᠠᠷ ᠢ᠋ᠶ᠋ᠠᠨ ᠤᠬᠢᠶᠠᠵᠤ ᠪᠠᠢ ᠭᠡᠵᠦ ᠪᠠᠭᠰᠢ ᠪᠢᠳᠡᠨ ᠳ᠋ᠦ᠍ ᠬᠣᠭᠣᠯᠠ ᠶ᠋ᠢᠨ ᠡᠮᠦᠨ᠎ᠡ ᠭᠠᠷ ᠤᠬᠢᠶᠠᠬᠤ ᠶ᠋ᠢ ᠰᠤᠷᠭᠠᠭᠰᠠᠨ ᠭᠡᠵᠦ ᠲᠡᠮᠦᠷ ᠦ᠋ᠨ ᠬᠡᠯᠡᠲᠡᠯ᠎ᠡ ᠰᠤᠷᠭᠠᠭᠤᠯᠢ ᠶ᠋ᠢᠨ ᠬᠠᠷᠠᠩᠭ᠎ᠠ ᠲᠦᠩ ᠬᠢᠵᠦ ᠴᠣᠬᠢᠪᠠ᠃
ᠬᠡᠭᠡᠷ᠎ᠡ ᠶ᠋ᠢᠨ ᠪᠣᠷᠣ ᠪᠣᠰᠴᠤ᠂ ᠡᠬᠡ ᠶ᠋ᠢᠨ ᠳᠡᠷᠭᠡᠳᠡ ᠰᠠᠭᠤᠵᠤ ᠪᠠᠢᠭᠰᠠᠨ ᠵᠢᠭᠠᠬᠠᠨ ᠲᠡᠮᠦᠷ ᠲᠦ᠍᠂
— ᠵᠠ ᠬᠦᠦ ᠮᠢᠨᠢ᠂ ᠣᠳᠣ ᠴᠢ ᠪᠢᠳᠡ ᠰᠤᠷᠭᠠᠭᠤᠯᠢ ᠳ᠋ᠤ᠌ ᠤᠺᠲ᠋ᠤᠪᠸᠷ ᠤ᠋ᠨ ᠬᠤᠪᠢᠰᠬᠠᠯ ᠤ᠋ᠨ ᠲᠤᠬᠠᠢ ᠤᠭᠲᠤᠯᠭ᠎ᠠ ᠶ᠋ᠢᠨ ᠬᠤᠷᠠᠯ ᠳ᠋ᠤ᠌ ᠣᠷᠣᠶ᠎ᠠ᠃ ᠵᠣᠴᠢᠳ ᠲᠠ ᠪᠦᠬᠦᠨ᠂ ᠬᠣᠰᠢᠭᠤ ᠲᠠᠮᠠᠭ᠎ᠠ ᠶ᠋ᠢᠨ ᠭᠠᠵᠠᠷ ᠪᠠᠶᠠᠷ ᠤ᠋ᠨ ᠤᠭᠲᠤᠯᠭ᠎ᠠ ᠶ᠋ᠢᠨ ᠬᠤᠷᠠᠯ ᠳ᠋ᠤ᠌ ᠣᠴᠢᠨ᠎ᠠ ᠪᠢᠵᠡ ᠳᠡ᠃ ᠲᠡᠨᠳᠡ ᠨᠠᠮ ᠡᠪᠯᠡᠯ ᠦ᠋ᠨ ᠡᠭᠦᠷ᠂ ᠠᠯᠪᠠᠨ ᠬᠠᠭᠠᠭᠴᠢ ᠠᠷᠠᠳ ᠬᠠᠪᠰᠤᠷᠤᠭᠰᠠᠨ ᠬᠤᠷᠠᠯ ᠪᠣᠯᠬᠤ ᠶᠤᠮ ᠭᠡᠨ᠎ᠡ ᠪᠢᠯᠡ ᠬᠡᠮᠡᠪᠡᠰᠦ᠂
— ᠡᠵᠢ ᠠ᠋᠂ ᠡᠵᠢ ᠠ᠋᠂ ᠮᠠᠨ ᠤ᠋ ᠰᠤᠷᠭᠠᠭᠤᠯᠢ ᠶ᠋ᠢᠨ ᠬᠤᠷᠠᠯ ᠳᠡᠭᠡᠷ᠎ᠡ ᠰᠠᠭᠤ᠃ ᠮᠠᠨ ᠤ᠋ ᠬᠤᠷᠠᠯ᠂ ᠲᠡᠷᠡ ᠲᠠᠮᠠᠭ᠎ᠠ ᠶ᠋ᠢᠨ ᠭᠠᠵᠠᠷ ᠪᠣᠯᠬᠤ ᠬᠤᠷᠠᠯ ᠠ᠋ᠴᠠ ᠶᠡᠷᠦ ᠢᠯᠡᠭᠦᠦ ᠰᠠᠢᠬᠠᠨ ᠪᠣᠯᠤᠨ᠎ᠠ ᠤᠤ ᠭᠡᠬᠦ ᠡᠴᠡ ᠪᠢᠰᠢ᠂ ᠳᠤᠲᠠᠭᠤ ᠪᠣᠯᠬᠤ ᠦᠭᠡᠢ᠃ ᠮᠠᠨ ᠤ᠋ ᠰᠤᠷᠭᠠᠭᠤᠯᠢ ᠳ᠋ᠤ᠌ ᠪᠠᠰᠠ ᠬᠤᠷᠠᠯ ᠤ᠋ᠨ ᠰᠡᠭᠦᠯ ᠢ᠋ᠶ᠋ᠡᠷ ᠰᠡᠭᠦᠳᠡᠷ ᠵᠢᠷᠤᠭ ᠦᠵᠡᠭᠦᠯᠦᠨ᠎ᠡ᠃ ᠢᠸᠠᠨ ᠠᠪᠤᠭᠠᠢ ᠶ᠋ᠢᠨ ᠠᠴᠢ ᠨᠢ ᠮᠠᠨ ᠤ᠋ ᠰᠤᠷᠭᠠᠭᠤᠯᠢ ᠳ᠋ᠤ᠌ ᠲᠡᠷᠡ ᠰᠡᠭᠦᠳᠡᠷ ᠵᠢᠷᠤᠭ ᠭᠠᠷᠭᠠᠳᠠᠭ ᠶᠠᠭᠤᠮ᠎ᠠ ᠪᠡᠯᠡᠭᠯᠡᠭᠡᠳ᠂ ᠢᠸᠠᠨ ᠠᠪᠤᠭᠠᠢ ᠰᠤᠷᠭᠠᠭᠤᠯᠢ ᠳ᠋ᠤ᠌ ᠬᠦᠷᠭᠡᠵᠦ ᠠᠪᠴᠢᠷᠠᠭᠰᠠᠨ ᠶᠤᠮ ᠭᠡᠵᠦ ᠡᠬᠡ ᠶ᠋ᠢ ᠭᠤᠶᠤᠪᠠᠯ ᠸᠠᠩ ᠣᠪᠣᠭᠲᠤ ᠡᠪᠦᠭᠡᠨ ᠦ᠌ ᠠᠪᠠᠭᠠᠢ ᠳᠠᠰᠢ᠂ ᠲᠡᠮᠦᠷ ᠦ᠋ᠨ ᠭᠤᠶᠤᠭᠰᠠᠨ ᠢ᠋ ᠳᠡᠮᠵᠢᠯᠴᠡᠵᠤ᠂
— ᠰᠢᠷᠴᠢᠨ ᠠᠪᠤᠭᠠᠢ᠂ ᠲᠠᠮᠠᠭ᠎ᠠ ᠶ᠋ᠢᠨ ᠭᠠᠵᠠᠷ ᠪᠣᠯᠬᠤ ᠬᠤᠷᠠᠯ ᠳ᠋ᠤ᠌ ᠣᠴᠢᠭᠠᠳ᠂ ᠲᠠ ᠬᠣᠶᠠᠷ ᠮᠠᠨ ᠤ᠋ ᠰᠤᠷᠭᠠᠭᠤᠯᠢ ᠳ᠋ᠤ᠌ ᠪᠣᠯᠬᠤ ᠬᠤᠷᠠᠯ ᠳ᠋ᠤ᠌ ᠰᠠᠭᠤᠯᠴᠠᠯ ᠳᠠ᠃ ᠬᠤᠷᠠᠯ ᠤ᠋ᠨ ᠰᠡᠭᠦᠯ ᠢ᠋ᠶ᠋ᠡᠷ ᠮᠠᠨ ᠤ᠋ ᠰᠤᠷᠤᠭᠴᠢᠳ ᠫᠢᠣᠨᠧᠷ ᠦ᠋ᠨ ᠳᠠᠭᠤᠤ᠂ ᠶᠠᠩᠵᠤ ᠶᠠᠩᠵᠤ ᠶ᠋ᠢᠨ ᠳᠠᠭᠤᠤ ᠪᠥᠵᠢᠭ ᠰᠣᠨᠢᠷᠬᠠᠭᠤᠯᠤᠨ᠎ᠠ ᠭᠡᠵᠦ ᠭᠤᠶᠤᠭᠰᠠᠨ ᠲᠤᠯᠠ ᠴᠡᠷᠡᠨ ᠲᠠᠩᠰᠤᠭ ᠬᠣᠶᠠᠷ ᠰᠤᠷᠭᠠᠭᠤᠯᠢ ᠶ᠋ᠢᠨ ᠬᠤᠷᠠᠯ ᠳ᠋ᠤ᠌ ᠰᠠᠭᠤᠯᠴᠠᠬᠤ ᠪᠠᠷ ᠲᠣᠭᠲᠠᠪᠠ᠃
ᠰᠢᠷᠴᠢᠨ ᠢ᠋ ᠸᠠᠩ ᠣᠪᠣᠭᠲᠤ ᠶ᠋ᠢᠨ ᠡᠴᠡ ᠭᠠᠷᠴᠤ᠂ ᠬᠠᠰᠢᠶᠠᠨ ᠤ᠋ ᠬᠠᠭᠠᠯᠭ᠎ᠠ ᠶ᠋ᠢᠨ ᠵᠦᠭ ᠠᠯᠬᠤᠲᠠᠯ᠎ᠠ᠂ ᠨᠠᠰᠤᠨᠪᠠᠲᠤ ᠵᠠᠮ ᠲᠣᠬᠢᠶᠠᠯᠳᠤᠵᠤ᠂
— ᠪᠢ ᠲᠠ ᠨᠠᠷ ᠢ᠋ ᠠᠯᠳᠠᠵᠤ ᠣᠷᠬᠢᠭᠠᠳ᠂ ᠬᠠᠮᠢᠭᠠᠰᠢ ᠣᠴᠢᠭᠰᠠᠨ ᠢ᠋ ᠭᠠᠢᠬᠠᠵᠤ ᠪᠠᠢᠯ᠎ᠠ᠃ ᠲᠠ ᠨᠠᠷ ᠠᠢᠯ ᠬᠡᠰᠦᠵᠦ ᠶᠠᠪᠤᠭ᠎ᠠ ᠶᠤᠮ ᠪᠣᠢ! ᠵᠠ᠂ ᠲᠠᠮᠠᠭ᠎ᠠ ᠶ᠋ᠢᠨ ᠭᠠᠵᠠᠷ ᠪᠣᠯᠬᠤ ᠬᠤᠷᠠᠯ ᠳ᠋ᠤ᠌ ᠣᠴᠢᠬᠤ ᠬᠥᠮᠦᠨ ᠪᠠᠢᠨᠠᠤ (ᠪᠠᠢᠨ᠎ᠠ ᠤᠤ)! ᠭᠡᠬᠦ ᠳ᠋ᠦ᠍ᠨᠢ( ᠳ᠋ᠦ᠍ ᠨᠢ)᠂ ᠰᠢᠷᠴᠢᠨ᠂
— ᠪᠢ ᠣᠴᠢᠨ᠎ᠠ᠂ ᠮᠠᠨᠠᠢᠬᠢᠨ ᠡᠨᠳᠡ ᠰᠤᠷᠭᠠᠭᠤᠯᠢ ᠶ᠋ᠢᠨ ᠬᠤᠷᠠᠯ ᠳ᠋ᠤ᠌ ᠰᠠᠭᠤᠯᠴᠠᠶᠠ ᠭᠡᠵᠦ ᠪᠠᠢᠬᠤ ᠰᠢᠪ ᠳᠡ ᠭᠡᠪᠡ᠃
ᠬᠣᠰᠢᠭᠤ ᠲᠠᠮᠠᠭ᠎ᠠ ᠶ᠋ᠢᠨ ᠲᠣᠮᠣ ᠭᠡᠷ ᠲᠦ᠍᠂ ᠬᠤᠰᠢᠭᠤᠨ ᠳ᠋ᠠᠬᠢ ᠨᠠᠮ ᠡᠪᠯᠡᠯ ᠦ᠋ᠨ ᠡᠭᠦᠷ ᠦ᠋ᠨ ᠪᠦᠬᠦ ᠭᠡᠰᠢᠭᠦᠳ᠂ ᠲᠠᠮᠠᠭ᠎ᠠ ᠶ᠋ᠢᠨ ᠠᠯᠪᠠᠨ ᠬᠠᠭᠠᠭᠴᠢ᠂ ᠬᠣᠷᠰᠢᠶᠠᠨ ᠤ᠋ ᠬᠢᠨ᠂ ᠠᠷᠠᠳ ᠤ᠋ᠳ ᠴᠤᠭᠯᠠᠵᠤ᠂ ᠬᠣᠢᠮᠣᠷ ᠵᠦᠭ ᠬᠠᠨᠠᠨ ᠳ᠋ᠤ᠌ ᠯᠧᠨᠢᠨ ᠦ᠌ ᠵᠢᠷᠤᠭ ᠢ᠋ ᠲᠠᠨ᠎ᠠ ᠰᠢᠭᠢᠳᠬᠡᠭᠰᠡᠨ ᠵᠢᠶᠠᠰᠠᠨ ᠳ᠋ᠤ᠌ ᠬᠢᠵᠦ᠂ ᠴᠢᠮᠡᠭᠯᠡᠨ ᠡᠯᠭᠦᠵᠦ᠂ ᠤᠯᠠᠭᠠᠨ ᠳᠠᠪᠤᠤ ᠳ᠋ᠤ᠌ ᠴᠠᠭᠠᠨ ᠪᠣᠳᠣᠭ ᠢ᠋ᠶ᠋ᠠᠷ ᠣᠺᠲ᠋ᠣᠪᠧᠷ ᠦ᠋ᠨ ᠬᠤᠪᠢᠰᠬᠠᠯ ᠮᠠᠨᠳᠤᠲᠤᠭᠠᠢ! ᠳᠡᠯᠡᠬᠡᠢ ᠳ᠋ᠠᠬᠢᠨ ᠤ᠋ ᠳᠠᠷᠤᠯᠠᠭᠳᠠᠭᠰᠠᠨ ᠤᠯᠤᠰ ᠡᠷᠬᠡ ᠴᠢᠯᠥᠭᠡ ᠪᠡᠨ ᠣᠯᠬᠤ ᠪᠣᠯᠲᠤᠭᠠᠢ! ᠮᠣᠩᠭᠣᠯ ᠵᠥᠪᠯᠡᠯᠲᠦ ᠬᠣᠶᠠᠷ ᠤᠯᠤᠰ ᠤ᠋ᠨ ᠡᠭᠦᠷᠢᠳᠡ ᠶ᠋ᠢᠨ ᠬᠡᠯᠬᠢᠶ᠎ᠡ ᠨᠠᠢᠷᠠᠮᠳᠠᠯ ᠮᠠᠨᠳᠤᠲᠤᠭᠠᠢ! ᠭᠡᠵᠦ ᠬᠢᠴᠢᠶᠡᠩᠭᠦᠢ ᠦᠰᠦᠭ ᠢ᠋ᠶ᠋ᠡᠷ ᠪᠢᠴᠢᠵᠡᠢ᠃ ᠨᠠᠮ ᠤ᠋ᠨ ᠡᠭᠦᠷ ᠦ᠋ᠨ ᠳᠠᠷᠤᠭ᠎ᠠ ᠪᠠᠶᠠᠷ ᠤ᠋ᠨ ᠬᠤᠷᠠᠯ ᠢ᠋ ᠨᠡᠭᠡᠭᠡᠵᠦ᠂ ᠳᠠᠷᠤᠭ᠎ᠠ᠂ ᠨᠠᠷᠢᠨ ᠪᠢᠴᠢᠭ ᠦ᠋ᠨ ᠳᠠᠷᠤᠭ᠎ᠠ ᠰᠣᠩᠭᠣᠮᠤ ᠭᠡᠰᠡᠨ ᠳ᠋ᠦ᠍᠂ ᠪᠠᠲᠤᠪᠠᠶᠠᠷ ᠰᠠᠨᠠᠯ ᠭᠠᠷᠭᠠᠵᠤ᠂
— ᠬᠤᠷᠠᠯ ᠤ᠋ᠨ ᠳᠠᠷᠤᠭ᠎ᠠ ᠳ᠋ᠤ᠌ ᠨᠠᠮ ᠤ᠋ᠨ ᠡᠭᠦᠷ ᠦ᠋ᠨ ᠳᠠᠷᠤᠭ᠎ᠠ ᠰᠠᠮᠪᠤᠤ᠂ ᠨᠠᠷᠢᠨ ᠪᠢᠴᠢᠭ ᠦ᠋ᠨ ᠳᠠᠷᠤᠭ᠎ᠠ ᠳ᠋ᠤ᠌ ᠵᠠᠯᠠᠭᠤᠴᠤᠳ ᠤ᠋ᠨ ᠡᠭᠦᠷ ᠦ᠋ᠨ ᠳᠠᠷᠤᠭ᠎ᠠ ᠳᠠᠨᠢᠭᠠᠢ ᠶ᠋ᠢ ᠰᠣᠩᠭᠣᠶᠠ ᠭᠡᠰᠡᠨ ᠳ᠋ᠦ᠍᠂ ᠬᠤᠷᠠᠯᠳᠤᠭᠰᠠᠳ ᠵᠦᠢᠲᠡᠢ ᠭᠡᠵᠦ ᠨᠢᠭᠡᠨ ᠰᠠᠨᠠᠭ᠎ᠠ ᠪᠠᠷ ᠪᠠᠲᠤᠯᠠᠪᠠᠰᠤ᠂ ᠳᠠᠨᠢᠭᠠᠢ ᠰᠠᠨᠠᠯ ᠭᠠᠷᠭᠠᠵᠤ᠂
— ᠲᠤᠰ ᠪᠠᠶᠠᠷ ᠤ᠋ᠨ ᠬᠤᠷᠠᠯ ᠤ᠋ᠨ ᠬᠦᠨᠳᠦᠲᠦ ᠲᠡᠷᠢᠭᠦᠯᠡᠭᠴᠢ ᠳ᠋ᠦ᠍ ᠣᠺᠲ᠋ᠣᠪᠧᠷ ᠦ᠋ᠨ ᠬᠤᠪᠢᠰᠬᠠᠯ ᠢ᠋ ᠮᠠᠩᠯᠠᠢᠯᠠᠨ ᠤᠳᠤᠷᠢᠳᠴᠤ᠂ ᠵᠣᠬᠢᠶᠠᠨ ᠪᠠᠢᠭᠤᠯᠤᠭᠰᠠᠨ ᠶᠡᠬᠡ ᠪᠠᠭᠰᠢ ᠯᠧᠨᠢᠨ᠂ ᠮᠥᠨ ᠮᠠᠨ ᠤ᠋ ᠠᠷᠠᠳ ᠤ᠋ᠨ ᠬᠤᠪᠢᠰᠬᠠᠯ ᠢ᠋ ᠤᠳᠤᠷᠢᠳᠴᠤ᠂ ᠪᠢᠳᠡᠨ ᠦ᠌ ᠬᠤᠪᠢᠰᠬᠠᠯᠲᠤ ᠵᠠᠯᠠᠭᠤᠴᠤᠳ ᠤ᠋ᠨ ᠡᠪᠯᠡᠯ ᠢ᠋ ᠵᠣᠬᠢᠶᠠᠨ ᠪᠠᠢᠭᠤᠯᠤᠭᠰᠠᠨ ᠤᠳᠤᠷᠢᠳᠤᠭᠴᠢ ᠨᠥᠬᠥᠷ ᠴᠣᠢᠪᠠᠯᠰᠠᠩ ᠢ᠋ ᠰᠣᠩᠭᠣᠬᠤ ᠰᠠᠨᠠᠯ ᠨᠠᠳᠠᠳᠤ (ᠨᠠᠳᠠ ᠳ᠋ᠤ᠌) ᠪᠠᠢᠨ᠎ᠠ ᠭᠡᠬᠦ ᠳ᠋ᠦ᠍᠂ ᠬᠤᠷᠠᠯᠳᠤᠭᠰᠠᠳ ᠵᠦᠢᠲᠡᠢ ᠵᠦᠢᠲᠡᠢ ᠭᠡᠵᠡᠭᠡᠨ ᠪᠠᠲᠤᠯᠠᠪᠠ᠃
ᠪᠠᠶᠠᠷ ᠤ᠋ᠨ ᠬᠤᠷᠠᠯ ᠤ᠋ᠨ ᠳᠠᠷᠤᠭ᠎ᠠ ᠰᠠᠮᠪᠤᠤ᠂ ᠬᠤᠷᠠᠯᠳᠤᠭᠰᠠᠳ ᠲᠤ᠌ ᠣᠳᠣ ᠨᠥᠬᠥᠷ ᠨᠠᠰᠤᠨᠪᠠᠲᠤ᠂ ᠣᠷᠣᠰ ᠤᠯᠤᠰ ᠲᠤ᠌ ᠣᠺᠲ᠋ᠣᠪᠧᠷ ᠦ᠋ᠨ ᠶᠡᠬᠡ ᠬᠤᠪᠢᠰᠬᠠᠯ ᠮᠠᠨᠳᠤᠵᠤ᠂ ᠲᠡᠭᠦᠨ ᠦ᠌ ᠠᠴᠢ ᠪᠠᠷ ᠮᠠᠨ ᠤ᠋ ᠠᠷᠠᠳ ᠲᠦᠮᠡᠨ ᠦ᠌ ᠡᠷᠬᠡ ᠴᠢᠯᠥᠭᠡ ᠪᠡᠨ ᠲᠡᠮᠡᠴᠡᠨ ᠣᠯᠤᠭᠰᠠᠨ ᠲᠤᠬᠠᠢ ᠠᠢᠯᠠᠳᠬᠠᠯ ᠬᠢᠨ᠎ᠡ ᠭᠡᠵᠦ᠂ ᠨᠠᠰᠤᠨᠪᠠᠲᠤ ᠮᠠᠰᠢ ᠢᠷᠠᠭᠤ ᠲᠣᠳᠣᠷᠬᠠᠢ ᠢᠯᠡᠳᠬᠡᠯ ᠬᠢᠵᠦ᠂ ᠣᠺᠲ᠋ᠣᠪᠧᠷ ᠦ᠋ᠨ ᠬᠤᠪᠢᠰᠬᠠᠯ ᠮᠠᠨᠳᠤᠭᠰᠠᠨ ᠨᠢ ᠲᠦᠮᠡᠨ ᠤᠯᠤᠰ ᠲᠤ᠌ ᠠᠴᠢ ᠬᠣᠯᠪᠣᠭᠳᠠᠯᠲᠠᠢ ᠶ᠋ᠢ ᠣᠨᠴᠠᠯᠠᠨ ᠳᠤᠷᠠᠳᠴᠤ᠂ ᠲᠡᠷᠡ ᠶᠡᠬᠡ ᠬᠤᠪᠢᠰᠬᠠᠯ ᠤ᠋ᠨ ᠠᠴᠢ ᠪᠠᠷ ᠮᠠᠨ ᠤ᠋ ᠠᠷᠠᠳ ᠤ᠋ᠨ ᠬᠤᠪᠢᠰᠬᠠᠯ ᠢᠯᠠᠭᠰᠠᠨ ᠢ᠋ ᠬᠡᠯᠡᠭᠡᠳ ᠵᠥᠪᠯᠡᠯᠲᠦ ᠤᠯᠤᠰ ᠤ᠋ᠨ ᠠᠷᠠᠳ ᠲᠦᠮᠡᠨ ᠢ᠋ ᠢᠯᠠᠯᠲᠠ ᠶ᠋ᠢᠨ ᠵᠦᠭ ᠤᠳᠤᠷᠢᠳᠤᠨ ᠪᠠᠢᠭ᠎ᠠ ᠡᠪ ᠬᠠᠮᠲᠤ ᠪᠣᠯᠱᠧᠸᠢᠭ ᠨᠠᠮ ᠤ᠋ᠨ ᠤᠴᠢᠷ ᠢ᠋ ᠶᠠᠷᠢᠵᠠᠢ᠃ ᠮᠠᠨ ᠤ᠋ ᠠᠷᠠᠳ ᠤ᠋ᠨ ᠨᠠᠮ ᠢ᠋ ᠪᠠᠢᠭᠤᠯᠤᠨ ᠤᠳᠤᠷᠢᠳᠤᠭᠴᠢ ᠰᠦᠬᠡᠪᠠᠭᠠᠲᠤᠷ᠂ ᠴᠣᠢᠪᠠᠯᠰᠠᠩ ᠨᠠᠷ ᠵᠥᠪᠯᠡᠯᠲᠦ ᠤᠯᠤᠰ ᠢ᠋ ᠮᠣᠩᠭᠣᠯ ᠠᠷᠠᠳ ᠤᠯᠤᠰ ᠤ᠋ᠨ ᠲᠤᠰᠠᠭᠠᠷ ᠲᠣᠭᠲᠠᠨᠢᠨ ᠮᠠᠨᠳᠤᠬᠤ ᠶ᠋ᠢᠨ ᠪᠠᠲᠤ ᠲᠦᠰᠢᠭ ᠭᠡᠵᠦ ᠶᠠᠭᠤᠨ ᠤ᠋ ᠤᠴᠢᠷ ᠠ᠋ᠴᠠ ᠦᠵᠡᠳᠡᠭ ᠦ᠋ᠨ ᠭᠡᠷᠡᠴᠢ ᠪᠠᠷᠢᠮᠲᠠ ᠡᠰᠢ ᠲᠡᠳᠡᠨ ᠬᠡᠯᠡᠵᠦ᠂ ᠬᠤᠷᠠᠯᠳᠤᠭᠰᠠᠳ ᠶᠡᠬᠡᠯ᠎ᠡ( ᠶᠡᠬᠡ ᠯᠡ)ᠠᠩᠬᠠᠷᠤᠨ ᠰᠣᠨᠣᠰᠪᠠ᠃ ᠢᠯᠡᠳᠬᠡᠯ ᠦ᠋ᠨ ᠰᠡᠭᠦᠯᠡᠷ ᠰᠢᠷᠴᠢᠨ ᠰᠠᠨᠠᠯ ᠭᠠᠷᠭᠠᠵᠤ᠂ ᠪᠢᠳᠡᠨ ᠦ᠌ ᠮᠣᠩᠭᠣᠯ ᠤ᠋ᠨ ᠠᠷᠠᠳ ᠲᠦᠮᠡᠨ ᠲᠡᠢᠨᠬᠦ(ᠲᠡᠢᠨ ᠬᠦ᠌) ᠡᠷᠬᠡ ᠴᠢᠯᠥᠭᠡᠲᠦ ᠵᠥᠪᠯᠡᠯᠲᠦ ᠤᠯᠤᠰ ᠤ᠋ᠨ ᠬᠠᠯᠠᠭᠤᠨ ᠲᠤᠰᠠᠯᠠᠮᠵᠢ ᠶ᠋ᠢ ᠵᠦᠢᠯ ᠵᠦᠢᠯ ᠢ᠋ᠶ᠋ᠡᠷ ᠬᠦᠯᠢᠶᠡᠨ ᠪᠣᠢ ᠡᠭᠦᠨ ᠳ᠋ᠦ᠍᠂ ᠲᠤᠢᠯ ᠤ᠋ᠨ ᠶᠡᠬᠡ ᠪᠠᠶᠠᠷᠯᠠᠬᠤ ᠲᠤᠯᠠ ᠳᠡᠯᠡᠬᠡᠢ ᠳ᠋ᠠᠬᠢᠨ ᠤ᠋ ᠳᠠᠷᠤᠯᠠᠭᠳᠠᠭᠰᠠᠨ ᠣᠯᠠᠨ ᠤᠯᠤᠰ ᠲᠤ᠌ ᠡᠷᠬᠡ ᠴᠢᠯᠥᠭᠡ ᠪᠡᠨ ᠢᠩᠭᠢᠵᠦ ᠣᠯᠬᠤ ᠭᠡᠭᠡᠨ ᠵᠠᠮ ᠢ᠋ ᠵᠢᠭᠠᠵᠤ ᠥᠭᠭᠦᠭᠰᠡᠨ ᠣᠺᠲ᠋ᠣᠪᠧᠷ ᠦ᠋ᠨ ᠶᠡᠬᠡ ᠬᠤᠪᠢᠰᠬᠠᠯ ᠤ᠋ᠨ ᠡᠨᠡ ᠰᠠᠢᠬᠠᠨ ᠣᠢ ᠶ᠋ᠢ ᠮᠠᠨ ᠤ᠋ ᠮᠣᠩᠭᠣᠯ ᠤᠯᠤᠰ ᠲᠤ᠌ ᠠᠩᠬ᠎ᠠ ᠤᠳᠠᠭ᠎ᠠ ᠢᠩᠭᠢᠵᠦ ᠰᠠᠢᠬᠠᠨ ᠢ᠋ᠶ᠋ᠠᠷ ᠲᠡᠮᠳᠡᠭᠯᠡᠵᠦ ᠪᠠᠢᠭ᠎ᠠ ᠡᠭᠦᠨ ᠳ᠋ᠦ᠍᠂ ᠮᠠᠨ ᠤ᠋ ᠬᠤᠰᠢᠭᠤᠨ ᠤ᠋ ᠠᠷᠠᠳ ᠤ᠋ᠨ ᠪᠠᠶᠠᠷ ᠤ᠋ᠨ ᠬᠤᠷᠠᠯ ᠠ᠋ᠴᠠ ᠤᠯᠢᠶᠠᠰᠤᠲᠠᠢ ᠬᠣᠲᠠ ᠳ᠋ᠤ᠌ ᠪᠠᠢᠭ᠎ᠠ ᠵᠥᠪᠯᠡᠯᠲᠦ ᠤᠯᠤᠰ ᠤ᠋ᠨ ᠺᠣᠨᠰᠦ᠋ᠯ ᠦ᠋ᠨ ᠶᠠᠮᠤᠨ ᠳ᠋ᠤ᠌ ᠪᠠᠶᠠᠷ ᠲᠠᠯᠠᠷᠬᠠᠯ ᠤ᠋ᠨ ᠪᠢᠴᠢᠭ ᠶᠠᠪᠤᠭᠤᠯᠪᠠᠯ ᠶᠠᠮᠠᠷ ᠭᠡᠰᠡᠨ ᠳ᠋ᠦ᠍ ᠂ ᠣᠯᠠᠨ ᠢ᠋ᠶ᠋ᠠᠷ ᠵᠦᠢᠲᠡᠢ! ᠬᠤᠷᠠᠯ ᠤ᠋ᠨ ᠲᠡᠷᠢᠭᠦᠯᠡᠭᠴᠢᠳ ᠡᠴᠡ ᠪᠢᠳᠡ ᠪᠦᠭᠦᠳᠡ ᠶ᠋ᠢ ᠲᠥᠯᠥᠭᠡᠯᠡᠨ᠂ ᠴᠢᠩ ᠦᠨᠡᠨ ᠰᠡᠳᠬᠢᠯ ᠦ᠋ᠨ ᠦᠭᠡ ᠲᠡᠢ ᠪᠢᠴᠢᠭ ᠶᠠᠪᠤᠭᠤᠯᠵᠤ ᠭᠦᠢᠴᠡᠳᠬᠡᠮᠦ ᠭᠡᠵᠡᠢ᠃
— ᠲᠠ ᠪᠦᠭᠦᠳᠡ ᠶ᠋ᠢᠨ ᠰᠠᠨᠠᠯ ᠤ᠋ᠨ ᠶᠣᠰᠣᠭᠠᠷ ᠭᠦᠢᠴᠡᠳᠬᠡᠶ᠎ᠡ! ᠭᠡᠵᠦ ᠬᠡᠯᠡᠭᠡᠳ ᠬᠤᠷᠠᠯ ᠤ᠋ᠨ ᠳᠠᠷᠤᠭ᠎ᠠ ᠰᠠᠮᠪᠤᠤ᠂ ᠰᠦᠬᠡᠪᠠᠭᠠᠲᠤᠷ ᠵᠠᠩᠵᠤᠨ ᠤ᠋ ᠪᠡᠯᠡᠭ ᠥᠭᠭᠦᠭᠰᠡᠨ᠂ ᠳᠤᠤᠭᠠᠷᠳᠠᠭ ᠠᠯᠲᠠᠨ ᠴᠠᠭ ᠭᠠᠷᠭᠠᠭᠠᠳ᠂ ᠣᠳᠣ ᠬᠡᠯᠡᠯᠴᠡᠬᠦ ᠵᠦᠢᠯ ᠳᠠᠭᠤᠰᠤᠯ᠎ᠠ᠃ ᠴᠢᠬᠤᠯᠠ ᠵᠠᠷᠯᠠᠬᠤ ᠨᠢᠭᠡᠨ ᠵᠦᠢᠯ ᠪᠠᠢᠨ᠎ᠠ ᠭᠡᠵᠦ ᠡᠷᠬᠢᠮᠰᠦᠭᠯᠡᠨ ᠥᠭᠦᠯᠡᠷᠦᠨ᠄ ᠮᠠᠷᠭᠠᠰᠢ ᠥᠷᠯᠥᠭᠡᠨ ᠦ᠌ ᠶᠢᠰᠦᠨ ᠴᠠᠭ ᠲᠤ᠌ ᠢᠨᠳᠡᠷ ᠦ᠋ᠨ ᠭᠠᠵᠠᠷ᠂ ᠣᠺᠲ᠋ᠣᠪᠧᠷ ᠦ᠋ᠨ ᠶᠡᠬᠡ ᠬᠤᠪᠢᠰᠬᠠᠯ ᠤ᠋ᠨ ᠣᠢ ᠳ᠋ᠤ᠌ ᠵᠣᠷᠢᠭᠤᠯᠤᠭᠰᠠᠨ ᠪᠠᠶᠠᠷ ᠤ᠋ᠨ ᠵᠢᠭᠰᠠᠭᠠᠯ ᠶᠣᠰᠣᠯᠠᠯ ᠪᠣᠯᠬᠤ ᠶ᠋ᠢ ᠵᠠᠷᠯᠠᠵᠤ᠂ ᠨᠠᠮ ᠡᠪᠯᠡᠯ ᠦ᠋ᠨ ᠭᠡᠰᠢᠭᠦᠳ᠂ ᠲᠠᠮᠠᠭ᠎ᠠ ᠶ᠋ᠢᠨ ᠭᠠᠵᠠᠷ᠂ ᠠᠷᠠᠳ ᠤ᠋ᠨ ᠬᠠᠷᠢᠯᠴᠠᠨ ᠲᠤᠰᠠᠯᠠᠯᠴᠠᠬᠤ ᠬᠣᠷᠰᠢᠶᠠᠨ ᠤ᠋ ᠠᠯᠪᠠᠨ ᠬᠠᠭᠠᠭᠴᠢ ᠨᠠᠷ ᠲᠤᠰ ᠲᠠᠮᠠᠭ᠎ᠠ ᠶ᠋ᠢᠨ ᠭᠠᠵᠠᠷ ᠨᠠᠢ᠍ᠮᠠᠨ ᠴᠠᠭ ᠬᠠᠭᠠᠰ ᠲᠤ᠌ ᠨᠢᠭᠡᠨ ᠵᠡᠷᠭᠡᠪᠡᠷ ᠴᠤᠭᠯᠠᠪᠠᠯ ᠵᠣᠬᠢᠬᠤ ᠶ᠋ᠢ ᠵᠠᠷᠯᠠᠨ ᠰᠣᠨᠣᠰᠬᠠᠪᠠ᠃
ᠳᠡᠯᠡᠬᠡᠢ ᠶ᠋ᠢᠨ ᠲᠦᠮᠡᠨ ᠤᠯᠤᠰ ᠤ᠋ᠨ ᠡᠩᠬᠡ ᠵᠢᠷᠭᠠᠯ ᠤ᠋ᠨ ᠵᠦᠭ ᠤᠳᠤᠷᠢᠳᠤᠭᠴᠢ ᠭᠤᠷᠪᠠᠳᠤᠭᠠᠷ ᠢᠨᠲ᠋ᠧᠷᠨᠠᠼᠢᠣᠨᠠᠯ ᠤ᠋ᠨ ᠳᠠᠭᠤᠤ ᠬᠣᠰᠢᠭᠤ ᠲᠠᠮᠠᠭ᠎ᠠ ᠶ᠋ᠢᠨ ᠲᠣᠮᠣ ᠭᠡᠷ ᠲᠦ᠍ ᠳᠠᠭᠤᠷᠢᠰᠪᠠ᠃ ᠰᠦᠬᠡᠪᠠᠭᠠᠲᠤᠷ᠂ ᠴᠣᠢᠪᠠᠯᠰᠠᠩ ᠤ᠋ᠨ ᠵᠢᠷᠤᠮ ᠤ᠋ᠨ ᠴᠡᠷᠢᠭ ᠦ᠋ᠨ ᠵᠣᠬᠢᠶᠠᠭᠰᠠᠨ ᠲᠡᠷᠡ ᠳᠠᠭᠤᠤ ᠠᠭᠤᠳᠠᠮ ᠬᠡᠭᠡᠷ᠎ᠡ ᠲᠠᠯ᠎ᠠ ᠶ᠋ᠢᠨ ᠮᠣᠩᠭᠣᠯ ᠨᠤᠲᠤᠭ ᠳᠠᠶᠠᠭᠠᠷ ᠲᠤ᠌ ᠲᠦᠭᠡᠵᠦ ᠠᠯᠳᠠᠷᠰᠢᠭᠰᠠᠨ ᠳᠠᠭᠤᠤ ᠪᠢᠯᠡ᠃ ᠲᠠᠮᠠᠭ᠎ᠠ ᠶ᠋ᠢᠨ ᠭᠠᠵᠠᠷ ᠴᠤᠭᠯᠠᠭᠰᠠᠨ ᠬᠦᠷᠡᠩ ᠤᠯᠠᠭᠠᠨ ᠴᠢᠷᠠᠢ ᠲᠠᠢ ᠬᠦᠳᠡᠷ ᠴᠢᠬᠢᠷᠡᠭ ᠪᠡᠶ᠎ᠡ ᠲᠡᠢ ᠬᠠᠲᠠᠭᠤᠵᠢᠯᠲᠤ ᠮᠠᠯᠴᠢᠨ ᠠᠷᠠᠳ ᠤ᠋ᠳ᠂ ᠬᠣᠶᠠᠷ ᠦᠭᠡᠢ ᠦᠨᠡᠨ᠂ ᠠᠷᠢᠭᠤᠨ ᠴᠢᠩ ᠰᠡᠳᠬᠢᠯ ᠳ᠋ᠦ᠍ᠨᠢ( ᠳ᠋ᠦ᠍ ᠨᠢ) ᠭᠠᠵᠠᠷ ᠬᠡᠳᠦᠢ ᠠᠯᠤᠰ ᠬᠣᠯᠠ ᠪᠣᠯᠪᠠᠴᠤ ᠣᠢᠷ᠎ᠠ ᠳᠣᠲᠣᠨᠣ ᠰᠠᠨᠠᠭᠳᠠᠳᠠᠭ ᠮᠣᠰᠺᠸᠠ ᠶ᠋ᠢᠨ ᠵᠦᠭ ᠤᠮᠠᠷ᠎ᠠ ᠲᠡᠰᠢ ᠬᠠᠨᠳᠤᠨ᠂ ᠲᠡᠷᠡ ᠳᠠᠭᠤᠤ ᠶ᠋ᠢ ᠡᠭᠡᠰᠢᠭᠯᠡᠨ ᠳᠠᠭᠤᠯᠠᠵᠠᠢ᠃
ᠡᠭᠦᠳᠡᠨ ᠦ᠌ ᠬᠣᠶᠠᠷ ᠲᠠᠯ᠎ᠠ ᠳ᠋ᠤ᠌᠂ ᠠᠯᠤᠬ᠎ᠠ ᠬᠠᠳᠤᠭᠤᠷ ᠲᠡᠮᠳᠡᠭ ᠲᠡᠢ ᠵᠥᠪᠯᠡᠯᠲᠦ ᠶ᠋ᠢᠨ ᠳᠠᠯᠪᠠᠭ᠎ᠠ᠂ ᠮᠣᠩᠭᠣᠯ ᠤ᠋ᠨ ᠠᠷᠠᠳ ᠲᠦᠮᠡᠨ ᠦ᠌ ᠡᠷᠬᠡ ᠴᠢᠯᠥᠭᠡ᠂ ᠲᠤᠰᠠᠭᠠᠷ ᠲᠣᠭᠲᠠᠨᠢᠯ ᠤ᠋ᠨ ᠪᠡᠯᠭᠡ ᠲᠡᠮᠳᠡᠭ ᠰᠣᠶᠣᠩᠪᠣ ᠲᠠᠢ ᠳᠠᠯᠪᠠᠭ᠎ᠠ ᠬᠡᠢᠰᠬᠡᠭᠰᠡᠨ ᠲᠠᠮᠠᠭ᠎ᠠ ᠶ᠋ᠢᠨ ᠭᠠᠵᠠᠷ ᠤ᠋ᠨ ᠲᠣᠮᠣ ᠭᠡᠷ ᠦ᠋ᠨ ᠳᠡᠷᠭᠡᠳᠡ ᠮᠠᠨᠠᠭᠠᠷ ᠥᠷᠯᠥᠭᠡ ᠬᠣᠰᠢᠭᠤ ᠲᠠᠮᠠᠭ᠎ᠠ ᠶ᠋ᠢᠨ ᠠᠯᠪᠠᠨ ᠬᠠᠭᠠᠭᠴᠢ᠂ ᠬᠣᠷᠰᠢᠶᠠᠨ ᠤ᠋ ᠬᠢᠨ᠂ ᠰᠤᠷᠭᠠᠭᠤᠯᠢ ᠶ᠋ᠢᠨ ᠵᠠᠷᠢᠮ ᠪᠠᠭᠰᠢ᠂ ᠭᠠᠯᠴᠢ᠂ ᠴᠡᠪᠡᠷᠯᠡᠭᠴᠢ᠂ ᠡᠩᠭᠡᠷ ᠲᠡᠭᠡᠨ ᠤᠯᠠᠭᠠᠨ ᠪᠦᠴᠡ ᠵᠡᠭᠦᠵᠦ ᠴᠤᠭᠯᠠᠪᠠ᠃ ᠰᠤᠷᠭᠠᠭᠤᠯᠢ ᠶ᠋ᠢᠨ ᠬᠡᠦᠬᠡᠳ ᠦ᠋ᠨ ᠡᠴᠢᠭᠡ ᠡᠬᠡ ᠡᠴᠡ ᠬᠤᠰᠢᠭᠤᠨ ᠤ᠋ ᠲᠥᠪ ᠲᠦ᠍ ᠤᠺᠲ᠋ᠤᠪᠧᠷ ᠦ᠋ᠨ ᠪᠠᠶᠠᠷ ᠶᠣᠰᠣᠯᠠᠯ ᠬᠢᠬᠦ ᠶ᠋ᠢ ᠦᠵᠡᠬᠦ ᠪᠡᠷ ᠢᠷᠡᠭᠰᠡᠳ ᠮᠥᠨ ᠬᠦᠷᠴᠦ ᠢᠷᠡᠪᠡ᠃ ᠰᠤᠷᠭᠠᠭᠤᠯᠢ ᠶ᠋ᠢᠨ ᠠᠭᠤᠳᠠᠮ ᠬᠠᠰᠢᠶᠠᠨ ᠠ᠋ᠴᠠ ᠬᠠᠷᠠᠩᠭ᠎ᠠ ᠴᠣᠬᠢᠬᠤ ᠴᠢᠮᠡᠭᠡ ᠰᠣᠨᠣᠰᠳᠠᠵᠤ᠂ ᠬᠠᠭᠠᠯᠭ᠎ᠠ ᠴᠠᠯᠠᠢᠲᠠᠯ᠎ᠠ ᠨᠡᠭᠡᠭᠡᠭᠳᠡᠭᠡᠳ ᠪᠥᠮᠪᠥᠷ ᠨᠢᠵᠢᠭᠢᠨᠡᠨ ᠳᠤᠤᠭᠠᠷᠴᠤ ᠢᠪ ᠢᠵᠢᠯᠬᠡᠨ᠂ ᠰᠢᠪ ᠰᠢᠨᠡᠬᠡᠨ ᠬᠠᠷ᠎ᠠ ᠬᠥᠬᠡ ᠲᠡᠯᠢᠩ ᠲᠡᠷᠯᠢᠭ ᠲᠡᠢ ᠨᠠᠶᠠᠨ ᠰᠤᠷᠤᠭᠴᠢ ᠵᠢᠷᠢᠯᠵᠡᠨ ᠠᠯᠬᠤᠵᠤ ᠵᠢᠭᠰᠠᠨ ᠭᠠᠷᠴᠤ ᠢᠷᠡᠭᠰᠡᠨ ᠨᠢ᠂ ᠲᠤᠭᠴᠢᠨ᠂ ᠪᠥᠮᠪᠦᠷᠴᠢᠨ᠂ ᠵᠢᠭᠰᠠᠭᠠᠯ ᠤ᠋ᠨ ᠡᠮᠦᠨ᠎ᠡ ᠲᠦᠷᠦᠭᠦᠯᠡᠨ ᠠᠯᠬᠤᠵᠤ᠂ ᠬᠠᠵᠠᠭᠤ ᠲᠠᠯ᠎ᠠ ᠪᠠᠷ ᠪᠠᠭᠰᠢ ᠵᠠᠩ ᠱᠢ᠂ ᠲᠠᠪᠬᠠᠢ᠂ ᠠᠩᠭᠢ ᠶ᠋ᠢᠨ ᠳᠠᠷᠤᠭ᠎ᠠ ᠨᠠᠷ ᠵᠢᠭᠰᠠᠨ ᠭᠠᠷᠴᠤ ᠢᠷᠡᠯ᠎ᠡ᠃
ᠪᠥᠮᠪᠥᠷ ᠦ᠋ᠨ ᠨᠢᠵᠢᠭᠢᠨᠡᠬᠦ᠂ ᠰᠤᠷᠤᠭᠴᠢᠳ ᠤ᠋ᠨ ᠳᠠᠭᠤᠤ ᠡᠭᠡᠰᠢᠭᠯᠡᠨ ᠳᠠᠭᠤᠯᠠᠬᠤ ᠴᠢᠮᠡᠭᠡ ᠪᠡᠷ ᠬᠡᠢᠳ ᠵᠦᠭ ᠡᠴᠡ ᠤᠷᠠᠩᠬᠠᠢ ᠭᠬᠢᠷᠲᠦᠩᠬᠡᠢ ᠰᠢᠷ᠎ᠠ ᠤᠯᠠᠭᠠᠨ ᠳᠡᠪᠡᠯ ᠲᠡᠢ ᠪᠢᠴᠢᠬᠠᠨ ᠪᠠᠨᠳᠢ ᠨᠠᠷ ᠭᠦᠶᠦᠨ ᠭᠠᠷᠴᠤ ᠢᠷᠡᠭᠡᠳ᠂ ᠤᠯᠠᠭᠠᠨ ᠬᠢᠭᠢᠷᠢ ᠳᠠᠷᠴᠠᠭ ᠢ᠋ᠶ᠋ᠠᠷ ᠴᠢᠮᠡᠭᠰᠡᠨ ᠶᠡᠨᠳᠡᠷ ᠦ᠋ᠨ ᠵᠦᠭ ᠤᠷᠤᠯᠳᠤᠨ ᠭᠦᠶᠦᠪᠡ᠃ ᠠᠷᠠᠳ ᠤ᠋ᠨ ᠬᠢᠨ ᠦ᠌ ᠰᠢᠨ᠎ᠡ ᠪᠠᠶᠠᠷ ᠶᠣᠰᠣᠯᠠᠯ ᠪᠣᠯᠬᠤ ᠶᠤᠮ ᠭᠡᠨ᠎ᠡ ᠭᠡᠵᠦ ᠬᠡᠳᠦᠢᠨ ᠰᠤᠷᠠᠭ ᠲᠤᠭᠤᠯᠤᠭᠰᠠᠨ ᠯᠠᠮᠠ ᠨᠠᠷ ᠴᠤᠪᠤᠯᠳᠤᠨ ᠭᠠᠷᠴᠤ ᠢᠷᠡᠭᠡᠳ ᠬᠣᠰᠢᠭᠤ ᠬᠡᠢᠳ ᠳᠠᠬᠢ ᠯᠠᠮᠠ ᠨᠠᠷ ᠤ᠋ᠨ ᠬᠠᠰᠢᠶᠠᠨ ᠳ᠋ᠤ᠌᠂ ᠮᠥᠨ ᠬᠡᠢᠳ ᠣᠷᠴᠢᠮ ᠤ᠋ᠨ ᠠᠢᠯ ᠳ᠋ᠤ᠌᠂ ᠪᠠᠭᠤᠭᠰᠠᠨ ᠠᠷᠠᠳ ᠤ᠋ᠳ ᠵᠠᠷᠢᠮ ᠨᠢ ᠶᠠᠪᠠᠭᠠᠨ ᠵᠠᠷᠢᠮ ᠨᠢ ᠮᠣᠷᠢ ᠲᠡᠮᠡᠭᠡ ᠲᠡᠢ ᠴᠥᠮ ᠶᠡᠨᠳᠡᠷ ᠦ᠋ᠨ ᠵᠦᠭ ᠰᠢᠮᠳᠠᠪᠠ᠃
ᠬᠣᠰᠢᠭᠤ ᠲᠠᠮᠠᠭ᠎ᠠ ᠶ᠋ᠢᠨ ᠭᠠᠵᠠᠷ ᠴᠤᠭᠯᠠᠭᠰᠠᠨ ᠨᠠᠮ ᠡᠪᠯᠡᠯ ᠦ᠋ᠨ ᠭᠡᠰᠢᠭᠦᠳ᠂ ᠲᠠᠮᠠᠭ᠎ᠠ ᠶ᠋ᠢᠨ ᠭᠠᠵᠠᠷ ᠤ᠋ᠨ ᠠᠯᠪᠠᠨ ᠬᠠᠭᠠᠭᠴᠢ᠂ ᠬᠣᠷᠰᠢᠶᠠᠨ ᠤ᠋ ᠠᠵᠢᠯᠲᠠᠨ᠂ ᠠᠷᠠᠳ ᠤ᠋ᠳ ᠭᠤᠷᠪᠠ ᠭᠤᠷᠪᠠ ᠪᠠᠷ ᠵᠡᠷᠭᠡᠴᠡᠨ ᠵᠢᠭᠰᠠᠵᠤ᠂ ᠬᠥᠯ ᠨᠡᠢᠯᠡᠭᠦᠯᠦᠨ ᠠᠯᠬᠤᠬᠤ ᠶ᠋ᠢ ᠬᠢᠴᠢᠶᠡᠨ᠂ ᠶᠡᠨᠳᠡᠷ ᠦ᠋ᠨ ᠵᠦᠭ ᠬᠦᠷᠴᠦ᠂ ᠣᠯᠠᠨ ᠰᠤᠷᠤᠭᠴᠢ ᠪᠠᠭᠠᠴᠤᠳ ᠤ᠋ᠨ ᠵᠢᠭᠰᠠᠭᠠᠯ ᠲᠠᠢ ᠵᠠᠬ᠎ᠠ ᠠᠪᠤᠯᠴᠠᠨ᠂ ᠶᠡᠨᠳᠡᠷ ᠢ᠋ ᠬᠣᠶᠠᠷ ᠲᠠᠯ᠎ᠠ ᠠ᠋ᠴᠠ ᠬᠠᠰᠢᠨ ᠵᠢᠭᠰᠠᠵᠤ᠂ ᠮᠣᠷᠢ ᠲᠠᠢ᠂ ᠲᠡᠮᠡᠭᠡ ᠲᠡᠢ᠂ ᠶᠠᠪᠠᠭᠠᠨ ᠠᠷᠠᠳ ᠤ᠋ᠳ ᠬᠦᠷᠴᠦ ᠢᠷᠡᠵᠦ᠂ ᠨᠠᠮ ᠡᠪᠯᠡᠯ᠂ ᠠᠯᠪᠠᠨ ᠭᠠᠵᠠᠷ ᠤ᠋ᠨ ᠵᠢᠭᠰᠠᠭᠠᠯ ᠲᠠᠢ ᠵᠠᠬ᠎ᠠ ᠨᠡᠢᠯᠡᠨ ᠵᠠᠯᠭᠠᠵᠤ᠂ ᠶᠡᠨᠳᠡᠷ ᠦ᠋ᠨ ᠭᠤᠷᠪᠠᠨ ᠲᠠᠯ᠎ᠠ ᠶ᠋ᠢ ᠬᠠᠰᠢᠨ ᠵᠢᠭᠰᠠᠪᠠ᠃
ᠬᠣᠢᠲᠤ ᠵᠦᠭ ᠡᠴᠡ ᠬᠡᠢᠳ ᠦ᠋ᠨ ᠯᠠᠮᠠ ᠪᠠᠨᠳᠢ ᠨᠠᠷ ᠬᠦᠷᠴᠦ ᠢᠷᠡᠵᠦ᠂ ᠴᠤᠭᠯᠠᠭᠰᠠᠳ ᠶᠡᠨᠳᠡᠷ ᠦ᠋ᠨ ᠳᠥᠷᠪᠡᠨ ᠲᠠᠯ᠎ᠠ ᠠ᠋ᠴᠠ ᠬᠠᠰᠢᠨ ᠵᠢᠭᠰᠠᠭᠰᠠᠨ ᠳ᠋ᠤ᠌᠂ ᠨᠠᠮ ᠡᠪᠯᠡᠯ ᠡᠭᠦᠷ ᠦ᠋ᠨ ᠳᠠᠷᠤᠭ᠎ᠠ᠂ ᠬᠣᠰᠢᠭᠤ ᠳᠠᠷᠤᠭ᠎ᠠ᠂ ᠪᠠᠭ᠎ᠠ ᠰᠤᠷᠭᠠᠭᠤᠯᠢ ᠶ᠋ᠢᠨ ᠣᠯᠠᠨ ᠰᠤᠷᠤᠭᠴᠢᠳ ᠤ᠋ᠨ ᠳᠣᠲᠣᠷ᠎ᠠ ᠠ᠋ᠴᠠ ᠲᠠᠩᠰᠤᠭ ᠤ᠋ᠨ ᠬᠥᠪᠡᠭᠦᠨ᠂ ᠣᠨᠴᠠ ᠰᠤᠷᠤᠯᠭᠠᠲᠠᠨ ᠣᠯᠵᠠᠪᠠᠢ ᠶᠡᠨᠳᠡᠷ ᠳᠡᠭᠡᠷ᠎ᠡ ᠭᠠᠷᠪᠠ᠃ ᠪᠠᠶᠠᠷ ᠶᠣᠰᠣᠯᠠᠯ ᠤ᠋ᠨ ᠬᠤᠷᠠᠯ ᠢ᠋ ᠨᠠᠮ ᠤ᠋ᠨ ᠡᠭᠦᠷ ᠦ᠋ᠨ ᠳᠠᠷᠤᠭ᠎ᠠ ᠫᠠᠷᠲ᠋ᠢᠽᠠᠨ ᠰᠠᠮᠪᠤᠤ ᠨᠡᠭᠡᠭᠡᠵᠦ ᠪᠠᠶᠠᠷ ᠬᠦᠷᠭᠡᠬᠦ ᠳ᠋ᠡᠭᠡᠨ( ᠳ᠋ᠦ᠍ ᠪᠡᠨ)᠂ ᠳᠡᠳ᠋ ᠵᠠᠩᠵᠤᠨ ᠴᠣᠢᠪᠠᠯᠰᠠᠩ ᠤ᠋ᠨ ᠵᠠᠬᠢᠷᠭᠠᠨ ᠳ᠋ᠤ᠌ ᠶᠠᠪᠤᠵᠤ᠂ ᠲᠡᠮᠦᠷᠪᠠᠭᠠᠲᠤᠷ ᠭᠡᠳᠡᠭ ᠱᠧᠲ᠋ᠢᠨᠺᠢᠨ ᠦ᠌ ᠰᠢᠪᠢᠷ(ᠰᠢᠪᠧᠷᠢᠶ᠎ᠡ) ᠶ᠋ᠢᠨ ᠫᠠᠷᠲ᠋ᠢᠽᠠᠨ ᠴᠡᠷᠢᠭ ᠲᠡᠢ ᠳᠥᠷᠥᠭᠡ ᠵᠡᠷᠭᠡᠴᠡᠨ ᠠᠶᠠᠯᠠᠵᠤ᠂ ᠬᠤᠷᠴᠠ ᠵᠡᠪᠰᠡᠭ ᠬᠤᠷᠳᠤᠨ ᠫᠤᠤ ᠲᠠᠢ ᠴᠠᠭᠠᠨ ᠨᠠᠮ ᠤ᠋ᠨ ᠬᠠᠷᠭᠢᠰ ᠬᠤᠯᠠᠭᠠᠢ ᠶ᠋ᠢ ᠪᠠᠢᠯᠳᠤᠵᠤ ᠶᠠᠪᠤᠭᠰᠠᠨ ᠢ᠋ᠶ᠋ᠠᠨ ᠬᠡᠯᠡᠭᠡᠳ᠂
— ᠪᠢᠳᠡᠨ ᠦ᠌ ᠨᠡᠢᠲᠡ ᠶ᠋ᠢᠨ ᠳᠠᠢᠰᠤᠨ ᠲᠠᠢ ᠪᠠᠢᠯᠳᠤᠨ ᠠᠰᠬᠠᠷᠠᠭᠤᠯᠤᠭᠰᠠᠨ ᠴᠢᠰᠤ ᠪᠠᠷ ᠪᠠᠲᠤ ᠬᠣᠯᠪᠣᠭ᠎ᠠ ᠲᠠᠢ ᠮᠣᠩᠭᠣᠯ ᠵᠥᠪᠯᠡᠯᠲᠦ ᠬᠣᠶᠠᠷ ᠤᠯᠤᠰ ᠤ᠋ᠨ ᠠᠷᠠᠳ ᠲᠦᠮᠡᠨ ᠦ᠌ ᠵᠤᠵᠠᠭᠠᠨ ᠬᠡᠯᠬᠢᠶ᠎ᠡ ᠨᠠᠢᠷᠠᠮᠳᠠᠯ ᠡᠪᠳᠡᠷᠡᠰᠢ ᠦᠭᠡᠢ ᠪᠠᠲᠤ᠂ ᠬᠤᠪᠢᠷᠠᠰᠢ ᠦᠭᠡᠢ ᠮᠥᠩᠬᠡ! ᠮᠠᠨ ᠤ᠋ ᠮᠣᠩᠭᠣᠯ ᠤ᠋ᠨ ᠠᠷᠠᠳ ᠲᠦᠮᠡᠨ ᠳ᠋ᠦ᠍ ᠡᠷᠬᠡ ᠴᠢᠯᠥᠭᠡ᠂ ᠡᠩᠬᠡ ᠵᠢᠷᠭᠠᠯ ᠤ᠋ᠨ ᠵᠠᠮ ᠨᠡᠭᠡᠭᠡᠵᠦ ᠥᠭᠭᠦᠭᠰᠡᠨ ᠣᠺᠲ᠋ᠣᠪᠧᠷ ᠦ᠋ᠨ ᠶᠡᠬᠡ ᠬᠤᠪᠢᠰᠬᠠᠯ ᠮᠠᠨᠳᠤᠲᠤᠭᠠᠢ! ᠭᠡᠵᠦ ᠡᠪᠦᠭᠡᠨ ᠫᠠᠷᠲ᠋ᠢᠽᠠᠨ ᠤ᠋ ᠢᠷᠥᠭᠡᠨ ᠥᠭᠦᠯᠡᠬᠦ ᠳ᠋ᠦ᠍᠂ ᠰᠤᠷᠤᠭᠴᠢᠳ ᠥᠨᠳᠥᠷ ᠳᠠᠭᠤ ᠪᠠᠷ《ᠤᠷᠠᠢ》 ᠬᠠᠰᠬᠢᠷᠴᠤ᠂ ᠨᠠᠮ ᠡᠪᠯᠡᠯ ᠦ᠋ᠨ ᠭᠡᠰᠢᠭᠦᠳ᠂ ᠠᠷᠠᠳ᠂ ᠠᠯᠪᠠᠨ ᠬᠠᠭᠠᠭᠴᠢ ᠨᠠᠷ ᠪᠦᠭᠦᠳᠡᠭᠡᠷ《ᠤᠷᠠᠢ ᠤᠷᠠᠢ》 ᠭᠡᠵᠦ ᠬᠠᠰᠬᠢᠷᠪᠠ᠃
ᠬᠣᠰᠢᠭᠤ ᠲᠠᠮᠠᠭ᠎ᠠ ᠶ᠋ᠢᠨ ᠡᠮᠦᠨ᠎ᠡ ᠡᠴᠡ ᠪᠤᠭᠤᠷᠤᠯ ᠡᠪᠦᠭᠡᠨ ᠪᠠᠲᠤᠪᠠᠶᠠᠷ ᠦᠭᠡ ᠬᠡᠯᠡᠵᠦ᠂ ᠣᠺᠲ᠋ᠣᠪᠧᠷ ᠦ᠋ᠨ ᠬᠤᠪᠢᠰᠬᠠᠯ ᠢ᠋ ᠳᠡᠯᠡᠬᠡᠢ ᠶ᠋ᠢᠨ ᠣᠯᠠᠨ ᠤᠯᠤᠰ ᠲᠤ᠌ ᠶᠡᠬᠡᠯ᠎ᠡ(ᠶᠡᠬᠡ ᠯᠡ) ᠠᠴᠢ ᠬᠣᠯᠪᠣᠭᠳᠠᠯ ᠲᠠᠢ ᠶ᠋ᠢ ᠢᠷᠠᠭᠤ ᠰᠠᠢᠬᠠᠨ ᠢ᠋ᠶ᠋ᠠᠷ ᠬᠡᠯᠡᠵᠦ᠂
— ᠨᠢᠭᠡᠨ ᠦᠬᠡᠷ ᠦ᠋ᠨ ᠡᠪᠡᠷ ᠴᠣᠬᠢᠪᠠᠯ᠂ ᠮᠢᠩᠭᠠᠨ ᠦᠬᠡᠷ ᠦ᠋ᠨ ᠡᠪᠡᠷ ᠳᠣᠷᠭᠢᠳᠠᠭ ᠭᠡᠳᠡᠭ᠃ ᠣᠺᠲ᠋ᠣᠪᠧᠷ ᠰᠠᠷ᠎ᠠ ᠳ᠋ᠤ᠌ ᠣᠷᠣᠰ ᠤ᠋ᠨ ᠠᠵᠢᠯᠴᠢᠨ ᠲᠠᠷᠢᠶᠠᠴᠢᠨ᠂ ᠮᠥᠯᠵᠢᠨ ᠳᠠᠷᠤᠯᠠᠭᠴᠢ ᠡᠵᠡᠷᠬᠡᠭ ᠦ᠋ᠨ ᠡᠪᠡᠷ ᠢ᠋ ᠪᠣᠯᠭᠣ ᠴᠣᠬᠢᠵᠤ ᠤᠨᠠᠭᠠᠭᠰᠠᠨ ᠳ᠋ᠤ᠌ ᠪᠦᠬᠦ ᠳᠡᠯᠡᠬᠡᠢ ᠶ᠋ᠢᠨ ᠬᠠᠮᠤᠭ ᠮᠥᠯᠵᠢᠮᠡᠲᠡᠭᠡᠢ ᠡᠵᠡᠷᠬᠡᠭ ᠦ᠋ᠨ ᠡᠪᠡᠷ ᠨᠢ ᠳᠣᠷᠭᠢᠵᠠᠢ᠃ ᠣᠷᠣᠰ ᠤᠯᠤᠰ ᠲᠤ᠌ ᠠᠵᠢᠯᠴᠢᠨ ᠤ᠋ ᠬᠤᠪᠢᠰᠬᠠᠯ ᠢᠯᠠᠭᠰᠠᠨ ᠢ᠋ᠶ᠋ᠠᠷ ᠮᠠᠨ ᠤ᠋ ᠤᠯᠤᠰ ᠲᠤ᠌ ᠠᠷᠠᠳ ᠤ᠋ᠨ ᠬᠤᠪᠢᠰᠬᠠᠯ ᠮᠠᠨᠳᠤᠨ ᠢᠯᠠᠭᠰᠠᠨ ᠪᠢᠯᠡ᠃ ᠡᠨᠡ ᠤᠴᠢᠷ ᠠ᠋ᠴᠠ ᠡᠷᠬᠢᠮ ᠨᠥᠬᠥᠳ ᠲᠠ ᠪᠢᠳᠡ ᠪᠦᠭᠦᠳᠡᠭᠡᠷ᠂ ᠣᠺᠲ᠋ᠣᠪᠧᠷ ᠦ᠋ᠨ ᠶᠡᠬᠡ ᠬᠤᠪᠢᠰᠬᠠᠯ ᠤ᠋ᠨ ᠣᠢ ᠶ᠋ᠢ ᠶᠡᠬᠡᠯ᠎ᠡ( ᠶᠡᠬᠡ ᠯᠡ) ᠪᠠᠬᠠᠳᠤᠨ ᠪᠠᠶᠠᠷᠯᠠᠵᠤ ᠶᠣᠰᠣᠯᠠᠨ ᠲᠡᠮᠳᠡᠭᠯᠡᠵᠦ ᠪᠠᠢᠨ᠎ᠠ᠃ ᠣᠺᠲ᠋ᠣᠪᠧᠷ ᠦ᠋ᠨ ᠶᠡᠬᠡ ᠬᠤᠪᠢᠰᠬᠠᠯ ᠳᠠᠶᠠᠩ ᠳᠡᠯᠡᠬᠡᠢ ᠳ᠋ᠦ᠍ ᠮᠠᠨᠳᠤᠨ ᠮᠠᠨᠳᠤᠵᠤ᠂ ᠮᠣᠩᠭᠣᠯ ᠵᠥᠪᠯᠡᠯᠲᠦ ᠬᠣᠶᠠᠷ ᠤᠯᠤᠰ ᠤ᠋ᠨ ᠡᠭᠦᠷᠢᠳᠡ ᠶ᠋ᠢᠨ ᠬᠡᠯᠬᠢᠶ᠎ᠡ ᠨᠠᠢᠷᠠᠮᠳᠠᠯ ᠤᠯᠠᠮ ᠢ᠋ᠶ᠋ᠠᠷ ᠪᠡᠬᠢᠵᠢᠲᠦᠭᠡᠢ! ᠣᠺᠲ᠋ᠣᠪᠧᠷ ᠦ᠋ᠨ ᠶᠡᠬᠡ ᠬᠤᠪᠢᠰᠬᠠᠯ ᠤ᠋ᠨ ᠠᠴᠢ ᠪᠠᠷ ᠵᠣᠷᠢᠭ ᠪᠠᠳᠠᠷᠠᠭᠰᠠᠨ ᠠᠽᠢᠶ᠎ᠠ ᠲᠢᠪ ᠦ᠋ᠨ ᠲᠦᠮᠡᠨ ᠤᠯᠤᠰ ᠤ᠋ᠨ ᠡᠷᠬᠡ ᠴᠢᠯᠥᠭᠡᠨ ᠦ᠌ ᠶᠠᠪᠤᠳᠠᠯ ᠪᠠᠳᠠᠷᠠᠲᠤᠭᠠᠢ! ᠣᠷᠣᠰ ᠤᠯᠤᠰ ᠤ᠋ᠨ ᠠᠵᠢᠯᠴᠢᠨ ᠲᠠᠷᠢᠶᠠᠴᠢᠨ ᠤ᠋ ᠭᠠᠢᠬᠠᠮᠰᠢᠭᠲᠤ ᠶᠡᠬᠡ ᠢᠯᠠᠯᠲᠠ ᠶ᠋ᠢ ᠪᠢᠳᠡᠨ ᠦ᠌ ᠬᠠᠮᠲᠤ ᠪᠠᠷ ᠡᠨᠳᠡ ᠪᠠᠬᠠᠳᠤᠨ ᠲᠡᠮᠳᠡᠭᠯᠡᠵᠦ᠂ ᠪᠠᠶᠠᠷᠯᠠᠨ ᠶᠣᠰᠣᠯᠠᠵᠤ ᠪᠠᠢᠭ᠎ᠠ ᠢᠷᠭᠡᠨ ᠨᠥᠬᠥᠳ᠂ ᠳᠤᠮᠳᠠᠳᠤ ᠤᠯᠤᠰ ᠤ᠋ᠨ ᠲᠦᠮᠡᠨ ᠢᠷᠭᠡᠨ ᠦ᠌ ᠡᠷᠬᠡ ᠴᠢᠯᠥᠭᠡ ᠪᠡᠨ ᠣᠯᠵᠤ᠂ ᠡᠩᠬᠡ ᠵᠢᠷᠭᠠᠯ ᠢ᠋ᠶ᠋ᠠᠨ ᠡᠳ᠋ᠯᠡᠬᠦ ᠶ᠋ᠢ ᠠᠰᠤᠷᠤ ᠤᠳᠠᠯ ᠦᠭᠡᠢ ᠪᠡᠶᠡᠰᠦᠨ ᠦᠵᠡᠬᠦ ᠪᠣᠯᠲᠤᠭᠠᠢ! ᠭᠡᠵᠦ ᠢᠷᠦᠭᠡᠪᠡ᠃
ᠪᠠᠲᠤᠪᠠᠶᠠᠷ ᠤ᠋ᠨ ᠰᠡᠭᠦᠯᠡᠷ᠂ ᠡᠪᠯᠡᠯ ᠦ᠋ᠨ ᠡᠭᠦᠷ ᠦ᠋ᠨ ᠳᠠᠷᠤᠭ᠎ᠠ ᠳᠠᠨᠢᠭᠠᠢ᠂ ᠲᠠᠩᠰᠤᠭ ᠤ᠋ᠨ ᠬᠥᠪᠡᠭᠦᠨ᠂ ᠣᠨᠴᠠ ᠰᠤᠷᠤᠯᠭᠠᠲᠤ ᠫᠢᠣᠨᠧᠷ ᠣᠯᠵᠠᠪᠠᠢ ᠦᠭᠡ ᠬᠡᠯᠡᠪᠡ᠃
— ᠪᠢᠳᠡᠨ ᠦ᠌ ᠰᠤᠷᠤᠭᠴᠢ ᠨᠠᠷ ᠴᠥᠮ ᠣᠨᠴᠠ ᠰᠠᠢᠨ ᠰᠤᠷᠴᠠᠭᠠᠵᠤ᠂ ᠠᠷᠠᠳ ᠤ᠋ᠨ ᠬᠤᠪᠢᠰᠬᠠᠯ ᠤ᠋ᠨ ᠠᠭᠤᠤ ᠭᠠᠢᠬᠠᠮᠰᠢᠭ ᠦᠢᠯᠡᠰ ᠶᠠᠪᠤᠳᠠᠯ ᠢ᠋ ᠡᠷᠬᠢᠮ ᠰᠠᠢᠬᠠᠨ ᠢ᠋ᠶ᠋ᠠᠷ ᠵᠠᠯᠭᠠᠮᠵᠢᠯᠠᠭᠴᠢ ᠨᠢ ᠪᠤᠯᠵᠠᠭᠠᠨ᠎ᠠ ᠭᠡᠵᠦ ᠲᠡᠷᠡ ᠵᠢᠭᠠᠯ ᠬᠦᠦ ᠥᠨᠳᠥᠷ ᠳᠠᠭᠤ ᠪᠠᠷ ᠬᠡᠯᠡᠵᠦ ᠪᠢᠯᠡ᠃
— ᠪᠠᠶᠠᠷ ᠶᠣᠰᠣᠯᠠᠯ ᠳ᠋ᠤ᠌ ᠪᠠᠢᠯᠴᠠᠭᠰᠠᠨ ᠬᠡᠳᠦᠨ ᠳᠣᠲᠣᠷ᠎ᠠ ᠠᠵᠢᠯᠴᠢᠨ ᠲᠠᠷᠢᠶᠠᠴᠢᠨ ᠤ᠋ ᠳᠤᠮᠳᠠ ᠠ᠋ᠴᠠ ᠡᠪᠦᠭᠡᠨ ᠸᠠᠩ ᠣᠪᠣᠭᠲᠤ ᠣᠷᠣᠭᠰᠢ ᠲᠡᠪᠰᠢᠨ ᠭᠠᠷᠴᠤ᠂ ᠶᠡᠨᠳᠡᠷ ᠦ᠋ᠨ ᠵᠦᠭ ᠠᠯᠬᠤᠯᠠᠭᠰᠠᠭᠠᠷ ᠦᠭᠡ ᠬᠡᠯᠡᠬᠦ ᠵᠥᠪᠰᠢᠶᠡᠷᠡᠯ ᠭᠤᠶᠤᠨ᠂ ᠶᠡᠨᠳᠡᠷ ᠳᠡᠭᠡᠷ᠎ᠡ ᠭᠠᠷᠴᠤ᠂ ᠰᠡᠳᠬᠢᠯ ᠬᠥᠳᠡᠯᠦᠨ ᠥᠭᠦᠯᠡᠷᠦᠨ᠂
— ᠪᠢᠳᠡᠨ ᠦ᠌ ᠳᠣᠲᠣᠷ᠎ᠠ ᠠᠵᠢᠯᠴᠢᠨ ᠲᠠᠷᠢᠶᠠᠴᠢᠨ᠂ ᠣᠷᠣᠰ ᠤ᠋ᠨ ᠠᠵᠢᠯᠴᠢᠨ ᠲᠠᠷᠢᠶᠠᠴᠢᠨ ᠤ᠋ ᠶᠡᠬᠡ ᠬᠤᠪᠢᠰᠬᠠᠯ ᠤ᠋ᠨ ᠣᠢ ᠶ᠋ᠢ ᠶᠣᠰᠣᠯᠠᠨ ᠲᠡᠮᠳᠡᠭᠯᠡᠵᠦ ᠪᠠᠢᠭ᠎ᠠ ᠡᠨᠡ ᠰᠠᠢᠬᠠᠨ ᠬᠤᠷᠠᠯ ᠳᠡᠭᠡᠷ᠎ᠡ᠂ ᠮᠠᠨ ᠤ᠋ ᠳᠤᠮᠳᠠᠳᠤ ᠤᠯᠤᠰ ᠤ᠋ᠨ ᠭᠠᠰᠢᠭᠤᠨ ᠵᠣᠪᠠᠯᠠᠩᠲᠤ ᠠᠷᠠᠳ ᠢᠷᠭᠡᠨ ᠢ᠋ ᠡᠷᠬᠡ ᠴᠢᠯᠥᠭᠡ ᠪᠡᠨ ᠣᠯᠵᠤ᠂ ᠡᠩᠬᠡ ᠵᠢᠷᠭᠠᠯ ᠢ᠋ᠶ᠋ᠠᠨ ᠡᠳ᠋ᠯᠡᠬᠦ ᠴᠠᠭ ᠤᠳᠠᠯ ᠦᠭᠡᠢ ᠲᠦᠷᠭᠡᠨ ᠢᠷᠡᠲᠦᠭᠡᠢ ᠭᠡᠵᠦ ᠮᠣᠩᠭᠣᠯ ᠠᠬ᠎ᠠ ᠳᠡᠭᠦᠦ ᠨᠠᠷ ᠤ᠋ᠨ ᠰᠠᠢᠬᠠᠨ ᠰᠡᠳᠬᠢᠯ ᠢ᠋ᠶ᠋ᠡᠷ ᠢᠷᠥᠭᠡᠭᠰᠡᠨ ᠳ᠋ᠦ᠍ᠨᠢ( ᠳ᠋ᠦ᠍ ᠨᠢ) ᠲᠤᠢᠯ ᠤ᠋ᠨ ᠶᠡᠬᠡ ᠪᠠᠶᠠᠷᠯᠠᠪᠠ᠃ ᠮᠠᠨ ᠤ᠋ ᠬᠣᠶᠠᠷ ᠤᠯᠤᠰ ᠤ᠋ᠨ ᠠᠷᠠᠳ ᠲᠦᠮᠡᠨ ᠦ᠌ ᠡᠪ ᠨᠠᠢᠷᠠᠮᠳᠠᠯ ᠢ᠋ ᠦᠵᠡᠭᠦᠯᠵᠦ ᠪᠠᠢᠭ᠎ᠠ ᠡᠢᠮᠦ ᠦᠨᠡᠨ ᠰᠡᠳᠬᠢᠯ ᠦ᠋ᠨ ᠰᠠᠢᠬᠠᠨ ᠦᠭᠡ ᠰᠣᠨᠣᠰᠤᠭᠠᠳ ᠰᠡᠳᠬᠢᠯ ᠵᠢᠷᠦᠬᠡᠨ ᠡᠴᠡ ᠪᠡᠨ ᠪᠠᠶᠠᠷᠯᠠᠵᠤ᠂ ᠮᠣᠩᠭᠣᠯ ᠠᠬ᠎ᠠ ᠳᠡᠭᠦᠦ ᠨᠠᠷ ᠲᠤ᠌ ᠠᠢᠯᠠᠳᠬᠠᠬᠤ ᠨᠢᠭᠡ ᠦᠭᠡ ᠪᠠᠢᠨ᠎ᠠ᠃ ᠠᠷᠤ ᠮᠣᠩᠭᠣᠯ ᠭᠠᠵᠠᠷ ᠠᠮᠢᠳᠤᠷᠠᠵᠤ ᠪᠠᠢᠭ᠎ᠠ ᠳᠣᠲᠣᠷ᠎ᠠ ᠠᠵᠢᠯᠴᠢᠨ ᠲᠠᠷᠢᠶᠠᠴᠢᠨ ᠪᠢᠳᠡ ᠪᠣᠯᠪᠠᠯ᠂ ᠮᠣᠩᠭᠣᠯ ᠠᠷᠠᠳ ᠤᠯᠤᠰ ᠤ᠋ᠨ ᠮᠠᠨᠳᠤᠨ ᠬᠥᠭᠵᠢᠬᠦ ᠦᠢᠯᠡᠰ ᠲᠦ᠍ ᠰᠡᠳᠬᠢᠯ ᠬᠦᠴᠦᠨ ᠰᠢᠪᠬᠠᠨ ᠵᠢᠳᠬᠦᠬᠦ ᠴᠢᠩ ᠰᠠᠨᠠᠭ᠎ᠠ ᠮᠠᠰᠢ ᠦᠨᠡᠨ ᠢ᠋ ᠠᠢᠯᠠᠳᠬᠠᠶ᠎ᠠ᠃ ᠪᠢᠳᠡᠨ ᠦ᠌ ᠢᠷᠭᠡᠨ ᠲᠤᠰ ᠬᠤᠪᠢᠰᠬᠠᠯᠲᠤ ᠮᠣᠩᠭᠣᠯ ᠤᠯᠤᠰ ᠲᠤ᠌ ᠦᠨᠡᠨ ᠰᠡᠳᠬᠢᠯ ᠢ᠋ᠶ᠋ᠡᠷ ᠬᠦᠴᠦᠨ ᠥᠭᠬᠦ ᠳ᠋ᠡᠭᠡᠨ( ᠳ᠋ᠦ᠍ ᠪᠡᠨ)᠂ ᠭᠠᠳᠠᠭᠠᠳᠤ ᠳᠣᠲᠣᠭᠠᠳᠤ ᠶ᠋ᠢᠨ ᠡᠵᠡᠷᠬᠡᠭ ᠬᠠᠷᠭᠢᠰ ᠲᠤ᠌ ᠳᠠᠷᠤᠯᠠᠭᠤᠯᠵᠤ ᠪᠠᠢᠭ᠎ᠠ ᠬᠥᠭᠡᠷᠦᠬᠦᠢ ᠠᠷᠠᠳ ᠲᠦᠮᠡᠨ ᠳ᠋ᠡᠭᠡᠨ ( ᠳ᠋ᠦ᠍ ᠪᠡᠨ) ᠪᠠᠰᠠ ᠲᠤᠰᠠᠯᠠᠵᠤ ᠪᠠᠢᠨ᠎ᠠ ᠭᠡᠵᠦ ᠪᠣᠳᠣᠳᠠᠭ ᠰᠢᠦ᠃
ᠪᠢ ᠡᠨᠡ ᠠᠷᠤ ᠭᠠᠵᠠᠷ ᠳᠠᠢᠴᠢᠩ ᠤᠯᠤᠰ ᠤ᠋ᠨ ᠦᠶ᠎ᠡ ᠳ᠋ᠦ᠍ ᠬᠦᠷᠴᠦ ᠢᠷᠡᠭᠰᠡᠨ ᠬᠥᠮᠦᠨ᠃ ᠮᠣᠩᠭᠣᠯ ᠠᠬ᠎ᠠ ᠳᠡᠭᠦᠦ᠂ ᠠᠦ᠋ᠲ᠋ᠣᠨᠣᠮᠢᠲ ᠵᠠᠰᠠᠭ ᠲᠣᠭᠲᠠᠬᠤ ᠳ᠋ᠤ᠌ ᠶᠡᠬᠡᠯ᠎ᠡ( ᠶᠡᠬᠡ ᠯᠡ) ᠰᠠᠢᠨ ᠰᠠᠢᠬᠠᠨ ᠪᠣᠯᠤᠨ᠎ᠠ ᠭᠡᠵᠦ ᠭᠣᠷᠢᠳᠠᠵᠤ ᠪᠠᠢᠭᠰᠠᠨ ᠨᠢ ᠬᠣᠭᠣᠰᠣᠭᠠᠷ ᠪᠣᠯᠤᠭᠰᠠᠨ ᠢ᠋ ᠪᠢ ᠨᠢᠳᠦ ᠪᠡᠷ ᠢ᠋ᠶ᠋ᠡᠨ ᠦᠵᠡᠯᠴᠡᠭᠰᠡᠨ ᠪᠢᠯᠡ᠃ ᠲᠡᠭᠡᠭᠡᠳ ᠣᠳᠣ ᠮᠣᠩᠭᠣᠯ ᠠᠬ᠎ᠠ ᠳᠡᠭᠦᠦ ᠨᠠᠷ ᠢ᠋ ᠬᠤᠪᠢᠰᠬᠠᠯᠲᠤ ᠣᠷᠣᠰ ᠤᠯᠤᠰ ᠤ᠋ᠨ ᠲᠤᠰᠠᠯᠠᠮᠵᠢ ᠪᠠᠷ ᠡᠷᠬᠡ ᠴᠢᠯᠥᠭᠡ ᠪᠡᠨ ᠣᠯᠵᠤ ᠠᠪᠤᠭᠠᠳ᠂ ᠰᠢᠨ᠎ᠡ ᠰᠠᠢᠬᠠᠨ ᠪᠠᠢᠳᠠᠯ ᠢ᠋ᠶ᠋ᠠᠨ ᠵᠣᠬᠢᠶᠠᠵᠤ ᠡᠬᠢᠯᠡᠭᠰᠡᠨ ᠢ᠋ ᠦᠵᠡᠵᠦ ᠪᠠᠢᠨ᠎ᠠ᠃ ᠥᠯᠥᠰᠬᠦ ᠭᠠᠴᠢᠭᠳᠠᠬᠤ ᠶ᠋ᠢᠨ ᠵᠣᠪᠠᠯᠠᠩ ᠳ᠋ᠤ᠌ ᠨᠤᠲᠤᠭ ᠣᠷᠣᠨ ᠠ᠋ᠴᠠ ᠪᠠᠨ ᠰᠢᠬᠠᠭᠳᠠᠵᠤ ᠭᠠᠷᠤᠭᠰᠠᠨ ᠪᠢᠳᠡᠨ ᠦ᠌ ᠳᠣᠲᠣᠷ᠎ᠠ ᠠᠵᠢᠯᠴᠢᠨ ᠲᠠᠷᠢᠶᠠᠴᠢᠨ᠂ ᠣᠷᠣᠰ ᠤᠯᠤᠰ ᠤ᠋ᠨ ᠠᠵᠢᠯᠴᠢᠨ ᠲᠠᠷᠢᠶᠠᠴᠢᠨ᠂ ᠮᠣᠩᠭᠣᠯ ᠤᠯᠤᠰ ᠤ᠋ᠨ ᠠᠷᠠᠳ ᠣᠯᠠᠨ ᠲᠠ ᠪᠦᠭᠦᠳᠡ ᠶ᠋ᠢᠨ ᠡᠨᠡ ᠰᠠᠢᠬᠠᠨ ᠦᠯᠢᠭᠡᠷ ᠵᠢᠱ᠌ᠢᠶ᠎ᠡ ᠶ᠋ᠢ ᠮᠠᠨ ᠤ᠋ ᠠᠷᠠᠳ ᠲᠦᠮᠡᠨ ᠦ᠌ ᠡᠷᠬᠡ ᠴᠢᠯᠥᠭᠡᠨ ᠦ᠌ ᠲᠡᠮᠡᠴᠡᠯ ᠳ᠋ᠦ᠍ᠨᠢ ( ᠳ᠋ᠦ᠍ ᠨᠢ) ᠵᠣᠷᠢᠭ ᠪᠠᠳᠠᠷᠠᠭᠤᠯᠵᠤ ᠪᠠᠢᠨ᠎ᠠ ᠭᠡᠵᠦ ᠢᠳᠡᠭᠡᠨ ᠪᠣᠳᠣᠳᠠᠭ᠃ ᠡᠷᠬᠡ ᠴᠢᠯᠥᠭᠡᠲᠦ ᠣᠷᠣᠰ ᠤᠯᠤᠰ ᠤ᠋ᠨ ᠠᠷᠠᠳ ᠣᠯᠠᠨ ᠨᠢ᠂ ᠮᠣᠩᠭᠣᠯ ᠤ᠋ᠨ ᠠᠷᠠᠳ ᠲᠦᠮᠡᠨ ᠳ᠋ᠦ᠍ ᠲᠤᠰᠠᠯᠠᠭᠰᠠᠨ ᠲᠠᠢ ᠠᠳᠠᠯᠢ᠂ ᠮᠠᠨ ᠤ᠋ ᠳᠤᠮᠳᠠᠳᠤ ᠤᠯᠤᠰ ᠤ᠋ᠨ ᠠᠷᠠᠳ ᠲᠦᠮᠡᠨ ᠳ᠋ᠦ᠍ ᠲᠤᠰᠠᠯᠠᠨ᠎ᠠ ᠪᠠᠢᠬᠤ ᠭᠡᠵᠦ ᠪᠢᠳᠡ ᠭᠣᠷᠢᠳᠠᠨ ᠢᠲᠡᠭᠡᠳᠡᠭ᠃ ᠮᠣᠩᠭᠣᠯ ᠠᠬ᠎ᠠ ᠳᠡᠭᠦᠦ ᠨᠠᠷ ᠢ᠋ ᠴᠦ᠍ ᠮᠠᠨ ᠤ᠋ ᠠᠷᠠᠳ ᠤ᠋ᠨ ᠲᠡᠮᠡᠴᠡᠯ ᠳ᠋ᠦ᠍ ᠲᠤᠰᠠᠯᠠᠨ᠎ᠠ ᠪᠠᠢᠬᠤ ᠭᠡᠵᠦ ᠪᠣᠳᠣᠳᠠᠭ᠃ ᠮᠠᠨ ᠤ᠋ ᠬᠣᠶᠠᠷ ᠤᠯᠤᠰ ᠤ᠋ᠨ ᠨᠠᠢᠷᠠᠮᠳᠠᠯ ᠲᠦᠮᠡᠨ ᠣᠨ ᠳ᠋ᠤ᠌ ᠮᠠᠨᠳᠤᠲᠤᠭᠠᠢ! ᠶᠡᠬᠡ ᠯᠧᠨᠢᠨ ᠲᠦᠮᠡᠨ ᠨᠠᠰᠤᠯᠠᠲᠤᠭᠠᠢ! ᠭᠡᠵᠦ ᠮᠡᠬᠦᠢᠨ ᠶᠣᠰᠣᠯᠠᠭᠠᠳ ᠣᠯᠠᠨ ᠤ᠋ ᠤᠷᠠᠢ ᠬᠠᠰᠬᠢᠷᠬᠤ ᠳ᠋ᠤ᠌᠂ ᠡᠪᠦᠭᠡᠨ ᠶᠡᠨᠳᠡᠷ ᠡᠴᠡ ᠪᠠᠭᠤᠭᠠᠳ ᠵᠢᠭᠰᠠᠭᠠᠯ ᠳ᠋ᠠᠭᠠᠨ( ᠳ᠋ᠤ᠌ ᠪᠠᠨ )ᠲᠠᠩᠰᠤᠭ ᠤ᠋ᠨ ᠳᠡᠷᠭᠡᠳᠡ ᠬᠦᠷᠴᠦ ᠢᠷᠡᠨ ᠵᠣᠭᠰᠣᠪᠠ᠃
— ᠸᠠᠩ ᠭᠤᠸᠠᠢ᠂ ᠲᠠ ᠰᠦᠷᠡᠬᠡᠢ ᠴᠢᠳᠠᠯ ᠲᠠᠢ ᠦᠭᠡ ᠬᠡᠯᠡᠭᠰᠡᠨ ᠰᠢᠦ᠃ ᠲᠠᠨ ᠢ᠋ ᠶᠡᠨᠳᠡᠷ ᠳᠡᠭᠡᠷ᠎ᠡ ᠭᠠᠷᠴᠤ ᠡᠢᠮᠦ ᠰᠠᠢᠬᠠᠨ ᠦᠭᠡ ᠬᠡᠯᠡᠨ᠎ᠡ ᠭᠡᠵᠦ ᠪᠢ ᠶᠡᠷᠦ ᠪᠣᠳᠣᠭᠰᠠᠨ ᠦᠭᠡᠢ᠃ ᠡᠨᠡ ᠪᠠᠬ᠎ᠠ ᠲᠠᠢ ᠪᠠᠶᠠᠷ ᠶᠣᠰᠣᠯᠠᠯ ᠳ᠋ᠤ᠌ ᠲᠠᠨ ᠤ᠋ ᠦᠭᠡ ᠬᠡᠯᠡᠭᠰᠡᠨ ᠳ᠋ᠦ᠍ ᠪᠢ ᠲᠣᠩ ᠶᠡᠬᠡ ᠪᠠᠶᠠᠷᠯᠠᠵᠤ ᠪᠠᠢᠨ᠎ᠠ ᠭᠡᠵᠦ ᠲᠠᠩᠰᠤᠭ ᠤ᠋ᠨ ᠬᠡᠯᠡᠬᠦ ᠳ᠋ᠦ᠍ ᠡᠪᠦᠭᠡᠨ ᠸᠠᠩ᠂
— ᠠᠯᠲᠠᠨ ᠤ᠋ ᠳᠡᠷᠭᠡᠳᠡ ᠬᠡᠪᠲᠡᠪᠡᠯ ᠭᠠᠤᠯᠢ ᠬᠦᠷᠲᠡᠯ᠎ᠡ ᠰᠢᠷᠠᠯᠠᠳᠠᠭ ᠭᠡᠳᠡᠭ ᠪᠢᠰᠢ ᠤᠤ? ᠨᠠᠰᠤᠨᠪᠠᠲᠦ ᠪᠠᠭᠰᠢ᠂ ᠮᠠᠨ ᠤ᠋ ᠬᠡᠯᠡ ᠪᠢᠴᠢᠭ ᠮᠡᠳᠡᠳᠡᠭ ᠡᠷᠳᠡᠮ ᠴᠢᠳᠠᠯ ᠲᠠᠢ ᠬᠥᠮᠦᠨ᠃ ᠨᠠᠳᠠᠳᠤ(ᠨᠠᠳᠠ ᠳ᠋ᠤ᠌)ᠤᠴᠢᠷ ᠲᠠᠨᠢᠭᠤᠯᠵᠤ᠂ ᠮᠢᠨᠦ ᠨᠢᠳᠦ ᠨᠡᠭᠡᠭᠡᠵᠦ ᠥᠭᠭᠦᠭᠰᠡᠨ ᠠᠴᠢᠲᠠᠨ ᠬᠥᠮᠦᠨ ᠮᠢᠨᠢ ᠪᠢᠯᠡ᠃ ᠲᠡᠷᠡ ᠬᠥᠮᠦᠨ ᠲᠡᠢ ᠵᠠᠪᠰᠢᠶᠠᠨ ᠢ᠋ᠶ᠋ᠠᠷ ᠡᠰᠡ ᠤᠴᠠᠷᠠᠭᠰᠠᠨ ᠪᠣᠯᠪᠠᠯ᠂ ᠠᠶᠠᠭ᠎ᠠ ᠪᠤᠳᠠᠭ᠎ᠠ ᠣᠯᠵᠤ ᠢᠳᠡᠬᠦ ᠭᠡᠵᠦ ᠨᠣᠭᠣᠭᠠᠨ ᠤ᠋ ᠪᠠᠨ ᠭᠠᠵᠠᠷ ᠰᠢᠷᠣᠢ ᠤᠬᠤᠬᠤ ᠠ᠋ᠴᠠ ᠪᠢᠰᠢ᠂ ᠳᠡᠯᠡᠬᠡᠢ ᠳ᠋ᠦ᠍ ᠶᠠᠭᠤ ᠪᠣᠯᠵᠤ ᠪᠠᠢᠭ᠎ᠠ ᠶ᠋ᠢ ᠮᠡᠳᠡᠬᠦ ᠦᠭᠡᠢ ᠰᠠᠭᠤᠬᠤ ᠰᠠᠨ᠃ ᠣᠳᠣ ᠪᠢ ᠨᠡᠯᠢᠶᠡᠳ ᠶᠠᠭᠤᠮᠠᠨ ᠤ᠋ ᠤᠴᠢᠷ ᠲᠠᠨᠢᠵᠤ᠂ ᠶᠠᠭᠤᠮ᠎ᠠ ᠶ᠋ᠢ ᠤᠷᠢᠳᠤ ᠶ᠋ᠢᠨ ᠡᠴᠡ ᠱᠠᠯ ᠥᠮᠨᠥᠭᠡ ᠪᠡᠷ ᠦᠵᠡᠳᠡᠭ ᠪᠣᠯᠤᠭᠰᠠᠨ ᠰᠢᠦ᠃
ᠪᠠ᠊ ᠳᠠᠷᠤᠭ᠎ᠠ ᠶ᠋ᠢᠨ ᠦᠭᠡ ᠬᠡᠯᠡᠵᠦ᠂ ᠮᠠᠨ ᠤ᠋ ᠤᠯᠤᠰ ᠢ᠋ ᠡᠩᠬᠡ ᠵᠢᠷᠭᠠᠯ ᠢ᠋ᠶ᠋ᠠᠨ ᠣᠯᠵᠤ ᠡᠳ᠋ᠯᠡᠬᠦ ᠪᠣᠯᠲᠤᠭᠠᠢ ᠭᠡᠬᠦ ᠳ᠋ᠦ᠍ᠨᠢ ( ᠳ᠋ᠦ᠍ ᠨᠢ )ᠰᠡᠳᠬᠢᠯ ᠮᠢᠨᠢ ᠬᠥᠳᠡᠯᠵᠦ᠂ ᠰᠠᠨᠠᠭᠰᠠᠨ ᠢ᠋ᠶ᠋ᠠᠨ ᠬᠡᠯᠡᠬᠦ ᠭᠡᠵᠦ ᠶᠡᠨᠳᠡᠷ ᠳᠡᠭᠡᠷ᠎ᠡ ᠭᠠᠷᠤᠭᠰᠠᠨ ᠮᠢᠨᠢ ᠲᠡᠷᠡ ᠪᠢᠯᠡ ᠭᠡᠵᠦ ᠡᠪᠦᠭᠡᠨ ᠸᠠᠩ᠂ ᠲᠠᠩᠰᠤᠭ ᠲᠤ᠌ ᠶᠠᠷᠢᠵᠠᠢ᠃
ᠲᠡᠷᠡ ᠵᠠᠪᠰᠠᠷ ᠡᠪᠯᠡᠯ ᠦ᠋ᠨ ᠭᠡᠰᠢᠭᠦᠨ ᠲᠠᠪᠬᠠᠢ ᠣᠷᠣᠭᠰᠢ ᠳᠠᠪᠰᠢᠨ᠂ ᠪᠠᠲᠤᠪᠠᠶᠠᠷ ᠡᠪᠦᠭᠡᠨ ᠳᠠᠷᠤᠭ᠎ᠠ ᠳ᠋ᠤ᠌᠂
— ᠣᠺᠲ᠋ᠤᠪᠸᠷ ᠤ᠋ᠨ ᠬᠤᠪᠢᠰᠬᠠᠯ ᠤ᠋ᠨ ᠪᠠᠶᠠᠷ ᠲᠤ᠌ ᠵᠣᠷᠢᠭᠤᠯᠵᠤ᠂ ᠮᠠᠨ ᠤ᠋ ᠰᠤᠷᠤᠭᠴᠢ ᠬᠡᠦᠬᠡᠳ ᠦ᠋ᠨ ᠪᠣᠯᠪᠠᠰᠤᠷᠠᠭᠤᠯᠤᠭᠰᠠᠨ ᠪᠡᠶ᠎ᠡ ᠶ᠋ᠢᠨ ᠲᠠᠮᠢᠷ ᠤ᠋ᠨ ᠰᠤᠷᠭᠠᠭᠤᠯᠢ᠂ ᠵᠢᠭᠰᠠᠭᠠᠯ ᠤ᠋ᠨ ᠡᠮᠦᠨ᠎ᠡ ᠦᠵᠡᠭᠦᠯᠪᠡᠯ ᠪᠣᠯᠬᠤ ᠤᠤ ᠬᠡᠮᠡᠪᠡᠰᠦ ᠪᠠᠲᠤᠪᠠᠶᠠᠷ ᠭᠤᠸᠠᠢ ᠪᠤᠭᠤᠷᠤᠯ ᠰᠠᠬᠠᠯ ᠳᠣᠣᠷ᠎ᠠ ᠪᠠᠨ ᠢᠨᠢᠶᠡᠮᠰᠦᠭᠯᠡᠨ᠂ ᠵᠠ! ᠭᠡᠵᠡᠢ᠃
ᠣᠯᠠᠨ ᠰᠤᠷᠤᠭᠴᠢ ᠪᠥᠮᠪᠥᠷ ᠨᠢᠵᠢᠭᠢᠨᠡᠭᠦᠯᠦᠨ ᠴᠣᠬᠢᠵᠤ᠂ ᠬᠣᠰᠢᠭᠤ ᠪᠠᠭ᠎ᠠ ᠰᠤᠷᠭᠠᠭᠤᠯᠢ ᠶ᠋ᠢᠨ ᠳᠠᠭᠤᠤ ᠶ᠋ᠢ ᠮᠠᠰᠢ ᠰᠠᠢᠬᠠᠨ ᠢ᠋ᠶ᠋ᠠᠷ ᠳᠠᠭᠤᠯᠠᠭᠰᠠᠭᠠᠷ ᠶᠡᠨᠳᠡᠷ ᠦ᠋ᠨ ᠤᠷᠢᠳᠠᠭᠤᠷ ᠶᠣᠰᠣᠯᠠᠨ ᠵᠢᠭᠰᠠᠵᠤ ᠥᠩᠭᠡᠷᠡᠭᠡᠳ᠂ ᠵᠢᠭᠰᠠᠭᠠᠯ ᠢ᠋ᠶ᠋ᠠᠨ ᠵᠢᠭᠳᠡᠷᠡᠭᠦᠯᠦᠨ᠂ ᠭᠡᠨᠡᠳᠲᠡ ᠣᠯᠠᠨ ᠰᠤᠷᠤᠭᠴᠢᠳ ᠤ᠋ᠨ ᠰᠢᠪ ᠰᠢᠨᠡᠬᠡᠨ ᠬᠠᠷ᠎ᠠ ᠬᠥᠬᠡ ᠲᠡᠷᠯᠢᠭ ᠦ᠋ᠨ ᠬᠠᠨᠴᠤᠢ ᠳᠣᠲᠣᠷ᠎ᠠ ᠠ᠋ᠴᠠ ᠪᠢᠴᠢᠬᠠᠨ ᠤᠯᠠᠭᠠᠨ ᠬᠢᠭᠢᠷᠢ ᠮᠢᠷᠠᠯᠵᠠᠨ ᠭᠠᠷᠴᠤ᠂ ᠬᠡᠦᠬᠡᠳ ᠪᠡᠶ᠎ᠡ ᠶ᠋ᠢᠨ ᠲᠠᠮᠢᠷ ᠤ᠋ᠨ ᠵᠦᠢᠯ ᠵᠦᠢᠯ ᠦ᠋ᠨ ᠰᠤᠷᠭᠠᠭᠤᠯᠢ ᠦᠵᠡᠭᠦᠯᠦᠭᠰᠡᠨ ᠳ᠋ᠦ᠍᠂ ᠬᠥᠳᠡᠯᠬᠦ ᠲᠠᠪᠰᠢᠬᠤ ᠪᠠᠢᠳᠠᠯ ᠡᠪᠲᠡᠢ ᠰᠠᠢᠬᠠᠨ᠂ ᠦᠨᠡᠬᠡᠷ ᠪᠠᠬᠠᠳᠤᠯᠲᠠᠢ᠃
ᠨᠠᠶᠠᠨ ᠰᠤᠷᠤᠭᠴᠢ ᠶ᠋ᠢᠨ ᠦᠵᠡᠭᠦᠯᠦᠨ ᠰᠣᠨᠢᠷᠬᠠᠭᠤᠯᠵᠤ ᠪᠠᠢᠭ᠎ᠠ ᠲᠡᠷᠡ ᠰᠠᠢᠬᠠᠨ ᠰᠤᠷᠭᠠᠭᠤᠯᠢ ᠬᠢᠭᠴᠢᠳ ᠦ᠋ᠨ ᠳᠤᠮᠳᠠ᠂ ᠬᠡᠢᠳ ᠦ᠋ᠨ ᠪᠠᠨᠳᠢ ᠨᠠᠷ ᠠ᠋ᠴᠠ ᠵᠢᠳᠬᠦᠭᠰᠡᠭᠡᠷ ᠪᠠᠢᠭᠠᠳ ᠰᠤᠷᠭᠠᠭᠤᠯᠢ ᠳ᠋ᠤ᠌ ᠣᠷᠣᠭᠰᠠᠨ ᠠᠵᠠ ᠲᠠᠢ ᠲᠠᠪᠤᠨ ᠪᠠᠭᠠᠴᠤᠳ᠂ ᠪᠤᠰᠤᠳ ᠰᠤᠷᠤᠭᠴᠢᠳ ᠤ᠋ᠨ ᠨᠢᠭᠡᠨ ᠠᠳᠠᠯᠢ ᠰᠤᠷᠭᠠᠭᠤᠯᠢ ᠬᠢᠵᠦ ᠪᠠᠢᠭ᠎ᠠ ᠶ᠋ᠢ ᠲᠡᠳᠡᠨ ᠦ᠌ ᠬᠠᠭᠤᠴᠢᠨ ᠨᠥᠬᠥᠳ᠂ ᠤᠷᠠᠩᠬᠠᠢ ᠨᠣᠣᠷᠠᠩᠬᠠᠢ ᠭᠬᠢᠷ ᠲᠠᠭ ᠪᠣᠯᠤᠭᠰᠠᠨ ᠬᠤᠪᠴᠠᠰᠤ ᠲᠠᠢ᠂ ᠬᠥᠮᠦᠨ ᠦ᠌ ᠬᠠᠭᠤᠴᠢᠨ ᠭᠤᠲᠤᠯ ᠡᠮᠦᠰᠦᠭᠰᠡᠨ ᠲᠤᠯᠠ ᠪᠡᠶ᠎ᠡ ᠳ᠋ᠦ᠍ᠨᠢ( ᠳ᠋ᠦ᠍ ᠨᠢ) ᠳᠠᠭᠠᠷᠠᠮᠵᠢ ᠦᠭᠡᠢ ᠬᠡᠲᠦᠷᠬᠡᠢ ᠲᠣᠮᠣ᠂ ᠮᠠᠢᠵᠢᠭᠢ ᠮᠠᠭᠤ ᠭᠤᠲᠤᠯ ᠲᠠᠢ ᠪᠠᠭᠠᠴᠤᠳ ᠪᠠᠨᠳᠢ ᠨᠠᠷ ᠶᠡᠬᠡᠯ᠎ᠡ(ᠶᠡᠬᠡ ᠯᠡ )ᠠᠲᠠᠭᠠᠷᠬᠠᠨ ᠬᠠᠷᠠᠵᠤ᠂ ᠣᠯᠠᠨ ᠰᠤᠷᠤᠭᠴᠢ ᠶ᠋ᠢᠨ ᠲᠡᠷᠡ ᠦᠵᠡᠮᠵᠢᠲᠦ ᠪᠠᠢᠳᠠᠯ ᠳ᠋ᠤ᠌ ᠠᠪᠲᠠᠭᠰᠠᠨ ᠰᠢᠨᠵᠢ ᠲᠡᠢ ᠬᠠᠷᠠᠵᠠᠭᠠᠪᠠ᠃ ᠴᠡᠷᠡᠨ ᠦ᠌ ᠬᠠᠵᠠᠭᠤ ᠳ᠋ᠤ᠌ ᠵᠡᠷᠭᠡᠴᠡᠨ ᠵᠣᠭᠰᠣᠵᠤ ᠪᠠᠢᠭᠰᠠᠨ ᠲᠠᠩᠰᠤᠭ᠂ ᠬᠣᠰᠢᠭᠤ ᠰᠤᠷᠭᠠᠭᠤᠯᠢ ᠶ᠋ᠢᠨ ᠣᠯᠠᠨ ᠪᠠᠭᠠᠴᠤᠳ ᠤ᠋ᠨ ᠪᠠᠶᠠᠰᠬᠤᠯᠠᠩᠲᠠᠢ ᠰᠡᠷᠭᠦᠯᠡᠩ ᠴᠢᠷᠠᠢ ᠶ᠋ᠢ ᠬᠠᠷᠠᠵᠤ ᠪᠠᠢᠲᠠᠯ᠎ᠠ ᠪᠠᠨ ᠬᠡᠢᠳ ᠦ᠋ᠨ ᠣᠯᠠᠨ ᠪᠢᠴᠢᠬᠠᠨ ᠪᠠᠨᠳᠢ ᠨᠠᠷ ᠤ᠋ᠨ ᠡᠴᠡᠩᠭᠢᠷ ᠴᠢᠷᠠᠢ ᠶ᠋ᠢ ᠦᠵᠡᠭᠡᠳ ᠰᠡᠳᠬᠢᠯ ᠳ᠋ᠦ᠍ ᠭᠤᠨᠢᠯ ᠲᠥᠷᠥᠵᠦ᠂ ᠴᠡᠷᠡᠨ ᠦ᠌ ᠭᠠᠷ ᠢ᠋ ᠠᠳᠬᠤᠨ ᠰᠢᠪᠡᠨᠡᠵᠦ ᠥᠭᠦᠯᠡᠷᠦᠨ᠄
— ᠪᠢ ᠬᠦᠦ ᠪᠡᠨ ᠡᠷᠳᠡᠮ ᠨᠣᠮ ᠰᠤᠷᠭᠠᠨ᠎ᠠ ᠭᠡᠵᠦ ᠬᠡᠢᠳ ᠲᠦ᠍ ᠪᠠᠨᠳᠢ ᠪᠣᠯᠭᠠᠵᠤ ᠣᠰᠣᠯᠳᠠᠭᠰᠠᠨ ᠦᠭᠡᠢ ᠪᠣᠯᠪᠠᠯ᠂ ᠮᠢᠨᠦ ᠬᠥᠭᠡᠷᠦᠬᠦᠢ ᠴᠤᠢᠮᠪᠠᠯ ᠬᠦᠦ ᠴᠦ᠍ ᠳᠡᠭᠦᠦ ᠣᠯᠵᠠᠪᠠᠢ ᠲᠠᠢ ᠪᠠᠨ ᠬᠠᠮᠲᠤ ᠡᠨᠡ ᠣᠯᠠᠨ ᠰᠤᠷᠤᠭᠴᠢᠳ ᠤ᠋ᠨ ᠳᠤᠮᠳᠠ ᠪᠠᠢᠬᠤ ᠶᠤᠮᠰᠠᠨᠵᠠᠢ᠃ ᠬᠠᠯᠠᠭ᠂ ᠬᠠᠯᠠᠭ ᠮᠢᠨᠦ ᠮᠠᠭᠤ ᠠ᠋ᠴᠠ ᠯᠠ ᠲᠡᠢᠮᠦ ᠪᠣᠯᠤᠭᠰᠠᠨ ᠶᠤᠮ ᠳᠠ! ᠬᠡᠮᠡᠪᠡᠰᠦ ᠸᠠᠩ ᠣᠪᠣᠭᠲᠤ ᠡᠪᠦᠭᠡᠨ᠂ ᠲᠠᠩᠰᠤᠭ ᠤ᠋ᠨ ᠵᠦᠭ ᠥᠭᠦᠯᠡᠷᠦᠨ᠄
— ᠲᠠ ᠣᠯᠵᠠᠪᠠᠢ ᠬᠦᠦ ᠪᠡᠨ ᠬᠠᠷᠠᠪᠠ ᠤᠤ? ᠶᠡᠨᠳᠡᠷ ᠳᠡᠭᠡᠷ᠎ᠡ ᠭᠠᠷᠴᠤ᠂ ᠮᠥᠨ ᠴᠦ᠍ ᠰᠠᠢᠬᠠᠨ ᠦᠭᠡ ᠬᠡᠯᠡᠵᠦ ᠰᠢᠦ᠃ ᠮᠢᠨᠦ ᠮᠠᠭᠤ ᠪᠠᠲᠤ ᠬᠦᠦ ᠶ᠋ᠢ ᠴᠦ᠍ ᠲᠠ ᠬᠠᠷ᠎ᠠ ᠳᠠ᠂ ᠣᠯᠵᠠᠪᠠᠢ ᠶ᠋ᠢᠨ ᠬᠠᠵᠠᠭᠤ ᠳ᠋ᠤ᠌ ᠲᠡᠷᠡ ᠵᠣᠭᠰᠣᠵᠤ᠂ ᠰᠤᠷᠭᠠᠭᠤᠯᠢ ᠬᠢᠵᠦ ᠪᠠᠢᠨ᠎ᠠ᠃ ᠮᠠᠨ ᠤ᠋ ᠦᠷ᠎ᠡ ᠬᠡᠦᠬᠡᠳ ᠡᠢᠮᠦ ᠰᠠᠢᠬᠠᠨ ᠰᠤᠷᠭᠠᠭᠤᠯᠢ ᠳ᠋ᠤ᠌ ᠰᠤᠷᠴᠤ᠂ ᠡᠳᠦᠢ ᠪᠠᠭ᠎ᠠ ᠨᠠᠰᠤᠨ ᠠ᠋ᠴᠠ ᠠᠷᠠᠳ ᠤ᠋ᠨ ᠬᠤᠪᠢᠰᠬᠠᠯ ᠤ᠋ᠨ ᠬᠣᠢᠴᠢ ᠶ᠋ᠢ ᠵᠠᠯᠭᠠᠮᠵᠢᠯᠠᠭᠴᠢ ᠪᠣᠯᠤᠨ᠎ᠠ ᠭᠡᠵᠦ ᠵᠣᠷᠢᠵᠤ ᠪᠠᠢᠬᠤ ᠶᠤᠮ ᠭᠡᠳᠡᠭ ᠢ᠋ ᠭᠤᠷᠪᠠᠨ ᠵᠢᠯ ᠦ᠋ᠨ ᠡᠮᠦᠨ᠎ᠡ ᠲᠠ ᠪᠢᠳᠡᠨ ᠦ᠌ ᠬᠡᠨ ᠦ᠌ ᠮᠠᠨᠢ ᠴᠤ᠌ ᠵᠡᠭᠦᠳᠦ ᠵᠦᠩ ᠳ᠋ᠦ᠍ ᠣᠷᠣᠭ᠎ᠠ ᠦᠭᠡᠢ ᠬᠡᠷᠡᠭ ᠪᠠᠢᠵᠤ ᠰᠢᠦ ᠳᠡ! ᠬᠡᠮᠡᠪᠡᠰᠦ᠂ ᠰᠢᠷᠴᠢᠨ ᠥᠭᠦᠯᠡᠷᠦᠨ᠂
— ᠪᠠᠲᠤᠪᠠᠶᠠᠷ ᠮᠡᠷᠭᠡᠨ ᠡᠪᠦᠭᠡ ᠰᠡᠢ᠍ᠢ ᠪᠠᠶᠠᠷ ᠬᠦᠷᠭᠡᠬᠦ ᠳ᠋ᠡᠭᠡᠨ( ᠳ᠋ᠦ᠍ ᠪᠡᠨ)᠂ ᠣᠺᠲ᠋ᠣᠪᠧᠷ ᠦ᠋ᠨ ᠶᠡᠬᠡ ᠬᠤᠪᠢᠰᠬᠠᠯ᠂ ᠢᠷᠭᠡᠨ ᠲᠦᠮᠡᠨ ᠦ᠌ ᠶᠡᠬᠡ ᠢᠯᠠᠯᠲᠠ ᠶ᠋ᠢ ᠮᠥᠨ ᠲᠦᠷᠭᠡᠳᠬᠡᠨ ᠣᠢᠷᠠᠲᠤᠭᠤᠯᠤᠨ᠎ᠠ ᠭᠡᠵᠦ ᠬᠡᠯᠡᠭᠰᠡᠨ ᠰᠢᠦ ᠳᠡ᠃ ᠸᠠᠩ ᠠᠪᠤᠭᠠᠢ᠂ ᠮᠢᠨᠦ ᠪᠣᠳᠣᠬᠤ ᠳ᠋ᠤ᠌ ᠲᠠ ᠪᠢᠳᠡ ᠬᠣᠶᠠᠷ᠂ ᠣᠺᠲ᠋ᠣᠪᠧᠷ ᠦ᠋ᠨ ᠬᠤᠪᠢᠰᠬᠠᠯ ᠤ᠋ᠨ ᠣᠢ ᠶ᠋ᠢᠨ ᠰᠠᠢᠬᠠᠨ ᠪᠠᠶᠠᠷ ᠢ᠋ ᠯᠠᠪ ᠨᠡᠯᠢᠶᠡᠳ ᠬᠡᠳᠦ ᠦᠵᠡᠬᠦ ᠪᠡᠷ ᠪᠠᠷᠠᠬᠤ ᠦᠭᠡᠢ᠂ ᠳᠣᠲᠣᠷ᠎ᠠ ᠭᠠᠵᠠᠷ ᠬᠤᠪᠢᠰᠬᠠᠯ ᠮᠠᠨᠳᠤᠨ ᠢᠯᠠᠬᠤ ᠶ᠋ᠢᠨ ᠰᠠᠢᠬᠠᠨ ᠴᠠᠭ ᠢ᠋ ᠦᠵᠡᠬᠦ ᠬᠤᠪᠢ ᠴᠤ᠌ ᠪᠣᠢ ᠪᠠᠢᠭ᠎ᠠ ᠬᠡᠮᠡᠪᠡᠰᠦ ᠡᠪᠦᠭᠡᠨ ᠸᠠᠩ ᠬᠠᠷᠢᠭᠤ ᠥᠴᠢᠷᠦᠨ᠂
— ᠲᠠᠨ ᠤ᠋ ᠲᠡᠷᠡ ᠰᠠᠢᠬᠠᠨ ᠢᠷᠦᠭᠡᠯ ᠢ᠋ᠶ᠋ᠡᠷ ᠪᠣᠯᠬᠤ ᠪᠣᠯᠲᠤᠭᠠᠢ ᠭᠡᠪᠡ᠃
ᠦᠰᠦᠭ ᠠᠮᠢᠯᠠᠭᠤᠯᠤᠭᠴᠢ᠄ ᠤᠢᠭᠤᠷᠵᠢᠨ·ᠣᠳᠬᠣᠨᠪᠠᠪᠠ᠂ ᠪᠠᠳᠮᠠᠰᠡᠴᠡᠨ᠂ ᠮᠧᠢ ᠬᠤᠸᠠ᠂
ᠲᠠᠪᠤᠨ ᠤᠰᠤ᠂ ᠣᠶᠤᠨᠪᠠᠲᠤ᠂ ᠴᠤᠯᠮᠤᠨᠭᠡᠷᠡᠯ᠂ ᠣᠶᠤᠨᠪᠢᠯᠢᠭ᠌
ᠬᠢᠨᠠᠭᠴᠢ᠄ ᠣᠳᠬᠣᠨᠴᠡᠴᠡᠭ᠂ ᠲ ·ᠬᠦᠮᠦᠵᠢᠯᠲᠦ᠂ ᠴᠤᠯᠮᠤᠨᠭᠡᠷᠡᠯ᠂ ᠪᠠᠯ
ᠤᠩᠰᠢᠭᠴᠢ᠄ ᠨᠠᠰᠤᠨ᠌ᠦ᠌ᠯᠵᠡᠢ
