ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠶᠢᠰᠦ Үүрийн туяа III – Б ᠂ Ренчин Гуравдугаар дэвтэр "Баялдаж олсон эх орон"-9 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠶᠢᠰᠦ Үүрийн туяа III – Б ᠂ Ренчин Гуравдугаар дэвтэр "Баялдаж олсон эх орон"-9

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠶᠢᠰᠦ Үүрийн туяа III – Б ᠂ Ренчин Гуравдугаар дэвтэр "Баялдаж олсон эх орон"-9

ᠠᠩᠭᠢᠯᠠᠯ:ᠲᠤᠭᠤᠵᠢ ᠷᠣᠮᠠᠨ
2025-04-10

233

ᠶᠢᠰᠦ᠂ ᠬᠤᠰᠢᠭᠤᠨ ᠤ᠋ ᠰᠤᠷᠭᠠᠭᠤᠯᠢ ᠪᠠᠢᠭᠤᠯᠵᠠᠢ

 
             ᠪᠠᠳᠠᠷᠠᠩᠭᠤᠢ ᠡᠷᠳᠡᠮ᠂ ᠮᠠᠨ ᠤ᠋ ᠰᠤᠷᠭᠠᠭᠤᠯᠢ ᠶ᠋ᠢᠨ ᠲᠠᠩᠬᠢᠮ ᠳ᠋ᠤ᠌ ᠮᠠᠨᠳᠤᠭᠠᠳ᠂ 
             ᠪᠠᠯᠠᠷ ᠪᠦᠳᠦᠭᠦᠯᠢᠭ᠂ ᠬᠠᠷᠠᠩᠭᠤᠢ ᠮᠤᠩᠬᠠᠭ ᠤ᠋ᠨ ᠴᠠᠭ ᠠᠷᠢᠯᠲᠤᠭᠠᠢ᠃ 
             ᠮᠠᠨ ᠤ᠋ ᠬᠥᠪᠡᠭᠦᠳ ᠥᠬᠢᠳ ᠰᠤᠷᠭᠠᠭᠤᠯᠢ ᠶ᠋ᠢ ᠲᠡᠭᠦᠰᠬᠡᠨ ᠭᠠᠷᠴᠠᠭᠠᠵᠤ᠂ 
             ᠮᠠᠨᠳᠤᠭᠰᠠᠨ ᠡᠷᠳᠡᠮ ᠤᠬᠠᠭᠠᠨ ᠢ᠋ᠶ᠋ᠠᠷ ᠠᠷᠠᠳ ᠲᠦᠮᠡᠨ ᠢ᠋ᠶ᠋ᠡᠨ ᠭᠡᠢᠭᠦᠯᠲᠦᠭᠡᠢ᠃    
                          ᠬᠠᠮᠽᠠ ᠬᠠᠺᠢᠮ ᠵᠠᠳ᠋ᠧ    

       — ᠬᠤᠰᠢᠭᠤᠨ ᠤ᠋ ᠲᠠᠮᠠᠭ᠎ᠠ ᠶ᠋ᠢᠨ ᠣᠷᠴᠢᠮ ᠶᠡᠬᠡᠯ᠎ᠡ ᠬᠥᠯ ᠲᠡᠢ ᠪᠣᠯᠵᠠᠢ᠃ ᠤᠷᠲᠤ ᠡᠪᠡᠷ ᠲᠡᠢ ᠮᠣᠩᠭᠣᠯ᠂ ᠤᠷᠲᠤ ᠰᠡᠪᠡᠭ ᠲᠡᠢ ᠰᠠᠷᠯᠤᠭ ᠤ᠋ᠨ ᠱᠠᠷ ᠢ᠋ᠶ᠋ᠠᠷ ᠠᠷᠠᠳ ᠤ᠋ᠳ ᠮᠣᠳᠣ ᠴᠢᠯᠠᠭᠤ ᠸᠠᠭᠠᠷ ᠲᠣᠭᠣᠰᠬ᠎ᠠ ᠪᠠᠭᠤᠯᠭᠠᠵᠤ᠂ ᠲᠡᠷᠭᠡ ᠬᠢᠬᠤᠨᠠᠨ ᠰᠦᠬᠡ ᠴᠦᠴᠡ ᠴᠠᠪᠴᠢᠬᠤ ᠳᠥᠩᠭᠡᠬᠦ ᠴᠢᠮᠡᠭᠡ᠂ ᠬᠡᠷᠦᠭᠡ ᠱᠠᠷ ᠱᠠᠷ ᠭᠡᠬᠦ ᠠᠨᠢᠷ᠂ ᠮᠣᠩᠭᠣᠯ ᠣᠷᠣᠰ ᠬᠢᠲᠠᠳ ᠦᠭᠡ ᠬᠡᠯᠡᠯᠴᠡᠬᠦ ᠴᠢᠮᠡᠭᠡ ᠰᠣᠨᠣᠰᠳᠠᠨ᠂ ᠬᠤᠰᠢᠭᠤᠨ ᠤ᠋ ᠪᠠᠭ᠎ᠠ ᠰᠤᠷᠭᠠᠭᠤᠯᠢ ᠪᠣᠰᠬᠠᠬᠤ ᠭᠠᠵᠠᠷ ᠤ᠋ᠨ ᠣᠷᠴᠢᠮ᠂ ᠠᠵᠢᠯ ᠬᠢᠬᠦ ᠬᠥᠮᠦᠨ ᠦ᠌ ᠡᠳᠦᠢ ᠲᠡᠳᠦᠢ ᠮᠠᠢᠬᠠᠨ ᠪᠣᠰᠴᠠᠭᠠᠪᠠ᠃ ᠭᠣᠣᠯ ᠤ᠋ᠨ ᠬᠠᠪᠢ ᠳ᠋ᠤ᠌ ᠰᠤᠷᠭᠠᠭᠤᠯᠢ ᠶ᠋ᠢᠨ ᠨᠣᠭᠣᠭᠠᠨ ᠤ᠋ ᠭᠠᠵᠠᠷ ᠡᠷᠲᠡᠨ ᠡᠴᠡ ᠪᠠᠵᠠᠭᠠᠵᠤ᠂ ᠲᠡᠷᠡ ᠪᠠᠢᠭᠤᠯᠬᠤ ᠰᠤᠷᠭᠠᠭᠤᠯᠢ ᠶ᠋ᠢᠨ ᠵᠠᠬᠢᠷᠤᠯ ᠪᠠᠭᠰᠢ ᠨᠠᠰᠤᠨᠪᠠᠲᠤ ᠶ᠋ᠢᠨ ᠤᠷᠢᠵᠤ ᠤᠯᠢᠶᠠᠰᠤᠲᠠᠢ ᠬᠣᠲᠠ ᠬᠠᠪᠢ ᠠ᠋ᠴᠠ ᠠᠪᠴᠢᠷᠠᠭᠰᠠᠨ ᠸᠠᠩ ᠣᠪᠣᠭᠲᠤ ᠨᠢᠭᠡᠳᠦᠭᠡᠷ ᠬᠦᠦ ᠭᠡᠭᠴᠢ ᠡᠪᠦᠭᠡᠨ᠂ ᠸᠠᠩ ᠣᠪᠣᠭᠲᠤ ᠬᠣᠶᠠᠳᠤᠭᠠᠷ ᠬᠦᠦ ᠬᠡᠮᠡᠭᠴᠢ ᠳᠡᠭᠦᠦ ᠲᠡᠢ ᠪᠡᠨ ᠤᠴᠠᠷᠠᠵᠤ᠂ ᠬᠠᠮᠲᠤ ᠨᠣᠭᠣᠭᠠᠨ ᠤ᠋ ᠬᠦᠷᠢᠶᠡᠯᠡᠩ ᠳ᠋ᠦ᠍ ᠢᠳᠡᠰᠢᠨ ᠦ᠌ ᠨᠣᠭᠣᠭ᠎ᠠ ᠤᠰᠤᠯᠠᠬᠤ ᠪᠣᠷᠳᠣᠬᠤ ᠠᠵᠢᠯ ᠬᠢᠵᠦ ᠪᠠᠢᠯ᠎ᠠ᠃ ᠨᠠᠰᠤᠨᠪᠠᠲᠤ ᠳ᠋ᠤ᠌ ᠲᠤᠰᠠᠯᠠᠵᠤ᠂ ᠡᠪᠦᠭᠡᠨ ᠢᠸᠠᠨ ᠤ᠋ ᠠᠪᠴᠢᠷᠠᠭᠰᠠᠨ ᠣᠷᠣᠰ ᠮᠣᠳᠣᠴᠢ ᠳᠠᠷᠬᠠᠨ᠂ ᠡᠮᠦᠨ᠎ᠡ ᠵᠦᠭ ᠬᠠᠨᠳᠤᠭᠰᠠᠨ ᠰᠤᠷᠭᠠᠭᠤᠯᠢ ᠶ᠋ᠢᠨ ᠲᠠᠩᠬᠢᠮ ᠤ᠋ᠨ ᠶᠡᠬᠡ ᠮᠣᠳᠣᠨ ᠪᠠᠢᠰᠢᠩ ᠢ᠋ ᠪᠣᠰᠬᠠᠵᠤ᠂ ᠲᠡᠷᠡ ᠣᠷᠳᠣᠨ ᠪᠠᠢᠰᠢᠩ ᠤ᠋ᠨ ᠵᠡᠭᠦᠨ ᠪᠠᠷᠠᠭᠤᠨ ᠡᠲᠡᠭᠡᠳ᠂ ᠳᠣᠲᠣᠷ ᠬᠥᠮᠦᠨ ᠲᠣᠭᠣᠰᠬ᠎ᠠ ᠪᠠᠷ ᠪᠠᠭᠰᠢ ᠰᠤᠷᠤᠭᠴᠢ ᠨᠠᠷ ᠤ᠋ᠨ ᠰᠠᠭᠤᠬᠤ ᠪᠠᠢᠷᠢ᠂ ᠬᠣᠭᠣᠯᠠ ᠢᠳᠡᠬᠦ ᠪᠠᠢᠰᠢᠩ ᠪᠠᠷᠢᠵᠠᠭᠠᠵᠤ᠂ ᠴᠢᠬᠢᠷᠰᠦ ᠪᠡᠷ ᠪᠠᠷᠢᠭᠰᠠᠨ ᠰᠠᠷᠠᠪᠴᠢᠨ ᠤ᠋ ᠨᠥᠮᠥᠷᠢ ᠳ᠋ᠦ᠍ ᠬᠣᠰᠢᠭᠤ ᠬᠡᠢᠳ ᠦ᠋ᠨ ᠬᠡᠳᠦᠨ ᠶᠠᠳᠠᠭᠤ ᠯᠠᠮᠠ ᠤᠷᠠᠴᠤᠳ᠂ ᠨᠠᠰᠤᠨᠪᠠᠲᠤ ᠶ᠋ᠢᠨ ᠵᠢᠷᠤᠭ ᠵᠢᠭᠠᠪᠤᠷᠢ ᠶᠣᠰᠣᠭᠠᠷ ᠰᠤᠷᠭᠠᠭᠤᠯᠢ ᠶ᠋ᠢᠨ ᠲᠠᠩᠬᠢᠮ ᠳ᠋ᠤ᠌ ᠬᠡᠷᠡᠭᠯᠡᠬᠦ ᠰᠠᠮᠪᠠᠷ᠎ᠠ᠂ ᠰᠠᠪᠠ ᠱᠦᠭᠦᠢ᠂ ᠰᠤᠷᠤᠭᠴᠢᠳ ᠤ᠋ᠨ ᠰᠠᠭᠤᠬᠤ ᠰᠢᠷᠡᠭᠡ ᠰᠠᠨᠳᠠᠯᠢ ᠵᠡᠷᠭᠡ ᠶ᠋ᠢ ᠬᠢᠵᠦ ᠪᠠᠢᠯ᠎ᠠ᠃ ᠨᠠᠮᠤᠷ ᠰᠤᠷᠤᠯᠴᠠᠬᠤ ᠬᠡᠦᠬᠡᠳ ᠦ᠋ᠨ ᠡᠴᠢᠭᠡ ᠡᠬᠡ᠂ ᠰᠤᠷᠭᠠᠭᠤᠯᠢ ᠶ᠋ᠢᠨ ᠦᠢᠯᠡᠳᠬᠡᠯ ᠢ᠋ ᠰᠣᠨᠢᠷᠬᠠᠨ ᠢᠷᠡᠵᠡᠭᠡᠵᠦ᠂ ᠬᠦᠬᠦᠷ ᠢ᠋ᠶ᠋ᠡᠷ ᠠᠢᠷᠠᠭ᠂ ᠳᠠᠰᠢᠮᠠᠭ ᠢ᠋ᠶ᠋ᠠᠷ ᠠᠷᠢᠬᠢ᠂ ᠪᠣᠷᠪᠢ ᠬᠠᠪᠴᠢᠭ ᠢ᠋ᠶ᠋ᠠᠷ ᠲᠠᠷᠠᠭ ᠠᠪᠴᠢᠷᠠᠵᠠᠭᠠᠵᠤ ᠥᠭᠳᠡᠭ ᠪᠠᠢᠯ᠎ᠠ᠃ ᠬᠣᠰᠢᠭᠤ ᠳᠠᠷᠤᠭ᠎ᠠ ᠪᠠᠲᠤᠪᠠᠶᠠᠷ ᠡᠳᠦᠷ ᠳᠣᠳᠣᠮ ᠡᠪᠦᠭᠡᠨ ᠨᠠᠢᠵᠠ ᠢᠸᠠᠨ ᠲᠠᠢ ᠬᠠᠮᠲᠤ ᠡᠷᠭᠢᠵᠦ ᠦᠵᠡᠳᠡᠭ ᠪᠠᠢᠵᠠᠢ᠃ 
       ᠮᠠᠷᠭᠠᠰᠢ ᠲᠠᠢᠪᠤᠤ ᠨᠢᠷᠤᠭᠤ ᠶ᠋ᠢ ᠪᠤᠰᠬᠠᠨ᠎ᠠ ᠭᠡᠵᠦ ᠪᠠᠲᠤᠪᠠᠶᠠᠷ ᠲᠤ᠌ ᠡᠪᠦᠭᠡᠨ ᠮᠣᠳᠣᠴᠢ ᠳᠠᠷᠬᠠᠨ ᠣᠷᠣᠰ ᠬᠡᠯᠡᠵᠡᠢ᠃ ᠰᠢᠪᠧᠷᠢᠶ᠎ᠡ ᠶ᠋ᠢᠨ ᠲᠡᠷᠡ ᠡᠪᠦᠭᠡᠨ ᠳᠠᠷᠬᠠᠨ ᠪᠡᠶ᠎ᠡ ᠮᠠᠰᠢ ᠲᠡᠩᠬᠡᠯᠡᠭᠦᠨ᠂ ᠰᠦᠬᠡ ᠪᠠᠷᠢᠬᠤ ᠳ᠋ᠠᠭᠠᠨ ᠴᠢᠳᠠᠮᠠᠭᠠᠢ᠂ ᠠᠮᠠᠰᠬᠢᠬᠦ ᠵᠠᠭᠤᠷ᠎ᠠ ᠵᠦᠭᠡᠷ ᠰᠠᠭᠤᠬᠤ ᠪᠠᠷ ᠲᠡᠮᠡᠭᠡ ᠬᠠᠷᠢᠭᠤᠯ ᠭᠡᠭᠴᠢ ᠪᠡᠷ ᠰᠦᠬᠡ ᠪᠡᠨ ᠪᠠᠷᠢᠵᠤ᠂ ᠬᠡᠦᠬᠡᠳ ᠲᠦ᠍ ᠬᠡᠷᠡᠭᠯᠡᠬᠦ ᠮᠣᠳᠣᠨ ᠬᠠᠯᠪᠠᠭ᠎ᠠ ᠵᠣᠷᠳᠠᠭ ᠪᠠᠢᠵᠠᠢ᠃  
       ᠰᠤᠷᠭᠠᠭᠤᠯᠢ ᠶ᠋ᠢᠨ ᠶᠡᠬᠡ ᠪᠠᠢᠰᠢᠩ ᠤ᠋ᠨ ᠲᠠᠢᠪᠤᠤ ᠨᠢᠷᠤᠭᠤ ᠶ᠋ᠢ ᠪᠤᠰᠬᠠᠬᠤ ᠳ᠋ᠤ᠌ ᠣᠯᠠᠨ ᠳᠠᠷᠬᠠᠨ᠂ ᠪᠠᠰᠠ ᠲᠠᠮᠠᠭ᠎ᠠ ᠶ᠋ᠢᠨ ᠭᠠᠵᠠᠷ ᠤ᠋ᠨ ᠠᠯᠪᠠᠨ ᠬᠠᠭᠠᠭᠴᠢ᠂ ᠮᠥᠨ ᠲᠡᠷᠡ ᠡᠳᠦᠷ ᠲᠠᠮᠠᠭ᠎ᠠ ᠶ᠋ᠢᠨ ᠭᠠᠵᠠᠷ ᠬᠦᠷᠴᠦ ᠢᠷᠡᠭᠰᠡᠨ ᠠᠷᠠᠳ ᠤ᠋ᠳ ᠴᠤᠭᠯᠠᠵᠤ᠂ ᠪᠠᠲᠤᠪᠠᠶᠠᠷ ᠤ᠋ᠨ ᠲᠤᠰᠬᠠᠢᠯᠠᠨ ᠤᠷᠢᠵᠤ ᠢᠷᠡᠭᠦᠯᠦᠭᠰᠡᠨ ᠲᠠᠩᠰᠤᠭ ᠵᠡᠷᠭᠡ ᠣᠯᠠᠨ ᠬᠥᠮᠦᠨ ᠴᠤᠭᠯᠠᠵᠠᠢ᠃  
       ᠶᠡᠬᠡ ᠲᠠᠢᠪᠤᠤ ᠨᠢᠷᠤᠭᠤ ᠪᠤᠰᠬᠠᠬᠤ ᠵᠡᠭᠦᠨ ᠪᠠᠷᠠᠭᠤᠨ ᠬᠣᠶᠠᠷ ᠲᠤᠭᠤᠷᠭ᠎ᠠ ᠶ᠋ᠢᠨ ᠪᠦᠳᠦᠭᠦᠨ ᠳ᠋ᠦᠨᠵᠡ ᠮᠣᠳᠣᠨ ᠳ᠋ᠤ᠌ ᠣᠨᠢ ᠭᠠᠷᠭᠠᠭᠰᠠᠨ ᠲᠤᠱᠠᠭ᠎ᠠ ᠨᠢᠵᠡᠭᠡᠳ ᠱᠠᠲᠤ ᠲᠠᠯᠪᠢᠭᠰᠠᠨ ᠳ᠋ᠤ᠌ ᠪᠠᠲᠤᠪᠠᠶᠠᠷ ᠪᠠᠷᠠᠭᠤᠨ ᠲᠤᠭᠤᠷᠭᠠᠨ ᠤ᠋ ᠲᠡᠨᠳᠡ ᠵᠡᠭᠦᠨ ᠲᠡᠰᠢ ᠬᠠᠨᠳᠤᠨ ᠵᠣᠭᠰᠣᠵᠤ ᠬᠠᠳᠠᠭ ᠭᠠᠷᠭᠠᠵᠤ ᠢᠷᠦᠭᠡᠯ ᠬᠡᠯᠡᠭᠰᠡᠨ ᠨᠢ᠂ 
        《 ᠵᠠ᠂ ᠲᠦᠭᠡᠮᠡᠯ ᠣᠯᠠᠨ ᠤ᠋ ᠬᠦᠰᠡᠯ ᠪᠠᠳᠠᠷᠠᠭᠰᠠᠨ᠂ 
        《 ᠲᠦᠷᠭᠡᠨ ᠤᠷᠤᠭᠰᠢᠲᠠᠢ ᠪᠣᠰᠤᠭᠰᠠᠨ᠂  
          —  ᠠᠷᠠᠳ ᠤ᠋ᠨ ᠪᠠᠭ᠎ᠠ ᠰᠤᠷᠭᠠᠭᠤᠯᠢ ᠶ᠋ᠢᠨ ᠠᠷᠢᠭᠤᠨ ᠰᠠᠢᠬᠠᠨ ᠲᠠᠩᠬᠢᠮ ᠤ᠋ᠨ   
        《 ᠠᠭᠠᠷᠤ ᠽᠠᠨᠳᠠᠨ ᠲᠠᠢᠪᠤᠤ ᠨᠢᠷᠤᠭᠤ ᠨᠢ     
        《 ᠠᠷᠪᠠᠨ ᠲᠦᠮᠡᠨ ᠵᠢᠯ ᠬᠣᠲᠣᠢᠯ ᠦᠭᠡᠢ᠂ 
        《 ᠪᠠᠢᠭᠤᠯᠤᠭᠰᠠᠨ ᠰᠠᠢᠬᠠᠨ ᠰᠤᠷᠭᠠᠭᠤᠯᠢ ᠶ᠋ᠢᠨ  
        《 ᠪᠠᠲᠤ ᠲᠦᠰᠢᠭ ᠪᠣᠯᠵᠤ᠂  
        《 ᠪᠠᠲᠤ ᠰᠠᠢᠬᠠᠨ ᠪᠠᠢᠰᠢᠩ ᠳ᠋ᠠᠭᠠᠨ   
        《ᠪᠠᠬᠠᠲᠠᠢ ᠴᠢᠮᠡᠭ ᠪᠣᠯᠵᠤ᠂    
        《ᠳᠡᠯᠭᠡᠷ ᠰᠠᠢᠬᠠᠨ ᠡᠨᠡ ᠲᠠᠩᠬᠢᠮ᠂    
        《ᠳᠡᠪᠵᠢᠨ ᠬᠥᠭᠵᠢᠬᠦ ᠮᠠᠨ ᠤ᠋ ᠠᠷᠠᠳ ᠤ᠋ᠨ   
        《ᠡᠩᠬᠡ ᠲᠥᠷᠥ ᠶ᠋ᠢᠨ ᠡᠷᠳᠡᠮᠲᠡᠨ ᠮᠡᠷᠭᠡᠳ ᠭᠠᠷᠬᠤ ᠶ᠋ᠢᠨ ᠣᠷᠣᠨ᠂    
        《ᠡᠭᠦᠷᠢᠳᠡ ᠮᠠᠨᠳᠤᠬᠤ ᠡᠷᠳᠡᠮ ᠤᠬᠠᠭᠠᠨ ᠤ᠋ ᠰᠠᠩ ᠪᠣᠯᠲᠤᠭᠠᠢ》 ᠭᠡᠵᠦ ᠢᠷᠥᠭᠡᠪᠡᠰᠦ ᠬᠤᠷᠠᠭᠰᠠᠨ ᠪᠦᠭᠦᠳᠡ᠂ ᠢᠷᠦᠭᠡᠯ ᠢ᠋ᠶ᠋ᠡᠷ ᠪᠣᠯᠲᠤᠭᠠᠢ ᠭᠡᠵᠦ ᠥᠴᠢᠪᠡ᠃ ᠡᠪᠦᠭᠡᠨ ᠪᠠᠲᠤᠪᠠᠶᠠᠷ ᠬᠠᠳᠠᠭ ᠢ᠋ᠶ᠋ᠠᠨ ᠪᠠᠷᠢᠵᠤ᠂ ᠱᠠᠲᠤ ᠥᠭᠰᠥᠨ ᠠᠪᠠᠷᠢᠵᠤ ᠭᠠᠷᠤᠭᠠᠳ᠂ ᠲᠠᠢᠪᠤᠤ ᠨᠢᠷᠤᠭᠤ ᠰᠠᠭᠤᠯᠭᠠᠬᠤ ᠣᠨᠢ ᠳ᠋ᠤ᠌ ᠬᠥᠬᠡ ᠬᠠᠳᠠᠭ ᠤ᠋ᠨ ᠦᠵᠦᠭᠦᠷ ᠢ᠋ ᠳᠣᠭᠣᠭᠰᠢ ᠤᠨᠵᠢᠭᠤᠯᠤᠨ ᠬᠢᠭᠡᠳ ᠠᠶᠠᠷᠬᠠᠨ ᠪᠠᠭᠤᠪᠠᠰᠤ᠂ ᠵᠡᠭᠦᠨ ᠲᠤᠭᠤᠷᠭ᠎ᠠ ᠶ᠋ᠢᠨ ᠲᠤᠰ ᠪᠠᠶᠠᠷᠯᠠᠨ ᠵᠣᠭᠰᠣᠵᠤ ᠪᠠᠢᠭᠰᠠᠨ ᠲᠠᠩᠰᠤᠭ᠂ ᠬᠣᠰᠢᠭᠤ ᠰᠤᠷᠭᠠᠭᠤᠯᠢ ᠶ᠋ᠢᠨ ᠲᠠᠩᠬᠢᠮ ᠳ᠋ᠤ᠌ ᠲᠠᠢᠪᠤᠤ ᠨᠢᠷᠤᠭᠤ ᠥᠨᠳᠥᠷᠯᠡᠨ ᠪᠣᠰᠬᠠᠬᠤ ᠳ᠋ᠤ᠌ ᠬᠠᠳᠠᠭ ᠢᠷᠥᠭᠡᠨ ᠲᠠᠯᠪᠢᠬᠤ ᠬᠤᠪᠢ ᠲᠠᠢ ᠳ᠋ᠠᠭᠠᠨ( ᠳ᠋ᠤ᠌ ᠪᠠᠨ) ᠪᠠᠬᠠᠳᠤᠵᠤ᠂ ᠲᠣᠪᠴᠢᠬᠠᠨ ᠬᠡᠳᠦᠨ ᠦᠭᠡ ᠪᠡᠷ ᠪᠠᠶᠠᠰᠬᠤᠯᠠᠩᠲᠤ ᠰᠡᠳᠬᠢᠯ ᠦ᠋ᠨ ᠭᠦᠨ᠎ᠡ ᠡᠴᠡ ᠢᠷᠦᠭᠡᠪᠡ᠄  
         《ᠤᠯᠤᠰ ᠤ᠋ᠨ ᠪᠤᠶᠠᠨ ᠢ᠋ᠶ᠋ᠠᠷ ᠪᠦᠲᠦᠭᠰᠡᠨ ᠡᠨᠡ ᠰᠤᠷᠭᠠᠭᠤᠯᠢ ᠶ᠋ᠢ   
         《ᠤᠷᠠᠨ ᠭᠠᠷ ᠢ᠋ᠶ᠋ᠠᠷ ᠪᠦᠲᠦᠭᠡᠭᠴᠢ ᠤᠷᠠᠴᠤᠳ᠂   
         《ᠬᠡᠰᠢᠭ ᠪᠤᠶᠠᠨ ᠢ᠋ᠶ᠋ᠠᠨ ᠡᠳ᠋ᠯᠡᠵᠦ ᠵᠢᠷᠭᠠᠬᠤ ᠪᠣᠯᠲᠤᠭᠠᠢ!  
         《ᠥᠨᠳᠥᠷᠯᠡᠨ ᠪᠣᠰᠤᠭᠰᠠᠨ ᠡᠨᠡ ᠰᠠᠢᠬᠠᠨ ᠪᠠᠢᠰᠢᠩ ᠨᠢ     
         《ᠥᠨᠢ ᠤᠳᠠᠭᠠᠨ ᠪᠠᠲᠤ ᠪᠡᠬᠢ ᠣᠷᠣᠰᠢᠵᠤ᠂      
         《ᠬᠡᠵᠢᠶᠡᠳᠡ ᠡᠷᠳᠡᠮ ᠤᠬᠠᠭᠠᠨ ᠤ᠋ ᠭᠣᠯᠣᠮᠲᠠ ᠪᠣᠯᠲᠤᠭᠠᠢ! 》ᠭᠡᠵᠦ ᠢᠷᠦᠭᠡᠪᠡᠰᠦ ᠴᠤᠭᠯᠠᠭᠰᠠᠳ᠂ ᠢᠷᠦᠭᠡᠯ ᠢ᠋ᠶ᠋ᠡᠷ ᠪᠣᠯᠲᠤᠭᠠᠢ!ᠭᠡᠵᠦ ᠬᠥᠨᠳᠡᠢ ᠪᠠᠢᠰᠢᠩ ᠳᠣᠲᠣᠷ᠎ᠠ ᠬᠦᠩᠭᠢᠨᠡᠲᠡᠯ᠎ᠡ ᠳᠤᠤᠭᠠᠷᠴᠠᠭᠠᠵᠤ᠂ ᠲᠠᠩᠰᠤᠭ ᠵᠡᠭᠦᠨ ᠲᠤᠭᠤᠷᠭ᠎ᠠ ᠥᠭᠡᠳᠡ ᠱᠠᠲᠤ ᠪᠠᠷ ᠠᠪᠠᠷᠢᠨ ᠭᠠᠷᠴᠤ᠂ ᠲᠠᠢᠪᠤᠤ ᠨᠢᠷᠤᠭᠤ ᠲᠠᠯᠪᠢᠬᠤ ᠰᠠᠭᠤᠷᠢ ᠳ᠋ᠤ᠌᠂ ᠥᠯᠵᠡᠢᠲᠦ ᠬᠡ ᠤᠭᠠᠯᠵᠠ ᠪᠦᠬᠦᠢ ᠬᠠᠳᠠᠭ ᠤ᠋ᠨ ᠢ᠋ᠶ᠋ᠠᠨ ᠦᠵᠦᠭᠦᠷ ᠢ᠋ ᠤᠨᠵᠢᠭᠤᠯᠤᠨ ᠲᠠᠯᠪᠢᠵᠤ᠂ ᠨᠡᠩ ᠪᠣᠯᠭᠣᠮᠵᠢᠯᠠᠨ ᠳᠣᠭᠣᠭᠰᠢ ᠪᠠᠭᠤᠪᠠᠰᠤ᠂ ᠳᠠᠷᠬᠠᠴᠤᠳ ᠬᠦᠨᠳᠦ ᠲᠠᠢᠪᠤᠤ ᠨᠢᠷᠤᠭᠤ ᠶ᠋ᠢ ᠮᠠᠰᠢ ᠰᠤᠷᠮᠠᠭᠠᠢ ᠪᠠᠷ ᠤᠭ ᠭᠠᠷᠭᠠᠭᠰᠠᠨ ᠣᠨᠢ ᠳ᠋ᠤ᠌ ᠣᠷᠣᠭᠤᠯᠤᠨ ᠲᠠᠯᠪᠢᠵᠠᠢ᠃  
       ᠦᠳᠡᠰᠢ᠂ ᠲᠡᠷᠡ ᠲᠠᠢᠪᠤᠤ ᠨᠢᠷᠤᠭᠤ ᠥᠨᠳᠥᠷᠯᠡᠨ ᠪᠤᠰᠬᠠᠭᠰᠠᠨ ᠤᠷᠠᠴᠤᠳ ᠢ᠋ ᠳᠠᠢᠯᠠᠵᠤ᠂ ᠰᠤᠷᠭᠠᠭᠤᠯᠢ ᠶ᠋ᠢᠨ ᠪᠦᠬᠦ ᠦᠢᠯᠡᠳᠬᠡᠯ ᠳ᠋ᠦ᠍ ᠵᠢᠳᠬᠦᠬᠦ ᠠᠵᠢᠯᠴᠢᠨ ᠴᠤᠭᠯᠠᠭᠰᠠᠨ ᠳ᠋ᠤ᠌᠂ ᠲᠠᠮᠠᠭ᠎ᠠ ᠶ᠋ᠢᠨ ᠭᠠᠵᠠᠷ ᠤ᠋ᠨ ᠲᠠᠬᠠᠷ ᠡᠪᠦᠭᠡᠨ ᠬᠤᠭᠤᠷᠴᠢ ᠮᠣᠷᠢᠨ ᠲᠣᠯᠣᠭᠠᠢᠲᠤ ᠬᠤᠭᠤᠷ ᠢ᠋ᠶ᠋ᠠᠨ ᠪᠠᠷᠢᠭᠠᠳ᠂ ᠬᠣᠰᠢᠭᠤ ᠨᠡᠢᠭᠡᠮ ᠦ᠋ᠨ ᠬᠥᠷᠥᠩᠭᠡ ᠪᠤᠶᠠᠨ ᠢ᠋ᠶ᠋ᠠᠷ ᠪᠠᠢᠭᠤᠯᠵᠤ ᠪᠠᠢᠭ᠎ᠠ ᠰᠤᠷᠭᠠᠭᠤᠯᠢ ᠶ᠋ᠢᠨ ᠲᠠᠩᠬᠢᠮ ᠢ᠋ ᠥᠨᠳᠥᠷᠯᠡᠨ ᠪᠤᠰᠬᠠᠬᠤ ᠦᠢᠯᠡᠳᠬᠡᠯ ᠳ᠋ᠦ᠍ ᠬᠦᠴᠦᠨ ᠵᠢᠳᠬᠦᠵᠦ ᠪᠠᠢᠭ᠎ᠠ ᠣᠷᠣᠰ᠂ ᠮᠣᠩᠭᠣᠯ᠂ ᠲᠥᠪᠡᠳ᠂ ᠬᠠᠰᠠᠭ᠂ ᠳᠣᠲᠣᠷ᠎ᠠ ᠲᠠᠪᠤᠨ ᠬᠡᠯᠡ ᠶ᠋ᠢᠨ ᠣᠯᠠᠨ ᠠᠵᠢᠯᠴᠢᠨ ᠢ᠋ ᠢᠷᠠᠭᠤ ᠰᠠᠢᠬᠠᠨ ᠦᠭᠡ ᠪᠡᠷ ᠡᠷᠭᠦᠨ ᠮᠠᠭᠲᠠᠵᠤ ᠡᠭᠡᠰᠢᠭᠯᠡᠯ᠎ᠡ᠃ 
       ᠸᠠᠩ ᠣᠪᠣᠭᠲᠤ ᠨᠢᠭᠡᠳᠦᠭᠡᠷ ᠬᠦᠦ ᠭᠡᠳᠡᠭ ᠡᠪᠦᠭᠡᠨ ᠨᠣᠭᠣᠭᠠᠴᠢᠨ ᠰᠢᠮ᠎ᠡ ᠶ᠋ᠢᠨ ᠠᠷᠢᠬᠢᠨ ᠳ᠋ᠤ᠌ ᠪᠠᠬᠠᠨ ᠬᠥᠯᠴᠥᠨ ᠰᠣᠭᠲᠣᠭᠠᠳ ᠠᠶᠠᠭ᠎ᠠ ᠲᠠᠢ ᠲᠠᠷᠠᠭ ᠠ᠋ᠴᠠ ᠠᠮᠰᠠᠵᠤ ᠢᠷᠪᠠᠢᠰᠬᠢᠭᠡᠳ᠂ ᠮᠠᠰᠢ ᠨᠠᠷᠢᠨ ᠬᠣᠭᠣᠯᠠᠢ ᠪᠠᠷ᠂ ᠦᠰᠦᠨ ᠠᠢᠮᠠᠭ ᠸᠠᠩ ᠳ᠋ᠤ᠌ ᠬᠠᠳᠠᠮ ᠳ᠋ᠤ᠌ ᠥᠭᠭᠦᠭᠰᠡᠨ ᠱᠢ ᠵᠢᠶᠦ᠋ᠨ ᠭᠦᠩᠵᠦ ᠶ᠋ᠢᠨ ᠳᠠᠭᠤᠤ ᠶ᠋ᠢ ᠳᠠᠭᠤᠯᠠᠭᠰᠠᠨ ᠨᠢ᠄   
         《ᠢᠰᠡᠭᠡᠢ ᠲᠤᠭᠤᠷᠭ᠎ᠠ ᠲᠠᠢ᠂   
         《ᠲᠥᠭᠥᠷᠢᠭ ᠭᠡᠷ ᠣᠷᠣᠨ ᠮᠢᠨᠢ ᠪᠣᠯᠵᠤ᠂  
         《ᠢᠰᠬᠦᠯᠡᠩ ᠰᠦ ᠲᠠᠷᠠᠭ ᠤᠮᠳᠠ ᠮᠢᠨᠢ ᠪᠣᠯᠤᠯ᠎ᠠ!    
         《ᠠᠶ᠎ᠠ! ᠲᠥᠷᠥᠭᠰᠡᠨ ᠨᠤᠲᠤᠭ ᠢ᠋ᠶ᠋ᠠᠨ ᠰᠠᠨᠠᠬᠤ ᠳ᠋ᠤ᠌ ᠂      
         《ᠰᠡᠳᠬᠢᠯ ᠵᠢᠷᠦᠬᠡ ᠰᠢᠮᠰᠢᠷᠡᠨ ᠡᠪᠡᠳᠦᠨᠡᠮ!      
         《ᠠᠶ᠎ᠠ᠂ ᠴᠠᠭᠠᠨ ᠬᠤᠨ ᠰᠢᠪᠠᠭᠤ ᠴᠤ᠌ ᠪᠣᠯᠤᠭᠠᠰᠠᠢ᠂     
         《ᠠᠯᠤᠰ ᠨᠤᠲᠤᠭ ᠤ᠋ᠨ ᠵᠦᠭ ᠳᠡᠪᠢᠩᠬᠡᠨ ᠨᠢᠰᠦᠭᠡᠰᠡᠢ!》 ᠬᠡᠮᠡᠵᠡᠢ᠃   
       ᠡᠪᠦᠭᠡᠨ ᠸᠠᠩ ᠤ᠋ᠨ ᠳᠠᠭᠤᠯᠠᠵᠤ ᠪᠠᠢᠭᠰᠠᠨ ᠦᠭᠡ ᠶ᠋ᠢ ᠨᠠᠰᠤᠨᠪᠠᠲᠦ ᠶ᠋ᠢᠨ ᠪᠤᠰᠤᠳ ᠲᠤ᠌ ᠬᠡᠯᠡᠵᠦ ᠥᠭᠬᠦ ᠳ᠋ᠦ᠍᠂ ᠬᠥᠳᠡᠭᠡ ᠶ᠋ᠢᠨ ᠬᠥᠮᠦᠨ ᠮᠢᠬᠠᠨ ᠤ᠋ ᠰᠢᠮ᠎ᠡ ᠲᠡᠢ ᠳᠡᠭᠡᠷ᠎ᠡ ᠨᠢ ᠢᠳᠡᠬᠦ ᠳᠤᠷᠠᠲᠠᠢ᠂ ᠮᠥᠨ ᠲᠠᠷᠠᠭ ᠢ᠋ ᠪᠠᠬᠠᠳᠤᠨ ᠤᠤᠭᠤᠳᠠᠭ ᠲᠤᠯᠠ ᠤᠯᠤᠰ᠂ ᠲᠡᠷᠡ ᠡᠷᠲᠡᠨ ᠦ᠌ ᠭᠦᠩᠵᠦ ᠶ᠋ᠢ ᠱᠦᠷᠬᠡᠢ ᠮᠢᠬ᠎ᠠ᠂ ᠲᠠᠷᠠᠭ ᠬᠣᠶᠠᠷ ᠲᠤ᠌ ᠳᠤᠷ᠎ᠠ ᠦᠭᠡᠢ ᠶ᠋ᠢ ᠰᠣᠨᠣᠰᠴᠤ ᠢᠨᠢᠶᠡᠯᠳᠦᠵᠦ ᠡᠬᠢᠯᠡᠲᠡᠯ᠎ᠡ᠂ ᠲᠡᠷᠡ ᠳᠠᠭᠤᠨ ᠳ᠋ᠤ᠌ ᠨᠤᠲᠤᠭ ᠤᠰᠤ ᠪᠠᠨ ᠰᠠᠨᠠᠵᠤ ᠭᠤᠨᠢᠭᠠᠷᠠᠨ ᠳᠠᠭᠤᠯᠠᠭᠰᠠᠨ ᠢ᠋ ᠰᠣᠨᠣᠰᠤᠭᠠᠳ᠂ ᠡᠪᠦᠭᠡᠨ ᠸᠠᠩ ᠠᠪᠤᠭᠠᠢ ᠲᠠᠷᠠᠭ ᠠᠮᠰᠠᠭᠰᠠᠨ ᠢ᠋ᠶ᠋ᠠᠷ ᠲᠡᠷᠡ ᠭᠦᠩᠵᠦ ᠶ᠋ᠢᠨ ᠳᠠᠭᠤᠤ ᠰᠡᠳᠬᠢᠯ ᠳ᠋ᠦ᠍ᠨᠢ ( ᠳ᠋ᠦ᠍ ᠨᠢ) ᠰᠠᠨᠠᠮᠰᠠᠷ ᠦᠭᠡᠢ ᠣᠷᠣᠵᠤ᠂ ᠲᠡᠷᠡ ᠭᠤᠨᠢᠭᠲᠤ ᠳᠠᠭᠤᠤ ᠳ᠋ᠠᠭᠠᠨ ( ᠳ᠋ᠤ᠌ ᠪᠠᠨ) ᠨᠤᠲᠤᠭ ᠤᠰᠤ ᠪᠠᠨ ᠮᠥᠷᠥᠭᠡᠳᠦᠨ ᠳᠤᠷᠠᠳᠤᠭᠰᠠᠨ ᠳ᠋ᠤ᠌ ᠠᠪᠲᠠᠭᠳᠠᠨ᠂ ᠲᠥᠷᠥᠭᠰᠡᠨ ᠥᠰᠦᠭᠰᠡᠨ ᠨᠤᠲᠤᠭ ᠢ᠋ᠶ᠋ᠠᠨ ᠰᠠᠨᠠᠭᠰᠠᠨ ᠢ᠋ ᠮᠡᠳᠡᠭᠡᠳ ᠴᠥᠮ ᠢᠨᠢᠶᠡᠬᠦ ᠶ᠋ᠢ ᠪᠠᠢᠵᠠᠢ᠃  
       ᠸᠠᠩ ᠡᠪᠦᠭᠡᠨ ᠢ᠋ ᠭᠤᠨᠢᠭᠲᠤ ᠳᠠᠭᠤᠤ ᠳᠠᠭᠤᠯᠠᠵᠤ ᠭᠦᠢᠴᠡᠮᠡᠭᠴᠡ᠂ ᠬᠣᠶᠠᠷ ᠲᠥᠪᠡᠳ ᠠᠵᠢᠯᠴᠢᠨ ᠪᠣᠰᠴᠤ᠂ ᠪᠡᠶ᠎ᠡ ᠪᠡᠶ᠎ᠡ ᠳ᠋ᠡᠭᠡᠨ( ᠳ᠋ᠦ᠍ ᠪᠡᠨ) ᠠᠶᠠᠯᠭᠤ ᠨᠡᠢᠯᠡᠭᠦᠯᠦᠨ ᠲᠥᠪᠡᠳ ᠦ᠋ᠨ ᠥᠨᠳᠥᠷ ᠠᠭᠤᠯᠠ ᠶ᠋ᠢᠨ ᠬᠢᠨ ᠦ᠌ ᠪᠥᠵᠢᠭ ᠢ᠋ ᠪᠥᠵᠢᠭᠯᠡᠵᠦ᠂ ᠵᠤᠵᠠᠭᠠᠨ ᠭᠡᠭᠴᠢ ᠶ᠋ᠢᠨ ᠤᠯᠠ ᠲᠠᠢ᠂ ᠮᠤᠬᠤᠷ ᠬᠣᠰᠢᠭᠤ ᠲᠠᠢ ᠲᠥᠪᠡᠳ ᠭᠤᠲᠤᠯ ᠢ᠋ᠶ᠋ᠠᠷ ᠭᠠᠵᠠᠷ ᠢ᠋ ᠰᠦᠷ ᠪᠠᠳᠠᠷᠠᠭᠤᠯᠤᠨ ᠳᠡᠪᠢᠰᠴᠦ ᠳᠡᠪᠬᠡᠴᠡᠨ ᠪᠥᠵᠢᠭᠯᠡᠪᠡᠰᠦ᠂ ᠣᠷᠣᠰ ᠮᠣᠳᠣᠴᠢ ᠳᠠᠷᠬᠠᠨ ᠠᠯᠸᠺᠰᠸᠢ ᠲᠠᠢᠪᠤᠤ ᠨᠢᠷᠤᠭᠤ ᠪᠣᠰᠬᠠᠭᠰᠠᠨ ᠪᠠᠶᠠᠷ ᠲᠤ᠌ ᠵᠣᠷᠢᠭᠤᠯᠤᠨ《ᠰᠢᠮᠡᠬᠡᠰᠢᠭ》 ᠣᠷᠣᠰ ᠤ᠋ᠨ ᠬᠠᠭᠤᠴᠢᠨ ᠤ᠋ ᠠᠯᠲᠠ ᠰᠤᠪᠰᠤ ᠪᠠᠷ ᠬᠠᠳᠬᠤᠮᠠᠯᠯᠠᠭᠰᠠᠨ ᠲᠢᠲᠢᠮ ᠰᠢᠭ ᠴᠢᠮᠡᠭ ᠮᠠᠯᠠᠭᠠᠢ ᠡᠮᠦᠰᠦᠭᠰᠡᠨ ᠡᠬᠡᠨᠡᠷ ᠲᠡᠭᠡᠨ( ᠳ᠋ᠦ᠍ ᠪᠡᠨ)᠂  
       — ᠮᠠᠱᠠ ᠴᠢ ᠪᠢᠳᠡ ᠬᠣᠶᠠᠷ᠂ ᠣᠯᠠᠨ ᠨᠥᠬᠥᠳ ᠲᠦ᠍ ᠨᠢᠭᠡᠨ ᠪᠥᠵᠢᠭ ᠡᠷᠭᠦᠨ ᠴᠡᠩᠭᠡᠭᠦᠯᠪᠡᠯ ᠶᠠᠮᠠᠷ ᠪᠣᠢ? ᠬᠡᠮᠡᠪᠡᠰᠦ ᠨᠥᠬᠥᠳ ᠨᠢ᠄  
       — ᠶᠠᠭᠤᠲᠠᠢ ᠰᠠᠢᠨ᠂ ᠶᠠᠭᠤᠲᠠᠢ ᠰᠠᠢᠨ! ᠡᠪᠦᠭᠡᠨ ᠸᠠᠩ ᠠᠪᠤᠭᠠᠢ ᠶ᠋ᠢ ᠪᠣᠰᠤᠨ ᠬᠠᠷᠠᠢᠵᠤ ᠪᠥᠵᠢᠭᠯᠡᠬᠦ ᠪᠡᠷ ᠤᠷᠮ᠎ᠠ ᠵᠣᠷᠢᠭ ᠣᠷᠣᠭᠤᠯᠵᠤ᠂ ᠤᠢᠳᠬᠠᠷ ᠢ᠋ ᠰᠡᠷᠭᠦᠭᠡᠬᠦ ᠰᠠᠢᠬᠠᠨ ᠪᠥᠵᠢᠭ ᠪᠥᠵᠢᠭᠯᠡᠵᠦ ᠦᠵᠡ ᠭᠡᠵᠦ ᠳᠤᠤᠭᠠᠷᠴᠠᠭᠠᠪᠠ᠃  
                 *                    *                   *     
       ᠵᠤᠨ ᠤ᠋ ᠰᠡᠭᠦᠯ ᠰᠠᠷ᠎ᠠ ᠶ᠋ᠢᠨ ᠠᠳᠠᠭ ᠢ᠋ᠶ᠋ᠠᠷ ᠬᠣᠰᠢᠭᠤ ᠰᠤᠷᠭᠠᠭᠤᠯᠢ ᠶ᠋ᠢᠨ ᠲᠠᠩᠬᠢᠮ᠂ ᠣᠷᠣᠨ ᠰᠠᠭᠤᠴᠠ ᠶ᠋ᠢ ᠲᠣᠭᠣᠷᠢᠨ ᠥᠨᠳᠥᠷ ᠰᠠᠢᠬᠠᠨ ᠬᠠᠰᠢᠶ᠎ᠠ ᠪᠠᠷᠢᠵᠤ ᠭᠦᠢᠴᠡᠯ᠎ᠡ᠃ ᠬᠣᠰᠢᠭᠤ ᠬᠡᠢᠳ ᠦ᠋ᠨ ᠬᠠᠪᠢ ᠳ᠋ᠤ᠌ ᠯᠠᠮᠠ ᠨᠠᠷ ᠤ᠋ᠨ ᠵᠠᠩᠴᠢ᠂ ᠳᠡᠪᠡᠯ᠂ ᠪᠠᠩᠵᠠᠯ ᠣᠶᠣᠵᠤ ᠠᠮᠢ ᠵᠢᠭᠤᠵᠤ ᠪᠠᠢᠭᠰᠠᠨ ᠶᠠᠳᠠᠭᠤ ᠤᠢᠯᠠᠴᠢ ᠨᠠᠷ ᠰᠤᠷᠭᠠᠭᠤᠯᠢ ᠲᠠᠢ ᠭᠡᠷ᠎ᠡ ᠪᠠᠢᠭᠤᠯᠵᠤ᠂ ᠰᠤᠷᠤᠭᠴᠢᠳ ᠤ᠋ᠨ ᠣᠷᠣ ᠳᠡᠪᠢᠰᠬᠡᠷ ᠦ᠋ᠨ ᠴᠠᠭᠠᠨ ᠳᠠᠪᠤᠤ ᠬᠥᠨᠵᠢᠯᠡ᠂ ᠳᠡᠪᠡᠯ᠂ ᠳᠣᠲᠣᠭᠠᠳᠤ ᠬᠤᠪᠴᠠᠰᠤ ᠣᠶᠣᠵᠠᠭᠠᠵᠤ᠂ ᠰᠤᠷᠭᠠᠭᠤᠯᠢ ᠶ᠋ᠢᠨ ᠨᠢᠷᠪᠠ ᠪᠣᠯᠤᠭᠰᠠᠨ ᠡᠪᠦᠭᠡᠨ ᠬᠡᠭᠡᠷ᠎ᠡ ᠶ᠋ᠢᠨ ᠪᠣᠷᠣ᠂ ᠪᠠᠭ᠎ᠠ ᠵᠠᠯᠠᠭᠤ ᠳ᠋ᠠᠭᠠᠨ( ᠳ᠋ᠤ᠌ ᠪᠠᠨ) ᠬᠡᠢᠳ ᠲᠦ᠍ ᠬᠣᠯᠠ ᠶ᠋ᠢᠨ ᠲᠥᠷᠥᠯ ᠨᠢᠭᠡᠨ ᠯᠠᠮᠠ ᠶ᠋ᠢᠨ ᠳ᠋ᠦ᠍  ᠵᠠᠷᠤᠭᠳᠠᠬᠤ ᠵᠠᠭᠤᠷ᠎ᠠ ᠲᠥᠪᠡᠳ ᠴᠠᠭᠠᠨ ᠲᠣᠯᠣᠭᠠᠢ ᠶ᠋ᠢᠨ ᠭᠤᠴᠢᠨ ᠦᠰᠦᠭ ᠴᠢᠳᠠᠨ ᠶᠠᠳᠠᠨ ᠰᠤᠷᠤᠭᠰᠠᠨ ᠢ᠋ᠶ᠋ᠠᠨ ᠬᠡᠷᠡᠭᠯᠡᠵᠦ ᠳᠠᠩᠰᠠᠨ ᠳ᠋ᠠᠭᠠᠨ( ᠳ᠋ᠤ᠌ ᠪᠠᠨ) ᠮᠣᠩᠭᠣᠯ ᠦᠭᠡ ᠶ᠋ᠢ ᠮᠤᠤᠬᠠᠢ(ᠮᠠᠭᠤᠬᠠᠢ) ᠭᠡᠭᠴᠢ ᠪᠡᠷ ᠪᠢᠴᠢᠭᠰᠡᠨ ᠲᠥᠪᠡᠳ ᠦᠰᠦᠭ ᠢ᠋ᠶ᠋ᠡᠷ ᠲᠡᠮᠳᠡᠭᠯᠡᠵᠦ᠂ ᠡᠳᠦᠷ ᠪᠦᠷᠢ ᠦᠢᠯᠡᠴᠢᠨ ᠡᠮᠡᠭᠲᠡᠢᠴᠦᠳ ᠡᠴᠡ ᠬᠦᠯᠢᠶᠡᠨ ᠠᠪᠤᠭᠰᠠᠨ ᠥᠮᠥᠳᠥ ᠴᠠᠮᠴᠠ᠂ ᠳᠡᠪᠡᠯ᠂ ᠳᠣᠲᠣᠭᠣᠵᠢ ᠬᠤᠪᠴᠠᠰᠤ ᠵᠡᠷᠭᠡ ᠶ᠋ᠢ ᠲᠡᠮᠳᠡᠭᠯᠡᠨ ᠳᠠᠩᠰᠠᠯᠠᠳᠠᠭ ᠪᠠᠢᠯ᠎ᠠ᠃ 
       ᠬᠣᠰᠢᠭᠤ ᠰᠤᠷᠭᠠᠭᠤᠯᠢ ᠶ᠋ᠢᠨ ᠵᠠᠬᠢᠷᠤᠯ ᠪᠠᠭᠰᠢ ᠨᠠᠰᠤᠨᠪᠠᠲᠤ ᠳ᠋ᠤ᠌ ᠲᠤᠰᠠᠯᠠᠷ᠎ᠠ ᠬᠦᠷᠢᠶᠡᠨ ᠡᠴᠡ ᠳᠣᠲᠣᠭᠠᠳᠤ ᠶᠠᠮᠤᠨ ᠤ᠋ ᠰᠤᠷᠭᠠᠭᠤᠯᠢ ᠶ᠋ᠢᠨ ᠬᠡᠯᠲᠡᠰ ᠦ᠋ᠨ ᠬᠠᠷᠢᠶᠠᠨ ᠳ᠋ᠤ᠌ ᠪᠠᠢᠭᠤᠯᠤᠭᠰᠠᠨ ᠣᠶᠤᠲᠠᠨ ᠤ᠋ ᠰᠤᠷᠭᠠᠭᠤᠯᠢ ᠲᠡᠭᠦᠰᠦᠭᠰᠡᠨ ᠲᠠᠪᠬᠠᠢ ᠭᠡᠳᠡᠭ ᠵᠠᠯᠠᠭᠤ ᠪᠠᠭᠰᠢ ᠬᠦᠷᠴᠦ ᠢᠷᠡᠭᠡᠳ᠂ ᠡᠪᠯᠡᠯ ᠦ᠋ᠨ ᠭᠡᠰᠢᠭᠦᠨ ᠲᠡᠷᠡ ᠵᠠᠯᠠᠭᠤ᠂ ᠲᠤᠰ ᠳᠣᠲᠣᠭᠠᠳᠤ ᠶᠠᠮᠤᠨ ᠤ᠋ ᠰᠤᠷᠭᠠᠭᠤᠯᠢ ᠶ᠋ᠢᠨ ᠬᠡᠯᠲᠡᠰ ᠡᠴᠡ ᠬᠣᠰᠢᠭᠤ ᠰᠤᠷᠭᠠᠭᠤᠯᠢ ᠶ᠋ᠢᠨ ᠲᠠᠩᠬᠢᠮ ᠳ᠋ᠤ᠌ ᠲᠠᠯᠪᠢᠨ ᠣᠯᠭᠣᠭᠰᠠᠨ ᠴᠠᠭᠠᠨ ᠲᠣᠯᠣᠭᠠᠢ᠂ ᠣᠷᠴᠢᠯᠠᠩᠲᠤ ᠶᠢᠷᠲᠢᠨᠴᠦ ᠶ᠋ᠢᠨ ᠪᠠᠢᠳᠠᠯ᠂ ᠲᠣᠭ᠎ᠠ ᠪᠣᠳᠣᠯᠭ᠎ᠠ ᠶ᠋ᠢᠨ ᠪᠢᠴᠢᠭ ᠵᠡᠷᠭᠡ ᠰᠤᠷᠬᠤ ᠪᠢᠴᠢᠭ᠂ ᠪᠡᠬᠡ᠂ ᠵᠢᠭᠤᠷᠠᠭᠤᠯ᠂ ᠪᠢᠷ ᠬᠠᠷᠠᠨᠳᠠ᠂ ᠰᠠᠮᠪᠠᠷ᠎ᠠ ᠳᠡᠭᠡᠷ᠎ᠡ ᠪᠢᠴᠢᠬᠦ ᠴᠠᠭᠠᠨ ᠴᠠᠷᠳ᠋ ᠵᠡᠷᠭᠡ ᠶ᠋ᠢ ᠥᠷᠲᠡᠭᠡ ᠪᠡᠷ ᠲᠡᠭᠡᠭᠡᠪᠦᠷᠢᠯᠡᠨ ᠠᠪᠴᠤ ᠢᠷᠡᠪᠡ᠃  
       — ᠭᠠᠵᠠᠷ ᠵᠦᠢ᠂ ᠣᠷᠴᠢᠯᠠᠩᠲᠤ ᠶᠢᠷᠲᠢᠨᠴᠦ ᠶ᠋ᠢᠨ ᠪᠠᠢᠳᠠᠯ ᠢ᠋ ᠥᠭᠦᠯᠡᠭᠰᠡᠨ ᠡᠨᠡ ᠪᠢᠴᠢᠭ ᠢ᠋ ᠬᠦᠷᠢᠶᠡᠨ ᠦ᠌ ᠯᠠᠮᠠ ᠨᠠᠷ᠂ ᠲᠡᠷᠰᠬᠦᠳ ᠪᠤᠷᠤᠭᠤ ᠨᠣᠮᠲᠠᠨ ᠤ᠋ ᠦᠵᠡᠯ ᠢ᠋ ᠨᠣᠮᠯᠠᠭᠰᠠᠨ ᠲᠤᠰᠠ ᠦᠭᠡᠢ ᠵᠣᠬᠢᠶᠠᠯ᠂ ᠪᠣᠭᠳᠠᠰ ᠤ᠋ᠨ ᠨᠣᠮ ᠳ᠋ᠤ᠌ ᠣᠷᠴᠢᠯᠠᠩᠲᠤ ᠶᠢᠷᠲᠢᠨᠴᠦ᠂ ᠨᠠᠷᠠ ᠰᠠᠷᠠ ᠬᠢᠭᠡᠳ ᠭᠠᠵᠠᠷ ᠤ᠋ᠨ ᠪᠦᠲᠦᠭᠰᠡᠨ ᠪᠠᠢᠳᠠᠯ ᠢ᠋ ᠨᠣᠮᠯᠠᠭᠰᠠᠨ ᠠ᠋ᠴᠠ ᠱᠠᠯ ᠥᠮᠨᠥᠭᠡ ᠪᠡᠷ ᠲᠠᠢᠯᠪᠤᠷᠢᠯᠠᠭᠰᠠᠨ ᠲᠤᠯᠠ ᠪᠤᠷᠬᠠᠨ ᠤ᠋ ᠨᠣᠮ ᠳ᠋ᠤ᠌ ᠰᠦᠰᠦᠭ ᠠᠯᠳᠠᠭᠳᠠᠭᠤᠯᠬᠤ ᠪᠢᠴᠢᠭ ᠭᠠᠷᠴᠠᠢ ᠭᠡᠵᠦ ᠳᠤᠷ᠎ᠠ ᠦᠭᠡᠢᠴᠡᠳᠡᠭ ᠶᠦᠮ ᠭᠡᠨ᠎ᠡ ᠪᠢᠯᠡ ᠭᠡᠵᠦ ᠲᠠᠪᠬᠠᠢ᠂ ᠲᠡᠷᠡ ᠣᠷᠴᠢᠯᠠᠩᠲᠤ ᠶᠢᠷᠲᠢᠨᠴᠦ ᠶ᠋ᠢᠨ ᠪᠠᠢᠳᠠᠯ ᠢ᠋ ᠦᠵᠡᠭᠦᠯᠦᠭᠰᠡᠨ ᠪᠢᠴᠢᠭ ᠦ᠋ᠨ ᠲᠤᠬᠠᠢ ᠨᠠᠰᠤᠨᠪᠠᠲᠤ ᠳ᠋ᠤ᠌ ᠶᠠᠷᠢᠬᠤ ᠳ᠋ᠠᠭᠠᠨ( ᠳ᠋ᠤ᠌ ᠪᠠᠨ)᠂ ᠬᠦᠷᠢᠶᠡᠨ ᠳ᠋ᠦ᠍ ᠨᠢᠭᠡ ᠦᠶ᠎ᠡ ᠯᠠᠮᠠ ᠨᠠᠷ ᠲᠡᠷᠡ ᠳᠡᠪᠲᠡᠷ ᠢ᠋ ᠰᠤᠷᠠᠭᠯᠠᠨ ᠠᠰᠠᠭᠤᠵᠤ᠂ ᠶᠡᠬᠡᠯ᠎ᠡ(ᠶᠡᠬᠡ ᠯᠡ)ᠠᠪᠳᠠᠭ ᠪᠣᠯᠤᠭᠰᠠᠨ ᠳ᠋ᠤ᠌ ᠰᠤᠷᠭᠠᠭᠤᠯᠢ ᠶ᠋ᠢᠨ ᠬᠡᠯᠲᠡᠰ ᠦ᠋ᠨ ᠬᠢᠨ᠂ ᠯᠠᠮᠠ ᠨᠠᠷ ᠣᠷᠴᠢᠯᠠᠩᠲᠤ ᠶᠢᠷᠲᠢᠨᠴᠦ ᠶ᠋ᠢᠨ ᠬᠡᠷᠬᠢᠨ ᠲᠣᠭᠲᠠᠭᠰᠠᠨ ᠲᠤᠬᠠᠢ ᠣᠳᠣ ᠴᠠᠭ ᠤ᠋ᠨ ᠰᠢᠨᠵᠢᠯᠡᠬᠦ ᠤᠬᠠᠭᠠᠨ ᠤ᠋ ᠲᠠᠢᠯᠪᠤᠷᠢ ᠶ᠋ᠢ ᠰᠣᠨᠢᠷᠬᠠᠳᠠᠭ ᠪᠣᠯᠵᠤ ᠪᠠᠢᠭ᠎ᠠ ᠪᠣᠯᠪᠠ ᠤᠤ? ᠭᠡᠵᠦ ᠨᠡᠯᠢᠶᠡᠳ ᠳᠤᠷᠠᠲᠠᠢ ᠪᠠᠢᠭᠰᠠᠨ ᠨᠢ᠂ ᠨᠢᠭᠡ ᠮᠡᠳᠡᠬᠦᠨ᠎ᠡ᠂ ᠬᠠᠷᠢᠨ ᠯᠠᠮᠠ ᠨᠠᠷ ᠥᠪᠡᠷ ᠥᠪᠡᠷ ᠦ᠋ᠨ ᠪᠠᠭᠰᠢ ᠨᠠᠷ ᠤ᠋ᠨ ᠵᠠᠬᠢᠶ᠎ᠠ ᠳᠠᠭᠠᠵᠤ ᠲᠡᠷᠡ ᠨᠣᠮ ᠬᠤᠳᠠᠯᠳᠤᠵᠤ ᠠᠪᠤᠭᠠᠳ᠂ ᠣᠯᠠᠨ ᠳ᠋ᠤ᠌ ᠳᠡᠯᠭᠡᠷᠡᠭᠦᠯᠬᠦ ᠦᠭᠡᠢ ᠭᠡᠵᠦ ᠰᠢᠲᠠᠭᠠᠵᠤ ᠪᠠᠢᠭᠰᠠᠨ ᠶᠤᠮ ᠪᠠᠢᠵᠠᠢ *᠃ 
       ᠡᠨᠳᠡ ᠮᠥᠨ ᠲᠡᠢᠮᠦ ᠬᠡᠷᠡᠭ ᠭᠠᠷᠴᠤ ᠪᠣᠯᠵᠣᠰᠢ ᠦᠭᠡᠢ ᠳ᠋ᠦ᠍ ᠡᠷᠬᠡᠪᠰᠢ ᠪᠣᠯᠭᠣᠮᠵᠢᠯᠠᠨ᠂ ᠰᠦᠢᠳᠬᠡᠨ ᠰᠢᠲᠠᠭᠠᠬᠤ ᠳ᠋ᠤ᠌ ᠦᠯᠦ ᠬᠦᠷᠦᠭᠦᠯᠦᠮᠦ ᠭᠡᠵᠦ ᠠᠮᠠ ᠪᠠᠷ ᠲᠠᠨ ᠳ᠋ᠤ᠌ ᠵᠠᠬᠢᠭᠰᠠᠨ ᠢ᠋ ᠤᠯᠠᠮᠵᠢᠯᠠᠶ᠎ᠠ ᠭᠡᠵᠡᠢ᠃ 
       ᠲᠠᠪᠬᠠᠢ ᠪᠠᠭᠰᠢ ᠪᠠᠰᠠ ᠨᠠᠰᠤᠨᠪᠠᠲᠤ ᠶ᠋ᠢᠨ ᠬᠦᠦ ᠥᠯᠵᠡᠢᠪᠠᠲᠤ᠂ ᠥᠬᠢᠨ ᠴᠡᠴᠡᠭ ᠡᠴᠡ ᠵᠠᠬᠢᠶ᠎ᠠ ᠬᠦᠷᠭᠡᠵᠦ ᠢᠷᠡᠭᠰᠡᠨ ᠨᠢ᠂ ᠬᠦᠦ ᠴᠡᠷᠢᠭ ᠦ᠋ᠨ ᠠᠯᠪᠠ ᠬᠠᠭᠠᠵᠤ᠂ ᠶᠡᠬᠡ ᠫᠤᠤ ᠶ᠋ᠢᠨ ᠠᠩᠭᠢ ᠳ᠋ᠤ᠌ ᠠᠵᠤ᠂ ᠥᠬᠢᠨ ᠡᠮᠨᠡᠯᠭᠡ ᠶ᠋ᠢᠨ ᠰᠤᠪᠢᠯᠠᠭᠴᠢ ᠶ᠋ᠢᠨ ᠲᠦᠷ ᠰᠤᠷᠭᠠᠭᠤᠯᠢ ᠳ᠋ᠤ᠌ ᠰᠤᠷᠤᠯᠴᠠᠵᠤ ᠪᠠᠢᠭᠰᠠᠨ ᠡᠭᠦᠨ ᠳ᠋ᠦ᠍᠂ ᠡᠬᠡ  ᠵᠠᠩ ᠱᠢ ᠬᠥᠪᠡᠭᠦᠨ ᠥᠬᠢᠨ ᠬᠣᠶᠠᠷ ᠢ᠋ ᠶᠡᠬᠡᠯ᠎ᠡ( ᠶᠡᠬᠡ ᠯᠡ) ᠮᠥᠷᠥᠭᠡᠳᠴᠦ ᠪᠠᠢᠭᠰᠠᠨ ᠲᠤᠯᠠ ᠵᠠᠬᠢᠶ᠎ᠠ ᠬᠦᠷᠭᠡᠵᠦ ᠢᠷᠡᠭᠰᠡᠨ ᠳ᠋ᠦ᠍ ᠮᠠᠰᠢᠳᠠ ᠪᠠᠶᠠᠷᠯᠠᠵᠤ᠂ ᠲᠠᠪᠠᠬᠠᠢ ᠶ᠋ᠢ ᠥᠪᠡᠷ ᠦ᠋ᠨ ᠬᠥᠪᠡᠭᠦᠨ ᠦ᠌ ᠠᠳᠠᠯᠢ ᠳᠣᠲᠣᠨᠣ ᠦᠵᠡᠪᠡ᠃  
        ᠵᠠᠯᠠᠭᠤ ᠪᠠᠭᠰᠢ ᠲᠡᠷᠡ ᠵᠠᠬᠢᠷᠤᠯ ᠪᠠᠭᠰᠢ ᠨᠠᠰᠤᠨᠪᠠᠲᠤ ᠶ᠋ᠢᠨ ᠪᠢᠴᠢᠭ ᠤᠳᠬ᠎ᠠ ᠳ᠋ᠤ᠌ ᠨᠡᠪᠲᠡᠷᠬᠡᠢ ᠶ᠋ᠢ ᠶᠡᠬᠡᠯ᠎ᠡ( ᠶᠡᠬᠡ ᠯᠡ) ᠪᠢᠰᠢᠷᠡᠨ ᠭᠠᠢᠬᠠᠵᠤ᠂ ᠢᠯᠠᠩᠭᠤᠶ᠎ᠠ ᠨᠠᠰᠤᠨᠪᠠᠲᠤ ᠶ᠋ᠢᠨ ᠨᠣᠮ ᠤ᠋ᠨ ᠰᠠᠩ ᠢ᠋ ᠮᠠᠰᠢ ᠰᠣᠨᠢᠷᠬᠠᠯ᠎ᠠ᠃ ᠲᠡᠷᠡ ᠨᠣᠮ ᠤ᠋ᠨ ᠰᠠᠩ ᠳ᠋ᠤ᠌ ᠭᠠᠵᠠᠷ ᠤ᠋ᠨ ᠵᠦᠢ᠂ ᠲᠦᠮᠡᠨ ᠪᠣᠳᠠᠰ ᠤ᠋ᠨ ᠲᠡᠦᠬᠡ᠂ ᠪᠣᠳᠠᠰ ᠤ᠋ᠨ ᠵᠦᠢ᠂ ᠲᠣᠭᠠᠨ ᠤ᠋ ᠤᠬᠠᠭᠠᠨ ᠤ᠋ ᠪᠢᠴᠢᠭ᠂ ᠵᠢᠴᠢ ᠤᠬᠠᠭᠠᠨ ᠪᠦᠭᠦᠳᠡ ᠶ᠋ᠢ ᠪᠦᠷᠢᠳᠬᠡᠭᠰᠡᠨ ᠼᠢ ᠶᠤᠸᠠᠨ ᠭᠡᠳᠡᠭ ᠨᠡᠪᠲᠡᠷᠬᠡᠢ ᠲᠣᠯᠢ ᠪᠢᠴᠢᠭ᠂ ᠠᠮᠢᠲᠠᠨ ᠤᠷᠭᠤᠮᠠᠯ ᠤ᠋ᠨ ᠲᠤᠬᠠᠢ ᠲᠣᠯᠢ ᠪᠢᠴᠢᠭ᠂ ᠳᠤᠮᠳᠠᠳᠤ ᠤᠯᠤᠰ ᠤ᠋ᠨ ᠶᠡᠬᠡ ᠪᠢᠴᠢᠭ ᠦ᠋ᠨ ᠬᠥᠮᠦᠨ ᠯᠦ᠍ ᠰᠢᠶᠦ᠋ᠨ ᠦ᠌ ᠵᠣᠬᠢᠶᠠᠯ ᠢ᠋ ᠠᠯᠲᠠᠨ ᠦᠰᠦᠭ ᠳᠠᠷᠤᠮᠠᠯ᠂ ᠮᠠᠰᠢ ᠭᠣᠶᠣᠮᠰᠣᠭ ᠰᠠᠢᠬᠠᠨ ᠬᠠᠪᠲᠠᠰᠤᠲᠠᠢ ᠶ᠋ᠢ ᠦᠵᠡᠭᠡᠳ ᠪᠠᠰᠠ ᠲᠠᠪᠠᠬᠠᠢ ᠶ᠋ᠢᠨ ᠤᠷᠢᠳᠤ ᠡᠮᠦᠨ᠎ᠡ ᠨᠡᠷ᠎ᠡ ᠰᠣᠨᠣᠰᠤᠭ᠎ᠠ ᠦᠭᠡᠢ ᠲᠤᠯᠰᠲ᠋ᠤᠢ᠂ ᠢᠪᠰᠧᠨᠢ ᠵᠡᠷᠭᠡ ᠥᠷᠥᠨ᠎ᠡ ᠵᠦᠭ ᠦ᠋ᠨ ᠵᠣᠬᠢᠶᠠᠯᠴᠢ ᠨᠠᠷ ᠤ᠋ᠨ ᠵᠣᠬᠢᠶᠠᠯ ᠵᠡᠷᠭᠡ ᠶ᠋ᠢ ᠨᠠᠩᠭᠢᠶᠠᠳ ᠬᠢᠲᠠᠳ ᠬᠡᠯᠡ ᠪᠡᠷ ᠣᠷᠴᠢᠭᠤᠯᠤᠭᠰᠠᠨ ᠣᠯᠠᠨ ᠳᠡᠪᠲᠡᠷ ᠪᠠᠢᠬᠤ ᠶ᠋ᠢ ᠦᠵᠡᠭᠡᠳ᠂ 
       — ᠨᠠ᠊ ᠪᠠᠭᠰᠢ ᠲᠠᠨ ᠤ᠋ ᠡᠨᠡ ᠣᠯᠠᠨ ᠰᠠᠢᠬᠠᠨ ᠪᠢᠴᠢᠭ ᠬᠠᠷ᠎ᠠ ᠨᠣᠮ ᠳᠡᠪᠲᠡᠷ ᠢ᠋ ᠦᠵᠡᠭᠡᠳ ᠮᠢᠨᠦ ᠬᠣᠷᠣᠬᠠᠢ ᠬᠦᠷᠴᠦ ᠪᠠᠢᠨ᠎ᠠ᠃ ᠬᠢᠲᠠᠳ ᠬᠡᠯᠡ ᠪᠡᠷ ᠶᠠᠭᠤ ᠰᠣᠨᠢᠷᠬᠠᠵᠤ ᠦᠵᠡᠶ᠎ᠡ ᠭᠡᠪᠡᠯ ᠪᠦᠭᠦᠳᠡ ᠶ᠋ᠢ ᠦᠵᠡᠵᠦ ᠴᠢᠳᠠᠬᠤ ᠲᠠ ᠶᠡᠷᠦ ᠶᠠᠮᠠᠷ ᠰᠠᠢᠬᠠᠨ ᠬᠤᠪᠢ ᠵᠠᠶᠠᠭᠠᠲᠠᠢ ᠬᠥᠮᠦᠨ ᠪᠢᠯᠡ? ᠪᠢ ᠭᠠᠭᠴᠠ ᠮᠣᠩᠭᠣᠯ ᠲᠠᠢ ᠲᠤᠯᠠ ᠲᠠᠨ ᠤ᠋ ᠠᠳᠠᠯᠢ ᠲᠡᠢᠮᠦ ᠰᠠᠢᠬᠠᠨ ᠨᠥᠬᠥᠴᠡᠯ ᠢ᠋ ᠬᠦᠰᠡᠪᠡᠴᠦ  ᠲᠦᠮᠡ ᠳ᠋ᠦ᠍ ᠨᠢᠭᠡ ᠤᠳᠠᠭ᠎ᠠ ᠣᠯᠳᠠᠬᠤ ᠦᠭᠡᠢ᠂ ᠶᠠᠭᠤᠲᠠᠢ ᠬᠠᠷᠠᠮᠰᠠᠯᠲᠠᠢ᠃ ᠮᠢᠨᠦ ᠪᠡᠶ᠎ᠡ ᠨᠢᠭᠡᠨ ᠵᠢᠯ ᠦ᠋ᠨ ᠬᠤᠭᠤᠴᠠᠭ᠎ᠠ ᠪᠦᠬᠦᠢ ᠣᠶᠤᠲᠠᠨ ᠤ᠋ ᠰᠤᠷᠭᠠᠭᠤᠯᠢ ᠳ᠋ᠤ᠌ ᠰᠤᠷᠤᠯᠴᠠᠭᠠᠳ᠂ ᠪᠠᠭ᠎ᠠ ᠰᠤᠷᠭᠠᠭᠤᠯᠢ ᠶ᠋ᠢᠨ ᠪᠠᠭᠰᠢ ᠪᠣᠯᠬᠤ ᠨᠥᠬᠥᠴᠡᠯ ᠪᠦᠷᠢᠳᠴᠦ ᠪᠠᠰᠠ ᠰᠤᠷᠤᠯᠭ᠎ᠠ ᠠᠰᠠᠭᠤᠯᠭ᠎ᠠ ᠪᠠᠨ ᠨᠡᠮᠡᠭᠳᠡᠭᠦᠯᠬᠦ ᠬᠦᠰᠡᠯ ᠴᠡᠭᠡᠵᠢᠨ ᠳ᠋ᠦ᠍ ᠲᠥᠷᠥᠵᠡᠢ᠃ ᠭᠠᠭᠴᠠ ᠬᠦ᠌ ᠮᠢᠨᠦ ᠦᠵᠡᠬᠦ ᠳ᠋ᠦ᠍᠂ ᠮᠠᠨ ᠤ᠋ ᠮᠣᠩᠭᠣᠯ ᠤ᠋ᠨ ᠬᠠᠭᠤᠴᠢᠨ ᠤᠳᠬ᠎ᠠ ᠵᠣᠬᠢᠶᠠᠯ ᠬᠡᠳᠦᠢ ᠮᠠᠰᠢ ᠠᠷᠪᠢᠨ ᠪᠣᠯᠪᠠᠴᠤ᠂ ᠮᠢᠨᠦ ᠬᠦᠰᠡᠯ ᠡᠷᠢᠯ ᠢ᠋ ᠬᠠᠷᠢᠭᠤᠯᠤᠨ ᠬᠠᠩᠭᠠᠵᠤ ᠴᠢᠳᠠᠬᠤ ᠦᠭᠡᠢ ᠠᠵᠢ᠃ ᠪᠣᠯᠣᠷ ᠲᠣᠯᠢ ᠭᠡᠳᠡᠭ ᠪᠢᠴᠢᠭ ᠲᠦ᠍ ᠤᠮᠠᠷ᠎ᠠ ᠳᠣᠷᠣᠨ᠎ᠠ ᠶ᠋ᠢᠨ ᠵᠦᠭ ᠨᠣᠬᠠᠢ ᠡᠷᠡᠲᠡᠨ ᠪᠠᠢᠳᠠᠭ᠂ ᠮᠥᠨ ᠮᠠᠨ  ᠦ᠌ ᠡᠨᠡ ᠽᠠᠮᠪᠤᠲᠢᠢᠪ ᠲᠤ᠌ ᠰᠦᠮᠪᠦᠷ ᠠᠭᠤᠯᠠ ᠭᠡᠵᠦ ᠶᠡᠬᠡ ᠠᠭᠤᠯᠠ ᠪᠠᠢᠳᠠᠭ᠃ ᠲᠡᠭᠦᠨ ᠢ᠋ ᠡᠷᠭᠢᠨ ᠲᠣᠭᠣᠷᠢᠨ ᠨᠠᠷᠠ ᠰᠠᠷᠠ ᠣᠷᠴᠢᠳᠠᠭ ᠭᠡᠬᠦ ᠵᠡᠷᠭᠡ ᠶ᠋ᠢᠨ ᠦᠯᠢᠭᠡᠷ ᠢ᠋ ᠪᠢ ᠣᠳᠣ ᠬᠡᠳᠦᠢᠨ ᠢᠲᠡᠭᠡᠬᠦ ᠦᠭᠡᠢ ᠪᠣᠯᠵᠠᠢ᠃ ᠨᠠᠰᠤᠨ ᠠ᠋ᠴᠠ ᠨᠥᠭᠴᠢᠭᠡᠳ ᠡᠷᠯᠢᠭ ᠲᠠᠮᠤ ᠶ᠋ᠢᠨ ᠣᠷᠣᠨ ᠳ᠋ᠤ᠌ ᠣᠴᠢᠵᠤ᠂ ᠲᠡᠨᠳᠡᠬᠢ ᠶ᠋ᠢᠨ ᠡᠯᠳᠡᠪ ᠪᠠᠢᠳᠠᠯ ᠢ᠋ ᠦᠵᠡᠵᠦ᠂ ᠳᠠᠬᠢᠨ ᠡᠷᠭᠢᠵᠦ ᠢᠷᠡᠭᠰᠡᠨ ᠴᠣᠢᠵᠢᠳ ᠳᠠᠭᠢᠨᠢ ᠶ᠋ᠢᠨ ᠲᠣᠭᠣᠵᠢ ᠶ᠋ᠢ ᠤᠩᠰᠢᠬᠤ  ᠳ᠋ᠠᠭᠠᠨ ( ᠳ᠋ᠤ᠌ ᠪᠠᠨ ) ᠪᠢ ᠣᠶᠤᠲᠠᠨ ᠤ᠋ ᠰᠤᠷᠭᠠᠭᠤᠯᠢ ᠳ᠋ᠤ᠌ ᠪᠠᠢᠬᠤ ᠦᠶᠡᠰ᠂ ᠡᠷᠳᠡᠮᠲᠡᠨ ᠪᠠᠭᠰᠢ ᠨᠠᠷ ᠠ᠋ᠴᠠ ᠬᠥᠮᠦᠨ ᠦ᠌ ᠦᠬᠦᠳᠬᠢᠨ ᠤᠨᠠᠵᠤ᠂ ᠠᠮᠢᠰᠬᠤᠯ ᠲᠠᠰᠤᠷᠠᠭᠰᠠᠨ ᠠᠳᠠᠯᠢ ᠪᠣᠯᠳᠠᠭ ᠲᠡᠢᠮᠦ ᠡᠪᠡᠳᠴᠢᠨ ᠪᠣᠢ᠃ ᠲᠡᠷᠡ ᠡᠪᠡᠳᠴᠢᠨ ᠢ᠋ᠶ᠋ᠡᠷ ᠡᠪᠡᠳᠦᠭᠰᠡᠨ ᠬᠥᠮᠦᠨ ᠢ᠋ ᠦᠬᠦᠭᠡᠳ ᠰᠡᠬᠡᠭᠰᠡᠨ ᠭᠡᠵᠦ ᠤᠴᠢᠷ ᠢ᠋ ᠦᠯᠦ ᠮᠡᠳᠡᠬᠦ ᠬᠥᠮᠦᠨ ᠤᠷᠢᠳᠤ ᠬᠡᠯᠡᠯᠴᠡᠳᠡᠭ ᠪᠠᠢᠭᠰᠠᠨ ᠭᠡᠵᠦ ᠰᠣᠨᠣᠰᠤᠭᠰᠠᠨ ᠲᠤᠯᠠ ᠴᠣᠢᠵᠢᠳ ᠳᠠᠭᠢᠨᠢ ᠶ᠋ᠢᠨ ᠲᠣᠭᠣᠵᠢ ᠶ᠋ᠢ ᠤᠷᠢᠳᠤ ᠶ᠋ᠢᠨ ᠬᠥᠮᠦᠨ ᠦ᠌ ᠳᠡᠮᠡᠢ ᠰᠠᠨᠠᠭ᠎ᠠ ᠪᠠᠷ ᠵᠣᠬᠢᠶᠠᠭᠴᠢᠳ᠂ ᠡᠷᠯᠢᠭ ᠲᠠᠮᠤ ᠶ᠋ᠢᠨ ᠣᠷᠣᠨ ᠤ᠋ ᠪᠠᠢᠳᠠᠯ ᠡᠢᠮᠦ ᠲᠡᠢᠮᠦ ᠭᠡᠵᠦ ᠪᠢᠴᠢᠭᠰᠡᠨ ᠤᠢᠳᠬᠠᠷ ᠰᠡᠷᠭᠦᠭᠡᠨ ᠤᠩᠰᠢᠬᠤ ᠵᠣᠬᠢᠶᠠᠯ ᠭᠡᠵᠦ ᠦᠵᠡᠬᠦ ᠡᠴᠡ ᠪᠢᠰᠢ ᠢᠲᠡᠭᠡᠬᠦ ᠦᠭᠡᠢ ᠪᠢᠯᠡ᠃ ᠲᠠᠨ ᠤ᠋ ᠡᠨᠡ ᠨᠣᠮ ᠤ᠋ᠨ ᠰᠠᠩ ᠳ᠋ᠤ᠌ ᠪᠠᠢᠭ᠎ᠠ ᠡᠨᠡ ᠣᠯᠠᠨ ᠰᠠᠢᠬᠠᠨ ᠨᠣᠮ ᠳᠡᠪᠲᠡᠷ ᠪᠢᠴᠢᠭ ᠬᠠᠷ᠎ᠠ ᠶ᠋ᠢ ᠦᠵᠡᠭᠡᠳ᠂ ᠶᠠᠭᠤᠲᠠᠢ ᠡᠷᠳᠡᠮᠲᠡᠢ᠂ ᠠᠯᠢ ᠳᠤᠷᠠᠲᠠᠢ ᠨᠣᠮ ᠢ᠋ᠶ᠋ᠠᠨ ᠳᠡᠯᠭᠡᠨ ᠦᠵᠡᠬᠦ ᠶᠠᠭᠤᠲᠠᠢ ᠰᠠᠢᠬᠠᠨ ᠵᠣᠯ ᠵᠠᠪᠰᠢᠶᠠᠨ ᠪᠦᠷᠢᠳᠦᠭᠰᠡᠨ ᠬᠥᠮᠦᠨ ᠪᠢᠯᠡ! ᠭᠡᠵᠦ ᠪᠣᠳᠣᠵᠤ ᠪᠠᠢᠨ᠎ᠠ ᠭᠡᠬᠦ  ᠳ᠋ᠦ᠍ᠨᠢ( ᠳ᠋ᠦ᠍ ᠨᠢ )ᠨᠠᠰᠤᠨᠪᠠᠲᠤ ᠥᠴᠢᠷᠦᠨ᠂ 
       —  ᠠᠶ᠎ᠠ᠂  ᠨᠠᠮᠠᠶ᠋ᠢ( ᠨᠠᠮ᠎ᠠ ᠶ᠋ᠢ) ᠡᠷᠳᠡᠮᠲᠡᠢ ᠭᠡᠪᠡᠯ᠂ ᠬᠣᠯᠠ ᠬᠡᠪᠲᠡᠵᠦ ᠪᠠᠢᠨ᠎ᠠ᠂ ᠪᠢ ᠳᠣᠲᠣᠷ᠎ᠠ ᠭᠠᠵᠠᠷ ᠣᠯᠠᠨ ᠵᠢᠯ ᠰᠠᠭᠤᠬᠤ  ᠳ᠋ᠠᠭᠠᠨ( ᠳ᠋ᠤ᠌ ᠪᠠᠨ)᠂ ᠠᠶᠠᠭ᠎ᠠ ᠬᠣᠭᠣᠯᠠ ᠣᠯᠵᠤ ᠢᠳᠡᠬᠦ ᠭᠡᠵᠦ ᠠᠵᠢᠯ ᠬᠢᠬᠦ ᠶ᠋ᠢᠨ ᠵᠠᠪᠰᠠᠷ ᠵᠠᠪ  ᠲᠠᠭᠠᠨ( ᠳ᠋ᠤ᠌ ᠪᠠᠨ) ᠦᠰᠦᠭ ᠵᠢᠭᠠᠯᠭᠠᠭᠰᠠᠭᠠᠷ᠂ ᠪᠠᠭ᠎ᠠ ᠵᠡᠷᠭᠡ ᠰᠤᠷᠤᠭᠰᠠᠨ ᠪᠣᠯᠪᠠᠴᠤ ᠴᠣᠬᠣᠮ ᠬᠦ᠌ ᠵᠢᠩᠬᠢᠨᠢ ᠰᠤᠷᠭᠠᠭᠤᠯᠢ ᠬᠢᠭᠰᠡᠨ ᠦᠭᠡᠢ ᠲᠤᠯᠠ ᠣᠳᠣ ᠬᠦᠷᠲᠡᠯ᠎ᠡ ᠥᠪᠡᠷ ᠦ᠋ᠨ ᠪᠣᠯᠪᠠᠰᠤᠷᠠᠯ ᠢ᠋ ᠵᠤᠵᠠᠭᠠᠳᠬᠠᠬᠤ ᠭᠡᠵᠦ ᠪᠢᠴᠢᠭ ᠦᠵᠡᠭᠰᠡᠭᠡᠷ ᠪᠢᠯᠡ᠃ 
       ᠡᠳᠡᠭᠡᠷ ᠪᠢᠴᠢᠭ ᠬᠠᠷ᠎ᠠ ᠶ᠋ᠢᠨ ᠶᠡᠬᠡ ᠲᠥᠯᠥᠪ ᠢ᠋ ᠪᠢ ᠰᠡᠭᠦᠯ ᠦ᠋ᠨ ᠬᠣᠶᠠᠷ ᠵᠢᠯ ᠦ᠋ᠨ ᠳᠣᠲᠣᠷ᠎ᠠ ᠵᠠᠬᠢᠵᠤ ᠢᠷᠡᠭᠦᠯᠦᠭᠰᠡᠨ ᠨᠢ ᠳᠠᠷᠤᠢ ᠮᠢᠨᠦ ᠬᠠᠮᠤᠭ ᠬᠥᠷᠥᠩᠭᠡ ᠡᠨᠡ ᠪᠣᠯᠵᠠᠢ᠃ ᠣᠳᠣᠬᠠᠨ ᠦᠶᠡᠰ᠂ ᠳᠤᠮᠳᠠᠳᠤ ᠤᠯᠤᠰ ᠤ᠋ᠨ ᠦᠰᠦᠭ ᠢ᠋ᠶ᠋ᠡᠷ ᠭᠠᠷᠴᠤ ᠪᠠᠢᠭ᠎ᠠ ᠪᠢᠴᠢᠭ ᠳᠡᠪᠲᠡᠷ ᠦ᠋ᠨ ᠲᠣᠭ᠎ᠠ᠂ ᠮᠣᠩᠭᠣᠯ ᠦᠰᠦᠭ ᠢ᠋ᠶ᠋ᠡᠷ ᠭᠠᠷᠴᠤ ᠪᠠᠢᠭ᠎ᠠ ᠲᠠᠢ ᠠᠳᠠᠯᠢ ᠦᠭᠡᠢ᠂ ᠮᠠᠰᠢ ᠠᠷᠪᠢᠨ ᠭᠡᠵᠦ ᠲᠠᠨ ᠤ᠋ ᠬᠡᠯᠡᠭᠰᠡᠨ ᠠᠷᠭ᠎ᠠ ᠦᠭᠡᠢ  ᠦᠨᠡᠨ᠃ ᠮᠠᠨ ᠤ᠋ ᠤᠯᠤᠰ ᠲᠤ᠌ ᠡᠨᠡᠬᠡᠨ ᠵᠠᠪᠰᠠᠷ᠂ ᠣᠷᠴᠢᠨ ᠦᠶ᠎ᠡ ᠶ᠋ᠢᠨ ᠰᠢᠨᠵᠢᠯᠡᠬᠦ ᠤᠬᠠᠭᠠᠨ ᠤ᠋ ᠪᠢᠴᠢᠭ ᠵᠣᠬᠢᠶᠠᠯ ᠭᠡᠪᠡᠯ᠂ ᠭᠠᠭᠴᠠ ᠬᠦ᠌ ᠪᠠᠭ᠎ᠠ ᠰᠤᠷᠭᠠᠭᠤᠯᠢ ᠳ᠋ᠤ᠌ ᠦᠵᠡᠬᠦ ᠬᠡᠳᠦᠬᠡᠨ ᠳᠡᠪᠲᠡᠷ ᠦ᠋ᠨ ᠲᠡᠳᠦᠢᠬᠡᠨ ᠪᠥᠭᠡᠳ ᠪᠠᠭ᠎ᠠ ᠰᠤᠷᠭᠠᠭᠤᠯᠢ ᠳ᠋ᠤ᠌ ᠦᠵᠡᠬᠦ ᠪᠢᠴᠢᠭ ᠪᠠᠰᠠ ᠪᠦᠷᠢᠨ ᠭᠦᠢᠴᠡᠳ ᠭᠠᠷᠤᠭᠠᠳᠤᠢ᠃ ᠶᠠᠪᠤᠨ ᠶᠠᠪᠤᠭᠰᠠᠭᠠᠷ ᠬᠣᠵᠢᠮ ᠪᠠᠰᠠ ᠳᠤᠮᠳᠠᠳᠤ ᠰᠤᠷᠭᠠᠭᠤᠯᠢ ᠳ᠋ᠤ᠌ ᠦᠵᠡᠬᠦ ᠪᠢᠴᠢᠭ᠂ ᠮᠥᠨ ᠰᠢᠨᠵᠢᠯᠡᠬᠦ ᠤᠬᠠᠭᠠᠨ ᠤ᠋ ᠵᠦᠢᠯ ᠢ᠋ ᠤᠬᠠᠬᠤ ᠳ᠋ᠤ᠌ ᠬᠢᠯᠪᠠᠷ ᠪᠣᠯᠭᠠᠭᠰᠠᠨ ᠪᠢᠴᠢᠭ ᠵᠣᠬᠢᠶᠠᠯ ᠪᠣᠢ ᠪᠣᠯᠤᠭᠰᠠᠭᠠᠷ᠂ ᠡᠳᠦᠭᠡ ᠲᠠ ᠪᠢᠳᠡ ᠬᠣᠶᠠᠷ ᠤ᠋ᠨ ᠠ ᠭᠡᠵᠦ ᠨᠣᠮ ᠤ᠋ᠨ ᠦᠰᠦᠭ ᠵᠢᠭᠠᠬᠤ ᠭᠡᠵᠦ ᠪᠠᠢᠭ᠎ᠠ ᠪᠠᠭᠠᠴᠤᠳ ᠤ᠋ᠨ ᠳᠤᠮᠳᠠ ᠠ᠋ᠴᠠ ᠥᠨᠳᠥᠷ ᠵᠡᠷᠭᠡ ᠶ᠋ᠢᠨ ᠰᠤᠷᠭᠠᠭᠤᠯᠢ ᠲᠡᠭᠦᠰᠬᠡᠭᠡᠳ ᠮᠣᠩᠭᠣᠯ ᠤ᠋ᠨ ᠰᠢᠨᠵᠢᠯᠡᠬᠦ ᠤᠬᠠᠭᠠᠨ ᠢ᠋ ᠪᠠᠳᠠᠷᠠᠭᠤᠯᠤᠨ ᠵᠢᠳᠬᠦᠬᠦ ᠴᠠᠭ᠂ ᠬᠡᠳᠦᠨ ᠠᠷᠪᠠᠨ ᠵᠢᠯ ᠦ᠋ᠨ ᠲᠡᠷᠲᠡᠭᠡ ᠡᠴᠡ ᠢᠷᠡᠬᠦ ᠪᠣᠢ᠃ ᠴᠠᠭᠠᠨ ᠬᠠᠭᠠᠨ᠂ ᠡᠵᠡᠷᠬᠡᠭ ᠬᠥᠷᠥᠩᠭᠡᠲᠡᠨ ᠦ᠌ ᠬᠠᠷᠭᠢᠰ ᠵᠠᠰᠠᠭ ᠢ᠋ ᠲᠦᠯᠬᠢᠨ ᠤᠨᠠᠭᠠᠭᠰᠠᠨ ᠣᠷᠣᠰ ᠤᠯᠤᠰ ᠤ᠋ᠨ ᠠᠵᠢᠯᠴᠢᠨ ᠲᠠᠷᠢᠶᠠᠴᠢᠨ ᠠᠷᠠᠳ᠂ ᠪᠢᠳᠡᠨ ᠳ᠋ᠦ᠍ ᠲᠤᠰᠠᠯᠠᠭᠰᠠᠨ ᠢ᠋ᠶ᠋ᠠᠷ ᠮᠠᠨ ᠤ᠋ ᠤᠯᠤᠰ ᠲᠤ᠌ ᠠᠷᠠᠳ ᠤ᠋ᠨ ᠬᠤᠪᠢᠰᠬᠠᠯ ᠮᠠᠨᠳᠤᠨ ᠢᠯᠠᠵᠠᠢ᠃ ᠡᠷᠭᠢᠴᠡᠭᠦᠯᠦᠨ ᠪᠣᠳᠣᠬᠤ ᠳ᠋ᠤ᠌ ᠂ ᠬᠥᠷᠥᠩᠭᠡᠲᠡᠨ ᠦ᠌ ᠶᠣᠰᠣᠨ ᠤ᠋ ᠲᠠᠯᠬᠢᠨ ᠠ᠋ᠴᠠ ᠥᠪᠡᠷᠰᠡᠳ ᠢ᠋ᠶ᠋ᠡᠨ ᠠᠩᠭᠢᠵᠢᠷᠠᠭᠠᠳ᠂ ᠪᠤᠰᠤᠳ ᠲᠦᠮᠡᠨ ᠤᠯᠤᠰ ᠲᠤ᠌  ᠠᠩᠭᠢᠵᠢᠷᠠᠵᠤ ᠡᠷᠬᠡ ᠴᠢᠯᠥᠭᠡ ᠪᠡᠨ ᠣᠯᠬᠤ ᠵᠠᠮ ᠢ᠋ ᠭᠡᠢᠭᠦᠯᠦᠨ ᠵᠢᠭᠠᠵᠤ ᠥᠭᠭᠦᠭᠰᠡᠨ ᠣᠷᠣᠰ ᠤᠯᠤᠰ᠂ ᠳᠡᠯᠡᠬᠡᠢ ᠳ᠋ᠠᠬᠢᠨ᠎ᠠ ᠲᠡᠷᠢᠭᠦᠨ ᠵᠡᠷᠭᠡ ᠶ᠋ᠢᠨ ᠪᠣᠯᠪᠠᠰᠤᠨ ᠳᠠᠪᠰᠢᠯᠲᠠ ᠰᠣᠶᠣᠯ ᠤᠬᠠᠭᠠᠨ ᠢ᠋  ᠥᠷᠨᠢᠭᠦᠯᠦᠨ ᠮᠠᠨᠳᠤᠭᠤᠯᠵᠤ ᠪᠠᠢᠭ᠎ᠠ ᠲᠤᠯᠠ ᠣᠷᠣᠰ ᠬᠡᠯᠡ ᠪᠣᠯ ᠮᠠᠨ ᠤ᠋ ᠮᠣᠩᠭᠣᠯ ᠤ᠋ᠨ ᠵᠡᠷᠭᠡ ᠡᠷᠬᠡ ᠴᠢᠯᠥᠭᠡ ᠪᠡᠨ ᠣᠯᠤᠭᠰᠠᠨ ᠪᠤᠶᠤ ᠡᠨᠡ ᠬᠢᠷᠢ ᠬᠠᠷᠠᠬᠠᠨ ᠡᠷᠬᠡ ᠴᠢᠯᠥᠭᠡ ᠪᠡᠨ ᠣᠯᠤᠭ᠎ᠠ ᠦᠭᠡᠢ ᠲᠡᠮᠡᠴᠡᠨ ᠪᠠᠢᠭ᠎ᠠ ᠣᠯᠠᠨ ᠤᠯᠤᠰ ᠲᠤ᠌ ᠳᠠᠷᠤᠢ ᠲᠡᠷᠢᠭᠦᠨ ᠵᠡᠷᠭᠡ ᠶ᠋ᠢᠨ ᠳᠠᠪᠰᠢᠯᠳᠤ ᠰᠣᠶᠣᠯ ᠤ᠋ᠨ ᠡᠷᠬᠢᠮ ᠬᠡᠯᠡ ᠪᠣᠯᠬᠤ ᠶᠣᠰᠣᠲᠠᠢ᠃ ᠰᠣᠨᠣᠰᠪᠠᠯ᠂ ᠶᠡᠬᠡ ᠪᠠᠭᠰᠢ ᠯᠧᠨᠢᠨ ᠦ᠌ ᠵᠣᠬᠢᠶᠠᠯ ᠣᠷᠣᠰ ᠭᠠᠵᠠᠷ ᠬᠡᠪᠯᠡᠭᠳᠡᠨ᠂ ᠬᠣᠷᠢ ᠰᠢᠬᠠᠮ ᠪᠣᠳᠢ ᠪᠣᠯᠵᠤ ᠭᠠᠷᠬᠤ ᠰᠤᠷᠠᠭ ᠪᠣᠢ᠃ ᠪᠢ ᠡᠨᠡ ᠬᠢᠷᠢ ᠳᠤᠮᠳᠠᠳᠤ ᠤᠯᠤᠰ ᠤ᠋ᠨ ᠦᠭᠡ ᠪᠡᠷ ᠣᠷᠴᠢᠭᠤᠯᠤᠭᠰᠠᠨ ᠬᠣᠰᠢᠶᠠᠳ ᠭᠤᠷᠪᠠᠭᠠᠳ ᠪᠢᠴᠢᠬᠠᠨ ᠥᠭᠦᠯᠡᠯᠭᠡ ᠶ᠋ᠢᠨ ᠲᠡᠳᠦᠢ ᠶ᠋ᠢ ᠠᠷᠠᠢ ᠭᠡᠵᠦ ᠣᠯᠵᠤ ᠠᠪᠤᠯ᠎ᠠ᠃ ᠪᠠᠰᠠ᠂ ᠡᠨᠡ ᠬᠢᠷᠢ ᠬᠠᠷᠠᠬᠠᠨ ᠳᠤᠮᠳᠠᠳᠤ ᠤᠯᠤᠰ ᠤ᠋ᠨ ᠦᠰᠦᠭ ᠢ᠋ᠶ᠋ᠡᠷ ᠣᠷᠴᠢᠭᠤᠯᠤᠭᠳᠠᠬᠤ ᠺᠠᠷᠯ ᠮᠠᠷᠺᠰ ᠤ᠋ᠨ ᠺᠠᠫᠢᠲ᠋ᠠᠯ ᠬᠥᠷᠥᠩᠭᠡ ᠭᠡᠳᠡᠭ ᠶᠡᠬᠡ ᠵᠣᠬᠢᠶᠠᠯ ᠪᠠᠢᠳᠠᠭ ᠢ᠋ ᠣᠯᠵᠤ ᠰᠣᠨᠣᠰᠤᠭᠰᠠᠨ᠃ ᠣᠷᠣᠰ ᠬᠡᠯᠡᠨ ᠳ᠋ᠦ᠍ ᠲᠡᠷᠡ ᠵᠣᠬᠢᠶᠠᠯ ᠢ᠋ ᠬᠡᠳᠦᠢᠨ ᠣᠷᠴᠢᠭᠤᠯᠵᠠᠢ᠃ ᠬᠡᠷᠪᠡ ᠪᠢ ᠣᠷᠣᠰ ᠬᠡᠯᠡ ᠪᠢᠴᠢᠭ ᠮᠡᠳᠡᠳᠡᠭ ᠪᠣᠯᠪᠠᠯ᠂ ᠶᠠᠭᠤᠲᠠᠢ ᠶᠡᠬᠡ ᠰᠠᠢᠬᠠᠨ ᠶᠠᠭᠤᠮ᠎ᠠ ᠦᠵᠡᠬᠦ ᠪᠢᠯᠡ᠃ ᠦᠭᠡᠢ᠂ ᠲᠠ ᠵᠠᠪᠠᠯ ᠣᠷᠣᠰ ᠬᠡᠯᠡ ᠰᠤᠷᠤᠯᠴᠠ᠃ ᠲᠠᠨ ᠤ᠋ ᠨᠠᠰᠤ ᠵᠠᠯᠠᠭᠤ ᠨᠠᠷᠠ ᠡᠷᠲᠡ᠂ ᠡᠷᠬᠡᠪᠰᠢ ᠣᠷᠣᠰ ᠬᠡᠯᠡ ᠰᠤᠷᠴᠤ᠂ ᠣᠷᠣᠰ  ᠤᠯᠤᠰ ᠲᠤ᠌  ᠶᠠᠪᠤᠵᠤ ᠰᠤᠷᠭᠠᠭᠤᠯᠢ ᠬᠢᠪᠡᠯ ᠦᠨᠡᠬᠡᠷ ᠪᠠᠬᠠᠲᠠᠢ ᠪᠢᠯᠡ ᠭᠡᠲᠡᠯ᠎ᠡ᠂ 
       — ᠲᠠ ᠥᠪᠡᠷ ᠢ᠋ᠶ᠋ᠡᠨ ᠣᠷᠣᠰ ᠤᠯᠤᠰ ᠲᠤ᠌ ᠰᠤᠷᠭᠠᠭᠤᠯᠢ ᠬᠢᠬᠦ ᠪᠡᠷ ᠶᠠᠪᠤᠪᠠᠯ᠂ ᠪᠠᠰᠠ ᠪᠣᠯᠬᠤ ᠶᠤᠮ ᠪᠢᠰᠢ ᠤᠤ? ᠭᠡᠬᠦ ᠳ᠋ᠦ᠍᠂ 
       — ᠠᠶ᠎ᠠ᠂ ᠮᠢᠨᠦ ᠨᠠᠰᠤ ᠥᠲᠡᠯᠵᠡᠢ᠃ ᠲᠠ ᠪᠣᠳᠣ᠂ ᠮᠢᠨᠦ ᠥᠬᠢᠨ᠂ ᠲᠠᠨ ᠲᠠᠢ ᠰᠠᠴᠠᠭᠤ ᠰᠢᠦ᠃ ᠮᠢᠨᠦ ᠲᠤᠢᠯ ᠤ᠋ᠨ ᠭᠣᠷᠢᠳᠠᠬᠤ ᠶ᠋ᠢ ᠬᠡᠯᠡᠪᠡᠯ᠂ ᠳᠤᠮᠳᠠᠳᠤ ᠤᠯᠤᠰ ᠤ᠋ᠨ ᠪᠢᠴᠢᠭ ᠦᠰᠦᠭ ᠢ᠋ᠶ᠋ᠡᠷ ᠤᠯᠠᠮᠵᠢᠯᠠᠨ ᠥᠪᠡᠷ ᠦ᠋ᠨ ᠰᠤᠷᠤᠯᠭ᠎ᠠ ᠶ᠋ᠢ ᠨᠡᠮᠡᠭᠳᠡᠭᠦᠯᠵᠦ᠂ ᠪᠠᠰᠠ ᠳᠤᠮᠳᠠᠳᠤ ᠤᠯᠤᠰ ᠤ᠋ᠨ ᠪᠣᠱᠣᠭ ᠢ᠋ ᠬᠠᠯᠠᠬᠤ ᠬᠤᠪᠢᠰᠬᠠᠯᠴᠢ ᠨᠠᠷ ᠵᠢᠯ ᠢᠷᠡᠬᠦ ᠳᠣᠳᠣᠮ ᠯᠧᠨᠢᠨ᠂ ᠰᠲ᠋ᠠᠯᠢᠨ ᠤ᠋ ᠵᠣᠬᠢᠶᠠᠯ ᠠ᠋ᠴᠠ ᠤᠯᠠᠮ ᠠᠷᠪᠢᠨ ᠶᠡᠬᠡᠪᠡᠷ ᠣᠷᠴᠢᠭᠤᠯᠤᠨ ᠬᠡᠪᠯᠡᠬᠦ ᠪᠣᠯᠪᠠᠤ? ᠭᠡᠵᠦ ᠭᠣᠷᠢᠳᠠᠨ ᠪᠠᠢᠭ᠎ᠠ ᠪᠢᠯᠡ᠃ ᠮᠢᠨᠦ ᠵᠣᠷᠢᠯᠭ᠎ᠠ ᠭᠡᠪᠡᠯ᠂ ᠪᠢᠳᠡᠨ ᠦ᠌ ᠬᠣᠢᠴᠢᠬᠢ ᠶ᠋ᠢ ᠵᠠᠯᠭᠠᠵᠤ᠂ ᠮᠠᠨ ᠤ᠋ ᠰᠢᠨ᠎ᠡ ᠪᠣᠯᠪᠠᠰᠤᠨ ᠪᠠᠢᠳᠠᠯ ᠢ᠋ ᠵᠣᠬᠢᠶᠠᠬᠤ ᠪᠠᠭᠠᠴᠤᠳ ᠵᠠᠯᠠᠭᠤᠴᠤᠳ ᠢ᠋ ᠠᠩᠬ᠎ᠠ ᠰᠤᠷᠭᠠᠬᠤ ᠡᠨᠡ ᠪᠠᠭ᠎ᠠ ᠰᠤᠷᠭᠠᠭᠤᠯᠢ ᠳ᠋ᠤ᠌ ᠪᠦᠬᠦ ᠴᠢᠳᠠᠯ ᠢ᠋ᠶ᠋ᠠᠨ ᠰᠢᠪᠬᠠᠨ ᠥᠭᠬᠦ ᠶ᠋ᠢ ᠵᠣᠷᠢᠨ᠎ᠠ᠃ ᠲᠠ ᠪᠣᠳᠣᠵᠤ ᠦᠵᠡ᠃ ᠡᠨᠡ ᠬᠢᠷᠢ᠂ ᠲᠤᠰ ᠤᠯᠤᠰ ᠲᠤ᠌ ᠪᠠᠭ᠎ᠠ ᠰᠤᠷᠭᠠᠭᠤᠯᠢ ᠶ᠋ᠢᠨ ᠪᠠᠭᠰᠢ ᠬᠡᠮᠡᠪᠡᠰᠦ᠂ ᠠᠷᠠᠢᠬᠠᠨ ᠬᠣᠷᠢᠭᠠᠳ ᠣᠷᠴᠢᠮ ᠪᠣᠢ ᠶ᠋ᠢ ᠪᠢᠳᠡ ᠪᠠᠰᠠ ᠤᠷᠢᠳᠤ ᠶ᠋ᠢᠨ ᠴᠠᠭ ᠢ᠋ ᠪᠣᠳᠣᠪᠠᠯ᠂ ᠣᠪᠣᠣ ᠪᠣᠯᠵᠤ ᠪᠠᠢᠭ᠎ᠠ ᠭᠡᠵᠦ ᠦᠵᠡᠵᠦ ᠪᠠᠢᠨ᠎ᠠ ᠰᠢᠦ ᠳᠡ᠃ ᠡᠭᠦᠨ ᠳ᠋ᠦ᠍ ᠲᠠ ᠪᠢᠳᠡ ᠬᠣᠶᠠᠷ᠂ ᠲᠡᠷᠡ ᠬᠣᠷᠢᠭᠠᠳ ᠪᠠᠭᠰᠢ ᠨᠠᠷ ᠤ᠋ᠨ ᠬᠣᠶᠠᠷ ᠨᠢ ᠳᠠᠷᠤᠢ ᠮᠥᠨ ᠦ᠌ ᠲᠤᠯᠠ ᠪᠢᠳᠡ ᠬᠣᠶᠠᠷ᠂ ᠤᠯᠤᠰ ᠠᠷᠠᠳ ᠤ᠋ᠨ ᠡᠮᠦᠨ᠎ᠡ ᠬᠡᠴᠢᠨᠡᠨ ᠬᠦᠨᠳᠦ ᠡᠷᠬᠢᠮ ᠡᠭᠦᠷᠭᠡ ᠪᠡᠶ᠎ᠡ ᠳ᠋ᠡᠭᠡᠨ ᠳᠠᠭᠠᠭᠠᠵᠤ ᠠᠪᠤᠪᠠ ᠭᠡᠵᠡᠢ᠃   
                    *                         *                         *     
       ᠬᠣᠰᠢᠭᠤ ᠲᠠᠮᠠᠭ᠎ᠠ ᠶ᠋ᠢᠨ ᠭᠠᠵᠠᠷ ᠠ᠋ᠴᠠ ᠪᠦᠬᠦ ᠳᠥᠷᠪᠡᠨ ᠰᠤᠮᠤᠨ ᠳ᠋ᠤ᠌ ᠪᠢᠴᠢᠭ ᠢ᠋ᠶ᠋ᠡᠷ ᠵᠠᠷᠯᠠᠵᠤ᠂ ᠰᠤᠮᠤ ᠲᠤᠰ ᠪᠦᠷᠢ ᠡᠴᠡ ᠬᠣᠰᠢᠭᠤ ᠰᠤᠷᠭᠠᠭᠤᠯᠢ ᠳ᠋ᠤ᠌ ᠬᠣᠷᠢᠨ ᠬᠡᠦᠬᠡᠳ ᠢᠷᠡᠭᠦᠯᠬᠦ ᠶ᠋ᠢ ᠲᠤᠰᠢᠶᠠᠨ ᠮᠡᠳᠡᠭᠳᠡᠭᠰᠡᠨ ᠳ᠋ᠦ᠍᠂ ᠰᠤᠷᠭᠠᠭᠤᠯᠢ ᠡᠬᠢᠯᠡᠬᠦ ᠦᠶᠡᠰ ᠲᠦ᠍ ᠨᠠᠢ᠍ᠮᠠ ᠠ᠋ᠴᠠ ᠠᠷᠪᠠᠨ ᠨᠠᠰᠤᠨ ᠦ᠌ ᠳᠠᠯᠠᠨ ᠲᠠᠪᠤᠨ ᠬᠡᠦᠬᠡᠳ ᠢᠷᠡᠵᠡᠢ᠃ ᠣᠯᠠᠩᠬᠢ ᠶ᠋ᠢᠨ ᠡᠴᠢᠭᠡ ᠡᠬᠡ ᠨᠢ ᠳᠠᠭᠠᠯᠳᠤᠨ ᠢᠷᠡᠵᠦ᠂ ᠬᠡᠦᠬᠡᠳ ᠢ᠋ ᠬᠡᠷᠬᠢᠨ ᠰᠠᠭᠤᠵᠤ᠂ ᠴᠣᠬᠣᠮ ᠶᠠᠭᠤ ᠰᠤᠷᠤᠯᠴᠠᠬᠤ ᠶ᠋ᠢ ᠮᠡᠳᠡᠷᠡᠬᠦ ᠬᠦᠰᠡᠯᠲᠡᠢ ᠠᠵᠢ᠃ ᠬᠥᠳᠡᠭᠡ ᠡᠴᠡ ᠢᠷᠡᠭᠰᠡᠨ ᠲᠡᠷᠡ ᠮᠠᠯᠴᠢᠨ ᠠᠷᠠᠳ ᠤ᠋ᠳ ᠰᠠᠷᠠᠭᠤᠯ ᠠᠭᠤᠳᠠᠮ ᠲᠠᠩᠬᠢᠮ᠂ ᠰᠢᠷ᠎ᠠ ᠪᠣᠳᠣᠭ ᠭᠢᠯᠠᠯᠵᠠᠭᠰᠠᠨ ᠰᠢᠪ ᠰᠢᠨ᠎ᠡ ᠰᠢᠷᠡᠭᠡᠲᠦ ᠰᠠᠨᠳᠠᠯᠢ᠂ ᠲᠤᠭᠤᠷᠭᠠᠨ ᠳ᠋ᠠᠬᠢ ᠭᠠᠵᠠᠷ ᠵᠦᠢ ᠶ᠋ᠢᠨ ᠵᠢᠷᠤᠭ᠂ ᠬᠠᠯᠠᠭᠤᠨ ᠣᠷᠣᠨ ᠤ᠋ ᠠᠷᠰᠯᠠᠨ ᠪᠠᠷᠰ᠂ ᠵᠠᠭᠠᠨ ᠰᠡᠯᠡᠭᠴᠡ ᠭᠡᠬᠦ ᠵᠡᠷᠭᠡ ᠶ᠋ᠢᠨ ᠤᠷᠢᠳᠤ ᠡᠮᠦᠨ᠎ᠡ ᠦᠵᠡᠭᠡ ᠦᠭᠡᠢ ᠠᠮᠢᠲᠠᠨ ᠤ᠋ ᠵᠢᠷᠤᠭ ᠳᠦᠷᠰᠦ ᠶ᠋ᠢ ᠭᠠᠢᠬᠠᠨ ᠦᠵᠡᠵᠦ᠂ ᠰᠤᠷᠤᠭᠴᠢᠳ ᠤ᠋ᠨ ᠰᠠᠭᠤᠬᠤ ᠪᠠᠢᠷᠢ ᠲᠣᠬᠢᠯᠢᠭ ᠠᠷᠢᠭᠤᠬᠠᠨ᠂ ᠪᠠᠰᠠ ᠬᠥᠳᠡᠭᠡ ᠡᠴᠡ ᠢᠷᠡᠭᠰᠡᠨ ᠣᠯᠠᠨ ᠪᠠᠭᠠᠴᠤᠳ ᠲᠤ᠌ ᠴᠥᠮ ᠰᠢᠪ ᠰᠢᠨ᠎ᠡ ᠬᠥᠬᠡ ᠳᠠᠯᠢᠩ ᠲᠡᠷᠯᠢᠭ᠂ ᠥᠮᠥᠳᠥ ᠴᠠᠮᠴᠠ᠂ ᠭᠤᠲᠤᠯ ᠵᠡᠷᠭᠡ ᠬᠤᠪᠴᠠᠰᠤ ᠲᠠᠯᠪᠢᠨ ᠣᠯᠭᠣᠭᠰᠠᠨ ᠢ᠋ ᠦᠵᠡᠭᠡᠳ᠂ ᠦᠨᠡᠨ ᠰᠡᠳᠬᠢᠯ ᠡᠴᠡ ᠪᠠᠶᠠᠷᠯᠠᠨ ᠪᠠᠬᠠᠳᠤᠵᠠᠢ᠃  
       ᠬᠥᠳᠡᠭᠡ ᠡᠴᠡ ᠢᠷᠡᠭᠰᠡᠨ ᠬᠡᠦᠬᠡᠳ ᠦ᠋ᠨ ᠡᠴᠢᠭᠡ ᠡᠬᠡ ᠶ᠋ᠢ ᠰᠢᠨ᠎ᠡ ᠰᠤᠷᠭᠠᠭᠤᠯᠢ ᠶ᠋ᠢᠨ ᠪᠦᠬᠦ ᠪᠠᠢᠳᠠᠯ ᠲᠠᠢ ᠲᠠᠨᠢᠯᠴᠠᠨ ᠶᠠᠪᠤᠵᠤ ᠦᠵᠡᠭᠰᠡᠨ ᠦ᠌ ᠳᠠᠷᠠᠭ᠎ᠠ᠂ ᠵᠣᠴᠢᠯᠠᠬᠤ ᠲᠣᠮᠣ ᠠᠰᠠᠷ ᠲᠤ᠌ ᠤᠷᠢᠨ ᠵᠠᠯᠠᠵᠤ ᠪᠢᠯᠡ᠃ ᠡᠭᠦᠨ ᠳ᠋ᠦ᠍ ᠬᠣᠰᠢᠭᠤ ᠲᠠᠮᠠᠭ᠎ᠠ ᠶ᠋ᠢᠨ ᠭᠠᠵᠠᠷ ᠠ᠋ᠴᠠ  ᠠᠪᠤᠭᠰᠠᠨ ᠬᠡᠳᠦᠨ ᠲᠣᠮᠣ ᠠᠰᠠᠷ ᠢ᠋ ᠬᠠᠰᠢᠶᠠᠨ ᠳ᠋ᠠᠬᠢ ᠵᠦᠯᠭᠡ ᠳᠡᠭᠡᠷ᠎ᠡ ᠤᠭᠰᠠᠷᠠᠨ ᠪᠠᠷᠢᠵᠤ᠂ ᠢᠰᠡᠭᠡᠢ ᠰᠢᠷᠳᠡᠭ ᠵᠡᠷᠭᠡ ᠶ᠋ᠢ ᠳᠡᠪᠢᠰᠴᠦ᠂ ᠤᠷᠲᠤ ᠰᠢᠷᠡᠭᠡ ᠲᠠᠯᠪᠢᠨ᠂ ᠰᠢᠷᠡᠭᠡᠨ᠎ᠡ ᠪᠣᠭᠣᠷᠰᠣᠭ᠂ ᠴᠢᠪᠠᠭ᠎ᠠ᠂ ᠰᠢᠬᠠᠮᠠᠯ ᠶᠣᠣᠲᠠᠩ᠂ ᠦᠵᠦᠮ᠂ ᠬᠤᠷᠤᠳ ᠵᠡᠷᠭᠡ ᠶ᠋ᠢ ᠲᠠᠯᠪᠢᠭᠰᠠᠨ ᠲᠠᠪᠠᠭ ᠲᠠᠢ ᠢᠳᠡᠭᠡ ᠦᠷᠦᠵᠡᠭᠡᠵᠦ᠂ ᠣᠯᠠᠨ ᠵᠣᠴᠢᠳ ᠢ᠋ ᠳᠠᠢᠯᠠᠵᠤ ᠪᠢᠯᠡ᠃ 
       ᠬᠣᠰᠢᠭᠤ ᠳᠠᠷᠤᠭ᠎ᠠ ᠪᠤᠭᠤᠷᠤᠯ ᠡᠪᠦᠭᠡᠨ ᠪᠠᠲᠤᠪᠠᠶᠠᠷ ᠠᠪᠤᠭᠠᠢ᠂ ᠣᠯᠠᠨ ᠵᠣᠴᠢᠳ ᠤ᠋ᠨ ᠡᠮᠦᠨ᠎ᠡ ᠡᠴᠡ ᠬᠠᠨᠳᠤᠭᠰᠠᠨ ᠤᠷᠲᠤ ᠰᠢᠷᠡᠭᠡᠨ ᠦ᠌ ᠠᠷᠤ ᠳ᠋ᠤ᠌᠂ ᠲᠤᠰ ᠰᠤᠷᠭᠠᠭᠤᠯᠢ ᠶ᠋ᠢᠨ ᠪᠠᠭᠰᠢ ᠨᠠᠷ ᠤ᠋ᠨ ᠬᠠᠮᠲᠤ ᠰᠠᠭᠤᠵᠤ᠂ ᠣᠯᠠᠨ ᠵᠣᠴᠢᠳ ᠲᠤ᠌ ᠲᠣᠪᠴᠢ ᠦᠭᠡ ᠬᠡᠯᠡᠭᠰᠡᠨ ᠨᠢ᠄  
       — ᠣᠳᠣ ᠠ᠋ᠴᠠ ᠨᠡᠯᠢᠶᠡᠳ ᠣᠯᠠᠨ ᠵᠢᠯ ᠦ᠋ᠨ ᠡᠮᠦᠨ᠎ᠡ᠂ ᠮᠠᠨᠵᠤ ᠳᠠᠢᠴᠢᠩ ᠤᠯᠤᠰ ᠤ᠋ᠨ ᠬᠠᠷᠭᠢᠰ ᠬᠠᠷᠠᠩᠭᠤᠢ ᠵᠠᠰᠠᠭ ᠤ᠋ᠨ ᠦᠶ᠎ᠡ ᠳ᠋ᠦ᠍ ᠮᠢᠨᠦ ᠪᠡᠶ᠎ᠡ᠂ ᠣᠷᠬᠣᠨ ᠭᠣᠣᠯ ᠤ᠋ᠨ ᠬᠥᠪᠡᠭᠡᠨ᠎ᠡ ᠡᠷᠲᠡᠨ ᠦ᠌ ᠤᠢᠭᠤᠷ ᠤᠯᠤᠰ ᠤ᠋ᠨ ᠨᠡᠢᠰᠯᠡᠯ ᠬᠠᠷ᠎ᠠ ᠪᠠᠯᠭᠠᠰᠤ ᠬᠣᠲᠠ ᠶ᠋ᠢ ᠰᠢᠨᠵᠢᠯᠡᠷ᠎ᠡ ᠶᠠᠪᠤᠭᠰᠠᠨ ᠨᠢᠭᠡᠨ ᠣᠷᠣᠰ ᠡᠷᠳᠡᠮᠲᠡᠨ ᠲᠡᠢ ᠠᠭᠤᠯᠵᠠᠭᠰᠠᠨ ᠪᠢᠯᠡ᠃ ᠬᠡᠳᠦ ᠬᠣᠯᠠ ᠶ᠋ᠢᠨ ᠢᠷᠡᠭᠡᠳᠦᠢ ᠶ᠋ᠢᠨ ᠪᠠᠢᠳᠠᠯ ᠢ᠋ ᠪᠢᠯᠢᠭ ᠦ᠋ᠨ ᠨᠢᠳᠦ ᠪᠡᠷ ᠦᠵᠡᠭᠴᠢ ᠲᠡᠷᠡ ᠡᠪᠦᠭᠡᠨ ᠡᠷᠳᠡᠮᠲᠡᠨ᠂ ᠲᠠᠨ ᠤ᠋ ᠮᠣᠩᠭᠣᠯ ᠤ᠋ᠨ ᠠᠷᠠᠳ ᠤ᠋ᠨ ᠦᠷ᠎ᠡ ᠬᠡᠦᠬᠡᠳ ᠦ᠋ᠨ ᠡᠮᠦᠨ᠎ᠡ ᠡᠷᠳᠡᠮ ᠢ᠋ ᠲᠤᠭᠤᠯᠬᠤ ᠳᠠᠷᠳᠠᠩ ᠵᠠᠮ ᠨᠡᠭᠡᠭᠡᠭᠳᠡᠵᠦ᠂ ᠬᠥᠮᠦᠨ ᠦ᠌ ᠶᠣᠰᠣᠲᠠᠢ ᠰᠠᠢᠨ ᠠᠵᠤ ᠠᠮᠢᠳᠤᠷᠠᠯ ᠤ᠋ᠨ ᠶᠡᠬᠡ ᠵᠠᠮ ᠨᠡᠭᠡᠭᠡᠭᠳᠡᠬᠦ ᠴᠠᠭ ᠠᠰᠤᠷᠤ ᠬᠣᠯᠠ ᠦᠭᠡᠢ᠃ ᠲᠡᠷᠡ ᠴᠠᠭ ᠢ᠋ ᠴᠢ ᠴᠦ᠍ ᠥᠪᠡᠷ ᠦ᠋ᠨ ᠨᠢᠳᠦ ᠪᠡᠷ ᠦᠵᠡᠬᠦ ᠬᠤᠪᠢ ᠲᠠᠢ ᠪᠠᠢᠵᠤ ᠶᠠᠭᠤᠨ ᠤ᠋ ᠮᠠᠭᠠᠳ ᠭᠡᠵᠦ ᠬᠡᠯᠡᠭᠰᠡᠨ ᠪᠢᠯᠡ᠃ 
       ᠲᠡᠷᠡ ᠴᠠᠭ ᠣᠳᠣ ᠦᠨᠡᠬᠡᠷ ᠢᠷᠡᠵᠡᠢ᠃ ᠳᠠᠷᠤᠯᠠᠨ ᠮᠥᠯᠵᠢᠭᠴᠢ ᠨᠠᠷ ᠠ᠋ᠴᠠ ᠠᠩᠭᠢᠵᠢᠷᠠᠨ ᠰᠠᠯᠵᠤ᠂ ᠡᠷᠬᠡ ᠴᠢᠯᠥᠭᠡ ᠪᠡᠨ ᠣᠯᠤᠭᠠᠳ᠂ ᠪᠢᠳᠡᠨ ᠢ᠋ ᠭᠠᠳᠠᠭᠠᠳᠤ ᠳᠣᠲᠣᠭᠠᠳᠤ ᠶ᠋ᠢᠨ ᠳᠠᠷᠤᠯᠠᠭᠴᠢᠳ ᠤ᠋ᠨ ᠲᠠᠯᠬᠢᠨ ᠳᠣᠣᠷ᠎ᠠ ᠠ᠋ᠴᠠ ᠮᠤᠯᠲᠤᠷᠠᠵᠤ ᠡᠷᠬᠡ ᠴᠢᠯᠥᠭᠡ ᠪᠡᠨ ᠣᠯᠵᠤ ᠠᠪᠬᠤ ᠳ᠋ᠤ᠌ ᠮᠠᠨᠢ ᠬᠠᠷᠠᠮ ᠦᠭᠡᠢ ᠰᠡᠳᠬᠢᠯ ᠢ᠋ᠶ᠋ᠡᠷ ᠲᠤᠰᠠᠯᠠᠵᠤ ᠥᠭᠭᠦᠭᠰᠡᠨ ᠣᠷᠣᠰ ᠤ᠋ᠨ ᠠᠷᠠᠳ ᠲᠦᠮᠡᠨ ᠦ᠌ ᠬᠠᠯᠠᠮᠵᠢᠲᠤ ᠲᠤᠰᠠᠯᠠᠮᠵᠢ ᠶ᠋ᠢᠨ ᠠᠴᠢ ᠪᠠᠷ ᠪᠢᠳᠡ ᠣᠳᠣ ᠠᠷᠠᠳ ᠤᠯᠤᠰ ᠤ᠋ᠨ ᠢ᠋ᠶ᠋ᠠᠨ ᠲᠤᠯᠭᠠᠭᠤᠷᠢ ᠲᠥᠷᠥ ᠶ᠋ᠢ ᠪᠣᠰᠬᠠᠨ ᠪᠦᠲᠦᠭᠡᠪᠡ᠃ 
       ᠮᠥᠩᠭᠥ ᠬᠦᠦᠯᠡᠭᠴᠢ ᠬᠢᠲᠠᠳ ᠤ᠋ᠨ ᠰᠢᠨᠤᠬᠠᠢ ᠫᠦᠰᠡᠨ ᠳ᠋ᠦ᠍ ᠪᠢᠳᠡ᠂ ᠣᠯᠠᠨ ᠲᠠᠢᠵᠢ ᠨᠠᠷ ᠤ᠋ᠨ ᠲᠠᠯᠪᠢᠭᠰᠠᠨ ᠥᠷᠢ ᠰᠢᠷᠢ ᠶ᠋ᠢ ᠲᠥᠯᠥᠵᠦ᠂ ᠪᠠᠰᠠ ᠮᠠᠨ ᠤ᠋ ᠨᠣᠶᠠᠨ ᠪᠠᠢᠭᠰᠠᠨ ᡀᠠ ᠪᠡᠢᠯᠡ ᠶ᠋ᠢ ᠠᠯᠢ ᠬᠡᠳᠦᠢᠨ ᠮᠠᠨᠵᠤ ᠳᠠᠢᠴᠢᠩ ᠤᠯᠤᠰ ᠤ᠋ᠨ ᠪᠠᠳᠠᠷᠠᠭᠤᠯᠲᠤ ᠶ᠋ᠢᠨ ᠦᠶᠡᠰ ᠪᠡᠭᠡᠵᠢᠩ ᠣᠷᠣᠵᠤ᠂ ᠪᠠᠢᠰᠠ ᠶ᠋ᠢᠨ ᠵᠢᠩᠰᠡ ᠵᠡᠷᠭᠡ ᠬᠤᠳᠠᠯᠳᠤᠨ ᠠᠪᠴᠤ᠂ ᠡᠴᠢᠨᠡᠭᠡᠨ ᠲᠡᠴᠢᠨᠡᠭᠡᠨ ᠥᠷᠢ ᠲᠠᠯᠪᠢᠭᠰᠠᠨ ᠢ᠋ ᠰᠠᠶᠢᠬᠠᠨ ᠪᠣᠯᠲᠠᠯ᠎ᠠ ᠲᠥᠯᠥᠵᠦ ᠪᠠᠢᠭᠰᠠᠨ ᠢ᠋ᠶ᠋ᠠᠨ ᠪᠢᠳᠡ ᠪᠦᠭᠦᠳᠡ ᠮᠡᠳᠡᠭᠰᠡᠭᠡᠷ ᠪᠢᠯᠡ᠃ ᠣᠳᠣ ᠡᠷᠬᠢᠮ ᠵᠣᠴᠢᠳ ᠲᠠ ᠪᠦᠭᠦᠳᠡᠭᠡᠷ᠂ ᠤᠯᠤᠰ ᠲᠠᠭᠠᠨ( ᠳ᠋ᠤ᠌ ᠪᠠᠨ) ᠠᠯᠪᠠᠨ ᠲᠠᠲᠠᠪᠤᠷᠢ ᠭᠡᠵᠦ ᠲᠤᠰᠢᠶᠠᠵᠤ ᠪᠠᠢᠭ᠎ᠠ ᠮᠥᠩᠭᠥ ᠬᠥᠷᠥᠩᠭᠡ ᠶ᠋ᠢ ᠠᠷᠠᠳ ᠤ᠋ᠨ ᠵᠠᠰᠠᠭ ᠤ᠋ᠨ ᠦᠶᠡᠰ ᠲᠦ᠍ ᠴᠣᠬᠣᠮ ᠶᠠᠮᠠᠷ ᠵᠦᠢᠯ ᠳ᠋ᠦ᠍ ᠵᠠᠷᠤᠳᠠᠭ ᠢ᠋ ᠪᠡᠯᠡᠬᠡᠨ ᠲᠣᠯᠢᠯᠠᠨ ᠦᠵᠡᠵᠦ ᠪᠠᠢᠨ᠎ᠠ᠃ ᠮᠠᠨ ᠤ᠋ ᠡᠨᠡ ᠬᠤᠰᠢᠭᠤᠨ ᠤ᠋ ᠰᠤᠷᠭᠠᠭᠤᠯᠢ ᠶ᠋ᠢ ᠴᠥᠮ ᠲᠠ ᠪᠢᠳᠡᠨ ᠦ᠌ ᠬᠥᠷᠥᠩᠭᠡ ᠪᠡᠷ ᠪᠠᠢᠭᠤᠯᠤᠭᠰᠠᠨ ᠢ᠋ ᠣᠳᠣ ᠪᠦᠭᠦᠳᠡᠭᠡᠷ ᠦᠵᠡᠵᠡᠭᠡᠪᠡ᠃ ᠪᠢᠳᠡ ᠪᠦᠭᠦᠳᠡ ᠡᠴᠡ ᠲᠠᠲᠠᠵᠤ ᠠᠪᠤᠭᠰᠠᠨ ᠮᠥᠩᠭᠥ ᠭᠥᠷᠥᠩᠬᠡᠨ ᠡᠴᠡ ᠠᠯᠪᠠᠨ ᠲᠠᠲᠠᠪᠤᠷᠢ ᠶ᠋ᠢᠨ ᠲᠣᠭᠲᠠᠭᠠᠭᠰᠠᠨ ᠳᠦᠷᠢᠮ ᠶᠣᠰᠣᠭᠠᠷ᠂ ᠣᠳᠣ ᠪᠠᠰᠠ ᠲᠠ ᠪᠦᠭᠦᠳᠡ ᠶ᠋ᠢᠨ ᠦᠷ᠎ᠡ ᠬᠡᠦᠬᠡᠳ ᠢ᠋ ᠥᠯᠥᠰᠬᠦ ᠤᠮᠳᠠᠭᠠᠰᠬᠤ᠂ ᠲᠠᠭᠠᠷᠠᠬᠤ ᠪᠡᠭᠡᠷᠡᠬᠦ ᠶ᠋ᠢᠨ ᠵᠣᠪᠠᠯᠠᠩ ᠢ᠋ ᠦᠵᠡᠯ ᠦᠭᠡᠢ᠂ ᠡᠷᠡᠭᠦᠯ ᠡᠩᠬᠡ ᠪᠡᠷ ᠬᠥᠮᠦᠵᠢᠵᠦ᠂  ᠡᠷᠳᠡᠮ ᠨᠣᠮ ᠰᠤᠷᠴᠤ᠂ ᠠᠷᠠᠳ ᠤᠯᠤᠰ ᠲᠠᠭᠠᠨ( ᠳ᠋ᠤ᠌ ᠪᠠᠨ) ᠦᠨᠡᠨ ᠰᠢᠳᠤᠷᠭᠤ ᠪᠠᠷ ᠵᠢᠳᠬᠦᠵᠦ᠂ ᠪᠢᠳᠡᠨ ᠦ᠌ ᠬᠣᠢᠴᠢ ᠶ᠋ᠢ ᠵᠠᠯᠭᠠᠮᠵᠢᠯᠠᠬᠤ ᠡᠷᠳᠡᠮᠲᠡᠢ ᠪᠣᠯᠪᠠᠰᠤᠨ᠂ ᠤᠴᠢᠷ ᠢ᠋ᠶ᠋ᠠᠨ ᠮᠡᠳᠡᠬᠦ ᠬᠥᠮᠦᠨ ᠪᠣᠯᠭᠠᠬᠤ ᠶᠠᠪᠤᠳᠠᠯ ᠳ᠋ᠤ᠌ ᠵᠣᠷᠢᠭᠤᠯᠬᠤ ᠶ᠋ᠢ ᠲᠠ ᠪᠦᠬᠦᠨ ᠣᠳᠣ ᠡᠬᠡ ᠵᠠᠬ᠎ᠠ ᠶ᠋ᠢ ᠨᠢ ᠪᠡᠯᠡᠬᠡᠨ᠎ᠡ ᠲᠣᠯᠢᠯᠠᠨ ᠦᠵᠡᠵᠦ ᠪᠠᠢᠨ᠎ᠠ᠃  
       ᠡᠨᠡ ᠰᠤᠷᠭᠠᠭᠤᠯᠢ ᠶ᠋ᠢᠨ ᠲᠠᠩᠬᠢᠮ ᠤᠷᠲᠤ ᠶ᠋ᠢ ᠳᠠᠩ ᠭᠠᠭᠴᠠ ᠮᠣᠩᠭᠣᠯ ᠬᠥᠮᠦᠨ ᠦ᠌ ᠬᠦᠴᠦ ᠪᠡᠷ ᠪᠦᠲᠦᠭᠡᠨ ᠪᠤᠰᠬᠠᠭᠰᠠᠨ ᠬᠡᠷᠡᠭ ᠪᠢᠰᠢ᠂ ᠪᠢᠳᠡᠨ ᠳ᠋ᠦ᠍ ᠲᠤᠰᠠᠯᠠᠷ᠎ᠠ ᠬᠦᠴᠦᠨ ᠵᠢᠳᠬᠦᠭᠰᠡᠨ ᠣᠷᠣᠰ᠂ ᠢᠷᠭᠡᠨ᠂ ᠲᠥᠪᠡᠳ᠂ ᠬᠠᠰᠠᠭ ᠲᠠᠪᠤᠨ ᠬᠡᠯᠡᠨ ᠦ᠌ ᠬᠥᠮᠦᠨ ᠬᠦᠴᠦᠨ ᠴᠢᠷᠮᠠᠢᠵᠠᠢ᠃ ᠡᠨᠡ ᠰᠠᠢᠬᠠᠨ ᠣᠷᠣᠨ ᠪᠠᠢᠰᠢᠩ ᠢ᠋ ᠪᠤᠰᠬᠠᠨ ᠪᠦᠲᠦᠭᠡᠭᠰᠡᠨ ᠨᠥᠬᠥᠳ ᠦ᠋ᠨ ᠵᠠᠷᠢᠮ ᠨᠢ ᠲᠠ ᠪᠦᠬᠦᠨ ᠦ᠌ ᠳᠤᠮᠳᠠ ᠣᠳᠣ ᠴᠤ᠌ ᠪᠠᠢᠨ᠎ᠠ᠃ ᠡᠭᠦᠨ ᠳ᠋ᠦ᠍᠂ ᠡᠨᠡ ᠰᠤᠷᠭᠠᠭᠤᠯᠢ ᠳ᠋ᠤ᠌ ᠦᠷ᠎ᠡ ᠬᠡᠦᠬᠡᠳ ᠢ᠋ᠶ᠋ᠡᠨ ᠡᠷᠳᠡᠮ ᠤᠬᠠᠭᠠᠨ ᠳ᠋ᠤ᠌ ᠰᠤᠷᠭᠠᠬᠤ ᠡᠴᠢᠭᠡ ᠡᠬᠡ  ᠪᠣᠯᠤᠭᠰᠠᠨ ᠲᠠ ᠪᠦᠭᠦᠳᠡ ᠶ᠋ᠢᠨ ᠡᠮᠦᠨ᠎ᠡ ᠡᠴᠡ ᠡᠪᠦᠭᠡᠨ ᠪᠢ᠂ ᠡᠨᠡ ᠰᠤᠷᠭᠠᠭᠤᠯᠢ ᠶ᠋ᠢ ᠥᠨᠳᠥᠷᠯᠡᠨ ᠪᠣᠰᠬᠠᠵᠤ ᠥᠭᠭᠦᠭᠰᠡᠨ ᠲᠡᠷᠡ ᠡᠷᠬᠢᠮ ᠨᠥᠬᠥᠳ ᠲᠦ᠍ ᠲᠠᠯ᠎ᠠ ᠥᠭᠴᠦ ᠮᠡᠬᠦᠢᠨ ᠶᠣᠰᠣᠯᠠᠶ᠎ᠠ᠃ ᠪᠠᠰᠠ᠂ ᠡᠨᠡ ᠲᠠᠪᠤᠨ ᠬᠡᠯᠡ ᠶ᠋ᠢᠨ ᠰᠢᠳᠤᠷᠭᠤ ᠵᠢᠷᠤᠮᠲᠠᠨ ᠰᠠᠢᠴᠤᠤᠯ ᠤ᠋ᠨ ᠬᠦᠴᠦᠨ ᠵᠢᠳᠬᠦᠯ ᠢ᠋ᠶ᠋ᠡᠷ ᠪᠦᠲᠦᠭᠰᠡᠨ ᠡᠨᠡ ᠰᠠᠢᠬᠠᠨ ᠰᠤᠷᠭᠠᠭᠤᠯᠢ ᠳ᠋ᠤ᠌ ᠰᠤᠷᠤᠯᠴᠠᠬᠤ ᠪᠠᠭᠠᠴᠤᠳ᠂ ᠬᠥᠪᠡᠭᠦᠳ ᠥᠬᠢᠳ ᠢ᠋ ᠡᠨᠡ ᠮᠡᠲᠦ ᠣᠯᠠᠨ ᠦᠨᠳᠦᠰᠦᠲᠡᠨ ᠠᠷᠠᠳ ᠤ᠋ᠨ ᠡᠷᠬᠢᠮ ᠶᠡᠬᠡ ᠡᠪ ᠨᠠᠢᠷᠠᠮᠳᠠᠯ ᠢ᠋ ᠡᠭᠦᠷᠢᠳᠡ ᠴᠡᠭᠡᠵᠢᠨ  ᠳ᠋ᠡᠭᠡᠨ( ᠳ᠋ᠦ᠍ ᠪᠡᠨ )ᠰᠠᠨᠠᠵᠤ ᠶᠠᠪᠤᠭᠠᠷᠠᠢ! ᠭᠡᠵᠦ ᠵᠠᠬᠢᠶ᠎ᠠ ᠭᠡᠬᠦ ᠳ᠋ᠦ᠍ ᠣᠯᠠᠨ ᠪᠠᠭᠠᠴᠤᠳ ᠨᠢᠭᠡᠨ ᠵᠡᠷᠭᠡ᠂  
       —  ᠵᠠ! ᠭᠡᠵᠦ ᠥᠴᠢᠪᠡ᠃  
       —  ᠡᠷᠲᠡᠨ ᠦ᠌ ᠦᠭᠡᠨ ᠳ᠋ᠦ᠍᠂ ᠪᠤᠭᠤᠷᠤᠯ ᠠ᠋ᠴᠠ ᠦᠭᠡ ᠰᠣᠨᠣᠰᠴᠤ᠂ ᠪᠣᠯᠤᠭᠰᠠᠨ ᠠ᠋ᠴᠠ ᠠᠮᠰᠠ ᠭᠡᠳᠡᠭ ᠪᠢᠯᠡ᠃ ᠬᠦᠨᠳᠦᠲᠦ ᠣᠯᠠᠨ ᠭᠡᠢᠴᠢᠨ᠂ ᠲᠤᠰ ᠰᠤᠷᠭᠠᠭᠤᠯᠢ ᠣᠳᠣ ᠣᠯᠠᠨ ᠱᠠᠪᠢ ᠨᠠᠷ ᠰᠤᠷᠤᠭᠴᠢᠳ ᠲᠠᠭᠠᠨ( ᠳ᠋ᠤ᠌ ᠪᠠᠨ) ᠪᠠᠵᠠᠭᠠᠭᠰᠠᠨ ᠡᠳ᠋ ᠢᠳᠡᠭᠡᠨ ᠦ᠌ ᠳᠡᠭᠡᠵᠢᠨ ᠡᠴᠡ ᠲᠠ ᠪᠦᠬᠦᠨ ᠳ᠋ᠦ᠍ ᠪᠠᠷᠢᠵᠤ ᠪᠠᠢᠭ᠎ᠠ ᠠ᠋ᠴᠠ ᠵᠣᠭᠣᠭᠯᠠᠮᠤ᠃ ᠭᠠᠭᠴᠠ ᠬᠦ᠌ ᠮᠠᠨ ᠤ᠋ ᠰᠤᠷᠭᠠᠭᠤᠯᠢ ᠶ᠋ᠢᠨ ᠬᠡᠦᠬᠡᠳ ᠲᠠ ᠪᠦᠬᠦᠨ᠂ ᠡᠳᠦᠷ ᠪᠣᠯᠭᠠᠨ ᠡᠢᠮᠦ ᠬᠣᠭᠣᠯᠠ ᠢᠳᠡᠵᠦ ᠪᠠᠢᠬᠤ ᠪᠣᠯᠤᠨ᠎ᠠ ᠭᠡᠵᠦ ᠪᠢᠲᠡᠭᠡᠢ ᠠᠨᠳᠠᠭᠤᠷᠠᠨ ᠪᠣᠳᠣᠭᠠᠷᠠᠢ᠃ ᠣᠳᠣᠬᠠᠨ ᠳᠡᠭᠡᠷ᠎ᠡ᠂ ᠪᠢᠳᠡ ᠲᠠ ᠨᠠᠷ ᠢ᠋ ᠡᠳᠦᠷ ᠪᠣᠯᠭᠠᠨ ᠪᠤᠤᠰᠠ ᠬᠤᠤᠱᠤᠤᠷ  ᠪᠠᠷ ᠰᠢᠬᠠᠵᠤ ᠪᠠᠢᠬᠤ ᠲᠡᠢᠮᠦ ᠵᠤᠵᠠᠭᠠᠨ ᠬᠥᠷᠥᠩᠭᠡ ᠲᠡᠢ ᠪᠣᠯᠵᠤ ᠴᠢᠳᠠᠭ᠎ᠠ ᠦᠭᠡᠢ ᠰᠢᠦ ᠭᠡᠵᠦ ᠡᠪᠦᠭᠡᠨ ᠦ᠌ ᠢᠨᠢᠶᠡᠮᠰᠦᠭᠯᠡᠬᠦ ᠳ᠋ᠦ᠍᠂ ᠣᠯᠠᠨ ᠵᠣᠴᠢᠨ᠂ ᠡᠪᠦᠭᠡᠨ ᠪᠠᠲᠤᠪᠠᠶᠠᠷ ᠤ᠋ᠨ ᠦᠭᠡᠨ ᠳ᠋ᠦ᠍ ᠪᠠᠶᠠᠷᠯᠠᠨ ᠢᠨᠢᠶᠡᠵᠦ ᠱᠤᠤᠭᠢᠯᠳᠤᠪᠠ᠃  
       ᠣᠯᠠᠨ ᠭᠡᠢᠴᠢᠨ ᠳ᠋ᠦ᠍ ᠴᠠᠢ ᠶ᠋ᠢᠨ ᠰᠡᠭᠦᠯᠡᠷ ᠪᠤᠤᠵᠠ᠂ ᠯᠣᠣᠮᠢ ᠪᠤᠳᠠᠭ᠎ᠠ ᠲᠠᠢ  ᠫᠦᠨᠲ᠋ᠢᠦᠽᠢ ᠲᠡᠢ ᠱᠥᠯᠥ᠂ ᠠᠢᠷᠠᠭ ᠪᠠᠷᠢᠭᠰᠠᠨ ᠢ᠋ ᠡᠨᠳᠡ  ᠨᠤᠷᠰᠢᠨ ᠥᠭᠦᠯᠡᠭᠡᠳ  ᠶᠠᠭᠠᠬᠢᠮ᠃ ᠬᠠᠭᠤᠴᠢᠨ ᠦᠭᠡᠨ ᠳ᠋ᠦ᠍᠂ ᠮᠠᠭᠤ ᠬᠥᠮᠦᠨ ᠢᠳᠡᠭᠰᠡᠨ ᠢ᠋ᠶ᠋ᠡᠨ᠂ ᠰᠠᠢᠨ ᠬᠥᠮᠦᠨ ᠦᠵᠡᠭᠰᠡᠨ ᠢ᠋ᠶ᠋ᠡᠨ ᠭᠡᠳᠡᠭ ᠲᠤᠯᠠ ᠢᠳᠡᠭᠰᠡᠨ ᠤᠤᠭᠤᠭᠰᠠᠨ ᠢ᠋ ᠨᠤᠷᠰᠢᠨ ᠥᠭᠦᠯᠡᠪᠡᠯ᠂ ᠮᠠᠭᠤ ᠬᠥᠮᠦᠨ ᠦ᠌ ᠲᠣᠭᠠᠨ ᠳ᠋ᠤ᠌ ᠣᠷᠣᠬᠤ ᠠ᠋ᠴᠠ ᠪᠣᠯᠭᠣᠮᠵᠢᠯᠠᠵᠤ ᠦᠯᠦ ᠥᠭᠦᠯᠡᠨ᠂ ᠥᠭᠦᠯᠡᠬᠦ ᠢᠨᠦ᠂ ᠰᠤᠷᠭᠠᠭᠤᠯᠢ ᠶ᠋ᠢᠨ ᠵᠠᠬᠢᠷᠤᠯ ᠪᠠᠭᠰᠢ ᠨᠠᠰᠤᠨᠪᠠᠲᠤ᠂ ᠣᠯᠠᠨ ᠭᠡᠢᠴᠢᠨ ᠳ᠋ᠦ᠍ ᠳᠠᠢᠯᠠᠵᠤ ᠭᠦᠢᠴᠡᠭᠰᠡᠨ ᠦ᠌ ᠳᠠᠷᠠᠭ᠎ᠠ ᠵᠠᠷᠯᠠᠨ ᠰᠣᠨᠣᠰᠬᠠᠭᠰᠠᠨ ᠨᠢ᠂ ᠪᠢᠳᠡᠨ ᠦ᠌ ᠡᠨᠡ ᠰᠠᠢᠬᠠᠨ ᠨᠠᠢᠷ ᠳᠡᠭᠡᠷ᠎ᠡ ᠢᠷᠡᠭᠡᠳ ᠪᠠᠢᠭ᠎ᠠ ᠬᠦᠨᠳᠦᠲᠦ ᠵᠣᠴᠢᠨ ᠡᠪᠦᠭᠡᠨ ᠪᠤᠭᠤᠷᠤᠯ  ᠢᠸᠠᠨ ᠠᠪᠤᠭᠠᠢ ᠶ᠋ᠢᠨ ᠠᠴᠢ᠂ ᠤᠯᠠᠭᠠᠨ ᠴᠡᠷᠢᠭ ᠦ᠋ᠨ ᠳᠠᠷᠤᠭ᠎ᠠ᠂ ᠤᠮᠰᠺ ᠬᠣᠲᠠ  ᠠ᠋ᠴᠠ ᠪᠣᠳᠣᠭ ᠲᠠᠢ ᠰᠡᠭᠦᠳᠡᠷ ᠵᠢᠷᠤᠭ ᠦᠵᠡᠭᠦᠯᠬᠦ ᠳ᠋ᠧᠩᠯᠦ ᠲᠡᠢ ᠬᠡᠷᠡᠭᠰᠡᠯ ᠲᠤᠰ ᠰᠤᠷᠭᠠᠭᠤᠯᠢ ᠳ᠋ᠤ᠌ ᠪᠡᠯᠡᠭ ᠪᠣᠯᠭᠠᠨ ᠶᠠᠪᠤᠭᠤᠯᠤᠭᠰᠠᠨ ᠢ᠋ ᠢᠸᠠᠨ ᠠᠪᠤᠭᠠᠢ ᠬᠦᠷᠭᠡᠵᠦ ᠢᠷᠡᠭᠰᠡᠨ ᠡᠭᠦᠨ ᠳ᠋ᠦ᠍᠂ ᠲᠠᠯᠠᠷᠬᠠᠨ ᠬᠦᠯᠢᠶᠡᠨ ᠠᠪᠴᠤ᠂ ᠲᠡᠷᠡ ᠰᠠᠢᠬᠠᠨ ᠰᠡᠭᠦᠳᠡᠷ ᠵᠢᠷᠤᠭ ᠢ᠋ ᠣᠯᠠᠨ ᠭᠡᠢᠴᠢᠨ ᠳ᠋ᠦ᠍ ᠡᠨᠡ ᠣᠷᠣᠢ ᠲᠤᠰ ᠠᠰᠠᠷ ᠲᠤ᠌ ᠰᠣᠨᠢᠷᠬᠠᠭᠤᠯᠤᠨ ᠦᠵᠡᠭᠦᠯᠬᠦ ᠶ᠋ᠢ ᠵᠠᠷᠯᠠᠶ᠎ᠠ ᠭᠡᠪᠡ᠃  
       ᠰᠢᠷᠴᠢᠨ ᠲᠡᠷᠡ ᠲᠤᠬᠠᠢ᠂ ᠰᠤᠷᠭᠠᠭᠤᠯᠢ ᠳ᠋ᠤ᠌ ᠬᠥᠪᠡᠭᠦᠨ ᠢ᠋ᠶ᠋ᠡᠨ ᠠᠪᠴᠢᠷᠠᠭᠰᠠᠨ ᠪᠢᠯᠡ᠃ ᠵᠣᠴᠢᠳ ᠤ᠋ᠨ ᠳᠤᠮᠳᠠ ᠠ᠋ᠴᠠ ᠪᠣᠰᠴᠤ᠂ ᠬᠣᠰᠢᠭᠤ ᠲᠠᠮᠠᠭ᠎ᠠ ᠶ᠋ᠢᠨ ᠭᠠᠵᠠᠷ ᠪᠠᠶᠠᠷ ᠬᠦᠷᠭᠡᠵᠦ᠂ ᠡᠢᠮᠦ ᠰᠠᠢᠬᠠᠨ ᠰᠤᠷᠭᠠᠭᠤᠯᠢ ᠪᠠᠢᠭᠤᠯᠤᠭᠰᠠᠨ ᠳ᠋ᠤ᠌ ᠲᠠᠯ᠎ᠠ ᠥᠭᠴᠦ᠂ ᠪᠠᠰᠠ ᠠᠴᠢ ᠬᠥᠪᠡᠭᠦᠨ ᠦ᠌ ᠡᠷᠬᠢᠮ ᠪᠡᠯᠡᠭ ᠢ᠋ ᠬᠦᠷᠭᠡᠵᠦ ᠢᠷᠡᠭᠰᠡᠨ ᠡᠪᠦᠭᠡᠨ  ᠢᠸᠠᠨ ᠳ᠋ᠤ᠌ ᠲᠠᠯ᠎ᠠ ᠥᠭᠴᠦ᠂ ᠰᠡᠳᠬᠢᠯ ᠬᠥᠳᠡᠯᠦᠨ ᠥᠭᠦᠯᠡᠷᠦᠨ᠄  
       — ᠪᠢ᠂ ᠬᠤᠪᠢ ᠠ᠋ᠴᠠ ᠲᠤᠰ ᠰᠤᠷᠭᠠᠭᠤᠯᠢ ᠳ᠋ᠤ᠌ ᠮᠣᠷᠢ ᠬᠣᠶᠠᠷ᠂ ᠬᠣᠨᠢ ᠬᠣᠶᠠᠷ ᠢ᠋ ᠪᠡᠯᠡᠭᠯᠡᠶ᠎ᠡ ᠭᠡᠵᠦ ᠬᠡᠯᠡᠯ᠎ᠡ᠃ ᠲᠠᠩᠰᠤᠭ᠂ ᠰᠢᠷᠴᠢᠨ ᠦ᠌ ᠦᠭᠡ ᠶ᠋ᠢ ᠡᠯᠭᠦᠵᠦ ᠠᠪᠤᠭᠠᠳ᠂  
       — ᠪᠢ ᠴᠦ᠍ ᠬᠣᠶᠠᠷ ᠬᠣᠨᠢ ᠪᠡᠯᠡᠭᠯᠡᠶ᠎ᠡ ᠭᠡᠪᠡ᠃  
       —  ᠪᠢ ᠭᠠᠭᠴᠠ ᠲᠡᠮᠡᠭᠡ ᠪᠡᠨ ᠰᠤᠷᠭᠠᠭᠤᠯᠢ ᠳ᠋ᠠᠭᠠᠨ( ᠳ᠋ᠤ᠌ ᠪᠠᠨ) ᠪᠡᠯᠡᠭᠯᠡᠶ᠎ᠡ ᠭᠡᠵᠦ ᠬᠡᠭᠡᠷ᠎ᠡ ᠶ᠋ᠢᠨ ᠪᠣᠷᠣ ᠳᠤᠤᠭᠠᠷᠴᠤ᠂ ᠠᠰᠠᠷ ᠤ᠋ᠨ ᠭᠦᠨ ᠡᠲᠡᠭᠡᠳ ᠡᠴᠡ ᠥᠳᠬᠡᠨ ᠭᠡᠭᠴᠢ ᠶ᠋ᠢᠨ ᠳᠠᠭᠤᠨ ᠲᠠᠢ ᠨᠢᠭᠡ ᠬᠥᠮᠦᠨ᠂  
       —  ᠪᠢ ᠮᠣᠷᠢ ᠨᠢᠭᠡ᠂ ᠬᠣᠨᠢ ᠲᠠᠪᠤ ᠶ᠋ᠢ ᠪᠡᠯᠡᠭᠯᠡᠶ᠎ᠡ ᠭᠡᠵᠦ ᠡᠨᠳᠡ ᠲᠡᠨᠳᠡ ᠡᠴᠡ ᠬᠥᠮᠦᠨ ᠪᠣᠰᠴᠤ᠂ ᠪᠢ ᠲᠡᠢᠮᠦ ᠮᠠᠯ ᠪᠡᠯᠡᠭᠯᠡᠶ᠎ᠡ ᠭᠡᠵᠦ ᠵᠦᠭ ᠵᠦᠭ ᠡᠴᠡ ᠳᠤᠤᠭᠠᠷᠪᠠᠰᠤ᠂  
       — ᠳᠠᠭᠤ ᠦᠭᠡᠢᠬᠡᠨ ᠥᠩᠭᠡᠷᠡᠬᠦ ᠭᠡᠰᠡᠨ ᠴᠢᠨᠢ ᠪᠣᠯᠬᠤ ᠦᠭᠡᠢ ᠨᠢ ᠳᠡ ᠭᠡᠵᠦ ᠪᠠᠲᠤᠪᠠᠶᠠᠷ ᠢᠨᠢᠶᠡᠮᠰᠦᠭᠯᠡᠵᠦ᠂ ᠪᠢ ᠴᠦ᠍ ᠭᠡᠰᠡᠨ ᠲᠤᠰ ᠰᠤᠷᠭᠠᠭᠤᠯᠢ ᠳ᠋ᠤ᠌ ᠰᠠᠢᠨ ᠲᠡᠮᠡᠭᠡ ᠬᠣᠶᠠᠷ᠂ ᠬᠣᠨᠢ ᠭᠤᠴᠢ ᠶ᠋ᠢ ᠲᠤᠰᠠᠯᠠᠶ᠎ᠠ ᠭᠡᠵᠡᠢ᠃  

— — — — 
*  ᠰᠢᠨ᠎ᠡ ᠴᠠᠭ ᠤ᠋ᠨ ᠰᠢᠨᠵᠢᠯᠡᠬᠦ ᠤᠬᠠᠭᠠᠨ ᠤ᠋ ᠮᠡᠳᠡᠯᠭᠡ ᠶ᠋ᠢ ᠣᠯᠠᠨ ᠳ᠋ᠤ᠌ ᠳᠡᠯᠭᠡᠷᠡᠭᠦᠯᠬᠦ ᠶᠠᠪᠤᠳᠠᠯ ᠢ᠋ ᠬᠠᠷᠭᠢᠰ ᠯᠠᠮᠠ ᠨᠠᠷ  ᠶᠡᠬᠡᠯ᠎ᠡ (ᠶᠡᠬᠡ ᠯᠡ) ᠡᠰᠡᠷᠭᠦᠴᠡᠵᠦ ᠪᠠᠢᠭᠰᠠᠨ ᠢ᠋ ᠬᠣᠷᠢᠳᠤᠭᠠᠷ ᠵᠠᠭᠤᠨ ᠤ᠋ ᠡᠬᠢ ᠪᠡᠷ ᠮᠣᠩᠭᠣᠯ ᠤ᠋ᠨ ᠲᠤᠬᠠᠢ ᠪᠢᠴᠢᠭᠰᠡᠨ ᠭᠠᠳᠠᠭᠠᠳᠤ ᠶ᠋ᠢᠨ ᠵᠣᠬᠢᠶᠠᠯᠴᠢᠳ ᠤ᠋ᠨ ᠵᠣᠬᠢᠶᠠᠯ ᠳ᠋ᠤ᠌ ᠪᠠᠷᠢᠮᠲᠠ ᠮᠠᠰᠢ ᠣᠯᠠᠨ ᠪᠣᠢ᠃ ᠡᠭᠦᠨ ᠳ᠋ᠦ᠍ ᠭᠠᠵᠠᠷ ᠤ᠋ᠨ ᠵᠦᠢ᠂ ᠣᠷᠴᠢᠯᠠᠩᠲᠤ ᠶᠢᠷᠲᠢᠨᠴᠦ ᠶ᠋ᠢᠨ ᠪᠠᠢᠳᠠᠯ ᠢ᠋ ᠥᠭᠦᠯᠡᠭᠰᠡᠨ ᠵᠣᠬᠢᠶᠠᠯ ᠢ᠋ ᠶᠡᠬᠡᠳᠡ ᠠᠳᠠ ᠦᠵᠡᠳᠡᠭ ᠪᠠᠢᠭᠰᠠᠨ ᠢ᠋ ᠲᠡᠮᠳᠡᠭᠯᠡᠵᠡᠢ᠃      

           ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠣᠶᠤᠨᠪᠠᠲᠤ᠂ ᠣᠶᠤᠨᠪᠢᠯᠢᠭ᠌᠂ 
                                         ᠤᠢᠭᠤᠷᠵᠢᠨ·ᠣᠳᠬᠣᠨᠪᠠᠪᠠ᠂  ᠴᠤᠯᠮᠤᠨᠭᠡᠷᠡᠯ᠂ ᠮᠧᠢ ᠬᠤᠸᠠ
            ᠬᠢᠨᠠᠭᠴᠢ᠄ ᠲ·ᠬᠦᠮᠦᠵᠢᠯᠲᠦ᠂ ᠴᠤᠯᠮᠤᠨᠭᠡᠷᠡᠯ᠂ ᠣᠳᠬᠣᠨᠴᠡᠴᠡᠭ᠂ ᠤᠢᠭᠤᠷᠵᠢᠨ·ᠣᠳᠬᠣᠨᠪᠠᠪᠠ᠂ ᠪᠠᠯ 
             ᠤᠩᠰᠢᠭᠴᠢ᠄ ᠨᠠᠰᠤᠨ᠌ᠦ᠌ᠯᠵᠡᠢ